ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠭᠤᠷᠪᠠ) Сэрүүхэн тал нутаг–<свис> Вальтер Босгард (Walter Bosshard)- Дөрөвдүгээр бөлөг 13
ᠠᠩᠭᠢᠯᠠᠯ:ᠲᠤᠭᠤᠵᠢ ᠷᠣᠮᠠᠨТоож роман 2024-09-11
218
ᠠᠷᠪᠠᠨ ᠭᠤᠷᠪᠠ ᠂ ᠳᠠᠸᠠ ᠬᠦᠩ ᠦ᠋ᠨ ᠰᠢᠲᠠᠷ᠎ᠠ ᠶ᠋ᠢᠨ ᠬᠥᠯᠭᠡ ᠪᠢᠳᠡ ᠳᠥᠷᠪᠡᠳ ᠦ᠋ᠨ ᠬᠣᠢᠲᠤ ᠬᠡᠰᠡᠭ ᠵᠦᠭ ᠳᠠᠪᠬᠢᠵᠤ ᠪᠠᠢᠨ᠎ᠠ᠃ ᠡᠸᠷᠢᠺᠰᠦᠨ ᠨᠠᠳᠠ ᠲᠠᠢ ᠴᠣᠭ ᠮᠠᠰᠢᠨ ᠤ᠋ ᠠᠷᠤ ᠶ᠋ᠢᠨ ᠰᠠᠭᠤᠳᠠᠯ ᠳ᠋ᠤ᠌ ᠰᠠᠭᠤᠵᠤ᠂ ᠭᠦᠯᠦ ᠴᠠᠭᠠᠨ ᠳ᠋ᠠᠬᠢ ᠵᠠᠯᠠᠭᠤᠬᠠᠨ ᠱᠠᠰᠢᠨ ᠳᠡᠯᠭᠡᠷᠡᠭᠦᠯᠦᠭᠴᠢ ᠰᠸᠨᠰᠤᠨ ᠮᠠᠰᠢᠨ ᠢ᠋ ᠪᠠᠷᠢᠵᠤ ᠶᠠᠪᠤᠪᠠ᠃ ᠡᠨᠡ ᠬᠦ᠌ ᠮᠠᠰᠢᠨ ᠤ᠋ ᠲᠣᠨᠣᠭ ᠪᠦᠷᠢ ᠨᠢ ᠠᠶᠠᠯᠠᠯ ᠤ᠋ᠨ ᠳᠤᠮᠳᠠ ᠪᠠᠨ ᠬᠠᠲᠠᠭᠤ ᠲᠡᠮᠡᠴᠡᠯ ᠬᠢᠵᠦ ᠪᠠᠢᠭ᠎ᠠ ᠨᠢ ᠢᠯᠡᠬᠡᠨ...