ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠬᠣᠶᠠᠷ Үүрийн туяа II – Б ᠂ Ренчин Хоёрдугаар дэвтэр "Гал усны гашуун зовлон"-12
ᠠᠷᠪᠠᠨ ᠬᠣᠶᠠᠷ ᠂ ᠡᠪᠲᠦ ᠱᠠᠭᠠᠵᠠᠭᠠᠢ ᠯᠤᠤ ᠪᠠᠭᠤᠯᠭᠠᠳᠠᠭ
ᠬᠣᠶᠠᠷ ᠬᠥᠮᠦᠨ ᠡᠪ ᠰᠠᠢᠲᠠᠢ ᠪᠣᠯ ᠲᠡᠮᠦᠷ ᠬᠡᠷᠡᠮ ᠮᠡᠲᠦ᠃
《ᠠᠷᠠᠳ ᠤ᠋ᠨ ᠰᠡᠴᠡᠨ ᠦᠭᠡ》
ᠴᠡᠷᠢᠭ᠂ ᠬᠤᠸᠠᠷᠠᠨ ᠳ᠋ᠤ᠌ ᠰᠠᠭᠤᠵᠤ᠂ ᠪᠡᠶ᠎ᠡ ᠪᠡᠶ᠎ᠡ ᠳ᠋ᠡᠭᠡᠨ ᠢᠵᠢᠯᠢᠳᠦᠨ ᠳᠠᠰᠤᠪᠠ᠃ ᠬᠤᠵᠢᠷᠪᠤᠯᠤᠩ ᠤ᠋ᠨ ᠴᠡᠷᠢᠭ᠂ ᠰᠢᠷᠴᠢᠨ ᠦ᠌ ᠦᠵᠡᠬᠦ ᠳ᠋ᠦ᠍ ᠶᠠᠪᠤᠭ᠎ᠠ ᠶᠠᠪᠤᠭᠠᠨ ᠳ᠋ᠠᠭᠠᠨ ᠨᠡᠯᠢᠶᠡᠳ ᠣᠨᠳᠣᠣ ᠪᠣᠯᠵᠤ᠂ ᠤᠯᠢᠶᠠᠰᠤᠲᠠᠢ ᠶ᠋ᠢ ᠪᠠᠢᠯᠳᠤᠬᠤ ᠭᠡᠵᠦ ᠶᠠᠪᠤᠭᠰᠠᠨ ᠨᠤᠲᠤᠭ ᠤ᠋ᠨ ᠴᠡᠷᠢᠭ ᠡᠴᠡ ᠱᠠᠯ ᠮᠥᠷᠲᠡᠭᠡᠨ ᠪᠠᠢᠳᠠᠯ ᠲᠠᠢ ᠪᠣᠯᠵᠤ ᠪᠠᠢᠭ᠎ᠠ ᠨᠢ ᠢᠯᠡᠷᠬᠡᠢ ᠮᠡᠳᠡᠭᠳᠡᠪᠡ᠃ ᠨᠤᠲᠤᠭ ᠤ᠋ᠨ ᠲᠡᠷᠡ ᠴᠡᠷᠢᠭ ᠲᠦ᠍ ᠬᠥᠮᠦᠨ᠂ ᠥᠷᠥᠭᠡᠯ ᠨᠥᠬᠥᠳ᠂ ᠬᠠᠮᠲᠤ ᠣᠯᠠᠨ ᠨᠠᠢᠬᠠᠨ ᠠᠰᠢᠭ ᠲᠤᠰᠠ ᠶ᠋ᠢ ᠶᠡᠷᠦ ᠪᠣᠳᠣᠬᠤ ᠦᠭᠡᠢ᠂ ᠬᠠᠷ᠎ᠠ ᠠᠮᠢ ᠪᠠᠨ ᠪᠣᠳᠣᠳᠠᠭ ᠪᠠᠢᠳᠠᠯ ᠲᠠᠢ ᠪᠠᠢᠵᠤ ᠪᠢᠯᠡ᠃ ᠡᠪᠯᠡᠵᠦ ᠨᠡᠢᠯᠡᠬᠦ ᠳ᠋ᠡᠭᠡᠨ ᠭᠠᠭᠴᠠ ᠬᠦ᠌ ᠲᠦᠷ ᠵᠠᠭᠤᠷ᠎ᠠ ᠶ᠋ᠢᠨ ᠠᠰᠢᠭ ᠤ᠋ᠨ ᠤᠴᠢᠷ ᠲᠦᠷ ᠬᠡᠯᠬᠢᠶ᠎ᠡ ᠬᠣᠯᠪᠣᠭ᠎ᠠ ᠪᠠᠢᠭᠤᠯᠵᠤ᠂ ᠲᠡᠷᠡ ᠬᠡᠷᠡᠭ ᠪᠦᠲᠦᠵᠦ ᠳᠠᠭᠤᠰᠤᠮᠠᠭᠴᠠ ᠪᠤᠶᠤ ᠪᠦᠲᠦᠬᠦ ᠦᠭᠡᠢ ᠪᠣᠯᠣᠮᠠᠭᠴᠠ᠂ ᠡᠪᠯᠡᠨ ᠨᠡᠢᠯᠡᠭᠰᠡᠨ ᠤᠯᠤᠰ ᠨᠢ ᠮᠥᠷ ᠮᠥᠷ ᠢ᠋ᠶ᠋ᠡᠨ ᠬᠥᠭᠡᠭᠡᠴᠡᠯᠳᠦᠳᠡᠭ ᠪᠠᠢᠵᠠᠢ᠃ ᠴᠢᠩᠭᠢᠭᠡᠳ ᠨᠥᠬᠥᠷ ᠬᠠᠨᠢ ᠲᠠᠲᠠᠬᠤ ᠳ᠋ᠠᠭᠠᠨ᠂ ᠲᠤᠬᠠᠢ ᠶ᠋ᠢᠨ ᠨᠢᠭᠡᠨ ᠪᠣᠳᠣᠭᠰᠠᠨ ᠬᠡᠷᠡᠭ ᠲᠦ᠍ ᠬᠦᠴᠦᠨ ᠨᠡᠮᠡᠷᠢ ᠪᠣᠯᠭᠠᠬᠤ ᠶ᠋ᠢ ᠪᠣᠳᠣᠭᠠᠳ ᠠᠰᠢᠭ ᠣᠯᠵᠠ ᠪᠠᠨ ᠬᠤᠪᠢᠶᠠᠬᠤ ᠳ᠋ᠤ᠌ ᠨᠣᠭᠳᠠᠬᠤ ᠬᠤᠪᠢ ᠪᠠᠭ᠎ᠠ ᠪᠣᠯᠬᠤ ᠭᠡᠵᠦ᠂ ᠨᠢᠭᠡ ᠴᠦ᠍ ᠢᠯᠡᠭᠦᠦ ᠬᠥᠮᠦᠨ ᠢ᠋ ᠬᠠᠨᠢ ᠲᠠᠲᠠᠳᠠᠭ ᠦᠭᠡᠢ ᠪᠠᠢᠵᠠᠢ᠃ ᠪᠠᠰᠠ ᠨᠤᠲᠤᠭ ᠤᠰᠤ ᠨᠢᠭᠡᠲᠡᠢ ᠬᠥᠮᠦᠨ ᠢ᠋ᠶ᠋ᠡᠨ ᠳᠣᠲᠣᠨᠣᠯᠠᠭᠠᠳ!. ᠥᠭᠡᠷ᠎ᠡ ᠨᠤᠲᠤᠭ ᠤᠰᠤᠨ ᠤ᠋ ᠬᠥᠮᠦᠨ ᠢ᠋ ᠬᠠᠷᠢᠯᠬᠠᠵᠤ᠂ ᠬᠡᠷᠡᠭ ᠪᠢᠰᠢ ᠪᠣᠯᠬᠤ ᠴᠠᠭ ᠲᠤ᠌᠂ ᠥᠪᠡᠷ ᠦ᠋ᠨ ᠪᠡᠶ᠎ᠡ ᠶ᠋ᠢ ᠬᠡᠷᠡᠭ ᠡᠴᠡ ᠮᠤᠯᠲᠤᠷᠠᠬᠤ ᠪᠤᠶᠤ ᠬᠣᠯᠪᠣᠭᠳᠠᠯ ᠢ᠋ᠶ᠋ᠠᠨ ᠬᠥᠩᠭᠡᠨ ᠪᠣᠯᠭᠠᠬᠤ ᠭᠡᠵᠦ᠂ ᠭᠡᠮ ᠢ᠋ ᠨᠤᠲᠤᠭ ᠤᠰᠤ ᠥᠭᠡᠷ᠎ᠡ ᠲᠡᠢ᠂ ᠭᠠᠳᠠᠨ᠎ᠠ ᠶ᠋ᠢᠨ ᠭᠡᠵᠦ ᠦᠵᠡᠳᠡᠭ ᠬᠥᠮᠦᠨ ᠶᠦᠮ ᠤᠤ᠂ ᠲᠤᠩ ᠶᠠᠳᠠᠪᠠᠯ᠂ ᠪᠦᠬᠦ ᠬᠠᠮᠲᠤ ᠣᠯᠠᠨ ᠳᠡᠭᠡᠷ᠎ᠡ ᠲᠦᠯᠬᠢᠬᠦ ᠶ᠋ᠢ ᠣᠷᠣᠯᠳᠣᠳᠠᠭ ᠵᠠᠩᠰᠢᠯ ᠲᠠᠢ ᠪᠠᠢᠵᠠᠢ᠃ ᠬᠠᠷᠢᠨ ᠬᠤᠵᠢᠷᠪᠤᠯᠤᠩ ᠳ᠋ᠤ᠌ ᠬᠥᠮᠦᠨ ᠪᠦᠷᠢ ᠥᠪᠡᠷ ᠦ᠋ᠨ ᠪᠡᠶ᠎ᠡ ᠶ᠋ᠢ ᠪᠤᠰᠤᠳ ᠬᠠᠮᠲᠤ ᠣᠯᠠᠨ ᠲᠠᠢ ᠲᠦᠮᠡᠨ ᠵᠦᠢᠯ ᠦ᠋ᠨ ᠬᠡᠯᠬᠢᠶ᠎ᠡ ᠲᠡᠢ ᠶ᠋ᠢ ᠶᠠᠭᠤᠮ᠎ᠠ ᠪᠦᠷᠢ ᠳᠡᠭᠡᠷ᠎ᠡ ᠮᠡᠳᠡᠵᠦ ᠠᠪᠤᠪᠠ᠃ ᠠᠩᠬᠠᠨ ᠳ᠋ᠠᠭᠠᠨ ᠨᠢᠭᠡ ᠬᠤᠰᠢᠭᠤᠨ ᠤ᠋ ᠤᠯᠤᠰ᠂ ᠡᠨᠡ ᠲᠡᠷᠡ ᠰᠤᠮᠤᠨ ᠠᠷᠪᠠᠨ ᠢ᠋ᠶ᠋ᠠᠷ ᠰᠠᠴᠤᠭᠳᠠᠭᠠᠳ᠂ ᠴᠢᠳᠠᠪᠠᠯ ᠪᠥᠭᠡᠮ ᠢ᠋ᠶ᠋ᠡᠷ ᠪᠠᠢᠬᠤ ᠰᠠᠨ ᠭᠡᠵᠦ ᠣᠷᠣᠯᠳᠣᠳᠠᠭ ᠪᠠᠢᠵᠠᠢ᠃ ᠴᠢᠩᠭᠢᠭᠰᠡᠭᠡᠷ ᠨᠣᠭᠳᠠᠭᠰᠠᠨ ᠠᠷᠪᠠᠨ ᠳ᠋ᠠᠭᠠᠨ᠂ ᠮᠥᠨ ᠰᠤᠮᠤᠨ ᠳ᠋ᠠᠭᠠᠨ᠂ ᠲᠡᠷᠡᠴᠢᠯᠡᠨ ᠬᠤᠸᠠᠷᠠᠨ ᠳ᠋ᠠᠭᠠᠨ᠂ ᠥᠭᠡᠷ᠎ᠡ ᠬᠤᠰᠢᠭᠤᠨ ᠤ᠋ ᠬᠥᠮᠦᠨ ᠲᠡᠢ ᠨᠠᠢᠵᠢ ᠨᠥᠬᠥᠷ ᠪᠣᠯᠵᠤ ᠲᠠᠨᠢᠯᠴᠠᠨ ᠳᠠᠰᠤᠵᠤ(ᠲᠡᠰᠴᠦ) ᠢᠵᠢᠯᠢᠰᠴᠡᠭᠡᠪᠡ᠃ ᠲᠡᠭᠡᠭᠡᠳ ᠮᠠᠨᠠᠢ ᠬᠣᠰᠢᠭᠤ ᠶ᠋ᠢᠨ ᠬᠢᠨ᠂ ᠣᠨᠳᠣᠣ ᠬᠣᠰᠢᠭᠤ ᠶ᠋ᠢᠨ ᠬᠢᠨ ᠭᠡᠵᠦ ᠢᠯᠭᠠᠷᠠᠬᠤ ᠪᠠᠨ ᠪᠠᠢᠵᠠᠢ᠃
ᠴᠢᠯᠥᠭᠡᠨ ᠦ᠌ ᠬᠠᠭᠤᠳᠠᠰᠤ ᠪᠠᠷ ᠬᠣᠲᠠ ᠣᠷᠣᠵᠤ᠂ ᠠᠶᠠᠭ᠎ᠠ ᠨᠠᠢᠬᠠᠨ(ᠠᠶᠠᠭᠠᠨ ᠤ᠋ ᠬᠢ) ᠬᠢᠴᠡᠨ ᠳ᠋ᠦ᠍ ᠨᠡᠮᠡᠷᠢ ᠪᠣᠯᠭᠠᠬᠤ ᠭᠠᠭᠴᠠ ᠨᠢᠭᠡ ᠰᠢᠷ᠎ᠠ ᠴᠠᠢ᠂ ᠭᠠᠭᠴᠠ ᠨᠢᠭᠡ ᠤᠯᠠᠭᠠᠨ ᠮᠥᠩᠭᠥ ᠣᠯᠬᠤ ᠭᠡᠵᠦ ᠠᠢᠯ ᠤ᠋ᠨ ᠬᠠᠰᠢᠶ᠎ᠠ ᠬᠣᠷᠢᠶ᠎ᠠ ᠴᠡᠪᠡᠷᠯᠡᠬᠦ᠂ ᠲᠦᠯᠡᠭᠡ ᠬᠢᠷᠥᠭᠡᠳᠡᠬᠦ᠂ ᠬᠠᠭᠠᠯᠬᠤ᠂ ᠮᠥᠨ ᠮᠢᠬ᠎ᠠ ᠶ᠋ᠢᠨ ᠵᠠᠬ᠎ᠠ᠂ ᠱᠤᠤᠭᠢᠭᠤᠷ ᠳᠡᠭᠡᠷ᠎ᠡ ᠮᠢᠬ᠎ᠠ ᠲᠣᠰᠣ ᠡᠷᠭᠦᠬᠦ ᠳ᠋ᠡᠭᠡᠨ ᠬᠤᠵᠢᠷᠪᠤᠯᠤᠩ ᠤ᠋ᠨ ᠴᠡᠷᠢᠭ᠂ ᠲᠡᠷᠡ ᠬᠥᠮᠦᠨ ᠠᠮᠢᠲᠠᠨ ᠣᠯᠠᠨ ᠲᠠᠢ᠂ ᠬᠥᠯ ᠶᠡᠬᠡᠲᠡᠢ ᠬᠦᠷᠢᠶ᠎ᠡ ᠶ᠋ᠢᠨ ᠬᠢᠨ᠂ ᠲᠡᠳᠡᠨ ᠢ᠋ ᠴᠦ᠍ ᠴᠣᠬᠣᠮ ᠠᠯᠢ ᠬᠤᠰᠢᠭᠤᠨ ᠤ᠋ ᠬᠥᠮᠦᠨ ᠪᠣᠢ? ᠮᠠᠨᠠᠢ ᠬᠤᠰᠢᠭᠤᠨ ᠨᠠᠢᠬᠢ ( ᠤ ᠬᠢ) ᠤᠤ? ᠪᠢᠰᠢᠦ? ᠬᠡᠨ ᠦ᠌ ᠠᠯᠪᠠᠲᠤ ᠬᠠᠮᠵᠢᠯᠭ᠎ᠠ ᠪᠣᠢ? ᠭᠡᠵᠦ ᠣᠭᠲᠣ ᠰᠣᠨᠢᠷᠬᠠᠵᠤ ᠠᠰᠠᠭᠤᠬᠤ ᠦᠭᠡᠢ᠂ ᠭᠠᠭᠴᠠᠬᠦ (ᠭᠠᠭᠴᠠ ᠬᠦ᠌) ᠶᠠᠭᠤᠮ᠎ᠠ ᠡᠭᠦᠷᠦᠭᠦᠯᠬᠦ᠂ ᠬᠣᠭ ᠰᠢᠷᠣᠢ ᠴᠡᠪᠡᠷᠯᠡᠬᠦ ᠵᠡᠷᠭᠡ ᠬᠠᠷ᠎ᠠ ᠠᠵᠢᠯ ᠳ᠋ᠤ᠌ ᠵᠠᠷᠤᠬᠤ ᠳ᠋ᠤ᠌ ᠪᠡᠯᠡᠬᠡᠨ ᠬᠢᠮᠳᠠ ᠬᠥᠯᠥᠰᠥ ᠲᠡᠢ ᠬᠤᠵᠢᠷᠪᠤᠯᠤᠩ ᠤ᠋ᠨ ᠴᠡᠷᠢᠭ ᠭᠡᠵᠦ ᠦᠵᠡᠳᠡᠭ ᠢ᠋ ᠪᠡᠶ᠎ᠡ ᠪᠡᠷ ᠮᠡᠳᠡᠪᠡ᠃
ᠬᠤᠵᠢᠷᠪᠤᠯᠤᠩ ᠳ᠋ᠠᠭᠠᠨ ᠴᠡᠷᠢᠭ ᠦ᠋ᠨ ᠵᠠᠬᠢᠷᠤᠯ ᠴᠡᠷᠢᠭ ᠦ᠋ᠨ ᠬᠡᠷᠡᠭᠯᠡᠯ᠂ ᠬᠤᠪᠴᠠᠰᠤ ᠬᠤᠨᠠᠷ᠂ ᠢᠳᠡᠬᠦ ᠤᠤᠭᠤᠬᠤ ᠶᠠᠭᠤᠮ᠎ᠠ ᠶ᠋ᠢ ᠨᠡᠢᠯᠡᠭᠦᠯᠬᠦ ᠡᠲᠡᠭᠡᠳ ᠮᠣᠩᠭᠣᠯ ᠬᠢᠲᠠᠳ᠂ ᠲᠥᠪᠡᠳ ᠯᠠᠮᠠ᠂ ᠬᠠᠷ᠎ᠠ᠂ ᠲᠦᠰᠢᠮᠡᠯ᠂ ᠬᠤᠳᠠᠯᠳᠤᠭᠠᠴᠢᠨ ᠴᠥᠮ ᠬᠤᠵᠢᠷᠪᠤᠯᠤᠩ ᠤ᠋ᠨ ᠴᠡᠷᠢᠭ ᠢ᠋ ᠮᠠᠨᠠᠢ ᠬᠤᠰᠢᠭᠤᠨ ᠤ᠋ ᠴᠡᠷᠢᠭ᠂ ᠥᠭᠡᠷ᠎ᠡ ᠬᠤᠰᠢᠭᠤᠨ ᠤ᠋ ᠴᠡᠷᠢᠭ ᠭᠡᠵᠦ ᠥᠴᠦᠬᠡᠨ ᠴᠦ᠍ ᠢᠯᠭᠠᠬᠤ ᠦᠭᠡᠢ᠂ ᠴᠥᠮ ᠨᠡᠢᠲᠡ ᠴᠡᠷᠢᠭ ᠦ᠋ᠨ ᠬᠡᠷᠡᠭᠯᠡᠯ ᠳ᠋ᠦ᠍ ᠲᠥᠰᠦᠪᠯᠡᠭᠰᠡᠨ ᠵᠦᠢᠯ ᠡᠴᠡ ᠢᠴᠢᠵᠦ ᠵᠣᠪᠠᠬᠤ ᠶ᠋ᠢ ᠮᠡᠳᠡᠬᠦ ᠦᠭᠡᠢ ᠢᠳᠡᠵᠦ ᠤᠤᠭᠤᠵᠤ ᠪᠠᠢᠳᠠᠭ ᠢ᠋ ᠦᠵᠡᠪᠡ᠃
ᠲᠡᠭᠡᠭᠡᠳ ᠣᠯᠠᠨ ᠴᠡᠷᠢᠭ᠂ ᠥᠪᠡᠷᠰᠡᠳ ᠢ᠋ ᠬᠥᠮᠦᠨ ᠦ᠌ ᠥᠪᠡᠷ ᠦ᠋ᠨ ᠬᠣᠰᠢᠭᠤ ᠭᠡᠵᠦ ᠢᠯᠭᠠᠬᠤ ᠶ᠋ᠢᠨ ᠬᠡᠷᠡᠭ ᠦᠭᠡᠢ᠂ ᠴᠥᠮ ᠢ᠋ᠶ᠋ᠡᠷ ᠢ᠋ᠶ᠋ᠡᠨ ᠠᠵᠤ ᠠᠮᠢᠳᠤᠷᠠᠯ ᠨᠢᠭᠡ ᠲᠡᠢ᠂ ᠵᠣᠪᠠᠯ ᠵᠢᠷᠭᠠᠯ ᠨᠢᠭᠡ ᠲᠡᠢ ᠪᠠᠢᠭ᠎ᠠ ᠪᠠᠨ ᠶᠠᠪᠤᠭ᠎ᠠ ᠶᠠᠪᠤᠭᠠᠨ ᠳ᠋ᠠᠭᠠᠨ ᠮᠡᠳᠡᠵᠦ ᠠᠪᠤᠪᠠ᠃ ᠴᠥᠮ ᠢ᠋ᠶ᠋ᠡᠷ ᠢ᠋ᠶ᠋ᠡᠨ᠂ ᠴᠡᠷᠢᠭ ᠢ᠋ ᠵᠣᠳᠣᠬᠤ ᠳᠠᠷᠤᠯᠠᠬᠤ᠂ ᠡᠯᠳᠡᠪ ᠢ᠋ᠶ᠋ᠡᠷ ᠬᠠᠷᠭᠢᠰᠯᠠᠬᠤ ᠳᠠᠮᠳᠢᠨ ᠲᠡᠷᠢᠭᠦᠨ᠂ ᠲᠦᠪᠰᠢᠨᠵᠢᠷᠭᠠᠯ᠂ ᠭᠠᠯᠰᠠᠩ ᠮᠡᠷᠡᠢᠨ᠂ ᠭᠣᠨᠴᠣᠭ ᠵᠠᠩᠭᠢ᠂ ᠱᠥᠢᠪ ᠦ᠋ᠨ ᠵᠡᠷᠭᠡ ᠳᠠᠷᠤᠭ᠎ᠠ ᠨᠠᠷ ᠢ᠋ ᠴᠡᠷᠢᠭ ᠪᠦᠬᠦᠨ ᠨᠢᠭᠡᠨ ᠠᠳᠠᠯᠢ ᠬᠣᠷᠣᠰᠤᠨ ᠵᠠᠨᠤᠵᠤ᠂ ᠲᠡᠷᠡ ᠲᠤᠬᠠᠢ ᠬᠥᠮᠦᠨ ᠪᠦᠷᠢ ᠦᠭᠡ ᠰᠠᠨᠠᠭ᠎ᠠ ᠨᠢᠭᠡ ᠲᠡᠢ ᠪᠡᠨ ᠮᠡᠳᠡᠪᠡ᠃ ᠪᠠᠰᠠ ᠴᠡᠷᠢᠭ ᠦ᠋ᠨ ᠰᠤᠷᠭᠠᠭᠤᠯᠢ ᠳ᠋ᠤ᠌ ᠭᠠᠷᠮᠠᠭᠠᠢ ᠰᠠᠢᠨ ᠫᠤᠤᠴᠢ᠂ ᠰᠡᠯᠡᠮ᠎ᠡ ᠵᠢᠳᠠ ᠪᠠᠷ ᠴᠠᠪᠴᠢᠬᠤ ᠬᠠᠳᠬᠤᠬᠤ ᠳ᠋ᠠᠭᠠᠨ ᠣᠨᠴᠣᠭᠣᠢ ᠴᠢᠳᠠᠯ ᠲᠠᠢ ᠮᠣᠷᠢᠨ ᠰᠤᠷᠭᠠᠭᠤᠯᠢ ᠳ᠋ᠤ᠌ ᠲᠦᠷᠦᠭᠦᠯᠡᠳᠡᠭ᠂ ᠵᠢᠳᠠ ᠲᠠᠢ ᠫᠤᠤ᠂ ᠰᠡᠯᠡᠮ᠎ᠡ᠂ ᠤᠷᠲᠤ ᠵᠢᠳᠠ ᠶ᠋ᠢᠨ ᠰᠤᠷᠭᠠᠭᠤᠯᠢ ᠳ᠋ᠤ᠌ ᠴᠢᠳᠠᠮᠠᠭᠠᠢ ᠴᠡᠷᠢᠭ ᠨᠢ ᠭᠠᠭᠴᠠ ᠥᠪᠡᠷ ᠦ᠋ᠨ ᠢ᠋ᠶ᠋ᠡᠨ ᠠᠷᠪᠠᠨ ᠤ᠋ ᠶᠤᠮ ᠤᠤ᠂ ᠭᠠᠭᠴᠠ ᠰᠤᠮᠤᠨ᠂ ᠭᠠᠭᠴᠠ ᠥᠪᠡᠷ ᠦ᠋ᠨ ᠢ᠋ᠶ᠋ᠡᠨ ᠬᠤᠰᠢᠭᠤᠨ ᠤ᠋ ᠨᠡᠷ᠎ᠡ ᠶ᠋ᠢ ᠮᠠᠨᠳᠤᠭᠤᠯᠵᠤ ᠪᠠᠢᠭ᠎ᠠ ᠬᠡᠷᠡᠭ ᠪᠢᠰᠢ᠂ ᠬᠤᠵᠢᠷᠪᠤᠯᠤᠩ ᠤ᠋ᠨ ᠪᠦᠬᠦ ᠴᠡᠷᠢᠭ᠂ ᠨᠡᠢᠭᠡᠮ ᠪᠦᠭᠦᠳᠡ ᠶ᠋ᠢᠨ ᠠᠯᠳᠠᠷ ᠨᠡᠷ᠎ᠡ ᠶ᠋ᠢ ᠥᠷᠭᠡᠨ ᠮᠠᠨᠳᠤᠭᠤᠯᠵᠤ ᠪᠠᠢᠭ᠎ᠠ ᠶᠤᠮ ᠪᠠᠢᠨ᠎ᠠ ᠭᠡᠵᠦ ᠮᠡᠳᠡᠪᠡ᠃ ᠣᠷᠣᠰ ᠤ᠋ᠨ ᠤᠯᠠᠭᠠᠨ ᠥᠨᠳᠡᠭᠡᠨ ᠦ᠌ ᠰᠠᠢᠨ ᠡᠳᠦᠷ ᠢ᠋ᠶ᠋ᠡᠷ ᠬᠤᠵᠢᠷᠪᠤᠯᠤᠩ ᠤ᠋ᠨ ᠬᠡᠳᠦᠨ ᠰᠢᠯᠭᠠᠷᠠᠭᠰᠠᠨ ᠴᠡᠷᠢᠭ ᠲᠡᠢ ᠺᠣᠨᠰᠣᠯ ᠤ᠋ᠨ ᠣᠷᠣᠰ ᠺᠠᠽᠠᠭ ᠴᠡᠷᠢᠭ ᠦ᠋ᠨ ᠬᠤᠸᠠᠷᠠᠨ ᠳ᠋ᠤ᠌ ᠤᠷᠢᠭᠳᠠᠨ ᠣᠴᠢᠵᠤ᠂ ᠺᠠᠽᠠᠭ ᠢ᠋ ᠰᠡᠯᠡᠮ᠎ᠡ ᠴᠠᠪᠴᠢᠬᠤ᠂ ᠮᠣᠷᠢᠨ ᠰᠤᠷᠭᠠᠭᠤᠯᠢ ᠬᠢᠬᠦ ᠪᠡᠷ ᠭᠠᠢᠬᠠᠭᠤᠯᠵᠤ ᠴᠢᠳᠠᠭᠰᠠᠨ ᠰᠦᠬᠡ * ᠲᠡᠷᠢᠭᠦᠲᠡᠢ ᠬᠡᠳᠦᠨ ᠴᠡᠷᠢᠭ ᠢ᠋ ᠪᠦᠬᠦ ᠬᠤᠵᠢᠷᠪᠤᠯᠤᠩ ᠤ᠋ᠨ ᠬᠢᠨ ᠱᠠᠭᠰᠢᠨ ᠮᠠᠭᠲᠠᠵᠤ᠂
— ᠮᠠᠨᠠᠢ ᠴᠡᠷᠢᠭ ᠡᠷ᠎ᠡ ᠴᠢᠳᠠᠯ ᠢ᠋ᠶ᠋ᠠᠨ ᠭᠠᠢᠬᠠᠭᠤᠯᠤᠨ ᠦᠵᠡᠭᠦᠯᠵᠡᠢ᠃ ᠪᠦᠬᠦ ᠣᠷᠣᠰ ᠺᠠᠽᠠᠭ ᠴᠥᠮ ᠢ᠋ᠶ᠋ᠡᠷ ᠢ᠋ᠶ᠋ᠡᠨ ᠮᠠᠨᠠᠢ ᠴᠡᠷᠢᠭ ᠰᠦᠬᠡ ᠶ᠋ᠢᠨ ᠴᠡᠷᠢᠭ ᠦ᠋ᠨ ᠡᠷᠳᠡᠮ ᠢ᠋ ᠭᠠᠢᠬᠠᠨ ᠪᠢᠰᠢᠷᠡᠪᠡ ᠭᠡᠵᠦ ᠬᠤᠵᠢᠷᠪᠤᠯᠤᠩ ᠤ᠋ᠨ ᠴᠡᠷᠢᠭ᠂ ᠴᠢᠯᠥᠭᠡᠨ ᠦ᠌ ᠬᠠᠭᠤᠳᠠᠰᠤ ᠪᠠᠷ ᠬᠦᠷᠢᠶ᠎ᠡ ᠣᠷᠣᠬᠤ ᠳ᠋ᠠᠭᠠᠨ᠂ ᠵᠠᠬ᠎ᠠ ᠵᠡᠭᠡᠯᠢ ᠶ᠋ᠢᠨ ᠭᠠᠵᠠᠷ᠂ ᠠᠢᠯ ᠬᠣᠷᠢᠶ᠎ᠠ ᠪᠠᠷ ᠶᠠᠷᠢᠵᠤ᠂ ᠶᠡᠬᠡᠯ᠎ᠡ ᠤᠷᠮ᠎ᠠ ᠲᠠᠢ ᠪᠠᠢᠭᠰᠠᠨ ᠪᠢᠯᠡ᠃
ᠲᠡᠢᠨ ᠬᠦ᠌《ᠮᠠᠨᠠᠢ ᠴᠡᠷᠢᠭ》 ᠭᠡᠳᠡᠭ ᠬᠣᠶᠠᠷ ᠦᠭᠡ᠂ ᠬᠤᠵᠢᠷᠪᠤᠯᠤᠩ ᠤ᠋ᠨ ᠬᠢᠨ ᠦ᠌ ᠮᠠᠨᠠᠢ ᠬᠤᠰᠢᠭᠤᠨ ᠤ᠋ ᠬᠢᠨ᠂ ᠥᠭᠡᠷ᠎ᠡ ᠬᠤᠰᠢᠭᠤᠨ ᠤ᠋ ᠬᠢᠨ ᠭᠡᠳᠡᠭ ᠢᠯᠭᠠᠭ᠎ᠠ ᠶ᠋ᠢ ᠦᠭᠡᠢ ᠬᠢᠵᠡᠢ᠃ ᠲᠡᠢᠨ ᠬᠦ᠌ ᠴᠡᠷᠢᠭ ᠦ᠋ᠨ ᠬᠦᠨᠳᠦ ᠠᠮᠢᠳᠤᠷᠠᠯ ᠤ᠋ᠨ ᠪᠡᠷᠬᠡ ᠭᠠᠴᠢᠶᠠᠯ ᠢ᠋ ᠲᠤᠭᠤᠯᠤᠨ ᠳᠠᠪᠠᠬᠤ ᠳ᠋ᠤ᠌ ᠲᠤᠰᠠ ᠨᠡᠮᠡᠷᠢ ᠪᠣᠯᠵᠤ᠂ ᠬᠤᠵᠢᠷᠪᠤᠯᠤᠩ ᠤ᠋ᠨ ᠰᠤᠷᠭᠠᠭᠤᠯᠢ ᠲᠡᠭᠦᠰᠦᠭᠰᠡᠨ ᠳᠠᠢᠴᠢᠨ ᠴᠡᠷᠢᠭ ᠨᠥᠬᠥᠳ ᠦ᠋ᠨ ᠴᠢᠰᠤ ᠪᠠᠷ ᠪᠠᠢᠯᠳᠤᠭᠠᠨ ᠤ᠋ ᠭᠠᠵᠠᠷ ᠬᠣᠵᠢᠮ ᠬᠣᠢᠨ᠎ᠠ ᠮᠢᠯᠢᠶᠠᠭᠰᠠᠨ ᠬᠠᠷᠢᠯᠴᠠᠨ ᠲᠤᠰᠠᠯᠠᠯᠴᠠᠬᠤ ᠡᠯᠢᠭᠡᠰᠡᠭ ᠨᠠᠢᠷᠲᠠᠢ ᠨᠥᠬᠥᠷ ᠦ᠋ᠨ ᠵᠢᠷᠤᠮ᠂ ᠬᠠᠮᠲᠤ ᠣᠯᠠᠨ ᠢ᠋ᠶ᠋ᠠᠷ ᠠᠵᠤ ᠲᠥᠷᠥᠬᠦ ᠶ᠋ᠢᠨ ᠵᠠᠷᠴᠢᠮ ᠵᠦᠢ ᠪᠣᠢ ᠪᠣᠯᠤᠨ ᠪᠠᠲᠤᠵᠢᠭᠰᠠᠨ ᠪᠢᠯᠡ᠃
ᠬᠤᠵᠢᠷᠪᠤᠯᠤᠩ ᠳ᠋ᠤ᠌ ᠪᠠᠢᠭ᠎ᠠ ᠪᠦᠬᠦ ᠴᠡᠷᠢᠭ ᠦ᠋ᠨ ᠰᠤᠮᠤᠨ ᠳ᠋ᠤ᠌᠂ ᠰᠦᠬᠡ ᠴᠡᠷᠢᠭ ᠦ᠋ᠨ ᠨᠡᠷ᠎ᠡ᠂ ᠴᠡᠷᠢᠭ ᠣᠯᠠᠨ ᠳ᠋ᠤ᠌ ᠳᠦᠷᠬᠢᠷᠡᠨ ᠰᠣᠨᠣᠰᠳᠠᠭᠰᠠᠨ ᠨᠢᠭᠡᠨ ᠶᠠᠪᠤᠳᠠᠯ ᠤ᠋ᠨ ᠤᠯᠠᠮ ᠠ᠋ᠴᠠ ᠶᠡᠬᠡᠯ᠎ᠡ ᠬᠦᠨᠳᠦᠲᠡᠢ ᠳᠣᠲᠣᠨᠣ ᠪᠣᠯᠵᠤ ᠢᠷᠡᠭᠰᠡᠨ ᠨᠢ ᠱᠦᠢᠪ ᠳᠠᠷᠤᠭ᠎ᠠ ᠫᠦᠯᠧᠮᠶᠣᠲ ᠰᠤᠮᠤᠨ ᠤ᠋ ᠰᠤᠷᠭᠠᠭᠤᠯᠢ ᠳ᠋ᠤ᠌ ᠰᠣᠭᠲᠣᠭᠤ ᠬᠥᠯᠴᠥᠭᠦᠦ ᠪᠡᠷ ᠢᠷᠡᠵᠦ ᠫᠤᠤ ᠪᠠᠷ ᠵᠢᠳᠠᠯᠠᠨ ᠪᠠᠢᠯᠳᠤᠬᠤ ᠰᠤᠷᠭᠠᠭᠤᠯᠢ ᠵᠢᠭᠠᠬᠤ ᠳ᠋ᠠᠭᠠᠨ᠄
— ᠢᠩᠭᠢᠵᠦ ᠬᠠᠳᠬᠤᠳᠠᠭ ᠶᠤᠮ᠂ ᠨᠠᠮᠠᠶ᠋ᠢ ᠰᠠᠢᠨ ᠬᠠᠷᠠᠵᠤ ᠪᠠᠢ ᠭᠡᠵᠦ ᠨᠢᠳᠦ ᠪᠡᠨ ᠠᠯᠠᠭ ᠡᠷᠢᠶᠡᠨ ᠢ᠋ᠶ᠋ᠡᠷ ᠡᠷᠭᠢᠭᠦᠯᠦᠨ᠂ ᠨᠢᠭᠤᠷ ᠠᠮᠠ ᠪᠠᠨ ᠮᠤᠷᠤᠢᠯᠭᠠᠵᠤ᠂ ᠵᠢᠳᠠ ᠪᠠᠷ ᠤᠬᠤᠰᠬᠢᠨ ᠴᠢᠴᠢᠵᠦ᠂ ᠳᠠᠢᠰᠤᠨ ᠢ᠋ ᠵᠢᠳᠠᠯᠠᠬᠤ ᠳᠦᠷᠢᠮ ᠦᠵᠡᠭᠦᠯᠬᠦ ᠭᠡᠵᠦ ᠰᠦᠷ ᠪᠠᠳᠠᠷᠠᠭᠤᠯᠤᠨ ᠬᠥᠳᠡᠯᠬᠦ ᠭᠡᠳ ᠪᠦᠳᠦᠭᠦᠨ ᠭᠡᠳᠡᠰᠦ ᠪᠡᠷ ᠢ᠋ᠶ᠋ᠡᠨ ᠬᠡᠭᠭᠢᠲᠡᠯᠡ ᠭᠠᠵᠠᠷ ᠴᠣᠬᠢᠵᠤ ᠬᠠᠯᠲᠤᠷᠢᠨ ᠣᠢᠴᠢᠬᠤ ᠳ᠋ᠤᠨᠢ ᠴᠡᠷᠢᠭ ᠦ᠋ᠨ ᠳᠤᠮᠳᠠ ᠠ᠋ᠴᠠ ᠨᠢᠭᠡ ᠬᠥᠮᠦᠨ ᠢᠨᠢᠶᠡᠳᠦ ᠠᠯᠳᠠᠵᠠᠢ᠃ ᠱᠤᠢᠪ᠂ ᠣᠢᠴᠢᠬᠤ ᠳ᠋ᠠᠭᠠᠨ ᠨᠡᠯᠢᠶᠡᠳ ᠡᠪᠡᠳᠦᠭᠰᠡᠨ ᠦ᠌ ᠳᠡᠭᠡᠷ᠎ᠡ ᠬᠥᠮᠦᠨ ᠦ᠌ ᠡᠯᠡᠭᠯᠡᠨ ᠢᠨᠢᠶᠡᠬᠦ ᠶ᠋ᠢ ᠰᠣᠨᠣᠰᠤᠭᠠᠳ ᠠᠭᠤᠷ ᠬᠢᠯᠢᠩ ᠪᠠᠳᠠᠷᠠᠵᠤ᠂ ᠣᠷᠬᠢᠷᠠᠨ ᠪᠣᠰᠴᠤ ᠫᠤᠤ ᠪᠠᠨ ᠳᠠᠯᠠᠢᠨ ᠴᠡᠷᠢᠭ ᠦ᠋ᠨ ᠵᠦᠭ ᠤᠬᠤᠰᠬᠢᠵᠦ᠂ ᠭᠠᠷ ᠤ᠋ᠨ ᠳᠣᠣᠷ᠎ᠠ ᠲᠣᠬᠢᠶᠠᠯᠳᠤᠭᠰᠠᠨ ᠨᠢᠭᠡᠨ ᠴᠡᠷᠢᠭ ᠢ᠋ ᠫᠤᠤ ᠶᠢᠨ ᠪᠥᠭᠰᠡ ᠮᠣᠳᠣ ᠪᠠᠷ ᠲᠡᠩᠬᠡᠭᠡ ᠮᠡᠳᠡᠨ ᠲᠣᠯᠣᠭᠠᠢ ᠳᠡᠭᠡᠷ᠎ᠡ ᠨᠢ ᠪᠠᠭᠤᠯᠭᠠᠨ ᠴᠣᠬᠢᠭᠰᠠᠨ ᠳ᠋ᠤ᠌᠂ ᠲᠡᠷᠡ ᠴᠡᠷᠢᠭ ᠴᠢᠰᠤ ᠴᠤᠪᠤᠷᠢᠨ᠂ ᠠᠶᠤᠩᠭ᠎ᠠ ᠳ᠋ᠤ᠌ ᠨᠢᠷᠭᠡᠭᠦᠯᠦᠭᠰᠡᠨ ᠮᠡᠲᠦ ᠣᠢᠴᠢᠪᠠ᠃ ᠱᠣᠢᠪ᠂ ᠫᠤᠤ ᠶ᠋ᠢ ᠳᠣᠭᠣᠭᠰᠢ ᠪᠣᠯᠭᠠᠵᠤ᠂ ᠭᠠᠷ ᠢ᠋ᠶ᠋ᠠᠷ ᠲᠡᠷᠡ ᠪᠢᠷᠳᠠᠩ ᠫᠤᠤ ᠶ᠋ᠢᠨ ᠠᠮᠠ ᠶ᠋ᠢ ᠲᠤᠯᠤᠭᠠᠳ᠂ ᠬᠥᠯ ᠦ᠋ᠨ ᠡᠮᠦᠨ᠎ᠡ ᠤᠯᠠᠭᠠᠨ ᠨᠡᠯᠦᠢ ᠪᠣᠯᠤᠭᠠᠳ ᠬᠡᠪᠲᠡᠵᠦ ᠪᠠᠢᠭ᠎ᠠ ᠲᠡᠷᠡ ᠬᠥᠮᠦᠨ ᠢ᠋ ᠡᠨᠡ ᠶᠠᠭᠤ ᠪᠣᠯᠪᠠ? ᠭᠡᠵᠦ ᠭᠠᠢᠬᠠᠭᠰᠠᠨ ᠰᠢᠭ᠋ ᠰᠣᠭᠲᠣᠭᠤ ᠨᠢᠳᠦ ᠪᠡᠨ ᠪᠦᠯᠲᠡᠢᠯᠭᠡᠨ ᠡᠷᠭᠢᠭᠦᠯᠵᠦ ᠳᠡᠮᠡᠢ ᠯᠡ ᠰᠢᠷᠳᠡᠪᠡ᠃ ᠣᠷᠴᠢᠨ ᠲᠣᠭᠣᠷᠢᠨ ᠣᠯᠠᠨ ᠴᠡᠷᠢᠭ ᠴᠢᠪ ᠴᠢᠮᠡᠭᠡ ᠦᠭᠡᠢ ᠨᠠᠮ ᠭᠦᠮ ᠵᠣᠭᠰᠣᠵᠤ᠂ ᠭᠠᠭᠴᠠᠬᠦ ᠳᠡᠭᠡᠭᠦᠷ ᠨᠢ ᠬᠣᠩ ᠬᠣᠩ ᠳᠤᠤᠭᠠᠷᠴᠤ ᠨᠢᠰᠦᠨ ᠥᠩᠭᠡᠷᠡᠭᠰᠡᠨ ᠬᠣᠩ ᠬᠡᠷᠢᠶ᠎ᠡ ᠶ᠋ᠢᠨ ᠵᠢᠭᠦᠷ ᠦ᠋ᠨ ᠥᠳᠥ ᠢᠰᠬᠡᠷᠦᠨ ᠳᠤᠤᠭᠠᠷᠬᠤ ᠴᠢᠮᠡᠭᠡ᠂ ᠲᠡᠷᠡ ᠰᠣᠭᠲᠣᠭᠤ ᠳᠠᠷᠤᠭ᠎ᠠ ᠶ᠋ᠢᠨ ᠤᠭᠤᠬᠢᠯᠠᠨ ᠠᠮᠢᠰᠬᠤᠯᠯᠠᠬᠤ ᠴᠢᠮᠡᠭᠡ ᠰᠣᠨᠣᠰᠳᠠᠪᠠ᠃
ᠣᠯᠠᠨ ᠴᠡᠷᠢᠭ ᠭᠡᠮ ᠦᠭᠡᠢ ᠨᠢᠭᠡᠨ ᠨᠥᠬᠥᠷ ᠢ᠋ᠶ᠋ᠡᠨ ᠴᠣᠬᠢᠭᠤᠯᠵᠤ ᠣᠢᠴᠢᠭᠰᠠᠨ ᠳ᠋ᠤ᠌ ᠬᠢᠷᠳ᠋ᠬᠢᠨ ᠰᠣᠴᠢᠵᠤ᠂ ᠵᠣᠭᠣᠮᠠᠯ ᠴᠢᠯᠠᠭᠤᠨ ᠬᠥᠮᠦᠨ ᠰᠢᠭ ᠣᠭᠲᠣ ᠬᠥᠳᠡᠯᠬᠦ ᠦᠭᠡᠢ ᠵᠣᠭᠰᠣᠨ᠂ ᠲᠡᠷᠡ ᠣᠢᠴᠢᠭᠰᠠᠨ ᠴᠡᠷᠢᠭ ᠦ᠋ᠨ ᠲᠣᠯᠣᠭᠠᠢ ᠶ᠋ᠢᠨ ᠲᠤᠰ ᠴᠢᠰᠤ ᠤᠯᠠᠢᠵᠤ ᠪᠠᠢᠭ᠎ᠠ ᠨᠢ ᠤᠯᠠᠮ ᠶᠡᠬᠡ ᠪᠣᠯᠵᠤ᠂ ᠲᠣᠯᠣᠭᠠᠢ ᠶ᠋ᠢᠨ ᠬᠠᠵᠠᠭᠤ ᠳ᠋ᠤ᠌ ᠣᠢᠴᠢᠭᠰᠠᠨ ᠮᠠᠯᠠᠭᠠᠢ ᠳ᠋ᠤᠨᠢ ᠣᠢᠷᠠᠲᠤᠵᠤ ᠪᠠᠢᠯ᠎ᠠ᠃ ᠲᠡᠭᠡᠲᠡᠯ᠎ᠡ ᠵᠢᠭᠰᠠᠭᠠᠯ ᠤ᠋ᠨ ᠳᠤᠮᠳᠠ ᠠ᠋ᠴᠠ ᠤᠭᠠᠯᠵᠠᠲᠠᠢ ᠭᠤᠲᠤᠯ ᠲᠠᠢ᠂ ᠬᠥᠬᠡ ᠲᠡᠯᠢᠩ ᠬᠠᠭᠤᠴᠢᠨ ᠳᠡᠪᠡᠯ ᠲᠡᠢ᠂ ᠬᠠᠷ᠎ᠠ ᠬᠤᠷᠠᠭᠠᠨ ᠴᠢᠬᠢ ᠲᠡᠢ ᠬᠥᠬᠡ ᠴᠡᠩᠮᠡ ᠴᠡᠷᠢᠭ ᠲᠣᠪᠢ ᠮᠠᠯᠠᠭᠠᠢ ᠲᠠᠢ᠂ ᠥᠷᠭᠡᠨ ᠮᠥᠷᠥ ᠲᠡᠢ᠂ ᠥᠨᠳᠥᠷ ᠴᠡᠷᠢᠭ ᠤᠷᠤᠭᠰᠢ ᠳᠠᠪᠰᠢᠨ ᠭᠠᠷᠴᠤ ᠢᠷᠡᠪᠡ᠃ ᠨᠠᠷᠢᠨ ᠬᠢᠷᠠᠭ ᠪᠦᠰᠡ ᠪᠦᠰᠡᠯᠡᠭᠰᠡᠨ ᠨᠢ ᠲᠡᠷᠡ ᠴᠡᠷᠢᠭ ᠨᠢᠷᠤᠭᠤ ᠥᠨᠳᠥᠷ᠂ ᠪᠡᠶ᠎ᠡ ᠴᠢᠭᠢᠷᠠᠭ᠂ ᠪᠡᠯᠬᠡᠭᠦᠰᠦ ᠨᠠᠷᠢᠨ ᠢ᠋ ᠤᠯᠠᠮ ᠲᠣᠳᠣᠷᠬᠠᠢ ᠪᠣᠯᠭᠠᠵᠠᠢ᠃ ᠲᠡᠷᠡ ᠴᠡᠷᠢᠭ᠂ ᠱᠣᠢᠪ ᠳᠠᠷᠤᠭ᠎ᠠ ᠶ᠋ᠢ ᠣᠭᠲᠣ ᠦᠯᠦ ᠬᠠᠢᠬᠤᠷᠤᠨ ᠥᠨᠥᠬᠢ ᠣᠢᠴᠢᠭᠰᠠᠨ ᠨᠥᠬᠥᠷ ᠦ᠋ᠨ ᠢ᠋ᠶ᠋ᠡᠨ ᠳᠡᠷᠭᠡᠳᠡ ᠶᠠᠪᠠᠭᠠᠨ ᠰᠠᠭᠤᠵᠤ᠂ ᠡᠪᠦᠷ ᠡᠴᠡ ᠪᠡᠨ ᠴᠡᠪᠡᠷᠬᠡᠨ ᠤᠬᠢᠶᠠᠭᠰᠠᠨ ᠬᠠᠭᠤᠴᠢᠨ ᠳᠤᠷᠳᠤᠮ ᠠᠯᠴᠢᠭᠤᠷ ᠳᠣᠲᠣᠷ᠎ᠠ ᠠ᠋ᠴᠠ ᠴᠠᠪ ᠴᠡᠪᠡᠷ ᠮᠠᠷᠠᠯ ᠱᠠ ᠣᠷᠢᠶᠠᠯᠳᠤ ᠭᠠᠷᠭᠠᠵᠤ᠂ ᠰᠢᠷᠬ᠎ᠠ ᠶ᠋ᠢ ᠲᠤᠩ ᠴᠢᠳᠠᠮᠠᠭᠠᠢ ᠣᠷᠢᠶᠠᠵᠤ᠂ ᠲᠣᠯᠣᠭᠠᠢ ᠳ᠋ᠤᠨᠢ ᠮᠠᠯᠠᠭᠠᠢ ᠶ᠋ᠢ ᠨᠢ ᠳᠡᠷᠡᠯᠡᠭᠦᠯᠦᠭᠡᠳ ᠪᠣᠰᠴᠤ᠂ ᠥᠨᠥᠬᠢ ᠫᠤᠤ ᠪᠠᠨ ᠲᠤᠯᠤᠭᠰᠠᠭᠠᠷ ᠵᠣᠭᠰᠣᠵᠤ ᠪᠠᠢᠭᠰᠠᠨ ᠨᠢᠷᠤᠭᠤ ᠨᠠᠮᠬᠠᠨ ᠲᠡᠷᠡ ᠪᠦᠳᠦᠭᠦᠨ ᠠᠯᠴᠠᠭᠠᠷ ᠳᠠᠷᠤᠭ᠎ᠠ ᠶ᠋ᠢᠨ ᠵᠦᠭ᠂ ᠳᠡᠭᠡᠷ᠎ᠡ ᠡᠴᠡ ᠳᠣᠭᠣᠭᠰᠢ ᠬᠠᠨᠳᠤᠨ ᠬᠠᠷᠠᠵᠤ ᠨᠠᠮ ᠪᠣᠯᠪᠠᠴᠤ ᠮᠠᠰᠢ ᠲᠣᠳᠣ ᠰᠣᠨᠣᠰᠳᠠᠬᠤ ᠳᠠᠭᠤᠨ ᠢ᠋ᠶ᠋ᠠᠷ᠂
— ᠡᠷᠬᠢᠮ ᠳᠠᠷᠤᠭ᠎ᠠ ᠲᠠ ᠡᠨᠡ ᠵᠦᠭᠡᠷ ᠪᠠᠢᠵᠤ ᠪᠠᠢᠭᠰᠠᠨ ᠴᠡᠷᠢᠭ ᠢ᠋ ᠴᠣᠬᠢᠵᠤ ᠤᠨᠠᠭᠠᠭᠰᠠᠨ ᠢ᠋ᠶ᠋ᠠᠨ ᠬᠤᠸᠠᠷᠠᠨ ᠳ᠋ᠤ᠌ ᠳᠠᠮᠵᠢᠭᠤᠯᠵᠤ ᠬᠦᠷᠭᠡᠬᠦ ᠲᠤᠰᠢᠶᠠᠯ ᠥᠭᠭᠦᠨᠡᠦ᠃ ᠡᠨᠡ ᠬᠥᠮᠦᠨ ᠦᠬᠦᠵᠦ ᠮᠠᠭᠠᠳ ᠦᠭᠡᠢ ᠪᠠᠢᠨ᠎ᠠ ᠭᠡᠬᠦ ᠳ᠋ᠦ᠍ᠨᠢ ᠱᠤᠢᠪ ᠨᠣᠢᠷ ᠠ᠋ᠴᠠ ᠰᠡᠷᠢᠭᠰᠡᠨ ᠮᠡᠲᠦ᠂ ᠣᠯᠠᠨ ᠴᠡᠷᠢᠭ ᠦ᠋ᠨ ᠵᠢᠭᠰᠠᠭᠠᠯ ᠤ᠋ᠨ ᠡᠮᠦᠨ᠎ᠡ ᠨᠢᠭᠤᠷ ᠢ᠋ᠶ᠋ᠠᠨ ᠪᠣᠳᠣᠵᠤ ᠪᠠᠷᠬᠢᠷᠠᠨ᠂
— ᠶᠠᠭᠠᠬᠢᠨ᠎ᠠ ᠭᠡᠨ᠎ᠡ ᠠ᠋? ᠴᠢ ᠨᠠᠳᠠᠳᠤ ᠲᠤᠰᠢᠶᠠᠬᠤ ᠨᠢ ᠤᠤ? ᠨᠠᠳᠠᠳᠤ ᠤᠬᠠᠭᠠᠨ ᠵᠢᠭᠠᠬᠤ᠂ ᠴᠢ ᠶᠠᠭᠤ ᠪᠣᠯᠤᠭᠰᠠᠨ᠂ ᠬᠡᠨ ᠭᠡᠳᠡᠭ ᠠᠮᠢᠲᠠᠨ ᠪᠣᠢ? ᠬᠡᠮᠡᠪᠡᠰᠦ᠂
— ᠪᠢ ᠰᠦᠬᠡ ᠭᠡᠳᠡᠭ ᠬᠥᠮᠦᠨ᠂ ᠮᠣᠩᠭᠣᠯ ᠤᠯᠤᠰ ᠤ᠋ᠨ ᠴᠡᠷᠢᠭ ᠪᠢᠯᠡ᠃ ᠲᠤᠰᠢᠶᠠᠭᠰᠠᠨ ᠵᠦᠢᠯ ᠦᠭᠡᠢ᠂ ᠭᠠᠭᠴᠠ ᠬᠦ᠌ ᠲᠠᠨ ᠤ᠋ ᠰᠢᠷᠬᠠᠲᠤᠭᠤᠯᠤᠭᠰᠠᠨ ᠡᠨᠡ ᠴᠡᠷᠢᠭ ᠲᠦ᠍ ᠡᠮᠨᠡᠯᠭᠡ ᠶ᠋ᠢᠨ ᠲᠤᠰᠠᠯᠠᠮᠵᠢ ᠦᠵᠡᠭᠦᠯᠬᠦ ᠶ᠋ᠢ ᠬᠦᠰᠡᠨ ᠢᠯᠡᠷᠬᠡᠢᠯᠡᠭᠰᠡᠨ ᠪᠢᠯᠡ᠃ ᠪᠢᠳᠡ ᠲᠠᠨ ᠤ᠋ ᠵᠦᠢ ᠪᠤᠰᠤ ᠪᠠᠷ ᠬᠠᠷᠢᠯᠴᠠᠬᠤ ᠶ᠋ᠢ ᠣᠳᠣ ᠬᠦᠷᠲᠡᠯ᠎ᠡ ᠬᠦᠯᠢᠴᠡᠨ ᠲᠡᠰᠴᠦ ᠪᠠᠢᠭᠰᠠᠨ ᠪᠣᠯᠪᠠᠴᠤ ᠡᠨᠡ ᠤᠳᠠᠭ᠎ᠠ ᠳ᠋ᠤ᠌ ᠥᠩᠭᠡᠷᠡᠭᠦᠯᠬᠦᠶᠡ ᠪᠡᠷᠬᠡ ᠪᠣᠯᠪᠠ᠃ ᠨᠢᠭᠡ ᠨᠥᠬᠥᠷ ᠢ᠋ᠶ᠋ᠡᠨ ᠲᠠᠨ ᠳ᠋ᠤ᠌ ᠢᠩᠭᠢᠭᠦᠯᠦᠭᠡᠳ ᠣᠷᠬᠢᠬᠤ ᠨᠢ ᠴᠡᠷᠢᠭ ᠨᠥᠬᠥᠷ ᠦ᠋ᠨ ᠶᠣᠰᠣᠨ ᠳ᠋ᠤ᠌ ᠲᠠᠭᠠᠷᠠᠬᠤ ᠦᠭᠡᠢ ᠲᠤᠯᠠ ᠪᠢ ᠵᠣᠬᠢᠬᠤ ᠳᠡᠭᠡᠳᠦ ᠳᠠᠷᠤᠭ᠎ᠠ ᠨᠠᠷ ᠲᠤ᠌ ᠲᠠᠨ ᠤ᠋ ᠢᠩᠭᠢᠵᠦ ᠪᠠᠢᠭ᠎ᠠ ᠶ᠋ᠢ ᠢᠯᠡᠳᠬᠡᠨ ᠮᠡᠳᠡᠭᠦᠯᠬᠦ ᠶᠣᠰᠣᠲᠠᠢ ᠪᠣᠯᠤᠯ᠎ᠠ ᠭᠡᠵᠦ ᠦᠵᠡᠵᠦ ᠪᠠᠢᠨ᠎ᠠ᠃ ᠲᠠ᠂ ᠪᠢᠳᠡᠨ ᠢ᠋ ᠮᠠᠯ ᠠ᠋ᠴᠠ ᠳᠣᠣᠷ᠎ᠠ ᠦᠵᠡᠵᠦ ᠪᠠᠢᠨ᠎ᠠ᠃ ᠬᠥᠮᠦᠨ ᠮᠠᠯ ᠢ᠋ᠶ᠋ᠠᠨ ᠬᠦᠷᠲᠡᠯ᠎ᠡ ᠵᠦᠭᠡᠷ ᠪᠠᠢᠬᠤ ᠳ᠋ᠤ᠌ ᠢᠩᠭᠢᠬᠦ ᠶᠣᠰᠣᠨ ᠪᠠᠢᠬᠤ ᠦᠭᠡᠢ᠃ ᠲᠡᠭᠡᠬᠦ ᠳ᠋ᠦ᠍ ᠪᠢᠳᠡ ᠮᠠᠯ ᠪᠢᠰᠢ᠂ ᠮᠣᠩᠭᠣᠯ ᠤᠯᠤᠰ ᠤ᠋ᠨ ᠴᠡᠷᠢᠭ ᠦ᠋ᠨ ᠴᠣᠯᠠ ᠪᠦᠬᠦᠢ ᠬᠥᠮᠦᠨ ᠪᠢᠯᠡ ᠭᠡᠵᠦ ᠰᠦᠬᠡ ᠴᠡᠭᠡᠵᠢ ᠳᠦᠭᠦᠷᠡᠩ ᠰᠢᠲᠠᠭᠰᠠᠨ ᠠᠭᠤᠷ ᠢ᠋ᠶ᠋ᠠᠨ ᠳᠠᠷᠤᠵᠤ᠂ ᠴᠢᠷᠠᠢ ᠶ᠋ᠢ ᠪᠠᠷᠤᠢᠯᠭᠠᠨ ᠵᠣᠷᠢᠭᠲᠠᠢ ᠪᠠᠷ ᠤᠴᠢᠷ ᠢ᠋ ᠭᠠᠷᠭᠠᠪᠠ᠃ ᠥᠨᠳᠥᠷ ᠴᠡᠯᠡᠭᠡᠷ ᠪᠡᠶ᠎ᠡ ᠲᠡᠢ ᠲᠡᠷᠡ ᠴᠡᠷᠢᠭ᠂ ᠲᠡᠰᠬᠡᠯ ᠦᠭᠡᠢ ᠬᠣᠷᠣᠰᠤᠭᠰᠠᠨ ᠳ᠋ᠠᠭᠠᠨ ᠬᠠᠲᠠᠭᠤᠵᠢᠨ ᠪᠠᠷᠢᠵᠤ᠂ ᠬᠢᠯᠢᠩ ᠪᠠᠳᠠᠷᠠᠭᠰᠠᠨ ᠨᠢᠳᠦ ᠪᠡᠷ ᠲᠡᠷᠡ ᠳᠠᠷᠤᠭ᠎ᠠ ᠠ᠋ᠴᠠ ᠰᠢᠯᠵᠢᠯ ᠦᠭᠡᠢ ᠰᠢᠷᠲᠡᠨ᠂ ᠳᠦᠷᠢᠮ ᠳ᠋ᠦ᠍ ᠵᠢᠭᠠᠭᠰᠠᠨ ᠶᠣᠰᠣ ᠪᠠᠷ ᠡᠮᠦᠨ᠎ᠡ ᠨᠢ ᠨᠣᠮᠣᠬᠠᠨ ᠵᠣᠭᠰᠣᠵᠠᠢ᠃ ᠲᠡᠭᠦᠨ ᠦ᠌ ᠴᠡᠭᠡᠵᠢᠨ ᠳ᠋ᠦ᠍ ᠭᠠᠯ ᠪᠠᠳᠠᠷᠠᠵᠤ ᠪᠠᠢᠭ᠎ᠠ ᠪᠣᠯᠪᠠᠴᠤ᠂ ᠤᠲᠤᠭ᠎ᠠ ᠶ᠋ᠢ ᠨᠢ ᠠᠮᠠ ᠬᠠᠮᠠᠷ ᠢ᠋ᠶ᠋ᠠᠷ ᠢ᠋ᠶ᠋ᠠᠨ ᠭᠠᠷᠭᠠᠬᠤ ᠦᠭᠡᠢ ᠭᠡᠵᠦ ᠪᠠᠢᠭ᠎ᠠ ᠶᠡᠬᠡᠯ᠎ᠡ ᠰᠠᠮᠪᠠᠭ᠎ᠠ ᠵᠣᠷᠢᠭᠲᠠᠢ ᠡᠷ᠎ᠡ ᠮᠥᠨ ᠦ᠌ ᠲᠤᠯᠠ ᠭᠠᠭᠴᠠ ᠬᠦ᠌ ᠪᠠᠷᠠᠭᠤᠨ ᠨᠢᠳᠦᠨ ᠳᠡᠭᠡᠷ᠎ᠡ ᠪᠡᠨ ᠲᠠᠲᠠᠪ ᠲᠠᠲᠠᠪ ᠭᠡᠵᠦ᠂ ᠬᠠᠮᠠᠷ ᠰᠠᠷᠨᠠᠰᠬᠢᠭᠰᠡᠨ ᠲᠡᠳᠦᠢᠬᠡᠨ ᠢ᠋ᠶ᠋ᠡᠷ ᠨᠢ ᠬᠣᠷᠣᠰᠤᠯ ᠬᠢᠯᠢᠩ ᠴᠡᠭᠡᠵᠢ ᠳᠦᠭᠦᠷᠡᠩ ᠪᠠᠢᠭ᠎ᠠ ᠶ᠋ᠢ ᠲᠠᠭᠠᠪᠤᠷᠢᠯᠠᠵᠤ ᠪᠣᠯᠤᠮᠤᠢ᠃
ᠱᠤᠢᠪ᠂ ᠲᠡᠷᠡ ᠴᠡᠷᠢᠭ ᠦ᠋ᠨ ᠭᠠᠯ ᠲᠠᠢ ᠨᠢᠳᠦᠨ ᠦ᠌ ᠬᠠᠷᠠᠴᠠ ᠶ᠋ᠢ ᠳᠠᠭᠠᠭᠠᠨ ᠲᠡᠰᠴᠦ ᠴᠢᠳᠠᠭᠰᠠᠨ ᠦᠭᠡᠢ᠂ ᠭᠠᠷ ᠢ᠋ᠶ᠋ᠠᠷ ᠵᠠᠩᠭᠠᠵᠤ᠂ ᠵᠠ᠂ ᠶᠠᠭᠠᠬᠢᠪᠠᠯ ᠶᠠᠭᠠᠬᠢᠲᠤᠭᠠᠢ ᠭᠡᠵᠦ ᠡᠷᠭᠢᠭᠡᠳ᠂ ᠣᠯᠠᠨ ᠴᠡᠷᠢᠭ ᠦ᠋ᠨ ᠣᠳᠣ ᠡᠨᠡ ᠵᠠᠯᠠᠭᠤ ᠳᠠᠷᠤᠭ᠎ᠠ ᠶᠠᠭᠠᠬᠢᠵᠤ ᠰᠦᠢᠳ ᠪᠣᠯᠳᠠᠭ ᠪᠣᠯ ᠭᠡᠵᠦ ᠪᠣᠳᠣᠵᠤ ᠪᠠᠢᠲᠠᠯ᠎ᠠ᠂ ᠫᠤᠤ ᠪᠠᠨ ᠲᠤᠯᠵᠤ ᠪᠠᠢᠰᠢᠩ ᠪᠠᠢᠷᠢ ᠶ᠋ᠢᠨ ᠵᠦᠭ ᠰᠢᠷᠪᠢᠰᠭᠢᠨ ᠠᠯᠬᠤᠯᠠᠵᠤ ᠣᠳᠪᠠ᠃
ᠣᠷᠣᠢ ᠴᠡᠷᠢᠭ ᠦ᠋ᠨ ᠬᠤᠸᠠᠷᠠᠨ ᠢ᠋ᠶ᠋ᠠᠷ ᠬᠡᠯᠡᠯᠴᠡᠭᠰᠡᠨ ᠨᠢ ᠵᠢᠷᠦᠬᠡᠲᠡᠢ ᠰᠦᠬᠡ ᠴᠡᠷᠢᠭ᠂ ᠳᠡᠭᠡᠳᠦ ᠳᠠᠷᠤᠭ᠎ᠠ ᠨᠠᠷ ᠲᠤ᠌ ᠱᠤᠢᠪ ᠤ᠋ᠨ ᠲᠡᠷᠡ ᠬᠠᠷᠭᠢᠰ ᠵᠦᠢ ᠪᠤᠰᠤ ᠶ᠋ᠢ ᠢᠯᠡᠳᠬᠡᠨ ᠮᠡᠳᠡᠭᠦᠯᠵᠦ ᠵᠠᠷᠭᠤᠯᠳᠤᠭᠠᠳ᠂ ᠰᠢᠳᠤᠷᠭᠤ ᠵᠣᠷᠢᠭ ᠲᠠᠢ ᠰᠦᠬᠡ ᠶ᠋ᠢ ᠶᠡᠬᠡ ᠲᠣᠭᠣᠳᠠᠭ ᠶᠡᠷᠦᠩᠬᠡᠢ ᠰᠤᠷᠭᠠᠭᠴᠢ ᠸᠠᠰᠢᠯᠢᠶᠧᠹ ᠦ᠋ᠨ ᠱᠠᠭᠠᠷᠳᠠᠯᠭ᠎ᠠ ᠪᠠᠷ ᠴᠡᠷᠢᠭ ᠦ᠋ᠨ ᠵᠠᠬᠢᠷᠤᠯ ᠳᠠᠮᠳᠢᠨ ᠲᠡᠷᠢᠭᠦᠨ᠂ ᠠᠷᠭ᠎ᠠ ᠪᠤᠶᠤ ᠥᠨᠥᠬᠢ ᠱᠤᠢᠪ ᠢ᠋ ᠵᠢᠭᠰᠠᠭᠠᠯ ᠤ᠋ᠨ ᠰᠤᠷᠭᠠᠭᠤᠯᠢ ᠶ᠋ᠢᠨ ᠴᠠᠭ ᠢ᠋ᠶ᠋ᠠᠷ ᠰᠣᠭᠲᠣᠭᠤ ᠪᠠᠷ ᠢᠷᠡᠵᠦ ᠵᠦᠢ ᠪᠤᠰᠤ ᠪᠠᠷ ᠠᠪᠤᠷᠢᠯᠠᠭᠰᠠᠨ ᠤᠴᠢᠷ ᠰᠠᠬᠢᠯᠭ᠎ᠠ ᠶ᠋ᠢᠨ ᠱᠣᠷᠣᠩ ᠳ᠋ᠤ᠌ ᠨᠢᠭᠡᠨ ᠳᠣᠯᠣᠭᠠᠨ ᠬᠣᠨᠣᠭ ᠬᠣᠷᠢᠬᠤ ᠲᠤᠰᠢᠶᠠᠯ ᠭᠠᠷᠭᠠᠵᠠᠢ ᠭᠡᠵᠦ ᠱᠤᠤᠭᠢᠯᠳᠤᠨ ᠬᠡᠯᠡᠯᠴᠡᠪᠡ᠃ *
ᠨᠥᠬᠥᠷ ᠶᠦ᠍ᠭᠡᠨ ᠬᠠᠢᠷᠠᠯᠠᠨ ᠬᠠᠮᠠᠭᠠᠯᠠᠵᠤ᠂ ᠬᠠᠷᠭᠢᠰ ᠪᠤᠷᠤᠩᠬᠤᠢ ᠳᠠᠷᠤᠭ᠎ᠠ ᠲᠠᠢ ᠠᠶᠤᠮᠰᠢᠭ ᠦᠭᠡᠢ ᠵᠠᠷᠭᠤᠯᠳᠤᠭᠰᠠᠨ ᠡᠷᠡᠯᠬᠡᠭ ᠰᠦᠬᠡ ᠶ᠋ᠢᠨ ᠲᠡᠷᠡ ᠵᠣᠷᠢᠭ ᠲᠡᠭᠦᠯᠳᠡᠷ ᠵᠢᠷᠤᠮᠲᠤ ᠶᠠᠪᠤᠳᠠᠯ ᠢ᠋ ᠴᠡᠷᠢᠭ ᠪᠦᠬᠦᠨ ᠪᠢᠰᠢᠷᠡᠨ ᠮᠡᠳᠡᠵᠦ᠂ ᠬᠥᠮᠦᠨ ᠪᠣᠯᠭᠠᠨ ᠵᠣᠷᠢᠭ ᠣᠷᠣᠵᠤ᠂ ᠬᠡᠢ ᠮᠣᠷᠢ ᠰᠡᠷᠭᠦᠵᠡᠢ᠃
— ᠪᠢᠳᠡ ᠤᠷᠢᠳᠤ ᠨᠢ ᠳᠠᠷᠤᠭ᠎ᠠ ᠨᠠᠷ ᠠᠭᠠᠰᠢᠯᠠᠨ ᠵᠠᠩᠨᠠᠪᠠᠯ᠂ ᠵᠣᠳᠣᠬᠤ ᠦᠭᠡᠢ ᠨᠢ ᠶᠠᠮᠠᠢ ᠭᠡᠵᠦ᠂ ᠵᠣᠳᠣᠪᠠᠯ ᠨᠢ ᠠᠯᠠᠭ᠎ᠠ ᠦᠭᠡᠢ ᠨᠢ ᠶᠠᠮᠠᠢ ᠭᠡᠵᠦ ᠪᠣᠳᠣᠳᠠᠭ ᠪᠠᠢᠯ᠎ᠠ᠃ ᠰᠦᠬᠡ ᠪᠢᠳᠡᠨ ᠦ᠌ ᠨᠢᠳᠦ ᠶ᠋ᠢ ᠨᠡᠭᠡᠭᠡᠵᠦ ᠥᠭᠪᠡ᠃ ᠪᠢᠳᠡ ᠦᠨᠡᠬᠡᠷ ᠮᠠᠯ ᠪᠢᠰᠢ᠂ ᠤᠯᠤᠰ ᠤ᠋ᠨ ᠴᠡᠷᠢᠭ ᠭᠡᠳᠡᠭ ᠴᠣᠯᠠ ᠲᠠᠢ ᠬᠥᠮᠦᠨ ᠪᠠᠢᠨ᠎ᠠ ᠰᠢᠦ ᠳᠡ᠃ ᠳᠠᠢᠰᠤᠨ ᠲᠠᠢ ᠪᠦᠯᠢᠶᠡᠨ ᠴᠢᠰᠤ᠂ ᠬᠠᠯᠠᠭᠤᠨ ᠠᠮᠢ ᠪᠠᠨ ᠬᠠᠢᠷᠠᠯᠠᠬᠤ ᠦᠭᠡᠢ᠂ ᠳᠠᠢᠯᠠᠭᠰᠠᠨ ᠰᠡᠯᠡᠮ᠎ᠡ᠂ ᠱᠠᠭᠠᠢᠭᠰᠠᠨ ᠫᠤᠤ ᠠ᠋ᠴᠠ ᠬᠠᠯᠲᠤᠷᠢᠬᠤ ᠦᠭᠡᠢ ᠭᠡᠵᠦ ᠲᠠᠩᠭᠠᠷᠢᠭ ᠢ᠋ᠶ᠋ᠠᠨ ᠥᠭᠭᠦᠭᠰᠡᠨ ᠪᠣᠯᠬᠤ ᠠ᠋ᠴᠠ ᠪᠢᠰᠢ᠂ ᠠᠯᠢ ᠬᠠᠷᠭᠢᠰ ᠳᠠᠷᠤᠭ᠎ᠠ ᠨᠠᠷ ᠤ᠋ᠨ ᠲᠣᠭᠯᠠᠭᠠᠮ ᠵᠤᠭᠠᠭᠠ ᠪᠣᠯᠵᠤ᠂ ᠴᠢᠰᠤ ᠪᠠᠨ ᠤᠷᠤᠰᠬᠠᠬᠤ ᠭᠡᠰᠡᠨ ᠶᠦᠮ ᠪᠢᠰᠢ ᠭᠡᠵᠦ ᠴᠡᠷᠢᠭ ᠦ᠋ᠳ ᠲᠡᠷᠡ ᠥᠷᠯᠥᠭᠡ ᠶ᠋ᠢᠨ ᠶᠠᠪᠤᠳᠠᠯ ᠢ᠋ ᠬᠡᠯᠡᠯᠴᠡᠨ ᠶᠠᠷᠢᠯᠴᠠᠵᠠᠢ᠃
— ᠤᠷᠢᠳᠤ ᠶ᠋ᠢᠨ ᠬᠠᠭᠤᠴᠢᠴᠤᠤᠯ ᠤ᠋ᠨ ᠦᠭᠡᠨ ᠳ᠋ᠦ᠍ ᠭᠠᠷ ᠤ᠋ᠨ ᠪᠥᠬᠡ ᠭᠠᠭᠴᠠ ᠬᠥᠮᠦᠨ ᠳ᠋ᠦ᠍᠂ ᠴᠡᠭᠡᠵᠢ ᠶ᠋ᠢᠨ ᠪᠥᠬᠡ ᠴᠡᠷᠢᠭ ᠬᠥᠮᠦᠨ ᠳ᠋ᠦ᠍ ᠭᠡᠳᠡᠭ ᠨᠢ ᠦᠨᠡᠨ ᠦᠭᠡ᠃ ᠴᠡᠭᠡᠵᠢ ᠶ᠋ᠢᠨ ᠪᠥᠬᠡ᠂ ᠦᠰᠦᠭ ᠪᠢᠴᠢᠭ ᠮᠡᠳᠡᠬᠦ᠂ ᠤᠴᠢᠷ ᠲᠠᠨᠢᠬᠤ ᠬᠥᠮᠦᠨ ᠭᠡᠳᠡᠭ ᠡᠢᠮᠦ ᠶᠦᠮ ᠪᠠᠢᠨ᠎ᠠ ᠰᠢᠦ᠃ ᠳᠠᠷᠤᠭ᠎ᠠ ᠨᠠᠷ ᠤ᠋ᠨ ᠪᠢᠳᠡᠨ ᠳ᠋ᠦ᠍ ᠨᠣᠮ ᠤ᠋ᠨ ᠦᠰᠦᠭ ᠵᠢᠭᠠᠬᠤ ᠦᠭᠡᠢ ᠭᠡᠵᠦ ᠪᠢᠴᠢᠭ ᠦᠰᠦᠭ ᠰᠤᠷᠭᠠᠬᠤ ᠳᠤᠷ᠎ᠠ ᠦᠭᠡᠢ ᠤᠴᠢᠷ ᠢ᠋ ᠮᠡᠳᠡᠯ᠎ᠡ᠃
— ᠰᠠᠢᠨ ᠡᠷ᠎ᠡ ᠵᠣᠷᠢᠭᠰᠠᠨ ᠳ᠋ᠠᠭᠠᠨ᠂ ᠰᠠᠢᠨ ᠮᠣᠷᠢ ᠬᠠᠷᠠᠢᠭᠰᠠᠨ ᠳ᠋ᠠᠭᠠᠨ ᠬᠦᠷᠳᠡᠭ ᠭᠡᠳᠡᠭ᠃ ᠡᠷ᠎ᠡ ᠬᠥᠮᠦᠨ ᠰᠦᠬᠡ ᠰᠢᠭ ᠡᠢᠮᠦ ᠯᠡ ᠪᠠᠢᠬᠤ ᠶᠣᠰᠣᠲᠠᠢ ᠭᠡᠵᠦ ᠴᠡᠷᠢᠭ ᠦ᠋ᠳ᠂ ᠪᠦᠬᠦ ᠬᠤᠵᠢᠷᠪᠤᠯᠤᠩ ᠤ᠋ᠨ ᠬᠢᠨ ᠢ᠋ ᠬᠥᠳᠡᠯᠭᠡᠭᠰᠡᠨ ᠲᠡᠷᠡ ᠶᠠᠪᠤᠳᠠᠯ ᠢ᠋ ᠡᠷᠲᠡᠨ ᠦ᠌ ᠮᠡᠷᠭᠡᠨ ᠰᠡᠴᠡᠨ ᠦᠭᠡ ᠪᠡᠷ ᠳ᠋ᠦᠩᠨᠡᠨ ᠬᠡᠯᠡᠯᠴᠡᠪᠡ᠃
— ᠰᠢᠳᠤᠷᠭᠤ ᠵᠣᠷᠢᠭ ᠲᠠᠢ ᠬᠥᠮᠦᠨ ᠪᠠᠢᠨ᠎ᠠ ᠳᠠ᠃ ᠳᠠᠷᠤᠭ᠎ᠠ ᠪᠣᠯᠪᠠᠯ ᠶᠣᠰᠣᠲᠠᠢ ᠰᠠᠢᠨ ᠳᠠᠷᠤᠭ᠎ᠠ ᠪᠣᠯᠬᠤ ᠬᠥᠮᠦᠨ᠃ ᠨᠢᠳᠦᠨ ᠳ᠋ᠡᠭᠡᠨ ᠭᠠᠯ ᠲᠠᠢ ᠨᠢᠭᠤᠷ ᠲᠠᠭᠠᠨ ᠴᠣᠭ ᠲᠠᠢ᠂ ᠶᠣᠰᠣᠲᠠᠢ ᠡᠷ᠎ᠡ ᠬᠥᠮᠦᠨ ᠭᠡᠵᠦ ᠡᠪᠦᠭᠡᠨ ᠴᠡᠷᠢᠭ ᠦ᠋ᠳ ᠰᠦᠬᠡ ᠶ᠋ᠢ ᠮᠠᠭᠲᠠᠨ ᠬᠡᠯᠡᠯᠴᠡᠪᠡ᠃
ᠰᠢᠷᠴᠢᠨ ᠲᠡᠭᠦᠨ ᠡᠴᠡ ᠬᠣᠢᠰᠢ᠂ ᠥᠨᠳᠥᠷ ᠪᠡᠶ᠎ᠡ ᠲᠡᠢ᠂ ᠱᠠᠪ ᠬᠢᠭᠰᠡᠨ᠂ ᠭᠠᠳᠠᠨ᠎ᠠ ᠠ᠋ᠴᠠ ᠴᠢᠷᠠᠢ ᠶ᠋ᠢ ᠨᠢ ᠬᠠᠷᠠᠬᠤ ᠳ᠋ᠤ᠌ ᠨᠡᠯᠢᠶᠡᠳ ᠴᠢᠩᠭ᠎ᠠ ᠶᠠᠩᠵᠤ ᠶ᠋ᠢᠨ ᠬᠥᠮᠦᠨ ᠪᠣᠯᠤᠯᠲᠠᠢ ᠰᠦᠬᠡ ᠲᠡᠢ ᠠᠭᠤᠯᠵᠠᠬᠤ ᠳᠠᠭᠠᠷᠢᠯᠳᠤᠬᠤ ᠳ᠋ᠠᠭᠠᠨ ᠶᠡᠬᠡᠯ᠎ᠡ ᠪᠢᠰᠢᠷᠡᠨ ᠬᠦᠨᠳᠦᠳᠬᠡᠵᠦ ᠦᠵᠡᠳᠡᠭ ᠪᠣᠯᠪᠠ᠃ ᠴᠡᠷᠢᠭ ᠦ᠋ᠨ ᠵᠠᠬᠢᠷᠤᠯ ᠳᠠᠷᠤᠭ᠎ᠠ ᠨᠠᠷ ᠪᠤᠰᠤᠳ ᠣᠯᠠᠨ ᠴᠡᠷᠢᠭ ᠦ᠋ᠨ ᠳᠣᠲᠣᠷ᠎ᠠ ᠠ᠋ᠴᠠ ᠣᠨᠴᠠᠭᠠᠢ ᠳᠣᠪᠣᠢᠨ ᠢᠯᠭᠠᠷᠠᠵᠤ ᠪᠠᠢᠭᠰᠠᠨ ᠪᠠᠲᠤ ᠰᠠᠬᠢᠯᠭ᠎ᠠ ᠲᠠᠢ ᠬᠠᠳᠠᠨ ᠵᠣᠷᠢᠭ ᠲᠠᠢ ᠲᠡᠷᠡ ᠬᠥᠮᠦᠨ ᠢ᠋ ᠥᠪᠡᠷ ᠢ᠋ᠶ᠋ᠡᠨ ᠶᠠᠮᠠᠷ ᠴᠤ᠌ ᠬᠦᠴᠦ ᠭᠠᠷᠭᠠᠵᠤ ᠣᠷᠣᠯᠳᠣᠬᠤ ᠦᠭᠡᠢ ᠪᠡᠷ ᠣᠯᠠᠨ ᠴᠡᠷᠢᠭ ᠦ᠋ᠨ ᠰᠡᠳᠬᠢᠯ ᠢ᠋ ᠲᠡᠮᠦᠷ ᠦ᠋ᠨ ᠦᠷᠳᠡᠰᠦ ᠲᠠᠲᠠᠭᠴᠢ ᠰᠣᠷᠢᠨᠵᠢᠨ ᠬᠦᠷᠦ ᠶ᠋ᠢᠨ ᠠᠳᠠᠯᠢ ᠪᠡᠶ᠎ᠡ ᠳ᠋ᠡᠭᠡᠨ ᠲᠠᠲᠠᠭᠰᠠᠨ ᠢ᠋ ᠦᠵᠡᠭᠡᠳ᠂ ᠶᠠᠩᠵᠤ ᠪᠦᠷᠢ ᠶ᠋ᠢᠨ ᠪᠠᠭ᠎ᠠ ᠰᠠᠭ᠎ᠠ ᠱᠠᠩ ᠥᠭᠬᠦ᠂ ᠬᠠᠷᠠᠭᠤᠯ ᠮᠠᠨᠠᠭ᠎ᠠ ᠡᠨᠡ ᠲᠡᠷᠡ ᠡᠴᠡ ᠴᠢᠯᠥᠭᠡᠯᠡᠬᠦ ᠵᠡᠷᠭᠡᠪᠡᠷ ᠥᠪᠡᠷ ᠳᠠᠰᠢ ᠲᠠᠲᠠᠵᠤ ᠭᠠᠷ ᠲᠠᠭᠠᠨ ᠣᠷᠣᠭᠤᠯᠬᠤ ᠭᠡᠵᠦ ᠤᠷᠤᠯᠳᠤᠵᠤ ᠦᠵᠡᠭᠡᠳ᠂ ᠲᠡᠷᠡ ᠦᠭᠡ ᠳᠠᠭᠤᠨ ᠴᠥᠭᠡᠨ ᠲᠡᠢ ᠴᠡᠷᠢᠭ ᠢ᠋ ᠥᠩᠭᠡ ᠮᠥᠩᠭᠥ᠂ ᠨᠢᠭᠤᠷ ᠲᠠᠯ᠎ᠠ᠂ ᠡᠷᠬᠡ ᠲᠤᠰᠢᠶᠠᠯ᠂ ᠠᠯᠢ ᠠᠯᠢᠨ ᠢ᠋ᠶ᠋ᠠᠷ ᠴᠤ᠌ ᠰᠡᠳᠬᠢᠯ ᠢ᠋ ᠨᠢ ᠤᠷᠪᠠᠭᠤᠯᠵᠤ ᠪᠣᠯᠬᠤ ᠦᠭᠡᠢ ᠴᠢᠩ ᠰᠢᠳᠤᠷᠭᠤ ᠬᠥᠮᠦᠨ ᠭᠡᠵᠦ ᠮᠡᠳᠡᠭᠡᠳ᠂ ᠪᠡᠶ᠎ᠡ ᠳ᠋ᠡᠭᠡᠨ ᠲᠠᠲᠠᠬᠤ ᠭᠡᠵᠦ ᠣᠷᠣᠯᠳᠣᠬᠤ ᠶ᠋ᠢ ᠴᠦ᠍ ᠣᠷᠬᠢᠵᠠᠢ᠃
ᠱᠣᠢᠪ ᠲᠠᠢ ᠨᠠᠢᠵᠢ᠂ ᠲᠡᠭᠦᠨ ᠦ᠌ ᠠᠷᠢᠬᠢᠨ ᠤ᠋ ᠨᠥᠬᠥᠷ ᠮᠡᠳᠡᠶᠧᠹ ᠭᠡᠳᠡᠭ ᠪᠤᠷᠢᠶᠠᠳ᠂ ᠺᠠᠽᠠᠭ ᠣᠹᠢᠼᠧᠷ ᠱᠣᠢᠪ ᠢ᠋ ᠰᠠᠬᠢᠯᠭ᠎ᠠ ᠶ᠋ᠢᠨ ᠱᠣᠷᠣᠩ ᠤ᠋ᠨ ᠬᠣᠨᠣᠭ ᠤ᠋ᠨ ᠲᠣᠭ᠎ᠠ ᠶ᠋ᠢ ᠭᠦᠢᠴᠡᠭᠡᠵᠦ ᠭᠠᠷᠤᠭᠰᠠᠨ ᠤ᠋ ᠣᠷᠣᠢ᠂ ᠱᠣᠢᠪ ᠤ᠋ᠨ ᠰᠤᠯᠠᠯᠠᠭᠳᠠᠭᠰᠠᠨ ᠤ᠋ ᠪᠠᠶᠠᠷ ᠲᠤ᠌《ᠰᠡᠷᠵᠢᠮ ᠡᠷᠭᠦᠶ᠎ᠡ》 ᠭᠡᠵᠦ ᠣᠷᠣᠵᠤ᠂ ᠠᠷᠢᠬᠢ ᠬᠠᠯᠠᠭᠠᠯᠭᠠᠨ ᠤᠤᠭᠤᠭᠰᠠᠭᠠᠷ ᠤᠯᠠᠭᠠᠨ ᠵᠡᠭᠡᠷᠳᠡ ᠪᠣᠯᠵᠤ᠂ ᠬᠢᠲᠠᠳ ᠭᠠᠨᠼᠠᠢ ᠠᠷᠢᠬᠢ ᠣᠭᠣᠴᠢᠨ᠂ ᠣᠷᠣᠰ ᠮᠣᠩᠭᠣᠯ ᠦᠭᠡ ᠬᠣᠯᠢᠵᠤ᠂ ᠱᠣᠢᠪ ᠲᠤ᠌ ᠪᠠᠬᠠᠨ ᠠᠭᠰᠤᠮᠨᠠᠨ ᠠᠪᠤᠷᠢᠯᠠᠭᠰᠠᠨ ᠨᠢ᠄
— ᠮᠠᠭᠤ ᠨᠣᠬᠠᠢ! ᠴᠢ᠂ ᠨᠡᠷ᠎ᠡ ᠪᠡᠨ ᠬᠤᠭᠤᠯᠬᠤ ᠪᠠᠷ ᠶᠠᠰᠤ ᠪᠠᠨ ᠬᠣᠭᠣᠷᠠ ᠭᠡᠳᠡᠭ ᠢ᠋ ᠮᠡᠳᠡᠬᠦ ᠦᠭᠡᠢ ᠤᠤ? ᠴᠡᠷᠢᠭ ᠦ᠋ᠨ ᠡᠮᠦᠨ᠎ᠡ ᠢᠩᠭᠢᠵᠦ ᠨᠡᠷ᠎ᠡ ᠤᠰᠤ ᠪᠠᠨ ᠪᠤᠵᠠᠷᠯᠠᠬᠤ ᠭᠡᠵᠦ ᠪᠠᠢᠬᠤ ᠤᠤ? ᠲᠡᠷᠡ ᠳ᠋ᠤᠷᠠᠺ ᠤ᠋ᠳ ᠢ᠋ ᠳᠠᠷᠤᠭ᠎ᠠ ᠨᠠᠷ ᠢ᠋ᠶ᠋ᠠᠨ ᠬᠦᠨᠳᠦᠳᠬᠡᠵᠦ ᠪᠢᠰᠢᠷᠡᠪᠡᠯ ᠵᠣᠬᠢᠬᠤ ᠶ᠋ᠢ ᠰᠤᠷᠭᠠᠬᠤ ᠶᠣᠰᠣ ᠲᠠᠢ ᠶᠤᠮ ᠪᠢᠰᠢ ᠤᠤ᠃ ᠴᠢ᠂ ᠲᠡᠭᠡᠬᠦ ᠳ᠋ᠦ᠍ ᠶᠠᠭᠠᠬᠢᠵᠤ ᠪᠠᠢᠭ᠎ᠠ ᠨᠢ ᠡᠨᠡ ᠪᠢᠯᠡ? ᠨᠢᠭᠡ ᠳ᠋ᠤᠷᠠᠺ ᠤ᠋ᠨ ᠲᠣᠯᠣᠭᠠᠢ ᠶ᠋ᠢ ᠡᠪ ᠦᠭᠡᠢ ᠲᠣᠭᠰᠢᠭᠠᠳ ᠱᠣᠷᠣᠩ ᠳ᠋ᠤ᠌ ᠣᠷᠣᠵᠤ ᠪᠠᠢᠬᠤ ᠭᠡᠵᠦ᠂ ᠶᠠᠭᠠᠬᠢᠵᠤ ᠪᠠᠢᠭ᠎ᠠ ᠴᠢᠨᠢ ᠡᠨᠡ ᠪᠢᠯᠡ? ᠴᠢ᠂ ᠬᠥᠮᠦᠨ ᠢ᠋ ᠠᠩᠬ᠎ᠠ ᠤᠳᠠᠭ᠎ᠠ ᠰᠠᠶᠢ(ᠰᠠᠢ᠍ᠢ) ᠵᠣᠳᠣᠵᠤ ᠦᠵᠡᠵᠦ ᠪᠠᠢᠭ᠎ᠠ ᠴᠢᠨᠢ ᠡᠨᠡ ᠤᠤ? ᠭᠡᠬᠦ ᠳ᠋ᠦ᠍ᠨᠢ᠂
— ᠪᠢ ᠲᠡᠷᠡ ᠦᠶ᠎ᠡ ᠳ᠋ᠦ᠍ ᠰᠣᠭᠲᠣᠭᠤ ᠪᠠᠢᠭᠠᠳ ᠲᠡᠢᠮᠦ ᠬᠡᠷᠡᠭ ᠭᠠᠷᠤᠭᠰᠠᠨ ᠪᠢᠯᠡ᠃ ᠬᠠᠷᠢᠨ ᠲᠡᠷᠡ ᠸᠠᠰᠢᠯᠢᠶᠧᠹ ᠮᠠᠭᠤ ᠵᠣᠯᠢᠭ ᠴᠢᠨᠢ᠂ ᠴᠡᠷᠢᠭ ᠦ᠋ᠨ ᠡᠮᠦᠨ᠎ᠡ ᠨᠢᠭᠡ ᠶᠡᠬᠡ ᠠᠷᠠᠳ ᠦᠵᠡᠯ ᠲᠡᠢ ᠬᠥᠮᠦᠨ ᠪᠣᠯᠵᠤ ᠪᠠᠢᠬᠤ ᠦᠭᠡᠢ ᠤᠤ? ᠪᠢ ᠨᠢᠭᠡ ᠮᠠᠯ ᠰᠢᠭ ᠠᠮᠢᠲᠠᠨ ᠤ᠋ ᠲᠣᠯᠣᠭᠠᠢ ᠶ᠋ᠢ ᠨᠢ ᠬᠠᠭ᠎ᠠ ᠴᠣᠬᠢᠵᠤ᠂ ᠪᠠᠬᠠᠨ ᠴᠢᠰᠤ ᠨᠥᠵᠢ ᠶ᠋ᠢ ᠨᠢ ᠤᠷᠤᠰᠬᠠᠭᠰᠠᠨ ᠪᠢᠯᠡ᠂ ᠲᠡᠭᠦᠨ ᠡᠴᠡ ᠪᠣᠯᠵᠤ ᠲᠡᠷᠡ ᠮᠠᠭᠤ ᠴᠡᠷᠢᠭ ᠦᠬᠦᠵᠦ ᠬᠠᠲᠠᠭᠠᠳ᠂ ᠠᠮᠢᠨ ᠤ᠋ ᠬᠡᠷᠡᠭ ᠭᠠᠷᠤᠭᠰᠠᠨ ᠦᠭᠡᠢ ᠰᠢᠦ ᠳᠡ᠃ ᠨᠢᠭᠡ ᠶᠡᠬᠡ ᠰᠦᠷ ᠪᠠᠳᠠᠷᠠᠭᠤᠯᠵᠤ ᠰᠠᠨᠳᠤᠷᠤᠭᠰᠠᠨ ᠤ᠋ ᠬᠡᠷᠡᠭ ᠴᠦ᠍ ᠠᠯᠠᠭ᠎ᠠ ᠯᠠ ᠪᠠᠢᠭᠰᠠᠨ ᠶᠤᠮ ᠪᠢᠯᠡ ᠳᠠ ᠭᠡᠬᠦ ᠳ᠋ᠦ᠍ᠨᠢ( ᠳ᠋ᠦ᠍ ᠨᠢ) ᠮᠠᠳᠠᠶᠧᠹ ᠠᠷᠢᠬᠢ ᠬᠠᠩᠬᠤᠯᠤᠨ ᠬᠦᠩᠭᠢᠨᠡᠵᠦ᠄
— ᠵᠠ᠂ ᠪᠢ ᠲᠡᠷᠡ ᠫᠦᠯᠧᠮᠶᠣᠲ ᠰᠤᠮᠤᠨ ᠤ᠋ ᠬᠢᠨ ᠢ᠋ ᠳᠠᠷᠤᠭ᠎ᠠ ᠨᠠᠷ ᠢ᠋ᠶ᠋ᠠᠨ ᠬᠦᠨᠳᠦᠳᠬᠡᠨ ᠠᠶᠤᠳᠠᠭ ᠪᠣᠯᠭᠠᠵᠤ ᠥᠭᠭᠦᠨ᠎ᠡ ᠳᠡ᠂ ᠴᠢ ᠨᠠᠮᠠᠶ᠋ᠢ(ᠨᠠᠮ᠎ᠠ ᠶ᠋ᠢ) ᠦᠵᠡᠭᠡᠷᠡᠢ ᠭᠡᠪᠡ᠃
— — — —
* ᠰᠦᠬᠡ ᠭᠡᠵᠦ ᠮᠣᠩᠭᠣᠯ ᠠᠷᠠᠳ ᠤ᠋ᠨ ᠬᠤᠪᠢᠰᠬᠠᠯ ᠤ᠋ᠨ ᠵᠣᠬᠢᠶᠠᠨ ᠤᠳᠤᠷᠢᠳᠤᠭᠴᠢ ᠶ᠋ᠢᠨ ᠨᠡᠷ᠎ᠡ᠃ ᠪᠠᠭᠠᠲᠤᠷ ᠭᠡᠳᠡᠭ ᠨᠢ 1921 ᠣᠨ ᠤ᠋ ᠠᠷᠠᠳ ᠤ᠋ᠨ ( ᠤ᠋) ᠬᠤᠪᠢᠰᠬᠠᠯ ᠠ᠋ᠴᠠ ᠡᠮᠦᠨ᠎ᠡ ᠬᠢᠲᠠᠳ ᠤ᠋ᠨ ᠬᠠᠷᠭᠢᠰ ᠴᠡᠷᠢᠭ ᠦ᠋ᠨ ᠡᠷᠬᠡᠲᠡᠨ ᠲᠡᠢ ᠪᠠᠢᠯᠳᠤᠵᠤ ᠣᠯᠤᠭᠰᠠᠨ ᠭᠠᠪᠢᠶ᠎ᠠ ᠶ᠋ᠢᠨ ᠴᠣᠯᠠ ᠪᠢᠯᠡ᠃
* ᠦᠨᠡᠨ ᠬᠡᠷᠡᠭ᠃
ᠲᠡᠭᠡᠭᠡᠳ ᠬᠠᠷ᠎ᠠ ᠬᠤᠯᠤᠭᠠᠨ᠎ᠠ ᠵᠢᠯ ᠦ᠋ᠨ ᠬᠠᠪᠤᠷ ᠤ᠋ᠨ ᠠᠳᠠᠭ ᠰᠠᠷ᠎ᠠ ᠶ᠋ᠢᠨ ᠬᠠᠭᠤᠴᠢᠳ ᠢ᠋ᠶ᠋ᠠᠷ ᠬᠡᠷᠡᠭ ᠥᠳᠥᠭᠦᠯᠵᠡᠢ᠃ ᠬᠣᠷᠢᠶᠠᠨ ᠤ᠋ ᠰᠤᠷᠭᠠᠭᠤᠯᠢ ᠬᠢᠬᠦ ᠳ᠋ᠦ᠍ ᠮᠠᠳᠠᠶᠧᠹ᠂ ᠱᠣᠢᠪ ᠲᠠᠢ ᠬᠠᠮᠲᠤ ᠫᠤᠤᠳᠠᠯᠭ᠎ᠠ ᠶ᠋ᠢᠨ ᠰᠤᠷᠭᠠᠭᠤᠯᠢ ᠬᠢᠳᠡᠭ ᠭᠠᠵᠠᠷ ᠫᠦᠯᠧᠮᠶᠣᠲ ᠰᠤᠮᠤᠨ ᠤ᠋ ᠴᠡᠷᠢᠭ ᠳᠠᠰᠢᠽᠡᠪᠡᠭ ᠢ᠋ ᠸᠢᠨᠲ᠋ᠣᠸ ᠫᠤᠤ ᠪᠠᠨ ᠮᠠᠭᠤ ᠴᠡᠪᠡᠷᠯᠡᠯ᠎ᠡ ᠭᠡᠵᠦ ᠠᠪᠤᠷᠢᠯᠠᠨ ᠵᠠᠩᠨᠠᠭᠠᠳ᠂ ᠰᠡᠯᠡᠮ᠎ᠡ ᠰᠤᠭᠤ ᠲᠠᠲᠠᠵᠤ ᠬᠠᠪᠲᠠᠭᠠᠢ ᠲᠠᠯ᠎ᠠ ᠪᠠᠷ ᠨᠢ ᠲᠡᠷᠡ ᠴᠡᠷᠢᠭ ᠢ᠋ ᠬᠦᠴᠦᠯᠡᠨ ᠴᠣᠬᠢᠮᠠᠭᠴᠠ᠂ ᠬᠥᠭᠡᠷᠦᠬᠦᠢ ᠲᠡᠷᠡ ᠴᠡᠷᠢᠭ ᠶᠣᠢᠯᠠᠨ(ᠶᠣᠣᠯᠠᠨ)᠂ ᠰᠡᠯᠡᠮ᠎ᠡ ᠶ᠋ᠢᠨ ᠦᠵᠦᠭᠦᠷ ᠨᠢ ᠠᠯᠪᠠᠨ ᠤ᠋ ᠴᠡᠷᠢᠭ ᠬᠥᠬᠡ ᠲᠡᠷᠯᠢᠭ᠂ ᠲᠡᠭᠦᠨ ᠦ᠌ ᠳᠣᠣᠷ᠎ᠠ ᠡᠮᠦᠰᠦᠭᠰᠡᠨ ᠴᠠᠮᠴᠠ ᠶ᠋ᠢ ᠬᠠᠭ᠎ᠠ ᠴᠠᠪᠴᠢᠭᠠᠳ᠂ ᠲᠠᠯᠤᠨ ᠤ᠋ ᠮᠥᠭᠡᠷᠰᠦᠨ ᠦ᠌ ᠲᠤᠰ ᠭᠠᠵᠠᠷ ᠠᠷᠠᠰᠤ ᠮᠢᠬ᠎ᠠ ᠶ᠋ᠢ ᠲᠠᠰᠤ ᠴᠣᠬᠢᠵᠠᠢ᠃ ᠰᠡᠯᠡᠮ᠎ᠡ ᠶ᠋ᠢᠨ ᠢᠷ ᠲᠦ᠍ ᠬᠠᠭ᠎ᠠ ᠴᠠᠪᠴᠢᠭᠤᠯᠤᠭᠰᠠᠨ ᠳᠡᠪᠡᠯ ᠦ᠋ᠨ ᠴᠠᠭᠠᠨ᠎ᠠ ᠠ᠋ᠴᠠ ᠴᠢᠰᠤᠨ ᠳ᠋ᠤ᠌ ᠬᠣᠷᠣᠮᠬᠠᠨ ᠵᠠᠭᠤᠷ᠎ᠠ ᠤᠯᠠᠭᠠᠨ ᠪᠣᠯᠤᠭᠰᠠᠨ ᠭᠬᠢᠷ ᠲᠡᠢ ᠴᠠᠭᠠᠨ ᠴᠤᠤᠶᠠᠩᠪᠤᠤ ᠴᠠᠮᠴᠠ ᠴᠤᠬᠤᠢᠨ ᠦᠵᠡᠭᠳᠡᠭᠰᠡᠨ ᠳ᠋ᠦ᠍ ᠴᠡᠷᠢᠭ ᠦ᠋ᠨ ᠵᠢᠭᠰᠠᠭᠠᠯ ᠳᠣᠲᠣᠷ᠎ᠠ ᠠ᠋ᠴᠠ ᠬᠥᠮᠦᠨ ᠳᠠᠭᠤᠨ ᠠᠯᠳᠠᠵᠤ᠂ ᠵᠠᠷᠢᠮ ᠴᠡᠷᠢᠭ ᠶᠡᠬᠡᠯ᠎ᠡ( ᠶᠡᠬᠡ ᠯᠡ) ᠲᠠᠴᠢᠶᠠᠳᠠᠨ᠂ ᠶᠠᠭᠤ ᠪᠣᠯᠵᠤ ᠪᠠᠢᠭ᠎ᠠ ᠨᠢ ᠡᠨᠡ ᠪᠢᠯᠡ? ᠡᠨᠡ ᠴᠢᠨᠢ ᠰᠡᠯᠡᠮ᠎ᠡ ᠪᠡᠷ ᠴᠠᠪᠴᠢᠬᠤ ᠰᠤᠷᠭᠠᠭᠤᠯᠢ ᠬᠢᠳᠡᠭ ᠪᠤᠷᠭᠠᠰᠤ ᠪᠢᠰᠢ᠂ ᠬᠥᠮᠦᠨ ᠪᠠᠢᠨ᠎ᠠ ᠰᠢᠦ ᠳᠡ ᠭᠡᠵᠦ ᠳᠤᠤᠭᠠᠷᠴᠠᠭᠠᠪᠠ᠃
— ᠲᠠ ᠨᠠᠷ ᠤ᠋ᠨ ᠬᠡᠨ ᠲᠠᠨᠢ ᠶᠠᠭᠤ ᠶᠠᠭᠤ ᠭᠡᠳ ᠪᠠᠢᠨ᠎ᠠ ᠳᠠ? ᠭᠣᠮᠣᠳᠠᠯ ᠮᠡᠳᠡᠭᠦᠯᠬᠦ ᠰᠠᠨᠠᠭ᠎ᠠ ᠲᠠᠢ ᠬᠥᠮᠦᠨ ᠪᠠᠢᠪᠠᠯ᠂ ᠤᠷᠤᠭᠰᠢ ᠠᠯᠬᠤᠭᠠᠳ ᠭᠠᠷ ᠭᠡᠵᠦ ᠲᠡᠷᠡ ᠺᠠᠽᠠᠭ ᠣᠹᠢᠼᠧᠷ ᠰᠡᠯᠡᠮ᠎ᠡ ᠪᠡᠨ ᠬᠤᠢᠯᠠᠨ᠂ ᠴᠡᠷᠢᠭ ᠦ᠋ᠨ ᠵᠦᠭ ᠰᠢᠲᠦ ᠵᠠᠭᠤᠨ᠂ ᠮᠠᠭᠤᠬᠠᠢ ᠪᠠᠷ ᠰᠢᠷᠳᠡᠪᠡᠰᠦ᠂
— ᠪᠢ ᠪᠠᠢᠨ᠎ᠠ!
— ᠪᠢ!
— ᠪᠢ ᠪᠠᠢᠨ᠎ᠠ!
— ᠪᠢ᠂ ᠪᠠᠰᠠ! ᠭᠡᠳ ᠰᠦᠬᠡ ᠲᠡᠷᠢᠭᠦᠲᠡᠢ ᠭᠤᠷᠪᠠᠨ ᠴᠡᠷᠢᠭ᠂ ᠵᠢᠭᠰᠠᠭᠠᠯ ᠠ᠋ᠴᠠ ᠤᠷᠤᠭᠰᠢ ᠨᠢᠭᠡᠨ ᠠᠯᠬᠤᠮ ᠳᠠᠪᠰᠢᠨ ᠭᠠᠷᠪᠠ᠃
— ᠲᠠ ᠨᠠᠷ᠂ ᠳᠠᠷᠤᠭ᠎ᠠ ᠨᠠᠷ ᠤ᠋ᠨ ᠥᠭᠡᠳᠡ ᠡᠴᠡ ᠡᠰᠡᠷᠭᠦᠴᠡᠨ ᠰᠠᠮᠠᠭᠤᠷᠠᠬᠤ ᠭᠡᠵᠦ ᠪᠠᠢᠭ᠎ᠠ ᠤᠯᠤᠰ ᠤᠤ? ᠭᠡᠵᠦ ᠣᠹᠢᠼᠧᠷ ᠦ᠋ᠨ ᠠᠰᠠᠭᠤᠬᠤ ᠳ᠋ᠤ᠌᠄
— ᠦᠭᠡᠢ᠂ ᠪᠢᠳᠡ ᠰᠠᠮᠠᠭᠤᠷᠠᠬᠤ ᠰᠠᠨᠠᠭ᠎ᠠ ᠦᠭᠡᠢ᠂ ᠭᠠᠭᠴᠠᠬᠦ (ᠭᠠᠭᠴᠠ ᠬᠦ᠌) ᠪᠢᠳᠡᠨ ᠢ᠋ ᠢᠩᠭᠢᠵᠦ ᠬᠠᠷᠭᠢᠰᠯᠠᠬᠤ ᠶ᠋ᠢ ᠬᠦᠯᠢᠶᠡᠵᠦ ᠴᠢᠳᠠᠬᠤ ᠦᠭᠡᠢ ᠭᠡᠵᠦ ᠡᠰᠡᠷᠭᠦᠴᠡᠵᠦ ᠪᠠᠢᠨ᠎ᠠ᠃
— ᠠ᠂ ᠲᠡᠢᠮᠦ ᠪᠣᠢ? ᠲᠠ ᠨᠠᠷ ᠪᠠᠰᠠ ᠡᠰᠡᠷᠭᠦᠴᠡᠨ᠎ᠡ? ᠬᠥᠮᠦᠨ ᠦ᠌ ᠡᠷᠬᠡ ᠶ᠋ᠢ ᠬᠠᠮᠠᠭᠠᠯᠠᠬᠤ ᠶᠠᠭᠠᠬᠢᠭᠰᠠᠨ ᠰᠦᠷᠡᠬᠡᠢ ᠤᠯᠤᠰ ᠪᠣᠢ ᠪᠣᠯᠪᠠ? ᠠᠷᠪᠠᠨ ᠤ᠋ ᠳᠠᠷᠤᠭ᠎ᠠ! ᠡᠳᠡᠨ ᠦ᠌ ᠵᠡᠪᠰᠡᠭ ᠢ᠋ ᠬᠤᠷᠢᠶᠠᠵᠤ ᠠᠪᠤᠭᠠᠳ᠂ ᠵᠠᠬᠢᠷᠤᠯ ᠳᠠᠮᠳᠢᠨ ᠲᠡᠷᠢᠭᠦᠨ ᠳ᠋ᠦ᠍ ᠫᠤᠤ ᠲᠠᠢ ᠴᠡᠷᠢᠭ ᠢ᠋ᠶ᠋ᠡᠷ ᠬᠦᠷᠭᠡᠭᠦᠯ᠃ ᠳᠠᠷᠤᠭ᠎ᠠ ᠨᠠᠷ ᠤ᠋ᠨ ᠥᠭᠡᠳᠡ ᠡᠴᠡ ᠮᠠᠭᠤ ᠠᠪᠤᠷᠢ ᠵᠠᠩ ᠭᠠᠷᠭᠠᠵᠤ ᠡᠰᠡᠷᠭᠦᠴᠡᠳᠡᠭ ᠪᠣᠯᠪᠠᠯ᠂ ᠡᠢᠮᠦ ᠪᠠᠢᠳᠠᠭ ᠶᠤᠮ ᠪᠠᠢᠨ᠎ᠠ ᠭᠡᠵᠦ ᠬᠠᠰᠢᠷᠠᠨ ᠵᠠᠯᠬᠠᠲᠠᠯᠠ ᠨᠢ ᠴᠡᠭᠡᠷᠯᠡᠭᠦᠯᠦᠨ ᠪᠠᠩᠵᠠᠳᠠᠭ (ᠪᠠᠨᠰᠠᠳᠠᠭ) ᠭᠡᠬᠦ ᠳ᠋ᠦ᠍ᠨᠢ( ᠳ᠋ᠦ᠍ ᠨᠢ) ᠲᠡᠷᠡ ᠬᠡᠳᠦᠨ ᠴᠡᠷᠢᠭ᠂
— ᠪᠢᠳᠡ ᠳᠠᠷᠤᠭ᠎ᠠ ᠨᠠᠷ ᠤ᠋ᠨ ᠥᠭᠡᠳᠡ ᠡᠴᠡ ᠮᠠᠭᠤ ᠠᠪᠤᠷᠢ ᠵᠠᠩ ᠭᠠᠷᠭᠠᠭᠰᠠᠨ ᠦᠭᠡᠢ᠂ ᠭᠠᠭᠴᠠᠬᠦ (ᠭᠠᠭᠴᠠ ᠬᠦ᠌) ᠬᠠᠷᠭᠢᠰ ᠮᠠᠭᠤᠬᠠᠢ ᠪᠠᠷ ᠳᠠᠷᠤᠯᠠᠬᠤ ᠳ᠋ᠤᠨᠢ ( ᠳ᠋ᠤ᠌ ᠨᠢ )ᠡᠰᠡᠷᠭᠦᠴᠡᠭᠰᠡᠨ ᠪᠢᠯᠡ ᠬᠡᠮᠡᠪᠡᠰᠦ᠂
— ᠳᠤᠭᠤᠢ! ᠭᠡᠵᠦ ᠬᠠᠰᠬᠢᠷᠤᠭᠠᠳ ᠠᠷᠪᠠᠨ ᠤ᠋ ᠳᠠᠷᠤᠭ᠎ᠠ ᠶ᠋ᠢ᠂ ᠴᠢ ᠮᠠᠭᠤ ᠨᠣᠬᠠᠢ᠂ ᠬᠥᠳᠡᠯᠬᠦ ᠪᠣᠯ ᠠᠮᠢᠳᠤ ᠶᠠᠭᠤᠮ᠎ᠠ ᠰᠢᠭ᠋ ᠱᠠᠯᠠᠪᠬᠠᠨ ᠬᠥᠳᠡᠯᠦᠭᠡᠳ ᠪᠠᠢ ᠭᠡᠵᠦ ᠵᠠᠩᠳᠤᠷᠪᠠ᠃
ᠠᠷᠪᠠᠨ ᠤ᠋ ᠳᠠᠷᠤᠭ᠎ᠠ ᠳᠤᠷ᠎ᠠ ᠲᠠᠢ ᠳᠤᠷ᠎ᠠ ᠦᠭᠡᠢ ᠬᠥᠳᠡᠯᠵᠦ᠂ ᠲᠡᠷᠡ ᠬᠣᠷᠢᠭᠳᠠᠬᠤ ᠴᠡᠷᠢᠭ ᠦ᠋ᠨ ᠫᠤᠤ ᠵᠡᠪᠰᠡᠭ ᠢ᠋ ᠬᠤᠷᠢᠶᠠᠬᠤᠢᠴᠠ ᠪᠣᠯᠤᠭᠠᠳ ᠰᠦᠬᠡ ᠨᠠᠷ ᠢ᠋ ᠫᠤᠤ ᠲᠠᠢ ᠴᠡᠷᠢᠭ ᠬᠤᠸᠠᠷᠠᠨ ᠤ᠋ ᠵᠦᠭ ᠲᠠᠭᠤᠵᠤ ᠬᠥᠳᠡᠯᠦᠮᠡᠭᠴᠡ ᠣᠯᠠᠨ ᠴᠡᠷᠢᠭ ᠦ᠋ᠨ ᠳᠣᠲᠣᠷ᠎ᠠ ᠠ᠋ᠴᠠ ᠨᠢᠭᠡ ᠬᠥᠮᠦᠨ᠂
— ᠨᠥᠬᠥᠳ ᠠ᠋! ᠮᠠᠨᠠᠢ( ᠮᠠᠨ ᠤ᠋) ᠡᠨᠡ ᠨᠥᠬᠥᠳ ᠢ᠋᠂ ᠪᠢᠳᠡᠨ ᠢ᠋ ᠵᠣᠳᠣᠵᠤ ᠨᠦᠳᠦᠵᠦ ᠳᠠᠷᠤᠯᠠᠵᠤ ᠬᠠᠷᠭᠢᠰᠯᠠᠳᠠᠭ ᠢ᠋ ᠡᠰᠡᠷᠭᠦᠴᠡᠭᠰᠡᠨ ᠤᠴᠢᠷ ᠠ᠋ᠴᠠ ᠪᠠᠩᠵᠠᠳᠠᠨ( ᠪᠠᠨᠰᠠᠳᠠᠨ) ᠰᠢᠳᠬᠡᠬᠦ( ᠰᠢᠢᠳᠬᠡᠬᠦ) ᠭᠡᠵᠦ ᠪᠠᠢᠨ᠎ᠠ ᠰᠢᠦ᠃ ᠪᠢᠳᠡ ᠡᠨᠡ ᠨᠥᠬᠥᠳ ᠲᠡᠢ ᠪᠡᠨ ᠰᠠᠨᠠᠭ᠎ᠠ ᠨᠢᠭᠡ ᠲᠡᠢ᠂ ᠪᠠᠩᠵᠠᠳᠠᠪᠠᠯ (ᠪᠠᠨᠰᠠᠳᠠᠪᠠᠯ) ᠪᠢᠳᠡᠨ ᠢ᠋ ᠪᠠᠰᠠ ᠪᠠᠩᠵᠠᠳᠠᠭ( ᠪᠨᠰᠠᠳᠠᠭ) ᠭᠡᠵᠦ ᠬᠠᠰᠬᠢᠷᠬᠤ ᠳ᠋ᠤᠨᠢ( ᠳ᠋ᠤ᠌ ᠨᠢ)᠂
— ᠪᠠᠩᠵᠠᠳᠠᠪᠠᠯ (ᠪᠠᠨᠰᠠᠳᠠᠪᠠᠯ )ᠪᠢᠳᠡᠨ ᠢ᠋ ᠪᠠᠰᠠ ᠪᠠᠩᠵᠠᠳᠠᠭ (ᠪᠠᠨᠰᠠᠳᠠᠭ)! ᠨᠢᠭᠡᠳᠦᠭᠡᠷ ᠬᠣᠶᠠᠳᠤᠭᠠᠷ ᠰᠤᠮᠤᠨ ᠤ᠋ ᠨᠥᠬᠥᠳ ᠪᠢᠳᠡᠨ ᠲᠡᠢ ᠰᠠᠨᠠᠯ ᠨᠡᠢᠯᠡᠵᠡᠭᠡ ᠭᠡᠵᠦ ᠣᠯᠠᠨ ᠴᠡᠷᠢᠭ ᠲᠠᠯ᠎ᠠ ᠲᠠᠯ᠎ᠠ ᠠ᠋ᠴᠠ ᠬᠠᠰᠬᠢᠷᠴᠠᠭᠠᠵᠤ᠂ ᠪᠦᠬᠦ ᠬᠣᠷᠢᠶ᠎ᠠ ᠴᠡᠷᠢᠭ ᠲᠡᠷᠡ ᠴᠢᠭ ᠢ᠋ᠶ᠋ᠡᠷ ᠢ᠋ᠶ᠋ᠡᠨ ᠫᠤᠤ ᠶ᠋ᠢᠨ ᠵᠢᠳᠠ ᠠᠷᠵᠠᠭᠠᠨᠠᠭᠤᠯᠤᠨ᠂ ᠪᠠᠩᠵᠠᠳᠠᠪᠠᠯ (ᠪᠠᠨᠰᠠᠳᠠᠪᠠᠯ) ᠪᠢᠳᠡᠨ ᠢ᠋ ᠪᠦᠭᠦᠳᠡ ᠶ᠋ᠢ ᠪᠠᠩᠵᠠᠳᠠᠭ(ᠪᠠᠨᠰᠠᠳᠠᠭ) ᠭᠡᠵᠦ ᠨᠢᠷ ᠬᠢᠲᠡᠯ᠎ᠡ ᠬᠠᠰᠬᠢᠷᠤᠨ᠂ ᠰᠦᠬᠡ — ᠨᠥᠬᠥᠳ ᠰᠡᠯᠲᠡ ᠶ᠋ᠢᠨ ᠬᠣᠢᠨ᠎ᠠ ᠠ᠋ᠴᠠ ᠬᠤᠸᠠᠷᠠᠨ ᠤ᠋ ᠵᠦᠭ ᠰᠢᠷᠦᠭᠦᠯᠦᠨ( ᠰᠢᠷᠦᠭᠦᠯᠡᠨ) ᠠᠯᠬᠤᠵᠠᠢ᠃ *
ᠣᠹᠢᠼᠧᠷ ᠳᠠᠷᠤᠭ᠎ᠠ ᠨᠠᠷ ᠠᠶᠤᠨ ᠰᠠᠨᠳᠤᠷᠴᠤ᠂ ᠰᠡᠯᠡᠮ᠎ᠡ ᠪᠡᠨ ᠬᠥᠯ ᠳ᠋ᠦ᠍ ᠲᠡᠭᠡᠭᠯᠡᠬᠦ ᠦᠭᠡᠢ ᠭᠡᠵᠦ ᠭᠠᠷ ᠢ᠋ᠶ᠋ᠠᠷ ᠢ᠋ᠶ᠋ᠠᠨ ᠪᠠᠷᠢᠵᠤ ᠮᠣᠷᠢᠨ ᠴᠡᠷᠢᠭ ᠦ᠋ᠨ ᠤᠷᠲᠤ ᠰᠢᠨᠧᠯ ᠦ᠋ᠨ ᠬᠣᠷᠮᠣᠢ ᠳ᠋ᠤ᠌ ᠬᠥᠯ ᠣᠷᠢᠶᠠᠯᠳᠤᠨ᠄
— ᠲᠡᠷᠡ ᠬᠣᠷᠢᠭᠳᠠᠭᠰᠠᠨ ᠬᠡᠳᠦᠨ ᠴᠡᠷᠢᠭ ᠢ᠋ ᠪᠤᠴᠠᠭ᠎ᠠ! ᠶᠠᠯ᠎ᠠ ᠬᠡᠯᠡᠯᠴᠡᠬᠦ ᠦᠭᠡᠢ ᠪᠣᠯᠭᠠᠶ᠎ᠠ ᠭᠡᠵᠦ ᠳᠠᠪᠲᠠᠨ ᠬᠠᠰᠬᠢᠷᠤᠯᠳᠤᠵᠤ᠂ ᠲᠡᠷᠡ ᠴᠢᠭ ᠢ᠋ᠶ᠋ᠡᠷ ᠢ᠋ᠶ᠋ᠡᠨ ᠬᠤᠸᠠᠷᠠᠨ ᠤ᠋ ᠵᠦᠭ ᠠᠯᠬᠤᠨ ᠣᠳᠤᠭᠰᠠᠨ ᠪᠦᠬᠦ ᠬᠣᠷᠢᠶ᠎ᠠ ᠴᠡᠷᠢᠭ ᠦ᠋ᠨ ᠬᠣᠢᠨ᠎ᠠ ᠠ᠋ᠴᠠ ᠭᠦᠶᠦᠯᠳᠦᠪᠡ᠃
ᠬᠤᠸᠠᠷᠠᠨ ᠤ᠋ ᠵᠦᠭ ᠵᠢᠭᠰᠠᠭᠰᠠᠨ ᠴᠢᠭ ᠢ᠋ᠶ᠋ᠡᠷ ᠢ᠋ᠶ᠋ᠡᠨ ᠰᠢᠷᠦᠭᠦᠯᠡᠨ ᠠᠯᠬᠤᠭᠰᠠᠨ ᠬᠣᠷᠢᠶ᠎ᠠ ᠴᠡᠷᠢᠭ᠂ ᠱᠣᠢᠪ ᠮᠠᠳᠠᠶᠧᠹ ᠬᠣᠶᠠᠷ ᠢ᠋ ᠥᠨᠥᠬᠢ ᠪᠠᠩᠵᠠᠳᠠᠭᠤᠯᠬᠤ (ᠪᠠᠨᠰᠠᠳᠠᠭᠤᠯᠬᠤ) ᠭᠡᠵᠦ ᠶᠠᠪᠤᠭᠤᠯᠤᠭᠰᠠᠨ ᠴᠡᠷᠢᠭ ᠢ᠋ ᠡᠷᠭᠢᠭᠦᠯᠦᠨ ᠪᠤᠴᠠᠭᠠᠵᠤ᠂ ᠪᠦᠬᠦ ᠴᠡᠷᠢᠭ ᠦ᠋ᠨ ᠡᠮᠦᠨ᠎ᠡ ᠪᠢᠳᠡ ᠵᠣᠳᠣᠬᠤ ᠨᠦᠳᠦᠬᠦ ᠶ᠋ᠢ ᠡᠰᠡᠷᠭᠦᠴᠡᠭᠰᠡᠨ ᠲᠠᠨ ᠤ᠋ ᠨᠥᠬᠥᠳ ᠢ᠋ ᠪᠠᠩᠵᠠᠳᠠᠨ(ᠪᠠᠨᠰᠠᠳᠠᠨ) ᠰᠢᠢᠳᠬᠡᠬᠦ ᠡᠯᠳᠡᠪ ᠢ᠋ᠶ᠋ᠡᠷ ᠬᠠᠪᠴᠢᠨ ᠵᠣᠪᠠᠭᠠᠬᠤ ᠦᠭᠡᠢ ᠭᠡᠵᠦ ᠠᠮᠠᠯᠠᠭᠰᠠᠨ ᠤ᠋ ᠰᠡᠭᠦᠯᠡᠷ ᠰᠠᠢ᠍ᠢ(ᠰᠠᠶᠢ) ᠵᠣᠭᠰᠣᠵᠤ ᠰᠤᠷᠭᠠᠭᠤᠯᠢ ᠬᠢᠬᠦ ᠭᠠᠵᠠᠷ ᠢ᠋ᠶ᠋ᠠᠨ ᠪᠤᠴᠠᠵᠤ ᠥᠭᠭᠦᠭᠰᠡᠨ ᠪᠢᠯᠡ᠃
— ᠪᠢᠳᠡ ᠪᠠᠬᠠᠨ ᠲᠦᠷᠭᠡᠳᠦᠯᠡ᠃ ᠲᠠ ᠨᠠᠷ ᠪᠢᠳᠡᠨ ᠢ᠋ ᠳᠡᠭᠡᠪᠡ ᠭᠡᠵᠦ ᠪᠢᠲᠡᠭᠡᠢ ᠮᠠᠭᠤ ᠰᠠᠨᠠᠭᠠᠷᠠᠢ᠃ ᠪᠢᠳᠡ ᠲᠠ ᠨᠠᠷ ᠢ᠋ ᠰᠠᠢᠨ ᠰᠤᠷᠭᠠᠭᠤᠯᠢ ᠲᠠᠢ ᠴᠡᠷᠢᠭ ᠪᠣᠯᠭᠠᠵᠤ ᠦᠵᠡᠬᠦ ᠭᠡᠵᠦ ᠲᠡᠭᠡᠵᠦ ᠪᠠᠢᠭᠰᠠᠨ ᠪᠢᠯᠡ᠃ ᠣᠳᠣ ᠡᠨᠡ ᠰᠠᠢ(ᠰᠠᠶᠢ) ᠶ᠋ᠢᠨ ᠬᠡᠷᠡᠭ ᠢ᠋ ᠬᠡᠨ ᠬᠡᠨ ᠮᠠᠨᠢ ᠴᠤ᠌ ᠬᠥᠭᠡᠭᠡᠴᠡᠯᠳᠦᠵᠦ ᠬᠡᠯᠡᠯᠴᠡᠬᠦ ᠶ᠋ᠢ ᠪᠠᠢᠭᠠᠳ᠂ ᠬᠢᠪᠡᠯ ᠵᠣᠬᠢᠬᠤ ᠬᠢᠴᠢᠶᠡᠯ ᠰᠤᠷᠭᠠᠭᠤᠯᠢ ᠪᠠᠨ ᠬᠢᠵᠦ ᠦᠵᠡᠶ᠎ᠡ ᠲᠠ ᠮᠢᠨᠢ ᠭᠡᠵᠦ ᠣᠹᠢᠽᠧᠷ ᠳᠠᠷᠤᠭ᠎ᠠ ᠨᠠᠷ ᠴᠡᠷᠢᠭ ᠦ᠋ᠨ ᠪᠠᠲᠤ ᠨᠢᠭᠡᠳᠦᠯᠲᠡᠢ ᠰᠠᠨᠠᠭ᠎ᠠ ᠨᠢᠭᠡ ᠲᠡᠢ ᠡᠴᠡ ᠠᠶᠤᠨ ᠡᠮᠢᠶᠡᠵᠡᠢ᠃
ᠬᠠᠮᠤᠭ ᠤ᠋ᠨ ᠬᠠᠷᠭᠢᠰ ᠳᠠᠷᠤᠭ᠎ᠠ ᠣᠹᠢᠽᠧᠷ ᠨᠠᠷ ᠲᠤ᠌ ᠴᠤ᠌ ᠪᠠᠲᠤ ᠨᠢᠭᠡᠳᠦᠯᠲᠡᠢ᠂ ᠡᠪ ᠰᠠᠨᠠᠭ᠎ᠠ ᠨᠢᠭᠡ ᠲᠡᠢ ᠬᠠᠮᠲᠤ ᠣᠯᠠᠨ ᠤ᠋ ᠬᠦᠴᠦ ᠶ᠋ᠢ ᠦᠵᠡᠭᠦᠯᠵᠦ ᠴᠢᠳᠠᠭᠰᠠᠨ ᠲᠡᠷᠡ ᠶᠠᠪᠤᠳᠠᠯ ᠠ᠋ᠴᠠ ᠬᠣᠢᠰᠢ ᠣᠯᠠᠨ ᠴᠡᠷᠢᠭ᠄
— ᠦᠨᠡᠨ ᠵᠥᠪ ᠬᠡᠷᠡᠭ ᠲᠦ᠍ ᠭᠠᠭᠴᠠ ᠬᠥᠮᠦᠨ ᠪᠦᠭᠦᠳᠡ ᠶ᠋ᠢᠨ ᠲᠥᠯᠥᠭᠡ ᠴᠢᠷᠮᠠᠢᠵᠤ᠂ ᠪᠦᠭᠦᠳᠡᠭᠡᠷ ᠢ᠋ᠶ᠋ᠡᠨ ᠲᠡᠷᠡ ᠭᠠᠭᠴᠠ ᠬᠥᠮᠦᠨ ᠦ᠌ ᠲᠥᠯᠥᠭᠡ ᠡᠪ ᠰᠠᠨᠠᠭ᠎ᠠ ᠨᠢᠭᠡ ᠪᠠᠢᠳᠠᠭ ᠪᠣᠯ ᠡᠢᠮᠦ ᠪᠠᠢᠳᠠᠭ ᠶᠤᠮ ᠪᠠᠢᠨ᠎ᠠ ᠰᠢᠦ ᠭᠡᠵᠦ ᠬᠡᠯᠡᠯᠴᠡᠬᠦ ᠪᠣᠯᠪᠠ᠃ ᠣᠯᠠᠨ ᠴᠡᠷᠢᠭ ᠪᠠᠰᠠ ᠲᠡᠭᠦᠨ ᠡᠴᠡ ᠬᠣᠢᠰᠢ ᠣᠹᠢᠼᠧᠷ ᠳᠠᠷᠤᠭ᠎ᠠ ᠨᠠᠷ᠂ ᠤᠷᠢᠳᠤ ᠶ᠋ᠢᠨ ᠠᠳᠠᠯᠢ ᠶᠠᠭᠤᠮ᠎ᠠ ᠯᠠ ᠪᠣᠯ ᠵᠣᠳᠣᠬᠤ ᠵᠠᠨᠴᠢᠬᠤ ᠭᠡᠵᠦ ᠬᠠᠯᠲᠤᠰᠬᠢᠪᠡᠯ ᠬᠠᠷᠢᠶᠠᠬᠤ ᠠᠯᠬᠢᠬᠤ ᠪᠠᠨ ᠪᠠᠢᠭᠰᠠᠨ ᠢ᠋ ᠠᠵᠢᠭᠯᠠᠵᠤ ᠮᠡᠳᠡᠪᠡ᠃
ᠵᠤᠨ ᠤ᠋ ᠰᠡᠭᠦᠯᠡᠷ ᠪᠠᠰᠠ ᠨᠢᠭᠡ ᠬᠡᠷᠡᠭ ᠶᠠᠪᠤᠳᠠᠯ ᠭᠠᠷᠴᠤ᠂ ᠵᠠᠬᠢᠷᠤᠯ ᠳᠠᠷᠤᠭ᠎ᠠ ᠲᠡᠭᠦᠨ ᠦ᠌ ᠤᠯᠠᠮ ᠠ᠋ᠴᠠ ᠤᠭᠴᠠᠷᠠᠪᠠ (ᠣᠭᠴᠣᠷᠠᠪᠠ)᠃ ᠳᠠᠮᠳᠢᠨ ᠲᠡᠷᠢᠭᠦᠨ ᠲᠡᠢ ᠰᠦᠷᠡᠬᠡᠢ ᠨᠠᠢᠵᠢ(ᠨᠠᠢᠵᠠ)᠂ ᠰᠠᠩ ᠤ᠋ᠨ ᠶᠠᠮᠤᠨ ᠤ᠋ ᠨᠢᠷᠪᠠ ᠬᠠᠭᠠᠷᠬᠠᠢ ᠳ᠋ᠠᠭᠪᠠ ᠭᠡᠳᠡᠭ ᠬᠥᠮᠦᠨ ᠬᠤᠵᠢᠷᠪᠤᠯᠤᠩ ᠤ᠋ᠨ ᠴᠡᠷᠢᠭ ᠲᠦ᠍ ᠮᠢᠬ᠎ᠠ ᠨᠡᠢᠯᠡᠭᠦᠯᠬᠦ ᠭᠡᠷ᠎ᠡ ᠬᠡᠯᠡᠯᠴᠡᠭᠡ ᠬᠢᠵᠦ᠂ ᠨᠡᠯᠢᠶᠡᠳ ᠠᠰᠢᠭ ᠬᠣᠨᠵᠢᠶ᠎ᠠ ᠣᠯᠵᠤ ᠪᠠᠢᠭᠰᠠᠨ ᠨᠢ ᠳᠤᠯᠠᠭᠠᠨ ᠤᠯᠠᠷᠢᠯ ᠣᠷᠣᠵᠤ ᠢᠷᠡᠬᠦ ᠳ᠋ᠦ᠍ ᠬᠦᠷᠢᠶᠡᠨ ᠦ᠌ ᠶᠠᠷᠢᠭᠠᠴᠢᠨ(ᠶᠠᠷᠭᠠᠴᠢᠨ) ᠠ᠋ᠴᠠ ᠪᠠᠬᠠᠨ ᠦᠨᠦᠷ ᠣᠷᠣᠭᠠᠳ᠂ ᠠᠮᠢᠲᠠᠨ ᠬᠥᠮᠦᠨ ᠠᠪᠬᠤ ᠦᠭᠡᠢ ᠪᠣᠯᠤᠭᠰᠠᠨ ᠮᠢᠬ᠎ᠠ ᠶ᠋ᠢ ᠰᠤᠯᠠ ᠬᠢᠮᠳᠠ ᠦᠨ᠎ᠡ ᠪᠡᠷ ᠠᠪᠴᠤ ᠵᠠᠪᠰᠠᠷ ᠠ᠋ᠴᠠ ᠮᠥᠩᠭᠥ ᠬᠣᠨᠵᠢᠨ᠂ ᠴᠡᠷᠢᠭ ᠦ᠋ᠨ ᠬᠡᠷᠡᠭᠯᠡᠬᠦ ᠮᠢᠬ᠎ᠠ ᠨᠡᠢᠯᠡᠭᠦᠯᠵᠦ ᠨᠡᠯᠢᠶᠡᠳ ᠠᠮᠲᠠᠰᠢᠵᠠᠢ᠃ ᠴᠡᠷᠢᠭ ᠦ᠋ᠳ ᠦᠮᠡᠬᠡᠢ ᠪᠡᠭᠡᠭᠰᠡᠨ ᠮᠢᠬ᠎ᠠ ᠭᠡᠵᠦ ᠬᠡᠳᠦᠢ ᠭᠣᠮᠣᠳᠠᠯ ᠭᠠᠷᠭᠠᠪᠠᠴᠤ᠂ ᠵᠠᠬᠢᠷᠤᠯ ᠳᠠᠷᠤᠭ᠎ᠠ ᠨᠠᠷ ᠴᠠᠭ ᠤ᠋ᠨ ᠤᠷᠢᠨ ᠳᠤᠯᠠᠭᠠᠨ ᠳ᠋ᠤ᠌ ᠠᠷᠭ᠎ᠠ ᠦᠭᠡᠢ ᠭᠡᠵᠦ ᠶᠡᠷᠦ ᠲᠣᠭᠣᠬᠤ ᠦᠭᠡᠢ ᠪᠠᠢᠵᠠᠢ᠃
ᠮᠢᠬ᠎ᠠ ᠨᠡᠢᠯᠡᠭᠦᠯᠳᠡᠭ ᠲᠡᠷᠡ ᠬᠠᠭᠠᠷᠬᠠᠢ ᠳ᠋ᠠᠭᠪᠠ᠂ ᠰᠠᠷ᠎ᠠ ᠳᠣᠳᠣᠮ ᠴᠡᠷᠢᠭ ᠦ᠋ᠨ ᠮᠢᠬᠠᠨ ᠳ᠋ᠤ᠌ ᠣᠯᠭᠣᠬᠤ ᠮᠥᠩᠭᠥ ᠶ᠋ᠢ ᠲᠣᠭ᠎ᠠ ᠶᠣᠰᠣᠭᠠᠷ ᠠᠪᠤᠭᠠᠳ᠂ ᠡᠨᠡᠬᠡᠨ ᠲᠡᠷᠡᠬᠡᠨ ᠢ᠋ᠶ᠋ᠡᠷ ᠰᠢᠯᠲᠠᠵᠤ ᠭᠠᠭᠴᠠ ᠨᠢᠭᠡ ᠡᠳᠦᠷ ᠮᠢᠬ᠎ᠠ ᠲᠠᠰᠤᠯᠳᠠᠭᠤᠯᠵᠤ ᠴᠡᠷᠢᠭ ᠢ᠋ ᠮᠢᠬ᠎ᠠ ᠱᠥᠯᠥ ᠦᠭᠡᠢ ᠥᠨᠵᠢᠭᠦᠯᠳᠡᠭ ᠪᠠᠢᠯ᠎ᠠ᠃ ᠲᠡᠭ ᠲᠡᠭᠡᠭᠰᠡᠭᠡᠷ ᠨᠢᠭᠡᠨ ᠡᠳᠦᠷ ᠱᠠᠯ ᠦᠮᠡᠬᠡᠢ ᠮᠢᠬ᠎ᠠ ᠠᠪᠴᠢᠷᠠᠭᠰᠠᠨ ᠢ᠋ ᠬᠣᠷᠢᠶᠠᠨ ᠤ᠋ ᠵᠢᠵᠢᠭᠦᠷ ᠠᠪᠬᠤ ᠦᠭᠡᠢ ᠭᠡᠵᠦ ᠮᠠᠷᠭᠤᠯᠳᠤᠨ ᠪᠤᠴᠠᠭᠠᠭᠰᠠᠨ ᠠ᠋ᠴᠠ ᠬᠣᠢᠰᠢ ᠬᠣᠶᠠᠷ ᠬᠣᠨᠣᠭ ᠮᠢᠬ᠎ᠠ ᠲᠠᠰᠤᠯᠳᠠᠵᠤ᠂ ᠴᠡᠷᠢᠭ ᠭᠤᠯᠢᠷ᠂ ᠥᠭᠡᠬᠦ ᠶ᠋ᠢᠨ ᠲᠣᠰᠣ ᠪᠠᠷ ᠬᠢᠴᠡᠯᠡᠭᠰᠡᠨ ᠴᠠᠢ ᠪᠠᠷ ᠥᠯ ᠵᠠᠯᠭᠠᠵᠤ᠂ ᠭᠤᠷᠪᠠ ᠳ᠋ᠠᠬᠢ ᠡᠳᠦᠷ ᠬᠦᠷᠢᠶᠡᠨ ᠡᠴᠡ ᠬᠣᠶᠠᠷ ᠲᠡᠷᠭᠡ ᠮᠢᠬ᠎ᠠ ᠠᠴᠢᠵᠤ ᠢᠷᠡᠭᠰᠡᠨ ᠨᠢ ᠲᠡᠷᠡ ᠲᠤᠬᠠᠢ ᠬᠣᠷᠢᠶ᠎ᠠ ᠵᠢᠵᠢᠭᠦᠷ ᠰᠦᠬᠡ ᠪᠠᠢᠵᠠᠢ᠃ ᠳᠡᠭᠡᠷ᠎ᠡ ᠡᠴᠡ ᠦᠬᠡᠷ ᠦ᠋ᠨ ᠨᠢᠭᠡ ᠨᠢᠭᠡ ᠥᠷᠥᠭᠡᠯ ᠰᠢᠨ᠎ᠡ ᠮᠢᠬ᠎ᠠ ᠪᠠᠷ ᠥᠩᠭᠡᠯᠡᠭᠰᠡᠨ᠂ ᠥᠳᠥ ᠳᠦᠭᠦᠷᠦᠭᠰᠡᠨ ᠦᠮᠡᠬᠡᠢ ᠮᠢᠬ᠎ᠠ ᠠᠪᠴᠢᠷᠠᠭᠰᠠᠨ ᠢ᠋ ᠦᠵᠡᠪᠡᠯ ᠬᠣᠶᠠᠷ ᠬᠣᠨᠣᠭ ᠤ᠋ᠨ ᠡᠮᠦᠨ᠎ᠡ ᠭᠣᠯᠣᠵᠤ ᠪᠤᠴᠠᠭᠠᠭᠰᠠᠨ ᠮᠢᠬ᠎ᠠ ᠢᠷᠡᠯᠴᠡᠵᠡᠢ᠃ ᠰᠦᠬᠡ ᠲᠡᠷᠡ ᠥᠳᠥ ᠲᠡᠢ ᠮᠢᠬ᠎ᠠ ᠶ᠋ᠢ ᠬᠡᠷᠬᠢᠪᠡᠴᠦ ᠬᠦᠯᠢᠶᠡᠨ ᠠᠪᠬᠤ ᠦᠭᠡᠢ ᠭᠡᠪᠡ᠃
ᠬᠠᠭᠠᠷᠬᠠᠢ ᠳ᠋ᠠᠭᠪᠠ ᠶ᠋ᠢᠨ ᠬᠠᠮᠢᠶᠠᠲᠠᠨ ᠨᠢᠭᠡ ᠳᠦᠯᠡᠢ ᠯᠠᠮᠠ ᠲᠡᠷᠡ ᠮᠢᠬ᠎ᠠ ᠶ᠋ᠢ ᠬᠦᠷᠭᠡᠵᠦ ᠢᠷᠡᠭᠰᠡᠨ ᠪᠠᠢᠵᠠᠢ᠃ ᠵᠢᠵᠢᠭᠦᠷ ᠢ᠋ ᠮᠢᠬ᠎ᠠ ᠠᠪᠬᠤ ᠦᠭᠡᠢ ᠭᠡᠬᠦ ᠳ᠋ᠦ᠍ᠨᠢ ᠴᠢᠮᠠᠶ᠋ᠢ (ᠴᠢᠮ᠎ᠠ ᠶ᠋ᠢ) ᠵᠠᠬᠢᠷᠤᠯ ᠳᠠᠮᠳᠢᠨ ᠭᠤᠸᠠᠢ ᠳ᠋ᠤ᠌ ᠬᠡᠯᠡᠵᠦ ᠠᠪᠬᠠᠭᠤᠯᠤᠨᠠ ᠳᠠ ᠭᠡᠵᠦ ᠳᠠᠮᠳᠢᠨ ᠲᠡᠷᠢᠭᠦᠨ ᠳ᠋ᠦ᠍ ᠣᠴᠢᠭᠠᠳ ᠲᠡᠷᠡ ᠯᠠᠮᠠ ᠥᠨᠥᠬᠢ ᠮᠢᠬ᠎ᠠ ᠶ᠋ᠢ ᠲᠣᠭ᠎ᠠ ᠶᠣᠰᠣᠭᠠᠷ ᠬᠦᠯᠢᠶᠡᠨ ᠠᠪ ᠭᠡᠰᠡᠨ ᠵᠤᠷᠪᠤᠰ ᠪᠢᠴᠢᠭ ᠠᠪᠴᠢᠷᠠᠪᠠ᠃ ᠲᠡᠭᠡᠭᠡᠳ ᠬᠣᠷᠢᠶ᠎ᠠ ᠵᠢᠵᠢᠭᠦᠷ ᠢ᠋ ᠠᠷᠭᠠᠳᠠᠵᠤ ᠲᠡᠷᠡ ᠯᠠᠮᠠ᠂
— ᠡᠨᠡ ᠠᠪᠴᠢᠷᠠᠭᠰᠠᠨ ᠮᠢᠬᠠᠨ ᠳ᠋ᠤ᠌ ᠨᠢᠭᠡ ᠦᠬᠡᠷ ᠦ᠋ᠨ ᠰᠢᠨ᠎ᠡ ᠰᠠᠢᠨ ᠮᠢᠬ᠎ᠠ ᠪᠣᠢ᠃ ᠲᠡᠭᠦᠨ ᠢ᠋ᠶ᠋ᠡᠷ ᠬᠣᠷᠢᠶ᠎ᠠ ᠵᠢᠵᠢᠭᠦᠷ ᠦ᠋ᠨ ᠵᠡᠷᠭᠡ ᠠᠯᠪᠠᠨ ᠤ᠋ ᠬᠥᠮᠦᠰ ᠬᠣᠭᠣᠯᠠ ᠬᠢᠬᠦ ᠳ᠋ᠦ᠍ ᠪᠠᠷᠲᠠᠭ᠎ᠠ ᠪᠠᠷ ᠬᠦᠷᠦᠨ᠎ᠡ᠃ ᠳ᠋ᠠᠭᠪᠠ ᠭᠤᠸᠠᠢ᠂ ᠤᠷᠵᠢ ᠶ᠋ᠢᠨ ᠴᠠᠭᠠᠳᠤ ᠡᠳᠦᠷ ᠦ᠋ᠨ ᠲᠡᠷᠡ ᠮᠢᠬ᠎ᠠ ᠶ᠋ᠢ ᠡᠨᠡ ᠰᠢᠨ᠎ᠡ ᠮᠢᠬ᠎ᠠ ᠲᠠᠢ ᠬᠣᠯᠢᠵᠤ ᠬᠥᠰᠬᠥᠯᠡᠭᠡᠳ ᠭᠤᠯᠢᠷ ᠲᠠᠢ ᠬᠣᠭᠣᠯᠠ ᠬᠢᠵᠦ ᠥᠭᠪᠡᠯ ᠴᠡᠷᠢᠭ ᠦ᠋ᠳ ᠵᠠᠯᠭᠢᠵᠤ ᠣᠷᠭᠢᠯ ᠦᠭᠡᠢ ᠶᠠᠭᠠᠬᠢᠬᠤ ᠪᠣᠢ ᠭᠡᠵᠦ ᠬᠡᠯᠡᠭᠦᠯᠦᠭᠰᠡᠨ᠃ ᠪᠠᠰᠠ ᠬᠣᠷᠢᠶ᠎ᠠ ᠵᠢᠵᠢᠭᠦᠷ ᠲᠦ᠍ ᠰᠠᠮᠤᠨᠠ ᠪᠣᠣᠪᠣ᠂ ᠰᠠᠷᠠᠨ ᠪᠣᠭᠣᠷᠰᠣᠭ * ᠥᠭᠭᠦᠭᠡᠷᠡᠢ ᠭᠡᠵᠦ ᠡᠭᠦᠨ ᠢ᠋ ᠥᠭᠭᠦᠭᠰᠡᠨ ᠭᠡᠬᠦ ᠳ᠋ᠦ᠍ᠨᠢ ᠰᠦᠬᠡ ᠶ᠋ᠢᠨ ᠴᠢᠷᠠᠢ ᠴᠢᠰ ᠤᠯᠠᠭᠠᠨ ᠪᠣᠯᠵᠤ᠂ ᠰᠤᠮᠤᠨ ᠵᠢᠵᠢᠭᠦᠷ ᠢ᠋ ᠬᠤᠸᠠᠷᠠᠨ ᠳ᠋ᠤ᠌ ᠠᠮᠠᠷᠠᠵᠤ ᠪᠠᠢᠭᠰᠠᠨ ᠪᠦᠬᠦ ᠴᠡᠷᠢᠭ ᠢ᠋ ᠳᠠᠭᠤᠳᠠ ᠭᠡᠵᠦ ᠲᠤᠰᠢᠶᠠᠭᠠᠳ᠂ ᠴᠡᠷᠢᠭ ᠢ᠋ ᠴᠤᠭᠯᠠᠵᠤ ᠢᠷᠡᠬᠦ ᠳ᠋ᠦ᠍᠄
— ᠨᠥᠬᠥᠳ ᠠ᠋! ᠮᠠᠨᠠᠢ(ᠮᠠᠨ ᠤ᠋) ᠬᠦᠨᠡᠰᠦᠨ ᠦ᠌ ᠮᠢᠬ᠎ᠠ ᠨᠡᠢᠯᠡᠭᠦᠯᠳᠡᠭ ᠬᠠᠭᠠᠷᠬᠠᠢ ᠳ᠋ᠠᠭᠪᠠ ᠭᠡᠭᠴᠢ ᠬᠥᠮᠦᠨ ᠡᠨᠡ ᠦᠮᠡᠬᠡᠢ ᠪᠡᠭᠡᠭᠰᠡᠨ ᠮᠢᠬ᠎ᠠ ᠶ᠋ᠢ ᠴᠡᠷᠢᠭ ᠦ᠋ᠳ ᠲᠦ᠍ ᠭᠤᠯᠢᠷ ᠲᠠᠢ ᠬᠣᠭᠣᠯᠠ ᠬᠢᠵᠦ ᠥᠭᠪᠡᠯ ᠵᠠᠯᠭᠢᠵᠤ ᠣᠷᠬᠢᠨ᠎ᠠ ᠭᠡᠵᠦ ᠬᠡᠯᠡᠭᠦᠯᠵᠡᠢ᠃ ᠡᠨᠡ ᠪᠠᠢᠨ᠎ᠠ᠂ ᠲᠡᠷᠡ ᠮᠢᠬ᠎ᠠ ᠨᠢ ᠭᠡᠵᠦ ᠲᠡᠷᠭᠡᠨ ᠳᠡᠭᠡᠷ᠎ᠡ ᠪᠣᠷᠣ ᠲᠣᠭᠣᠰᠣ ᠪᠣᠯᠤᠭᠰᠠᠨ ᠲᠠᠭᠠᠷ ᠢ᠋ ᠰᠡᠬᠦᠵᠦ ᠥᠩᠭᠡᠯᠡᠵᠦ ᠬᠤᠴᠢᠭᠰᠠᠨ ᠦᠬᠡᠷ ᠦ᠋ᠨ ᠥᠷᠥᠭᠡᠯ ᠢ᠋ ᠵᠠᠢᠯᠠᠭᠤᠯᠤᠭᠠᠳ᠂ ᠤᠷᠵᠢ ᠶ᠋ᠢᠨ ᠴᠠᠭᠠᠳᠤ ᠡᠳᠦᠷ ᠭᠣᠯᠣᠵᠤ ᠪᠤᠴᠠᠭᠠᠭᠰᠠᠨ᠂ ᠦᠲᠦᠴᠢᠭᠰᠡᠨ ᠱᠠᠯ ᠦᠮᠡᠬᠡᠢ ᠮᠢᠬ᠎ᠠ ᠰᠡᠬᠦᠵᠦ ᠥᠭᠦᠯᠡᠪᠡᠰᠦ᠂ ᠳᠡᠷᠭᠡᠳᠡ ᠪᠠᠢᠭᠰᠠᠨ ᠴᠡᠷᠢᠭ ᠦ᠋ᠳ ᠫᠦᠬᠡ ᠫᠠᠬᠠ ᠭᠡᠵᠦ ᠬᠠᠮᠠᠷ ᠢ᠋ᠶ᠋ᠠᠨ ᠪᠠᠷᠢᠵᠤ ᠤᠬᠤᠷᠢᠪᠠ᠃
— ᠦᠮᠡᠬᠡᠢ ᠦᠨᠦᠷ ᠤᠲᠤᠵᠤ ᠪᠠᠢᠭ᠎ᠠ ᠶ᠋ᠢ ᠨᠢ ᠲᠠ ᠨᠠᠷ ᠮᠡᠳᠡᠵᠦ ᠪᠠᠢᠨᠠᠤ? ᠳ᠋ᠠᠭᠪᠠ ᠪᠠᠰᠠ ᠦᠮᠡᠬᠡᠢ ᠮᠢᠬ᠎ᠠ ᠬᠦᠯᠢᠶᠡᠨ ᠠᠪᠬᠤ ᠵᠢᠵᠢᠭᠦᠷ ᠲᠦ᠍ ᠱᠠᠩ ᠪᠣᠯᠭᠠᠵᠤ ᠰᠠᠮᠤᠨᠠ ᠪᠣᠣᠪᠣ᠂ ᠰᠠᠷᠠᠨ ᠪᠣᠭᠣᠷᠰᠣᠭ ᠶᠠᠪᠤᠭᠤᠯᠵᠠᠢ᠃ ᠡᠨᠡ ᠪᠠᠢᠨ᠎ᠠ᠃ ᠲᠠ ᠪᠦᠬᠦᠨ ᠦ᠌ ᠡᠮᠦᠨ᠎ᠡ ᠦᠮᠡᠬᠡᠢ ᠦᠨᠦᠷ ᠬᠠᠩᠬᠤᠯᠵᠤ ᠪᠠᠢᠭ᠎ᠠ ᠡᠨᠡ ᠮᠢᠬ᠎ᠠ ᠶ᠋ᠢ ᠤᠷᠵᠢ ᠡᠳᠦᠷ ᠦ᠋ᠨ ᠴᠠᠭᠠᠳᠤ ᠡᠳᠦᠷ ᠦ᠋ᠨ ᠵᠢᠵᠢᠭᠦᠷ ᠭᠣᠯᠣᠵᠤ ᠪᠤᠴᠠᠭᠠᠭᠰᠠᠨ ᠪᠣᠯᠪᠠᠴᠤ ᠲᠡᠷᠡ ᠡᠳᠦᠷ ᠲᠦ᠍ ᠲᠠ ᠨᠠᠷ ᠲᠤ᠌ ᠰᠠᠢᠨ ᠮᠢᠬ᠎ᠠ ᠵᠠᠯᠭᠠᠭᠤᠯᠵᠤ ᠥᠭᠬᠦ ᠬᠦᠴᠦᠨ ᠨᠢ ᠬᠦᠷᠦᠭᠰᠡᠨ ᠦᠭᠡᠢ ᠪᠢᠯᠡ᠃ ᠪᠢ ᠬᠡᠷᠪᠡ ᠥᠨᠥᠳᠥᠷ ᠲᠡᠷᠡ ᠡᠳᠦᠷ ᠭᠣᠯᠣᠭᠰᠠᠨ ᠮᠢᠬ᠎ᠠ ᠶ᠋ᠢ ᠠᠪᠬᠤ ᠦᠭᠡᠢ ᠭᠡᠵᠦ ᠭᠠᠭᠴᠠᠭᠠᠷ ᠢ᠋ᠶ᠋ᠠᠨ ᠵᠢᠳᠬᠦᠵᠦ ᠪᠤᠴᠠᠭᠠᠪᠠᠯ ᠲᠠ ᠨᠠᠷ ᠥᠨᠥᠳᠥᠷ ᠮᠢᠬ᠎ᠠ ᠱᠥᠯᠥ ᠦᠭᠡᠢ ᠬᠣᠨᠣᠬᠤ ᠪᠣᠯᠪᠠᠤ? ᠭᠡᠵᠦ ᠰᠠᠨᠠᠭ᠎ᠠ ᠵᠣᠪᠠᠵᠤ ᠪᠠᠢᠨ᠎ᠠ᠃ ᠣᠳᠣ ᠪᠢ ᠡᠨᠡ ᠢᠳᠡᠵᠦ ᠪᠣᠯᠬᠤ ᠦᠭᠡᠢ ᠮᠠᠭᠤᠬᠠᠢ ᠮᠢᠬ᠎ᠠ ᠠᠪᠴᠢᠷᠠᠭᠰᠠᠨ ᠢ᠋ ᠰᠢᠲᠠᠭᠠᠨ ᠤᠰᠠᠳᠬᠠᠬᠤ ᠠᠺᠲ ᠪᠢᠴᠢᠭ ᠢ ᠵᠣᠬᠢᠶᠠᠭᠠᠳ᠂ ᠡᠨᠡ ᠦᠮᠡᠬᠡᠢ ᠮᠢᠬ᠎ᠠ ᠶ᠋ᠢ ᠬᠣᠭ ᠠᠰᠬᠠᠵᠤ ᠬᠠᠶᠠᠳᠠᠭ ᠭᠠᠵᠠᠷ ᠠᠪᠠᠴᠢᠨ ᠠᠰᠬᠠᠵᠤ ᠰᠢᠲᠠᠭᠠᠬᠤ ᠰᠠᠨᠠᠯ ᠭᠠᠷᠭᠠᠵᠤ ᠪᠠᠢᠨ᠎ᠠ᠃ ᠲᠡᠭᠡᠭᠡᠳ᠁ ᠭᠡᠲᠡᠯ᠎ᠡ ᠣᠯᠠᠨ ᠴᠡᠷᠢᠭ ᠬᠠᠰᠬᠢᠷᠤᠯᠳᠤᠨ᠂
— ᠲᠡᠭᠡᠭᠡᠳ ᠪᠢᠳᠡ ᠪᠦᠭᠦᠳᠡᠭᠡᠷ ᠬᠣᠲᠠ ᠣᠷᠣᠵᠤ ᠴᠡᠷᠢᠭ ᠦ᠋ᠨ ᠶᠠᠮᠤᠨ ᠤ᠋ ᠰᠠᠢᠳ ᠲᠤ᠌ ᠡᠨᠡ ᠤᠴᠢᠷ ᠢ᠋ ᠭᠠᠷᠭᠠᠵᠤ ᠡᠰᠡᠷᠭᠦᠴᠡᠯ ᠮᠡᠳᠡᠭᠦᠯᠦᠶ᠎ᠡ ᠬᠡᠮᠡᠭᠡᠳ᠂ ᠳᠦᠯᠡᠢ ᠯᠠᠮᠠ ᠶ᠋ᠢ ᠲᠦᠯᠬᠢᠨ ᠵᠠᠢᠯᠠᠭᠤᠯᠵᠤ ᠥᠨᠥᠬᠢ ᠬᠣᠶᠠᠷ ᠲᠡᠷᠭᠡ ᠦᠮᠡᠬᠡᠢ ᠮᠢᠬ᠎ᠠ ᠶ᠋ᠢ ᠬᠣᠭ ᠳᠡᠭᠡᠷ᠎ᠡ ᠠᠪᠠᠴᠢᠪᠠᠯ ᠰᠦᠬᠡ᠂ ᠶᠠᠭᠤᠮ᠎ᠠ ᠠᠭᠤᠯᠬᠤ ᠭᠠᠵᠠᠷ ᠠ᠋ᠴᠠ ᠺᠧᠷᠣᠰᠢᠨ ᠲᠣᠰᠣ ᠣᠯᠭᠣᠵᠤ ᠲᠠᠷᠭᠤᠨ ᠴᠠᠭᠠᠨ ᠥᠳᠥ ᠳᠦᠭᠦᠷᠦᠭᠰᠡᠨ ᠲᠡᠷᠡ ᠦᠮᠡᠬᠡᠢ ᠮᠢᠬ᠎ᠠ ᠳᠡᠭᠡᠷ᠎ᠡ ᠠᠰᠬᠠᠭᠤᠯᠤᠨ ᠰᠢᠳᠠᠭᠠᠯᠭᠠᠭᠣ᠌ᠠ᠂ ᠴᠡᠷᠢᠭ ᠦ᠋ᠳ᠂
— ᠣᠳᠣ ᠪᠦᠭᠦᠳᠡᠭᠡᠷ ᠢ᠋ᠶ᠋ᠡᠨ ᠬᠣᠲᠠ ᠣᠷᠣᠶ᠎ᠠ! ᠭᠡᠵᠦ ᠵᠢᠭᠰᠠᠪᠠ᠃ ᠵᠢᠵᠢᠭᠦᠷ ᠨᠢᠸᠠᠯ ᠤ᠋ᠳ ᠬᠤᠸᠠᠷᠠᠨ ᠢ᠋ ᠡᠷᠭᠢᠵᠦ ᠨᠢᠭᠡ ᠴᠦ᠍ ᠴᠡᠷᠢᠭ ᠢ᠋ ᠦᠯᠡᠳᠡᠭᠡᠯ ᠦᠭᠡᠢ ᠣᠯᠠᠨ ᠨᠥᠬᠥᠳ ᠦ᠋ᠨ ᠬᠠᠮᠲᠤ ᠨᠢᠭᠡᠨ ᠰᠠᠨᠠᠭ᠎ᠠ ᠪᠠᠷ ᠬᠦᠷᠢᠶ᠎ᠡ ᠣᠷᠣᠵᠠᠭ᠎ᠠ ᠭᠡᠵᠦ ᠬᠤᠵᠢᠷᠪᠤᠯᠤᠩ ᠤ᠋ᠨ ᠪᠦᠬᠦ ᠴᠡᠷᠢᠭ ᠰᠤᠮᠤᠨ ᠰᠤᠮᠤᠨ ᠢ᠋ᠶ᠋ᠠᠷ ᠵᠢᠭᠰᠠᠭᠠᠣ᠌ᠠ ᠬᠣᠲᠠ ᠶ᠋ᠢᠨ ᠵᠦᠭ ᠠᠯᠬᠤᠵᠠᠢ᠃
ᠳᠠᠮᠳᠢᠨ ᠲᠡᠷᠢᠭᠦᠨ ᠶᠡᠬᠡᠯ᠎ᠡ(ᠶᠡᠬᠡ ᠯᠡ) ᠰᠠᠨᠳᠤᠷᠴᠤ᠂ ᠱᠲ᠋ᠠᠪ ᠤ᠋ᠨ ᠣᠹᠢᠼᠧᠷ ᠳᠥᠷᠪᠡᠨ ᠠᠢᠮᠠᠭ ᠤ᠋ᠨ ᠲᠥᠯᠥᠭᠡᠨ ᠦ᠌ ᠲᠦᠰᠢᠮᠡᠯ ᠢ᠋ ᠳᠠᠭᠤᠳᠠᠨ ᠢᠷᠡᠭᠦᠯᠵᠦ᠂ ᠲᠡᠳᠡᠨ ᠦ᠌ ᠬᠠᠮᠲᠤ ᠴᠡᠷᠢᠭ ᠦ᠋ᠨ ᠬᠣᠢᠨ᠎ᠠ ᠠ᠋ᠴᠠ ᠳᠠᠪᠬᠢᠵᠤ ᠣᠴᠢᠭᠠᠳ ᠭᠤᠶᠤᠵᠤ ᠥᠭᠦᠯᠡᠷᠦᠨ᠄
— ᠣᠯᠠᠨ ᠴᠡᠷᠢᠭ ᠮᠢᠨᠢ᠂ ᠲᠣᠭᠲᠠᠵᠤ ᠬᠠᠢᠷᠠᠯᠠ! ᠮᠠᠨ ᠢ᠋ ᠪᠡᠨ ᠥᠷᠥᠰᠢᠶᠡᠵᠦ ᠬᠠᠢᠷᠠᠯᠠ! ᠪᠢᠳᠡ ᠰᠠᠢᠨ ᠮᠢᠬ᠎ᠠ ᠣᠯᠵᠤ ᠲᠠ ᠨᠠᠷ ᠲᠤ᠌ ᠰᠠᠢᠬᠠᠨ ᠬᠣᠭᠣᠯᠠ ᠴᠠᠳᠲᠠᠯ᠎ᠠ ᠢᠳᠡᠭᠦᠯᠦᠶ᠎ᠡ᠂ ᠬᠤᠸᠠᠷᠠᠨ ᠳ᠋ᠠᠭᠠᠨ ᠪᠤᠴᠠᠵᠤ ᠬᠠᠢᠷᠠᠯᠠ! ᠣᠯᠠᠨ ᠲᠦᠮᠡᠨ ᠴᠡᠷᠢᠭ ᠦ᠋ᠳ ᠮᠢᠨᠢ! ᠭᠡᠵᠦ ᠭᠤᠶᠤᠪᠠᠰᠤ᠄
— ᠦᠭᠡᠢ᠂ ᠪᠢᠳᠡ ᠬᠦᠷᠬᠦ ᠭᠡᠰᠡᠨ ᠭᠠᠵᠠᠷ ᠲᠠᠭᠠᠨ ᠬᠦᠷᠴᠦ᠂ ᠬᠡᠯᠡᠬᠦ ᠭᠡᠰᠡᠨ ᠦᠭᠡ ᠪᠡᠨ ᠬᠡᠯᠡᠨ᠎ᠡ᠃ ᠨᠥᠬᠥᠳ ᠶᠠᠪᠤᠭᠠᠳ ᠪᠠᠢ! ᠡᠨᠳᠡ ᠴᠠᠭ ᠭᠠᠷᠤᠵᠠᠲᠠᠭᠠᠣ᠌ᠠ ᠶᠠᠭᠠᠬᠢᠬᠤ ᠪᠣᠢ? ᠭᠡᠵᠦ ᠴᠡᠷᠢᠭ ᠦ᠋ᠳ ᠳᠤᠤᠭᠠᠷᠴᠠᠭᠠᠣ᠌ᠠ (ᠳᠤᠤᠭᠠᠷᠴᠠᠭᠠᠭᠠᠳ)᠂ ᠬᠣᠷᠢᠶ᠎ᠠ ᠴᠡᠷᠢᠭ ᠲᠣᠭᠣᠰᠣᠲᠤ ᠵᠠᠮ ᠢ᠋ᠶ᠋ᠠᠷ ᠬᠦᠷᠢᠶᠡᠨ ᠦ᠌ ᠵᠦᠭ ᠠᠯᠬᠤᠯᠠᠨ ᠬᠥᠳᠡᠯᠪᠡ᠃
ᠴᠡᠷᠢᠭ ᠦ᠋ᠨ ᠶᠠᠮᠤᠨ ᠤ᠋ ᠡᠮᠦᠨ᠎ᠡ ᠬᠤᠵᠢᠷᠪᠤᠯᠤᠩ ᠤ᠋ᠨ ᠴᠡᠷᠢᠭ ᠵᠢᠭᠰᠠᠨ ᠬᠦᠷᠴᠦ ᠢᠷᠡᠬᠦ ᠳ᠋ᠦ᠍ ᠲᠦᠰᠢᠮᠡᠳ ᠶᠡᠬᠡᠯ᠎ᠡ ᠰᠣᠴᠢᠨ ᠰᠠᠨᠳᠤᠷᠴᠤ᠂ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ ᠢ᠋ ᠭᠠᠷᠴᠤ ᠢᠷᠡᠬᠦ ᠳ᠋ᠦ᠍ ᠣᠯᠠᠨ ᠴᠡᠷᠢᠭ ᠨᠢᠵᠢᠭᠢᠨᠡᠲᠡᠯ᠎ᠡ ᠬᠠᠰᠬᠢᠷᠤᠯᠳᠤᠵᠤ᠂ ᠳᠠᠯᠠᠢ ᠸᠠᠩ ᠰᠦᠷᠳᠡᠵᠦ ᠶᠡᠬᠡ ᠵᠠᠩ ᠲᠠᠢ ᠬᠡᠪᠯᠡᠬᠦᠨ ᠪᠠᠢᠳᠠᠯ ᠬᠡᠳᠦᠢᠨ ᠠᠯᠠᠭ᠎ᠠ ᠪᠣᠯᠵᠤ ᠴᠢᠷᠠᠢ ᠳ᠋ᠤ᠌ ᠠᠶᠤᠭᠰᠠᠨ ᠬᠤᠯᠴᠠᠢᠬᠰᠠᠨ ᠪᠠᠢᠳᠠᠯ ᠮᠡᠳᠡᠭᠳᠡᠪᠡ᠃
ᠣᠯᠠᠨ ᠴᠡᠷᠢᠭ ᠦ᠋ᠨ ᠵᠢᠭᠰᠠᠭᠠᠯ ᠳᠤᠮᠳᠠ ᠠ᠋ᠴᠠ ᠨᠢᠭᠡ ᠡᠪᠦᠭᠡᠨ ᠴᠡᠷᠢᠭ ᠭᠠᠷᠴᠤ᠂ ᠤᠯᠤᠰ ᠤ᠋ᠨ ᠰᠠᠩ ᠠ᠋ᠴᠠ ᠴᠡᠷᠢᠭ ᠦ᠋ᠨ ᠬᠣᠭᠣᠯᠠ ᠬᠦᠨᠡᠰᠦᠨ ᠳ᠋ᠦ᠍ ᠲᠠᠯᠪᠢᠨ ᠣᠯᠭᠣᠳᠠᠭ ᠮᠥᠩᠭᠥ ᠶ᠋ᠢ ᠵᠠᠪᠰᠠᠷ ᠬᠣᠭᠣᠷᠣᠨᠳᠣ ᠠ᠋ᠴᠠ ᠳᠠᠷᠤᠭ᠎ᠠ ᠲᠦᠰᠢᠮᠡᠳ ᠢᠳᠡᠵᠦ ᠴᠡᠷᠢᠭ ᠦ᠋ᠨ ᠬᠣᠭᠣᠯᠠ ᠮᠠᠰᠢ ᠮᠠᠭᠤ ᠪᠠᠢᠭ᠎ᠠ ᠶ᠋ᠢ ᠲᠣᠳᠣᠷᠬᠠᠢ ᠲᠣᠮᠣᠷᠠᠨ ᠢ᠋ᠶ᠋ᠠᠷ ᠲᠠᠢᠯᠪᠤᠷᠢᠯᠠᠨ ᠬᠡᠯᠡᠪᠡᠯ᠂ ᠰᠠᠢᠳ ᠳᠠᠯᠠᠢ ᠸᠠᠩ᠂ ᠣᠯᠠᠨ ᠴᠡᠷᠢᠭ ᠡᠴᠡ ᠰᠦᠷᠳᠡᠵᠦ ᠨᠢᠳᠦ ᠪᠡᠨ ᠠᠨᠢᠭᠠᠨᠠᠨ᠂ ᠳᠡᠮᠡᠢ ᠯᠡ ᠬᠡ ᠬᠡ ᠬᠡ ᠭᠡᠵᠦ ᠬᠢᠴᠢᠶᠡᠩᠭᠦᠢᠯᠡᠨ ᠰᠣᠨᠣᠰᠴᠤ ᠪᠠᠢᠭ᠎ᠠ ᠠᠩᠬᠠᠷᠤᠯᠲᠠᠢ ᠪᠠᠢᠳᠠᠯ ᠭᠠᠷᠭᠠᠪᠠ᠃
— ᠡᠪᠦᠭᠡᠨ ᠭᠤᠸᠠᠢ ᠵᠥᠪ ᠬᠡᠯᠡᠵᠡᠢ᠃ ᠵᠦᠢ ᠲᠡᠢ! ᠰᠠᠩ ᠤ᠋ᠨ ᠮᠥᠩᠭᠥ ᠢᠳᠡᠵᠦ ᠴᠡᠷᠢᠭ ᠠᠷᠠᠳ ᠢ᠋ ᠬᠣᠬᠢᠷᠠᠭᠤᠯᠳᠠᠭ ᠳᠠᠷᠤᠭ᠎ᠠ ᠵᠠᠬᠢᠷᠤᠯ ᠢ᠋ ᠬᠠᠯᠠᠵᠤ ᠥᠭ! ᠪᠢᠳᠡᠨ ᠲᠡᠢ ᠬᠥᠮᠦᠨ ᠰᠢᠭ ᠬᠠᠷᠢᠯᠴᠠᠬᠤ ᠪᠣᠯᠭᠠᠵᠤ ᠥᠭ! ᠭᠡᠵᠦ ᠣᠯᠠᠨ ᠴᠡᠷᠢᠭ ᠦ᠋ᠨ ᠬᠠᠰᠬᠢᠷᠤᠯᠳᠤᠬᠤ ᠳ᠋ᠤ᠌ ᠰᠠᠨᠳᠤᠷᠤᠭᠰᠠᠨ ᠰᠠᠢᠳ ᠳᠠᠷᠤᠢ ᠵᠥᠪᠰᠢᠶᠡᠷᠡᠨ ᠬᠦᠯᠢᠶᠡᠵᠦ ᠰᠢᠨ᠎ᠡ ᠵᠠᠬᠢᠷᠤᠯ ᠲᠣᠬᠣᠭᠠᠨ ᠲᠣᠮᠢᠯᠠᠵᠤ ᠥᠭᠬᠦ ᠪᠡᠷ ᠠᠮᠠᠯᠠᠵᠤ — ᠣᠳᠣ ᠪᠢ ᠲᠦᠰᠢᠮᠡᠯ ᠶᠠᠪᠤᠭᠤᠯᠵᠤ ᠲᠠ ᠨᠠᠷ ᠲᠤ᠌ ᠰᠠᠢᠨ ᠬᠣᠭᠣᠯᠠ ᠬᠦᠨᠡᠰᠦ ᠨᠡᠢᠯᠡᠭᠦᠯᠵᠦ ᠥᠭᠭᠦᠶ᠎ᠡ᠃ ᠬᠤᠸᠠᠷᠠᠨ ᠳ᠋ᠠᠭᠠᠨ ᠪᠤᠴᠠᠬᠤ ᠠᠵᠢᠶᠠᠮᠤ — ᠪᠢ ᠵᠣᠬᠢᠰ ᠢ᠋ ᠦᠵᠡᠵᠦ ᠠᠷᠭ᠎ᠠ ᠵᠦᠢ ᠶ᠋ᠢ ᠪᠣᠳᠣᠵᠤ ᠦᠵᠡᠶ᠎ᠡ ᠭᠡᠵᠦ ᠠᠯᠠᠭ᠎ᠠ ᠬᠠᠪᠰᠤᠷᠤᠨ ᠮᠡᠬᠦᠢᠵᠦ ᠶᠣᠰᠣᠯᠠᠪᠠ᠃
ᠴᠡᠷᠢᠭ ᠦ᠋ᠳ ᠵᠣᠷᠢᠭᠰᠠᠨ ᠭᠠᠵᠠᠷ ᠲᠠᠭᠠᠨ ᠬᠦᠷᠴᠦ ᠵᠠᠷᠭᠤ ᠪᠠᠨ ᠠᠪᠤᠭᠰᠠᠨ ᠳ᠋ᠠᠭᠠᠨ ᠶᠡᠬᠡᠯ᠎ᠡ ᠪᠠᠶᠠᠷᠲᠠᠢ ᠶᠠᠷᠢᠶ᠎ᠠ ᠬᠥᠷ ᠪᠣᠯᠵᠤ᠂ ᠲᠣᠮᠣ ᠲᠣᠮᠣ ᠪᠠᠷ ᠠᠯᠬᠤᠯᠠᠨ ᠬᠤᠵᠢᠷᠪᠤᠯᠤᠩ ᠳ᠋ᠠᠭᠠᠨ ᠪᠤᠴᠠᠬᠤ ᠵᠠᠮ ᠵᠠᠭᠤᠷ᠎ᠠ᠂ ᠰᠦᠬᠡ ᠶ᠋ᠢᠨ ᠠᠴᠢ ᠪᠠᠷ ᠡᠢᠮᠦ ᠪᠣᠯᠤᠯ᠎ᠠ᠃ ᠡᠰᠡ ᠲᠡᠭᠡᠪᠡᠯ ᠮᠢᠬ᠎ᠠ ᠦᠭᠡᠢ ᠮᠠᠴᠠᠭ ᠪᠠᠷᠢᠵᠤ ᠰᠠᠭᠤᠬᠤ ᠠᠭᠰᠠᠨ᠃ ᠦᠭᠡᠢ ᠪᠣᠯ ᠦᠮᠡᠬᠡᠢ ᠮᠢᠬ᠎ᠠ ᠢᠳᠡᠵᠦ ᠪᠠᠢᠬᠤ ᠠᠭᠰᠠᠨ᠃ ᠣᠳᠣ ᠬᠡᠨ ᠢ᠋ ᠵᠠᠬᠢᠷᠤᠯ ᠪᠣᠯᠭᠠᠳᠠᠭ ᠪᠣᠯ? ᠭᠡᠵᠦ ᠰᠢᠷᠴᠢᠨ ᠦ᠌ ᠰᠣᠨᠢᠷᠬᠠᠨ ᠠᠰᠠᠭᠤᠬᠤ ᠳ᠋ᠤ᠌ ᠨᠥᠬᠥᠳ ᠨᠢ ᠬᠣᠱᠣᠩᠨᠠᠨ᠄
— ᠴᠢᠮᠠᠶ᠋ᠢ᠃
— ᠬᠡ ᠬᠡ ᠬᠡ ᠠ᠋! ᠴᠢ ᠵᠠᠬᠢᠷᠤᠯ ᠪᠣᠯᠤᠭᠠᠳ᠂ ᠰᠢᠷᠴᠢᠨ ᠮᠢᠨᠢ ᠨᠠᠮᠠᠢ ᠪᠠᠨ ᠲᠤᠰᠠᠯᠠᠬᠤ ᠪᠣᠯᠤᠭᠠᠷᠠᠢ᠃
— ᠵᠠ᠂ ᠨᠥᠬᠥᠳ ᠮᠢᠨᠢ ᠳᠠᠭᠤᠤ ᠪᠠᠨ ᠳᠠᠭᠤᠯᠠᠪᠠᠯ ᠶᠠᠭᠠᠬᠢᠨ᠎ᠠ ᠳᠠ?
— ᠬᠦᠯᠢᠶᠡᠵᠦ ᠪᠠᠢ! ᠠᠷᠠᠢ ᠪᠣᠯᠤᠭ᠎ᠠ ᠦᠭᠡᠢ᠂ ᠬᠤᠸᠠᠷᠠᠨ ᠳ᠋ᠠᠭᠠᠨ ᠣᠢᠷᠠᠲᠤᠰᠬᠢᠵᠤ ᠪᠠᠢᠭᠠᠳ ᠳᠠᠮᠳᠢᠨ ᠲᠡᠷᠢᠭᠦᠨ ᠦ᠌ ᠪᠣᠷᠣ ᠵᠢᠷᠦᠬᠡ ᠶ᠋ᠢ ᠳᠣᠯᠭᠢᠯᠠᠵᠤ᠂ ᠪᠣᠭᠣᠨᠢ ᠬᠠᠪᠢᠷᠭ᠎ᠠ ᠶ᠋ᠢ ᠮᠠᠲᠠᠯᠵᠠᠲᠠᠯᠠ ᠳᠠᠭᠤᠯᠠᠭᠠᠳ ᠣᠷᠬᠢᠨ᠎ᠠ ᠳᠠ ᠭᠡᠵᠦ ᠶᠠᠷᠢᠵᠠᠭᠠᠨ ᠶᠠᠪᠤᠪᠠ᠃
ᠬᠤᠵᠢᠷᠪᠤᠯᠤᠩ ᠤ᠋ᠨ ᠬᠤᠸᠠᠷᠠᠨ ᠳ᠋ᠤ᠌ ᠣᠢᠷᠠᠲᠤᠵᠤ ᠢᠷᠡᠭᠡᠳ᠂ ᠲᠡᠷᠡ ᠬᠣᠷᠢᠶ᠎ᠠ ᠴᠡᠷᠢᠭ ᠳᠠᠭᠤᠤ ᠳᠠᠭᠤᠯᠠᠵᠤ ᠵᠠᠷᠭᠤ ᠪᠠᠨ ᠠᠪᠴᠤ ᠳᠡᠢᠯᠦᠭᠰᠡᠨ ᠰᠦᠷ ᠪᠠᠳᠠᠷᠠᠭᠤᠯᠤᠨ ᠪᠤᠴᠠᠵᠤ ᠢᠷᠡᠬᠦ ᠳ᠋ᠦ᠍ᠨᠢ᠂ ᠬᠣᠢᠨ᠎ᠠ ᠠ᠋ᠴᠠ ᠨᠢ ᠤᠳᠠᠯ ᠦᠭᠡᠢ ᠲᠠᠷᠭᠤᠨ ᠦᠬᠡᠷ ᠦ᠋ᠨ ᠮᠢᠬ᠎ᠠ ᠠᠴᠢᠭᠰᠠᠨ ᠲᠡᠷᠭᠡ ᠲᠡᠢ ᠲᠦᠰᠢᠮᠡᠯ ᠢᠷᠡᠵᠦ᠂ ᠰᠠᠢᠳ ᠳᠠᠯᠠᠢ ᠸᠠᠩ ᠤ᠋ᠨ ᠲᠤᠰᠢᠶᠠᠯ ᠢ᠋ᠶ᠋ᠠᠷ ᠳᠠᠮᠳᠢᠨ ᠲᠡᠷᠢᠭᠦᠨ ᠢ᠋ ᠬᠠᠯᠠᠵᠤ ᠣᠷᠣᠨ ᠳ᠋ᠤᠨᠢ ᠭᠠᠯᠰᠠᠩ ᠮᠡᠢᠷᠡᠨ ᠢ᠋ ᠲᠣᠬᠣᠭᠠᠨ ᠲᠠᠯᠪᠢᠭᠰᠠᠨ ᠪᠢᠴᠢᠭ ᠠᠪᠴᠢᠷᠠᠪᠠ᠃
— ᠪᠢ ᠴᠢᠮᠠᠲᠤ ᠮᠠᠨ ᠤ᠋ ᠳᠠᠷᠤᠭ᠎ᠠ ᠨᠠᠷ ᠭᠡᠳᠡᠰᠦᠨ ᠳ᠋ᠡᠭᠡᠨ ᠬᠥᠯ ᠢ᠋ᠶ᠋ᠡᠨ ᠴᠢᠬᠢᠯᠴᠡᠳᠡᠭ ᠭᠡᠵᠦ ᠡᠰᠡ ᠬᠡᠯᠡᠯᠦ᠃ ᠣᠳᠣ ᠬᠠᠷᠠᠬᠤ ᠦᠭᠡᠢ ᠤᠤ? ᠭᠠᠯᠰᠠᠩ ᠮᠡᠢᠷᠡᠨ ᠵᠠᠪᠰᠢᠶᠠᠨ ᠢ᠋ ᠣᠯᠵᠤ ᠡᠨᠡ ᠳᠡᠯᠢᠮ ᠢ᠋ᠶ᠋ᠡᠷ ᠳᠠᠮᠳᠢᠨ ᠲᠡᠷᠢᠭᠦᠨ ᠢ᠋ ᠤᠨᠠᠭᠠᠵᠤ ᠣᠷᠣ ᠶ᠋ᠢ ᠨᠢ ᠡᠵᠡᠯᠡᠵᠡᠢ ᠭᠡᠵᠦ ᠰᠢᠷᠴᠢᠨ ᠳ᠋ᠦ᠍ ᠡᠪᠦᠭᠡᠨ ᠴᠡᠷᠢᠭ ᠥᠭᠦᠯᠡᠷᠦᠨ᠂
— ᠪᠢᠳᠡᠨ ᠢ᠋ ᠬᠦᠷᠢᠶ᠎ᠡ ᠣᠷᠣᠵᠤ ᠶᠠᠪᠤᠬᠤ ᠳ᠋ᠤ᠌ ᠭᠠᠯᠰᠠᠩ ᠮᠡᠢᠷᠡᠨ ᠪᠢᠳᠡᠨ ᠡᠴᠡ ᠬᠣᠯᠠᠭᠤᠷ ᠲᠣᠭᠣᠷᠢᠵᠤ᠂ ᠬᠦᠷᠢᠶ᠎ᠡ ᠣᠷᠣᠭᠠᠳ ᠴᠡᠷᠢᠭ ᠦ᠋ᠨ ᠶᠠᠮᠤᠨ ᠳ᠋ᠤ᠌ ᠣᠴᠢᠵᠤ ᠵᠠᠮ ᠢ᠋ᠶ᠋ᠠᠨ ᠵᠠᠰᠠᠵᠤ ᠪᠠᠢᠭᠰᠠᠨ ᠪᠢᠯᠡ᠃ ᠪᠢ ᠴᠡᠷᠢᠭ ᠦ᠋ᠨ ᠶᠠᠮᠤᠨ ᠤ᠋ ᠮᠣᠷᠢᠨ ᠤ᠋ ᠤᠶᠠᠭᠠᠨ ᠳᠡᠭᠡᠷ᠎ᠡ ᠭᠠᠯᠰᠠᠩ ᠮᠡᠢᠷᠡᠨ ᠦ᠌ ᠮᠣᠷᠢ ᠶ᠋ᠢ ᠲᠠᠨᠢᠭᠰᠠᠨ᠃ ᠭᠠᠯᠰᠠᠩ ᠮᠡᠢᠷᠡᠨ ᠬᠡᠳᠦᠢᠪᠡᠷ ᠳᠠᠮᠳᠢᠨ ᠲᠡᠷᠢᠭᠦᠨ ᠦ᠌ ᠥᠷᠥᠭᠡᠰᠦᠨ ᠪᠥᠭᠡᠷ᠎ᠡ ᠪᠣᠯᠪᠠᠴᠤ᠂ ᠪᠢᠳᠡ ᠵᠠᠷᠭᠤ ᠪᠠᠨ ᠠᠪᠴᠤ ᠳᠡᠢᠯᠦᠭᠰᠡᠨ᠃ ᠴᠢ ᠰᠠᠢᠳ ᠳᠠᠯᠠᠢ ᠸᠠᠩ ᠢ᠋ ᠪᠢᠳᠡᠨ ᠦ᠌ ᠡᠮᠦᠨ᠎ᠡ ᠪᠦᠬᠦᠢᠯᠵᠡᠵᠦ(ᠪᠥᠬᠥᠯᠵᠡᠵᠦ)᠂ ᠭᠡᠳᠡᠰᠦ ᠭᠠᠷᠲᠠᠯ᠎ᠠ ᠬᠣᠭᠣᠯᠠ ᠢᠳᠡᠭᠦᠯᠦᠨ᠎ᠡ᠂ ᠰᠢᠳᠤᠷᠭᠤ ᠦᠭᠡᠢ ᠬᠣᠢᠷᠭᠣ ᠵᠠᠬᠢᠷᠤᠯ ᠳᠠᠷᠤᠭ᠎ᠠ ᠶ᠋ᠢ ᠬᠠᠯᠠᠨ᠎ᠠ ᠭᠡᠵᠦ ᠪᠠᠢᠬᠤ ᠶ᠋ᠢ ᠰᠣᠨᠣᠰᠴᠤ ᠬᠠᠷᠠᠭᠰᠠᠨ ᠰᠢᠦ ᠳᠡ᠃ ᠣᠳᠣ ᠲᠡᠷᠡ ᠬᠡᠯᠡᠭᠰᠡᠨ ᠠᠮᠠᠨ ᠳ᠋ᠠᠭᠠᠨ(ᠳ᠋ᠤ᠌ ᠪᠠᠨ) ᠰᠠᠢᠨ ᠮᠠᠭᠤ ᠴᠤ᠌ ᠪᠣᠯ ᠬᠦᠷᠴᠦ᠂ ᠮᠢᠬ᠎ᠠ ᠶᠠᠪᠤᠭᠤᠯᠵᠤ᠂ ᠳᠠᠮᠳᠢᠨ ᠢ᠋ᠶ᠋ᠠᠨ ᠬᠠᠯᠠᠵᠠᠢ᠃ ᠨᠣᠶᠠᠨ ᠤ᠋ ᠠᠮᠠᠯᠠᠭᠰᠠᠨ ᠶᠠᠭᠤᠮ᠎ᠠ ᠡᠢᠮᠦ ᠲᠦᠷᠭᠡᠨ ᠶᠣᠰᠣᠭᠠᠷ ᠪᠣᠯᠳᠠᠭ ᠢ᠋ ᠪᠢ ᠬᠥᠮᠦᠨ ᠪᠣᠯᠤᠭᠰᠠᠭᠠᠷ ᠰᠠᠢ᠍ᠢ(ᠰᠠᠶᠢ) ᠦᠵᠡᠵᠦ ᠪᠠᠢᠨ᠎ᠠ᠃ ᠶᠠᠭᠠᠬᠢᠭᠠᠳ ᠡᠢᠮᠦ ᠪᠣᠯᠴᠢᠬᠤ(ᠪᠣᠯᠴᠢᠬᠠᠬᠤ) ᠪᠣᠢ? ᠭᠡᠬᠦ ᠳ᠋ᠦ᠍᠂ ᠨᠣᠶᠠᠨ ᠤ᠋ ᠲᠡᠢᠮᠦ ᠲᠦᠷᠭᠡᠨ ᠱᠠᠯᠠᠮᠠᠭᠠᠢ ᠬᠥᠳᠡᠯᠳᠡᠭ ᠨᠢ ᠪᠢᠳᠡ ᠪᠦᠭᠦᠳᠡ ᠶ᠋ᠢ ᠴᠥᠮ ᠢ᠋ᠶ᠋ᠡᠷ ᠢ᠋ᠶ᠋ᠡᠨ ᠦᠭᠡ ᠨᠡᠢᠯᠡᠭᠡᠳ ᠢᠷᠡᠬᠦ ᠳ᠋ᠡᠭᠡᠨ(ᠳ᠋ᠦ᠍ ᠪᠡᠨ) ᠬᠦᠴᠦ ᠲᠡᠢ(ᠬᠦᠴᠦᠲᠡᠢ )ᠪᠣᠯᠭᠠᠵᠤ ᠪᠠᠢᠭ᠎ᠠ ᠠ᠋ᠴᠠ ᠲᠡᠭᠡᠵᠦ ᠪᠠᠢᠭ᠎ᠠ ᠶᠤᠮ ᠰᠢᠦ ᠳᠡ᠃ ᠭᠠᠯᠰᠠᠩ ᠮᠡᠢᠷᠡᠨ ᠰᠠᠢᠨ ᠨᠥᠬᠥᠷ ᠭᠡᠵᠦ ᠰᠦᠢᠳ ᠪᠣᠯᠵᠤ ᠪᠠᠢᠳᠠᠭ ᠳᠠᠮᠳᠢᠨ ᠲᠡᠷᠢᠭᠦᠨ ᠢ᠋ᠶ᠋ᠡᠨ ᠤᠨᠠᠭᠠᠭᠰᠠᠨ ᠰᠢᠭ᠋ ᠣᠨᠳᠣᠣ ᠨᠢᠭᠡ ᠨᠣᠶᠠᠨ ᠡᠨᠡ ᠬᠡᠷᠡᠭ ᠳᠡᠭᠡᠷ᠎ᠡ ᠡᠴᠡ ᠳᠠᠯᠠᠢ ᠸᠠᠩ ᠢ᠋ ᠤᠨᠠᠭᠠᠵᠤ ᠪᠣᠯᠬᠤ ᠲᠤᠯᠠ᠂ ᠲᠡᠭᠡᠵᠦ ᠡᠪ ᠵᠦᠢ ᠶ᠋ᠢ ᠨᠢ ᠲᠦᠷᠭᠡᠨ ᠣᠯᠬᠤ ᠭᠡᠵᠦ ᠰᠠᠢᠳ ᠸᠠᠩ ᠶᠡᠬᠡ ᠭᠠᠪᠰᠢᠭᠠᠢᠯᠠᠵᠠᠢ᠃ ᠮᠠᠨᠠᠢᠬᠢᠨ(ᠮᠠᠨ ᠤ᠋ ᠬᠢᠨ) ᠣᠳᠣ ᠮᠠᠨᠠᠢ(ᠮᠠᠨ ᠤ᠋) ᠬᠤᠰᠢᠭᠤᠨ ᠤ᠋ ᠬᠢᠨ᠂ ᠥᠭᠡᠷ᠎ᠡ ᠬᠤᠰᠢᠭᠤᠨ ᠤ᠋ ᠬᠢᠨ ᠭᠡᠵᠦ ᠶᠠᠷᠢᠬᠤ ᠪᠤᠲᠠᠷᠠᠬᠤ ᠪᠠᠨ ᠪᠠᠢᠵᠤ᠂ ᠡᠪ ᠰᠠᠨᠠᠭ᠎ᠠ ᠨᠢᠭᠡ ᠲᠡᠢ ᠪᠣᠯᠤᠭᠠᠳ ᠢᠷᠡᠬᠦ ᠳ᠋ᠦ᠍ ᠨᠣᠶᠠᠳ ᠴᠤ᠌ ᠪᠢᠳᠡᠨ ᠦ᠌ ᠦᠭᠡ ᠶ᠋ᠢ ᠰᠣᠨᠣᠰᠬᠤ ᠪᠣᠯᠵᠠᠢ᠃ ᠭᠠᠭᠴᠠ ᠭᠠᠭᠴᠠ ᠪᠠᠷ ᠢ᠋ᠶ᠋ᠠᠨ ᠪᠢᠳᠡ ᠶᠠᠭᠤᠮ᠎ᠠ ᠱᠠᠭᠠᠷᠳᠠᠪᠠᠯ ᠪᠢᠳᠡᠨ ᠢ᠋ ᠬᠠᠷ᠎ᠠ ᠶᠠᠰᠤᠲᠤ ᠪᠣᠭᠣᠯ ᠬᠠᠮᠵᠢᠯᠭ᠎ᠠ ᠭᠡᠵᠦ ᠲᠣᠭᠣᠵᠤ ᠶᠠᠷᠢᠬᠤ ᠴᠤ᠌ ᠦᠭᠡᠢ ᠠᠭᠰᠠᠨ᠃ ᠬᠠᠭᠤᠴᠢᠨ ᠤ᠋ ᠤᠯᠤᠰ᠂ ᠡᠪᠲᠦ ᠱᠠᠭᠠᠵᠠᠭᠠᠢ ᠯᠤᠤ ᠪᠠᠭᠤᠯᠭᠠᠳᠠᠭ ᠭᠡᠳᠡᠭ ᠨᠢ ᠦᠨᠡᠨ ᠰᠡᠴᠡᠨ ᠦᠭᠡ ᠰᠢᠦ ᠭᠡᠪᠡ᠃
— — — —
* ᠦᠨᠡᠨ ᠬᠡᠷᠡᠭ᠃
* ᠰᠠᠷᠠᠨ ᠪᠣᠭᠣᠷᠰᠣᠭ ᠢ᠋ ᠬᠢᠲᠠᠳ ᠢ᠋ᠶ᠋ᠠᠷ ᠶᠤᠸᠠᠢ ᠪᠢᠩ ᠭᠡᠳᠡᠭ᠃ ᠲᠡᠭᠦᠨ ᠢ᠋ ᠰᠤᠨᠵᠤᠷᠠᠭᠤᠯᠤᠨ ᠶᠧᠪᠡᠩ ᠭᠡᠳᠡᠭ᠃
* ᠦᠨᠡᠨ ᠬᠡᠷᠡᠭ
ᠦᠰᠦᠭ ᠠᠮᠢᠯᠠᠭᠤᠯᠤᠭᠴᠢ᠄ ᠲᠠᠪᠤᠨ ᠤᠰᠤ᠂ ᠤᠢᠭᠤᠷᠵᠢᠨ· ᠣᠳᠬᠣᠨᠪᠠᠪᠠ᠂ ᠬᠡᠷᠡᠢᠳ· ᠵᠣᠯ᠂ ᠣᠶᠤᠨᠪᠢᠯᠢᠭ᠌᠂
ᠮᠧᠢ ᠬᠤᠸᠠ᠂ ᠪᠠᠳᠮᠠᠰᠡᠴᠡᠨ᠂ ᠴᠡᠩᠬᠡᠯᠴᠡᠴᠡᠭ᠂ ᠮᠥᠩᠭᠦᠡᠭᠣᠸᠠ
ᠬᠢᠨᠠᠭᠴᠢ᠄ ᠤᠢᠭᠤᠷᠵᠢᠨ· ᠣᠳᠬᠣᠨᠪᠠᠪᠠ᠂ ᠣᠳᠬᠣᠨᠴᠡᠴᠡᠭ᠂ ᠬᠡᠷᠡᠢᠳ᠂ ᠵᠣᠯ᠂ ᠣᠶᠤᠨᠪᠠᠲᠤ᠂ ᠪᠠᠯ
ᠤᠩᠰᠢᠭᠴᠢ᠄ ᠨᠠᠰᠤᠨ᠌ᠦ᠌ᠯᠵᠡᠢ
