ᠲᠠᠬᠢᠶ᠎ᠠ ᠦᠷ ᠢ᠋ᠶ᠋ᠡᠷ ᠳᠣᠣᠭᠤᠷᠳᠠᠭ ᠪᠣᠯᠤᠭᠰᠠᠨ ᠤ᠋ ᠤᠴᠢᠷТахиа өрөөр доогуурдаг болсны очир
ᠲᠠᠬᠢᠶ᠎ᠠ ᠦᠷ ᠢ᠋ᠶ᠋ᠡᠷ ᠳᠣᠣᠭᠤᠷᠳᠠᠭ ᠪᠣᠯᠤᠭᠰᠠᠨ ᠤ᠋ ᠤᠴᠢᠷ
ᠡᠷᠲᠡ ᠤᠷᠢᠳᠤ ᠶ᠋ᠢᠨ ᠴᠠᠭ ᠲᠤ ᠲᠠᠬᠢᠶ᠎ᠠ ᠶᠣᠰᠣᠲᠠᠢ ᠯᠠ ᠨᠢᠭᠡ ᠮᠣᠷᠢᠲᠠᠢ ᠬᠥᠮᠦᠨ ᠪᠠᠭᠤᠵᠤ ᠬᠠᠷᠠᠮᠠᠷ᠂ ᠶᠠᠪᠤᠭᠠᠨ ᠬᠥᠮᠦᠨ ᠵᠣᠭᠰᠣᠵᠤ ᠬᠠᠷᠠᠮᠠᠷ ᠤᠷᠲᠤ ᠰᠠᠢᠬᠠᠨ ᠰᠡᠭᠦᠯ ᠲᠡᠢ ᠪᠠᠢᠵᠤ ᠭᠡᠨ᠎ᠡ᠃
ᠲᠣᠭᠣᠰ ᠲᠡᠭᠦᠨ ᠳ᠋ᠦ᠍ ᠨᠢ ᠶᠡᠬᠡ ᠯᠡ ᠠᠲᠠᠭᠠᠷᠬᠠᠳᠠᠭ ᠭᠡᠨ᠎ᠡ᠃ ᠲᠡᠭᠡᠭᠡᠳ ᠨᠢᠭᠡ ᠡᠳᠦᠷ ᠲᠠᠬᠢᠶᠠᠨ ᠤ᠋ ᠰᠠᠢᠬᠠᠨ ᠰᠡᠭᠦᠯ ᠢ᠋ ᠨᠢ ᠮᠡᠬᠡᠯᠡᠵᠦ ᠠᠪᠬᠤ ᠠᠷᠭ᠎ᠠ ᠪᠣᠳᠣᠭᠰᠠᠭᠠᠷ ᠪᠠᠢᠭᠠᠳ ᠪᠣᠳᠣᠵᠤ ᠣᠯᠵᠠᠢ᠃
ᠲᠡᠭᠡᠭᠡᠳ ᠲᠣᠭᠣᠰ᠄《ᠵᠠ᠂ ᠲᠠᠬᠢᠶ᠎ᠠ ᠨᠠᠢᠵᠠ ᠮᠢᠨᠢ! ᠪᠢ ᠴᠢᠨᠦ ᠭᠣᠶᠣ ᠰᠡᠭᠦᠯ ᠢ᠋ᠶ᠋ᠡᠷ ᠴᠢᠨᠢ ᠭᠣᠶᠣᠯᠠᠭᠠᠳ ᠦᠳᠡᠰᠢ ᠶ᠋ᠢᠨ ᠴᠡᠩᠭᠡᠭᠦᠨ ᠳ᠋ᠦ᠍ ᠣᠴᠢᠭᠠᠳ ᠢᠷᠡᠶ᠎ᠡ᠂ ᠥᠷᠯᠥᠭᠡ ᠡᠷᠲᠡ ᠠᠮᠢᠳᠠ ᠪᠣᠰᠬᠤ ᠠ᠋ᠴᠠ ᠡᠮᠦᠨ᠎ᠡ ᠯᠠᠪᠲᠠᠢ ᠠᠪᠴᠢᠷᠠᠭᠠᠳ ᠥᠭᠴᠢᠬᠡᠨᠡ ᠭᠡᠳ ᠭᠤᠶᠤᠭᠠᠳ ᠪᠠᠢᠬᠤ ᠪᠠᠷ ᠨᠢ ᠲᠠᠬᠢᠶ᠎ᠠ ᠰᠡᠭᠦᠯ ᠢ᠋ᠶ᠋ᠡᠨ ᠥᠭᠭᠦᠭᠡᠳ ᠶᠠᠪᠤᠭᠤᠯᠴᠢᠬᠠᠵᠠᠢ᠃
ᠲᠡᠭᠡᠭᠡᠳ ᠲᠠᠬᠢᠶ᠎ᠠ ᠬᠡᠴᠢᠨᠡᠨ ᠤᠳᠠᠭᠠᠨ ᠬᠦᠯᠢᠶᠡᠭᠰᠡᠨ ᠴᠦ᠍ ᠭᠡᠰᠡᠨ ᠲᠣᠭᠣᠰ ᠰᠡᠭᠦᠯ ᠢ᠋ ᠨᠢ ᠠᠪᠴᠢᠷᠠᠵᠤ ᠦᠭᠭᠦᠭᠰᠡᠨ ᠦᠭᠡᠢ ᠭᠡᠨ᠎ᠡ᠃ ᠲᠡᠭᠦᠨ ᠡᠴᠡ ᠬᠣᠢᠰᠢ ᠲᠠᠬᠢᠶ᠎ᠠ ᠥᠷᠯᠥᠭᠡ ᠪᠣᠯᠭᠠᠨ ᠲᠣᠭᠣᠰ ᠢ᠋ ᠰᠡᠭᠦᠯ ᠢ᠋ ᠮᠢᠨᠢ ᠠᠪᠴᠢᠷᠠᠵᠤ ᠥᠭ ᠭᠡᠵᠦ ᠦᠷ ᠢ᠋ᠶ᠋ᠡᠷ ᠳᠤᠤᠭᠠᠷᠳᠠᠭ ᠪᠣᠯᠤᠭᠰᠠᠨ ᠭᠡᠨ᠎ᠡ᠃
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠬᠢᠨᠠᠭᠴᠢ ᠪᠠᠭᠰᠢ᠄ ᠢᠷᠡᠭᠡᠳᠦᠢ
