ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ11-ᠳᠤᠮᠳᠠᠳᠤ ᠤᠯᠤᠰ ᠤ᠋ᠨ ᠪᠣᠭᠳᠠ ᠡᠷᠳᠡᠮᠲᠡᠨЧингис хааны байлдах бодлого ба арга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ11-ᠳᠤᠮᠳᠠᠳᠤ ᠤᠯᠤᠰ ᠤ᠋ᠨ ᠪᠣᠭᠳᠠ ᠡᠷᠳᠡᠮᠲᠡᠨЧингис хааны байлдах бодлого ба арга

ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ11-ᠳᠤᠮᠳᠠᠳᠤ ᠤᠯᠤᠰ ᠤ᠋ᠨ ᠪᠣᠭᠳᠠ ᠡᠷᠳᠡᠮᠲᠡᠨЧингис хааны байлдах бодлого ба арга

ᠠᠩᠭᠢᠯᠠᠯ:ᠲᠤᠭᠤᠵᠢ ᠷᠣᠮᠠᠨ
2025-01-08

646

ᠠᠷᠪᠠᠨ ᠨᠢᠭᠡᠳᠦᠭᠡᠷ ᠪᠦᠯᠦᠭ ᠳᠤᠮᠳᠠᠳᠤ ᠤᠯᠤᠰ ᠤ᠋ᠨ ᠪᠣᠭᠳᠠ ᠡᠷᠳᠡᠮᠲᠡᠨ

       ( ᠨᠢᠭᠡ)ᠴᠢᠩᠭᠢᠰ ᠬᠠᠭᠠᠨ᠂ ᠪᠣᠮᠪᠣ ᠶ᠋ᠢᠨ ᠭᠦᠨ ᠤᠬᠠᠭᠠᠨᠲᠠᠨ ᠲᠠᠢ ᠶᠠᠷᠢᠯᠴᠠᠭᠰᠠᠨ ᠨᠢ 

     ᠳᠤᠮᠳᠠᠳᠤ ᠤᠯᠤᠰ ᠤ᠋ᠨ ᠡᠷᠳᠡᠮᠲᠡᠨ ᠴᠠᠩ ᠴᠦᠨ ᠪᠣᠮᠪᠣ ᠮᠢᠩᠭ᠎ᠠ ᠬᠣᠶᠠᠷ ᠵᠠᠭᠤ ᠬᠣᠷᠢᠳᠤᠭᠠᠷ ᠣᠨ ᠤ᠋ ᠲᠠᠪᠤᠳᠤᠭᠠᠷ ᠰᠠᠷ᠎ᠠ ᠳ᠋ᠤ᠌᠂ ᠭᠠᠵᠠᠷ ᠤ᠋ᠨ ᠪᠥᠮᠪᠥᠷᠴᠡᠭ ᠦ᠋ᠨ ᠤᠷᠲᠤᠷᠢᠭ ᠤ᠋ᠨ ᠲᠠᠪᠢᠨ ᠭᠷᠠᠳᠦ᠋ᠰ ᠢ᠋ ᠳᠤᠭᠤᠯᠤᠭᠠᠳ ᠪᠠᠷᠠᠭᠤᠨᠰᠢ ᠶᠡᠬᠡ ᠬᠣᠯᠠ ᠠᠶᠠᠨ ᠬᠢᠬᠦ ᠦᠭᠡᠢ ᠪᠣᠯᠬᠤ ᠦᠭᠡᠢ ᠪᠣᠯᠤᠭᠰᠠᠨ ᠦᠶ᠎ᠡ ᠳ᠋ᠡᠭᠡᠨ᠂ ᠲᠡᠷᠡ ᠨᠢᠭᠡᠨᠲᠡ ᠳᠠᠯᠠᠨ ᠬᠣᠶᠠᠷ ᠨᠠᠰᠤᠲᠠᠢ ᠪᠣᠯᠤᠭᠰᠠᠨ ᠶᠤᠮ᠃ ᠬᠢᠲᠠᠳ ᠤ᠋ᠨ ᠡᠷᠲᠡ ᠦᠶ᠎ᠡ ᠳ᠋ᠡᠬᠢ ᠭᠦᠨ ᠤᠬᠠᠭᠠᠨ ᠤ᠋ ᠡᠷᠳᠡᠮᠲᠡᠨ᠂ ᠤᠯᠤᠰ ᠤ᠋ᠨ ᠳᠣᠲᠣᠷ᠎ᠠ ᠪᠠᠨ ᠬᠠᠮᠤᠭ ᠥᠨᠳᠥᠷ ᠪᠠᠢᠷᠢ ᠰᠠᠭᠤᠷᠢ ᠡᠵᠡᠯᠡᠵᠦ ᠪᠠᠢᠭᠰᠠᠨ ᠶᠤᠮ᠃ ᠪᠤᠰᠤᠳ ᠲᠡᠦᠬᠡ ᠡᠴᠡ ᠦᠵᠡᠬᠦᠯ᠎ᠡ ᠠᠷᠤ ᠭᠠᠵᠠᠷ ᠤ᠋ᠨ ᠴᠢᠩᠭᠢᠰ ᠬᠠᠭᠠᠨ ᠮᠡᠲᠦ ᠪᠡᠷ ᠪᠣᠮᠪᠣ ᠶ᠋ᠢᠨ ᠱᠠᠰᠢᠨ ᠤ᠋ ᠴᠠᠩ ᠴᠦᠨ ᠪᠣᠮᠪᠣ ᠳ᠋ᠤ᠌ ᠬᠢᠴᠢᠶᠡᠩᠭᠦᠢ ᠰᠡᠳᠬᠢᠯ ᠢ᠋ ᠭᠠᠷᠭᠠᠭᠰᠠᠨ ᠬᠠᠭᠠᠳ ᠥᠭᠡᠷ᠎ᠡ ᠪᠠᠢᠭᠰᠠᠨ ᠦᠭᠡᠢ ᠪᠢᠯᠡ᠃ ᠴᠠᠩ ᠴᠦᠨ ᠪᠣᠮᠪᠣ ᠶ᠋ᠢᠨ ᠠᠶᠠᠨ ᠨᠢ ᠢᠯᠠᠯᠲᠠ ᠣᠯᠤᠭᠠᠳ ᠪᠤᠴᠠᠵᠤ ᠪᠠᠢᠭᠰᠠᠨ ᠮᠣᠩᠭᠣᠯ ᠴᠡᠷᠢᠭ ᠦ᠋ᠨ ᠠᠶᠠᠨ ᠯᠤᠭ᠎ᠠ ᠪᠠᠷᠤᠭ ᠠᠳᠠᠯᠢ ᠪᠠᠢᠯ᠎ᠠ᠃ ᠲᠡᠭᠦᠨ ᠦ᠌ ᠪᠠᠬᠠᠨ ᠠᠮᠤᠰᠬᠢᠬᠦ ᠭᠠᠵᠠᠷ ᠪᠣᠯᠪᠠᠴᠤ ᠬᠦᠷᠦᠭᠰᠡᠨ ᠡᠯ᠎ᠡ ᠭᠠᠵᠠᠷ ᠲᠤ᠌ ᠬᠤᠸᠠᠷᠠᠭ ᠱᠠᠪᠢ ᠪᠤᠶᠤ ᠡᠭᠡᠯ ᠠᠷᠠᠳ ᠤ᠋ᠳ ᠰᠦᠷᠦᠭᠯᠡᠵᠦ ᠢᠷᠡᠭᠡᠳ ᠲᠡᠭᠦᠨ ᠦ᠌ ᠡᠮᠦᠨ᠎ᠡ ᠢᠷᠡᠵᠦ ᠮᠥᠷᠭᠥᠳᠡᠭ ᠪᠠᠢᠯ᠎ᠠ᠃ ᠮᠣᠩᠭᠣᠯ ᠤ᠋ᠨ ᠨᠣᠶᠠᠳ ᠪᠠ ᠬᠠᠲᠤᠳ᠂ ᠨᠤᠲᠤᠭ ᠳᠡᠪᠢᠰᠬᠡᠷ ᠢ᠋ᠶ᠋ᠡᠷ ᠨᠢ ᠥᠩᠭᠡᠷᠡᠬᠦ ᠦᠶ᠎ᠡ ᠳ᠋ᠦ᠍᠂ ᠬᠠᠮᠤᠭ ᠤ᠋ᠨ ᠶᠡᠬᠡ ᠬᠢᠴᠢᠶᠡᠩᠭᠦᠢ ᠰᠡᠳᠬᠢᠯ ᠢ᠋ᠶ᠋ᠡᠷ ᠲᠡᠭᠦᠨ ᠢ᠋ ᠬᠦᠯᠢᠶᠡᠨ ᠠᠪᠴᠤ ᠪᠠᠢᠭᠰᠠᠨ ᠪᠢᠯᠡ᠃ ᠵᠢᠯ ᠬᠠᠭᠠᠰ ᠤ᠋ᠨ ᠠᠶᠠᠨ ᠬᠢᠭᠰᠡᠨ ᠬᠣᠢᠨ᠎ᠠ ᠡᠴᠦᠰ ᠲᠡᠭᠡᠨ ᠲᠡᠷᠡ ᠰᠠᠮᠠᠷᠺᠠᠨᠳ᠋ ᠲᠤ  ᠬᠦᠷᠴᠦ ᠢᠷᠡᠭᠰᠡᠨ ᠦᠶ᠎ᠡ ᠳ᠋ᠦ᠍᠂ ᠴᠢᠩᠭᠢᠰ ᠬᠠᠭᠠᠨ᠂ ᠢᠨᠳᠡᠰ ᠭᠣᠣᠯ ᠤ᠋ᠨ ᠬᠥᠪᠡᠭᠡ ᠳ᠋ᠡᠬᠢ ᠬᠤᠷᠠᠯᠳᠤᠭᠠᠨ ᠢ᠋ᠶ᠋ᠠᠨ ᠳᠠᠭᠤᠰᠬᠠᠵᠤ᠂ ᠪᠠᠢᠩᠭᠤ ᠶ᠋ᠢᠨ ᠣᠷᠳᠣᠨ ᠪᠠᠢᠭᠤᠯᠤᠭᠰᠠᠨ ᠾᠢ᠍ᠨᠲᠣ ᠬᠣᠰᠢᠭᠤ ᠠᠭᠤᠯᠠ ᠶ᠋ᠢ ᠴᠢᠭᠯᠡᠵᠦ ᠠᠶᠠᠯᠠᠵᠤ ᠪᠠᠢᠪᠠ᠃ 
     ᠬᠠᠮᠤᠭ ᠡᠴᠦᠰ ᠦ᠋ᠨ ᠠᠶᠠᠨ ᠤ᠋ ᠡᠳᠦᠷ  ᠲᠤᠨᠢ ᠴᠢᠩ ᠰᠡᠳᠬᠢᠯ ᠢ᠋ ᠢᠯᠡᠳᠬᠡᠬᠦ ᠶ᠋ᠢᠨ ᠲᠥᠯᠥᠭᠡ ᠥᠷᠯᠥᠭ ᠦ᠋ᠨ ᠳᠣᠲᠣᠷ᠎ᠠ ᠠ᠋ᠴᠠ ᠬᠠᠮᠤᠭ ᠤ᠋ᠨ ᠠᠬᠠᠮᠠᠳ ᠪᠤᠭᠤᠷᠴᠢ ᠶ᠋ᠢ ᠴᠠᠩ ᠴᠦᠨ ᠪᠣᠮᠪᠣ ᠶ᠋ᠢᠨ ᠬᠠᠨᠢ ᠪᠣᠯᠭᠠᠵᠤ ᠠᠶᠠᠯᠠᠭᠤᠯᠪᠠ᠃ 
     ᠴᠢᠩᠭᠢᠰ ᠬᠠᠭᠠᠨ ᠠᠭᠤᠯᠵᠠᠯᠲᠠ ᠶ᠋ᠢᠨ ᠦᠭᠡ ᠳ᠋ᠡᠭᠡᠨ᠄
     《ᠪᠤᠰᠤᠳ ᠬᠠᠭᠠᠳ ᠲᠠᠨ ᠲᠠᠢ ᠠᠭᠤᠯᠵᠠᠬᠤ ᠪᠠᠷ ᠵᠠᠯᠠᠭᠰᠠᠨ ᠳ᠋ᠤ᠌ ᠲᠡᠳᠡᠨ ᠦ᠌ ᠵᠠᠯᠠᠯᠭ᠎ᠠ ᠶ᠋ᠢ ᠲᠠ ᠪᠦᠷ ᠬᠦᠯᠢᠶᠡᠵᠦ ᠠᠪᠤᠭᠰᠠᠨ ᠦᠭᠡᠢ᠂ ᠭᠡᠲᠡᠯ᠎ᠡ ᠲᠠ ᠮᠡᠬᠦᠰ ᠨᠠᠮᠠᠶ᠋ᠢ ᠰᠤᠷᠪᠤᠯᠵᠢᠯᠠᠬᠤ ᠶ᠋ᠢᠨ ᠲᠥᠯᠥᠭᠡ ᠲᠦᠮᠡᠨ ᠭᠠᠵᠠᠷ ᠤ᠋ᠨ ᠠᠯᠤᠰ ᠤ᠋ᠨ ᠠᠶᠠᠨ ᠬᠢᠭᠰᠡᠨ ᠪᠠᠢᠨ᠎ᠠ᠃ ᠮᠡᠬᠦᠰ ᠮᠢᠨᠦ ᠪᠡᠶ᠎ᠡ ᠡᠭᠦᠨ ᠡᠴᠡ ᠶᠡᠬᠡ ᠠᠵᠠ ᠵᠠᠪᠰᠢᠶᠠᠨ ᠪᠠ ᠢᠷᠠᠭᠤ ᠠᠯᠳᠠᠷ ᠬᠠᠮᠢᠭ᠎ᠠ ᠪᠠᠢᠬᠤ ᠠᠵᠢ》ᠭᠡᠵᠦ ᠬᠡᠯᠡᠭᠰᠡᠨ ᠳ᠋ᠦ᠍᠂ ᠡᠨᠡ ᠬᠥᠭᠰᠢᠨ ᠡᠷᠳᠡᠮᠲᠡᠨ ᠠᠷᠠᠢ ᠲᠡᠢᠮᠦ ᠴᠦ᠍ ᠨᠢᠯᠤᠭᠤᠨ ᠪᠢᠯᠳᠠᠤᠴᠢ ᠬᠥᠮᠦᠨ ᠪᠢᠰᠢ ᠪᠠᠢᠵᠠᠢ᠃ ᠡᠨᠡ ᠤᠳᠠᠭ᠎ᠠ ᠶ᠋ᠢᠨ ᠠᠶᠠᠨ ᠳ᠋ᠤ᠌ ᠶᠠᠪᠤᠭᠰᠠᠨ ᠨᠢ ᠲᠡᠷᠡ ᠥᠪᠡᠷ ᠦ᠋ᠨ ᠰᠠᠢᠨ ᠳᠤᠷ᠎ᠠ ᠪᠢᠰᠢ᠂ ᠪᠠᠶᠠᠷᠯᠠᠭᠠᠳ ᠢᠷᠡᠭᠰᠡᠨ ᠴᠦ᠍ ᠪᠢᠰᠢ᠂ ᠬᠠᠷᠢᠨ ᠠᠯᠪᠠᠳᠠᠭᠳᠠᠭᠠᠳ ᠢᠷᠡᠭᠰᠡᠨ ᠶᠤᠮ᠃ ᠲᠡᠢᠨ ᠬᠦ᠌ ᠲᠡᠷᠡ ᠦᠨᠡᠨ ᠬᠡᠷᠡᠭ ᠢ᠋ ᠥᠭᠡᠷᠡᠳᠡᠭᠦᠯᠵᠦ ᠴᠢᠮᠡᠭᠯᠡᠭᠰᠡᠨ ᠭᠣᠶᠣ ᠦᠭᠡ ᠶ᠋ᠢ ᠰᠣᠨᠣᠰᠬᠠᠭᠰᠠᠨ ᠮᠡᠬᠡ ᠶ᠋ᠢ ᠨᠢ ᠠᠨᠳᠠᠭᠰᠠᠨ ᠦᠭᠡᠢ ᠪᠡᠷ᠄ 
     《ᠮᠢᠨᠦ ᠮᠡᠲᠦ ᠬᠦᠳᠡᠭᠢ ᠴᠢᠨᠠᠷ ᠲᠠᠢ ᠠᠭᠤᠯᠠᠨ ᠤ᠋ ᠪᠣᠮᠪᠣ ᠡᠨᠳᠡ ᠬᠦᠷᠴᠦ ᠢᠷᠡᠭᠰᠡᠨ ᠨᠢ ᠬᠠᠭᠠᠨ ᠡᠵᠡᠨ ᠦ᠌ ᠠᠯᠪᠠᠨ ᠵᠠᠷᠯᠢᠭ ᠢ᠋ ᠳᠠᠭᠠᠭᠰᠠᠨ ᠠ᠋ᠴᠠ ᠪᠣᠯᠵᠠᠢ᠃ ᠡᠨᠡ ᠨᠢ ᠪᠠᠰᠠ <ᠲᠡᠭᠷᠢ> ᠶ᠋ᠢᠨ ᠰᠠᠨᠠᠭ᠎ᠠ ᠪᠠᠢᠯᠭᠦᠢ ᠳᠡ 》ᠭᠡᠵᠦ ᠬᠠᠷᠢᠭᠤᠯᠪᠠ᠃ ᠲᠡᠷᠡ ᠬᠠᠷᠢᠨ ᠰᠥᠭᠥᠳᠦᠭᠰᠡᠨ ᠴᠦ᠍ ᠦᠭᠡᠢ᠂ ᠭᠦᠨ ᠶᠣᠰᠣ ᠴᠤ᠌ ᠬᠢᠭᠰᠡᠨ ᠦᠭᠡᠢ᠃ ᠬᠢᠴᠢᠶᠡᠩᠭᠦᠢ ᠰᠡᠳᠬᠢᠯ ᠢ᠋ᠶ᠋ᠡᠨ ᠢᠯᠡᠷᠬᠡᠢᠯᠡᠬᠦ ᠲᠡᠮᠳᠡᠭ ᠪᠣᠯᠭᠠᠨ ᠲᠣᠯᠣᠭᠠᠢ ᠪᠠᠨ ᠪᠠᠬᠠᠨ ᠳᠠᠷᠤᠵᠤ ᠬᠣᠶᠠᠷ ᠠᠯᠠᠭ᠎ᠠ ᠪᠠᠨ ᠨᠠᠮᠠᠨᠴᠢᠯᠠᠵᠤ ᠵᠠᠯᠪᠠᠷᠢᠭᠰᠠᠨ ᠲᠡᠳᠦᠢ ᠪᠠᠢᠯ᠎ᠠ᠃ 
     ᠴᠢᠩᠭᠢᠰ ᠬᠠᠭᠠᠨ ᠬᠤᠷᠢᠮ ᠪᠠᠵᠠᠭᠠᠵᠤ ᠲᠡᠭᠦᠨ ᠢ᠋ ᠳᠠᠢᠯᠠᠬᠤ ᠭᠡᠰᠡᠨ ᠳ᠋ᠦ᠍᠂ ᠡᠨᠡ ᠮᠡᠲᠦ ᠶ᠋ᠢᠨ ᠢᠷᠠᠭᠤ ᠠᠯᠳᠠᠷ ᠢ᠋ ᠲᠡᠷᠡ ᠬᠦᠯᠢᠶᠡᠨ ᠠᠪᠤᠭᠰᠠᠨ ᠦᠭᠡᠢ᠃ ᠲᠡᠷᠡ ᠶᠡᠷᠦ ᠡᠴᠡ ᠮᠢᠬ᠎ᠠ ᠢᠳᠡᠬᠦ ᠦᠭᠡᠢ ᠪᠥᠭᠡᠳ ᠴᠡᠭᠡ ᠴᠦ᠍ ᠤᠤᠭᠤᠬᠤ ᠦᠭᠡᠢ ᠪᠢᠯᠡ᠃ ᠲᠡᠭᠦᠨ ᠦ᠌ ᠢᠳᠡᠰᠢ ᠨᠢ ᠵᠥᠪᠬᠡᠨ ᠠᠮᠤ ᠪᠣᠯᠤᠨ ᠭᠤᠯᠢᠷ ᠤ᠋ᠨ ᠲᠡᠳᠦᠢ ᠪᠠᠢᠪᠠ᠃ ᠲᠡᠭᠦᠨ ᠢ᠋ ᠨᠢ ᠰᠠᠮᠠᠷᠺᠠᠨᠳ᠋ ᠠ᠋ᠴᠠ ᠠᠪᠤᠭᠠᠳ ᠢᠷᠡᠭᠰᠡᠨ ᠠᠵᠢ᠃ ᠢᠩᠭᠢᠵᠦ ᠠᠭᠠᠰᠢᠯᠠᠭᠰᠠᠨ ᠢ᠋ ᠴᠢᠩᠭᠢᠰ ᠬᠠᠭᠠᠨ ᠳᠣᠷᠣᠮᠵᠢᠯᠠᠵᠤ ᠪᠠᠢᠨ᠎ᠠ ᠭᠡᠵᠦ ᠪᠣᠳᠣᠭᠰᠠᠨ ᠦᠭᠡᠢ ᠪᠡᠷ ᠦᠯᠦ ᠪᠠᠷᠠᠨ ᠬᠦᠨᠳᠦᠲᠦ ᠵᠣᠴᠢᠨ ᠤ᠋ ᠪᠠᠨ ᠰᠢᠷᠡᠭᠡ ᠶ᠋ᠢ ᠳᠦᠭᠦᠷᠡᠩ ᠪᠣᠯᠭᠠᠬᠤ ᠶ᠋ᠢᠨ  ᠲᠥᠯᠥᠭᠡ ᠬᠡᠳᠦᠨ ᠵᠠᠭᠤᠨ ᠺᠢᠯᠣᠮᠧᠲ᠋ᠷ ᠦ᠋ᠨ ᠠᠯᠤᠰ ᠠ᠋ᠴᠠ ᠲᠦᠷᠭᠡᠨ ᠶᠠᠪᠤᠬᠤ  ᠦᠢᠯᠡᠴᠢᠯᠡᠭᠴᠢ ᠶ᠋ᠢ ᠵᠣᠬᠢᠶᠠᠨ ᠪᠠᠢᠭᠤᠯᠵᠤ ᠾᠢ᠍ᠨᠲᠣ ᠬᠣᠰᠢᠭᠤ ᠶ᠋ᠢᠨ ᠬᠥᠨᠳᠡᠢ ᠡᠴᠡ ᠰᠢᠨ᠎ᠡ ᠨᠣᠭᠣᠭ᠎ᠠ ᠪᠠ ᠬᠠᠮᠤᠭ  ᠰᠠᠢᠨ ᠵᠢᠮᠢᠰ ᠢ᠋ ᠠᠪᠴᠢᠷᠠᠭᠤᠯᠪᠠ᠃  ᠪᠣᠭᠳᠠ ᠬᠠᠭᠠᠨ ᠪᠣᠯᠤᠨ ᠪᠣᠮᠪᠣ ᠶ᠋ᠢᠨ ᠡᠷᠳᠡᠮᠲᠡᠨ ᠬᠣᠶᠠᠭᠤᠯᠠ ᠬᠦᠨᠳᠦ ᠴᠢᠬᠤᠯᠠ ᠬᠡᠯᠡᠯᠴᠡᠭᠡᠷ ᠢ᠋ᠶ᠋ᠡᠨ ᠳᠠᠷᠤᠢ ᠡᠬᠢᠯᠡᠭᠦᠯᠪᠡ᠃ 《ᠠᠯᠤᠰ ᠬᠣᠯᠠ ᠠ᠋ᠴᠠ ᠮᠣᠷᠢᠯᠠᠨ ᠢᠷᠡᠭᠰᠡᠨ ᠡᠷᠳᠡᠮᠲᠡᠨ ᠠ᠋᠂ ᠲᠠᠨ ᠳ᠋ᠤ᠌ ᠠᠮᠢ ᠨᠠᠰᠤ ᠶ᠋ᠢ ᠮᠥᠩᠬᠡᠷᠡᠭᠦᠯᠬᠦ ᠡᠮ ᠪᠠᠢᠨ᠎ᠠ ᠤᠤ?》ᠭᠡᠵᠦ ᠴᠢᠩᠭᠢᠰ ᠬᠠᠭᠠᠨ ᠠᠰᠠᠭᠤᠭᠰᠠᠨ ᠳ᠋ᠤ᠌᠂ ᠴᠠᠩ ᠴᠦᠨ ᠪᠣᠮᠪᠣ ᠨᠠᠮᠤᠭᠤᠬᠠᠨ ᠢ᠋ᠶ᠋ᠠᠷ ᠮᠦᠰᠢᠶᠡᠭᠡᠳ ᠳᠣᠣᠷ᠎ᠠ ᠳᠠᠭᠤᠨ ᠢ᠋ᠶ᠋ᠠᠷ ᠳᠣᠣᠷᠠᠬᠢ ᠮᠡᠲᠦ ᠬᠠᠷᠢᠭᠤ ᠥᠴᠢᠪᠡ᠃ 《ᠠᠮᠢᠨ ᠨᠠᠰᠤᠨ ᠢ᠋ ᠤᠷᠲᠤᠳᠬᠠᠬᠤ ᠠᠷᠭ᠎ᠠ ᠭᠡᠵᠦ ᠠᠷᠪᠢᠨ ᠪᠠᠢᠨ᠎ᠠ᠂ ᠭᠡᠪᠡᠴᠦ  ᠦᠬᠦᠭᠦᠯᠬᠦ ᠦᠭᠡᠢ  ᠡᠮ ᠭᠡᠮᠡᠨ ᠪᠠᠢᠬᠤ ᠦᠭᠡᠢ》 ᠭᠡᠪᠡ᠃ ᠬᠠᠵᠠᠭᠤ ᠳ᠋ᠤᠨᠢ ᠪᠠᠢᠭᠰᠠᠨ ᠥᠷᠯᠥᠭ ᠨᠠᠷ  ᠰᠣᠴᠢᠰᠬᠢᠭᠡᠳ ᠡᠨᠡ  ᠵᠢᠭᠲᠡᠢ ᠬᠢᠲᠠᠳ ᠬᠥᠮᠦᠨ ᠢ᠋ ᠰᠢᠷᠳᠡᠪᠡ᠃ ᠡᠨᠡ ᠬᠢᠲᠠᠳ ᠬᠥᠮᠦᠨ ᠳ᠋ᠦ᠍ ᠣᠳᠣ ᠪᠣᠯᠲᠠᠯ᠎ᠠ ᠬᠦᠷᠲᠡᠭᠡᠭᠰᠡᠨ ᠠᠯᠢᠪᠠ ᠬᠢᠴᠢᠶᠡᠩᠭᠦᠢ ᠰᠡᠳᠬᠢᠯ  ᠠᠯᠢᠪᠠ ᠳᠠᠢᠯᠠᠯᠭ᠎ᠠ ᠨᠢ ᠪᠦᠷ ᠲᠤᠰᠠ ᠭᠠᠷᠤᠭᠰᠠᠨ ᠦᠭᠡᠢ ᠲᠦᠮᠡᠨ ᠭᠠᠵᠠᠷ ᠤ᠋ᠨ ᠠᠯᠤᠰ ᠬᠣᠯᠠ ᠠ᠋ᠴᠠ ᠢᠷᠡᠭᠡᠳ ᠡᠢᠮᠦ ᠯᠡ  ᠬᠦᠢᠲᠡᠪᠲᠦᠷ ᠢ᠋ᠶ᠋ᠡᠷ ᠮᠠᠨ ᠤ᠋ ᠪᠣᠭᠳᠠ ᠬᠠᠭᠠᠨ ᠳ᠋ᠤ᠌ ᠨᠣᠮᠯᠠᠵᠤ ᠪᠠᠢᠨ᠎ᠠ᠃ ᠭᠡᠪᠡᠴᠦ ᠴᠢᠩᠭᠢᠰ ᠬᠠᠭᠠᠨ ᠲᠠᠭᠠᠯᠠᠮᠵᠢ ᠦᠭᠡᠢ ᠦᠭᠡ ᠥᠴᠦᠬᠡᠨ ᠴᠦ᠍ ᠬᠡᠯᠡᠭᠰᠡᠨ ᠦᠭᠡᠢ ᠪᠢᠯᠡ᠃ ᠲᠣᠯᠣᠭᠠᠢ ᠪᠥᠬᠥᠢᠨ ᠡᠨᠡᠬᠦ ᠬᠥᠭᠰᠢᠨ ᠡᠷᠳᠡᠮᠲᠡᠨ ᠦ᠌ ᠲᠥᠪ ᠴᠢᠬᠡᠴᠢ ᠪᠥᠭᠡᠳ ᠦᠨᠡᠨ ᠶᠣᠰᠣ ᠶ᠋ᠢ ᠬᠦᠨᠳᠦᠳᠬᠡᠬᠦ ᠶ᠋ᠢ ᠪᠢᠰᠢᠷᠡᠭᠡᠳ᠂ ᠪᠣᠮᠪᠣ ᠶ᠋ᠢᠨ ᠱᠠᠰᠢᠨ ᠤ᠋ ᠰᠤᠷᠭᠠᠯ ᠢ᠋ᠶ᠋ᠠᠨ ᠬᠡᠯᠡᠵᠦ ᠰᠣᠨᠣᠰᠬᠠᠬᠤ ᠤᠤ ᠭᠡᠵᠦ ᠬᠦᠰᠡᠪᠡ᠃ ᠲᠡᠭᠡᠭᠡᠳ ᠨᠣᠮ ᠰᠣᠨᠣᠰᠬᠠᠬᠤ ᠡᠳᠦᠷ ᠴᠠᠭ ᠢ᠋ᠶ᠋ᠠᠨ  ᠲᠣᠭᠲᠠᠭᠠᠨ᠂ ᠲᠤᠰᠬᠠᠢ ᠮᠠᠢᠬᠠᠨ ᠪᠣᠰᠬᠠᠪᠠ᠃ ᠢᠩᠭᠢᠵᠦ ᠪᠠᠢᠲᠠᠯ᠎ᠠ ᠭᠡᠨᠡᠳᠲᠡ ᠠᠭᠤᠯᠠᠷᠬᠠᠭ ᠭᠠᠵᠠᠷ ᠲᠤ᠌ ᠳᠠᠢᠰᠤᠩᠨᠠᠬᠤ ᠬᠥᠳᠡᠯᠭᠡᠭᠡᠨ ᠡᠭᠦᠰᠦᠭᠰᠡᠨ ᠪᠥᠭᠡᠳ ᠡᠳᠦᠢ ᠲᠡᠳᠦᠢ ᠠᠢᠮᠠᠭ ᠪᠦᠯᠦᠭ ᠦ᠋ᠳ  ᠤᠷᠪᠠᠯᠭ᠎ᠠ ᠭᠠᠷᠭᠠᠭᠰᠠᠨ ᠴᠢᠮᠡᠭᠡ ᠰᠣᠨᠣᠰᠳᠠᠵᠤ ᠪᠠᠢᠭᠰᠠᠨ ᠪᠣᠯᠬᠣᠷ ᠴᠢᠩᠭᠢᠰ ᠬᠠᠭᠠᠨ ᠪᠠᠢᠯᠳᠤᠭᠠᠨ ᠤ᠋ ᠶᠠᠪᠤᠳᠠᠯ ᠨᠢ ᠮᠠᠰᠢ ᠶᠠᠭᠠᠷᠠᠤ ᠪᠣᠯᠪᠠ᠃ ᠲᠡᠢᠮᠦ ᠡᠴᠡ ᠨᠣᠮ ᠊ ᠰᠣᠨᠣᠰᠬᠠᠬᠤ ᠴᠠᠭ ᠢ᠋ ᠬᠣᠢᠰᠢᠯᠠᠭᠰᠠᠨ ᠳ᠋ᠤ᠌᠂ ᠴᠠᠩ ᠴᠦᠨ ᠪᠣᠮᠪᠣ ᠰᠠᠮᠠᠷᠺᠠᠨᠳ᠋ ᠲᠤ᠌ ᠲᠡᠭᠦᠨ ᠢ᠋  ᠬᠦᠷᠭᠡᠭᠡᠷᠡᠢ ᠭᠡᠵᠦ ᠬᠦᠰᠡᠯ ᠲᠠᠯᠪᠢᠪᠠ᠃ ᠥᠨᠥ ᠵᠠᠮ ᠵᠠᠭᠤᠷ᠎ᠠ ᠳᠡᠮᠡᠢ ᠠᠮᠤᠷ ᠲᠦᠪᠰᠢᠨ ᠦᠭᠡᠢ ᠤᠴᠢᠷ ᠠ᠋ᠴᠠ ᠡᠨᠳᠡᠬᠢ ᠾᠢ᠍ᠨᠲᠣ ᠬᠣᠰᠢᠭᠤ ᠳ᠋ᠠᠬᠢ  ᠣᠷᠳᠣᠨ ᠳ᠋ᠤ᠌ ᠪᠠᠢᠭᠰᠠᠨ ᠨᠢ ᠰᠠᠢᠨ ᠭᠡᠵᠦ ᠪᠣᠭᠳᠠ ᠬᠠᠭᠠᠨ  ᠢᠳᠬᠠᠭᠰᠠᠨ ᠳ᠋ᠤ᠌᠂ ᠪᠣᠮᠪᠣ ᠶ᠋ᠢᠨ ᠡᠷᠳᠡᠮᠲᠡᠨ《ᠴᠡᠷᠢᠭ ᠦ᠋ᠨ ᠠᠵᠢᠯᠯᠠᠭ᠎ᠠ ᠶ᠋ᠢᠨ ᠦᠢᠮᠡᠭᠡᠨ ᠶᠡᠬᠡ  ᠲᠤᠯᠠ ᠨᠠᠮ ᠭᠦᠮ  ᠪᠣᠳᠣᠯᠬᠢᠯᠠᠵᠤ ᠴᠢᠳᠠᠬᠤ ᠦᠭᠡᠢ》ᠭᠡᠳ ᠦᠭᠡ ᠶ᠋ᠢ ᠨᠢ ᠰᠣᠨᠣᠰᠬᠤ ᠦᠭᠡᠢ ᠪᠠᠢᠪᠠ᠃ ᠲᠡᠢᠮᠦ ᠡᠴᠡ ᠴᠢᠩᠭᠢᠰ ᠬᠠᠭᠠᠨ ᠪᠠᠢᠯᠳᠤᠭᠠᠨ ᠤ᠋ ᠴᠠᠭ ᠤ᠋ᠨ ᠰᠠᠮᠠᠭᠤᠨ ᠪᠠᠢᠳᠠᠯ ᠠ᠋ᠴᠠ ᠡᠨᠡ ᠪᠣᠮᠪᠣ ᠶ᠋ᠢᠨ ᠡᠷᠳᠡᠮᠲᠡᠨ ᠢ᠋ ᠠᠶᠤᠯ ᠦᠭᠡᠢ ᠪᠡᠷ ᠰᠠᠮᠠᠷᠺᠠᠨᠳ᠋ ᠲᠤ᠌ ᠬᠦᠷᠬᠦ ᠪᠡᠷ ᠲᠣᠷᠭᠠᠨ ᠴᠡᠷᠢᠭ ᠡᠴᠡ ᠮᠢᠩᠭᠠᠨ ᠮᠣᠷᠢᠲᠠᠨ ᠢ᠋ ᠰᠣᠩᠭᠣᠵᠤ ᠡᠩᠬᠡ ᠠᠮᠤᠷ ᠢ᠋ᠶ᠋ᠠᠷ ᠲᠡᠨᠳᠡ ᠬᠦᠷᠭᠡᠪᠡ᠃  ᠰᠠᠮᠠᠷᠺᠠᠨᠳ᠋ ᠲᠤ᠌ ᠡᠨᠡ ᠡᠷᠳᠡᠮᠲᠡᠨ ᠣᠷᠳᠣᠨ ᠳᠣᠲᠣᠷᠠᠬᠢ ᠬᠦᠷᠢᠶᠡᠯᠡᠩ ᠳᠣᠲᠣᠷ᠎ᠠ ᠮᠣᠬᠣᠯᠢᠭ ᠠᠳᠠᠯᠢ ᠭᠡᠷ ᠲᠦ᠍ ᠰᠡᠷᠢᠭᠦᠨ ᠪᠥᠭᠡᠳ ᠶᠠᠮᠠᠷ ᠴᠤ᠌ ᠰᠠᠭᠠᠲᠠᠯ ᠦᠭᠡᠢ ᠨᠠᠮᠤᠭᠤᠬᠠᠨ ᠰᠠᠭᠤᠪᠠ᠃ ᠴᠢᠩᠭᠢᠰ ᠬᠠᠭᠠᠨ ᠠᠮᠤᠳᠠᠷᠢᠶᠠ ᠭᠣᠣᠯ ᠤ᠋ᠨ ᠬᠥᠪᠡᠭᠡ ᠳ᠋ᠦ᠍ ᠬᠠᠷᠢᠵᠤ ᠢᠷᠡᠭᠰᠡᠨ ᠨᠢ ᠨᠠᠮᠤᠷ ᠪᠣᠯᠤᠭᠰᠠᠨ ᠬᠣᠢᠨ᠎ᠠ ᠪᠠᠢᠯ᠎ᠠ᠃ ᠪᠠᠢᠩᠭᠤ ᠶ᠋ᠢᠨ ᠣᠷᠳᠣᠨ ᠢ᠋ᠶ᠋ᠠᠨ ᠰᠠᠮᠠᠷᠺᠠᠨᠳ᠋ ᠬᠣᠲᠠ ᠶ᠋ᠢᠨ ᠲᠡᠭᠦᠷᠭᠡ ᠳ᠋ᠦ᠍ ᠪᠠᠢᠭᠤᠯᠵᠤ ᠪᠠᠢᠭᠰᠠᠨ ᠪᠢᠯᠡ᠃ ᠯᠠᠯᠤ ᠶ᠋ᠢᠨ ᠮᠥᠷᠭᠥᠯᠲᠡᠨ ᠦ᠌ ᠠᠬᠠᠮᠠᠳ ᠬᠤᠸᠠᠷᠠᠭ ᠨᠠᠷ ᠪᠠ ᠬᠣᠲᠠ ᠶ᠋ᠢᠨ ᠥᠲᠡᠭᠦᠰ ᠬᠢᠴᠢᠶᠡᠩᠭᠦᠢᠯᠡᠬᠦ ᠰᠡᠳᠬᠢᠯ ᠢ᠋ᠶ᠋ᠡᠨ ᠢᠯᠡᠳᠬᠡᠬᠦ ᠶ᠋ᠢᠨ ᠲᠥᠯᠥᠭᠡ ᠦᠷᠭᠦᠯᠵᠢᠯᠡᠨ ᠲᠡᠭᠦᠨ ᠦ᠌ ᠳᠡᠷᠭᠡᠳᠡ ᠢᠷᠡᠵᠦ ᠪᠠᠢᠪᠠ᠃ 
     ᠨᠡᠭᠦᠳᠡᠯᠯᠡᠨ ᠮᠠᠯᠵᠢᠬᠤ ᠦᠨᠳᠦᠰᠦᠲᠡᠨ ᠡᠨᠡ ᠮᠡᠲᠦ ᠰᠣᠶᠣᠯ ᠭᠡᠭᠡᠷᠡᠯ ᠲᠡᠢ ᠳᠡᠢᠯᠦᠭᠳᠡᠭᠰᠡᠨ ᠤᠯᠤᠰ ᠳᠣᠲᠣᠷ᠎ᠠ ᠰᠠᠭᠤᠬᠤ ᠡᠵᠡᠨ ᠡᠷᠬᠡ ᠶ᠋ᠢ ᠰᠠᠢ᠍ᠢ ᠣᠯᠵᠤ ᠴᠢᠳᠠᠪᠠ᠃ ᠡᠨᠡ ᠳᠡᠢᠯᠦᠭᠳᠡᠭᠰᠡᠨ ᠤᠯᠤᠰ ᠤ᠋ᠨ ᠠᠷᠠᠳ ᠪᠣᠯᠤᠨ ᠪᠠᠢᠯᠳᠤᠨ ᠳᠠᠭᠠᠭᠤᠯᠤᠭᠴᠢ ᠶ᠋ᠢᠨ ᠬᠣᠭᠣᠷᠣᠨᠳᠣ ᠲᠣᠬᠢᠷᠠᠮᠵᠢᠲᠠᠢ ᠬᠠᠷᠢᠯᠴᠠᠭ᠎ᠠ ᠶ᠋ᠢ ᠵᠣᠬᠢᠶᠠᠨ ᠪᠠᠢᠭᠤᠯᠬᠤ ᠬᠦᠨᠳᠦ ᠡᠭᠦᠷᠭᠡ ᠶᠸᠯᠤᠢ ᠴᠦᠼᠠᠢ ᠶ᠋ᠢᠨ ᠬᠣᠶᠠᠷ ᠮᠥᠷᠥ ᠳᠡᠭᠡᠷ᠎ᠡ ᠲᠤᠯᠭᠠᠷᠠᠨ ᠢᠷᠡᠪᠡ᠃ ᠶᠸᠯᠦᠢ ᠴᠦᠼᠠᠢ ᠣᠯᠠᠨ ᠬᠣᠲᠠ ᠵᠡᠭᠡᠯᠢ ᠳ᠋ᠦ᠍ ᠡᠮᠬᠢ ᠳᠢᠭᠯᠢᠮ ᠢ᠋ ᠪᠠᠢᠭᠤᠯᠵᠤ᠂ ᠣᠯᠠᠨ ᠵᠦᠢᠯ ᠦ᠋ᠨ ᠭᠠᠢᠯᠢ ᠲᠠᠲᠠᠪᠤᠷᠢ ᠲᠣᠭᠲᠠᠭᠠᠭᠠᠳ᠂ ᠭᠠᠵᠠᠷ ᠪᠣᠯᠭᠠᠨ ᠳ᠋ᠤ᠌ ᠵᠠᠰᠠᠭ ᠵᠠᠬᠢᠷᠭ᠎ᠠ ᠶ᠋ᠢᠨ ᠠᠯᠪᠠᠨ ᠲᠦᠰᠢᠮᠡᠳ ᠢ᠋ ᠲᠣᠮᠢᠯᠠᠪᠠ᠃ ᠡᠳᠡᠭᠡᠷ ᠠᠯᠪᠠᠨ ᠨᠣᠶᠠᠳ ᠤ᠋ᠨ ᠣᠯᠠᠩᠬᠢ ᠨᠢ ᠲᠤᠰ ᠭᠠᠵᠠᠷ ᠤ᠋ᠨ ᠬᠥᠮᠦᠰ ᠡᠴᠡ ᠰᠣᠩᠭᠣᠨ᠂ ᠡᠳᠡᠭᠡᠷ ᠨᠣᠶᠠᠳ ᠤ᠋ᠨ ᠳᠡᠭᠡᠷ᠎ᠡ ᠮᠣᠩᠭᠣᠯ ᠬᠥᠮᠦᠨ ᠢ᠋ᠶ᠋ᠡᠷ ᠬᠢᠨᠠᠨ ᠪᠠᠢᠴᠠᠭᠠᠬᠤ ᠪᠠ ᠳᠠᠷᠤᠭᠠᠴᠢ ᠶ᠋ᠢ ᠲᠠᠯᠪᠢᠭᠰᠠᠨ ᠠᠵᠢ᠃ ᠢᠩᠭᠢᠵᠦ ᠬᠢᠭᠰᠡᠨ ᠨᠢ ᠮᠣᠩᠭᠣᠯ ᠬᠥᠮᠦᠨ ᠪᠣᠯᠤᠨ ᠫᠧᠷᠰ ᠬᠥᠮᠦᠨ ᠦ᠌ ᠬᠣᠭᠣᠷᠣᠨᠳᠣ ᠲᠡᠮᠡᠴᠡᠯᠳᠦᠭᠡᠨ ᠭᠠᠷᠬᠤ ᠶ᠋ᠢ ᠰᠡᠷᠭᠡᠢᠯᠡᠭᠰᠡᠨ ᠪᠠᠢᠨ᠎ᠠ᠃ ᠴᠢᠩᠭᠢᠰ ᠬᠠᠭᠠᠨ ᠬᠢᠴᠢᠶᠡᠩᠭᠦᠢᠯᠡᠯ  ᠢ᠋ᠶ᠋ᠡᠨ ᠢᠯᠢᠳᠭᠡᠷ᠎ᠡ ᠡᠢᠷᠡᠭᠰᠡᠨ ᠯᠠᠯᠤ ᠶ᠋ᠢᠨ ᠮᠥᠷᠭᠥᠯᠲᠡᠨ ᠦ᠌ ᠬᠤᠸᠠᠷᠠᠭ ᠨᠠᠷ ᠲᠤ᠌ ᠬᠡᠯᠡᠭᠰᠡᠨ ᠨᠢ᠄  《ᠲᠡᠭᠷᠢ》 ᠡᠴᠡ ᠨᠠᠳᠠᠳᠤ ᠲᠠᠨ ᠤ᠋ ᠱᠠᠭ ᠢ᠋ ᠳᠡᠢᠯᠬᠦ ᠢᠪᠡᠭᠡᠯ ᠬᠦᠷᠲᠡᠭᠡᠪᠡ᠃ 《ᠲᠡᠭᠷᠢ》 ᠡᠴᠡ ᠱᠠᠭ ᠢ᠋ ᠤᠨᠠᠭᠠᠪᠠ᠃ 
     ᠣᠳᠣ ᠲᠠ ᠨᠠᠷ ᠮᠢᠨᠦ ᠲᠥᠯᠥᠭᠡ 《ᠲᠩᠷᠢ》 ᠳ᠋ᠦ᠍ ᠳᠠᠭᠠᠳᠬᠠᠯ ᠬᠢᠬᠦ ᠬᠡᠷᠡᠭᠲᠡᠢ ᠭᠡᠪᠡ᠃ ᠮᠦᠬᠠᠮᠸᠳ᠋ ᠵᠠᠬᠢᠷᠴᠤ ᠪᠠᠢᠭᠰᠠᠨ ᠦᠶ᠎ᠡ ᠳ᠋ᠦ᠍ ᠡᠳᠡᠭᠡᠷ ᠬᠤᠸᠠᠷᠠᠭ ᠨᠠᠷ ᠬᠠᠷᠢᠨ ᠠᠯᠪᠠ ᠲᠤᠰᠢᠶᠠᠵᠤ ᠪᠠᠢᠭᠰᠠᠨ ᠢ᠋ ᠴᠢᠩᠭᠢᠰ ᠬᠠᠭᠠᠨ ᠰᠣᠨᠣᠰᠤᠭᠠᠳ ᠶᠡᠬᠡᠯ᠎ᠡ ᠰᠣᠴᠢᠨ 《ᠱᠠᠭ ᠤ᠋ᠨ ᠲᠥᠯᠥᠭᠡ ᠲᠠ ᠨᠠᠷ ᠤ᠋ᠨ ᠳᠠᠭᠠᠳᠬᠠᠬᠤ ᠴᠢᠬᠤᠯᠠ ᠴᠢᠨᠠᠷ ᠢ᠋ ᠲᠡᠷᠡ ᠦᠨᠡᠯᠡᠬᠦ ᠦᠭᠡᠢ ᠪᠠᠢᠭᠰᠠᠨ ᠤᠤ》 ᠭᠡᠵᠦ ᠬᠡᠯᠡᠭᠡᠳ ᠱᠠᠭ ᠤ᠋ᠨ ᠵᠠᠰᠠᠭ ᠤ᠋ᠨ ᠭᠠᠵᠠᠷ ᠲᠤ᠌ ᠡᠳᠡᠨ ᠦ᠌ ᠲᠤᠰᠢᠶᠠᠭᠰᠠᠨ ᠪᠦᠬᠦ ᠭᠠᠢᠯᠢ ᠶ᠋ᠢ ᠪᠤᠴᠠᠭᠠᠯᠭᠠᠵᠤ ᠥᠭᠪᠡ᠃ 
     ᠰᠠᠮᠠᠷᠺᠠᠨᠳ᠋ ᠬᠣᠲᠠ ᠶ᠋ᠢᠨ ᠲᠡᠭᠦᠷᠭᠡ ᠳ᠋ᠦ᠍ ᠴᠠᠩ ᠴᠦᠨ ᠪᠣᠮᠪᠣ ᠪᠠᠰᠠ ᠴᠢᠩᠭᠢᠰ ᠬᠠᠭᠠᠨ ᠤ᠋ ᠣᠷᠳᠣᠨ ᠳ᠋ᠤ᠌ ᠲᠠᠪᠰᠢᠪᠠ᠃ ᠡᠨᠡᠬᠦ ᠬᠢᠲᠠᠳ ᠤ᠋ᠨ ᠡᠷᠳᠡᠮᠲᠡᠨ ᠦ᠌ ᠦᠭᠡ ᠶ᠋ᠢ ᠠᠩᠬᠠᠷᠤᠯ ᠲᠠᠢ ᠪᠠᠷ ᠰᠣᠨᠣᠰᠬᠤ ᠶ᠋ᠢᠨ ᠲᠥᠯᠥᠭᠡ ᠡᠮᠡᠭᠲᠡᠢᠴᠦᠳ ᠢ᠋ ᠣᠷᠣᠭᠤᠯᠬᠤ ᠦᠭᠡᠢ ᠲᠤᠰᠬᠠᠢ ᠮᠠᠢᠬᠠᠨ ᠳᠣᠲᠣᠷ᠎ᠠ ᠴᠢᠩᠭᠢᠰ ᠬᠠᠭᠠᠨ ᠪᠣᠯᠤᠨ ᠲᠡᠭᠦᠨ ᠦ᠌ ᠬᠥᠪᠡᠭᠦᠨ ᠲᠤᠯᠤᠢ ᠠ᠋ᠴᠠ ᠡᠬᠢᠯᠡᠨ ᠮᠣᠩᠭᠣᠯ ᠬᠠᠭᠠᠨᠲᠤ ᠤᠯᠤᠰ ᠤ᠋ᠨ ᠥᠨᠳᠥᠷ ᠬᠡᠷᠬᠡᠮᠲᠡᠳ ᠰᠥᠨᠢ ᠳᠦᠯᠢ ᠶ᠋ᠢᠨ ᠰᠡᠯᠡᠭᠦᠦ ᠴᠠᠭ ᠲᠤ᠌ ᠭᠤᠷᠪᠠᠨ ᠤᠳᠠᠭ᠎ᠠ ᠴᠤᠭᠯᠠᠷᠠᠪᠠ᠃ ᠬᠡᠯᠡᠮᠦᠷᠴᠢ ᠶ᠋ᠢᠨ ᠡᠭᠦᠷᠭᠡ ᠶ᠋ᠢ ᠮᠣᠩᠭᠣᠯ ᠬᠠᠭᠠᠨᠲᠤ ᠤᠯᠤᠰ ᠤ᠋ᠨ ᠲᠦᠰᠢᠮᠡᠯ ᠶᠸᠯᠣᠢ ᠴᠦᠼᠠᠢ ᠠ᠋ᠴᠠ ᠣᠨᠳᠣᠣ ᠬᠥᠮᠦᠨ ᠭᠦᠢᠴᠡᠳᠬᠡᠵᠦ ᠴᠢᠳᠠᠬᠤ ᠦᠭᠡᠢ ᠪᠠᠢᠭᠰᠠᠨ ᠶᠤᠮ᠃ ᠴᠠᠩ ᠴᠦᠨ ᠪᠣᠮᠪᠣ ᠶ᠋ᠢᠨ ᠬᠡᠯᠡᠭᠰᠡᠨ ᠦᠭᠡ ᠪᠦᠷᠢ ᠶ᠋ᠢ ᠴᠢᠩᠭᠢᠰ ᠬᠠᠭᠠᠨ ᠤ᠋ ᠵᠠᠷᠯᠢᠭ ᠶᠣᠰᠣᠭᠠᠷ ᠬᠢᠲᠠᠳ᠂ ᠮᠣᠩᠭᠣᠯ ᠬᠣᠶᠠᠷ ᠬᠡᠯᠡᠨ ᠳᠡᠭᠡᠷ᠎ᠡ ᠲᠡᠮᠳᠡᠭᠯᠡᠨ ᠦᠯᠡᠳᠡᠭᠡᠵᠢ᠃ 
     ᠴᠢᠩᠭᠢᠰ ᠬᠠᠭᠠᠨ ᠪᠣᠯ ᠳᠡᠯᠡᠬᠡᠢ ᠶ᠋ᠢᠨ ᠬᠡᠪᠴᠢᠶᠡᠨ ᠦ᠌ ᠬᠠᠭᠠᠨᠲᠤ ᠤᠯᠤᠰ ᠢ᠋ ᠭᠠᠷ ᠲᠠᠭᠠᠨ ᠣᠷᠣᠭᠤᠯᠪᠠ᠃ ᠡᠭᠦᠨ ᠢ᠋ ᠪᠡᠨ ᠲᠡᠷᠡ ᠬᠡᠳᠦᠨ ᠵᠠᠭᠤᠨ ᠣᠨ᠂ ᠲᠡᠷᠡᠴᠢᠯᠡᠨ ᠡᠭᠦᠨ ᠢ᠋ ᠡᠭᠦᠷᠢᠳᠡ ᠦᠷᠭᠦᠯᠵᠢᠯᠡᠭᠦᠯᠦᠨ ᠮᠥᠩᠬᠡ ᠶ᠋ᠢᠨ ᠪᠠᠲᠤ ᠪᠡᠬᠢ ᠪᠠᠢᠭᠤᠯᠬᠤ ᠶ᠋ᠢ ᠬᠦᠰᠡᠭᠰᠡᠨ ᠪᠠᠢᠨ᠎ᠠ᠃ ᠴᠠᠩ ᠴᠦᠨ ᠡᠨᠡ ᠰᠡᠳᠦᠪ ᠢ᠋ ᠰᠣᠨᠣᠰᠤᠭᠠᠳ ᠮᠦᠰᠢᠶᠡᠨ ᠢᠨᠢᠶᠡᠮᠰᠦᠭᠯᠡᠵᠦ᠂ ᠪᠣᠳᠣᠯᠬᠢᠯᠠᠭᠠᠳ ᠬᠡᠯᠡᠭᠰᠡᠨ ᠨᠢ᠄
     《ᠳᠣᠭᠰᠢᠨ ᠰᠠᠯᠬᠢᠨ ᠴᠤ᠌ ᠡᠳᠦᠷ ᠳᠣᠳᠣᠮ ᠦᠷᠭᠦᠯᠵᠢᠯᠡᠵᠦ ᠴᠢᠳᠠᠬᠤ ᠦᠭᠡᠢ᠂ ᠰᠢᠷᠦᠭᠦᠨ ᠪᠣᠷᠣᠭᠠᠨ ᠴᠤ᠌ ᠡᠳᠦᠷ ᠳᠣᠳᠣᠮ ᠦᠷᠭᠦᠯᠵᠢᠯᠡᠵᠦ ᠴᠢᠳᠠᠬᠤ ᠦᠭᠡᠢ᠂ ᠲᠣᠭᠰᠢᠨ ᠰᠠᠯᠬᠢᠨ ᠰᠢᠷᠦᠭᠦᠨ ᠪᠣᠷᠣᠭᠠᠨ ᠢ᠋ ᠬᠡᠨ ᠪᠦᠲᠦᠭᠡᠭᠰᠡᠨ ᠶᠤᠮ ᠪᠣᠢ᠂ <ᠲᠡᠭᠷᠢ> ᠬᠢᠭᠡᠳ< ᠭᠠᠵᠠᠷ> ᠶᠤᠮ᠃ ᠲᠡᠭᠷᠢ ᠭᠠᠵᠠᠷ ᠴᠤ᠌ ᠡᠭᠦᠨ ᠢ᠋ ᠪᠡᠨ ᠥᠨᠢ ᠤᠳᠠᠲᠠᠯ᠎ᠠ ᠦᠷᠭᠦᠯᠵᠢᠯᠡᠭᠦᠯᠵᠦ ᠴᠢᠳᠠᠬᠤ ᠦᠭᠡᠢ ᠤᠴᠢᠷ ᠠ᠋ᠴᠠ ᠬᠥᠮᠦᠨ ᠪᠣᠯᠪᠠᠰᠤ ᠥᠴᠦᠬᠡᠨ ᠲᠡᠳᠦᠢ ᠦᠷᠭᠦᠯᠵᠢᠯᠡᠭᠦᠯᠵᠦ ᠴᠢᠳᠠᠬᠤ ᠠ᠋ᠴᠠ ᠠᠰᠲᠠᠭᠠᠨ ᠠᠷᠭ᠎ᠠ ᠦᠭᠡᠢ ᠶᠤᠮ 》ᠭᠡᠪᠡ᠃ 
     ᠴᠢᠩᠭᠢᠰ ᠬᠠᠭᠠᠨ ᠪᠠᠰᠠ ᠨᠣᠶᠠᠷᠬᠠᠬᠤ ᠳ᠋ᠤ᠌ ᠪᠡᠷᠬᠡ ᠶ᠋ᠢᠨ ᠲᠤᠬᠠᠢ ᠵᠣᠪᠠᠨᠢᠵᠤ ᠪᠠᠢᠬᠤ ᠪᠠᠨ ᠳᠤᠷᠠᠳᠤᠭᠰᠠᠨ ᠳ᠋ᠤ᠌᠂ ᠴᠠᠩ ᠴᠦᠨ ᠪᠣᠮᠪᠣ ᠬᠡᠯᠡᠭᠰᠡᠨ ᠨᠢ
     《ᠶᠡᠬᠡ ᠤᠯᠤᠰ ᠢ᠋ ᠵᠠᠰᠠᠬᠤ ᠬᠡᠷᠡᠭ ᠪᠣᠯ ᠪᠢᠴᠢᠬᠠᠨ ᠵᠢᠭᠠᠰᠤ ᠶ᠋ᠢ ᠴᠢᠨᠠᠬᠤ ᠮᠡᠲᠦ  ᠶᠤᠮ ᠪᠠᠢᠨ᠎ᠠ᠃ ᠬᠠᠢᠷᠰᠤ ᠶ᠋ᠢ ᠨᠢ ᠤᠨᠠᠭᠠᠵᠤ ᠪᠣᠯᠬᠤ ᠦᠭᠡᠢ᠂ ᠲᠦᠭᠦᠬᠡᠢ ᠴᠢᠨᠠᠵᠤ ᠪᠣᠯᠬᠤ ᠦᠭᠡᠢ᠂ ᠰᠢᠲᠠᠭᠠᠴᠢᠬᠠᠭᠠᠳ ᠪᠠᠰᠠ ᠪᠣᠯᠬᠤ ᠦᠭᠡᠢ᠂ ᠨᠠᠷᠢᠨ ᠨᠢᠭᠲᠠ ᠪᠥᠭᠡᠳ ᠲᠦᠢ ᠳᠡᠮᠲᠡᠢ ᠭᠦᠢᠴᠡᠳ ᠭᠦᠨ ᠠᠩᠬᠠᠷᠬᠤ ᠦᠭᠡᠢ ᠪᠣᠯᠬᠤ ᠦᠭᠡᠢ  ᠶᠤᠮ᠃ ᠲᠦᠮᠡᠨ ᠬᠥᠮᠦᠨ ᠳ᠋ᠦ᠍ ᠭᠣᠣᠯᠴᠢ ᠪᠠᠷ ᠶᠠᠪᠤᠵᠤ ᠴᠢᠳᠠᠬᠤ ᠨᠢ ᠶᠣᠰᠣᠲᠠᠢ ᠯᠠ ᠡᠵᠡᠨ ᠬᠠᠭᠠᠨ ᠮᠥᠨ》ᠭᠡᠪᠡ᠃ 
     ᠴᠢᠩᠭᠢᠰ ᠬᠠᠭᠠᠨ ᠪᠠᠬᠠᠨ ᠪᠣᠳᠣᠯᠬᠢᠯᠠᠵᠤ ᠰᠠᠭᠤᠯ᠎ᠠ᠃ ᠲᠡᠢᠮᠦ ᠪᠣᠯ ᠥᠪᠡᠷ ᠦ᠋ᠨ ᠴᠢᠷᠮᠠᠢᠭᠰᠠᠨ ᠢ᠋ᠶ᠋ᠠᠷ ᠨᠢ ᠣᠨᠴᠠ ᠰᠡᠳᠬᠢᠯ ᠲᠥᠪᠯᠡᠷᠡᠭᠦᠯᠦᠭᠰᠡᠨ ᠬᠡᠷᠡᠭ ᠦᠭᠡᠢ ᠪᠣᠯᠴᠢᠬᠠᠬᠤ ᠴᠤ᠌ ᠮᠠᠭᠠᠳ᠃ ᠲᠡᠷᠡ ᠮᠡᠲᠦ ᠪᠠᠢᠪᠠᠯ ᠥᠪᠡᠷ ᠦ᠋ᠨ ᠦᠢᠯᠡᠰ ᠨᠢ ᠪᠠᠷᠤᠭ ᠬᠥᠨᠥᠭᠡᠯ ᠳ᠋ᠦ᠍ ᠤᠴᠠᠷᠠᠬᠤ ᠦᠭᠡᠢ ᠴᠦ᠍ ᠮᠠᠭᠠᠳ᠃ ᠴᠠᠩ ᠴᠦᠨ ᠪᠣᠮᠪᠣ ᠲᠡᠭᠦᠨ ᠳ᠋ᠦ᠍ ᠰᠠᠨᠠᠭ᠎ᠠ ᠲᠠᠢᠪᠤᠰᠢᠷᠠᠬᠤ ᠴᠠᠭ ᠢ᠋ ᠨᠡᠯᠢᠶᠡᠳ ᠥᠭᠭᠦᠭᠡᠳ᠂ ᠳᠠᠬᠢᠨ ᠬᠡᠯᠡᠭᠰᠡᠨ ᠨᠢ᠄
     《ᠰᠠᠢᠬᠠᠨ ᠰᠠᠭᠤᠯᠭᠠᠭᠰᠠᠨ ᠮᠣᠳᠣ ᠶ᠋ᠢ ᠰᠤᠭᠤᠯᠵᠤ ᠴᠢᠳᠠᠬᠤ ᠦᠭᠡᠢ᠂ ᠴᠢᠩᠭ᠎ᠠ ᠠᠳᠬᠤᠵᠤ ᠪᠠᠢᠬᠤ ᠶᠠᠭᠤᠮ᠎ᠠ ᠶ᠋ᠢ ᠭᠠᠷ ᠠ᠋ᠴᠠ ᠠᠯᠳᠠᠬᠤ ᠦᠭᠡᠢ᠃ ᠬᠥᠮᠦᠨ ᠪᠣᠯ ᠶᠣᠰᠣ ᠭᠡᠳᠡᠭ ᠣᠶᠤᠨ ᠪᠢᠯᠢᠭ᠂ ᠳᠠᠷᠤᠢ ᠮᠥᠩᠬᠡ ᠶ᠋ᠢᠨ ᠣᠶᠤᠨ ᠪᠢᠯᠢᠭ ᠢ᠋ᠶ᠋ᠡᠷ ᠶᠠᠪᠤᠬᠤ ᠦᠭᠡᠢ ᠪᠡᠷ ᠪᠣᠯᠬᠤ ᠦᠭᠡᠢ》 ᠭᠡᠵᠡᠢ᠃ 
     ᠴᠠᠩ ᠴᠦᠨ ᠪᠣᠮᠪᠣ ᠪᠠᠰᠠ ᠪᠣᠮᠪᠣ ᠶ᠋ᠢᠨ ᠱᠠᠰᠢᠨ ᠤ᠋ ᠦᠵᠡᠯ ᠢ᠋ᠶ᠋ᠡᠷ ᠪᠣᠢ ᠪᠣᠯᠤᠭᠰᠠᠨ ᠶᠢᠷᠲᠢᠨᠴᠦ ᠶ᠋ᠢᠨ ᠦᠵᠡᠯ ᠢ᠋ᠶ᠋ᠡᠨ ᠲᠠᠢᠯᠪᠤᠷᠢᠯᠠᠨ ᠬᠡᠯᠡᠭᠰᠡᠨ ᠨᠢ᠂ 《ᠲᠩᠷᠢ》᠂ 《ᠭᠠᠵᠠᠷ》 ᠤ᠋ᠨ ᠬᠣᠭᠣᠷᠣᠨᠳᠣ ᠢᠯᠡᠷᠡᠭᠰᠡᠨ ᠡᠯ᠎ᠡ ᠵᠦᠢᠯ ᠦ᠋ᠨ ᠦᠵᠡᠭᠳᠡᠯ ᠪᠣᠯ ᠣᠯᠠᠨ ᠵᠦᠢᠯ ᠦ᠋ᠨ ᠬᠡᠯᠪᠡᠷᠢ ᠲᠡᠢ ᠪᠥᠭᠡᠳ ᠪᠤᠳᠤᠯᠢᠶᠠᠨᠲᠠᠢ ᠵᠥᠷᠢᠴᠡᠯ ᠲᠡᠢ ᠪᠠᠢᠳᠠᠭ ᠪᠣᠯᠪᠠᠴᠤ᠂ ᠲᠡᠭᠦᠨ ᠦ᠌ ᠡᠬᠢ《ᠰᠣᠶᠣᠭ᠎ᠠ》 ᠶ᠋ᠢ ᠨᠢ ᠳᠥᠭᠥᠮ ᠬᠢᠯᠪᠠᠷ ᠢ᠋ᠶ᠋ᠠᠷ ᠢᠯᠭᠠᠨ ᠰᠠᠯᠭᠠᠵᠤ ᠴᠢᠳᠠᠮᠠᠷ ᠪᠠᠢᠳᠠᠭ ᠶᠤᠮ᠃ ᠣᠯᠠᠨ ᠦᠵᠡᠭᠳᠡᠯ ᠢ᠋ ᠲᠡᠭᠦᠨ ᠦ᠌ ᠤᠭ 《ᠰᠣᠶᠣᠭ᠎ᠠ》 ᠪᠠᠷ ᠠᠳᠬᠤᠵᠤ ᠴᠢᠳᠠᠬᠤ ᠨᠢ ᠳᠠᠷᠤᠢ ᠶᠣᠰᠣ᠂ ᠰᠢᠯᠤᠭᠤᠨ ᠰᠢᠳᠤᠷᠭᠤ ᠶ᠋ᠢᠨ《ᠣᠶᠤᠨ ᠤᠬᠠᠭᠠᠨ》 ᠲᠥᠪ ᠶᠣᠰᠣᠨ ᠤ᠋《ᠣᠶᠤᠨ ᠤᠬᠠᠭᠠᠨ》 ᠴᠢᠬᠡᠴᠢ ᠦᠨᠡᠨ《ᠣᠶᠤᠨ ᠤᠬᠠᠭᠠᠨ》 ᠳ᠋ᠤ᠌ ᠨᠡᠪᠲᠡᠷᠡᠳᠡᠭ  ᠶᠤᠮ᠃ 《ᠲᠩᠷᠢ》 ᠪᠣᠯᠤᠨ《ᠭᠠᠵᠠᠷ》 ᠤ᠋ᠨ ᠬᠣᠭᠣᠷᠣᠨᠳᠣ ᠠᠬᠤ ᠭᠠᠵᠠᠷ ᠪᠣᠯ ᠲᠤᠯᠤᠮ ᠮᠡᠲᠦ ᠬᠣᠭᠣᠰᠣᠨ ᠪᠠᠢᠳᠠᠭ᠂ ᠡᠨᠡ ᠲᠤᠯᠤᠮ ᠢ᠋ ᠬᠥᠳᠡᠯᠭᠡᠪᠡᠯ ᠶᠡᠷᠦ ᠠᠷᠪᠢᠨ ᠶᠠᠭᠤᠮ᠎ᠠ ᠭᠠᠷᠴᠤ ᠢᠷᠡᠵᠦ ᠴᠢᠳᠠᠨ᠎ᠠ᠃ ᠲᠡᠷᠡ ᠪᠠᠰᠠ ᠪᠦᠷᠢᠶ᠎ᠡ ᠪᠢᠰᠬᠢᠭᠦᠷ ᠮᠡᠲᠦ ᠶᠠᠭᠤᠮ᠎ᠠ ᠮᠥᠨ᠃ 《ᠭᠠᠵᠠᠷ》 ᠨᠢ ᠪᠠᠭᠠᠵᠢ ᠪᠣᠯᠵᠤ《ᠲᠩᠷᠢ》 ᠨᠢ ᠦᠯᠢᠶᠡᠭᠴᠢ ᠠᠮᠢᠰᠬᠤᠭ᠎ᠠ ᠨᠢ ᠶᠤᠮ᠃ ᠪᠢᠰᠬᠢᠭᠦᠷ ᠦᠯᠢᠶᠡᠬᠦ ᠬᠥᠮᠦᠨ ᠨᠢ ᠳᠠᠷᠤᠢ ᠶᠣᠰᠣ ᠮᠥᠨ ᠪᠣᠯᠬᠣᠷ ᠵᠠᠯᠭᠠᠭ᠎ᠠ ᠪᠠᠷ ᠬᠡᠮᠵᠢᠶ᠎ᠡ ᠬᠢᠵᠠᠭᠠᠷ ᠦᠭᠡᠢ ᠡᠯ᠎ᠡ ᠵᠦᠢᠯ ᠦ᠋ᠨ ᠠᠶᠠᠯᠭᠤ ᠶ᠋ᠢ ᠨᠠᠢᠷᠠᠭᠤᠯᠵᠤ ᠴᠢᠳᠠᠬᠤ ᠪᠣᠯᠤᠨ᠎ᠠ᠃ ᠡᠨᠡ ᠠᠶᠠᠯᠭᠤ ᠨᠢ《ᠦᠭᠡᠢ》 ᠡᠴᠡ ᠲᠥᠷᠥᠭᠳᠡᠵᠦ ᠭᠠᠷᠬᠤ ᠮᠡᠲᠦ ᠠᠯᠢᠪᠠ ᠣᠷᠭᠠᠨᠢᠭ ᠪᠣᠳᠠᠰ ᠪᠦᠷ ᠦᠭᠡᠢ ᠪᠠᠢᠭᠰᠠᠨ ᠠ᠋ᠴᠠ ᠪᠣᠢ ᠪᠣᠯᠵᠤ᠂ ᠡᠷᠭᠢᠭᠡᠳ ᠠᠮᠢ ᠦᠭᠡᠢ ᠪᠣᠯᠵᠤ ᠬᠠᠷᠢᠳᠠᠭ᠃ ᠲᠡᠷᠡ ᠨᠢ ᠬᠡᠳᠦᠢᠪᠡᠷ ᠠᠮᠢ ᠦᠭᠡᠢ ᠪᠣᠯᠵᠤ ᠬᠠᠷᠢᠪᠠᠴᠤ᠂ ᠮᠥᠬᠥᠭᠰᠡᠨ ᠬᠡᠷᠡᠭ ᠪᠢᠰᠢ᠂ ᠠᠶᠠᠯᠭᠤ ᠨᠢ ᠵᠣᠭᠰᠣᠭᠰᠠᠨ ᠪᠣᠯᠪᠠᠴᠤ ᠬᠥᠮᠦᠨ ᠲᠡᠭᠦᠨ ᠢ᠋ ᠳᠠᠬᠢᠨ ᠰᠣᠨᠣᠰᠴᠤ ᠴᠢᠳᠠᠬᠤ ᠶᠤᠮ᠃ ᠶᠣᠰᠣᠨ ᠤ᠋ ᠬᠥᠳᠡᠯᠭᠡᠭᠡᠨ ᠨᠢ ᠡᠢᠮᠦ ᠪᠠᠢᠳᠠᠭ᠃ ᠳᠠᠷᠤᠢ ᠲᠥᠷᠥᠭᠳᠡᠭᠰᠡᠨ ᠪᠣᠯᠪᠠᠴᠤ ᠦᠭᠡᠢ ᠪᠣᠯᠤᠨ᠎ᠠ᠃ ᠬᠥᠳᠡᠯᠵᠦ ᠪᠠᠢᠭᠠᠳ ᠪᠠᠷᠢᠭᠳᠠᠬᠤ ᠦᠭᠡᠢ᠂ ᠬᠦᠰᠡᠵᠦ ᠱᠠᠭᠠᠷᠳᠠᠪᠠᠴᠤ ᠵᠠᠬᠢᠷᠴᠤ ᠵᠢᠯᠣᠭᠣᠳᠬᠤ ᠦᠭᠡᠢ ᠪᠠᠢᠳᠠᠭ ᠶᠤᠮ᠃ ᠬᠥᠳᠡᠯᠦᠯ ᠦᠭᠡᠢ ᠪᠠᠢᠭᠠᠳ ᠠᠵᠢᠯᠯᠠᠭ᠎ᠠ ᠬᠢᠨ᠎ᠡ᠂ ᠱᠠᠭᠠᠷᠳᠠᠬᠤ ᠪᠣᠯᠪᠠᠴᠤ ᠵᠠᠬᠢᠷᠬᠤ ᠦᠭᠡᠢ᠃ ᠁ ᠡᠳᠡᠭᠡᠷ ᠪᠣᠯ ᠥᠭᠡᠷ᠎ᠡ ᠶᠢᠷᠲᠢᠨᠴᠦ ᠶ᠋ᠢᠨ ᠪᠣᠳᠣᠯᠬᠢᠯᠠᠬᠤ ᠠᠷᠭ᠎ᠠ ᠮᠥᠨ ᠪᠥᠭᠡᠳ ᠦᠵᠡᠯ ᠰᠠᠨᠠᠭ᠎ᠠ ᠭᠡᠭᠴᠢ ᠨᠢ ᠪᠣᠯᠤᠨ᠎ᠠ᠃ ᠡᠢᠮᠦ ᠦᠵᠡᠯ ᠰᠠᠨᠠᠭ᠎ᠠ ᠪᠣᠯ ᠮᠣᠩᠭᠣᠯᠴᠤᠳ ᠤ᠋ᠨ ᠡᠷᠲᠡᠨ ᠡᠴᠡ ᠤᠯᠠᠮᠵᠢᠯᠠᠭᠠᠳ ᠢᠷᠡᠭᠰᠡᠨ ᠵᠠᠩ ᠳᠠᠳᠬᠠᠯ ᠲᠠᠢ ᠥᠴᠦᠬᠡᠨ ᠴᠦ᠍ ᠨᠡᠢᠴᠡᠬᠦ ᠤᠴᠢᠷ ᠦᠭᠡᠢ ᠪᠡᠷ ᠦᠯᠦ ᠪᠠᠷᠠᠨ ᠶᠠᠭ ᠡᠰᠡᠷᠭᠦᠦ ᠦᠵᠡᠯ ᠰᠠᠨᠠᠭ᠎ᠠ ᠮᠥᠨ᠃ ᠭᠡᠪᠡᠴᠦ ᠴᠢᠩᠭᠢᠰ ᠬᠠᠭᠠᠨ ᠡᠨᠡ ᠦᠵᠡᠯ ᠰᠠᠨᠠᠭ᠎ᠠ ᠶ᠋ᠢᠨ ᠠᠭᠤᠤ ᠶᠡᠬᠡ ᠴᠢᠨᠠᠷ᠂ ᠡᠨᠡᠬᠦ ᠦᠵᠡᠯ ᠰᠠᠨᠠᠭ᠎ᠠ ᠳᠣᠲᠣᠷ᠎ᠠ ᠶᠠᠮᠠᠷ ᠨᠢᠭᠡᠨ ᠠᠭᠤᠤ ᠶᠡᠬᠡ ᠶᠠᠭᠤᠮ᠎ᠠ ᠪᠠᠢᠬᠤ ᠭᠡᠮᠡᠨ ᠰᠡᠷᠡᠵᠦ ᠮᠡᠳᠡᠭᠡᠳ᠂ ᠬᠢᠴᠢᠶᠡᠩᠭᠦᠢ ᠰᠡᠳᠬᠢᠯ ᠢ᠋ᠶ᠋ᠡᠷ ᠬᠠᠨᠳᠤᠬᠤ ᠦᠭᠡᠢ ᠪᠣᠯᠬᠤ ᠦᠭᠡᠢ ᠵᠦᠢᠯ ᠦ᠋ᠨ ᠶᠠᠭᠤᠮ᠎ᠠ ᠪᠠᠢᠨ᠎ᠠ ᠭᠡᠵᠦ ᠪᠣᠳᠣᠭᠠᠳ ᠳᠡᠷᠭᠡᠳᠡ ᠳ᠋ᠡᠬᠢ ᠥᠷᠯᠥᠭ ᠨᠣᠶᠠᠳ ᠲᠠᠭᠠᠨ ᠬᠡᠯᠡᠭᠰᠡᠨ ᠨᠢ᠄
     《ᠡᠨᠡ ᠮᠡᠷᠭᠡᠨ ᠡᠷᠳᠡᠮᠲᠡᠨ ᠦ᠌ ᠬᠡᠯᠡᠵᠦ ᠪᠠᠢᠬᠤ ᠤᠴᠢᠷ ᠨᠢ< ᠲᠩᠷᠢ> ᠲᠡᠭᠦᠨ ᠢ᠋ᠶ᠋ᠡᠷ ᠤᠯᠠᠮᠵᠢᠯᠠᠭᠤᠯᠵᠤ ᠪᠠᠢᠬᠤ ᠤᠴᠢᠷ ᠪᠣᠯᠤᠨ᠎ᠠ᠃ ᠮᠡᠬᠦᠰ ᠮᠢᠨᠦ ᠪᠡᠶ᠎ᠡ ᠲᠡᠭᠦᠨ ᠦ᠌ ᠦᠭᠡ ᠶ᠋ᠢ ᠰᠡᠳᠬᠢᠯ ᠳ᠋ᠡᠭᠡᠨ ᠭᠦᠨ ᠲᠣᠭᠲᠠᠭᠠᠵᠤ ᠠᠪᠤᠯ᠎ᠠ᠃ ᠲᠠ ᠣᠯᠠᠨ ᠪᠠᠰᠠ ᠡᠢᠮᠦ ᠰᠡᠳᠬᠢᠯ ᠪᠠᠢᠬᠤ ᠶᠣᠰᠣᠲᠠᠢ᠃ ᠭᠡᠪᠡᠴᠦ ᠲᠡᠭᠦᠨ ᠦ᠌ ᠦᠭᠡ ᠶ᠋ᠢ ᠰᠣᠨᠣᠰᠤᠭᠰᠠᠨ ᠡᠨᠡᠬᠦ ᠬᠡᠪᠴᠢᠶ᠎ᠡ ᠡᠴᠡ ᠥᠷᠭᠡᠳᠬᠡᠬᠦ ᠬᠡᠷᠡᠭ ᠦᠭᠡᠢ》 ᠭᠡᠪᠡ᠃ 
     ᠲᠡᠢᠮᠦ ᠪᠠᠢᠭᠰᠠᠨ ᠴᠤ ᠴᠢᠩᠭᠢᠰ ᠬᠠᠭᠠᠨ ᠲᠡᠭᠦᠨ ᠦ᠌ ᠬᠡᠦᠬᠡᠳ ᠦ᠋ᠳ ᠲᠦ᠍ ᠴᠠᠩ ᠴᠦᠨ ᠪᠣᠮᠪᠣ ᠠ᠋ᠴᠠ ᠡᠨᠡ ᠨᠣᠮ ᠢ᠋ ᠲᠠᠢᠯᠪᠤᠷᠢᠯᠠᠵᠤ ᠥᠭᠬᠦ ᠶ᠋ᠢ ᠬᠦᠰᠡᠵᠡᠢ᠃ ᠲᠡᠭᠡᠭᠡᠳ ᠲᠡᠷᠡ ᠳᠠᠷᠤᠢ ᠬᠤᠷᠠᠯᠳᠤᠭᠠᠨ ᠢ᠋ ᠬᠤᠷᠠᠯᠳᠤᠭᠤᠯᠪᠠ᠃ ᠡᠭᠦᠨ ᠳ᠋ᠦ᠍ᠨᠢ ᠵᠥᠴᠢ᠂ ᠴᠠᠭᠠᠲᠠᠢ᠂ ᠥᠭᠡᠳᠡᠢ ᠪᠦᠷ ᠢᠷᠡᠬᠦ ᠶᠣᠰᠣᠲᠠᠢ ᠶᠤᠮ᠃ ᠬᠢᠲᠠᠳ ᠬᠥᠮᠦᠨ ᠦ᠌ ᠡᠨᠡᠬᠦ ᠬᠥᠭᠰᠢᠨ ᠡᠷᠳᠡᠮᠲᠡᠨ ᠤᠯᠤᠰ ᠲᠠᠭᠠᠨ ᠪᠤᠴᠠᠬᠤ ᠪᠠᠷ ᠤᠳᠠᠭ᠎ᠠ ᠳᠠᠷᠠᠭ᠎ᠠ ᠭᠤᠶᠤᠴᠢᠯᠠᠭᠰᠠᠨ ᠪᠣᠯᠪᠠᠴᠤ ᠲᠤᠰᠠ ᠭᠠᠷᠤᠭᠰᠠᠨ ᠦᠭᠡᠢ᠂ ᠮᠥᠨᠴᠥ ᠬᠦᠯᠢᠶᠡᠬᠦ ᠦᠭᠡᠢ ᠪᠡᠷ ᠪᠣᠯᠬᠤ ᠦᠭᠡᠢ ᠪᠠᠢᠵᠠᠢ᠃ 

( ᠬᠣᠶᠠᠷ) ᠪᠠᠢᠯᠳᠤᠭᠠᠨ ᠤ᠋ ᠢᠯᠠᠯᠲᠠ ᠪᠠᠨ ᠪᠡᠯᠭᠡᠯᠡᠬᠦ ᠶ᠋ᠢᠨ ᠬᠠᠮᠲᠤ ᠢᠷᠡᠭᠡᠳᠦᠢ ᠶ᠋ᠢᠨ ᠲᠦᠭᠰᠢᠭᠦᠷᠢ ᠶ᠋ᠢ ᠪᠣᠳᠣᠯᠬᠢᠯᠠᠭᠰᠠᠨ ᠨᠢ

     ᠶᠡᠬᠡ ᠬᠤᠷᠠᠯᠳᠤᠭᠠᠨ ᠳᠡᠭᠡᠷ᠎ᠡ ᠴᠡᠷᠢᠭ ᠦ᠋ᠨ ᠶᠠᠪᠤᠳᠠᠯ ᠤ᠋ᠨ ᠠᠰᠠᠭᠤᠳᠠᠯ ᠲᠠᠢ ᠬᠠᠮᠢᠶᠠᠳᠠᠭᠤᠯᠬᠤ ᠦᠭᠡᠢ᠂ ᠪᠠᠢᠯᠳᠤᠭᠠᠨ ᠤ᠋ ᠲᠥᠯᠥᠪᠯᠡᠭᠡ ᠪᠠ ᠪᠡᠯᠡᠳᠬᠡᠯ ᠢ᠋ ᠵᠥᠪᠳᠡᠭᠰᠡᠨ ᠦᠭᠡᠢ ᠨᠢ ᠡᠨᠡ ᠴᠢᠨᠢ ᠲᠡᠷᠢᠭᠦᠨ ᠤᠳᠠᠭ᠎ᠠ ᠪᠣᠯᠤᠨ᠎ᠠ᠃ ᠡᠨᠡ ᠤᠳᠠᠭ᠎ᠠ ᠶ᠋ᠢᠨ ᠬᠤᠷᠠᠯᠳᠤᠭᠠᠨ ᠪᠣᠯ ᠢᠯᠠᠯᠲᠠ ᠣᠯᠤᠭᠠᠳ ᠪᠠᠢᠯᠳᠤᠭᠠᠨ ᠤ᠋ ᠲᠡᠭᠦᠰᠬᠡᠯ ᠢ᠋ ᠪᠡᠯᠭᠡᠯᠡᠬᠦ ᠪᠠᠶᠠᠷ ᠤ᠋ᠨ ᠬᠤᠷᠠᠯ ᠪᠣᠯᠤᠭᠰᠠᠨ ᠪᠠᠢᠨ᠎ᠠ᠃ ᠬᠤᠷᠠᠯᠳᠤᠭᠠᠨ ᠨᠢ ᠬᠡᠳᠦᠨ ᠰᠠᠷ᠎ᠠ ᠦᠷᠭᠦᠯᠵᠢᠯᠡᠪᠡ᠃ ᠰᠢᠷᠳᠡᠷᠢᠶᠠ ᠭᠣᠣᠯ ᠤ᠋ᠨ ᠬᠥᠪᠡᠭᠡ ᠳ᠋ᠡᠬᠢ ᠰᠠᠷᠠᠭᠤᠯ ᠲᠠᠯ᠎ᠠ ᠨᠢ ᠨᠡᠭᠦᠳᠡᠯᠴᠢᠨ ᠠᠷᠠᠳ ᠤ᠋ᠨ ᠠᠮᠢᠳᠤᠷᠠᠬᠤ ᠲᠠᠭᠠᠲᠠᠢ ᠰᠠᠢᠨ ᠣᠷᠣᠨ ᠪᠠᠢᠯ᠎ᠠ᠃ ᠡᠳᠦᠷ ᠪᠦᠷᠢ ᠮᠣᠷᠢ ᠤᠨᠤᠵᠤ ᠲᠣᠭᠣᠷᠢᠬᠤ᠂ ᠡᠯᠳᠡᠪ ᠡᠰᠡ ᠶ᠋ᠢᠨ ᠠᠪᠠ ᠲᠠᠯᠪᠢᠬᠤ᠂ ᠣᠯᠠᠨ ᠨᠣᠶᠠᠳ ᠤ᠋ᠨ ᠳᠠᠢᠯᠠᠯᠭ᠎ᠠ᠂ ᠢᠷᠠᠭᠤ ᠠᠯᠳᠠᠷ ᠣᠯᠭᠣᠬᠤ ᠶᠣᠰᠣᠯᠠᠯ᠂ ᠣᠬᠢ ᠰᠠᠢᠨ ᠪᠡᠯᠡᠭ ᠰᠡᠯᠲᠡ ᠪᠡᠨ ᠬᠦᠷᠭᠡᠯᠴᠡᠬᠦ᠂ ᠡᠳᠦᠷ ᠪᠣᠯᠭᠠᠨ ᠬᠤᠷᠢᠮ ᠨᠠᠢᠷ ᠬᠢᠬᠦ᠂ ᠬᠠᠮᠤᠭ ᠤ᠋ᠨ ᠦᠵᠡᠮᠵᠢᠲᠡᠢ ᠭᠣᠶᠣ ᠬᠤᠪᠴᠠᠰᠤ᠂ ᠰᠠᠢᠬᠠᠨ ᠵᠡᠪᠰᠡᠭ᠂ ᠦᠵᠡᠰᠬᠦᠯᠡᠩ ᠭᠤᠸ᠎ᠠ ᠡᠮᠡᠭᠲᠡᠢ᠂ ᠰᠠᠢᠨ ᠮᠣᠷᠢ᠂ ᠠᠮᠲᠠᠲᠠᠢ ᠵᠠᠭᠤᠰᠢ ᠰᠢᠮᠡᠲᠡᠢ ᠠᠷᠢᠬᠢ ᠶ᠋ᠢ ᠡᠳ᠋ᠯᠡᠬᠦ ᠡᠨᠡ ᠮᠡᠲᠦ ᠶ᠋ᠢᠨ ᠳ᠋ᠧᠸᠠᠵᠡᠨ ᠭᠡᠮᠡᠷ ᠵᠢᠷᠭᠠᠯ ᠢ᠋《ᠲᠩᠷᠢ》 ᠡᠴᠡ ᠮᠣᠩᠭᠣᠯ ᠦᠨᠳᠦᠰᠦᠲᠡᠨ ᠳ᠋ᠦ᠍ ᠬᠠᠢᠷᠠᠯᠠᠭᠰᠠᠨ ᠪᠠᠢᠨ᠎ᠠ᠂ ᠮᠣᠩᠭᠣᠯᠴᠤᠳ ᠭᠠᠭᠴᠠᠬᠦ ᠴᠢᠩᠭᠢᠰ ᠬᠠᠭᠠᠨ ᠤ᠋ ᠶᠣᠰᠣ ᠶ᠋ᠢ ᠰᠠᠬᠢᠭᠠᠳ ᠶᠠᠪᠤᠬᠤ ᠪᠣᠯ ᠥᠨᠢ ᠡᠭᠦᠷᠢᠳᠡ ᠡᠭᠦᠨ ᠢ᠋ ᠡᠳ᠋ᠯᠡᠵᠦ ᠴᠢᠳᠠᠬᠤ ᠠᠵᠢ᠃ 
     ᠠᠯᠢᠪᠠ ᠪᠦᠬᠦᠨ ᠨᠢ ᠪᠣᠳᠣᠵᠤ ᠣᠯᠬᠤ ᠬᠡᠮᠵᠢᠶ᠎ᠡ ᠪᠡᠷ ᠪᠦᠷᠢᠯᠭᠡᠨ ᠰᠦᠢᠳᠬᠡᠬᠦ ᠪᠡᠷ ᠲᠥᠯᠥᠪᠯᠡᠨ ᠵᠣᠬᠢᠶᠠᠵᠤ ᠪᠠᠢᠭᠰᠠᠨ ᠶᠤᠮ᠃ ᠲᠣᠷᠭ᠎ᠠ ᠪᠤᠶᠤ ᠬᠠᠳᠬᠤᠮᠠᠯ ᠲᠣᠷᠭ᠎ᠠ ᠪᠠᠷ ᠴᠢᠮᠡᠭᠰᠡᠨ ᠡᠳ᠋ ᠢ᠋ᠶ᠋ᠡᠷ ᠬᠢᠭᠰᠡᠨ ᠮᠠᠢᠬᠠᠨ᠂ ᠮᠦᠬᠠᠮᠸᠳ᠋ ᠦ᠋ᠨ ᠠᠯᠲᠠᠨ ᠰᠠᠨᠳᠠᠯᠢ ᠢᠰᠡᠷᠢ᠂ ᠠᠯᠲᠠᠨ ᠲᠢᠲᠢᠮ᠂ ᠬᠠᠭᠠᠨ ᠤ᠋ ᠲᠠᠶᠠᠭ᠂ ᠬᠠᠭᠠᠨ ᠰᠠᠭᠤᠷᠢᠨ ᠤ᠋ ᠡᠮᠦᠨᠡᠬᠢ ᠠᠯᠮᠠᠰ ᠡᠷᠳᠡᠨᠢ᠂ ᠰᠤᠪᠤᠳ ᠲᠠᠨ᠎ᠠ ᠪᠠᠷ ᠰᠡᠢᠯᠦᠭᠰᠡᠨ ᠬᠠᠢᠷᠴᠠᠭ ᠳᠣᠲᠣᠷ᠎ᠠ ᠨᠢ ᠠᠯᠲᠠ ᠪᠠᠷ ᠬᠢᠭᠰᠡᠨ ᠪᠠᠷᠠᠭ᠎ᠠ ᠵᠡᠷᠭᠡ ᠶ᠋ᠢ ᠣᠪᠣᠭ᠎ᠠ ᠬᠠᠳᠠᠭᠠᠯᠠᠵᠤ ᠲᠠᠯᠪᠢᠵᠤ ᠪᠠᠢᠯ᠎ᠠ᠃ ᠴᠢᠩᠭᠢᠰ ᠬᠠᠭᠠᠨ ᠡᠳᠡᠭᠡᠷ ᠰᠠᠢᠬᠠᠨ ᠶᠠᠭᠤᠮ᠎ᠠ ᠶ᠋ᠢᠨ ᠦᠵᠡᠰᠬᠦᠯᠡᠩ ᠢ᠋ ᠥᠴᠦᠬᠡᠨ ᠴᠦ᠍ ᠳᠤᠷᠠᠯᠠᠬᠤ ᠦᠭᠡᠢ ᠪᠠᠢᠪᠠ᠃ ᠡᠭᠦᠨ ᠳ᠋ᠦ᠍ ᠶᠧᠯᠦᠢ ᠴᠦᠼᠠᠢ᠄ 
     《ᠡᠵᠡᠨ ᠲᠠ ᠥᠪᠡᠷ ᠦ᠋ᠨ ᠭᠡᠷ ᠲᠡᠭᠡᠨ ᠶᠠᠭᠠᠬᠢᠵᠤ ᠠᠮᠢᠳᠤᠷᠠᠪᠠᠴᠤ ᠥᠪᠡᠷ ᠦ᠋ᠨ ᠳᠤᠷ᠎ᠠ ᠪᠠᠷ ᠪᠣᠯᠤᠨ᠎ᠠ᠃ ᠡᠨᠳᠡ ᠪᠣᠯ ᠲᠠ ᠮᠣᠩᠭᠣᠯ ᠬᠠᠭᠠᠨᠲᠤ ᠤᠯᠤᠰ ᠤ᠋ᠨ ᠰᠦᠷ ᠬᠦᠴᠦᠨ ᠢ᠋ᠶ᠋ᠡᠨ ᠦᠵᠡᠭᠦᠯᠬᠦ ᠤᠴᠢᠷ ᠲᠠᠢ ᠶᠤᠮ》 ᠭᠡᠪᠡ᠃ ᠡᠨᠡᠬᠦ ᠰᠢᠳᠤᠷᠭᠤ ᠢᠳᠬᠠᠯ ᠢ᠋ ᠴᠢᠩᠭᠢᠰ ᠬᠠᠭᠠᠨ ᠳᠠᠭᠠᠭᠰᠠᠨ ᠪᠠᠢᠨ᠎ᠠ᠃ ᠭᠠᠭᠴᠠ ᠨᠢᠭᠡᠨ ᠵᠦᠢᠯ ᠢ᠋ ᠴᠢᠩᠭᠢᠰ ᠬᠠᠭᠠᠨ ᠵᠥᠪᠰᠢᠶᠡᠷᠡᠭᠰᠡᠨ ᠦᠭᠡᠢ᠂ ᠲᠡᠭᠦᠨ ᠦ᠌ ᠡᠮᠦᠰᠬᠦ ᠬᠤᠪᠴᠠᠰᠤ ᠶ᠋ᠢᠨ ᠲᠤᠬᠠᠢ ᠪᠣᠯᠤᠨ᠎ᠠ᠂ ᠲᠡᠷᠡ ᠡᠭᠦᠷᠢᠳᠡ ᠪᠣᠷᠣ ᠪᠦᠳᠦᠭᠦᠯᠢᠭ ᠪᠥᠰ ᠢ᠋ᠶ᠋ᠡᠷ ᠬᠢᠭᠰᠡᠨ ᠬᠠᠭᠤᠴᠢᠨ ᠬᠤᠪᠴᠠᠰᠤ ᠪᠠᠨ ᠡᠮᠦᠰᠴᠦ ᠶᠠᠮᠠᠷ ᠴᠤ᠌ ᠴᠢᠮᠡᠭ ᠵᠠᠰᠠᠯ ᠰᠢᠭᠢᠳᠦᠭᠦᠯᠬᠦ ᠦᠭᠡᠢ ᠪᠠᠢᠭᠰᠠᠨ ᠪᠢᠯᠡ᠃ ᠲᠡᠭᠦᠨ ᠦ᠌ ᠬᠠᠨᠵᠢᠶᠠᠷ ᠨᠢ ᠪᠤᠯᠠᠭ᠎ᠠ ᠶ᠋ᠢᠨ ᠠᠷᠠᠰᠤ ᠪᠠᠷ ᠬᠢᠭᠰᠡᠨ ᠪᠥᠭᠡᠳ ᠮᠠᠯᠠᠭᠠᠢ ᠬᠦᠷᠮ᠎ᠡ ᠨᠢ ᠪᠤᠯᠠᠭ᠎ᠠ ᠶ᠋ᠢᠨ ᠠᠷᠠᠰᠤ ᠪᠠᠷ ᠡᠮᠵᠢᠶᠡᠷᠢᠯᠡᠭᠰᠡᠨ ᠪᠠᠢᠵᠠᠢ᠂ ᠡᠨᠡ ᠨᠢ ᠰᠠᠷᠠᠭᠤᠯ ᠲᠠᠯ᠎ᠠ ᠶ᠋ᠢᠨ ᠡᠷᠬᠢᠮ ᠨᠣᠶᠠᠳ ᠳᠤ ᠲᠣᠬᠢᠷᠠᠬᠤ ᠵᠠᠰᠠᠯ ᠠᠵᠢ᠃ ᠶᠢᠷᠲᠢᠨᠴᠦ ᠳᠡᠯᠡᠬᠡᠢ ᠶ᠋ᠢ ᠪᠠᠢᠯᠳᠤᠨ ᠳᠠᠭᠠᠭᠤᠯᠤᠭᠴᠢ ᠴᠢᠩᠭᠢᠰ ᠬᠠᠭᠠᠨ ᠬᠡᠵᠢᠶ᠎ᠡ ᠴᠦ᠍ ᠲᠠᠯ᠎ᠠ ᠨᠤᠲᠤᠭ ᠤ᠋ᠨ ᠡᠷᠬᠢᠮ ᠨᠣᠶᠠᠨ ᠮᠥᠨ ᠭᠡᠰᠡᠨ ᠢ᠋ᠶ᠋ᠡᠨ ᠠᠯᠳᠠᠬᠤ ᠦᠭᠡᠢ ᠪᠠᠢᠭᠰᠠᠨ ᠶᠤᠮ᠂ ᠵᠡᠪᠰᠡᠭ ᠡᠴᠡ ᠠᠰᠲᠠᠭᠠᠨ ᠬᠣᠲᠠ ᠶ᠋ᠢᠨ ᠴᠢᠮᠡᠭᠯᠡᠵᠦ ᠭᠣᠶᠣᠯᠠᠭᠰᠠᠨ ᠬᠤᠪᠴᠠᠰᠤ ᠶ᠋ᠢ ᠪᠡᠶ᠎ᠡ ᠳ᠋ᠡᠭᠡᠨ ᠬᠠᠯᠭᠠᠬᠤ ᠦᠭᠡᠢ᠂ ᠡᠨᠡ ᠶᠠᠭᠤᠮ᠎ᠠ ᠲᠡᠭᠦᠨ ᠦ᠌ ᠲᠥᠷᠥᠯᠬᠢ ᠴᠢᠨᠠᠷ ᠲᠤᠨᠢ ᠨᠡᠢᠴᠡᠬᠦ ᠦᠭᠡᠢ ᠪᠠᠢᠪᠠ᠂ ᠬᠣᠲᠠ ᠵᠡᠭᠡᠯᠢ ᠶ᠋ᠢᠨ ᠢᠪᠴᠤᠤ ᠰᠢᠬᠠᠯᠳᠤᠭᠰᠠᠨ ᠠᠮᠢᠳᠤᠷᠠᠯ ᠢ᠋ ᠴᠤ᠌ ᠠᠳᠠᠯᠢ ᠪᠠᠷ ᠵᠢᠭᠰᠢᠳᠡᠭ᠃ ᠲᠡᠷᠡ ᠬᠡᠯᠡᠯᠭᠡᠨ ᠦᠭᠡᠢ ᠶᠧᠯᠦᠢ ᠴᠦᠼᠠᠢ ᠶ᠋ᠢᠨ ᠢᠳᠬᠠᠯ ᠢ᠋ ᠳᠠᠭᠠᠭᠰᠠᠨ ᠢ᠋ᠶ᠋ᠠᠷ ᠨᠠᠢ᠍ᠮᠠᠨ ᠠᠢᠮᠠᠭ ᠤ᠋ᠨ ᠠᠷᠠᠯᠵᠢᠶ᠎ᠠ ᠵᠥᠭᠡᠭᠡᠪᠦᠷᠢ ᠬᠢᠬᠦ ᠪᠠ ᠡᠳ᠋ ᠪᠠᠷᠠᠭ᠎ᠠ ᠬᠠᠳᠠᠭᠠᠯᠠᠭᠰᠠᠨ ᠬᠠᠷᠠᠬᠣᠷᠢᠨ ᠢ ᠪᠠᠢᠯᠳᠤᠭᠠᠨ ᠤ᠋ ᠳᠠᠷᠠᠭ᠎ᠠ ᠬᠣᠲᠠ ᠵᠡᠭᠡᠯᠢ ᠰᠢᠭ ᠬᠤᠪᠢᠷᠠᠭᠤᠯᠤᠨ ᠪᠠᠢᠭᠤᠯᠬᠤ ᠶ᠋ᠢ ᠵᠥᠪᠰᠢᠶᠡᠷᠡᠭᠰᠡᠨ ᠶᠤᠮ᠃ ᠲᠦᠰᠢᠮᠡᠯ ᠶᠧᠯᠦᠢ ᠴᠦᠼᠠᠢ ᠣᠯᠠᠨ ᠤᠯᠤᠰ ᠠ᠋ᠴᠠ ᠠᠯᠪᠠ ᠡᠷᠭᠦᠬᠦ ᠪᠥᠭᠡᠳ ᠣᠯᠠᠨ ᠵᠠᠰᠠᠭ ᠵᠠᠬᠢᠷᠭ᠎ᠠ ᠶ᠋ᠢᠨ ᠪᠠᠢᠭᠤᠯᠤᠯᠭ᠎ᠠ ᠶ᠋ᠢᠨ ᠲᠥᠪ ᠲᠡᠢ ᠪᠣᠯᠭᠠᠬᠤ ᠶ᠋ᠢᠨ ᠲᠥᠯᠥᠭᠡ ᠡᠨᠡ ᠮᠡᠲᠦ ᠬᠣᠲᠠ ᠶ᠋ᠢ ᠪᠠᠢᠭᠤᠯᠬᠤ ᠬᠡᠷᠡᠭᠴᠡᠭᠡ ᠲᠡᠢ ᠭᠡᠵᠦ ᠵᠣᠷᠢᠪᠠ᠃ ᠴᠢᠩᠭᠢᠰ ᠬᠠᠭᠠᠨ ᠤ᠋ ᠪᠡᠶ᠎ᠡ ᠨᠢ ᠲᠡᠢᠮᠦ ᠭᠠᠵᠠᠷ ᠤᠳᠠᠭᠠᠨ ᠰᠠᠭᠤᠶ᠎ᠠ ᠭᠡᠵᠦ ᠪᠣᠳᠣᠭᠰᠠᠨ ᠦᠭᠡᠢ᠃  
     《ᠮᠢᠨᠦ ᠬᠡᠦᠬᠡᠳ ᠪᠠᠷᠤᠭ ᠰᠠᠭᠤᠷᠢᠰᠢᠮᠠᠯ ᠬᠣᠲᠠ ᠶ᠋ᠢᠨ ᠴᠢᠯᠠᠭᠤ ᠲᠣᠭᠣᠰᠬ᠎ᠠ ᠶ᠋ᠢᠨ ᠭᠡᠷ ᠲᠦ᠍ ᠰᠠᠭᠤᠬᠤ ᠶ᠋ᠢ ᠡᠷᠡᠮᠡᠯᠵᠡᠵᠦ ᠪᠠᠢᠬᠤ ᠮᠠᠭᠠᠳ᠂ ᠪᠢ ᠶᠡᠷᠦᠨᠢ ᠲᠡᠭᠦᠨ ᠦ᠌ ᠳᠣᠲᠣᠷ᠎ᠠ ᠰᠠᠭᠤᠬᠤ ᠦᠭᠡᠢ》 ᠭᠡᠪᠡ᠃ 
     ᠰᠡᠳᠬᠢᠯ ᠦ᠋ᠨ ᠤᠭ ᠠ᠋ᠴᠠ ᠪᠠᠨ ᠨᠡᠭᠦᠳᠡᠯᠴᠢᠨ ᠠᠷᠠᠳ ᠪᠠᠢᠭᠰᠠᠨ ᠴᠢᠩᠭᠢᠰ ᠬᠠᠭᠠᠨ᠂ ᠥᠪᠡᠷ ᠦ᠋ᠨ ᠪᠡᠶ᠎ᠡ ᠶ᠋ᠢᠨ ᠲᠥᠯᠥᠭᠡ ᠭᠡᠰᠡᠨ ᠴᠦ᠍᠂ ᠦᠷ᠎ᠡ ᠠᠴᠢ ᠨᠠᠷ ᠤ᠋ᠨ ᠢ᠋ᠶ᠋ᠠᠨ ᠲᠥᠯᠥᠭᠡ ᠭᠡᠰᠡᠨ ᠴᠦ᠍ ᠡᠷᠬᠡ ᠴᠢᠯᠥᠭᠡ ᠲᠡᠢ ᠪᠥᠭᠡᠳ ᠬᠦᠯᠢᠶᠡᠰᠦ ᠬᠣᠷᠢᠭᠳᠠᠯ ᠦᠭᠡᠢ ᠨᠡᠭᠦᠳᠡᠯᠯᠡᠨ ᠮᠠᠯᠵᠢᠵᠤ ᠠᠮᠢᠳᠤᠷᠠᠬᠤ ᠠ᠋ᠴᠠ ᠣᠨᠳᠣᠣ ᠠᠮᠢᠳᠤᠷᠠᠬᠤ ᠬᠡᠯᠪᠡᠷᠢ ᠶ᠋ᠢ ᠬᠦᠰᠡᠬᠦ ᠦᠭᠡᠢ ᠪᠠᠢᠭᠰᠠᠨ ᠶᠤᠮ᠃ ᠲᠥᠷᠥᠯᠬᠢ ᠠᠪᠢᠶᠠᠰ ᠠ᠋ᠴᠠ ᠨᠢ ᠪᠣᠯᠵᠤ᠂ ᠡᠢᠮᠦ ᠠᠮᠢᠳᠤᠷᠠᠯ ᠰᠠᠶᠢ ᠲᠡᠭᠦᠨ ᠦ᠌ ᠤᠯᠤᠰ ᠠᠷᠠᠳ ᠲᠤ᠌ ᠲᠣᠬᠢᠷᠠᠮᠵᠢᠲᠠᠢ ᠪᠠᠢᠪᠠ᠃ ᠣᠳᠣ ᠬᠣᠲᠠ ᠵᠡᠭᠡᠯᠢ ᠡᠴᠡ ᠣᠯᠵᠠᠯᠠᠭᠰᠠᠨ ᠪᠣᠭᠣᠯᠴᠤᠳ ᠤ᠋ᠨ ᠬᠥᠳᠡᠯᠮᠦᠷᠢ ᠪᠡᠷ ᠶᠠᠮᠠᠷᠴᠤ ᠵᠢᠷᠭᠠᠯ ᠲᠠᠢ ᠠᠮᠢᠳᠤᠷᠠᠯ ᠢ᠋ ᠡᠳ᠋ᠯᠡᠵᠦ ᠴᠢᠳᠠᠬᠤ ᠠᠲᠠᠯ᠎ᠠ᠂ ᠨᠡᠭᠦᠳᠡᠯᠴᠢᠨ ᠠᠷᠠᠳ ᠤ᠋ᠨ ᠠᠮᠢᠳᠤᠷᠠᠯ ᠴᠣᠬᠣᠮ ᠦᠨᠡᠬᠡᠷ ᠡᠵᠡᠨ ᠬᠠᠭᠠᠨ ᠬᠥᠮᠦᠨ ᠦ᠌ ᠠᠮᠢᠳᠤᠷᠠᠯ ᠮᠥᠨ ᠭᠡᠵᠦ ᠲᠡᠷᠡ ᠪᠣᠳᠣᠵᠤ ᠪᠠᠢᠭᠰᠠᠨ ᠶᠤᠮ᠃ ᠴᠢᠩᠭᠢᠰ ᠬᠠᠭᠠᠨ ᠲᠡᠭᠦᠨ ᠦ᠌ ᠶᠣᠰᠣ ᠴᠠᠭᠠᠵᠠ ᠳ᠋ᠠᠭᠠᠨ ᠡᠨᠡ ᠵᠦᠢᠯ ᠦ᠋ᠨ ᠠᠮᠢᠳᠤᠷᠠᠯ ᠢ᠋ ᠳᠠᠬᠢᠨ ᠳᠠᠪᠲᠠᠨ ᠲᠡᠮᠳᠡᠭᠯᠡᠭᠦᠯᠦᠨ ᠭᠦᠨ ᠦᠨᠳᠦᠰᠦ ᠲᠠᠯᠪᠢᠭᠰᠠᠨ ᠶᠤᠮ᠃ ᠬᠣᠲᠠ ᠵᠡᠭᠡᠯᠢ ᠶ᠋ᠢᠨ ᠰᠦᠢᠳᠬᠡᠵᠦ ᠪᠦᠷᠢᠯᠭᠡᠬᠦ ᠪᠠ ᠵᠢᠷᠭᠠᠯ ᠳ᠋ᠤ᠌ ᠰᠢᠨᠤᠬᠠᠢᠷᠠᠬᠤ᠂ ᠬᠥᠮᠦᠰ ᠢ᠋ ᠳᠣᠷᠣᠢᠲᠠᠭᠤᠯᠬᠤ ᠠᠮᠢᠳᠤᠷᠠᠯ ᠳ᠋ᠤ᠌ ᠦᠷ᠎ᠡ ᠠᠴᠢᠨᠠᠷ ᠨᠢ ᠤᠨᠠᠴᠢᠬᠠᠭᠤᠵᠠᠢ ᠭᠡᠵᠦ ᠴᠢᠩᠭᠢᠰ ᠬᠠᠭᠠᠨ ᠠᠮᠤᠷ ᠦᠭᠡᠢ ᠪᠠᠢᠭᠰᠠᠨ ᠶᠤᠮ᠃ 
     ᠲᠡᠭᠡᠵᠦ ᠪᠠᠢᠲᠠᠯ᠎ᠠ ᠴᠠᠭᠠᠲᠠᠢ᠂ ᠥᠭᠡᠳᠡᠢ ᠬᠤᠷᠠᠯᠳᠤᠭᠠᠨ ᠳ᠋ᠤ᠌ ᠣᠷᠣᠯᠴᠠᠬᠤ ᠪᠠᠷ ᠢᠷᠡᠭᠰᠡᠨ ᠪᠣᠯᠪᠠᠴᠤ ᠵᠥᠴᠢ ᠬᠢᠪᠴᠠᠭ ᠠ᠋ᠴᠠ ᠬᠠᠭᠠᠨ ᠡᠴᠢᠭᠡ ᠳ᠋ᠡᠭᠡᠨ ᠪᠡᠯᠡᠭ ᠪᠣᠯᠭᠠᠵᠤ ᠬᠣᠶᠠᠷ ᠲᠦᠮᠡᠨ ᠰᠠᠭᠠᠷᠠᠯ ᠠᠳᠤᠭᠤ ᠬᠦᠷᠭᠡᠨ ᠦᠭᠭᠦᠭᠰᠡᠨ ᠪᠠᠢᠨ᠎ᠠ᠂ ᠥᠪᠡᠷ ᠦ᠋ᠨ ᠪᠡᠶ᠎ᠡ ᠨᠢ ᠣᠷᠳᠣᠨ ᠳ᠋ᠠᠭᠠᠨ ᠬᠣᠴᠣᠷᠤᠭᠠᠳ ᠬᠤᠷᠠᠯ ᠳ᠋ᠤ᠌ ᠣᠷᠣᠯᠴᠠᠬᠤ ᠪᠠᠷ ᠢᠷᠡᠭᠰᠡᠨ ᠦᠭᠡᠢ᠃ ᠲᠡᠷᠡ ᠡᠪᠡᠳᠴᠢᠲᠡᠢ ᠪᠣᠯᠬᠣᠷ ᠢᠷᠡᠭᠰᠡᠨ ᠦᠭᠡᠢ ᠭᠡᠨ᠎ᠡ᠃ ᠳᠠᠷᠤᠢ ᠨᠢᠭᠡᠨ《ᠰᠤᠮᠤᠨ ᠮᠡᠲᠦ ᠲᠦᠷᠭᠡᠨ》 ᠡᠯᠴᠢᠨ ᠢ᠋ ᠲᠣᠮᠢᠯᠠᠵᠤ ᠵᠥᠴᠢ ᠶ᠋ᠢ ᠪᠣᠭᠳᠠ ᠬᠠᠭᠠᠨ ᠤ᠋ ᠲᠠᠯᠪᠢᠬᠤ ᠠᠪᠠ ᠳ᠋ᠤ᠌ ᠣᠷᠣᠯᠴᠠᠬᠤ ᠪᠠᠷ ᠢᠷ᠎ᠡ ᠭᠡᠵᠦ ᠵᠠᠷᠯᠢᠭ ᠪᠠᠭᠤᠯᠭᠠᠪᠠ᠃ ᠪᠣᠭᠳᠠ ᠬᠠᠭᠠᠨ ᠥᠷᠯᠥᠭ ᠨᠣᠶᠠᠳ ᠲᠠᠢ ᠬᠠᠮᠲᠤ ᠴᠡᠩᠭᠡᠯᠳᠦᠬᠦ ᠶ᠋ᠢᠨ ᠲᠥᠯᠥᠭᠡ ᠬᠡᠳᠦᠨ ᠭᠠᠷᠠᠭ ᠤ᠋ᠨ ᠳᠠᠷᠠᠭ᠎ᠠ ᠠᠷᠤ ᠣᠷᠣᠨ ᠤ᠋ ᠰᠠᠷᠠᠭᠤᠯ ᠲᠠᠯ᠎ᠠ ᠠ᠋ᠴᠠ ᠰᠦᠷᠦᠭ ᠰᠦᠷᠦᠭ ᠬᠤᠯᠠᠨ ᠢ᠋ ᠲᠠᠭᠤᠯᠭᠠᠵᠤ ᠢᠷᠡᠭᠰᠡᠨ ᠳ᠋ᠦ᠍᠂ ᠵᠥᠴᠢ ᠮᠥᠨ《ᠡᠪᠡᠳᠴᠢᠲᠡᠢ᠂ ᠡᠴᠢᠵᠦ ᠴᠢᠳᠠᠬᠤ ᠦᠭᠡᠢ》 ᠭᠡᠳ ᠢᠷᠡᠭᠰᠡᠨ ᠦᠭᠡᠢ ᠪᠢᠯᠡ᠃ 
     ᠴᠢᠩᠭᠢᠰ ᠬᠠᠭᠠᠨ ᠡᠪᠡᠳᠴᠢᠲᠡᠢ ᠭᠡᠰᠡᠨ ᠢ᠋ ᠨᠢ ᠢᠲᠡᠭᠡᠬᠦ ᠦᠭᠡᠢ ᠪᠠᠢᠯ᠎ᠠ᠃ ᠠᠷᠠᠯ ᠲᠠᠩᠭᠢᠰ ᠤ᠋ᠨ ᠬᠥᠪᠡᠭᠡ ᠳ᠋ᠡᠬᠢ ᠬᠣᠷᠸᠰᠮ ᠤ᠋ᠨ ᠣᠷᠣᠨ ᠢ᠋ ᠴᠠᠭᠠᠲᠠᠢ ᠳ᠋ᠤ᠌ ᠥᠭᠬᠦ ᠪᠡᠷ ᠲᠣᠭᠲᠠᠭᠰᠠᠨ ᠠ᠋ᠴᠠ ᠭᠣᠮᠣᠳᠠᠯ ᠲᠠᠢ ᠪᠠᠢᠵᠤ ᠮᠠᠭᠠᠳ ᠭᠡᠵᠦ ᠪᠣᠳᠣᠯ᠎ᠠ᠃ ᠲᠡᠭᠦᠨ ᠦ᠌ ᠠᠮᠢᠳᠤ ᠰᠡᠷᠡᠭᠦᠨ ᠪᠠᠢᠬᠤ ᠣᠳᠣ ᠳ᠋ᠤ᠌ ᠬᠡᠦᠬᠡᠳ ᠨᠢ ᠡᠪ ᠦᠭᠡᠢ ᠶᠤᠮ ᠪᠣᠯ᠂ ᠦᠬᠦᠭᠰᠡᠨ ᠬᠣᠢᠨ᠎ᠠ ᠶᠠᠭᠤ ᠪᠣᠯᠳᠠᠭ ᠪᠢᠯᠡ᠁᠁᠃ 
     ᠴᠢᠩᠭᠢᠰ ᠬᠠᠭᠠᠨ ᠤ᠋ ᠰᠡᠳᠬᠢᠯ ᠵᠣᠪᠠᠨᠢᠵᠤ ᠪᠠᠢᠭᠰᠠᠨ ᠢ᠋ ᠬᠡᠨ ᠴᠦ᠍ ᠥᠴᠦᠬᠡᠨ ᠴᠤ ᠮᠡᠳᠡᠭᠰᠡᠨ ᠦᠭᠡᠢ ᠪᠠᠢᠯ᠎ᠠ᠃ ᠬᠥᠮᠦᠰ ᠬᠤᠷᠢᠮ ᠢᠳᠡᠵᠦ ᠦᠷᠭᠦᠯᠵᠢ ᠨᠠᠢᠷᠯᠠᠯᠳᠤᠨ᠎ᠠ᠂ ᠵᠠᠯᠭ᠎ᠠ ᠵᠠᠯᠭ᠎ᠠ ᠪᠠᠷ ᠬᠤᠯᠠᠨ ᠤ᠋ ᠠᠪᠠ ᠲᠠᠯᠪᠢᠨ᠎ᠠ᠃ ᠣᠯᠠᠨ ᠠᠷᠪᠢᠨ ᠪᠠᠷᠢᠪᠴᠢᠯᠠᠭᠰᠠᠨ ᠬᠤᠯᠠᠨ ᠢ᠋ᠶ᠋ᠠᠨ ᠪᠣᠭᠳᠠ ᠬᠠᠭᠠᠨ ᠤ᠋ ᠥᠮᠴᠢ ᠪᠣᠯᠭᠠᠨ ᠲᠠᠮᠠᠭᠠᠯᠠᠭᠰᠠᠨ ᠬᠣᠢᠨ᠎ᠠ ᠡᠷᠭᠢᠵᠦ ᠬᠡᠭᠡᠷ᠎ᠡ ᠲᠠᠯᠪᠢᠨ ᠪᠤᠴᠠᠭᠠᠯ᠎ᠠ᠃ ᠡᠨᠡ ᠬᠣᠭᠣᠷᠣᠨᠳᠣ ᠠᠩᠴᠢᠳ ᠰᠢᠨ᠎ᠡ ᠠᠩ ᠢ᠋ ᠣᠯᠤᠭᠰᠠᠨ ᠪᠠᠢᠨ᠎ᠠ᠃ ᠬᠡᠭᠡᠷ᠎ᠡ ᠶ᠋ᠢᠨ ᠭᠠᠬᠠᠢ ᠶ᠋ᠢᠨ ᠠᠪᠠ ᠶ᠋ᠢ ᠪᠠᠰᠠ ᠬᠢᠵᠦ ᠡᠬᠢᠯᠡᠪᠡ᠃ 
     ᠡᠨᠡ ᠤᠳᠠᠭ᠎ᠠ ᠬᠡᠭᠡᠷ᠎ᠡ ᠶ᠋ᠢᠨ ᠭᠠᠬᠠᠢ ᠳ᠋ᠤ᠌ ᠠᠪᠠ ᠲᠠᠯᠪᠢᠵᠤ ᠪᠠᠢᠬᠤ ᠬᠣᠭᠣᠷᠣᠨᠳᠣ ᠥᠩᠭᠡᠷᠡᠭᠰᠡᠨ ᠳ᠋ᠦ᠍ ᠰᠣᠨᠣᠰᠳᠠᠭ᠎ᠠ ᠦᠭᠡᠢ ᠬᠡᠷᠡᠭ ᠭᠠᠷᠴᠠᠢ᠃ ᠵᠡᠪᠡ ᠳ᠋ᠦ᠍ ᠣᠨᠣᠭᠳᠠᠵᠤ ᠰᠢᠷᠬᠠᠳᠤᠭᠰᠠᠨ ᠨᠢᠭᠡᠨ ᠲᠣᠮᠣ ᠬᠡᠭᠡᠷ᠎ᠡ ᠶ᠋ᠢᠨ ᠭᠠᠬᠠᠢ ᠶ᠋ᠢ ᠴᠢᠩᠭᠢᠰ ᠬᠠᠭᠠᠨ ᠨᠡᠬᠡᠮᠵᠢᠯᠡᠭᠰᠡᠨ ᠳ᠋ᠦ᠍ ᠡᠨᠡ ᠠᠮᠢᠲᠠᠨ ᠭᠡᠨᠡᠳᠲᠡ ᠭᠠᠯᠵᠠᠭᠤᠷᠠᠵᠤ ᠠᠭᠤᠷᠯᠠᠭᠠᠳ ᠨᠡᠬᠡᠵᠦ ᠶᠠᠪᠤᠭ᠎ᠠ ᠴᠢᠩᠭᠢᠰ ᠬᠠᠭᠠᠨ ᠥᠭᠡᠳᠡ ᠨᠣᠴᠣᠨ ᠢᠷᠡᠪᠡ᠃ ᠴᠢᠩᠭᠢᠰ ᠬᠠᠭᠠᠨ ᠬᠥᠪᠴᠢᠯᠡᠭᠰᠡᠨ ᠨᠤᠮᠤ ᠪᠠᠨ ᠲᠠᠲᠠᠵᠤ ᠬᠠᠷᠪᠤᠬᠤ ᠭᠡᠵᠦ ᠪᠠᠢᠭᠰᠠᠨ ᠵᠠᠭᠤᠷ᠎ᠠ ᠮᠣᠷᠢᠨ ᠠ᠋ᠴᠠ ᠪᠠᠨ ᠤᠨᠠᠵᠤ ᠮᠠᠨᠠᠷᠠᠪᠠ᠃ ᠭᠡᠲᠡᠯ᠎ᠡ ᠵᠢᠭᠲᠡᠢ ᠰᠣᠨᠢᠨ ᠬᠡᠷᠡᠭ ᠡᠭᠦᠰᠪᠡ᠃ ᠡᠨᠡ ᠬᠡᠭᠡᠷ᠎ᠡ ᠶ᠋ᠢᠨ ᠭᠠᠬᠠᠢ ᠪᠣᠭᠳᠠ ᠬᠠᠭᠠᠨ ᠤ᠋ ᠪᠡᠶ᠎ᠡ ᠳ᠋ᠦ᠍ ᠬᠠᠯᠳᠠᠭᠰᠠᠨ ᠦᠭᠡᠢ ᠮᠡᠯᠡᠷᠡᠭᠡᠳ ᠵᠣᠭᠰᠣᠵᠤ ᠪᠠᠢᠲᠠᠯ᠎ᠠ᠂ ᠴᠡᠷᠢᠭ ᠦ᠋ᠳ ᠨᠢ ᠭᠦᠢᠴᠡᠵᠦ ᠢᠷᠡᠭᠰᠡᠨ ᠪᠣᠯᠬᠣᠷ ᠡᠨᠡ ᠭᠠᠬᠠᠢ ᠵᠦᠭ ᠢ᠋ᠶ᠋ᠡᠨ ᠪᠤᠷᠤᠭᠤᠯᠠᠨ ᠪᠤᠲᠠ ᠶ᠋ᠢᠨ ᠳᠣᠲᠣᠷ᠎ᠠ ᠰᠢᠷᠭᠤᠨ ᠮᠥᠷ ᠰᠡᠭᠦᠳᠡᠷ ᠦᠭᠡᠢ ᠶᠠᠪᠤᠵᠠᠢ᠃ 
     ᠴᠢᠩᠭᠢᠰ ᠬᠠᠭᠠᠨ ᠶᠡᠬᠡᠯ᠎ᠡ ᠭᠠᠢᠬᠠᠵᠤ᠂ ᠶᠠᠮᠠᠷ ᠬᠡᠷᠡᠭ ᠪᠣᠯᠤᠭᠰᠠᠨ ᠢ᠋ ᠮᠡᠳᠡᠬᠦ ᠦᠭᠡᠢ ᠪᠣᠯᠪᠠ᠃ ᠶᠠᠭᠠᠬᠢᠭᠠᠳ ᠮᠣᠷᠢᠨ ᠠ᠋ᠴᠠ ᠣᠶ᠋ᠢᠴᠢ‍ᠬᠰᠠᠨ ᠪᠢᠯᠡ᠂ ᠥᠩᠭᠡᠷᠡᠭᠰᠡᠨ ᠳ᠋ᠦ᠍ ᠮᠣᠷᠢ ᠨᠢ ᠭᠠᠯᠵᠠᠭᠤᠷᠠᠭᠰᠠᠨ ᠮᠡᠲᠦ ᠪᠤᠯᠭᠢᠨ ᠬᠥᠨᠳᠡᠯᠡᠨ ᠢ᠋ᠶ᠋ᠡᠷ ᠦᠰᠦᠷᠦᠭᠰᠡᠨ ᠴᠤ ᠶᠡᠷᠦᠨᠢ ᠣᠶ᠋ᠢᠴᠢ‍ᠬᠰᠠᠨ ᠤᠳᠠᠭ᠎ᠠ ᠦᠭᠡᠢ ᠪᠢᠯᠡ᠃ ᠨᠡᠩ ᠴᠤ ᠵᠢᠭᠲᠡᠢ ᠬᠡᠷᠡᠭ ᠭᠡᠪᠡᠯ ᠲᠡᠷᠡ ᠮᠡᠲᠦ ᠳᠣᠭᠰᠢᠷᠠᠭᠰᠠᠨ ᠬᠡᠭᠡᠷ᠎ᠡ ᠶ᠋ᠢᠨ ᠭᠠᠬᠠᠢ᠂ ᠡᠮᠦᠨ᠎ᠡ ᠨᠢ ᠣᠢᠴᠢᠭᠠᠳ ᠬᠡᠪᠲᠡᠵᠦ ᠬᠠᠷᠠᠯᠲᠠ ᠪᠣᠯᠵᠤ ᠪᠠᠢᠲᠠᠯ᠎ᠠ ᠶᠠᠭᠠᠬᠢᠭᠠᠳ ᠬᠠᠵᠠᠬᠤ ᠪᠠᠷ ᠢᠷᠡᠭᠰᠡᠨ ᠦᠭᠡᠢ ᠵᠣᠭᠰᠣᠭᠰᠠᠨ ᠪᠣᠢ᠃ ᠲᠡᠷᠡ ᠦᠶ᠎ᠡ ᠳ᠋ᠦ᠍ ᠴᠢᠩᠭᠢᠰ ᠬᠠᠭᠠᠨ ᠰᠡᠭᠡᠭᠡ ᠦᠭᠡᠢ ᠤᠨᠠᠭᠠᠳ ᠪᠠᠢᠭᠰᠠᠨ ᠨᠢ ᠡᠨᠡ ᠠᠮᠢᠲᠠᠨ ᠤ᠋ ᠬᠠᠵᠠᠬᠤ ᠶ᠋ᠢᠨ ᠬᠠᠷᠠᠯᠲᠠ ᠪᠣᠯᠵᠤ ᠪᠠᠢᠭᠰᠠᠨ ᠪᠢᠰᠢᠦ᠃ ᠶᠸᠯᠣᠢ ᠴᠦᠼᠠᠢ ᠡᠨᠡᠬᠦ ᠵᠢᠭᠲᠡᠢ ᠬᠡᠷᠡᠭ ᠦ᠋ᠨ ᠲᠤᠬᠠᠢ ᠲᠠᠢᠯᠪᠤᠷᠢᠯᠠᠵᠤ ᠬᠡᠯᠡᠭᠰᠡᠨ ᠨᠢ᠂ 《ᠲᠡᠭᠷᠢ》 ᠡᠴᠡ ᠲᠡᠭᠦᠨ ᠳ᠋ᠦ᠍ ᠰᠡᠷᠡᠮᠵᠢ ᠶ᠋ᠢᠨ ᠳᠣᠬᠢᠶ᠎ᠠ ᠥᠭᠴᠦ ᠪᠠᠢᠨ᠎ᠠ᠃ ᠪᠣᠭᠳᠠ ᠬᠠᠭᠠᠨ ᠠᠮᠢ ᠨᠠᠰᠤᠨ ᠤ᠋ ᠠᠶᠤᠯ ᠲᠠᠢ ᠭᠠᠵᠠᠷ ᠲᠤ᠌ ᠣᠷᠣᠬᠤ ᠶ᠋ᠢ ᠴᠡᠭᠡᠷᠯᠡᠬᠦ ᠬᠡᠷᠡᠭᠲᠡᠢ᠂ ᠭᠡᠪᠡᠴᠦ 《ᠲᠡᠭᠷᠢ》 ᠪᠠᠰᠠ ᠪᠣᠭᠳᠠ ᠬᠠᠭᠠᠨ ᠢ᠋ ᠨᠥᠭᠴᠢᠭᠦᠯᠬᠦ ᠳᠤᠷ᠎ᠠ ᠦᠭᠡᠢ ᠪᠣᠯᠬᠣᠷ ᠬᠡᠭᠡᠷ᠎ᠡ ᠶ᠋ᠢᠨ ᠭᠠᠬᠠᠢ ᠶ᠋ᠢᠨ ᠬᠠᠨᠳᠤᠰᠢ ᠶ᠋ᠢ ᠬᠤᠪᠢᠷᠠᠭᠤᠯᠤᠭᠰᠠᠨ ᠭᠡᠪᠡ᠃ 
     ᠴᠢᠩᠭᠢᠰ ᠬᠠᠭᠠᠨ ᠪᠠᠰᠠ ᠴᠠᠩ ᠴᠦᠨ ᠪᠣᠮᠪᠣ ᠠ᠋ᠴᠠ ᠶᠠᠭᠤᠨ ᠭᠡᠵᠦ ᠲᠠᠢᠯᠪᠤᠷᠢᠯᠠᠬᠤ ᠶ᠋ᠢ ᠮᠡᠳᠡᠶ᠎ᠡ ᠭᠡᠪᠡ᠃ ᠪᠣᠮᠪᠣ ᠶ᠋ᠢᠨ ᠱᠠᠰᠢᠨ ᠤ᠋ ᠡᠨᠡᠬᠦ ᠭᠦᠨ ᠤᠬᠠᠭᠠᠨᠲᠠᠨ ᠪᠣᠯ᠂ ᠬᠥᠮᠦᠨ ᠪᠦᠷᠢ ᠳ᠋ᠦ᠍ ᠠᠮᠢᠨ ᠢ᠋ ᠰᠠᠬᠢᠬᠤ ᠰᠠᠬᠢᠭᠤᠯᠰᠤᠨ ᠪᠠᠢᠵᠤ᠂ ᠥᠪᠡᠷ ᠦ᠋ᠨ ᠦᠷ᠎ᠡ ᠪᠡᠨ ᠬᠠᠢᠷᠠᠯᠠᠳᠠᠭ᠂ ᠡᠢᠮᠦ ᠡᠴᠡ ᠰᠡᠷᠡᠮᠵᠢ ᠮᠡᠳᠡᠭᠳᠡᠬᠦ ᠪᠤᠶᠤ ᠲᠣᠷᠭᠠᠵᠤ ᠬᠥᠬᠢᠭᠦᠯᠬᠦ ᠤᠴᠢᠷ ᠦᠭᠡᠢ᠂ ᠬᠥᠮᠦᠨ ᠳ᠋ᠦ᠍ ᠠᠪᠴᠤ ᠬᠡᠯᠡᠪᠡᠯ ᠠᠯᠢᠪᠠ ᠠᠮᠢᠲᠠᠨ ᠪᠣᠯ ᠴᠠᠭᠠᠰᠤ ᠪᠠᠷ ᠬᠢᠭᠰᠡᠨ ᠲᠠᠬᠢᠯᠭ᠎ᠠ ᠶ᠋ᠢᠨ ᠮᠣᠷᠢ ᠯᠤᠭ᠎ᠠ ᠠᠳᠠᠯᠢ ᠶᠤᠮ᠃ ᠲᠠᠬᠢᠯᠭ᠎ᠠ ᠳ᠋ᠤ᠌ ᠲᠠᠯᠪᠢᠭᠰᠠᠨ ᠦᠶ᠎ᠡ ᠳ᠋ᠦ᠍ ᠡᠨᠡ ᠮᠣᠷᠢ ᠨᠢ ᠶᠡᠬᠡ ᠰᠠᠢᠬᠠᠨ ᠢ᠋ᠶ᠋ᠠᠷ ᠠᠪᠠᠴᠢᠭᠳᠠᠵᠤ ᠦᠨ᠎ᠡ ᠲᠡᠢ ᠲᠣᠷᠭ᠎ᠠ ᠪᠤᠶᠤ ᠪᠥᠰ ᠨᠥᠮᠥᠷᠭᠡᠨ᠂ ᠲᠠᠬᠢᠯᠭ᠎ᠠ ᠶ᠋ᠢᠨ ᠨᠣᠮ ᠤᠩᠰᠢᠬᠤ ᠯᠠᠮᠠ ᠨᠠᠷ ᠲᠠᠬᠢᠯᠭ᠎ᠠ ᠠ᠋ᠴᠠ ᠡᠮᠦᠨ᠎ᠡ ᠬᠣᠭᠣᠯᠠ ᠢᠳᠡᠰᠢ ᠪᠡᠨ ᠲᠠᠰᠤᠯᠤᠨ ᠪᠡᠶ᠎ᠡ ᠪᠡᠨ ᠠᠷᠢᠭᠤᠳᠬᠠᠨ ᠶᠡᠬᠡᠯ᠎ᠡ ᠬᠢᠴᠢᠶᠡᠩᠭᠦᠢᠯᠡᠳᠡᠭ᠃ ᠲᠠᠬᠢᠯᠭ᠎ᠠ ᠳᠠᠭᠤᠰᠤᠮᠠᠭᠴᠠ ᠡᠭᠦᠨ ᠢ᠋ ᠬᠣᠭ ᠲᠣᠭᠣᠰᠣ ᠲᠠᠢ ᠬᠠᠮᠲᠤ ᠬᠢᠴᠢᠬᠡᠭᠡᠳ ᠥᠩᠭᠡᠷᠡᠵᠦ ᠶᠠᠪᠤᠬᠤ ᠬᠥᠮᠦᠨ ᠬᠠᠷᠢᠨ ᠦᠵᠡᠬᠦ ᠴᠦ᠍ ᠦᠭᠡᠢ ᠪᠣᠯᠵᠤ᠂ ᠡᠴᠦᠰ ᠲᠡᠭᠡᠨ ᠪᠢᠴᠢᠬᠠᠨ ᠰᠠᠯᠠᠭ᠎ᠠ ᠮᠣᠳᠣ ᠲᠠᠢ ᠬᠠᠮᠲᠤ ᠲᠦᠯᠡᠰᠢ ᠪᠣᠯᠭᠠᠨ ᠰᠢᠲᠠᠭᠠᠴᠢᠬᠠᠳᠠᠭ ᠪᠢᠯᠡ᠃ ᠬᠥᠮᠦᠨ ᠦᠬᠦᠭᠰᠡᠨ ᠬᠣᠢᠨ᠎ᠠ ᠴᠤ᠌ ᠡᠭᠦᠨ ᠲᠡᠢ ᠠᠳᠠᠯᠢ ᠪᠣᠯᠬᠤ ᠶᠤᠮ᠂ ᠰᠢᠷᠡᠭᠡ ᠶ᠋ᠢᠨ ᠳᠡᠭᠡᠷ᠎ᠡ ᠲᠠᠬᠢᠯᠭ᠎ᠠ ᠶ᠋ᠢ ᠣᠪᠣᠭᠠᠯᠠᠨ ᠮᠥᠷᠭᠥᠳᠡᠭ᠂ ᠡᠨᠡ ᠴᠠᠭ ᠢ᠋ᠶ᠋ᠠᠨ ᠥᠩᠭᠡᠷᠡᠭᠡᠪᠡᠯ᠂ ᠬᠠᠵᠠᠭᠤ ᠲᠡᠰᠢ ᠪᠡᠨ ᠬᠠᠶᠠᠴᠢᠬᠠᠭᠠᠳ ᠬᠥᠮᠦᠰ ᠦ᠋ᠨ ᠬᠥᠯ ᠳ᠋ᠦ᠍ ᠭᠢᠰᠬᠢᠭᠳᠡᠬᠦ ᠪᠣᠯᠤᠨ᠎ᠠ᠃ ᠪᠣᠭᠳᠠ ᠬᠠᠭᠠᠨ ᠤ᠋ ᠪᠡᠶ᠎ᠡ ᠠᠪᠠ ᠬᠢᠬᠦ ᠮᠡᠲᠦ ᠪᠡᠷ ᠴᠡᠩᠭᠡᠯ ᠡᠴᠡ ᠪᠣᠯᠢᠬᠤ ᠴᠠᠭ ᠪᠣᠯᠤᠭᠰᠠᠨ ᠶᠤᠮ ᠪᠠᠢᠨ᠎ᠠ ᠭᠡᠵᠦ ᠴᠠᠩ ᠴᠦᠨ ᠪᠣᠮᠪᠣ ᠰᠠᠨᠠᠭᠤᠯᠤᠭᠰᠠᠨ ᠪᠠᠢᠨ᠎ᠠ᠃ 
     ᠴᠢᠩᠭᠢᠰ ᠬᠠᠭᠠᠨ ᠵᠢᠷᠠᠨ ᠨᠢᠭᠡᠨ ᠨᠠᠰᠤᠨ ᠳ᠋ᠠᠭᠠᠨ ᠡᠨᠡ ᠮᠡᠲᠦ ᠴᠡᠩᠭᠡᠯ ᠡᠴᠡ ᠰᠠᠯᠤᠶ᠎ᠠ ᠭᠡᠬᠦ ᠪᠤᠶᠤ ᠨᠠᠰᠤᠵᠢᠪᠠ ᠭᠡᠰᠡᠨ ᠢ᠋ ᠰᠣᠨᠣᠰᠬᠤ ᠳᠤᠷ᠎ᠠ ᠦᠭᠡᠢ ᠪᠠᠢᠵᠠᠢ᠃ ᠲᠡᠷᠡ ᠬᠠᠷᠢᠨ ᠪᠡᠶ᠎ᠡ ᠪᠠᠰᠠ ᠴᠢᠭᠢᠷᠠᠭ ᠪᠠᠢᠨ᠎ᠠ᠂ ᠪᠠᠭᠠᠲᠤᠷ ᠵᠣᠷᠢᠭ ᠪᠠᠢᠨ᠎ᠠ ᠭᠡᠵᠦ ᠪᠣᠳᠣᠭᠠᠳ ᠡᠨᠡᠬᠦ ᠬᠢᠲᠠᠳ ᠨᠠᠰᠤᠲᠠᠨ ᠤ᠋ ᠬᠡᠯᠡᠭᠰᠡᠨ ᠬᠠᠷᠢᠭᠤ ᠳ᠋ᠤᠨᠢ᠂ 
     《ᠨᠢᠭᠡᠨ ᠨᠠᠰᠤᠨ ᠬᠢᠵᠦ ᠢᠷᠡᠭᠰᠡᠨ ᠶᠠᠪᠤᠳᠠᠯ ᠶ᠋ᠢᠠᠨ ᠣᠷᠬᠢᠴᠢᠬᠠᠶ᠎ᠠ  ᠭᠡᠬᠦ ᠳ᠋ᠦ᠍ ᠪᠡᠷᠬᠡ ᠪᠠᠢᠨ᠎ᠠ》 ᠭᠡᠯ᠎ᠡ᠃ ᠴᠠᠩ ᠴᠦᠨ ᠪᠣᠮᠪᠣ ᠬᠡᠯᠡᠵᠦ ᠥᠩᠭᠡᠷᠡᠭᠰᠡᠨ ᠦᠭᠡ ᠪᠡᠨ ᠳᠠᠪᠲᠠᠬᠤ ᠳᠤᠷ᠎ᠠ ᠦᠭᠡᠢ᠂ ᠤᠯᠠᠮ ᠥᠨᠳᠥᠷ ᠬᠡᠮᠵᠢᠶ᠎ᠡ ᠡᠴᠡ ᠰᠠᠨᠠᠯ ᠢ᠋ᠶ᠋ᠠᠨ ᠳᠤᠷᠠᠳᠤᠭᠰᠠᠨ ᠨᠢ᠄
     《ᠡᠪᠦᠯ ᠢ᠋ ᠬᠠᠪᠤᠷ ᠵᠠᠯᠭᠠᠮᠵᠢᠯᠠᠨ᠎ᠠ᠂ ᠳᠠᠷᠠᠭᠠᠯᠠᠨ ᠵᠤᠨ ᠨᠠᠮᠤᠷ ᠪᠣᠯᠵᠤ ᠡᠷᠭᠢᠭᠡᠳ ᠡᠪᠦᠯ ᠢᠷᠡᠨ᠎ᠡ᠂ ᠭᠡᠪᠡᠴᠦ ᠬᠥᠮᠦᠨ ᠪᠣᠯ ᠠᠰᠲᠠᠭᠠᠨ ᠪᠠᠢᠳᠠᠭ᠂ ᠬᠥᠮᠦᠨ ᠲᠥᠷᠥᠯᠬᠢᠲᠡᠨ ᠦ᠌ ᠨᠢᠭᠡᠨ ᠡᠳᠦᠷ  ᠲᠦ᠋ᠨᠢ ᠥᠩᠭᠡᠷᠡᠭᠰᠡᠨ ᠬᠡᠷᠡᠭ ᠢ᠋ ᠪᠦᠷᠢᠨ ᠪᠠᠭᠲᠠᠭᠠᠵᠤ ᠪᠠᠢᠬᠤ ᠶᠤᠮ᠂ ᠡᠢᠮᠦᠷᠬᠦ ᠳᠡᠯᠭᠡᠷᠡᠩᠭᠦᠢ ᠴᠠᠭ ᠨᠢ ᠳᠠᠭᠤᠰᠬᠤ ᠦᠶ᠎ᠡ ᠳ᠋ᠦ᠍᠂ ᠬᠥᠮᠦᠨ ᠠᠩᠬ᠎ᠠ ᠡᠬᠢᠯᠡᠭᠰᠡᠨ ᠦᠨᠳᠦᠰᠦᠨ ᠳ᠋ᠡᠭᠡᠨ ᠬᠠᠷᠢᠨ᠎ᠠ ᠭᠡᠳᠡᠭ ᠨᠢ ᠳᠠᠷᠤᠢ ᠠᠮᠠᠷᠠᠯᠲᠠ ᠪᠣᠯᠤᠨ᠎ᠠ᠂ ᠠᠮᠠᠷᠠᠯᠲᠠ ᠬᠢᠨ᠎ᠡ ᠭᠡᠳᠡᠭ ᠨᠢ ᠡᠭᠦᠷᠭᠡ ᠪᠡᠨ ᠪᠡᠶᠡᠯᠡᠭᠦᠯᠵᠦ ᠳᠠᠭᠤᠰᠤᠯ᠎ᠠ ᠭᠡᠰᠡᠨ ᠬᠡᠷᠡᠭ ᠢ᠋ ᠬᠡᠯᠡᠵᠦ ᠪᠠᠢᠨ᠎ᠠ᠂ ᠡᠨᠡ ᠨᠢ ᠪᠠᠰᠠ ᠮᠥᠩᠬᠡ ᠶ᠋ᠢᠨ ᠵᠢᠮ᠎ᠡ ᠶᠣᠰᠣ ᠲᠠᠢ ᠨᠡᠢᠴᠡᠬᠦ ᠬᠡᠷᠡᠭ ᠪᠢᠯᠡ᠃ ᠮᠡᠳᠡᠯᠭᠡ ᠪᠣᠯ ᠲᠣᠳᠣᠷᠬᠠᠢ ᠪᠣᠯᠤᠭᠰᠠᠨ ᠣᠶᠤᠨ ᠰᠠᠨᠠᠭ᠎ᠠ ᠪᠣᠯᠤᠨ᠎ᠠ》 ᠭᠡᠵᠡᠢ᠃ ᠴᠢᠩᠭᠢᠰ ᠬᠠᠭᠠᠨ ᠤᠳᠠᠲᠠᠯ᠎ᠠ ᠳᠤᠭᠤᠢ ᠰᠠᠭᠤᠵᠤ ᠪᠣᠳᠣᠭᠠᠳ᠂ ᠲᠡᠭᠦᠨ ᠳ᠋ᠦ᠍ ᠬᠠᠷᠢᠭᠤᠯᠬᠤ ᠳ᠋ᠠᠭᠠᠨ᠄《ᠲᠠᠨ ᠤ᠋ ᠬᠡᠯᠡᠭᠰᠡᠨ ᠦᠭᠡ ᠮᠢᠨᠦ ᠴᠡᠭᠡᠵᠢᠨ ᠳ᠋ᠦ᠍ ᠭᠦᠨ ᠰᠠᠭᠤᠭᠳᠠᠯ᠎ᠠ》 ᠭᠡᠵᠦ ᠬᠡᠯᠡᠪᠡ᠃ 
     ᠦᠨᠡᠨ ᠳ᠋ᠡᠭᠡᠨ ᠴᠢᠩᠭᠢᠰ ᠬᠠᠭᠠᠨ ᠲᠡᠭᠦᠨ ᠡᠴᠡ ᠬᠣᠢᠰᠢ ᠠᠶᠤᠯ ᠲᠠᠢ ᠪᠡᠷᠬᠡ ᠠᠪᠠ ᠳ᠋ᠤ᠌ ᠭᠠᠭᠴᠠᠭᠠᠷ ᠢ᠋ᠶ᠋ᠠᠨ ᠣᠷᠣᠬᠤ ᠪᠠᠨ ᠵᠣᠭᠰᠣᠵᠠᠢ᠃ ᠴᠢᠩᠭᠢᠰ ᠬᠠᠭᠠᠨ ᠡᠨᠡᠬᠦ ᠬᠢᠲᠠᠳ ᠡᠷᠳᠡᠮᠲᠡᠨ ᠲᠡᠢ ᠳᠠᠭᠠᠭᠠᠮᠠᠭᠠᠢ ᠬᠡᠯᠡᠯᠴᠡᠭᠡ ᠶᠠᠪᠤᠭᠳᠠᠪᠠ᠂ ᠴᠢᠩᠭᠢᠰ ᠬᠠᠭᠠᠨ ᠡᠨᠡ ᠬᠢᠲᠠᠳ ᠡᠷᠳᠡᠮᠲᠡᠨ ᠢ᠋ ᠪᠡᠶ᠎ᠡ ᠶ᠋ᠢᠨ ᠳᠡᠷᠭᠡᠳᠡ ᠪᠡᠨ ᠵᠠᠯᠠᠶ᠎ᠠ ᠭᠡᠰᠡᠨ ᠳ᠋ᠦ᠍᠂ ᠴᠠᠩ ᠴᠦᠨ ᠪᠣᠮᠪᠣ ᠨᠤᠲᠤᠭ ᠲᠠᠭᠠᠨ ᠪᠤᠴᠠᠬᠤ ᠪᠠᠷ ᠭᠤᠶᠤᠴᠢᠯᠠᠪᠠ᠃ ᠴᠢᠩᠭᠢᠰ ᠬᠠᠭᠠᠨ ᠪᠢ ᠪᠠᠰᠠ ᠮᠣᠩᠭᠣᠯ ᠳ᠋ᠠᠭᠠᠨ ᠪᠤᠴᠠᠬᠤ ᠲᠤᠯᠠ᠂ ᠶᠠᠪᠤᠬᠤ ᠵᠠᠮ ᠠᠳᠠᠯᠢ ᠪᠠᠢᠨ᠎ᠠ ᠭᠡᠰᠡᠨ ᠳ᠋ᠦ᠍᠂ ᠴᠠᠩ ᠴᠦᠨ ᠪᠣᠮᠪᠣ ᠴᠡᠷᠢᠭ ᠬᠥᠰᠬᠡ ᠲᠡᠷᠭᠡ ᠲᠡᠢ ᠬᠠᠮᠲᠤ ᠶᠠᠪᠤᠬᠤ ᠨᠢ ᠵᠢᠭᠰᠠᠭᠠᠯ ᠤᠷᠲᠤ ᠪᠣᠯᠤᠨ᠎ᠠ ᠭᠡᠵᠡᠢ᠃ 
     《ᠮᠢᠨᠦ ᠪᠡᠶ᠎ᠡ ᠪᠣᠭᠳᠠ ᠬᠠᠭᠠᠨ ᠳ᠋ᠤ᠌ ᠠᠢᠯᠠᠳᠬᠠᠬᠤ ᠦᠭᠡ ᠪᠡᠨ ᠪᠦᠷ ᠬᠡᠯᠡᠭᠡᠳ ᠭᠦᠢᠴᠡᠴᠢᠬᠡᠭᠰᠡᠨ᠂ ᠡᠭᠦᠨ ᠡᠴᠡ ᠥᠭᠡᠷ᠎ᠡ ᠬᠡᠯᠡᠮᠡᠷ ᠦᠭᠡ ᠦᠭᠡᠢ》ᠭᠡᠵᠦ ᠡᠰᠡᠷᠭᠦᠴᠡᠬᠦ ᠪᠠᠢᠳᠠᠯ ᠲᠠᠢ ᠬᠡᠯᠡᠪᠡ᠃ 
     ᠴᠢᠩᠭᠢᠰ ᠬᠠᠭᠠᠨ ᠰᠠᠯᠬᠤ ᠡᠳᠦᠷ ᠢ᠋ ᠬᠣᠢᠰᠢᠯᠠᠬᠤ ᠠᠷᠭ᠎ᠠ ᠠᠪᠤᠪᠠ᠃ ᠪᠣᠮᠪᠣ ᠳ᠋ᠤ᠌ ᠵᠣᠬᠢᠷᠠᠬᠤ ᠰᠠᠢᠬᠠᠨ ᠪᠡᠯᠡᠭ ᠣᠯᠬᠤ ᠴᠠᠭ ᠢ᠋ ᠬᠦᠯᠢᠶᠡᠯᠭᠡᠬᠦ ᠶ᠋ᠢ ᠬᠦᠰᠡᠭᠰᠡᠨ ᠳ᠋ᠦ᠍᠂ ᠴᠠᠩ ᠴᠦᠨ ᠶᠠᠮᠠᠷᠴᠤ ᠪᠡᠯᠡᠭ ᠠᠪᠬᠤ ᠦᠭᠡᠢ ᠭᠡᠵᠦ ᠬᠡᠯᠡᠪᠡ᠃ ᠶᠠᠮᠠᠷᠴᠤ ᠬᠠᠢᠷ᠎ᠠ ᠬᠡᠰᠢᠭ ᠵᠡᠷᠭᠡ ᠲᠤᠰᠢᠶᠠᠯ ᠢ᠋ ᠬᠦᠯᠢᠶᠡᠬᠦ ᠦᠭᠡᠢ ᠤᠤ? ᠭᠡᠵᠦ ᠠᠰᠠᠭᠤᠭᠰᠠᠨ ᠳ᠋ᠤ᠌᠂ ᠴᠠᠩ ᠴᠦᠨ ᠪᠣᠮᠪᠣ
     《ᠬᠠᠢᠷ᠎ᠠ ᠬᠡᠰᠢᠭ ᠪᠤᠶᠤ ᠵᠡᠷᠭᠡ ᠲᠤᠰᠢᠶᠠᠯ ᠢ᠋ ᠬᠦᠯᠢᠶᠡᠨ ᠠᠪᠬᠤ ᠨᠢ ᠥᠴᠦᠬᠡᠨ ᠦᠨ᠎ᠡ ᠳ᠋ᠦ᠍ ᠬᠦᠷᠬᠦ ᠦᠭᠡᠢ᠂ ᠬᠠᠢᠷ᠎ᠠ ᠬᠡᠰᠢᠭ ᠠᠪᠬᠤ ᠭᠡᠭᠴᠢ ᠨᠢ ᠬᠠᠢᠷ᠎ᠠ ᠬᠡᠰᠢᠭ ᠢ᠋ ᠠᠯᠳᠠᠬᠤ ᠭᠡᠰᠡᠨ ᠲᠡᠢ ᠠᠳᠠᠯᠢ ᠵᠣᠪᠠᠯᠠᠩ ᠤ᠋ᠨ ᠦᠨᠳᠦᠰᠦ ᠪᠣᠯᠳᠠᠭ ᠶᠤᠮ᠃ ᠬᠠᠢᠷ᠎ᠠ ᠬᠡᠰᠢᠭ ᠢ᠋ ᠬᠦᠷᠲᠡᠭᠰᠡᠨ ᠬᠣᠢᠨ᠎ᠠ ᠡᠭᠦᠨ ᠢ᠋ ᠪᠡᠨ ᠠᠯᠳᠠᠬᠤ ᠠ᠋ᠴᠠ ᠠᠶᠤᠬᠤ ᠨᠢ ᠰᠡᠳᠬᠢᠯ ᠦ᠋ᠨ ᠵᠣᠪᠠᠯᠠᠩ ᠪᠣᠯᠤᠨ᠎ᠠ᠂ ᠬᠠᠢᠷ᠎ᠠ ᠬᠡᠰᠢᠭ ᠢ᠋ᠶ᠋ᠡᠨ ᠠᠯᠳᠠᠴᠢᠬᠠᠪᠠᠯ ᠠᠶᠠᠨᠳᠠᠭᠠᠨ ᠨᠡᠩ ᠵᠣᠪᠠᠬᠤ ᠪᠢᠰᠢᠦ》 ᠭᠡᠯ᠎ᠡ᠃ ᠲᠡᠭᠡᠭᠡᠳ ᠴᠢᠩᠭᠢᠰ ᠬᠠᠭᠠᠨ ᠡᠨᠡ ᠡᠷᠳᠡᠮᠲᠡᠨ ᠦ᠌ ᠬᠥᠯ ᠳᠣᠣᠷ᠎ᠠ ᠨᠢ ᠨᠢᠭᠡ ᠨᠦᠬᠡ ᠪᠡᠯᠡᠳᠬᠡᠪᠡ ᠭᠡᠵᠦ ᠪᠣᠳᠣᠭᠠᠳ
     《ᠲᠠ ᠠᠵᠢᠯᠯᠠᠭ᠎ᠠ ᠪᠠᠨ ᠪᠣᠢ ᠪᠣᠯᠭᠠᠬᠤ ᠶ᠋ᠢᠨ ᠲᠥᠯᠥᠭᠡ ᠶᠠᠮᠠᠷ ᠨᠢᠭᠡᠨ ᠵᠦᠢᠯ ᠢ᠋ ᠬᠢᠶ᠎ᠡ ᠭᠡᠵᠦ ᠪᠣᠳᠣᠵᠤ ᠪᠠᠢᠭ᠎ᠠ ᠪᠢᠰᠢᠦ? ᠲᠡᠷᠡ< ᠬᠢᠶ᠎ᠡ> ᠭᠡᠬᠦ ᠪᠠ< ᠬᠢᠬᠦ ᠦᠭᠡᠢ> ᠭᠡᠳᠡᠭ ᠴᠢᠨᠢ᠂ ᠬᠡᠷᠪᠡ ᠲᠠ ᠬᠠᠢᠷ᠎ᠠ ᠬᠡᠰᠢᠭ ᠢ᠋ᠶ᠋ᠡᠨ ᠠᠯᠳᠠᠭᠰᠠᠨ ᠬᠣᠢᠨ᠎ᠠ ᠲᠠᠨ ᠤ᠋ ᠰᠤᠷᠭᠠᠯ ᠢ᠋ ᠥᠷᠭᠡᠳᠬᠡᠬᠦ ᠬᠡᠷᠡᠭ ᠢ᠋ᠶ᠋ᠡᠨ ᠴᠢᠳᠠᠬᠤ ᠦᠭᠡᠢ ᠪᠣᠯᠴᠢᠬᠠᠬᠤ ᠪᠢᠰᠢᠦ?》 ᠭᠡᠵᠦ ᠬᠡᠯᠡᠭᠰᠡᠨ ᠳ᠋ᠦ᠍᠂ ᠴᠠᠩ ᠴᠦᠨ ᠦᠯᠦ ᠮᠡᠳᠡᠭᠴᠢ ᠪᠡᠷ ᠢᠨᠢᠶᠡᠮᠰᠦᠭᠯᠡᠭᠡᠳ ᠰᠤᠮᠤᠳᠠᠬᠤ ᠮᠡᠲᠦ ᠬᠠᠷᠢᠭᠤᠯᠤᠭᠰᠠᠨ ᠨᠢ
     《ᠡᠷᠬᠢᠮ ᠬᠥᠮᠦᠨ ᠰᠠᠢᠨ ᠬᠤᠪᠢ ᠵᠠᠶᠠᠭ᠎ᠠ ᠤᠴᠠᠷᠠᠪᠠᠰᠤ ᠡᠭᠦᠨ ᠢ᠋ ᠶᠡᠬᠡ ᠪᠣᠯᠭᠠᠬᠤ ᠴᠢᠳᠠᠪᠤᠷᠢ ᠪᠠᠢᠪᠠᠴᠤ᠂ ᠡᠭᠦᠨ ᠢ᠋ᠶ᠋ᠡᠨ ᠠᠳᠬᠤᠵᠤ ᠴᠢᠳᠠᠬᠤ ᠦᠭᠡᠢ ᠪᠣᠯ ᠬᠡᠪ ᠢ᠋ᠶ᠋ᠡᠷ ᠨᠢ ᠦᠩᠭᠡᠷᠡᠭᠡᠵᠡᠭᠡᠵᠣ ᠪᠣᠯᠬᠤ ᠶᠤᠮ᠂ ᠪᠤᠵᠠᠷ ᠰᠢᠷᠠᠯᠵᠢ ᠰᠢᠭ᠋ ᠠᠳᠬᠤᠭᠠᠳ ᠬᠠᠶᠠᠴᠢᠬᠠᠵᠤ ᠪᠣᠯᠬᠤ ᠦᠭᠡᠢ ᠶᠤᠮ》 ᠭᠡᠵᠡᠢ᠃ ᠡᠭᠦᠨ ᠳ᠋ᠦ᠍ ᠴᠢᠩᠭᠢᠰ ᠬᠠᠭᠠᠨ ᠶᠠᠭᠤ ᠴᠤ᠌ ᠬᠡᠯᠡᠬᠦ ᠦᠭᠡ ᠦᠭᠡᠢ ᠪᠣᠯᠪᠠ᠂ ᠲᠡᠭᠡᠭᠡᠳ ᠲᠡᠷᠡ ᠡᠨᠡᠬᠦ ᠡᠷᠳᠡᠮᠲᠡᠨ ᠳ᠋ᠦ᠍ ᠬᠠᠮᠠᠭᠠᠯᠠᠬᠤ ᠴᠡᠷᠢᠭ ᠲᠣᠮᠢᠯᠠᠵᠤ᠂ ᠵᠠᠮ ᠵᠠᠭᠤᠷ᠎ᠠ ᠴᠢᠳᠠᠬᠤᠢᠴᠠ ᠠᠮᠤᠷᠯᠢᠩᠭᠤᠢ᠂ ᠳᠥᠭᠥᠮ᠂ ᠡᠩᠬᠡ ᠶ᠋ᠢ ᠪᠠᠲᠤᠯᠠᠨ ᠨᠤᠲᠤᠭ ᠲᠤᠨᠢ ᠬᠦᠷᠭᠡᠵᠦ ᠶᠠᠪᠤᠭᠤᠯᠪᠠ᠃ ᠭᠡᠪᠡᠴᠦ ᠲᠡᠷᠡ ᠬᠠᠷᠢᠨ ᠬᠠᠭᠠᠨ ᠤ᠋ ᠬᠤᠪᠢ ᠶ᠋ᠢᠨ ᠪᠡᠯᠡᠭ ᠪᠣᠯᠭᠠᠨ ᠬᠦᠷᠭᠡᠬᠦ ᠪᠡᠨ ᠪᠣᠯᠢᠭᠰᠠᠨ ᠦᠭᠡᠢ᠃ ᠪᠡᠭᠡᠵᠢᠩ ᠬᠣᠲᠠ ᠶ᠋ᠢᠨ ᠬᠠᠭᠠᠨ ᠤ᠋ ᠣᠷᠳᠣᠨ ᠳᠣᠲᠣᠷ᠎ᠠ ᠠ᠋ᠴᠠ ᠠᠯᠢ ᠰᠠᠢᠬᠠᠨ ᠬᠦᠷᠢᠶᠡᠯᠡᠩ ᠪᠠ ᠨᠠᠭᠤᠷ ᠤ᠋ᠨ ᠨᠢᠭᠡᠨ ᠬᠡᠰᠡᠭ ᠢ᠋ ᠴᠠᠩ ᠴᠦᠨ ᠪᠣᠮᠪᠣ ᠳ᠋ᠤ᠌ ᠬᠦᠷᠲᠡᠭᠡᠵᠦ ᠦᠬᠦᠭᠰᠡᠨ ᠬᠣᠢᠨ᠎ᠠ ᠨᠢ ᠪᠣᠮᠪᠣ ᠶ᠋ᠢᠨ ᠰᠦᠮ᠎ᠡ ᠪᠠᠢᠭᠤᠯᠵᠤ ᠥᠭᠬᠦ ᠪᠡᠷ ᠵᠠᠷᠯᠠᠪᠠ᠃ ᠴᠢᠩᠭᠢᠰ ᠬᠠᠭᠠᠨ ᠤ᠋ ᠵᠠᠯᠭᠠᠮᠵᠢᠯᠠᠭᠰᠠᠳ ᠴᠤ ᠡᠨᠡ ᠭᠡᠷᠢᠶᠡᠰ ᠢ᠋ ᠦᠨᠡᠨᠴᠢ ᠰᠢᠳᠤᠷᠭᠤ ᠪᠠᠷ ᠪᠡᠶᠡᠯᠡᠭᠦᠯᠪᠡ᠃ 
     ᠴᠠᠩ ᠴᠦᠨ ᠪᠣᠮᠪᠣ ᠪᠣᠯ ᠴᠢᠩᠭᠢᠰ ᠬᠠᠭᠠᠨ ᠯᠤᠭ᠎ᠠ ᠠᠳᠠᠯᠢ ᠵᠢᠯ ᠠᠳᠠᠯᠢ ᠰᠠᠷ᠎ᠠ ᠳ᠋ᠤ᠌ ᠨᠥᠭᠴᠢᠭᠰᠡᠨ ᠪᠠᠢᠨ᠎ᠠ᠃ 

  ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠴᠡᠴᠡᠭ᠂ ᠡᠷᠳᠡᠨᠢᠭᠤᠸ᠎ᠠ᠂ ᠬᠡᠷᠡᠢᠳ᠂ ᠵᠣᠯ
  ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠣᠳᠬᠠᠨᠰᠣ᠎ᠠ