ᠦᠵᠡᠨ ᠶᠠᠳᠠᠬᠤᠢ - ᠪᠠᠪᠤᠤ ᠶ᠋ᠢᠨ ᡀᠬᠠᠪᠠᠰᠥ᠋ᠷᠦᠩ - Үзэн ядахуй – Бавуугийн Лхагвасүрэн
ᠦᠵᠡᠨ ᠶᠠᠳᠠᠬᠤᠢ
ᠣᠢᠯᠠᠭᠠᠭᠳᠠᠬᠤ ᠦᠭᠡᠢ ᠶ᠋ᠢᠨ ᠵᠡᠷᠭᠡᠯᠭᠡ ᠳᠣᠲᠣᠭᠤᠷ ᠢ᠋ᠶ᠋ᠠᠨ ᠤᠷᠤᠰᠬᠠᠭᠰᠠᠨ
ᠣᠨᠢᠰᠣᠭ᠎ᠠ ᠰᠢᠭ᠋ ᠬᠥᠮᠦᠨ ᠢ᠋ ᠦᠵᠡᠨ ᠶᠠᠳᠠᠨ᠎ᠠ᠃
ᠢᠯᠡ ᠴᠠᠢᠯᠭᠠᠨ ᠢ᠋ ᠭᠠᠳᠠᠨ᠎ᠠ ᠪᠠᠨ ᠲᠣᠭᠯᠠᠭᠤᠯᠤᠭᠰᠠᠨ ᠴᠦ᠍
ᠢᠯᠳᠦ ᠳᠣᠲᠣᠷ᠎ᠠ ᠪᠠᠨ ᠢᠷᠯᠡᠭᠰᠡᠨ ᠬᠥᠮᠦᠨ ᠢ᠋ ᠦᠵᠡᠨ ᠶᠠᠳᠠᠨ᠎ᠠ᠃
ᠤᠶᠠᠬᠠᠨ ᠠᠮᠠᠨ ᠳ᠋ᠠᠭᠠᠨ《ᠭᠤᠸ᠎ᠠ ᠬᠥᠭᠡᠷᠦᠬᠦᠢ》 ᠶ᠋ᠢ ᠪᠥᠮᠪᠥᠷᠢᠭᠦᠯᠵᠦ
ᠥᠷᠦᠪᠴᠢ ᠶ᠋ᠢ ᠦᠵᠡᠭᠦᠯᠪᠡᠴᠦ ᠬᠠᠲᠠᠭᠤ ᠰᠡᠳᠬᠢᠯ ᠲᠡᠢ ᠶ᠋ᠢ ᠦᠵᠡᠨ ᠶᠠᠳᠠᠨ᠎ᠠ᠃
ᠤᠭ ᠠ᠋ᠴᠠ ᠤᠬᠠᠭᠠᠨ ᠤ᠋ ᠴᠥᠪᠥᠳᠡᠯ ᠦᠭᠡᠢ᠂ ᠴᠡᠯᠮᠡᠭᠡ ᠦᠭᠡᠢ ᠠᠲᠠᠯ᠎ᠠ ᠪᠠᠨ
ᠤᠬᠠᠭᠠᠨᠲᠠᠢ《ᠰᠢ》 ᠶ᠋ᠢ ᠨᠠᠰᠤ ᠪᠠᠷ ᠢ᠋ᠶ᠋ᠠᠨ ᠲᠣᠭᠯᠠᠭᠴᠢ ᠶ᠋ᠢ ᠦᠵᠡᠨ ᠶᠠᠳᠠᠨ᠎ᠠ᠃
ᠲᠣᠯᠣᠭᠠᠢ ᠶ᠋ᠢᠨ ᠢ᠋ᠶ᠋ᠡᠨ ᠬᠣᠶᠠᠷ ᠲᠠᠯ᠎ᠠ ᠳ᠋ᠤ᠌ ᠨᠢᠭᠤᠷ ᠲᠠᠢ
ᠶᠡᠬᠡᠰ ᠲᠦ᠍ ᠪᠢᠯᠳᠠᠤᠴᠢ᠂ ᠡᠩ ᠦ᠋ᠨ ᠬᠥᠮᠦᠨ ᠳ᠋ᠦ᠍ ᠬᠡᠷᠴᠡᠭᠡᠢ ᠶ᠋ᠢ ᠦᠵᠡᠨ ᠶᠠᠳᠠᠨ᠎ᠠ᠃
ᠲᠡᠷᠢᠭᠦᠯᠡᠭᠴᠢ ᠮᠣᠩᠭᠣᠯ ᠴᠢᠰᠤ ᠶ᠋ᠢ ᠪᠤᠵᠠᠷᠯᠠᠵᠤ ᠰᠠᠮᠠᠭᠤᠨ ᠳ᠋ᠤ᠌ ᠢᠳᠡᠭᠡᠰᠢᠭᠰᠡᠨ
ᠲᠡᠪᠴᠢᠶᠡᠷᠢ ᠠᠯᠳᠠᠭᠤᠯ᠂ ᠰᠠᠳᠤᠷ ᠡᠮ᠎ᠡ ᠶ᠋ᠢ ᠦᠵᠡᠨ ᠶᠠᠳᠠᠨ᠎ᠠ᠃
ᠠᠯᠳᠠᠭ᠎ᠠ ᠪᠦᠬᠦᠨ ᠢ᠋ᠶ᠋ᠡᠷ ᠢ᠋ᠶ᠋ᠡᠨ ᠪᠤᠰᠤᠳ ᠤ᠋ᠨ ᠨᠢᠭᠡᠨ ᠠᠳᠠᠯᠢ
ᠠᠮᠢ ᠪᠠᠨ ᠯᠠ ᠳᠥᠩᠭᠡᠵᠦ ᠲᠡᠭᠡᠭᠡᠵᠦ ᠶᠠᠪᠤᠭ᠎ᠠ
ᠥᠪᠡᠷ ᠢ᠋ ᠪᠡᠨ ᠴᠦ᠍ ᠪᠢ ᠦᠵᠡᠨ ᠶᠠᠳᠠᠨ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
