ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠲᠠᠪᠤ) Сэрүүхэн тал нутаг–<свис> Вальтер Босгард (Walter Bosshard)- Гуравдугаар бөлөг᠂Гуравдэх аялал 5
ᠲᠠᠪᠤ ᠂ ᠰᠸᠸᠳ᠋ᠸᠨ ᠦ᠌ ᠪᠤᠶᠠᠨᠲᠤ ᠦᠢᠯᠡᠰ
ᠯᠠᠷᠰᠤᠨ ᠬᠦᠩ ᠪᠣᠯᠤᠨ ᠱᠠᠰᠢᠨ ᠰᠤᠷᠲᠠᠯᠴᠢᠯᠠᠭᠴᠢ ᠨᠠᠷ ᠮᠣᠩᠭᠣᠯ ᠳ᠋ᠤ᠌ ᠪᠣᠯᠤᠭᠰᠠᠨ ᠬᠡᠴᠡᠭᠦᠦ ᠵᠤᠳ ᠢ᠋ ᠦᠵᠡᠭᠡᠳ ᠤᠤᠭᠠᠯ ᠨᠤᠲᠤᠭ ᠰᠸᠸᠳ᠋ᠸᠨ ᠡᠴᠡ ᠲᠤᠰᠠᠯᠠᠮᠵᠢ ᠭᠤᠶᠤᠬᠤ ᠪᠠᠷ ᠴᠠᠬᠢᠯᠭᠠᠨ ᠢᠯᠡᠭᠡᠪᠡ᠃
ᠰᠸᠸᠨ ᠾᠸᠳᠢᠨ᠂ ᠾᠸᠩᠨᠢᠩ ᠬᠠᠰᠯᠦ᠋ᠨᠳ᠋ ᠵᠢᠴᠢ ᠣᠯᠠᠨ ᠨᠠᠢᠵᠠ ᠨᠢ ᠮᠣᠩᠭᠣᠯᠴᠤᠳ ᠤ᠋ᠨ ᠬᠡᠴᠡᠭᠦᠦ ᠭᠠᠮᠰᠢᠭ ᠤ᠋ᠨ ᠲᠤᠬᠠᠢ ᠮᠡᠳᠡᠭᠡᠯᠡᠨ ᠨᠡᠢᠲᠡᠯᠡᠵᠦ ᠲᠤᠰᠠᠯᠠᠮᠵᠢ ᠳ᠋ᠤ᠌ ᠤᠷᠢᠶᠠᠯᠠᠭᠰᠠᠨ ᠢ᠋ᠶ᠋ᠠᠷ ᠣᠬᠣᠷᠬᠠᠨ ᠬᠤᠭᠤᠴᠠᠭᠠᠨ ᠤ᠋ ᠳᠣᠲᠣᠷ᠎ᠠ ᠲᠦᠮᠡ ᠰᠢᠬᠠᠮ ᠺᠷᠣᠨ᠋ᠸ ᠬᠠᠨᠳᠢᠪ ᠴᠤᠭᠯᠠᠷᠠᠵᠠᠢ᠃ ᠯᠠᠷᠰᠤᠨ ᠪᠣᠯᠤᠨ ᠡᠸᠷᠢᠺᠰᠣᠨ ᠬᠣᠶᠠᠷ ᠡᠳᠡᠭᠡᠷ ᠮᠥᠩᠭᠥ ᠶ᠋ᠢ ᠬᠤᠪᠢᠶᠠᠬᠤ ᠠᠵᠢᠯ ᠢ᠋ ᠡᠭᠦᠷᠭᠡᠯᠡᠨ ᠠᠪᠴᠤ᠂ ᠦᠨᠡᠨ ᠶᠠᠳᠠᠭᠤ ᠵᠦᠳᠡᠭᠦᠦ ᠬᠥᠮᠦᠰ ᠦ᠋ᠨ ᠭᠠᠷ ᠲᠤ᠌ ᠡᠳᠡᠭᠡᠷ ᠬᠠᠨᠳᠢᠪ ᠢ᠋ ᠬᠦᠷᠭᠡᠬᠦ ᠶ᠋ᠢᠨ ᠲᠥᠯᠥᠭᠡ ᠶᠠᠳᠠᠷᠠᠯ ᠵᠦᠳᠡᠷᠡᠯ ᠢ᠋ ᠦᠯᠦ ᠬᠠᠢᠬᠣᠷᠠᠨ ᠠᠵᠢᠯᠯᠠᠵᠤ ᠡᠬᠢᠯᠡᠪᠡ᠃
ᠠᠩᠬᠠᠨ ᠤ᠋ ᠡᠭᠦᠷᠭᠡ ᠪᠣᠯ ᠠᠯᠢ ᠬᠡᠰᠡᠭ ᠣᠷᠣᠨ ᠨᠢ ᠬᠠᠮᠤᠭ ᠤ᠋ᠨ ᠬᠡᠴᠡᠭᠦᠦ ᠭᠠᠮᠰᠢᠭ ᠲᠤ᠌ ᠳᠠᠭᠠᠷᠢᠭᠳᠠᠭᠰᠠᠨ ᠢ᠋ ᠲᠣᠳᠣᠷᠬᠠᠢᠯᠠᠬᠤ ᠶᠠᠪᠤᠳᠠᠯ ᠪᠣᠯᠤᠨ᠎ᠠ᠃ ᠡᠭᠦᠨ ᠤ ᠲᠤᠯᠠᠳᠠ ᠡᠸᠷᠢᠺᠰᠤᠨ ᠣᠯᠠᠨ ᠬᠣᠨᠣᠭ ᠤ᠋ᠨ ᠲᠤᠷᠰᠢ ᠠᠶᠠᠯᠠᠵᠤ᠂ ᠨᠣᠶᠠᠳ ᠲᠦᠰᠢᠮᠡᠳ ᠲᠡᠢ ᠠᠭᠤᠯᠵᠠᠨ ᠲᠡᠳᠡᠨ ᠦ᠌ ᠥᠭᠭᠦᠭᠰᠡᠨ ᠨᠡᠷᠡᠰ ᠦ᠋ᠨ ᠵᠢᠭᠰᠠᠭᠠᠯ ᠢ᠋ ᠠᠪᠴᠤ᠂ ᠮᠥᠨ ᠥᠪᠡᠷ ᠦ᠋ᠨ ᠪᠡᠶ᠎ᠡ ᠪᠡᠷ ᠢ᠋ᠶ᠋ᠡᠨ ᠲᠤᠬᠠᠢ ᠶ᠋ᠢᠨ ᠭᠠᠵᠠᠷ ᠲᠤᠨᠢ ᠣᠴᠢᠵᠤ ᠦᠨᠡᠨ ᠡᠰᠡᠬᠦ ᠶ᠋ᠢ ᠪᠠᠢᠴᠠᠭᠠᠨ ᠰᠢᠯᠭᠠᠬᠤ ᠪᠠᠷ ᠪᠣᠯᠪᠠ᠃ ᠡᠭᠦᠨ ᠳ᠋ᠦ᠍ ᠨᠡᠯᠢᠶᠡᠳ ᠮᠣᠩᠭᠣᠯᠴᠤᠳ ᠲᠡᠭᠦᠨ ᠦ᠌ ᠦᠨ᠎ᠡ ᠥᠷᠲᠡᠭ ᠦᠭᠡᠢ ᠪᠡᠷ ᠪᠡᠯᠡᠭᠯᠡᠨ ᠥᠭᠭᠦᠨ᠎ᠡ ᠭᠡᠵᠦ ᠪᠠᠢᠭ᠎ᠠ ᠶ᠋ᠢ ᠥᠪᠡᠷ ᠦ᠋ᠨ ᠳᠤᠷ᠎ᠠ ᠦᠭᠡᠢ ᠶᠠᠮᠠᠷ ᠨᠢᠭᠡᠨ ᠡᠭᠦᠷᠭᠡ ᠬᠠᠷᠢᠭᠤᠴᠠᠯᠭ᠎ᠠ ᠲᠠᠢ ᠬᠣᠯᠪᠣᠨ ᠴᠢᠷᠦᠭᠳᠡᠭᠦᠯᠬᠦ ᠡᠴᠡ ᠠᠶᠤᠵᠠᠭᠠᠵᠤ᠂ ᠡᠸᠷᠢᠺᠰᠤᠨ ᠤ᠋ ᠠᠵᠢᠯ ᠢ᠋ ᠣᠢᠯᠠᠭᠠᠵᠤ ᠥᠭᠬᠦ ᠦᠭᠡᠢ ᠪᠠᠢᠯ᠎ᠠ᠃
ᠡᠸᠷᠢᠺᠰᠤᠨ ᠢ᠋ ᠠᠵᠢᠯ ᠳ᠋ᠠᠭᠠᠨ ᠶᠠᠪᠤᠭᠰᠠᠨ ᠤ᠋ ᠳᠠᠷᠠᠭ᠎ᠠ ᠪᠠᠷ ᠯᠠᠷᠰᠤᠨ ᠬᠦᠩ ᠵᠠᠭᠤ ᠰᠢᠬᠠᠮ ᠲᠤᠭᠤᠯ ᠲᠠᠢ ᠦᠨᠢᠶ᠎ᠡ ᠬᠤᠳᠠᠯᠳᠤᠨ ᠠᠪᠤᠭᠠᠳ᠂ ᠶᠡᠬᠡ ᠵᠤᠳ ᠤ᠋ᠨ ᠳᠠᠷᠠᠭᠠᠬᠢ ᠮᠠᠯᠴᠢᠳ ᠤ᠋ᠨ ᠠᠮᠢᠳᠤᠷᠠᠯᠭ᠎ᠠ ᠳ᠋ᠤ᠌ ᠴᠢᠬᠤᠯᠠ ᠪᠦᠬᠦᠢ ᠳᠡᠮᠵᠢᠯᠭᠡ ᠦᠵᠡᠭᠦᠯᠬᠦ ᠳ᠋ᠦ᠍ ᠪᠡᠯᠡᠬᠡᠨ ᠪᠣᠯᠭᠠᠪᠠ᠃
ᠬᠣᠢᠲᠤ ᠬᠡᠰᠡᠭ ᠪᠠ ᠪᠠᠷᠠᠭᠤᠨ ᠬᠡᠰᠡᠭ ᠦ᠋ᠨ ᠵᠤᠳ ᠨᠢ ᠡᠸᠷᠢᠺᠰᠤᠨ ᠤ᠋ ᠪᠣᠳᠣᠭᠰᠠᠨ ᠠ᠋ᠴᠠ ᠬᠣᠯᠠ ᠨᠣᠴᠢᠲᠠᠢ ᠪᠠᠢᠵᠤ᠂ ᠲᠡᠨᠳᠡ ᠠᠮᠢᠳᠤᠷᠠᠵᠤ ᠪᠠᠢᠬᠤ ᠬᠡᠳᠦᠨ ᠵᠠᠭᠤᠨ ᠡᠷᠦᠬᠡ ᠵᠥᠪᠬᠡᠨ ᠡᠪᠡᠰᠦ᠂ ᠡᠪᠡᠰᠦᠨ ᠦ᠌ ᠦᠨᠳᠦᠰᠦ ᠪᠣᠯᠤᠨ ᠥᠭᠡᠷ᠎ᠡ ᠪᠤᠰᠤᠳ ᠤ᠋ᠨ ᠳᠡᠮᠵᠢᠯᠭᠡ ᠪᠡᠷ ᠠᠮᠢ ᠵᠠᠯᠭᠠᠵᠤ ᠪᠠᠢᠪᠠ᠃ ᠲᠡᠭᠦᠨ ᠦ᠌ ᠬᠡᠯᠡᠬᠦ ᠪᠡᠷ ᠬᠡᠳᠦᠨ ᠠᠷᠪᠠᠨ ᠭᠠᠵᠠᠷ ᠤ᠋ᠨ ᠲᠤᠷᠰᠢ ᠭᠠᠭᠴᠠ ᠬᠣᠨᠢ᠂ ᠥᠷᠥᠭᠡᠰᠦᠨ ᠲᠤᠭᠤᠯ ᠤ᠋ᠨ ᠪᠠᠷ᠎ᠠ ᠴᠦ᠍ ᠬᠠᠷᠠᠭᠳᠠᠬᠤ ᠦᠭᠡᠢ ᠠᠵᠢ᠃ ᠲᠤᠰᠠᠯᠠᠮᠵᠢ ᠳ᠋ᠤ᠌ ᠢᠷᠡᠭᠰᠡᠨ ᠮᠥᠩᠭᠥ ᠪᠡᠷ ᠵᠣᠪᠠᠯᠠᠩ ᠳ᠋ᠤ᠌ ᠤᠴᠠᠷᠠᠭᠰᠠᠨ ᠠᠢᠯ ᠪᠣᠯᠭᠠᠨ ᠳ᠋ᠤ᠌ ᠨᠢᠭᠡ ᠲᠤᠭᠤᠯ ᠲᠠᠢ ᠦᠨᠢᠶ᠎ᠡ ᠪᠡᠯᠡᠭᠯᠡᠨ ᠥᠭᠴᠦ ᠳᠡᠢᠯᠬᠦ ᠦᠭᠡᠢ ᠲᠤᠯᠠ ᠡᠨᠡ ᠬᠣᠶᠠᠷ ᠰᠸᠸᠳ᠋ᠸᠨ ᠶᠠᠮᠠᠷ ᠠᠷᠭ᠎ᠠ ᠪᠠᠷ ᠬᠠᠮᠤᠭ ᠤ᠋ᠨ ᠰᠠᠢᠨ ᠬᠤᠪᠢᠶᠠᠷᠢᠯᠠᠯᠲᠠ ᠬᠢᠬᠦ ᠲᠤᠬᠠᠢ ᠤᠳᠠᠭᠠᠨ ᠵᠥᠪᠳᠡᠯᠴᠡᠪᠡ᠃
ᠡᠸᠷᠢᠺᠰᠤᠨ ᠤ᠋ ᠰᠠᠨᠠᠯ ᠢ᠋ᠶ᠋ᠠᠷ ᠪᠣᠯ ᠪᠡᠯᠡᠨ ᠮᠥᠩᠭᠥ ᠶ᠋ᠢ ᠬᠤᠪᠢᠶᠠᠨ ᠥᠭᠴᠦ᠂ ᠮᠠᠯᠴᠢᠳ ᠢ᠋ᠶ᠋ᠠᠷ ᠥᠪᠡᠷᠰᠡᠳ ᠲᠦ᠍ ᠨᠢ ᠬᠡᠷᠡᠭ ᠲᠡᠢ ᠵᠦᠢᠯᠡᠰ ᠢ᠋ ᠨᠢ ᠬᠤᠳᠠᠯᠳᠤᠨ ᠠᠪᠤᠭᠤᠯᠤᠨ᠎ᠠ ᠃ ᠭᠡᠬᠦ ᠳ᠋ᠦ᠍ ᠯᠠᠷᠰᠤᠨ ᠬᠦᠩ ᠡᠨᠡ ᠰᠠᠨᠠᠯ ᠢ᠋ ᠭᠦᠢᠴᠡᠳ ᠵᠥᠪᠰᠢᠶᠡᠷᠡᠭᠡ ᠦᠭᠡᠢ᠃ ᠲᠡᠷᠡ ᠬᠢᠲᠠᠳ ᠬᠤᠳᠠᠯᠳᠤᠭᠠᠴᠢᠳ ᠶᠠᠭᠤᠮ᠎ᠠ ᠮᠡᠳᠡᠬᠦ ᠦᠭᠡᠢ ᠮᠠᠯᠴᠢᠳ ᠢ᠋ ᠮᠡᠬᠡᠯᠡᠨ ᠮᠥᠯᠵᠢᠬᠦ ᠡᠴᠡ ᠠᠶᠤᠵᠤ᠂ ᠬᠠᠮᠤᠭ ᠤ᠋ᠨ ᠰᠠᠢᠨ ᠨᠢ ᠴᠠᠢ᠂ ᠭᠤᠯᠢᠷ᠂ ᠪᠥᠰ ᠭᠡᠬᠦ ᠮᠡᠲᠦ ᠪᠡᠷ ᠬᠤᠪᠢᠶᠠᠭᠰᠠᠨ ᠨᠢ ᠳᠡᠭᠡᠷ᠎ᠡ ᠭᠡᠵᠦ ᠦᠵᠡᠪᠡ᠃ ᠡᠢᠮᠦ ᠨᠢᠭᠡᠨ ᠲᠤᠰᠠᠯᠠᠮᠵᠢ ᠶ᠋ᠢᠨ ᠲᠥᠯᠥᠪᠯᠡᠭᠡ ᠶᠠᠪᠤᠭᠳᠠᠭᠤᠯᠬᠤ ᠳ᠋ᠤ᠌ ᠦᠨᠡᠬᠡᠷ ᠲᠡᠢᠮᠦ ᠬᠢᠯᠪᠠᠷᠬᠠᠨ ᠪᠢᠰᠢ ᠠᠵᠢ᠃
ᠬᠤᠳᠠᠯᠳᠤᠨ ᠠᠪᠤᠭᠰᠠᠨ ᠲᠤᠭᠤᠯ ᠲᠠᠢ ᠦᠨᠢᠶ᠎ᠡ ᠪᠡᠨ ᠳᠥᠷᠪᠡᠨ ᠪᠦᠯᠦᠭ ᠠᠩᠭᠢᠯᠠᠵᠤ᠂ ᠬᠡᠰᠡᠭ ᠪᠣᠯᠭᠠᠨ ᠳ᠋ᠤ᠌ ᠬᠣᠷᠢ ᠠ᠋ᠴᠠ ᠬᠣᠷᠢᠨ ᠲᠠᠪᠤᠨ ᠦᠨᠢᠶ᠎ᠡ ᠨᠣᠭᠳᠠᠪᠠ᠃ ᠯᠠᠷᠰᠤᠨ ᠬᠦᠩ ᠦ᠋ᠨ ᠠᠮᠢᠳᠤᠷᠠᠵᠤ ᠪᠠᠢᠭ᠎ᠠ ᠴᠠᠭᠠᠨ ᠬᠦᠷᠢᠶᠡᠨ ᠦ᠌ ᠰᠦᠮ᠎ᠡ ᠶ᠋ᠢᠨ ᠪᠠᠢᠭ᠎ᠠ ᠰᠤᠮᠤ ᠨᠤᠭᠤᠳ ᠲᠤ᠌ ᠠᠩᠬᠠᠨ ᠤ᠋ ᠪᠦᠯᠦᠭ ᠦᠨᠢᠶ᠎ᠡ ᠶ᠋ᠢ ᠰᠤᠮᠤ ᠪᠠᠭ ᠤ᠋ᠨ ᠨᠣᠶᠠᠳ ᠢ᠋ᠶ᠋ᠠᠷ ᠳᠠᠮᠵᠢᠭᠤᠯᠤᠨ ᠶᠠᠳᠠᠭᠤ ᠠᠢᠯ ᠳ᠋ᠤ᠌ ᠬᠤᠪᠢᠶᠠᠨ ᠥᠭᠴᠦ ᠡᠬᠢᠯᠡᠪᠡ᠃ ᠭᠡᠬᠦ ᠳ᠋ᠦ᠍ ᠲᠥᠪ ᠭᠣᠣᠯᠴᠢ ᠪᠠᠷ ᠬᠤᠪᠢᠶᠠᠷᠢᠯᠠᠬᠤ ᠬᠡᠷᠡᠭᠲᠡᠢ ᠭᠡᠰᠡᠨ ᠴᠢᠩᠭ᠎ᠠ ᠰᠠᠨᠠᠭᠤᠯᠭ᠎ᠠ ᠶ᠋ᠢ ᠣᠢᠰᠢᠶᠠᠯ ᠦᠭᠡᠢ ᠪᠡᠷ ᠰᠤᠮᠤ ᠪᠠᠭ ᠤ᠋ᠨ ᠶᠡᠬᠡ ᠪᠠᠭ᠎ᠠ ᠨᠣᠶᠠᠳ ᠳᠠᠮ ᠳᠠᠮ ᠢ᠋ᠶ᠋ᠠᠷ ᠰᠠᠢᠨ ᠦᠨᠢᠶ᠎ᠡ ᠶ᠋ᠢ ᠨᠢ ᠥᠪᠡᠷ ᠲᠡᠭᠡᠨ ᠦᠯᠡᠳᠡᠭᠡᠨ ᠠᠪᠴᠤ᠂ ᠠᠬᠢᠭᠠᠳ ᠥᠪᠡᠷ ᠦ᠋ᠨ ᠰᠦ ᠮᠠᠭᠤᠲᠠᠢ ᠦᠨᠢᠶ᠎ᠡ ᠪᠡᠨ ᠣᠷᠣᠨ ᠳ᠋ᠤᠨᠢ ᠬᠤᠪᠢᠶᠠᠷᠢᠯᠠᠯ ᠳ᠋ᠤ᠌ ᠶᠠᠪᠤᠭᠤᠯᠵᠤ ᠪᠠᠢᠬᠤ ᠴᠤᠤᠷᠬᠠᠯ ᠤᠳᠠᠯ ᠦᠭᠡᠢ ᠳᠡᠭᠳᠡᠵᠡᠢ᠃
ᠡᠨᠡ ᠶᠠᠪᠤᠳᠠᠯ ᠠ᠋ᠴᠠ ᠰᠤᠷᠭᠠᠮᠵᠢ ᠬᠦᠷᠲᠡᠵᠦ᠂ ᠡᠸᠷᠢᠺᠰᠤᠨ ᠥᠪᠡᠷ ᠦ᠋ᠨ ᠪᠡᠶ᠎ᠡ ᠪᠡᠷ ᠢ᠋ᠶ᠋ᠡᠨ ᠬᠥᠮᠦᠨ ᠳ᠋ᠦ᠍ᠨᠢ ᠣᠯᠭᠣᠬᠤ ᠠᠵᠢᠯ ᠳ᠋ᠤ᠌ ᠣᠷᠣᠯᠴᠠᠪᠠ᠃ ᠢᠩᠭᠢᠭᠡᠳ ᠪᠠᠷᠠᠭᠤᠨ ᠳᠥᠷᠪᠡᠳ ᠲᠦ᠍ ᠬᠦᠷᠴᠦ ᠬᠤᠪᠢᠶᠠᠷᠢᠯᠠᠬᠤ ᠪᠠᠷ ᠪᠣᠯᠪᠠ᠃ ᠲᠡᠨᠳᠡ ᠬᠤᠪᠢᠶᠠᠬᠤ ᠬᠣᠷᠢᠨ ᠲᠤᠭᠤᠯ ᠲᠠᠢ ᠦᠨᠢᠶ᠎ᠡ ᠶ᠋ᠢ ᠬᠣᠶᠠᠷ ᠭᠠᠷᠠᠭ ᠤ᠋ᠨ ᠡᠮᠦᠨ᠎ᠡ ᠠᠳᠠ ᠠ᠋ᠴᠠ ᠲᠠᠭᠤᠵᠤ ᠬᠥᠳᠡᠯᠦᠭᠰᠡᠨ ᠶᠦᠮ᠃
ᠪᠢ ᠱᠠᠰᠢᠨ ᠰᠤᠷᠲᠠᠯᠴᠢᠯᠠᠭᠴᠢ ᠶ᠋ᠢ ᠳᠠᠭᠠᠵᠤ ᠶᠠᠪᠤᠬᠤ ᠪᠠᠷ ᠪᠣᠯᠪᠠ᠃ ᠨᠠᠢ᠍ᠮᠠᠳᠤᠭᠠᠷ ᠰᠠᠷ᠎ᠠ ᠶ᠋ᠢᠨ ᠠᠷᠪᠠᠨ ᠲᠠᠪᠤᠨ ᠳ᠋ᠤ᠌ ᠮᠥᠷᠭᠥᠭᠴᠢ ᠶ᠋ᠢᠨ ᠰᠦᠮ᠎ᠡ ᠶ᠋ᠢᠨ ᠬᠠᠵᠠᠭᠤ ᠳ᠋ᠠᠬᠢ ᠮᠥᠷᠭᠥᠭᠴᠢ ᠭᠡᠳᠡᠭ ᠠᠢᠯ ᠳ᠋ᠤ᠌ ᠨᠣᠶᠠᠳ ᠲᠦᠰᠢᠮᠡᠳ ᠵᠢᠴᠢ ᠶᠠᠳᠠᠭᠤ ᠵᠦᠳᠡᠭᠦᠦ ᠮᠠᠯᠴᠢᠳ ᠴᠤᠭᠯᠠᠷᠠᠬᠤ ᠪᠠᠷ ᠪᠣᠯᠤᠭᠰᠠᠨ ᠠᠵᠢ᠃
ᠲᠡᠷᠡ ᠭᠠᠵᠠᠷ ᠲᠤ᠌ ᠬᠦᠷᠬᠦ ᠳ᠋ᠦ᠍ ᠲᠤᠩ ᠠᠮᠠᠷᠬᠠᠨ ᠭᠡᠳᠡᠭ ᠪᠣᠯᠪᠠᠴᠤ ᠡᠸᠷᠢᠺᠰᠤᠨ ᠶᠡᠷᠦ ᠡᠴᠡ ᠲᠡᠨᠳᠡ ᠬᠦᠷᠴᠦ ᠪᠠᠢᠭ᠎ᠠ ᠦᠭᠡᠢ᠃ ᠬᠥᠳᠡᠭᠡ ᠲᠠᠯ᠎ᠠ ᠳ᠋ᠤ᠌ ᠠᠮᠢᠵᠢᠷᠠᠯ ᠤ᠋ᠨ ᠬᠦᠴᠦᠨ ᠴᠢᠩᠭ᠎ᠠ ᠡᠪᠡᠰᠦ ᠤᠷᠭᠤᠮᠠᠯ ᠠᠳᠠ ᠲᠡᠨᠳᠡ ᠴᠤᠬᠤᠢᠨ ᠣᠷᠭᠣᠭᠠᠳ᠂ ᠲᠡᠭᠦᠨ ᠦ᠌ ᠳᠤᠮᠳᠠ ᠨᠢ ᠰᠢᠷᠦᠭᠦᠨ ᠰᠠᠯᠬᠢᠨ ᠳ᠋ᠤ᠌ ᠲᠠᠭᠤᠭᠳᠠᠵᠤ ᠶᠠᠪᠤᠭ᠎ᠠ ᠦᠭᠡᠢ ᠬᠠᠢᠷᠬᠠᠭ ᠡᠯᠡᠰᠦ ᠲᠣᠭᠲᠠᠵᠠᠢ᠃ ᠡᠨᠡ ᠬᠦ᠌ ᠭᠠᠩ ᠬᠠᠭᠤᠷᠠᠢ ᠲᠠᠯ᠎ᠠ ᠨᠤᠲᠤᠭ ᠤ᠋ᠨ ᠳᠤᠮᠳᠠ ᠡᠷᠳᠡᠨᠢ ᠪᠣᠯᠵᠤ ᠰᠢᠭᠢᠳᠬᠡᠭᠳᠡᠭᠰᠡᠨ ᠨᠢ ᠮᠥᠷᠭᠥᠭᠴᠢ ᠶ᠋ᠢᠨ ᠰᠦᠮ᠎ᠡ ᠪᠠᠢᠪᠠ᠃ ᠰᠦᠮ᠎ᠡ ᠶ᠋ᠢᠨ ᠬᠡᠷᠡᠮ ᠢ᠋ᠶ᠋ᠡᠨ ᠴᠠᠪ ᠴᠠᠭᠠᠨ ᠥᠩᠭᠡ ᠪᠡᠷ ᠵᠢᠴᠢ ᠲᠥᠪᠡᠳ ᠮᠠᠶᠢᠭ ᠤ᠋ᠨ ᠴᠣᠩᠬᠣ ᠪᠠᠨ ᠭᠦᠨ ᠤᠯᠠᠭᠠᠨ ᠢ᠋ᠶ᠋ᠠᠷ ᠰᠢᠨᠡᠬᠡᠨ ᠪᠣᠳᠣᠵᠠᠢ᠃ ᠠᠷᠪᠠᠨ ᠬᠣᠶᠠᠷ ᠭᠡᠷ ᠢ᠋ᠶ᠋ᠡᠷ ᠪᠦᠷᠢᠯᠳᠦᠭᠰᠡᠨ ᠡᠨᠡ ᠬᠣᠲᠠ ᠨᠢ ᠥᠷᠭᠡᠨ ᠲᠠᠯ᠎ᠠ ᠶ᠋ᠢᠨ ᠬᠣᠢᠲᠤ ᠬᠥᠪᠡᠭᠡᠨ ᠳ᠋ᠦ᠍ ᠪᠠᠢᠷᠢᠯᠠᠵᠠᠢ᠃ ᠲᠡᠨᠳᠡ ᠡᠨᠡ ᠬᠡᠰᠡᠭ ᠢ᠋ ᠬᠠᠮᠢᠶᠠᠷᠤᠭᠴᠢ ᠮᠡᠢᠷᠡᠨ ᠵᠠᠩᠭᠢ ᠲᠦᠳᠦᠪ᠂ ᠳᠣᠣᠷᠠᠬᠢ ᠬᠥᠮᠦᠰ ᠵᠢᠴᠢ ᠠᠮᠢᠳᠤᠷᠠᠯ ᠳ᠋ᠠᠭᠠᠨ ᠵᠤᠳᠠᠷᠠᠵᠤ ᠶᠠᠪᠤᠭ᠎ᠠ ᠶᠠᠳᠠᠭᠤ ᠮᠠᠯᠴᠢᠳ ᠢ᠋ᠶ᠋ᠠᠨ ᠳᠠᠭᠠᠭᠤᠯᠵᠤ᠂ ᠡᠸᠷᠢᠺᠰᠤᠨ ᠢ᠋ ᠸᠠᠩ ᠨᠣᠶᠠᠨ ᠮᠡᠲᠦ ᠬᠦᠨᠳᠦᠲᠡᠢ ᠪᠡᠷ ᠲᠣᠰᠴᠤ ᠠᠪᠤᠯ᠎ᠠ᠃ ᠲᠦᠳᠦᠪ ᠳᠣᠷᠣᠭᠰᠢ ᠪᠠᠨ ᠭᠦᠨ᠎ᠡ ᠪᠥᠬᠥᠢᠨ ᠶᠣᠰᠣᠯᠠᠬᠤ ᠳ᠋ᠤ᠌ ᠪᠤᠰᠤᠳ ᠨᠢ ᠴᠦ᠍ ᠳᠠᠭᠠᠯᠳᠤᠨ ᠡᠨᠡ ᠶᠣᠰᠣ ᠶ᠋ᠢ ᠬᠢᠭᠡᠳ ᠡᠨᠡ ᠬᠦ᠌ ᠬᠦᠨᠳᠦᠲᠡᠢ ᠥᠭᠯᠢᠭᠡ ᠶ᠋ᠢᠨ ᠡᠵᠡᠨ ᠢ᠋ᠶ᠋ᠡᠨ ᠲᠣᠭᠣᠷᠢᠨ ᠵᠣᠭᠰᠣᠯ᠎ᠠ᠃
– ᠠᠮᠤᠷᠬᠠᠨ ᠰᠠᠢᠨ! ᠭᠡᠵᠦ ᠲᠠᠯ᠎ᠠ ᠪᠣᠯᠭᠠᠨ ᠠ᠋ᠴᠠ ᠲᠡᠭᠦᠨ ᠤᠷᠤᠭᠤ ᠮᠡᠨᠳᠦᠴᠢᠯᠡᠬᠦ ᠳ᠋ᠦ᠍ ᠡᠸᠷᠢᠺᠰᠤᠨ ᠬᠠᠷᠢᠭᠤ ᠳ᠋ᠤᠨᠢ :
– ᠰᠠᠢᠨ ᠰᠠᠢᠨ᠂ ᠲᠠ ᠨᠠᠷ ᠰᠠᠢᠨ ᠪᠢᠵᠡ ? ᠭᠡᠵᠦ ᠬᠠᠷᠢᠭᠤ ᠮᠡᠨᠳᠦᠯᠡᠵᠦ ᠪᠠᠢᠪᠠ᠃
– ᠰᠠᠢᠨ ᠰᠠᠢᠨ ᠭᠡᠵᠦ ᠮᠣᠩᠭᠣᠯᠴᠤᠳ ᠬᠠᠷᠢᠭᠤᠯᠵᠠᠭᠠᠬᠤ ᠪᠥᠭᠡᠳ ᠡᠨᠡ ᠨᠢ ᠮᠣᠩᠭᠣᠯᠴᠤᠳ ᠤ᠋ᠨ ᠠᠯᠢ ᠡᠷᠲᠡᠨ ᠡᠴᠡ ᠤᠯᠠᠮᠵᠢᠯᠠᠭᠳᠠᠨ ᠢᠷᠡᠭᠰᠡᠨ ᠶᠣᠰᠣ ᠵᠠᠩᠰᠢᠯ – ᠢᠷᠡᠭᠰᠡᠨ ᠵᠣᠴᠢᠳ ᠢ᠋ᠶ᠋ᠠᠨ ᠤᠭᠲᠤᠬᠤ ᠳ᠋ᠤ᠌ ᠮᠠᠭᠤ ᠴᠢᠮᠡᠭᠡ ᠶᠠᠷᠢᠬᠤ ᠶ᠋ᠢ ᠴᠡᠭᠡᠷᠯᠡᠳᠡᠭ ᠳᠠᠳᠬᠠᠯ ᠠᠵᠢ᠃ ᠪᠢᠳᠡᠨ ᠢ᠋ ᠭᠡᠷ ᠲᠦ᠍ ᠣᠷᠣᠵᠤ ᠴᠠᠢᠯᠠᠬᠤ ᠵᠠᠭᠤᠷ᠎ᠠ ᠲᠡᠳᠡ ᠴᠠᠭᠠᠨ ᠵᠤᠳ ᠤ᠋ᠨ ᠬᠡᠴᠡᠭᠦᠦ ᠪᠠᠢᠳᠠᠯ ᠤ᠋ᠨ ᠢ᠋ᠶ᠋ᠠᠨ ᠲᠤᠬᠠᠢ ᠶᠠᠷᠢᠵᠠᠭᠠᠵᠤ ᠪᠠᠢᠪᠠ᠃ ᠵᠠᠷᠢᠮ ᠬᠥᠮᠦᠰ ᠨᠢ ᠡᠸᠷᠢᠺᠰᠤᠨ ᠡᠮᠴᠢ ᠶ᠋ᠢᠨ ᠥᠭᠯᠢᠭᠡ ᠳᠡᠮᠵᠢᠯᠭᠡ ᠥᠭᠬᠦ ᠶ᠋ᠢ ᠰᠣᠨᠣᠰᠤᠭᠠᠳ᠂ ᠲᠠᠪᠤ ᠪᠤᠶᠤ ᠵᠢᠷᠭᠤᠭ᠎ᠠ᠂ ᠴᠢᠨᠠᠭᠰᠢᠯᠠᠭᠠᠳ ᠳᠣᠯᠣᠭ᠎ᠠ ᠬᠣᠨᠣᠭ ᠶᠠᠪᠠᠭᠠᠨ ᠶᠠᠪᠤᠵᠤ ᠪᠠᠢᠮᠠᠨᠵᠢᠨ ᠠᠳᠠ ᠬᠦᠷᠴᠦ ᠢᠷᠡᠭᠰᠡᠨ ᠠᠵᠢ᠃ ᠪᠣᠢᠳᠠ ᠪᠥᠭᠯᠡᠭᠦᠦ ᠬᠣᠯᠠ ᠭᠠᠵᠠᠷ ᠠ᠋ᠴᠠ ᠴᠤ᠌ ᠭᠡᠰᠡᠨ ᠥᠪᠡᠷ ᠦ᠋ᠨ ᠢ᠋ᠶ᠋ᠡᠨ ᠲᠥᠯᠥᠭᠡᠯᠡᠭᠴᠢ ᠶ᠋ᠢ ᠲᠣᠮᠢᠯᠠᠨ ᠢᠷᠡᠭᠦᠯᠦᠭᠰᠡᠨ ᠪᠠᠢᠪᠠ᠃
– ᠮᠠᠨ ᠤ᠋ ᠲᠡᠨᠳᠡ ᠬᠠᠮᠤᠭ ᠤ᠋ᠨ ᠪᠠᠶᠠᠨ ᠠᠢᠯ ᠨᠢ ᠵᠢᠯ ᠦ᠋ᠨ ᠡᠮᠦᠨ᠎ᠡ ᠬᠣᠶᠠᠷ ᠮᠢᠩᠭᠠᠨ ᠬᠣᠨᠢ᠂ ᠳᠠᠯᠠᠨ ᠦᠨᠢᠶ᠎ᠡ ᠲᠡᠢ ᠪᠠᠢᠭᠰᠠᠨ ᠪᠣᠯ ᠲᠡᠭᠦᠨ ᠡᠴᠡ ᠬᠣᠶᠠᠷᠬᠠᠨ ᠦᠨᠢᠶ᠎ᠡ᠂ ᠬᠣᠶᠠᠷ ᠵᠠᠭᠤᠭᠠᠳ ᠬᠣᠨᠢ ᠨᠢ ᠯᠡ ᠵᠤᠳ ᠢ᠋ ᠲᠤᠭᠤᠯᠵᠤ ᠴᠢᠳᠠᠪᠠ᠃ ᠮᠥᠨ ᠲᠡᠭᠡᠭᠡᠳ ᠡᠨᠡ ᠦᠯᠡᠳᠡᠭᠰᠡᠨ ᠮᠠᠯ ᠨᠢ ᠴᠦ᠍ ᠮᠠᠭᠤᠳᠠᠵᠤ ᠭᠦᠢᠴᠡᠭᠡᠳ᠂ ᠭᠠᠭᠴᠠᠬᠠᠨ ᠲᠥᠯ ᠴᠦ᠍ ᠲᠣᠰᠴᠤ ᠳᠡᠢᠯᠦᠭᠡ ᠦᠭᠡᠢ᠃ ᠬᠡᠳᠦᠢ ᠬᠡᠴᠡᠭᠦᠦ ᠭᠡᠳᠡᠭ ᠢ᠋ ᠪᠣᠳᠣᠵᠤ ᠦᠵᠡᠭᠡᠴᠢ ᠳᠡ ! ᠭᠡᠵᠦ ᠳᠥᠷᠪᠡᠳ ᠦ᠋ᠨ ᠬᠣᠢᠲᠤ ᠬᠡᠰᠡᠭ ᠡᠴᠡ ᠢᠷᠡᠭᠰᠡᠨ ᠲᠦᠰᠢᠮᠡᠯ ᠶᠠᠷᠢᠵᠤ ᠪᠠᠢᠯ᠎ᠠ᠃
ᠡᠸᠷᠢᠺᠰᠤᠨ ᠰᠣᠨᠣᠰᠴᠤ ᠪᠠᠷᠠᠭᠠᠳ ᠥᠪᠡᠷ ᠦ᠋ᠨ ᠠᠵᠢᠯ ᠢ᠋ᠶ᠋ᠠᠨ ᠡᠬᠢᠯᠡᠭᠦᠯᠦᠯ᠎ᠡ᠃ ᠲᠦᠳᠦᠪ ᠶᠠᠳᠠᠭᠤ ᠮᠠᠯᠴᠢᠳ ᠤ᠋ᠨ ᠶᠡᠬᠡ ᠤᠷᠲᠤ ᠨᠡᠷᠡᠰ ᠦ᠋ᠨ ᠵᠢᠭᠰᠠᠭᠠᠯ ᠬᠢᠵᠦ ᠭᠠᠷᠭᠠᠭᠠᠳ ᠲᠡᠳᠡᠨ ᠦ᠌ ᠠᠢᠯ ᠪᠦᠷᠢ ᠶ᠋ᠢᠨ ᠲᠤᠬᠠᠢ ᠨᠠᠷᠢᠨ ᠲᠡᠮᠳᠡᠭᠯᠡᠭᠰᠡᠨ ᠪᠠᠢᠪᠠ᠃ ᠲᠥᠪ ᠭᠣᠣᠯᠴᠢ᠂ ᠵᠦᠢ ᠵᠣᠬᠢᠰᠲᠠᠢ ᠰᠠᠢᠬᠠᠨ ᠬᠤᠪᠢᠶᠠᠨ᠎ᠠ ᠭᠡᠳᠡᠭ ᠴᠦ᠍ ᠦᠨᠡᠬᠡᠷ ᠰᠠᠢᠨ ᠪᠣᠳᠣᠵᠤ ᠲᠣᠭᠠᠴᠠᠬᠤ ᠠᠵᠢᠯ ᠪᠠᠢᠯ᠎ᠠ᠃ ᠵᠢᠷᠠᠨ ᠲᠠᠪᠤᠨ ᠠᠢᠯ᠂ ᠨᠡᠢᠲᠡ ᠵᠠᠭᠤ ᠵᠢᠷᠠ ᠶᠢᠰᠦᠨ ᠬᠥᠮᠦᠨ ᠳ᠋ᠦ᠍ ᠬᠣᠷᠢᠨ ᠲᠤᠭᠤᠯ ᠲᠠᠢ ᠦᠨᠢᠶ᠎ᠡ ᠂ ᠬᠣᠶᠠᠷ ᠵᠠᠭᠤᠨ ᠮᠥᠩᠭᠥᠨ ᠲᠥᠭᠥᠷᠢᠭ ᠬᠤᠪᠢᠶᠠᠬᠤ ᠪᠣᠯᠤᠨ᠎ᠠ᠃ ᠬᠣᠷᠢᠨ ᠦᠨᠢᠶ᠎ᠡ ᠪᠡᠨ ᠶᠠᠭᠠᠬᠢᠵᠤ ᠡᠢᠮᠦ ᠨᠢᠭᠡ ᠨᠢᠭᠡᠨ ᠡᠴᠡ ᠪᠡᠨ ᠬᠣᠯᠠ ᠰᠠᠭᠤᠷᠢᠰᠢᠵᠤ ᠪᠠᠢᠭ᠎ᠠ ᠮᠥᠷᠲᠡᠭᠡᠨ ᠦᠨᠢᠶᠡᠨ ᠦ᠌ ᠲᠣᠭᠠᠨ ᠠ᠋ᠴᠠ ᠭᠤᠷᠪᠠ ᠳᠠᠬᠢᠨ ᠢᠯᠡᠭᠦᠦ ᠠᠢᠯ ᠳ᠋ᠤ᠌ ᠬᠤᠪᠢᠶᠠᠵᠤ ᠥᠭᠳᠡᠭ ᠪᠢᠯᠡ ? ᠡᠸᠷᠢᠺᠰᠤᠨ ᠣᠢᠷ᠎ᠠ ᠵᠠᠭᠤᠷ᠎ᠠ ᠶ᠋ᠢᠨ ᠰᠠᠢᠨ ᠬᠠᠷᠢᠴᠠᠭ᠎ᠠ ᠲᠠᠢ ᠠᠢᠯ ᠤ᠋ᠳ ᠢ᠋ ᠨᠡᠢᠯᠡᠭᠦᠯᠵᠦ ᠨᠢᠭᠡ ᠪᠠᠭ ᠪᠣᠯᠭᠠᠭᠠᠳ᠂ ᠲᠡᠳᠡᠨ ᠦ᠌ ᠲᠦᠷᠦᠭᠦᠦ ᠨᠠᠷ ᠲᠤᠨᠢ ᠦᠨᠢᠶ᠎ᠡ ᠶ᠋ᠢ ᠬᠤᠳᠠᠯᠳᠤᠬᠤ ᠪᠤᠶᠤ ᠠᠯᠠᠵᠤ ᠪᠣᠯᠤᠨ᠎ᠠ ᠭᠡᠮᠡᠨ ᠵᠥᠪᠰᠢᠶᠡᠷᠡᠪᠡ᠃ ᠡᠭᠦᠨ ᠦ᠌ ᠳᠡᠭᠡᠷ᠎ᠡ ᠠᠢᠯ ᠤ᠋ᠨ ᠡᠵᠡᠨ ᠪᠦᠷᠢ ᠳ᠋ᠦ᠍ ᠨᠢᠭᠡ ᠨᠢᠭᠡ ᠮᠥᠩᠭᠥᠨ ᠲᠥᠭᠥᠷᠢᠭ ᠭᠠᠷᠳᠠᠭᠤᠯᠵᠤ᠂ ᠬᠡᠷᠡᠭᠴᠡᠭᠡ ᠪᠦᠬᠦᠢ ᠵᠦᠢᠯᠡᠰ ᠢ᠋ᠶ᠋ᠡᠨ ᠥᠪᠡᠷᠰᠡᠳ ᠢ᠋ᠶ᠋ᠡᠨ ᠬᠤᠳᠠᠯᠳᠤᠨ ᠠᠪ ᠭᠡᠪᠡ᠃ ᠲᠦᠳᠦᠪ᠂ ᠡᠸᠷᠢᠺᠰᠤᠨ ᠬᠣᠶᠠᠭᠤᠯᠠ ᠬᠠᠮᠤᠭ ᠠ᠋ᠴᠠ ᠵᠦᠢ ᠵᠣᠬᠢᠰᠲᠠᠢ ᠬᠤᠪᠢᠶᠠᠬᠤ ᠶ᠋ᠢᠨ ᠲᠤᠯᠠᠳᠠ ᠪᠦᠲᠦᠨ ᠦᠳᠡ ᠶ᠋ᠢᠨ ᠬᠣᠢᠨ᠎ᠠ ᠴᠢᠷᠮᠠᠢᠨ ᠠᠵᠢᠯᠯᠠᠵᠤ ᠪᠢᠯᠡ᠃ ᠲᠡᠳᠡᠨ ᠢ᠋ ᠭᠡᠷ ᠲᠦ᠍ ᠰᠠᠭᠤᠵᠤ ᠰᠢᠨ᠎ᠡ ᠪᠡᠷ ᠬᠤᠪᠢᠶᠠᠬᠤ ᠨᠡᠷᠡᠰ ᠦ᠋ᠨ ᠵᠢᠭᠰᠠᠭᠠᠯ ᠭᠠᠷᠭᠠᠵᠤ ᠪᠠᠢᠭ᠎ᠠ ᠬᠣᠭᠣᠷᠣᠨᠳᠣ ᠭᠠᠳᠠᠨ᠎ᠠ ᠪᠠᠢᠭ᠎ᠠ ᠡᠷᠡᠴᠦᠦᠯ ᠪᠦᠰᠡᠭᠦᠢᠴᠦᠦᠯ ᠢ᠋ ᠪᠢ ᠠᠵᠢᠭᠯᠠᠪᠠ᠃ ᠲᠡᠳᠡ ᠬᠦᠰᠡᠯ ᠳᠦᠭᠦᠷᠦᠭᠰᠡᠨ ᠬᠠᠷᠠᠴᠠ ᠲᠠᠢ ᠭᠡᠷ ᠦ᠋ᠨ ᠡᠭᠦᠳᠡ ᠪᠣᠯᠤᠨ ᠬᠠᠶᠠᠭ᠎ᠠ ᠶ᠋ᠢ ᠲᠣᠭᠣᠷᠢᠨ ᠵᠦᠳᠡᠷᠡᠭᠰᠡᠨ᠂ ᠪᠠᠴᠢᠮᠳᠠᠭᠰᠠᠨ ᠴᠢᠷᠠᠢ ᠲᠠᠢ ᠰᠠᠭᠤᠵᠠᠭᠠᠭᠠᠳ ᠬᠠᠶᠠ ᠨᠢᠭᠡ ᠨᠢᠭᠡᠨ ᠲᠡᠢ ᠪᠡᠨ ᠰᠢᠪᠡᠨᠡᠯᠳᠦᠨ ᠶᠠᠷᠢᠯᠴᠠᠵᠠᠭᠠᠵᠤ ᠪᠠᠢᠪᠠ᠃ ᠰᠸᠧᠳᠧᠨ ᠭᠡᠬᠦ ᠡᠨᠡ ᠬᠦ᠌ ᠪᠤᠶᠠᠨᠲᠤ ᠦᠢᠯᠡᠰ ᠢ᠋ ᠵᠣᠬᠢᠶᠠᠨ ᠪᠠᠢᠭᠤᠯᠤᠭᠰᠠᠨ ᠥᠭᠯᠢᠭᠡ ᠶ᠋ᠢᠨ ᠡᠵᠡᠨ ᠤᠯᠤᠰ ᠢ᠋ ᠮᠡᠳᠡᠬᠦ ᠬᠥᠮᠦᠨ ᠡᠳᠡᠨ ᠦ᠌ ᠳᠣᠲᠣᠷ᠎ᠠ ᠨᠢᠭᠡ ᠴᠦ᠍ ᠦᠭᠡᠢ ᠶ᠋ᠢ ᠪᠠᠢᠲᠤᠭᠠᠢ ᠪᠡᠭᠡᠵᠢᠩ ᠬᠣᠲᠠ ᠳ᠋ᠤ᠌ ᠬᠦᠷᠴᠦ ᠥᠩᠭᠡᠷᠡᠭᠰᠡᠨ ᠬᠥᠮᠦᠨ ᠴᠦ᠍ ᠠᠯᠠᠭ᠎ᠠ ᠠᠵᠢ᠃ ᠤᠷᠢᠳᠤ ᠡᠷᠲᠡ ᠳ᠋ᠡᠭᠡᠨ ᠲᠡᠳᠡ ᠴᠢᠭᠤᠯᠤᠯᠲᠤ ᠬᠠᠭᠠᠯᠭ᠎ᠠ ᠪᠤᠶᠤ ᠶᠡᠬᠡ ᠬᠦᠷᠢᠶ᠎ᠡ ᠳ᠋ᠦ᠍ ᠬᠦᠷᠴᠦ ᠪᠠᠢᠭᠰᠠᠨ ᠪᠣᠯ ᠬᠣᠯᠠ ᠶᠠᠪᠤᠵᠤ ᠭᠠᠵᠠᠷ ᠦᠵᠡᠭᠰᠡᠨ ᠬᠥᠮᠦᠨ ᠳ᠋ᠡᠭᠡᠨ ᠲᠣᠭᠠᠴᠠᠭᠳᠠᠳᠠᠭ ᠶᠤᠮᠰᠠᠨ᠃
– ᠲᠡᠢᠨ ᠳᠠᠵᠢᠨ ᠪᠣᠯᠤᠨ᠎ᠠ ᠭᠡᠵᠦ ᠪᠠᠢᠭ᠎ᠠ ᠨᠢ ᠦᠨᠡᠨ ᠤᠤ ? ᠭᠡᠵᠦ ᠨᠢᠭᠡ ᠨᠢ ᠪᠤᠰᠤᠳ ᠠ᠋ᠴᠠ ᠪᠠᠨ ᠠᠰᠠᠭᠤᠪᠠ᠃ ᠡᠨᠡ ᠬᠦ᠌ ᠤᠯᠤᠰ ᠲᠥᠷᠥ ᠶ᠋ᠢᠨ ᠡᠰᠡᠷᠭᠦᠴᠡᠯᠳᠦᠯ ᠦ᠋ᠨ ᠪᠠᠢᠳᠠᠯ ᠨᠢ ᠡᠢᠮᠦ ᠴᠥᠭᠡᠬᠡᠨ ᠬᠥᠮᠦᠨ ᠲᠡᠢ ᠬᠥᠳᠡᠭᠡ ᠨᠤᠲᠤᠭ ᠢ᠋ ᠬᠦᠷᠲᠡᠯ᠎ᠡ ᠴᠤᠤᠷᠬᠠᠯ ᠶᠠᠷᠢᠶ᠎ᠠ ᠪᠠᠷ ᠳᠦᠭᠦᠷᠭᠡᠭᠰᠡᠨ ᠪᠠᠢᠪᠠ᠃ ᠬᠠᠴᠠᠷ ᠪᠠ ᠮᠠᠩᠨᠠᠢ ᠳ᠋ᠠᠭᠠᠨ ᠳᠦᠭᠦᠷᠡᠩ ᠦᠷᠴᠢᠯᠡᠭᠡᠰᠦ ᠲᠡᠢ ᠡᠪᠦᠭᠡᠨ :
– ᠡᠨᠡ ᠦᠨᠡᠨ ᠤᠤ ? ᠡᠸᠷᠢᠺᠰᠤᠨ ᠡᠮᠴᠢ ᠠ᠋ ! ᠭᠡᠯᠡ᠃
– ᠪᠢ ᠴᠦ᠍ ᠰᠠᠢᠨ ᠮᠡᠳᠡᠬᠦ ᠦᠭᠡᠢ ᠪᠠᠢᠨ᠎ᠠ᠃ ᠮᠢᠨᠦ ᠦᠵᠡᠬᠦ ᠪᠡᠷ ᠲᠠᠨᠤᠰ ᠠᠶᠤᠭᠰᠠᠨ ᠤ᠋ ᠬᠡᠷᠡᠭ ᠠᠯᠠᠭ᠎ᠠ᠂ ᠲᠠ ᠨᠠᠷ ᠠ᠋ᠴᠠ ᠠᠪᠬᠤ ᠶᠠᠭᠤᠮ᠎ᠠ ᠭᠡᠵᠦ ᠦᠭᠡᠢ ᠰᠢᠦ ᠳᠡ ᠭᠡᠵᠦ ᠡᠸᠷᠢᠺᠰᠤᠨ ᠬᠠᠷᠢᠭᠤᠯᠤᠯ᠎ᠠ᠃
ᠨᠠᠷᠠ ᠰᠢᠩᠭᠡᠬᠦ ᠣᠢᠷᠠᠳᠴᠤ᠂ ᠭᠡᠷ ᠦ᠋ᠨ ᠰᠡᠭᠦᠳᠡᠷ ᠬ᠌ᠡᠤᠰᠢᠯᠡᠬᠦ ᠦᠶ᠎ᠡ ᠪᠡᠷ ᠦᠨᠢᠶ᠎ᠡ ᠲᠤᠭᠤᠯ ᠤᠶᠠᠵᠤ ᠲᠠᠯᠪᠢᠭᠰᠠᠨ ᠭᠠᠵᠠᠷ ᠲᠤ᠌ ᠪᠠᠶᠠᠷ ᠬᠥᠷ ᠲᠡᠢ ᠶᠣᠰᠣᠯᠠᠯ ᠤ᠋ᠨ ᠠᠵᠢᠯᠯᠠᠭ᠎ᠠ ᠶᠠᠪᠤᠭᠳᠠᠯ᠎ᠠ ( ᠵᠢᠷᠤᠭ 68 )᠃ ᠡᠸᠷᠢᠺᠰᠤᠨ ᠪᠣᠯᠤᠨ ᠮᠡᠢᠷᠡᠨ ᠵᠠᠩᠭᠢ ᠬᠣᠶᠠᠭᠤᠯᠠ ᠤᠷᠠᠩᠬᠠᠢ ᠪᠤᠵᠠᠷ ᠬᠤᠪᠴᠠᠰᠤ ᠲᠠᠢ ᠮᠣᠩᠭᠣᠯᠴᠤᠳ ᠤ᠋ᠨ ᠡᠮᠦᠨ᠎ᠡ ᠨᠢ ᠭᠠᠷᠴᠤ ᠵᠣᠭᠰᠣᠪᠠ᠃ ᠪᠦᠰᠡᠭᠦᠢᠴᠦᠦᠯ ᠨᠢ ᠮᠥᠩᠭᠥ ᠱ᠌ᠢᠷᠦ ᠪᠡᠷ ᠬᠢᠭᠰᠡᠨ ᠳᠠᠷᠤᠭᠤᠯᠭ᠎ᠠ ᠵᠡᠭᠦᠭᠡ ᠪᠡᠷ ᠵᠠᠰᠠᠨ ᠴᠢᠮᠡᠭᠯᠡᠭᠰᠡᠨ ᠪᠠᠢᠯ᠎ᠠ᠃
– ᠢᠳᠡᠬᠦ ᠶᠠᠭᠤᠮ᠎ᠠ ᠦᠭᠡᠢ ᠪᠣᠯᠵᠤ ᠪᠠᠢᠭ᠎ᠠ ᠦᠶ᠎ᠡ ᠳ᠋ᠦ᠍ ᠶᠠᠭᠤᠨ ᠳ᠋ᠤ᠌ ᠲᠡᠳᠡ ᠡᠨᠡ ᠬᠡᠷᠡᠭ ᠦᠭᠡᠢ ᠴᠢᠮᠡᠭᠯᠡᠯ ᠦ᠋ᠨ ᠡᠳ᠋ᠯᠡᠯ ᠢ᠋ᠶ᠋ᠡᠨ ᠬᠤᠳᠠᠯᠳᠤᠬᠤ ᠦᠭᠡᠢ ᠪᠠᠢᠭ᠎ᠠ ᠪᠣᠢ ? ᠭᠡᠵᠦ ᠪᠢ ᠡᠸᠷᠢᠺᠰᠤᠨ ᠠ᠋ᠴᠠ ᠠᠰᠠᠭᠤᠪᠠ᠃
– ᠧᠦ᠋ᠷᠣᠫᠠ ᠶ᠋ᠢᠨ ᠪᠦᠰᠡᠭᠦᠢᠴᠦᠳ ᠲᠡᠳᠡᠨ ᠦ᠌ ᠥᠪᠡᠷ ᠦ᠋ᠨ ᠬᠤᠷᠢᠮ ᠤ᠋ᠨ ᠪᠥᠭᠡᠵᠢ ᠪᠡᠨ ᠬᠥᠮᠦᠨ ᠳ᠋ᠦ᠍ ᠥᠭᠳᠡᠭ ᠶᠦᠮ ᠤᠤ ? ᠭᠡᠵᠢᠭᠡ ᠶ᠋ᠢᠨ ᠳᠠᠷᠤᠭᠤᠯᠭ᠎ᠠ ᠪᠣᠯ ᠪᠦᠬᠦ ᠭᠡᠷ ᠦ᠋ᠨ ᠥᠮᠴᠢ ᠶᠦᠮ᠃ ᠲᠡᠭᠦᠨ ᠢ᠋ ᠳᠠᠷᠠᠭᠠᠴᠢ ᠶ᠋ᠢᠨ ᠦᠶ᠎ᠡ ᠶ᠋ᠢᠨ ᠬᠢᠨ ᠳ᠋ᠡᠭᠡᠨ ᠦᠯᠡᠳᠡᠭᠡᠵᠦ ᠥᠭᠬᠦ ᠶᠣᠰᠣ ᠲᠠᠢ ᠪᠣᠯᠬᠣᠷ ᠶᠠᠳᠠᠭᠤᠷᠠᠬᠤ ᠶ᠋ᠢᠨ ᠲᠤᠢᠯ ᠳ᠋ᠤ᠌ ᠬᠦᠷᠦᠯ᠎ᠡ ᠴᠦ᠍ ᠭᠡᠰᠡᠨ ᠥᠭᠡᠷ᠎ᠡ ᠬᠥᠮᠦᠨ ᠳ᠋ᠦ᠍ ᠬᠤᠳᠠᠯᠳᠤᠨ ᠥᠭᠬᠦ ᠦᠭᠡᠢ ᠶᠦᠮ ᠭᠡᠵᠦ ᠬᠠᠷᠢᠭᠤᠯᠤᠯ᠎ᠠ᠃ ᠶᠣᠰᠣᠲᠠᠢ ᠨᠢᠭᠡᠨ ᠬᠠᠯᠠᠭᠤᠨ ᠡᠳᠦᠷ ᠪᠣᠯᠵᠤ ᠥᠩᠭᠡᠷᠡᠯ᠎ᠡ᠃ ᠦᠳᠡᠰᠢ ᠶ᠋ᠢᠨ ᠰᠡᠷᠢᠭᠦᠬᠡᠨ ᠰᠠᠯᠬᠢ ᠮᠣᠩᠭᠣᠯ ᠭᠡᠷ ᠦ᠋ᠳ ᠦ᠋ᠨ ᠳᠤᠮᠳᠠᠭᠤᠷ ᠬᠠᠴᠠᠷ ᠢ᠋ ᠦᠯᠢᠶᠡᠨ ᠥᠩᠭᠡᠷᠡᠬᠦ ᠨᠢ ᠠᠶᠠᠲᠠᠢ ᠰᠠᠢᠬᠠᠨ ᠰᠠᠨᠠᠭᠳᠠᠵᠤ ᠪᠠᠢᠯ᠎ᠠ᠃ ᠪᠢᠳᠡ ᠮᠣᠩᠭᠣᠯ ᠭᠡᠷ ᠦ᠋ᠨ ᠡᠮᠦᠨ᠎ᠡ ᠵᠣᠭᠰᠣᠵᠤ᠂ ᠪᠦᠰᠡᠭᠦᠢ ᠬᠡᠦᠬᠡᠳ ᠦ᠋ᠳ ᠦ᠋ᠨ ᠵᠦᠭ ᠪᠦᠬᠦᠨ ᠳ᠋ᠦ᠍ ᠦᠨᠢᠶ᠎ᠡ ᠲᠤᠭᠤᠯ ᠢ᠋ᠶ᠋ᠠᠨ ᠳᠠᠭᠤᠨ ᠣᠳᠬᠤ ᠶ᠋ᠢ ᠬᠠᠷᠠᠭᠰᠠᠭᠠᠷ ᠪᠠᠢᠪᠠ᠃ ᠡᠷᠡᠴᠦᠦᠯ ᠨᠢ ᠪᠤᠴᠠᠨ ᠢᠷᠡᠵᠡᠭᠡᠵᠦ᠂ ᠶᠠᠭ ᠯᠠ ᠥᠪᠡᠷ ᠦ᠋ᠨ ᠸᠠᠩ ᠨᠣᠶᠠᠳ ᠲᠠᠭᠠᠨ ᠬᠠᠨᠳᠤᠵᠤ ᠪᠠᠢᠭ᠎ᠠ ᠮᠡᠲᠦ ᠭᠦᠨ᠎ᠡ ᠮᠡᠬᠦᠢᠨ ᠶᠣᠰᠣᠯᠠᠵᠤ ᠲᠠᠯᠠᠷᠬᠠᠯ ᠢ᠋ᠶ᠋ᠠᠨ ᠢᠯᠡᠳᠬᠡᠭᠡᠳ᠂ ᠳᠠᠭᠤᠨ ᠦᠭᠡᠢ ᠵᠠᠮ ᠳ᠋ᠠᠭᠠᠨ ᠣᠷᠣᠵᠠᠭᠠᠯ᠎ᠠ᠃
– ᠣᠳᠣ ᠪᠣᠯᠲᠠᠯ᠎ᠠ ᠴᠢ ᠶᠡᠬᠡ ᠣᠯᠠᠨ ᠰᠠᠢᠨ ᠠᠵᠢᠯ ᠬᠢᠯ᠎ᠡ᠃ ᠥᠨᠥᠳᠥᠷ ᠦ᠋ᠨ ᠥᠭᠯᠢᠭᠡ ᠥᠭᠴᠦ ᠪᠠᠢᠭ᠎ᠠ ᠴᠢᠨᠢ ᠪᠣᠯ ᠴᠢᠨᠦ ᠬᠢᠭᠰᠡᠨ ᠠᠵᠢᠯ ᠤ᠋ᠨ ᠳᠣᠲᠣᠷᠠᠬᠢ ᠬᠠᠮᠤᠭ ᠤ᠋ᠨ ᠲᠣᠮᠣ ᠨᠢᠭᠦᠯᠡᠰᠦᠩᠭᠦᠢ ᠠᠵᠢᠯᠯᠠᠭ᠎ᠠ ᠪᠣᠯᠤᠨ᠎ᠠ ᠭᠡᠵᠦ ᠲᠦᠳᠦᠪ ᠡᠸᠷᠢᠺᠰᠤᠨ ᠳ᠋ᠤ᠌ ᠬᠠᠨᠳᠤᠵᠤ ᠶᠠᠷᠢᠪᠠ᠃
– ᠢᠰᠥ᠋ᠰ ᠢ᠋ ᠰᠢᠲᠦᠳᠡᠭ ᠮᠢᠨᠦ ᠨᠡᠢᠵᠡᠳ ᠲᠠ ᠨᠠᠷ ᠲᠤ᠌ ᠲᠤᠰᠠᠯᠠᠵᠤ ᠪᠠᠢᠨ᠎ᠠ᠃ ᠢᠰᠥ᠋ᠰ ᠬᠥᠮᠦᠨ ᠪᠦᠬᠦᠨ ᠳ᠋ᠦ᠍ ᠲᠤᠰᠠᠯᠠᠳᠠᠭ᠃ ᠬᠡᠨ ᠬᠡᠷᠪᠡ ᠢᠰᠥ᠋ᠰ ᠦ᠋ᠨ ᠬᠦᠴᠦᠨ ᠴᠢᠳᠠᠯ ᠢ᠋ ᠪᠢᠰᠢᠷᠡᠨ ᠰᠢᠲᠦᠪᠡᠯ᠂ ᠢᠰᠥ᠋ᠰ ᠪᠣᠭᠳᠠ ᠲᠡᠳᠡᠭᠡᠷ ᠬᠥᠮᠦᠰ ᠢ᠋ ᠢᠪᠡᠭᠡᠵᠦ ᠭᠠᠢ ᠵᠣᠪᠠᠯᠠᠩ ᠢ᠋ ᠨᠢ ᠠᠷᠢᠯᠭᠠᠳᠠᠭ ᠶᠤᠮ ᠭᠡᠵᠦ ᠡᠸᠷᠢᠺᠰᠤᠨ ᠬᠠᠷᠢᠭᠤᠯᠤᠯ᠎ᠠ᠃
– ᠲᠡᠢᠮᠦ ᠠ᠋᠂ ᠲᠡᠢᠮᠦ ! ᠭᠡᠵᠦ ᠲᠦᠳᠦᠪ ᠶᠠᠷᠢᠪᠠ᠃ ᠭᠡᠬᠦ ᠳ᠋ᠦ᠍ ᠳᠣᠲᠣᠷ᠎ᠠ ᠪᠠᠨ ᠦᠨᠡᠨ ᠲᠡᠢᠮᠦ ᠭᠡᠵᠦ ᠪᠣᠳᠣᠭᠰᠠᠨ ᠡᠰᠡᠬᠦ ᠶ᠋ᠢ ᠶᠠᠭᠠᠬᠢᠵᠤ ᠮᠡᠳᠡᠬᠦ ᠪᠣᠢ᠃
– ᠰᠠᠢᠬᠠᠨ ᠡᠳᠦᠷ ᠪᠣᠯᠤᠯ᠎ᠠ ᠰᠢᠦ ᠳᠡ ! ᠨᠤᠲᠤᠭ ᠤ᠋ᠨ ᠪᠤᠶᠠᠨᠲᠤ ᠥᠭᠯᠢᠭᠡᠴᠢᠳ ᠮᠠᠨᠢ ᠴᠤ᠌ ᠥᠨᠥᠳᠥᠷ ᠠᠳᠠ ᠪᠠᠢᠭᠰᠠᠨ ᠳᠠ ! ᠭᠡᠵᠦ ᠡᠸᠷᠢᠺᠰᠤᠨ ᠶᠠᠷᠢᠯ᠎ᠠ᠃
