ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ10-ᠰᠥᠨᠥᠭᠡᠬᠦ ᠪᠠᠢᠯᠳᠤᠭᠠᠨ ᠬᠢᠭᠰᠡᠨ ᠨᠢЧингис хааны байлдах бодлого ба арга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ10-ᠰᠥᠨᠥᠭᠡᠬᠦ ᠪᠠᠢᠯᠳᠤᠭᠠᠨ ᠬᠢᠭᠰᠡᠨ ᠨᠢЧингис хааны байлдах бодлого ба арга

ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ10-ᠰᠥᠨᠥᠭᠡᠬᠦ ᠪᠠᠢᠯᠳᠤᠭᠠᠨ ᠬᠢᠭᠰᠡᠨ ᠨᠢЧингис хааны байлдах бодлого ба арга

ᠠᠩᠭᠢᠯᠠᠯ:ᠲᠤᠭᠤᠵᠢ ᠷᠣᠮᠠᠨ
2024-12-31

996

    ( ᠨᠢᠭᠡ) ᠴᠢᠩᠭᠢᠰ ᠬᠠᠭᠠᠨ ᠤ᠋ ᠱᠠᠰᠢᠨ ᠰᠤᠷᠲᠠᠬᠤᠨ ᠤ᠋ ᠦᠵᠡᠯ 

      ᠰᠠᠮᠠᠷᠺᠠᠨᠳ᠋ ᠡᠴᠡ ᠪᠦᠬᠠᠷ ᠬᠦᠷᠬᠦ ᠬᠣᠭᠣᠷᠣᠨᠳᠣᠬᠢ ᠣᠢ ᠰᠢᠭᠤᠢ ᠪᠤᠶᠤ ᠴᠡᠴᠡᠷᠯᠢᠭ᠂ ᠭᠦᠢᠯᠡᠰᠦ ᠠᠯᠢᠮ᠎ᠠ ᠵᠡᠷᠭᠡ ᠵᠢᠮᠢᠰ ᠦ᠋ᠨ ᠬᠦᠷᠢᠶᠡᠯᠡᠩ ᠦ᠋ᠨ ᠳᠣᠲᠣᠷ᠎ᠠ ᠬᠥᠨᠳᠡᠯᠡᠨ ᠭᠤᠯᠳᠤ ᠪᠠᠷ ᠢ᠋ᠶ᠋ᠠᠨ ᠬᠡᠳᠦᠨ ᠺᠢᠯᠣᠮᠧᠲ᠋ᠷ ᠦ᠋ᠨ ᠭᠠᠵᠠᠷ ᠲᠤ᠌ ᠮᠣᠩᠭᠣᠯᠴᠤᠳ ᠵᠤᠰᠠᠯᠠᠩ ᠤ᠋ᠨ ᠣᠷᠳᠣᠨ ᠪᠠᠢᠭᠤᠯᠪᠠ᠃ ᠡᠷᠭᠦᠮᠵᠢᠯᠡᠭᠰᠡᠨ ᠨᠤᠲᠤᠭ ᠲᠤ᠌ ᠲᠦᠮᠡᠨ ᠦ᠌ ᠳᠠᠷᠤᠭ᠎ᠠ᠂ ᠦᠨᠳᠦᠰᠦᠲᠡᠨ᠂ ᠠᠢᠮᠠᠭ ᠪᠦᠯᠦᠭ᠂ ᠶᠠᠰᠤᠲᠠᠨ ᠭᠡᠬᠦ ᠵᠡᠷᠭᠡ ᠪᠡᠷ ᠲᠣᠳᠣ ᠢᠯᠭᠠᠭᠠᠲᠠᠢ ᠪᠠᠷ ᠪᠠᠭᠤᠵᠠᠭᠠᠪᠠ᠃ ᠮᠣᠩᠭᠣᠯᠴᠤᠳ ᠡᠨᠡ ᠭᠠᠵᠠᠷ ᠲᠤ᠌ ᠵᠠᠯᠠᠭᠤ ᠨᠠᠰᠤᠨ ᠤ᠋ ᠲᠦᠷᠺ ᠬᠥᠮᠦᠨ ᠪᠤᠶᠤ ᠫᠧᠷᠰ ᠬᠥᠮᠦᠨ ᠢ᠋ ᠬᠣᠵᠢᠮ ᠤ᠋ᠨ ᠡᠳᠦᠷ ᠲᠡᠳᠡᠨ ᠦ᠌ ᠤᠯᠤᠰ ᠤ᠋ᠨ ᠳᠣᠲᠣᠷᠠᠬᠢ ᠬᠣᠲᠠ ᠪᠣᠭᠣᠮᠲᠠ ᠶ᠋ᠢ ᠴᠣᠬᠢᠭᠤᠯᠬᠤ ᠬᠣᠰᠢᠭᠤᠴᠢ ᠪᠣᠯᠭᠠᠨ ᠬᠡᠷᠡᠭᠯᠡᠬᠦ ᠶ᠋ᠢᠨ ᠲᠥᠯᠥᠭᠡ ᠪᠣᠯᠪᠠᠰᠤᠷᠠᠭᠤᠯᠵᠤ ᠪᠠᠢᠪᠠ᠃ ᠮᠣᠩᠭᠣᠯ ᠴᠡᠷᠢᠭ ᠦ᠋ᠨ ᠤᠭ ᠤ᠋ᠨ ᠪᠠᠢᠭᠰᠠᠨ ᠶᠠᠭᠤᠮ᠎ᠠ ᠡᠴᠡ ᠬᠣᠯᠠ ᠰᠠᠢᠨ ᠴᠢᠯᠠᠭᠤ ᠰᠤᠮᠤᠳᠠᠬᠤ ᠰᠢᠨ᠎ᠡ ᠮᠠᠶᠢᠭ ᠤ᠋ᠨ ᠪᠠᠭᠠᠵᠢ᠂ ᠰᠢᠨ᠎ᠡ ᠮᠠᠶᠢᠭ ᠤ᠋ᠨ ᠫᠤᠤ᠂ ᠰᠢᠨ᠎ᠡ ᠮᠠᠶᠢᠭ ᠤ᠋ᠨ ᠪᠠᠮᠪᠠᠢ ᠶ᠋ᠢ ᠯᠠᠯᠤ ᠶ᠋ᠢᠨ ᠮᠥᠷᠭᠥᠯᠲᠡᠨ ᠦ᠌ ᠰᠢᠯᠢᠳᠡᠭ ᠮᠡᠷᠭᠡᠵᠢᠯᠲᠡᠨ ᠢ᠋ᠶ᠋ᠡᠷ ᠦᠢᠯᠡᠳᠪᠦᠷᠢᠯᠡᠭᠦᠯᠵᠦ ᠪᠠᠢᠪᠠ᠃ ᠴᠢᠩᠭᠢᠰ ᠬᠠᠭᠠᠨ ᠤ᠋ ᠭᠤᠷᠪᠠᠳᠤᠭᠠᠷ ᠬᠥᠪᠡᠭᠦᠨ ᠬᠤᠷᠴᠠ ᠰᠡᠷᠭᠦᠯᠡᠩ ᠢ᠋ᠶ᠋ᠡᠷ ᠢ᠋ᠶ᠋ᠡᠨ ᠠᠯᠳᠠᠷᠲᠠᠢ ᠥᠭᠡᠳᠡᠢ ᠦᠬᠡᠷ ᠫᠣᠤᠲᠤ ᠴᠡᠷᠢᠭ ᠦ᠋ᠨ ᠬᠠᠮᠤᠭ ᠤ᠋ᠨ ᠳᠡᠭᠡᠳᠦ ᠵᠢᠯᠣᠭᠣᠳᠤᠭᠴᠢ ᠪᠠᠷ ᠲᠣᠮᠢᠯᠠᠭᠳᠠᠵᠤ ᠡᠳᠡᠭᠡᠷ ᠠᠵᠢᠯ ᠢ᠋ ᠴᠦ᠍ ᠵᠠᠬᠢᠷᠴᠤ ᠪᠠᠢᠭᠰᠠᠨ ᠶᠤᠮ᠃ ᠰᠠᠮᠠᠷᠺᠠᠨᠳ᠋ ᠢ᠋ ᠲᠣᠭᠣᠷᠢᠭᠰᠠᠨ ᠴᠡᠴᠡᠭ ᠵᠢᠮᠢᠰ ᠦ᠋ᠨ ᠬᠦᠷᠢᠶᠡᠯᠡᠩ ᠳ᠋ᠡᠬᠢ ᠠᠯᠢ ᠣᠯᠠᠨ ᠵᠤᠰᠠᠯᠠᠩ ᠤ᠋ᠨ ᠭᠡᠷ ᠪᠠᠢᠰᠢᠩ ᠨᠢ ᠡᠳᠡᠭᠡᠷ ᠵᠡᠪᠰᠡᠭ ᠢ᠋ ᠰᠢᠯᠭᠠᠨ ᠪᠣᠯᠪᠠᠰᠤᠷᠠᠭᠰᠠᠭᠠᠷ ᠡᠪᠳᠡᠷᠬᠡᠢ ᠪᠠᠭᠤᠷᠢ ᠪᠣᠯᠵᠤ ᠭᠦᠢᠴᠡᠪᠡ᠃ ᠮᠣᠩᠭᠣᠯ ᠬᠥᠮᠦᠨ ᠪᠤᠶᠤ ᠬᠢᠲᠠᠳ ᠬᠥᠮᠦᠨ ᠥᠷᠥᠨᠡᠳᠠᠬᠢᠨ ᠤ᠋ ᠯᠠᠯᠤ ᠶ᠋ᠢᠨ ᠮᠥᠷᠭᠥᠯᠲᠡᠨ ᠦ᠌ ᠬᠢᠮᠢ ᠶ᠋ᠢᠨ ᠮᠡᠷᠭᠡᠵᠢᠯᠲᠡᠨ ᠡᠴᠡ ᠭᠠᠯ ᠰᠦᠷᠴᠢᠬᠦ ᠪᠠᠭᠠᠵᠢ ᠬᠡᠷᠡᠭᠯᠡᠬᠦ ᠠᠷᠭ᠎ᠠ ᠶ᠋ᠢ ᠵᠢᠭᠠᠯᠭᠠᠨ ᠰᠤᠷᠴᠠᠢ᠃ ᠡᠨᠡᠬᠦ ᠪᠠᠭᠠᠵᠢ ᠪᠠᠷ ᠨᠣᠴᠣᠭᠠᠭᠰᠠᠨ ᠨᠡᠭᠦᠷᠡᠰᠦᠨ ᠲᠣᠰᠣ ᠶ᠋ᠢ ᠳᠠᠢᠰᠤᠨ ᠤ᠋ ᠵᠦᠭ ᠲᠠᠶᠠᠭᠳᠠᠨ ᠶᠠᠪᠤᠭᠤᠯᠬᠤ ᠶᠤᠮ ᠪᠠᠢᠨ᠎ᠠ᠃ ᠡᠨᠡ ᠨᠢ ᠠᠢᠬᠤᠪᠲᠤᠷ ᠰᠦᠷᠡᠬᠡᠢ ᠵᠡᠪᠰᠡᠭ ᠠᠵᠢ᠃ ᠰᠠᠷᠠᠰᠸᠠ ᠬᠥᠮᠦᠨ ᠡᠢᠮᠦ ᠵᠡᠪᠰᠡᠭ ᠢ᠋ ᠬᠡᠷᠡᠭᠯᠡᠭᠡᠳ ᠵᠠᠭᠠᠯᠮᠠᠢ ᠲᠡᠮᠳᠡᠭᠲᠦ ᠴᠡᠷᠢᠭ ᠲᠦ᠍ ᠶᠡᠬᠡ ᠬᠣᠬᠢᠷᠠᠯ ᠤᠴᠠᠷᠠᠭᠤᠯᠤᠭᠰᠠᠨ
 ᠶᠤᠮ᠃ 
      ᠡᠢᠮᠦ ᠪᠠᠢᠭᠰᠠᠨ ᠪᠣᠯᠪᠠᠴᠤ ᠲᠡᠷᠡ ᠦᠶ᠎ᠡ ᠪᠣᠯ ᠳᠡᠮᠡᠢ ᠬᠥᠳᠡᠯᠬᠦ ᠴᠠᠭ ᠪᠤᠰᠤ ᠪᠣᠯᠬᠣᠷ᠂ ᠡᠢᠮᠦ ᠪᠠᠢᠳᠠᠯ ᠮᠣᠩᠭᠣᠯ ᠬᠥᠮᠦᠨ ᠳ᠋ᠦ᠍᠂ ᠰᠠᠢᠨ ᠬᠡᠷᠡᠭ ᠪᠢᠰᠢ ᠭᠡᠵᠦ ᠴᠢᠩᠭᠢᠰ ᠬᠠᠭᠠᠨ ᠰᠡᠳᠬᠢᠯ ᠵᠣᠪᠠᠵᠤ ᠪᠠᠢᠭᠰᠠᠨ ᠶᠤᠮ᠃ ᠮᠣᠩᠭᠣᠯᠴᠤᠳ ᠨᠡᠭᠦᠳᠡᠯᠯᠡᠨ ᠮᠠᠯᠵᠢᠬᠤ ᠴᠢᠩᠭ᠎ᠠ ᠰᠦᠷᠡᠬᠡᠢ ᠪᠥᠭᠡᠳ ᠳᠥᠭᠥᠮ ᠬᠢᠯᠪᠠᠷ ᠠᠮᠢᠳᠤᠷᠠᠯ ᠢ᠋ᠶ᠋ᠠᠨ ᠣᠷᠬᠢᠵᠤ ᠬᠠᠶᠠᠭᠠᠳ᠂ ᠱᠠᠯᠢᠨ ᠪᠦᠷᠢᠯᠭᠡᠬᠦ ᠠᠮᠢᠳᠤᠷᠠᠯ ᠳ᠋ᠤ᠌ ᠣᠷᠣᠵᠤ ᠪᠠᠢᠪᠠ᠃ ᠰᠤᠯᠠ ᠵᠠᠳᠠᠭᠠᠢ ᠠᠮᠢᠳᠤᠷᠠᠯ᠎ ᠡᠴᠡ ᠪᠣᠯᠵᠤ᠂ ᠬᠠᠷᠢᠯᠴᠠᠨ ᠠᠲᠠᠭᠠᠷᠬᠠᠬᠤ ᠪᠤᠶᠤ ᠵᠠᠯᠢ ᠮᠡᠬᠡ ᠬᠡᠷᠡᠭᠯᠡᠬᠦ ᠶᠠᠪᠤᠳᠠᠯ ᠡᠯ᠎ᠡ ᠭᠠᠵᠠᠷ ᠲᠤ᠌ ᠭᠠᠷᠴᠤ ᠪᠠᠢᠯ᠎ᠠ᠃ ᠵᠥᠴᠢ ᠭᠣᠶᠣ ᠰᠠᠢᠬᠠᠨ ᠣᠷᠳᠣᠨ ᠢ᠋ ᠪᠠᠢᠭᠤᠯᠤᠭᠠᠳ᠂ ᠳᠠᠭᠤᠴᠢᠨ᠂ ᠬᠥᠭᠵᠢᠮᠴᠢᠨ ᠢ᠋ ᠴᠤᠭᠯᠠᠭᠤᠯᠵᠤ ᠪᠠᠢᠯ᠎ᠠ᠃ ᠥᠭᠡᠳᠡᠢ᠂ ᠲᠤᠯᠤᠢ᠂ ᠦᠵᠦᠮ ᠦ᠋ᠨ ᠠᠷᠢᠬᠢᠨ ᠤ᠋ ᠠᠮᠲᠠᠨ ᠳ᠋ᠤ᠌ ᠣᠷᠣᠭᠠᠳ᠂ ᠴᠢᠩᠭᠢᠰ ᠬᠠᠭᠠᠨ ᠤ᠋ ᠬᠠᠤᠯᠢ ᠶᠣᠰᠣᠨ ᠳ᠋ᠤ᠌ ᠲᠣᠭᠲᠠᠭᠠᠭᠰᠠᠨ ᠵᠦᠢᠯ ᠢ᠋ ᠨᠢᠭᠡᠮᠦᠰᠦᠨ ᠤᠮᠠᠷᠲᠠᠭᠠᠳ ᠣᠷᠬᠢᠴᠢᠬᠠᠪᠠ᠃ ᠡᠭᠦᠨ ᠳ᠋ᠦ᠍《ᠬᠡᠷᠪᠡ ᠠᠷᠢᠬᠢ ᠤᠤᠭᠤᠬᠤ ᠶ᠋ᠢ ᠵᠣᠭᠰᠣᠵᠤ ᠴᠢᠳᠠᠬᠤ ᠦᠭᠡᠢ ᠪᠣᠯ ᠰᠠᠷ᠎ᠠ ᠳ᠋ᠤ᠌ ᠭᠤᠷᠪᠠᠨ ᠤᠳᠠᠭ᠎ᠠ ᠤᠤᠭᠤᠵᠤ ᠪᠣᠯᠤᠨ᠎ᠠ᠃ ᠭᠤᠷᠪᠠᠨ ᠤᠳᠠᠭ᠎ᠠ ᠎ᠡᠴᠡ ᠬᠡᠲᠦᠷᠡᠪᠡᠰᠦ ᠵᠥᠷᠢᠴᠡᠭᠰᠡᠨ ᠢ᠋ᠶ᠋ᠡᠷ ᠪᠣᠳᠣᠮᠤᠢ᠃ ᠬᠣᠶᠠᠷ ᠤᠳᠠᠭ᠎ᠠ ᠨᠢ ᠭᠤᠷᠪᠠᠨ ᠤᠳᠠᠭ᠎ᠠ ᠎ᠡᠴᠡ ᠳᠡᠭᠡᠷ᠎ᠡ᠂ ᠨᠢᠭᠡ ᠯᠡ ᠤᠳᠠᠭ᠎ᠠ ᠪᠣᠯᠪᠠᠰᠤ ᠨᠡᠩ ᠰᠠᠢᠨ᠃ ᠶᠠᠭ ᠳᠤᠷᠠᠰᠢᠶᠠᠬᠤ ᠦᠭᠡᠢ ᠪᠣᠯ ᠬᠠᠮᠤᠭ ᠤ᠋ᠨ ᠰᠠᠢᠨ᠃ ᠭᠡᠲᠡᠯ᠎ᠡ ᠶᠠᠭ ᠤᠤᠭᠤᠬᠤ ᠦᠭᠡᠢ ᠬᠥᠮᠦᠨ ᠭᠡᠵᠦ ᠬᠠᠮᠢᠭ᠎ᠠ ᠎ᠡᠴᠡ ᠣᠯᠳᠠᠬᠤ ᠠᠵᠢ》 ᠡᠨᠡ ᠪᠣᠯ ᠳᠦᠷᠢᠮ ᠲᠣᠭᠲᠠᠭᠠᠯ ᠤ᠋ᠨ ᠳᠣᠣᠷᠠᠬᠢ ᠠᠭᠤᠯᠭ᠎ᠠ ᠪᠣᠯᠤᠨ᠎ᠠ᠃ ᠴᠢᠩᠭᠢᠰ ᠬᠠᠭᠠᠨ ᠪᠣᠯ ᠠᠬᠤᠢᠴᠢ ᠦᠵᠡᠯᠲᠡᠨ ᠪᠣᠯᠬᠣᠷ᠂ ᠬᠢᠵᠦ ᠴᠢᠳᠠᠬᠤ ᠦᠭᠡᠢ ᠬᠡᠷᠡᠭ ᠢ᠋ ᠬᠥᠮᠦᠨ ᠳ᠋ᠦ᠍ ᠱᠠᠭᠠᠷᠳᠠᠬᠤ ᠶᠤᠮ ᠃ ᠬᠥᠮᠦᠰ ᠪᠦᠭᠦᠳᠡᠭᠡᠷ ᠢ᠋ᠶ᠋ᠡᠨ ᠵᠢᠷᠭᠠᠨ ᠴᠡᠩᠭᠡᠬᠦ ᠠᠮᠢᠳᠤᠷᠠᠯ ᠢ᠋ ᠬᠥᠭᠡᠭᠡᠴᠡᠯᠳᠦᠵᠦ ᠪᠠᠢᠯ᠎ᠠ᠃ ᠴᠢᠩᠭᠢᠰ ᠬᠠᠭᠠᠨ ᠬᠢᠳᠠᠨ ᠲᠦᠰᠢᠮᠡᠯ ᠶᠸᠯᠢᠦᠢ ᠴᠦᠼᠠᠢ ᠳ᠋ᠤ᠌ ᠳᠣᠣᠷᠠᠬᠢ ᠮᠡᠲᠦ ᠭᠠᠰᠢᠭᠤᠳᠠᠵᠤ ᠬᠡᠯᠡᠭᠰᠡᠨ ᠤᠳᠠᠭ᠎ᠠ ᠪᠠᠢᠪᠠ᠃ 
     《ᠪᠢᠳᠡᠨᠡᠷ ᠦᠬᠦᠭᠰᠡᠨ ᠬᠣᠢᠨ᠎ᠠ᠂ ᠮᠠᠨ ᠤ᠋ ᠦᠷ᠎ᠡ ᠬᠡᠦᠬᠡᠳ ᠲᠣᠷᠭ᠎ᠠ ᠳᠤᠷᠳᠤᠩ ᠢ᠋ᠶ᠋ᠠᠷ ᠬᠢᠭᠰᠡᠨ ᠰᠠᠢᠬᠠᠨ ᠬᠤᠪᠴᠠᠰᠤ ᠶ᠋ᠢ ᠡᠮᠦᠰᠴᠦ᠂ ᠰᠠᠢᠨ ᠬᠣᠭᠣᠯᠠ᠂ ᠠᠮᠲᠠᠲᠠᠢ ᠵᠢᠮᠢᠰ ᠢ᠋ ᠢᠳᠡᠬᠦ ᠪᠢᠵᠡ᠃ ᠲᠡᠳᠡ ᠰᠠᠢᠨ ᠮᠣᠷᠢ ᠶ᠋ᠢ ᠤᠨᠤᠭᠠᠳ ᠭᠣᠶᠣ ᠡᠮᠡᠭᠲᠡᠢ ᠲᠡᠢ ᠴᠡᠩᠭᠡᠯᠳᠦᠬᠦ ᠪᠠᠢᠬ᠎ᠠ᠃ 
ᠲᠡᠳᠡᠨ ᠦ᠌ ᠡᠴᠢᠭᠡ ᠠᠬ᠎ᠠ ᠨᠠᠷ ᠨᠢ ᠲᠡᠳᠡᠨ ᠦ᠌ ᠲᠥᠯᠥᠭᠡ ᠵᠢᠳᠬᠦᠵᠦ ᠬᠤᠷᠠᠮᠳᠤᠭᠤᠯᠤᠭᠰᠠᠨ ᠢ᠋ ᠪᠣᠳᠣᠬᠤ ᠦᠭᠡᠢ᠂ ᠡᠴᠢᠭᠡ ᠠᠬ᠎ᠠ ᠨᠠᠷ ᠤ᠋ᠨ ᠢ᠋ᠶ᠋ᠠᠨ  ᠡᠨᠡ ᠡᠳᠦᠷ ᠦ᠋ᠨ ᠵᠦᠳᠡᠵᠦ  ᠵᠣᠪᠠᠭᠰᠠᠨ ᠢ᠋ ᠪᠦᠷ ᠤᠮᠠᠷᠲᠠᠵᠤ ᠣᠷᠬᠢᠬᠤ ᠪᠢᠵᠡ》 ᠭᠡᠵᠡᠢ᠃
    ᠶᠸᠯᠢᠦᠢ ᠴᠦᠼᠠᠢ ᠪᠣᠯ ᠴᠢᠩᠭᠢᠰ ᠬᠠᠭᠠᠨ  ᠤ᠋ ᠳᠡᠷᠭᠡᠳᠡ ᠡᠴᠡ ᠶᠡᠷᠦ ᠰᠠᠯᠬᠤ ᠦᠭᠡᠢ ᠪᠣᠯᠬᠣᠷ ᠲᠡᠭᠦᠨ  ᠦ᠌ ᠰᠡᠵᠢᠭ ᠲᠥᠷᠥᠬᠦ ᠪᠤᠶᠤ ᠰᠡᠳᠬᠢᠯ ᠵᠣᠪᠠᠵᠤ ᠪᠠᠢᠬᠤ ᠶ᠋ᠢ ᠮᠡᠳᠡᠬᠦ ᠴᠣᠷ ᠤ᠋ᠨ ᠭᠠᠭᠴᠠ ᠬᠥᠮᠦᠨ ᠮᠥᠨ ᠶᠤᠮ ᠃ ᠮᠣᠩᠭᠣᠯ ᠬᠠᠭᠠᠨᠲᠤ ᠤᠯᠤᠰ ᠪᠠᠰᠠ ᠪᠦᠷᠢᠨ ᠪᠡᠬᠢᠵᠢᠵᠦ ᠴᠢᠳᠠᠭᠠᠳᠤᠢ᠂ ᠪᠠᠢᠯᠳᠤᠨ ᠳᠠᠭᠠᠭᠤᠯᠬᠤ  ᠬᠡᠷᠡᠭ ᠴᠤ  ᠮᠥᠨ ᠭᠦᠢᠴᠡᠭᠡᠳᠦᠢ ᠪᠢᠯᠡ᠃ ᠴᠢᠩᠭᠢᠰ ᠬᠠᠭᠠᠨ ᠥᠪᠡᠷ ᠦ᠋ᠨ ᠪᠡᠶ᠎ᠡ ᠶ᠋ᠢᠨ ᠢ᠋ᠶ᠋ᠡᠨ ᠬᠥᠭᠰᠢᠷᠡᠵᠦ  ᠢᠷᠡᠭᠰᠡᠨ ᠢ᠋ᠶ᠋ᠡᠨ ᠨᠢᠭᠡᠨᠲᠡ  ᠮᠡᠳᠡᠵᠦ ᠪᠠᠢᠭᠰᠠᠨ ᠶᠤᠮ᠃ ᠲᠡᠷᠡ  ᠬᠡᠳᠦᠢᠪᠡᠷ ᠣᠳᠣ ᠬᠦᠷᠲᠡᠯ᠎ᠡ ᠴᠢᠭᠢᠷᠠᠭ ᠲᠡᠩᠬᠡᠯᠡᠭᠦᠨ ᠪᠠᠢᠵᠤ᠂   ᠠᠪᠠ    ᠬᠦᠷᠦᠭᠡ ᠬᠢᠬᠦ ᠪᠤᠶᠤ ᠪᠠᠢᠯᠳᠤᠭᠠᠨ ᠳ᠋ᠤ᠌  ᠪᠠᠰᠠᠴᠤ ᠪᠠᠬᠠᠲᠠᠢ  ᠳᠤᠷ᠎ᠠ ᠲᠠᠢ ᠪᠠᠢᠭᠰᠠᠨ ᠪᠣᠯᠪᠠᠴᠤ᠂ ᠣᠳᠣ ᠨᠢᠭᠡᠨᠲᠡ ᠵᠢᠷᠠᠨ ᠨᠠᠰᠤᠨ  ᠤ᠋ ᠦᠶ᠎ᠡ ᠶ᠋ᠢᠨ ᠡᠷᠡᠨ ᠳ᠋ᠦ᠍ ᠣᠷᠣᠴᠢᠬᠠᠭᠰᠠᠨ ᠪᠥᠭᠡᠳ ᠪᠡᠶ᠎ᠡ ᠨᠢ ᠴᠦ᠍  ᠮᠠᠷᠢᠶᠠᠯᠠᠭᠠᠳ   ᠨᠦᠰᠡᠷ ᠬᠦᠨᠳᠦ ᠰᠢᠭ ᠪᠣᠯᠤᠭᠰᠠᠨ ᠶᠤᠮ ᠪᠠᠢᠨ᠎ᠠ᠃  ᠢᠯᠡᠭᠦᠴᠡ ᠬᠡᠷᠡᠭ ᠪᠠᠢᠭᠰᠠᠨ ᠪᠣᠯᠪᠠᠴᠤ ᠲᠡᠷᠡ ᠦᠬᠦᠭᠰᠡᠨ ᠬᠣᠢᠨᠠᠬᠢ ᠬᠡᠷᠡᠭ ᠢ᠋ ᠪᠣᠳᠣᠯᠬᠢᠯᠠᠬᠤ ᠪᠣᠯᠤᠭᠰᠠᠨ ᠪᠢᠯᠡ᠃ ᠲᠦᠮᠡᠨ ᠵᠦᠢᠯ ᠦ᠋ᠨ ᠬᠡᠷᠡᠭ ᠪᠦᠷ ᠬᠣᠶᠠᠷ ᠮᠥᠷᠥ ᠳᠡᠭᠡᠷ᠎ᠡ ᠨᠢ ᠳᠠᠷᠤᠵᠤ᠂ ᠬᠡᠦᠬᠡᠳ ᠦ᠋ᠨ ᠠᠯᠢ  ᠨᠢᠭᠡᠨ ᠨᠢ  ᠴᠦ᠍ ᠪᠦᠷᠢᠮᠦᠰᠦᠨ ᠲᠡᠭᠦᠨ ᠢ᠋ ᠵᠠᠯᠭᠠᠮᠵᠢᠯᠠᠨ ᠦᠢᠯᠡᠰ ᠢ᠋ ᠨᠢ ᠭᠦᠢᠴᠡᠳᠬᠡᠵᠦ ᠴᠢᠳᠠᠬᠤ ᠦᠭᠡᠢ ᠭᠡᠰᠡᠨ ᠢ᠋ ᠲᠡᠷᠡ ᠮᠡᠳᠡᠵᠦ ᠪᠠᠢᠯ᠎ᠠ᠃ ᠥᠪᠡᠷ ᠦ᠋ᠨ ᠪᠡᠶ᠎ᠡ ᠨᠢ ᠵᠠᠯᠭᠠᠭᠠᠳ ᠵᠢᠳᠬᠦᠵᠦ ᠴᠢᠳᠠᠬᠤ  ᠤᠤ᠁᠃ ᠃ ᠬᠠᠭᠠᠨᠲᠤ ᠤᠯᠤᠰ ᠨᠢ ᠶᠠᠮᠠᠷ ᠪᠣᠯᠳᠠᠭ ᠶᠤᠮ ᠪᠣᠢ᠁᠃ ᠲᠡᠭᠦᠨ  ᠦ᠌ ᠰᠡᠳᠬᠢᠯ ᠵᠣᠪᠠᠬᠤ ᠨᠢ ᠡᠳᠡᠭᠡᠷ ᠤᠴᠢᠷ ᠤ᠋ᠨ ᠲᠥᠯᠥᠭᠡ ᠪᠢᠯᠡ᠃ ᠬᠣᠲᠠ ᠪᠠᠯᠭᠠᠰᠤᠨ  ᠤ᠋ ᠬᠥᠮᠦᠰ ᠪᠣᠯ ᠠᠷᠪᠢᠨ ᠤᠴᠢᠷ ᠢ᠋ ᠮᠡᠳᠡᠨ᠎ᠡ᠂ ᠠᠷᠪᠢᠨ ᠶᠠᠪᠤᠳᠠᠯ ᠢ᠋ ᠬᠢᠵᠦ ᠴᠢᠳᠠᠨ᠎ᠠ᠃ ᠬᠣᠲᠠ ᠪᠠᠯᠭᠠᠰᠤᠨ  ᠤ᠋ ᠬᠥᠮᠦᠰ ᠨᠡᠭᠦᠳᠡᠯᠴᠢᠨ ᠮᠠᠯᠴᠢᠨ  ᠬᠥᠮᠦᠨ ᠡᠴᠡ ᠥᠨᠳᠥᠷ ᠨᠠᠰᠤᠲᠠᠨ ᠨᠢ ᠣᠯᠠᠨ ᠪᠠᠢᠳᠠᠭ ᠪᠣᠯᠪᠠᠴᠤ  ᠪᠢᠷ᠎ᠠ ᠴᠢᠳᠠᠯ ᠨᠢ ᠳᠠᠩᠴᠢ ᠳᠣᠷᠣᠢ ᠶᠤᠮ᠃  ᠲᠡᠳᠡ ᠪᠠᠷᠤᠭ ᠤᠷᠲᠤ ᠨᠠᠰᠤᠯᠠᠬᠤ ᠠᠷᠭ᠎ᠠ ᠶ᠋ᠢ ᠮᠡᠳᠡᠵᠦ ᠪᠠᠢᠬᠤ ᠪᠣᠯᠤᠯᠲᠠᠢ᠃ ᠶᠸᠯᠤᠢ ᠴᠦᠼᠠᠢ ᠡᠢᠮᠦ ᠠᠷᠭ᠎ᠠ ᠶ᠋ᠢ  ᠮᠡᠳᠡᠬᠦ ᠦᠭᠡᠢ ᠪᠣᠯᠪᠠᠴᠤ᠂ ᠠᠯᠲᠠᠨ ᠤᠯᠤᠰ ᠤ᠋ᠨ ᠳᠣᠲᠣᠷᠠᠬᠢ ᠨᠢᠭᠡᠨ ᠪᠣᠢᠳᠠ ᠭᠠᠵᠠᠷ ᠲᠤ᠌ ᠴᠠᠩ ᠴᠦᠨ ᠪᠣᠮᠪᠣ   ᠭᠡᠭᠴᠢ ᠨᠢᠭᠡᠨ ᠠᠷᠰᠢ ᠪᠠᠢᠬᠤ ᠶ᠋ᠢ ᠮᠡᠳᠡᠵᠦ ᠪᠠᠢᠭᠰᠠᠨ ᠶᠤᠮ᠃ ᠡᠨᠡᠬᠦ  ᠠᠷᠰᠢ  ᠨᠢ ᠠᠮᠢ ᠨᠠᠰᠤ ᠶ᠋ᠢ ᠮᠥᠩᠬᠡᠷᠡᠭᠦᠯᠬᠦ ᠨᠢᠭᠤᠴᠠ ᠶ᠋ᠢ ᠮᠡᠳᠡᠬᠦ ᠪᠣᠮᠪᠣ ᠶ᠋ᠢᠨ ᠱᠠᠰᠢᠨ  ᠤ᠋ ᠨᠣᠮᠯᠠᠯ ᠳ᠋ᠤ᠌ ᠰᠢᠯᠭᠠᠷᠠᠭᠰᠠᠨ ᠶᠤᠮ ᠭᠡᠨ᠎ᠡ᠃ ᠲᠡᠭᠡᠭᠡᠳ《ᠳᠡᠯᠡᠬᠡᠢ ᠳᠠᠬᠢᠨ  ᠤ᠋ ᠡᠵᠡᠨ ᠬᠠᠭᠠᠨ》 ᠪᠣᠯᠤᠭᠴᠢ ᠴᠢᠩᠭᠢᠰ ᠬᠠᠭᠠᠨ ᠳᠠᠷᠤᠢ ᠲᠦᠷᠭᠡᠨ ᠡᠨᠡᠬᠦ《ᠠᠷᠰᠢ ᠪᠣᠭᠳᠠ》 ᠳ᠋ᠤ᠌ ᠵᠣᠷᠢᠭᠤᠯᠵᠤ᠂ ᠰᠠᠢᠳ  ᠨᠠᠷ ᠤ᠋ᠨ ᠲᠦᠷᠦᠭᠦᠦ ᠶᠸᠯᠣᠢ ᠴᠦᠼᠠᠢ ᠪᠠᠷ ᠨᠢᠭᠡᠨ ᠵᠠᠬᠢᠳᠠᠯ ᠪᠢᠴᠢᠭᠦᠯᠵᠡᠢ᠃ ᠡᠵᠡᠨ ᠬᠠᠭᠠᠨ ᠡᠴᠡ ᠭᠦᠨ ᠤᠬᠠᠭᠠᠨ  ᠤ᠋ ᠡᠷᠳᠡᠮᠲᠡᠨ  ᠳ᠋ᠦ᠍ ᠵᠣᠷᠢᠭᠤᠯᠵᠤ ᠵᠠᠬᠢᠳᠠᠯ ᠪᠢᠴᠢᠭᠦᠯᠦᠭᠰᠡᠨ ᠨᠢ ᠡᠷᠲᠡ ᠢᠵᠠᠭᠤᠷ ᠡᠴᠡ ᠣᠨᠳᠣᠣ ᠵᠢᠱ᠌ᠢᠶ᠎ᠡ ᠦᠵᠡᠭᠳᠡᠭᠰᠡᠨ ᠦᠭᠡᠢ ᠶᠤᠮ᠃ 
      ᠡᠨᠡᠬᠦ ᠭᠦᠨ ᠤᠬᠠᠭᠠᠨ  ᠤ᠋ ᠡᠷᠳᠡᠮᠲᠡᠨ ᠪᠣᠯ ᠴᠢᠩᠭᠢᠰ ᠬᠠᠭᠠᠨ  ᠤ᠋ ᠪᠠᠢᠯᠳᠤᠨ ᠳᠠᠭᠠᠭᠤᠯᠤᠭᠰᠠᠨ ᠤᠯᠤᠰ ᠤ᠋ᠨ ᠨᠢᠭᠡᠨ ᠬᠥᠮᠦᠨ ᠶᠤᠮ᠃ ᠬᠠᠭᠠᠨ  ᠤ᠋ ᠰᠠᠨᠳᠠᠭᠠᠵᠤ ᠭᠦᠢᠴᠡᠭᠰᠡᠨ ᠤᠯᠤᠰ ᠲᠤ᠌ ᠰᠠᠭᠤᠵᠤ ᠪᠠᠢᠬᠤ ᠪᠣᠯᠬᠣᠷ ᠴᠢᠩᠭᠢᠰ ᠬᠠᠭᠠᠨ  ᠤ᠋ ᠪᠠᠢᠯᠳᠤᠭᠠᠨ ᠪᠣᠯᠤᠨ ᠪᠠᠢᠯᠳᠤᠨ ᠳᠠᠭᠠᠭᠤᠯᠤᠭᠰᠠᠨ ᠲᠤᠬᠠᠢ ᠲᠠᠢᠯᠪᠤᠷᠢᠯᠠᠵᠤ ᠳᠣᠣᠷᠠᠬᠢ ᠮᠡᠲᠦ ᠪᠢᠴᠢᠵᠡᠢ᠃ 
     《ᠠᠯᠲᠠᠨ ᠤᠯᠤᠰ  ᠳᠠᠩᠴᠢ   ᠱᠠᠯᠢᠵᠤ  ᠪᠦᠷᠢᠯᠭᠡᠬᠦ  ᠪᠠ ᠵᠢᠷᠭᠠᠨ ᠴᠡᠩᠭᠡᠬᠦ  ᠳ᠋ᠦ᠍ ᠰᠢᠪᠠᠷᠳᠠᠭᠰᠠᠨ ᠡᠴᠡ<ᠲᠡᠭᠷᠢ ᠰᠠᠬᠢᠭᠤᠯᠰᠤᠨ>ᠠᠯᠲᠠᠨ ᠤᠯᠤᠰ ᠢ᠋ ᠨᠢᠭᠡᠮᠦᠰᠦᠨ ᠵᠢᠭᠰᠢᠵᠦ ᠣᠷᠬᠢᠭᠰᠠᠨ ᠪᠠᠢᠨ᠎ᠠ᠃ ᠮᠢᠨᠦ ᠪᠡᠶ᠎ᠡ ᠬᠠᠷᠢᠨ  ᠱᠠᠯᠢᠵᠤ ᠪᠦᠷᠢᠯᠭᠡᠬᠦ ᠶ᠋ᠢ ᠵᠢᠭᠰᠢᠳᠡᠭ ᠪᠥᠭᠡᠳ ᠬᠦᠰᠡᠯ ᠢ᠋ᠶ᠋ᠡᠨ ᠬᠣᠷᠢᠭᠯᠠᠵᠤ  ᠴᠢᠳᠠᠳᠠᠭ᠃ ᠮᠢᠨᠦ ᠪᠡᠶ᠎ᠡ  ᠳ᠋ᠦ᠍ ᠨᠢᠭᠡᠨ ᠵᠠᠬ᠎ᠠ ᠬᠤᠪᠴᠠᠰᠤ ᠡᠴᠡ ᠢᠯᠡᠭᠦᠦ ᠵᠦᠢᠯ ᠪᠠᠢᠬᠤ ᠦᠭᠡᠢ᠂ ᠭᠠᠭᠴᠠ ᠵᠦᠢᠯ ᠦ᠋ᠨ ᠢᠳᠡᠭᠡᠨ ᠡᠴᠡ ᠥᠭᠡᠷ᠎ᠡ ᠶᠠᠭᠤᠮ᠎ᠠ ᠶ᠋ᠢ ᠡᠳ᠋ᠯᠡᠳᠡᠭ ᠦᠭᠡᠢ᠃ ᠮᠢᠨᠦ ᠪᠡᠶ᠎ᠡ ᠬᠠᠮᠤᠭ ᠳᠣᠣᠷᠠᠲᠤ ᠵᠡᠷᠭᠡ ᠶ᠋ᠢᠨ ᠮᠠᠯᠴᠢᠨ ᠠᠷᠠᠳ ᠯᠤᠭ᠎ᠠ ᠠᠳᠠᠯᠢ ᠬᠣᠭᠣᠯᠠ ᠶ᠋ᠢ ᠢᠳᠡᠳᠡᠭ ᠪᠥᠭᠡᠳ ᠬᠡᠮᠵᠢᠶ᠎ᠡ ᠬᠢᠵᠠᠭᠠᠷ ᠦᠭᠡᠢ  ᠶᠠᠮᠠᠷ  ᠴᠤ᠌ ᠰᠢᠨᠤᠬᠠᠢᠷᠠᠯ ᠪᠠᠢᠬᠤ ᠦᠭᠡᠢ᠃ ᠠᠯᠢᠪᠠ ᠴᠡᠷᠢᠭ ᠦ᠋ᠨ ᠶᠠᠪᠤᠳᠠᠯ ᠤ᠋ᠨ ᠠᠵᠢᠯᠯᠠᠭ᠎ᠠ ᠳ᠋ᠤ᠌ ᠴᠥᠮ ᠪᠡᠶ᠎ᠡ ᠪᠡᠷ ᠢ᠋ᠶ᠋ᠡᠨ ᠬᠠᠮᠤᠭ ᠤᠨ ᠡᠮᠦᠨ᠎ᠡ ᠲᠠᠯ᠎ᠠ ᠳ᠋ᠤ᠌ ᠵᠣᠭᠰᠣᠳᠠᠭ᠂ ᠳᠠᠢᠰᠤᠨ ᠲᠠᠢ ᠲᠤᠯᠵᠤ ᠪᠠᠢᠯᠳᠤᠬᠤ ᠦᠶ᠎ᠡ ᠳ᠋ᠦ᠍ ᠮᠢᠨᠦ ᠪᠡᠶ᠎ᠡ ᠬᠡᠵᠢᠶ᠎ᠡ ᠴᠦ᠍ ᠠᠷᠤ ᠲᠡᠰᠢ  ᠤᠬᠤᠷᠢᠳᠠᠭ ᠦᠭᠡᠢ᠃ ᠲᠡᠢᠮᠦ ᠤᠴᠢᠷ ᠡᠴᠡ  ᠶᠡᠬᠡ ᠦᠢᠯᠡᠰ ᠢ᠋ ᠪᠦᠲᠦᠭᠡᠵᠦ᠂ ᠳᠡᠯᠡᠬᠡᠢ ᠳ᠋ᠠᠬᠢᠨ ᠢ᠋ ᠭᠠᠭᠴᠠ ᠬᠠᠭᠠᠨᠲᠤ ᠤᠯᠤᠰ ᠲᠤ᠌ ᠬᠠᠮᠲᠤᠷᠠᠭᠤᠯᠤᠨ ᠵᠠᠰᠠᠬᠤ ᠬᠡᠷᠡᠭ ᠢ᠋ ᠪᠦᠲᠦᠭᠡᠵᠦ  ᠴᠢᠳᠠᠪᠠᠢ᠃ ᠮᠢᠨᠦ ᠪᠡᠶ᠎ᠡ ᠳ᠋ᠦ᠍ ᠲᠤᠰᠢᠶᠠᠭᠰᠠᠨ ᠲᠩᠷᠢ ᠶ᠋ᠢᠨ  ᠪᠣᠱᠣᠭ ᠥᠨᠳᠥᠷ ᠶᠡᠬᠡ ᠪᠥᠭᠡᠳ ᠮᠢᠨᠦ ᠡᠭᠦᠷᠭᠡ ᠴᠦ᠍ ᠬᠦᠨᠳᠦ ᠪᠠᠢᠨ᠎ᠠ᠃ ᠮᠢᠨᠦ ᠪᠡᠶ᠎ᠡ ᠤᠯᠤᠰ ᠤ᠋ᠨ ᠠᠷᠠᠳ ᠢ᠋ᠶ᠋ᠠᠨ ᠥᠪᠡᠷ ᠦ᠋ᠨ ᠦᠷ᠎ᠡ ᠬᠥᠪᠡᠭᠦᠳ ᠮᠡᠲᠦ ᠦᠵᠡᠳᠡᠭ ᠪᠣᠯᠬᠣᠷ᠂ ᠬᠠᠭᠠᠨ ᠰᠠᠭᠤᠷᠢᠨ ᠳ᠋ᠤ᠌ ᠰᠠᠭᠤᠭᠰᠠᠨ ᠡᠴᠡ ᠢᠨᠠᠭᠰᠢ ᠡᠭᠦᠷᠢᠳᠡ ᠤᠯᠤᠰ ᠤ᠋ᠨ ᠠᠷᠠᠳ ᠢ᠋ᠶ᠋ᠠᠨ ᠰᠠᠢᠲᠤᠷ ᠵᠠᠬᠢᠷᠰᠤᠭᠠᠢ ᠭᠡᠮᠡᠨ ᠴᠢᠷᠮᠠᠢᠭᠰᠠᠨ ᠪᠥᠯᠥᠭᠡ᠃ ᠭᠡᠪᠡᠴᠦ ᠮᠡᠬᠦᠰ ᠮᠢᠨᠦ ᠵᠠᠰᠠᠭ ᠤ᠋ᠨ ᠣᠷᠳᠣᠨ  ᠤ᠋ ᠳᠣᠲᠣᠷ᠎ᠠ ᠶᠠᠮᠠᠷ ᠨᠢᠭᠡᠨ ᠵᠦᠢᠯ ᠳᠤᠲᠠᠭᠳᠠᠵᠤ ᠪᠠᠢᠬᠤ  ᠳ᠋ᠠᠭᠠᠨ ᠠᠶᠤᠨ  ᠡᠮᠢᠶᠡᠵᠦ  ᠪᠠᠢᠮᠤᠢ᠃  
        ᠭᠣᠣᠯ ᠭᠡᠲᠦᠯᠬᠦᠢ ᠳ᠋ᠦ᠍ᠷ ᠣᠩᠭᠣᠴᠠ ᠪᠣᠯᠤᠨ ᠰᠡᠯᠪᠢᠭᠦᠷ ᠬᠡᠷᠡᠭᠴᠡᠭᠡ ᠲᠡᠢ ᠮᠡᠲᠦ ᠪᠡᠷ᠂ ᠤᠯᠤᠰ ᠤ᠋ᠨ ᠳᠣᠲᠣᠷᠠᠬᠢ ᠪᠠᠨ ᠡᠮᠬᠢ ᠵᠢᠷᠤᠮ ᠲᠠᠢ ᠪᠣᠯᠭᠠᠬᠤ ᠶ᠋ᠢᠨ ᠲᠥᠯᠥᠭᠡ ᠮᠡᠷᠭᠡᠳ ᠡᠷᠳᠡᠮᠲᠡᠨ ᠬᠡᠷᠡᠭᠴᠡᠭᠡ ᠲᠡᠢ ᠪᠣᠯᠠᠢ᠃ ᠮᠡᠬᠦᠰ ᠮᠢᠨᠦ ᠪᠡᠶ᠎ᠡ ᠰᠢᠯᠭᠠᠷᠠᠭᠰᠠᠨ ᠡᠷᠳᠡᠮ ᠦᠭᠡᠢ ᠪᠣᠯᠪᠠᠴᠤ᠂ ᠴᠢᠳᠠᠪᠤᠷᠢ ᠲᠠᠢ ᠬᠥᠮᠦᠰ ᠢ᠋ ᠥᠪᠡᠷ ᠦ᠋ᠨ ᠠᠬ᠎ᠠ ᠳᠡᠭᠦᠦ ᠮᠡᠲᠦ ᠬᠠᠢᠷᠠᠯᠠᠬᠤ ᠲᠤᠯᠠᠳᠠ᠂ ᠮᠠᠨ ᠤ᠋ ᠬᠣᠭᠣᠷᠣᠨᠳᠣ ᠶ᠋ᠢᠨ ᠰᠠᠨᠠᠯ ᠢᠮᠠᠭᠲᠠ ᠨᠢᠭᠡᠳᠦᠯ ᠲᠡᠢ ᠪᠥᠭᠡᠳ ᠬᠠᠷᠢᠯᠴᠠᠨ ᠬᠦᠨᠳᠦᠯᠡᠯᠴᠡᠵᠦ ᠡᠭᠦᠷᠢᠳᠡ ᠨᠢᠭᠡᠨ ᠪᠡᠶ᠎ᠡ ᠮᠡᠲᠦ ᠪᠣᠯᠵᠤ ᠴᠢᠳᠠᠭᠰᠠᠨ ᠪᠥᠯᠥᠭᠡ᠃ ᠭᠡᠪᠡᠴᠦ ᠮᠡᠬᠦᠰ ᠬᠥᠮᠦᠨ ᠪᠠᠰᠠᠴᠤ< ᠭᠤᠷᠪᠠᠨ ᠥᠨᠳᠥᠷ ᠡᠷᠬᠢᠮ> ᠪᠣᠯᠤᠨ< ᠶᠢᠰᠦᠨ ᠠᠭᠤᠤ ᠶᠡᠬᠡ> ᠶ᠋ᠢ ᠪᠡᠶᠡᠯᠡᠭᠦᠯᠵᠦ ᠴᠢᠳᠠᠬᠤ ᠡᠷᠳᠡᠮ ᠲᠡᠢ ᠬᠥᠮᠦᠨ ᠢ᠋ ᠣᠯᠵᠤ ᠴᠢᠳᠠᠭ᠎ᠠ ᠦᠭᠡᠢ ᠪᠠᠢᠨ᠎ᠠ》 ᠭᠡᠵᠡᠢ᠃ ᠳᠠᠷᠠᠭ᠎ᠠ ᠳ᠋ᠤᠨᠢ ᠲᠡᠭᠦᠨ ᠦ᠌ ᠬᠡᠯᠡᠭᠰᠡᠨ ᠨᠢ᠄《ᠮᠢᠨᠦ ᠪᠡᠶ᠎ᠡ ᠠᠷᠰᠢ ᠲᠠᠨ ᠤ᠋ ᠠᠰᠬᠠᠨ ᠵᠠᠮ ᠢ᠋ᠶ᠋ᠠᠷ ᠶᠠᠪᠤᠭᠠᠳ ᠦᠨᠡᠨ ᠶᠣᠰᠣᠨ ᠳ᠋ᠤ᠌ ᠨᠡᠪᠲᠡᠷᠡᠵᠦ ᠴᠢᠳᠠᠭᠰᠠᠨ ᠢ᠋ ᠮᠡᠳᠡᠵᠦ ᠪᠠᠢᠨ᠎ᠠ᠃ ᠡᠷᠬᠢᠮ ᠴᠢᠨᠦ ᠪᠡᠶ᠎ᠡ ᠡᠷᠳᠡᠮ ᠮᠡᠷᠭᠡᠨ ᠢ᠋ᠶ᠋ᠡᠷ ᠢ᠋ᠶ᠋ᠡᠨ ᠠᠯᠳᠠᠷ ᠨᠡᠷ᠎ᠡ ᠲᠡᠢ ᠪᠥᠭᠡᠳ ᠡᠷᠲᠡᠨ ᠦ᠌ ᠪᠣᠭᠳᠠ ᠭᠡᠭᠡᠨ ᠦ᠌ ᠵᠢᠮ᠎ᠡ ᠶᠣᠰᠣ ᠶ᠋ᠢ ᠰᠠᠬᠢᠵᠤ ᠪᠠᠢᠨ᠎ᠠ᠃ ᠪᠣᠭᠳᠠ ᠪᠣᠯᠬᠤ ᠭᠡᠰᠡᠨ ᠬᠥᠮᠦᠰ ᠪᠦᠷ ᠲᠠᠨ ᠳ᠋ᠤ᠌ ᠵᠣᠯᠭᠠᠵᠤ ᠣᠴᠢᠵᠤ ᠪᠠᠢᠨ᠎ᠠ᠃ ᠬᠠᠷᠢᠨ ᠮᠡᠬᠦᠰ ᠮᠢᠨᠦ ᠪᠡᠶ᠎ᠡ ᠶᠠᠭᠠᠬᠢᠨ ᠲᠡᠭᠡᠵᠦ ᠴᠢᠳᠠᠬᠤ ᠠᠵᠢ᠃ ᠮᠡᠬᠦᠰ ᠮᠢᠨᠦ ᠪᠡᠶ᠎ᠡ ᠲᠠᠨ ᠤ᠋ ᠳᠡᠷᠭᠡᠳᠡ ᠬᠦᠷᠴᠦ ᠴᠢᠳᠠᠬᠤ ᠦᠭᠡᠢ ᠪᠣᠯᠬᠣᠷ᠂  ᠬᠡᠷᠪᠡ ᠲᠠ ᠡᠨᠳᠡ ᠮᠣᠷᠢᠯᠠᠭᠠᠳ ᠢᠷᠡᠬᠦ ᠳ᠋ᠦ᠍ ᠬᠦᠷᠪᠡᠰᠦ ᠮᠢᠨᠦ ᠪᠡᠶ᠎ᠡ ᠬᠠᠭᠠᠨ ᠤ᠋ ᠰᠢᠷᠡᠭᠡᠨ ᠡᠴᠡ ᠪᠡᠨ ᠪᠠᠭᠤᠵᠤ ᠬᠠᠵᠠᠭᠤᠳᠠ ᠴᠢᠨᠢ ᠰᠠᠭᠤᠵᠤ ᠴᠢᠳᠠᠬᠤ ᠲᠡᠳᠦᠢ ᠪᠥᠯᠥᠭᠡ᠃ ᠡᠢᠮᠦ ᠤᠴᠢᠷ ᠡᠴᠡ ᠪᠢᠳᠡᠨ ᠢ᠋ ᠠᠯᠤᠰᠯᠠᠭᠤᠯᠵᠤ ᠪᠠᠢᠬᠤ ᠠᠭᠤᠯᠠ ᠬᠠᠢᠷᠬᠠᠨ ᠲᠠᠯ᠎ᠠ ᠨᠤᠲᠤᠭ ᠢ᠋ ᠪᠡᠷᠬᠡᠰᠢᠶᠡᠬᠦ ᠬᠡᠷᠡᠭ ᠦᠭᠡᠢ᠂ ᠡᠯᠡᠰᠦ ᠮᠠᠩᠬ᠎ᠠ ᠶ᠋ᠢᠨ ᠥᠷᠭᠡᠨ ᠠᠭᠤᠳᠠᠮ ᠢ᠋ ᠦᠯᠦ ᠠᠯᠵᠢᠶᠠᠬᠤ ᠠᠵᠢᠶᠠᠮᠤ᠃ ᠬᠥᠮᠦᠨ ᠲᠥᠷᠥᠯᠬᠢᠲᠡᠨ ᠢ᠋ ᠡᠩᠬᠦᠷᠡᠢᠯᠡᠬᠦ ᠰᠡᠳᠬᠢᠯ ᠢ᠋ᠶ᠋ᠡᠨ ᠦᠵᠡᠭᠦᠯᠵᠦ ᠮᠡᠬᠦᠰ ᠮᠢᠨᠦ ᠪᠡᠶ᠎ᠡ ᠳ᠋ᠦ᠍ ᠮᠥᠩᠬᠡ ᠠᠮᠢᠵᠢᠷᠠᠬᠤ ᠠᠷᠭ᠎ᠠ ᠶ᠋ᠢ ᠤᠯᠠᠮᠵᠢᠯᠠᠬᠤ ᠶ᠋ᠢᠨ ᠲᠥᠯᠥᠭᠡ ᠵᠠᠯᠠᠷᠠᠨ ᠢᠷᠡᠬᠦ ᠶ᠋ᠢ ᠬᠦᠰᠡᠮᠦ᠃ ᠮᠡᠬᠦᠰ ᠪᠢ ᠰᠢᠳᠠᠷ ᠲᠦᠰᠢᠮᠡᠳ ᠲᠡᠭᠡᠨ ᠲᠠᠨ ᠳ᠋ᠤ᠌ ᠬᠠᠮᠠᠭᠠᠯᠠᠭᠴᠢ ᠴᠡᠷᠢᠭ ᠠᠩᠭᠢ ᠣᠯᠭᠣᠬᠤ ᠪᠠᠷ ᠵᠠᠷᠯᠢᠭᠳᠠᠭᠰᠠᠨ ᠶᠤᠮ᠃ ᠮᠡᠬᠦᠰ ᠪᠢ ᠥᠪᠡᠷ ᠦ᠋ᠨ ᠪᠡᠶ᠎ᠡ ᠪᠡᠷ ᠢ᠋ᠶ᠋ᠡᠨ ᠲᠠᠨ ᠳ᠋ᠤ᠌ ᠦᠢᠯᠡᠴᠢᠯᠡᠰᠦᠭᠡᠢ᠃ ᠡᠷᠬᠢᠮ ᠲᠠ ᠮᠡᠷᠭᠡᠨ ᠮᠡᠳᠡᠯᠭᠡ ᠡᠴᠡ ᠪᠡᠨ ᠳᠤᠰᠤᠯ ᠤ᠋ᠨ ᠲᠡᠳᠦᠢ ᠤᠯᠠᠮᠵᠢᠯᠠᠨ ᠰᠤᠷᠭᠠᠪᠠᠴᠤ ᠮᠡᠬᠦᠰ ᠪᠢ ᠳᠤᠷᠠᠲᠠᠢ ᠪᠠᠢᠨ᠎ᠠ᠃ ᠭᠠᠭᠴᠠ ᠦᠭᠡ ᠬᠡᠯᠡᠵᠦ ᠥᠭᠪᠡᠴᠦ ᠮᠢᠨᠦ ᠪᠡᠶ᠎ᠡ ᠳ᠋ᠦ᠍ ᠲᠤᠢᠯ ᠤ᠋ᠨ ᠶᠡᠬᠡ ᠵᠠᠪᠰᠢᠶᠠᠨ ᠪᠣᠯᠬᠤ ᠶᠤᠮ》 ᠭᠡᠵᠡᠢ᠃   
         ᠡᠨᠡ ᠵᠠᠬᠢᠳᠠᠯ ᠳ᠋ᠤ᠌ ᠢᠯᠡᠷᠬᠡᠢᠯᠡᠭᠰᠡᠨ ᠬᠢᠴᠢᠶᠡᠩᠭᠦᠢ ᠰᠡᠳᠬᠢᠯ ᠦ᠋ᠨ ᠳᠣᠲᠣᠷ᠎ᠠ ᠪᠠᠰᠠ ᠮᠠᠷᠭᠤᠵᠤ ᠪᠣᠯᠣᠰᠢ ᠦᠭᠡᠢ ᠵᠠᠷᠯᠢᠭ ᠪᠠᠭᠲᠠᠵᠤ ᠪᠠᠢᠬᠤ ᠶᠤᠮ᠃ ᠪᠣᠮᠪᠣ ᠶ᠋ᠢᠨ ᠱᠠᠰᠢᠨ ᠤ᠋ ᠨᠣᠮᠯᠠᠯ ᠳ᠋ᠤ᠌ ᠦᠨᠡᠨᠴᠢ ᠰᠢᠳᠤᠷᠭᠤ ᠪᠠᠢᠳᠠᠭ ᠴᠠᠩ ᠴᠦᠨ ᠪᠣᠮᠪᠣ ᠢᠷᠠᠭᠤ ᠠᠯᠳᠠᠷ ᠢ᠋ ᠬᠥᠭᠡᠭᠡᠴᠡᠯᠳᠦᠬᠦ ᠦᠭᠡᠢ ᠪᠡᠷ ᠨᠢᠭᠤᠨ ᠰᠠᠭᠤᠬᠤ ᠠᠮᠢᠳᠤᠷᠠᠯ ᠢ᠋ ᠰᠣᠩᠭᠣᠵᠤ᠂ ᠥᠩᠭᠡᠷᠡᠭᠰᠡᠨ ᠳ᠋ᠦ᠍ ᠠᠯᠲᠠᠨ ᠤᠯᠤᠰ ᠪᠣᠯᠤᠨ ᠰᠥᠩ ᠤᠯᠤᠰ ᠤ᠋ᠨ ᠬᠠᠭᠠᠨ ᠤ᠋ ᠵᠠᠯᠠᠯᠭ᠎ᠠ ᠶ᠋ᠢ ᠪᠦᠷ ᠬᠦᠯᠢᠶᠡᠵᠦ ᠠᠪᠤᠭᠰᠠᠨ ᠦᠭᠡᠢ ᠪᠠᠢᠭᠰᠠᠨ ᠪᠣᠯᠪᠠᠴᠤ᠂ ᠡᠨᠡ ᠤᠳᠠᠭ᠎ᠠ ᠬᠠᠷᠢᠨ ᠠᠭᠰᠢᠷᠠᠭᠰᠠᠨ ᠪᠡᠶ᠎ᠡ ᠶ᠋ᠢᠨ ᠳᠥᠭᠥᠮ ᠦᠭᠡᠢ ᠪᠤᠶᠤ ᠠᠯᠤᠰ ᠤ᠋ᠨ ᠠᠶᠠᠨ ᠤ᠋ ᠵᠦᠳᠡᠭᠦᠷᠢ ᠲᠡᠢ ᠭᠡᠰᠡᠨ ᠰᠢᠯᠲᠠᠭ ᠢ᠋ᠶ᠋ᠠᠷ ᠡᠰᠡᠷᠭᠦᠴᠡᠭᠰᠡᠨ ᠦᠭᠡᠢ᠃ ᠴᠢᠩᠭᠢᠰ ᠬᠠᠭᠠᠨ ᠤ᠋ ᠰᠢᠳᠠᠷ ᠲᠦᠰᠢᠮᠡᠯ ᠨᠢ ᠪᠠᠰᠠ ᠬᠡᠷᠪᠡ ᠡᠨᠡ ᠠᠷᠰᠢ ᠪᠣᠭᠳᠠ ᠶ᠋ᠢ ᠳᠠᠭᠠᠭᠤᠯᠤᠭᠠᠳ ᠠᠪᠴᠢᠷᠠᠵᠤ ᠴᠢᠳᠠᠬᠤ ᠦᠭᠡᠢ ᠪᠣᠯ ᠲᠣᠯᠣᠭᠠᠢ ᠨᠢ ᠦᠰᠦᠷᠦᠭᠡᠳ ᠶᠠᠪᠤᠴᠢᠬᠠᠬᠤ ᠳ᠋ᠤ᠌ ᠬᠦᠷᠬᠦ ᠶᠤᠮ ᠭᠡᠵᠦ ᠮᠡᠳᠡᠵᠦ ᠪᠠᠢᠵᠠᠢ᠃ ᠲᠡᠭᠡᠭᠡᠳ ᠲᠡᠷᠡ ᠪᠣᠳᠣᠵᠤ ᠣᠯᠬᠤ ᠠᠯᠢᠪᠠ ᠳᠥᠭᠥᠮ ᠲᠤᠰᠠᠯᠠᠮᠵᠢ ᠶ᠋ᠢ ᠦᠵᠡᠭᠦᠯᠬᠦ ᠪᠡᠷ ᠬᠢᠴᠢᠶᠡᠩᠭᠦᠢᠯᠡᠵᠦ᠂ ᠡᠨᠡᠬᠦ ᠬᠥᠭᠰᠢᠨ ᠠᠷᠰᠢ ᠠᠶᠠᠨ ᠵᠠᠮ ᠳ᠋ᠤ᠌ ᠮᠣᠷᠳᠠᠬᠤ ᠦᠭᠡᠢ ᠪᠡᠷ ᠪᠣᠯᠬᠤ ᠦᠭᠡᠢ ᠪᠣᠯᠤᠭᠠᠳ᠂ ᠬᠠᠭᠠᠨ ᠤ᠋ ᠰᠢᠳᠠᠷ ᠲᠦᠰᠢᠮᠡᠯ ᠦ᠋ᠨ ᠬᠠᠮᠲᠤ ᠪᠡᠭᠡᠵᠢᠩ ᠪᠣᠯᠤᠨ ᠰᠡᠮᠡᠷᠺᠡᠨᠳ᠋ ᠦ᠋ᠨ ᠬᠣᠭᠣᠷᠣᠨᠳᠣᠬᠢ ᠤᠷᠲᠤᠷᠢᠭ ᠢ᠋ᠶ᠋ᠠᠷ ᠲᠠᠪᠢᠨ ᠭᠷᠠᠳᠦ᠋ᠰ ᠪᠠᠢᠬᠤ ᠤᠯᠤᠰ ᠤ᠋ᠨ ᠠᠶᠠᠨ ᠳ᠋ᠤ᠌ ᠮᠣᠷᠳᠠᠪᠠ᠃   
        ᠡᠨᠡ ᠴᠢᠯᠥᠭᠡ ᠶ᠋ᠢ ᠠᠰᠢᠭᠯᠠᠵᠤ ᠴᠢᠩᠭᠢᠰ ᠬᠠᠭᠠᠨ ᠰᠡᠮᠡᠷᠺᠡᠨᠳ᠋ ᠲᠦ᠍ ᠯᠠᠯᠤ ᠶ᠋ᠢᠨ ᠮᠥᠷᠭᠥᠯᠲᠡᠨ ᠦ᠌ ᠠᠬᠠᠮᠠᠳ ᠪᠠ ᠡᠷᠳᠡᠮᠲᠡᠨ ᠢ᠋ ᠴᠤᠭᠯᠠᠭᠤᠯᠤᠨ᠂ ᠵᠥᠩᠨᠡᠨ ᠮᠡᠳᠡᠭᠴᠢ ᠮᠦᠬᠠᠮᠧᠳ᠋ ᠦ᠋ᠨ ᠣᠯᠠᠨ ᠨᠣᠮ ᠢ᠋ ᠲᠠᠢᠯᠪᠤᠷᠢᠯᠠᠭᠤᠯᠤᠭᠰᠠᠨ ᠪᠣᠯᠪᠠᠴᠤ ᠡᠳᠡᠭᠡᠷ ᠶᠣᠰᠣ ᠳᠦᠷᠢᠮ ᠦ᠋ᠨ ᠳᠣᠲᠣᠷ᠎ᠠ ᠡᠴᠡ ᠬᠡᠰᠡᠭ ᠲᠡᠳᠦᠢ ᠡᠴᠡ ᠠᠰᠲᠠᠭᠠᠨ ᠨᠢ ᠲᠡᠭᠦᠨ ᠳ᠋ᠦ᠍ ᠵᠥᠪᠰᠢᠶᠡᠷᠡᠭᠳᠡᠭᠰᠡᠨ ᠦᠭᠡᠢ ᠪᠢᠯᠡ᠃ 《ᠪᠦᠭᠦᠳᠡᠭᠡᠷ ᠢ᠋ᠶ᠋ᠡᠨ ᠠᠳᠠᠪᠠᠰᠢ ᠨᠢᠭᠡᠨ ᠭᠠᠵᠠᠷ ᠲᠤ ᠴᠤᠭᠯᠠᠭᠠᠳ ᠮᠥᠷᠭᠥᠯ ᠬᠢᠬᠦ ᠴᠢᠨᠢ ᠤᠴᠢᠷ ᠠᠭᠤᠯᠭ᠎ᠠ ᠦᠭᠡᠢ ᠶᠤᠮ᠂ ᠰᠠᠬᠢᠭᠤᠯᠰᠤᠨ ᠪᠣᠯ ᠭᠠᠵᠠᠷ ᠪᠦᠬᠦᠨ ᠳ᠋ᠦ᠍ ᠪᠠᠢᠬᠤ ᠪᠣᠯᠬᠣᠷ ᠮᠥᠷᠭᠥᠯ ᠬᠢᠬᠦ ᠳ᠋ᠡᠭᠡᠨ ᠨᠢᠭᠡᠨ ᠭᠠᠵᠠᠷ ᠲᠤ ᠴᠤᠭᠯᠠᠷᠠᠬᠤ ᠬᠡᠷᠡᠭ ᠠᠯᠠᠭ᠎ᠠ》 ᠭᠡᠵᠦ ᠲᠡᠷᠡ ᠬᠡᠯᠡᠵᠡᠢ᠃ ᠴᠡᠪᠡᠷ ᠠᠳᠤᠭᠤᠰᠤ ᠭᠡᠬᠦ ᠪᠤᠶᠤ ᠪᠤᠵᠠᠷ ᠠᠳᠤᠭᠤᠰᠤ ᠭᠡᠵᠦ ᠬᠤᠪᠢᠶᠠᠬᠤ ᠶ᠋ᠢ ᠲᠡᠪᠴᠢᠬᠦ ᠶᠣᠰᠣᠲᠠᠢ ᠭᠡᠵᠦ ᠦᠵᠡᠵᠦ᠂ 《ᠠᠯᠢᠪᠠ ᠶᠠᠭᠤᠮ᠎ᠠ ᠶ᠋ᠢ ᠪᠦᠷ ᠰᠠᠬᠢᠭᠤᠯᠰᠤᠨ ᠡᠴᠡ ᠡᠭᠦᠳᠦᠨ ᠪᠦᠲᠦᠭᠡᠭᠰᠡᠨ ᠶᠤᠮ᠃ ᠬᠥᠮᠦᠨ ᠪᠦᠬᠦᠨ ᠥᠪᠡᠷ ᠦ᠋ᠨ ᠳᠤᠷ᠎ᠠ ᠲᠠᠢ ᠮᠠᠯ ᠤ᠋ᠨ ᠮᠢᠬ᠎ᠠ ᠶ᠋ᠢ ᠢᠳᠡᠵᠦ ᠪᠣᠯᠬᠤ ᠶᠤᠮ》 ᠭᠡᠵᠦ ᠬᠡᠯᠡᠵᠡᠢ᠃ ᠵᠥᠩᠨᠡᠨ ᠮᠡᠳᠡᠭᠴᠢ( ᠯᠠᠯᠤ ᠶ᠋ᠢᠨ ᠮᠥᠷᠭᠥᠯᠲᠡᠨ ᠦ᠌ ᠡᠭᠦᠰᠬᠡᠭᠴᠢ ᠮᠦᠬᠠᠮᠧᠳ᠋) ᠲᠤ ᠰᠦᠰᠦᠭ ᠪᠢᠰᠢᠷᠡᠯ ᠢ᠋ᠶ᠋ᠡᠷ ᠦᠨᠡᠨᠴᠢ ᠪᠤᠰᠤ ᠬᠥᠮᠦᠨ ᠢ᠋ ᠭᠠᠳᠠᠭᠤᠷᠴᠢᠯᠠᠵᠤ᠂ ᠲᠡᠭᠦᠨ ᠳ᠋ᠦ᠍ ᠬᠣᠣᠷ ᠬᠦᠷᠭᠡᠬᠦ ᠲᠤᠬᠠᠢ ᠲᠡᠷᠡ ᠳᠣᠣᠷᠠᠬᠢ ᠮᠡᠲᠦ ᠲᠣᠭᠲᠠᠭᠠᠵᠠᠢ᠃ 《ᠲᠠᠨᠤᠰ ᠥᠪᠡᠷ ᠦ᠋ᠨ ᠬᠦᠰᠡᠳᠡᠭ ᠵᠦᠢᠯ ᠢ᠋ᠶ᠋ᠡᠨ ᠬᠠᠢᠷᠠᠯᠠᠵᠤ ᠪᠣᠯᠬᠤ ᠪᠣᠯᠪᠠᠴᠤ ᠵᠠᠷᠯᠠᠯ ᠢ᠋ᠶ᠋ᠠᠨ ᠶᠠᠪᠤᠭᠤᠯᠬᠤ ᠡᠴᠡ ᠭᠠᠳᠠᠨ᠎ᠠ ᠲᠡᠳᠡᠨ ᠢ᠋ ᠬᠣᠣᠷᠯᠠᠬᠤ  ᠪᠤᠶᠤ ᠠᠯᠠᠵᠤ ᠪᠣᠯᠬᠤ ᠦᠭᠡᠢ᠃ ᠮᠢᠨᠦ ᠬᠠᠭᠠᠨᠲᠤ ᠤᠯᠤᠰ ᠤᠨ ᠳᠣᠲᠣᠷ᠎ᠠ ᠬᠥᠮᠦᠨ ᠪᠦᠷᠢ ᠥᠪᠡᠷ ᠦᠨ ᠰᠢᠲᠦᠳᠡᠭ ᠰᠠᠬᠢᠭᠤᠯᠰᠤᠨ ᠢ᠋ᠶ᠋ᠠᠨ ᠳᠠᠬᠢᠵᠤ ᠪᠣᠯᠤᠨ᠎ᠠ᠃ ᠭᠡᠲᠡᠯ᠎ᠡ ᠪᠦᠬᠦ ᠬᠥᠮᠦᠰ ᠴᠥᠮ ᠴᠢᠩᠭᠢᠰ ᠬᠠᠭᠠᠨ ᠤ ᠲᠣᠭᠲᠠᠭᠠᠭᠰᠠᠨ ᠬᠠᠤᠯᠢ ᠶ᠋ᠢ ᠳᠠᠭᠠᠬᠤ ᠦᠭᠡᠢ ᠪᠡᠷ ᠪᠣᠯᠬᠤ ᠦᠭᠡᠢ》 ᠭᠡᠵᠡᠢ᠃ 
        ᠡᠨᠡᠬᠦ ᠲᠣᠭᠲᠠᠭᠠᠯ ᠡᠴᠡ ᠪᠣᠯᠵᠤ ᠳᠣᠣᠷ᠎ᠠ ᠪᠠᠨ ᠢᠯᠡᠷᠡᠭᠰᠡᠨ ᠦᠷ᠎ᠡ ᠳ᠋ᠦᠩ ᠨᠢ ᠰᠢᠳᠢᠲᠦ ᠬᠥᠮᠦᠨ ᠬᠠᠷ᠎ᠠ ᠠᠯᠪᠠ ᠪᠠᠷ ᠰᠠᠩᠨᠠᠢᠲᠤ ᠬᠥᠮᠦᠨ ᠦ  ᠳᠡᠭᠡᠷ᠎ᠡ ᠲᠠᠯᠪᠢᠭᠰᠠᠨ ᠬᠣᠲᠣᠩ ᠯᠠᠮ᠎ᠠ ᠨᠠᠷ ᠢ᠋ ᠲᠡᠳᠡ ᠬᠥᠭᠡᠭᠡᠵᠦ ᠶᠠᠪᠤᠭᠤᠯᠤᠭᠠᠳ ᠂ ᠨᠢᠰᠲ᠋ᠤᠷᠢ ᠱᠠᠰᠢᠨ ᠤ ᠱᠠᠪᠢ ᠨᠠᠷ ᠰᠦᠮ᠎ᠡ ᠳᠡᠭᠡᠷ᠎ᠡ ᠪᠡᠨ ᠵᠠᠭᠠᠯᠮᠠᠢ  ᠪᠠᠨ ᠪᠣᠰᠬᠠᠨ᠂ ᠢᠪᠷᠠᠢᠴᠤᠳ ᠰᠦᠮ᠎ᠡ ᠪᠡᠨ ᠳᠠᠬᠢᠨ ᠨᠡᠭᠡᠭᠡᠭᠡᠳ᠂ ᠫᠧᠷᠰ ᠦᠳ ᠰᠦᠮ᠎ᠡ ᠳ᠋ᠡᠭᠡᠨ ᠳᠠᠬᠢᠨ ᠰᠠᠬᠢᠭᠤᠯᠰᠤᠨ ᠤ ᠭᠠᠯ ᠢ᠋ᠶ᠋ᠠᠨ  ᠠᠰᠠᠭᠠᠵᠠᠢ᠃ ᠁  ᠪᠦᠭᠦᠳᠡᠭᠡᠷ ᠢ᠋ᠶ᠋ᠡᠨ ᠡᠩᠬᠡ ᠲᠦᠪᠰᠢᠨ ᠢ᠋ᠶ᠋ᠡᠷ ᠠᠮᠢᠳᠤᠷᠠᠵᠤ ᠶᠡᠷᠦ ᠶ᠋ᠢᠨ ᠠᠵᠢᠯ ᠦᠢᠯᠡᠰ ᠲᠡᠭᠡᠨ ᠣᠷᠣᠯᠴᠠᠨ᠂ ᠴᠢᠩᠭᠢᠰ ᠬᠠᠭᠠᠨ ᠳ᠋ᠤ᠌ ᠬᠠᠮᠤᠭ  ᠲᠡᠷᠢᠭᠦᠨ ᠳ᠋ᠦ᠍ ᠴᠣᠬᠢᠬᠳᠠᠭᠰᠠᠨ ᠰᠢᠷᠳᠠᠷᠢᠶᠠ ᠭᠣᠣᠯ᠂ ᠠᠮᠤᠳᠠᠷᠢᠶᠠ ᠭᠣᠣᠯ ᠤᠨ ᠬᠣᠭᠣᠷᠣᠨᠳᠣᠬᠢ ᠭᠠᠵᠠᠷ ᠣᠷᠣᠨ  ᠨᠢ ᠪᠠᠢᠯᠳᠤᠭᠠᠨ ᠡᠴᠡ ᠪᠣᠯᠤᠭᠰᠠᠨ ᠬᠣᠬᠢᠷᠠᠯ ᠡᠪᠳᠡᠷᠡᠯ ᠢ᠋ᠶ᠋ᠡᠨ ᠰᠡᠷᠭᠦᠭᠡᠵᠦ ᠡᠬᠢᠯᠡᠪᠡ᠃ 

(ᠬᠣᠶᠠᠷ) ᠬᠦᠷᠢᠶ᠎ᠡ ᠠᠪᠠ ᠶ᠋ᠢᠨ  ᠮᠠᠶᠢᠭ ᠢ᠋ᠶ᠋ᠠᠷ ᠪᠠᠢᠯᠳᠣᠬᠣ ᠠᠷᠭ᠎ᠠ
   
        ᠱᠠᠭ ᠤᠨ  ᠮᠥᠷ ᠢ᠋ ᠠᠯᠳᠠᠭᠰᠠᠨ ᠲᠤᠬᠠᠢ ᠰᠦᠪᠡᠭᠡᠳᠡᠢ ᠶ᠋ᠢᠨ ᠮᠡᠳᠡᠭᠦᠯᠦᠯᠲᠡ ᠮᠣᠩᠭᠣᠯᠴᠤᠳ ᠤᠨ ᠴᠡᠷᠢᠭ ᠤ᠋ᠨ ᠬᠦᠷᠢᠶᠡᠨ ᠦ ᠲᠣᠭᠲᠠᠭᠤᠨ ᠢ᠋ᠶ᠋ᠠᠷ ᠠᠮᠠᠷᠠᠵᠤ ᠪᠠᠢᠭᠰᠠᠨ ᠠᠮᠢᠳᠤᠷᠠᠯ ᠢ᠋  ᠲᠠᠰᠤᠯᠳᠠᠭᠤᠯᠪᠠ᠃ ᠮᠦᠬᠠᠮᠸᠳ᠋  ᠺᠠᠰᠫᠢ ᠲᠠᠩᠭᠢᠰ ᠲᠤ᠌ ᠬᠣᠢᠲᠤ ᠵᠦᠭ ᠬᠠᠨᠳᠤᠵᠤ ᠳᠠᠷᠪᠠᠭᠤᠯ ᠢ᠋ᠶ᠋ᠠᠨ ᠬᠡᠢᠰᠬᠡᠭᠰᠡᠨ ᠨᠢ ᠲᠡᠷᠡ  ᠯᠠᠪ ᠠᠷᠠᠯ ᠲᠠᠩᠭᠢᠰ ᠤᠨ ᠬᠥᠪᠡᠭᠡᠨ ᠳ᠋ᠡᠬᠢ ᠲᠥᠷᠥᠭᠰᠡᠨ ᠨᠤᠲᠤᠭ ᠲᠠᠭᠠᠨ ᠣᠴᠢᠭᠰᠠᠨ ᠶᠣᠮ᠃ ᠡᠢᠮᠦ ᠡᠴᠡ ᠴᠢᠩᠭᠢᠰ ᠬᠠᠭᠠᠨ ᠲᠡᠷᠡ ᠣᠷᠣᠨ ᠣᠷᠣᠬᠤ ᠰᠢᠨ᠎ᠡ ᠪᠠᠢᠯᠳᠤᠭᠠᠨ ᠬᠢᠬᠦ ᠠᠷᠭ᠎ᠠ ᠬᠡᠷᠡᠭᠯᠡᠭᠦᠷ ᠢ᠋ ᠭᠦᠢᠴᠡᠳ ᠠᠪᠤᠯ᠎ᠠ᠃ ᠵᠥᠴᠢ ᠪᠣᠯᠣᠡ ᠴᠠᠭᠠᠲᠠᠢ ᠶ᠋ᠢ ᠡᠷᠲᠡᠨ ᠦ ᠬᠣᠷᠸᠰᠮ ᠤᠨ ᠵᠦᠭ ᠮᠣᠷᠳᠠᠭᠤᠯᠬᠤ ᠪᠠᠷ ᠵᠠᠷᠯᠢᠭᠳᠠᠪᠠ᠃ ᠭᠡᠲᠡᠯ᠎ᠡ ᠡᠨᠡᠬᠦ ᠪᠠᠭ᠎ᠠ ᠤᠯᠤᠰ ᠪᠣᠯ ᠮᠦᠬᠠᠮᠸᠳ᠋· ᠱᠠᠭ ᠢ᠋ ᠥᠷᠭᠡᠨ ᠠᠭᠤᠳᠠᠮ ᠨᠤᠲᠤᠭ ᠲᠠᠢ ᠬᠠᠭᠠᠨᠲᠤ ᠤᠯᠤᠰ ᠢ ᠪᠠᠢᠯᠳᠤᠨ ᠳᠠᠭᠠᠭᠤᠯᠬᠤ ᠬᠦᠴᠦᠨ ᠲᠡᠢ ᠪᠣᠯᠭᠠᠵᠤ ᠪᠠᠢᠭᠰᠠᠨ ᠡᠴᠡ ᠰᠢᠷᠦᠭᠦᠨ ᠪᠠᠢᠯᠳᠤᠭᠠᠨ ᠬᠢᠬᠦ ᠪᠡᠷ   ᠤᠷᠢᠳᠠᠰᠠ  ᠪᠣᠳᠣᠯᠬᠢᠯᠠᠬᠤ ᠬᠡᠷᠡᠭᠲᠡᠢ ᠪᠠᠢᠵᠠᠢ᠃ ᠬᠡᠵᠢᠶ᠎ᠡ ᠡᠭᠦᠷᠢᠳᠡ ᠶ᠋ᠢᠨ ᠶᠣᠰᠣ ᠪᠠᠷ ᠴᠢᠩᠭᠢᠰ ᠬᠠᠭᠠᠨ ᠲᠤᠢᠯ ᠤ᠋ᠨ ᠮᠡᠷᠭᠡᠨ ᠢ᠋ᠶ᠋ᠡᠷ ᠵᠥᠩᠨᠡᠵᠦ ᠮᠡᠳᠡᠬᠦ ᠰᠣᠳᠣ ᠮᠡᠷᠭᠡᠨ ᠢ᠋ᠶ᠋ᠡᠨ ᠲᠣᠳᠣ ᠢᠯᠡᠷᠡᠭᠦᠯᠦᠭᠰᠡᠨ ᠪᠠᠢᠨ᠎ᠠ᠃ ᠳᠠᠷᠤᠢ ᠡᠨᠡᠬᠦ ᠠᠶᠠᠨ ᠲᠡᠢᠨ ᠦ᠌ ᠴᠡᠷᠢᠭ ᠲᠡᠭᠡᠨ ᠥᠭᠡᠳᠡᠢ ᠶ᠋ᠢᠨ ᠬᠣᠲᠠ ᠶ᠋ᠢ ᠳᠠᠭᠠᠷᠢᠨ ᠴᠣᠬᠢᠬᠤ ᠰᠢᠨ᠎ᠡ ᠮᠠᠶᠢᠭ ᠤ᠋ᠨ ᠵᠡᠪᠰᠡᠭ ᠪᠠᠭᠠᠵᠢ ᠶ᠋ᠢ ᠬᠠᠮᠲᠤᠪᠠᠷ ᠳᠠᠭᠠᠭᠤᠯᠤᠨ ᠮᠣᠷᠳᠠᠭᠤᠯᠪᠠ᠃ ᠡᠨᠡᠬᠦ ᠰᠢᠨ᠎ᠡ ᠵᠡᠪᠰᠡᠭ ᠦ᠋ᠨ ᠠᠴᠢ ᠲᠤᠰᠠ ᠶ᠋ᠢ ᠪᠡᠶ᠎ᠡ ᠪᠡᠷ ᠢ᠋ᠶ᠋ᠡᠨ ᠦᠵᠡᠬᠦ ᠶ᠋ᠢᠨ ᠲᠥᠯᠥᠭᠡ ᠴᠢᠩᠭᠢᠰ ᠬᠠᠭᠠᠨ ᠲᠠᠷᠮᠢᠽᠢ ᠶ᠋ᠢᠨ ᠡᠮᠦᠨ᠎ᠡ ᠱᠤᠭᠤᠮ ᠳ᠋ᠤ᠌ ᠬᠦᠷᠴᠡᠢ᠃ ᠡᠨᠡ ᠲᠠᠷᠮᠢᠽᠢ ᠪᠣᠯ ᠠᠮᠣᠳᠠᠷᠢᠶᠠ ᠭᠣᠣᠯ ᠤ᠋ᠨ ᠤᠷᠤᠰᠬᠠᠯ ᠤ᠋ᠨ ᠡᠬᠢ ᠳ᠋ᠦ᠍ ᠪᠠᠢᠬᠤ ᠡᠵᠡᠯᠡᠭᠳᠡᠭᠡᠳᠦᠢ ᠬᠣᠲᠠ ᠮᠥᠨ ᠪᠥᠭᠡᠳ ᠥᠭᠡᠳᠡᠢ ᠰᠢᠨ᠎ᠡ ᠮᠠᠶᠢᠭ ᠤ᠋ᠨ ᠵᠡᠪᠰᠡᠭ ᠢ᠋ᠶ᠋ᠡᠨ ᠰᠢᠯᠭᠠᠬᠤ ᠶ᠋ᠢᠨ ᠲᠥᠯᠥᠭᠡ ᠲᠤᠰᠬᠠᠢᠯᠠᠨ ᠰᠣᠩᠭᠣᠭᠰᠠᠨ ᠭᠠᠵᠠᠷ ᠶᠤᠮ᠃ ᠴᠢᠩᠭᠢᠰ ᠬᠠᠭᠠᠨ ᠬᠡᠳᠦᠨ ᠵᠢᠩ ᠦ᠋ᠨ ᠬᠦᠨᠳᠦ ᠴᠢᠯᠠᠭᠤ ᠠᠭᠠᠷ ᠳᠡᠭᠡᠭᠦᠷ ᠨᠢᠰᠴᠦ ᠳᠠᠭᠠᠷᠢᠯᠲᠠ ᠶ᠋ᠢᠨ ᠬᠦᠴᠦᠨ ᠳ᠋ᠦ᠍ᠨᠢ ᠬᠠᠮᠤᠭ ᠬᠠᠲᠠᠭᠤ ᠪᠡᠬᠢ ᠬᠣᠲᠠ ᠪᠣᠭᠣᠮᠲᠠ ᠨᠤᠷᠠᠭᠠᠭᠳᠠᠵᠤ ᠪᠠᠢᠭᠰᠠᠨ ᠢ᠋ ᠦᠵᠡᠵᠡᠢ᠃ ᠲᠣᠰᠣ ᠲᠠᠢ ᠯᠣᠩᠬᠣ ᠨᠢ ᠥᠨᠳᠥᠷ ᠱᠤᠭᠤᠮ ᠵᠢᠷᠤᠭᠰᠠᠭᠠᠷ ᠭᠡᠷ ᠦ᠋ᠨ ᠣᠷᠣᠢ ᠳᠡᠭᠡᠷ᠎ᠡ ᠤᠨᠠᠭᠠᠳ ᠳᠡᠯᠪᠡᠷᠡᠨ᠂ ᠭᠠᠯ ᠨᠣᠴᠣᠭᠰᠠᠨ ᠶᠠᠭᠤᠮ᠎ᠠ ᠪᠠᠨ ᠰᠠᠴᠤᠭᠰᠠᠨ ᠭᠱᠠᠨ ᠵᠠᠭᠤᠷ᠎ᠠ᠂ ᠲᠡᠳᠡᠭᠡᠷ ᠪᠠᠷᠢᠯᠭ᠎ᠠ ᠪᠠᠢᠰᠢᠩ ᠤ᠋ᠳ ᠪᠦᠷ ᠭᠠᠯ ᠤ᠋ᠨ ᠳᠠᠯᠠᠢ ᠪᠣᠯᠵᠤ ᠨᠣᠴᠣᠬᠤ ᠶ᠋ᠢ ᠦᠵᠡᠵᠡᠢ᠃ ᠡᠳᠡᠭᠡᠷ ᠰᠢᠨ᠎ᠡ ᠵᠡᠪᠰᠡᠭ ᠢ᠋ ᠵᠣᠬᠢᠶᠠᠨ ᠪᠦᠲᠦᠭᠡᠭᠰᠡᠨ ᠭᠠᠪᠢᠶ᠎ᠠ ᠳ᠋ᠤᠨᠢ ᠱᠠᠩᠨᠠᠯ ᠬᠡᠰᠢᠭ ᠪᠣᠯᠭᠠᠵᠤ ᠥᠭᠡᠳᠡᠢ ᠶ᠋ᠢᠨ ᠱᠠᠯ ᠰᠣᠭᠲᠣᠭᠤ ᠶᠠᠪᠤᠳᠠᠭ ᠶᠠᠯ᠎ᠠ ᠶ᠋ᠢ ᠨᠢ ᠠᠭᠤᠴᠢᠯᠠᠵᠠᠢ᠃ ᠥᠭᠡᠳᠡᠢ ᠠᠬ᠎ᠠ ᠳᠡᠭᠦᠦ ᠨᠠᠷ ᠲᠠᠢ ᠪᠠᠨ ᠬᠠᠮᠲᠤ ᠮᠣᠷᠳᠠᠬᠤ ᠦᠬᠡᠷ ᠫᠣᠤᠲᠤ ᠴᠡᠷᠢᠭ ᠦ᠋ᠨ ᠬᠠᠮᠤᠭ ᠳᠡᠭᠡᠳᠦ ᠵᠢᠯᠣᠭᠣᠳᠤᠭᠴᠢ ᠶ᠋ᠢᠨ ᠲᠤᠰᠢᠶᠠᠯ ᠢ᠋ ᠬᠦᠯᠢᠶᠡᠪᠡ᠃ ᠡᠭᠦᠨ ᠦ᠌ ᠬᠠᠮᠲᠤ ᠴᠢᠩᠭᠢᠰ ᠬᠠᠭᠠᠨ ᠭᠤᠷᠪᠠᠨ ᠬᠥᠪᠡᠭᠦᠨ ᠳ᠋ᠡᠭᠡᠨ ᠵᠥᠪᠳᠡᠭᠴᠢ ᠶ᠋ᠢᠨ ᠳᠠᠷᠤᠭ᠎ᠠ ᠪᠣᠯᠭᠠᠵᠤ᠂ ᠬᠠᠮᠤᠭ ᠤ᠋ᠨ ᠦᠨᠡᠨᠴᠢ ᠰᠢᠳᠤᠷᠭᠤ ᠬᠠᠮᠤᠭ ᠤ᠋ᠨ ᠬᠠᠭᠤᠴᠢᠨ ᠳᠠᠢᠴᠢᠨ ᠨᠥᠬᠥᠷ ᠪᠣᠭᠣᠷᠴᠤ ᠶ᠋ᠢ ᠳᠠᠭᠠᠭᠤᠯᠵᠠᠢ᠃ ᠪᠣᠭᠣᠷᠴᠤ ᠴᠡᠷᠢᠭ ᠦ᠋ᠨ ᠬᠦᠷᠢᠶᠡᠨ ᠳᠣᠲᠣᠷ᠎ᠠ ᠡᠭᠦᠰᠦᠭᠰᠡᠨ ᠠᠯᠢᠪᠠ ᠬᠡᠷᠡᠭ ᠶᠠᠪᠤᠳᠠᠯ ᠢ᠋ ᠨᠢᠭᠤᠴᠠ ᠪᠠᠷ ᠴᠢᠩᠭᠢᠰ ᠬᠠᠭᠠᠨ ᠳ᠋ᠤ᠌ ᠮᠡᠳᠡᠭᠦᠯᠬᠦ ᠡᠭᠦᠷᠭᠡ ᠶ᠋ᠢ ᠬᠠᠷᠢᠭᠤᠴᠠᠵᠤ ᠪᠠᠢᠪᠠ᠃ ᠨᠢᠭᠡᠨ ᠲᠦᠪᠰᠢᠳᠬᠡᠬᠦ ᠪᠠᠢᠯᠳᠤᠭᠠᠨ ᠳ᠋ᠤ᠌ ᠬᠡᠦᠬᠡᠳ ᠢ᠋ᠶ᠋ᠡᠨ ᠬᠠᠮᠲᠤᠷᠠᠭᠤᠯᠤᠨ ᠮᠣᠷᠳᠠᠭᠤᠯᠤᠭᠰᠠᠨ ᠨᠢ ᠬᠠᠮᠤᠭ ᠤ᠋ᠨ ᠲᠡᠷᠢᠭᠦᠨ ᠤᠳᠠᠭ᠎ᠠ ᠪᠠᠢᠵᠤ᠂ ᠲᠡᠳᠡᠨᠡᠷ ᠶᠠᠭᠠᠬᠢᠵᠤ ᠬᠥᠳᠡᠯᠵᠦ ᠪᠠᠷᠢᠬᠤ ᠪᠠ ᠬᠢᠷᠢ ᠵᠡᠷᠭᠡ ᠬᠠᠮᠲᠤᠷᠠᠨ ᠠᠵᠢᠯᠯᠠᠬᠤ ᠶ᠋ᠢ ᠨᠢ ᠮᠡᠳᠡᠬᠦ ᠭᠡᠰᠡᠨ ᠶᠦᠮ᠃ 
        ᠴᠢᠩᠭᠢᠰ ᠬᠠᠭᠠᠨ ᠤ᠋ ᠪᠡᠶ᠎ᠡ ᠨᠢ ᠣᠳᠬᠣᠨ ᠬᠥᠪᠡᠭᠦᠨ ᠲᠤᠯᠤᠢ ᠲᠠᠢ ᠪᠠᠨ ᠬᠠᠮᠲᠤ ᠲᠥᠪ ᠣᠷᠣᠨ ᠢ᠋ ᠡᠵᠡᠯᠡᠵᠦ ᠰᠠᠭᠤᠭᠠᠳ ᠪᠦᠬᠦ ᠲᠠᠯ᠎ᠠ ᠶ᠋ᠢ ᠠᠩᠬᠠᠷᠤᠨ ᠬᠡᠷᠡᠭᠴᠡᠭᠡ ᠲᠡᠢ ᠦᠶ᠎ᠡ ᠳ᠋ᠦ᠍ ᠬᠣᠢᠲᠤ ᠵᠦᠭ ᠪᠤᠶᠤ ᠪᠠᠷᠠᠭᠤᠨ ᠵᠦᠭ ᠲᠦ᠍ ᠡᠰᠡᠬᠦᠯ᠎ᠡ ᠡᠮᠦᠨ᠎ᠡ ᠵᠦᠭ ᠲᠦ᠍ ᠭᠡᠮᠡᠨ ᠬᠠᠮᠢᠭᠠᠰᠢ ᠪᠣᠯᠪᠠᠴᠤ ᠮᠣᠷᠳᠠᠨ ᠭᠠᠷᠬᠤ ᠪᠠᠷ ᠪᠡᠯᠡᠬᠡᠨ ᠪᠠᠢᠪᠠ᠃ ᠭᠡᠪᠡᠴᠦ ᠬᠥᠳᠡᠯᠦᠯ ᠦᠭᠡᠢ ᠨᠡᠯᠢᠶᠡᠳ ᠤᠳᠠᠭᠠᠨ ᠬᠤᠭᠤᠴᠠᠭ᠎ᠠ ᠦᠷᠭᠦᠯᠵᠢᠯᠡᠭᠰᠡᠨ ᠡᠴᠡ ᠪᠠᠢᠯᠳᠤᠭᠴᠢ ᠨᠠᠷ ᠤ᠋ᠨ ᠲᠠᠮᠢᠷ ᠨᠢ ᠰᠤᠯᠠᠷᠠᠵᠤ ᠢᠷᠡᠭᠰᠡᠨ ᠪᠣᠯᠬᠣᠷ ᠶᠡᠬᠡ ᠬᠦᠷᠢᠶ᠎ᠡ ᠠᠪᠠ ᠶ᠋ᠢ ᠳᠠᠢᠰᠤᠨ ᠤ᠋ ᠤᠯᠤᠰ ᠤ᠋ᠨ ᠭᠣᠣᠯ ᠣᠷᠣᠨ ᠲᠠᠷᠮᠢᠽᠢ ᠶ᠋ᠢᠨ ᠠᠭᠤᠯᠠᠷᠬᠠᠭ ᠣᠷᠣᠨ ᠳ᠋ᠤ᠌ ᠬᠢᠬᠦ ᠪᠡᠷ ᠵᠠᠷᠯᠢᠭ ᠪᠠᠭᠤᠯᠭᠠᠵᠠᠢ᠃ ᠡᠢᠮᠦ ᠬᠦᠷᠢᠶ᠎ᠡ ᠠᠪᠠ ᠬᠢᠬᠦ ᠨᠢ ᠪᠠᠢᠯᠳᠤᠭᠠᠨ ᠤ᠋ ᠠᠮᠵᠢᠯᠲᠠ ᠶ᠋ᠢᠨ ᠬᠣᠭᠣᠷᠣᠨᠳᠣ ᠮᠣᠩᠭᠣᠯ ᠴᠡᠷᠢᠭ ᠲᠡᠭᠡᠨ ᠶᠠᠪᠤᠭᠤᠯᠤᠭᠰᠠᠨ ᠪᠠᠢᠯᠳᠤᠭᠠᠨ ᠤ᠋ ᠰᠤᠷᠭᠠᠭᠤᠯᠢᠯᠠᠯ ᠪᠣᠯᠤᠨ᠎ᠠ᠃ 
        ᠯᠠᠯᠤ ᠶ᠋ᠢᠨ ᠮᠥᠷᠭᠥᠯᠲᠡᠨ ᠦ᠌ ᠬᠥᠮᠦᠰ ᠡᠨᠡ ᠮᠡᠲᠦ ᠶ᠋ᠢᠨ ᠠᠪᠠ ᠲᠠᠯᠪᠢᠬᠤ ᠶ᠋ᠢ ᠠᠩᠬ᠎ᠠ ᠣᠯᠵᠤ ᠦᠵᠡᠵᠡᠢ᠃ ᠲᠡᠷᠡᠬᠦ ᠬᠦᠷᠢᠶ᠎ᠡ ᠠᠪᠠ ᠶ᠋ᠢᠨ ᠪᠠᠢᠳᠠᠯ ᠢ᠋ ᠳᠡᠯᠡᠬᠡᠢ ᠶ᠋ᠢᠨ ᠲᠡᠦᠬᠡᠴᠢᠨ ᠨᠠᠷ ᠵᠢᠭᠲᠡᠢ ᠰᠣᠨᠢᠷᠬᠠᠵᠤ ᠦᠵᠡᠭᠰᠡᠨ ᠢ᠋ᠶ᠋ᠡᠨ ᠪᠢᠴᠢᠵᠦ ᠦᠯᠡᠳᠡᠭᠡᠭᠰᠡᠨ ᠲᠡᠮᠳᠡᠭᠯᠡᠯ ᠨᠢ ᠳᠣᠣᠷᠠᠬᠢ ᠮᠡᠲᠦ᠄《ᠴᠡᠷᠢᠭ ᠦ᠋ᠨ ᠵᠥᠪᠳᠡᠭᠴᠢ ᠶ᠋ᠢᠨ ᠶᠠᠮᠤᠨ ᠤ᠋ ᠨᠣᠶᠠᠳ ᠨᠠᠷ ᠣᠢ ᠰᠢᠭᠤᠢ ᠶ᠋ᠢ ᠲᠣᠭᠣᠷᠢᠨ ᠠᠪᠠ ᠲᠠᠯᠪᠢᠬᠤ ᠭᠠᠵᠠᠷ ᠤ᠋ᠨ ᠬᠡᠮᠵᠢᠶ᠎ᠡ ᠪᠡᠨ ᠲᠣᠭᠲᠠᠭᠠᠨ᠂ ᠠᠩ ᠬᠢᠬᠦ ᠬᠦᠷᠢᠶ᠎ᠡ ᠪᠡᠨ ᠲᠣᠭᠲᠠᠭᠠᠨ᠎ᠠ᠃ ᠴᠡᠷᠢᠭ ᠨᠢ ᠲᠠᠷᠬᠠᠵᠤ ᠪᠠᠢᠯᠳᠤᠭᠴᠢ ᠨᠠᠷ ᠢ᠋ ᠨᠢᠭᠡᠳᠦᠭᠡᠷ ᠹᠷᠣᠨᠲ᠂ ᠬᠣᠶᠠᠳᠤᠭᠠᠷ ᠹᠷᠣᠨᠲ ᠭᠡᠵᠦ ᠵᠠᠢ ᠲᠠᠯᠪᠢᠵᠤ ᠤᠷᠤᠭᠰᠢᠯᠠᠵᠤ᠂ ᠵᠢᠭᠠᠨ ᠲᠣᠭᠲᠠᠭᠠᠭᠰᠠᠨ ᠣᠢ ᠰᠢᠭᠤᠢ ᠶ᠋ᠢ ᠪᠦᠰᠡᠯᠡᠨ ᠠᠪᠤᠨ᠎ᠠ᠃ ᠬᠡᠩᠭᠡᠷᠭᠡ ᠴᠠᠩ ᠳᠡᠯᠡᠳᠦᠨ ᠪᠦᠷᠢᠶ᠎ᠡ ᠪᠢᠰᠬᠢᠭᠦᠷ ᠳᠤᠤᠭᠠᠷᠭᠠᠵᠤ ᠰᠦᠷ ᠴᠤᠤ ᠮᠠᠨᠳᠤᠭᠤᠯᠤᠭᠰᠠᠭᠠᠷ ᠳᠥᠷᠪᠡᠨ ᠵᠦᠭ ᠡᠴᠡ ᠠᠪᠠ ᠶ᠋ᠢᠨ ᠲᠠᠯᠠᠪᠠᠢ ᠳ᠋ᠠᠭᠠᠨ ᠣᠷᠣᠵᠤ ᠢᠷᠡᠨ᠎ᠡ᠃ ᠡᠨᠡ ᠦᠶ᠎ᠡ ᠡᠴᠡ ᠡᠬᠢᠯᠡᠭᠡᠳ ᠶᠠᠮᠠᠷ ᠴᠤ ᠠᠮᠢᠲᠠᠨ ᠪᠤᠶᠤ ᠬᠡᠭᠡᠷ᠎ᠡ ᠶ᠋ᠢᠨ ᠠᠷᠢᠶᠠᠲᠠᠨ ᠪᠦᠷ ᠪᠦᠰᠡᠯᠡᠭᠳᠡᠭᠡᠳ ᠭᠠᠳᠠᠭᠰᠢ ᠭᠠᠷᠴᠤ ᠴᠢᠳᠠᠬᠤ ᠦᠭᠡᠢ ᠪᠣᠯᠴᠢᠬᠠᠬᠤ ᠶᠤᠮ᠃ ᠶᠠᠮᠠᠷᠪᠠ ᠪᠤᠲᠠ ᠰᠥᠭᠡᠭ ᠪᠤᠶᠤ ᠨᠠᠮᠤᠭ ᠳᠠᠭᠠᠭᠠᠴᠠ ᠭᠠᠵᠠᠷ᠂ ᠬᠠᠳᠠᠨ ᠤ᠋ ᠠᠭᠤᠢ ᠶ᠋ᠢ ᠬᠦᠷᠲᠡᠯ᠎ᠡ ᠦᠯᠡᠳᠡᠭᠡᠯ ᠦᠭᠡᠢ ᠨᠡᠩᠵᠢᠵᠦ ᠶᠠᠭᠤ ᠶ᠋ᠢ ᠴᠤ ᠰᠢᠪᠲᠤᠯᠤᠨ ᠭᠠᠷᠴᠤ ᠴᠢᠳᠠᠬᠤ ᠦᠭᠡᠢ ᠪᠣᠯᠭᠠᠨ᠎ᠠ ᠃ ᠬᠣᠰᠢᠭᠤᠴᠢ ᠴᠡᠷᠢᠭ ᠦ᠋ᠨ ᠠᠷᠤ ᠲᠠᠯ᠎ᠠ ᠳ᠋ᠤᠨᠢ ᠴᠡᠷᠢᠭ ᠦ᠋ᠨ ᠨᠣᠶᠠᠳ ᠮᠣᠷᠢ ᠤᠨᠤᠭᠠᠳ ᠶᠠᠪᠤᠨ᠎ᠠ᠃ ᠠᠩᠴᠢᠨ ᠴᠡᠷᠢᠭ ᠨᠠᠷ ᠤ᠋ᠨ ᠤᠯᠠ ᠮᠥᠷ ᠪᠠ ᠠᠯᠢᠪᠠ ᠬᠥᠳᠡᠯᠪᠦᠷᠢ ᠶ᠋ᠢ ᠴᠥᠮ ᠠᠩᠬᠠᠷᠤᠨ ᠦᠵᠡᠵᠦ ᠶᠠᠪᠤᠨ᠎ᠠ᠃ ᠠᠯᠢ ᠭᠠᠵᠠᠷ ᠤ᠋ᠨ ᠪᠤᠲᠠ ᠰᠥᠭᠡᠭ ᠦ᠋ᠨ ᠳᠣᠲᠣᠷ᠎ᠠ ᠪᠠᠭᠠᠪᠠᠭᠠᠢ ᠵᠡᠷᠭᠡ ᠶ᠋ᠢᠨ ᠠᠷᠢᠶᠠᠲᠠᠨ ᠨᠢᠭᠤᠵᠤ ᠰᠢᠷᠭᠤᠭᠠᠳ ᠪᠠᠢᠬᠤ᠂ ᠡᠰᠡᠬᠦᠯ᠎ᠡ ᠴᠡᠷᠢᠭ ᠦ᠋ᠨ ᠠᠷᠤ ᠳ᠋ᠤ᠌ ᠠᠩ ᠦᠯᠡᠳᠡᠭᠡᠳ ᠪᠠᠢᠬᠤ ᠶ᠋ᠢ ᠣᠯᠵᠤ ᠦᠵᠡᠬᠦ ᠳ᠋ᠦ᠍ ᠬᠦᠷᠪᠡᠯ ᠡᠨᠡ ᠠᠩᠴᠢᠨ ᠴᠡᠷᠢᠭ ᠨᠠᠷ ᠲᠤ᠌ ᠲᠤᠢᠯ ᠤ᠋ᠨ ᠬᠡᠴᠡᠭᠦᠦ ᠬᠡᠷᠡᠭ ᠪᠣᠯᠤᠨ᠎ᠠ᠃ ᠠᠩᠴᠢᠨ ᠴᠡᠷᠢᠭ ᠦ᠋ᠨ ᠥᠩᠭᠡᠷᠡᠵᠦ ᠭᠠᠷᠤᠭᠰᠠᠨ ᠭᠠᠵᠠᠷ ᠤ᠋ᠨ ᠣᠢ ᠰᠢᠭᠤᠢ ᠨᠢ ᠬᠣᠭᠣᠰᠣᠷᠠᠨ ᠨᠠᠮ ᠭᠦᠮ ᠪᠣᠯᠬᠤ ᠦᠭᠡᠢ ᠪᠣᠯ ᠪᠣᠯᠬᠤ ᠦᠭᠡᠢ ᠶᠦᠮ᠃ 
        ᠮᠣᠩᠭᠣᠯ ᠴᠡᠷᠢᠭ ‍ᠤᠳ ᠪᠠᠢᠯᠳᠤᠭᠠ  ᠤ᠋ ᠪᠡᠯᠡᠳᠬᠡᠯ ᠮᠠᠶᠢᠭ ᠢ᠋ᠶ᠋ᠠᠷ ᠬᠤᠶᠠᠭᠯᠠᠭᠠᠳ ᠭᠠᠭᠴᠠᠬᠦ ᠭᠠᠷ ᠲᠠᠭᠠᠨ ᠵᠡᠪᠰᠡᠭ ᠪᠠᠷᠢᠬᠤ ᠦᠭᠡᠢ᠃ ᠬᠡᠷᠪᠡ ᠪᠠᠭᠠᠪᠠᠭᠠᠢ᠂ ᠪᠠᠷᠰ᠂ ᠴᠢᠨᠣ᠎ᠠ᠂ ᠪᠤᠶᠤ ᠬᠡᠭᠡᠷ᠎ᠡ ᠶ᠋ᠢᠨ ᠭᠠᠬᠠᠢ ᠴᠡᠷᠢᠭ ᠤ᠋ᠨ ᠵᠦᠭ ᠨᠣᠴᠣᠨ ᠢᠷᠡᠪᠡᠯ᠂ ᠠᠩᠴᠢᠨ ᠴᠡᠷᠢᠭ ‍ᠤᠳ ᠮᠣᠳᠣᠨ ᠪᠠᠮᠪᠠᠢ ᠪᠠᠷ ᠢ᠋ᠶ᠋ᠠᠨ ᠲᠡᠭᠦᠨ ᠢ᠋ ᠴᠢᠨᠠᠭᠰᠢ ᠲᠦᠯᠬᠢᠨ ᠶᠠᠪᠤᠭᠤᠯᠤᠨ᠎ᠠ᠃ ᠶᠠᠮᠠᠷᠴᠤ ᠠᠩ ᠢ᠋ ᠪᠦᠷ ᠰᠢᠷᠬᠠᠲᠤᠭᠤᠯᠵᠤ ᠪᠣᠯᠬᠤ ᠦᠭᠡᠢ᠂ ᠨᠡᠩ ᠴᠦ᠍ ᠳᠤᠲᠠᠭᠠᠯᠭᠠᠵᠤ ᠪᠣᠯᠬᠤ ᠦᠭᠡᠢ᠃ ᠴᠡᠷᠢᠭ ‍ᠤᠳ  ᠢᠪᠴᠤᠤ  ᠵᠡᠪᠡ ᠶ᠋ᠢ ᠲᠤᠭᠤᠯᠵᠤ  ᠴᠠᠪᠴᠢᠯ ᠡᠷᠭᠢ ᠶ᠋ᠢ  ᠭᠡᠲᠦᠯᠦᠨ᠂ ᠠᠭᠤᠯᠠ ᠥᠭᠡᠳᠡ ᠠᠪᠠᠷᠢᠵᠤ ᠠᠭᠤᠯᠠ ᠤᠷᠤᠭᠤ   ᠪᠠᠭᠤᠨ ᠠᠯᠢᠪᠠ ᠠᠩ ᠭᠥᠷᠥᠭᠡᠰᠦ ᠶ᠋ᠢ ᠥᠪᠡᠷ ᠤ᠋ᠨ  ᠡᠮᠦᠨ᠎ᠡ ᠴᠤᠭᠯᠠᠭᠤᠯᠤᠨ  ᠬᠥᠭᠡᠭᠡᠭᠰᠡᠭᠡᠷ ᠤᠷᠤᠭᠰᠢᠯᠠᠨ᠎ᠠ᠃ ᠠᠯᠢᠪᠠ  ᠨᠠᠭᠤᠷ ᠢ᠋  ᠥᠩᠭᠡᠷᠡᠨ ᠲᠣᠬᠢᠶᠠᠯᠳᠤᠭᠰᠠᠨ ᠪᠦᠬᠦ ᠭᠣᠣᠯ ᠮᠥᠷᠡᠨ ᠢ᠋  ᠭᠡᠲᠦᠯᠦᠭᠡᠳ ᠶᠠᠪᠤᠨ᠎ᠠ᠃ ᠰᠥᠨᠢ ᠪᠣᠯᠤᠭᠰᠠᠨ ᠦᠶᠡᠰ ᠲᠦ᠍ ᠲᠦᠳᠡᠭ ᠤ᠋ᠨ ᠭᠡᠷᠡᠯ ᠢ᠋ᠶ᠋ᠡᠷ ᠲᠣᠭᠲᠠᠭᠰᠠᠨ ᠭᠠᠵᠠᠷ ᠢ᠋ᠶ᠋ᠠᠨ ᠪᠦᠰᠡᠯᠡᠨ᠎ᠡ᠃ ᠡᠨᠡ ᠴᠠᠭᠠᠷᠢᠭ ᠨᠢ ᠳᠥᠷᠪᠡᠨ ᠮᠥᠷ ᠲᠠᠪᠤᠨ ᠮᠥᠷ ᠠᠩᠴᠢᠨ ᠴᠡᠷᠢᠭ ᠢ᠋ᠶ᠋ᠡᠷ ᠪᠦᠷᠢᠯᠳᠦᠵᠦ᠂ ᠡᠳᠦᠷ ᠢᠷᠡᠬᠦ ᠳᠣᠳᠣᠮ ᠤᠯᠠᠮ ᠳᠣᠲᠣᠭᠰᠢ ᠬᠤᠮᠢᠵᠤ ᠬᠤᠷᠢᠶᠠᠵᠤ ᠢᠷᠡᠨ᠎ᠡ᠃ ᠡᠳᠦᠷ ᠥᠩᠭᠡᠷᠡᠬᠦ ᠶ᠋ᠢ ᠳᠠᠭᠠᠯᠳᠤᠨ ᠂  ᠠᠩ ᠭᠥᠷᠥᠭᠡᠰᠦ ᠵᠤᠵᠠᠭᠠᠷᠠᠭᠠᠳ ᠵᠢᠭᠤᠲᠠᠵᠤ ᠴᠢᠳᠠᠬᠤ ᠦᠭᠡᠢ ᠤᠯᠠᠮ ᠤᠯᠠᠮ ᠪᠠᠴᠢᠮᠳᠠᠬᠤ ᠪᠣᠯᠤᠨ᠎ᠠ᠃ ᠲᠣᠭᠰᠢᠨ ᠠᠷᠢᠶᠠᠲᠠᠨ ᠤᠯᠠᠮ ᠭᠠᠯᠵᠠᠭᠤᠷᠠᠭᠠᠳ ᠢᠷᠡᠨ᠎ᠡ᠃ ᠤᠯᠠᠮ ᠭᠠᠯᠵᠠᠭᠤᠷᠠᠵᠤ  ᠬᠢᠯᠢᠩᠯᠡᠭᠰᠡᠨ ᠠᠷᠢᠶᠠᠲᠠᠨ ᠪᠤᠭᠤ ᠰᠤᠭᠤ ᠤᠷᠤᠭᠤ ᠳᠠᠭᠠᠷᠢᠨ ᠪᠠᠷᠢᠵᠤ ᠢᠳᠡᠬᠦ ᠪᠤᠶᠤ  ᠬᠠᠷᠢᠯᠴᠠᠨ ᠭᠡᠷᠡᠯᠲᠦᠨ ᠬᠠᠵᠠᠵᠤ ᠵᠢᠭᠤᠷᠠᠯᠳᠤᠨ᠎ᠠ᠃ ᠭᠡᠪᠡᠴᠦ ᠡᠳᠡᠭᠡᠷ ᠠᠷᠢᠶᠠᠲᠠᠨ ᠤ᠋ ᠣᠷᠴᠢᠨ ᠠᠬᠤᠢ ᠨᠢ  ᠡᠳᠦᠷ  ᠪᠦᠷᠢ ᠮᠠᠭᠤᠳᠠᠵᠤ ᠢᠷᠡᠨ᠎ᠡ᠃ ᠠᠮᠢᠳᠤᠷᠠᠨ ᠠᠬᠤ ᠴᠠᠭᠠᠷᠢᠭ ᠨᠢ ᠤᠯᠠᠮ ᠰᠦᠷᠡᠬᠡᠢ ᠪᠠᠴᠢᠮ ᠰᠢᠬᠠᠭᠤ ᠪᠣᠯᠳᠠᠭ ᠤᠴᠢᠷ ᠡᠴᠡ ᠲᠡᠢᠮᠦ ᠪᠣᠯᠤᠨ᠎ᠠ᠃ ᠪᠣᠭᠳᠠ ᠬᠠᠭᠠᠨ ᠤᠳᠠᠭ᠎ᠠ ᠪᠦᠷᠢ ᠬᠠᠮᠤᠭ ᠤ᠋ᠨ ᠪᠡᠷᠬᠡᠰᠢᠶᠡᠯ ᠲᠡᠢ ᠭᠠᠵᠠᠷ ᠲᠤ᠌ ᠬᠦᠷᠴᠦ᠂ ᠴᠡᠷᠢᠭ  ᠠᠩᠭᠢ ᠶ᠋ᠢᠨ ᠢ᠋ᠶ᠋ᠡᠨ ᠪᠠᠢᠯᠳᠤᠭᠠᠨ   ᠤ᠋ ᠠᠷᠭ᠎ᠠ ᠶ᠋ᠢ ᠨᠠᠷᠢᠨ ᠠᠩᠬᠠᠷᠤᠨ ᠦᠵᠡᠳᠡᠭ ᠪᠠᠢᠨ᠎ᠠ᠃  
       ᠡᠨᠡ ᠮᠡᠲᠦ ᠶᠠᠪᠤᠭᠰᠠᠭᠠᠷ ᠶᠡᠬᠡ ᠬᠡᠪᠴᠢᠶᠡᠨ   ᠦ᠌ ᠭᠠᠵᠠᠷ ᠣᠷᠣᠨ  ᠤ᠋ ᠪᠦᠬᠦ ᠠᠩ ᠭᠥᠷᠥᠭᠡᠰᠦ ᠶ᠋ᠢ ᠭᠠᠭᠴᠠ ᠬᠦᠷᠢᠶ᠎ᠡ ᠲᠠᠯᠪᠢᠭᠰᠠᠨ ᠭᠣᠣᠯ ᠲᠠᠯᠠᠪᠠᠢ ᠳ᠋ᠤ᠌ ᠰᠢᠬᠠᠵᠤ ᠴᠤᠭᠯᠠᠭᠤᠯᠤᠨ᠎ᠠ᠃ ᠡᠳᠡᠭᠡᠷ ᠠᠷᠢᠶᠠᠲᠠᠨ  ᠪᠦᠰᠡᠯᠡᠭᠳᠡᠨ ᠬᠠᠭᠠᠭᠳᠠᠭᠠᠳ ᠦᠬᠦᠯ ᠤ᠋ᠨ ᠴᠠᠭᠠᠷᠢᠭ ᠡᠴᠡ ᠮᠤᠯᠲᠤᠷᠠᠬᠤ ᠠᠷᠭ᠎ᠠ ᠦᠭᠡᠢ ᠪᠣᠯᠤᠨ᠎ᠠ᠃ ᠭᠡᠨᠡᠳᠲᠡ ᠬᠠᠭᠠᠯᠲᠠ ᠨᠢ ᠨᠢᠭᠡᠨ ᠴᠤᠪᠤᠭ᠎ᠠ ᠵᠠᠮ ᠲᠠᠯᠪᠢᠨ᠎ᠠ᠂ ᠲᠡᠷᠡ ᠦᠶ᠎ᠡ ᠳ᠋ᠦ᠍   ᠠᠪᠠ ᠶ᠋ᠢᠨ ᠬᠥᠭᠵᠢᠮ ᠳᠤᠤᠭᠠᠷᠤᠨ ᠶᠠᠭ ᠲᠠᠮᠤ ᠶ᠋ᠢᠨ ᠠᠶᠠᠯᠭᠤ ᠮᠡᠲᠦ ᠪᠡᠷ ᠬᠦᠩᠭᠢᠨᠡᠵᠦ᠂ ᠬᠡᠭᠡᠷ᠎ᠡ ᠶ᠋ᠢᠨ ᠠᠷᠢᠶᠠᠲᠠᠨ ᠳᠠᠭᠵᠢᠵᠤ ᠴᠡᠴᠡᠷᠡᠭᠡᠳ ᠮᠡᠯᠡᠷᠡᠨ᠎ᠡ᠃ ᠡᠨᠡ ᠦᠶ᠎ᠡ ᠳ᠋ᠦ᠍  ᠪᠣᠭᠳᠠ ᠬᠠᠭᠠᠨ ᠪᠣᠯᠤᠨ ᠨᠣᠶᠠᠳ ᠲᠦᠰᠢᠮᠡᠳ ᠪᠠᠨ ᠳᠠᠭᠠᠭᠤᠯᠤᠨ ᠴᠠᠭᠠᠷᠢᠭ ᠤ᠋ᠨ ᠳᠣᠲᠣᠷ᠎ᠠ ᠣᠷᠣᠵᠤ ᠣᠴᠢᠨ᠎ᠠ᠃ ᠪᠣᠭᠳᠠ ᠬᠠᠭᠠᠨ ᠥᠪᠡᠷ ᠤ᠋ᠨ ᠪᠡᠶ᠎ᠡ ᠨᠢ ᠢᠯᠳᠦ ᠰᠡᠯᠡᠮ᠎ᠡ ᠪᠤᠶᠤ ᠨᠤᠮᠤ ᠰᠤᠮᠤ ᠪᠠᠷ ᠢ᠋ᠶ᠋ᠠᠨ ᠪᠠᠷᠰ ᠪᠤᠶᠤ᠂ ᠪᠠᠭᠠᠪᠠᠭᠠᠢ᠂ ᠬᠡᠭᠡᠷ᠎ᠡ ᠶ᠋ᠢᠨ ᠭᠠᠬᠠᠢ ᠵᠡᠷᠭᠡ ᠶ᠋ᠢ ᠠᠯᠠᠭᠠᠳ ᠠᠩ ᠤ᠋ᠨ ᠡᠭᠦᠳᠡ ᠶ᠋ᠢ ᠨᠡᠭᠡᠭᠡᠨ᠎ᠡ᠃ ᠡᠭᠦᠨ ᠢ᠋ᠶ᠋ᠡᠨ ᠳᠠᠭᠤᠰᠬᠠᠭᠠᠳ ᠪᠣᠭᠳᠠ ᠬᠠᠭᠠᠨ ᠤᠷᠢᠳᠠ ᠠᠴᠠ ᠪᠡᠯᠡᠳᠬᠡᠵᠦ ᠪᠠᠢᠭᠰᠠᠨ ᠬᠠᠭᠠᠨ ᠤ᠋ ᠰᠠᠭᠤᠷᠢᠨ ᠳ᠋ᠠᠭᠠᠨ ᠵᠠᠯᠠᠷᠠᠨ᠎ᠠ᠃ ᠳᠠᠷᠠᠭ᠎ᠠ ᠳ᠋ᠤᠨᠢ ᠨᠣᠶᠠᠳ ᠲᠦᠰᠢᠮᠡᠳ ᠢᠵᠠᠭᠤᠷᠲᠠᠨ ᠵᠠᠩᠵᠤᠨ ᠨᠠᠷ ᠣᠳᠣ ᠪᠢᠷ᠎ᠠ ᠴᠢᠳᠠᠯ ᠢ᠋ᠶ᠋ᠠᠨ ᠭᠠᠢᠬᠠᠭᠤᠯᠵᠤ ᠦᠵᠡᠭᠦᠯᠳᠡᠭ᠃ ᠡᠨᠡ ᠮᠡᠲᠦ ᠪᠡᠷ ᠠᠬᠢᠨ ᠳᠠᠬᠢᠨ ᠡᠭᠡᠯᠵᠢᠯᠡᠭᠡᠳ ᠳᠠᠭᠠᠷᠢᠯᠲᠠ ᠨᠢ ᠶᠠᠪᠤᠬᠤ ᠳᠣᠳᠣᠮ ᠴᠠᠭᠠᠷᠢᠭ ᠤ᠋ᠨ ᠭᠣᠣᠯ ᠳᠤᠮᠳᠠ ᠣᠷᠣᠭᠠᠳ᠂ ᠠᠩ ᠴᠥᠭᠡᠷᠡᠨ ᠵᠢᠵᠢᠭ ᠪᠠᠭ᠎ᠠ ᠠᠮᠢᠲᠠᠨ ᠤ᠋ ᠲᠡᠳᠦᠢ ᠪᠣᠯᠬᠤ ᠶᠤᠮ᠃ ᠭᠡᠪᠡᠴᠦ ᠪᠤᠲᠠ ᠰᠥᠭᠡᠭ ᠤ᠋ᠨ ᠳᠣᠲᠣᠷ᠎ᠠ ᠡᠴᠡ ᠪᠠᠰᠠ ᠪᠠᠢᠨ ᠪᠠᠢᠨ ᠲᠣᠭᠰᠢᠨ ᠠᠷᠢᠶᠠᠲᠠᠨ ᠭᠠᠷᠤᠭᠠᠳ ᠢᠷᠡᠨ᠎ᠡ᠃ ᠡᠨᠡ ᠦᠶ᠎ᠡ ᠳᠤ ᠬᠤᠪᠢ ᠵᠠᠶᠠᠭ᠎ᠠ ᠪᠠᠷ ᠰᠠᠢᠨ ᠠᠩᠴᠢᠨ ᠴᠡᠷᠢᠭ ᠪᠣᠭᠳᠠ ᠬᠠᠭᠠᠨ ᠤ᠋ ᠨᠢᠳᠦᠨ ᠡᠮᠦᠨ᠎ᠡ ᠥᠪᠡᠷ ᠤ᠋ᠨ ᠡᠷᠡᠯᠬᠡᠭ ᠪᠠᠭᠠᠲᠤᠷ ᠪᠤᠶᠤ ᠤᠷᠠᠨ ᠮᠡᠷᠭᠡᠨ ᠢ᠋ᠶ᠋ᠡᠨ ᠦᠵᠡᠭᠦᠯᠵᠦ ᠴᠢᠳᠠᠬᠤ ᠶᠤᠮ᠃ ᠡᠢᠮᠦ ᠡᠴᠡ ᠱᠠᠩᠨᠠᠯ ᠣᠯᠬᠤ ᠪᠤᠶᠤ ᠵᠡᠷᠭᠡ ᠳᠡᠰ ᠳᠡᠪᠰᠢᠬᠦ ᠵᠠᠪᠰᠢᠶᠠᠨ ᠴᠤ ᠬᠦᠷᠴᠦ ᠢᠷᠡᠨ᠎ᠡ᠃ < ᠠᠩ ᠠᠷᠢᠶᠠᠲᠠᠨ ᠤ᠋ ᠣᠯᠠᠩᠬᠢ ᠨᠢ ᠠᠯᠠᠭᠳᠠᠭᠰᠠᠨ ᠤ᠋ ᠬᠣᠢᠨ᠎ᠠ᠂ ᠪᠣᠭᠳᠠ ᠬᠠᠭᠠᠨ ᠤ᠋ ᠳᠡᠷᠭᠡᠳᠡ ᠠᠴᠢ ᠬᠥᠪᠡᠭᠦᠨ ᠨᠢ ᠢᠷᠡᠭᠡᠳ ᠬᠥᠭᠡᠷᠦᠬᠦᠨ ᠪᠠᠭ᠎ᠠ ᠠᠮᠢᠲᠠᠨ ᠤ᠋ ᠠᠮᠢ ᠶ᠋ᠢ ᠠᠪᠤᠷᠠᠬᠤ ᠪᠠᠷ ᠭᠤᠶᠤᠳᠠᠭ᠃ ᠪᠣᠭᠳᠠ ᠬᠠᠭᠠᠨ ᠡᠨᠡᠬᠦ ᠭᠤᠶᠤᠴᠢᠯᠠᠭ᠎ᠠ ᠶ᠋ᠢ ᠬᠦᠯᠢᠶᠡᠨ ᠠᠪᠴᠤ ᠡᠳᠡᠭᠡᠷ ᠠᠮᠢᠲᠠᠨ ᠤ᠋ ᠠᠮᠢ ᠶ᠋ᠢ ᠠᠪᠤᠷᠠᠳᠠᠭ> ᠪᠠᠢᠨ᠎ᠠ᠃ ᠠᠪᠠ ᠬᠤᠷᠢᠶᠠᠬᠤ ᠳᠣᠬᠢᠶ᠎ᠠ ᠲᠠᠯᠪᠢᠮᠠᠭᠴᠠ᠂ ᠦᠬᠦᠯ ᠡᠴᠡ ᠭᠡᠯᠳᠦᠷᠢᠭᠰᠡᠨ ᠠᠮᠢᠲᠠᠳ ᠠᠶᠤᠨ ᠡᠮᠢᠶᠡᠭᠰᠡᠭᠡᠷ ᠣᠢ ᠰᠢᠭᠤᠢ ᠤᠷᠤᠭᠤ ᠳᠤᠲᠠᠭᠠᠨ᠂ ᠡᠷᠭᠢᠭᠡᠳ ᠡᠷᠬᠡ ᠴᠢᠯᠥᠭᠡ ᠲᠡᠢ ᠠᠮᠢᠳᠤᠷᠠᠬᠤ ᠪᠣᠯᠤᠨ᠎ᠠ》 ᠭᠡᠵᠡᠢ᠃ 
        ᠲᠠᠷᠮᠢᠽᠢ ᠣᠷᠴᠢᠮ ᠤ᠋ᠨ ᠬᠦᠷᠢᠶ᠎ᠡ ᠠᠪᠠ ᠨᠢ ᠳᠥᠷᠪᠡᠨ ᠰᠠᠷ᠎ᠠ ᠦᠷᠭᠦᠯᠵᠢᠯᠡᠪᠡ᠃ ᠡᠨᠡ ᠳᠥᠷᠪᠡᠨ ᠰᠠᠷ᠎ᠠ ᠶ᠋ᠢᠨ ᠬᠣᠭᠣᠷᠣᠨᠳᠣ ᠠᠷᠪᠠᠨ ᠲᠦᠮᠡᠨ ᠮᠣᠩᠭᠣᠯᠴᠤᠳ ᠪᠦᠷᠢᠮᠦᠰᠦᠨ ᠡᠩᠬᠡ ᠠᠮᠤᠷ ᠪᠠᠢᠬᠤ ᠮᠡᠲᠦ ᠶᠠᠮᠠᠷ ᠴᠤ᠌ ᠵᠣᠪᠠᠨᠢᠯ ᠦᠭᠡᠢ ᠪᠡᠷ ᠠᠭᠤᠯᠠ ᠵᠡᠪᠡ ᠪᠤᠶᠤ ᠣᠢ ᠰᠢᠭᠤᠢ ᠳᠣᠲᠣᠷ᠎ᠠ ᠭᠦᠶᠦᠯᠳᠦᠨ ᠡᠷᠭᠢᠯᠳᠦᠵᠦ ᠪᠠᠢᠵᠠᠢ᠃ ᠲᠡᠳᠡᠨ ᠦ᠌ ᠬᠢᠬᠦ ᠶᠣᠰᠣᠲᠠᠢ ᠭᠠᠭᠴᠠ ᠠᠵᠢᠯ ᠨᠢ ᠳᠠᠷᠤᠢ ᠶᠠᠮᠠᠷᠴᠤ ᠠᠮᠢᠲᠠᠨ ᠢ᠋ ᠳᠤᠲᠠᠭᠠᠯᠭᠠᠬᠤ ᠦᠭᠡᠢ ᠭᠡᠰᠡᠨ ᠤᠴᠢᠷ ᠤ᠋ᠨ ᠲᠡᠳᠦᠢ ᠪᠠᠢᠯ᠎ᠠ᠃ ᠭᠡᠲᠡᠯ᠎ᠡ ᠡᠨᠡ ᠬᠣᠭᠣᠷᠣᠨᠳᠣ ᠨᠢ ᠰᠢᠨ᠎ᠡ ᠳᠠᠢᠰᠤᠨ ᠪᠣᠯᠤᠨ ᠰᠢᠨ᠎ᠡ ᠠᠶᠤᠯ ᠲᠦᠭᠰᠢᠭᠦᠷᠢ ᠳᠥᠷᠪᠡᠨ ᠵᠦᠭ ᠡᠴᠡ ᠡᠭᠦᠰᠴᠦ ᠢᠷᠡᠯ᠎ᠡ᠃ 
      ( ᠭᠤᠷᠪᠠ) ᠪᠠᠢᠯᠳᠤᠭᠠᠨ ᠤ᠋ ᠲᠥᠯᠥᠪᠯᠡᠭᠡ ᠶ᠋ᠢᠨ ᠨᠢᠭᠤᠴᠠ ᠮᠡᠳᠡᠭᠡ
 
       ᠮᠦᠬᠠᠮᠸᠳ᠋ ᠱᠠᠭ ᠦᠬᠦᠭᠰᠡᠨ ᠪᠣᠯᠪᠠᠴᠤ ᠲᠡᠷᠡ ᠦᠬᠦᠬᠦ ᠡᠴᠡ ᠪᠡᠨ ᠡᠮᠦᠨ᠎ᠡ᠂ ᠲᠡᠭᠦᠨ ᠦ᠌ ᠡᠬᠡ ᠶ᠋ᠢᠨ ᠬᠠᠢᠷᠠᠲᠤ ᠬᠥᠪᠡᠭᠦᠨ ᠪᠣᠯᠵᠤ ᠪᠠᠢᠭᠰᠠᠨ ᠵᠠᠩ ᠴᠢᠨᠠᠷ ᠨᠢ ᠥᠭᠡᠨᠴᠡ ᠵᠥᠭᠡᠯᠡᠨ ᠣᠰᠷᠠᠭᠱᠠ ᠶ᠋ᠢᠨ ᠣᠷᠣᠨ ᠳ᠋ᠤᠨᠢ ᠴᠣᠭ ᠰᠦᠯᠳᠡ ᠲᠡᠢ ᠲᠡᠭᠦᠯᠳᠡᠷ ᠵᠣᠷᠢᠭ ᠲᠠᠢ ᠰᠥᠰᠥ ᠶᠡᠬᠡ ᠲᠡᠢ ᠥᠪᠡᠷ ᠦ᠋ᠨ ᠬᠥᠪᠡᠭᠦᠨ ᠵᠸᠯᠡᠯ—  ᠡᠳ᠋ — ᠳ᠋ᠢᠨ᠂ ᠮᠦᠬᠠᠮᠸᠳ᠋ᠢ᠋ ᠬᠠᠭᠠᠨ ᠤ᠋ ᠰᠠᠭᠤᠷᠢᠨ ᠢ᠋ ᠵᠠᠯᠭᠠᠮᠵᠢᠯᠠᠭᠤᠯᠬᠤ ᠪᠠᠷ ᠰᠣᠩᠭᠣᠵᠠᠢ᠃ ᠵᠸᠯᠡᠯ—   ᠡᠳ᠋— ᠳ᠋ᠢᠨ ᠪᠠᠰᠠ ᠮᠣᠩᠭᠣᠯᠴᠤᠳ ᠯᠤᠭ᠎ᠠ ᠶ᠋ᠢᠨ ᠲᠡᠮᠡᠴᠡᠯ ᠢ᠋ ᠳᠠᠬᠢᠨ ᠬᠥᠭᠵᠢᠭᠡᠬᠦ ᠪᠡᠷ ᠱᠠᠭᠠᠷᠳᠠᠵᠤ ᠪᠠᠢᠭᠰᠠᠨ ᠰᠠᠭᠤᠭᠠᠯᠢ ᠠᠷᠠᠳ ᠤ᠋ᠨ ᠬᠦᠷᠢᠶᠡᠯᠡᠯ ᠢ᠋ ᠣᠯᠵᠤ ᠪᠠᠢᠭᠰᠠᠨ ᠶᠤᠮ᠃ ᠭᠡᠪᠡᠴᠦ ᠬᠣᠷᠰᠧᠮ ᠦ᠋ᠨ ᠵᠠᠩᠵᠤᠨ ᠨᠠᠷ ᠣᠰᠷᠠᠭᠱᠠ ᠶ᠋ᠢ ᠬᠠᠭᠠᠨ ᠪᠣᠯᠭᠠᠪᠠᠯ ᠡᠷᠬᠡ ᠴᠢᠯᠥᠭᠡ ᠲᠡᠢ ᠪᠣᠯᠬᠤ ᠮᠠᠭᠠᠳ᠂ ᠡᠢᠮᠦ ᠡᠷᠬᠡ ᠴᠢᠯᠥᠭᠡ ᠨᠢ ᠠᠯᠤᠰ ᠬᠣᠯᠠ ᠡᠴᠡ ᠢᠷᠡᠭᠰᠡᠨ ᠮᠣᠩᠭᠣᠯᠴᠤᠳ ᠲᠠᠢ ᠪᠠᠢᠯᠳᠤᠭᠠᠨ ᠬᠢᠬᠦ ᠡᠴᠡ ᠴᠢᠬᠤᠯᠠ ᠭᠡᠵᠦ ᠪᠣᠳᠣᠭᠳᠠᠵᠤ ᠪᠠᠢᠭᠰᠠᠨ ᠪᠣᠯᠬᠣᠷ᠂ ᠵᠸᠯᠡᠯ— ᠡᠳ᠋ — ᠳ᠋ᠢᠨ ᠦ᠌ ᠥᠭᠡᠳᠡ ᠡᠴᠡ ᠬᠤᠤᠪᠢᠯᠳᠤᠯᠭ᠎ᠠ ᠬᠢᠵᠦ ᠪᠠᠢᠵᠠᠢ᠃ ᠵᠸᠯᠡᠯ— ᠡᠳ᠋ — ᠳ᠋ᠢᠨ ᠪᠣᠯ ᠬᠤᠷᠠᠱᠠᠨ ᠳ᠋ᠤ᠌ ᠳᠤᠲᠠᠭᠠᠵᠤ ᠶᠠᠪᠤᠭᠠᠳ ᠵᠠᠮ ᠵᠠᠭᠤᠷ᠎ᠠ ᠪᠠᠨ ᠴᠢᠩᠭᠢᠰ ᠬᠠᠭᠠᠨ ᠤ᠋ ᠲᠣᠮᠢᠯᠠᠭᠰᠠᠨ ᠴᠡᠷᠢᠭ ᠢ᠋ ᠳᠡᠢᠯᠦᠭᠰᠡᠨ ᠬᠣᠢᠨ᠎ᠠ ᠭᠡᠨᠡᠳᠲᠡ ᠴᠢᠮᠡᠭᠡ ᠲᠠᠰᠤᠷᠠᠭᠠᠳ ᠬᠠᠮᠢᠭ᠎ᠠ ᠣᠷᠣᠭᠰᠠᠨ ᠢ᠋ ᠮᠡᠳᠡᠬᠦ ᠦᠭᠡᠢ ᠪᠣᠯᠵᠠᠢ᠃ ᠬᠡᠨ ᠪᠣᠯᠪᠠᠴᠤ ᠲᠡᠭᠦᠨ ᠦ᠌ ᠶᠠᠭ ᠬᠠᠮᠢᠭ᠎ᠠ ᠪᠠᠢᠬᠤ ᠶ᠋ᠢ ᠮᠡᠳᠡᠬᠦ ᠦᠭᠡᠢ᠂ ᠬᠣᠵᠢᠮ ᠨᠢ ᠮᠣᠩᠭᠣᠯᠴᠤᠳ ᠲᠤ᠌ ᠳᠡᠢᠯᠦᠭᠳᠡᠭᠰᠡᠨ ᠭᠡᠬᠦ᠂ ᠡᠰᠡᠬᠦᠯ᠎ᠡ ᠮᠣᠩᠭᠣᠯᠴᠤᠳ ᠲᠠᠢ ᠪᠠᠢᠯᠳᠤᠬᠤ ᠶ᠋ᠢᠨ ᠲᠥᠯᠥᠭᠡ ᠬᠦᠴᠦᠷᠬᠡᠭ ᠶᠡᠬᠡ ᠴᠡᠷᠢᠭ ᠢ᠋ ᠵᠣᠬᠢᠶᠠᠨ ᠪᠠᠢᠭᠤᠯᠬᠤ ᠪᠣᠯᠤᠯᠲᠠᠢ ᠭᠡᠬᠦ ᠮᠡᠲᠦ ᠶ᠋ᠢᠨ ᠬᠦᠨᠳᠦ ᠴᠢᠬᠤᠯᠠ ᠴᠤᠤᠷᠬᠠᠯ ᠡᠯ᠎ᠡ ᠭᠠᠵᠠᠷ ᠲᠤ᠌ ᠳᠡᠭᠳᠡᠵᠦ ᠪᠠᠢᠭᠰᠠᠨ ᠲᠡᠳᠦᠢ ᠪᠢᠯᠡ᠃ 
       ᠣᠰᠷᠠᠭᠱᠠ ᠪᠣᠯᠤᠨ ᠬᠣᠷᠰᠧᠮ ᠦ᠋ᠨ ᠪᠤᠰᠤᠳ ᠲᠦᠰᠢᠮᠡᠳ ᠨᠢ ᠮᠣᠩᠭᠣᠯᠴᠤᠳ ᠢᠷᠡᠬᠦ ᠡᠴᠡ ᠡᠮᠦᠨ᠎ᠡ ᠨᠢ ᠳᠤᠲᠠᠭᠠᠭᠰᠠᠨ ᠪᠣᠯᠪᠠᠴᠤ ᠪᠠᠢᠯᠳᠤᠭᠠᠨ ᠤ᠋ ᠳᠤᠮᠳᠠ ᠣᠯᠵᠠᠯᠠᠭᠳᠠᠭᠠᠳ ᠠᠯᠠᠭᠳᠠᠪᠠ᠃ ᠳᠠᠷᠠᠭ᠎ᠠ ᠳ᠋ᠤᠨᠢ ᠮᠣᠩᠭᠣᠯ ᠴᠡᠷᠢᠭ ᠠᠮᠣᠳᠠᠷᠢᠶᠠ ᠭᠣᠣᠯ ᠳᠠᠭᠠᠤ ᠥᠩ ᠰᠢᠮᠡᠯᠢᠭ ᠣᠷᠣᠨ ᠢ᠋ ᠪᠤᠯᠢᠶᠠᠭᠰᠠᠭᠠᠷ ᠭᠣᠣᠯ ᠤᠷᠤᠭᠤ ᠶᠠᠪᠤᠵᠠᠢ᠃ ᠡᠨᠡᠬᠦ ᠣᠷᠣᠨ ᠪᠣᠯ ᠬᠥᠮᠦᠨ ᠠᠮᠠ ᠪᠠᠷ ᠠᠷᠪᠢᠨ ᠪᠥᠭᠡᠳ ᠮᠠᠰᠢ ᠪᠠᠶᠠᠯᠢᠭ ᠬᠣᠲᠠ ᠪᠠᠯᠭᠠᠰᠤᠨ ᠪᠤᠶᠤ ᠠᠢᠯ ᠲᠣᠰᠬᠣᠨ ᠲᠠᠢ ᠭᠠᠵᠠᠷ ᠮᠥᠨ᠂ ᠡᠯᠡᠰᠦᠷᠬᠡᠭ ᠭᠠᠵᠠᠷ ᠲᠤ᠌ ᠱᠣᠷᠣ ᠰᠢᠭᠠᠭᠠᠳ ᠲᠠᠯᠪᠢᠭᠰᠠᠨ ᠮᠡᠲᠦ ᠢᠬᠴᠤ ᠬᠣᠲᠠ ᠨᠤᠭᠤᠳ ᠨᠢ ᠨᠢᠭᠡᠳ ᠨᠢᠭᠡ ᠪᠡᠷ ᠪᠦᠷ ᠮᠣᠩᠭᠣᠯ ᠴᠡᠷᠢᠭ ᠦ᠋ᠨ ᠭᠠᠷ ᠲᠤ᠌ ᠣᠷᠣᠵᠠᠢ᠃ ᠮᠣᠩᠭᠣᠯ ᠴᠡᠷᠢᠭ ᠣᠳᠣ ᠵᠣᠭᠰᠣᠬᠤ ᠦᠭᠡᠢ ᠪᠣᠯᠬᠤ ᠦᠭᠡᠢ ᠪᠣᠯᠪᠠ᠃ ᠠᠮᠤᠳᠠᠷᠢᠶᠠ ᠭᠣᠣᠯ ᠤ᠋ᠨ ᠭᠤᠷᠪᠠᠯᠵᠢᠨ ᠬᠣᠢᠭ ᠲᠤ᠌ ᠪᠠᠢᠬᠤ ᠥᠷᠭᠡᠨᠴᠢ ᠬᠣᠲᠠ ᠪᠠᠷᠤᠭᠲᠠᠢ ᠳ᠋ᠤ᠌ ᠠᠪᠲᠠᠬᠤ ᠦᠭᠡᠢ ᠤᠴᠢᠷ ᠡᠴᠡ ᠲᠡᠢᠮᠦ ᠪᠣᠯᠤᠭᠰᠠᠨ ᠶᠤᠮ᠃ ᠡᠨᠡ ᠬᠣᠲᠣᠭᠣᠷ ᠲᠠᠯ᠎ᠠ ᠭᠠᠵᠠᠷ ᠲᠤ᠌ ᠶᠠᠮᠠᠷᠴᠤ ᠬᠡᠰᠡᠭ ᠲᠡᠢ ᠴᠢᠯᠠᠭᠤ ᠣᠯᠳᠠᠬᠤ ᠦᠭᠡᠢ᠂ ᠰᠢᠨ᠎ᠡ ᠵᠡᠪᠰᠡᠭ ᠦ᠋ᠨ ᠰᠦᠷ ᠬᠦᠴᠦᠨ ᠢ᠋ ᠦᠵᠡᠭᠦᠯᠵᠦ ᠴᠢᠳᠠᠬᠤ ᠦᠭᠡᠢ ᠪᠣᠯᠤᠭᠰᠠᠨ ᠪᠠᠢᠨ᠎ᠠ᠃ ᠲᠡᠭᠡᠭᠡᠳ ᠮᠣᠳᠣ ᠶ᠋ᠢ ᠣᠭᠲᠣᠯᠤᠭᠠᠳ ᠬᠡᠰᠡᠭᠯᠡᠵᠦ ᠤᠰᠤᠨ ᠳ᠋ᠤ᠌ ᠳᠡᠪᠲᠦᠭᠡᠨ ᠬᠠᠷᠪᠤᠭᠰᠠᠨ ᠪᠣᠯᠪᠠᠴᠤ᠂ ᠣᠷᠣᠯᠠᠭᠤᠯᠤᠭᠰᠠᠨ ᠶᠠᠭᠤᠮ᠎ᠠ ᠲᠡᠳᠦᠢ ᠲᠤᠰᠠ ᠭᠠᠷᠭᠠᠵᠤ ᠴᠢᠳᠠᠭᠰᠠᠨ ᠦᠭᠡᠢ᠃ ᠮᠣᠩᠭᠣᠯ ᠴᠡᠷᠢᠭ ᠦ᠋ᠳ ᠬᠣᠲᠠ ᠤᠷᠤᠭᠤ ᠰᠢᠪᠲᠤᠯᠤᠨ ᠴᠣᠬᠢᠭᠰᠠᠨ ᠨᠢ ᠤᠳᠠᠭ᠎ᠠ ᠪᠦᠷᠢ ᠶᠡᠬᠡ ᠬᠣᠬᠢᠷᠠᠯ ᠣᠯᠤᠭᠠᠳ ᠤᠬᠤᠷᠢᠬᠤ ᠦᠭᠡᠢ ᠪᠡᠷ ᠪᠣᠯᠬᠤ ᠦᠭᠡᠢ ᠪᠣᠯᠪᠠ᠃  
       ᠲᠠᠷᠮᠢᠽᠢ ᠣᠷᠴᠢᠮ ᠲᠠᠯᠪᠢᠭᠰᠠᠨ ᠬᠦᠷᠢᠶ᠎ᠡ ᠠᠪᠠ ᠪᠠᠷᠤᠭ ᠲᠡᠭᠦᠰᠬᠦ ᠦᠶ᠎ᠡ ᠳ᠋ᠦ᠍ ᠦᠨᠡᠨᠴᠢ ᠰᠢᠳᠤᠷᠭᠤ ᠪᠣᠭᠣᠷᠴᠤ ᠶ᠋ᠢᠨ ᠨᠢᠭᠡᠨ ᠮᠡᠳᠡᠭᠦᠯᠦᠯᠲᠡ ᠴᠢᠩᠭᠢᠰ ᠬᠠᠭᠠᠨ ᠤ᠋ ᠳᠡᠷᠭᠡᠳᠡ ᠬᠦᠷᠴᠦ ᠢᠷᠡᠪᠡ᠃ ᠵᠥᠴᠢ ᠪᠣᠯᠤᠨ ᠴᠠᠭᠠᠲᠠᠢ ᠬᠣᠶᠠᠷ ᠨᠣᠶᠠᠨ ᠤ᠋ ᠬᠣᠭᠣᠷᠣᠨᠳᠣ ᠬᠦᠨᠳᠦ ᠶᠡᠬᠡ ᠵᠢᠭᠤᠷᠠᠭᠠᠨ ᠭᠠᠷᠪᠠ ᠭᠡᠨ᠎ᠡ᠃ ᠵᠥᠴᠢ ᠨᠡᠢᠰᠯᠡᠯ ᠪᠣᠯᠵᠤ ᠪᠠᠢᠭᠰᠠᠨ ᠥᠷᠭᠡᠨᠴᠢ ᠬᠣᠲᠠ ᠶ᠋ᠢ ᠬᠠᠷᠢᠶ᠎ᠠ ᠭᠠᠵᠠᠷ ᠤ᠋ᠨ ᠢ᠋ᠶ᠋ᠠᠨ ᠨᠢᠭᠡᠨ ᠬᠡᠰᠡᠭ ᠪᠣᠯᠭᠠᠬᠤ ᠶ᠋ᠢ ᠬᠦᠰᠡᠪᠡ᠃ ᠨᠥᠭᠦᠭᠡ ᠲᠠᠯ᠎ᠠ ᠳ᠋ᠤᠨᠢ ᠴᠠᠭᠠᠲᠠᠢ ᠠᠷᠠᠯ ᠲᠠᠩᠭᠢᠰ ᠬᠦᠷᠲᠡᠯᠡᠬᠢ ᠪᠦᠬᠦ ᠭᠠᠵᠠᠷ ᠢ᠋ ᠴᠢᠩᠭᠢᠰ ᠬᠠᠭᠠᠨ ᠲᠡᠭᠦᠨ ᠳ᠋ᠦ᠍ ᠥᠭᠬᠦ ᠪᠡᠷ ᠪᠣᠯᠵᠣᠭᠰᠠᠨ ᠭᠠᠵᠠᠷ ᠭᠡᠵᠦ ᠬᠠᠷᠢᠶᠠᠲᠤ ᠴᠡᠷᠢᠭ ᠲᠡᠭᠡᠨ ᠵᠥᠴᠢ ᠶ᠋ᠢᠨ ᠵᠠᠷᠯᠢᠭ ᠡᠴᠡ ᠵᠥᠷᠢᠴᠡᠭᠰᠡᠨ ᠵᠠᠷᠯᠢᠭ ᠪᠠᠭᠤᠯᠭᠠᠪᠠ᠁ ᠃ ᠴᠢᠩᠭᠢᠰ ᠬᠠᠭᠠᠨ ᠡᠨᠡᠬᠦ ᠮᠡᠳᠡᠭᠦᠯᠦᠯᠲᠡ ᠶ᠋ᠢ ᠰᠣᠨᠣᠰᠤᠭᠠᠳ ᠶᠡᠬᠡ ᠦᠨᠡᠮᠰᠢᠵᠦ ᠪᠣᠳᠣᠯ᠎ᠠ᠃ ᠲᠡᠭᠡᠭᠡᠳ ᠲᠡᠷᠡ《ᠰᠤᠮᠤ ᠮᠡᠲᠦ ᠲᠦᠷᠭᠡᠨ》 ᠬᠣᠶᠠᠷ ᠡᠯᠴᠢ ᠶ᠋ᠢ ᠳᠠᠷᠤᠢ ᠲᠦᠷᠭᠡᠨ ᠮᠣᠷᠳᠠᠭᠤᠯᠬᠤ ᠪᠠᠷ ᠵᠠᠷᠯᠢᠭᠳᠠᠵᠠᠢ᠃ ᠨᠢᠭᠡ ᠶ᠋ᠢ ᠨᠢ ᠬᠣᠷᠧᠰᠮ ᠦ᠋ᠨ ᠵᠦᠭ ᠲᠣᠮᠢᠯᠠᠭᠠᠳ᠂ ᠪᠦᠬᠦ ᠴᠡᠷᠢᠭ ᠢ᠋ ᠵᠢᠯᠣᠭᠣᠳᠬᠤ ᠬᠠᠮᠤᠭ ᠳᠡᠭᠡᠳᠦ ᠡᠷᠬᠡ ᠶ᠋ᠢ ᠥᠭᠡᠳᠡᠢ ᠳ᠋ᠦ᠍ ᠲᠤᠰᠢᠶᠠᠵᠤ᠂ ᠬᠣᠶᠠᠷ ᠠᠬ᠎ᠠ ᠨᠢ ᠲᠡᠭᠦᠨ ᠳ᠋ᠦ᠍ ᠵᠠᠬᠢᠷᠤᠭᠳᠠᠬᠤ ᠪᠠᠷ ᠵᠠᠷᠯᠠᠪᠠ᠃ ᠬᠡᠨ ᠠᠯᠢᠨ ᠴᠤ᠌ ᠴᠢᠩᠭᠢᠰ ᠬᠠᠭᠠᠨ ᠤ᠋ ᠵᠠᠷᠯᠢᠭ ᠡᠴᠡ ᠵᠥᠷᠢᠴᠡᠭᠰᠡᠨ ᠦᠭᠡᠢ᠂ ᠵᠥᠴᠢ ᠪᠣᠯᠤᠨ ᠴᠠᠭᠠᠲᠠᠢ ᠬᠣᠶᠠᠭᠤᠯᠠ ᠡᠢᠮᠦ ᠢᠴᠢᠭᠦᠷᠢ ᠲᠡᠢ ᠪᠣᠯᠤᠭᠰᠠᠨ ᠳ᠋ᠤ᠌ ᠳᠣᠲᠣᠷ᠎ᠠ ᠪᠠᠨ ᠠᠭᠤᠷᠯᠠᠭᠰᠠᠨ ᠪᠣᠯᠪᠠᠴᠤ ᠳᠠᠭᠤᠨ ᠭᠠᠷᠭᠠᠵᠤ ᠴᠢᠳᠠᠭᠰᠠᠨ ᠦᠭᠡᠢ ᠵᠠᠷᠯᠢᠭ ᠢ᠋ ᠳᠠᠭᠠᠪᠠ᠃ ᠥᠭᠡᠳᠡᠢ ᠶᠡᠬᠡ ᠤᠷᠠᠨ ᠠᠷᠭ᠎ᠠ ᠲᠠᠢ ᠥᠴᠦᠬᠡᠨ ᠴᠦ᠍ ᠡᠷᠬᠡ ᠰᠦᠷ ᠢ᠋ᠶ᠋ᠡᠨ ᠬᠡᠷᠡᠭᠯᠡᠭᠰᠡᠨ ᠦᠭᠡᠢ᠃ ᠵᠠᠷᠢᠮ ᠳ᠋ᠠᠭᠠᠨ ᠡᠭᠦᠨ ᠡᠴᠡ ᠨᠢ ᠪᠠᠰᠠ ᠵᠠᠷᠢᠮ ᠳ᠋ᠠᠭᠠᠨ ᠨᠥᠭᠦᠭᠡ ᠡᠴᠡ ᠨᠢ ᠰᠠᠨᠠᠯ ᠠᠰᠠᠭᠤᠵᠤ ᠨᠡᠯᠢᠶᠡᠳ ᠬᠤᠷᠳᠤᠨ ᠢ᠋ᠶ᠋ᠠᠷ ᠵᠢᠯᠣᠭᠣᠳᠤᠯᠭ᠎ᠠ ᠪᠠᠨ ᠨᠢᠭᠡᠳᠬᠡᠵᠦ ᠴᠢᠳᠠᠭᠰᠠᠨ ᠶᠤᠮ᠃ ᠲᠡᠭᠦᠨ ᠦ᠌ ᠵᠢᠯᠣᠭᠣᠳᠤᠯᠭ᠎ᠠ ᠶ᠋ᠢᠨ ᠳᠣᠣᠷ᠎ᠠ ᠥᠷᠭᠡᠨᠴᠢ ᠶ᠋ᠢᠨ ᠳᠡᠭᠡᠳᠦ ᠤᠷᠤᠰᠬᠠᠯ ᠳ᠋ᠤ᠌ ᠠᠮᠤᠲᠠᠷᠢᠶᠠ ᠭᠣᠣᠯ ᠤ᠋ᠨ ᠤᠷᠤᠰᠬᠠᠯ ᠢ᠋ ᠵᠠᠰᠠᠨ ᠬᠤᠪᠢᠷᠠᠭᠤᠯᠵᠤ ᠡᠬᠢᠯᠡᠪᠡ᠃ 
        ᠬᠣᠶᠠᠳᠤᠭᠠᠷ《ᠰᠤᠮᠤ ᠮᠡᠲᠦ ᠲᠦᠷᠭᠡᠨ》 ᠡᠯᠴᠢ ᠨᠢ ᠺᠠᠰᠫᠢ ᠲᠠᠩᠭᠢᠰ ᠢ᠋ ᠴᠢᠭᠯᠡᠭᠡᠳ ᠳᠠᠪᠬᠢᠭᠤᠯᠵᠠᠢ᠃ ᠰᠦᠪᠡᠭᠡᠳᠡᠢ ᠪᠠᠭᠠᠲᠤᠷ ᠢ᠋ ᠳᠠᠷᠤᠢ ᠲᠦᠷᠭᠡᠨ ᠴᠢᠩᠭᠢᠰ ᠬᠠᠭᠠᠨ ᠤ᠋ ᠳᠡᠷᠭᠡᠳᠡ ᠢᠷᠡᠭᠲᠦᠨ ᠭᠡᠰᠡᠨ ᠶᠦᠮ᠃ ᠰᠦᠪᠡᠭᠡᠳᠡᠢ ᠪᠠᠰᠠ《ᠰᠤᠮᠤ ᠮᠡᠲᠦ ᠲᠦᠷᠭᠡᠨ》 ᠡᠯᠴᠢᠨ ᠦ᠌ ᠶᠠᠪᠤᠬᠤ ᠲᠠᠢ ᠠᠳᠠᠯᠢ ᠪᠠᠷ ᠲᠣᠯᠣᠭᠠᠢ ᠡᠴᠡ ᠪᠠᠨ ᠬᠥᠯ ᠳ᠋ᠡᠭᠡᠨ ᠬᠦᠷᠲᠡᠯ᠎ᠡ ᠪᠦᠷ ᠪᠦᠰᠡ ᠪᠡᠷ ᠣᠷᠢᠶᠠᠭᠠᠳ ᠡᠳᠦᠷ ᠰᠥᠨᠢ ᠢᠯᠭᠠᠯ ᠦᠭᠡᠢ ᠮᠣᠷᠳᠠᠭᠠᠳ ᠭᠠᠷᠤᠯ᠎ᠠ᠃ ᠳᠥᠴᠢ ᠡᠴᠡ ᠲᠠᠪᠢᠨ ᠺᠢᠯᠣᠮᠧᠲ᠋ᠷ ᠦ᠋ᠨ ᠦᠵᠦᠭᠦᠷ ᠲᠦ᠍ ᠮᠣᠩᠭᠣᠯ ᠴᠡᠷᠢᠭ ᠦ᠋ᠨ ᠥᠷᠲᠡᠭᠡ ᠲᠡᠭᠦᠨ ᠳ᠋ᠦ᠍ ᠬᠠᠮᠤᠭ ᠰᠠᠢᠨ ᠮᠣᠷᠢ ᠪᠡᠯᠡᠳᠬᠡᠵᠦ ᠥᠭᠴᠦ ᠪᠠᠢᠭᠰᠠᠨ ᠪᠢᠯᠡ᠃ ᠨᠢᠭᠡᠨ ᠥᠷᠲᠡᠭᠡ ᠳ᠋ᠦ᠍ ᠶᠠᠭᠤ ᠴᠤ ᠪᠣᠯᠤᠨ᠎ᠠ ᠬᠠᠰᠢ ᠶᠠᠰᠢ ᠢᠳᠡᠭᠡᠳ᠂ ᠨᠥᠭᠦᠭᠡ ᠥᠷᠲᠡᠭᠡ ᠳ᠋ᠦ᠍ ᠪᠦᠬᠦᠯᠢ ᠪᠡᠷ ᠢ᠋ᠶ᠋ᠡᠨ ᠬᠡᠳᠦᠬᠡᠨ ᠴᠠᠭ ᠤᠨᠲᠠᠭᠠᠳ ᠳᠠᠬᠢᠨ ᠮᠣᠷᠢᠨ ᠴᠢᠨᠡᠭᠡ ᠪᠡᠷ ᠳᠠᠪᠬᠢᠭᠤᠯᠳᠠᠭ ᠶᠤᠮ᠃ ᠨᠢᠭᠡᠨ ᠭᠠᠷᠠᠭ ᠤ᠋ᠨ ᠬᠣᠭᠣᠷᠣᠨᠳᠣ ᠡᠳᠦᠷ ᠰᠥᠨᠢ ᠢᠯᠭᠠᠯ ᠦᠭᠡᠢ ᠳᠣᠪᠲᠣᠯᠤᠭᠰᠠᠭᠠᠷ ᠬᠠᠭᠠᠨ ᠡᠵᠡᠨ ᠦ᠌ ᠬᠢᠨᠢ ᠪᠠᠢᠭᠰᠠᠨ ᠬᠣᠶᠠᠷ ᠮᠢᠩᠭᠠᠨ ᠺᠢᠯᠣᠮᠧᠲ᠋ᠷ ᠦ᠋ᠨ ᠠᠯᠤᠰ ᠭᠠᠵᠠᠷ ᠲᠤ ᠮᠥᠨ ᠨᠢᠭᠡ ᠯᠡ ᠭᠠᠷᠠᠭ ᠲᠤ ᠰᠢᠪᠲᠤ ᠬᠦᠷᠦᠭᠡᠳ ᠢᠷᠡᠵᠡᠢ᠃ 
        ᠴᠢᠩᠭᠢᠰ ᠬᠠᠭᠠᠨ ᠵᠦᠳᠡᠷᠡᠵᠦ ᠶᠠᠳᠠᠷᠠᠭᠠᠳ ᠲᠤᠢᠯ ᠳ᠋ᠠᠭᠠᠨ ᠬᠦᠷᠦᠭᠰᠡᠨ ᠥᠷᠯᠥᠭ ᠦ᠋ᠨ ᠢ᠋ᠶ᠋ᠡᠨ ᠢᠷᠡᠬᠦ ᠶ᠋ᠢ ᠬᠦᠯᠢᠶᠡᠵᠦ ᠪᠠᠢᠪᠠ᠃ ᠮᠣᠩᠭᠣᠯ ᠤ᠋ᠨ ᠨᠣᠶᠠᠳ ᠨᠠᠷ ᠢᠯᠠᠯᠲᠠ ᠳ᠋ᠠᠭᠠᠨ ᠪᠠᠶᠠᠷᠯᠠᠭᠠᠳ ᠬᠣᠵᠢᠮ ᠬᠣᠢᠰᠢ ᠠᠯᠢ ᠣᠷᠣᠨ ᠢ᠋ ᠬᠤᠪᠢᠶᠠᠵᠤ ᠥᠭᠬᠦ ᠪᠣᠯᠪᠠᠤ ᠭᠡᠮᠡᠨ ᠪᠤᠯᠢᠶᠠᠯᠳᠤᠵᠤ ᠪᠠᠢᠭ᠎ᠠ ᠦᠶᠡᠰ᠂ ᠴᠡᠷᠢᠭ ᠦ᠋ᠨ ᠵᠠᠩᠵᠤᠨ ᠨᠠᠷ ᠨᠢ ᠰᠥᠰᠥ ᠶᠡᠬᠡ ᠲᠡᠢ ᠰᠢᠨ᠎ᠡ ᠪᠡᠷ ᠮᠣᠷᠳᠠᠵᠤ ᠰᠦᠷ ᠠᠯᠳᠠᠷᠲᠠᠢ ᠪᠠᠢᠯᠳᠤᠭᠠᠨ ᠤ᠋ ᠭᠠᠪᠢᠶ᠎ᠠ ᠶ᠋ᠢ ᠵᠡᠭᠦᠳᠦᠯᠡᠵᠦ ᠪᠠᠢᠭ᠎ᠠ ᠦᠶ᠎ᠡ ᠳ᠋ᠦ᠍᠂ ᠴᠢᠩᠭᠢᠰ ᠬᠠᠭᠠᠨ ᠭᠠᠭᠴᠠᠭᠠᠷ ᠢ᠋ᠶ᠋ᠠᠨ ᠪᠠᠢᠳᠠᠯ ᠤ᠋ᠨ ᠰᠦᠷᠡᠬᠡᠢ ᠬᠦᠨᠳᠦ ᠴᠢᠨᠠᠷ ᠢ᠋ ᠠᠩᠬᠠᠷᠤᠭᠰᠠᠭᠠᠷ ᠪᠠᠢᠭᠰᠠᠨ ᠠ᠋ᠴᠠ ᠲᠡᠢᠮᠦ ᠪᠣᠯᠤᠭᠰᠠᠨ ᠶᠤᠮ᠃ ᠲᠡᠷᠡ ᠬᠣᠷᠢᠨ ᠲᠠᠪᠤᠨ ᠲᠦᠮᠡᠨ ᠮᠣᠩᠭᠣᠯ ᠤ᠋ᠨ ᠮᠣᠷᠢᠲᠤ ᠴᠡᠷᠢᠭ ᠢ᠋ᠶ᠋ᠡᠨ ᠳᠠᠭᠠᠭᠤᠯᠤᠭᠠᠳ ᠡᠨᠡᠬᠦ ᠤᠯᠤᠰ ᠲᠤ ᠢᠷᠡᠭᠰᠡᠨ ᠪᠠᠢᠨ᠎ᠠ᠃ ᠣᠳᠣ ᠰᠦᠪᠡᠭᠡᠳᠡᠢ ᠵᠡᠪᠡ ᠶ᠋ᠢᠨ ᠬᠠᠮᠲᠤ ᠭᠤᠷᠪᠠᠨ ᠲᠦᠮᠡᠨ ᠴᠡᠷᠢᠭ ᠨᠢ ᠥᠷᠥᠨᠡᠲᠦ ᠳ᠋ᠦ᠍ ᠪᠠᠢᠨ᠎ᠠ᠃ ᠬᠡᠦᠬᠡᠳ ᠨᠢ ᠲᠠᠪᠤᠨ ᠲᠦᠮᠡᠨ ᠴᠡᠷᠢᠭ ᠠᠪᠤᠭᠠᠳ ᠤᠮᠠᠷᠠᠲᠤ ᠵᠦᠭ ᠮᠣᠷᠳᠠᠭᠰᠠᠨ ᠪᠠᠢᠨ᠎ᠠ᠃ ᠤᠢᠭᠤᠷ ᠸᠠᠩ ᠪᠣᠯᠤᠨ ᠠᠷᠮᠠᠯᠢᠭ ᠤ᠋ᠨ ᠬᠠᠨ ᠴᠡᠷᠢᠭ ᠢ᠋ᠶ᠋ᠡᠨ ᠳᠠᠭᠠᠭᠤᠯᠤᠭᠠᠳ ᠤᠯᠤᠰ ᠲᠠᠭᠠᠨ ᠬᠠᠷᠢᠬᠤ ᠶ᠋ᠢ ᠭᠤᠶᠤᠴᠢᠯᠠᠭᠰᠠᠨ ᠪᠣᠯᠬᠣᠷ ᠴᠢᠩᠭᠢᠰ ᠬᠠᠭᠠᠨ ᠵᠥᠪᠰᠢᠶᠡᠷᠡᠭᠰᠡᠨ ᠶᠦᠮ᠃ ᠰᠠᠨᠠᠭ᠎ᠠ ᠮᠠᠭᠤᠲᠠᠢ ᠪᠥᠭᠡᠳ ᠢᠲᠡᠭᠡᠵᠦ ᠪᠣᠯᠤᠮᠠᠷ ᠦᠭᠡᠢ ᠬᠥᠮᠦᠰ ᠢ᠋ ᠰᠢᠯᠢᠳᠡᠭ ᠴᠡᠷᠢᠭ ᠦ᠋ᠨ ᠳᠣᠲᠣᠷ᠎ᠠ ᠪᠠᠨ ᠪᠠᠢᠯᠳᠤᠬᠤ ᠶ᠋ᠢ ᠬᠦᠰᠡᠬᠦ ᠦᠭᠡᠢ ᠲᠤᠯᠠ ᠲᠡᠭᠡᠭᠰᠡᠨ ᠪᠠᠢᠨ᠎ᠠ᠃ ᠡᠭᠦᠨ ᠡᠴᠡ ᠭᠠᠳᠠᠨ᠎ᠠ ᠣᠯᠠᠨ ᠪᠠᠢᠯᠳᠤᠭᠠᠨ ᠳ᠋ᠤ᠌ ᠪᠠᠰᠠ ᠨᠡᠯᠢᠶᠡᠳ ᠬᠥᠨᠥᠭᠡᠯ ᠤᠴᠠᠷᠠᠭᠰᠠᠨ ᠪᠠᠢᠵᠠᠢ᠃ ᠣᠳᠣ ᠳ᠋ᠤ᠌ ᠬᠦᠷᠲᠡᠯ᠎ᠡ ᠬᠢᠭᠰᠡᠨ ᠪᠠᠢᠯᠳᠤᠭᠠᠨ ᠨᠢ ᠶᠡᠬᠡ ᠲᠣᠭᠰᠢᠨ ᠴᠤ᠌ ᠪᠠᠢᠯ᠎ᠠ᠃ ᠣᠳᠣ ᠲᠡᠭᠦᠨ ᠦ᠌ ᠭᠠᠷ ᠳᠣᠣᠷ᠎ᠠ ᠪᠠᠢᠬᠤ ᠮᠣᠩᠭᠣᠯ ᠴᠡᠷᠢᠭ ᠨᠢ ᠠᠷᠪᠠᠨ ᠲᠦᠮᠡ ᠡᠴᠡ ᠢᠯᠡᠭᠦᠦ ᠦᠭᠡᠢ ᠪᠠᠢᠪᠠ᠃ ᠡᠭᠦᠨ ᠳ᠋ᠦ᠍ ᠲᠤᠰ ᠭᠠᠵᠠᠷ ᠡᠴᠡ ᠡᠯᠰᠡᠭᠰᠡᠨ ᠴᠡᠷᠢᠭ ᠢ᠋ ᠨᠡᠮᠡᠪᠡᠯ ᠬᠡᠮᠵᠢᠶ᠎ᠡ ᠦᠭᠡᠢ ᠣᠯᠠᠨ ᠪᠣᠯᠭᠠᠵᠤ ᠴᠢᠳᠠᠬᠤ ᠪᠣᠯᠪᠠᠴᠤ ᠪᠠᠢᠯᠳᠤᠭᠠᠨ ᠤ᠋ ᠲᠠᠢᠯᠤᠨ ᠳᠡᠢᠯᠦᠭᠳᠡᠬᠦ ᠶ᠋ᠢ ᠲᠠᠰᠤᠯᠬᠤ ᠦᠶ᠎ᠡ ᠳ᠋ᠦ᠍ ᠶᠠᠭ ᠢᠲᠡᠭᠡᠮᠵᠢᠯᠡᠵᠦ ᠪᠣᠯᠬᠤ ᠨᠢ ᠬᠠᠷᠢᠨ ᠡᠨᠡ ᠠᠷᠪᠠᠨ ᠲᠦᠮᠡᠨ ᠮᠣᠩᠭᠣᠯ ᠴᠡᠷᠢᠭ ᠶᠦᠮ᠃ 
         ᠴᠢᠩᠭᠢᠰ ᠬᠠᠭᠠᠨ ᠤ᠋ ᠡᠨᠡᠬᠦ ᠠᠷᠪᠠᠨ ᠲᠦᠮᠡᠨ ᠴᠡᠷᠢᠭ ᠦ᠋ᠨ ᠡᠮᠦᠨ᠎ᠡ᠂ ᠪᠠᠰᠠ ᠤᠯᠤᠰ ᠤ᠋ᠨ ᠬᠢᠯᠢ ᠨᠢ ᠬᠠᠮᠢᠭ᠎ᠠ ᠬᠦᠷᠬᠦ ᠶ᠋ᠢ ᠮᠡᠳᠡᠵᠦ ᠣᠯᠤᠭᠠᠳᠤᠢ ᠨᠢᠭᠡᠨ ᠶᠡᠬᠡ ᠬᠠᠭᠠᠨᠲᠤ ᠤᠯᠤᠰ ᠪᠠᠢᠵᠤ ᠪᠠᠢᠨ᠎ᠠ᠃ ᠵᠥᠴᠢ ᠵᠡᠪᠡ ᠬᠣᠶᠠᠭᠤᠯᠠ ᠬᠣᠶᠠᠷ ᠲᠦᠮᠡᠨ ᠮᠣᠷᠢᠲᠤ ᠴᠡᠷᠢᠭ ᠢ᠋ᠶ᠋ᠡᠨ ᠳᠠᠭᠠᠭᠤᠯᠤᠭᠠᠳ ᠲᠡᠷᠢᠭᠦᠨ ᠳᠠᠪᠠᠭ᠎ᠠ ᠶ᠋ᠢ ᠳᠠᠪᠠᠭᠠᠳ ᠹᠸᠷᠭᠠᠨᠠ ᠶ᠋ᠢᠨ ᠬᠥᠨᠳᠡᠢ ᠳ᠋ᠦ᠍ ᠪᠠᠭᠤᠭᠰᠠᠨ ᠡᠴᠡ ᠢᠨᠠᠭᠰᠢ᠂ ᠬᠣᠶᠠᠷ ᠵᠢᠯ ᠦ᠋ᠨ ᠲᠤᠷᠰᠢ ᠮᠣᠩᠭᠣᠯ ᠴᠡᠷᠢᠭ ᠦᠷᠭᠦᠯᠵᠢᠯᠡᠨ ᠲᠠᠰᠤᠷᠠᠯ ᠦᠭᠡᠢ ᠢᠯᠠᠯᠲᠠ ᠣᠯᠤᠭᠠᠳ ᠯᠠᠯᠤ ᠶ᠋ᠢᠨ ᠮᠥᠷᠭᠥᠯᠲᠡᠨ ᠦ᠌ ᠶᠢᠷᠲᠢᠨᠴᠦ ᠶ᠋ᠢ ᠬᠥᠷᠪᠡᠭᠦᠯᠦᠭᠰᠡᠨ ᠪᠣᠯᠪᠠᠴᠤ ᠦᠨᠡᠨᠳᠡᠭᠡᠨ ᠡᠵᠡᠯᠡᠵᠦ ᠠᠪᠤᠭᠰᠠᠨ ᠭᠠᠵᠠᠷ ᠨᠢ ᠬᠤᠷᠸᠰᠮ ᠬᠠᠭᠠᠨᠲᠤ ᠤᠯᠤᠰ ᠤ᠋ᠨ ᠵᠡᠭᠦᠨ ᠥᠨᠴᠥᠭ ᠡᠴᠡ ᠬᠡᠲᠦᠷᠡᠵᠦ ᠴᠢᠳᠠᠭᠰᠠᠨ ᠦᠭᠡᠢ᠃ ᠬᠣᠢᠲᠤ ᠲᠠᠯ᠎ᠠ ᠳ᠋ᠤ᠌ ᠥᠭᠡᠳᠡᠢ ᠴᠣᠬᠣᠮ ᠬᠤᠷᠸᠰᠮ ᠤ᠋ᠨ ᠬᠠᠭᠤᠴᠢᠨ ᠨᠤᠲᠤᠭ ᠳᠡᠪᠢᠰᠬᠡᠷ ᠢ᠋ ᠪᠠᠢᠯᠳᠤᠨ ᠳᠠᠭᠠᠭᠤᠯᠬᠤ ᠪᠠᠷ ᠣᠳᠣ ᠰᠠᠶᠢ ᠡᠬᠢᠯᠡᠭᠡᠳ ᠪᠠᠢᠨ᠎ᠠ᠃ ᠡᠮᠦᠨ᠎ᠡ ᠲᠠᠯ᠎ᠠ ᠳ᠋ᠤ᠌ ᠠᠭᠤᠯᠠᠷᠬᠠᠭ ᠣᠷᠣᠨ ᠤ᠋ ᠤᠯᠤᠰ ᠠᠹᠭᠠᠨᠢᠰᠲ᠋ᠠᠨ ᠪᠠᠢᠵᠤ ᠮᠣᠩᠭᠣᠯ ᠤ᠋ᠨ ᠨᠢᠭᠡᠨ ᠴᠡᠷᠢᠭ ᠴᠤ ᠲᠡᠨᠳᠡ ᠬᠠᠷᠠᠭᠳᠠᠭᠠᠳᠤᠢ ᠪᠢᠯᠡ ᠪᠠᠷᠠᠭᠤᠨ ᠡᠲᠡᠭᠡᠳ ᠲᠦ᠍ ᠪᠠᠢᠬᠤ ᠬᠤᠷᠠᠱᠠᠨ ᠤᠯᠤᠰ ᠲᠤ ᠰᠦᠪᠡᠭᠡᠳᠡᠢ ᠪᠣᠯᠤᠨ ᠵᠡᠪᠡ ᠶ᠋ᠢᠨ ᠴᠡᠷᠢᠭ ᠦᠳᠲᠡᠷ ᠲᠦᠷᠭᠡᠨ ᠥᠩᠭᠡᠷᠡᠭᠡᠳ ᠭᠠᠷᠤᠭᠰᠠᠨ ᠪᠣᠯᠬᠣᠷ ᠮᠣᠩᠭᠣᠯ ᠬᠥᠮᠦᠨ ᠢ᠋ ᠲᠡᠳᠡ ᠪᠠᠰᠠ ᠮᠡᠳᠡᠬᠦ ᠦᠭᠡᠢ ᠪᠠᠢᠭᠰᠠᠭᠠᠷ ᠶᠤᠮ᠃ ᠫᠧᠷᠰ ᠦ᠋ᠨ ᠣᠯᠠᠩᠬᠢ ᠬᠣᠲᠠ ᠨᠢ ᠴᠢᠩᠭᠢᠰ ᠬᠠᠭᠠᠨ ᠤ᠋ ᠨᠣᠶᠠᠷᠬᠠᠬᠤ ᠡᠷᠬᠡ ᠶ᠋ᠢ ᠮᠡᠳᠡᠷᠡᠨ ᠲᠣᠮᠢᠯᠠᠭᠰᠠᠨ ᠶᠡᠷᠦᠩᠬᠡᠢ ᠵᠠᠬᠢᠷᠤᠭᠴᠢ ᠶ᠋ᠢ ᠨᠢ ᠬᠦᠯᠢᠶᠡᠨ ᠠᠪᠤᠭᠰᠠᠨ ᠪᠣᠯᠪᠠᠴᠤ᠂ ᠡᠨᠡ ᠮᠡᠲᠦ ᠶ᠋ᠢᠨ ᠪᠠᠲᠤᠯᠠᠪᠤᠷᠢ ᠨᠢ ᠦᠨᠡᠨ ᠰᠡᠳᠬᠢᠯ ᠡᠴᠡ ᠪᠡᠨ ᠪᠠᠢᠭᠰᠠᠨ ᠶᠤᠮ ᠤᠤ᠂ ᠡᠰᠡᠬᠦᠯ᠎ᠡ ᠵᠥᠪᠬᠡᠨ ᠪᠤᠯᠢᠶᠠᠭᠳᠠᠬᠤ ᠡᠴᠡ ᠪᠠᠨ ᠬᠡᠯᠲᠦᠷᠢᠬᠦ ᠶ᠋ᠢᠨ ᠲᠥᠯᠥᠭᠡ ᠲᠦᠷ ᠴᠠᠭ ᠤ᠋ᠨ ᠠᠷᠭ᠎ᠠ ᠤᠬᠠᠭᠠᠨ ᠤ᠋ ᠲᠡᠳᠦᠢ ᠪᠠᠢᠵᠤ᠂ ᠬᠣᠵᠢᠮ ᠪᠦᠬᠦ ᠬᠦᠴᠦᠨ ᠢ᠋ᠶ᠋ᠡᠷ ᠢ᠋ᠶ᠋ᠡᠨ ᠭᠡᠳᠡᠷᠭᠦ ᠨᠣᠴᠣᠯᠳᠤᠭᠠᠳ ᠢᠷᠡᠬᠦ ᠵᠠᠯᠢᠬᠠᠢ ᠠᠷᠭ᠎ᠠ ᠪᠣᠯᠬᠤ ᠶ᠋ᠢ ᠦᠯᠦ ᠮᠡᠳᠡᠨ᠎ᠡ᠃ ᠬᠡᠷᠪᠡ ᠣᠳᠣ ᠪᠠᠭᠠᠲᠤᠷᠯᠢᠭ ᠪᠥᠭᠡᠳ ᠡᠷᠡᠰ ᠰᠢᠢᠳᠪᠦᠷᠢᠲᠦ ᠴᠢᠨᠠᠷ ᠲᠠᠢ ᠵᠧᠯᠡᠯ— ᠡᠳ᠋— ᠳ᠋ᠢᠨ ᠪᠠᠢᠯᠳᠤᠭᠲᠤᠨ ᠭᠡᠵᠦ ᠤᠷᠢᠶᠠᠯᠠᠪᠠᠯ ᠶᠡᠷᠦ ᠪᠣᠰᠤᠯᠭ᠎ᠠ ᠪᠣᠯᠵᠤ ᠪᠦᠭᠦᠳᠡᠭᠡᠷ ᠢ᠋ᠶ᠋ᠡᠨ ᠪᠣᠰᠤᠯᠴᠠᠭᠠᠳ ᠬᠡᠳᠦᠨ ᠵᠠᠭᠤᠨ ᠲᠦᠮᠡᠨ ᠴᠡᠷᠢᠭ ᠦ᠋ᠨ ᠬᠦᠴᠦ ᠪᠡᠷ ᠲᠡᠭᠦᠨ ᠲᠡᠢ ᠪᠠᠢᠯᠳᠤᠬᠤ ᠬᠡᠷᠡᠭ ᠪᠣᠯᠬᠤ ᠪᠢᠰᠢᠦ᠁᠃ ᠨᠢᠭᠡᠬᠡᠨ ᠤᠳᠠᠭᠠᠨ ᠤ᠋ ᠰᠢᠢᠳᠪᠦᠷᠢᠲᠦ ᠪᠠᠢᠯᠳᠤᠭᠠᠨ ᠳ᠋ᠤ᠌ ᠳᠡᠢᠯᠦᠭᠳᠡᠭᠡᠳ ᠢᠷᠡᠪᠡᠯ᠂ ᠬᠣᠷᠢᠨ ᠬᠡᠳᠦᠨ ᠵᠢᠯ ᠦ᠋ᠨ ᠤᠷᠲᠤ ᠬᠤᠭᠤᠴᠠᠭ᠎ᠠ ᠪᠠᠷ ᠣᠯᠤᠭᠰᠠᠨ ᠢᠯᠠᠯᠲᠠ ᠨᠢ ᠪᠦᠷ ᠦᠭᠡᠢᠰᠬᠡᠭᠳᠡᠬᠦ ᠪᠥᠭᠡᠳ ᠬᠠᠭᠠᠨᠲᠤ ᠤᠯᠤᠰ ᠨᠢ ᠰᠥᠨᠥᠭᠡᠭᠳᠡᠭᠳ ᠳᠠᠭᠤᠰᠬᠤ ᠪᠢᠰᠢᠦ᠃ ᠲᠡᠭᠦᠨ ᠶᠠᠮᠠᠷ ᠴᠤ ᠳ᠋ᠦ᠍ ᠪᠡᠯᠡᠳᠬᠡᠯ ᠴᠡᠷᠢᠭ ᠦᠭᠡᠢ᠂ ᠥᠨᠢ ᠤᠳᠠᠭᠠᠨ ᠤᠯᠠᠮᠵᠢᠯᠠᠭᠰᠠᠨ ᠴᠢᠭᠢᠷᠠᠭ ᠬᠦᠴᠦᠨ ᠢ᠋ᠶ᠋ᠡᠷ ᠨᠢᠭᠡᠳᠬᠡᠭᠰᠡᠨ ᠠᠷᠤ ᠲᠠᠯ᠎ᠠ ᠨᠢ ᠴᠦ᠍ ᠲᠡᠭᠦᠨ ᠳ᠋ᠦ᠍ ᠲᠤᠰᠠᠯᠠᠮᠵᠢ ᠣᠯᠭᠣᠬᠤ ᠴᠢᠳᠠᠯ ᠦᠭᠡᠢ᠃ ᠲᠡᠷᠡ ᠨᠢᠭᠡᠨᠲᠡ ᠪᠦᠬᠦ ᠵᠡᠪᠰᠡᠭᠲᠦ ᠴᠡᠷᠢᠭ ᠢ᠋ᠶ᠋ᠡᠨ ᠳᠠᠭᠠᠭᠤᠯᠤᠭᠠᠳ ᠢᠷᠡᠴᠢᠬᠡᠭᠰᠡᠨ ᠶᠤᠮ᠃ ᠬᠡᠷᠪᠡ ᠲᠡᠭᠦᠨ ᠦ᠌ ᠴᠡᠷᠢᠭ ᠨᠢ ᠳᠡᠢᠯᠦᠭᠳᠡᠬᠦ ᠳ᠋ᠦ᠍ ᠬᠦᠷᠪᠡᠯ ᠣᠳᠣ ᠪᠦᠬᠦ ᠦᠨᠳᠦᠰᠦᠲᠡᠨ ᠪᠦᠬᠦ ᠠᠢᠮᠠᠭ ᠤᠭᠰᠠᠭ᠎ᠠ ᠨᠢ ᠰᠠᠯᠵᠤ ᠤᠷᠪᠠᠯᠭ᠎ᠠ ᠭᠠᠷᠭᠠᠨ ᠳᠣᠲᠣᠭᠠᠳᠤ ᠶ᠋ᠢᠨ ᠲᠡᠢᠨ ᠳᠡᠭᠳᠡᠬᠦ ᠪᠣᠯᠤᠨ᠎ᠠ᠃ 
      ᠴᠢᠩᠭᠢᠰ ᠬᠠᠭᠠᠨ᠂ ᠰᠦᠪᠡᠭᠡᠳᠡᠢ ᠶ᠋ᠢ ᠳᠠᠭᠤᠳᠠᠵᠤ ᠢᠷᠡᠭᠦᠯᠦᠭᠰᠡᠨ ᠨᠢ ᠳᠠᠢᠰᠤᠨ ᠤ᠋ ᠲᠠᠯ᠎ᠠ ᠶᠠᠮᠠᠷ ᠪᠣᠯᠤᠯᠴᠠᠭ᠎ᠠ ᠲᠠᠢ ᠪᠠᠢᠬᠤ᠂ ᠶᠠᠮᠠᠷ ᠬᠡᠷᠡᠭ ᠭᠠᠷᠴᠤ ᠮᠡᠳᠡᠬᠦ ᠶ᠋ᠢ ᠲᠡᠭᠦᠨ ᠡᠴᠡ ᠠᠰᠠᠭᠤᠬᠤ ᠶ᠋ᠢᠨ ᠲᠥᠯᠥᠭᠡ ᠪᠠᠢᠵᠠᠢ᠃ ᠶᠠᠭᠠᠬᠢᠭᠠᠳ ᠭᠡᠪᠡᠯ ᠰᠦᠪᠡᠭᠡᠳᠡᠢ ᠪᠣᠯ ᠱᠠᠭ ᠢ᠋ ᠨᠡᠬᠡᠮᠵᠢᠯᠡᠭᠡᠳ ᠬᠣᠷᠧᠰᠮ ᠤᠯᠤᠰ ᠤ᠋ᠨ ᠪᠦᠬᠦ ᠭᠠᠵᠠᠷ ᠢ᠋ ᠲᠣᠭᠣᠷᠢᠵᠤ ᠳᠣᠪᠲᠣᠯᠤᠭᠰᠠᠨ ᠶᠤᠮ᠃ ᠰᠦᠪᠡᠭᠡᠳᠡᠢ ᠤᠷᠢᠳ ᠪᠠᠶᠠᠯᠢᠭ ᠬᠤᠷᠠᠱᠠᠨ ᠪᠣᠯᠤᠨ ᠬᠦᠴᠦᠷᠬᠡᠭ ᠣᠯᠠᠨ ᠬᠣᠲᠠ ᠪᠣᠭᠣᠮᠲᠠ᠂ ᠪᠠᠲᠤ ᠪᠡᠬᠢ ᠬᠣᠲᠠ ᠶ᠋ᠢᠨ ᠬᠡᠷᠡᠮ ᠢ᠋ᠶ᠋ᠡᠷ ᠲᠣᠭᠣᠷᠢᠭᠤᠯᠤᠭᠰᠠᠨ ᠶᠡᠬᠡ ᠬᠣᠲᠠ ᠶ᠋ᠢᠨ ᠲᠤᠬᠠᠢ ᠬᠡᠯᠡᠪᠡ᠃ ᠡᠨᠡᠬᠦ ᠬᠤᠷᠠᠱᠠᠨ ᠾᠧᠯᠡᠲ᠋ᠦ ᠡᠴᠡ ᠮᠧᠷᠪ ᠬᠦᠷᠲᠡᠯ᠎ᠡ᠂ ᠮᠧᠷᠪ ᠡᠴᠡ ᠨᠢᠱᠡᠫᠥ᠋ᠷ ᠬᠦᠷᠲᠡᠯ᠎ᠡ ᠥᠷᠭᠡᠨ ᠠᠭᠤᠳᠠᠮ ᠪᠠᠢᠨ᠎ᠠ᠃ ᠨᠡᠩ ᠪᠠᠷᠠᠭᠤᠨ ᠳᠠᠰᠢ ᠶᠠᠪᠤᠪᠠᠯ ᠪᠠᠷᠤᠭ ᠲᠤᠭᠤᠯᠵᠤ ᠴᠢᠳᠠᠰᠢ ᠦᠭᠡᠢ ᠳᠠᠪᠤᠰᠤᠨ ᠴᠢᠨᠠᠷ ᠲᠠᠢ ᠠᠲᠠᠷ ᠲᠠᠯ᠎ᠠ ᠪᠣᠯᠤᠨ᠎ᠠ᠃ ᠣᠯᠠᠨ ᠰᠠᠭᠤᠭᠠᠯᠢ ᠠᠷᠠᠳ ᠲᠠᠢ ᠪᠠᠶᠠᠯᠢᠭ ᠪᠥᠭᠡᠳ ᠬᠥᠮᠦᠨ ᠠᠮᠠ ᠪᠠᠷ ᠣᠯᠠᠨ ᠪᠣᠯᠬᠤ ᠬᠣᠶᠠᠳᠤᠭᠠᠷ ᠭᠠᠵᠠᠷ ᠣᠷᠣᠨ ᠨᠢ ᠫᠧᠷᠰ ᠢᠷᠠᠺ ᠪᠣᠯᠤᠨ ᠠᠵᠢᠮᠢ ᠢᠷᠠᠺ ᠲᠤ ᠬᠦᠷᠬᠦ ᠭᠡᠪᠡᠯ ᠳᠡᠭᠡᠷ᠎ᠡ ᠳᠤᠷᠠᠳᠤᠭᠰᠠᠨ ᠠᠲᠠᠷ ᠲᠠᠯ᠎ᠠ ᠶ᠋ᠢᠨ ᠬᠥᠪᠡᠭᠡᠨ ᠳ᠋ᠡᠬᠢ ᠬᠠᠯᠴᠠᠭᠠᠢ ᠠᠭᠤᠯᠠ ᠶ᠋ᠢ ᠳᠠᠪᠠᠭᠠᠳ ᠤᠳᠠᠭᠠᠨ ᠡᠳᠦᠷ ᠶᠠᠪᠤᠬᠤ ᠦᠭᠡᠢ ᠪᠡᠷ ᠪᠣᠯᠬᠤ ᠦᠭᠡᠢ᠃  
      《ᠯᠠᠯᠤ ᠶ᠋ᠢᠨ ᠮᠥᠷᠭᠥᠯᠲᠡᠨ ᠦ᠌ ᠴᠡᠷᠢᠭ ᠠᠩᠭᠢ ᠨᠢ ᠲᠡᠨᠳᠡ ᠡᠴᠡ ᠪᠡᠨ ᠬᠤᠷᠠᠱᠠᠨ ᠳ᠋ᠤ᠌ ᠢᠷᠡᠬᠦ ᠳ᠋ᠡᠭᠡᠨ ᠬᠡᠳᠦᠢ ᠡᠳᠦᠷ ᠶᠠᠪᠤᠬᠤ ᠪᠣᠢ?》 ᠭᠡᠵᠦ ᠴᠢᠩᠭᠢᠰ ᠬᠠᠭᠠᠨ ᠠᠰᠠᠭᠤᠭᠰᠠᠨ ᠳ᠋ᠤ᠌  《ᠬᠠᠯᠠᠭᠤᠨ  ᠨᠠᠷᠠᠨ ᠡᠪᠡᠰᠦ ᠪᠦᠬᠦᠨ ᠢ᠋  ᠰᠢᠷᠠᠵᠤ ᠰᠢᠲᠠᠭᠠᠨ᠂ ᠭᠣᠣᠯ ᠮᠥᠷᠡᠨ ᠪᠦᠷ ᠬᠠᠲᠠᠵᠤ ᠰᠢᠷᠭᠢᠭᠰᠡᠨ ᠪᠣᠯᠬᠣᠷ ᠵᠤᠨ ᠤ᠋ ᠴᠠᠭ ᠲᠤ᠌ ᠯᠠᠯᠤ ᠶ᠋ᠢᠨ ᠮᠥᠷᠭᠥᠯᠲᠡᠨ ᠦ᠌ ᠴᠡᠷᠢᠭ   ᠢᠷᠡᠵᠦ ᠴᠢᠳᠠᠬᠤ ᠦᠭᠡᠢ᠂ ᠡᠪᠦᠯ ᠦ᠋ᠨ ᠴᠠᠭ ᠲᠤ᠌ ᠯᠠᠯᠤ ᠶ᠋ᠢᠨ ᠮᠥᠷᠭᠥᠯᠲᠡᠨ ᠦ᠌ ᠮᠣᠷᠢᠳ ᠲᠤᠭᠤᠷᠠᠢ ᠪᠠᠷ ᠢ᠋ᠶ᠋ᠠᠨ ᠴᠠᠰᠤ ᠴᠠᠪᠴᠢᠨ ᠮᠠᠯᠲᠠᠵᠤ ᠡᠪᠡᠰᠦ ᠢᠳᠡᠵᠦ ᠴᠢᠳᠠᠬᠤ ᠦᠭᠡᠢ᠃ ᠲᠡᠢᠮᠦ ᠡᠴᠡ   ᠱᠠᠭ ᠤ᠋ᠨ ᠴᠡᠷᠢᠭ ᠡᠨᠡ ᠮᠡᠲᠦ ᠶ᠋ᠢᠨ ᠴᠡᠷᠢᠭ ᠦ᠋ᠨ ᠠᠶᠠᠨ ᠬᠢᠬᠦ ᠪᠡᠷ ᠭᠣᠷᠢᠳᠠᠬᠤ  ᠪᠣᠯ ᠡᠷᠬᠡᠪᠰᠢ ᠬᠠᠪᠤᠷ᠂ ᠨᠠᠮᠤᠷ ᠤ᠋ᠨ ᠬᠣᠶᠠᠷ ᠤᠯᠠᠷᠢᠯ ᠪᠣᠯᠤᠨ᠎ᠠ᠃ ᠡᠨᠡ ᠮᠡᠲᠦ ᠶ᠋ᠢᠨ ᠠᠶᠠᠨ ᠲᠡᠢᠨ ᠢ᠋ ᠬᠢᠬᠦ ᠶ᠋ᠢᠨ ᠲᠥᠯᠥᠭᠡ ᠱᠠᠭ ᠤ᠋ᠨ   ᠴᠡᠷᠢᠭ ᠪᠤᠲᠠ ᠮᠠᠯ ᠤ᠋ᠨ ᠰᠦᠷᠦᠭ  ᠪᠣᠯᠤᠨ ᠠᠷᠪᠢᠨ ᠠᠴᠢᠶ᠎ᠠ ᠲᠠᠢ ᠲᠡᠷᠭᠡ  ᠲᠡᠮᠡᠭᠡ ᠠᠪᠴᠤ ᠶᠠᠪᠤᠬᠤ ᠦᠭᠡᠢ ᠪᠡᠷ ᠪᠣᠯᠬᠤ ᠦᠭᠡᠢ᠃ ᠭᠡᠲᠡᠯ᠎ᠡ ᠪᠢ ᠠᠵᠢᠮᠢ ᠢᠷᠡᠨ ᠳ᠋ᠦ᠍ ᠡᠨᠡ ᠮᠡᠲᠦ ᠶ᠋ᠢᠨ ᠴᠡᠷᠢᠭ ᠠᠩᠭᠢ ᠶ᠋ᠢ ᠦᠵᠡᠭᠰᠡᠨ ᠦᠭᠡᠢ》 ᠭᠡᠵᠦ ᠰᠦᠪᠡᠭᠡᠳᠡᠢ  ᠬᠠᠷᠢᠭᠤᠯᠵᠠᠢ᠃ ᠰᠦᠪᠡᠭᠡᠳᠠᠢ ᠶ᠋ᠢᠨ ᠡᠨᠡ  ᠮᠡᠳᠡᠭᠦᠯᠦᠯᠲᠡ ᠶ᠋ᠢ ᠰᠣᠨᠣᠰᠤᠭᠠᠳ ᠢᠷᠡᠭᠡᠳᠦᠢ ᠶ᠋ᠢᠨ ᠪᠠᠢᠯᠳᠤᠭᠠᠨ ᠤ᠋ ᠴᠢᠭᠯᠡᠯᠲᠡ ᠪᠡᠨ ᠲᠣᠭᠲᠠᠭᠠᠪᠠ᠃ ᠬᠣᠷᠰᠸᠮ ᠬᠠᠭᠠᠨᠲᠤ ᠤᠯᠤᠰ ᠤ᠋ᠨ ᠪᠠᠷᠠᠭᠤᠨ ᠵᠡᠭᠦᠨ ᠬᠣᠶᠠᠷ  ᠬᠡᠰᠡᠭ ᠬᠣᠭᠣᠷᠣᠨᠳᠣ ᠪᠠᠨ ᠲᠤᠰᠠᠯᠠᠯᠴᠠᠵᠤ  ᠴᠢᠳᠠᠬᠤ ᠦᠭᠡᠢ᠃ ᠰᠦᠪᠡᠭᠡᠳᠠᠢ ᠪᠠᠷᠠᠭᠤᠨ ᠭᠠᠵᠠᠷ ᠲᠤ᠌ ᠴᠡᠷᠢᠭ ᠡᠯᠰᠡᠭᠰᠡᠨ ᠪᠠᠢᠳᠠᠯ ᠢ᠋ ᠣᠯᠵᠤ ᠦᠵᠡᠭᠰᠡᠨ ᠦᠭᠡᠢ ᠭᠡᠵᠦ ᠪᠠᠢᠭ᠎ᠠ ᠡᠴᠡ  ᠦᠵᠡᠬᠦᠯ᠎ᠡ ᠵᠸᠯᠡᠯ— ᠡᠳ᠋— ᠳ᠋ᠢᠨ ᠵᠡᠭᠦᠨ ᠪᠡᠶ᠎ᠡ ᠶ᠋ᠢᠨ ᠠᠯᠢ ᠨᠢᠭᠡᠨ ᠭᠠᠵᠠᠷ ᠲᠤ᠌ ᠪᠠᠢᠬᠤ ᠨᠢ ᠰᠢᠯᠵᠢᠰᠢ ᠦᠭᠡᠢ᠂ ᠶᠡᠷᠦ ᠶ᠋ᠢᠨ ᠪᠣᠰᠤᠯᠭ᠎ᠠ ᠭᠠᠷᠪᠠᠴᠤ ᠴᠢᠩᠭᠢᠰ ᠬᠠᠭᠠᠨ ᠵᠥᠪᠬᠡᠨ  ᠠᠹᠭᠠᠨᠢᠰᠲ᠋ᠠᠨ ᠪᠣᠯᠤᠨ ᠬᠤᠷᠠᠱᠠᠨ ᠳ᠋ᠤ᠌ ᠠᠩᠬᠠᠷᠤᠯ ᠢ᠋ᠶ᠋ᠠᠨ ᠲᠠᠯᠪᠢᠪᠠᠯ ᠪᠣᠯᠴᠢᠬᠠᠬᠤ ᠶᠤᠮ᠃ ᠡᠨᠡ ᠬᠣᠶᠠᠷ ᠤᠯᠤᠰ ᠬᠡᠳᠦᠢ ᠴᠢᠭᠢᠷᠠᠭ  ᠪᠣᠯᠪᠠᠴᠤ ᠬᠢᠯᠢ ᠬᠢᠵᠠᠭᠠᠷ ᠨᠢ  ᠮᠢᠩᠭᠠᠨ ᠺᠢᠯᠣᠮᠧᠲ᠋ᠷ ᠦ᠋ᠨ ᠲᠥᠭᠥᠷᠢᠭ  ᠳᠣᠲᠣᠷ᠎ᠠ ᠪᠠᠢᠬᠤ ᠤᠴᠢᠷ ᠡᠴᠡ ᠡᠨᠡᠬᠦ ᠬᠡᠪᠴᠢᠶ᠎ᠡ ᠨᠢ ᠮᠣᠩᠭᠣᠯ ᠴᠡᠷᠢᠭ  ᠠᠮᠠᠷᠬᠠᠨ ᠢ᠋ᠶ᠋ᠠᠷ ᠪᠠᠢᠯᠳᠤᠭᠠᠨ ᠬᠢᠵᠦ ᠴᠢᠳᠠᠬᠤ ᠶᠤᠮ ᠪᠠᠢᠨ᠎ᠠ᠃ ᠬᠡᠷᠡᠭᠴᠡᠭᠡ ᠪᠦᠬᠦᠢ ᠴᠠᠭ ᠲᠤ᠌ ᠡᠯ᠎ᠡ ᠴᠡᠷᠢᠭ ᠠᠩᠭᠢ ᠨᠢ ᠬᠠᠷᠢᠯᠴᠠᠨ ᠲᠤᠰᠠᠯᠠᠯᠴᠠᠵᠤ ᠴᠢᠳᠠᠬᠤ ᠶᠤᠮ᠃ ᠡᠢᠮᠦ ᠡᠴᠡ ᠮᠣᠩᠭᠣᠯ ᠤ᠋ᠨ  ᠠᠷᠪᠠᠨ ᠲᠦᠮᠡᠨ ᠮᠣᠷᠢᠲᠤ ᠴᠡᠷᠢᠭ ᠪᠠᠢᠬᠤ ᠪᠣᠯ ᠡᠨᠳᠡ ᠵᠠᠷᠤᠵᠤ  ᠪᠠᠷᠠᠬᠤ ᠦᠭᠡᠢ᠂ ᠰᠦᠪᠡᠭᠡᠳᠠᠢ᠂ ᠵᠡᠪᠡ ᠶ᠋ᠢᠨ ᠴᠡᠷᠢᠭ ᠢ᠋ ᠲᠠᠲᠠᠵᠤ ᠠᠪᠴᠢᠷᠠᠬᠤ   ᠬᠡᠷᠡᠭ ᠴᠤ᠌ ᠦᠭᠡᠢ᠃ ᠡᠨᠡ ᠰᠢᠢᠳᠪᠦᠷᠢ ᠨᠢ ᠬᠡᠳᠦᠨ ᠵᠠᠭᠤᠨ ᠣᠨ ᠢ᠋ ᠲᠤᠭᠤᠯᠤᠭᠰᠠᠨ ᠣᠷᠣᠰ ᠤ᠋ᠨ ᠬᠤᠪᠢ ᠵᠠᠶᠠᠭ᠎ᠠ ᠶ᠋ᠢ  ᠰᠢᠢᠳᠪᠦᠷᠢᠯᠡᠵᠦ ᠡᠸᠦᠢ᠍ᠷᠦᠫᠡ ᠶ᠋ᠢᠨ ᠵᠡᠭᠦᠨ ᠡᠮᠦᠨ᠎ᠡ ᠡᠲᠡᠭᠡᠳ ᠲᠦ᠍ ᠬᠥᠨᠥᠭᠡᠯ ᠪᠣᠯᠤᠭᠠᠳ᠂ ᠪᠦᠬᠦ ᠡᠸᠦᠢ᠍ᠷᠦᠫᠡ ᠲᠢᠪ ᠦ᠋ᠨ ᠶᠡᠬᠡ ᠬᠠᠭᠤᠷᠠᠢ ᠳ᠋ᠤ᠌ ᠠᠶᠤᠯ ᠲᠦᠭᠰᠢᠭᠦᠷᠢ ᠤᠴᠠᠷᠠᠭᠰᠠᠨ ᠶᠤᠮ᠃ 
      ᠰᠦᠪᠡᠭᠡᠳᠠᠢ ᠡᠪᠦᠯ ᠦ᠋ᠨ ᠬᠤᠭᠤᠴᠠᠭᠠᠨ ᠳ᠋ᠤ᠌ ᠠᠽᠢᠶ᠎ᠠ ᠶ᠋ᠢᠨ ᠪᠠᠷᠠᠭᠤᠨᠳᠠᠬᠢ ᠣᠯᠠᠨ  ᠤᠯᠤᠰ ᠢ᠋  ᠭᠡᠲᠦᠯᠦᠭᠡᠳ᠂ ᠥᠪᠡᠷ ᠦ᠋ᠨ ᠣᠷᠴᠢᠨ ᠲᠣᠭᠣᠷᠢᠨ ᠤ᠋ ᠪᠠᠢᠳᠠᠯ ᠢ᠋ ᠰᠠᠢᠲᠤᠷ ᠦᠵᠡᠵᠦ ᠠᠩᠬᠠᠷᠤᠭᠰᠠᠨ ᠪᠠᠢᠯ᠎ᠠ᠃ ᠲᠡᠷᠡ ᠪᠠᠰᠠ ᠬᠣᠰᠢᠭᠤᠴᠢ ᠲᠠᠩᠨᠠᠭᠤᠯ ᠢ᠋ᠶ᠋ᠠᠨ ᠠᠽᠧᠷᠪᠠᠢᠵᠠᠨ᠂ ᠺᠦᠷᠺᠢᠰᠲ᠋ᠠᠨ᠂ ᠬᠢᠣ᠌ᠷᠬᠢᠶ᠎ᠡ ᠳ᠋ᠦ᠍ ᠲᠣᠮᠢᠯᠠᠵᠤ ᠪᠠᠢᠯ᠎ᠠ᠃ ᠮᠦᠬᠠᠮᠧᠳ᠋᠂ ᠱᠠᠭ ᠤ᠋ᠨ ᠣᠷᠣᠵᠤ ᠥᠭᠭᠦᠭᠰᠡᠨ ᠠᠷᠠᠯ ᠤ᠋ᠨ ᠴᠢᠨᠠᠳᠤ ᠲᠠᠯ᠎ᠠ ᠳ᠋ᠤ᠌ ᠥᠨᠳᠥᠷ ᠠᠭᠤᠯᠠ ᠰᠦᠷᠯᠢᠭ ᠢ᠋ᠶ᠋ᠡᠷ ᠰᠦᠨᠳᠡᠷᠯᠡᠵᠦ ᠪᠠᠢᠯ᠎ᠠ᠃ ᠴᠠᠪᠴᠢᠮ᠎ᠠ ᠠᠰᠬ᠎ᠠ ᠶ᠋ᠢ ᠨᠢ ᠳᠠᠪᠠᠪᠠᠯ ᠴᠢᠷᠠᠢ ᠨᠢ ᠭᠣᠵᠣᠭᠣᠷ ᠴᠠᠭᠠᠨ᠂ ᠰᠢᠷ᠎ᠠ ᠦᠰᠦ᠂ ᠬᠥᠬᠡ ᠨᠢᠳᠦ ᠲᠡᠢ ᠬᠥᠮᠦᠰ ᠦ᠋ᠨ ᠤᠯᠤᠰ ᠲᠤ ᠬᠦᠷᠴᠦ ᠴᠢᠳᠠᠬᠤ ᠶᠤᠮ᠃ ᠡᠭᠦᠨ ᠦ᠌ ᠲᠤᠬᠠᠢ ᠬᠢᠪᠴᠠᠭ ᠤ᠋ᠨ ᠰᠠᠭᠤᠭᠠᠯᠢ ᠠᠷᠠᠳ ᠤ᠋ᠨ ᠬᠡᠯᠡᠭᠰᠡᠨ  ᠨᠢ ᠲᠡᠳᠡ ᠪᠠᠷᠠᠭᠤᠨ ᠲᠠᠯ᠎ᠠ ᠳ᠋ᠠᠬᠢ ᠬᠥᠮᠦᠨ ᠯᠦ᠍ᠭᠡ ᠠᠳᠠᠯᠢ ᠶᠠᠰᠤᠲᠠᠨ ᠪᠣᠯᠬᠤ ᠨᠢ ᠰᠢᠯᠵᠢᠰᠢ ᠦᠭᠡᠢ᠃ ᠤᠴᠢᠷ ᠡᠢᠮᠦ ᠡᠴᠡ ᠡᠨᠡᠬᠦ ᠳᠠᠯᠠᠢ ᠶ᠋ᠢ ᠲᠣᠭᠣᠷᠢᠪᠠᠯ ᠬᠢᠪᠴᠠᠭ ᠤ᠋ᠨ ᠰᠠᠷᠠᠭᠤᠯ ᠲᠠᠯ᠎ᠠ ᠶ᠋ᠢ ᠭᠡᠲᠦᠯᠦᠭᠡᠳ ᠮᠣᠩᠭᠣᠯ ᠳ᠋ᠠᠭᠠᠨ ᠬᠠᠷᠢᠵᠤ ᠴᠢᠳᠠᠬᠤ ᠴᠤ᠌ ᠮᠠᠭᠠᠳ᠃  ᠰᠦᠪᠡᠭᠡᠳᠡᠢ ᠪᠣᠯᠤᠨ ᠵᠡᠪᠡ ᠬᠣᠶᠠᠭᠤᠯᠠ ᠡᠨᠡ ᠠᠶᠠᠨ ᠳ᠋ᠤ᠌ ᠮᠣᠷᠳᠠᠬᠤ ᠳᠤᠷᠠᠲᠠᠢ ᠪᠠᠢᠭᠰᠠᠨ ᠪᠥᠭᠡᠳ ᠡᠨᠡᠬᠦ ᠲᠠᠷᠢᠬᠢ ᠶ᠋ᠢ ᠨᠢ ᠬᠠᠯᠠᠭᠤ ᠣᠷᠭᠢᠭᠤᠯᠵᠤ ᠪᠠᠢᠭᠰᠠᠨ ᠶᠤᠮ᠃ ᠡᠳᠡᠨ ᠦ᠌ ᠬᠦᠰᠡᠯ ᠢ᠋ ᠪᠤᠷᠤᠭᠤᠰᠢᠶᠠᠬᠤ ᠰᠢᠯᠲᠠᠭᠠᠨ ᠭᠡᠵᠦ ᠴᠢᠩᠭᠢᠰ ᠬᠠᠭᠠᠨ ᠳ᠋ᠤ᠌ ᠣᠭᠲᠣ ᠦᠭᠡᠢ ᠪᠠᠢᠵᠠᠢ᠃ ᠴᠢᠩᠭᠢᠰ ᠬᠠᠭᠠᠨ ᠤ᠋ ᠡᠷᠭᠦᠮᠵᠢᠯᠡᠭᠰᠡᠨ ᠨᠤᠲᠤᠭ ᠳᠡᠪᠢᠰᠬᠡᠷ ᠪᠣᠯᠬᠤ《ᠮᠣᠩᠭᠣᠯ ᠮᠣᠷᠢᠨ ᠤ᠋ ᠲᠤᠭᠤᠷᠠᠢ ᠬᠦᠷᠴᠦ ᠴᠢᠳᠠᠬᠤ ᠭᠠᠵᠠᠷ ᠪᠦᠬᠦᠨ》 ᠡᠷᠴᠢᠰ ᠭᠣᠣᠯ ᠤ᠋ᠨ ᠪᠠᠷᠠᠭᠤᠨᠳᠠᠬᠢ ᠶᠢᠷᠲᠢᠨᠴᠦ ᠶ᠋ᠢᠨ ᠣᠯᠠᠨ ᠤᠯᠤᠰ ᠢ᠋ ᠵᠥᠴᠢ ᠳ᠋ᠦ᠍ ᠥᠭᠭᠦᠭᠰᠡᠨ ᠶᠤᠮ᠃ ᠤᠴᠢᠷ ᠡᠢᠮᠦ ᠡᠴᠡ ᠡᠨᠡᠬᠦ ᠲᠠᠩᠭᠢᠰ ᠤ᠋ᠨ ᠴᠢᠨᠠᠳᠤᠬᠢ ᠨᠤᠲᠤᠭ ᠳᠡᠪᠢᠰᠬᠡᠷ ᠪᠣᠯ ᠵᠥᠴᠢ ᠶ᠋ᠢᠨ ᠬᠠᠷᠢᠶᠠᠨ ᠤ᠋ ᠭᠠᠵᠠᠷ ᠪᠣᠯᠬᠤ ᠶᠣᠰᠣᠲᠠᠢ᠃ ᠲᠡᠭᠦᠨ ᠦ᠌ ᠵᠡᠷᠭᠡᠯᠡᠳᠡᠭᠡ ᠬᠥᠮᠦᠰ ᠢ᠋ ᠲᠠᠨᠢᠵᠤ ᠠᠪᠬᠤ ᠬᠡᠷᠡᠭᠴᠡᠭᠡ ᠪᠠᠢᠬᠤ ᠶᠤᠮ᠃   
      ᠲᠡᠭᠡᠭᠡᠳ ᠰᠦᠪᠡᠭᠡᠳᠡᠢ ᠲᠡᠷᠡᠬᠦ ᠠᠭᠤᠯᠠ ᠶ᠋ᠢ ᠳᠠᠪᠠᠭᠠᠳ᠂ ᠲᠡᠨᠳᠡ ᠶᠠᠮᠠᠷ ᠦᠨᠳᠦᠰᠦᠲᠡᠨ ᠰᠠᠭᠤᠵᠤ ᠪᠠᠢᠬᠤ᠂ ᠲᠡᠳᠡᠨ ᠦ᠌ ᠤᠯᠤᠰ ᠤ᠋ᠨ ᠬᠢᠴᠡ ᠬᠡᠪᠴᠢᠶ᠎ᠡ ᠨᠢ ᠬᠡᠳᠦᠢ ᠴᠢᠨᠡᠭᠡ ᠪᠠᠢᠬᠤ᠂ ᠶᠠᠮᠠᠷ ᠵᠡᠷᠭᠡ ᠶ᠋ᠢᠨ ᠴᠡᠷᠢᠭ ᠠᠩᠭᠢ ᠲᠠᠢ ᠪᠠᠢᠬᠤ ᠶ᠋ᠢ ᠮᠡᠳᠡᠬᠦ ᠪᠡᠷ ᠺᠠᠰᠫᠢ ᠶ᠋ᠢᠨ ᠲᠠᠩᠭᠢᠰ ᠤ᠋ᠨ ᠴᠢᠨᠠᠳᠤ ᠲᠠᠯ᠎ᠠ ᠳ᠋ᠤ᠌ ᠣᠴᠢᠬᠤ ᠨᠢ ᠵᠥᠪᠰᠢᠶᠡᠷᠡᠭᠳᠡᠪᠡ᠃ ᠡᠨᠡ ᠡᠭᠦᠷᠭᠡ ᠶ᠋ᠢ ᠪᠡᠶᠡᠯᠡᠭᠦᠯᠬᠦ ᠶ᠋ᠢᠨ ᠲᠥᠯᠥᠭᠡ ᠴᠢᠩᠭᠢᠰ ᠬᠠᠭᠠᠨ ᠭᠤᠷᠪᠠᠨ ᠵᠢᠯ ᠦ᠋ᠨ ᠬᠤᠭᠤᠴᠠᠭ᠎ᠠ ᠥᠭᠴᠦ ᠺᠠᠰᠫᠢ ᠶ᠋ᠢᠨ ᠲᠠᠩᠭᠢᠰ ᠤ᠋ᠨ ᠠᠷᠤ ᠳ᠋ᠠᠬᠢ ᠰᠠᠷᠠᠭᠤᠯ ᠲᠠᠯ᠎ᠠ ᠶ᠋ᠢ ᠳᠡᠮᠵᠢᠵᠦ ᠮᠣᠩᠭᠣᠯ ᠤᠯᠤᠰ ᠲᠠᠭᠠᠨ ᠪᠤᠴᠠᠬᠤ ᠪᠠᠷ ᠵᠠᠷᠯᠢᠭ ᠪᠠᠭᠤᠯᠭᠠᠪᠠ᠃ ᠰᠦᠪᠡᠭᠡᠳᠡᠢ ᠡᠷᠭᠢᠵᠦ ᠮᠣᠷᠢᠨ ᠳ᠋ᠠᠭᠠᠨ ᠮᠣᠷᠳᠠᠭᠠᠳ ᠬᠣᠶᠠᠷ ᠭᠠᠷᠠᠭ ᠤ᠋ᠨ ᠬᠣᠢᠨ᠎ᠠ ᠴᠡᠷᠢᠭ ᠦ᠋ᠨ ᠬᠦᠷᠢᠶ᠎ᠡ ᠳ᠋ᠡᠭᠡᠨ ᠬᠦᠷᠴᠡᠢ᠃   

         ( ᠳᠥᠷᠪᠡ) ᠰᠥᠨᠥᠭᠡᠬᠦ ᠪᠠᠢᠯᠳᠤᠭᠠᠨ ᠤ᠋ ᠡᠬᠢᠯᠡᠯᠲᠡ     

      ᠵᠧᠯᠡᠯ— ᠡᠳ᠋— ᠳ᠋ᠢᠨ· ᠮᠦᠬᠠᠮᠧᠳ᠋ ᠦᠨᠡᠨ ᠳ᠋ᠡᠭᠡᠨ ᠬᠣᠷᠧᠰᠮ ᠬᠠᠭᠠᠨᠲᠤ ᠤᠯᠤᠰ ᠤ᠋ᠨ ᠵᠡᠭᠦᠨ ᠬᠡᠰᠡᠭ ᠲᠦ᠍ ᠪᠠᠢᠭᠰᠠᠨ ᠠᠵᠢ᠃ ᠠᠹᠭᠠᠨᠢᠰᠲ᠋ᠠᠨ ᠤ᠋ ᠠᠭᠤᠯᠠᠨ ᠳᠣᠲᠣᠷᠠᠬᠢ ᠺᠡᠰᠨᠢ ᠣᠷᠴᠢᠮ ᠮᠣᠩᠭᠣᠯ ᠴᠡᠷᠢᠭ ᠲᠡᠢ ᠪᠠᠢᠯᠳᠤᠬᠤ ᠶ᠋ᠢᠨ ᠲᠥᠯᠥᠭᠡ ᠴᠡᠷᠢᠭ ᠠᠩᠭᠢ ᠪᠠᠨ ᠴᠤᠭᠯᠠᠭᠤᠯᠵᠤ ᠪᠠᠢᠵᠠᠢ᠃ 
        ᠴᠢᠩᠭᠢᠰ ᠬᠠᠭᠠᠨ ᠤ᠋ ᠵᠥᠩᠨᠡᠵᠦ ᠪᠣᠳᠣᠭᠰᠠᠨ ᠶᠣᠰᠣᠭᠠᠷ ᠴᠠᠭ ᠤ᠋ᠨ ᠪᠠᠢᠳᠠᠯ ᠬᠥᠭᠵᠢᠵᠦ ᠪᠠᠢᠭᠰᠠᠨ ᠶᠤᠮ᠃ ᠤᠷᠪᠠᠯᠭ᠎ᠠ ᠪᠦᠬᠦ ᠤᠯᠤᠰ ᠳᠠᠶᠠᠭᠠᠷ ᠥᠷᠨᠢᠯ᠎ᠡ᠃ ᠡᠯ᠎ᠡ ᠮᠣᠵᠢ᠂ ᠡᠯ᠎ᠡ ᠬᠣᠲᠠᠨ ᠳ᠋ᠤ᠌ ᠪᠦᠷ ᠴᠡᠷᠢᠭ ᠲᠡᠢ ᠪᠣᠯᠤᠭᠰᠠᠨ ᠪᠥᠭᠡᠳ ᠱᠠᠰᠢᠨ ᠤ᠋ ᠬᠠᠭᠠᠨ ᠮᠦᠬᠠᠮᠧᠳ᠋ ᠦ᠋ᠨ ᠣᠷᠣ ᠶ᠋ᠢ ᠵᠠᠯᠭᠠᠮᠵᠢᠯᠠᠭᠴᠢ ᠶ᠋ᠢ ᠵᠥᠪᠰᠢᠶᠡᠷᠡᠭᠰᠡᠨ ᠪᠢᠯᠡ᠃ ᠯᠠᠯᠤ ᠶ᠋ᠢᠨ ᠮᠥᠷᠭᠥᠯᠲᠡᠨ ᠦ᠌ ᠠᠬᠠᠮᠠᠳ ᠪᠤᠶᠤ ᠯᠠᠮᠠ ᠨᠠᠷ ᠪᠣᠯ ᠤᠭ ᠲᠠᠭᠠᠨ ᠡᠵᠡᠨ ᠬᠠᠭᠠᠨ ᠤ᠋ ᠲᠥᠷᠥ ᠪᠤᠯᠢᠶᠠᠯᠳᠤᠬᠤ ᠳ᠋ᠤ᠌ ᠬᠠᠯᠳᠠᠬᠤ ᠦᠭᠡᠢ᠂ ᠬᠡᠵᠢᠶ᠎ᠡ ᠴᠦ᠍ ᠳᠡᠢᠯᠦᠭᠰᠡᠨ ᠡᠲᠡᠭᠡᠳ ᠢ᠋ ᠡᠵᠡᠨ ᠬᠠᠭᠠᠨ ᠭᠡᠵᠦ ᠵᠥᠪᠰᠢᠶᠡᠷᠡᠵᠦ ᠪᠠᠢᠭᠰᠠᠨ ᠶᠤᠮ᠃ ᠲᠡᠳᠡᠨᠡᠷ ᠮᠦᠬᠠᠮᠧᠳ᠋ ᠱᠠᠭ ᠤ᠋ᠨ ᠬᠠᠷᠭᠢᠰ ᠵᠠᠰᠠᠭ ᠤ᠋ᠨ ᠳᠣᠣᠷ᠎ᠠ ᠳᠠᠷᠤᠯᠠᠭᠳᠠᠵᠤ ᠪᠠᠢᠭᠰᠠᠨ ᠪᠣᠯᠬᠣᠷ ᠬᠤᠯᠠᠨ ᠨᠣᠮ ᠳ᠋ᠤᠨᠢ ᠰᠦᠰᠦᠭ ᠪᠢᠰᠢᠷᠡᠯ ᠦᠭᠡᠢ ᠨᠣᠬᠠᠢ ᠲᠠᠢ ᠲᠡᠮᠡᠴᠡᠲᠦᠭᠡᠢ ᠭᠡᠵᠦ ᠪᠢᠴᠢᠵᠦ ᠪᠠᠢᠭᠰᠠᠨ ᠪᠣᠯᠪᠠᠴᠤ ᠴᠢᠩᠭᠢᠰ ᠬᠠᠭᠠᠨ ᠤ᠋ ᠱᠠᠰᠢᠨ ᠰᠤᠷᠲᠠᠬᠤᠨ ᠳ᠋ᠤ᠌ ᠬᠠᠯᠳᠠᠬᠤ ᠦᠭᠡᠢ ᠯᠡ ᠪᠣᠯ ᠲᠡᠭᠦᠨ ᠯᠦ᠍ᠭᠡ ᠬᠠᠮᠲᠤᠷᠠᠵᠤ ᠪᠠᠢᠬᠤ ᠭᠡᠰᠡᠨ ᠶᠤᠮ᠃ ᠭᠡᠲᠡᠯ᠎ᠡ ᠴᠢᠩᠭᠢᠰ ᠬᠠᠭᠠᠨ ᠬᠠᠷᠢᠨ ᠡᠯ᠎ᠡ ᠱᠠᠰᠢᠨ ᠰᠤᠷᠲᠠᠬᠤᠨ ᠡᠷᠬᠡ ᠲᠡᠭᠰᠢ ᠭᠡᠰᠡᠨ ᠠᠭᠤᠳᠠᠮ ᠲᠥᠷᠥ ᠶ᠋ᠢᠨ ᠪᠣᠳᠣᠯᠭ᠎ᠠ ᠶ᠋ᠢ ᠠᠪᠤᠭᠰᠠᠨ ᠡᠴᠡ ᠯᠠᠯᠤ ᠶ᠋ᠢᠨ ᠱᠠᠰᠢᠨ ᠢ᠋ ᠭᠠᠯᠵᠠᠭᠤᠷᠠᠨ ᠰᠢᠲᠦᠵᠦ ᠪᠠᠢᠭᠰᠠᠨ ᠬᠥᠮᠦᠰ ᠲᠦ᠍ ᠰᠡᠷᠡᠯᠲᠡ ᠥᠭᠴᠦ᠂ ᠮᠣᠩᠭᠣᠯᠴᠤᠳ ᠤ᠋ᠨ ᠪᠤᠯᠢᠶᠠᠵᠤ ᠳᠡᠭᠡᠷᠡᠮᠳᠡᠬᠦ ᠶᠠᠪᠤᠳᠠᠯ ᠪᠠ ᠬᠠᠷᠭᠢᠰ ᠠᠵᠢᠯᠯᠠᠭ᠎ᠠ ᠨᠢ ᠲᠡᠳᠡᠨ ᠳ᠋ᠦ᠍ ᠲᠠᠪᠠ ᠦᠭᠡᠢ ᠰᠠᠨᠠᠭᠳᠠᠪᠠ᠃ ᠡᠭᠦᠨ ᠦ᠌ ᠳᠡᠭᠡᠷ᠎ᠡ ᠪᠠᠭᠠᠲᠤᠷ ᠵᠣᠷᠢᠭ ᠲᠠᠢ᠂ ᠴᠢᠳᠠᠪᠤᠷᠢ ᠰᠠᠢᠲᠠᠢ ᠯᠠᠯᠤ ᠶ᠋ᠢᠨ ᠱᠠᠰᠢᠨ ᠢ᠋ ᠰᠢᠲᠦᠭᠴᠢ ᠵᠠᠯᠠᠭᠤ ᠵᠧᠯᠡᠯ— ᠡᠳ᠋— ᠳ᠋ᠢᠨ· ᠮᠦᠬᠠᠮᠧᠳ᠋· ᠱᠠᠭ ᠤ᠋ᠨ ᠤᠯᠤᠰ ᠠᠷᠠᠳ ᠲᠠᠭᠠᠨ ᠠᠷᠢᠭᠤᠨ ᠲᠡᠢᠨ ᠶᠠᠪᠤᠭᠤᠯᠬᠤ ᠶ᠋ᠢ ᠤᠷᠢᠶᠠᠯᠠᠭᠰᠠᠨ ᠪᠣᠯᠬᠣᠷ ᠪᠦᠭᠦᠳᠡᠭᠡᠷ ᠢ᠋ᠶ᠋ᠡᠨ ᠳᠠᠭᠠᠵᠤ᠂ ᠯᠠᠯᠤ ᠶ᠋ᠢᠨ ᠱᠠᠰᠢᠨ ᠢ᠋ᠶ᠋ᠠᠨ ᠬᠠᠮᠠᠭᠠᠯᠠᠬᠤ ᠪᠠᠷ ᠪᠣᠰᠤᠯᠴᠠᠭᠰᠠᠨ ᠠᠵᠢ᠃ 
      ᠵᠦᠭ ᠪᠦᠷᠢ ᠡᠴᠡ ᠮᠣᠩᠭᠣᠯᠴᠤᠳ ᠤ᠋ᠨ ᠲᠣᠮᠢᠯᠠᠭᠰᠠᠨ ᠶᠡᠷᠦᠩᠬᠡᠢ ᠵᠠᠬᠢᠷᠤᠭᠴᠢ ᠪᠠ ᠠᠯᠪᠠᠨ ᠨᠣᠶᠠᠳ ᠢ᠋ ᠰᠡᠮᠡᠬᠡᠷ  ᠠᠯᠠᠵᠤ ᠡᠬᠢᠯᠡᠭᠰᠡᠨ ᠪᠥᠭᠡᠳ ᠲᠡᠳᠡᠨ ᠦ᠌ ᠨᠠᠮ ᠪᠦᠯᠦᠭ ᠦ᠋ᠨ ᠬᠥᠮᠦᠰ ᠢ᠋  ᠨᠢ  ᠬᠢᠳᠤᠵᠤ ᠠᠯᠠᠬᠤ᠂ ᠴᠥᠭᠡᠨ  ᠲᠣᠭ᠎ᠠ ᠲᠠᠢ ᠮᠣᠩᠭᠣᠯ ᠤ᠋ᠨ ᠬᠠᠷᠠᠭᠤᠯ ᠤ᠋ᠨ ᠴᠡᠷᠢᠭ ᠢ᠋ ᠳᠠᠭᠠᠷᠢᠨ ᠴᠣᠬᠢᠬᠤ᠂ ᠡᠯ᠎ᠡ  ᠬᠣᠲᠠᠨ ᠳ᠋ᠤ᠌ ᠤᠷᠪᠠᠯᠭ᠎ᠠ ᠭᠠᠷᠴᠤ ᠪᠠᠢᠬᠤ ᠮᠡᠳᠡᠭᠦᠯᠦᠯᠲᠡ  ᠳᠡᠭᠡᠷ᠎ᠡ ᠳᠡᠭᠡᠷ᠎ᠡ ᠪᠡᠨ ᠬᠦᠷᠴᠦ ᠢᠷᠡᠯ᠎ᠡ᠃  
      ᠤᠷᠪᠠᠯᠭ᠎ᠠ ᠭᠠᠷᠤᠭᠰᠠᠨ ᠬᠠᠮᠤᠭ ᠤ᠋ᠨ ᠡᠬᠢᠨ ᠦ᠌ ᠴᠢᠮᠡᠭᠡ ᠢᠷᠡᠮᠡᠭᠴᠡ᠂ ᠴᠢᠩᠭᠢᠰ ᠬᠠᠭᠠᠨ ᠤᠳᠬᠤᠨ ᠬᠥᠪᠡᠭᠦᠨ ᠲᠤᠯᠤᠢ ᠳ᠋ᠠᠭᠠᠨ ᠮᠣᠩᠭᠣᠯ ᠴᠡᠷᠢᠭ ᠦ᠋ᠨ ᠢ᠋ᠶ᠋ᠡᠨ ᠬᠠᠭᠠᠰ ᠢ᠋ ᠳᠠᠭᠠᠭᠤᠯᠤᠨ ᠬᠤᠷᠠᠱᠠᠡ ᠵᠦᠭ ᠮᠣᠷᠳᠠᠭᠤᠯᠪᠠ᠃ ᠲᠡᠷᠡ ᠪᠠᠢᠯᠳᠤᠨ ᠳᠠᠭᠠᠭᠤᠯᠬᠤ ᠶ᠋ᠢᠨ ᠲᠥᠯᠥᠭᠡ ᠮᠣᠷᠳᠠᠭᠰᠠᠨ ᠪᠢᠰᠢ᠃ ᠪᠠᠭᠤᠵᠤ ᠥᠭᠬᠦ ᠶ᠋ᠢ ᠱᠠᠭᠠᠷᠳᠠᠬᠤ ᠶ᠋ᠢᠨ ᠲᠥᠯᠥᠭᠡ ᠮᠣᠷᠳᠠᠭᠰᠠᠨ ᠴᠤ᠌ ᠪᠢᠰᠢ᠃  ᠲᠤᠯᠤᠢ ᠴᠣᠷ ᠤ᠋ᠨ ᠭᠠᠭᠴᠠ ᠵᠠᠷᠯᠢᠭ ᠢ᠋ ᠬᠦᠯᠢᠶᠡᠭᠰᠡᠨ ᠨᠢ:  
  《ᠰᠥᠨᠥᠭᠡᠭᠲᠦᠨ》ᠭᠡᠰᠡᠨ ᠵᠠᠷᠯᠢᠭ ᠶᠤᠮ ᠪᠠᠢᠨ᠎ᠠ᠃ 
      ᠡᠭᠦᠨ ᠡᠴᠡ ᠬᠣᠵᠢᠮ ᠤ᠋ᠨ ᠭᠠᠷᠤᠭᠰᠠᠨ ᠬᠡᠷᠡᠭ ᠪᠣᠯ ᠰᠠᠢᠲᠤᠷ ᠵᠡᠪᠰᠡᠭᠯᠡᠭᠰᠡᠨ ᠪᠥᠭᠡᠳ ᠲᠡᠮᠦᠷ ᠮᠡᠲᠦ ᠰᠠᠬᠢᠯᠭ᠎ᠠ ᠪᠠᠲᠤ ᠲᠠᠢ ᠠᠷᠪᠠᠨ ᠲᠦᠮᠡᠨ ᠮᠣᠩᠭᠣᠯ ᠴᠡᠷᠢᠭ  ᠪᠣᠯᠤᠨ ᠳᠠᠢᠰᠤᠩᠨᠠᠬᠤ ᠰᠡᠳᠬᠢᠯ ᠲᠡᠢ ᠭᠠᠯᠵᠠᠭᠤ  ᠪᠢᠰᠢᠷᠡᠯ ᠲᠡᠢ ᠪᠣᠯᠪᠠᠴᠤ ᠰᠠᠬᠢᠯᠭ᠎ᠠ ᠪᠠᠲᠤ ᠪᠠ ᠪᠦᠯᠬᠦᠮᠳᠡᠯ ᠢ᠋ᠶ᠋ᠡᠷ ᠮᠠᠭᠤ᠂ ᠳᠡᠢᠯᠦᠭᠰᠡᠨ ᠦᠶ᠎ᠡ ᠳ᠋ᠡᠭᠡᠨ ᠪᠠᠰᠠᠴᠤ  ᠬᠣᠣᠷᠯᠠᠨ  ᠬᠢᠳᠤᠳᠠᠭ ᠬᠥᠮᠦᠰ ᠦ᠋ᠨ ᠬᠣᠭᠣᠷᠣᠨᠳᠣᠬᠢ ᠦᠬᠦᠵᠦ ᠰᠡᠬᠡᠬᠦ ᠶ᠋ᠢᠨ ᠪᠠᠢᠯᠳᠤᠭᠠᠨ  ᠡᠭᠦᠰᠪᠡ᠃ ᠡᠨᠡ ᠪᠣᠯ ᠦᠬᠦᠵᠦ ᠳᠠᠭᠤᠰᠬᠤ ᠤᠤ᠂  ᠠᠮᠢᠳᠤᠷᠠᠵᠤ ᠦᠯᠡᠳᠡᠬᠦ ᠤᠤ ᠭᠡᠰᠡᠨ ᠲᠡᠮᠡᠴᠡᠯ ᠪᠣᠯᠤᠨ᠎ᠠ᠃ ᠲᠣᠭᠰᠢᠨ ᠰᠦᠷᠡᠬᠡᠢ ᠪᠥᠭᠡᠳ ᠠᠭᠤᠴᠢᠯᠠᠯ ᠡᠨᠡᠷᠢᠯ ᠭᠡᠵᠦ ᠣᠭᠲᠣ ᠦᠭᠡᠢ ᠪᠠᠢᠯᠳᠤᠭᠠᠨ ᠪᠠᠢᠯ᠎ᠠ᠃ ᠲᠤᠯᠤᠢ ᠶ᠋ᠢᠨ ᠳᠠᠭᠠᠭᠤᠯᠤᠭᠰᠠᠨ ᠴᠡᠷᠢᠭ ᠨᠢ ᠨᠢᠭᠡᠨ ᠭᠠᠵᠠᠷ ᠢ᠋ ᠡᠵᠡᠯᠡᠬᠦ  ᠪᠦᠷᠢ᠂ ᠨᠢᠭᠡᠨ ᠬᠣᠲᠠ ᠶ᠋ᠢ ᠡᠪᠳᠡᠬᠦ  ᠪᠦᠷᠢ ᠶᠡᠬᠡᠳᠴᠦ ᠢᠷᠡᠯ᠎ᠡ᠃ ᠲᠡᠷᠡ ᠶᠠᠮᠠᠷ ᠭᠠᠵᠠᠷ ᠲᠤ᠌ ᠪᠣᠯᠪᠠᠴᠤ ᠰᠠᠬᠢᠬᠤ ᠴᠡᠷᠢᠭ ᠭᠡᠵᠦ ᠦᠯᠡᠳᠡᠭᠡᠬᠦ ᠦᠭᠡᠢ ᠪᠠᠢᠪᠠ᠃ ᠲᠡᠭᠦᠨ ᠦ᠌ ᠥᠩᠭᠡᠷᠡᠭᠰᠡᠨ ᠣᠷᠣᠨ ᠳ᠋ᠤ᠌ ᠬᠥᠮᠦᠨ ᠦᠭᠡᠢ ᠡᠪᠳᠡᠷᠬᠡᠢ ᠪᠠᠭᠤᠷᠢ ᠯᠠ ᠦᠯᠡᠳᠡᠵᠦ ᠪᠠᠢᠯ᠎ᠠ᠃ ᠳᠣᠯᠣᠭᠠᠨ ᠲᠦᠮᠡ ᠪᠤᠶᠤ ᠠᠷᠪᠠᠨ ᠲᠦᠮᠡᠨ ᠬᠥᠮᠦᠨ ᠲᠡᠢ ᠬᠣᠲᠠᠨ ᠳ᠋ᠤ᠌《 ᠠᠮᠢ ᠲᠠᠢ ᠨᠢᠭᠡᠨ  ᠮᠢᠭᠤᠢ ᠪᠤᠶᠤ ᠨᠢᠭᠡᠨ ᠨᠣᠬᠠᠢ》 ᠶ᠋ᠢ ᠴᠤ᠌  ᠦᠯᠡᠳᠡᠭᠡᠭᠰᠡᠨ ᠦᠭᠡᠢ ᠪᠢᠯᠡ᠃ ᠤᠷᠠᠯᠢᠬᠴᠢᠨ᠂ ᠠᠵᠢᠯᠴᠢᠨ ᠂ ᠵᠠᠯᠠᠭᠤ ᠡᠮᠡᠭᠲᠡᠢᠴᠦᠳ ᠢ᠋ ᠣᠯᠵᠠᠯᠠᠭᠰᠠᠳ ᠪᠣᠯᠭᠠᠨ ᠠᠪᠤᠭᠠᠳ ᠶᠠᠪᠤᠨ᠎ᠠ᠂ ᠵᠡᠪᠰᠡᠭ ᠠᠳᠬᠤᠵᠤ ᠴᠢᠳᠠᠬᠤ ᠡᠷᠡᠭᠲᠡᠢᠴᠦᠳ ᠢ᠋ ᠪᠦᠷ ᠬᠣᠲᠠ ᠶ᠋ᠢ ᠳᠠᠭᠠᠷᠢᠨ ᠴᠣᠬᠢᠬᠤ ᠬᠣᠰᠢᠭᠤᠴᠢ ᠪᠣᠯᠭᠠᠬᠤ ᠪᠠᠷ ᠠᠪᠠᠴᠢᠵᠠᠢ᠃ ᠢᠩᠭᠢᠭᠡᠳ  ᠲᠤᠯᠤᠢ ᠶ᠋ᠢᠨ ᠴᠡᠷᠢᠭ ᠣᠯᠠᠰᠢᠷᠠᠵᠤ  ᠶᠡᠬᠡᠳᠴᠡᠢ᠃ ᠲᠡᠳᠡᠨᠡᠷ ᠬᠡᠷᠪᠡ ᠨᠢᠭᠡᠳᠦᠭᠡᠷ ᠹᠷᠣᠨᠲ ᠡᠴᠡ  ᠵᠢᠭᠤᠲᠠᠪᠠᠯ ᠲᠡᠷᠡ ᠳᠠᠷᠤᠢ ᠮᠣᠩᠭᠣᠯ ᠴᠡᠷᠢᠭ ᠲᠦ᠍ ᠠᠯᠠᠭᠳᠠᠨ᠎ᠠ᠃               
      ᠮᠣᠩᠭᠣᠯ ᠴᠡᠷᠢᠭ ᠦ᠋ᠨ ᠴᠠᠰᠤᠨ  ᠪᠥᠮᠪᠥᠭᠡ  ᠨᠢ ᠡᠰᠡᠷᠭᠦᠴᠡᠯ ᠪᠦᠬᠦᠨ ᠢ᠋ ᠬᠡᠮᠬᠡᠷᠡᠲᠡᠯ᠎ᠡ ᠳᠠᠭᠠᠷᠢᠬᠤ ᠳᠣᠳᠣᠮ ᠶᠡᠬᠡᠳᠴᠦ ᠪᠠᠢᠯ᠎ᠠ᠃ ᠶᠡᠬᠡ ᠬᠣᠲᠠ ᠮᠸᠷᠹ ᠭᠤᠷᠪᠠᠨ ᠭᠠᠷᠠᠭ   ᠪᠡᠬᠢᠯᠡᠨ ᠡᠰᠡᠷᠭᠦᠴᠡᠭᠰᠡᠨ ᠪᠣᠯᠪᠠᠴᠤ᠂ ᠪᠠᠲᠤ ᠪᠡᠬᠢ  ᠨᠢᠱᠠᠫᠦᠢ᠍ᠷ  ᠭᠤᠷᠪᠠᠬᠠᠨ ᠡᠳᠦᠷ ᠡᠰᠡᠷᠭᠦᠴᠡᠭᠡᠳ  ᠲᠡᠰᠦᠭᠰᠡᠨ ᠦᠭᠡᠢ ᠠᠪᠲᠠᠭᠳᠠᠪᠠ᠃ ᠲᠤᠰ ᠬᠣᠲᠠ ᠶ᠋ᠢ ᠰᠢᠪᠲᠤᠯᠤᠨ ᠴᠣᠬᠢᠬᠤ ᠶ᠋ᠢᠨ ᠲᠥᠯᠥᠭᠡ ᠲᠤᠯᠤᠢ ᠭᠠᠯ  ᠰᠤᠮᠤ ᠬᠠᠷᠪᠤᠬᠤ ᠪᠠᠭᠠᠵᠢ ᠭᠤᠷᠪᠠᠨ ᠮᠢᠩᠭ᠎ᠠ᠂ ᠴᠢᠯᠠᠭᠤ ᠰᠤᠮᠤᠳᠠᠬᠤ ᠪᠠᠭᠠᠵᠢ ᠭᠤᠷᠪᠠᠨ ᠵᠠᠭᠤ᠂   ᠨᠣᠴᠣᠭᠠᠭᠰᠠᠨ ᠲᠣᠰᠣᠨ ᠯᠣᠩᠬᠣ ᠶ᠋ᠢ  ᠰᠤᠮᠤᠳᠠᠬᠤ ᠪᠠᠭᠠᠵᠢ ᠳᠣᠯᠣᠭᠠᠨ ᠵᠠᠭᠤ᠂ ᠬᠣᠲᠠ ᠠᠪᠠᠷᠢᠬᠤ ᠱᠠᠲᠤ ᠳᠥᠷᠪᠡᠨ ᠮᠢᠩᠭ᠎ᠠ᠂ ᠰᠤᠪᠠᠭ ᠢ᠋ ᠲᠠᠬᠠᠯᠠᠬᠤ ᠰᠢᠷᠣᠢ ᠬᠢᠭᠰᠡᠨ ᠤᠭᠤᠲᠠ ᠬᠣᠶᠠᠷ ᠮᠢᠩᠭ᠎ᠠ ᠲᠠᠪᠤᠨ ᠵᠠᠭᠤ ᠭᠡᠬᠦ ᠵᠡᠷᠭᠡ ᠶ᠋ᠢ ᠫᠣᠤᠲᠤ ᠴᠡᠷᠢᠭ ᠦ᠋ᠨ ᠦᠢᠯᠡᠳᠪᠦᠷᠢ ᠡᠴᠡ ᠦᠢᠯᠡᠳᠪᠦᠷᠢᠯᠡᠭᠰᠡᠨ ᠢ᠋ ᠠᠪᠴᠢᠷᠠᠵᠤ ᠬᠡᠷᠡᠭᠯᠡᠵᠡᠢ᠃ ᠬᠣᠲᠠ ᠪᠡᠬᠢᠯᠡᠯᠲᠡ ᠨᠢ ᠥᠴᠦᠬᠡᠨ ᠡᠰᠡᠷᠭᠦᠴᠡᠶ᠎ᠡ ᠭᠡᠵᠦ ᠠᠭᠠᠰᠢᠯᠠᠭᠰᠠᠨ ᠪᠣᠯ ᠲᠤᠯᠤᠢ ᠪᠠᠭᠤᠵᠤ ᠥᠭᠬᠦ ᠪᠡᠷ ᠢᠷᠡᠭᠰᠡᠨ ᠡᠯᠴᠢ ᠶ᠋ᠢ ᠴᠤ᠌ ᠬᠦᠯᠢᠶᠡᠨ ᠠᠪᠬᠤ ᠦᠭᠡᠢ ᠪᠠᠢᠪᠠ᠃ 
      ᠴᠣᠷ ᠤ᠋ᠨ ᠭᠠᠭᠴᠠ ᠤᠳᠠᠭ᠎ᠠ ᠭᠡᠪᠡᠯ᠂ ᠲᠤᠯᠤᠢ ᠬᠡᠳᠦᠨ ᠰᠠᠷ᠎ᠠ  ᠬᠢᠳᠤᠵᠤ ᠶᠠᠳᠠᠷᠠᠭᠰᠠᠨ ᠴᠤ᠌ ᠮᠠᠭᠠᠳ ᠦᠭᠡᠢ᠂ ᠳᠠᠢᠰᠤᠨ ᠤ᠋  ᠵᠢᠯᠣᠭᠣᠳᠤᠭᠴᠢ ᠨᠢ ᠦᠬᠦᠭᠰᠡᠨ ᠬᠣᠢᠨ᠎ᠠ᠂ ᠬᠤᠷᠠᠱᠠᠨ ᠤ᠋ ᠬᠠᠮᠤᠭ   ᠪᠡᠬᠢ ᠪᠣᠭᠣᠮᠲᠠ ᠡᡁᠸᠯᠠᠲ᠋ᠤ ᠶ᠋ᠢᠨ ᠰᠠᠭᠤᠭᠠᠯᠢ ᠠᠷᠠᠳ ᠢ᠋ ᠠᠭᠤᠴᠢᠯᠠᠨ  ᠥᠷᠥᠰᠢᠶᠡᠵᠡᠢ᠃ ᠪᠠᠭᠤᠵᠤ ᠥᠭᠬᠦ ᠦᠭᠡᠢ   ᠲᠦᠮᠡ ᠬᠣᠶᠠᠷ ᠮᠢᠩᠭᠠᠨ ᠴᠡᠷᠢᠭ ᠡᠴᠡ ᠠᠰᠲᠠᠭᠠᠨ ᠪᠦᠬᠦ ᠰᠠᠭᠤᠭᠠᠯᠢ ᠠᠷᠠᠳ ᠢ᠋ ᠠᠯᠠᠬᠤ ᠠ᠋ᠴᠠ ᠬᠡᠯᠲᠦᠷᠢᠭᠦᠯᠦᠭᠰᠡᠨ ᠶᠤᠮ ᠃ ᠭᠡᠲᠡᠯ᠎ᠡ᠂ ᠲᠤᠯᠤᠢ ᠴᠢᠩᠭᠢᠰ ᠬᠠᠭᠠᠨ ᠤ᠋ ᠳᠡᠷᠭᠡᠳᠡ ᠬᠦᠷᠴᠦ ᠢᠷᠡᠮᠡᠭᠴᠡ᠂ ᠡᡁᠸᠯᠡᠲ᠋ᠤ ᠳ᠋ᠤ᠌ ᠰᠢᠨ᠎ᠡ ᠪᠡᠷ  ᠤᠷᠪᠠᠯᠭ᠎ᠠ ᠭᠠᠷᠴᠤ᠂ ᠮᠣᠩᠭᠣᠯ ᠴᠡᠷᠢᠭ ᠦ᠋ᠨ ᠲᠣᠮᠢᠯᠠᠭᠰᠠᠨ ᠶᠡᠷᠦᠩᠬᠡᠢ ᠵᠠᠬᠢᠷᠤᠭᠴᠢ  ᠨᠢ  ᠠᠯᠠᠭᠳᠠᠪᠠ ᠭᠡᠰᠡᠨ ᠴᠢᠮᠡᠭᠡ ᠢᠷᠡᠪᠡ᠃ ᠴᠢᠩᠭᠢᠰ ᠬᠠᠭᠠᠨ ᠲᠤᠯᠤᠢ ᠶ᠋ᠢ ᠳᠣᠩᠭᠣᠳᠤᠨ᠄   《ᠶᠠᠭᠠᠬᠢᠭᠠᠳ ᠡᠢᠮᠦ ᠤᠷᠪᠠᠯᠭ᠎ᠠ ᠭᠠᠷᠤᠭᠰᠠᠨ ᠶᠤᠮ ᠪᠣᠢ᠂  ᠰᠡᠯᠡᠮ᠎ᠡ ᠴᠢᠨᠢ ᠡᡁᠸᠯᠡᠲ᠋ᠤ ᠶ᠋ᠢᠨ ᠮᠠᠭᠤ ᠠᠮᠢᠲᠠᠨ ᠳ᠋ᠤ᠌  ᠮᠢᠲᠠᠷᠠᠴᠢᠬᠠᠭᠰᠠᠨ ᠤᠤ》 ᠭᠡᠵᠦ ᠬᠡᠯᠡᠵᠡᠢ᠃  
      ᠴᠢᠩᠭᠢᠰ ᠬᠠᠭᠠᠨ ᠥᠭᠡᠷ᠎ᠡ ᠨᠢᠭᠡᠨ  ᠥᠷᠯᠥᠭ ᠲᠦ᠍ ᠣᠨᠳᠣᠣ ᠴᠡᠷᠢᠭ ᠥᠭᠭᠦᠭᠡᠳ:    
        《ᠦᠬᠦᠭᠰᠡᠨ ᠬᠥᠮᠦᠨ  ᠡᠳᠡᠭᠡᠵᠦ ᠢᠷᠡᠭᠰᠡᠨ ᠪᠣᠯᠬᠣᠷ᠂ ᠲᠡᠳᠡᠨ ᠦ᠌ ᠲᠣᠯᠣᠭᠠᠢ ᠶ᠋ᠢ ᠪᠡᠶ᠎ᠡ ᠡᠴᠡ ᠨᠢ  ᠰᠠᠯᠭᠠᠭᠲᠤᠨ ᠭᠡᠵᠦ  ᠵᠠᠷᠯᠢᠭᠳᠠᠰᠤᠭᠠᠢ》  ᠭᠡᠰᠡᠨ ᠰᠢᠨ᠎ᠡ ᠡᠭᠦᠷᠭᠡ ᠲᠤᠰᠢᠶᠠᠵᠠᠢ᠃ ᠡᠨᠡ ᠵᠠᠷᠯᠢᠭ ᠢ᠋ ᠡᠷᠡᠰ ᠰᠢᠭᠤᠷᠬᠠᠢ ᠪᠡᠶᠡᠯᠡᠭᠦᠯᠪᠡ᠃ ᠡᡁᠸᠯᠡᠲ᠋ᠤ ᠬᠣᠲᠠ  ᠡᠵᠡᠯᠡᠭᠡᠳ᠂ ᠰᠠᠭᠤᠭᠠᠯᠢ ᠠᠷᠠᠳ ᠢ᠋ ᠬᠢᠳᠤᠨ ᠠᠯᠠᠭᠰᠠᠨ ᠬᠣᠢᠨ᠎ᠠ᠂ ᠨᠢᠭᠡᠨᠲᠡ ᠬᠠᠷᠢᠬᠤ ᠵᠠᠮ ᠳ᠋ᠠᠭᠠᠨ ᠭᠠᠷᠤᠭᠠᠳ ᠪᠠᠢᠭᠰᠠᠨ ᠡᠨᠡᠬᠦ ᠥᠷᠯᠥᠭ᠂ ᠬᠣᠶᠠᠷ ᠮᠢᠩᠭᠠᠨ ᠴᠡᠷᠢᠭ ᠢ᠋ᠶ᠋ᠡᠨ ᠲᠣᠮᠢᠯᠠᠨ ᠡᠨᠡ ᠬᠣᠲᠠᠨ ᠳ᠋ᠤ᠌ ᠡᠷᠭᠢᠵᠦ  ᠣᠴᠢᠭᠤᠯᠤᠭᠠᠳ ᠡᠪᠳᠡᠷᠬᠡᠢ ᠪᠠᠭᠤᠷᠢ ᠡᠴᠡ ᠬᠥᠮᠦᠨ ᠭᠠᠷᠴᠤ ᠢᠷᠡᠨ᠎ᠡ ᠤᠤ ᠦᠭᠡᠢ ᠤᠤ ᠭᠡᠵᠦ  ᠯᠠᠪᠯᠠᠭᠤᠯᠵᠠᠢ᠃ ᠡᠨᠡ ᠴᠡᠷᠢᠭ ᠨᠢ ᠦᠨᠡᠬᠡᠷ ᠡᠪᠳᠡᠷᠬᠡᠢ  ᠪᠠᠭᠤᠷᠠᠢ ᠳᠣᠲᠣᠷ᠎ᠠ ᠡᠴᠡ ᠭᠤᠷᠪᠠᠨ ᠮᠢᠩᠭᠠᠨ ᠠᠮᠢᠳᠤ ᠬᠥᠮᠦᠨ ᠭᠠᠷᠴᠤ ᠢᠷᠡᠭᠰᠡᠨ ᠢ᠋ ᠮᠡᠳᠡᠭᠡᠳ ᠲᠡᠷᠡ ᠳᠠᠷᠤᠢ ᠳ᠋ᠤᠨᠢ ᠦᠯᠡᠳᠡᠭᠡᠯ ᠦᠭᠡᠢ ᠠᠯᠠᠭᠰᠠᠨ ᠪᠠᠢᠨ᠎ᠠ᠃ ᠮᠣᠩᠭᠣᠯ ᠴᠡᠷᠢᠭ ᠬᠣᠶᠠᠳᠤᠭᠠᠷ ᠤᠳᠠᠭ᠎ᠠ ᠴᠡᠷᠢᠭ ᠢ᠋ᠶ᠋ᠡᠨ ᠲᠠᠲᠠᠵᠤ ᠭᠠᠷᠭᠠᠬᠤ ᠦᠶ᠎ᠡ ᠳ᠋ᠦ᠍᠂ ᠠᠷᠪᠠᠨ ᠲᠦᠮᠡᠨ ᠴᠡᠷᠢᠭ ᠢ᠋ᠶ᠋ᠡᠷ ᠰᠠᠬᠢᠵᠤ ᠪᠠᠢᠭᠰᠠᠨ ᠡᠨᠡᠬᠦ ᠬᠣᠲᠠ ᠶ᠋ᠢᠨ ᠡᠪᠳᠡᠷᠬᠡᠢ ᠪᠠᠭᠤᠷᠢ ᠡᠴᠡ ᠭᠠᠷᠴᠤ ᠢᠷᠡᠭᠰᠡᠨ ᠬᠥᠮᠦᠨ ᠠᠷᠪᠠᠨ ᠵᠢᠷᠭᠤᠭ᠎ᠠ ᠪᠠᠢᠯ᠎ᠠ᠃  ᠡᠭᠦᠨ ᠳ᠋ᠦ᠍ ᠬᠣᠲᠠ ᠶ᠋ᠢᠨ ᠲᠡᠭᠦᠷᠭᠡ ᠡᠴᠡ ᠬᠣᠷᠢᠨ ᠳᠥᠷᠪᠡᠨ ᠬᠥᠮᠦᠨ ᠢᠷᠡᠭᠡᠳ ᠠᠮᠢᠳᠤ ᠪᠠᠢᠭᠰᠠᠨ ᠪᠦᠭᠦᠳᠡ ᠡᠳᠦᠢ ᠯᠡ ᠬᠥᠮᠦᠨ ᠪᠠᠢᠯ᠎ᠠ ᠭᠡᠵᠡᠢ᠃ 
      ᠡᠨᠡ ᠮᠡᠲᠦ ᠶ᠋ᠢᠨ ᠰᠥᠨᠥᠭᠡᠬᠦ ᠪᠠᠢᠯᠳᠤᠭᠠᠨ ᠡᠯ᠎ᠡ ᠭᠠᠵᠠᠷ᠂ ᠡᠯ᠎ᠡ ᠲᠠᠯ᠎ᠠ ᠳ᠋ᠤ᠌ ᠶᠠᠪᠤᠭᠳᠠᠵᠤ ᠪᠠᠢᠯ᠎ᠠ᠃ ᠬᠣᠷᠰᠸᠮ ᠳ᠋ᠤ᠌ ᠥᠭᠡᠳᠡᠢ ᠰᠢᠪᠲᠤᠯᠤᠨ ᠴᠣᠬᠢᠭᠰᠠᠨ ᠡᠴᠡ  ᠦᠷᠭᠡᠨᠴᠢ ᠶ᠋ᠢ ᠪᠠᠭᠤᠯᠭᠠᠵᠤ ᠠᠪᠴᠠᠢ᠃ ᠠᠮᠤᠳᠠᠷᠢᠶᠠ ᠭᠣᠣᠯ ᠤ᠋ᠨ ᠤᠷᠤᠰᠬᠠᠯ ᠢ᠋ ᠬᠤᠪᠢᠷᠠᠭᠤᠯᠤᠭᠰᠠᠨ ᠪᠣᠯᠪᠠᠴᠤ ᠰᠠᠭᠤᠭᠠᠯᠢ ᠠᠷᠠᠳ ᠤᠰᠤ ᠲᠠᠰᠤᠷᠠᠬᠤ ᠡᠴᠡ ᠤᠷᠢᠳ ᠬᠤᠳᠳᠤᠭ ᠮᠠᠯᠲᠠᠨ ᠪᠡᠯᠡᠳᠬᠡᠭᠰᠡᠨ ᠪᠣᠯᠬᠣᠷ  ᠶᠠᠮᠠᠷ ᠴᠤ᠌ ᠲᠤᠰᠠ ᠭᠠᠷᠤᠭᠰᠠᠨ ᠦᠭᠡᠢ᠃ ᠬᠣᠶᠠᠷ ᠲᠠᠯ᠎ᠠ ᠶ᠋ᠢᠨ ᠠᠭᠤᠷ ᠬᠢᠯᠢᠩ ᠥᠰᠢᠶ᠎ᠡ ᠬᠣᠷᠣᠰᠤᠯ ᠶᠡᠷᠦ ᠪᠤᠰᠤ ᠶ᠋ᠢᠨ ᠬᠡᠮᠵᠢᠶᠡᠨ ᠳ᠋ᠦ᠍ ᠬᠦᠷᠦᠭᠰᠡᠨ ᠪᠢᠯᠡ᠃ ᠨᠢᠭᠡᠨ ᠤᠳᠠᠭ᠎ᠠ  ᠬᠣᠷᠰᠸᠮ ᠤ᠋ᠨ ᠬᠥᠮᠦᠰ ᠭᠤᠷᠪᠠᠨ ᠮᠢᠩᠭᠠᠨ ᠮᠣᠩᠭᠣᠯ ᠴᠡᠷᠢᠭ ᠦ᠋ᠨ  ᠠᠷᠤ ᠵᠠᠮ ᠢ᠋ ᠲᠠᠰᠤᠯᠤᠭᠠᠳ᠂ ᠡᠨᠡ ᠭᠤᠷᠪᠠᠨ ᠮᠢᠩᠭᠠᠨ ᠮᠣᠩᠭᠣᠯ ᠴᠡᠷᠢᠭ ᠢ᠋ ᠡᠴᠦᠰ ᠲᠤᠨᠢ ᠨᠢᠭᠡᠨ ᠬᠥᠮᠦᠨ ᠢ᠋ ᠴᠦ᠍ ᠦᠯᠡᠳᠡᠭᠡᠯ ᠦᠭᠡᠢ ᠠᠯᠠᠭᠰᠠᠨ ᠶᠤᠮ᠃ ᠣᠳᠣ  ᠥᠭᠡᠳᠡᠢ ᠮᠣᠳᠣᠨ  ᠬᠠᠪᠲᠠᠰᠤ ᠪᠤᠶᠤ  ᠪᠣᠭᠣᠵᠢ ᠲᠠᠢ ᠲᠦᠯᠡᠭᠡ ᠪᠡᠷ  ᠰᠤᠪᠠᠭ ᠢ᠋ ᠳᠦᠭᠦᠷᠭᠡᠬᠦ ᠪᠡᠷ ᠵᠠᠷᠯᠠᠭᠠᠳ᠂ ᠭᠠᠯ  ᠨᠣᠴᠣᠭᠠᠭᠰᠠᠨ ᠲᠣᠰᠣᠨ ᠯᠣᠩᠬᠣᠨ ᠤ᠋  ᠪᠣᠷᠣᠭ᠎ᠠ ᠶ᠋ᠢ ᠬᠣᠲᠠ ᠶ᠋ᠢᠨ ᠲᠥᠪ ᠲᠦ᠍ ᠪᠠᠭᠤᠯᠭᠠᠵᠤ ᠪᠠᠢᠬᠤ ᠬᠣᠭᠣᠷᠣᠨᠳᠣ᠂ ᠮᠣᠩᠭᠣᠯ ᠴᠡᠷᠢᠭ ᠬᠣᠲᠠ ᠶᠢᠨ ᠬᠡᠷᠡᠮ ᠳ᠋ᠦ᠍ ᠠᠪᠠᠷᠢᠭᠠᠳ ᠭᠠᠷᠪᠠ᠃ ᠬᠣᠷᠰᠸᠮ ᠤ᠋ᠨ ᠬᠥᠮᠦᠰ ᠡᠨᠡ  ᠵᠡᠭᠡᠯᠢ ᠡᠴᠡ ᠲᠡᠷᠡ  ᠵᠡᠭᠡᠯᠢ ᠳ᠋ᠦ᠍᠂ ᠡᠨᠡ ᠪᠠᠢᠰᠢᠩ ᠡᠴᠡ ᠲᠡᠷᠡ ᠪᠠᠢᠰᠢᠩ ᠳ᠋ᠤ᠌ ᠰᠢᠯᠵᠢᠵᠦ  ᠪᠡᠬᠢᠯᠡᠨ ᠪᠠᠢᠯᠳᠤᠪᠠ᠃ ᠳᠣᠯᠣᠭᠠᠨ ᠡᠳᠦᠷ ᠦ᠋ᠨ ᠬᠤᠭᠤᠴᠠᠭ᠎ᠠ ᠳ᠋ᠤ᠌ ᠬᠠᠲᠠᠭᠤ ᠲᠡᠮᠡᠴᠡᠯ ᠢᠪᠴᠤᠤ ᠵᠡᠭᠡᠯᠢ ᠶ᠋ᠢᠨ ᠳᠤᠮᠳᠠ ᠶᠠᠪᠤᠭᠳᠠᠭᠰᠠᠨ ᠪᠣᠯᠪᠠᠴᠤ ᠡᠴᠦᠰ ᠦ᠋ᠨ ᠮᠥᠷᠲᠡᠭᠡᠨ ᠡᠰᠡᠷᠭᠦᠴᠡᠯ ᠦ᠋ᠨ ᠬᠦᠴᠦᠨ ᠨᠢ ᠪᠤᠲᠠ ᠨᠢᠷᠭᠡᠭᠳᠡᠪᠡ᠃ ᠠᠮᠢᠳᠤ ᠦᠯᠡᠳᠡᠭᠰᠡᠨ ᠬᠥᠮᠦᠰ ᠨᠢ ᠡᠰᠡᠷᠭᠦᠴᠡᠵᠦ ᠴᠢᠳᠠᠬᠤ ᠦᠭᠡᠢ ᠪᠣᠯᠤᠭᠠᠳ ᠬᠣᠲᠠ ᠶ᠋ᠢᠨ ᠭᠠᠳᠠᠨ᠎ᠠ ᠬᠥᠭᠡᠭᠡᠭᠳᠡᠨ ᠭᠠᠷᠤᠭᠰᠠᠨ ᠬᠣᠢᠨ᠎ᠠ᠂ ᠤᠭ ᠤ᠋ᠨ ᠶᠣᠰᠣᠭᠠᠷ ᠤᠷᠠᠯᠢᠭ ᠤ᠋ᠨ ᠮᠡᠷᠭᠡᠵᠢᠯ ᠲᠡᠢ ᠬᠥᠮᠦᠰ᠂ ᠠᠵᠢᠯᠴᠢᠨ᠂ ᠵᠠᠯᠠᠭᠤ ᠡᠮᠡᠭᠲᠡᠢᠴᠦᠳ ᠢ᠋ ᠰᠣᠩᠭᠣᠨ ᠦᠯᠡᠳᠡᠭᠡᠭᠰᠡᠨ ᠦ᠌ ᠳᠠᠷᠠᠭ᠎ᠠ᠂ ᠪᠥᠭᠡᠮ ᠢ᠋ᠶ᠋ᠡᠷ ᠨᠢ ᠬᠢᠳᠤᠵᠤ ᠳᠠᠭᠤᠰᠬᠠᠪᠠ᠃ ᠲᠡᠦᠬᠡᠴᠢᠨ ᠨᠠᠷ ᠡᠨᠳᠡᠬᠢ ᠨᠢᠭᠡᠨ ᠮᠣᠩᠭᠣᠯ ᠬᠥᠮᠦᠨ ᠬᠣᠷᠢᠨ ᠳᠥᠷᠪᠡᠨ ᠬᠥᠮᠦᠨ ᠢ᠋ ᠠᠯᠠᠪᠠ ᠭᠡᠵᠦ ᠲᠡᠮᠳᠡᠭᠯᠡᠵᠦ ᠪᠠᠢᠨ᠎ᠠ᠃ ᠦᠨ᠎ᠡ ᠴᠠᠨ᠎ᠠ ᠬᠦᠷᠬᠦ ᠦᠭᠡᠢ ᠡᠳ᠋ ᠪᠠᠷᠠᠭ᠎ᠠ ᠪᠦᠬᠦᠨ ᠢ᠋ ᠬᠣᠲᠠ ᠡᠴᠡ ᠠᠪᠴᠤ ᠭᠠᠷᠭᠠᠭᠰᠠᠨ ᠬᠣᠢᠨ᠎ᠠ ᠭᠠᠯ ᠲᠠᠯᠪᠢᠵᠤ ᠰᠢᠲᠠᠭᠠᠭᠠᠳ᠂ ᠳᠠᠷᠠᠭ᠎ᠠ ᠳ᠋ᠤᠨᠢ ᠪᠠᠰᠠ ᠠᠮᠤᠳᠠᠷᠢᠶᠠ ᠭᠣᠣᠯ ᠤ᠋ᠨ ᠤᠷᠤᠰᠬᠠᠯ ᠢ᠋ ᠬᠣᠲᠠ ᠶ᠋ᠢᠨ ᠡᠪᠳᠡᠷᠬᠡᠢ ᠪᠠᠭᠤᠷᠢ ᠳ᠋ᠤ᠌ ᠵᠠᠯᠠᠨ ᠴᠢᠳᠬᠤᠭᠤᠯᠤᠭᠰᠠᠨ ᠢ᠋ᠶ᠋ᠠᠷ ᠨᠢᠭᠡ ᠪᠤᠶᠤ ᠰᠤᠪᠠᠭ ᠤ᠋ᠨ ᠳᠣᠲᠣᠷ᠎ᠠ ᠰᠢᠷᠭᠤᠨ ᠨᠢᠭᠤᠵᠤ ᠪᠠᠢᠭᠰᠠᠨ ᠠᠮᠢᠲᠠᠨ ᠨᠢ ᠪᠦᠷ ᠤᠰᠤᠨ ᠳ᠋ᠤ᠌ ᠵᠢᠪᠴᠦ ᠦᠬᠦᠵᠡᠢ᠃ ᠠᠮᠤᠳᠠᠷᠢᠶᠠ ᠭᠣᠣᠯ ᠤ᠋ᠨ ᠤᠷᠤᠰᠬᠠᠯ ᠬᠣᠶᠠᠷ ᠤᠳᠠᠭ᠎ᠠ ᠥᠭᠡᠷᠡᠴᠢᠯᠡᠭᠳᠡᠨ ᠬᠤᠪᠢᠷᠠᠭᠰᠠᠨ ᠡᠴᠡ ᠡᠨᠡ ᠡᠳᠦᠷ ᠬᠦᠷᠲᠡᠯ᠎ᠡ ᠡᠷᠳᠡᠮᠲᠡᠨ ᠨᠠᠷ ᠲᠡᠭᠦᠨ ᠦ᠌  ᠨᠢᠭᠡᠨ ᠰᠠᠯᠠᠭ᠎ᠠ  ᠨᠢ ᠺᠠᠰᠫᠢ ᠶ᠋ᠢᠨ ᠲᠠᠩᠭᠢᠰ ᠲᠤ᠌ ᠴᠢᠳᠬᠤᠵᠤ ᠪᠠᠢᠭᠰᠠᠨ ᠪᠢᠰᠢᠦ᠂ ᠭᠡᠵᠦ ᠣᠳᠣ ᠬᠠᠲᠠᠭᠠᠳ ᠬᠡᠳᠦᠨ ᠵᠠᠭᠤᠨ ᠺᠢᠯᠣᠮᠧᠲ᠋ᠷ ᠦ᠋ᠨ ᠤᠷᠲᠤ  ᠭᠣᠣᠯ ᠤ᠋ᠨ ᠰᠠᠪᠠ ᠨᠢ ᠶᠠᠭᠤ ᠪᠠᠢᠭᠰᠠᠨ ᠶᠤᠮ ᠪᠣᠢ? ᠭᠡᠵᠦ ᠮᠠᠷᠭᠤᠯᠳᠤᠵᠤ ᠪᠠᠢᠨ᠎ᠠ᠃ ᠡᠨᠡᠬᠦ ᠰᠠᠯᠪᠤᠷᠢ ᠤᠷᠤᠰᠬᠠᠯ ᠨᠢ ᠬᠠᠲᠠᠭᠰᠠᠨ ᠡᠴᠡ ᠪᠣᠯᠵᠤ ᠺᠠᠰᠫᠢ ᠶ᠋ᠢᠨ ᠲᠠᠩᠭᠢᠰ ᠪᠣᠯᠤᠨ ᠠᠷᠠᠯ ᠲᠠᠩᠭᠢᠰ ᠤ᠋ᠨ ᠬᠣᠭᠣᠷᠣᠨᠳᠣ ᠪᠠᠢᠭᠰᠠᠨ ᠭᠠᠵᠠᠷ ᠨᠢ ᠡᠯᠡᠰᠦ ᠮᠠᠩᠬ᠎ᠠ ᠪᠣᠯᠤᠨ ᠬᠤᠪᠢᠷᠠᠭᠰᠠᠨ ᠪᠢᠰᠢᠦ᠃ 
       ᠡᠨᠡ ᠬᠣᠭᠣᠷᠣᠨᠳᠣ ᠴᠢᠩᠭᠢᠰ ᠬᠠᠭᠠᠨ ᠾᠢᠨᠲᠤ ᠬᠣᠰᠢᠭᠤ ᠠᠭᠤᠯᠠ ᠶ᠋ᠢᠨ ᠰᠠᠯᠪᠤᠷᠢ ᠭᠠᠵᠠᠷ ᠢ᠋ ᠰᠢᠭᠦᠷᠳᠡᠨ ᠠᠷᠢᠯᠭᠠᠵᠤ ᠪᠠᠢᠯ᠎ᠠ᠃ ᠪᠠᠯᠠᠭ ᠬᠣᠲᠠ᠂ ᠳᠠᠯᠠᠬᠠᠨ᠂ ᠭᠢᠯᠳᠥ᠋ᠨ ᠢ᠋ ᠡᠵᠡᠯᠡᠪᠡ᠃ ᠠᠭᠤᠯᠠ ᠪᠡᠬᠢᠯᠡᠯᠲᠡ ᠪᠠᠮᠢᠶᠠᠨ ᠤ᠋ ᠡᠮᠦᠨ᠎ᠡ ᠲᠡᠭᠦᠨ ᠦ᠌ ᠠᠴᠢ ᠳᠠᠷᠤᠢ ᠴᠠᠭᠠᠲᠠᠢ ᠶ᠋ᠢᠨ ᠬᠥᠪᠡᠭᠦᠨ ᠮᠤᠭᠠᠳᠤᠭᠠᠨ ᠪᠠᠢᠯᠳᠤᠭᠠᠨ ᠳ᠋ᠤ᠌ ᠦᠬᠦᠭᠰᠡᠨ ᠪᠢᠯᠡ᠃ ᠬᠠᠢᠷᠠᠲᠠᠢ ᠠᠴᠢ ᠨᠢ ᠦᠬᠦᠭᠰᠡᠨ ᠳ᠋ᠦ᠍ ᠴᠢᠩᠭᠢᠰ ᠬᠠᠭᠠᠨ ᠤ᠋ ᠬᠢᠯᠢᠩ ᠨᠢ ᠬᠥᠳᠡᠯᠪᠡ᠃ ᠡᠨᠡ ᠪᠡᠬᠢᠯᠡᠯᠲᠡ ᠶ᠋ᠢ ᠪᠤᠯᠢᠶᠠᠵᠤ ᠠᠪᠤᠭᠠᠳ᠂ ᠲᠡᠨᠳᠡ ᠪᠠᠢᠭᠰᠠᠨ ᠬᠥᠮᠦᠨ ᠮᠠᠯ ᠪᠦᠬᠦᠨ ᠢ᠋ ᠠᠯᠠᠭᠲᠤᠨ ᠭᠡᠵᠦ ᠵᠠᠷᠯᠢᠭᠳᠠᠵᠠᠢ᠃ ᠴᠢᠩᠭᠢᠰ ᠬᠠᠭᠠᠨ ᠠᠴᠢ ᠪᠠᠨ ᠳᠤᠷᠠᠰᠬᠠᠬᠤ ᠶ᠋ᠢᠨ ᠲᠥᠯᠥᠭᠡ ᠡᠨᠡ ᠭᠠᠵᠠᠷ ᠲᠤ᠌ ᠴᠢᠯᠠᠭᠤ ᠣᠪᠣᠭᠠᠯᠠᠵᠤ ᠡᠯᠡᠰᠦ ᠮᠠᠩᠬ᠎ᠠ ᠪᠣᠯᠬᠤ ᠳ᠋ᠤ᠌ ᠬᠦᠷᠭᠡᠵᠡᠢ᠃ ᠬᠡᠳᠦᠨ ᠵᠠᠭᠤᠨ ᠵᠢᠯ ᠥᠩᠭᠡᠷᠡᠭᠰᠡᠨ ᠦ᠌ ᠬᠣᠢᠨ᠎ᠠ᠂ ᠪᠠᠳᠠᠷᠠᠨ ᠬᠥᠭᠵᠢᠵᠦ ᠪᠠᠢᠬᠤ ᠳ᠋ᠤ᠌ ᠡᠨᠡ ᠭᠠᠵᠠᠷ ᠤᠷᠭᠤᠮᠠᠯ ᠤᠷᠭᠤᠬᠤ ᠦᠭᠡᠢ᠂ ᠬᠥᠮᠦᠨ ᠠᠮᠢᠲᠠᠨ ᠦᠭᠡᠢ ᠣᠷᠣᠨ ᠪᠣᠯᠤᠭᠠᠳ ᠮᠤᠤᠪᠠᠯᠠᠭ ᠭᠡᠮᠡᠨ ᠳᠠᠭᠤᠳᠠᠬᠤ ᠪᠣᠯᠤᠭᠰᠠᠨ ᠪᠢᠯᠡ᠃ 
      ᠹᠠᠮᠢᠶᠠᠨ ᠢ᠋ ᠡᠪᠳᠡᠵᠦ ᠪᠠᠢᠭᠰᠠᠨ ᠦᠶ᠎ᠡ ᠳ᠋ᠦ᠍ ᠥᠭᠡᠳᠡᠢ᠂ ᠴᠠᠭᠠᠲᠠᠢ ᠬᠣᠷᠧᠰᠮ ᠡᠴᠡ ᠬᠠᠷᠢᠵᠤ ᠢᠷᠡᠭᠰᠡᠨ ᠪᠣᠯᠪᠠᠴᠤ ᠵᠥᠴᠢ ᠬᠠᠷᠢᠨ ᠳᠡᠭᠦᠦ ᠶ᠋ᠢᠨ ᠢ᠋ᠶ᠋ᠡᠨ ᠵᠢᠯᠣᠭᠣᠳᠤᠯᠭ᠎ᠠ ᠳᠣᠣᠷ᠎ᠠ ᠣᠷᠣᠭᠰᠠᠨ ᠳ᠋ᠠᠭᠠᠨ ᠠᠭᠤᠷᠯᠠᠭᠠᠳ ᠡᠷᠭᠦᠮᠵᠢᠯᠡᠵᠦ ᠥᠭᠭᠦᠭᠰᠡᠨ ᠨᠤᠲᠤᠭ ᠲᠠᠭᠠᠨ ᠶᠠᠪᠤᠴᠢᠬᠠᠭᠰᠠᠨ ᠶᠤᠮ᠃ ᠲᠡᠭᠡᠭᠡᠳ ᠲᠡᠷᠡ ᠠᠬ᠎ᠠ ᠳᠡᠭᠦᠦ ᠬᠣᠶᠠᠭᠤᠯᠠ ᠡᠨᠡᠬᠦ ᠴᠢᠮᠡᠭᠡ ᠶ᠋ᠢ ᠡᠴᠢᠭᠡ ᠳ᠋ᠡᠭᠡᠨ ᠬᠡᠯᠡᠵᠡᠢ᠃ ᠡᠭᠦᠨ ᠳ᠋ᠦ᠍᠄     
      《ᠡᠨᠡ ᠴᠢᠨᠢ ᠮᠢᠨᠦ ᠬᠡᠦᠬᠡᠳ ᠦ᠋ᠨ ᠰᠢᠨᠵᠢ ᠤᠤ᠂ ᠬᠡᠦᠬᠡᠳ ᠦ᠋ᠨ ᠲᠥᠯᠥᠭᠡ ᠪᠢ ᠡᠨᠡ ᠮᠡᠲᠦ ᠵᠢᠳᠬᠦᠵᠦ᠂ ᠣᠯᠠᠨ ᠦᠨᠳᠦᠰᠦᠲᠡᠨ᠂ ᠡᠯ᠎ᠡ ᠴᠢᠭᠢᠷᠠᠭ ᠤᠯᠤᠰ ᠢ᠋ ᠪᠠᠢᠯᠳᠤᠨ ᠳᠠᠭᠠᠭᠤᠯᠵᠤ ᠪᠠᠢᠬᠤ ᠳ᠋ᠤ᠌᠂ ᠮᠢᠨᠦ ᠬᠡᠦᠬᠡᠳ ᠬᠠᠷᠢᠨ ᠦᠭᠡ ᠶ᠋ᠢ ᠰᠣᠨᠣᠰᠬᠤ ᠦᠭᠡᠢ᠂ ᠬᠠᠷᠢᠯᠴᠠᠨ ᠬᠡᠷᠡᠯᠳᠦᠬᠦ ᠡᠴᠡ ᠥᠭᠡᠷ᠎ᠡ ᠶᠠᠭᠤ ᠶ᠋ᠢ ᠴᠤ᠌ ᠪᠦᠲᠦᠭᠡᠵᠦ ᠴᠢᠳᠠᠬᠤ ᠦᠭᠡᠢ》 ᠭᠡᠵᠦ ᠬᠠᠰᠬᠢᠷᠴᠤ ᠠᠭᠤᠷᠯᠠᠭᠰᠠᠨ ᠣᠪᠣᠷ ᠢ᠋ᠶ᠋ᠠᠷ ᠴᠠᠭᠠᠲᠠᠢ ᠶ᠋ᠢ ᠭᠥᠯᠢᠢᠵᠦ ᠬᠠᠷᠠᠪᠠ᠃ ᠵᠥᠴᠢ ᠯᠤᠭᠡ  ᠲᠡᠮᠡᠴᠡᠭᠰᠡᠨ ᠪᠠ ᠲᠡᠭᠦᠨ ᠦ᠌ ᠬᠠᠷᠢᠭᠰᠠᠨ ᠰᠢᠯᠲᠠᠭᠠᠨ ᠢ᠋ ᠥᠪᠡᠷ ᠦ᠋ᠨ ᠪᠡᠶ᠎ᠡ ᠳ᠋ᠦ᠍ᠨᠢ ᠡᠭᠦᠷᠭᠡᠯᠡᠭᠦᠯᠵᠦ ᠪᠠᠢᠨ᠎ᠠ ᠭᠡᠵᠦ ᠪᠣᠳᠣᠭᠠᠳ᠂ ᠴᠠᠭᠠᠲᠠᠢ ᠪᠥᠬᠥᠢᠨ ᠰᠥᠭᠥᠳᠴᠦ《ᠬᠡᠷᠪᠡ ᠡᠴᠢᠭᠡ ᠶ᠋ᠢᠨ ᠵᠠᠷᠯᠢᠭ ᠢ᠋ ᠰᠣᠨᠣᠰᠬᠤ ᠦᠭᠡᠢ ᠶᠠᠪᠤᠬᠤ ᠪᠠᠷ ᠢ᠋ᠶ᠋ᠠᠨ ᠦᠬᠦᠴᠢᠬᠡᠪᠡᠯ ᠳᠡᠭᠡᠷ᠎ᠡ》 ᠭᠡᠵᠦ ᠲᠠᠩᠭᠠᠷᠢᠭᠯᠠᠵᠠᠢ᠃ 
      《ᠴᠢ ᠮᠢᠨᠦ ᠶᠠᠮᠠᠷ ᠵᠠᠷᠯᠢᠭ ᠢ᠋ ᠴᠤ᠌ ᠰᠣᠨᠣᠰᠤᠨ᠎ᠠ ᠤᠤ》 ᠭᠡᠵᠦ ᠴᠢᠩᠭᠢᠰ ᠬᠠᠭᠠᠨ ᠳᠠᠬᠢᠨ ᠠᠰᠠᠭᠤᠭᠰᠠᠨ ᠳ᠋ᠤ᠌᠂ ᠴᠠᠭᠠᠲᠠᠢ ᠬᠣᠶᠠᠷ ᠤᠳᠠᠭ᠎ᠠ ᠲᠠᠩᠭᠠᠷᠢᠭᠯᠠᠭᠰᠠᠨ ᠪᠣᠯᠬᠣᠷ ᠴᠢᠩᠭᠢᠰ ᠬᠠᠭᠠᠨ ᠶᠡᠬᠡ ᠳᠠᠭᠤᠨ ᠢ᠋ᠶ᠋ᠠᠷ    
      《ᠮᠤᠭᠠᠳᠤᠭᠠᠨ ᠬᠥᠪᠡᠭᠦᠨ ᠴᠢᠨᠢ ᠪᠠᠢᠯᠳᠤᠭᠠᠨ ᠳ᠋ᠤ᠌ ᠦᠬᠦᠵᠡᠢ᠂ ᠴᠢ ᠤᠬᠢᠯᠠᠵᠤ ᠪᠣᠯᠬᠤ ᠦᠭᠡᠢ᠂ ᠰᠡᠭᠦᠷᠡᠰᠦ ᠴᠤ᠌ ᠠᠯᠳᠠᠵᠤ ᠪᠣᠯᠬᠤ ᠦᠭᠡᠢ ᠭᠡᠵᠦ ᠪᠢ ᠵᠠᠷᠯᠢᠭᠳᠠᠰᠤᠭᠠᠢ》 ᠭᠡᠵᠡᠢ᠃ 
      ᠴᠠᠭᠠᠲᠠᠢ ᠶᠠᠭ ᠠᠶᠤᠩᠭ᠎ᠠ ᠳ᠋ᠤ᠌ ᠨᠢᠷᠭᠡᠭᠳᠡᠭᠰᠡᠨ ᠮᠡᠲᠦ ᠮᠡᠯᠡᠷᠡᠴᠢᠬᠡᠭᠰᠡᠨ ᠪᠥᠭᠡᠳ ᠣᠭᠲᠣ ᠬᠠᠷᠢᠭᠤ ᠳᠤᠤᠭᠠᠷᠴᠤ ᠴᠢᠳᠠᠭᠰᠠᠨ ᠦᠭᠡᠢ᠃ ᠲᠡᠷᠡ ᠴᠠᠭ ᠲᠤᠨᠢ ᠲᠡᠢᠮᠦ ᠪᠠᠢᠭᠰᠠᠨ᠂ ᠬᠣᠵᠢᠮ ᠬᠣᠢᠨ᠎ᠠ ᠨᠢ ᠴᠤ᠌ ᠲᠡᠢᠮᠦ ᠪᠠᠢᠭᠰᠠᠨ ᠶᠤᠮ᠃     
      ᠵᠣᠬᠢᠶᠠᠨ ᠪᠠᠢᠭᠤᠯᠤᠯᠲᠠ ᠰᠠᠢᠲᠠᠢ ᠴᠥᠭᠡᠨ ᠲᠣᠭᠠᠨ ᠤ᠋ ᠬᠥᠮᠦᠨ ᠢᠯᠠᠯᠲᠠ ᠣᠯᠤᠭᠰᠠᠨ ᠡᠴᠡ᠂ ᠲᠡᠭᠦᠨ ᠦ᠌ ᠳᠠᠢᠰᠤᠨ ᠬᠠᠷᠢᠨ ᠪᠦᠬᠦ ᠤᠯᠤᠰ ᠢ᠋ᠶ᠋ᠠᠨ ᠰᠦᠢᠳᠬᠡᠵᠦ ᠳᠠᠭᠤᠰᠬᠠᠭᠰᠠᠨ ᠶᠤᠮ᠃ ᠬᠡᠳᠦᠨ ᠵᠠᠭᠤᠨ ᠲᠦᠮᠡᠨ ᠬᠥᠮᠦᠨ ᠠᠮᠠ ᠲᠠᠢ ᠪᠠᠢᠭᠰᠠᠨ ᠣᠯᠠᠨ ᠬᠣᠲᠠ ᠪᠠᠯᠭᠠᠳ ᠢ᠋ ᠡᠪᠳᠡᠷᠬᠡᠢ ᠪᠠᠭᠤᠷᠢ ᠪᠣᠯᠭᠠᠵᠤ ᠣᠷᠬᠢᠭᠠᠳ ᠰᠠᠭᠤᠬᠤ ᠬᠥᠮᠦᠨ ᠴᠦ᠍ ᠦᠭᠡᠢ ᠪᠣᠯᠭᠠᠵᠠᠢ᠃ ᠣᠳᠣ ᠳ᠋ᠤ᠌ ᠬᠦᠷᠲᠡᠯ᠎ᠡ ᠠᠯᠢ ᠭᠠᠵᠠᠷ ᠲᠤ ᠭᠡᠳ᠂ ᠮᠣᠩᠭᠣᠯ ᠤ᠋ᠨ ᠳᠣᠲᠣᠭᠠᠳᠤ ᠶ᠋ᠢᠨ ᠲᠡᠢᠨ ᠳ᠋ᠦ᠍ ᠴᠤ᠌᠂ ᠠᠯᠲᠠᠨ ᠤᠯᠤᠰ ᠳᠠᠬᠢ ᠪᠠᠢᠯᠳᠤᠭᠠᠨ ᠳ᠋ᠤ᠌ ᠴᠤ᠌᠂ ᠮᠣᠩᠭᠣᠯ ᠴᠡᠷᠢᠭ ᠡᠨᠡ ᠮᠡᠲᠦ ᠬᠢᠯᠢᠩᠯᠡᠭᠰᠡᠨ  ᠶᠠᠪᠤᠳᠠᠯ ᠪᠠᠢᠭᠰᠠᠨ ᠦᠭᠡᠢ᠃ ᠤᠴᠢᠷ ᠡᠢᠮᠦ ᠡᠴᠡ ᠠᠷᠠᠯ ᠲᠠᠩᠭᠢᠰ ᠡᠴᠡ  ᠫᠧᠷᠰ ᠦ᠋ᠨ ᠡᠯᠡᠰᠦ ᠮᠠᠩᠬ᠎ᠠ ᠳ᠋ᠤ᠌   ᠬᠦᠷᠲᠡᠯ᠎ᠡ ᠮᠣᠩᠭᠣᠯ ᠤ᠋ᠨ  ᠰᠦᠷᠳᠡᠭᠦᠯᠭᠡ ᠳ᠋ᠦ᠍ ᠪᠦᠷᠬᠦᠭᠳᠡᠪᠡ᠃ ᠃ ᠠᠮᠢᠳᠤ ᠦᠯᠡᠳᠡᠭᠰᠡᠨ ᠬᠥᠮᠦᠰ ᠳᠣᠣᠷ᠎ᠠ ᠳᠠᠭᠤᠨ ᠢ᠋ᠶ᠋ᠠᠷ《ᠵᠢᠭᠰᠢᠮᠡᠷ ᠠᠮᠢᠲᠠᠨ》 ᠭᠡᠵᠦ  ᠰᠢᠪᠡᠭᠡᠨᠡᠵᠦ ᠴᠢᠳᠠᠬᠤ ᠦᠭᠡᠢ ᠪᠣᠯᠤᠭᠰᠠᠨ ᠪᠠᠢᠨ᠎ᠠ᠃ ᠮᠣᠩᠭᠣᠯ ᠤ᠋ᠨ ᠭᠠᠭᠴᠠ ᠮᠣᠷᠢᠲᠤ ᠴᠡᠷᠢᠭ ᠨᠢᠭᠡᠨ ᠲᠣᠰᠬᠣᠨ ᠳ᠋ᠤ᠌ ᠣᠷᠣᠭᠠᠳ᠂ ᠲᠡᠨᠳᠡ ᠠᠷᠪᠠᠨ ᠬᠣᠶᠠᠷ ᠬᠥᠮᠦᠨ ᠢ᠋ ᠠᠯᠠᠭᠠᠳ ᠪᠦᠬᠦ ᠮᠠᠯ ᠢ᠋ ᠨᠢ ᠲᠠᠭᠤᠭᠠᠳ ᠶᠠᠪᠤᠭᠰᠠᠨ ᠳ᠋ᠤ᠌ ᠬᠡᠨ ᠴᠦ᠍ ᠭᠠᠷ ᠬᠥᠳᠡᠯᠵᠦ ᠴᠢᠳᠠᠭᠰᠠᠨ ᠦᠭᠡᠢ ᠡᠢᠮᠦ ᠬᠡᠷᠡᠭ ᠭᠠᠷᠤᠭᠰᠠᠨ ᠶᠤᠮ᠃ ᠬᠥᠮᠦᠨ ᠭᠡᠭᠴᠢ ᠠᠮᠢᠲᠠᠨ ᠡᠰᠡᠷᠭᠦᠴᠡᠬᠦ ᠪᠦᠬᠦ ᠴᠢᠳᠠᠯ ᠢ᠋ᠶ᠋ᠠᠨ ᠠᠯᠳᠠᠴᠢᠬᠠᠪᠠᠯ ᠡᠢᠮᠦ ᠪᠣᠯᠳᠠᠭ  ᠠᠵᠢ᠃ 
        ᠴᠢᠩᠭᠢᠰ ᠬᠠᠭᠠᠨ ᠤ᠋ ᠥᠪᠡᠷ ᠦ᠋ᠨ ᠪᠡᠶ᠎ᠡ ᠨᠢ ᠴᠦ᠍ ᠡᠨᠡ ᠮᠡᠲᠦ  ᠲᠡᠢᠨ ᠢ᠋ ᠬᠢᠬᠦ ᠳ᠋ᠡᠭᠡᠨ ᠪᠠᠬᠠᠨ  ᠲᠦᠳᠡᠭᠡᠯᠵᠡᠯ᠎ᠡ᠃ ᠲᠤᠯᠤᠢ ᠪᠠᠢᠯᠳᠤᠭᠠᠨ ᠳ᠋ᠤ᠌  ᠣᠯᠵᠠᠯᠠᠭᠰᠠᠨ ᠠᠹᠭᠠᠨᠢᠰᠲ᠋ᠠᠨ ᠤ᠋ ᠨᠢᠭᠡᠨ ᠲᠦᠰᠢᠮᠡᠯ ᠢ᠋ ᠴᠢᠩᠭᠢᠰ ᠬᠠᠭᠠᠨ ᠤ᠋ ᠳᠡᠷᠭᠡᠳᠡ ᠬᠦᠷᠭᠡᠭᠰᠡᠨ ᠪᠠᠢᠵᠠᠢ᠃ ᠴᠢᠩᠭᠢᠰ ᠬᠠᠭᠠᠨ ᠲᠡᠭᠦᠨ ᠲᠡᠢ ᠬᠠᠶᠠ  ᠬᠡᠯᠡᠯᠴᠡᠳᠡᠭ ᠪᠥᠭᠡᠳ ᠲᠡᠭᠦᠨ ᠡᠴᠡ:   
        《ᠭᠣᠷᠣᠬ᠎ᠠ ᠮᠡᠲᠦ ᠤᠷᠤᠰᠤᠭᠰᠠᠨ ᠴᠢᠰᠤ ᠬᠥᠮᠦᠰ ᠦ᠋ᠨ ᠲᠠᠷᠢᠬᠢᠨ ᠳ᠋ᠤ᠌ ᠥᠨᠢ ᠤᠳᠠᠭᠠᠨ  ᠴᠢᠭᠡᠵᠢᠯᠡᠭᠳᠡᠨ᠎ᠡ ᠭᠡᠵᠦ ᠪᠣᠳᠣᠵᠤ ᠪᠠᠢᠨ᠎ᠠ ᠤᠤ》 ᠭᠡᠵᠦ ᠠᠰᠠᠭᠤᠵᠠᠢ᠃ ᠲᠡᠷᠡ ᠲᠦᠰᠢᠮᠡᠯ ᠬᠡᠷᠪᠡ ᠦᠨᠡᠨ ᠢ᠋ᠶ᠋ᠡᠷ ᠬᠡᠯᠡᠪᠡᠯ ᠰᠦᠷᠡᠬᠡᠢ ᠬᠡᠷᠡᠭ ᠪᠣᠯᠬᠤ  ᠪᠢᠰᠢᠦ ᠭᠡᠵᠦ ᠯᠠᠪᠯᠠᠭᠠᠳ  ᠬᠠᠷᠢᠭᠤ ᠬᠡᠯᠡᠭᠰᠡᠨ ᠨᠢ᠄    
          《ᠬᠡᠷᠪᠡ ᠪᠣᠭᠳᠠ ᠬᠠᠭᠠᠨ ᠵᠠᠯᠭᠠᠭᠠᠳ ᠠᠯᠠᠵᠤ ᠬᠢᠳᠤᠪᠠᠯ ᠴᠢᠰᠤᠨ ᠤ᠋ ᠳᠣᠯᠭᠢᠶᠠᠨ  ᠨᠢ ᠴᠦ᠍ ᠲᠡᠷᠡ᠂ ᠴᠡᠭᠡᠵᠢᠯᠡᠬᠦ ᠬᠥᠮᠦᠨ ᠨᠢ ᠴᠦ᠍ ᠲᠡᠷᠡ  ᠪᠦᠷ ᠦᠭᠡᠢ ᠪᠣᠯᠬᠤ ᠪᠢᠵᠡ》 ᠭᠡᠵᠡᠢ᠃  ᠡᠨᠡᠬᠦ ᠦᠭᠡ ᠶ᠋ᠢ ᠣᠷᠴᠢᠭᠤᠯᠵᠤ   ᠰᠣᠨᠤᠰᠬᠠᠬᠰᠠᠨ ᠬᠣᠢᠨ᠎ᠠ᠂ ᠴᠢᠩᠭᠢᠰ ᠬᠠᠭᠠᠨ ᠤ᠋ ᠴᠢᠷᠠᠢ ᠬᠥᠬᠡᠷᠡᠵᠦ ᠠᠭᠤᠷᠯᠠᠭᠠᠳ ᠭᠠᠷ ᠲᠠᠭᠠᠨ ᠪᠠᠷᠢᠵᠤ ᠪᠠᠢᠭᠰᠠᠨ  ᠰᠤᠮᠤ ᠪᠠᠨ ᠬᠤᠭᠤᠯᠴᠢᠬᠠᠭᠰᠠᠨ  ᠪᠠᠶ᠋ᠢᠨ᠎ᠠ᠃ ᠭ᠌ᠱᠠᠨ ᠵᠠᠭᠤᠷ᠎ᠠ ᠴᠢᠷᠠᠢ ᠶ᠋ᠢᠨ ᠥᠩᠭᠡ ᠨᠢ ᠶᠡᠷᠦ ᠶ᠋ᠢᠨ ᠦᠶ᠎ᠡ ᠮᠡᠲᠦ ᠲᠣᠭᠲᠠᠭᠤᠨ ᠪᠣᠯᠤᠭᠠᠳ ᠪᠣᠳᠣᠯᠭ᠎ᠠ ᠶ᠋ᠢ ᠨᠢ ᠬᠡᠨ ᠴᠦ᠍ ᠮᠡᠳᠡᠵᠦ ᠣᠯᠬᠤ ᠦᠭᠡᠢ ᠬᠡᠪ ᠦ᠋ᠨ ᠪᠠᠢᠳᠠᠯ ᠢ᠋ᠶ᠋ᠠᠷ          《ᠡᠢᠮᠦ ᠬᠥᠮᠦᠰ ᠨᠠᠳᠠᠳᠤ ᠠᠪᠴᠤ ᠬᠡᠯᠡᠪᠡᠯ ᠶᠠᠭᠤ ᠶᠤᠮ ᠪᠣᠢ᠃ ᠥᠭᠡᠷ᠎ᠡ ᠤᠯᠤᠰ ᠣᠨᠳᠣᠣ ᠦᠨᠳᠦᠰᠦᠲᠡᠨ ᠪᠠᠢᠵᠤ  ᠯᠠ ᠪᠠᠢᠨ᠎ᠠ᠃ 
          ᠮᠦᠬᠠᠮᠧᠳ᠋ ᠦ᠋ᠨ ᠮᠣᠷᠢᠨ ᠲᠤᠭᠤᠷᠠᠢ ᠶ᠋ᠢᠨ ᠲᠣᠭᠣᠰᠣ ᠪᠤᠲᠠᠷᠠᠭᠤᠯᠤᠭᠰᠠᠨ ᠭᠠᠵᠠᠷ ᠳᠤ᠂ ᠬᠠᠮᠢᠭ᠎ᠠ ᠬᠦᠷᠲᠡᠯ᠎ᠡ ᠦᠷᠭᠦᠯᠵᠢᠯᠡᠭᠦᠯᠦᠨ ᠠᠯᠠᠵᠤ ᠬᠢᠳᠤᠪᠠᠴᠤ ᠮᠢᠨᠦ ᠨᠡᠷ᠎ᠡ ᠠᠯᠳᠠᠷ ᠣᠨᠳᠣᠣ ᠤᠯᠤᠰ ᠪᠣᠯᠤᠨ ᠥᠭᠡᠷ᠎ᠡ ᠦᠨᠳᠦᠰᠦᠲᠡᠨ ᠳ᠋ᠦ᠍ ᠬᠠᠳᠠᠩᠰᠢᠬᠤ ᠶᠤᠮ》 ᠭᠡᠪᠡ᠃ 
          ᠡᠨᠡ ᠮᠡᠲᠦ ᠶ᠋ᠢᠨ ᠠᠢᠬᠤᠪᠲᠤᠷ ᠲᠡᠮᠡᠴᠡᠯ ᠤᠭ ᠬᠡᠪ ᠢ᠋ᠶ᠋ᠡᠷ ᠦᠷᠭᠦᠯᠵᠢᠯᠡᠭᠡᠳ ᠳᠠᠭᠤᠰᠬᠤ ᠴᠠᠭ ᠨᠢ ᠪᠣᠯᠤᠭᠠᠳᠤᠢ ᠪᠠᠢᠯ᠎ᠠ᠃ ᠠᠹᠭᠠᠨᠢᠰᠲ᠋ᠠᠨ ᠤ᠋ ᠠᠭᠤᠯᠠ ᠳᠣᠲᠣᠷᠠᠬᠢ ᠺᠡᠰᠨᠢ ᠳ᠋ᠦ᠍ ᠵᠧᠯᠡᠯ— ᠡᠳ᠋— ᠳ᠋ᠢᠨ ᠪᠠᠰᠠ ᠠᠮᠢᠳᠤ ᠪᠠᠷ ᠢ᠋ᠶ᠋ᠠᠨ ᠪᠠᠢᠭᠠᠳ᠂ ᠭᠠᠷ ᠳᠣᠣᠷ᠎ᠠ ᠪᠠᠨ ᠠᠭᠤᠯᠠᠷᠬᠠᠭ ᠣᠷᠣᠨ ᠤ᠋ ᠣᠯᠠᠨ ᠦᠨᠳᠦᠰᠦᠲᠡᠨ ᠢ᠋ ᠴᠤᠭᠯᠠᠭᠤᠯᠵᠤ ᠪᠠᠢᠭᠰᠠᠨ ᠶᠤᠮ᠃ ᠴᠢᠩᠭᠢᠰ ᠬᠠᠭᠠᠨ ᠰᠢᠭᠢᠬᠤᠲᠤᠭ ᠲᠤ ᠭᠤᠷᠪᠠᠨ ᠲᠦᠮᠡᠨ ᠮᠣᠷᠢᠲᠤ ᠴᠡᠷᠢᠭ ᠥᠭᠴᠦ ᠮᠣᠷᠳᠠᠭᠤᠯᠵᠠᠢ᠃ ᠵᠧᠯᠡᠯ—— ᠡᠳ᠋— ᠳ᠋ᠢᠨ ᠪᠠᠰᠠ ᠲᠡᠭᠦᠨ ᠦ᠌ ᠵᠦᠭ ᠤᠷᠤᠭᠰᠢᠯᠠᠪᠠ᠃ ᠰᠢᠭᠢᠬᠤᠲᠤᠭ ᠴᠡᠷᠢᠭ ᠦ᠋ᠨ ᠰᠦᠷ ᠢ᠋ᠶ᠋ᠡᠨ ᠥᠷᠭᠡᠳᠬᠡᠵᠦ ᠳᠠᠢᠰᠤᠨ ᠢ᠋ ᠠᠶᠤᠯᠭᠠᠬᠤ ᠶ᠋ᠢᠨ ᠲᠥᠯᠥᠭᠡ ᠡᠪᠡᠰᠦᠨ ᠮᠠᠨᠤᠤᠯ ᠬᠢᠭᠡᠳ ᠬᠤᠪᠴᠠᠰᠤ ᠡᠮᠦᠰᠬᠡᠨ ᠪᠠᠢᠯᠳᠤᠭᠴᠢ ᠨᠠᠷ ᠢ᠋ᠶ᠋ᠠᠨ ᠬᠥᠲᠥᠯᠦᠭᠡ ᠮᠣᠷᠢᠨ ᠳ᠋ᠤ᠌ ᠤᠨᠤᠭᠤᠯᠵᠤ ᠵᠢᠭᠰᠠᠭᠠᠪᠠ᠂ ᠡᠨᠡ ᠠᠷᠭ᠎ᠠ ᠮᠡᠬᠡ ᠨᠢ ᠲᠤᠰᠠ ᠭᠠᠷᠤᠭᠠᠳ᠂ ᠵᠧᠯᠡᠯ— ᠡᠳ᠋— ᠳ᠋ᠢᠨ ᠦ᠌ ᠵᠠᠩᠵᠤᠨ ᠨᠠᠷ ᠨᠢ ᠬᠣᠢᠰᠢ ᠪᠤᠷᠤᠭᠤᠯᠠᠬᠤ ᠪᠠᠷ ᠰᠠᠨᠠᠯ ᠳᠤᠷᠠᠳᠴᠠᠢ᠃  ᠭᠡᠪᠡᠴᠦ ᠵᠠᠯᠠᠭᠤ ᠱᠠᠭ ᠢ᠋ ᠠᠶᠤᠯᠭᠠᠵᠤ ᠴᠢᠳᠠᠭᠰᠠᠨ ᠦᠭᠡᠢ᠃ ᠱᠠᠭ ᠡᠷᠡᠰ ᠰᠢᠭᠤᠷᠬᠠᠢ ᠪᠠᠷ ᠳᠠᠭᠠᠷᠢᠨ ᠴᠣᠬᠢᠭᠰᠠᠨ ᠠ᠋ᠴᠠ ᠰᠢᠭᠢᠬᠤᠲᠤᠭ ᠳᠡᠢᠯᠦᠭᠳᠡᠭᠡᠳ ᠮᠣᠩᠭᠣᠯ ᠴᠡᠷᠢᠭ ᠪᠤᠷᠤᠭᠤᠯᠠᠪᠠ᠃ ᠴᠢᠩᠭᠢᠰ ᠬᠠᠭᠠᠨ ᠡᠨᠡ ᠮᠡᠲᠦ ᠳᠡᠢᠯᠦᠭᠳᠡᠭᠰᠡᠨ ᠴᠢᠮᠡᠭᠡ ᠶ᠋ᠢ ᠰᠣᠨᠣᠰᠤᠭᠠᠳ ᠶᠠᠮᠠᠷ ᠴᠤ᠌ ᠦᠨ᠎ᠡ ᠬᠦᠷᠬᠦ ᠦᠭᠡᠢ ᠭᠡᠵᠦ ᠪᠣᠳᠣᠭᠠᠳ ᠬᠡᠯᠡᠭᠰᠡᠨ ᠨᠢ᠄《ᠰᠢᠭᠢᠬᠤᠲᠤᠭ ᠳᠡᠢᠯᠦᠭᠰᠡᠨ ᠪᠠᠢᠯᠳᠤᠭᠠᠨ ᠢ᠋ ᠯᠡ ᠮᠡᠳᠡᠵᠦ ᠪᠠᠢᠭᠰᠠᠨ᠂ ᠣᠳᠣ ᠳᠡᠢᠯᠦᠭᠳᠡᠭᠰᠡᠨ ᠠᠮᠲᠠ ᠶ᠋ᠢ ᠮᠡᠳᠡᠭᠦᠯᠬᠦ ᠨᠢ ᠪᠠᠰᠠ ᠰᠠᠢᠨ ᠶᠤᠮ》 ᠭᠡᠵᠡᠢ᠃   
          ᠡᠨᠡ ᠤᠳᠠᠭ᠎ᠠ ᠶ᠋ᠢᠨ ᠳᠡᠢᠯᠦᠭᠳᠡᠭᠰᠡᠨ ᠴᠢᠮᠡᠭᠡ ᠡᠴᠡ ᠪᠣᠯᠵᠤ᠂ ᠰᠢᠨ᠎ᠡ ᠤᠷᠪᠠᠯᠭ᠎ᠠ ᠭᠠᠷᠬᠤ ᠡᠴᠡ ᠡᠮᠦᠨ᠎ᠡ᠂ ᠴᠢᠩᠭᠢᠰ ᠬᠠᠭᠠᠨ ᠥᠭᠡᠳᠡᠢ᠂ ᠴᠠᠭᠠᠲᠠᠢ᠂ ᠲᠤᠯᠤᠢ ᠶ᠋ᠢᠨ ᠬᠠᠮᠲᠤ ᠪᠦᠬᠦ ᠴᠡᠷᠢᠭ ᠢ᠋ᠶ᠋ᠡᠨ ᠳᠠᠭᠠᠭᠤᠯᠤᠭᠠᠳ ᠳᠠᠢᠰᠤᠨ ᠡᠴᠡ ᠤᠷᠢᠳ ᠵᠠᠪᠳᠤᠵᠤ ᠠᠭᠤᠯᠠᠷᠬᠠᠭ ᠣᠷᠣᠨ ᠲᠡᠰᠢ ᠮᠣᠷᠳᠠᠪᠠ᠃ ᠡᠨᠡ ᠤᠳᠠᠭ᠎ᠠ ᠳᠠᠢᠰᠤᠨ ᠲᠠᠢ ᠣᠶ᠋ᠢᠷᠠᠳᠤᠵᠤ ᠣᠴᠢᠬᠤ ᠳ᠋ᠤ᠌ ᠶᠠᠮᠠᠷ ᠴᠤ᠌ ᠰᠠᠭᠠᠳ ᠤᠴᠠᠷᠠᠭᠰᠠᠨ ᠦᠭᠡᠢ ᠪᠡᠷ ᠪᠦᠬᠦ ᠠᠹᠭᠠᠨᠢᠰᠲ᠋ᠠᠨ ᠤ᠋ ᠬᠡᠪᠴᠢᠶ᠎ᠡ ᠪᠡᠷ ᠪᠡᠶᠡᠯᠡᠭᠳᠡᠪᠡ᠃ ᠵᠥᠪᠬᠡᠨ ᠨᠢᠭᠡ ᠤᠳᠠᠭ᠎ᠠ ᠰᠢᠭᠢᠬᠤᠲᠤᠭ ᠤ᠋ᠨ ᠳᠡᠢᠯᠦᠭᠳᠡᠭᠰᠡᠨ ᠭᠠᠵᠠᠷ ᠹᠢᠷᠦᠪᠡᠨ ᠣᠷᠴᠢᠮ᠂ ᠴᠢᠩᠭᠢᠰ ᠬᠠᠭᠠᠨ ᠰᠢᠨ᠎ᠡ ᠪᠠᠢᠯᠳᠤᠭᠠᠨ ᠳ᠋ᠤ᠌ ᠶᠠᠭᠠᠷᠠᠵᠤ ᠪᠠᠢᠭ᠎ᠠ ᠴᠠᠭ ᠢ᠋ᠶ᠋ᠠᠨ ᠪᠠᠬᠠᠨ ᠰᠠᠭᠠᠲᠠᠭᠠᠵᠤ᠂ ᠵᠠᠯᠠᠭᠤ ᠥᠷᠯᠥᠭ ᠰᠢᠭᠢᠬᠤᠲᠤᠭ ᠢ᠋ ᠳᠠᠭᠠᠭᠤᠯᠵᠤ ᠪᠠᠢᠯᠳᠤᠭᠠᠨ ᠤ᠋ ᠲᠠᠯᠠᠪᠠᠢ ᠪᠠᠷ ᠲᠣᠭᠣᠷᠢᠨ᠂  ᠲᠡᠭᠦᠨ ᠦ᠌ ᠪᠠᠢᠯᠳᠤᠭᠠᠨ ᠤ᠋ ᠲᠠᠯᠠᠪᠠᠢ ᠶ᠋ᠢ ᠰᠣᠩᠭᠣᠭᠰᠠᠨ ᠳᠤᠲᠠᠭᠳᠠᠯ᠂ ᠪᠠᠢᠯᠳᠤᠬᠤ ᠵᠢᠭᠰᠠᠭᠠᠯ ᠤ᠋ᠨ   ᠡᠨᠳᠡᠭᠦᠦ ᠪᠣᠯᠤᠭᠰᠠᠨ ᠭᠠᠵᠠᠷ ᠢ᠋ ᠵᠢᠭᠠᠨ ᠰᠤᠷᠭᠠᠵᠠᠢ᠃  
   ᠵᠸᠯᠡᠯ— ᠡᠳ᠋— ᠳ᠋ᠶ᠋ᠨ  ᠴᠦ᠍ ᠬᠠᠯᠠᠭᠤᠨ ᠰᠡᠳᠬᠢᠯ ᠲᠡᠢ ᠵᠦᠢᠷᠯᠡᠰᠢ ᠦᠭᠡᠢ ᠵᠣᠷᠢᠭᠲᠠᠢ  ᠪᠠᠢᠭᠰᠠᠨ ᠶᠤᠮ᠂ ᠪᠠᠢᠯᠳᠤᠭᠠᠨ ᠤ᠋ ᠲᠠᠯᠠᠪᠠᠢ ᠳ᠋ᠤ᠌ ᠢᠯᠠᠯᠲᠠ ᠣᠯᠬᠤ ᠠᠷᠭ᠎ᠠ ᠶ᠋ᠢ ᠮᠡᠳᠡᠬᠦ ᠪᠥᠭᠡᠳ ᠴᠢᠩᠭᠢᠰ ᠬᠠᠭᠠᠨ ᠲᠠᠢ ᠳᠠᠢᠰᠤᠩᠨᠠᠬᠤ ᠪᠠᠷ ᠢ᠋ᠶ᠋ᠠᠨ ᠭᠠᠷ ᠲᠡᠩᠴᠡᠮᠡᠷ  ᠪᠠᠢᠭᠰᠠᠨ ᠪᠣᠯᠪᠠᠴᠤ᠂  ᠳᠡᠢᠯᠦᠭᠰᠡᠨ ᠵᠠᠪᠰᠢᠶᠠᠨ ᠢ᠋ᠶ᠋ᠠᠨ ᠠᠰᠢᠭᠯᠠᠨ ᠢᠯᠠᠯᠲᠠ ᠪᠠᠨ ᠥᠷᠭᠡᠳᠬᠡᠬᠦ ᠠᠷᠭ᠎ᠠ ᠶ᠋ᠢ ᠮᠡᠳᠡᠭᠰᠡᠨ ᠦᠭᠡᠢ  ᠶᠤᠮ᠃ ᠴᠢᠩᠭᠢᠰ ᠬᠠᠭᠠᠨ ᠤ᠋ ᠴᠡᠷᠢᠭ ᠡᠳᠦᠷ ᠡᠴᠡ ᠡᠳᠦᠷ ᠲᠦ᠍ ᠳᠠᠢᠰᠤᠨ ᠲᠠᠢ  ᠣᠢᠷᠠᠲᠤᠵᠤ ᠣᠴᠢᠵᠤ ᠪᠠᠢᠬᠤ ᠦᠶ᠎ᠡ ᠳ᠋ᠦ᠍᠂ ᠵᠸᠯᠡᠯ— ᠡᠳ᠋— ᠳ᠋ᠶ᠋ᠨ  ᠬᠠᠷᠢᠨ ᠪᠠᠢᠯᠳᠤᠭᠠᠨ ᠤ᠋ ᠢᠯᠠᠯᠲᠠ ᠪᠠᠨ  ᠪᠡᠯᠭᠡᠯᠡᠬᠦ ᠬᠤᠷᠢᠮ ᠬᠢᠬᠦ ᠪᠤᠶᠤ ᠪᠠᠢᠯᠳᠤᠭᠠᠨ ᠳ᠋ᠤ᠌ ᠣᠯᠵᠠᠯᠠᠭᠳᠠᠭᠰᠠᠨ ᠮᠣᠩᠭᠣᠯ ᠴᠡᠷᠢᠭ ᠢ᠋   ᠮᠥᠴᠢᠯᠡᠵᠦ ᠠᠯᠠᠬᠤ ᠵᠡᠷᠭᠡ ᠪᠡᠷ ᠵᠣᠪᠠᠭᠠᠵᠤ ᠡᠳᠦᠷ ᠢ᠋ᠶ᠋ᠡᠨ ᠥᠩᠭᠡᠷᠡᠭᠡᠵᠦ ᠪᠠᠢᠯ᠎ᠠ᠃ ᠪᠠᠷᠢᠭᠳᠠᠭᠰᠠᠨ  ᠴᠡᠷᠢᠭ ᠦ᠋ᠨ ᠴᠢᠬᠢᠨ ᠳ᠋ᠦ᠍ ᠲᠡᠷᠡ  ᠭᠠᠳᠠᠰᠤ  ᠭᠠᠳᠠᠵᠤ  ᠠᠯᠠᠵᠤ ᠪᠠᠢᠵᠠᠢ᠃ ᠲᠡᠭᠦᠨ ᠦ᠌ ᠰᠢᠳᠠᠷ ᠲᠦᠰᠢᠮᠡᠯ ᠨᠢ  ᠨᠢᠭᠡᠬᠡᠨ   ᠠᠷᠠᠪ ᠮᠣᠷᠢ ᠶ᠋ᠢ   ᠪᠤᠯᠢᠶᠠᠯᠳᠤᠨ᠂ ᠨᠢᠭᠡ ᠨᠢ ᠨᠥᠭᠦᠭᠡ ᠪᠡᠨ ᠲᠠᠰᠢᠭᠤᠷᠳᠠᠭᠠᠳ ᠲᠣᠯᠣᠭᠠᠢ ᠶ᠋ᠢ ᠨᠢ ᠰᠢᠷᠬᠠᠲᠤᠭᠤᠯᠤᠭᠰᠠᠨ  ᠪᠠᠢᠲᠠᠯ᠎ᠠ ᠵᠸᠯᠡᠯ— ᠡᠳ᠋— ᠳ᠋ᠶ᠋ᠨ ᠬᠠᠷᠢᠨ  ᠲᠠᠰᠢᠭᠤᠷᠳᠠᠭᠴᠢ ᠡᠲᠡᠭᠡᠳ ᠢ᠋ ᠥᠮᠥᠭᠯᠡᠵᠡᠢ᠃ ᠶᠠᠭᠠᠬᠢᠭᠠᠳ ᠭᠡᠪᠡᠯ ᠲᠡᠷᠡ ᠬᠥᠮᠦᠨ ᠦ᠌ ᠴᠡᠷᠢᠭ ᠲᠤᠨᠢ ᠣᠯᠠᠨ ᠠᠢᠮᠠᠭ ᠪᠠᠢᠭᠰᠠᠨ ᠡᠴᠡ ᠲᠡᠭᠡᠭᠰᠡᠨ  ᠶᠤᠮ ᠭᠡᠨ᠎ᠡ᠃ ᠡᠢᠮᠦ ᠭᠣᠣᠯᠴᠢ ᠪᠤᠰᠤ ᠪᠠᠷ ᠳᠣᠷᠣᠮᠵᠢᠯᠠᠭᠳᠠᠭᠰᠠᠨ ᠡᠲᠡᠭᠡᠳ ᠨᠢ ᠰᠥᠨᠢ ᠶ᠋ᠢᠨ ᠬᠠᠷᠠᠩᠭᠤᠢ ᠶ᠋ᠢ ᠠᠰᠢᠭᠯᠠᠭᠠᠳ ᠥᠪᠡᠷ ᠦ᠋ᠨ ᠴᠡᠷᠢᠭ ᠢ᠋ᠶ᠋ᠡᠨ ᠳᠠᠭᠠᠭᠤᠯᠤᠭᠠᠳ ᠶᠠᠪᠤᠴᠢᠬᠠᠭᠰᠠᠨ ᠪᠠᠢᠵᠠᠢ᠃ ᠲᠡᠷᠡ ᠦᠶ᠎ᠡ ᠳ᠋ᠦ᠍ ᠵᠸᠯᠡᠯ— ᠡᠳ᠋— ᠳ᠋ᠶ᠋ᠨ ᠦ᠌ ᠪᠡᠶ᠎ᠡ ᠳ᠋ᠦ᠍ ᠲᠤᠯᠭᠠᠷᠠᠭᠰᠠᠨ ᠪᠠᠢᠳᠠᠯ ᠨᠢ ᠪᠣᠯ ᠪᠡᠶ᠎ᠡ ᠪᠡᠷ ᠢ᠋ᠶ᠋ᠡᠨ ᠵᠢᠭᠤᠲᠠᠵᠤ ᠠᠮᠢ ᠪᠠᠨ ᠭᠠᠷᠬᠤ ᠡᠴᠡ ᠥᠭᠡᠷ᠎ᠡ ᠵᠠᠮ ᠦᠭᠡᠢ ᠪᠣᠯᠵᠠᠢ᠃  
        ᠠᠹᠭᠠᠨᠢᠰᠲ᠋ᠠᠨ ᠤᠯᠤᠰ ᠳᠠᠬᠢ ᠴᠢᠩᠭᠢᠰ ᠬᠠᠭᠠᠨ ᠤ᠋ ᠴᠡᠷᠢᠭ ᠦ᠋ᠨ ᠠᠶᠠᠨ ᠨᠢ ᠲᠤᠢᠯ ᠤ᠋ᠨ ᠬᠤᠷᠳᠤᠨ ᠪᠠᠢᠭᠰᠠᠨ ᠡᠴᠡ ᠠᠭᠤᠯᠠᠷᠬᠠᠭ ᠣᠷᠣᠨ ᠤ᠋ ᠠᠷᠠᠳ᠂ ᠠᠭᠤᠯᠠ ᠪᠤᠶᠤ ᠬᠠᠪᠴᠢᠯ ᠵᠠᠮ ᠢ᠋ ᠠᠰᠢᠭᠯᠠᠨ ᠡᠰᠡᠷᠭᠦᠴᠡᠵᠦ ᠴᠢᠳᠠᠬᠤ ᠦᠭᠡᠢ ᠪᠠᠢᠵᠠᠢ᠃ ᠬᠣᠲᠠ ᠵᠡᠭᠡᠯᠢ᠂ ᠬᠥᠳᠡᠭᠡ ᠲᠣᠰᠬᠣᠨ ᠨᠢ ᠪᠦᠷ ᠡᠰᠡᠷᠭᠦᠴᠡᠯ ᠦᠭᠡᠢ ᠪᠡᠷ᠂ ᠪᠠᠢᠯᠳᠤᠨ  ᠳᠠᠭᠠᠭᠤᠯᠤᠭᠴᠢ ᠳ᠋ᠤ᠌ ᠬᠠᠭᠠᠯᠭ᠎ᠠ ᠪᠠᠨ ᠲᠠᠯᠪᠢᠨ ᠦᠭᠭᠦᠭᠰᠡᠨ ᠪᠠᠢᠨ᠎ᠠ᠃ ᠮᠣᠩᠭᠣᠯ ᠴᠡᠷᠢᠭ ᠡᠴᠦᠰ ᠦ᠋ᠨ ᠮᠥᠷᠲᠡᠭᠡᠨ  ᠢᠨᠳᠡᠰ ᠭᠣᠣᠯ ᠤ᠋ᠨ ᠬᠥᠪᠡᠭᠡᠨ ᠳ᠋ᠦ᠍ ᠵᠠᠯᠠᠭᠤ ᠱᠠᠭ ᠢ᠋ ᠨᠡᠬᠡᠭᠡᠳ ᠭᠦᠢᠴᠡᠯ᠎ᠡ᠃ ᠴᠢᠩᠭᠢᠰ ᠬᠠᠭᠠᠨ ᠲᠥᠷᠥᠭᠰᠡᠨ ᠡᠴᠡ ᠪᠡᠨ ᠲᠡᠷᠢᠭᠦᠨ ᠤᠳᠠᠭ᠎ᠠ ᠳᠠᠢᠰᠤᠨ ᠡᠴᠡ ᠲᠣᠭ᠎ᠠ ᠶ᠋ᠢᠨ ᠲᠠᠯ᠎ᠠ ᠪᠠᠷ ᠢᠯᠡᠭᠦᠦ ᠴᠡᠷᠢᠭ ᠢ᠋ᠶ᠋ᠡᠷ ᠪᠠᠢᠯᠳᠤᠵᠤ ᠦᠵᠡᠪᠡ᠃ ᠡᠨᠡ ᠤᠳᠠᠭ᠎ᠠ ᠶ᠋ᠢᠨ ᠪᠠᠢᠯᠳᠤᠭᠠᠨ ᠳ᠋ᠤ᠌ ᠲᠡᠭᠦᠨ ᠦ᠌ ᠳᠠᠢᠰᠤᠨ ᠵᠸᠯᠡᠯ— ᠡᠳ᠋— ᠳ᠋ᠢᠨ ᠦ᠌ ᠨᠡᠷ᠎ᠡ ᠮᠠᠨᠳᠤᠭᠰᠠᠨ ᠨᠢᠭᠡᠨ ᠲᠡᠦᠬᠡ ᠪᠣᠯᠤᠨ᠎ᠠ᠃ ᠡᠨᠡ ᠪᠠᠢᠯᠳᠤᠭᠠᠨ ᠤ᠋ ᠲᠤᠬᠠᠢ ᠡᠳᠦᠭᠡ ᠳ᠋ᠦ᠍ ᠬᠦᠷᠲᠡᠯ᠎ᠡ ᠳᠤᠮᠳᠠᠳᠤ ᠳᠣᠷᠣᠨᠠᠲᠤ ᠶ᠋ᠢᠨ ᠣᠯᠠᠨ ᠤᠯᠤᠰ ᠦᠨᠳᠦᠰᠦᠲᠡᠨ ᠦ᠌ ᠳᠣᠲᠣᠷ᠎ᠠ ᠦᠯᠢᠭᠡᠷ ᠳᠣᠮᠣᠭ ᠪᠣᠯᠤᠨ ᠦᠯᠡᠳᠡᠵᠦ ᠢᠷᠡᠭᠰᠡᠨ ᠪᠠᠢᠨ᠎ᠠ᠃ ᠦᠯᠢᠭᠡᠷ ᠳᠣᠮᠣᠭ ᠲᠤ᠌ ᠤᠯᠠᠮᠵᠢᠯᠠᠯᠲᠤ ᠲᠡᠦᠬᠡ ᠲᠡᠢ ᠠᠯᠠ— ᠤᠳ᠋— ᠳ᠋ᠢᠨ᠂ ᠯᠦᠬᠠᠮᠸᠳ᠋ ᠭᠡᠭᠴᠢ ᠬᠥᠮᠦᠰ ᠲᠦ᠍ ᠪᠦᠷ ᠤᠮᠠᠷᠳᠠᠭᠳᠠᠭᠠᠳ᠂ ᠲᠡᠭᠦᠨ ᠦ᠌ ᠬᠥᠪᠡᠭᠦᠨ ᠵᠸᠯᠡᠯ— ᠡᠳ᠋— ᠳ᠋ᠢᠨ᠂ ᠮᠦᠬᠠᠮᠸᠳ᠋᠂ ᠬᠠᠷᠢᠨ ᠴᠢᠩᠭᠢᠰ ᠬᠠᠭᠠᠨ ᠲᠠᠢ ᠭᠠᠷ ᠲᠡᠩᠴᠡᠨ ᠪᠠᠢᠯᠳᠤᠭᠰᠠᠨ ᠭᠡᠵᠦ ᠤᠯᠠᠮᠵᠢᠯᠠᠭᠳᠠᠵᠤ ᠢᠷᠡᠵᠡᠢ᠃ 
          ᠰᠢᠢᠳᠪᠦᠷᠢᠲᠦ ᠪᠠᠢᠯᠳᠤᠭᠠᠨ ᠬᠢᠬᠦ ᠡᠴᠡ ᠡᠮᠦᠨ᠎ᠡ᠂ ᠵᠸᠯᠡᠯ— ᠡᠳ᠋— ᠳ᠋ᠢᠨ ᠢ᠋ ᠠᠮᠢᠳᠤ ᠪᠠᠷ ᠪᠠᠷᠢᠵᠤ ᠠᠪᠬᠤ ᠪᠠᠷ ᠪᠣᠭᠳᠠ ᠬᠠᠭᠠᠨ ᠴᠢᠩᠭ᠎ᠠ ᠵᠠᠷᠯᠢᠭ ᠪᠠᠭᠤᠯᠭᠠᠵᠠᠢ᠃ ᠬᠡᠷᠪᠡ ᠵᠸᠯᠡᠯ— ᠡᠳ᠋— ᠳ᠋ᠢᠨ ᠢ᠋ ᠭᠠᠷ ᠲᠠᠭᠠᠨ ᠣᠷᠣᠭᠤᠯᠤᠭᠠᠳ ᠴᠢᠳᠠᠪᠠᠯ ᠠᠯᠢᠪᠠ ᠤᠷᠪᠠᠯᠭ᠎ᠠ᠂ ᠪᠦᠬᠦᠢᠯᠡ ᠡᠰᠡᠷᠭᠦᠴᠡᠯ ᠨᠢ ᠪᠦᠷ ᠵᠣᠭᠰᠣᠬᠤ ᠳ᠋ᠤ᠌ ᠬᠦᠷᠦᠨ᠎ᠡ᠃ ᠭᠡᠲᠡᠯ᠎ᠡ ᠵᠸᠯᠡᠯ —ᠡᠳ᠋— ᠳ᠋ᠢᠨ ᠪᠠᠰᠠ ᠲᠡᠢᠮᠦ ᠠᠮᠠᠷ ᠪᠠᠷᠢᠭᠳᠠᠬᠤ ᠬᠥᠮᠦᠨ ᠪᠢᠰᠢ ᠪᠠᠢᠵᠠᠢ᠃ ᠨᠢᠭᠡᠨᠲᠡ ᠬᠡᠳᠦᠨ ᠲᠠᠯ᠎ᠠ ᠡᠴᠡ ᠪᠦᠰᠡᠯᠡᠭᠳᠡᠭᠰᠡᠨ ᠪᠣᠯᠪᠠᠴᠤ ᠲᠡᠷᠡ ᠪᠠᠰᠠ ᠦᠯᠡᠳᠡᠭᠰᠡᠨ ᠳᠣᠯᠣᠭᠠᠨ ᠵᠠᠭᠤᠨ ᠴᠡᠷᠢᠭ ᠢ᠋ᠶ᠋ᠡᠨ ᠳᠠᠭᠠᠭᠤᠯᠵᠤ ᠮᠣᠩᠭᠣᠯ ᠴᠡᠷᠢᠭ ᠥᠭᠡᠳᠡ ᠨᠢᠭᠡᠨ ᠤᠳᠠᠭ᠎ᠠ ᠰᠢᠪᠲᠤᠯᠤᠨ ᠴᠣᠬᠢᠭᠠᠳ ᠵᠢᠭᠰᠠᠭᠠᠯ ᠢ᠋ ᠡᠪᠳᠡᠵᠦ᠂ ᠮᠣᠩᠭᠣᠯ ᠴᠡᠷᠢᠭ ᠲᠦ᠍ ᠪᠤᠯᠢᠶᠠᠭᠳᠠᠵᠤ ᠠᠪᠲᠠᠭᠰᠠᠨ ᠲᠤᠭ ᠢ᠋ᠶ᠋ᠠᠨ ᠪᠤᠯᠢᠶᠠᠨ ᠠᠪᠴᠤ᠂ ᠳᠠᠬᠢᠨ ᠨᠢᠭᠡᠨ ᠤᠳᠠᠭ᠎ᠠ ᠮᠣᠩᠭᠣᠯ ᠴᠡᠷᠢᠭ ᠦ᠋ᠨ ᠵᠢᠭᠰᠠᠭᠠᠯ ᠢ᠋ ᠰᠢᠪᠲᠤᠯᠤᠭᠠᠳ ᠮᠣᠷᠢ ᠤᠨᠤᠭᠰᠠᠨ ᠲᠡᠷᠡ ᠬᠡᠪ ᠢ᠋ᠶ᠋ᠡᠷ ᠢ᠋ᠶ᠋ᠡᠨ ᠬᠣᠷᠢᠨ ᠲᠣᠬᠣᠢ ᠴᠠᠪᠴᠢᠮ᠎ᠠ ᠡᠷᠭᠢ ᠳᠡᠭᠡᠷ᠎ᠡ ᠡᠴᠡ ᠢᠨᠳᠡᠰ ᠭᠣᠣᠯ ᠳ᠋ᠤ᠌ ᠦᠰᠦᠷᠴᠦ ᠣᠷᠣᠭᠠᠳ ᠴᠡᠷᠢᠭ ᠦ᠋ᠨ ᠲᠤᠭ ᠢ᠋ᠶ᠋ᠠᠨ ᠭᠠᠷ ᠲᠠᠭᠠᠨ ᠠᠳᠬᠤᠭᠰᠠᠭᠠᠷ ᠭᠣᠣᠯ ᠢ᠋ ᠤᠮᠪᠠᠭᠤᠯᠤᠨ ᠭᠡᠲᠦᠯᠵᠡᠢ᠃ ᠡᠢᠮᠦ ᠪᠠᠭᠠᠲᠤᠷᠯᠢᠭ ᠵᠣᠷᠢᠭ ᠢ᠋ ᠭᠠᠢᠬᠠᠭᠰᠠᠨ ᠴᠢᠩᠭᠢᠰ ᠬᠠᠭᠠᠨ᠂ ᠲᠡᠭᠦᠨ ᠦ᠌ ᠵᠦᠭ ᠰᠤᠮᠤ ᠬᠠᠷᠪᠤᠬᠤ ᠶ᠋ᠢ ᠴᠠᠭᠠᠵᠠᠯᠠᠪᠠ᠃ ᠲᠡᠭᠡᠭᠡᠳ ᠬᠡᠯᠡᠭᠰᠡᠨ ᠨᠢ:《ᠲᠡᠢᠮᠦ ᠡᠴᠢᠭᠡ ᠡᠴᠡ ᠬᠠᠷᠢᠨ ᠡᠢᠮᠦ ᠬᠥᠪᠡᠭᠦᠨ ᠲᠥᠷᠥᠭᠰᠡᠨ ᠠᠵᠢ》 ᠭᠡᠳ᠂ ᠥᠪᠡᠷ ᠦ᠋ᠨ ᠦᠷ᠎ᠡ ᠬᠡᠦᠬᠡᠳ ᠢ᠋ᠶ᠋ᠡᠨ ᠵᠸᠯᠡᠯ— ᠡᠳ᠋— ᠳ᠋ᠢᠨ ᠦ᠌ ᠪᠠᠭᠠᠲᠤᠷᠯᠢᠭ ᠪᠥᠭᠡᠳ ᠡᠷᠡᠰ ᠵᠣᠷᠢᠭ ᠢ᠋ ᠰᠣᠷᠣᠭᠲᠤᠨ ᠭᠡᠵᠦ ᠰᠤᠷᠭᠠᠵᠠᠢ᠃ 
          ᠢᠩᠭᠢᠵᠦ ᠰᠠᠢᠰᠢᠶᠠᠵᠤ ᠪᠠᠢᠭᠰᠠᠨ ᠪᠣᠯᠪᠠᠴᠤ ᠴᠢᠩᠭᠢᠰ ᠬᠠᠭᠠᠨ ᠪᠠᠰᠠ ᠨᠢᠭᠡᠨ ᠠᠩᠭᠢ ᠴᠡᠷᠢᠭ ᠢ᠋ ᠲᠣᠮᠢᠯᠠᠵᠤ ᠭᠣᠣᠯ ᠤ᠋ᠨ ᠴᠢᠨᠠᠳᠤ ᠬᠥᠪᠡᠭᠡᠨ ᠳ᠋ᠦ᠍ ᠲᠡᠭᠦᠨ ᠢ᠋ ᠡᠭᠡᠭᠦᠯᠪᠡ᠃ 
          ᠡᠨᠡ ᠴᠡᠷᠢᠭ ᠨᠢ ᠪᠠᠢᠱᠫᠣᠷ᠂ ᠯᠠᠬᠤᠢ᠂ ᠮᠦᠷᠲ᠋ᠠᠨ ᠵᠡᠷᠭᠡ ᠭᠠᠵᠠᠷ ᠢ᠋ ᠡᠵᠡᠯᠡᠨ ᠠᠪᠤᠭᠰᠠᠨ ᠪᠣᠯᠪᠠᠴᠤ᠂ ᠬᠠᠮᠢᠭ᠎ᠠ ᠡᠴᠡ ᠴᠤ ᠵᠸᠯᠡᠯ— ᠡᠳ᠋— ᠳ᠋ᠢᠨ ᠢ᠋ ᠣᠯᠤᠭᠰᠠᠨ ᠦᠭᠡᠢ᠃ ᠬᠠᠪᠤᠷ ᠤ᠋ᠨ ᠴᠠᠭ ᠪᠣᠯᠤᠭᠠᠳ ᠲᠡᠷᠡ ᠬᠠᠯᠠᠭᠤᠨ ᠳ᠋ᠤ᠌ ᠮᠣᠩᠭᠣᠯ ᠴᠡᠷᠢᠭ ᠲᠡᠰᠪᠦᠷᠢᠯᠡᠵᠦ ᠴᠢᠳᠠᠬᠤ ᠦᠭᠡᠢ ᠲᠤᠯᠠ᠂ ᠡᠨᠡ ᠴᠡᠷᠢᠭ ᠠᠩᠭᠢ ᠨᠢ ᠠᠹᠭᠠᠨᠢᠰᠲ᠋ᠠᠨ ᠳ᠋ᠤ᠌ ᠡᠭᠡᠵᠦ ᠢᠷᠡᠭᠰᠡᠨ ᠪᠥᠭᠡᠳ ᠡᠨᠡ ᠦᠶ᠎ᠡ ᠳ᠋ᠦ᠍ ᠥᠭᠡᠳᠡᠢ ᠠᠹᠭᠠᠨᠢᠰᠲ᠋ᠠᠨ ᠤ᠋ ᠠᠭᠤᠯᠠᠷᠬᠠᠭ ᠣᠷᠣᠨ ᠤ᠋ ᠦᠨᠳᠦᠰᠦᠲᠡᠨ ᠨᠦ᠍ᠭᠦᠳ ᠢ᠋ ᠪᠠᠢᠯᠳᠤᠨ ᠳᠠᠭᠠᠭᠤᠯᠵᠠᠢ᠃ ᠴᠠᠭᠠᠲᠠᠢ ᠺᠠᠷᠮᠠᠨ ᠪᠣᠯᠤᠨ ᠪᠧᠷᠥ᠋ᠰᠴᠢᠰᠲ᠋ᠠᠨ ᠢ᠋ ᠪᠠᠢᠯᠳᠤᠨ ᠳᠠᠭᠠᠭᠤᠯᠪᠠ᠃ 
          ᠡᠨᠡ ᠬᠣᠭᠣᠷᠣᠨᠳᠣ ᠵᠸᠯᠡᠯ— ᠡᠳ᠋— ᠳ᠋ᠢᠨ ᠲᠡᠭᠦᠨ ᠯᠦ᠍ᠭᠡ ᠬᠠᠮᠲᠤ ᠢᠨᠳᠡᠰ ᠭᠣᠣᠯ ᠤ᠋ᠨ ᠴᠢᠨᠠᠳᠤ ᠬᠥᠪᠡᠭᠡᠨ ᠳ᠋ᠦ᠍ ᠭᠠᠷᠤᠭᠰᠠᠨ ᠲᠠᠪᠢᠨ ᠬᠥᠮᠦᠨ ᠲᠡᠢ ᠬᠠᠮᠲᠤ᠂ ᠪᠠᠢᠯᠳᠤᠬᠤ ᠳᠤᠷ᠎ᠠ ᠲᠠᠢ ᠾᠢᠨᠽᠢ ᠬᠥᠮᠦᠨ ᠦ᠌ ᠳᠤᠮᠳᠠ ᠰᠦᠷ ᠬᠦᠴᠦᠨ ᠢ᠋ᠶ᠋ᠡᠨ ᠥᠷᠭᠡᠳᠬᠡᠨ ᠨᠢᠭᠡᠨ ᠬᠡᠰᠡᠭ ᠠᠢᠮᠠᠭ ᠦᠨᠳᠦᠰᠦᠲᠡᠨ ᠢ᠋ ᠳᠠᠭᠠᠭᠤᠯᠵᠠᠢ᠃ ᠡᠳᠡᠭᠡᠷ ᠬᠠᠷᠢᠶᠠᠲᠤ ᠪᠠᠨ ᠳᠠᠭᠠᠭᠤᠯᠵᠤ  ᠳ᠋ᠸᠯᠢ ᠳᠠᠰᠢ ᠮᠣᠷᠳᠠᠵᠤ᠂ ᠡᠨᠡ ᠬᠣᠲᠠ ᠶ᠋ᠢᠨ ᠡᠵᠡᠨ ᠢ᠋ ᠱᠠᠭᠠᠷᠳᠠᠨ ᠲᠡᠨᠳᠡ ᠰᠠᠭᠤᠭᠠᠳ᠂ ᠬᠡᠦᠬᠡᠨ ᠢ᠋ ᠨᠢ ᠡᠬᠡᠨᠡᠷ ᠪᠣᠯᠭᠠᠨ ᠠᠪᠴᠠᠢ᠃ ᠲᠡᠷᠡ ᠳ᠋ᠸᠯᠢ ᠳ᠋ᠦ᠍ ᠰᠠᠭᠤᠭᠠᠳ ᠮᠣᠩᠭᠣᠯ ᠴᠡᠷᠢᠭ ᠦ᠋ᠨ ᠪᠤᠴᠠᠬᠤ ᠶ᠋ᠢ ᠬᠦᠯᠢᠶᠡᠭᠰᠡᠨ ᠪᠢᠯᠡ᠃ ᠬᠡᠳᠦᠨ ᠵᠢᠯ ᠦ᠋ᠨ ᠬᠣᠢᠨ᠎ᠠ ᠠᠹᠭᠠᠨᠢᠰᠲ᠋ᠠᠨ ᠳ᠋ᠤ᠌ ᠡᠭᠡᠵᠦ ᠢᠷᠡᠵᠡᠢ᠃ ᠴᠢᠩᠭᠢᠰ ᠬᠠᠭᠠᠨ ᠥᠭᠡᠳᠡ ᠪᠣᠯᠤᠭᠰᠠᠨ ᠤ᠋ ᠬᠣᠢᠨ᠎ᠠ ᠤᠯᠠᠮ ᠢ᠋ᠶ᠋ᠠᠷ ᠫᠧᠷᠰ ᠲᠦ᠍ ᠭᠦᠨᠵᠡᠭᠡᠢᠷᠡᠨ ᠳᠣᠪᠲᠣᠯᠤᠭᠰᠠᠨ ᠪᠣᠯᠪᠠᠴᠤ ᠮᠣᠩᠭᠣᠯ ᠤ᠋ᠨ ᠰᠢᠨ᠎ᠡ ᠴᠡᠷᠢᠭ ᠨᠡᠬᠡᠵᠦ ᠤᠷᠤᠭᠰᠢᠯᠠᠭᠰᠠᠨ ᠤᠴᠢᠷ ᠡᠴᠡ ᠪᠠᠷᠠᠭᠤᠨ ᠠᠽᠢᠶ᠎ᠠ ᠵᠦᠭ ᠳᠤᠲᠠᠭᠠᠭᠠᠳ᠂ ᠲᠡᠨᠳᠡ ᠪᠠᠢᠯᠳᠤᠭᠠᠨ ᠳ᠋ᠤ᠌ ᠦᠬᠦᠵᠡᠢ᠃ 

( ᠲᠠᠪᠤ) ᠴᠢᠩᠭᠢᠰ ᠬᠠᠭᠠᠨ ᠮᠣᠩᠭᠣᠯ ᠳ᠋ᠠᠭᠠᠨ ᠬᠠᠷᠢᠭᠰᠠᠨ ᠨᠢ

         ᠢᠨᠳᠡᠰ ᠭᠣᠣᠯ ᠤ᠋ᠨ ᠬᠥᠪᠡᠭᠡᠨ ᠳ᠋ᠡᠬᠢ ᠪᠠᠢᠯᠳᠤᠭᠠᠨ ᠨᠢ ᠯᠠᠯᠤ ᠶ᠋ᠢᠨ ᠮᠥᠷᠭᠥᠯᠲᠡᠨ ᠦ᠌ ᠬᠢᠨ ᠦ᠌ ᠳᠡᠢᠯᠦᠭᠳᠡᠭᠰᠡᠨ ᠬᠠᠮᠤᠭ ᠡᠴᠦᠰ ᠦ᠋ᠨ ᠲᠡᠮᠳᠡᠭ ᠪᠣᠯᠪᠠ᠃ ᠬᠣᠷᠧᠰᠮ ᠬᠠᠭᠠᠨᠲᠤ ᠤᠯᠤᠰ ᠴᠤ ᠦᠭᠡᠢ ᠪᠣᠯᠪᠠ᠃ ᠪᠧᠷᠥ᠋ᠰᠴᠢᠰᠲ᠋ᠠᠨ᠂ ᠷᠦᠷᠢᠰᠲ᠋ᠠᠨ ᠺᠦᠷᠵᠢᠰᠲ᠋ᠠᠨ ᠵᠡᠷᠭᠡ ᠶ᠋ᠢᠨ ᠲᠤᠰᠠᠭᠠᠷ ᠪᠠᠢᠭᠰᠠᠨ ᠬᠡᠳᠦᠨ ᠭᠦᠩᠲᠦ ᠤᠯᠤᠰ ᠬᠣᠵᠢᠮ ᠤ᠋ᠨ ᠲᠡᠢᠨ ᠪᠠᠢᠯᠳᠤᠭᠠᠨ ᠢ᠋ᠶ᠋ᠠᠷ ᠳᠡᠮᠵᠢᠵᠦ ᠦᠯᠡᠳᠡᠵᠦ ᠴᠢᠳᠠᠭᠰᠠᠨ ᠦᠭᠡᠢ ᠶᠤᠮ᠃ ᠬᠢᠬᠦ ᠦᠭᠡᠢ ᠪᠣᠯ ᠪᠣᠯᠬᠤ ᠦᠭᠡᠢ ᠪᠠᠭ᠎ᠠ ᠲᠤᠯᠤᠯᠳᠤᠭᠠᠨ ᠨᠢ ᠭᠠᠵᠠᠷ ᠣᠷᠣᠨ ᠤ᠋ ᠴᠢᠨᠠᠷ ᠲᠠᠢ ᠪᠥᠭᠡᠳ ᠳᠡᠮᠡᠢ ᠦᠨ᠎ᠡ ᠬᠦᠷᠬᠦ ᠴᠦ᠍ ᠦᠭᠡᠢ ᠪᠡᠯᠡ᠃ 
          ᠶᠠᠫᠣᠨ ᠲᠠᠩᠭᠢᠰ ᠡᠴᠡ ᠺᠠᠰᠫᠢ ᠶ᠋ᠢᠨ ᠲᠠᠩᠭᠢᠰ ᠬᠦᠷᠲᠡᠯ᠎ᠡ᠂ ᠰᠣᠯᠣᠩᠭᠣᠰ ᠡᠴᠡ ᠺᠡᠦᠺᠡᠰ ᠲᠠᠩᠭᠢᠰ ᠬᠦᠷᠲᠡᠯᠡᠬᠢ ᠭᠠᠵᠠᠷ ᠲᠤ᠌ ᠴᠢᠩᠭᠢᠰ ᠬᠠᠭᠠᠨ ᠤ᠋ ᠦᠭᠡ ᠨᠢ ᠳᠠᠷᠤᠢ ᠬᠠᠤᠯᠢ ᠠᠳᠠᠯᠢ ᠪᠣᠯᠪᠠ᠃ 《ᠮᠥᠩᠬᠡ ᠲᠩᠷᠢ》 ᠨᠢᠭᠡᠨᠲᠡ ᠲᠡᠭᠦᠨ ᠢ᠋ ᠭᠠᠵᠠᠷ ᠳᠡᠭᠡᠷᠡᠬᠢ ᠪᠦᠬᠦ ᠦᠨᠳᠦᠰᠦᠲᠡᠨ ᠦ᠌ ᠡᠵᠡᠨ ᠬᠠᠭᠠᠨ ᠪᠣᠯᠭᠠᠨ ᠲᠣᠭᠲᠠᠭᠠᠭᠰᠠᠨ ᠶᠤᠮ᠃ 
          ᠭᠡᠪᠡᠴᠦ《ᠮᠥᠩᠬᠡ ᠲᠩᠷᠢ》 ᠶ᠋ᠢᠨ ᠲᠣᠭᠲᠠᠭᠠᠭᠰᠠᠨ ᠲᠥᠯᠥᠪᠯᠡᠭᠡ ᠨᠢ ᠪᠠᠰᠠ ᠪᠦᠷᠢᠨ ᠪᠡᠶᠡᠯᠡᠭᠳᠡᠭᠡᠳᠦᠢ ᠪᠠᠢᠵᠠᠢ᠃ ᠰᠦᠪᠡᠭᠡᠳᠡᠢ ᠪᠠᠭᠠᠲᠤᠷ ᠥᠷᠥᠨᠡᠲᠦ ᠡᠴᠡ ᠬᠠᠷᠢᠵᠤ ᠢᠷᠡᠭᠰᠡᠨ ᠬᠣᠢᠨ᠎ᠠ ᠰᠠᠶᠢ ᠥᠷᠥᠨᠡᠳᠠᠬᠢᠨ ᠢ᠋ ᠪᠠᠢᠯᠳᠤᠨ ᠳᠠᠭᠠᠭᠤᠯᠬᠤ ᠪᠣᠳᠣᠯᠭ᠎ᠠ ᠪᠠᠨ ᠲᠣᠭᠲᠠᠭᠠᠵᠤ ᠴᠢᠳᠠᠬᠤ ᠶᠤᠮ᠃ ᠲᠡᠭᠦᠨ ᠦ᠌ ᠡᠭᠡᠵᠦ ᠢᠷᠡᠬᠦ ᠶ᠋ᠢ ᠪᠠᠰᠠ ᠬᠣᠶᠠᠷ ᠵᠢᠯ ᠬᠦᠯᠢᠶᠡᠬᠦ ᠶᠣᠰᠣᠲᠠᠢ᠃ ᠲᠡᠷᠡ ᠦᠶ᠎ᠡ ᠪᠣᠯᠬᠤ ᠡᠴᠡ ᠤᠷᠢᠳ ᠵᠸᠯᠡᠯ— ᠡᠳ᠋— ᠳ᠋ᠢᠨ ᠢ᠋ ᠡᠨᠡᠳᠬᠡᠭ ᠬᠦᠷᠲᠡᠯ᠎ᠡ ᠨᠡᠬᠡᠵᠦ ᠨᠢᠭᠤᠵᠤ ᠰᠢᠷᠭᠤᠭᠤᠯᠤᠭᠰᠠᠨ ᠭᠠᠵᠠᠷ ᠪᠤᠶᠤ ᠤᠯᠤᠰ ᠢ᠋ ᠪᠠᠢᠯᠳᠤᠨ ᠳᠠᠭᠠᠭᠤᠯᠬᠤ ᠬᠡᠷᠡᠭᠲᠡᠢ ᠪᠠᠢᠭᠰᠠᠨ᠂ ᠡᠰᠡᠬᠦᠯ᠎ᠡ ᠲᠥᠪᠡᠳ ᠢ᠋ ᠲᠤᠭᠤᠯᠤᠨ ᠮᠣᠩᠭᠣᠯ ᠭᠠᠵᠠᠷ ᠲᠠᠭᠠᠨ ᠬᠠᠷᠢᠮᠠᠷ ᠪᠠᠢᠭᠰᠠᠨ᠃ ᠲᠥᠪᠡᠳ ᠪᠣᠯ ᠠᠢᠮᠠᠭ ᠤᠭᠰᠠᠭ᠎ᠠ ᠶ᠋ᠢᠨ ᠬᠢᠨ ᠦ᠌ ᠡᠭᠦᠰᠦᠭᠰᠡᠨ ᠤᠯᠤᠰ ᠣᠷᠣᠨ ᠭᠡᠳᠡᠭ ᠬᠡᠯᠡᠯᠴᠡᠭᠡ ᠪᠠᠢᠭᠰᠠᠨ ᠪᠢᠯᠡ᠃ ᠡᠭᠦᠨ ᠢ᠋ ᠬᠠᠭᠠᠨᠲᠤ ᠤᠯᠤᠰ ᠤ᠋ᠨ ᠳᠣᠲᠣᠷ᠎ᠠ ᠪᠠᠨ ᠪᠠᠭᠲᠠᠭᠠᠪᠠᠰᠤ ᠵᠣᠬᠢᠰᠲᠠᠢ ᠪᠠᠢᠭᠰᠠᠨ ᠰᠠᠨ᠃ ᠣᠳᠣ ᠬᠠᠪᠤᠷ ᠤ᠋ᠨ ᠤᠯᠠᠷᠢᠯ ᠪᠣᠯᠤᠭᠠᠳ ᠪᠠᠢᠨ᠎ᠠ᠃ ᠵᠤᠨ ᠤ᠋ ᠦᠶ᠎ᠡ ᠳ᠋ᠦ᠍ ᠡᠨᠡᠳᠬᠡᠭ ᠲᠡᠢ ᠪᠠᠢᠯᠳᠤᠭᠠᠨ ᠬᠢᠪᠡᠯ᠂ ᠰᠠᠷᠠᠭᠤᠯ ᠲᠠᠯ᠎ᠠ ᠶ᠋ᠢᠨ ᠮᠣᠩᠭᠣᠯ ᠮᠣᠷᠢᠲᠤ ᠴᠡᠷᠢᠭ ᠲᠡᠰᠪᠦᠷᠢᠯᠡᠵᠦ ᠴᠢᠳᠠᠬᠤ ᠦᠭᠡᠢ ᠬᠠᠯᠠᠭᠤᠨ ᠪᠣᠯᠬᠣᠷ᠂ ᠡᠪᠦᠯ ᠪᠣᠯᠬᠤ ᠶ᠋ᠢ ᠬᠦᠯᠢᠶᠡᠬᠦ ᠬᠡᠷᠡᠭᠲᠡᠢ᠃ ᠲᠡᠭᠡᠭᠡᠳ ᠴᠢᠩᠭᠢᠰ ᠬᠠᠭᠠᠨ ᠵᠥᠪᠳᠡᠭᠴᠢ ᠶ᠋ᠢᠨ ᠶᠠᠮᠤᠨ ᠤ᠋ ᠴᠡᠷᠢᠭ ᠦ᠋ᠨ ᠨᠣᠶᠠᠳ ᠢ᠋ ᠫᠠᠮᠢᠷ ᠤ᠋ᠨ ᠥᠨᠳᠥᠷᠯᠢᠭ ᠲᠦ᠍ ᠲᠣᠮᠢᠯᠠᠭᠠᠳ᠂ ᠲᠥᠪᠡᠳ ᠲᠦ᠍ ᠨᠡᠪᠲᠡᠷᠡᠬᠦ ᠵᠠᠮ ᠤ᠋ᠳ ᠢ᠋ ᠪᠠᠢᠴᠠᠭᠠᠵᠤ ᠦᠵᠡᠭᠦᠯᠦᠭᠰᠡᠨ ᠶᠦᠮ᠃ ᠴᠡᠷᠢᠭ ᠦ᠋ᠨ ᠨᠣᠶᠠᠳ ᠨᠢ ᠡᠭᠡᠵᠦ ᠢᠷᠡᠭᠡᠳ ᠲᠡᠳᠡᠭᠡᠷ ᠵᠠᠮ ᠢ᠋ᠶ᠋ᠠᠷ ᠮᠣᠩᠭᠣᠯ ᠴᠡᠷᠢᠭ ᠪᠠᠢᠯᠳᠤᠭᠠᠨ ᠤ᠋ ᠪᠠᠭᠠᠵᠢ ᠪᠣᠯᠤᠨ ᠣᠯᠠᠨ ᠬᠥᠰᠬᠡ ᠲᠡᠷᠭᠡ ᠠᠪᠴᠤ ᠠᠭᠤᠯᠠᠰ ᠢ᠋ ᠳᠠᠪᠠᠵᠤ ᠴᠢᠳᠠᠬᠤ ᠦᠭᠡᠢ ᠭᠡᠵᠦ ᠮᠡᠳᠡᠭᠦᠯᠪᠡ᠂ ᠲᠡᠭᠡᠭᠡᠳ ᠴᠢᠩᠭᠢᠰ ᠬᠠᠭᠠᠨ ᠡᠨᠡᠳᠬᠡᠭ ᠲᠡᠰᠢ ᠮᠣᠷᠳᠠᠬᠤ ᠶ᠋ᠢᠨ ᠲᠥᠯᠥᠭᠡ ᠡᠪᠦᠯ ᠢ᠋ ᠬᠦᠯᠢᠶᠡᠬᠦ ᠪᠡᠷ ᠲᠣᠭᠲᠠᠵᠠᠢ᠃ 
        ᠳᠣᠮᠣᠭ ᠶᠠᠷᠢᠶ᠎ᠠ ᠶ᠋ᠢ ᠦᠨᠳᠦᠰᠦᠯᠡᠭᠰᠡᠨ ᠢ᠋ᠶ᠋ᠡᠷ ᠴᠢᠩᠭᠢᠰ ᠬᠠᠭᠠᠨ ᠡᡁᠢ᠍ᠨᠳᠣ ᠬᠣᠰᠢᠭᠤ ᠠᠭᠤᠯᠠᠨ ᠳ᠋ᠤ᠌ ᠮᠣᠷᠢᠯᠠᠵᠤ ᠶᠠᠪᠤᠭᠠᠳ᠂ ᠨᠢᠭᠡᠨ ᠠᠮᠢᠲᠠᠨ ᠲᠠᠢ ᠲᠠᠭᠠᠷᠠᠯᠳᠤᠯ᠎ᠠ ᠭᠡᠨ᠎ᠡ᠃ ᠡᠨᠡ ᠠᠮᠢᠲᠠᠳ ᠪᠤᠭᠤ ᠰᠢᠭ᠋ ᠪᠡᠶ᠎ᠡ ᠲᠡᠢ᠂ ᠨᠣᠭᠣᠭᠠᠨ ᠦᠰᠦᠲᠡᠢ᠂ ᠮᠣᠷᠢᠨ ᠰᠡᠭᠦᠯᠲᠡᠢ᠂ ᠭᠠᠭᠴᠠ ᠡᠪᠡᠷᠳᠡᠢ ᠭᠡᠨ᠎ᠡ᠃ ᠡᠨᠡ ᠠᠮᠢᠲᠠᠨ ᠪᠣᠯ ᠬᠥᠮᠦᠨ ᠦ᠌ ᠦᠭᠡ ᠬᠡᠯᠡᠵᠦ ᠴᠢᠳᠠᠬᠤ ᠪᠥᠭᠡᠳ ᠴᠢᠩᠭᠢᠰ ᠬᠠᠭᠠᠨ ᠢ᠋ 《ᠬᠠᠷᠢᠭᠲᠤᠨ》 ᠭᠡᠵᠦ ᠵᠠᠷᠯᠢᠭᠳᠠᠪᠠ ᠭᠡᠨ᠎ᠡ ᠃ ᠴᠢᠩᠭᠢᠰ ᠬᠠᠭᠠᠨ ᠡᠭᠦᠷᠢᠳᠡ ᠶ᠋ᠢᠨ ᠠᠳᠠᠯᠢ ᠡᠭᠦᠨ ᠢ᠋ ᠶᠸᠯᠤᠢ ᠴᠦᠼᠠᠢ ᠡᠴᠡ ᠠᠰᠠᠭᠤᠭᠰᠠᠨ ᠳ᠋ᠤ᠌᠂ ᠴᠦᠽᠠᠢ ᠡᠨᠡᠬᠦ ᠵᠢᠭᠲᠡᠢ ᠠᠮᠢᠲᠠᠨ ᠢᠢ ᠮᠡᠳᠡᠵᠦ ᠪᠠᠢᠭᠰᠠᠨ ᠶᠤᠮ᠃ ᠴᠦᠼᠠᠢ ᠶ᠋ᠢᠨ ᠲᠠᠢᠯᠪᠤᠷᠢᠯᠠᠭᠰᠠᠨ ᠢ᠋ᠶ᠋ᠠᠷ ᠡᠨᠡ ᠠᠮᠢᠲᠠᠨ ᠢ᠋ ᠵᠢᠶᠣᠤ ᠳ᠋ᠦᠸᠠᠨ ᠭᠡᠵᠦ ᠬᠡᠯᠡᠳᠡᠭ ᠪᠥᠭᠡᠳ ᠶᠢᠷᠲᠢᠨᠴᠦ ᠳᠡᠭᠡᠷᠡᠬᠢ ᠬᠡᠯᠡ ᠪᠦᠬᠦᠨ ᠢ᠋ ᠪᠦᠷ ᠮᠡᠳᠡᠨ᠎ᠡ᠂ ᠪᠦᠷ ᠬᠡᠯᠡᠵᠦ ᠴᠢᠳᠠᠨ᠎ᠠ ᠭᠡᠨ᠎ᠡ᠃ ᠡᠨᠡ ᠠᠮᠢᠲᠠᠨ ᠤᠴᠢᠷ ᠦᠭᠡᠢ ᠴᠢᠰᠤ ᠤᠷᠤᠰᠬᠠᠬᠤ ᠶ᠋ᠢ ᠬᠣᠷᠢᠭᠯᠠᠬᠤ ᠶ᠋ᠢᠨ ᠲᠥᠯᠥᠭᠡ ᠡᠭᠦᠷᠢᠳᠡ《ᠲᠡᠭᠷᠢ》 ᠡᠴᠡ ᠲᠣᠮᠢᠯᠠᠭᠳᠠᠨ ᠪᠠᠭᠤᠵᠤ ᠢᠷᠡᠬᠦ ᠶᠦᠮ᠃ ᠴᠢᠩᠭᠢᠰ ᠬᠠᠭᠠᠨ ᠥᠷᠥᠨᠡᠳᠠᠬᠢᠨ ᠤ᠋ ᠬᠠᠭᠠᠨᠲᠤ ᠤᠯᠤᠰ ᠢ᠋ ᠪᠤᠲᠠ ᠴᠣᠬᠢᠭᠰᠠᠨ ᠪᠣᠯᠪᠠᠴᠤ᠂ ᠡᠮᠦᠨ᠎ᠡ ᠡᠲᠡᠭᠡᠳ ᠦ᠋ᠨ ᠬᠠᠭᠠᠨᠲᠤ ᠤᠯᠤᠰ ᠡᠨᠡᠳᠬᠡᠭ ᠢ᠋ ᠶᠠᠭᠠᠬᠢᠭᠰᠠᠨ ᠴᠤ᠌ ᠦᠭᠡᠢ ᠪᠠᠢᠯᠭᠠᠭᠰᠠᠭᠠᠷ ᠪᠢᠯᠡ᠃ ᠴᠢᠩᠭᠢᠰ ᠬᠠᠭᠠᠨ ᠤ᠋ ᠥᠪᠡᠷ ᠦ᠋ᠨ ᠪᠡᠶ᠎ᠡ ᠨᠢ 《ᠲᠩᠷᠢ 》 ᠶ᠋ᠢᠨ ᠠᠬᠠᠮᠠᠳ ᠬᠥᠪᠡᠭᠦᠨ ᠪᠠᠢᠭᠰᠠᠨ ᠪᠣᠯ᠂ ᠪᠤᠰᠤᠳ ᠤᠯᠤᠰ ᠦᠨᠳᠦᠰᠦᠲᠡᠨ ᠦ᠌ ᠬᠠᠭᠠᠨ ᠨᠢ ᠪᠦᠷ 《ᠲᠡᠭᠷᠢ 》 ᠶ᠋ᠢᠨ ᠬᠥᠪᠡᠭᠦᠨ ᠮᠥᠨ ᠪᠣᠯᠬᠣᠷ ᠥᠪᠡᠷ ᠦ᠋ᠨ ᠠᠬ᠎ᠠ ᠳᠡᠭᠦᠦ ᠪᠡᠨ ᠮᠡᠲᠦ ᠬᠠᠢᠷᠠᠯᠠᠬᠤ ᠦᠭᠡᠢ ᠪᠣᠯᠬᠤ ᠦᠭᠡᠢ᠃ ᠲᠡᠷᠡ ᠬᠡᠷᠪᠡ 《ᠲᠡᠭᠷᠢ》 ᠡᠩᠬᠦᠷᠡᠢ ᠬᠠᠢᠷ᠎ᠠ ᠶ᠋ᠢ ᠦᠷᠭᠦᠯᠵᠢᠯᠡᠨ ᠬᠦᠷᠲᠡᠬᠦ ᠭᠡᠵᠦ ᠪᠣᠳᠣᠪᠠᠯ ᠂ ᠪᠤᠰᠤᠳ ᠤᠯᠤᠰ ᠤ᠋ᠨ ᠠᠷᠠᠳ ᠢ᠋ ᠤᠭ ᠬᠡᠪ ᠢ᠋ᠶ᠋ᠡᠷ ᠨᠢ ᠠᠮᠤᠷ ᠲᠦᠪᠰᠢᠨ ᠪᠠᠢᠯᠭᠠᠬᠤ ᠬᠡᠷᠡᠭᠲᠡᠢ(ᠮᠣᠩᠭᠣᠯᠴᠢᠯᠠᠭᠴᠢ᠄ ᠵᠠᠷᠢᠮ ᠲᠡᠦᠬᠡᠨ ᠳᠡᠭᠡᠷ᠎ᠡ ᠡᠨᠡ ᠵᠢᠭᠲᠡᠢ ᠠᠮᠢᠲᠠᠨ ᠢ᠋ ᠴᠢᠩᠭᠢᠰ ᠬᠠᠭᠠᠨ ᠪᠡᠶ᠎ᠡ ᠪᠡᠷ ᠢ᠋ᠶ᠋ᠡᠨ ᠠᠭᠤᠯᠵᠠᠨ ᠦᠵᠡᠭᠰᠡᠨ ᠪᠢᠰᠢ ᠭᠡᠳᠡᠭ᠃ ᠲᠡᠭᠦᠨ ᠦ᠌ ᠬᠠᠲᠤᠨ ᠱ᠌ᠢᠷᠦ ᠠᠶᠠᠨ ᠲᠡᠢᠨ ᠳᠤᠮᠳᠠ ᠬᠡᠦᠬᠡᠳ ᠬᠥᠩᠭᠡᠵᠢᠭᠡᠳ᠂ ᠴᠢᠩᠭᠢᠰ ᠬᠠᠭᠠᠨ ᠳ᠋ᠤ᠌ ᠤᠯᠤᠰ ᠲᠠᠭᠠᠨ ᠬᠠᠷᠢᠬᠤ ᠭᠡᠵᠦ ᠢᠳᠬᠠᠭᠠᠳ ᠨᠡᠯᠢᠶᠡᠳ ᠵᠢᠮᠡᠯᠡᠭᠳᠡᠵᠡᠢ᠃ ᠲᠡᠭᠡᠭᠡᠳ ᠲᠡᠷᠡ ᠶᠸᠯᠤᠢ ᠴᠦᠼᠠᠢ ᠳ᠋ᠤ᠌ ᠰᠠᠨᠠᠭ᠎ᠠ ᠪᠠᠨ ᠬᠡᠯᠡᠭᠰᠡᠨ ᠪᠥᠭᠡᠳ ᠬᠡᠰᠢᠭᠲᠡᠨ ᠴᠡᠷᠢᠭ ᠦ᠋ᠨ ᠬᠣᠶᠠᠷ ᠪᠠᠢᠯᠳᠤᠭᠴᠢ ᠳ᠋ᠤ᠌ ᠠᠷᠭ᠎ᠠ ᠵᠢᠭᠠᠵᠤ ᠦᠭᠭᠦᠭᠰᠡᠨ ᠭᠡᠨ᠎ᠡ᠃ ᠡᠨᠡ ᠬᠣᠶᠠᠷ ᠬᠥᠮᠦᠨ ᠰᠥᠨᠢ ᠶ᠋ᠢᠨ ᠬᠠᠷᠠᠭᠤᠯ ᠵᠣᠭᠰᠣᠭᠠᠳ᠂ ᠳᠠᠷᠠᠭ᠎ᠠ ᠥᠷᠯᠥᠭᠡ ᠨᠢ ᠪᠣᠭᠳᠠ ᠬᠠᠭᠠᠨ ᠳ᠋ᠤ᠌ ᠮᠡᠳᠡᠭᠦᠯᠦᠭᠰᠡᠨ ᠨᠢ ᠥᠴᠥᠭᠡᠳᠦᠷ ᠰᠥᠨᠢ ᠨᠢᠭᠡᠨ ᠵᠢᠭᠲᠡᠢ ᠨᠣᠭᠣᠭᠠᠨ ᠦᠰᠦᠲᠡᠢ ᠠᠮᠢᠲᠠᠨ ᠡᠷᠢᠭᠡᠳ ᠬᠤᠷᠳᠤᠨ ᠬᠠᠷᠢᠭᠲᠤᠨ ᠭᠡᠵᠦ ᠬᠡᠯᠡᠪᠡ ᠭᠡᠵᠡᠢ᠃ ᠴᠢᠩᠭᠢᠰ ᠬᠠᠭᠠᠨ ᠬᠣᠶᠠᠭᠤᠯᠠ ᠡᠴᠡ ᠠᠰᠠᠭᠤᠬᠤ ᠳ᠋ᠤ᠌ ᠪᠦᠷ ᠠᠳᠠᠯᠢ ᠦᠭᠡ ᠲᠡᠢ ᠪᠠᠢᠵᠠᠢ᠃ ᠡᠨᠡ ᠬᠣᠶᠠᠷ ᠢ᠋ ᠰᠠᠯᠭᠠᠭᠠᠳ ᠠᠰᠠᠭᠤᠭᠰᠠᠨ ᠳ᠋ᠤ᠌ ᠲᠡᠷᠡ ᠠᠮᠢᠲᠠᠨ ᠤ᠋ ᠦᠭᠡ ᠬᠡᠯᠡᠬᠦ ᠦᠶ᠎ᠡ ᠶ᠋ᠢᠨ ᠪᠠᠢᠳᠠᠯ ᠣᠨᠳᠣᠣ ᠪᠣᠯᠵᠤ ᠰᠡᠪ ᠭᠠᠷᠤᠯ᠎ᠠ᠃ ᠨᠢᠭᠡᠨ ᠨᠢ ᠣᠴᠣᠢᠵᠤ ᠪᠠᠢᠭᠠᠳ ᠬᠡᠯᠡᠯ᠎ᠡ ᠭᠡᠵᠡᠢ᠃ ᠨᠢᠭᠡᠨ ᠨᠢ ᠠᠯᠬᠤᠵᠤ ᠢᠷᠡᠭᠡᠳ ᠬᠡᠯᠡᠯ᠎ᠡ ᠭᠡᠪᠡ᠃ ᠴᠢᠩᠭᠢᠰ ᠬᠠᠭᠠᠨ ᠡᠳᠡᠨ ᠦ᠌ ᠬᠤᠳᠠᠯ ᠬᠡᠯᠡᠭᠰᠡᠨ ᠢ᠋ ᠮᠡᠳᠡᠭᠰᠡᠨ ᠪᠣᠯᠪᠠᠴᠤ ᠬᠠᠲᠤᠨ ᠪᠠ ᠲᠦᠰᠢᠮᠡᠳ ᠬᠢᠭᠡᠳ ᠴᠡᠷᠢᠭ ᠢ᠋ ᠪᠦᠷ ᠤᠳᠠᠭᠠᠨ ᠵᠢᠯ ᠪᠠᠢᠯᠳᠤᠭᠠᠨ ᠳ᠋ᠤ᠌ ᠶᠠᠪᠤᠭᠠᠳ ᠬᠠᠰᠢᠷᠠᠬᠤ ᠰᠡᠳᠬᠢᠯ ᠣᠷᠣᠭᠰᠠᠨ ᠢ᠋ ᠮᠡᠳᠡᠪᠡ᠃ ᠲᠡᠢᠮᠦ ᠡᠴᠡ ᠴᠢᠩᠭᠢᠰ ᠬᠠᠭᠠᠨ ᠬᠠᠭᠤᠷᠮᠠᠭ ᠢ᠋ᠶ᠋ᠠᠷ ᠦᠨᠡᠮᠰᠢᠭᠰᠡᠨ ᠮᠡᠲᠦ ᠴᠡᠷᠢᠭ ᠡᠭᠡᠬᠦ ᠵᠠᠷᠯᠢᠭ ᠪᠠᠭᠤᠯᠭᠠᠪᠠ ᠭᠡᠨ᠎ᠡ᠃ ᠡᠨᠡ ᠠᠮᠢᠲᠠᠨ ᠤ᠋ ᠢᠯᠡᠷᠡᠭᠰᠡᠨ ᠲᠤᠬᠠᠢ ᠶᠸᠯᠤᠢ ᠴᠦᠼᠠᠢ ᠶ᠋ᠢᠨ ᠲᠠᠢᠯᠪᠤᠷᠢᠯᠠᠭᠰᠠᠨ ᠢ᠋ ᠭᠡᠷᠡᠴᠢᠯᠡᠬᠦ ᠰᠢᠭ᠌᠂ ᠡᠨᠡᠳᠬᠡᠭ ᠡᠴᠡ ᠪᠤᠴᠠᠵᠤ ᠢᠷᠡᠭᠰᠡᠨ ᠴᠡᠷᠢᠭ ᠠᠩᠭᠢ ᠳ᠋ᠤ᠌ ᠰᠦᠷᠡᠬᠡᠢ ᠬᠠᠯᠳᠠᠪᠤᠷᠢᠲᠤ ᠡᠪᠡᠳᠴᠢᠨ ᠳᠡᠯᠭᠡᠷᠡᠪᠡ᠃ ᠡᠨᠡ ᠨᠢ ᠶᠠᠭ ᠠᠯᠲᠠᠨ ᠤᠯᠤᠰ ᠲᠠᠢ ᠪᠠᠢᠯᠳᠤᠭᠠᠨ ᠬᠢᠭᠰᠡᠨ ᠰᠡᠭᠦᠯᠴᠢ ᠶ᠋ᠢᠨ ᠦᠶ᠎ᠡ ᠳ᠋ᠦ᠍ ᠮᠣᠩᠭᠣᠯ ᠴᠡᠷᠢᠭ ᠲᠦ᠍ ᠳᠡᠯᠭᠡᠷᠡᠭᠰᠡᠨ ᠬᠠᠯᠳᠠᠪᠤᠷᠢᠲᠤ ᠡᠪᠡᠳᠴᠢᠨ ᠲᠡᠢ ᠠᠳᠠᠯᠢ ᠪᠠᠢᠭᠰᠠᠨ ᠶᠤᠮ᠃ 
          ᠴᠢᠩᠭᠢᠰ ᠬᠠᠭᠠᠨ ᠶᠠᠭᠠᠬᠢᠪᠠᠴᠤ《ᠲᠡᠭᠷᠢ》 ᠶ᠋ᠢᠨ ᠵᠣᠷᠢᠭ ᠰᠠᠨᠠᠭ᠎ᠠ ᠲᠠᠢ ᠡᠰᠡᠷᠭᠦᠴᠡᠯᠳᠦᠬᠦ ᠬᠡᠷᠡᠭ ᠢ᠋ ᠬᠢᠬᠦ ᠦᠭᠡᠢ᠂ ᠡᠨᠡ ᠤᠳᠠᠭ᠎ᠠ ᠪᠠᠰᠠᠴᠤ 《ᠲᠡᠭᠷᠢ》 ᠶ᠋ᠢᠨ ᠡᠮᠦᠨ᠎ᠡ ᠲᠣᠯᠣᠭᠠᠢ ᠪᠥᠬᠥᠢᠪᠡ᠃ ᠲᠡᠭᠡᠭᠡᠳ ᠠᠮᠤᠳᠠᠷᠢᠶᠠ ᠶ᠋ᠢᠨ ᠬᠠᠭᠤᠴᠢᠨ ᠵᠠᠮ ᠢ᠋ᠶ᠋ᠠᠷ ᠮᠣᠩᠭᠣᠯ ᠳ᠋ᠠᠭᠠᠨ ᠬᠠᠷᠢᠬᠤ ᠪᠠᠷ ᠲᠣᠭᠲᠠᠪᠠ᠃ 

       ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠴᠡᠴᠡᠭ᠂ ᠣᠶᠤᠨᠪᠢᠯᠢᠭ᠌᠂ ᠡᠷᠳᠡᠨᠢᠭᠤᠸ᠎ᠠ᠂ ᠲᠣᠭᠲᠠᠭᠤᠨ
       ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠣᠳᠬᠠᠨᠰᠣ᠎ᠠ