ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ03ᠬᠡᠷᠡᠢᠳ ᠠᠢᠮᠠᠭ ᠲᠠᠢ ᠬᠣᠯᠪᠣᠭ᠎ᠠ ᠪᠠᠢᠭᠤᠯᠤᠭᠰᠠᠨ ᠨᠢЧингис хааны байлдах бодлого ба арга
ᠬᠡᠷᠡᠢᠳ ᠠᠢᠮᠠᠭ ᠲᠠᠢ ᠬᠣᠯᠪᠣᠭ᠎ᠠ ᠪᠠᠢᠭᠤᠯᠤᠭᠰᠠᠨ ᠨᠢ
(ᠨᠢᠭᠡ) ᠲᠠᠲ᠋ᠠᠷ ᠢ᠋ ᠳᠡᠢᠯᠦᠭᠰᠡᠨ ᠡᠴᠡ ᠲᠡᠮᠦᠵᠢᠨ ᠴᠠᠤᠳᠤᠬᠤᠷᠢ ᠨᠣᠶᠠᠨ ᠪᠣᠯᠤᠭᠰᠠᠨ ᠨᠢ
ᠲᠡᠮᠦᠵᠢᠨ ᠬᠠᠭᠠᠨ ᠢ᠋ᠶ᠋ᠠᠷ ᠰᠣᠩᠭᠣᠭᠳᠠᠭᠰᠠᠨ ᠴᠢᠮᠡᠭᠡ ᠶ᠋ᠢ ᠰᠣᠨᠣᠰᠤᠭᠰᠠᠨ ᠬᠡᠷᠡᠢᠳ ᠠᠢᠮᠠᠭ ᠤ᠋ᠨ ᠲᠤᠭᠤᠷᠢᠯ ᠬᠠᠨ ᠬᠡᠯᠡᠭᠰᠡᠨ ᠨᠢ᠄《ᠣᠳᠣ ᠮᠣᠩᠭᠣᠯᠴᠤᠳ ᠰᠡᠭᠡᠭᠡ ᠣᠷᠣᠭᠰᠠᠨ ᠪᠠᠢᠨ᠎ᠠ᠂ ᠨᠢᠭᠡ ᠤᠯᠤᠰ ᠭᠡᠵᠦ ᠪᠠᠢᠭᠠᠳ ᠬᠠᠭᠠᠨ ᠦᠭᠡᠢ ᠪᠠᠢᠵᠤ ᠶᠠᠭᠠᠬᠢᠨ ᠪᠣᠯᠤᠮᠤᠢ》 ᠭᠡᠵᠦ ᠬᠡᠯᠡᠵᠡᠢ᠃ ᠲᠡᠷᠡ ᠲᠡᠭᠦᠨ ᠦ᠌<ᠬᠠᠢᠷᠠᠲᠤ ᠬᠥᠪᠡᠭᠦᠨ> ᠨᠢ ᠬᠠᠭᠠᠨ ᠴᠣᠯᠠ ᠣᠯᠤᠭᠰᠠᠨ ᠳ᠋ᠤ᠌ ᠶᠡᠬᠡ ᠯᠡ ᠪᠠᠶᠠᠷᠯᠠᠯ᠎ᠠ᠃ ᠲᠡᠷᠡ ᠦᠶ᠎ᠡ ᠳ᠋ᠦ᠍ ᠮᠣᠩᠭᠣᠯᠴᠤᠳ ᠪᠣᠯ ᠥᠪᠡᠷ ᠢ᠋ ᠪᠡᠨ ᠪᠸᠲ᠋ᠡ᠋ ᠭᠡᠵᠦ ᠨᠡᠷᠡᠯᠡᠵᠦ ᠪᠠᠢᠭᠰᠠᠨ ᠡᠯᠡᠰᠦ ᠮᠠᠩᠬ᠎ᠠ ᠪᠠᠷ ᠨᠡᠭᠦᠳᠡᠯᠯᠡᠨ ᠮᠠᠯᠵᠢᠳᠠᠭ ᠦᠨᠳᠦᠰᠦᠲᠡᠨ ᠨᠦ᠍ᠭᠦᠳ ᠦ᠋ᠨ ᠳᠣᠲᠣᠷᠠᠬᠢ ᠬᠠᠮᠤᠭ ᠤ᠋ᠨ ᠵᠢᠭᠠᠬᠠᠨ ᠦᠨᠳᠦᠰᠦᠲᠡᠨ ᠦ᠌ ᠨᠢᠭᠡ ᠨᠢ ᠪᠠᠢᠵᠠᠢ᠃ ᠡᠳᠡᠭᠡᠷ ᠦᠨᠳᠦᠰᠦᠲᠡᠨ ᠦ᠌ ᠣᠯᠠᠩᠬᠢ ᠨᠢ ᠲᠦᠷᠦᠭᠦᠦ ᠪᠡᠨ ᠬᠠᠨ ᠭᠡᠬᠦ ᠪᠤᠶᠤ ᠪᠡᠬᠢ ᠭᠡᠵᠦ ᠳᠠᠭᠤᠳᠠᠳᠠᠭ ᠪᠠᠢᠪᠠ᠃ ᠬᠠᠨ ᠨᠢ ᠲᠡᠭᠦᠨ ᠦ᠌ ᠵᠠᠬᠢᠷᠴᠤ ᠪᠠᠢᠬᠤ ᠣᠷᠣᠨ ᠳ᠋ᠠᠭᠠᠨ ᠵᠠᠷᠢᠮ ᠬᠡᠮᠵᠢᠶ᠎ᠡ ᠪᠡᠷ ᠡᠮᠬᠢ ᠳᠢᠭᠯᠢᠮ ᠢ᠋ ᠲᠣᠭᠲᠠᠭᠠᠵᠤ ᠲᠡᠭᠦᠨ ᠢ᠋ᠶ᠋ᠡᠨ ᠬᠠᠮᠠᠭᠠᠯᠠᠵᠤ ᠪᠠᠢᠭᠰᠠᠨ ᠶᠤᠮ᠃ ᠭᠡᠪᠡᠴᠦ ᠡᠳᠡᠭᠡᠷ ᠲᠦᠷᠦᠭᠦᠴᠦᠳ ᠦ᠋ᠨ ᠡᠷᠬᠡ ᠰᠦᠷ ᠨᠢ ᠮᠠᠰᠢ ᠬᠢᠵᠠᠭᠠᠷᠯᠠᠭᠳᠠᠵᠤ ᠪᠠᠢᠯ᠎ᠠ᠃ ᠵᠠᠷᠢᠮ ᠭᠠᠭᠴᠠᠭᠠᠷᠳᠠᠭᠰᠠᠨ ᠲᠦᠷᠦᠭᠦᠦ ᠨᠢ ᠬᠦᠰᠡᠭᠰᠡᠨ ᠰᠠᠨᠠᠭ᠎ᠠ ᠪᠠᠷ ᠢ᠋ᠶ᠋ᠠᠨ ᠪᠣᠯᠬᠤ ᠦᠭᠡᠢ ᠪᠣᠯ ᠠᠢᠮᠠᠭ ᠶᠠᠰᠤᠲᠠᠨ ᠢ᠋ᠶ᠋ᠠᠨ ᠳᠠᠭᠠᠭᠤᠯᠤᠨ᠂ ᠶᠡᠬᠡ ᠰᠦᠷ ᠬᠦᠴᠦᠲᠡᠢ ᠥᠭᠡᠷ᠎ᠡ ᠨᠢᠭᠡᠨ ᠲᠦᠷᠦᠭᠦᠦ ᠶ᠋ᠢ ᠡᠷᠢᠨ ᠨᠡᠭᠦᠳᠡᠯᠯᠡᠬᠦ ᠶᠠᠪᠤᠳᠠᠯ ᠴᠤ ᠭᠠᠷᠳᠠᠭ ᠪᠠᠢᠵᠠᠢ᠃ ᠲᠡᠳᠡᠨᠡᠷ ᠬᠣᠭᠣᠷᠣᠨᠳᠣ ᠪᠠᠨ ᠲᠡᠮᠡᠴᠡᠯ ᠢ᠋ᠶ᠋ᠡᠷ ᠭᠣᠣᠯ ᠪᠣᠯᠭᠠᠵᠤ ᠪᠢᠰᠢᠷᠡᠵᠦ ᠳᠠᠭᠠᠵᠤ ᠪᠠᠢᠭᠰᠠᠨ ᠲᠦᠷᠦᠭᠦᠦ ᠶ᠋ᠢᠨ ᠠᠢᠮᠠᠭ ᠶᠠᠰᠤᠲᠠᠨ ᠨᠢ ᠬᠦᠴᠦᠨ ᠪᠠᠭᠤᠷᠠᠢ ᠪᠣᠯᠤᠭᠰᠠᠨ ᠦᠶ᠎ᠡ ᠳ᠋ᠦ᠍᠂ ᠡᠷᠡᠭᠡᠯᠡᠬᠦ ᠴᠦ᠍ ᠦᠭᠡᠢ ᠪᠡᠷ ᠲᠡᠭᠦᠨ ᠢ᠋ ᠪᠡᠨ ᠭᠡᠨᠡᠳᠡᠭᠦᠯᠦᠨ ᠴᠣᠬᠢᠬᠤ ᠶᠠᠪᠤᠳᠠᠯ ᠴᠤ ᠭᠠᠷᠳᠠᠭ ᠪᠠᠢᠭᠰᠠᠨ ᠶᠤᠮ᠃
ᠲᠡᠮᠦᠵᠢᠨ ᠥᠪᠡᠷ ᠦ᠋ᠨ ᠪᠡᠶ᠎ᠡ ᠪᠡᠷ ᠢ᠋ᠶ᠋ᠡᠨ ᠨᠡᠭᠦᠳᠡᠯᠴᠢᠨ ᠮᠠᠯᠴᠢᠳ ᠤ᠋ᠨ ᠠᠮᠢᠳᠤᠷᠠᠯ ᠤ᠋ᠨ ᠬᠤᠪᠢᠷᠠᠯᠲᠠ ᠶ᠋ᠢ ᠥᠩᠭᠡᠷᠡᠭᠡᠵᠦ ᠶᠠᠪᠤᠭᠰᠠᠨ ᠲᠤᠷᠰᠢᠯᠭ᠎ᠠ ᠲᠠᠢ ᠪᠣᠯᠬᠣᠷ᠂ ᠲᠡᠷᠡ ᠰᠢᠨ᠎ᠡ ᠬᠠᠭᠠᠨ ᠴᠣᠯᠠ ᠳ᠋ᠤ᠌ ᠥᠩᠭᠡᠷᠡᠦ ᠨᠠᠢᠳᠠᠬᠤ ᠦᠭᠡᠢ᠂ ᠶᠠᠭᠤᠨ ᠤ᠋ ᠤᠷᠢᠳ ᠥᠪᠡᠷ ᠦ᠋ᠨ ᠴᠡᠷᠢᠭ ᠦ᠋ᠨ ᠬᠦᠷᠢᠶ᠎ᠡ ᠪᠡᠨ ᠬᠦᠴᠦᠷᠬᠡᠭᠵᠢᠭᠦᠯᠬᠦ ᠪᠡᠷ ᠴᠢᠷᠮᠠᠢᠭᠰᠠᠨ ᠪᠠᠢᠨ᠎ᠠ᠃ ᠪᠠᠭᠠᠲᠤᠷ ᠪᠠᠢᠯᠳᠤᠭᠴᠢ ᠯᠠ ᠶᠤᠮ ᠪᠣᠯ ᠨᠢᠭᠡ ᠬᠥᠮᠦᠨ ᠢ᠋ ᠴᠦ᠍ ᠲᠡᠷᠡ᠂ ᠢᠷᠡᠭᠰᠡᠨ ᠪᠦᠬᠦᠨ ᠢ᠋ ᠬᠠᠯᠠᠭᠤᠨ ᠢ᠋ᠶ᠋ᠠᠷ ᠤᠭᠲᠤᠨ ᠠᠪᠬᠤ ᠪᠠᠷ ᠴᠢᠷᠮᠠᠢᠵᠠᠢ᠃ ᠶᠡᠬᠡ ᠠᠭᠤᠷᠠᠭ (ᠵᠠᠩᠵᠤᠨ ᠤ᠋ ᠣᠷᠳᠣᠨ) ᠳ᠋ᠠᠭᠠᠨ ᠲᠡᠭᠦᠨ ᠦ᠌ ᠴᠤᠭᠯᠠᠭᠤᠯᠤᠭᠰᠠᠨ ᠰᠢᠳᠤᠷᠭᠤ ᠠ᠋ᠴᠠ ᠰᠢᠳᠤᠷᠭᠤ ᠪᠤᠭᠤᠷᠴᠢ᠂ ᠵᠡᠯᠮ᠎ᠡ ᠪᠣᠯᠤᠨ ᠮᠤᠬᠤᠯᠠᠢ ᠵᠡᠷᠭᠡ ᠪᠠᠭᠠᠲᠤᠷᠴᠤᠳ ᠤ᠋ᠨ ᠤᠳᠤᠷᠢᠳᠤᠯᠭ᠎ᠠ ᠶ᠋ᠢᠨ ᠳᠣᠣᠷ᠎ᠠ᠂ ᠬᠤᠷᠴᠠ ᠱᠠᠯᠠᠮᠠᠭᠠᠢ ᠪᠠᠷ ᠨᠤᠮᠤ ᠰᠤᠮᠤ ᠬᠠᠷᠪᠤᠬᠤ ᠪᠤᠶᠤ ᠬᠥᠳᠡᠯᠦᠩᠭᠦᠢ ᠪᠡᠷ ᠪᠠᠢᠯᠳᠤᠬᠤ᠂ ᠪᠥᠭᠡᠮᠨᠡᠷᠡᠨ ᠴᠤᠭᠯᠠᠷᠠᠭᠰᠠᠨ ᠬᠡᠯᠪᠡᠷᠢ ᠪᠡᠷ ᠪᠠᠢᠯᠳᠤᠬᠤ ᠠᠷᠭ᠎ᠠ ᠶ᠋ᠢ ᠰᠤᠷᠭᠠᠵᠤ᠂ ᠲᠡᠭᠡᠭᠰᠡᠨ ᠬᠣᠢᠨ᠎ᠠ ᠡᠭᠦᠨ ᠢ᠋ ᠪᠡᠨ ᠨᠢᠭᠡᠨᠲᠡ ᠪᠠᠢᠭᠤᠯᠤᠭᠰᠠᠨ ᠳᠠᠢᠴᠢᠨ ᠠᠩᠭᠢ ᠳ᠋ᠠᠭᠠᠨ ᠣᠷᠣᠭᠤᠯᠳᠠᠭ ᠪᠠᠢᠨ᠎ᠠ᠃ ᠢᠩᠭᠢᠵᠦ ᠬᠢᠭᠰᠡᠨ ᠡᠴᠡ ᠡᠨᠡᠬᠦ ᠵᠠᠯᠠᠭᠤ ᠬᠠᠭᠠᠨ ᠨᠠᠰᠤ ᠪᠠᠭ᠎ᠠ ᠪᠣᠯᠤᠭᠰᠠᠨ ᠴᠤ ᠵᠢᠩᠬᠢᠨᠢ ᠴᠡᠷᠢᠭ ᠢ᠋ ᠠᠯᠬᠤᠮ ᠳᠠᠷᠠᠭ᠎ᠠ ᠲᠠᠢ ᠪᠠᠷ ᠪᠠᠢᠭᠤᠯᠤᠨ ᠪᠦᠲᠦᠭᠡᠵᠡᠢ᠃ ᠡᠨᠡ ᠨᠢ ᠪᠦᠷ ᠰᠢᠯᠢᠨ ᠰᠣᠩᠭᠣᠭᠰᠠᠨ ᠴᠡᠷᠢᠭ ᠦ᠋ᠳ ᠪᠣᠯᠤᠨ᠎ᠠ᠂ ᠬᠠᠭᠠᠨ ᠤ᠋ ᠲᠥᠯᠥᠭᠡ ᠠᠮᠢ ᠪᠡᠶ᠎ᠡ ᠪᠡᠨ ᠦᠷᠡᠭᠳᠡᠭᠦᠯᠵᠦ ᠴᠢᠳᠠᠬᠤ ᠦᠨᠡᠨᠴᠢ ᠰᠢᠳᠤᠷᠭᠤ ᠪᠠᠨ ᠭᠦᠢᠴᠡᠳᠬᠡᠵᠦ ᠴᠢᠳᠠᠬᠤ ᠴᠡᠷᠢᠭ ᠠᠩᠭᠢ ᠪᠣᠯᠤᠨ᠎ᠠ᠃
ᠭᠡᠪᠡᠴᠦ ᠰᠢᠨ᠎ᠡ ᠬᠠᠭᠠᠨ ᠤ᠋ ᠰᠡᠳᠬᠢᠯ ᠵᠣᠪᠠᠬᠤ ᠤᠴᠢᠷ ᠪᠣᠯ ᠭᠠᠭᠴᠠ ᠲᠡᠭᠦᠨ ᠦ᠌ ᠥᠷᠭᠡᠨ ᠬᠡᠪᠴᠢᠶ᠎ᠡ ᠲᠡᠢ ᠴᠡᠷᠢᠭ ᠦ᠋ᠨ ᠬᠦᠷᠢᠶ᠎ᠡ ᠶ᠋ᠢᠨ ᠲᠡᠳᠦᠢ ᠪᠤᠰᠤ᠂ ᠡᠭᠦᠨ ᠲᠡᠢ ᠪᠡᠨ ᠠᠳᠠᠯᠢ ᠪᠠᠷ ᠬᠠᠮᠢᠶᠠᠷᠴᠤ ᠪᠠᠢᠬᠤ《ᠤᠯᠤᠰ》 ᠤ᠋ᠨ ᠢ᠋ᠶ᠋ᠠᠨ ᠲᠥᠯᠥᠭᠡ ᠰᠡᠳᠬᠢᠯ ᠵᠣᠪᠠᠳᠠᠭ ᠪᠠᠢᠵᠠᠢ᠃ ᠬᠠᠷᠢᠶᠠᠲᠤ ᠲᠦᠰᠢᠮᠡᠯ ᠨᠠᠷ ᠤ᠋ᠨ ᠢ᠋ᠶ᠋ᠠᠨ ᠵᠣᠯ ᠵᠢᠷᠭᠠᠯ ᠢ᠋ ᠬᠠᠮᠠᠭᠠᠯᠠᠬᠤ ᠶ᠋ᠢᠨ ᠲᠥᠯᠥᠭᠡ ᠬᠡᠷᠡᠭᠴᠡᠭᠡ ᠲᠡᠢ ᠪᠥᠭᠡᠳ ᠲᠦᠭᠰᠢᠭᠦᠷᠢ ᠲᠡᠢ ᠴᠠᠭ ᠲᠤᠨᠢ ᠳᠠᠷᠤᠢ ᠲᠦᠷᠭᠡᠨ ᠢ᠋ᠶ᠋ᠡᠷ ᠲᠡᠳᠡᠨ ᠢ᠋ ᠲᠤᠰᠠᠯᠠᠬᠤ ᠪᠠᠷ ᠡᠴᠢᠵᠦ ᠴᠢᠳᠠᠬᠤ ᠶᠣᠰᠣᠲᠠᠢ᠂ ᠤᠴᠢᠷ ᠡᠢᠮᠦ ᠡᠴᠡ ᠲᠡᠭᠦᠨ ᠦ᠌ ᠬᠠᠮᠢᠶᠠᠷᠳᠠᠭ ᠭᠠᠵᠠᠷ ᠣᠷᠣᠨ ᠳ᠋ᠤ᠌ ᠭᠠᠷᠤᠭᠰᠠᠨ ᠠᠯᠢᠪᠠ ᠴᠢᠬᠤᠯᠠ ᠬᠡᠷᠡᠭ ᠢ᠋ ᠮᠣᠷᠢᠨ ᠳᠣᠪᠲᠣᠯᠭ᠎ᠠ ᠪᠠᠷ ᠬᠥᠮᠦᠨ ᠵᠠᠷᠤᠵᠤ ᠲᠡᠭᠦᠨ ᠳ᠋ᠦ᠍ ᠮᠡᠳᠡᠭᠦᠯᠬᠦ ᠠᠷᠭ᠎ᠠ ᠶ᠋ᠢ ᠠᠪᠴᠠᠢ᠃ ᠲᠡᠷᠡ ᠥᠪᠡᠷ ᠲᠡᠭᠡᠨ ᠪᠠᠰᠠ ᠵᠠᠷᠯᠢᠭ ᠢ᠋ᠶ᠋ᠠᠨ ᠲᠦᠷᠭᠡᠨ ᠤᠯᠠᠮᠵᠢᠯᠠᠭᠤᠯᠬᠤ ᠪᠠᠷ ᠣᠯᠠᠨ ᠰᠢᠯᠢᠳᠡᠭ ᠪᠠᠢᠯᠳᠤᠭᠴᠢ ᠶ᠋ᠢ ᠪᠡᠯᠡᠳᠬᠡᠵᠦ᠂ ᠡᠯ᠎ᠡ ᠴᠡᠷᠢᠭ ᠦ᠋ᠨ ᠬᠦᠷᠢᠶ᠎ᠡ ᠨᠢ ᠬᠠᠮᠢᠶᠠᠷᠴᠤ ᠪᠠᠢᠬᠤ ᠣᠷᠣᠨ ᠳ᠋ᠠᠭᠠᠨ ᠬᠠᠭᠠᠨ ᠤ᠋ ᠵᠠᠷᠯᠢᠭ ᠢ᠋《ᠰᠤᠮᠤ ᠮᠡᠲᠦ ᠲᠦᠷᠭᠡᠨ》 ᠤᠯᠠᠮᠵᠢᠯᠠᠬᠤ ᠶ᠋ᠢᠨ ᠲᠥᠯᠥᠭᠡ᠂ ᠭᠦᠶᠦᠳᠡᠯ ᠰᠠᠢᠲᠠᠢ ᠬᠤᠷᠳᠤᠨ ᠣᠷᠢᠳ ᠢ᠋ ᠪᠡᠯᠡᠳᠬᠡᠵᠦ ᠪᠠᠢᠬᠤ ᠬᠡᠷᠡᠭᠲᠡᠢ ᠪᠢᠯᠡ᠃
ᠥᠩᠭᠡᠷᠡᠭᠰᠡᠨ ᠦ᠌ ᠶᠠᠮᠠᠷᠴᠤ ᠬᠠᠭᠠᠨ ᠭᠡᠳ ᠬᠠᠷᠢᠶᠠᠲᠤ ᠲᠦᠰᠢᠮᠡᠳ ᠦ᠋ᠨ ᠢ᠋ᠶ᠋ᠡᠨ ᠬᠢᠵᠦ ᠪᠠᠢᠬᠤ ᠬᠡᠷᠡᠭ ᠢ᠋ ᠡᠢᠮᠦ ᠬᠤᠷᠳᠤᠨ᠂ ᠡᠢᠮᠦ ᠰᠠᠢᠨ ᠮᠡᠳᠡᠬᠦ ᠭᠡᠵᠦ ᠴᠢᠷᠮᠠᠢᠭᠰᠠᠨ ᠬᠥᠮᠦᠨ ᠲᠡᠮᠦᠵᠢᠨ ᠡᠴᠡ ᠥᠭᠡᠷ᠎ᠡ ᠨᠢᠭᠡ ᠴᠤ ᠪᠠᠢᠵᠤ ᠥᠩᠭᠡᠷᠡᠭᠰᠡᠨ ᠦᠭᠡᠢ ᠶᠦᠮ᠃ ᠬᠠᠷᠢᠶᠠᠲᠤ ᠲᠦᠰᠢᠮᠡᠳ ᠪᠤᠶᠤ ᠠᠢᠮᠠᠭ ᠶᠠᠰᠤᠲᠠᠨ ᠠ᠋ᠴᠠ ᠢᠷᠡᠭᠰᠡᠨ ᠤᠯᠠᠭ᠎ᠠ ᠶ᠋ᠢᠨ ᠬᠥᠮᠦᠰ ᠢ᠋ ᠲᠡᠮᠦᠵᠢᠨ ᠰᠠᠢᠨ ᠳᠠᠢᠯᠠᠨ ᠢᠳᠡᠭᠦᠯᠵᠦ ᠤᠤᠭᠤᠯᠭᠠᠭᠠᠳ᠂ ᠪᠡᠯᠡᠭ ᠰᠡᠯᠡᠭ ᠬᠦᠷᠭᠡᠳᠡᠭ ᠪᠠᠢᠭᠰᠠᠨ ᠶᠤᠮ᠃ ᠡᠨᠡᠬᠦ ᠬᠡᠰᠢᠭ ᠬᠦᠷᠲᠡᠭᠰᠡᠨ ᠬᠥᠮᠦᠰ ᠬᠠᠷᠢᠭᠰᠠᠨ ᠬᠣᠢᠨ᠎ᠠ ᠪᠠᠨ ᠳᠡᠯᠭᠡᠷᠡᠭᠦᠯᠦᠨ ᠶᠠᠷᠢᠵᠤ ᠮᠠᠵᠢᠭᠤᠯᠳᠠᠭ ᠠ᠋ᠴᠠ ᠤᠯᠠᠮ ᠣᠯᠠᠨ ᠬᠥᠮᠦᠨ ᠰᠠᠢᠨ ᠳᠤᠷ᠎ᠠ ᠠ᠋ᠴᠠ ᠪᠠᠨ ᠴᠢᠩᠭᠢᠰ ᠬᠠᠭᠠᠨ ᠤ᠋ ᠳᠡᠷᠭᠡᠳᠡ ᠮᠡᠳᠡᠭᠡ ᠬᠦᠷᠭᠡᠵᠦ ᠢᠷᠡᠳᠡᠭ ᠪᠠᠢᠨ᠎ᠠ᠃ ᠴᠢᠩᠭᠢᠰ ᠬᠠᠭᠠᠨ ᠴᠤ ᠬᠠᠮᠢᠶᠠᠷᠴᠤ ᠪᠦᠬᠦᠢ ᠣᠷᠣᠨ ᠳ᠋ᠠᠭᠠᠨ ᠶᠠᠮᠠᠷ ᠮᠡᠳᠡᠭᠡ ᠶ᠋ᠢ ᠪᠦᠷ ᠮᠡᠳᠡᠵᠦ ᠴᠢᠳᠠᠬᠤ ᠪᠣᠯᠤᠭᠰᠠᠨ ᠢ᠋ᠶ᠋ᠠᠷ ᠪᠠᠷᠠᠬᠤ ᠦᠭᠡᠢ ᠢᠷᠡᠭᠰᠡᠨ ᠤᠯᠠᠭ᠎ᠠ ᠶ᠋ᠢᠨ ᠬᠥᠮᠦᠰ ᠨᠢ ᠲᠡᠳᠡᠨ ᠦ᠌ ᠠᠢᠮᠠᠭ ᠶᠠᠰᠤᠲᠠᠨ ᠳ᠋ᠠᠭᠠᠨ ᠰᠢᠨ᠎ᠡ ᠮᠡᠳᠡᠭᠡ ᠪᠠ ᠮᠡᠳᠡᠯᠭᠡ ᠶ᠋ᠢ ᠠᠪᠴᠤ ᠬᠠᠷᠢᠳᠠᠭ ᠪᠠᠢᠨ᠎ᠠ᠃ ᠵᠢᠱ᠌ᠢᠶᠡᠯᠡᠪᠡᠯ ᠬᠡᠨ ᠦ᠌ ᠬᠣᠲᠠ ᠠᠢᠯ ᠨᠢ ᠬᠠᠮᠢᠭ᠎ᠠ ᠣᠷᠢᠯᠠᠵᠤ ᠪᠠᠭᠤᠭᠰᠠᠨ᠂ ᠶᠠᠮᠠᠷ ᠨᠢᠭᠡ ᠨᠥᠬᠥᠷᠰᠡᠭ ᠠᠢᠮᠠᠭ ᠰᠤᠷᠪᠤᠯᠵᠢᠯᠠᠵᠤ ᠢᠷᠡᠭᠰᠡᠨ᠂ ᠡᠰᠡᠬᠦᠯ᠎ᠡ ᠶᠠᠮᠠᠷ ᠨᠢᠭᠡᠨ ᠠᠷᠠᠯᠵᠢᠶ᠎ᠠ ᠶ᠋ᠢᠨ ᠬᠥᠮᠦᠨ ᠢᠷᠡᠭᠰᠡᠨ ᠭᠡᠬᠦ ᠵᠡᠷᠭᠡ ᠶᠡᠷᠦ ᠶ᠋ᠢᠨ ᠮᠡᠳᠡᠭᠡ ᠶ᠋ᠢ ᠨᠡᠪᠲᠡᠷᠡᠭᠦᠯᠵᠦ ᠡᠬᠢᠯᠡᠵᠡᠢ᠃ ᠲᠡᠮᠦᠵᠢᠨ ᠢᠷᠡᠭᠰᠡᠨ ᠮᠣᠷᠢᠲᠠᠨ ᠨᠠᠷ ᠲᠤ ᠡᠯᠪᠡᠭ ᠳᠡᠯᠪᠡᠭ ᠰᠠᠭᠠᠯᠢ ᠶ᠋ᠢᠨ ᠠᠷᠢᠬᠢ ᠭᠠᠷᠭᠠᠨ ᠤᠤᠭᠤᠯᠭᠠᠵᠤ᠂ ᠲᠡᠳᠡᠨ ᠦ᠌ ᠠᠮᠠᠨ ᠠ᠋ᠴᠠ ᠵᠦᠢᠯ ᠪᠦᠷᠢ ᠶ᠋ᠢᠨ ᠬᠡᠷᠡᠭ ᠤᠴᠢᠷ ᠢ᠋ ᠰᠣᠨᠣᠰᠴᠤ ᠠᠪᠬᠤ ᠳ᠋ᠠᠭᠠᠨ ᠣᠨᠴᠠ ᠰᠠᠢᠨ ᠠᠷᠭ᠎ᠠ ᠲᠠᠢ ᠪᠢᠯᠡ᠃ ᠬᠠᠷᠢᠶᠠᠲᠤ ᠲᠦᠰᠢᠮᠡᠳ᠂ ᠳᠠᠷᠤᠭ᠎ᠠ ᠨᠣᠶᠠᠳ ᠨᠢ ᠶᠠᠭᠤ ᠬᠢᠵᠦ ᠪᠠᠢᠨ᠎ᠠ᠂ ᠶᠠᠭᠤ ᠲᠥᠯᠥᠪᠯᠡᠵᠦ ᠪᠠᠢᠬᠤ ᠵᠡᠷᠭᠡ ᠶ᠋ᠢ ᠲᠡᠷᠡ ᠪᠦᠷᠢᠨ ᠮᠡᠳᠡᠵᠦ ᠪᠠᠢᠵᠠᠢ᠃
ᠨᠢᠭᠡ ᠵᠢᠱ᠌ᠢᠶ᠎ᠡ ᠲᠠᠲᠠᠵᠤ ᠬᠡᠯᠡᠪᠡᠯ᠂ ᠲᠡᠮᠦᠵᠢᠨ ᠦ᠌ ᠵᠠᠷᠯᠢᠭ ᠢ᠋ ᠳᠠᠮᠵᠢᠭᠤᠯᠬᠤ ᠨᠢᠭᠡ ᠮᠣᠷᠢᠲᠠᠨ ᠨᠢ ᠬᠠᠭᠠᠨ ᠳ᠋ᠠᠭᠠᠨ ᠠᠯᠲᠠᠨ ᠤᠯᠤᠰ ᠤ᠋ᠨ ᠡᠯᠴᠢᠨ ᠦ᠌ ᠨᠢᠭᠡ ᠪᠦᠯᠬᠦᠮ ᠬᠡᠷᠡᠢᠳ ᠠᠢᠮᠠᠭ ᠤ᠋ᠨ ᠲᠤᠭᠤᠷᠢᠯ ᠬᠠᠨ ᠢ᠋ ᠰᠤᠷᠪᠤᠯᠵᠢᠯᠠᠷ᠎ᠠ ᠢᠷᠡᠪᠡ ᠭᠡᠵᠦ ᠰᠣᠨᠣᠰᠤᠭᠰᠠᠨ ᠢ᠋ᠶ᠋ᠠᠨ ᠮᠡᠳᠡᠭᠦᠯᠬᠦ ᠳ᠋ᠦ᠍᠂ ᠲᠡᠮᠦᠵᠢᠨ ᠳᠠᠷᠤᠢ ᠬᠥᠮᠦᠨ ᠵᠠᠷᠤᠵᠤ ᠲᠡᠷᠡᠬᠦ ᠡᠯᠴᠢᠨ ᠢ᠋ ᠥᠪᠡᠷ ᠦ᠋ᠨ ᠤᠯᠤᠰ ᠲᠠᠭᠠᠨ ᠠᠢᠯᠴᠢᠯᠠᠨ ᠢᠷᠡᠨ᠎ᠡ ᠤᠤ? ᠭᠡᠵᠦ ᠤᠷᠢᠯᠭ᠎ᠠ ᠲᠠᠯᠪᠢᠵᠤ ᠭᠡᠨ᠎ᠡ᠃ ᠡᠳᠡᠭᠡᠷ ᠬᠢᠲᠠᠳ ᠡᠯᠴᠢᠳ ᠡᠭᠦᠷᠢᠳᠡ ᠬᠠᠷᠢ ᠭᠠᠵᠠᠷ ᠢ᠋ᠶ᠋ᠠᠷ ᠶᠠᠪᠤᠵᠤ᠂ ᠶᠠᠮᠠᠷ ᠬᠡᠷᠡᠭ ᠤᠴᠢᠷ ᠭᠠᠷᠴᠤ ᠪᠠᠢᠨ᠎ᠠ ᠭᠡᠰᠡᠨ ᠮᠡᠳᠡᠭᠡ ᠶ᠋ᠢ ᠬᠤᠷᠢᠶᠠᠬᠤ ᠨᠢᠭᠡᠨ ᠵᠦᠢᠯ ᠦ᠋ᠨ ᠡᠭᠦᠷᠭᠡ ᠲᠡᠢ ᠪᠠᠢᠭᠰᠠᠨ ᠪᠣᠯᠬᠣᠷ ᠲᠡᠷᠡ ᠡᠯᠴᠢ ᠶ᠋ᠢᠨ ᠪᠦᠯᠬᠦᠮ ᠪᠠᠶᠠᠷ ᠲᠠᠢ ᠪᠠᠷ ᠤᠷᠢᠯᠭ᠎ᠠ ᠶ᠋ᠢ ᠬᠦᠯᠢᠶᠡᠨ ᠠᠪᠤᠭᠠᠳ᠂ ᠤᠨᠤᠨ ᠮᠦᠷᠡᠨ᠎ᠡ ᠬᠦᠷᠴᠦ᠂ ᠡᠨᠡ ᠭᠠᠵᠠᠷ ᠤ᠋ᠨ ᠵᠠᠯᠠᠭᠤ ᠰᠢᠨ᠎ᠡ ᠬᠠᠭᠠᠨ ᠤ᠋ ᠶᠠᠮᠠᠷ ᠬᠥᠮᠦᠨ ᠪᠣᠯᠬᠤ ᠲᠤᠬᠠᠢ ᠪᠠᠬᠠᠨ ᠶᠠᠭᠤᠮ᠎ᠠ ᠣᠯᠵᠤ ᠮᠡᠳᠡᠶ᠎ᠡ ᠭᠡᠵᠦ ᠪᠣᠳᠣᠵᠠᠢ᠃ ᠠᠭᠤᠯᠵᠠᠭᠰᠠᠨ ᠨᠢ ᠬᠣᠶᠠᠷ ᠲᠠᠯ᠎ᠠ ᠪᠠᠷ ᠪᠦᠷ ᠲᠠᠭᠠᠯᠠᠮᠵᠢᠲᠠᠢ ᠪᠣᠯᠵᠠᠢ᠃ ᠲᠡᠮᠦᠵᠢᠨ ᠬᠣᠩᠭᠢᠷᠠᠳ ᠠᠢᠮᠠᠭ ᠲᠤ᠌ ᠪᠠᠢᠭᠰᠠᠨ ᠦᠶ᠎ᠡ ᠳ᠋ᠡᠭᠡᠨ ᠰᠤᠷᠤᠭᠰᠠᠨ ᠮᠠᠶᠢᠭ ᠢ᠋ᠶ᠋ᠠᠷ ᠢ᠋ᠶ᠋ᠠᠨ ᠡᠨᠡᠬᠦ ᠡᠯᠴᠢᠨ ᠦ᠌ ᠪᠦᠯᠬᠦᠮ ᠢ᠋ ᠤᠭᠲᠤᠭᠰᠠᠨ ᠪᠠᠢᠨ᠎ᠠ᠃ ᠲᠡᠮᠦᠵᠢᠨ ᠦ᠌ ᠬᠠᠲᠤᠨ ᠨᠢ ᠬᠢᠲᠠᠳ ᠤ᠋ᠨ ᠬᠢᠯᠢ ᠳᠠᠭᠠᠤ ᠰᠠᠭᠤᠵᠤ ᠪᠠᠢᠭᠰᠠᠨ ᠨᠢᠭᠡᠨ ᠲᠦᠷᠦᠭᠦᠦ ᠶ᠋ᠢᠨ ᠬᠡᠦᠬᠡᠨ ᠪᠣᠯᠬᠣᠷ᠂ ᠬᠢᠲᠠᠳ ᠤ᠋ᠨ ᠶᠣᠰᠣ ᠳᠦᠷᠢᠮ ᠳ᠋ᠦ᠍ ᠵᠣᠬᠢᠴᠠᠬᠤ ᠣᠪᠣᠷ ᠢ᠋ᠶ᠋ᠠᠷ ᠠᠭᠤᠯᠵᠠᠪᠠ ᠲᠡᠭᠡᠭᠡᠳ ᠠᠯᠲᠠᠨ ᠤᠯᠤᠰ ᠤ᠋ᠨ ᠡᠯᠴᠢᠳ᠂ ᠲᠡᠮᠦᠵᠢᠨ ᠦ᠌ ᠤᠭᠲᠤᠯᠲᠠ ᠳ᠋ᠤ᠌ ᠬᠠᠩᠭᠠᠮᠵᠢᠲᠠᠢ ᠪᠠᠢᠭᠰᠠᠨ ᠪᠥᠭᠡᠳ ᠲᠡᠭᠦᠨ ᠢ᠋ ᠢᠲᠡᠭᠡᠵᠦ ᠪᠠᠢᠵᠠᠢ᠃ ᠡᠢᠮᠦ ᠡᠴᠡ ᠲᠡᠮᠦᠵᠢᠨ ᠳ᠋ᠦ᠍ ᠲᠠᠲ᠋ᠠᠷ ᠠᠢᠮᠠᠭ ᠤ᠋ᠨ ᠨᠢᠭᠡ ᠪᠦᠯᠦᠭ ᠬᠥᠮᠦᠰ ᠠᠯᠲᠠᠨ ᠤᠯᠤᠰ ᠤ᠋ᠨ ᠬᠢᠵᠠᠭᠠᠷ ᠲᠤ᠌ ᠳᠣᠪᠲᠣᠯᠤᠨ ᠣᠷᠣᠭᠠᠳ ᠪᠤᠯᠢᠶᠠᠨ ᠳᠡᠭᠡᠷᠡᠮᠳᠡᠭᠰᠡᠨ ᠪᠣᠯᠬᠣᠷ᠂ ᠠᠯᠲᠠᠨ ᠤᠯᠤᠰ ᠤ᠋ᠨ ᠵᠠᠩᠽᠥ᠋ᠩ ᠬᠠᠭᠠᠨᠠ᠋ᠴᠠ ᠡᠭᠦᠨ ᠢ᠋ ᠴᠢᠩᠭ᠎ᠠ ᠪᠠᠷ ᠰᠢᠢᠳᠬᠡᠲᠦᠭᠡᠢ ᠭᠡᠵᠦ ᠵᠠᠷᠯᠢᠭ ᠪᠠᠭᠤᠯᠭᠠᠭᠰᠠᠨ ᠢ᠋ ᠬᠡᠯᠡᠵᠦ ᠥᠭᠪᠡ᠃
ᠭᠡᠪᠡᠴᠦ ᠲᠠᠲ᠋ᠠᠷᠴᠤᠳ ᠪᠠᠰᠠᠴᠤ ᠤᠷᠢᠳ ᠤ᠋ᠨ ᠢ᠋ᠶ᠋ᠠᠨ ᠠᠳᠠᠯᠢ ᠪᠠᠷ᠂ ᠬᠠᠭᠠᠨ ᠤ᠋ ᠵᠠᠷᠯᠢᠭ ᠢ᠋ᠶ᠋ᠠᠷ ᠶᠡᠬᠡ ᠴᠡᠷᠢᠭ ᠳᠠᠢᠯᠠᠷ᠎ᠠ ᠢᠷᠡᠭᠰᠡᠨ ᠢ᠋ ᠰᠣᠨᠣᠰᠤᠮᠠᠭᠴᠠ ᠥᠷᠭᠡᠨ ᠠᠭᠤᠳᠠᠮ ᠲᠠᠯ᠎ᠠ ᠨᠤᠲᠤᠭ ᠤ᠋ᠨ ᠢ᠋ᠶ᠋ᠠᠨ ᠠᠯᠤᠰ ᠬᠣᠯᠠ ᠳ᠋ᠤ᠌ ᠮᠥᠷ ᠰᠡᠭᠦᠳᠡᠷ ᠦᠭᠡᠢ ᠳᠤᠲᠠᠭᠠᠨ ᠶᠠᠪᠤᠪᠠ᠃ ᠡᠨᠡᠬᠦ ᠡᠯᠴᠢᠨ ᠪᠦᠯᠬᠦᠮ ᠢ᠋ ᠲᠣᠮᠢᠯᠠᠭᠰᠠᠨ ᠤᠴᠢᠷ ᠨᠢ ᠬᠡᠷᠡᠢᠳ ᠦ᠋ᠨ ᠲᠤᠭᠤᠷᠢᠯ ᠬᠠᠨ ᠢ᠋ᠶ᠋ᠠᠷ ᠴᠡᠷᠢᠭ ᠭᠠᠷᠭᠠᠭᠤᠯᠤᠨ᠂ ᠲᠠᠲ᠋ᠠᠷ ᠤ᠋ᠨ ᠠᠷᠤ ᠵᠠᠮ ᠢ᠋ ᠲᠣᠰᠴᠤ ᠴᠣᠬᠢᠬᠤ ᠪᠠᠷ ᠵᠥᠪᠳᠡᠭᠰᠡᠨ ᠭᠡᠨ᠎ᠡ᠃ ᠲᠡᠮᠦᠵᠢᠨ᠂ ᠲᠡᠭᠦᠨ ᠦ᠌ ᠡᠴᠢᠭᠡ ᠶᠢᠰᠦᠭᠡᠢ ᠪᠠᠭᠠᠲᠤᠷ ᠢ᠋ ᠬᠣᠣᠷᠯᠠᠨ ᠠᠯᠠᠭᠰᠠᠨ ᠲᠠᠲ᠋ᠠᠷᠠ᠋ᠴᠠ ᠥᠰᠢᠶ᠎ᠡ ᠪᠡᠨ ᠠᠪᠬᠤ ᠶ᠋ᠢ ᠪᠣᠳᠣᠭᠰᠠᠨ ᠢ᠋ᠶ᠋ᠠᠷ ᠦᠯᠦ ᠪᠠᠷᠠᠨ᠂ ᠮᠣᠩᠭᠣᠯ ᠤ᠋ᠨ ᠰᠢᠨ᠎ᠡ ᠬᠠᠭᠠᠨ ᠪᠣᠯᠤᠭᠰᠠᠨ ᠨᠡᠷ᠎ᠡ ᠰᠦᠷ ᠢ᠋ᠶ᠋ᠡᠨ ᠮᠠᠨᠳᠤᠭᠤᠯᠬᠤ ᠪᠠ ᠥᠷᠭᠡᠨ ᠠᠭᠤᠳᠠᠮ ᠲᠠᠯ᠎ᠠ ᠨᠤᠲᠤᠭ ᠲᠠᠬᠢ ᠮᠣᠩᠭᠣᠯᠴᠤᠳ ᠤ᠋ᠨ ᠳᠣᠲᠣᠷ᠎ᠠ ᠨᠥᠯᠥᠭᠡ ᠪᠡᠨ ᠥᠷᠭᠡᠳᠬᠡᠬᠦ ᠶ᠋ᠢᠨ ᠲᠥᠯᠥᠭᠡ ᠣᠯᠳᠠᠰᠢ ᠦᠭᠡᠢ ᠠᠰᠢᠭ ᠲᠠᠢ ᠲᠣᠬᠢᠶᠠᠯ ᠪᠣᠯᠵᠠᠢ ᠭᠡᠵᠦ ᠪᠣᠳᠣᠯ᠎ᠠ᠃ ᠤᠴᠢᠷ ᠡᠢᠮᠦ ᠡᠴᠡ ᠲᠡᠮᠦᠵᠢᠨ ᠳᠠᠷᠤᠢ ᠲᠦᠷᠭᠡᠨ ᠢ᠋ᠶ᠋ᠡᠷ ᠲᠣᠭᠣᠷᠢᠯ ᠬᠠᠨ ᠤ᠋ ᠳᠡᠷᠭᠡᠳᠡ《ᠰᠤᠮᠤ ᠮᠡᠲᠦ ᠲᠦᠷᠭᠡᠨ》 ᠮᠣᠷᠢᠲᠠᠨ ᠢ᠋ ᠲᠣᠮᠢᠯᠠᠵᠤ᠂ ᠬᠡᠷᠡᠢᠳ ᠲᠡᠢ ᠨᠡᠢᠯᠡᠵᠦ ᠬᠠᠮᠲᠤᠷᠠᠨ ᠪᠠᠢᠯᠳᠤᠬᠤ ᠪᠠᠷ ᠪᠣᠯᠵᠣᠭ᠎ᠠ ᠲᠣᠭᠲᠠᠬᠤ ᠶ᠋ᠢᠨ ᠬᠠᠮᠲᠤ᠂ ᠬᠢᠯᠢ ᠣᠷᠴᠢᠮ ᠪᠠᠢᠭ᠎ᠠ ᠢᠲᠡᠭᠡᠵᠦ ᠪᠣᠯᠤᠮᠠᠷ ᠡᠳᠦᠢ ᠲᠡᠳᠦᠢ ᠮᠣᠩᠭᠣᠯ ᠠᠢᠮᠠᠭ ᠶᠠᠰᠤᠲᠠᠨ ᠳ᠋ᠤ᠌ ᠪᠠᠰᠠ ᠡᠯᠴᠢ ᠶ᠋ᠢ ᠶᠠᠪᠤᠭᠤᠯᠤᠨ᠂ ᠶᠡᠷᠦ ᠶ᠋ᠢᠨ ᠮᠠᠯᠴᠢᠳ ᠮᠡᠲᠦ ᠪᠡᠷ ᠣᠪᠯᠠᠵᠤ ᠲᠠᠲ᠋ᠠᠷ ᠤ᠋ᠨ ᠬᠢᠯᠢ ᠳᠣᠲᠣᠷ᠎ᠠ ᠣᠷᠣᠵᠤ ᠮᠠᠯᠵᠢᠭᠠᠳ᠂ ᠲᠡᠳᠡᠨ ᠦ᠌ ᠴᠡᠷᠢᠭ ᠦ᠋ᠨ ᠬᠦᠴᠦ ᠪᠠ ᠴᠡᠷᠢᠭ ᠦ᠋ᠨ ᠬᠦᠷᠢᠶ᠎ᠡ ᠪᠠᠢᠬᠤ ᠭᠠᠵᠠᠷ ᠤ᠋ᠨ ᠲᠤᠬᠠᠢ ᠴᠢᠮᠡᠭᠡ ᠶ᠋ᠢ ᠬᠤᠷᠢᠶᠠᠯᠭᠠᠬᠤ ᠪᠠᠷ ᠪᠠᠢᠷᠢᠯᠠᠭᠤᠯᠪᠠ᠃
ᠠᠯᠲᠠᠨ ᠤᠯᠤᠰ ᠤ᠋ᠨ ᠶᠠᠪᠠᠭᠠᠨ ᠴᠡᠷᠢᠭ ᠲᠦ᠍ ᠲᠠᠭᠤᠭᠳᠠᠭᠰᠠᠨ ᠪᠥᠭᠡᠳ ᠬᠡᠷᠡᠢᠳ ᠪᠣᠯᠤᠨ ᠮᠣᠩᠭᠣᠯᠴᠤᠳ ᠲᠤ ᠰᠠᠨᠠᠮᠰᠠᠷ ᠦᠭᠡᠢ ᠵᠠᠮ ᠲᠣᠰᠴᠤ ᠴᠣᠬᠢᠭᠳᠠᠭᠰᠠᠨ ᠲᠠᠲ᠋ᠠᠷᠴᠤᠳ ᠪᠦᠷᠢᠮᠦᠰᠦᠨ ᠳᠡᠢᠯᠦᠭᠳᠡᠵᠡᠢ᠃ ᠲᠠᠲ᠋ᠠᠷᠴᠤᠳ ᠤ᠋ᠨ ᠬᠢᠲᠠᠳ ᠭᠠᠵᠠᠷ ᠠ᠋ᠴᠠ ᠪᠤᠯᠢᠶᠠᠨ ᠳᠡᠭᠡᠷᠡᠮᠳᠡᠵᠦ ᠢᠷᠡᠭᠰᠡᠨ ᠡᠳ᠋ ᠡᠷᠳᠡᠨᠢ ᠵᠡᠷᠭᠡ ᠶᠠᠭᠤᠮ᠎ᠠ ᠬᠡᠦᠮ᠎ᠡ ᠪᠡᠨ ᠴᠥᠮ ᠬᠡᠷᠡᠢᠳ ᠪᠠ ᠮᠣᠩᠭᠣᠯᠴᠤᠳ ᠤ᠋ᠨ ᠭᠠᠷ ᠲᠤ ᠠᠯᠳᠠᠴᠢᠪᠠ᠃ ᠬᠡᠷᠡᠢᠳ ᠪᠣᠯᠤᠨ ᠮᠣᠩᠭᠣᠯᠴᠤᠳ ᠬᠡᠯᠡᠯᠭᠡᠨ ᠦᠭᠡᠢ ᠡᠭᠦᠨ ᠢ᠋ ᠨᠢ ᠠᠯᠲᠠᠨ ᠤᠯᠤᠰ ᠤ᠋ᠨ ᠴᠡᠷᠢᠭ ᠲᠦ᠍ ᠪᠤᠴᠠᠭᠠᠵᠤ ᠥᠭᠭᠦᠶ᠎ᠡ ᠭᠡᠵᠦ ᠰᠠᠨᠠᠬᠤ ᠦᠭᠡᠢ ᠶᠦᠮ᠃ ᠲᠡᠮᠦᠵᠢᠨ ᠦ᠌ ᠣᠷᠳᠣᠨ ᠳ᠋ᠤ᠌ ᠬᠦᠷᠭᠡᠵᠦ ᠢᠷᠡᠭᠰᠡᠨ ᠤᠷᠠᠯᠢᠭ ᠤ᠋ᠨ ᠶᠠᠭᠤᠮ᠎ᠠ ᠨᠢ ᠴᠥᠮ ᠲᠠᠯ᠎ᠠ ᠨᠤᠲᠤᠭ ᠤ᠋ᠨ ᠬᠥᠮᠦᠰ ᠦ᠋ᠨ ᠥᠩᠭᠡᠷᠡᠭᠰᠡᠨ ᠳ᠋ᠡᠭᠡᠨ ᠣᠯᠵᠤ ᠦᠵᠡᠭᠡ ᠦᠭᠡᠢ ᠶᠠᠭᠤᠮ᠎ᠠ ᠪᠠᠢᠵᠠᠢ᠃ ᠮᠥᠩᠭᠥᠨ ᠬᠢᠴᠡᠲᠡᠢ ᠬᠡᠦᠬᠡᠳ ᠦ᠋ᠨ ᠥᠯᠥᠭᠡᠢ᠂ ᠬᠥᠨᠵᠢᠯᠡ ᠳᠡᠭᠡᠷ᠎ᠡ ᠨᠢ ᠠᠯᠲᠠᠨ ᠤᠲᠠᠰᠤ ᠪᠠᠷ ᠬᠠᠳᠬᠤᠭᠰᠠᠨ ᠴᠡᠴᠡᠭ ᠬᠤᠸᠠᠷ ᠲᠠᠢ ᠪᠠᠢᠯ᠎ᠠ᠃ ᠭᠡᠪᠡᠴᠦ ᠲᠡᠮᠦᠵᠢᠨ ᠳ᠋ᠦ᠍ ᠬᠠᠮᠤᠭ ᠠ᠋ᠴᠠ ᠶᠡᠬᠡ ᠣᠯᠵᠠ ᠪᠣᠯᠤᠭᠰᠠᠨ ᠨᠢ ᠮᠣᠩᠭᠣᠯᠴᠤᠳ ᠤ᠋ᠨ ᠡᠯ᠎ᠡ ᠠᠢᠮᠠᠭ ᠶᠠᠰᠤᠲᠠᠨ ᠢ᠋ ᠲᠡᠷᠡ ᠶᠡᠷᠦᠩᠬᠡᠢᠯᠡᠨ ᠵᠢᠯᠣᠭᠣᠳᠤᠭᠰᠠᠨ ᠠ᠋ᠴᠠ ᠠᠩᠬ᠎ᠠ ᠤᠳᠠᠭ᠎ᠠ ᠨᠢᠭᠲᠠᠷᠠᠨ ᠬᠠᠮᠲᠤᠷᠠᠵᠤ ᠡᠬᠢᠯᠡᠭᠰᠡᠨ ᠪᠥᠭᠡᠳ ᠡᠭᠦᠨ ᠢ᠋ ᠪᠡᠨ ᠳᠠᠭᠠᠭᠤᠯᠤᠨ ᠪᠠᠢᠯᠳᠤᠭᠠᠨ ᠬᠢᠭᠡᠳ ᠰᠦᠷ ᠭᠡᠷᠡᠯᠲᠡᠢ ᠢᠯᠠᠯᠲᠠ ᠣᠯᠤᠭᠰᠠᠨ ᠶᠠᠪᠤᠳᠠᠯ ᠪᠣᠯᠤᠨ᠎ᠠ᠃ ᠲᠡᠭᠡᠭᠡᠳ ᠠᠯᠲᠠᠨ ᠤᠯᠤᠰ ᠤ᠋ᠨ ᠵᠠᠩᠵᠤᠨ ᠨᠢ ᠲᠠᠲ᠋ᠠᠷ ᠲᠤ ᠪᠤᠯᠢᠶᠠᠭᠳᠠᠭᠰᠠᠨ ᠡᠳ᠋ ᠡᠷᠳᠡᠨᠢ ᠪᠡᠨ ᠪᠤᠴᠠᠭᠠᠵᠤ ᠠᠪᠤᠶ᠎ᠠ ᠭᠡᠵᠦ ᠪᠣᠳᠣᠭᠰᠠᠨ ᠴᠤ ᠦᠭᠡᠢ᠂ ᠡᠨᠡᠬᠦ ᠵᠠᠩᠵᠤᠨ ᠲᠤᠰ ᠤᠳᠠᠭ᠎ᠠ ᠶ᠋ᠢᠨ ᠲᠡᠢᠨ ᠦ᠌ ᠢᠯᠠᠯᠲᠠ ᠶ᠋ᠢ ᠮᠡᠳᠡᠭᠦᠯᠬᠦ ᠳ᠋ᠡᠭᠡᠨ ᠲᠠᠲ᠋ᠠᠷ ᠢ᠋ ᠳᠡᠢᠯᠬᠦ ᠳ᠋ᠦ᠍ ᠨᠡᠭᠦᠳᠡᠯᠯᠡᠨ ᠮᠠᠯᠵᠢᠵᠤ ᠪᠠᠢᠭ᠎ᠠ ᠤᠯᠤᠰ ᠤ᠋ᠨ ᠲᠤᠰᠠᠯᠠᠮᠵᠢ ᠶ᠋ᠢ ᠣᠯᠤᠭᠰᠠᠨ ᠢ᠋ᠶ᠋ᠠᠨ ᠴᠢᠬᠤᠯᠠᠴᠢᠯᠠᠵᠤ᠂ ᠱᠠᠩᠨᠠᠯ ᠪᠣᠯᠭᠠᠬᠤ ᠶ᠋ᠢᠨ ᠲᠥᠯᠥᠭᠡ ᠠᠯᠲᠠᠨ ᠤᠯᠤᠰ ᠤ᠋ᠨ ᠬᠠᠭᠠᠨ ᠠ᠋ᠴᠠ ᠲᠤᠭᠤᠷᠢᠯ ᠬᠠᠨ ᠢ᠋ ᠸᠠᠩ ᠬᠠᠨ ᠭᠡᠵᠦ ᠡᠷᠭᠦᠮᠵᠢᠯᠡᠭᠡᠳ᠂ ᠲᠡᠷᠡ ᠦᠶ᠎ᠡ ᠳ᠋ᠦ᠍ ᠨᠡᠷ᠎ᠡ ᠠᠯᠳᠠᠷ ᠦᠭᠡᠢ ᠪᠠᠢᠭᠰᠠᠨ ᠲᠡᠮᠦᠵᠢᠨ ᠢ᠋ ᠴᠠᠤᠳᠤᠬᠤᠷᠢ ᠨᠣᠶᠠᠨ ᠢ᠋ᠶ᠋ᠠᠷ ᠡᠷᠭᠦᠮᠵᠢᠯᠡᠭᠰᠡᠨ ᠪᠠᠢᠨ᠎ᠠ᠃ ᠲᠡᠷᠡ ᠦᠶ᠎ᠡ ᠳ᠋ᠦ᠍ ᠬᠠᠮᠤᠭ ᠤ᠋ᠨ ᠶᠡᠬᠡ ᠡᠷᠬᠡ ᠰᠦᠷᠳᠡᠨ ᠪᠣᠯᠬᠤ ᠠᠯᠲᠠᠨ ᠤᠯᠤᠰ ᠤ᠋ᠨ ᠬᠠᠭᠠᠨ ᠯᠤᠭ᠎ᠠ ᠬᠠᠷᠢᠴᠠᠭ᠎ᠠ ᠲᠠᠢ ᠪᠣᠯᠤᠭᠰᠠᠨ ᠨᠢ ᠥᠷᠭᠡᠨ ᠠᠭᠤᠳᠠᠮ ᠲᠠᠯ᠎ᠠ ᠨᠤᠲᠤᠭ ᠲᠠᠬᠢ ᠲᠡᠭᠦᠨ ᠦ᠌ ᠨᠡᠷ᠎ᠡ ᠠᠯᠳᠠᠷ ᠨᠢ ᠶᠡᠬᠡ ᠪᠡᠷ ᠮᠠᠨᠳᠤᠭᠰᠠᠨ ᠬᠡᠷᠡᠭ ᠪᠣᠯᠤᠨ᠎ᠠ᠃
ᠴᠠᠤᠳᠤᠬᠤᠷᠢ ᠭᠡᠰᠡᠨ ᠴᠣᠯᠠ ᠪᠠᠷ 1194 ᠣᠨ ᠳ᠋ᠤ᠌ ᠡᠨᠡᠬᠦ ᠶᠢᠷᠲᠢᠨᠴᠦ ᠶ᠋ᠢ ᠲᠦᠪᠰᠢᠳᠬᠡᠭᠴᠢ ᠴᠢᠩᠭᠢᠰ ᠰᠠᠶᠢ ᠠᠩᠬ᠎ᠠ ᠤᠳᠠᠭ᠎ᠠ ᠠᠯᠲᠠᠨ ᠤᠯᠤᠰ ᠤ᠋ᠨ ᠲᠡᠦᠬᠡᠨ ᠳ᠋ᠦ᠍ ᠲᠡᠮᠳᠡᠭᠯᠡᠭᠳᠡᠵᠦ ᠡᠬᠢᠯᠡᠭᠰᠡᠨ ᠪᠠᠢᠨ᠎ᠠ᠃
( ᠬᠣᠶᠠᠷ ) ᠴᠠᠭᠠᠵᠠ ᠶ᠋ᠢ ᠵᠥᠷᠢᠴᠡᠭᠰᠡᠳ ᠢ᠋ ᠴᠢᠩᠭ᠎ᠠ ᠶᠠᠯᠠᠳᠠᠭᠰᠠᠨ ᠨᠢ
ᠲᠣᠭᠣᠷᠢᠯ ᠬᠠᠨ ᠪᠠᠶᠠᠷᠯᠠᠨ ᠬᠥᠬᠡᠷᠡᠭᠰᠡᠨ ᠳ᠋ᠡᠭᠡᠨ ᠥᠪᠡᠷ ᠦ᠋ᠨ ᠪᠡᠶ᠎ᠡ ᠪᠡᠨ ᠸᠠᠩ ᠬᠠᠨ ᠭᠡᠵᠦ ᠳᠠᠭᠤᠳᠠᠬᠤ ᠳ᠋ᠤ᠌ ᠬᠦᠷᠦᠯ᠎ᠡ᠃ ᠡᠨᠡᠬᠦ ᠸᠠᠩ ᠬᠠᠨ ᠪᠠᠰᠠ ᠵᠢᠷᠤᠮ ᠤ᠋ᠨ ᠬᠥᠪᠡᠭᠦᠨ ᠳ᠋ᠡᠭᠡᠨ ᠶᠡᠬᠡ ᠲᠠᠭᠠᠯᠠᠮᠵᠢᠲᠠᠢ ᠪᠠᠢᠭᠰᠠᠨ ᠶᠤᠮ᠃ ᠲᠡᠮᠦᠵᠢᠨ ᠭᠡᠳ ᠬᠡᠷᠡᠢᠳ ᠦ᠋ᠨ ᠬᠠᠨ ᠳ᠋ᠤ᠌ ᠰᠢᠳᠤᠷᠭᠤ ᠪᠠᠢᠬᠤ ᠪᠠᠨ ᠢᠯᠡᠷᠡᠭᠦᠯᠬᠦ ᠶ᠋ᠢᠨ ᠲᠥᠯᠥᠭᠡ᠂ ᠲᠣᠬᠢᠶᠠᠯ ᠪᠦᠬᠦᠨ ᠢ᠋ ᠠᠯᠳᠠᠯ ᠦᠭᠡᠢ ᠠᠰᠢᠭᠯᠠᠵᠤ ᠪᠠᠢᠯ᠎ᠠ᠃ ᠢᠩᠭᠢᠭᠡᠳ ᠬᠣᠶᠠᠭᠤᠯᠠ ᠬᠠᠮᠲᠤᠷᠠᠵᠤ ᠪᠠᠢᠯᠳᠤᠭᠠᠨ ᠳ᠋ᠤ᠌ ᠳᠡᠢᠯᠦᠭᠰᠡᠨ ᠪᠥᠭᠡᠳ ᠰᠢᠨ᠎ᠡ ᠨᠣᠶᠠᠨ ᠪᠣᠯᠤᠭᠰᠠᠨ ᠢ᠋ᠶ᠋ᠠᠨ ᠪᠡᠯᠭᠡᠯᠡᠪᠡ᠃ ᠲᠤᠭᠤᠷᠢᠯ ᠪᠠᠰᠠ ᠲᠡᠮᠦᠵᠢᠨ ᠦ᠌ ᠤᠷᠢᠯᠭ᠎ᠠ ᠶ᠋ᠢ ᠬᠦᠯᠢᠶᠡᠨ ᠠᠪᠴᠤ ᠬᠣᠶᠠᠭᠤᠯᠠ ᠭᠠᠷ ᠪᠠᠷᠢᠯᠴᠠᠨ ᠬᠠᠮᠲᠤᠪᠠᠷ ᠲᠡᠮᠦᠵᠢᠨ ᠦ᠌ ᠨᠤᠲᠤᠭ ᠲᠤ ᠠᠩ ᠠᠪᠠ ᠬᠢᠬᠦ ᠪᠡᠷ ᠣᠳᠬᠤ ᠳ᠋ᠤ᠌᠂ ᠲᠡᠮᠦᠵᠢᠨ ᠬᠠᠮᠤᠭ ᠤ᠋ᠨ ᠰᠠᠢᠨ ᠠᠷᠠᠰᠤᠨ ᠳᠠᠬᠤ ᠪᠠᠨ ᠲᠤᠭᠤᠷᠢᠯ ᠳ᠋ᠤ᠌ ᠡᠷᠭᠦᠵᠦ᠂ ᠠᠯᠠᠭᠰᠠᠨ ᠠᠩ ᠢ᠋ᠶ᠋ᠠᠨ ᠪᠠᠰᠠ ᠲᠡᠭᠦᠨ ᠳ᠋ᠦ᠍ ᠬᠦᠷᠭᠡᠪᠡ᠃ ᠲᠡᠳᠡᠨᠡᠷ ᠥᠨᠢ ᠡᠭᠦᠷᠢᠳᠡ ᠮᠥᠩᠬᠡ ᠶ᠋ᠢᠨ ᠨᠥᠬᠥᠷᠯᠡᠯ ᠦ᠋ᠨ ᠳᠤᠮᠳᠠ ᠠᠮᠢᠳᠤᠷᠠᠬᠤ ᠶ᠋ᠢ ᠬᠦᠰᠡᠭᠡᠳ᠂ ᠦᠪᠡᠳᠡᠭᠰᠢ ᠶᠡᠬᠡ ᠪᠡᠷ ᠭᠡᠷ᠎ᠡ ᠲᠣᠭᠲᠠᠭᠠᠪᠠ᠂ ᠬᠣᠭᠣᠷᠣᠨᠳᠣ ᠪᠠᠨ ᠶᠠᠮᠠᠷ ᠮᠠᠷᠭᠤᠭᠠᠨ ᠡᠭᠦᠰᠪᠡᠴᠦ ᠡᠭᠦᠨ ᠢ᠋ ᠲᠠᠰᠤᠯᠬᠤ ᠳ᠋ᠠᠭᠠᠨ ᠵᠠᠭᠤᠴᠢ ᠬᠡᠷᠡᠭᠰᠡᠬᠦ ᠦᠭᠡᠢ ᠬᠣᠶᠠᠭᠤᠯᠠ ᠨᠢᠭᠤᠷᠯᠠᠵᠤ ᠬᠡᠯᠡᠯᠴᠡᠭᠡᠳ ᠲᠠᠰᠤᠯᠬᠤ ᠪᠠᠷ ᠪᠣᠯᠵᠣᠭ᠎ᠠ ᠲᠣᠭᠲᠠᠭᠠᠵᠠᠢ᠃
ᠸᠠᠩ ᠬᠠᠨ ᠡᠭᠦᠨ ᠢ᠋ ᠪᠡᠨ ᠨᠥᠬᠥᠷᠰᠡᠭ ᠲᠤᠰᠠᠯᠠᠮᠵᠢ ᠥᠭᠭᠦᠭᠡᠳ ᠪᠠᠲᠤᠯᠠᠵᠤ ᠪᠠᠢᠯ᠎ᠠ᠃ ᠰᠡᠴᠡ ᠪᠡᠬᠢ ᠬᠢᠭᠡᠳ ᠲᠡᠭᠦᠨ ᠦ᠌ ᠨᠥᠬᠥᠷ ᠲᠠᠢᠴᠤ᠂ ᠲᠠᠲ᠋ᠠᠷᠴᠳᠳ ᠲᠠᠢ ᠪᠠᠢᠯᠳᠤᠭᠠᠨ ᠬᠢᠬᠦ ᠦᠶ᠎ᠡ ᠳ᠋ᠦ᠍ ᠲᠡᠮᠦᠵᠢᠨ ᠦ᠌ ᠳᠠᠭᠤᠳᠠᠯᠭ᠎ᠠ ᠳ᠋ᠤ᠌ ᠢᠷᠡᠭᠰᠡᠨ ᠦᠭᠡᠢ ᠳ᠋ᠦ᠍ᠨᠢ ᠲᠡᠮᠦᠵᠢᠨ ᠮᠠᠰᠢ ᠬᠢᠯᠢᠩᠯᠡᠵᠦ᠄《ᠤᠨᠤᠨ ᠤ᠋ ᠰᠢᠭᠤᠢ ᠳ᠋ᠤ᠌ ᠬᠤᠷᠢᠮᠯᠠᠵᠤ ᠪᠠᠢᠬᠤ ᠳ᠋ᠤ᠌ ᠲᠣᠭᠣᠭᠠᠴᠢ ᠰᠢᠬᠦᠷ ᠢ᠋ ᠲᠡᠳᠡ ᠵᠠᠨᠴᠢᠪᠠ ᠃ ᠪᠡᠯᠭᠦᠳᠡᠢ ᠳᠡᠭᠦᠦ ᠶ᠋ᠢ ᠭᠡᠷ ᠳᠣᠲᠣᠷ᠎ᠠ ᠴᠣᠬᠢᠭᠰᠠᠨ ᠪᠥᠭᠡᠳ ᠮᠥᠷᠥ ᠶ᠋ᠢ ᠨᠢ ᠴᠠᠪᠴᠢᠪᠠ᠃ ᠴᠡᠷᠢᠭ ᠲᠦ᠍ ᠮᠣᠷᠳᠠᠬᠤ ᠦᠶ᠎ᠡ ᠳ᠋ᠦ᠍ ᠳᠠᠭᠠᠬᠤ ᠦᠭᠡᠢ ᠲᠡᠷᠰᠯᠡᠭᠦᠦ ᠠᠭᠠᠰᠢᠯᠠᠭᠰᠠᠨ ᠶᠤᠮ᠃ ᠪᠢ ᠲᠡᠳᠡᠨ ᠦ᠌ ᠬᠠᠭᠠᠨ ᠨᠢ ᠪᠢᠰᠢ ᠭᠡᠵᠢ ᠤᠤ?》 ᠭᠡᠵᠡᠢ᠃ ᠡᠢᠮᠦ ᠡᠴᠡ ᠸᠠᠩ ᠬᠠᠨ ᠲᠡᠮᠦᠵᠢᠨ ᠲᠡᠢ ᠬᠠᠮᠲᠤ ᠶᠠᠯ᠎ᠠ ᠠᠰᠠᠭᠤᠬᠤ ᠪᠠᠢᠯᠳᠤᠭᠠᠨ ᠢ᠋ ᠶᠠᠪᠤᠭᠤᠯᠵᠤ᠂ ᠵᠠᠷᠯᠢᠭ ᠢ᠋ ᠡᠰᠡᠷᠭᠦᠴᠡᠭᠰᠡᠨ ᠡᠨᠡ ᠬᠣᠶᠠᠷ ᠳᠠᠷᠤᠭ᠎ᠠ ᠶ᠋ᠢ ᠠᠯᠠᠭᠠᠳ᠂ ᠠᠢᠮᠠᠭ ᠢ᠋ ᠨᠢ ᠰᠥᠨᠥᠭᠡᠵᠡᠢ᠃ ᠬᠡᠷᠡᠢᠳ ᠠᠢᠮᠠᠭ ᠤ᠋ᠨ ᠪᠠᠷᠠᠭᠤᠨ ᠬᠢᠵᠠᠭᠠᠷ ᠳ᠋ᠦ᠍ ᠲᠦᠷᠺ ᠤᠳᠤᠮ ᠲᠠᠢ ᠨᠠᠢ᠍ᠮᠠᠨ ᠭᠡᠬᠦ ᠠᠢᠮᠠᠭ ᠪᠠᠢᠨ᠎ᠠ᠂ ᠲᠡᠳᠡ ᠲᠣᠭᠣᠷᠢᠯ ᠤ᠋ᠨ ᠡᠵᠡᠭᠦᠢ ᠬᠣᠭᠣᠷᠣᠨᠳᠣ ᠬᠡᠷᠡᠢᠳ ᠦ᠋ᠨ ᠨᠤᠲᠤᠭ ᠳᠡᠪᠢᠰᠬᠡᠷ ᠢ᠋ ᠳᠣᠪᠲᠣᠯᠤᠨ ᠪᠤᠯᠢᠶᠠᠨ ᠳᠡᠭᠡᠷᠡᠮᠳᠡᠬᠦ ᠪᠡᠷ ᠢᠷᠡᠭᠰᠡᠨ ᠪᠢᠯᠡ᠃ ᠲᠡᠢᠮᠦ ᠡᠴᠡ ᠲᠡᠮᠦᠵᠢᠨ ᠶᠠᠭᠠᠷᠠᠤ ᠪᠠᠷ《ᠵᠢᠷᠤᠮ ᠤ᠋ᠨ ᠡᠴᠢᠭᠡ》 ᠪᠡᠨ ᠲᠤᠰᠠᠯᠠᠷ᠎ᠠ ᠣᠴᠢᠵᠤ᠂ ᠡᠨᠡᠬᠦ ᠳᠠᠢᠰᠤᠨ ᠢ᠋ ᠳᠠᠭᠠᠷᠢᠨ ᠴᠣᠬᠢᠭᠠᠳ ᠪᠤᠲᠠ ᠨᠢᠷᠭᠡᠵᠡᠢ᠃
ᠤᠳᠠᠯ ᠦᠭᠡᠢ ᠤᠮᠠᠷᠠᠲᠤ᠂ ᠳᠣᠷᠣᠨᠠᠲᠤ᠂ ᠥᠷᠥᠨᠡᠲᠦ ᠪᠠ ᠵᠡᠭᠦᠨ ᠬᠣᠢᠲᠤ ᠶ᠋ᠢᠨ ᠨᠡᠭᠦᠳᠡᠯᠴᠢᠨ ᠦᠨᠳᠦᠰᠦᠲᠡᠨ ᠨᠦ᠍ᠭᠦᠳ᠂ ᠬᠡᠷᠡᠢᠳ ᠬᠣᠶᠠᠭᠤᠯᠠ ᠪᠠᠨ ᠭᠡᠷ᠎ᠡ ᠲᠣᠭᠲᠠᠭᠰᠠᠨ ᠨᠢ ᠲᠡᠳᠡᠨᠦᠰ ᠲᠦ᠍ ᠶᠠᠮᠠᠷ ᠬᠣᠯᠪᠣᠭᠳᠠᠯ ᠲᠠᠢ ᠪᠣᠯᠬᠤ ᠶ᠋ᠢ ᠤᠬᠠᠭᠠᠷᠠᠨ ᠡᠬᠢᠯᠡᠵᠡᠢ᠃ ᠵᠢᠯ ᠪᠦᠷᠢ ᠲᠣᠭᠣᠷᠢᠯ ᠤ᠋ᠨ ᠴᠡᠷᠢᠭ ᠨᠢ ᠲᠡᠮᠦᠵᠢᠨ ᠦ᠌ ᠴᠡᠷᠢᠭ ᠲᠡᠢ ᠬᠠᠮᠲᠤᠪᠠᠷ ᠲᠡᠢᠨ ᠳ᠋ᠦ᠍ ᠮᠣᠷᠳᠠᠳᠠᠭ ᠪᠤᠶᠤ ᠪᠠᠢᠯᠳᠤᠭᠠᠨ ᠳ᠋ᠤ᠌ ᠰᠢᠯᠭᠠᠷᠠᠭᠰᠠᠨ ᠳᠡᠢᠯᠦᠭᠳᠡᠰᠢ ᠦᠭᠡᠢ ᠲᠡᠮᠦᠵᠢᠨ ᠦ᠌ ᠴᠡᠷᠢᠭ ᠨᠢ ᠸᠠᠩ ᠬᠠᠨ ᠲᠠᠢ ᠬᠠᠮᠲᠤᠷᠠᠨ ᠤᠯᠤᠰ ᠤ᠋ᠨ ᠬᠢᠯᠢ ᠶ᠋ᠢᠨ ᠭᠠᠳᠠᠨᠠᠬᠢ ᠶᠠᠮᠠᠷ ᠨᠢᠭᠡᠨ ᠦᠨᠳᠦᠰᠦᠲᠡᠨ ᠦ᠌ ᠵᠦᠭ ᠠᠶᠠᠯᠠᠨ ᠪᠠᠢᠯᠳᠤᠬᠤ ᠪᠠᠷ ᠭᠠᠷᠳᠠᠭ ᠪᠠᠢᠨ᠎ᠠ᠃ ᠡᠳᠡᠨ ᠢ᠋ ᠡᠰᠡᠷᠭᠦᠴᠡᠬᠦ ᠭᠡᠳᠡᠭ ᠴᠢᠨᠢ ᠶᠠᠮᠠᠷᠴᠤ ᠲᠤᠰᠠ ᠦᠭᠡᠢ᠂ ᠡᠳᠡᠭᠡᠷ ᠦᠨᠳᠦᠰᠦᠲᠡᠨ ᠨᠥᠬᠥᠴᠡᠯ ᠦᠭᠡᠢ ᠪᠡᠷ ᠪᠠᠭᠤᠵᠤ ᠥᠭᠬᠦ ᠦᠭᠡᠢ ᠪᠣᠯ ᠳᠠᠷᠤᠢ ᠲᠤᠤᠱᠲᠠᠢ ᠡᠪᠳᠡᠭᠳᠡᠨ᠎ᠡ᠃ ᠲᠡᠭᠡᠭᠡᠳ ᠦᠯᠡᠳᠡᠭᠳᠡᠯ ᠦᠭᠡᠢ ᠪᠤᠯᠢᠶᠠᠭᠳᠠᠭᠠᠳ ᠡᠯᠡᠰᠦ ᠮᠠᠩᠬ᠎ᠠ ᠪᠤᠶᠤ ᠣᠢ ᠰᠢᠭᠤᠢ ᠶ᠋ᠢᠨ ᠳᠣᠲᠣᠷ᠎ᠠ ᠣᠷᠣᠲᠠᠯ᠎ᠠ ᠬᠥᠭᠡᠭᠡᠭᠳᠡᠨᠡ᠃ ᠲᠡᠳᠡᠨ ᠦ᠌ ᠡᠳ᠋ ᠬᠥᠷᠥᠩᠭᠡ ᠮᠠᠯ ᠠᠳᠤᠭᠤ ᠶ᠋ᠢ ᠢᠯᠠᠭᠰᠠᠳ ᠬᠣᠭᠣᠷᠣᠨᠳᠣ ᠪᠠᠨ ᠬᠤᠪᠢᠶᠠᠯᠴᠠᠨ ᠠᠪᠳᠠᠭ ᠪᠠᠢᠨ᠎ᠠ᠃
ᠡᠨᠡ ᠮᠡᠲᠦ ᠪᠠᠢᠳᠠᠯ ᠵᠢᠷᠭᠤᠭᠠᠨ ᠵᠢᠯ ᠦᠷᠭᠦᠯᠵᠢᠯᠡᠪᠡ᠃ ᠳᠣᠯᠣᠳᠤᠭᠠᠷ ᠵᠢᠯ ᠳᠠᠷᠤᠢ ᠲᠠᠬᠢᠶ᠎ᠠ ᠵᠢᠯ ᠪᠣᠯᠬᠤ1201 ᠣᠨ ᠳ᠋ᠤ᠌ ᠨᠡᠭᠦᠳᠡᠯᠯᠡᠨ ᠮᠠᠯᠵᠢᠬᠤ ᠠᠢᠮᠠᠭ ᠤ᠋ᠨ ᠲᠦᠷᠦᠭᠦᠴᠦᠳ ᠲᠦ᠍ ᠣᠳᠣ ᠮᠠᠰᠢ ᠶᠡᠬᠡ ᠠᠰᠠᠭᠤᠳᠠᠯ ᠪᠣᠯᠤᠭᠰᠠᠨ ᠪᠠᠢᠨ᠎ᠠ᠃ ᠡᠷᠲᠡ ᠣᠷᠣᠢ ᠦᠭᠡᠢ ᠳᠠᠭᠠᠷᠢᠭᠳᠠᠨ ᠡᠪᠳᠡᠭᠳᠡᠬᠦ ᠡᠴᠡ ᠵᠠᠢᠯᠠᠵᠤ ᠴᠢᠳᠠᠬᠤ ᠦᠭᠡᠢ ᠪᠡᠨ ᠤᠬᠠᠮᠰᠠᠷᠠᠯᠠ᠃ ᠲᠡᠮᠦᠵᠢᠨ ᠦ᠌ ᠬᠠᠭᠤᠴᠢᠨ ᠠᠨᠳᠠ ᠨᠥᠬᠥᠷ ᠪᠠᠢᠭᠰᠠᠨ ᠵᠠᠮᠤᠬ᠎ᠠ᠂ ᠬᠣᠷᠢᠨ ᠵᠢᠯ ᠦ᠋ᠨ ᠡᠮᠦᠨ᠎ᠡ ᠲᠡᠮᠦᠵᠢᠨ ᠲᠡᠢ ᠰᠠᠯᠤᠭᠰᠠᠨ ᠠ᠋ᠴᠠ ᠬᠣᠢᠰᠢ᠂ ᠪᠠᠭ᠎ᠠ ᠶ᠋ᠢᠨ ᠦᠶ᠎ᠡ ᠶ᠋ᠢᠨ ᠠᠨᠳᠠ ᠶ᠋ᠢᠨ ᠢ᠋ᠶ᠋ᠡᠨ ᠲᠣᠯᠣᠭᠠᠢ ᠥᠨᠳᠡᠢᠨ ᠪᠣᠰᠤᠭᠰᠠᠨ ᠢ᠋ ᠭᠦᠨ ᠠᠲᠠᠭᠠᠷᠬᠠᠨ ᠬᠠᠷᠠᠵᠤ ᠪᠠᠢᠭᠰᠠᠨ ᠠ᠋ᠴᠠ ᠲᠠᠰᠤᠷᠠᠯᠲᠠ ᠦᠭᠡᠢ ᠬᠣᠯᠪᠣᠭᠠᠲᠠᠨ ᠢ᠋ᠶ᠋ᠠᠨ ᠡᠷᠢᠵᠦ ᠪᠠᠢᠭᠰᠠᠨ ᠶᠤᠮ᠃ ᠣᠳᠣ ᠰᠦᠯᠪᠡᠭᠡᠯᠡᠬᠦ ᠬᠣᠯᠪᠣᠭᠠᠲᠠᠨ ᠢ᠋ ᠡᠷᠢᠭᠰᠡᠳ ᠵᠥᠪᠬᠡᠨ ᠲᠡᠷᠡ ᠭᠠᠭᠴᠠᠭᠠᠷ ᠪᠢᠰᠢ᠂ ᠠᠷᠤ ᠭᠠᠵᠠᠷ ᠲᠤ ᠣᠯᠠᠨ ᠪᠠᠢᠯ᠎ᠠ᠃ ᠮᠡᠷᠭᠡᠳ ᠦ᠋ᠨ ᠲᠦᠷᠦᠭᠦᠦ ᠲᠣᠭᠲᠣᠭ᠎ᠠ ᠪᠡᠬᠢ᠂ ᠲᠡᠷᠡᠴᠢᠯᠡᠨ ᠪᠠᠷᠠᠭᠤ᠂ ᠰᠠᠷᠵᠢᠭᠢᠳ᠂ ᠬᠠᠲᠠᠭᠢᠨ ᠪᠠᠰᠠ ᠳᠡᠢᠯᠦᠭᠳᠡᠭᠡᠳ ᠦᠯᠡᠳᠡᠭᠰᠡᠨ ᠲᠲ᠋ᠡᠷ ᠠᠢᠮᠠᠭ᠂ ᠬᠣᠩᠭᠢᠷᠠᠳ ᠠᠢᠮᠠᠭ ᠤ᠋ᠳ ᠪᠠᠢᠵᠠᠢ᠃ ᠬᠣᠩᠭᠢᠷᠠᠳ ᠠᠢᠮᠠᠭ᠂ ᠰᠣᠶᠣᠯ ᠭᠡᠭᠡᠷᠡᠯ ᠢ᠋ᠶ᠋ᠡᠷ ᠮᠣᠩᠭᠣᠯᠴᠤᠳ ᠲᠤ ᠳᠡᠢᠯᠦᠭᠳᠡᠪᠡᠯ ᠣᠨᠴᠠ ᠠᠶᠤᠮᠰᠢᠭ ᠲᠠᠢ ᠭᠡᠵᠦ ᠠᠶᠤᠵᠤ ᠪᠠᠢᠭᠰᠠᠨ ᠠᠵᠢ᠃ ᠡᠳᠡᠭᠡᠷ ᠠᠢᠮᠠᠭ ᠶᠠᠰᠤᠲᠠᠨ ᠨᠤᠭᠤᠳ ᠵᠠᠮᠤᠬ᠎ᠠ ᠲᠠᠢ ᠬᠠᠮᠲᠤᠪᠠᠷ᠂ ᠠᠶᠤᠯᠲᠠᠢ ᠵᠡᠷᠯᠢᠭ ᠰᠠᠨᠠᠭᠠᠲᠠᠨ ᠲᠡᠮᠦᠵᠢᠨ ᠦ᠌ ᠵᠦᠭ ᠰᠥᠨᠥᠭᠡᠬᠦ ᠲᠡᠢᠨ ᠬᠢᠬᠦ ᠪᠡᠯᠡᠳᠬᠡᠯ ᠢ᠋ᠶ᠋ᠡᠨ ᠬᠢᠵᠦ ᠡᠬᠢᠯᠡᠪᠡ᠃ ᠶᠠᠭᠠᠬᠢᠭᠠᠳ ᠭᠠᠭᠴᠠ ᠲᠡᠮᠦᠵᠢᠨ ᠢ᠋ᠶ᠋ᠡᠷ ᠬᠠᠷᠠᠯᠲᠠ ᠪᠠᠨ ᠪᠣᠯᠭᠠᠭᠰᠠᠨ ᠶᠤᠮ ᠪᠣᠢ? ᠭᠡᠪᠡᠯ᠂ ᠲᠡᠳᠡᠨᠡᠷ ᠪᠦᠭᠦᠳᠡᠭᠡᠷ ᠢ᠋ᠶ᠋ᠡᠨ ᠠᠯᠢᠪᠠ ᠠᠶᠤᠯ ᠤ᠋ᠨ ᠦᠨᠳᠦᠰᠦ ᠪᠣᠯ ᠲᠡᠮᠦᠵᠢᠨ ᠮᠥᠨ ᠭᠡᠵᠦ ᠪᠣᠳᠣᠵᠤ ᠪᠠᠢᠵᠠᠢ᠃ ᠳᠡᠭᠡᠷᠡᠬᠢ ᠮᠡᠲᠦ ᠣᠯᠠᠨ ᠢ᠋ ᠳᠠᠭᠠᠭᠤᠯᠵᠤ ᠣᠷᠣᠯᠴᠠᠭᠰᠠᠨ ᠪᠠᠢᠯᠳᠤᠭᠠᠨ ᠪᠦᠬᠦᠨ᠂ ᠪᠦᠷ ᠯᠡ ᠲᠡᠮᠦᠵᠢᠨ ᠨᠢᠭᠡ ᠬᠥᠮᠦᠨ ᠦ᠌ ᠡᠭᠦᠰᠬᠡᠭᠰᠡᠨ ᠶᠦᠮ ᠭᠡᠵᠦ ᠦᠵᠡᠵᠡᠭᠡᠪᠡ᠃ ᠦᠨᠡᠨ ᠳ᠋ᠡᠭᠡᠨ ᠲᠣᠭᠣᠷᠢᠯ ᠬᠠᠨ ᠬᠡᠳᠦᠨ ᠠᠷᠪᠠᠨ ᠵᠢᠯ ᠲᠡᠢᠮᠦ ᠶᠡᠬᠡ ᠤᠯᠤᠰ ᠲᠠᠭᠠᠨ ᠬᠠᠨ ᠰᠠᠭᠤᠭᠰᠠᠨ ᠪᠣᠯᠪᠠᠴᠤ ᠬᠡᠷᠡᠢᠳ ᠤᠯᠤᠰ ᠢ᠋ᠶ᠋ᠠᠨ ᠭᠠᠳᠠᠭᠰᠢ ᠥᠷᠭᠡᠳᠬᠡᠬᠦ ᠰᠠᠨᠠᠭ᠎ᠠ ᠶᠡᠷᠦ ᠣᠷᠣᠭᠰᠠᠨ ᠦᠭᠡᠢ ᠪᠠᠢᠭᠰᠠᠨ ᠶᠤᠮ᠃ ᠲᠡᠳᠡ ᠨᠠᠷ ᠡᠷᠭᠦᠨ᠎ᠡ ᠭᠣᠣᠯ ᠤ᠋ᠨ ᠬᠥᠪᠡᠭᠦᠨ ᠳ᠋ᠦ᠍ ᠴᠢᠭᠤᠯᠭᠠᠨ ᠬᠢᠵᠦ ᠨᠡᠭᠦᠳᠡᠯᠯᠡᠨ ᠮᠠᠯᠵᠢᠬᠤ ᠠᠢᠮᠠᠭ ᠶᠠᠰᠤᠲᠠᠨ ᠤ᠋ ᠤᠳᠤᠮᠰᠢᠯ ᠢ᠋ᠶ᠋ᠠᠷ ᠪᠠᠲᠤ ᠴᠢᠩᠭ᠎ᠠ ᠲᠠᠩᠭᠠᠷᠢᠭ ᠬᠢᠵᠡᠭᠡᠪᠡ᠃
ᠲᠡᠳᠡ ᠨᠠᠷ ᠰᠡᠯᠡᠮ᠎ᠡ ᠠᠳᠬᠤᠨ ᠰᠠᠭᠠᠷᠠᠯ ᠮᠣᠷᠢ᠂ ᠦᠬᠡᠷ᠂ ᠬᠣᠨᠢ᠂ ᠨᠣᠬᠠᠢ ᠶ᠋ᠢ ᠨᠢᠵᠡᠭᠡᠳ ᠠᠯᠠᠵᠤ ᠵᠠᠮᠤᠬ᠎ᠠ ᠶ᠋ᠢ ᠳᠠᠭᠠᠯᠳᠤᠨ ᠦᠪᠡᠳᠡᠭᠰᠢ ᠪᠡᠷ ᠳᠣᠣᠷᠠᠬᠢ ᠦᠭᠡᠰ ᠢ᠋ ᠬᠠᠰᠬᠢᠷᠴᠠᠭᠠᠯᠠ᠄《ᠪᠤᠷᠬᠠᠨ ᠰᠠᠬᠢᠭᠤᠯᠰᠤᠨ ᠠ᠋! ᠮᠥᠩᠬᠡ ᠲᠩᠷᠢ ᠠ᠋! ᠡᠬᠡ ᠭᠠᠵᠠᠷ ᠠ᠋! ᠡᠳᠡᠭᠡᠷ ᠵᠦᠢᠯ ᠢ᠋ ᠪᠦᠲᠦᠭᠡᠭᠰᠡᠨ ᠪᠤᠷᠬᠠᠨ ᠰᠠᠬᠢᠭᠤᠯᠰᠤᠨ ᠠ᠋! ᠲᠩᠷᠢ ᠠ᠋! ᠭᠠᠵᠠᠷ ᠠ᠋! ᠪᠢᠳᠡᠨ ᠦ᠌ ᠲᠠᠩᠭᠠᠷᠢᠭ ᠢ᠋ ᠬᠦᠯᠢᠶᠡᠨ ᠰᠣᠨᠣᠰᠤᠭᠠᠷᠠᠢ᠃ ᠬᠡᠷᠪᠡ ᠮᠠᠨ ᠤ᠋ ᠳᠣᠲᠣᠷ᠎ᠠ ᠠ᠋ᠴᠠ ᠶᠠᠮᠠᠷ ᠨᠢᠭᠡ ᠬᠥᠮᠦᠨ ᠥᠪᠡᠷ ᠦ᠋ᠨ ᠪᠣᠯᠵᠣᠭ᠎ᠠ ᠪᠠᠨ ᠰᠠᠬᠢᠬᠤ ᠦᠭᠡᠢ᠂ ᠪᠤᠷᠬᠠᠨ ᠰᠠᠬᠢᠭᠤᠯᠰᠤᠨ ᠳ᠋ᠤ᠌ ᠳᠠᠭᠠᠳᠬᠠᠭᠰᠠᠨ ᠲᠠᠩᠭᠠᠷᠢᠭ ᠢ᠋ᠶ᠋ᠠᠨ ᠡᠪᠳᠡᠬᠦ ᠪᠣᠯ ᠡᠳᠡᠭᠡᠷ ᠠᠮᠢᠲᠠᠨ ᠯᠤᠭ᠎ᠠ ᠠᠳᠠᠯᠢ ᠲᠠᠪᠢᠯᠠᠩ ᠲᠠᠢ ᠪᠣᠯᠭᠠᠬᠤ ᠠᠵᠢᠶᠠᠮᠤ》 ᠭᠡᠪᠡ᠃ ᠳᠠᠷᠠᠭ᠎ᠠ ᠨᠢ ᠲᠡᠳᠡᠨᠡᠷ ᠪᠠᠰᠠ ᠭᠣᠣᠯ ᠤ᠋ᠨ ᠬᠥᠪᠡᠭᠡᠨ ᠦ᠌ ᠥᠨᠳᠥᠷ ᠡᠷᠭᠢᠨ ᠳᠡᠭᠡᠷ᠎ᠡ ᠠᠪᠠᠷᠢᠨ ᠭᠠᠷᠴᠤ᠂ ᠲᠡᠨᠳᠡᠬᠢ ᠨᠢᠭᠡᠨ ᠮᠣᠳᠣ ᠶ᠋ᠢ ᠴᠠᠪᠴᠢᠨ ᠤᠨᠠᠭᠠᠪᠠ᠃ ᠲᠡᠭᠡᠭᠡᠳ ᠲᠡᠭᠦᠨ ᠢ᠋ ᠵᠢᠰᠢᠭᠦᠦ ᠬᠡᠪᠲᠡᠭᠦᠯᠦᠭᠡᠳ᠂ ᠬᠥᠯ ᠢ᠋ᠶ᠋ᠡᠷ ᠢ᠋ᠶ᠋ᠡᠨ ᠰᠢᠷᠣᠢ ᠶ᠋ᠢ ᠭᠣᠣᠯ ᠤᠷᠤᠭᠤ ᠢᠰᠬᠦᠯᠦᠨ ᠣᠷᠣᠭᠤᠯᠤᠭᠠᠳ ᠬᠡᠯᠡᠭᠰᠡᠨ ᠨᠢ᠄《ᠬᠡᠷᠪᠡ ᠮᠠᠨ ᠤ᠋ ᠳᠣᠲᠣᠷ᠎ᠠ ᠠ᠋ᠴᠠ ᠶᠠᠮᠠᠷ ᠨᠢᠭᠡᠨ ᠬᠥᠮᠦᠨ ᠲᠠᠩᠭᠠᠷᠢᠭ ᠢ᠋ᠶ᠋ᠠᠨ ᠡᠪᠳᠡᠳᠡᠭ ᠪᠣᠯ ᠡᠨᠡᠬᠦ ᠮᠣᠳᠣ ᠮᠡᠲᠦ᠂ ᠡᠨᠡᠬᠦ ᠰᠢᠷᠣᠢ ᠠᠳᠠᠯᠢ ᠬᠤᠪᠢ ᠵᠠᠶᠠᠭ᠎ᠠ ᠲᠠᠢ ᠪᠣᠯᠲᠤᠭᠠᠢ》 ᠭᠡᠵᠡᠢ᠃ ᠬᠠᠮᠤᠭ ᠡᠴᠦᠰ ᠦ᠋ᠨ ᠳ᠋ᠦᠩ ᠪᠣᠯᠭᠠᠨ ᠲᠡᠳᠡᠨᠡᠷ ᠨᠡᠢᠲᠡ ᠶ᠋ᠢᠨ ᠳᠠᠢᠰᠤᠨ ᠤ᠋ ᠪᠠᠨ ᠡᠰᠡᠷᠭᠦ ᠪᠠᠢᠯᠳᠤᠬᠤ ᠵᠢᠯᠣᠭᠣᠳᠤᠭᠴᠢ ᠵᠠᠮᠤᠬ᠎ᠠ ᠰᠡᠴᠡᠨ ᠢ᠋ ᠬᠥᠷ ᠬᠠᠨ— ᠳᠠᠷᠤᠢ ᠦᠨᠳᠦᠰᠦᠲᠡᠨ ᠪᠦᠬᠦᠨ ᠦ᠌ ᠬᠠᠭᠠᠨ— ᠭᠡᠵᠦ ᠰᠣᠩᠭᠣᠪᠠ᠃ ᠡᠨᠡ ᠦᠶ᠎ᠡ ᠳ᠋ᠦ᠍ ᠵᠠᠮᠤᠬ᠎ᠠ᠂ ᠳᠠᠷᠤᠢ ᠲᠦᠷᠭᠡᠨ ᠢ᠋ᠶ᠋ᠡᠷ ᠲᠡᠮᠦᠵᠢᠨ ᠦ᠌ ᠵᠦᠭ ᠪᠠᠢᠯᠳᠤᠬᠤ ᠤᠤ? ᠡᠰᠡᠬᠦᠯ᠎ᠡ ᠬᠣᠯᠠ ᠪᠠᠢᠬᠤ ᠣᠯᠠᠨ ᠠᠢᠮᠠᠭ ᠤ᠋ᠳ ᠨᠡᠩᠴᠦ ᠮᠡᠷᠭᠡᠳ ᠦ᠋ᠨ ᠲᠣᠭᠲᠣᠭ᠎ᠠ ᠪᠡᠬᠢ ᠪᠣᠯᠤᠨ ᠬᠣᠩᠭᠢᠷᠠᠳ ᠠᠢᠮᠠᠭ ᠢ᠋ ᠬᠦᠯᠢᠶᠡᠬᠦ ᠤᠤ? ᠭᠡᠰᠡᠨ ᠬᠣᠶᠠᠷ ᠵᠦᠢᠯ ᠦ᠋ᠨ ᠳᠣᠲᠣᠷ᠎ᠠ ᠠ᠋ᠴᠠ ᠨᠢᠭᠡᠨ ᠢ᠋ ᠨᠢ ᠰᠣᠩᠭᠣᠨ ᠰᠢᠢᠳᠪᠦᠷᠢᠯᠡᠬᠦ ᠬᠡᠷᠡᠭᠲᠡᠢ ᠪᠣᠯᠵᠠᠢ᠂ ᠬᠡᠷᠪᠡ ᠤᠳᠠᠭᠠᠰᠢᠷᠠᠭᠤᠯᠬᠤ ᠪᠣᠯ ᠳᠠᠢᠰᠤᠨ ᠨᠢ ᠪᠠᠰᠠ ᠴᠡᠷᠢᠭ ᠢ᠋ᠶ᠋ᠡᠨ ᠴᠤᠭᠯᠠᠭᠤᠯᠤᠨ ᠪᠡᠯᠡᠳᠬᠡᠬᠦ ᠴᠠᠭ ᠲᠠᠢ ᠪᠣᠯᠬᠤ ᠠᠶᠤᠮᠰᠢᠭ ᠪᠠᠢᠨ᠎ᠠ᠃ ᠣᠳᠣ ᠪᠣᠯ ᠲᠣᠭᠣᠷᠢᠯ ᠬᠠᠨ ᠲᠤᠤᠯᠠ ᠭᠣᠣᠯ ᠤ᠋ᠨ ᠬᠥᠪᠡᠭᠡ ᠳ᠋ᠡᠬᠢ ᠣᠷᠳᠣᠨ ᠳ᠋ᠠᠭᠠᠨ ᠪᠠᠢᠵᠤ᠂ ᠲᠡᠮᠦᠵᠢᠨ ᠪᠠᠰᠠ ᠶᠠᠭᠤ ᠴᠤ ᠮᠡᠳᠡᠬᠦ ᠦᠭᠡᠢ ᠪᠠᠢᠭᠰᠠᠨ ᠪᠥᠭᠡᠳ ᠲᠤᠭᠤᠷᠢᠯ ᠬᠠᠨ ᠠ᠋ᠴᠠ ᠵᠠᠭᠤᠨ ᠺᠢᠯᠣᠮᠧᠲ᠋ᠷ ᠬᠣᠯᠠ ᠳ᠋ᠠᠬᠢ ᠤᠨᠤᠨ ᠮᠥᠷᠡᠨ ᠦ᠌ ᠬᠥᠪᠡᠭᠡᠨ ᠳ᠋ᠦ᠍ ᠰᠠᠭᠤᠵᠤ ᠪᠠᠢᠨ᠎ᠠ᠃ ᠤᠴᠢᠷ ᠡᠢᠮᠦ ᠡᠴᠡ ᠵᠠᠮᠤᠬ᠎ᠠ ᠲᠡᠷᠡ ᠳᠣᠣᠷ᠎ᠠ ᠪᠠᠨ ᠳᠠᠭᠠᠷᠢᠯᠲᠠ ᠬᠢᠬᠦ ᠪᠡᠷ ᠰᠢᠢᠳᠪᠦᠷᠢᠯᠡᠪᠡ᠃ ᠭᠡᠲᠡᠯ᠎ᠡ ᠲᠡᠷᠡ ᠬᠣᠯᠪᠣᠭᠠᠲᠠᠨ ᠳ᠋ᠠᠭᠠᠨ ᠬᠥᠷ ᠬᠠᠨ ᠢ᠋ᠶ᠋ᠠᠷ ᠰᠣᠩᠭᠣᠭᠳᠠᠭᠰᠠᠨ ᠦᠶ᠎ᠡ ᠳ᠋ᠦ᠍᠂ ᠲᠡᠮᠦᠵᠢᠨ ᠦ᠌ ᠬᠠᠳᠠᠮ ᠡᠴᠢᠭᠡ ᠪᠥᠭᠡᠳ ᠬᠣᠩᠭᠢᠷᠠᠳ ᠠᠢᠮᠠᠭ ᠤ᠋ᠨ ᠲᠦᠷᠦᠭᠦᠦ ᠲᠡᠢ ᠰᠡᠴᠡᠨ ᠳᠠᠢᠯᠠᠯᠭ᠎ᠠ ᠳ᠋ᠤ᠌ ᠣᠷᠣᠯᠴᠠᠭᠰᠠᠨ ᠪᠠᠢᠲᠠᠯ᠎ᠠ ᠠᠢᠮᠠᠭ ᠢ᠋ᠶ᠋ᠠᠨ ᠳᠠᠭᠠᠭᠤᠯᠤᠨ ᠡᠷᠭᠦᠨ᠎ᠡ ᠭᠣᠣᠯ ᠤ᠋ᠨ ᠬᠥᠪᠡᠭᠡᠨ ᠳ᠋ᠦ᠍ ᠬᠦᠷᠴᠦ ᠢᠷᠡᠭᠰᠡᠨ ᠦᠭᠡᠢ ᠬᠡᠷᠡᠭ ᠢ᠋ ᠵᠠᠮᠤᠬ᠎ᠠ ᠠᠩᠬᠠᠷᠤᠯ ᠲᠠᠯᠪᠢᠭᠰᠠᠨ ᠦᠭᠡᠢ ᠪᠢᠯᠡ᠃ ᠲᠠᠢ ᠰᠡᠴᠡᠨ ᠲᠡᠷᠡ ᠴᠠᠭ ᠲᠤ ᠶᠠᠮᠠᠷ ᠨᠢᠭᠡᠨ ᠦᠮᠦᠬᠡᠢ ᠦᠨᠦᠷ ᠢ᠋ ᠣᠯᠵᠤ ᠦᠨᠦᠷᠳᠡᠭᠰᠡᠨ ᠡᠴᠡ ᠳᠠᠷᠤᠢ ᠲᠦᠷᠭᠡᠨ ᠬᠥᠮᠦᠨ ᠵᠠᠷᠤᠵᠤ ᠬᠦᠷᠭᠡᠨ ᠲᠡᠮᠦᠵᠢᠨ ᠳ᠋ᠡᠭᠡᠨ ᠰᠢᠭᠤᠳ ᠮᠡᠳᠡᠭᠳᠡᠵᠡᠢ᠃ ᠲᠡᠮᠦᠵᠢᠨ ᠦ᠌ ᠤᠯᠠᠭ᠎ᠠ ᠶ᠋ᠢᠨ ᠮᠣᠷᠢᠲᠠᠨ ᠪᠠᠰᠠ ᠠᠯᠢ ᠭᠠᠵᠠᠷ ᠶᠠᠮᠠᠷ ᠬᠥᠮᠦᠰ᠂ ᠶᠠᠭᠤ ᠬᠢᠬᠦ ᠪᠡᠷ ᠴᠢᠭᠤᠯᠭᠠᠨ ᠪᠣᠯᠵᠤ ᠪᠠᠢᠬᠤ ᠶ᠋ᠢ ᠶᠡᠬᠡ ᠯᠡ ᠬᠢᠯᠪᠠᠷ ᠢ᠋ᠶ᠋ᠠᠷ ᠣᠯᠵᠤ ᠮᠡᠳᠡᠵᠦ ᠪᠠᠢᠭᠰᠠᠨ ᠶᠤᠮ᠃
ᠤᠨᠤᠨ ᠮᠥᠷᠡᠨ ᠦ᠌ ᠵᠦᠭ ᠮᠣᠷᠳᠠᠭᠰᠠᠨ ᠵᠠᠮᠤᠬ᠎ᠠ ᠵᠠᠮ ᠵᠠᠭᠤᠷ᠎ᠠ ᠪᠠᠨ ᠣᠭᠲᠣ ᠰᠠᠨᠠᠮᠰᠠᠷ ᠦᠭᠡᠢ ᠪᠡᠷ ᠲᠡᠮᠦᠵᠢᠨ ᠦ᠌ ᠪᠡᠯᠡᠳᠬᠡᠯ ᠰᠠᠢᠲᠠᠢ ᠪᠥᠭᠡᠳ ᠰᠣᠩᠭᠣᠵᠤ ᠰᠠᠬᠢᠭᠰᠠᠨ ᠵᠢᠭᠰᠠᠭᠠᠯ ᠳ᠋ᠠᠭᠠᠨ ᠰᠢᠯᠢᠳᠡᠭ ᠴᠡᠷᠢᠭ ᠪᠥᠬᠥᠭᠰᠡᠨ ᠢ᠋ ᠣᠯᠵᠤ ᠮᠡᠳᠡᠭᠰᠡᠨ ᠦᠭᠡᠢ᠃ ᠲᠡᠭᠦᠨ ᠦ᠌ ᠪᠠᠢᠯᠳᠤᠭᠠᠨ ᠤ᠋ ᠬᠤᠪᠢ ᠵᠠᠶᠠᠭ᠎ᠠ ᠶ᠋ᠢ ᠪᠣᠳᠣᠬᠤ ᠶ᠋ᠢᠨ ᠬᠡᠷᠡᠭ ᠠᠯᠠᠭ᠎ᠠ᠂ ᠵᠠᠮᠤᠬ᠎ᠠ ᠳᠡᠢᠯᠦᠭᠳᠡᠭᠡᠳ ᠪᠤᠷᠤᠭᠤᠯᠠᠨ ᠳᠤᠲᠠᠭᠠᠵᠤ᠂ ᠠᠮᠢ ᠪᠠᠨ ᠠᠷᠠᠢ ᠬᠡᠯᠲᠦᠷᠢᠨ ᠭᠠᠷᠴᠤ ᠴᠢᠳᠠᠭᠰᠠᠨ ᠪᠢᠯᠡ᠃
ᠣᠳᠣ ᠣᠷᠴᠢᠨ ᠲᠣᠭᠣᠷᠢᠨ ᠤ᠋ ᠭᠠᠵᠠᠷ ᠪᠦᠬᠦᠨ ᠳ᠋ᠦ᠍ ᠲᠡᠮᠦᠵᠢᠨ ᠦ᠌ ᠳᠠᠭᠠᠷᠢᠨ ᠰᠢᠪᠲᠤᠯᠬᠤ ᠳ᠋ᠤ᠌ ᠪᠡᠯᠡᠬᠡᠨ ᠪᠣᠯᠣᠬᠰᠠ ᠪᠠᠢᠯ᠎ᠠ᠃ ᠭᠡᠲᠡᠯ᠎ᠡ
ᠲᠡᠷᠡ ᠬᠠᠷᠢᠨ ᠡᠳᠡᠭᠡᠷ ᠣᠯᠠᠨ ᠭᠠᠵᠠᠷ ᠢ᠋ ᠡᠷᠬᠡᠰᠢᠶᠡᠯ ᠦ᠋ᠨ ᠳᠣᠣᠷ᠎ᠠ ᠬᠣᠷᠢᠶᠠᠨ ᠠᠪᠬᠤ ᠪᠠᠢᠯᠳᠤᠭᠠᠨ ᠡᠬᠢᠯᠡᠬᠦ ᠡᠴᠡ ᠤᠷᠢᠳ᠂ ᠴᠡᠷᠢᠭ ᠦ᠋ᠨ ᠴᠠᠭᠠᠵᠠ ᠶ᠋ᠢᠨ ᠬᠤᠷᠠᠯ ᠢ᠋ ᠬᠤᠷᠠᠯᠳᠤᠭᠤᠯᠵᠤ᠂ ᠴᠡᠷᠢᠭ ᠦ᠋ᠨ ᠴᠠᠭᠠᠵᠠ ᠶ᠋ᠢ ᠵᠥᠷᠢᠴᠡᠭᠰᠡᠳ ᠢ᠋ ᠶᠠᠯᠠᠯᠠᠪᠠ᠃ ᠲᠡᠭᠡᠭᠡᠳ ᠡᠨᠡ ᠤᠳᠠᠭ᠎ᠠ ᠶ᠋ᠢᠨ ᠪᠠᠢᠯᠳᠤᠭᠠᠨ ᠡᠬᠢᠯᠡᠬᠦ ᠡᠴᠡ ᠤᠷᠢᠳ ᠲᠡᠷᠡ ᠳᠣᠣᠷᠠᠬᠢ ᠮᠡᠲᠦ ᠵᠠᠷᠯᠢᠭ ᠢ᠋ ᠪᠠᠭᠤᠯᠭᠠᠵᠠᠢ᠃ ᠡᠨᠡᠬᠦ ᠵᠠᠷᠯᠢᠭ ᠢ᠋ ᠬᠣᠵᠢᠮ ᠨᠢ ᠲᠡᠭᠦᠨ ᠦ᠌ ᠬᠠᠤᠯᠢ ᠴᠠᠭᠠᠵᠠ( ᠬᠥᠮᠦᠰ ᠦ᠋ᠨ ᠬᠡᠯᠡᠳᠡᠭ ᠴᠢᠩᠭᠢᠰ ᠬᠠᠭᠠᠨ ᠤ᠋ ᠴᠠᠭᠠᠵᠠ) ᠳ᠋ᠤ᠌ ᠣᠷᠣᠭᠤᠯᠤᠨ ᠲᠡᠮᠳᠡᠭᠯᠡᠭᠰᠡᠨ ᠪᠠᠢᠨ᠎ᠠ᠃ ᠡᠨᠡ ᠳᠠᠷᠤᠢ《ᠳᠠᠢᠰᠤᠨ ᠲᠠᠢ ᠪᠠᠢᠯᠳᠤᠭᠠᠳ ᠢᠯᠠᠯᠲᠠ ᠣᠯᠤᠭᠰᠠᠨ ᠦᠶ᠎ᠡ ᠳ᠋ᠦ᠍᠂ ᠪᠦᠬᠦ ᠬᠦᠴᠦᠨ ᠢ᠋ᠶ᠋ᠡᠨ ᠲᠥᠪᠯᠡᠷᠡᠭᠦᠯᠦᠨ ᠳᠠᠢᠰᠤᠨ ᠢ᠋ ᠨᠡᠬᠡᠮᠵᠢᠯᠡᠨ ᠰᠥᠨᠥᠭᠡᠬᠦ ᠬᠡᠷᠡᠭᠲᠡᠢ᠂ ᠣᠯᠵᠠ ᠶ᠋ᠢ ᠪᠤᠯᠢᠶᠠᠯᠳᠤᠭᠠᠳ ᠭᠣᠣᠯ ᠬᠠᠷᠠᠯᠲᠠ ᠪᠣᠯᠬᠤ ᠳᠠᠢᠰᠤᠨ ᠠ᠋ᠴᠠ ᠰᠠᠯᠵᠤ ᠪᠣᠯᠬᠤ ᠦᠭᠡᠢ᠂᠃ ᠪᠠᠢᠯᠳᠤᠭᠠᠨ ᠲᠡᠭᠦᠰᠦᠭᠰᠡᠨ ᠬᠣᠢᠨ᠎ᠠ ᠣᠯᠵᠠᠯᠠᠭᠰᠠᠨ ᠡᠳ᠋ ᠡᠷᠳᠡᠨᠢ ᠵᠡᠷᠭᠡ ᠶ᠋ᠢ ᠵᠦᠢ ᠳ᠋ᠦ᠍ ᠨᠡᠢᠴᠡᠬᠦ ᠶᠣᠰᠣ ᠪᠠᠷ ᠬᠤᠪᠢᠶᠠᠵᠤ ᠥᠭᠭᠦᠨ᠎ᠡ》 ᠭᠡᠵᠦ ᠲᠣᠭᠲᠠᠭᠠᠭᠰᠠᠨ ᠪᠠᠢᠨ᠎ᠠ᠃
ᠭᠡᠲᠡᠯ᠎ᠡ ᠲᠡᠭᠦᠨ ᠦ᠌ ᠲᠥᠷᠥᠯ ᠦ᠋ᠨ ᠠᠪᠠᠭ᠎ᠠ ᠨᠠᠷ ᠠᠯᠲᠠᠨ᠂ ᠬᠤᠴᠠᠷ᠂ ᠳᠠᠷᠢᠳᠠᠢ ᠭᠤᠷᠪᠠᠭᠤᠯᠠ ᠡᠨᠡᠬᠦ ᠰᠢᠨ᠎ᠡ ᠪᠡᠷ ᠲᠣᠭᠲᠠᠭᠠᠭᠰᠠᠨ ᠳᠦᠷᠢᠮ ᠢ᠋ ᠬᠠᠮᠢᠶᠠᠷᠬᠤ ᠦᠭᠡᠢ᠂ ᠤᠭ ᠤ᠋ᠨ ᠳᠠᠳᠬᠠᠯ ᠢ᠋ᠶ᠋ᠠᠷ ᠢ᠋ᠶ᠋ᠠᠨ ᠪᠠᠢᠯᠳᠤᠭᠠᠨ ᠤ᠋ ᠣᠯᠵᠠ ᠢ ᠰᠢᠭᠤᠳ ᠠᠪᠤᠶ᠎ᠠ ᠭᠡᠳ《ᠲᠡᠮᠦᠵᠢᠨ ᠢ᠋ ᠬᠠᠭᠠᠨ ᠢ᠋ᠶ᠋ᠠᠷ ᠰᠣᠩᠭᠣᠭᠰᠠᠨ ᠨᠢ ᠮᠠᠨ ᠤ᠋ ᠳᠡᠭᠡᠳᠦᠰ ᠡᠴᠡ ᠤᠯᠠᠮᠵᠢᠯᠠᠵᠤ ᠢᠷᠡᠭᠰᠡᠨ ᠳᠠᠳᠬᠠᠯ ᠢ᠋ ᠬᠠᠯᠠᠬᠤ ᠶ᠋ᠢᠨ ᠬᠡᠷᠡᠭ ᠦᠭᠡᠢ》 ᠭᠡᠵᠦ ᠠᠭᠠᠰᠢᠯᠠᠪᠠ᠃ ᠲᠡᠮᠦᠵᠢᠨ ᠪᠠᠢᠯ᠎ᠠ ᠭᠡᠳ ᠲᠡᠳᠡᠨ ᠦ᠌ ᠰᠢᠯᠵᠢᠰᠢ ᠦᠭᠡᠢ ᠡᠷᠬᠡ ᠳ᠋ᠦ᠍ ᠬᠠᠯᠳᠠᠵᠤ ᠪᠣᠯᠬᠤ ᠦᠭᠡᠢ᠂ ᠲᠡᠳᠡᠨᠡᠷ ᠤᠳᠤᠮ ᠲᠥᠷᠥᠯ ᠦ᠋ᠨ ᠶᠣᠰᠣ ᠪᠠᠷ ᠪᠣᠯ ᠲᠡᠮᠦᠵᠢᠨ ᠳ᠋ᠦ᠍ ᠳᠡᠭᠡᠷ᠎ᠡ ᠦᠶ᠎ᠡ ᠲᠡᠢ ᠪᠣᠯᠬᠣᠷ ᠲᠡᠭᠡᠵᠦ ᠳᠤᠷ᠎ᠠ ᠲᠠᠪᠠ ᠪᠠᠷ ᠢ᠋ᠶ᠋ᠠᠨ ᠠᠭᠠᠰᠢᠯᠠᠵᠤ ᠪᠠᠢᠵᠠᠢ᠃ ᠤᠴᠢᠷ ᠲᠡᠢᠮᠦ ᠡᠴᠡ ᠪᠠᠢᠯᠳᠤᠭᠠᠨ ᠳ᠋ᠤ᠌ ᠳᠡᠢᠯᠬᠦ ᠪᠠᠢᠳᠠᠯ ᠳᠥᠩᠭᠡᠵᠦ ᠲᠣᠭᠲᠠᠵᠤ ᠪᠠᠢᠬᠤ ᠳ᠋ᠤ᠌᠂ ᠲᠡᠳᠡᠨᠡᠷ ᠵᠠᠮᠤᠬ᠎ᠠ ᠶ᠋ᠢᠨ ᠲᠡᠷᠭᠡᠨ ᠢ᠋ ᠴᠢᠭᠯᠡᠵᠦ ᠪᠤᠰᠤᠳ ᠬᠥᠮᠦᠰ ᠢ᠋ᠶ᠋ᠡᠷ ᠳᠠᠢᠰᠤᠨ ᠢ᠋ ᠨᠡᠬᠡᠭᠦᠯᠬᠦ ᠪᠡᠷ ᠵᠠᠷᠯᠢᠭᠳᠠᠪᠠ᠃
ᠲᠡᠮᠦᠵᠢᠨ᠂ ᠲᠡᠳᠡᠨ ᠦ᠌ ᠳᠤᠷ᠎ᠠ ᠲᠠᠪᠠ ᠪᠠᠷ ᠢ᠋ᠶ᠋ᠠᠨ ᠪᠤᠯᠢᠶᠠᠵᠤ ᠪᠠᠢᠬᠤ ᠶ᠋ᠢ ᠦᠵᠡᠭᠰᠡᠨ ᠪᠥᠭᠡᠳ ᠲᠡᠳᠡ ᠬᠠᠷᠢᠨ ᠥᠰᠢᠬᠦ ᠬᠠᠷᠠᠴᠠ ᠪᠠᠷ ᠲᠡᠮᠦᠵᠢᠨ ᠢ᠋ ᠭᠢᠯᠦᠢᠵᠦ ᠪᠠᠢᠯ᠎ᠠ᠃ ᠲᠤᠬᠠᠢ ᠶ᠋ᠢᠨ ᠦᠶ᠎ᠡ ᠳ᠋ᠦ᠍ ᠲᠡᠮᠦᠵᠢᠨ ᠨᠢᠭᠡ ᠴᠤ ᠦᠭᠡ ᠬᠡᠯᠡᠭᠰᠡᠨ ᠦᠭᠡᠢ᠂ ᠪᠠᠢᠯᠳᠤᠭᠠᠨ ᠳ᠋ᠤ᠌ ᠰᠢᠮᠳᠠᠵᠤ ᠪᠠᠢᠭ᠎ᠠ ᠣᠯᠠᠨ ᠴᠡᠷᠢᠭ ᠦ᠋ᠨ ᠳᠠᠢᠰᠤᠨ ᠢ᠋ ᠰᠥᠨᠥᠭᠡᠭᠡᠳ ᠪᠤᠴᠠᠵᠤ ᠢᠷᠡᠬᠦ ᠶ᠋ᠢ ᠬᠦᠯᠢᠶᠡᠵᠦ ᠪᠠᠢᠪᠠ᠃ ᠪᠦᠬᠦ ᠴᠡᠷᠢᠭ ᠪᠤᠴᠠᠵᠤ ᠢᠷᠡᠭᠰᠡᠨ ᠬᠣᠢᠨ᠎ᠠ᠂
ᠵᠠᠷᠯᠢᠭ ᠪᠠᠭᠤᠯᠭᠠᠵᠤ᠂ ᠭᠤᠷᠪᠠᠨ ᠠᠪᠠᠭ᠎ᠠ ᠪᠣᠯᠤᠨ ᠳᠠᠭᠠᠭᠰᠠᠳ ᠢ᠋ ᠨᠢ ᠪᠦᠰᠡᠯᠡᠨ ᠠᠪᠴᠤ᠂ ᠲᠡᠳᠡᠨ ᠦ᠌ ᠪᠤᠯᠢᠶᠠᠵᠤ ᠣᠯᠤᠭᠰᠠᠨ ᠡᠳ᠋ ᠡᠷᠳᠡᠨᠢ ᠮᠠᠯ ᠠᠳᠤᠭᠤ ᠪᠦᠬᠦᠨ ᠢ᠋ ᠬᠣᠷᠢᠶᠠᠨ ᠠᠪᠤᠭᠠᠳ᠂ ᠪᠦᠬᠦ ᠪᠠᠢᠯᠳᠤᠭᠴᠢ ᠨᠠᠷ ᠲᠠᠭᠠᠨ ᠬᠤᠪᠢᠶᠠᠨ ᠥᠭᠴᠡᠢ᠃ ᠲᠡᠳᠡ ᠭᠤᠷᠪᠠᠭᠤᠯᠠ ᠳ᠋ᠤ᠌ ᠶᠠᠭᠤ ᠴᠤ ᠥᠭᠭᠰᠡᠨ ᠦᠭᠡᠢ ᠪᠡᠷ ᠦᠯᠦ ᠪᠠᠷᠠᠨ ᠦᠷᠭᠦᠯᠵᠢᠯᠡᠨ ᠪᠠᠢᠯᠳᠤᠬᠤ ᠪᠠᠢᠯᠳᠤᠭᠠᠨ ᠳ᠋ᠤ᠌ ᠲᠡᠳᠡᠨ ᠢ᠋ ᠳᠠᠭᠠᠭᠤᠯᠬᠤ ᠦᠭᠡᠢ᠂ ᠭᠡᠷ ᠲᠦ᠋ᠨᠢ ᠬᠥᠭᠡᠭᠡᠵᠦ ᠶᠠᠪᠤᠭᠤᠯᠪᠠ᠃
ᠮᠣᠩᠭᠣᠯ ᠤ᠋ᠨ ᠢᠵᠠᠭᠤᠷᠲᠠᠨ ᠨᠠᠷ ᠲᠤᠢᠯ ᠢ᠋ᠶ᠋ᠠᠷ ᠠᠭᠤᠷᠯᠠᠭᠰᠠᠨ ᠪᠣᠯᠪᠠᠴᠤ ᠣᠮᠣᠭ ᠢ᠋ᠶ᠋ᠠᠨ ᠳᠠᠷᠤᠭᠠᠳ ᠡᠨᠡ ᠤᠳᠠᠭ᠎ᠠ ᠶ᠋ᠢᠨ ᠠᠮᠰᠠᠭᠰᠠᠨ ᠢᠴᠢᠭᠦᠷᠢ ᠳᠣᠷᠣᠮᠵᠢᠯᠠᠯ ᠢ᠋ ᠬᠦᠯᠢᠴᠡᠨ᠂ ᠲᠡᠳᠡᠨᠡᠷ ᠨᠢᠭᠡ ᠦᠭᠡ ᠴᠤ ᠬᠡᠯᠡᠭᠰᠡᠨ ᠦᠭᠡᠢ ᠪᠡᠷ ᠴᠡᠷᠢᠭ ᠡᠴᠡ ᠪᠡᠨ ᠰᠠᠯᠪᠠ᠃ ᠲᠡᠳᠡᠨᠡᠷ ᠥᠪᠡᠷ ᠦ᠋ᠨ ᠰᠣᠩᠭᠣᠭᠰᠠᠨ ᠬᠠᠭᠠᠨ ᠨᠢ ᠵᠥᠪᠬᠡᠨ ᠲᠡᠳᠡᠨ ᠦ᠌ ᠠᠰᠢᠭ ᠲᠤᠰᠠ ᠶ᠋ᠢ ᠬᠠᠮᠠᠭᠠᠯᠠᠬᠤ ᠬᠥᠮᠦᠨ ᠪᠣᠯᠬᠣᠷ ᠦᠯᠦ ᠪᠠᠷᠠᠨ᠂ ᠲᠡᠳᠡᠨ ᠢ᠋ ᠳᠠᠷᠤᠵᠤ ᠨᠣᠮᠣᠬᠠᠳᠬᠠᠬᠤ ᠬᠠᠲᠠᠭᠤ ᠴᠢᠩᠭ᠎ᠠ ᠡᠵᠡᠨ ᠨᠢ ᠪᠣᠯᠤᠨ᠎ᠠ ᠭᠡᠰᠡᠨ ᠢ᠋ ᠣᠳᠣ ᠰᠠᠶᠢ ᠮᠡᠳᠡᠭᠰᠡᠨ ᠶᠦ᠍ᠮ᠃ ᠭᠡᠪᠡᠴᠦ ᠡᠷᠬᠡ ᠴᠢᠯᠥᠭᠡ ᠲᠡᠢ ᠠᠮᠢᠳᠤᠷᠠᠯ ᠳ᠋ᠠᠭᠠᠨ ᠰᠢᠨᠤᠬᠠᠢᠷᠠᠭᠰᠠᠨ ᠮᠣᠩᠭᠣᠯ ᠤ᠋ᠨ ᠲᠦᠷᠦᠭᠦᠴᠦᠳ ᠶᠠᠭᠠᠬᠢᠪᠠᠴᠤ ᠡᠨᠡᠬᠦ ᠳᠠᠷᠤᠯᠠᠯ ᠳ᠋ᠤ᠌ ᠪᠡᠶ᠎ᠡ ᠪᠥᠬᠥᠢᠨ᠎ᠡ
ᠭᠡᠵᠦ ᠪᠣᠳᠣᠭᠰᠠᠨ ᠦᠭᠡᠢ ᠪᠢᠯᠡ᠃
( ᠭᠤᠷᠪᠠ)
ᠬᠣᠶᠠᠳᠤᠭᠠᠷ ᠬᠠᠲᠤᠨ ᠠᠪᠤᠭᠰᠠᠨ ᠪᠠ ᠦᠨᠳᠦᠰᠦᠲᠡᠨ ᠦ᠌ ᠤᠳᠤᠮᠰᠢᠯ ᠢ᠋ ᠰᠠᠬᠢᠭᠰᠠᠨ ᠨᠢ
ᠰᠡᠯᠡᠮ᠎ᠡ ᠪᠣᠯᠤᠨ ᠨᠤᠮᠤ ᠪᠠᠷ ᠢ᠋ᠶ᠋ᠠᠨ ᠰᠢᠨ᠎ᠡ ᠬᠣᠯᠪᠣᠭᠠᠲᠠᠨ ᠢ᠋ᠶ᠋ᠠᠨ ᠣᠯᠬᠤ ᠶ᠋ᠢᠨ ᠲᠤᠰᠠ ᠳ᠋ᠤ᠌᠂ ᠢᠯᠠᠭᠴᠢ ᠲᠡᠮᠦᠵᠢᠨ ᠴᠡᠷᠢᠭ ᠢ᠋ᠶ᠋ᠡᠨ ᠳᠠᠭᠠᠭᠤᠯᠤᠭᠠᠳ ᠡᠨᠡ ᠦᠨᠳᠦᠰᠦᠲᠡᠨ ᠡᠴᠡ ᠲᠡᠷᠡ ᠦᠨᠳᠦᠰᠦᠲᠡᠨ᠂ ᠡᠨᠡ ᠠᠢᠮᠠᠭ ᠠ᠋ᠴᠠ ᠲᠡᠷᠡ ᠠᠢᠮᠠᠭ ᠬᠦᠷᠲᠡᠯ᠎ᠡ ᠵᠡᠷᠭᠡᠯᠡᠳᠡᠭᠡ ᠣᠷᠣᠨ ᠪᠦᠬᠦᠨ ᠢ᠋ ᠲᠣᠭᠣᠷᠢᠪᠠ᠃ ᠠᠶᠤᠮᠰᠢᠭ ᠦᠭᠡᠢ ᠪᠡᠷ ᠲᠡᠭᠦᠨ ᠦ᠌ ᠡᠰᠡᠷᠭᠦ ᠲᠡᠮᠡᠴᠡᠭᠰᠡᠨ ᠦᠨᠳᠦᠰᠦᠲᠡᠨ ᠠᠢᠮᠠᠭ ᠤ᠋ᠳ ᠳᠡᠮᠡᠢ ᠯᠡ ᠪᠠᠢᠭᠰᠠᠨ ᠦᠭᠡᠢ᠂ ᠣᠢ ᠰᠢᠭᠤᠢ ᠪᠤᠶᠤ ᠡᠯᠡᠰᠦ ᠮᠠᠩᠬᠠᠨ ᠳ᠋ᠤ᠌ ᠳᠤᠲᠠᠭᠠᠵᠤ ᠠᠮᠵᠢᠭᠰᠠᠨ ᠦᠭᠡᠢ ᠬᠥᠮᠦᠰ ᠪᠠᠷᠢᠴᠠ ᠪᠡᠯᠡᠭ ᠡᠷᠭᠦᠵᠦ᠂ ᠲᠡᠮᠦᠵᠢᠨ ᠦ᠌ ᠳᠡᠷᠭᠡᠳᠡ ᠢᠷᠡᠵᠦ ᠦᠨᠡᠨᠴᠢ ᠰᠢᠳᠤᠷᠭᠤ ᠪᠠᠷ ᠵᠢᠳᠬᠦᠬᠦ ᠪᠡᠨ ᠲᠠᠩᠭᠠᠷᠢᠭᠯᠠᠨ᠂ ᠬᠠᠷᠢᠶᠠᠲᠤ ᠲᠦᠰᠢᠮᠡᠯ ᠪᠣᠯᠵᠤ ᠲᠡᠭᠦᠨ ᠳ᠋ᠦ᠍ ᠦᠢᠯᠡᠴᠢᠯᠡᠵᠦ᠂ ᠬᠠᠮᠢᠶᠠᠷᠤᠯ ᠤ᠋ᠨ ᠳᠣᠣᠷᠠᠬᠢ ᠬᠠᠮᠤᠭ ᠰᠠᠢᠨ ᠪᠠᠢᠯᠳᠤᠭᠴᠢ ᠪᠠᠨ ᠲᠡᠭᠦᠨ ᠦ᠌ ᠵᠠᠬᠢᠷᠤᠯ ᠤ᠋ᠨ ᠳᠣᠣᠷ᠎ᠠ ᠣᠷᠣᠭᠤᠯᠪᠠ᠃
ᠲᠡᠮᠦᠵᠢᠨ᠂ ᠤᠷᠢᠳ ᠪᠠᠷᠠᠭᠤᠨ ᠲᠠᠯ᠎ᠠ ᠳ᠋ᠠᠬᠢ ᠮᠡᠷᠭᠢᠳ ᠲᠡᠢ ᠪᠠᠶ᠋ᠢᠯᠳᠤᠬᠤ ᠳ᠋ᠠᠭᠠᠨ ᠲᠣᠭᠣᠷᠢᠯ ᠬᠠᠨ ᠯᠤᠬ᠋᠎ᠠ ᠬᠠᠮᠲᠤ ᠶᠠᠪᠤᠭᠰᠠᠨ ᠪᠢᠯᠡ᠂ ᠣᠳᠣ ᠲᠡᠮᠦᠵᠢᠨ ᠤᠮᠠᠷᠠᠲᠤ ᠬᠢᠭᠡᠳ ᠳᠣᠷᠣᠨᠠᠲᠤ ᠳ᠋ᠠᠬᠢ ᠪᠠᠷᠭᠤ᠂ ᠲᠠᠲ᠋ᠠᠷ᠂ ᠬᠣᠩᠭᠢᠷᠠᠳ ᠵᠡᠷᠭᠡ ᠠᠶ᠋ᠢᠮᠠᠭ ᠲᠠᠢ ᠪᠠᠶ᠋ᠢᠯᠳᠤᠨ ᠬᠢᠯᠪᠠᠷ ᠶ᠋ᠢᠠᠷ ᠳᠡᠶ᠋ᠢᠯᠬᠦ ᠦᠶ᠎ᠡ ᠳᠤ ᠲᠡᠮᠦᠵᠢᠨ ᠭᠠᠭᠴᠠ ᠮᠣᠩᠭᠣᠯᠴᠤᠳ ᠦ᠋ᠨ ᠬᠦᠴᠦᠨ ᠶ᠋ᠢᠡᠷ ᠪᠠᠶ᠋ᠢᠯᠳᠤᠭᠰᠠᠨ ᠪᠠᠶ᠋ᠢᠨ᠎ᠠ᠃ ᠲᠡᠮᠦᠵᠢᠨ ᠵᠤᠨ ᠤ ᠬᠠᠯᠠᠭᠤᠨ ᠴᠠᠭ ᠲᠤ ᠣᠢ ᠰᠢᠭᠤᠢ ᠲᠠᠢ ᠠᠭᠤᠯᠠᠨ ᠤ ᠰᠡᠭᠦᠳᠡᠷ ᠲᠤ ᠪᠠᠭᠤᠵᠤ ᠵᠤᠰᠠᠳᠠᠭ ᠪᠠᠶ᠋ᠢᠵᠠᠢ᠃ ᠮᠣᠩᠭᠣᠯ ᠭᠠᠵᠠᠷ ᠦ᠋ᠨ ᠡᠪᠦᠯ ᠰᠦᠷᠡᠬᠡᠢ ᠬᠦᠢᠲᠡᠨ ᠪᠣᠯᠬᠣᠷ᠂ ᠡᠪᠦᠯ ᠪᠣᠯᠪᠠᠯ ᠡᠮᠦᠨ᠎ᠡ ᠵᠦᠭ ᠦ᠋ᠨ ᠳᠤᠯᠠᠭᠠᠨ ᠭᠠᠵᠠᠷ ᠲᠤ ᠣᠴᠢᠵᠤ ᠡᠪᠦᠯᠵᠢᠳᠡᠭ ᠪᠠᠶ᠋ᠢᠵᠠᠢ᠃ ᠵᠠᠮ ᠵᠠᠭᠤᠷ᠎ᠠ ᠪᠠᠨ ᠥᠷᠭᠡᠨ ᠪᠣᠯᠪᠠᠴᠤ ᠳᠡᠮᠡᠢ ᠭᠦᠨ ᠪᠢᠰᠢ ᠭᠣᠣᠯ ᠲᠣᠬᠢᠶᠠᠯᠳᠤᠪᠠᠯ ᠬᠡᠳᠦᠨ ᠮᠢᠩᠭᠠᠨ ᠡᠮᠡᠭᠡᠯᠲᠡᠢ ᠮᠣᠷᠢ ᠶ᠋ᠢ ᠡᠮᠡᠭᠡᠯ ᠦ᠋ᠨ ᠤᠷᠳᠤ ᠪᠦᠭᠦᠷᠭᠡ ᠪᠡᠷ ᠨᠢ ᠬᠣᠯᠪᠣᠨ ᠤᠶᠠᠭᠠᠳ ᠡᠳᠡᠭᠡᠷ ᠮᠣᠷᠢᠳ ᠊ᠢ ᠤᠷᠤᠰᠬᠠᠯ ᠳᠠᠭᠠᠭᠤᠯᠤᠨ ᠬᠥᠨᠳᠡᠯᠢᠳᠦᠭᠦᠯᠦᠭᠰᠡᠨ ᠬᠣᠶ᠋ᠢᠨ᠎ᠠ᠂ ᠮᠣᠩᠭᠣᠯᠴᠤᠳ ᠶᠠᠪᠠᠭᠠᠨ ᠶ᠋ᠢᠠᠷ ᠮᠣᠷᠢᠨ ᠳᠡᠭᠡᠭᠦᠷ ᠭᠣᠣᠯ ᠊ᠢ ᠭᠠᠲᠤᠯᠤᠨ ᠭᠠᠷᠳᠠᠭ᠃ ᠬᠦᠷᠦᠭᠰᠡᠨ ᠭᠠᠵᠠᠷ ᠪᠦᠬᠦᠨ ᠳᠤ ᠬᠣᠨᠢᠨ ᠮᠢᠬ᠎ᠠ᠂ ᠴᠡᠭᠡ ᠲᠡᠢ ᠪᠥᠭᠡᠳ ᠥᠬᠢᠳ ᠪᠡᠷᠢᠶᠡᠳ ᠪᠠᠰᠠ ᠪᠡᠯᠡᠬᠡᠨ ᠪᠠᠶ᠋ᠢᠯ᠎ᠠ᠃ ᠠᠮᠤᠰᠬᠢᠬᠦ ᠦᠶ᠎ᠡ ᠳ᠋ᠡᠭᠡᠨ ᠢᠯᠳᠦ ᠰᠡᠯᠡᠮ᠎ᠡ ᠪᠡᠨ ᠪᠢᠯᠡᠭᠦᠳᠡᠨ᠂ ᠰᠢᠨ᠎ᠡ ᠰᠤᠮᠤ ᠬᠢᠵᠦ ᠰᠢᠨ᠎ᠡ ᠵᠡᠪᠡ ᠶ᠋ᠢ ᠳᠠᠪᠲᠠᠨ ᠪᠦᠲᠦᠭᠡᠳᠡᠭ᠃ ᠵᠤᠨ ᠤ ᠴᠠᠭ ᠲᠤ ᠮᠣᠷᠢᠳ ᠨᠢ ᠪᠠᠶ᠋ᠢᠯᠳᠤᠭᠠᠨ ᠤ ᠦᠶ᠎ᠡ ᠶ᠋ᠢᠨ ᠶᠠᠳᠠᠷᠠᠯ ᠶ᠋ᠢᠠᠨ ᠭᠠᠷᠭᠠᠵᠤ᠂ ᠡᠪᠦᠯ ᠦ᠋ᠨ ᠴᠠᠭ ᠲᠤ ᠮᠣᠷᠢᠳ ᠨᠢ ᠲᠤᠭᠤᠷᠠᠢ ᠪᠠᠷ ᠶ᠋ᠢᠠᠨ ᠴᠠᠰᠤ ᠴᠠᠪᠴᠢᠵᠤ ᠳᠠᠷᠤᠭᠳᠠᠭᠰᠠᠨ ᠡᠪᠡᠰᠦ ᠶ᠋ᠢ ᠡᠷᠢᠵᠦ ᠢᠳᠡᠳᠡᠭ᠃ ᠮᠣᠩᠭᠣᠯᠴᠤᠳ ᠸᠠᠭᠠᠷ ᠦ᠋ᠨ ᠪᠠᠶ᠋ᠢᠰᠢᠩ ᠪᠤᠶᠤ ᠵᠥᠭᠡᠯᠡᠨ ᠣᠷᠣ ᠶ᠋ᠢ ᠮᠡᠳᠡᠬᠦ ᠦᠭᠡᠢ ᠲᠡᠢ ᠠᠳᠠᠯᠢ ᠪᠠᠷ ᠮᠣᠩᠭᠣᠯ ᠮᠣᠷᠢᠳ ᠴᠤ᠌ ᠬᠠᠰᠢᠶ᠎ᠠ ᠰᠠᠷᠠᠪᠴᠢ ᠪᠤᠶᠤ ᠣᠪᠢᠶᠠᠰᠤ ᠪᠤᠭᠤᠳᠠᠢ ᠶ᠋ᠢᠨ ᠪᠣᠷᠳᠣᠭ᠎ᠠ ᠶ᠋ᠢ ᠮᠡᠳᠡᠬᠦ ᠦᠭᠡᠢ ᠪᠠᠶ᠋ᠢᠵᠠᠢ᠃ ᠮᠣᠩᠭᠣᠯᠴᠤᠳ ᠬᠦᠷᠦᠭᠰᠡᠨ ᠭᠠᠵᠠᠷ ᠨᠤᠲᠤᠭ ᠶ᠋ᠢᠠᠨ ᠪᠦᠷ ᠥᠪᠡᠷ ᠦ᠋ᠨ ᠭᠡᠷ ᠣᠷᠣᠨ ᠶ᠋ᠢᠠᠨ ᠪᠣᠯᠭᠠᠨ᠎ᠠ᠃ ᠡᠳᠦᠷ ᠪᠦᠷᠢ ᠬᠤᠷᠢᠮᠯᠠᠵᠤ᠂ ᠦᠳᠡᠰᠢ ᠪᠦᠷᠢ ᠨᠠᠶ᠋ᠢᠷ ᠪᠣᠯᠳᠠᠭ᠃ ᠬᠠᠷᠢᠶᠠᠲᠤ ᠲᠦᠰᠢᠮᠡᠯ ᠪᠠ ᠨᠥᠬᠥᠳ ᠦ᠋ᠨ ᠬᠠᠮᠲᠤ ᠠᠷᠢᠬᠢ ᠤᠤᠭᠤᠵᠤ᠂ ᠰᠠᠶ᠋ᠢᠨ ᠊ᠢ ᠢᠳᠡᠵᠦ ᠪᠠᠶᠠᠷ ᠬᠥᠷ ᠲᠡᠢ ᠪᠡᠷ ᠠᠮᠢᠳᠤᠷᠠᠵᠤ ᠶᠠᠪᠤᠨ᠎ᠠ᠂ ᠮᠣᠷᠢᠲᠤ ᠪᠠᠭᠠᠲᠤᠷᠴᠤᠳ ᠦ᠋ᠨ ᠠᠮᠢᠳᠤᠷᠠᠯ ᠭᠡᠭᠴᠢ ᠨᠢ ᠡᠶ᠋ᠢᠮᠦ ᠯᠡ ᠰᠠᠶ᠋ᠢᠬᠠᠨ ᠪᠠᠶ᠋ᠢᠵᠠᠢ᠃
ᠡᠨᠡ ᠦᠶ᠎ᠡ ᠳᠤ ᠲᠡᠮᠦᠵᠢᠨ᠂ ᠥᠷᠯᠥᠭ ᠡᠴᠡ ᠪᠡᠨ᠄ ᠡᠷ᠎ᠡ ᠬᠥᠮᠦᠨ ᠦ ᠠᠮᠢᠳᠤᠷᠠᠯ ᠳᠤ ᠬᠠᠮᠤᠭ ᠦ᠋ᠨ ᠶᠡᠬᠡ ᠴᠡᠩᠭᠡᠯ ᠪᠣᠯ ᠶᠠᠭᠤ ᠪᠤᠢ? ᠭᠡᠵᠦ ᠠᠰᠠᠭᠤᠭᠰᠠᠨ ᠤᠳᠠᠭ᠎ᠠ ᠪᠠᠶ᠋ᠢᠵᠠᠢ᠃ ᠲᠡᠳᠡᠨᠡᠷ ᠬᠠᠮᠤᠭ ᠦ᠋ᠨ ᠲᠡᠷᠢᠭᠦᠨ ᠳ᠋ᠤᠨᠢ ᠪᠦᠷ ᠠᠩ ᠠᠪᠠ ᠬᠢᠬᠦ ᠭᠡᠵᠦ ᠥᠴᠢᠯ᠎ᠡ᠂ ᠳᠠᠷᠠᠭ᠎ᠠ ᠨᠢ ᠮᠣᠷᠢ ᠤᠨᠤᠭᠠᠳ ᠠᠪᠠ ᠲᠠᠯᠪᠢᠬᠤ ᠭᠡᠪᠡ᠂ ᠭᠤᠷᠪᠠᠳᠠᠬᠢ ᠨᠢᠭᠡ ᠨᠢ ᠬᠥᠳᠡᠭᠡ ᠠᠷᠢᠶᠠᠲᠠᠨ ᠭᠥᠷᠥᠭᠡᠯᠡᠵᠦ ᠲᠡᠭᠦᠨ ᠲᠡᠢ ᠨᠣᠴᠣᠯᠳᠤᠬᠤ ᠭᠡᠵᠦ ᠥᠴᠢᠭᠰᠡᠨ ᠪᠠᠢᠨ᠎ᠠ᠃ ᠡᠳᠡᠭᠡᠷ ᠦ᠋ᠨ ᠬᠠᠷᠢᠭᠤᠯᠤᠭᠰᠠᠨ ᠳ᠋ᠤ᠌ ᠲᠡᠮᠦᠵᠢᠨ ᠪᠦᠷ ᠲᠣᠯᠣᠭᠠᠢ ᠰᠠᠵᠢᠵᠤ ᠵᠥᠪᠰᠢᠶᠡᠷᠡᠬᠦ ᠦᠭᠡᠢ ᠪᠠᠢᠵᠠᠢ᠃ ᠬᠠᠮᠤᠭ ᠤ᠋ᠨ ᠡᠴᠦᠰ ᠲᠦ᠍ ᠲᠡᠷᠡ ᠬᠡᠯᠡᠭᠰᠡᠨ ᠨᠢ᠄
《ᠬᠥᠮᠦᠨ ᠦ᠌ ᠠᠮᠢᠳᠤᠷᠠᠯ ᠳ᠋ᠤ᠌ ᠬᠠᠮᠤᠭ ᠤ᠋ᠨ ᠶᠡᠬᠡ ᠵᠣᠯ ᠵᠢᠷᠭᠠᠯ ᠪᠣᠯ ᠳᠠᠢᠰᠤᠨ ᠢ᠋ ᠪᠤᠲᠠ ᠨᠢᠷᠭᠡᠵᠦ᠂ ᠲᠡᠭᠦᠨ ᠢ᠋ ᠦᠯᠳᠡᠨ ᠬᠥᠭᠡᠭᠡᠵᠦ᠂ ᠡᠳ᠋ ᠠᠭᠤᠷᠠᠰᠤᠨ ᠪᠦᠬᠦᠨ ᠢ᠋ ᠨᠢ ᠪᠤᠯᠢᠶᠠᠨ ᠠᠪᠴᠤ᠂ ᠲᠡᠭᠦᠨ ᠢ᠋ ᠳᠣᠲᠣᠨᠣᠴᠢᠯᠠᠬᠤ ᠬᠥᠮᠦᠰ ᠦ᠋ᠨ ᠤᠢᠳᠬᠠᠷ ᠲᠠᠢ ᠪᠠᠷ ᠳᠠᠭᠤ ᠲᠠᠯᠪᠢᠨ ᠤᠬᠢᠯᠠᠬᠤ ᠶ᠋ᠢ ᠦᠵᠡᠭᠡᠳ᠂ ᠲᠡᠳᠡᠨᠦᠰ ᠦ᠋ᠨ ᠮᠣᠷᠢᠨ ᠳ᠋ᠤ᠌ ᠮᠣᠷᠳᠠᠵᠤ᠂ ᠲᠡᠳᠡᠨᠦᠰ ᠦ᠋ᠨ ᠬᠡᠦᠬᠡᠨ ᠠᠪᠠᠭᠠᠢᠴᠤᠳ ᠢ᠋ ᠬᠤᠷᠢᠶᠠᠵᠤ ᠠᠪᠤᠭᠠᠳ ᠣᠷᠳᠣᠨ ᠳ᠋ᠠᠭᠠᠨ ᠪᠠᠭᠤᠯᠭᠠᠬᠤ ᠳ᠋ᠤ᠌ ᠣᠷᠣᠰᠢᠬᠤ ᠪᠣᠯᠠᠢ》 ᠭᠡᠵᠡᠢ᠃
ᠣᠳᠣ ᠲᠡᠮᠦᠵᠢᠨ ᠨᠢᠭᠡᠨᠲᠡ ᠳᠥᠴᠢᠨ ᠨᠠᠰᠤ ᠬᠦᠷᠦᠯ᠎ᠡ᠃ ᠰᠡᠭᠦᠯ ᠦ᠋ᠨ ᠠᠷᠪᠠᠨ ᠵᠢᠯ ᠳ᠋ᠦ᠍ ᠲᠡᠷᠡ᠂ ᠲᠣᠭ᠎ᠠ ᠦᠭᠡᠢ ᠣᠯᠠᠨ ᠪᠠᠢᠯᠳᠤᠭᠠᠨ ᠢ᠋ ᠬᠢᠵᠦ᠂ ᠰᠠᠮᠪᠠᠭ᠎ᠠ ᠲᠠᠢ ᠪᠠᠷ ᠳᠠᠢᠰᠤᠨ ᠢ᠋ ᠪᠤᠲᠠ ᠨᠢᠷᠭᠡᠭᠰᠡᠨ ᠶᠦᠮ᠃ ᠲᠡᠷᠡ ᠬᠠᠭᠠᠨ ᠤ᠋ ᠰᠦᠷ ᠬᠦᠴᠦ ᠪᠡᠨ ᠥᠷᠭᠡᠳᠬᠡᠵᠦ᠂ ᠥᠷᠭᠡᠨ ᠠᠭᠤᠳᠠᠮ ᠲᠠᠯ᠎ᠠ ᠨᠤᠲᠤᠭ ᠲᠠᠬᠢ ᠮᠣᠩᠭᠣᠯᠴᠤᠳ ᠤ᠋ᠨ ᠨᠡᠷ᠎ᠡ ᠬᠦᠨᠳᠦ ᠶ᠋ᠢ ᠳᠠᠬᠢᠨ ᠮᠠᠨᠳᠤᠭᠤᠯᠤᠭᠰᠠᠨ ᠪᠠᠢᠨ᠎ᠠ᠃ ᠳᠠᠢᠴᠢᠨ ᠨᠥᠬᠥᠳ ᠨᠢ ᠲᠡᠭᠦᠨ ᠦ᠌ ᠣᠯᠭᠣᠭᠰᠠᠨ ᠪᠠᠢᠯᠳᠤᠭᠠᠨ ᠤ᠋ ᠣᠯᠵᠠ ᠪᠠᠷ ᠡᠯᠪᠡᠭ ᠪᠠᠶᠠᠯᠢᠭ ᠪᠤᠯᠵᠠᠭᠠᠪᠠ᠃
ᠲᠡᠭᠦᠨ ᠦ᠌ ᠳᠥᠷᠪᠡᠨ ᠬᠥᠪᠡᠭᠦᠨ ᠦ᠌ ᠳᠣᠲᠣᠷ᠎ᠠ ᠵᠥᠴᠢ᠂ ᠴᠠᠭᠠᠲᠠᠢ᠂ ᠥᠭᠡᠳᠡᠢ ᠭᠤᠷᠪᠠᠭᠤᠯᠠ ᠲᠣᠮᠣ ᠪᠣᠯᠵᠤ ᠪᠣᠢᠵᠢᠭᠰᠠᠨ ᠪᠣᠯᠬᠣᠷ᠂ ᠲᠡᠭᠦᠨ ᠢ᠋ ᠳᠠᠭᠠᠭᠠᠳ ᠪᠠᠢᠯᠳᠤᠭᠠᠨ ᠬᠢᠵᠦ ᠶᠠᠪᠤᠨ᠎ᠠ᠃ ᠬᠠᠮᠤᠭ ᠪᠠᠭ᠎ᠠ ᠬᠥᠪᠡᠭᠦᠨ ᠲᠤᠯᠤᠢ ᠪᠣᠯ ᠮᠣᠩᠭᠣᠯ ᠤ᠋ᠨ ᠳᠠᠳᠬᠠᠯ ᠢ᠋ᠶ᠋ᠠᠷ ᠣᠳᠬᠣᠨ ᠨᠢ ᠪᠣᠯᠵᠤ᠂ ᠠᠢᠯ ᠡᠷᠦᠬᠡ᠂ ᠠᠳᠤᠭᠤ ᠮᠠᠯ ᠢ᠋ᠶ᠋ᠠᠨ ᠰᠠᠬᠢᠵᠤ᠂ ᠡᠬᠡ ᠪᠥᠷᠲᠡ ᠦᠵᠢᠨ ᠲᠡᠢ ᠪᠡᠨ ᠬᠠᠮᠲᠤ ᠤᠨᠤᠨ ᠮᠥᠷᠡᠨ ᠦ᠌ ᠬᠥᠪᠡᠭᠡᠨ ᠳ᠋ᠡᠬᠢ ᠨᠤᠲᠤᠭ ᠤᠰᠤ ᠪᠠᠨ ᠰᠡᠷᠭᠡᠢᠯᠡᠨ ᠬᠠᠮᠠᠭᠠᠯᠠᠵᠤ ᠪᠠᠢᠪᠠ᠃ ᠲᠡᠮᠦᠵᠢᠨ ᠳ᠋ᠦ᠍ ᠪᠠᠰᠠ ᠨᠢᠭᠡ ᠬᠡᠦᠬᠡᠨ ᠲᠡᠢ ᠪᠢᠯᠡ᠂ ᠠᠯᠢ ᠨᠢᠭᠡᠨ ᠳᠠᠷᠤᠭ᠎ᠠ ᠳ᠋ᠤ᠌ ᠣᠴᠢᠬᠤ ᠪᠠᠨ ᠬᠡᠦᠬᠡᠨ ᠨᠢ ᠢᠯᠡ ᠲᠣᠳᠣ ᠢᠯᠡᠳᠬᠡᠭᠡ ᠦᠭᠡᠢ ᠰᠢᠯᠲᠠᠭᠠᠨ ᠨᠢ ᠡᠶ᠎ᠡ ᠨᠠᠢᠷ ᠲᠠᠢ ᠶᠠᠪᠤᠳᠠᠯ ᠲᠡᠮᠦᠵᠢᠨ ᠳ᠋ᠦ᠍ ᠲᠤᠩ ᠴᠢᠬᠤᠯᠠ ᠤᠴᠢᠷ ᠪᠣᠯᠤᠭᠰᠠᠨ ᠳ᠋ᠤ᠌ ᠣᠷᠣᠰᠢᠨ᠎ᠠ᠃ ᠲᠤᠬᠠᠢ ᠶ᠋ᠢᠨ ᠦᠶ᠎ᠡ ᠳ᠋ᠦ᠍ ᠮᠠᠰᠢ ᠣᠯᠠᠨ ᠠᠢᠮᠠᠭ ᠤ᠋ᠨ ᠣᠪᠣᠷ ᠨᠢ ᠲᠣᠳᠣᠷᠬᠠᠢ ᠢᠯᠡᠳᠬᠡᠭᠡ ᠦᠭᠡᠢ ᠪᠠᠢᠭᠰᠠᠨ ᠪᠠᠢᠵᠠᠢ᠃ ᠢᠩᠭᠢᠵᠦ ᠪᠠᠢᠲᠠᠯ᠎ᠠ ᠭᠡᠨᠡᠳᠲᠡ ᠤᠨᠤᠨ ᠮᠥᠷᠡᠨ ᠦ᠌ ᠬᠥᠪᠡᠭᠡ ᠠ᠋ᠴᠠ ᠨᠢᠭᠡᠨ ᠮᠣᠷᠢᠲᠠᠨ ᠬᠦᠷᠴᠦ ᠢᠷᠡᠭᠡᠳ ᠴᠢᠮᠡᠭᠡ ᠬᠡᠯᠡᠵᠦ ᠥᠭᠭᠦᠭᠰᠡᠨ ᠨᠢ᠄ ᠪᠥᠷᠲᠡ ᠬᠠᠲᠤᠨ ᠴᠢᠨᠢ᠂ ᠬᠥᠪᠡᠭᠦᠨ ᠴᠢᠨᠢ᠂ ᠶᠡᠬᠡ ᠰᠠᠢᠳ ᠨᠣᠶᠠᠳ ᠴᠢᠨᠢ᠂ ᠣᠯᠠᠨ ᠢᠵᠠᠭᠤᠷᠲᠠᠨ ᠴᠢᠨᠢ ᠪᠦᠷ ᠡᠰᠡᠨ ᠮᠡᠨᠳᠦ ᠪᠠᠢᠨ᠎ᠠ᠃ ᠭᠡᠲᠡᠯ᠎ᠡ ᠪᠥᠷᠲᠡ ᠬᠠᠲᠤᠨ ᠠ᠋ᠴᠠ ᠴᠢᠮᠠᠳᠤᠷ ᠳᠣᠣᠷᠠᠬᠢ ᠮᠡᠲᠦ ᠦᠭᠡ ᠶ᠋ᠢ ᠵᠠᠬᠢᠪᠠ᠄《ᠪᠦᠷᠭᠦᠳ ᠰᠢᠪᠠᠭᠤ ᠥᠨᠳᠥᠷ ᠮᠣᠳᠣᠨ ᠳᠡᠭᠡᠷ᠎ᠡ ᠡᠭᠦᠷᠯᠡᠪᠡ᠃ ᠮᠣᠳᠣ ᠪᠠᠨ ᠥᠨᠳᠥᠷ ᠭᠡᠵᠦ ᠢᠲᠡᠭᠡᠮᠵᠢᠯᠡᠭᠡᠳ ᠰᠠᠨᠠᠭ᠎ᠠ ᠠᠮᠤᠷ ᠪᠠᠢᠭᠰᠠᠨ ᠦᠶ᠎ᠡ ᠳ᠋ᠦ᠍᠂ ᠡᠭᠦᠷ ᠢ᠋ ᠨᠢ ᠪᠦᠷᠭᠦᠳ ᠡᠴᠡ ᠪᠢᠴᠢᠬᠠᠨ ᠰᠢᠪᠠᠭᠤ ᠡᠪᠳᠡᠯᠡᠭᠡᠳ ᠥᠨᠳᠡᠭᠡ ᠵᠤᠯᠵᠠᠭ᠎ᠠ ᠶ᠋ᠢ ᠨᠢ ᠦᠯᠡᠳᠡᠭᠡᠯ ᠦᠭᠡᠢ ᠢᠳᠡᠵᠦ ᠪᠠᠷᠠᠭᠰᠠᠨ》 ᠭᠡᠨ᠎ᠡ᠃ ᠲᠡᠮᠦᠵᠢᠨ ᠲᠡᠷᠡ ᠳᠠᠷᠤᠢ ᠳ᠋ᠤᠨᠢ ᠪᠠᠢᠯᠳᠤᠭᠠᠨ ᠬᠢᠬᠦ ᠪᠡᠨ ᠵᠣᠭᠰᠣᠭᠠᠳ᠂ ᠲᠦᠷᠦᠭᠦᠴᠦᠳ ᠢᠶᠡᠨ ᠠᠢᠮᠠᠭ ᠶᠠᠰᠤᠲᠠᠨ ᠢ ᠨᠢ ᠳᠠᠭᠠᠭᠤᠯᠵᠤ ᠨᠤᠲᠤᠭ ᠲᠤᠨᠢ ᠪᠤᠴᠠᠭᠠᠨ ᠶᠠᠪᠤᠭᠤᠯᠪᠠ᠃ ᠥᠪᠡᠷ ᠢ᠋ᠶ᠋ᠡᠨ ᠶᠡᠬᠡ ᠴᠡᠷᠢᠭ ᠢ᠋ᠶ᠋ᠡᠨ ᠳᠠᠭᠠᠭᠤᠯᠵᠤ ᠤᠨᠤᠨ ᠮᠥᠷᠡᠨ ᠦ᠌ ᠬᠥᠪᠡᠭᠡᠨ ᠳ᠋ᠡᠬᠢ ᠣᠷᠳᠣᠨ ᠢ᠋ᠶ᠋ᠠᠨ ᠴᠢᠭᠯᠡᠵᠦ ᠮᠣᠷᠳᠠᠪᠠ᠃
ᠲᠡᠮᠦᠵᠢᠨ ᠣᠷᠳᠣᠨ ᠳ᠋ᠠᠭᠠᠨ ᠣᠢᠷᠠᠲᠤᠬᠤ ᠳᠣᠳᠣᠮ ᠰᠡᠳᠬᠢᠯ ᠦ᠋ᠨ ᠳᠣᠲᠣᠷᠠᠬᠢ ᠪᠣᠳᠣᠯᠭ᠎ᠠ ᠨᠢ ᠡᠷᠡᠭᠡᠯᠵᠡᠭᠡ ᠲᠡᠢ ᠪᠣᠯᠵᠤ ᠢᠷᠡᠯ᠎ᠡ᠃ ᠲᠡᠭᠡᠭᠡᠳ ᠲᠡᠷᠡ ᠡᠴᠦᠰ ᠲᠡᠭᠡᠨ ᠪᠦᠬᠦ ᠴᠡᠷᠢᠭ ᠲᠡᠭᠡᠨ ᠤᠷᠤᠭᠰᠢᠯᠠᠬᠤ ᠶ᠋ᠢ ᠵᠣᠭᠰᠣ ᠭᠡᠵᠦ ᠵᠠᠷᠯᠢᠭ ᠪᠠᠭᠤᠯᠭᠠᠪᠠ᠃ ᠴᠡᠷᠢᠭ ᠦ᠋ᠨ ᠲᠣᠮᠣ ᠳᠠᠷᠤᠭ᠎ᠠ ᠥᠷᠯᠥᠭ ᠨᠠᠷ ᠢ᠋ᠶ᠋ᠠᠨ ᠴᠤᠭᠯᠠᠭᠤᠯᠤᠨ᠂ ᠲᠡᠭᠦᠨ ᠦ᠌ ᠣᠷᠳᠣᠨ ᠳ᠋ᠤ᠌ ᠴᠢᠬᠤᠯᠠ ᠬᠤᠷᠠᠯ ᠬᠢᠪᠡ᠃ ᠣᠯᠠᠨ ᠪᠠᠭᠠᠲᠤᠷ ᠨᠢ ᠰᠣᠴᠢᠨ ᠰᠣᠨᠢᠷᠬᠠᠭᠰᠠᠨ ᠵᠦᠢᠯ ᠭᠡᠪᠡᠯ ᠲᠡᠳᠡᠨᠡᠷ ᠦ᠋ᠨ ᠰᠦᠷ ᠶᠡᠬᠡᠲᠡᠢ ᠬᠠᠭᠠᠨ᠂ ᠪᠦᠬᠦᠢ ᠯᠡ ᠨᠡᠭᠦᠳᠡᠯᠴᠢᠨ ᠮᠠᠯᠴᠢᠳ ᠤ᠋ᠨ ᠠᠪᠤᠷᠭᠤ ᠢᠯᠠᠭᠴᠢ ᠪᠥᠭᠡᠳ ᠶᠠᠮᠠᠷ ᠨᠢᠭᠡ ᠬᠥᠮᠦᠨ ᠬᠡᠷᠪᠡ ᠥᠴᠦᠬᠡᠨ ᠲᠡᠳᠦᠢ ᠵᠠᠷᠯᠢᠭ ᠠ᠋ᠴᠠ ᠨᠢ ᠵᠥᠷᠢᠴᠡᠪᠡᠯ ᠴᠢᠩᠭ᠎ᠠ ᠪᠠᠷ ᠰᠢᠳᠬᠡᠳᠡᠭ᠂ ᠶᠠᠮᠠᠷ ᠬᠥᠮᠦᠨ ᠴᠤ ᠠᠶᠤᠮᠰᠢᠭ ᠦᠭᠡᠢ ᠪᠡᠷ ᠳᠠᠭᠤᠨ ᠭᠠᠷᠴᠤ ᠴᠢᠳᠠᠬᠤ ᠦᠭᠡᠢ ᠶᠦᠮ᠃ ᠨᠡᠷ᠎ᠡ ᠶ᠋ᠢ ᠨᠢ ᠰᠣᠨᠣᠰᠪᠠᠯ ᠬᠤᠯᠠᠭᠠᠢ ᠳᠡᠭᠡᠷᠡᠮ ᠬᠦᠷᠲᠡᠯ᠎ᠡ ᠳᠤᠲᠠᠭᠠᠳᠠᠭ ᠡᠨᠡᠬᠦ ᠬᠠᠭᠠᠨ ᠨᠢ ᠣᠳᠣ ᠢᠲᠠᠪ ᠲᠠᠲᠠᠪ ᠬᠢᠵᠦ ᠥᠪᠡᠷ ᠦ᠋ᠨ ᠪᠣᠳᠣᠭᠰᠠᠨ ᠢ᠋ᠶ᠋ᠠᠨ ᠴᠠᠭᠠᠪᠤᠷᠢᠯᠠᠨ ᠬᠡᠯᠡᠪᠡ᠃ ᠲᠡᠳᠡᠨᠡᠷ ᠮᠡᠷᠭᠢᠳ ᠠᠢᠮᠠᠭ ᠢ᠋ ᠳᠣᠪᠲᠣᠯᠤᠭᠠᠳ ᠲᠡᠭᠦᠨ ᠦ᠌ ᠲᠦᠷᠦᠭᠦᠦ ᠳᠣᠭᠲᠣᠭ᠎ᠠ ᠪᠡᠬᠢ ᠣᠢ ᠰᠢᠭᠤᠢ ᠳ᠋ᠤ᠌ ᠰᠢᠷᠭᠤᠨ ᠣᠷᠣᠭᠰᠠᠨ ᠦᠶ᠎ᠡ ᠳ᠋ᠦ᠍ ᠮᠡᠷᠭᠢᠳ ᠦ᠋ᠨ ᠨᠢᠭᠡᠨ ᠲᠦᠷᠦᠭᠦᠦ ᠨᠢ ᠪᠠᠭᠤᠵᠤ ᠥᠭᠭᠦᠭᠰᠡᠨ ᠢ᠋ᠶ᠋ᠡᠨ ᠪᠠᠲᠤᠯᠠᠬᠤ ᠶ᠋ᠢᠨ ᠲᠥᠯᠥᠭᠡ᠂ ᠬᠡᠦᠬᠡᠨ ᠱ᠌ᠢᠷᠦ( ᠬᠢᠲᠠᠳ ᠬᠡᠯᠡ ᠳᠡᠭᠡᠷ᠎ᠡ ᠪᠢᠴᠢᠭᠰᠡᠨ ᠶᠤᠸᠠᠨ ᠤᠯᠤᠰ ᠤ᠋ᠨ ᠲᠡᠦᠬᠡᠨ ᠶᠢᠰᠦᠢ ᠭᠡᠵᠦ ᠲᠡᠮᠳᠡᠭᠯᠡᠵᠦ ᠪᠠᠢᠳᠠᠭ᠃— ᠮᠣᠩᠭᠣᠯᠴᠢᠯᠠᠭᠴᠢ ᠠ᠋ᠴᠠ) ᠪᠣᠯᠤᠨ ᠢᠷᠪᠢᠰ ᠦ᠋ᠨ ᠠᠷᠠᠰᠤᠨ ᠮᠠᠢᠬᠠᠨ ᠢ᠋ᠶ᠋ᠠᠨ ᠲᠡᠮᠦᠵᠢᠨ ᠳ᠋ᠦ᠍ ᠡᠷᠭᠦᠭᠰᠡᠨ ᠪᠠᠢᠵᠠᠢ᠃ ᠱ᠌ᠢᠷᠦ ᠪᠣᠯ ᠦᠵᠡᠰᠬᠦᠯᠡᠩ ᠰᠠᠢᠬᠠᠨ ᠬᠡᠦᠬᠡᠨ ᠪᠠᠢᠭᠰᠠᠨ ᠲᠤᠯᠠ᠂ ᠲᠡᠮᠦᠵᠢᠨ ᠳᠠᠷᠤᠢ ᠲᠡᠭᠦᠨ ᠢ᠋ ᠡᠬᠡᠨᠡᠷ ᠪᠣᠯᠭᠠᠨ ᠤᠷᠤᠭ ᠬᠣᠯᠪᠣᠵᠠᠢ᠃ ᠣᠳᠣ ᠥᠪᠡᠷ ᠦ᠋ᠨ ᠢ᠋ᠶ᠋ᠡᠨ ᠣᠷᠳᠣᠨ ᠤᠨᠤᠨ ᠮᠥᠷᠡᠨ ᠦ᠌ ᠬᠥᠪᠡᠭᠡᠨ ᠳ᠋ᠦ᠍᠂ ᠪᠤᠴᠠᠬᠤ ᠦᠶ᠎ᠡ ᠳ᠋ᠦ᠍᠂ ᠲᠡᠷᠡ ᠬᠠᠷᠢᠨ ᠰᠡᠳᠬᠢᠯ ᠨᠢ ᠠᠮᠤᠷ ᠦᠭᠡᠢ ᠪᠣᠯᠤᠭᠰᠠᠨ ᠠᠵᠢ᠃ ᠲᠡᠷᠡ ᠤᠷᠲᠤ ᠶᠠᠷᠢᠶ᠎ᠠ ᠲᠠᠯᠪᠢᠵᠤ᠂ ᠰᠡᠳᠬᠢᠯ ᠦ᠋ᠨ ᠳᠣᠲᠣᠷᠠᠬᠢ ᠠᠮᠤᠷ ᠦᠭᠡᠢ ᠤᠴᠢᠷ ᠢ᠋ᠶ᠋ᠠᠨ ᠥᠷᠯᠥᠭ ᠨᠠᠷ ᠲᠠᠭᠠᠨ ᠬᠡᠯᠡᠭᠰᠡᠨ ᠪᠢᠯᠡ᠄
《ᠮᠢᠨᠦ ᠬᠠᠷᠠᠬᠠᠨ ᠪᠠᠭ᠎ᠠ ᠨᠠᠰᠤᠨ ᠤ᠋ ᠦᠶ᠎ᠡ ᠳ᠋ᠦ᠍ ᠤᠷᠤᠭ ᠲᠣᠭᠲᠠᠭᠠᠳ ᠠᠪᠤᠭᠰᠠᠨ ᠡᠬᠡᠨᠡᠷ ᠪᠥᠷᠲᠡ ᠪᠣᠯ᠂ ᠮᠢᠨᠦ ᠠᠪᠠᠯᠢ ᠡᠬᠡᠨᠡᠷ ᠮᠥᠨ ᠪᠥᠭᠡᠳ ᠮᠢᠨᠦ ᠬᠡᠦᠬᠡᠳ ᠦ᠋ᠨ ᠡᠬᠡ ᠮᠥᠨ᠃ ᠲᠡᠷᠡ ᠪᠣᠯ ᠮᠢᠨᠦ ᠬᠦᠨᠳᠦᠲᠦ ᠡᠴᠢᠭᠡ ᠡᠴᠡ ᠮᠢᠨᠦ ᠲᠥᠯᠥᠭᠡ ᠰᠣᠩᠭᠣᠵᠤ ᠥᠭᠭᠰᠡᠨ ᠡᠬᠡᠨᠡᠷ ᠶᠦ᠍ᠮ᠃ ᠪᠠᠢᠯᠳᠤᠭᠠᠨ ᠤ᠋ ᠳᠤᠮᠳᠠ ᠪᠢ ᠱ᠌ᠢᠷᠦ ᠢ ᠣᠯᠤᠭᠠᠳ ᠡᠬᠡᠨᠡᠷ ᠪᠣᠯᠭᠠᠨ ᠠᠪᠤᠯ᠎ᠠ᠃ ᠣᠳᠣ ᠪᠢ ᠭᠡᠷ ᠲᠡᠭᠡᠨ ᠬᠠᠷᠢᠭᠠᠳ ᠪᠥᠷᠲᠡ ᠲᠡᠢ ᠤᠴᠠᠷᠠᠬᠤ ᠠ᠋ᠴᠠ ᠪᠠᠰᠠ ᠶᠡᠬᠡ ᠵᠣᠪᠠᠨᠢᠵᠤ ᠪᠠᠢᠨ᠎ᠠ᠃ ᠰᠢᠨ᠎ᠡ ᠳᠠᠭᠠᠭᠰᠠᠨ ᠲᠦᠰᠢᠮᠡᠳ ᠦ᠋ᠨ ᠨᠢᠭᠤᠷ ᠳᠡᠭᠡᠷ᠎ᠡ ᠪᠥᠷᠲᠡ ᠲᠡᠢ ᠠᠭᠤᠯᠵᠠᠬᠤ ᠳ᠋ᠤ᠌ ᠢᠴᠢᠭᠦᠷᠢ ᠭᠡᠵᠦ ᠪᠣᠳᠣᠭᠠᠳ᠂ ᠲᠡᠳᠡᠨ ᠢ᠋ ᠪᠦᠷ ᠪᠤᠴᠠᠭᠠᠭᠰᠠᠨ ᠪᠠᠢᠨ᠎ᠠ᠃ ᠮᠢᠨᠦ ᠦᠨᠡᠨᠴᠢ ᠰᠢᠳᠤᠷᠭᠤ ᠥᠷᠯᠥᠭ ᠨᠠᠷ ᠤ᠋ᠨ ᠳᠣᠲᠣᠷ᠎ᠠ ᠠ᠋ᠴᠠ ᠠᠯᠢ ᠨᠢᠭᠡᠨ ᠬᠥᠮᠦᠨ ᠤᠷᠢᠳ ᠬᠠᠷᠢᠭᠠᠳ ᠨᠠᠮᠠᠶ᠋ᠢ ᠲᠥᠯᠥᠭᠡᠯᠡᠵᠦ ᠡᠨᠡ ᠤᠴᠢᠷ ᠢ᠋ ᠮᠢᠨᠦ ᠬᠠᠲᠤᠨ ᠳ᠋ᠤ᠌ ᠬᠡᠯᠡᠵᠦ ᠥᠭᠬᠦ ᠪᠣᠢ》 ᠭᠡᠵᠡᠢ᠃
ᠠᠷᠪᠠᠨ ᠬᠣᠶᠠᠷ ᠤᠳᠠᠭᠠᠨ ᠤ᠋ ᠶᠡᠬᠡ ᠪᠠᠢᠯᠳᠤᠭᠠᠨ ᠢ᠋ ᠥᠩᠭᠡᠷᠡᠭᠡᠵᠦ ᠰᠢᠯᠭᠠᠷᠠᠭᠰᠠᠨ ᠶᠡᠬᠡ ᠰᠥᠰᠥ ᠵᠣᠷᠢᠭ ᠲᠠᠢ ᠶᠢᠰᠦᠨ ᠥᠷᠯᠥᠭ ᠴᠤ ᠬᠠᠭᠠᠨ ᠨᠢ ᠲᠡᠳᠡᠨ ᠦ᠌ ᠡᠮᠦᠨ᠎ᠡ ᠪᠡᠷᠬᠡᠰᠢᠶᠡᠵᠦ ᠪᠠᠢᠬᠤ ᠲᠠᠢ ᠠᠳᠠᠯᠢ ᠪᠠᠷ᠂ ᠲᠡᠳᠡᠨ ᠦ᠌ ᠬᠡᠨ ᠨᠢ ᠭᠡᠳ ᠡᠨᠡᠬᠦ ᠡᠭᠦᠷᠭᠡ ᠶ᠋ᠢ ᠭᠦᠢᠴᠡᠳᠬᠡᠵᠦ ᠴᠢᠳᠠᠨ ᠶᠠᠳᠠᠨ ᠪᠦᠭᠦᠳᠡᠭᠡᠷ ᠭᠠᠴᠢᠭᠳᠠᠪᠠ᠃ ᠬᠠᠭᠠᠨ ᠤ᠋ ᠪᠠᠨ ᠵᠣᠪᠠᠨᠢᠯ ᠢ᠋ ᠬᠥᠭᠡᠷᠦᠬᠦᠢᠯᠡᠬᠦ ᠡᠴᠡ ᠭᠠᠳᠠᠨ᠎ᠠ ᠶᠠᠮᠠᠷ ᠨᠢᠭᠡᠨ ᠬᠥᠮᠦᠨ ᠡᠨᠡᠬᠦ ᠶᠡᠬᠡ ᠬᠡᠷᠡᠭ ᠢ᠋ ᠬᠦᠯᠢᠶᠡᠨ ᠠᠪᠬᠤ ᠪᠠᠨ ᠪᠦᠷ ᠲᠠᠲᠠᠭᠠᠯᠵᠠᠵᠤ ᠪᠠᠢᠯ᠎ᠠ᠃ ᠬᠠᠮᠤᠭ ᠠ᠋ᠴᠠ ᠦᠨᠡᠨᠴᠢ ᠰᠢᠳᠤᠷᠭᠤ ᠵᠠᠯᠮ᠎ᠠ ᠴᠤ᠌ ᠲᠡᠷᠡ᠂ ᠰᠥᠰᠥ ᠶᠡᠬᠡᠲᠡᠢ ᠪᠥᠭᠡᠳ ᠪᠠᠳᠠᠷᠠᠭᠰᠠᠨ ᠭᠠᠯ ᠮᠡᠲᠦ ᠵᠡᠪᠡ ᠴᠤ ᠲᠡᠷᠡ᠂ ᠲᠡᠮᠦᠵᠢᠨ ᠦ᠌ ᠬᠠᠮᠤᠭ ᠡᠬᠢᠨ ᠦ᠌ ᠳᠠᠢᠴᠢᠨ ᠨᠥᠬᠥᠷ ᠪᠣᠭᠣᠷᠴᠢ ᠴᠤ᠌ ᠲᠡᠷᠡ᠂ ᠲᠠᠷᠭᠤᠲᠠᠢ ᠶ᠋ᠢᠨ ᠬᠣᠷᠢᠭᠤᠯ ᠠ᠋ᠴᠠ ᠲᠡᠮᠦᠵᠢᠨ ᠢ᠋ ᠠᠪᠤᠷᠠᠭᠰᠠᠨ ᠰᠣᠷᠬᠠᠡ ᠰᠢᠷ᠎ᠠ ᠪᠣᠯᠪᠠᠴᠤ ᠡᠨᠡ ᠡᠭᠦᠷᠭᠡ ᠶ᠋ᠢ ᠪᠢ ᠪᠡᠶᠡᠯᠡᠭᠦᠯᠦᠶ᠎ᠡ ᠭᠡᠵᠦ ᠬᠡᠯᠡᠭᠰᠡᠨ ᠬᠥᠮᠦᠨ ᠦᠭᠡᠢ ᠪᠠᠢᠯ᠎ᠠ᠃ ᠬᠠᠮᠤᠭ ᠤ᠋ᠨ ᠰᠡᠭᠦᠯ ᠳ᠋ᠦ᠍ ᠲᠡᠮᠦᠵᠢᠨ ᠢ᠋ ᠬᠠᠭᠠᠨ ᠢ᠋ᠶ᠋ᠠᠷ ᠰᠣᠩᠭᠣᠬᠤ ᠭᠡᠵᠦ ᠬᠠᠮᠤᠭ ᠤᠷᠢᠳ ᠳᠤᠷᠠᠳᠤᠭᠰᠠᠨ ᠮᠤᠬᠤᠯᠠᠢ ᠡᠨᠡ ᠡᠭᠦᠷᠭᠡ ᠶ᠋ᠢ ᠬᠦᠯᠢᠶᠡᠨ ᠠᠪᠤᠶ᠎ᠠ ᠭᠡᠵᠦ ᠳᠤᠷᠠᠳᠤᠭᠰᠠᠨ ᠪᠣᠯᠬᠣᠷ᠂ ᠪᠤᠰᠤᠳ ᠣᠯᠠᠨ ᠰᠠᠶᠢ ᠠᠮᠢᠰᠬᠤᠭ᠎ᠠ ᠠᠪᠴᠤ ᠰᠡᠳᠬᠢᠯ ᠠᠭᠤᠵᠢᠷᠠᠪᠠ᠃
ᠮᠣᠩᠭᠣᠯ ᠤ᠋ᠨ ᠲᠡᠦᠬᠡᠨ ᠳ᠋ᠦ᠍ ᠮᠤᠬᠤᠯᠠᠢ ᠤᠨᠤᠨ ᠮᠥᠷᠡᠨ ᠦ᠌ ᠬᠥᠪᠡᠭᠡᠨ ᠳ᠋ᠡᠬᠢ ᠲᠡᠮᠦᠵᠢᠨ ᠦ᠌ ᠣᠷᠳᠣᠨ ᠳ᠋ᠤ᠌ ᠬᠦᠷᠦᠭᠰᠡᠨ ᠦᠶ᠎ᠡ ᠶ᠋ᠢᠨ ᠪᠠᠢᠳᠠᠯ ᠢ᠋ ᠪᠢᠴᠢᠵᠦ ᠪᠠᠢᠨ᠎ᠠ᠃ ᠲᠡᠨᠳᠡ ᠬᠦᠷᠦᠭᠰᠡᠨ ᠮᠤᠬᠤᠯᠠᠢ᠂ ᠪᠥᠷᠲᠡ ᠶ᠋ᠢᠨ ᠡᠮᠦᠨ᠎ᠡ ᠬᠢᠴᠢᠶᠡᠩᠭᠦᠢᠯᠡᠨ ᠬᠦᠨᠳᠦᠯᠡᠵᠦ ᠶᠣᠰᠣᠯᠠᠭᠠᠳ᠂ ᠨᠢᠭᠡ ᠦᠭᠡ ᠴᠦ᠍ ᠬᠡᠯᠡᠬᠦ ᠦᠭᠡᠢ ᠲᠣᠪ ᠳᠤᠭᠤᠢ ᠪᠠᠢᠯ᠎ᠠ᠃ ᠲᠡᠭᠡᠭᠡᠳ ᠪᠥᠷᠲᠡ ᠬᠠᠲᠤᠨ ᠶᠡᠷᠦ ᠶ᠋ᠢᠨ ᠶᠣᠰᠣᠭᠠᠷ ᠬᠠᠭᠠᠨ ᠤ᠋ ᠪᠡᠶ᠎ᠡ ᠶ᠋ᠢᠨ ᠡᠷᠡᠭᠦᠯ ᠮᠡᠨᠳᠦ ᠶ᠋ᠢ ᠨᠠᠷᠢᠨ ᠨᠢᠮᠪᠠᠢ ᠠᠰᠠᠭᠤᠭᠠᠳ᠂ ᠳᠠᠷᠠᠭᠠᠯᠠᠨ ᠲᠡᠮᠦᠵᠢᠨ ᠦ᠌ ᠳᠡᠷᠭᠡᠳᠡᠬᠢ ᠬᠥᠮᠦᠰ ᠦ᠋ᠨ ᠳᠣᠲᠣᠷ᠎ᠠ ᠠ᠋ᠴᠠ ᠲᠡᠭᠦᠨ ᠦ᠌ ᠲᠠᠨᠢᠵᠤ ᠮᠡᠳᠡᠬᠦ ᠬᠥᠮᠦᠨ ᠪᠦᠬᠦᠨ ᠦ᠌ ᠡᠷᠡᠭᠦᠯ ᠮᠡᠨᠳᠦ ᠶ᠋ᠢ ᠨᠢᠭᠡᠳ ᠨᠢᠭᠡ ᠪᠡᠷ ᠠᠰᠠᠭᠤᠭᠰᠠᠨ ᠬᠣᠢᠨ᠎ᠠ᠂ ᠠᠰᠠᠭᠤᠮᠠᠷ ᠦᠭᠡ ᠦᠭᠡᠢ ᠪᠣᠯᠤᠭᠰᠠᠨ ᠠ᠋ᠴᠠ ᠶᠠᠭᠤᠨ ᠤ᠋ ᠤᠴᠢᠷ ᠮᠤᠬᠤᠯᠠᠢ ᠶ᠋ᠢᠨ ᠢᠷᠡᠭᠰᠡᠨ ᠢ᠋ ᠠᠰᠠᠭᠤᠪᠠ᠃ ᠮᠤᠬᠤᠯᠠᠢ᠂ ᠡᠵᠡᠨ ᠬᠠᠭᠠᠨ ᠤ᠋ ᠪᠠᠨ ᠶᠠᠪᠤᠳᠠᠯ ᠢ᠋ ᠣᠭᠲᠣ ᠨᠢᠭᠤᠨ ᠳᠠᠯᠳᠠᠯᠠᠭᠰᠠᠨ ᠦᠭᠡᠢ ᠪᠡᠷ ᠲᠡᠷᠡ ᠬᠡᠪ ᠢ᠋ᠶ᠋ᠡᠷ ᠨᠢ ᠬᠡᠯᠡᠵᠦ ᠡᠬᠢᠯᠡᠯ᠎ᠡ᠂ ᠬᠦᠯᠢᠶᠡᠵᠦ ᠠᠪᠤᠭᠰᠠᠨ ᠡᠭᠦᠷᠭᠡ ᠨᠢ ᠲᠡᠭᠦᠨ ᠦ᠌ ᠰᠡᠳᠬᠢᠯ ᠳ᠋ᠦ᠍ ᠬᠦᠨᠳᠦ ᠳᠠᠷᠤᠭᠠᠰᠤ ᠪᠣᠯᠵᠤ ᠪᠠᠢᠯ᠎ᠠ᠃ ᠲᠡᠭᠦᠨ ᠦ᠌ ᠬᠡᠯᠡᠭᠰᠡᠨ ᠨᠢ᠄
《ᠬᠠᠭᠠᠨ ᠮᠢᠨᠢ ᠵᠠᠩᠰᠢᠯ ᠳᠠᠳᠬᠠᠯ ᠢ᠋ ᠳᠠᠭᠠᠭᠰᠠᠨ ᠦᠭᠡᠢ᠃ ᠢᠵᠠᠭᠤᠷᠲᠠᠨ ᠤ᠋ ᠪᠤᠷᠤᠭᠤᠰᠢᠶᠠᠨ ᠵᠢᠮᠡᠯᠡᠬᠦ ᠪᠤᠶᠤ ᠰᠢᠳᠤᠷᠭᠤ ᠪᠠᠷ ᠢᠳᠬᠠᠬᠤ ᠴᠤ ᠰᠣᠨᠣᠰᠤᠭᠰᠠᠨ ᠦᠭᠡᠢ᠃ ᠲᠡᠷᠡ ᠮᠠᠨᠢ ᠢᠷᠪᠢᠰ ᠦ᠋ᠨ ᠠᠷᠠᠰᠤᠨ ᠮᠠᠢᠬᠠᠨ ᠤ᠋ ᠭᠢᠯᠪᠠᠯᠵᠠᠭᠰᠠᠨ ᠥᠩᠭᠡ ᠶ᠋ᠢ ᠲᠣᠭᠣᠭᠠᠳ ᠰᠥᠨᠢ ᠪᠣᠯᠬᠤ ᠶ᠋ᠢ ᠴᠤ ᠬᠦᠯᠢᠶᠡᠵᠦ ᠶᠠᠳᠠᠨ᠂ ᠠᠯᠢᠪᠠ ᠶᠣᠰᠣ ᠳᠦᠷᠢᠮ ᠡᠴᠡ ᠲᠡᠷᠰᠯᠡᠵᠦ᠂ ᠬᠠᠷ᠎ᠠ ᠡᠳᠦᠷ ᠢ᠋ᠶ᠋ᠡᠷ ᠰᠢᠷᠢᠳᠡᠭ ᠳᠡᠭᠡᠷ᠎ᠡ ᠱ᠌ᠢᠷᠦ ᠬᠡᠦᠬᠡᠨ ᠲᠡᠢ ᠬᠠᠷᠢᠯᠴᠠᠭᠰᠠᠨ ᠶᠤᠮ》 ᠭᠡᠵᠡᠢ᠃ ᠲᠡᠮᠦᠵᠢᠨ ᠶᠡᠷᠦ ᠶ᠋ᠢᠨ ᠴᠠᠭ ᠤ᠋ᠨ ᠠᠳᠠᠯᠢ ᠪᠠᠷᠢᠪᠴᠢᠯᠠᠵᠤ ᠣᠯᠤᠭᠰᠠᠨ ᠳᠠᠢᠰᠤᠨ ᠤ᠋ ᠬᠠᠲᠤᠳ ᠢ᠋ᠶ᠋ᠠᠷ ᠬᠠᠨᠢᠯᠠᠭᠰᠠᠨ ᠡᠮ᠎ᠡ ᠪᠡᠨ ᠪᠣᠯᠭᠠᠳᠠᠭ ᠦᠭᠡᠢ᠂ ᠬᠠᠷᠢᠨ ᠱ᠌ᠢᠷᠦ ᠶ᠋ᠢ ᠵᠢᠩᠬᠢᠨᠢ ᠡᠬᠡᠨᠡᠷ ᠪᠣᠯᠭᠠᠨ ᠠᠪᠤᠭᠰᠠᠨ ᠤᠴᠢᠷ ᠢ᠋ ᠮᠡᠳᠡᠭᠰᠡᠨ ᠪᠣᠯᠪᠠᠴᠤ ᠪᠥᠷᠲᠡ ᠬᠠᠲᠤᠨ ᠶᠠᠭᠤ ᠴᠤ ᠬᠡᠯᠡᠭᠰᠡᠨ ᠦᠭᠡᠢ ᠪᠠᠢᠭᠰᠠᠨ ᠲᠤᠯᠠ᠂ ᠮᠤᠬᠤᠯᠠᠢ ᠣᠳᠣ ᠳᠠᠬᠢᠨ ᠪᠠᠬᠠᠨ ᠥᠮᠥᠭᠯᠡᠬᠦ ᠦᠭᠡ ᠬᠡᠯᠡᠬᠦ ᠦᠭᠡᠢ ᠪᠡᠷ ᠪᠣᠯᠬᠤ ᠦᠭᠡᠢ ᠭᠡᠵᠦ ᠪᠣᠳᠣᠭᠠᠳ ᠬᠡᠯᠡᠭᠰᠡᠨ ᠨᠢ᠄
《ᠬᠠᠷᠢ ᠦᠨᠳᠦᠰᠦᠲᠡᠨ ᠨᠦ᠍ᠭᠦᠳ ᠢ᠋ ᠨᠣᠶᠠᠷᠬᠠᠬᠤ ᠬᠡᠷᠡᠭᠴᠡᠭᠡ ᠡᠴᠡ ᠪᠣᠯᠵᠤ ᠡᠵᠡᠨ ᠬᠠᠭᠠᠨ ᠮᠢᠨᠢ ᠲᠡᠷᠡ ᠱ᠌ᠢᠷᠦ ᠬᠡᠦᠬᠡᠨ ᠢ᠋ ᠡᠬᠡᠨᠡᠷ ᠪᠣᠯᠭᠠᠵᠤ ᠠᠪᠤᠭᠰᠠᠨ ᠶᠤᠮ᠁ ᠃ᠡᠵᠡᠨ ᠬᠠᠭᠠᠨ ᠤᠷᠢᠳ ᠨᠠᠮᠠᠶ᠋ᠢ ᠲᠣᠮᠢᠯᠠᠨ ᠢᠷᠡᠭᠦᠯᠦᠭᠰᠡᠨ ᠨᠢ ᠡᠨᠡ ᠬᠡᠷᠡᠭ ᠢ᠋ ᠬᠠᠲᠤᠨ ᠳ᠋ᠤ᠌ ᠮᠡᠳᠡᠭᠦᠯᠬᠦ ᠪᠡᠷ ᠢᠯᠡᠭᠡᠪᠡ》 ᠭᠡᠵᠦ ᠲᠠᠲᠠᠭᠠᠯᠵᠠᠭᠰᠠᠭᠠᠷ ᠬᠡᠯᠡᠪᠡ᠃ ᠶᠠᠮᠠᠷ ᠴᠤ ᠦᠭᠡ ᠬᠡᠯᠡᠭᠰᠡᠨ ᠦᠭᠡᠢ ᠤᠭ ᠬᠡᠪ ᠢ᠋ᠶ᠋ᠡᠷ ᠢ᠋ᠶ᠋ᠡᠨ ᠨᠡᠯᠢᠶᠡᠳ ᠤᠳᠠᠭᠠᠳ ᠪᠥᠷᠲᠡ ᠬᠠᠲᠤᠨ᠂ ᠲᠡᠮᠦᠵᠢᠨ ᠣᠳᠣ ᠬᠠᠮᠢᠭ᠎ᠠ ᠪᠠᠢᠬᠤ ᠪᠣᠢ? ᠭᠡᠵᠦ ᠠᠰᠠᠭᠤᠪᠠ᠃ ᠬᠡᠳᠦᠨ ᠬᠣᠨᠣᠭ ᠤ᠋ᠨ ᠵᠠᠮ ᠤ᠋ᠨ ᠠᠯᠤᠰ ᠴᠠᠭᠠᠨ᠎ᠠ ᠴᠡᠷᠢᠭ ᠢ᠋ᠶ᠋ᠡᠨ ᠪᠠᠭᠤᠳᠠᠯᠯᠠᠵᠤ᠂ ᠬᠠᠲᠤᠨ ᠤ᠋ ᠬᠠᠷᠢᠭᠤ ᠴᠢᠮᠡᠭᠡ ᠶ᠋ᠢ ᠬᠦᠯᠢᠶᠡᠵᠦ ᠪᠠᠢᠨ᠎ᠠ ᠭᠡᠵᠡᠢ᠃ ᠪᠥᠷᠲᠡ ᠬᠠᠲᠤᠨ ᠤ᠋ ᠶᠠᠭᠤ ᠭᠡᠵᠦ ᠬᠠᠷᠢᠭᠤ ᠬᠡᠯᠡᠬᠦ ᠶ᠋ᠢ ᠲᠡᠮᠦᠵᠢᠨ ᠴᠦ᠍ ᠲᠡᠷᠡ᠂ ᠮᠤᠬᠤᠯᠠᠢ ᠴᠤ ᠲᠡᠷᠡ᠂ ᠬᠡᠨ ᠦ᠌ ᠴᠤ ᠰᠠᠨᠠᠭᠠᠨ ᠳ᠋ᠤ᠌ ᠨᠠᠮ ᠲᠣᠭᠲᠠᠭᠤᠨ ᠦᠭᠡᠢ ᠪᠠᠢᠯ᠎ᠠ᠃ ᠰᠡᠴᠡᠨ ᠮᠡᠷᠭᠡᠨ ᠪᠥᠷᠲᠡ ᠬᠠᠲᠤᠨ ᠤ᠋ ᠬᠡᠯᠡᠭᠰᠡᠨ ᠨᠢ᠄
《ᠮᠢᠨᠦ ᠵᠣᠷᠢᠭ ᠰᠠᠨᠠᠭ᠎ᠠ ᠪᠣᠯᠪᠠᠴᠤ ᠲᠡᠷᠡ᠂ ᠤᠯᠤᠰ ᠠᠷᠠᠳ ᠤ᠋ᠨ ᠵᠣᠷᠢᠭ ᠰᠠᠨᠠᠭ᠎ᠠ ᠪᠣᠯᠪᠠᠴᠤ ᠲᠡᠷᠡ᠂ ᠴᠥᠮ ᠮᠠᠨ ᠤ᠋ ᠡᠵᠡᠨ ᠬᠠᠭᠠᠨ ᠤ᠋ ᠵᠣᠷᠢᠭ ᠰᠠᠨᠠᠭ᠎ᠠ ᠠ᠋ᠴᠠ ᠵᠥᠷᠢᠴᠡᠬᠦ ᠶᠣᠰᠣ ᠠᠯᠠᠭ᠎ᠠ᠃ ᠡᠵᠡᠨ ᠬᠠᠭᠠᠨ ᠮᠠᠨᠢ ᠲᠡᠭᠦᠨ ᠦ᠌ ᠰᠠᠨᠠᠭᠰᠠᠨ ᠪᠣᠳᠣᠭᠰᠠᠨ ᠢ᠋ᠶ᠋ᠠᠷ ᠢ᠋ᠶ᠋ᠠᠨ ᠥᠪᠡᠷ ᠦ᠋ᠨ ᠬᠦᠰᠡᠭᠰᠡᠨ ᠬᠥᠮᠦᠰ ᠲᠡᠢ ᠨᠥᠬᠥᠷᠯᠡᠬᠦ ᠪᠤᠶᠤ ᠬᠣᠯᠪᠣᠭ᠎ᠠ ᠪᠠᠢᠭᠤᠯᠵᠤ ᠪᠦᠷ ᠪᠣᠯᠤᠨ᠎ᠠ᠃ ᠬᠤᠯᠤᠰᠤᠨ ᠳᠣᠲᠣᠷ᠎ᠠ ᠬᠤᠨ ᠪᠠ ᠭᠠᠯᠠᠭᠤ ᠠᠷᠪᠢᠨ ᠪᠠᠢᠨ᠎ᠠ᠂ ᠡᠵᠡᠨ ᠬᠠᠭᠠᠨ ᠮᠠᠨᠢ ᠡᠷᠡᠬᠡᠢ ᠪᠡᠨ ᠴᠢᠯᠡᠲᠡᠯ᠎ᠡ ᠬᠠᠷᠪᠤᠬᠤ ᠶ᠋ᠢ ᠲᠡᠷᠡ ᠥᠪᠡᠷ ᠢ᠋ᠶ᠋ᠡᠨ ᠮᠡᠳᠡᠬᠦ ᠪᠢᠵᠡ᠃ ᠭᠡᠪᠡᠴᠦ ᠰᠡᠴᠡᠨ ᠦᠭᠡᠨ ᠳ᠋ᠦ᠍ ᠪᠠᠢᠳᠠᠭ《ᠡᠮᠨᠢᠭ ᠮᠣᠷᠢ ᠡᠮᠡᠭᠡᠯ ᠢ᠋ ᠵᠢᠭᠰᠢᠨ᠎ᠡ》 ᠭᠡᠳᠡᠭ ᠢ᠋ᠶ᠋ᠡᠷ ᠠᠪᠠᠯᠢ ᠡᠮ᠎ᠡ ᠨᠢ ᠡᠷ᠎ᠡ ᠶ᠋ᠢᠨ ᠬᠣᠶᠠᠳᠤᠭᠠᠷ ᠬᠠᠲᠤᠨ ᠵᠠᠯᠠᠬᠤ ᠤᠴᠢᠷ ᠢ᠋ ᠬᠦᠰᠡᠬᠦ ᠪᠡᠷ ᠶᠠᠭᠤ ᠪᠠᠢᠬᠤᠪ᠃ ᠬᠡᠲᠦᠷᠡᠭᠦᠯᠪᠡᠰᠦ ᠵᠣᠬᠢᠰ ᠦᠭᠡᠢ ᠪᠣᠯᠪᠠᠴᠤ᠂ ᠭᠣᠮᠣᠳᠠᠯ ᠲᠠᠢ ᠪᠠᠢᠪᠠᠰᠤ ᠮᠥᠨ ᠴᠦ᠍ ᠮᠠᠭᠤ ᠪᠢᠰᠢᠦ》 ᠭᠡᠳ ᠪᠠᠬᠠᠨ ᠪᠣᠳᠣᠯᠭ᠎ᠠ ᠪᠣᠯᠤᠭᠠᠳ ᠪᠥᠷᠲᠡ ᠬᠠᠲᠤᠨ ᠦᠷᠭᠦᠯᠵᠢᠯᠡᠨ ᠬᠡᠯᠡᠭᠰᠡᠨ ᠨᠢ《ᠡᠵᠡᠨ ᠬᠠᠭᠠᠨ ᠠ᠋ᠴᠠ ᠰᠢᠨ᠎ᠡ ᠬᠠᠲᠤᠨ ᠳ᠋ᠠᠭᠠᠨ ᠰᠢᠨ᠎ᠡ ᠣᠷᠳᠣᠨ ᠬᠦᠷᠲᠡᠭᠡᠬᠦ ᠶ᠋ᠢ ᠬᠦᠰᠡᠶ᠎ᠡ》 ᠭᠡᠵᠡᠢ᠃
ᠡᠨᠡ ᠮᠡᠲᠦ ᠶ᠋ᠢᠨ ᠰᠢᠢᠳᠪᠦᠷᠢ ᠶ᠋ᠢ ᠰᠣᠨᠣᠰᠤᠭᠠᠳ ᠲᠡᠮᠦᠵᠢᠨ ᠦ᠌ ᠰᠡᠳᠬᠢᠯ ᠦ᠋ᠨ ᠬᠦᠨᠳᠦ ᠳᠠᠷᠤᠭᠠᠰᠤ ᠨᠢ ᠬᠥᠩᠭᠡᠷᠡᠭᠰᠡᠨ ᠮᠡᠲᠦ ᠰᠠᠨᠠᠭᠳᠠᠯ᠎ᠠ᠃ ᠲᠡᠷᠡ ᠵᠠᠷᠯᠢᠭ ᠪᠠᠭᠤᠯᠭᠠᠨ ᠱ᠌ᠢᠷᠦ ᠳ᠋ᠦ᠍ ᠣᠷᠳᠣᠨ ᠮᠠᠢᠬᠠᠨ᠂ ᠮᠠᠯ ᠰᠦᠷᠦᠭ᠂ ᠵᠠᠷᠤᠴᠠ ᠳᠠᠭᠠᠭᠰᠠᠳ ᠵᠡᠷᠭᠡ ᠶ᠋ᠢ ᠪᠡᠯᠡᠳᠬᠡᠵᠦ ᠥᠭᠭᠦᠭᠡᠳ᠂ ᠪᠠᠶᠠᠷ ᠬᠥᠷ ᠲᠡᠢ ᠪᠡᠷ ᠤᠨᠤᠨ ᠮᠥᠷᠡᠨ ᠦ᠌ ᠬᠥᠪᠡᠭᠡᠨ ᠲᠡᠰᠢ ᠴᠡᠷᠢᠭ ᠢ᠋ᠶ᠋ᠡᠨ ᠳᠠᠭᠠᠭᠤᠯᠤᠨ ᠮᠣᠷᠳᠠᠪᠠ᠃ ᠲᠡᠨᠳᠡ ᠬᠦᠷᠦᠭᠡᠳ ᠱ᠌ᠢᠷᠦ ᠶ᠋ᠢᠨ ᠣᠷᠳᠣᠨ ᠢ᠋ ᠭᠣᠣᠯ ᠤ᠋ᠨ ᠬᠥᠪᠡᠭᠡ ᠣᠢᠷᠠᠯᠴᠠᠭ᠎ᠠ ᠪᠠᠭᠤᠭᠰᠠᠨ ᠪᠣᠯᠪᠠᠴᠤ ᠪᠥᠷᠲᠡ ᠶ᠋ᠢᠨ ᠣᠷᠳᠣᠨ ᠠ᠋ᠴᠠ ᠪᠠᠬᠠᠨ ᠠᠯᠤᠰᠯᠠᠵᠤ ᠪᠠᠢᠵᠠᠢ᠃ ᠬᠣᠵᠢᠮ ᠨᠢ ᠲᠡᠮᠦᠵᠢᠨ ᠣᠯᠠᠨ ᠡᠮᠡᠭᠲᠡᠢ ᠶ᠋ᠢ ᠡᠬᠡᠨᠡᠷ ᠪᠣᠯᠭᠠᠨ ᠠᠪᠤᠭᠰᠠᠨ ᠶᠤᠮ᠃ ᠲᠡᠳᠡᠨ ᠦ᠌ ᠳᠣᠲᠣᠷ᠎ᠠ ᠬᠢᠲᠠᠳ ᠪᠠ ᠫᠧᠷᠰ ᠦ᠋ᠨ ᠠᠯᠳᠠᠷᠲᠤ ᠭᠦᠩᠵᠦ ᠨᠠᠷ ᠪᠠᠢᠭᠰᠠᠨ ᠪᠣᠯᠪᠠᠴᠤ ᠱ᠌ᠢᠷᠦ ᠳ᠋ᠦ᠍ ᠳᠤᠷᠠᠯᠠᠭᠰᠠᠨ ᠮᠡᠲᠦ ᠥᠭᠡᠷ᠎ᠡ ᠪᠠᠢᠭᠰᠠᠨ ᠦᠭᠡᠢ ᠶᠦᠮ᠃ ᠱ᠌ᠢᠷᠦ ᠶ᠋ᠢᠨ ᠤᠭ ᠠᠢᠮᠠᠭ ᠨᠢ ᠤᠷᠪᠠᠭᠠᠳ᠂ ᠲᠡᠮᠦᠵᠢᠨ ᠮᠡᠷᠭᠢᠳ ᠦ᠋ᠨ ᠨᠢᠭᠡ ᠬᠥᠮᠦᠨ ᠢ᠋ ᠴᠦ᠍ ᠠᠮᠢᠳᠤ ᠦᠯᠡᠳᠡᠭᠡᠬᠦ ᠶ᠋ᠢ ᠵᠥᠪᠰᠢᠶᠡᠷᠡᠭᠰᠡᠨ ᠦᠭᠡᠢ ᠪᠣᠯᠪᠠᠴᠤ ᠱ᠌ᠢᠷᠦ ᠶ᠋ᠢᠨ ᠳᠡᠭᠦᠦ ᠶ᠋ᠢ ᠠᠪᠤᠷᠠᠭᠰᠠᠨ ᠢ᠋ᠶ᠋ᠠᠷ ᠪᠠᠷᠠᠬᠤ ᠦᠭᠡᠢ᠂ ᠣᠷᠳᠣᠨ ᠢ᠋ᠶ᠋ᠠᠨ ᠬᠠᠮᠠᠭᠠᠯᠠᠬᠤ ᠴᠡᠷᠢᠭ ᠦ᠋ᠨ ᠳᠠᠷᠤᠭ᠎ᠠ ᠪᠣᠯᠭᠠᠨ ᠬᠡᠷᠡᠭᠯᠡᠵᠡᠢ᠃ ᠲᠡᠮᠦᠵᠢᠨ ᠦ᠌ ᠲᠥᠷᠥᠭᠰᠡᠨ ᠳᠡᠭᠦᠦ ᠬᠠᠰᠠᠷ ᠱ᠌ᠢᠷᠦ ᠳ᠋ᠦ᠍ ᠨᠢᠳᠦ ᠵᠠᠷᠤᠭᠰᠠᠨ ᠰᠡᠵᠢᠭ ᠡᠴᠡ ᠪᠣᠯᠵᠤ ᠠᠷᠠᠢ ᠠᠯᠠᠭᠳᠠᠬᠤ ᠳ᠋ᠤ᠌ ᠬᠦᠷᠬᠦ ᠠᠯᠳᠠᠯ᠎ᠠ᠃ ᠪᠠᠷᠠᠭᠤᠨ ᠠᠽᠢᠶ᠎ᠠ ᠶ᠋ᠢ ᠲᠦᠪᠰᠢᠳᠬᠡᠬᠦ ᠦᠶ᠎ᠡ ᠳ᠋ᠦ᠍ ᠵᠥᠪᠬᠡᠨ ᠱ᠌ᠢᠷᠦ ᠲᠡᠮᠦᠵᠢᠨ ᠲᠡᠢ ᠬᠠᠮᠲᠤ ᠮᠣᠷᠳᠠᠭᠰᠠᠨ ᠪᠥᠭᠡᠳ ᠬᠠᠲᠤᠳ ᠤ᠋ᠨ ᠳᠣᠲᠣᠷ᠎ᠠ ᠠ᠋ᠴᠠ ᠴᠡᠷᠢᠭ ᠢ᠋ ᠳᠠᠭᠠᠭᠠᠳ ᠬᠣᠯᠠ ᠠᠶᠠᠯᠠᠭᠰᠠᠨ ᠨᠢ ᠱ᠌ᠢᠷᠦ ᠭᠠᠭᠴᠠᠭᠠᠷ ᠪᠠᠢᠭᠰᠠᠨ ᠶᠤᠮ᠃ ᠬᠠᠷᠢᠨ ᠲᠡᠷᠡ ᠯᠠ ᠬᠣᠯᠠ ᠶ᠋ᠢᠨ ᠠᠶᠠᠨ ᠳ᠋ᠤ᠌ ᠶᠠᠪᠤᠭᠠᠳ ᠰᠣᠨᠢᠨ ᠰᠡᠪᠡᠭᠦᠨ ᠵᠦᠢᠯ ᠢ᠋ ᠦᠵᠡᠵᠦ ᠰᠣᠨᠣᠰᠤᠭᠰᠠᠨ ᠪᠢᠯᠡ᠃ ᠭᠡᠪᠡᠴᠦ ᠱ᠌ᠢᠷᠦ ᠳ᠋ᠦ᠍ ᠬᠠᠲᠤᠨ ᠤ᠋ ᠲᠢᠲᠢᠮ ᠬᠦᠷᠲᠡᠬᠦ ᠶᠣᠰᠣᠯᠠᠯ ᠢ᠋ ᠬᠢᠬᠦ ᠦᠶ᠎ᠡ ᠳ᠋ᠦ᠍ ᠲᠡᠮᠦᠵᠢᠨ ᠦ᠌ ᠬᠠᠵᠠᠭᠤ ᠳ᠋ᠤ᠌ ᠭᠠᠭᠴᠠ ᠪᠥᠷᠲᠡ ᠬᠠᠲᠤᠨ ᠢ᠋ ᠰᠠᠭᠤᠯᠭᠠᠭᠰᠠᠨ ᠪᠥᠭᠡᠳ ᠪᠥᠷᠲᠡ ᠡᠴᠡ ᠲᠥᠷᠥᠭᠰᠡᠨ ᠬᠡᠦᠬᠡᠳ ᠰᠠᠶᠢ ᠲᠡᠭᠦᠨ ᠦ᠌ ᠪᠠᠢᠭᠣᠯᠠᠬᠰᠠᠡ ᠬᠠᠭᠠᠨᠲᠤ ᠮᠣᠩᠭᠣᠯ ᠤᠯᠤᠰ ᠤ᠋ᠨ ᠲᠥᠷᠥ ᠶ᠋ᠢ ᠵᠠᠯᠭᠠᠮᠵᠢᠯᠠᠵᠤ᠂ ᠲᠡᠭᠦᠨ ᠦ᠌ ᠦᠷ᠎ᠡ ᠠᠴᠢ ᠨᠠᠷ ᠰᠠᠶᠢ ᠬᠠᠭᠠᠨ ᠢ᠋ᠶ᠋ᠠᠷ ᠰᠣᠩᠭᠣᠭᠳᠠᠬᠤ ᠡᠷᠬᠡ ᠲᠡᠢ ᠪᠠᠢᠭᠰᠠᠨ ᠪᠢᠯᠡ᠃ ᠦᠨᠡᠨ ᠥᠪᠡᠷ ᠦ᠋ᠨ ᠬᠥᠪᠡᠭᠦᠨ ᠨᠢ ᠮᠥᠨ ᠤᠤ᠂ ᠪᠢᠰᠢ ᠤᠤ ᠭᠡᠳᠡᠭ ᠰᠡᠵᠢᠭ ᠲᠡᠢ ᠪᠠᠢᠭᠰᠠᠨ ᠵᠥᠴᠢ ᠶ᠋ᠢᠨ ᠬᠥᠪᠡᠭᠦᠨ ᠪᠠ ᠠᠴᠢ ᠬᠦᠷᠲᠡᠯ᠎ᠡ ᠶᠢᠷᠲᠢᠨᠴᠦ ᠶ᠋ᠢᠨ ᠳᠥᠷᠪᠡᠨ ᠬᠤᠪᠢ ᠶ᠋ᠢᠨ ᠨᠢᠭᠡᠨ ᠢ᠋ ᠡᠵᠡᠯᠡᠭᠰᠡᠨ ᠤᠯᠤᠰ ᠲᠤ ᠬᠠᠭᠠᠨ ᠰᠠᠭᠤᠭᠰᠠᠨ ᠪᠠᠢᠲᠠᠯ᠎ᠠ᠂ ᠱ᠌ᠢᠷᠦ ᠡᠴᠡ ᠲᠥᠷᠥᠭᠰᠡᠨ ᠦᠷ᠎ᠡ ᠬᠡᠦᠬᠡᠳ ᠨᠢ ᠶᠡᠷᠦ ᠶ᠋ᠢᠨ ᠮᠣᠩᠭᠣᠯ ᠬᠥᠮᠦᠨ ᠦ᠌ ᠳᠣᠲᠣᠷ᠎ᠠ ᠰᠢᠩᠭᠡᠵᠦ ᠬᠠᠢᠯᠤᠭᠠᠳ ᠣᠷᠣᠭᠰᠠᠨ ᠲᠡᠳᠦᠢ ᠪᠣᠯᠤᠨ᠎ᠠ᠃ ᠪᠥᠷᠲᠡ ᠯᠡ ᠤᠳᠤᠮ ᠢ᠋ᠶ᠋ᠠᠨ ᠳᠠᠭᠠᠵᠤ᠂ ᠲᠡᠭᠦᠨ ᠦ᠌《ᠬᠦᠨᠳᠦᠲᠦ ᠡᠴᠢᠭᠡ ᠨᠢ ᠠᠪᠴᠤ ᠦᠭᠭᠰᠡᠨ ᠭᠡᠷ ᠦ᠋ᠨ ᠡᠵᠡᠭᠲᠡᠢ᠂ ᠬᠡᠦᠬᠡᠳ ᠦ᠋ᠨ ᠡᠬᠡ ᠪᠣᠯᠤᠭᠰᠠᠨ》 ᠠᠪᠠᠯᠢ ᠡᠬᠡᠨᠡᠷ ᠨᠢ ᠮᠥᠨ᠃
ᠦᠰᠦᠭ ᠠᠮᠢᠯᠠᠭᠤᠯᠤᠭᠴᠢ᠄ ᠲᠣᠭᠲᠠᠭᠤᠨᠪᠠᠶᠠᠷ᠂ ᠪᠠᠶᠠᠨᠴᠡᠴᠡᠭ᠂ ᠪᠠᠶᠠᠨᠰᠡᠷᠡᠩ᠂ ᠡᠷᠳᠡᠨᠢᠭᠤᠸ᠎ᠠ ᠂ ᠬᠡᠷᠡᠢᠳ ᠮᠥᠩᠬᠡᠨᠠᠰᠤᠨ
ᠬᠢᠨᠠᠭᠴᠢ᠄ ᠪᠠᠶᠠᠨᠴᠡᠴᠡᠭ᠂ ᠬᠡᠷᠡᠶ᠋ᠢᠳ ᠮᠥᠩᠬᠡᠨᠠᠰᠤᠨ᠂ ᠲᠣᠭᠲᠠᠭᠤᠨᠪᠠᠶᠠᠷ᠂ᠲ᠂ ᠬᠦᠮᠦᠵᠢᠯᠲᠦ᠂ ᠣᠳᠬᠠᠨᠰᠣ᠎ᠠ
