ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠥᠷᠪᠡ Үүрийн туяа II – Б ᠂ Ренчин Хоёрдугаар дэвтэр "Гал усны гашуун зовлон"-14 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠥᠷᠪᠡ Үүрийн туяа II – Б ᠂ Ренчин Хоёрдугаар дэвтэр "Гал усны гашуун зовлон"-14

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠥᠷᠪᠡ Үүрийн туяа II – Б ᠂ Ренчин Хоёрдугаар дэвтэр "Гал усны гашуун зовлон"-14

ᠠᠩᠭᠢᠯᠠᠯ:ᠲᠤᠭᠤᠵᠢ ᠷᠣᠮᠠᠨ
2025-01-23

289

ᠠᠷᠪᠠᠨ ᠳᠥᠷᠪᠡ ᠂ ᠲᠤᠭ ᠰᠦᠯᠳᠡ ᠪᠡᠨ ᠲᠠᠬᠢᠪᠠ

      
           ᠬᠠᠳᠠᠨ ᠵᠣᠷᠢᠭᠲᠤ᠂ ᠲᠣᠭᠰᠢᠨ ᠰᠡᠳᠬᠢᠯᠲᠦ ᠶ᠋ᠢᠨ ᠲᠤᠯᠠᠳᠠ᠂ 
            ᠬᠠᠳᠬᠤᠷᠲᠤ ᠵᠢᠳᠠ ᠪᠠᠨ ᠳᠠᠯᠠᠢᠵᠤ᠂ ᠬᠦᠵᠦᠭᠦᠨ ᠳ᠋ᠡᠭᠡᠨ( ᠳ᠋ᠦ᠍ ᠪᠡᠨ) ᠡᠷᠢᠭᠡ ᠪᠣᠯᠭᠠᠨ 
            ᠲᠦᠭ ᠲᠦᠮᠡᠨ ᠳᠠᠢᠰᠤᠨ ᠤ᠋ ᠲᠡᠷᠢᠭᠦᠨ ᠢ᠋ ᠮᠣᠯᠴᠣᠭᠯᠠᠨ ᠵᠡᠭᠦᠭᠰᠡᠨ  
            ᠪᠣᠭᠳᠠ ᠰᠦᠯᠳᠡ ᠴᠢᠮ᠎ᠠ ᠳ᠋ᠠᠭᠠᠨ ᠳᠠᠬᠢᠨ ᠥᠴᠢᠨ ᠮᠥᠷᠭᠥᠮᠦ!    
                   ᠡᠷᠲᠡᠨ ᠦ᠌ ᠰᠦᠯᠳᠡ ᠶ᠋ᠢᠨ ᠥᠴᠢᠭ ᠡᠴᠡ   

       ᠤᠯᠢᠶᠠᠰᠤᠲᠠᠢ ᠬᠣᠲᠠ ᠶ᠋ᠢ ᠡᠵᠡᠯᠡᠭᠰᠡᠨ ᠡᠴᠡ ᠬᠣᠢᠰᠢ ᠮᠠᠨᠵᠤ ᠶ᠋ᠢᠨ ᠭᠠᠷ ᠲᠤ᠌ ᠭᠠᠭᠴᠠ ᠬᠣᠪᠲᠣ ᠬᠣᠲᠠ ᠦᠯᠡᠳᠡᠭᠡᠳ ᠪᠠᠢᠪᠠ᠃ ᠬᠣᠪᠲᠣ ᠳ᠋ᠠᠬᠢ ᠮᠠᠨᠵᠤ ᠴᠡᠷᠢᠭ ᠦ᠋ᠨ ᠠᠳᠤᠭᠤᠨ ᠰᠦᠷᠦᠭ᠂ ᠮᠣᠩᠭᠣᠯ ᠲᠠᠷᠢᠶᠠᠯᠠᠩ ᠢ᠋ ᠡᠷᠬᠢᠯᠡᠵᠦ ᠪᠠᠢᠭᠰᠠᠨ ᠬᠠᠯᠬ᠎ᠠ ᠵᠢᠰᠠ ᠭᠡᠳᠡᠭ ᠮᠣᠩᠭᠣᠯ ᠠᠯᠪᠠᠨ ᠤ᠋ ᠭᠠᠵᠠᠷ ᠮᠠᠭᠰᠤᠷᠵᠠᠪ ᠬᠦᠩ ᠳᠠᠷᠤᠭ᠎ᠠ ᠲᠠᠢ ᠪᠠᠢᠭᠰᠠᠨ ᠨᠢ ᠬᠦᠷᠢᠶᠡᠨ ᠡᠴᠡ ᠵᠠᠷᠯᠠᠨ ᠲᠤᠰᠢᠶᠠᠭᠰᠠᠨ ᠪᠢᠴᠢᠭ ᠢ᠋ ᠠᠪᠴᠤ᠂ ᠲᠡᠷᠡ ᠵᠠᠷᠯᠠᠯ ᠤ᠋ᠨ ᠶᠣᠰᠣᠭᠠᠷ ᠣᠷᠣᠨ ᠨᠤᠲᠤᠭ ᠤ᠋ᠨ ᠡᠵᠡᠨ ᠪᠣᠯᠵᠤ᠂ ᠡᠷᠬᠡ ᠶ᠋ᠢ ᠬᠤᠷᠢᠶᠠᠮᠵᠢᠯᠠᠨ᠂ ᠮᠠᠨᠵᠤ ᠠᠮᠪᠠᠨ ᠴᠡᠷᠢᠭ ᠢ᠋ ᠭᠠᠵᠠᠷ ᠣᠷᠣᠨ ᠠ᠋ᠴᠠ ᠵᠠᠢᠯᠠᠭᠤᠯᠬᠤ ᠶᠣᠰᠣᠲᠠᠢ ᠪᠣᠯᠵᠤ᠂ ᠡᠯ᠎ᠡ ᠤᠴᠢᠷ ᠢ᠋ ᠬᠣᠪᠲᠣ ᠶ᠋ᠢᠨ ᠠᠮᠪᠠᠨ ᠳ᠋ᠤ᠌ ᠮᠡᠳᠡᠭᠳᠡᠵᠡᠢ᠃ 
       ᠠᠮᠪᠠᠨ᠂ ᠪᠢ ᠲᠡᠷᠡ ᠦᠯᠦ ᠮᠡᠳᠡᠬᠦ ᠵᠠᠰᠠᠭ ᠤ᠋ᠨ ᠭᠠᠵᠠᠷ ᠭᠡᠭᠴᠢ ᠶ᠋ᠢᠨ ᠲᠤᠰᠢᠶᠠᠯ ᠢ᠋ ᠳᠠᠭᠠᠬᠤ ᠪᠠ ᠦᠭᠡᠢ ᠭᠡᠳ ᠰᠠᠮᠠᠭᠤᠨ ᠦᠳᠦᠭᠦᠯᠦᠭᠰᠡᠨ ᠮᠣᠩᠭᠣᠯ ᠢ᠋ ᠪᠠᠢᠯᠳᠤᠬᠤ ᠵᠡᠪᠰᠡᠭ᠂ ᠲᠤᠰᠠᠯᠠᠬᠤ ᠴᠡᠷᠢᠭ ᠶᠠᠪᠤᠭᠤᠯ ᠭᠡᠵᠦ ᠰᠢᠨᠵᠢᠶᠠᠩ ᠭᠡᠳᠡᠭ ᠰᠢᠨ᠎ᠡ ᠬᠢᠵᠠᠭᠠᠷ ᠤ᠋ᠨ ᠰᠢᠷ᠎ᠠ ᠰᠦᠮ᠎ᠡ ᠦᠷᠦᠮᠵᠢ᠂ ᠬᠥᠴᠢᠩ ᠦ᠋ᠨ ᠵᠡᠷᠭᠡ ᠣᠢᠷᠠᠬᠢ ᠬᠣᠲᠠᠨ᠎ᠠ ᠡᠯᠴᠢ ᠳᠣᠪᠲᠣᠯᠭᠠᠵᠤ᠂ ᠪᠠᠢᠳᠠᠯ ᠶᠠᠭᠤ ᠪᠣᠯᠬᠤ ᠶ᠋ᠢ ᠬᠦᠯᠢᠭᠡᠯᠵᠡᠨᠡᠪᠡ᠃ ᠳ᠋ᠠ ᠱᠧᠩ ᠬᠦ᠂ ᠷᠠᠰᠢᠶᠠᠨᠲᠤ ᠵᠡᠷᠭᠡ ᠫᠦᠰᠡᠨ ᠦ᠌ ᠲᠡᠷᠢᠭᠦᠯᠡᠭᠴᠢᠳ ᠲᠡᠢ ᠬᠤᠪᠢ ᠨᠡᠢᠯᠡᠵᠦ ᠰᠠᠮ ᠵᠥᠪᠯᠡᠯᠳᠦᠨ ᠬᠡᠷᠬᠢᠬᠦ ᠶ᠋ᠢ ᠬᠡᠯᠡᠯᠴᠡᠭᠡᠳ ᠬᠤᠳᠠᠯᠳᠤᠭᠠᠨ ᠤ᠋ ᠬᠣᠲᠠ ᠶ᠋ᠢ ᠪᠠᠲᠤᠯᠠᠵᠤ᠂ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠲᠥᠯᠥᠭᠡᠯᠡᠭᠴᠢᠳ ᠡᠴᠡ ᠡᠯᠳᠡᠪ ᠬᠡᠷᠡᠭ ᠦᠳᠦᠭᠦᠯᠵᠦ ᠪᠣᠯᠵᠣᠰᠢ ᠦᠭᠡᠢ ᠶ᠋ᠢ ᠰᠡᠷᠭᠡᠢᠯᠡᠨ᠂ ᠲᠡᠷᠡᠬᠦ ᠮᠣᠩᠭᠣᠯ ᠵᠢᠰᠠ ᠶ᠋ᠢᠨ ᠳᠠᠷᠤᠭ᠎ᠠ ᠶ᠋ᠢ ᠪᠠᠷᠢᠵᠤ ᠠᠪᠬᠤ ᠪᠠᠷ ᠦᠭᠡ ᠨᠡᠢᠯᠡᠨ ᠲᠣᠭᠲᠠᠵᠠᠢ᠃ ᠵᠠᠪᠰᠢᠶᠠᠨ᠎ᠠ ᠳᠠ ᠱᠧᠩ  ᠬᠦ ᠶ᠋ᠢᠨ ᠫᠦᠰᠡᠨ ᠦ᠌ ᠨᠢᠭᠡ ᠡᠪᠦᠭᠡᠨ ᠪᠢᠴᠢᠭᠡᠴᠢ ᠨᠣᠮᠲᠤ ᠭᠡᠭᠴᠢ᠂ ᠮᠠᠭᠰᠤᠷᠵᠠᠪ ᠢ᠋ ᠤᠷᠢᠳᠤ ᠰᠠᠢᠨ ᠲᠠᠨᠢᠳᠠᠭ ᠤᠴᠢᠷ ᠲᠡᠢᠮᠦ ᠠᠶᠤᠯ ᠲᠠᠢ ᠪᠣᠯᠤᠭᠰᠠᠨ ᠪᠠᠢᠳᠠᠯ ᠢ᠋ ᠰᠠᠮ ᠬᠡᠯᠡᠵᠦ ᠥᠭᠭᠦᠭᠰᠡᠨ ᠢ᠋ᠶ᠋ᠡᠷ ᠮᠠᠭᠰᠤᠷᠵᠠᠪ ᠨᠢᠭᠤᠨ ᠵᠢᠭᠤᠲᠠᠵᠤ ᠬᠦᠷᠢᠶᠡᠨ᠎ᠡ ᠬᠦᠷᠴᠦ ᠢᠷᠡᠭᠡᠳ ᠰᠢᠨ᠎ᠡ ᠵᠠᠰᠠᠭ ᠤ᠋ᠨ ᠭᠠᠵᠠᠷ ᠲᠤ᠌ ᠡᠯ᠎ᠡ ᠤᠴᠢᠷ ᠪᠠᠢᠳᠠᠯ ᠢ᠋ ᠢᠯᠡᠳᠬᠡᠵᠦ᠂ ᠮᠣᠩᠭᠣᠯ ᠤᠯᠤᠰ ᠤ᠋ᠨ ᠳᠣᠲᠣᠭᠠᠳᠤ ᠶᠠᠮᠤᠨ ᠤ᠋ ᠳᠡᠰ ᠲᠦᠰᠢᠮᠡᠯ ᠦ᠋ᠨ ᠲᠤᠰᠢᠶᠠᠯ ᠳ᠋ᠤ᠌ ᠲᠣᠮᠢᠯᠠᠭᠳᠠᠵᠠᠢ᠃  
       ᠬᠦᠷᠢᠶᠡᠨ ᠦ᠌ ᠵᠠᠰᠠᠭ ᠤ᠋ᠨ ᠭᠠᠵᠠᠷ᠂ ᠨᠠᠢᠷ ᠲᠠᠢ ᠶᠣᠰᠣᠭᠠᠷ ᠬᠡᠯᠡᠯᠴᠡᠨ ᠬᠣᠪᠲᠣ ᠶ᠋ᠢ ᠮᠣᠩᠭᠣᠯ ᠡᠷᠬᠡ ᠪᠠᠷᠢᠭᠴᠢᠳ ᠲᠤ᠌ ᠲᠤᠰᠢᠶᠠᠨ ᠥᠭᠬᠦ ᠤᠴᠢᠷ ᠪᠠᠢᠵᠤ ᠪᠣᠯᠵᠣᠰᠢ ᠦᠭᠡᠢ ᠭᠡᠵᠦ ᠭᠣᠷᠢᠯᠠᠵᠤ᠂ ᠡᠯᠴᠢ ᠮᠣᠷᠳᠠᠭᠤᠯᠤᠭᠰᠠᠨ ᠨᠢ ᠮᠣᠩᠭᠣᠯ ᠤᠯᠤᠰ ᠲᠤ᠌ ᠬᠣᠰᠢᠭᠤ ᠲᠥᠷᠥᠯ ᠢ᠋ᠶ᠋ᠡᠷ ᠳᠠᠭᠠᠷ᠎ᠠ ᠢᠷᠡᠭᠰᠡᠨ ᠵᠠᠯᠠᠭᠤ ᠲᠣᠷᠭᠤᠳ ᠲᠠᠢᠵᠢ᠂ ᠲᠤᠯᠭᠤᠷ ᠲᠥᠷᠥ ᠳ᠋ᠦ᠍ ᠬᠦᠴᠦᠨ ᠵᠢᠳᠬᠦᠵᠦ ᠳᠠᠭᠠᠭᠰᠠᠨ ᠢ᠋ᠶ᠋ᠠᠷ ᠬᠦᠩ ᠦ᠋ᠨ ᠵᠡᠷᠭᠡ ᠱᠠᠩᠨᠠᠭᠰᠠᠨ ᠲᠡᠮᠦᠷᠴᠢ ᠶ᠋ᠢ ᠬᠠᠯᠬ᠎ᠠ ᠶ᠋ᠢᠨ ᡀᠠᠭᠪᠠ ᠮᠡᠢᠷᠡᠨ ᠭᠡᠳᠡᠭ ᠦᠭᠡ ᠬᠤᠷᠴᠠ ᠵᠢᠷᠦᠬᠡ ᠶᠡᠬᠡᠲᠡᠢ ᠨᠢᠭᠡᠨ ᠬᠥᠮᠦᠨ ᠦ᠌ ᠬᠠᠮᠲᠤ ᠣᠲᠣᠭᠤᠯᠵᠠᠢ᠃ ᠬᠣᠶᠠᠷ ᠡᠯᠴᠢ᠂ ᠬᠣᠪᠲᠣ ᠶ᠋ᠢᠨ ᠪᠣᠰᠤᠭ ᠤ᠋ᠨ ᠥᠷᠲᠡᠭᠡᠨ ᠡᠴᠡ ᠬᠦᠷᠢᠶᠡᠨ᠎ᠡ ᠲᠣᠪᠴᠢ ᠬᠡᠯᠡ ᠮᠡᠳᠡᠭᠡ ᠶᠠᠪᠤᠭᠤᠯᠤᠭᠠᠳ ᠰᠤᠷᠠᠭ ᠲᠠᠨᠤᠭ ᠦᠭᠡᠢ ᠠᠯᠠᠭ᠎ᠠ ᠪᠣᠯᠵᠠᠢ᠃  
      ᠴᠢᠩᠭᠢᠲᠡᠯ᠎ᠡ᠂ ᠬᠣᠪᠲᠣ ᠶ᠋ᠢᠨ ᠮᠠᠨᠵᠤ ᠠᠮᠪᠠᠨ᠂ ᠮᠣᠩᠭᠣᠯ ᠡᠯᠴᠢ ᠲᠡᠮᠦᠷᠴᠢ ᡀᠠᠭᠪᠠ ᠬᠣᠶᠠᠷ ᠢ᠋ ᠬᠠᠷᠭᠢᠰᠯᠠᠨ ᠲᠠᠮᠤᠯᠠᠵᠤ ᠠᠯᠠᠪᠠ ᠭᠡᠵᠦ ᠪᠤᠤᠬᠢᠶ᠎ᠠ ᠡᠯᠴᠢ᠂ ᠣᠯᠠᠨ ᠬᠣᠨᠣᠭ ᠡᠳᠦᠷ ᠰᠥᠨᠢ ᠦᠭᠡᠢ ᠳᠠᠪᠬᠢᠬᠤ ᠳ᠋ᠤ᠌ ᠪᠡᠶ᠎ᠡ ᠵᠠᠳᠠᠷᠠᠬᠤ ᠠᠭᠰᠠᠭᠳᠠᠬᠤ ᠦᠭᠡᠢ ᠭᠡᠵᠦ ᠪᠦᠬᠦ ᠪᠡᠶ᠎ᠡ ᠶ᠋ᠢ ᠨᠠᠩᠵᠢᠳ ᠬᠠᠳᠠᠭ ᠢ᠋ᠶ᠋ᠠᠷ ᠣᠷᠢᠶᠠᠨ᠂ ᠵᠠᠮ ᠤ᠋ᠨ ᠥᠷᠲᠡᠭᠡᠨ᠎ᠡ ᠬᠦᠷᠴᠦ ᠭᠠᠭᠴᠠᠬᠦ ᠮᠣᠷᠢ ᠡᠮᠡᠭᠡᠯᠯᠡᠬᠦ ᠶ᠋ᠢᠨ ᠵᠠᠪᠰᠠᠷ ᠪᠠᠯᠭᠤ ᠤᠮᠳᠠ ᠣᠭᠣᠴᠢᠵᠤ᠂ ᠡᠮᠬᠦ ᠬᠣᠭᠣᠯᠠ ᠵᠠᠯᠭᠢᠬᠤ ᠲᠡᠳᠦᠢᠬᠡᠨ ᠢ᠋ᠶ᠋ᠡᠷ ᠥᠯ ᠵᠠᠯᠭᠠᠨ ᠳᠠᠪᠬᠢᠭᠰᠠᠭᠠᠷ ᠲᠡᠷᠡ ᠶᠠᠭᠠᠷᠠᠯᠲᠠᠢ ᠮᠡᠳᠡᠭᠡ ᠬᠦᠷᠢᠶᠡᠨ᠎ᠡ ᠬᠦᠷᠭᠡᠵᠦ ᠢᠷᠡᠪᠡ᠃  
       ᠬᠣᠪᠲᠣ ᠶ᠋ᠢᠨ ᠠᠮᠪᠠᠨ᠂ ᠮᠠᠭᠰᠤᠷᠵᠠᠪ ᠢ᠋ ᠤᠷᠭᠤᠨ ᠪᠣᠰᠤᠭᠰᠠᠨ ᠠ᠋ᠴᠠ ᠬᠣᠢᠰᠢ᠂ ᠮᠣᠩᠭᠣᠯᠴᠤᠳ ᠭᠡᠨᠡᠳᠲᠡ ᠬᠠᠯᠳᠠᠵᠤ ᠪᠣᠯᠵᠣᠰᠢ ᠦᠭᠡᠢ ᠭᠡᠵᠦ ᠰᠠᠩ ᠤ᠋ᠨ ᠬᠣᠲᠠ ᠭᠡᠳᠡᠭ ᠴᠠᠢᠵᠠ ᠶ᠋ᠢᠨ ᠲᠣᠭᠣᠷᠢᠨ ᠳ᠋ᠠᠬᠢ ᠭᠣᠣ ᠶ᠋ᠢ ᠭᠦᠨ ᠪᠣᠯᠭᠠᠵᠤ ᠬᠡᠷᠡᠮ ᠢ᠋ ᠰᠡᠯᠪᠢᠨ ᠵᠠᠰᠠᠭᠠᠳ᠂ ᠴᠠᠢᠵᠠᠨ ᠳ᠋ᠤ᠌ ᠰᠠᠭᠤᠬᠤ ᠳᠠᠷᠤᠩᠭᠤᠢ ᠴᠡᠷᠢᠭ ᠦ᠋ᠨ ᠬᠦᠴᠦᠨ ᠢ᠋ ᠵᠤᠵᠠᠭᠠᠳᠬᠠᠨ᠂ ᠳᠥᠷᠪᠡᠨ ᠵᠦᠭ ᠨᠠᠢ᠍ᠮᠠᠨ ᠵᠣᠪᠬᠢᠰ ᠲᠤ᠌ ᠬᠠᠷᠠᠭᠤᠯ ᠮᠠᠨᠠᠭ᠎ᠠ ᠭᠠᠷᠭᠠᠵᠠᠢ᠃ ᠲᠡᠭᠡᠭᠡᠳ ᠵᠡᠪᠰᠡᠭ ᠮᠠᠭᠤᠲᠠᠢ ᠮᠣᠩᠭᠣᠯ ᠴᠡᠷᠢᠭ᠂ ᠪᠠᠲᠤ ᠬᠡᠷᠡᠮᠲᠦ ᠰᠠᠩ ᠤ᠋ᠨ ᠬᠣᠲᠠᠨ᠎ᠠ ᠬᠡᠷᠬᠢᠪᠡᠴᠦ ᠬᠠᠯᠳᠠᠨ ᠴᠢᠳᠠᠬᠤ ᠦᠭᠡᠢ ᠭᠡᠵᠦ ᠮᠠᠨᠵᠤ ᠴᠡᠷᠢᠭ ᠰᠠᠩ ᠤ᠋ᠨ ᠬᠣᠲᠠᠨ᠎ᠠ ᠰᠠᠨᠠᠭ᠎ᠠ ᠠᠮᠤᠷ ᠰᠠᠭᠤᠵᠤ᠂ ᠠᠮᠪᠠᠨ ᠰᠠᠢᠳ ᠪᠠᠰᠠ ᠰᠢᠷ᠎ᠠ ᠰᠦᠮ᠎ᠡ᠂ ᠭᠦᠴᠢᠩ᠂ ᠦᠷᠦᠮᠴᠢ ᠵᠡᠷᠭᠡ ᠬᠣᠲᠠ ᠶ᠋ᠢᠨ ᠴᠡᠷᠢᠭ ᠦ᠋ᠨ ᠬᠦᠴᠦᠨ ᠵᠤᠵᠠᠭᠠᠨ ᠭᠠᠵᠠᠷ ᠠ᠋ᠴᠠ ᠲᠤᠰᠠᠯᠠᠨ ᠥᠮᠥᠭᠯᠡᠬᠦ ᠴᠡᠷᠢᠭ ᠢᠷᠡᠬᠦ ᠮᠡᠳᠡᠭᠡ ᠠᠪᠤᠭᠰᠠᠨ ᠲᠤᠯᠠ ᠥᠮᠥᠭ ᠴᠡᠷᠢᠭ ᠢᠷᠡᠬᠦ ᠶ᠋ᠢ ᠬᠦᠯᠢᠶᠡᠵᠦ ᠪᠠᠢᠭᠰᠠᠨ ᠪᠠᠢᠪᠠ᠃ 
       ᠮᠣᠩᠭᠣᠯ ᠲᠦᠰᠢᠮᠡᠳ ᠢ᠋ ᠶᠠᠭᠤ ᠯᠠ ᠭᠡᠪᠡᠯ ᠳᠠᠭᠠᠵᠤ᠂ ᠵᠢᠰᠤᠷᠳᠠᠨ ᠪᠢᠯᠳᠠᠤᠴᠢᠯᠠᠵᠤ ᠪᠠᠢᠳᠠᠭ ᠲᠤᠨᠢ ᠳᠠᠰᠤᠵᠤ ᠵᠠᠩᠰᠢᠭᠠᠳ᠂ ᠤᠯᠢᠶᠠᠰᠤᠲᠠᠢ ᠶ᠋ᠢᠨ ᠵᠠᠩᠵᠤᠨ᠂ ᠬᠦᠷᠢᠶᠡᠨ ᠦ᠌ ᠠᠮᠪᠠᠨ ᠤ᠋ ᠳᠠᠭᠠᠭᠤᠯᠵᠤ ᠴᠢᠳᠠᠭ᠎ᠠ ᠦᠭᠡᠢ ᠲᠡᠷᠰᠯᠡᠨ ᠰᠠᠮᠠᠭᠤᠷᠠᠭᠰᠠᠨ ᠮᠣᠩᠭᠣᠯᠴᠤᠳ ᠢ᠋ ᠲᠤᠰᠠᠯᠠᠬᠤ ᠴᠡᠷᠢᠭ ᠢᠷᠡᠩᠭᠦᠲᠡ ᠳᠠᠷᠤᠨ ᠨᠣᠮᠣᠭᠠᠳᠬᠠᠨ᠎ᠠ ᠭᠡᠵᠦ ᠪᠣᠳᠣᠵᠤ ᠪᠠᠢᠭᠰᠠᠨ ᠠᠮᠪᠠᠨ᠂ ᠭᠡᠨᠡᠳᠲᠡ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠡᠯᠴᠢ ᠬᠦᠷᠴᠦ ᠢᠷᠡᠭᠡᠳ ᠵᠡᠪᠰᠡᠭ ᠬᠤᠷᠢᠶᠠᠯᠭᠠᠨ᠂ ᠲᠤᠰ ᠤᠯᠤᠰ ᠤ᠋ᠨ ᠬᠢᠵᠠᠭᠠᠷ ᠠ᠋ᠴᠠ ᠵᠠᠢᠯᠠᠨ᠎ᠠ ᠤᠤ ᠭᠡᠵᠦ ᠳᠠᠪᠲᠠᠨ ᠱᠠᠭᠠᠷᠳᠠᠭᠰᠠᠨ ᠢ᠋ ᠳᠠᠩᠴᠢ ᠳᠡᠩᠳᠡᠭᠦᠦ ᠳᠠᠷᠤᠯᠠᠪᠠ ᠭᠡᠵᠦ ᠦᠵᠡᠪᠡ᠃ ᠡᠯᠴᠢ ᠨᠠᠷ ᠤ᠋ᠨ ᠦᠭᠡ ᠬᠠᠲᠠᠭᠤ᠂ ᠪᠠᠢᠳᠠᠯ ᠶᠡᠷᠦ ᠡᠮᠢᠶᠡᠨ ᠵᠢᠰᠤᠷᠳᠠᠬᠤ ᠰᠠᠨᠠᠭ᠎ᠠ ᠦᠭᠡᠢ ᠲᠤᠯᠠ᠂ ᠶᠡᠬᠡᠳᠡ ᠬᠣᠷᠣᠰᠴᠤ ᠶᠠᠶᠢ ᠳ᠋ᠤ᠌* ᠲᠤᠰᠢᠶᠠᠨ ᠡᠯᠴᠢ ᠨᠠᠷ ᠢ᠋ ᠪᠠᠷᠢᠭᠤᠯᠤᠨ᠂ ᠲᠡᠮᠦᠷ ᠭᠠᠪ ᠲᠤᠱᠠ ᠵᠡᠭᠦᠯᠭᠡᠵᠦ ᠭᠢᠨᠳᠠᠨ᠎ᠠ ᠬᠣᠷᠢᠵᠠᠢ᠃ ᠬᠣᠶᠠᠷ ᠤᠯᠤᠰ ᠤ᠋ᠨ ᠬᠣᠭᠣᠷᠣᠨᠳᠣ ᠬᠠᠷᠢᠯᠴᠠᠬᠤ ᠡᠯᠴᠢ ᠳ᠋ᠦ᠍ ᠬᠠᠯᠳᠠᠬᠤ ᠶᠣᠰᠣᠨ ᠬᠠᠮᠢᠭ᠎ᠠ ᠴᠤ᠌ ᠦᠭᠡᠢ ᠭᠡᠵᠦ ᠡᠯᠴᠢ ᠨᠠᠷ ᠤ᠋ᠨ ᠡᠰᠡᠷᠭᠦᠴᠡᠨ ᠬᠡᠯᠡᠬᠦ ᠦᠭᠡᠨ ᠳ᠋ᠦ᠍ ᠠᠮᠪᠠᠨ ᠤᠯᠠᠮ ᠬᠣᠷᠣᠰᠴᠤ᠂ ᠡᠷᠡᠭᠦᠦ ᠲᠤᠯᠭᠠᠵᠤ ᠪᠠᠢᠴᠠᠭ᠎ᠠ ᠭᠡᠵᠦ ᠲᠤᠰᠢᠶᠠᠪᠠᠰᠤ᠂ ᠬᠥᠭᠡᠷᠦᠬᠦᠢ ᠲᠡᠷᠡ ᠬᠣᠶᠠᠷ ᠡᠯᠴᠢ᠂ ᠳᠡᠯᠡᠬᠡᠢ ᠳ᠋ᠠᠬᠢᠨ ᠤ᠋ ᠪᠣᠯᠪᠠᠰᠤᠨ ᠤᠯᠤᠰ ᠤ᠋ᠨ ᠶᠡᠷᠦᠳᠡ ᠶ᠋ᠢᠨ ᠶᠣᠰᠣ ᠵᠦᠢ ᠶ᠋ᠢ ᠲᠡᠰᠡᠷᠭᠦᠯᠡᠭᠰᠡᠨ ᠠᠮᠪᠠᠨ ᠢ᠋ ᠬᠠᠷᠢᠶᠠᠨ ᠵᠥᠭᠡᠵᠦ᠂ ᠬᠡᠴᠢᠨᠡᠨ ᠡᠷᠡᠭᠦᠦ ᠲᠤᠯᠭᠠᠪᠠᠴᠤ ᠶᠡᠷᠦ ᠬᠠᠲᠠᠭᠤ ᠵᠣᠷᠢᠭ ᠢ᠋ ᠠᠯᠳᠠᠭᠰᠠᠨ ᠦᠭᠡᠢ᠃ 
       — ᠲᠠ ᠨᠠᠷ ᠢ᠋ ᠡᠢᠨᠬᠦ ᠲᠣᠰᠣᠨ ᠠᠪᠴᠤ ᠶᠣᠰᠣᠯᠠᠨ ᠵᠣᠴᠢᠯᠠᠭᠰᠠᠨ ᠳ᠋ᠤ᠌ ᠰᠡᠳᠬᠢᠯ ᠬᠠᠨᠤᠪᠠᠤ? ᠭᠡᠵᠦ ᠠᠮᠪᠠᠨ ᠤ᠋ ᠳᠠᠭᠠᠷᠢᠨ ᠠᠰᠠᠭᠤᠬᠤ ᠳ᠋ᠤ᠌᠂ ᠡᠯᠴᠢ ᠲᠡᠮᠦᠷᠴᠢ ᠶ᠋ᠢᠨ ᠬᠠᠷᠢᠭᠤᠯᠤᠭᠰᠠᠨ ᠨᠢ᠄ 
       — ᠳᠠᠷᠤᠯᠠᠨ ᠪᠣᠭᠣᠯᠴᠢᠯᠠᠭᠴᠢᠳ ᠤ᠋ᠨ ᠡᠰᠡᠷᠭᠦᠦ ᠲᠡᠮᠡᠴᠡᠨ ᠬᠥᠳᠡᠯᠦᠭᠰᠡᠨ ᠤᠯᠤᠰ ᠣᠯᠠᠨ ᠢ᠋ ᠴᠢ ᠳᠠᠬᠢᠨ ᠪᠣᠭᠣᠯ ᠪᠣᠯᠭᠠᠵᠤ ᠲᠠᠯᠬᠢᠬᠤ ᠰᠠᠨᠠᠭ᠎ᠠ ᠲᠠᠢ ᠪᠣᠯᠪᠠᠴᠤ᠂ ᠴᠢᠨᠦ ᠰᠠᠨᠠᠭ᠎ᠠ ᠪᠠᠷ ᠪᠣᠯᠬᠤ ᠠ᠋ᠴᠠ ᠥᠩᠭᠡᠷᠡᠵᠡᠢ᠃ ᠴᠢ ᠶᠠᠭᠠᠬᠢᠨ ᠥᠨᠳᠡᠭᠡ ᠪᠡᠷ ᠪᠤᠯᠤ ᠴᠢᠯᠠᠭᠤ ᠶ᠋ᠢ ᠬᠠᠭ᠎ᠠ ᠴᠣᠬᠢᠵᠤ᠂ ᠡᠨᠡ ᠰᠢᠪᠡᠷ ᠬᠣᠲᠠᠨ ᠳ᠋ᠤ᠌ ᠬᠠᠰᠢᠭᠰᠠᠨ ᠬᠣᠨᠢ ᠪᠠᠷ ᠠᠷᠰᠯᠠᠨ ᠢ᠋ ᠠᠢᠯᠳᠤᠭᠤᠯᠵᠤ ᠴᠢᠳᠠᠬᠤ ᠠᠵᠢ᠃  ᠮᠠᠨᠠᠢ  ᠮᠣᠩᠭᠣᠯ ᠴᠡᠷᠢᠭ᠂ ᠴᠢᠨᠦ ᠡᠨᠡ ᠬᠤᠯᠠᠭᠠᠢ ᠶ᠋ᠢᠨ ᠡᠭᠦᠷ ᠢ᠋ ᠦᠨᠡᠰᠦᠨ ᠲᠣᠪᠷᠠᠭ ᠪᠣᠯᠭᠠᠬᠤ ᠲᠡᠷᠡ ᠴᠠᠭ ᠲᠤ᠌᠂ ᠮᠠᠨ ᠤ᠋ ᠬᠠᠷᠢᠭᠤ ᠠᠪᠴᠤ᠂ ᠬᠠᠷᠭᠢᠰ ᠪᠤᠷᠤᠩᠬᠤᠢ ᠵᠠᠩᠳᠠᠯᠴᠢᠨ ᠢ᠋ᠶ᠋ᠠᠷ ᠲᠣᠭᠰᠢᠨ ᠰᠦᠷᠲᠦ ᠲᠤᠭ ᠢ᠋ᠶ᠋ᠠᠨ ᠲᠠᠬᠢᠬᠤ ᠶ᠋ᠢ ᠪᠢᠳᠡ ᠡᠰᠡ ᠦᠵᠡᠪᠡᠴᠦ᠂ ᠴᠢ ᠦᠵᠡᠬᠦ ᠪᠣᠢ ᠭᠡᠵᠦ ᠬᠠᠷᠢᠭᠤᠯᠤᠭᠰᠠᠨ ᠳ᠋ᠤ᠌ ᠠᠮᠪᠠᠨ᠂ ᠲᠡᠷᠡ ᠬᠣᠶᠠᠷ ᠡᠯᠴᠢ ᠶ᠋ᠢᠨ ᠬᠠᠳᠠᠨ ᠵᠣᠷᠢᠭᠲᠠᠢ ᠳ᠋ᠤ᠌ ᠠᠭᠤᠷ ᠬᠦᠷᠴᠦ᠂ ᠪᠤᠴᠠᠯᠤᠭᠰᠠᠨ ᠲᠣᠰᠣ ᠲᠠᠢ ᠲᠣᠮᠣ ᠲᠣᠭᠣᠭᠠᠨ ᠳ᠋ᠤ᠌ ᠠᠮᠢᠳᠤ ᠪᠠᠷ ᠴᠢᠨᠠᠵᠠᠢ᠃   
       ᠡᠯᠴᠢ ᠶ᠋ᠢ ᠲᠡᠭᠡᠵᠦ ᠮᠠᠭᠤᠬᠠᠢ ᠬᠠᠷᠭᠢᠰ  ᠢ᠋ᠶ᠋ᠠᠷ ᠠᠯᠠᠭᠰᠠᠨ ᠮᠡᠳᠡᠭᠡ ᠬᠦᠷᠢᠶᠡᠨ᠎ᠡ ᠬᠦᠷᠴᠦ ᠢᠷᠡᠮᠡᠭᠴᠡ᠂ ᠣᠯᠠᠨ ᠨᠡᠢᠭᠡᠮ ᠢ᠋ᠶ᠋ᠡᠷ ᠶᠡᠬᠡᠯ᠎ᠡ ᠵᠠᠨᠤᠨ ᠬᠣᠷᠣᠰᠴᠠᠢ᠃  ᠪᠠᠷᠠᠭᠤᠨ ᠠᠢᠮᠠᠭ ᠤ᠋ᠨ ᠵᠠᠩᠵᠤᠨ ᠳ᠋ᠤ᠌ ᠬᠣᠪᠲᠣ ᠶ᠋ᠢᠨ ᠠᠮᠪᠠᠨ ᠢ᠋ ᠳᠠᠢᠯᠠᠬᠤ ᠴᠡᠷᠢᠭ ᠶᠠᠭᠠᠷᠠᠪᠴᠢᠯᠠᠨ ᠳᠠᠢᠴᠢᠯᠠᠬᠤ ᠵᠠᠷᠯᠠᠯ ᠳᠣᠪᠲᠣᠯᠭᠠᠵᠤ᠂ ᠪᠠᠷᠠᠭᠤᠨ ᠵᠦᠭ ᠲᠦ᠍ ᠶᠡᠬᠡᠯ᠎ᠡ ᠨᠥᠯᠥᠭᠡ ᠲᠡᠢ᠂ ᠣᠯᠠᠨ ᠱᠠᠪᠢ ᠲᠠᠢ ᠨᠣᠮᠣᠨ ᠬᠠᠭᠠᠨ ᠰᠠᠮᠠᠳᠢ ᠪᠠᠭᠰᠢ ᠵᠠᠭᠠᠯᠬᠠᠩᠵᠠ  ᠬᠤᠲᠤᠭᠲᠤ ᠳᠠᠮᠳᠢᠨᠪᠠᠵᠠᠷ ᠭᠡᠳᠡᠭ ᠰᠦᠷᠲᠦ ᠴᠣᠯᠠ ᠲᠠᠢ ᠰᠢᠷ᠎ᠠ ᠹᠧᠣᠳᠠᠯ᠂ ᠪᠠᠷᠠᠭᠤᠨ ᠬᠢᠵᠠᠭᠠᠷ ᠢ᠋ ᠢᠯᠪᠢᠨ ᠲᠣᠬᠣᠨᠢᠭᠤᠯᠬᠤ ᠰᠠᠢᠳ ᠤ᠋ᠨ ᠲᠠᠮᠠᠭ᠎ᠠ ᠬᠦᠯᠢᠶᠡᠨ ᠠᠪᠴᠤ᠂ ᠠᠶᠠᠨ ᠲᠡᠢᠨ ᠳ᠋ᠦ᠍ ᠮᠣᠷᠳᠠᠬᠤ ᠶ᠋ᠢ ᠵᠡᠬᠡᠪᠡ᠃ ᠳᠣᠲᠣᠭᠠᠳᠤ ᠶᠠᠮᠤᠨ ᠤ᠋ ᠳᠡᠰ ᠲᠦᠰᠢᠮᠡᠯ᠂ ᠤᠷᠢᠳᠤ ᠬᠣᠪᠲᠣ ᠶ᠋ᠢᠨ ᠠᠮᠪᠠᠨ ᠤ᠋ ᠳᠡᠷᠭᠡᠳᠡ ᠮᠣᠩᠭᠣᠯ ᠵᠢᠰᠠ ᠶ᠋ᠢᠨ ᠳᠠᠷᠤᠭ᠎ᠠ ᠪᠠᠢᠭᠰᠠᠨ ᠮᠠᠭᠰᠤᠷᠵᠠᠪ ᠬᠦᠩ᠂ ᠭᠠᠳᠠᠭᠠᠳᠤ ᠶᠠᠮᠤᠨ ᠤ᠋ ᠳᠡᠳ᠋ ᠰᠠᠢᠳ᠂ ᠮᠣᠩᠭᠣᠯ ᠤᠯᠤᠰ ᠲᠤ᠌ ᠬᠠᠷᠢᠶᠠᠲᠤ ᠰᠤᠮᠤᠨ ᠠᠷᠠᠳ ᠤ᠋ᠨ ᠬᠠᠮᠲᠤ ᠳᠠᠭᠠᠷ᠎ᠠ ᠢᠷᠡᠭᠰᠡᠨ ᠤᠴᠢᠷ ᠬᠦᠩ ᠦ᠋ᠨ ᠵᠡᠷᠭᠡ ᠱᠠᠩᠨᠠᠭᠤᠯᠤᠭᠰᠠᠨ ᠪᠠᠷᠭᠤ ᠶ᠋ᠢᠨ ᠳᠠᠮᠳᠢᠨᠰᠦ᠋ᠷᠦᠩ ᠢ᠋ ᠬᠣᠪᠲᠣ ᠶ᠋ᠢ ᠪᠠᠢᠯᠳᠤᠬᠤ ᠴᠡᠷᠢᠭ ᠦ᠋ᠨ ᠵᠠᠩᠵᠤᠨ ᠪᠣᠯᠭᠠᠵᠤ᠂ ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ ᠰᠠᠢᠳ ᠤ᠋ᠨ ᠲᠤᠰᠢᠶᠠᠯ ᠢ᠋ ᠬᠦᠯᠢᠶᠡᠨ ᠠᠪᠤᠪᠠ᠃ ᠳᠣᠲᠣᠭᠠᠳᠤ ᠶᠠᠮᠤᠨ ᠤ᠋ ᠳᠡᠰ ᠲᠦᠰᠢᠮᠡᠯ ᠬᠠᠢᠰᠠᠨ ᠬᠦᠩ ᠢ᠋ ᠮᠠᠨᠵᠤ ᠨᠠᠷ ᠤ᠋ᠨ ᠤᠪ ᠵᠠᠯᠢ ᠶ᠋ᠢ ᠰᠠᠢᠨ ᠮᠡᠳᠡᠬᠦ ᠬᠥᠮᠦᠨ ᠭᠡᠵᠦ ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ᠂ ᠢᠯᠪᠢᠨ ᠲᠣᠬᠣᠨᠢᠭᠤᠯᠬᠤ ᠰᠠᠢᠳ ᠤ᠋ᠳ ᠲᠤ᠌ ᠵᠥᠪᠯᠡᠨ ᠲᠤᠰᠠᠯᠠᠬᠤ ᠰᠠᠢᠳ ᠪᠣᠯᠭᠠᠵᠠᠢ᠃ 
       ᠪᠢᠴᠢᠬᠠᠨ ᠬᠣᠷᠭᠣᠯᠵᠢᠨ ᠰᠤᠮᠤ ᠪᠠᠷ ᠬᠡᠷᠡᠮᠦ ᠶ᠋ᠢᠨ ᠨᠢᠳᠦ ᠠᠯᠳᠠᠳᠠᠭ ᠦᠭᠡᠢ ᠬᠥᠪᠴᠢ ᠶ᠋ᠢᠨ ᠭᠤᠷᠪᠠᠨ ᠵᠠᠭᠤᠨ ᠰᠣᠶᠣᠳ ᠠᠩᠭᠤᠴᠢᠨ᠂ ᠣᠷᠣᠰ ᠲᠣᠷᠭᠣᠪ ᠨᠠᠷ ᠲᠤ᠌ ᠪᠤᠯᠠᠭᠠᠨ ᠦᠰᠦ ᠪᠡᠷ ᠰᠤᠮᠤ ᠬᠢᠬᠦ ᠲᠤᠭᠤᠯᠭ᠎ᠠ ᠬᠥᠳᠡᠭᠡ ᠣᠯᠠᠨ ᠠᠩᠴᠢᠨ ᠤ᠋ ᠳᠤᠮᠳᠠ ᠰᠠᠢᠨ ᠭᠡᠵᠦ ᠠᠯᠳᠠᠷᠰᠢᠭᠰᠠᠨ ᠣᠷᠣᠰ ᠳᠠᠷᠢ ᠠᠷᠠᠯᠵᠢᠨ ᠣᠯᠵᠤ ᠠᠪᠤᠭᠠᠳ᠂ ᠤᠯᠢᠶᠠᠰᠤᠲᠠᠢ ᠶ᠋ᠢᠨ ᠵᠠᠩᠵᠤᠨ ᠤ᠋ ᠪᠤᠯᠠᠭᠠᠨ ᠤ᠋ ᠠᠯᠪᠠᠨ ᠠ᠋ᠴᠠ ᠡᠭᠦᠷᠢᠳᠡ ᠠᠩᠭᠢᠵᠢᠷᠠᠭᠤᠯᠵᠤ ᠥᠭᠭᠦᠭᠰᠡᠨ ᠮᠣᠩᠭᠣᠯ ᠠᠬ᠎ᠠ ᠳᠡᠭᠦᠦ ᠨᠠᠷ ᠲᠠᠭᠠᠨ ᠠᠶᠠᠭᠠᠨ ᠤ᠋ ᠬᠠᠷᠢᠭᠤ ᠡᠳᠦᠷ ᠲᠡᠭᠡᠨ᠂ ᠠᠭᠲᠠᠨ ᠤ᠋ ᠬᠠᠷᠢᠭᠤ ᠵᠢᠯ ᠳ᠋ᠡᠭᠡᠨ ᠭᠡᠵᠦ ᠲᠤᠰᠠᠯᠠᠷ᠎ᠠ ᠬᠦᠴᠦᠨ ᠬᠠᠪᠰᠤᠷᠴᠤ᠂ ᠣᠢ ᠬᠥᠪᠴᠢ ᠶ᠋ᠢᠨ ᠰᠢᠳᠤᠷᠭᠤ ᠬᠥᠮᠦᠨ ᠬᠠᠷᠢᠯᠴᠠᠨ ᠲᠤᠰᠠᠯᠠᠯᠴᠠᠬᠤ ᠶᠣᠰᠣ ᠶ᠋ᠢ ᠮᠠᠰᠢ ᠡᠷᠬᠢᠮ ᠪᠣᠯᠭᠠᠳᠠᠭ ᠤᠴᠢᠷ᠂ ᠡᠪᠦᠭᠡᠨ ᠠᠩᠭᠤᠴᠢ ᠯᠤᠪᠰᠠᠩ᠂ ᠬᠥᠪᠴᠢ ᠶ᠋ᠢᠨ ᠭᠤᠷᠪᠠᠨ ᠵᠠᠭᠤᠨ ᠫᠤᠤᠴᠢ ᠶ᠋ᠢ ᠬᠠᠷᠭᠢᠰ ᠮᠠᠨᠵᠤ ᠠᠮᠪᠠᠨ ᠢ᠋ ᠪᠠᠢᠯᠳᠤᠬᠤ ᠮᠣᠩᠭᠣᠯ ᠴᠡᠷᠢᠭ ᠲᠦ᠍ ᠲᠤᠰᠠᠯᠠᠬᠤ ᠨᠢᠭᠡᠨ ᠮᠥᠷᠦᠨ ᠦ᠌ ᠬᠦᠴᠦ ᠪᠣᠯᠭᠠᠬᠤ ᠭᠡᠵᠦ ᠬᠣᠪᠲᠣ ᠶ᠋ᠢᠨ ᠶᠡᠬᠡ ᠬᠠᠷ᠎ᠠ ᠤᠰᠤ ᠨᠠᠭᠤᠷ ᠤ᠋ᠨ ᠵᠦᠭ ᠤᠳᠤᠷᠢᠳᠤᠨ ᠣᠳᠪᠠ᠃  
       ᠬᠥᠳᠡᠭᠡ ᠭᠠᠵᠠᠷ ᠣᠯᠳᠠᠵᠤ ᠪᠣᠯᠬᠤ ᠵᠠᠷ ᠵᠡᠮᠰᠡᠭ(ᠵᠢᠮᠰᠡᠭ) ᠡᠪᠦᠭᠡᠳ ᠦ᠋ᠨ ᠬᠡᠷᠡᠭᠯᠡᠵᠦ ᠠᠭᠰᠠᠨ ᠨᠤᠮᠤ ᠰᠤᠮᠤ᠂ ᠵᠢᠳᠠ ᠰᠡᠯᠡᠮ᠎ᠡ᠂ ᠪᠢᠯᠳᠠ ᠴᠠᠬᠢᠭᠤᠷ ᠪᠦᠬᠦᠢ ᠫᠤᠤ᠂ ᠮᠣᠩᠭᠣᠯ ᠭᠠᠵᠠᠷ ᠠᠯᠢ ᠦᠶ᠎ᠡ ᠳ᠋ᠦ᠍ ᠬᠡᠷᠬᠢᠨ ᠣᠷᠣᠵᠤ ᠢᠷᠡᠭᠰᠡᠨ ᠢ᠋ ᠪᠦᠦ ᠮᠡᠳᠡ᠂ ᠡᠷᠲᠡᠨ ᠦ᠌ ᠣᠷᠣᠰ ᠫᠤᠤ ᠪᠠᠷ ᠵᠡᠪᠰᠡᠭᠯᠡᠭᠰᠡᠨ ᠴᠡᠷᠢᠭ᠂ ᠵᠠᠷ ᠵᠢᠮᠰᠡᠭ  ᠢ᠋ᠶ᠋ᠡᠨ ᠲᠠᠬᠢᠵᠤ ᠰᠠᠩ ᠡᠷᠭᠦᠭᠡᠳ᠂ ᠲᠡᠢᠨ ᠳ᠋ᠦ᠍ ᠮᠣᠷᠳᠠᠵᠠᠢ᠃  
       ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ ᠰᠠᠢᠳ ᠳᠠᠮᠳᠢᠨᠰᠦ᠋ᠷᠦᠩ ᠮᠠᠭᠰᠤᠷᠵᠠᠪ ᠬᠣᠶᠠᠷ᠂ ᠣᠯᠠᠨ᠎ᠠ ᠶ᠋ᠢᠨ ᠬᠣᠶᠠᠳᠤᠭᠠᠷ ᠣᠨ᠂ ᠵᠤᠨ ᠤ᠋ ᠡᠬᠢᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠤ᠋ ᠴᠠᠭᠠᠨ ᠮᠣᠷᠢᠨ ᠡᠳᠦᠷ᠂ ᠪᠣᠭᠳᠠ ᠬᠠᠭᠠᠨ ᠤ᠋ ᠲᠣᠷᠭᠠᠨ ᠴᠡᠷᠢᠭ᠂ ᠬᠤᠵᠢᠷᠪᠤᠯᠤᠩ ᠤ᠋ᠨ ᠴᠡᠷᠢᠭ ᠡᠴᠡ ᠵᠢᠷᠠᠨ ᠭᠤᠷᠪᠠᠨ ᠰᠢᠯᠢᠳᠡᠭ ᠴᠡᠷᠢᠭ ᠰᠣᠩᠭᠣᠨ ᠮᠣᠷᠳᠠᠭᠰᠠᠨ ᠪᠢᠯᠡ᠃ ᠰᠢᠨ᠎ᠡ ᠶ᠋ᠢᠨ ᠨᠠᠢ᠍ᠮᠠᠨ ᠤ᠋ ᠡᠳᠦᠷ ᠰᠣᠩᠭᠣᠭᠰᠠᠨ ᠨᠢ ᠬᠦᠷᠢᠶᠡᠨ ᠦ᠌ ᠵᠢᠷᠤᠬᠠᠢᠴᠢ ᠨᠠᠷ ᠬᠣᠶᠠᠷ ᠰᠠᠢᠳ ᠤ᠋ᠨ ᠠᠶᠠᠨ ᠵᠠᠮ ᠳ᠋ᠤ᠌ ᠤᠷᠤᠭᠰᠢᠲᠠᠢ᠂ ᠥᠯᠵᠡᠢ ᠪᠦᠷᠢᠳᠦᠭᠰᠡᠨ ᠡᠳᠦᠷ ᠭᠡᠵᠦ ᠰᠢᠨᠵᠢᠯᠡᠵᠦ᠂ ᠲᠡᠷᠡ ᠡᠳᠦᠷ ᠴᠢᠪ ᠭᠡᠮᠡᠨ ᡀᠠᠭᠪᠠ ᠭᠠᠷᠠᠭ ᠪᠤᠰᠤ᠂ ᠭᠠᠯ ᠤᠰᠤ ᠤᠴᠠᠷᠠᠭᠰᠠᠨ᠂ ᠦᠬᠦᠬᠦ ᠶ᠋ᠢᠨ ᠪᠠᠷᠢᠯᠳᠤᠯᠭ᠎ᠠ᠂ ᠬᠣᠭᠣᠰᠣᠨ ᠭᠠᠷ᠂ ᠴᠠᠭᠠᠨ ᠮᠣᠷᠢᠨ ᠡᠳᠦᠷ ᠦᠬᠦᠬᠦ ᠶ᠋ᠢᠨ ᠪᠠᠷᠢᠯᠳᠤᠯᠭ᠎ᠠ ᠪᠠᠷ ᠠᠮᠢ ᠪᠤᠯᠢᠶᠠᠵᠤ ᠦᠢᠯᠡᠳᠬᠦ᠂ ᠴᠢᠨᠠᠳᠤ ᠶ᠋ᠢ ᠠᠯᠠᠬᠤ ᠬᠢᠭᠡᠳ ᠬᠦᠴᠦᠨ ᠬᠠᠲᠠᠩᠭᠤᠳᠬᠠᠬᠤ᠂ ᠬᠣᠣᠷ ᠨᠠᠢᠷᠠᠭᠤᠯᠬᠤ ᠲᠡᠷᠢᠭᠦᠲᠡᠨ ᠪᠦᠲᠦᠬᠦ ᠡᠳᠦᠷ ᠭᠡᠵᠦ ᠦᠵᠡᠵᠡᠢ᠃ 
       ᠴᠠᠭᠠᠨ ᠮᠣᠷᠢᠨ ᠲᠡᠷᠡ ᠡᠳᠦᠷ ᠦ᠋ᠨ ᠮᠣᠷᠢᠨ ᠴᠠᠭ ᠲᠤ᠌ ᠴᠡᠷᠢᠭ ᠦ᠋ᠨ ᠶᠠᠮᠤᠨ᠎ᠠ ᠡᠯᠴᠢ ᠢᠷᠡᠵᠦ᠂ ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ ᠰᠠᠢᠳ ᠤ᠋ᠳ ᠲᠤ᠌ ᠬᠠᠭᠠᠨ ᠤ᠋ ᠵᠠᠷᠯᠢᠭ ᠰᠢᠷ᠎ᠠ ᠸᠠᠳᠠᠩ ᠳ᠋ᠤ᠌ ᠣᠷᠢᠶᠠᠨ ᠠᠪᠴᠤ ᠢᠷᠡᠭᠰᠡᠨ ᠢ᠋ ᠭᠤᠷᠪᠠᠨᠲᠠ ᠰᠥᠭᠥᠳᠴᠦ ᠶᠢᠰᠦᠨᠲᠡ ᠮᠥᠷᠭᠥᠨ᠂ ᠬᠣᠶᠠᠷ ᠬᠦᠩ ᠲᠡᠷᠡ ᠵᠠᠷᠯᠢᠭ ᠤ᠋ᠨ ᠪᠢᠴᠢᠭ᠂ ᠮᠥᠨ ᠬᠠᠭᠠᠨ ᠤ᠋ ᠡᠮᠦᠨ᠎ᠡ ᠡᠴᠡ ᠴᠠᠭᠠᠵᠠ ᠪᠠᠷ ᠠᠪᠠᠴᠢᠬᠤ ᠵᠡᠷᠭᠡ ᠡᠷᠬᠡ ᠣᠯᠭᠣᠭᠴᠢ ᠴᠠᠭᠠᠵᠠ ᠶ᠋ᠢᠨ ᠢᠯᠳᠦ᠂ ᠵᠠᠷᠯᠢᠭ ᠤ᠋ᠨ ᠰᠤᠮᠤ ᠬᠦᠯᠢᠶᠡᠨ ᠠᠪᠤᠪᠠ᠃ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ᠂ ᠴᠡᠷᠢᠭ ᠦ᠋ᠨ ᠠᠶᠠᠨ ᠳ᠋ᠤ᠌ ᠮᠣᠷᠳᠠᠬᠤ ᠬᠣᠶᠠᠷ ᠰᠠᠢᠳ ᠲᠤ᠌ ᠬᠠᠳᠠᠭ᠂ ᠴᠠᠭᠠᠨ ᠢᠳᠡᠭᠡ ᠲᠠᠷᠠᠭ ᠮᠣᠩᠭᠣᠯ ᠤ᠋ᠨ ᠵᠠᠩᠰᠢᠯ ᠢ᠋ᠶ᠋ᠠᠷ ᠪᠠᠷᠢᠵᠤ ᠶᠣᠰᠣᠯᠠᠨ ᠦᠳᠡᠵᠦ ᠮᠣᠷᠳᠠᠭᠤᠯᠪᠠ᠃ 
       ᠬᠣᠶᠠᠷ ᠰᠠᠢᠳ ᠤ᠋ᠨ ᠰᠢᠯᠢᠳᠡᠭ ᠴᠡᠷᠢᠭ ᠦ᠋ᠨ ᠪᠠᠭ᠂ ᠥᠩᠭᠡᠲᠦ ᠮᠢᠨᠳᠠᠰᠤᠨ ᠤᠲᠠᠰᠤ ᠲᠣᠷᠭ᠎ᠠ ᠪᠠᠷ ᠣᠶᠣᠵᠤ ᠬᠠᠳᠬᠤᠮᠠᠯᠯᠠᠭᠰᠠᠨ ᠢᠯᠠᠭᠤᠬᠤ ᠲᠠᠷᠨᠢ ᠶ᠋ᠢᠨ ᠥᠰᠥᠭᠲᠦ ᠣᠯᠠᠨ ᠥᠩᠭᠡ ᠶ᠋ᠢᠨ ᠲᠣᠷᠭᠠᠨ ᠲᠤᠭ ᠳᠠᠯᠪᠠᠭ᠎ᠠ ᠬᠢᠭᠢᠷᠢ ᠶ᠋ᠢ ᠭᠢᠯᠠᠯᠵᠠᠭᠤᠯᠤᠨ ᠨᠠᠮᠢᠷᠠᠭᠤᠯᠵᠤ ᠪᠠᠷᠠᠭᠤᠨ ᠵᠦᠭ ᠮᠣᠷᠳᠠᠪᠠᠰᠤ᠂ ᠡᠩ ᠦ᠋ᠨ ᠴᠡᠷᠢᠭ ᠰᠢᠪ ᠰᠢᠨ᠎ᠡ ᠬᠥᠬᠡ ᠲᠣᠷᠭᠠᠨ ᠳᠠᠯᠢᠩ ᠳᠡᠪᠡᠯ ᠲᠡᠢ᠂ ᠳᠤᠭᠤᠯᠠᠭ᠎ᠠ ᠶ᠋ᠢᠨ ᠬᠡᠯᠪᠡᠷᠢᠲᠦ ᠲᠣᠪᠢ ᠮᠠᠯᠠᠭᠠᠢ ᠲᠠᠢ᠂ ᠠᠷᠪᠠᠨ ᠤ᠋ ᠳᠠᠷᠤᠭ᠎ᠠ ᠨᠠᠷ ᠲᠤᠰ ᠪᠦᠷᠢ ᠨᠢᠵᠡᠭᠡᠳ ᠤᠯᠠᠪᠠᠷ ᠰᠢᠷ᠎ᠠ ᠬᠢᠭᠢᠷᠢ ᠲᠡᠢ᠂ ᠵᠠᠬᠢᠷᠤᠯ ᠳᠠᠷᠤᠭ᠎ᠠ ᠨᠠᠷ ᠴᠥᠮ ᠭᠢᠯᠠᠯᠵᠠᠭᠰᠠᠨ ᠵᠢᠩᠰᠡ ᠤᠲᠤᠭ᠎ᠠ ᠲᠠᠢ᠂ ᠬᠣᠷᠭᠣᠢ ᠡᠮᠵᠢᠶᠡᠷᠢ ᠲᠡᠢ ᠬᠣᠷᠮᠣᠭᠴᠢ ᠲᠠᠢ ᠵᠢᠭᠰᠠᠨ ᠶᠠᠪᠤᠬᠤ ᠪᠠᠢᠳᠠᠯ ᠶᠡᠬᠡᠯ᠎ᠡ ᠵᠢᠷᠤᠮ ᠲᠠᠢ ᠲᠤᠯᠠ᠂ ᠬᠣᠪᠲᠣ ᠶ᠋ᠢ ᠪᠠᠢᠯᠳᠤᠬᠤ ᠶᠡᠬᠡ ᠴᠡᠷᠢᠭ ᠦ᠋ᠨ ᠭᠣᠣᠯ ᠨᠢ ᠪᠣᠯᠬᠤ ᠭᠡᠵᠦ ᠠᠯᠤᠰ ᠤ᠋ᠨ ᠠᠶᠠᠨ ᠳ᠋ᠤ᠌ ᠵᠣᠷᠢᠭᠰᠠᠨ ᠲᠡᠷᠡ ᠨᠢᠭᠡᠨ ᠪᠢᠴᠢᠬᠠᠨ ᠪᠠᠭ ᠰᠢᠯᠢᠳᠡᠭ ᠴᠡᠷᠢᠭ ᠦ᠋ᠨ ᠠᠶᠠᠯᠠᠨ ᠶᠠᠪᠤᠬᠤ ᠪᠠᠢᠳᠠᠯ ᠰᠦᠷ ᠵᠢᠪᠬᠤᠯᠠᠩ ᠪᠠᠳᠠᠷᠠᠭᠰᠠᠨ ᠬᠡᠢ ᠮᠣᠷᠢ ᠲᠠᠢ ᠴᠣᠭᠲᠠᠢ ᠲᠤᠯᠠ ᠬᠦᠷᠢᠶᠡᠨ ᠦ᠌ ᠵᠠᠬ᠎ᠠ ᠵᠡᠭᠡᠯᠢ ᠲᠠᠯᠠᠪᠠᠢ ᠪᠠᠷ ᠥᠩᠭᠡᠷᠡᠨ ᠭᠠᠷᠬᠤ ᠵᠠᠮ ᠭᠣᠳᠣᠰ᠂ ᠠᠢᠯ ᠤ᠋ᠨ ᠬᠥᠮᠦᠨ ᠭᠡᠷ ᠬᠠᠰᠢᠶᠠᠨ ᠠ᠋ᠴᠠ ᠪᠠᠨ ᠭᠠᠷᠴᠤ᠂ ᠴᠡᠷᠢᠭ ᠦ᠋ᠨ ᠬᠣᠢᠨ᠎ᠠ ᠠ᠋ᠴᠠ ᠰᠦ ᠠᠢᠷᠠᠭ ᠰᠠᠴᠤᠨ᠂ ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠮᠠᠨᠳᠤᠭᠤᠯᠬᠤ ᠶ᠋ᠢ ᠢᠷᠥᠭᠡᠨ ᠪᠡᠯᠭᠡᠳᠡᠨ᠎ᠡ᠃ 
       ᠰᠢᠷᠴᠢᠨ᠂ ᠪᠣᠭᠳᠠ ᠶ᠋ᠢᠨ ᠲᠣᠷᠭᠠᠨ ᠴᠡᠷᠢᠭ ᠲᠦ᠍ ᠬᠤᠵᠢᠷᠪᠤᠯᠤᠩ ᠠ᠋ᠴᠠ ᠰᠢᠯᠵᠢᠭᠡᠳ᠂ ᠲᠡᠨᠳᠡᠴᠡ ᠪᠠᠷᠠᠭᠤᠨ ᠬᠢᠵᠠᠭᠠᠷ ᠢ᠋ ᠲᠦᠪᠰᠢᠳᠬᠡᠨ ᠲᠣᠬᠣᠨᠢᠭᠤᠯᠬᠤ ᠴᠡᠷᠢᠭ ᠦ᠋ᠨ ᠰᠢᠯᠢᠳᠡᠭ ᠡᠷ᠎ᠡ ᠶ᠋ᠢᠨ ᠲᠣᠭᠠᠨ ᠳ᠋ᠤ᠌ ᠰᠤᠷᠭᠠᠭᠤᠯᠢ ᠪᠠᠷ ᠰᠢᠯᠭᠠᠷᠠᠨ ᠣᠷᠣᠵᠤ ᠶᠡᠬᠡᠯ᠎ᠡ ᠬᠠᠪᠤᠷᠬᠠᠨ ᠶᠠᠪᠤᠭᠰᠠᠨ ᠲᠡᠷᠡ ᠨᠢᠭᠡᠨ ᠡᠳᠦᠷ᠂ ᠡᠳᠦᠷ ᠴᠡᠯᠮᠡᠭ ᠰᠠᠢᠬᠠᠨ ᠪᠥᠭᠡᠳ ᠵᠠᠮ ᠳ᠋ᠤ᠌ ᠳᠠᠭᠠᠷᠢᠯᠳᠤᠭᠰᠠᠨ ᠮᠣᠷᠢ ᠲᠠᠢ ᠡᠷ᠎ᠡ ᠡᠮ᠎ᠡ ᠬᠥᠮᠦᠨ᠂ ᠲᠡᠷᠡ ᠠᠶᠠᠯᠠᠨ ᠶᠠᠪᠤᠵᠤ ᠶᠠᠪᠤᠭ᠎ᠠ ᠴᠡᠷᠢᠭ ᠢ᠋ ᠬᠠᠷᠠᠵᠤ ᠶᠡᠬᠡᠯ᠎ᠡ ᠪᠠᠶᠠᠷᠯᠠᠨ ᠭᠠᠢᠬᠠᠵᠤ᠂ ᠮᠣᠷᠢᠨ ᠤ᠋ ᠵᠢᠯᠣᠭᠣ ᠲᠡᠳᠡᠨ ᠵᠣᠭᠰᠣᠵᠤ᠂ ᠪᠠᠬᠠᠳᠤᠨ ᠬᠠᠷᠠᠬᠤ ᠨᠢ ᠰᠠᠢᠬᠠᠨ ᠰᠠᠨᠠᠭᠳᠠᠪᠠ᠃ ᠪᠠᠰᠠ ᠨᠠᠰᠤᠲᠠᠢ ᠨᠠᠰᠤᠲᠠᠢ ᠡᠮᠡᠭᠡᠳ ᠰᠦ ᠠᠢᠷᠠᠭ ᠢ᠋ᠶ᠋ᠠᠷ ᠰᠠᠴᠤᠨ ᠢᠷᠥᠭᠡᠬᠦ ᠨᠢ ᠤᠷᠮ᠎ᠠ ᠵᠣᠷᠢᠭ ᠪᠠᠳᠠᠷᠠᠮᠠᠷ ᠰᠠᠢᠬᠠᠨ ᠰᠠᠨᠠᠭᠳᠠᠪᠠ᠃ ᠨᠥᠬᠥᠳ ᠢ᠋ ᠬᠠᠷᠠᠪᠠᠰᠤ ᠭᠣᠶᠣ ᠰᠠᠢᠬᠠᠨ ᠬᠤᠪᠴᠠᠰᠤ ᠲᠠᠢ ᠬᠦᠳᠡᠷ ᠴᠡᠷᠢᠭ ᠦ᠋ᠨ ᠡᠷᠡᠰ᠂ ᠲᠠᠷᠭᠤᠨ ᠲᠠᠷᠭᠤᠨ ᠮᠣᠷᠢ ᠤᠨᠤᠵᠤ ᠲᠠᠰᠢᠶ᠎ᠠ ᠲᠤᠯᠤᠨ ᠶᠠᠪᠤᠬᠤ ᠨᠢ ᠦᠨᠡᠬᠡᠷ ᠡᠷᠡᠯᠬᠡᠭ ᠴᠣᠭᠲᠠᠢ ᠪᠥᠭᠡᠳ ᠡᠮᠦᠨ᠎ᠡ ᠡᠴᠡ ᠨᠢ ᠦᠯᠢᠶᠡᠬᠦ ᠨᠠᠢᠷᠲᠠᠢ ᠰᠠᠯᠬᠢᠨ᠂ ᠬᠡᠭᠡᠷ᠎ᠡ ᠶ᠋ᠢᠨ ᠰᠠᠢᠬᠠᠨ ᠡᠪᠡᠰᠦ ᠨᠣᠭᠣᠭᠠᠨ ᠤ᠋ ᠦᠨᠦᠷ ᠬᠠᠩᠬᠤᠯᠤᠨ᠂ ᠴᠣ ᠰᠢᠨᠡᠬᠡᠨ ᠲᠣᠷᠭᠠᠨ ᠲᠤᠭ ᠳᠠᠯᠪᠠᠭ᠎ᠠ ᠬᠢᠭᠢᠷᠢ ᠶ᠋ᠢᠨ ᠸᠠᠳᠠᠩ ᠢ᠋ ᠨᠠᠮᠢᠷᠠᠭᠤᠯᠬᠤ ᠨᠢ ᠰᠠᠢᠬᠠᠨ ᠦᠵᠡᠭᠳᠡᠪᠡ᠃ 
       ᠥᠷᠲᠡᠭᠡ ᠣᠢᠷᠠᠲᠤᠬᠤ ᠳᠣᠳᠣᠮ ᠤᠷᠤᠭᠰᠢᠯᠠᠭᠤᠷ ᠤᠯᠠᠭᠠᠴᠢ ᠳᠠᠪᠬᠢᠵᠤ᠂ ᠴᠡᠷᠢᠭ ᠠᠢᠰᠤᠢ ᠶ᠋ᠢ ᠮᠡᠳᠡᠭᠳᠡᠨ᠂ ᠬᠡᠭᠡᠷ᠎ᠡ ᠶ᠋ᠢᠨ ᠡᠮᠨᠢᠭ ᠮᠣᠷᠢ ᠶ᠋ᠢ ᠰᠦᠷᠦᠭ ᠰᠦᠷᠦᠭ ᠢ᠋ᠶ᠋ᠡᠷ ᠨᠢ ᠬᠤᠷᠢᠶᠠᠭᠰᠠᠨ ᠱᠠᠯᠠᠮᠠᠭᠠᠢ ᠤᠯᠠᠭᠠᠴᠢ ᠤᠷᠭᠠᠴᠢ ᠨᠠᠷ ᠴᠡᠷᠢᠭ ᠦ᠋ᠨ ᠬᠦᠷᠴᠦ ᠪᠠᠭᠤᠳᠠᠯᠯᠠᠬᠤ ᠶ᠋ᠢ ᠠᠯᠢ ᠬᠡᠳᠦᠢᠨ ᠲᠣᠰᠣᠨ ᠬᠦᠯᠢᠶᠡᠵᠦ᠂ ᠥᠷᠲᠡᠭᠡ ᠶ᠋ᠢᠨ ᠠᠷᠭᠠᠯ ᠬᠠᠩᠬᠤᠯᠤᠭᠰᠠᠨ ᠭᠡᠷ ᠲᠦ᠍ ᠡᠮᠡᠭᠲᠡᠢᠴᠦᠳ᠂ ᠲᠣᠰᠣ ᠨᠦᠮᠵᠦᠭ ᠰᠢᠩᠭᠡᠵᠦ ᠬᠦᠷᠡᠩ ᠽᠠᠨᠳᠠᠨ ᠰᠢᠭ᠋ ᠥᠩᠭᠡᠲᠡᠢ ᠪᠣᠯᠤᠭᠰᠠᠨ ᠮᠣᠳᠣᠨ ᠳᠣᠩᠪᠤᠨ ᠳ᠋ᠤ᠌ ᠴᠠᠢ ᠠᠭᠤᠳᠠᠯᠤᠨ ᠪᠤᠵᠢᠭᠢᠨᠠᠵᠤ ᠪᠠᠢᠳᠠᠭ ᠪᠠᠢᠪᠠ᠃  
       ᠤᠯᠢᠶᠠᠰᠤᠲᠠᠢ ᠬᠦᠷᠴᠦ ᠨᠤᠲᠤᠭ ᠤ᠋ᠨ ᠴᠡᠷᠢᠭ ᠨᠡᠮᠡᠨ ᠢᠷᠡᠭᠰᠡᠨ ᠳ᠋ᠦ᠍᠂ ᠤᠯᠢᠶᠠᠰᠤᠲᠠᠢ ᠶ᠋ᠢᠨ ᠮᠠᠨᠵᠤ ᠴᠡᠷᠢᠭ ᠡᠴᠡ ᠬᠣᠷᠢᠶᠠᠨ ᠠᠪᠤᠭᠰᠠᠨ ᠫᠤᠤ ᠵᠡᠪᠰᠡᠭ ᠲᠦᠭᠡᠭᠡᠵᠦ ᠥᠭᠭᠦᠭᠡᠳ ᠴᠢᠨᠠᠭᠰᠢ ᠮᠣᠷᠳᠠᠬᠤ ᠳ᠋ᠤ᠌᠂ ᠨᠤᠲᠤᠭ ᠤ᠋ᠨ ᠴᠡᠷᠢᠭ ᠦ᠋ᠨ ᠳᠤᠮᠳᠠ ᠰᠢᠷᠴᠢᠨ ᠦ᠌ ᠲᠠᠨᠢᠳᠠᠭ ᠬᠥᠮᠦᠨ ᠨᠡᠯᠢᠶᠡᠳ ᠬᠡᠳᠦ ᠭᠠᠷᠤᠭᠰᠠᠨ ᠨᠢ ᠱᠠᠮᠪᠠ ᠪᠥᠬᠡ᠂ ᠪᠠᠰᠠ《ᠣᠯᠵᠠ》 ᠣᠮᠣᠭ ᠡᠷᠢᠨ ᠬᠠᠢᠵᠤ ᠰᠢᠷᠴᠢᠨ ᠲᠡᠢ ᠬᠠᠮᠲᠤ ᠨᠡᠢᠯᠡᠨ ᠶᠠᠪᠤᠭᠠᠳ ᠬᠣᠰᠢᠭᠤ ᠲᠠᠮᠠᠭ᠎ᠠ ᠶ᠋ᠢᠨ ᠭᠠᠵᠠᠷ ᠰᠡᠭᠦᠯ ᠳ᠋ᠦ᠍ ᠮᠥᠨ ᠨᠢᠭᠡᠨ ᠠᠳᠠᠯᠢ ᠪᠠᠩᠵᠠ ᠱᠠᠬᠠᠢ ᠪᠠᠷ ᠣᠯᠵᠠ ᠶ᠋ᠢᠨ ᠦᠨ᠎ᠡ ᠶ᠋ᠢ ᠬᠤᠷᠢᠶᠠᠯᠭᠠᠭᠰᠠᠨ ᠵᠠᠷᠢᠮ ᠨᠥᠬᠥᠳ ᠨᠢ ᠮᠥᠨ ᠴᠡᠷᠢᠭ ᠲᠦ᠍ ᠮᠣᠷᠳᠠᠭᠰᠠᠨ ᠪᠠᠢᠵᠠᠢ᠃ 
       ᠤᠯᠢᠶᠠᠰᠤᠲᠠᠢ ᠠ᠋ᠴᠠ ᠴᠢᠨᠠᠭᠰᠢᠯᠠᠨ ᠮᠣᠷᠳᠠᠬᠤ ᠶ᠋ᠢᠨ ᠳᠠᠪᠠᠭᠠᠨ ᠳᠡᠭᠡᠷ᠎ᠡ ᠬᠦᠷᠢᠶᠡᠨ ᠡᠴᠡ ᠢᠷᠡᠭᠰᠡᠨ ᠡᠯᠴᠢ᠂ ᠵᠥᠪᠯᠡᠨ ᠲᠤᠰᠠᠯᠠᠬᠤ ᠰᠠᠢᠳ ᠬᠠᠢᠰᠡᠨ(ᠬᠠᠢᠱᠠᠨ) ᠢ᠋ ᠴᠠᠬᠠᠷ ᠬᠠᠷᠠᠴᠢᠨ ᠴᠡᠷᠢᠭ ᠳᠠᠭᠠᠭᠤᠯᠤᠨ ᠬᠦᠷᠢᠶᠡᠨ ᠡᠴᠡ ᠮᠣᠷᠳᠠᠬᠤ ᠶ᠋ᠢ ᠵᠠᠪᠳᠤᠨ ᠪᠣᠢ ᠮᠡᠳᠡᠭᠡ ᠶ᠋ᠢ ᠰᠣᠨᠣᠰᠬᠠᠪᠠ᠃ 
       ᠬᠣᠪᠲᠣ ᠶ᠋ᠢᠨ ᠣᠢᠷ᠎ᠠ᠂ ᠶᠡᠬᠡ ᠬᠠᠷ᠎ᠠ ᠤᠰᠤ ᠨᠠᠭᠤᠷ ᠤ᠋ᠨ ᠬᠥᠪᠡᠭᠡᠨ᠎ᠡ ᠪᠠᠭᠤᠳᠠᠯᠯᠠᠭᠰᠠᠨ ᠳ᠋ᠤ᠌᠂ ᠵᠦᠭ ᠵᠦᠭ ᠡᠴᠡ ᠨᠤᠲᠤᠭ ᠤ᠋ᠨ ᠴᠡᠷᠢᠭ ᠤᠪᠤᠨ ᠴᠤᠪᠤᠨ ᠬᠦᠷᠴᠦ ᠢᠷᠡᠵᠡᠭᠡᠨ᠂ ᠡᠵᠡᠭᠦᠢ ᠬᠡᠭᠡᠷ᠎ᠡ ᠭᠠᠵᠠᠷ ᠠᠷᠭᠠᠯ ᠤ᠋ᠨ ᠤᠲᠤᠭ᠎ᠠ ᠢᠰᠦᠨ ᠳ᠋ᠦ᠍ ᠬᠠᠷ᠎ᠠ ᠪᠣᠯᠤᠭᠰᠠᠨ ᠴᠡᠷᠢᠭ ᠦ᠋ᠨ ᠠᠰᠠᠷ ᠮᠠᠢᠬᠠᠨ᠂ ᠳᠠᠷᠤᠭ᠎ᠠ ᠨᠠᠷ ᠤ᠋ᠨ ᠭᠡᠷ ᠠᠰᠠᠷ᠂ ᠭᠡᠷ ᠦ᠋ᠨ ᠡᠮᠦᠨ᠎ᠡ ᠵᠣᠭᠣᠭᠰᠠᠨ ᠴᠡᠷᠢᠭ ᠦ᠋ᠨ ᠲᠤᠭ ᠳᠠᠯᠪᠠᠭ᠎ᠠ᠂ ᠬᠢᠭᠢᠷᠢ᠂ ᠮᠠᠨᠠᠬᠤ ᠴᠡᠷᠢᠭ ᠲᠡᠢ ᠠᠭᠲᠠ ᠣᠨᠣᠯᠭ᠎ᠠ ᠳᠦᠭᠦᠷᠴᠦ᠂ ᠲᠡᠷᠡ ᠬᠠᠪᠢ ᠭᠠᠵᠠᠷ ᠬᠥᠮᠦᠨ ᠮᠠᠯ ᠳᠦᠭᠦᠷᠪᠡ᠃ ᠴᠡᠷᠢᠭ ᠦ᠋ᠨ ᠬᠦᠷᠢᠶᠡᠨ᠎ᠡ ᠮᠣᠩᠭᠣᠯ ᠤᠯᠤᠰ ᠤ᠋ᠨ ᠪᠦᠬᠦ ᠵᠢᠷᠭᠤᠭᠠᠨ ᠠᠢᠮᠠᠭ ᠤ᠋ᠨ ᠥᠩᠭᠡ ᠥᠩᠭᠡ ᠶ᠋ᠢᠨ ᠲᠣᠷᠭᠠᠨ ᠲᠤᠭ ᠬᠡᠢᠰᠴᠦ ᠪᠠᠢᠭ᠎ᠠ ᠨᠢ ᠢᠯᠠᠭᠤᠬᠤ ᠶ᠋ᠢᠨ ᠲᠠᠷᠨᠢ᠂ ᠡᠷᠬᠡ ᠴᠢᠯᠥᠭᠡ ᠲᠤᠰᠠᠭᠠᠷ ᠲᠣᠭᠲᠠᠨᠢᠬᠤ ᠶ᠋ᠢᠨ ᠡᠷᠲᠡᠨ ᠦ᠌ ᠰᠣᠶᠣᠩᠪᠣ ᠲᠡᠮᠳᠡᠭ ᠲᠡᠢ ᠪᠥᠭᠡᠳ ᠵᠠᠩᠵᠤᠨ ᠤ᠋ ᠥᠷᠭᠥᠭᠡ ᠲᠣᠭᠣᠷᠢᠨ ᠪᠠᠭᠤᠭᠰᠠᠨ ᠴᠡᠷᠢᠭ ᠦ᠋ᠨ ᠬᠦᠷᠢᠶᠡᠨ᠎ᠡ ᠠᠢᠮᠠᠭ ᠲᠤᠰ ᠪᠦᠷᠢ ᠶ᠋ᠢᠨ ᠲᠤᠭ ᠤ᠋ᠨ ᠥᠩᠭᠡ ᠥᠭᠡᠷ᠎ᠡ ᠥᠭᠡᠷ᠎ᠡ ᠶ᠋ᠢ ᠥᠭᠦᠯᠡᠪᠡᠯ᠂ ᠲᠦᠰᠢᠶᠡᠲᠦ ᠬᠠᠨ ᠤ᠋ ᠲᠤᠭ ᠤᠯᠠᠭᠠᠨ ᠵᠠᠯᠠᠭ᠎ᠠ ᠲᠠᠢ ᠴᠠᠭᠠᠨ ᠲᠣᠷᠭᠠᠨ ᠸᠠᠳᠠᠩ ᠲᠠᠢ᠂ ᠰᠡᠴᠡᠨ ᠬᠠᠨ ᠤ᠋ ᠲᠤᠭ ᠰᠢᠷ᠎ᠠ ᠲᠣᠷᠭ᠎ᠠ᠂ ᠵᠠᠰᠠᠭᠲᠤ ᠬᠠᠨ ᠤ᠋ ᠲᠤᠭ ᠤᠯᠠᠭᠠᠨ ᠲᠣᠷᠭ᠎ᠠ᠂ ᠰᠠᠢᠨ ᠨᠣᠶᠠᠨ ᠬᠠᠨ ᠤ᠋ ᠲᠤᠭ ᠬᠥᠬᠡ ᠲᠣᠷᠭ᠎ᠠ᠂ ᠲᠥᠪᠡᠳ ᠳᠠᠯᠠᠢ ᠬᠠᠨ ᠤ᠋ ᠲᠤᠭ ᠬᠥᠪᠡᠭᠡᠲᠦ ᠴᠠᠭᠠᠨ ᠲᠣᠷᠭ᠎ᠠ᠂ ᠳᠥᠷᠪᠡᠳ ᠦ᠋ᠨ ᠦᠨᠡᠨ ᠵᠣᠷᠢᠭᠲᠤ ᠬᠠᠨ ᠤ᠋ ᠲᠤᠭ ᠬᠥᠪᠡᠭᠡᠲᠦ ᠰᠢᠷ᠎ᠠ ᠲᠤᠭ ᠠᠵᠢ᠃ ᠰᠢᠨ᠎ᠡ ᠢᠷᠡᠭᠰᠡᠨ ᠴᠡᠷᠢᠭ ᠠᠩᠭᠢ᠂ ᠲᠡᠷᠡ ᠲᠤᠭ ᠤ᠋ᠨ ᠥᠩᠭᠡ ᠪᠡᠷ ᠳᠠᠷᠤᠢ ᠥᠪᠡᠷ ᠥᠪᠡᠷ ᠦ᠋ᠨ ᠠᠢᠮᠠᠭ ᠤ᠋ᠨ ᠴᠡᠷᠢᠭ ᠦ᠋ᠨ ᠬᠦᠷᠢᠶ᠎ᠡ ᠶ᠋ᠢ ᠲᠠᠨᠢᠨ ᠣᠯᠬᠤ ᠪᠥᠯᠥᠭᠡ᠃  
       ᠣᠯᠠᠨ ᠬᠤᠰᠢᠭᠤᠨ ᠤ᠋ ᠴᠡᠷᠢᠭ ᠨᠡᠢᠯᠡᠭᠰᠡᠨ ᠨᠢ ᠳᠥᠷᠪᠡᠳ᠂ ᠲᠣᠷᠭᠤᠳ᠂ ᠬᠠᠯᠬ᠎ᠠ᠂ ᠰᠣᠶᠣᠳ᠂ ᠰᠥᠨᠢᠳ᠂ ᠪᠠᠷᠭᠤ᠂ ᠵᠠᠬᠠᠴᠢᠨ᠂ ᠰᠣᠯᠣᠨ᠂ ᠬᠠᠷᠠᠴᠢᠨ᠂ ᠴᠠᠬᠠᠷ᠂ ᠪᠠᠭᠠᠷᠢᠨ᠂ ᠨᠠᠢ᠍ᠮᠠᠨ᠂ ᠵᠠᠯᠠᠢᠷ᠂ ᠭᠣᠷᠯᠣᠰ ᠴᠡᠷᠢᠭ ᠴᠥᠮ ᠣᠪᠣᠭ ᠣᠪᠣᠭ ᠢ᠋ᠶ᠋ᠠᠷ ᠪᠥᠭᠡᠮᠨᠡᠷᠡᠨ ᠵᠠᠩᠵᠤᠨ ᠤ᠋ ᠥᠷᠭᠥᠭᠡ ᠲᠣᠭᠣᠷᠢᠨ ᠬᠦᠷᠢᠶ᠎ᠡ ᠬᠦᠷᠢᠶ᠎ᠡ ᠪᠡᠷ ᠪᠠᠭᠤᠵᠠᠢ᠃ 
       ᠰᠢᠷᠴᠢᠨ᠂ ᠴᠡᠷᠢᠭ ᠦ᠋ᠨ ᠭᠠᠯ ᠢ᠋ ᠡᠷᠭᠢᠵᠦ ᠦᠵᠡᠬᠦ ᠳ᠋ᠡᠭᠡᠨ᠂ ᠭᠠᠵᠠᠷ ᠭᠠᠵᠠᠷ ᠤ᠋ᠨ᠂ ᠣᠪᠣᠭ ᠣᠪᠣᠭ ᠤ᠋ᠨ ᠴᠡᠷᠢᠭ ᠦ᠋ᠨ ᠬᠤᠪᠴᠠᠰᠤ ᠬᠤᠨᠠᠷ ᠶᠠᠩᠵᠤ ᠶᠠᠩᠵᠤ ᠪᠠᠢᠭ᠎ᠠ ᠶ᠋ᠢ ᠭᠠᠢᠬᠠᠨ ᠦᠵᠡᠪᠡᠰᠦ᠂ ᠬᠥᠪᠴᠢ ᠶ᠋ᠢᠨ ᠠᠩᠭᠤᠴᠢᠨ ᠴᠡᠷᠢᠭ ᠣᠢ ᠬᠥᠪᠴᠢ ᠶ᠋ᠢᠨ ᠰᠢᠷᠢᠯᠳᠦᠮ᠎ᠡ ᠵᠤᠵᠠᠭᠠᠨ ᠳ᠋ᠤ᠌ ᠶᠠᠪᠤᠬᠤ ᠬᠥᠳᠡᠯᠬᠦ ᠳ᠋ᠦ᠍ ᠳᠥᠭᠥᠮ ᠲᠡᠢ ᠪᠣᠭᠣᠨᠢ ᠬᠣᠷᠮᠣᠢ ᠲᠠᠢ᠂ ᠰᠠᠭᠠᠷ ᠰᠠᠷᠮᠠᠢ ᠳᠡᠪᠡᠯ ᠲᠡᠢ ᠪᠥᠭᠡᠳ ᠥᠪᠡᠷᠰᠡᠳ ᠦ᠋ᠨ ᠬᠢᠭᠰᠡᠨ ᠬᠢᠲᠤᠭ᠎ᠠ ᠶ᠋ᠢ ᠮᠣᠳᠣᠨ ᠬᠤᠢ ᠳ᠋ᠤ᠌ ᠵᠡᠭᠦᠭᠰᠡᠨ ᠨᠢ ᠬᠢᠴᠡ ᠪᠠᠷᠤᠭ ᠪᠦᠳᠦᠭᠦᠨ᠂ ᠬᠠᠭᠤᠴᠢᠨ ᠡᠮᠡᠭᠡᠯ ᠨᠢ ᠦᠵᠡᠮᠵᠢ ᠮᠠᠭᠤᠲᠠᠢ᠂ ᠬᠥᠩᠭᠡᠨ ᠴᠠᠬᠢᠭᠤᠷ ᠫᠤᠤ ᠳ᠋ᠠᠭᠠᠨ ᠬᠤᠰᠤ ᠪᠠᠷ ᠥᠪᠡᠷᠰᠡᠳ ᠢ᠋ᠶ᠋ᠡᠨ ᠪᠥᠭᠰᠡ ᠮᠣᠳᠣ ᠬᠢᠭᠰᠡᠨ ᠨᠢ ᠨᠢᠮᠭᠡᠬᠡᠨ᠂ ᠰᠦᠷ ᠮᠠᠭᠤ ᠲᠠᠢ ᠮᠡᠲᠦ ᠦᠵᠡᠭᠳᠡᠨ᠂ ᠬᠤᠢ ᠬᠤᠢ ᠴᠡᠷᠢᠭ ᠦ᠋ᠨ ᠴᠠᠭᠠᠨ ᠮᠠᠯᠠᠭᠠᠢ ᠠᠳᠠᠯᠢ ᠲᠣᠯᠣᠭᠠᠢ ᠪᠠᠨ ᠬᠠᠷ᠎ᠠ ᠠᠯᠴᠢᠭᠤᠷ ᠢ᠋ᠶ᠋ᠠᠷ ᠣᠷᠢᠶᠠᠭᠰᠠᠨ᠂ ᠬᠣᠷᠭᠣᠢ ᠡᠮᠵᠢᠶᠡᠷ (ᠡᠮᠵᠢᠶᠡᠷᠢ) ᠲᠡᠢ ᠬᠣᠷᠮᠣᠭᠴᠢ ᠵᠡᠭᠦᠭᠰᠡᠨ᠂ ᠣᠯᠵᠠ ᠣᠮᠣᠭ ᠲᠤ᠌ ᠰᠢᠨᠤᠭ ᠳᠤᠷ᠎ᠠ ᠲᠠᠢ ᠴᠠᠬᠠᠷ ᠮᠣᠷᠢᠨ ᠴᠡᠷᠢᠭ ᠦ᠋ᠨ ᠵᠡᠭᠦᠵᠦ ᠶᠠᠪᠤᠭᠰᠠᠨ ᠭᠧᠷᠮᠠᠨ ᠸᠢᠨᠲ᠋ᠣᠸ᠂ ᠮᠣᠳᠣᠨ ᠬᠣᠢᠲᠠᠢ ᠮᠠᠦ᠋ᠽᠧᠷ ᠨᠢ ᠭᠢᠯᠠᠯᠵᠠᠭᠰᠠᠨ ᠮᠥᠩᠭᠥᠨ ᠴᠢᠮᠡᠭ ᠲᠣᠨᠣᠭ ᠲᠠᠢ ᠪᠥᠭᠡᠳ ᠲᠣᠬᠣᠬᠤ ᠡᠮᠡᠭᠡᠯ ᠬᠠᠵᠠᠭᠠᠷ᠂ ᠬᠢᠲᠤᠭ᠎ᠠ ᠰᠡᠯᠡᠮ᠎ᠡ ᠴᠥᠮ ᠴᠠᠭᠠᠨ ᠮᠥᠩᠭᠥᠨ ᠴᠢᠮᠡᠭ ᠲᠡᠢ ᠲᠤᠯᠠ ᠬᠤᠰᠢᠭᠤᠨ ᠠ᠋ᠴᠠ ᠢᠷᠡᠭᠰᠡᠨ ᠨᠤᠲᠤᠭ ᠤ᠋ᠨ ᠴᠡᠷᠢᠭ ᠡᠴᠡ ᠪᠠᠢᠳᠠᠯ ᠲᠠᠰᠤᠷᠬᠠᠢ ᠥᠭᠡᠷ᠎ᠡ᠃ ᠨᠤᠲᠤᠭ ᠤ᠋ᠨ ᠴᠡᠷᠢᠭ ᠲᠡᠷᠡ ᠨᠣᠭᠣᠭᠠᠨ * ᠰᠢᠭᠤᠢ ᠶ᠋ᠢᠨ ᠰᠠᠢᠨ ᠡᠷᠡᠰ ᠦ᠋ᠨ ᠬᠡᠪᠵᠡᠭ ᠬᠡᠪᠯᠡᠭᠦᠨ ᠵᠠᠩ ᠲᠠᠢ ᠶ᠋ᠢ ᠨᠢ ᠭᠠᠢᠬᠠᠨ ᠬᠠᠷᠠᠳᠠᠭ ᠪᠠᠢᠪᠠ᠃ 
       ᠨᠢᠭᠡᠨ ᠡᠳᠦᠷ ᠳᠠᠮᠳᠢᠨᠰᠦ᠋ᠷᠦᠩ ᠮᠠᠭᠰᠤᠷᠵᠠᠪ ᠬᠣᠶᠠᠷ ᠰᠠᠢᠳ ᠢ᠋ ᠬᠣᠪᠲᠣ ᠶ᠋ᠢᠨ ᠴᠠᠢᠵᠠ ᠶ᠋ᠢᠨ ᠣᠷᠴᠢᠨ ᠲᠣᠭᠣᠷᠢᠨ ᠤ᠋ ᠭᠠᠵᠠᠷ ᠢ᠋ ᠵᠠᠩᠰᠢᠯᠠᠨ ** ᠶᠠᠪᠤᠵᠤ ᠢᠷᠡᠭᠰᠡᠨ ᠬᠣᠢᠨ᠎ᠠ ᠰᠢᠷᠴᠢᠨ᠂ ᠶᠣᠢᠯᠠᠬᠤ ᠪᠠᠷᠬᠢᠷᠠᠬᠤ ᠳᠠᠭᠤᠨ ᠰᠣᠨᠣᠰᠴᠠᠢ᠃ ᠬᠣᠶᠠᠷ ᠰᠠᠢᠳ ᠤ᠋ᠨ ᠣᠯᠵᠠᠯᠠᠨ ᠪᠠᠷᠢᠵᠤ ᠢᠷᠡᠭᠡᠳ ᠪᠠᠢᠴᠠᠭᠠᠵᠤ ᠪᠠᠢᠭ᠎ᠠ ᠬᠣᠶᠠᠷ ᠮᠠᠨᠵᠤ ᠴᠡᠷᠢᠭ ᠦ᠋ᠨ ᠨᠣᠶᠠᠨ ᠢ᠋ ᠦᠵᠡᠯ᠎ᠡ᠃ ᠮᠣᠩᠭᠣᠯ ᠵᠠᠩᠵᠤᠨ᠂ ᠲᠡᠷᠡ ᠬᠣᠶᠠᠷ ᠮᠠᠨᠵᠤ ᠴᠡᠷᠢᠭ ᠦ᠋ᠨ ᠨᠣᠶᠠᠨ ᠢ᠋ ᠡᠷᠡᠭᠦᠦ ᠬᠥᠳᠡᠯᠭᠡᠨ ᠪᠠᠢᠴᠠᠭᠠᠵᠤ ᠳᠠᠢᠰᠤᠨ ᠤ᠋ ᠴᠡᠷᠢᠭ ᠦ᠋ᠨ ᠬᠦᠴᠦᠨ᠂ ᠰᠠᠨᠠᠭ᠎ᠠ ᠪᠣᠳᠣᠯᠭ᠎ᠠ ᠶ᠋ᠢ ᠠᠰᠠᠭᠤᠵᠤ ᠪᠠᠢᠭᠰᠠᠨ ᠨᠢ ᠲᠡᠷᠡ ᠮᠠᠨᠵᠤ ᠨᠠᠷ ᠤ᠋ᠨ ᠴᠢᠷᠠᠢ᠂ ᠡᠷᠡᠭᠦᠦ ᠬᠣᠣᠷ ᠬᠦᠯᠢᠶᠡᠵᠦ ᠠᠶᠤᠨ ᠵᠣᠪᠠᠭᠰᠠᠨ ᠢ᠋ᠶ᠋ᠠᠷ ᠦᠨᠡᠰᠦᠨ ᠬᠥᠬᠡ ᠪᠣᠯᠤᠭᠰᠠᠨ ᠢ᠋ ᠰᠢᠷᠴᠢᠨ ᠦᠵᠡᠭᠡᠳ᠂ ᠳᠣᠲᠣᠷ᠎ᠠ ᠶᠡᠬᠡᠯ᠎ᠡ ᠠᠶ᠎ᠠ ᠦᠭᠡᠢ ᠪᠣᠯᠪᠠ᠃ ᠮᠠᠢᠬᠠᠨ ᠳ᠋ᠠᠭᠠᠨ ᠶᠠᠭᠠᠷᠠᠨ ᠪᠤᠴᠠᠲᠠᠯ᠎ᠠ᠂ ᠱᠠᠮᠪᠠ ᠪᠥᠬᠡ ᠳᠠᠭᠠᠷᠢᠯᠳᠤᠵᠤ (ᠲᠠᠭᠠᠷᠠᠯᠳᠤᠵᠤ) ᠰᠢᠷᠴᠢᠨ ᠦ᠌ ᠰᠠᠨᠳᠤᠷᠤᠨ ᠰᠣᠴᠢᠭᠰᠠᠨ ᠤᠴᠢᠷ ᠢ᠋ ᠠᠰᠠᠭᠤᠭᠠᠳ᠂ ᠲᠣᠭᠣᠮᠰᠠᠷ ᠦᠭᠡᠢ ᠥᠭᠦᠯᠡᠷᠦᠨ᠄  
       — ᠴᠢ᠂ ᠲᠡᠷᠡ ᠮᠠᠨᠵᠤ ᠨᠣᠶᠠᠨ ᠢ᠋ ᠦᠷᠦ ᠡᠪᠡᠳᠦᠨ ᠬᠠᠢᠷᠠᠯᠠᠵᠤ ᠶᠠᠭᠤ ᠬᠢᠬᠦ ᠪᠣᠢ? ᠶᠡᠷᠦ ᠶ᠋ᠢᠨ ᠴᠠᠭ ᠲᠤ᠌ ᠮᠠᠨᠵᠤ ᠨᠠᠷ ᠪᠢᠳᠡᠨ ᠢ᠋ ᠬᠡᠴᠢᠨᠡᠨ ᠳᠠᠷᠤᠯᠠᠵᠤ ᠪᠠᠢᠭᠰᠠᠨ ᠪᠢᠯᠡ? ᠮᠠᠨᠠᠢ ᠬᠣᠶᠠᠷ ᠡᠯᠴᠢ ᠶ᠋ᠢ ᠡᠷᠡᠭᠦᠦ ᠲᠤᠯᠭᠠᠵᠤ ᠲᠤᠯᠭᠠᠵᠤ᠂ ᠠᠮᠢᠳᠤ ᠪᠠᠷ ᠨᠢ ᠲᠣᠰᠣ ᠲᠠᠢ ᠲᠣᠭᠣᠭᠠᠨ ᠳ᠋ᠤ᠌ ᠴᠢᠨᠠᠵᠤ ᠠᠯᠠᠭᠰᠠᠨ ᠢ᠋ ᠴᠢ ᠮᠠᠷᠲᠠᠪᠠᠤ(ᠮᠠᠷᠲᠠᠪᠠ ᠤᠤ)? ᠡᠨᠡ ᠮᠠᠨᠵᠤ ᠨᠠᠷ ᠢ᠋ ᠪᠠᠢᠴᠠᠭᠠᠨ ᠠᠰᠠᠭᠤᠭᠠᠳ ᠠᠯᠠᠬᠤ ᠠ᠋ᠴᠠ ᠪᠢᠰᠢ᠂ ᠮᠠᠨᠠᠢᠬᠢᠨ(ᠮᠠᠨ ᠤ᠋ ᠬᠢᠨ) ᠦ᠌ ᠡᠯᠴᠢ ᠶ᠋ᠢ ᠮᠠᠨᠵᠤ ᠨᠠᠷ ᠤ᠋ᠨ ᠲᠠᠮᠤᠯᠠᠭᠰᠠᠨ ᠲᠠᠢ ᠠᠳᠠᠯᠢ ᠵᠣᠪᠠᠭᠠᠨ ᠲᠠᠷᠴᠢᠯᠠᠭᠠᠬᠤ ᠦᠭᠡᠢ᠁ ᠴᠢ ᠬᠡᠷᠪᠡ ᠲᠡᠢᠮᠦ ᠵᠥᠭᠡᠯᠡᠨ ᠰᠡᠳᠬᠢᠯ ᠲᠡᠢ᠂ ᠨᠢᠮᠭᠡᠨ ᠥᠷᠦᠲᠡᠢ ᠶᠦᠮ ᠪᠣᠯ᠂ ᠯᠠᠮᠠ ᠪᠣᠯᠬᠤ ᠦᠭᠡᠢ ᠶᠠᠭᠠᠬᠢᠬᠤ ᠭᠡᠵᠦ ᠴᠡᠷᠢᠭ ᠪᠣᠯᠤᠭᠰᠠᠨ ᠪᠢᠯᠡ? ᠭᠡᠵᠡᠢ᠃ 
       ᠣᠯᠵᠠᠯᠠᠭᠳᠠᠭᠰᠠᠨ ᠮᠠᠨᠵᠤ ᠨᠠᠷ ᠢ᠋ ᠪᠠᠢᠴᠠᠭᠠᠨ ᠠᠰᠠᠭᠤᠪᠠᠯ᠂ ᠶᠡᠬᠡ ᠬᠠᠷ᠎ᠠ ᠤᠰᠤ ᠨᠠᠭᠤᠷ ᠤ᠋ᠨ ᠳᠡᠷᠭᠡᠳᠡ ᠪᠠᠭᠤᠭᠰᠠᠨ ᠮᠣᠩᠭᠣᠯ ᠴᠡᠷᠢᠭ ᠦ᠋ᠨ ᠬᠦᠷᠢᠶᠡᠨ ᠳ᠋ᠦ᠍ ᠣᠯᠠᠨ ᠬᠤᠰᠢᠭᠤᠨ ᠤ᠋ ᠴᠡᠷᠢᠭ ᠴᠤᠭᠯᠠᠵᠤ ᠭᠦᠢᠴᠡᠬᠦ ᠶ᠋ᠢᠨ ᠡᠮᠦᠨ᠎ᠡ ᠮᠠᠨᠵᠤ ᠠᠮᠪᠠᠨ ᠰᠠᠮ ᠳᠠᠭᠠᠷᠢᠨ ᠪᠠᠢᠯᠳᠤᠬᠤ ᠶ᠋ᠢ ᠵᠠᠪᠳᠤᠨ ᠪᠣᠢ ᠲᠤᠯᠠ᠂ ᠰᠠᠢᠳ ᠤ᠋ᠳ ᠴᠡᠷᠢᠭ ᠢ᠋ ᠰᠠᠮᠪᠠᠭᠠᠴᠢᠯᠠᠨ ᠬᠥᠳᠡᠯᠭᠡᠵᠦ᠂ ᠬᠣᠪᠲᠣ ᠶ᠋ᠢ ᠪᠦᠰᠡᠯᠡᠨ ᠬᠠᠭᠠᠬᠤ ᠲᠤᠰᠢᠶᠠᠯ ᠥᠭᠴᠦ᠂ ᠴᠡᠷᠢᠭ ᠬᠥᠳᠡᠯᠬᠦ ᠦᠶᠡᠰ ᠰᠢᠷᠴᠢᠨ᠂ ᠥᠨᠥᠬᠢ ᠬᠣᠶᠠᠷ ᠮᠠᠨᠵᠤ ᠶ᠋ᠢ ᠲᠠᠰᠤ ᠪᠠᠭᠯᠠᠵᠤ ᠲᠡᠮᠡᠭᠡᠨ ᠳ᠋ᠦ᠍ ᠠᠴᠢᠭᠠᠳ ᠶᠡᠬᠡ ᠴᠡᠷᠢᠭ ᠦ᠋ᠨ ᠠᠴᠢᠶᠠᠨ ᠳ᠋ᠤ᠌ ᠠᠪᠴᠤ ᠶᠠᠪᠤᠭᠰᠠᠨ ᠢ᠋ ᠦᠵᠡᠪᠡ᠃ 
       ᠮᠣᠩᠭᠣᠯ ᠴᠡᠷᠢᠭ ᠦ᠋ᠨ ᠤᠷᠤᠭᠰᠢᠯᠠᠭᠤᠷ ᠠᠩᠭᠢ᠂ ᠬᠡᠭᠡᠷ᠎ᠡ ᠪᠠᠢᠭᠰᠠᠨ ᠮᠠᠨᠵᠤ ᠶ᠋ᠢᠨ ᠠᠲᠠᠨ ᠲᠡᠮᠡᠭᠡ ᠶ᠋ᠢ ᠴᠥᠮ ᠣᠯᠵᠠᠯᠠᠵᠤ ᠨᠢᠭᠡ ᠳ᠋ᠦ᠍ ᠨᠢᠭᠡᠨ ᠦᠭᠡᠢ ᠬᠣᠷᠢᠶᠠᠨ ᠠᠪᠤᠪᠠ᠃ ᠬᠣᠪᠲᠣ ᠳ᠋ᠤ᠌ ᠣᠢᠷᠠᠲᠤᠪᠠᠯ(ᠣᠢᠷᠠᠳᠪᠠᠯ)᠂ ᠰᠠᠩ ᠤ᠋ᠨ ᠬᠣᠲᠠ ᠴᠠᠢᠵᠠ ᠠ᠋ᠴᠠ ᠮᠠᠨᠵᠤ ᠴᠡᠷᠢᠭ ᠪᠠᠭ ᠪᠠᠭ ᠢ᠋ᠶ᠋ᠠᠷ ᠵᠢᠭᠰᠠᠵᠤ᠂ ᠮᠣᠩᠭᠣᠯ ᠴᠡᠷᠢᠭ ᠲᠡᠢ ᠪᠠᠢᠯᠳᠤᠷ᠎ᠠ ᠭᠠᠷᠴᠤ ᠶᠠᠪᠤᠭ᠎ᠠ ᠶ᠋ᠢ ᠬᠠᠷᠠᠵᠤ᠂ ᠮᠣᠩᠭᠣᠯ ᠴᠡᠷᠢᠭ ᠦ᠋ᠨ ᠤᠷᠤᠭᠰᠢᠯᠠᠭᠤᠷ ᠪᠠᠭ ᠢ᠋ ᠮᠠᠨᠵᠤ ᠨᠠᠷ ᠲᠠᠢ ᠫᠤᠤᠳᠠᠯᠴᠠᠬᠤ ᠵᠠᠪᠰᠠᠷ᠂ ᠪᠤᠰᠤᠳ ᠴᠡᠷᠢᠭ ᠬᠣᠪᠲᠣ ᠶ᠋ᠢᠨ ᠴᠠᠢᠵᠠ ᠶ᠋ᠢ ᠵᠦᠭ ᠵᠦᠭ ᠡᠴᠡ ᠪᠦᠰᠡᠯᠡᠵᠦ ᠡᠬᠢᠯᠡᠪᠡ᠃ ᠮᠠᠨᠵᠤ ᠨᠠᠷ᠂ ᠮᠣᠩᠭᠣᠯ ᠤ᠋ᠨ ᠮᠣᠷᠢᠲᠤ ᠴᠡᠷᠢᠭ ᠪᠦᠰᠡᠯᠡᠨ ᠲᠠᠪᠰᠢᠬᠤ ᠶ᠋ᠢ ᠦᠵᠡᠭᠡᠳ ᠶᠠᠭᠠᠷᠠᠨ ᠰᠠᠨᠳᠤᠷᠤᠨ ᠰᠠᠩ ᠤ᠋ᠨ ᠬᠣᠲᠠᠨ᠎ᠠ ᠡᠷᠭᠢᠵᠦ ᠬᠣᠷᠭᠣᠳᠠᠪᠠ᠃ 
       
— — — — 
 * ᠶᠠᠶᠢ ᠭᠡᠵᠦ ᠶᠠᠮᠤᠨ ᠤ᠋ ᠳᠣᠣᠷᠠᠲᠤ ᠠᠯᠪᠠᠨ ᠤ᠋ ᠬᠥᠮᠦᠨ᠃ ᠲᠦᠰᠢᠮᠡᠯ ᠦ᠋ᠨ ᠲᠤᠰᠢᠶᠠᠯ ᠢ᠋ ᠭᠦᠢᠴᠡᠳᠬᠡᠬᠦ ᠬᠥᠮᠦᠨ᠃ 
 * ᠨᠣᠭᠣᠭᠠᠨ ᠰᠢᠭᠤᠢ ᠶ᠋ᠢᠨ ᠰᠠᠢᠨ ᠡᠷ᠎ᠡ ᠭᠡᠵᠦ᠂ ᠣᠯᠵᠠ ᠣᠮᠣᠭ ᠲᠤ᠌ ᠰᠢᠨᠤᠬᠠᠢ ᠳᠡᠭᠡᠷᠡᠮᠴᠢᠨ ᠡᠷ᠎ᠡ ᠶ᠋ᠢ ᠥᠭᠦᠯᠡᠬᠦ ᠠᠵᠤᠭᠤ᠃ 
 * * ᠵᠠᠩᠰᠢᠯᠠᠬᠤ ᠭᠡᠵᠦ ᠪᠠᠢᠳᠠᠯ ᠢ᠋ ᠲᠠᠩᠨᠠᠨ ᠮᠡᠳᠡᠬᠦ ᠭᠡᠰᠡᠨ ᠦᠭᠡ᠃   

       ᠮᠣᠩᠭᠣᠯ ᠴᠡᠷᠢᠭ ᠴᠠᠢᠵᠠ ᠶ᠋ᠢ ᠪᠦᠰᠡᠯᠡᠨ ᠬᠠᠭᠠᠪᠠ᠃ ᠴᠡᠷᠢᠭ ᠦ᠋ᠨ ᠵᠠᠩᠵᠤᠨ ᠰᠠᠢᠳ ᠤ᠋ᠳ᠂ ᠴᠡᠷᠢᠭ ᠢ᠋ ᠳᠠᠢᠰᠤᠨ ᠤ᠋ ᠫᠤᠤ ᠶ᠋ᠢᠨ ᠰᠤᠮᠤ ᠦᠯᠦ ᠲᠤᠰᠬᠤ ᠭᠠᠵᠠᠷ ᠬᠤᠸᠠᠷᠠᠩᠨᠠᠨ ᠪᠠᠭᠤᠯᠭᠠᠵᠤ᠂ ᠭᠠᠳᠠᠨ᠎ᠠ ᠠ᠋ᠴᠠ ᠨᠡᠪᠲᠡᠷᠡᠨ ᠣᠷᠣᠬᠤ ᠵᠠᠮ ᠰᠦᠪᠡ ᠶ᠋ᠢ ᠲᠣᠰᠣᠨ ᠬᠠᠭᠠᠪᠠ᠃ ᠰᠠᠩ ᠤ᠋ᠨ ᠬᠣᠲᠠ ᠶ᠋ᠢ ᠲᠣᠭᠣᠷᠢᠭᠰᠠᠨ ᠤᠰᠤ ᠲᠠᠢ ᠭᠣᠣ᠂ ᠬᠣᠶᠠᠷ ᠬᠠᠰᠠᠭ ᠲᠡᠷᠭᠡ ᠵᠥᠷᠢᠵᠦ ᠪᠣᠯᠬᠤ ᠰᠢᠪᠠᠷ ᠴᠣᠭᠴᠠᠯᠠᠭᠰᠠᠨ ᠥᠨᠳᠥᠷ ᠬᠡᠷᠡᠮ ᠢ᠋ ᠲᠣᠭᠣᠷᠢᠨ ᠪᠦᠰᠡᠯᠡᠭᠰᠡᠨ ᠬᠥᠩᠭᠡᠨ ᠵᠡᠪᠰᠡᠭᠲᠦ ᠮᠣᠷᠢᠨ ᠴᠡᠷᠢᠭ ᠬᠠᠷᠠᠬᠠᠨ ᠪᠠᠢᠯᠳᠤᠨ ᠡᠵᠡᠯᠡᠵᠦ ᠪᠣᠯᠤᠮ᠎ᠠ ᠦᠭᠡᠢ ᠲᠤᠯᠠ᠂ ᠡᠳᠦᠷ ᠭᠠᠭᠴᠠ ᠨᠢᠭᠡᠨ ᠮᠡᠷᠭᠡᠨ ᠫᠤᠤᠴᠢ ᠨᠠᠷ᠂ ᠪᠡᠶ᠎ᠡ ᠶ᠋ᠢ ᠨᠢᠭᠤᠨ ᠳᠠᠯᠳᠠᠯᠠᠵᠤ ᠬᠡᠷᠡᠮ ᠦ᠋ᠨ ᠬᠠᠢᠰᠠᠩ ᠤ᠋ᠨ ᠵᠠᠪᠰᠠᠷ ᠢ᠋ᠶ᠋ᠠᠷ ᠦᠵᠡᠭᠳᠡᠬᠦ ᠮᠠᠨᠵᠤ ᠴᠡᠷᠢᠭ ᠢ᠋ ᠲᠣᠰᠣᠨ ᠫᠤᠤᠳᠠᠵᠤ ᠰᠥᠨᠥᠭᠡᠬᠦ ᠪᠣᠯᠪᠠ᠃ ᠰᠥᠨᠢ ᠪᠠᠭ ᠪᠦᠬᠦᠨ ᠡᠴᠡ ᠲᠣᠮᠢᠯᠠᠨ ᠭᠠᠷᠭᠠᠭᠰᠠᠨ ᠴᠡᠷᠢᠭ᠂ ᠡᠨᠳᠡ ᠲᠡᠨᠳᠡ ᠡᠴᠡ ᠫᠤᠤᠳᠠᠵᠤ ᠮᠠᠨᠵᠤ ᠨᠠᠷ ᠢ᠋ ᠰᠠᠨᠳᠤᠷᠭᠠᠨ ᠳᠦᠢᠪᠡᠭᠡᠵᠦ᠂ ᠰᠤᠮᠤ ᠶ᠋ᠢ ᠪᠠᠷᠠᠭᠳᠠᠭᠤᠯᠬᠤ ᠠᠷᠭ᠎ᠠ ᠬᠡᠷᠡᠭᠯᠡᠪᠡ᠃ ᠫᠤᠤ ᠲᠠᠢ ᠵᠡᠪᠰᠡᠭ ᠢ᠋ᠶ᠋ᠡᠷ ᠲᠦᠰᠢᠭ ᠬᠢᠭᠰᠡᠨ ᠨᠤᠮᠤ ᠰᠤᠮᠤ ᠲᠠᠢ ᠴᠡᠷᠢᠭ᠂ ᠰᠥᠨᠢ ᠶ᠋ᠢᠨ ᠬᠠᠷᠠᠩᠭᠤᠢ ᠳ᠋ᠤ᠌ ᠴᠠᠢᠵᠠ ᠶ᠋ᠢᠨ ᠬᠡᠷᠡᠮ ᠦ᠋ᠨ ᠣᠢᠷ᠎ᠠ ᠰᠠᠮ ᠣᠴᠢᠵᠤ᠂ ᠳᠣᠣᠷ᠎ᠠ ᠠ᠋ᠴᠠ ᠬᠡᠷᠡᠮ ᠥᠭᠡᠳᠡ ᠬᠠᠷᠠᠬᠤ ᠦᠶᠡᠰ᠂ ᠮᠠᠨᠵᠤ ᠴᠡᠷᠢᠭ᠂ ᠰᠥᠨᠢ ᠶ᠋ᠢᠨ ᠲᠩᠷᠢ ᠳ᠋ᠦ᠍ ᠣᠳᠣᠨ ᠢ᠋ ᠬᠠᠯᠬᠠᠯᠠᠨ ᠪᠦᠷᠦᠯᠵᠡᠵᠦ ᠦᠵᠡᠭᠳᠡᠬᠦ ᠪᠦᠷᠢ ᠬᠠᠷᠪᠤᠨ ᠤᠨᠠᠭᠠᠬᠤ ᠪᠥᠯᠥᠭᠡ᠃ ᠬᠥᠪᠴᠢ ᠶ᠋ᠢᠨ ᠠᠩᠴᠢᠨ ᠰᠤᠶᠤᠤᠨ ᠰᠠᠮ ᠮᠡᠷᠢᠶᠡᠨ ᠣᠴᠢᠵᠤ᠂ ᠪᠢᠷᠳᠠᠩ ᠫᠤᠤ ᠲᠠᠢ ᠴᠡᠷᠢᠭ ᠦ᠋ᠨ ᠫᠤᠤᠳᠠᠬᠤ ᠳ᠋ᠤ᠌ ᠬᠠᠷᠢᠭᠤ ᠫᠤᠤᠳᠠᠬᠤ ᠮᠠᠨᠵᠤ ᠴᠡᠷᠢᠭ ᠦ᠋ᠨ ᠫᠤᠤ ᠶ᠋ᠢᠨ ᠭᠠᠯ ᠢ᠋ᠶ᠋ᠠᠷ ᠪᠠᠷᠢᠮᠵᠢᠶ᠎ᠠ ᠬᠢᠵᠦ᠂ ᠮᠠᠨᠵᠤ ᠴᠡᠷᠢᠭ ᠢ᠋ ᠭᠠᠭᠴᠠ ᠨᠢᠭᠡ ᠪᠡᠷ ᠨᠢ ᠲᠡᠭᠦᠵᠦ ᠰᠥᠨᠥᠭᠡᠬᠦ ᠪᠣᠯᠪᠠ᠃  
       ᠲᠡᠢᠨᠬᠦ ᠴᠠᠢᠵᠠ ᠶ᠋ᠢ ᠪᠦᠰᠡᠯᠡᠨ ᠬᠠᠭᠠᠵᠤ ᠡᠳᠦᠷ ᠥᠩᠭᠡᠷᠡᠭᠦᠯᠦᠨ ᠨᠡᠯᠢᠶᠡᠳ ᠤᠳᠠᠪᠠ᠃ ᠨᠢᠭᠡᠨ ᠡᠳᠦᠷ ᠲᠠ᠊ ᠵᠠᠩᠵᠤᠨ᠂ ᠮᠠᠨᠵᠤ ᠴᠡᠷᠢᠭ ᠦ᠋ᠨ ᠲᠡᠮᠡᠭᠡ ᠡᠴᠡ ᠠᠯᠢ ᠬᠥᠭᠰᠢᠨ ᠮᠠᠭᠤ ᠶ᠋ᠢ ᠢᠯᠭᠠᠭᠤᠯᠵᠤ᠂ ᠰᠥᠨᠢ ᠶ᠋ᠢᠨ ᠬᠠᠷᠠᠩᠭᠤᠢ᠂ ᠰᠠᠩ ᠤ᠋ᠨ ᠬᠣᠲᠠᠨ ᠤ᠋ ᠵᠦᠭ ᠳᠥᠷᠪᠡᠨ ᠲᠠᠯ᠎ᠠ ᠠ᠋ᠴᠠ ᠳᠠᠭᠤᠯᠭᠠᠭᠰᠠᠨ ᠳ᠋ᠤ᠌᠂ ᠲᠡᠮᠡᠭᠡ ᠶ᠋ᠢ ᠴᠠᠢᠵᠠ ᠶ᠋ᠢᠨ ᠬᠡᠷᠡᠮ ᠦ᠋ᠨ ᠣᠢᠷ᠎ᠠ ᠬᠦᠷᠴᠦ ᠢᠷᠡᠮᠡᠭᠴᠡ ᠮᠠᠨᠵᠤ ᠨᠠᠷ᠂ ᠮᠣᠩᠭᠣᠯ ᠴᠡᠷᠢᠭ ᠴᠠᠢᠵᠠ ᠬᠠᠷᠠᠢᠬᠤ ᠭᠡᠵᠦ ᠢᠷᠡᠪᠡ ᠭᠡᠵᠦ ᠶᠡᠬᠡᠯ᠎ᠡ ᠫᠤᠤᠳᠠᠪᠠ᠃ 
       ᠰᠤᠮᠤ ᠲᠣᠰᠴᠤ ᠰᠢᠷᠬ᠎ᠠ ᠣᠯᠤᠭᠰᠠᠨ ᠲᠡᠮᠡᠭᠡ ᠪᠤᠢᠯᠠᠬᠤ᠂ ᠮᠠᠨᠵᠤ ᠴᠡᠷᠢᠭ ᠦ᠋ᠨ ᠬᠡᠷᠡᠮ ᠦ᠋ᠨ ᠳᠡᠭᠡᠷ᠎ᠡ ᠡᠴᠡ ᠫᠤᠤᠳᠠᠬᠤ᠂ ᠴᠠᠢᠵᠠ ᠶ᠋ᠢᠨ  ᠳᠣᠲᠣᠷᠠᠬᠢ ᠨᠣᠬᠠᠢ ᠬᠤᠴᠠᠬᠤ ᠴᠢᠮᠡᠭᠡ ᠨᠡᠢᠯᠡᠵᠦ ᠶᠡᠬᠡᠯ᠎ᠡ ᠱᠤᠤᠭᠢᠶᠠᠨ ᠪᠣᠯᠤᠭᠰᠠᠨ ᠨᠢ ᠦᠨᠡᠬᠡᠷ ᠴᠡᠷᠢᠭ ᠪᠠᠢᠯᠳᠤᠨ ᠳᠣᠪᠲᠣᠯᠤᠭᠰᠠᠨ ᠠᠳᠠᠯᠢ ᠰᠦᠷ ᠲᠡᠢ ᠠᠵᠢ᠃ ᠬᠣᠢᠲᠤ ᠥᠷᠯᠥᠭᠡ ᠨᠢ ᠦᠵᠡᠪᠡᠯ᠂ ᠬᠡᠷᠡᠮ ᠦ᠋ᠨ ᠬᠠᠪᠢ ᠳ᠋ᠤ᠌ ᠬᠡᠳᠦᠨ ᠠᠷᠪᠠᠭᠠᠳ ᠰᠢᠷᠬ᠎ᠠ ᠣᠯᠤᠭᠰᠠᠨ᠂ ᠠᠯᠠᠭᠳᠠᠭᠰᠠᠨ᠂ ᠮᠥᠨ ᠦᠬᠦᠵᠦ ᠪᠠᠢᠭ᠎ᠠ ᠲᠡᠮᠡᠭᠡ ᠬᠡᠪᠲᠡᠵᠡᠢ᠃ ᠲᠠ᠊ ᠰᠠᠢᠳ ᠢᠨᠢᠶᠡᠨ ᠥᠭᠦᠯᠡᠷᠦᠨ᠄  
       — ᠮᠠᠨᠵᠤ ᠶ᠋ᠢᠨ ᠣᠯᠵᠠᠯᠠᠭᠰᠠᠨ ᠲᠡᠮᠡᠭᠡ ᠶᠡᠬᠡ ᠲᠤᠰᠠ ᠪᠣᠯᠪᠠ᠃ ᠤᠷᠢᠳᠤ ᠣᠯᠵᠠᠯᠠᠭᠰᠠᠨ ᠮᠠᠨᠵᠤ ᠨᠠᠷ ᠤ᠋ᠨ ᠥᠴᠢᠭ ᠢ᠋ᠶ᠋ᠡᠷ ᠴᠠᠢᠵᠠ ᠶ᠋ᠢᠨ ᠴᠡᠷᠢᠭ ᠳᠥᠷᠪᠡᠨ ᠲᠦᠮᠡᠨ ᠰᠤᠮᠤ ᠲᠠᠢ ᠪᠠᠢᠭᠰᠠᠨ ᠨᠢ ᠪᠠᠷᠤᠭᠴᠠᠭᠠᠨ ᠪᠣᠳᠣᠪᠠᠰᠤ ᠤᠷᠵᠢ ᠰᠥᠨᠢ᠂ ᠬᠥᠭᠰᠢᠨ ᠲᠡᠮᠡᠭᠡ ᠲᠡᠢ ᠪᠠᠢᠯᠳᠤᠵᠤ ᠨᠢᠭᠡ ᠲᠦᠮᠡ ᠡᠴᠡ ᠨᠠᠰᠢ ᠦᠭᠡᠢ ᠰᠤᠮᠤ ᠭᠠᠷᠤᠵᠠᠳᠠᠪᠠ᠃ ᠪᠠᠰᠠ ᠨᠢᠭᠡ ᠬᠣᠶᠠᠷ ᠤᠳᠠᠭ᠎ᠠ ᠲᠡᠭᠡᠵᠦ ᠰᠠᠨᠳᠤᠷᠤᠨ ᠫᠤᠤᠳᠠᠪᠠᠯ᠂ ᠮᠠᠨᠵᠤ ᠨᠠᠷ ᠰᠤᠮᠤ ᠪᠠᠨ ᠪᠠᠷᠠᠬᠤ ᠳ᠋ᠤ᠌ ᠬᠦᠷᠦᠨ᠎ᠡ ᠭᠡᠵᠡᠢ᠃  
       ᠬᠣᠪᠲᠣ ᠶ᠋ᠢᠨ ᠮᠠᠨᠵᠤ ᠴᠡᠷᠢᠭ ᠢ᠋ ᠰᠥᠨᠢ ᠲᠡᠮᠡᠭᠡ ᠲᠡᠢ ᠪᠠᠢᠯᠳᠤᠭᠰᠠᠨ ᠠ᠋ᠴᠠ ᠬᠣᠢᠰᠢ ᠬᠡᠳᠦ ᠬᠣᠨᠣᠭᠠᠳ᠂ ᠨᠢᠭᠡᠨ ᠡᠳᠦᠷ᠂ ᠥᠪᠥᠷᠯᠡᠭᠴᠢᠳ ᠦ᠋ᠨ ᠨᠢᠭᠡᠨ ᠪᠠᠭ ᠴᠡᠷᠢᠭ ᠦ᠋ᠨ ᠳᠠᠷᠤᠭ᠎ᠠ ᠬᠡᠨᠳᠡᠨ ᠬᠦᠩ᠂ ᠰᠢᠷ᠎ᠠ ᠰᠦᠮ᠎ᠡ ᠡᠴᠡ ᠬᠣᠪᠲᠣ ᠣᠷᠣᠬᠤ ᠵᠠᠮ ᠳ᠋ᠠᠬᠢ ᠪᠤᠶᠠᠨᠲᠤ ᠭᠣᠣᠯ ᠳ᠋ᠤ᠌ ᠪᠠᠢᠭᠰᠠᠨ ᠬᠠᠷᠠᠭᠤᠯ ᠤ᠋ᠨ ᠴᠡᠷᠢᠭ ᠢ᠋ ᠡᠷᠭᠢᠬᠦ ᠭᠡᠵᠦ ᠶᠠᠪᠤᠭᠠᠳ ᠬᠣᠪᠲᠣ ᠶ᠋ᠢᠨ ᠵᠦᠭ ᠠᠢᠰᠤᠢ ᠣᠯᠠᠨ ᠲᠡᠮᠡᠭᠡ ᠲᠡᠢ ᠬᠥᠮᠦᠨ ᠦ᠌ ᠪᠠᠷᠠᠭ᠎ᠠ ᠬᠠᠷᠠᠵᠤ᠂ ᠬᠡᠷᠪᠡ ᠳᠠᠢᠰᠤᠨ ᠤ᠋ ᠴᠡᠷᠢᠭ ᠪᠠᠢᠪᠠᠯ ᠵᠠᠩᠵᠤᠨ ᠳ᠋ᠤ᠌ ᠮᠡᠳᠡᠭᠳᠡᠭᠡᠷᠡᠢ ᠭᠡᠵᠦ ᠦᠯᠡᠳᠡᠬᠦ ᠬᠠᠷᠠᠭᠤᠯ ᠤ᠋ᠨ ᠴᠡᠷᠢᠭ ᠲᠦ᠍ ᠵᠠᠬᠢᠭᠠᠳ ᠥᠪᠡᠷ ᠢ᠋ᠶ᠋ᠡᠨ ᠳᠥᠷᠪᠡᠨ ᠴᠡᠷᠢᠭ ᠳᠠᠭᠠᠭᠤᠯᠵᠤ᠂ ᠲᠡᠷᠡ ᠲᠡᠮᠡᠭᠡ ᠲᠡᠢ ᠠᠶᠠᠨᠴᠢᠨ ᠤ᠋ ᠵᠦᠭ ᠳᠠᠪᠬᠢᠵᠤ ᠣᠴᠢᠪᠠ᠃ ᠣᠢᠷᠠᠲᠤᠵᠤ ᠦᠵᠡᠪᠡᠯ᠂ ᠬᠤᠳᠠᠯᠳᠤᠭ᠎ᠠ ᠮᠠᠢᠮᠠᠢ ᠶ᠋ᠢᠨ ᠪᠠᠷᠠᠭ᠎ᠠ ᠠᠴᠢᠭᠰᠠᠨ ᠠᠶᠠᠨ ᠤ᠋ ᠬᠥᠮᠦᠨ ᠰᠢᠨᠵᠢᠶᠠᠩ ᠠ᠋ᠴᠠ ᠶᠠᠪᠤᠭ᠎ᠠ ᠪᠣᠯᠤᠯᠲᠠᠢ ᠲᠡᠷᠡ ᠠᠶᠠᠨᠴᠢᠨ᠂ ᠬᠠᠷᠢᠨ ᠡᠩ ᠦ᠋ᠨ ᠬᠤᠳᠠᠯᠳᠤᠭᠠᠴᠢᠨ ᠪᠢᠰᠢ᠂ ᠮᠠᠨᠵᠤ ᠴᠡᠷᠢᠭ ᠪᠠᠢᠵᠠᠢ᠃ ᠳᠠᠢᠰᠤᠨ ᠭᠡᠵᠦ ᠲᠠᠨᠢᠮᠠᠭᠴᠠ᠂ ᠡᠮᠦᠨᠡᠬᠢ ᠬᠥᠮᠦᠨ ᠢ᠋ ᠫᠤᠤᠳᠠᠨ᠂ ᠮᠣᠷᠢ ᠪᠠᠨ ᠡᠷᠭᠢᠭᠦᠯᠵᠦ ᠭᠡᠳᠡᠷᠭᠦ ᠳᠣᠪᠲᠣᠯᠪᠠᠯ᠂ ᠬᠣᠢᠨ᠎ᠠ ᠠ᠋ᠴᠠ ᠨᠢ ᠬᠠᠮᠢᠶ᠎ᠠ ᠨᠠᠮᠢᠶ᠎ᠠ ᠦᠭᠡᠢ ᠫᠤᠤᠳᠠᠭᠰᠠᠨ ᠢ᠋ᠶ᠋ᠠᠷ ᠬᠣᠶᠠᠷ ᠬᠥᠮᠦᠨ ᠦ᠌ ᠮᠣᠷᠢ ᠶ᠋ᠢ ᠠᠯᠠᠵᠠᠢ᠃ ᠬᠡᠨᠳᠡᠨ ᠠᠷᠭ᠎ᠠ ᠪᠤᠶᠤ ᠲᠣᠮᠣ ᠦᠬᠡᠷ ᠴᠢᠯᠠᠭᠤᠨ ᠤ᠋ ᠠᠷᠤ ᠳ᠋ᠤ᠌ ᠬᠣᠷᠭᠣᠳᠠᠵᠤ ᠲᠡᠷᠡ ᠲᠡᠮᠡᠭᠡ ᠲᠡᠢ ᠴᠡᠷᠢᠭ ᠢ᠋ ᠫᠤᠤᠳᠠᠪᠠ᠃ ᠬᠡᠨᠳᠡᠨ ᠢ᠋ ᠳᠠᠭᠠᠭᠰᠠᠨ ᠴᠡᠷᠢᠭ᠂ ᠳᠠᠷᠤᠭ᠎ᠠ ᠪᠠᠨ ᠳᠠᠭᠠᠵᠤ ᠳᠠᠢᠰᠤᠨ ᠤ᠋ ᠵᠦᠭ ᠫᠤᠤᠳᠠᠨ ᠮᠠᠨᠵᠤ ᠨᠠᠷ ᠢ᠋ ᠰᠠᠨᠳᠤᠷᠭᠠᠵᠤ᠂ ᠫᠤᠤ ᠶ᠋ᠢᠨ ᠳᠠᠭᠤᠨ ᠠ᠋ᠴᠠ ᠠᠶᠤᠨ ᠦᠷᠭᠦᠭᠰᠡᠨ ᠲᠡᠮᠡᠭᠡ ᠪᠡᠨ ᠬᠡᠪᠲᠡᠭᠦᠯᠵᠦ᠂ ᠠᠷᠤ ᠳ᠋ᠤᠨᠢ ᠪᠡᠶ᠎ᠡ ᠪᠡᠨ ᠬᠣᠷᠭᠣᠳᠠᠲᠠᠯ᠎ᠠ᠂ ᠨᠡᠯᠢᠶᠡᠳ ᠢ᠋ ᠨᠢ ᠤᠨᠠᠭᠠᠵᠠᠢ᠃ 
       ᠰᠣᠴᠢᠮᠠᠭ ᠳᠠᠭᠠᠷᠢᠯᠳᠤᠭᠰᠠᠨ ᠮᠠᠨᠵᠤ ᠨᠠᠷ᠂ ᠪᠤᠶᠠᠨᠲᠤ ᠭᠣᠣᠯ ᠤ᠋ᠨ ᠨᠠᠮ ᠡᠷᠭᠢ ᠳ᠋ᠦ᠍ ᠵᠣᠭᠰᠣᠬᠤ ᠳ᠋ᠤ᠌ ᠬᠦᠷᠴᠦ᠂ ᠬᠡᠨᠳᠡᠨ ᠭᠦᠳᠦᠭᠦᠷ ᠭᠠᠵᠠᠷ ᠳᠡᠭᠡᠷ᠎ᠡ ᠡᠴᠡ ᠦᠬᠡᠷ ᠴᠢᠯᠠᠭᠤᠨ ᠤ᠋ ᠠᠷᠤ ᠳ᠋ᠤ᠌ ᠬᠣᠷᠭᠣᠳᠠᠨ᠂ ᠮᠠᠨᠵᠤ ᠨᠠᠷ ᠢ᠋ ᠳᠤᠷ᠎ᠠ ᠰᠣᠩᠭᠣᠨ ᠫᠤᠤᠳᠠᠬᠤ ᠵᠠᠪᠰᠢᠶᠠᠨ ᠲᠠᠢ ᠠᠵᠢ᠃ ᠫᠤᠤᠳᠠᠨ ᠫᠤᠤᠳᠠᠭᠰᠠᠭᠠᠷ ᠰᠤᠮᠤ ᠪᠠᠷᠠᠭᠳᠠᠬᠤ ᠶ᠋ᠢᠨ ᠳᠠᠪᠠᠭᠠᠨ ᠳᠡᠭᠡᠷ᠎ᠡ ᠮᠠᠭᠰᠤᠷᠵᠠᠪ ᠤ᠋ᠨ ᠮᠣᠷᠢᠨ ᠴᠡᠷᠢᠭ ᠬᠦᠷᠦᠯᠴᠡᠨ ᠢᠷᠡᠵᠦ ᠬᠣᠩᠬᠣᠷ ᠭᠠᠵᠠᠷ ᠮᠣᠷᠢ ᠪᠠᠨ ᠦᠯᠡᠳᠡᠭᠡᠵᠦ᠂ ᠮᠠ᠊ ᠵᠠᠩᠵᠤᠨ ᠤ᠋ ᠲᠤᠰᠢᠶᠠᠯ ᠢ᠋ᠶ᠋ᠠᠷ ᠳᠠᠢᠰᠤᠨ ᠤ᠋ ᠵᠦᠭ ᠪᠢᠷᠳᠠᠩ ᠫᠤᠤ ᠪᠠᠷ ᠫᠤᠤᠳᠠᠵᠤ ᠡᠬᠢᠯᠡᠪᠡ᠃ 
       — ᠪᠢᠲᠡᠭᠡᠢ ᠰᠠᠨᠳᠤᠷᠴᠠᠭ᠎ᠠ᠃ ᠬᠠᠮᠢᠶ᠎ᠠ ᠦᠭᠡᠢ ᠪᠦᠦ ᠫᠤᠤᠳᠠ᠃ ᠳᠠᠢᠰᠤᠨ ᠢ᠋ ᠰᠤᠮᠤ ᠲᠣᠭᠠᠯᠠᠨ ᠤᠨᠤᠬᠤ ᠶ᠋ᠢ ᠬᠢᠴᠢᠶ᠎ᠡ ᠭᠡᠵᠦ ᠳᠡᠷᠭᠡᠳᠡ ᠨᠢ ᠮᠠᠭᠰᠤᠷᠵᠠᠪ ᠤ᠋ᠨ ᠳᠤᠤᠭᠠᠷᠬᠤ ᠶ᠋ᠢ ᠰᠢᠷᠴᠢᠨ ᠰᠣᠨᠣᠰᠴᠤ ᠬᠠᠷᠠᠪᠠᠰᠤ ᠮᠠ᠊ ᠵᠠᠩᠵᠤᠨ ᠰᠢᠷᠴᠢᠨ ᠦ᠌ ᠣᠢᠷ᠎ᠠ ᠨᠢᠭᠡᠨ ᠲᠣᠬᠢᠯᠢᠭ ᠰᠠᠢᠨ ᠭᠠᠵᠠᠷ ᠣᠯᠵᠤ ᠠᠪᠤᠭᠠᠳ ᠰᠤᠷᠭᠠᠭᠤᠯᠢ ᠶ᠋ᠢᠨ ᠭᠠᠵᠠᠷ ᠫᠤᠤᠳᠠᠵᠤ ᠪᠠᠢᠭ᠎ᠠ ᠲᠠᠢ ᠠᠳᠠᠯᠢ ᠮᠠᠰᠢ ᠶᠠᠭᠠᠷᠠᠯ ᠦᠭᠡᠢ᠂ ᠰᠠᠮᠪᠠᠭᠠᠲᠠᠢ ᠫᠤᠤᠳᠠᠵᠤ ᠡᠬᠢᠯᠡᠪᠡ᠃ ᠵᠠᠩᠵᠤᠨ ᠤ᠋ ᠲᠠᠯᠪᠢᠭᠤᠨ ᠲᠥᠪ ᠴᠢᠷᠠᠢ᠂ ᠶᠠᠭᠠᠷᠠᠬᠤ ᠰᠠᠨᠳᠤᠷᠬᠤ ᠦᠭᠡᠢ ᠮᠠᠰᠢ ᠴᠢᠯᠥᠭᠡ ᠲᠡᠢ ᠬᠥᠳᠡᠯᠵᠦ ᠪᠠᠢᠬᠤ ᠶ᠋ᠢ ᠦᠵᠡᠭᠡᠳ᠂ ᠠᠩᠬ᠎ᠠ ᠤᠳᠠᠭ᠎ᠠ ᠲᠡᠢᠨ ᠳ᠋ᠦ᠍ ᠶᠠᠪᠤᠵᠤ᠂ ᠫᠤᠤ ᠶ᠋ᠢᠨ ᠰᠤᠮᠤ ᠲᠣᠯᠣᠭᠠᠢ ᠳᠡᠭᠡᠭᠦᠷ ᠱᠣᠩ ᠬᠢᠵᠦ ᠭᠠᠷᠤᠭᠠᠳ ᠭᠠᠵᠠᠷ ᠱᠠᠪ ᠱᠣᠪ ᠭᠡᠵᠦ ᠡᠨᠳᠡ ᠲᠡᠨᠳᠡ ᠰᠢᠭᠢᠳᠦᠨ ᠪᠠᠢᠭ᠎ᠠ ᠶ᠋ᠢ ᠰᠠᠨᠳᠤᠷᠤᠰᠬᠢᠨ ᠰᠣᠨᠣᠰᠴᠤ ᠪᠠᠢᠭᠰᠠᠨ ᠰᠢᠷᠴᠢᠨ ᠦ᠌ ᠳᠣᠲᠣᠷ᠎ᠠ ᠣᠩᠭᠣᠢᠵᠤ᠂ ᠪᠠᠴᠢᠮᠳᠠᠬᠤ ᠶ᠋ᠢ ᠪᠠᠢᠪᠠ᠃  
       ᠰᠢᠷᠴᠢᠨ ᠦ᠌ ᠪᠠᠷᠠᠭᠤᠨ ᠭᠠᠷ ᠤ᠋ᠨ ᠵᠦᠭ ᠲᠦ᠍ ᠪᠠᠢᠭᠰᠠᠨ ᠲᠣᠮᠣ ᠴᠢᠯᠠᠭᠤᠨ ᠠ᠋ᠴᠠ ᠬᠡᠮᠬᠡᠷᠬᠡᠢ ᠴᠢᠯᠠᠭᠤ ᠵᠦᠭ ᠵᠦᠭ ᠦᠰᠦᠷᠴᠦ ᠰᠠᠴᠤᠷᠠᠭᠰᠠᠨ ᠳ᠋ᠤ᠌᠂ ᠲᠡᠷᠡ ᠵᠦᠭ ᠶᠠᠭᠤ ᠪᠣᠯᠪᠠ ᠭᠡᠵᠦ ᠦᠵᠡᠪᠡᠰᠦ᠂ ᠴᠢᠯᠠᠭᠤᠨ ᠠ᠋ᠴᠠ ᠣᠢᠵᠤ ᠲᠤᠰᠤᠭᠰᠠᠨ ᠰᠤᠮᠤ ᠶ᠋ᠢ ᠮᠠᠭᠰᠤᠷᠵᠠᠪ ᠵᠠᠩᠵᠤᠨ ᠡᠩᠭᠡᠷ ᠡᠴᠡ ᠪᠡᠨ ᠰᠡᠭᠰᠦᠷᠦᠨ ᠤᠨᠠᠭᠠᠪᠠ᠃ ᠳᠡᠷᠭᠡᠳᠡ ᠨᠢ ᠫᠤᠤᠳᠠᠵᠤ ᠪᠠᠢᠭᠰᠠᠨ ᠱᠠᠮᠪᠠ᠂ ᠴᠢᠯᠠᠭᠤ ᠮᠥᠷᠭᠥᠭᠡᠳ ᠬᠠᠪᠲᠠᠭᠠᠢ ᠪᠣᠯᠤᠭᠰᠠᠨ᠂ ᠪᠠᠷᠢᠬᠤ ᠳ᠋ᠤ᠌ ᠪᠠᠷᠤᠭ ᠭᠠᠷ ᠬᠠᠯᠠᠮ᠎ᠠ ᠲᠡᠷᠡ ᠰᠤᠮᠤ ᠶ᠋ᠢ ᠰᠢᠭᠦᠷᠴᠦ ᠠᠪᠤᠭᠠᠳ᠂ ᠬᠠᠯᠠᠴᠠᠭᠠᠢ ᠭᠡᠵᠦ ᠠᠯᠳᠠᠭᠠᠳ᠂ ᠡᠪᠦᠷ ᠡᠴᠡ ᠠᠯᠴᠢᠭᠤᠷ ᠭᠠᠷᠭᠠᠵᠤ ᠣᠷᠢᠶᠠᠨ ᠠᠪᠴᠤ ᠡᠪᠦᠷ ᠲᠡᠭᠡᠨ ᠬᠢᠵᠡᠢ᠃ 
       — ᠡᠨᠡ ᠯᠠᠪ ᠰᠤᠮᠤᠨ ᠳ᠋ᠤ᠌ ᠲᠠᠭᠠᠭᠳᠠᠬᠤ ᠦᠭᠡᠢ ᠵᠠᠩᠵᠤᠨ ᠠᠵᠢ᠃ ᠪᠣᠳᠣᠪᠠᠯ᠂ ᠰᠠᠢᠨ ᠰᠠᠬᠢᠭᠤᠯᠰᠤ ᠲᠠᠢ ᠶᠤᠮ ᠪᠠᠢᠯ ᠦᠭᠡᠢ ᠳᠡ ᠭᠡᠵᠦ ᠪᠣᠳᠣᠭᠠᠳ ᠰᠢᠷᠴᠢᠨ᠂ ᠬᠦᠵᠦᠭᠦᠨ ᠳ᠋ᠡᠭᠡᠨ᠂ ᠴᠡᠷᠡᠨ ᠦ᠌ ᠰᠣᠨᠣᠮ ᠵᠠᠩᠭᠢ ᠶ᠋ᠢᠨ ᠭᠣᠣ ᠠ᠋ᠴᠠ ᠰᠥᠨᠢ ᠬᠤᠯᠠᠭᠠᠢᠯᠠᠨ ᠠᠪᠴᠤ ᠥᠭᠭᠦᠭᠰᠡᠨ ᠰᠠᠬᠢᠭᠤᠯᠰᠤ ᠶ᠋ᠢ ᠰᠠᠨᠠᠵᠤ᠂ ᠨᠠᠮᠠᠢ ᠴᠤ᠌ ᠪᠠᠰᠠ ᠰᠤᠮᠤ ᠳᠠᠭᠠᠭᠠᠬᠤ ᠦᠭᠡᠢ ᠪᠠᠢᠯ ᠦᠭᠡᠢ ᠳᠡ ᠭᠡᠵᠦ ᠪᠣᠳᠣᠪᠠ᠃  
       ᠠᠷᠤ ᠲᠠᠯ᠎ᠠ ᠳ᠋ᠤ᠌ ᠂ ᠴᠠᠢᠵᠠ ᠶ᠋ᠢᠨ ᠵᠦᠭ ᠡᠴᠡ ᠰᠦᠷᠡᠬᠡᠢ ᠫᠠᠵᠢᠭᠢᠨᠠᠭᠤᠯᠤᠨ ᠫᠤᠤᠳᠠᠬᠤ ᠴᠢᠮᠡᠭᠡ ᠭᠠᠷᠴᠤ ᠪᠠᠬᠠᠨ ᠪᠠᠢᠰᠬᠢᠭᠡᠳ(ᠪᠠᠢᠰᠬᠢᠭᠠᠳ) ᠴᠢᠮᠡᠭᠡ ᠦᠭᠡᠢ ᠪᠣᠯᠪᠠ᠃ ᠡᠭᠦᠨ ᠡᠴᠡ ᠬᠣᠢᠰᠢ ᠲᠡᠮᠡᠭᠡᠨ ᠦ᠌ ᠴᠠᠭᠠᠨ᠎ᠠ ᠠ᠋ᠴᠠ ᠫᠤᠤᠳᠠᠬᠤ ᠮᠠᠨᠵᠤ ᠴᠡᠷᠢᠭ ᠦ᠋ᠨ ᠫᠤᠤ ᠶ᠋ᠢᠨ ᠳᠠᠭᠤᠨ ᠪᠠᠷᠤᠭ ᠲᠠᠰᠤᠷᠠᠬᠤ ᠰᠢᠬᠠᠵᠤ ᠨᠤᠮᠤ ᠶ᠋ᠢᠨ ᠬᠡᠯᠪᠡᠷᠢ ᠲᠡᠢ ᠵᠢᠭᠰᠠᠭᠠᠨ ᠬᠡᠪᠲᠡᠭᠦᠯᠦᠭᠰᠡᠨ ᠲᠡᠮᠡᠭᠡ ᠶ᠋ᠢᠨ ᠴᠢᠨᠠᠳᠤ ᠲᠠᠯ᠎ᠠ ᠠ᠋ᠴᠠ ᠬᠠᠶᠠ ᠭᠠᠭᠴᠠ ᠨᠢᠭᠡ ᠫᠤᠤ ᠳᠡᠰ ᠬᠢᠬᠦ ᠲᠡᠳᠦᠢ ᠪᠣᠯᠲᠠᠯ᠎ᠠ  
       — ᠣᠳᠣ ᠮᠣᠷᠢᠨ ᠳ᠋ᠠᠭᠠᠨ( ᠳ᠋ᠤ᠌ ᠪᠠᠨ) ᠮᠣᠷᠳᠠᠵᠤ ᠳᠠᠭᠠᠷᠢᠨ ᠣᠷᠣ! ᠭᠡᠵᠦ ᠮᠠ᠊ ᠵᠠᠩᠵᠤᠨ ᠲᠤᠰᠢᠶᠠᠮᠠᠭᠴᠠ᠂ ᠴᠡᠷᠢᠭ ᠬᠥᠲᠥᠴᠢ ᠶ᠋ᠢᠨ ᠥᠭᠡᠳᠡ ᠭᠦᠶᠦᠵᠡᠭᠡᠵᠦ᠂ ᠮᠣᠷᠢᠨ ᠳ᠋ᠠᠭᠠᠨ ( ᠳ᠋ᠤ᠌ ᠪᠠᠨ) ᠮᠣᠷᠳᠠᠵᠤ᠂ ᠳᠠᠢᠰᠤᠨ ᠤ᠋ ᠵᠦᠭ ᠨᠣᠮᠣᠨ ᠵᠢᠭᠰᠠᠭᠠᠯ ᠢ᠋ᠶ᠋ᠠᠷ ᠳᠠᠭᠠᠷᠢᠨ ᠣᠷᠣᠪᠠ᠃ ᠰᠢᠷᠴᠢᠨ᠂ ᠰᠡᠯᠡᠮ᠎ᠡ ᠪᠡᠨ ᠰᠤᠭᠤᠯᠵᠤ ᠬᠠᠰᠬᠢᠷᠤᠨ ᠳᠣᠪᠲᠣᠯᠵᠤ ᠶᠠᠪᠤᠬᠤ ᠳ᠋ᠠᠭᠠᠨ ( ᠳ᠋ᠤ᠌ ᠪᠠᠨ)᠂ ᠲᠦᠷᠦᠭᠦᠨ ᠦ᠌ ᠴᠡᠷᠢᠭ᠂ ᠲᠡᠮᠡᠭᠡᠨ ᠦ᠌ ᠴᠠᠭᠠᠨ᠎ᠠ ᠠ᠋ᠴᠠ ᠪᠣᠰᠴᠤ ᠵᠢᠭᠤᠲᠠᠨ ᠪᠠᠢᠭ᠎ᠠ ᠮᠠᠨᠵᠤ ᠨᠠᠷ ᠢ᠋ ᠭᠦᠢᠴᠡᠭᠡᠳ᠂ ᠴᠠᠪᠴᠢᠯᠠᠨ ᠳᠠᠪᠬᠢᠬᠤ ᠶ᠋ᠢ ᠬᠠᠷᠠᠪᠠ᠃ ᠰᠢᠷᠴᠢᠨ ᠦ᠌ ᠪᠤᠷᠤᠭᠤ ᠲᠠᠯ᠎ᠠ ᠠ᠋ᠴᠠ ᠮᠣᠷᠢᠲᠠᠢ ᠬᠥᠮᠦᠨ ᠭᠦᠢᠴᠡᠵᠦ᠂ ᠳᠥᠷᠦᠭᠡᠨ ᠦ᠌ ᠲᠤᠰᠢᠶ᠎ᠠ ᠮᠣᠷᠢᠨ ᠤ᠋ ᠲᠣᠯᠣᠭᠠᠢ ᠦᠵᠡᠭᠳᠡᠭᠡᠳ᠂ ᠱᠠᠮᠪᠠ ᠤᠷᠤᠭᠰᠢ ᠤᠬᠤᠰᠬᠢᠨ᠂ ᠰᠢᠷᠴᠢᠨ ᠢ᠋ ᠵᠣᠭᠰᠣᠵᠤ ᠪᠠᠢᠭ᠎ᠠ ᠶᠤᠮ ᠰᠢᠭ᠋ ᠡᠮᠦᠨ᠎ᠡ ᠨᠢ ᠭᠠᠷᠴᠤ ᠮᠡᠬᠡᠷ(ᠮᠠᠬᠢᠷ) ᠰᠡᠯᠡᠮ᠎ᠡ ᠪᠡᠨ ᠬᠤᠷᠤᠢᠯᠠᠨ ᠳᠠᠯᠠᠢᠵᠤ ᠬᠠᠰᠬᠢᠷᠤᠨ ᠳᠠᠪᠬᠢᠭᠰᠠᠭᠠᠷ᠂ ᠰᠢᠷᠴᠢᠨ ᠢ᠋ ᠬᠠᠷᠠᠭᠰᠠᠭᠠᠷ ᠪᠠᠢᠲᠠᠯ᠎ᠠ ᠨᠢᠭᠡ ᠮᠠᠨᠵᠤ ᠴᠡᠷᠢᠭ ᠦ᠋ᠨ ᠲᠣᠯᠣᠭᠠᠢ ᠳᠡᠭᠡᠷ᠎ᠡ ᠰᠡᠯᠡᠮ᠎ᠡ ᠪᠡᠨ ᠪᠠᠭᠤᠯᠭᠠᠨ ᠭᠠᠪᠠᠯᠠ ᠶ᠋ᠢ ᠬᠣᠶᠠᠷ ᠠᠩᠭᠢ ᠪᠣᠯᠭᠠᠵᠤ᠂ ᠴᠢᠨᠠᠭᠰᠢ ᠪᠠᠰᠠ  ᠨᠢᠭᠡᠨ ᠴᠡᠷᠢᠭ ᠦ᠋ᠨ ᠬᠣᠢᠨ᠎ᠠ ᠠ᠋ᠴᠠ ᠬᠥᠭᠡᠭᠡᠨ ᠣᠳᠪᠠ᠃  
       ᠬᠠᠨᠳᠠᠰᠤᠨ (ᠬᠠᠨᠳᠠᠭᠠᠰᠤᠨ)  ᠳ᠋ᠠᠭᠠᠨ( ᠳ᠋ᠤ᠌ ᠪᠠᠨ) ᠴᠡᠷᠢᠭ ᠦ᠋ᠨ ᠲᠡᠮᠳᠡᠭ ᠦᠰᠦᠭ ᠲᠡᠢ᠂ ᠪᠤᠭᠤᠷᠤᠯ ᠭᠡᠵᠢᠭᠡ ᠪᠡᠨ ᠲᠣᠯᠣᠭᠠᠢ ᠳ᠋ᠠᠭᠠᠨ( ᠳ᠋ᠤ᠌ ᠪᠠᠨ) ᠣᠷᠢᠶᠠᠭᠰᠠᠨ ᠡᠪᠦᠭᠡᠨ ᠬᠢᠲᠠᠳ ᠴᠡᠷᠢᠭ ᠦ᠋ᠨ ᠡᠮᠦᠨ᠎ᠡ ᠬᠥᠩᠭᠡᠨ ᠠᠯᠬᠤᠮ ᠢ᠋ᠶ᠋ᠠᠷ ᠳᠡᠭᠳᠡᠯᠬᠢᠯᠡᠨ ᠭᠦᠶᠦᠵᠦ ᠶᠠᠪᠤᠭᠰᠠᠨ ᠢ᠋ᠶ᠋ᠠᠨ ᠠᠷᠤ ᠳ᠋ᠠᠭᠠᠨ( ᠳ᠋ᠤ᠌ ᠪᠠᠨ) ᠮᠣᠷᠢᠨ ᠤ᠋ ᠲᠦᠪᠦᠷᠭᠡᠨ( ᠲᠦᠪᠡᠷᠭᠡᠨ) ᠰᠣᠨᠣᠰᠴᠤ᠂ ᠬᠠᠵᠠᠭᠤ ᠲᠠᠰᠢ(ᠲᠠᠢᠰᠢ) ᠦᠰᠦᠷᠦᠨ ᠵᠠᠢᠯᠠᠭᠠᠳ᠂ ᠪᠠᠷᠠᠭᠤᠨ ᠭᠠᠷ ᠢ᠋ᠶ᠋ᠠᠷ ᠲᠣᠯᠣᠭᠠᠢ ᠶ᠋ᠢ ᠬᠠᠯᠬᠠᠯᠠᠬᠤ ᠮᠡᠲᠦ ᠡᠷᠭᠦᠵᠦ ᠵᠣᠭᠰᠣᠬᠤ ᠳ᠋ᠤᠨᠢ( ᠳ᠋ᠤ᠌ ᠨᠢ) ᠰᠢᠷᠴᠢᠨ᠂ ᠲᠡᠷᠡ ᠡᠪᠦᠭᠡᠨ ᠦ᠌ ᠤᠬᠠᠭᠠᠨ ᠠᠯᠳᠠᠲᠠᠯ᠎ᠠ ᠠᠶᠤᠨ᠂ ᠨᠢᠳᠦ ᠪᠡᠨ ᠪᠦᠯᠲᠡᠢᠵᠦ᠂ ᠲᠠᠮᠠᠬᠢ ᠶ᠋ᠢᠨ ᠪᠣᠬᠢᠨ  ᠳ᠋ᠤ᠌ ᠰᠢᠷᠠᠯᠠᠭᠰᠠᠨ ᠤᠷᠲᠤ ᠳᠣᠷᠰᠣᠭᠣᠷ ᠰᠢᠳᠦ ᠪᠡᠨ ᠢᠷᠵᠠᠢᠨ᠂ ᠠᠮᠠ ᠪᠠᠨ ᠠᠩᠭᠠᠢᠨ᠂ ᠦᠬᠦᠮ᠎ᠡ ᠰᠠᠨᠳᠤᠷᠤᠭᠰᠠᠨ ᠢ᠋ ᠬᠠᠷᠠᠭᠠᠳ ᠴᠠᠪᠴᠢᠬᠤ ᠵᠢᠷᠦᠬᠡ ᠬᠦᠷᠦᠯ ᠦᠭᠡᠢ ᠳᠠᠪᠬᠢᠨ ᠥᠩᠭᠡᠷᠡᠯ᠎ᠡ᠃        ᠭᠡᠨᠡᠳᠲᠡ ᠲᠡᠷᠡ ᠡᠪᠦᠭᠡᠨ ᠰᠢᠷᠴᠢᠨ ᠦ᠌ ᠬᠣᠢᠨ᠎ᠠ ᠠ᠋ᠴᠠ ᠤᠬᠤᠰᠬᠢᠨ ᠦᠰᠦᠷᠴᠦ᠂ ᠥᠨᠳᠥᠷ ᠳᠠᠭᠤᠨ ᠢ᠋ᠶ᠋ᠠᠷ ᠠᠮᠢ ᠲᠡᠮᠡᠴᠡᠨ ᠪᠠᠷᠬᠢᠷᠠᠵᠤ᠂  
       — ᠯᠤᠤᠶᠠ ᠠᠮᠢ ᠠᠪᠤᠷ᠎ᠠ (ᠠᠪᠤᠷᠠ)! ᠭᠡᠵᠦ ᠴᠢᠷᠠᠯᠠᠨ ᠬᠠᠰᠬᠢᠷᠴᠤ ᠭᠦᠶᠦᠪᠡ᠃ ᠰᠢᠷᠴᠢᠨ ᠡᠷᠭᠢᠵᠦ ᠬᠠᠷᠠᠬᠤ ᠳ᠋ᠤ᠌ ᠲᠡᠷᠡ ᠮᠠᠨᠵᠤ ᠴᠡᠷᠢᠭ ᠦ᠋ᠨ ᠵᠦᠭ ᠨᠢᠭᠡᠨ ᠮᠣᠩᠭᠣᠯ ᠴᠡᠷᠢᠭ ᠳᠠᠭᠠᠷᠢᠨ ᠣᠷᠣᠵᠤ᠂ ᠰᠡᠯᠡᠮ᠎ᠡ ᠪᠡᠨ ᠳᠠᠯᠠᠢᠨ᠂ ᠰᠢᠷᠴᠢᠨ ᠢ᠋ ᠮᠣᠷᠢ ᠪᠠᠨ ᠡᠷᠭᠢᠭᠦᠯᠵᠦ᠂ ᠲᠡᠷᠡ ᠡᠪᠦᠭᠡᠨ ᠢ᠋ ᠠᠪᠤᠷᠠᠬᠤ ᠭᠡᠵᠦ ᠵᠠᠪᠳᠤᠬᠤ ᠠ᠋ᠴᠠ ᠡᠮᠦᠨ᠎ᠡ ᠠᠷᠤ ᠠ᠋ᠴᠠ ᠨᠢ ᠪᠡᠶ᠎ᠡ ᠲᠠᠰᠢ(ᠲᠠᠢᠰᠢ) ᠰᠡᠯᠡᠮ᠎ᠡ ᠪᠡᠨ ᠲᠡᠳᠡᠨ ᠴᠠᠪᠴᠢᠵᠤ᠂ ᠮᠥᠷᠥ ᠡᠴᠡ ᠪᠡᠯᠬᠡᠭᠦᠰᠦ ᠬᠦᠷᠲᠡᠯ᠎ᠡ ᠠᠩᠭᠠᠢᠯᠭᠠᠨ ᠲᠠᠰᠤ ᠴᠠᠪᠴᠢᠭᠠᠳ᠂  
       — ᠪᠢᠳᠡ ᠢᠯᠠᠯ᠎ᠠ! ᠣᠳᠣ ᠭᠠᠭᠴᠠ ᠨᠢᠭᠡ ᠦᠯᠡᠳᠡᠭᠰᠡᠨ ᠬᠥᠮᠦᠨ ᠢ᠋ ᠣᠯᠵᠠᠯᠠᠵᠤ ᠪᠠᠢᠨ᠎ᠠ᠃ ᠪᠠᠢᠵᠠ ᠬᠦ᠂ ᠪᠢ ᠳᠠᠢᠰᠤᠨ ᠤ᠋ ᠴᠢᠰᠤ ᠤᠤᠭᠤᠵᠤ᠂ ᠫᠤᠤ ᠪᠠᠨ ᠮᠢᠯᠢᠶᠠᠶ᠎ᠠ ᠭᠡᠵᠦ ᠲᠡᠷᠡ ᠴᠡᠷᠢᠭ᠂ ᠲᠡᠷᠡ ᠡᠪᠦᠭᠡᠨ ᠬᠢᠲᠠᠳ ᠤ᠋ᠨ ᠲᠠᠰᠤ ᠴᠠᠪᠴᠢᠭᠤᠯᠤᠨ ᠣᠢᠴᠢᠬᠤ ᠳ᠋ᠤ᠌ ᠪᠠᠭᠲᠠᠷᠠᠭᠰᠠᠨ ᠰᠢᠷᠴᠢᠨ ᠳ᠋ᠦ᠍ ᠬᠡᠯᠡᠭᠡᠳ᠂ ᠨᠠᠮᠬᠠᠨ ᠴᠢᠭᠢᠷᠠᠭ ᠪᠡᠶ᠎ᠡ ᠲᠡᠢ ᠲᠡᠷᠡ ᠴᠡᠷᠢᠭ᠂ ᠮᠣᠷᠢ ᠠ᠋ᠴᠠ ᠪᠠᠨ ᠪᠠᠭᠤᠵᠤ᠂ ᠥᠨᠥᠬᠢ ᠲᠠᠰᠤ ᠴᠠᠪᠴᠢᠭᠰᠠᠨ ᠬᠢᠲᠠᠳ ᠤ᠋ᠨ ᠳᠡᠷᠭᠡᠳᠡ ᠣᠴᠢᠵᠤ᠂ ᠰᠡᠯᠡᠮ᠎ᠡ ᠶ᠋ᠢᠨ ᠴᠢᠰᠤ ᠶ᠋ᠢ ᠳᠡᠪᠡᠯ ᠳ᠋ᠦ᠍ᠨᠢ ᠠᠷᠴᠢᠭᠠᠳ᠂ ᠪᠠᠷᠠᠭᠤᠨ ᠭᠠᠷ ᠤ᠋ᠨ ᠬᠤᠷᠤᠭᠤ ᠶ᠋ᠢ ᠬᠣᠮᠪᠣᠢᠯᠭᠠᠨ᠂ ᠭᠣᠭᠣᠵᠢᠨ ᠪᠠᠢᠭ᠎ᠠ ᠴᠢᠰᠤ ᠠ᠋ᠴᠠ ᠨᠢ ᠲᠣᠰᠴᠤ ᠨᠢᠭᠡ ᠪᠠᠯᠭᠤᠭᠠᠳ᠂ ᠫᠤᠤ ᠶ᠋ᠢᠨ ᠠᠮᠠᠨ ᠳ᠋ᠤ᠌ ᠲᠦᠷᠬᠢᠵᠦ᠂ ᠲᠦᠷᠦᠭᠦᠯᠡᠨ ᠣᠢᠴᠢᠭᠰᠠᠨ ᠲᠡᠷᠡ ᠮᠠᠨᠵᠤ ᠴᠡᠷᠢᠭ ᠦ᠋ᠨ ᠵᠦᠭ ᠰᠠᠨᠳᠤᠷᠤᠨ ᠡᠮᠢᠶᠡᠭᠰᠡᠨ ᠪᠠᠢᠳᠠᠯ ᠲᠠᠢ ᠬᠠᠷᠠᠵᠤ ᠪᠠᠢᠭᠰᠠᠨ ᠰᠢᠷᠴᠢᠨ ᠳ᠋ᠦ᠍᠂
       — ᠴᠢ ᠲᠦᠷᠦᠭᠦᠨ ᠫᠤᠤᠳᠠᠵᠤ ᠪᠠᠢᠭᠰᠠᠨ ᠪᠣᠯ ᠫᠤᠤ ᠪᠠᠨ ᠮᠢᠯᠢᠶ᠎ᠠ(ᠮᠢᠯᠢᠶᠠ)᠂ ᠲᠤᠯᠤᠯᠳᠤᠭᠠᠨ ᠳ᠋ᠤ᠌ ᠠᠩᠬ᠎ᠠ ᠤᠳᠠᠭ᠎ᠠ ᠶᠠᠪᠤᠪᠠᠯ ᠫᠤᠤ ᠪᠠᠨ ᠵᠠᠪᠠᠯ ᠮᠢᠯᠢᠶᠠᠵᠤ᠂ ᠲᠤᠰᠬᠠᠯ ᠰᠠᠢᠲᠠᠢ ᠪᠣᠯᠭᠠᠵᠤ ᠤᠷᠮᠠᠰᠢᠭᠤᠯᠬᠤ ᠬᠡᠷᠡᠭ ᠲᠡᠢ᠃ ᠬᠠᠷᠠᠪᠠᠤ(ᠬᠠᠷᠠᠪᠠ ᠤᠤ)? ᠲᠡᠷᠡ ᠱᠠᠮᠪᠠ᠂ ᠳᠠᠢᠰᠤᠨ ᠤ᠋ ᠴᠢᠰᠤ ᠤᠤᠭᠤᠵᠤ᠂ ᠫᠤᠤ ᠪᠠᠨ ᠮᠢᠯᠢᠶᠠᠵᠤ ᠪᠠᠢᠨ᠎ᠠ ᠭᠡᠵᠦ ᠦᠬᠦᠭᠰᠡᠨ ᠲᠡᠮᠡᠭᠡᠨ ᠳᠡᠭᠡᠷ᠎ᠡ ᠠᠯᠳᠠᠯᠠᠨ ᠣᠢᠴᠢᠭᠰᠠᠨ ᠮᠠᠨᠵᠤ  ᠴᠡᠷᠢᠭ ᠦ᠋ᠨ ᠬᠡᠭᠦᠷ ᠦ᠋ᠨ ᠳᠡᠭᠡᠷ᠎ᠡ ᠪᠥᠬᠥᠢᠭᠰᠡᠨ ᠪᠥᠬᠡ ᠶ᠋ᠢ ᠵᠢᠭᠠᠪᠠ᠃ 
       ᠰᠢᠷᠴᠢᠨ ᠰᠡᠯᠡᠮ᠎ᠡ ᠪᠡᠨ ᠬᠤᠢᠯᠠᠭᠠᠳ᠂ ᠫᠤᠤ ᠪᠠᠨ ᠳᠠᠢᠰᠤᠨ ᠤ᠋ ᠴᠢᠰᠤ ᠪᠠᠷ ᠮᠢᠯᠢᠶᠠᠬᠤ ᠬᠠᠭᠤᠴᠢᠨ ᠵᠠᠩ ᠦᠢᠯᠡ ᠶ᠋ᠢ ᠭᠦᠢᠴᠡᠳᠬᠡᠬᠦ ᠪᠡᠷ ᠮᠣᠷᠢᠨ ᠠ᠋ᠴᠠ ᠲᠡᠷᠡ ᠴᠡᠷᠢᠭ ᠦ᠋ᠨ ᠦᠭᠡ ᠳᠠᠭᠠᠵᠤ ᠪᠠᠭᠤᠪᠠ᠃ ᠪᠠᠢᠯᠳᠤᠭᠠᠨ ᠪᠣᠯᠤᠭᠰᠠᠨ ᠲᠡᠷᠡ ᠭᠠᠵᠠᠷ ᠵᠢᠷᠭᠤᠭᠠᠨ ᠳᠠᠪᠬᠤᠷ ᠶᠡᠬᠡ ᠬᠦᠴᠦᠲᠦ ᠳᠠᠢᠰᠤᠨ ᠢ ᠢᠯᠠᠨ ᠳᠠᠷᠤᠭᠰᠠᠨ ᠴᠡᠷᠢᠭ ᠴᠠᠰᠢ ᠨᠡᠰᠢ ᠰᠡᠯᠡᠭᠦᠴᠡᠨ᠂ ᠵᠠᠷᠢᠮ ᠨᠢ ᠠᠮᠢᠳᠤ ᠦᠯᠡᠳᠡᠭᠰᠡᠨ ᠲᠡᠮᠡᠭᠡ ᠶ᠋ᠢ ᠪᠤᠰᠬᠠᠪᠠ᠂ ᠵᠠᠷᠢᠮ ᠨᠢ ᠫᠤᠤ ᠶ᠋ᠢᠨ ᠰᠤᠮᠤᠨ ᠳ᠋ᠤ᠌ ᠦᠬᠦᠭᠰᠡᠨ᠂ ᠰᠢᠷᠬᠠᠲᠤᠭᠰᠠᠨ ᠲᠡᠮᠡᠭᠡ ᠡᠴᠡ ᠫᠤᠤ ᠵᠡᠪᠰᠡᠭ᠂ ᠬᠦᠨᠡᠰᠦ ᠪᠤᠳᠠᠭ᠎ᠠ ᠠᠴᠢᠭᠰᠠᠨ ᠢ᠋ ᠪᠠᠭᠤᠯᠭᠠᠵᠤ᠂ ᠪᠠᠰᠠ ᠵᠠᠷᠢᠮ ᠨᠢ ᠦᠬᠦᠭᠰᠡᠨ ᠳᠠᠢᠰᠤᠨ ᠤ᠋ ᠵᠡᠪᠰᠡᠭ᠂ ᠲᠤᠭ ᠳᠠᠯᠪᠠᠭ᠎ᠠ  ᠬᠢᠭᠢᠷᠢ ᠲᠡᠮᠳᠡᠭ ᠢ᠋ ᠬᠣᠷᠢᠶᠠᠨ ᠲᠡᠭᠦᠵᠦ ᠶᠠᠪᠤᠪᠠ᠃ 
       ᠮᠠᠭᠰᠤᠷᠵᠠᠪ᠂ ᠲᠠᠪᠢᠨ ᠤ᠋ ᠳᠠᠷᠤᠭ᠎ᠠ ᠳ᠋ᠤ᠌ ᠪᠦᠬᠦ ᠣᠯᠵᠠ ᠶ᠋ᠢ ᠴᠡᠷᠢᠭ ᠦ᠋ᠨ ᠰᠠᠩ ᠳ᠋ᠤ᠌ ᠲᠣᠭ᠎ᠠ ᠶᠣᠰᠣᠭᠠᠷ ᠬᠦᠷᠭᠡᠵᠦ ᠥᠭ ᠭᠡᠵᠦ ᠲᠤᠰᠢᠶᠠᠭᠠᠳ᠂ ᠬᠡᠳᠦᠨ ᠴᠡᠷᠢᠭ ᠳᠠᠭᠠᠭᠤᠯᠤᠨ ᠵᠠᠩᠵᠤᠨ ᠤ᠋ ᠭᠠᠵᠠᠷ ᠡᠭᠡᠪᠡ᠃ ᠲᠡᠭᠦᠨ ᠦ᠌ ᠬᠣᠢᠨ᠎ᠠ ᠠ᠋ᠴᠠ ᠤᠳᠠᠯ ᠦᠭᠡᠢ ᠤᠷᠤᠭᠰᠢᠲᠠᠢ ᠲᠤᠯᠤᠯᠳᠤᠭᠠᠨ ᠳ᠋ᠤ᠌ ᠣᠯᠵᠠᠯᠠᠭᠰᠠᠨ ᠡᠳ᠋ ᠵᠡᠮᠰᠡᠭ(ᠵᠢᠮᠰᠡᠭ) ᠠᠴᠢᠭᠰᠠᠨ ᠣᠯᠵᠠ ᠶ᠋ᠢᠨ ᠲᠡᠮᠡᠭᠡ ᠴᠤᠪᠤᠵᠤ᠂ ᠭᠤᠷᠪᠠᠨ ᠵᠠᠭᠤ ᠢᠯᠡᠭᠦᠦ ᠴᠡᠷᠢᠭ ᠡᠴᠡ ᠠᠮᠢᠳᠤ ᠦᠯᠡᠳᠡᠭᠰᠡᠨ ᠲᠠᠪᠢᠭᠠᠳ ᠮᠠᠨᠵᠤ ᠴᠡᠷᠢᠭ ᠦ᠋ᠨ ᠭᠠᠷ ᠢ᠋ ᠬᠦᠯᠢᠵᠦ ᠣᠯᠠᠨ ᠲᠡᠮᠡᠭᠡᠨ ᠦ᠌ ᠰᠡᠭᠦᠯ ᠳ᠋ᠦ᠍ ᠲᠠᠭᠤᠵᠤ ᠶᠠᠪᠤᠲᠠᠯ᠎ᠠ᠂ ᠵᠠᠮ ᠳ᠋ᠤ᠌ ᠬᠣᠶᠠᠷ ᠢ᠋ ᠨᠢ ᠳᠠᠢᠰᠤᠨ ᠤ᠋ ᠴᠢᠰᠤᠨ ᠳ᠋ᠤ᠌ ᠰᠡᠯᠡᠮ᠎ᠡ ᠪᠡᠨ  ᠮᠢᠯᠢᠶᠠᠭ᠎ᠠ ᠦᠭᠡᠢ ᠴᠡᠷᠢᠭ ᠴᠠᠪᠴᠢᠨ ᠠᠯᠠᠵᠠᠢ᠃ 
       ᠬᠦᠴᠦᠨ ᠵᠤᠵᠠᠭᠠᠳᠬᠠᠬᠤ ᠪᠠᠷ ᠢᠷᠡᠭᠡᠳ ᠳᠠᠷᠤᠭᠳᠠᠨ ᠰᠥᠨᠥᠵᠦ ᠪᠠᠢᠭᠰᠠᠨ ᠲᠡᠷᠡ ᠨᠢᠭᠡᠨ ᠪᠠᠭ ᠴᠡᠷᠢᠭ ᠲᠡᠭᠡᠨ ᠲᠤᠰᠠᠯᠠᠨ ᠲᠡᠩᠬᠡᠷᠡᠭᠦᠯᠬᠦ ᠭᠡᠵᠦ ᠴᠠᠢᠵᠠᠨ ᠳᠣᠲᠣᠷᠠᠬᠢ ᠮᠠᠨᠵᠤ ᠴᠡᠷᠢᠭ ᠬᠣᠲᠠ ᠠ᠋ᠴᠠ ᠭᠠᠷᠴᠤ ᠦᠬᠦᠨ ᠪᠠᠢᠯᠳᠤᠭᠰᠠᠨ ᠢ᠋ ᠰᠠᠩ ᠤ᠋ᠨ ᠬᠣᠲᠠ ᠶ᠋ᠢ ᠪᠦᠰᠡᠯᠡᠭᠰᠡᠨ ᠮᠣᠩᠭᠣᠯ ᠴᠡᠷᠢᠭ ᠨᠢᠴᠤᠭᠠᠨ ᠡᠭᠡᠭᠦᠯᠦᠭᠡᠳ᠂ ᠡᠵᠡᠨ ᠦ᠌ ᠰᠢᠷ᠎ᠠ  ᠴᠡᠷᠢᠭ ᠭᠡᠵᠦ ᠮᠣᠩᠭᠣᠯᠴᠤᠳ ᠤ᠋ᠨ ᠨᠡᠷᠡᠯᠡᠳᠡᠭ᠂ ᠨᠠᠷᠢᠨ ᠰᠤᠷᠭᠠᠭᠤᠯᠢ ᠲᠠᠢ ᠰᠢᠯᠢᠳᠡᠭ ᠮᠠᠨᠵᠤ ᠴᠡᠷᠢᠭ ᠦ᠋ᠨ ᠳᠠᠷᠤᠭᠳᠠᠭᠰᠠᠨ ᠮᠡᠳᠡᠭᠡ ᠶ᠋ᠢ ᠬᠣᠷᠣᠮᠬᠠᠨ ᠵᠠᠭᠤᠷ᠎ᠠ ᠣᠯᠵᠤ ᠰᠣᠨᠣᠰᠪᠠ᠃  
       ᠮᠣᠩᠭᠣᠯ ᠴᠡᠷᠢᠭ ᠦ᠋ᠨ ᠵᠠᠩᠵᠤᠨ ᠤ᠋ ᠶᠠᠮᠤᠨ ᠳ᠋ᠤ᠌ ᠲᠡᠷᠡ ᠣᠯᠵᠠᠯᠠᠭᠰᠠᠨ ᠮᠠᠨᠵᠤ ᠴᠡᠷᠢᠭ ᠢ᠋ ᠪᠠᠢᠴᠠᠭᠠᠪᠠᠯ᠂ ᠶᠠᠫᠣᠨ ᠤᠯᠤᠰ ᠲᠤ᠌ ᠴᠡᠷᠢᠭ ᠦ᠋ᠨ ᠰᠤᠷᠭᠠᠭᠤᠯᠢ ᠲᠡᠭᠦᠰᠦᠭᠰᠡᠨ ᠳᠠᠷᠤᠭ᠎ᠠ ᠲᠠᠢ ᠮᠠᠨᠵᠤ ᠴᠡᠷᠢᠭ᠂ ᠰᠢᠷ᠎ᠠ ᠰᠦᠮ᠎ᠡ ᠡᠴᠡ ᠬᠣᠪᠲᠣ ᠶ᠋ᠢᠨ ᠮᠠᠨᠵᠤ ᠴᠡᠷᠢᠭ ᠲᠦ᠍ ᠬᠦᠴᠦᠨ ᠵᠤᠵᠠᠭᠠᠳᠬᠠᠬᠤ ᠭᠡᠵᠦ ᠶᠠᠪᠤᠭᠰᠠᠨ ᠴᠡᠷᠢᠭ ᠪᠥᠭᠡᠳ ᠴᠡᠷᠢᠭ ᠦ᠋ᠨ ᠣᠯᠠᠩᠬᠢ ᠨᠢ ᠡᠸᠦᠢ᠍ᠷᠦᠫᠠ ᠶ᠋ᠢᠨ ᠰᠤᠷᠭᠠᠭᠴᠢ ᠨᠠᠷ ᠢ᠋ᠶ᠋ᠠᠷ ᠰᠤᠷᠭᠠᠭᠤᠯᠢ ᠵᠢᠭᠠᠯᠭᠠᠭᠰᠠᠨ ᡁᠢᠯᠢ ᠮᠣᠵᠢ ᠶ᠋ᠢᠨ ᠴᠡᠷᠢᠭ ᠪᠠᠢᠵᠠᠢ᠃  
       ᠮᠣᠩᠭᠣᠯ ᠵᠠᠩᠵᠤᠨ ᠨᠠᠷ ᠣᠯᠵᠠᠯᠠᠭᠰᠠᠨ ᠴᠡᠷᠢᠭ ᠢ᠋ ᠪᠠᠢᠴᠠᠭᠠᠨ ᠠᠰᠠᠭᠤᠵᠤ ᠭᠦᠢᠴᠡᠭᠡᠳ᠂ ᠡᠷᠲᠡᠨ ᠦ᠌ ᠵᠠᠩᠰᠢᠯ ᠢ᠋ᠶ᠋ᠠᠷ ᠠᠩᠬᠠᠳᠤᠭᠠᠷ ᠲᠤᠯᠤᠯᠳᠤᠭᠠᠨ ᠳ᠋ᠤ᠌  ᠤᠷᠤᠭᠰᠢᠲᠠᠢ ᠪᠠᠢᠯᠳᠤᠭᠰᠠᠨ ᠢ᠋ ᠲᠡᠮᠳᠡᠭᠯᠡᠨ᠂ ᠴᠡᠷᠢᠭ ᠦ᠋ᠨ ᠰᠦᠷ ᠬᠡᠢ ᠮᠣᠷᠢ ᠶ᠋ᠢ ᠪᠠᠳᠠᠷᠠᠭᠤᠯᠵᠤ ᠳᠠᠢᠰᠤᠨ ᠢ᠋ ᠰᠦᠷᠳᠡᠭᠦᠯᠬᠦ ᠶ᠋ᠢᠨ ᠤᠴᠢᠷ᠂ ᠴᠡᠷᠢᠭ ᠦ᠋ᠨ ᠵᠠᠩᠵᠤᠨ ᠶᠡᠬᠡ ᠲᠤᠭ ᠢ᠋ ᠲᠡᠷᠡ ᠣᠯᠵᠠᠯᠠᠭᠰᠠᠨ ᠴᠡᠷᠢᠭ ᠦ᠋ᠨ ᠲᠦᠰᠢᠮᠡᠯ ᠢ᠋ᠶ᠋ᠡᠷ ᠲᠠᠬᠢᠬᠤ ᠭᠡᠵᠦ ᠬᠡᠯᠡᠯᠴᠡᠨ ᠲᠣᠭᠲᠠᠪᠠ᠃ 
       ᠲᠠᠪᠢᠨ ᠤ᠋ ᠪᠦᠷᠢᠶ᠎ᠡ ᠳᠤᠤᠭᠠᠷᠴᠠᠭᠠᠨ᠂ ᠴᠡᠷᠢᠭ ᠵᠢᠭᠰᠠᠬᠤ ᠳᠣᠬᠢᠶ᠎ᠠ ᠥᠭᠭᠦᠮᠡᠭᠴᠡ᠂ ᠣᠯᠠᠨ ᠴᠡᠷᠢᠭ ᠲᠤᠰ ᠪᠦᠷᠢ ᠶ᠋ᠢᠨ ᠲᠠᠪᠢᠨ ᠠᠷᠪᠠᠨ ᠤ᠋ ᠵᠢᠭᠰᠠᠭᠠᠯ ᠤ᠋ᠨ ᠪᠠᠢᠷᠢ ᠶ᠋ᠢ ᠡᠵᠡᠯᠡᠷ᠎ᠡ ᠭᠦᠶᠦᠯᠳᠦᠨ ᠵᠠᠩᠵᠤᠨ ᠶᠠᠮᠤᠨ ᠤ᠋ ᠵᠦᠭ ᠪᠠᠭ ᠪᠠᠭ ᠢ᠋ᠶ᠋ᠠᠷ ᠵᠦᠭ ᠵᠦᠭ ᠡᠴᠡ ᠭᠦᠶᠦᠯᠴᠡᠨ ᠢᠷᠡᠵᠦ᠂ ᠵᠠᠩᠵᠤᠨ ᠲᠤᠭ ᠲᠡᠭᠦᠨ ᠢ ᠲᠣᠭᠣᠷᠢᠭᠰᠠᠨ ᠵᠢᠷᠭᠤᠭᠠᠨ ᠠᠢᠮᠠᠭ ᠤ᠋ᠨ ᠴᠡᠷᠢᠭ ᠦ᠋ᠨ ᠲᠤᠭ ᠤ᠋ᠨ ᠡᠮᠦᠨ᠎ᠡ ᠭᠤᠷᠪᠠᠨ ᠲᠠᠯ᠎ᠠ ᠪᠠᠷ ᠲᠣᠭᠣᠷᠢᠨ ᠵᠢᠭᠰᠠᠵᠠᠢ᠃ ᠡᠵᠡᠨ ᠦ᠌ ᠰᠢᠷ᠎ᠠ ᠴᠡᠷᠢᠭ ᠭᠡᠳᠡᠭ ᠮᠠᠨᠵᠤ ᠬᠠᠭᠠᠨ ᠤ᠋ ᠰᠢᠯᠢᠳᠡᠭ ᠴᠡᠷᠢᠭ ᠦ᠋ᠨ ᠰᠥᠨᠥᠨ ᠳᠠᠷᠤᠭᠳᠠᠭᠰᠠᠨ ᠪᠠᠭ ᠴᠡᠷᠢᠭ ᠡᠴᠡ ᠠᠮᠢᠳᠤ ᠦᠯᠡᠳᠡᠵᠦ ᠣᠯᠵᠠᠯᠠᠭᠳᠠᠭᠰᠠᠨ ᠮᠠᠨᠵᠤ ᠴᠡᠷᠢᠭ ᠦ᠋ᠨ ᠭᠤᠷᠪᠠᠨ ᠲᠦᠰᠢᠮᠡᠯ ᠳᠡᠭᠡᠷ᠎ᠡ ᠮᠠᠭᠰᠤᠷᠵᠠᠪ ᠨᠠᠷ ᠤ᠋ᠨ ᠤᠷᠢᠳᠠ ᠪᠠᠷᠢᠵᠤ ᠠᠪᠤᠭᠰᠠᠨ ᠬᠣᠪᠲᠣ ᠶ᠋ᠢᠨ ᠮᠠᠨᠵᠤ ᠴᠡᠷᠢᠭ ᠦ᠋ᠨ ᠬᠣᠶᠠᠷ ᠲᠦᠰᠢᠮᠡᠯ ᠢ᠋ ᠨᠡᠮᠡᠨ ᠠᠪᠴᠢᠷᠠᠵᠤ᠂ ᠭᠠᠷ ᠢ᠋ ᠠᠷᠤ ᠳ᠋ᠤᠨᠢ ᠬᠦᠯᠢᠭᠰᠡᠨ ᠲᠡᠷᠡ ᠲᠠᠪᠤᠨ ᠬᠥᠮᠦᠨ ᠢ᠋ ᠶᠡᠬᠡ ᠲᠤᠭ ᠤ᠋ᠨ ᠡᠮᠦᠨ᠎ᠡ ᠰᠥᠭᠥᠳᠬᠡᠵᠡᠢ᠃ ᠲᠡᠷᠡ ᠣᠯᠵᠠᠯᠠᠭᠰᠠᠨ ᠲᠠᠪᠤᠨ ᠮᠠᠨᠵᠤ ᠴᠡᠷᠢᠭ ᠦ᠋ᠨ ᠲᠦᠰᠢᠮᠡᠯ᠂ ᠲᠣᠭᠣᠷᠢᠨ ᠵᠣᠭᠰᠣᠭᠰᠠᠨ ᠮᠣᠩᠭᠣᠯ ᠴᠡᠷᠢᠭ ᠢ᠋ ᠣᠭᠲᠣ ᠠᠩᠬᠠᠷᠤᠯ ᠦᠭᠡᠢ᠂ ᠦᠬᠦᠬᠦ ᠴᠠᠭ ᠢ᠋ᠶ᠋ᠠᠨ ᠦᠭᠡ ᠳᠠᠭᠤᠨ ᠦᠭᠡᠢ᠂ ᠠᠶᠤᠬᠤ ᠡᠮᠢᠶᠡᠬᠦ ᠪᠠᠢᠳᠠᠯ ᠦᠭᠡᠢ ᠬᠦᠯᠢᠶᠡᠵᠦ ᠰᠠᠭᠤᠪᠠ᠃  
       ᠮᠣᠩᠭᠣᠯ ᠵᠠᠩᠵᠤᠨ ᠨᠠᠷ ᠶᠡᠬᠡ ᠲᠤᠭ ᠤ᠋ᠨ ᠬᠣᠶᠠᠷ ᠬᠠᠵᠠᠭᠤ ᠳ᠋ᠤ᠌ ᠰᠡᠯᠡᠮ᠎ᠡ ᠪᠡᠨ ᠰᠤᠭᠤᠯᠵᠤ ᠵᠣᠭᠰᠣᠮᠠᠭᠴᠠ᠂ ᠣᠯᠠᠨ ᠴᠡᠷᠢᠭ ᠦ᠋ᠨ ᠰᠡᠯᠡᠮ᠎ᠡ  ᠲᠡᠢ ᠨᠢ ᠰᠡᠯᠡᠮ᠎ᠡ ᠪᠡᠨ᠂ ᠢᠯᠳᠦ ᠬᠢᠲᠤᠭᠠᠨ ᠵᠢᠳᠠ ᠲᠠᠢ ᠨᠢ ᠢᠯᠳᠦ ᠬᠢᠲᠤᠭᠠᠨ ᠵᠢᠳᠠ ᠪᠠᠨ ᠰᠤᠭᠤᠯᠵᠤ᠂ ᠦᠵᠦᠭᠦᠷ ᠢ᠋ ᠳᠡᠭᠡᠭᠰᠢ ᠬᠠᠨᠳᠤᠭᠤᠯᠤᠨ ᠪᠠᠷᠢᠪᠠ᠃  ᠡᠳᠦᠷ ᠦ᠋ᠨ ᠪᠠᠢᠯᠳᠤᠭᠠᠨ ᠳ᠋ᠤ᠌ ᠶᠠᠪᠤᠭᠰᠠᠨ ᠲᠠᠪᠢᠨ ᠤ᠋ ᠲᠠᠪᠤᠨ ᠠᠷᠪᠠᠲᠤ ᠲᠤᠰ ᠲᠤᠰ ᠠᠷᠪᠠᠨ ᠠ᠋ᠴᠠ ᠤᠷᠤᠭᠰᠢ ᠳᠠᠪᠰᠢᠨ ᠭᠠᠷᠴᠤ᠂ ᠨᠢᠭᠡᠨ ᠨᠢ ᠵᠠᠩᠵᠤᠨ ᠠ᠋ᠴᠠ ᠴᠠᠭᠠᠵᠠ ᠶ᠋ᠢᠨ ᠢᠯᠳᠦ ᠶ᠋ᠢ ᠰᠥᠭᠥᠳᠴᠦ ᠬᠦᠯᠢᠶᠡᠨ ᠠᠪᠤᠭᠠᠳ ᠪᠦᠬᠦ ᠴᠡᠷᠢᠭ ᠦ᠋ᠨ ᠵᠠᠩᠵᠤᠨ ᠲᠤᠭ ᠤ᠋ᠨ ᠲᠣᠭᠰᠢᠨ ᠰᠦᠯᠳᠡ ᠶ᠋ᠢ ᠲᠠᠢᠬᠤ ᠳᠣᠬᠢᠶ᠎ᠠ ᠶ᠋ᠢ ᠬᠦᠯᠢᠶᠡᠨ ᠵᠣᠭᠰᠣᠪᠠ᠃ ᠴᠡᠷᠢᠭ ᠦ᠋ᠨ ᠵᠢᠭᠰᠠᠭᠠᠯ ᠠ᠋ᠴᠠ ᠮᠠᠭᠰᠤᠷᠵᠠᠪ ᠤ᠋ᠨ ᠭᠠᠷ ᠢ᠋ᠶ᠋ᠠᠷ ᠵᠠᠩᠭᠠᠮᠠᠭᠴᠠ ᠱᠠᠮᠪᠠ ᠣᠷᠣᠭᠰᠢ ᠲᠡᠪᠰᠢᠨ ᠭᠠᠷᠴᠤ ᠲᠤᠭ ᠰᠦᠯᠳᠡ ᠶ᠋ᠢ ᠲᠠᠢᠬᠤ᠂ ᠮᠠᠰᠢ ᠳᠡᠭᠡᠳᠦ ᠡᠷᠲᠡᠨ ᠦ᠌ ᠥᠴᠢᠭ ᠳᠠᠭᠤᠳᠠᠯᠭ᠎ᠠ ᠶ᠋ᠢ ᠥᠨᠳᠥᠷ ᠳᠠᠭᠤᠨ ᠢ᠋ᠶ᠋ᠠᠷ ᠳᠠᠭᠤᠳᠠᠷᠤᠨ᠄  
        《 ᠠᠯᠲᠠᠨ ᠰᠦᠯᠳᠡ ᠭᠡᠮᠡᠨ ᠨᠡᠷᠡᠢᠳᠦᠭᠰᠡᠨ 
        《 ᠠᠶ᠎ᠠ᠂ ᠰᠦᠷ ᠬᠠᠷᠢᠶ᠎ᠠ ᠶᠡᠬᠡᠲᠦ᠂   
        《 ᠳᠣᠭᠰᠢᠨ ᠬᠠᠷ᠎ᠠ ᠰᠦᠯᠳᠡ ᠴᠢᠮᠠᠳᠤᠷ    
        《 ᠳᠠᠬᠢᠨ ᠥᠴᠢᠨ ᠮᠥᠷᠭᠥᠮᠦ!    
        《 ᠵᠠᠯᠠᠭᠤ ᠴᠢᠷᠠᠢ ᠴᠢᠨᠢ ᠲᠣᠭᠰᠢᠨ ᠬᠢᠯᠢᠩᠲᠦ᠂  
        《 ᠵᠠᠩᠭᠢᠳᠤᠭᠰᠠᠨ ᠦᠰᠦ ᠴᠢᠨᠢ ᠰᠠᠷᠪᠠᠢᠭᠰᠠᠨ᠂   
        《 ᠠᠶᠤᠩᠭ᠎ᠠ ᠭᠢᠯᠠᠯᠵᠠᠭᠰᠠᠨ ᠵᠢᠳᠠ ᠶᠤᠭᠠᠨ ᠳᠠᠯᠠᠢᠭᠰᠠᠨ  
        《 ᠠᠶ᠎ᠠ᠂ ᠪᠣᠭᠳᠠ ᠰᠦᠯᠳᠡ ᠴᠢᠮᠠᠳᠤᠷ ᠳᠠᠬᠢᠨ ᠥᠴᠢᠨ ᠮᠥᠷᠭᠥᠮᠦ  
        《 ᠨᠢᠭᠤᠷ ᠲᠠᠭᠠᠨ ᠲᠣᠭᠣᠷᠢᠭᠰᠠᠨ ᠮᠢᠩᠭᠠᠨ ᠬᠠᠷ᠎ᠠ ᠨᠢᠳᠦᠲᠡᠢ᠂    
        《 ᠨᠢᠭᠤᠴᠠ ᠤᠯᠤᠰ ᠢ᠋ ᠨᠢᠭᠡᠨ ᠢ᠋ᠶ᠋ᠡᠷ ᠦᠯᠦ ᠡᠨᠳᠡᠭᠴᠢ᠂  
        《 ᠨᠢᠭᠤᠷ ᠮᠠᠩᠨᠠᠢ ᠳ᠋ᠠᠭᠠᠨ ᠲᠣᠭᠣᠷᠢᠨ ᠴᠢᠮᠡᠭ ᠲᠡᠢ᠂   
        《 ᠪᠣᠭᠳᠠ ᠰᠦᠯᠳᠡ ᠴᠢᠮᠠᠳᠤᠷ ᠳᠠᠬᠢᠨ ᠥᠴᠢᠨ ᠮᠥᠷᠭᠥᠮᠦ!   
        《 ᠰᠦᠯᠳᠡᠷ ᠶᠡᠬᠡ ᠬᠦᠴᠦᠲᠦ ᠶ᠋ᠢᠨ ᠲᠤᠯᠠᠳᠠ᠂ 
        《 ᠰᠦᠮᠪᠦᠷ ᠠᠭᠤᠯᠠ ᠶ᠋ᠢᠨ ᠣᠷᠭᠢᠯ ᠳ᠋ᠠᠬᠢ ᠰᠤᠳᠠᠷᠰᠤᠨ( ᠰᠤᠳᠠᠷᠠᠰᠤᠨ) ᠤ᠋* ᠡᠵᠡᠨ  
        《 ᠬᠠᠭᠠᠨ ᠬᠤᠷᠮᠤᠰᠲᠠ ᠲᠩᠷᠢ ᠶ᠋ᠢ ᠡᠮᠦᠨ᠎ᠡ ᠪᠡᠨ ᠰᠥᠭᠥᠳᠭᠦᠯᠦᠨ ( ᠰᠥᠭᠦᠳᠦᠭᠦᠯᠦᠨ) ᠪᠠᠢᠭᠰᠠᠨ 
        《 ᠪᠣᠭᠳᠠ ᠰᠦᠯᠳᠡ ᠴᠢᠮᠠᠳᠤᠷ ᠳᠠᠬᠢᠨ ᠥᠴᠢᠨ ᠮᠥᠷᠭᠥᠮᠦ! 
        《 ᠮᠢᠲᠠᠷᠠᠯ ᠦᠭᠡᠢ ᠶᠡᠬᠡ ᠵᠣᠷᠢᠭᠲᠤ ᠶ᠋ᠢᠨ ᠲᠤᠯᠠᠳᠠ᠂  
        《 ᠮᠢᠩᠭᠠᠨ ᠬᠠᠷ᠎ᠠ ᠨᠢᠳᠦ ᠪᠡᠨ ᠭᠢᠯᠤᠢᠨ ᠬᠠᠷᠠᠵᠤ᠂   
        《ᠮᠥᠨ ᠦᠭᠡᠢ ᠣᠯᠠᠨ ᠰᠢᠮᠨᠤᠰ ᠢ᠋ ᠬᠥᠯ ᠳᠣᠣᠷ᠎ᠠ ᠪᠠᠨ ᠮᠥᠯᠬᠥᠭᠦᠯᠦᠭᠰᠡᠨ᠂   
        《 ᠪᠣᠭᠳᠠ ᠰᠦᠯᠳᠡ ᠴᠢᠮᠠᠳᠤᠷ ᠳᠠᠬᠢᠨ ᠥᠴᠢᠨ ᠮᠥᠷᠭᠥᠮᠦ!   
        《 ᠬᠠᠳᠠᠨ ᠵᠣᠷᠢᠭᠲᠤ᠂ ᠳᠣᠭᠰᠢᠨ ᠰᠡᠳᠬᠢᠯᠲᠦ ᠶ᠋ᠢᠨ ᠲᠤᠯᠠᠳᠠ 
        《 ᠬᠠᠳᠬᠤᠷᠲᠤ ( ᠬᠠᠳᠬᠤᠭᠤᠷᠲᠤ) ᠵᠢᠳᠠ ᠪᠠᠨ ᠳᠠᠯᠠᠢᠵᠤ᠂ ᠬᠦᠵᠦᠭᠦᠨ ᠳ᠋ᠡᠭᠡᠨ ᠡᠷᠢᠭᠡ ᠪᠣᠯᠭᠠᠨ᠂ 
        《 ᠲᠦᠭ ᠲᠦᠮᠡᠨ ᠳᠠᠢᠰᠤᠨ ᠤ᠋ ᠲᠡᠷᠢᠭᠦᠨ ᠢ᠋ ᠮᠣᠯᠴᠣᠭᠯᠠᠨ ᠵᠡᠭᠦᠭᠰᠡᠨ 
        《 ᠪᠣᠭᠳᠠ ᠰᠦᠯᠳᠡ ᠴᠢᠮᠠᠳᠤᠷ ᠳᠠᠬᠢᠨ ᠥᠴᠢᠨ ᠮᠥᠷᠭᠥᠮᠦ! 
        《 ᠦᠵᠡᠨ ᠶᠠᠳᠠᠭᠴᠢ ᠬᠠᠷ᠎ᠠ ᠵᠢᠷᠦᠬᠡᠲᠡᠨ ᠦ᠌ ᠣᠮᠣᠭ ᠢ᠋ ᠳᠠᠷᠤᠵᠤ᠂ 
        《 ᠦᠯᠡᠮᠵᠢ ᠶ᠋ᠢᠨ ᠣᠯᠵᠠ᠂ ᠬᠦᠰᠡᠬᠦᠢ ᠶ᠋ᠢᠨ ᠡᠳ᠋ ᠢ᠋ ᠬᠠᠢᠷᠠᠯᠠᠨ ᠰᠣᠶᠣᠷᠬ᠎ᠠ! 
         ᠬᠠᠷᠰᠢ ᠭᠠᠢ ᠲᠣᠳᠬᠠᠷ ᠢ᠋ ᠵᠠᠮ ᠠ᠋ᠴᠠ ᠬᠠᠮᠤᠨ ᠵᠠᠢᠯᠠᠭᠤᠯᠵᠤ᠂  
        《 ᠥᠰᠢᠯᠲᠡᠢ ᠳᠠᠢᠰᠤᠨ ᠤ᠋ ᠵᠢᠷᠦᠬᠡ ᠰᠢᠨᠲᠠᠷᠠᠭᠤᠯᠤᠨ ᠢᠯᠠᠭᠤᠯ!  * 
ᠭᠡᠵᠦ ᠲᠡᠷᠡ ᠰᠦᠷᠡᠬᠡᠢ ᠥᠴᠢᠭ ᠳᠠᠭᠤᠳᠠᠯᠭ᠎ᠠ ᠶ᠋ᠢ ᠳᠠᠭᠤᠳᠠᠨ ᠪᠠᠷᠠᠮᠠᠭᠴᠠ᠂ ᠳᠠᠮᠳᠢᠨᠰᠦ᠋ᠷᠦᠩ ᠵᠠᠷᠯᠢᠭ ᠤ᠋ᠨ ᠰᠤᠮᠤ ᠪᠠᠷ ᠳᠣᠬᠢᠶ᠎ᠠ ᠥᠭᠴᠦ᠂ ᠠᠷᠪᠠᠨ ᠤ᠋ ᠳᠠᠷᠤᠭ᠎ᠠ ᠴᠠᠭᠠᠵᠠ ᠶ᠋ᠢᠨ ᠢᠯᠳᠦ ᠳᠠᠯᠠᠢᠨ᠂ ᠣᠯᠵᠠᠯᠠᠭᠰᠠᠨ ᠴᠡᠷᠢᠭ ᠦ᠋ᠨ ᠲᠦᠰᠢᠮᠡᠯ ᠦ᠋ᠨ ᠲᠣᠯᠣᠭᠠᠢ ᠶ᠋ᠢ ᠲᠠᠰᠤ ᠴᠠᠪᠴᠢᠭᠠᠳ᠂ ᠬᠠᠨᠴᠤᠢ ᠪᠠᠨ ᠰᠢᠮᠠᠯᠠᠨ᠂ ᠬᠢᠲᠤᠭ᠎ᠠ ᠪᠠᠨ ᠭᠠᠷᠭᠠᠭᠠᠳ᠂ ᠲᠣᠯᠣᠭᠠᠢ ᠦᠭᠡᠢ ᠬᠡᠭᠦᠷ ᠦ᠋ᠨ ᠬᠡᠩᠬᠦᠳᠡᠭ ᠢ᠋ ᠠᠭᠤᠳᠠᠯᠵᠤ᠂ ᠴᠢᠰᠤ ᠭᠣᠳᠬᠢᠨ ᠵᠢᠷᠢᠯᠵᠡᠵᠦ ᠪᠠᠢᠭ᠎ᠠ ᠵᠢᠷᠦᠬᠡ ᠶ᠋ᠢ ᠨᠢ ᠰᠤᠭᠤ ᠲᠠᠲᠠᠵᠤ ᠮᠠᠭᠰᠤᠷᠵᠠᠪ ᠲᠤ᠌ ᠪᠠᠷᠢᠪᠠᠯ᠂ ᠲᠡᠷᠡ ᠵᠠᠩᠵᠤᠨ᠂ ᠳᠠᠮᠳᠢᠨᠰᠦ᠋ᠷᠦᠩ ᠵᠠᠩᠵᠤᠨ ᠤ᠋ ᠳᠡᠯᠭᠡᠨ ᠪᠠᠷᠢᠭᠰᠠᠨ ᠶᠡᠬᠡ ᠲᠤᠭ ᠤ᠋ᠨ ᠸᠠᠳᠠᠩ ᠳ᠋ᠤ᠌ ᠬᠦᠷᠴᠦ᠂ ᠴᠡᠷᠢᠭ ᠦ᠋ᠨ ᠶᠡᠬᠡ ᠵᠠᠩᠵᠤᠨ ᠲᠤᠭ ᠤ᠋ᠨ ᠲᠣᠷᠭᠠᠨ᠎ᠠ ᠴᠢᠰᠤᠨ ᠮᠥᠷ ᠦᠯᠡᠳᠡᠭᠡᠪᠡ᠃     
       ᠮᠠᠭᠰᠤᠷᠵᠠᠪ ᠲᠡᠷᠡ ᠵᠢᠷᠦᠬᠡ ᠶ᠋ᠢ ᠳᠠᠮᠳᠢᠨᠰᠦ᠋ᠷᠦᠩ ᠳ᠋ᠦ᠍ ᠪᠠᠷᠢᠵᠤ ᠴᠢᠰᠤ ᠶ᠋ᠢ ᠠᠮᠰᠠᠭᠤᠯᠤᠭᠠᠳ᠂ ᠳᠠᠷᠠᠭ᠎ᠠ ᠪᠠᠷ ᠥᠪᠡᠷ ᠢ᠋ᠶ᠋ᠡᠨ ᠠᠮᠠᠨ ᠳ᠋ᠠᠭᠠᠨ ᠬᠦᠷᠭᠡᠵᠦ᠂ ᠴᠢᠰᠤ ᠠ᠋ᠴᠠ ᠠᠮᠲᠠᠯᠠᠨ᠂ ᠴᠡᠷᠢᠭ ᠲᠡᠭᠡᠨ ᠥᠭᠴᠦ᠂ ᠳᠠᠷᠤᠭᠳᠠᠭᠰᠠᠨ ᠳᠠᠢᠰᠤᠨ ᠤ᠋ ᠴᠢᠰᠤ ᠶ᠋ᠢ ᠠᠮᠰᠠᠭᠤᠯᠪᠠ᠃ ᠨᠥᠭᠦᠭᠡ ᠳᠥᠷᠪᠡᠨ ᠠᠷᠪᠠᠲᠤ ᠨᠠᠷ᠂ ᠦᠯᠡᠳᠡᠭᠰᠡᠨ ᠳᠥᠷᠪᠡᠨ ᠣᠯᠵᠠ ᠶ᠋ᠢᠨ ᠬᠥᠮᠦᠨ ᠢ᠋ ᠮᠥᠨ ᠨᠢᠭᠡᠨ ᠠᠳᠠᠯᠢ ᠲᠣᠯᠣᠭᠠᠢ ᠶ᠋ᠢ ᠴᠠᠪᠴᠢᠨ᠂  ᠯᠦᠭᠰᠢᠵᠦ ᠵᠢᠷᠦᠪᠪᠡᠯᠵᠡᠬᠦ  ᠴᠢᠰᠤᠲᠤ ᠵᠢᠷᠦᠬᠡ ᠪᠡᠷ ᠵᠠᠩᠵᠤᠨ ᠲᠤᠭ ᠬᠢᠭᠡᠳ ᠠᠢᠮᠠᠭ ᠤ᠋ᠨ ᠲᠤᠭ ᠢ᠋ ᠮᠢᠯᠢᠶᠠᠪᠠ᠃  
       ᠲᠤᠭ ᠰᠦᠯᠳᠡ ᠶ᠋ᠢ ᠬᠥᠮᠦᠨ ᠢ᠋ᠶ᠋ᠡᠷ ᠲᠠᠬᠢᠬᠤ ᠡᠷᠲᠡᠨ ᠦ᠌ ᠰᠦᠷᠲᠡᠢ ᠲᠣᠭᠰᠢᠨ  ᠵᠠᠩ ᠦᠢᠯᠡ ᠶ᠋ᠢ ᠦᠢᠯᠡᠳᠦᠭᠡᠳ᠂  ᠮᠠ᠊ ᠵᠠᠩᠵᠤᠨ᠂ ᠴᠡᠷᠢᠭ ᠲᠦ᠍ ᠵᠠᠷᠯᠠᠵᠤ᠂ 
       — ᠮᠠᠨᠠᠢ ᠥᠨᠥᠳᠥᠷ ᠦ᠋ᠨ ᠡᠨᠡ ᠢᠯᠠᠵᠤ᠂ ᠳᠠᠢᠰᠤᠨ ᠤ᠋ ᠰᠦᠷ ᠢ᠋ ᠳᠠᠷᠤᠭᠰᠠᠨ ᠤ᠋ ᠳᠤᠷᠠᠰᠬᠠᠯ ᠳ᠋ᠤ᠌ ᠶᠡᠬᠡ ᠴᠡᠷᠢᠭ ᠦ᠋ᠨ ᠬᠦᠷᠢᠶ᠎ᠡ ᠪᠠᠭᠤᠳᠠᠯᠯᠠᠭᠰᠠᠨ ᠲᠠᠯ᠎ᠠ ᠶ᠋ᠢᠨ ᠤᠯᠠᠭᠠᠨ ᠠᠭᠤᠯᠠᠨ ᠤ᠋ ᠨᠡᠷ᠎ᠡ ᠶ᠋ᠢ ᠬᠠᠯᠠᠵᠤ᠂ ᠴᠣᠭᠲᠤ ᠪᠠᠭᠠᠲᠤᠷ ᠬᠠᠢᠷᠬᠠᠨ ᠠᠭᠤᠯᠠ ᠭᠡᠵᠦ ᠡᠭᠦᠷᠢᠳᠡ ᠨᠡᠷᠡᠯᠡᠰᠦᠭᠡᠢ* ᠭᠡᠪᠡ᠃ 
       ᠲᠡᠷᠡ ᠦᠳᠡᠰᠢ᠂ ᠬᠣᠶᠠᠷ ᠵᠠᠩᠵᠤᠨ᠂ ᠴᠡᠷᠢᠭ ᠦ᠋ᠨ ᠳᠠᠷᠤᠭ᠎ᠠ ᠨᠠᠷ ᠤ᠋ᠨ ᠵᠥᠪᠯᠡᠯ ᠬᠢᠵᠦ ᠬᠤᠷᠠᠯᠳᠤᠭᠤᠯᠪᠠ᠃ ᠮᠠ᠊ ᠵᠠᠩᠵᠤᠨ᠂ ᠤᠷᠢᠳᠤ ᠬᠣᠪᠲᠣ ᠳ᠋ᠤ᠌ ᠰᠠᠭᠤᠵᠤ ᠪᠠᠢᠭᠰᠠᠨ ᠲᠤᠯᠠ᠂ ᠬᠤᠳᠠᠯᠳᠤᠭᠠᠨ ᠤ᠋ ᠬᠣᠲᠠ᠂ ᠰᠠᠩ ᠤ᠋ᠨ ᠬᠣᠲᠠ ᠭᠡᠳᠡᠭ ᠴᠠᠢᠵᠠ ᠶ᠋ᠢᠨ ᠠᠯᠢ ᠠᠯᠢᠨ ᠢ᠋ ᠴᠦ᠍ ᠰᠠᠢᠨ ᠮᠡᠳᠡᠬᠦ  ᠲᠤᠯᠠ ᠪᠠᠢᠳᠠᠯ ᠢ᠋ ᠢᠯᠡᠳᠬᠡᠭᠡᠳ ᠬᠡᠷᠬᠢᠨ ᠴᠠᠢᠵᠠ ᠶ᠋ᠢᠨ ᠪᠠᠲᠤ ᠪᠡᠬᠢᠯᠡᠭᠰᠡᠨ ᠬᠡᠷᠡᠮ ᠢ᠋ ᠡᠪᠳᠡᠨ ᠪᠠᠢᠯᠳᠤᠬᠤ ᠠᠷᠭ᠎ᠠ ᠵᠥᠪᠯᠡᠪᠡ᠃ 
       ᠰᠠᠢᠨ ᠳᠤᠷ᠎ᠠ ᠶ᠋ᠢᠨ ᠰᠣᠶᠣᠨ ᠴᠡᠷᠢᠭ ᠦ᠋ᠨ ᠳᠠᠷᠤᠭ᠎ᠠ᠂ ᠡᠪᠦᠭᠡᠨ ᠠᠩᠭᠤᠴᠢ ᠯᠤᠪᠰᠠᠩ ᠰᠠᠨᠠᠯ ᠭᠠᠷᠭᠠᠵᠤ᠂ 
       — ᠮᠠᠨᠠᠢ ᠰᠣᠶᠣᠨ ᠴᠡᠷᠢᠭ ᠳᠣᠲᠣᠷ᠎ᠠ ᠴᠠᠢᠵᠠ ᠶ᠋ᠢᠨ ᠬᠡᠷᠡᠮ ᠦ᠋ᠨ ᠳᠣᠣᠭᠤᠷ ᠤᠬᠤᠵᠤ᠂ ᠳᠠᠷᠢ ᠪᠠᠷ ᠳᠡᠯᠪᠡᠯᠦᠨ ᠴᠢᠳᠠᠬᠤ ᠬᠥᠮᠦᠨ ᠪᠣᠢ ᠭᠡᠪᠡᠯ ᠴᠥᠮ ᠡᠪᠦᠭᠡᠨ ᠠᠩᠭᠤᠴᠢᠨ ᠤ᠋ ᠰᠠᠨᠠᠯ ᠢ᠋ ᠵᠥᠪᠰᠢᠶᠡᠷᠡᠨ ᠳᠠᠭᠠᠪᠠ᠃ ᠡᠪᠦᠭᠡᠨ ᠯᠤᠪᠰᠠᠩ ᠤᠷᠢᠳᠤ ᠰᠣᠶᠣᠨ* * ᠠᠭᠤᠯᠠᠨ᠎ᠠ ᠠᠯᠲᠠ ᠤᠬᠤᠵᠤ ᠪᠠᠢᠭᠰᠠᠨ ᠰᠣᠶᠣᠨ ᠴᠡᠷᠢᠭ ᠲᠡᠢ ᠵᠥᠪᠯᠡᠨ ᠬᠡᠯᠡᠯᠴᠡᠭᠡᠳ᠂ ᠬᠡᠷᠡᠮ ᠳᠡᠯᠪᠡᠯᠬᠦ ᠳ᠋ᠦ᠍ ᠣᠷᠣᠰ ᠳᠠᠷᠢ ᠪᠣᠯ  ᠠᠷᠪᠠᠨ ᠲᠠᠪᠤᠨ ᠵᠢᠩ᠂ ᠮᠣᠩᠭᠣᠯ ᠳᠠᠷᠢ ᠪᠣᠯ ᠲᠠᠪᠢᠨ ᠵᠢᠩ ᠬᠦᠷᠦᠨ᠎ᠡ ᠭᠡᠰᠡᠨ ᠳ᠋ᠦ᠍ ᠣᠷᠣᠰ ᠳᠠᠷᠢ ᠪᠦᠬᠦ ᠴᠡᠷᠢᠭ ᠦ᠋ᠨ ᠳᠤᠮᠳᠠ ᠭᠠᠭᠴᠠ ᠰᠤᠶᠤᠳ ᠠᠩᠭᠤᠴᠢᠨ ᠳ᠋ᠤ᠌ ᠪᠠᠢᠬᠤ ᠠ᠋ᠴᠠ ᠴᠡᠷᠢᠭ ᠦ᠋ᠨ ᠰᠠᠩ ᠳ᠋ᠤ᠌ ᠪᠠᠢᠬᠤ ᠦᠭᠡᠢ ᠲᠤᠯᠠ ᠰᠠᠩ ᠠ᠋ᠴᠠ ᠲᠠᠪᠢᠨ ᠵᠢᠩ ᠮᠣᠩᠭᠣᠯ ᠳᠠᠷᠢ ᠲᠠᠯᠪᠢᠨ ᠣᠯᠭᠣᠵᠤ ᠥᠭᠭᠦᠯ᠎ᠡ᠃ 
       ᠰᠣᠶᠣᠨ ᠴᠡᠷᠢᠭ᠂ ᠳᠠᠯᠳᠠ ᠭᠠᠵᠠᠷ ᠠ᠋ᠴᠠ ᠳᠣᠯᠣᠭᠠᠨ ᠬᠣᠨᠣᠭ ᠰᠠᠮ ᠤᠬᠤᠵᠤ᠂ ᠬᠡᠷᠡᠮ ᠦ᠋ᠨ ᠳᠣᠲᠣᠷ᠎ᠠ ᠬᠦᠷᠦᠮᠡᠭᠴᠡ ᠯᠤᠪᠰᠠᠩ ᠡᠪᠦᠭᠡᠨ᠂ ᠣᠳᠣ ᠰᠥᠨᠢ ᠳᠦᠯᠢ ᠶ᠋ᠢᠨ ᠴᠠᠭ ᠲᠤ᠌  ᠬᠡᠷᠡᠮ ᠳᠡᠯᠪᠡᠯᠦᠨ᠎ᠡ ᠭᠡᠵᠦ ᠵᠠᠷᠯᠠᠪᠠ᠃ ᠲᠣᠭᠲᠠᠭᠰᠠᠨ ᠴᠠᠭ ᠲᠤᠨᠢ ᠬᠡᠷᠡᠮ ᠦ᠋ᠨ ᠲᠣᠭᠣᠰᠬ᠎ᠠ ᠲᠦᠩ ᠬᠢᠵᠦ ᠶᠡᠬᠡ ᠴᠢᠮᠡᠭᠡ ᠭᠠᠷᠤᠭᠠᠳ᠂ ᠳᠡᠭᠡᠭᠰᠢ ᠪᠥᠭᠡᠮ ᠭᠠᠯ ᠬᠠᠷᠪᠤᠭᠰᠠᠨ ᠨᠢ ᠴᠠᠢᠵᠠ ᠶ᠋ᠢᠨ ᠬᠡᠷᠡᠮ᠂ ᠬᠠᠢᠰᠠᠩ ᠤ᠋ᠨ ᠳᠡᠷᠭᠡᠳᠡ ᠵᠣᠭᠰᠣᠨ ᠪᠣᠢ ᠮᠠᠨᠵᠤ ᠴᠡᠷᠢᠭ ᠢ᠋ ᠭᠡᠢᠭᠦᠯᠦᠨ ᠭᠡᠷᠡᠯᠲᠦᠭᠦᠯᠪᠡ᠃ 
       ᠲᠡᠷᠡ ᠳᠡᠯᠪᠡᠷᠡᠬᠦ ᠳᠠᠭᠤᠨ ᠴᠢᠮᠡᠭᠡ ᠶ᠋ᠢ ᠮᠠᠨᠵᠤ ᠨᠠᠷ᠂ ᠮᠣᠩᠭᠣᠯ ᠴᠡᠷᠢᠭ ᠴᠠᠢᠵᠠ ᠶ᠋ᠢ ᠳᠠᠭᠠᠷᠢᠨ ᠪᠠᠢᠯᠳᠤᠬᠤ ᠳᠣᠬᠢᠶ᠎ᠠ ᠪᠣᠯᠭᠠᠪᠠ ᠭᠡᠵᠦ ᠵᠦᠭ ᠵᠦᠭ ᠤᠴᠢᠷ ᠦᠭᠡᠢ ᠫᠤᠤᠳᠠᠵᠤ ᠡᠬᠢᠯᠡᠭᠡᠳ ᠮᠣᠩᠭᠣᠯ ᠴᠡᠷᠢᠭ ᠡᠴᠡ ᠬᠠᠷᠢᠭᠤ ᠲᠡᠳᠦᠢᠯᠡ ᠫᠤᠤᠳᠠᠬᠤ ᠦᠭᠡᠢ ᠲᠤᠯᠠ ᠤᠳᠠᠯ ᠦᠭᠡᠢ ᠵᠣᠭᠰᠣᠪᠠ᠃ ᠥᠷᠯᠥᠭᠡ ᠦᠵᠡᠪᠡᠯ᠂ ᠬᠡᠷᠡᠮ ᠦ᠋ᠨ ᠡᠮᠦᠨ᠎ᠡ ᠭᠠᠵᠠᠷ ᠳᠣᠣᠷ᠎ᠠ ᠳᠠᠷᠢ ᠲᠠᠢ ᠯᠦᠦ ᠳᠡᠯᠪᠡᠷᠡᠭᠰᠡᠨ ᠦ᠌ ᠨᠦᠬᠡ ᠣᠩᠭᠣᠢᠨ ᠭᠠᠷᠴᠤ ᠬᠠᠷᠠᠯᠠᠨ ᠬᠠᠷᠠᠭᠳᠠᠬᠤ ᠶ᠋ᠢ ᠦᠵᠡᠪᠡ᠃ 
       ᠲᠡᠢᠨᠬᠦ ᠬᠡᠷᠡᠮ ᠳᠡᠯᠪᠡᠯᠵᠦ ᠣᠷᠣᠯᠳᠣᠭᠠᠳ ᠡᠰᠡ ᠪᠦᠲᠦᠭᠰᠡᠨ ᠳ᠋ᠦ᠍ ᠳᠠᠷᠤᠭ᠎ᠠ ᠨᠠᠷ ᠴᠡᠷᠢᠭ ᠦ᠋ᠨ ᠵᠥᠪᠯᠡᠯ ᠬᠢᠵᠦ᠂ ᠬᠡᠷᠬᠢᠪᠡᠯ ᠵᠣᠬᠢᠬᠤ ᠶ᠋ᠢ ᠬᠡᠯᠡᠯᠴᠡᠭᠡᠳ ᠬᠤᠳᠠᠯᠳᠤᠭᠠᠨ ᠤ᠋ ᠬᠣᠲᠠ᠂ ᠰᠠᠩ ᠤ᠋ᠨ ᠬᠣᠲᠠ ᠬᠣᠶᠠᠷ ᠢ᠋ ᠰᠥᠨᠢ ᠳᠠᠭᠠᠷᠢᠨ ᠪᠠᠢᠯᠳᠤᠬᠤ ᠪᠠᠷ ᠵᠥᠪᠯᠡᠨ ᠲᠣᠭᠲᠠᠪᠠ᠃ ᠪᠠᠷᠠᠭᠤᠨ ᠬᠢᠵᠠᠭᠠᠷ ᠢ᠋ ᠢᠯᠪᠢᠨ ᠲᠣᠬᠣᠨᠢᠭᠤᠯᠬᠤ ᠰᠠᠢᠳ᠂ ᠰᠠᠮᠠᠳᠢ ᠪᠠᠭᠰᠢ᠂ ᠨᠣᠮᠣᠨ ᠬᠠᠨ ᠵᠠᠭᠠᠯᠠᠠᠠᠩᠵᠠ ᠬᠤᠲᠤᠭᠲᠤ᠂ ᠳᠣᠯᠣᠭᠠᠨ ᠰᠠᠷ᠎ᠠ ᠶ᠋ᠢᠨ ᠨᠠᠢ᠍ᠮᠠᠨ ᠤ᠋ ᠰᠥᠨᠢ ᠪᠠᠢᠯᠳᠤᠬᠤ ᠴᠡᠷᠢᠭ ᠢ᠋ ᠲᠣᠪᠯᠠᠨ ᠵᠢᠭᠠᠵᠤ ᠥᠭᠭᠦᠭᠡᠳ᠂ ᠴᠡᠷᠢᠭ ᠦ᠋ᠨ ᠳᠠᠷᠤᠭ᠎ᠠ ᠨᠠᠷ᠂ ᠦᠬᠡᠷ ᠴᠠᠭ ᠲᠤ᠌  ᠬᠡᠨ ᠠᠯᠢ ᠵᠦᠭ ᠡᠴᠡ ᠬᠠᠮᠢᠭᠠᠰᠢ ᠳᠠᠭᠠᠷᠢᠨ ᠣᠷᠣᠬᠤ ᠶ᠋ᠢ ᠨᠠᠷᠢᠪᠴᠢᠯᠠᠨ ᠲᠣᠭᠲᠠᠭᠠᠵᠤ ᠲᠠᠷᠠᠪᠠ᠃ 
       ᠪᠠᠢᠯᠳᠤᠨ ᠳᠠᠭᠠᠷᠢᠬᠤ ᠡᠳᠦᠷ ᠵᠠᠭᠠᠯᠠᠠᠠᠩᠵᠠ ᠬᠤᠲᠤᠭᠲᠤ᠂ ᠪᠦᠬᠦ ᠴᠡᠷᠢᠭ ᠲᠦ᠍ ᠠᠳᠢᠰ ᠬᠦᠷᠲᠡᠭᠡᠵᠦ ᠂ ᠣᠯᠠᠨ ᠯᠠᠮᠠ ᠨᠠᠷ ᠢ᠋ ᠳᠠᠭᠠᠭᠤᠯᠤᠨ ᠰᠤᠷ ᠵᠠᠯᠠᠵᠤ᠂ ᠲᠡᠭᠦᠨ ᠦ᠌ ᠭᠠᠯ ᠢ᠋ᠶ᠋ᠠᠷ ᠰᠥᠨᠢ ᠳᠣᠬᠢᠶ᠎ᠠ ᠥᠭᠬᠦ ᠭᠡᠵᠦ ᠬᠣᠪᠲᠣ ᠬᠣᠲᠠᠨ ᠤ᠋ ᠬᠣᠢᠲᠤ ᠵᠦᠭ ᠳᠠᠬᠢ ᠷᠠᠰᠢᠶᠠᠨᠲᠤ ᠠᠭᠤᠯᠠ ᠥᠭᠡᠳᠡ ᠭᠠᠷᠴᠠᠢ᠃   
       ᠦᠳᠡᠰᠢ ᠶ᠋ᠢᠨ ᠪᠦᠷᠦᠩᠬᠦᠢ ᠪᠡᠷ ᠳᠥᠷᠪᠡᠳ ᠴᠡᠷᠢᠭ ᠦ᠋ᠨ ᠳᠠᠷᠤᠭ᠎ᠠ ᠫᠠᠷᠴᠢᠨ ᠲᠠᠢᠵᠢ᠂ ᠠᠯᠳᠠᠷᠲᠠᠢ ᠲᠤᠤᠯᠢᠴᠢ ᠬᠥᠮᠦᠨ᠂ ᠬᠠᠷᠢᠶᠠᠲᠤ ᠴᠡᠷᠢᠭ ᠦ᠋ᠨ ᠠᠰᠠᠷ ᠮᠠᠢᠬᠠᠨ ᠢ᠋ ᠡᠷᠭᠢᠵᠦ ᠶᠠᠪᠤᠭᠠᠳ᠂ ᠨᠢᠭᠡᠨ ᠴᠡᠷᠢᠭ ᠢ᠋ ᠳᠣᠮᠪᠡᠷ ᠪᠠᠷᠢᠵᠤ᠂ ᠲᠡᠭᠦᠨ ᠦ᠌ ᠶᠡᠬᠡᠯ᠎ᠡ ᠪᠠᠬᠠᠳᠤᠨ ᠮᠡᠳᠡᠳᠡᠭ  ᠪᠤᠮ ᠡᠷᠳᠡᠨᠢ ᠭᠡᠳᠡᠭ ᠲᠣᠭᠰᠢᠨ ᠰᠦᠷᠲᠦ ᠠᠤᠭ᠎ᠠ ᠬᠦᠴᠦᠲᠦ ᠪᠠᠭᠠᠲᠤᠷ ᠤ᠋ᠨ ᠲᠤᠤᠯᠢ ᠶ᠋ᠢ ᠬᠦᠦᠷᠨᠢᠨ ᠬᠡᠯᠡᠵᠦ ᠪᠠᠢᠭ᠎ᠠ ᠶ᠋ᠢ ᠰᠣᠨᠣᠰᠪᠠ᠃ ᠲᠡᠷᠡ ᠴᠡᠷᠢᠭ ᠦ᠋ᠨ ᠬᠥᠮᠦᠨ ᠠᠯᠳᠠᠷᠲᠤ ᠪᠤᠮ ᠡᠷᠳᠡᠨᠢ ᠶ᠋ᠢᠨ ᠲᠤᠤᠯᠢ ᠶ᠋ᠢ ᠪᠠᠷᠤᠭᠲᠠᠢᠬᠠᠨ ᠮᠡᠳᠡᠳᠡᠭ ᠬᠥᠮᠦᠨ ᠪᠠᠢᠵᠠᠢ᠃ ᠳᠤᠲᠠᠭᠤ ᠬᠠᠭᠠᠰ ᠬᠡᠯᠡᠭᠰᠡᠭᠡᠷ ᠪᠠᠷᠤᠭ ᠰᠢᠪᠲᠤᠷᠴᠤ(ᠰᠢᠪᠲᠤᠷᠠᠵᠤ) ᠪᠠᠢᠬᠤ ᠦᠶᠡᠰ ᠫᠠᠷᠴᠢᠨ ᠳᠠᠭᠠᠷᠢᠯᠳᠤᠭᠠᠳ᠂ ᠲᠡᠷᠡ ᠪᠣᠯᠬᠢ ᠲᠤᠤᠯᠢᠴᠢ ᠶ᠋ᠢᠨ ᠭᠠᠷ ᠠ᠋ᠴᠠ ᠲᠣᠮᠪᠠᠷ(ᠳᠣᠮᠪᠣᠷ) ᠢ᠋ ᠠᠪᠴᠤ ᠲᠤᠤᠯᠢ ᠶ᠋ᠢ ᠴᠢᠨᠠᠭᠰᠢ ᠦᠷᠭᠦᠯᠵᠢᠯᠡᠭᠦᠯᠦᠨ ᠬᠦᠦᠷᠨᠢᠬᠦ ᠳ᠋ᠡᠭᠡᠨ( ᠳ᠋ᠦ᠍ ᠪᠡᠨ)᠂ ᠳᠤᠷ᠎ᠠ ᠲᠠᠢ ᠰᠠᠢᠬᠠᠨ ᠲᠤᠤᠯᠢ ᠶ᠋ᠢᠨ ᠰᠡᠳᠬᠢᠯ ᠵᠣᠷᠢᠭ ᠪᠠᠳᠠᠷᠠᠮ᠎ᠠ ᠢᠷᠠᠭᠤ ᠦᠭᠡᠰ ᠢ᠋ ᠤᠷᠤᠰᠬᠠᠯ ᠪᠤᠯᠠᠭ ᠤ᠋ᠨ ᠤᠨᠳᠤᠷᠬᠤ ᠤᠰᠤᠨ ᠠᠳᠠᠯᠢ ᠦᠷᠭᠦᠯᠵᠢᠯᠡᠭᠦᠯᠦᠨ᠂ ᠠᠤᠭ᠎ᠠ ᠶᠡᠬᠡ ᠬᠦᠴᠦᠲᠦ ᠪᠤᠮ ᠡᠷᠳᠡᠨᠢ ᠭᠡᠳᠡᠭ ᠪᠠᠭᠠᠲᠤᠷ ᠡᠷ᠎ᠡ ᠶ᠋ᠢ ᠲᠣᠭ᠎ᠠ ᠲᠣᠮᠰᠢ ᠦᠭᠡᠢ ᠣᠯᠠᠨ ᠳᠠᠢᠰᠤᠨ ᠲᠠᠢ ᠪᠠᠢᠯᠳᠤᠨ ᠲᠤᠯᠤᠯᠳᠤᠭᠰᠠᠨ ᠢ᠋ ᠭᠠᠢᠬᠠᠨ ᠰᠣᠨᠣᠰᠤᠭᠴᠢ ᠴᠡᠷᠢᠭ ᠦ᠋ᠨ ᠡᠮᠦᠨ᠎ᠡ ᠲᠤᠢᠯ ᠤ᠋ᠨ ᠰᠠᠢᠬᠠᠨ ᠢ᠋ᠶ᠋ᠠᠷ ᠬᠦᠦᠷᠨᠢᠨ ᠬᠦᠦᠷᠨᠢᠵᠦ᠂ ᠡᠬᠡ ᠨᠤᠲᠤᠭ ᠢ᠋ᠶ᠋ᠠᠨ ᠳᠠᠢᠰᠤᠨ ᠠ᠋ᠴᠠ ᠥᠮᠥᠭᠯᠡᠨ ᠬᠠᠮᠠᠭᠠᠯᠠᠭᠴᠢ ᠡᠷᠡᠯᠬᠡᠭ ᠬᠦᠴᠦᠲᠦ ᠪᠠᠭᠠᠲᠤᠷ ᠡᠷ᠎ᠡ ᠶ᠋ᠢ ᠮᠠᠭᠲᠠᠨ᠂ ᠥᠷᠭᠡᠨ ᠳᠡᠯᠭᠡᠷ ᠨᠤᠲᠤᠭ ᠲᠤᠨᠢ( ᠳ᠋ᠤ᠌ ᠨᠢ) ᠠᠷᠠᠳ ᠠᠮᠢᠲᠠᠨ ᠡᠪᠦᠯ ᠦᠭᠡᠢ ᠵᠤᠨ ᠢ᠋ᠶ᠋ᠠᠷ᠂ ᠦᠬᠦᠯ ᠦᠭᠡᠢ ᠮᠥᠩᠬᠡ ᠪᠡᠷ᠂ ᠡᠪᠡᠳᠴᠢᠨ ᠦᠭᠡᠢ ᠡᠭᠦᠷᠢᠳᠡ ᠡᠩᠬᠡ ᠡᠰᠡᠨ᠂ ᠰᠠᠨᠠᠭ᠎ᠠ ᠠᠮᠤᠷ ᠰᠠᠪᠠ ᠳᠦᠭᠦᠷᠡᠩ ᠵᠢᠷᠭᠠᠭᠰᠠᠨ ᠰᠠᠢᠬᠠᠨ ᠮᠠᠭᠲᠠᠭᠠᠯ ᠢ᠋ᠶ᠋ᠠᠷ ᠲᠡᠭᠦᠰᠬᠡᠭᠰᠡᠨ ᠳ᠋ᠦ᠍᠂ ᠲᠡᠷᠡ ᠲᠤᠤᠯᠢ ᠶ᠋ᠢ ᠲᠡᠢᠮᠦ ᠰᠠᠢᠨ ᠢ᠋ᠶ᠋ᠠᠷ ᠬᠦᠦᠷᠨᠢᠨ ᠬᠡᠯᠡᠭᠰᠡᠨ ᠳ᠋ᠦ᠍ᠨᠢ( ᠳ᠋ᠦ᠍ ᠨᠢ) ᠵᠣᠷᠢᠭ ᠪᠠᠳᠠᠷᠠᠭᠰᠠᠨ ᠴᠡᠷᠢᠭ ᠦ᠋ᠨ ᠡᠷᠡᠰ ᠲᠡᠰᠬᠡᠯ ᠦᠭᠡᠢ ᠪᠠᠬᠠᠳᠤᠨ ᠪᠡᠶᠡᠰᠴᠦ ᠮᠠᠭᠲᠠᠨ ᠰᠠᠢᠰᠢᠶᠠᠵᠠᠭᠠᠵᠤ᠂ ᠬᠢᠵᠠᠭᠠᠷ ᠨᠤᠲᠤᠭ ᠢ᠋ ᠦᠶ᠎ᠡ ᠤᠯᠠᠷᠢᠨ ᠳᠠᠷᠤᠯᠠᠵᠤ ᠪᠠᠢᠭᠰᠠᠨ ᠬᠠᠷᠭᠢᠰ ᠳᠠᠢᠰᠤᠨ ᠤ᠋ ᠬᠠᠷ᠎ᠠ ᠡᠭᠦᠷ ᠢ᠋ ᠦᠨᠡᠰᠦᠨ ᠲᠣᠪᠷᠠᠭ ᠪᠣᠯᠭᠠᠨ᠎ᠠ ᠭᠡᠵᠦ ᠲᠠᠩᠭᠠᠷᠢᠭᠯᠠᠵᠠᠢ᠃ 
       ᠵᠠᠩᠵᠤᠨ ᠤ᠋ ᠲᠤᠰᠢᠶᠠᠯ ᠤᠯᠠᠮᠵᠢᠯᠠᠬᠤ ᠬᠥᠮᠦᠰ ᠴᠡᠷᠢᠭ ᠦ᠋ᠨ ᠲᠡᠪᠰᠢᠨ ᠳᠥᠭᠥᠬᠦ ᠴᠠᠭ ᠪᠣᠯᠤᠭᠰᠠᠨ ᠢ᠋ ᠮᠡᠳᠡᠭᠳᠡᠵᠦ᠂ ᠲᠩᠷᠢ ᠪᠦᠷᠬᠦᠭ ᠬᠠᠷᠠᠩᠭᠤᠢ ᠪᠠᠷ ᠳᠠᠯᠢᠮᠳᠠᠭᠤᠯᠤᠨ ᠶᠠᠪᠠᠭᠠᠨ ᠴᠡᠷᠢᠭ ᠪᠠᠭ ᠲᠤᠰ ᠪᠦᠷᠢ ᠳ᠋ᠦ᠍ ᠵᠢᠭᠠᠭᠰᠠᠨ ᠭᠠᠵᠠᠷ ᠢ᠋ ᠡᠵᠡᠯᠡᠷ᠎ᠡ ᠴᠢᠮᠡᠭᠡ ᠠᠨᠢᠷ ᠭᠠᠷᠭᠠᠯ ᠦᠭᠡᠢ ᠲᠠᠪᠰᠢᠪᠠ᠃  
       ᠰᠥᠨᠢ ᠶ᠋ᠢᠨ ᠬᠠᠷᠠᠩᠭᠤᠢ ᠳ᠋ᠤ᠌ ᠶᠡᠬᠡ ᠴᠡᠷᠢᠭ ᠦ᠋ᠨ ᠬᠦᠷᠢᠶᠡᠨ᠎ᠡ ᠭᠠᠭᠴᠠᠬᠦ(ᠭᠠᠭᠴᠠ ᠬᠦ᠌) ᠭᠠᠯᠴᠢ ᠮᠠᠨᠠᠭ᠎ᠠ ᠶ᠋ᠢᠨ ᠲᠡᠳᠦᠢ ᠬᠥᠮᠦᠨ ᠦᠯᠡᠳᠡᠭᠡᠳ ᠣᠯᠠᠨ ᠴᠡᠷᠢᠭ ᠦ᠋ᠨ ᠮᠠᠢᠬᠠᠨ ᠤ᠋ ᠭᠠᠯ ᠤᠨᠲᠠᠷᠠᠬᠤ ᠰᠢᠬᠠᠵᠤ ᠰᠦᠮᠡᠯᠵᠡᠨ ᠭᠢᠯᠠᠯᠵᠠᠬᠤ ᠨᠢ ᠲᠩᠷᠢ ᠶ᠋ᠢᠨ ᠣᠳᠣᠨ ᠵᠠᠷᠠᠪ ᠵᠤᠷᠠᠪ(ᠵᠠᠷᠤᠪ ᠵᠢᠷᠦᠪ) ᠬᠢᠵᠦ ᠪᠠᠢᠭ᠎ᠠ ᠮᠡᠲᠦ ᠦᠵᠡᠭᠳᠡᠪᠡ᠃   
       ᠴᠡᠷᠢᠭ᠂ ᠪᠠᠷᠠᠭᠤᠨ ᠬᠣᠶᠠᠷ ᠠᠢᠮᠠᠭ ᠢ᠋ ᠲᠠᠰᠤ ᠠᠳᠬᠤᠭᠰᠠᠨ ᠬᠢᠲᠠᠳ ᠫᠦᠰᠡ ᠶ᠋ᠢᠨ ᠪᠢᠴᠢᠭᠡᠴᠢ ᠬᠤᠳᠠᠯᠳᠤᠭᠴᠢ ᠨᠠᠷ ᠤ᠋ᠨ ᠥᠪᠡᠷ ᠢ᠋ ᠪᠡᠨ ᠬᠠᠮᠠᠭᠠᠯᠠᠬᠤ ᠪᠠᠭ᠂ ᠮᠥᠨ ᠬᠢᠲᠠᠳ ᠮᠣᠷᠢᠨ ᠴᠡᠷᠢᠭ ᠦ᠋ᠨ ᠬᠠᠮᠠᠭᠠᠯᠠᠵᠤ ᠪᠠᠢᠭᠰᠠᠨ ᠬᠤᠳᠠᠯᠳᠤᠭᠠᠨ ᠤ᠋ ᠬᠣᠲᠠᠨ ᠤ᠋ ᠰᠢᠪᠠᠷ ᠬᠡᠷᠡᠮ᠂ ᠰᠠᠩ ᠤ᠋ᠨ ᠬᠣᠲᠠ ᠬᠣᠶᠠᠷ ᠢ᠋ ᠰᠠᠮ ᠣᠢᠷᠠᠲᠤᠨ ᠪᠦᠰᠡᠯᠡᠭᠡᠳ ᠦᠬᠡᠷ ᠴᠠᠭ ᠤ᠋ᠨ ᠳᠣᠬᠢᠶ᠎ᠠ ᠶ᠋ᠢ ᠬᠦᠯᠢᠶᠡᠨ᠂ ᠭᠠᠷ ᠲᠠᠭᠠᠨ ᠫᠤᠤ ᠵᠡᠪᠰᠡᠭ ᠪᠠᠷᠢᠵᠤ ᠮᠥᠷᠥ ᠵᠡᠷᠭᠡᠴᠡᠨ ᠡᠪᠦᠳᠦᠭ ᠴᠣᠮᠴᠣᠢᠨ ᠴᠢᠪ ᠴᠢᠮᠡᠭᠡ ᠦᠭᠡᠢ ᠰᠠᠭᠤᠵᠤ ᠬᠦᠯᠢᠶᠡᠪᠡ᠃  
       ᠴᠢᠩᠭᠢᠲᠡᠯ᠎ᠡ᠂ ᠠᠭᠤᠯᠠᠨ᠎ᠠ ᠬᠡᠪ ᠭᠡᠨᠡᠳᠲᠡ ᠬᠤᠷᠴᠠ ᠭᠡᠷᠡᠯᠲᠦ ᠭᠠᠯ ᠭᠢᠯᠠᠯᠵᠠᠨ ᠠᠰᠠᠵᠤ ᠳᠠᠢᠰᠤᠨ ᠢ᠋ ᠳᠠᠷᠤᠬᠤ ᠳᠣᠭᠰᠢᠨ ᠰᠠᠬᠢᠭᠤᠯᠰᠤ ᠶ᠋ᠢ ᠤᠷᠢᠨ᠂ ᠰᠤᠷ ᠵᠠᠯᠠᠵᠠᠢ᠃ ᠲᠡᠷᠡ ᠭᠠᠯ ᠤ᠋ᠨ ᠭᠡᠷᠡᠯ ᠭᠠᠷᠤᠮᠠᠭᠴᠠ ᠳᠠᠮᠳᠢᠨᠰᠦ᠋ᠷᠦᠩ ᠮᠠᠭᠰᠤᠷᠵᠠᠪ ᠬᠣᠶᠠᠷ ᠨᠢᠭᠡᠨ ᠵᠡᠷᠭᠡ ᠫᠤᠤᠳᠠᠭᠰᠠᠨ ᠨᠢ ᠰᠥᠨᠢ ᠶ᠋ᠢᠨ ᠨᠠᠮ ᠭᠦᠮ ᠴᠢᠮᠡᠭᠡ ᠦᠭᠡᠢ ᠠᠭᠠᠷ ᠲᠤ᠌ ᠲᠦᠰ  ᠬᠢᠵᠦ ᠮᠣᠩᠭᠣᠯ ᠴᠡᠷᠢᠭ ᠰᠦᠷᠲᠡᠢ ᠶᠡᠬᠡ ᠳᠠᠭᠤᠨ ᠢ᠋ᠶ᠋ᠠᠷ ᠤᠤᠬᠠᠢ ᠬᠠᠰᠬᠢᠷᠤᠨ ᠳᠠᠭᠠᠷᠢᠪᠠ᠃ ᠬᠤᠳᠠᠯᠳᠤᠭᠠᠨ ᠤ᠋ ᠬᠣᠲᠠᠨ ᠤ᠋ ᠬᠢᠲᠠᠳ ᠮᠠᠨᠵᠤ ᠴᠡᠷᠢᠭ ᠰᠡᠩᠳᠡ ᠮᠡᠩᠳᠡ ᠫᠤᠤᠳᠠᠵᠠᠭᠠᠵᠤ᠂ ᠮᠣᠩᠭᠣᠯᠴᠤᠳ ᠥᠨᠥᠬᠢ ᠰᠢᠷ᠎ᠠ ᠰᠦᠮ᠎ᠡ ᠡᠴᠡ ᠢᠷᠡᠵᠦ ᠳᠠᠷᠤᠭᠳᠠᠭᠰᠠᠨ ᠰᠢᠷ᠎ᠠ ᠴᠡᠷᠢᠭ ᠦ᠋ᠨ ᠫᠤᠤ ᠵᠡᠪᠰᠡᠭ ᠬᠡᠷᠡᠭᠯᠡᠵᠦ ᠬᠤᠷᠳᠤᠨ ᠫᠤᠤ ᠣᠯᠠᠨ ᠲᠠᠢ ᠪᠣᠯᠤᠭᠰᠠᠨ ᠲᠤᠯᠠ᠂ ᠳᠠᠢᠰᠤᠨ ᠤ᠋ ᠫᠤᠤ ᠶ᠋ᠢᠨ ᠭᠠᠯ ᠤᠯᠠᠯᠵᠠᠭᠰᠠᠨ ᠵᠦᠭ ᠫᠤᠤ ᠶ᠋ᠢ ᠴᠢᠭᠯᠡᠭᠦᠯᠬᠦ ᠶ᠋ᠢ ᠬᠢᠴᠢᠶᠡᠨ ᠫᠤᠤᠳᠠᠵᠤ ᠭᠠᠷᠪᠠ᠃   
       ᠳᠠᠮᠳᠢᠨᠰᠦ᠋ᠷᠦᠩ ᠦ᠋ᠨ ᠴᠡᠷᠢᠭ  ᠬᠤᠳᠠᠯᠳᠤᠭᠠᠨ ᠤ᠋ ᠬᠣᠲᠠ ᠶ᠋ᠢᠨ ᠴᠥᠭᠡᠬᠡᠨ ᠭᠤᠳᠤᠮᠵᠢ ᠶ᠋ᠢ ᠪᠠᠲᠤᠯᠠᠨ ᠬᠠᠭᠠᠭᠰᠠᠨ ᠨᠢᠮᠭᠡᠨ ᠰᠢᠪᠠᠷ ᠬᠡᠷᠡᠮ ᠢ᠋ ᠬᠣᠷᠣᠮᠬᠠᠨ ᠵᠠᠭᠤᠷ᠎ᠠ ᠡᠪᠳᠡᠯᠦᠨ ᠳᠠᠪᠠᠭᠠᠳ ᠳᠠᠭᠠᠷᠢᠨ ᠣᠷᠣᠪᠠᠯ᠂ ᠬᠤᠳᠠᠯᠳᠤᠭᠠᠨ ᠤ᠋ ᠬᠣᠲᠠ ᠶ᠋ᠢ ᠬᠠᠮᠠᠭᠠᠯᠠᠵᠤ ᠪᠠᠢᠭᠰᠠᠨ ᠬᠢᠲᠠᠳ ᠮᠠᠨᠵᠤ ᠨᠠᠷ ᠴᠠᠭᠠᠰᠤᠨ ᠳ᠋ᠧᠩᠯᠦ ᠪᠠᠷᠢᠭᠰᠠᠨ ᠨᠢ ᠬᠠᠷᠢᠨ ᠴᠤ᠌ ᠮᠣᠩᠭᠣᠯ ᠴᠡᠷᠢᠭ ᠲᠦ᠍ ᠶᠡᠬᠡᠯ᠎ᠡ(ᠶᠡᠬᠡ ᠯᠡ)ᠵᠠᠪᠰᠢᠶᠠᠨ ᠳᠠᠢᠰᠤᠨ ᠳ᠋ᠤ᠌ ᠶᠡᠬᠡᠯ᠎ᠡ(ᠶᠡᠬᠡ ᠯᠡ) ᠬᠣᠣᠷ ᠪᠣᠯᠪᠠ᠃ ᠬᠠᠷᠠᠩᠭᠤᠢ ᠳ᠋ᠤ᠌ ᠦᠯᠦ ᠬᠠᠷᠠᠭᠳᠠᠬᠤ ᠮᠣᠩᠭᠣᠯ ᠴᠡᠷᠢᠭ ᠳ᠋ᠧᠩᠯᠦ ᠪᠠᠷᠢᠭᠰᠠᠨ ᠬᠢᠲᠠᠳ ᠤ᠋ᠨ ᠥᠪᠡᠷ ᠢ᠋ ᠪᠡᠨ ᠬᠠᠮᠠᠭᠠᠯᠠᠬᠤ ᠴᠡᠷᠢᠭ᠂ ᠮᠠᠨᠵᠤ ᠶ᠋ᠢᠨ ᠶᠠᠪᠠᠭᠠᠯᠠᠭᠰᠠᠨ ᠮᠣᠷᠢᠨ ᠴᠡᠷᠢᠭ ᠢ᠋ ᠶᠡᠬᠡᠯ᠎ᠡ (ᠶᠡᠬᠡ ᠯᠡ)ᠬᠣᠬᠢᠷᠠᠭᠤᠯᠤᠨ ᠫᠤᠤᠳᠠᠵᠤ᠂ ᠳᠠᠢᠰᠤᠨ ᠰᠡᠩᠳᠡ ᠮᠡᠩᠳᠡ ᠬᠢᠲᠠᠳ  ᠫᠦᠰᠡ ᠶ᠋ᠢᠨ ᠬᠠᠰᠢᠶ᠎ᠠ ᠪᠠᠢᠰᠢᠩ ᠳ᠋ᠤ᠌ ᠬᠣᠷᠭᠣᠳᠠᠨ ᠣᠷᠣᠪᠠ᠃ ᠲᠡᠷᠡ ᠵᠠᠪᠰᠠᠷ ᠲᠤ᠌  ᠬᠤᠳᠠᠯᠳᠤᠭᠠᠨ ᠤ᠋  ᠬᠣᠲᠠ ᠶ᠋ᠢᠨ ᠨᠢᠭᠡᠨ ᠪᠠᠢᠰᠢᠩ ᠳ᠋ᠤ᠌ ᠭᠠᠯ ᠠᠪᠤᠯᠴᠠᠵᠤ᠂ ᠪᠦᠰᠡᠯᠡᠭᠳᠡᠭᠰᠡᠨ ᠬᠣᠲᠠᠨ ᠤ᠋ ᠬᠢᠨ ᠢ᠋ ᠤᠯᠠᠮ ᠴᠤ᠌ ᠰᠠᠨᠳᠤᠷᠭᠠᠪᠠ᠃ 
       ᠬᠤᠳᠠᠯᠳᠤᠭᠠᠨ ᠤ᠋ ᠬᠣᠲᠠᠨ ᠤ᠋ ᠣᠯᠠᠨ ᠫᠦᠰᠡ ᠶ᠋ᠢᠨ ᠨᠣᠬᠠᠢ ᠱᠤᠤᠭᠢᠯᠳᠤᠨ ᠬᠤᠴᠠᠬᠤ᠂ ᠭᠠᠩᠭᠢᠨᠠᠬᠤ᠂ ᠫᠤᠤ ᠲᠠᠴᠢᠭᠢᠨᠠᠬᠤ᠂ ᠳᠠᠭᠠᠷᠢᠨ ᠣᠷᠣᠵᠤ ᠪᠠᠢᠭ᠎ᠠ ᠮᠣᠩᠭᠣᠯ ᠴᠡᠷᠢᠭ ᠦ᠋ᠨ ᠤᠤᠬᠠᠢ ᠬᠠᠰᠬᠢᠷᠬᠤ ᠰᠦᠷᠲᠡᠢ ᠳᠠᠭᠤᠨ ᠴᠢᠮᠡᠭᠡ ᠤᠳᠠᠯ ᠦᠭᠡᠢ ᠨᠠᠮᠳᠠᠵᠤ ᠴᠢᠮᠡᠭᠡ ᠦᠭᠡᠢ ᠪᠣᠯᠤᠭᠠᠳ᠂ ᠭᠠᠭᠴᠠ ᠬᠦ᠌ ᠬᠤᠳᠠᠯᠳᠤᠭᠠᠨ ᠤ᠋ ᠬᠣᠲᠠ ᠶ᠋ᠢ ᠬᠠᠮᠠᠭᠠᠯᠠᠵᠤ ᠪᠠᠢᠭᠠᠳ ᠰᠢᠷᠬᠠᠲᠤᠨ ᠣᠢᠴᠢᠭᠰᠠᠨ ᠬᠥᠮᠦᠰ ᠦ᠋ᠨ ᠡᠨᠳᠡ ᠲᠡᠨᠳᠡ ᠶᠣᠢᠯᠠᠨ(ᠶᠣᠣᠯᠠᠨ) ᠪᠠᠷᠬᠢᠷᠠᠬᠤ ᠳᠠᠭᠤᠨ ᠰᠣᠨᠣᠰᠳᠠᠬᠤ ᠪᠣᠯᠪᠠ᠃ ᠬᠤᠳᠠᠯᠳᠤᠭᠠᠨ ᠤ᠋ ᠬᠣᠲᠠ ᠶ᠋ᠢ ᠳᠠᠭᠠᠷᠢᠨ ᠡᠵᠡᠯᠡᠭᠰᠡᠨ ᠴᠡᠷᠢᠭ ᠴᠠᠢᠵᠠ ᠶ᠋ᠢ ᠪᠠᠢᠯᠳᠤᠬᠤ ᠨᠥᠬᠥᠳ ᠲᠡᠭᠡᠨ( ᠳ᠋ᠦ᠍ ᠪᠡᠨ) ᠲᠤᠰᠠᠯᠠᠬᠤ ᠪᠠᠷ ᠲᠠᠪᠰᠢᠵᠤ᠂ ᠲᠡᠷᠡ ᠦᠶ᠎ᠡ ᠳ᠋ᠦ᠍ ᠡᠭᠦᠯᠡ ᠶ᠋ᠢᠨ ᠵᠠᠪᠰᠠᠷ ᠢ᠋ᠶ᠋ᠠᠷ ᠰᠢᠨ᠎ᠡ ᠶ᠋ᠢᠨ ᠨᠠᠢ᠍ᠮᠠᠨ ᠤ᠋ ᠰᠠᠷᠠᠨ ᠴᠤᠬᠤᠢᠨ ᠦᠵᠡᠭᠳᠡᠪᠡᠰᠦ ᠣᠯᠠᠨ ᠴᠡᠷᠢᠭ ᠴᠠᠢᠵᠠ ᠶ᠋ᠢ ᠪᠦᠰᠡᠯᠡᠨ ᠪᠠᠢᠯᠳᠤᠵᠤ ᠮᠠᠨᠵᠤ ᠴᠡᠷᠢᠭ ᠦ᠋ᠨ ᠫᠤᠤᠳᠠᠬᠤ ᠨᠢ ᠮᠡᠳᠡᠭᠳᠡᠬᠦᠢᠴᠡ ᠴᠥᠭᠡᠨ ᠪᠣᠯᠵᠤ᠂ ᠵᠠᠷᠢᠮ ᠮᠠᠨᠵᠤ ᠴᠡᠷᠢᠭ ᠬᠡᠷᠡᠮ ᠦ᠋ᠨ ᠬᠠᠢᠰᠠᠩ ᠤ᠋ᠨ ᠴᠠᠭᠠᠨ᠎ᠠ ᠠ᠋ᠴᠠ ᠳᠡᠮᠡᠢ ᠯᠡ ᠫᠤᠤ ᠶ᠋ᠢᠨ ᠠᠮᠠ ᠴᠤᠬᠤᠢᠯᠭᠠᠵᠤ ᠠᠵᠠ ᠮᠡᠳᠡᠨ ᠫᠤᠤᠳᠠᠵᠤ ᠰᠡᠳᠬᠢᠯ ᠢ᠋ᠶ᠋ᠡᠨ ᠬᠠᠭᠤᠷᠴᠤ ᠪᠠᠢᠪᠠ᠃ ᠰᠤᠮᠤ ᠬᠠᠢᠷᠠᠯᠠᠵᠤ ᠰᠤᠷᠤᠭᠰᠠᠨ ᠮᠣᠩᠭᠣᠯ ᠴᠡᠷᠢᠭ ᠬᠠᠮᠢᠶ᠎ᠠ ᠦᠭᠡᠢ ᠫᠤᠤᠳᠠᠬᠤ ᠦᠭᠡᠢ ᠭᠠᠭᠴᠠ ᠳᠠᠢᠰᠤᠨ ᠤ᠋ ᠴᠡᠷᠢᠭ ᠦᠵᠡᠭᠳᠡᠪᠡᠯ ᠫᠤᠤᠳᠠᠵᠤ᠂ ᠵᠠᠷᠢᠮ ᠭᠠᠵᠠᠷ ᠬᠡᠷᠡᠮ ᠦ᠋ᠨ ᠳᠡᠭᠡᠷ᠎ᠡ ᠡᠴᠡ ᠣᠭᠲᠣ ᠫᠤᠤᠳᠠᠬᠤ ᠦᠭᠡᠢ ᠪᠣᠯᠵᠤ᠂ ᠲᠡᠷᠡ ᠲᠡᠷᠡ ᠬᠠᠪᠢ ᠳ᠋ᠤ᠌ ᠮᠣᠩᠭᠣᠯ ᠴᠡᠷᠢᠭ ᠳᠣᠣᠷ᠎ᠠ ᠠ᠋ᠴᠠ ᠬᠠᠢᠰᠠᠩ ᠥᠭᠡᠳᠡ ᠪᠤᠭᠤᠢᠯᠢ ᠴᠠᠯᠮ᠎ᠠ ᠬᠠᠶᠠᠵᠤ ᠳᠡᠭᠦᠵᠢᠩ ᠢ᠋ᠶ᠋ᠡᠷ ᠬᠡᠷᠡᠮ ᠥᠭᠡᠳᠡ ᠠᠪᠠᠷᠢᠬᠤ ᠶ᠋ᠢ ᠣᠷᠣᠯᠳᠣᠪᠠ᠃ ᠨᠢᠭᠡ ᠬᠡᠳᠦᠨ ᠴᠡᠷᠢᠭ ᠴᠠᠢᠵᠠ ᠶ᠋ᠢᠨ ᠮᠠᠰᠢ ᠵᠤᠵᠠᠭᠠᠨ ᠬᠠᠭᠠᠯᠭ᠎ᠠ ᠶ᠋ᠢ ᠰᠦᠬᠡ ᠪᠡᠷ ᠴᠠᠪᠴᠢᠵᠤ ᠴᠣᠭᠣᠯᠠᠪᠠᠯ(ᠴᠣᠭᠣᠯᠪᠠᠯ)᠂ ᠳᠣᠲᠣᠷ᠎ᠠ ᠠ᠋ᠴᠠ ᠨᠢ ᠡᠯᠡᠰᠦ ᠲᠡᠢ ᠡᠯᠡᠰᠦ ᠲᠡᠢ ᠰᠢᠭᠤᠳᠠᠢ ᠪᠠᠷ ᠳᠠᠪᠬᠤᠷ ᠪᠠᠲᠤᠯᠠᠨ ᠴᠢᠭᠵᠢᠭᠰᠡᠨ ᠢ᠋ ᠦᠵᠡᠭᠡᠳ᠂ ᠬᠡᠷᠡᠮ ᠦ᠋ᠨ ᠬᠠᠢᠰᠠᠩ ᠢ᠋ ᠪᠤᠭᠤᠢᠯᠢᠳᠠᠨ ᠳᠡᠭᠦᠵᠢᠩ ᠢ᠋ᠶ᠋ᠡᠷ ᠠᠪᠠᠷᠢᠬᠤ ᠭᠡᠵᠦ ᠪᠠᠢᠭᠰᠠᠨ ᠨᠥᠬᠥᠳ ᠲᠡᠭᠡᠨ( ᠳ᠋ᠦ᠍ ᠪᠡᠨ) ᠨᠡᠢᠯᠡᠵᠦ᠂ ᠲᠦᠳᠡᠬᠡᠨ ᠮᠠᠭᠰᠤᠷᠵᠠᠪ ᠲᠡᠷᠢᠭᠦᠲᠡᠢ ᠬᠣᠷᠢᠭᠠᠳ ᠬᠥᠮᠦᠨ ᠳᠡᠭᠦᠵᠢᠩ ᠢ᠋ᠶ᠋ᠡᠷ ᠬᠡᠷᠡᠮ ᠦ᠋ᠨ ᠳᠡᠭᠡᠷ᠎ᠡ ᠠᠪᠠᠷᠢᠨ ᠭᠠᠷᠤᠭᠠᠳ ᠬᠠᠭᠠᠯᠭ᠎ᠠ ᠶ᠋ᠢᠨ ᠠᠰᠠᠷ ᠲᠤᠰᠢᠶ᠎ᠠ ᠬᠡᠷᠡᠮ ᠦ᠋ᠨ ᠳᠡᠭᠡᠷ᠎ᠡ ᠭᠠᠭᠴᠠᠬᠦ(ᠭᠠᠭᠴᠠ ᠬᠦ᠌) ᠦᠬᠦᠭᠰᠡᠨ ᠰᠢᠷᠬᠠᠲᠤᠭᠰᠠᠨ ᠮᠠᠨᠵᠤ ᠴᠡᠷᠢᠭ ᠪᠣᠢ ᠶ᠋ᠢ ᠦᠵᠡᠪᠡ᠃  ᠴᠡᠷᠢᠭ ᠦᠯᠡᠮᠵᠢᠬᠡᠨ ᠬᠣᠬᠢᠷᠠᠭᠰᠠᠨ ᠮᠠᠨᠵᠤ ᠨᠠᠷ ᠬᠡᠷᠡᠮ ᠳ᠋ᠦ᠍ ᠵᠠᠷᠢᠮ ᠭᠠᠵᠠᠷ ᠴᠡᠷᠢᠭ ᠴᠥᠭᠡᠬᠡᠨ ᠪᠣᠯᠤᠭᠰᠠᠨ ᠢ᠋ ᠳᠠᠭᠠᠷᠢᠨ ᠪᠠᠢᠯᠳᠤᠬᠤ ᠮᠣᠩᠭᠣᠯ ᠴᠡᠷᠢᠭ ᠦ᠋ᠨ ᠶᠡᠬᠡᠳᠡ ᠫᠤᠤᠳᠠᠬᠤ ᠳ᠋ᠤ᠌ ᠬᠦᠴᠦ ᠨᠢᠮᠭᠡᠨ ᠪᠣᠯᠤᠭᠰᠠᠨ ᠭᠠᠵᠠᠷ ᠲᠤᠰᠠ ᠨᠥᠬᠥᠪᠥᠷᠢ ᠥᠭᠴᠦ ᠴᠢᠳᠠᠬᠤ ᠦᠭᠡᠢ ᠪᠣᠯᠵᠠᠢ᠃ ᠬᠡᠷᠡᠮ ᠦ᠋ᠨ ᠢᠷᠣᠭᠠᠷ ᠲᠤ᠌᠂ ᠳᠡᠭᠡᠷ᠎ᠡ ᠡᠴᠡ ᠣᠢᠴᠢᠭᠰᠠᠨ ᠮᠠᠨᠵᠤ ᠦᠬᠦᠭᠰᠡᠨ ᠰᠢᠷᠬᠠᠲᠤᠭᠰᠠᠨ ᠴᠡᠷᠢᠭ ᠨᠡᠯᠢᠶᠡᠳ ᠣᠯᠠᠨ ᠪᠣᠯᠵᠤ᠂ ᠦᠷ ᠦ᠋ᠨ ᠬᠢᠷᠠᠭ᠎ᠠ ᠰᠢᠷᠠᠯᠠᠵᠤ ᠪᠠᠢᠭ᠎ᠠ ᠲᠩᠷᠢ ᠶ᠋ᠢᠨ ᠵᠦᠭ ᠳᠣᠣᠷ᠎ᠠ ᠠ᠋ᠴᠠ ᠬᠠᠷᠠᠪᠠᠰᠤ᠂ ᠮᠣᠩᠭᠣᠯ ᠴᠡᠷᠢᠭ ᠦ᠋ᠨ ᠲᠤᠭ ᠳᠠᠯᠪᠠᠭ᠎ᠠ  ᠬᠡᠷᠡᠮ ᠦ᠋ᠨ ᠳᠡᠭᠡᠷ᠎ᠡ ᠡᠨᠳᠡ ᠲᠡᠨᠳᠡ ᠨᠠᠮᠢᠯᠵᠠᠨ ᠦᠵᠡᠭᠳᠡᠬᠦ ᠪᠣᠯᠪᠠ᠃ ᠰᠢᠷᠴᠢᠨ ᠳᠡᠭᠦᠵᠢᠩ ᠢ᠋ᠶ᠋ᠡᠷ ᠬᠡᠷᠡᠮ ᠥᠭᠡᠳᠡ ᠠᠪᠠᠷᠢᠨ ᠭᠠᠷᠤᠭᠠᠳ᠂ ᠳᠠᠢᠰᠤᠨ ᠤ᠋ ᠰᠡᠯᠡᠮ᠎ᠡ ᠡᠴᠡ ᠬᠠᠮᠠᠭᠠᠯᠠᠬᠤ ᠮᠢᠨᠳᠠᠰᠤᠨ ᠳᠣᠲᠣᠷ ᠤ᠋ᠨ ᠴᠠᠭᠠᠳᠤ ᠲᠠᠯ᠎ᠠ ᠳ᠋ᠤ᠌ ᠭᠠᠩ ᠢᠯᠲᠠᠰᠤᠲᠤ ᠪᠠᠮᠪᠠᠢ ᠬᠤᠶᠠᠭ ᠡᠮᠦᠰᠦᠭᠰᠡᠨ ᠮᠠᠭᠰᠤᠷᠵᠠᠪ ᠵᠠᠩᠵᠤᠨ ᠢ᠋ ᠦᠵᠡᠪᠡ᠃ ᠲᠡᠷᠢᠭᠦᠨ ᠳ᠋ᠡᠭᠡᠨ ᠪᠣᠯᠣᠳ ᠳᠤᠭᠤᠯᠠᠭ᠎ᠠ ᠡᠮᠦᠰᠦᠭᠰᠡᠨ ᠨᠢ ᠬᠥᠳᠡᠯᠬᠦ ᠳ᠋ᠦ᠍ ᠪᠦᠲᠡᠭ ᠭᠢᠯᠠᠰ ᠭᠢᠯᠠᠰ  ᠬᠢᠬᠦ ᠨᠢ ᠦᠵᠡᠭᠳᠡᠨ᠂ ᠮᠠᠭᠰᠤᠷᠵᠠᠪ ᠶᠡᠬᠡ ᠬᠠᠭᠠᠯᠭᠠᠨ ᠠ᠋ᠴᠠ ᠬᠡᠷᠡᠮ ᠦ᠋ᠨ ᠥᠨᠴᠥᠭ ᠬᠦᠷᠲᠡᠯᠡᠬᠢ ᠨᠢᠭᠡᠨ ᠬᠡᠰᠡᠭ ᠢ᠋ ᠬᠡᠳᠦᠨ ᠴᠡᠷᠢᠭ ᠦ᠋ᠨ ᠬᠠᠮᠲᠤ ᠡᠵᠡᠯᠡᠭᠡᠳ᠂ ᠬᠠᠭᠠᠯᠭ᠎ᠠ ᠨᠡᠭᠡᠭᠡᠬᠦ ᠭᠡᠵᠦ ᠳᠣᠲᠣᠭᠰᠢ ᠪᠠᠭᠤᠭᠰᠠᠨ ᠴᠡᠷᠢᠭ ᠢ᠋ ᠳᠠᠢᠰᠤᠨ ᠠ᠋ᠴᠠ ᠬᠠᠮᠠᠭᠠᠯᠠᠨ ᠫᠤᠤᠳᠠᠵᠤ ᠪᠠᠢᠪᠠ᠃ ᠰᠢᠷᠴᠢᠨ ᠦ᠌ ᠬᠠᠮᠲᠤ ᠬᠡᠷᠡᠮ ᠦ᠋ᠨ ᠳᠡᠭᠡᠷ᠎ᠡ ᠠᠪᠠᠷᠢᠨ ᠭᠠᠷᠤᠭᠰᠠᠨ ᠴᠡᠷᠢᠭ ᠢ᠋ ᠬᠠᠷᠠᠭᠠᠳ ᠮᠠᠭᠰᠤᠷᠵᠠᠪ ᠭᠠᠷ ᠢ᠋ᠶ᠋ᠠᠷ ᠳᠣᠬᠢᠨ᠂ ᠬᠡᠷᠡᠮ ᠦ᠋ᠨ ᠳᠣᠲᠣᠭᠰᠢ ᠪᠠᠭᠤᠵᠤ᠂ ᠶᠡᠬᠡ ᠬᠠᠭᠠᠯᠭ᠎ᠠ ᠶ᠋ᠢᠨ ᠴᠢᠭᠵᠢᠶ᠎ᠡ ᠰᠢᠭᠤᠳᠠᠢ ᠲᠠᠢ ᠡᠯᠡᠰᠦ ᠶ᠋ᠢ ᠴᠢᠷᠦᠨ ᠵᠠᠢᠯᠠᠭᠤᠯᠵᠤ ᠪᠠᠢᠭᠰᠠᠨ ᠴᠡᠷᠢᠭ ᠲᠦ᠍ ᠲᠤᠰᠠᠯᠠᠷ᠎ᠠ ᠶᠠᠪᠤᠭᠤᠯᠪᠠ᠃  
       ᠲᠡᠭᠡᠵᠦ ᠪᠠᠢᠭᠠᠳ᠂ ᠶᠡᠬᠡ ᠬᠠᠭᠠᠯᠭ᠎ᠠ ᠳᠤᠤᠭᠠᠷᠴᠤ ᠨᠡᠭᠡᠭᠡᠭᠳᠡᠪᠡ᠃ ᠪᠠᠷᠭᠤ ᠶ᠋ᠢᠨ ᠵᠠᠩᠵᠤᠨ ᠳᠠᠮᠳᠢᠨᠰᠦ᠋ᠷᠦᠩ᠂ ᠮᠣᠷᠢᠨ ᠤ᠋ ᠬᠤᠷᠳᠤᠨ ᠢ᠋ᠶ᠋ᠠᠷ ᠬᠠᠮᠤᠭ ᠤ᠋ᠨ ᠲᠡᠷᠢᠭᠦᠨ ᠳ᠋ᠦ᠍ ᠴᠠᠢᠵᠠᠨ ᠳ᠋ᠤ᠌ ᠳᠠᠪᠬᠢᠨ ᠣᠷᠣᠵᠤ ᠬᠣᠢᠨ᠎ᠠ ᠠ᠋ᠴᠠ ᠨᠢ ᠴᠡᠷᠢᠭ ᠳᠠᠭᠠᠷᠢᠨ ᠣᠷᠣᠪᠠ᠃ ᠮᠠᠨᠵᠤ ᠴᠡᠷᠢᠭ ᠦ᠋ᠨ ᠬᠤᠸᠠᠷᠠᠨ ᠤ᠋ ᠲᠡᠨᠳᠡ ᠮᠠᠨᠵᠤ ᠮᠣᠩᠭᠣᠯ ᠴᠡᠷᠢᠭ ᠭᠠᠷᠳᠠᠨ ᠪᠠᠢᠯᠳᠤᠵᠤ ᠰᠡᠯᠡᠮ᠎ᠡ ᠲᠡᠢ ᠨᠢ ᠰᠡᠯᠡᠮ᠎ᠡ ᠪᠡᠷ  ᠴᠠᠪᠴᠢᠯᠳᠤᠨ᠂ ᠫᠤᠤ ᠲᠠᠢ ᠨᠢ ᠫᠤᠤ ᠪᠠᠷ ᠢ᠋ᠶ᠋ᠠᠨ ᠴᠣᠬᠢᠯᠴᠠᠨ᠂ ᠵᠠᠷᠢᠮ ᠮᠣᠩᠭᠣᠯ ᠴᠡᠷᠢᠭ ᠬᠤᠸᠠᠷᠠᠨ ᠤ᠋ ᠲᠡᠨᠳᠡ ᠬᠥᠰᠡᠷ ᠬᠡᠪᠲᠡᠵᠦ ᠪᠠᠢᠭᠰᠠᠨ ᠮᠡᠰᠡ ᠵᠢᠳᠠ ᠠ᠋ᠴᠠ ᠮᠠᠨᠵᠤ ᠣᠬᠣᠷ ᠵᠢᠳᠠ ᠰᠢᠭᠦᠷᠴᠦ ᠠᠪᠤᠭᠠᠳ ᠳᠠᠢᠰᠤᠨ ᠲᠠᠢ ᠬᠠᠳᠬᠤᠯᠳᠤᠨ ᠲᠤᠯᠪᠠ᠃ ᠮᠣᠩᠭᠣᠯ ᠴᠡᠷᠢᠭ ᠦ᠋ᠨ ᠳᠠᠢᠴᠢᠨ ᠤᠷᠢᠶ᠎ᠠ ᠬᠡᠷᠡᠮ ᠦ᠋ᠨ ᠳᠣᠲᠣᠷ᠎ᠠ ᠰᠦᠷᠲᠡᠢ ᠳᠠᠭᠤᠷᠢᠰᠴᠤ᠂ ᠬᠡᠷᠡᠮ ᠦ᠋ᠨ ᠭᠠᠳᠠᠨ᠎ᠠ ᠳᠣᠲᠣᠨ᠎ᠠ ᠠ᠋ᠴᠠ ᠫᠤᠤᠳᠠᠭᠤᠯᠬᠤ ᠪᠣᠯᠤᠭᠰᠠᠨ ᠪᠦᠰᠡᠯᠡᠭᠳᠡᠭᠰᠡᠳ ᠦ᠋ᠨ ᠵᠢᠷᠦᠬᠡ ᠶ᠋ᠢ ᠦᠬᠦᠭᠦᠯᠪᠡ᠃ ᠠᠶᠤᠨ ᠰᠠᠨᠳᠤᠷᠤᠭᠰᠠᠨ ᠠᠮᠪᠠᠨ᠂ ᠴᠡᠷᠢᠭ ᠢ᠋ᠶ᠋ᠡᠷ ᠬᠠᠮᠠᠭᠠᠯᠠᠭᠤᠯᠤᠨ ᠪᠠᠢᠰᠢᠩ ᠳ᠋ᠠᠭᠠᠨ ᠬᠣᠷᠭᠣᠳᠠᠭᠰᠠᠨ ᠨᠢ ᠶᠠᠭᠠᠷᠠᠨ ᠲᠡᠪᠡᠳᠡᠵᠦ ᠴᠠᠭᠠᠨ ᠳᠠᠯᠪᠠᠭ᠎ᠠ ᠬᠡᠢᠰᠬᠡᠨ ᠪᠠᠭᠤᠵᠤ ᠥᠭᠬᠦ ᠲᠡᠮᠳᠡᠭ ᠪᠣᠯᠭᠠᠪᠠ᠃ ᠬᠡᠷᠡᠮ ᠦ᠋ᠨ ᠳᠡᠭᠡᠷ᠎ᠡ ᠡᠨᠳᠡ ᠲᠡᠨᠳᠡ ᠫᠤᠤ ᠶ᠋ᠢᠨ ᠦᠵᠦᠭᠦᠷ ᠲᠦ᠍ ᠴᠠᠭᠠᠨ ᠠᠯᠴᠢᠭᠤᠷ ᠤᠶᠠᠵᠤ ᠳᠠᠯᠠᠯᠵᠠᠭᠠᠪᠠ᠃ 
       ᠮᠣᠩᠭᠣᠯ ᠪᠦᠷᠢᠶᠡᠴᠢ ᠨᠠᠷ ᠤ᠋ᠨ ᠪᠦᠷᠢᠶ᠎ᠡ ᠰᠥᠭᠡᠩᠭᠢ ᠪᠦᠳᠦᠭᠦᠨ ᠳᠠᠭᠤᠨ ᠢ᠋ᠶ᠋ᠠᠷ ᠳᠣᠬᠢᠶ᠎ᠠ ᠥᠭᠴᠦ᠂ ᠰᠢᠷᠦᠭᠦᠨ ᠲᠤᠯᠤᠯᠳᠤᠭᠠᠨ ᠳ᠋ᠤ᠌ ᠤᠯᠠᠢᠵᠤ ᠪᠠᠢᠯᠳᠤᠨ ᠪᠣᠢ ᠴᠡᠷᠢᠭ ᠢ᠋᠂ ᠳᠠᠢᠰᠤᠨ ᠢ᠋ ᠠᠯᠠᠨ ᠬᠢᠳᠤᠬᠤ ᠶ᠋ᠢ ᠵᠣᠭᠰᠣᠵᠠᠭ᠎ᠠ ᠭᠡᠵᠦ ᠤᠷᠢᠶᠠᠯᠠᠪᠠ᠃ 
       ᠴᠣᠬᠣᠢ ᠵᠤᠷᠭᠠᠨ ᠭᠡᠳᠡᠭ ᠮᠠᠨᠵᠤ ᠴᠡᠷᠢᠭ ᠦ᠋ᠨ ᠵᠤᠷᠭᠠᠨ ᠤ᠋ ᠡᠮᠦᠨᠡᠬᠢ ᠲᠠᠯᠠᠪᠤᠷ ᠲᠤ᠌ ᠵᠡᠪᠰᠡᠭ ᠢ᠋ᠶ᠋ᠡᠨ ᠬᠤᠷᠢᠶᠠᠯᠭᠠᠨ ᠪᠠᠭᠤᠵᠤ ᠥᠭᠬᠦ ᠭᠡᠵᠦ ᠠᠮᠢᠳᠤ ᠦᠯᠡᠳᠡᠭᠰᠡᠨ ᠳᠠᠢᠰᠤᠨ ᠤ᠋ ᠴᠡᠷᠢᠭ ᠤᠪᠤᠨ ᠴᠤᠪᠤᠨ ᠬᠦᠷᠴᠦ ᠢᠷᠡᠪᠡ᠃ ᠠᠶᠤᠵᠤ᠂ ᠴᠢᠷᠠᠢ ᠨᠢ ᠦᠨᠡᠰᠦᠨ ᠬᠥᠬᠡ ᠪᠣᠯᠤᠭᠰᠠᠨ ᠮᠠᠨᠵᠤ ᠠᠮᠪᠠᠨ ᠴᠡᠴᠡᠷᠡᠨ ᠳᠠᠭᠵᠢᠨ᠂ ᠬᠡᠳᠦᠨ ᠠᠬᠠᠯᠠᠬᠤ ᠲᠤᠰᠢᠶᠠᠯ ᠤ᠋ᠨ ᠪᠢᠴᠢᠭ ᠴᠡᠷᠢᠭ ᠦ᠋ᠨ ᠲᠦᠰᠢᠮᠡᠯ ᠦ᠋ᠨ ᠬᠠᠮᠲᠤ ᠮᠣᠩᠭᠣᠯ ᠴᠡᠷᠢᠭ ᠦ᠋ᠨ ᠬᠦᠷᠢᠶᠡᠨ᠎ᠡ ᠶᠠᠪᠠᠭᠠᠨ ᠲᠠᠭᠤᠭᠳᠠᠵᠤ ᠣᠴᠢᠪᠠ᠃ ᠴᠠᠢᠵᠠᠨ ᠳ᠋ᠤ᠌ ᠂ ᠮᠥᠨ ᠬᠤᠳᠠᠯᠳᠤᠭᠠᠨ ᠤ᠋ ᠬᠣᠲᠠ ᠳ᠋ᠤ᠌ ᠮᠠᠨᠵᠤ ᠬᠢᠲᠠᠳ ᠪᠦᠭᠦᠳᠡ2.000 ᠭᠠᠷᠤᠢ ᠴᠡᠷᠢᠭ ᠪᠠᠢᠭᠰᠠᠨ ᠠ᠋ᠴᠠ ᠠᠮᠢᠳᠤ ᠦᠯᠡᠳᠡᠭᠰᠡᠨ ᠳᠣᠯᠣᠭᠠᠨ ᠵᠠᠭᠤᠨ ᠨᠠᠶᠠᠨ ᠬᠥᠮᠦᠨ ᠢ᠋᠂ ᠲᠡᠷᠡ ᠬᠠᠪᠤᠷ ᠲᠠᠮᠤ ᠦᠵᠡᠵᠦ ᠦᠬᠦᠭᠰᠡᠨ ᠮᠣᠩᠭᠣᠯ ᠡᠯᠴᠢ ᠨᠠᠷ ᠢ᠋ ᠬᠣᠷᠢᠵᠤ ᠪᠠᠢᠭᠰᠠᠨ ᠮᠠᠭᠤᠬᠠᠢ ᠨᠦᠬᠡᠨ ᠭᠢᠨᠳᠠᠨ ᠳ᠋ᠤ᠌ ᠲᠦᠷ ᠴᠢᠬᠢᠨ ᠬᠣᠷᠢᠵᠠᠢ᠃               

— — — — 
 * ᠰᠤᠳᠠᠷᠰᠤᠨ( ᠪᠠᠯᠭᠠᠰᠤ) ᠭᠡᠵᠦ ᠬᠠᠭᠠᠨ ᠬᠤᠷᠮᠤᠰᠲᠠ ᠶ᠋ᠢᠨ ᠰᠠᠭᠤᠳᠠᠭ᠂ ᠦᠯᠢᠭᠡᠷ ᠲᠦ᠍ ᠭᠠᠷᠳᠠᠭ ᠬᠣᠲᠠ ᠶ᠋ᠢᠨ ᠨᠡᠷ᠎ᠡ᠃  
 * * ᠰᠦᠯᠳᠡ ᠲᠤᠭ ᠤ᠋ᠨ ᠥᠴᠢᠭ ᠳᠠᠭᠤᠳᠠᠯᠭ᠎ᠠ᠂ ᠡᠭᠦᠨ ᠦ᠌ ᠭᠠᠭᠴᠠ ᠬᠣᠶᠠᠷ ᠪᠠᠳᠠᠭ ᠢ᠋ ᠬᠠᠰᠤᠨ ᠲᠣᠪᠴᠢᠯᠠᠪᠠ᠃ ᠲᠤᠭ ᠢ᠋ ᠲᠠᠬᠢᠬᠰᠠᠨ ᠨᠢ ᠦᠨᠡᠨ ᠬᠡᠷᠡᠭ᠃   
 * * ᠰᠦᠯᠳᠡ ᠲᠤᠭ ᠤᠨ ᠥᠴᠢᠭ ᠳᠠᠭᠤᠳᠠᠯᠭ᠎ᠠ᠂ ᠡᠭᠦᠨ ‍ᠦ ᠭᠠᠭᠴᠠ ᠬᠣᠶᠠᠷ ᠪᠠᠳᠠᠭ ᠢ ᠬᠠᠰᠤᠨ ᠲᠣᠪᠴᠢᠯᠠᠪᠠ᠃ ᠲᠤᠭ ᠢ ᠲᠠᠬᠢᠬᠰᠠᠨ ᠨᠢ ᠦᠨᠡᠨ ᠬᠡᠷᠡᠭ᠃
 * ᠲᠠᠯ᠎ᠠ ᠶ᠋ᠢᠨ ᠤᠯᠠᠭᠠᠨ ᠲᠣᠯᠣᠭᠠᠢ ᠶ᠋ᠢᠨ ᠨᠡᠷ᠎ᠡ ᠶ᠋ᠢ ᠬᠠᠯᠠᠭᠰᠠᠨ ᠨᠢ ᠦᠨᠡᠨ ᠬᠡᠷᠡᠭ᠃   
 * * ᠰᠣᠶᠣᠨ ᠭᠡᠵᠦ ᠲᠥᠷᠥᠭ ᠤᠭᠰᠠᠭᠠᠨ ᠤ᠋ ᠨᠢᠭᠡᠨ ᠠᠢᠮᠠᠭ ᠤ᠋ᠨ ᠨᠡᠷ᠎ᠡ᠂ ᠮᠣᠩᠭᠣᠯᠴᠤᠳ ᠲᠡᠳᠡᠨ ᠦ᠌ ᠨᠡᠷ᠎ᠡ ᠪᠡᠷ ᠰᠣᠶᠣᠨ ᠠᠭᠤᠯᠠ ᠭᠡᠳᠡᠭ ᠨᠢᠭᠡᠨ ᠠᠭᠤᠯᠠ ᠶ᠋ᠢ ᠨᠤᠲᠤᠭ ᠤ᠋ᠨ ᠮᠣᠩᠭᠣᠯᠴᠤᠳ ᠲᠡᠭᠡᠵᠦ ᠨᠡᠷᠡᠯᠡᠳᠡᠭ ᠢ᠋ ᠰᠣᠨᠣᠰᠤᠭ᠎ᠠ ᠦᠭᠡᠢ ᠬᠣᠲᠠ ᠶ᠋ᠢᠨ ᠣᠷᠴᠢᠭᠤᠯᠤᠭᠴᠢ ᠨᠠᠷ ᠰᠢᠶᠠᠨ ᠤ᠋ ᠠᠭᠤᠯᠠ ᠰᠢᠶᠠᠨ ᠤ᠋ ᠨᠢᠷᠤᠭᠤ ᠭᠡᠳᠡᠭ ᠦ᠋ᠨ ᠲᠠᠰᠢᠶ᠎ᠠ ᠶ᠋ᠢ ᠲᠡᠮᠳᠡᠭᠯᠡᠯᠲᠡᠢ᠃    


         ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠤᠢᠭᠤᠷᠵᠢᠨ·ᠣᠳᠬᠣᠨᠪᠠᠪᠠ᠂ ᠴᠡᠴᠡᠨ᠂ ᠣᠶᠤᠨᠪᠢᠯᠢᠭ᠌᠂
                                  ᠣᠶᠤᠨᠪᠠᠲᠤ᠂ ᠰᠠᠷᠠᠨᠲᠤᠶᠠᠭ᠎ᠠ᠂  ᠮᠧᠢ ᠬᠤᠸᠠ᠂ ᠲᠠᠪᠤᠨ ᠤᠰᠤ᠂ ᠬᠡᠷᠡᠢᠳ· ᠵᠣᠯ 
              ᠬᠢᠨᠠᠭᠴᠢ᠄ ᠣᠳᠬᠣᠨᠴᠡᠴᠡᠭ᠂ ᠴᠡᠴᠡᠨ᠂ ᠤᠢᠭᠤᠷᠵᠢᠨ·ᠣᠳᠬᠣᠨᠪᠠᠪᠠ᠂ ᠲ· ᠬᠦᠮᠦᠵᠢᠯᠲᠦ᠂ ᠣᠶᠤᠨᠪᠠᠲᠤ᠂ 
                                  ᠬᠡᠷᠡᠢᠳ· ᠵᠣᠯ᠂ ᠮᠧᠢ ᠬᠤᠸᠠ᠂ ᠮᠥᠩᠭᠦᠡᠭᠤᠸ᠎ᠠ᠂ ᠪᠠᠯ 
               ᠤᠩᠰᠢᠭᠴᠢ᠄ ᠨᠠᠰᠤᠨ᠌ᠦ᠌ᠯᠵᠡᠢ