ᠪᠣᠭᠣᠯ ᠠ᠋ᠴᠠ ᠲᠦᠮᠡᠳ ᠦ᠋ᠨ ᠨᠣᠶᠠᠨ ᠪᠣᠯᠤᠭᠰᠠᠨ ᠭᠤᠸ᠎ᠠ ᠸᠠᠩ ᠮᠤᠬᠤᠯᠠᠢбоолоос түмдийн ноён болсон гоо ван Мухулай
ᠮᠤᠬᠤᠯᠠᠢ (1170 - 1223) ᠨᠢ ᠶᠡᠬᠡ ᠮᠣᠩᠭᠣᠯ ᠤᠯᠤᠰ ᠤ᠋ᠨ ᠴᠡᠷᠢᠭ ᠦ᠋ᠨ ᠵᠠᠩᠵᠤᠨ ᠶᠤᠮ᠃ ᠪᠣᠭᠣᠷᠴᠤ ᠂ ᠮᠤᠬᠤᠯᠠᠢ᠂ ᠪᠣᠷᠣᠠᠠᠣᠯ ᠂ ᠴᠢᠯᠠᠭᠤᠨ ᠨᠠᠷ ᠤ᠋ᠨ ᠬᠠᠮᠲᠤ ᠴᠢᠩᠭᠢᠰ ᠬᠠᠭᠠᠨ ᠤ᠋ ᠳᠥᠷᠪᠡᠨ ᠡᠷᠡᠯᠬᠡᠭ ᠳᠠᠢᠴᠢᠳ ᠪᠣᠯᠬᠤ ᠬᠦᠯᠦᠭ ᠦ᠋ᠨ ᠨᠢᠭᠡ᠃ ᠴᠢᠩᠭᠢᠰ ᠬᠠᠭᠠᠨ ᠤ᠋ ᠵᠡᠭᠦᠨ ᠵᠢᠭᠦᠷ ᠦ᠋ᠨ ᠴᠡᠷᠢᠭ ᠦ᠋ᠨ 24 ᠮᠢᠩᠭᠠᠨ ᠡᠷᠦᠬᠡ ᠶ᠋ᠢ ᠤᠳᠤᠷᠢᠳᠤᠭᠴᠢ ᠲᠦᠮᠡᠨ ᠤᠯᠤᠰ ᠤ᠋ᠨ ᠲᠡᠷᠢᠭᠦᠨ ᠪᠠᠢᠪᠠ᠃ 《ᠮᠣᠩᠭᠣᠯ ᠤ᠋ᠨ ᠨᠢᠭᠤᠴᠠ ᠲᠣᠪᠴᠢᠶ᠎ᠠ》 ᠨᠣᠮ ᠳ᠋ᠤ᠌ 1206 ᠣᠨ ᠤ᠋ ᠴᠢᠩᠭᠢᠰ ᠬᠠᠭᠠᠨ ᠤ᠋ ᠬᠠᠭᠠᠨ ᠰᠢᠷᠡᠭᠡᠨ ᠳ᠋ᠦ᠍ ᠵᠠᠯᠠᠭᠰᠠᠨ ᠰᠢᠷᠡᠭᠡᠨ ᠳ᠋ᠦ᠍ ᠮᠣᠩᠷᠢᠺ ᠡᠴᠢᠭᠢ᠂ ᠪᠣᠭᠣᠷᠴᠤ ᠨᠠᠷ ᠤ᠋ᠨ ᠳᠠᠷᠠᠭ᠎ᠠ ᠭᠤᠷᠪᠠᠳᠤᠭᠠᠷ ᠲᠤ᠌ ᠪᠢᠴᠢᠭᠳᠡᠳᠡᠭ᠃ ᠪᠠᠷᠠᠭᠤᠨ ᠲᠠᠯ᠎ᠠ ᠶ᠋ᠢᠨ ᠬᠦᠴᠦ ᠶ᠋ᠢ ᠤᠳᠤᠷᠢᠳᠤᠭᠴᠢ ᠪᠣᠭᠣᠷᠴᠤ ᠶ᠋ᠢᠨ ᠬᠠᠮᠲᠤ ᠲᠡᠷᠡ ᠪᠡᠷ ᠮᠣᠩᠭᠣᠯ ᠤ᠋ᠨ ᠡᠵᠡᠨᠲᠦ ᠭᠦᠷᠦᠨ ᠢ᠋ ᠡᠭᠦᠰᠬᠡᠨ ᠪᠠᠢᠭᠤᠯᠤᠭᠰᠠᠨ ᠲᠣᠮᠣᠬᠠᠨ ᠬᠦᠨᠳᠦᠲᠦ ᠶ᠋ᠢᠨ ᠨᠢᠭᠡ ᠪᠥᠭᠡᠳ ᠯᠤ ᠬᠠᠭᠠᠨ ᠨᠡᠷ᠎ᠡ ᠲᠠᠮᠠᠭᠠᠯᠠᠭᠰᠠᠨ ᠪᠠᠢᠳᠠᠭ᠃ ᠵᠠᠯᠠᠢᠷ ᠣᠪᠣᠭ ᠲᠤ᠌ ᠲᠥᠷᠥᠭᠰᠡᠨ᠃ ᠶᠤᠸᠠᠨ ᠭᠦᠷᠦᠨ ᠦ᠌ ᠦᠶ᠎ᠡ ᠳ᠋ᠦ᠍ ᠬᠠᠮᠤᠭ ᠤ᠋ᠨ ᠨᠥᠯᠥᠭᠡ ᠪᠦᠬᠦᠢ ᠮᠣᠩᠭᠣᠯ ᠨᠣᠶᠠᠳ ᠤ᠋ᠨ ᠨᠢᠭᠡ ᠪᠠᠢᠭᠰᠠᠨ᠃
1196 ᠣᠨ ᠠ᠋ᠴᠠ ᠬᠣᠢᠰᠢ ᠴᠢᠩᠭᠢᠰ ᠬᠠᠭᠠᠨ ᠲᠠᠢ ᠬᠠᠮᠲᠤ ᠣᠯᠠᠨ ᠤᠳᠠᠭᠠᠨ ᠤ᠋ ᠲᠤᠯᠤᠯᠳᠤᠭᠠᠨ ᠳ᠋ᠤ᠌ ᠣᠷᠣᠯᠴᠠᠭᠰᠠᠨ᠃ ᠡᠢᠮᠦ ᠤᠴᠢᠷ ᠠ᠋ᠴᠠ ᠴᠢᠩᠭᠢᠰ ᠬᠠᠭᠠᠨ 1206 ᠣᠨ ᠳ᠋ᠤ᠌ ᠬᠠᠭᠠᠨ ᠰᠢᠷᠡᠭᠡᠨ ᠳ᠋ᠦ᠍ ᠰᠠᠭᠤᠬᠤ ᠳ᠋ᠤ᠌ ᠪᠠᠨ ᠪᠦᠬᠦᠨ ᠦ᠌ ᠨᠣᠶᠠᠨ ᠢ᠋ᠶ᠋ᠠᠷ ᠲᠣᠮᠢᠯᠠᠭᠰᠠᠨ᠃ ᠠᠯᠲᠠᠨ ᠤ᠋ ᠡᠷᠬᠡᠰᠢᠶᠡᠯ ᠳ᠋ᠦ᠍ ᠣᠷᠣᠭᠰᠠᠨ ᠴᠤ᠌ ᠯᠢᠶᠣᠤᠳ᠋ᠦ᠋ᠩ᠂ ᠯᠢᠶᠣᠣᠰᠢ ᠳ᠋ᠤ᠌ ᠠᠮᠵᠢᠯᠲᠠ ᠭᠠᠷᠭᠠᠭᠰᠠᠨ᠃
1217 ᠣᠨ ᠳ᠋ᠤ᠌ ᠴᠢᠩᠭᠢᠰ ᠬᠠᠭᠠᠨ ᠪᠣᠯᠤᠨ ᠭᠣᠪᠢ ᠴᠦᠯ ᠡᠴᠡ ᠡᠮᠦᠨ᠎ᠡ ᠣᠷᠣᠰᠢᠬᠤ ᠨᠤᠲᠤᠭ ᠳᠡᠪᠢᠰᠬᠡᠷ ᠲᠦ᠍ 《ᠬᠠᠭᠠᠨ》 ᠴᠣᠯᠠ ᠣᠯᠭᠣᠵᠤ᠂ ᠮᠣᠩᠭᠣᠯ᠂ ᠬᠢᠳᠠᠨ ᠨᠠᠷ ᠡᠴᠡ ᠪᠦᠷᠢᠳᠦᠭᠰᠡᠨ ᠶᠡᠬᠡ ᠴᠡᠷᠢᠭ ᠢ᠋ ᠳᠠᠢᠴᠢᠯᠠᠵᠤ᠂ ᠳᠣᠷᠣᠨᠠᠲᠤ ᠶ᠋ᠢ ᠡᠵᠡᠯᠡᠨ ᠠᠪᠴᠠᠢ᠃ ᠶᠠᠩ ᠱᠢ᠂ ᠵᠢᠶᠠᠩ ᠵᠡᠷᠭᠡ ᠬᠢᠲᠠᠳ ᠤ᠋ᠨ ᠨᠣᠶᠠᠳ ᠪᠠᠭᠤᠵᠤ ᠥᠭᠭᠦᠭᠰᠡᠨ ᠢ᠋ᠶ᠋ᠡᠷ ᠠᠯᠲᠠᠨ ᠤ᠋ ᠡᠷᠬᠡᠰᠢᠶᠡᠯ ᠳ᠋ᠦ᠍ ᠣᠷᠣᠬᠤ ᠲᠤᠯᠤᠯᠳᠤᠭᠠᠨ ᠳ᠋ᠤ᠌ ᠠᠰᠢᠭᠲᠠᠢ ᠪᠣᠯᠵᠠᠢ᠃
ᠮᠣᠩᠭᠣᠯ ᠤ᠋ᠨ ᠬᠥᠮᠦᠨ ᠠᠮᠠ ᠶ᠋ᠢᠨ ᠬᠣᠮᠰᠠᠳᠠᠯ ᠢ᠋ ᠠᠷᠢᠯᠭᠠᠬᠤ ᠶ᠋ᠢᠨ ᠲᠤᠯᠠᠳᠠ ᠬᠡᠵᠢᠶ᠎ᠡ ᠴᠤ᠌ ᠠᠰᠢᠭ ᠦᠭᠡᠢ ᠬᠥᠮᠦᠨ ᠠᠯᠠᠵᠤ᠂ ᠠᠵᠢᠯᠯᠠᠬᠤ ᠬᠦᠴᠦᠨᠲᠡᠢ ᠪᠣᠯᠭᠠᠬᠤ ᠭᠡᠵᠦ ᠣᠷᠣᠯᠳᠣᠳᠠᠭ ᠦᠭᠡᠢ ᠪᠠᠢᠭᠰᠠᠨ ᠭᠡᠳᠡᠭ᠃
1223 ᠣᠨ ᠳ᠋ᠤ᠌ ᠠᠭᠤᠯᠠ ᠶ᠋ᠢᠨ ᠪᠠᠷᠠᠭᠤᠨ ᠡᠮᠦᠨᠡᠲᠦ ᠬᠡᠰᠡᠭ ᠲᠦ᠍ ᠨᠠᠰᠤ ᠪᠠᠷᠠᠵᠠᠢ᠂ 54 ᠨᠠᠰᠤᠲᠠᠢ᠃
ᠦᠷ᠎ᠡ ᠤᠳᠤᠮ ᠨᠢ ᠴᠢᠩᠭᠢᠰ ᠬᠠᠭᠠᠨ ᠤ᠋ ᠠᠴᠢ ᠬᠤᠪᠢᠯᠠᠢ ᠶ᠋ᠢᠨ ᠡᠭᠦᠰᠬᠡᠨ ᠪᠠᠢᠭᠤᠯᠤᠭᠰᠠᠨ ᠶᠤᠸᠠᠨ ᠭᠦᠷᠦᠨ ᠦ᠌ ᠤᠳᠤᠮ ᠵᠠᠯᠭᠠᠮᠵᠢᠯᠠᠭᠴᠢ ᠪᠠᠷ ᠠᠵᠢᠯᠯᠠᠵᠤ ᠪᠠᠢᠵᠠᠢ᠃
