ᠲᠩᠷᠢᠯᠢᠭ ᠵᠠᠶᠠᠭᠠᠨ ᠤ ᠬᠤᠷᠤᠢ -ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠠᠩᠭᠢᠯᠠᠯ:ᠤᠷᠠᠨ ᠪᠢᠴᠢᠯᠭᠡУран бичлэг 2025-04-23
436
ᠲᠩᠷᠢᠯᠢᠭ ᠵᠠᠶᠠᠭᠠᠨ ᠤ ᠬᠤᠷᠤᠢ ᠨᠠᠷᠠᠨ ᠡᠷᠭᠢᠬᠦ ᠪᠤᠶᠠᠨᠲᠤ ᠲᠠᠯ᠎ᠠ ᠶ᠋ᠢᠨ ᠢ᠋ᠶ᠋ᠡᠨ ᠠᠭᠤᠳᠠᠮ ᠠ᠋ᠴᠠ ᠳᠠᠭᠤᠳᠠᠩᠬᠠᠨ ᠬᠤᠷᠤᠢᠯᠠᠶ᠎ᠠ ᠂ ᠰᠠᠷᠠᠨ ᠮᠠᠨᠳᠤᠬᠤ ᠪᠤᠭᠤᠷᠤᠯ ᠠᠭᠤᠯᠠᠰ ᠤ᠋ᠨ ᠢ᠋ᠶ᠋ᠠᠨ ᠥᠨᠳᠥᠷ ᠡᠴᠡ ᠲᠠᠯᠠᠯᠠᠩᠬᠠᠨ ᠬᠤᠷᠤᠢᠯᠠᠶ᠎ᠠ᠃ ᠲᠩᠷᠢ ᠨᠢ ᠠᠮᠠᠷᠠᠬᠤ ᠴᠡᠩᠬᠡᠷ ᠨᠠᠭᠤᠷ ᠤ᠋ᠨ ᠢ᠋ᠶ᠋ᠠᠨ ᠭᠦᠨ ᠡᠴᠡ ᠬᠦᠰᠡᠩᠭᠡᠨ ᠬᠤᠷᠤᠢᠯᠠᠶ᠎ᠠ ᠂ ᠭᠠᠵᠠᠷ ᠵᠢᠷᠭᠠᠬᠤ ᠬᠣᠩᠭᠣᠷᠬᠠᠨ ᠴᠡᠴᠡᠭᠡᠰ ᠦ᠋ᠨ ᠳᠡᠯᠪᠢ ᠡᠴᠡ ᠰᠢᠪᠰᠢᠩᠬᠡᠨ ᠬᠤᠷᠤᠢᠯᠠᠶ᠎ᠠ᠃ ᠬ...