ᠭᠤᠲᠠᠭᠠᠷ ᠪᠣᠲᠢ –ᠬᠣᠶᠠᠳᠤᠭᠠᠷ ᠪᠦᠯᠦᠭ <ᠳᠣᠯᠣᠭᠠ>
ᠠᠩᠴᠢᠨᠵᠠᠪ ᠪᠤᠭᠤᠲᠤ ᠳ᠋ᠤ᠌ ᠣᠷᠣᠬᠤ ᠳ᠋ᠤ᠌ ᠰᠥᠨᠢ ᠳᠦᠯᠢ ᠥᠩᠭᠡᠷᠡᠵᠦ ᠪᠠᠢᠯᠠ᠃ ᠡᠷᠲᠡᠴᠢ ᠲᠠᠬᠢᠶᠠ ᠶ᠋ᠢᠨ ᠭᠣᠭᠣᠭᠯᠠᠬᠤ ᠳᠠᠭᠤ ᠬᠣᠯᠠ ᠠ᠋ᠴᠠ ᠪᠦᠦᠷ ᠲᠦᠦᠷ ᠰᠣᠨᠣᠰᠳᠠᠵᠤ᠂ ᠲᠡᠭᠦᠨ ᠳ᠋ᠦ᠍ ᠪᠠᠷᠤᠭ ᠪᠠᠷᠰ ᠴᠠᠭ ᠪᠣᠯᠤᠭᠰᠠᠨ ᠢ᠋ ᠮᠡᠳᠡᠭᠡᠯᠡᠬᠦ ᠮᠡᠲᠦ ᠪᠠᠢᠪᠠ᠃
《ᠮᠠᠨᠴᠤᠷᠭᠠ ᠡᠨᠡ ᠬᠡᠳᠦᠨ ᠡᠳᠦᠷ ᠪᠤᠭᠤᠲᠤ ᠳ᠋ᠤ᠌ ᠪᠠᠢᠬᠤ ᠦᠭᠡᠢ᠁ ᠮᠣᠷᠢ ᠪᠠᠨ ᠨᠠᠳᠠ ᠦᠯᠡᠳᠡᠭᠡᠴᠢᠬᠡ!》 ᠭᠡᠵᠦ ᠬᠠᠷᠠ ᠨᠢᠳᠦᠲᠦ ᠶ᠋ᠢᠨ ᠬᠡᠯᠡᠭᠰᠡᠨ ᠦᠭᠡ ᠲᠡᠭᠦᠨ ᠦ᠌ ᠳᠣᠲᠣᠷᠠ ᠬᠠᠴᠢᠨ ᠡᠪ ᠦᠭᠡᠢ ᠰᠣᠨᠣᠰᠳᠠᠭᠰᠠᠨ ᠢ᠋ ᠬᠡᠯᠡᠬᠦ ᠦᠭᠡᠢ ᠲᠡᠭᠦᠨ ᠦ᠌ ᠠᠷᠤ ᠠ᠋ᠴᠠ ᠫᠤᠤᠳᠠᠭᠰᠠᠨ ᠢ᠋ ᠰᠠᠨᠠᠵᠤ᠂ ᠶᠠᠭᠤ ᠪᠣᠯᠤᠭᠰᠠᠨ ᠴᠦ᠍ ᠤᠷᠢᠳ ᠢ᠋ᠶ᠋ᠠᠷ ᠮᠠᠨᠴᠤᠷᠭᠠ ᠲᠠᠢ ᠠᠭᠤᠯᠵᠠᠬᠤ ᠪᠣᠳᠣᠯ ᠲᠡᠭᠦᠨ ᠢ᠋ ᠬᠥᠲᠥᠯᠵᠦ ᠮᠠᠨᠴᠤᠷᠭᠠ ᠶ᠋ᠢᠨ ᠣᠷᠣᠩᠨᠠᠳᠠᠭ ᠡᠭᠦᠳᠡᠨ ᠳ᠋ᠦ᠍ ᠢᠷᠡᠭᠦᠯᠪᠡ᠃
ᠡᠭᠦᠳᠡᠨ ᠳ᠋ᠡᠬᠢ ᠪᠦᠳᠦᠭᠦᠨ ᠲᠠᠩᠭᠤᠳ ᠴᠠᠭᠤᠷᠭᠠ《ᠮᠠᠨᠴᠤᠷᠭᠠ ᠪᠠᠢᠬᠤ ᠦᠭᠡᠢ ᠠ᠋》 ᠭᠡᠵᠦ ᠲᠡᠭᠦᠨ ᠳ᠋ᠦ᠍ ᠬᠡᠯᠡᠬᠦ ᠮᠡᠲᠦ ᠰᠠᠨᠠᠭᠳᠠᠭᠰᠠᠨ ᠳ᠋ᠤ᠌ ᠳᠣᠲᠣᠷᠠ ᠨᠢ ᠨᠢᠭᠡ ᠯᠡ ᠬᠣᠭᠣᠰᠣᠷᠠᠭᠰᠠᠨ ᠰᠢᠭ᠋ ᠮᠥᠯᠢᠢᠪᠡ᠃
ᠴᠢᠨᠠᠭᠰᠢ ᠶᠠᠪᠤᠵᠤ ᠪᠠᠯᠭᠠᠰᠤᠨ ᠤ᠋ ᠪᠠᠷᠠᠭᠤᠨ ᠵᠠᠬᠠ ᠶ᠋ᠢᠨ ᠮᠠᠭᠠᠵᠢ ᠶ᠋ᠢᠨ ᠴᠣᠬᠣᠷ ᠤ᠋ᠨ ᠬᠦᠷᠢᠶᠡᠨ ᠦ᠌ ᠡᠭᠦᠳᠡ ᠶ᠋ᠢ ᠲᠦᠯᠬᠢᠭᠰᠡᠨ ᠳ᠋ᠦ᠍ ᠳᠣᠲᠣᠷᠠ ᠠ᠋ᠴᠠ ᠪᠠᠨ ᠲᠦᠭᠵᠢᠶᠡᠰᠦᠲᠡᠢ᠃
— ᠮᠠᠭᠠᠵᠢ ᠭᠤᠸᠠᠢ ᠠ᠋᠂ ᠮᠠᠭᠠᠵᠢ ᠭᠤᠸᠠᠢ ᠡᠭᠦᠳᠡ ᠪᠡᠨ᠁ ᠭᠡᠵᠦ ᠠᠩᠴᠢᠨᠵᠠᠪ ᠲᠦᠭᠵᠢᠶᠡᠰᠦᠲᠡᠢ ᠡᠭᠦᠳᠡ ᠶ᠋ᠢ ᠲᠦᠯᠬᠢᠵᠦ ᠨᠡᠯᠢᠶᠡᠳ ᠤᠳᠠᠭᠠᠨ ᠬᠠᠰᠬᠢᠷᠤᠭᠰᠠᠨ ᠳ᠋ᠤ᠌ ᠴᠠᠭᠠᠨᠠ ᠠ᠋ᠴᠠ ᠪᠣᠷᠪᠢ ᠪᠠᠨ ᠴᠢᠷᠦᠭᠰᠡᠨ ᠨᠢᠭᠡ ᠬᠥᠮᠦᠨ ᠣᠢᠷᠠᠳᠴᠤ ᠢᠷᠡᠨ᠄
— ᠬᠡᠨ ᠪᠣᠢ? ᠣᠷᠣᠢ ᠬᠠᠷᠠᠩᠭᠤᠢ ᠪᠠᠷ ᠡᠭᠦᠳᠡ ᠪᠠᠯᠪᠠᠳᠠᠭ ᠨᠢ ᠶᠠᠮᠠᠷ ᠬᠠᠮᠢᠭᠠᠰᠢ ᠪᠠᠨ ᠭᠡᠭᠴᠢ⁈ ᠭᠡᠨᠡ᠃
— ᠮᠠᠭᠠᠵᠢ ᠵᠠᠩᠭᠤᠢᠳᠠ ᠪᠣᠢ ᠤᠤ?
— ᠮᠠᠨ ᠤ᠋ ᠵᠠᠩᠭᠤᠢᠳᠠ ᠣᠳᠣ ᠶᠠᠭ ᠲᠤᠭ ᠨᠣᠢᠷ ᠲᠠᠭᠠᠨ ᠪᠠᠢᠨᠠ᠃ ᠤᠴᠢᠷ ᠲᠠᠢ ᠪᠣᠯ ᠦᠷ ᠴᠠᠢᠭᠰᠠᠨ ᠬᠣᠢᠨᠠ ᠢᠷᠡ! ᠭᠡᠳ ᠨᠣᠢᠷᠮᠤᠭ ᠨᠢᠳᠦ ᠪᠡᠨ ᠨᠤᠬᠤᠯᠠᠭᠰᠠᠭᠠᠷ ᠪᠣᠷᠪᠢ ᠪᠠᠨ ᠴᠢᠷᠦᠨ ᠴᠠᠭᠠᠰᠢ ᠬᠡᠯᠲᠦᠷᠢᠨᠡ᠁
— ᠭᠦᠰᠢ᠂ ᠴᠢ ᠨᠠᠭᠠᠰᠢ ᠢᠷᠡᠭᠡᠴᠢ! ᠡᠨᠡ ᠶᠠᠭᠤ ᠪᠣᠢ? ᠭᠡᠳ ᠠᠩᠴᠢᠨᠵᠠᠪ ᠭᠠᠷ ᠳᠠᠬᠢ ᠴᠠᠭᠠᠨ ᠵᠣᠭᠣᠰ ᠢ᠋ᠶ᠋ᠠᠨ ᠦᠯᠢᠶᠡᠨᠡ᠃
— ᠦᠭᠡᠢ᠂ ᠶᠠᠮᠠᠷ ᠶᠠᠷᠰᠢᠭ ᠲᠠᠢ ᠬᠥᠮᠦᠨ ᠪᠣᠢ ᠴᠢ? ᠨᠠᠷᠠ ᠭᠠᠷᠤᠭᠰᠠᠨ ᠬᠣᠢᠨᠠ ᠢᠷᠡᠪᠡᠯ ᠶᠠᠭᠠᠬᠢᠳᠠᠭ ᠶᠤᠮ? ᠭᠡᠵᠦ ᠳᠦᠳᠦᠨᠡᠭᠰᠡᠭᠡᠷ ᠲᠡᠭᠦᠨ ᠳ᠋ᠦ᠍ ᠣᠢᠷᠠᠳᠴᠤ ᠢᠷᠡᠬᠦ ᠳ᠋ᠦ᠍ᠨᠢ ᠠᠩᠴᠢᠨᠵᠠᠪ ᠡᠭᠦᠳᠡᠨ ᠦ᠌ ᠵᠠᠪᠰᠠᠷ ᠢ᠋ᠶ᠋ᠠᠷ ᠮᠥᠩᠭᠥᠨ ᠵᠣᠭᠣᠰ ᠢ᠋ᠶ᠋ᠠᠨ ᠰᠢᠷᠭᠤᠭᠤᠯᠵᠤ᠄
— ᠡᠭᠦᠳᠡ ᠪᠡᠨ ᠨᠡᠭᠡᠭᠡᠭᠡᠴᠢ! ᠪᠢ ᠲᠠᠨ ᠤ᠋ ᠮᠠᠭᠠᠵᠢ ᠵᠠᠩᠭᠤᠢᠳᠠ ᠳ᠋ᠤ᠌ ᠴᠢᠨᠢ ᠬᠦᠨᠳᠦ ᠭᠠᠨᠵᠤᠭᠠ ᠲᠠᠢ ᠶᠠᠪᠤᠭᠠ ᠰᠢᠦ! ᠮᠠᠢ᠂ ᠮᠢᠨᠦ ᠥᠴᠦᠬᠡᠨ ᠰᠡᠳᠬᠢᠯ᠃ ᠮᠣᠷᠢ ᠬᠠᠷᠠ᠂ ᠭᠠᠨᠵᠤᠭᠠ ᠲᠡᠭᠦᠷᠭᠡ ᠪᠡᠨ ᠬᠦᠷᠢᠶᠡᠨ ᠳ᠋ᠦ᠍ ᠣᠷᠣᠭᠤᠯᠴᠢᠬᠠᠪᠠᠯ ᠰᠠᠨᠠᠭᠠ ᠠᠮᠤᠷ ᠪᠢᠰᠢ ᠤᠤ! ᠭᠡᠰᠡᠨ ᠳ᠋ᠦ᠍ ᠨᠥᠭᠦᠭᠡ ᠬᠥᠮᠦᠨ ᠡᠭᠦᠳᠡᠨ ᠦ᠌ ᠵᠠᠪᠰᠠᠷ ᠢ᠋ᠶ᠋ᠠᠷ ᠰᠢᠷᠭᠤᠭᠤᠯᠤᠭᠰᠠᠨ ᠮᠥᠩᠭᠥᠨ ᠵᠣᠭᠣᠰ ᠢ᠋ ᠱᠠᠯᠠᠪ ᠠᠪᠴᠤ ᠡᠪᠦᠷᠲᠦᠯᠡᠪᠡ᠃
ᠡᠭᠦᠳᠡᠨ ᠦ᠌ ᠳᠣᠲᠣᠷᠠ ᠲᠦᠭᠵᠢᠶᠡ ᠲᠠᠢᠯᠤᠭᠳᠠᠵᠤ ᠠᠩᠴᠢᠨᠵᠠᠪ ᠬᠦᠷᠢᠶᠡᠨ ᠳ᠋ᠦ᠍ ᠣᠷᠣᠯᠠ᠃
ᠮᠠᠭᠠᠵᠢ ᠶ᠋ᠢᠨ ᠴᠣᠬᠣᠷ ᠱᠣᠣᠮᠠᠢ ᠶ᠋ᠢᠨ ᠲᠠᠭᠲᠤ ᠳ᠋ᠠᠭᠠᠨ ᠠᠩᠴᠢᠨᠵᠠᠪ ᠢ᠋ ᠡᠷᠲᠡ ᠶ᠋ᠢᠨ ᠴᠠᠢ ᠤᠤᠭᠤᠯᠭᠠᠬᠤ ᠭᠡᠵᠦ ᠴᠠᠭᠠᠳᠤᠭᠤᠯᠠ ᠳ᠋ᠠᠭᠠᠨ ᠠᠯᠢ ᠡᠷᠲᠡ ᠵᠠᠬᠢᠴᠢᠬᠠᠭᠰᠠᠨ ᠪᠠᠢᠵᠠᠢ᠃ ᠲᠡᠭᠡᠬᠦ ᠳ᠋ᠦ᠍᠄
— ᠵᠠᠩᠭᠤᠢᠳᠠ ᠠ᠋! ᠴᠠᠢ ᠪᠡᠯᠡᠨ ᠪᠣᠯᠤᠭᠰᠠᠨ ᠭᠡᠵᠦ ᠲᠣᠯᠣᠭᠠᠢ ᠳ᠋ᠠᠭᠠᠨ ᠴᠠᠭᠠᠨ ᠲᠣᠭᠣᠷᠴᠣᠭ ᠲᠠᠢ ᠬᠢᠵᠢᠶᠡᠯ ᠨᠠᠰᠤᠨ ᠤ᠋ ᠬᠥᠮᠦᠨ ᠡᠭᠦᠳᠡ ᠣᠩᠭᠣᠢᠯᠭᠠᠨ ᠵᠠᠯᠠᠬᠤ ᠳ᠋ᠤ᠌ ᠮᠠᠭᠠᠵᠢ ᠶ᠋ᠢᠨ ᠴᠣᠬᠣᠷ《ᠵᠠ ᠬᠣᠶᠠᠭᠤᠯᠠ ᠴᠠᠢ ᠤᠤᠭᠤᠬᠤ ᠪᠠᠷ ᠶᠠᠪᠤᠶᠠ》 ᠭᠡᠵᠦ ᠲᠠᠭᠠᠯᠴᠠᠨ ᠭᠠᠷᠪᠠ᠃
ᠢᠪᠴᠤᠤᠬᠠᠨ ᠭᠤᠳᠤᠮᠵᠢ ᠥᠩᠭᠡᠢᠭᠰᠡᠨ ᠬᠣᠶᠠᠷ ᠳᠡᠭᠲᠡᠷ ᠮᠣᠳᠣᠨ ᠠᠰᠠᠷ ᠤ᠋ᠨ ᠱᠠᠲᠤ ᠪᠠᠷ ᠥᠭᠰᠥᠬᠦ ᠳ᠋ᠦ᠍ ᠥᠭᠡᠳᠡ ᠡᠴᠡ ᠱᠣᠣᠮᠠᠢ ᠶ᠋ᠢᠨ ᠦᠨᠦᠷ ᠬᠠᠩᠬᠤᠯᠤᠭᠰᠠᠨ ᠳ᠋ᠤ᠌ ᠨᠢᠭᠡ ᠡᠳᠦᠷ ᠨᠢᠭᠡ ᠰᠥᠨᠢ ᠬᠡᠯᠡᠨ ᠳᠡᠭᠡᠷᠡ ᠪᠡᠨ ᠨᠣᠢᠲᠠᠨ ᠶᠠᠭᠤᠮᠠ ᠲᠠᠯᠪᠢᠭᠠᠳᠤᠢ ᠪᠠᠨ ᠮᠡᠳᠡᠵᠦ ᠠᠩᠴᠢᠨᠵᠠᠪ ᠲᠦᠷᠭᠡᠨ ᠲᠦᠷᠭᠡᠨ ᠠᠯᠬᠤᠪᠠ᠃ ᠥᠨᠥᠬᠢ ᠴᠠᠭᠠᠨ ᠲᠣᠭᠣᠷᠴᠣᠭᠲᠤ᠂ ᠵᠠᠩᠭᠤᠢᠳᠠ ᠪᠣᠯᠤᠨ ᠵᠣᠴᠢᠨ ᠳ᠋ᠠᠭᠠᠨ ᠢᠳᠡᠭᠡᠰᠢᠭ ᠬᠠᠷᠠ ᠴᠠᠢ ᠥᠭᠴᠦ᠂ ᠵᠢᠵᠢᠭ ᠵᠢᠵᠢᠭᠬᠡᠨ ᠱᠠᠭᠠᠵᠠᠩ ᠲᠠᠪᠠᠭ ᠲᠤ ᠳᠠᠪᠤᠰᠤᠯᠠᠭᠰᠠᠨ ᠮᠠᠨᠵᠢᠨ᠂ ᠱᠣᠷᠪᠣᠭ ᠦᠬᠡᠷ ᠦ᠋ᠨ ᠮᠢᠬᠠ᠂ ᠪᠤᠷᠴᠠᠭ ᠵᠡᠷᠭᠡ ᠵᠠᠭᠤᠰᠢ ᠲᠠᠯᠪᠢᠵᠤ᠂ ᠳᠥᠷᠪᠡᠯᠵᠢᠨ ᠪᠥᠭᠰᠡ ᠲᠡᠢ ᠱᠠᠭᠠᠵᠠᠩ ᠬᠣᠣ ᠳ᠋ᠤ᠌ ᠠᠷᠢᠬᠢ ᠬᠠᠯᠠᠭᠠᠵᠤ ᠬᠤᠨᠳᠠᠭᠠᠯᠠᠪᠠ᠃
— ᠵᠠ᠂ ᠠᠶᠠᠨ ᠤ᠋ ᠴᠢᠯᠡᠭᠡ ᠶ᠋ᠢ ᠴᠢᠨᠢ ᠲᠠᠢᠯᠬᠤ ᠠᠩᠬᠠᠨ ᠤ᠋ ᠨᠢᠭᠡ ᠭᠡᠮ ᠭᠡᠳ ᠮᠠᠭᠠᠵᠢ ᠶ᠋ᠢᠨ ᠴᠣᠬᠣᠷ ᠠᠩᠴᠢᠨᠵᠠᠪ ᠲᠠᠢ ᠬᠤᠨᠳᠠᠭᠠ ᠲᠤᠯᠭᠠᠵᠤ ᠥᠪᠡᠷ ᠢ᠋ᠶ᠋ᠡᠨ ᠤᠷᠢᠳ ᠢ᠋ᠶ᠋ᠠᠷ ᠬᠥᠨᠲᠥᠷᠪᠡ᠃
ᠨᠢᠭᠡ ᠭᠡᠮ ᠠᠷᠢᠬᠢᠨ ᠤ᠋ ᠬᠦᠴᠦᠨ ᠳ᠋ᠦ᠍ ᠮᠠᠭᠠᠵᠢ ᠶ᠋ᠢᠨ ᠴᠣᠬᠣᠷ ᠤ᠋ᠨ ᠴᠢᠷᠠᠢ ᠭᠠᠯ ᠦᠵᠡᠭᠰᠡᠨ ᠬᠥᠲᠥᠰᠦ ᠰᠢᠭ ᠤᠯᠠᠮ ᠴᠦ᠍ ᠦᠵᠡᠯ ᠮᠠᠭᠤᠲᠠᠢ ᠦᠷᠴᠢᠯᠵᠡᠨ ᠠᠮᠠ ᠪᠠᠨ ᠢᠷᠪᠠᠢᠨ《ᠬᠠ᠁》 ᠭᠡᠵᠦ ᠬᠠᠷᠠ ᠠᠷᠢᠬᠢᠨ ᠤ᠋ ᠬᠦᠴᠦ ᠶ᠋ᠢ ᠭᠠᠳᠠᠭᠰᠢ ᠪᠠᠨ ᠦᠯᠢᠶᠡᠩᠬᠡᠨ ᠬᠣᠭᠣᠰᠣᠯᠠᠭᠰᠠᠨ ᠬᠤᠨᠳᠠᠭᠠ ᠪᠠᠨ ᠠᠩᠴᠢᠨᠵᠠᠪ ᠲᠠᠢᠰᠢ ᠲᠣᠩᠭᠣᠢᠯᠭᠠᠨ《ᠪᠢ ᠤᠤᠭᠤᠴᠢᠬᠠᠯᠠ ᠰᠢᠦ! ᠴᠢ ᠲᠦᠷᠭᠡᠨ ᠤᠤᠭᠤ!》 ᠭᠡᠵᠦ ᠲᠡᠭᠦᠨ ᠢ᠋ ᠱᠠᠯᠠᠭᠰᠠᠨ ᠰᠢᠭ᠋ ᠪᠣᠯᠪᠠ᠃
ᠪᠠᠷᠤᠭᠲᠠᠢ ᠳ᠋ᠤ᠌ ᠬᠠᠷᠠ ᠠᠷᠢᠬᠢ ᠬᠠᠪᠢᠳᠠᠭᠤᠯᠳᠠᠭ ᠦᠭᠡᠢ᠂ ᠠᠷᠢᠬᠢᠨ ᠤ᠋ ᠰᠢᠷᠡᠭᠡᠨ ᠳᠡᠭᠡᠷᠡ ᠬᠡᠵᠢᠶᠡᠳᠡ ᠰᠡᠷᠭᠡᠭ ᠪᠠᠢᠳᠠᠭ ᠮᠠᠭᠠᠵᠢ ᠶ᠋ᠢᠨ ᠴᠣᠬᠣᠷ ᠥᠨᠥᠳᠥᠷ ᠶᠠᠭᠠᠬᠢᠬᠤ ᠳ᠋ᠠᠭᠠᠨ ᠢᠩᠭᠢᠵᠦ ᠠᠷᠢᠬᠢᠨ ᠳ᠋ᠤ᠌ ᠵᠢᠷᠣᠭᠠ ᠪᠣᠯᠵᠤ ᠬᠠᠷᠠ ᠥᠷᠯᠥᠭᠡᠭᠦᠷ ᠠᠷᠢᠬᠢ ᠬᠠᠯᠠᠭᠠᠵᠤ᠂ ᠥᠯᠥᠨ ᠢ᠋ᠶ᠋ᠡᠷ ᠥᠪᠡᠷ ᠢ᠋ᠶ᠋ᠡᠨ ᠤᠷᠢᠳ ᠢ᠋ᠶ᠋ᠠᠷ ᠬᠥᠨᠲᠥᠷᠴᠢᠬᠡᠭᠡᠳ ᠪᠠᠰᠠ ᠬᠥᠮᠦᠨ ᠱᠠᠯᠠᠳᠠᠭ ᠪᠣᠯᠪᠠ? ᠭᠡᠵᠦ ᠠᠩᠴᠢᠨᠵᠠᠪ ᠬᠠᠴᠢᠷᠬᠠᠵᠤ《ᠯᠠᠪ ᠨᠢᠭᠡ ᠤᠴᠢᠷ ᠪᠣᠢ》 ᠭᠡᠵᠦ ᠪᠣᠳᠣᠨ᠄
— ᠮᠠᠭᠠᠵᠢ ᠵᠠᠩᠭᠤᠢᠳᠠ ᠳ᠋ᠤ᠌ ᠭᠢᠯᠠᠢᠯᠠ᠃ ᠠᠶᠠᠨ ᠤ᠋ ᠮᠢᠨᠢ ᠲᠣᠭᠣᠰᠣ ᠶ᠋ᠢ ᠭᠦᠪᠢᠵᠦ ᠠᠷᠢᠬᠢ ᠪᠠᠷ ᠴᠢᠯᠡᠭᠡ ᠶ᠋ᠢ ᠮᠢᠨᠢ ᠲᠠᠢᠯᠬᠤ ᠭᠡᠰᠡᠨ ᠠᠩᠬᠠᠨ ᠤ᠋ ᠬᠤᠨᠳᠠᠭᠠ ᠶ᠋ᠢ ᠤᠤᠭᠤᠯ ᠦᠭᠡᠢ ᠶᠠᠭᠠᠬᠢᠬᠤ ᠪᠣᠢ! ᠤᠤᠭᠤᠨᠠ᠂ ᠤᠤᠭᠤᠨᠠ! ᠭᠡᠳ ᠲᠡᠷᠡ ᠭᠡᠮ ᠠᠷᠢᠬᠢ ᠶ᠋ᠢ ᠬᠥᠨᠲᠥᠷᠴᠦ ᠣᠷᠬᠢᠪᠠ᠃
— ᠵᠠᠭᠤᠰᠢ ᠠ᠋ᠴᠠ ᠨᠢ᠁ ᠭᠡᠳ ᠮᠠᠭᠠᠵᠢ ᠶ᠋ᠢᠨ ᠴᠣᠬᠣᠷ ᠠᠩᠴᠢᠨᠵᠠᠪ ᠵᠦᠭ ᠭᠠᠷ ᠵᠠᠩᠭᠠᠨ ᠨᠠᠢᠷ ᠲᠠᠯᠪᠢᠵᠤ ᠥᠪᠡᠷ ᠢ᠋ᠶ᠋ᠡᠨ ᠬᠡᠷᠴᠢᠮᠡᠯ ᠮᠠᠨᠵᠢᠨ ᠠ᠋ᠴᠠ ᠰᠠᠪᠬᠠᠯᠠᠵᠤ ᠱᠠᠯᠵᠠᠭ ᠱᠠᠯᠵᠠᠭ ᠭᠡᠵᠦ ᠲᠠᠮᠰᠢᠶᠠᠯᠠᠨ ᠵᠠᠵᠢᠯᠬᠤ ᠨᠢ ᠶᠡᠬᠡ ᠯᠡ ᠶᠠᠮᠪᠠ ᠲᠠᠢ ᠬᠠᠷᠠᠭᠳᠠᠨᠠ᠃
ᠠᠩᠴᠢᠨᠵᠠᠪ ᠪᠤᠭᠤᠲᠤ ᠳ᠋ᠤ᠌ ᠢᠷᠡᠬᠦ ᠪᠣᠯᠭᠠᠨ ᠠᠩ ᠬᠦᠷᠦᠭᠡ᠂ ᠠᠷᠠᠰᠤ ᠰᠢᠷᠢ ᠵᠡᠷᠭᠡ ᠶᠠᠭᠤᠮᠠ ᠪᠠᠨ ᠮᠠᠭᠠᠵᠢ ᠶ᠋ᠢᠨ ᠴᠣᠬᠣᠷ ᠲᠤ ᠥᠭᠴᠦ ᠦᠨᠡ ᠬᠠᠶᠠᠨ ᠪᠣᠷᠣᠯᠠᠭᠤᠯᠳᠠᠭ ᠲᠠᠭᠠᠨ ᠲᠡᠭᠦᠨ ᠦ᠌ ᠭᠠᠷ ᠢ᠋ ᠴᠠᠢᠯᠭᠠᠬᠤ ᠭᠡᠵᠦ ᠪᠤᠭᠤ ᠶ᠋ᠢᠨ ᠬᠢᠷᠵᠠᠩ᠂ ᠴᠢᠰᠤᠨ ᠡᠪᠡᠷ᠂ ᠪᠤᠯᠠᠭᠠ ᠬᠠᠯᠢᠭᠤ ᠶ᠋ᠢᠨ ᠠᠷᠠᠰᠤ᠂ ᠣᠷᠬᠣᠳᠠᠢ ᠶ᠋ᠢᠨ ᠲᠥᠮᠥᠰᠥ ᠵᠡᠷᠭᠡ ᠶ᠋ᠢᠨ ᠠᠯᠢ ᠨᠢᠭᠡ ᠶ᠋ᠢ ᠨᠢ ᠰᠢᠷᠭᠤᠭᠤᠯᠳᠠᠭ ᠪᠠᠢᠯᠠ᠁ ᠡᠨᠡ ᠤᠳᠠᠭᠠ ᠮᠠᠭᠠᠵᠢ ᠶ᠋ᠢᠨ ᠴᠣᠬᠣᠷ ᠲᠠᠢ ᠶᠡᠷᠦ ᠠᠭᠤᠯᠵᠠᠬᠤ ᠰᠠᠨᠠᠭᠠ ᠵᠣᠷᠢᠯᠭᠠ ᠦᠭᠡᠢ ᠪᠣᠯᠬᠣᠷ ᠰᠢᠷᠬᠡᠭ ᠬᠢᠯᠭᠠᠰᠤ ᠦᠭᠡᠢ ᠭᠠᠷ ᠬᠣᠭᠣᠰᠣᠨ ᠢᠷᠡᠪᠡ᠃ ᠡᠨᠡ ᠡᠷᠢᠶᠡᠨ ᠬᠣᠷᠸᠠ ᠶ᠋ᠢᠨ ᠲᠣᠭᠯᠠᠭᠠᠮ ᠲᠠᠢ ᠶᠢᠷᠲᠢᠨᠴᠦ ᠭᠡᠵᠦ ᠰᠣᠨᠢᠨ ᠶᠤᠮ᠃ ᠠᠭᠤᠯᠵᠠᠬᠤ ᠭᠡᠵᠦ ᠵᠣᠷᠢᠵᠤ ᠢᠷᠡᠭᠰᠡᠨ ᠮᠠᠨᠴᠤᠷᠭᠠ ᠨᠢ ᠪᠠᠢᠳᠠᠭ ᠦᠭᠡᠢ᠃
ᠮᠠᠭᠠᠵᠢ ᠶ᠋ᠢᠨ ᠴᠣᠬᠣᠷ ᠲᠠᠢ ᠮᠠᠢᠮᠠᠢ ᠭᠠᠨᠵᠤᠭᠠ ᠶ᠋ᠢᠨ ᠤᠴᠢᠷ ᠣᠭᠲᠣ ᠪᠢᠰᠢ ᠠᠲᠠᠯᠠ ᠲᠡᠭᠦᠨ ᠲᠡᠢ ᠶᠠᠭᠠᠬᠢᠬᠤ ᠠᠷᠭᠠ ᠦᠭᠡᠢ ᠠᠭᠤᠯᠵᠠᠳᠠᠭ ᠪᠠᠢᠨᠠ᠃ ᠲᠡᠷᠡ ᠮᠥᠷᠲᠡᠭᠡᠨ ᠦᠷ ᠬᠠᠷᠠᠩᠭᠤᠢ ᠪᠠᠷ ᠡᠭᠦᠳᠡ ᠶ᠋ᠢ ᠨᠢ ᠪᠠᠯᠪᠠᠵᠤ ᠢᠷᠡᠬᠦ ᠳ᠋ᠡᠭᠡᠨ ᠮᠠᠨᠠᠭᠠᠨ ᠤ᠋ ᠬᠢᠨᠢ ᠬᠥᠮᠦᠨ ᠳ᠋ᠦ᠍《ᠮᠠᠭᠠᠵᠢ ᠶ᠋ᠢᠨ ᠵᠠᠩᠭᠤᠢᠳᠠ ᠳ᠋ᠤ᠌ ᠴᠢᠨᠢ ᠬᠦᠨᠳᠦ ᠭᠠᠨᠵᠤᠭᠠ ᠲᠠᠢ᠁》 ᠭᠡᠵᠦ ᠬᠡᠯᠡᠭᠰᠡᠨ ᠦ᠌ ᠬᠢ ᠪᠣᠯᠪᠠ ᠤᠤ ᠡᠰᠡᠪᠡᠰᠦ ᠢᠷᠡᠬᠦ ᠪᠣᠯᠭᠠᠨ ᠠᠮᠲᠠᠯᠠᠭᠤᠯᠵᠤ ᠰᠤᠷᠭᠠᠭᠰᠠᠨ ᠤ᠋ ᠬᠢ ᠤᠤ᠂ ᠮᠠᠭᠠᠵᠢ ᠶ᠋ᠢᠨ ᠴᠣᠬᠣᠷ ᠠᠯᠢ ᠴᠦ᠍ ᠤᠳᠠᠭᠠ ᠶ᠋ᠢᠨ ᠬᠢ ᠡᠴᠡ ᠬᠥᠯ ᠬᠥᠩᠭᠡᠨ ᠪᠠᠢᠵᠤ ᠬᠠᠷᠠ ᠥᠷᠯᠥᠭᠡᠭᠦᠷ ᠵᠠᠭᠤᠰᠢ ᠮᠠᠭᠤᠰᠢ ᠪᠡᠯᠡᠳᠬᠡᠵᠦ᠂ ᠠᠷᠢᠬᠢ ᠳᠠᠷᠠᠰᠤ ᠬᠠᠯᠠᠭᠠᠭᠰᠠᠨ ᠨᠢ《ᠨᠠᠳᠠ ᠶᠠᠭᠤ ᠠᠪᠴᠢᠷᠠᠪᠠ?》 ᠠᠰᠠᠭᠤᠭᠠ ᠰᠢᠭ᠋ ᠰᠠᠨᠠᠭᠳᠠᠭᠰᠠᠨ ᠳ᠋ᠤ᠌ ᠠᠩᠴᠢᠨᠵᠠᠪ ᠬᠠᠴᠢᠨ ᠡᠪ ᠦᠭᠡᠢᠷᠬᠡᠵᠦ᠄
— ᠮᠠᠭᠠᠵᠢ ᠭᠤᠸᠠᠢ᠂ ᠨᠠᠭᠠᠳᠤᠬᠢ ᠪᠠᠨ ᠭᠡᠵᠦ ᠬᠤᠨᠳᠠᠭᠠ ᠪᠠᠨ ᠲᠡᠭᠦᠨ ᠦ᠌ ᠬᠤᠨᠳᠠᠭᠠᠨ ᠤ᠋ ᠢᠷᠮᠡᠭ ᠲᠦ᠍ ᠶᠠᠯᠢ ᠦᠭᠡᠢ ᠲᠤᠯᠭᠠᠵᠤ ᠬᠥᠨᠲᠥᠷᠦᠭᠡᠳ᠂ ᠡᠨᠡ ᠤᠳᠠᠭᠠ ᠮᠠᠭᠠᠵᠢ ᠭᠤᠸᠠᠢ ᠲᠠᠨ ᠳ᠋ᠤ᠌ ᠶᠠᠭᠤ ᠴᠦ᠍ ᠦᠭᠡᠢ ᠭᠠᠷ ᠬᠣᠭᠣᠰᠣᠨ ᠢᠷᠡᠯᠡ᠁ ᠮᠣᠩᠭᠣᠯ ᠬᠥᠮᠦᠨ ᠬᠡᠵᠢᠶᠡ ᠬᠠᠮᠢᠭᠠ ᠭᠠᠷ ᠬᠣᠭᠣᠰᠣᠨ ᠠᠢᠯ ᠳ᠋ᠤ᠌ ᠢᠷᠡᠳᠡᠭ ᠪᠠᠢᠯᠠ⁈ ᠡᠭᠦᠨ ᠢ᠋ ᠲᠠ ᠮᠡᠳᠡᠬᠦ ᠪᠠᠢ ᠯᠠ ᠦᠭᠡᠢ ᠳᠡ! ᠡᠪ ᠦᠭᠡᠢ ᠪᠣᠯᠤᠯᠠ᠁ ᠭᠡᠰᠡᠨ ᠳ᠋ᠦ᠍ ᠮᠠᠭᠠᠵᠢ ᠭᠤᠸᠠᠢ᠄
— ᠶᠠᠭᠤ ᠬᠠᠮᠢᠶᠠ ᠪᠠᠢᠬᠤ ᠪᠣᠢ? ᠪᠢᠳᠡ ᠶᠠᠮᠠᠷ ᠠᠩᠬᠠ ᠠᠭᠤᠯᠵᠠᠵᠤ ᠪᠠᠢᠭᠠ ᠴᠦ᠍ ᠪᠢᠰᠢ ᠳᠡ᠃ ᠬᠠᠷᠢᠨ ᠭᠠᠷ ᠬᠣᠭᠣᠰᠣᠨ ᠢᠷᠡᠭᠰᠡᠨ ᠨᠢ ᠮᠥᠨ ᠳᠡᠭᠡᠷᠡ ᠶᠦᠮ ᠠ᠋! ᠭᠡᠰᠡᠨ ᠳ᠋ᠦ᠍ ᠠᠩᠴᠢᠨᠵᠠᠪ ᠲᠡᠭᠦᠨ ᠦ᠌ ᠴᠢᠷᠠᠢ ᠥᠭᠡᠳᠡ ᠰᠢᠨᠵᠢᠭᠰᠡᠨ ᠢ᠋ᠶ᠋ᠡᠨ ᠶᠠᠮᠠᠷ ᠴᠦ᠍ ᠰᠡᠪ ᠮᠡᠳᠡᠭᠳᠡᠬᠦ ᠦᠭᠡᠢ ᠳ᠋ᠦ᠍᠄
— ᠶᠠᠭᠠᠬᠢᠭᠠᠳ? ᠭᠡᠵᠦ ᠬᠠᠴᠢᠷᠬᠠᠨ ᠠᠰᠠᠭᠤᠪᠠ᠃
— ᠡᠨᠡ ᠲᠡᠢᠨ ᠳᠠᠵᠢᠨ ᠤ᠋ ᠬᠡᠴᠡᠭᠦᠦ ᠴᠠᠭ ᠲᠤ ᠴᠢ ᠴᠦ᠍ ᠮᠥᠨ ᠬᠠᠷᠠᠩᠭᠤᠢ ᠰᠥᠨᠢ ᠪᠡᠷ ᠭᠠᠨᠢ ᠭᠠᠭᠴᠠᠭᠠᠷ ᠢ᠋ᠶ᠋ᠠᠨ ᠶᠠᠪᠤᠭᠠᠳ ᠪᠠᠢᠳᠠᠭ ᠵᠣᠷᠢᠭ ᠲᠠᠢ ᠯᠠ ᠡᠷᠡ ᠶᠦᠮ ᠠ᠋! ᠵᠠᠮ ᠳ᠋ᠤ᠌ ᠳᠡᠭᠡᠷᠡᠮ ᠲᠣᠨᠣᠭᠠ᠂ ᠰᠢᠷᠠ ᠴᠡᠷᠢᠭ ᠦ᠋ᠨ ᠬᠠᠢᠭᠤᠯ ᠮᠠᠨᠠᠭᠠ ᠶᠡᠷᠦ ᠬᠠᠷᠭᠤᠭᠰᠠᠨ ᠦᠭᠡᠢ ᠤᠤ?
— ᠰᠢᠷᠠ ᠴᠡᠷᠢᠭ ᠦ᠋ᠨ ᠮᠠᠨᠠᠭᠠ ᠲᠣᠨᠣᠭᠠ ᠭᠡᠵᠦ ᠬᠠᠷᠭᠤᠭᠰᠠᠨ ᠦᠭᠡᠢ ᠬᠠᠷᠢᠨ ᠬᠠᠷᠠ ᠳᠠᠪᠠᠭᠠᠨ ᠳᠡᠭᠡᠷᠡ ᠬᠡᠨ ᠲᠡᠢ ᠲᠠᠭᠠᠷᠠᠪᠠ ᠭᠡᠵᠦ ᠲᠠ ᠰᠠᠨᠠᠨᠠ⁈
— ᠳᠡᠭᠡᠷᠡᠮ⁈
— ᠳᠡᠭᠡᠷᠡᠮ ᠳᠡᠭᠡᠷᠡᠮ ᠳ᠋ᠡᠭᠡᠨ ᠬᠠᠷᠠ ᠨᠢᠳᠦᠲᠦ ᠶ᠋ᠢᠨ ᠳᠡᠭᠡᠷᠡᠮ ᠰᠢᠦ!
— ᠬᠠᠷᠠ ᠨᠢᠳᠦᠲᠦ⁈ ᠴᠢᠭᠢᠶᠡᠲᠦᠷᠦᠦ᠂ ᠪᠢ ᠬᠡᠯᠡᠭᠰᠡᠨ ᠦᠭᠡᠢ ᠤᠤ! ᠨᠠᠳᠠ ᠳᠡᠭᠡᠷᠡ ᠭᠠᠷ ᠬᠣᠭᠣᠰᠣᠨ ᠢᠷᠡᠭᠰᠡᠨ ᠨᠢ ᠮᠥᠨ ᠳᠡᠭᠡᠷᠡ ᠭᠡᠰᠡᠨ ᠰᠢᠳᠡ! ᠭᠠᠨᠵᠤᠭᠠ ᠲᠠᠢ ᠢᠷᠡᠯᠡ ᠭᠡᠳ ᠨᠠᠳᠠ ᠥᠷᠲᠥᠬᠦ ᠶᠠᠭᠤᠮᠠ ᠦᠭᠡᠢ ᠠ᠋᠂ ᠪᠦᠷ ᠲᠡᠳᠡᠨᠦᠰ ᠦ᠋ᠨ ᠵᠣᠯ! ᠬᠠᠷᠠ ᠨᠢᠳᠦᠲᠦ ᠠᠰᠢᠭ ᠮᠥᠩᠭᠥᠨ ᠦ᠌ ᠲᠥᠯᠥᠭᠡ ᠡᠴᠢᠭᠡ ᠪᠡᠨ ᠴᠦ᠍ ᠨᠠᠢᠷ ᠲᠠᠯᠪᠢᠬᠤ ᠦᠭᠡᠢ ᠭᠠᠷᠯᠢᠭ ᠰᠢᠦ! ᠭᠡᠵᠦ ᠠᠭᠤᠷᠲᠠᠢ ᠬᠡᠯᠡᠬᠦ ᠳ᠋ᠦ᠍ ᠲᠡᠭᠦᠨ ᠦ᠌ ᠮᠠᠭᠠᠵᠢ ᠶ᠋ᠢᠨ ᠴᠣᠬᠣᠷ ᠴᠢᠷᠠᠢ ᠨᠢ ᠤᠯᠠᠮ ᠴᠦ᠍ ᠮᠠᠭᠤᠬᠠᠢ ᠪᠠᠷᠵᠠᠢᠵᠤ ᠬᠠᠷᠠᠭᠳᠠᠨᠠ᠃
— ᠮᠠᠭᠠᠵᠢ ᠭᠤᠸᠠᠢ ᠲᠠᠨ ᠳ᠋ᠤ᠌ ᠬᠣᠶᠠᠷ ᠰᠢᠷᠬᠡᠭ ᠪᠤᠯᠠᠭᠠ ᠶ᠋ᠢᠨ ᠠᠷᠠᠰᠤ᠂ ᠮᠠᠨᠴᠤᠷᠭᠠ ᠳ᠋ᠤ᠌ ᠭᠦᠶᠦᠳᠡᠯ ᠰᠠᠢᠲᠠᠢ ᠬᠡᠭᠡᠷ ᠮᠣᠷᠢ ᠬᠥᠲᠥᠯᠵᠦ ᠶᠠᠪᠤᠭᠰᠠᠨ ᠢ᠋ᠶ᠋ᠠᠨ ᠁ ᠭᠡᠵᠦ ᠬᠡᠯᠡᠵᠦ ᠪᠠᠷᠠᠬᠤ ᠠ᠋ᠴᠠ ᠡᠮᠦᠨᠡ ᠮᠠᠭᠠᠵᠢ ᠭᠤᠸᠠᠢ ᠲᠣᠰᠴᠤ᠄
— ᠮᠠᠨᠴᠤᠷᠭᠠ ᠳ᠋ᠤ᠌? ᠭᠡᠪᠡ᠃
— ᠲᠡᠢᠮᠦ! ᠪᠢ ᠢᠵᠢᠯᠢ ᠵᠢᠰᠦᠮ ᠦ᠋ᠨ ᠬᠣᠶᠠᠷ ᠬᠡᠭᠡᠷ ᠮᠣᠷᠢ ᠬᠥᠲᠥᠯᠵᠦ ᠢᠷᠡᠭᠰᠡᠨ ᠶᠦᠮ᠃ ᠨᠢᠭᠡ ᠶ᠋ᠢ ᠨᠢ ᠮᠠᠨᠴᠤᠷᠭᠠ ᠳ᠋ᠠᠭᠠᠨ᠂ ᠨᠥᠭᠦᠭᠡ ᠶ᠋ᠢ ᠨᠢ ᠮᠥᠩᠭᠥ ᠪᠣᠯᠭᠠᠵᠤ ᠵᠠᠷᠤᠴᠢᠬᠠᠶᠠ ᠭᠡᠰᠡᠨ ᠮᠢᠨᠢ ᠪᠠᠢᠨᠠ ᠤᠤ ᠳᠠ!
— ᠦᠭᠡᠢ᠂ ᠴᠢ ᠶᠡᠷᠦ ᠨᠢ ᠮᠠᠨᠴᠤᠷᠭᠠ ᠶ᠋ᠢᠨ ᠭᠡᠨᠡᠳᠡᠭᠰᠡᠨ ᠢ᠋ ᠨᠢ ᠰᠣᠨᠣᠰᠤᠭᠠ ᠦᠭᠡᠢ ᠤᠤ?
— ᠮᠠᠨᠴᠤᠷᠭᠠ ᠶᠠᠭᠠᠬᠢᠯᠠ⁈
— ᠮᠠᠨᠴᠤᠷᠭᠠ ᠬᠠᠷᠠ ᠨᠢᠳᠦᠲᠦ ᠳ᠋ᠦ᠍ ᠠᠯᠠᠭᠳᠠᠴᠢᠬᠠᠯᠠ᠁
— ᠬᠡᠵᠢᠶᠡ?
— ᠰᠠᠷᠠ ᠪᠣᠯᠵᠤ ᠪᠠᠢᠨᠠ ᠤᠤ ᠳᠠ! ᠴᠢ ᠮᠢᠨᠢ ᠵᠣᠯ ᠢ᠋ᠶ᠋ᠠᠷ ᠲᠡᠭᠦᠨ ᠦ᠌ ᠭᠠᠷ ᠠ᠋ᠴᠠ ᠮᠡᠨᠳᠦ ᠮᠤᠯᠲᠤᠷᠠᠭᠰᠠᠨ ᠢ᠋ᠶ᠋ᠠᠨ ᠪᠤᠷᠬᠠᠨ ᠳ᠋ᠠᠭᠠᠨ ᠵᠠᠯᠪᠠᠷᠢ!
— ᠲᠡᠷᠡ ᠨᠠᠮᠠᠶ᠋ᠢ ᠲᠠᠨᠢᠳᠠᠭ ᠲᠠᠭᠠᠨ ᠪᠠᠢᠯᠭᠦᠢ ᠳᠡ!
— ᠭᠠᠭᠴᠠ ᠲᠠᠨᠢᠳᠠᠭ ᠢ᠋ᠶ᠋ᠠᠷ ᠪᠣᠯᠬᠤ ᠦᠭᠡᠢ ᠠ᠋! ᠮᠠᠨᠴᠤᠷᠭᠠ ᠶ᠋ᠢ ᠲᠠᠨᠢᠬᠤ ᠦᠭᠡᠢ ᠶᠦᠮ ᠤᠤ? ᠲᠩᠷᠢ ᠳ᠋ᠦ᠍ ᠮᠥᠷᠭᠥᠭᠰᠡᠨ ᠵᠢᠷᠤᠮ ᠤ᠋ᠨ ᠠᠬᠠ ᠳᠡᠭᠦᠦ ᠭᠡᠳ ᠣᠷᠣᠨ ᠭᠠᠷᠤᠨ ᠴᠢᠨᠦ ᠮᠢᠨᠦ ᠦᠭᠡᠢ ᠰᠠᠢᠬᠠᠨ ᠶᠠᠪᠤᠯᠴᠠᠳᠠᠭ ᠪᠠᠢᠭᠰᠠᠨ ᠰᠢᠳᠡ᠁
— ᠪᠢ ᠬᠠᠷᠠ ᠨᠢᠳᠦᠲᠦ ᠶ᠋ᠢᠨ ᠳᠠᠭᠤ ᠪᠠᠷ ᠨᠢ ᠲᠠᠨᠢᠵᠤ《ᠠᠬᠠ ᠨᠢ ᠮᠠᠨᠴᠤᠷᠭᠠ ᠲᠠ ᠬᠣᠶᠠᠷ ᠲᠤ ᠨᠢᠭᠡ ᠨᠢᠭᠡ ᠰᠠᠢᠨ ᠮᠣᠷᠢ ᠬᠥᠲᠥᠯᠵᠦ ᠢᠷᠡᠭᠰᠡᠨ》 ᠭᠡᠰᠡᠨ ᠳ᠋ᠦ᠍ ᠲᠡᠷᠡ ᠮᠢᠨᠦ ᠬᠦᠯᠢᠶᠡᠰᠦ ᠶ᠋ᠢ ᠲᠠᠢᠯᠵᠤ ᠬᠣᠶᠠᠷ ᠮᠣᠷᠢ ᠶ᠋ᠢ ᠦᠯᠡᠳᠡᠭᠡᠵᠦ ᠠᠪᠤᠭᠠᠳ᠁ ᠠᠷᠤ ᠠ᠋ᠴᠠ ᠪᠠᠰᠠ ᠤᠭ ᠨᠢ ᠫᠤᠤᠳᠠᠵᠤ ᠪᠠᠢᠭᠰᠠᠨ ᠨᠢ ᠰᠣᠨᠢᠨ!
— ᠴᠢ ᠮᠣᠷᠢᠨ ᠤ᠋ ᠪᠠᠨ ᠰᠠᠢᠨ ᠳ᠋ᠤ᠌ ᠠᠮᠢ ᠲᠠᠢ ᠭᠠᠷᠤᠯᠠ ᠭᠡᠵᠦ ᠪᠣᠳᠣ! ᠦᠭᠡᠢ ᠶᠦᠮ ᠪᠣᠯ ᠰᠣᠬᠣᠷ ᠰᠤᠮᠤᠨ ᠳ᠋ᠤ᠌ ᠨᠢ ᠥᠷᠲᠥᠬᠦ ᠨᠢ ᠭᠠᠷᠴᠠᠭᠠ ᠦᠭᠡᠢ᠃
— ᠮᠠᠨᠴᠤᠷᠭᠠ ᠬᠠᠷᠠ ᠨᠢᠳᠦᠲᠦ ᠳ᠋ᠦ᠍ ᠲᠡᠢᠮᠦ ᠰᠠᠢᠬᠠᠨ ᠬᠢᠭᠳᠡᠴᠢᠬᠡᠬᠦ ᠬᠥᠮᠦᠨ ᠪᠢᠰᠢ! ᠪᠡᠶᠡ ᠪᠢᠯᠳᠠᠷ᠂ ᠤᠬᠠᠭᠠᠨ ᠰᠠᠮᠪᠠᠭᠠ ᠠᠯᠢᠨ ᠢ᠋ᠶ᠋ᠠᠷ ᠢ᠋ᠶ᠋ᠠᠨ ᠬᠠᠷᠠ ᠨᠢᠳᠦᠲᠦ ᠶ᠋ᠢᠨ ᠳᠣᠣᠷᠠ ᠣᠷᠣᠨᠠ ᠤᠤ ᠳᠠ! ᠬᠠᠷᠠ ᠨᠢᠳᠦᠲᠦ ᠴᠦ᠍ ᠮᠠᠨᠴᠤᠷᠭᠠ ᠶ᠋ᠢ ᠰᠢᠯᠲᠠᠭ ᠦᠭᠡᠢ ᠠᠯᠠᠬᠤ ᠪᠠᠷ ᠦᠭᠡᠢ᠃ ᠡᠭᠦᠨ ᠳᠣᠲᠣᠷᠠ ᠯᠠᠪ ᠨᠢᠭᠡ ᠤᠴᠢᠷ ᠪᠣᠢ ᠭᠡᠵᠦ ᠠᠩᠴᠢᠨᠵᠠᠪ ᠮᠠᠨᠴᠤᠷᠭᠠ ᠶ᠋ᠢᠨ ᠲᠥᠯᠥᠭᠡ ᠬᠠᠷᠠᠮᠰᠠᠨ ᠲᠣᠯᠣᠭᠠᠢ ᠪᠠᠨ ᠰᠡᠵᠢᠪᠡᠯ ᠮᠠᠭᠠᠵᠢ ᠶ᠋ᠢᠨ ᠴᠣᠬᠣᠷ᠄
— ᠬᠠᠷᠠ ᠨᠢᠳᠦᠲᠦ ᠭᠡᠵᠦ ᠵᠢᠷᠦᠬᠡᠨ ᠳ᠋ᠡᠭᠡᠨ ᠦᠰᠦ ᠲᠡᠢ ᠬᠠᠷᠠ ᠰᠠᠨᠠᠭᠠ ᠲᠠᠢ ᠬᠥᠮᠦᠨ ᠶᠦᠮ ᠴᠢᠨᠢ ᠠᠰᠢᠭ ᠦᠵᠡᠭᠡᠳ ᠤᠯᠠᠢᠭᠰᠠᠨ ᠪᠠᠢᠯᠭᠦᠢ᠃
— ᠮᠠᠭᠠᠵᠢ ᠭᠤᠸᠠᠢ ᠲᠠ ᠮᠠᠨᠴᠤᠷᠭᠠ ᠶ᠋ᠢ ᠭᠡᠨᠡᠳᠡᠬᠦ ᠡᠴᠡ ᠡᠮᠦᠨᠡ ᠠᠭᠤᠯᠵᠠᠵᠤ ᠪᠠᠢᠪᠠ ᠤᠤ?
— ᠠᠭᠤᠯᠵᠠᠬᠤ ᠦᠭᠡᠢ ᠶᠠᠭᠠᠬᠢᠬᠤ ᠪᠣᠢ᠂ ᠭᠡᠨᠡᠳᠡᠳᠡᠭ ᠦ᠋ᠨ ᠲᠡᠷᠡ ᠣᠷᠣᠢ ᠬᠦᠷᠲᠡᠯᠡ ᠮᠥᠨ ᠡᠨᠡ ᠱᠣᠣᠮᠠᠢ ᠶ᠋ᠢᠨ ᠲᠠᠭᠲᠤ ᠳ᠋ᠤ᠌ ᠬᠠᠷᠠ ᠨᠢᠳᠦᠲᠦ ᠲᠡᠢ ᠬᠣᠶᠠᠭᠤᠯᠠ ᠠᠷᠢᠬᠢᠳᠠᠵᠤ᠁ ᠲᠡᠭᠡᠭᠡᠳ ᠯᠡ ᠨᠡᠯᠢᠶᠡᠳ ᠬᠥᠯᠴᠥᠭᠦᠦ ᠪᠣᠯᠵᠤ ᠭᠠᠷᠴᠤ ᠶᠠᠪᠤᠵᠠᠭᠠᠭᠰᠠᠨ ᠶᠤᠮ᠃
— ᠥᠭᠡᠷᠡ ᠰᠡᠵᠢᠭ ᠲᠡᠢ ᠬᠥᠮᠦᠨ ᠬᠠᠷᠠ ᠬᠠᠷᠠᠭᠳᠠᠭᠰᠠᠨ ᠦᠭᠡᠢ ᠤᠤ?
— ᠲᠡᠢᠮᠦ ᠰᠡᠵᠢᠭᠯᠡᠯᠲᠡᠢ ᠬᠥᠮᠦᠨ ᠬᠠᠷᠠ᠂ ᠡᠨᠡ ᠲᠡᠷᠡ ᠮᠡᠳᠡᠭᠳᠡᠭᠰᠡᠨ ᠦᠭᠡᠢ ᠰᠢᠭ᠃ ᠦᠭᠡᠢ ᠶᠡᠷᠦ ᠨᠢ ᠰᠢᠷᠠ ᠴᠡᠷᠢᠭ ᠣᠷᠣᠵᠤ ᠢᠷᠡᠭᠰᠡᠨ ᠡᠴᠡ ᠬᠣᠢᠰᠢ ᠢᠰᠡᠭᠡᠢ ᠪᠦᠷᠬᠦ ᠶ᠋ᠢ ᠬᠡᠯᠲᠡᠭᠡᠢ ᠳᠠᠷᠤᠭᠰᠠᠨ ᠢᠮᠠᠭᠠᠨ ᠳᠠᠭᠤ ᠲᠠᠢ ᠬᠥᠮᠦᠨ ᠦᠷᠬᠦᠢ ᠡᠨᠳᠡ ᠢᠷᠡᠵᠦ ᠱᠣᠣᠮᠠᠢ ᠢᠳᠡᠳᠡᠭ ᠶᠦᠮ ᠠ᠋! ᠰᠡᠭᠦᠯ ᠳ᠋ᠦ᠍ ᠬᠠᠷᠠ ᠨᠢᠳᠦᠲᠦ ᠲᠡᠢ ᠬᠡᠳᠦ ᠤᠳᠠᠭᠠ ᠢᠷᠡᠭᠰᠡᠨ᠃ ᠮᠥᠩᠭᠥ ᠬᠠᠷᠠᠮᠨᠠᠬᠤ ᠦᠭᠡᠢ ᠰᠦᠷᠡᠬᠡᠢ ᠶᠡᠬᠡ ᠭᠠᠷ ᠤ᠋ᠨ ᠬᠥᠮᠦᠨ ᠬᠠᠷᠠᠭᠳᠠᠭᠰᠠᠨ᠃ ᠰᠡᠭᠦᠯᠴᠢ ᠶ᠋ᠢᠨ ᠤᠳᠠᠭᠠ ᠬᠠᠷᠠ ᠨᠢᠳᠦᠲᠦ ᠲᠡᠢ ᠡᠨᠳᠡ ᠨᠢᠭᠡ ᠤᠳᠠᠭᠠ ᠠᠭᠤᠯᠵᠠᠬᠤ ᠳ᠋ᠠᠭᠠᠨ ᠭᠤᠸᠠᠨᠰᠠᠨ ᠤ᠋ ᠵᠠᠷᠤᠴᠠ ᠨᠠᠷ ᠲᠤ ᠬᠦᠷᠲᠡᠯᠡ ᠮᠥᠩᠭᠥᠨ ᠵᠣᠭᠣᠰ ᠥᠭᠴᠦ ᠴᠢᠬᠢᠨ ᠳ᠋ᠦ᠍ᠨᠢ ᠶᠠᠭᠤᠮᠠ ᠰᠢᠪᠡᠨᠡᠵᠦ ᠪᠠᠢᠬᠤ ᠶ᠋ᠢ ᠪᠢ ᠨᠢᠳᠦ ᠪᠡᠷ ᠢ᠋ᠶ᠋ᠡᠨ ᠬᠠᠷᠠᠭᠰᠠᠨ᠃ ᠰᠡᠭᠦᠯ ᠳ᠋ᠦ᠍ᠨᠢ ᠪᠢ ᠲᠡᠷᠡ ᠮᠥᠩᠭᠥ ᠬᠠᠨᠴᠤᠢᠯᠠᠭᠰᠠᠨ ᠵᠠᠷᠤᠴᠠ ᠶ᠋ᠢ ᠳᠠᠭᠤᠳᠠᠵᠤ ᠠᠰᠠᠭᠤᠪᠠᠯ ᠲᠡᠷᠡ《ᠶᠠᠮᠠᠷ ᠶᠠᠮᠠᠷ ᠬᠥᠮᠦᠨ ᠬᠠᠷᠠ ᠡᠨᠳᠡ ᠣᠷᠣᠵᠤ ᠭᠠᠷᠬᠤ ᠶ᠋ᠢ ᠠᠩᠬᠠᠷᠴᠤ ᠪᠠᠢ᠂ ᠰᠡᠵᠢᠭ ᠲᠡᠢ ᠬᠥᠮᠦᠨ ᠬᠠᠷᠠᠭᠳᠠᠪᠠᠯ ᠦᠳᠲᠡᠷ ᠮᠡᠳᠡᠭᠳᠡᠭᠡᠷᠡᠢ》 ᠭᠡᠵᠦ ᠵᠠᠬᠢᠭᠰᠠᠨ ᠭᠡᠨᠡ ᠭᠡᠵᠦ ᠮᠠᠭᠠᠵᠢ ᠶ᠋ᠢᠨ ᠴᠣᠬᠣᠷ ᠬᠡᠯᠡᠬᠦ ᠳ᠋ᠦ᠍ ᠠᠩᠴᠢᠨᠵᠠᠪ᠄
— ᠢᠮᠠᠭᠠᠨ ᠳᠠᠭᠤ ᠲᠠᠢ ᠬᠥᠮᠦᠨ? ᠭᠡᠪᠡ᠃
— ᠤᠤᠬᠠᠢ ᠢᠮᠠᠭᠠᠨ ᠳᠠᠭᠤ ᠲᠠᠢ᠂ ᠠᠷᠠᠮᠠᠭ ᠲᠠᠷᠠᠮᠠᠭ ᠰᠢᠩᠭᠡᠨ ᠰᠢᠷᠠ ᠰᠠᠬᠠᠯ ᠲᠠᠢ᠃
— ᠥᠯᠵᠡᠢᠰᠠᠩ! ᠭᠡᠵᠦ ᠠᠩᠴᠢᠨᠵᠠᠪ ᠳᠠᠭᠤ ᠠᠯᠲᠠᠨ《ᠦᠬᠦᠳᠡᠭ ᠦᠭᠡᠢ ᠮᠠᠭᠤ ᠴᠢᠰᠤ! ᠬᠠᠷᠠ ᠨᠢᠳᠦᠲᠦ ᠶ᠋ᠢ ᠬᠠᠳᠬᠤᠨ ᠠᠰᠢᠭᠯᠠᠵᠤ ᠮᠠᠨᠴᠤᠷᠭᠠ ᠠ᠋ᠴᠠ ᠠᠮᠢᠨ ᠤ᠋ ᠥᠰᠢᠶᠡ ᠠᠪᠤᠭᠰᠠᠨ ᠪᠠᠢᠵᠤ ᠳᠠ! ᠴᠢᠭᠢᠶᠡᠲᠦᠷᠦᠦ!》 ᠭᠡᠵᠦ ᠨᠢᠳᠤᠷᠭᠠ ᠪᠠᠨ ᠵᠠᠩᠭᠢᠳᠤᠨ ᠪᠣᠰᠤᠭᠠᠳ᠄
— ᠡᠨᠡ ᠮᠠᠭᠤ ᠢᠮᠠᠭᠠᠨ ᠳᠠᠭᠤᠲᠤ ᠶ᠋ᠢᠨ ᠲᠤᠷᠠᠰᠬᠠ ᠶ᠋ᠢ ᠨᠢ ᠬᠠᠭᠤᠯᠵᠤ ᠲᠣᠯᠣᠭᠠᠢ ᠶ᠋ᠢ ᠨᠢ ᠳᠡᠭᠦᠵᠢᠯᠡᠶᠡ! ᠪᠦᠷ ᠮᠢᠨᠦ ᠪᠤᠷᠤᠭᠤ ᠠ᠋ᠴᠠ ᠪᠣᠯᠵᠠᠢ ᠠ᠋᠂ ᠲᠡᠷᠡ ᠵᠢᠯ ᠮᠠᠭᠤ ᠴᠢᠰᠤ ᠶ᠋ᠢ ᠥᠯᠥᠩᠲᠦ ᠶ᠋ᠢᠨ ᠡᠬᠢ ᠳ᠋ᠦ᠍ ᠳᠡᠭᠦᠵᠢᠯᠡᠭᠡᠰᠦᠲᠡᠢ ᠪᠠᠢᠬᠤ ᠳ᠋ᠤ᠌ ᠬᠦᠯᠢᠶᠡᠰᠦ ᠶ᠋ᠢ ᠨᠢ ᠲᠠᠢᠯᠵᠤ ᠬᠠᠶᠠᠭᠰᠠᠨ ᠦᠭᠡᠢ ᠪᠣᠯ ᠬᠠᠮᠢᠭᠠ ᠠ᠋ᠴᠠ ᠡᠢᠮᠦ ᠬᠠᠷᠠᠰᠠᠯᠲᠠᠢ ᠶᠠᠪᠤᠳᠠᠯ ᠡᠭᠦᠰᠬᠦ ᠪᠢᠯᠡ⁈ ᠢᠰᠢ᠂ ᠮᠠᠨᠴᠤᠷᠭᠠ᠂ ᠬᠠᠢᠷᠠᠨ ᠰᠠᠢᠨ ᠡᠷᠡ! ᠮᠤᠨᠠ ᠶ᠋ᠢᠨ ᠰᠠᠢᠨ ᠡᠷᠡ ᠶ᠋ᠢᠨ ᠨᠢᠭᠡ ᠬᠣᠬᠢᠷᠠᠴᠢᠬᠠᠯᠠ ᠳᠠ ᠬᠥᠭᠡᠷᠦᠬᠦᠢ ᠭᠡᠪᠡ᠃
ᠦᠰᠦᠭ ᠠᠮᠢᠯᠠᠭᠤᠯᠤᠭᠰᠠᠨ ᠨᠢ᠄ ᠭᠠᠷᠮᠠ