ᠵᠠᠮᠤᠬ᠎ᠠ ᠶ᠋ᠢᠨ ᠣᠩᠭᠣᠨ ᠤ᠋ ᠮᠥᠷ ᠢ᠋ᠶ᠋ᠡᠷ-ᠨᠢᠭᠤᠴᠠЖамухын онгоны мөрөөр-Нууц
ᠠᠩᠭᠢᠯᠠᠯ:ᠲᠡᠦᠬᠡ ᠰᠣᠶᠣᠯТүүх соёл 2025-01-22
1217
ᠠᠨᠳᠠ ᠠ᠋ᠴᠠ ᠬᠠᠭᠠᠴᠠᠯ ᠬᠦᠷᠦ ᠰᠡᠴᠡᠨ ᠬᠠᠭᠠᠨ ᠵᠠᠮᠤᠬ᠎ᠠ ᠪᠣᠯ ᠲᠡᠮᠦᠵᠢᠨ ᠦ᠌ ᠳᠡᠭᠡᠳᠦ ᠡᠪᠦᠭᠡ ᠪᠣᠯᠬᠤ ᠪᠣᠳᠣᠨᠴᠠᠷ ᠮᠤᠩᠬᠠᠭ ᠲᠤ᠌ ᠬᠦᠴᠦ ᠪᠡᠷ ᠢᠷᠡᠭᠰᠡᠨ ᠮᠣᠩᠭᠣᠯᠴᠤᠳ ᠤ᠋ᠨ ᠡᠷᠲᠡᠨ ᠦ᠌ ᠣᠪᠣᠭ ᠵᠠᠷᠴᠢᠭᠤᠳ ᠬᠠᠳᠤᠩᠬᠠᠨ ᠤᠷᠢᠶᠠᠩᠬᠠᠢ ᠡᠮᠡᠭᠲᠡᠢ ᠡᠴᠡ ᠭᠠᠷᠤᠭᠰᠠᠨ ᠬᠡᠦᠬᠡᠳ ᠪᠣᠯᠬᠤ ᠵᠠᠵᠢᠷᠠᠳᠠᠢ ᠶ᠋ᠢᠨ ᠡᠭᠦᠰᠬᠡᠭᠰᠡᠨ ᠵᠠᠳᠠᠷᠠᠨ ᠠᠢᠮᠠᠭ ᠤ᠋ᠨ ᠦᠷ᠎ᠡ ᠤᠳᠤᠮ ᠶᠤᠮ᠃ ᠲᠡᠷᠡᠪᠡᠷ 12 ᠵᠠᠭᠤᠨ ᠤ᠋ ᠰᠡᠭᠦᠯ ᠦᠶ᠎ᠡ᠂ 13 ᠵᠠᠭᠤᠨ ᠤ᠋ ᠡᠬᠢᠨ ᠦ᠌ ᠦᠶ᠎ᠡ ᠳ᠋ᠦ᠍ ᠮᠣᠩᠭᠣᠯ ᠤ᠋ᠨ ᠭᠠᠵᠠᠷ ᠨᠤᠲᠤᠭ ᠲᠤ...