ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠭᠤᠷᠪᠠ Үүрийн туяа II – Б ᠂ Ренчин Хоёрдугаар дэвтэр "Гал усны гашуун зовлон"-13 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠭᠤᠷᠪᠠ Үүрийн туяа II – Б ᠂ Ренчин Хоёрдугаар дэвтэр "Гал усны гашуун зовлон"-13

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠭᠤᠷᠪᠠ Үүрийн туяа II – Б ᠂ Ренчин Хоёрдугаар дэвтэр "Гал усны гашуун зовлон"-13

ᠠᠩᠭᠢᠯᠠᠯ:ᠲᠤᠭᠤᠵᠢ ᠷᠣᠮᠠᠨ
2025-01-20

263

ᠠᠷᠪᠠᠨ ᠭᠤᠷᠪᠠ᠂ IL RE NON LITTERATO E UN ASINO CORONTO*


                        ᠨᠣᠬᠠᠢ ᠳ᠋ᠤ᠌ ᠸᠴᠢᠷ ᠠᠯᠮᠠᠰ ᠤ᠋ᠨ ᠬᠡᠷᠡᠭ ᠠᠯᠠᠭ᠎ᠠ᠃    
                                      ᠠᠪᠠᠢ᠃  
                To  serue  wise  men  and  not  serve  fools  
                To  give  honour  to  whom  honour  
                 is  due—This  is  greatest  Blessing.     
                                            Mangalasutra  * *  

       — ᠬᠢᠶᠠᠭᠲᠤ ᠶ᠋ᠢᠨ ᠪᠠᠭᠤᠷᠴᠢ ᠶ᠋ᠢᠨ ᠭᠠᠵᠠᠷ᠂ ᠦᠳᠡᠰᠢ ᠶ᠋ᠢᠨ ᠰᠥᠨᠢ᠂ ᠯᠡ ᠶ᠋ᠢᠨ ᠭᠡᠷᠡᠯ ᠳ᠋ᠦ᠍ ᠪᠢ ᠡᠨᠡ ᠲᠠᠪᠤᠨ ᠵᠦᠭ ᠦ᠋ᠨ ᠠᠭᠤᠤ ᠠᠶᠠᠯᠭᠤ ᠪᠢᠴᠢᠭ ᠢ᠋ ᠮᠣᠩᠭᠣᠯ ᠪᠣᠯᠭᠠᠵᠤ ᠣᠷᠴᠢᠭᠤᠯᠵᠤ ᠪᠠᠢᠭᠰᠠᠨ ᠪᠢᠯᠡ᠃ ᠬᠥᠪᠡᠭᠦᠳ ᠳᠡᠭᠦᠦ ᠨᠠᠷ ᠤ᠋ᠨ ᠡᠷᠳᠡᠮ ᠰᠤᠷᠬᠤ ᠳ᠋ᠤ᠌ ᠡᠨᠡ ᠨᠡᠷᠡᠲᠦ ᠲᠣᠯᠢ ᠪᠢᠴᠢᠭ ᠬᠡᠷᠡᠭ ᠪᠣᠯᠬᠤ ᠪᠣᠯᠪᠠᠤ(ᠪᠣᠯᠪᠠ ᠤᠤ) ᠭᠡᠵᠦ ᠪᠢ ᠪᠣᠳᠣᠵᠤ ᠪᠠᠢᠭᠰᠠᠨ ᠬᠡᠷᠡᠭ᠃ ᠪᠢᠳᠡ᠂ ᠶᠠᠭᠤ ᠴᠤ᠌ ᠪᠣᠯᠤᠭᠰᠠᠨ ᠠᠷᠪᠠᠨ ᠲᠠᠪᠤᠳᠤᠭᠠᠷ ᠮᠥᠴᠡᠯᠭᠡ ᠡᠴᠡ ᠬᠣᠷᠢᠳᠤᠭᠠᠷ ᠮᠥᠴᠡᠯᠭᠡ ᠳ᠋ᠦ᠍ ᠰᠢᠯᠵᠢᠨ ᠣᠷᠣᠵᠤ᠂ ᠳᠡᠯᠡᠬᠡᠢ ᠶ᠋ᠢᠨ ᠪᠤᠰᠤᠳ ᠣᠯᠠᠨ ᠤᠯᠤᠰ ᠢ᠋ ᠭᠦᠢᠴᠡᠬᠦ ᠬᠡᠷᠡᠭ ᠲᠡᠢ ᠪᠣᠯᠵᠠᠢ᠃ ᠭᠡᠪᠡᠴᠦ ᠡᠨᠡ ᠲᠣᠯᠢ ᠪᠢᠴᠢᠭ ᠦ᠋ᠨ ᠬᠦᠷᠢᠶᠡᠨ ᠳ᠋ᠦ᠍ ᠬᠡᠪᠯᠡᠵᠦ ᠭᠠᠷᠬᠤ ᠶ᠋ᠢ ᠦᠵᠡᠨ᠎ᠡ ᠭᠡᠵᠦ ᠪᠢ  ᠪᠣᠳᠣᠵᠤ ᠭᠣᠷᠢᠯᠠᠬᠤ ᠪᠠᠨ ᠬᠡᠳᠦᠢᠨ ᠪᠠᠢᠭᠰᠠᠨ᠃  ᠮᠠᠨᠠᠢ(ᠮᠠᠨ ᠤ᠋) ᠳᠣᠲᠣᠭᠠᠳᠤ ᠶᠠᠮᠤᠨ ᠤ᠋ ᠰᠠᠢᠳ ᠴᠢᠨ ᠸᠠᠩ ᠳᠠ ᠯᠠᠮᠠ ᠴᠡᠷᠡᠨᠴᠢᠮᠡᠳ᠂ ᠨᠣᠶᠠᠳ ᠤ᠋ᠨ ᠬᠡᠦᠬᠡᠳ ᠲᠦ᠍ ᠡᠨᠡ ᠨᠣᠮ ᠬᠡᠷᠡᠭ ᠦᠭᠡᠢ᠂ ᠪᠢᠴᠢᠭᠡᠴᠢ ᠪᠣᠯᠬᠤ ᠳ᠋ᠤ᠌ ᠮᠣᠩᠭᠣᠯ ᠦᠰᠦᠭ ᠡᠯᠪᠡᠭ ᠬᠦᠷᠦᠯᠴᠡᠬᠦ ᠲᠤᠯᠠ᠂ ᠬᠠᠷᠠᠴᠤ ᠠᠷᠠᠳ ᠤ᠋ᠨ ᠬᠡᠦᠬᠡᠳ ᠲᠦ᠍ ᠮᠥᠨ ᠬᠡᠷᠡᠭ ᠠᠯᠠᠭ᠎ᠠ ᠭᠡᠵᠦ ᠬᠡᠯᠡᠭᠰᠡᠨ ᠪᠢᠯᠡ᠃ ᠮᠠᠨ ᠤ᠋ ᠬᠠᠮᠤᠭ ᠤ᠋ᠨ ᠮᠠᠲᠠᠯ ᠶᠡᠬᠡᠲᠡᠢ ᠰᠠᠢᠳ᠂ ᠯᠠᠮᠠ ᠨᠠᠷ ᠤ᠋ᠨ ᠨᠠᠮ ᠤ᠋ᠨ ᠲᠡᠷᠢᠭᠦᠯᠡᠭᠴᠢ ᠶ᠋ᠢᠨ ᠦᠭᠡ ᠬᠠᠷᠢᠭᠤ ᠡᠢᠮᠦ ᠠᠵᠤᠭᠤ᠃ ᠴᠢᠩᠭᠢᠬᠦ ᠳ᠋ᠦ᠍ ᠨᠠ ᠶᠧ ᠲᠠ᠂ ᠪᠠᠷᠠᠭᠤᠨ ᠳᠠᠯᠠᠢ ᠶ᠋ᠢᠨ ᠡᠷᠳᠡᠮᠲᠡᠨ ᠦ᠌ ᠰᠤᠷᠭᠠᠯ ᠢ᠋ ᠪᠠᠷᠢᠮᠲᠠᠯᠠᠵᠤ᠂ ᠭᠠᠵᠠᠷ ᠤ᠋ᠨ ᠵᠦᠢ᠂ ᠲᠦᠮᠡᠨ ᠪᠣᠳᠠᠰ ᠤ᠋ᠨ ᠲᠡᠦᠬᠡ ᠵᠡᠷᠭᠡ ᠶ᠋ᠢ ᠲᠠᠢᠯᠪᠤᠷᠢᠯᠠᠨ ᠪᠢᠴᠢᠭᠰᠡᠨ ᠲᠠᠨ ᠤ᠋ ᠬᠡᠳᠦᠨ ᠳᠡᠪᠲᠡᠷ ᠢ᠋ ᠲᠤᠰ ᠶᠠᠮᠤᠨ ᠠ᠋ᠴᠠ ᠳᠠᠷᠤᠮᠯᠠᠵᠤ ᠥᠭᠬᠦ ᠪᠣᠯᠪᠠᠤ(ᠪᠣᠯᠪᠠ ᠤᠤ) ᠭᠡᠵᠦ ᠭᠣᠷᠢᠳᠠᠳᠠᠭ ᠨᠢ ᠶᠠᠮᠠᠷ ᠪᠠᠢᠨᠠᠮ? ᠪᠣᠭᠳᠠ ᠭᠡᠭᠡᠬᠡᠨ(ᠭᠡᠭᠡᠨ) ᠢ᠋ ᠬᠠᠭᠠᠨ ᠰᠢᠷᠡᠭᠡᠨ ᠳ᠋ᠦ᠍ ᠵᠠᠯᠠᠷᠠᠵᠤ ᠠᠩᠬᠠᠳᠤᠭᠠᠷ ᠵᠠᠷᠯᠢᠭ ᠪᠠᠭᠤᠯᠭᠠᠬᠤ ᠳ᠋ᠤ᠌᠂ ᠨᠠᠮᠠᠶ᠋ᠢ(ᠨᠠᠮ᠎ᠠ ᠶ᠋ᠢ) ᠲᠤᠯᠭᠤᠷ ᠲᠥᠷᠥ ᠪᠠᠢᠭᠤᠯᠬᠤ ᠳ᠋ᠤ᠌ ᠬᠦᠴᠦᠨ ᠵᠢᠳᠬᠦᠭᠰᠡᠨ ᠭᠡᠵᠦ ᠴᠢᠩ ᠵᠢᠳᠬᠦᠯᠳᠦ ᠴᠣᠯᠠ᠂ ᠤᠯᠤᠰ ᠲᠤ᠌ ᠲᠤᠰᠠᠯᠠᠭᠴᠢ ᠬᠦᠩ ᠦ᠋ᠨ ᠵᠡᠷᠭᠡ ᠱᠠᠩᠨᠠᠵᠤ᠂ ᠳᠣᠲᠣᠭᠠᠳᠤ ᠶᠠᠮᠤᠨ ᠤ᠋ ᠳᠡᠰ ᠲᠦᠰᠢᠮᠡᠯ ᠦ᠋ᠨ ᠲᠤᠰᠢᠶᠠᠯ ᠳ᠋ᠤ᠌ ᠲᠣᠬᠣᠭᠠᠨ ᠲᠠᠯᠪᠢᠭᠰᠠᠨ ᠪᠣᠯᠪᠠᠴᠤ ᠡᠨᠡ ᠲᠠᠪᠤᠨ ᠵᠦᠭ ᠦ᠋ᠨ ᠠᠭᠤᠤ ᠠᠶᠠᠯᠭᠤ ᠪᠢᠴᠢᠭ ᠮᠡᠲᠦ ᠬᠣᠣᠷ ᠦᠭᠡᠢ ᠪᠢᠴᠢᠭ ᠢ᠋ ᠬᠦᠷᠲᠡᠯ᠎ᠡ ᠳᠠᠷᠤᠮᠠᠯᠯᠠᠨ ᠭᠠᠷᠭᠠᠶ᠎ᠠ ᠭᠡᠵᠦ ᠵᠢᠳᠬᠦᠭᠡᠳ᠂ ᠴᠣᠯᠠ᠂ ᠵᠡᠷᠭᠡ᠂ ᠲᠤᠰᠢᠶᠠᠯ ᠭᠤᠷᠪᠠ ᠶ᠋ᠢᠨ ᠬᠦᠴᠦ ᠬᠦᠷᠬᠦ ᠦᠭᠡᠢ ᠶ᠋ᠢ ᠲᠠ ᠪᠣᠳᠣᠵᠤ ᠦᠵᠡ᠃ ᠨᠠᠮᠠᠶ᠋ᠢ(ᠨᠠᠮ᠎ᠠ ᠶ᠋ᠢ) ᠪᠣᠳᠣᠪᠠᠯ ᠲᠠ ᠲᠤᠰ ᠶᠠᠮᠤᠨ ᠤ᠋ ᠨᠢᠭᠡᠨ ᠪᠢᠴᠢᠭᠡᠴᠢ ᠶ᠋ᠢᠨ ᠲᠡᠳᠦᠢ ᠯᠡ ᠲᠤᠰᠢᠶᠠᠯ ᠲᠠᠢ ᠠᠭᠠᠳ᠂ ᠰᠢᠷ᠎ᠠ ᠶ᠋ᠢᠨ ᠱᠠᠰᠢᠨ ᠤ᠋ ᠪᠠᠷᠢᠮᠲᠠᠯᠠᠯ᠂ ᠣᠯᠠᠨ ᠯᠠᠮᠠ ᠨᠠᠷ ᠤ᠋ᠨ ᠵᠣᠬᠢᠶᠠᠭᠰᠠᠨ ᠨᠣᠮ᠂ ᠲᠣᠭᠲᠠᠭᠠᠭᠰᠠᠨ ᠲᠠᠭᠠᠯᠠᠯ ᠲᠠᠢ ᠵᠥᠷᠢᠬᠦ᠂ ᠭᠠᠵᠠᠷ ᠤ᠋ᠨ ᠵᠦᠢ ᠶ᠋ᠢᠨ ᠪᠢᠴᠢᠭ ᠦ᠋ᠨ ᠵᠡᠷᠭᠡ ᠵᠣᠬᠢᠶᠠᠯ ᠢ᠋ ᠳᠠᠷᠤᠮᠠᠯᠯᠠᠨ ᠭᠠᠷᠭᠠᠶ᠎ᠠ ᠭᠡᠵᠦ ᠶᠠᠭᠠᠬᠢᠨ ᠳᠠᠪᠠᠬᠤ ᠠᠵᠢ᠃ ᠲᠡᠷᠡ ᠴᠦ᠍ ᠪᠠᠢᠲᠤᠭᠠᠢ᠂  ᠮᠠᠨᠠᠢ(ᠮᠠᠨ ᠤ᠋) ᠰᠠᠢᠳ ᠯᠠᠮᠠ᠂ ᠬᠠᠷᠢᠶᠠᠲᠤ ᠪᠢᠴᠢᠭᠡᠴᠢ ᠨᠠᠷ ᠤ᠋ᠨ ᠳᠤᠮᠳᠠ ᠲᠡᠢᠮᠦ ᠲᠡᠷᠰᠬᠦᠳ ᠦᠵᠡᠯ ᠦ᠋ᠨ ᠨᠣᠮ ᠬᠢᠭᠰᠡᠨ ᠬᠥᠮᠦᠨ ᠪᠣᠢ ᠭᠡᠵᠦ  ᠮᠡᠳᠡᠪᠡᠯ᠂ ᠲᠠᠨ ᠳ᠋ᠤ᠌ ᠰᠠᠢᠰᠢᠶᠠᠯ ᠯᠠᠪ ᠬᠠᠯᠳᠠᠬᠤ ᠦᠭᠡᠢ ᠪᠠᠢᠬ᠎ᠠ ᠭᠡᠵᠦ ᠨᠠᠰᠤᠨᠪᠠᠲᠤ ᠲᠠᠢ ᠶᠠᠷᠢᠵᠤ ᠪᠠᠢᠭᠰᠠᠨ ᠡᠴᠡᠩᠬᠡᠷ ᠪᠠᠭᠠᠬᠠᠨ ᠪᠡᠶ᠎ᠡ ᠲᠡᠢ᠂ ᠴᠢᠷᠠᠢ ᠵᠢᠰᠦ ᠨᠢ ᠨᠠᠷᠠ ᠰᠠᠯᠬᠢᠨ ᠳ᠋ᠤ᠌ ᠲᠡᠳᠦᠢ ᠯᠡ ᠭᠠᠷᠳᠠᠭ ᠦᠭᠡᠢ ᠴᠠᠩᠬᠢᠭᠠᠷ ᠰᠢᠷ᠎ᠠ ᠥᠩᠭᠡᠲᠡᠢ ᠡᠪᠦᠭᠡᠨ ᠬᠥᠮᠦᠨ ᠠᠨᠢᠭᠠᠷ ᠨᠢᠳᠦ ᠪᠡᠨ ᠢᠷᠮᠡᠵᠦ᠂ ᠲᠣᠯᠣᠭᠠᠢ ᠶ᠋ᠢ ᠬᠠᠵᠠᠭᠤ ᠳᠠᠰᠢ ᠬᠡᠯᠪᠡᠢᠨ ᠳᠡᠭᠡᠳᠦ ᠤᠷᠤᠭᠤᠯ᠂ ᠡᠷᠡᠦ ᠶ᠋ᠢᠨ ᠠᠷᠠᠮᠠᠭ ᠲᠠᠷᠠᠮᠠᠭ ᠦᠰᠦ ᠪᠡᠨ ᠭᠠᠩ ᠴᠢᠮᠬᠢᠭᠦᠷ ᠢ᠋ᠶ᠋ᠡᠷ ᠴᠢᠮᠬᠢᠯᠡᠨ ᠨᠠᠰᠤᠨᠪᠠᠲᠤ ᠶ᠋ᠢ ᠰᠢᠷᠲᠡᠰᠬᠢᠪᠡ᠃ ᠲᠡᠷᠡ ᠡᠪᠦᠭᠡᠨ ᠦ᠌ ᠲᠠᠢᠭᠠᠨ ᠮᠡᠲᠦ ᠰᠠᠬᠠᠯ ᠦᠭᠡᠢ ᠨᠢᠭᠤᠷ ᠴᠢᠷᠠᠢ ᠶ᠋ᠢᠨ ᠪᠠᠢᠳᠠᠯ ᠳ᠋ᠤ᠌ ᠬᠢᠲᠠᠳ ᠮᠢᠬ᠎ᠠ ᠴᠢᠰᠤ ᠨᠡᠯᠢᠶᠡᠳ ᠬᠣᠯᠢᠯᠳᠤᠭᠰᠠᠨ ᠰᠢᠨᠵᠢ ᠲᠡᠢ ᠪᠥᠭᠡᠳ ᠣᠨᠣᠭᠣ ᠲᠠᠢ ᠳᠡᠪᠡᠯ᠂ ᠮᠤᠬᠤᠷ ᠬᠣᠰᠢᠭᠤ ᠲᠠᠢ ᠭᠤᠲᠤᠯ᠂ ᠴᠧ — ᠡᠭ ᠼᠧ ᠭᠡᠵᠦ ᠳᠠᠭᠤᠳᠠᠬᠤ ᠠᠶᠠᠰ ᠢ᠋ ᠦᠵᠡᠪᠡᠰᠦ ᠥᠪᠥᠷᠯᠡᠭᠴᠢ ᠬᠠᠷᠠᠴᠢᠨ ᠬᠥᠮᠦᠨ ᠪᠣᠯᠤᠯᠲᠠᠢ᠃ ᠬᠠᠢᠰᠠᠨ ᠭᠡᠭᠴᠢ ᠲᠡᠷᠡ ᠬᠥᠮᠦᠨ ᠪᠠᠰᠠ ᠥᠭᠦᠯᠡᠷᠦᠨ᠂ 
       — ᠮᠠᠨᠠᠢ ᠡᠨᠡ ᠤᠯᠤᠰ ᠲᠤ᠌ ᠡᠳᠦᠭᠡ ᠬᠦᠷᠲᠡᠯ᠎ᠡ ᠰᠤᠷᠭᠠᠭᠤᠯᠢ ᠰᠣᠶᠣᠯ ᠤ᠋ᠨ ᠶᠠᠪᠤᠳᠠᠯ ᠢ᠋ ᠡᠷᠬᠢᠯᠡᠬᠦ ᠶᠠᠮᠤᠨ ᠦᠭᠡᠢ᠃ ᠣᠳᠣᠬᠠᠨ ᠳᠡᠭᠡᠷ᠎ᠡ ᠲᠡᠢᠮᠦ ᠶᠠᠮᠤᠨ ᠢ᠋ ᠵᠠᠷᠤᠳᠠᠯ ᠰᠦᠢᠳᠬᠡᠯ ᠦ᠋ᠨ ᠨᠡᠮᠡᠷᠢ ᠭᠡᠵᠦ ᠦᠵᠡᠬᠦ ᠠᠵᠤᠭᠤ᠃ ᠪᠠᠢᠳᠠᠯ ᠨᠢᠭᠡᠨᠲᠡ ᠡᠢᠮᠦ ᠪᠠᠢᠭ᠎ᠠ ᠶ᠋ᠢᠨ ᠤᠴᠢᠷ᠂ ᠮᠢᠨᠦ ᠰᠠᠨᠠᠬᠤ ᠳ᠋ᠤ᠌ ᠲᠠ ᠡᠯ᠎ᠡ ᠪᠢᠴᠢᠭ  ᠵᠣᠬᠢᠶᠠᠯ ᠢ᠋ᠶ᠋ᠠᠨ ᠲᠦᠷ ᠠᠪᠳᠠᠷ᠎ᠠ ᠳ᠋ᠠᠭᠠᠨ ᠳᠠᠷᠤᠵᠤ ᠪᠠᠢᠪᠠᠯ ᠳᠡᠭᠡᠷ᠎ᠡ ᠪᠢᠵᠡ ᠳᠡ᠃ ᠣᠳᠣ ᠦᠶ᠎ᠡ ᠳ᠋ᠦ᠍ ᠲᠠᠨ ᠤ᠋ ᠲᠡᠷᠡ ᠵᠣᠬᠢᠶᠠᠯ ᠢ᠋ ᠶᠡᠷᠦ ᠬᠡᠷᠡᠭᠯᠡᠬᠦ ᠭᠠᠵᠠᠷ ᠦᠭᠡᠢ᠃ ᠰᠠᠩ ᠤ᠋ᠨ ᠶᠠᠮᠤᠨ ᠤ᠋ ᠰᠠᠢᠳ ᠲᠦᠰᠢᠶᠡᠲᠦ ᠬᠠᠨ᠂ ᠭᠠᠵᠠᠷ ᠤ᠋ᠨ ᠵᠦᠢ ᠶ᠋ᠢ ᠲᠡᠳᠦᠢ ᠯᠡ ᠰᠣᠨᠢᠷᠬᠠᠬᠤ ᠦᠭᠡᠢ ᠠᠵᠢ᠃ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ᠂ ᠶᠡᠷᠦ ᠪᠢᠴᠢᠭ ᠵᠣᠬᠢᠶᠠᠯ ᠢ᠋ ᠰᠡᠬᠦᠵᠦ ᠦᠵᠡᠬᠦ ᠬᠥᠮᠦᠨ ᠪᠤᠰᠤ ᠪᠢᠯᠡ᠃ ᠰᠢᠭᠦᠬᠦ ᠶᠠᠮᠤᠨ ᠤ᠋ ᠰᠠᠢᠳ ᠨᠠᠮᠰᠠᠷᠠᠢ᠂ ᠱᠠᠮᠫᠠᠨ ᠠᠷᠢᠬᠢ ᠶ᠋ᠢ ᠰᠣᠨᠢᠷᠬᠠᠬᠤ ᠠ᠋ᠴᠠ ᠪᠢᠰᠢ᠂ ᠭᠠᠵᠠᠷ ᠤ᠋ᠨ ᠬᠡᠯᠪᠡᠷᠢ ᠳᠦᠷᠰᠦ ᠶᠠᠮᠠᠷ ᠴᠣ ᠪᠠᠢᠭ᠎ᠠ ᠶ᠋ᠢ ᠣᠭᠲᠣ ᠲᠣᠭᠣᠬᠤ ᠦᠭᠡᠢ ᠬᠥᠮᠦᠨ᠃ ᠭᠠᠳᠠᠭᠠᠳᠤ ᠶᠠᠮᠤᠨ ᠤ᠋ ᠰᠠᠢᠳ ᠬᠠᠨᠳᠠ ᠸᠠᠩ ᠮᠥᠨ ᠴᠦ᠍ ᠰᠣᠨᠢᠷᠬᠠᠵᠤ ᠪᠣᠯᠬᠤ ᠬᠥᠮᠦᠨ᠂ ᠭᠠᠭᠴᠠᠬᠦ ᠮᠢᠨᠦ ᠡᠮᠢᠶᠡᠬᠦ ᠨᠢ ᠱᠠᠰᠢᠨ ᠲᠥᠷᠥ ᠳ᠋ᠦ᠍ ᠲᠤᠰᠠᠯᠠᠭᠴᠢ ᠰᠠᠢᠳ ᠯᠠᠮᠠ᠂ ᠲᠡᠢᠨᠬᠦ ᠭᠠᠳᠠᠭᠠᠳᠤ ᠶᠠᠮᠤᠨ ᠤ᠋ ᠰᠠᠢᠳ ᠢ᠋ ᠪᠠᠷᠠᠭᠤᠨ ᠳᠠᠯᠠᠢ ᠶ᠋ᠢᠨ ᠬᠥᠮᠦᠨ ᠦ᠌ ᠦᠵᠡᠯ ᠰᠤᠷᠲᠠᠯ ᠢ᠋ ᠨᠣᠮᠯᠠᠭᠴᠢ ᠪᠢᠴᠢᠭ ᠵᠣᠬᠢᠶᠠᠯ ᠳ᠋ᠤ᠌ ᠳᠤᠷᠠᠲᠠᠢ ᠶ᠋ᠢ ᠬᠡᠷᠬᠢᠪᠡᠴᠦ ᠣᠢᠰᠢᠶᠠᠨ ᠳᠡᠮᠵᠢᠬᠦ ᠦᠭᠡᠢ ᠪᠣᠯᠪᠠᠤ᠃ ᠮᠠᠨᠠᠢ ᠶᠠᠮᠤᠨ ᠤ᠋ ᠰᠠᠢᠳ ᠤ᠋ᠨ ᠦᠵᠡᠯ ᠰᠠᠨᠠᠭ᠎ᠠ ᠶ᠋ᠢ ᠪᠢ ᠤᠷᠢᠳᠤ ᠨᠢᠭᠡᠨᠲᠡ ᠥᠭᠦᠯᠡᠭᠰᠡᠨ ᠲᠤᠯᠠ ᠳᠠᠪᠲᠠᠵᠤ ᠦᠯᠦ ᠨᠤᠷᠱᠤᠮᠤ ᠭᠡᠬᠦ ᠳ᠋ᠦ᠍᠂ ᠨᠠᠰᠤᠨᠪᠠᠲᠤ ᠶ᠋ᠢ 
       — ᠭᠡᠪᠡᠴᠦ ······· ᠭᠡᠵᠦ ᠠᠮᠠ ᠨᠡᠭᠡᠭᠡᠪᠡᠰᠦ᠂ ᠡᠪᠦᠭᠡᠨ ᠥᠭᠦᠯᠡᠷᠦᠨ᠄ 
       — ᠭᠡᠪᠡᠴᠦ᠂ ᠪᠣᠭᠳᠠ ᠬᠠᠭᠠᠨ᠂ ᠠᠷᠠᠳ ᠣᠯᠠᠨ ᠢ᠋ᠶ᠋ᠠᠨ ᠰᠣᠶᠣᠨ ᠰᠤᠷᠭᠠᠵᠤ᠂ ᠡᠷᠳᠡᠮ ᠤᠬᠠᠭᠠᠨ ᠳ᠋ᠤ᠌ ᠪᠣᠯᠪᠠᠰᠤᠷᠠᠭᠤᠯᠬᠤ ᠭᠡᠵᠦ ᠲᠠᠭᠠᠯᠠᠬᠤ ᠪᠣᠯᠪᠠᠤ (ᠪᠣᠯᠪᠠ ᠤᠤ)ᠭᠡᠬᠦ ᠰᠠᠨᠠᠭ᠎ᠠ ᠲᠠᠢ ᠶᠤᠮ ᠪᠢᠵᠡ ᠳᠡ᠂ ᠲᠠ? ᠡᠨᠡ ᠣᠨ᠂ ᠬᠠᠪᠤᠷ ᠤ᠋ᠨ ᠠᠳᠠᠭ ᠰᠠᠷ᠎ᠠ ᠶ᠋ᠢᠨ ᠠᠷᠪᠠᠨ ᠲᠠᠪᠤᠨ ᠳ᠋ᠤ᠌  ᠳᠡᠷᠭᠡᠳᠡ ᠶ᠋ᠢᠨ ᠨᠠᠢᠷ ᠲᠤ᠌᠂ ᠤᠯᠤᠰ ᠤ᠋ᠨ ᠡᠬᠡ ᠳᠠᠭᠢᠨᠢ᠂ ᠲᠡᠷᠡ ᠦᠶ᠎ᠡ ᠳ᠋ᠦ᠍ ᠯᠠᠮᠠ ᠨᠠᠷ ᠤ᠋ᠨ ᠨᠠᠮ ᠤ᠋ᠨ ᠬᠥᠮᠦᠰ ᠲᠦ᠍ ᠲᠠᠭᠠᠯᠠᠮᠵᠢ ᠦᠭᠡᠢ ᠪᠥᠭᠡᠳ ᠬᠢᠲᠠᠳ ᠡᠯᠢᠭᠡ ᠲᠡᠢ ᠭᠡᠵᠦ ᠪᠠᠢᠭᠰᠠᠨ ᠶᠡᠷᠦᠩᠬᠡᠢ ᠰᠠᠢᠳ ᠵᠠᠰᠠᠭᠲᠤ ᠬᠠᠨ ᠳ᠋ᠤ᠌ ᠨᠢᠭᠡᠨ ᠴᠣᠮᠣ * ᠬᠣᠣᠷᠲᠠᠢ ᠠᠷᠢᠬᠢ ᠥᠪᠡᠷ ᠦ᠋ᠨ ᠮᠣᠳᠣᠷ(ᠭᠠᠷ) ᠢ᠋ᠶ᠋ᠠᠷ ᠳᠡᠪᠰᠢᠭᠦᠯᠦᠭᠰᠡᠨ ᠪᠢᠯᠡ᠃ ᠪᠢ ᠲᠡᠷᠡ ᠶᠠᠪᠤᠳᠠᠯ ᠢ᠋ ᠡᠷᠭᠢᠴᠡᠭᠦᠯᠦᠨ ᠪᠣᠳᠣᠭᠠᠳ᠂ ᠠᠮᠢᠰᠬᠤᠯ ᠤ᠋ᠨ ᠲᠣᠭ᠎ᠠ ᠶ᠋ᠢ ᠬᠤᠷᠢᠶᠠᠭᠴᠢ ᠲᠡᠷᠡ ᠴᠣᠮᠣ ᠠᠷᠢᠬᠢ ᠬᠡᠴᠢᠨᠡᠨ ᠠᠮᠲᠠᠲᠠᠢ ᠪᠣᠯᠪᠠᠴᠤ᠂ ᠬᠠᠷᠠᠬᠠᠨ ᠥᠪᠡᠷ ᠦ᠋ᠨ ᠠᠮᠢᠰᠬᠤᠯ ᠤ᠋ᠨ ᠲᠣᠭ᠎ᠠ ᠶ᠋ᠢ ᠳᠤᠲᠠᠭᠤ ᠵᠠᠭᠤᠷᠮᠠᠭ ᠬᠤᠷᠢᠶᠠᠬᠤ ᠳᠤᠷ᠎ᠠ ᠦᠭᠡᠢ ᠲᠤᠯᠠ᠂ ᠲᠣᠯᠢ ᠪᠢᠴᠢᠭ ᠢ᠋ᠶ᠋ᠡᠨ ᠳᠠᠷᠤᠮᠠᠯᠯᠠᠨ ᠭᠠᠷᠭᠠᠬᠤ ᠶ᠋ᠢ ᠬᠦᠴᠦᠯᠡᠨ ᠱᠠᠭᠠᠷᠳᠠᠬᠤ ᠶ᠋ᠢ ᠪᠠᠢᠭᠰᠠᠨ ᠪᠢᠯᠡ᠃  
       ᠬᠠᠭᠠᠨ ᠤ᠋ ᠨᠢᠳᠦ᠂ ᠲᠡᠭᠦᠨ ᠦ᠌ ᠰᠢᠳᠠᠷ ᠡᠮᠴᠢ ᠣᠲᠠᠴᠢ  ᠨᠠᠷ ᠤ᠋ᠨ ᠠᠨᠠᠭᠠᠵᠤ ᠬᠦᠴᠦ ᠬᠦᠷᠬᠦ ᠦᠭᠡᠢ ᠨᠢᠭᠡᠨ ᠡᠪᠡᠳᠴᠢᠨ ᠡᠴᠡ ᠪᠠᠯᠠᠢᠷᠠᠨ ᠪᠣᠢ ᠡᠭᠦᠨ ᠳ᠋ᠦ᠍᠂ ᠬᠠᠭᠠᠨ᠂ ᠪᠠᠷᠠᠭᠤᠨ ᠳᠠᠯᠠᠢ ᠶ᠋ᠢᠨ *  *  ᠡᠮᠴᠢ ᠵᠠᠯᠠᠬᠤ ᠳᠤᠷ᠎ᠠ ᠦᠭᠡᠢ᠂ ᠲᠡᠭᠦᠨ ᠦ᠌ ᠣᠷᠣᠨ ᠳ᠋ᠤ᠌ ᠬᠦᠷᠢᠶ᠎ᠡ ᠬᠡᠢᠳ ᠦ᠋ᠨ ᠯᠠᠮᠠ ᠨᠠᠷ ᠲᠤ᠌ ᠵᠠᠷᠯᠢᠭ ᠪᠠᠭᠤᠯᠭᠠᠨ᠂ ᠨᠢᠳᠦ ᠮᠡᠯᠮᠡᠢ ᠳ᠋ᠦ᠍ ᠬᠣᠣᠷ ᠬᠥᠨᠥᠭᠡᠯ ᠤᠴᠠᠷᠠᠭᠤᠯᠤᠭᠴᠢᠳ ᠰᠢᠮᠨᠤᠰ ᠳᠠᠷᠤᠬᠤ ᠵᠢᠩᠰᠡᠷᠡᠭ ᠴᠢᠳᠬᠤᠭᠲᠤᠨ ᠭᠡᠵᠦ ᠯᠦᠨᠲᠦᠩᠨᠡᠭᠡᠳ᠂ ᠭᠠᠨᠳᠠᠩ ᠳ᠋ᠤ᠌ ᠮᠢᠩᠭᠠᠨ ᠨᠢᠳᠦᠲᠦ ᠠᠷᠢᠶᠠᠪᠠᠯᠤ ᠶ᠋ᠢᠨ ᠥᠨᠳᠥᠷ ᠰᠦᠮ᠎ᠡ ᠶ᠋ᠢ ᠪᠤᠰᠬᠠᠵᠤ᠂ ᠲᠡᠷᠡ ᠪᠤᠶᠠᠨ ᠢ᠋ᠶ᠋ᠠᠷ ᠮᠡᠯᠮᠡᠢ ᠶ᠋ᠢᠨ ᠡᠪᠡᠳᠴᠢᠨ ᠢ᠋ ᠠᠨᠠᠭᠠᠬᠤ ᠭᠣᠷᠢᠳᠠᠯᠲᠠᠢ ᠭᠡᠨ᠎ᠡ᠃ ᠲᠡᠷᠡ ᠭᠣᠷᠢ ᠨᠢ ᠣᠩᠭᠢ ᠳᠡᠮᠡᠢ ᠪᠣᠯᠪᠠᠴᠤ᠂ ᠲᠠ ᠪᠢᠳᠡ ᠮᠡᠲᠦ ᠶ᠋ᠢᠨ ᠬᠥᠮᠦᠨ ᠶᠠᠮᠠᠷ ᠠᠶᠤᠮᠰᠢᠭ ᠦᠭᠡᠢ ᠲᠡᠭᠡᠵᠦ ᠬᠡᠯᠡᠬᠦ ᠪᠢᠯᠡ᠃ 
       ᠰᠠᠶᠢᠬᠠᠨ᠂ ᠬᠠᠭᠠᠨ ᠵᠡᠭᠦᠨ ᠬᠦᠷᠢᠶᠡᠨ ᠦ᠌  ᠪᠠᠳᠮᠠᠶᠤ  ᠶ᠋ᠢᠨ ᠭᠥᠷᠢᠮᠴᠢᠨ ᠲᠠᠷᠨᠢᠴᠢᠨ ᠯᠠᠮᠠ ᠨᠠᠷ ᠲᠤ᠌ ᠯᠦᠨᠳᠦᠩ ᠪᠠᠭᠤᠯᠭᠠᠵᠤ ᠬᠢᠲᠠᠳ ᠤ᠋ᠨ ᠲᠥᠷᠥ  ᠶ᠋ᠢᠨ ᠡᠷᠬᠡ ᠪᠠᠷᠢᠭᠰᠠᠨ ᠶᠤᠸᠠᠨ ᠱᠢ ᠺᠠᠢ ᠰᠠᠢᠳ ᠤ᠋ᠨ ᠰᠡᠷᠡᠭᠡ ᠳᠠᠷᠤ ᠭᠡᠵᠡᠢ᠃ ᠲᠡᠷᠡ ᠪᠤᠭ ᠰᠡᠷᠡᠭᠡ ᠳᠠᠷᠤᠬᠤ ᠭᠡᠵᠦ ᠳᠣᠯᠣᠭᠠᠨ ᠬᠣᠨᠣᠭ ᠤᠩᠰᠢᠵᠤ᠂ ᠬᠠᠭᠠᠨ ᠡᠳᠦᠷ ᠪᠦᠷᠢ ᠬᠥᠮᠦᠨ ᠶᠠᠪᠤᠭᠤᠯᠤᠨ ᠲᠡᠮᠳᠡᠭ ᠦᠵᠡᠭᠳᠡᠪᠡᠦ ᠭᠡᠵᠦ ᠠᠰᠠᠭᠤᠯᠭᠠᠵᠤ ᠪᠠᠢᠬᠤ ᠳ᠋ᠤ᠌᠂ ᠰᠡᠷᠡᠭᠡ ᠳᠠᠷᠤᠬᠤ ᠯᠠᠮᠠ ᠨᠠᠷ ᠳᠡᠭᠡᠷᠡᠬᠢ ᠶ᠋ᠢᠨ ᠪᠠᠢᠨ ᠪᠠᠢᠨ ᠰᠢᠬᠠᠮᠳᠠᠭᠤᠯᠬᠤ ᠠ᠋ᠴᠠ ᠡᠮᠢᠶᠡᠵᠦ ᠡᠴᠦᠰ ᠰᠡᠭᠦᠯ ᠳ᠋ᠦ᠍ ᠲᠡᠮᠳᠡᠭ ᠮᠡᠳᠡᠭᠳᠡᠪᠡ ᠭᠡᠵᠦ ᠬᠠᠷᠢᠭᠤ ᠥᠭᠴᠡᠢ᠃ ᠲᠡᠭᠡᠬᠦ ᠳ᠋ᠦ᠍ᠨᠢ ᠲᠡᠮᠳᠡᠭ ᠦᠵᠡᠭᠳᠡᠪᠡᠯ ᠲᠡᠷᠡ ᠪᠤᠭ ᠢ᠋ᠶ᠋ᠠᠨ ᠳᠠᠷᠤ ᠭᠡᠵᠦ ᠶᠤᠸᠠᠨ ᠰᠠᠢᠳ ᠢ᠋ ᠳᠠᠷᠤᠬᠤ ᠨᠣᠮ ᠭᠦᠷᠢᠮ ᠬᠢᠭᠰᠡᠨ ᠪᠢᠯᠡ᠃ ᠡᠭᠦᠨ ᠢ᠋ ᠪᠢ᠂ ᠮᠠᠨᠠᠢ ᠰᠠᠢᠳ ᠴᠢᠨ ᠸᠠᠩ ᠯᠠᠮᠠ ᠠ᠋ᠴᠠ ᠰᠣᠨᠣᠰᠪᠠ᠃ ᠭᠠᠳᠠᠭᠤᠷ ᠰᠣᠨᠣᠰᠪᠠᠯ᠂ ᠰᠡᠷᠡᠭᠡ ᠳᠠᠷᠤᠭᠰᠠᠨ ᠯᠠᠮᠠ ᠨᠠᠷ᠂ ᠶᠡᠷᠦ ᠶᠤᠸᠠᠨ ᠰᠠᠢᠳ ᠤ᠋ᠨ ᠰᠦᠨᠡᠰᠦ ᠪᠤᠭ ᠳᠠᠷᠤᠬᠤ ᠶ᠋ᠢᠨ ᠲᠡᠮᠳᠡᠭ ᠣᠭᠲᠣ ᠮᠡᠳᠡᠭᠳᠡᠭᠰᠡᠨ ᠦᠭᠡᠢ᠂ ᠲᠡᠷᠡ ᠶᠡᠬᠡ ᠬᠥᠮᠦᠨ ᠳ᠋ᠦ᠍ ᠪᠢᠳᠡ ᠶᠠᠭᠠᠬᠢᠵᠤ ᠬᠦᠴᠦ ᠬᠦᠷᠬᠦ ᠪᠢᠯᠡ᠃ ᠭᠠᠭᠴᠠᠬᠦ ᠳᠡᠭᠡᠷ᠎ᠡ ᠡᠴᠡ ᠰᠢᠪᠠᠳᠠᠬᠤ ᠳ᠋ᠤᠨᠢ ᠲᠡᠮᠳᠡᠭ ᠮᠡᠳᠡᠭᠳᠡᠪᠡ ᠭᠡᠵᠦ ᠬᠠᠭᠤᠷᠮᠠᠭ ᠮᠡᠳᠡᠭᠡ ᠠᠢᠯᠠᠳᠬᠠᠭᠰᠠᠨ ᠪᠢᠯᠡ ᠭᠡᠵᠡᠢ᠃ 
       ᠪᠡᠶ᠎ᠡ ᠶ᠋ᠢᠨ ᠡᠪᠡᠳᠴᠢᠨ ᠢ᠋ ᠠᠨᠠᠭᠠᠬᠤ ᠳ᠋ᠤ᠌ ᠡᠪᠡᠳᠴᠢᠨ ᠦ᠌ ᠡᠵᠡᠨ ᠢ᠋ ᠬᠥᠭᠡᠭᠡᠨ ᠳᠠᠷᠤᠵᠤ ᠰᠦᠮ᠎ᠡ ᠳᠤᠭᠠᠩ ᠪᠣᠰᠬᠠᠬᠤ ᠪᠠᠷ ᠠᠷᠭᠠᠯᠠᠭᠠᠳ᠂ ᠲᠠᠭᠠᠯᠠᠯ ᠳ᠋ᠠᠭᠠᠨ ᠨᠡᠢᠯᠡᠬᠦ ᠦᠭᠡᠢ ᠬᠥᠮᠦᠨ ᠢ᠋ ᠣᠢᠷ᠎ᠠ ᠪᠣᠯ ᠬᠣᠣᠷᠲᠤ ᠠᠷᠢᠬᠢ ᠪᠠᠯᠭᠤᠭᠤᠯᠤᠨ᠂ ᠬᠣᠯᠠ ᠪᠣᠯ ᠭᠦᠷᠢᠮᠴᠢ ᠯᠠᠮᠠ ᠨᠠᠷ ᠢ᠋ᠶ᠋ᠠᠷ ᠪᠤᠭ ᠴᠢᠳᠬᠥᠷ ᠪᠣᠯᠭᠠᠨ ᠳᠠᠷᠤᠭᠤᠯᠵᠤ ᠪᠠᠢᠳᠠᠭ ᠡᠢᠮᠦ ᠬᠠᠭᠠᠨ ᠥᠪᠡᠷ ᠦ᠋ᠨ ᠪᠠᠷᠢᠮᠲᠠᠯᠠᠨ ᠰᠦᠰᠦᠭᠯᠡᠬᠦ ᠰᠢᠲᠦᠯᠭᠡ ᠰᠤᠷᠲᠠᠯ ᠢ᠋ ᠲᠡᠷᠰᠯᠡᠭᠦᠯᠵᠦ᠂ ᠰᠢᠷ᠎ᠠ ᠶ᠋ᠢᠨ ᠱᠠᠰᠢᠨ ᠤ᠋ ᠲᠣᠭᠲᠠᠭᠠᠭᠰᠠᠨ ᠲᠠᠭᠠᠯᠠᠯ ᠲᠠᠢ ᠨᠡᠢᠯᠡᠬᠦ ᠦᠭᠡᠢ ᠪᠢᠴᠢᠭ ᠵᠣᠬᠢᠶᠠᠯ ᠢ᠋ ᠬᠡᠪᠯᠡᠭᠦᠯᠵᠦ ᠪᠣᠯᠬᠤ ᠪᠠᠢᠨᠠᠤ᠂ ᠦᠭᠡᠢ ᠪᠠᠢᠨᠠᠤ᠂ ᠲᠠ ᠪᠣᠳᠣᠭᠠᠳ ᠦᠵᠡ᠃ ᠪᠢ ᠡᠮᠦᠨ᠎ᠡ ᠭᠠᠵᠠᠷ᠂ ᠤᠤᠯ ᠨᠤᠲᠤᠭ ᠲᠠᠭᠠᠨ ᠪᠠᠢᠬᠤ ᠦᠶᠡᠰ᠂ ᠪᠣᠭᠳᠠ ᠭᠡᠭᠡᠬᠡᠨ ᠠᠷᠤ ᠭᠠᠵᠠᠷ ᠤ᠋ᠨ ᠣᠯᠠᠨ ᠨᠣᠶᠠᠳ ᠢ᠋ ᠨᠡᠯᠢᠶᠡᠳ ᠪᠢᠰᠢᠷᠡᠳᠡᠭ ᠪᠠᠢᠯ᠎ᠠ᠃ ᠳᠡᠷᠭᠡᠳᠡ ᠨᠢ ᠬᠦᠷᠴᠦ ᠢᠷᠡᠭᠡᠳ ᠦᠵᠡᠪᠡᠯ ᠮᠢᠨᠦ ᠦᠵᠡᠯ ᠥᠭᠡᠷ᠎ᠡ ᠪᠣᠯᠵᠠᠢ᠃ ᠹᠠ ᠤᠯᠤᠰ ᠤ᠋ᠨ ᠰᠡᠴᠡᠨ ᠦᠭᠡᠨ ᠳ᠋ᠦ᠍᠂ ᠰᠦᠮ᠎ᠡ ᠳ᠋ᠦ᠍ ᠣᠢᠷ᠎ᠠ ᠪᠣᠯᠬᠤ ᠳᠤᠰᠤᠮ᠎ᠠ᠂ ᠲᠩᠷᠢ ᠡᠴᠡ ᠬᠣᠯᠠ ᠪᠣᠯᠤᠨ᠎ᠠ ᠭᠡᠳᠡᠭ ᠨᠢ ᠶᠡᠬᠡᠯ᠎ᠡ ᠮᠡᠷᠭᠡᠨ ᠦᠭᠡ ᠪᠣᠯᠠᠢ᠃ ᠪᠢ᠂ ᠪᠣᠭᠳᠠ ᠭᠡᠭᠡᠬᠡᠨ ᠦ᠌ ᠰᠢᠳᠠᠷ ᠪᠠᠷ᠎ᠠ ᠪᠣᠯᠣᠭᠰᠠᠳ ᠳᠤ ᠣᠢᠷ᠎ᠠ ᠪᠣᠯᠤᠭᠰᠠᠨ ᠠ᠋ᠴᠠ ᠬᠣᠢᠰᠢ ᠬᠠᠭᠠᠨ ᠢ᠋ ᠭᠡᠭᠡᠬᠡᠨ ᠮᠡᠷᠭᠡᠨ᠂ ᠬᠠᠮᠤᠭ ᠢ᠋ ᠠᠢᠯᠠᠳᠳᠤᠭᠴᠢ᠂ ᠴᠢᠳᠠᠯ ᠲᠡᠭᠦᠰ ᠭᠡᠬᠦ ᠶ᠋ᠢ ᠣᠩᠬᠢ  ᠢᠲᠡᠭᠡᠬᠦ ᠦᠭᠡᠢ ᠪᠣᠯᠵᠤ ᠭᠦᠢᠴᠡᠪᠡ᠃ ᠣᠳᠣ ᠵᠠᠪᠰᠢᠶᠠᠨ ᠲᠣᠬᠢᠶᠠᠯᠳᠤᠪᠠᠯ᠂ ᠠᠮᠢ ᠪᠠᠨ ᠬᠣᠣᠬᠣᠢᠯᠠᠵᠤ ᠨᠤᠲᠤᠭ ᠲᠠᠭᠠᠨ ᠪᠤᠴᠠᠪᠠᠯ ᠳᠡᠭᠡᠳᠦ ᠵᠠᠶᠠᠭ᠎ᠠ ᠭᠡᠵᠦ ᠪᠣᠳᠣᠬᠤ ᠪᠣᠯᠤᠯ᠎ᠠ᠃ ᠤᠯᠠᠭᠠᠨ ᠬᠠᠳᠠᠨ ᠳ᠋ᠠᠬᠢ ᠪᠢᠴᠢᠭ ᠦ᠋ᠨ ᠢ᠋ᠶ᠋ᠡᠨ ᠭᠡᠷ ᠲᠦ᠍ ᠬᠦᠷᠴᠦ᠂ ᠬᠣᠢᠮᠣᠷ ᠲᠤᠨᠢ ᠡᠵᠡᠨ ᠬᠥᠮᠦᠨ ᠦ᠌ ᠶᠣᠰᠣᠭᠠᠷ ᠵᠠᠪᠢᠯᠠᠩᠬᠠᠨ ᠰᠠᠭᠤᠵᠤ ᠠᠪᠤᠪᠠᠯ᠂ ᠡᠬᠡ ᠳᠠᠭᠢᠨᠢ ᠶ᠋ᠢᠨ ᠲᠠᠭᠠᠲᠠᠢ ᠮᠣᠳᠣᠷ ᠠ᠋ᠴᠠ ᠲᠥᠷᠥᠯ ᠠᠷᠠᠯᠵᠢᠬᠤ ᠠᠮᠲᠠᠲᠤ ᠳᠠᠷᠠᠰᠤ ᠬᠦᠷᠲᠡᠬᠦ ᠠᠶᠤᠯ ᠳᠣᠯᠣᠭᠠᠨ ᠠᠭᠤᠯᠠ ᠶ᠋ᠢᠨ ᠴᠠᠭᠠᠭᠤᠷ ᠪᠣᠯᠪᠠ ᠭᠡᠵᠦ ᠪᠠᠲᠤ ᠲᠠᠢ ᠰᠠᠨᠠᠬᠤ ᠪᠣᠯᠤᠨ᠎ᠠ᠃ ᠠᠷᠤ ᠭᠠᠵᠠᠷ ᠤ᠋ᠨ ᠰᠢᠳᠢᠲᠡᠨ᠂ ᠠᠯᠤᠰ ᠬᠣᠯᠠ ᠠ᠋ᠴᠠ ᠤᠪᠠᠳᠢᠰ ᠲᠠᠷᠨᠢ ᠶ᠋ᠢᠨ ᠬᠦᠴᠦ ᠪᠡᠷ ᠨᠠᠮᠠᠶ᠋ᠢ  ᠰᠡᠷᠡᠭᠡ ᠳᠠᠷᠤᠵᠤ ᠬᠣᠣᠷᠯᠠᠨ ᠦᠬᠦᠭᠦᠯᠦᠨ᠎ᠡ ᠭᠡᠵᠦ ᠪᠢ ᠬᠡᠷᠬᠢᠪᠡᠴᠦ ᠠᠶᠤᠬᠤ ᠦᠭᠡᠢ ᠪᠣᠯᠠᠢ᠃ ᠡᠨᠡ ᠲᠤᠬᠠᠢ ᠪᠢ᠂ ᠺᠦᠩᠽᠢ ᠶ᠋ᠢᠨ ᠰᠤᠷᠭᠠᠯ ᠢ᠋ ᠪᠠᠷᠢᠮᠲᠠᠯᠠᠨ᠂ ᠯᠠᠮᠠ ᠨᠠᠷ ᠤ᠋ᠨ ᠤᠪᠠᠳᠢᠰ ᠢ᠋ ᠲᠣᠭᠣᠬᠤ ᠦᠭᠡᠢ᠃ ᠪᠠᠰᠠ ᠴᠣ  ᠶᠤᠸᠠᠨ ᠰᠠᠢᠳ ᠢ᠋ ᠰᠡᠷᠡᠭᠡ ᠳᠠᠷᠤᠵᠤ᠂ ᠤᠪᠠᠳᠢᠰ ᠲᠠᠷᠨᠢ ᠶ᠋ᠢᠨ ᠬᠦᠴᠦ ᠪᠡᠷ ᠬᠣᠣᠷᠯᠠᠬᠤ ᠭᠡᠵᠦ ᠶᠠᠳᠠᠭᠰᠠᠨ ᠨᠢ ᠲᠡᠷᠡ ᠳᠤᠮᠳᠠᠳᠤ ᠡᠷᠲᠡᠨ ᠦ᠌ ᠦᠶ᠎ᠡ ᠶ᠋ᠢᠨ ᠵᠠᠩ ᠦᠢᠯᠡ ᠶ᠋ᠢᠨ ᠱᠠᠯ ᠳᠡᠮᠡᠢ ᠶ᠋ᠢ ᠳᠠᠪᠬᠤᠷ ᠪᠠᠲᠤᠯᠠᠨ ᠦᠵᠡᠭᠦᠯᠵᠡᠢ᠃ 
       ᠨᠠ ᠶᠧ ᠲᠠ ᠤᠴᠢᠷ ᠢ᠋ ᠮᠡᠳᠡᠬᠦ ᠰᠤᠷᠭᠠᠯ ᠪᠣᠯᠪᠠᠰᠤᠷᠠᠯ ᠲᠠᠢ ᠬᠥᠮᠦᠨ᠂ ᠴᠢᠩ ᠰᠡᠳᠬᠢᠯ ᠢ᠋ᠶ᠋ᠡᠷ ᠮᠢᠨᠦ ᠲᠠᠨ ᠳ᠋ᠤ᠌ ᠨᠢᠭᠤᠯ ᠦᠭᠡᠢ ᠬᠡᠯᠡᠵᠦ ᠥᠭᠭᠦᠭᠰᠡᠨ ᠡᠯ᠎ᠡ ᠪᠠᠷᠢᠮᠲᠠ ᠵᠦᠢᠯ ᠢ᠋ ᠬᠢᠨᠠᠨ ᠪᠣᠳᠣᠵᠤ ᠡᠷᠭᠢᠴᠡᠭᠦᠯᠦᠨ ᠨᠢᠭᠲᠠᠯᠠᠪᠠᠯ᠂ ᠡᠨᠡ ᠪᠦᠬᠦ ᠪᠠᠢᠳᠠᠯ ᠤ᠋ᠨ ᠤᠴᠢᠷ ᠤᠳᠬ᠎ᠠ ᠶ᠋ᠢ ᠲᠣᠮᠣᠷᠤᠨ ᠲᠣᠳᠣᠷᠬᠠᠢ ᠮᠡᠳᠡᠵᠦ ᠪᠣᠯᠤᠨ᠎ᠠ᠃ ᠭᠠᠭᠴᠠᠬᠦ ᠰᠣᠨᠣᠰᠬᠠᠬᠤ ᠨᠢ᠂ ᠲᠠᠨ ᠳ᠋ᠤ᠌ ᠮᠢᠨᠦ ᠬᠡᠯᠡᠵᠦ ᠥᠭᠭᠦᠭᠰᠡᠨ ᠡᠨᠡ ᠦᠭᠡ ᠶ᠋ᠢ ᠭᠠᠳᠠᠭᠰᠢ ᠪᠤᠰᠤ ᠬᠥᠮᠦᠨ ᠳ᠋ᠦ᠍ ᠬᠡᠷᠬᠢᠪᠡᠴᠦ ᠵᠠᠳᠠᠷᠠᠭᠤᠯᠤᠨ ᠳᠡᠯᠭᠡᠷᠡᠭᠦᠯᠵᠦ ᠪᠣᠯᠬᠤ ᠦᠭᠡᠢ᠂ ᠪᠢᠳᠡ ᠬᠣᠶᠠᠷ ᠤ᠋ᠨ ᠡᠨᠳᠡ ᠪᠡᠨ᠂ ᠬᠣᠶᠠᠷ ᠪᠡᠶ᠎ᠡ ᠶ᠋ᠢᠨ ᠳᠤᠮᠳᠠ ᠬᠡᠯᠡᠯᠴᠡᠭᠰᠡᠨ ᠵᠦᠢᠯ ᠪᠣᠯᠭᠠᠪᠠᠰᠤ ᠵᠣᠬᠢᠮᠤ᠃ ᠡᠢᠮᠦ ᠦᠭᠡ ᠶ᠋ᠢ ᠬᠠᠮᠢᠭ᠎ᠠ ᠴᠣ ᠵᠠᠳᠠᠷᠠᠭᠤᠯᠬᠤ ᠶᠣᠰᠣᠨ ᠦᠭᠡᠢ᠂ ᠲᠠ ᠥᠪᠡᠷ ᠢ᠋ᠶ᠋ᠡᠨ ᠲᠣᠯᠢᠯᠠᠨ ᠪᠣᠢ ᠢ᠎ᠠ ᠬᠡᠮᠡᠪᠡᠰᠦ᠂ ᠨᠠᠰᠤᠨᠪᠠᠲᠤ ᠵᠥᠪᠰᠢᠶᠡᠷᠡᠨ ᠲᠡᠷᠢᠭᠦᠨ ᠢ᠋ ᠭᠡᠭᠡᠵᠦ ᠰᠡᠳᠬᠢᠷᠦᠨ᠂ ᠬᠠᠢ ᠬᠦᠩ ᠶᠧ ᠶ᠋ᠢᠨ ᠦᠭᠡ ᠵᠥᠪ ᠠᠵᠢ᠃ ᠡᠶᠡᠯᠳᠡᠭ ᠨᠠᠢᠷᠰᠠᠭ ᠠᠭᠠᠰᠢ ᠪᠠᠢᠳᠠᠯ ᠲᠠᠢ ᠵᠥᠭᠡᠯᠡᠨ ᠦᠭᠡ ᠲᠡᠢ ᠡᠨᠡ ᠡᠪᠦᠭᠡᠨ ᠺᠦᠩᠽᠢ ᠶ᠋ᠢᠨ ᠪᠢᠴᠢᠭ ᠵᠣᠬᠢᠶᠠᠯ ᠢ᠋ ᠶᠡᠬᠡᠳᠡ ᠦᠵᠡᠭᠰᠡᠨ ᠬᠥᠮᠦᠨ᠂ ᠬᠠᠷᠠᠴᠢᠨ ᠠᠢᠮᠠᠭ ᠤ᠋ᠨ ᠡᠷᠳᠡᠮ ᠴᠢᠳᠠᠯ ᠪᠦᠬᠦᠢ ᠬᠥᠮᠦᠨ ᠦ᠌ ᠨᠢᠭᠡ ᠨᠢ ᠪᠥᠭᠡᠳ ᠮᠠᠨᠵᠤ ᠶ᠋ᠢᠨ ᠮᠠᠰᠢ ᠤᠪ ᠲᠠᠢ ᠵᠠᠯᠢ ᠲᠠᠢ ᠲᠥᠷᠥ ᠶ᠋ᠢᠨ ᠪᠣᠳᠣᠯᠭᠠᠲᠠᠨ ᠰᠢᠳᠠᠷ ᠰᠠᠢᠳ ᠤ᠋ᠳ ᠲᠠᠢ ᠨᠠᠰᠤᠨ ᠲᠤᠷᠬᠠᠷ ᠦᠵᠡᠯᠴᠡᠵᠦ ᠶᠠᠪᠤᠭᠰᠠᠨ ᠬᠥᠮᠦᠨ ᠶᠡᠬᠡᠯ᠎ᠡ(ᠶᠡᠬᠡ ᠯᠡ) ᠬᠠᠰᠢᠷ ᠬᠥᠭᠰᠢᠨ ᠴᠢᠨᠣ᠎ᠠ ᠪᠠᠢᠬᠤ ᠶᠣᠰᠣᠲᠠᠢ᠃ ᠪᠢ ᠴᠦ᠍ ᠲᠤᠰ ᠶᠠᠮᠤᠨ ᠳ᠋ᠤ᠌ ᠬᠣᠰᠢᠭᠠᠳ ᠰᠠᠷ᠎ᠠ ᠪᠢᠴᠢᠭᠡᠴᠢ ᠶ᠋ᠢᠨ ᠠᠯᠪᠠ ᠬᠠᠭᠠᠬᠤ ᠵᠠᠪᠰᠠᠷ ᠨᠡᠯᠢᠶᠡᠳ ᠶᠠᠭᠤᠮ᠎ᠠ ᠭᠠᠳᠠᠷᠯᠠᠵᠤ᠂ ᠤᠷᠢᠳᠤ ᠠᠯᠤᠰ ᠬᠣᠯᠠ ᠭᠠᠵᠠᠷ ᠠ᠋ᠴᠠ ᠠᠩᠬᠠᠷᠤᠨ ᠪᠣᠳᠣᠵᠤ ᠪᠠᠢᠭᠰᠠᠨ ᠠ᠋ᠴᠠ ᠨᠡᠯᠢᠶᠡᠳ ᠥᠭᠡᠷ᠎ᠡ ᠪᠣᠯᠤᠭᠰᠠᠨ ᠪᠢᠰᠢᠦ᠂ ᠭᠡᠪᠡᠴᠦ ᠮᠢᠨᠦ ᠤᠯᠤᠰ ᠬᠡᠴᠢᠨᠡᠨ ᠬᠣᠴᠣᠷᠤᠭᠳᠠᠵᠤ ᠲᠥᠷᠥ ᠶ᠋ᠢᠨ ᠡᠷᠬᠡ ᠠᠰᠢᠭ ᠤ᠋ᠨ ᠵᠢᠯᠣᠭᠣ ᠪᠠᠷᠢᠭᠰᠠᠨ ᠬᠥᠮᠦᠨ ᠬᠡᠴᠢᠨᠡᠨ ᠮᠤᠩᠬᠠᠭ ᠪᠣᠯᠪᠠᠴᠤ᠂ ᠪᠢ ᠡᠪᠦᠭᠡᠳ ᠳᠡᠭᠡᠳᠦᠰ ᠦ᠋ᠨ ᠢ᠋ᠶ᠋ᠡᠨ ᠨᠤᠲᠤᠭ ᠲᠤ᠌ ᠠᠵᠤ ᠲᠥᠷᠥᠨ ᠵᠢᠳᠬᠦᠵᠦ ᠲᠦᠮᠡᠨ ᠠᠷᠠᠳ ᠯᠤᠭ᠎ᠠ ᠪᠠᠨ ᠵᠣᠪᠠᠯ ᠵᠢᠷᠭᠠᠯ ᠢ᠋ ᠬᠠᠮᠲᠤᠳᠬᠠᠨ ᠡᠳ᠋ᠯᠡᠨ᠎ᠡ ᠭᠡᠵᠦ ᠪᠣᠳᠣᠪᠠ᠃ 
       ᠬᠠᠢᠰᠠᠨ᠂ ᠬᠤᠷᠤᠭᠤ ᠶ᠋ᠢ ᠤᠶᠠᠨ ᠪᠣᠯᠭᠠᠬᠤ ᠳ᠋ᠤ᠌ ᠬᠡᠷᠡᠭᠯᠡᠳᠡᠭ᠂ ᠳᠣᠲᠣᠷ᠎ᠠ ᠪᠠᠨ ᠪᠥᠭᠡᠷᠡᠩᠬᠡᠢ ᠲᠡᠮᠦᠷ ᠲᠡᠢ ᠬᠥᠨᠳᠡᠢ ᠵᠤᠵᠠᠭᠠᠨ᠂ ᠬᠡᠮᠵᠢᠶ᠎ᠡ ᠭᠠᠯᠠᠭᠤᠨ ᠤ᠋ ᠥᠨᠳᠡᠭᠡ ᠶ᠋ᠢᠨ ᠬᠢᠷᠢᠲᠡᠢ ᠬᠣᠶᠠᠷ ᠲᠡᠮᠦᠷ ᠮᠥᠬᠥᠯᠢᠭ ᠢ᠋ ᠬᠠᠩᠭᠢᠨᠠᠭᠤᠯᠤᠨ ᠡᠷᠭᠢᠭᠦᠯᠵᠦ᠂ ᠨᠠᠰᠤᠨᠪᠠᠲᠤ ᠶ᠋ᠢᠨ ᠰᠠᠨᠠᠭ᠎ᠠ ᠶ᠋ᠢ ᠬᠡᠳᠦᠢᠨ ᠮᠡᠳᠡᠭᠰᠡᠨ ᠠᠳᠠᠯᠢ ᠥᠭᠦᠯᠡᠷᠦᠨ᠄ 
       — ᠪᠢ ᠲᠠᠨ ᠳ᠋ᠤ᠌ ᠰᠠᠢᠨ ᠢ᠋ ᠬᠦᠰᠡᠵᠦ ᠨᠢᠭᠡᠨ ᠵᠦᠢᠯ ᠦᠭᠡ ᠰᠠᠨᠠᠭᠤᠯᠤᠶ᠎ᠠ᠃ ᠲᠠ ᠮᠠᠨᠠᠢ ᠬᠤᠰᠢᠭᠤᠨ ᠳ᠋ᠤ᠌ ᠣᠴᠢᠪᠠᠯ ᠶᠠᠮᠠᠷ? ᠪᠢᠳᠡ ᠲᠡᠨᠳᠡ ᠪᠢᠴᠢᠬᠠᠨ ᠴᠢᠯᠠᠭᠤᠨ ᠢ᠋ᠶ᠋ᠠᠷ ᠤ᠋ᠨ ᠭᠠᠵᠠᠷ ᠪᠠᠢᠭᠤᠯᠵᠤ ᠪᠠᠭᠠᠴᠤᠳ ᠵᠠᠯᠠᠭᠤᠰ ᠢ᠋ ᠰᠤᠷᠭᠠᠨ ᠬᠥᠮᠦᠵᠢᠭᠦᠯᠬᠦ ᠪᠢᠴᠢᠭ ᠳᠡᠪᠲᠡᠷ ᠳᠠᠷᠤᠮᠠᠯᠯᠠᠨ ᠭᠠᠷᠭᠠᠵᠤ ᠪᠣᠯᠤᠨ᠎ᠠ᠃ ᠲᠡᠭᠡᠪᠡᠯ ᠲᠠᠨᠠᠢ(ᠲᠠᠨ ᠤ᠋) ᠵᠣᠬᠢᠶᠠᠨ ᠪᠢᠴᠢᠭᠰᠡᠨ ᠪᠢᠴᠢᠭ ᠳᠡᠪᠲᠡᠷ ᠪᠡᠭᠡᠵᠢᠩ᠂ ᠬᠥᠬᠡ ᠬᠣᠲᠠ᠂ ᠨᠠᠷᠳᠠᠨ ᠳ᠋ᠡᠷᠭᠡ᠂ ᡀᠠᠰᠠ ᠠ᠋ᠴᠠ ᠪᠠᠷ ᠤ᠋ᠨ ᠨᠣᠮ ᠡᠨᠡ ᠭᠠᠵᠠᠷ ᠢᠷᠡᠳᠡᠭ ᠲᠡᠢ ᠠᠳᠠᠯᠢ ᠮᠥᠨ ᠡᠭᠦᠪᠡᠷ ᠳᠡᠯᠭᠡᠷᠡᠨ ᠨᠡᠪᠲᠡᠷᠡᠵᠦ ᠪᠣᠯᠤᠨ᠎ᠠ᠃ ᠲᠠ ᠮᠠᠨᠠᠢ(ᠮᠠᠨ ᠤ᠋) ᠨᠤᠲᠤᠭ ᠲᠤ᠌ ᠣᠴᠢᠪᠠᠯ ᠰᠤᠷᠭᠠᠭᠤᠯᠢ ᠶ᠋ᠢᠨ ᠪᠠᠭᠰᠢ ᠣᠯᠠᠨ ᠳ᠋ᠤ᠌ ᠬᠦᠨᠳᠦᠲᠡᠢ ᠪᠢᠴᠢᠭ ᠦ᠋ᠨ ᠬᠥᠮᠦᠨ ᠪᠣᠯᠵᠤ᠂ ᠲᠠᠨ ᠤ᠋ ᠱᠠᠪᠢ ᠨᠠᠷ ᠤ᠋ᠨ ᠳᠣᠲᠣᠷ᠎ᠠ ᠠ᠋ᠴᠠ ᠰᠠᠢᠨ ᠬᠥᠮᠦᠨ᠂ ᠴᠢᠳᠠᠯᠲᠠᠢ ᠵᠠᠯᠠᠭᠤᠴᠤᠳ ᠭᠠᠷᠪᠠᠰᠤ ᠡᠨᠡ ᠭᠠᠵᠠᠷ ᠢᠷᠡᠵᠦ ᠠᠷᠠᠳ ᠣᠯᠠᠨ ᠤ᠋ ᠦᠷ᠎ᠡ ᠬᠡᠦᠬᠡᠳ ᠢ᠋ ᠡᠷᠳᠡᠮ ᠨᠣᠮ ᠳ᠋ᠤ᠌ ᠰᠤᠷᠭᠠᠬᠤ ᠶᠠᠭᠤᠨ ᠤ᠋ ᠮᠠᠭᠠᠳ᠃ ᠮᠠᠨᠠᠢ ( ᠮᠠᠨ ᠤ᠋)ᠭᠠᠵᠠᠷ ᠯᠠᠮᠠ ᠬᠥᠮᠦᠨ ᠴᠥᠭᠡᠬᠡᠨ ᠪᠥᠭᠡᠳ ᠡᠨᠳᠡᠬᠢ ᠶ᠋ᠢᠨ ᠠᠳᠠᠯᠢ ᠱᠠᠰᠢᠨ ᠲᠥᠷᠥ ᠶ᠋ᠢᠨ ᠬᠠᠮᠤᠭ ᠡᠷᠬᠡ ᠶ᠋ᠢ ᠲᠠᠰᠤ ᠠᠳᠬᠤᠳᠠᠭ ᠦᠭᠡᠢ᠃ 
       ᠲᠡᠮᠡᠭᠡ ᠬᠠᠷᠢᠭᠤᠯᠳᠠᠭ ᠬᠥᠮᠦᠨ᠂ ᠪᠤᠤᠷ᠎ᠠ ᠶ᠋ᠢᠨ ᠢ᠋ᠶ᠋ᠡᠨ ᠵᠠᠩ ᠢ᠋ ᠠᠨᠳᠤᠳᠠᠭ (ᠠᠨᠳᠠᠳᠠᠭ) ᠦᠭᠡᠢ ᠭᠡᠳᠡᠭ᠃ ᠮᠢᠨᠦ ᠦᠵᠡᠬᠦ ᠳ᠋ᠦ᠍ ᠣᠳᠣ ᠪᠠᠢᠭ᠎ᠠ ᠡᠨᠡ ᠨᠢᠭᠡᠨ ᠦᠶ᠎ᠡ ᠶ᠋ᠢᠨ ᠨᠣᠶᠠᠳ᠂ ᠡᠷᠳᠡᠮ ᠲᠡᠢ ᠰᠤᠷᠭᠠᠯ ᠲᠠᠢ ᠬᠥᠮᠦᠨ ᠢ᠋ ᠮᠠᠯᠠᠭᠠᠢ ᠳᠡᠭᠡᠷ᠎ᠡ ᠪᠡᠨ ᠤᠯᠠᠭᠠᠨ ᠡᠷᠳᠡᠨᠢ ᠶ᠋ᠢᠨ ᠴᠢᠯᠠᠭᠤ᠂ ᠰᠢᠷᠡᠭᠡᠨ ᠳᠡᠭᠡᠷ᠎ᠡ ᠪᠡᠨ ᠬᠡᠳᠦᠨ ᠵᠠᠭᠤᠨ ᠡᠷᠦᠬᠡ ᠠᠯᠪᠠᠲᠤ ᠬᠠᠮᠵᠢᠯᠭ᠎ᠠ ᠵᠠᠬᠢᠷᠤᠭᠴᠢ ᠮᠥᠩᠭᠥᠨ ᠲᠠᠮᠠᠭ᠎ᠠ ᠦᠭᠡᠢ ᠠᠪᠠᠰᠤ ᠳᠠᠩ ᠭᠠᠭᠴᠠ ᠡᠷᠳᠡᠮ ᠴᠢᠳᠠᠯ ᠢ᠋ᠶ᠋ᠠᠷ ᠨᠢ ᠬᠦᠨᠳᠦᠳᠬᠡᠨ ᠦᠵᠡᠬᠦ ᠡᠴᠡ ᠶᠡᠬᠡᠯ᠎ᠡ (ᠶᠡᠬᠡ ᠯᠡ) ᠬᠣᠯᠠ ᠬᠡᠪᠲᠡᠵᠦ ᠪᠠᠢᠨ᠎ᠠ᠃ ᠲᠡᠢᠮᠦ ᠡᠷᠳᠡᠮ᠂ ᠡᠷᠬᠡ ᠰᠤᠷᠭᠠᠯ᠂ ᠬᠡᠷᠬᠢᠮ(ᠬᠡᠷᠬᠡᠮ) ᠬᠣᠣᠰᠯᠠᠭᠰᠠᠨ ᠡᠷᠳᠡᠮᠲᠡᠨ ᠪᠠᠢᠮᠠᠨᠵᠢᠨ᠂ ᠡᠢᠮᠦᠰ ᠨᠣᠶᠠᠳ ᠲᠡᠷᠡ ᠬᠥᠮᠦᠨ ᠦ᠌ ᠡᠷᠳᠡᠮ ᠰᠤᠷᠭᠠᠯ ᠢ᠋ ᠡᠷᠬᠢᠮᠯᠡᠨ ᠰᠢᠲᠦᠪᠡ ᠭᠡᠬᠦ ᠤᠤ᠂ ᠡᠷᠬᠡ ᠬᠡᠷᠬᠡᠮ ᠢ᠋ ᠡᠷᠬᠢᠮᠯᠡᠨ ᠰᠢᠲᠦᠪᠡ ᠭᠡᠬᠦ ᠤᠤ? ᠪᠣᠭᠳᠠ ᠬᠠᠭᠠᠨ ᠤ᠋ ᠵᠠᠷᠯᠢᠭ ᠲᠤ᠌ ᠮᠡᠬᠦᠰ ᠬᠥᠮᠦᠨ ᠢ᠋ ᠳᠥᠷᠪᠡᠨ ᠬᠠᠨ ᠤ᠋ ᠡᠮᠦᠨ᠎ᠡ ᠣᠨᠴᠣᠭᠣᠢᠯᠠᠨ(ᠣᠨᠴᠠᠭᠠᠢᠯᠠᠨ) ᠳᠤᠷᠠᠳᠴᠤ᠂ ᠴᠢᠩ ᠵᠢᠳᠬᠦᠯᠳᠦ ᠴᠣᠯᠠ᠂ ᠦᠶ᠎ᠡ ᠤᠯᠠᠷᠢᠨ ᠵᠠᠯᠭᠠᠮᠵᠢᠯᠠᠬᠤ ᠤᠯᠤᠰ ᠲᠤ᠌ ᠲᠤᠰᠠᠯᠠᠭᠴᠢ ᠬᠦᠩ ᠦ᠋ᠨ ᠵᠡᠷᠭᠡ᠂ ᠬᠦᠷᠡᠩ ᠵᠢᠯᠣᠭᠣ᠂ ᠠᠷᠤ ᠮᠣᠩᠭᠣᠯ ᠳ᠋ᠤ᠌ ᠥᠷᠲᠡᠭᠡ ᠬᠡᠷᠡᠭᠯᠡᠬᠦ ᠡᠷᠬᠡ ᠱᠠᠩᠨᠠᠨ ᠣᠯᠭᠣᠭᠰᠠᠨ ᠠ᠋ᠴᠠ ᠬᠣᠢᠰᠢ᠂ ᠣᠯᠠᠨ ᠲᠦᠰᠢᠮᠡᠯ᠂ ᠨᠠᠳᠠ ᠠ᠋ᠴᠠ ᠵᠡᠷᠭᠡ ᠬᠡᠷᠬᠡᠮ ᠳᠠᠪᠠᠭᠤ ᠨᠣᠶᠠᠳ᠂ ᠯᠤᠤᠯᠢ᠂ ᠬᠠᠮᠬᠠᠭ᠂ ᠰᠢᠷᠠᠯᠵᠢ ᠤᠷᠭᠤᠭᠰᠠᠨ ᠡᠨᠡ ᠬᠠᠰᠢᠶᠠᠨ ᠤ᠋ ᠬᠠᠭᠠᠯᠭᠠᠨ ᠠ᠋ᠴᠠ ᠮᠢᠨᠦ ᠭᠡᠷ ᠬᠦᠷᠲᠡᠯ᠎ᠡ ᠴᠤᠪᠤᠭᠰᠠᠭᠠᠷ ᠵᠠᠮ ᠭᠠᠷᠭᠠᠵᠠᠢ᠃ ᠭᠡᠲᠡᠯ᠎ᠡ ᠲᠡᠷᠡ ᠵᠠᠷᠯᠢᠭ ᠤ᠋ᠨ ᠡᠮᠦᠨ᠎ᠡ ᠨᠠᠮᠠᠶ᠋ᠢ(ᠨᠠᠮ᠎ᠠ ᠶ᠋ᠢ) ᠨᠢᠳᠦᠨ ᠦ᠌ ᠴᠠᠭᠠᠨ ᠢ᠋ᠶ᠋ᠠᠷ ᠬᠠᠷᠠᠵᠤ᠂ ᠬᠠᠷᠠᠴᠢᠨ ᠤ᠋ ᠥᠴᠦᠬᠡᠨ ᠨᠢᠭᠡᠨ ᠪᠢᠴᠢᠭ ᠦ᠋ᠨ ᠬᠥᠮᠦᠨ ᠢ᠋ ᠣᠭᠲᠣ ᠲᠣᠭᠣᠬᠤ ᠦᠭᠡᠢ ᠪᠠᠢᠭᠰᠠᠨ ᠪᠢᠯᠡ᠃ ᠲᠡᠷᠡ ᠵᠠᠷᠯᠢᠭ ᠤ᠋ᠨ ᠪᠢᠴᠢᠭ ᠨᠠᠳᠠ ᠳ᠋ᠤ᠌ ᠡᠷᠳᠡᠮ ᠴᠢᠳᠠᠯ ᠨᠡᠮᠡᠵᠦ᠂ ᠰᠤᠷᠤᠯᠭ᠎ᠠ— ᠠᠰᠠᠭᠤᠯᠭ᠎ᠠ ᠶ᠋ᠢ ᠯᠠᠪ ᠨᠡᠭᠡᠭᠡᠭᠳᠡᠭᠦᠯᠵᠦ ᠥᠭᠭᠦᠭᠰᠡᠨ ᠵᠦᠢᠯ ᠨᠢᠭᠡ ᠴᠦ᠍ ᠦᠭᠡᠢ᠃  ᠭᠠᠭᠴᠠᠬᠦ (ᠭᠠᠭᠴᠠ ᠬᠦ᠌) ᠨᠠᠳᠠ ᠠ᠋ᠴᠠ ᠵᠡᠷᠭᠡ ᠬᠡᠷᠬᠡᠮ ᠴᠣᠯᠠ ᠲᠤᠰᠢᠶᠠᠯ ᠢ᠋ᠶ᠋ᠠᠷ ᠠᠬᠠᠯᠠᠭᠤ ᠬᠠᠭᠠᠳ ᠨᠣᠶᠠᠳ᠂ ᠣᠯᠠᠨ ᠸᠠᠩ ᠬᠦᠩ᠂ ᠨᠠᠮᠠᠶ᠋ᠢ(ᠨᠠᠮ᠎ᠠ ᠶ᠋ᠢ)ᠡᠪᠡᠷᠳᠡᠨ ᠰᠡᠭᠦᠯᠲᠡᠨ ᠦ᠌ ᠵᠡᠷᠭᠡ ᠳ᠋ᠦ᠍ ᠣᠷᠣᠵᠤ᠂ ᠳᠣᠲᠣᠭᠠᠳᠤ ᠶᠠᠮᠤᠨ ᠤ᠋ ᠲᠡᠷᠢᠭᠦᠨ ᠰᠠᠢᠳ ᠴᠢᠨ ᠸᠠᠩ᠂ ᠳᠠ ᠯᠠᠮᠠ ᠴᠡᠷᠡᠨᠴᠢᠮᠡᠳ ᠦ᠋ᠨ ᠪᠠᠷᠠᠭᠤᠨ ᠭᠠᠷ ᠪᠣᠯᠵᠤ᠂ ᠱᠠᠰᠢᠨ ᠲᠥᠷᠥ ᠳ᠋ᠦ᠍ ᠲᠤᠰᠠᠯᠠᠭᠴᠢ ᠰᠠᠢᠳ ᠯᠠᠮᠠ ᠪᠠᠷ ᠪᠠᠷᠠᠬᠤ ᠦᠭᠡᠢ᠂ ᠡᠨᠡ ᠬᠥᠮᠦᠨ ᠦ᠌ ᠦᠭᠡ ᠶ᠋ᠢ ᠣᠯᠠᠨ᠎ᠠ ᠡᠷᠭᠦᠭᠳᠡᠭᠰᠡᠨ᠂ ᠱᠠᠰᠢᠨ ᠢ᠋ ᠮᠠᠨᠳᠤᠭᠤᠯᠬᠤ᠂ ᠠᠮᠢᠲᠠᠨ ᠢ᠋ ᠵᠢᠷᠭᠠᠭᠤᠯᠤᠭᠴᠢ᠂ ᠠᠪᠤᠷᠠᠯ ᠢᠲᠡᠭᠡᠯ ᠬᠠᠮᠤᠭ ᠢ᠋ ᠠᠢᠯᠠᠳᠳᠤᠭᠴᠢ(ᠠᠢᠯᠠᠳᠤᠭᠴᠢ)᠂ ᠣᠷᠣᠢ ᠶ᠋ᠢᠨ ᠴᠢᠨᠳᠠᠮᠠᠨᠢ(ᠴᠢᠨᠳᠠᠮᠤᠨᠢ) ᠡᠷᠳᠡᠨᠢ᠂ ᠠᠷᠭ᠎ᠠ ᠪᠢᠯᠢᠭ ᠢ᠋ ᠬᠣᠣᠰᠯᠠᠨ ᠲᠠᠭᠠᠯᠠᠵᠤ ᠵᠣᠬᠢᠶᠠᠭᠰᠠᠨ᠂ ᠸᠴᠢᠷ ᠳᠠᠷ᠎ᠠ ᠭᠡᠲᠦᠯᠭᠡᠭᠴᠢ ᠪᠣᠭᠳᠠ ᠭᠡᠭᠡᠬᠡᠨ᠂ ᠱᠠᠰᠢᠨ ᠲᠥᠷᠥ ᠶ᠋ᠢ ᠬᠣᠣᠰᠯᠠᠨ ᠪᠠᠷᠢᠭᠴᠢ ᠮᠣᠩᠭᠣᠯ ᠤᠯᠤᠰ ᠤ᠋ᠨ ᠡᠵᠡᠨ ᠬᠠᠭᠠᠨ ᠴᠤ᠌ ᠠᠪᠳᠠᠭ ᠭᠡᠵᠦ ᠦᠵᠡᠵᠦ ᠪᠠᠢᠭ᠎ᠠ ᠬᠡᠷᠡᠭ ᠭᠡᠵᠦ ᠪᠣᠭᠳᠠ ᠶ᠋ᠢᠨ ᠰᠦᠷ ᠪᠠᠳᠠᠷᠠᠭᠤᠯᠤᠭᠰᠠᠨ ᠴᠣᠯᠠ ᠭᠤᠸᠠᠩᠰᠢᠨ ᠢ᠋ ᠶᠥᠭᠡ ᠭᠠᠷᠭᠠᠨ ᠳᠠᠭᠤᠳᠠᠵᠤ ᠥᠭᠦᠯᠡᠷᠦᠨ᠂ ᠮᠠᠭᠤ ᠶᠠᠭᠤᠮᠠᠨ ᠳ᠋ᠤ᠌᠂ ᠵᠢᠱ᠌ᠢᠶᠡᠯᠡᠪᠡᠯ ᠲᠡᠳᠡᠭᠡᠷ ᠨᠣᠶᠠᠳ ᠲᠦᠰᠢᠮᠡᠳ ᠢ᠋ ᠲᠦᠯᠬᠢᠨ ᠤᠨᠠᠭᠠᠵᠤ᠂ ᠣᠷᠣ ᠶ᠋ᠢ ᠨᠢ ᠥᠭᠡᠷ᠎ᠡ ᠨᠢᠭᠡᠨ ᠬᠥᠮᠦᠨ  ᠳ᠋ᠦ᠍ ᠰᠤᠯᠠᠯᠠᠵᠤ ᠥᠭᠬᠦ ᠳ᠋ᠦ᠍ ᠮᠢᠨᠦ ᠲᠤᠰᠢᠶᠠᠯ ᠴᠣᠯᠠ᠂ ᠵᠡᠷᠭᠡ ᠬᠡᠷᠬᠡᠮ ᠦᠨᠡᠬᠡᠷ ᠬᠦᠴᠦ ᠬᠦᠷᠬᠦ ᠪᠠᠢᠨ᠎ᠠ᠃ ᠬᠥᠮᠦᠨ ᠢ᠋ ᠬᠠᠷᠠᠯᠠᠭᠤᠯᠵᠤ᠂ ᠪᠠᠩᠵᠠ ᠱᠠᠬᠠᠢ ᠶ᠋ᠢᠨ ᠵᠣᠪᠠᠯᠠᠩ ᠳ᠋ᠤ᠌ ᠡᠷᠡᠰᠳᠦᠭᠦᠯᠬᠦ ᠳ᠋ᠦ᠍ ᠴᠢᠳᠠᠯ ᠬᠦᠴᠦ ᠪᠠᠷᠲᠠᠭ᠎ᠠ ᠪᠠᠷ ᠬᠦᠷᠬᠦ ᠪᠣᠢ᠃ ᠭᠡᠲᠡᠯ᠎ᠡ ᠮᠠᠨ ᠤ᠋ ᠳᠡᠯᠡᠬᠡᠢ ᠶᠠᠮᠠᠷ ᠬᠡᠯᠪᠡᠷᠢᠲᠡᠢ ᠪᠠᠢᠳᠠᠭ ᠪᠣᠢ? ᠶᠠᠮᠠᠷ ᠤᠯᠤᠰ ᠳᠡᠯᠡᠬᠡᠢ ᠳᠡᠭᠡᠷ᠎ᠡ ᠬᠠᠮᠢᠭ᠎ᠠ ᠣᠷᠣᠰᠢᠳᠠᠭ ᠢ᠋ ᠦᠵᠡᠭᠦᠯᠵᠦ᠂ ᠬᠥᠮᠦᠨ ᠦ᠌ ᠨᠢᠳᠦ ᠨᠡᠭᠡᠭᠡᠵᠦ ᠥᠭᠬᠦ ᠲᠠᠨ ᠤ᠋ ᠬᠡᠳᠦᠨ ᠳᠡᠪᠲᠡᠷ ᠦ᠋ᠨ ᠶᠠᠳᠠᠬᠤ ᠳ᠋ᠠᠭᠠᠨ ᠭᠠᠭᠴᠠ ᠶ᠋ᠢ ᠴᠦ᠍ ᠳᠠᠷᠤᠮᠠᠯ ᠪᠣᠯᠭᠠᠵᠤ ᠥᠭᠬᠦ ᠴᠢᠳᠠᠯ ᠬᠦᠴᠦ ᠨᠠᠳᠠ ᠳ᠋ᠤ᠌ ᠬᠦᠷᠬᠦ ᠦᠭᠡᠢ ᠪᠠᠢᠭ᠎ᠠ ᠶ᠋ᠢ ᠲᠠ ᠪᠣᠳᠣᠭᠠᠳ ᠦᠵᠡ᠃ ᠲᠠᠨ  ᠢ᠋ ᠮᠠᠨᠠᠢ ᠬᠤᠰᠢᠭᠤᠨ ᠳ᠋ᠤ᠌ ᠣᠴᠢᠵᠤ  ᠰᠠᠭᠤᠨᠠᠤ ᠭᠡᠵᠦ ᠮᠢᠨᠦ ᠤᠷᠢᠨ ᠵᠠᠯᠠᠵᠤ ᠪᠠᠢᠭ᠎ᠠ ᠤᠴᠢᠷ ᠰᠢᠯᠲᠠᠭᠠᠨ ᠡᠭᠦᠨ᠎ᠡ ᠪᠣᠢ᠃ ᠪᠢ ᠦᠵᠡᠪᠡᠯ ᠲᠠ ᠳᠠᠩᠴᠢ ᠰᠢᠳᠤᠷᠭᠤ ᠴᠠᠭ ᠬᠥᠮᠦᠨ᠃ ᠲᠡᠷᠡ ᠤᠴᠢᠷ ᠠ᠋ᠴᠠ ᠡᠨᠡ ᠭᠠᠵᠠᠷ᠂ ᠡᠨᠡ ᠨᠣᠶᠠᠳ ᠪᠠᠢᠭ᠎ᠠ ᠴᠠᠭ ᠲᠤ᠌᠂ ᠲᠠ ᠬᠡᠴᠢᠨᠡᠨ ᠵᠢᠳᠬᠦᠪᠡᠴᠦ ᠲᠤᠰᠠ ᠶ᠋ᠢ ᠣᠯᠵᠤ ᠴᠢᠳᠠᠬᠤ ᠦᠭᠡᠢ᠂ ᠳᠡᠮᠡᠢ ᠯᠡ ᠪᠡᠶ᠎ᠡ ᠰᠡᠳᠬᠢᠯ ᠦ᠋ᠨ ᠬᠦᠴᠦᠨ ᠢ᠋ ᠲᠠᠯᠠᠭᠠᠷ ᠰᠦᠢᠳᠬᠡᠬᠦ ᠪᠢᠵᠡ᠃  ᠲᠠᠨᠠᠢ ᠵᠠᠩ ᠠᠪᠤᠷᠢ ᠶ᠋ᠢ ᠦᠵᠡᠬᠦᠯ᠎ᠡ᠂ ᠵᠠᠰᠠᠭ ᠤ᠋ᠨ ᠡᠷᠬᠡ ᠪᠠᠷᠢᠪᠠ ᠭᠡᠵᠦ ᠬᠡᠢ ᠦᠵᠡᠭᠳᠡᠯ ᠳ᠋ᠦ᠍ ᠡᠷᠡᠮᠰᠢᠵᠦ᠂ ᠡᠭᠡᠯ ᠲᠥᠷᠥᠯᠬᠢᠲᠡᠨ ᠪᠦᠭᠦᠳᠡ ᠶ᠋ᠢ ᠮᠢᠨᠦ ᠰᠡᠦᠬᠡ ᠶ᠋ᠢᠨ ᠡᠮᠦᠨ᠎ᠡ ᠰᠥᠭᠥᠳ ᠭᠡᠵᠦ ᠪᠠᠢᠭ᠎ᠠ ᠮᠤᠩᠬᠠᠭ ᠬᠥᠮᠦᠰ ᠦ᠋ᠨ ᠡᠮᠦᠨ᠎ᠡ ᠵᠢᠰᠤᠷᠳᠠᠨ ᠪᠢᠯᠳᠠᠤᠴᠢᠯᠠᠵᠤ᠂ ᠲᠡᠳᠡᠨ ᠦ᠌ ᠠᠶᠠᠰ ᠢ᠋ ᠳᠠᠭᠠᠵᠤ᠂ ᠰᠠᠨᠠᠭᠠᠨ ᠳ᠋ᠤ᠌ ᠨᠡᠢᠯᠡᠭᠦᠯᠬᠦ ᠶ᠋ᠢ ᠲᠠ ᠬᠡᠷᠬᠢᠪᠡᠴᠦ ᠰᠡᠳᠬᠢᠯ ᠲᠦᠪᠳᠡᠬᠦ ᠦᠭᠡᠢ ᠪᠠᠢᠬ᠎ᠠ᠃ ᠡᠪᠡᠷᠳᠡᠨ ᠰᠡᠭᠦᠯᠳᠡᠨ᠂ ᠡᠭᠡᠯ ᠠᠷᠠᠳ᠂ ᠡᠩ ᠦ᠋ᠨ ᠬᠥᠮᠦᠨ  ᠢ᠋ ᠤᠬᠠᠭᠠᠨ ᠲᠠᠢ ᠡᠷᠳᠡᠮ ᠴᠢᠳᠠᠯ ᠲᠠᠢ ᠪᠠᠢᠪᠠᠯ ᠨᠢᠳᠦᠨ ᠳ᠋ᠡᠭᠡᠨ ᠦᠵᠡᠳᠡᠭ ᠦᠭᠡᠢ ᠪᠡᠷ ᠦᠯᠦ ᠪᠠᠷᠠᠮ᠂ ᠰᠡᠷᠭᠦᠯᠡᠩ ᠤᠬᠠᠭᠠᠨ ᠲᠠᠢ ᠡᠩ ᠦ᠋ᠨ ᠬᠥᠮᠦᠨ᠂ ᠲᠡᠳᠡᠨ ᠦ᠌ ᠭᠡᠮ ᠠᠯᠳᠠᠭ᠎ᠠ᠂ ᠡᠯᠳᠡᠪ ᠮᠠᠭᠤ ᠶ᠋ᠢ ᠨᠢ ᠠᠵᠢᠭᠯᠠᠨ ᠮᠡᠳᠡᠬᠦ ᠤᠬᠠᠭᠠᠨ ᠪᠢᠯᠢᠭᠲᠡᠢ ᠠᠪᠠᠰᠤ ᠪᠦᠷ ᠴᠦ᠍ ᠠᠳᠠ ᠦᠵᠡᠵᠦ᠂ ᠲᠡᠰᠬᠡᠯ ᠦᠭᠡᠢ ᠥᠰᠢᠨ᠎ᠡ᠃ ᠲᠡᠢᠮᠦ ᠶ᠋ᠢᠨ ᠲᠤᠯᠠ ᠲᠠᠨ ᠢ᠋ ᠨᠢᠳᠦᠨ ᠳ᠋ᠦ᠍ ᠣᠷᠣᠭᠰᠠᠨ ᠰᠣᠷᠮᠤᠤᠰᠤ᠂ ᠰᠢᠲᠦᠨ ᠳ᠋ᠦ᠍ ᠣᠷᠣᠭᠰᠠᠨ ᠮᠢᠬ᠎ᠠ ᠰᠢᠭ᠋ ᠠᠳᠠ ᠦᠵᠡᠬᠦ ᠠᠵᠢ ᠬᠡᠮᠡᠪᠡᠰᠦ᠂ 
       — ᠰᠠᠢᠨ ᠰᠡᠳᠬᠢᠯ ᠢ᠋ᠶ᠋ᠡᠷ ᠰᠤᠷᠭᠠᠨ ᠰᠡᠩᠬᠡᠷᠡᠭᠦᠯᠵᠦ᠂ ᠨᠤᠲᠤᠭ ᠲᠠᠭᠠᠨ( ᠲᠤ ᠪᠠᠨ) ᠠᠪᠠᠴᠢᠬᠤ ᠶ᠋ᠢ ᠬᠦᠰᠡᠭᠰᠡᠨ ᠳ᠋ᠦ᠍ ᠪᠢ ᠶᠡᠬᠡᠳᠡ ᠪᠠᠶᠠᠷᠯᠠᠪᠠ᠃ ᠬᠦᠩ — ᠶᠧ ᠲᠡᠢ ᠦᠭᠡ ᠬᠡᠯᠡᠯᠴᠡᠵᠦ᠂ ᠰᠤᠷᠭᠠᠯ ᠪᠣᠯᠬᠤ ᠶᠠᠭᠤᠮ᠎ᠠ ᠮᠠᠰᠢ ᠠᠷᠪᠢᠨ ᠢ᠋ᠶ᠋ᠠᠷ ᠣᠯᠵᠤ ᠠᠪᠤᠯ᠎ᠠ᠃ ᠲᠡᠭᠡᠪᠡᠴᠦ ᠮᠢᠨᠦ ᠪᠡᠶ᠎ᠡ ᠲᠥᠷᠥᠭᠰᠡᠨ ᠭᠠᠵᠠᠷ᠂ ᠤᠬᠢᠶᠠᠭᠰᠠᠨ ᠤᠰᠤ ᠠ᠋ᠴᠠ ᠬᠣᠯᠠᠳᠠᠬᠤ ᠦᠭᠡᠢ᠂ ᠨᠤᠲᠤᠭ ᠤᠰᠤᠨ ᠳ᠋ᠠᠭᠠᠨ ᠣᠷᠣᠰᠢᠨ ᠰᠠᠭᠤᠬᠤ ᠶ᠋ᠢ ᠲᠦᠮᠡᠨᠲᠡ ᠬᠦᠰᠡᠬᠦ ᠪᠢᠯᠡ ᠭᠡᠵᠦ ᠨᠠᠰᠤᠨᠪᠠᠲᠤ ᠶ᠋ᠢᠨ ᠰᠠᠯᠬᠤ ᠶᠣᠰᠣ ᠬᠢᠵᠦ ᠪᠣᠰᠤᠮᠠᠭᠴᠠ᠄
       — ᠪᠢ ᠲᠠᠨ ᠤ᠋ ᠰᠡᠳᠬᠢᠯ ᠢ᠋ ᠮᠡᠳᠡᠪᠡ᠃ ᠭᠡᠪᠡᠴᠦ᠂ ᠬᠡᠷᠪᠡ ᠲᠠ ᠮᠢᠨᠦ ᠰᠠᠨᠠᠭ᠎ᠠ ᠤᠷᠢᠶᠠᠯᠠᠯ ᠢ᠋ ᠨᠢᠭᠡᠨ ᠴᠠᠭ ᠲᠤ᠌ ᠵᠥᠪᠰᠢᠶᠡᠷᠡᠬᠦ ᠠᠪᠠᠰᠤ᠂ ᠤᠯᠠᠭᠠᠨ ᠬᠠᠳᠠ ᠳ᠋ᠠᠬᠢ ᠮᠢᠨᠦ ᠪᠢᠴᠢᠭ ᠦ᠋ᠨ ᠭᠡᠷ ᠢ᠋ ᠥᠪᠡᠷ ᠦ᠋ᠨ ᠪᠢᠴᠢᠭ ᠦ᠋ᠨ ᠭᠡᠷ ᠭᠡᠵᠦ ᠦᠵᠡᠬᠦ ᠠᠵᠢᠶᠠᠮᠤ ᠭᠡᠵᠦ ᠭᠡᠷ ᠦ᠋ᠨ ᠡᠵᠡᠨ ᠪᠣᠰᠴᠤ᠂ ᠵᠣᠴᠢᠨ ᠢ᠋ ᠡᠭᠦᠳᠡ ᠬᠦᠷᠲᠡᠯ᠎ᠡ ᠦᠳᠡᠵᠦ ᠶᠣᠰᠣᠯᠠᠯ ᠢ᠋ ᠭᠦᠢᠴᠡᠳᠬᠡᠪᠡ᠃  

 
— — — — 
 * ᠨᠣᠮ ᠦᠭᠡᠢ ᠬᠠᠭᠠᠨ ᠲᠢᠲᠢᠮ ᠵᠡᠭᠦᠭᠰᠡᠨ ᠡᠯᠵᠢᠭᠡ᠃( ᠢᠲ᠋ᠠᠯᠢ ᠶ᠋ᠢᠨ ᠵᠦᠢᠷ ᠦᠭᠡ)
 * * ᠮᠡᠷᠭᠡᠨ ᠬᠥᠮᠦᠨ᠎ᠡ ᠦᠢᠯᠡᠴᠢᠯᠡᠵᠦ᠂ ᠲᠡᠨᠡᠭ ᠦ᠋ᠳ ᠢ᠋ ᠦᠯᠦ ᠦᠢᠯᠡᠴᠢᠯᠡᠬᠦ ᠬᠦᠨᠳᠦᠳᠬᠡᠪᠡᠰᠦ ᠵᠣᠬᠢᠬᠤ ᠬᠥᠮᠦᠨ ᠢ᠋ 
       ᠬᠦᠨᠳᠦᠳᠬᠡᠨ ᠡᠷᠬᠢᠮᠯᠡᠬᠦ ᠢᠨᠦ᠂ ᠢᠷᠦᠭᠡᠯ ᠬᠤᠲᠤᠭ ᠤ᠋ᠨ ᠳᠡᠭᠡᠳᠦ ᠢᠨᠦ ᠪᠣᠯᠠᠢ᠃  
               ᠮᠠᠩᠭᠠᠯᠠᠰᠦ᠋ᠲ᠋ᠷᠠ(ᠭᠡᠳᠡᠭ ᠢᠷᠦᠭᠡᠯ ᠦ᠋ᠨ ᠰᠤᠳᠤᠷ ᠬᠡᠮᠡᠬᠦ ᠡᠨᠡᠳᠬᠡᠭ ᠵᠣᠬᠢᠶᠠᠯ)  
 * ᠴᠣᠮᠣ ᠭᠡᠵᠦ ᠠᠷᠢᠬᠢ ᠤᠤᠭᠤᠬᠤ ᠲᠣᠮᠣ ᠬᠤᠨᠳᠠᠭ᠎ᠠ ᠶ᠋ᠢᠨ ᠨᠡᠷ᠎ᠡ᠃ ᠵᠠᠰᠠᠭᠲᠤ ᠬᠠᠨ ᠢ᠋ ᠲᠡᠭᠡᠵᠦ ᠬᠣᠣᠷᠯᠠᠭᠰᠠᠨ ᠨᠢ ᠦᠨᠡᠨ ᠬᠡᠷᠡᠭ᠃ 
 *  *  ᠪᠠᠷᠠᠭᠤᠨ ᠳᠠᠯᠠᠢ ᠭᠡᠵᠦ ᠥᠷᠥᠨ᠎ᠡ ᠵᠦᠭ ᠪᠤᠶᠤ  ᠧᠦ᠋ᠷᠣᠫᠠ ᠨᠠᠷ ᠢ᠋ ᠵᠦᠢᠷᠯᠡᠨ ᠥᠭᠦᠯᠡᠵᠡᠢ᠃  

      ᠦᠰᠦᠭ ᠠᠮᠢᠯᠠᠭᠤᠯᠤᠭᠴᠢ᠄ ᠣᠶᠤᠨᠪᠠᠲᠤ᠂ ᠣᠶᠤᠨᠪᠢᠯᠢᠭ᠌᠂ ᠮᠧᠢ ᠬᠤᠸᠠ᠂ ᠲᠠᠪᠤᠨ ᠤᠰᠤ᠂ ᠰᠠᠷᠠᠨᠲᠤᠶᠠᠭ᠎ᠠ᠂
                                    ᠤᠢᠭᠤᠷᠵᠢᠨ·ᠣᠳᠬᠣᠨᠪᠠᠪᠠ᠂ ᠬᠡᠷᠡᠢᠳ· ᠵᠣᠯ
         ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠲ· ᠬᠦᠮᠦᠵᠢᠯᠲᠦ᠂ ᠬᠡᠷᠡᠢᠳ᠂ ᠵᠣᠯ᠂ ᠤᠢᠭᠤᠷᠵᠢᠨ·ᠣᠳᠬᠣᠨᠪᠠᠪᠠ᠂ ᠪᠠᠯ  
          ᠤᠩᠰᠢᠭᠴᠢ᠄ ᠨᠠᠰᠤᠨ᠌ᠦ᠌ᠯᠵᠡᠢ