ᠱᠠᠮᠪᠠᠯᠠ ᠶ᠋ᠢᠨ ᠢᠷᠥᠭᠡᠯ ᠦ᠋ᠨ ᠰᠤᠳᠤᠷ ᠣᠷᠣᠰᠢᠪᠠШамбалын ерөөлийн судар оршив
ᠠᠩᠭᠢᠯᠠᠯ:ᠱᠠᠰᠢᠨ ᠰᠢᠲᠦᠯᠭᠡШашин суртахуун 2025-04-17
659
ᠱᠠᠮᠪᠠᠯᠠ ᠶ᠋ᠢᠨ ᠢᠷᠦᠭᠡᠯ ᠦ᠋ᠨ ᠰᠤᠳᠤᠷ ᠣᠷᠣᠰᠢᠪᠠ ᠣᠮ ᠠ ᠬᠣᠩ ᠅ᠲᠡᠭᠦᠰ ᠴᠣᠭᠲᠤ ᠴᠠᠭ ᠤ᠋ᠨ ᠬᠦᠷᠳᠦ ᠶ᠋ᠢᠨ ᠥᠨᠢ ᠶᠣᠰᠣᠨ ᠶᠡᠬᠡ ᠶ᠋ᠢ᠃ ᠤᠮᠠᠷᠠᠲᠤ ᠶᠡᠬᠡ ᠪᠠᠯᠠᠭᠤᠨ ᠱᠠᠮᠪᠠᠯᠠ ᠳ᠋ᠤᠷ ᠳᠡᠯᠭᠡᠭᠴᠢ᠃ᠭᠡᠲᠦᠯᠭᠡᠭᠴᠢ ᠯᠠᠮᠠ ᠲᠠᠨ ᠳ᠋ᠤᠷ ᠵᠠᠯᠪᠠᠷᠢᠭᠰᠠᠨ ᠲᠡᠭᠦᠨ ᠪᠡᠷ᠃ ᠮᠢᠨᠦ ᠡᠨᠡ ᠦᠨᠡᠨ ᠦᠭᠡᠰ ᠪᠦᠲᠦᠬᠦᠢ ᠶ᠋ᠢ ᠵᠣᠬᠢᠶᠠ ᠅ᠪᠣᠳᠢᠰᠠᠳ᠋ᠸ᠎ᠠ ᠴᠠᠭ ᠤ᠋ᠨ ᠬᠦᠷᠳᠦᠨ ᠲᠡᠷᠢᠭᠦᠲᠡᠨ ᠰᠢᠲᠦᠭᠴᠢ᠃ ᠳᠡᠭᠡᠳᠦᠰ ᠦ᠋ᠨ ᠪᠣᠭᠳᠠ ᠨᠣᠮ ᠤ᠋ᠳ ᠳᠡᠯᠭᠡᠷᠡᠭᠰᠡᠨ ᠳᠡᠯᠡᠬᠡᠢ᠃ᠤᠮᠠᠷᠠᠲᠤ ᠵᠦᠭ ᠦ...