ᠮᠠᠭᠲᠠᠭᠠᠯ ᠳ᠋ᠤ᠌ ᠳᠤᠷᠠᠲᠠᠢ ᠮᠡᠯᠡᠬᠡᠢМагтаалд дуртай мэлхий ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠭᠲᠠᠭᠠᠯ ᠳ᠋ᠤ᠌ ᠳᠤᠷᠠᠲᠠᠢ ᠮᠡᠯᠡᠬᠡᠢМагтаалд дуртай мэлхий

ᠮᠠᠭᠲᠠᠭᠠᠯ ᠳ᠋ᠤ᠌ ᠳᠤᠷᠠᠲᠠᠢ ᠮᠡᠯᠡᠬᠡᠢМагтаалд дуртай мэлхий

ᠠᠩᠭᠢᠯᠠᠯ:ᠳᠣᠮᠣᠭ ᠦᠯᠢᠭᠡᠷ
2023-11-21

788

ᠮᠠᠭᠲᠠᠭᠠᠯ ᠳ᠋ᠤ᠌ ᠳᠤᠷᠠᠲᠠᠢ ᠮᠡᠯᠡᠬᠡᠢ

    ᠡᠷᠲᠡ ᠤᠷᠢᠳᠤ ᠶ᠋ᠢᠨ ᠴᠠᠭ ᠲᠤ ᠨᠠᠭᠤᠷ ᠤ᠋ᠨ ᠬᠥᠪᠡᠭᠡᠨ ᠳ᠋ᠦ᠍ ᠬᠣᠶᠠᠷ ᠭᠠᠯᠠᠭᠤ ᠠᠮᠠᠷᠠᠵᠤ ᠪᠠᠢᠭᠰᠠᠨ ᠴᠢᠨᠢ ᠨᠢᠭᠡ ᠮᠡᠯᠡᠬᠡᠢ ᠢᠷᠡᠭᠡᠳ 《ᠲᠠ ᠬᠣᠶᠠᠷ ᠨᠠᠮ᠎ᠠ ᠶ᠋ᠢ ᠳᠤᠯᠠᠭᠠᠨ ᠭᠠᠵᠠᠷ ᠬᠦᠷᠭᠡᠭᠡᠳ ᠥᠭᠭᠦᠭᠡᠴᠢ!》 ᠭᠡᠵᠦ ᠶᠡᠬᠡ ᠯᠡ ᠦᠷᠦ ᠡᠪᠡᠳᠦᠯ ᠲᠡᠢ ᠭᠤᠶᠤᠵᠤ ᠭᠡᠨ᠎ᠡ᠃
    ᠮᠡᠯᠡᠬᠡᠢ ᠨᠢᠰᠴᠦ ᠴᠢᠳᠠᠬᠤ ᠦᠭᠡᠢ ᠤᠴᠢᠷ ᠠ᠋ᠴᠠ ᠬᠣᠶᠠᠷ ᠭᠠᠯᠠᠭᠤ ᠨᠢᠭᠡ ᠨᠠᠷᠢᠬᠠᠨ ᠮᠣᠳᠣ ᠣᠯᠤᠭᠠᠳ ᠮᠡᠯᠡᠬᠡᠢ ᠶ᠋ᠢ ᠳᠤᠮᠳᠠ ᠠ᠋ᠴᠠ ᠨᠢ ᠵᠠᠭᠤᠯᠭᠠᠭᠠᠳ ᠬᠣᠶᠠᠭᠤᠯᠠ ᠪᠠᠨ ᠬᠣᠶᠠᠷ ᠦᠵᠦᠭᠦᠷ ᠡᠴᠡ ᠨᠢ ᠵᠠᠭᠤᠭᠠᠳ ᠨᠢᠰᠴᠦ ᠶᠠᠪᠤᠵᠠᠢ᠃
ᠲᠡᠷᠡ ᠭᠤᠷᠪᠠ ᠶ᠋ᠢᠨ ᠶᠠᠪᠤᠵᠤ ᠪᠠᠢᠬᠤ ᠶ᠋ᠢ ᠳᠣᠣᠷ᠎ᠠ ᠠ᠋ᠴᠠ ᠨᠢ ᠬᠠᠷᠠᠭᠰᠠᠨ ᠤᠯᠤᠰ ᠤ᠋ᠳ ᠪᠦᠷ ᠭᠠᠢᠬᠠᠭᠠᠳ ᠡᠨᠡ ᠶᠡᠬᠡ ᠮᠡᠷᠭᠡᠨ ᠠᠮᠢᠲᠠᠳ ᠪᠠᠢᠨ᠎ᠠ ᠳᠠ ᠡᠨᠡ ᠰᠠᠢᠬᠠᠨ ᠠᠷᠭ᠎ᠠ ᠶ᠋ᠢ ᠴᠣᠬᠣᠮ ᠬᠡᠨ ᠨᠢ ᠪᠣᠳᠣᠵᠤ ᠣᠯᠤᠭᠰᠠᠨ ᠶᠤᠮ ᠪᠣᠯ ᠠ᠋᠂ ᠮᠡᠯᠡᠬᠡᠢ ᠶᠦᠮ ᠪᠣᠯ ᠤᠤ᠂ ᠡᠰᠡᠬᠦᠯ᠎ᠡ ᠡᠨᠡ ᠬᠣᠶᠠᠷ ᠭᠠᠯᠠᠭᠤ ᠶᠤᠮ ᠤᠤ ᠭᠡᠵᠦ ᠬᠡᠯᠡᠯᠴᠡᠭᠡᠵᠦ ᠭᠡᠨ᠎ᠡ ᠳᠡ᠃
ᠮᠡᠯᠡᠬᠡᠢ ᠪᠢ ᠪᠣᠳᠣᠵᠤ ᠣᠯᠤᠭᠰᠠᠨ ᠠ᠋ ᠭᠡᠵᠦ ᠬᠡᠯᠡᠬᠦ ᠭᠡᠳ《 ᠪᠢ ᠁ 》 ᠭᠡᠳ ᠠᠮᠠ ᠪᠠᠨ ᠠᠩᠭᠠᠢᠲᠠᠯ᠎ᠠ ᠵᠠᠭᠤᠭᠰᠠᠨ ᠮᠣᠳᠣ ᠪᠠᠨ ᠠᠯᠳᠠᠵᠤ ᠭᠠᠵᠠᠷ ᠲᠤ ᠤᠨᠤᠭᠠᠳ ᠦᠬᠦᠵᠦ ᠭᠡᠨ᠎ᠡ᠃

   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ