ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠨᠢᠭᠡ) Сэрүүхэн тал нутаг–<свис> Вальтер Босгард (Walter Bosshard)- Дөрөвдүгээр бөлөг 1
ᠳᠥᠷᠪᠡᠳᠦᠭᠡᠷ ᠪᠦᠯᠦᠭ – ᠨᠠᠢ᠍ᠮᠠ ᠶ᠋ᠢᠨ ᠠᠭᠤᠯᠠᠨ ᠳ᠋ᠤ᠌ ᠵᠤᠰᠠᠭᠰᠠᠨ ᠮᠢᠨᠢ
ᠨᠢᠭᠡ ᠂ ᠵᠤᠨ ᠤ᠋ ᠰᠠᠭᠠᠳ ᠲᠠᠢ ᠠᠶᠠᠯᠠᠯ
ᠪᠡᠭᠡᠵᠢᠩ ᠳ᠋ᠦ᠍ ᠪᠠᠢᠭ᠎ᠠ ᠨᠡᠢᠵᠠᠳ ᠮᠠᠨᠢ ᠬᠠᠯᠠᠭᠤᠨ ᠵᠤᠨ ᠢ᠋ ᠬᠡᠷᠬᠢᠨ ᠥᠩᠭᠡᠷᠡᠭᠦᠯᠬᠦ ᠲᠤᠬᠠᠢ ᠪᠣᠳᠣᠵᠤ ᠪᠣᠯᠪᠠᠰᠤᠷᠠᠭᠤᠯᠵᠠᠭᠠᠨᠠ᠃ ᠮᠢᠨᠦ ᠵᠣᠷᠢᠭᠰᠠᠨ ᠭᠠᠵᠠᠷ ᠭᠡᠬᠦ ᠳ᠋ᠦ᠍ ᠪᠠᠰᠠ ᠯᠠ ᠮᠣᠩᠭᠣᠯ ᠪᠠᠢᠯ᠎ᠠ᠃ ᠮᠢᠨᠦ ᠣᠳᠣ ᠪᠣᠯᠲᠠᠯᠠᠬᠢ ᠮᠣᠩᠭᠣᠯ ᠳ᠋ᠤ᠌ ᠬᠢᠭᠰᠡᠨ ᠠᠶᠠᠯᠠᠯ ᠤ᠋ᠳ ᠤ᠋ᠨ ᠬᠤᠭᠤᠴᠠᠭ᠎ᠠ ᠨᠢ ᠳᠠᠩᠴᠤ ᠣᠬᠣᠷ᠂ ᠲᠡᠨᠳᠡᠬᠢ ᠰᠠᠭᠤᠭᠠᠯᠢ ᠠᠷᠠᠳ ᠤ᠋ᠳ ᠲᠠᠢ ᠲᠠᠨᠢᠯᠴᠠᠨ ᠳᠠᠰᠤᠯᠴᠠᠬᠤ ᠳ᠋ᠤ᠌ ᠨᠡᠯᠢᠶᠡᠳ ᠴᠠᠭ ᠬᠡᠷᠡᠭ ᠲᠡᠢ ᠪᠠᠢᠯ᠎ᠠ᠃ ᠮᠣᠩᠭᠣᠯ ᠤ᠋ᠨ ᠬᠦᠩ ᠯᠠᠷᠰᠤᠨ ᠪᠡᠭᠡᠵᠢᠩ ᠢ᠋ᠶ᠋ᠡᠷ ᠢᠷᠡᠭᠡᠳ ᠨᠠᠳᠠ ᠳ᠋ᠤ᠌ ᠨᠠᠢ᠍ᠮᠠ ᠶ᠋ᠢᠨ ᠠᠭᠤᠯᠠ ᠳ᠋ᠠᠬᠢ ᠬᠠᠭᠤᠴᠢᠨ ᠱᠠᠰᠢᠨ ᠳᠡᠯᠭᠡᠷᠡᠭᠦᠯᠬᠦ ᠥᠷᠲᠡᠭᠡᠨ ᠳ᠋ᠦ᠍ ᠵᠤᠨ ᠢ᠋ᠶ᠋ᠠᠨ ᠥᠩᠭᠡᠷᠡᠭᠦᠯᠬᠦ ᠶ᠋ᠢ ᠵᠥᠪᠯᠡᠵᠦ ᠥᠭᠭᠦᠯ᠎ᠡ᠃ ᠤᠴᠢᠷ ᠨᠢ ᠲᠡᠨᠳᠡᠬᠢ ᠸᠢᠺᠯᠦ᠋ᠨᠳ᠋ ᠠᠪᠠᠬᠠᠢ ᠠᠮᠧᠷᠢᠺᠠ᠂ ᠰᠸᠸᠳ᠋ᠸᠨ ᠢ᠋ᠶ᠋ᠡᠷ ᠠᠶᠠᠯᠠᠭᠠᠳ ᠪᠠᠢᠭ᠎ᠠ ᠲᠤᠯᠠ ᠪᠠᠢᠰᠢᠩ ᠤ᠋ᠳ ᠨᠢ ᠬᠣᠭᠣᠰᠣᠨ ᠠᠵᠢ᠃
1936 ᠣᠨ ᠤ᠋ ᠳᠣᠯᠣᠳᠤᠭᠠᠷ ᠰᠠᠷ᠎ᠠ ᠶ᠋ᠢᠨ ᠨᠢᠭᠡᠨ ᠳ᠋ᠦ᠍ ᠪᠢ ᠡᠸᠷᠢᠺᠰᠤᠨ ᠪᠣᠯᠤᠨ ᠲᠡᠭᠦᠨ ᠦ᠌ ᠭᠡᠷ ᠪᠦᠯᠢ ᠶ᠋ᠢᠨ ᠬᠢᠨ ᠲᠡᠢ ᠬᠠᠮᠲᠤ ᠴᠢᠭᠤᠯᠤᠯᠲᠤ ᠬᠠᠭᠠᠯᠭ᠎ᠠ ᠶ᠋ᠢ ᠴᠢᠭᠯᠡᠪᠡ᠃ ᠡᠨᠡ ᠰᠸᠸᠳ᠋ᠸᠨ ᠦ᠌ ᠨᠢᠭᠡ ᠭᠡᠷ ᠦ᠋ᠨ ᠬᠢᠨ ᠪᠦᠬᠦ ᠵᠤᠨ ᠤ᠋ ᠬᠡᠷᠡᠭᠯᠡᠭᠡ ᠪᠡᠨ ᠪᠡᠭᠡᠵᠢᠩ ᠡᠴᠡ ᠬᠤᠳᠠᠯᠳᠤᠨ ᠠᠪᠤᠭᠰᠠᠨ ᠲᠤᠯᠠ ᠳᠦᠭᠦᠷᠡᠩ ᠠᠴᠢᠶ᠎ᠠ ᠲᠠᠢ ᠪᠠᠷ ᠲᠡᠳᠡᠨ ᠦ᠌ 《ᠬᠣᠶᠠᠳᠠᠬᠢ 》ᠡᠬᠡ ᠨᠤᠲᠤᠭ ᠤᠷᠤᠭᠤ ᠪᠠᠨ ᠪᠤᠴᠠᠵᠤ ᠶᠠᠪᠤᠭ᠎ᠠ ᠠᠵᠢ᠃ ᠴᠢᠭᠤᠯᠤᠯᠲᠤ ᠬᠠᠭᠠᠯᠭ᠎ᠠ ᠳ᠋ᠤ᠌ ᠪᠢᠳᠡ ᠯᠠᠷᠰᠤᠨ ᠤ᠋ 《ᠣᠷᠳᠣᠨ 》 ᠳ᠋ᠤ᠌ ᠬᠣᠨᠣᠭᠯᠠᠵᠠᠭᠠᠪᠠ᠃ ᠯᠠᠷᠰᠤᠨ ᠠᠪᠤᠭᠠᠢ ᠴᠤ᠌ ᠶᠠᠭ ᠮᠣᠩᠭᠣᠯ ᠣᠷᠣᠬᠤ ᠭᠡᠵᠦ ᠪᠠᠢᠭ᠎ᠠ ᠲᠠᠢ ᠨᠢ ᠲᠠᠭᠠᠷᠠᠭᠰᠠᠨ ᠲᠤᠯᠠ ᠪᠢᠳᠡ ᠴᠣᠭ ᠠᠶᠠᠯᠠᠬᠤ ᠪᠣᠯᠵᠤ ᠪᠢᠯᠡ᠃
ᠴᠢᠭᠤᠯᠤᠯᠲᠤ ᠬᠠᠭᠠᠯᠭ᠎ᠠ ᠨᠢ ᠮᠢᠨᠦ ᠰᠡᠭᠦᠯᠴᠢ ᠶ᠋ᠢᠨ ᠤᠳᠠᠭ᠎ᠠ ᠬᠠᠷᠠᠭᠰᠠᠨ ᠢ᠋ ᠪᠣᠳᠣᠪᠠᠯ ᠶᠣᠰᠣᠲᠠᠢ ᠶᠡᠬᠡ ᠬᠤᠪᠢᠷᠠᠵᠠᠢ᠃ ᠠᠷᠠᠯᠵᠢᠶ᠎ᠠ ᠮᠠᠢᠮᠠᠢ ᠨᠢ ᠤᠭ ᠢ᠋ᠶ᠋ᠠᠨ ᠪᠣᠳᠣᠪᠠᠯ ᠤᠯᠠᠮ ᠴᠤ᠌ ᠡᠯᠡᠢ ᠬᠤᠯᠠᠢ ᠪᠣᠯᠵᠤ᠂ ᠣᠯᠠᠨ ᠪᠠᠢᠰᠢᠩ ᠨᠢ ᠬᠣᠭᠣᠰᠣᠷᠠᠵᠠᠢ᠃ ᠬᠢᠲᠠᠳ ᠢᠷᠭᠡᠳ ᠦ᠋ᠨ ᠲᠣᠭ᠎ᠠ ᠨᠢ ᠮᠡᠳᠡᠭᠳᠡᠮ᠎ᠡ ᠬᠠᠰᠤᠭᠳᠠᠵᠤ᠂ ᠲᠣᠭ᠎ᠠ ᠦᠭᠡᠢ ᠣᠯᠠᠨ ᠰᠠᠯᠬᠢᠨ᠎ᠠ ᠬᠡᠢᠰᠬᠦ ᠨᠠᠷᠠᠨ ᠲᠤᠭ ᠠ᠋ᠴᠠ ᠨᠢ ᠬᠠᠷᠠᠬᠤ ᠳ᠋ᠤ᠌ ᠡᠭᠦᠨ ᠦ᠌ ᠡᠰᠡᠷᠭᠦ ᠪᠡᠷ ᠶᠠᠫᠣᠨ ᠤ᠋ ᠨᠡᠭᠦᠳᠡᠯᠴᠢᠳ ᠡᠳᠦᠷ ᠲᠣᠰᠤᠮ ᠢ᠋ᠶ᠋ᠠᠨ ᠨᠡᠮᠡᠭᠳᠡᠵᠦ ᠪᠠᠢᠭ᠎ᠠ ᠠᠵᠢ᠃ ᠣᠯᠠᠨ ᠵᠢᠯ ᠦ᠋ᠨ ᠲᠤᠷᠰᠢ ᠠᠳᠠ ᠵᠥᠪᠬᠡᠨ ᠶᠠᠫᠣᠨ ᠤ᠋ ᠬᠠᠷᠢᠶᠠᠲᠤ ᠤᠯᠤᠰ ᠤ᠋ᠨ ᠭᠠᠭᠴᠠᠬᠠᠨ ᠰᠣᠯᠣᠩᠭᠣᠰ ᠡᠮᠴᠢ ᠠᠮᠢᠳᠤᠷᠠᠵᠤ ᠪᠠᠢᠭᠰᠠᠨ ᠪᠣᠯ ᠣᠳᠣ ᠶᠠᠫᠣᠨ ᠤ᠋ ᠺᠣᠨᠰᠦ᠋ᠯ᠂ ᠶᠠᠫᠣᠨ ᠴᠡᠷᠢᠭ ᠬᠢᠭᠡᠳ ᠶᠠᠫᠣᠨ ᠤ᠋ ᠠᠷᠠᠯᠵᠢᠶᠠᠨ ᠤ᠋ ᠭᠠᠵᠠᠷ ᠵᠡᠷᠭᠡ ᠡᠯ᠎ᠡ ᠰᠠᠯᠠᠭᠠᠨ ᠳ᠋ᠤ᠌ ᠠᠵᠢᠯᠯᠠᠵᠤ ᠪᠠᠢᠭ᠎ᠠ ᠬᠣᠶᠠᠷ ᠵᠠᠭᠤ ᠣᠷᠴᠢᠮ ᠶᠠᠫᠣᠨᠴᠤᠳ ᠨᠡᠭᠦᠳᠡᠯᠯᠡᠨ ᠢᠷᠡᠵᠡᠢ᠃ ᠡᠳᠡᠭᠡᠷ ᠬᠥᠮᠦᠰ ᠲᠦ᠍ ᠶᠠᠫᠣᠨ ᠤ᠋ ᠡᠬᠡ ᠨᠤᠲᠤᠭ ᠠ᠋ᠴᠠ ᠢᠷᠡᠭᠰᠡᠨ ᠲᠣᠮᠣ ᠬᠤᠳᠠᠯᠳᠤᠭᠠᠴᠢᠳ ᠪᠠᠢᠬᠤ ᠪᠠᠷ ᠪᠠᠷᠠᠬᠤ ᠦᠭᠡᠢ᠂ ᠮᠠᠨᠵᠤ ᠤᠯᠤᠰ ᠤ᠋ᠨ ᠪᠠᠷᠠᠭ᠎ᠠ ᠶ᠋ᠢ ᠪᠣᠷᠣᠯᠠᠭᠤᠯᠳᠠᠭ ᠪᠠᠭ᠎ᠠ ᠠᠷᠠᠯᠵᠢᠶᠠᠴᠢᠳ ᠴᠤ᠌ ᠪᠠᠢᠵᠤ᠂ ᠡᠳᠡ ᠪᠦᠭᠦᠳᠡᠭᠡᠷ ᠢ᠋ᠶ᠋ᠡᠨ ᠨᠡᠢᠯᠡᠭᠡᠳ ᠬᠢᠲᠠᠳ ᠠᠷᠠᠯᠵᠢᠶᠠᠴᠢᠳ ᠢ᠋ ᠴᠢᠭᠤᠯᠤᠯᠲᠤ ᠬᠠᠭᠠᠯᠭ᠎ᠠ ᠠ᠋ᠴᠠ ᠰᠢᠬᠠᠨ ᠭᠠᠷᠭᠠᠵᠠᠢ᠃ ᠬᠣᠲᠠ ᠶ᠋ᠢᠨ ᠡᠮᠦᠨᠡᠬᠢ ᠴᠠᠢᠵᠠ ᠰᠢᠭ᠋ ᠬᠠᠷᠠᠭᠳᠠᠬᠤ ᠶᠠᠫᠣᠨ ᠤ᠋ ᠺᠣᠨᠰᠦ᠋ᠯ ᠣᠷᠴᠢᠮ ᠤ᠋ᠨ ᠭᠠᠵᠠᠷ ᠢ᠋ ᠶᠠᠫᠣᠨᠴᠤᠳ ᠲᠦᠷᠢᠶᠡᠰᠦᠨ ᠭᠠᠵᠠᠷ ᠢ᠋ᠶ᠋ᠠᠨ ᠰᠢᠭ᠋ ᠦᠵᠡᠵᠦ᠂ ᠨᠢᠰᠬᠡᠯ ᠦ᠋ᠨ ᠲᠠᠯᠠᠪᠠᠢ ᠶ᠋ᠢ ᠶᠠᠭᠠᠷᠠᠯᠲᠠᠢ ᠵᠠᠰᠠᠵᠤ ᠪᠠᠢᠬᠤ ᠪᠥᠭᠡᠳ ᠬᠠᠷ᠎ᠠ ᠲᠠᠮᠠᠬᠢᠨ ᠤ᠋ ᠨᠢᠭᠡ ᠦᠢᠯᠡᠳᠪᠦᠷᠢ ᠨᠢᠭᠡᠨᠲᠡ ᠪᠠᠷᠢᠯᠭ᠎ᠠ ᠳᠠᠭᠤᠰᠴᠤ᠂ ᠳᠠᠷᠠᠭᠠᠴᠢ ᠶ᠋ᠢᠨ ᠭᠠᠷᠠᠭ ᠠ᠋ᠴᠠ ᠬᠡᠷᠡᠭᠯᠡᠯᠲᠡ ᠳ᠋ᠦ᠍ ᠣᠷᠣᠬᠤ ᠪᠠᠷ ᠪᠡᠯᠡᠳᠬᠡᠵᠦ ᠪᠠᠢᠯ᠎ᠠ᠃
– ᠬᠠᠷ᠎ᠠ ᠲᠠᠮᠠᠬᠢᠨ ᠤ᠋ ᠦᠢᠯᠡᠳᠪᠦᠷᠢ ? ᠲᠦᠭᠦᠬᠡᠢ ᠮᠠᠲ᠋ᠧᠷᠢᠶᠠᠯ ᠢ᠋ᠶ᠋ᠠᠨ ᠲᠡᠳᠡ ᠲᠡᠭᠡᠭᠡᠳ ᠬᠠᠮᠢᠭ᠎ᠠ ᠠ᠋ᠴᠠ ᠣᠷᠣᠭᠤᠯᠵᠤ ᠪᠠᠢᠭ᠎ᠠ ᠪᠣᠢ ? ᠭᠡᠵᠦ ᠭᠠᠢᠬᠠᠨ ᠠᠰᠠᠭᠤᠬᠤ ᠳ᠋ᠤ᠌ ᠮᠠᠨᠢ ᠬᠥᠮᠦᠰ᠄
– ᠲᠡᠳᠡ ᠵᠡᠭᠦᠨ ᠬᠡᠰᠡᠭ ᠪᠠ ᠬᠣᠢᠲᠤ ᠬᠡᠰᠡᠭ ᠦ᠋ᠨ ᠲᠠᠷᠢᠶᠠᠴᠢᠳ ᠢ᠋ ᠮᠥᠩᠭᠥ ᠪᠡᠷ ᠲᠣᠷᠭᠠᠬᠤ ᠠᠷᠭ᠎ᠠ ᠪᠠᠷ ᠠᠯᠪᠠᠲᠠᠨ ᠬᠠᠷ᠎ᠠ ᠲᠠᠮᠠᠬᠢ ᠲᠠᠷᠢᠭᠤᠯᠵᠤ ᠪᠠᠢᠭ᠎ᠠ ᠶᠤᠮ ᠭᠡᠯᠡ᠃ ᠶᠠᠭᠤᠨ ᠤ᠋ ᠲᠥᠯᠥᠭᠡ ᠬᠠᠷ᠎ᠠ ᠲᠠᠮᠠᠬᠢᠨ ᠤ᠋ ᠦᠢᠯᠡᠳᠪᠦᠷᠢ ᠪᠠᠢᠭᠤᠯᠤᠭᠰᠠᠨ ᠢ᠋ᠶ᠋ᠠᠨ ᠶᠠᠫᠣᠨᠴᠤᠳ ᠶᠡᠷᠦ ᠡᠴᠡ ᠢᠯᠡᠷᠬᠡᠢᠯᠡᠵᠦ ᠥᠩᠭᠡᠷᠡᠭᠡ ᠦᠭᠡᠢ᠂ ᠪᠠᠷᠤᠭᠯᠠᠪᠠᠯ ᠡᠳᠡᠭᠡᠷ ᠪᠦᠲᠦᠭᠡᠭᠳᠡᠬᠦᠨ ᠵᠥᠪᠬᠡᠨ ᠡᠮᠨᠡᠯᠭᠡ ᠶ᠋ᠢᠨ ᠬᠦᠷᠢᠶ᠎ᠡ ᠬᠡᠪᠴᠢᠶᠡᠨ ᠳ᠋ᠦ᠍ ᠬᠡᠷᠡᠭᠯᠡᠬᠦ ᠪᠢᠰᠢ ᠪᠣᠯᠤᠯᠲᠠᠢ᠃
《WOSTWAG 》– ᠡᠨᠡ ᠬᠦ᠌ ᠬᠠᠭᠤᠴᠢᠨ ᠨᠠᠢᠵᠠ ᠮᠢᠨᠢ ᠶᠣᠰᠣᠲᠠᠢ ᠯᠠ ᠨᠠᠮᠵᠢᠭᠤᠨ ᠪᠣᠯᠵᠤ᠂ ᠴᠢᠭᠤᠯᠤᠯᠲᠤ ᠬᠠᠭᠠᠯᠭ᠎ᠠ ᠳ᠋ᠠᠬᠢ ᠡᠨᠡ ᠬᠦ᠌ ᠰᠠᠯᠪᠤᠷᠢ ᠨᠢ ᠪᠠᠷᠤᠭ ᠯᠠ ᠳᠣᠷᠣᠢᠲᠠᠨ ᠮᠥᠬᠥᠬᠦ ᠵᠠᠮ ᠳ᠋ᠠᠭᠠᠨ ᠣᠷᠣᠭᠰᠠᠨ ᠪᠠᠢᠯ᠎ᠠ᠃ ᠶᠠᠫᠣᠨᠴᠤᠳ ᠠᠷᠭ᠎ᠠ ᠪᠦᠬᠦᠨ ᠢ᠋ ᠰᠦᠪᠡᠭᠴᠢᠯᠡᠨ ᠡᠨᠡ ᠬᠦ᠌ ᠬᠠᠯᠬ᠎ᠠ ᠮᠣᠩᠭᠣᠯ ᠯᠤᠭ᠎ᠠ ᠬᠣᠯᠪᠣᠯᠳᠤᠭᠰᠠᠨ ᠣᠯᠵᠠ ᠣᠮᠣᠭ ᠲᠠᠢ ᠲᠡᠮᠡᠭᠡᠨ ᠵᠢᠩ ᠦ᠋ᠨ ᠠᠷᠠᠯᠵᠢᠶ᠎ᠠ ᠶ᠋ᠢ ᠲᠠᠰᠤᠯᠬᠤ ᠭᠡᠵᠦ ᠪᠠᠢᠪᠠ᠃ ᠨᠥᠭᠦᠭᠡ ᠲᠠᠯ᠎ᠠ ᠪᠠᠷ ᠶᠠᠷᠢᠬᠤ ᠳ᠋ᠤ᠌ ᠣᠷᠣᠰᠴᠤᠳ ᠴᠤ᠌ ᠡᠨᠡ ᠬᠦ᠌ ᠠᠷᠠᠯᠵᠢᠶᠠᠨ ᠤ᠋ ᠺᠣᠮᠫᠠᠨᠢ ᠶ᠋ᠢ ᠢᠲᠡᠭᠡᠬᠦ ᠦᠭᠡᠢ ᠪᠠᠢᠯ᠎ᠠ᠃ ᠤᠴᠢᠷ ᠨᠢ ᠶᠠᠫᠣᠨᠴᠤᠳ ᠤ᠋ᠨ ᠲᠤᠷᠰᠢᠭᠤᠯ ᠲᠠᠩᠨᠠᠭᠤᠯ ᠤ᠋ᠨ ᠠᠷᠭ᠎ᠠ ᠪᠠᠷᠢᠯ ᠪᠣᠯ ᠠᠷᠠᠯᠵᠢᠶ᠎ᠠ ᠬᠢᠬᠦ ᠭᠡᠰᠡᠨ ᠬᠠᠯᠬᠠᠪᠴᠢ ᠳᠣᠣᠷ᠎ᠠ ᠶᠠᠪᠤᠭᠳᠠᠳᠠᠭ ᠠᠵᠢ᠃
《WOSTWAG》 ᠨᠢ ᠨᠡᠯᠢᠶᠡᠳ ᠬᠡᠳᠦᠨ ᠤᠳᠠᠭ᠎ᠠ ᠪᠡᠶ᠎ᠡ ᠪᠡᠨ ᠺᠣᠮᠢᠰ ᠤ᠋ᠨ ᠭᠡᠰᠢᠭᠦᠨ ᠭᠡᠮᠡᠨ ᠲᠠᠨᠢᠯᠴᠠᠭᠤᠯᠤᠭᠰᠠᠨ ᠶᠠᠫᠣᠨᠴᠤᠳ ᠢ᠋ ᠬᠦᠯᠢᠶᠡᠨ ᠠᠪᠴᠠᠢ᠃ ᠠᠩᠬ᠎ᠠ ᠤᠳᠠᠭ᠎ᠠ ᠨᠢ ᠲᠡᠳᠡ ᠠᠷᠤ ᠶ᠋ᠢᠨ ᠬᠠᠭᠠᠯᠭ᠎ᠠ ᠪᠠᠷ ᠣᠷᠣᠵᠤ ᠢᠷᠡᠭᠡᠳ ᠬᠦᠷᠢᠶᠡᠨ ᠳᠣᠲᠣᠷ᠎ᠠ ᠨᠢ ᠡᠷᠭᠢᠴᠡᠵᠦ᠂ ᠰᠠᠩ ᠬᠥᠮᠥᠷᠭᠡ ᠶ᠋ᠢ ᠨᠢ ᠦᠵᠡᠨ ᠰᠡᠭᠦᠳᠡᠷᠯᠡᠬᠦ ᠶ᠋ᠢ ᠵᠠᠪᠳᠤᠪᠠ᠃ ᠡᠨᠳᠡᠬᠢ ᠬᠠᠮᠢᠶᠠᠷᠤᠭᠴᠢ ᠫᠦᠷᠫᠢᠰᠰ ᠡᠭᠦᠨ ᠢ᠋ ᠬᠠᠷᠠᠭᠠᠳ ᠡᠳᠡᠭᠡᠷ ᠬᠠᠴᠢᠨ ᠵᠣᠴᠢᠳ ᠲᠤ᠌ ᠲᠠᠨ ᠤ᠋ ᠬᠢᠨ ᠡᠮᠦᠨ᠎ᠡ ᠬᠠᠭᠠᠯᠭ᠎ᠠ ᠪᠠᠷ ᠣᠷᠣᠳᠠᠭ ᠵᠠᠩᠰᠢᠯ ᠪᠣᠢ ᠪᠢᠯᠡ ᠤᠤ ? ᠭᠡᠮᠡᠨ ᠠᠰᠠᠭᠤᠬᠤ ᠳ᠋ᠤ᠌ ᠲᠡᠳᠡ ᠠᠭᠤᠷᠯᠠᠨ ᠶᠠᠪᠤᠵᠤ ᠣᠳᠪᠠ᠃ ᠳᠠᠷᠠᠭᠠᠴᠢ ᠶ᠋ᠢᠨ ᠡᠳᠦᠷ ᠡᠴᠡ ᠨᠢ ᠥᠴᠥᠭᠡᠳᠦᠷ ᠦ᠋ᠨ ᠰᠡᠭᠦᠳᠡᠷᠯᠡᠭᠰᠡᠨ ᠰᠡᠭᠦᠳᠡᠷ ᠢ᠋ᠶ᠋ᠡᠷ ᠢ᠋ᠶ᠋ᠡᠨ ᠪᠠᠷᠢᠮᠵᠢᠶ᠎ᠠ ᠪᠣᠯᠭᠠᠨ ᠶᠠᠫᠣᠨ ᠨᠢᠰᠬᠡᠯ 《WOSTWAG》 ᠦᠨ ᠪᠠᠢᠷᠢᠯᠠᠭᠰᠠᠨ ᠪᠠᠢᠷᠢ ᠪᠠᠷ ᠠᠬᠢᠨ ᠳᠠᠬᠢᠨ ᠡᠷᠭᠢᠯᠳᠦᠳᠡᠭ ᠪᠣᠯᠵᠠᠢ᠃
ᠶᠠᠫᠣᠨᠴᠤᠳ ᠡᠨᠡ ᠬᠦ᠌ ᠠᠷᠭ᠎ᠠ ᠪᠠᠷ ᠬᠦᠷᠢᠶ᠎ᠡ ᠳ᠋ᠦ᠍ ᠨᠡᠪᠲᠡᠷᠡᠬᠦ ᠡᠨᠡ ᠬᠦ᠌ ᠠᠷᠠᠯᠵᠢᠶ᠎ᠠ ᠶ᠋ᠢ ᠬᠠᠮᠢᠶᠠᠷᠤᠯᠲᠠ ᠳ᠋ᠠᠭᠠᠨ ᠣᠷᠣᠭᠤᠯᠵᠤ ᠳᠡᠢᠯᠬᠦ ᠦᠭᠡᠢ ᠶ᠋ᠢ ᠮᠡᠳᠡᠭᠡᠳ ᠣᠨᠳᠣᠣ ᠠᠷᠭ᠎ᠠ ᠰᠤᠪᠢᠵᠠᠢ᠃ ᠴᠢᠭᠤᠯᠤᠯᠲᠤ ᠬᠠᠭᠠᠯᠭ᠎ᠠ ᠠ᠋ᠴᠠ ᠤᠮᠠᠷᠠᠰᠢ ᠵᠠᠩᠪᠸᠢ ᠰᠢᠶᠠᠨ ᠤ᠋ ᠬᠢᠵᠠᠭᠠᠷ ᠲᠤ᠌ ᠨᠢᠭᠡᠨ ᠥᠪᠡᠷᠲᠡᠭᠡᠨ ᠵᠠᠰᠠᠬᠤ ᠵᠢᠵᠢᠭᠬᠡᠨ ᠤᠯᠤᠰ ᠪᠠᠢᠭᠤᠯᠤᠭᠳᠠᠵᠠᠢ᠃ ᠳᠡᠭᠡᠷᠡᠮ ᠭᠠᠷᠤᠯ ᠲᠠᠢ ᠯᠢ ᠱᠧᠦ ᠰᠢᠨ ᠭᠡᠭᠴᠢ ᠪᠡᠷ ᠶᠠᠫᠣᠨᠴᠤᠳ ᠪᠠ ᠮᠠᠨᠵᠤ ᠤᠯᠤᠰ ᠤ᠋ᠨ ᠵᠥᠪᠰᠢᠶᠡᠷᠡᠯᠭᠡ ᠪᠠ ᠳᠡᠮᠵᠢᠯᠭᠡ ᠳᠣᠣᠷ᠎ᠠ ᠵᠢᠷᠭᠤᠭᠠᠨ ᠵᠠᠰᠠᠭ ᠵᠠᠬᠢᠷᠭᠠᠨ ᠤ᠋ ᠣᠷᠣᠨ ᠪᠦᠬᠦᠢ ᠵᠠᠩᠪᠸᠢ ᠰᠢᠶᠠᠨ ᠤ᠋ ᠬᠣᠲᠠ ᠪᠠᠷ ᠲᠥᠪᠯᠡᠭᠰᠡᠨ 《ᠸᠠᠩᠲᠤ ᠤᠯᠤᠰ 》 ᠢ᠋ ᠪᠠᠢᠭᠤᠯᠤᠭᠰᠠᠨ ᠠᠵᠢ᠃ ᠣᠳᠣ 《WOSTWAG 》 ᠤᠨ ᠲᠡᠮᠡᠭᠡᠨ ᠵᠢᠩ ᠡᠭᠦᠨ ᠢ᠋ᠶ᠋ᠡᠷ ᠳᠠᠭᠠᠷᠢᠬᠤ ᠪᠣᠯᠭᠠᠨ ᠳ᠋ᠠᠭᠠᠨ ᠵᠠᠪᠠᠯ ᠵᠠᠭᠤᠨ ᠤ᠋ ᠠᠷᠪᠠ ᠶ᠋ᠢᠨ ᠭᠠᠢᠯᠢ ᠲᠤᠰᠢᠶᠠᠬᠤ ᠬᠡᠷᠡᠭᠲᠡᠢ ᠪᠣᠯᠵᠠᠢ᠃ ᠠᠳᠠ ᠬᠥᠮᠥᠷᠭᠡ ᠳᠦᠭᠦᠷᠡᠩ ᠪᠠᠷᠠᠭ᠎ᠠ ᠠᠴᠢᠶᠠᠯᠠᠬᠤ ᠳ᠋ᠤ᠌ ᠪᠡᠯᠡᠬᠡᠨ ᠪᠠᠢᠬᠤ ᠪᠥᠭᠡᠳ ᠯᠢ ᠱᠧᠦ ᠰᠢᠨ ᠴᠦ᠍ ᠬᠡᠯᠡᠯᠭᠡᠨ ᠦᠭᠡᠢ ᠡᠨᠡ ᠬᠦ᠌ ᠵᠠᠮ ᠤ᠋ᠨ ᠣᠯᠵᠠᠨ ᠳ᠋ᠤ᠌ ᠪᠠᠶᠠᠷᠯᠠᠨ ᠳᠡᠪᠬᠡᠴᠡᠵᠦ ᠪᠠᠢᠯ᠎ᠠ᠃ ᠫᠦᠷᠫᠢᠰᠰ ᠨᠠᠷᠢᠨ ᠳᠠᠩᠰᠠ ᠪᠠᠨ ᠲᠣᠭᠠᠴᠠᠨ ᠦᠵᠡᠬᠦ ᠳ᠋ᠦ᠍ ᠡᠳᠡᠭᠡᠷ ᠪᠠᠷᠠᠭ᠎ᠠ ᠪᠠᠨ ᠲᠢᠶᠠᠨᠵᠢᠨ ᠪᠣᠯᠤᠨ ᠸᠠᠯᠠᠳ᠋ᠢᠸᠤᠰᠲ᠋ᠣᠺ ᠢ᠋ᠶ᠋ᠠᠷ ᠳᠠᠮᠵᠢᠭᠤᠯᠤᠨ ᠢᠯᠡᠭᠡᠬᠦ ᠨᠢ ᠬᠠᠷᠢᠨ ᠲᠡᠮᠡᠭᠡᠨ ᠵᠢᠩ ᠡᠴᠡ ᠬᠢᠮᠳᠠ ᠪᠣᠯᠤᠭᠰᠠᠨ ᠪᠠᠢᠪᠠ᠃ ᠶᠠᠫᠣᠨᠴᠤᠳ ᠡᠳᠡᠨ ᠦ᠌ ᠤᠯᠠᠭᠠᠨᠪᠠᠭᠠᠲᠤᠷ ᠯᠤᠭ᠎ᠠ ᠶ᠋ᠢᠨ ᠠᠷᠠᠯᠵᠢᠶ᠎ᠠ ᠵᠣᠭᠰᠣᠭᠰᠠᠨ ᠳ᠋ᠤ᠌ ᠤᠳᠠᠭᠠᠨ ᠬᠤᠭᠤᠴᠠᠭ᠎ᠠ ᠶᠡᠬᠡ ᠪᠡᠷ ᠭᠠᠢᠬᠠᠨ ᠰᠡᠵᠢᠭᠯᠡᠵᠦ᠂ ᠬᠡᠵᠢᠶ᠎ᠡ ᠬᠣᠢᠨ᠎ᠠ ᠨᠢ ᠰᠠᠶᠢ ᠤᠴᠢᠷ ᠢ᠋ ᠨᠢ ᠮᠡᠳᠡᠭᠰᠡᠨ ᠪᠢᠯᠡ᠃ ᠡᠭᠦᠨ ᠡᠴᠡ ᠡᠬᠢᠯᠡᠭᠡᠳ ᠮᠣᠩᠭᠣᠯ ᠵᠢᠩᠴᠢᠳ ᠦ᠋ᠨ ᠠᠵᠢᠯ ᠢ᠋ ᠠᠯᠳᠠᠭᠤᠯᠤᠭᠰᠠᠨ ᠢ᠋ᠶ᠋ᠠᠷ ᠪᠠᠷᠠᠬᠤ ᠦᠭᠡᠢ ᠠᠳᠡᠬᠢ ᠠᠷᠠᠯᠵᠢᠶ᠎ᠠ ᠨᠢ ᠴᠦ᠍ ᠵᠣᠨᠰᠣᠩᠭᠣᠢᠷᠠᠬᠤ ᠬᠡᠮᠵᠢᠶᠡᠨ ᠳ᠋ᠦ᠍ ᠬᠦᠷᠴᠡᠢ᠃ ᠵᠠᠩᠪᠸᠢ ᠰᠢᠶᠠᠨ ᠤ᠋ ᠰᠢᠨ᠎ᠡ ᠵᠠᠰᠠᠭ ᠮᠥᠨ ᠯᠡ ᠤᠭ ᠬᠡᠪ ᠢ᠋ᠶ᠋ᠡᠷ ᠢ᠋ᠶ᠋ᠡᠨ ᠣᠷᠣᠰᠢᠵᠤ᠂ ᠲᠡᠳᠡᠨ ᠦ᠌ ᠵᠢᠩᠬᠢᠨᠢ ᠵᠣᠷᠢᠯᠭ᠎ᠠ ᠶ᠋ᠢ ᠮᠡᠳᠡᠬᠦ ᠬᠥᠮᠦᠨ ᠠᠯᠠᠭ᠎ᠠ᠂ ᠭᠠᠭᠴᠠ ᠬᠦ᠌ ᠦᠨᠡᠨ ᠵᠦᠢᠯ ᠭᠡᠪᠡᠯ ᠡᠨᠡ ᠵᠠᠰᠠᠭ ᠤ᠋ᠨ ᠭᠠᠵᠠᠷ ᠨᠢ ᠶᠠᠫᠣᠨ ᠤ᠋ ᠨᠥᠯᠥᠭᠡ ᠶ᠋ᠢ ᠴᠢᠩᠭ᠎ᠠ ᠬᠦᠷᠲᠡᠭᠰᠡᠨ ᠪᠠᠢᠨ᠎ᠠ᠃
ᠡᠭᠦᠨ ᠦ᠌ ᠬᠠᠮᠲᠤ ᠮᠣᠩᠭᠣᠯᠴᠤᠳ ᠪᠣᠯᠤᠨ ᠬᠢᠲᠠᠳ ᠤ᠋ᠨ ᠳᠤᠮᠳᠠ ᠶᠡᠬᠡ ᠪᠡᠷ ᠶᠠᠷᠢᠭᠳᠠᠵᠤ ᠪᠠᠢᠭ᠎ᠠ ᠵᠦᠢᠯ ᠪᠣᠯ ᠵᠠᠪᠰᠠᠷ ᠲᠤ᠌ ᠪᠠᠢᠭᠤᠯᠤᠭᠳᠠᠭᠰᠠᠨ ᠮᠣᠩᠭᠣᠯ ᠤ᠋ᠨ ᠬᠣᠶᠠᠳᠤᠭᠠᠷ ᠵᠠᠰᠠᠭ ᠤ᠋ᠨ ᠣᠷᠳᠣᠨ ᠪᠣᠯᠤᠨ᠎ᠠ᠃ ᠵᠠᠪᠰᠠᠷ ᠤ᠋ᠨ ᠰᠦᠮ᠎ᠡ ᠳ᠋ᠦ᠍ ᠪᠢᠳᠡ 《ᠭᠣᠪᠢ – ᠠᠶᠠᠯᠠᠯ 》 ᠳ᠋ᠠᠭᠠᠨ ᠠᠩᠬ᠎ᠠ ᠤᠳᠠᠭ᠎ᠠ ᠬᠣᠨᠣᠭᠯᠠᠭᠰᠠᠨ ᠪᠢᠯᠡ᠃ ᠡᠨᠳᠡ ᠰᠥᠨᠢᠳ ᠸᠠᠩ ᠰᠢᠨ᠎ᠡ ᠠᠯᠪᠠᠨ ᠤ᠋ ᠪᠠᠷᠢᠯᠭ᠎ᠠ ᠶ᠋ᠢ ᠪᠣᠰᠬᠠᠵᠤ᠂ ᠵᠠᠰᠠᠭ ᠤ᠋ᠨ ᠣᠷᠳᠣᠨ ᠤ᠋ ᠪᠠᠨ ᠰᠠᠭᠤᠭ᠎ᠠ ᠭᠠᠵᠠᠷ ᠪᠣᠯᠭᠠᠵᠠᠢ᠃ ᠵᠢᠷᠤᠭ ᠮᠡᠲᠦ ᠰᠠᠢᠬᠠᠨ ᠦᠵᠡᠮᠵᠢ ᠲᠡᠢ ᠪᠠᠳᠤᠬᠠᠭᠠᠯᠭ᠎ᠠ ᠨᠢ ᠰᠥᠨᠢᠳ ᠸᠠᠩ ᠤ᠋ᠨ ᠣᠷᠳᠣᠨ ᠪᠣᠯᠤᠨ ᠶᠠᠫᠣᠨ ᠤ᠋ ᠲᠤᠯᠤᠨ ᠨᠠᠭᠤᠷ ᠲᠤ᠌ ᠪᠠᠢᠭ᠎ᠠ ᠡᠵᠡᠮᠰᠢᠯ ᠭᠠᠵᠠᠷ ᠠ᠋ᠴᠠ ᠲᠤᠩ ᠬᠣᠯᠠ ᠪᠠᠢᠭᠰᠠᠨ ᠤᠴᠢᠷ ᠠ᠋ᠴᠠ ᠪᠣᠯᠵᠤ ᠣᠷᠬᠢᠭᠳᠠᠭᠰᠠᠨ ᠪᠠᠢᠨ᠎ᠠ᠃
ᠲᠡᠮᠴᠦᠭᠳᠦᠩᠷᠦᠪ ᠨᠣᠶᠠᠨ ᠪᠦᠷᠢᠮᠦᠰᠦᠨ ᠶᠠᠫᠣᠨ ᠤ᠋ ᠲᠠᠯ᠎ᠠ ᠳ᠋ᠤ᠌ ᠭᠠᠷᠴᠠᠢ᠃ ᠲᠡᠷᠡ ᠶᠠᠫᠣᠨ ᠠ᠋ᠴᠠ ᠨᠢᠰᠬᠡᠯ᠂ ᠮᠠᠰᠢᠨ ᠲᠡᠷᠭᠡ᠂ ᠴᠡᠷᠢᠭ ᠦ᠋ᠨ ᠵᠡᠪᠰᠡᠭ ᠪᠠ ᠳᠠᠷᠢ ᠰᠤᠮᠤ ᠵᠡᠷᠭᠡ ᠶ᠋ᠢ ᠦᠨ᠎ᠡ ᠲᠥᠯᠥᠪᠦᠷᠢ ᠦᠭᠡᠢ ᠪᠡᠷ ᠣᠯᠵᠤ ᠪᠠᠰᠠ ᠣᠯᠠᠨ ᠲᠣᠭᠠᠨ ᠤ᠋ ᠴᠡᠷᠢᠭ ᠦ᠋ᠨ ᠵᠥᠪᠯᠡᠭᠴᠢ᠂ ᠡᠮᠴᠢ ᠵᠡᠷᠭᠡ ᠶ᠋ᠢᠨ ᠬᠥᠮᠦᠰ ᠢ᠋ ᠳᠣᠣᠷ᠎ᠠ ᠪᠠᠨ ᠠᠪᠴᠢᠷᠠᠨ ᠬᠡᠷᠡᠭᠯᠡᠵᠡᠢ ᠪᠢ ᠡᠳᠡᠭᠡᠷ ᠢ᠋ ᠰᠣᠨᠣᠰᠬᠤ ᠶ᠋ᠢᠨ ᠵᠡᠷᠭᠡ ᠲᠡᠮᠴᠦᠭᠳᠦᠩᠷᠦᠪ ᠨᠣᠶᠠᠨ ᠤ᠋ ᠬᠣᠶᠠᠷ ᠵᠢᠯ ᠦ᠋ᠨ ᠡᠮᠦᠨ᠎ᠡ ᠪᠢᠳᠡᠨ ᠳ᠋ᠦ᠍ ᠶᠠᠷᠢᠭᠰᠠᠨ 《ᠵᠥᠪᠬᠡᠨ ᠴᠡᠷᠢᠭ ᠦ᠋ᠨ ᠬᠦᠴᠦᠨ ᠯᠡ ᠮᠣᠩᠭᠣᠯ ᠲᠦᠮᠡᠨ ᠢ᠋ ᠪᠥᠬᠥᠢᠯᠭᠡᠵᠦ ᠪᠠᠢᠨ᠎ᠠ᠂ ᠡᠨᠡ ᠨᠢ ᠪᠢᠳᠡᠨ ᠦ᠌ ᠳᠤᠲᠠᠭᠳᠠᠯ ᠲᠠᠢ ᠲᠠᠯ᠎ᠠ ᠪᠣᠯᠤᠨ᠎ᠠ 》ᠭᠡᠳᠡᠭ ᠶᠠᠷᠢᠶ᠎ᠠ ᠶ᠋ᠢ ᠥᠪᠡᠷ ᠦ᠋ᠨ ᠡᠷᠬᠡ ᠦᠭᠡᠢ ᠪᠣᠳᠣᠪᠠ᠃
ᠮᠠᠨ ᠤ᠋ ᠮᠡᠷᠭᠡᠨ ᠲᠡᠮᠴᠦᠭᠲᠦᠩᠷᠦᠪ ᠨᠣᠶᠠᠨ ᠴᠣᠬᠣᠮ ᠶᠠᠭᠤ ᠭᠡᠵᠦ ᠪᠣᠳᠣᠵᠤ ᠪᠠᠢᠭ᠎ᠠ ᠪᠣᠯ ? ᠶᠠᠫᠣᠨᠴᠤᠳ ᠢ᠋ ᠳᠤᠷ᠎ᠠ ᠪᠠᠷ ᠨᠢ ᠣᠷᠣᠭᠤᠯᠵᠤ ᠢᠷᠡᠬᠦ ᠭᠡᠵᠢ ᠤᠤ ? ᠡᠰᠡᠬᠦᠯ᠎ᠡ ᠠᠷᠤ ᠮᠣᠩᠭᠣᠯ ᠤ᠋ᠨ ᠰᠣᠪᠢᠶᠠᠳ ᠠ᠋ᠴᠠ ᠠᠶᠤᠵᠤ ᠪᠠᠢᠭ᠎ᠠ ᠤᠤ ? ᠶᠠᠫᠣᠨ ᠤ᠋ ᠮᠥᠩᠭᠥᠨ ᠦ᠌ ᠲᠠᠲᠠᠯᠭ᠎ᠠ ᠠ᠋ᠴᠠ ᠪᠣᠯᠵᠤ ᠮᠣᠩᠭᠣᠯ ᠢ᠋ᠶ᠋ᠠᠨ ᠮᠠᠨᠳᠤᠭᠤᠯᠬᠤ ᠪᠠᠨ ᠮᠠᠷᠲᠠᠭᠰᠠᠨ ᠴᠤ᠌ ᠶᠤᠮ ᠤᠤ? ᠡᠰᠡᠬᠦᠯ᠎ᠡ ᠡᠨᠡ ᠬᠦ᠌ ᠴᠢᠩᠭᠢᠰ ᠪᠣᠭᠳᠠ ᠬᠠᠭᠠᠨ ᠤ᠋ ᠬᠣᠢᠴᠢ ᠥᠪᠡᠷ ᠦ᠋ᠨ ᠢ᠋ᠶ᠋ᠡᠨ ᠥᠭᠡᠷ᠎ᠡ ᠶᠠᠮᠠᠷ ᠨᠢᠭᠡᠨ ᠴᠢᠬᠤᠯᠠ ᠲᠥᠯᠥᠪᠵᠢᠭᠦᠯᠭᠡ ᠲᠡᠢ ᠪᠠᠢᠭ᠎ᠠ ᠤᠤ ? ᠶᠠᠭᠤᠨ ᠳ᠋ᠤ᠌ ᠶᠠᠫᠣᠨ ᠤ᠋ ᠰᠠᠢᠨ ᠳᠤᠷ᠎ᠠ ᠶ᠋ᠢᠨ ᠳᠡᠮᠵᠢᠯᠭᠡ ᠪᠡᠷ ᠬᠦᠴᠦᠷᠬᠡᠭ ᠴᠡᠷᠢᠭ ᠠᠩᠭᠢ ᠪᠠᠢᠭᠤᠯᠵᠤ᠂ ᠬᠠᠭᠤᠴᠢᠨ ᠮᠣᠩᠭᠣᠯ ᠬᠠᠭᠠᠨᠲᠤ ᠤᠯᠤᠰ ᠢ᠋ᠶ᠋ᠠᠨ ᠰᠡᠷᠭᠦᠭᠡᠬᠦ ᠦᠭᠡᠢ ᠪᠣᠢ? ᠲᠡᠷᠡ ᠡᠨᠡ ᠬᠦ᠌ ᠬᠠᠮᠲᠤᠷᠠᠭᠰᠠᠨ ᠠᠵᠢᠯᠯᠠᠭ᠎ᠠ ᠪᠠᠷ ᠳᠠᠮᠵᠢᠭᠤᠯᠤᠨ ᠮᠣᠩᠭᠣᠯ ᠣᠷᠣᠨ ᠢ᠋ ᠡᠩᠬᠡ ᠲᠠᠢᠪᠤᠩ ᠤ᠋ᠨ ᠵᠠᠮ ᠳ᠋ᠤ᠌ ᠣᠷᠣᠭᠤᠯᠬᠤ ᠪᠠᠷ ᠴᠢᠷᠮᠠᠢᠵᠤ ᠪᠠᠢᠭ᠎ᠠ ᠤᠤ? ᠮᠣᠩᠭᠣᠯ ᠤ᠋ᠨ ᠡᠷᠲᠡᠨ ᠦ᠌ ᠲᠡᠦᠬᠡᠨ ᠳ᠋ᠡᠬᠢ ᠡᠪᠦᠭᠡ ᠳᠡᠭᠡᠳᠦᠰ ᠦ᠋ᠨ ᠢ᠋ᠶ᠋ᠡᠨ ᠵᠡᠪᠰᠡᠭ ᠦ᠋ᠨ ᠬᠦᠴᠦᠨ ᠢ᠋ᠶ᠋ᠡᠷ ᠬᠠᠭᠠᠨ ᠡᠷᠭᠦᠮᠵᠢᠯᠡᠭᠳᠡᠭᠰᠡᠨ ᠢ᠋ᠶ᠋ᠡᠨ ᠰᠤᠷᠭᠠᠮᠵᠢᠯᠠᠬᠤ ᠦᠭᠡᠢ ᠪᠠᠢᠭ᠎ᠠ ᠶᠤᠮ ᠭᠡᠵᠢ ᠤᠤ ?
ᠲᠡᠮᠴᠦᠭᠲᠦᠩᠷᠣᠪ ᠨᠣᠶᠠᠨ ᠤ᠋ ᠡᠢᠮᠦᠷᠬᠦᠦ ᠲᠤᠷᠰᠢᠯᠲᠠ ᠨᠢ ᠨᠠᠳᠠ ᠳ᠋ᠤ᠌ ᠶᠠᠭ ᠯᠠ ᠠᠶᠤᠮᠰᠢᠭᠲᠤ ᠬᠣᠶᠠᠷ ᠨᠢᠭᠤᠷᠳᠠᠨ ᠲᠠᠢ ᠲᠣᠭᠯᠠᠵᠤ ᠪᠠᠢᠭ᠎ᠠ ᠰᠢᠭ᠋ ᠰᠠᠨᠠᠭᠳᠠᠵᠤ ᠪᠠᠢᠪᠠ᠃ ᠬᠡᠷᠪᠡ ᠲᠡᠷᠡ ᠬᠦᠴᠦᠷᠬᠡᠭ ᠴᠡᠷᠢᠭ ᠠᠩᠭᠢ ᠪᠠᠨ ᠪᠠᠢᠭᠤᠯᠤᠮᠠᠭᠴᠠ ᠲᠡᠭᠦᠨ ᠦ᠌ ᠰᠢᠨ᠎ᠡ ᠨᠠᠢᠵᠠ ᠶᠠᠫᠣᠨ ᠨᠢ ᠥᠪᠡᠷ ᠦ᠋ᠨ ᠬᠢᠨᠢ ᠤᠳᠠᠭᠠᠨ ᠬᠣᠨᠣᠭ ᠤ᠋ᠨ ᠬᠦᠰᠡᠯᠡᠩ ᠢ᠋ ᠨᠢ ᠬᠥᠰᠡᠷᠳᠡᠭᠦᠯᠬᠦ ᠳ᠋ᠦ᠍ ᠬᠦᠷᠪᠡᠯ ᠶᠠᠭᠠᠬᠢᠨ᠎ᠠ ᠪᠢᠯᠡ ? ᠤᠴᠢᠷ ᠨᠢ ᠶᠠᠫᠣᠨᠴᠤᠳ ᠶᠠᠮᠠᠷ ᠨᠢᠭᠡᠨ ᠭᠠᠵᠠᠷ ᠢ᠋ ᠡᠵᠡᠯᠡᠭᠰᠡᠨ ᠦ᠌ ᠳᠠᠷᠠᠭ᠎ᠠ ᠦᠭᠡᠨ ᠳ᠋ᠡᠭᠡᠨ ᠰᠠᠭᠤᠭᠰᠠᠨ ᠤᠳᠠᠭ᠎ᠠ ᠭᠡᠵᠦ ᠶᠡᠷᠦ ᠡᠴᠡ ᠪᠠᠢᠳᠠᠭ ᠦᠭᠡᠢ᠃ ᠲᠡᠳᠡ ᠦᠷᠭᠦᠯᠵᠢᠯᠡᠨ ᠰᠢᠭᠠᠨᠴᠠᠭ ᠮᠡᠲᠦ ᠲᠦᠷᠢᠭᠰᠡᠭᠡᠷ ᠴᠠᠭᠠᠰᠢ ᠲᠥᠪᠡᠳ ᠦ᠋ᠨ ᠬᠢᠯᠢ ᠬᠦᠷᠴᠦ᠂ ᠣᠷᠣᠰ ᠬᠢᠲᠠᠳ ᠬᠣᠶᠠᠷ ᠭᠦᠷᠦᠨ ᠦ᠌ ᠵᠠᠪᠰᠠᠷ ᠲᠤ᠌ ᠰᠠᠭᠤᠬᠤ ᠪᠣᠯᠤᠨ᠎ᠠ᠃
ᠯᠠᠷᠰᠤᠨ ᠨᠡᠯᠢᠶᠡᠳ ᠤᠳᠠᠭᠠᠨ ᠴᠠᠭ ᠰᠥᠨᠢᠳ ᠸᠠᠩ ᠲᠠᠢ ᠠᠭᠤᠯᠵᠠᠭ᠎ᠠ ᠦᠭᠡᠢ᠃ ᠬᠠᠮᠤᠭ ᠤ᠋ᠨ ᠰᠡᠭᠦᠯᠴᠢ ᠶ᠋ᠢᠨ ᠤᠳᠠᠭᠠᠨ ᠤ᠋ ᠠᠭᠤᠯᠵᠠᠯᠲᠠ ᠳᠡᠭᠡᠷ᠎ᠡ ᠲᠡᠮᠴᠦᠭᠲᠦᠩᠷᠦᠪ ᠨᠣᠶᠠᠨ ᠥᠨᠥ ᠵᠢᠯ ᠮᠣᠩᠭᠣᠯ ᠳ᠋ᠤ᠌ ᠭᠠᠳᠠᠭᠠᠳᠤ ᠶ᠋ᠢᠨ ᠬᠥᠮᠦᠰ ᠦ᠋ᠨ ᠣᠷᠣᠬᠤ ᠶ᠋ᠢ ᠦᠯᠦ ᠵᠥᠪᠰᠢᠶᠡᠷᠡᠬᠦ ᠮᠠᠶᠢᠭᠲᠠᠢ ᠪᠢᠲᠡᠭᠦᠦ ᠪᠡᠷ ᠬᠡᠯᠡᠭᠰᠡᠨ ᠭᠡᠨ᠎ᠡ᠃
ᠣᠯᠠᠨ ᠲᠠᠯ᠎ᠠ ᠶ᠋ᠢᠨ ᠶᠠᠷᠢᠶ᠎ᠠ ᠬᠡᠯᠡᠯᠴᠡᠭᠡ ᠶ᠋ᠢ ᠴᠢᠭᠤᠯᠤᠯᠲᠤ ᠬᠠᠭᠠᠯᠭ᠎ᠠ ᠳ᠋ᠤ᠌ ᠪᠠᠢᠬᠤ ᠣᠬᠣᠷᠬᠠᠨ ᠬᠤᠭᠤᠴᠠᠭᠠᠨ ᠳ᠋ᠠᠭᠠᠨ ᠣᠯᠵᠤ ᠰᠣᠨᠣᠰᠪᠠ᠃ ᠰᠡᠭᠦᠯᠴᠢ ᠶ᠋ᠢᠨ ᠡᠳᠦᠷ ᠪᠢᠳᠡ ᠥᠪᠡᠷ ᠦ᠋ᠨ ᠫᠠᠰᠫᠣᠷᠲ ᠢ᠋ᠶ᠋ᠠᠨ ᠠᠳᠡᠬᠢ ᠬᠢᠲᠠᠳ ᠤ᠋ᠨ ᠵᠠᠬᠢᠷᠭᠠᠨ ᠳ᠋ᠤ᠌ ᠮᠣᠩᠭᠣᠯ ᠣᠷᠣᠬᠤ ᠲᠠᠮᠠᠭ᠎ᠠ ᠳᠠᠷᠤᠭᠤᠯᠬᠤ ᠪᠠᠷ ᠢᠯᠡᠭᠡᠪᠡ᠃ ᠯᠠᠷᠰᠤᠨ ᠪᠣᠯᠤᠨ ᠡᠸᠷᠢᠺᠰᠦᠨ ᠦ᠌ ᠬᠢ ᠵᠥᠪᠰᠢᠶᠡᠷᠡᠭᠳᠡᠵᠦ᠂ ᠮᠢᠨᠦᠬᠢ ᠲᠠᠲᠠᠭᠠᠯᠵᠠᠭᠳᠠᠪᠠ᠃ ᠡᠨᠡ ᠴᠦ᠍ ᠶᠣᠰᠣᠲᠠᠢ ᠪᠣᠯᠠᠢ ᠬᠡᠷᠡᠭ ᠪᠣᠯᠤᠭᠰᠠᠨ᠂ ᠤᠴᠢᠷ ᠨᠢ ᠪᠢ ᠥᠷᠯᠥᠭᠡᠬᠡᠨ ᠵᠠᠷᠤᠴᠠ ᠪᠣᠯᠤᠨ ᠮᠢᠨᠦ ᠪᠠᠢᠳᠠᠭ ᠠᠴᠢᠶ᠎ᠠ ᠶ᠋ᠢ ᠨᠠᠢᠵᠠᠯᠠᠳᠠᠭ ᠮᠣᠩᠭᠣᠯ ᠸᠠᠩ ᠬᠦᠩ ᠦ᠋ᠨ ᠠᠴᠢᠶᠠᠨ ᠤ᠋ ᠮᠠᠰᠢᠨ ᠳ᠋ᠤ᠌ ᠥᠭᠴᠦ ᠮᠣᠩᠭᠣᠯ ᠤᠷᠤᠭᠤ ᠢᠯᠡᠭᠡᠴᠢᠬᠡᠭᠰᠡᠨ ᠶᠦᠮ᠃
ᠪᠢ ᠥᠪᠡᠷ ᠦ᠋ᠨ ᠢ᠋ᠶ᠋ᠡᠨ ᠵᠤᠨ ᠤ᠋ ᠠᠶᠠᠯᠠᠯ ᠤ᠋ᠨ ᠲᠥᠯᠥᠪᠯᠡᠭᠡ ᠪᠡᠨ ᠡᠢᠮᠦ ᠲᠦᠷᠭᠡᠨ ᠬᠠᠶᠠᠵᠤ ᠴᠢᠳᠠᠬᠤ ᠦᠭᠡᠢ ᠪᠠᠢᠪᠠ᠃ ᠯᠠᠷᠰᠤᠨ ᠨᠠᠳᠠ ᠶᠠᠫᠣᠨ ᠤ᠋ ᠺᠣᠨᠰᠦ᠋ᠯ ᠳ᠋ᠦ᠍ ᠬᠦᠷᠴᠦ ᠠᠷᠭ᠎ᠠ ᠡᠷᠢᠬᠦ ᠶ᠋ᠢ ᠵᠥᠪᠯᠡᠪᠡ᠃ ᠴᠠᠢᠵᠠ ᠮᠠᠶᠢᠭ ᠤ᠋ᠨ ᠪᠠᠷᠢᠯᠭ᠎ᠠ ᠶ᠋ᠢᠨ ᠠᠷᠤ ᠳ᠋ᠠᠬᠢ ᠪᠠᠢᠰᠢᠩ ᠳ᠋ᠤ᠌ ᠳᠡᠭᠵᠢᠨ ᠬᠤᠪᠴᠠᠯᠠᠭᠰᠠᠨ ᠭᠠᠳᠠᠭᠠᠳᠤ ᠬᠠᠷᠢᠯᠴᠠᠭᠠᠨ ᠤ᠋ ᠠᠵᠢᠯᠲᠠᠨ ᠲᠠᠢ ᠠᠭᠤᠯᠵᠠᠪᠠ᠃ ᠲᠡᠷᠡ ᠶᠣᠰᠣᠷᠬᠠᠭ ᠮᠥᠷᠲᠡᠭᠡᠨ ᠨᠥᠬᠥᠷᠰᠡᠭ ᠢ᠋ᠶ᠋ᠡᠷ ᠢᠨᠢᠶᠡᠮᠰᠦᠭᠯᠡᠨ ᠴᠠᠢ ᠲᠠᠮᠠᠬᠢ ᠣᠢᠷᠠᠲᠤᠭᠤᠯᠵᠤ ᠮᠢᠨᠦ ᠶᠠᠷᠢᠶ᠎ᠠ ᠶ᠋ᠢ ᠠᠩᠬᠠᠷᠤᠯᠲᠠᠢᠬᠠᠨ ᠰᠣᠨᠣᠰᠤᠭᠰᠠᠨ ᠤ᠋ ᠳᠠᠷᠠᠭ᠎ᠠ ᠦᠷᠦ ᠡᠪᠡᠳᠦᠭᠰᠡᠨ ᠳᠠᠭᠤᠨ ᠤ᠋ ᠥᠩᠭᠡ ᠪᠡᠷ :
– ᠬᠠᠷᠠᠮᠰᠠᠯᠲᠠᠢ ᠨᠢ ᠮᠢᠨᠦ ᠨᠥᠯᠥᠭᠡ ᠵᠥᠪᠬᠡᠨ ᠴᠠᠭᠠᠨ ᠬᠡᠷᠡᠮ ᠯᠡ ᠬᠦᠷᠦᠨ᠎ᠡ᠂ ᠲᠡᠨᠳᠡ ᠬᠦᠷᠲᠡᠯ᠎ᠡ ᠮᠢᠨᠦ ᠲᠠᠨᠢᠯᠴᠠᠭᠤᠯᠭ᠎ᠠ ᠦᠭᠡᠢ ᠪᠡᠷ ᠴᠦ᠍ ᠬᠦᠷᠴᠦ ᠪᠣᠯᠤᠨ᠎ᠠ ᠭᠡᠪᠡ᠃
– ᠲᠠᠨ ᠤ᠋ ᠨᠡᠷ᠎ᠡ ᠶ᠋ᠢᠨ ᠬᠠᠭᠤᠳᠠᠰᠤ ᠪᠠᠨ ᠨᠠᠳᠠ ᠥᠭᠪᠡᠯ ᠬᠡᠷᠡᠭ ᠲᠦ᠍ ᠬᠦᠷᠬᠦ ᠪᠣᠯᠪᠠ ᠤᠤ? ᠭᠡᠵᠦ ᠪᠢ ᠬᠡᠯᠡᠬᠦ ᠳ᠋ᠦ᠍ ᠲᠡᠷᠡ :
– ᠲᠡᠢᠮᠦ ᠶᠡᠬᠡ ᠬᠡᠷᠡᠭ ᠲᠦ᠍ ᠬᠦᠷᠬᠦ ᠦᠭᠡᠢ ᠪᠠᠢᠬ᠎ᠠ ᠳᠠ ᠭᠡᠳ ᠨᠡᠯᠢᠶᠡᠳ ᠪᠣᠳᠣᠯᠬᠢᠯᠠᠭᠰᠠᠨ ᠤ᠋ ᠳᠠᠷᠠᠭ᠎ᠠ :
– ᠪᠢ ᠲᠠᠨ ᠢ᠋ ᠮᠠᠨ ᠤ᠋ ᠴᠡᠷᠢᠭ ᠠᠩᠭᠢ ᠶ᠋ᠢᠨ ᠳᠠᠷᠤᠭ᠎ᠠ ᠣᠮᠣᠲ ᠠᠪᠤᠭᠠᠢ ᠳ᠋ᠤ᠌ ᠲᠠᠨᠢᠯᠴᠠᠭᠤᠯᠵᠤ ᠪᠣᠯᠤᠨ᠎ᠠ ᠭᠡᠯᠡ᠃
ᠲᠡᠷᠡ ᠨᠡᠷ᠎ᠡ ᠶ᠋ᠢᠨ ᠢ᠋ᠶ᠋ᠡᠨ ᠬᠠᠭᠤᠳᠠᠰᠤᠨ ᠳᠡᠭᠡᠷ᠎ᠡ ᠬᠡᠳᠦᠨ ᠮᠥᠷ ᠪᠢᠴᠢᠭ ᠪᠢᠴᠢᠭᠡᠳ ᠨᠠᠳᠠ ᠥᠭᠭᠦᠯ᠎ᠡ᠃ ᠢᠩᠭᠢᠭᠡᠳ ᠪᠢ ᠬᠠᠵᠠᠭᠤ ᠶ᠋ᠢᠨ ᠭᠡᠷ ᠲᠦ᠍ ᠣᠷᠣᠵᠤ ᠬᠤᠪᠢ ᠵᠠᠶᠠᠭ᠎ᠠ ᠪᠠᠨ ᠲᠤᠷᠰᠢᠬᠤ ᠪᠠᠷ ᠲᠡᠭᠦᠨ ᠡᠴᠡ ᠠᠶᠠᠷᠯᠠᠪᠠ᠃ ᠨᠢᠭᠡᠨ ᠴᠢᠴᠢᠭᠦᠷ ᠪᠥᠮᠪᠦᠭᠡᠨ ᠦ᠌ ᠥᠷᠥᠭᠡᠨ ᠳ᠋ᠦ᠍ ᠨᠡᠯᠢᠶᠡᠳ ᠤᠳᠠᠭᠠᠨ ᠬᠦᠯᠢᠶᠡᠯᠭᠡᠭᠰᠡᠨ ᠦ᠌ ᠡᠴᠦᠰ ᠲᠦ᠍ ᠬᠤᠷᠠᠩᠳᠠ ᠣᠮᠣᠲ᠂ ᠴᠢᠷᠦᠭᠦᠯ ᠱᠠᠬᠠᠢ᠂ ᠤᠨᠤᠭᠠᠨ ᠤ᠋ ᠥᠮᠥᠳᠥ᠂ ᠬᠠᠭᠠᠰ ᠵᠠᠳᠠᠭᠠᠢ ᠴᠠᠮᠴᠠ ᠲᠠᠢ ᠬᠦᠷᠴᠦ ᠢᠷᠡᠪᠡ᠃ ᠪᠢ ᠯᠠᠪᠲᠠᠢ ᠲᠡᠭᠦᠨ ᠦ᠌ ᠰᠡᠳᠬᠢᠯ ᠲᠥᠪᠯᠡᠷᠡᠭᠦᠯᠦᠨ ᠠᠵᠢᠯᠯᠠᠵᠤ ᠪᠠᠢᠬᠤ ᠪᠤᠶᠤ ᠤᠨᠲᠠᠵᠤ ᠪᠠᠢᠬᠤ ᠳ᠋ᠤᠨᠢ ᠨᠥᠯᠥᠭᠡᠯᠡᠭᠰᠡᠨ ᠪᠣᠯᠤᠯᠲᠠᠢ᠃ ᠲᠡᠷᠡ ᠠᠭᠤᠷᠲᠠᠢ ᠮᠥᠷᠲᠡᠭᠡᠨ ᠨᠥᠬᠥᠷᠰᠡᠭ ᠪᠤᠰᠤ᠂ ᠬᠠᠶᠠ ᠪᠠᠰᠠ ᠬᠣᠱᠣᠩᠨᠠᠯᠲᠠᠢ ᠪᠠᠷ ᠶᠠᠷᠢᠵᠤ ᠪᠠᠢᠪᠠ᠃
– ᠮᠣᠩᠭᠣᠯ ᠳ᠋ᠤ᠌ ᠶᠠᠭᠤ ᠬᠢᠬᠦ ᠪᠣᠢ ?
– ᠠᠮᠠᠷᠠᠶ᠎ᠠ ᠭᠡᠰᠡᠨ ᠶᠦᠮ ᠠ᠋᠃
– ᠠᠮᠠᠷᠠᠨ᠎ᠠ ? ᠬᠤᠷᠠᠩᠳᠠ ᠱᠣᠣᠯᠠᠨ ᠢᠨᠢᠶᠡᠭᠰᠡᠨ ᠢ᠋ᠶ᠋ᠡᠨ᠂ ᠲᠠᠨ ᠳ᠋ᠤ᠌ ᠨᠢᠭᠡ ᠵᠥᠪᠯᠡᠯᠭᠡ ᠥᠭᠭᠦᠶ᠎ᠡ ᠳᠡ᠂ ᠵᠤᠨ ᠤ᠋ ᠴᠢᠯᠥᠭᠡ ᠪᠡᠨ ᠣᠨᠳᠣᠣ ᠭᠠᠵᠠᠷ ᠥᠩᠭᠡᠷᠡᠭᠡᠭᠡᠷᠡᠢ ! ᠢᠷᠡᠭᠡᠳᠦᠢ ᠳ᠋ᠦ᠍ ᠴᠦ᠍ ᠭᠡᠰᠡᠨ ᠮᠣᠩᠭᠣᠯ ᠢ᠋ ᠷᠠᠰᠢᠶᠠᠨ ᠤ᠋ ᠠᠮᠠᠷᠠᠯᠲᠠ ᠶ᠋ᠢᠨ ᠭᠠᠵᠠᠷ ᠪᠣᠯᠭᠠᠬᠤ ᠳ᠋ᠤ᠌ ᠲᠣᠬᠢᠷᠠᠮᠵᠢᠲᠠᠢ ᠪᠢᠰᠢ ᠪᠠᠢᠬ᠎ᠠ ! ᠭᠡᠯᠡ᠃
– ᠶᠠᠭᠠᠬᠢᠭᠠᠳ ᠭᠡᠳᠡᠭ ᠢ᠋ ᠪᠢ ᠮᠡᠳᠡᠵᠦ ᠪᠣᠯᠬᠤ ᠤᠤ ? ᠭᠡᠬᠦ ᠳ᠋ᠦ᠍ ᠲᠡᠷᠡ ᠨᠠᠮᠠᠶ᠋ᠢ ᠬᠣᠷᠣᠰᠤᠭᠰᠠᠨ ᠮᠠᠶᠢᠭᠲᠠᠢ ᠰᠢᠷᠪᠢᠰᠬᠢᠭᠡᠳ :
– ᠡᠭᠦᠨ ᠢ᠋ ᠲᠠᠨ ᠳ᠋ᠤ᠌ ᠮᠡᠳᠡᠭᠦᠯᠬᠦ ᠤᠴᠢᠷ ᠠᠯᠠᠭ᠎ᠠ ᠭᠡᠯᠡ᠃ ᠮᠢᠨᠦ ᠠᠴᠢᠶ᠎ᠠ ᠪᠠᠨ ᠤᠷᠢᠳᠴᠢᠯᠠᠨ ᠢᠯᠡᠭᠡᠭᠰᠡᠨ ᠲᠤᠬᠠᠢ ᠤᠴᠢᠷᠯᠠᠬᠤ ᠳ᠋ᠤ᠌ ᠲᠡᠷᠡ :
– ᠲᠠᠨ ᠤ᠋ ᠠᠴᠢᠶ᠎ᠠ ? ᠲᠡᠭᠦᠨ ᠢ᠋ᠶ᠋ᠡᠨ ᠲᠠ ᠪᠤᠴᠠᠭᠠᠭᠠᠳ ᠠᠪᠴᠢᠷᠠᠬᠤ ᠦᠭᠡᠢ ᠤᠤ ! ᠭᠡᠵᠦ ᠬᠠᠷᠢᠭᠤᠯᠤᠭᠠᠳ ᠶᠠᠷᠢᠶ᠎ᠠ ᠠᠳᠠ ᠬᠦᠷᠦᠯ᠎ᠡ ᠭᠡᠰᠡᠨ ᠮᠠᠶᠢᠭᠲᠠᠢ ᠪᠣᠰᠴᠤ ᠵᠣᠭᠰᠣᠪᠠ᠃ ᠲᠡᠭᠡᠬᠦ ᠳ᠋ᠦ᠍ ᠪᠢ ᠶᠠᠷᠢᠯᠴᠠᠭ᠎ᠠ ᠪᠠᠨ ᠡᠢᠮᠦ ᠬᠤᠷᠳᠤᠨ ᠳᠠᠭᠤᠰᠬᠠᠬᠤ ᠳᠤᠷ᠎ᠠ ᠦᠭᠡᠢ ᠲᠤᠯᠠ :
– ᠶᠡᠷᠦ ᠨᠢ ᠮᠣᠩᠭᠣᠯ ᠢ᠋ ᠶᠠᠫᠣᠨ ᠡᠵᠡᠯᠡᠴᠢᠬᠡᠭᠰᠡᠨ ᠶᠦᠮ ᠤᠤ ? ᠡᠢᠮᠦ ᠶᠠᠭᠤᠮ᠎ᠠ ᠰᠣᠨᠢᠨ ᠳᠡᠭᠡᠷ᠎ᠡ ᠬᠠᠷᠠᠭᠳᠠᠭ᠎ᠠ ᠦᠭᠡᠢ ᠰᠢᠳᠡ ! ᠭᠡᠬᠦ ᠪᠡᠷ :
– ᠪᠠᠶᠠᠷᠲᠠᠢ ᠭᠡᠰᠡᠨ ᠬᠠᠷᠢᠭᠤ ᠶ᠋ᠢ ᠯᠡ ᠣᠯᠪᠠ᠃
ᠲᠡᠷᠡ ᠰᠢᠯ ᠡᠭᠦᠳᠡᠨ ᠦ᠌ ᠴᠠᠭᠠᠭᠤᠷ ᠳᠠᠯᠳᠠ ᠣᠷᠣᠭᠠᠳ ᠡᠭᠦᠳᠡ ᠪᠡᠨ ᠲᠣᠷ ᠬᠢᠲᠡᠯ᠎ᠡ ᠬᠠᠭᠠᠪᠠ᠃ ᠢᠩᠭᠢᠭᠡᠳ ᠪᠢ ᠥᠷᠥᠭᠡᠨ ᠳ᠋ᠦ᠍ ᠭᠠᠭᠴᠠᠭᠠᠷ ᠦᠯᠡᠳᠡᠭᠡᠳ᠂ ᠠᠷᠭ᠎ᠠ ᠦᠭᠡᠢ ᠮᠠᠯᠠᠭᠠᠢ ᠪᠠᠨ ᠰᠢᠭᠦᠷᠡᠨ ᠠᠪᠤᠭᠠᠳ ᠭᠠᠷᠪᠠ᠃ ᠯᠠᠷᠰᠤᠨ ᠬᠦᠩ ᠡᠷᠡᠭᠡᠯᠵᠡᠭᠰᠡᠨ ᠴᠢᠷᠠᠢ ᠲᠠᠢ ᠪᠠᠷ ᠤᠭᠲᠤᠵᠤ ᠠᠪᠤᠭᠠᠳ᠂ ᠨᠡᠯᠢᠶᠡᠳ ᠪᠣᠳᠣᠯᠬᠢᠯᠠᠭᠰᠠᠨ ᠤ᠋ ᠡᠴᠦᠰ ᠲᠦ᠍ :
– ᠬᠣᠶᠠᠷ ᠵᠠᠮ ᠪᠠᠢᠨ᠎ᠠ᠂ ᠨᠢᠭᠡ ᠨᠢ ᠲᠠ ᠭᠦᠢᠬᠤᠸᠠ ᠬᠣᠲᠠ ᠬᠦᠷᠦᠭᠡᠳ ᠲᠡᠨᠳᠡ ᠡᠴᠡ ᠮᠤᠷᠤᠢᠵᠤ ᠴᠠᠭᠠᠨ ᠬᠦᠷᠢᠶᠡᠨ ᠦ᠌ ᠰᠦᠮ᠎ᠡ ᠳ᠋ᠦ᠍ ᠨᠠᠳᠠ ᠳᠡᠭᠡᠷ᠎ᠡ ᠢᠷᠡᠵᠦ ᠪᠣᠯᠤᠨ᠎ᠠ᠃ ᠡᠰᠡᠪᠡᠯ ᠱᠠᠰᠢᠨ ᠰᠤᠷᠲᠠᠯᠴᠢᠯᠠᠭᠴᠢ ᠰᠦᠢᠳ᠋ᠸᠷᠪᠣᠮ ᠢ᠋ᠶ᠋ᠠᠷ ᠳᠠᠮᠵᠢᠭᠤᠯᠤᠨ ᠬᠢᠲᠠᠳ ᠤ᠋ᠨ ᠵᠥᠪᠰᠢᠶᠡᠷᠡᠯ ᠢ᠋ ᠣᠯᠬᠤ ᠪᠠᠷ ᠲᠤᠷᠰᠢᠨ ᠦᠵᠡᠵᠦ ᠪᠣᠯᠤᠨ᠎ᠠ᠃ ᠲᠡᠷᠡ ᠴᠢᠨᠢ ᠴᠢᠭᠤᠯᠤᠯᠲᠤ ᠬᠠᠭᠠᠯᠭ᠎ᠠ ᠳ᠋ᠠᠬᠢ ᠵᠥᠪᠰᠢᠶᠡᠷᠡᠯ ᠪᠦᠬᠦᠨ ᠢ᠋ ᠣᠯᠳᠠᠭ ᠴᠠᠭᠠᠨ ᠠᠷᠠᠰᠤᠲᠠᠨ ᠰᠢᠦ᠃ ᠬᠡᠷᠪᠡ ᠲᠠ ᠰᠦᠢᠳ᠋ᠸᠷᠪᠣᠮ ᠢ᠋ ᠢᠳᠬᠠᠵᠤ᠂ ᠲᠡᠭᠦᠨ ᠲᠡᠢ ᠬᠠᠮᠲᠤ ᠬᠢᠲᠠᠳ ᠤ᠋ᠨ ᠵᠠᠬᠢᠷᠭᠠᠨ ᠳᠡᠭᠡᠷ᠎ᠡ ᠬᠦᠷᠪᠡᠯ ᠁ ᠭᠡᠳ ᠦᠭᠡ ᠪᠡᠨ ᠲᠡᠭᠦᠰᠬᠡᠭᠡ ᠦᠭᠡᠢ ᠬᠤᠷᠢᠶᠠᠪᠠ᠃
ᠯᠠᠷᠰᠤᠨ ᠬᠦᠩ ᠴᠣᠬᠣᠮ ᠥᠩᠭᠡᠷᠡᠭᠰᠡᠨ ᠳ᠋ᠡᠬᠢ ᠬᠢᠨ᠎ᠡ ᠭᠡᠰᠡᠨ ᠢ᠋ᠶ᠋ᠡᠨ ᠵᠠᠷᠯᠢᠭ ᠢ᠋ᠶ᠋ᠠᠷ ᠪᠦᠲᠦᠭᠡᠵᠦ ᠪᠠᠢᠭᠰᠠᠨ ᠡᠷᠬᠡ ᠮᠠᠲᠠᠯ ᠳ᠋ᠠᠭᠠᠨ ᠬᠠᠷᠠᠮᠰᠠᠵᠤ ᠪᠠᠢᠭ᠎ᠠ ᠶᠤᠮ ᠤᠤ? ᠡᠭᠦᠨ ᠢ᠋ ᠪᠢ ᠮᠡᠳᠡᠬᠦ ᠶ᠋ᠢᠨ ᠠᠷᠭ᠎ᠠ ᠦᠭᠡᠢ ᠂ ᠭᠡᠬᠦ ᠳ᠋ᠦ᠍ ᠮᠢᠨᠦ ᠮᠡᠳᠡᠬᠦ ᠪᠡᠷ ᠡᠨᠡ ᠨᠠᠰᠤᠲᠠᠢ ᠬᠦᠩ ᠪᠣᠯ ᠣᠯᠠᠨ ᠬᠡᠷᠡᠭ ᠤᠴᠢᠷ ᠲᠤ᠌ ᠲᠣᠬᠢᠷᠠᠨ ᠲᠣᠭᠲᠠᠨᠢᠵᠤ ᠴᠢᠳᠠᠳᠠᠭ ᠮᠥᠷᠲᠡᠭᠡᠨ ᠥᠪᠡᠷᠦᠨ ᠬᠣᠷᠣᠮᠬᠠᠨ ᠵᠠᠭᠤᠷ᠎ᠠ ᠡᠵᠡᠮᠰᠢᠭᠰᠡᠨ ᠠᠵᠠ ᠵᠠᠶᠠᠭᠠᠨ ᠤ᠋ ᠬᠣᠢᠨ᠎ᠠ ᠠ᠋ᠴᠠ ᠭᠠᠰᠢᠭᠤᠳᠠᠳᠠᠭ ᠦᠭᠡᠢ ᠬᠥᠮᠦᠨ ᠦ᠌ ᠨᠢᠭᠡ ᠶᠦᠮ᠃
ᠬᠣᠲᠠ ᠶ᠋ᠢᠨ ᠬᠣᠢᠲᠤ ᠬᠡᠰᠡᠭ ᠲᠦ᠍ ᠪᠠᠢᠷᠢᠯᠠᠳᠠᠭ ᠰᠦᠢᠳ᠋ᠸᠷᠪᠣᠮ ᠤ᠋ᠨ ᠱᠠᠰᠢᠨ ᠳᠡᠯᠭᠡᠷᠡᠭᠦᠯᠬᠦ ᠥᠷᠲᠡᠭᠡ ᠵᠦᠭ ᠠᠯᠬᠤᠬᠤ ᠳ᠋ᠠᠭᠠᠨ ᠥᠪᠡᠷ ᠦ᠋ᠨ ᠭᠤᠶᠤᠬᠤ ᠤᠴᠢᠷ ᠢ᠋ᠶ᠋ᠠᠨ ᠶᠠᠭᠠᠬᠢᠵᠤ ᠡᠪ ᠳᠦᠢᠲᠡᠢ ᠶᠠᠷᠢᠬᠤ ᠪᠠᠨ ᠪᠣᠳᠣᠭᠰᠠᠭᠠᠷ ᠶᠠᠪᠤᠪᠠ᠃ ᠯᠠᠷᠰᠤᠨ ᠪᠣᠯᠤᠨ ᠰᠦᠢᠳ᠋ᠸᠷᠪᠣᠮ᠂ ᠡᠨᠡ ᠬᠣᠶᠠᠷ ᠰᠸᠸᠳ᠋ᠸᠨ ᠬᠥᠮᠦᠨ ᠪᠣᠯ ᠨᠠᠰᠤᠨ ᠲᠤᠷᠰᠢ ᠨᠠᠢᠵᠠᠯᠠᠵᠤ ᠢᠷᠡᠭᠰᠡᠨ ᠭᠡᠳᠡᠭ ᠢ᠋ ᠪᠢ ᠮᠡᠳᠡᠨ᠎ᠡ᠃
– ᠯᠠᠷᠰᠤᠨ ᠬᠦᠩ ᠨᠠᠮᠠᠶ᠋ᠢ ᠲᠠᠨ ᠤᠷᠤᠭᠤ ᠢᠯᠡᠭᠡᠯ᠎ᠡ ᠭᠡᠵᠦ ᠪᠢ ᠦᠭᠡ ᠪᠡᠨ ᠡᠬᠢᠯᠡᠭᠡᠳ᠂ ᠮᠢᠨᠦ ᠲᠥᠯᠥᠪᠯᠡᠭᠡ ᠪᠠ ᠶᠠᠫᠣᠨᠴᠤᠳ ᠤ᠋ᠨ ᠲᠡᠨᠳᠡ ᠬᠠᠳᠠᠭᠠᠰᠤ ᠮᠥᠷᠭᠥᠭᠰᠡᠨ ᠵᠡᠷᠭᠡ ᠤᠴᠠᠷᠠᠯ ᠢ᠋ᠶ᠋ᠠᠨ ᠨᠢᠭᠡᠳ ᠨᠢᠭᠡ ᠪᠡᠷ ᠲᠣᠭᠠᠴᠢᠪᠠ᠃
– ᠣᠳᠣ ᠪᠠᠷ ᠢ᠋ᠶ᠋ᠠᠨ ᠵᠠᠬᠢᠷᠭᠠᠨ ᠤ᠋ ᠠᠵᠢᠯᠲᠠᠨ ᠳᠡᠭᠡᠷ᠎ᠡ ᠬᠦᠷᠦᠶ᠎ᠡ᠂ ᠲᠡᠭᠦᠨ ᠢ᠋ ᠪᠢ ᠶᠣᠰᠣᠲᠠᠢ ᠰᠠᠢᠨ ᠲᠠᠨᠢᠨ᠎ᠠ ᠭᠡᠵᠦ ᠲᠡᠷᠡ ᠶᠡᠬᠡ ᠯᠡ ᠢᠯᠭᠤᠮᠬᠠᠨ ᠵᠥᠪᠰᠢᠶᠡᠷᠡᠭᠡᠳ ᠬᠦᠷᠮ᠎ᠡ ᠪᠡᠨ ᠡᠮᠦᠰᠪᠡ᠃
ᠪᠢᠳᠡᠨ ᠢ᠋ ᠬᠦᠷᠬᠦ ᠳ᠋ᠦ᠍ ᠵᠠᠬᠢᠷᠭ᠎ᠠ ᠨᠢᠭᠡᠨᠲᠡ ᠠᠵᠢᠯ ᠠ᠋ᠴᠠ ᠪᠠᠨ ᠠᠮᠠᠷᠠᠵᠠᠢ᠃ ᠦᠳᠡ ᠶ᠋ᠢᠨ ᠬᠣᠢᠨᠠᠬᠢ ᠬᠣᠶᠠᠷ ᠴᠠᠭ ᠲᠤ᠌ ᠳᠠᠬᠢᠨ ᠠᠵᠢᠯᠯᠠᠨ᠎ᠠ ᠭᠡᠵᠦ ᠬᠥᠮᠦᠰ ᠪᠢᠳᠡᠨ ᠳ᠋ᠦ᠍ ᠰᠠᠨᠠᠭᠤᠯᠵᠤ ᠪᠠᠢᠪᠠ᠃
ᠬᠣᠭᠣᠯᠠᠨ ᠤ᠋ ᠳᠠᠷᠠᠭ᠎ᠠ ᠪᠢᠳᠡᠨ ᠢ᠋ ᠡᠨᠡ ᠬᠦ᠌ ᠬᠠᠭᠤᠴᠢᠨ ᠬᠣᠲᠠ ᠶ᠋ᠢᠨ ᠡᠭᠦᠳᠡ ᠪᠡᠷ ᠵᠢᠳᠬᠦᠭᠦᠷ ᠲᠡᠷᠭᠡ ᠪᠡᠷ ᠥᠩᠭᠡᠷᠡᠬᠦ ᠳ᠋ᠦ᠍ ᠭᠡᠨᠡᠳᠲᠡ ᠣᠢᠷᠠᠬᠠᠨ ᠭᠠᠷ ᠫᠤᠤ ᠶ᠋ᠢᠨ ᠳᠠᠭᠤ ᠳᠡᠰ ᠬᠢᠲᠡᠯ᠎ᠡ ᠳᠤᠤᠭᠠᠷᠬᠤ ᠰᠢᠭ᠋ ᠪᠣᠯᠪᠠ᠃ ᠲᠥᠷᠥᠯᠬᠢ ᠴᠢᠳᠠᠪᠤᠷᠢ ᠠ᠋ᠴᠠ ᠪᠠᠨ ᠪᠣᠯᠵᠤ ᠪᠢ ᠳᠠᠷᠤᠢᠬᠠᠨ ᠪᠥᠬᠥᠢᠪᠡ᠃ ᠭᠡᠬᠦ ᠳ᠋ᠦ᠍ ᠰᠦᠢᠳ᠋ᠸᠷᠪᠣᠮ ᠤ᠋ᠨ ᠲᠠᠯ᠎ᠠ ᠳ᠋ᠠᠬᠢ ᠲᠡᠷᠭᠡᠨ ᠳᠤᠭᠤᠢᠯᠠᠪᠤᠷᠢ ᠬᠠᠭᠠᠷᠠᠭᠰᠠᠨ ᠠᠵᠢ᠃ ᠪᠢᠳᠡ ᠡᠨᠡ ᠬᠦ᠌ ᠭᠡᠨᠡᠳᠲᠡ ᠶ᠋ᠢᠨ ᠤᠴᠠᠷᠠᠯ ᠳ᠋ᠠᠭᠠᠨ ᠢᠨᠢᠶᠡᠯᠴᠡᠭᠰᠡᠭᠡᠷ ᠶᠠᠪᠠᠭᠠᠨ ᠢ᠋ᠶ᠋ᠠᠷ ᠵᠠᠬᠢᠷᠭ᠎ᠠ ᠵᠦᠭ ᠶᠠᠪᠤᠪᠠ᠃
– ᠡᠨᠡ ᠴᠣᠬᠣᠮ ᠰᠠᠢᠨ ᠰᠤᠪᠢᠨ ᠤᠤ ? ᠮᠠᠭᠤ ᠰᠤᠪᠢᠨ ᠤᠤ ? ᠭᠡᠵᠦ ᠨᠠᠮᠠᠶ᠋ᠢ ᠠᠰᠠᠭᠤᠬᠤ ᠳ᠋ᠤ᠌ ᠱᠠᠰᠢᠨ ᠰᠤᠷᠲᠠᠯᠴᠢᠯᠠᠭᠴᠢ ᠳᠤᠤᠭᠠᠷᠤᠭᠰᠠᠨ ᠦᠭᠡᠢ᠃
ᠵᠠᠬᠢᠷᠭᠠᠨ ᠳᠡᠭᠡᠷ᠎ᠡ ᠨᠢᠭᠡᠨ ᠬᠢᠲᠠᠳ ᠠᠵᠢᠯᠲᠠᠨ ᠲᠤᠩ ᠶᠣᠰᠣᠷᠬᠠᠭ ᠢ᠋ᠶ᠋ᠠᠷ ᠪᠢᠳᠡᠨ ᠢ᠋ ᠬᠦᠯᠢᠶᠡᠨ ᠠᠪᠤᠪᠠ᠃ ᠪᠢ ᠰᠦᠢᠳ᠋ᠸᠷᠪᠣᠮ ᠤ᠋ᠨ ᠠᠷᠤ ᠳ᠋ᠤᠨᠢ ᠵᠣᠭᠰᠣᠵᠤ ᠬᠡᠳᠦᠢᠪᠡᠷ ᠲᠡᠳᠡᠨ ᠦ᠌ ᠶᠠᠷᠢᠬᠤ ᠶ᠋ᠢ ᠣᠢᠯᠠᠭᠠᠬᠤ ᠦᠭᠡᠢ ᠪᠣᠯᠪᠠᠴᠤ ᠨᠠᠳᠠ ᠤᠷᠤᠭᠤ ᠬᠠᠷᠠᠬᠤ ᠪᠦᠷᠢ ᠨᠥᠬᠥᠷᠰᠡᠭ ᠢᠨᠢᠶᠡᠮᠰᠦᠭᠯᠡᠭᠰᠡᠭᠡᠷ ᠪᠠᠢᠪᠠ᠃ ᠡᠨᠡ ᠬᠦ᠌ ᠠᠵᠢᠯᠲᠠᠨ ᠵᠥᠪᠰᠢᠶᠡᠷᠡᠯ ᠥᠭᠬᠦ ᠪᠣᠯᠤᠮᠵᠢ ᠣᠭᠲᠣ ᠦᠭᠡᠢ ᠭᠡᠳᠡᠭ ᠢ᠋ᠶ᠋ᠡᠨ ᠣᠯᠠᠨ ᠲᠠᠯ᠎ᠠ ᠶ᠋ᠢᠨ ᠲᠠᠢᠯᠪᠤᠷᠢᠯᠠᠯ ᠲᠠᠢ ᠶᠣᠰᠣᠷᠠᠬᠠᠭ ᠢ᠋ᠶ᠋ᠠᠷ ᠶᠠᠷᠢᠨ ᠥᠭᠪᠡ᠃ ᠰᠦᠢᠳ᠋ᠸᠷᠪᠣᠮ ᠪᠠᠰᠠ ᠲᠡᠢᠮᠦ ᠬᠤᠷᠳᠤᠨ ᠪᠠᠭᠤᠵᠤ ᠥᠭᠬᠦ ᠦᠭᠡᠢ ᠪᠠᠢᠵᠤ᠂ ᠡᠴᠦᠰ ᠦ᠋ᠨ ᠭᠤᠶᠤᠯᠲᠠ ᠬᠢᠬᠦ ᠪᠡᠷ ᠬᠢᠲᠠᠳ ᠤ᠋ᠨ ᠶᠣᠰᠣ ᠪᠠᠷ ᠬᠣᠶᠠᠷ ᠭᠠᠷ ᠢ᠋ᠶ᠋ᠠᠨ ᠴᠡᠭᠡᠵᠢᠨ ᠡᠮᠦᠨ᠎ᠡ ᠪᠡᠨ ᠪᠠᠷᠢᠵᠤ ᠶᠣᠰᠣᠯᠠᠪᠠ᠃ ᠢᠩᠭᠢᠭᠡᠳ ᠡᠨᠡ ᠬᠦ᠌ ᠬᠢᠲᠠᠳ ᠨᠠᠮᠠᠶ᠋ᠢ ᠨᠠᠭᠠᠰᠢ ᠴᠠᠭᠠᠰᠢ ᠠᠶᠠᠯᠠᠬᠤ ᠦᠭᠡᠢ᠂ ᠰᠡᠭᠦᠳᠡᠷᠯᠡᠬᠦ ᠦᠭᠡᠢ᠂ ᠮᠣᠩᠭᠣᠯ ᠳ᠋ᠤ᠌ ᠭᠠᠷᠬᠤ ᠤᠴᠢᠷ ᠤ᠋ᠳ ᠢ᠋ ᠰᠣᠨᠣᠰᠬᠤ ᠦᠭᠡᠢ᠂ ᠬᠠᠷᠠᠬᠤ ᠦᠭᠡᠢ ᠭᠡᠵᠦ ᠪᠠᠲᠤᠯᠠᠪᠠᠯ ᠵᠥᠪᠰᠢᠶᠡᠷᠡᠯ ᠣᠯᠭᠣᠶ᠎ᠠ ᠭᠡᠪᠡ᠃ ᠲᠡᠭᠡᠭᠡᠳ ᠪᠢ ᠳᠣᠣᠷ᠎ᠠ ᠪᠠᠨ ᠳᠠᠷᠠᠭᠠᠴᠢ ᠶ᠋ᠢᠨ ᠭᠤᠷᠪᠠᠨ ᠰᠠᠷ᠎ᠠ ᠳ᠋ᠤ᠌ ᠰᠣᠬᠣᠷ᠂ ᠳᠦᠯᠡᠢ᠂ ᠶᠠᠪᠠ ᠪᠣᠯᠵᠤ ᠶᠠᠪᠤᠨ᠎ᠠ ᠭᠡᠮᠡᠨ ᠪᠠᠲᠤᠯᠠᠪᠠ᠃
ᠪᠢᠳᠡ ᠨᠥᠬᠥᠷᠰᠡᠭ ᠮᠥᠷᠲᠡᠭᠡᠨ ᠬᠠᠷᠢᠯᠴᠠᠨ ᠣᠢᠯᠠᠭᠠᠯᠴᠠᠭᠰᠠᠨ ᠮᠠᠶᠢᠭᠲᠠᠢ ᠢᠨᠢᠶᠡᠮᠰᠦᠭᠯᠡᠪᠡ᠃ ᠣᠳᠣ ᠵᠥᠪᠬᠡᠨ ᠬᠠᠮᠤᠭ ᠤ᠋ᠨ ᠰᠡᠭᠦᠯᠴᠢ ᠶ᠋ᠢᠨ ᠠᠵᠢᠯ – ᠫᠠᠰᠫᠣᠷᠲ ᠲᠤ᠌ ᠮᠢᠨᠢ ᠵᠥᠪᠰᠢᠶᠡᠷᠡᠯ ᠳᠠᠷᠤᠵᠤ ᠥᠭᠬᠦ ᠠᠵᠢᠯ ᠦᠯᠡᠳᠡᠭᠡᠳ᠂ ᠮᠣᠩᠭᠣᠯ ᠳ᠋ᠤ᠌ ᠶᠠᠪᠤᠬᠤ ᠵᠠᠮ ᠮᠢᠨᠢ ᠳᠠᠬᠢᠨ ᠣᠩᠭᠣᠢᠪᠠ᠃
ᠪᠤᠴᠠᠵᠤ ᠢᠷᠡᠭᠡᠳ ᠯᠠᠷᠰᠤᠨ ᠳ᠋ᠤ᠌ ᠥᠩᠭᠡᠷᠡᠯᠲᠡ ᠪᠡᠨ ᠶᠠᠷᠢᠬᠤ ᠳ᠋ᠤ᠌ ᠲᠡᠷᠡ ᠢᠨᠢᠶᠡᠵᠦ ᠠᠪᠤᠭᠰᠠᠨ ᠢ᠋ᠶ᠋ᠠᠨ:
– ᠵᠥᠪᠬᠡᠨ ᠨᠢᠭᠡ ᠨᠢ ᠪᠦᠲᠦᠭᠰᠡᠨ ᠲᠡᠳᠦᠢ᠂ ᠴᠠᠭᠠᠰᠢ ᠪᠠᠨ ᠬᠡᠳᠦᠢ ᠶᠠᠪᠤᠵᠤ ᠳᠡᠢᠯᠬᠦ ᠶ᠋ᠢ ᠪᠢᠳᠡ ᠬᠠᠷᠠᠵᠤ ᠯᠠ ᠪᠠᠢᠶ᠎ᠠ ᠳᠠ ᠭᠡᠯᠡ᠃
