ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 2 > Хөх зул – Боржигон Ванжал –"Тав ᠂ Таван хошуу малын бүлэг " 2 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 2 > Хөх зул – Боржигон Ванжал –"Тав ᠂ Таван хошуу малын бүлэг " 2

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 2 > Хөх зул – Боржигон Ванжал –"Тав ᠂ Таван хошуу малын бүлэг " 2

ᠠᠩᠭᠢᠯᠠᠯ:ᠵᠠᠩ ᠦᠢᠯᠡ
2023-12-10

275

ᠲᠠᠪᠤ ᠂ ᠲᠠᠪᠤᠨ ᠬᠣᠰᠢᠭᠤ ᠮᠠᠯ ᠤᠨ ᠪᠦᠯᠦᠭ – 2

ᠠᠳᠤᠭᠤᠨ ᠤ ᠨᠠᠰᠤ ᠰᠢᠳᠦᠨ ᠦ ᠨᠡᠷᠡᠢᠳᠦᠯ Адууны нас шүдний нэрэйдэл


ᠠᠳᠤᠭᠤ   
       ᠲᠠᠪᠤᠨ ᠬᠣᠰᠢᠭᠤ ᠮᠠᠯ ᠤ᠋ᠨ ᠨᠢᠭᠡ᠂ ᠪᠢᠲᠡᠭᠦᠦ ᠳᠤᠭᠤᠷᠠᠢᠲᠠᠢ ᠪᠤᠲᠠ ᠮᠠᠯ ᠤ᠋ᠨ ᠶᠡᠷᠦᠩᠬᠡᠢᠯᠡᠭᠰᠡᠨ ᠨᠡᠷᠡᠢᠳᠦᠯ ( ᠮᠣᠷᠢ ᠂ ᠠᠵᠢᠷᠭ᠎ᠠ ᠂ ᠭᠡᠭᠦᠦ ᠂ ᠤᠨᠠᠭ᠎ᠠ ᠵᠡᠷᠭᠡ ᠪᠡᠷ ᠪᠦᠷᠢᠯᠳᠦᠭᠰᠡᠨ ᠨᠢᠭᠡᠨ ᠴᠣᠭᠴᠠ ᠰᠦᠷᠦᠭ ) ᠃ 
ᠠᠳᠤᠭᠤ ᠰᠠᠯᠬᠢᠳᠠᠬᠤ  
       ᠨᠠᠮᠤᠷ ᠲᠤ᠌ ᠠᠳᠤᠭᠤ ᠬᠠᠯᠠᠭᠤᠨ ᠪᠤᠶᠤ ᠢᠯᠠᠭ᠎ᠠ ᠰᠢᠮᠠᠭᠤᠯ ᠳ᠋ᠤ᠌ ᠬᠠᠵᠠᠭᠳᠠᠨ ᠲᠡᠰᠬᠦ ᠠᠯᠳᠠᠷᠠᠬᠤ ᠳ᠋ᠠᠭᠠᠨ ᠰᠠᠯᠬᠢ ᠰᠥᠷᠦᠨ ᠭᠦᠶᠦᠬᠦ᠃ ᠠᠳᠤᠭᠤ ᠤᠷᠤᠭᠤᠳᠠᠬᠤ  ᠰᠠᠯᠬᠢ ᠰᠢᠭᠤᠷᠭᠠᠨ ᠪᠤᠶᠤ ᠰᠢᠷᠦᠭᠦᠨ ᠪᠣᠷᠣᠭᠠᠨ ᠳ᠋ᠤ᠌ ᠠᠳᠤᠭᠤ ᠲᠣᠭᠲᠠᠵᠤ ᠳᠡᠢᠯᠬᠦ ᠦᠭᠡᠢ ᠰᠠᠯᠬᠢ ᠰᠢᠭᠤᠷᠭ᠎ᠠ᠂ ᠪᠣᠷᠣᠭᠠᠨ ᠢ᠋ ᠳᠠᠭᠠᠵᠤ ᠭᠤᠯᠠᠰᠤᠨ ᠶᠠᠪᠤᠬᠤ᠃
ᠠᠳᠤᠭᠤ ᠮᠠᠨᠠᠬᠤ  
       ᠠᠳᠤᠭᠤ ᠶ᠋ᠢ ᠴᠢᠨᠣ᠎ᠠ ᠨᠣᠬᠠᠢ ᠠ᠋ᠴᠠ ᠪᠤᠶᠤ ᠪᠣᠷᠣᠭᠠᠨ ᠰᠢᠭᠤᠷᠭᠠᠨ ᠠ᠋ᠴᠠ ᠪᠣᠯᠭᠣᠮᠵᠢᠯᠠᠵᠤ ᠠᠳᠤᠭᠤ ᠪᠠᠨ ᠰᠠᠬᠢᠵᠤ ᠬᠣᠨᠣᠬᠤ᠃ ᠤᠨᠠᠭ᠎ᠠ ᠠᠳᠤᠭᠤᠨ ᠤ᠋ ᠲᠤᠰ ᠵᠢᠯ ᠦ᠋ᠨ ᠲᠥᠯ ᠢ᠋ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃ 
ᠡᠷ᠎ᠡ ᠤᠨᠠᠭ᠎ᠠ   
       ᠠᠳᠤᠭᠤᠨ ᠤ᠋ ᠡᠷ᠎ᠡ ᠬᠦᠢᠰᠦ ᠪᠦᠬᠦᠢ ᠨᠢᠭᠡ ᠨᠠᠰᠤᠲᠠᠢ ᠠᠳᠤᠭᠤ᠃ 
ᠥᠬᠢᠨ ᠤᠨᠠᠭ᠎ᠠ   
       ᠠᠳᠤᠭᠤᠨ ᠤ᠋ ᠡᠮ᠎ᠡ ᠬᠦᠢᠰᠦ ᠪᠦᠬᠦᠢ ᠨᠢᠭᠡ ᠨᠠᠰᠤᠲᠠᠢ ᠠᠳᠤᠭᠤ ᠃ ᠨᠠᠷᠢᠨ ᠤᠴᠢᠷ ᠢ᠋ ᠣᠷᠣᠰᠢᠯ ᠤ᠋ᠨ 《ᠥᠬᠢᠨ ᠲᠥᠯ 》 ᠳ᠋ᠦ᠍ ᠦᠵᠡ᠃ ᠤᠤᠭᠠᠨ ᠤᠨᠠᠭ᠎ᠠ   
       ᠬᠠᠮᠤᠭ ᠲᠦᠷᠦᠭᠦᠦ ᠭᠠᠷᠤᠭᠰᠠᠨ ᠤᠨᠠᠭ᠎ᠠ᠃ 
ᠬᠡᠨᠵᠡ ᠤᠨᠠᠭ᠎ᠠ   
       ᠨᠠᠮᠤᠷᠰᠢᠵᠤ ᠭᠠᠷᠤᠭᠰᠠᠨ ᠤᠨᠠᠭ᠎ᠠ᠃ 
ᠠᠯᠲᠠᠨ ᠤᠨᠠᠭ᠎ᠠ   
       ᠬᠦᠰᠡᠯᠡᠩ ᠦ᠋ᠨ ᠵᠢᠭᠦᠷᠲᠦ ᠬᠦᠯᠦᠭ᠂ ᠪᠠᠰᠠ ᠡᠷᠳᠡᠨᠢ ᠶ᠋ᠢᠨ ᠤᠨᠠᠭ᠎ᠠ ᠭᠡᠳᠡᠭ᠃ ᠠᠳᠤᠭᠤᠨ ᠳ᠋ᠤ᠌ 《ᠪᠤᠮ 》 ᠤ᠋ᠨ ᠲᠠᠮᠠᠭ᠎ᠠ ᠳᠠᠷᠤᠬᠤ ᠪᠣᠯᠬᠤ ᠳ᠋ᠤ᠌ ᠨᠢᠭᠡ ᠭᠠᠷᠳᠠᠭ ᠭᠡᠰᠡᠨ ᠳᠣᠮᠣᠭ ᠪᠣᠢ᠃ 
ᠭᠥᠭᠡᠢ ᠤᠨᠠᠭ᠎ᠠ    
       ᠨᠡᠯᠢᠶᠡᠳ ᠣᠷᠣᠢ ᠡᠪᠦᠯ ᠭᠠᠷᠤᠭᠰᠠᠨ ᠤᠨᠠᠭ᠎ᠠ᠃ 
ᠭᠥᠭᠡᠢ ᠲᠥᠯ   
       ᠡᠪᠦᠯ ᠦ᠋ᠨ ᠲᠥᠯ᠃ 
ᠳᠠᠬᠤᠯᠠᠢ ᠤᠨᠠᠭ᠎ᠠ  
       ᠬᠠᠪᠤᠷ ᠡᠷᠲᠡ ᠭᠠᠷᠤᠭᠰᠠᠨ ᠤᠨᠠᠭ᠎ᠠ᠂ ᠵᠠᠷᠢᠮ ᠭᠠᠵᠠᠷ ᠬᠣᠨᠢ ᠢᠮᠠᠭᠠᠨ ᠳᠡᠭᠡᠷ᠎ᠡ ᠠᠯᠳᠠᠰᠢ ᠭᠡᠳᠡᠭ᠃ 
ᠬᠠᠪᠴᠢ ( ᠬᠠᠪᠴᠢᠭ ) ᠤᠨᠠᠭ᠎ᠠ   
       ᠵᠢᠯ ᠵᠠᠪᠰᠠᠷ ᠭᠠᠷᠤᠭᠰᠠᠨ ᠤᠨᠠᠭ᠎ᠠ᠂ ᠵᠢᠯ ᠦ᠋ᠨ ᠡᠴᠦᠰ ᠰᠠᠷ᠎ᠠ ᠳ᠋ᠤ᠌ ᠭᠠᠷᠤᠭᠰᠠᠨ ᠤᠨᠠᠭ᠎ᠠ᠃ 
ᠤᠨᠠᠭ᠎ᠠ ᠣᠷᠬᠢᠬᠤ   
       ᠭᠡᠭᠦᠦ ᠰᠠᠷ᠎ᠠ ᠭᠦᠢᠴᠡᠭᠡ ᠦᠭᠡᠢ ᠪᠡᠷ ᠤᠨᠠᠭᠠᠯᠠᠬᠤ᠃ 
ᠤᠨᠠᠭ᠎ᠠ ᠬᠥᠨᠳᠡᠯᠢᠰᠬᠦ  
       ᠭᠡᠭᠦᠨ ᠦ᠌ ᠬᠡᠪᠡᠯᠢ ᠳ᠋ᠡᠬᠢ ᠤᠨᠠᠭ᠎ᠠ ᠬᠥᠨᠳᠡᠯᠡᠨ ᠪᠣᠯᠬᠤ᠃ 
ᠤᠨᠠᠭᠠᠨ ᠵᠠᠭᠤᠰᠢ   
       ᠤᠨᠠᠭ᠎ᠠ ᠲᠥᠷᠥᠬᠦ ᠳ᠋ᠡᠭᠡᠨ ᠠᠮᠠᠨ ᠳᠣᠲᠣᠷ᠎ᠠ ᠪᠠᠨ ᠰᠢᠮᠡᠵᠦ ᠪᠠᠢᠭᠰᠠᠨ ᠡᠯᠢᠭᠡ ᠪᠥᠭᠡᠷ᠎ᠡ ᠶ᠋ᠢᠨ ᠵᠦᠰᠦᠮ ᠰᠢᠭ ᠬᠡᠰᠡᠭ ᠶᠠᠭᠤᠮ᠎ᠠ ᠭᠠᠷᠭᠠᠳᠠᠭ᠂ ᠲᠡᠭᠦᠨ ᠢ᠋ ᠤᠨᠠᠭᠠᠨ ᠵᠠᠭᠤᠰᠢ ᠭᠡᠳᠡᠭ : ᠰᠠᠭᠠᠯᠢ ᠨᠡᠷᠡᠭᠴᠢᠳ ᠠᠢᠷᠠᠭ ᠲᠠᠭᠠᠨ ᠬᠢᠳᠡᠭ᠃ 
ᠤᠨᠠᠭᠠᠨ ᠳᠡᠯ     
       ᠢᠵᠠᠭᠤᠷ᠂ ᠤᠭ ᠤ᠋ᠨ ᠭᠡᠰᠡᠨ ᠤᠳᠬ᠎ᠠ ᠲᠠᠢ᠂ ᠤᠨᠠᠭᠠᠨ ᠴᠠᠭ ᠠ᠋ᠴᠠ ᠪᠠᠨ ᠠᠪᠤᠭ᠎ᠠ ᠦᠭᠡᠢ ᠳᠡᠯ᠃ ᠵᠢᠱ᠌ᠢᠶᠡᠯᠡᠪᠡᠯ : ᠤᠨᠠᠭᠠᠨ ᠳᠡᠯᠳᠡᠢ ᠠᠵᠢᠷᠭ᠎ᠠ᠂ ᠪᠠᠷᠰ ᠲᠠᠢ ᠲᠤᠯᠤᠯᠳᠤᠨ᠎ᠠ ᠭᠡᠰᠡᠨ ᠦᠯᠢᠭᠡᠷ ᠪᠠᠢᠳᠠᠭ ᠪᠢᠰᠢ ᠤᠤ᠃ 
ᠤᠨᠠᠭᠠᠨ ᠮᠣᠷᠢ    
       ᠥᠪᠡᠷ ᠦ᠋ᠨ ᠠᠳᠤᠭᠤᠨ ᠤ᠋ ᠭᠡᠭᠦᠦ ᠡᠴᠡ ᠭᠠᠷᠤᠭᠰᠠᠨ ᠮᠣᠷᠢ : ᠲᠡᠷᠡ ᠵᠢᠯ ᠦ᠋ᠨ ᠤᠯᠤᠰ ᠤ᠋ᠨ ᠲᠡᠮᠳᠡᠭᠯᠡᠯ ᠡᠪᠳᠡᠭᠰᠡᠨ ᠬᠠᠷ᠎ᠠ ᠬᠠᠯᠵᠠᠨ ᠮᠣᠷᠢ ᠴᠢᠨᠢ ᠮᠢᠨᠦ ᠤᠨᠠᠭᠠᠨ ᠮᠣᠷᠢ ᠳᠠ᠃ 
ᠤᠨᠠᠭᠠᠨ ᠠᠵᠢᠷᠭ᠎ᠠ    
       ᠥᠪᠡᠷ ᠦ᠋ᠨ ᠰᠦᠷᠦᠭ ᠡᠴᠡ ᠲᠠᠯᠪᠢᠭᠰᠠᠨ ᠠᠵᠢᠷᠭ᠎ᠠ᠃ 
ᠤᠨᠠᠭᠠᠨ ᠠᠳᠤᠭᠤ  
       ᠤᠤᠯ ᠠ᠋ᠴᠠ ᠪᠠᠢᠭᠰᠠᠨ ᠠᠳᠤᠭᠤ : ᠡᠨᠡ ᠠᠳᠤᠭᠤ ᠴᠢᠨᠢ ᠴᠤᠭᠭᠠᠷ ᠢ᠋ᠶ᠋ᠠᠨ ᠮᠢᠨᠦ ᠤᠨᠠᠭᠠᠨ ᠠᠳᠤᠭᠤᠳ ᠪᠣᠯᠤᠨ᠎ᠠ᠃ ᠤᠨᠠᠭᠠᠨ ᠵᠢᠷᠣᠭ᠎ᠠ ᠤᠨᠠᠭ᠎ᠠ ᠠᠬᠤ ᠴᠠᠭ ᠠ᠋ᠴᠠ ᠪᠠᠨ ᠵᠢᠷᠣᠭ᠎ᠠ ᠪᠠᠢᠭ᠎ᠠ᠂ ᠲᠥᠷᠥᠯᠬᠢ ᠵᠢᠷᠣᠭ᠎ᠠ ᠶ᠋ᠢ ᠬᠡᠯᠡᠨ᠎ᠡ᠃ ᠤᠨᠠᠭᠠᠨ ᠵᠢᠷᠣᠭ᠎ᠠ ᠨᠡᠮᠡᠯᠲᠡ ᠦᠭᠡᠢ ᠭᠡᠬᠦ ᠮᠡᠲᠦ᠃ 
ᠤᠨᠠᠭᠠᠨ ᠳᠠᠭᠤ   
       ᠤᠨᠠᠭ᠎ᠠ ᠠᠳᠠᠯᠢ ᠤᠶᠠᠩᠭᠠᠲᠠᠢ ᠰᠠᠢᠬᠠᠨ ᠢᠨᠴᠠᠭᠠᠬᠤ᠃ 
ᠤᠨᠠᠭᠠᠯᠠᠬᠤ    
       ᠭᠡᠭᠦᠦ ᠲᠥᠯᠯᠡᠬᠦ ᠶ᠋ᠢ ᠭᠡᠭᠦᠦ ᠲᠥᠷᠥᠬᠦ ᠭᠡᠳᠡᠭ ᠦᠭᠡᠢ᠂ ᠬᠠᠷᠢᠨ ᠭᠡᠭᠦᠦ ᠤᠨᠠᠭᠠᠯᠠᠬᠤ ᠭᠡᠳᠡᠭ᠃ 
ᠲᠠᠪᠠᠭ ᠰᠠᠭᠠᠷᠢ   
       ᠰᠢᠳᠦᠯᠡᠩ ᠪᠠᠢᠳᠠᠰᠤᠨ ᠤ᠋ ᠤᠨᠠᠭ᠎ᠠ᠃ 
ᠰᠠᠷᠪᠠ    
       ᠤᠨᠠᠭ᠎ᠠ᠂ ᠡᠬᠡ ᠶ᠋ᠢᠨ ᠢ᠋ᠶ᠋ᠡᠨ ᠰᠦ ᠪᠡᠷ ᠲᠣᠷᠨᠢᠨ ᠳᠡᠪᠡᠭᠡᠷᠡᠵᠦ ᠪᠡᠶ᠎ᠡ ᠨᠢ ᠴᠢᠩᠭᠠᠷᠠᠵᠤ ᠦᠰᠦ ᠪᠡᠨ ᠠᠩᠬ᠎ᠠ ᠰᠣᠯᠢᠭᠰᠠᠨ ᠡᠨᠡ ᠦᠶ᠎ᠡ ᠶ᠋ᠢ ᠣᠯᠠᠩᠬᠢ ᠭᠠᠵᠠᠷ ᠲᠠᠪᠠᠭᠯᠠᠭᠰᠠᠨ ᠭᠡᠳᠡᠭ᠃ ᠡᠭᠦᠨ ᠡᠴᠡ ᠡᠬᠢᠯᠡᠨ ᠳᠠᠷᠠᠭ᠎ᠠ ᠵᠢᠯ ᠦ᠋ᠨ ᠣᠢ ᠳ᠋ᠠᠭᠠᠨ ᠬᠦᠷᠦᠭᠡᠳᠦᠢ ᠡᠨᠡ ᠬᠦ᠌ ᠬᠤᠭᠤᠴᠠᠭᠠᠨ ᠳ᠋ᠠᠬᠢ ᠪᠦᠳᠦᠭᠦᠷᠡᠭᠰᠡᠨ ᠤᠨᠠᠭ᠎ᠠ  ᠶ᠋ᠢ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 1 ᠨᠠᠰᠤᠲᠠᠢ ᠠᠳᠤᠭᠤ᠃ 
ᠡᠷ᠎ᠡ ᠰᠠᠷᠪᠠ      ᠪᠦᠳᠦᠭᠦᠷᠡᠭᠰᠡᠨ ᠡᠷ᠎ᠡ ᠤᠨᠠᠭ᠎ᠠ᠃ 
ᠥᠬᠢᠨ ᠰᠠᠷᠪᠠ    ᠪᠦᠳᠦᠭᠦᠷᠡᠭᠰᠡᠨ ᠥᠬᠢᠨ ᠤᠨᠠᠭ᠎ᠠ᠃ 
ᠳᠠᠭ᠎ᠠ       ᠬᠣᠶᠠᠷ ᠨᠠᠰᠤᠲᠠᠢ ᠠᠳᠤᠭᠤᠨ ᠤ᠋ ᠬᠦᠢᠰᠦ ᠢᠯᠭᠠᠭᠰᠠᠨ ᠦᠭᠡᠢ ᠨᠡᠷᠡᠢᠳᠦᠯ᠃ 
ᠡᠷ᠎ᠡ ᠳᠠᠭ᠎ᠠ      ᠡᠷ᠎ᠡ ᠬᠦᠢᠰᠦ ᠪᠦᠬᠦᠢ ᠬᠣᠶᠠᠷ ᠨᠠᠰᠤᠲᠠᠢ ᠠᠳᠤᠭᠤ᠃ 
ᠥᠬᠢᠨ ᠳᠠᠭ᠎ᠠ    ᠡᠮ᠎ᠡ ᠬᠦᠢᠰᠦ ᠪᠦᠬᠦᠢ ᠬᠣᠶᠠᠷ ᠨᠠᠰᠤᠲᠠᠢ ᠠᠳᠤᠭᠤ᠃ 
ᠨᠣᠭᠣᠭᠠᠨ ᠤ᠋ ᠳᠠᠭ᠎ᠠ  
       ᠬᠣᠢᠲᠤᠨ ᠬᠠᠪᠤᠷ ᠤ᠋ᠨ ᠬᠢᠨᠢ ᠨᠣᠭᠣᠭᠠᠨ ᠳ᠋ᠤ᠌ ᠴᠠᠳᠤᠭᠰᠠᠨ ᠰᠠᠷᠪᠠ ᠶ᠋ᠢᠨ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ᠃ 
ᠨᠣᠭᠣᠭᠠᠨ ᠤ᠋ ᠡᠷ᠎ᠡ ᠳᠠᠭ᠎ᠠ  
       ᠨᠣᠭᠣᠭᠠᠨ ᠳ᠋ᠤ᠌ ᠴᠠᠳᠤᠭᠰᠠᠨ ᠡᠷ᠎ᠡ ᠬᠦᠢᠰᠦᠨ ᠦ᠌ ᠬᠣᠶᠠᠷ ᠨᠠᠰᠤᠲᠠᠢ ᠠᠳᠤᠭᠤ᠃ 
ᠨᠣᠭᠣᠭᠠᠨ ᠤ᠋ ᠥᠬᠢᠨ ᠳᠠᠭ᠎ᠠ  
       ᠨᠣᠭᠣᠭᠠᠨ ᠳ᠋ᠤ᠌ ᠴᠠᠳᠤᠭᠰᠠᠨ ᠡᠮ᠎ᠡ ᠬᠦᠢᠰᠦᠨ ᠦ᠌ ᠬᠣᠶᠠᠷ ᠨᠠᠰᠤᠲᠠᠢ ᠠᠳᠤᠭᠤ᠃ 
ᠢᠰᠬᠡᠯ ᠳᠠᠭ᠎ᠠ  
       ᠬᠤᠰᠠᠷᠠᠩ ᠳᠠᠭ᠎ᠠ᠂ ᠵᠢᠯ ᠥᠨᠵᠢᠭᠰᠡᠨ ( ᠢᠰᠦᠭᠰᠡᠨ )  ᠰᠦ ᠬᠥᠬᠥᠭᠰᠡᠨ ᠳᠠᠭ᠎ᠠ ᠭᠡᠰᠡᠨ ᠤᠳᠬ᠎ᠠ ᠲᠠᠢ᠃  
ᠲᠠᠭᠠᠨ ᠳᠡᠯ     ① ᠬᠣᠶᠠᠷ ᠨᠠᠰᠤᠲᠠᠢ ᠠᠳᠤᠭᠤᠨ ᠤ᠋ ᠳᠡᠯ᠂ 
             ②  ᠭᠠᠵᠠᠷ ᠤ᠋ᠨ ᠨᠡᠷ᠎ᠡ᠃  
ᠲᠠᠭᠠᠨ ᠳᠡᠯᠯᠡᠭᠡ   
       ᠪᠠᠰᠠ ᠳᠠᠭ᠎ᠠ ᠲᠠᠮᠠᠭᠠᠯᠠᠨ᠎ᠠ ᠴᠤ᠌ ᠭᠡᠳᠡᠭ᠂ ᠵᠤᠨ ᠪᠣᠯᠵᠤ ᠠᠳᠤᠭᠤ ᠨᠣᠭᠣᠭᠠᠨ ᠳ᠋ᠤ᠌ ᠴᠠᠳᠴᠤ ᠳ᠋ᠠᠬᠢ ᠪᠠᠨ ᠭᠡᠭᠡᠵᠦ ᠴᠠᠢᠷᠠᠭᠰᠠᠨ ᠦᠶ᠎ᠡ᠂ ᠠᠳᠤᠭᠤᠨ ᠤ᠋ ᠠᠢᠯ᠂ ᠡᠳᠦᠷ ᠪᠣᠯᠵᠣᠨ ᠣᠷᠴᠢᠨ ᠬᠠᠪᠢ ᠶ᠋ᠢᠨ ᠬᠢᠨ ᠳ᠋ᠡᠭᠡᠨ ᠳᠠᠭ᠎ᠠ ᠶ᠋ᠢᠨ ᠳᠡᠯᠯᠡᠭᠡ ᠶ᠋ᠢᠨ ᠨᠠᠢᠷ ᠬᠢᠨ᠎ᠡ ᠭᠡᠵᠦ ᠵᠠᠷ ᠲᠠᠷᠬᠠᠨ᠎ᠠ᠃ ᠢᠩᠭᠢᠵᠦ ᠣᠯᠠᠨ ᠬᠥᠮᠦᠨ ᠴᠤᠭᠯᠠᠭᠠᠵᠤ ᠳᠠᠭ᠎ᠠ ᠶ᠋ᠢᠨ ᠢ᠋ᠶ᠋ᠡᠨ ᠳᠡᠯ ᠢ᠋ ᠬᠢᠷᠭᠠᠬᠤ ᠠ᠋ᠴᠠ ᠭᠠᠳᠠᠨ᠎ᠠ ᠳᠠᠭ᠎ᠠ ᠪᠠᠨ ᠠᠯᠳᠠᠵᠤ ᠭᠡᠭᠡᠬᠦ ᠡᠴᠡ ᠪᠣᠯᠭᠣᠮᠵᠢᠯᠠᠨ ᠥᠪᠡᠷ ᠦ᠋ᠨ ᠣᠨᠴᠠᠯᠠᠭᠰᠠᠨ ᠲᠠᠮᠠᠭ᠎ᠠ ᠪᠠᠨ ᠤᠯᠠᠢᠳᠬᠠᠨ ᠳ᠋ᠠᠭᠠᠨ ᠤ᠋ ᠬᠣᠩᠬᠣᠷ ᠭᠤᠶ᠎ᠠ ᠪᠤᠶᠤ ᠬᠠᠪᠲᠠᠭᠠᠢ ᠲᠠᠰᠢᠶᠠᠨ ᠳ᠋ᠤᠨᠢ ᠳᠠᠷᠤᠵᠤ ᠲᠠᠮᠠᠭᠠᠯᠠᠳᠠᠭ᠃      
       ᠢᠩᠭᠢᠵᠦ ᠪᠣᠯᠵᠣᠭᠰᠠᠨ ᠡᠳᠦᠷ ᠨᠢ ᠪᠣᠯᠬᠤ ᠳ᠋ᠤ᠌ ᠬᠣᠯᠠ ᠣᠢᠷ᠎ᠠ ᠠ᠋ᠴᠠ ᠤᠷᠭᠠᠴᠢᠨ᠂ ᠨᠣᠭᠲᠣᠴᠢᠨ᠂ ᠡᠪᠦᠭᠡᠨ ᠵᠠᠯᠠᠭᠤ᠂ ᠥᠬᠢᠳ ᠪᠡᠷᠢᠶᠡᠳ ᠠᠯᠢ ᠥᠩᠭᠡᠲᠡᠢ ᠪᠡᠨ ᠡᠮᠦᠰᠴᠦ ᠂ ᠥᠭᠡᠳᠡᠲᠡᠢ ᠪᠡᠨ ᠬᠥᠲᠥᠯᠵᠦ ᠨᠠᠢᠷ ᠨᠠᠭᠠᠳᠤᠮ ᠳ᠋ᠤ᠌ ᠬᠥᠷ ᠬᠥᠭᠵᠢᠶᠡᠲᠠᠢ ᠴᠤᠭᠯᠠᠷᠠᠨ ᠢᠷᠡᠵᠡᠭᠡᠨ᠎ᠡ ᠃ ᠠᠳᠤᠭᠤᠨ ᠤ᠋ ᠠᠢᠯ ᠡᠨᠡ ᠡᠳᠦᠷ ᠬᠣᠨᠢ ᠢᠮᠠᠭ᠎ᠠ ᠨᠢᠲᠤᠯᠵᠤ ᠂ ᠬᠣᠭᠣᠯᠠ ᠤᠮᠳᠠ ᠶᠡᠬᠡ ᠪᠡᠷ ᠪᠠᠵᠠᠭᠠᠨ ᠂ ᠰᠢᠷᠡᠭᠡ ᠵᠠᠰᠠᠨ ᠴᠠᠢ ᠂ ᠠᠷᠢᠬᠢ ᠪᠠᠷ ᠵᠤᠵᠠᠭᠠᠨ ( ᠤᠷᠢᠳ ᠢ᠋ᠶ᠋ᠠᠷ ᠴᠡᠢᠯᠡᠵᠦ  ᠂ ᠳᠠᠷᠠᠭ᠎ᠠ ᠨᠢ ᠠᠷᠢᠬᠢ ᠪᠠᠭ᠎ᠠ ᠭᠠᠷᠭᠠᠵᠤ ᠂ ᠠᠳᠤᠭᠤᠨ ᠳᠡᠯᠯᠡᠭᠡ ᠪᠠᠷᠠᠭᠰᠠᠨ ᠤ᠋ ᠬᠣᠢᠨ᠎ᠠ ᠶᠡᠬᠡ ᠪᠡᠷ ᠠᠷᠢᠬᠢᠳᠠᠨ ᠂ ᠮᠢᠬ᠎ᠠ ᠢᠳᠡᠨ ᠨᠠᠢᠷᠯᠠᠨ᠎ᠠ ) ᠳᠠᠢᠯᠠᠨ᠎ᠠ᠃  
ᠳᠡᠯᠯᠡᠭᠡ  
       ᠲᠠᠮᠠᠭᠠᠯᠠᠭ᠎ᠠ ᠲᠠᠢ ᠬᠠᠮᠲᠤ ᠶᠠᠪᠤᠭᠤᠯᠤᠨ᠎ᠠ᠃ ᠭᠡᠷ ᠦ᠋ᠨ ᠬᠠᠪᠢ ᠳ᠋ᠤ᠌ ᠠᠯᠢ ᠨᠢᠭᠡ ᠲᠡᠭᠰᠢ ᠰᠠᠢᠬᠠᠨ ᠭᠠᠵᠠᠷ ᠢ᠋ ᠰᠣᠩᠭᠣᠵᠤ ᠬᠡᠳᠦᠨ ᠵᠠᠭᠤᠨ ᠠᠳᠤᠭᠤ ᠶ᠋ᠢ ᠨᠠᠷᠠᠨ ᠠ᠋ᠴᠠ ᠡᠮᠦᠨ᠎ᠡ ᠳᠠᠪᠬᠢᠲᠠᠯ᠎ᠠ ᠬᠤᠷᠢᠶᠠᠵᠤ ᠬᠠᠵᠠᠭᠤ ᠳ᠋ᠤᠨᠢ ᠦᠷᠲᠦᠩ ᠲᠦᠯᠡᠵᠦ ᠲᠠᠮᠠᠭ᠎ᠠ ᠤᠯᠠᠢᠯᠭᠠᠨ᠎ᠠ᠃ ᠰᠣᠩᠭᠣᠭᠳᠠᠭᠰᠠᠨ ᠳᠡᠯᠯᠡᠭᠡ ᠶ᠋ᠢᠨ ᠠᠬᠠᠮᠠᠳ  ᠠ᠋ᠴᠠ ᠢᠷᠡᠭᠰᠡᠨ ᠬᠥᠮᠦᠰ ᠦ᠋ᠨ ᠣᠨᠴᠠᠯᠢᠭ ᠢ᠋ ᠦᠵᠡᠨ᠂ ᠤᠷᠭᠠᠴᠢ᠂ ᠨᠣᠭᠳᠣᠴᠢ᠂ ᠰᠡᠭᠦᠯ ᠴᠣᠬᠢᠭᠴᠢ᠂ ᠳᠡᠯᠯᠡᠭᠴᠢ᠂ ᠲᠠᠮᠠᠭ᠎ᠠ ᠵᠥᠭᠡᠭᠡᠭᠴᠢ᠂ ᠳᠠᠷᠤᠭᠴᠢ᠂ ᠠᠳᠤᠭᠤ ᠬᠤᠷᠢᠶᠠᠭᠴᠢ ᠭᠡᠵᠦ ᠵᠢᠷᠭᠤᠭ᠎ᠠ ᠳᠣᠯᠣᠭᠠᠨ ᠳᠤᠭᠤᠢᠯᠠᠩ ᠵᠣᠬᠢᠶᠠᠨ ᠪᠠᠢᠭᠤᠯᠵᠤ ᠠᠵᠢᠯ ᠡᠭᠦᠷᠭᠡ ᠬᠤᠪᠢᠶᠠᠷᠢᠯᠠᠨ᠎ᠠ᠃ ᠠᠳᠤᠭᠤᠴᠢᠨ ᠠ᠋ᠴᠠ ᠡᠨᠡ ᠦᠶ᠎ᠡ ᠥᠪᠡᠷ ᠲᠡᠭᠡᠨ ᠤᠷᠭ᠎ᠠ ᠶ᠋ᠢᠨ ᠪᠤᠶᠤ ᠨᠣᠭᠲᠤᠨ ᠤ᠋ ᠮᠣᠷᠢᠲᠠᠢ ᠢᠷᠡᠭᠰᠡᠳ ᠡᠴᠡ ᠪᠤᠰᠤᠳ ᠲᠤᠨᠢ ᠣᠨᠴᠠᠯᠢᠭ ᠢ᠋ᠶ᠋ᠠᠷ ᠨᠢ ᠲᠣᠬᠢᠷᠠᠭᠰᠠᠨ ᠮᠣᠷᠢᠳ  ᠢ ᠪᠡᠷᠢᠯᠡᠵᠦ ᠥᠭᠭᠦᠨ᠎ᠡ᠃ ᠮᠣᠷᠢᠳ ᠲᠣᠬᠢᠷᠠᠭᠤᠯᠵᠤ ᠪᠠᠷᠠᠮᠠᠭᠴᠠ ᠠᠳᠤᠭᠤᠴᠢᠨ ( ᠥᠪᠡᠰᠦᠪᠡᠨ ᠬᠡᠳᠦᠢ ᠰᠠᠢᠨ ᠤᠷᠭᠠᠴᠢ ᠴᠤ᠌ ᠥᠪᠡᠷ ᠦ᠋ᠨ ᠠᠳᠤᠭᠤᠨ  ᠳ᠋ᠠᠭᠠᠨ ᠤᠷᠭᠠᠯᠠᠬᠤ ᠦᠭᠡᠢ᠂ ᠡᠨᠡ ᠨᠢ ᠢᠷᠡᠭᠰᠡᠨ ᠣᠯᠠᠨ ᠤᠷᠭᠠᠴᠢᠳ ᠲᠤ᠌ ᠨᠠᠢᠷ ᠲᠠᠯᠪᠢᠨ ᠬᠦᠨᠳᠦᠯᠡᠵᠦ ᠪᠠᠢᠭ᠎ᠠ ᠤᠬᠠᠭᠠᠨ ᠲᠠᠢ ) ᠣᠬᠣᠷ ᠤᠷᠭ᠎ᠠ ᠪᠠᠷᠢᠵᠤ ᠮᠣᠷᠳᠠᠭᠠᠳ᠂ ᠤᠷᠢᠳ ᠢ᠋ᠶ᠋ᠠᠷ ᠭᠠᠷ ᠤ᠋ᠨ ᠠᠮᠠᠷ ᠲᠤ᠌ ᠪᠦᠳᠦᠭᠦᠨ ᠢ᠋ ᠨᠢ ᠪᠡᠷᠢᠯᠡᠶ᠎ᠡ ᠭᠡᠳ ᠳᠡᠯ ᠰᠡᠭᠦᠯ ᠶᠡᠬᠡᠲᠡᠢ ᠥᠪᠡᠷ ᠦ᠋ᠨ ᠰᠤᠪᠠᠢ ᠭᠡᠭᠦᠳ ᠢ ᠵᠢᠭᠠᠵᠤ ᠥᠭᠭᠦᠨ᠎ᠡ᠃ ᠠᠳᠤᠭᠤᠴᠢᠨ ᠨᠢᠭᠡ ᠶ᠋ᠢ ᠵᠢᠭᠠᠬᠤ ᠳ᠋ᠤ᠌ ᠬᠡᠳᠦ ᠬᠡᠳᠦᠨ ᠤᠷᠭᠠᠴᠢᠨ ᠬᠡᠨ ᠬᠡᠨ ᠡᠴᠡ ᠪᠡᠨ ᠤᠷᠢᠲᠠᠨ᠎ᠠ ᠭᠡᠵᠦ ᠤᠷᠤᠯᠳᠤᠨ ᠤᠷᠭᠠᠯᠠᠵᠠᠭᠠᠨ᠎ᠠ᠃ ᠰᠠᠢᠨ ᠤᠷᠭᠠᠴᠢᠨ ᠭᠡᠵᠦ ᠦᠨᠡᠬᠡᠷ ᠪᠢᠰᠢᠷᠡᠮ᠎ᠡ᠂ ᠤᠷᠭ᠎ᠠ ᠶ᠋ᠢᠨ ᠦᠵᠦᠭᠦᠷ᠂ ᠠᠯᠲᠠ ᠳᠡᠯᠢᠮ ᠳᠤᠲᠠᠵᠤ ᠪᠠᠢᠬᠤ ᠳ᠋ᠤ᠌ ᠲᠡᠷᠡ ᠡᠮᠡᠭᠡᠯ ᠦ᠋ᠨ ᠡᠮᠦᠨ᠎ᠡ ᠪᠦᠭᠦᠷᠭᠡ᠂ ᠳᠡᠯ ᠳᠡᠭᠡᠷ᠎ᠡ ᠬᠡᠪᠲᠡᠨ ᠰᠤᠭᠤ ᠪᠠᠨ ᠠᠰ ᠪᠣᠯᠲᠠᠯ᠎ᠠ ᠲᠡᠨᠢᠢᠯᠭᠡᠭᠡᠳ ᠤᠷᠭ᠎ᠠ ᠪᠠᠨ ᠬᠠᠶᠠᠬᠤ ᠳ᠋ᠤ᠌᠂ ᠬᠣᠶᠠᠷ ᠳᠥᠷᠥᠭᠡ ᠨᠢ ᠡᠮᠡᠭᠡᠯ ᠦ᠋ᠨ ᠠᠷᠤ ᠳ᠋ᠤ᠌ ᠲᠠᠷ ᠭᠡᠲᠡᠯ᠎ᠡ ᠬᠠᠷᠭᠤᠵᠤ ᠪᠠᠢᠳᠠᠭ᠃ ᠪᠤᠰᠤᠳ ᠨᠢ ᠠᠷᠠᠢ ᠬᠦᠷᠬᠦ ᠦᠭᠡᠢ ᠪᠠᠢᠬ᠎ᠠ ᠭᠡᠵᠦ ᠪᠣᠳᠣᠵᠤ ᠪᠠᠢᠲᠠᠯ᠎ᠠ ᠬᠡᠳᠦᠢᠨ ᠤᠷᠭᠠᠯᠠᠴᠢᠬᠠᠭᠰᠠᠨ : 《ᠢᠩᠭᠢᠵᠦ ᠯᠡ ᠤᠷᠭᠠᠯᠠᠳᠠᠭ ᠶᠤᠮ ᠳᠠ ! ᠰᠤᠷᠴᠤ ᠠᠪ ! 》ᠭᠡᠵᠦ ᠬᠣᠷᠣ ᠶ᠋ᠢ ᠴᠢᠨᠢ ᠮᠠᠭᠠᠵᠢᠳᠠᠭ᠃ ᠢᠩᠭᠢᠵᠦ ᠪᠠᠢᠲᠠᠯ᠎ᠠ ᠵᠥᠪ ᠪᠤᠷᠤᠭᠤ ᠲᠠᠯ᠎ᠠ ᠪᠠᠷ ᠨᠣᠭᠲᠣ ᠪᠠᠷᠢᠭᠰᠠᠨ ᠬᠡᠦᠬᠡᠨ᠂ ᠪᠡᠷᠢᠶᠡᠳ ᠤᠷᠤᠯᠳᠤᠨ ᠢᠷᠡᠵᠦ ᠪᠤᠯᠢᠶᠠᠯᠳᠤᠨ ᠨᠣᠭᠲᠤᠯᠤᠨ᠎ᠠ᠃ ᠰᠠᠢᠨ ᠨᠣᠭᠲᠤᠴᠢ ᠮᠥᠨ ᠬᠢᠯᠪᠠᠷ ᠦᠭᠡᠢ᠂ ᠮᠣᠷᠢ ᠨᠢ ᠵᠡᠷᠭᠡᠴᠡᠬᠦ ᠡᠴᠡ ᠡᠮᠦᠨ᠎ᠡ ᠳᠡᠯᠢᠮ ᠳᠤᠲᠠᠵᠤ ᠪᠠᠢᠬᠤ ᠳ᠋ᠤ᠌᠂ ᠪᠥᠬᠥᠢᠭᠡᠳ ᠯᠡ ᠨᠣᠭᠲᠣ ᠪᠠᠨ ᠰᠢᠳᠡᠴᠢᠭᠡᠳ ᠨᠣᠭᠲᠣᠯᠠᠴᠢᠬᠠᠭᠰᠠᠨ ᠪᠠᠢᠳᠠᠭ᠃ ᠢᠠᠯᠠᠩᠭᠤᠶ᠎ᠠ ᠵᠢᠭᠠᠬᠠᠨ ᠲᠠᠢᠪᠤᠲᠠᠭᠰᠠᠨ ᠤᠷᠭᠠᠴᠢᠨ ᠢ᠋ ᠤᠷᠭᠠᠯᠠᠬᠤ ᠠ᠋ᠴᠠ ᠡᠮᠦᠨ᠎ᠡ ᠨᠣᠭᠲᠣ ᠪᠠᠨ ᠴᠢᠯᠠᠭᠤᠳᠠᠭᠠᠳ ᠰᠤᠯᠠ ᠲᠠᠭᠤᠭᠳᠠᠭᠰᠠᠨ ᠠᠳᠤᠭᠤ ᠶ᠋ᠢ ᠨᠣᠭᠲᠣᠯᠠᠴᠢᠬᠠᠭᠠᠳ ᠰᠠᠢᠬᠢ ᠠᠳᠤᠭᠤᠴᠢᠨ ᠢ᠋ ᠬᠢᠯᠠᠪᠬᠢᠨ ᠬᠠᠷᠠᠵᠤ ᠢᠨᠢᠶᠡᠰᠬᠢᠭᠡᠳ ᠶᠠᠪᠤᠵᠤ ᠠᠮᠠ ᠶ᠋ᠢ ᠨᠢ ᠪᠠᠷᠢᠭᠤᠯᠳᠠᠭ᠃ ᠢᠩᠭᠢᠵᠦ ᠡᠷᠡᠭᠲᠡᠢ ᠡᠮᠡᠭᠲᠡᠢᠴᠦᠳ ᠬᠣᠭᠣᠷᠣᠨᠳᠣ ᠪᠠᠨ ᠡᠷ᠎ᠡ ᠴᠢᠳᠠᠯ ᠢ᠋ᠶ᠋ᠠᠨ ᠦᠵᠡᠯᠴᠡᠵᠦ ᠬᠣᠷᠣ ᠰᠢᠷ᠎ᠠ ᠶ᠋ᠢ ᠨᠢ ᠬᠦᠷᠭᠡᠳᠡᠭ᠃ ᠡᠨᠡ ᠨᠢ ᠴᠤᠭᠯᠠᠷᠠᠭᠰᠠᠨ ᠬᠥᠮᠦᠰ ᠦ᠋ᠨ ᠦᠭᠡᠨ ᠦ᠌ ᠪᠠᠷᠢᠭᠤᠯ ᠪᠣᠯᠵᠤ᠂ ᠡᠯᠡᠭ ᠳᠣᠭᠣᠭᠢ ᠶ᠋ᠢᠨ ᠦᠭᠡ ᠶ᠋ᠢ ᠴᠢᠬᠢ ᠪᠡᠨ ᠬᠠᠯᠠᠲᠠᠯ᠎ᠠ ᠰᠣᠨᠣᠰᠳᠠᠭ᠃ ᠪᠠᠷᠢᠭᠰᠠᠨ ᠭᠡᠭᠦᠦ ᠶ᠋ᠢ ᠳᠡᠯᠯᠡᠭᠡ ᠶ᠋ᠢᠨ ᠬᠥᠮᠦᠰ ᠲᠦ᠍ ᠲᠤᠰᠢᠶᠠᠨ ᠥᠭᠭᠦᠭᠡᠳ ᠨᠣᠭᠲᠣᠴᠢᠨ ᠨᠣᠭᠲᠣ ᠪᠠᠨ ᠠᠪᠤᠭᠠᠳ ᠳᠠᠬᠢᠭᠠᠳ ᠮᠣᠷᠳᠠᠳᠠᠭ᠃ ᠬᠡᠳᠦᠨ ᠬᠥᠮᠦᠨ ᠴᠢᠬᠢᠳᠡᠵᠦ ᠪᠠᠢᠲᠠᠯ᠎ᠠ ᠬᠠᠢᠴᠢᠴᠢᠨ ᠢᠷᠡᠵᠦ ᠳᠡᠯ ᠢ᠋ ᠨᠢ ᠬᠢᠷᠭᠠᠵᠤ᠂ ᠰᠡᠭᠦᠯ ᠦ᠋ᠨ ᠭᠣᠣᠯ ᠠ᠋ᠴᠠ 2 – 3 ᠲᠤᠭ ᠰᠡᠭᠦᠯ ᠬᠠᠢᠴᠢᠯᠠᠵᠤ ᠠᠪᠳᠠᠭ᠃ ᠡᠨᠡ ᠨᠢ ᠠᠳᠤᠭᠤᠴᠢᠨ ᠤ᠋ ᠬᠡᠪ ᠶᠠᠩᠵᠤ ᠶ᠋ᠢ ᠡᠪᠳᠡᠬᠦ ᠦᠭᠡᠢ ᠮᠥᠷᠲᠡᠭᠡᠨ ᠪᠠᠰᠠ ᠭᠠᠷᠤᠯᠲᠠ ᠪᠠᠨ ᠴᠤ᠌ ᠬᠤᠷᠢᠶᠠᠴᠢᠬᠠᠨ᠎ᠠ᠃ ᠢᠩᠭᠢᠵᠦ ᠦᠳᠡ ᠪᠣᠯᠲᠠᠯ᠎ᠠ ᠨᠢᠭᠡᠨ ᠦᠶ᠎ᠡ ᠤᠷᠭᠠᠯᠠᠵᠤ ᠬᠥᠮᠦᠨ ᠮᠣᠷᠢ ᠵᠢᠭᠠᠬᠠᠨ ᠮᠠᠭᠤᠳᠠᠰᠬᠢᠨ ᠢᠷᠡᠬᠦ ᠳ᠋ᠦ᠍ ᠠᠮᠠᠷᠠᠬᠤ ᠵᠠᠷ ᠥᠭᠴᠦ᠂ ᠴᠠᠢ ᠴᠡᠬᠡ ᠤᠤᠭᠤᠵᠤ᠂ ᠪᠠᠭ᠎ᠠ ᠰᠠᠭ᠎ᠠ ᠳᠣᠭᠰᠢᠨ ᠬᠠᠷ᠎ᠠ ᠭᠠᠷᠭᠠᠨ ᠶᠠᠳᠠᠷᠠᠭ᠎ᠠ ᠳᠡᠢᠯᠦᠨ᠎ᠡ᠃ ᠢᠩᠭᠢᠵᠦ ᠪᠠᠢᠲᠠᠯ᠎ᠠ ᠲᠠᠮᠠᠭ᠎ᠠ ᠤᠯᠠᠢᠳᠬᠠᠵᠤ ᠪᠠᠢᠭ᠎ᠠ ᠬᠥᠮᠦᠨ ᠡᠴᠡ : 《ᠲᠠᠮᠠᠭ᠎ᠠ ᠬᠠᠢᠯᠴᠢᠬᠠᠯ᠎ᠠ ! ᠶᠠᠭᠠᠬᠢᠳᠠᠭ ᠪᠢᠯᠡ ? 》 ᠭᠡᠵᠦ ᠬᠠᠰᠬᠢᠷᠤᠨ ᠤᠷᠭᠠᠴᠢᠳ ᠢ᠋ ᠱᠠᠯᠠᠪᠳᠠᠨ᠎ᠠ᠃ ᠵᠠ ᠲᠡᠭᠡᠪᠡᠯ 《ᠳᠠᠷᠬᠠᠨ ᠳ᠋ᠤ᠌ ᠮᠣᠷᠳᠠᠬᠤ ᠪᠠᠷ ᠳᠠᠭ᠎ᠠ ᠳ᠋ᠠᠭᠠᠨ ᠮᠣᠷᠳᠠᠵᠠᠭᠠᠶ᠎ᠠ 》ᠭᠡᠳ ᠤᠷᠭᠠᠴᠢᠳ ᠮᠣᠷᠳᠠᠵᠤ᠂ ᠳᠠᠭ᠎ᠠ ᠤᠷᠭᠠᠯᠠᠵᠤ᠂ ᠰᠡᠭᠦᠯ ᠴᠣᠬᠢᠭᠴᠢ ᠳ᠋ᠤ᠌ ᠭᠠᠷᠳᠠᠭᠤᠯᠵᠤ ᠲᠣᠯᠣᠭᠠᠢ ᠶ᠋ᠢ ᠨᠢ ᠡᠷᠭᠢᠭᠦᠯᠦᠭᠡᠳ ᠦᠭᠲᠡᠯ᠎ᠡ ᠰᠡᠭᠦᠯ ᠴᠣᠬᠢᠭᠴᠢ ᠬᠡᠳᠦᠢᠨ ᠳᠠᠭ᠎ᠠ ᠶ᠋ᠢᠨ ᠬᠠᠵᠠᠭᠤ ᠳ᠋ᠤ᠌ ᠳᠠᠪᠬᠢᠨ ᠭᠠᠷᠴᠤ ᠭᠦᠶᠦᠬᠦᠢᠴᠡ ᠪᠣᠯᠵᠤ ᠰᠡᠭᠦᠯ ᠢ᠋ ᠨᠢ ᠰᠠᠵᠢᠨ ᠴᠣᠬᠢᠬᠤ ᠳ᠋ᠤ᠌᠂ ᠠᠯᠬᠤᠬ᠎ᠠ ᠨᠢ ᠲᠠᠭᠠᠷᠠᠭᠰᠠᠨ ᠳᠠᠭ᠎ᠠ ᠠᠮᠠᠷᠬᠠᠨ ᠣᠢᠴᠢᠵᠤ ᠬᠡᠳᠦ ᠬᠡᠳᠦ ᠪᠥᠮᠪᠥᠷᠢᠬᠦ ᠨᠢ ᠲᠡᠷᠡ᠃ ᠡᠨᠡ ᠦᠶ᠎ᠡ ᠰᠡᠭᠦᠯ ᠴᠣᠬᠢᠭᠴᠢ ᠬᠡᠳᠦᠢᠨ ᠭᠦᠶᠦᠨ ᠬᠦᠷᠴᠦ ᠳᠡᠭᠡᠷ᠎ᠡ ᠲᠠᠯ᠎ᠠ ᠶ᠋ᠢᠨ ᠭᠤᠶ᠎ᠠ ᠶ᠋ᠢᠨ ᠰᠢᠯᠪᠢ ᠡᠴᠡ ᠪᠠᠷᠢᠨ ᠡᠷᠭᠦᠵᠦ ᠰᠡᠭᠦᠯ ᠢ᠋ ᠨᠢ ᠰᠠᠯᠲᠠᠭ᠎ᠠ᠂ ᠴᠠᠪᠢ ᠪᠠᠷ ᠨᠢ ᠣᠷᠣᠭᠤᠯᠵᠤ ᠠᠪᠤᠨ ᠪᠥᠭᠰᠡᠨ ᠳᠡᠭᠡᠷ᠎ᠡ ᠨᠢ ᠳᠠᠷᠤᠵᠤ ᠰᠠᠭᠤᠨ᠎ᠠ᠃ ᠲᠡᠭᠡᠲᠡᠯ᠎ᠡ ᠬᠠᠢᠴᠢᠴᠢᠨ ᠢᠷᠡᠵᠦ ᠳᠡᠯᠯᠡᠲᠡᠯ᠎ᠡ᠂ ᠲᠠᠮᠠᠭᠠᠴᠢᠨ ᠴᠤ᠌ ᠢᠷᠡᠭᠡᠳ ᠲᠠᠮᠠᠭᠠᠯᠠᠭᠠᠳ ᠠᠮᠵᠢᠳᠠᠭ᠃ ᠵᠠᠷᠢᠮ ᠳᠠᠭ᠎ᠠ ᠴᠤ᠌ ᠪᠠᠰᠠ ᠬᠡᠴᠡᠭᠦᠦ ᠳᠡ᠃ ᠠᠳᠤᠭᠤᠨ ᠠ᠋ᠴᠠ ᠭᠣᠰ ᠭᠡᠲᠡᠯ᠎ᠡ ᠭᠠᠷᠴᠤ᠂ ᠱᠣᠷ ᠭᠡᠲᠡᠯ᠎ᠡ ᠳᠠᠭᠠᠷᠢᠵᠤ ᠤᠷᠭ᠎ᠠ ᠠᠪᠳᠠᠭ᠃ ᠡᠨᠡ ᠦᠶ᠎ᠡ ᠠᠳᠤᠭᠤᠨ ᠤ᠋ ᠡᠵᠡᠨ ᠶᠡᠬᠡ ᠪᠠᠬᠠᠲᠠᠢ ᠬᠥᠬᠥᠷᠡᠵᠦ : 《ᠮᠢᠨᠦ ᠳᠠᠭ᠎ᠠ ᠳᠣᠯᠣᠭᠠᠨ ᠬᠦᠵᠦᠭᠦᠳᠡᠢ ᠶᠦ᠍ᠮ ᠳᠡ ᠂ ××××ᠴᠣ ᠲᠡᠭᠡᠨ᠎ᠡ ᠳᠡ ᠂ ᠲᠡᠭᠡᠨ᠎ᠡ  》ᠭᠡᠵᠦ ᠢᠨᠢᠶᠡᠵᠦ ᠶᠠᠪᠤᠲᠠᠯ᠎ᠠ ᠦᠶ᠎ᠡ ᠬᠤᠷᠠᠭ ᠤ᠋ᠨ ᠬᠥᠮᠦᠰ ᠨᠢ : 《ᠡᠨᠡ ᠬᠡᠨ ᠦ᠌ ᠰᠡᠲᠡᠷᠲᠡᠢ ᠳᠠᠭ᠎ᠠ ᠪᠣᠢ ⁈ 》ᠭᠡᠵᠦ ᠬᠠᠰᠬᠢᠷᠤᠨ ᠤᠷᠭ᠎ᠠ ᠠᠯᠳᠠᠭᠰᠠᠨ ᠬᠥᠮᠦᠨ ᠢ᠋ ᠡᠯᠡᠭᠯᠡᠨ ᠬᠣᠷᠣ ᠰᠢᠷ᠎ᠠ ᠶ᠋ᠢ ᠨᠢ ᠮᠠᠭᠠᠵᠢᠨ ᠬᠠᠰᠢᠷ ᠰᠤᠷᠭᠠᠨ᠎ᠠ᠃ ᠡᠭᠦᠨ ᠢ᠋ ᠳᠠᠭ᠎ᠠ ᠶ᠋ᠢᠨ ᠳᠡᠯᠯᠡᠭᠡ ᠪᠤᠶᠤ ᠳᠡᠯᠯᠡᠭᠡ ᠶ᠋ᠢᠨ ᠨᠠᠢᠷ ᠴᠤ᠌ ᠭᠡᠳᠡᠭ᠃   
       ᠡᠭᠦᠨ ᠦ᠌ ᠳᠠᠷᠠᠭ᠎ᠠ᠂ ᠠᠯᠳᠠᠵᠤ ᠬᠣᠴᠣᠷᠤᠭᠰᠠᠨ ᠦᠷᠢᠶ᠎ᠡ ᠬᠠᠭᠠᠷᠢᠬᠤ ᠪᠣᠯᠤᠨ᠎ᠠ᠃ ᠤᠴᠢᠷ ᠨᠢ : ᠥᠷᠯᠥᠭᠡ ᠪᠤᠶᠤ ᠦᠳᠡ ᠡᠮᠦᠨ᠎ᠡ ᠬᠠᠭᠠᠷᠢᠪᠠᠯ᠂ ᠡᠳᠦᠷᠵᠢᠨ ᠤᠷᠭᠠᠯᠠᠵᠤ ᠨᠠᠭᠠᠰᠢ ᠴᠠᠭᠠᠰᠢ ᠲᠠᠭᠤᠯᠴᠠᠬᠤ ᠳ᠋ᠤ᠌ ᠬᠥᠭᠡᠭᠡᠭᠳᠡᠭᠡᠳ ᠬᠠᠭᠠᠷᠢᠭᠰᠠᠨ ᠢ᠋ ᠨᠢ ᠬᠥᠨᠳᠡᠵᠦ ᠡᠪᠡᠷᠰᠢᠶᠡᠬᠦ ᠡᠴᠡ ᠪᠣᠯᠭᠣᠮᠵᠢᠯᠠᠭᠰᠠᠨ ᠠᠵᠤᠭᠤ᠃               ᠬᠠᠮᠤᠭ ᠤ᠋ᠨ ᠡᠴᠦᠰ ᠲᠦ᠋ᠨᠢ 《ᠡᠷ᠎ᠡ ᠶ᠋ᠢᠨ ᠰᠢᠨᠳᠠᠰᠤ ᠦᠵᠡᠨ᠎ᠡ 》ᠭᠡᠵᠦ ᠠᠵᠢᠷᠭ᠎ᠠ ᠤᠷᠭᠠᠯᠠᠵᠤ ᠨᠠᠭᠠᠳᠤᠨ᠎ᠠ᠃ ᠤᠷᠭᠠᠯᠠᠴᠢᠭᠠᠳ ᠲᠠᠲᠠᠵᠤ ᠳᠡᠢᠯᠬᠦ ᠦᠭᠡᠢ ᠳᠠᠭᠠᠵᠤ ᠪᠠᠢᠪᠠᠯ᠂ ᠬᠠᠵᠠᠭᠤ ᠶ᠋ᠢᠨ ᠦᠵᠡᠭᠴᠢᠳ ᠡᠴᠡ : 《ᠲᠡᠳᠡ ! ᠲᠡᠳᠡ ! ᠲᠡᠷᠡ ᠴᠢᠨᠢ ᠰᠠᠷᠠ ᠲᠠᠢ ᠶᠤᠮ ᠤᠤ ? ᠦᠭᠡᠢ ᠤᠤ ?  ᠦᠵᠡᠶ᠎ᠡ ! 》 ᠭᠡᠵᠦ ᠬᠣᠷᠣᠰᠬᠠᠨ ᠵᠠᠪᠠᠯ ᠡᠷᠭᠢᠭᠦᠯᠬᠦ ᠪᠡᠷ ᠮᠡᠷᠡᠢᠯᠭᠡᠨ᠎ᠡ ᠃ ᠢᠩᠭᠢᠵᠦ ᠨᠢᠭᠡ ᠦᠶ᠎ᠡ ᠨᠠᠭᠠᠳᠪᠠᠯ ᠥᠨᠥᠳᠥᠷ ᠦ᠋ᠨ ᠡᠨᠡ ᠨᠢᠭᠡᠨ ᠳᠡᠯᠯᠡᠭᠡ ᠶ᠋ᠢᠨ ᠨᠠᠢᠷ ᠲᠡᠭᠦᠰᠬᠦ ᠪᠣᠯᠤᠨ᠎ᠠ᠃ 
ᠰᠢᠳᠦ ᠰᠢᠨᠵᠢᠬᠦ   
       《ᠲᠠᠪᠤᠨ ᠬᠣᠰᠢᠭᠤ ᠮᠠᠯ 》 ᠤ᠋ᠨ ᠨᠠᠰᠤ ᠰᠢᠳᠦ ᠶ᠋ᠢ ᠦᠵᠡᠬᠦ ᠳ᠋ᠡᠭᠡᠨ ᠲᠡᠭᠦᠨ ᠦ᠌ ᠡᠭᠦᠳᠡᠨ ᠰᠢᠳᠦᠨ ᠦ᠌ ᠬᠢᠨᠢ ᠬᠠᠯᠪᠠᠭ᠎ᠠ ᠶ᠋ᠢᠨ ᠲᠣᠭ᠎ᠠ ᠪᠠᠷ ᠦᠵᠡᠳᠡᠭ ᠪᠥᠭᠡᠳ ᠠᠳᠤᠭᠤᠨ ᠤ᠋ ᠬᠢ ᠶ᠋ᠢ ᠪᠣᠯ ᠰᠢᠲᠦᠭᠡᠨ ᠦ᠌ ᠬᠢᠨᠢ ᠬᠡ ᠤᠭᠠᠯᠵᠠ ᠪᠠᠷ ᠦᠵᠡᠵᠦ ᠮᠡᠳᠡᠳᠡᠭ ᠃ ᠪᠠᠰᠠ ᠵᠠᠷᠢᠮ ᠬᠥᠮᠦᠨ ᠠᠳᠤᠭᠤᠨ ᠤ᠋ ᠨᠢᠳᠦᠨ  ᠳ᠋ᠦ᠍ ᠲᠤᠰᠤᠭᠰᠠᠨ ᠬᠥᠮᠦᠨ ᠦ᠌ ᠳᠦᠷᠰᠦ ᠶ᠋ᠢᠨ ᠪᠦᠲᠦᠨ ᠪᠠ ᠬᠠᠭᠠᠰ ᠤ᠋ᠨ ᠬᠡᠮᠵᠢᠶ᠎ᠡ ᠪᠡᠷ ᠰᠢᠨᠵᠢᠨ ᠮᠣᠷᠢᠨ ᠤ᠋ ᠨᠠᠰᠤ ᠶ᠋ᠢ ᠠᠨᠳᠠᠯ ᠦᠭᠡᠢ ᠮᠡᠳᠡᠴᠢᠬᠡᠳᠡᠭ᠃ 
       ᠵᠢᠴᠢ ᠭᠦᠵᠡᠭᠡᠲᠡᠢ ᠬᠡᠪᠢᠯᠭᠡᠲᠡᠢ ᠮᠠᠯ ᠤ᠋ᠨ ᠳᠡᠭᠡᠳᠦ ᠡᠷᠡᠦ ᠳ᠋ᠦ᠍ ᠡᠭᠦᠳᠡᠨ ᠰᠢᠳᠦ ᠨᠦ᠍ᠭᠦᠳ ᠪᠠᠢᠳᠠᠭ ᠦᠭᠡᠢ᠃ ᠲᠤᠬᠠᠢᠯᠠᠪᠠᠯ : ᠦᠬᠡᠷ ᠂ ᠲᠡᠮᠡᠭᠡ ᠂ ᠬᠣᠨᠢ ᠂ ᠢᠮᠠᠭᠠᠨ ᠤ᠋ ᠳᠡᠭᠡᠳᠦ ᠡᠷᠡᠦ ᠳ᠋ᠦ᠍ ᠡᠭᠦᠳᠡᠨ ᠰᠢᠳᠦ ᠪᠠᠢᠳᠠᠭ ᠦᠭᠡᠢ ᠃ ᠭᠠᠭᠴᠠ ᠬᠦ᠌ ᠠᠳᠤᠭᠤᠨ ᠳ᠋ᠤ᠌ ᠭᠦᠵᠡᠭᠡ ᠦᠭᠡᠢ ᠂ ᠬᠡᠪᠢᠯᠭᠡ ᠦᠭᠡᠢ ᠪᠣᠯᠬᠣᠷ ᠳᠡᠭᠡᠳᠦ ᠡᠷᠡᠦ ᠳ᠋ᠦ᠍ᠨᠢ ᠰᠢᠳᠦᠲᠡᠢ ᠪᠠᠢᠳᠠᠭ᠃ 
ᠰᠢᠳᠦᠯᠡᠩ    
       ᠰᠢᠳᠦᠯᠡᠩ ᠭᠡᠭᠴᠢ  3 ᠨᠠᠰᠤᠲᠠᠢ ᠪᠤᠲᠠ ᠬᠢᠭᠡᠳ 2 ᠨᠠᠰᠤᠲᠠᠢ ᠪᠤᠭ ᠮᠠᠯ ᠤ᠋ᠨ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ ᠪᠦᠷ 2 ᠬᠠᠯᠪᠠᠭᠠᠳᠠᠢ ( ᠰᠢᠳᠦᠲᠡᠢ ) ᠃  《ᠲᠠᠪᠤᠨ ᠬᠣᠰᠢᠭᠤ ᠮᠠᠯ 》 ᠴᠥᠮ ᠡᠨᠡ ᠨᠠᠰᠤᠨ ᠳ᠋ᠤ᠌ ᠬᠦᠷᠦᠭᠰᠡᠭᠡᠷ ᠰᠦᠨ ᠰᠢᠳᠦ ᠪᠡᠨ ᠰᠣᠯᠢᠵᠤ ᠂ ᠵᠢᠩᠬᠢᠨᠢ ( ᠶᠠᠰᠤᠨ ) ᠰᠢᠲᠦ ᠰᠢᠳᠦᠯᠡᠳᠡᠭ ᠃ ᠡᠨᠡ ᠨᠢ ᠪᠤᠭ ᠮᠠᠯ ᠤ᠋ᠨ  2 ᠨᠠᠰᠤᠨ ᠳ᠋ᠤ᠌ ᠲᠣᠬᠢᠶᠠᠯᠳᠤᠵᠤ ᠰᠢᠳᠦ ᠰᠣᠯᠢᠬᠤ ᠶ᠋ᠢᠨ ᠤᠴᠢᠷ ᠪᠤᠭ ᠮᠠᠯ ᠤ᠋ᠨ ᠰᠢᠳᠦᠯᠡᠩ ᠨᠢ 2 ᠨᠠᠰᠤᠲᠠᠢ ᠃ ᠪᠤᠲᠠ ᠮᠠᠯ ᠤ᠋ᠨ 3 ᠨᠠᠰᠤᠨ ᠳ᠋ᠤ᠌ ᠲᠣᠬᠢᠶᠠᠯᠳᠤᠵᠤ ᠰᠢᠲᠦ ᠰᠣᠯᠢᠭᠳᠠᠬᠤ ᠶ᠋ᠢᠨ ᠤᠴᠢᠷ ᠪᠤᠲᠠ ᠮᠠᠯ ᠤ᠋ᠨ ᠰᠢᠳᠦᠯᠡᠩ ᠨᠢ 3 ᠨᠠᠰᠤᠲᠠᠢ ᠪᠣᠯᠠᠢ᠃ 
ᠦᠷᠢᠶ᠎ᠡ    
       3 ᠠ᠋ᠴᠠ 4 ᠨᠠᠰᠤᠨ ᠤ᠋ ᠬᠣᠭᠣᠷᠣᠨᠳᠣᠬᠢ ᠡᠷ᠎ᠡ ᠠᠳᠤᠭᠤᠨ ᠤ᠋ ᠨᠡᠷᠡᠢᠳᠦᠯ᠃ ᠦᠷᠢᠶ᠎ᠡ ᠬᠡᠮᠡᠭᠴᠢ ᠦᠷ᠎ᠡ ᠪᠦᠬᠦᠢ ( ᠪᠥᠭᠡᠨᠰᠦᠭ ᠨᠢ ᠪᠠᠭᠤᠭᠰᠠᠨ ) ᠠᠳᠤᠭᠤ ᠭᠡᠰᠡᠨ ᠦᠭᠡ ᠪᠤᠶᠤ᠃ ᠮᠣᠩᠭᠣᠯᠴᠤᠳ ᠡᠷ᠎ᠡ ᠠᠳᠤᠭᠤ ᠶ᠋ᠢ 1 ᠨᠠᠰᠤᠨ ᠳ᠋ᠤᠨᠢ ᠡᠷ᠎ᠡ ᠤᠨᠠᠭ᠎ᠠ ᠭᠡᠨ᠎ᠡ ᠃ 2 ᠨᠠᠰᠤᠨ ᠳ᠋ᠤᠨᠢ ᠡᠷ᠎ᠡ ᠳᠠᠭ᠎ᠠ ᠭᠡᠵᠦ ᠳᠠᠭᠤᠳᠠᠨ᠎ᠠ᠃ 3 ᠨᠠᠰᠤᠨ ᠳ᠋ᠤᠨᠢ 《ᠰᠢᠳᠦᠯᠡᠩ ᠦᠷᠢᠶ᠎ᠡ 》 ᠂ 4 ᠨᠠᠰᠤᠨ ᠳ᠋ᠤᠨᠢ 《ᠬᠢᠵᠠᠭᠠᠯᠠᠩ ᠦᠷᠢᠶ᠎ᠡ 》 ᠭᠡᠵᠦ ᠳᠠᠭᠤᠳᠠᠳᠠᠭ᠃  ᠬᠡᠵᠢᠶ᠎ᠡ ᠬᠠᠭᠠᠷᠢᠭᠰᠠᠭᠠᠷ ᠦᠷᠢᠶ᠎ᠡ ᠪᠢᠰᠢ ᠮᠣᠷᠢ ᠪᠣᠯᠳᠠᠭ᠃ 
ᠤᠷᠢᠶ᠎ᠠ ᠬᠠᠭᠠᠷᠢᠬᠤ   
       ᠡᠷ᠎ᠡ ᠠᠳᠤᠭᠤ ᠶᠡᠬᠡᠩᠬᠢ ᠳ᠋ᠡᠭᠡᠨ ᠰᠢᠳᠦᠯᠡᠩ ᠪᠣᠯᠤᠭᠰᠠᠭᠠᠷ ᠪᠥᠭᠡᠨᠰᠦᠭ ᠨᠢ ᠪᠠᠭᠤᠵᠤ ᠢᠷᠡᠳᠡᠭ ᠲᠤᠯᠠ ᠬᠢᠵᠠᠭᠠᠯᠠᠩ ᠳ᠋ᠤᠨᠢ ᠬᠠᠭᠠᠷᠢᠵᠤ ᠠᠭᠲᠠ ᠪᠣᠯᠭᠠᠳᠠᠭ ᠃ ᠤᠨᠠᠭᠠᠵᠤ ᠬᠦᠯᠢᠭᠰᠡᠨ ᠦᠷᠢᠶ᠎ᠡ ᠶ᠋ᠢ ᠴᠠᠭᠠᠯᠠᠭᠴᠢ ᠢᠷᠡᠵᠦ ᠬᠠᠪᠴᠢᠶᠠᠷ ᠢ᠋ᠶ᠋ᠠᠷ ᠬᠠᠪᠴᠢᠵᠤ ᠪᠥᠭᠡᠨᠰᠦᠭ ᠢ᠋ ᠨᠢ ᠠᠪᠤᠭᠰᠠᠨ ᠤ᠋ ᠳᠠᠷᠠᠭ᠎ᠠ ᠤᠯᠠᠢᠭᠰᠠᠨ ᠬᠠᠭᠠᠷᠢᠭᠤᠯ ᠢ᠋ᠶ᠋ᠠᠷ ᠬᠠᠭᠠᠷᠢᠵᠤ ᠴᠢᠰᠤ ᠶ᠋ᠢ ᠨᠢ ᠲᠣᠭᠲᠠᠭᠠᠨ ᠳᠠᠪᠠᠯᠠᠨ᠎ᠠ᠃ 
ᠰᠣᠶᠣᠭᠠᠯᠠᠩ ᠦᠷᠢᠶ᠎ᠡ   
       ᠡᠨᠡ ᠪᠣᠯ  《ᠪᠠᠭᠠᠵᠠᠷ ᠮᠣᠷᠢ 》ᠭᠡᠰᠡᠨ ᠰᠢᠯᠵᠢᠭᠰᠡᠨ ᠤᠳᠬ᠎ᠠ ᠶ᠋ᠢ ᠢᠯᠡᠳᠬᠡᠬᠦ ᠡᠴᠡ ᠪᠢᠰᠢ ᠦᠨᠡᠨ ᠬᠦ᠌ ᠦᠷᠢᠶ᠎ᠡ ᠭᠡᠳᠡᠭ ᠦᠭᠡ ᠶ᠋ᠢᠨ ᠤᠳᠬ᠎ᠠ ᠦᠭᠡᠢ ᠪᠤᠷᠤᠭᠤ ᠳᠠᠭᠤᠳᠠᠯᠭ᠎ᠠ ᠶᠤᠮ᠃ 
ᠪᠢᠲᠡᠭᠦᠦ ᠦᠷᠢᠶ᠎ᠡ        ᠪᠥᠭᠡᠨᠰᠦᠭ ᠲᠡᠢ ᠦᠷᠢᠶ᠎ᠡ ᠂ ᠠᠭᠲᠠᠯᠠᠭᠠᠳᠤᠢ ᠦᠷᠢᠶ᠎ᠡ᠃ 
ᠠᠯᠳᠠᠭᠤᠯ ᠦᠷᠢᠶ᠎ᠡ       ᠭᠦᠶᠦᠨ ᠢᠷᠡᠵᠦ ᠢᠵᠢᠯᠢᠰᠢᠭᠰᠡᠨ ᠦᠷᠢᠶ᠎ᠡ᠃ 
ᠦᠷᠢᠶᠡᠨ ᠬᠡᠭᠡᠷ          ᠨᠡᠷ᠎ᠡ ᠃ 
ᠪᠠᠢᠳᠠᠰᠤ   
       3 ᠠ᠋ᠴᠠ 4 ᠨᠠᠰᠤᠨ ᠤ᠋ ᠬᠣᠭᠣᠷᠣᠨᠳᠣᠬᠢ ᠡᠮ᠎ᠡ ᠠᠳᠤᠭᠤᠨ ᠤ᠋ ᠨᠡᠷᠡᠢᠳᠦᠯ ᠃ ᠰᠢᠨᠵᠢᠶᠠᠩ ᠳ᠋ᠤ᠌ ᠪᠠᠢᠰᠤᠨ ᠭᠡᠨ᠎ᠡ ᠃ ᠪᠠᠢᠳᠠᠰᠤ ᠬᠡᠮᠡᠭᠴᠢ ᠦᠷ᠎ᠡ ᠲᠣᠭᠲᠠᠬᠤ ( ᠪᠠᠢᠯᠭᠠᠬᠤ ) ᠭᠡᠮ ᠲᠡᠢ ᠪᠣᠯᠤᠯ᠎ᠠ ᠭᠡᠰᠡᠨ ᠤᠳᠬ᠎ᠠ ᠲᠠᠢ ᠪᠤᠶᠤ ᠃ ᠪᠠᠢᠳᠠᠰᠤ ᠶ᠋ᠢᠨ ᠪᠠᠢ ᠨᠢ ᠪᠠᠢᠬᠤ ᠶ᠋ᠢᠨ  《ᠪᠠᠢ 》 ᠶᠤᠮ ᠃  ᠡᠭᠦᠨ ᠳᠡᠭᠡᠷ᠎ᠡ  《ᠳᠠᠰᠤ 》ᠳᠠᠭᠠᠪᠤᠷᠢ ᠵᠠᠯᠭᠠᠵᠤ ᠂ ᠶᠠᠭ ᠵᠠᠢᠳᠠᠰᠤ ( ᠵᠠᠢᠴᠢᠯᠠᠵᠤ ᠴᠢᠳᠬᠤᠭᠰᠠᠨ ᠴᠢᠰᠤ ) ᠭᠡᠰᠡᠨ ᠦᠭᠡ ᠲᠡᠢ  ᠠᠳᠠᠯᠢ ᠪᠠᠢᠳᠠᠰᠤ ᠪᠣᠯᠭᠠᠵᠤ ᠨᠡᠷᠡᠢᠳᠦᠭᠰᠡᠨ ᠶᠦ᠍ᠮ᠃ ᠡᠭᠦᠨ ᠡᠴᠡ ᠥᠭᠡᠷ᠎ᠡ ᠰᠣᠶᠣᠭᠠᠯᠠᠩ ᠪᠠᠢᠳᠠᠰᠤ ᠭᠡᠬᠦ ᠵᠡᠷᠭᠡ ᠪᠡᠷ ᠨᠡᠷᠡᠯᠡᠬᠦ ᠨᠢ ᠪᠦᠷ ᠪᠤᠷᠤᠭᠤ  ᠳᠠᠭᠤᠳᠠᠯᠭ᠎ᠠ ᠳ᠋ᠤ᠌ ᠲᠣᠭᠠᠴᠠᠭᠳᠠᠨ᠎ᠠ᠃
ᠬᠠᠰᠤᠭᠳᠠᠭᠰᠠᠨ ᠪᠠᠢᠳᠠᠰᠤ   
       ᠤᠤᠯ ᠰᠦᠷᠦᠭ ᠡᠴᠡ ᠪᠡᠨ ( ᠠᠪᠤ ᠠᠵᠢᠷᠭ᠎ᠠ ᠳ᠋ᠠᠭᠠᠨ ) ᠬᠥᠭᠡᠭᠡᠭᠳᠡᠨ ᠰᠠᠯᠤᠭᠰᠠᠨ 3 ᠪᠤᠶᠤ 4 ᠨᠠᠰᠤᠨ ᠤ᠋ ᠡᠮ᠎ᠡ ᠠᠳᠤᠭᠤ᠃ 
ᠴᠠᠬᠢᠯᠤᠭᠰᠠᠨ ᠪᠠᠢᠳᠠᠰᠤ    
       ᠣᠷᠣᠭ᠎ᠠ ᠣᠷᠣᠵᠤ ᠤᠤᠯ ᠰᠦᠷᠦᠭ ᠡᠴᠡ ᠪᠡᠨ ᠰᠠᠯᠵᠤ ᠂ ᠠᠵᠢᠷᠭ᠎ᠠ ᠡᠷᠢᠵᠦ ᠭᠦᠶᠦᠭᠰᠡᠨ 3 ᠂ 4 ᠨᠠᠰᠤᠨ ᠤ᠋ ᠡᠮ᠎ᠡ ᠠᠳᠤᠭᠤ᠃ 
ᠪᠠᠢᠳᠠᠰᠤᠨ ᠭᠡᠭᠦᠦ   
       ᠪᠠᠢᠳᠠᠰᠤ ᠶ᠋ᠢᠨ ᠨᠠᠰᠤᠨ ᠳ᠋ᠠᠭᠠᠨ ᠤᠨᠠᠭᠠᠯᠠᠭᠰᠠᠨ ᠡᠮ᠎ᠡ ᠬᠦᠢᠰᠦᠨ ᠦ᠌ ᠠᠳᠤᠭᠤ᠃ 
ᠭᠤᠨ᠎ᠠ ( ᠭᠤᠨᠠᠨ )  
       3 ᠨᠠᠰᠤᠨ ᠤ᠋ ᠡᠷ᠎ᠡ ᠭᠦᠢᠰᠦᠨ᠎ᠡ ᠬᠡᠷᠡᠭᠯᠡᠬᠦ ᠪᠤᠲᠠ ᠶ᠋ᠢᠨ ᠨᠡᠷᠡᠢᠳᠦᠯ ᠃ ᠡᠷᠲᠡ ᠳᠡᠭᠡᠳᠦ ᠦᠶ᠎ᠡ ᠳ᠋ᠦ᠍ ᠮᠣᠩᠭᠣᠯᠴᠤᠳ ᠬᠥᠮᠦᠨ ᠪᠠ ᠪᠤᠲᠠ ᠶ᠋ᠢᠨ ᠰᠢᠳᠦᠯᠡᠩ ᠂ ᠥᠭᠡᠷ᠎ᠡ ᠪᠡᠷ ᠬᠡᠯᠡᠪᠡᠯ ᠰᠢᠳᠦ ᠰᠣᠯᠢᠬᠤ ᠨᠠᠰᠤᠨ ᠢ᠋ 《ᠭᠤᠨᠠᠨ 》ᠭᠡᠵᠦ ᠳᠠᠭᠤᠳᠠᠵᠤ ᠪᠠᠢᠵᠠᠢ᠃ ᠲᠤᠬᠠᠢᠯᠠᠪᠠᠯ :  《ᠭᠤᠨᠠᠭᠠᠨ ( ᠰᠢᠳᠦ ᠰᠣᠯᠢᠬᠤ ᠨᠠᠰᠤᠨ ᠤ᠋ ᠬᠦᠦ ) ᠤᠯᠠᠭᠠᠨ ᠪᠠᠭᠠᠲᠤᠷ 》 ᠭᠡᠬᠦ ᠳᠣᠮᠣᠭ ᠬᠢᠭᠡᠳ   《ᠭᠤᠨᠠᠨ ᠬᠠᠷ᠎ᠠ 》ᠭᠡᠰᠡᠨ ᠳᠠᠭᠤᠤ ᠵᠡᠷᠭᠡ ᠪᠣᠢ ᠃ ᠣᠳᠣ ᠢᠩᠭᠢᠵᠦ ᠬᠥᠮᠦᠨ ᠂ ᠮᠣᠷᠢᠨ ᠳ᠋ᠤ᠌ ᠬᠡᠯᠡᠬᠦ ᠪᠡᠨ ᠪᠠᠢᠵᠤ ᠂ ᠵᠥᠪᠬᠡᠨ ᠦᠬᠡᠷ ᠂ ᠲᠡᠮᠡᠭᠡ ᠮᠡᠲᠦ ᠶ᠋ᠢᠨ ᠰᠠᠯᠪᠠᠭ ᠲᠤᠭᠤᠷᠠᠢᠲᠠᠨ ᠤ᠋ ᠭᠤᠷᠪᠠᠲᠤ ᠳᠡᠭᠡᠷ᠎ᠡ ᠯᠡ ᠬᠡᠷᠡᠭᠯᠡᠵᠦ ᠪᠣᠢ ᠃ ᠭᠤᠨᠵᠢ ᠭᠤᠨᠠᠨ ᠪᠠᠢᠳᠠᠰᠤ᠃ 3 ᠨᠠᠰᠤᠨ ᠤ᠋ ᠡᠮ᠎ᠡ ᠬᠦᠢᠰᠦᠨ ᠦ᠌ ᠠᠳᠤᠭᠤ ( ᠡᠷᠲᠡᠨ ᠦ᠌  ) ᠃ 
ᠬᠢᠵᠠᠭᠠᠯᠠᠩ  
       4 ᠨᠠᠰᠤᠲᠠᠢ ᠪᠤᠲᠠ ᠮᠠᠯ ᠂ 3 ᠨᠠᠰᠤᠲᠠᠢ ᠪᠤᠭ ᠮᠠᠯ ᠤ᠋ᠨ ᠬᠦᠢᠰᠦ ᠢᠯᠭᠠᠭᠰᠠᠨ ᠦᠭᠡᠢ ᠨᠡᠷᠡᠯᠡᠭᠰᠡᠨ ᠨᠡᠷᠡᠢᠳᠦᠯ ᠂ 4 ᠬᠠᠯᠪᠠᠭ᠎ᠠ ᠰᠢᠳᠦᠲᠡᠢ ᠃  ᠬᠢᠵᠠᠭᠠᠯᠠᠩ ᠭᠡᠭᠴᠢ ᠲᠠᠪᠤᠨ ᠬᠣᠰᠢᠭᠤ ᠮᠠᠯ ᠡᠨᠡ ᠨᠠᠰᠤᠨ ᠳ᠋ᠤ᠌ ᠬᠦᠷᠪᠡᠯ ᠰᠢᠳᠦ ᠵᠠᠬᠠᠯᠠᠬᠤ ( ᠵᠠᠬ᠎ᠠ ᠶ᠋ᠢᠨ ᠰᠢᠲᠦ ᠰᠢᠳᠦᠯᠡᠬᠦ ) ᠲᠤᠯᠠ ᠬᠢᠵᠠᠭᠠᠷᠯᠠᠩ –  ᠬᠢᠵᠠᠭᠠᠯᠠᠩ ᠭᠡᠵᠦ ᠨᠡᠷᠡᠢᠳᠴᠡᠢ᠃ ᠣᠨᠴᠠᠭᠠᠢ ᠪᠠᠢᠳᠠᠯ – ᠪᠥᠭᠡᠨᠰᠦᠭ ᠨᠢ ᠪᠠᠭᠤᠭᠠᠳᠤᠢ ᠪᠤᠶᠤ ᠠᠯᠳᠠᠵᠤ ᠭᠡᠭᠡᠭᠡᠳ ᠣᠯᠤᠭᠠᠳᠤᠢ ᠠ᠋ᠴᠠ ᠪᠤᠰᠤᠳ ᠪᠤᠲᠠ ᠶ᠋ᠢ  ᠪᠦᠷ ᠡᠨᠡ ᠬᠢᠵᠠᠭᠠᠯᠠᠩ ᠨᠠᠰᠤᠨ ᠳ᠋ᠤᠨᠢ ᠬᠠᠭᠠᠷᠢᠵᠤ ᠠᠭᠲᠠᠯᠠᠳᠠᠭ᠃ 
ᠬᠢᠵᠠᠭᠠᠯᠠᠩ ᠦᠷᠢᠶ᠎ᠡ     ᠠᠭᠲᠠᠯᠠᠭᠠᠳᠤᠢ 4 ᠨᠠᠰᠤᠨ ᠤ᠋ ᠡᠷ᠎ᠡ ᠠᠳᠤᠭᠤ᠃ 
ᠬᠢᠵᠠᠭᠠᠯᠠᠩ ᠮᠣᠷᠢ        ᠠᠭᠲᠠᠯᠠᠭᠰᠠᠨ 4 ᠨᠠᠰᠤᠨ ᠤ᠋ ᠡᠷ᠎ᠡ ᠠᠳᠤᠭᠤ ᠃ 
ᠬᠥᠩᠭᠡᠯᠡᠭᠰᠡᠨ ᠮᠣᠷᠢ      ᠪᠥᠭᠡᠨᠰᠦᠭ ᠢ᠋ ᠨᠢ ᠠᠪᠴᠤ ᠪᠡᠶ᠎ᠡ ᠶ᠋ᠢ ᠨᠢ ᠬᠥᠩᠭᠡᠯᠡᠭᠰᠡᠨ ᠮᠣᠷᠢ᠃ 
ᠵᠠᠰᠠᠭᠰᠠᠨ ᠮᠣᠷᠢ         ᠪᠥᠭᠡᠨᠰᠦᠭ ᠢ᠋ ᠨᠢ ᠠᠪᠴᠤ ᠵᠠᠰᠠᠵᠤ ᠴᠡᠪᠡᠷᠯᠡᠭᠰᠡᠨ ᠮᠣᠷᠢ᠃ 
ᠴᠠᠭᠠᠯᠠᠭᠰᠠᠨ ᠮᠣᠷᠢ        ᠪᠥᠭᠡᠨᠰᠦᠭ ᠢ᠋ ᠨᠢ ᠠᠪᠴᠤ ᠂ ᠴᠡᠪᠡᠷ ᠰᠢᠯᠤᠭᠤᠨ ᠪᠣᠯᠭᠠᠭᠰᠠᠨ ᠮᠣᠷᠢ᠃ 
ᠠᠭᠳᠠᠯᠠᠭᠰᠠᠨ ᠮᠣᠷᠢ       ᠪᠥᠭᠡᠨᠰᠦᠭ ᠢ᠋ ᠨᠢ ᠠᠪᠴᠤ ᠠᠭᠲᠠ ᠪᠣᠯᠭᠠᠭᠰᠠᠨ ᠮᠣᠷᠢ᠃ 
ᠡᠰᠬᠡᠯ ᠮᠣᠷᠢ           ᠬᠢᠲᠤᠭ᠎ᠠ ᠪᠠᠷ ᠡᠰᠬᠡᠵᠦ ᠪᠥᠭᠡᠨᠰᠦᠭ ᠢ᠋ ᠨᠢ ᠠᠪᠴᠤ ᠠᠭᠳᠠᠯᠠᠭᠰᠠᠨ ᠮᠣᠷᠢ᠃ 
ᠬᠠᠭᠠᠷᠢᠮᠠᠯ ᠮᠣᠷᠢ        ᠪᠥᠭᠡᠨᠰᠦᠭ ᠢ᠋ ᠨᠢ ᠬᠠᠭᠠᠷᠢᠭᠤᠯ ᠢ᠋ᠶ᠋ᠠᠷ ᠬᠠᠭᠠᠷᠢᠵᠤ ᠠᠪᠤᠭᠰᠠᠨ ᠮᠣᠷᠢ᠃ 
ᠨᠣᠢᠲᠣᠨ ᠮᠣᠷᠢ         ᠰᠠᠢᠬᠠᠨ ᠬᠠᠭᠠᠷᠢᠵᠤ ᠡᠳᠡᠭᠡᠷᠡᠭᠡᠳᠦᠢ ᠮᠥᠷᠲᠡᠭᠡᠨ ᠪᠡᠶ᠎ᠡ ᠨᠢ ᠲᠠᠮᠢᠷᠵᠢᠭᠠᠳᠤᠢ ᠮᠣᠷᠢ᠃ 
ᠬᠢᠵᠠᠭᠠᠯᠠᠩ ᠪᠠᠢᠳᠠᠰᠤ       4 ᠨᠠᠰᠤᠨ ᠤ᠋ ᠡᠮ᠎ᠡ ᠠᠳᠤᠭᠤ ᠃ 
ᠳᠥᠨ᠎ᠡ     
       4 ᠨᠠᠰᠤᠨ ᠤ᠋ ᠡᠷ᠎ᠡ ᠭᠦᠢᠰᠦᠨ᠎ᠡ ᠬᠡᠷᠡᠭᠯᠡᠬᠦ ᠪᠤᠲᠠ ᠶ᠋ᠢᠨ ᠨᠡᠷᠡᠢᠳᠦᠯ ᠃ ᠡᠷᠲᠡ ᠳᠡᠭᠡᠳᠦ ᠦᠶ᠎ᠡ ᠳ᠋ᠦ᠍ ᠂ ᠮᠣᠩᠭᠣᠯᠴᠤᠳ ᠬᠥᠮᠦᠨ ᠪᠠ ᠪᠤᠲᠠ ᠶ᠋ᠢᠨ ᠬᠢᠵᠠᠭᠠᠯᠠᠩ᠂ ᠥᠭᠡᠷ᠎ᠡ ᠪᠡᠷ ᠬᠡᠯᠡᠪᠡᠯ ᠰᠢᠳᠦ ᠵᠠᠬᠠᠯᠠᠬᠤ ᠨᠠᠰᠤᠨ ᠢ᠋ 《ᠳᠥᠨ᠎ᠡ – ᠳᠥᠨᠡᠨ 》ᠭᠡᠵᠦ ᠳᠠᠭᠤᠳᠠᠵᠤ ᠪᠠᠢᠵᠠᠢ ᠃ ᠲᠤᠬᠠᠢᠯᠠᠪᠠᠯ : 《ᠳᠦᠨᠡᠩᠭᠡᠨ ᠳᠥᠨᠡᠩᠭᠡᠨ ᠬᠠᠷ᠎ᠠ ᠮᠣᠷᠢ ᠮᠢᠨᠢ 》 ᠭᠡᠳᠡᠭ ᠳᠠᠭᠤᠤ ᠪᠠ  《××× ᠬᠦᠦ ᠳᠥᠨᠡᠨ ᠨᠠᠰᠤᠨ ᠳ᠋ᠠᠭᠠᠨ  ᠁ 》ᠭᠡᠳᠡᠭ ᠦᠯᠢᠭᠡᠷ ᠲᠡᠦᠬᠡ ᠶ᠋ᠢᠨ ᠶᠠᠷᠢᠶ᠎ᠠ ᠪᠠᠢᠳᠠᠭ ᠃ ᠣᠳᠣ ᠢᠩᠭᠢᠵᠦ ᠬᠡᠯᠡᠬᠦ ᠪᠡᠨ ᠪᠠᠢᠵᠤ ᠵᠥᠪᠬᠡᠨ ᠰᠠᠯᠪᠠᠭ ᠲᠤᠭᠤᠷᠠᠢᠲᠠᠨ – ᠦᠬᠡᠷ ᠂ ᠲᠡᠮᠡᠭᠡᠨ ᠦ᠌ ᠳᠥᠷᠪᠡᠲᠦ ᠳᠡᠭᠡᠷ᠎ᠡ ᠯᠡ ᠬᠡᠷᠡᠭᠯᠡᠵᠦ ᠪᠠᠢᠳᠠᠭ᠃ 
ᠳᠥᠨᠵᠢ   
       4 ᠨᠠᠰᠤᠨ ᠤ᠋ ᠡᠮ᠎ᠡ ᠬᠦᠢᠰᠦᠨ ᠦ᠌ ᠠᠳᠤᠭᠤ  ( ᠡᠷᠲᠡᠨ ᠦ᠌ ᠳᠠᠭᠤᠳᠠᠯᠭ᠎ᠠ  ) ᠃ 
ᠰᠣᠶᠣᠭᠠᠯᠠᠩ  
       ᠲᠠᠪᠤᠨ ᠨᠠᠰᠤᠲᠠᠢ ᠪᠤᠲᠠ ᠶ᠋ᠢᠨ ᠬᠦᠢᠰᠦ ᠢᠯᠭᠠᠭᠰᠠᠨ ᠦᠭᠡᠢ ᠨᠡᠷᠡᠢᠳᠦᠯ ᠃ ᠡᠷ᠎ᠡ ᠬᠦᠢᠰᠦᠨ ᠦ᠌ ᠪᠤᠲᠠ ( ᠭᠣᠣᠯᠳᠠᠭᠤ ᠠᠳᠤᠭᠤ ᠂ ᠲᠡᠮᠡᠭᠡ ) ᠡᠨᠡ ᠨᠠᠰᠤᠨ ᠳ᠋ᠤ᠌ ᠭᠥᠷᠥᠭᠰᠡᠭᠡᠷ ᠠᠷᠠᠭ᠎ᠠ ᠠ᠋ᠴᠠ ᠠᠷᠤ ᠳ᠋ᠤ᠌ ᠬᠤᠷᠤᠭᠤ ᠬᠢᠷᠢ ᠵᠠᠢᠲᠠᠢ ᠳ᠋ᠤ᠌ ᠰᠣᠶᠣᠭ᠎ᠠ ᠰᠢᠲᠦ ᠤᠷᠭᠤᠳᠠᠭ ᠠ᠋ᠴᠠ ᠰᠣᠶᠣᠭᠠᠯᠠᠩ ᠭᠡᠵᠦ ᠨᠠᠷᠠᠯᠠᠪᠠ ᠃ ᠳᠤᠤᠯᠠᠨ ( 5 ᠨᠠᠰᠤᠲᠠᠢ ᠡᠷ᠎ᠡ ᠠᠳᠤᠭᠤ ᠶ᠋ᠢ ᠰᠢᠨᠵᠢᠶᠠᠩ ᠳ᠋ᠤ᠌ ᠳᠣᠤᠯᠠᠨ ᠭᠡᠵᠦ ᠬᠡᠯᠡᠳᠡᠭ ) ᠂ ᠲᠤᠤᠯᠵᠢᠨ ( 5 ᠨᠠᠰᠤᠲᠠᠢ ᠡᠮ᠎ᠡ ᠠᠳᠤᠭᠤ ᠶ᠋ᠢ ᠰᠢᠨᠵᠢᠶᠠᠩ ᠳ᠋ᠤ᠌ ᠲᠤᠤᠯᠵᠢᠨ ᠭᠡᠵᠦ ᠨᠡᠷᠡᠯᠡᠳᠡᠭ  ) ᠃ 
ᠰᠣᠶᠣᠭ᠎ᠠ ᠰᠤᠩᠭᠠᠬᠤ  
       ᠭᠦᠢᠴᠡᠬᠦ ᠨᠠᠰᠤᠨ ᠤ᠋ ᠮᠣᠷᠢ ᠶ᠋ᠢ ᠬᠡᠯᠡᠳᠡᠭ ᠃ ᠥᠭᠡᠷ᠎ᠡ ᠪᠡᠷ ᠬᠡᠯᠡᠪᠡᠯ ᠂ 6 ᠨᠠᠰᠤᠲᠠᠢ ᠠᠳᠤᠭᠤ ᠂ ᠲᠡᠮᠡᠭᠡᠨ ᠳ᠋ᠦ᠍ ᠮᠥᠨ ᠬᠡᠯᠡᠨ᠎ᠡ ᠃ ᠠᠳᠤᠭᠤ ᠂ ᠲᠡᠮᠡᠭᠡ ( ᠡᠷ᠎ᠡ ᠬᠦᠢᠰᠦᠨ ᠦ᠌ ) ᠡᠨᠡ ᠨᠠᠰᠤᠨ ᠳ᠋ᠤ᠌ ᠬᠦᠷᠪᠡᠯ ᠰᠣᠶᠣᠭ᠎ᠠ ᠨᠢ ᠭᠦᠢᠴᠡᠳ ᠤᠷᠭᠤᠨ ᠭᠦᠢᠴᠡᠵᠦ ᠂ ᠬᠣᠢᠰᠢᠳᠠ ᠶᠠᠰᠤᠨ ᠤ᠋ ᠥᠰᠦᠯᠲᠡ ᠶ᠋ᠢᠨ ᠲᠡᠭᠦᠰᠬᠡᠯ ᠪᠣᠯᠤᠨ᠎ᠠ ᠃ ᠡᠢᠨ ᠬᠦ᠌ ᠰᠣᠶᠣᠭ᠎ᠠ ᠰᠤᠩᠭᠠᠯ᠎ᠠ ᠭᠡᠭᠰᠡᠭᠡᠷ ᠶᠠᠰᠤ ᠭᠦᠢᠴᠡᠳ ᠤᠷᠭᠤᠵᠤ ᠭᠦᠢᠴᠡᠯ᠎ᠡ ᠭᠡᠰᠡᠨ ᠦᠭᠡ ᠃ ᠲᠡᠢᠨ ᠬᠦ᠌ ᠡᠨᠡ ᠨᠠᠰᠤ ᠶ᠋ᠢ ᠭᠦᠢᠴᠡᠬᠦ ᠨᠠᠰᠤᠨ ᠤ᠋ ᠮᠣᠷᠢ ᠪᠤᠶᠤ ᠲᠡᠮᠡᠭᠡ ᠭᠡᠳᠡᠭ ᠃  ᠬᠥᠬᠡ ᠰᠣᠶᠣᠭ᠎ᠠ  ᠰᠣᠶᠣᠭ᠎ᠠ ᠰᠤᠩᠭᠠᠬᠤ ᠶ᠋ᠢ ᠬᠡᠯᠡᠨ᠎ᠡ ᠃ ᠰᠣᠶᠣᠭ᠎ᠠ ᠭᠦᠢᠴᠡᠳ ᠤᠷᠭᠤᠭᠰᠠᠭᠠᠷ ᠰᠢᠲᠦᠨ ᠦ᠌ ᠥᠩᠭᠡ ᠨᠢ ᠬᠥᠬᠡᠪᠲᠦᠷ ᠪᠣᠯᠳᠠᠭ ᠃ ᠮᠥᠨ 6 ᠨᠠᠰᠤᠲᠠᠢ ᠃ 
ᠬᠠᠪᠴᠢᠭ ᠰᠣᠶᠣᠭᠠᠯᠠᠩ  
       ᠬᠠᠪᠴᠢᠭ ᠰᠣᠶᠣᠭᠠᠯᠠᠩ ᠭᠡᠵᠦ ᠵᠢᠷᠭᠤᠭᠠᠨ ᠨᠠᠰᠤᠨ ᠤ᠋ ᠡᠷ᠎ᠡ ᠠᠳᠤᠭᠤᠨ ᠳᠡᠭᠡᠷ᠎ᠡ ᠬᠡᠯᠡᠳᠡᠭ᠃ ᠶᠣᠰᠣᠨ ᠳ᠋ᠠᠭᠠᠨ ᠠᠳᠤᠭᠤ ᠵᠢᠷᠭᠤᠭᠠᠨ ᠨᠠᠰᠤ ᠬᠦᠷᠪᠡᠯ ᠰᠣᠶᠣᠭ᠎ᠠ ᠨᠢ ᠭᠦᠢᠴᠡᠳ ᠤᠷᠭᠤᠵᠤ ᠶᠠᠰᠤ ᠰᠢᠳᠦ ᠨᠢ ᠭᠦᠢᠴᠡᠵᠦ᠂ ᠴᠢᠳᠠᠯ ᠰᠢᠨᠳᠠᠰᠤ ᠪᠦᠷᠢᠳᠦᠯ᠎ᠡ ᠭᠡᠵᠦ ᠮᠠᠯᠴᠢᠳ ᠬᠡᠯᠡᠳᠡᠭ᠃ ᠭᠡᠲᠡᠯ᠎ᠡ ᠬᠠᠪᠴᠢᠭ ᠰᠣᠶᠣᠭᠠᠯᠠᠩ ᠭᠡᠭᠴᠢ ᠮᠠᠨᠢ ᠣᠨ ᠵᠢᠯ ᠢ᠋ᠶ᠋ᠡᠷ ᠲᠣᠭᠠᠯᠠᠪᠠᠯ 6 ᠨᠠᠰᠤ ᠬᠦᠷᠦᠭᠰᠡᠨ ᠴᠦ᠍ ᠶᠠᠰᠤ – ᠰᠣᠶᠣᠭ᠎ᠠ ᠨᠢ ᠭᠦᠢᠴᠡᠳ ᠤᠷᠭᠤᠭᠠᠳᠤᠢ ᠪᠠᠢᠳᠠᠭ᠂ ᠣᠨ ᠵᠢᠯ ᠢ᠋ ᠨᠢ ᠲᠣᠭᠠᠯᠠᠪᠠᠯ  6 ᠬᠦᠷᠴᠦ᠂ ᠰᠢᠲᠦ ᠶ᠋ᠢ ᠨᠢ ᠦᠵᠡᠪᠡᠯ ᠰᠣᠶᠣᠭ᠎ᠠ ᠨᠢ ᠰᠤᠩᠭᠠᠭᠠᠳᠤᠢ ᠰᠠᠶᠢ ᠤᠷᠭᠤᠵᠤ ᠪᠠᠢᠳᠠᠭ ᠃ ᠡᠢᠮᠦ ᠬᠣᠶᠠᠷ  ᠤ᠋ᠨ ᠬᠣᠭᠣᠷᠣᠨᠳᠣ ᠪᠠᠢᠳᠠᠭ ᠠ᠋ᠴᠠ ᠬᠠᠪᠴᠢᠭ ᠰᠣᠶᠣᠭᠠᠯᠠᠩ ᠭᠡᠵᠦ ᠨᠡᠷᠡᠯᠡᠭᠰᠡᠨ ᠶᠦ᠍ᠮ ᠃ ᠨᠠᠷᠢᠨ ᠲᠠᠢᠯᠪᠤᠷᠢ ᠶ᠋ᠢ ᠣᠷᠣᠰᠢᠯ ᠤ᠋ᠨ ᠡᠴᠦᠰ ᠦ᠋ᠨ ᠪᠦᠯᠦᠭ ᠲᠦ᠍ ᠦᠵᠡ᠃ 
ᠮᠣᠷᠢ        4 ᠨᠠᠰᠤᠨ ᠠ᠋ᠴᠠ ᠳᠡᠭᠡᠭᠰᠢᠬᠢ ᠠᠭᠲᠠᠯᠠᠭᠰᠠᠨ ᠠᠳᠤᠭᠤ᠃ 
ᠮᠣᠷᠢ ᠪᠠᠷᠢᠬᠤ  
       ① ᠠᠳᠤᠭᠤᠨ ᠠ᠋ᠴᠠ ᠪᠤᠶᠤ ᠴᠢᠳᠥᠷ ᠲᠡᠢ ᠲᠠᠯᠪᠢᠭᠰᠠᠨ ᠮᠣᠷᠢ ᠪᠠᠨ ᠪᠠᠷᠢᠬᠤ ᠃ 
       ② ᠣᠷᠣᠯᠳᠣᠭᠰᠠᠨ ᠮᠣᠷᠢ ᠶ᠋ᠢ ᠡᠴᠦᠰ ᠦ᠋ᠨ ᠱᠤᠭᠤᠮ   ᠳ᠋ᠤᠨᠢ ᠲᠣᠰᠴᠤ ᠪᠠᠷᠢᠬᠤ᠃ 
ᠮᠣᠷᠢ ᠲᠠᠯᠪᠢᠬᠤ  
       ① ᠣᠷᠣᠯᠳᠣᠬᠤ ᠭᠠᠵᠠᠷ ᠠ᠋ᠴᠠ ᠮᠣᠷᠢ ᠶ᠋ᠢ ᠡᠬᠢᠯᠡᠨ ᠳᠠᠪᠬᠢᠭᠤᠯᠬᠤ᠃ 
       ② ᠤᠨᠤᠭ᠎ᠠ ᠮᠣᠷᠢ ᠶ᠋ᠢ ᠢᠳᠡᠰᠢᠯᠡᠭᠦᠯᠬᠦ ᠪᠡᠷ ᠲᠠᠯᠪᠢᠬᠤ ᠪᠤᠶᠤ ᠢᠵᠢᠯᠢ  ᠳ᠋ᠦ᠍ᠨᠢ ᠨᠡᠢᠯᠡᠭᠦᠯᠬᠦ᠃
       ③ ᠥᠪᠡᠷ ᠦ᠋ᠨ ᠮᠣᠷᠢ ᠪᠠᠨ ᠪᠤᠰᠤᠳ ᠤ᠋ᠨ ᠠᠳᠤᠭᠤᠨ ᠳ᠋ᠤ᠌ ᠨᠡᠢᠯᠡᠭᠦᠯᠵᠦ ᠠᠳᠤᠭᠤᠯᠠᠬᠤ᠃ 
ᠮᠣᠷᠢ ᠬᠠᠷᠠᠬᠤ       ( ᠰᠢᠯᠵᠢᠭᠰᠡᠨ ) ᠪᠡᠶ᠎ᠡ ᠵᠠᠰᠠᠬᠤ ᠶ᠋ᠢ ᠬᠡᠯᠡᠳᠡᠭ ᠃ 
ᠮᠣᠷᠢ ᠭᠠᠷᠬᠤ      ᠤᠷᠤᠯᠳᠤᠭᠠᠨ ᠤ᠋ ᠮᠣᠷᠢ ᠂ ᠣᠷᠣᠯᠳᠣᠬᠤ ᠭᠠᠵᠠᠷ ᠤᠷᠤᠭᠤ ᠪᠠᠨ ᠶᠠᠪᠤᠬᠤ᠃ 
ᠮᠣᠷᠢ ᠰᠣᠢᠬᠤ     ᠤᠷᠤᠯᠳᠤᠭᠠᠨ ᠤ᠋ ᠮᠣᠷᠢ ᠶ᠋ᠢ ᠬᠠᠭᠰᠠᠭᠠᠵᠤ ᠪᠡᠶ᠎ᠡ ᠶ᠋ᠢ ᠨᠢ ᠬᠥᠩᠭᠡᠷᠡᠭᠦᠯᠬᠦ᠃ 
ᠮᠣᠷᠢ ᠬᠥᠯᠥᠷᠡᠭᠡᠬᠦ    ᠮᠣᠷᠢ ᠬᠥᠯᠥᠰᠥᠯᠡᠬᠦ ᠂ ᠮᠣᠷᠢᠳ ᠢ᠋ ᠳᠠᠪᠬᠢᠭᠤᠯᠵᠤ ᠬᠥᠯᠥᠰᠥ ᠶ᠋ᠢ ᠨᠢ ᠭᠠᠷᠭᠠᠨ ᠠᠪᠬᠤ᠃ 
ᠮᠣᠷᠢ ᠬᠥᠲᠥᠯᠬᠦ  
       ① ᠢᠯᠡᠭᠦᠦ ᠮᠣᠷᠢ ᠬᠥᠲᠥᠯᠵᠦ ᠶᠠᠪᠤᠬᠤ᠃ 
       ② ᠤᠷᠤᠯᠳᠤᠭᠠᠨ ᠤ᠋ ᠮᠣᠷᠢ ᠶ᠋ᠢ ᠳᠠᠪᠬᠢᠵᠤ ᠢᠷᠡᠭᠰᠡᠨ ᠦ᠌ ᠳᠠᠷᠠᠭ᠎ᠠ ᠬᠥᠲᠥᠯᠵᠦ ᠲᠣᠭᠣᠷᠢᠭᠤᠯᠬᠤ᠃ 
ᠮᠣᠷᠢ ᠣᠷᠣᠯᠳᠣᠬᠤ      ᠮᠣᠷᠢᠨ ᠤ᠋ ᠬᠤᠷᠳᠤᠨ ᠢ᠋ ᠲᠡᠮᠡᠴᠡᠬᠦ᠃ 
ᠮᠣᠷᠢ ᠲᠠᠷᠯᠠᠬᠤ        ᠮᠣᠷᠢ ᠶ᠋ᠢ ᠴᠢᠳᠠᠯ ᠢ᠋ᠶ᠋ᠠᠷ ᠨᠢ ᠥᠰᠥᠷᠬᠡᠬᠦ᠃ 
ᠮᠣᠷᠢ ᠥᠰᠥᠷᠬᠡᠬᠦ      ᠣᠷᠣᠯᠳᠣᠬᠤ ᠮᠣᠷᠢ ᠶ᠋ᠢ ᠳᠣᠪᠲᠣᠯᠭᠠᠨ ᠳᠠᠰᠬᠠᠵᠤ ᠰᠤᠷᠭᠠᠬᠤ᠃ 
ᠮᠣᠷᠢ ᠪᠤᠯᠭᠢᠬᠤ        ᠤᠨᠤᠭᠰᠠᠨ ᠬᠥᠮᠦᠨ ᠢ᠋ ᠣᠢᠴᠢᠭᠤᠯᠬᠤ ᠪᠠᠷ ᠦᠰᠦᠷᠬᠢᠯᠡᠬᠦ᠃ 
ᠮᠣᠷᠢ ᠦᠷᠭᠦᠬᠦ        ᠮᠣᠷᠢ ᠶᠠᠭᠤᠮ᠎ᠠ ᠠ᠋ᠴᠠ ᠰᠣᠴᠢᠨ ᠵᠠᠢᠯᠠᠰᠬᠢᠬᠦ᠃ 
ᠮᠣᠷᠢ ᠪᠤᠬᠠᠬᠤ         ᠮᠣᠷᠢ ᠪᠠᠭ᠎ᠠ ᠵᠡᠷᠭᠡ ᠪᠤᠯᠭᠢᠬᠤ ᠮᠡᠲᠦ ᠦᠰᠦᠷᠬᠢᠯᠡᠬᠦ᠃ 
ᠮᠣᠷᠢ ᠬᠠᠯᠢᠰᠬᠢᠬᠦ       ᠮᠣᠷᠢ ᠰᠣᠴᠢᠨ ᠬᠠᠵᠠᠭᠤᠰᠢ ᠪᠠᠨ ᠨᠡᠯᠢᠶᠡᠳ ᠵᠠᠢᠯᠠᠰᠬᠢᠬᠦ᠃ 
ᠮᠣᠷᠢ ᠨᠠᠳᠬᠤᠬᠤ       ᠮᠣᠷᠢ ᠦᠷᠭᠦᠬᠦ᠃ 
ᠮᠣᠷᠢ ᠤᠷᠭᠠᠯᠠᠬᠤ       ᠤᠷᠭ᠎ᠠ ᠪᠠᠷ ᠮᠣᠷᠢ ᠪᠠᠷᠢᠬᠤ᠃ 
ᠮᠣᠷᠢ ᠴᠠᠯᠮᠠᠳᠠᠬᠤ       ᠴᠠᠯᠮ᠎ᠠ ᠪᠠᠷ ᠮᠣᠷᠢ ᠪᠠᠷᠢᠬᠤ᠃ 
ᠮᠣᠷᠢ ᠢᠨᠴᠠᠭᠠᠬᠤ   
       ᠠᠳᠤᠭᠤᠨ ᠤ᠋ ᠢᠵᠢᠯᠢ ᠰᠦᠷᠦᠭ ᠢ᠋ᠶ᠋ᠡᠨ ᠡᠷᠢᠬᠦ᠂ ᠳᠠᠭᠤᠳᠠᠬᠤ ᠵᠡᠷᠭᠡ ᠳ᠋ᠦ᠍ ᠬᠠᠩᠭᠢᠨᠠᠲᠠᠯ᠎ᠠ ᠤᠷᠲᠤᠬᠠᠨ ᠳᠠᠭᠤ ᠭᠠᠷᠭᠠᠬᠤ᠃ 
ᠮᠣᠷᠢ ᠦᠦᠷᠰᠡᠬᠦ   
       ᠠᠳᠤᠭᠤᠨ ᠤ᠋ ᠪᠣᠭᠣᠨᠢᠪᠲᠤᠷ ᠳᠠᠭᠤ ᠪᠠᠷ ᠢᠨᠴᠠᠭᠠᠬᠤ ᠮᠡᠲᠦ ᠬᠦᠬᠦᠲᠦᠨᠡᠨ ᠳᠤᠤᠭᠠᠷᠬᠤ᠃ 
ᠮᠣᠷᠢ ᠬᠤᠤᠬᠢᠷᠬᠤ   
       ᠠᠳᠤᠭᠤᠨ ᠤ᠋ ᠶᠠᠭᠤᠮ᠎ᠠ ᠠ᠋ᠴᠠ ᠠᠶᠤᠨ ᠬᠡᠯᠡᠮᠡᠭᠳᠡᠭᠦ  ᠪᠤᠶᠤ ᠰᠣᠴᠢᠨ ᠰᠡᠵᠢᠭᠯᠡᠨ ᠬᠠᠮᠠᠷ ᠢ᠋ᠶ᠋ᠠᠨ ᠬᠣᠷᠳ᠋ ᠬᠢᠯᠭᠡᠨ ᠬᠦᠬᠦᠲᠦᠨᠡᠨ ᠳᠤᠤᠭᠠᠷᠬᠤ᠃ 
ᠮᠣᠷᠢ ᠴᠢᠳᠥᠷᠯᠡᠬᠦ   
       ᠮᠣᠷᠢᠨ ᠤ᠋ ᠭᠤᠷᠪᠠᠨ ᠬᠥᠯ ᠢ᠋ ᠴᠢᠳᠥᠷ ᠢ᠋ᠶ᠋ᠡᠷ ᠪᠡᠬᠢᠯᠡᠬᠦ᠃ 
ᠮᠣᠷᠢ ᠥᠷᠥᠭᠡᠯᠳᠡᠬᠦ   
       ① ᠮᠣᠷᠢᠨ ᠤ᠋ ᠬᠠ ᠂ ᠭᠤᠶ᠎ᠠ ᠶ᠋ᠢ ᠰᠢᠯᠤᠭᠤᠨ ᠢ᠋ᠶ᠋ᠠᠷ ᠪᠡᠬᠢᠯᠡᠨ ᠲᠠᠯᠪᠢᠬᠤ ᠶ᠋ᠢ ᠥᠷᠥᠭᠡᠯᠳᠡᠯ᠎ᠡ ᠭᠡᠨ᠎ᠡ ᠃ 
       ② ᠮᠣᠷᠢᠨ ᠤ᠋ ᠵᠥᠪ ᠲᠠᠯ᠎ᠠ  ᠶ᠋ᠢᠨ ᠬᠠ ᠬᠢᠭᠡᠳ ᠪᠤᠷᠤᠭᠤ ᠲᠠᠯ᠎ᠠ ᠶ᠋ᠢᠨ ᠭᠤᠶ᠎ᠠ ᠮᠡᠲᠦᠴᠢᠯᠡᠨ ᠥᠷᠥᠭᠡᠯᠳᠡᠬᠦ ᠶ᠋ᠢ ᠰᠣᠯᠢᠭ᠎ᠠ ᠥᠷᠥᠭᠡᠯᠳᠡᠯ ᠭᠡᠨ᠎ᠡ᠃
ᠮᠣᠷᠢ ᠲᠤᠰᠢᠬᠤ ( ᠲᠤᠱᠠᠬᠤ )   
       ᠮᠣᠷᠢᠨ ᠤ᠋ ᠬᠣᠶᠠᠷ ᠬᠠ ᠶ᠋ᠢ ᠪᠡᠬᠢᠯᠡᠵᠦ ᠲᠠᠯᠪᠢᠬᠤ᠃ 
ᠮᠣᠷᠢ ᠴᠣᠮᠣᠬᠤ  
       ᠴᠤᠯᠪᠤᠭᠤᠷ ᠢ᠋ᠶ᠋ᠠᠷ ᠮᠣᠷᠢᠨ ᠤ᠋ ᠤᠷᠲᠤ ᠬᠣᠶᠠᠷ ᠬᠥᠯ ᠢ᠋ ᠲᠡᠬᠡᠭᠦᠷᠬᠡᠨ ᠤᠶᠠᠵᠤ ᠪᠡᠬᠢᠯᠡᠬᠦ ᠶ᠋ᠢ ᠬᠡᠯᠡᠨ᠎ᠡ᠃ 
ᠮᠣᠷᠢ ᠲᠦᠭᠰᠢᠬᠦ 
       ᠮᠣᠷᠢ ᠮᠠᠯ ᠤ᠋ᠨ ᠵᠣᠪᠠᠯ ᠬᠡᠲᠦᠷᠡᠵᠦ ᠴᠠᠪᠢ ᠶ᠋ᠢᠨ ᠲᠤᠰ ᠲᠤ᠌ ᠶᠡᠬᠡ ᠪᠡᠷ ᠳᠡᠯᠡᠰᠦᠨ ᠬᠥᠳᠡᠯᠬᠦ᠃ 
ᠮᠣᠷᠢᠨ ᠥᠷᠲᠡᠭᠡ  
       ᠮᠣᠷᠢ ᠪᠠᠷ ᠠᠯᠪᠠ ᠵᠠᠯᠭᠠᠭᠤᠯᠬᠤ ᠡᠭᠦᠷᠭᠡ ᠭᠦᠢᠴᠡᠳᠬᠡᠭᠴᠢ ᠭᠠᠵᠠᠷ᠃ 
ᠮᠣᠷᠢᠨ ᠲᠣᠭᠣᠷᠢᠭᠤᠯ 
       ᠤᠷᠤᠯᠳᠤᠭᠠᠨ ᠤ᠋ ᠮᠣᠷᠢᠳ ᠤ᠋ᠨ ᠲᠣᠭᠣᠷᠢᠨ ᠣᠷᠣᠯᠳᠣᠬᠤ ᠭᠠᠵᠠᠷ᠃ 
ᠮᠣᠷᠢᠨ ᠤᠶᠠᠭ᠎ᠠ    
       ① ᠤᠷᠤᠯᠳᠤᠭᠠᠨ ᠤ᠋ ᠮᠣᠷᠢᠨ ᠤ᠋ ᠤᠶᠠᠬᠤ ᠠᠵᠢᠯᠯᠠᠭ᠎ᠠ : ᠡᠨᠡ ᠮᠣᠷᠢᠨ ᠤ᠋ ᠤᠶᠠᠭ᠎ᠠ ᠨᠢ ᠳᠠᠭᠠᠷᠢᠵᠤ ᠪᠠᠢᠨ᠎ᠠ᠃ 
       ② ᠮᠣᠷᠢ ᠤᠶᠠᠬᠤ ᠱᠣᠩ ᠮᠣᠳᠣ᠃ 
ᠠᠯᠳᠠᠭᠤᠯ ᠮᠣᠷᠢ    
       ᠤᠤᠯ ᠰᠦᠷᠦᠭ ᠡᠴᠡ ᠪᠡᠨ ᠠᠯᠳᠠᠭᠳᠠᠨ ᠭᠦᠶᠦᠨ ᠢᠷᠡᠵᠦ ᠂ ᠡᠨᠡ ᠰᠦᠷᠦᠭ ᠲᠦ᠍ ᠢᠵᠢᠯᠢᠰᠢᠭᠰᠡᠨ ᠮᠣᠷᠢ᠃ 
ᠠᠭᠲᠠ       ᠪᠥᠭᠡᠨᠰᠦᠭ ᠢ᠋ ᠨᠢ ᠠᠪᠤᠭᠰᠠᠨ ᠪᠦᠳᠦᠭᠦᠨ ᠮᠣᠷᠢ᠃ 
ᠠᠷᠭᠤᠮᠠᠭ     ᠲᠣᠮᠣ ᠪᠦᠳᠦᠭᠦᠨ ᠪᠡᠶ᠎ᠡ ᠲᠡᠢ ᠮᠣᠷᠢ᠃ 
ᠠᠷᠠᠨᠵᠢᠯ      ᠮᠠᠰᠢ ᠰᠠᠢᠨ ᠬᠦᠯᠦᠭ ᠂ ᠬᠦᠯᠦᠭᠯᠢᠭ ᠃ 
ᠠᠵᠢᠨᠠᠢ       ᠬᠤᠪᠢᠯᠭᠠᠨ ᠬᠦᠯᠦᠭ ᠃ 
ᠬᠦᠯᠦᠭ    
       ᠡᠳᠦᠷ ᠲᠦ᠍ ᠮᠢᠩᠭᠠᠨ ᠭᠠᠵᠠᠷ ᠶᠠᠪᠤᠳᠠᠭ ᠬᠤᠷᠳᠤᠨ ᠪᠥᠭᠡᠳ ᠳᠠᠭᠠᠭᠠᠴᠠᠲᠠᠢ ᠰᠠᠢᠨ ᠮᠣᠷᠢ ᠶ᠋ᠢ ᠬᠦᠯᠦᠭ ᠭᠡᠨ᠎ᠡ᠃ 
ᠭᠡᠭᠦᠦ       4 ᠨᠠᠰᠤᠨ ᠠ᠋ᠴᠠ ᠳᠡᠭᠡᠭᠰᠢ ᠡᠮ᠎ᠡ ᠠᠳᠤᠭᠤ᠃ 
ᠭᠡᠭᠡᠯᠲᠡᠢ ᠭᠡᠭᠦᠦ      ᠬᠡᠭᠡᠯ ᠠᠪᠤᠭᠰᠠᠨ ᠭᠡᠭᠦᠦ᠃ 
ᠰᠤᠪᠠᠢ ᠭᠡᠭᠦᠦ       ᠬᠡᠭᠡᠯ ᠲᠣᠭᠲᠠᠭᠰᠠᠨ ᠦᠭᠡᠢ ᠭᠡᠭᠦᠦ᠃ 
ᠬᠤᠰᠠᠷᠠᠩ ᠭᠡᠭᠦᠦ    ᠡᠨᠡ ᠵᠢᠯ ᠳ᠋ᠡᠭᠡᠨ ᠰᠤᠪᠠᠢᠷᠠᠭᠰᠠᠨ ᠴᠤ᠌ ᠨᠢᠳᠤᠨᠤᠨ ᠤ᠋ ᠤᠨᠠᠭ᠎ᠠ ᠪᠠᠨ ᠬᠥᠬᠥᠭᠦᠯᠵᠦ ᠪᠣᠢ ᠶ᠋ᠢ ᠬᠡᠯᠡᠨ᠎ᠡ᠃ 
ᠡᠷᠡᠮᠡᠭ ᠭᠡᠭᠦᠦ      ᠤᠨᠠᠭᠠᠯᠠᠳᠠᠭ ᠦᠭᠡᠢ ᠡᠷᠡᠳᠡᠭᠦᠦ ᠴᠢᠳᠠᠯᠲᠠᠢ ᠡᠷᠡᠮᠳᠡᠭ ᠭᠡᠭᠦᠦ᠃ 
ᠰᠣᠶᠣᠭᠠᠲᠠᠢ ᠭᠡᠭᠦᠦ    ᠡᠷᠡᠮᠡᠭᠳᠡᠭᠦᠦ ᠭᠡᠪᠡᠴᠦ ᠬᠠᠶᠠ ᠵᠢᠯ ᠳ᠋ᠡᠭᠡᠨ ᠤᠨᠠᠭᠠᠯᠠᠳᠠᠭ᠃ 
ᠤᠨᠠᠭᠠᠯᠠᠭᠰᠠᠨ ᠭᠡᠭᠦᠦ   ᠲᠥᠯᠯᠡᠭᠰᠡᠨ ᠭᠡᠭᠦᠦ᠃ 
ᠬᠥᠬᠥᠭᠦᠯ ᠭᠡᠭᠦᠦ      ᠰᠦ ᠨᠢ ᠰᠢᠷᠭᠢᠭᠡᠳᠦᠢ ᠬᠥᠬᠥᠭᠦᠯᠵᠦ ᠪᠣᠢ ᠭᠡᠭᠦᠦ᠃ 
ᠠᠯᠳᠠᠭᠤᠯ ᠭᠡᠭᠦᠦ      ᠠᠯᠳᠠᠭᠳᠠᠵᠤ ( ᠴᠠᠬᠢᠯᠵᠤ ) ᠢᠷᠡᠵᠦ ᠢᠵᠢᠯᠢᠰᠢᠭᠰᠡᠨ ᠭᠡᠭᠦᠦ᠃ 
ᠭᠣᠯᠣᠩᠬᠠᠢ ᠭᠡᠭᠦᠦ     ᠤᠨᠠᠭᠠᠨ ᠳ᠋ᠠᠭᠠᠨ ᠠᠮᠠᠷᠠᠭ ᠪᠢᠰᠢ ᠭᠡᠭᠦᠦ᠃ 
ᠠᠵᠢᠷᠭ᠎ᠠ         4 ᠨᠠᠰᠤᠨ ᠠ᠋ᠴᠠ ᠳᠡᠭᠡᠭᠰᠢᠬᠢ ᠠᠭᠲᠠᠯᠠᠭᠰᠠᠨ ᠦᠭᠡᠢ ᠡᠷ᠎ᠡ ᠠᠳᠤᠭᠤ᠃ 
ᠠᠵᠢᠷᠭ᠎ᠠ ᠠᠳᠤᠭᠤ    
       ᠨᠢᠭᠡ ᠠᠵᠢᠷᠭᠠᠨ ᠤ᠋ ᠬᠤᠷᠢᠶᠠᠬᠤ ᠭᠡᠭᠦᠦ ᠪᠠ ᠲᠡᠭᠦᠨ ᠲᠡᠢ ᠢᠵᠢᠯᠢᠳᠦᠨ ᠶᠠᠪᠤᠬᠤ ᠠᠳᠤᠭᠤ ᠨᠤᠭᠤᠳ ᠂ ᠭᠣᠣᠯᠳᠠᠭᠤ 10- 30 ᠣᠷᠴᠢᠮ       ᠲᠣᠭᠠᠨ ᠤ᠋ ᠠᠳᠤᠭᠤ ᠪᠠᠢᠳᠠᠭ᠃ 
ᠠᠵᠢᠷᠭᠠᠯᠠᠬᠤ   
       ① ᠠᠵᠢᠷᠭ᠎ᠠ ᠭᠡᠭᠦᠦ ᠬᠤᠷᠢᠶᠠᠬᠤ᠃
       ② ᠪᠤᠰᠤᠳ ᠢ᠋ ᠬᠡᠲᠦᠷᠬᠡᠢ ᠡᠵᠡᠷᠬᠡᠨ ᠨᠣᠶᠠᠯᠠᠬᠤ᠃ 
       ③ ᠲᠣᠮᠣ ᠶᠠᠭᠤᠮᠠᠨ ᠤ᠋ ᠪᠡᠶ᠎ᠡ ᠠᠭᠲᠠᠯᠠᠬᠤ᠃ 
ᠠᠵᠢᠷᠭᠠᠰᠠᠬᠤ        ᠭᠡᠭᠦᠦ ᠂ ᠠᠵᠢᠷᠭ᠎ᠠ ᠬᠦᠰᠡᠬᠦ ᠃