ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠶᠢᠰᠦ> Хан мунын сүүрс < доорд > – Мөнх зохиоов ᠂ Гутгаар бодь – Хоёрдугаар бүлэг <9>
ᠭᠤᠲᠠᠭᠠᠷ ᠪᠣᠲᠢ –ᠬᠣᠶᠠᠳᠤᠭᠠᠷ ᠪᠦᠯᠦᠭ <ᠶᠢᠰᠦ>
ᠴᠡᠩᠬᠡᠷ ᠴᠣᠩᠬᠢᠶᠠᠯ ᠤ᠋ᠨ ᠠᠯᠲᠠ ᠮᠥᠩᠭᠥ᠂ ᠡᠳ᠋ ᠠᠭᠤᠷᠠᠰᠤ ᠶ᠋ᠢ ᠬᠠᠢᠨ ᠰᠢᠨᠵᠢᠯᠡᠬᠦ ᠪᠡᠷ ᠶᠠᠪᠤᠭᠰᠠᠨ ᠰᠢᠷ᠎ᠠ ᠴᠡᠷᠢᠭ ᠦ᠋ᠳ ᠠᠭᠤᠯᠠᠨ ᠠ᠋ᠴᠠ ᠪᠠᠭᠤᠵᠤ ᠢᠷᠡᠨ᠎ᠡ᠃ ᠥᠯᠥᠰᠴᠦ ᠤᠮᠳᠠᠭᠠᠰᠤᠨ ᠶᠠᠳᠠᠷᠠᠵᠤ ᠵᠦᠳᠡᠷᠡᠭᠰᠡᠨ ᠵᠤᠲᠠᠷᠠᠩᠭᠤᠢ ᠴᠢᠷᠠᠢ ᠲᠠᠢ ᠰᠢᠷ᠎ᠠ ᠴᠡᠷᠢᠭ ᠦ᠋ᠳ ᠲᠠᠶᠠᠭ ᠲᠤᠯᠬᠤ ᠨᠢ ᠲᠤᠯᠵᠤ᠂ ᠥᠮᠥᠳᠥ ᠰᠢᠷᠬᠤᠨᠠᠭ ᠨᠢ ᠤᠷᠠᠩ ᠰᠡᠷᠡᠩ᠂ ᠲᠡᠢᠨ ᠳ᠋ᠦ᠍ ᠢᠯᠠᠭᠳᠠᠭᠰᠠᠨ ᠲᠡᠭᠡᠯᠡᠩ ᠳᠣᠭᠣᠯᠠᠩ ᠵᠡᠮᠳᠡᠭ ᠴᠡᠷᠢᠭ ᠦ᠋ᠳ ᠰᠢᠭ ᠬᠠᠷᠠᠬᠤ ᠳ᠋ᠤ᠌ ᠪᠠᠰᠠ ᠯᠠ ᠭᠠᠷ ᠤᠨᠵᠢᠭᠠᠷ ᠭᠠᠨᠵᠤᠭ᠎ᠠ ᠬᠣᠭᠣᠰᠣᠨ ᠢᠷᠡᠵᠡᠢ᠃
ᠠᠭᠸᠠᠩ ᠨᠣᠶᠠᠨ ᠥᠨᠥᠬᠢ ᠤᠨᠳᠤᠢ ᠰᠤᠨᠳᠤᠢ ᠭᠠᠷ ᠤᠨᠵᠢᠢᠯᠭᠠᠭᠰᠠᠨ ᠴᠡᠷᠢᠭ ᠦ᠋ᠳ ᠢ᠋ᠶ᠋ᠡᠨ ᠬᠠᠷᠠᠭᠠᠳ ᠠᠭᠤᠷ ᠨᠢ ᠬᠦᠷᠴᠦ᠄
— ᠰᠠᠢᠨ ᠢᠳᠡᠯᠭᠡᠨ ᠦ᠌ ᠬᠠᠪᠤᠳᠠᠷ ᠤ᠋ᠳ᠂ ᠪᠡᠯᠡᠨ ᠪᠠᠢᠭ᠎ᠠ ᠶᠠᠭᠤᠮ᠎ᠠ ᠶ᠋ᠢ ᠠᠪᠴᠤ ᠴᠢᠳᠠᠳᠠᠭ ᠦᠭᠡᠢ⁈ ᠭᠡᠵᠦ ᠵᠠᠩᠨᠠᠭᠰᠠᠨ ᠳ᠋ᠤ᠌ ᠠᠬᠠᠯᠠᠭᠴᠢ ᠨᠢᠭᠡ ᠴᠡᠷᠢᠭ ᠲᠡᠭᠦᠨ ᠦ᠌ ᠡᠮᠦᠨ᠎ᠡ ᠲᠥᠪ ᠵᠣᠭᠰᠣᠵᠤ᠄
— ᠨᠣᠶᠠᠨ ᠳ᠋ᠤ᠌ ᠮᠡᠳᠡᠭᠦᠯᠵᠦ ᠪᠠᠢᠨ᠎ᠠ᠃ ᠲᠡᠷᠡ ᠴᠣᠩᠬᠢᠶᠠᠯ ᠤ᠋ᠨ ᠠᠯᠲᠠ ᠮᠥᠩᠭᠥ ᠶ᠋ᠢ ᠠᠪᠤᠨ᠎ᠠ ᠭᠡᠭᠴᠢ ᠲᠡᠷᠡ ᠬᠣᠯᠠ᠂ ᠲᠩᠷᠢ ᠣᠢᠷ᠎ᠠ ᠪᠠᠢᠨ᠎ᠠ᠂ ᠬᠡᠴᠡᠭᠦᠦ! ᠭᠡᠪᠡ᠃
— ᠶᠠᠭᠤ ᠭᠡᠰᠡᠨ ᠦᠭᠡ ᠪᠣᠢ! ᠢᠯᠠᠬᠤ ᠠ᠋ᠴᠠ ᠪᠢᠰᠢ ᠮᠥᠬᠥᠬᠦ ᠦᠭᠡᠢ ᠭᠡᠳᠡᠭ《ᠲᠠᠷᠨᠢ》 ᠪᠠᠨ ᠮᠠᠷᠲᠠᠪᠠ ᠤᠤ? ᠭᠡᠰᠡᠨ ᠳ᠋ᠦ᠍ ᠥᠨᠥᠬᠢ ᠠᠬᠠᠯᠠᠭᠴᠢ ᠴᠡᠷᠢᠭ᠄
— ᠮᠠᠷᠲᠠᠭᠰᠠᠨ ᠦᠭᠡᠢ᠃ ᠬᠡᠵᠢᠶᠡᠳᠡ ᠮᠠᠷᠲᠠᠬᠤ ᠦᠭᠡᠢ᠃ ᠲᠡᠭᠡᠪᠡᠴᠦ᠁ ᠰᠣᠳᠣᠯᠠᠭᠠᠴᠢ ᠱᠣᠺᠠᠷ ᠭᠤᠸᠠᠢ ᠲᠤᠤᠨᠠᠨ ᠬᠠᠳᠠᠨ ᠠ᠋ᠴᠠ ᠬᠡᠢᠰᠴᠦ ᠴᠣᠩᠬᠢᠶᠠᠯ ᠳ᠋ᠤ᠌ ᠤᠨᠠᠵᠤ ᠦᠬᠦᠪᠡ ᠭᠡᠯᠡ᠃
— ᠶᠠᠭᠤ? ᠴᠢᠭᠢᠶᠡᠲᠦᠷᠦᠦ! ᠫᠢᠰ ᠫᠠᠰ ᠭᠡᠵᠦ ᠠᠭᠸᠠᠩ ᠨᠣᠶᠠᠨ ᠥᠨᠥᠬᠢ ᠶ᠋ᠢ ᠵᠥᠪ ᠰᠣᠯᠣᠭᠠᠢ ᠦᠭᠡᠢ ᠬᠠᠴᠠᠷᠯᠠᠨᠠ᠃
— ᠵᠥᠪ᠂ ᠵᠥᠪ! ᠭᠡᠵᠦ ᠥᠨᠥᠬᠢ ᠠᠬᠠᠯᠠᠭᠴᠢ ᠴᠡᠷᠢᠭ ᠳᠠᠯᠳᠢᠷᠠᠵᠤ ᠠᠪᠤᠭᠠᠳ ᠳᠠᠬᠢᠨ ᠲᠥᠪ ᠵᠣᠭᠰᠣᠨ᠎ᠠ᠃
᠁
— ᠠᠭᠸᠠᠩ ᠨᠣᠶᠠᠨ ᠠ᠋! ᠢᠩᠭᠢᠭᠡᠳ ᠪᠣᠯᠬᠤ ᠦᠭᠡᠢ! ᠡᠯᠳᠡᠩᠭᠡ ᠲᠤᠰᠠᠯᠠᠭᠴᠢ ᠲᠠᠢ ᠵᠥᠪᠳᠡᠬᠦ ᠬᠡᠷᠡᠭᠲᠡᠢ ᠪᠠᠢᠨ᠎ᠠ᠃ ᠲᠡᠷᠡ ᠴᠢᠨᠢ ᠶᠣᠰᠣᠲᠠᠢ ᠨᠤᠲᠤᠭ ᠤ᠋ᠨ ᠪᠤᠭ ᠳᠠ! ᠲᠡᠭᠦᠨ ᠦ᠌ ᠠᠷᠭ᠎ᠠ ᠮᠤᠩᠳᠠᠬᠤ ᠦᠭᠡᠢ! ᠭᠡᠵᠦ ᠥᠯᠵᠡᠢᠰᠠᠩ ᠠᠭᠸᠠᠩ ᠨᠣᠶᠠᠨ ᠳ᠋ᠤ᠌ ᠬᠡᠯᠡᠭᠰᠡᠨ ᠳ᠋ᠦ᠍ ᠲᠡᠷᠡ᠄
— ᠵᠥᠪ! ᠭᠡᠵᠦ ᠠᠭᠸᠠᠩ ᠨᠣᠶᠠᠨ ᠥᠯᠵᠡᠢᠰᠠᠩ ᠢ᠋《ᠡᠢᠮᠦ》 ᠭᠡᠵᠦ ᠡᠷᠡᠬᠡᠢ ᠪᠡᠨ ᠭᠠᠷᠭᠠᠪᠠ᠃
— ᠲᠡᠭᠡᠪᠡᠴᠦ ᠡᠯᠳᠡᠩᠭᠡ ᠶ᠋ᠢᠨ ᠰᠡᠳᠬᠢᠯ ᠢ᠋ ᠬᠥᠳᠡᠯᠭᠡᠬᠦ ᠭᠡᠭᠴᠢ ᠪᠠᠰᠠ ᠤᠬᠠᠭᠠᠨ ᠬᠡᠷᠡᠭᠲᠡᠢ ᠳᠡ!
— ᠬᠦᠦ ᠮᠠᠨᠴᠤᠷᠭ᠎ᠠ ᠪᠠᠨ ᠭᠡᠨᠡᠳᠡᠭᠦᠯᠦᠭᠰᠡᠨ ᠡᠴᠡ ᠬᠣᠢᠰᠢ ᠲᠡᠷᠡ ᠭᠤᠸᠠᠢ ᠦᠭᠡ ᠬᠠᠮᠠᠷ ᠨᠢ ᠤᠯᠠᠮ ᠴᠥᠭᠡᠷᠡᠵᠦ ᠬᠥᠮᠦᠨ ᠬᠠᠷ᠎ᠠ ᠲᠠᠢ ᠨᠡᠢᠯᠡᠮᠵᠢ ᠦᠭᠡᠢ ᠪᠣᠯᠴᠢᠬᠠᠯ᠎ᠠ᠃ ᠨᠢᠭᠡ ᠯᠡ ᠢᠴᠡᠭᠡᠯᠡᠭᠰᠡᠨ ᠲᠠᠷᠪᠠᠭ᠎ᠠ ᠰᠢᠭ᠋ ᠡᠭᠦᠷ ᠡᠴᠡ ᠪᠡᠨ ᠭᠠᠷᠳᠠᠭ ᠦᠭᠡᠢ᠁ ᠭᠡᠰᠡᠨ ᠳ᠋ᠦ᠍ ᠥᠯᠵᠡᠢᠰᠠᠩ《ᠬᠠᠷᠢᠨ ᠲᠡᠢᠮᠦ ᠠ᠋》 ᠭᠡᠳ ᠢᠨᠢᠶᠡᠨ᠎ᠡ᠃
ᠮᠠᠨᠴᠤᠷᠭ᠎ᠠ ᠬᠣᠣᠷᠯᠠᠭᠳᠠᠭᠰᠠᠨ ᠠ᠋ᠴᠠ ᠬᠣᠢᠰᠢ ᠡᠯᠳᠡᠩᠭᠡ ᠶ᠋ᠢᠨ ᠳᠣᠲᠣᠷ᠎ᠠ ᠨᠢᠭᠡ ᠯᠡ ᠳᠦᠩᠰᠦᠭᠡᠷ᠃ ᠲᠡᠷᠡ ᠳᠣᠲᠣᠷ᠎ᠠ ᠪᠠᠨ《ᠥᠯᠵᠡᠢᠰᠠᠩ ᠴᠢ᠂ ᠰᠢᠷ᠎ᠠ ᠴᠡᠷᠢᠭ ᠦ᠋ᠨ ᠠᠭᠸᠠᠩ ᠤ᠋ᠨ ᠥᠮᠥᠭ ᠲᠦ᠍ ᠳᠠᠩᠴᠤ ᠳᠡᠪᠡᠷᠡᠵᠦ ᠪᠠᠢᠨ᠎ᠠ ᠳᠠ! ᠮᠣᠭᠠᠢ ᠬᠣᠷᠣᠨ ᠳ᠋ᠠᠭᠠᠨ ᠰᠢᠷᠠᠯᠠᠨ᠎ᠠ ᠭᠡᠳᠡᠭ ᠢ᠋ ᠪᠢᠲᠡᠭᠡᠢ ᠮᠠᠷᠲᠠᠭᠠᠷᠠᠢ᠃ ᠬᠡᠵᠢᠶ᠎ᠡ ᠨᠢᠭᠡ ᠡᠳᠦᠷ ᠮᠠᠭᠤ ᠵᠣᠪᠠᠯᠭ᠎ᠠ ᠶ᠋ᠢ ᠴᠢᠨᠢ ᠲᠤᠷᠠᠰᠬᠠᠯᠠᠬᠤ ᠴᠠᠭ ᠪᠣᠢ ᠳᠠ!》 ᠭᠡᠵᠦ ᠭᠠᠭᠴᠠᠭᠠᠷ ᠳᠦᠳᠦᠨᠡᠨ ᠠᠷᠤ ᠠᠷᠤ ᠠ᠋ᠴᠠ ᠨᠢ ᠬᠡᠳᠦᠨ ᠲᠣᠭᠣᠭ᠎ᠠ ᠲᠠᠮᠠᠬᠢ ᠪᠠᠭᠠᠭᠢᠭᠤᠯᠵᠤ ᠰᠠᠭᠤᠲᠠᠯ᠎ᠠ ᠡᠭᠦᠳᠡ ᠣᠩᠭᠣᠢᠵᠤ ᠨᠢᠭᠡ ᠬᠥᠮᠦᠨ ᠣᠷᠣᠵᠤ ᠢᠷᠡᠭᠰᠡᠨ ᠢ᠋ ᠲᠡᠷᠡ ᠤᠪᠠᠢᠯᠠᠭᠰᠠᠨ ᠦᠭᠡᠢ᠃
— ᠲᠤᠰᠠᠯᠠᠭᠴᠢ ᠭᠤᠸᠠᠢ ᠠ᠋᠂ ᠠᠮᠤᠷ ᠰᠠᠢᠨ? ᠭᠡᠵᠦ ᠭᠣᠳ ᠰᠢᠩᠭᠡᠨ ᠳᠠᠭᠤ ᠪᠠᠷ ᠮᠡᠨᠳᠦᠯᠡᠭᠰᠡᠨ ᠳ᠋ᠦ᠍ ᠡᠯᠳᠡᠩᠭᠡ ᠲᠡᠭᠦᠨ ᠢ᠋ ᠥᠯᠵᠡᠢᠰᠠᠩ ᠮᠥᠨ ᠭᠡᠭᠴᠢ ᠶ᠋ᠢ ᠶᠠᠭᠠᠬᠢᠬᠤ ᠶ᠋ᠢᠨ ᠠᠷᠭ᠎ᠠ ᠦᠭᠡᠢ ᠲᠠᠨᠢᠵᠤ《ᠴᠢᠭᠢᠶᠡᠲᠦᠷᠦᠦ᠂ ᠮᠣᠩᠭᠣᠯ ᠤ᠋ᠨ ᠤᠬᠢᠶᠠᠳᠠᠰᠤ ᠳᠣᠯᠢᠶᠠᠭᠰᠠᠨ ᠮᠠᠭᠤ ᠴᠢᠰᠤ ᠶ᠋ᠢ ᠬᠣᠬᠣᠢ᠂ ᠴᠠᠭᠠᠰᠢ ᠲᠣᠨᠢᠯ!》 ᠭᠡᠵᠦ ᠬᠡᠯᠡᠬᠦ ᠳᠥᠭᠥᠵᠦ ᠠᠭᠤᠷᠲᠠᠢ ᠪᠣᠰᠬᠤ ᠳ᠋ᠤ᠌ ᠥᠯᠵᠡᠢᠰᠠᠩ᠂ ᠡᠯᠳᠡᠩᠭᠡ ᠶ᠋ᠢᠨ ᠴᠢᠷᠠᠢ ᠮᠠᠭᠤᠬᠠᠢ ᠪᠠᠷᠵᠠᠢᠵᠤ᠂ ᠬᠥᠮᠥᠰᠬᠡ ᠪᠡᠨ ᠵᠠᠩᠭᠢᠳᠤᠭᠰᠠᠨ ᠢ᠋ ᠬᠠᠷᠠᠭᠠᠳ ᠠᠵᠢᠭ ᠴᠦ᠍ ᠦᠭᠡᠢ᠄
— ᠠᠭᠸᠠᠩ ᠨᠣᠶᠠᠨ ᠲᠤᠰᠠᠯᠠᠭᠴᠢ ᠲᠠᠨ ᠲᠠᠢ ᠪᠠᠷᠠᠳᠠᠬᠤ ᠪᠠᠷ ᠢᠷᠡᠵᠦ ᠶᠠᠪᠤᠨ᠎ᠠ ᠭᠡᠵᠦ ᠬᠡᠯᠡᠬᠦ ᠲᠡᠢ ᠵᠡᠷᠭᠡ ᠠᠬᠤᠷ ᠫᠤᠤ᠂ ᠮᠣᠷᠢᠨ ᠰᠡᠯᠡᠮ᠎ᠡ ᠵᠥᠷᠢᠭᠦᠯᠦᠨ ᠠᠭᠰᠠᠵᠤ᠂ ᠬᠦᠷᠡᠩ ᠤᠯᠠᠭᠠᠨ ᠥᠩᠭᠡ ᠲᠡᠢ ᠰᠠᠪᠢᠬᠢᠨ ᠭᠤᠲᠤᠯ ᠢ᠋ ᠰᠣᠷᠲᠣᠭᠣᠲᠠᠢ ᠢᠰᠬᠦᠯᠦᠭᠰᠡᠨ ᠠᠭᠸᠠᠩ ᠨᠣᠶᠠᠨ ᠭᠡᠳᠡᠯᠵᠡᠨ ᠣᠷᠣᠵᠤ ᠢᠷᠡᠭᠡᠳ᠄
— ᠡᠯᠳᠡᠩᠭᠡ ᠭᠤᠸᠠᠢ ᠠ᠋᠂ ᠲᠠ ᠰᠠᠢᠨ ᠪᠠᠢᠨ᠎ᠠ ᠤᠤ? ᠭᠡᠵᠦ ᠮᠡᠨᠳᠦᠯᠡᠭᠰᠡᠨ ᠳ᠋ᠦ᠍ ᠡᠯᠳᠡᠩᠭᠡ᠄
— ᠵᠠ᠂ ᠰᠠᠢᠨ! ᠠᠭᠸᠠᠩ ᠨᠣᠶᠠᠨ ᠰᠠᠢᠨ ᠤᠤ? ᠭᠡᠵᠦ ᠳᠤᠷᠠᠮᠵᠢᠬᠠᠨ ᠳᠤᠤᠭᠠᠷᠪᠠ᠃
— ᠲᠤᠰᠠᠯᠠᠭᠴᠢ ᠭᠤᠸᠠᠢ ᠠ᠋ ᠲᠠ ᠡᠷᠭᠢᠨ ᠠᠭᠡ ᠮᠠᠨᠴᠤᠷᠭ᠎ᠠ ᠶ᠋ᠢᠨ ᠢ᠋ᠶ᠋ᠡᠨ ᠲᠤᠬᠠᠢ ᠰᠡᠳᠬᠢᠯ ᠶᠡᠬᠡ ᠵᠣᠪᠠᠭᠰᠠᠨ ᠨᠢ ᠢᠯᠡᠷᠬᠡᠢ᠃ ᠡᠢᠨ ᠬᠦ᠌ ᠪᠢ ᠰᠢᠷ᠎ᠠ ᠴᠡᠷᠢᠭ ᠦ᠋ᠨ ᠡᠮᠦᠨ᠎ᠡ ᠡᠴᠡ ᠲᠤᠰᠠᠯᠠᠭᠴᠢ ᠲᠠᠨ ᠤ᠋ ᠵᠣᠪᠠᠨᠢᠭᠰᠠᠨ ᠰᠡᠳᠬᠢᠯ ᠢ᠋ ᠲᠠᠨᠢ ᠥᠴᠦᠬᠡᠨ ᠴᠦ᠍ ᠭᠡᠰᠡᠨ ᠲᠠᠢᠳᠬᠤᠷᠠᠭᠤᠯᠤᠶᠠ ᠭᠡᠵᠦ ᠢᠷᠡᠯ᠎ᠡ ᠭᠡᠳ ᠪᠠᠭᠯᠠᠭ᠎ᠠ ᠲᠠᠢ ᠰᠢᠬᠢᠷ᠂ ᠬᠡᠪ ᠦ᠋ᠨ ᠴᠠᠢ᠂ ᠪᠣᠭᠣᠳᠠᠯ ᠶᠠᠨᠵᠤᠤᠷ᠂ ᠵᠢᠮᠢᠰ᠂ ᠪᠤᠷᠠᠮ ᠱᠠᠲᠠᠩ ᠵᠡᠷᠭᠡ ᠶᠠᠭᠤᠮ᠎ᠠ ᠠᠪᠴᠢᠷᠠᠵᠤ ᠲᠠᠯᠪᠢᠪᠠ᠃
ᠡᠯᠳᠡᠩᠭᠡ᠂ ᠠᠭᠸᠠᠩ ᠨᠣᠶᠠᠨ ᠤ᠋ ᠠᠪᠴᠢᠷᠠᠭᠰᠠᠨ ᠪᠡᠯᠡᠭ ᠰᠡᠯᠲᠡ ᠶ᠋ᠢ ᠬᠠᠷᠠᠵᠤ ᠴᠦ᠍ ᠦᠵᠡᠭᠰᠡᠨ ᠦᠭᠡᠢ ᠲᠠᠮᠠᠬᠢ ᠪᠠᠨ ᠨᠠᠷᠠᠨ ᠤᠲᠤᠭ᠎ᠠ ᠪᠠᠭᠠᠭᠢᠭᠤᠯᠵᠤ ᠰᠠᠭᠤᠨ᠎ᠠ᠃
— ᠮᠠᠨᠴᠤᠷᠭ᠎ᠠ ᠶ᠋ᠢ ᠰᠠᠢᠨ ᠡᠷ᠎ᠡ ᠭᠡᠵᠦ ᠪᠢ ᠨᠢᠭᠡ ᠪᠢᠰᠢ ᠤᠳᠠᠭ᠎ᠠ ᠰᠣᠨᠣᠰᠤᠭᠰᠠᠨ᠁ ᠬᠠᠷᠠᠮᠰᠠᠯᠲᠠᠢ ᠨᠢ ᠪᠢ ᠲᠡᠭᠦᠨ ᠲᠡᠢ ᠨᠢᠭᠤᠷᠳᠠᠵᠤ ᠵᠣᠯᠭᠠᠭᠰᠠᠨ ᠦᠭᠡᠢ᠃ ᠰᠠᠢᠨ ᠡᠷ᠎ᠡ ᠶ᠋ᠢᠨ ᠲᠣᠯᠣᠭᠠᠢ ᠳ᠋ᠤ᠌ ᠬᠣᠷᠣ ᠠᠲᠠᠭ᠎ᠠ ᠶ᠋ᠢᠨ ᠰᠤᠮᠤ ᠣᠨᠣᠭᠳᠠᠬᠤ ᠠ᠋ᠴᠠ ᠪᠢᠰᠢ ᠮᠠᠭᠤ ᠡᠷ᠎ᠡ ᠶ᠋ᠢᠨ᠁ ᠭᠡᠵᠦ ᠠᠭᠸᠠᠩ ᠢ᠋ ᠬᠡᠯᠡᠵᠦ ᠪᠠᠷᠠᠬᠤ ᠠ᠋ᠴᠠ ᠡᠮᠦᠨ᠎ᠡ ᠡᠯᠳᠡᠩᠭᠡ ᠪᠣᠰᠴᠤ ᠵᠣᠭᠰᠣᠨ᠄
— ᠠᠭᠸᠠᠩ ᠨᠣᠶᠠᠨ ᠲᠠ᠁ ᠪᠣᠯᠳᠠᠭ ᠯᠠ ᠪᠣᠯ ᠵᠢᠯᠢᠢᠭᠴᠢ ᠶ᠋ᠢᠨ ᠨᠡᠷ᠎ᠡ ᠳᠤᠷᠠᠳᠴᠤ ᠰᠦᠨᠡᠰᠦ ᠶ᠋ᠢ ᠨᠢ ᠪᠢᠲᠡᠭᠡᠢ ᠭᠣᠣᠴᠢᠯᠠᠭᠠᠳ ᠪᠠᠢ᠃ ᠡᠪᠦᠭᠡᠨ ᠮᠢᠨᠦ ᠳᠣᠲᠣᠷ᠎ᠠ ᠲᠦᠪᠳᠡᠬᠦ ᠦᠭᠡᠢ ᠪᠠᠢᠨ᠎ᠠ᠁ ᠭᠡᠰᠡᠨ ᠳ᠋ᠦ᠍ ᠠᠭᠸᠠᠩ ᠨᠣᠶᠠᠨ ᠣᠰᠣᠯᠳᠠᠭᠰᠠᠨ ᠢ᠋ᠶ᠋ᠠᠨ ᠳᠣᠣᠷ᠎ᠠ ᠪᠠᠨ ᠮᠡᠳᠡᠷᠡᠵᠦ᠄
— ᠪᠣᠯᠢᠶ᠎ᠠ᠂ ᠪᠣᠯᠢᠶ᠎ᠠ! ᠵᠢᠯᠢᠢᠭᠴᠢ ᠶ᠋ᠢᠨ ᠨᠡᠷ᠎ᠡ ᠶ᠋ᠢ ᠳᠤᠷᠠᠳᠬᠤ ᠦᠭᠡᠢ ᠠ᠋! ᠲᠤᠰᠠᠯᠠᠭᠴᠢ ᠭᠤᠸᠠᠢ ᠳ᠋ᠤ᠌ ᠤᠰᠤᠯᠲᠠᠯ᠎ᠠ ᠭᠡᠵᠦ ᠢᠨᠢᠶᠡᠪᠬᠢᠯᠡᠨᠡ᠃
ᠭᠡᠷ ᠳᠣᠲᠣᠷ᠎ᠠ ᠨᠠᠮ ᠵᠢᠮ᠃ ᠬᠡᠰᠡᠭ ᠤᠳᠠᠭᠠᠳ ᠡᠯᠳᠡᠩᠭᠡ᠄
— ᠠᠭᠸᠠᠩ ᠨᠣᠶᠠᠨ ᠲᠠ ᠯᠠᠪ ᠥᠭᠡᠷ᠎ᠡ ᠤᠴᠢᠷ ᠲᠤ ᠢᠷᠡᠭᠰᠡᠨ ᠪᠠᠢᠬ᠎ᠠ! ᠤᠴᠢᠷ ᠪᠠᠢᠪᠠᠯ ᠰᠢᠭᠤᠳ ᠶᠠᠷᠢᠴᠢᠬᠠ! ᠭᠡᠯᠡ᠃
— ᠣ᠂ ᠡᠢᠮᠦ ᠨᠢᠭᠡ ᠤᠴᠢᠷ ᠢ᠋ ᠲᠤᠰᠠᠯᠠᠭᠴᠢ ᠲᠠᠨ ᠲᠠᠢ ᠵᠥᠪᠳᠡᠶ᠎ᠡ ᠭᠡᠵᠦ ᠪᠣᠳᠣᠭᠠᠳ ᠤᠳᠠᠯ᠎ᠠ᠃ ᠶᠡᠷᠦ ᠨᠢ ᠡᠪ ᠵᠦᠢ ᠲᠠᠭᠠᠷᠠᠵᠤ ᠥᠭᠬᠦ ᠦᠭᠡᠢ ᠶᠦᠮ᠃
— ᠶᠠᠮᠠᠷ ᠤᠴᠢᠷ ᠪᠣᠢ? ᠨᠣᠶᠠᠨ ᠲᠠ ᠵᠠᠷᠯᠢᠭ ᠪᠣᠯᠬᠤ ᠳ᠋ᠤ᠌ ᠯᠠ ᠪᠢ《ᠵᠠ》 ᠭᠡᠳ ᠵᠢᠷᠣᠭᠠᠯᠠᠨᠠ ᠪᠢᠵᠡ!
ᠲᠤᠰᠠᠯᠠᠭᠴᠢ ᠭᠤᠸᠠᠢ ᠶᠡᠷᠦ ᠨᠢ ᠬᠠᠲᠠᠭᠤ ᠲᠣᠭᠯᠠᠭᠠᠮ ᠲᠠᠢ ᠬᠥᠮᠦᠨ ᠶᠦᠮ ᠪᠢᠵᠡ⁈ ᠪᠢ ᠨᠢᠭᠡ《ᠵᠠᠷᠯᠢᠭ》 ᠪᠣᠯᠬᠤ ᠳ᠋ᠤ᠌ ᠲᠠ ᠶᠡᠬᠡ 《ᠵᠢᠷᠣᠭᠠᠯᠠᠴᠢᠬᠠᠨᠠ》 ᠤᠤ? ᠠ᠁ ᠬᠠ! ᠬᠠ! ᠭᠡᠵᠦ ᠪᠠᠬ᠎ᠠ ᠨᠢ ᠬᠠᠨᠤᠭᠰᠠᠨ ᠢᠨᠢᠶᠡᠳᠦ ᠪᠡᠷ ᠢᠨᠢᠶᠡᠪᠡ᠃
— ᠵᠢᠷᠣᠭᠠᠯᠠᠨᠠ ᠰᠢᠦ! ᠲᠠᠨ ᠤ᠋ ᠰᠢᠷ᠎ᠠ ᠴᠡᠷᠢᠭ ᠦ᠋ᠨ ᠵᠠᠷᠯᠢᠭ ᠲᠤ ᠪᠢ ᠪᠠᠢᠲᠤᠭᠠᠢ ᠨᠠᠳᠠ ᠠ᠋ᠴᠠ ᠴᠠᠭᠠᠳᠤᠬᠢ ᠨᠢ ᠴᠦ᠍ ᠵᠢᠷᠣᠭᠠᠯᠠᠭᠰᠠᠭᠠᠷ ᠢᠷᠡᠭᠰᠡᠨ ᠰᠢᠳᠡ!
— ᠠ᠂ ᠲᠡᠭᠡᠪᠡᠯ ᠰᠠᠢᠨ!《ᠡᠢᠮᠦ》 ᠭᠡᠳ ᠡᠷᠡᠬᠡᠢ ᠱᠣᠪᠣᠢᠯᠭᠠᠪᠠ᠃
ᠡᠯᠳᠡᠩᠭᠡ᠂ ᠠᠭᠸᠠᠩ ᠨᠣᠶᠠᠨ ᠤ᠋ ᠡᠷᠡᠬᠡᠢ ᠱᠣᠪᠣᠢᠯᠭᠠᠭᠰᠠᠨ ᠢ᠋ ᠬᠠᠷᠠᠭᠠᠳ ᠬᠥᠬᠡ ᠢᠨᠢᠶᠡᠳᠦ ᠨᠢ ᠬᠦᠴᠦ《ᠬᠡᠦᠬᠡᠳ ᠦ᠋ᠨ ᠨᠠᠭᠠᠳᠤᠮ ᠰᠢᠭ᠋ ᠬᠥᠮᠦᠨ ᠬᠠᠭᠤᠷᠠᠢᠯᠠᠬᠤ ᠭᠡᠵᠢ ᠤᠤ?》 ᠭᠡᠵᠦ ᠪᠣᠳᠣᠭᠠᠳ᠂ ᠶᠠᠮᠠᠷ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠪᠠ᠃
— ᠵᠠ᠂ ᠪᠠᠢᠵᠠ ᠳᠠ! ᠡᠨᠡ ᠮᠤᠨᠠ ᠠᠭᠤᠯᠠᠨ ᠳ᠋ᠤ᠌ ᠨᠢᠭᠡ ᠴᠢᠳᠬᠤᠯᠠᠩ ᠭᠠᠴᠠᠭ᠎ᠠ ᠲᠠᠢ ᠴᠡᠩᠬᠡᠷ ᠥᠩᠭᠡ ᠲᠡᠢ ᠴᠣᠩᠬᠢᠶᠠᠯ ᠪᠠᠢᠳᠠᠭ ᠭᠡᠨ᠎ᠡ ᠤᠤ?
— ᠪᠠᠢᠨ᠎ᠠ᠃
— ᠲᠡᠷᠡ ᠴᠡᠩᠬᠡᠷ ᠴᠣᠩᠬᠢᠶᠠᠯ ᠤ᠋ᠨ ᠤᠰᠤᠨ ᠳ᠋ᠤ᠌ ᠶᠡᠬᠡ ᠠᠷᠪᠢᠨ ᠠᠯᠲᠠ ᠮᠥᠩᠭᠥ᠂ ᠡᠳ᠋ ᠡᠷᠳᠡᠨᠢᠰ ᠦ᠋ᠨ ᠵᠦᠢᠯ ᠪᠠᠢᠳᠠᠭ ᠭᠡᠵᠦ ᠬᠥᠮᠦᠰ ᠲᠠᠩᠳᠠ ᠬᠡᠯᠡᠯᠴᠡᠭᠡᠳ ᠪᠠᠢᠬᠤ ᠶᠤᠮ᠃ ᠦᠨᠡᠬᠡᠷ ᠶᠦᠮ ᠪᠣᠯ ᠤᠤ?
— ᠬᠠᠮᠢᠭ᠎ᠠ ᠪᠠᠢᠭᠰᠠᠨ ᠲᠡᠢᠮᠦ ᠶᠠᠪᠤᠳᠠᠯ ᠶᠤᠮ ᠪᠣᠢ? ᠶᠡᠬᠡ ᠡᠷᠲᠡ ᠨᠢᠭᠡ ᠪᠠᠭᠠᠲᠤᠷ ᠵᠠᠩᠵᠤᠨ ᠳᠠᠯᠠᠨ ᠠᠴᠢᠶ᠎ᠠ ᠠᠯᠲᠠ ᠮᠥᠩᠭᠥ ᠠᠪᠴᠢᠷᠠᠵᠤ ᠲᠠᠯᠪᠢᠯ᠎ᠠ ᠭᠡᠵᠦ ᠬᠠᠭᠤᠴᠢᠨ ᠤ᠋ ᠬᠥᠮᠦᠰ ᠳᠣᠮᠣᠭ ᠰᠢᠤᠬᠠᠨ ᠶᠠᠭᠤᠮ᠎ᠠ ᠶᠠᠷᠢᠳᠠᠭ ᠢ᠋ ᠰᠣᠨᠣᠰᠴᠤ ᠪᠠᠢᠭᠰᠠᠨ ᠠ᠋ᠴᠠ ᠪᠢᠰᠢ ᠪᠢ ᠶᠡᠷᠦ ᠦᠵᠡᠭᠰᠡᠨ ᠦᠭᠡᠢ᠃
— ᠮᠥᠨ ᠳᠡ᠂ ᠶᠠᠭ ᠲᠡᠷᠡ ᠶ᠋ᠢ ᠴᠢᠨᠢ ᠬᠡᠯᠡᠵᠦ ᠪᠠᠢᠨ᠎ᠠ ᠭᠡᠵᠦ ᠠᠭᠸᠠᠩ ᠨᠣᠶᠠᠨ ᠤ᠋ ᠵᠢᠷᠦᠬᠡ ᠨᠢ ᠬᠥᠭᠡᠷᠦᠨ ᠲᠣᠭᠲᠠᠪᠤᠷᠢ ᠠᠯᠳᠠᠵᠤ ᠪᠠᠢᠪᠠ᠃
— ᠲᠡᠷᠡ ᠴᠢᠨᠢ ᠤᠵᠠᠭᠤᠷ ᠤ᠋ᠨ ᠳᠣᠮᠣᠭ ᠰᠢᠦ! ᠳᠣᠮᠣᠭ ᠦᠯᠢᠭᠡᠷ ᠢ᠋ ᠢᠲᠡᠭᠡᠬᠦ ᠶᠦᠮ ᠪᠣᠯ ᠥᠯᠪᠡᠷᠴᠦ ᠦᠬᠦᠨ᠎ᠡ ᠭᠡᠰᠡᠨ ᠦᠭᠡ᠃
— ᠳᠣᠮᠣᠭ ᠪᠠᠢᠪᠠᠯ ᠦᠯᠢᠭᠡᠷ ᠡᠭᠦᠰᠳᠡᠭ᠃ ᠦᠯᠢᠭᠡᠷ ᠭᠡᠳᠡᠭ ᠴᠢᠨᠢ ᠦᠨᠡᠨ ᠡᠴᠡ ᠢᠷᠡᠯᠲᠡᠢ ᠶᠦᠮ ᠰᠢᠦ! ᠡᠭᠦᠨ ᠢ᠋ ᠢᠲᠡᠭᠡᠬᠦ ᠦᠭᠡᠢ ᠪᠣᠯᠬᠤ ᠦᠭᠡᠢ! ᠮᠠᠨ ᠤ᠋ ᠴᠡᠷᠢᠭ ᠦ᠋ᠨ ᠡᠳ᠋ ᠠᠭᠤᠷᠠᠰᠤ᠂ ᠭᠠᠵᠠᠷ ᠰᠢᠨᠵᠢᠯᠡᠭᠡᠴᠢ᠂ ᠰᠤᠳᠤᠯᠤᠭᠠᠴᠢ ᠬᠣᠶᠠᠷ ᠬᠥᠮᠦᠨ ᠲᠡᠨᠳᠡ ᠨᠢ ᠣᠴᠢᠵᠤ ᠰᠢᠨᠵᠢᠯᠡᠭᠡ ᠬᠢᠭᠰᠡᠨ᠁ ᠭᠡᠳ ᠠᠭᠸᠠᠩ ᠨᠣᠶᠠᠨ ᠦᠭᠡ ᠪᠡᠨ ᠳᠤᠲᠠᠭᠤ ᠵᠣᠭᠰᠣᠪᠠ᠃
— ᠲᠡᠭᠡᠭᠡᠳ ᠲᠡᠷᠡ ᠴᠣᠩᠬᠢᠶᠠᠯ ᠤ᠋ᠨ ᠤᠰᠤᠨ ᠳ᠋ᠤ᠌ ᠠᠯᠲᠠ ᠮᠥᠩᠭᠥ ᠪᠠᠢᠨ᠎ᠠ ᠭᠡᠵᠦ ᠪᠠᠲᠤᠲᠠᠢ ᠮᠡᠳᠡᠪᠡ ᠤᠤ?
— ᠮᠠᠨ ᠤ᠋ ᠴᠡᠷᠢᠭ ᠦ᠋ᠨ ᠨᠢᠭᠡ ᠰᠢᠨᠵᠢᠯᠡᠭᠡᠴᠢ ᠨᠢ ᠲᠤᠤᠨᠠᠨ ᠬᠠᠳᠠ ᠠ᠋ᠴᠠ ᠬᠠᠯᠲᠤᠷᠢᠵᠤ ᠴᠣᠩᠬᠢᠶᠠᠯ ᠳ᠋ᠤ᠌ ᠤᠨᠠᠵᠤ ᠦᠬᠦᠭᠰᠡᠨ᠁ ᠨᠢᠭᠡ ᠨᠢ ᠯᠡ ᠵᠣᠯᠲᠠᠢ ᠠᠮᠢᠳᠤ ᠪᠤᠴᠠᠵᠤ ᠢᠷᠡᠵᠡᠢ᠃
— ᠠᠮᠢ ᠲᠠᠢ ᠬᠠᠷᠢᠵᠤ ᠢᠷᠡᠭᠰᠡᠨ ᠨᠢᠭᠡ ᠨᠢ ᠠᠷᠪᠢᠨ ᠮᠥᠩᠭᠥ ᠣᠯᠵᠤ ᠦᠵᠡᠯ᠎ᠡ ᠭᠡᠵᠦ ᠪᠠᠢᠨ᠎ᠠ ᠤᠤ?
— ᠠᠢ ᠳᠠ᠂ ᠶᠠᠭᠤ ᠭᠡᠵᠦ ᠬᠡᠯᠡᠬᠦ ᠪᠣᠢ᠃ ᠥᠨᠥᠬᠢ ᠴᠢᠨᠢ ᠬᠡᠯᠡ ᠠᠮᠠ ᠨᠢ ᠲᠠᠲᠠᠯᠳᠤᠭᠠᠳ ᠦᠭᠡ ᠬᠡᠯᠡᠵᠦ ᠴᠢᠳᠠᠬᠤ ᠪᠠᠨ ᠪᠣᠯᠢᠵᠠᠢ᠃ ᠪᠠᠢᠨ ᠪᠠᠢᠨ ᠡᠷᠡᠬᠡᠢ ᠪᠡᠨ ᠭᠣᠵᠣᠢᠯᠭᠠᠭᠠᠳ ᠯᠠ ᠲᠣᠯᠣᠭᠠᠢ ᠪᠠᠨ ᠲᠣᠬᠢᠬᠤ ᠠ᠋ᠴᠠ ᠥᠭᠡᠷ᠎ᠡ ᠰᠡᠳᠬᠢᠯ ᠦ᠋ᠨ ᠬᠥᠳᠡᠯᠭᠡᠭᠡᠨ ᠭᠡᠵᠦ ᠪᠠᠢᠳᠠᠭ ᠦᠭᠡᠢ᠃ ᠡᠷᠡᠬᠡᠢ ᠭᠣᠵᠣᠢᠯᠭᠠᠵᠤ᠂ ᠲᠣᠯᠣᠭᠠᠢ ᠪᠠᠨ ᠳᠣᠬᠢᠭᠠᠳ ᠪᠠᠢᠳᠠᠭ ᠨᠢ ᠠᠷᠪᠢᠨ ᠠᠯᠲᠠ ᠮᠥᠩᠭᠥ ᠣᠯᠵᠤ ᠦᠵᠡᠯ᠎ᠡ ᠭᠡᠰᠡᠨ ᠤᠬᠠᠭᠠᠨ ᠲᠠᠢ ᠭᠡᠵᠦ ᠪᠢ ᠣᠢᠯᠠᠭᠠᠵᠤ ᠪᠠᠢᠨ᠎ᠠ᠃
— ᠲᠡᠭᠡᠪᠡᠯ ᠲᠡᠨᠳᠡ ᠠᠯᠲᠠ ᠮᠥᠩᠭᠥ ᠪᠠᠲᠤᠲᠠᠢ ᠪᠠᠢᠨ᠎ᠠ ᠭᠡᠰᠡᠨ ᠦᠭᠡ ᠰᠢᠳᠡ!
— ᠲᠡᠢᠮᠦ᠃ ᠲᠡᠭᠡᠬᠦ ᠳ᠋ᠦ᠍ ᠲᠤᠰᠠᠯᠠᠭᠴᠢ ᠭᠤᠸᠠᠢ ᠠ᠋᠂ ᠬᠣᠶᠠᠭᠤᠯᠠ ᠪᠠᠨ ᠬᠤᠷᠰᠢᠵᠤ ᠲᠡᠷᠡ ᠴᠣᠩᠬᠢᠶᠠᠯ ᠤ᠋ᠨ ᠠᠯᠲᠠ ᠮᠥᠩᠭᠥ ᠶ᠋ᠢ ᠠᠭᠤᠳᠠᠯᠵᠤ ᠠᠪᠤᠶ᠎ᠠ! ᠭᠡᠳ ᠠᠭᠸᠠᠩ ᠨᠢᠭᠡ ᠠᠯᠠᠭ᠎ᠠ ᠪᠠᠨ ᠳᠡᠯᠭᠡᠵᠦ ᠨᠥᠭᠦᠭᠡ ᠠᠯᠠᠭ᠎ᠠ ᠪᠠᠨ ᠬᠢᠲᠤᠭ᠎ᠠ ᠰᠢᠭ᠋ ᠢᠷᠯᠡᠵᠦ ᠳᠤᠮᠳᠠᠭᠤᠷ ᠨᠢ ᠴᠠᠪᠴᠢᠬᠤ ᠶᠠᠩᠵᠤ ᠭᠠᠷᠭᠠᠨ《ᠲᠡᠭ ᠳᠤᠮᠳᠠᠭᠤᠷ ᠨᠢ ᠬᠤᠪᠢᠶᠠᠯᠴᠠᠨ᠎ᠠ》 ᠭᠡᠪᠡ᠃
— ᠲᠡᠭᠡᠬᠦ ᠪᠡᠨ ᠴᠦ᠍ ᠪᠠᠢᠶ᠎ᠠ ᠵᠦᠭᠡᠷ! ᠪᠢ ᠲᠡᠷᠡ ᠳᠠᠯᠳᠠ ᠪᠠᠢᠭ᠎ᠠ ᠠᠯᠲᠠ ᠮᠥᠩᠭᠥ ᠶ᠋ᠢ ᠬᠠᠮᠠᠭᠠᠯᠠᠵᠤ ᠶᠠᠪᠤᠶ᠎ᠠ ᠭᠡᠬᠦ ᠡᠴᠡ ᠪᠢᠰᠢ ᠬᠢᠮᠤᠰᠤᠯᠠᠶᠠ᠂ ᠬᠤᠪᠢᠴᠢᠯᠠᠶᠠ ᠭᠡᠵᠦ ᠶᠡᠷᠦ ᠡᠴᠡ ᠭᠣᠷᠢᠯᠠᠳᠠᠭ ᠦᠭᠡᠢ᠃ ᠠᠭᠸᠠᠩ ᠨᠣᠶᠠᠨ᠂ ᠨᠢᠭᠡᠨᠲᠡ ᠰᠢᠨᠵᠢᠯᠡᠭᠡᠴᠢ ᠰᠤᠳᠤᠯᠤᠭᠠᠴᠢ ᠪᠠᠨ ᠲᠣᠮᠢᠯᠠᠵᠤ ᠣᠴᠢᠭᠤᠯᠤᠨ ᠲᠡᠨᠳᠡ ᠯᠠᠪ ᠠᠯᠲᠠ ᠮᠥᠩᠭᠥ ᠪᠠᠢᠨ᠎ᠠ ᠭᠡᠰᠡᠨ ᠢ᠋ ᠦᠬᠦᠨ ᠢᠲᠡᠭᠡᠵᠦ᠂ ᠲᠡᠭᠦᠨ ᠢ᠋ ᠵᠠᠪᠠᠯ ᠠᠪᠤᠶ᠎ᠠ ᠯᠠ ᠭᠡᠰᠡᠨ ᠰᠥᠰᠥ ᠵᠣᠷᠢᠭ ᠪᠠᠢᠪᠠᠯ ᠣᠴᠢᠵᠤ ᠠᠪᠤᠭᠠᠷᠠᠢ! ᠡᠯᠳᠡᠩᠭᠡ ᠮᠢᠨᠦ ᠬᠤᠪᠢ ᠳ᠋ᠤ᠌ ᠪᠣᠯ ᠣᠴᠢᠵᠤ ᠠᠪᠬᠤ ᠶ᠋ᠢ ᠡᠷᠡᠰ ᠲᠠᠲᠠᠭᠠᠯᠵᠠᠨ᠎ᠠ᠂ ᠭᠡᠪᠡᠴᠦ ᠨᠣᠶᠠᠨ ᠲᠠᠨ ᠢ᠋ ᠪᠣᠯ《ᠪᠢᠲᠡᠭᠡᠢ ᠠᠪ!》 ᠭᠡᠵᠦ ᠵᠠᠷᠯᠢᠭᠳᠠᠬᠤ ᠡᠷᠬᠡ ᠮᠠᠲᠠᠯ ᠨᠠᠳᠠ ᠦᠭᠡᠢ ᠶᠦᠮ ᠴᠢᠨᠢ ᠲᠠ ᠠᠪᠬᠤ ᠪᠠᠨ ᠥᠪᠡᠷ ᠢ᠋ᠶ᠋ᠡᠨ ᠯᠡ ᠮᠡᠳᠡ᠃
— ᠲᠤᠰᠠᠯᠠᠭᠴᠢ ᠭᠤᠸᠠᠢ ᠲᠠ ᠢᠩᠭᠢᠵᠦ ᠬᠡᠯᠡᠵᠦ ᠪᠣᠯᠬᠤ ᠦᠭᠡᠢ ᠰᠢᠦ! ᠡᠨᠡ ᠤᠴᠢᠷ ᠪᠣᠯ ᠵᠠᠰᠠᠭ ᠲᠥᠷᠥ᠂ ᠴᠡᠷᠢᠭ ᠲᠡᠢᠨ ᠲᠡᠢ ᠬᠣᠯᠪᠣᠭᠳᠠᠬᠤ ᠤᠴᠢᠷ ᠪᠢᠰᠢ ᠯᠡ ᠳᠡ! ᠵᠥᠪᠬᠡᠨ ᠪᠢᠳᠡ ᠬᠣᠶᠠᠷ ᠤ᠋ᠨ ᠨᠠᠢᠷ ᠲᠤ ᠬᠣᠯᠪᠣᠭᠳᠠᠬᠤ ᠤᠴᠢᠷ ᠪᠣᠯᠬᠣᠷ ᠲᠠᠨ ᠲᠠᠢ ᠡᠶᠡᠲᠡᠢ ᠵᠥᠪᠳᠡᠯᠴᠡᠵᠦ ᠪᠠᠢᠭᠠᠳ ᠮᠡᠳᠡᠶ᠎ᠡ ᠭᠡᠰᠡᠨ ᠡᠴᠡ ᠪᠢᠰᠢ ᠳᠡ᠃ ᠮᠠᠨ ᠤ᠋ ᠬᠢᠨ ᠦ᠌ ᠴᠡᠷᠢᠭ ᠦ᠋ᠨ ᠲᠠᠯ᠎ᠠ ᠠ᠋ᠴᠠ ᠲᠤᠰᠬᠠᠢ ᠬᠥᠮᠦᠨ ᠲᠣᠮᠢᠯᠠᠵᠤ᠂ ᠲᠡᠷᠡ ᠴᠣᠩᠬᠢᠶᠠᠯ ᠤ᠋ᠨ ᠳᠡᠷᠭᠡᠳᠡ ᠬᠡᠳᠦᠨᠲᠡ ᠬᠠᠢᠯᠲᠠ ᠬᠢᠭᠰᠡᠨ ᠪᠣᠯᠪᠠᠴᠤ ᠶᠡᠷᠦ ᠨᠢ ᠰᠠᠨᠠᠭ᠎ᠠ ᠪᠠᠷ ᠪᠣᠯᠵᠤ ᠥᠭᠭᠦᠭᠰᠡᠨ ᠦᠭᠡᠢ᠃ ᠰᠡᠭᠦᠯᠴᠢ ᠶ᠋ᠢᠨ ᠤᠳᠠᠭ᠎ᠠ ᠨᠢ ᠬᠠᠰᠢᠷ ᠰᠤᠳᠤᠯᠤᠭᠠᠴᠢ ᠪᠠᠨ ᠠᠯᠳᠠᠭᠰᠠᠨ ᠳ᠋ᠠᠭᠠᠨ ᠪᠢ ᠶᠡᠬᠡ ᠬᠠᠷᠠᠮᠰᠠᠯ᠎ᠠ᠃ ᠲᠡᠭᠡᠭᠡᠳ ᠨᠢᠭᠡ ᠨᠢ ᠪᠠᠰᠠ ᠬᠡᠯᠡ ᠠᠮᠠ ᠨᠢ ᠲᠠᠲᠠᠴᠢᠬᠠᠬᠤ ᠭᠡᠳᠡᠭ ᠴᠢᠨᠢ᠃
— ᠶᠡᠷᠦ ᠨᠢ ᠲᠡᠷᠡ ᠴᠣᠩᠬᠢᠶᠠᠯ ᠭᠡᠭᠴᠢ ᠬᠡᠯᠡᠯᠭᠡ ᠲᠡᠢ ᠪᠠᠢᠳᠠᠭ᠃ ᠪᠠᠷᠤᠭ ᠤ᠋ᠨ ᠬᠥᠮᠦᠰ ᠮᠥᠩᠭᠥᠨ ᠳ᠋ᠦ᠍ ᠰᠢᠨᠤᠬᠤ ᠶ᠋ᠢ ᠪᠠᠢᠲᠤᠭᠠᠢ ᠣᠢᠷᠠᠳᠴᠤ ᠬᠠᠪᠢᠳᠠᠳᠠᠭ ᠴᠦ᠍ ᠦᠭᠡᠢ ᠶᠦᠮ᠃ ᠲᠡᠷᠡ ᠬᠠᠳᠠᠨ ᠠ᠋ᠴᠠ ᠤᠨᠠᠵᠤ ᠦᠬᠦᠳᠡᠭ ᠨᠢᠭᠡ ᠨᠢ ᠠᠯᠲᠠ ᠮᠥᠩᠭᠥᠨ ᠳ᠋ᠦ᠍ ᠳᠡᠩᠳᠡᠭᠦᠦ ᠰᠢᠨᠤᠭ ᠰᠡᠳᠬᠢᠯ ᠲᠡᠢ ᠳ᠋ᠡᠭᠡᠨ ᠲᠤᠤᠨᠠᠨ ᠬᠠᠳᠠᠨ ᠠ᠋ᠴᠠ ᠬᠥᠯ ᠠᠯᠳᠠᠵᠤ ᠣᠢᠴᠢᠭᠰᠠᠨ ᠪᠠᠢᠯᠭᠦᠢ! ᠨᠥᠭᠦᠭᠡ ᠨᠢ ᠬᠠᠷᠢᠨ ᠬᠡᠷᠰᠡᠦᠬᠡᠨ ᠳ᠋ᠡᠭᠡᠨ ᠠᠮᠢ ᠲᠠᠢ ᠦᠯᠡᠳᠡᠵᠡᠢ᠃
— ᠲᠡᠷᠡ ᠨᠢ ᠠᠮᠢ ᠲᠠᠢ ᠦᠯᠡᠳᠡᠭᠰᠡᠨ ᠪᠣᠯᠪᠠᠴᠤ ᠦᠬᠦᠭᠰᠡᠨ ᠲᠡᠢ ᠶᠠᠮᠠᠷ ᠢᠯᠭᠠᠭ᠎ᠠ ᠲᠠᠢ ᠪᠣᠢ? ᠦᠭᠡ ᠬᠡᠯᠡᠵᠦ ᠴᠦ᠍ ᠴᠢᠳᠠᠬᠤ ᠦᠭᠡᠢ ᠴᠡᠴᠡᠷᠡᠭᠡ ᠳᠠᠭᠵᠢᠶᠠ ᠳᠤᠲᠠᠭᠤ ᠵᠡᠮᠳᠡᠭ ᠶᠠᠭᠤᠮ᠎ᠠ ᠪᠣᠯᠴᠢᠬᠠᠯ᠎ᠠ᠁
— ᠲᠡᠭᠡᠪᠡᠴᠦ ᠨᠥᠭᠦᠭᠡ ᠪᠡᠨ ᠪᠣᠳᠣᠪᠠᠯ ᠠᠯᠲᠠ ᠮᠥᠩᠭᠥᠨ ᠦ᠌ ᠲᠥᠯᠥᠭᠡ ᠰᠢᠨᠤᠭᠰᠠᠨ ᠦᠭᠡᠢ ᠨᠢ ᠵᠣᠯᠲᠠᠢ ᠠ᠋ᠴᠠ ᠪᠠᠨ ᠪᠢᠵᠡ᠃ ᠠᠭᠤᠯᠠ ᠶ᠋ᠢᠨ ᠵᠢᠪᠠᠷ ᠴᠣᠬᠢᠭᠰᠠᠨ ᠪᠠᠢᠯᠭᠦᠢ! ᠬᠠᠳᠠᠨ ᠤ᠋ ᠵᠢᠩ ᠰᠦᠷᠡᠬᠡᠢ ᠪᠠᠢᠳᠠᠭ ᠰᠢᠦ!
— ᠦᠭᠡᠢ᠂ ᠰᠡᠭᠦᠯ ᠳ᠋ᠦ᠍ᠨᠢ ᠪᠢ ᠡᠭᠦᠨ ᠦ᠌ ᠲᠤᠬᠠᠢ ᠰᠤᠳᠤᠯᠵᠤ ᠰᠢᠨᠵᠢᠯᠡᠯᠡ᠂ ᠰᠤᠷᠠᠭᠯᠠᠵᠤ ᠴᠦ᠍ ᠦᠵᠡᠯ᠎ᠡ᠁ ᠬᠥᠮᠦᠰ ᠦ᠋ᠨ ᠬᠡᠯᠡᠬᠦ ᠪᠡᠷ ᠮᠤᠨᠠ ᠠᠭᠤᠯᠠᠨ ᠳ᠋ᠤ᠌ ᠶᠢᠰᠦᠨ ᠬᠥᠬᠡ ᠴᠢᠨᠣ᠎ᠠ ᠲᠠᠢ ᠮᠡᠷᠭᠡᠨ ᠴᠠᠭᠠᠨ ᠯᠠᠮᠠᠬᠠᠢ ᠭᠡᠳᠡᠭ ᠤᠷᠲᠤ ᠴᠠᠭᠠᠨ ᠰᠠᠬᠠᠯ ᠲᠠᠢ ᠡᠲᠡᠭᠡᠳ ᠬᠥᠮᠦᠨ ᠪᠠᠢᠳᠠᠭ ᠭᠡᠨ᠎ᠡ᠃ ᠦᠨᠡᠨ ᠤᠤ?
— ᠦᠨᠡᠨ᠂ ᠦᠨᠡᠨ! ᠲᠡᠷᠡ ᠴᠦ᠍ ᠦᠨᠡᠨ!
— ᠲᠡᠷᠡ ᠴᠠᠭᠠᠨ ᠯᠠᠮᠠᠬᠠᠢ ᠯᠠ ᠤᠬᠠᠭᠠᠨ ᠬᠢᠵᠦ ᠪᠠᠢᠬᠤ ᠲᠥᠯᠥᠪᠲᠡᠢ᠃ ᠲᠡᠷᠡ ᠬᠡᠳᠦᠨ ᠬᠥᠬᠡ ᠴᠢᠨᠣ᠎ᠠ ᠨᠢ ᠱᠤᠯᠤᠮ ᠰᠢᠭ᠋ ᠰᠤᠮᠤᠨ ᠳ᠋ᠤ᠌ ᠣᠨᠣᠭᠳᠠᠳᠠᠭ ᠦᠭᠡᠢ ᠭᠡᠵᠦ ᠮᠠᠨ ᠤ᠋ ᠬᠢᠨ ᠠᠷᠭ᠎ᠠ ᠪᠠᠨ ᠪᠠᠷᠠᠭᠰᠠᠨ ᠶᠠᠭᠤᠮ᠎ᠠ ᠶᠠᠷᠢᠬᠤ ᠶᠤᠮ᠃
— ᠰᠤᠮᠤᠨ ᠳ᠋ᠤ᠌ ᠣᠨᠣᠭᠳᠠᠬᠤ ᠦᠭᠡᠢ ᠭᠡᠵᠦ ᠬᠠᠮᠢᠭ᠎ᠠ ᠪᠠᠢᠬᠤ ᠪᠣᠢ᠃ ᠲᠠᠨ ᠤ᠋ ᠬᠢᠨ ᠲᠡᠭᠡᠭᠡᠳ ᠮᠤᠬᠤᠷ ᠬᠥᠯ ᠲᠡᠢ ᠬᠥᠭᠰᠢᠨ ᠭᠢᠴᠢᠢ ᠶ᠋ᠢ ᠣᠯᠵᠤ ᠦᠵᠡᠯ᠎ᠡ ᠭᠡᠵᠦ ᠪᠠᠢᠨ᠎ᠠ ᠤᠤ?
— ᠲᠡᠷᠡ ᠶ᠋ᠢ ᠬᠠᠷᠢᠨ ᠮᠡᠳᠡᠭᠰᠡᠨ ᠦᠭᠡᠢ᠃
— ᠲᠡᠷᠡ ᠬᠥᠭᠰᠢᠨ ᠭᠢᠴᠢᠢ ᠶ᠋ᠢᠨ ᠡᠮᠦᠨ᠎ᠡ ᠬᠣᠶᠠᠷ ᠰᠢᠭᠢᠷ᠎ᠡ ᠶ᠋ᠢ ᠬᠠᠷ᠎ᠠ ᠴᠡᠷᠢᠭ ᠬᠤᠭᠤ ᠫᠤᠤᠳᠠᠭᠰᠠᠨ ᠶᠤᠮ ᠭᠡᠵᠦ ᠬᠥᠮᠦᠰ ᠬᠡᠯᠡᠯᠴᠡᠳᠡᠭ᠃
— ᠬᠠᠷ᠎ᠠ ᠴᠡᠷᠢᠭ ᠪᠠᠰᠠ ᠲᠡᠷᠡ ᠠᠯᠲᠠ ᠮᠥᠩᠭᠥᠨ ᠳ᠋ᠦ᠍ ᠭᠣᠷᠢᠯᠠᠵᠤ ᠪᠠᠢᠭᠰᠠᠨ ᠤᠤ?
— ᠳᠡᠭᠡᠯ ᠦᠭᠡᠢ ᠶᠠᠭᠠᠬᠢᠬᠤ ᠪᠣᠢ⁈ ᠮᠥᠩᠭᠥ ᠴᠠᠭᠠᠨ ᠨᠢᠳᠦ ᠤᠯᠠᠭᠠᠨ ᠭᠡᠳᠡᠭ ᠦᠭᠡᠢ ᠪᠢᠯᠡ ᠤᠤ! ᠲᠡᠭᠡᠭᠡᠳ ᠴᠦ᠍ ᠣᠯᠤᠭᠰᠠᠨ ᠶᠠᠭᠤᠮ᠎ᠠ ᠶᠠᠭᠤ ᠴᠦ᠍ ᠪᠠᠢᠬᠤ ᠦᠭᠡᠢ᠂ ᠬᠥᠮᠦᠨ ᠬᠠᠷ᠎ᠠ ᠪᠠᠨ ᠴᠢᠨᠣ᠎ᠠ ᠳ᠋ᠤ᠌ ᠰᠡᠭᠴᠢᠭᠦᠯᠵᠦ᠂ ᠦᠬᠦᠬᠦ ᠨᠢ ᠦᠬᠦᠵᠦ᠂ ᠭᠠᠯᠵᠠᠭᠤᠷᠠᠬᠤ ᠨᠢ ᠭᠠᠯᠵᠠᠭᠤᠷᠠᠵᠤ ᠰᠠᠨᠠᠭ᠎ᠠ ᠨᠢ ᠠᠮᠠᠷᠠᠭᠰᠠᠨ ᠶᠤᠮ᠃ ᠲᠡᠭᠡᠭᠰᠡᠨ ᠡᠴᠡ ᠬᠣᠢᠰᠢ ᠳᠠᠬᠢᠵᠤ ᠲᠡᠷᠡ ᠴᠣᠩᠬᠢᠶᠠᠯ ᠵᠦᠭ ᠴᠢᠭᠯᠡᠬᠦ ᠪᠡᠨ ᠪᠣᠯᠢᠭᠰᠠᠨ ᠶᠤᠮ᠃
— ᠬᠠᠷ᠎ᠠ ᠴᠡᠷᠢᠭ ᠦ᠋ᠳ ᠲᠡᠨᠡᠭ ᠮᠤᠨᠤᠭ ᠢ᠋ᠶ᠋ᠠᠷ ᠠᠭᠠᠰᠢᠯᠠᠵᠤ᠂ ᠴᠢᠨᠣ᠎ᠠ ᠨᠣᠬᠠᠢ ᠶ᠋ᠢ ᠫᠤᠤᠳᠠᠵᠤ ᠭᠠᠰᠠᠯᠭᠠᠵᠤ ᠶᠠᠭᠠᠬᠢᠬᠤ ᠶᠤᠮ ᠳᠠ? ᠠᠷᠭ᠎ᠠ ᠤᠬᠠᠭᠠᠨ ᠢ᠋ᠶ᠋ᠠᠷ ᠣᠷᠣᠬᠤ ᠠ᠋ᠴᠠ ᠪᠢᠰᠢ᠂ ᠬᠠᠷ᠎ᠠ ᠮᠤᠨᠳᠤᠭᠤᠨ ᠢ᠋ᠶ᠋ᠠᠷ ᠶᠠᠭᠠᠬᠢᠭᠰᠠᠨ ᠴᠦ᠍ ᠲᠡᠭᠡᠵᠦ ᠪᠣᠯᠬᠤ ᠦᠭᠡᠢ᠃
— ᠲᠡᠭᠡᠪᠡᠯ ᠠᠭᠸᠠᠩ ᠨᠣᠶᠠᠨ ᠲᠡᠷᠡ ᠴᠣᠩᠬᠢᠶᠠᠯ ᠤ᠋ᠨ ᠠᠯᠲᠠ ᠮᠥᠩᠭᠥ ᠶ᠋ᠢ ᠠᠪᠬᠤ ᠣᠨᠢ ᠤᠬᠠᠭᠠᠨ ᠢ᠋ ᠣᠯᠴᠢᠬᠠᠭᠰᠠᠨ ᠬᠡᠷᠡᠭ ᠤᠤ?
— ᠣᠯᠴᠢᠬᠠᠯ᠎ᠠ ᠭᠡᠰᠡᠨ ᠴᠦ᠍ ᠪᠣᠯᠤᠨ᠎ᠠ᠃ ᠣᠨᠢ ᠤᠬᠠᠭᠠᠨ ᠤ᠋ ᠬᠢᠨᠢ ᠣᠨᠢᠰᠣ ᠲᠦᠯᠬᠢᠭᠦᠷ ᠨᠢ ᠡᠨᠳᠡ ᠪᠠᠢᠨ᠎ᠠ ᠰᠢᠳᠡ! ᠭᠡᠵᠦ ᠡᠯᠳᠡᠩᠭᠡ ᠲᠤᠰᠠᠯᠠᠭᠴᠢ ᠶ᠋ᠢᠨ ᠮᠥᠷᠥ ᠶ᠋ᠢ ᠲᠠᠪᠰᠢᠵᠤ ᠴᠣᠴᠢᠮᠠᠭ ᠢᠨᠢᠶᠡᠨ᠎ᠡ᠃
ᠡᠯᠳᠡᠩᠭᠡ ᠲᠤᠰᠠᠯᠠᠭᠴᠢ᠂ ᠠᠭᠸᠠᠩ ᠨᠣᠶᠠᠨ ᠤ᠋ ᠢᠩᠭᠢᠵᠦ ᠬᠡᠯᠡᠭᠡᠳ ᠴᠣᠴᠢᠮᠠᠭ ᠢᠨᠢᠶᠡᠭᠰᠡᠨ ᠳ᠋ᠦ᠍ ᠭᠠᠢᠬᠠᠵᠤ᠄
— ᠣᠨᠢᠰᠣ ᠲᠦᠯᠬᠢᠭᠦᠷ ᠨᠢ ᠡᠨᠳᠡ ᠪᠠᠢᠨ᠎ᠠ ᠭᠡᠨ᠎ᠡ ᠠ᠋⁈ ᠭᠡᠪᠡ᠃
— ᠤᠤᠬᠠᠢ ᠳᠠ! ᠲᠤᠰᠠᠯᠠᠭᠴᠢ ᠨᠣᠶᠠᠨ ᠪᠡᠶ᠎ᠡ ᠪᠡᠷ ᠢ᠋ᠶ᠋ᠡᠷ ᠨᠠᠳᠠ ᠪᠠᠷ᠎ᠠ ᠪᠣᠯᠵᠤ ᠶᠠᠪᠤᠨ᠎ᠠ ᠰᠢᠦ! ᠮᠡᠷᠭᠡᠨ ᠯᠠᠮᠠᠬᠠᠢ᠂ ᠬᠥᠬᠡ ᠴᠢᠨᠣ᠎ᠠ᠂ ᠴᠢᠳᠬᠤᠯᠠᠩ ᠲᠠᠢ ᠴᠣᠩᠬᠢᠶᠠᠯ᠂ ᠴᠣᠩᠬᠢᠶᠠᠯ ᠤ᠋ᠨ ᠳᠣᠲᠣᠷᠠᠬᠢ ᠠᠯᠲᠠ ᠮᠥᠩᠭᠥ᠁ ᠵᠡᠷᠭᠡ ᠬᠥᠮᠦᠰ ᠦ᠋ᠨ ᠶᠠᠷᠢᠭᠠᠳ ᠪᠠᠢᠳᠠᠭ ᠳᠣᠮᠣᠭ ᠰᠢᠤᠬᠠᠨ ᠵᠦᠢᠯᠡᠰ ᠢ᠋ ᠪᠢ ᠪᠡᠶ᠎ᠡ ᠪᠡᠷ ᠢ᠋ᠶ᠋ᠡᠨ ᠣᠴᠢᠵᠤ᠂ ᠨᠢᠳᠦ ᠪᠡᠷ ᠬᠠᠷᠠᠵᠤ ᠦᠵᠡᠶ᠎ᠡ ᠭᠡᠰᠡᠨ ᠶᠦᠮ᠃ ᠶᠠᠮᠠᠷ ᠪᠣᠢ? ᠲᠤᠰᠠᠯᠠᠭᠴᠢ ᠭᠤᠸᠠᠢ ᠠ᠋⁈ ᠭᠡᠪᠡ᠃
ᠡᠯᠳᠡᠩᠭᠡ ᠲᠤᠰᠠᠯᠠᠭᠴᠢ ᠲᠣᠯᠣᠭᠠᠢ ᠪᠠᠨ ᠰᠠᠵᠢᠵᠤ《ᠪᠢ ᠦᠬᠦᠪᠡᠴᠦ ᠲᠡᠨᠳᠡ ᠣᠴᠢᠬᠤ ᠦᠭᠡᠢ ᠠ᠋! ᠨᠤᠲᠤᠭ ᠤ᠋ᠨ ᠢ᠋ᠶ᠋ᠠᠨ ᠪᠤᠭᠤᠷᠤᠯ ᠰᠠᠬᠢᠭᠤᠰᠤ ᠳ᠋ᠤ᠌ ᠪᠤᠷᠤᠭᠤ ᠬᠠᠷᠠᠭᠳᠠᠭᠰᠠᠨ ᠪᠣᠯᠴᠢᠮ ᠦᠭᠡᠢ ᠶᠠᠪᠤᠳᠠᠯ ᠢ᠋ ᠯᠠᠪ ᠬᠢᠬᠦ ᠦᠭᠡᠢ》 ᠭᠡᠰᠡᠨ ᠳ᠋ᠦ᠍ ᠠᠭᠸᠠᠩ ᠨᠣᠶᠠᠨ᠄
— ᠲᠤᠰᠠᠯᠠᠭᠴᠢ ᠭᠤᠸᠠᠢ ᠠ᠋! ᠲᠠ ᠮᠢᠨᠦ ᠡᠨᠡ ᠬᠦᠰᠡᠯ ᠵᠦᠢᠯ ᠳ᠋ᠦ᠍ ᠲᠤᠰᠠᠯᠠᠭᠠᠴᠢ ᠳᠠ! ᠠᠴᠢ ᠲᠤᠰᠠ ᠶ᠋ᠢ ᠴᠢᠨᠢ ᠤᠮᠠᠷᠲᠠᠯ ᠦᠭᠡᠢ ᠨᠣᠶᠠᠨ ᠵᠡᠷᠭᠡ ᠶ᠋ᠢ ᠴᠢᠨᠢ ᠨᠡᠮᠡᠵᠦ ᠳᠡᠭᠡᠭᠰᠢ ᠨᠢ ᠨᠢᠭᠡ ᠱᠠᠲᠤ ᠳᠡᠪᠰᠢᠭᠦᠯᠦᠶ᠎ᠡ ᠭᠡᠰᠡᠨ ᠳ᠋ᠦ᠍ ᠡᠯᠳᠡᠩᠭᠡ᠄
— ᠪᠢ ᠨᠣᠶᠠᠨ ᠵᠡᠷᠭᠡ ᠳ᠋ᠦ᠍ ᠳᠤᠷᠠᠯᠠᠭᠰᠠᠨ ᠶᠤᠮ ᠪᠣᠯ ᠠᠯᠢ ᠤᠵᠠᠭᠤᠷ ᠳᠡᠭᠡᠭᠰᠢ ᠪᠡᠨ ᠲᠠᠪᠰᠢᠵᠤ ᠪᠡᠭᠡᠵᠢᠩ ᠨᠠᠨᠵᠢᠩ ᠳ᠋ᠤ᠌ ᠴᠦ᠍ ᠶᠠᠪᠤᠭᠰᠠᠨ ᠪᠠᠢᠵᠤ ᠮᠡᠳᠡᠨ᠎ᠡ ᠭᠡᠪᠡ᠃
— ᠲᠡᠭᠡᠪᠡᠯ᠁ ᠦᠭᠡᠢ ᠠ᠋᠂ ᠴᠠᠭᠠᠳᠤ ᠮᠡᠷᠭᠡᠨ ᠴᠠᠭᠠᠨ ᠯᠠᠮᠠᠬᠠᠢ ᠶᠢᠰᠦᠨ ᠬᠥᠬᠡ ᠴᠢᠨᠣ᠎ᠠ ᠨᠢ ᠬᠦᠷᠲᠡᠯ᠎ᠡ ᠪᠠᠷᠠᠭᠤᠨ ᠬᠦᠩ ᠦ᠋ᠨ ᠬᠤᠰᠢᠭᠤᠨ ᠳ᠋ᠤ᠌ ᠭᠠᠭᠴᠠ ᠲᠤᠰᠠᠯᠠᠭᠴᠢ ᠲᠠᠨ ᠢ᠋ ᠲᠠᠨᠢᠬᠤ ᠰᠢᠤᠬᠠᠨ ᠰᠢᠭ᠋ ᠯᠡ ᠪᠠᠢᠨ᠎ᠠ᠃ ᠥᠭᠡᠷ᠎ᠡ ᠲᠠᠨᠢᠵᠤ ᠮᠡᠳᠡᠬᠦ ᠦᠭᠡᠢ ᠬᠥᠮᠦᠨ ᠢ᠋ ᠶᠠᠭ ᠬᠠᠪᠢᠳᠠᠭᠤᠯᠳᠠᠭ ᠦᠭᠡᠢ ᠬᠣᠢᠨ᠎ᠠ ᠳᠠ! ᠭᠡᠰᠡᠨ ᠳ᠋ᠦ᠍ ᠡᠯᠳᠡᠩᠭᠡ᠄
— ᠲᠡᠢᠮᠦ ᠠ᠋! ᠠᠷᠪᠠᠨ ᠭᠤᠷᠪᠠᠨ ᠠᠲᠠᠭᠠᠲᠤ ᠲᠩᠷᠢ ᠶ᠋ᠢᠨ ᠰᠦᠨᠡᠰᠦ ᠣᠷᠣᠰᠢᠭᠰᠠᠨ ᠲᠡᠷᠡ ᠴᠣᠩᠬᠢᠶᠠᠯ ᠤ᠋ᠨ ᠠᠯᠲᠠ ᠮᠥᠩᠭᠥ᠂ ᠡᠳ᠋ ᠡᠷᠳᠡᠨᠢᠰ ᠦ᠋ᠨ ᠵᠦᠢᠯᠡᠰ ᠢ᠋ ᠬᠥᠨᠳᠡᠵᠦ ᠪᠣᠯᠳᠠᠭ ᠦᠭᠡᠢ ᠶᠦᠮ ᠠ᠋!《ᠲᠡᠷᠡ ᠨᠢ ᠬᠠᠨ ᠮᠤᠨᠠ <ᠪᠠᠭᠠᠲᠤᠷ ᠵᠠᠩᠵᠤᠨ> ᠦᠷ᠎ᠡ ᠬᠣᠢᠴᠢᠰ ᠲᠠᠭᠠᠨ ᠬᠠᠳᠠᠭᠠᠯᠠᠵᠤ ᠲᠠᠯᠪᠢᠭᠰᠠᠨ ᠥᠨᠢᠳᠡ ᠶ᠋ᠢᠨ ᠥᠪ ᠶᠦᠮ》 ᠭᠡᠵᠦ ᠮᠡᠷᠭᠡᠨ ᠴᠠᠭᠠᠨ ᠯᠠᠮᠠᠬᠠᠢ ᠠᠯᠢ ᠤᠵᠠᠭᠤᠷ ᠤ᠋ᠨ ᠦᠭᠡᠢ ᠨᠠᠳᠠ ᠬᠡᠯᠡᠵᠦ ᠪᠠᠢᠭᠰᠠᠨ᠃ ᠠᠭᠸᠠᠩ ᠨᠣᠶᠠᠨ ᠠ᠋ ᠲᠠ ᠡᠯᠳᠡᠩᠭᠡ ᠨᠠᠮᠠᠶ᠋ᠢ ᠢᠲᠡᠭᠡᠳᠡᠭ ᠰᠠᠨ ᠪᠣᠯ ᠮᠢᠨᠦ ᠬᠡᠯᠡᠬᠦ ᠶ᠋ᠢ ᠨᠢᠭᠡ ᠰᠣᠨᠣᠰᠴᠤ ᠦᠵᠡᠭᠡᠷᠡᠢ! ᠲᠡᠷᠡ ᠴᠡᠩᠬᠡᠷ ᠴᠣᠩᠬᠢᠶᠠᠯ ᠤ᠋ᠨ ᠠᠯᠲᠠ ᠮᠥᠩᠭᠥ᠂ ᠡᠳ᠋ ᠠᠭᠤᠷᠠᠰᠤᠨ ᠳ᠋ᠤ᠌ ᠪᠢᠲᠡᠭᠡᠢ ᠬᠠᠯᠳᠠᠭᠠᠷᠠᠢ! ᠨᠢᠭᠦᠯ! ᠬᠠᠨ ᠮᠤᠨᠠ ᠬᠢᠯᠢᠩᠨᠡᠵᠦ᠂ ᠪᠤᠷᠬᠠᠨ ᠲᠩᠷᠢ ᠪᠤᠷᠤᠭᠤ ᠦᠵᠡᠨ᠎ᠡ ᠰᠢᠦ! ᠬᠠᠷ᠎ᠠ ᠴᠡᠷᠢᠭ᠂ ᠬᠠᠮᠢᠭ᠎ᠠ ᠭᠠᠵᠠᠷ ᠤ᠋ᠨ ᠬᠣᠪᠳᠣᠭ ᠰᠢᠨᠤᠬᠠᠢ ᠠᠪᠯᠢᠭᠠᠴᠢ ᠨᠢᠭᠡ ᠨᠢ ᠲᠡᠷᠡ ᠴᠣᠩᠬᠢᠶᠠᠯ ᠤ᠋ᠨ ᠠᠯᠲᠠ ᠮᠥᠩᠭᠥᠨ ᠳ᠋ᠦ᠍ ᠰᠢᠨᠤᠵᠤ ᠢᠷᠡᠭᠡᠳ ᠡᠴᠦᠰ ᠲᠦ᠍ ᠴᠥᠮ ᠶᠠᠭᠠᠬᠢᠪᠠ ᠳᠠ? ᠬᠡᠨ ᠨᠢ ᠴᠦ᠍ ᠰᠠᠢᠨ ᠢ᠋ᠶ᠋ᠠᠨ ᠣᠯᠵᠤ ᠦᠵᠡᠭᠰᠡᠨ ᠦᠭᠡᠢ! ᠲᠠᠨ ᠤ᠋ ᠬᠡᠯᠡᠬᠦ ᠪᠡᠷ ᠲᠠᠨ ᠤ᠋ ᠬᠢᠨ ᠡᠢᠮᠦ ᠲᠡᠢᠮᠦ ᠡᠨᠳᠡᠯ ᠭᠠᠷᠴᠤ᠂ ᠬᠥᠮᠦᠨ ᠬᠠᠷ᠎ᠠ ᠪᠠᠨ ᠬᠣᠬᠢᠷᠠᠭᠠᠭᠰᠠᠨ ᠰᠢᠲᠠ! ᠨᠤᠲᠤᠭ ᠤ᠋ᠨ ᠭᠠᠭᠴᠠ ᠬᠣᠶᠠᠷ ᠬᠥᠮᠦᠨ ᠲᠡᠭᠦᠨ ᠳ᠋ᠦ᠍ ᠰᠠᠨᠠᠭᠠᠷᠬᠠᠵᠤ᠂ ᠭᠣᠷᠢᠳᠠᠭᠰᠠᠨ ᠯᠠ ᠳᠠ᠂ ᠲᠡᠭᠡᠪᠡᠴᠦ ᠠᠪᠴᠤ ᠪᠣᠯᠳᠠᠭ ᠦᠭᠡᠢ ᠡᠳ᠋ ᠪᠣᠯᠬᠤ ᠶ᠋ᠢ ᠨᠢ ᠰᠡᠭᠦᠯ ᠳ᠋ᠡᠭᠡᠨ ᠣᠢᠯᠠᠭᠠᠭᠰᠠᠨ ᠶᠤᠮ ᠠ᠋! ᠵᠠᠷᠢᠮ ᠨᠢ ᠪᠦᠷ ᠬᠥᠯᠳᠡᠭᠦᠦ ᠨᠣᠢᠲᠠᠨ ᠮᠢᠬ᠎ᠠ ᠣᠷᠣᠭᠤᠯᠵᠤ ᠠᠯᠲᠠ ᠮᠥᠩᠭᠥ ᠶ᠋ᠢ ᠨᠢ ᠮᠢᠬᠠᠨ ᠳ᠋ᠤ᠌ ᠨᠠᠭᠠᠯᠳᠤᠭᠤᠯᠵᠤ ᠠᠪᠤᠭᠠᠳ ᠴᠣᠩᠬᠢᠶᠠᠯ ᠤ᠋ᠨ ᠢᠷᠮᠡᠭ ᠲᠦ᠍ ᠭᠠᠷᠴᠤ ᠢᠷᠡᠬᠦᠯᠡᠷ ᠬᠠᠮᠢᠭ᠎ᠠ ᠨᠢᠭᠡ ᠭᠠᠵᠠᠷ ᠠ᠋ᠴᠠ《ᠮᠥᠩᠭᠥᠨ ᠳ᠋ᠦ᠍ ᠬᠤᠯᠠᠭᠠᠢ ᠣᠷᠣᠯ᠎ᠠ᠁》 ᠭᠡᠰᠡᠨ ᠳᠠᠭᠤ ᠪᠠᠷ ᠥᠨᠥᠬᠢ ᠬᠥᠯᠳᠡᠭᠦᠦ ᠨᠣᠢᠲᠠᠨ ᠮᠢᠬᠠᠨ ᠳ᠋ᠤ᠌ ᠨᠠᠭᠠᠯᠳᠤᠭᠰᠠᠨ ᠠᠯᠲᠠ ᠮᠥᠩᠭᠥ ᠨᠢ ᠴᠣᠩᠬᠢᠶᠠᠯ ᠤ᠋ᠨ ᠤᠰᠤᠨ ᠤ᠋ ᠪᠠᠨ ᠢᠷᠣᠭᠠᠷ ᠲᠤ ᠲᠤᠨᠵᠤ ᠣᠳᠳᠠᠭ ᠭᠡᠵᠡᠢ᠃ ᠲᠡᠭᠡᠬᠦᠯᠡᠷ ᠲᠡᠭᠦᠨ ᠢ᠋ ᠲᠡᠢᠮᠦ ᠬᠢᠯᠪᠠᠷᠬᠠᠨ ᠠᠪᠴᠤ ᠪᠣᠯᠳᠠᠭ ᠪᠠᠢᠭᠰᠠᠨ ᠪᠣᠯ ᠶᠠᠭᠤᠨ ᠳ᠋ᠤ᠌ ᠡᠳᠦᠭᠡ ᠪᠣᠯᠲᠠᠯ᠎ᠠ ᠲᠠ ᠨᠠᠷ ᠢ᠋ ᠬᠦᠯᠢᠶᠡᠵᠦ ᠪᠠᠢᠬᠤ ᠪᠣᠢ⁈ ᠭᠡᠪᠡ᠃
ᠠᠭᠸᠠᠩ ᠨᠣᠶᠠᠨ᠂ ᠡᠯᠳᠡᠩᠭᠡ ᠶ᠋ᠢᠨ ᠦᠨᠡᠮᠰᠢᠭᠦᠯᠵᠦ ᠬᠡᠯᠡᠭᠰᠡᠨ ᠢ᠋ ᠳᠡᠮᠡᠢ ᠯᠡ ᠶᠠᠭᠤᠮ᠎ᠠ ᠪᠣᠯᠭᠠᠭᠰᠠᠨ ᠦᠭᠡᠢ ᠨᠠᠭᠠᠰᠢ ᠴᠠᠭᠠᠰᠢ ᠬᠣᠯᠬᠢᠵᠤ ᠶᠠᠪᠤᠨ ᠦᠭᠡ ᠳᠠᠭᠤᠨ ᠦᠭᠡᠢ ᠬᠡᠰᠡᠭ ᠵᠣᠭᠰᠣᠭᠠᠳ ᠭᠠᠷᠴᠤ ᠶᠠᠪᠤᠪᠠ᠃
ᠠᠭᠸᠠᠩ ᠨᠣᠶᠠᠨ ᠡᠯᠳᠡᠩᠭᠡ ᠶ᠋ᠢᠨ ᠲᠡᠨᠳᠡ ᠡᠴᠡ ᠭᠠᠷᠴᠤ ᠨᠢᠷᠤᠭᠤ ᠪᠠᠨ ᠡᠭᠦᠷᠦᠨ ᠲᠦᠷᠭᠡᠨ ᠲᠦᠷᠭᠡᠨ ᠠᠯᠬᠤᠬᠤ ᠳ᠋ᠤᠨᠢ ᠥᠯᠵᠡᠢᠰᠠᠩ ᠠᠷᠤ ᠠ᠋ᠴᠠ ᠨᠢ ᠭᠦᠶᠦᠨ ᠬᠦᠷᠴᠦ᠄
— ᠠᠭᠸᠠᠩ ᠨᠣᠶᠠᠨ ᠠ᠋! ᠡᠨᠡ ᠬᠠᠰᠢᠷ ᠲᠣᠯᠣᠭᠠᠢ ᠶ᠋ᠢᠨ ᠮᠡᠷᠭᠡᠯᠡᠬᠦ ᠶ᠋ᠢ ᠪᠢᠲᠡᠭᠡᠢ ᠰᠣᠨᠣᠰ! ᠪᠢᠳᠡ ᠬᠢᠳᠡᠭ ᠢ᠋ᠶ᠋ᠡᠨ ᠬᠢᠶ᠎ᠡ! ᠭᠡᠰᠡᠨ ᠳ᠋ᠦ᠍ ᠠᠭᠸᠠᠩ ᠨᠣᠶᠠᠨ ᠲᠡᠭᠦᠨ ᠢ᠋ ᠠᠭᠤᠷᠲᠠᠢ ᠬᠦᠯᠢᠶᠡᠵᠦ ᠬᠠᠷᠠᠨ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠵᠤ ᠴᠠᠭᠠᠰᠢ ᠪᠠᠨ ᠱᠠᠯᠠᠪᠬᠠᠨ ᠶᠠᠪᠤᠪᠠ᠃
ᠰᠡᠭᠦᠯ ᠳ᠋ᠦ᠍ᠨᠢ ᠠᠭᠸᠠᠩ ᠨᠣᠶᠠᠨ ᠡᠳᠦᠢ ᠲᠡᠳᠦᠢ ᠥᠪᠴᠢ ᠵᠡᠪᠰᠡᠭᠲᠦ ᠴᠡᠷᠢᠭ ᠬᠤᠶᠠᠭ ᠳᠠᠭᠠᠭᠤᠯᠵᠤ᠂ ᠨᠠᠢ᠍ᠮᠠᠨ ᠬᠥᠮᠦᠨ ᠦ᠌ ᠡᠷᠭᠦᠭᠦᠷ ᠰᠡᠦᠬᠡᠨ ᠳ᠋ᠦ᠍ ᠰᠠᠭᠤᠵᠤ ᠪᠡᠶ᠎ᠡ ᠪᠡᠷ ᠢ᠋ᠶ᠋ᠡᠨ ᠮᠤᠨᠠ ᠠᠭᠤᠯᠠ ᠥᠭᠡᠳᠡ ᠭᠠᠷᠴᠠᠢ᠃ ᠳᠣᠲᠣᠭᠰᠢ ᠪᠠᠨ ᠶᠠᠪᠤᠬᠤ ᠳᠣᠳᠣᠮ ᠭᠦᠨ ᠰᠢᠭᠤᠢ ᠬᠠᠷᠠᠩᠭᠤᠢᠯᠠᠵᠤ᠂ ᠠᠭᠤᠯᠠ ᠬᠠᠳᠠ ᠪᠠᠷᠲᠠᠭ᠎ᠠ ᠶᠡᠬᠡᠲᠡᠢ ᠲᠡᠭᠡᠭᠡᠰᠢ ᠥᠭᠰᠥᠭᠰᠡᠨ ᠬᠠᠳᠠᠨ ᠵᠠᠮ ᠢ᠋ᠶ᠋ᠠᠷ ᠶᠠᠪᠤᠬᠤ ᠳ᠋ᠤ᠌ ᠡᠷᠭᠦᠭᠦᠷ ᠰᠡᠦᠬᠡ ᠳᠠᠩᠴᠤ ᠳᠥᠭᠥᠮ ᠦᠭᠡᠢ ᠲᠤᠯᠠ ᠠᠭᠸᠠᠩ ᠨᠣᠶᠠᠨ ᠬᠡᠰᠡᠭ ᠠᠯᠬᠤᠵᠤ᠂ ᠬᠡᠰᠡᠭ ᠡᠭᠦᠷᠦᠭᠦᠯᠦᠨ ᠬᠣᠨᠣᠭᠤᠲᠠ ᠥᠨᠵᠢᠭᠦᠲᠡ ᠶᠠᠪᠤᠵᠠᠢ᠃
ᠮᠡᠷᠭᠡᠨ ᠴᠠᠭᠠᠨ ᠯᠠᠮᠠᠬᠠᠢ ᠶ᠋ᠢᠨ ᠬᠥᠬᠡ ᠴᠢᠨᠣ᠎ᠠ ᠨᠤᠭᠤᠳ ᠳᠠᠭᠠᠷᠢᠵᠤ᠂ ᠡᠯᠳᠡᠪ ᠰᠠᠭᠠᠳ ᠲᠣᠳᠬᠠᠷ ᠲᠣᠬᠢᠶᠠᠯᠳᠤᠪᠠᠯ ᠴᠡᠷᠢᠭ ᠵᠡᠪᠰᠡᠭ ᠬᠥᠳᠡᠯᠭᠡᠵᠦ《ᠬᠦᠢᠰᠦ ᠲᠡᠮᠲᠡᠷᠢᠬᠦ》 ᠭᠡᠰᠡᠨ ᠪᠡᠯᠡᠳᠬᠡᠯ ᠲᠡᠢ ᠪᠣᠯᠬᠣᠷ ᠠᠭᠤᠯᠠ ᠶ᠋ᠢᠨ ᠡᠩᠭᠡᠷ ᠢ᠋ ᠰᠢᠷᠠᠯᠠᠲᠠᠯ᠎ᠠ ᠪᠦᠷᠬᠦᠭᠰᠡᠨ ᠥᠪᠴᠢ ᠵᠡᠪᠰᠡᠭᠲᠦ ᠰᠢᠷ᠎ᠠ ᠴᠡᠷᠢᠭ ᠦ᠋ᠳ ᠬᠠᠳᠠᠨ ᠤ᠋ ᠰᠢᠷᠭᠤᠯᠵᠢ ᠰᠢᠭ᠋ ᠠᠷᠬᠠᠢᠯᠴᠠᠵᠤ ᠪᠠᠢᠯ᠎ᠠ᠁
ᠭᠤᠷᠪᠠᠳᠠᠬᠢ ᠡᠳᠦᠷ ᠦ᠋ᠨ ᠦᠳᠡ ᠠᠶᠠᠳᠤᠭᠤ ᠪᠣᠯᠬᠤ ᠳ᠋ᠤ᠌ ᠰᠢᠪᠠᠭᠤᠲᠤ ᠶ᠋ᠢᠨ ᠴᠠᠭᠠᠳᠤ ᠬᠥᠲᠥᠯ ᠢ᠋ ᠳᠠᠪᠠᠵᠤ ᠭᠠᠷᠪᠠᠯ ᠱ᠌ᠢᠷᠦᠨ ᠤᠯᠠᠭᠠᠨ ᠲᠤᠤᠨᠠᠨ ᠬᠠᠳᠠᠨ ᠤ᠋ ᠭᠠᠴᠠᠭ᠎ᠠ ᠠ᠋ᠴᠠ ᠴᠢᠳᠬᠤᠯᠠᠭᠰᠠᠨ ᠴᠢᠳᠬᠤᠯᠠᠩ ᠤ᠋ᠨ ᠱᠤᠤᠭᠢᠯ ᠰᠣᠨᠣᠰᠳᠠᠵᠤ ᠲᠡᠷᠡ ᠵᠦᠭ ᠲᠦ᠍ ᠨᠠᠷᠢᠪᠴᠢᠯᠠᠨ ᠬᠠᠷᠠᠬᠤᠯ᠎ᠠ ᠲᠠᠨ᠎ᠠ ᠰᠤᠪᠤᠳ ᠤ᠋ᠨ ᠮᠥᠬᠥᠯᠢᠭ ᠢ᠋ᠶ᠋ᠡᠷ ᠪᠥᠭᠡᠯᠵᠢᠭᠰᠡᠨ ᠠᠪᠤᠷᠭᠤ ᠲᠣᠮᠣ ᠬᠦᠷᠡᠩ ᠤᠯᠠᠭᠠᠨ ᠯᠤᠤ ᠶ᠋ᠢᠨ ᠠᠮᠠ ᠠᠩᠭᠠᠯᠵᠠᠬᠤ ᠰᠢᠭ᠋ ᠠᠭᠸᠠᠩ ᠨᠣᠶᠠᠨ ᠳ᠋ᠤ᠌ ᠤᠪᠠᠳᠢᠰ ᠲᠠᠢ ᠬᠠᠷᠠᠭᠳᠠᠵᠠᠢ᠃《ᠠ᠂ ᠶᠢᠷᠲᠢᠨᠴᠦ ᠳ᠋ᠦ᠍ ᠬᠣᠣᠰ ᠦᠭᠡᠢ ᠡᠢᠮᠦ ᠰᠠᠢᠬᠠᠨ ᠦᠵᠡᠮᠵᠢ ᠲᠡᠢ ᠨᠤᠲᠤᠭ ᠪᠠᠰᠠ ᠪᠠᠢᠳᠠᠭ ᠪᠠᠢᠵᠠᠢ! ᠶᠠᠭᠠᠬᠢᠭᠰᠠᠨ ᠰᠠᠢᠬᠠᠨ ᠭᠠᠵᠠᠷ ᠪᠣᠢ!》 ᠭᠡᠵᠦ ᠡᠷᠬᠡ ᠦᠭᠡᠢ ᠳᠠᠭᠤᠨ ᠠᠯᠳᠠᠪᠠ᠃
ᠲᠡᠷᠡ ᠴᠢᠳᠬᠤᠯᠠᠩ ᠤ᠋ᠨ ᠬᠤᠨᠢᠶᠠᠷᠠᠨ ᠡᠷᠭᠢᠯᠳᠦᠭᠰᠡᠨ ᠱᠤᠤᠭᠢᠯ ᠳᠣᠷᠣᠭᠰᠢ ᠲᠤᠨᠵᠤ ᠭᠦᠨ ᠴᠣᠩᠬᠢᠶᠠᠯ ᠲᠤᠨᠤᠷᠠᠨ ᠬᠠᠷᠠᠭᠳᠠᠬᠤ ᠨᠢ ᠠᠭᠤᠯᠠ ᠶ᠋ᠢᠨ ᠣᠷᠭᠢᠯ ᠳ᠋ᠠᠬᠢ ᠲᠣᠯᠢᠨ ᠴᠡᠩᠬᠡᠷ ᠨᠠᠭᠤᠷ ᠰᠢᠭ᠋ ᠲᠣᠭᠲᠠᠭᠤᠬᠠᠨ ᠮᠡᠯᠮᠡᠯᠵᠡᠵᠦ ᠪᠠᠢᠪᠠ᠃
— ᠵᠠ᠂ ᠲᠡᠷᠡ ᠴᠡᠩᠬᠡᠷ ᠴᠣᠩᠬᠢᠶᠠᠯ ᠤ᠋ᠨ ᠴᠠᠭᠠᠳᠤ ᠥᠩᠭᠡᠢᠭᠰᠡᠨ ᠲᠡᠪᠬᠡᠷᠭᠡᠲᠦ ᠰᠠᠷᠠᠪᠴᠢᠨ ᠬᠠᠳᠠᠨ ᠳᠡᠭᠡᠷ᠎ᠡ ᠭᠠᠷᠴᠤ ᠳᠣᠷᠣᠭᠰᠢ ᠰᠠᠢᠬᠠᠨ ᠱᠠᠭᠠᠢᠨ ᠰᠢᠨᠵᠢᠪᠡᠯ ᠴᠣᠩᠬᠢᠶᠠᠯ ᠤᠰᠤᠨ ᠤ᠋ ᠢᠷᠣᠭᠠᠷ ᠲᠤ ᠠᠯᠲᠠ ᠮᠥᠩᠭᠥ᠂ ᠱ᠌ᠢᠷᠦ ᠰᠤᠪᠤᠳ᠁ ᠵᠡᠷᠭᠡ ᠡᠳ᠋ ᠡᠷᠳᠡᠨᠢᠰ ᠦ᠋ᠨ ᠵᠦᠢᠯ ᠲᠣᠪ ᠲᠣᠳᠣᠬᠠᠨ ᠬᠠᠷᠠᠭᠳᠠᠳᠠᠭ ᠭᠡᠨ᠎ᠡ ᠭᠡᠵᠦ ᠥᠯᠵᠡᠢᠰᠠᠩ ᠠᠭᠸᠠᠩ ᠳ᠋ᠤ᠌ ᠮᠡᠷᠭᠡᠯᠡᠭᠰᠡᠨ ᠳ᠋ᠦ᠍ ᠠᠭᠸᠠᠩ᠄
— ᠲᠡᠭᠡᠪᠡᠯ ᠲᠡᠷᠡ ᠲᠡᠪᠭᠡᠷᠭᠡᠲᠦ ᠬᠠᠳᠠᠨ ᠳᠡᠭᠡᠷ᠎ᠡ ᠨᠢ ᠭᠠᠷᠴᠤ ᠲᠡᠷᠡ ᠲᠡᠷᠡ ᠠᠯᠲᠠ ᠮᠥᠩᠭᠥ ᠡᠳ᠋ ᠡᠷᠳᠡᠨᠢᠰ ᠢ᠋ ᠬᠠᠨᠲᠠᠯ᠎ᠠ ᠨᠢᠭᠡ ᠬᠠᠷᠠᠶ᠎ᠠ ᠭᠡᠪᠡ᠃
— ᠲᠡᠭᠡ᠂ ᠨᠣᠶᠠᠨ ᠭᠤᠸᠠᠢ ᠠ᠋ ! ᠭᠡᠵᠦ ᠥᠯᠵᠡᠢᠰᠠᠩ᠂ ᠠᠭᠸᠠᠩ ᠨᠣᠶᠠᠨ ᠢ᠋ ᠬᠥᠭᠰᠡᠭᠡᠨᠡ᠃
— ᠵᠠ᠂ ᠨᠠᠷᠠ ᠡᠷᠲᠡ ᠪᠠᠢᠬᠤ ᠳᠡᠭᠡᠷ᠎ᠡ ᠮᠠᠴᠤᠵᠠᠭᠠᠶᠠ! ᠭᠡᠰᠡᠨ ᠳ᠋ᠦ᠍ ᠥᠯᠵᠡᠢᠰᠠᠩ᠄
— ᠠᠭᠸᠠᠩ ᠨᠣᠶᠠᠨ ᠠ᠋ ᠠᠭᠤᠴᠢᠯᠠᠭᠠᠷᠠᠢ! ᠪᠢ ᠴᠦ᠍ ᠠᠷᠭ᠎ᠠ ᠦᠭᠡᠢ ᠳᠣᠷᠣᠢ ᠠᠮᠢᠲᠠᠨ ᠶᠤᠮ ᠠ᠋᠂ ᠠᠭᠤᠯᠠ ᠬᠠᠳᠠᠨ ᠳ᠋ᠠᠭᠠᠨ ᠮᠠᠭᠤ᠃ ᠥᠨᠳᠥᠷ ᠲᠤᠤᠨᠠᠨ ᠬᠠᠳᠠᠨ ᠳᠡᠭᠡᠷ᠎ᠡ ᠭᠠᠷᠬᠤ ᠪᠠᠢᠲᠤᠭᠠᠢ ᠬᠠᠳᠠᠨ ᠤ᠋ ᠪᠠᠷ᠎ᠠ ᠶ᠋ᠢ ᠨᠢ ᠬᠠᠷᠠᠭᠠᠳ ᠡᠪᠦᠳᠦᠭ ᠴᠡᠴᠡᠷᠡᠵᠦ ᠥᠮᠥᠳᠦᠨ ᠳ᠋ᠡᠭᠡᠨ ᠰᠢᠭᠡᠰᠦ ᠠᠯᠳᠠᠬᠤ ᠭᠡᠳ ᠪᠠᠢᠳᠠᠭ᠁ ᠭᠡᠵᠦ ᠦᠷᠦ ᠡᠪᠡᠳᠥᠩᠭᠦᠢ ᠴᠢᠷᠠᠢᠯᠠᠨ᠎ᠠ᠃
— ᠴᠢ ᠲᠡᠭᠡᠭᠡᠳ ᠭᠠᠭᠴᠠᠭᠠᠷ ᠢ᠋ᠶ᠋ᠠᠨ ᠡᠨᠳᠡ ᠮᠡᠷᠭᠡᠨ ᠴᠠᠭᠠᠨ ᠯᠠᠮᠠᠬᠠᠢ ᠶ᠋ᠢᠨ ᠬᠥᠬᠡ ᠴᠢᠨᠣ᠎ᠠ ᠳ᠋ᠤ᠌ ᠰᠡᠭᠴᠢᠭᠦᠯᠬᠦ ᠡᠴᠡ ᠠᠶᠤᠬᠤ ᠦᠭᠡᠢ ᠪᠠᠢᠨ᠎ᠠ ᠤᠤ?
— ᠥᠨᠥᠳᠥᠷ ᠬᠥᠬᠡ ᠴᠢᠨᠣ᠎ᠠ ᠬᠠᠷᠢᠨ ᠳᠣᠷᠢᠭᠤᠨ ᠬᠠᠷᠠᠭᠳᠠᠬᠤ ᠦᠭᠡᠢ ᠪᠠᠢᠨ᠎ᠠ᠃ ᠭᠠᠢᠭᠤᠢ ᠪᠢᠵᠡ! ᠨᠠᠳᠠ ᠰᠢᠭ᠋ ᠠᠷᠠᠰᠤ ᠠᠮᠢᠰᠬᠤᠭ᠎ᠠ ᠪᠣᠯᠤᠭᠰᠠᠨ ᠵᠣᠪᠠᠯᠭ᠎ᠠ ᠶ᠋ᠢ ᠴᠢᠨᠣ᠎ᠠ ᠭᠣᠯᠣᠬᠤ ᠶᠤᠮ ᠪᠠᠢᠯᠭᠦᠢ ᠭᠡᠵᠦ ᠬᠠᠳᠠᠨ ᠳ᠋ᠤ᠌ ᠠᠪᠠᠷᠢᠬᠤ ᠠ᠋ᠴᠠ ᠪᠠᠨ ᠠᠶᠤᠵᠤ᠂ ᠪᠡᠶ᠎ᠡ ᠪᠡᠨ ᠥᠮᠥᠭᠡᠯᠡᠭᠰᠡᠨ ᠠᠷᠭ᠎ᠠ ᠶᠠᠳᠠᠭᠰᠠᠨ ᠶᠠᠭᠤᠮ᠎ᠠ ᠶᠠᠷᠢᠨ᠎ᠠ᠃
— ᠮᠠᠨ ᠤ᠋ ᠴᠡᠷᠢᠭ ᠡᠴᠡ ᠰᠦᠷᠳᠡᠵᠡᠢ ᠳᠡ᠂ ᠮᠠᠭᠤ ᠴᠢᠨᠣ᠎ᠠ ᠨᠤᠭᠤᠳ! ᠭᠡᠳ ᠠᠭᠸᠠᠩ ᠨᠣᠶᠠᠨ ᠬᠡᠰᠡᠭ ᠴᠡᠷᠢᠭ ᠲᠠᠰᠤᠯᠵᠤ ᠠᠪᠤᠭᠠᠳ ᠲᠡᠭᠡᠭᠡᠰᠢ ᠮᠠᠴᠤᠪᠠ᠃ ᠳᠡᠮᠡᠢ ᠤᠳᠠᠭᠠᠨ ᠮᠠᠴᠤᠭᠰᠠᠨ ᠦᠭᠡᠢ ᠬᠥᠯ ᠦ᠋ᠨ ᠪᠤᠯᠴᠢᠩ ᠨᠢ ᠡᠪᠡᠳᠴᠦ᠂ ᠬᠥᠯᠥᠰᠥ ᠨᠢ ᠭᠣᠭᠣᠵᠢᠵᠤ ᠵᠢᠭᠲᠡᠢ ᠶᠠᠭᠤᠮ᠎ᠠ ᠪᠣᠯᠪᠠ᠃ ᠶᠠᠭᠤ ᠴᠦ᠍ ᠭᠡᠰᠡᠨ ᠳᠠᠭᠠᠯᠲᠠ ᠴᠡᠷᠢᠭ ᠢ᠋ᠶ᠋ᠡᠷ ᠲᠦᠰᠢᠭᠦᠯᠵᠦ ᠳᠡᠮᠨᠡᠭᠦᠯᠦᠭᠰᠡᠭᠡᠷ ᠪᠠᠢᠵᠤ ᠲᠡᠪᠭᠡᠷᠭᠡᠲᠦ ᠬᠠᠳᠠᠨ ᠳᠡᠭᠡᠷ᠎ᠡ ᠨᠢ ᠭᠠᠷᠴᠤ ᠣᠴᠢᠪᠠ᠃
— ᠡᠨᠡ ᠦᠶ᠎ᠡ ᠳ᠋ᠦ᠍ ᠠᠭᠸᠠᠩ ᠨᠣᠶᠠᠨ ᠤ᠋ ᠬᠥᠯ ᠨᠢ ᠶᠠᠭ ᠯᠠ ᠴᠡᠴᠡᠷᠡᠭᠡ ᠡᠪᠡᠳᠴᠢᠨ ᠲᠤᠰᠤᠭᠰᠠᠨ ᠮᠡᠲᠦ ᠲᠡᠭ ᠲᠡᠭ ᠴᠡᠴᠡᠷᠡᠨ ᠣᠷᠣᠨ ᠳ᠋ᠠᠭᠠᠨ ᠵᠣᠭᠰᠣᠵᠤ ᠳᠡᠢᠯᠬᠦ ᠦᠭᠡᠢ ᠳ᠋ᠦ᠍ ᠬᠦᠷᠪᠡ᠃ ᠲᠡᠭᠡᠪᠡᠴᠦ ᠠᠯᠲᠠ ᠮᠥᠩᠭᠥ ᠭᠡᠳ ᠵᠢᠳᠬᠦᠭᠰᠡᠨ ᠵᠢᠷᠦᠬᠡ ᠨᠢ ᠦᠬᠦᠳᠡᠭ ᠦᠭᠡᠢ ᠶᠦᠮ ᠭᠠᠵᠠᠷ ᠬᠣᠶᠠᠷ ᠴᠡᠷᠢᠭ ᠢ᠋ᠶ᠋ᠡᠷ ᠰᠤᠭᠤᠳᠠᠭᠤᠯᠤᠨ ᠴᠡᠩᠬᠡᠷ ᠴᠣᠩᠬᠢᠶᠠᠯ ᠤ᠋ᠨ ᠢᠷᠣᠭᠠᠷ ᠤᠷᠤᠭᠤ ᠨᠢᠳᠦ ᠲᠠᠯᠪᠢᠨ ᠱᠠᠭᠠᠢᠵᠤ᠄
— ᠬᠠᠮᠢᠭ᠎ᠠ ᠪᠠᠢᠨ᠎ᠠ? ᠠᠯᠲᠠ ᠮᠥᠩᠭᠥ ᠬᠠᠷᠠᠭᠳᠠᠵᠤ ᠪᠠᠢᠨ᠎ᠠ ᠤᠤ? ᠭᠡᠰᠡᠨ ᠳ᠋ᠦ᠍ ᠬᠠᠵᠠᠭᠤ ᠶ᠋ᠢᠨ ᠨᠢᠭᠡ ᠴᠡᠷᠢᠭ᠄
— ᠠᠯᠲᠠ ᠮᠥᠩᠭᠥ ᠤᠤ? ᠬᠠᠳᠠ ᠴᠢᠯᠠᠭᠤ ᠤᠤ? ᠶᠠᠭᠤ ᠴᠦ᠍ ᠭᠡᠰᠡᠨ ᠨᠢᠭᠡ ᠣᠪᠣᠭ᠎ᠠ ᠶᠠᠭᠤᠮ᠎ᠠ ᠬᠠᠷᠠᠭᠳᠠᠵᠤ ᠪᠠᠢᠨ᠎ᠠ ᠭᠡᠰᠡᠨ ᠳ᠋ᠦ᠍ ᠠᠭᠸᠠᠩ᠄
— ᠠᠯᠢ ᠪᠠᠢᠵᠠ! ᠬᠠᠮᠢᠭᠠᠭᠤᠷ ᠰᠢᠦ ᠪᠠᠢᠨ᠎ᠠ? ᠭᠡᠵᠦ ᠲᠥᠷᠥᠭᠦᠰᠢ ᠪᠡᠨ ᠬᠥᠯ ᠢ᠋ᠶ᠋ᠡᠨ ᠪᠠᠭ᠎ᠠ ᠯᠠ ᠰᠢᠯᠵᠢᠭᠦᠯᠦᠶᠡ ᠭᠡᠬᠦ ᠳ᠋ᠦ᠍ ᠬᠣᠶᠠᠷ ᠬᠥᠯ ᠨᠢ ᠲᠡᠭᠦᠨ ᠦ᠌ ᠠᠶ᠎ᠠ ᠪᠠᠷ ᠵᠠᠷᠤᠭᠳᠠᠳᠠᠭ ᠶᠠᠭᠤᠮ᠎ᠠ ᠪᠢᠰᠢ᠃ ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠲᠠᠮᠢᠷ ᠠᠯᠳᠠᠨ᠎ᠠ᠃《ᠡᠯᠳᠡᠩᠭᠡ ᠶ᠋ᠢᠨ ᠬᠡᠯᠡᠳᠡᠭ ᠦᠭᠡ ᠣᠷᠣᠲᠠᠢ ᠴᠦ᠍ ᠶᠤᠮ ᠤᠤ ᠳᠠ᠁ ᠦᠭᠡᠢ ᠶᠡᠷᠦ ᠨᠢ ᠬᠥᠯ ᠶᠠᠭᠠᠬᠢᠴᠢᠬᠠᠬᠤ ᠨᠢ ᠡᠨᠡ ᠪᠣᠢ? ᠪᠤᠷᠬᠠᠨ ᠲᠩᠷᠢ ᠨᠠᠮᠠᠶ᠋ᠢ ᠪᠤᠷᠤᠭᠤ ᠦᠵᠡᠴᠢᠬᠡᠯ᠎ᠡ ᠭᠡᠵᠢ ᠤᠤ?》 ᠭᠡᠵᠦ ᠪᠣᠳᠣᠵᠤ ᠠᠮᠵᠢᠨ᠄
— ᠠᠯᠢ ᠪᠣᠢ! ᠥᠨᠥᠬᠢ ᠠᠯᠲᠠ ᠮᠥᠩᠭᠥ ᠬᠠᠮᠢᠭᠠᠭᠤᠷ ᠨᠢ ᠬᠠᠷᠠᠭᠳᠠᠵᠤ ᠪᠠᠢᠨ᠎ᠠ? ᠭᠡᠵᠦ ᠲᠦᠷᠦᠭᠦᠰᠢ ᠪᠡᠨ ᠵᠢᠳᠬᠦᠪᠡ᠃
— ᠲᠡᠷᠡ — ᠲᠡᠷᠡ ᠢᠷᠤᠭᠠᠷ ᠲᠤᠨᠢ ᠁ ᠭᠡᠵᠦ ᠬᠠᠵᠠᠭᠤ ᠶᠢᠨ ᠴᠡᠷᠢᠭ ᠢ ᠬᠡᠯᠡᠲᠡᠯ᠎ᠡ ᠠᠯᠢ ᠵᠦᠭ ᠡᠴᠡ ᠶᠦᠮ ᠪᠦᠦ ᠮᠡᠳᠡ?《ᠦ᠂ ᠦ》 ᠭᠡᠵᠦ ᠴᠢᠨᠣ᠎ᠠ ᠣᠯᠢᠵᠤ ᠠᠭᠤᠯᠠ ᠶ᠋ᠢᠨ ᠰᠠᠯᠬᠢ ᠱᠤᠤᠭᠢᠪᠠ᠃ ᠭᠡᠨᠡᠳᠲᠡ ᠬᠤᠢᠯᠠᠷᠠᠭᠰᠠᠨ ᠠᠭᠤᠯᠠ ᠶ᠋ᠢᠨ ᠰᠠᠯᠬᠢᠨ ᠳᠡᠰ ᠪᠦᠷᠭᠦᠳ ᠦ᠋ᠨ ᠳᠠᠯᠠᠪᠴᠢ ᠪᠠᠷ ᠲᠤᠤᠨᠠᠨ ᠬᠠᠳᠠ ᠶ᠋ᠢ ᠭᠤᠶᠠᠳᠠᠯᠠᠬᠤ ᠰᠢᠭ᠋ ᠮᠠᠭᠤᠬᠠᠢ ᠳᠠᠭᠤᠨ ᠢ᠋ᠶ᠋ᠠᠷ ᠬᠤᠤᠭᠢᠵᠤ ᠬᠦᠷᠳ᠋ ᠭᠡᠰᠡᠨ ᠵᠢᠭᠲᠡᠢ ᠳᠠᠭᠤᠨ ᠳ᠋ᠤ᠌ ᠠᠭᠸᠠᠩ ᠨᠣᠶᠠᠨ ᠰᠤᠭᠤᠳᠠᠭᠤᠯᠤᠭᠰᠠᠨ ᠨᠥᠭᠦᠭᠡ ᠬᠣᠶᠠᠷ ᠴᠡᠷᠢᠭ ᠲᠡᠢ ᠪᠡᠨ ᠥᠨᠳᠥᠷ ᠲᠡᠪᠭᠡᠷᠭᠡᠲᠦ ᠬᠠᠳᠠᠨ ᠠ᠋ᠴᠠ ᠬᠡᠢᠰᠪᠡ᠃
ᠥᠨᠳᠥᠷ ᠲᠤᠤᠨᠠᠨ ᠬᠠᠳᠠᠨ ᠠ᠋ᠴᠠ ᠬᠡᠢᠰᠦᠭᠰᠡᠨ ᠠᠭᠸᠠᠩ ᠨᠣᠶᠠᠨ ᠭᠤᠷᠪᠠᠭᠤᠯᠠ ᠶᠠᠭ ᠯᠠ ᠰᠢᠪᠠᠭᠤᠨ ᠤ᠋ ᠥᠳᠥ ᠰᠢᠭ ᠬᠡᠢ ᠳᠡᠭᠳᠡᠨ ᠬᠠᠯᠢᠨ ᠬᠡᠢᠰᠦᠭᠰᠡᠭᠡᠷ ᠴᠡᠩᠬᠡᠷ ᠴᠣᠩᠬᠢᠶᠠᠯ ᠤ᠋ᠨ ᠤᠰᠤᠨ ᠳ᠋ᠤ᠌ ᠤᠨᠠᠪᠠ᠁
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ
