ᠪᠣᠳᠢᠰᠠᠳ᠋ᠸ᠎ᠠ ᠶ᠋ᠢᠨ ᠶᠠᠪᠤᠳᠠᠯ ᠳ᠋ᠤ᠌ ᠣᠷᠣᠬᠤᠢБодьсадвын явдалд орохуй ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠢᠰᠠᠳ᠋ᠸ᠎ᠠ ᠶ᠋ᠢᠨ ᠶᠠᠪᠤᠳᠠᠯ ᠳ᠋ᠤ᠌ ᠣᠷᠣᠬᠤᠢБодьсадвын явдалд орохуй

ᠪᠣᠳᠢᠰᠠᠳ᠋ᠸ᠎ᠠ ᠶ᠋ᠢᠨ ᠶᠠᠪᠤᠳᠠᠯ ᠳ᠋ᠤ᠌ ᠣᠷᠣᠬᠤᠢБодьсадвын явдалд орохуй

2025-05-08

465

ᠪᠣᠳᠢᠰᠠᠳ᠋ᠸ᠎ᠠ ᠶ᠋ᠢᠨ ᠶᠠᠪᠤᠳᠠᠯ ᠳ᠋ᠤ᠌ ᠣᠷᠣᠬᠤᠢ

ᠬᠠᠮᠪᠤ ᠪᠯᠠᠮ᠎ᠠ ᠳ᠋ᠠᠮᠪᠠ ᠠᠶᠤᠰᠢᠶᠸᠪ /ᠮᠣᠩᠭᠣᠯᠴᠤᠳ ᠤ᠋ᠨ ᠳᠤᠮᠳᠠ ᠵᠢᠷᠭᠤᠭᠠᠨ ᠢᠷᠦᠭᠡᠯ ᠭᠡᠵᠦ ᠬᠡᠯᠡᠭᠳᠡᠳᠡᠭ ᠢᠷᠦᠭᠡᠯ ᡂᠨ  ᠤ᠋ᠨ ᠨᠢᠭᠡ᠂ ᠱᠠᠨᠲ᠋ᠢᠳᠢᠸ᠎ᠠ ᠭᠡᠭᠡᠨ ᠦ᠌ ᠲᠤᠭᠤᠷᠪᠢᠭᠰᠠᠨ ᠪᠣᠳᠢᠰᠠᠳ᠋ᠸ᠎ᠠ ᠶ᠋ᠢᠨ ᠶᠠᠪᠤᠳᠠᠯ ᠳ᠋ᠤ᠌ ᠣᠷᠣᠬᠤᠢ ᠨᠣᠮ ᠤ᠋ᠨ ᠰᠡᠭᠦᠯ ᠦ᠋ᠨ ᠪᠦᠯᠦᠭ《ᠶᠠᠪᠤᠳᠠᠯ ᠳ᠋ᠤ᠌ ᠣᠷᠣᠬᠤᠢ ᠶ᠋ᠢᠨ ᠢᠷᠦᠭᠡᠯ 》ᠣᠷᠣᠰᠢᠪᠠᠢ᠃

ᠪᠣᠳᠢ ᠶ᠋ᠢᠨ ᠶᠠᠪᠤᠳᠠᠯ ᠳ᠋ᠤ᠌ ᠪᠢ ᠪᠡᠷ 
ᠣᠷᠣᠬᠤᠢ ᠶ᠋ᠢ ᠲᠡᠢᠨ ᠲᠤᠭᠤᠷᠪᠢᠭᠰᠠᠨ ᠤᠴᠢᠷ 
ᠠᠯᠢᠨ ᠪᠤᠶᠠᠨ ᠢ᠋ᠶ᠋ᠠᠷ ᠠᠮᠢᠲᠠᠨ ᠪᠦᠬᠦᠨ 
ᠪᠣᠳᠢ ᠶ᠋ᠢᠨ ᠶᠠᠪᠤᠳᠠᠯ ᠳ᠋ᠤ᠌ ᠣᠷᠣᠬᠤ ᠪᠣᠯᠲᠤᠭᠠᠢ᠃
ᠵᠦᠭ ᠪᠦᠬᠦᠨ ᠳ᠋ᠦ᠍ ᠪᠡᠶ᠎ᠡ᠂ ᠰᠡᠳᠬᠢᠯ ᠦ᠋ᠨ 
ᠵᠣᠪᠠᠯᠠᠩᠲᠤ ᠡᠪᠡᠳᠴᠢᠲᠡᠨ ᠬᠡᠳᠦᠢ ᠪᠣᠢ 
ᠮᠢᠨᠦ ᠪᠤᠶᠠᠨ ᠢ᠋ᠶ᠋ᠠᠷ ᠲᠡᠳᠡ ᠪᠡᠶᠡᠰᠦᠨ 
ᠠᠮᠤᠭᠤᠯᠠᠩ ᠤ᠋ᠨ ᠳᠠᠯᠠᠢ ᠶ᠋ᠢ ᠣᠯᠬᠤ ᠪᠣᠯᠲᠤᠭᠠᠢ᠃
ᠣᠷᠴᠢᠯᠠᠩ ᠳ᠋ᠤ᠌ ᠲᠡᠳᠡ ᠬᠡᠳᠦᠢ ᠬᠦᠷᠲᠡᠯ᠎ᠡ
ᠠᠮᠤᠭᠤᠯᠠᠩ ᠠ᠋ᠴᠠ ᠬᠡᠵᠢᠶ᠎ᠡ ᠴᠦ᠍ ᠦᠯᠦ ᠳᠣᠷᠣᠢᠲᠠᠨ
ᠶᠠᠪᠤᠨ ᠶᠠᠪᠤᠭᠰᠠᠭᠠᠷ ᠦᠷᠭᠦᠯᠵᠢ ᠮᠥᠩᠬᠡ ᠶ᠋ᠢᠨ
ᠬᠠᠨᠢᠴᠠᠰᠢ ᠦᠭᠡᠢ ᠠᠮᠤᠭᠤᠯᠠᠩ ᠢ᠋ ᠣᠯᠬᠤ ᠪᠣᠯᠲᠤᠭᠠᠢ᠃
ᠶᠢᠷᠲᠢᠨᠴᠦ ᠶ᠋ᠢᠨ ᠣᠷᠣᠨ ᠳ᠋ᠤ᠌ ᠣᠯᠠᠨ ᠲᠠᠮᠤ ᠨᠤᠭᠤᠳ
ᠬᠡᠳᠦᠢ ᠴᠢᠨᠡᠭᠡ ᠠᠯᠢᠨ ᠪᠣᠢ
ᠲᠡᠳᠡ ᠪᠦᠬᠦᠨ ᠳ᠋ᠦ᠍ ᠠᠮᠢᠲᠠᠨ ᠨᠤᠭᠤᠳ
ᠡᠩᠬᠡᠵᠢᠨ ᠦ᠌ ᠠᠮᠤᠭᠤᠯᠠᠩ ᠢ᠋ᠶ᠋ᠠᠷ ᠪᠠᠶᠠᠰᠬᠤ ᠪᠣᠯᠲᠤᠭᠠᠢ᠃
ᠬᠦᠢᠲᠡᠨ ᠢ᠋ᠶ᠋ᠡᠷ ᠵᠣᠪᠠᠭᠴᠢ ᠨᠢ ᠳᠤᠯᠠᠭᠠᠨ ᠢ᠋ ᠣᠯᠲᠤᠭᠠᠢ᠃
ᠪᠣᠳᠢᠰᠠᠳ᠋ᠸ᠎ᠠ ᠶ᠋ᠢᠨ ᠶᠡᠬᠡ ᠡᠭᠦᠯᠡᠨ ᠡᠴᠡ
ᠡᠭᠦᠰᠦᠭᠰᠡᠨ ᠬᠢᠵᠠᠭᠠᠷ ᠦᠭᠡᠢ ᠶᠡᠬᠡ ᠮᠥᠷᠡᠨ ᠢ᠋ᠶ᠋ᠡᠷ
ᠬᠠᠯᠠᠭᠤᠨ ᠢ᠋ᠶ᠋ᠠᠷ ᠡᠨᠡᠯᠦᠭᠴᠢ ᠨᠢ ᠰᠡᠷᠢᠭᠦᠨ ᠢ᠋ ᠣᠯᠲᠤᠭᠠᠢ᠃
ᠢᠯᠳᠦᠨ ᠨᠠᠪᠴᠢᠲᠤ ᠣᠢ ᠰᠢᠭᠤᠢ ᠨᠢ ᠴᠦ᠍
ᠴᠡᠩᠭᠡᠯᠳᠦᠬᠦ ᠦᠵᠡᠰᠬᠦᠯᠡᠩᠲᠦ ᠴᠡᠴᠡᠷᠯᠢᠭ ᠪᠣᠯᠲᠤᠭᠠᠢ᠃ 
ᠱᠠᠯᠮᠠᠯᠢᠭ① ᠤ᠋ᠨ ᠭᠣᠣᠯ ᠮᠣᠳᠣ ᠨᠢ ᠴᠦ᠍ 
ᠭᠠᠯᠪᠠᠷᠪᠠᠰᠠ②ᠮᠣᠳᠣᠨ ᠳ᠋ᠤ᠌ ᠮᠡᠨᠳᠦᠯᠡᠬᠦ ᠪᠣᠯᠲᠤᠭᠠᠢ᠃
ᠨᠤᠭᠤᠰᠤ ᠬᠢᠭᠡᠳ ᠣᠯᠠᠨ ᠭᠠᠯᠠᠭᠤ᠂ ᠠᠩᠭᠢᠷ ᠤᠳ ᠪᠣᠯᠤᠨ
ᠬᠤᠨ ᠲᠡᠷᠢᠭᠦᠲᠡᠨ ᠢᠷᠠᠭᠤ ᠳᠠᠭᠤᠤ ᠪᠠᠷ ᠴᠢᠮᠡᠬᠦ ᠪᠣᠯᠲᠤᠭᠠᠢ᠃
ᠶᠡᠬᠡᠳᠡ ᠠᠩᠬᠢᠯᠤᠮ᠎ᠠ ᠲᠡᠭᠦᠯᠳᠡᠷ ᠯᠢᠩᠬᠤᠸᠠᠲᠤ ᠨᠠᠭᠤᠷ ᠴᠥᠭᠥᠷᠥᠮ ᠢ᠋ᠶ᠋ᠡᠷ
ᠲᠠᠮᠤ ᠶ᠋ᠢᠨ ᠭᠠᠵᠠᠷ ᡂᠨ ᠪᠠᠶᠠᠰᠤᠯ ᠲᠠᠭᠠᠯᠠᠮᠵᠢᠲᠤ ᠪᠣᠯᠬᠤ ᠪᠣᠯᠲᠤᠭᠠᠢ᠃
ᠬᠠᠯᠠᠭᠤᠨ ᠨᠣᠷᠮ᠎ᠠ ᠶ᠋ᠢᠨ ᠴᠣᠭᠴᠠ ᠨᠢ ᠴᠦ᠍ ᠡᠷᠳᠡᠨᠢ ᠶ᠋ᠢᠨ ᠴᠣᠭᠴᠠ ᠪᠣᠯᠲᠤᠭᠠᠢ᠃
ᠤᠯᠠᠢᠰᠤᠨ ᠰᠢᠲᠠᠬᠤ ᠭᠠᠵᠠᠷ ᠨᠢ ᠪᠣᠯᠣᠷ ᠤ᠋ᠨ ᠰᠠᠭᠤᠷᠢ ᠪᠣᠯᠲᠤᠭᠠᠢ᠃
ᠬᠣᠷᠢᠶᠠᠨ ᠳᠠᠷᠤᠭᠴᠢ ᠲᠠᠮᠤ ᠶ᠋ᠢᠨ ᠠᠶᠤᠯᠲᠤ ᠶᠡᠬᠡ ᠠᠭᠤᠯᠠᠰ ᠨᠢ ᠴᠦ᠍
ᠲᠠᠬᠢᠯ ᠤ᠋ᠨ ᠬᠠᠷᠰᠢ ᠳ᠋ᠤ᠌ ᠬᠤᠪᠢᠷᠠᠨ ᠪᠤᠷᠬᠠᠳ ᠢ᠋ᠶ᠋ᠠᠷ ᠳᠦᠭᠦᠷᠬᠦ ᠪᠣᠯᠲᠤᠭᠠᠢ᠃
ᠰᠢᠲᠠᠮᠠᠯ ᠭᠠᠯᠲᠤ ᠴᠢᠯᠠᠭᠤ᠂ ᠮᠡᠰᠡᠨ ᠪᠣᠷᠣᠭ᠎ᠠ ᠮᠥᠨᠳᠥᠷ ᠨᠢ
ᠥᠨᠥ ᠴᠠᠭ ᠠ᠋ᠴᠠ ᠡᠬᠢᠯᠡᠨ ᠴᠡᠴᠡᠭᠡᠨ ᠬᠤᠷ᠎ᠠ ᠳ᠋ᠤ᠌ ᠬᠤᠪᠢᠷᠠᠵᠤ
ᠬᠠᠷᠢᠯᠴᠠᠨ ᠨᠢᠭᠡᠨ ᠢ᠋ᠶ᠋ᠡᠨ ᠮᠡᠰᠡ ᠪᠡᠷ ᠲᠥᠷᠥᠭᠴᠢ ᠲᠡᠳᠡᠨ ᠨᠢ ᠮᠥᠨ
ᠥᠨᠥ ᠡᠴᠡ ᠡᠬᠢᠯᠡᠨ ᠡᠨᠡᠷᠢᠯ ᠦ᠋ᠨ ᠴᠡᠴᠡᠭᠡᠰ ᠢ᠋ ᠰᠢᠳᠡᠯᠡᠬᠦ ᠪᠣᠯᠲᠤᠭᠠᠢ᠃
ᠭᠠᠯ ᠠᠳᠠᠯᠢ᠂ ᠭᠠᠲᠤᠯᠬᠤ ᠠᠷᠭ᠎ᠠ ᠦᠭᠡᠢ ᠨᠤᠷᠮᠠᠨ ᠮᠥᠷᠡᠨ ᠳ᠋ᠦ᠍ ᠮᠢᠬ᠎ᠠ ᠪᠦᠭᠦᠳᠡ ᠨᠢ 
ᠭᠤᠤᠵᠢᠷᠠᠨ ᠤᠨᠠᠵᠤ᠂ᠬᠥᠨᠳᠡ ᠴᠡᠴᠡᠭ ᠦ᠋ᠨ ᠥᠩᠭᠡᠲᠦ ᠶᠠᠰᠤ ᠲᠠᠢ ᠵᠢᠪᠦᠭᠴᠢ ᠠᠮᠢᠲᠠᠳ
ᠮᠢᠨᠦ ᠦᠢᠯᠡᠳᠦᠭᠰᠡᠨ ᠪᠤᠶᠠᠨ ᠤ᠋ ᠬᠦᠴᠦ ᠪᠡᠷ ᠦᠵᠡᠰᠬᠦᠯᠡᠩᠲᠦ ᠲᠡᠭᠷᠢ ᠶ᠋ᠢᠨ ᠪᠡᠶ᠎ᠡ ᠶ᠋ᠢ ᠣᠯᠤᠭᠠᠳ
ᠲᠡᠭᠷᠢ ᠶ᠋ᠢᠨ ᠥᠬᠢᠳ ᠲᠡᠢ ᠬᠠᠮᠲᠤ ᠴᠣᠭ ᠠᠮᠤᠭᠤᠯᠠᠩ ᠲᠠᠢᠪᠤᠩ ᠣᠷᠣᠰᠢᠬᠤ ᠪᠣᠯᠲᠤᠭᠠᠢ᠃
ᠪᠠᠷᠠᠰᠢ ᠦᠭᠡᠢ ᠶᠡᠬᠡ ᠡᠷᠯᠢᠭ ᠦ᠋ᠨ ᠡᠯᠴᠢ ᠬᠥᠮᠦᠨ᠂ ᠬᠡᠷᠢᠶ᠎ᠡ᠂ ᠳᠡᠰ ᠰᠢᠪᠠᠭᠤᠳ ᠶᠠᠭᠤᠨ ᠤ᠋ ᠤᠴᠢᠷ ᠠᠶᠤᠨ ᠦᠢᠯᠡᠳᠦᠨᠡᠮ?
ᠲᠦᠨᠡᠷ ᠬᠠᠷᠠᠩᠭᠤᠢ ᠪᠦᠬᠦᠨ ᠡᠴᠡ ᠠᠷᠢᠯᠤᠨ ᠵᠢᠷᠭᠠᠯᠠᠩ ᠲᠥᠷᠥᠬᠦ ᠰᠠᠢᠨ ᠬᠦᠴᠦ ᠨᠢ ᠬᠡᠨ ᠦ᠌ ᠬᠢ? ᠭᠡᠮᠡᠨ
ᠳᠡᠭᠡᠭᠰᠢ ᠬᠠᠷᠠᠪᠠᠰᠤ ᠣᠭᠲᠠᠷᠭᠤᠢ ᠶ᠋ᠢᠨ ᠲᠥᠪ ᠲᠦ᠍ ᠵᠢᠪᠬᠤᠭ᠎ᠠ ᠪᠠᠳᠠᠷᠠᠭᠰᠠᠨ ᠸᠴᠢᠷᠪᠠᠨᠢ ᠣᠷᠣᠰᠢᠬᠤ ᠶ᠋ᠢ ᠦᠵᠡᠨ ᠬᠠᠷᠠᠭᠠᠳ
ᠮᠠᠰᠢᠳᠠ ᠪᠠᠶᠠᠰᠤᠭᠰᠠᠨ ᠪᠠᠶᠠᠰᠤᠯ ᠤ᠋ᠨ ᠬᠦᠴᠦ ᠪᠡᠷ ᠬᠢᠯᠢᠨᠴᠡ ᠡᠴᠡ ᠬᠠᠭᠠᠴᠠᠨ ᠲᠡᠭᠦᠨ ᠲᠡᠢ ᠬᠠᠮᠲᠤ ᠨᠥᠬᠥᠷᠯᠡᠬᠦ ᠪᠣᠯᠲᠤᠭᠠᠢ᠃
ᠴᠡᠴᠡᠭ ᠦ᠋ᠨ ᠬᠤᠷ᠎ᠠ ᠨᠢ ᠬᠦᠵᠢ ᠶ᠋ᠢᠨ ᠤᠰᠤ ᠲᠠᠢ ᠬᠣᠯᠢᠯᠳᠤᠨ ᠪᠠᠭᠤᠭᠰᠠᠨ ᠢ᠋ᠶ᠋ᠠᠷ
ᠳᠦᠷᠡᠯᠵᠡᠨ ᠠᠰᠠᠬᠤ ᠲᠠᠮᠤ ᠶ᠋ᠢᠨ ᠭᠠᠯ ᠤᠨᠲᠠᠷᠠᠬᠤ ᠶ᠋ᠢ ᠬᠠᠷᠠᠭᠠᠳ
ᠭᠡᠨᠡᠳᠲᠡ ᠠᠮᠤᠭᠤᠯᠠᠩ ᠢ᠋ᠶ᠋ᠠᠷ ᠬᠠᠨᠤᠭᠰᠠᠨ ᠨᠢ ᠶᠠᠭᠤᠨ ᠤ᠋ ᠬᠢ ᠭᠡᠮᠡᠨ ᠰᠠᠨᠠᠬᠤ ᠲᠠᠢ
ᠲᠠᠮᠤ ᠶ᠋ᠢᠨ ᠠᠮᠢᠲᠠᠳ ᠮᠠᠨᠢᠪᠠᠳᠮ᠎ᠠ ᠶ᠋ᠢ ᠬᠠᠷᠠᠬᠤ ᠪᠣᠯᠲᠤᠭᠠᠢ᠃
ᠨᠥᠬᠥᠳ ᠮᠢᠨᠢ! ᠠᠢᠳᠠᠰ ᠢ᠋ᠶ᠋ᠠᠨ ᠣᠷᠬᠢᠭᠠᠳ ᠲᠦᠷᠭᠡᠨ ᠴᠤᠭᠯᠠᠴᠠᠭ᠎ᠠ! ᠪᠢᠳᠡᠨ ᠦ᠌ ᠵᠦᠭ ᠲᠦ᠍
ᠠᠯᠢᠨ ᠤ᠋ ᠬᠦᠴᠦ ᠪᠡᠷ ᠵᠣᠪᠠᠯᠠᠩ ᠪᠦᠬᠦᠨ ᠡᠴᠡ ᠬᠠᠭᠠᠴᠠᠭᠰᠠᠨ ᠪᠠᠶᠠᠰᠤᠯ ᠲᠤᠢᠯ ᠳ᠋ᠤ᠌ ᠪᠠᠨ ᠬᠦᠷᠦᠯ᠎ᠡ
ᠠᠮᠢᠲᠠᠨ ᠪᠦᠬᠦᠨ ᠢ᠋ ᠣᠭᠣᠭᠠᠲᠠ ᠠᠪᠤᠷᠠᠭᠴᠢ ᠡᠨᠡᠷᠢᠯ ᠢ᠋ ᠲᠥᠷᠥᠭᠦᠯᠦᠭᠰᠡᠨ ᠪᠣᠳᠢ ᠰᠡᠳᠬᠢᠯᠲᠡᠨ
ᠢᠳᠡᠷ ᠵᠠᠯᠠᠭᠤ ᠴᠣᠭ ᠨᠢ ᠪᠠᠳᠠᠷᠠᠭᠰᠠᠨ᠂ ᠠᠶᠤᠯ ᠦᠭᠡᠢ ᠪᠣᠯᠭᠠᠭᠴᠢ ᠮᠠᠨᠽᠤᠰᠢᠷᠢ ᠳ᠋ᠤ᠌ ᠣᠴᠢᠮᠤᠢ᠃
ᠵᠠᠭᠤᠨ ᠲᠩᠷᠢᠰ ᠣᠷᠣᠢ ᠶ᠋ᠢᠨ ᠲᠢᠲᠢᠮ ᠢ᠋ᠶ᠋ᠡᠷ ᠢ᠋ᠶ᠋ᠡᠨ ᠥᠯᠮᠡᠢ ᠶ᠋ᠢᠨ ᠯᠢᠩᠬᠤ᠎ᠠ ᠶ᠋ᠢ ᠨᠢ ᠳᠠᠬᠢᠨ ᠦᠢᠯᠡᠳᠴᠦ
ᠨᠢᠭᠦᠯᠡᠰᠦᠯ ᠢ᠋ᠶ᠋ᠡᠷ ᠴᠢᠭᠢᠭᠲᠦᠭᠰᠡᠨ ᠮᠡᠯᠮᠡᠢᠲᠦ ᠶ᠋ᠢᠨ ᠣᠷᠣᠢ ᠳ᠋ᠤ᠌ ᠴᠡᠴᠡᠭᠡᠰ ᠦ᠋ᠨ ᠬᠤᠷ᠎ᠠ ᠶ᠋ᠢ ᠮᠠᠰᠢᠳᠠ ᠪᠠᠭᠤᠯᠭᠠᠬᠤ
ᠦᠵᠡᠮᠵᠢᠲᠦ ᠬᠠᠷᠰᠢ ᠶ᠋ᠢᠨ ᠥᠬᠢᠨ ᠲᠩᠷᠢ ᠨᠤᠭᠦᠳ   ᠠᠶᠠᠯᠤᠭᠤᠯᠤᠨ ᠮᠠᠭᠲᠠᠬᠤ ᠶ᠋ᠢ ᠬᠠᠷᠠᠭᠠᠴᠢ ᠬᠡᠮᠡᠬᠦ ᠳ᠋ᠦ᠍
ᠲᠡᠢᠮᠦ ᠭᠠᠢᠬᠠᠮᠰᠢᠭᠲᠤ ᠮᠠᠨᠽᠤᠰᠢᠷᠢ ᠶ᠋ᠢ ᠬᠠᠷᠠᠨ ᠲᠠᠮᠤ ᠶ᠋ᠢᠨ ᠠᠮᠢᠲᠠᠳ ᠱᠠᠭᠰᠢᠬᠤ ᠪᠣᠯᠲᠤᠭᠠᠢ᠃
ᠲᠡᠷᠡ ᠮᠡᠲᠦ ᠮᠢᠨᠦ ᠪᠤᠶᠠᠨ ᠢ᠋ᠶ᠋ᠠᠷ ᠰᠠᠮᠠᠨᠳᠠᠪᠠᠳᠠᠷ᠎ᠠ ᠲᠡᠷᠢᠭᠦᠲᠡᠢ
ᠲᠦᠢᠳᠬᠡᠷ ᠦᠭᠡᠢ ᠪᠣᠳᠢᠰᠠᠳ᠋ᠸ᠎ᠠ ᠶ᠋ᠢᠨ ᠡᠭᠦᠯᠡᠨ ᠡᠴᠡ ᠠᠮᠤᠭᠤᠯᠠᠩ ᠪᠥᠭᠡᠳ
ᠰᠡᠷᠢᠭᠦᠨ᠂ ᠠᠩᠬᠢᠯᠤᠮ᠎ᠠ ᠦᠨᠦᠷᠲᠦ ᠬᠤᠷ᠎ᠠ ᠪᠠᠭᠤᠬᠤ ᠶ᠋ᠢ ᠬᠠᠷᠠᠭᠠᠳ
ᠲᠠᠮᠤ ᠶ᠋ᠢᠨ ᠠᠮᠢᠲᠠᠨ ᠲᠡᠳᠡᠭᠡᠷ ᠢᠯᠡᠬᠡᠨ ᠪᠠᠶᠠᠰᠬᠤ ᠪᠣᠯᠲᠤᠭᠠᠢ᠃
ᠠᠳᠤᠭᠤᠰᠤ ᠠᠮᠢᠲᠠᠳ ᠨᠢᠭᠡᠨ ᠢ᠋ᠶ᠋ᠡᠨ ᠢᠳᠡᠬᠦ
ᠠᠶᠤᠯ ᠵᠣᠪᠠᠯᠠᠩ ᠠ᠋ᠴᠠ ᠬᠠᠭᠠᠴᠠᠬᠤ ᠪᠣᠯᠲᠤᠭᠠᠢ
ᠮᠠᠭᠤ ᠳᠠᠭᠤᠲᠤ ᠶ᠋ᠢᠨ ᠬᠥᠮᠦᠨ ᠮᠡᠲᠦ
ᠪᠢᠷᠢᠳ ᠪᠦᠬᠦᠨ ᠠᠮᠤᠭᠤᠯᠠᠩ ᠪᠣᠯᠵᠤ
ᠬᠤᠲᠤᠭᠲᠤ ᠢᠲᠡᠭᠡᠯ ᠯᠣᠭᠸᠠᠱᠠᠷᠢ③ ᠶ᠋ᠢᠨ
ᠮᠣᠳᠣᠷ ᠠ᠋ᠴᠠ ᠤᠷᠤᠰᠬᠤ ᠰᠦᠨ ᠤᠷᠤᠰᠬᠠᠯ ᠢ᠋ᠶ᠋ᠠᠷ
ᠪᠢᠷᠢᠳ ᠦ᠋ᠨ ᠠᠮᠢᠲᠠᠳ  ᠬᠠᠨᠵᠤ ᠴᠠᠳᠤᠨ
ᠤᠬᠢᠶᠠᠭᠲᠤᠨ ᠮᠥᠩᠬᠡᠳᠡ ᠵᠢᠷᠭᠠᠬᠤ ᠪᠣᠯᠲᠤᠭᠠᠢ᠃
ᠨᠢᠳᠦ ᠦᠭᠡᠢ ᠰᠣᠬᠣᠷ  ᡂᠨ  ᠤ᠋ᠨ ᠨᠢᠳᠦ ᠨᠢ ᠬᠠᠷᠠᠵᠤ
ᠳᠦᠯᠡᠢ ᠨᠢ ᠦᠷᠭᠦᠯᠵᠢ ᠰᠣᠨᠣᠰᠬᠤ ᠪᠣᠯᠲᠤᠭᠠᠢ 
ᠮᠠᠾᠠᠮᠠᠶᠠ ᠬᠠᠲᠤᠨ ᠡᠬᠡ ᠮᠡᠲᠦ
ᠵᠢᠷᠮᠦᠰᠦᠨ ᠨᠢ ᠡᠪᠡᠳᠴᠢᠨ ᠦᠭᠡᠢ ᠲᠥᠷᠥᠬᠦ ᠪᠣᠯᠲᠤᠭᠠᠢ᠃
ᠨᠢᠴᠦᠭᠦᠨ ᠨᠦᠭᠦᠳ ᠭᠬᠢᠷ ᠦᠭᠡᠢ ᠬᠤᠪᠴᠠᠰᠤ
ᠥᠯᠥᠰᠦᠭᠰᠡᠨ ᠨᠤᠭᠦᠳ ᠢᠳᠡᠭᠡ ᠪᠣᠯᠤᠨ 
ᠴᠠᠩᠭᠠᠭᠰᠠᠨ ᠨᠤᠭᠤᠳ ᠴᠡᠪᠡᠷ ᠤᠰᠤ
ᠠᠮᠲᠠᠲᠤ ᠤᠮᠳᠠ ᠣᠯᠬᠤ ᠪᠣᠯᠲᠤᠭᠠᠢ᠃
ᠶᠠᠳᠠᠭᠤᠰ ᠡᠳ᠋ ᠲᠡᠢ ᠵᠣᠯᠭᠠᠬᠤ ᠪᠣᠯᠲᠤᠭᠠᠢ
ᠡᠨᠡᠯᠦᠨ ᠭᠠᠰᠠᠯᠤᠭᠴᠢ ᠨᠢ ᠪᠠᠶᠠᠰᠬᠤ ᠪᠣᠯᠲᠤᠭᠠᠢ᠃
ᠰᠡᠳᠬᠢᠯ ᠭᠠᠩᠰᠠᠷᠠᠭᠴᠢᠳ ᠤ᠋ᠨ ᠰᠡᠳᠬᠢᠯ ᠨᠢ ᠴᠦ᠍ ᠡᠳᠡᠭᠡᠵᠦ
ᠬᠣᠲᠠᠯᠠ ᠲᠡᠭᠦᠰ ᠬᠤᠪᠢᠷᠠᠰᠢ ᠦᠭᠡᠢ ᠪᠣᠯᠲᠤᠭᠠᠢ᠃
ᠬᠡᠳᠦᠢ ᠪᠣᠢ ᠡᠪᠡᠳᠦᠭᠰᠡᠨ ᠠᠮᠢᠲᠠᠳ
ᠡᠪᠡᠳᠴᠢᠨ ᠡᠴᠡ ᠲᠦᠷᠭᠡᠨ ᠬᠠᠭᠠᠴᠠᠬᠤ ᠪᠣᠯᠲᠤᠭᠠᠢ᠃
ᠠᠮᠢᠲᠠᠨ ᠤ᠋ ᠡᠪᠡᠳᠴᠢᠨ ᠨᠢᠭᠡ ᠨᠢ ᠴᠦ᠍ ᠦᠯᠡᠳᠡᠯ ᠦᠭᠡᠢ
ᠮᠥᠩᠬᠡᠳᠡ ᠦᠯᠦ ᠳᠡᠭᠳᠡᠬᠦ ᠪᠣᠯᠲᠤᠭᠠᠢ᠃
ᠠᠶᠤᠭᠰᠠᠨ ᠨᠤᠭᠤᠳ ᠨᠢ ᠠᠶᠤᠯ ᠦᠭᠡᠢ ᠪᠣᠯᠲᠤᠭᠠᠢ
ᠬᠦᠯᠢᠭᠳᠡᠭᠰᠡᠨ ᠨᠤᠭᠦᠳ ᠦ᠋ᠨ ᠬᠦᠯᠢᠶᠡᠰᠦ ᠲᠠᠢᠯᠤᠷᠴᠤ
ᠬᠦᠴᠦ ᠦᠭᠡᠢ ᠨᠤᠭᠦᠳ ᠨᠢ ᠬᠦᠴᠦᠲᠡᠢ ᠪᠣᠯᠵᠤ
ᠰᠡᠳᠬᠢᠯ ᠨᠢ ᠬᠠᠷᠢᠯᠴᠠᠨ ᠰᠠᠳᠤᠨᠰᠠᠬᠤ ᠪᠣᠯᠲᠤᠭᠠᠢ᠃
ᠠᠶᠠᠨᠴᠢᠨ ᠵᠣᠴᠢᠳ ᠤ᠋ᠨ ᠶᠠᠪᠤᠳᠠᠯ ᠪᠦᠭᠦᠳᠡ ᠳ᠋ᠦ᠍
ᠵᠦᠭ ᠪᠦᠬᠦᠨ ᠢ᠋ᠶ᠋ᠡᠨ ᠠᠮᠤᠭᠤᠯᠠᠩ ᠪᠣᠯᠲᠤᠭᠠᠢ᠃
ᠠᠯᠢᠨ ᠤ᠋ ᠲᠤᠰᠠ ᠳ᠋ᠤ᠌ ᠶᠠᠪᠤᠵᠤ ᠪᠣᠢ
ᠬᠡᠷᠡᠭ ᠨᠢ ᠰᠢᠮᠳᠠᠯ ᠦᠭᠡᠢ ᠪᠦᠲᠦᠬᠦ ᠪᠣᠯᠲᠤᠭᠠᠢ᠃
ᠵᠠᠪᠢ ᠪᠣᠯᠤᠨ ᠣᠩᠭᠣᠴᠠᠨ ᠳ᠋ᠤ᠌ ᠵᠣᠷᠴᠢᠭᠴᠢ ᠶ᠋ᠢᠨ
ᠰᠡᠳᠬᠢᠯ ᠳ᠋ᠦ᠍ ᠰᠠᠨᠠᠭᠰᠠᠨ ᠨᠢ ᠪᠠᠶᠠᠯᠠᠨ ᠪᠦᠲᠦᠭᠡᠳ
ᠤᠰᠤᠨ ᠤ᠋ ᠭᠠᠷᠠᠮ ᠳ᠋ᠤ᠌ ᠠᠮᠤᠭᠤᠯᠠᠩ ᠬᠦᠷᠦᠭᠡᠳ
ᠰᠠᠳᠤᠨ ᠲᠠᠢ ᠬᠠᠮᠲᠤ ᠪᠠᠶᠠᠰᠬᠤ ᠪᠣᠯᠲᠤᠭᠠᠢ᠃
ᠵᠠᠮ ᠢ᠋ᠶ᠋ᠠᠨ ᠠᠨᠳᠠᠭᠤᠷᠠᠵᠤ ᠭᠠᠰᠠᠯᠤᠨ ᠲᠡᠨᠦᠭᠴᠢᠳ
ᠠᠶᠠᠨᠴᠢᠨ ᠵᠣᠴᠢᠳ ᠲᠠᠢ ᠤᠴᠠᠷᠠᠨ ᠵᠣᠯᠭᠠᠭᠠᠳ
ᠬᠤᠯᠠᠭᠠᠢ᠂ ᠳᠡᠭᠡᠷᠡᠮ᠂ ᠠᠷᠢᠶᠠᠲᠠᠨ ᠤ᠋ ᠠᠶᠤᠯ ᠦᠭᠡᠢ
ᠠᠯᠵᠢᠶᠠᠯ ᠥᠬᠡᠢ ᠠᠮᠤᠷ ᠵᠣᠷᠴᠢᠬᠤ ᠪᠣᠯᠲᠤᠭᠠᠢ᠃
ᠵᠠᠮ ᠦᠭᠡᠢ ᠲᠦᠭᠰᠢᠭᠦᠷᠢᠲᠡᠢ ᠠᠭᠯᠠᠭ ᠲᠡᠷᠢᠭᠦᠲᠡᠨ ᠳ᠋ᠦ᠍
ᠢᠲᠡᠭᠡᠯ ᠠᠪᠤᠷᠠᠯ ᠦᠭᠡᠢ ᠨᠢᠯᠬᠠᠰ᠂ ᠬᠥᠭᠰᠢᠳ
ᠤᠨᠲᠠᠭᠰᠠᠨ᠂ ᠵᠥᠨᠥᠭᠰᠡᠨ᠂ ᠳᠡᠮᠡᠢᠷᠡᠵᠦ ᠭᠠᠯᠵᠠᠭᠤᠷᠠᠭᠰᠠᠨ ᠢ᠋
ᠲᠩᠷᠢ ᠨᠤᠭᠦᠳ ᠰᠠᠬᠢᠨ ᠬᠠᠮᠠᠭᠠᠯᠠᠬᠤ ᠪᠣᠯᠲᠤᠭᠠᠢ᠃
※ᠲᠠᠢᠯᠪᠤᠷᠢ᠄① ᠱᠠᠯᠮᠠᠯᠢ- ᠪᠤᠷᠬᠠᠨ ᠤ᠋ ᠱᠠᠰᠢᠨ ᠤ᠋ ᠣᠨᠣᠯ ᠢ᠋ᠶ᠋ᠠᠷ ᠣᠷᠴᠢᠨ ᠲᠣᠭᠣᠷᠢᠨ ᠨᠢ ᠲᠠᠮᠤ ᠳ᠋ᠤ᠌ ᠪᠠᠢᠬᠤ ᠨᠢᠭᠡ ᠵᠦᠢᠯ ᠮᠣᠳᠣᠨ ᠤ᠋ ᠨᠡᠷ᠎ᠡ᠂ ᠨᠠᠪᠴᠢ ᠨᠢ ᠢᠯᠳᠦ ᠬᠢᠲᠤᠭ᠎ᠠ ᠮᠡᠲᠦ᠃② ᠭᠠᠯᠪᠠᠷᠪᠠᠰᠠᠩ- ᠡᠷᠲᠡᠨ ᠦ᠌ ᠡᠨᠡᠳᠬᠡᠭ ᠦ᠋ᠨ ᠳᠣᠮᠣᠭ ᠤ᠋ᠨ ᠤᠯᠠᠮᠵᠢᠯᠠᠯ ᠲᠠᠢ ᠬᠦᠰᠡᠯ ᠢ᠋ ᠬᠠᠩᠭᠠᠭᠴᠢ ᠮᠣᠳᠣ᠂ ᠲᠩᠷᠢ ᠶ᠋ᠢᠨ ᠮᠣᠳᠣ᠃③ ᠯᠣᠭᠸᠠᠱᠠᠷᠢ- ᠶᠡᠬᠡ ᠨᠢᠭᠦᠯᠡᠰᠦᠭᠴᠢ ᠂ ᠠᠷᠢᠶᠠᠪᠠᠯᠤ᠃
———————————————

ᠵᠣᠪᠠᠭᠰᠠᠨ ᠤ᠋ ᠡᠴᠦᠰ ᠲᠦ᠍ ᠵᠢᠷᠭᠠᠬᠤ ᠶᠣᠰᠣᠲᠠᠢ᠂ ᠵᠢᠷᠭᠠᠭᠰᠠᠨ ᠤ᠋ ᠡᠴᠦᠰ ᠲᠦ᠍ ᠵᠣᠪᠠᠬᠤ ᠶᠣᠰᠣᠲᠠᠢ ᠶᠤᠮ ᠰᠢᠭ᠋ ᠬᠥᠮᠦᠰ ᠪᠣᠳᠣᠳᠠᠭ᠃ᠭᠡᠪᠡᠴᠦ ᠮᠤᠩᠬᠠᠭ ᠬᠡᠪ ᠢ᠋ᠶ᠋ᠡᠷ ᠢ᠋ᠶ᠋ᠡᠨ ᠶᠠᠪᠤᠪᠠᠯ ᠦᠷᠭᠦᠯᠵᠢᠯᠡᠭᠦᠯᠵᠦ ᠵᠣᠪᠠᠭᠠᠳ ᠪᠠᠢᠬᠤ ᠠ᠋ᠴᠠ ᠪᠢᠰᠢ ᠥᠭᠡᠳᠡ ᠨᠠᠷᠠ ᠬᠠᠷᠠᠬᠤ ᠴᠠᠭ ᠦᠭᠡᠢ᠃ᠪᠠᠰᠠ ᠭᠡᠭᠡᠷᠡᠬᠦ ᠲᠣᠰᠤᠮ ᠵᠢᠷᠭᠠᠯ ᠨᠡᠮᠡᠭᠡᠳ ᠪᠠᠢᠬᠤ ᠠ᠋ᠴᠠ ᠪᠢᠰᠢ ᠵᠣᠪᠠᠵᠤ ᠭᠠᠰᠠᠯᠠᠬᠤ ᠨᠢ ᠬᠠᠮᠢᠭᠠᠨ᠎ᠠ ᠪᠣᠢ᠃ ᠭᠠᠰᠠᠯᠠᠵᠤ ᠭᠠᠨᠢᠭᠠᠳ ᠪᠠᠢᠭ᠎ᠠ ᠪᠣᠯ ᠮᠤᠩᠬᠠᠭ ᠶᠠᠪᠤᠭ᠎ᠠ ᠶ᠋ᠢᠨ ᠰᠢᠨᠵᠢ᠃ ᠵᠢᠷᠭᠠᠯ ᠵᠣᠪᠠᠯᠠᠩ ᠭᠡᠳᠡᠭ ᠴᠢᠨᠢ ᠭᠠᠳᠠᠨ᠎ᠠ ᠳᠣᠲᠣᠨ᠎ᠠ ᠲᠤᠰᠤᠭᠳᠠᠬᠤᠨ ᠪᠢᠰᠢ ᠳᠣᠲᠣᠭᠠᠳᠤ ᠰᠠᠷᠠᠯ ᠮᠡᠳᠡᠷᠡᠬᠦᠢ ᠶ᠋ᠢᠨ ᠲᠤᠰᠬᠠᠯ ᠶᠤᠮ᠃ᠠᠮᠢᠳᠤᠷᠠᠯ ᠤ᠋ᠨ ᠳᠣᠲᠣᠭᠠᠳᠤ ᠬᠠᠤᠯᠢ ᠶ᠋ᠢ ᠭᠦᠨ ᠣᠢᠯᠠᠭᠠᠬᠤ ᠲᠣᠰᠤᠮ ᠵᠣᠪᠠᠯᠠᠩ ᠪᠣᠯ ᠨᠢᠭᠦᠯ᠂ ᠵᠢᠷᠭᠠᠯ ᠪᠣᠯ ᠪᠤᠶᠠᠨ ᠭᠡᠵᠦ ᠲᠠᠢᠯᠤᠭᠳᠠᠨ᠎ᠠ᠃ᠬᠡᠬᠡᠷᠡᠭᠰᠡᠨ ᠬᠥᠮᠦᠨ ᠦ᠌ ᠬᠠᠮᠢᠭ᠎ᠠ ᠪᠠᠢᠭ᠎ᠠ ᠭᠠᠵᠠᠷ ᠪᠦᠬᠦᠨ ᠨᠢ ᠳ᠋ᠧᠪᠠᠵᠠᠨ᠃
- ᠱᠠᠨᠲ᠋ᠢᠳᠢᠸ᠎ᠠ ᠭᠡᠭᠡᠨ


ᠢᠷᠡᠯᠲᠡ᠄ ᠢᠪᠠᠯᠭ᠎ᠠ ᠶ᠋ᠢᠨ ᠳ᠋ᠠᠼᠠᠩ ( ᠬᠠᠮᠪᠤ ᠶ᠋ᠢᠨ ᠬᠦᠷᠢᠶ᠎ᠡ)
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ

Явдалд орохуйн ерөөл

Монголчуудын дунд зургаан ерөөл гэж хэлэгддэг ерөөлүүдийн нэг, Шантидева гэгээний туурвисан Бодьсадвын явдалд орохуй номын сүүлийн бүлэг “Явдалд орохуйн ерөөл” оршвой.
Бодийн явдалд би бээр
Орохуйг тийн турвисан учир
Алин буянаар амьтан бүхэн
Бодийн явдалд орох болтугай.
Зүг бүхэнд бие, сэтгэлийн
Зовлонт өвчтөн хэдий буй
Миний буянаар тэд баясан
Амгалангийн далайг олох болтугай.
Орчлонд тэд хэдий хүртэл
Амгалангаас хэзээ ч үл доройтон
Яван явсаар үргэлж мөнхийн
Ханьцашгүй амгаланг олох болтугай.
Ертөнцийн оронд олон тамууд
Хэдий чинээ алин буй
Тэд бүхэнд амьтан нугууд
Энхжингийн амгалангаар баясах болтугай.
Хүйтнээр зовогч нь дулааныг олтугай.
Бодьсадвын их үүлнээс
Үүссэн хязгааргүй их мөрнөөр
Халуунаар энэлэгч нь сэрүүнийг олтугай.
Илдэн навчит ой шугуй нь ч
Цэнгэлдэх үзэсгэлэнт цэцэрлэг болтугай.
Шалмалигийн гол мод нь ч
Галбирваас модонд мэндлэх болтугай.
Нугас хийгээд олон галуу, ангирууд болон
Хун тэргүүтэн яруу дуугаар чимэх болтугай.
Ихэд анхилам төгөлдөр лянхуат нуур цөөрмөөр
Тамын газрууд баясал тааламжит болох болтугай.
Халуун нурмын цогц нь ч эрдэнийн цогц болтугай.
Улаасан шатах газар нь болорын суурь болтугай.
Хураан дарагч тамын аюулт их уулс нь ч
Тахилын харшид хувиран бурхадаар дүүрэх болтугай.
Шатмал галт чулуу, мэсэн бороо мөндөр нь
Өнөө цагаас эхлэн цэцгэн хурд хувирч
Харилцан нэгнээ мэсээр дүрэгч тэд нь мөн
Өнөөгөөс эхлэн энэрэлийн цэцэгсийг шидлэх болтугай.
Гал адил, гатлах аргагүй нурман мөрөнд мах бүгд нь
Гуужрин унаж, гүнда цэцгийн өнгөт ястай живигч амьтад
Миний үйлдсэн буяны хүчээр үзэсгэлэнт тэнгэрийн биеийг олоод
Тэнгэрийн охидтой хамт цуг амгалан тайван орших болтугай.
Баршгүй их эрлэгийн элч хүн, хэрээ, тас шувууд юуны учир айн үйлднэм?
Түнэр харанхуй бүхнээс арилан жаргалан төрөх сайн хүч нь хэнийх? хэмээн
Дээш харваас огторгуйн төвд жавхаа бадарсан Очирваань оршихыг үзэн хараад
Машид баяссан баяслын хүчээр хилэнцээс хагацан түүнтэй хамт нөхөрлөх болтугай.
Цэцгийн хур нь хүжийн устай холилдон бууснаар
Дүрэлзэн асах тамын гал унтрахыг хараад
Гэнэт амгалангаар ханасан нь юуных хэмээн санахтай
Тамын амьтад Манибадмаг харах болтугай.
Нөхөд минь! айдсаа орхиод түргэн цуглацгаа! Бидний зүгт
Алины хүчээр зовлон бүхнээс хагацсан баясал туйлдаа хүрлээ
Амьтан бүхнийг огоот аврагч энэрэлийг төрүүлсэн бодь сэтгэлтэн
Идэр залуу цог нь бадарсан, аюулгүй болгогч Манзуширт очмуй.
Зуун тэнгэрс оройн титмээрээ өлмийн лянхуаг нь тахин үйлдэж
Нигүүлслээр чийгтсэн мэлмийтийн оройд цэцэгсийн хурыг машид буулгах
Үзэмжит харшын охин тэнгэрүүд аялгуулан магтахыг хараач хэмээхэд
Тийм гайхамшигт Манзуширыг харан тамын амьтад шагших болтугай.
Тэр мэт миний буянаар Самандабадра тэргүүтэй
Түйтгэр үгүй бодьсадвын үүлнээс амгалан бөгөөд
Сэрүүн, анхлим үнэрт хур буухыг хараад
Тамын амьтан тэдгээр илхэн баясах болтугай.
Адгуус амьтад нэгнээ идэх
Аюул зовлонгоос хагацах болтугай
Муу дуутын хүмүүн мэт
Бирд бүхэн амгалан болж
Хутагт итгэл Логэшурагийн
Мутраас урсах сүүн урсгалаар
Бирдийн амьтад ханаж цадан
Угаагдан мөнхөд жаргах болтугай.
Нүдгүй сохоруудын нүд нь харж
Дүлий нь үргэлж сонсох болтугай
Махамаяа хатан эх мэт
Жиримсэн нь өвчингүй төрөх болтугай.
Нүцгэн нугууд хиргүй хувцас
Өлссөн нугууд идээ болон
Цангасан нугууд цэвэр ус
Амтат унд олох болтугай.
Ядуус эдтэй золгох болтугай
Энэлэн гаслагч нь баясах болтугай.
Сэтгэл гансрагчидын сэтгэл нь ч эдгэж
Хотол төгс хувиршгүй болтугай.
Хэдий буй өвдсөн амьтад
Өвчнөөс түргэн хагацах болтугай.
Амьтны өвчин нэг нь ч үлдэлгүй
Мөнхөд үл дэгдэх болтугай.
Айсан нугууд нь аюулгүй болтугай
Хүлэгдсэн нугуудын хүлээс тайларч
Хүчгүй нугууд нь хүчтэй болж
Сэтгэл нь харилцан садансах болтугай.
Аянчин зочидын явдал бүгдэд
Зүг бүхнээ амгалан болтугай.
Алины тусд явж буй
Хэрэг нь шамдалгүй бүтэх болтугай.
Завь болон онгоцонд зорчигчийн
Сэтгэлд санасан нь биелэн бүтээд
Усны гарамд амгалан хүрээд
Садантай хамт баясах болтугай.
Замаа андуурч гаслан тэнэгчид
Аянчин зочидтой учран золгоод
Хулгай, дээрэм, араатны аюулгүй
Алжаалгүй амар зорчих болтугай.
Замгүй түгшүүртэй аглаг тэргүүтэнд
Итгэл авралгүй нялхс, хөгшид
Унтсан, зөнөсөн, дэмийрч галзуурсанг
Тэнгэрүүд сахин хамгаалах болтугай.