ᠰᠤᠯᠠ ᠵᠣᠭᠣᠰ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-02-ᠪᠣᠯᠣᠴᠢᠯᠠᠭᠤ
ᠬᠣᠶᠠᠷ᠂ ᠰᠤᠯᠠ ᠵᠣᠭᠣᠰ
ᠬᠡᠦᠬᠡᠳ ᠲᠦ᠍ ᠰᠤᠯᠠ ᠵᠣᠭᠣᠰ ᠬᠡᠲᠦᠷᠬᠡᠢ ᠵᠠᠷᠤᠭᠤᠯᠬᠤ ᠪᠣᠯ ᠬᠡᠦᠬᠡᠳ ᠦ᠋ᠨ ᠵᠠᠩ ᠰᠤᠷᠲᠠᠯ ᠤ᠋ᠨ ᠬᠡᠪᠰᠢᠯ᠂ ᠡᠷᠡᠭᠦᠯ ᠮᠡᠨᠳᠦ᠂ ᠠᠵᠢᠯ ᠰᠤᠷᠤᠯᠭ᠎ᠠ ᠳ᠋ᠤ᠌ ᠴᠥᠮ ᠨᠠᠵᠠᠭᠠᠢ ᠨᠥᠯᠥᠭᠡ ᠦᠵᠡᠭᠦᠯᠵᠦ ᠪᠠᠢᠭ᠎ᠠ ᠶ᠋ᠢ ᠭᠡᠷ ᠦ᠋ᠨ ᠠᠬᠠᠮᠠᠳ ᠠᠩᠬᠠᠷᠤᠯ ᠳ᠋ᠤ᠌ ᠪᠠᠨ ᠠᠪᠤᠯᠲᠠᠢ ᠪᠠᠢᠨ᠎ᠠ᠃ ᠥᠩᠭᠡᠷᠡᠭᠰᠡᠨ ᠳ᠋ᠦ᠍ ᠰᠠᠳᠤᠨ ᠲᠥᠷᠥᠯ ᠳ᠋ᠦ᠍ ᠪᠡᠨ ᠠᠢᠯᠴᠢᠯᠠᠬᠤ ᠪᠤᠶᠤ ᠠᠢᠯ ᠭᠡᠷ ᠲᠦ᠍ ᠨᠢ ᠬᠡᠦᠬᠡᠳ ᠣᠷᠣᠵᠤ ᠢᠷᠡᠪᠡᠯ ᠪᠣᠣᠪᠣ ᠰᠢᠬᠢᠷ ᠥᠭᠳᠡᠭ ᠰᠠᠢᠬᠠᠨ ᠵᠠᠩᠰᠢᠯ ᠲᠠᠢ ᠪᠠᠢᠭᠰᠠᠨ᠃ ᠣᠳᠣ ᠪᠦᠷ ᠮᠥᠩᠭᠥ ᠥᠭᠬᠦ ᠪᠣᠯᠵᠠᠢ᠂ ᠴᠠᠭᠠᠨ ᠰᠠᠷ᠎ᠠ ᠪᠠᠰᠠ ᠲᠠᠷᠢᠶᠠᠴᠢᠨ ᠤ᠋ ᠰᠣᠶᠣᠯ ᠠ᠋ᠴᠠ ᠢᠷᠡᠯ ᠲᠡᠢ《ᠨᠠᠰᠤ ᠳᠠᠷᠤᠬᠤ》 ᠮᠥᠩᠭᠥ ᠭᠡᠭᠴᠢ ᠶ᠋ᠢ ᠥᠭᠳᠡᠭ ᠪᠣᠯᠵᠤ ᠪᠠᠢᠨ᠎ᠠ᠃ ᠡᠳᠡᠭᠡᠷ ᠨᠢ ᠬᠡᠦᠬᠡᠳ ᠢ᠋ ᠵᠣᠭᠣᠰ ᠮᠥᠩᠭᠥᠨ ᠦ᠌ ᠲᠤᠬᠠᠢ ᠡᠷᠡᠭᠦᠯ ᠪᠤᠰᠤ ᠣᠢᠯᠠᠭᠠᠯᠲᠠ ᠲᠠᠢ ᠪᠣᠯᠭᠠᠨ᠎ᠠ᠃ ᠬᠡᠦᠬᠡᠳ ᠬᠡᠳᠦ ᠡᠷᠲᠡ ᠵᠣᠭᠣᠰ ᠮᠥᠩᠭᠥᠨ ᠳ᠋ᠦ᠍ ᠬᠡᠲᠦᠷᠬᠡᠢ ᠮᠡᠳᠡᠷᠡᠮᠡᠲᠡᠭᠡᠢ ᠪᠣᠯᠵᠤ᠂ ᠲᠠᠪᠤ ᠵᠢᠷᠭᠤᠭᠠᠨ ᠨᠠᠰᠤᠲᠠᠢ ᠴᠡᠴᠡᠷᠯᠢᠭ ᠦ᠋ᠨ ᠬᠡᠦᠬᠡᠳ ᠬᠦᠷᠲᠡᠯ᠎ᠡ ᠬᠣᠭᠣᠷᠣᠨᠳᠣ ᠪᠠᠨ ᠵᠣᠭᠣᠰ ᠮᠥᠩᠭᠥᠨ ᠦ᠌ ᠪᠡᠯᠡᠭ ᠥᠭᠴᠦ ᠪᠠᠢᠨ᠎ᠠ ᠭᠡᠮᠡᠨ ᠨᠠᠭᠠᠳᠬᠤ ᠪᠣᠯᠵᠠᠢ᠃ ᠵᠠᠷᠢᠮ ᠡᠷᠬᠡ ᠲᠤᠰᠢᠶᠠᠯᠲᠠᠨ ᠤ᠋ ᠬᠡᠦᠬᠡᠳ ᠵᠣᠭᠣᠰ ᠮᠥᠩᠭᠥᠨ ᠦ᠌ ᠪᠡᠯᠡᠭ ᠳᠤᠰᠤᠭᠰᠠᠭᠠᠷ ᠪᠠᠢᠵᠤ ᠮᠡᠳᠡᠨ᠎ᠡ᠂ ᠵᠣᠭᠣᠰ ᠮᠥᠩᠭᠥ ᠭᠡᠳᠡᠭ ᠢ᠋ ᠵᠦᠳᠡᠷᠡᠬᠦ ᠦᠭᠡᠢ ᠪᠡᠷ ᠵᠦᠭᠡᠷ ᠣᠯᠵᠤ ᠪᠣᠯᠬᠤ ᠮᠡᠲᠦ ᠨᠠᠵᠠᠭᠠᠢ ᠣᠢᠯᠠᠭᠠᠯᠲᠠ ᠲᠠᠢ ᠪᠣᠯᠵᠤ᠂ ᠮᠥᠩᠭᠥ ᠵᠣᠭᠣᠰ ᠢ᠋ ᠤᠰᠤ ᠴᠠᠰᠤ ᠰᠢᠭ᠋ ᠵᠠᠷᠤᠳᠠᠭ ᠲᠠᠩᠬᠠᠢ ᠰᠤᠷᠲᠠᠯ ᠲᠠᠢ ᠪᠣᠯᠵᠤ ᠪᠠᠢᠨ᠎ᠠ᠃ ᠵᠠᠩ ᠰᠤᠷᠲᠠᠯ ᠤ᠋ᠨ ᠬᠤᠪᠢ ᠳ᠋ᠤ᠌ ᠰᠤᠯᠠ ᠮᠥᠩᠭᠥ ᠬᠡᠳᠦ ᠳᠤᠷ᠎ᠠ ᠲᠠᠪᠠ ᠪᠠᠷ ᠨᠢ ᠵᠠᠷᠤᠭᠤᠯᠬᠤ ᠨᠢ ᠭᠠᠷ ᠰᠤᠯᠠ ᠬᠥᠮᠦᠨ ᠪᠣᠯᠭᠠᠵᠤ᠂ ᠬᠠᠷᠮᠠᠨ ᠳ᠋ᠤ᠌ ᠨᠢ ᠮᠥᠩᠭᠥ ᠣᠷᠣᠮᠠᠭᠴᠠ ᠭᠦᠪᠢᠭᠡᠳ ᠬᠠᠶᠠᠴᠢᠬᠠᠳᠠᠭ ᠰᠤᠯᠠ ᠵᠠᠳᠠᠭᠠᠢ ᠵᠠᠩᠰᠢᠯ ᠬᠡᠪᠰᠢᠵᠦ᠂ ᠬᠣᠵᠢᠮ ᠨᠢᠭᠡ ᠨᠠᠰᠤᠨ ᠳ᠋ᠤ᠌ ᠪᠠᠨ ᠮᠥᠩᠭᠥ ᠵᠣᠭᠣᠰ ᠢ᠋ᠶ᠋ᠠᠷ ᠭᠠᠴᠢᠭᠳᠠᠬᠤ ᠮᠠᠭᠤ ᠲᠠᠪᠢᠯᠠᠩ ᠲᠠᠢ ᠪᠣᠯᠵᠤ ᠮᠡᠳᠡᠨ᠎ᠡ᠃ ᠪᠠᠭ᠎ᠠ ᠠ᠋ᠴᠠ ᠪᠠᠨ ᠮᠥᠩᠭᠥ ᠶ᠋ᠢ ᠴᠡᠪᠡᠷ
ᠵᠠᠷᠤᠵᠤ ᠰᠤᠷᠤᠭᠰᠠᠨ ᠬᠡᠦᠬᠡᠳ ᠨᠢᠭᠡ ᠨᠠᠰᠤᠨ ᠳ᠋ᠤ᠌ ᠪᠠᠨ ᠮᠥᠩᠭᠥ ᠳᠤᠲᠠᠬᠤ ᠦᠭᠡᠢ ᠪᠣᠯᠤᠨ᠎ᠠ᠂ ᠡᠨᠡ ᠪᠣᠯ ᠪᠦᠷ ᠰᠡᠳᠬᠢᠴᠡ ᠡᠴᠡ ᠪᠣᠯᠵᠤ ᠪᠠᠢᠨ᠎ᠠ ᠠᠰᠠᠭᠤᠳᠠᠯ᠃ ᠮᠥᠩᠭᠥ ᠵᠠᠷᠤᠬᠤ ᠳ᠋ᠤ᠌ ᠰᠢᠨᠤᠯ ᠲᠠᠢ ᠪᠣᠯᠤᠭᠰᠠᠨ ᠬᠡᠦᠬᠡᠳ ᠦ᠋ᠨ ᠪᠣᠳᠣᠯ ᠳ᠋ᠤ᠌ ᠡᠳᠦᠷᠵᠢᠨ ᠶᠠᠭᠠᠬᠢᠵᠤ ᠮᠥᠩᠭᠥ ᠣᠯᠵᠤ ᠵᠠᠷᠤᠬᠤ ᠲᠤᠬᠠᠢ ᠰᠡᠳᠬᠢᠴᠡ ᠣᠷᠣᠬᠤ ᠠ᠋ᠴᠠ ᠪᠢᠰᠢ ᠶᠠᠭᠤ ᠬᠢᠵᠦ ᠶᠠᠭᠤ ᠪᠦᠲᠦᠭᠡᠬᠦ ᠲᠤᠬᠠᠢ ᠰᠡᠳᠬᠢᠴᠡ ᠨᠢ ᠳᠥᠵᠢᠷᠡᠭᠰᠡᠨ ᠪᠠᠢᠳᠠᠭ᠃ ᠲᠡᠢᠮᠦ ᠡᠴᠡ ᠬᠡᠦᠬᠡᠳ ᠲᠦ᠍ ᠪᠡᠨ ᠮᠥᠩᠭᠥ ᠳᠤᠷ᠎ᠠ ᠪᠠᠷ ᠵᠠᠷᠤᠭᠤᠯᠵᠤ ᠮᠥᠩᠭᠥᠨ ᠳ᠋ᠦ᠍ ᠰᠤᠯᠠ ᠵᠠᠳᠠᠭᠠᠢ ᠵᠠᠩᠰᠢᠯ ᠲᠠᠢ ᠪᠣᠯᠭᠠᠪᠠᠯ ᠬᠡᠦᠬᠡᠳ ᠲᠦ᠍ ᠪᠡᠨ ᠨᠢᠭᠦᠯ ᠬᠢᠵᠦ ᠪᠠᠢᠨ᠎ᠠ᠂ ᠡᠭᠦᠨ ᠦ᠌ ᠡᠰᠡᠷᠭᠦ ᠪᠡᠷ ᠪᠣᠯ ᠪᠤᠶᠠᠨ ᠬᠢᠵᠦ ᠪᠠᠢᠨ᠎ᠠ ᠭᠡᠵᠦ ᠪᠣᠳᠣᠭᠠᠷᠠᠢ᠃ ᠰᠤᠯᠠ ᠮᠥᠩᠭᠥ ᠶᠡᠬᠡ ᠵᠠᠷᠤᠳᠠᠭ ᠬᠡᠦᠬᠡᠳ ᠦ᠋ᠨ ᠤᠴᠢᠷ ᠶᠠᠪᠤᠳᠠᠯ ᠠᠷᠪᠢᠳᠴᠤ᠂ ᠭᠠᠳᠠᠭᠤᠷ ᠳᠣᠲᠣᠭᠤᠷ ᠨᠠᠭᠠᠳᠤᠮ ᠲᠣᠭᠯᠠᠭᠠᠮ ᠤ᠋ᠨ ᠭᠠᠵᠠᠷ ᠡᠷᠭᠢᠴᠡᠬᠦ ᠨᠢ ᠣᠯᠠᠨ ᠪᠣᠯᠵᠤ ᠬᠢᠴᠢᠶᠡᠯ ᠰᠤᠷᠤᠯᠭ᠎ᠠ ᠠ᠋ᠴᠠ ᠰᠠᠨᠠᠭ᠎ᠠ ᠰᠡᠳᠬᠢᠯ ᠨᠢ ᠬᠣᠯᠠᠳᠠᠵᠤ᠂ ᠠᠰᠠᠭᠤᠳᠠᠯ ᠲᠠᠢ ᠬᠡᠦᠬᠡᠳ ᠪᠣᠯᠬᠤ ᠳ᠋ᠤ᠌ ᠣᠢᠷᠠᠬᠠᠨ᠃ ᠬᠡᠦᠬᠡᠳ ᠦ᠋ᠨ ᠬᠠᠷᠮᠠᠨ ᠳ᠋ᠤ᠌ ᠰᠤᠯᠠ ᠮᠥᠩᠭᠥ ᠶᠡᠬᠡ ᠪᠠᠢᠨ᠎ᠠ ᠭᠡᠳᠡᠭ ᠴᠢᠨᠢ ᠬᠡᠦᠬᠡᠳ ᠦ᠋ᠨ ᠰᠡᠳᠬᠢᠯ ᠳ᠋ᠦ᠍《ᠴᠢᠳᠬᠥᠷ》 ᠪᠠᠢᠨ᠎ᠠ ᠭᠡᠰᠡᠨ ᠦᠭᠡ᠃ ᠬᠢᠴᠢᠶᠡᠯ ᠳᠡᠭᠡᠷ᠎ᠡ ᠴᠦ᠍ ᠰᠡᠳᠬᠢᠯ ᠲᠥᠪᠯᠡᠷᠡᠬᠦ ᠦᠭᠡᠢ ᠪᠠᠢᠵᠤ ᠬᠢᠴᠢᠶᠡᠯ ᠪᠠᠭᠤᠪᠠᠯ ᠶᠠᠭᠤ ᠠᠪᠴᠤ ᠢᠳᠡᠬᠦ ᠶᠠᠮᠠᠷ ᠭᠠᠵᠠᠷ ᠣᠴᠢᠵᠤ ᠶᠠᠭᠤ ᠨᠠᠭᠠᠳᠬᠤ ᠭᠡᠳ ᠪᠦᠷ ᠬᠡᠳᠦᠨ ᠮᠥᠩᠭᠥ ᠰᠡᠳᠬᠢᠯ ᠢ᠋ ᠨᠢ ᠡᠵᠡᠮᠳᠡᠵᠦ ᠪᠠᠢᠳᠠᠭ᠃ ᠰᠤᠯᠠ ᠵᠣᠭᠣᠰ ᠶᠡᠬᠡ ᠵᠠᠷᠤᠳᠠᠭ ᠬᠡᠦᠬᠡᠳ ᠦ᠋ᠨ ᠣᠯᠠᠩᠬᠢ ᠨᠢ ᠰᠤᠯᠠ ᠢᠳᠡᠭᠡᠨ ᠶᠡᠬᠡ ᠢᠳᠡᠨ᠎ᠡ᠃ ᠡᠴᠦᠰ ᠲᠦ᠍ ᠨᠢ ᠶᠠᠮᠠᠷ ᠴᠤ᠌ ᠬᠣᠭᠣᠯᠠᠨ ᠤ᠋ ᠳᠤᠷᠠᠰᠢᠯ ᠦᠭᠡᠢ ᠪᠣᠯᠵᠤ᠂ ᠡᠳᠦᠷᠵᠢᠨ ᠬᠡᠳᠦᠨ ᠲᠠᠬᠢᠶᠠᠨ ᠭᠤᠶ᠎ᠠ ᠰᠢᠬᠢᠷᠯᠢᠭ ᠤᠮᠳᠠᠭᠠᠨ ᠪᠤᠶᠤ ᠪᠣᠷᠳᠣᠭᠰᠠᠨ ᠭᠡᠳᠡᠰᠦ ᠮᠡᠲᠦ ᠬᠣᠭ ᠤ᠋ᠨ ᠢᠳᠡᠭᠡᠨ ᠢ᠋ᠶ᠋ᠡᠷ ᠬᠣᠭᠣᠯᠠᠯᠠᠬᠤ ᠪᠣᠯᠵᠤ ᠪᠠᠢᠨ᠎ᠠ᠃ ᠡᠢᠮᠦᠷᠬᠦ ᠬᠡᠦᠬᠡᠳ ᠨᠢᠭᠡᠨᠲᠡ ᠬᠣᠭᠣᠯᠠ ᠭᠣᠯᠣᠬᠤ ᠰᠡᠳᠬᠢᠴᠡ ᠶ᠋ᠢᠨ ᠠᠰᠠᠭᠤᠳᠠᠯ ᠲᠠᠢ ᠬᠡᠦᠬᠡᠳ ᠦ᠋ᠨ ᠬᠠᠷᠢᠶᠠᠨ ᠳ᠋ᠤ᠌ ᠣᠷᠣᠬᠤ ᠪᠣᠯᠵᠠᠢ᠃ ᠡᠳᠡᠭᠡᠷ ᠬᠡᠦᠬᠡᠳ ᠦ᠋ᠨ ᠪᠡᠶ᠎ᠡ ᠮᠠᠬᠠᠪᠣᠳ ᠤ᠋ᠨ ᠡᠷᠡᠭᠦᠯ ᠮᠡᠨᠳᠦ ᠬᠦᠨᠳᠦ ᠰᠢᠯᠭᠠᠯᠲᠠ ᠳ᠋ᠤ᠌ ᠤᠴᠠᠷᠠᠵᠤ ᠪᠠᠢᠨ᠎ᠠ᠃
ᠰᠤᠯᠠ ᠵᠣᠭᠣᠰ ᠪᠠᠭ᠎ᠠ ᠠ᠋ᠴᠠ ᠪᠠᠨ ᠶᠡᠬᠡ ᠵᠠᠷᠤᠵᠤ ᠰᠤᠷᠤᠭᠰᠠᠨ ᠬᠡᠦᠬᠡᠳ ᠵᠣᠭᠣᠰ ᠮᠥᠩᠭᠥᠨ ᠳ᠋ᠦ᠍ ᠬᠡᠳᠦ ᠰᠢᠨᠤᠯ ᠲᠠᠢ ᠪᠣᠯᠵᠤ᠂ ᠭᠡᠷ ᠦ᠋ᠨ ᠠᠬᠠᠮᠠᠳ ᠢ᠋ᠶ᠋ᠠᠨ ᠬᠦᠷᠲᠡᠯ᠎ᠡ ᠬᠢᠴᠢᠶᠡᠯ ᠨᠥᠬᠥᠬᠦ ᠭᠡᠲᠡᠯ᠎ᠡ ᠠᠩᠭᠢ ᠶ᠋ᠢᠨ ᠵᠠᠷᠤᠳᠠᠯ ᠬᠤᠷᠢᠶᠠᠵᠤ ᠪᠠᠢᠨ᠎ᠠ ᠭᠡᠮᠡᠨ ᠬᠡᠯᠡᠵᠦ ᠪᠠᠢᠭᠠᠳ ᠢᠯᠡᠭᠦᠦ ᠮᠥᠩᠭᠥ ᠠᠪᠬᠤ ᠡᠰᠡᠬᠦᠯ᠎ᠡ ᠨᠡᠢᠭᠡᠮ ᠳᠡᠭᠡᠷᠡᠬᠢ ᠡᠰᠡᠨ ᠪᠣᠰᠤᠨ ᠦᠭᠡᠢ ᠬᠥᠮᠦᠨ ᠡᠴᠡ ᠵᠣᠭᠣᠰ ᠮᠥᠩᠭᠥ ᠵᠢᠭᠡᠯᠡᠨ ᠡᠯᠳᠡᠪ ᠦ᠋ᠨ ᠤᠴᠢᠷ ᠲᠤ᠌ ᠣᠷᠢᠶᠠᠴᠠᠯᠳᠤᠬᠤ ᠪᠣᠯᠵᠤ ᠪᠠᠢᠨ᠎ᠠ᠃ ᠲᠠ ᠨᠠᠷ ᠣᠳᠣ ᠴᠠᠰᠢ ᠪᠠᠨ ᠲᠥᠰᠦᠭᠡᠯᠡᠨ ᠪᠣᠳᠣᠵᠤ ᠣᠯᠤᠨ᠎ᠠ ᠪᠢᠵᠡ ᠳᠡ! ᠡᠢᠮᠦᠷᠬᠦ ᠬᠡᠪ ᠰᠤᠷᠲᠠᠯ ᠲᠠᠢ ᠪᠣᠯᠤᠭᠰᠠᠨ ᠬᠡᠦᠬᠡᠳ ᠬᠤᠳᠠᠯ ᠬᠡᠯᠡᠬᠦ᠂ ᠮᠡᠬᠡᠯᠡᠬᠦ᠂ ᠬᠤᠯᠠᠭᠠᠢᠯᠠᠬᠤ᠂ ᠪᠤᠯᠢᠶᠠᠬᠤ ᠳ᠋ᠤ᠌ ᠣᠢᠷᠠᠲᠤᠭᠰᠠᠨ ᠰᠢᠦ᠃ ᠮᠠᠨ ᠤ᠋ ᠳᠤᠮᠳᠠᠳᠤ ᠰᠤᠷᠭᠠᠭᠤᠯᠢ ᠶ᠋ᠢᠨ ᠬᠡᠦᠬᠡᠳ ᠦ᠋ᠨ ᠳᠤᠮᠳᠠ ᠥᠨᠳᠥᠷ ᠬᠦᠦ ᠲᠡᠢ ᠵᠢᠭᠡᠯᠡᠯᠭᠡ ᠲᠠᠯᠪᠢᠬᠤ᠂ ᠮᠥᠷᠥᠢ ᠲᠡᠢ ᠲᠣᠭᠯᠠᠭᠠᠮ ᠨᠠᠭᠠᠳᠬᠤ ᠶᠠᠪᠤᠳᠠᠯ ᠪᠠᠭ᠎ᠠ ᠪᠤᠰᠤ ᠭᠠᠷᠴᠤ ᠪᠠᠢᠭ᠎ᠠ ᠨᠢ ᠠᠶᠤᠯ ᠤ᠋ᠨ ᠳᠣᠬᠢᠶ᠎ᠠ ᠪᠢᠰᠢ ᠤᠤ! ᠮᠠᠨ ᠤ᠋ ᠮᠠᠯᠴᠢᠨ ᠠᠷᠠᠳ ᠬᠦᠷᠲᠡᠯ᠎ᠡ ᠬᠣᠨᠵᠢᠶ᠎ᠠ ᠲᠠᠢ ᠲᠣᠭᠯᠠᠭᠠᠮ ᠳ᠋ᠤ᠌ ᠬᠠᠴᠢᠨ ᠰᠣᠨᠢᠷᠬᠠᠯ ᠲᠠᠢ ᠪᠣᠯᠵᠤ᠂ ᠵᠣᠭᠣᠰ ᠲᠠᠢ ᠮᠠᠵᠢᠶᠠᠩ᠂ ᠱᠠᠩᠨᠠᠯᠲᠤ ᠰᠤᠭᠤᠯᠠᠭ᠎ᠠ ᠲᠠᠲᠠᠬᠤ ᠬᠥᠮᠦᠰ ᠣᠯᠠᠰᠢᠷᠠᠵᠤ᠂ ᠵᠠᠷᠢᠮ ᠨᠢ ᠪᠦᠷ ᠮᠠᠯ ᠰᠦᠷᠦᠭ ᠢ᠋ᠶ᠋ᠡᠨ ᠪᠠᠷᠠᠵᠤ ᠬᠣᠲᠠ ᠪᠠᠨ ᠬᠤᠷᠢᠶᠠᠭᠰᠠᠨ ᠪᠠᠢᠨ᠎ᠠ᠃ ᠡᠨᠡ ᠪᠣᠯ ᠨᠡᠢᠭᠡᠮ ᠦ᠋ᠨ ᠬᠡᠪ ᠰᠤᠷᠲᠠᠯ ᠬᠥᠮᠦᠨ ᠦ᠌ ᠬᠠᠷᠢᠴᠠᠭ᠎ᠠ ᠶ᠋ᠢ ᠪᠣᠬᠢᠷᠲᠤᠭᠤᠯᠬᠤ ᠬᠠᠷ᠎ᠠ ᠲᠠᠮᠠᠬᠢ ᠭᠡᠵᠦ ᠮᠡᠳᠡᠭᠡᠷᠡᠢ᠃ ᠲᠠ《ᠠᠵᠠ》 ᠲᠠᠭᠠᠷᠠᠵᠤ ᠲᠠᠪᠤᠨ ᠵᠠᠭᠤᠨ ᠲᠦᠮᠡ ᠶ᠋ᠢᠨ ᠱᠠᠩᠨᠠᠯᠲᠤ ᠰᠤᠭᠤᠯᠠᠭ᠎ᠠ ᠪᠠᠷᠢᠭᠰᠠᠨ ᠭᠡᠵᠦ ᠲᠥᠰᠦᠭᠡᠯᠡᠶᠡ᠂ ᠶᠠᠭᠤ ᠪᠣᠯᠤᠨ᠎ᠠ ᠪᠣᠢ? ᠡᠨᠡ ᠠᠢᠯ ᠭᠡᠷ ᠲᠢᠭ ᠢ᠋ᠶ᠋ᠡᠨ ᠠᠯᠳᠠᠵᠤ《ᠰᠣᠯᠢᠶᠠᠷᠠᠵᠤ》 ᠮᠡᠳᠡᠨ᠎ᠡ ᠰᠢᠦ᠂ ᠭᠣᠶᠣ ᠮᠠᠰᠢᠨ ᠰᠣᠩᠭᠣᠲᠠᠯᠠ ᠰᠢᠨ᠎ᠡ ᠪᠠᠢᠰᠢᠩ ᠭᠡᠳ ᠡᠳᠦᠷ ᠪᠣᠯᠭᠠᠨ ᠪᠠᠶᠠᠷ ᠨᠠᠢᠷ ᠦᠷᠭᠦᠯᠵᠢᠯᠡᠵᠦ᠂ ᠡᠴᠦᠰ ᠲᠦ᠍ ᠨᠢ ᠨᠢᠭᠡ ᠠᠢᠯ ᠭᠡᠷ ᠦ᠋ᠨ ᠨᠠᠮ ᠵᠢᠮ ᠪᠣᠷᠣᠭᠵᠢᠭᠤᠨ ᠠᠮᠢᠳᠤᠷᠠᠯ ᠤ᠋ᠨ ᠲᠢᠭ ᠠᠯᠳᠠᠷᠠᠵᠤ᠂ ᠬᠡᠦᠬᠡᠳ ᠦ᠋ᠨ ᠵᠠᠩ ᠡᠪᠳᠡᠷᠡᠨ ᠲᠠᠩᠬᠠᠢ ᠶᠠᠭᠤᠮ᠎ᠠ ᠪᠣᠯᠴᠢᠬᠠᠭᠰᠠᠨ ᠪᠠᠢᠵᠤ ᠮᠡᠳᠡᠨ᠎ᠡ᠃ ᠲᠡᠭᠡᠬᠦ ᠡᠴᠡ ᠬᠠᠭᠤᠴᠢ ᠦᠭᠡᠨ ᠳ᠋ᠦ᠍《ᠪᠤᠷᠤᠭᠤ ᠵᠠᠮ ᠢ᠋ᠶ᠋ᠠᠷ ᠢᠷᠡᠭᠰᠡᠨ ᠮᠥᠩᠭᠥ ᠵᠥᠪ ᠵᠠᠮ ᠢ᠋ᠶ᠋ᠠᠷ ᠵᠠᠷᠤᠭᠳᠠᠬᠤ ᠦᠭᠡᠢ》 ᠭᠡᠵᠦ ᠤᠴᠢᠷᠲᠠᠢᠬᠠᠨ ᠰᠠᠨᠠᠭᠤᠯᠤᠭᠰᠠᠨ ᠪᠠᠢᠳᠠᠭ᠃ ᠳᠡᠯᠡᠬᠡᠢ ᠳᠡᠭᠡᠷ᠎ᠡ ᠬᠠᠮᠤᠭ ᠤ᠋ᠨ ᠡᠭᠡᠯ ᠪᠣᠷᠣᠭᠵᠢᠭᠤᠨ ᠡᠷᠬᠢᠮᠰᠦᠭ ᠠᠮᠢᠳᠤᠷᠠᠯ ᠤ᠋ᠨ ᠰᠤᠷᠲᠠᠯ ᠲᠠᠢ ᠪᠢᠳᠡ ᠲᠡᠭᠦᠨ ᠢ᠋ᠶ᠋ᠡᠨ ᠡᠷᠬᠢᠮᠯᠡᠵᠦ ᠶᠠᠪᠤᠬᠤ ᠶ᠋ᠢ ᠬᠢᠴᠢᠶᠡᠶ᠎ᠡ᠃ ᠡᠳ᠋ ᠬᠥᠷᠥᠩᠭᠡ ᠵᠣᠭᠣᠰ ᠮᠥᠩᠭᠥᠨ ᠦ᠌ ᠲᠤᠬᠠᠢ ᠤᠯᠠᠮᠵᠢᠯᠠᠯᠲᠤ ᠬᠥᠮᠦᠵᠢᠯ ᠭᠡᠭᠡᠭᠳᠡᠭᠰᠡᠨ ᠡᠴᠡ ᠵᠠᠷᠢᠮ ᠪᠡᠯᠴᠢᠭᠡᠷ ᠡᠯᠪᠡᠭ ᠮᠠᠯ ᠰᠦᠷᠦᠭ ᠪᠠᠶᠠᠨ ᠠᠢᠯ ᠤ᠋ᠨ ᠬᠡᠦᠬᠡᠳ ᠬᠣᠲᠠ ᠳ᠋ᠤ᠌ ᠢᠷᠡᠵᠦ ᠰᠤᠷᠭᠠᠭᠤᠯᠢ ᠳ᠋ᠤ᠌ ᠰᠠᠭᠤᠭᠠᠳ ᠡᠷᠳᠡᠮ ᠢ᠋ ᠨᠢ ᠰᠠᠢᠨ ᠰᠤᠷᠤᠭᠰᠠᠨ ᠦᠭᠡᠢ ᠴᠦ᠍ ᠨᠠᠭᠠᠳᠴᠤ ᠴᠡᠩᠭᠡᠬᠦ ᠶ᠋ᠢ ᠨᠢ ᠬᠠᠷᠢᠨ ᠮᠠᠭᠤ ᠦᠭᠡᠢ ᠰᠤᠷᠴᠤ᠂ ᠲᠡᠷᠡ ᠣᠯᠠᠨ ᠮᠠᠯ ᠰᠦᠷᠦᠭ ᠴᠢᠨᠢ ᠪᠦᠷ ᠮᠢᠨᠦᠬᠢ ᠭᠡᠮᠡᠨ ᠲᠠᠩᠬᠠᠢᠷᠠᠨ᠂ ᠨᠡᠢᠭᠡᠮ ᠳᠡᠭᠡᠷᠡᠬᠢ ᠬᠢᠳᠡᠯ ᠦᠭᠡᠢ ᠲᠠᠩᠬᠠᠢ ᠵᠠᠯᠠᠭᠤᠰ ᠲᠠᠢ ᠨᠡᠢᠯᠡᠭᠰᠡᠭᠡᠷ ᠪᠠᠢᠵᠤ ᠨᠢᠭᠡ ᠮᠡᠳᠡᠬᠦ ᠳ᠋ᠦ᠍ ᠠᠢᠯ ᠭᠡᠷ ᠦ᠋ᠨ ᠢ᠋ᠶ᠋ᠡᠨ ᠮᠠᠯ ᠬᠥᠷᠥᠩᠭᠡ ᠶ᠋ᠢ ᠬᠣᠭᠣᠰᠣᠯᠠᠭᠰᠠᠨ ᠬᠠᠷᠠᠮᠰᠠᠯᠲᠤ ᠤᠴᠢᠷ ᠴᠥᠭᠡᠨ ᠪᠤᠰᠤ ᠭᠠᠷᠤᠭᠰᠠᠨ ᠰᠢᠦ᠃ ᠢᠪᠷᠠᠢ ᠬᠥᠮᠦᠨ ᠬᠡᠦᠬᠡᠳ ᠲᠦ᠍ ᠪᠡᠨ ᠮᠥᠩᠭᠥ ᠵᠣᠭᠣᠰ ᠤ᠋ᠨ ᠲᠤᠬᠠᠢ ᠬᠥᠮᠦᠵᠢᠯ ᠢ᠋ ᠪᠠᠭ᠎ᠠ ᠠ᠋ᠴᠠ ᠨᠢ ᠬᠢᠳᠡᠭ ᠭᠡᠨ᠎ᠡ᠂ ᠵᠣᠭᠣᠰ ᠨᠢ ᠶᠠᠮᠠᠷᠪᠠ ᠳᠤᠷᠠᠲᠠᠢ ᠵᠦᠢᠯ ᠢ᠋ᠶ᠋ᠡᠨ ᠪᠦᠬᠦᠨ ᠢ᠋ ᠠᠪᠴᠤ ᠳᠡᠢᠯᠬᠦ ᠰᠢᠳᠢ ᠶ᠋ᠢᠨ ᠡᠳ᠋᠂ ᠲᠡᠭᠡᠬᠦ ᠳ᠋ᠦ᠍ ᠪᠡᠨ ᠲᠡᠭᠦᠨ ᠢ᠋ ᠵᠠᠪᠠᠯ ᠬᠥᠳᠡᠯᠮᠦᠷᠢ ᠤᠬᠠᠭᠠᠨ ᠢ᠋ᠶ᠋ᠠᠨ ᠭᠠᠷᠭᠠᠵᠤ ᠪᠠᠢᠮᠠᠨ ᠣᠯᠵᠤ ᠪᠣᠯᠤᠨ᠎ᠠ ᠭᠡᠵᠦ ᠵᠣᠭᠣᠰ ᠮᠥᠩᠭᠥ ᠶ᠋ᠢ ᠬᠡᠷᠬᠢᠨ ᠣᠯᠬᠤ ᠲᠤᠬᠠᠢ ᠵᠥᠪ ᠬᠥᠮᠦᠵᠢᠯ ᠬᠦᠷᠲᠡᠭᠡᠳᠡᠭ ᠭᠡᠨ᠎ᠡ᠃ ᠡᠨᠡ ᠨᠢ ᠮᠠᠨ ᠤ᠋ ᠮᠠᠯᠴᠢᠨ ᠠᠷᠠᠳ ᠤ᠋ᠨ ᠬᠡᠦᠬᠡᠳ ᠦ᠋ᠨ ᠢ᠋ᠶ᠋ᠡᠨ ᠣᠢ ᠶ᠋ᠢᠨ ᠪᠠᠶᠠᠷ ᠳᠡᠭᠡᠷ᠎ᠡ ᠥᠬᠢᠨ ᠬᠤᠷᠠᠭ᠎ᠠ ᠢᠰᠢᠭᠡ ᠥᠭᠴᠦ ᠬᠡᠦᠬᠡᠳ ᠪᠠᠭ᠎ᠠ ᠠ᠋ᠴᠠ ᠪᠠᠨ ᠥᠪᠡᠷ ᠦ᠋ᠨ ᠭᠡᠰᠡᠨ ᠥᠮᠴᠢ ᠮᠠᠯ ᠥᠰᠬᠡᠬᠦ ᠤᠬᠠᠭᠠᠨ ᠢ᠋ ᠰᠤᠷᠭᠠᠵᠤ ᠪᠠᠢᠭᠰᠠᠨ ᠲᠠᠢ ᠠᠳᠠᠯᠢᠬᠠᠨ ᠬᠥᠮᠦᠵᠢᠯ ᠦ᠋ᠨ ᠤᠬᠠᠭᠠᠨ ᠪᠠᠢᠭᠰᠠᠨ᠂ ᠭᠡᠪᠡᠴᠦ ᠮᠠᠨᠤᠰ ᠥᠪ ᠤᠯᠠᠮᠵᠢᠯᠠᠯ ᠢ᠋ᠶ᠋ᠠᠨ ᠲᠤᠩ ᠬᠢᠯᠪᠠᠷᠬᠠᠨ ᠭᠡᠭᠡᠵᠦ ᠪᠠᠢᠬᠤ ᠨᠢ ᠲᠣᠩ ᠶᠡᠬᠡ ᠰᠣᠶᠣᠯ ᠤ᠋ᠨ ᠬᠣᠬᠢᠷᠠᠯ ᠭᠡᠳᠡᠭ ᠢ᠋ᠶ᠋ᠡᠨ ᠮᠡᠳᠡᠬᠦ ᠶᠣᠰᠣᠲᠠᠢ ᠰᠢᠦ᠃
ᠠᠮᠧᠷᠢᠺᠠ ᠶ᠋ᠢᠨ ᠶᠡᠷᠦᠩᠬᠡᠢᠯᠡᠭᠴᠢ ᠤᠪᠮᠠᠨ ᠬᠣᠶᠠᠷ ᠥᠬᠢᠨ ᠳ᠋ᠦ᠍ ᠪᠡᠨ《ᠣᠷᠣᠰᠢᠨ ᠲᠣᠭᠲᠠᠨᠢᠬᠤ》 ᠰᠦᠢᠳᠬᠡᠯ ᠯᠡ ᠬᠠᠩᠭᠠᠳᠠᠭ᠃ ᠰᠤᠷᠪᠤᠯᠵᠢᠯᠠᠭᠴᠢ ᠠᠰᠠᠭᠤᠭᠰᠠᠨ ᠳ᠋ᠤ᠌᠄《ᠡᠨᠡ ᠪᠣᠯ ᠮᠢᠨᠦ ᠬᠢᠨᠠᠨ ᠬᠠᠮᠢᠶᠠᠷᠤᠭᠴᠢ ᠶ᠋ᠢᠨ ᠡᠭᠦᠷᠭᠡ ᠬᠠᠷᠢᠭᠤᠴᠠᠯᠭ᠎ᠠ ᠶ᠋ᠢᠨ ᠬᠡᠪᠴᠢᠶᠡᠨ ᠳ᠋ᠦ᠍ ᠯᠡ ᠬᠡᠦᠬᠡᠳ ᠦ᠋ᠨ ᠡᠷᠬᠡ ᠠᠰᠢᠭ ᠢ᠋ ᠡᠳ᠋ᠯᠡᠭᠦᠯᠵᠦ ᠪᠠᠢᠨ᠎ᠠ᠂ ᠬᠡᠦᠬᠡᠳ ᠬᠣᠵᠢᠮ ᠶᠠᠮᠠᠷᠬᠠᠨ ᠠᠮᠢᠳᠤᠷᠠᠨ᠎ᠠ ᠭᠡᠳᠡᠭ ᠨᠢ ᠲᠡᠳᠡᠨ ᠦ᠌ ᠥᠪᠡᠷᠰᠡᠳ ᠦ᠋ᠨ ᠴᠢᠷᠮᠠᠢᠯᠭ᠎ᠠ ᠠ᠋ᠴᠠ ᠯᠠ ᠲᠣᠭᠲᠠᠭᠠᠭᠳᠠᠨ᠎ᠠ᠃ ᠠᠮᠧᠷᠢᠺᠠ ᠶ᠋ᠢᠨ ᠢᠷᠭᠡᠨ ᠴᠦ᠍ ᠠᠳᠠᠯᠢᠬᠠᠨ᠂ ᠬᠦᠴᠢᠷᠳᠡᠯ ᠲᠡᠢ ᠦᠶ᠎ᠡ ᠳ᠋ᠦ᠍ ᠵᠠᠰᠠᠭ ᠤ᠋ᠨ ᠭᠠᠵᠠᠷ ᠬᠠᠮᠤᠭ ᠤ᠋ᠨ ᠳᠣᠣᠷᠠᠲᠤ ᠪᠠᠲᠤᠯᠠᠭ᠎ᠠ ᠯᠠ ᠬᠠᠩᠭᠠᠵᠤ ᠥᠭᠭᠦᠨ᠎ᠡ᠂ ᠪᠠᠶᠠᠨ ᠴᠢᠨᠡᠭᠡᠯᠢᠭ ᠠᠮᠢᠳᠤᠷᠠᠶ᠎ᠠ ᠭᠡᠪᠡᠯ ᠥᠪᠡᠷᠰᠡᠳ ᠢ᠋ᠶ᠋ᠡᠨ ᠯᠡ ᠴᠢᠷᠮᠠᠢᠨ᠎ᠠ ᠳᠠ᠂ ᠡᠨᠡ ᠬᠣᠶᠠᠷ ᠢᠵᠢᠯᠬᠡᠨ ᠠᠰᠠᠭᠤᠳᠠᠯ》 ᠭᠡᠵᠦ ᠬᠠᠷᠢᠭᠤᠯᠤᠭᠰᠠᠨ ᠭᠡᠳᠡᠭ᠃ ᠭᠡᠷ ᠦ᠋ᠨ ᠠᠬᠠᠮᠠᠳ ᠮᠠᠨ ᠳ᠋ᠤ᠌ ᠠᠪᠴᠤ ᠬᠡᠯᠡᠪᠡᠯ ᠤᠯᠤᠰ ᠤ᠋ᠨ ᠡᠯ᠎ᠡ ᠲᠥᠷᠥᠯ ᠦ᠋ᠨ ᠨᠥᠬᠥᠪᠥᠷᠢ ᠭᠡᠳᠡᠭ ᠴᠢᠨᠢ ᠰᠤᠯᠠ ᠵᠣᠭᠣᠰ ᠰᠢᠦ ᠳᠡ᠂ ᠵᠠᠷᠢᠮ ᠤ᠋ᠳ ᠨᠢ ᠠᠪᠤᠮᠠᠭᠴᠠ ᠠᠷᠢᠬᠢ ᠤᠤᠭᠤᠵᠤ ᠯᠠ ᠪᠠᠢᠬᠤ ᠪᠢᠰᠢ ᠤᠤ! ᠶᠠᠭᠠᠬᠢᠬᠤ ᠪᠣᠢ᠂ ᠬᠦᠴᠢᠷᠳᠡᠯ ᠲᠤᠯᠭᠠᠷᠠᠬᠤ ᠦᠶ᠎ᠡ ᠳ᠋ᠦ᠍ ᠬᠠᠤᠯᠢ ᠶᠣᠰᠣᠨ ᠤ᠋ ᠡᠷᠬᠡ ᠠᠰᠢᠭ ᠢ᠋ᠶ᠋ᠠᠨ ᠡᠳ᠋ᠯᠡᠵᠦ᠂ ᠨᠡᠢᠭᠡᠮ ᠦ᠋ᠨ ᠲᠤᠰᠠᠯᠠᠮᠵᠢ ᠬᠠᠯᠠᠮᠵᠢ ᠶ᠋ᠢ ᠠᠪᠬᠤ ᠦᠭᠡᠢ ᠶᠠᠭᠠᠬᠢᠨ᠎ᠠ ᠪᠣᠢ᠂ ᠭᠡᠲᠡᠯ᠎ᠡ ᠮᠢᠨᠦ ᠶᠠᠷᠢᠬᠤ ᠭᠡᠵᠦ ᠪᠠᠢᠭ᠎ᠠ ᠪᠣᠯ ᠣᠯᠠᠩᠬᠢ ᠬᠥᠮᠦᠰ《ᠤᠯᠤᠰ》 ᠤ᠋ᠨ ᠨᠥᠬᠥᠪᠥᠷᠢ ᠶ᠋ᠢ ᠠᠪᠴᠢᠬᠠᠭᠠᠳ ᠪᠠᠶᠠᠷᠯᠠᠵᠤ ᠲᠠᠯᠠᠷᠬᠠᠬᠤ ᠦᠭᠡᠢ ᠮᠥᠷᠲᠡᠭᠡᠨ ᠠᠬᠢᠭᠠᠳ ᠢᠯᠡᠭᠦᠬᠡᠨ ᠥᠭᠬᠦ ᠦᠭᠡᠢ ᠶᠠᠭᠠᠬᠢᠭᠰᠠᠨ ᠪᠣᠢ! ᠭᠡᠬᠦ ᠥᠯᠥᠨ ᠨᠢᠳᠦᠯᠡᠵᠦ ᠥᠷᠢ ᠨᠡᠬᠡᠭᠰᠡᠨ ᠴᠢᠷᠠᠢ ᠭᠠᠷᠭᠠᠬᠤ ᠪᠣᠯ ᠠᠶᠤᠯᠲᠠᠢ ᠰᠡᠳᠬᠢᠴᠡ ᠪᠠᠢᠭ᠎ᠠ᠂ ᠴᠠᠭᠠᠨ᠎ᠠ ᠨᠢ ᠬᠥᠳᠡᠯᠮᠦᠷᠢᠴᠢ ᠪᠤᠶᠠᠨᠰᠠᠭ ᠬᠥᠮᠦᠰ ᠦ᠋ᠨ ᠭᠠᠢᠯᠢ ᠠ᠋ᠴᠠ ᠢᠷᠡᠯ ᠲᠡᠢ ᠭᠡᠳᠡᠭ ᠢ᠋ ᠪᠤᠳᠤᠯᠲᠠᠢ᠃ ᠦᠨᠡᠨ ᠢ᠋ ᠬᠡᠯᠡᠪᠡᠯ ᠨᠥᠬᠥᠪᠥᠷᠢ ᠭᠡᠳᠡᠭ ᠴᠢᠨᠢ ᠨᠥᠬᠥᠭᠡᠰᠦ ᠭᠡᠰᠡᠨ ᠦᠭᠡ ᠯᠡ ᠳᠡ᠂ ᠢᠯᠡᠭᠦᠦ ᠳᠤᠲᠠᠭᠤ ᠪᠠᠨ ᠨᠥᠬᠥᠨ᠎ᠡ ᠰᠢᠲᠠ᠃ ᠦᠨᠡᠬᠡᠷ ᠪᠠᠶᠠᠨ ᠲᠠᠩᠰᠤᠭ ᠠᠮᠢᠳᠤᠷᠠᠶ᠎ᠠ ᠭᠡᠪᠡᠯ ᠥᠪᠡᠷᠰᠡᠳ ᠦ᠋ᠨ ᠬᠥᠳᠡᠯᠮᠦᠷᠢᠴᠢ ᠬᠣᠶᠠᠷ ᠭᠠᠷ᠂ ᠬᠥᠮᠦᠯᠢᠭ ᠤᠬᠠᠭᠠᠨ ᠳ᠋ᠤ᠌ ᠪᠠᠨ ᠯᠠ ᠲᠦᠰᠢᠭᠯᠡᠨ᠎ᠡ ᠰᠢᠦ᠂ ᠬᠥᠳᠡᠯᠮᠦᠷᠢᠴᠢ ᠬᠥᠮᠦᠰ ᠦ᠋ᠨ ᠪᠤᠶᠨᠨᠰᠠᠭ ᠦᠢᠯᠡᠰ ᠢ᠋ ᠲᠣᠰᠴᠢᠬᠠᠭᠠᠳ ᠪᠠᠶᠠᠷᠯᠠᠵᠤ ᠲᠠᠯᠠᠷᠬᠠᠬᠤ ᠰᠡᠳᠬᠢᠯᠭᠡ ᠢᠪᠢᠯᠬᠦ ᠦᠭᠡᠢ ᠭᠡᠳᠡᠭ ᠴᠢᠨᠢ ᠪᠢᠳᠡ ᠪᠦᠬᠦᠨ ᠳ᠋ᠦ᠍ ᠠᠴᠢᠯᠠᠯ ᠵᠢᠷᠤᠮ ᠤ᠋ᠨ ᠰᠡᠳᠬᠢᠯ ᠨᠢᠮᠭᠡᠷᠡᠵᠦ ᠪᠠᠢᠨ᠎ᠠ ᠭᠡᠰᠡᠨ ᠦᠭᠡ ᠳᠡ᠃ ᠡᠢᠮᠦᠷᠬᠦ ᠨᠡᠢᠭᠡᠮ ᠦ᠋ᠨ ᠬᠡᠪᠰᠢᠯ ᠡᠴᠡ ᠶᠠᠮᠠᠷ ᠰᠠᠢᠬᠠᠨ ᠬᠥᠮᠦᠯᠢᠭ ᠠᠴᠢᠯᠠᠯ ᠵᠢᠷᠤᠮ ᠲᠠᠢ ᠬᠡᠦᠬᠡᠳ ᠲᠥᠷᠥᠬᠦ ᠪᠣᠢ᠂ ᠲᠡᠭᠡᠬᠦ ᠡᠴᠡ ᠲᠣᠮᠣᠴᠤᠤᠯ ᠮᠠᠨᠢ ᠰᠤᠯᠠ ᠵᠣᠭᠣᠰ ᠤ᠋ᠨ ᠲᠤᠬᠠᠢ ᠵᠥᠪ ᠲᠠᠨᠢᠯᠲᠠ ᠲᠠᠢ ᠪᠠᠢᠭᠠᠷᠠᠢ! ᠰᠤᠯᠠ ᠵᠣᠭᠣᠰ ᠭᠡᠳᠡᠭ ᠴᠢᠨᠢ ᠰᠤᠯᠠ ᠭᠡᠰᠡᠨ ᠦᠭᠡᠨ ᠳ᠋ᠦ᠍ ᠪᠠᠨ ᠯᠠ ᠪᠠᠢᠨ᠎ᠠ ᠰᠢᠦ᠂ ᠪᠠᠢᠪᠠᠯ ᠵᠠᠷᠤᠴᠢᠬᠠᠨᠠ᠂ ᠦᠭᠡᠢ ᠪᠣᠯ ᠪᠠᠰᠠ ᠪᠣᠯᠴᠢᠬᠠᠨ᠎ᠠ᠃
ᠥᠨᠥ ᠶ᠋ᠢᠨ ᠰᠤᠷᠭᠠᠭᠤᠯᠢ ᠪᠦᠷ ᠺᠠᠷᠲ ᠢ᠋ᠶ᠋ᠠᠷ ᠬᠣᠭᠣᠯᠠ ᠢᠳᠡᠭᠦᠯᠵᠦ ᠪᠠᠢᠨ᠎ᠠ᠃ ᠬᠣᠭᠣᠯᠠᠨ ᠺᠠᠷᠲ ᠳᠠᠬᠢ ᠮᠥᠩᠭᠥ ᠨᠢ ᠳᠤᠲᠠᠬᠤ ᠦᠭᠡᠢ ᠪᠠᠢᠳᠠᠯ ᠳᠣᠣᠷ᠎ᠠ ᠬᠠᠷᠮᠠᠨ ᠳ᠋ᠤ᠌ ᠪᠠᠨ ᠰᠤᠯᠠ ᠵᠣᠭᠣᠰ ᠦᠭᠡᠢ ᠶᠠᠪᠤᠵᠤ ᠴᠢᠳᠠᠪᠠᠯ ᠰᠠᠶᠢ ᠰᠢᠯᠢᠳᠡᠭ ᠵᠠᠩ ᠰᠤᠷᠲᠠᠯ ᠲᠠᠢ ᠬᠡᠦᠬᠡᠳ ᠪᠣᠯᠵᠤ ᠴᠢᠳᠠᠨ᠎ᠠ ᠭᠡᠳᠡᠭ ᠢ᠋ ᠭᠡᠷ ᠦ᠋ᠨ ᠠᠬᠠᠮᠠᠳ ᠣᠢᠯᠠᠭᠠᠵᠤ᠂ ᠬᠡᠦᠬᠡᠳ ᠲᠡᠭᠡᠨ ᠮᠥᠩᠭᠥᠨ ᠦ᠌ ᠲᠤᠬᠠᠢ ᠵᠥᠪ ᠣᠢᠯᠠᠭᠠᠯᠲᠠ ᠲᠠᠢ᠂ ᠮᠥᠩᠭᠥ ᠵᠠᠷᠤᠬᠤ ᠡᠷᠡᠭᠦᠯ ᠳᠠᠳᠬᠠᠯ ᠲᠠᠢ ᠪᠣᠯᠭᠠᠵᠤ ᠬᠡᠪᠰᠢᠭᠦᠯᠬᠦ ᠶ᠋ᠢ ᠠᠩᠬᠠᠷᠤᠯ ᠳ᠋ᠠᠭᠠᠨ ᠠᠪᠴᠤ ᠪᠠᠢᠭᠠᠷᠠᠢ᠃
ᠦᠰᠦᠭ ᠠᠮᠢᠯᠠᠭᠤᠯᠤᠭᠴᠢ᠄ ᠨᠠᠷᠠᠨ ᠲᠣᠭᠣᠨᠣ
ᠬᠢᠨᠠᠭᠴᠢ᠄ ᠰᠡᠬᠡᠭᠡᠷᠡᠯ᠂ ᠵ᠂ ᠪᠤᠶᠠᠨᠲᠣᠭᠲᠠᠬᠤ