ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠭᠤᠷᠪᠠ᠂ Дайчин улсын үеийн монголын түүх-Намсрай 3-3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠭᠤᠷᠪᠠ᠂ Дайчин улсын үеийн монголын түүх-Намсрай 3-3

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠭᠤᠷᠪᠠ᠂ Дайчин улсын үеийн монголын түүх-Намсрай 3-3

ᠠᠩᠭᠢᠯᠠᠯ:ᠲᠡᠦᠬᠡ ᠰᠣᠶᠣᠯ
2026-07-05

34

ᠭᠤᠷᠪᠠᠳᠤᠭᠠᠷ ᠪᠦᠯᠦᠭ᠂ᠵᠡᠭᠦᠨᠭᠠᠷ ᠬᠠᠭᠠᠨᠲᠤ ᠤᠯᠤᠰ ᠤ᠋ᠨ ᠪᠠᠢᠭᠤᠯᠤᠭᠳᠠᠭᠰᠠᠨ ᠪᠠ ᠬᠠᠯᠬ᠎ᠠ ᠶ᠋ᠢᠨ ᠬᠡᠷᠡᠭ ᠶᠠᠪᠤᠳᠠᠯ

ᠭᠤᠷᠪᠠᠳᠤᠭᠠᠷ ᠬᠡᠰᠡᠭ᠂ ᠪᠣᠱᠣᠭᠲᠤ ᠬᠠᠨ ᠬᠠᠯᠬ᠎ᠠ ᠶ᠋ᠢ ᠳᠠᠢᠯᠠᠭᠰᠠᠨ ᠪᠠ ᠬᠠᠯᠬᠠᠴᠤᠳ ᠲᠠᠢᠴᠢᠩ ᠤᠯᠤᠰ ᠲᠤ ᠳᠠᠭᠠᠭᠰᠠᠨ ᠨᠢ


               ᠨᠢᠭᠡ᠂ ᠪᠣᠱᠣᠭᠲᠤ ᠬᠠᠨ ᠬᠠᠯᠬ᠎ᠠ ᠶ᠋ᠢ ᠲᠠᠯᠢᠢᠭᠰᠠᠨ ᠨᠢ   
       ᠴᠠᠬᠤᠡᠳᠤᠷᠵᠢ ᠴᠡᠷᠢᠭ ᠬᠥᠳᠡᠯᠭᠡᠪᠡᠰᠦ ᠭᠠᠯᠳᠠᠨ ᠳ᠋ᠤ᠌ ᠬᠦᠴᠦᠨ ᠳᠡᠢᠯᠦᠭᠳᠡᠬᠦ ᠮᠥᠷᠲᠡᠭᠡᠨ ᠭᠡᠳᠡᠷᠭᠦ ᠳᠣᠪᠲᠣᠯᠤᠭᠳᠠᠬᠤ ᠰᠢᠯᠲᠠᠭ ᠣᠯᠭᠣᠨ᠎ᠠ ᠭᠡᠰᠡᠨ ᠢ᠋ ᠡᠩᠬᠡ ᠠᠮᠤᠭᠤᠯᠠᠩ ᠬᠠᠭᠠᠨ ᠮᠠᠭᠠᠳᠯᠠᠭᠠᠳ ᠲᠡᠭᠦᠨ ᠢ᠋ ᠪᠢᠲᠡᠭᠡᠢ ᠴᠡᠷᠢᠭ ᠬᠥᠳᠡᠯᠭᠡᠭᠲᠦᠨ ᠭᠡᠵᠦ ᠵᠠᠬᠢᠬᠤ ᠶ᠋ᠢᠨ ᠬᠠᠮᠲᠤ ᠪᠣᠱᠣᠭᠲᠤ ᠬᠠᠨ ᠤ᠋ ᠡᠯᠴᠢ ᠲᠣᠯᠢ ᠬᠠᠰᠢᠬ᠎ᠡ ᠪᠡᠷ ᠪᠢᠴᠢᠭ ᠢᠯᠡᠭᠡᠵᠦ᠂ ᠲᠡᠮᠡᠴᠡᠯᠳᠦᠬᠦ ᠶ᠋ᠢ ᠲᠡᠪᠴᠢᠵᠦ᠂ ᠡᠶ᠎ᠡ ᠡᠪᠲᠡᠢ ᠶᠠᠪᠤᠭᠲᠤᠨ ᠭᠡᠵᠦ[41] ᠵᠠᠬᠢᠪᠠ᠃ ᠪᠠᠰᠠ ᠳᠣᠲᠣᠭᠠᠳᠤ ᠰᠠᠢᠳ ᠪᠠᠢᠷᠢ᠂ ᠬᠥᠬᠡᠬᠣᠲᠠ ᠶ᠋ᠢᠨ ᠵᠠᠰᠠᠭ ᠳᠠ ᠯᠠᠮᠠ ᠠᠴᠢᠲᠤ ᠴᠣᠷᠵᠢ ᠪᠠᠷ ᠡᠯᠴᠢ ᠪᠣᠯᠭᠠᠵᠤ᠂ ᠪᠣᠱᠣᠭᠲᠤ ᠬᠠᠨ ᠳ᠋ᠤ᠌ ᠳᠠᠬᠢᠨ ᠪᠢᠴᠢᠭ ᠢᠯᠡᠭᠡᠵᠡᠢ᠃ 
       ᠭᠡᠲᠡᠯ᠎ᠡ ᠴᠠᠬᠤᠡᠳᠤᠷᠵᠢ ᠢᠳᠬᠠᠬᠤ ᠶ᠋ᠢ ᠦᠯᠦ ᠰᠣᠨᠣᠰᠴᠤ᠂ ᠵᠠᠰᠠᠭᠲᠤ ᠬᠠᠨ ᠰᠢᠷ᠎ᠠ ᠵᠢᠴᠢ ᠲᠤᠷᠵᠢᠵᠡᠪ ᠨᠠᠷ ᠢ᠋ ᠠᠯᠠᠭᠠᠳ ᠪᠣᠱᠣᠭᠲᠤ ᠬᠠᠨ ᠤ᠋ ᠠᠭᠤᠷ ᠬᠢᠯᠢᠩ ᠢ᠋ ᠲᠡᠬᠳᠡᠬᠡᠪᠡ᠃ ᠪᠣᠱᠣᠭᠲᠤ ᠬᠠᠨ ᠴᠡᠷᠢᠭ ᠬᠥᠳᠡᠯᠭᠡᠵᠦ᠂ ᠲᠦᠰᠢᠶᠡᠲᠦ ᠬᠠᠨ ᠠ᠋ᠴᠠ ᠶᠠᠯ᠎ᠠ ᠠᠰᠠᠭᠤᠬᠤ ᠪᠠᠷ ᠲᠣᠭᠲᠠᠭᠰᠠᠨ ᠨᠢ ᠳ᠋ᠢᠪᠠ ᠰᠠᠩᠵᠠᠵᠠᠮᠰᠤ ᠶ᠋ᠢᠨ ᠵᠥᠪᠰᠢᠶᠡᠷᠡᠯ ᠪᠣᠯᠤᠨ ᠳᠡᠮᠵᠢᠯᠭᠡ ᠶ᠋ᠢ ᠣᠯᠵᠠᠢ᠃ ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠲᠡᠭᠡᠳ ᠦ᠋ᠨ ᠤᠤᠯ ᠰᠠᠨᠠᠭ᠎ᠠ ᠨᠢ ᠪᠣᠱᠣᠭᠲᠤ ᠬᠠᠨ ᠢ᠋ᠶ᠋ᠠᠷ ᠵᠡᠬᠥᠡᠭᠠᠷ ᠤᠯᠤᠰ ᠢ᠋ ᠡᠭᠦᠳᠦᠭᠦᠯᠦᠭᠡᠳ ᠵᠣᠭᠰᠣᠬᠤ ᠦᠭᠡᠢ᠂ ᠬᠠᠷᠢᠨ ᠲᠥᠪᠡᠳ ᠦ᠋ᠨ ᠰᠢᠷ᠎ᠠ ᠶ᠋ᠢᠨ ᠱᠠᠰᠢᠨ ᠤ᠋ ᠦᠵᠡᠯ ᠰᠠᠨᠠᠭ᠎ᠠ᠂ ᠵᠠᠷᠯᠢᠭ ᠵᠠᠬᠢᠶ᠎ᠠ ᠶ᠋ᠢ ᠲᠤᠤᠱᠯᠠᠭᠤᠯᠤᠨ ᠬᠡᠷᠡᠭᠵᠢᠭᠦᠯᠬᠦ ᠮᠣᠩᠭᠣᠯ ᠤ᠋ᠨ ᠬᠠᠭᠠᠨᠲᠤ ᠤᠯᠤᠰ ᠢ᠋ ᠪᠠᠢᠭᠤᠯᠬᠤ ᠭᠡᠰᠡᠨ ᠪᠠᠢᠨ᠎ᠠ᠃ ᠪᠣᠱᠣᠭᠲᠤ ᠬᠠᠨ ᠴᠡᠷᠢᠭ ᠬᠥᠳᠡᠯᠭᠡᠬᠦ ᠪᠡᠷ ᠲᠣᠭᠲᠠᠬᠤ ᠦᠶ᠎ᠡ ᠳ᠋ᠦ᠍᠂ ᠲᠠᠢᠴᠢᠩ ᠤᠯᠤᠰ ᠤ᠋ᠨ ᠡᠯᠴᠢ ᠬᠠᠷᠬᠠᠨ ᠵᠡᠬᠥᠡᠭᠠᠷ ᠲᠤ ᠬᠦᠷᠦᠭᠡᠳᠦᠢ ᠪᠠᠢᠭᠰᠠᠨ ᠪᠥᠭᠡᠳ ᠳᠠᠯᠠᠢ ᠯᠠᠮᠠ(ᠦᠨᠡᠨᠳᠡᠭᠡᠨ ᠳ᠋ᠢᠪᠠ ᠰᠠᠩᠵᠢᠢᠵᠮᠠᠰᠤ) ᠶ᠋ᠢᠨ ᠣᠨᠴᠠ ᠵᠢᠭᠠᠪᠤᠷᠢ ᠪᠠᠷ ᠭᠠᠷᠴᠤ ᠢᠷᠡᠭᠰᠡᠨ ᠪᠥᠬᠡᠭᠠᠩ ᠯᠠᠮᠠ ᠶ᠋ᠢᠨ ᠴᠣᠬᠣᠮ ᠰᠠᠨᠠᠭ᠎ᠠ ᠨᠢ ᠴᠦ᠍ ᠴᠢᠭᠤᠯᠭᠠᠨ ᠬᠢᠯᠭᠡᠬᠦ ᠭᠡᠰᠡᠨ ᠪᠢᠰᠢ᠂ ᠬᠠᠷᠢᠨ ᠡᠩᠬᠡ ᠠᠮᠤᠭᠤᠯᠠᠩ ᠳ᠋ᠤ᠌ ᠠᠷᠭᠠᠴᠠᠬᠤ ᠣᠪᠣᠷ ᠢ᠋ ᠠᠪᠴᠤ ᠳ᠋ᠢᠪᠠ ᠰᠠᠩᠵᠠᠢᠵᠠᠮᠰᠤ ᠶ᠋ᠢᠨ ᠵᠢᠭᠠᠪᠤᠷᠢ ᠶ᠋ᠢ ᠪᠣᠱᠣᠭᠲᠤ ᠬᠠᠨ ᠳ᠋ᠤ᠌ ᠤᠯᠠᠮᠵᠢᠯᠠᠬᠤ ᠭᠡᠰᠡᠨ ᠪᠠᠢᠨ᠎ᠠ᠃  
       1688 ᠣᠨ ᠳ᠋ᠤ᠌᠂ ᠪᠣᠱᠣᠭᠲᠤ ᠬᠠᠨ ᠬᠣᠪᠲᠣ ᠪᠠᠷ ᠰᠠᠭᠤᠷᠢᠨ ᠪᠣᠯᠭᠠᠵᠤ᠂ ᠭᠤᠷᠪᠠᠨ ᠲᠦᠮᠡᠨ ᠣᠢᠷᠠᠳ ᠴᠡᠷᠢᠭ ᠵᠢᠯᠣᠭᠣᠳᠤᠨ ᠬᠠᠯᠬ᠎ᠠ ᠶ᠋ᠢ ᠳᠣᠪᠲᠣᠯᠪᠠ᠃ ᠲᠡᠳᠡ ᠵᠠᠰᠠᠭᠲᠤ ᠬᠠᠨ ᠠᠢᠮᠠᠭ ᠤ᠋ᠨ ᠦᠢᠵᠡᠩ ᠬᠠᠳᠠᠨ ᠪᠠᠭᠠᠲᠤᠷ᠂ ᠴᠡᠴᠡᠨ ᠨᠣᠶᠠᠨ᠂ ᠳᠠᠷᠮᠠᠰᠢᠷᠢ ᠨᠣᠶᠠᠨ ᠢ᠋ ᠢᠯᠠᠨ᠂ ᠳᠠᠬᠢᠨ ᠬᠠᠩᠭᠠᠢ ᠠᠭᠤᠯᠠ ᠶ᠋ᠢᠨ ᠠᠷᠤ ᠪᠠᠷ ᠵᠡᠭᠦᠨᠰᠢ ᠲᠦᠰᠢᠶᠡᠲᠦ ᠬᠠᠨ ᠤ᠋ ᠨᠤᠲᠤᠭ ᠲᠤ ᠣᠷᠣᠵᠤ᠂ ᠲᠦᠰᠢᠶᠡᠲᠦ ᠬᠠᠨ ᠤ᠋ ᠲᠥᠷᠥᠯ ᠦ᠋ᠨ ᠬᠥᠨᠳᠡᠯᠡᠨ ᠪᠣᠱᠣᠭᠲᠤ ᠭᠣᠮᠪᠣ ᠶ᠋ᠢ ᠳᠠᠭᠠᠷᠢᠵᠠᠢ᠃ ᠲᠡᠷᠡ ᠡᠰᠡᠷᠭᠦᠴᠡᠯ ᠪᠣᠯᠤᠯ ᠦᠭᠡᠢ ᠬᠠᠷᠢᠶᠠᠲᠤ ᠪᠠᠨ ᠳᠠᠭᠠᠭᠤᠯᠤᠨ ᠬᠥᠯᠥᠨ ᠨᠠᠭᠤᠷ ᠤ᠋ᠨ ᠠᠷᠤ ᠳ᠋ᠤ᠌ ᠳᠤᠲᠠᠭᠠᠨ ᠣᠴᠢᠪᠠ᠃ ᠡᠨᠳᠡ ᠪᠣᠱᠣᠭᠲᠤ ᠬᠠᠨ ᠳᠥᠷᠪᠡᠨ ᠵᠦᠭ ᠬᠥᠮᠦᠨ ᠲᠣᠮᠢᠯᠠᠨ ᠲᠦᠰᠢᠶᠡᠲᠦ ᠬᠠᠨ ᠴᠠᠬᠤᠨᠳᠣᠷᠵᠢ ᠪᠣᠯᠤᠨ  ᠵᠢᠪᠽᠥ᠋ᠳᠠᠮᠪᠠ ᠬᠤᠲᠤᠭᠲᠤ ᠶ᠋ᠢᠨ ᠰᠤᠷᠠᠭ ᠢ᠋ ᠯᠠᠪᠯᠠᠵᠠᠢ᠃ 
       ᠪᠣᠱᠣᠭᠲᠤ ᠬᠠᠨ ᠤ᠋ ᠴᠡᠷᠢᠭ ᠦ᠋ᠨ ᠮᠡᠳᠡᠭᠡ ᠶ᠋ᠢ ᠰᠤᠷᠠᠭᠯᠠᠵᠤ ᠪᠠᠢᠭᠰᠠᠨ ᠴᠠᠬᠤᠨᠳᠣᠷᠵᠢ ᠵᠢᠷᠭᠤᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠵᠢᠪᠽᠥ᠋ᠳᠠᠮᠪᠠ ᠬᠤᠲᠤᠭᠲᠤ ᠳ᠋ᠤ᠌ ᠵᠠᠬᠢᠶ᠎ᠠ ᠢᠯᠡᠭᠡᠵᠦ᠂ ᠲᠤᠰᠠᠯᠠᠬᠤ ᠴᠡᠷᠢᠭ ᠲᠣᠮᠢᠯᠠᠨ ᠪᠣᠱᠣᠭᠲᠤ ᠬᠠᠨ ᠲᠠᠢ ᠡᠷᠡᠭᠴᠢᠨ ᠡᠮᠡᠭᠴᠢᠨ ᠢ᠋ᠶ᠋ᠡᠨ ᠢᠯᠭᠠᠶ᠎ᠠ[42] ᠭᠡᠪᠡ᠃ ᠵᠢᠪᠽᠥ᠋ᠳᠠᠮᠪᠠ ᠬᠥᠮᠦᠨ ᠵᠠᠷᠤᠵᠤ ᠰᠡᠯᠡᠩᠭᠡ ᠶ᠋ᠢᠨ ᠲᠡᠨᠳᠡ ᠡᠴᠡ ᠴᠠᠬᠤᠨᠳᠣᠷᠵᠢ ᠶ᠋ᠢᠨ ᠬᠥᠪᠡᠭᠦᠨ ᠭᠠᠯᠲᠠᠨᠳᠣᠷᠵᠢ ᠶ᠋ᠢ ᠳᠠᠭᠤᠳᠠᠭᠤᠯᠵᠠᠢ᠃ ᠲᠡᠷᠡ ᠲᠠᠪᠤᠨ ᠮᠢᠩᠭᠠᠨ ᠴᠡᠷᠢᠭ ᠳᠠᠢᠴᠢᠯᠠᠨ ᠡᠷᠬᠡ ᠲᠠᠢᠴᠢᠩ ᠱᠠᠮᠪᠠ ᠶ᠋ᠢᠨ ᠲᠠᠪᠤᠨ ᠮᠢᠩᠭᠠᠨ ᠴᠡᠷᠢᠭ ᠲᠡᠢ ᠨᠡᠢᠯᠡᠵᠦ᠂ ᠲᠡᠮᠦᠷ ᠬᠡᠮᠡᠬᠦ ᠭᠠᠵᠠᠷ ᠲᠤ ᠪᠣᠱᠣᠭᠲᠤ ᠬᠠᠨ ᠤ᠋ ᠴᠡᠷᠢᠭ ᠲᠡᠢ ᠲᠤᠯᠭᠠᠷᠠᠨ ᠠᠮᠢ ᠴᠥᠯᠡᠨ ᠲᠤᠯᠤᠯᠳᠤᠭᠰᠠᠨ ᠪᠣᠯᠪᠠᠴᠤ᠂ ᠣᠢᠷᠠᠳ ᠴᠡᠷᠢᠭ ᠲᠦ᠍ ᠬᠢᠶᠠᠷᠠᠲᠠᠯ᠎ᠠ ᠴᠣᠬᠢᠭᠳᠠᠭᠠᠳ ᠭᠤᠷᠪᠠᠨ ᠵᠠᠭᠤᠨ ᠮᠣᠷᠢᠲᠠᠨ ᠤ᠋ ᠬᠠᠮᠠᠭᠠᠯᠠᠯ ᠳᠣᠣᠷ᠎ᠠ ᠣᠩᠬᠢ ᠭᠣᠣᠯ ᠵᠦᠭ ᠵᠢᠭᠤᠲᠠᠵᠤ᠂ ᠴᠢᠬᠢᠷᠲᠡᠢ ᠭᠡᠳᠡᠭ ᠭᠠᠵᠠᠷ ᠢᠷᠡᠵᠦ ᠲᠦᠷ  ᠬᠣᠷᠭᠣᠳᠠᠵᠠᠢ᠃ ᠡᠷᠬᠡ ᠲᠠᠢᠴᠢᠩ ᠱᠠᠮᠪᠠ ᠴᠦ᠍ ᠳᠤᠲᠠᠭᠠᠨ ᠶᠠᠪᠤᠪᠠ᠃ ᠵᠢᠪᠽᠥ᠋ᠳᠠᠮᠪᠠ ᠬᠤᠲᠤᠭᠲᠤ ᠶ᠋ᠢ ᠡᠷᠳᠡᠨᠢ ᠵᠣᠣ ᠳ᠋ᠤ᠌ ᠪᠠᠢᠭᠰᠠᠭᠠᠷ ᠬᠡᠮᠡᠬᠦ ᠮᠡᠳᠡᠭᠡ ᠣᠯᠤᠭᠰᠠᠨ ᠪᠣᠱᠣᠭᠲᠤ ᠬᠠᠨ ᠳᠡᠨᠵᠢᠨ ᠣᠮᠪᠣ ᠪᠣᠯᠤᠨ ᠲᠤᠭᠠᠷ ᠠᠷᠠᠪᠲᠠᠨ ᠳ᠋ᠤ᠌ ᠳᠣᠯᠣᠭᠠᠨ ᠮᠢᠩᠭᠠᠨ ᠴᠡᠷᠢᠭ ᠥᠭᠴᠦ᠂ ᠬᠠᠷ᠎ᠠ ᠣᠷᠬᠣᠨ ᠠ᠋ᠴᠠ ᠡᠷᠳᠡᠨᠢ ᠵᠣᠣ ᠵᠦᠭ ᠲᠠᠪᠰᠢᠭᠤᠯᠵᠤ᠂ ᠥᠪᠡᠷ ᠢ᠋ᠶ᠋ᠡᠨ ᠭᠣᠣᠯ ᠬᠦᠴᠦᠨ ᠦ᠌ ᠴᠡᠷᠢᠭ ᠢ᠋ᠶ᠋ᠡᠨ ᠳᠠᠢᠴᠢᠯᠠᠵᠤ ᠲᠤᠤᠯᠠ ᠭᠣᠣᠯ ᠢ᠋ ᠭᠠᠲᠤᠯᠤᠨ ᠬᠡᠷᠦᠯᠦᠨ ᠢ᠋ ᠳᠥᠭᠥᠵᠦ ᠴᠡᠴᠡᠨ ᠬᠠᠨ ᠢᠯᠲᠠᠩ ᠠᠷᠠᠪᠳᠠᠨ ᠤ᠋ ᠬᠥᠪᠡᠭᠦᠨ ᠦᠮᠡᠬᠡᠢ ᠶ᠋ᠢ ᠣᠷᠣᠭᠤᠯᠵᠤ ᠠᠪᠬᠤ ᠪᠠᠷ ᠮᠣᠷᠳᠠᠵᠠᠢ᠃ ᠣᠢᠷᠠᠳ ᠴᠡᠷᠢᠭ ᠡᠷᠳᠡᠨᠢ ᠵᠣᠣ ᠵᠦᠭ ᠲᠠᠪᠰᠢᠵᠤ ᠪᠠᠢᠭ᠎ᠠ ᠶ᠋ᠢ ᠮᠡᠳᠡᠭᠰᠡᠨ ᠵᠢᠪᠽᠦ᠋ᠨᠳᠠᠮᠪᠠ ᠲᠦᠰᠢᠶᠡᠲᠦ ᠬᠠᠨ ᠤ᠋ ᠡᠮᠡᠰ ᠬᠡᠦᠬᠡᠳ᠂ ᠭᠤᠷᠪᠠᠨ ᠵᠠᠭᠤ ᠰᠢᠬᠠᠮ ᠯᠠᠮᠠ ᠪᠠᠨᠳᠢ ᠶ᠋ᠢ ᠳᠠᠭᠠᠭᠤᠯᠤᠨ᠂ ᠰᠥᠨᠢ ᠳᠦᠯᠢ ᠪᠡᠷ ᠤᠷᠭᠤᠵᠤ ᠰᠡᠴᠡᠨ ᠬᠠᠨ ᠤ᠋ ᠨᠤᠲᠤᠭ ᠲᠤ᠌ ᠳᠤᠲᠠᠭᠠᠨ ᠣᠷᠣᠪᠠ᠃ ᠲᠡᠷᠡ ᠬᠢᠷᠢ ᠳ᠋ᠦ᠍ ᠬᠠᠯᠬ᠎ᠠ ᠳᠠᠶᠠᠭᠠᠷ ᠦᠢᠮᠡᠯᠳᠦᠵᠦ ᠭᠡᠷ ᠥᠷᠥᠭᠡ᠂ ᠡᠳ᠋ ᠪᠠᠷᠠᠭ᠎ᠠ᠂ ᠦᠬᠡᠷ ᠬᠣᠨᠢ ᠪᠠᠨ ᠬᠠᠶᠠᠭᠠᠳ ᠡᠮᠦᠨᠡᠰᠢ ᠳᠤᠲᠠᠭᠠᠬᠤ ᠬᠥᠮᠦᠨ ᠡᠳᠦᠷᠵᠢᠨ ᠲᠠᠰᠤᠷᠠᠬᠤ ᠦᠭᠡᠢ ᠪᠣᠯᠵᠠᠢ᠃ ᠰᠡᠴᠡᠨ ᠬᠠᠨ ᠠᠢᠮᠠᠭ ᠤ᠋ᠨ ᠥᠭᠭᠢᠶᠡᠮᠦᠷ ᠭᠡᠳᠡᠭ ᠭᠠᠵᠠᠷ ᠳᠤᠲᠠᠭᠠᠨ ᠢᠷᠡᠭᠰᠡᠨ ᠵᠢᠪᠽᠦ᠋ᠨᠳᠠᠮᠪᠠ ᠬᠠᠷᠢᠶᠠᠲᠤ ᠪᠠᠨ ᠴᠤᠭᠯᠠᠭᠤᠯᠤᠨ ᠴᠠᠬᠤᠨᠳᠣᠷᠵᠢ ᠳ᠋ᠤ᠌ ᠬᠦᠴᠦᠨ ᠲᠤᠰᠠᠯᠠᠬᠤ ᠭᠡᠮᠡᠨ ᠰᠠᠨᠠᠪᠠ᠃ ᠭᠡᠲᠡᠯ᠎ᠡ ᠳᠤᠲᠠᠭᠠᠨ ᠪᠤᠲᠠᠷᠠᠬᠤ ᠬᠥᠮᠦᠰ ᠢ᠋ ᠬᠣᠷᠢᠭᠯᠠᠨ ᠲᠣᠭᠲᠠᠭᠠᠵᠤ ᠴᠢᠳᠠᠬᠤ ᠦᠭᠡᠢ ᠲᠤᠯᠠ᠂ ᠣᠯᠠᠨ ᠤ᠋ ᠬᠠᠮᠲᠤ ᠡᠮᠦᠨᠡᠰᠢ ᠳᠤᠲᠠᠭᠠᠵᠤ ᠭᠣᠪᠢ ᠶ᠋ᠢ ᠥᠩᠭᠡᠷᠡᠨ ᠠᠪᠠᠬᠠᠨᠠᠷ ᠤ᠋ᠨ ᠬᠢᠯᠢ ᠣᠢᠷᠠᠬᠠᠨ ᠬᠦᠷᠴᠦ ᠢᠷᠡᠭᠰᠡᠨ ᠪᠠᠢᠨ᠎ᠠ᠃ 
       ᠳᠡᠨᠵᠢᠨ ᠣᠮᠪᠣ᠂ ᠲᠤᠭᠠᠷ ᠠᠷᠠᠪᠲᠠᠨ ᠨᠠᠷ ᠡᠷᠳᠡᠨᠢ ᠵᠣᠣ ᠶ᠋ᠢ ᠳᠠᠭᠠᠷᠢᠵᠤ ᠵᠢᠪᠽᠥ᠋ᠨᠳᠠᠮᠪᠠ ᠶ᠋ᠢ ᠣᠯᠤᠭᠰᠠᠨ ᠦᠭᠡᠢ ᠳ᠋ᠡᠭᠡᠨ ᠠᠭᠤᠷᠯᠠᠵᠤ᠂ ᠡᠷᠳᠡᠨᠢ ᠵᠣᠣ ᠶ᠋ᠢ ᠭᠠᠯᠳᠠᠨ ᠦᠬᠡᠷ ᠬᠣᠨᠢ ᠶ᠋ᠢ ᠨᠢ ᠲᠠᠭᠤᠵᠤ ᠠᠪᠴᠢᠷᠠᠪᠠ ᠃ ᠪᠣᠱᠣᠭᠲᠤ ᠬᠠᠨ ᠬᠡᠷᠦᠯᠦᠨ ᠢ᠋ ᠤᠷᠤᠭᠤᠳᠠᠨ ᠪᠠᠶᠠᠨ ᠤᠯᠠᠭᠠᠨ ᠳ᠋ᠤ᠌ ᠢᠷᠡᠭᠰᠡᠨ ᠳ᠋ᠦ᠍ ᠰᠡᠴᠡᠨ ᠬᠠᠨ ᠢᠯᠲᠠᠩ ᠠᠷᠠᠪᠲᠠᠨ ᠤ᠋ ᠬᠥᠪᠡᠭᠦᠨ ᠦᠮᠡᠬᠡᠢ᠂ ᠲᠡᠭᠦᠨ ᠦ᠌ ᠠᠪᠠᠭ᠎ᠠ ᠨᠠᠮᠵᠢᠯ ᠤ᠋ᠨ ᠬᠠᠮᠲᠤ ᠭᠣᠪᠢ ᠶ᠋ᠢ ᠳᠠᠪᠠᠵᠤ ᠦᠵᠦᠮᠦᠴᠢᠨ ᠦ᠌ ᠬᠢᠯᠢ ᠣᠢᠷᠠᠬᠠᠨ ᠵᠢᠭᠤᠲᠠᠨ ᠣᠴᠢᠵᠠᠢ᠃ ᠰᠡᠴᠡᠨ ᠬᠠᠨ ᠠᠢᠮᠠᠭ ᠤ᠋ᠨ ᠤᠷᠭᠤᠨ ᠳᠤᠲᠠᠭᠠᠬᠤ ᠬᠥᠮᠦᠰ ᠢ᠋ ᠴᠢᠳᠠᠬᠤ ᠶ᠋ᠢᠨ ᠬᠢᠷᠢ ᠠᠮᠤᠷᠵᠢᠭᠤᠯᠤᠨ ᠲᠣᠭᠲᠠᠭᠠᠬᠤ ᠭᠡᠮᠡᠨ ᠪᠣᠱᠣᠭᠲᠤ ᠬᠠᠨ ᠳᠥᠷᠪᠡᠨ ᠵᠦᠭ ᠲᠦ᠍ ᠬᠥᠮᠦᠨ ᠲᠣᠮᠢᠯᠠᠨ ᠲᠠᠨᠤᠰ ᠢ᠋ ᠬᠣᠣᠷᠯᠠᠨ ᠬᠥᠨᠥᠭᠡᠬᠦ ᠦᠭᠡᠢ[43]᠂  ᠤᠤᠯ ᠭᠠᠵᠠᠷ ᠲᠠᠭᠠᠨ ᠠᠮᠤᠷ ᠲᠦᠪᠰᠢᠨ ᠠᠵᠤ ᠲᠥᠷᠥᠵᠦ ᠠᠮᠢᠳᠤᠷᠠ ᠭᠡᠰᠡᠨ ᠲᠠᠮᠠᠭᠠᠲᠤ ᠪᠢᠴᠢᠭ ᠢ᠋ ᠲᠠᠷᠬᠠᠭᠠᠪᠠ[44]᠃ ᠲᠡᠷᠡ ᠦᠶ᠎ᠡ ᠳ᠋ᠦ᠍ ᠳᠠᠯᠠᠢ ᠯᠠᠮᠠ ᠶ᠋ᠢᠨ ᠡᠯᠴᠢ ᠪᠥᠬᠡᠭᠠᠩ ᠯᠠᠮᠠ ᠪᠠᠰᠠ ᠪᠣᠱᠣᠭᠲᠤ ᠬᠠᠨ ᠤ᠋ ᠬᠠᠮᠲᠤ ᠬᠡᠷᠦᠯᠦᠨ ᠭᠣᠣᠯ ᠤ᠋ᠨ ᠲᠣᠷᠬᠤᠢ ᠳ᠋ᠤ᠌ ᠢᠷᠡᠭᠡᠳ᠂ ᠡᠨᠳᠡ ᠡᠴᠡ ᠲᠥᠪᠡᠳ ᠵᠦᠭ ᠡᠷᠭᠢᠵᠡᠢ᠃ ᠲᠦᠰᠢᠶᠡᠲᠦ ᠬᠠᠨ ᠴᠠᠬᠤᠨᠳᠤᠷᠵᠢ ᠮᠥᠨ ᠯᠡ ᠤᠤᠯ ᠨᠤᠲᠤᠭ ᠲᠠᠭᠠᠨ ᠪᠠᠢᠭᠰᠠᠭᠠᠷ ᠬᠡᠮᠡᠬᠦ ᠮᠡᠳᠡᠭᠡ ᠶ᠋ᠢ ᠪᠣᠱᠣᠭᠲᠤ ᠬᠠᠨ ᠣᠯᠤᠭᠠᠳ᠂ ᠲᠣᠷᠬᠤᠢ ᠠ᠋ᠴᠠ ᠴᠡᠷᠢᠭ ᠢ᠋ᠶ᠋ᠡᠨ ᠡᠷᠭᠢᠭᠦᠯᠵᠦ ᠴᠠᠬᠤᠨᠳᠤᠷᠵᠢ ᠶ᠋ᠢ ᠴᠣᠬᠢᠬᠤ ᠪᠠᠷ ᠲᠠᠪᠰᠢᠪᠠ᠃ ᠴᠠᠬᠤᠨᠳᠤᠷᠵᠢ ᠥᠪᠡᠷ ᠦ᠋ᠨ ᠬᠦᠴᠦᠨ ᠮᠡᠬᠦᠰᠳᠡᠬᠦ ᠪᠡᠨ ᠮᠡᠳᠡᠵᠦ᠂ ᠪᠡᠭᠡᠵᠢᠩ ᠵᠦᠭ ᠬᠡᠳᠦᠢᠨ ᠬᠥᠮᠦᠨ ᠢᠯᠡᠭᠡᠵᠦ ᠳᠠᠢᠴᠢᠩ ᠤᠯᠤᠰ ᠠ᠋ᠴᠠ ᠴᠡᠷᠢᠭ ᠦ᠋ᠨ ᠲᠤᠰᠠᠯᠠᠮᠵᠢ ᠭᠤᠶᠤᠵᠠᠢ᠃ ᠡᠭᠦᠨ ᠳ᠋ᠦ᠍ ᠴᠢᠩ ᠤᠯᠤᠰ ᠤ᠋ᠨ ᠬᠤᠤᠪᠢ ᠶ᠋ᠢᠨ ᠰᠠᠢᠳ ᠨᠠᠷ᠄《᠁ ᠬᠡᠷᠪᠡ ᠲᠦᠰᠢᠶᠡᠲᠦ ᠬᠠᠨ ᠳᠥᠴᠢ ᠶᠢᠰᠦᠨ ᠬᠤᠰᠢᠭᠤᠨ ᠤ᠋ ᠠᠳᠠᠯᠢ ᠡᠷᠲᠡ ᠡᠳᠦᠷ ᠮᠠᠨ ᠤ᠋ ᠤᠯᠤᠰ ᠤ᠋ᠨ ᠬᠠᠷᠢᠶᠠᠲᠤ ᠪᠣᠯᠤᠭᠰᠠᠨ ᠪᠣᠯ ᠭᠠᠯᠳᠠᠨ ᠠᠶᠤᠮᠰᠢᠭ ᠦᠭᠡᠢ ᠬᠠᠯᠳᠠᠵᠤ ᠴᠢᠳᠠᠬᠤ ᠦᠭᠡᠢ᠃ ᠬᠠᠯᠳᠠᠭᠰᠠᠨ ᠴᠤ᠌ ᠮᠠᠨ ᠤ᠋ ᠤᠯᠤᠰ ᠦᠵᠡᠵᠦ ᠰᠠᠭᠤᠭᠠᠳ ᠦᠯᠦ ᠬᠠᠢᠬᠤᠷᠬᠤ ᠪᠤᠰᠤ》[45] ᠬᠡᠮᠡᠭᠡᠳ ᠴᠡᠷᠢᠭ ᠭᠠᠷᠭᠠᠬᠤ ᠶ᠋ᠢ ᠲᠠᠲᠠᠭᠠᠯᠵᠠᠪᠠ᠃ 
       1687 ᠣᠨ ᠳ᠋ᠤ᠌᠂ ᠡᠩᠬᠡ ᠠᠮᠤᠭᠤᠯᠠᠩ ᠬᠠᠭᠠᠨ ᠤ᠋ ᠲᠣᠮᠢᠯᠠᠭᠰᠠᠨ ᠠᠴᠢᠲᠤ ᠴᠣᠷᠵᠢ ᠪᠣᠯᠤᠨ ᠪᠢᠴᠢᠭ ᠦ᠋ᠨ ᠳᠡᠳ᠋ ᠰᠠᠢᠳ ᠪᠠᠢᠷᠢ ᠭᠠᠷᠤᠭᠠᠳ ᠴᠢᠮᠡᠭᠡ ᠰᠤᠷᠠᠭ ᠦᠭᠡᠢ ᠪᠠᠢᠪᠠ᠃1688 ᠣᠨ ᠤ᠋ ᠪᠢᠯᠢᠭ ᠦ᠋ᠨ ᠤᠯᠠᠷᠢᠯ ᠤ᠋ᠨ ᠳᠣᠯᠣᠳᠤᠭᠠᠷ ᠰᠠᠷ᠎ᠠ ᠳ᠋ᠤ᠌ ᠡᠩᠬᠡ ᠠᠮᠤᠭᠤᠯᠠᠩ ᠬᠠᠭᠠᠨ ᠮᠥᠨ ᠴᠢᠭᠤᠯᠭᠠᠨ ᠬᠢᠯᠭᠡᠬᠦ ᠭᠡᠮᠡᠨ ᠲᠡᠷᠢᠭᠦᠨ ᠳᠡᠰ ᠦ᠋ᠨ ᠬᠢᠶ᠎ᠡ ᠠᠨᠠᠨᠳᠠ᠂ ᠱᠠᠩᠨᠠᠨᠳᠤᠷᠵᠢ ᠯᠠᠮᠠ᠂ ᠰᠠᠩ ᠤ᠋ᠨ ᠶᠠᠪᠤᠳᠠᠯ ᠤ᠋ᠨ ᠶᠠᠮᠤᠨ ᠤ᠋ ᠢᠯᠠᠭᠠᠭᠴᠢ ᠲᠦᠰᠢᠮᠡᠯ ᠰᠢᠷ᠎ᠠ᠂ ᠦᠢᠯᠡᠳᠬᠦ ᠶᠠᠪᠤᠳᠠᠯ ᠤ᠋ᠨ ᠶᠠᠮᠤᠨ ᠤ᠋ ᠲᠤᠰᠠᠯᠠᠭᠴᠢ ᠲᠦᠰᠢᠮᠡᠯ ᠦᠵᠦᠬᠦᠦ ᠨᠠᠷ ᠢ᠋ ᠪᠣᠱᠣᠭᠲᠤ ᠬᠠᠨ ᠤ᠋ ᠵᠦᠭ ᠶᠠᠪᠤᠭᠤᠯᠵᠠᠢ᠃ ᠳᠣᠯᠣᠳᠤᠭᠠᠷ ᠰᠠᠷ᠎ᠠ ᠶ᠋ᠢᠨ ᠬᠣᠷᠢᠨ ᠳᠣᠯᠣᠭᠠᠨ ᠤ᠋ ᠡᠳᠦᠷ᠂ ᠲᠡᠷᠢᠭᠦᠨ ᠳᠡᠰ ᠦ᠋ᠨ ᠬᠢᠶ᠎ᠡ ᠠᠨᠠᠨᠳᠠ ᠨᠠᠷ ᠬᠡᠷᠦᠯᠦᠨ ᠭᠣᠣᠯ ᠤ᠋ᠨ ᠠᠷᠤ ᠳ᠋ᠠᠬᠢ ᠬᠠᠷ᠎ᠠ ᠤᠰᠤ ᠭᠡᠳᠡᠭ ᠭᠠᠵᠠᠷ ᠬᠦᠷᠴᠦ ᠪᠣᠱᠣᠭᠲᠤ ᠬᠠᠨ ᠤ᠋ ᠴᠢᠮᠡᠭᠡ ᠶ᠋ᠢ ᠰᠤᠷᠠᠭᠯᠠᠭᠰᠠᠨ ᠪᠣᠯᠪᠠᠴᠤ᠂ ᠲᠡᠷᠡ ᠬᠡᠳᠦᠢᠨ ᠴᠠᠬᠤᠨᠳᠤᠷᠵᠢ ᠶ᠋ᠢ ᠳᠠᠢᠯᠠᠬᠤ ᠪᠠᠷ ᠮᠣᠷᠳᠠᠭᠰᠠᠨ ᠲᠤᠯᠠ ᠬᠣᠷᠢᠭᠯᠠᠵᠤ ᠠᠮᠵᠢᠬᠤ ᠦᠭᠡᠢ ᠪᠡᠨ ᠮᠡᠳᠡᠪᠡ᠃ 
       ᠪᠣᠱᠣᠭᠲᠤ ᠬᠠᠨ ᠲᠠᠢ ᠡᠷᠡᠭᠴᠢᠨ ᠡᠮᠡᠭᠴᠢᠨ ᠢ᠋ᠶ᠋ᠡᠨ ᠢᠯᠭᠠᠬᠤ ᠬᠡᠮᠡᠭᠰᠡᠨ ᠴᠠᠬᠤᠨᠳᠤᠷᠵᠢ ᠢᠯᠢᠶᠠᠲᠤ ᠠ᠋ᠴᠠ ᠣᠯᠣᠭᠠᠢ ᠨᠠᠭᠤᠷ ᠵᠦᠭ ᠳᠠᠪᠰᠢᠨ1688 ᠣᠨ ᠤ᠋ ᠨᠠᠢ᠍ᠮᠠᠳᠤᠭᠠᠷ ᠰᠠᠷ᠎ᠠ ᠶ᠋ᠢᠨ ᠳᠥᠷᠪᠡᠨ ᠦ᠌ ᠡᠳᠦᠷ ᠬᠣᠶᠠᠷ ᠡᠲᠡᠭᠡᠳ ᠦ᠋ᠨ ᠴᠡᠷᠢᠭ ᠲᠤᠯᠭᠠᠷᠠᠨ ᠭᠤᠷᠪᠠᠨ ᠡᠳᠦᠷ ᠰᠢᠷᠦᠭᠦᠨ ᠲᠤᠯᠤᠯᠳᠤᠪᠠ᠃ ᠣᠢᠷᠠᠳ ᠴᠡᠷᠢᠭ ᠣᠯᠠᠨ ᠵᠢᠯ ᠦ᠋ᠨ ᠲᠡᠢᠨ ᠢ᠋ ᠥᠩᠭᠡᠷᠡᠭᠡᠵᠦ᠂ ᠪᠠᠢᠯᠳᠤᠬᠤ ᠡᠷᠴᠢ ᠵᠣᠷᠢᠭ ᠥᠨᠳᠥᠷ ᠪᠥᠭᠡᠳ ᠲᠤᠷᠰᠢᠯᠭ᠎ᠠ ᠡᠯᠪᠡᠭ ᠪᠢᠯᠡ᠃ ᠭᠤᠷᠪᠠᠳᠤᠭᠠᠷ ᠡᠳᠦᠷ ᠦ᠋ᠨ ᠰᠥᠨᠢ ᠨᠢ ᠪᠣᠱᠣᠭᠲᠤ ᠬᠠᠨ ᠤ᠋ ᠴᠡᠷᠢᠭ ᠡᠷᠬᠡ ᠳᠠᠢᠴᠢᠩ ᠱᠠᠮᠪᠠ ᠶ᠋ᠢᠨ ᠬᠦᠷᠢᠶ᠎ᠡ ᠶ᠋ᠢ ᠭᠡᠨᠡᠳᠲᠡ ᠪᠡᠷ ᠳᠠᠭᠠᠷᠢᠭᠰᠠᠨ ᠳ᠋ᠤ᠌᠂ ᠱᠠᠮᠪᠠ ᠶ᠋ᠢᠨ ᠬᠣᠷᠢᠶ᠎ᠠ ᠰᠠᠮᠠᠭᠤᠷᠠᠨ ᠬᠠᠯᠬ᠎ᠠ ᠴᠡᠷᠢᠭ ᠦ᠋ᠨ ᠪᠠᠢᠯᠳᠤᠬᠤ ᠵᠣᠷᠢᠭ ᠢ᠋ ᠨᠥᠯᠥᠭᠡᠯᠡᠵᠡᠢ᠃ ᠬᠠᠯᠬ᠎ᠠ ᠶ᠋ᠢᠨ ᠲᠠᠢᠵᠢ ᠨᠠᠷ ᠤ᠋ᠨ ᠳᠠᠢᠴᠢᠯᠠᠭᠰᠠᠨ ᠣᠯᠠᠨ ᠬᠣᠷᠢᠶ᠎ᠠ ᠴᠡᠷᠢᠭ ᠦ᠋ᠳ ᠵᠠᠮ ᠪᠤᠯᠢᠶᠠᠯᠳᠤᠨ ᠰᠥᠨᠢ ᠶ᠋ᠢᠨ ᠬᠠᠷᠠᠩᠭᠤᠢ ᠪᠠᠷ ᠳᠥᠷᠪᠡᠨ ᠵᠦᠭ ᠪᠤᠲᠠᠷᠠᠪᠠ᠃ ᠴᠠᠬᠤᠨᠳᠤᠷᠵᠢ ᠴᠡᠷᠢᠭ ᠢ᠋ᠶ᠋ᠡᠨ ᠲᠣᠭᠲᠠᠭᠠᠬᠤ ᠠᠷᠭ᠎ᠠ ᠦᠭᠡᠢ ᠪᠣᠯᠵᠤ᠂ ᠴᠥᠭᠡᠨ ᠴᠡᠷᠢᠭ ᠳᠠᠭᠠᠭᠤᠯᠤᠨ ᠪᠦᠰᠡᠯᠡᠯᠲᠡ ᠶ᠋ᠢ ᠰᠢᠪᠲᠤᠯᠤᠨ ᠭᠠᠷᠤᠭᠠᠳ ᠴᠠᠬᠤᠨ ᠬᠥᠯ ᠭᠡᠳᠡᠭ ᠭᠠᠵᠠᠷ ᠲᠦᠷ ᠰᠠᠭᠠᠲᠠᠵᠤ᠂ ᠡᠨᠳᠡ ᠡᠴᠡ ᠰᠥᠨᠢᠳ ᠵᠦᠭ ᠵᠠᠢᠯᠠᠵᠠᠢ᠃ 

               ᠬᠣᠶᠠᠷ᠂ ᠵᠢᠪᠽᠥ᠋ᠨᠳᠠᠮᠪᠠ ᠲᠡᠷᠢᠭᠦᠲᠡᠢ ᠬᠠᠯᠬᠠᠴᠤᠳ 
                       ᠲᠠᠢᠴᠢᠩ ᠤᠯᠤᠰ  ᠲᠤ᠌ ᠳᠠᠭᠠᠭᠰᠠᠨ ᠨᠢ  
       ᠬᠠᠯᠬ᠎ᠠ ᠶ᠋ᠢᠨ ᠬᠠᠳ᠂ ᠵᠢᠨᠦᠩ᠂ ᠨᠣᠶᠠᠨ᠂ ᠲᠠᠢᠵᠢ ᠨᠠᠷ ᠬᠠᠷᠢᠶᠠᠲᠤ ᠠᠷᠠᠳ ᠢ᠋ᠶ᠋ᠠᠨ ᠳᠠᠭᠠᠭᠤᠯᠤᠨ ᠪᠦᠯᠦᠭ ᠪᠦᠯᠦᠭ ᠢ᠋ᠶ᠋ᠡᠷ ᠡᠮᠦᠨᠡᠰᠢ ᠳᠤᠲᠠᠭᠠᠪᠠ᠃ ᠲᠡᠳᠡ ᠪᠣᠱᠣᠭᠲᠤ ᠬᠠᠨ ᠭᠤᠷᠪᠠᠨ ᠵᠠᠮ ᠢ᠋ᠶ᠋ᠠᠷ ᠴᠡᠷᠢᠭ ᠬᠤᠪᠢᠶᠠᠨ ᠨᠡᠬᠡᠮᠵᠢᠯᠡᠵᠦ ᠢᠷᠡᠮᠦᠢ ᠬᠡᠮᠡᠬᠦ ᠴᠤᠤᠷᠬᠠᠯ ᠢ᠋ ᠰᠣᠨᠣᠰᠤᠭᠠᠳ᠂ ᠲᠠᠢᠴᠢᠩ ᠤᠯᠤᠰ ᠤ᠋ᠨ ᠬᠠᠷᠠᠭᠤᠯ ᠤ᠋ᠨ ᠴᠡᠷᠢᠭ ᠦ᠋ᠨ ᠬᠣᠷᠢᠭᠯᠠᠬᠤ ᠶ᠋ᠢ ᠦᠯᠦ ᠬᠠᠢᠬᠤᠷᠤᠨ ᠠᠪᠠᠬᠠᠨᠠᠷ᠂ ᠰᠥᠨᠢᠳ᠂ ᠦᠵᠦᠮᠦᠴᠢᠨ ᠦ᠌ ᠤᠮᠠᠷᠠᠲᠤ ᠬᠢᠯᠢ ᠳ᠋ᠦ᠍ ᠲᠦᠯᠬᠢᠨ ᠣᠷᠣᠵᠤ ᠢᠷᠡᠵᠡᠢ᠃ ᠲᠡᠳᠡ ᠬᠢᠯᠢ ᠳᠠᠭᠠᠤ ᠮᠠᠢᠬᠠᠨ ᠪᠤᠰᠬᠠᠨ ᠰᠠᠭᠤᠵᠤ᠂ ᠬᠢᠯᠢ ᠰᠠᠬᠢᠭᠰᠠᠨ ᠵᠠᠩᠵᠤᠨ ᠴᠡᠷᠢᠭ ᠦ᠋ᠳ ᠭᠠᠳᠠᠭᠰᠢ ᠬᠥᠭᠡᠭᠡᠭᠰᠡᠨ ᠴᠦ᠍ ᠭᠠᠷᠬᠤ ᠦᠭᠡᠢ ᠪᠣᠯᠪᠠ᠃  
       ᠬᠠᠯᠬᠠᠴᠤᠳ ᠲᠠᠢᠴᠢᠩ ᠤᠯᠤᠰ ᠤ᠋ᠨ ᠰᠢᠭᠤᠳ ᠬᠠᠷᠢᠶᠠᠲᠤ ᠪᠢᠰᠢ ᠲᠤᠯᠠ᠂ ᠲᠡᠳᠡᠨ ᠢ᠋ ᠬᠡᠷᠬᠢᠨ ᠲᠣᠬᠢᠷᠠᠭᠤᠯᠬᠤ ᠲᠤᠬᠠᠢ ᠡᠩᠬᠡ ᠠᠮᠤᠭᠤᠯᠠᠩ ᠬᠠᠭᠠᠨ ᠰᠢᠭᠤᠳ ᠰᠢᠢᠳᠪᠦᠷᠢ ᠭᠠᠷᠭᠠᠭᠰᠠᠨ ᠦᠭᠡᠢ᠃ ᠬᠤᠤᠪᠢ ᠶ᠋ᠢᠨ ᠰᠠᠢᠳ ᠨᠠᠷ ᠲᠤ᠌ ᠵᠠᠷᠯᠢᠭ ᠪᠠᠭᠤᠯᠭᠠᠨ ᠶᠠᠷᠢᠯᠴᠠᠭᠲᠤᠨ ᠭᠡᠪᠡ᠃ ᠬᠤᠤᠪᠢ ᠶ᠋ᠢᠨ ᠰᠠᠢᠳ ᠨᠠᠷ᠄《ᠬᠠᠯᠬᠠᠴᠤᠳ ᠭᠠᠴᠢᠭᠳᠠᠬᠤ ᠳ᠋ᠤ᠌ ᠪᠠᠨ ᠨᠠᠭᠠᠰᠢ ᠳᠤᠲᠠᠭᠠᠨ ᠢᠷᠡᠭᠰᠡᠨ ᠲᠤᠯᠠ ᠳᠠᠷᠤᠢ ᠳ᠋ᠤᠨᠢ ᠬᠢᠯᠢ ᠡᠴᠡ ᠬᠥᠭᠡᠭᠡᠵᠦ ᠭᠠᠷᠭᠠᠪᠠᠰᠤ ᠵᠣᠬᠢᠰ ᠦᠭᠡᠢ᠃ ᠤᠳᠠᠭᠠᠨ ᠪᠠᠢᠯᠭᠠᠪᠠᠰᠤ ᠪᠡᠯᠴᠢᠭᠡᠷ ᠡᠪᠡᠰᠦ ᠶ᠋ᠢ ᠡᠪᠳᠡᠮᠦᠢ᠃ ᠤᠷᠢᠳᠠᠪᠡᠷ ᠨᠢᠭᠡ ᠰᠠᠷ᠎ᠠ ᠬᠦᠯᠢᠶᠡᠵᠦ ᠪᠣᠳᠠᠲᠠᠢ ᠴᠢᠮᠡᠭᠡ ᠶ᠋ᠢ ᠰᠣᠨᠣᠰᠤᠭᠰᠠᠨ ᠤ᠋ ᠰᠡᠭᠦᠯᠡᠷ ᠬᠡᠷᠬᠢᠨ ᠲᠣᠬᠢᠷᠠᠭᠤᠯᠬᠤ ᠶ᠋ᠢ ᠳᠠᠬᠢᠵᠤ ᠵᠥᠪᠯᠡᠰᠦᠭᠡᠢ》[46] ᠭᠡᠵᠦ ᠠᠢᠯᠠᠳᠬᠠᠵᠠᠢ᠃ 
       ᠨᠠᠢ᠍ᠮᠠᠳᠤᠭᠠᠷ ᠰᠠᠷ᠎ᠠ ᠳ᠋ᠤ᠌᠂ ᠣᠷᠣᠰ ᠲᠠᠢ ᠭᠠᠳᠠᠭᠠᠳᠤ ᠬᠢᠩᠭᠠᠨ ᠳᠠᠪᠠᠭᠠᠨ ᠤ᠋ ᠲᠡᠨᠳᠡᠬᠢ ᠬᠢᠯᠢ ᠶ᠋ᠢᠨ ᠬᠡᠯᠡᠯᠴᠡᠭᠡᠷ ᠬᠢᠬᠦ ᠭᠡᠮᠡᠨ ᠶᠠᠪᠤᠭ᠎ᠠ ᠳᠣᠲᠣᠭᠠᠳᠤ ᠰᠠᠢᠳ ᠰᠦᠬᠡᠲᠦ ᠶ᠋ᠢᠨ ᠭᠠᠳᠠᠭᠠᠳᠤ ᠬᠠᠷᠢᠯᠴᠠᠭᠠᠨ ᠤ᠋ ᠡᠯᠴᠢ ᠶ᠋ᠢᠨ ᠪᠦᠯᠬᠦᠮ ᠪᠠᠰᠠ ᠬᠠᠯᠬ᠎ᠠ ᠳ᠋ᠤ᠌ ᠬᠦᠷᠴᠦ᠂ ᠲᠡᠭᠦᠨ ᠦ᠌ ᠳᠣᠣᠷᠠᠬᠢ ᠳ᠋ᠠᠰᠯᠠᠨ ᠤᠩᠰᠢᠭᠴᠢ ᠲᠦᠰᠢᠮᠡᠯ ᠬᠠᠢᠰᠠᠨᠳᠠᠢ ᠵᠠᠮ ᠬᠠᠢᠬᠤ ᠪᠠᠷ ᠶᠠᠪᠤᠭᠠᠳ ᠪᠣᠱᠣᠭᠲᠤ ᠬᠠᠨ ᠤ᠋ ᠳᠣᠣᠷᠠᠬᠢ ᠲᠦᠰᠢᠮᠡᠯ ᠲᠡᠢ ᠤᠴᠠᠷᠠᠪᠠ᠃ ᠪᠣᠱᠣᠭᠲᠤ ᠬᠠᠨ ᠲᠡᠭᠦᠨ ᠢ᠋ᠶ᠋ᠡᠷ ᠳᠠᠮᠵᠢᠭᠤᠯᠤᠨ ᠡᠩᠬᠡ ᠠᠮᠤᠭᠤᠯᠠᠩ ᠬᠠᠭᠠᠨ ᠳ᠋ᠤ᠌ ᠨᠢᠭᠡ ᠬᠠᠭᠤᠳᠠᠰᠤ ᠪᠢᠴᠢᠭ ᠥᠭᠴᠡᠢ᠃ ᠲᠡᠷᠡ ᠪᠢᠴᠢᠭ ᠲᠦ᠍᠄《ᠵᠢᠪᠽᠥ᠋ᠨᠳᠠᠮᠪᠠ ᠬᠤᠲᠤᠭᠲᠤ ᠳᠤᠲᠠᠭᠠᠨ ᠣᠴᠢᠭᠠᠳ ᠲᠩᠷᠢ ᠶ᠋ᠢᠨ ᠲᠥᠷᠥ ᠶ᠋ᠢ ᠲᠦᠰᠢᠬᠦ ᠭᠡᠮᠡᠨ ᠭᠤᠶᠤᠪᠠᠯ ᠠᠬᠤᠭᠤᠯᠬᠤ ᠦᠭᠡᠢ ᠪᠤᠶᠤ ᠡᠰᠡᠬᠦᠯ᠎ᠡ ᠪᠠᠷᠢᠪᠴᠢᠯᠠᠨ ᠬᠦᠷᠭᠡᠬᠦ ᠶ᠋ᠢ ᠬᠦᠰᠡᠨ᠎ᠡ》[47] ᠭᠡᠪᠡ᠃  ᠡᠭᠦᠨ ᠳ᠋ᠦ᠍ ᠬᠤᠤᠪᠢ ᠶ᠋ᠢᠨ ᠰᠠᠢᠳ ᠨᠠᠷ᠄《ᠳᠡᠭᠡᠳᠦ ᠬᠠᠭᠠᠨ ᠲᠡᠭᠷᠢ ᠶ᠋ᠢᠨ ᠳᠣᠣᠷᠠᠬᠢ ᠲᠦᠮᠡᠨ ᠤᠯᠤᠰ ᠢ᠋ ᠨᠢᠭᠡᠨ ᠠᠳᠠᠯᠢ ᠦᠵᠡᠬᠦ ᠶᠦ᠍ᠮ᠃ᠲᠡᠢᠮᠦ ᠡᠴᠡ ᠠᠯᠢᠪᠠ ᠠᠯᠪᠠ ᠪᠠᠷᠢᠬᠤ ᠤᠯᠤᠰ ᠭᠠᠴᠢᠭᠳᠠᠭᠠᠳ ᠳᠠᠭᠠᠷ᠎ᠠ ᠢᠷᠠᠪᠠᠰᠤ ᠴᠥᠮ ᠬᠦᠯᠢᠶᠡᠨ ᠠᠪᠴᠤ ᠲᠡᠵᠢᠭᠡᠬᠦ ᠪᠢᠯᠡ᠃  ᠵᠢᠪᠽᠦ᠋ᠨᠳᠠᠮᠪᠠ ᠬᠤᠲᠤᠭᠲᠤ ᠳᠡᠢᠯᠦᠭᠳᠡᠭᠡᠳ ᠮᠠᠨ ᠤ᠋ ᠬᠠᠷᠠᠭᠤᠯ ᠤ᠋ᠨ ᠭᠠᠵᠠᠷ ᠣᠷᠣᠵᠤ ᠢᠷᠡᠭᠰᠡᠨ ᠡᠴᠡ ᠪᠢᠰᠢ ᠳᠠᠭᠠᠷ᠎ᠠ ᠢᠷᠡᠭᠰᠡᠨ ᠶᠠᠪᠤᠳᠠᠯ ᠪᠤᠰᠤ᠃ ᠪᠠᠷᠢᠵᠤ ᠬᠦᠷᠭᠡᠪᠡᠰᠦ ᠶᠣᠰᠣᠨ ᠳ᠋ᠤᠷ ᠦᠯᠦ ᠨᠡᠢᠴᠡᠮᠦᠢ》[48] ᠭᠡᠵᠦ ᠰᠠᠨᠠᠯ ᠢ᠋ᠶ᠋ᠠᠨ ᠳᠤᠷᠠᠳᠴᠠᠢ᠃ ᠬᠤᠤᠪᠢ ᠶ᠋ᠢᠨ ᠰᠠᠢᠳ ᠨᠠᠷ ᠤ᠋ᠨ ᠵᠥᠪᠯᠡᠭᠰᠡᠨ ᠢ᠋ ᠦᠨᠳᠦᠰᠦᠯᠡᠵᠦ᠂ ᠬᠡᠷᠪᠡ ᠬᠠᠯᠬ᠎ᠠ ᠶ᠋ᠢᠨ ᠭᠠᠴᠢᠭᠳᠠᠭᠰᠠᠨ ᠣᠯᠠᠨ ᠢ᠋ ᠦᠯᠦ ᠣᠢᠰᠢᠶᠠᠪᠠᠰᠤ ᠵᠢᠪᠽᠥ᠋ᠨᠳᠠᠮᠪᠠ ᠯᠠᠪᠲᠠᠢ ᠪᠣᠱᠣᠭᠲᠤ ᠬᠠᠨ ᠳ᠋ᠤ᠌ ᠳᠠᠭᠠᠬᠤ ᠪᠣᠯᠤᠨ᠎ᠠ ᠭᠡᠵᠦ ᠪᠣᠳᠣᠯᠬᠢᠯᠠᠭᠰᠠᠨ ᠡᠩᠬᠡ ᠠᠮᠤᠭᠤᠯᠠᠩ ᠬᠠᠭᠠᠨ ᠲᠡᠷᠢᠭᠦᠨ ᠳᠡᠰ ᠦ᠋ᠨ ᠬᠢᠶ᠎ᠡ ᠠᠨᠠᠨᠳᠠ ᠪᠣᠯᠤᠨ ᠱᠠᠩᠨᠠᠭᠳᠣᠷᠵᠢ ᠯᠠᠮᠠ ᠪᠠᠷ ᠡᠯᠴᠢ ᠪᠣᠯᠭᠠᠵᠤ ᠪᠣᠱᠣᠭᠲᠤ ᠬᠠᠨ ᠤ᠋ ᠵᠦᠭ ᠲᠣᠮᠢᠯᠠᠨ᠂ ᠡᠶᠡᠪᠡᠷᠭᠦᠦ ᠵᠥᠭᠡᠯᠡᠨ ᠦᠭᠡ ᠪᠡᠷ ᠲᠦᠮᠡᠨ ᠠᠮᠢᠲᠠᠨ ᠢ᠋ ᠲᠤᠰᠠᠯᠠᠨ ᠬᠠᠷᠠᠭᠠᠯᠵᠠᠬᠤ ᠰᠠᠨᠠᠭ᠎ᠠ ᠪᠠᠨ ᠢᠯᠡᠳᠬᠡᠪᠡ᠃ ᠡᠭᠦᠨ ᠦ᠌ ᠬᠠᠮᠲᠤ ᠵᠢᠭᠦᠷ ᠦ᠋ᠨ ᠰᠠᠢᠳ ᠦᠨᠳᠡ ᠶ᠋ᠢ ᠠᠪᠠᠬᠠᠨᠠᠷ ᠵᠦᠭ ᠢᠯᠡᠭᠡᠵᠦ ᠲᠤᠰ ᠬᠤᠰᠢᠭᠤᠨ ᠤ᠋ ᠪᠠᠨᠳᠢ ᠳᠠᠢᠴᠢᠩ᠂ ᠴᠠᠷᠢᠩ ᠳᠠᠢᠴᠢᠩ ᠢ᠋ᠶ᠋ᠠᠷ ᠴᠡᠷᠢᠭ ᠲᠣᠮᠢᠯᠠᠭᠤᠯᠤᠨ ᠵᠢᠪᠽᠦ᠋ᠨᠳᠠᠮᠪᠠ ᠬᠤᠲᠤᠭᠲᠤ ᠶ᠋ᠢ ᠬᠠᠮᠠᠭᠠᠯᠠᠭᠤᠯᠵᠠᠢ᠃ ᠦᠨᠳᠡ ᠪᠠᠰᠠ ᠡᠩᠬᠡ ᠠᠮᠤᠭᠤᠯᠠᠩ ᠬᠠᠭᠠᠨ ᠠ᠋ᠴᠠ ᠪᠣᠱᠣᠭᠲᠤ ᠬᠠᠨ ᠳ᠋ᠤ᠌ ᠦᠭᠭᠦᠭᠰᠡᠨ ᠪᠢᠴᠢᠭ ᠪᠣᠯᠤᠨ ᠪᠣᠱᠣᠭᠲᠤ ᠬᠠᠨ ᠤ᠋ ᠪᠠᠷᠢᠵᠤ ᠥᠭ ᠭᠡᠮᠡᠨ ᠱᠠᠭᠠᠷᠳᠠᠭᠰᠠᠨ ᠪᠢᠴᠢᠭ ᠢ᠋ ᠭᠠᠷᠭᠠᠵᠤ ᠵᠢᠪᠽᠦ᠋ᠨᠳᠠᠮᠪᠠ ᠬᠤᠲᠤᠭᠲᠤ ᠳ᠋ᠤ᠌ ᠦᠵᠡᠭᠦᠯᠪᠡ᠃ ᠵᠢᠪᠽᠦ᠋ᠨᠳᠠᠮᠪᠠ ᠬᠤᠲᠤᠭᠲᠤ ᠠ᠋ᠴᠠ ᠡᠩᠬᠡ ᠠᠮᠤᠭᠤᠯᠠᠩ ᠬᠠᠭᠠᠨ ᠤ᠋ ᠠᠴᠢ ᠡᠨᠡᠷᠢᠯ ᠳ᠋ᠦ᠍ ᠶᠡᠬᠡᠯ᠎ᠡ ᠪᠠᠶᠠᠷᠯᠠᠨ᠄《ᠪᠣᠭᠳᠠ ᠬᠠᠭᠠᠨ ᠠᠩᠬᠠᠨ ᠠ᠋ᠴᠠ ᠨᠠᠮ᠎ᠠ ᠶ᠋ᠢ ᠬᠠᠯᠠᠮᠵᠢᠯᠠᠨ ᠬᠠᠷᠠᠭᠠᠯᠵᠠᠳᠠᠭ ᠪᠥᠯᠥᠭᠡ᠃ ᠪᠢ ᠪᠠᠰᠠ ᠲᠡᠭᠷᠢ ᠶ᠋ᠢᠨ ᠲᠥᠷᠥ ᠶ᠋ᠢ ᠲᠦᠰᠢᠭᠯᠡᠨ ᠠᠮᠢᠳᠤᠷᠠᠬᠤ ᠪᠢᠯᠡ᠃ ᠡᠳᠦᠭᠡ ᠡᠨᠡ ᠮᠡᠲᠦ ᠠᠭᠤᠤ ᠡᠨᠡᠷᠢᠯ ᠢ᠋ ᠶᠠᠭᠠᠬᠢᠨ ᠬᠠᠷᠢᠭᠤᠯᠬᠤ ᠪᠠᠨ ᠣᠯᠬᠤ ᠦᠭᠡᠢ ᠲᠤᠯᠠ᠂ ᠥᠷᠯᠥᠭᠡ ᠦᠳᠡᠰᠢ ᠶ᠋ᠢᠨ ᠬᠣᠪᠢᠨ ᠳ᠋ᠤ᠌ ᠵᠠᠯᠪᠠᠷᠢᠨ ᠢᠷᠦᠭᠡᠬᠦ ᠲᠡᠳᠦᠢ ᠪᠣᠯᠠᠢ》[49] ᠭᠡᠪᠡ᠃ 
       1688 ᠣᠨ ᠤ᠋ ᠶᠢᠰᠦᠳᠦᠭᠡᠷ ᠰᠠᠷ᠎ᠠ ᠳ᠋ᠤ᠌᠂ ᠰᠥᠨᠢᠳ ᠬᠤᠰᠢᠭᠤᠨ ᠤ᠋ ᠠᠷᠤ ᠡᠯᠡᠰᠦᠲᠡᠢ ᠭᠡᠳᠡᠭ ᠭᠠᠵᠠᠷ ᠵᠢᠪᠽᠦ᠋ᠨᠳᠠᠮᠪᠠ ᠬᠤᠲᠤᠭᠲᠤ ᠲᠡᠷᠢᠭᠦᠲᠡᠢ ᠬᠠᠯᠬ᠎ᠠ ᠶ᠋ᠢᠨ ᠳᠣᠯᠣᠭᠠᠨ ᠬᠤᠰᠢᠭᠤᠨ ᠤ᠋ ᠬᠠᠨ᠂ ᠵᠢᠨᠦᠩ᠂ ᠨᠣᠶᠠᠨ᠂ ᠲᠠᠢᠵᠢ ᠵᠢᠴᠢ ᠬᠠᠷᠢᠶᠠᠲᠤ ᠨᠠᠷ ᠶᠡᠬᠡ ᠴᠢᠭᠤᠯᠭᠠᠨ ᠪᠣᠯᠵᠤ᠂ ᠡᠨᠡᠬᠦ ᠴᠢᠭᠤᠯᠭᠠᠨ ᠳᠡᠭᠡᠷ᠎ᠡ ᠬᠠᠯᠠᠭᠴᠤᠳ ᠳᠠᠢᠴᠢᠩ ᠤᠯᠤᠰ ᠲᠤ᠌ ᠳᠠᠭᠠᠬᠤ ᠪᠠᠷ ᠲᠣᠭᠲᠠᠵᠠᠢ᠃  
       ᠡᠩᠬᠡ ᠠᠮᠤᠭᠤᠯᠠᠩ ᠬᠠᠭᠠᠨ ᠠ᠋ᠴᠠ ᠡᠷᠬᠢᠯᠡᠭᠰᠡᠨ ᠰᠠᠢᠳ ᠠᠷᠨᠠᠢ ᠶ᠋ᠢ ᠲᠣᠮᠢᠯᠠᠨ ᠬᠠᠯᠬ᠎ᠠ ᠶ᠋ᠢᠨ ᠣᠯᠠᠨ ᠢ᠋ ᠲᠣᠬᠢᠷᠠᠭᠤᠯᠪᠠ᠃ ᠲᠦᠰᠢᠶᠡᠲᠦ ᠬᠠᠨ ᠢ᠋ ᠰᠥᠨᠢᠳ ᠦ᠋ᠨ ᠬᠢᠵᠠᠭᠠᠷ ᠳᠣᠣᠷᠠᠬᠢ ᠡᠷᠢᠨᠲᠦ ᠭᠡᠳᠡᠭ ᠭᠠᠵᠠᠷ ᠲᠤ᠌᠂ ᠲᠡᠭᠦᠨ ᠦ᠌ ᠳᠡᠭᠦᠦ ᠰᠢᠳᠠᠰᠢᠷᠢ ᠬᠣᠩ ᠲᠠᠢᠵᠢ ᠶ᠋ᠢ ᠠᠷᠤ ᠡᠯᠡᠰᠦᠲᠡᠢ ᠳ᠋ᠦ᠍᠂ ᠲᠥᠷᠥᠯ ᠦ᠋ᠨ ᠳᠡᠭᠦᠦ ᠪᠠᠷᠠᠩ᠂ ᠳᠠᠢᠴᠢᠨ ᠨᠣᠶᠠᠨ ᠬᠣᠩᠬᠣᠷ ᠢ᠋ ᠤᠨᠠᠭᠠᠴᠢ ᠭᠡᠳᠡᠭ ᠭᠠᠵᠠᠷ ᠲᠤ᠌ ᠲᠤᠰ ᠲᠤᠰ ᠰᠠᠭᠤᠯᠭᠠᠵᠤ᠂ ᠬᠥᠬᠡᠬᠣᠲᠠ ᠳ᠋ᠠᠬᠢ ᠰᠠᠩ ᠬᠥᠮᠥᠷᠭᠡ ᠶ᠋ᠢ ᠨᠡᠭᠡᠭᠡᠨ ᠳᠣᠲᠣᠭᠠᠳᠤ ᠰᠠᠢᠳ ᠫᠢᠶᠠᠩᠭᠤ ᠪᠠᠷ ᠠᠮᠤ ᠬᠦᠨᠡᠰᠦ ᠲᠦᠭᠡᠭᠡᠯᠭᠡᠵᠡᠢ᠃ ᠬᠠᠯᠬ᠎ᠠ ᠶ᠋ᠢᠨ ᠪᠠᠷᠠᠭᠤᠨ ᠭᠠᠷᠤᠨ ᠵᠠᠰᠠᠭᠲᠤ ᠬᠠᠨ ᠰᠢᠷ᠎ᠠ ᠶ᠋ᠢᠨ ᠡᠮᠡᠰ ᠬᠡᠦᠬᠡᠳ᠂ ᠲᠡᠭᠦᠨ ᠦ᠌ ᠳᠡᠭᠦᠦ ᠴᠠᠸᠠᠩᠵᠠᠪ ᠪᠣᠯᠤᠨ ᠲᠥᠷᠥᠯ ᠦ᠋ᠨ ᠬᠥᠮᠦᠨ ᠰᠡᠷᠡᠩ ᠠᠬᠠᠢ ᠨᠠᠷ ᠲᠤ᠌ ᠤᠷᠠᠳ ᠤ᠋ᠨ ᠨᠤᠲᠤᠭ ᠠ᠋ᠴᠠ ᠭᠠᠵᠠᠷ ᠣᠯᠭᠣᠵᠤ ᠰᠠᠭᠤᠯᠭᠠᠪᠠ᠃ ᠰᠡᠴᠡᠨ ᠬᠠᠨ ᠠᠢᠮᠠᠭ ᠤ᠋ᠨ ᠦᠮᠡᠬᠡᠢ ᠪᠠ ᠲᠡᠭᠦᠨ ᠦ᠌ ᠠᠪᠠᠭ᠎ᠠ ᠨᠠᠮᠵᠢᠯ ᠲᠠᠢᠵᠢ ᠲᠠᠢ ᠬᠠᠮᠲᠤ ᠳᠠᠭᠠᠷ᠎ᠠ ᠢᠷᠡᠭᠰᠡᠨ ᠬᠥᠮᠦᠰ ᠠᠷᠪᠠᠨ ᠲᠦᠮᠡ ᠰᠢᠬᠠᠮ ᠪᠣᠢ ᠲᠤᠯᠠ ᠦᠮᠡᠬᠡᠢ ᠶ᠋ᠢ ᠦᠵᠦᠮᠦᠴᠢᠨ ᠬᠤᠰᠢᠭᠤᠨ ᠤ᠋ ᠬᠢᠵᠠᠭᠠᠷ ᠳᠠᠬᠢ ᠠᠷᠠᠳᠤ ᠭᠡᠳᠡᠭ ᠭᠠᠵᠠᠷ ᠲᠤ᠌ ᠲᠣᠬᠢᠷᠠᠭᠤᠯᠤᠨ[50]᠂ ᠲᠡᠭᠦᠨ ᠢ᠋ ᠠᠪᠠᠭ᠎ᠠ ᠨᠠᠮᠵᠢᠯ ᠢ᠋ ᠦᠵᠦᠮᠦᠴᠢᠨ ᠬᠤᠰᠢᠭᠤᠨ ᠤ᠋ ᠠᠷᠤ ᠳ᠋ᠠᠬᠢ ᠪᠤᠬ᠎ᠠ ᠬᠣᠰᠢᠭᠤ ᠭᠡᠳᠡᠭ ᠭᠠᠵᠠᠷ ᠲᠤ᠌ ᠲᠣᠬᠢᠷᠠᠭᠤᠯᠵᠠᠢ᠃  
       
               ᠭᠤᠷᠪᠠ᠂ ᠴᠠᠸᠠᠩᠷᠠᠪᠲᠠᠨ ᠤ᠋ ᠬᠤᠪᠢᠰᠤᠯ   
       ᠪᠣᠱᠣᠭᠲᠤ ᠬᠠᠨ ᠵᠡᠭᠦᠨᠰᠢ ᠬᠠᠯᠬ᠎ᠠ ᠶ᠋ᠢ ᠳᠠᠯᠠᠢᠭᠠᠳ1688 ᠣᠨ ᠤ᠋ ᠠᠷᠪᠠᠳᠤᠭᠠᠷ ᠰᠠᠷ᠎ᠠ ᠶ᠋ᠢᠨ ᠠᠷᠪᠠᠨ ᠳᠣᠯᠣᠭᠠᠨ ᠤ᠋ ᠡᠳᠦᠷ ᠬᠣᠪᠲᠣ ᠳ᠋ᠤ᠌ ᠬᠦᠷᠴᠦ ᠢᠷᠡᠨ ᠡᠪᠦᠯᠵᠢᠵᠡᠢ[51]᠃  
       ᠬᠣᠪᠲᠣ ᠣᠷᠣᠨ  ᠨᠢ ᠠᠯᠲᠠᠢ ᠠ᠋ᠴᠠ ᠵᠡᠭᠦᠨᠰᠢ᠂ ᠬᠥᠩᠬᠥᠢ ᠵᠠᠪᠬᠠᠨ ᠠ᠋ᠴᠠ ᠪᠠᠷᠠᠭᠤᠨᠰᠢ ᠣᠷᠣᠰᠢᠵᠤ᠂ ᠲᠡᠢᠨ ᠦ᠌ ᠠᠷᠭ᠎ᠠ ᠪᠣᠳᠣᠯᠭ᠎ᠠ ᠶ᠋ᠢᠨ ᠲᠠᠯ᠎ᠠ ᠳ᠋ᠤ᠌ ᠮᠠᠰᠢ ᠴᠢᠬᠤᠯᠠ ᠭᠠᠵᠠᠷ ᠪᠣᠯᠤᠨ᠎ᠠ᠃ ᠪᠣᠱᠣᠭᠲᠤ ᠬᠠᠨ ᠬᠠᠯᠬ᠎ᠠ ᠶ᠋ᠢ ᠳᠠᠢᠯᠠᠬᠤ ᠳ᠋ᠤ᠌ ᠡᠭᠦᠨ ᠢ᠋ᠶ᠋ᠡᠷ ᠰᠠᠭᠤᠷᠢᠨ ᠭᠠᠵᠠᠷ ᠪᠠ ᠥᠷᠲᠡᠭᠡ ᠪᠣᠯᠭᠠᠭᠰᠠᠨ ᠶᠤᠮ᠃ ᠲᠡᠷᠡ ᠬᠣᠪᠲᠣ ᠢ᠋ᠶ᠋ᠠᠷ ᠲᠥᠪ ᠪᠣᠯᠭᠠᠵᠤ ᠵᠡᠭᠦᠨᠭᠠᠷ᠂ ᠣᠪᠢ ᠭᠣᠣᠯ᠂ ᠶᠸᠨᠢᠰᠠᠢ ᠮᠥᠷᠡᠨ ᠦ᠌ ᠳᠡᠭᠡᠳᠦ ᠤᠷᠤᠰᠬᠠᠯ ᠤ᠋ᠨ ᠠᠢᠮᠠᠭ ᠦᠨᠳᠦᠰᠦᠲᠡᠨ ᠢ᠋ ᠵᠠᠬᠢᠷᠴᠤ ᠪᠠᠢᠭᠰᠠᠨ ᠪᠥᠭᠡᠳ ᠲᠡᠭᠦᠨ ᠦ᠌ ᠠᠯᠢᠪᠠ ᠵᠠᠷᠯᠢᠭ ᠵᠢᠭᠠᠪᠤᠷᠢ᠂ ᠠᠯᠪᠠᠨ ᠲᠤᠩᠬᠠᠭ ᠤ᠋ᠳ ᠨᠢ ᠴᠥᠮ ᠬᠣᠪᠲᠣ ᠪᠠᠷ ᠳᠡᠮᠵᠢᠵᠦ᠂  ᠵᠡᠭᠦᠨᠭᠠᠷ ᠬᠠᠭᠠᠨᠲᠤ ᠤᠯᠤᠰ ᠤ᠋ᠨ ᠡᠯ᠎ᠡ ᠭᠠᠵᠠᠷ ᠲᠤ ᠬᠦᠷᠴᠦ ᠪᠠᠢᠵᠠᠢ᠃ ᠤᠢᠭᠤᠷ᠂ ᠬᠠᠰᠠᠭ᠂ ᠬᠢᠷᠭᠢᠰ᠂ ᠪᠣᠷᠤᠳ᠂ ᠲᠠᠲ᠋ᠠᠷ᠂ ᠠᠩᠵᠢᠶᠠᠨ᠂ ᠲᠠᠱᠭᠠᠨ᠂ ᠤᠷᠢᠶᠠᠩᠬᠠᠢ ᠵᠡᠷᠭᠡ ᠣᠷᠣᠨ ᠠ᠋ᠴᠠ ᠲᠠᠲᠠᠳᠠᠭ ᠭᠠᠢᠯᠢ᠂ ᠴᠡᠷᠢᠭ ᠡᠷᠡᠴᠦᠳ᠂ ᠴᠡᠷᠢᠭ ᠦ᠋ᠨ ᠨᠥᠬᠥᠪᠥᠷᠢ ᠡᠳ᠋ ᠪᠣᠳᠠᠰ ᠨᠢ ᠬᠣᠪᠲᠣ ᠵᠦᠭ ᠲᠠᠰᠤᠷᠠᠯ ᠦᠭᠡᠢ ᠬᠦᠷᠭᠡᠭᠳᠡᠵᠦ ᠪᠠᠢᠪᠠ᠃ ᠲᠡᠷᠡ ᠬᠣᠪᠲᠣ ᠪᠠᠷ ᠭᠣᠣᠯ ᠪᠣᠯᠭᠠᠭᠰᠠᠨ ᠰᠠᠭᠤᠷᠢᠨ ᠭᠠᠵᠠᠷ ᠢ᠋ ᠪᠠᠢᠭᠤᠯᠬᠤ ᠶ᠋ᠢᠨ ᠲᠥᠯᠥᠭᠡ᠂ ᠳᠥᠷᠪᠡᠳ ᠦ᠋ᠨ ᠠᠯᠳᠠᠷ ᠲᠠᠢᠱ᠌ᠢ ᠵᠢᠴᠢ ᠲᠡᠭᠦᠨ ᠦ᠌ ᠬᠠᠷᠢᠶᠠᠲᠤ ᠶ᠋ᠢ ᠡᠨᠳᠡ ᠦᠯᠡᠳᠡᠭᠡᠨ᠂ ᠬᠣᠪᠲᠣ ᠶ᠋ᠢᠨ ᠠᠷᠤ ᠳ᠋ᠠᠬᠢ ᠤᠯᠠᠭᠠᠨ ᠭᠣᠮ ᠳ᠋ᠤ᠌ ᠲᠠᠷᠢᠶ᠎ᠠ ᠲᠠᠷᠢᠭᠤᠯᠵᠤ ᠮᠠᠯᠵᠢᠯ ᠤ᠋ᠨ ᠲᠠᠯᠠᠪᠠᠢ ᠡᠷᠬᠢᠯᠡᠭᠦᠯᠦᠨ ᠴᠡᠷᠢᠭ ᠦ᠋ᠨ ᠬᠡᠷᠡᠭᠰᠡᠯ ᠳ᠋ᠦ᠍ ᠵᠣᠷᠢᠭᠤᠯᠵᠤ ᠪᠠᠢᠵᠠᠢ᠃  ᠪᠣᠱᠣᠭᠲᠤ ᠬᠠᠨ ᠬᠠᠯᠬ᠎ᠠ ᠶ᠋ᠢ ᠳᠠᠢᠯᠠᠬᠤ ᠳ᠋ᠠᠭᠠᠨ ᠲᠡᠭᠦᠨ ᠦ᠌ ᠳᠣᠣᠷᠠᠬᠢ ᠣᠯᠠᠨ ᠲᠦᠰᠢᠮᠡᠯ ᠦ᠋ᠨ ᠳᠣᠲᠣᠷ᠎ᠠ ᠠ᠋ᠴᠠ ᠬᠠᠮᠤᠭ ᠤ᠋ᠨ ᠴᠢᠳᠠᠪᠤᠷᠢᠲᠠᠢ ᠴᠠᠸᠠᠩᠷᠠᠪᠲᠠᠨ ᠢ᠋ ᠬᠣᠪᠲᠣ ᠣᠷᠣᠨ ᠤ᠋ ᠪᠦᠭᠦᠳᠡ ᠵᠠᠬᠢᠷᠤᠭᠴᠢ ᠪᠣᠯᠭᠠᠵᠤ ᠦᠯᠡᠳᠡᠭᠡᠪᠡ᠃ ᠴᠠᠸᠠᠩᠷᠠᠪᠲᠠᠨ ᠬᠣᠪᠲᠣ ᠶ᠋ᠢᠨ ᠰᠠᠭᠤᠷᠢᠨ ᠭᠠᠵᠠᠷ ᠢ᠋ ᠬᠠᠮᠢᠶᠠᠷᠬᠤ ᠶ᠋ᠢᠨ ᠬᠠᠮᠲᠤ ᠠᠷᠤ ᠲᠠᠯ᠎ᠠ ᠪᠣᠯᠬᠤ ᠵᠡᠭᠦᠨᠭᠠᠷ ᠤ᠋ᠨ ᠬᠡᠷᠡᠭ ᠶᠠᠪᠤᠳᠠᠯ ᠢ᠋ ᠪᠠᠰᠠ ᠬᠠᠷᠢᠭᠤᠴᠠᠵᠤ ᠪᠠᠢᠵᠠᠢ᠃ ᠲᠡᠭᠦᠨ ᠢ᠋ ᠥᠭᠡᠯᠡᠢ ᠥᠨᠳᠥᠷ ᠪᠣᠯᠬᠤ ᠳ᠋ᠤ᠌ ᠠᠬ᠎ᠠ ᠶ᠋ᠢᠨ ᠥᠨᠥᠴᠢᠨ ᠬᠥᠪᠡᠭᠦᠨ ᠭᠡᠮᠡᠨ ᠪᠣᠱᠣᠭᠲᠤ ᠬᠠᠨ ᠮᠠᠰᠢ ᠬᠠᠷᠠᠭᠠᠯᠵᠠᠵᠤ᠂ ᠪᠣᠷᠣ ᠲᠠᠯ᠎ᠠ ᠶ᠋ᠢ ᠲᠡᠭᠦᠨ ᠦ᠌ ᠣᠲᠣᠭ ᠤ᠋ᠨ ᠭᠠᠵᠠᠷ ᠢ᠋ᠶ᠋ᠠᠷ ᠱᠠᠩᠨᠠᠨ᠂ ᠪᠠᠰᠠ ᠬᠠᠮᠢ᠂ ᠲᠦᠷᠫᠡᠨ ᠬᠣᠶᠠᠷ ᠬᠣᠲᠠ ᠶ᠋ᠢ ᠴᠠᠸᠠᠩᠷᠠᠪᠲᠠᠨ ᠤ᠋ ᠣᠲᠣᠭ ᠳᠤ ᠬᠠᠷᠢᠶᠠᠯᠠᠭᠤᠯᠵᠤ ᠠᠯᠪᠠ ᠲᠠᠲᠠᠪᠤᠷᠢ ᠶ᠋ᠢ ᠨᠢ ᠣᠯᠭᠣᠵᠤ ᠪᠠᠢᠪᠠ᠃ 1683 ᠣᠨ ᠳ᠋ᠤ᠌᠂ ᠲᠡᠭᠷᠢ ᠠᠭᠤᠯᠠ ᠶ᠋ᠢᠨ ᠡᠮᠦᠨ᠎ᠡ ᠣᠷᠣᠰᠢᠬᠤ ᠴᠠᠭᠠᠲᠠᠢ ᠶ᠋ᠢᠨ ᠦᠷᠡᠰ ᠬᠣᠶᠠᠷ ᠰᠦᠯᠳᠡ ᠶ᠋ᠢ ᠰᠠᠢᠷᠠᠮ ᠬᠣᠲᠠ(ᠺᠦᠴᠠ ᠪᠣᠯᠤᠨ ᠠᠭᠰᠤ ᠶ᠋ᠢᠨ ᠳᠤᠮᠳᠠ ᠣᠷᠣᠰᠢᠵᠤ᠂ ᠺᠦᠴᠠ ᠠ᠋ᠴᠠ ᠪᠠᠷᠠᠭᠤᠨ ᠡᠮᠦᠨᠡᠰᠢ ᠬᠣᠶᠠᠷ ᠵᠠᠭᠤᠨ ᠭᠠᠵᠠᠷ ᠠᠯᠤᠰ ᠪᠣᠢ) ᠠ᠋ᠴᠠ ᠢᠯᠢ ᠳ᠋ᠦ᠍ ᠠᠪᠴᠢᠷᠠᠵᠤ ᠰᠠᠭᠤᠯᠭᠠᠵᠠᠢ[52]᠃  ᠪᠣᠱᠣᠭᠲᠤ ᠬᠠᠨ ᠬᠠᠯᠬ᠎ᠠ ᠶ᠋ᠢ ᠳᠠᠢᠯᠠᠬᠤ ᠳ᠋ᠤ᠌᠂ ᠬᠣᠶᠠᠷ ᠰᠦᠯᠳᠡ ᠡᠨᠡᠬᠦ ᠲᠣᠬᠢᠶᠠᠯ ᠢ᠋ ᠳᠠᠯᠢᠮᠳᠠᠭᠤᠯᠤᠨ ᠤᠷᠪᠠᠵᠤ᠂ ᠪᠠᠭ᠎ᠠ ᠬᠦᠷᠢᠶ᠎ᠡ ᠯᠠᠮᠠ ᠨᠠᠷ ᠢ᠋ ᠤᠤᠯᠭᠠᠯᠠᠨ ᠮᠠᠰᠢ ᠦᠢᠮᠡᠭᠡᠨ ᠳᠡᠭᠳᠡᠭᠡᠪᠡ᠃ ᠡᠨᠡᠬᠦ ᠴᠢᠮᠡᠭᠡ ᠨᠢ ᠬᠣᠪᠲᠣ ᠳ᠋ᠤ᠌ ᠤᠯᠠᠮᠵᠢᠯᠠᠭᠳᠠᠨ ᠢᠷᠡᠭᠰᠡᠨ ᠳ᠋ᠦ᠍ ᠴᠠᠸᠠᠩᠷᠠᠪᠲᠠᠨ ᠲᠡᠷᠡ ᠳᠠᠷᠤᠢ ᠳ᠋ᠤᠨᠢ ᠴᠡᠷᠢᠭ ᠳᠠᠢᠴᠢᠯᠠᠨ ᠬᠦᠷᠴᠦ ᠬᠣᠶᠠᠷ ᠰᠦᠯᠳᠡ ᠶ᠋ᠢᠨ ᠤᠷᠪᠠᠯᠭᠠᠨ ᠢ᠋ ᠳᠠᠷᠤᠩᠭᠤᠢᠯᠠᠨ[53] ᠬᠡᠷᠡᠭ ᠶᠠᠪᠤᠳᠠᠯ ᠢ᠋ ᠲᠠᠰᠤᠷᠬᠠᠢ ᠰᠢᠢᠳᠪᠦᠷᠢᠯᠡᠭᠡᠳ ᠥᠪᠡᠷ ᠦ᠋ᠨ ᠭᠠᠷᠮᠠᠭᠠᠢ ᠴᠢᠳᠠᠪᠤᠷᠢ ᠪᠠᠨ ᠢᠯᠡᠷᠡᠭᠦᠯᠵᠡᠢ᠃ ᠬᠣᠶᠠᠷ ᠰᠦᠯᠳᠡ ᠶ᠋ᠢᠨ ᠤᠷᠪᠠᠯᠭᠠᠨ ᠨᠢ ᠬᠡᠪᠴᠢᠶ᠎ᠡ ᠪᠡᠷ ᠥᠷᠭᠡᠨ ᠪᠢᠰᠢ ᠪᠣᠯᠪᠠᠴᠤ᠂ ᠡᠭᠦᠨ ᠡᠴᠡ ᠪᠣᠯᠤᠭᠰᠠᠨ ᠨᠥᠯᠥᠭᠡ ᠨᠢ ᠮᠠᠰᠢ ᠶᠡᠬᠡ ᠪᠠᠢᠪᠠ᠃ ᠡᠭᠦᠨ ᠡᠴᠡ ᠡᠬᠢᠯᠡᠨ ᠬᠣᠪᠲᠣ ᠶ᠋ᠢᠨ ᠰᠠᠭᠤᠷᠢᠨ ᠭᠠᠵᠠᠷ ᠲᠤ ᠴᠤᠤᠷᠬᠠᠯ ᠶᠠᠷᠢᠶ᠎ᠠ ᠳᠡᠭᠳᠡᠵᠦ᠂ ᠣᠷᠣᠨ ᠥᠬᠡᠢ ᠭᠠᠵᠠᠷ ᠣᠪᠣᠭ᠎ᠠ ᠪᠤᠰᠬᠠᠨ ᠬᠠᠷᠢᠯᠴᠠᠨ ᠰᠡᠵᠢᠭᠯᠡᠵᠦ ᠡᠬᠢᠯᠡᠭᠰᠡᠨ ᠪᠢᠯᠡ᠃ ᠰᠡᠩᠭᠡ ᠬᠣᠩ ᠲᠠᠢᠵᠢ ᠶ᠋ᠢᠨ ᠭᠤᠲᠠᠭᠠᠷ ᠬᠥᠪᠡᠭᠦᠨ ᠳᠡᠨᠵᠢᠨ ᠣᠮᠪᠣ ᠠᠬ᠎ᠠ ᠴᠠᠸᠠᠩᠷᠠᠪᠲᠠᠨ ᠤ᠋ ᠴᠢᠳᠠᠪᠤᠷᠢ ᠵᠢᠴᠢ ᠬᠤᠪᠢᠶᠠᠵᠤ ᠣᠯᠤᠭᠰᠠᠨ ᠥᠪ ᠬᠥᠷᠥᠩᠭᠡ ᠳ᠋ᠦ᠍ ᠠᠲᠠᠭᠠᠷᠬᠠᠵᠤ᠂ ᠤᠤᠯ ᠠ᠋ᠴᠠ ᠮᠠᠭᠤ ᠰᠠᠨᠠᠭ᠎ᠠ ᠡᠪᠦᠷᠯᠡᠵᠦ ᠪᠠᠢᠭᠰᠠᠨ ᠲᠤᠯᠠ ᠴᠠᠸᠠᠩᠷᠠᠪᠲᠠᠨ ᠢ᠋ ᠤᠷᠪᠠᠬᠤ ᠰᠠᠨᠠᠭ᠎ᠠ ᠲᠠᠢ ᠭᠡᠮᠡᠨ ᠪᠣᠱᠣᠭᠲᠤ ᠬᠠᠨ ᠳ᠋ᠤ᠌ ᠳᠠᠯᠳᠠᠭᠤᠷ ᠬᠣᠪᠯᠠᠵᠠᠢ᠃  ᠪᠣᠱᠣᠭᠲᠤ ᠬᠠᠨ ᠲᠡᠷᠡ ᠳᠠᠷᠤᠢ ᠳ᠋ᠤᠨᠢ ᠪᠠᠷᠠᠭᠤᠨ ᠵᠣᠣ(ᠲᠥᠪᠡᠳ) ᠡᠴᠡ ᠲᠣᠮᠢᠯᠠᠨ ᠢᠷᠡᠭᠦᠯᠦᠭᠰᠡᠨ ᠵᠢᠷᠤᠬᠠᠢᠴᠢ ᠨᠠᠢᠴᠤᠩ ᠣᠮᠪᠣ ᠪᠠᠷ ᠲᠥᠯᠭᠡᠳᠡᠭᠦᠯᠦᠭᠰᠡᠨ ᠳ᠋ᠦ᠍ ᠴᠢᠨᠦ ᠠᠴᠢ ᠰᠤᠨᠤᠮᠷᠠᠪᠲᠠᠨ ᠪᠣᠯᠤᠨ ᠴᠠᠸᠠᠩᠷᠠᠪᠲᠠᠨ ᠬᠣᠶᠠᠭᠤᠯᠠ ᠲᠥᠷᠥ ᠶ᠋ᠢ ᠪᠤᠯᠢᠶᠠᠨ ᠤᠷᠪᠠᠬᠤ ᠰᠠᠨᠠᠭ᠎ᠠ ᠠᠬᠤᠭᠤᠯᠤᠭᠰᠠᠨ ᠲᠤᠯᠠ ᠲᠦᠷᠭᠡᠨ ᠠᠷᠢᠯᠭᠠᠪᠠᠰᠤ ᠰᠠᠢᠨ[54] ᠬᠡᠮᠡᠪᠡ᠃ ᠢᠩᠭᠢᠭᠡᠳ ᠴᠠᠸᠠᠩᠷᠠᠪᠲᠠᠨ ᠭᠠᠳᠠᠭᠰᠢ ᠭᠠᠷᠤᠭᠰᠠᠨ ᠵᠠᠪᠰᠠᠷ ᠲᠤ ᠳᠡᠨᠵᠢᠨ ᠣᠮᠪᠣ ᠪᠣᠱᠣᠭᠲᠤ ᠬᠠᠨ ᠤ᠋ ᠵᠥᠪᠰᠢᠶᠡᠷᠡᠯ ᠢ᠋ᠶ᠋ᠡᠷ ᠰᠤᠨᠤᠮᠷᠠᠪᠲᠠᠨ ᠢ᠋ ᠠᠯᠠᠵᠠᠢ[55]᠃ 
       ᠪᠣᠱᠣᠭᠲᠤ ᠬᠠᠨ ᠲᠡᠭᠦᠨ ᠦ᠌ ᠠᠴᠢ ᠴᠠᠸᠠᠩᠷᠠᠪᠲᠠᠨ ᠢ᠋ ᠰᠡᠵᠢᠭᠯᠡᠬᠦ ᠨᠢ ᠪᠠᠰᠠ ᠢᠷᠡᠯᠲᠡ ᠲᠡᠢ ᠶᠦᠮ᠃ ᠰᠡᠩᠭᠡ ᠬᠣᠩ ᠲᠠᠢᠵᠢ ᠬᠣᠣᠷᠯᠠᠭᠳᠠᠬᠤ ᠴᠠᠭ ᠲᠤ᠌᠂ ᠲᠡᠷᠡ ᠬᠠᠷᠠᠬᠠᠨ ᠪᠠᠯᠴᠢᠷ ᠪᠠᠢᠭᠰᠠᠨ ᠲᠤᠯᠠ ᠬᠣᠩ ᠲᠠᠢᠵᠢ ᠶ᠋ᠢᠨ ᠣᠷᠣ ᠶ᠋ᠢ ᠵᠠᠯᠭᠠᠮᠵᠢᠯᠠᠵᠤ ᠡᠰᠡ ᠴᠢᠳᠠᠪᠠ᠃ ᠴᠠᠸᠠᠩᠷᠠᠪᠲᠠᠨ ᠥᠭᠡᠯᠡᠢ ᠪᠣᠯᠤᠭᠰᠠᠨ᠎ᠠ᠂ ᠬᠠᠨ ᠰᠠᠭᠤᠷᠢᠨ ᠢ᠋ ᠮᠥᠨ ᠲᠡᠭᠦᠨ ᠳ᠋ᠦ᠍ ᠶᠡᠭᠦᠯᠡᠵᠦ ᠦᠭᠭᠦᠭᠰᠡᠨ ᠦᠭᠡᠢ᠃ ᠡᠨᠡᠬᠦ ᠶᠠᠪᠤᠳᠠᠯ ᠳ᠋ᠤ᠌ ᠲᠡᠷᠡ ᠳᠤᠷ᠎ᠠ ᠦᠭᠡᠢᠴᠡᠬᠦ ᠪᠣᠳᠣᠯ ᠡᠪᠦᠷᠯᠡᠬᠦ ᠨᠢ ᠯᠠᠪᠲᠠᠢ᠃ ᠡᠷᠲᠡ ᠡᠳᠦᠷ ᠬᠣᠱᠤᠳ ᠠᠢᠮᠠᠭ ᠤ᠋ᠨ ᠭᠠᠯᠳᠠᠮ᠎ᠠ(ᠸᠴᠢᠷᠲᠦ ᠴᠡᠴᠡᠨ ᠬᠠᠨ ᠤ᠋ ᠬᠥᠪᠡᠭᠦᠨ) ᠦ᠌ ᠬᠣᠶᠠᠳᠤᠭᠠᠷ ᠥᠬᠢᠨ ᠠᠬᠠᠢ ᠶ᠋ᠢ ᠴᠠᠸᠠᠩᠷᠠᠪᠲᠠᠨ ᠳ᠋ᠤ᠌ ᠤᠷᠤᠭᠯᠠᠭᠤᠯᠬᠤ ᠭᠡᠮᠡᠨ ᠬᠡᠯᠡᠯᠴᠡᠨ ᠲᠣᠭᠲᠠᠵᠠᠢ[56]᠃ ᠭᠡᠲᠡᠯ᠎ᠡ ᠪᠣᠱᠣᠭᠲᠤ ᠬᠠᠨ ᠠᠴᠢ ᠶ᠋ᠢᠨ ᠢ᠋ᠶ᠋ᠡᠨ ᠤᠷᠤᠭ ᠤ᠋ᠨ ᠭᠡᠷ᠎ᠡ ᠶ᠋ᠢ ᠦᠯᠦ ᠬᠠᠢᠬᠤᠷᠤᠨ ᠠᠬᠠᠢ ᠶ᠋ᠢ ᠥᠪᠡᠷ ᠢ᠋ᠶ᠋ᠡᠨ ᠭᠡᠷᠭᠡᠢ ᠪᠣᠯᠭᠠᠨ ᠠᠪᠤᠪᠠ᠃ ᠡᠨᠡ ᠨᠢ ᠲᠡᠭᠦᠨ ᠦ᠌ ᠬᠣᠷᠣᠰᠤᠯ ᠵᠠᠨᠤᠯ ᠢ᠋ ᠤᠯᠠᠮ ᠢ᠋ᠶ᠋ᠠᠷ ᠰᠣᠶᠣᠭᠠᠯᠠᠭᠤᠯᠵᠠᠢ᠃  ᠴᠠᠸᠠᠩᠷᠠᠪᠲᠠᠨ ᠢ᠋ ᠪᠤᠴᠠᠵᠤ ᠢᠷᠡᠬᠦ ᠳ᠋ᠦ᠍ ᠰᠤᠨᠤᠮᠷᠠᠪᠲᠠᠨ ᠤ᠋ ᠬᠣᠣᠷᠯᠠᠭᠳᠠᠭᠰᠠᠨ ᠢ᠋ ᠨᠢᠭᠡᠨ ᠯᠠᠮᠠ ᠲᠡᠭᠦᠨ ᠳ᠋ᠦ᠍ ᠥᠭᠦᠯᠡᠭᠡᠳ᠂ ᠠᠷᠭ᠎ᠠ ᠰᠦᠪᠡᠭᠴᠢᠯᠡᠨ ᠠᠶᠤᠯ ᠠ᠋ᠴᠠ ᠵᠠᠢᠯᠠᠭᠲᠤᠨ ᠭᠡᠪᠡ᠃ ᠲᠡᠷᠡ ᠡᠴᠢᠭᠡ ᠶ᠋ᠢᠨ ᠬᠠᠭᠤᠴᠢᠨ ᠲᠦᠰᠢᠮᠡᠯ ᠦ᠋ᠳ ᠢ᠋ ᠳᠠᠯᠳᠠᠭᠤᠷ ᠴᠤᠭᠯᠠᠭᠤᠯᠤᠨ ᠵᠥᠪᠯᠡᠭᠰᠡᠨ ᠳ᠋ᠦ᠍ ᠳᠣᠯᠣᠭᠠᠨ ᠬᠥᠮᠦᠨ ᠲᠡᠭᠦᠨ ᠢ᠋ ᠬᠠᠮᠠᠭᠠᠯᠠᠨ ᠭᠠᠷᠭᠠᠬᠤ ᠪᠠᠷ ᠲᠣᠭᠲᠠᠵᠠᠢ᠃ 1689 ᠣᠨ ᠤ ᠬᠠᠪᠤᠷ᠂ ᠬᠠᠭᠤᠴᠢᠨ ᠳᠣᠯᠣᠭᠠᠨ ᠲᠦᠰᠢᠮᠡᠯ ᠦ᠋ᠨ ᠬᠠᠪᠰᠤᠷᠤᠯᠭ᠎ᠠ ᠪᠠᠷ ᠬᠠᠷᠢᠶᠠᠲᠤ ᠲᠠᠪᠤᠨ ᠮᠢᠩᠭᠠᠨ ᠬᠥᠮᠦᠨ ᠢ᠋ᠶ᠋ᠡᠨ ᠳᠠᠭᠠᠭᠤᠯᠤᠨ ᠪᠠᠷᠠᠭᠤᠨᠰᠢ ᠬᠠᠷ᠎ᠠ ᠠᠵᠢᠷᠭ᠎ᠠ ᠶ᠋ᠢᠨ ᠰᠢᠯᠢ ᠶ᠋ᠢ ᠳᠠᠪᠠᠵᠤ ᠳᠤᠲᠠᠭᠠᠪᠠ᠃ ᠴᠡᠸᠠᠩᠷᠠᠪᠳᠤᠨ ᠤ᠋ ᠤᠷᠪᠠᠨ ᠳᠤᠲᠠᠭᠠᠭᠰᠠᠨ ᠢ᠋ ᠮᠡᠳᠡᠭᠡᠳ ᠪᠣᠱᠣᠭᠲᠤ ᠬᠠᠨ ᠥᠪᠡᠷ ᠦ᠋ᠨ ᠪᠡᠶ᠎ᠡ ᠪᠡᠷ ᠬᠣᠶᠠᠷ ᠮᠢᠩᠭᠠᠨ ᠬᠥᠩᠭᠡᠨ ᠮᠣᠷᠢᠲᠤ ᠶ᠋ᠢ ᠳᠠᠢᠴᠢᠯᠠᠨ ᠨᠡᠬᠡᠮᠵᠢᠯᠡᠵᠦ ᠦᠷᠦᠮᠴᠢ ᠶ᠋ᠢᠨ ᠵᠡᠭᠦᠨ ᠪᠡᠶ᠎ᠡ ᠳ᠋ᠡᠬᠢ ᠤᠯᠠᠭᠠᠨ ᠤᠰᠤ ᠭᠡᠳᠡᠭ ᠭᠠᠵᠠᠷ ᠭᠦᠢᠴᠡᠭᠰᠡᠨ᠎ᠡ᠂ ᠣᠢᠵᠢᠵᠠᠪ ᠵᠠᠰᠠᠩ ᠵᠠᠷᠯᠢᠭ ᠢ᠋ᠶ᠋ᠠᠷ ᠡᠮᠦᠨᠡᠰᠢ ᠲᠠᠪᠰᠢᠵᠤ ᠤᠬᠠᠭᠤᠯᠤᠨ ᠢᠳᠬᠠᠵᠤ ᠤᠷᠪᠠᠭᠰᠠᠨ ᠣᠯᠠᠨ ᠢ᠋ ᠪᠤᠴᠠᠭᠲᠤᠨ ᠭᠡᠪᠡ᠃ ᠡᠭᠦᠨ ᠳ᠋ᠦ᠍ ᠴᠡᠸᠩᠷᠠᠪᠳᠤᠨ ᠠᠭᠤᠷᠯᠠᠵᠤ ᠭᠡᠳᠡᠷᠭᠦ ᠴᠣᠬᠢᠭᠰᠠᠨ ᠳ᠋ᠤ᠌ ᠪᠣᠱᠣᠭᠲᠤ ᠬᠠᠨ ᠢᠯᠠᠭᠳᠠᠵᠤ ᠴᠡᠷᠢᠭ ᠢ᠋ᠶ᠋ᠡᠨ ᠬᠤᠷᠢᠶᠠᠵᠤ ᠪᠤᠴᠠᠵᠠᠢ᠃ ᠲᠡᠷᠡ ᠬᠠᠷᠢᠶᠠᠲᠤ ᠪᠠᠨ ᠳᠠᠭᠠᠭᠤᠯᠤᠨ ᠲᠩᠷᠢ ᠠᠭᠤᠯᠠ ᠶ᠋ᠢᠨ ᠡᠮᠦᠨᠡᠬᠢ ᠲᠡᠭᠦᠨ ᠦ᠌ ᠬᠠᠷᠢᠶᠠᠲᠤ ᠬᠣᠲᠠ ᠲᠥᠷᠫᠡᠨ ᠳ᠋ᠦ᠍ ᠬᠦᠷᠴᠦ ᠨᠢᠭᠡᠨ ᠦᠶ᠎ᠡ ᠰᠠᠭᠤᠵᠤ ᠡᠳ᠋ ᠪᠣᠳᠠᠰ ᠢ᠋ᠶ᠋ᠠᠨ ᠨᠥᠬᠥᠪᠥᠷᠢᠯᠡᠪᠡ᠃ ᠲᠡᠭᠡᠭᠡᠳ ᠲᠩᠷᠢ ᠠᠭᠤᠯᠠ ᠶ᠋ᠢᠨ ᠠᠷᠤ ᠳ᠋ᠤ᠌ ᠠᠶᠤᠯ ᠦᠭᠡᠢ ᠪᠣᠯᠤᠭᠰᠠᠨ ᠢ᠋ ᠮᠡᠳᠡᠭᠡᠳ ᠲᠥᠷᠫᠡᠨ ᠡᠴᠡ ᠪᠣᠷᠣ ᠲᠠᠯ᠎ᠠ ᠶ᠋ᠢᠨ ᠨᠤᠲᠤᠭ ᠲᠠᠭᠠᠨ ᠪᠤᠴᠠᠭᠰᠠᠨ ᠪᠢᠯᠡ᠃ ᠲᠦᠭᠰᠢᠭᠦᠷᠢᠲᠦ ᠴᠠᠭ ᠦᠶ᠎ᠡ ᠳ᠋ᠦ᠍ ᠠᠮᠢ ᠪᠡᠶ᠎ᠡ ᠪᠡᠨ ᠲᠡᠪᠴᠢᠵᠦ ᠵᠢᠳᠬᠦᠭᠰᠡᠨ ᠬᠠᠭᠤᠴᠢᠨ ᠲᠦᠰᠢᠮᠡᠯ ᠳᠣᠯᠣᠭᠠᠨ ᠬᠥᠮᠦᠨ ᠢ᠋ ᠨᠥᠬᠥᠷ ᠭᠡᠮᠡᠨ ᠥᠭᠦᠯᠡᠵᠦ᠂ ᠲᠡᠳᠡᠨᠦᠰ ᠦ᠋ᠨ ᠦᠷ᠎ᠡ ᠠᠴᠢᠨᠠᠷ ᠢ᠋ ᠳᠣᠯᠣᠭᠠᠨ ᠤᠳᠠᠭ᠎ᠠ ᠶ᠋ᠢᠨ ᠦᠬᠦᠬᠦ ᠶᠠᠯ᠎ᠠ ᠠ᠋ᠴᠠ ᠬᠡᠯᠲᠦᠷᠢᠭᠦᠯᠦᠨ᠎ᠡ[57] ᠭᠡᠵᠦ ᠲᠣᠭᠲᠠᠭᠠᠵᠠᠢ᠃ 
       ᠴᠡᠸᠩᠷᠠᠪᠳᠤᠨ ᠤ᠋ ᠤᠷᠪᠠᠨ ᠭᠠᠷᠤᠭᠰᠠᠨ ᠶᠠᠪᠤᠳᠠᠯ ᠨᠢ ᠬᠣᠪᠲᠣ ᠶ᠋ᠢᠨ ᠰᠠᠭᠤᠷᠢᠨ ᠭᠠᠵᠠᠷ ᠲᠤ ᠨᠢᠭᠡᠨ ᠦᠶ᠎ᠡ ᠠᠶᠤᠯ ᠵᠣᠪᠠᠯᠠᠩ ᠢ᠋ ᠡᠭᠦᠰᠬᠡᠪᠡ᠃ ᠤᠷᠪᠠᠬᠤ ᠰᠠᠨᠠᠭ᠎ᠠ ᠡᠪᠦᠷᠯᠡᠵᠦ ᠪᠣᠢ ᠭᠡᠮᠡᠨ ᠶᠠᠮᠠᠷ ᠴᠦ᠍ ᠶᠠᠪᠤᠳᠠᠯ ᠦᠭᠡᠢ ᠪᠡᠷ ᠬᠣᠯᠪᠣᠭᠳᠠᠬᠤ ᠪᠤᠶᠤ ᠰᠡᠵᠢᠭᠯᠡᠭᠳᠡᠬᠦ ᠬᠥᠮᠦᠨ ᠴᠦ᠍ ᠣᠯᠠᠨ ᠪᠣᠯᠤᠭᠰᠠᠨ᠃ ᠲᠡᠢᠮᠦ ᠮᠥᠷᠲᠡᠭᠡᠨ ᠪᠣᠱᠣᠭᠲᠤ ᠬᠠᠨ ᠠ᠋ᠴᠠ ᠨᠣᠶᠠᠨ ᠭᠡᠯᠦᠩ ᠬᠡᠮᠡᠬᠦ ᠵᠢᠰᠤᠷ ᠬᠥᠮᠦᠨ ᠢ᠋ ᠥᠨᠳᠥᠷ ᠵᠡᠷᠭᠡ ᠶ᠋ᠢᠨ ᠵᠥᠪᠯᠡᠭᠴᠢ ᠪᠣᠯᠭᠠᠵᠠᠢ᠃ ᠲᠡᠷᠡ ᠯᠠᠮᠠ ᠭᠠᠷᠤᠯᠲᠠᠢ ᠪᠣᠯᠪᠠᠴᠤ ᠵᠡᠬᠥᠨᠭᠠᠷ ᠤ᠋ᠨ ᠪᠠᠭ᠎ᠠ ᠬᠦᠷᠢᠶ᠎ᠡ ᠶ᠋ᠢᠨ ᠣᠯᠠᠨ ᠬᠤᠸᠠᠷᠠᠭ ᠤ᠋ᠳ ᠤ᠋ᠨ ᠳᠣᠲᠣᠷ᠎ᠠ ᠢᠲᠡᠭᠡᠯ ᠬᠦᠨᠳᠦ ᠦᠭᠡᠢ ᠮᠥᠷᠲᠡᠭᠡᠨ ᠪᠠᠭ᠎ᠠ ᠬᠦᠷᠢᠶ᠎ᠡ ᠶ᠋ᠢᠨ ᠯᠠᠮᠠ ᠨᠠᠷ ᠢ᠋ ᠬᠣᠷᠣᠰᠴᠤ᠂ ᠲᠣᠬᠢᠶᠠᠯ ᠣᠯᠳᠠᠪᠠᠯ ᠲᠠᠷᠴᠢᠯᠠᠭᠠᠨ ᠵᠣᠪᠠᠭᠠᠬᠤ ᠪᠣᠳᠣᠯ ᠲᠠᠢ ᠪᠠᠢᠪᠠ᠃ ᠪᠠᠭ᠎ᠠ ᠬᠦᠷᠢᠶ᠎ᠡ ᠶ᠋ᠢᠨ ᠨᠢᠭᠡᠨ ᠯᠠᠮᠠ ᠰᠤᠨᠤᠮᠷᠠᠪᠳᠤᠨ ᠤ᠋ ᠠᠯᠠᠭᠳᠠᠭᠰᠠᠨ ᠢ᠋ ᠴᠠᠧᠠᠩᠷᠠᠪᠳᠠᠨ ᠳ᠋ᠤ᠌ ᠮᠡᠳᠡᠭᠡᠯᠡᠪᠡ ᠭᠡᠮᠡᠨ ᠨᠣᠶᠠᠨ ᠭᠡᠯᠦᠩ ᠪᠠᠢᠴᠠᠭᠠᠨ ᠣᠯᠤᠭᠠᠳ ᠪᠠᠭ᠎ᠠ ᠬᠦᠷᠢᠶ᠎ᠡ ᠶ᠋ᠢᠨ ᠯᠠᠮᠠ ᠨᠠᠷ ᠤᠷᠪᠠᠬᠤ ᠰᠠᠨᠠᠭ᠎ᠠ ᠲᠠᠢ ᠭᠡᠮᠡᠨ ᠪᠣᠱᠣᠭᠲᠤ ᠬᠠᠨ ᠳ᠋ᠤ᠌ ᠮᠡᠳᠡᠭᠦᠯᠵᠡᠢ᠃ ᠪᠠᠭ᠎ᠠ ᠬᠦᠷᠢᠶ᠎ᠡ ᠶ᠋ᠢᠨ ᠯᠠᠮᠠ ᠨᠠᠷ ᠽᠠᠶ᠎ᠠ ᠪᠠᠨᠳᠢᠳᠠ ᠶ᠋ᠢᠨ ᠦᠶ᠎ᠡ ᠡᠴᠡ ᠬᠣᠱᠤᠳ ᠤ᠋ᠨ ᠸᠴᠢᠷᠳᠦ ᠴᠡᠴᠡᠨ ᠬᠠᠨ ᠢ᠋ ᠳᠣᠲᠣᠨᠣᠴᠢᠯᠠᠵᠤ᠂ ᠲᠡᠭᠦᠨ ᠦ᠌ ᠬᠡᠰᠢᠭ ᠢ᠋ ᠬᠦᠷᠲᠡᠵᠦ ᠪᠠᠢᠭᠰᠠᠨ ᠢ᠋ ᠪᠣᠱᠣᠭᠲᠤ ᠬᠠᠨ ᠮᠡᠳᠡᠬᠦ ᠲᠤᠯᠠ ᠡᠨᠡᠬᠦ ᠬᠡᠷᠡᠭ ᠢ᠋ᠶ᠋ᠡᠷ ᠳᠠᠮᠵᠢᠨ ᠲᠡᠳᠡᠨ ᠢ᠋ ᠶᠠᠯᠠᠲᠠᠨ ᠰᠢᠳᠬᠡᠬᠦ ᠪᠡᠷ ᠪᠣᠯᠵᠤ᠂ ᠶᠠᠭᠤᠨ ᠤ᠋ ᠤᠷᠢᠳᠠ ᠲᠦᠷᠦᠭᠦᠦ ᠯᠠᠮᠠ ᠡᠷᠬᠡ ᠴᠣᠷᠵᠢ ᠶ᠋ᠢ ᠪᠠᠷᠢᠵᠤ ᠠᠪᠤᠭᠠᠳ ᠴᠠᠭᠠᠵᠠ ᠪᠠᠷ ᠠᠪᠠᠴᠢᠬᠤ ᠭᠡᠪᠡ᠃ ᠡᠭᠦᠨ ᠳ᠋ᠦ᠍ ᠲᠡᠷᠡ ᠥᠴᠦᠬᠡᠨ ᠴᠦ᠍ ᠠᠶᠤᠵᠤ ᠰᠦᠷᠳᠡᠯ ᠦᠭᠡᠢ᠂《ᠮᠠᠨ ᠤ᠋ ᠬᠤᠪᠢᠯᠤᠭᠴᠢ ᠲᠡᠷᠡ ᠮᠢᠨᠦ ᠠᠮᠢ ᠶ᠋ᠢ ᠠᠪᠤᠭᠴᠢ ᠡᠷᠯᠢᠭ ᠮᠥᠨ᠃ ᠨᠣᠶᠠᠨ ᠭᠡᠯᠦᠩ ᠦ᠋ᠨ ᠬᠠᠭᠤᠷᠮᠠᠭ ᠪᠣᠢ ᠬ᠌᠎ᠠ᠃ ᠭᠡᠪᠡᠴᠦ ᠤᠷᠢᠳ ᠤ᠋ᠨ ᠦᠢᠯᠡ ᠡᠴᠡ ᠳᠠᠪᠠᠵᠤ ᠪᠣᠯᠬᠤ ᠦᠭᠡᠢ᠂ ᠨᠢᠴᠤᠯ ᠦᠭᠡᠢ ᠦᠬᠦᠬᠦ ᠲᠣᠢᠨ ᠬᠥᠮᠦᠨ ᠦ᠌ ᠦᠬᠦᠯ ᠮᠥᠨ᠃ ᠠᠶᠤᠯ ᠦᠭᠡᠢ᠂ ᠲᠦᠷᠭᠡᠯᠡ》[58] ᠭᠡᠵᠡᠢ᠃ ᠡᠭᠦᠨ ᠢ᠋ ᠰᠣᠨᠣᠰᠤᠭᠠᠳ ᠪᠣᠱᠣᠭᠲᠤ ᠬᠠᠨ ᠵᠠᠷᠯᠢᠭ ᠪᠠᠭᠤᠯᠭᠠᠨ᠂ ᠡᠷᠬᠡ ᠴᠣᠷᠵᠢ ᠶ᠋ᠢ ᠠᠯᠠᠬᠤ ᠶ᠋ᠢ ᠪᠠᠢᠯᠭᠠᠵᠤ ᠠᠪᠴᠢᠷᠠᠵᠤ ᠬᠣᠷᠢᠪᠠ᠃ ᠭᠡᠲᠡᠯ᠎ᠡ ᠲᠡᠭᠦᠨ ᠲᠡᠢ ᠬᠣᠯᠪᠣᠭᠳᠠᠭᠰᠠᠨ ᠲᠠᠪᠢᠨ ᠨᠠᠢ᠍ᠮᠠᠨ ᠯᠠᠮᠠ ᠪᠠᠨᠳᠢ ᠶ᠋ᠢ ᠤᠷᠢᠳ ᠬᠣᠵᠢᠳ ᠢ᠋ᠶ᠋ᠠᠷ ᠠᠯᠠᠵᠠᠢ᠃