ᠵᠠᠮᠤᠬ᠎ᠠ ᠶ᠋ᠢᠨ ᠣᠩᠭᠣᠨ ᠤ᠋ ᠮᠥᠷ ᠢ᠋ᠶ᠋ᠡᠷ-ᠨᠢᠭᠤᠴᠠЖамухын онгоны мөрөөр-Нууц
ᠠᠨᠳᠠ ᠠ᠋ᠴᠠ ᠬᠠᠭᠠᠴᠠᠯ
ᠬᠦᠷᠦ ᠰᠡᠴᠡᠨ ᠬᠠᠭᠠᠨ ᠵᠠᠮᠤᠬ᠎ᠠ ᠪᠣᠯ ᠲᠡᠮᠦᠵᠢᠨ ᠦ᠌ ᠳᠡᠭᠡᠳᠦ ᠡᠪᠦᠭᠡ ᠪᠣᠯᠬᠤ ᠪᠣᠳᠣᠨᠴᠠᠷ ᠮᠤᠩᠬᠠᠭ ᠲᠤ᠌ ᠬᠦᠴᠦ ᠪᠡᠷ ᠢᠷᠡᠭᠰᠡᠨ ᠮᠣᠩᠭᠣᠯᠴᠤᠳ ᠤ᠋ᠨ ᠡᠷᠲᠡᠨ ᠦ᠌ ᠣᠪᠣᠭ ᠵᠠᠷᠴᠢᠭᠤᠳ ᠬᠠᠳᠤᠩᠬᠠᠨ ᠤᠷᠢᠶᠠᠩᠬᠠᠢ ᠡᠮᠡᠭᠲᠡᠢ ᠡᠴᠡ ᠭᠠᠷᠤᠭᠰᠠᠨ ᠬᠡᠦᠬᠡᠳ ᠪᠣᠯᠬᠤ ᠵᠠᠵᠢᠷᠠᠳᠠᠢ ᠶ᠋ᠢᠨ ᠡᠭᠦᠰᠬᠡᠭᠰᠡᠨ ᠵᠠᠳᠠᠷᠠᠨ ᠠᠢᠮᠠᠭ ᠤ᠋ᠨ ᠦᠷ᠎ᠡ ᠤᠳᠤᠮ ᠶᠤᠮ᠃ ᠲᠡᠷᠡᠪᠡᠷ 12 ᠵᠠᠭᠤᠨ ᠤ᠋ ᠰᠡᠭᠦᠯ ᠦᠶ᠎ᠡ᠂ 13 ᠵᠠᠭᠤᠨ ᠤ᠋ ᠡᠬᠢᠨ ᠦ᠌ ᠦᠶ᠎ᠡ ᠳ᠋ᠦ᠍ ᠮᠣᠩᠭᠣᠯ ᠤ᠋ᠨ ᠭᠠᠵᠠᠷ ᠨᠤᠲᠤᠭ ᠲᠤ᠌ ᠠᠮᠢᠳᠤᠷᠠᠵᠤ ᠪᠠᠢᠭᠰᠠᠨ ᠨᠥᠯᠥᠭᠡ ᠪᠦᠬᠦᠢ ᠲᠠᠯ᠎ᠠ ᠨᠤᠲᠤᠭ ᠤ᠋ᠨ ᠢᠵᠠᠭᠤᠷᠲᠠᠨ ᠶᠤᠮ᠃ ᠲᠡᠭᠦᠨ ᠦ᠌ ᠬᠠᠷᠢᠶᠠᠨ ᠳ᠋ᠤ᠌ ᠡᠬᠢᠨ ᠦ᠌ ᠦᠶ᠎ᠡ ᠳ᠋ᠡᠭᠡᠨ ᠬᠠᠮᠤᠭ ᠮᠣᠩᠭᠣᠯ ᠤ᠋ᠨ ᠶᠡᠬᠡᠩᠬᠢ ᠠᠢᠮᠠᠭ ᠪᠠᠢᠭᠰᠠᠨ ᠴᠤ᠌ ᠰᠡᠭᠦᠯ ᠳ᠋ᠦ᠍ ᠪᠡᠨ ᠲᠡᠮᠦᠵᠢᠨ ᠳ᠋ᠦ᠍ ᠠᠯᠳᠠᠭᠰᠠᠨ ᠢ᠋ᠶ᠋ᠠᠷ᠂ ᠵᠥᠪᠬᠡᠨ 5 ᠴᠡᠷᠢᠭ ᠦ᠋ᠨ ᠬᠠᠮᠲᠤ ᠦᠯᠡᠳᠡᠵᠦ᠂ ᠡᠴᠦᠰ ᠲᠡᠭᠡᠨ ᠲᠡᠮᠦᠵᠢᠨ ᠳ᠋ᠦ᠍ ᠴᠠᠭᠠᠵᠠᠯᠠᠭᠤᠯᠤᠭᠰᠠᠨ᠃
ᠵᠠᠵᠢᠷᠠᠳᠠᠢ ᠶ᠋ᠢᠨ ᠬᠦᠦ ᠳᠣᠭᠣᠲᠠᠢ᠂ ᠳᠣᠭᠣᠳᠤ ᠶ᠋ᠢᠨ ᠬᠦᠦ ᠪᠤᠷᠢ ᠪᠤᠯᠴᠢᠷᠤ᠂ ᠪᠤᠷᠢ ᠪᠤᠯᠴᠢᠷᠤ ᠶ᠋ᠢᠨ ᠬᠦᠦ ᠬᠠᠷ᠎ᠠ ᠬᠠᠲᠠᠭᠠᠨ᠂ ᠬᠠᠷ᠎ᠠ ᠬᠠᠲᠠᠭᠠᠨ ᠤ᠋ ᠬᠦᠦ ᠬᠦᠷᠦ ᠬᠠᠭᠠᠨ ᠰᠡᠴᠡᠨ ᠵᠠᠮᠤᠬ᠎ᠠ ᠶᠤᠮ᠃ ᠵᠠᠮᠤᠬ᠎ᠠ ᠪᠦᠲᠦᠨ ᠥᠨᠥᠴᠢᠨ ᠪᠥᠭᠡᠳ ᠲᠡᠭᠦᠨ ᠢ᠋ ᠥᠰᠬᠡᠭᠰᠡᠨ ᠬᠠᠮᠢᠶᠠᠲᠠᠨ ᠨᠤᠭᠤᠳ ᠨᠢ ᠲᠠᠢᠴᠢᠭᠤᠳ ᠤ᠋ᠨ ᠳᠤᠮᠳᠠ ᠠᠮᠢᠳᠤᠷᠠᠬᠤ ᠪᠠ ᠲᠡᠷᠡ 13 ᠨᠠᠰᠤᠲᠠᠢ ᠳ᠋ᠤ᠌ ᠪᠠᠨ ᠲᠡᠭᠦᠨ ᠡᠴᠡ ᠭᠤᠷᠪᠠ ᠳᠡᠭᠦᠦ ᠲᠡᠮᠦᠵᠢᠨ ᠲᠡᠢ ᠤᠨᠤᠨ ᠭᠣᠣᠯ ᠤ᠋ᠨ ᠬᠥᠪᠡᠭᠡᠨ ᠳᠡᠭᠡᠷ᠎ᠡ ᠠᠩᠬ᠎ᠠ ᠲᠠᠨᠢᠯᠴᠠᠵᠤ ᠠᠨᠳᠠᠭᠠᠢ ᠡᠷᠭᠦᠨ ᠳᠣᠲᠣᠨᠣ ᠶ᠋ᠢᠨ ᠠᠨᠳᠠ ᠨᠤᠭᠤᠳ ᠪᠣᠯᠤᠭᠰᠠᠨ ᠠᠵᠤ᠃ ᠵᠠᠮᠤᠬ᠎ᠠ ᠨᠡᠢᠲᠡ ᠳ᠋ᠦ᠍ ᠪᠡᠨ ᠭᠤᠷᠪᠠᠨ ᠤᠳᠠᠭ᠎ᠠ ᠲᠡᠮᠦᠵᠢᠨ ᠲᠡᠢ ᠠᠨᠳᠠᠭᠠᠢ ᠡᠷᠭᠦᠭᠰᠡᠨ ᠪᠠ ᠬᠠᠮᠤᠭ ᠤ᠋ᠨ ᠰᠡᠭᠦᠯᠴᠢ ᠶ᠋ᠢᠨ ᠤᠳᠠᠭ᠎ᠠ ᠲᠡᠳᠡ ᠠᠯᠲᠠᠨ ᠪᠦᠰᠡ᠂ ᠠᠷᠭᠤᠮᠠᠭ ᠬᠦᠯᠦᠭ ᠢ᠋ᠶ᠋ᠡᠨ ᠰᠣᠯᠢᠯᠴᠠᠭᠰᠠᠨ ᠨᠢ ᠲᠡᠦᠬᠡ ᠶ᠋ᠢᠨ ᠰᠤᠳᠤᠷ ᠪᠢᠴᠢᠭ ᠲᠦ᠍ ᠲᠡᠮᠳᠡᠭᠯᠡᠭᠳᠡᠨ ᠦᠯᠡᠳᠡᠭᠰᠡᠨ ᠪᠠᠢᠳᠠᠭ ᠪᠥᠭᠡᠳ ᠡᠭᠦᠨ ᠡᠴᠡ ᠬᠣᠢᠰᠢ ᠵᠢᠯ ᠭᠠᠷᠤᠢ ᠬᠤᠭᠤᠴᠠᠭᠠᠨ ᠳ᠋ᠤ᠌ ᠬᠠᠮᠲᠤ ᠳ᠋ᠤ᠌ ᠪᠠᠨ ᠪᠠᠢᠭᠠᠳ ᠳᠠᠷᠠᠭ᠎ᠠ ᠨᠢ 1182 ᠣᠨ ᠳ᠋ᠤ᠌ ᠵᠠᠮᠤᠬ᠎ᠠ ᠰᠠᠯᠵᠤ ᠨᠡᠭᠦᠭᠰᠡᠨ ᠢ᠋ᠶ᠋ᠡᠷ ᠲᠡᠳᠡᠨ ᠦ᠌ ᠵᠥᠷᠢᠴᠡᠯ ᠡᠬᠢᠯᠡᠵᠦ 20 ᠭᠠᠷᠤᠢ ᠵᠢᠯ ᠦᠷᠭᠦᠯᠵᠢᠯᠡᠭᠰᠡᠨ ᠶᠦᠮ᠃
1187 ᠣᠨ ᠤ᠋ ᠣᠷᠴᠢᠮ ᠵᠠᠮᠤᠬ᠎ᠠ ᠲᠡᠮᠦᠵᠢᠨ ᠦ᠌ ᠠᠮᠵᠢᠯᠲᠠ ᠳ᠋ᠤ᠌ ᠠᠲᠠᠭᠠᠷᠬᠠᠨ᠂ ᠲᠡᠭᠦᠨ ᠦ᠌ ᠡᠰᠡᠷᠡᠭ ᠲᠡᠮᠡᠴᠡᠬᠦ ᠪᠡᠷ ᠰᠢᠢᠳᠴᠡᠢ᠃ ᠡᠨᠡ ᠬᠣᠭᠣᠷᠣᠨᠳᠣ ᠲᠡᠮᠦᠵᠢᠨ ᠮᠣᠩᠭᠣᠯ ᠣᠪᠣᠭ ᠠᠢᠮᠠᠭ ᠤ᠋ᠳ ᠢ᠋ ᠨᠢᠭᠡᠳᠬᠡᠨ᠂ ᠬᠠᠮᠤᠭ ᠮᠣᠩᠭᠣᠯ ᠤ᠋ᠨ ᠬᠠᠭᠠᠨ ᠰᠢᠷᠡᠭᠡᠨ ᠳ᠋ᠦ᠍ ᠵᠠᠯᠠᠷᠠᠨ᠂ ᠴᠢᠩᠭᠢᠰ ᠬᠠᠭᠠᠨ ᠴᠣᠯᠠ ᠲᠠᠢ ᠪᠣᠯᠵᠠᠢ᠃ ᠲᠡᠭᠦᠨ ᠡᠴᠡ ᠭᠠᠳᠠᠨ᠎ᠠ ᠵᠠᠮᠤᠬ᠎ᠠ ᠬᠣᠶᠠᠷ ᠬᠡᠦᠬᠡᠳ ᠢ᠋ᠶ᠋ᠡᠨ ᠪᠠᠭ᠎ᠠ ᠵᠠᠯᠠᠭᠤ ᠳ᠋ᠤ᠌ ᠨᠢ ᠠᠯᠠᠳᠠᠭᠰᠠᠨ ᠪᠠᠢᠬᠤ ᠳ᠋ᠤ᠌ ᠴᠢᠩᠭᠢᠰ ᠬᠠᠭᠠᠨ ᠥᠨᠢᠷ ᠥᠳᠬᠡᠨ ᠭᠡᠷ ᠪᠦᠯᠢ ᠲᠡᠢ ᠪᠣᠯᠤᠭᠰᠠᠨ ᠪᠠᠢᠪᠠ᠃
1197 ᠣᠨ ᠳ᠋ᠤ᠌ ᠵᠠᠮᠤᠬ᠎ᠠ ᠶ᠋ᠢᠨ ᠳᠡᠭᠦᠦ ᠲᠠᠢᠴᠢᠷ ᠲᠡᠮᠦᠵᠢᠨ ᠦ᠌ ᠠᠳᠤᠭᠤᠨ ᠠ᠋ᠴᠠ ᠬᠤᠯᠠᠭᠠᠢᠯᠠᠭᠰᠠᠨ ᠤ᠋ ᠤᠯᠠᠮ ᠠ᠋ᠴᠠ ᠠᠯᠠᠭᠤᠯᠤᠭᠰᠠᠨ ᠨᠢ ᠲᠡᠳᠡᠨ ᠦ᠌ ᠬᠢ ᠬᠣᠭᠣᠷᠣᠨᠳᠣ ᠪᠠᠨ ᠳᠠᠢᠳᠤᠬᠤ ᠳ᠋ᠤ᠌ ᠬᠦᠷᠭᠡᠭᠰᠡᠨ ᠰᠢᠯᠲᠠᠭᠠᠨ ᠪᠣᠯᠪᠠ᠃ ᠲᠡᠳᠡ ᠮᠣᠩᠭᠣᠯ ᠤ᠋ᠨ 13 ᠣᠪᠣᠭ ᠠᠢᠮᠠᠭ ᠠ᠋ᠴᠠ ᠪᠦᠷᠢᠳᠦᠭᠰᠡᠨ ᠭᠤᠷᠪᠠ ᠭᠤᠷᠪᠠᠨ ᠲᠦᠮᠡᠨ ᠴᠡᠷᠢᠭ ᠲᠡᠢ ᠪᠡᠷ ᠳᠠᠯᠠᠨ ᠪᠠᠯᠵᠤᠳ ᠭᠡᠬᠦ ᠭᠠᠵᠠᠷ ᠳᠠᠢᠳᠤᠪᠠ᠃ ᠲᠡᠮᠦᠵᠢᠨ ᠦ᠌ ᠴᠡᠷᠢᠭ ᠢᠯᠡᠷᠬᠡᠢ ᠬᠦᠨᠳᠦ ᠪᠠᠢᠳᠠᠯ ᠳ᠋ᠤ᠌ ᠣᠷᠣᠭᠰᠠᠨ ᠲᠤᠯᠠ ᠤᠨᠤᠨ ᠭᠣᠣᠯ ᠵᠦᠭ ᠳᠤᠲᠠᠭᠠᠪᠠ᠃
