ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠨᠢᠭᠡ〕 Цаг төрийн үймээн – Д ᠂ Намдаг - Цаг төрийн үймээн ᠂ гуравдугаар бүлэг - 21
ᠠᠩᠭᠢᠯᠠᠯ:ᠲᠤᠭᠤᠵᠢ ᠷᠣᠮᠠᠨТоож роман 2026-03-14
56
ᠡᠨᠡ ᠵᠠᠭᠤᠷ᠎ᠠ ᠶᠠᠭᠤ ᠪᠣᠯᠪᠠ ᠢᠳᠡ ᠰᠠᠢᠬᠠᠨ ᠵᠤᠨ ᠤ᠋ ᠳᠤᠮᠳᠠ ᠰᠠᠷ᠎ᠠ ᠶ᠋ᠢᠨ ᠡᠬᠢ ᠪᠡᠷ ᠠᠷᠠᠳ ᠤ᠋ᠨ ᠵᠢᠷᠤᠮᠲᠤ ᠴᠡᠷᠢᠭ ᠪᠣᠭᠳᠠ ᠶ᠋ᠢᠨ ᠬᠦᠷᠢᠶ᠎ᠡ ᠣᠷᠣᠬᠤ ᠪᠠᠷ ᠶᠠᠪᠤᠵᠤ ᠪᠠᠢᠯ᠎ᠠ᠃ ᠬᠠᠵᠠᠭᠤ ᠳ᠋ᠤᠨᠢ ᠤᠯᠠᠭᠠᠨ ᠠᠷᠮᠢ ᠶ᠋ᠢᠨ ᠶᠡᠬᠡ ᠠᠩᠭᠢ ᠬᠡᠳᠦᠨ ᠠᠷᠪᠠᠨ ᠤ᠋ ᠭᠠᠵᠠᠷ ᠳᠠᠮᠨᠠᠯᠳᠤᠨ ᠬᠦᠪᠦᠷᠡᠯᠳᠦᠨ ᠶᠠᠪᠤᠨ᠎ᠠ᠃ ᠠᠶᠠᠨ ᠵᠠᠮ ᠤ᠋ᠨ ᠤᠷᠲᠤ ᠳ᠋ᠤ᠌ ᠭᠤᠲᠤᠯ ᠬᠤᠪᠴᠠᠰᠤ ᠡᠯᠡᠭᠳᠡᠭᠰᠡᠨ᠂ ᠤᠷᠠᠭᠳᠠᠭᠰᠠᠨ᠂ ᠴᠢᠷᠠᠢ ᠵᠢᠰᠦ ᠭᠠᠩᠳᠠᠭᠰᠠᠨ ᠪᠣᠷᠣᠯᠠᠭᠰᠠᠨ...