ᠠᠮᠢᠲᠠᠳ ᠬᠡᠷᠬᠢᠨ ᠡᠪᠦᠯᠵᠢᠳᠡᠭ ᠪᠣᠢAmitad kherkhen övöljdög beАмьтад хэрхэн өвөлждөг бэ ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠲᠠᠳ ᠬᠡᠷᠬᠢᠨ ᠡᠪᠦᠯᠵᠢᠳᠡᠭ ᠪᠣᠢAmitad kherkhen övöljdög beАмьтад хэрхэн өвөлждөг бэ

ᠠᠮᠢᠲᠠᠳ ᠬᠡᠷᠬᠢᠨ ᠡᠪᠦᠯᠵᠢᠳᠡᠭ ᠪᠣᠢAmitad kherkhen övöljdög beАмьтад хэрхэн өвөлждөг бэ

ᠠᠩᠭᠢᠯᠠᠯ:ᠳᠣᠮᠣᠭ ᠦᠯᠢᠭᠡᠷ
2025-05-08

546

ᠠᠮᠢᠲᠠᠳ ᠬᠡᠷᠬᠢᠨ ᠡᠪᠦᠯᠵᠢᠳᠡᠭ ᠪᠣᠢ

   ᠳᠣᠮᠣᠭ ᠦᠯᠢᠭᠡᠷ 

ᠰᠢᠷᠭᠤᠯᠵᠢ ᠭᠡᠷ ᠡᠴᠡ ᠪᠡᠨ ᠭᠠᠷᠤᠭᠠᠳ ᠣᠢ ᠪᠠᠷ ᠶᠠᠪᠤᠯ᠎ᠠ᠃ ᠱᠠᠭᠠᠵᠠᠭᠠᠢ ᠰᠠᠭᠯᠠᠭᠠᠷ ᠮᠣᠳᠣᠨ ᠳᠡᠭᠡᠷ᠎ᠡ ᠰᠠᠭᠤᠭᠠᠳ ᠱᠠᠭ ᠱᠠᠭ ᠱᠠᠭᠰᠢᠵᠤ ᠪᠠᠢᠪᠠ᠃ ᠰᠢᠷᠭᠤᠯᠵᠢ᠄ ᠱᠠᠭᠠᠵᠠᠭᠠᠢ ᠡᠭᠡᠴᠢ ᠠ᠋ ! ᠬᠤᠨ᠂ ᠬᠠᠷᠢᠶᠠᠴᠠᠢ ᠪᠦᠷ ᠬᠠᠮᠢᠭ᠎ᠠ ᠶᠠᠪᠤᠴᠢᠬᠠᠭᠰᠠᠨ ᠶᠤᠮ ᠪᠣᠢ? ᠭᠡᠵᠦ ᠠᠰᠠᠭᠤᠪᠠ᠃
ᠱᠠᠭᠠᠵᠠᠭᠠᠢ ᠬᠠᠷᠢᠭᠤ ᠳ᠋ᠤᠨᠢ᠄ ᠲᠩᠷᠢ ᠬᠦᠢᠲᠡᠷᠡᠭᠰᠡᠨ ᠲᠤᠯᠠ ᠲᠡᠳᠡ ᠪᠦᠷ ᠡᠮᠦᠨᠡᠲᠦ ᠣᠷᠣᠨ ᠳ᠋ᠤ᠌ ᠡᠪᠦᠯᠵᠢᠬᠦ ᠪᠡᠷ ᠶᠠᠪᠤᠴᠢᠬᠠᠵᠠᠢ᠃ ᠢᠷᠡᠬᠦ ᠬᠠᠪᠤᠷ ᠬᠠᠷᠢᠵᠤ ᠢᠷᠡᠨ᠎ᠡ ᠭᠡᠪᠡ᠃ 
ᠲᠠ ᠶᠠᠭᠠᠬᠢᠭᠠᠳ ᠶᠠᠪᠤᠭᠰᠠᠨ ᠦᠭᠡᠢ ᠪᠣᠢ ᠭᠡᠵᠦ ᠰᠢᠷᠭᠤᠯᠵᠢ ᠤᠬᠤᠴᠢᠯᠠᠨ ᠠᠰᠠᠭᠤᠭᠰᠠᠨ ᠳ᠋ᠤ᠌ ᠪᠢ ᠡᠨᠳᠡ ᠪᠡᠨ ᠡᠪᠦᠯᠵᠢᠨ᠎ᠡ᠂ ᠪᠢ ᠲᠡᠳᠡᠨ ᠰᠢᠭ᠋ ᠬᠦᠢᠲᠡᠨ ᠡᠴᠡ ᠠᠶᠤᠳᠠᠭ ᠦᠭᠡᠢ ᠰᠢᠦ ᠭᠡᠵᠦ ᠱᠠᠭᠠᠵᠠᠭᠠᠢ ᠬᠠᠷᠢᠭᠤᠯᠤᠯ᠎ᠠ᠃
ᠰᠢᠷᠭᠤᠯᠵᠢ ᠴᠠᠭᠠᠰᠢ ᠶᠠᠪᠤᠭᠠᠳ ᠮᠡᠯᠡᠬᠡᠢ ᠲᠡᠢ ᠤᠴᠠᠷᠠᠪᠠ᠂ ᠮᠡᠯᠡᠬᠡᠢ ᠠᠬ᠎ᠠ ᠠ᠋ ᠂ ᠲᠠ ᠪᠠᠰᠠ ᠡᠮᠦᠨᠡᠲᠦ ᠣᠷᠣᠨ ᠳ᠋ᠤ᠌ ᠣᠴᠢᠵᠤ ᠡᠪᠦᠯᠵᠢᠨ᠎ᠡ ᠤᠤ ᠭᠡᠵᠦ ᠰᠢᠷᠭᠤᠯᠵᠢ ᠰᠠᠨᠠᠭᠠᠰᠢᠷᠠᠨ ᠠᠰᠠᠭᠤᠭᠰᠠᠨ ᠳ᠋ᠤ᠌ ᠮᠡᠯᠡᠬᠡᠢ᠄ ᠦᠭᠡᠢ! ᠦᠭᠡᠢ ! ᠪᠢ ᠡᠨᠳᠡ ᠪᠡᠨ ᠡᠪᠦᠯᠵᠢᠨ᠎ᠡ ᠭᠡᠪᠡ᠃ ᠰᠢᠷᠭᠤᠯᠵᠢ ᠲᠠ ᠶᠠᠭᠠᠬᠢᠵᠤ ᠡᠪᠦᠯᠵᠢᠬᠦ ᠪᠣᠢ ? ᠭᠡᠰᠡᠨ ᠳ᠋ᠦ᠍ ᠮᠡᠯᠡᠬᠡᠢ ᠪᠢᠳᠡ ᠡᠪᠦᠯ ᠪᠣᠯᠪᠠᠯ ᠭᠠᠵᠠᠷ ᠳᠣᠣᠷ᠎ᠠ ᠣᠷᠣᠭᠠᠳ ᠬᠥᠳᠡᠯᠬᠦ ᠦᠭᠡᠢ ᠂ ᠢᠳᠡᠬᠦ ᠦᠭᠡᠢ ᠪᠡᠷ ᠢᠷᠡᠬᠦ ᠬᠠᠪᠤᠷ ᠪᠣᠯᠲᠠᠯ᠎ᠠ ᠤᠨᠲᠠᠨ᠎ᠠ ᠰᠢᠦ᠂ ᠡᠨᠡ ᠪᠣᠯ ᠪᠢᠳᠡᠨ ᠦ᠌ ᠡᠪᠦᠯᠵᠢᠬᠦ ᠠᠷᠭ᠎ᠠ ᠶᠤᠮ᠃ ᠬᠥᠮᠦᠰ ᠡᠭᠦᠨ  ᠢ᠋ ᠢᠴᠡᠭᠡᠯᠡᠨ᠎ᠡ ᠭᠡᠳᠡᠭ ᠠ᠋ ᠭᠡᠯ᠎ᠡ᠃
ᠰᠢᠷᠭᠤᠯᠵᠢ ᠴᠠᠭᠠᠰᠢ ᠶᠠᠪᠤᠭᠠᠳ ᠨᠠᠭᠤᠷ ᠤ᠋ᠨ ᠬᠥᠪᠡᠭᠡᠨ ᠳ᠋ᠦ᠍ ᠤᠰᠤᠨ ᠬᠤᠯᠤᠭᠠᠨ᠎ᠠ ᠲᠠᠢ ᠠᠭᠤᠯᠵᠠᠪᠠ᠂ ᠤᠰᠤᠨ ᠬᠤᠯᠤᠭᠠᠨ᠎ᠠ ᠰᠢᠷᠭᠤᠯᠵᠢ ᠶ᠋ᠢ ᠦᠵᠡᠭᠡᠳ ᠂ ᠰᠢᠷᠭᠤᠯᠵᠢ ᠠ᠋ ! ᠪᠢᠳᠡ ᠭᠠᠵᠠᠷ ᠳᠣᠣᠷ᠎ᠠ ᠰᠢᠨ᠎ᠡ ᠭᠡᠷ ᠢ᠋ᠶ᠋ᠡᠨ ᠵᠠᠰᠠᠴᠢᠬᠠᠭᠰᠠᠨ ᠰᠢᠦ! ᠣᠷᠣᠵᠤ ᠦᠵᠡᠬᠦ ᠦᠭᠡᠢ ᠶᠣᠣ ᠭᠡᠵᠦ ᠤᠷᠢᠪᠠ᠃ ᠤᠰᠤᠨ ᠬᠤᠯᠤᠭᠠᠨ᠎ᠠ ᠶ᠋ᠢᠨ ᠰᠢᠨ᠎ᠡ ᠭᠡᠷ ᠨᠢ ᠭᠠᠵᠠᠷ ᠳᠣᠣᠭᠤᠷ ᠤᠰᠤ ᠤᠷᠤᠭᠤ ᠣᠷᠣᠬᠤ ᠵᠠᠮ ᠲᠠᠢ ᠪᠠᠢᠯ᠎ᠠ᠃ ᠤᠰᠤᠨ ᠬᠤᠯᠤᠭᠠᠨ᠎ᠠ ᠡᠨᠡ ᠵᠠᠮ ᠢ᠋ᠶ᠋ᠠᠷ ᠢ᠋ᠶ᠋ᠠᠨ ᠤᠰᠤᠨ ᠳ᠋ᠤ᠌ ᠣᠷᠣᠵᠤ ᠵᠢᠭᠠᠰᠤ ᠠᠩᠨᠠᠨ ᠡᠪᠦᠯᠵᠢᠳᠡᠭ ᠪᠠᠢᠵᠠᠢ᠃ ᠤᠰᠤᠨ ᠬᠤᠯᠤᠭᠠᠨ᠎ᠠ ᠨᠠᠢᠵᠠ ᠠᠮᠢᠲᠠᠨ ᠪᠦᠭᠦᠳᠡᠭᠡᠷ ᠢ᠋ᠶ᠋ᠡᠨ ᠡᠪᠦᠯᠵᠢᠬᠦ ᠪᠡᠷ ᠪᠠᠵᠠᠭᠠᠵᠤ ᠪᠠᠢᠨ᠎ᠠ᠃ ᠲᠠᠨ ᠤ᠋ ᠬᠢᠨ ᠬᠦᠨᠡᠰᠦ ᠪᠡᠨ ᠭᠦᠢᠴᠡᠳ ᠨᠥᠭᠡᠴᠡᠯᠡᠭᠰᠡᠨ ᠪᠢᠵᠡ ᠭᠡᠵᠦ ᠬᠠᠯᠠᠮᠵᠢᠯᠠᠨ ᠠᠰᠠᠭᠤᠪᠠ᠃ ᠨᠥᠬᠥᠳ ᠨᠢ ᠠᠯᠢ ᠬᠡᠵᠢᠶᠡᠨᠡᠢ ᠭᠠᠵᠠᠷ ᠳᠣᠣᠷᠠᠬᠢ ᠭᠡᠷ ᠲᠡᠭᠡᠨ ᠮᠠᠰᠢ ᠠᠷᠪᠢᠨ ᠬᠦᠨᠡᠰᠦ ᠪᠡᠯᠡᠳᠬᠡᠭᠰᠡᠨ  ᠢ᠋ ᠰᠢᠷᠭᠤᠯᠵᠢ ᠰᠠᠨᠠᠵᠤ ᠣᠯᠤᠭᠠᠳ᠂ ᠲᠡᠢᠮᠦ! ᠲᠡᠢᠮᠦ ! ᠮᠠᠨᠠᠢᠬᠢᠨ ᠪᠦᠷ ᠪᠡᠯᠡᠨ ᠪᠣᠯᠵᠠᠢ᠂ ᠪᠢ ᠣᠳᠣ ᠭᠡᠷ ᠲᠡᠭᠡᠨ ᠬᠠᠷᠢᠵᠤ ᠨᠥᠬᠥᠳ ᠲᠡᠢ ᠪᠡᠨ ᠴᠣᠭ ᠡᠪᠦᠯᠵᠢᠨ᠎ᠡ ᠭᠡᠳ ᠤᠰᠤᠨ ᠬᠤᠯᠤᠭᠠᠨ᠎ᠠ ᠨᠠᠢᠵᠠ ᠲᠠᠢ ᠰᠠᠯᠬᠤ ᠶᠣᠰᠣ ᠬᠢᠯ᠎ᠡ᠃

ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ᠂ ᠵᠢᠷᠠᠨᠲᠠᠢ