ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠨᠢᠭᠡ) Сэрүүхэн тал нутаг–<свис> Вальтер Босгард (Walter Bosshard)- Дөрөвдүгээр бөлөг 1
ᠠᠩᠭᠢᠯᠠᠯ:ᠲᠤᠭᠤᠵᠢ ᠷᠣᠮᠠᠨТоож роман 2024-07-31
336
ᠳᠥᠷᠪᠡᠳᠦᠭᠡᠷ ᠪᠦᠯᠦᠭ – ᠨᠠᠢ᠍ᠮᠠ ᠶ᠋ᠢᠨ ᠠᠭᠤᠯᠠᠨ ᠳ᠋ᠤ᠌ ᠵᠤᠰᠠᠭᠰᠠᠨ ᠮᠢᠨᠢ ᠨᠢᠭᠡ ᠂ ᠵᠤᠨ ᠤ᠋ ᠰᠠᠭᠠᠳ ᠲᠠᠢ ᠠᠶᠠᠯᠠᠯ 1936 ᠣᠨ ᠤ᠋ ᠵᠤᠨ ᠣᠢᠷᠠᠳᠪᠠ᠃ ᠪᠡᠭᠡᠵᠢᠩ ᠳ᠋ᠦ᠍ ᠪᠠᠢᠭ᠎ᠠ ᠨᠡᠢᠵᠠᠳ ᠮᠠᠨᠢ ᠬᠠᠯᠠᠭᠤᠨ ᠵᠤᠨ ᠢ᠋ ᠬᠡᠷᠬᠢᠨ ᠥᠩᠭᠡᠷᠡᠭᠦᠯᠬᠦ ᠲᠤᠬᠠᠢ ᠪᠣᠳᠣᠵᠤ ᠪᠣᠯᠪᠠᠰᠤᠷᠠᠭᠤᠯᠵᠠᠭᠠᠨᠠ᠃ ᠮᠢᠨᠦ ᠵᠣᠷᠢᠭᠰᠠᠨ ᠭᠠᠵᠠᠷ ᠭᠡᠬᠦ ᠳ᠋ᠦ᠍ ᠪᠠᠰᠠ ᠯᠠ ᠮᠣᠩᠭᠣᠯ ᠪᠠᠢᠯ᠎ᠠ᠃ ᠮᠢᠨᠦ ᠣᠳᠣ ᠪᠣᠯᠲᠠᠯᠠᠬᠢ ᠮᠣᠩᠭ...