ᠭᠠᠯᠪᠢᠩᠭ᠎ᠠ-ᠭ ∙ ᠡᠷᠳᠡᠨᠢᠴᠢᠮᠡᠭ g.erdenechimeg - galbingaa Г.Эрдэнэчимэг - Галбингаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠪᠢᠩᠭ᠎ᠠ-ᠭ ∙ ᠡᠷᠳᠡᠨᠢᠴᠢᠮᠡᠭ g.erdenechimeg - galbingaa Г.Эрдэнэчимэг - Галбингаа

ᠭᠠᠯᠪᠢᠩᠭ᠎ᠠ-ᠭ ∙ ᠡᠷᠳᠡᠨᠢᠴᠢᠮᠡᠭ g.erdenechimeg - galbingaa Г.Эрдэнэчимэг - Галбингаа

ᠠᠩᠭᠢᠯᠠᠯ:ᠳᠠᠭᠤᠤ ᠬᠥᠭᠵᠢᠮ
2025-05-15

1729

ᠭᠠᠯᠪᠢᠩᠭ᠎ᠠ


         ᠦᠭᠡ᠄ ᠰ᠂ ᠡᠩᠬᠡᠲᠠᠢᠪᠤᠩ 
         ᠠᠶ᠎ᠠ᠄ ᠪ᠊᠂ ᠰᠠᠨᠢᠴᠠᠷ 
         ᠳᠠᠭᠤᠴᠢᠨ᠄ ᠭ᠂ ᠡᠷᠳᠡᠨᠢᠴᠢᠮᠡᠭ 

ᠰᠡᠮᠡᠷᠡᠭᠡᠳ ᠪᠠᠢᠳᠠᠭ ᠨᠢ ᠰᠡᠳᠬᠢᠯ ᠶᠤᠮ ᠤᠤ ᠳᠠ 
ᠢᠪᠢᠯᠵᠦ ᠳᠦᠭᠦᠷᠳᠡᠭ ᠡᠮᠵᠡᠭᠯᠡᠯ ᠴᠦ᠍ ᠶᠤᠮ ᠤᠤ ᠳᠠ 
ᠵᠡᠭᠦᠳᠦᠯᠡᠭᠡᠳ ᠲᠡᠪᠡᠷᠢᠭᠰᠡᠨ ᠠᠮᠢᠨ ᠦᠷ᠎ᠡ ᠮᠢᠨᠢ 
ᠵᠢᠷᠦᠬᠡᠨ᠎ᠡ ᠠᠶᠠᠯᠳᠠᠭ ᠪᠦᠪᠡᠢ ᠴᠦ᠍ ᠶᠤᠮ ᠤᠤ ᠳᠠ 
ᠭᠠᠯᠪᠢᠩᠭ᠎ᠠ ᠴᠡᠩᠬᠡᠷ ᠲᠠᠪᠢᠯᠠᠩ ᠤ᠋ᠨ ᠲᠣᠭᠣᠰᠣ 
ᠭᠠᠩᠭᠠᠷ ᠰᠢᠷ᠎ᠠ ᠨᠠᠷᠠᠨ ᠤ᠋ ᠵᠣᠪᠬᠢ ᠳ᠋ᠤ᠌ ᠲᠣᠷᠣᠭ᠎ᠠ ᠶᠤᠮ ᠤᠤ ᠳᠠ 

ᠬᠠᠢᠷ᠎ᠠ ᠠ᠋ᠴᠠ ᠤᠷᠭᠤᠳᠠᠭ ᠨᠢ ᠡᠨᠡᠷᠢᠯ ᠴᠦ᠍ ᠶᠤᠮ ᠤᠤ ᠳᠠ 
ᠬᠠᠭᠠᠷᠠᠵᠤ ᠡᠮᠲᠡᠷᠡᠬᠦ ᠡᠨᠡᠷᠢᠬᠡᠨ ᠴᠦ᠍ ᠶᠤᠮ ᠤᠤ ᠳᠠ 
ᠠᠩᠭᠢᠷ ᠪᠥᠮᠪᠥᠷᠡᠢ ᠠᠯᠠᠭ ᠦᠷ᠎ᠡ ᠮᠢᠨᠢ
ᠠᠢᠰᠤᠢ ᠵᠢᠷᠭᠠᠯ ᠤ᠋ᠨ ᠰᠤᠪᠢᠩ ᠴᠤ᠌ ᠶᠤᠮ ᠤᠤ ᠳᠠ
ᠭᠠᠯᠪᠢᠩᠭ᠎ᠠ ᠴᠡᠩᠬᠡᠷ ᠲᠠᠪᠢᠯᠠᠩ ᠤ᠋ᠨ ᠲᠣᠭᠣᠰᠣ
ᠭᠠᠩᠭᠠᠷ ᠰᠢᠷ᠎ᠠ ᠨᠠᠷᠠᠨ ᠤ᠋ ᠵᠣᠪᠬᠢ ᠳ᠋ᠤ᠌ ᠲᠣᠷᠣᠭ᠎ᠠ ᠶᠤᠮ ᠤᠤ ᠳᠠ

ᠤᠢᠳᠬᠠᠷ ᠲᠤ᠌ ᠳᠠᠰᠬᠤ ᠦᠭᠡᠢ ᠵᠢᠷᠭᠠᠯ ᠴᠤ᠌ ᠶᠤᠮ ᠤᠤ ᠳᠠ
ᠨᠢᠯᠪᠤᠰᠤ ᠵᠣᠬᠢᠬᠤ ᠦᠭᠡᠢ ᠠᠨᠢᠰᠬ᠎ᠠ ᠴᠤ᠌ ᠶᠤᠮ ᠤᠤ ᠳᠠ
ᠤᠬᠠᠭᠠᠷᠠᠵᠤ ᠳᠣᠭᠣᠯᠳᠠᠭ ᠠᠮᠢᠳᠤᠷᠠᠯ ᠭᠡᠨ᠎ᠡ ᠯᠠᠢ
ᠡᠨᠡᠷᠢᠭᠡᠳ ᠳᠦᠭᠦᠷᠳᠡᠭ ᠲᠠᠪᠢᠯᠠᠩ ᠴᠤ᠌ ᠶᠤᠮ ᠤᠤ ᠳᠠ
ᠭᠠᠯᠪᠢᠩᠭ᠎ᠠ ᠴᠡᠩᠬᠡᠷ ᠲᠠᠪᠢᠯᠠᠩ ᠤ᠋ᠨ ᠲᠣᠭᠣᠰᠣ
ᠭᠠᠩᠭᠠᠷ ᠰᠢᠷ᠎ᠠ ᠨᠠᠷᠠᠨ ᠤ᠋ ᠵᠣᠪᠬᠢ ᠳ᠋ᠤ᠌ ᠲᠣᠷᠣᠭ᠎ᠠ ᠶᠤᠮ ᠤᠤ ᠳᠠ
ᠭᠠᠯᠪᠢᠩᠭ᠎ᠠ ᠴᠡᠩᠬᠡᠷ ᠲᠠᠪᠢᠯᠠᠩ ᠤ᠋ᠨ ᠲᠣᠭᠣᠰᠣ
ᠭᠠᠩᠭᠠᠷ ᠰᠢᠷ᠎ᠠ ᠨᠠᠷᠠᠨ ᠤ᠋ ᠵᠣᠪᠬᠢ ᠳ᠋ᠤ᠌ ᠲᠣᠷᠣᠭ᠎ᠠ ᠶᠤᠮ ᠤᠤ ᠳᠠ
ᠭᠠᠩᠭᠠᠷ ᠰᠢᠷ᠎ᠠ ᠨᠠᠷᠠᠨ ᠤ᠋ ᠵᠣᠪᠬᠢ ᠳ᠋ᠤ᠌ ᠲᠣᠷᠣᠭ᠎ᠠ ᠶᠤᠮ ᠤᠤ ᠳᠠ

      ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ