ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Хоёрдугаар бүлэг <8> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Хоёрдугаар бүлэг <8>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Хоёрдугаар бүлэг <8>

ᠠᠩᠭᠢᠯᠠᠯ:ᠲᠤᠭᠤᠵᠢ ᠷᠣᠮᠠᠨ
2025-01-21

253

ᠭᠤᠲᠠᠭᠠᠷ ᠪᠣᠲᠢ –ᠬᠣᠶᠠᠳᠤᠭᠠᠷ ᠪᠦᠯᠦᠭ <ᠨᠠᠢ᠍ᠮᠠ>


              ᠨᠠᠢ᠍ᠮᠠ   

       ᠠᠩᠴᠢᠨᠵᠠᠪ ᠮᠠᠭᠠᠵᠢ ᠶ᠋ᠢᠨ ᠴᠣᠬᠣᠷ ᠤ᠋ᠨ ᠲᠡᠨᠳᠡ ᠡᠴᠡ ᠭᠠᠷᠴᠤ ᠶᠠᠪᠤᠨ ᠨᠠᠮᠰᠠᠷᠠᠢ ᠪᠤᠷᠬᠠᠲᠤ ᠰᠦᠮ᠎ᠡ ᠡᠴᠡ ᠲᠡᠮᠦᠷᠰᠥ᠋ᠬᠡ ᠶ᠋ᠢ ᠳᠠᠭᠠᠭᠤᠯᠤᠨ ᠪᠤᠭᠤᠲᠤ ᠠ᠋ᠴᠠ ᠮᠣᠷᠳᠠᠪᠠ᠃  
       ᠬᠣᠶᠠᠭᠤᠯᠠ ᠪᠤᠭᠤᠲᠤ ᠶ᠋ᠢᠨ ᠠᠷᠤ ᠵᠣ ᠪᠠᠷ ᠲᠦᠳᠡᠯ ᠦᠭᠡᠢ ᠳᠠᠪᠬᠢᠭᠤᠯᠤᠨ ᠠᠭᠤᠯᠠ ᠶ᠋ᠢᠨ ᠰᠡᠭᠦᠳᠡᠷ ᠭᠣᠣᠯ ᠳ᠋ᠤ᠌ ᠤᠨᠠᠬᠤ ᠳ᠋ᠤ᠌ ᠬᠠᠳᠤᠮᠠᠯ ᠤ᠋ᠨ ᠭᠣᠣᠯ ᠥᠭᠡᠳᠡᠯᠡᠵᠦ ᠶᠠᠪᠤᠪᠠ᠃ 
       — ᠠᠩᠴᠢᠨ ᠠᠪᠠᠭ᠎ᠠ ᠠ᠋! ᠬᠠᠮᠢᠭ᠎ᠠ ᠶᠠᠪᠤᠬᠤ ᠨᠢ ᠪᠣᠢ? ᠭᠡᠵᠦ ᠲᠡᠮᠦᠷᠰᠥ᠋ᠬᠡ ᠠᠩᠴᠢᠨᠵᠠᠪ ᠠ᠋ᠴᠠ ᠠᠰᠠᠭᠤᠭᠰᠠᠨ ᠳ᠋ᠤ᠌ ᠠᠩᠴᠢᠨᠵᠠᠪ᠄ 
       — ᠡᠨᠳᠡ ᠡᠴᠡ ᠱᠠᠯᠠᠪᠬᠠᠨ ᠶᠠᠪᠤᠶ᠎ᠠ! ᠬᠠᠷ᠎ᠠ ᠴᠡᠷᠢᠭ ᠡᠴᠡ ᠬᠣᠢᠰᠢ ᠰᠢᠷ᠎ᠠ ᠴᠡᠷᠢᠭ ᠰᠠᠮᠠᠭᠤᠷᠠᠳᠠᠭ ᠪᠣᠯᠵᠠᠢ᠃ ᠡᠷ᠎ᠡ ᠬᠥᠮᠦᠨ ᠢ᠋ ᠴᠡᠷᠢᠭ ᠲᠦ᠍ ᠪᠠᠷᠢᠵᠤ ᠪᠠᠢᠨ᠎ᠠ ᠭᠡᠰᠡᠨ ᠢ᠋ ᠰᠣᠨᠣᠰᠤᠭᠰᠠᠨ ᠦᠭᠡᠢ ᠤᠤ? ᠭᠡᠯ᠎ᠡ᠃ 
       — ᠦᠭᠡᠢ᠂ ᠰᠣᠨᠣᠰᠤᠭᠰᠠᠨ ᠦᠭᠡᠢ᠃ 
       — ᠴᠡᠷᠢᠭ ᠲᠦ᠍ ᠪᠠᠷᠢᠭᠳᠠᠪᠠᠯ ᠴᠦ᠍ ᠳᠦᠭᠦᠷᠦᠭᠰᠡᠨ ᠰᠤᠤᠬᠠᠨ ᠠ᠋! ᠬᠥᠮᠦᠨ ᠦ᠌ ᠡᠮᠦᠨ᠎ᠡ ᠡᠴᠡ ᠫᠤᠤ ᠶ᠋ᠢᠨ ᠪᠥᠭᠯᠡᠭᠡ ᠪᠣᠯᠵᠤ ᠳᠠᠭᠤᠰᠤᠨ᠎ᠠ᠃  
       ᠲᠡᠮᠦᠷᠰᠥ᠋ᠬᠡ ᠶᠠᠭᠤ ᠬᠡᠯᠡᠬᠦ ᠭᠡᠳ ᠪᠥᠭᠯᠡᠷᠡᠵᠦ《ᠠᠩᠴᠢᠨ ᠠᠪᠠᠭ᠎ᠠ ᠶ᠋ᠢᠨ ᠬᠡᠯᠡᠬᠦ ᠵᠥᠪ᠃ ᠡᠰᠡ ᠲᠡᠢᠮᠦ ᠪᠣᠯ ᠠᠪᠤ ᠰᠢᠭ᠋ ᠢ᠋ᠶ᠋ᠡᠨ ᠴᠡᠷᠢᠭ ᠮᠠᠷᠠᠭ ᠭᠡᠵᠦ ᠶᠠᠪᠤᠭᠠᠳ ᠳᠤᠲᠠᠭᠤ ᠳᠣᠷᠭᠣᠨ᠁》 ᠭᠡᠵᠦ ᠭᠡᠵᠦ ᠪᠣᠳᠣᠬᠤ ᠠ᠋ᠴᠠ ᠵᠢᠷᠦᠬᠡ ᠡᠪᠡᠳᠦᠨ᠎ᠡ᠃ 
       ᠰᠥᠨᠢᠵᠢᠨ ᠶᠠᠪᠤᠭᠠᠳ ᠦᠦᠷ ᠭᠡᠭᠡᠷᠡᠬᠦ ᠳ᠋ᠦ᠍ ᠠᠷᠤ ᠮᠡᠷᠭᠡᠨ ᠦ᠌ ᠠᠮᠠᠨ ᠳ᠋ᠤ᠌ ᠬᠦᠷᠴᠦ ᠮᠣᠷᠢᠳ ᠢ᠋ᠶ᠋ᠠᠨ ᠠᠮᠠᠷᠠᠭᠠᠵᠤ ᠡᠪᠡᠰᠦ ᠬᠠᠵᠠᠯᠠᠭᠤᠯᠪᠠ᠃ 
       ᠭᠤᠷᠪᠠᠨ ᠣᠴᠣᠭ ᠲᠤᠯᠵᠤ ᠪᠤᠯᠠᠭ ᠤ᠋ᠨ ᠤᠰᠤᠨ ᠠ᠋ᠴᠠ ᠭᠠᠤᠯᠢᠨ ᠲᠣᠭᠣᠭᠠᠨ ᠳ᠋ᠠᠭᠠᠨ ᠴᠠᠢ ᠴᠢᠨᠠᠵᠤ ᠬᠣᠶᠠᠭᠤᠯᠠ ᠴᠠᠢ ᠤᠤᠭᠤᠪᠠ᠃ 
       — ᠵᠠ᠂ ᠮᠢᠨᠦ ᠬᠦᠦ ᠴᠠᠢ ᠪᠠᠨ ᠤᠤᠭᠤᠴᠢᠬᠠᠭᠠᠳ ᠠᠷᠤ ᠮᠡᠷᠭᠡᠨ ᠦ᠌ ᠭᠣᠣᠯ ᠢ᠋ ᠥᠭᠡᠳᠡᠯᠡᠵᠦ ᠰᠢᠵᠢᠷᠭᠠᠨ ᠤ᠋ ᠳᠠᠪᠠᠭᠠᠨ ᠳᠡᠭᠡᠷ᠎ᠡ ᠭᠠᠷᠴᠤ ᠪᠠᠷᠠᠭᠤᠨᠰᠢ ᠪᠠᠨ ᠬᠢᠷᠠᠯᠠᠨ ᠶᠠᠪᠤ! ᠴᠢᠨᠠᠭᠰᠢ ᠭᠤᠷᠪᠠᠨ ᠬᠥᠲᠥᠯ ᠢ᠋ ᠳᠠᠪᠠᠵᠤ ᠭᠠᠷᠪᠠᠯ ᠥᠯᠥᠩᠲᠦ ᠶ᠋ᠢᠨ ᠡᠬᠢ ᠭᠡᠵᠦ ᠪᠣᠢ᠃ ᠲᠡᠷᠡ ᠥᠯᠥᠩᠲᠦ ᠶ᠋ᠢᠨ ᠡᠬᠢ ᠪᠡᠷ ᠰᠢᠯᠤᠭᠤᠬᠠᠨ ᠤᠷᠤᠭᠤᠳᠠᠵᠤ ᠶᠠᠪᠤᠲᠠᠯ᠎ᠠ ᠨᠢᠭᠡ ᠠᠢᠯ ᠲᠠᠭᠠᠷᠠᠬᠤ ᠶᠤᠮ᠃ ᠡᠵᠢ ᠴᠢᠨᠢ ᠲᠡᠨᠳᠡ ᠪᠠᠢᠭ᠎ᠠ᠃ ᠣᠴᠢᠵᠤ ᠠᠭᠤᠯᠵᠠ! ᠭᠡᠵᠦ ᠠᠩᠴᠢᠨᠵᠠᠪ  ᠭᠠᠩᠰᠠᠨ ᠤ᠋ ᠪᠠᠨ ᠲᠣᠯᠣᠭᠠᠢ ᠶ᠋ᠢ ᠰᠢᠯᠭᠡᠭᠡᠨ ᠤᠲᠤᠭ᠎ᠠ ᠪᠠᠭᠠᠭᠢᠭᠤᠯᠵᠤ ᠰᠠᠭᠤᠨ᠎ᠠ᠃ 
       — ᠠᠪᠠᠭ᠎ᠠ ᠠ᠋᠂ ᠲᠠ ᠬᠠᠷᠢᠬᠤ ᠦᠭᠡᠢ ᠶᠦᠮ ᠤᠤ? 
       ᠠᠩᠴᠢᠨᠵᠠᠪ ᠲᠡᠮᠦᠷᠰᠥ᠋ᠬᠡ ᠶ᠋ᠢᠨ ᠠᠰᠠᠭᠤᠭᠰᠠᠨ ᠳ᠋ᠤ᠌ ᠬᠠᠬᠠᠵᠤ᠂ ᠶᠠᠭᠤ ᠬᠡᠯᠡᠬᠦ ᠪᠡᠨ ᠣᠯᠬᠤ ᠦᠭᠡᠢ ᠬᠡᠰᠡᠭ ᠲᠦᠭᠳᠡᠷᠡᠭᠰᠡᠨ ᠢ᠋ᠶ᠋ᠡᠨ ᠰᠡᠭᠦᠷᠡᠰᠦ ᠠᠯᠲᠠᠨ᠄ 
       — ᠠᠪᠠᠭ᠎ᠠ ᠨᠢ ᠠᠷᠤ ᠲᠠᠢᠰᠢ ᠪᠠᠨ ᠶᠠᠪᠤᠬᠤ ᠵᠢᠭᠠᠬᠠᠨ ᠠᠵᠢ ᠲᠠᠢ᠃ ᠮᠢᠨᠦ ᠬᠦᠦ ᠤᠷᠢᠳ ᠢ᠋ᠶ᠋ᠠᠷ ᠬᠠᠷᠢ! ᠡᠵᠢ ᠠᠪᠤ ᠳᠡᠭᠡᠷ᠎ᠡ ᠪᠡᠨ ᠣᠴᠢᠵᠤ ᠠᠭᠤᠯᠵᠠ ᠳᠠ! ᠭᠡᠳ ᠠᠷᠤ ᠲᠠᠢᠰᠢ ᠪᠠᠨ ᠣᠷᠪᠣᠭ ᠴᠣᠷᠪᠣᠭ ᠪᠤᠲᠠ ᠵᠠᠭ ᠲᠡᠢᠯᠳᠡᠭᠦᠦ ᠤᠷᠭᠤᠭᠰᠠᠨ ᠴᠦᠯᠯᠡᠷᠬᠡᠭ ᠭᠣᠪᠢ ᠲᠠᠯ᠎ᠠ ᠶ᠋ᠢ ᠰᠢᠷᠳᠡᠨ᠎ᠡ᠃ 
       — ᠠᠪᠤ ᠠ᠋? 
       — ᠲᠡᠢᠮᠦ! ᠠᠪᠤ ᠴᠢᠨᠢ ᠬᠠᠷᠢᠭᠠᠳ ᠢᠷᠡᠴᠢᠬᠡᠭᠰᠡᠨ ᠬᠦᠦ ᠮᠢᠨᠢ! ᠭᠡᠳ ᠲᠡᠮᠦᠷᠰᠥ᠋ᠬᠡ ᠶ᠋ᠢᠨ ᠮᠥᠷᠥ ᠶ᠋ᠢ ᠳᠠᠪᠰᠢᠵᠤ ᠬᠡᠯᠡᠭᠰᠡᠨ ᠳ᠋ᠦ᠍ ᠲᠡᠮᠦᠷᠰᠥ᠋ᠬᠡ᠄ 
       — ᠠᠪᠤ ᠬᠠᠷᠢᠭᠠᠳ ᠢᠷᠡᠴᠢᠬᠡᠯ᠎ᠡ⁈ ᠠᠪᠤ᠁ ᠭᠡᠵᠦ ᠭᠠᠢᠬᠠᠰᠢᠷᠠᠭᠰᠠᠨ ᠬᠠᠷᠠᠴᠠ ᠪᠠᠷ ᠠᠩᠴᠢᠨᠵᠠᠪ ᠢ᠋ ᠰᠢᠷᠲᠡᠬᠦ ᠳ᠋ᠦ᠍ ᠠᠩᠴᠢᠨᠵᠠᠪ᠄ 
       — ᠠᠪᠤ ᠴᠢᠨᠢ ᠲᠡᠢᠨ ᠦ᠌ ᠬᠥᠯ ᠳ᠋ᠦ᠍ ᠭᠡᠨᠡᠳᠡᠭᠰᠡᠨ ᠦᠭᠡᠢ᠂ ᠡᠰᠡᠨ ᠮᠡᠨᠳᠦ ᠬᠠᠷᠢᠭᠠᠳ ᠢᠷᠡᠭᠰᠡᠨ᠁ ᠵᠠ᠂ ᠶᠠᠪᠤ ᠳᠠ! ᠬᠦᠦ ᠮᠢᠨᠢ ᠠᠪᠤ ᠲᠠᠢ ᠪᠠᠨ ᠣᠴᠢᠵᠤ ᠠᠭᠤᠯᠵᠠᠭᠠᠷᠠᠢ! ᠭᠡᠳ ᠪᠣᠰᠴᠤ ᠮᠣᠷᠢ ᠪᠠᠨ ᠪᠠᠷᠢᠯᠠᠨ ᠣᠯᠣᠩ ᠢ᠋ ᠨᠢ ᠴᠢᠩᠭᠠᠯᠠᠨ ᠬᠥᠳᠡᠯᠵᠡᠢ᠃ 
       ᠲᠡᠮᠦᠷᠰᠥ᠋ᠬᠡ ᠮᠣᠷᠳᠠᠵᠤ ᠭᠣᠣᠯ ᠥᠭᠡᠳᠡᠯᠡᠨ ᠴᠠᠭᠠᠰᠢ ᠶᠠᠪᠤᠲᠠᠯ᠎ᠠ ᠠᠩᠴᠢᠨᠵᠠᠪ᠄ 
       — ᠲᠠᠮᠤᠷ᠎ᠠ ᠠ᠋! ᠭᠡᠬᠦ ᠳ᠋ᠦ᠍ ᠲᠡᠮᠦᠷᠰᠥ᠋ᠬᠡ ᠵᠢᠯᠣᠭᠣ ᠡᠷᠭᠢᠭᠦᠯᠦᠨ《ᠵᠠ》 ᠭᠡᠵᠦ ᠳᠡᠷᠭᠡᠳᠡ ᠨᠢ ᠢᠷᠡᠬᠦ ᠳ᠋ᠦ᠍ ᠠᠩᠴᠢᠨᠵᠠᠪ᠄ 
       — ᠮᠢᠨᠦ ᠬᠦᠦ ᠭᠤᠷᠪᠠ ᠬᠣᠨᠣᠭ ᠤ᠋ᠨ ᠳᠠᠷᠠᠭ᠎ᠠ ᠰᠢᠷ᠎ᠠ ᠪᠦᠷᠦᠢ ᠲᠠᠰᠤᠷᠠᠬᠤ ᠳ᠋ᠤ᠌ ᠬᠠᠩᠬᠠᠲᠠᠢ ᠶ᠋ᠢᠨ ᠰᠢᠯᠢ ᠶ᠋ᠢᠨ ᠠᠷᠤ ᠴᠠᠢᠳᠠᠮ ᠳ᠋ᠤ᠌ ᠵᠠᠪᠳᠤᠵᠤ ᠬᠥᠷ! ᠪᠢ ᠲᠡᠨᠳᠡ ᠬᠣᠶᠠᠷ ᠮᠣᠷᠢ ᠪᠠᠨ ᠴᠢᠳᠥᠷᠯᠡᠵᠦ ᠲᠠᠯᠪᠢᠶ᠎ᠠ! ᠴᠢ ᠬᠣᠶᠠᠷ ᠴᠢᠳᠥᠷ ᠲᠡᠢ ᠮᠣᠷᠢ ᠶ᠋ᠢ ᠪᠠᠷᠢᠵᠤ ᠠᠪᠤᠭᠠᠳ ᠸᠠᠩ ᠰᠣᠬᠣᠷ ᠤ᠋ᠨ ᠴᠡᠷᠢᠭ ᠪᠠᠭᠤᠭᠰᠠᠨ ᠬᠤᠸᠠᠷᠠᠨ ᠤ᠋ ᠬᠠᠪᠢ ᠪᠠᠷ ᠬᠡᠷᠰᠡᠦᠬᠡᠨ ᠠᠵᠢᠭ ᠬᠠᠶᠠᠵᠤ ᠪᠠᠢ! ᠭᠡᠵᠦ ᠵᠠᠬᠢᠪᠠ᠃ 
       — ᠵᠠ᠂ ᠮᠡᠳᠡᠯ᠎ᠡ᠃ 
       — ᠭᠡᠮ ᠦᠭᠡᠢ ᠴᠦ᠍ ᠪᠣᠯ ᠶᠠᠭᠠᠬᠢᠬᠤ ᠪᠣᠢ᠂ ᠲᠠᠤᠯᠠᠢ ᠪᠣᠰᠴᠤ ᠭᠡᠨᠡᠳᠡᠯ ᠳ᠋ᠦ᠍ ᠤᠴᠠᠷᠠᠪᠠᠯ ᠮᠢᠨᠦ ᠬᠦᠦ ᠬᠣᠶᠠᠷ ᠮᠣᠷᠢ ᠶ᠋ᠢ ᠠᠪᠴᠤ ᠲᠡᠨᠳᠡ ᠡᠴᠡ ᠱᠠᠯᠠᠪᠬᠠᠨ ᠵᠠᠢᠯᠠᠵᠤ ᠶᠠᠪᠤᠭᠠᠷᠠᠢ!
       — ᠵᠠ! ᠭᠡᠳ ᠲᠡᠮᠦᠷᠰᠥ᠋ᠬᠡ ᠭᠣᠣᠯ ᠤ᠋ᠨ ᠰᠠᠢᠷ ᠪᠤᠲᠠᠷᠠᠭᠤᠯᠤᠨ ᠮᠣᠷᠳᠠᠪᠠ᠁ 
       ᠡᠷᠡᠦ ᠬᠠᠯᠲᠠᠷ᠂ ᠪᠢᠲᠡᠭᠦᠦ ᠬᠠᠷ᠎ᠠ ᠰᠠᠬᠠᠯ ᠲᠠᠢ᠂ ᠬᠤᠨᠢᠶᠠᠷᠠᠭᠰᠠᠨ ᠤᠷᠲᠤ ᠦᠰᠦ ᠪᠡᠨ ᠮᠥᠷᠥ ᠤᠷᠤᠭᠤ ᠪᠠᠨ ᠠᠵᠢᠷᠭᠠᠨ ᠳᠡᠯ ᠰᠢᠭ ᠵᠠᠮᠪᠠᠷᠠᠭ᠎ᠠ ᠦᠭᠡᠢ ᠰᠤᠯᠠ ᠲᠠᠯᠪᠢᠭᠰᠠᠨ ᠨᠢᠭᠡ ᠡᠷ᠎ᠡ ᠸᠠᠩ ᠰᠣᠬᠣᠷ ᠤ᠋ᠨ ᠴᠡᠷᠢᠭ ᠦ᠋ᠨ ᠬᠠᠷᠠᠭᠤᠯ ᠮᠠᠨᠠᠭ᠎ᠠ ᠶ᠋ᠢ ᠱᠣᠩ ᠤ᠋ᠨ ᠮᠣᠳᠣ ᠰᠢᠭ᠋ ᠦᠵᠡᠵᠦ᠂ ᠨᠠᠭᠠᠳᠤ ᠵᠠᠬ᠎ᠠ ᠨᠢ ᠬᠠᠷᠠᠭᠰᠠᠨ ᠴᠦ᠍ ᠦᠭᠡᠢ ᠪᠡᠷ ᠬᠤᠸᠠᠷᠠᠨ ᠤ᠋ ᠡᠭᠦᠳᠡ ᠪᠡᠷ ᠳᠣᠲᠣᠭᠰᠢ ᠪᠠᠨ ᠬᠡᠩᠬᠦᠯᠵᠡᠨ ᠠᠯᠬᠤᠬᠤ ᠭᠡᠬᠦ ᠳ᠋ᠦ᠍ᠨᠢ ᠵᠡᠷᠭᠡᠴᠡᠵᠦ ᠵᠣᠭᠰᠣᠭᠰᠠᠨ ᠬᠠᠷ᠎ᠠ ᠴᠡᠷᠢᠭ ᠦ᠋ᠨ ᠬᠣᠶᠠᠷ ᠬᠠᠷᠠᠭᠤᠯ ᠲᠡᠭᠦᠨ ᠢ᠋ ᠬᠠᠰᠢᠵᠤ᠄  
       — ᠵᠣᠭᠰᠣ! ᠶᠠᠮᠠᠷ ᠦᠬᠡᠷ ᠪᠦᠳᠦᠭᠦᠨ ᠵᠢᠷᠦᠬᠡ ᠲᠡᠢ ᠡᠷ᠎ᠡ ᠪᠣᠢ? ᠭᠡᠬᠦ ᠳ᠋ᠦ᠍ ᠲᠡᠷᠡ ᠡᠷ᠎ᠡ ᠭᠠᠢᠬᠠᠵᠤ᠄ 
       — ᠶᠠᠭᠠᠬᠢᠪᠠ? ᠫᠤᠤ ᠰᠠᠭᠠᠳᠠᠭ ᠦᠭᠡᠢ ᠪᠢ ᠲᠠ ᠨᠠᠷ ᠢ᠋ ᠶᠠᠭᠠᠬᠢᠭ᠎ᠠ ᠴᠦ᠍ ᠦᠭᠡᠢ ᠪᠠᠢᠬᠤ ᠳ᠋ᠤ᠌ ᠶᠠᠭᠤ ᠭᠡᠵᠦ ᠬᠠᠰᠢᠨ᠎ᠠ ᠪᠣᠢ? ᠭᠡᠯ᠎ᠡ᠃ 
       — ᠴᠢ ᠬᠠᠮᠢᠭᠠᠬᠢ ᠶ᠋ᠢᠨ ᠶᠦᠮ? ᠶᠠᠭᠤᠨ ᠤ᠋ ᠬᠥᠮᠦᠨ ᠪᠣᠢ? 
       — ᠪᠢ ᠪᠠᠷᠠᠭᠤᠨ ᠬᠦᠩ ᠦ᠋ᠨ ᠮᠠᠯᠴᠢᠨ᠃ 
       — ᠬᠡᠨ ᠲᠡᠢ ᠠᠭᠤᠯᠵᠠᠬᠤ ᠭᠡᠵᠦ᠁ 
       — ᠠ! ᠪᠠᠷᠠᠭᠤᠨ ᠬᠦᠩ ᠦ᠋ᠨ ᠪᠠᠭ᠎ᠠ ᠬᠠᠲᠤᠨ ᠰᠧᠯᠢᠩ ᠲᠠᠢ ᠠᠭᠤᠯᠵᠠᠶ᠎ᠠ ᠭᠡᠰᠡᠨ ᠶᠦᠮ᠃ ᠲᠡᠷᠡ ᠪᠠᠢᠨ᠎ᠠ ᠤᠤ? 
       — ᠴᠢ ᠲᠡᠭᠦᠨ ᠦ᠌ ᠶᠠᠭᠤ ᠨᠢ ᠪᠣᠢ? ᠨᠡᠷ᠎ᠡ ᠣᠪᠣᠭ ᠴᠢᠨᠢ?  
       — ᠮᠢᠨᠦ ᠨᠡᠷ᠎ᠡ ᠬᠡᠰᠢᠭᠲᠡᠢ ᠭᠡᠳᠡᠭ᠃ ᠪᠠᠭ᠎ᠠ ᠬᠠᠲᠤᠨ ᠰᠧᠯᠢᠩ ᠦ᠋ᠨ ᠦᠶᠡᠯᠢᠳ ᠠᠬ᠎ᠠ ᠨᠢ ᠪᠣᠯᠳᠠᠭ ᠶᠤᠮ ᠠ᠋! ᠭᠡᠰᠡᠨ ᠳ᠋ᠦ᠍ ᠨᠥᠭᠦᠭᠡ ᠬᠣᠶᠠᠷ ᠬᠠᠷᠠᠭᠤᠯ ᠤ᠋ᠨ ᠴᠡᠷᠢᠭ ᠲᠡᠭᠦᠨ ᠦ᠌ ᠪᠡᠶ᠎ᠡ ᠶ᠋ᠢ ᠨᠡᠩᠵᠢᠭᠡᠳ ᠵᠠᠷ ᠵᠡᠪᠰᠡᠭ ᠦᠭᠡᠢ ᠭᠠᠷ ᠬᠣᠭᠣᠰᠣᠨ ᠪᠣᠯᠬᠣᠷ ᠳᠣᠲᠣᠭᠰᠢ ᠣᠷᠣᠭᠤᠯᠪᠠ᠃   
       ᠴᠠᠭᠠᠰᠢ ᠪᠠᠨ ᠬᠡᠩᠬᠦᠯᠵᠡᠨ ᠠᠯᠬᠤᠭᠰᠠᠨ ᠡᠨᠡ ᠡᠷ᠎ᠡ ᠶ᠋ᠢᠨ ᠠᠷᠤ ᠠ᠋ᠴᠠ ᠬᠠᠷᠠᠵᠤ ᠵᠣᠭᠰᠣᠭᠰᠠᠨ ᠬᠠᠷ᠎ᠠ ᠴᠡᠷᠢᠭ ᠦ᠋ᠨ ᠬᠣᠶᠠᠷ ᠬᠠᠷᠠᠭᠤᠯ ᠤ᠋ᠨ ᠴᠡᠷᠢᠭ ᠬᠣᠭᠣᠷᠣᠨᠳᠣ ᠪᠠᠨ《ᠡᠨᠡ ᠰᠠᠢᠨ ᠡᠷ᠎ᠡ ᠴᠢᠨᠢ ᠮᠠᠨ ᠤ᠋ ᠨᠣᠶᠠᠨ ᠤ᠋ ᠠᠳᠤᠭᠤᠴᠢᠨ ᠪᠠᠢᠭᠰᠠᠨ<ᠠᠵᠢᠷᠭᠠᠨ ᠬᠠᠷ᠎ᠠ> ᠪᠢᠰᠢ ᠤᠤ》 ᠭᠡᠬᠦ ᠳ᠋ᠦ᠍ ᠨᠥᠭᠦᠭᠡ ᠨᠢᠭᠡ ᠨᠢ《ᠮᠥᠨ᠂ ᠶᠠᠭ ᠮᠥᠨ! ᠰᠠᠬᠠᠯ ᠰᠠᠮᠪᠠᠢ ᠨᠢ ᠰᠠᠷᠪᠠᠢᠵᠤ ᠣᠷᠭᠣᠭᠠᠳ ᠮᠠᠰᠢ ᠲᠣᠮᠣᠭᠠᠵᠢᠵᠢ ᠳᠠ! ᠭᠡᠵᠦ ᠬᠡᠯᠡᠯᠴᠡᠨ᠎ᠡ᠃ 
       ᠡᠨᠡ ᠡᠷ᠎ᠡ ᠪᠣᠯ ᠥᠭᠡᠷ᠎ᠡ ᠬᠥᠮᠦᠨ ᠪᠢᠰᠢ᠃ ᠶᠠᠭ ᠡᠨᠡ ᠬᠣᠶᠠᠷ ᠬᠠᠷ᠎ᠠ ᠴᠡᠷᠢᠭ ᠦ᠋ᠨ ᠬᠡᠯᠡᠳᠡᠭ《ᠠᠵᠢᠷᠭᠠᠨ ᠬᠠᠷ᠎ᠠ》 ᠬᠣᠴᠢ ᠲᠠᠢ ᠠᠩᠴᠢᠨᠵᠠᠪ ᠮᠥᠨ᠃ ᠬᠦᠩ ᠨᠣᠶᠠᠨ ᠤ᠋ ᠪᠠᠭ᠎ᠠ ᠬᠠᠲᠤᠨ ᠰᠡᠷᠭᠦᠮ᠎ᠡ ᠶ᠋ᠢᠨ ᠠᠩᠬᠠᠨ ᠤ᠋ ᠬᠠᠢᠷ᠎ᠠ ᠶ᠋ᠢ ᠭᠡᠵᠢᠭᠡᠳᠡᠵᠦ ᠦᠯᠢᠭᠡᠷ ᠲᠡᠦᠬᠡ ᠤᠷᠭᠤᠭᠤᠯᠤᠭᠰᠠᠨ ᠳ᠋ᠠᠭᠠᠨ ᠥᠨᠥᠳᠥᠷ ᠲᠡᠷᠡ ᠨᠡᠷ᠎ᠡ ᠪᠡᠨ《ᠬᠡᠰᠢᠭᠲᠡᠢ》 ᠪᠤᠷᠤᠭᠤᠯᠠᠵᠤ ᠶᠠᠪᠤᠭ᠎ᠠ ᠨᠢ ᠡᠨᠡ᠁  
      《ᠪᠠᠭ᠎ᠠ ᠬᠠᠲᠤᠨ ᠰᠧᠯᠢᠩ ᠲᠡᠢ ᠡᠨᠡ ᠲᠡᠷᠡ ᠬᠥᠮᠦᠨ ᠢᠷᠡᠵᠦ ᠠᠭᠤᠯᠵᠠᠬᠤ ᠶ᠋ᠢ ᠢᠮᠠᠭᠲᠠ ᠴᠢᠩᠭ᠎ᠠ ᠴᠠᠭᠳᠠᠵᠤ ᠪᠠᠢ ᠭᠡᠰᠡᠨ ᠵᠠᠬᠢᠶ᠎ᠠ ᠬᠠᠷᠠᠭᠤᠯ ᠮᠠᠨᠠᠭ᠎ᠠ ᠪᠣᠯᠭᠠᠨ ᠤ᠋ ᠰᠡᠷᠡᠮᠵᠢ ᠶ᠋ᠢᠨ ᠬᠣᠩᠬᠣ ᠪᠣᠯᠬᠣᠷ《ᠠᠵᠢᠷᠭᠠᠨ ᠬᠠᠷ᠎ᠠ》 ᠪᠠᠭ᠎ᠠ ᠬᠠᠲᠤᠨ ᠰᠧᠯᠢᠩ ᠲᠡᠢ ᠠᠭᠤᠯᠵᠠᠬᠤ ᠪᠠᠷ ᠢᠷᠡᠪᠡ ᠭᠡᠰᠡᠨ ᠴᠢᠮᠡᠭᠡ ᠸᠠᠩ ᠰᠣᠬᠣᠷ ᠤ᠋ᠨ ᠴᠢᠬᠢᠨ ᠳ᠋ᠦ᠍ ᠰᠠᠯᠬᠢ ᠰᠢᠭ᠋ ᠬᠤᠷᠳᠤᠨ ᠬᠦᠷᠴᠡᠢ᠃ 
       —《ᠠᠵᠢᠷᠭᠠᠨ ᠬᠠᠷ᠎ᠠ》? ᠯᠠᠪ ᠮᠥᠨ ᠤᠤ? ᠭᠡᠵᠦ ᠴᠢᠮᠡᠭᠡ ᠵᠥᠭᠡᠭᠡᠵᠦ ᠢᠷᠡᠭᠰᠡᠨ ᠬᠠᠷᠠᠭᠤᠯ ᠤ᠋ᠨ ᠴᠡᠷᠢᠭ ᠡᠴᠡ ᠨᠢᠳᠦ ᠭᠥᠯᠢᠢᠨ ᠠᠰᠠᠭᠤᠭᠰᠠᠨ ᠳ᠋ᠤ᠌᠂  
       — ᠮᠥᠨ᠂ ᠯᠠᠪ ᠮᠥᠨ! ᠭᠡᠯ᠎ᠡ᠃ 
       — ᠡᠩ! ᠭᠡᠵᠦ ᠸᠠᠩ ᠰᠣᠬᠣᠷ ᠲᠣᠯᠣᠭᠠᠢ ᠪᠠᠨ ᠳᠣᠬᠢᠬᠤᠢᠴᠠ ᠡᠷᠡᠦ ᠪᠡᠷ ᠢ᠋ᠶ᠋ᠡᠨ ᠡᠭᠦᠳᠡ ᠤᠷᠤᠭᠤ ᠳᠣᠬᠢᠵᠤ ᠥᠨᠥᠬᠢ ᠴᠡᠷᠢᠭ ᠲᠦ᠍《ᠶᠠᠪᠤ》 ᠭᠡᠰᠡᠨ ᠳᠣᠬᠢᠶ᠎ᠠ ᠥᠭᠭᠦᠭᠰᠡᠨ ᠳ᠋ᠦ᠍ ᠲᠡᠷᠡ ᠴᠡᠷᠢᠭ ᠴᠡᠷᠢᠭ ᠶᠣᠰᠣ ᠬᠢᠭᠡᠳ ᠰᠡᠩᠳᠡ ᠮᠡᠩᠳᠡ ᠭᠠᠷᠴᠤ ᠶᠠᠪᠤᠪᠠ᠃
       ᠠᠩᠴᠢᠨᠵᠠᠪ ᠴᠡᠷᠢᠭ ᠦ᠋ᠨ ᠬᠤᠸᠠᠷᠠᠨ ᠤ᠋ ᠳᠠᠪᠬᠤᠷ ᠳᠠᠪᠬᠤᠷ ᠬᠠᠷᠠᠭᠤᠯ ᠮᠠᠨᠠᠭ᠎ᠠ ᠶ᠋ᠢ ᠳᠠᠪᠠᠵᠤ ᠶᠠᠪᠤᠭᠠᠳ ᠡᠴᠦᠰ ᠲᠡᠭᠡᠨ ᠪᠠᠭ᠎ᠠ ᠬᠠᠲᠤᠨ ᠰᠧᠯᠢᠩ ᠦ᠋ᠨ ᠵᠥᠪᠰᠢᠶᠡᠷᠡᠯ ᠢ᠋ ᠬᠦᠯᠢᠶᠡᠵᠦ ᠲᠡᠭᠦᠨ ᠦ᠌ ᠰᠠᠭᠤᠳᠠᠭ ᠭᠡᠷ ᠦ᠋ᠨ ᠬᠢᠨᠢ ᠡᠭᠦᠳᠡ ᠶ᠋ᠢ ᠲᠠᠲᠠᠪᠠ᠃  
       — ᠬᠠᠲᠤᠨ ᠰᠧᠯᠢᠩ ᠲᠠ ᠰᠠᠢᠨ ᠪᠠᠢᠨ᠎ᠠ ᠤᠤ? ᠭᠡᠬᠦ ᠫᠠᠷᠭᠢᠶ᠎ᠠ ᠳᠠᠭᠤᠨ ᠪᠠᠭ᠎ᠠ ᠬᠠᠲᠤᠨ ᠤ᠋ ᠴᠢᠬᠢ ᠶ᠋ᠢ ᠬᠠᠯᠠᠭᠤᠰᠬᠠᠨ ᠳᠤᠤᠭᠠᠷᠤᠭᠰᠠᠨ ᠳ᠋ᠤ᠌ ᠲᠡᠷᠡ᠄
       — ᠵᠠ᠂ ᠰᠠᠢᠨ! ᠲᠠ ᠰᠠᠢᠨ ᠶᠠᠪᠤᠵᠤ ᠢᠷᠡᠪᠡ ᠤᠤ? ᠭᠡᠵᠦ ᠬᠠᠷᠢᠭᠤ ᠮᠡᠨᠳᠦᠯᠡᠭᠡᠳ ᠡᠨᠡ ᠡᠷ᠎ᠡ ᠶ᠋ᠢᠨ ᠴᠢᠷᠠᠢ ᠥᠭᠡᠳᠡ ᠬᠠᠷᠠᠪᠠᠯ ᠡᠷᠡᠦ ᠬᠠᠯᠲᠠᠷ ᠪᠢᠲᠡᠭᠦᠦ ᠬᠠᠷ᠎ᠠ ᠰᠠᠬᠠᠯ ᠲᠠᠢ ᠦᠯᠦ ᠲᠠᠨᠢᠬᠤ ᠬᠢᠵᠢᠶᠡᠯ ᠡᠷ᠎ᠡ ᠶ᠋ᠢᠨ ᠵᠢᠰᠦ ᠲᠣᠳᠣᠷᠠᠭᠰᠠᠨ ᠴᠦ᠍ ᠳᠡᠪᠳᠡᠷᠢᠬᠦ ᠪᠦᠷᠭᠦᠳ ᠦ᠋ᠨ ᠳᠠᠯᠠᠪᠴᠢ ᠰᠢᠭ᠋ ᠴᠣᠩᠬᠢᠢᠭᠰᠠᠨ ᠳᠣᠪᠣᠭᠣᠷ ᠶᠠᠰᠤ ᠲᠠᠢ ᠬᠦᠷᠡᠩ ᠪᠣᠷᠣ ᠴᠢᠷᠠᠢ ᠳ᠋ᠤᠨᠢ《ᠪᠢ ᠪᠣᠯ ᠠᠩᠴᠢᠨᠵᠠᠪ ᠮᠥᠨ》 ᠭᠡᠰᠡᠨ ᠦᠰᠦᠭ ᠪᠢᠴᠢᠭᠳᠡᠭᠰᠡᠨ ᠢ᠋ ᠪᠠᠭ᠎ᠠ ᠬᠠᠲᠤᠨ ᠶᠠᠭᠠᠬᠢᠬᠤ ᠠᠷᠭ᠎ᠠ ᠦᠭᠡᠢ ᠲᠠᠨᠢᠪᠠ᠃ ᠲᠡᠭᠦᠨ ᠦ᠌ ᠡᠮᠦᠨ᠎ᠡ ᠡᠴᠡ ᠶᠠᠭᠤ ᠬᠡᠯᠡᠬᠦ ᠪᠡᠨ ᠣᠯᠵᠤ ᠶᠠᠳᠠᠨ ᠶᠠᠭᠤ ᠴᠦ᠍ ᠬᠢᠬᠦ ᠪᠠᠢᠬᠤ ᠪᠠᠨ ᠠᠯᠳᠠᠵᠤ《ᠪᠢ ᠴᠢᠨᠢ ᠦᠰᠦ ᠭᠡᠵᠢᠭᠡ ᠪᠡᠨ᠁ ᠦᠭᠡᠢ ᠠᠳᠠᠭ ᠨᠢ ᠲᠣᠯᠢᠨ ᠳ᠋ᠤ᠌ ᠵᠢᠰᠦ ᠪᠡᠨ ᠨᠢᠭᠡ ᠶᠠᠩᠵᠤᠯᠠᠳᠠᠭ᠁ ᠪᠠᠢᠵᠠ ᠳᠠ᠂ ᠪᠢ ᠴᠢᠨᠢ ᠶᠠᠮᠠᠷᠬᠠᠨ ᠰᠢᠦ᠁》 ᠭᠡᠵᠦ ᠡᠮᠦᠨ᠎ᠡ ᠨᠢ ᠵᠣᠭᠰᠣᠭ᠎ᠠ ᠡᠨᠡ ᠬᠦ᠌ ᠶᠡᠷᠦ ᠪᠤᠰᠤ ᠶ᠋ᠢᠨ ᠭᠡᠢᠴᠢᠨ ᠡᠴᠡ ᠮᠠᠶᠢᠭ ᠥᠬᠡᠢ ᠢᠴᠢᠨ ᠰᠢᠷᠪᠡᠭᠡᠳᠦᠵᠦ ᠴᠢᠷᠠᠢ ᠨᠢ ᠴᠢᠪᠠᠭ᠎ᠠ ᠰᠢᠭ᠋ ᠤᠯᠠᠢᠪᠠ᠃ 
       ᠠᠩᠴᠢᠨᠵᠠᠪ᠂ ᠡᠮᠦᠨ᠎ᠡ ᠨᠢ ᠵᠣᠭᠰᠣᠭ᠎ᠠ ᠡᠨᠡ ᠬᠦ᠌ ᠬᠠᠷ᠎ᠠ ᠴᠡᠷᠢᠭ ᠦ᠋ᠨ ᠬᠤᠪᠴᠠᠯᠠᠯ ᠢ᠋ᠶ᠋ᠠᠷ ᠶᠠᠩᠵᠤᠯᠠᠭᠰᠠᠨ ᠰᠡᠷᠭᠦᠮ᠎ᠡ ᠶ᠋ᠢᠨ ᠡᠲᠡᠭᠡᠳ ᠲᠥᠷᠬᠦ ᠶ᠋ᠢ ᠰᠢᠷᠪᠢᠨ ᠰᠢᠷᠲᠡᠭᠰᠡᠨ ᠢ᠋ᠶ᠋ᠡᠨ ᠭᠡᠨᠡᠳᠲᠡ ᠲᠡᠭᠦᠨ ᠦ᠌ ᠪᠡᠶ᠎ᠡ ᠳᠡᠭᠡᠷᠡᠬᠢ ᠬᠠᠷ᠎ᠠ ᠴᠡᠷᠢᠭ ᠬᠤᠪᠴᠠᠰᠤ ᠶ᠋ᠢ ᠪᠣᠯᠢᠭᠤᠯᠵᠤ ᠣᠭ᠌ᠶᠤ ᠱ᠌ᠢᠷᠦᠨ ᠤᠨᠵᠢᠯᠭᠠᠲᠤ᠂ ᠠᠯᠲᠠ ᠮᠥᠩᠭᠥᠨ ᠵᠢᠮᠰᠡᠭ ᠲᠡᠢ ᠮᠣᠩᠭᠣᠯ ᠪᠦᠰᠡᠭᠦᠢ ᠶ᠋ᠢᠨ ᠬᠤᠪᠴᠠᠯᠠᠯ ᠲᠠᠢ ᠬᠤᠪᠢᠯᠭᠠᠨ᠂ ᠮᠣᠩᠭᠣᠯ ᠨᠢᠳᠦ ᠪᠡᠷ ᠴᠤᠭᠤᠯᠤᠨ ᠬᠠᠷᠠᠬᠤ ᠳ᠋ᠠᠭᠠᠨ ᠲᠡᠭᠦᠨ ᠦ᠌ ᠢᠰᠪᠡᠯᠵᠡᠭᠰᠡᠨ ᠤᠯᠠᠪᠤᠷ ᠴᠢᠷᠠᠢ ᠠ᠋ᠴᠠ ᠨᠢ ᠲᠤᠭᠤᠯ ᠤ᠋ᠨ ᠬᠥᠭᠡᠷᠦᠬᠦᠨ ᠨᠢᠳᠦ᠂ ᠡᠯᠢᠭᠡᠨ ᠳ᠋ᠡᠭᠡᠨ ᠨᠠᠭᠠᠨ ᠥᠬᠥᠭᠡᠷᠳᠡᠨ ᠦᠨᠦᠰᠬᠦ ᠳ᠋ᠦ᠍ ᠲᠡᠭᠦᠨ ᠦ᠌ ᠤᠷᠤᠭᠤᠯ ᠢ᠋ ᠰᠢᠮᠡᠩᠬᠡᠨ ᠬᠠᠵᠠᠳᠠᠭ ᠴᠣᠷᠪᠣᠭᠣᠷ ᠬᠥᠭᠡᠷᠦᠬᠦᠨ ᠤᠷᠤᠭᠤᠯ ᠢ ᠨᠢ ᠡᠷᠢᠵᠦ ᠣᠯᠤᠨ ᠬᠡᠴᠢᠨᠡᠭᠡᠨ ᠵᠢᠯ ᠦ᠋ᠨ ᠮᠠᠨᠠᠨᠲᠤᠭᠰᠠᠨ ᠬᠠᠢᠷ᠎ᠠ ᠶ᠋ᠢᠨ ᠴᠣᠭ᠂ ᠬᠠᠯᠠᠭᠤᠷᠠᠨ ᠬᠦᠦᠷᠨᠢᠬᠦ ᠳᠠᠭᠤᠰᠤᠰᠢ ᠦᠭᠡᠢ ᠢᠨᠠᠭ ᠤ᠋ᠨ ᠰᠢᠪᠡᠨᠡᠭᠡ ᠪᠡᠨ ᠲᠣᠪᠴᠢᠯᠠᠵᠤ ᠲᠡᠭᠦᠨ ᠢ᠋ ᠪᠡᠨ ᠵᠠᠭᠵᠠᠢᠲᠠᠯ᠎ᠠ ᠲᠡᠪᠡᠷᠢᠵᠦ ᠠᠪᠤᠭᠠᠳ ᠦᠨᠦᠰᠦᠨᠡᠮ ᠭᠡᠵᠦ ᠪᠣᠳᠣᠭᠰᠠᠨ ᠪᠣᠯᠪᠠᠴᠤ ᠲᠡᠭᠡᠵᠦ ᠴᠢᠳᠠᠭᠰᠠᠨ ᠦᠭᠡᠢ᠃ 
       ᠲᠠᠯ᠎ᠠ ᠶ᠋ᠢᠨ ᠢᠬᠡᠷ᠎ᠡ ᠴᠢᠯᠠᠭᠤᠨ ᠬᠥᠮᠦᠨ ᠰᠢᠭ ᠡᠨᠡ ᠬᠣᠶᠠᠷ ᠬᠥᠮᠦᠨ ᠦ᠌ ᠳᠣᠲᠣᠷ᠎ᠠ《ᠣᠳᠣ ᠶᠠᠭᠤ ᠬᠡᠯᠡᠶ᠎ᠡ᠂ ᠶᠠᠭᠤ ᠬᠢᠨᠡᠮ》 ᠭᠡᠰᠡᠨ ᠢᠵᠢᠯᠢᠬᠡᠨ ᠤᠳᠬ᠎ᠠ ᠲᠠᠢ ᠰᠠᠨᠠᠭ᠎ᠠ ᠨᠢ ᠡᠮᠵᠡᠭᠯᠡᠭᠰᠡᠨ ᠵᠢᠷᠦᠬᠡ ᠪᠡᠨ ᠪᠦᠪᠡᠢᠯᠡᠨ ᠪᠣᠰᠬᠤ ᠤᠶᠠᠷᠠᠭᠤᠨ ᠠᠶ᠎ᠠ ᠶ᠋ᠢ ᠴᠢᠪᠬᠠᠳᠠᠭᠰᠠᠨ ᠬᠢᠭᠢᠯᠢ ᠶ᠋ᠢᠨ ᠬᠣᠶᠠᠷ ᠶᠣᠩᠬᠣᠷ ᠰᠢᠭ᠋ ᠡᠪᠬᠡᠷᠡᠯᠲᠡᠢ ᠤᠶᠠᠩᠭᠠᠯᠠᠨ᠎ᠠ᠃ 
       ᠮᠨᠨᠠᠭᠳᠠᠭᠰᠠᠨ ᠭᠠᠯ ᠤ᠋ᠨ ᠣᠴᠢ ᠤᠭᠤᠭᠢᠵᠤ᠂ ᠨᠣᠴᠣᠮᠠᠬᠠᠢ ᠮᠥᠴᠢᠷ ᠥᠷᠲᠥᠮᠡᠭᠴᠡ ᠳᠦᠷᠡᠯᠵᠡᠨ ᠨᠣᠴᠣᠮᠠᠷ ᠪᠣᠯᠬᠤ ᠳ᠋ᠤ᠌ ᠬᠣᠶᠠᠷ ᠬᠣᠣᠰ ᠨᠢᠳᠦᠨ ᠡᠴᠡ ᠭᠠᠯ ᠤ᠋ᠨ ᠣᠴᠢ ᠪᠤᠲᠠᠷᠠᠨ᠎ᠠ᠁ 
       ᠪᠠᠭ᠎ᠠ ᠬᠠᠲᠤᠨ— ᠰᠡᠷᠭᠦᠮ᠎ᠡ ᠶ᠋ᠢᠨ ᠬᠤᠪᠢ ᠳ᠋ᠤ᠌ ᠪᠣᠯ ᠡᠷᠢᠶᠡᠨ ᠲᠡᠢ ᠪᠠᠷᠠᠭᠠᠨ ᠲᠠᠢ ᠠᠮᠢᠳᠤᠷᠠᠯ ᠤ᠋ᠨ ᠭᠠᠰᠢᠭᠤᠨ ᠨᠢᠰᠤᠭᠤᠨ ᠠᠮᠲᠠ ᠲᠠᠢ ᠲᠠᠨᠢᠯᠴᠠᠭᠠᠳᠤᠢ ᠥᠬᠢᠨ ᠴᠦ᠍ ᠪᠢᠰᠢ ᠪᠣᠯᠵᠠᠢ᠃ ᠠᠩᠴᠢᠨᠵᠠᠪ ᠴᠦ᠍ ᠤᠷᠭ᠎ᠠ ᠰᠢᠭᠦᠷᠡᠭᠡ ᠦᠭᠡᠢ᠂ ᠵᠣᠳᠣᠭ ᠴᠦ᠍ ᠲᠠᠨᠢᠭᠠᠳᠤᠢ ᠤᠨᠠᠭᠠᠨ ᠬᠠᠷ᠎ᠠ ᠬᠦᠦ ᠪᠢᠰᠢ᠂ ᠬᠠᠷᠢᠨ ᠡᠨᠡᠷᠢᠯ ᠦᠭᠡᠢ ᠡᠨᠡ ᠬᠣᠷᠸ᠎ᠠ ᠶ᠋ᠢᠨ ᠪᠤᠯᠭᠢᠶ᠎ᠠ ᠲᠣᠢᠯᠠᠭ᠎ᠠ ᠲᠠᠢ ᠡᠨᠡ ᠬᠦ᠌ ᠬᠠᠲᠠᠭᠤ ᠬᠠᠯᠢᠰᠤ ᠲᠠᠢ ᠬᠠᠢᠷ᠎ᠠ ᠶ᠋ᠢᠨ ᠶᠠᠭᠠᠨ ᠵᠢᠮᠢᠰ ᠢ᠋ ᠶᠠᠭᠠᠬᠢᠵᠤ ᠠᠮᠲᠠᠯᠠᠬᠤ ᠪᠠᠨ ᠰᠠᠨᠠᠬᠤ ᠳ᠋ᠤ᠌ ᠲᠡᠳᠡᠨ ᠦ᠌ ᠰᠡᠳᠬᠢᠯ ᠳ᠋ᠦ᠍ ᠶᠡᠷᠦ ᠪᠤᠰᠤ ᠶ᠋ᠢᠨ ᠳᠣᠯᠭᠢᠰᠤᠯ ᠡᠭᠦᠰᠬᠡᠵᠦ᠂ ᠡᠯᠢᠭᠡ ᠵᠢᠷᠦᠬᠡ ᠨᠢ ᠡᠮᠵᠡᠭᠯᠡᠨ ᠵᠣᠪᠠᠨ᠎ᠠ᠃ 
       ᠣᠷᠣᠢ ᠶ᠋ᠢᠨ ᠳᠠᠢᠯᠠᠯᠭ᠎ᠠ ᠶ᠋ᠢᠨ ᠳᠠᠷᠠᠭ᠎ᠠ ᠪᠠᠭ᠎ᠠ ᠬᠠᠲᠤᠨ ᠤ᠋ ᠥᠷᠥᠭᠡᠨ ᠳ᠋ᠦ᠍ ᠠᠩᠴᠢᠨᠵᠠᠪ ᠦᠭᠡ ᠳᠠᠭᠤᠨ ᠦᠭᠡᠢ ᠪᠠᠬᠠᠨ ᠲᠠᠮᠠᠬᠢᠯᠠᠵᠤ ᠰᠠᠭᠤᠭᠰᠠᠨ ᠢ᠋ᠶ᠋ᠠᠨ ᠢ᠋ᠶ᠋ᠠᠨ ᠭᠡᠨᠡᠳᠲᠡ ᠪᠣᠰᠴᠤ᠄ 
       — ᠰᠡᠷᠭᠦᠮ᠎ᠡ ᠠ᠋᠂ ᠪᠢ ᠣᠳᠣ ᠶᠠᠪᠤᠶ᠎ᠠ! ᠭᠡᠪᠡ᠃ 
       — ᠡᠢᠮᠦ ᠪᠦᠷᠦᠢ ᠬᠠᠷᠠᠩᠭᠤᠢ ᠳ᠋ᠤ᠌᠁ ᠬᠠᠮᠢᠭ᠎ᠠ ᠶᠠᠪᠤᠬᠤ ᠶᠤᠮ? ᠮᠥᠨ ᠡᠨᠳᠡ ᠪᠡᠨ ᠬᠣᠨᠣᠭᠠᠳ᠁  
       — ᠦᠭᠡᠢ᠂ ᠡᠨᠡ ᠴᠡᠷᠢᠭ ᠦ᠋ᠨ ᠬᠤᠸᠠᠷᠠᠨ ᠳ᠋ᠤ᠌ ᠴᠢᠨᠢ ᠨᠠᠳᠠ ᠬᠠᠴᠢᠨ ᠡᠪ ᠦᠭᠡᠢ ᠰᠤᠪᠢᠨ ᠮᠠᠭᠤᠲᠠᠢ ᠰᠠᠨᠠᠭᠳᠠᠭᠠᠳ ᠪᠠᠢᠬᠤ ᠶᠤᠮ᠃ 
       — ᠴᠡᠷᠢᠭ ᠦ᠋ᠨ ᠬᠤᠸᠠᠷᠠᠨ ᠬᠠᠷᠠᠭᠤᠯ ᠮᠠᠨᠠᠭ᠎ᠠ ᠲᠠᠢ ᠶᠤᠮ ᠴᠢᠨᠢ ᠬᠠᠷᠢᠨ ᠠᠮᠤᠷ ᠲᠠᠢᠪᠤᠩ ᠳᠠ! 
       — ᠦᠭᠡᠢ᠃ ᠴᠢᠨᠦ ᠡᠨᠳᠡ ᠠᠮᠤᠷ ᠲᠠᠢᠪᠤᠩ ᠭᠡᠳᠡᠭ ᠶᠦᠮ ᠪᠣᠯ ᠡᠭᠦᠳᠡᠨ ᠦ᠌ ᠬᠠᠷᠠᠭᠤᠯ ᠮᠠᠨᠠᠭ᠎ᠠ ᠪᠠᠷ ᠶᠠᠭᠤ ᠬᠢᠬᠦ ᠶᠦᠮ? ᠵᠥᠩᠳᠡᠭᠡᠨ ᠵᠠᠳᠠᠭᠠᠢ ᠬᠠᠶᠠᠴᠢᠬᠠᠳᠠᠭ ᠦᠭᠡᠢ ᠶᠠᠭᠠᠬᠢᠭ᠎ᠠ ᠶᠤᠮ⁈ 
       — ᠴᠡᠷᠢᠭ ᠦ᠋ᠨ ᠬᠤᠸᠠᠷᠠᠨ ᠪᠣᠯᠬᠣᠷ ᠰᠡᠷᠡᠮᠵᠢ ᠬᠡᠷᠡᠭᠲᠡᠢ ᠪᠠᠢᠯᠭᠦᠢ!    
       —《ᠰᠡᠷᠡᠮᠵᠢ》 ᠭᠡᠳᠡᠭ ᠴᠢᠨᠢ《ᠰᠡᠵᠢᠭ》 ᠭᠡᠰᠡᠨ ᠦᠭᠡ᠃  ᠰᠡᠵᠢᠭ ᠠ᠋ᠴᠠ ᠯᠠ ᠪᠦᠬᠦ ᠮᠠᠭᠤ ᠮᠠᠭᠤᠬᠠᠢ ᠶᠠᠭᠤᠮ᠎ᠠ ᠡᠭᠦᠰᠦᠨ᠎ᠡ ᠰᠢᠦ! 
       — ᠠᠩᠴᠢᠨ ᠠ᠋᠂ ᠴᠢ ᠶᠠᠭᠠᠬᠢᠬᠤ ᠳ᠋ᠠᠭᠠᠨ ᠡᠢᠮᠦ ᠠᠶᠤᠮᠠᠲᠠᠭᠠᠢ ᠬᠡᠷᠰᠡᠦ ᠤᠬᠠᠭᠠᠨ ᠲᠠᠢ ᠪᠣᠯᠴᠢᠬᠠᠪᠠ? 
       — ᠦᠭᠡᠢ᠂ ᠪᠢ ᠠᠶᠤᠮᠠᠲᠠᠭᠠᠢ ᠶᠤᠮ ᠪᠣᠯ ᠴᠢᠨᠦ ᠡᠨᠳᠡ ᠢᠷᠡᠵᠦ᠂ ᠴᠢᠮ᠎ᠠ ᠲᠠᠢ ᠠᠭᠤᠯᠵᠠᠬᠤ ᠦᠭᠡᠢ ᠪᠠᠢᠭᠰᠠᠨ᠃ ᠭᠡᠬᠦ ᠳ᠋ᠡᠭᠡᠨ ᠠᠳᠠᠷᠭᠠᠠᠨ ᠰᠠᠳᠠᠷᠭᠠᠠᠨ ᠲᠠᠢ ᠠᠮᠢᠳᠤᠷᠠᠯ ᠨᠠᠳᠠ ᠬᠡᠷᠰᠡᠦ ᠤᠬᠠᠭ᠎ᠠ ᠣᠷᠣᠭᠤᠯᠵᠠᠢ᠃ ᠬᠡᠷᠰᠡᠦ ᠤᠬᠠᠭᠠᠨ ᠠᠮᠢᠨ ᠳ᠋ᠤ᠌ ᠲᠤᠰᠠᠲᠠᠢ ᠭᠡᠳᠡᠭ ᠨᠢ ᠮᠠᠷᠭᠤᠰᠢ ᠦᠭᠡᠢ ᠦᠨᠡᠨ ᠶᠣᠰᠣ ᠶᠤᠮ ᠪᠠᠢᠨ᠎ᠠ᠃  
       — ᠬᠡᠷᠰᠡᠦ ᠬᠡᠲᠦᠷᠡᠪᠡᠯ ᠠᠶᠤᠮᠠᠲᠠᠭᠠᠢ ᠭᠡᠰᠡᠨ ᠦᠭᠡ ᠪᠢᠰᠢ ᠤᠤ? 
       — ᠨᠢᠭᠡ ᠪᠦᠳᠦᠷᠢᠭᠰᠡᠨ ᠭᠠᠵᠠᠷ ᠲᠤ ᠪᠢ ᠳᠠᠬᠢᠵᠤ ᠯᠠᠪ ᠭᠡᠨᠡᠳᠡᠬᠦ ᠦᠭᠡᠢ ᠭᠡᠳᠡᠭ ᠢ᠋ᠶ᠋ᠡᠷ ᠪᠣᠳᠣᠯ ᠬᠢᠳᠡᠯ ᠦ᠋ᠨ ᠠᠴᠢᠶ᠎ᠠ ᠪᠠᠨ ᠢᠮᠠᠭᠲᠠ ᠲᠡᠩᠨᠡᠭᠦᠬᠡᠨ ᠠᠪᠴᠤ ᠶᠠᠪᠤᠵᠤ ᠴᠢᠳᠠᠬᠤ ᠤᠬᠠᠭᠠᠨ ᠢ᠋ ᠯᠡ ᠰᠤᠷᠤᠭᠰᠠᠨ ᠠ᠋ᠴᠠ ᠪᠢᠰᠢ ᠥᠭᠡᠷ᠎ᠡ ᠶᠠᠭᠤᠮ᠎ᠠ ᠰᠤᠷᠤᠭ᠎ᠠ ᠦᠭᠡᠢ᠃ ᠡᠭᠦᠨ ᠦ᠌ ᠰᠠᠢᠨ ᠢ᠋ᠶ᠋ᠠᠷ ᠡᠨᠡ ᠬᠢᠷᠢᠲᠡᠢ ᠰᠠᠷᠪᠠᠢᠵᠤ ᠶᠠᠪᠤᠭ᠎ᠠ ᠶ᠋ᠢ ᠮᠢᠨᠢ ᠣᠢᠯᠠᠭ᠎ᠠ ᠰᠡᠷᠭᠦᠮ᠎ᠡ ᠮᠢᠨᠢ! 
       — ᠪᠢ ᠬᠥᠮᠦᠨ ᠮᠥᠰᠥ ᠪᠡᠷ ᠴᠢᠨᠢ ᠲᠠᠨᠢᠵᠤ ᠣᠢᠯᠠᠭᠠᠵᠤ ᠶᠠᠪᠤᠭᠰᠠᠨ᠁ ᠭᠡᠬᠦ ᠳ᠋ᠦ᠍ ᠥᠨᠥᠳᠥᠷ᠁ ᠭᠡᠳ ᠰᠡᠷᠭᠦᠮ᠎ᠡ ᠦᠭᠡᠨ ᠳ᠋ᠡᠭᠡᠨ ᠬᠠᠬᠠᠵᠤ ᠠᠩᠴᠢᠨᠵᠠᠪ ᠤ᠋ᠨ ᠡᠪᠦᠷ ᠲᠦ᠍ ᠤᠨᠠᠨ ᠱᠣᠭᠰᠢᠷᠠᠲᠠᠯ᠎ᠠ ᠤᠬᠢᠯᠠᠪᠠ᠃ 
       ᠠᠩᠴᠢᠨᠵᠠᠪ ᠰᠡᠷᠭᠦᠮ᠎ᠡ ᠶ᠋ᠢᠨ ᠬᠦ ᠬᠠᠷ᠎ᠠ ᠭᠡᠵᠢᠭᠡ ᠶ᠋ᠢ ᠥᠬᠥᠭᠡᠷᠳᠡᠨ ᠦᠨᠦᠰᠴᠦ᠄ 
       — ᠰᠡᠷᠭᠦᠮ᠎ᠡ ᠠ᠋᠂ ᠪᠢᠲᠡᠭᠡᠢ ᠤᠬᠢᠯᠠ! ᠴᠠᠭᠠᠳᠤ ᠶᠡᠬᠡ ᠬᠦᠷᠢᠶᠡᠨ ᠦ᠌ ᠬᠠᠷᠠᠭᠤᠯ ᠤ᠋ᠨ ᠬᠣᠶᠠᠷ ᠬᠠᠷ᠎ᠠ ᠴᠡᠷᠢᠭ ᠨᠠᠮᠠᠶ᠋ᠢ ᠲᠠᠨᠢᠴᠢᠬᠠᠯ᠎ᠠ ᠪᠣᠯᠤᠯᠲᠠᠢ᠃ ᠮᠢᠨᠦ ᠠᠷᠤ ᠳ᠋ᠤ᠌《ᠠᠵᠢᠷᠭᠠᠨ ᠬᠠᠷ᠎ᠠ》 ᠭᠡᠵᠦ ᠰᠢᠪᠡᠨᠡᠯᠳᠦᠭᠰᠡᠨ ᠢ᠋ ᠪᠢ ᠳᠠᠯᠤ ᠪᠠᠷ ᠢ᠋ᠶ᠋ᠠᠨ ᠴᠢᠩᠨᠠᠵᠤ ᠰᠣᠨᠣᠰᠤᠭᠠᠳ ᠳᠣᠲᠣᠷ᠎ᠠ ᠠᠭᠵᠠᠰᠬᠢᠯ᠎ᠡ᠃ ᠪᠢ ᠥᠨᠥ ᠣᠷᠣᠢ ᠳ᠋ᠠᠭᠠᠨ ᠡᠨᠳᠡ ᠡᠴᠡ ᠪᠤᠰᠢᠭᠤᠬᠠᠨ ᠰᠠᠯᠬᠤ ᠦᠭᠡᠢ ᠭᠣᠷᠢ ᠦᠭᠡᠢ᠃ 
       — ᠦᠭᠡᠢ᠂ ᠪᠣᠯᠬᠤ ᠦᠭᠡᠢ᠃ ᠥᠨᠥ ᠣᠷᠣᠢ ᠶᠠᠭᠠᠬᠢᠭᠰᠠᠨ ᠴᠦ᠍ ᠡᠨᠳᠡ ᠡᠴᠡ ᠶᠠᠪᠤᠵᠤ ᠪᠣᠯᠬᠤ ᠦᠭᠡᠢ᠃ ᠪᠢ ᠴᠢᠮ᠎ᠠ ᠪᠠᠨ ᠬᠡᠴᠡᠭᠦᠦ ᠰᠠᠨᠠᠯ᠎ᠠ ᠰᠢᠦ! ᠭᠡᠳ ᠰᠡᠷᠭᠦᠮ᠎ᠡ ᠠᠩᠴᠢᠨᠵᠠᠪ ᠤ᠋ᠨ ᠪᠦᠰᠡᠯᠡᠭᠦᠷ ᠢ᠋ᠶ᠋ᠡᠷ ᠴᠢᠩᠭ᠎ᠠ ᠲᠡᠪᠡᠷᠢᠨ᠎ᠡ᠃  
       — ᠨᠢᠭᠡ ᠪᠣᠯ ᠬᠣᠶᠠᠭᠤᠯᠠ ᠪᠠᠨ ᠡᠨᠳᠡ ᠡᠴᠡ ᠬᠤᠷᠳᠤᠬᠠᠨ ᠵᠠᠢᠯᠠᠶ᠎ᠠ! ᠪᠢ ᠬᠥᠲᠥᠯᠦᠭᠡ ᠮᠣᠷᠢ ᠲᠠᠢ ᠶᠠᠪᠤᠭ᠎ᠠ᠃ 
       ᠰᠡᠷᠭᠦᠮ᠎ᠡ ᠶᠠᠭᠤ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠵᠠᠯᠭᠢᠵᠤ᠂ ᠬᠠᠨᠵᠤᠨ ᠳᠡᠭᠡᠷ᠎ᠡ ᠤᠨᠲᠠᠭᠰᠠᠨ ᠬᠦᠦ ᠪᠡᠨ ᠬᠠᠷᠠᠭᠠᠳ᠄ 
       — ᠪᠣᠯᠬᠤ ᠦᠭᠡᠢ᠂ ᠥᠨᠥᠳᠥᠷ ᠴᠢᠮ᠎ᠠ ᠲᠠᠢ ᠶᠠᠪᠤᠵᠤ ᠪᠣᠯᠬᠤ ᠦᠭᠡᠢ᠃ ᠬᠦᠦ ᠶ᠋ᠢ ᠥᠭᠡᠯᠡᠢ ᠪᠣᠯᠭᠠᠵᠤ ᠪᠠᠷᠠᠭᠤᠨ ᠬᠦᠩ ᠦ᠋ᠨ ᠵᠠᠰᠠᠭ ᠤ᠋ᠨ ᠲᠠᠮᠠᠭ᠎ᠠ ᠶ᠋ᠢ ᠪᠠᠷᠢᠭᠤᠯᠴᠢᠬᠠᠭᠠᠳ ᠬᠣᠶᠠᠭᠤᠯᠠ ᠬᠣᠯᠠ ᠶᠠᠪᠤᠵᠤ ᠠᠮᠤᠷ ᠵᠠᠮᠤᠷ ᠠᠮᠢᠳᠤᠷᠠᠶ᠎ᠠ᠃ ᠪᠣᠯᠬᠤ ᠤᠤ? ᠭᠡᠪᠡ᠃ 
       — ᠪᠣᠯᠬᠤ ᠦᠭᠡᠢ ᠶᠠᠭᠠᠬᠢᠬᠤ ᠪᠣᠢ! ᠲᠡᠭᠡᠬᠦ ᠳ᠋ᠦ᠍ ᠬᠥᠪᠡᠭᠦᠨ ᠴᠢᠨᠢ ᠥᠰᠴᠦ ᠬᠥᠮᠦᠨ ᠦ᠌ ᠵᠡᠷᠭᠡ ᠳ᠋ᠦ᠍ ᠬᠦᠷᠲᠡᠯ᠎ᠡ ᠬᠣᠯᠠ ᠪᠠᠢᠨ᠎ᠠ ᠳᠠ᠃ ᠲᠡᠷᠡ ᠦᠶ᠎ᠡ ᠳ᠋ᠦ᠍ ᠴᠢ ᠪᠢᠳᠡ ᠬᠣᠶᠠᠷ ᠡᠷᠡᠦ ᠡᠪᠦᠳᠦᠭ ᠨᠡᠢᠯᠡᠴᠢᠬᠡᠭᠰᠡᠨ ᠡᠪᠦᠭᠡᠨ ᠬᠥᠭᠰᠢᠨ ᠪᠠᠢᠪᠠ᠂ ᠬᠥᠭᠡᠷᠦᠬᠦᠢ! 
       ᠨᠠᠰᠤ ᠥᠲᠡᠯᠪᠡᠴᠦ ᠬᠠᠢᠷ᠎ᠠ ᠥᠲᠡᠯᠬᠦ ᠦᠭᠡᠢ ᠶᠦᠮ ᠭᠡᠰᠡᠨ ᠳ᠋ᠦ᠍ ᠠᠩᠴᠢᠨᠵᠠᠪ《ᠲᠡᠢᠮᠦ ᠠ᠋》 ᠭᠡᠳ ᠰᠡᠷᠭᠦᠮ᠎ᠡ ᠶ᠋ᠢ ᠥᠬᠥᠭᠡᠷᠳᠡᠨ ᠦᠨᠦᠰᠪᠡ᠃   
       — ᠰᠡᠷᠭᠦᠮ᠎ᠡ ᠠ᠋᠂ ᠴᠢ ᠶᠠᠭᠠᠬᠢᠯ᠎ᠠ ᠭᠡᠵᠦ ᠡᠨᠡ ᠡᠨᠡ ᠸᠠᠩ ᠰᠣᠬᠣᠷ ᠤ᠋ᠨ ᠡᠨᠳᠡ᠁ ᠭᠡᠵᠦ ᠬᠡᠯᠡᠲᠡᠯ᠎ᠡ ᠰᠡᠷᠭᠦᠮ᠎ᠡ ᠠᠩᠴᠢᠨᠵᠠᠪ ᠤ᠋ᠨ ᠦᠭᠡ ᠶ᠋ᠢ ᠲᠠᠰᠤᠯᠵᠤ᠄ 
       — ᠬᠡᠯᠡᠪᠡᠯ ᠦᠭᠡ ᠤᠷᠲᠤ ᠪᠣᠯᠤᠨ᠎ᠠ᠃ ᠥᠨᠥᠳᠥᠷ ᠡᠭᠦᠨ ᠢ᠋ ᠶᠠᠷᠢᠬᠤ ᠦᠭᠡᠢ᠂ ᠪᠣᠯᠤᠨ᠎ᠠ ᠤᠤ? ᠭᠡᠪᠡ᠃ 
       — ᠦᠭᠡᠢ᠂ ᠴᠢ ᠡᠷᠲᠡᠬᠡᠨ ᠡᠨᠳᠡ ᠡᠴᠡ ᠰᠠᠯᠬᠤ ᠦᠭᠡᠢ ᠪᠣᠯ ᠪᠣᠯᠬᠤ ᠦᠭᠡᠢ᠃ ᠡᠨᠳᠡ ᠴᠢᠨᠢ ᠢᠷᠣᠭᠠᠷ ᠦᠭᠡᠢ ᠲᠠᠮᠤ ᠶ᠋ᠢᠨ ᠣᠷᠣᠨ᠃ ᠸᠠᠩ ᠰᠣᠬᠣᠷ ᠢ᠋ ᠴᠢ ᠮᠡᠳᠡᠬᠦ ᠦᠭᠡᠢ ᠴᠦ᠍ ᠪᠢᠰᠢ! ᠭᠠᠭᠴᠠ ᠡᠨᠡ ᠶᠠᠪᠤᠳᠠᠯ ᠳᠡᠭᠡᠷ᠎ᠡ ᠤᠷᠠᠳ ᠤ᠋ᠳ ᠤ᠋ᠨ ᠠᠮᠠ ᠬᠠᠵᠠᠢᠵᠤ ᠪᠠᠢᠨ᠎ᠠ ᠰᠢᠦ! 
       — ᠪᠢ ᠮᠡᠳᠡᠵᠦ ᠪᠠᠢᠨ᠎ᠠ᠃ ᠸᠠᠩ ᠰᠣᠬᠣᠷ ᠤ᠋ᠨ ᠰᠦᠷ ᠢ᠋ᠶ᠋ᠡᠷ ᠰᠢᠷ᠎ᠠ ᠴᠡᠷᠢᠭ ᠦ᠋ᠨ ᠬᠦᠴᠦᠨ ᠢ᠋ ᠨᠣᠴᠣᠭᠠᠶ᠎ᠠ ᠭᠡᠰᠡᠨ ᠶᠦᠮ ᠠ᠋! ᠸᠠᠩ ᠰᠣᠬᠣᠷ ᠨᠠᠮᠠᠶ᠋ᠢ ᠶᠠᠭᠠᠬᠢᠵᠤ ᠴᠣ ᠴᠢᠳᠠᠬᠤ ᠦᠭᠡᠢ ᠠ᠋! ᠵᠠ᠂ ᠪᠣᠯᠢᠶ᠎ᠠ᠂ ᠪᠣᠯᠢᠶ᠎ᠠ! ᠡᠭᠦᠨ ᠢ᠋ ᠶᠠᠷᠢᠭᠠᠳ ᠶᠠᠭᠤ ᠬᠢᠬᠦ ᠪᠣᠢ᠃ ᠬᠣᠶᠠᠭᠤᠯᠠ ᠪᠡᠶ᠎ᠡ ᠰᠡᠳᠬᠢᠯ ᠪᠠᠶᠠᠰᠬᠠᠬᠤ ᠵᠦᠢᠯ ᠢ᠋ ᠶᠠᠷᠢᠵᠤ ᠰᠠᠭᠤᠶ᠎ᠠ! ᠣᠷᠣᠢ ᠪᠣᠯᠴᠢᠬᠠᠯ᠎ᠠ᠁ ᠭᠡᠳ ᠰᠡᠷᠭᠦᠮ᠎ᠡ ᠳ᠋ᠧᠩ ᠢ᠋ᠶ᠋ᠡᠨ ᠤᠨᠲᠠᠷᠠᠭᠠᠪᠠ᠃ 
       ᠭᠡᠷ ᠳᠣᠲᠣᠷ᠎ᠠ ᠳ᠋ᠧᠩ ᠤᠨᠲᠠᠷᠠᠬᠤ ᠲᠠᠢ ᠵᠡᠷᠭᠡ ᠴᠣᠩᠬᠣᠨ ᠤ᠋ ᠭᠠᠳᠠᠨ᠎ᠠ ᠠ᠋ᠴᠠ ᠬᠣᠶᠠᠷ ᠬᠥᠮᠦᠨ ᠦ᠌ ᠲᠣᠯᠣᠭᠠᠢ ᠪᠥᠷᠲᠥᠯᠵᠡᠵᠦ ᠠᠪᠤᠭᠠᠳ ᠳᠠᠯᠳᠢᠷᠠᠪᠠ᠃ 
       — ᠭᠠᠳᠠᠨ᠎ᠠ ᠬᠥᠮᠦᠨ ᠪᠠᠢᠨ᠎ᠠ ᠭᠡᠵᠦ ᠠᠩᠴᠢᠨᠵᠠᠪ ᠮᠠᠰᠢ ᠰᠡᠷᠡᠮᠵᠢᠲᠡᠢᠬᠡᠨ ᠬᠡᠯᠡᠬᠦ ᠳ᠋ᠦ᠍ ᠰᠡᠷᠭᠦᠮ᠎ᠡ᠄ 
       — ᠰᠥᠨᠢ ᠶ᠋ᠢᠨ ᠡᠭᠡᠯᠵᠢᠨ ᠦ᠌ ᠬᠠᠷᠠᠭᠤᠯ ᠪᠠᠢᠯᠭᠦᠢ! ᠶᠠᠭᠤᠨ ᠳ᠋ᠤ᠌ ᠪᠡᠶ᠎ᠡ ᠪᠡᠨ ᠠᠶᠤᠯᠭᠠᠭᠠᠳ ᠪᠠᠢᠪᠠ? ᠵᠦᠭᠡᠷ᠂ ᠵᠦᠭᠡᠷ! ᠨᠠᠭᠠᠰᠢ ᠪᠠᠨ ᠡᠨᠳᠡ᠁ ᠭᠡᠵᠦ ᠰᠢᠷᠢᠳᠡᠭ ᠳᠡᠪᠢᠰᠦᠭᠰᠡᠨ ᠬᠠᠨᠵᠤᠨ ᠤ᠋ ᠢᠷᠮᠡᠭ ᠲᠦ᠍ ᠠᠩᠴᠢᠨᠵᠠᠪ ᠢ᠋ ᠰᠠᠭᠤᠯᠭᠠᠵᠤ᠂ ᠥᠪᠡᠷ ᠢ᠋ᠶ᠋ᠡᠨ ᠳᠡᠪᠢᠰᠦᠭᠰᠡᠨ ᠰᠢᠷᠢᠳᠡᠭ ᠳᠡᠭᠡᠷ᠎ᠡ ᠬᠠᠵᠠᠭᠤᠯᠠᠪᠠ᠃ 
       ᠠᠩᠴᠢᠨᠵᠠᠪ ᠤ᠋ᠨ ᠭᠠᠷ ᠰᠡᠷᠭᠦᠮ᠎ᠡ ᠶ᠋ᠢᠨ ᠪᠡᠶ᠎ᠡ ᠳᠡᠭᠡᠷ᠎ᠡ ᠬᠦᠷᠬᠦ ᠲᠡᠢ ᠵᠡᠷᠭᠡ ᠪᠦᠬᠦ ᠪᠡᠶ᠎ᠡ ᠳ᠋ᠦ᠍ᠨᠢ ᠴᠠᠬᠢᠯᠭᠠᠨ ᠠᠪᠤᠯᠴᠠᠭᠰᠠᠨ ᠰᠢᠭ᠋ ᠳᠦᠷᠳ᠋ ᠬᠢᠨ ᠨᠣᠴᠣᠪᠠ᠃ 
       ᠨᠢᠭᠤᠴᠠᠭᠠᠢ ᠮᠠᠨᠠᠨᠲᠤᠭᠰᠠᠨ ᠢᠨᠠᠭ ᠤ᠋ᠨ ᠭᠠᠯ ᠨᠠᠷᠠ ᠲᠠᠢ ᠭᠡᠭᠡᠨ ᠡᠳᠦᠷ ᠪᠠ ᠠᠰᠠᠭᠰᠠᠨ ᠭᠡᠷᠡᠯ ᠡᠴᠡ ᠰᠢᠷᠪᠡᠭᠡᠲᠦᠨ ᠢᠴᠢᠩᠭᠦᠷᠡᠳᠡᠭ ᠰᠠᠨ ᠪᠣᠯ ᠨᠠᠷᠠ ᠤᠨᠠᠵᠤ ᠭᠡᠷᠡᠯ ᠤᠨᠲᠠᠷᠠᠭᠠᠳ ᠪᠦᠷᠦᠭ ᠬᠠᠷᠠᠩᠭᠤᠢ ᠪᠣᠯᠬᠤ ᠳ᠋ᠤ᠌ ᠲᠡᠷᠡ ᠮᠠᠨᠠᠨᠲᠤᠭᠰᠠᠨ ᠨᠢᠭᠤᠴᠠᠭᠠᠢ ᠢᠨᠠᠭ ᠤ᠋ᠨ ᠭᠠᠯ ᠨᠢᠳᠦᠨ ᠳ᠋ᠦ᠍ ᠦᠯᠦ ᠦᠵᠡᠭᠳᠡᠬᠦ ᠣᠩᠭᠣᠨ ᠭᠠᠵᠠᠷ ᠲᠠᠭᠠᠨ ᠥᠷᠪᠥᠯᠵᠡᠨ ᠨᠣᠴᠣᠵᠤ ᠳᠣᠲᠣᠭᠠᠳᠤ ᠮᠡᠳᠡᠷᠡᠯ ᠦ᠋ᠨ ᠡᠰ ᠡᠴᠡ ᠱᠦᠭᠦᠷᠡᠭᠰᠡᠨ ᠰᠦᠨ ᠴᠠᠭᠠᠨ ᠬᠠᠢᠷ᠎ᠠ ᠶ᠋ᠢᠨ ᠢᠪᠢᠯᠦᠯ ᠨᠢ ᠲᠡᠷᠡ ᠨᠣᠴᠣᠭᠰᠠᠨ ᠭᠠᠯ ᠳ᠋ᠤ᠌ ᠲᠣᠰᠣ ᠲᠥᠰᠦᠷᠭᠡᠭᠰᠡᠨ ᠰᠢᠭ ᠲᠦᠢᠮᠡᠷ ᠪᠣᠯᠵᠤ ᠰᠢᠳᠡᠨ᠎ᠡ᠁ 
       ᠠᠩᠴᠢᠨᠵᠠᠪ ᠰᠡᠷᠭᠦᠮ᠎ᠡ ᠬᠣᠶᠠᠷ ᠤ᠋ᠨ ᠰᠡᠳᠬᠢᠯ ᠳ᠋ᠦ᠍ ᠮᠠᠨᠠᠨᠲᠤᠭᠰᠠᠨ ᠬᠠᠢᠷ᠎ᠠ ᠶ᠋ᠢᠨ ᠭᠠᠯ ᠨᠢ ᠳ᠋ᠧᠩ ᠤᠨᠲᠠᠷᠠᠬᠤ ᠲᠠᠢ ᠵᠡᠷᠭᠡ ᠲᠡᠷᠡ ᠶᠡᠬᠡ ᠲᠦᠢᠮᠡᠷ ᠲᠦ᠍ ᠬᠤᠢᠬᠠᠯᠠᠭᠳᠠᠨ ᠰᠢᠲᠠᠬᠤ ᠳ᠋ᠤ᠌ ᠪᠡᠯᠡᠬᠡᠨ ᠪᠠᠢᠯ᠎ᠠ᠃ 
       ᠰᠡᠷᠭᠦᠮ᠎ᠡ ᠠᠩᠴᠢᠨᠵᠠᠪ ᠢ᠋ ᠬᠦᠵᠦᠭᠦᠳᠡᠨ ᠲᠡᠪᠡᠷᠢᠵᠦ᠄  
       — ᠠᠩᠴᠢᠨ ᠠ᠂ ᠮᠢᠨᠦ ᠪᠡᠶ᠎ᠡ ᠴᠣᠭᠴᠠᠰ ᠨᠣᠴᠣᠯ᠎ᠠ᠁ ᠭᠡᠳ ᠤᠬᠢᠯᠠᠪᠠ᠃ 
       ᠠᠩᠴᠢᠨᠵᠠᠪ ᠲᠡᠭᠦᠨ ᠦ᠌ ᠤᠷᠤᠭᠤᠯ ᠢ᠋ ᠬᠠᠢᠷᠠᠯᠠᠨ ᠦᠨᠦᠰᠦᠭᠰᠡᠨ ᠳ᠋ᠦ᠍ ᠨᠢᠯᠪᠤᠰᠤᠲᠤᠭᠰᠠᠨ ᠤᠷᠤᠭᠤᠯ ᠨᠢ ᠱᠣᠷᠪᠣᠭ ᠮᠥᠷᠲᠡᠭᠡᠨ ᠠᠮᠲᠠᠷᠬᠠᠭ ᠰᠠᠨᠠᠭᠳᠠᠨ᠎ᠠ᠃ ᠰᠡᠷᠭᠦᠮ᠎ᠡ ᠠᠩᠴᠢᠨᠵᠠᠪ ᠤ᠋ᠨ ᠬᠡᠯᠡ ᠶ᠋ᠢ ᠬᠠᠵᠠᠩᠭᠠᠨ ᠰᠢᠮᠡᠨ᠎ᠡ᠁ 
       ᠭᠡᠨᠡᠳᠲᠡ ᠳᠥᠵᠢᠷ ᠪᠠᠵᠠᠷ ᠬᠢᠨ ᠡᠭᠦᠳᠡᠨ ᠦ᠌ ᠲᠡᠪᠡᠭᠡ ᠲᠠᠢᠯᠤᠭᠳᠠᠵᠤ ᠬᠠᠷᠠᠩᠭᠤᠢ ᠳ᠋ᠤ᠌ ᠬᠡᠳᠦ ᠬᠡᠳᠦᠨ ᠬᠠᠷ᠎ᠠ ᠴᠡᠷᠢᠭ ᠭᠡᠷ ᠲᠦ᠍ ᠣᠷᠣᠵᠤ ᠢᠷᠡᠨ᠄  
       —《ᠠᠵᠢᠷᠭᠠᠨ ᠬᠠᠷ᠎ᠠ》 ᠪᠠᠢᠨ᠎ᠠ ᠤᠤ? ᠪᠣᠰ! ᠭᠡᠳ ᠬᠡᠳᠦᠨ ᠲᠠᠯ᠎ᠠ ᠠ᠋ᠴᠠ ᠫᠤᠤ ᠲᠤᠯᠭᠠᠵᠤ᠄ 
       — ᠬᠠᠲᠤᠨ ᠰᠧᠯᠢᠩ ᠢ᠋ ᠠᠶᠤᠮᠰᠢᠭ ᠦᠭᠡᠢ ᠢᠩᠭᠢᠵᠦ ᠳᠠᠷᠤᠯᠠᠬᠤ ᠨᠢ ᠤᠤ? ᠪᠠᠷᠢᠵᠤ ᠠᠪ! ᠭᠡᠰᠡᠨ ᠳ᠋ᠦ᠍ ᠬᠡᠳᠦ ᠬᠡᠳᠦᠨ ᠴᠡᠷᠢᠭ ᠡᠷ᠎ᠡ ᠲᠡᠭᠦᠨ ᠦ᠌ ᠭᠠᠷ ᠢ᠋ ᠠᠷᠤ ᠳ᠋ᠤᠨᠢ ᠮᠤᠰᠬᠢᠪᠡ᠃ 
       — ᠦᠭᠡᠢ᠂ ᠲᠠ ᠨᠠᠷ ᠶᠠᠭᠠᠬᠢᠵᠤ ᠪᠠᠢᠭ᠎ᠠ ᠨᠢ ᠡᠨᠡ ᠪᠣᠢ? ᠮᠢᠨᠦ ᠭᠡᠷ ᠲᠦ᠍ ᠳᠤᠷ᠎ᠠ ᠪᠠᠷ ᠢ᠋ᠶ᠋ᠠᠨ ᠣᠷᠣᠵᠤ ᠢᠷᠡᠨ ᠵᠣᠴᠢᠨ ᠢ᠋ ᠮᠢᠨᠢ ᠪᠠᠷᠢᠨ᠎ᠠ ᠭᠡᠳᠡᠭ ᠴᠢᠨᠢ? ᠰᠣᠯᠢᠶ᠎ᠠ ᠣᠷᠣᠪᠠ ᠤᠤ? ᠳᠡᠯᠪᠢ! ᠭᠡᠵᠦ ᠰᠡᠷᠭᠦᠮ᠎ᠡ ᠠᠭᠰᠤᠷᠤᠨ ᠵᠠᠩᠳᠤᠷᠤᠭᠰᠠᠨ ᠳ᠋ᠤ᠌᠂ 
       — ᠡᠨᠡ ᠪᠣᠯ ᠴᠡᠷᠢᠭ ᠦ᠋ᠨ ᠨᠣᠶᠠᠨ ᠤ᠋ ᠵᠠᠷᠯᠢᠭ! ᠭᠡᠳ ᠲᠡᠷᠡ ᠬᠡᠳᠦᠨ ᠴᠡᠷᠢᠭ ᠠᠩᠴᠢᠨᠵᠠᠪ ᠢ᠋ ᠠᠪᠴᠤ ᠶᠠᠪᠤᠪᠠ᠃ 
       ᠠᠩᠴᠢᠨᠵᠠᠪ ᠬᠠᠷᠠᠩᠭᠤᠢ ᠳ᠋ᠤ᠌ ᠬᠠᠷ᠎ᠠ ᠴᠡᠷᠢᠭ ᠦ᠋ᠨ ᠵᠢᠳᠠ ᠰᠡᠷᠡᠯᠵᠡᠭᠦᠯᠦᠭᠰᠡᠨ ᠫᠤᠤ ᠶ᠋ᠢᠨ ᠬᠠᠪᠴᠢᠯ ᠳᠣᠣᠷ᠎ᠠ ᠲᠠᠭᠤᠭᠳᠠᠵᠤ ᠶᠠᠪᠤᠬᠤ ᠳ᠋ᠠᠭᠠᠨ ᠪᠡᠶ᠎ᠡ ᠳ᠋ᠡᠭᠡᠨ ᠠᠰᠢᠭᠲᠠᠢ ᠪᠠᠢᠷᠢ ᠶ᠋ᠢ ᠵᠠᠪᠰᠢᠨ ᠥᠨᠥᠬᠢ ᠬᠡᠳᠦ ᠶ᠋ᠢ ᠲᠩᠷᠢ ᠬᠠᠨᠳᠤᠭᠤᠯᠴᠢᠬᠠᠭᠠᠳ ᠭᠣᠳᠣᠢᠵᠤ ᠠᠷᠢᠯᠤᠶ᠎ᠠ! ᠭᠡᠵᠦ ᠳᠣᠲᠣᠷ᠎ᠠ ᠪᠠᠨ ᠪᠣᠳᠣᠨ ᠠᠵᠢᠭ ᠴᠦ᠍ ᠦᠭᠡᠢ ᠯᠡ ᠪᠠᠢᠯ᠎ᠠ᠃  
       ᠸᠠᠭᠠᠷ ᠲᠣᠭᠣᠰᠬᠠᠨ ᠪᠠᠢᠰᠢᠩ ᠤ᠋ᠨ ᠬᠡᠷᠡᠮ ᠢ᠋ ᠬᠡᠳᠦ ᠮᠤᠷᠤᠢᠵᠤ ᠶᠠᠪᠤᠨ ᠪᠣᠭᠣᠨᠢᠪᠲᠤᠷ ᠴᠠᠮᠪᠠᠨ ᠬᠡᠷᠡᠮ ᠦ᠋ᠨ ᠢᠷᠣᠭᠠᠷ ᠬᠦᠷᠴᠦ ᠢᠷᠡᠭᠰᠡᠨ ᠳ᠋ᠦ᠍ ᠣᠴᠣᠢᠨ ᠰᠠᠭᠤᠵᠤ ᠥᠨᠥᠬᠢ ᠠᠷᠤ ᠠ᠋ᠴᠠ ᠶᠠᠪᠤᠭ᠎ᠠ ᠬᠣᠶᠠᠷ ᠤ᠋ᠨ ᠬᠥᠯ ᠢ᠋ ᠵᠡᠷᠭᠡᠴᠡᠭᠦᠯᠦᠨ ᠬᠠᠮᠤᠵᠤ ᠲᠩᠷᠢ ᠬᠠᠨᠳᠤᠭᠤᠯᠤᠨ ᠤᠨᠠᠭᠠᠭᠠᠳ ᠨᠢᠭᠡᠨ ᠦ᠌ ᠬᠢᠨᠢ ᠫᠤᠤ ᠶ᠋ᠢ ᠮᠤᠰᠬᠢᠵᠦ ᠠᠪᠤᠨ ᠬᠡᠷᠡᠮ ᠬᠠᠷᠠᠢᠨ ᠳᠤᠲᠠᠭᠠᠪᠠ᠃ 
       ᠨᠥᠭᠦᠭᠡ ᠬᠡᠳᠦᠨ ᠬᠠᠷ᠎ᠠ ᠴᠡᠷᠢᠭ《ᠣ ᠠ!》᠂《ᠠᠮᠢᠳᠤ ᠪᠠᠷ ᠪᠡᠷᠢ!》᠂《ᠠᠵᠢᠷᠭᠠᠨ ᠬᠠᠷ᠎ᠠ ᠶ᠋ᠢ ᠠᠯᠳᠠᠴᠢᠬᠠᠯ᠎ᠠ》 ᠭᠡᠵᠦ ᠱᠤᠤᠭᠢᠯᠳᠤᠨ ᠦᠢᠮᠡᠨ᠎ᠡ᠃ 
       ᠲᠦᠰ ᠬᠠᠷᠠᠩᠭᠤᠢ ᠳ᠋ᠤ᠌ ᠬᠡᠷᠡᠮ ᠦ᠋ᠨ ᠢᠷᠣᠭᠠᠷ ᠨᠥᠮᠥᠷᠢᠳᠡᠵᠦ ᠳᠤᠲᠠᠭᠠᠭᠰᠠᠨ ᠠᠩᠴᠢᠨᠵᠠᠪ ᠴᠠᠭᠠᠨ᠎ᠠ ᠠ᠋ᠴᠠ ᠮᠣᠷᠢ ᠪᠠᠷ ᠲᠣᠰᠴᠤ ᠪᠠᠢᠭᠰᠠᠨ ᠲᠡᠮᠦᠷᠰᠥ᠋ᠬᠡ ᠲᠡᠢ ᠠᠭᠤᠯᠵᠠᠨ ᠣᠮ ᠬᠣᠮ ᠦᠭᠡᠢ ᠳᠣᠪᠲᠣᠯᠭᠠᠵᠤ ᠠᠷᠢᠯᠪᠠ᠃ 
       ᠠᠷᠤ ᠠ᠋ᠴᠠ ᠬᠣᠭᠣᠰᠣᠨ ᠫᠤᠤ ᠲᠠᠴᠢᠭᠢᠨᠠᠵᠤ᠂ ᠬᠡᠢ ᠱᠤᠤᠭᠢᠭᠰᠠᠨ ᠰᠤᠮᠤ ᠰᠥᠨᠢ ᠶ᠋ᠢᠨ ᠠᠭᠠᠷ ᠢ᠋ ᠵᠦᠰᠦᠵᠦ ᠪᠠᠢᠯ᠎ᠠ᠁  

                ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ