ᠰᠤᠯᠠ ᠵᠣᠭᠣᠰ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-02-ᠪᠣᠯᠣᠴᠢᠯᠠᠭᠤ
ᠠᠩᠭᠢᠯᠠᠯ:ᠲᠣᠷᠭᠠᠨ ᠵᠢᠯᠣᠭᠣ ᠭᠡᠷ ᠪᠦᠯᠢ ᠶ᠋ᠢᠨ ᠰᠤᠷᠭᠠᠯГэр бүлийн сургаал Торгон жолоо 2023-12-10
704
ᠬᠣᠶᠠᠷ᠂ ᠰᠤᠯᠠ ᠵᠣᠭᠣᠰ ᠬᠡᠦᠬᠡᠳ ᠲᠦ᠍ ᠰᠤᠯᠠ ᠵᠣᠭᠣᠰ ᠬᠡᠲᠦᠷᠬᠡᠢ ᠵᠠᠷᠤᠭᠤᠯᠬᠤ ᠪᠣᠯ ᠬᠡᠦᠬᠡᠳ ᠦ᠋ᠨ ᠵᠠᠩ ᠰᠤᠷᠲᠠᠯ ᠤ᠋ᠨ ᠬᠡᠪᠰᠢᠯ᠂ ᠡᠷᠡᠭᠦᠯ ᠮᠡᠨᠳᠦ᠂ ᠠᠵᠢᠯ ᠰᠤᠷᠤᠯᠭ᠎ᠠ ᠳ᠋ᠤ᠌ ᠴᠥᠮ ᠨᠠᠵᠠᠭᠠᠢ ᠨᠥᠯᠥᠭᠡ ᠦᠵᠡᠭᠦᠯᠵᠦ ᠪᠠᠢᠭ᠎ᠠ ᠶ᠋ᠢ ᠭᠡᠷ ᠦ᠋ᠨ ᠠᠬᠠᠮᠠᠳ ᠠᠩᠬᠠᠷᠤᠯ ᠳ᠋ᠤ᠌ ᠪᠠᠨ ᠠᠪᠤᠯᠲᠠᠢ ᠪᠠᠢᠨ᠎ᠠ᠃ ᠥᠩᠭᠡᠷᠡᠭᠰᠡᠨ ᠳ᠋ᠦ᠍ ᠰᠠᠳᠤᠨ ᠲᠥᠷᠥᠯ ᠳ᠋ᠦ᠍ ᠪᠡᠨ ᠠᠢᠯᠴᠢᠯᠠᠬᠤ ᠪᠤᠶᠤ ᠠᠢᠯ ᠭᠡᠷ ᠲᠦ᠍ ᠨᠢ ᠬᠡᠦᠬᠡᠳ ᠣᠷᠣᠵᠤ ᠢᠷᠡᠪᠡᠯ ᠪᠣᠣᠪᠣ ᠰᠢᠬᠢᠷ ᠥᠭᠳᠡᠭ ᠰᠠᠢᠬᠠᠨ ᠵᠠᠩᠰᠢᠯ ᠲ...