ᠶᠡᠬᠡ ᠮᠣᠩᠭᠣᠯ ᠤᠯᠤᠰ ᠤ᠋ᠨ ᠭᠠᠷᠮᠠᠭᠠᠢ ᠵᠠᠩᠵᠤᠨ ᠰᠦᠪᠡᠭᠡᠳᠡᠢ ᠪᠠᠭᠠᠲᠤᠷИх Монгол Улсын гарамгай жанжин Сүбээдэй баатар ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠡᠬᠡ ᠮᠣᠩᠭᠣᠯ ᠤᠯᠤᠰ ᠤ᠋ᠨ ᠭᠠᠷᠮᠠᠭᠠᠢ ᠵᠠᠩᠵᠤᠨ ᠰᠦᠪᠡᠭᠡᠳᠡᠢ ᠪᠠᠭᠠᠲᠤᠷИх Монгол Улсын гарамгай жанжин Сүбээдэй баатар

ᠶᠡᠬᠡ ᠮᠣᠩᠭᠣᠯ ᠤᠯᠤᠰ ᠤ᠋ᠨ ᠭᠠᠷᠮᠠᠭᠠᠢ ᠵᠠᠩᠵᠤᠨ ᠰᠦᠪᠡᠭᠡᠳᠡᠢ ᠪᠠᠭᠠᠲᠤᠷИх Монгол Улсын гарамгай жанжин Сүбээдэй баатар

ᠠᠩᠭᠢᠯᠠᠯ:ᠲᠡᠦᠬᠡ ᠰᠣᠶᠣᠯ
2025-01-15

1368

ᠬᠣᠷᠸ᠎ᠠ ᠶᠢᠷᠲᠢᠨᠴᠦ ᠶ᠋ᠢᠨ ᠬᠠᠮᠤᠭ ᠤ᠋ᠨ ᠠᠤᠭ᠎ᠠ ᠲᠡᠢᠨ ᠦ᠌ ᠪᠣᠳᠣᠯᠭᠠᠲᠠᠨ ᠰᠦᠪᠡᠭᠡᠳᠡᠢ ᠵᠠᠩᠵᠤᠨХорвоо ертөнцийн хамгийн аугаа стратегич Сүбэдэй жанжин

ᠰᠦᠪᠡᠭᠡᠳᠡᠢ (ᠰᠦ᠋ᠪᠥᠳᠡᠢ 1176-1248) ᠨᠢ ᠮᠣᠩᠭᠣᠯ ᠤ᠋ᠨ ᠡᠵᠡᠨᠲᠦ ᠭᠦᠷᠦᠨ ᠦ᠌ ᠴᠡᠷᠢᠭ ᠦ᠋ᠨ ᠨᠣᠶᠠᠨ᠃ ᠤᠷᠢᠶᠠᠩᠬᠠᠢ ᠳ᠋ᠤ᠌ ᠲᠥᠷᠥᠭᠰᠡᠨ᠃ ᠰᠦᠪᠡ ᠭᠡᠳᠡᠭ ᠨᠡᠷ᠎ᠡ ᠨᠢ 《ᠵᠢᠭᠦᠷ》 ᠭᠡᠰᠡᠨ ᠤᠳᠬ᠎ᠠ ᠲᠠᠢ ᠃

ᠴᠢᠩᠭᠢᠰ ᠬᠠᠭᠠᠨ ᠤ᠋ ᠤᠳᠤᠷᠢᠳᠤᠯᠭ᠎ᠠ ᠳᠣᠣᠷ᠎ᠠ ᠪᠠᠢᠭᠰᠠᠨ ᠵᠡᠪᠡ᠂ ᠵᠡᠯᠮ᠎ᠡ ᠂ ᠬᠤᠪᠢᠯᠠᠢ ᠨᠠᠷ ᠲᠠᠢ ᠬᠠᠮᠲᠤ 《ᠳᠥᠷᠪᠡᠨ ᠡᠷᠡᠯᠬᠡᠭ ᠳᠠᠢᠴᠢᠨ》 ᠤ᠋ ᠨᠢᠭᠡ᠃ ᠵᠡᠯᠮ᠎ᠡ ᠶ᠋ᠢᠨ ᠳᠡᠭᠦᠦ᠃ᠴᠢᠩᠭᠢᠰ ᠬᠠᠭᠠᠨ ᠮᠡᠷᠭᠡᠳ ᠲᠡᠢ ᠲᠤᠯᠤᠯᠳᠤᠨ ᠠᠨᠳᠠ ᠵᠠᠮᠤᠬ᠎ᠠ ᠲᠠᠢ ᠰᠠᠯᠤᠭᠰᠠᠨ ᠤ᠋ ᠳᠠᠷᠠᠭ᠎ᠠ ᠰᠦᠪᠡᠭᠡᠳᠡᠢ ᠴᠢᠩᠭᠢᠰ ᠬᠠᠭᠠᠨ ᠳ᠋ᠤ᠌ ᠪᠤᠴᠠᠵᠤ ᠢᠷᠡᠪᠡ ᠃

ᠢᠷᠠᠺ᠂ ᠺᠠᠸᠬᠠᠰ᠂ ᠣᠷᠣᠰ ᠵᠦᠭ ᠬᠢᠭᠰᠡᠨ ᠲᠡᠢᠨ

1219 ᠣᠨ ᠤ᠋ ᠠᠨᠤᠱᠲ᠋ᠧᠭ ᠦ᠋ᠨ ᠤᠭᠰᠠᠭᠠᠨ ᠤ᠋ ᠡᠺᠰᠫᠧᠳᠢᠼᠢ ᠳ᠋ᠦ᠍ ᠲᠡᠷᠡ ᠪᠡᠷ ᠬᠣᠷᠠᠽᠮ ᠤ᠋ᠨ ᠬᠠᠭᠠᠨ ᠠᠯᠯᠠᠾ ᠸᠦ᠋ᠳ ᠦ᠋ᠨ ᠮᠤᠬᠤᠮᠮᠧᠳᠢ ᠶ᠋ᠢ ᠵᠡᠪᠡ ᠶ᠋ᠢᠨ ᠬᠠᠮᠲᠤ ᠲᠤᠰᠢᠶᠠᠯ ᠠᠪᠴᠤ᠂ ᠲᠡᠭᠦᠨ ᠢ᠋ ᠪᠠᠷᠠᠭᠤᠨᠰᠢ ᠳᠠᠭᠠᠷᠢᠪᠠ᠃ ᠰᠦᠪᠡᠭᠡᠳᠡᠢ ᠲᠠᠷᠬᠠᠢ ᠪᠤᠲᠠᠷᠬᠠᠢ ᠬᠣᠳᠣ ᠨᠤᠭᠤᠳ ᠢ᠋ ᠳᠠᠢᠯᠠᠵᠤ ᠨᠢᠭᠡᠳᠦᠭᠰᠡᠨ ᠃ ᠰᠦᠪᠡᠭᠡᠳᠡᠢ ᠵᠡᠪᠡ ᠲᠡᠢ ᠨᠡᠢᠯᠡᠵᠦ᠂ ᠮᠠᠵᠠᠨᠳᠠᠷᠠᠨ ᠵᠦᠭ ᠳᠣᠪᠲᠣᠯᠤᠨ ᠺᠠᠽᠸ ᠤ᠋ᠨ ᠬᠣᠲᠠᠳ ᠢ᠋ ᠡᠵᠡᠯᠡᠵᠡᠢ ᠃

1220 ᠣᠨ ᠤ᠋ 12 ᠳ᠋ᠤᠭᠠᠷ ᠰᠠᠷ᠎ᠠ ᠳ᠋ᠤ᠌ ᠠᠯᠯᠠᠾ ᠸᠦ᠋ᠳ ᠦ᠋ᠨ ᠺᠠᠸᠬᠠᠰ ᠤ᠋ᠨ ᠳᠡᠭᠡᠭᠦᠷ ᠠᠪᠠᠰᠺᠦ ᠶ᠋ᠢᠨ ᠠᠷᠠᠯ ᠳᠡᠭᠡᠷ᠎ᠡ ᠨᠠᠰᠤ ᠪᠠᠷᠠᠭᠰᠠᠨ ᠪᠣᠯᠪᠠᠴᠤ ᠰᠦᠪᠡᠭᠡᠳᠡᠢ᠂ ᠵᠡᠪᠡ ᠬᠣᠶᠠᠷ ᠮᠤᠬᠤᠮᠮᠧᠳᠢ ᠶ᠋ᠢᠨ ᠦᠬᠦᠯ ᠢ᠋ ᠮᠠᠲᠠᠯ ᠦᠭᠡᠢ ᠪᠡᠷ ᠦᠷᠭᠦᠯᠵᠢᠯᠡᠭᠦᠯᠦᠭᠰᠡᠭᠡᠷ ᠠᠯᠯᠠᠾ ᠸᠦ᠋ᠳ ᠦ᠋ᠨ ᠵᠢᠭᠤᠲᠠᠬᠤ ᠭᠠᠵᠠᠷ ᠭᠡᠵᠦ ᠲᠠᠭᠠᠮᠠᠭᠯᠠᠵᠤ᠂ ᠬᠣᠢᠲᠤ ᠢᠷᠡᠨ ᠪᠣᠯᠤᠨ ᠡᠮᠦᠨᠡᠲᠦ ᠺᠠᠸᠬᠠᠰ ᠵᠦᠭ ᠳᠣᠪᠲᠣᠯᠪᠠ᠃ ᠠᠽᠧᠷᠪᠠᠢᠵᠠᠠ ᠵᠦᠭ ᠶᠠᠪᠤᠵᠤ᠂ ᠭᠠᠵᠠᠷ ᠨᠤᠲᠤᠭ ᠢ᠋ ᠵᠠᠬᠢᠷᠴᠢ ᠪᠣᠢ ᠡᠯᠳᠡᠭᠦᠽᠢ ᠳ᠋ᠦ᠍ (ᠢᠯᠡ ᠳᠤᠭᠤᠵᠠ᠂ ᠡᠯᠳᠡᠭᠦᠽᠢ ) ᠳ᠋ᠦ᠍ ᠪᠠᠭᠤᠵᠤ᠂ ᠬᠦᠷᠰᠢ ᠵᠡᠷᠭᠡᠯᠡᠳᠡᠭᠡ ᠭᠥᠷᠴᠢ ᠶ᠋ᠢᠨ ᠸᠠᠩᠲᠤ ᠤᠯᠤᠰ ᠵᠦᠭ ᠳᠣᠪᠲᠣᠯᠪᠠ᠃ ᠬᠦᠷᠴᠢ ᠶ᠋ᠢᠨ ᠳᠣᠪᠲᠣᠯᠭ᠎ᠠ 1220-1221 ᠣᠨ ᠤ᠋ ᠡᠪᠦᠯ ᠪᠣᠯᠵᠤ᠂ ᠬᠠᠪᠤᠷ ᠰᠦᠪᠡᠭᠡᠳᠡᠢ ᠪᠣᠯᠤᠨ ᠲᠡᠭᠦᠨ ᠦ᠌ ᠨᠥᠬᠥᠳ ᠦ᠋ᠳ ᠡᠯᠳᠡᠭᠦᠽᠢ ᠨᠦ᠍ᠭᠦᠳ ᠡᠴᠡ ᠪᠠᠷ᠎ᠠ ᠴᠤᠭᠯᠠᠭᠤᠯᠬᠤ ᠪᠠᠷ ᠠᠽᠧᠷᠪᠠᠢᠵᠠᠠ ᠳ᠋ᠤ᠌ ᠪᠤᠴᠠᠵᠤ ᠢᠷᠡᠪᠡ᠃ ᠬᠣᠢᠲᠤ ᠢᠷᠠᠺ ᠤ᠋ᠨ ᠮᠠᠷᠠᠭᠧ᠂ ᠡᠷᠪᠢᠯ᠂ ᠬᠠᠮᠧᠳᠠᠨ᠂ ᠠᠽᠧᠷᠪᠠᠢᠵᠠᠠ ᠵᠡᠷᠭᠡ ᠬᠣᠲᠠ ᠨᠤᠭᠤᠳ ᠵᠦᠭ ᠬᠥᠭᠡᠭᠡᠴᠡᠯᠳᠦᠵᠦ ᠪᠠᠢᠭᠰᠠᠨ ᠴᠤ᠌ ᠢᠷᠭᠡᠳ ᠦ᠋ᠨ ᠡᠰᠡᠷᠭᠦᠴᠡᠯ ᠡᠴᠡ ᠲᠠᠪᠷᠢᠽ ᠵᠦᠭ ᠤᠬᠤᠷᠢᠵᠠᠢ᠃ 1221 ᠣᠨ ᠤ᠋ 10 ᠳ᠋ᠤᠭᠠᠷ ᠰᠠᠷ᠎ᠠ ᠳ᠋ᠤ᠌ ᠠᠷᠷᠠᠨ ᠬᠣᠲᠠ ᠶ᠋ᠢᠨ ᠲᠥᠪ ᠭᠠᠨᠵᠢ ᠵᠦᠭ ᠳᠣᠪᠲᠣᠯᠪᠠ ᠃

1222 ᠣᠨ ᠤ᠋ ᠰᠡᠭᠦᠯᠡᠷ ᠰᠦᠪᠡᠭᠡᠳᠡᠢ ᠨᠠᠷ ᠳᠧᠷᠪᠧᠨᠲ ᠢ᠋ ᠭᠠᠲᠤᠯᠤᠨ ᠺᠠᠸᠬᠠᠰ ᠤ᠋ᠨ ᠬᠣᠢᠲᠤ ᠪᠠᠯ ᠳ᠋ᠤ᠌ ᠬᠦᠷᠴᠦ᠂ ᠨᠤᠲᠤᠭ ᠤ᠋ᠨ ᠠᠰᠰ᠂ ᠯᠧᠽᠬ ᠦ᠋ᠨ᠂ ᠴᠧᠷᠺᠧᠰ᠂ ᠺᠢᠫᠴᠠᠺ ᠨᠠᠷ ᠤ᠋ᠨ ᠡᠪᠰᠡᠯ ᠲᠡᠢ ᠮᠥᠷᠭᠥᠯᠳᠦᠵᠡᠢ᠃ ᠮᠣᠩᠭᠣᠯ ᠤ᠋ᠨ ᠴᠡᠷᠢᠭ ᠺᠢᠫᠴᠠᠺ ᠤ᠋ᠳ ᠤ᠋ᠨ ᠬᠣᠯᠪᠣᠭᠠᠲᠠᠨ ᠤ᠋ ᠴᠡᠷᠢᠭ ᠢ᠋ ᠪᠤᠲᠠ ᠨᠢᠷᠭᠡᠭᠰᠡᠨ ᠦ᠌ ᠳᠠᠷᠠᠭ᠎ᠠ ᠲᠡᠳᠡ ᠦᠯᠡᠳᠡᠭᠰᠡᠨ ᠺᠢᠫᠴᠠᠺ ᠤ᠋ᠳ ᠢ᠋ ᠳᠣᠪᠲᠣᠯᠤᠨ ᠲᠡᠳᠡᠨ ᠦ᠌ ᠰᠠᠭᠤᠷᠢ ᠪᠣᠯᠬᠤ ᠺᠦ᠋ᠮᠠᠨ ᠵᠦᠭ ᠳᠣᠪᠲᠣᠯᠪᠠ ᠃ ᠺᠢᠫᠴᠠᠺ ᠤ᠋ᠳ ᠮᠣᠩᠭᠣᠯ ᠠ᠋ᠴᠠ ᠵᠢᠭᠤᠲᠠᠨ ᠪᠠᠷᠠᠭᠤᠨ ᠲᠡᠰᠢ ᠨᠡᠭᠦᠵᠦ᠂ ᠺᠣᠽ ᠤ᠋ᠨ ᠬᠦᠰᠡᠯᠲᠡ ᠪᠡᠷ ᠮᠦᠰᠲ᠋ᠢᠰᠯᠠᠪ ᠣᠷᠣᠰ ᠤ᠋ᠨ ᠨᠣᠶᠠᠳ ᠢ᠋ ᠺᠧᠦ᠋ᠲ᠋ ᠴᠤᠭᠯᠠᠭᠤᠯᠵᠤ᠂ ᠡᠪᠰᠡᠯ ᠪᠠᠢᠭᠤᠯᠪᠠ᠃ 1223 ᠣᠨ ᠤ᠋ 5 ᠳ᠋ᠤᠭᠠᠷ ᠰᠠᠷ᠎ᠠ ᠳ᠋ᠤ᠌ ᠰᠦᠪᠡᠭᠡᠳᠡᠢ᠂ ᠵᠡᠪᠡ ᠨᠠᠷ ᠺᠠᠯᠺᠠ ᠭᠣᠣᠯ ᠤ᠋ᠨ ᠬᠥᠪᠡᠭᠡᠨ ᠳ᠋ᠦ᠍ ᠣᠷᠣᠰ ᠤ᠋ᠨ ᠬᠣᠯᠪᠣᠭᠠᠲᠠᠨ ᠤ᠋ ᠴᠡᠷᠢᠭ ᠦ᠋ᠳ ᠲᠡᠢ ᠲᠤᠯᠤᠯᠳᠤᠵᠤ᠂ ᠶᠡᠬᠡ ᠢᠯᠠᠯᠲᠠ ᠪᠠᠢᠭᠤᠯᠪᠠ (ᠺᠠᠯᠺᠠ ᠭᠣᠣᠯ ᠤ᠋ᠨ ᠲᠤᠯᠤᠯᠳᠤᠭᠠᠨ) ᠃ ᠺᠠᠯᠺᠠ ᠭᠣᠣᠯ ᠤ᠋ᠨ ᠲᠤᠯᠤᠯᠳᠤᠭᠠᠨ ᠨᠢ ᠮᠣᠩᠭᠣᠯ ᠤᠯᠤᠰ ᠪᠣᠯᠤᠨ ᠧᠦ᠋ᠷᠣᠫᠠ ᠶ᠋ᠢᠨ ᠬᠣᠭᠣᠷᠣᠨᠳᠣᠬᠢ ᠠᠩᠬᠠᠨ ᠤ᠋ ᠲᠡᠢᠨ ᠪᠣᠯᠤᠭᠰᠠᠨ ᠪᠥᠭᠡᠳ ᠬᠣᠵᠢᠮ ᠮᠣᠩᠭᠣᠯ ᠤ᠋ᠨ ᠧᠦ᠋ᠷᠣᠫᠠ ᠵᠦᠭ ᠳᠣᠪᠲᠣᠯᠬᠤ ᠳ᠋ᠤ᠌ ᠲᠦᠯᠬᠢᠴᠡ ᠪᠣᠯᠤᠭᠰᠠᠨ᠃

ᠺᠠᠯᠺᠠ ᠶ᠋ᠢᠨ ᠲᠤᠯᠤᠯᠳᠤᠭᠠᠨ ᠤ᠋ ᠳᠠᠷᠠᠭ᠎ᠠ ᠂ ᠴᠡᠴᠡᠭᠯᠡᠨ ᠬᠥᠭᠵᠢᠭᠰᠡᠨ ᠬᠤᠳᠠᠯᠳᠤᠭᠠᠨ ᠤ᠋ ᠬᠣᠲᠠ ᠰᠤᠳᠠᠺ ᠵᠦᠭ ᠳᠣᠪᠲᠣᠯᠪᠠ᠃ ᠡᠴᠦᠰ ᠲᠦ᠍ ᠨᠢ ᠰᠦᠪᠡᠭᠡᠳᠡᠢ ᠨᠠᠷ ᠢᠵᠢᠯ ᠮᠥᠷᠡᠨ ᠦ᠌ ᠪᠣᠯᠭᠠᠷᠢ ᠵᠦᠭ ᠳᠣᠪᠲᠣᠯᠤᠭᠰᠠᠨ᠃ ᠪᠣᠯᠭᠠᠷᠢ ᠶ᠋ᠢᠨ ᠬᠦᠴᠦᠲᠡᠢ ᠡᠰᠡᠷᠭᠦᠴᠡᠯ ᠲᠡᠢ ᠲᠤᠯᠭᠠᠷᠠᠭᠰᠠᠨ ᠰᠦᠪᠡᠭᠡᠳᠡᠢ ᠪᠣᠯᠤᠨ ᠲᠡᠭᠦᠨ ᠦ᠌ ᠨᠥᠬᠥᠳ ᠦ᠋ᠳ ᠵᠡᠭᠦᠨ ᠵᠦᠭ ᠲᠦ᠍ ᠪᠤᠴᠠᠵᠤ ᠢᠷᠡᠭᠡᠳ ᠡᠷᠲᠤᠰ ᠮᠥᠷᠡᠨ ᠦ᠌ ᠰᠠᠪᠠ ᠭᠠᠵᠠᠷ ᠡᠺᠰᠫᠧᠳᠢᠼ ᠡᠴᠡ ᠪᠤᠴᠠᠬᠤ ᠵᠠᠮ ᠳ᠋ᠤ᠌ ᠪᠠᠨ ᠴᠢᠩᠭᠢᠰ ᠲᠡᠢ ᠨᠢᠭᠡᠳᠪᠡ ᠃ ᠰᠦᠪᠡᠭᠡᠳᠡᠢ᠂ ᠵᠡᠪᠡ ᠲᠡᠷᠢᠭᠦᠲᠡᠢ ᠮᠣᠩᠭᠣᠯ ᠤ᠋ᠨ ᠴᠡᠷᠢᠭ ᠦ᠋ᠨ ᠲᠤᠬᠠᠢ ᠮᠡᠳᠡᠭᠡᠯᠡᠯ᠂ ᠴᠤᠤᠷᠬᠠᠯ ᠣᠷᠣᠰ ᠢ᠋ᠶ᠋ᠠᠷ ᠳᠠᠮᠵᠢᠨ ᠧᠦ᠋ᠷᠣᠫᠠ ᠳ᠋ᠤ᠌ ᠣᠴᠢᠵᠠᠢ᠃


ᠠᠯᠲᠠᠨ ᠤᠯᠤᠰ ᠤ᠋ᠨ ᠲᠡᠢᠨ

ᠰᠦᠪᠡᠭᠡᠳᠡᠢ 1228 ᠣᠨ ᠠ᠋ᠴᠠ ᠥᠭᠡᠳᠡᠢ ᠬᠠᠭᠠᠨ ᠤ᠋ ᠶᠠᠪᠤᠭᠤᠯᠤᠭᠰᠠᠨ ᠠᠯᠲᠠᠨ ᠤ᠋ ᠠᠶᠠᠨ ᠳ᠋ᠤ᠌ ᠮᠣᠷᠳᠠᠵᠠᠢ᠃
1232 ᠣᠨ ᠤ᠋ ᠰᠠᠨᠹᠡᠩᠰ ᠦ᠋ᠨ ᠲᠤᠯᠤᠯᠳᠤᠭᠠᠨ ᠳ᠋ᠤ᠌ ᠲᠡᠷᠡ ᠪᠡᠷ ᠲᠤᠯᠤᠢ ᠲᠠᠢ ᠬᠠᠮᠲᠤ ᠸᠠᠨᠢᠩ ᠴᠧᠨ ᠬᠦ ᠱᠠᠩ ᠤ᠋ᠨ ᠤᠳᠤᠷᠢᠳᠤᠭᠰᠠᠨ ᠠᠯᠲᠠᠨ ᠴᠡᠷᠢᠭ ᠢ᠋ ᠢᠯᠠᠪᠠ᠃ ᠮᠥᠨ ᠣᠨ ᠤ᠋ 4 ᠳ᠋ᠦ᠍ᠭᠡᠷ ᠰᠠᠷ᠎ᠠ ᠳ᠋ᠤ᠌ ᠰᠦᠪᠡᠭᠡᠳᠡᠢ ᠳ᠋ᠦ᠍ ᠥᠭᠡᠳᠡᠢ ᠵᠠᠷᠯᠢᠭ ᠪᠠᠭᠤᠯᠭᠠᠵᠤ ᠺᠠᠢᠹᠡᠩ ᠢ᠋ ᠪᠦᠰᠡᠯᠡᠨ ᠂ ᠮᠣᠩᠭᠣᠯ ᠤ᠋ᠨ ᠴᠡᠷᠢᠭ ᠤᠷᠲᠤ ᠴᠠᠭᠠᠨ ᠬᠡᠷᠡᠮ ᠢ᠋ ᠲᠣᠭᠣᠷᠢᠨ ᠳᠣᠪᠲᠣᠯᠬᠤ ᠪᠠᠢᠵᠠᠢ᠂ ᠭᠠᠵᠠᠷ ᠬᠥᠳᠡᠯᠦᠯᠲᠡ ᠡᠴᠡ ᠪᠣᠯᠵᠤ᠂ 5 ᠳ᠋ᠤᠭᠠᠷ ᠰᠠᠷ᠎ᠠ ᠳ᠋ᠤ᠌ ᠪᠦᠰᠡᠯᠡᠯᠲᠡ ᠡᠴᠡ ᠤᠬᠤᠷᠢᠵᠠᠢ᠃ 8 ᠳ᠋ᠤᠭᠠᠷ ᠰᠠᠷ᠎ᠠ ᠳ᠋ᠤ᠌ ᠠᠯᠲᠠᠨ ᠲᠠᠢ ᠡᠩᠬᠡ ᠲᠠᠢᠪᠤᠩ ᠤ᠋ᠨ ᠬᠡᠯᠡᠯᠴᠡᠭᠡ ᠬᠢᠬᠦ ᠪᠡᠷ ᠣᠴᠢᠭᠰᠠᠨ ᠮᠣᠩᠭᠣᠯ ᠤ᠋ᠨ ᠲᠥᠯᠥᠭᠡᠯᠡᠭᠴᠢᠳ ᠠᠯᠲᠠᠨ ᠴᠡᠷᠢᠭ ᠲᠦ᠍ ᠠᠮᠢ ᠦᠷᠡᠭᠳᠡᠵᠦ᠂ ᠡᠩᠬᠡ ᠲᠠᠢᠪᠤᠩ ᠡᠪᠳᠡᠭᠳᠡᠵᠦ᠂ ᠤᠯᠠᠮ ᠢ᠋ᠶ᠋ᠠᠷ ᠰᠦᠪᠡᠭᠡᠳᠡᠢ ᠨᠠᠷ ᠬᠣᠶᠠᠳᠠᠬᠢ ᠪᠦᠰᠡᠯᠡᠯᠲᠡ ᠬᠢᠵᠡᠢ᠂ ᠠᠯᠲᠠᠨ ᠴᠡᠷᠢᠭ ᠬᠣᠭᠣᠯᠠ ᠬᠦᠨᠡᠰᠦ ᠶ᠋ᠢᠨ ᠬᠠᠩᠭᠠᠮᠵᠢ ᠶ᠋ᠢᠨ ᠬᠣᠮᠰᠠᠳᠠᠯ ᠳ᠋ᠤ᠌ ᠨᠡᠷᠪᠡᠭᠳᠡᠵᠦ᠂ ᠠᠯᠲᠠᠨ ᠤ᠋ ᠵᠠᠩᠵᠤᠨ ᠳᠡᠭᠡᠭᠰᠢᠯᠡᠭᠰᠡᠨ ᠢ᠋ᠶ᠋ᠡᠷ ᠺᠠᠢᠹᠡᠩ ᠢ᠋ ᠮᠣᠩᠭᠣᠯ ᠤ᠋ᠨ ᠴᠡᠷᠢᠭ ᠡᠵᠡᠯᠡᠵᠡᠢ᠃

ᠪᠠᠲᠤ ᠶ᠋ᠢᠨ ᠪᠠᠷᠠᠭᠤᠨᠰᠢ ᠳᠠᠢᠯᠠᠭᠰᠠᠨ ᠢ᠋ ᠳᠡᠮᠵᠢᠭᠰᠡᠨ

1235 ᠣᠨ ᠳ᠋ᠤ᠌ ᠧᠦ᠋ᠷᠣᠫᠠ ᠶ᠋ᠢᠨ ᠡᠺᠰᠫᠧᠳᠢᠼ ᠢ᠋ ᠰᠢᠢᠳᠪᠦᠷᠢᠯᠡᠬᠦ ᠳ᠋ᠦ᠍ ᠰᠦᠪᠡᠭᠡᠳᠡᠢ ᠶ᠋ᠢᠨ ᠴᠡᠷᠢᠭ ᠦ᠋ᠨ ᠴᠢᠳᠠᠪᠤᠷᠢ᠂ ᠴᠡᠷᠢᠭ ᠦ᠋ᠨ ᠣᠯᠠᠨ ᠵᠢᠯ ᠦ᠋ᠨ ᠲᠤᠷᠰᠢᠯᠭ᠎ᠠ ᠶ᠋ᠢ ᠬᠠᠷᠠᠭᠠᠯᠵᠠᠨ ᠡᠺᠰᠫᠧᠳᠢᠼ ᠦ᠋ᠨ ᠶᠡᠷᠦᠩᠬᠡᠢ ᠺᠣᠮᠠᠨᠳᠠᠯᠠᠭᠴᠢ ᠪᠠᠢᠭᠰᠠᠨ ᠪᠠᠲᠤ ᠶ᠋ᠢ ᠲᠤᠰᠠᠯᠠᠬᠤ ᠪᠠᠷ ᠲᠣᠮᠢᠯᠠᠭᠳᠠᠪᠠ᠃ ᠰᠦᠪᠡᠭᠡᠳᠡᠢ ᠡᠨᠡ ᠦᠶ᠎ᠡ ᠳ᠋ᠦ᠍ ᠧᠦ᠋ᠷᠣᠫᠠ ᠶ᠋ᠢᠨ ᠡᠺᠰᠫᠧᠳᠢᠼ ᠦ᠋ᠨ ᠦᠶ᠎ᠡ ᠪᠡᠷ ᠪᠠᠲᠤ ᠶ᠋ᠢᠨ ᠣᠷᠣᠨ ᠳ᠋ᠤ᠌ ᠵᠠᠩᠵᠤᠨ ᠺᠣᠮᠠᠨᠳᠠᠯᠠᠭᠴᠢ ᠪᠠᠢᠭᠰᠠᠨ ᠭᠡᠵᠦ ᠦᠵᠡᠳᠡᠭ᠃1236 ᠣᠨ ᠤ᠋ ᠬᠠᠪᠤᠷ ᠰᠦᠪᠡᠭᠡᠳᠡᠢ ᠪᠣᠯᠭᠠᠷᠢ ᠶ᠋ᠢᠨ ᠨᠤᠲᠤᠭ ᠲᠤ᠌ ᠳᠣᠪᠲᠣᠯᠵᠤ᠂ ᠪᠣᠯᠭᠠᠷᠢ ᠶ᠋ᠢᠨ ᠨᠣᠶᠠᠳ ᠲᠤ᠌ ᠳᠠᠭᠠᠷᠢᠨ ᠣᠷᠣᠭᠰᠠᠨ᠃ 1237-1238 ᠣᠨ ᠨᠤᠭᠤᠳ ᠲᠤ᠌ ᠡᠺᠰᠫᠧᠳᠢᠼ ᠦ᠋ᠨ ᠬᠦᠴᠦᠨ ᠣᠷᠣᠰ ᠤ᠋ᠨ ᠷᠢᠵᠠᠨᠢ (ᠬᠠᠭᠤᠴ ᠤ᠋ᠨ ᠢ᠋ᠶ᠋ᠠᠷ ᠷᠢᠵᠠᠨᠢ)᠂ ᠸᠯᠠᠳᠢᠮᠢᠷ᠂ ᠰᠤᠵᠠᠳᠠᠯᠢ᠂ ᠲᠤᠧᠷ ᠵᠡᠷᠭᠡ ᠬᠣᠲᠠ ᠨᠤᠭᠤᠳ ᠢ᠋ ᠢᠯᠠᠪᠠ᠃ 1240 ᠣᠨ ᠳ᠋ᠤ᠌ ᠺᠢᠶᠡᠪ ᠢ᠋ ᠤᠰᠠᠳᠬᠠᠵᠠᠢ᠃ ᠰᠦᠪᠡᠭᠡᠳᠡᠢ ᠶ᠋ᠢᠨ ᠴᠡᠷᠢᠭ ᠮᠣᠯᠳᠠᠪ ᠠ᠋ᠴᠠ ᠭᠠᠷᠴᠤ᠂ 1241 ᠣᠨ ᠳ᠋ᠤ᠌ ᠤᠩᠭᠠᠷᠢ ᠵᠦᠭ ᠳᠣᠪᠲᠣᠯᠤᠭᠰᠠᠨ ᠪᠠᠲᠤ ᠶ᠋ᠢᠨ ᠦᠨᠳᠦᠰᠦᠨ ᠬᠦᠴᠦᠨ ᠲᠡᠢ ᠨᠢᠭᠡᠳᠦᠭᠰᠡᠨ᠃ ᠮᠣᠬᠢᠭ ᠤ᠋ᠨ ᠲᠤᠯᠤᠯᠳᠤᠭᠠᠨ ᠳ᠋ᠤ᠌ ᠰᠦᠪᠡᠭᠡᠳᠡᠢ ᠤᠩᠭᠠᠷᠢ ᠶ᠋ᠢᠨ ᠬᠠᠭᠠᠨ ᠪᠧᠯᠢᠭ ᠦ᠋ᠨ ᠤᠳᠤᠷᠢᠳᠤᠭᠰᠠᠨ ᠤᠩᠭᠠᠷᠢ ᠶ᠋ᠢᠨ ᠴᠡᠷᠢᠭ ᠢ᠋ ᠪᠤᠲᠠ ᠨᠢᠷᠭᠡᠵᠡᠢ ᠃ ᠮᠥᠨ ᠣᠨ ᠳ᠋ᠤ᠌ ᠥᠭᠡᠳᠡᠢ ᠨᠠᠰᠤ ᠪᠠᠷᠠᠬᠤ ᠳ᠋ᠤ᠌ ᠧᠦ᠋ᠷᠣᠫᠠ ᠶ᠋ᠢᠨ ᠠᠶᠠᠨ ᠲᠡᠭᠦᠰᠴᠦ᠂ ᠰᠦᠪᠡᠭᠡᠳᠡᠢ ᠮᠣᠩᠭᠣᠯ ᠵᠦᠭ ᠲᠦ᠍ ᠪᠤᠴᠠᠵᠤ ᠢᠷᠡᠪᠡ᠃

ᠥᠭᠡᠳᠡᠢ ᠶ᠋ᠢ ᠨᠠᠰᠤ ᠪᠠᠷᠠᠭᠰᠠᠨ ᠤ᠋ ᠳᠠᠷᠠᠭ᠎ᠠ ᠪᠣᠯᠤᠭᠰᠠᠨ ᠬᠤᠷᠠᠯᠲᠠᠢ ᠳ᠋ᠤ᠌ ᠣᠷᠣᠯᠴᠠᠭᠰᠠᠨ ᠤ᠋ ᠪᠠᠨ ᠳᠠᠷᠠᠭ᠎ᠠ ᠰᠦᠪᠡᠭᠡᠳᠡᠢ ᠳᠤᠯ ᠮᠥᠷᠡᠨ ᠦ᠌ ᠬᠥᠪᠡᠭᠡᠨ ᠳ᠋ᠦ᠍ ᠨᠡᠭᠦᠳᠡᠯᠴᠢᠳ ᠦ᠋ᠨ ᠨᠤᠲᠤᠭ ᠲᠤ᠌ ᠠᠮᠢᠳᠤᠷᠠᠵᠤ᠂ 1248 ᠣᠨ ᠳ᠋ᠤ᠌ ᠰᠦᠪᠡᠭᠡᠳᠡᠢ ᠨᠠᠰᠤ ᠪᠠᠷᠠᠵᠠᠢ᠃ ᠮᠣᠩᠭᠣᠯ ᠶᠡᠬᠡ ᠭᠦᠷᠦᠨ ᠦ᠌ ᠬᠣᠶᠠᠷ ᠦᠶ᠎ᠡ ᠳ᠋ᠦ᠍ ᠦᠢᠯᠡᠴᠢᠯᠡᠭᠰᠡᠨ ᠳᠡᠯᠡᠬᠡᠢ ᠳ᠋ᠠᠬᠢᠨ ᠳ᠋ᠤ᠌ ᠠᠯᠳᠠᠷᠰᠢᠭᠰᠠᠨ ᠵᠠᠩᠵᠤᠳ ᠤ᠋ᠨ ᠵᠠᠩᠵᠤᠨ ᠭᠡᠰᠡᠨ ᠴᠣᠯᠠ ᠲᠠᠢ᠃ ᠳᠡᠯᠡᠬᠡᠢ ᠳᠡᠭᠡᠷ᠎ᠡ ᠬᠠᠮᠤᠭ ᠠ᠋ᠴᠠ ᠶᠡᠬᠡ ᠭᠠᠵᠠᠷ ᠣᠷᠣᠨ ᠢ᠋ᠶ᠋ᠠᠷ ᠲᠡᠢᠨ ᠬᠢᠭᠰᠡᠨ᠂ ᠳᠡᠯᠡᠬᠡᠢ ᠳ᠋ᠦ᠍ ᠬᠣᠣᠰ ᠦᠭᠡᠢ ᠴᠡᠷᠢᠭ ᠦ᠋ᠨ ᠨᠣᠶᠠᠨ ᠶᠤᠮ᠃