ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠨᠢᠭᠡ> Элсэнд булагдсан сувдаа – П.Оюунгэрэл <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠨᠢᠭᠡ> Элсэнд булагдсан сувдаа – П.Оюунгэрэл <1>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠨᠢᠭᠡ> Элсэнд булагдсан сувдаа – П.Оюунгэрэл <1>

ᠠᠩᠭᠢᠯᠠᠯ:ᠲᠤᠭᠤᠵᠢ ᠷᠣᠮᠠᠨ
2026-07-06

3

ᠡᠯᠡᠰᠦᠨ ᠳᠦ ᠪᠤᠯᠠᠭᠳᠠᠭᠰᠠᠨ ᠰᠤᠪᠤᠳ - ᠨᠢᠭᠡ


                ᠨᠢᠭᠡ   
       
       ᠬᠠᠪᠤᠷ ᠤ᠋ᠨ ᠤᠷᠢᠬᠠᠨ ᠳᠤᠯᠠᠭᠠᠨ ᠨᠠᠷᠠᠨ ᠤ᠋ ᠢᠯᠴᠢ ᠡᠬᠡ ᠭᠠᠵᠠᠷ ᠢ᠋ ᠢᠯᠪᠢᠨ ᠲᠠᠭᠠᠯᠠᠵᠤ ᠬᠥᠳᠡᠭᠡ ᠨᠤᠲᠤᠭ ᠲᠤ᠌ ᠠᠮᠢᠯᠠᠯ ᠤ᠋ᠨ ᠤᠶᠠᠬᠠᠨ ᠴᠡᠩᠬᠡᠷ ᠠᠮᠢᠰᠬᠤᠭ᠎ᠠ ᠳᠤᠨᠢᠶᠠᠷᠲᠤᠵᠤ᠂ ᠬᠠᠢᠯᠠᠰᠤ ᠪᠤᠷᠭᠠᠰᠤ ᠵᠢᠭᠳᠡᠷᠡᠭᠰᠡᠨ ᠮᠠᠩᠬᠠᠨ ᠪᠤᠶᠤ ᠲᠤᠯᠤᠭᠠᠳ ᠵᠡᠷᠭᠡᠯᠭᠡᠨ ᠳᠤᠮᠳᠠ ᠬᠥᠬᠡᠷᠡᠨ ᠰᠦᠭᠯᠡᠢᠵᠦ ᠬᠠᠭᠳᠠ ᠶ᠋ᠢᠨ ᠳᠣᠣᠷ᠎ᠠ ᠠ᠋ᠴᠠ ᠬᠠᠩᠬᠤᠯᠤᠮ᠎ᠠ ᠰᠠᠢᠬᠠᠨ ᠦᠨᠦᠷ ᠰᠡᠩᠭᠢᠨᠡᠨ ᠨᠢᠯᠬ᠎ᠠ ᠨᠣᠭᠣᠭ᠎ᠠ ᠨᠠᠷᠠᠨ ᠤ᠋ ᠠᠯᠲᠠᠨ ᠰᠠᠴᠤᠷᠠᠭ ᠵᠦᠭ ᠲᠡᠮᠡᠦᠯᠦᠭᠰᠡᠨ ᠡᠬᠡ ᠭᠠᠵᠠᠷ ᠤ᠋ᠨ ᠬᠥᠷᠥᠰᠥ ᠶ᠋ᠢ ᠴᠢᠮᠡᠭᠯᠡᠨ ᠰᠤᠭᠤᠯᠵᠠᠵᠤ ᠨᠣᠮᠢᠨ ᠨᠣᠭᠣᠭᠠᠨ ᠲᠤᠶᠠᠭ᠎ᠠ ᠲᠠᠲᠠᠨ᠎ᠠ᠃ 
       ᠥᠨᠳᠥᠷ ᠲᠣᠮᠣ ᠮᠠᠩᠬᠠᠨ ᠲᠤᠯᠤᠭᠠᠳ ᠢ᠋ᠶ᠋ᠠᠷ ᠬᠦᠷᠢᠶᠡᠯᠡᠭᠳᠡᠭᠰᠡᠨ ᠬᠣᠢᠨ᠎ᠠ ᠎ᠠ᠋ᠴᠠ ᠡᠮᠦᠨᠡᠰᠢ ᠰᠤᠨᠤᠯᠵᠠᠭᠰᠠᠨ ᠨᠥᠮᠦᠷᠢᠯᠢᠭ ᠳᠤᠯᠠᠭᠠᠨ ᠬᠣᠲᠣᠭᠣᠷ ᠤ᠋ᠨ ᠬᠣᠢᠲᠤ ᠡᠩᠭᠡᠷ ᠳᠡᠭᠡᠷ᠎ᠡ《ᠣᠩᠭᠣᠨ ᠬᠠᠢᠯᠠᠰᠤ》 ᠭᠡᠭᠴᠢ ᠣᠨ ᠤᠳᠠᠭᠰᠠᠨ ᠥᠨᠳᠥᠷ ᠲᠣᠮᠣ ᠦᠵᠢᠷᠡᠵᠦ ᠬᠤᠪᠠᠬᠠᠢᠷᠠᠭᠰᠠᠨ ᠮᠤᠷᠤᠢ ᠰᠠᠷᠤᠢ ᠤᠷᠭᠤᠭᠰᠠᠨ ᠬᠠᠢᠯᠠᠰᠤᠨ ᠮᠣᠳᠣᠨ ᠤ᠋ ᠰᠦᠭᠯᠡᠭᠡᠷ ᠰᠠᠯᠠᠭ᠎ᠠ ᠮᠥᠴᠢᠷ ᠨᠢ ᠡᠷᠲᠡ ᠶ᠋ᠢᠨ ᠨᠠᠷᠠᠨ ᠤ᠋ ᠭᠡᠷᠡᠯ ᠳ᠋ᠦ᠍ ᠬᠥᠬᠡᠷᠡᠨ ᠴᠠᠢᠷᠲᠤᠵᠤ ᠰᠦᠷᠲᠡᠢ ᠪᠥᠭᠡᠳ ᠰᠦᠷᠳᠡᠮ᠎ᠡ᠃ ᠬᠣᠯᠠ᠎ᠠ᠋ᠴᠠ ᠬᠠᠷᠠᠬᠤ ᠳ᠋ᠤ᠌ ᠵᠣᠭᠰᠣᠭ᠎ᠠ ᠪᠠᠷ ᠢ᠋ᠶ᠋ᠠᠨ ᠴᠢᠯᠠᠭᠤᠵᠢᠭᠰᠠᠨ ᠠᠵᠢᠷᠭᠠᠨ ᠤ᠋ ᠬᠤᠪᠠᠬᠠᠢ ᠶᠠᠰᠤ ᠴᠤ᠌ ᠭᠡᠮᠡᠷ ᠮᠥᠨ ᠴᠦ᠍ ᠡᠨᠳᠡ ᠮᠥᠩᠬᠡ ᠨᠣᠢᠷᠰᠤᠭᠰᠠᠨ ᠰᠦᠭ ᠰᠦᠨᠡᠰᠦ ᠶ᠋ᠢ ᠰᠠᠬᠢᠳᠠᠭ ᠭᠠᠵᠠᠷ ᠤᠰᠤᠨ ᠤ᠋ ᠲᠣᠭᠰᠢᠨ ᠰᠠᠬᠢᠭᠤᠯᠰᠤᠨ ᠴᠤ᠌ ᠪᠣᠯᠪᠠ ᠤᠤ ᠭᠡᠯᠲᠡᠢ ᠰᠣᠨᠢᠬᠠᠨ ᠪᠣᠳᠣᠯ ᠲᠥᠷᠥᠭᠳᠡᠭᠦᠯᠦᠨ᠎ᠡ᠃ ᠡᠨᠡ ᠬᠦ᠌ ᠬᠠᠢᠯᠠᠰᠤᠨ ᠮᠣᠳᠣ ᠨᠢ ᠴᠣᠬᠣᠮ ᠬᠡᠳᠦᠢ ᠣᠨ ᠵᠢᠯ ᠢ᠋ ᠡᠯᠡᠭᠡᠭᠰᠡᠨ ᠢ᠋ ᠬᠡᠨ ᠴᠦ᠍ ᠦᠯᠦ ᠮᠡᠳᠡᠨ᠎ᠡ᠃ ᠡᠨᠡ ᠭᠠᠵᠠᠷ ᠢ᠋《ᠰᠢᠪᠡᠭᠡᠨ ᠣᠩᠭᠣᠨ》 ᠭᠡᠳᠡᠭ ᠶᠦᠮ᠃ ᠡᠨᠡ ᠨᠤᠲᠤᠭ ᠤ᠋ᠨ ᠮᠠᠯᠴᠢᠳ ᠤ᠋ᠨ ᠦᠶ᠎ᠡ ᠤᠯᠠᠷᠢᠨ ᠥᠨᠭᠡᠷᠡᠭᠰᠡᠳ ᠢ᠋ᠶ᠋ᠡᠨ ᠣᠷᠣᠰᠢᠭᠤᠯᠳᠠᠭ ᠨᠡᠢᠲᠡ ᠶ᠋ᠢᠨ ᠣᠩᠭᠣᠨ ᠤ᠋ ᠭᠠᠵᠠᠷ ᠪᠣᠯᠬᠤ ᠶᠤᠮ᠃ ᠡᠨᠡ ᠬᠦ᠌ ᠬᠣᠲᠣᠭᠣᠷ ᠲᠤ᠌ ᠪᠤᠲᠠ ᠪᠤᠲᠠ ᠪᠠᠷ ᠶᠠᠭᠰᠢᠷᠠᠨ ᠤᠷᠭᠤᠭᠰᠠᠨ ᠭᠦᠢᠯᠡᠰᠦᠨ ᠦ᠌ ᠮᠣᠳᠣ ᠲᠠᠢ᠃ ᠪᠡᠬᠢ ᠬᠠᠲᠠᠭᠤ ᠬᠦᠷᠡᠩ ᠪᠣᠷᠣ ᠡᠰᠢᠨ ᠦ᠌ ᠬᠢᠨᠢ ᠨᠠᠪᠴᠢᠨ ᠤ᠋ ᠨᠢᠳᠦ ᠪᠥᠮᠪᠥᠭᠡᠯᠡᠨ ᠬᠤᠷᠴᠠ ᠶᠠᠭᠠᠨ ᠥᠩᠭᠡᠲᠡᠢ ᠴᠡᠴᠡᠭ ᠦ᠋ᠨ ᠴᠣᠮᠣᠷᠯᠢᠭ ᠳᠡᠯᠪᠢ ᠪᠡᠨ ᠳᠡᠯᠭᠡᠬᠦ ᠭᠡᠵᠦ ᠪᠠᠢᠯ᠎ᠠ᠃ ᠠᠢᠯ ᠠᠮᠢᠲᠠᠨ᠎ᠠ᠋ᠴᠠ ᠠᠯᠤᠰ ᠵᠠᠢᠳᠠᠭᠤ ᠡᠨᠡ ᠭᠠᠵᠠᠷ ᠶᠡᠷᠦ ᠪᠤᠰᠤ ᠶ᠋ᠢᠨ ᠨᠠᠮᠵᠢᠭᠤᠨ ᠰᠡᠯᠡᠭᠦᠬᠡᠨ ᠮᠥᠷᠲᠡᠭᠡᠨ ᠨᠠᠷᠠᠨ ᠤ᠋ ᠡᠶᠡᠪᠡᠷᠭᠦᠦ ᠳᠤᠯᠠᠭᠠᠨ ᠭᠡᠷᠡᠯ ᠳ᠋ᠦ᠍ ᠴᠡᠩᠬᠡᠷ ᠤᠨᠢᠶᠠᠷ ᠲᠡᠳᠡᠨ ᠴᠡᠯᠭᠡᠷᠡᠵᠦ᠂ ᠰᠢᠪᠠᠭᠤᠳ ᠱᠤᠯᠤᠭᠠᠨᠠᠯᠳᠤᠨ ᠬᠥᠬᠥᠭᠡ ᠰᠢᠪᠠᠭᠤ ᠳᠣᠩᠭᠣᠳᠤᠨ᠎ᠠ᠃ ᠬᠠᠪᠤᠷ ᠴᠠᠭ ᠤ᠋ᠨ ᠤᠷᠢᠨ ᠵᠥᠭᠡᠯᠡᠨ ᠠᠮᠢᠰᠬᠤᠯ ᠲᠤᠨᠤᠷᠠᠵᠤ᠂ ᠡᠨᠳᠡ ᠨᠣᠢᠷᠰᠤᠨ ᠪᠦᠬᠦᠢ ᠰᠦᠭ ᠰᠦᠨᠡᠰᠦᠨ ᠳ᠋ᠦ᠍ ᠥᠨᠢᠳᠡ ᠠᠷᠢᠯᠬᠤᠢ ᠶ᠋ᠢᠨ ᠤᠶᠠᠷᠠᠯ ᠲᠡᠭᠦᠯᠳᠡᠷ ᠠᠶ᠎ᠠ ᠡᠭᠡᠰᠢᠭ ᠢ᠋ ᠡᠷᠭᠦᠬᠦ ᠴᠦ᠍ ᠮᠡᠲᠦ ᠰᠢᠪᠠᠭᠤᠳ ᠤᠶᠠᠩᠭᠠᠲᠠᠢ ᠵᠢᠷᠭᠢᠯᠳᠦᠨ᠎ᠡ᠃ 
        ᠥᠨᠥ ᠥᠷᠯᠥᠭᠡ ᠡᠨᠳᠡᠬᠢ ᠶ᠋ᠢᠨ ᠨᠠᠮ ᠰᠡᠯᠡᠭᠦᠨ ᠢ᠋ ᠡᠪᠳᠡᠬᠦ ᠶ᠋ᠢ ᠬᠢᠴᠢᠶᠡᠭᠰᠡᠨ ᠮᠡᠲᠦ ᠬᠣᠶᠠᠷ ᠬᠥᠮᠦᠨ ᠬᠥᠩᠭᠡᠨ ᠵᠥᠭᠡᠯᠡᠨ ᠠᠯᠬᠤᠯᠠᠨ ᠮᠠᠩᠬᠠᠨ ᠤ᠋ ᠵᠡᠭᠦᠨ ᠳᠡᠭᠡᠳᠦ ᠨᠠᠷᠠᠨ ᠡᠭᠡᠪᠦᠷ ᠭᠠᠵᠠᠷ ᠲᠤ᠌ ᠪᠠᠢᠭ᠎ᠠ ᠵᠢᠷᠭᠤᠭᠠᠨ ᠪᠤᠲᠠ ᠭᠦᠢᠯᠡᠰᠦᠨ ᠮᠣᠳᠣᠨ ᠳᠤᠮᠳᠠ ᠪᠠᠢᠬᠤ ᠲᠣᠮᠣ ᠴᠢᠯᠠᠭᠤᠨ ᠬᠥᠰᠢᠶ᠎ᠡ ᠲᠡᠢ ᠣᠩᠭᠣᠨ ᠤ᠋ ᠡᠮᠦᠨ᠎ᠡ ᠣᠴᠢᠵᠤ ᠷᠠᠰᠢᠶᠠᠨ᠂ ᠰᠦᠨ ᠰᠠᠴᠤᠯᠢ ᠡᠷᠭᠦᠭᠡᠳ ᠤᠳᠠᠲᠠᠯ᠎ᠠ ᠨᠠᠮᠠᠨᠴᠢᠯᠠᠨ ᠵᠣᠭᠰᠣᠨ᠎ᠠ᠃ 
       ᠡᠨᠡ ᠬᠣᠶᠠᠷ ᠬᠥᠮᠦᠨ ᠦ᠌ ᠨᠢᠭᠡ ᠨᠢ ᠲᠠᠪᠢ ᠭᠠᠷᠤᠢ ᠨᠠᠰᠤᠨ ᠤ᠋ ᠪᠦᠰᠡᠭᠦᠢ᠂ ᠨᠥᠭᠦᠭᠡ ᠨᠢ ᠬᠣᠷᠢᠭᠠᠳ ᠨᠠᠰᠤᠨ ᠤ᠋ ᠵᠠᠯᠠᠭᠤ ᠪᠠᠢᠯ᠎ᠠ᠃  
       ᠪᠣᠳᠠᠲᠤ ᠨᠠᠰᠤᠨ᠎ᠠ᠋ᠴᠠ ᠪᠠᠨ ᠳᠡᠩᠳᠡᠭᠦᠦ ᠵᠠᠯᠠᠭᠤᠬᠠᠨ ᠣᠪᠣᠷ ᠪᠠᠢᠳᠠᠯ ᠲᠠᠢ ᠲᠡᠷᠡᠬᠦ ᠪᠦᠰᠡᠭᠦᠢ᠂ ᠥᠨᠳᠥᠷ ᠲᠡᠭᠰᠢᠬᠡᠨ ᠪᠡᠶ᠎ᠡ ᠲᠡᠢ᠂ ᠨᠠᠷᠢᠬᠠᠨ ᠰᠤᠭᠳᠠᠭᠠᠷ ᠨᠢᠷᠤᠭᠤ ᠲᠠᠢ᠂ ᠬᠢᠩᠭ᠎ᠠ ᠪᠣᠰᠤᠭ᠎ᠠ ᠬᠠᠮᠠᠷ ᠲᠠᠢ᠂ ᠰᠡᠷᠭᠦᠯᠡᠩ ᠤᠬᠠᠭᠠᠯᠢᠭ ᠵᠢᠪᠬᠤᠭ᠎ᠠ ᠲᠡᠭᠦᠯᠳᠡᠷ ᠬᠦᠷᠡᠩ ᠪᠣᠷᠣ ᠨᠢᠳᠦ ᠲᠡᠢ᠃ ᠴᠢᠩᠭ᠎ᠠ ᠨᠢᠮᠪᠠᠢ ᠣᠪᠣᠷ ᠲᠥᠷᠬᠦ ᠶ᠋ᠢ ᠢᠯᠡᠳᠬᠡᠭᠰᠡᠨ ᠵᠤᠵᠠᠭᠠᠪᠲᠤᠷ ᠤᠯᠠᠭᠠᠨ ᠤᠷᠤᠭᠤᠯ ᠲᠠᠢ᠃ ᠰᠠᠨᠴᠢᠭ ᠲᠤᠨᠢ ᠬᠡᠳᠦᠨ ᠰᠢᠷᠬᠡᠭ ᠴᠠᠭᠠᠨ ᠦᠰᠦ ᠲᠡᠢ ᠴᠦ᠍ ᠭᠢᠯᠲᠠᠭᠠᠨᠠᠭᠰᠠᠨ ᠬᠠᠯᠢᠭᠤᠨ ᠰᠢᠷᠭᠠᠯ ᠭᠡᠵᠢᠭᠡ ᠪᠡᠨ ᠪᠥᠮᠪᠥᠭᠡᠷ ᠰᠠᠢᠬᠠᠨ ᠳᠤᠬᠤᠨ ᠤ᠋ ᠪᠠᠨ ᠠᠷᠤ ᠳ᠋ᠤ᠌ ᠱᠠᠩᠬᠤᠯᠠᠨ ᠣᠷᠢᠶᠠᠵᠤ ᠨᠣᠮᠢᠨ ᠴᠢᠯᠠᠭᠤᠨ ᠰᠢᠭᠢᠳᠬᠡᠭᠡ ᠲᠡᠢ ᠮᠥᠩᠭᠥᠨ ᠬᠠᠳᠬᠤᠭᠤᠷ ᠢ᠋ᠶ᠋ᠠᠷ ᠬᠠᠳᠬᠤᠵᠠᠢ᠃ ᠪᠡᠶ᠎ᠡ ᠭᠠᠯᠪᠢᠷ ᠤ᠋ᠨ ᠬᠢᠨᠢ ᠬᠡᠪ ᠲᠥᠷᠬᠦ ᠳ᠋ᠦ᠍ ᠡᠲᠡᠭᠡᠳ ᠵᠣᠬᠢᠴᠠᠭᠰᠠᠨ ᠬᠠᠷ᠎ᠠ ᠥᠩᠭᠡᠲᠡᠢ ᠠᠷᠠᠰᠤᠨ ᠰᠢᠨᠧᠯ ᠬᠡᠳᠡᠷᠴᠦ᠂ ᠰᠢᠯᠤᠭᠤᠨ ᠤᠷᠲᠤ ᠬᠥᠯ ᠳ᠋ᠡᠭᠡᠨ ᠪᠣᠷᠣ ᠬᠦᠷᠡᠩ ᠠᠷᠠᠰᠤᠨ ᠭᠤᠲᠤᠯ ᠡᠮᠦᠰᠴᠦ᠂ ᠬᠦᠵᠦᠭᠦᠦ ᠪᠡᠷ ᠢ᠋ᠶ᠋ᠡᠨ ᠰᠢᠷᠭᠠᠯ ᠥᠩᠭᠡ ᠲᠡᠢ ᠨᠣᠣᠰᠣᠨ ᠠᠯᠴᠢᠭᠤᠷ ᠤᠨᠵᠢᠭᠤᠯᠵᠠᠢ᠃ ᠴᠡᠮᠴᠡᠭᠡᠷ ᠬᠡᠭᠡᠨᠴᠢᠷ᠂ ᠳᠠᠷᠤᠤ ᠶᠡᠬᠡᠮᠰᠦᠭ ᠣᠪᠣᠷ ᠪᠠᠢᠳᠠᠯ ᠲᠠᠢ ᠡᠨᠡ ᠪᠦᠰᠡᠭᠦᠢ ᠶ᠋ᠢ ᠬᠠᠮᠢᠭ᠎ᠠ ᠠ᠋ᠴᠠ ᠨᠢ ᠬᠠᠷᠠᠭᠰᠠᠨ ᠴᠤ᠌ ᠮᠡᠳᠡᠯᠭᠡ ᠪᠣᠯᠪᠠᠰᠤᠷᠠᠯ ᠲᠠᠢ ᠬᠥᠮᠦᠨ ᠪᠣᠯᠬᠤ ᠨᠢ ᠢᠯᠡᠬᠡᠨ᠃ ᠬᠠᠵᠠᠭᠤ ᠳ᠋ᠤᠨᠢ ᠥᠨᠳᠥᠷᠬᠡᠨ ᠨᠢᠷᠤᠭᠤ ᠬᠠᠨᠠᠭᠠᠷ ᠲᠡᠭᠰᠢ ᠮᠥᠷᠥ ᠲᠡᠢ᠂ ᠬᠦᠳᠡᠷ ᠴᠢᠬᠢᠷᠡᠭ ᠪᠡᠶ᠎ᠡ ᠲᠡᠢ ᠴᠦ᠍ ᠨᠠᠷᠠ ᠰᠠᠯᠬᠢᠨ ᠤ᠋ ᠬᠠᠮᠢᠭᠠᠭᠤᠷ ᠨᠢ ᠶᠠᠪᠤᠭᠰᠠᠨ ᠪᠣᠯ ᠭᠡᠮᠡᠷ ᠨᠢᠮᠭᠡᠨ ᠴᠠᠭᠠᠨ ᠴᠢᠷᠠᠢ ᠲᠠᠢ ᠴᠣᠭ ᠵᠢᠪᠬᠤᠭ᠎ᠠ ᠲᠠᠢ ᠰᠠᠢᠬᠠᠨ ᠵᠠᠯᠠᠭᠤ ᠵᠣᠭᠰᠣᠨ᠎ᠠ᠃ ᠥᠳᠬᠡᠨ ᠬᠥᠮᠥᠰᠬᠡ᠂ ᠵᠥᠭᠡᠯᠡᠨ ᠲᠣᠭᠲᠠᠭᠤᠨ ᠬᠠᠷᠠᠴᠠ ᠲᠠᠢ ᠲᠤᠨᠤᠷᠠᠮ᠎ᠠ ᠬᠠᠷ᠎ᠠ ᠨᠢᠳᠦ ᠲᠡᠢ᠂ ᠬᠢᠩᠭ᠎ᠠ ᠪᠣᠰᠤᠭ᠎ᠠ ᠬᠠᠮᠠᠷ᠂ ᠨᠢᠮᠭᠡᠪᠲᠦᠷ ᠤᠷᠤᠭᠤᠯ ᠲᠠᠢ ᠲᠡᠷᠡ ᠬᠦᠦ ᠬᠡᠦᠬᠡᠳᠯᠢᠭ ᠠᠷᠠᠨᠰᠢᠨ ᠢ᠋ᠶ᠋ᠠᠨ ᠬᠠᠷᠠᠬᠠᠨ ᠣᠷᠬᠢᠭ᠎ᠠ ᠦᠭᠡᠢ ᠴᠦ᠍ ᠤᠬᠠᠭᠠᠯᠢᠭ ᠳᠠᠷᠤᠤ᠂ ᠴᠡᠪᠡᠷ ᠪᠣᠷᠣᠭᠵᠢᠭᠤᠨ ᠬᠠᠷᠠᠭᠳᠠᠨ᠎ᠠ᠃  
       ᠡᠨᠡ ᠨᠤᠲᠤᠭ ᠪᠣᠯ ᠠᠪᠤ ᠶ᠋ᠢᠨ ᠬᠢᠨᠢ ᠲᠥᠷᠥᠵᠦ ᠥᠰᠦᠭᠰᠡᠨ ᠠᠯᠲᠠᠨ ᠰᠢᠷᠣᠢ᠃ ᠡᠨᠡᠬᠦ ᠣᠩᠭᠣᠨ ᠳ᠋ᠤ᠌ ᠨᠣᠢᠷᠰᠤᠭ᠎ᠠ ᠬᠥᠮᠦᠨ ᠪᠣᠯ ᠬᠦᠦ ᠶ᠋ᠢᠨ ᠡᠴᠢᠭᠡ ᠨᠢ ᠪᠠᠢᠵᠠᠢ᠃ ᠳᠥᠩᠭᠡᠵᠦ ᠭᠤᠷᠪᠠᠨ ᠣᠢ ᠬᠦᠷᠴᠦ ᠪᠠᠢᠬᠤ ᠳ᠋ᠤᠨᠢ ᠠᠪᠤ ᠨᠢ ᠨᠠᠰᠤ ᠪᠠᠷᠠᠵᠠᠢ᠃ ᠲᠡᠭᠦᠨ ᠦ᠌ ᠨᠢᠯᠬ᠎ᠠ ᠪᠠᠯᠴᠢᠷ ᠣᠢ ᠤᠬᠠᠭᠠᠨ ᠳ᠋ᠤ᠌ ᠠᠪᠤ ᠶ᠋ᠢᠨ ᠬᠢᠨᠢ ᠳᠦᠷᠢ ᠪᠠᠢᠳᠠᠯ ᠪᠦᠦᠷ ᠲᠦᠦᠷᠬᠡᠨ ᠬᠣᠨᠣᠭᠰᠢᠨ ᠬᠣᠴᠣᠷᠴᠠᠢ᠃ ᠲᠡᠷᠡ ᠠᠪᠤ ᠶ᠋ᠢᠨ ᠢ᠋ᠶ᠋ᠡᠨ ᠨᠢᠳᠦ ᠶ᠋ᠢ ᠬᠡᠵᠢᠶᠡᠳᠡ ᠮᠠᠷᠲᠠᠳᠠᠭ ᠦᠭᠡᠢ ᠪᠠᠢᠯ᠎ᠠ᠃ ᠵᠥᠭᠡᠯᠡᠨ ᠬᠠᠷᠠᠴᠠ ᠲᠠᠢ᠂ ᠡᠴᠢᠭᠡ ᠬᠥᠮᠦᠨ ᠦ᠌ ᠭᠦᠨ ᠬᠠᠢᠷ᠎ᠠ ᠡᠩᠬᠦᠷᠡᠢᠯᠡᠯ ᠪᠢᠯᠬᠠᠭᠰᠠᠨ ᠲᠡᠢᠮᠦ ᠰᠠᠢᠬᠠᠨ ᠬᠠᠷ᠎ᠠ ᠨᠢᠳᠦ ᠡᠭᠡᠴᠢ ᠨᠠᠷ ᠪᠣᠯᠤᠨ ᠥᠪᠡᠷ ᠢ᠋ ᠨᠢ ᠬᠢᠵᠠᠭᠠᠷ ᠦᠭᠡᠢ ᠥᠬᠥᠭᠡᠷᠳᠡᠨ ᠬᠠᠢᠷᠠᠯᠠᠭᠰᠠᠨ ᠳᠣᠲᠣᠨᠣ ᠬᠠᠯᠠᠭᠤᠨ ᠬᠠᠷᠠᠴᠠ ᠪᠠᠷ ᠰᠢᠷᠳᠡᠳᠡᠭ ᠪᠠᠢᠭᠰᠠᠨ ᠢ᠋ ᠲᠡᠷᠡ ᠶᠡᠷᠦ ᠮᠠᠷᠲᠠᠳᠠᠭ ᠦᠭᠡᠢ ᠠᠵᠢ᠃ ᠭᠡᠲᠡᠯ᠎ᠡ ᠲᠡᠷᠡ ᠬᠠᠷᠠᠴᠠ ᠰᠣᠯᠢᠷ ᠬᠠᠷᠪᠤᠬᠤ ᠰᠢᠭ᠋ ᠳᠠᠩᠴᠤ ᠡᠷᠲᠡ ᠵᠢᠷᠪᠢᠰᠬᠢᠨ ᠬᠠᠷᠠᠭᠳᠠᠭᠠᠳ ᠠᠯᠠᠭ᠎ᠠ ᠪᠣᠯᠤᠭᠰᠠᠨ ᠪᠢᠯᠡ᠃ ᠬᠣᠷᠢ ᠭᠠᠷᠤᠢ ᠵᠢᠯ ᠦ᠋ᠨ ᠲᠤᠷᠰᠢ ᠡᠴᠢᠭᠡ ᠶ᠋ᠢᠨ ᠬᠠᠢᠷ᠎ᠠ ᠳᠤᠲᠠᠭᠰᠠᠨ ᠠᠮᠢᠳᠤᠷᠠᠯ ᠢ᠋ᠶ᠋ᠠᠨ ᠡᠷᠭᠢᠴᠡᠭᠦᠯᠦᠨ ᠰᠠᠨᠠᠬᠤ ᠳ᠋ᠤ᠌ ᠰᠠᠮᠰᠠ ᠨᠢ ᠱᠠᠷᠬᠢᠷᠠᠨ ᠵᠢᠷᠦᠬᠡ ᠰᠢᠮᠰᠢᠷᠡᠨ᠎ᠡ᠃ ᠳᠡᠭᠡᠳᠦᠰ ᠦ᠋ᠨ ᠬᠢᠨᠢ ᠤᠤᠭᠠᠯ ᠨᠤᠲᠤᠭ ᠤ᠋ᠨ ᠵᠥᠭᠡᠯᠡᠨ ᠰᠠᠯᠬᠢ ᠲᠡᠭᠦᠨ ᠦ᠌ ᠰᠡᠪᠡᠯᠭᠡ ᠶ᠋ᠢ ᠨᠢ ᠰᠡᠪᠡᠯᠵᠡᠭᠦᠯᠬᠦ ᠳ᠋ᠦ᠍ ᠠᠪᠤ ᠶ᠋ᠢᠨ ᠬᠢᠨᠢ ᠵᠥᠭᠡᠯᠡᠨ ᠬᠠᠯᠠᠭᠤᠨ ᠭᠠᠷ ᠬᠠᠴᠠᠷ ᠲᠤᠨᠢ ᠬᠦᠷᠬᠦ ᠰᠢᠭ ᠰᠠᠨᠠᠭᠳᠠᠭᠤᠯᠤᠨ᠎ᠠ᠃ ᠬᠥᠮᠦᠨ ᠦᠨᠡᠬᠡᠷ ᠰᠦᠨᠡᠰᠦ ᠪᠠᠢᠳᠠᠭ ᠪᠣᠯ ᠤᠤ? ᠲᠡᠢᠮᠦ ᠪᠣᠯ ᠣᠳᠣ ᠠᠪᠤ ᠮᠢᠨᠢ ᠡᠵᠢ ᠪᠢᠳᠡ ᠬᠣᠶᠠᠭᠤᠯᠠ ᠶ᠋ᠢ ᠬᠠᠷᠠᠵᠤ ᠪᠠᠢᠭ᠎ᠠ ᠪᠢᠵᠡ ᠭᠡᠵᠦ ᠲᠡᠷᠡ ᠪᠣᠳᠣᠪᠠ᠃ 
      《ᠬᠥᠮᠦᠨ ᠳ᠋ᠦ᠍ ᠰᠦᠨᠡᠰᠦ ᠪᠠᠢᠳᠠᠭ ᠶᠤᠮ ᠠ᠋》 ᠭᠡᠵᠦ ᠡᠵᠢ ᠨᠢ ᠪᠠᠭ᠎ᠠ ᠪᠠᠢᠬᠤ ᠳ᠋ᠤᠨᠢ ᠬᠡᠯᠡᠳᠡᠭ ᠪᠠᠢᠵᠠᠢ᠃ ᠲᠡᠭᠦᠨ ᠦ᠌ ᠴᠡᠭᠡᠵᠢᠯᠡᠵᠦ ᠪᠠᠢᠬᠤ ᠪᠠᠷ᠂ ᠨᠠᠰᠤ ᠪᠠᠷᠠᠭᠰᠠᠨ ᠠᠪᠤ ᠪᠠᠨ ᠡᠩᠰᠡᠷᠲᠡᠯ᠎ᠡ ᠪᠡᠨ ᠰᠠᠨᠠᠵᠤ ᠡᠵᠢ ᠡᠴᠡ ᠪᠡᠨ ᠨᠡᠬᠡᠵᠦ ᠪᠠᠢᠭᠰᠠᠨ ᠢ᠋ᠶ᠋ᠠᠨ ᠴᠡᠭᠡᠵᠢᠯᠡᠭᠰᠡᠭᠡᠷ᠃ ᠲᠡᠭᠡᠭᠡᠳ᠄《ᠠᠪᠤ ᠶᠠᠭᠠᠬᠢᠭᠠᠳ ᠬᠠᠷᠢᠵᠤ ᠢᠷᠡᠳᠡᠭ ᠦᠭᠡᠢ ᠪᠣᠢ? ᠪᠢ ᠠᠪᠤ ᠪᠠᠨ ᠲᠤᠩ ᠶᠡᠬᠡ ᠰᠠᠨᠠᠵᠤ ᠪᠠᠢᠨ᠎ᠠ ᠰᠢᠦ》 ᠭᠡᠰᠡᠨ ᠳ᠋ᠦ᠍ ᠡᠵᠢ ᠨᠢ ᠭᠦᠨ ᠭᠡᠭᠴᠢ ᠰᠠᠨᠠᠭ᠎ᠠ ᠠᠯᠲᠠᠨ ᠨᠢᠳᠦᠨ ᠳ᠋ᠦ᠍ᠨᠢ ᠨᠢᠯᠪᠤᠰᠤ ᠮᠡᠯᠲᠡᠯᠵᠡᠨ᠄《ᠠᠪᠤ ᠨᠢ ᠪᠤᠷᠬᠠᠨ ᠪᠣᠯᠤᠭᠠᠳ ᠲᠩᠷᠢ ᠳ᠋ᠦ᠍ ᠭᠠᠷᠴᠢᠬᠠᠭᠰᠠᠨ ᠶᠤᠮ ᠠ᠋᠃ ᠳᠠᠬᠢᠭᠠᠳ ᠬᠡᠵᠢᠶ᠎ᠡ ᠴᠦ᠍ ᠢᠷᠡᠬᠦ ᠦᠭᠡᠢ》ᠭᠡᠳ ᠬᠦᠦ ᠪᠡᠨ ᠡᠯᠢᠭᠡᠨ ᠳ᠋ᠡᠭᠡᠨ ᠲᠡᠪᠡᠷᠢᠨ ᠮᠡᠭᠰᠢᠵᠡᠢ᠃ ᠲᠡᠭᠡᠬᠦ ᠳ᠋ᠦ᠍ᠨᠢ ᠬᠦᠦ《ᠪᠤᠷᠬᠠᠨ ᠬᠠᠮᠢᠭ᠎ᠠ ᠪᠠᠢᠳᠠᠭ ᠪᠣᠢ?》 ᠭᠡᠵᠦ ᠪᠠᠰᠠ ᠠᠰᠠᠭᠤᠵᠠᠢ᠃ ᠡᠵᠢ ᠨᠢ ᠲᠩᠷᠢ ᠥᠭᠡᠳᠡ ᠬᠠᠷᠠᠵᠤ᠄《ᠲᠡᠷᠡ ᠬᠣᠯᠠ ᠶ᠋ᠢᠨ ᠲᠩᠷᠢ ᠶ᠋ᠢᠨ ᠬᠢᠵᠠᠭᠠᠷ ᠲᠤ᠌ ᠭᠢᠯᠠᠯᠵᠠᠵᠤ ᠪᠠᠢᠭ᠎ᠠ ᠣᠳᠣ ᠪᠣᠯ ᠪᠤᠷᠬᠠᠨ ᠶᠤᠮ ᠠ᠋》 ᠭᠡᠰᠡᠨ ᠪᠢᠯᠡ᠃ ᠲᠡᠭᠡᠭᠡᠳ ᠬᠦᠦ ᠣᠷᠣᠢ ᠪᠦᠷᠢ ᠲᠩᠷᠢ ᠥᠭᠡᠳᠡ ᠬᠦᠵᠦᠭᠦᠦ ᠪᠡᠨ ᠴᠢᠯᠡᠲᠡᠯ᠎ᠡ ᠬᠠᠷᠠᠵᠤ ᠵᠣᠭᠰᠣᠳᠠᠭ ᠪᠣᠯᠤᠭᠰᠠᠨ ᠪᠠᠢᠵᠠᠢ᠃ ᠲᠡᠭᠦᠨ ᠦ᠌ ᠨᠢᠯᠬ᠎ᠠ ᠪᠠᠯᠴᠢᠷ ᠵᠢᠷᠦᠬᠡ ᠨᠢ ᠠᠩᠬ᠎ᠠ ᠤᠳᠠᠭ᠎ᠠ ᠬᠠᠭᠠᠴᠠᠯ ᠤ᠋ᠨ ᠭᠠᠰᠢᠭᠤᠨ ᠭᠤᠨᠢᠭ ᠢ᠋ ᠰᠢᠨᠠᠯᠤᠨ ᠪᠠᠢᠵᠤ ᠮᠡᠳᠡᠷᠡᠵᠦ ᠪᠢᠯᠡ᠃ 
       ᠵᠠᠯᠠᠭᠤ ᠢᠩᠭᠢᠵᠦ ᠪᠣᠳᠣᠵᠤ ᠵᠣᠭᠰᠣᠬᠤ ᠳ᠋ᠠᠭᠠᠨ ᠨᠢᠳᠦᠨ ᠳ᠋ᠦ᠍ᠨᠢ ᠨᠢᠯᠪᠤᠰᠤ ᠮᠡᠯᠮᠡᠯᠵᠡᠪᠡ᠃ 
       ᠣᠩᠭᠣᠨ ᠤ᠋ ᠭᠠᠵᠠᠷ ᠤ᠋ᠨ ᠬᠢᠨᠢ ᠰᠢᠷᠣᠢ ᠨᠢᠭᠡᠨᠲᠡ ᠲᠡᠭᠰᠢᠷᠡᠵᠦ ᠡᠳᠡᠭᠡᠷᠡᠭᠡᠳ ᠨᠢᠯᠬ᠎ᠠ ᠨᠣᠭᠣᠭ᠎ᠠ ᠬᠥᠬᠡᠷᠡᠵᠡᠢ᠃ ᠴᠢᠯᠠᠭᠤᠨ ᠬᠥᠰᠢᠶ᠎ᠡ ᠬᠡᠪ ᠢ᠋ᠶ᠋ᠡᠷ ᠢ᠋ᠶ᠋ᠡᠨ ᠪᠠᠢᠵᠤ《1954—1988》 ᠭᠡᠵᠦ ᠳᠡᠩᠳᠡᠭᠦᠦ ᠣᠬᠣᠷ ᠴᠠᠭ ᠬᠤᠭᠤᠴᠠᠭ᠎ᠠ ᠶ᠋ᠢ ᠲᠡᠮᠳᠡᠭᠯᠡᠭᠰᠡᠨ ᠲᠡᠷᠡᠬᠦ ᠫᠠᠢᠯᠤᠤ ᠳᠡᠭᠡᠷᠡᠬᠢ ᠨᠥᠬᠥᠷ ᠦ᠋ᠨ ᠢ᠋ᠶ᠋ᠡᠨ ᠨᠡᠷ᠎ᠡ ᠲᠡᠢ ᠦᠰᠦᠭ ᠢ᠋ ᠪᠦᠰᠡᠭᠦᠢ ᠲᠤᠶᠠᠬᠠᠨ ᠤᠷᠲᠤ ᠬᠤᠷᠤᠭᠤ ᠲᠠᠢ ᠵᠥᠭᠡᠯᠡᠨ ᠴᠠᠭᠠᠨ ᠭᠠᠷ ᠢ᠋ᠶ᠋ᠠᠷ ᠢ᠋ᠶ᠋ᠠᠨ ᠠᠶᠠᠷᠬᠠᠨ ᠢᠯᠪᠢᠨ ᠲᠣᠭᠣᠰᠣ ᠰᠢᠷᠣᠢ ᠶ᠋ᠢ ᠨᠢ ᠵᠦᠯᠭᠦᠨ ᠠᠷᠴᠢᠨ᠎ᠠ᠃ ᠬᠢᠵᠠᠭᠠᠷ ᠦᠭᠡᠢ ᠬᠠᠢᠷᠠᠯᠠᠵᠤ ᠬᠠᠢᠷᠠᠯᠠᠭᠤᠯᠵᠤ ᠶᠠᠪᠤᠭᠰᠠᠨ ᠲᠡᠷᠡᠬᠦ ᠵᠠᠯᠠᠭᠤ ᠬᠠᠯᠠᠭᠤᠨ ᠴᠣᠭᠴᠠ ᠣᠳᠣ ᠲᠡᠭᠡᠬᠦ ᠳ᠋ᠦ᠍ ᠠᠳᠬᠤ ᠬᠦᠷᠬᠦ ᠦᠭᠡᠢ ᠦᠨᠡᠰᠦ ᠪᠣᠯᠤᠭᠠᠳ ᠡᠨᠡᠬᠦ ᠡᠯᠡᠰᠦ ᠮᠠᠩᠬᠠᠨ ᠨᠤᠲᠤᠭ ᠤ᠋ᠨ ᠢ᠋ᠶ᠋ᠠᠨ ᠵᠥᠭᠡᠯᠡᠨ ᠬᠥᠷᠥᠰᠥᠨ ᠳ᠋ᠦ᠍ ᠭᠦᠢᠯᠡᠰᠦᠨ ᠴᠡᠴᠡᠭ ᠲᠡᠢ ᠠᠭᠤᠰᠤᠯᠳᠤᠨ ᠰᠢᠩᠭᠡᠭᠡᠳ ᠬᠣᠷᠢᠨ ᠲᠠᠪᠤᠨ ᠵᠢᠯ ᠦ᠋ᠨ ᠨᠢᠭᠤᠷ ᠦᠵᠡᠴᠢᠬᠡᠵᠡᠢ᠃ ᠬᠥᠮᠦᠨ ᠭᠡᠳᠡᠭ ᠠᠮᠢᠲᠠᠨ ᠬᠡᠪᠡᠷᠡᠭ ᠢ᠋ᠶ᠋ᠡᠨ ᠬᠦᠷᠪᠡᠯ ᠳᠠᠩᠴᠤ ᠬᠡᠪᠡᠷᠡᠭ ᠶᠦᠮ ᠳᠡ᠃ ᠴᠠᠢ ᠤᠤᠭᠤᠵᠤ ᠪᠠᠢᠭᠰᠠᠨ ᠭᠠᠩᠭᠠᠷ ᠱᠠᠭᠠᠵᠠᠩ ᠠᠶᠠᠭ᠎ᠠ ᠨᠢ ᠣᠳᠣ ᠴᠤ᠌ ᠬᠡᠪ ᠢ᠋ᠶ᠋ᠡᠷ ᠢ᠋ᠶ᠋ᠡᠨ ᠪᠠᠢᠬᠤ ᠳ᠋ᠤ᠌ ᠬᠥᠮᠦᠨ ᠨᠢ ᠦᠭᠡᠢ ᠪᠣᠯᠤᠭᠠᠳ ᠡᠳᠦᠢ ᠤᠳᠠᠴᠢᠬᠠᠨ᠎ᠠ ᠭᠡᠳᠡᠭ ᠴᠢᠨᠢ ᠭᠡᠵᠦ ᠪᠦᠰᠡᠭᠦᠢ ᠡᠯᠢᠭᠡ ᠡᠮᠲᠡᠷᠡᠨ ᠪᠣᠳᠣᠪᠠ᠃ 
       ᠲᠡᠷᠡ ᠪᠦᠰᠡᠭᠦᠢ ᠬᠦᠦ ᠳ᠋ᠡᠭᠡᠨ ᠬᠠᠨᠳᠤᠨ᠂ 
       — ᠮᠢᠨᠦ ᠬᠦᠦ ᠴᠡᠭᠡᠵᠢᠯᠡᠵᠦ ᠠᠪ᠃ ᠡᠨᠡ ᠪᠣᠯ ᠴᠢᠨᠦ ᠳᠡᠭᠡᠳᠦᠰ ᠦ᠋ᠨ ᠣᠩᠭᠣᠨ ᠤ᠋ ᠭᠠᠵᠠᠷ᠃ ᠠᠪᠤ ᠶ᠋ᠢᠨ ᠴᠢᠨᠢ ᠳᠡᠭᠡᠳᠦ ᠲᠠᠯ᠎ᠠ ᠪᠠᠷ ᠪᠠᠢᠭ᠎ᠠ ᠲᠡᠷᠡ ᠬᠡᠳᠦᠨ ᠪᠤᠲᠠ ᠭᠦᠢᠯᠡᠰᠦᠨ ᠮᠣᠳᠣᠨ ᠤ᠋ ᠳᠣᠣᠷ᠎ᠠ ᠡᠪᠦᠭᠡ ᠡᠮᠡᠭᠡ᠂ ᠶᠡᠬᠡ ᠠᠪᠠᠭ᠎ᠠ ᠪᠣᠯᠤᠨ ᠠᠪᠠᠭ᠎ᠠ ᠡᠵᠢ ᠴᠢᠨᠢ ᠨᠣᠢᠷᠰᠤᠵᠤ ᠪᠠᠢᠭ᠎ᠠ ᠶᠤᠮ᠃ ᠬᠣᠵᠢᠮ ᠡᠵᠢ ᠨᠢ ᠴᠦ᠍ ᠡᠨᠳᠡ ᠢᠷᠡᠯᠭᠦᠢ ᠳᠡ ᠭᠡᠯ᠎ᠡ᠃ 
       — ᠪᠢ ᠯᠠᠪ ᠴᠡᠭᠡᠵᠢᠯᠡᠵᠦ ᠶᠠᠪᠤᠨ᠎ᠠ᠂ ᠡᠵᠢ ᠠ᠋᠃ ᠬᠠᠷᠢᠨ ᠪᠢ ᠠᠪᠤ ᠶ᠋ᠢᠨ ᠢ᠋ᠶ᠋ᠡᠨ ᠣᠩᠭᠣᠨ ᠢ᠋ ᠵᠠᠰᠠᠵᠤ ᠰᠢᠨᠡᠳᠬᠡᠶ᠎ᠡ ᠭᠡᠪᠡᠯ᠂ 
       — ᠬᠡᠷᠡᠭ ᠦᠭᠡᠢ ᠠ᠋᠂ ᠮᠢᠨᠦ ᠬᠦᠦ! ᠡᠨᠡᠬᠦ ᠣᠷᠴᠢᠨ ᠲᠣᠭᠣᠷᠢᠨ ᠪᠠᠢᠭᠠᠯᠢᠯᠢᠭ ᠢ᠋ᠶ᠋ᠠᠷ ᠢ᠋ᠶ᠋ᠠᠨ ᠪᠠᠢᠪᠠᠯ ᠶᠡᠬᠡ ᠭᠣᠶᠣ᠃ ᠭᠠᠵᠠᠷ ᠨᠢ ᠴᠦ᠍ ᠡᠳᠡᠭᠡᠴᠢᠬᠡᠭᠰᠡᠨ ᠪᠣᠯᠬᠣᠷ ᠳᠠᠬᠢᠵᠤ ᠬᠥᠳᠡᠯᠭᠡᠬᠦ ᠬᠡᠷᠡᠭ ᠦᠭᠡᠢ᠃ ᠬᠥᠮᠦᠨ ᠶᠡᠷᠦᠨᠢ ᠪᠠᠢᠭᠠᠯᠢ ᠎ᠠ᠋ᠴᠠ ᠪᠠᠨ ᠢᠷᠡᠵᠦ ᠪᠠᠢᠭᠠᠯᠢ ᠳ᠋ᠠᠭᠠᠨ ᠪᠤᠴᠠᠳᠠᠭ ᠵᠢᠮ᠎ᠡ ᠲᠡᠢ ᠤᠴᠢᠷ᠂ ᠠᠪᠤ ᠨᠢ ᠬᠥᠳᠥᠰᠥᠨ ᠪᠣᠢᠲᠣᠭ ᠤ᠋ᠨ ᠬᠢᠨᠢ ᠮᠥᠷ ᠲᠡᠢ ᠡᠨᠡᠬᠦ ᠨᠤᠲᠤᠭ ᠤ᠋ᠨ ᠢ᠋ᠶ᠋ᠠᠨ ᠵᠥᠭᠡᠯᠡᠨ ᠰᠢᠷᠭᠠᠯ ᠡᠯᠡᠰᠦᠨ ᠳ᠋ᠦ᠍ ᠰᠢᠩᠬᠡᠭ ᠳᠡ᠃ ᠫᠠᠢᠯᠤᠤ ᠨᠢ ᠭᠠᠵᠠᠷ ᠨᠤᠲᠤᠭ ᠲᠠᠭᠠᠨ ᠲᠡᠮᠳᠡᠭ ᠪᠣᠯᠤᠭᠠᠳ ᠪᠠᠢᠭ ᠯᠠ ᠳᠠ! ᠭᠡᠪᠡ᠃ 
       — ᠮᠡᠳᠡᠯ᠎ᠡ᠂ ᠡᠵᠢ ᠠ᠋᠃ ᠣᠳᠣ ᠬᠣᠶᠠᠭᠤᠯᠠ ᠪᠠᠨ ᠪᠤᠴᠠᠶ᠎ᠠ ᠭᠡᠳ ᠡᠵᠢ ᠪᠡᠨ ᠲᠣᠬᠣᠢᠯᠳᠠᠨ ᠰᠢᠪᠡᠭᠡᠨ ᠣᠩᠭᠣᠨ ᠤ᠋ ᠬᠣᠲᠣᠭᠣᠷ ᠠ᠋ᠴᠠ ᠭᠠᠷᠴᠤ ᠨᠢᠭᠡᠨ ᠥᠨᠳᠥᠷ ᠲᠣᠮᠣ ᠮᠠᠩᠬᠠᠨ ᠤ᠋ ᠣᠷᠣᠢ ᠳ᠋ᠤ᠌ ᠭᠠᠷᠤᠨ ᠬᠡᠰᠡᠭ ᠵᠣᠭᠰᠣᠪᠠ᠃ 
       ᠬᠠᠢᠯᠠᠰᠤ ᠪᠤᠷᠭᠠᠰᠤ ᠵᠢᠭᠳᠡᠷᠡᠭᠰᠡᠨ ᠮᠠᠩᠬᠠᠨ ᠪᠣᠷᠣ ᠲᠤᠯᠤᠭᠠᠳ ᠴᠡᠩᠬᠡᠷ ᠤᠨᠢᠶᠠᠷ ᠲᠠᠲᠠᠭᠰᠠᠨ ᠵᠡᠷᠭᠡᠯᠭᠡᠨ ᠳᠤᠮᠳᠠ ᠨᠣᠮᠢᠨ ᠥᠩᠭᠡ ᠪᠡᠷ ᠵᠢᠷᠢᠯᠵᠡᠨ ᠬᠠᠷᠠᠭᠳᠠᠨ᠎ᠠ᠃ 
       ᠪᠠᠶᠠᠩᠭᠣᠣᠯ ᠨᠤᠲᠤᠭ ᠪᠣᠯ ᠡᠯᠡᠰᠦ ᠮᠠᠩᠬ᠎ᠠ ᠲᠠᠢ᠂ ᠲᠠᠯ᠎ᠠ ᠰᠢᠯᠢ ᠲᠡᠢ᠂ ᠨᠠᠭᠤᠷ ᠲᠣᠭᠣᠷᠢᠮ᠂ ᠭᠣᠣᠯ ᠭᠣᠷᠣᠬ᠎ᠠ ᠲᠠᠢ ᠲᠠᠩᠰᠤᠭ ᠰᠠᠢᠬᠠᠨ ᠭᠠᠵᠠᠷ ᠪᠢᠯᠡ᠃ 
       ᠲᠡᠷᠡ ᠪᠦᠰᠡᠭᠦᠢ ᠬᠦᠦ ᠲᠡᠢ ᠪᠡᠨ ᠡᠨᠡ ᠨᠤᠲᠤᠭ ᠲᠤ᠌ ᠢᠷᠡᠭᠡ ᠦᠭᠡᠢ ᠠᠷᠪᠠ ᠭᠠᠷᠤᠢ ᠵᠢᠯ ᠴᠦ᠍ ᠪᠣᠯᠴᠢᠬᠠᠵᠠᠢ᠃ ᠨᠥᠬᠥᠷ ᠦ᠋ᠨ ᠢ᠋ᠶ᠋ᠡᠨ ᠨᠠᠰᠤ ᠪᠠᠷᠠᠭᠰᠠᠨ᠎ᠠ᠋ᠴᠠ ᠬᠣᠢᠰᠢ ᠲᠡᠷᠡ ᠰᠢᠨᠳᠠᠰᠤ ᠰᠢᠯᠭᠠᠬᠤ ᠬᠠᠲᠠᠭᠤᠬᠠᠨ ᠠᠮᠢᠳᠤᠷᠠᠯ ᠤ᠋ᠨ ᠤᠷᠲᠤ ᠤᠳᠠᠭᠠᠨ ᠡᠳᠦᠷ ᠬᠣᠨᠣᠭ ᠤ᠋ᠳ ᠢ᠋ ᠲᠤᠭᠤᠯᠵᠤ ᠶᠠᠪᠤᠭᠰᠠᠨ ᠭᠠᠰᠢᠭᠤᠬᠠᠨ ᠵᠣᠪᠠᠨᠢᠯᠲᠤ ᠲᠡᠦᠬᠡ ᠲᠡᠢ ᠪᠠᠢᠭ᠎ᠠ ᠶᠤᠮ᠃ 
       ᠬᠣᠷᠸ᠎ᠠ ᠶ᠋ᠢᠨ ᠭᠣᠣᠯᠴᠢ ᠪᠤᠰᠤ ᠪᠤᠶᠤ ᠵᠦᠢᠯ ᠦ᠋ᠨ ᠬᠠᠲᠠᠭᠤ ᠲᠡᠩᠰᠡᠯᠲᠡ ᠶ᠋ᠢ ᠠᠤᠭ᠎ᠠ ᠬᠠᠳᠠᠨ ᠵᠣᠷᠢᠭ ᠰᠥᠰᠥ᠂ ᠰᠡᠴᠡᠨ ᠬᠤᠷᠴᠠ ᠤᠬᠠᠭᠠᠨ᠂ ᠠᠭᠤᠳᠠᠮ ᠬᠦᠯᠢᠴᠡᠩᠭᠦᠢ ᠲᠡᠰᠪᠦᠷᠢ ᠬᠠᠲᠠᠭᠤᠵᠢᠯ ᠢ᠋ᠶ᠋ᠠᠷ ᠲᠤᠭᠤᠯᠵᠤ ᠴᠥᠬᠥᠷᠡᠰᠢ ᠦᠭᠡᠢ ᠤᠷᠤᠭᠰᠢ ᠲᠡᠮᠡᠦᠯᠵᠦ ᠶᠠᠪᠤᠭᠰᠠᠨ ᠮᠢᠨᠦ ᠵᠣᠬᠢᠶᠠᠯ ᠤ᠋ᠨ ᠪᠠᠭᠠᠲᠤᠷ ᠤ᠋ᠨ ᠦᠯᠢᠭᠡᠷ ᠲᠤᠤᠯᠢᠰ ᠰᠢᠭ᠋ ᠨᠢᠭᠡᠨ ᠨᠠᠰᠤᠨ ᠤ᠋ ᠠᠮᠢᠳᠤᠷᠠᠯ ᠲᠠᠢ ᠲᠠᠨᠢᠯᠴᠠᠭᠠᠷᠠᠢ᠃