ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ09-ᠶᠢᠰᠦᠳᠦᠭᠡᠷ ᠪᠦᠯᠦᠭ ᠮᠦᠬᠠᠮᠸᠳ᠋ ᠱᠠᠭ ᠲᠠᠢ ᠪᠠᠢᠯᠳᠤᠭᠰᠠᠨ ᠨᠢЧингис хааны байлдах бодлого ба арга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ09-ᠶᠢᠰᠦᠳᠦᠭᠡᠷ ᠪᠦᠯᠦᠭ ᠮᠦᠬᠠᠮᠸᠳ᠋ ᠱᠠᠭ ᠲᠠᠢ ᠪᠠᠢᠯᠳᠤᠭᠰᠠᠨ ᠨᠢЧингис хааны байлдах бодлого ба арга

ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ09-ᠶᠢᠰᠦᠳᠦᠭᠡᠷ ᠪᠦᠯᠦᠭ ᠮᠦᠬᠠᠮᠸᠳ᠋ ᠱᠠᠭ ᠲᠠᠢ ᠪᠠᠢᠯᠳᠤᠭᠰᠠᠨ ᠨᠢЧингис хааны байлдах бодлого ба арга

ᠠᠩᠭᠢᠯᠠᠯ:ᠲᠤᠭᠤᠵᠢ ᠷᠣᠮᠠᠨ
2024-12-14

474

ᠶᠢᠰᠦᠳᠦᠭᠡᠷ ᠪᠦᠯᠦᠭ ᠮᠦᠬᠠᠮᠸᠳ᠋ ᠱᠠᠭ ᠲᠠᠢ ᠪᠠᠢᠯᠳᠤᠭᠰᠠᠨ ᠨᠢ

     ( ᠨᠢᠭᠡ) ᠴᠡᠷᠢᠭ ᠠᠩᠭᠢ ᠶ᠋ᠢᠨ ᠬᠠᠴᠢᠨ ᠭᠠᠢᠬᠠᠯᠲᠠᠢ ᠲᠣᠨᠣᠭ ᠵᠡᠪᠰᠡᠭ

    ᠮᠤᠬᠤᠯᠠᠢ᠂ ᠠᠯᠲᠠᠨ ᠬᠠᠭᠠᠨᠲᠤ ᠤᠯᠤᠰ ᠲᠤ᠌ ᠫᠠᠷᠲ᠋ᠢᠽᠠᠨ ᠪᠠᠢᠯᠳᠤᠭᠠᠨ ᠢ᠋ ᠦᠷᠭᠦᠯᠵᠢᠯᠡᠨ ᠶᠠᠪᠤᠭᠤᠯᠵᠤ ᠂ ᠮᠣᠩᠭᠣᠯ ᠤᠯᠤᠰ ᠤ᠋ᠨ ᠳᠣᠲᠣᠷ᠎ᠠ ᠪᠠᠨ ᠪᠠᠷᠠᠭᠤᠨ ᠰᠢᠶᠠ ᠤᠯᠤᠰ ᠤ᠋ᠨ ᠬᠥᠳᠡᠯᠦᠯ ᠢ᠋ ᠠᠩᠬᠠᠷᠬᠤ ᠶ᠋ᠢᠨ ᠲᠥᠯᠥᠭᠡ ᠨᠡᠯᠢᠶᠡᠳ ᠬᠦᠴᠦᠲᠦ ᠴᠡᠷᠢᠭ ᠢ᠋ᠶ᠋ᠡᠨ ᠦᠯᠡᠳᠡᠭᠡᠭᠰᠡᠨ ᠪᠥᠭᠡᠳ ᠴᠢᠩᠭᠢᠰ ᠬᠠᠭᠠᠨ  ᠤ᠋ ᠭᠠᠷ ᠳᠣᠣᠷ᠎ᠠ ᠵᠣᠬᠢᠶᠠᠨ ᠪᠠᠢᠭᠤᠯᠤᠭᠰᠠᠨ ᠴᠡᠷᠢᠭ ᠨᠢ ᠬᠣᠷᠢᠨ ᠲᠠᠪᠤᠨ ᠲᠦᠮᠡᠨ ᠦ᠌ ᠲᠣᠭᠠᠨ ᠳ᠋ᠤ᠌ ᠬᠦᠷᠦᠭᠰᠡᠨ ᠪᠠᠢᠨ᠎ᠠ᠃ ᠡᠨᠡᠬᠦ ᠴᠡᠷᠢᠭ ᠦ᠋ᠨ ᠲᠣᠭ᠎ᠠ ᠠ᠋ᠴᠠ ᠨᠡᠩ ᠴᠢᠬᠤᠯᠠ ᠵᠦᠢᠯ ᠭᠡᠪᠡᠯ ᠵᠣᠬᠢᠶᠠᠨ ᠪᠠᠢᠭᠤᠯᠤᠯᠲᠠ ᠪᠣᠯᠤᠨ ᠲᠣᠨᠣᠭ ᠵᠡᠪᠰᠡᠭ  ᠲᠦ᠋ᠨᠢ ᠪᠠᠢᠨ᠎ᠠ᠃ ᠳᠡᠯᠡᠬᠡᠢ ᠳᠡᠭᠡᠷᠡᠬᠢ ᠠᠯᠢ ᠤᠯᠤᠰ ᠲᠠᠢ ᠠᠳᠠᠯᠢᠳᠬᠠᠪᠠᠴᠤ ᠲᠡᠭᠦᠨ ᠯᠦ᠍ᠭᠡ ᠮᠥᠷᠥ ᠵᠡᠷᠭᠡᠴᠡᠨ ᠴᠢᠳᠠᠬᠤ ᠴᠡᠷᠢᠭ ᠨᠢᠭᠡᠴᠦ ᠪᠠᠢᠭᠰᠠᠨ ᠦᠭᠡᠢ ᠪᠢᠯᠡ᠃ ᠮᠣᠩᠭᠣᠯᠴᠤᠳ ᠠᠯᠲᠠᠨ ᠤᠯᠤᠰ ᠲᠠᠢ ᠪᠠᠢᠯᠳᠤᠭᠠᠨ ᠬᠢᠭᠰᠡᠨ ᠲᠠᠪᠤᠨ ᠵᠢᠯ ᠦ᠋ᠨ ᠬᠣᠭᠣᠷᠣᠨᠳᠣ ᠬᠤᠷᠠᠮᠳᠤᠭᠤᠯᠤᠭᠰᠠᠨ ᠪᠦᠬᠦ ᠲᠤᠷᠰᠢᠯᠭ᠎ᠠ  ᠪᠠᠨ ᠵᠣᠬᠢᠶᠠᠨ ᠪᠠᠢᠭᠤᠯᠤᠯᠲᠠ ᠲᠠᠢ ᠪᠠᠷ ᠠᠰᠢᠭᠯᠠᠭᠰᠠᠨ ᠪᠠᠢᠨ᠎ᠠ᠃ ᠬᠠᠷᠢ ᠤᠯᠤᠰ ᠤ᠋ᠨ ᠮᠡᠷᠭᠡᠵᠢᠯᠲᠡᠨ᠂ ᠡᠮᠴᠢ᠂ ᠠᠵᠢᠯᠴᠢᠨ  ᠤ᠋ ᠪᠣᠢ ᠪᠦᠬᠦᠢ ᠮᠡᠷᠭᠡᠵᠢᠯ ᠢ᠋ ᠰᠤᠷᠴᠤ ᠠᠰᠢᠭᠯᠠᠭᠠᠳ᠂ ᠴᠡᠷᠢᠭ ᠦ᠋ᠨ ᠪᠠᠢᠯᠳᠤᠬᠤ ᠴᠢᠳᠠᠪᠤᠷᠢ ᠪᠠᠨ ᠮᠠᠰᠢ ᠥᠨᠳᠥᠷ ᠬᠦᠷᠲᠡᠯ᠎ᠡ ᠳᠡᠭᠡᠭᠰᠢᠯᠡᠭᠦᠯᠦᠭᠰᠡᠨ ᠪᠣᠯᠬᠣᠷ᠂ᠳᠠᠭᠠᠷᠢᠨ ᠰᠢᠪᠲᠤᠯᠬᠤ ᠬᠦᠴᠦᠨ ᠢ᠋ᠶ᠋ᠡᠨ ᠴᠤ ᠨᠡᠮᠡᠭᠳᠡᠭᠦᠯᠦᠭᠰᠡᠨ ᠶᠦ᠍ᠮ᠃ ᠠᠯᠢᠪᠠ ᠪᠣᠯᠤᠯᠴᠠᠭ᠎ᠠ ᠶ᠋ᠢ ᠨᠠᠷᠢᠨ ᠨᠢᠮᠪᠠᠢ ᠰᠤᠳᠤᠯᠤᠭᠠᠳ ᠂ᠠᠯᠢᠪᠠ ᠡᠭᠦᠰᠴᠦ ᠮᠡᠳᠡᠬᠦ ᠶᠠᠪᠤᠳᠠᠯ ᠢ᠋ ᠪᠣᠯᠭᠣᠮᠵᠢᠲᠠᠢ ᠪᠥᠭᠡᠳ ᠵᠣᠬᠢᠰᠲᠠᠢ ᠰᠢᠢᠳᠪᠦᠷᠢᠯᠡᠬᠦ ᠠᠷᠭ᠎ᠠ ᠬᠡᠮᠵᠢᠶ᠎ᠡ ᠶ᠋ᠢ ᠠᠪᠤᠭᠰᠠᠨ ᠪᠠᠢᠨ᠎ᠠ᠃ ᠣᠯᠠᠨ ᠪᠠᠢᠯᠳᠤᠭᠴᠢ ᠨᠢ ᠪᠠᠢᠯᠳᠤᠭᠠᠨ ᠳ᠋ᠤ᠌ ᠬᠡᠷᠡᠭᠴᠡᠭᠡ ᠲᠡᠢ ᠶᠠᠭᠤᠮ᠎ᠠ — ᠵᠡᠭᠦᠦ ᠤᠲᠠᠰᠤ᠂ ᠵᠡᠪᠡ ᠪᠢᠯᠡᠭᠦᠳᠡᠬᠦ ᠪᠢᠯᠡᠭᠦᠦ ᠶ᠋ᠢ ᠬᠦᠷᠲᠡᠯ᠎ᠡ ᠪᠡᠶ᠎ᠡ ᠳ᠋ᠡᠭᠡᠨ ᠠᠪᠴᠤ ᠶᠠᠪᠤᠬᠤ ᠂ ᠲᠡᠷᠡᠴᠢᠯᠡᠨ ᠮᠣᠷᠳᠠᠬᠤ ᠦᠶ᠎ᠡ ᠳ᠋ᠡᠭᠡᠨ ᠪᠥᠬᠡᠯᠢᠭ ᠮᠢᠨᠳᠠᠰᠤ ᠪᠠᠷ ᠤᠶᠠᠭᠰᠠᠨ ᠮᠢᠨᠳᠠᠰᠤᠨ ᠬᠤᠶᠠᠭ ᠢ᠋ ᠠᠪᠴᠤ ᠶᠠᠪᠤᠵᠤ ᠪᠠᠢᠭᠰᠠᠨ ᠶᠤᠮ᠃ ᠬᠠᠷᠢᠨ ᠡᠨᠡ ᠮᠢᠨᠳᠠᠰᠤᠨ ᠬᠤᠶᠠᠭ ᠨᠢ ᠵᠡᠪᠡ ᠶ᠋ᠢ ᠬᠠᠯᠬᠠᠯᠠᠵᠤ ᠴᠢᠳᠠᠬᠤ ᠪᠠᠷ ᠪᠠᠷᠠᠬᠤ ᠦᠭᠡᠢ᠂ ᠨᠥᠭᠦᠭᠡ ᠲᠠᠯ᠎ᠠ ᠪᠠᠷ ᠡᠢᠮᠦ ᠮᠢᠨᠳᠠᠰᠤᠨ ᠬᠤᠶᠠᠭ ᠨᠢ ᠵᠡᠪᠡ ᠲᠡᠢ ᠬᠠᠮᠲᠤ ᠰᠢᠷᠬᠠᠨ ᠤ᠋ ᠨᠦᠬᠡᠨ ᠳ᠋ᠦ᠍ ᠣᠷᠣᠬᠤ ᠲᠤᠯᠠ ᠲᠠᠲᠠᠭᠠᠳ ᠭᠠᠷᠭᠠᠴᠢᠬᠠᠵᠤ ᠴᠢᠳᠠᠬᠤ ᠶᠤᠮ᠃ ᠬᠡᠳᠦᠢᠪᠡᠷ ᠵᠡᠪᠡ ᠬᠡᠮᠬᠡᠷᠡᠪᠡᠴᠦ ᠴᠡᠷᠢᠭ ᠦ᠋ᠨ ᠡᠮᠴᠢ ᠨᠢ ᠮᠢᠨᠳᠠᠰᠤ ᠲᠠᠢ ᠬᠠᠮᠲᠤ ᠰᠢᠷᠬᠠᠨ ᠠ᠋ᠴᠠ ᠨᠢ ᠭᠠᠷᠭᠠᠴᠢᠬᠠᠳᠠᠭ ᠶᠤᠮ᠃
  ᠦᠬᠡᠷ ᠫᠣᠤᠲᠤ ᠴᠡᠷᠢᠭ ᠦ᠋ᠨ ᠬᠣᠷᠢᠶ᠎ᠠ ᠨᠢ ᠡᠨᠡᠬᠦ ᠮᠣᠷᠢᠲᠤ ᠴᠡᠷᠢᠭ ᠦ᠋ᠨ ᠬᠠᠨᠢ ᠪᠣᠯᠵᠤ ᠳᠠᠭᠠᠵᠤ ᠮᠣᠷᠳᠠᠭᠰᠠᠨ ᠪᠠᠢᠨ᠎ᠠ᠃ ᠡᠨᠡᠬᠦ ᠯᠤᠲᠤ ᠶᠡᠬᠡ ᠦᠬᠡᠷ ᠫᠣᠤᠲᠤ ᠴᠡᠷᠢᠭ ᠦ᠋ᠨ ᠬᠣᠷᠢᠶ᠎ᠠ᠂ ᠰᠢᠳᠡᠵᠦ ᠶᠠᠪᠤᠭᠤᠯᠬᠤ ᠪᠠᠭᠠᠵᠢ ᠪᠠ ᠴᠢᠯᠠᠭᠤ ᠬᠠᠶᠠᠬᠤ ᠪᠠᠭᠠᠵᠢ ᠶ᠋ᠢ ᠠᠪᠴᠤ ᠶᠠᠪᠤᠬᠤ ᠲᠤᠯᠠ᠂ ᠡᠳᠡᠭᠡᠷ ᠡᠳ᠋ ᠮᠠᠲ᠋ᠧᠷᠢᠠᠯ ᠢ᠋ᠶ᠋ᠠᠨ ᠣᠯᠠᠨ ᠬᠡᠰᠡᠭ ᠪᠣᠯᠭᠠᠵᠤ ᠨᠠᠷᠢᠨ ᠨᠢᠮᠪᠠᠢ ᠵᠠᠳᠠᠯᠤᠨ ᠰᠠᠯᠭᠠᠭᠠᠳ ᠰᠠᠷᠯᠤᠭ ᠪᠤᠶᠤ ᠲᠡᠮᠡᠭᠡᠨ ᠳ᠋ᠦ᠍ ᠠᠴᠢᠵᠤ ᠶᠠᠪᠤᠳᠠᠭ᠃ ᠡᠨᠡ ᠦᠬᠡᠷ ᠫᠣᠤᠲᠤ ᠴᠡᠷᠢᠭ ᠦ᠋ᠨ ᠬᠣᠷᠢᠶ᠎ᠠ ᠨᠢ ᠧᠦ᠋ᠷᠣᠫᠠ ᠲᠢᠪ ᠦ᠋ᠨ ᠪᠸᠷᠲ᠋ᠤᠷᠳ᠋ ᠰᠡᠴᠧᠨᠵᠢ ᠳᠠᠷᠢ ᠶ᠋ᠢ ᠡᠭᠦᠳᠦᠨ ᠪᠦᠲᠦᠭᠡᠬᠦ ᠡᠴᠡ ᠬᠡᠳᠦᠨ ᠠᠷᠪᠠᠨ ᠵᠢᠯ ᠦ᠋ᠨ ᠤᠷᠢᠳ ᠮᠣᠩᠭᠣᠯᠴᠤᠳ ᠭᠠᠯ ᠫᠤᠤ ᠪᠠ ᠬᠣᠲᠠ ᠶ᠋ᠢ ᠨᠤᠷᠠᠭᠠᠬᠤ ᠠᠶᠤᠩᠭ᠎ᠠ ᠶ᠋ᠢ ᠠᠪᠴᠤ ᠶᠠᠪᠤᠵᠤ ᠪᠠᠢᠭᠰᠠᠨ ᠶᠤᠮ᠃ ᠡᠳᠡᠭᠡᠷ ᠵᠡᠪᠰᠡᠭ ᠢ᠋ᠶ᠋ᠡᠨ ᠬᠠᠷᠪᠤᠮᠠᠭᠴᠠ ᠮᠣᠳᠣ ᠪᠠᠷ ᠪᠠᠷᠢᠭᠰᠠᠨ ᠬᠠᠮᠠᠭᠠᠯᠠᠯᠲᠠ ᠶ᠋ᠢᠨ ᠪᠡᠬᠢᠯᠡᠯᠲᠡ ᠶ᠋ᠢ ᠰᠢᠲᠠᠭᠠᠵᠤ᠂ ᠲᠡᠮᠦᠷ ᠪᠤᠶᠤ ᠴᠢᠯᠠᠭᠤ ᠶ᠋ᠢ ᠰᠦᠷᠴᠢᠨ ᠰᠢᠲᠠᠵᠤ ᠬᠣᠲᠠ᠂ ᠪᠣᠭᠣᠮᠲᠠ ᠶ᠋ᠢᠨ ᠵᠢᠭᠰᠠᠭᠠᠯ ᠢ᠋ ᠳᠣᠩᠰᠣᠯᠭᠠᠨ ᠨᠤᠷᠠᠭᠠᠵᠤ ᠪᠠᠢᠭᠰᠠᠨ ᠶᠤᠮ᠃ 
     ᠭᠠᠵᠠᠷ ᠳᠡᠭᠡᠷ᠎ᠡ ᠪᠦᠲᠦᠭᠡᠨ ᠪᠠᠢᠭᠤᠯᠬᠤ ᠪᠤᠶᠤ ᠤᠰᠤᠨ ᠠᠰᠢᠭᠯᠠᠯᠲᠠ ᠶ᠋ᠢᠨ ᠲᠤᠬᠠᠢ ᠮᠡᠷᠭᠡᠵᠢᠭᠰᠡᠨ ᠬᠢᠲᠠᠳ ᠤ᠋ᠨ ᠮᠡᠷᠭᠡᠵᠢᠯᠲᠡᠨ᠂ ᠪᠠᠷᠢᠯᠭ᠎ᠠ ᠶ᠋ᠢᠨ ᠴᠡᠷᠢᠭ ᠡᠳᠡᠭᠡᠷ ᠵᠦᠢᠯ ᠳ᠋ᠦ᠍ ᠶᠡᠬᠡ ᠲᠤᠰᠠ ᠬᠦᠷᠭᠡᠭᠰᠡᠨ ᠪᠠᠢᠵᠠᠢ( ᠤᠭ ᠵᠣᠬᠢᠶᠠᠯ ᠳ᠋ᠤ᠌ ᠲᠠᠢᠯᠪᠤᠷᠢᠯᠠᠭᠰᠠᠨ ᠨᠢ᠄ ᠴᠢᠩᠭᠢᠰ ᠬᠠᠭᠠᠨ ᠤ᠋ ᠴᠡᠷᠢᠭ᠂ ᠰᠢᠷᠳᠠᠷᠢᠶᠠ ᠭᠣᠣᠯ ᠲᠡᠰᠢ ᠰᠢᠪᠲᠤᠯᠬᠤ ᠦᠶ᠎ᠡ  ᠳ᠋ᠡᠭᠡᠨ ᠳᠥᠴᠢᠨ ᠨᠠᠢ᠍ᠮᠠᠨ ᠰᠠᠭᠤᠷᠢ ᠬᠥᠭᠥᠷᠭᠡ ᠲᠠᠯᠪᠢᠭᠰᠠᠨ ᠭᠡᠵᠡᠢ)᠃ ᠭᠣᠣᠯ ᠮᠥᠷᠡᠨ ᠦ᠌ ᠤᠷᠤᠰᠬᠠᠯ ᠤ᠋ᠨ ᠬᠠᠨᠳᠤᠰᠢ ᠶ᠋ᠢ ᠠᠰᠢᠭᠯᠠᠨ ᠳᠠᠭᠠᠷᠢᠨ ᠴᠣᠬᠢᠬᠤ ᠬᠣᠲᠠᠨ ᠳ᠋ᠤ᠌ ᠤᠰᠤ ᠲᠠᠯᠪᠢᠨ ᠣᠷᠣᠭᠤᠯᠬᠤ ᠡᠭᠦᠷᠭᠡ ᠶ᠋ᠢ ᠬᠦᠯᠢᠶᠡᠭᠰᠡᠨ ᠴᠡᠷᠢᠭ ᠪᠠᠰᠠ ᠳᠠᠭᠠᠵᠤ ᠶᠠᠪᠤᠵᠠᠢ᠃ ᠡᠯ᠎ᠡ ᠴᠡᠷᠢᠭ ᠠᠩᠭᠢ ᠳ᠋ᠤ᠌ ᠵᠡᠪᠰᠡᠭ ᠬᠤᠶᠠᠭ ᠢ᠋ ᠪᠠᠢᠴᠠᠭᠠᠬᠤ ᠣᠨᠴᠣᠭᠣᠢ ᠡᠭᠦᠷᠭᠡ ᠶ᠋ᠢ ᠬᠦᠯᠢᠶᠡᠭᠰᠡᠨ ᠨᠣᠶᠠᠳ ᠪᠠᠢᠵᠤ᠂ ᠬᠡᠷᠪᠡ ᠶᠠᠮᠠᠷ ᠣᠰᠣᠯ ᠳᠤᠲᠠᠭᠳᠠᠯ ᠭᠠᠷᠪᠠᠯ ᠬᠠᠮᠢᠶ᠎ᠠ ᠪᠦᠬᠦᠢ ᠴᠡᠷᠢᠭ ᠢ᠋ᠶ᠋ᠡᠷ ᠦᠯᠦ ᠪᠠᠷᠠᠨ᠂ ᠲᠡᠭᠦᠨ ᠢ᠋ ᠰᠢᠭᠤᠳ ᠵᠠᠬᠢᠷᠬᠤ ᠨᠣᠶᠠᠨ ᠨᠢ ᠬᠦᠷᠲᠡᠯ᠎ᠡ 
ᠶᠠᠯᠠᠳᠠᠭᠳᠠᠵᠤ ᠪᠠᠢᠭᠰᠠᠨ ᠶᠤᠮ᠃ ᠬᠣᠭᠣᠯᠠ ᠬᠦᠨᠡᠰᠦ ᠶ᠋ᠢ ᠬᠠᠮᠢᠶᠠᠷᠬᠤ ᠲᠤᠰᠬᠠᠢ ᠨᠣᠶᠠᠳ ᠪᠠᠢᠵᠤ᠂ ᠨᠢᠭᠡᠨ ᠪᠦᠯᠦᠭ ᠬᠥᠮᠦᠰ ᠨᠢ ᠬᠣᠰᠢᠭᠤᠴᠢ ᠴᠡᠷᠢᠭ ᠲᠡᠢ ᠬᠠᠮᠲᠤ ᠶᠠᠪᠤᠨ ᠡᠯ᠎ᠡ ᠴᠡᠷᠢᠭ ᠠᠩᠭᠢ ᠶ᠋ᠢᠨ ᠬᠣᠨᠣᠭ ᠤ᠋ᠨ ᠭᠠᠵᠠᠷ ᠢ᠋ ᠲᠣᠭᠲᠠᠭᠠᠵᠤ ᠥᠭᠭᠦᠨ᠎ᠡ᠂ ᠪᠤᠰᠤᠳ ᠨᠢ ᠴᠡᠷᠢᠭ ᠦ᠋ᠨ ᠬᠦᠷᠢᠶ᠎ᠡ ᠮᠣᠷᠳᠠᠭᠰᠠᠨ ᠬᠣᠢᠨ᠎ᠠ᠂ ᠡᠯ᠎ᠡ ᠬᠦᠷᠢᠶ᠎ᠡ ᠪᠡᠷ ᠲᠣᠭᠣᠷᠢᠨ ᠠᠯᠳᠠᠵᠤ ᠣᠷᠬᠢᠭᠰᠠᠨ ᠶᠠᠭᠤᠮ᠎ᠠ ᠪᠠᠢᠬᠤ ᠡᠰᠡᠬᠦ ᠶ᠋ᠢ ᠪᠠᠢᠴᠠᠭᠠᠨ ᠠᠩᠬᠠᠷᠬᠤ ᠡᠭᠦᠷᠭᠡ ᠲᠡᠢ ᠪᠥᠭᠡᠳ ᠪᠠᠢᠯᠳᠤᠭᠠᠨ ᠤ᠋ ᠣᠯᠵᠠ ᠠᠰᠢᠭ ᠢ᠋ ᠭᠣᠣᠯᠴᠢ ᠪᠠᠷ ᠬᠤᠪᠢᠶᠠᠵᠤ ᠥᠭᠬᠦ ᠡᠭᠦᠷᠭᠡ ᠶ᠋ᠢ ᠬᠠᠷᠢᠭᠤᠴᠠᠭᠤᠯᠤᠭᠰᠠᠨ ᠪᠠᠢᠨ᠎ᠠ᠃ ᠮᠣᠷᠢᠲᠤ ᠴᠡᠷᠢᠭ ᠦ᠋ᠨ ᠪᠠᠢᠯᠳᠤᠭᠴᠢ ᠨᠢᠭᠡᠪᠦᠷᠢ ᠭᠤᠷᠪᠠ ᠪᠤᠶᠤ ᠳᠥᠷᠪᠡᠨ ᠬᠥᠲᠥᠯᠦᠭᠡ ᠮᠣᠷᠢ ᠲᠠᠢ ᠪᠠᠢᠵᠤ᠂ ᠵᠡᠪᠰᠡᠭ ᠨᠢ ᠬᠣᠯᠠ ᠠ᠋ᠴᠠ ᠪᠠᠢᠯᠳᠤᠬᠤ ᠪᠠ ᠨᠣᠴᠣᠯᠳᠤᠨ ᠪᠠᠢᠯᠳᠤᠬᠤ ᠬᠣᠶᠠᠷ ᠵᠦᠢᠯ ᠦ᠋ᠨ ᠵᠡᠪᠰᠡᠭ ᠪᠠᠢᠵᠤ᠂ ᠥᠭᠡᠷ᠎ᠡ ᠪᠡᠷ ᠬᠡᠯᠡᠪᠡᠯ ᠨᠢᠭᠡᠨ ᠰᠤᠮᠤ᠂ ᠡᠯ᠎ᠡ ᠵᠦᠢᠯ ᠦ᠋ᠨ ᠰᠤᠮᠤ  ᠶ᠋ᠢ ᠪᠠᠭᠲᠠᠭᠠᠭᠰᠠᠨ ᠬᠣᠶᠠᠷ ᠰᠠᠭᠠᠳᠠᠭ ᠪᠠᠢᠳᠠᠭ᠃ ᠡᠭᠦᠨ ᠳ᠋ᠦ᠍ ᠨᠢᠭᠡᠨ ᠰᠠᠭᠠᠳᠠᠭ ᠢ᠋ᠶ᠋ᠠᠨ ᠬᠡᠵᠢᠶ᠎ᠡ ᠡᠭᠦᠷᠢᠳᠡ ᠬᠡᠷᠡᠭᠯᠡᠬᠦ ᠳ᠋ᠦ᠍ ᠪᠡᠯᠡᠬᠡᠨ ᠪᠠᠢᠯᠭᠠᠵᠤ ᠪᠠᠢᠳᠠᠭ᠃ ᠨᠥᠭᠦᠭᠡ ᠨᠢᠭᠡᠨ ᠰᠠᠭᠠᠳᠠᠭ ᠢ᠋ᠶ᠋ᠠᠨ ᠪᠣᠷᠣᠭ᠎ᠠ ᠤᠰᠤᠨ ᠳ᠋ᠤ᠌ ᠪᠤᠶᠤ ᠭᠣᠣᠯ ᠮᠥᠷᠡᠨ ᠢ᠋ ᠭᠡᠲᠦᠯᠪᠡᠴᠦ ᠨᠣᠷᠭᠠᠬᠤ ᠦᠭᠡᠢ᠂ ᠰᠢᠳᠡᠬᠦ ᠵᠢᠳᠠ ᠪᠤᠶᠤ ᠳᠠᠢᠰᠤᠨ ᠢ᠋ ᠭᠣᠬᠠᠳᠠᠨ ᠤᠨᠠᠭᠠᠬᠤ ᠶ᠋ᠢᠨ ᠲᠥᠯᠥᠭᠡ ᠲᠡᠭᠡ ᠡᠰᠢᠯᠡᠭᠰᠡᠨ ᠰᠢᠪᠲᠤᠯᠤᠨ ᠪᠠᠢᠯᠳᠤᠬᠤ ᠳ᠋ᠤ᠌ ᠬᠡᠷᠡᠭᠯᠡᠬᠦ ᠵᠢᠳᠠ᠂ ᠮᠣᠷᠤᠶ᠋ᠢᠪᠲᠤᠷ ᠢᠯᠳᠦ᠂ ᠪᠠᠢᠯᠳᠤᠭᠠᠨ ᠤ᠋ ᠰᠦᠬᠡ ᠶ᠋ᠢ ᠪᠠᠭᠲᠠᠭᠠᠳᠠᠭ ᠪᠠᠢᠨ᠎ᠠ᠃ ᠴᠢᠨᠠᠭᠰᠢᠯᠠᠵᠤ ᠬᠡᠯᠡᠪᠡᠯ ᠪᠠᠰᠠ ᠴᠠᠯᠮ᠎ᠠ ᠪᠠᠢᠨ᠎ᠠ᠃ ᠮᠣᠩᠭᠣᠯᠴᠤᠳ ᠴᠠᠯᠮ᠎ᠠ ᠬᠡᠷᠡᠭᠯᠡᠬᠦ ᠳ᠋ᠡᠭᠡᠨ ᠮᠠᠰᠢ ᠴᠠᠭᠠᠷᠠᠭᠰᠠᠨ ᠪᠣᠯᠬᠣᠷ ᠵᠠᠭᠤᠨᠲᠠ ᠬᠠᠶᠠᠪᠠᠯ ᠵᠠᠭᠤᠨᠲᠠ ᠤᠷᠬᠠᠯᠠᠵᠤ ᠴᠢᠳᠠᠬᠤ ᠶᠤᠮ᠃ ᠨᠠᠫᠣᠯᠢᠶᠤᠨ ᠲᠡᠢ ᠪᠠᠢᠯᠳᠤᠭᠠᠨ ᠬᠢᠭᠰᠡᠨ ᠦᠶ᠎ᠡ ᠳ᠋ᠦ᠍᠂ ᠣᠷᠣᠰ ᠴᠡᠷᠢᠭ ᠦ᠋ᠨ ᠳᠣᠲᠣᠷ᠎ᠠ ᠮᠣᠩᠭᠣᠯ ᠤ᠋ᠨ ᠦᠷᠡᠳᠦᠰ ᠬᠠᠯᠢᠮᠠᠭ ᠬᠥᠮᠦᠨ ᠢ᠋ᠶ᠋ᠡᠷ ᠪᠦᠷᠢᠯᠳᠦᠭᠰᠡᠨ ᠨᠢᠭᠡᠨ ᠬᠣᠷᠢᠶ᠎ᠠ ᠮᠣᠷᠢᠲᠤ ᠴᠡᠷᠢᠭ ᠪᠠᠢᠭᠰᠠᠨ ᠶᠤᠮ᠃ ᠡᠨᠡᠬᠦ ᠮᠣᠷᠢᠲᠤ ᠴᠡᠷᠢᠭ ᠨᠢ ᠳᠠᠭᠠᠷᠢᠨ ᠳᠣᠪᠲᠣᠯᠬᠤ ᠪᠠᠢᠯᠳᠤᠭᠠᠨ ᠤ᠋ ᠦᠶ᠎ᠡ ᠳ᠋ᠦ᠍ ᠴᠠᠯᠮ᠎ᠠ ᠪᠠᠨ ᠡᠷᠭᠢᠭᠦᠯᠦᠨ᠂ ᠮᠣᠷᠢᠨ ᠤ᠋ ᠪᠠᠨ ᠴᠢᠨᠡᠭᠡ ᠪᠡᠷ ᠳᠣᠪᠲᠣᠯᠭᠠᠨ ᠳᠠᠢᠰᠤᠨ ᠢ᠋ ᠤᠷᠬᠠᠳᠠᠮᠠᠭᠴᠠ ᠴᠢᠷᠦᠭᠡᠳ ᠠᠷᠤ ᠲᠠᠰᠢ ᠪᠠᠨ ᠶᠠᠪᠤᠳᠠᠭ ᠠ᠋ᠴᠠ ᠳᠠᠢᠰᠤᠨ ᠤ᠋ ᠴᠡᠷᠢᠭ ᠲᠦ᠍ ᠶᠡᠬᠡ ᠰᠦᠷᠳᠡᠭᠦᠯᠦᠯᠭᠡ ᠦᠵᠡᠭᠦᠯᠦᠭᠰᠡᠨ ᠶᠦᠮ᠃ ᠹᠷᠠᠨᠼᠢ ᠬᠥᠮᠦᠰ ᠦ᠋ᠨ ᠬᠣᠭᠣᠷᠣᠨᠳᠣ ᠪᠠᠨ ᠣᠷᠣᠰ ᠴᠡᠷᠢᠭ ᠦ᠋ᠨ ᠳᠣᠲᠣᠷ᠎ᠠ ᠬᠥᠮᠦᠨ ᠦ᠌ ᠮᠢᠬ᠎ᠠ ᠶ᠋ᠢ ᠢᠳᠡᠳᠡᠭ ᠬᠥᠮᠦᠨ ᠪᠣᠢ ᠭᠡᠰᠡᠨ ᠴᠤᠤ ᠳᠡᠯᠭᠡᠷᠡᠵᠦ ᠪᠠᠢᠭᠰᠠᠨ ᠪᠣᠯᠬᠣᠷ᠂ ᠲᠡᠳᠡᠨᠡᠷ ᠤᠷᠬᠠᠳᠠᠵᠤ ᠠᠪᠴᠢᠷᠠᠭᠰᠠᠨ ᠨᠥᠬᠥᠷ ᠢ᠋ ᠮᠢᠨᠢ ᠶᠡᠬᠡ ᠲᠣᠭᠣᠭ᠎ᠠ ᠶ᠋ᠢᠨ ᠳᠡᠷᠭᠡᠳᠡ ᠴᠢᠷᠴᠦ ᠠᠪᠠᠴᠢᠭᠠᠳ ᠳᠣᠣᠷ᠎ᠠ ᠪᠠᠨ ᠴᠢᠨᠠᠵᠤ ᠪᠠᠢᠯ᠎ᠠ ᠭᠡᠳᠡᠭ ᠢ᠋ ᠢᠲᠡᠭᠡᠵᠦ ᠪᠠᠢᠭᠰᠠᠨ ᠶᠤᠮ᠃ 
 ( ᠬᠣᠶᠠᠷ) ᠬᠥᠷ ᠴᠠᠰᠤᠨ ᠳᠤᠮᠳᠠᠭᠤᠷ ᠵᠠᠮ ᠬᠠᠢᠨ ᠮᠣᠷᠳᠠᠭᠰᠠᠨ ᠨᠢ
  ᠲᠡᠷᠡ ᠴᠠᠭ ᠪᠣᠯ1218 ᠣᠨ ᠤ᠋ ᠡᠪᠦᠯ ᠪᠠᠢᠵᠤ᠂ ᠴᠢᠩᠭᠢᠰ ᠬᠠᠭᠠᠨ ᠴᠡᠷᠢᠭ ᠢ᠋ᠶ᠋ᠡᠨ ᠴᠤᠭᠯᠠᠭᠤᠯᠬᠤ ᠬᠤᠭᠤᠴᠠᠭ᠎ᠠ ᠶ᠋ᠢ ᠳᠠᠷᠠᠭ᠎ᠠ ᠵᠢᠯ ᠦ᠋ᠨ ᠬᠠᠪᠤᠷ ᠤ᠋ᠨ ᠡᠬᠢᠨ ᠳ᠋ᠦ᠍ ᠡᠷᠴᠢᠰ ᠭᠣᠣᠯ ᠤ᠋ᠨ ᠡᠬᠢ᠂ ᠤᠢᠭᠤᠷᠴᠤᠳ ᠤ᠋ᠨ ᠨᠤᠲᠤᠭ ᠲᠤ᠌ ᠴᠤᠭᠯᠠᠭᠤᠯᠬᠤ ᠪᠠᠷ ᠲᠣᠭᠲᠠᠭᠠᠵᠠᠢ᠃ ᠪᠠᠷᠤᠭ ᠴᠠᠰᠤ ᠬᠠᠢᠯᠤᠭᠰᠠᠨ ᠤ᠋ ᠬᠣᠢᠨ᠎ᠠ᠂ ᠵᠦᠩᠭᠠᠷ ᠤ᠋ᠨ ᠬᠠᠭᠠᠯᠭ᠎ᠠ ᠪᠠᠷ ᠴᠡᠷᠢᠭ ᠢ᠋ᠶ᠋ᠡᠨ ᠥᠩᠭᠡᠷᠡᠭᠦᠯᠬᠦ ᠭᠡᠵᠦ ᠪᠠᠢᠭᠰᠠᠨ ᠶᠤᠮ᠃ ᠡᠨᠡᠬᠦ ᠬᠠᠭᠠᠯᠭ᠎ᠠ ᠨᠢ ᠰᠠᠨᠠᠭᠠᠨ ᠳ᠋ᠤ᠌ ᠣᠷᠣᠬᠤ ᠦᠭᠡᠢ᠂ᠡᠷᠲᠡ ᠳᠡᠭᠡᠷ᠎ᠡ ᠴᠠᠭ ᠲᠤ᠌ ᠠᠽᠢᠶ᠎ᠠ ᠶ᠋ᠢᠨ ᠥᠨᠳᠥᠷᠯᠢᠭ ᠦ᠋ᠨ ᠨᠡᠭᠦᠳᠡᠯᠴᠢᠨ ᠠᠷᠠᠳ ᠡᠭᠦᠨ ᠢ᠋ᠶ᠋ᠡᠷ ᠳᠡᠮᠵᠢᠵᠦ ᠥᠷᠥᠨᠡᠲᠦ ᠠᠽᠢᠶ᠎ᠠ ᠳ᠋ᠤ᠌ ᠳᠣᠪᠲᠣᠯᠤᠨ ᠣᠷᠣᠳᠠᠭ ᠪᠠᠢᠭᠰᠠᠨ ᠶᠤᠮ᠃ ᠰᠢᠷᠳᠠᠷᠢᠶᠠ ᠭᠣᠣᠯ ᠤ᠋ᠨ ᠬᠥᠪᠡᠭᠡᠨ ᠳ᠋ᠦ᠍ ᠬᠦᠷᠬᠦ ᠡᠴᠡ ᠡᠮᠦᠨ᠎ᠡ᠂ ᠤᠰᠤ ᠡᠪᠡᠰᠦ ᠴᠦ᠍ ᠦᠭᠡᠢ ᠡᠯᠡᠰᠦ ᠮᠠᠩᠬ᠎ᠠ ᠶ᠋ᠢ ᠲᠤᠭᠤᠯᠬᠤ ᠦᠭᠡᠢ ᠪᠡᠷ ᠪᠣᠯᠬᠤ ᠦᠭᠡᠢ ᠭᠡᠳᠡᠭ ᠢ᠋ ᠴᠢᠩᠭᠢᠰ ᠬᠠᠭᠠᠨ ᠮᠡᠳᠡᠵᠦ ᠪᠠᠢᠭᠰᠠᠨ ᠶᠤᠮ᠃ ᠡᠭᠦᠨ ᠡᠴᠡ ᠥᠭᠡᠷ᠎ᠡ ᠬᠠᠯᠴᠠᠭᠠᠢ ᠭᠠᠵᠠᠷ ᠢ᠋ᠶ᠋ᠠᠷ ᠬᠣᠷᠢᠨ ᠲᠠᠪᠤᠨ ᠲᠦᠮᠡᠨ ᠮᠣᠷᠢᠲᠤ ᠴᠡᠷᠢᠭ ᠪᠣᠯᠤᠨ ᠭᠤᠷᠪᠠᠨ ᠲᠦᠮᠡ ᠢᠯᠡᠭᠦᠦ ᠮᠠᠯ ᠢ᠋ ᠢᠳᠡᠭᠦᠯᠵᠦ ᠤᠤᠭᠤᠯᠭᠠᠬᠤ ᠦᠭᠡᠢ ᠪᠡᠷ ᠪᠣᠯᠬᠤ ᠦᠭᠡᠢ᠃ ᠠᠯᠲᠠᠨ ᠤᠯᠤᠰ ᠲᠠᠢ ᠪᠠᠢᠯᠳᠤᠬᠤ ᠦᠶ᠎ᠡ ᠳᠦ᠂ ᠲᠡᠷᠡ ᠠᠯᠲᠠᠨ ᠤᠯᠤᠰ ᠢ᠋ ᠰᠢᠪᠲᠤᠯᠬᠤ ᠶ᠋ᠢᠨ ᠲᠥᠯᠥᠭᠡ ᠂ ᠲᠠᠪᠤᠨ ᠮᠢᠩᠭᠠᠨ ᠺᠢᠯᠣᠮᠧᠲ᠋ᠷ ᠤᠷᠲᠤ ᠤᠯᠤᠰ ᠤ᠋ᠨ ᠬᠢᠯᠢ ᠶ᠋ᠢᠨ ᠠᠯᠢ ᠰᠠᠢᠨ ᠭᠠᠵᠠᠷ ᠢ᠋ ᠰᠣᠩᠭᠣᠵᠤ ᠴᠢᠳᠠᠭᠰᠠᠨ ᠶᠤᠮ᠃ ᠱᠠᠭ ᠤ᠋ᠨ ᠬᠠᠭᠠᠨᠲᠤ ᠤᠯᠤᠰ ᠪᠣᠯ ᠵᠡᠭᠦᠨ ᠲᠠᠯ᠎ᠠ ᠪᠠᠷ ᠢ᠋ᠶ᠋ᠠᠨ ᠭᠠᠵᠠᠷ ᠪᠣᠯᠭᠠᠨ ᠳ᠋ᠤ᠌ ᠳᠣᠯᠣᠭᠠᠨ ᠮᠢᠩᠭᠠᠨ ᠮᠧᠲ᠋ᠷ ᠥᠨᠳᠥᠷ ᠳᠠᠪᠠᠰᠢ ᠦᠭᠡᠢ ᠠᠭᠤᠯᠠ ᠨᠢᠷᠤᠭᠤ ᠪᠠᠷ ᠬᠠᠮᠠᠭᠠᠯᠠᠭᠳᠠᠵᠤ ᠪᠠᠢᠭᠰᠠᠨ ᠶᠤᠮ᠃ᠡᠴᠦᠰ ᠲᠡᠭᠡᠨ ᠰᠢᠷᠳᠠᠷᠢᠶᠠ ᠭᠣᠣᠯ ᠤ᠋ᠨ ᠬᠥᠪᠡᠭᠡᠨ ᠳ᠋ᠦ᠍ ᠬᠦᠷᠬᠦ ᠶ᠋ᠢᠨ ᠲᠥᠯᠥᠭᠡ᠂ ᠬᠣᠢᠲᠤ ᠲᠠᠯ᠎ᠠ ᠶ᠋ᠢᠨ ᠬᠥᠳᠡᠭᠡ ᠪᠡᠷ ᠲᠣᠭᠣᠷᠢᠬᠤ ᠳ᠋ᠤ᠌ ᠬᠦᠷᠪᠡᠯ ᠨᠡᠩ ᠢᠯᠡᠭᠦᠦ ᠬᠡᠳᠦᠨ ᠵᠠᠭᠤᠨ ᠺᠢᠯᠣᠮᠧᠲ᠋ᠷ ᠠᠶᠠᠯᠠᠬᠤ ᠪᠠᠷ ᠦᠯᠦ ᠪᠠᠷᠠᠨ᠂ ᠬᠣᠷᠸᠰᠮ ᠤᠯᠤᠰ ᠤ᠋ᠨ ᠮᠡᠳᠡᠷᠡᠯ ᠦ᠋ᠨ ᠲᠥᠪ ᠪᠣᠯᠬᠤ ᠭᠠᠵᠠᠷ ᠤ᠋ᠨ ᠨᠢᠭᠡᠨ ᠳ᠋ᠦ᠍ᠨᠢ ᠬᠦᠷᠬᠦ ᠡᠴᠡ ᠤᠷᠢᠳ ᠳᠠᠢᠰᠤᠨ  ᠤ᠋ ᠣᠷᠣᠨ ᠨᠤᠲᠤᠭ ᠢ᠋ ᠲᠤᠭᠤᠯᠬᠤ ᠦᠭᠡᠢ ᠪᠡᠷ ᠪᠣᠯᠬᠤ ᠦᠭᠡᠢ ᠪᠠᠢᠯ᠎ᠠ ᠃ ᠬᠣᠷᠸᠰᠮ ᠤᠯᠤᠰ ᠤ᠋ᠨ ᠮᠡᠳᠡᠷᠡᠯ ᠦ᠋ᠨ ᠲᠥᠪ ᠪᠣᠯᠬᠤ ᠭᠠᠵᠠᠷ ᠨᠢ ᠰᠠᠷᠠᠰᠢᠨ᠎ᠤ ᠳᠣᠲᠣᠷ᠎ᠠ ᠪᠠᠢᠵᠤ᠂ ᠲᠡᠨᠳᠡ ᠨᠡᠢᠰᠯᠡᠯ ᠰᠠᠮᠠᠷᠺᠠᠨᠳ᠋᠂ ᠪᠠᠶᠠᠯᠢᠭ ᠪᠥᠬᠠᠷ ᠵᠡᠷᠭᠡ ᠶ᠋ᠢᠨ ᠭᠠᠵᠠᠷ ᠪᠠᠢᠬᠤ ᠶᠤᠮ᠃
     ᠵᠥᠪᠳᠡᠭᠴᠢ ᠶ᠋ᠢᠨ ᠶᠠᠮᠤᠨ ᠡᠯᠴᠢᠳ᠂ᠡᠯ᠎ᠡ ᠴᠡᠷᠢᠭ ᠠᠩᠭᠢ ᠶ᠋ᠢᠨ ᠶᠠᠪᠤᠬᠤ ᠵᠠᠮ ᠢ᠋ ᠳᠥᠩᠭᠡᠵᠦ ᠲᠣᠭᠲᠠᠭᠠᠨ ᠥᠭᠴᠦ ᠪᠠᠢᠭᠰᠠᠨ ᠦᠶ᠎ᠡ ᠳ᠋ᠦ᠍ ᠂ ᠬᠠᠷ᠎ᠠ ᠬᠢᠳᠠᠨ ᠳ᠋ᠤ᠌ ᠪᠠᠢᠭᠰᠠᠨ ᠵᠡᠪᠡ ᠨᠣᠶᠠᠨ ᠠ᠋ᠴᠠ ᠰᠠᠨᠠᠮᠰᠠᠷ ᠦᠭᠡᠢ ᠰᠠᠢᠨ ᠴᠢᠮᠡᠭᠡ ᠢᠷᠡᠭᠦᠯᠵᠡᠢ᠃ ᠵᠡᠪᠡ ᠨᠣᠶᠠᠨ ᠫᠠᠮᠢᠷ ᠠᠭᠤᠯᠠ ᠶ᠋ᠢᠨ ᠳᠣᠲᠣᠷ᠎ᠠ ᠪᠠᠷᠠᠭᠤᠨ ᠲᠡᠰᠢ ᠨᠡᠪᠲᠡᠷᠡᠬᠦ ᠨᠢᠭᠡᠨ ᠵᠥᠷᠢᠭ ᠪᠠᠢᠬᠤ ᠶ᠋ᠢ ᠣᠯᠵᠤ ᠮᠡᠳᠡᠵᠡᠢ᠃ ᠡᠨᠡ ᠴᠤᠪᠤᠭ᠎ᠠ ᠵᠠᠮ ᠬᠣᠷᠸᠰᠮ ᠬᠠᠭᠠᠨᠲᠤ ᠤᠯᠤᠰ ᠠ᠋ᠴᠠ ᠥᠭᠡᠷ᠎ᠡ ᠭᠠᠵᠠᠷ ᠬᠦᠷᠬᠦ ᠶᠣᠰᠣ ᠦᠭᠡᠢ᠃ᠡᠨᠡ ᠨᠢ ᠰᠢᠷᠳᠠᠷᠢᠶᠠ ᠭᠣᠣᠯ ᠢ᠋ ᠭᠡᠲᠦᠯᠵᠦ ᠬᠣᠢᠲᠤ ᠲᠠᠯ᠎ᠠ ᠠ᠋ᠴᠠ ᠣᠷᠣᠵᠤ ᠪᠣᠯᠬᠤ ᠪᠠᠷ ᠦᠯᠦ ᠪᠠᠷᠠᠨ᠂ᠵᠡᠭᠦᠨ ᠲᠠᠯ᠎ᠠ ᠠ᠋ᠴᠠ ᠪᠠᠰᠠ ᠣᠷᠣᠵᠤ ᠴᠢᠳᠠᠬᠤ ᠪᠣᠯᠤᠯᠴᠠᠭ᠎ᠠ ᠪᠠᠢᠬᠤ ᠶ᠋ᠢ ᠬᠠᠷᠠᠭᠤᠯᠤᠭᠰᠠᠨ ᠪᠠᠢᠨ᠎ᠠ᠃ ᠲᠡᠭᠡᠭᠡᠳ ᠴᠢᠩᠭᠢᠰ ᠬᠠᠭᠠᠨ᠂ ᠬᠥᠪᠡᠭᠦᠨ ᠵᠥᠴᠢ ᠳ᠋ᠡᠭᠡᠨ ᠴᠥᠭᠡᠨ ᠲᠣᠭ᠎ᠠ ᠲᠠᠢ ᠴᠡᠷᠢᠭ ᠥᠭᠴᠦ  ᠺᠠᠱᠢᠭᠠᠷ ᠲᠤ᠌ ᠵᠡᠪᠡ ᠲᠡᠢ ᠨᠡᠢᠯᠡᠭᠡᠳ ᠲᠡᠭᠦᠨ ᠢ᠋ ᠬᠠᠪᠰᠤᠷᠤᠭᠤᠯᠬᠤ ᠪᠠᠷ ᠲᠣᠮᠢᠯᠠᠪᠠ᠃ ᠡᠨᠡ ᠬᠣᠶᠠᠷ ᠤ᠋ᠨ ᠡᠭᠦᠷᠭᠡ ᠪᠣᠯ ᠲᠤᠰ ᠵᠥᠷᠢᠭ ᠵᠠᠮ ᠠᠯᠢ ᠭᠠᠵᠠᠷ ᠲᠤ᠌ ᠬᠦᠷᠬᠦ ᠶ᠋ᠢ ᠦᠵᠡᠬᠦ ᠶ᠋ᠢᠨ ᠲᠥᠯᠥᠭᠡ ᠪᠠᠢᠵᠤ ᠪᠢᠯᠡ᠃
  ᠬᠠᠭᠠᠨ  ᠤ᠋ ᠬᠥᠪᠡᠭᠦᠨ ᠵᠥᠴᠢ ᠪᠣᠯᠤᠨ ᠥᠷᠯᠥᠭ ᠵᠡᠪᠡ ᠬᠣᠶᠠᠭᠤᠯᠠ ᠤᠳᠠᠯ ᠦᠭᠡᠢ ᠬᠠᠮᠲᠤᠷᠠᠵᠤ᠂ ᠡᠪᠦᠯ ᠦ᠋ᠨ ᠭᠣᠣᠯ ᠬᠦᠢᠲᠡᠨ ᠢ᠋ᠶ᠋ᠡᠷ ᠦᠯᠦ ᠮᠡᠳᠡᠬᠦ ᠶᠢᠷᠲᠢᠨᠴᠦ ᠶ᠋ᠢ ᠵᠦᠭᠯᠡᠵᠦ᠂ ᠬᠠᠨᠨᠢᠪᠠᠯ ᠪᠣᠯᠤᠨ ᠨᠠᠫᠤᠯᠢᠶᠣᠡ ᠶ᠋ᠢᠨ ᠠᠷᠪᠣᠰ ᠠᠭᠤᠯᠠ ᠶ᠋ᠢ ᠳᠠᠪᠠᠭᠰᠠᠨ ᠬᠡᠷᠡᠭ ᠡᠴᠡ ᠬᠡᠴᠡᠭᠦᠦ᠂ ᠰᠣᠯᠢᠶᠠᠲᠠᠢ ᠭᠡᠵᠦ ᠬᠡᠯᠡᠪᠡᠴᠦ ᠪᠣᠯᠤᠮᠠᠷ ᠶᠡᠬᠡ ᠵᠣᠷᠢᠭ ᠢ᠋ᠶ᠋ᠠᠷ ᠮᠣᠷᠳᠠᠨ ᠭᠠᠷᠴᠠᠢ᠃ ᠬᠣᠶᠠᠷ ᠲᠦᠮᠡ ᠲᠠᠪᠤᠨ ᠮᠢᠩᠭ᠎ᠠ ᠠ᠋ᠴᠠ ᠭᠤᠷᠪᠠᠨ ᠲᠦᠮᠡᠨ ᠬᠥᠮᠦᠨ ᠢ᠋ᠶ᠋ᠡᠷ ᠪᠦᠷᠢᠯᠳᠦᠭᠰᠡᠨ ᠮᠣᠩᠭᠣᠯ ᠴᠡᠷᠢᠭ᠂ ᠶᠣᠰᠣᠲᠠᠢ ᠠᠭᠤᠯᠠ ᠭᠡᠮᠡᠷ ᠫᠠᠮᠢᠷ ᠪᠣᠯᠤᠨ ᠲᠡᠭᠷᠢ ᠠᠭᠤᠯᠠ ᠶ᠋ᠢᠨ ᠬᠣᠭᠣᠷᠣᠨᠳᠣᠬᠢ ᠵᠢᠯᠠᠭᠠᠨ ᠬᠥᠨᠳᠡᠢ ᠳ᠋ᠦ᠍ ᠰᠢᠷᠭᠤᠨ ᠣᠷᠣᠯ᠎ᠠ᠃ ᠮᠣᠷᠢᠨ  ᠤ᠋ ᠰᠤᠳᠠᠯ ᠬᠠᠭ᠎ᠠ ᠣᠴᠢᠵᠤ᠂ ᠲᠤᠭᠤᠷᠠᠢ ᠨᠢ ᠲᠠᠰᠤ ᠬᠥᠯᠳᠡᠮᠡᠷ ᠠᠢᠬᠤᠪᠲᠤᠷ ᠬᠦᠢᠲᠡᠨ ᠳ᠋ᠦ᠍᠂ ᠬᠥᠮᠦᠨ  ᠦ᠌ ᠴᠢᠨᠡᠭᠡᠨ ᠭᠦᠨ ᠴᠠᠰᠤᠨ ᠳᠤᠮᠳᠠᠭᠤᠷ ᠤᠷᠤᠭᠰᠢᠯᠠᠨ᠂ ᠪᠠᠰᠠ ᠮᠥᠰᠥᠨ ᠳ᠋ᠦ᠍ ᠪᠦᠷᠬᠦᠭᠳᠡᠭᠰᠡᠨ ᠳᠥᠷᠪᠡᠨ ᠮᠢᠩᠭᠠᠨ ᠮᠧᠲ᠋ᠷ ᠥᠨᠳᠥᠷ ᠬᠦᠴᠢᠷ ᠤᠷᠲᠤ ᠪᠠ ᠲᠡᠷᠢᠭᠦᠨ ᠳᠠᠪᠠᠭ᠎ᠠ ᠭᠡᠬᠦ ᠬᠣᠶᠠᠷ ᠬᠠᠪᠴᠢᠯ ᠢ᠋ᠶ᠋ᠠᠷ ᠥᠭᠡᠳᠡ ᠠᠪᠠᠷᠢᠪᠠ᠃ ᠶᠡᠬᠡ ᠰᠢᠭᠤᠷᠭᠠᠨ ᠳ᠋ᠤ᠌ ᠮᠣᠷᠢᠨ  ᠤ᠋ ᠬᠥᠯ ᠢ᠋ᠶ᠋ᠡᠨ ᠰᠠᠷᠯᠤᠭ ᠤ᠋ᠨ ᠠᠷᠠᠰᠤ ᠪᠠᠷ ᠪᠠᠭᠯᠠᠵᠤ᠂ ᠬᠥᠮᠦᠨ ᠨᠢ ᠬᠣᠶᠠᠷ ᠳᠠᠪᠬᠤᠷ ᠳᠠᠬᠤ ᠡᠮᠦᠰᠴᠦ᠂ ᠳᠣᠯᠣᠭᠠᠨ ᠮᠢᠩᠭᠠᠨ ᠮᠧᠲ᠋ᠷ ᠥᠨᠳᠥᠷ ᠠᠭᠤᠯᠠ ᠶ᠋ᠢᠨ ᠬᠣᠭᠣᠷᠣᠨᠳᠣ ᠪᠠᠷ ᠮᠥᠰᠥᠲᠦ ᠳᠡᠯᠡᠬᠡᠢ᠎ ᠯᠦᠭᠡ ᠲᠡᠮᠡᠴᠡᠭᠰᠡᠭᠡᠷ ᠤᠷᠤᠭᠰᠢᠯᠠᠵᠤ ᠪᠠᠢᠵᠠᠢ᠃ ᠪᠡᠶ᠎ᠡ ᠪᠡᠨ ᠳᠤᠯᠠᠭᠠᠴᠠᠭᠤᠯᠬᠤ ᠶ᠋ᠢᠨ ᠲᠥᠯᠥᠭᠡ ᠂ ᠲᠡᠳᠡᠨᠡᠷ ᠮᠣᠷᠢᠨ  ᠤ᠋ ᠰᠤᠳᠠᠯ ᠢ᠋ ᠬᠠᠨᠠᠵᠤ ᠬᠠᠯᠠᠭᠤᠨ ᠴᠢᠰᠤ ᠶ᠋ᠢ ᠨᠢ ᠰᠤᠷᠤᠭᠠᠳ᠂ᠰᠤᠳᠠᠯ ᠢ᠋ ᠲᠠᠭᠯᠠᠵᠤ ᠲᠠᠯᠪᠢᠳᠠᠭ᠃ ᠢᠯᠡᠭᠦᠴᠡ ᠬᠦᠨᠳᠦ ᠶᠠᠭᠤᠮ᠎ᠠ ᠪᠠᠨ ᠬᠡᠳᠦᠢᠨᠡᠢ ᠬᠠᠶᠠᠴᠢᠬᠠᠭᠰᠠᠨ ᠪᠥᠭᠡᠳ ᠬᠡᠷᠡᠭᠴᠡᠭᠡ ᠦᠭᠡᠢ ᠶᠠᠭᠤᠮ᠎ᠠ ᠪᠠᠨ ᠴᠤ᠌ ᠤᠷᠢᠳ ᠣᠷᠬᠢᠵᠤ ᠬᠡᠭᠡᠴᠢᠬᠡᠭᠰᠡᠨ ᠶᠦ᠍ᠮ᠂ ᠬᠥᠮᠦᠨ ᠨᠢ ᠴᠦ᠍ ᠮᠣᠷᠢᠨ ᠨᠢ ᠴᠦ᠍ ᠴᠢᠳᠠᠬᠤ ᠶ᠋ᠢᠨ ᠴᠢᠨᠡᠬᠡᠪᠡᠷ ᠤᠷᠤᠭᠰᠢᠯᠠᠬᠤ ᠪᠠᠷ ᠴᠢᠷᠮᠠᠢᠭᠰᠠᠨ ᠪᠣᠯᠪᠠᠴᠤ᠂ ᠵᠠᠮ ᠤ᠋ᠨ ᠬᠠᠵᠠᠭᠤ ᠪᠠᠷ ᠦᠬᠦᠭᠰᠡᠨ ᠮᠣᠷᠢᠳ ᠨᠢ ᠠᠯᠢ ᠣᠯᠠᠨ ᠬᠠᠷᠠᠭᠳᠠᠵᠤ ᠪᠠᠢᠭᠰᠠᠨ ᠴᠤ᠌᠂ ᠴᠥᠮ ᠶᠠᠰᠤ ᠶ᠋ᠢᠨ ᠲᠡᠳᠦᠢ ᠯᠡ ᠦᠯᠡᠳᠡᠵᠦ ᠪᠠᠢᠪᠠ᠃ ᠮᠢᠬ᠎ᠠ ᠶ᠋ᠢ ᠨᠢ ᠬᠠᠯᠠᠭᠤᠨ ᠳᠡᠭᠡᠷ᠎ᠡ ᠨᠢ ᠢᠳᠡᠭᠡᠳ ᠪᠠᠷᠠᠴᠢᠬᠠᠭᠰᠠᠨ ᠪᠠᠢᠪᠠ( ᠶᠣᠰᠣᠲᠠᠢ ᠯᠠ ᠭᠦᠳᠬᠡᠯ ᠮᠥᠨ! ᠬᠢᠨᠠᠭᠴᠢ  ᠠ᠋ᠴᠠ)᠃ ᠵᠠᠮ ᠳᠠᠭᠠᠭᠠᠳ ᠬᠥᠯᠳᠡᠵᠦ ᠦᠬᠦᠭᠰᠡᠨ ᠬᠥᠮᠦᠨ  ᠦ᠌ ᠶᠠᠰᠤ ᠪᠠ ᠵᠠᠷ ᠵᠡᠪᠰᠡᠭ ᠨᠡᠮᠡᠭᠳᠡᠵᠦ ᠯᠡ ᠪᠠᠢᠯ᠎ᠠ᠃ 
  ᠲᠡᠭᠡᠭᠡᠳ ᠳᠦᠷᠰᠦᠯᠡᠵᠦ ᠴᠢᠳᠠᠰᠢ ᠥᠬᠡᠢ ᠬᠡᠮᠵᠢᠶᠡᠨ ᠳ᠋ᠦ᠍ ᠬᠦᠷᠲᠡᠯ᠎ᠡ ᠵᠦᠳᠡᠷᠡᠵᠦ ᠶᠠᠪᠤᠭᠰᠠᠨ ᠴᠡᠷᠢᠭ ᠠᠩᠭᠢ ᠶ᠋ᠢᠨ ᠨᠢᠳᠦᠨ ᠡᠮᠦᠨ᠎ᠡ᠂ ᠭᠡᠨᠡᠳᠲᠡ ᠦᠵᠡᠮᠵᠢᠲᠡᠢ ᠰᠠᠢᠬᠠᠨ ᠨᠣᠭᠣᠭᠠᠨ ᠥᠩᠭᠡ ᠬᠠᠷᠠᠭᠳᠠᠭᠰᠠᠨ ᠨᠢ ᠳᠠᠷᠤᠢ ᠹᠸᠷᠭᠠᠨᠠ ᠶ᠋ᠢᠨ ᠬᠥᠨᠳᠡᠢ ᠢᠯᠡᠷᠡᠯ᠎ᠡ᠃ ᠡᠨᠡ ᠭᠠᠵᠠᠷ ᠪᠣᠯ ᠦᠵᠦᠮ᠂ ᠬᠦᠷᠢ ᠬᠣᠷᠣᠬᠠᠢ᠂ ᠪᠤᠭᠤᠳᠠᠢ ᠶ᠋ᠢᠨ ᠲᠠᠷᠢᠶ᠎ᠠ᠂ ᠣᠬᠢ ᠰᠠᠢᠨ ᠠᠭᠲᠠ ᠶ᠋ᠢᠨ ᠡᠭᠦᠯᠳᠡᠷ ᠦ᠋ᠨ ᠲᠠᠯᠠᠪᠠᠢ ᠲᠠᠢ ᠤᠯᠤᠰ ᠪᠠᠢᠵᠠᠢ᠃ ᠠᠯᠲᠠ ᠮᠥᠩᠭᠥᠨ  ᠦ᠌ ᠨᠠᠷᠢᠯᠢᠭ ᠤᠷᠠᠯᠠᠯ ᠪᠣᠯᠤᠨ ᠰᠢᠯ ᠬᠢᠬᠦ ᠲᠠᠯ᠎ᠠ ᠪᠡᠷ ᠴᠦ᠍ ᠨᠡᠷ᠎ᠡ ᠠᠯᠳᠠᠷ ᠲᠠᠢ ᠪᠠᠢᠭᠰᠠᠨ ᠶᠤᠮ᠃ ᠲᠡᠨᠳᠡ ᠬᠡᠳᠦᠢᠨᠡᠢ ᠬᠠᠪᠤᠷ ᠪᠣᠯᠤᠭᠠᠳ ᠪᠠᠢᠭᠰᠠᠨ ᠪᠢᠯᠡ᠃ ᠮᠣᠩᠭᠣᠯ ᠴᠡᠷᠢᠭ ᠡᠨᠡ ᠭᠠᠵᠠᠷ ᠢᠷᠡᠭᠡᠳ ᠂ᠬᠣᠰᠢᠭᠤᠴᠢ ᠴᠡᠷᠢᠭ ᠨᠢ ᠠᠢᠯ ᠠᠢᠯ ᠠ᠋ᠴᠠ ᠠᠳᠤᠭᠤ ᠮᠠᠯ ᠬᠣᠷᠢᠶᠠᠨ ᠠᠪᠴᠤ ᠪᠠᠢᠭᠰᠠᠨ ᠴᠠᠭ ᠲᠤ᠌᠂ ᠨᠠᠯᠠ— ᠤᠳ᠋ — ᠳ᠋ᠢᠨ· ᠮᠥᠬᠠᠮᠸᠳ᠋ ᠨᠢᠭᠡᠨᠲᠡ ᠰᠢᠯᠢᠳᠡᠭ ᠴᠡᠷᠢᠭ  ᠢ᠋ᠶ᠋ᠡᠨ ᠳᠠᠭᠠᠭᠤᠯᠤᠨ ᠢᠷᠡᠭᠡᠳ ᠪᠠᠢᠭᠰᠠᠨ ᠪᠥᠭᠡᠳ ᠵᠦᠳᠡᠷᠡᠵᠦ ᠮᠣᠬᠣᠭᠰᠠᠨ ᠮᠣᠩᠭᠣᠯ ᠴᠡᠷᠢᠭ  ᠢ᠋ ᠳᠠᠷᠤᠢ ᠲᠦᠷᠭᠡᠨ ᠪᠠᠷᠢᠨ ᠴᠣᠬᠢᠶ᠎ᠠ ᠭᠡᠰᠡᠨ ᠪᠢᠯᠡ᠃ 
  ᠦᠰᠦ ᠨᠢ ᠪᠤᠷᠵᠢᠢᠭᠰᠠᠨ ᠪᠢᠴᠢᠬᠠᠨ ᠮᠣᠷᠢ ᠤᠨᠤᠴᠢᠬᠠᠭᠠᠳ᠂ᠲᠡᠮᠦᠷ ᠬᠤᠶᠠᠭ ᠴᠤ᠌ ᠡᠮᠦᠰᠦᠭᠰᠡᠨ ᠦᠭᠡᠢ᠂ ᠬᠠᠷ᠎ᠠ ᠬᠥᠳᠡᠰᠦ ᠪᠡᠷ ᠪᠡᠶ᠎ᠡ ᠪᠡᠨ ᠪᠠᠭᠯᠠᠭᠰᠠᠨ ᠨᠡᠭᠦᠳᠡᠯᠴᠢᠨ ᠠᠷᠠᠳ ᠤ᠋ᠨ ᠰᠢᠨᠵᠢ ᠶ᠋ᠢ ᠦᠵᠡᠭᠡᠳ ᠮᠥᠬᠠᠮᠸᠳ᠋ ᠲᠤ᠌ ᠬᠥᠭᠡᠷᠦᠬᠦᠢᠯᠡᠬᠦ ᠰᠡᠳᠬᠢᠯ ᠲᠥᠷᠥᠭᠳᠡᠭᠰᠡᠨ ᠪᠣᠯᠤᠯᠲᠠᠢ᠃ ᠲᠡᠷᠡ ᠦᠶ᠎ᠡ ᠳ᠋ᠦ᠍ ᠮᠣᠩᠭᠣᠯ ᠴᠡᠷᠢᠭ ᠬᠠᠷᠢᠨ ᠳᠥᠩᠭᠡᠵᠦ ᠳᠠᠩᠭᠠᠵᠤ ᠪᠠᠢᠯᠳᠤᠵᠤ ᠡᠬᠢᠯᠡᠪᠡ᠃ ᠬᠠᠮᠤᠭ ᠠᠩᠬᠠᠨ  ᠤ᠋ ᠳᠠᠭᠠᠷᠢᠯᠲᠠ ᠳ᠋ᠤ᠌ ᠲᠡᠳᠡ ᠪᠤᠷᠤᠭᠤᠯᠠᠪᠠ᠃ᠭᠡᠪᠡᠴᠦ ᠳᠤᠲᠠᠭᠠᠵᠤ ᠪᠠᠢᠭ᠎ᠠ ᠮᠣᠩᠭᠣᠯ ᠴᠡᠷᠢᠭ ᠮᠡᠷᠭᠡᠨ ᠬᠠᠷᠪᠤᠭᠠᠴᠢ ᠪᠣᠯᠬᠤ ᠪᠠᠨ ᠦᠵᠡᠭᠦᠯᠵᠡᠢ᠃ ᠮᠦᠬᠠᠮᠸᠳ᠋ ᠤᠯᠠᠮ ᠭᠦᠨᠵᠡᠭᠡᠢᠷᠡᠨ ᠠᠭᠤᠯᠠ ᠶ᠋ᠢᠨ ᠵᠡᠪᠡ ᠳ᠋ᠦ᠍ ᠣᠷᠣᠭᠰᠠᠨ ᠦᠶ᠎ᠡ ᠳ᠋ᠦ᠍ ᠂ ᠶᠠᠭ ᠵᠥᠴᠢ ᠶ᠋ᠢᠨ ᠳᠠᠭᠠᠭᠤᠯᠤᠭᠰᠠᠨ ᠴᠡᠷᠢᠭ ᠲᠡᠢ ᠠᠭᠤᠯᠵᠠᠪᠠ᠃ ᠮᠦᠬᠠᠮᠸᠳ᠋ ᠤ᠋ᠨ ᠴᠡᠷᠢᠭ ᠨᠢ ᠲᠣᠭ᠎ᠠ ᠶ᠋ᠢᠨ ᠲᠠᠯ᠎ᠠ ᠪᠠᠷ ᠳᠠᠪᠠᠭᠤᠯᠢᠭ ᠢ᠋ᠶ᠋ᠠᠷ ᠦᠯᠦ ᠪᠠᠷᠠᠨ᠂ ᠬᠤᠶᠠᠭ ᠵᠡᠪᠰᠡᠭ ᠨᠢ ᠴᠦ᠍ ᠰᠠᠢᠨ᠂ ᠰᠢᠨ᠎ᠡ ᠰᠢᠯᠢᠳᠡᠭ ᠴᠡᠷᠢᠭ ᠪᠠᠢᠭᠰᠠᠨ ᠪᠣᠯᠬᠣᠷ ᠪᠠᠢᠯᠳᠤᠭᠠᠨ ᠬᠢᠬᠦ ᠶ᠋ᠢ ᠶᠡᠬᠡ ᠬᠦᠰᠡᠵᠦ ᠪᠠᠢᠭᠰᠠᠨ ᠶᠤᠮ᠃ 
     ᠵᠡᠪᠡ ᠨᠣᠶᠠᠨ ᠬᠠᠷᠢᠨ ᠲᠤᠯᠭᠠᠷᠠᠵᠤ ᠪᠠᠢᠯᠳᠤᠭᠠᠨ ᠬᠢᠬᠦ ᠳᠤᠷ᠎ᠠ ᠪᠠᠷ ᠪᠠᠷᠤᠭᠲᠠᠢ ᠪᠠᠢᠪᠠ᠃ ᠲᠡᠭᠦᠨ ᠦ᠌ ᠬᠡᠯᠡᠬᠦ ᠪᠡᠷ ᠪᠣᠯ ᠮᠣᠩᠭᠣᠯ ᠴᠡᠷᠢᠭ ᠠᠭᠤᠯᠠᠨ ᠲᠡᠰᠢ ᠤᠬᠤᠷᠢᠬᠤ ᠳ᠋ᠤ᠌ ᠬᠦᠷᠪᠡᠯ ᠱᠠᠭ ᠤ᠋ᠨ ᠴᠡᠷᠢᠭ ᠯᠠᠪ ᠪᠣᠷᠪᠢᠳᠠᠨ ᠳᠠᠭᠠᠵᠤ ᠴᠣᠬᠢᠨ᠎ᠠ᠃ ᠲᠡᠭᠡᠪᠡᠯ ᠴᠢᠩᠭᠢᠰ ᠬᠠᠭᠠᠨ ᠤ᠋ ᠰᠣᠩᠭᠣᠭᠰᠠᠨ ᠰᠢᠷᠳᠠᠷᠢᠶᠠ ᠭᠣᠣᠯ ᠤ᠋ᠨ ᠭᠣᠣᠯ ᠪᠠᠢᠯᠳᠤᠭᠠᠨ ᠤ᠋ ᠲᠠᠯᠠᠪᠠᠢ ᠳᠠᠷᠤᠢ ᠳᠠᠢᠰᠤᠨ ᠳ᠋ᠤ᠌ ᠰᠥᠨᠥᠭᠡᠯᠲᠡ ᠶ᠋ᠢᠨ ᠴᠢᠨᠠᠷ ᠲᠠᠢ ᠴᠣᠬᠢᠯᠲᠠ ᠥᠭᠬᠦ ᠪᠠᠢᠯᠳᠤᠭᠠᠨ ᠤ᠋ ᠲᠠᠯᠠᠪᠠᠢ ᠠ᠋ᠴᠠ ᠤᠯᠠᠮ ᠬᠣᠯᠠᠳᠬᠤ ᠳ᠋ᠤ᠌ ᠬᠦᠷᠦᠨ᠎ᠡ ᠭᠡᠬᠦ ᠳ᠋ᠦ᠍᠂ ᠵᠥᠴᠢ ᠬᠠᠷᠢᠨ ᠬᠡᠷᠪᠡ ᠪᠢᠳᠡ ᠤᠬᠤᠷᠢᠬᠤ ᠳ᠋ᠤ᠌ ᠬᠦᠷᠪᠡᠯ ᠬᠠᠭᠠᠨ ᠡᠴᠢᠭᠡ ᠮᠠᠨᠢ ᠶᠠᠭᠤ ᠭᠡᠵᠦ ᠬᠡᠯᠡᠬᠦ ᠪᠢᠯᠡ ᠭᠡᠵᠦ ᠪᠠᠢᠯᠳᠤᠬᠤ ᠶ᠋ᠢ ᠬᠦᠰᠡᠪᠡ᠃   
     ᠱᠠᠭ ᠤ᠋ᠨ ᠴᠡᠷᠢᠭ ᠨᠢ ᠪᠦᠷᠢᠶ᠎ᠡ ᠪᠠ ᠪᠠᠢᠯᠳᠤᠭᠠᠨ ᠤ᠋ ᠬᠡᠩᠭᠡᠷᠭᠡ ᠶ᠋ᠢᠨ ᠳᠠᠭᠤᠨ ᠤ᠋ ᠳᠤᠮᠳᠠ ᠳᠠᠭᠠᠷᠢᠵᠤ ᠡᠬᠢᠯᠡᠪᠡ᠃ ᠮᠣᠩᠭᠣᠯ ᠴᠡᠷᠢᠭ ᠦ᠋ᠳ ᠥᠨᠳᠥᠷ ᠳᠠᠭᠤᠨ ᠢ᠋ᠶ᠋ᠠᠷ ᠬᠠᠰᠬᠢᠷᠤᠯᠳᠤᠨ ᠳᠠᠢᠰᠤᠨ ᠲᠠᠢ ᠨᠣᠴᠣᠯᠳᠤᠨ ᠪᠠᠢᠯᠳᠤᠪᠠ᠃ ᠲᠡᠭᠦᠨ ᠦ᠌ ᠤᠶᠠᠨ ᠬᠠᠳᠠᠨ ᠴᠢᠨᠠᠷ ᠨᠢ ᠭᠠᠢᠬᠠᠯᠲᠠᠢ᠂ ᠳᠠᠢᠰᠤᠨ ᠳ᠋ᠤ᠌ ᠠᠪᠴᠤ ᠬᠡᠯᠡᠪᠡᠯ ᠤᠬᠠᠭᠠᠨ ᠲᠦᠭᠡᠭᠡ ᠶ᠋ᠢ ᠣᠯᠬᠤ ᠦᠭᠡᠢ ᠪᠣᠯᠪᠠ᠃ ᠡᠯ᠎ᠡ ᠬᠣᠷᠢᠶ᠎ᠠ ᠨᠢ ᠥᠩᠭᠡ ᠪᠦᠷᠢ ᠶ᠋ᠢᠨ ᠣᠯᠠᠨ ᠬᠡᠯᠪᠡᠷᠢ ᠲᠡᠢ ᠪᠠᠭ᠎ᠠ ᠳᠠᠯᠪᠠᠭ᠎ᠠ ᠶ᠋ᠢᠨ ᠵᠢᠯᠣᠭᠣᠳᠤᠯᠭ᠎ᠠ ᠪᠠᠷ ᠬᠠᠶᠠ ᠳᠠᠭᠠᠷᠢᠨ ᠴᠣᠬᠢᠬᠤ ᠬᠠᠶᠠ ᠤᠬᠤᠷᠢᠬᠤ᠂ ᠬᠠᠶᠠ ᠴᠤᠭᠯᠠᠷᠠᠬᠤ ᠪᠠ ᠬᠠᠶᠠ ᠲᠠᠷᠬᠠᠵᠤ ᠶᠠᠪᠤᠬᠤ᠂ ᠬᠠᠶᠠ ᠪᠥᠭᠡᠮᠨᠡᠷᠡᠭᠡᠳ ᠢᠷᠡᠬᠦ ᠵᠡᠷᠭᠡ ᠵᠦᠢᠯ ᠪᠦᠷᠢ ᠪᠡᠷ ᠤᠯᠠᠷᠢᠵᠤ ᠪᠠᠢᠭᠰᠠᠨ ᠪᠥᠭᠡᠳ ᠬᠠᠮᠤᠭ ᠡᠴᠦᠰ ᠦ᠋ᠨ ᠴᠠᠭ ᠪᠣᠯᠬᠤ ᠦᠭᠡᠢ ᠪᠣᠯ ᠲᠡᠭᠦᠨ ᠦ᠌ ᠭᠣᠷᠢᠳᠠᠯᠭ᠎ᠠ ᠶ᠋ᠢ ᠶᠡᠷᠦ ᠣᠢᠯᠠᠭᠠᠬᠤ ᠶ᠋ᠢᠨ ᠠᠷᠭ᠎ᠠ ᠦᠭᠡᠢ ᠮᠡᠲᠦ ᠪᠡᠷ ᠰᠢᠪᠲᠤᠯᠤᠨ ᠴᠣᠬᠢᠬᠤ ᠬᠠᠨᠳᠤᠯᠭ᠎ᠠ ᠪᠠᠨ ᠬᠤᠪᠢᠷᠠᠭᠤᠯᠵᠤ ᠪᠠᠢᠭᠰᠠᠨ ᠶᠤᠮ᠃ ᠮᠣᠩᠭᠣᠯ ᠴᠡᠷᠢᠭ ᠳᠠᠢᠰᠤᠨ ᠤ᠋ ᠲᠥᠪ ᠲᠤᠨᠢ ᠰᠢᠪᠲᠤᠯᠵᠤ ᠣᠷᠣᠭᠠᠳ ᠱᠠᠭ ᠢ᠋ ᠪᠠᠷᠢᠮᠠᠷ ᠪᠣᠯᠤᠭᠰᠠᠨ ᠦᠶ᠎ᠡ ᠳ᠋ᠦ᠍᠂ ᠲᠡᠭᠦᠨ ᠦ᠌ ᠬᠥᠪᠡᠭᠦᠨ ᠵᠸᠯᠡᠯ— ᠡᠳ᠋— ᠳ᠋ᠢᠨ ᠂ ᠮᠥᠬᠠᠮᠸᠳ᠋ ᠤ᠋ᠨ ᠰᠥᠰᠥᠲᠡᠢ ᠡᠰᠡᠷᠭᠦᠴᠡᠭᠰᠡᠨ ᠡᠴᠡ ᠠᠪᠤᠷᠠᠭᠳᠠᠵᠠᠢ᠃ ᠵᠥᠴᠢ ᠪᠠᠰᠠ ᠪᠠᠷᠢᠭᠳᠠᠬᠤ ᠰᠢᠬᠠᠭᠰᠠᠨ ᠪᠣᠯᠪᠠᠴᠤ ᠨᠢᠭᠡᠨ ᠵᠠᠩᠵᠤᠨ ᠨᠢ ᠪᠠᠭᠠᠲᠤᠷᠯᠢᠭ ᠢ᠋ᠶ᠋ᠠᠷ ᠪᠠᠢᠯᠳᠤᠵᠤ ᠲᠡᠭᠦᠨ ᠢ᠋ ᠪᠡᠷᠬᠡᠰᠢᠶᠡᠯ ᠡᠴᠡ ᠬᠡᠯᠲᠦᠷᠢᠭᠦᠯᠪᠡ᠃ ᠰᠥᠨᠢ ᠪᠣᠯᠲᠠᠯ᠎ᠠ ᠰᠢᠷᠦᠭᠦᠨ ᠪᠠᠢᠯᠳᠤᠭᠠᠨ ᠦᠷᠭᠦᠯᠵᠢᠯᠡᠭᠰᠡᠨ ᠦ᠌ ᠳᠠᠷᠠᠭ᠎ᠠ ᠳ᠋ᠤᠨᠢ ᠬᠣᠶᠠᠷ ᠡᠲᠡᠭᠡᠳ ᠢ᠋ᠶ᠋ᠡᠷ ᠢ᠋ᠶ᠋ᠡᠨ ᠴᠥᠮ ᠴᠡᠷᠢᠭ ᠢ᠋ᠶ᠋ᠡᠨ ᠬᠤᠷᠢᠶᠠᠵᠤ ᠡᠬᠢᠯᠡᠭᠡᠳ᠂ ᠭᠠᠷᠤᠭᠰᠠᠨ ᠵᠢᠭᠰᠠᠭᠠᠯ ᠳ᠋ᠠᠭᠠᠨ ᠡᠭᠡᠵᠦ ᠲᠦᠳᠡᠭ ᠭᠠᠯ ᠢ᠋ᠶ᠋ᠠᠨ ᠠᠰᠠᠭᠠᠪᠠ᠃ 
      ᠳᠠᠷᠠᠭ᠎ᠠ ᠥᠷᠯᠥᠭᠡ᠂ ᠱᠠᠭ ᠤ᠋ᠨ ᠴᠡᠷᠢᠭ ᠦ᠋ᠨ ᠡᠮᠦᠨ᠎ᠡ ᠦᠬᠦᠳᠡᠯ ᠬᠡᠭᠦᠷ ᠲᠠᠯ᠎ᠠ ᠳᠦᠭᠦᠷᠡᠩ ᠪᠠᠢᠭᠰᠠᠨ ᠠ᠋ᠴᠠ ᠥᠭᠡᠷ᠎ᠡ ᠶᠠᠭᠤᠮ᠎ᠠ ᠣᠯᠵᠤ ᠦᠵᠡᠭᠰᠡᠨ ᠦᠭᠡᠢ᠃ ᠮᠣᠩᠭᠣᠯᠴᠤᠳ ᠰᠠᠷᠨᠢᠭᠰᠠᠨ ᠮᠡᠲᠦ ᠦᠵᠡᠭᠳᠡᠬᠦ ᠦᠭᠡᠢ ᠪᠣᠯᠴᠢᠬᠠᠯ᠎ᠠ᠃ ᠶᠠᠭᠠᠬᠢᠭᠠᠳ ᠪᠣᠢ ᠭᠡᠪᠡᠯ᠂ ᠮᠣᠩᠭᠣᠯ ᠴᠡᠷᠢᠭ ᠰᠥᠨᠢ ᠶ᠋ᠢᠨ ᠬᠠᠷᠠᠩᠭᠤᠢ ᠶ᠋ᠢ ᠠᠰᠢᠭᠯᠠᠵᠤ ᠪᠦᠬᠦ ᠲᠡᠭᠡᠭᠡᠪᠦᠷᠢ᠂ ᠰᠢᠷᠬᠠᠲᠠᠨ ᠪᠣᠯᠤᠨ ᠣᠷᠴᠢᠨ ᠲᠣᠭᠣᠷᠢᠨ ᠠ᠋ᠴᠠ ᠴᠤᠭᠯᠠᠭᠤᠯᠵᠤ ᠠᠪᠤᠭᠰᠠᠨ ᠠᠳᠤᠭᠤ ᠮᠠᠯ ᠢ᠋ᠶ᠋ᠠᠨ ᠠᠪᠤᠭᠠᠳ᠂ ᠬᠥᠲᠥᠯᠦᠭᠡ ᠮᠣᠷᠢ ᠪᠠᠨ ᠰᠣᠯᠢᠵᠤ ᠤᠨᠤᠭᠠᠳ᠂ ᠨᠢᠭᠡᠨ ᠨᠡᠭᠦᠳᠡᠯ ᠦ᠋ᠨ ᠭᠠᠵᠠᠷ ᠬᠣᠯᠠᠳᠴᠤ ᠶᠠᠪᠤᠵᠠᠢ᠃ ᠮᠥᠬᠠᠮᠸᠳ᠋ ᠢᠯᠠᠯᠲᠠ ᠣᠯᠤᠭᠰᠠᠨ ᠪᠣᠯᠪᠠᠴᠤ ᠪᠣᠯᠭᠣᠮᠵᠢᠯᠠᠭᠠᠳ ᠮᠣᠩᠭᠣᠯ ᠴᠡᠷᠢᠭ ᠦ᠋ᠨ ᠬᠣᠢᠨ᠎ᠠ ᠠ᠋ᠴᠠ ᠠᠭᠤᠯᠠᠨ ᠳᠣᠲᠣᠷ᠎ᠠ ᠭᠦᠨᠵᠡᠭᠡᠢᠷᠡᠨ ᠨᠡᠬᠡᠮᠵᠢᠯᠡᠭᠰᠡᠨ ᠦᠭᠡᠢ᠃ ᠱᠠᠩᠨᠠᠯ ᠪᠤᠶᠤ ᠵᠡᠷᠭᠡ ᠴᠣᠯᠠ ᠶ᠋ᠢ ᠲᠦᠭᠡᠭᠡᠭᠡᠳ ᠰᠠᠮᠠᠷᠺᠠᠨᠳ᠋ ᠲᠡᠭᠡᠨ ᠬᠠᠷᠢᠭᠠᠳ᠂ ᠢᠯᠠᠯᠲᠠ ᠪᠠᠨ ᠪᠡᠯᠭᠡᠯᠡᠬᠦ ᠬᠤᠷᠢᠮ ᠬᠢᠵᠡᠢ᠃ ᠬᠡᠳᠦᠢ ᠲᠡᠭᠡᠵᠦ ᠪᠠᠢᠭᠰᠠᠨ ᠪᠣᠯᠪᠠᠴᠤ ᠰᠢᠢᠳᠪᠦᠷᠢᠲᠦ ᠪᠠᠢᠯᠳᠤᠭᠠᠨ ᠬᠢᠬᠦ ᠡᠴᠡ ᠤᠷᠢᠳ ᠮᠣᠩᠭᠣᠯ ᠴᠡᠷᠢᠭ ᠢ᠋ ᠳᠣᠷᠣᠮᠵᠢᠯᠠᠵᠤ ᠦᠵᠡᠬᠦ ᠰᠠᠨᠠᠭ᠎ᠠ ᠨᠢ ᠪᠦᠷᠢᠮᠦᠰᠦᠨ ᠠᠷᠢᠯᠵᠠᠢ᠃ ᠲᠡᠷᠡ ᠥᠨᠥ ᠬᠦᠷᠲᠡᠯ᠎ᠡ《ᠡᠨᠡ ᠮᠡᠲᠦ ᠪᠠᠭᠠᠲᠤᠷᠯᠢᠭ᠂ ᠡᠨᠡ ᠮᠡᠲᠦ ᠰᠠᠮᠪᠠᠭ᠎ᠠ ᠲᠠᠢ ᠪᠠᠢᠯᠳᠤᠬᠤ ᠬᠥᠮᠦᠨ ᠢ᠋ ᠶᠡᠷᠦ ᠦᠵᠡᠵᠦ ᠥᠩᠭᠡᠷᠡᠭᠰᠡᠨ ᠦᠭᠡᠢ》 ᠭᠡᠵᠦ ᠢᠯᠡ ᠮᠡᠳᠡᠷᠡᠵᠡᠢ᠃ ᠲᠡᠷᠡ ᠪᠣᠯᠭᠣᠮᠵᠢᠲᠠᠢ ᠪᠣᠯᠤᠭᠰᠠᠨ ᠪᠠᠢᠨ᠎ᠠ᠂ ᠲᠡᠭᠡᠭᠡᠳ ᠥᠪᠡᠷ ᠦ᠋ᠨ ᠵᠠᠬᠢᠷᠤᠭᠰᠠᠨ ᠪᠦᠬᠦ ᠴᠡᠷᠢᠭ ᠢ᠋ᠶ᠋ᠡᠨ ᠴᠤᠭᠯᠠᠭᠤᠯᠵᠤ᠂ ᠴᠢᠩᠭᠢᠰ ᠬᠠᠭᠠᠨ ᠤ᠋ ᠵᠣᠷᠢᠯᠭ᠎ᠠ ᠶ᠋ᠢ ᠬᠢᠨᠠᠮᠠᠭᠠᠢ ᠪᠠᠷ ᠨᠠᠷᠢᠪᠴᠢᠯᠠᠨ ᠦᠵᠡᠬᠦ ᠪᠣᠯᠪᠠ᠃ ᠪᠠᠰᠠ ᠲᠠᠩᠨᠠᠭᠤᠯ ᠢ᠋ᠶ᠋ᠠᠨ ᠮᠣᠩᠭᠣᠯ ᠭᠠᠵᠠᠷ ᠲᠤ᠌ ᠲᠣᠮᠢᠯᠠᠨ ᠶᠠᠪᠤᠭᠤᠯᠵᠠᠢ᠃ 
( ᠭᠤᠷᠪᠠ) ᠠᠮᠢᠨ ᠭᠠᠵᠠᠷ ᠢ᠋ ᠳᠠᠭᠠᠷᠢᠨ ᠴᠣᠬᠢᠭᠰᠠᠨ ᠪᠣᠯᠤᠨ ᠨᠢᠭᠡᠮᠦᠰᠦᠨ ᠪᠡᠬᠢᠯᠡᠨ ᠰᠠᠬᠢᠭᠰᠠᠨ ᠤ᠋ ᠵᠥᠷᠢᠶ᠎ᠡ   
     ᠵᠥᠴᠢ ᠪᠣᠯᠤᠨ ᠵᠡᠪᠡ ᠬᠣᠶᠠᠭᠤᠯᠠ ᠺᠠᠱᠢᠭᠠᠷ ᠠ᠋ᠴᠠ ᠮᠣᠷᠳᠠᠵᠤ ᠹᠧᠷᠭᠠᠨᠠ ᠳᠠᠰᠢ ᠪᠠᠢᠯᠳᠤᠵᠤ ᠡᠬᠢᠯᠡᠭᠰᠡᠨ ᠦᠶ᠎ᠡ ᠳ᠋ᠦ᠍᠂ ᠲᠡᠳᠡᠨ ᠦ᠌ ᠮᠣᠷᠳᠠᠭᠰᠠᠨ ᠭᠠᠵᠠᠷ ᠠ᠋ᠴᠠ ᠴᠢᠩᠭᠢᠰ ᠬᠠᠭᠠᠨ ᠤ᠋ ᠣᠷᠳᠣᠨ ᠬᠦᠷᠬᠦ ᠵᠠᠢ ᠨᠢ ᠭᠤᠷᠪᠠᠨ ᠵᠠᠭᠤᠨ ᠺᠢᠯᠣᠮᠧᠲ᠋ᠷ ᠪᠠᠢᠭᠰᠠᠨ ᠪᠥᠭᠡᠳ ᠣᠳᠣ ᠡᠷᠴᠢᠰ ᠭᠣᠣᠯ ᠤ᠋ᠨ ᠬᠥᠪᠡᠭᠡᠨ ᠳ᠋ᠡᠬᠢ ᠴᠤᠭᠯᠠᠷᠠᠬᠤ ᠭᠠᠵᠠᠷ ᠠ᠋ᠴᠠ ᠪᠠᠰᠠ ᠬᠣᠶᠠᠷ ᠮᠢᠩᠭ᠎ᠠ ᠢᠯᠡᠭᠦᠦ ᠺᠢᠯᠣᠮᠧᠲ᠋ᠷ ᠬᠣᠯᠠ ᠪᠣᠯᠤᠭᠰᠠᠨ ᠪᠠᠢᠨ᠎ᠠ᠃ ᠲᠡᠳᠡ ᠪᠣᠯᠤᠨ ᠴᠢᠩᠭᠢᠰ ᠬᠠᠭᠠᠨ ᠤ᠋ ᠬᠣᠭᠣᠷᠣᠨᠳᠣ ᠬᠥᠮᠦᠨ ᠠᠮᠢᠲᠠᠨ ᠬᠦᠷᠴᠦ ᠦᠵᠡᠭᠡ ᠦᠭᠡᠢ ᠠᠭᠤᠯᠠ ᠳᠠᠪᠠᠭ᠎ᠠ᠂ ᠡᠯᠡᠰᠦ ᠮᠠᠩᠬ᠎ᠠ᠂ ᠬᠠᠳᠠ ᠴᠢᠯᠠᠭᠤ ᠠ᠋ᠴᠠ ᠭᠠᠳᠠᠨ᠎ᠠ᠂ ᠬᠦᠴᠢᠷ ᠤᠷᠲᠤ ᠪᠠ ᠲᠡᠷᠢᠭᠦᠨ ᠳᠠᠪᠠᠭ᠎ᠠ ᠭᠡᠬᠦ ᠮᠡᠲᠦ ᠢᠲᠡᠭᠡᠵᠦ ᠶᠠᠳᠠᠮᠠᠷ ᠪᠡᠷᠬᠡ ᠪᠠᠷᠲᠠᠭ᠎ᠠ ᠲᠠᠢ ᠬᠣᠶᠠᠷ ᠨᠢᠷᠤᠭᠤ ᠶ᠋ᠢ ᠳᠠᠪᠠᠬᠤ ᠦᠭᠡᠢ ᠪᠡᠷ ᠪᠣᠯᠬᠤ ᠦᠭᠡᠢ ᠪᠠᠢᠪᠠ᠃ ᠭᠡᠪᠡᠴᠦ ᠶᠠᠮᠠᠷ ᠪᠠᠢᠳᠠᠯ ᠤ᠋ᠨ ᠳᠣᠣᠷ᠎ᠠ ᠪᠣᠯᠪᠠᠴᠤ ᠲᠡᠳᠡ ᠴᠢᠩᠭᠢᠰ ᠬᠠᠭᠠᠨ ᠯᠤᠭ᠎ᠠ ᠶ᠋ᠢᠨ ᠬᠠᠷᠢᠴᠠᠭ᠎ᠠ ᠬᠣᠯᠪᠣᠭ᠎ᠠ ᠪᠠᠨ ᠲᠠᠰᠤᠯᠳᠠᠭᠤᠯᠤᠭᠰᠠᠨ ᠦᠭᠡᠢ ᠶᠤᠮ᠃《ᠰᠤᠮᠤ ᠮᠡᠲᠦ ᠲᠦᠷᠭᠡᠨ》 ᠮᠣᠷᠢᠲᠠᠨ ᠨᠢ ᠶᠠᠮᠠᠷ ᠪᠠᠢᠭᠠᠯᠢ ᠶ᠋ᠢᠨ ᠪᠠᠷᠲᠠᠭ᠎ᠠ ᠶ᠋ᠢ ᠴᠤ᠌ ᠨᠢᠳᠦᠨ ᠳ᠋ᠡᠭᠡᠨ ᠬᠠᠪᠴᠢᠬᠤ ᠦᠭᠡᠢ᠂ ᠶᠠᠮᠠᠷ ᠠᠶᠤᠮᠰᠢᠭ ᠠ᠋ᠴᠠ ᠡᠮᠢᠶᠡᠬᠦ ᠶ᠋ᠢ ᠮᠡᠳᠡᠬᠦ ᠦᠭᠡᠢ ᠪᠠᠢᠵᠠᠢ᠃ ᠲᠡᠳᠡᠨᠡᠷ ᠦ᠋ᠨ ᠮᠣᠷᠳᠠᠬᠤ ᠳ᠋ᠤ᠌ ᠰᠠᠭᠠᠳ ᠪᠣᠯᠵᠤ ᠴᠢᠳᠠᠬᠤ ᠵᠦᠢᠯ ᠶᠡᠷᠦ ᠪᠠᠢᠳᠠᠭ ᠦᠭᠡᠢ ᠪᠢᠯᠡ᠂ ᠡᠨᠡ ᠮᠡᠲᠦ ᠪᠡᠷ ᠴᠢᠩᠭᠢᠰ ᠬᠠᠭᠠᠨ ᠹᠸᠷᠭᠠᠨᠠ ᠳ᠋ᠠᠬᠢ ᠪᠠᠢᠯᠳᠤᠭᠠᠨ ᠪᠠ ᠦᠷ᠎ᠡ ᠳ᠋ᠦᠩ ᠢ᠋ ᠨᠢ ᠬᠦᠷᠲᠡᠯ᠎ᠡ ᠮᠡᠳᠡᠵᠦ ᠪᠠᠢᠭᠰᠠᠨ ᠪᠣᠯᠬᠣᠷ ᠬᠥᠪᠡᠭᠦᠨ ᠳ᠋ᠡᠭᠡᠨ ᠳᠠᠬᠢᠨ ᠤᠷᠤᠭᠰᠢᠯᠠᠬᠤ ᠵᠠᠷᠯᠢᠭ ᠥᠭᠪᠡ᠃ ᠡᠭᠦᠨ ᠦ᠌ ᠬᠠᠮᠲᠤ ᠵᠡᠪᠡ ᠨᠣᠶᠠᠨ ᠳ᠋ᠤ᠌ ᠲᠠᠪᠤᠨ ᠮᠢᠩᠭᠠᠨ ᠴᠡᠷᠢᠭ ᠨᠡᠮᠡᠨ ᠥᠭᠭᠦᠭᠡᠳ ᠡᠮᠦᠨ᠎ᠡ ᠲᠠᠯ᠎ᠠ ᠳ᠋ᠠᠬᠢ ᠠᠮᠣᠳᠠᠷᠢᠶᠠ ᠭᠣᠣᠯ ᠤ᠋ᠨ  ᠡᠬᠢ ᠭᠠᠵᠠᠷ ᠲᠤ᠌ ᠣᠴᠢᠵᠤ ᠂ ᠭᠣᠣᠯ ᠤ᠋ᠨ ᠬᠥᠨᠳᠡᠢ ᠪᠡᠷ ᠤᠷᠤᠭᠰᠢᠯᠠᠭᠲᠤᠨ ᠭᠡᠵᠦ ᠵᠠᠷᠯᠢᠭ ᠥᠭᠴᠡᠢ᠃《ᠡᠮᠦᠨ᠎ᠡ ᠲᠠᠯ᠎ᠠ》 ᠭᠡᠭᠴᠢ ᠨᠢ ᠬᠥᠨᠳᠡᠢ ᠵᠢᠯᠠᠭ᠎ᠠ ᠪᠠᠷ ᠪᠦᠷᠢᠯᠳᠦᠭᠰᠡᠨ ᠣᠷᠣᠨ ᠪᠥᠭᠡᠳ 7000 ᠮᠧᠲ᠋ᠷ ᠥᠨᠳᠥᠷ ᠣᠯᠠᠨ ᠠᠭᠤᠯᠠ ᠨᠢᠷᠤᠭᠤ ᠶ᠋ᠢ ᠮᠣᠷᠢ ᠪᠠᠷ ᠳᠠᠪᠠᠭᠠᠳ ᠂ ᠡᠷᠲᠡᠨ ᠦ᠌ ᠦᠶ᠎ᠡ ᠳ᠋ᠦ᠍ ᠣᠬᠰᠢᠣᠰ ᠭᠡᠵᠦ ᠬᠡᠯᠡᠳᠡᠭ ᠠᠮᠣᠳᠠᠷᠢᠶᠠ ᠭᠣᠣᠯ ᠤ᠋ᠨ ᠭᠠᠵᠠᠷ ᠣᠷᠣᠨ ᠳ᠋ᠤ᠌ ᠬᠦᠷᠳᠡᠭ ᠬᠡᠷᠡᠭ ᠪᠣᠯᠤᠨ᠎ᠠ᠃ ᠵᠡᠪᠡ ᠨᠣᠶᠠᠨ ᠳᠠᠷᠤᠢ ᠲᠦᠷᠭᠡᠨ ᠢ᠋ᠶ᠋ᠡᠷ ᠮᠣᠷᠳᠠᠪᠠ᠃     
     ᠠᠯᠤᠰ ᠬᠣᠯᠠ ᠠᠷᠤ ᠭᠠᠵᠠᠷ ᠲᠤ᠌ ᠪᠠᠢᠭᠰᠠᠨ ᠪᠥᠭᠡᠳ ᠣᠯᠠᠨ ᠲᠥᠷᠥᠯ ᠦ᠋ᠨ ᠴᠡᠷᠢᠭ ᠢ᠋ᠶ᠋ᠡᠷ ᠪᠦᠷᠢᠯᠳᠦᠭᠰᠡᠨ ᠴᠢᠩᠭᠢᠰ ᠬᠠᠭᠠᠨ ᠤ᠋ ᠭᠣᠣᠯ ᠬᠦᠴᠦᠲᠦ ᠴᠡᠷᠢᠭ ᠨᠢ ᠡᠨᠡ ᠵᠠᠭᠤᠷ᠎ᠠ《ᠳᠣᠯᠣᠭᠠᠨ ᠭᠣᠣᠯ》 ᠤ᠋ᠨ ᠭᠠᠵᠠᠷ ᠲᠡᠰᠢ ᠰᠢᠪᠲᠤ ᠤᠷᠤᠭᠰᠢᠯᠠᠪᠠ᠃ᠴᠠᠭᠠᠲᠠᠢ ᠨᠢᠭᠡᠳᠦᠭᠡᠷ ᠲᠦᠮᠡᠨ ᠦ᠌ ᠴᠡᠷᠢᠭ ᠢ᠋ ᠳᠠᠭᠠᠭᠤᠯᠵᠤ᠂ ᠥᠭᠡᠳᠡᠢ ᠬᠣᠶᠠᠳᠤᠭᠠᠷ ᠲᠦᠮᠡᠨ ᠦ᠌ ᠴᠡᠷᠢᠭ ᠢ᠋ᠶ᠋ᠡᠨ ᠵᠢᠯᠣᠭᠣᠳᠴᠤ᠂ ᠴᠢᠩᠭᠢᠰ ᠬᠠᠭᠠᠨ ᠤᠳᠬᠤᠨ ᠬᠥᠪᠡᠭᠦᠨ ᠲᠤᠯᠤᠢ ᠲᠠᠢ ᠪᠠᠨ ᠬᠠᠮᠲᠤ ᠪᠠᠷ ᠭᠤᠲᠠᠭᠠᠷ ᠲᠦᠮᠡᠨ ᠦ᠌ ᠴᠡᠷᠢᠭ ᠢ᠋ᠶ᠋ᠡᠨ ᠳᠠᠭᠠᠭᠤᠯᠵᠤ ᠳᠠᠭᠠᠷᠢᠨ ᠣᠷᠣᠭᠰᠠᠨ ᠪᠠᠢᠨ᠎ᠠ᠃ ᠲᠡᠭᠦᠨ ᠦ᠌ ᠵᠥᠪᠳᠡᠭᠴᠢ ᠶ᠋ᠢᠨ ᠶᠠᠮᠤᠨ ᠤ᠋ ᠡᠯᠴᠢᠳ ᠪᠦᠭᠦᠳᠡᠭᠡᠷ ᠪᠠᠰᠠ ᠴᠡᠷᠢᠭ ᠲᠡᠢ ᠨᠢ ᠬᠠᠮᠲᠤ ᠶᠠᠪᠤᠭᠰᠠᠨ ᠶᠤᠮ᠃ ᠶᠸᠯᠤᠢ ᠴᠦᠼᠠᠢ ᠴᠤ᠌ ᠴᠢᠩᠭᠢᠰ ᠬᠠᠭᠠᠨ ᠤ᠋ ᠬᠠᠮᠲᠤ ᠮᠣᠷᠳᠠᠭᠰᠠᠨ ᠶᠤᠮ᠃ ᠡᠭᠦᠨ ᠡᠴᠡ ᠤᠷᠢᠳ ᠶᠸᠯᠤᠢ ᠴᠦᠼᠠᠢ ᠵᠥᠩᠨᠡᠨ ᠮᠡᠳᠡᠬᠦ ᠪᠡᠷ ᠢ᠋ᠶ᠋ᠡᠨ ᠮᠡᠷᠭᠡᠨ ᠪᠠᠢᠭᠰᠠᠨ ᠪᠣᠯᠬᠣᠷ ᠴᠢᠩᠭᠢᠰ ᠬᠠᠭᠠᠨ ᠤ᠋ ᠰᠡᠳᠬᠢᠯ ᠢ᠋ ᠣᠯᠵᠤ ᠢᠲᠡᠭᠡᠮᠵᠢᠯᠡᠭᠳᠡᠵᠦ ᠪᠠᠢᠭᠰᠠᠨ ᠶᠤᠮ᠃
      ᠨᠢᠭᠡᠨ ᠡᠳᠦᠷ ᠥᠷᠥᠨᠡᠲᠦ ᠶ᠋ᠢᠨ ᠣᠳᠣᠨ ᠭᠠᠷᠠᠭ ᠤ᠋ᠨ ᠡᠷᠳᠡᠮᠲᠡᠨ ᠢᠷᠡᠭᠡᠳ ᠰᠠᠷᠠ ᠭᠬᠢᠷᠲᠦᠬᠦ ᠶ᠋ᠢ ᠠᠢᠯᠠᠳᠬᠠᠭᠰᠠᠨ ᠳ᠋ᠤ᠌᠂ ᠶᠧᠯᠦᠢ ᠴᠦᠼᠠᠢ ᠲᠣᠯᠣᠭᠠᠢ ᠪᠠᠨ ᠰᠡᠭᠰᠦᠷᠴᠦ᠂ ᠡᠳᠦᠷ ᠴᠢᠨᠢ ᠪᠤᠷᠤᠭᠤ᠂ ᠣᠨᠳᠣᠣ ᠨᠢᠭᠡᠨ ᠡᠳᠦᠷ ᠭᠡᠵᠦ ᠮᠠᠷᠭᠤᠯᠳᠤᠭᠰᠠᠨ ᠶᠤᠮ᠂ ᠡᠴᠦᠰ ᠲᠤᠨᠢ ᠥᠷᠥᠨᠡᠲᠦ ᠶ᠋ᠢᠨ ᠡᠷᠳᠡᠮᠲᠡᠨ ᠦ᠌ ᠵᠢᠱ᠌ᠢᠭᠰᠡᠨ ᠰᠥᠨᠢ ᠰᠠᠷᠠ ᠭᠬᠢᠷᠲᠦᠭᠰᠡᠨ ᠦᠭᠡᠢ ᠦᠭᠡᠢ᠂ ᠬᠠᠷᠢᠨ ᠶᠧᠯᠦᠢ ᠴᠦᠼᠠᠢ ᠶ᠋ᠢᠨ ᠵᠢᠱ᠌ᠢᠭᠰᠡᠨ ᠰᠥᠨᠢ ᠰᠠᠷᠠ ᠭᠬᠢᠷᠲᠦᠪᠡ᠃ ᠡᠨᠡ ᠦᠶ᠎ᠡ ᠡᠴᠡ ᠡᠬᠢᠯᠡᠨ ᠴᠢᠩᠭᠢᠰ ᠬᠠᠭᠠᠨ ᠥᠭᠡᠷ᠎ᠡ ᠲᠥᠯᠭᠡᠴᠢᠨ ᠪᠠ ᠪᠥᠬᠡ ᠡᠴᠡ ᠢᠯᠡᠭᠦᠦ ᠡᠨᠡᠬᠦ ᠬᠢᠳᠠᠨ ᠡᠷᠳᠡᠮᠲᠡᠨ ᠢ᠋ ᠢᠲᠡᠭᠡᠬᠦ ᠪᠣᠯᠵᠠᠢ᠃ ᠶᠧᠯᠦᠢ ᠴᠦᠼᠠᠢ ᠶ᠋ᠢᠨ ᠳᠤᠷᠠᠳᠤᠭᠰᠠᠨ ᠰᠠᠨᠠᠯ ᠨᠢ ᠬᠡᠵᠢᠶ᠎ᠡ ᠳ᠋ᠡᠭᠡᠨ ᠵᠥᠪ ᠪᠠᠢᠵᠤ ᠪᠣᠳᠠᠲᠤ ᠠᠬᠤᠢ ᠲᠠᠢ ᠨᠡᠢᠴᠡᠵᠦ ᠪᠠᠢᠭᠰᠠᠨ ᠪᠣᠯᠬᠣᠷ᠂ ᠴᠢᠩᠭᠢᠰ ᠬᠠᠭᠠᠨ ᠪᠠᠷᠤᠭ ᠶᠠᠮᠠᠷ ᠬᠡᠷᠡᠭ ᠢ᠋ᠶ᠋ᠡᠨ ᠪᠣᠯᠪᠠᠴᠤ ᠴᠥᠮ ᠲᠡᠭᠦᠨ ᠯᠦ᠍ᠭᠡ ᠵᠥᠪᠯᠡᠬᠦ ᠪᠣᠯᠵᠤ᠂ ᠲᠡᠭᠦᠨ ᠦ᠌ ᠰᠠᠨᠠᠯ ᠢ᠋ ᠠᠰᠠᠭᠤᠬᠤ ᠦᠭᠡᠢ ᠦᠶ᠎ᠡ ᠭᠡᠵᠦ ᠶᠡᠷᠦ ᠦᠭᠡᠢ ᠪᠣᠯᠤᠭᠰᠠᠨ ᠶᠤᠮ᠃ 
     ᠡᠨᠡ ᠬᠢᠳᠠᠨ ᠬᠥᠮᠦᠨ ᠢ᠋ ᠬᠠᠮᠤᠭ ᠤ᠋ᠨ ᠳᠡᠭᠡᠳᠦ ᠵᠥᠪᠯᠡᠭᠴᠢ ᠶ᠋ᠢᠨ ᠰᠠᠭᠤᠷᠢᠨ ᠳ᠋ᠤ᠌ ᠡᠷᠭᠦᠭᠰᠡᠨ ᠤᠴᠢᠷ ᠢ᠋ ᠮᠣᠩᠭᠣᠯ ᠤ᠋ᠨ ᠢᠵᠠᠭᠤᠷᠲᠠᠨ ᠨᠠᠷ ᠠᠲᠠᠭᠠᠷᠬᠠᠬᠤ ᠨᠢ ᠣᠯᠠᠰᠢᠷᠠᠪᠠ᠃ ᠡᠨᠡ ᠡᠷᠳᠡᠮᠲᠡᠨ ᠣᠳᠣ ᠡᠵᠡᠨ ᠢ᠋ ᠳᠠᠭᠠᠭᠠᠳ ᠪᠠᠢᠯᠳᠤᠭᠠᠨ ᠳ᠋ᠤ᠌ ᠮᠣᠷᠳᠠᠬᠤ ᠳ᠋ᠤ᠌ ᠬᠦᠷᠦᠭᠰᠡᠨ ᠪᠣᠯᠬᠣᠷ ᠨᠤᠮᠤ ᠰᠤᠮᠤ ᠶ᠋ᠢ ᠰᠠᠢᠨ ᠬᠢᠳᠡᠭ ᠣᠨᠴᠣᠭᠣᠢ ᠨᠡᠷ᠎ᠡ ᠠᠯᠳᠠᠷᠲᠠᠢ ᠨᠢᠭᠡᠨ ᠢᠵᠠᠭᠤᠷᠲᠠᠨ᠄《ᠨᠣᠮ ᠬᠡᠮᠡᠯᠢᠳᠡᠭ ᠬᠣᠷᠣᠬᠠᠢ᠂ ᠤᠯᠤᠰ ᠠᠷᠠᠳ ᠤ᠋ᠨ ᠪᠠᠢᠯᠳᠤᠭᠠᠨ ᠳ᠋ᠤ᠌ ᠣᠴᠢᠭᠠᠳ ᠶᠠᠭᠤ ᠪᠠᠨ ᠬᠢᠵᠦ ᠴᠢᠳᠠᠬᠤ ᠪᠣᠢ》 ᠭᠡᠳ ᠠᠭᠤᠷᠯᠠᠵᠠᠢ᠃ ᠡᠭᠦᠨ ᠳ᠋ᠦ᠍ ᠴᠢᠩᠭᠢᠰ ᠬᠠᠭᠠᠨ᠄《ᠲᠡᠢᠮᠦ ᠤᠤ᠂ ᠴᠢ ᠶᠠᠭᠤ ᠭᠡᠵᠦ ᠪᠣᠳᠣᠵᠤ ᠪᠠᠢᠨ᠎ᠠ?》 ᠭᠡᠵᠦ ᠶᠧᠯᠦᠢ ᠴᠦᠼᠠᠢ ᠠ᠋ᠴᠠ ᠠᠰᠠᠭᠤᠭᠰᠠᠨ ᠪᠠᠢᠨ᠎ᠠ᠃ ᠶᠧᠯᠦᠢ ᠴᠦᠼᠠᠢ᠄《ᠨᠤᠮᠤ ᠬᠢᠬᠦ ᠶᠠᠪᠤᠳᠠᠯ ᠢ᠋ ᠪᠣᠳᠣᠪᠠᠯ ᠡᠨᠡ ᠲᠠᠯ᠎ᠠ ᠶ᠋ᠢᠨ ᠴᠢᠳᠠᠪᠤᠷᠢᠲᠠᠨ ᠬᠡᠷᠡᠭᠴᠡᠭᠡ ᠲᠡᠢ ᠶᠤᠮ》 ᠭᠡᠳ ᠦᠯᠦ ᠮᠡᠳᠡᠭᠴᠢ ᠪᠡᠷ ᠮᠦᠰᠢᠶᠡᠭᠡᠳ ᠴᠢᠨᠠᠭᠰᠢᠳᠠ ᠬᠡᠯᠡᠭᠰᠡᠨ ᠨᠢ᠄《ᠣᠯᠠᠨ ᠴᠢᠭᠢᠷᠠᠭ ᠤᠯᠤᠰ ᠢ᠋ ᠲᠦᠪᠰᠢᠳᠬᠡᠬᠦ ᠪᠡᠷ ᠮᠣᠷᠳᠠᠬᠤ ᠦᠶ᠎ᠡ ᠳ᠋ᠦ᠍᠂ ᠨᠣᠶᠠᠷᠬᠠᠬᠤ ᠠᠷᠭ᠎ᠠ ᠶ᠋ᠢ ᠮᠡᠳᠡᠬᠦ ᠬᠥᠮᠦᠨ ᠬᠡᠷᠡᠭᠴᠡᠭᠡ ᠦᠭᠡᠢ ᠭᠡᠵᠦ ᠤᠤ》 ᠭᠡᠵᠦ ᠳᠠᠭᠠᠯᠳᠤᠭᠤᠯᠤᠨ ᠬᠡᠯᠡᠵᠡᠢ᠃ ᠢᠩᠭᠢᠭᠡᠳ ᠰᠢᠢᠳᠪᠦᠷᠢᠯᠡᠭᠳᠡᠵᠦ ᠶᠧᠯᠦᠢ ᠴᠦᠼᠠᠢ ᠴᠡᠷᠢᠭ ᠲᠡᠢ ᠬᠠᠮᠲᠤ ᠮᠣᠷᠳᠠᠭᠰᠠᠨ ᠠᠵᠢ᠃ ᠴᠢᠩᠭᠢᠰ ᠬᠠᠭᠠᠨ ᠤ᠋ ᠬᠠᠷᠢᠶᠠᠲᠤ ᠬᠠᠲᠤᠨ ᠱ᠌ᠢᠷᠦ( ᠬᠢᠲᠠᠳ ᠤ᠋ᠨ ᠵᠠᠷᠢᠮ ᠲᠡᠦᠬᠡᠨ ᠪᠢᠴᠢᠭ ᠲᠦ᠍ ᠶᠧᠰᠥ᠋ᠢ ᠭᠡᠵᠦ ᠪᠠᠢᠬᠤ ᠴᠤ᠌ ᠪᠣᠢ) ᠥᠷᠥᠨᠡᠳᠠᠬᠢᠨ ᠢ᠋ ᠦᠵᠡᠬᠦ ᠪᠡᠷ ᠶᠠᠪᠤᠬᠤ ᠬᠡᠷᠡᠭ ᠪᠣᠯᠤᠯ᠎ᠠ᠃ ᠪᠥᠷᠲᠡ ᠬᠠᠲᠤᠨ ᠣᠷᠳᠣᠨ ᠢ᠋ᠶ᠋ᠠᠨ ᠰᠠᠬᠢᠬᠤ ᠬᠠᠲᠤᠭᠲᠠᠢ ᠪᠣᠯᠵᠤ ᠮᠣᠩᠭᠣᠯ ᠤᠯᠤᠰ ᠲᠠᠭᠠᠨ ᠰᠠᠭᠤᠬᠤ ᠪᠣᠯᠤᠭᠰᠠᠨ ᠶᠤᠮ᠃      
     ᠶᠡᠬᠡ ᠴᠡᠷᠢᠭ ᠨᠢ ᠪᠦᠬᠦ ᠬᠦᠨᠡᠰᠦ ᠵᠥᠭᠡᠭᠡᠪᠦᠷᠢ ᠶ᠋ᠢᠨ ᠬᠠᠮᠲᠤ ᠮᠣᠷᠳᠠᠨ ᠭᠠᠷᠬᠤ ᠠ᠋ᠴᠠ ᠤᠷᠢᠳ ᠵᠤᠨ ᠤ᠋ ᠤᠯᠠᠷᠢᠯ ᠬᠦᠷᠴᠦ ᠢᠷᠡᠭᠰᠡᠨ ᠪᠢᠯᠡ᠃ ᠬᠠᠮᠤᠭ ᠡᠬᠢᠨ ᠦ᠌ ᠪᠠᠭ᠎ᠠ ᠠᠭᠤᠯᠠ ᠨᠤᠭᠤᠳ ᠢ᠋ ᠳᠠᠪᠠᠵᠤ ᠪᠠᠢᠭᠰᠠᠨ ᠳ᠋ᠤ᠌ ᠭᠡᠨᠡᠳᠲᠡ ᠡᠭᠦᠯᠡᠳᠡᠵᠦ ᠴᠠᠰᠤ ᠰᠢᠭᠤᠷᠭᠠᠯᠠᠪᠠ᠂ ᠵᠤᠨ ᠤ᠋ ᠭᠣᠣᠯ ᠦᠶ᠎ᠡ ᠳ᠋ᠦ᠍ ᠭᠠᠵᠠᠷ ᠤ᠋ᠨ ᠬᠥᠷᠥᠰᠥ ᠨᠡᠢᠳᠡᠮ ᠴᠠᠰᠤᠨ ᠳ᠋ᠤ᠌ ᠪᠦᠷᠬᠦᠭᠳᠡᠪᠡ᠃ ᠴᠢᠩᠭᠢᠰ ᠬᠠᠭᠠᠨ ᠳᠠᠷᠤᠢ ᠲᠦᠷᠭᠡᠨ ᠴᠡᠷᠢᠭ ᠢ᠋ᠶ᠋ᠡᠨ ᠵᠣᠭᠰᠣᠭᠠᠵᠤ ᠪᠠᠭᠤᠳᠠᠯᠯᠠᠬᠤ ᠪᠠᠷ ᠵᠠᠷᠯᠢᠭ ᠪᠠᠭᠤᠯᠭᠠᠪᠠ᠃ ᠡᠨᠡ ᠮᠡᠲᠦ ᠭᠠᠢᠬᠠᠰᠢ ᠠᠯᠳᠠᠮᠠᠷ ᠪᠠᠢᠭᠠᠯᠢ ᠶ᠋ᠢᠨ ᠢᠯᠡᠷᠡᠯ ᠢ᠋ ᠮᠡᠳᠡᠶ᠎ᠡ ᠭᠡᠵᠦ ᠲᠡᠷᠡ ᠪᠣᠳᠣᠯ᠎ᠠ᠃ ᠬᠡᠷᠪᠡ<ᠲᠩᠷᠢ> ᠡᠨᠡ ᠤᠳᠠᠭ᠎ᠠ ᠶ᠋ᠢᠨ ᠪᠠᠢᠯᠳᠤᠭᠠᠨ ᠬᠢᠬᠦ ᠰᠠᠨᠠᠭ᠎ᠠ ᠶ᠋ᠢ ᠵᠥᠪᠰᠢᠶᠡᠷᠡᠳᠡᠭ ᠦᠭᠡᠢ ᠪᠣᠯ ᠡᠭᠦᠨ ᠢ᠋ ᠪᠡᠨ ᠵᠣᠭᠰᠣᠭᠠᠶ᠎ᠠ ᠭᠡᠵᠦ ᠲᠡᠷᠡ ᠪᠣᠳᠣᠭᠰᠠᠨ ᠶᠤᠮ᠃ ᠶᠧᠯᠦᠢ ᠴᠦᠼᠡᠢ ᠡᠨᠡ ᠢᠷᠣ᠎ᠠ ᠶ᠋ᠢ ᠲᠠᠢᠯᠪᠤᠷᠢᠯᠠᠬᠤ ᠦᠭᠡᠢ ᠪᠡᠷ ᠪᠣᠯᠬᠤ ᠦᠭᠡᠢ ᠪᠣᠯᠵᠠᠢ᠃ 
     ᠬᠢᠳᠠᠨ ᠤ᠋ ᠲᠩᠷᠢ ᠶ᠋ᠢᠨ ᠵᠦᠢ ᠶ᠋ᠢᠨ ᠡᠷᠳᠡᠮᠲᠡᠨ ᠶᠧᠯᠦᠢ ᠴᠦᠼᠡᠢ ᠢᠩᠭᠢᠵᠦ ᠲᠠᠢᠯᠪᠤᠷᠢᠯᠠᠭᠰᠠᠨ ᠪᠠᠢᠨ᠎ᠠ᠄《ᠵᠤᠨ ᠤ᠋ ᠬᠠᠭᠠᠨ ᠤ᠋ ᠤᠯᠤᠰ ᠤ᠋ᠨ ᠳᠣᠲᠣᠷ᠎ᠠ ᠡᠪᠦᠯ ᠦ᠋ᠨ ᠬᠠᠭᠠᠨ ᠭᠡᠨᠡᠳᠲᠡ ᠢᠷᠡᠭᠡᠳ ᠳᠣᠭᠰᠢᠨ ᠰᠦᠷ ᠢ᠋ᠶ᠋ᠡᠨ ᠦᠵᠡᠭᠦᠯᠦᠭᠰᠡᠨ ᠪᠠᠢᠨ᠎ᠠ᠃ ᠡᠭᠦᠨ ᠯᠦ᠍ᠭᠡ ᠠᠳᠠᠯᠢ ᠪᠠᠷ ᠠᠷᠤ ᠭᠠᠵᠠᠷ ᠤ᠋ᠨ ᠬᠠᠭᠠᠨ ᠡᠵᠡᠨ ᠡᠮᠦᠨ᠎ᠡ ᠭᠠᠵᠠᠷ ᠤ᠋ᠨ ᠬᠠᠭᠠᠨ ᠡᠵᠡᠨ ᠢ᠋ ᠲᠠᠢᠯᠤᠨ ᠪᠤᠲᠠ ᠴᠣᠬᠢᠬᠤ ᠭᠡᠰᠡᠨ ᠤᠴᠢᠷ ᠪᠣᠯᠤᠨ᠎ᠠ᠃ ᠡᠨᠡ ᠪᠣᠯ ᠪᠣᠭᠳᠠ ᠬᠠᠭᠠᠨ ᠱᠠᠭ ᠲᠠᠢ ᠬᠢᠬᠦ ᠪᠠᠢᠯᠳᠤᠭᠠᠨ ᠳ᠋ᠤ᠌ ᠢᠯᠠᠯᠲᠠ ᠣᠯᠬᠤ ᠶ᠋ᠢ<ᠲᠩᠷᠢ> ᠡᠴᠡ ᠤᠷᠢᠳᠴᠢᠯᠠᠨ ᠮᠡᠳᠡᠭᠦᠯᠵᠦ ᠪᠠᠢᠬᠤ ᠤᠴᠢᠷ ᠶᠤᠮ》 ᠭᠡᠵᠡᠢ᠃ ᠡᠨᠡ ᠮᠡᠲᠦ ᠲᠠᠢᠯᠪᠤᠷᠢᠯᠠᠵᠤ ᠬᠡᠯᠡᠭᠰᠡᠨ ᠨᠢ ᠲᠣᠳᠣᠷᠬᠠᠢ ᠰᠠᠢᠬᠠᠨ ᠪᠠᠢᠭᠰᠠᠨ ᠪᠣᠯᠪᠠᠴᠤ᠂ ᠬᠥᠮᠦᠰ ᠰᠠᠬᠢᠭᠤᠯᠰᠤᠨ ᠲᠩᠷᠢ ᠶ᠋ᠢᠨ ᠵᠣᠷᠢᠭ ᠰᠠᠨᠠᠭ᠎ᠠ ᠶ᠋ᠢ ᠪᠦᠷᠢᠮᠦᠰᠦᠨ ᠮᠡᠳᠡᠶ᠎ᠡ ᠭᠡᠵᠦ ᠪᠣᠳᠣᠭᠰᠠᠨ ᠴᠠᠭ ᠲᠤ ᠪᠣᠯᠭᠣᠮᠵᠢᠯᠠᠭᠰᠠᠨ ᠳᠡᠭᠡᠷ᠎ᠡ ᠪᠣᠯᠭᠣᠮᠵᠢᠯᠠᠪᠠᠴᠤ ᠭᠡᠳᠡᠷᠭᠦ ᠪᠡᠨ ᠬᠡᠷᠡᠭ ᠦᠭᠡᠢ ᠪᠣᠯᠬᠤ ᠶᠤᠮ᠃ ᠲᠡᠢᠮᠦ ᠡᠴᠡ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠢ᠋ᠶ᠋ᠡᠨ ᠡᠭᠦᠨ ᠢ᠋ ᠳᠠᠬᠢᠵᠤ ᠯᠠᠪᠳᠠᠭᠤᠯᠤᠶ᠎ᠠ ᠭᠡᠵᠦ ᠪᠣᠳᠣᠭᠰᠠᠨ ᠪᠠᠢᠨ᠎ᠠ᠃ ᠮᠣᠩᠭᠣᠯ ᠤ᠋ᠨ ᠬᠠᠭᠤᠴᠢᠨ ᠵᠠᠩ ᠳᠠᠳᠬᠠᠯ ᠢ᠋ᠶ᠋ᠠᠨ ᠵᠢᠷᠤᠮᠯᠠᠵᠤ ᠲᠡᠷᠡ ᠬᠣᠨᠢᠨ ᠤ᠋ ᠳᠠᠯᠤ ᠪᠠᠨ ᠰᠠᠳᠠᠭᠠᠨ ᠭᠠᠯ ᠤ᠋ᠨ ᠰᠤᠷ ᠡᠨᠡᠬᠦ ᠶᠠᠰᠤ ᠶ᠋ᠢ ᠰᠢᠲᠠᠭᠠᠵᠤ ᠴᠠᠪ ᠭᠠᠷᠬᠤ ᠪᠣᠯᠲᠠᠯ᠎ᠠ ᠡᠷᠲᠡᠨ ᠦ᠌ ᠲᠠᠷᠨᠢ ᠤᠩᠰᠢᠨ᠂ ᠳᠠᠷᠠᠭ᠎ᠠ ᠳ᠋ᠤᠨᠢ ᠡᠨᠡ ᠳᠠᠯᠤ ᠳᠡᠭᠡᠷ᠎ᠡ ᠭᠠᠷᠤᠭᠰᠠᠨ ᠴᠠᠪ ᠪᠣᠯᠤᠨ ᠬᠥᠬᠡᠷᠡᠭᠰᠡᠨ ᠭᠠᠵᠠᠷ ᠢ᠋ ᠲᠣᠭᠠᠯᠠᠨ ᠪᠠᠢᠴᠠᠭᠠᠬᠤ ᠶᠤᠮ ᠪᠠᠢᠨ᠎ᠠ᠃ ᠲᠡᠭᠡᠭᠡᠳ ᠠᠮᠢ ᠨᠠᠰᠤᠨ ᠤ᠋ ᠰᠤᠳᠠᠰᠤ ᠨᠢ ᠰᠠᠢᠨ ᠪᠠᠢᠯ᠎ᠠ᠃ ᠡᠨᠳᠡ ᠲᠡᠨᠳᠡ ᠦᠭᠡᠢ ᠣᠯᠠᠨ ᠠᠷᠪᠢᠨ ᠬᠥᠬᠡᠷᠡᠭᠰᠡᠨ ᠭᠠᠵᠠᠷ ᠪᠠᠢᠯ᠎ᠠ᠂ ᠡᠨᠡ ᠪᠣᠯ ᠠᠢᠮᠠᠭ ᠶᠠᠰᠤᠲᠠᠨ ᠤ᠋ ᠨᠣᠶᠠᠳ᠂ ᠢᠵᠠᠭᠤᠷᠲᠠᠨ᠂ ᠳᠠᠢᠴᠢᠨ ᠨᠥᠬᠥᠳ ᠦ᠋ᠨ ᠰᠥᠨᠥᠬᠦ ᠶ᠋ᠢ ᠦᠵᠡᠭᠦᠯᠵᠦ ᠪᠠᠢᠨ᠎ᠠ᠃ ᠲᠡᠷᠡᠴᠢᠯᠡᠨ ᠵᠣᠯ ᠵᠢᠷᠭᠠᠯ ᠤ᠋ᠨ ᠰᠤᠳᠠᠰᠤ ᠨᠢ ᠴᠤ᠌ ᠣᠯᠢᠭ ᠦᠭᠡᠢ ᠲᠣᠳᠣᠷᠬᠠᠢ ᠪᠠᠢᠯ᠎ᠠ᠃ ᠡᠢᠮᠦ ᠡᠴᠡ ᠴᠢᠩᠭᠢᠰ ᠬᠠᠭᠠᠨ ᠰᠡᠳᠬᠢᠯ ᠰᠢᠭᠤᠳᠤᠨ ᠴᠡᠷᠢᠭ ᠢ᠋ᠶ᠋ᠡᠨ ᠳᠠᠬᠢᠨ ᠤᠷᠤᠭᠰᠢᠯᠠᠭᠤᠯᠪᠠ᠃  
      ᠮᠦᠬᠠᠮᠸᠳ᠋ ᠳᠥᠴᠢᠨ ᠲᠦᠮᠡᠨ ᠴᠡᠷᠢᠭ ᠢ᠋ᠶ᠋ᠡᠨ ᠴᠤᠭᠯᠠᠭᠤᠯᠵᠤ᠂ᠮᠣᠩᠭᠣᠯ ᠴᠡᠷᠢᠭ ᠢ᠋ ᠲᠣᠰᠣᠨ ᠴᠣᠬᠢᠬᠤ ᠬᠡᠭᠡᠷ᠎ᠡ ᠶ᠋ᠢᠨ ᠪᠠᠢᠯᠳᠤᠭᠠᠨ ᠢ᠋ᠶ᠋ᠠᠷ ᠬᠠᠭᠠᠨᠲᠤ ᠤᠯᠤᠰ ᠤ᠋ᠨ ᠬᠤᠪᠢ ᠵᠠᠶᠠᠭ᠎ᠠ ᠪᠠᠨ ᠰᠢᠢᠳᠪᠦᠷᠢᠯᠡᠶ᠎ᠡ ᠭᠡᠰᠡᠨ ᠵᠣᠷᠢᠭ ᠦᠭᠡᠢ ᠪᠠᠢᠪᠠ᠃ᠲᠡᠭᠦᠨ ᠦ᠌ ᠲᠠᠩᠨᠠᠭᠤᠯ ᠤ᠋ᠳ ᠨᠢ ᠪᠤᠴᠠᠵᠤ ᠢᠷᠡᠭᠡᠳ ᠴᠢᠩᠭᠢᠰ ᠬᠠᠭᠠᠨ ᠤ᠋ ᠲᠤᠬᠠᠢ ᠮᠡᠳᠡᠭᠦᠯᠦᠭᠰᠡᠨ ᠣᠯᠠᠨ ᠵᠦᠢᠯ ᠦ᠋ᠨ ᠴᠢᠮᠡᠭᠡ ᠨᠢ ᠳᠠᠩᠴᠢ ᠠᠢᠬᠤᠪᠲᠤᠷ ᠪᠠᠢᠯ᠎ᠠ᠄《ᠴᠢᠩᠭᠢᠰ ᠬᠠᠭᠠᠨ ᠤ᠋ ᠴᠡᠷᠢᠭ ᠨᠢ ᠴᠠᠷᠴᠠᠬᠠᠢ ᠨᠢᠰᠦᠭᠡᠳ ᠲᠡᠭᠷᠢ ᠶ᠋ᠢ ᠪᠦᠷᠬᠦᠭᠰᠡᠨ ᠮᠡᠲᠦ ᠣᠯᠠᠨ᠂ ᠡᠭᠦᠷ ᠡᠴᠡ ᠪᠡᠨ ᠭᠠᠷᠬᠤ ᠰᠢᠷᠭᠤᠯᠵᠢ ᠮᠡᠲᠦ ᠲᠣᠭ᠎ᠠ ᠦᠭᠡᠢ ᠣᠯᠠᠨ ᠪᠠᠢᠨ᠎ᠠ᠃ ᠪᠠᠢᠯᠳᠤᠭᠴᠢᠳ ᠨᠢ ᠠᠷᠰᠯᠠᠨ ᠪᠠᠷᠰ ᠮᠡᠲᠦ ᠪᠠᠭᠠᠲᠤᠷᠯᠢᠭ᠂ ᠪᠠᠢᠯᠳᠤᠭᠠᠨ ᠳ᠋ᠤ᠌ ᠣᠷᠣᠪᠠᠯ ᠶᠠᠳᠠᠷᠠᠵᠤ ᠵᠦᠳᠡᠷᠡᠬᠦ ᠪᠡᠨ ᠮᠡᠳᠡᠬᠦ ᠦᠭᠡᠢ᠂ ᠠᠶᠤᠯ ᠲᠦᠭᠰᠢᠭᠦᠷᠢ ᠭᠡᠭᠴᠢ ᠶ᠋ᠢ ᠲᠡᠳᠡ ᠶᠠᠭᠤᠮ᠎ᠠ ᠶ᠋ᠢᠨ ᠲᠣᠭᠠᠨ ᠳ᠋ᠤ᠌ ᠪᠣᠳᠣᠬᠤ ᠦᠭᠡᠢ ᠃ ᠲᠡᠳᠡ ᠠᠮᠤᠰᠬᠢᠨ ᠵᠣᠭᠰᠣᠬᠤ ᠶ᠋ᠢ ᠮᠡᠳᠡᠬᠦ ᠦᠭᠡᠢ᠂ ᠳᠤᠲᠠᠭᠠᠵᠤ ᠪᠤᠷᠤᠭᠤᠯᠠᠬᠤ ᠶ᠋ᠢ ᠨᠡᠩ ᠴᠦ᠍ ᠮᠡᠳᠡᠬᠦ ᠦᠭᠡᠢ᠃ ᠲᠡᠳᠡᠨᠡᠷ ᠮᠣᠷᠳᠠᠵᠤ ᠭᠠᠷᠬᠤ ᠦᠶ᠎ᠡ ᠳ᠋ᠡᠭᠡᠨ ᠬᠡᠷᠡᠭᠴᠡᠭᠡ ᠲᠡᠢ ᠶᠠᠭᠤᠮ᠎ᠠ ᠪᠠᠨ ᠪᠦᠷ ᠪᠡᠶ᠎ᠡ ᠳ᠋ᠡᠭᠡᠨ ᠠᠪᠴᠤ ᠶᠠᠪᠤᠨ᠎ᠠ ᠃ ᠬᠠᠲᠠᠭᠠᠭᠰᠠᠨ ᠪᠣᠷᠴᠠ ᠪᠣᠯᠤᠨ ᠠᠢᠷᠠᠭ ᠤ᠋ᠨ ᠲᠡᠳᠦᠢ ᠪᠡᠷ ᠢᠳᠡᠭᠡᠨ ᠤᠮᠳᠠᠭᠠᠨ ᠪᠣᠯᠭᠠᠵᠤ᠂ ᠡᠭᠦᠨ ᠳ᠋ᠡᠭᠡᠨ ᠭᠦᠢᠴᠡᠳ ᠬᠠᠨᠤᠮᠵᠢᠲᠠᠢ ᠪᠠᠢᠳᠠᠭ ᠃ ᠲᠡᠭᠡᠭᠡᠳ ᠢᠳᠡᠵᠦ ᠤᠤᠭᠤᠬᠤ ᠳ᠋ᠠᠭᠠᠨ ᠰᠠᠢᠨ ᠮᠠᠭᠤ ᠭᠡᠵᠦ ᠢᠯᠭᠠᠬᠤ ᠦᠭᠡᠢ᠃ ᠠᠮᠢᠲᠠᠨ ᠪᠦᠬᠦᠨ ᠦ᠌ ᠮᠢᠬ᠎ᠠ ᠶ᠋ᠢ ᠪᠦᠷ ᠢᠳᠡᠨ᠎ᠡ᠂ ᠭᠠᠬᠠᠢ ᠨᠣᠬᠠᠢ ᠶ᠋ᠢᠨ ᠮᠢᠬ᠎ᠠ ᠶ᠋ᠢ ᠬᠦᠷᠲᠡᠯ᠎ᠡ ᠢᠳᠡᠨ᠎ᠡ ᠭᠡᠵᠡᠢ᠃ ᠲᠡᠳᠡ ᠮᠣᠷᠢᠨ ᠤ᠋ ᠪᠠᠨ ᠰᠤᠳᠠᠯ ᠢ᠋ ᠬᠠᠨᠠᠵᠤ᠂ ᠴᠢᠰᠤ ᠶ᠋ᠢ ᠨᠢ ᠤᠤᠭᠤᠨ᠎ᠠ᠃ ᠲᠡᠳᠡᠨ ᠦ᠌ ᠮᠣᠷᠢᠳ ᠨᠢ ᠪᠤᠭᠤᠳᠠᠢ ᠪᠤᠶᠤ ᠬᠡᠷᠴᠢᠭᠰᠡᠨ ᠡᠪᠡᠰᠦ ᠢᠳᠡᠭᠦᠯᠬᠦ ᠬᠡᠷᠡᠭᠴᠡᠭᠡ ᠦᠭᠡᠢ ᠃ ᠲᠤᠭᠤᠷᠠᠢ ᠪᠠᠷ ᠢ᠋ᠶ᠋ᠠᠨ ᠴᠠᠰᠤ ᠶ᠋ᠢ ᠴᠠᠪᠴᠢᠨ ᠳᠠᠷᠤᠭᠳᠠᠭᠰᠠᠨ ᠡᠪᠡᠰᠦ ᠶ᠋ᠢ ᠢᠳᠡᠪᠡᠯ ᠪᠣᠯᠴᠢᠬᠠᠬᠤ ᠶᠤᠮ᠃ ᠡᠰᠡᠬᠦᠯ᠎ᠡ ᠡᠪᠡᠰᠦᠨ ᠦ᠌ ᠦᠨᠳᠦᠰᠦ ᠶ᠋ᠢ ᠮᠠᠯᠲᠠᠭᠠᠳ ᠠᠮᠢ ᠪᠠᠨ ᠠᠷᠭᠠᠴᠠᠭᠠᠳᠠᠭ᠃ᠬᠡᠷᠪᠡ ᠲᠡᠳᠡᠨᠡᠷ ᠪᠠᠢᠯᠳᠤᠭᠠᠳ ᠳᠡᠢᠯᠪᠡᠯ ᠳᠡᠭᠡᠷ᠎ᠡ ᠳᠣᠣᠷᠠᠬᠢ ᠭᠡᠵᠦ ᠢᠯᠭᠠᠬᠤ ᠦᠭᠡᠢ ᠪᠡᠷ ᠠᠮᠢ ᠶ᠋ᠢ ᠨᠢ ᠪᠦᠷᠢᠯᠭᠡᠴᠢᠬᠡᠳᠡᠭ᠂ᠵᠢᠷᠮᠦᠰᠦᠨ ᠡᠬᠡᠨᠡᠷ ᠦ᠋ᠨ ᠭᠡᠳᠡᠰᠦ ᠶ᠋ᠢ ᠬᠦᠷᠲᠡᠯ᠎ᠡ ᠬᠠᠭᠠᠯᠵᠤ ᠦᠵᠡᠳᠡᠭ᠃ ᠶᠠᠮᠠᠷ ᠠᠭᠤᠯᠠ᠂ ᠶᠠᠮᠠᠷᠴᠤ ᠭᠣᠣᠯ ᠪᠣᠯᠪᠠᠴᠤ ᠲᠡᠳᠡᠨ ᠢ᠋ ᠰᠠᠭᠠᠲᠠᠭᠤᠯᠵᠤ ᠴᠢᠳᠠᠬᠤ ᠦᠭᠡᠢ᠃ᠭᠣᠣᠯ ᠢ᠋ ᠭᠡᠲᠦᠯᠬᠦ ᠳ᠋ᠡᠭᠡᠨ ᠮᠣᠷᠢᠨ ᠤ᠋ ᠪᠠᠨ ᠳᠡᠯ ᠰᠡᠭᠦᠯ ᠢ᠋ ᠠᠳᠬᠤᠨ ᠮᠣᠷᠢ ᠪᠠᠨ ᠲᠠᠰᠢᠭᠤᠷᠳᠠᠭᠠᠳ ᠤᠰᠤᠨ ᠢ᠋ ᠤᠮᠪᠠᠭᠤᠯᠤᠨ ᠭᠡᠲᠦᠯᠳᠡᠭ᠂ ᠶᠠᠮᠠᠷᠴᠤ ᠬᠠᠪᠴᠢᠯ ᠵᠠᠮ ᠢ᠋ ᠴᠦ᠍ ᠬᠠᠮᠢᠶ᠎ᠠ ᠦᠭᠡᠢ ᠶᠠᠪᠤᠳᠠᠭ》ᠭᠡᠬᠦ ᠮᠡᠲᠦ ᠶ᠋ᠢᠨ ᠮᠡᠳᠡᠭᠦᠯᠦᠯᠲᠡ ᠣᠯᠠᠨ ᠪᠠᠢᠭᠰᠠᠨ ᠶᠤᠮ᠃
      ᠡᠷᠴᠢᠰ ᠭᠣᠣᠯ ᠤ᠋ᠨ ᠬᠥᠪᠡᠭᠡ ᠡᠴᠡ ᠰᠢᠷᠳᠠᠷᠢᠶᠠ ᠭᠣᠣᠯ ᠤ᠋ᠨ ᠬᠥᠪᠡᠭᠡ ᠬᠦᠷᠲᠡᠯ᠎ᠡ᠂ ᠮᠢᠩᠭ᠎ᠠ ᠲᠠᠪᠤᠨ ᠵᠠᠭᠤ ᠢᠯᠡᠭᠦᠦ ᠺᠢᠯᠣᠮᠧᠲ᠋ᠷ ᠪᠠᠢᠨ᠎ᠠ᠃
      ᠡᠯ᠎ᠡ ᠴᠡᠷᠢᠭ ᠠᠩᠭᠢ ᠨᠢ ᠠᠭᠤᠯᠠ ᠨᠢᠷᠤᠭᠤ᠂ ᠵᠤᠵᠠᠭᠠᠨ ᠣᠢ ᠰᠢᠭᠤᠢ᠂ ᠭᠣᠣᠯ ᠮᠥᠷᠡᠨ ᠢ᠋ ᠭᠡᠲᠦᠯᠵᠦ ᠶᠠᠪᠤᠬᠤ ᠦᠭᠡᠢ ᠪᠡᠷ ᠪᠣᠯᠬᠤ ᠦᠭᠡᠢ᠃ ᠡᠯ᠎ᠡ ᠴᠡᠷᠢᠭ ᠠᠩᠭᠢ ᠨᠢ ᠤᠰᠤ ᠦᠭᠡᠢ ᠡᠯᠡᠰᠦ ᠮᠠᠩᠬ᠎ᠠ᠂<ᠥᠯᠪᠡᠷᠦᠯ ᠦ᠋ᠨ ᠥᠷᠭᠡᠨ ᠭᠣᠪᠢ> ᠭᠡᠰᠡᠨ ᠮᠠᠭᠤ ᠨᠡᠷ᠎ᠡ ᠲᠡᠢ ᠮᠠᠩᠬᠠᠨ ᠳ᠋ᠤ᠌ ᠣᠷᠣᠬᠤ ᠦᠭᠡᠢ ᠪᠡᠷ ᠪᠣᠯᠬᠤ ᠦᠭᠡᠢ ᠪᠠᠢᠪᠠ᠃ ᠡᠨᠡ ᠮᠠᠩᠬ᠎ᠠ ᠶ᠋ᠢ ᠭᠡᠲᠦᠯᠬᠦ ᠳ᠋ᠦ᠍ ᠮᠣᠩᠭᠣᠯ ᠴᠡᠷᠢᠭ ᠦ᠋ᠨ ᠬᠥᠮᠦᠨ ᠨᠢ ᠴᠦ᠍ ᠡᠭᠦᠨ ᠢ᠋ ᠲᠤᠭᠤᠯᠵᠤ ᠴᠢᠳᠠᠨ᠎ᠠ ᠤᠤ᠁
      ᠮᠦᠬᠠᠮᠸᠳ᠋ ᠰᠡᠮᠡᠭᠡᠷ ᠬᠦᠯᠢᠶᠡᠵᠦ ᠪᠠᠢᠬᠤ ᠪᠠᠷ ᠰᠢᠭᠤᠳᠪᠠ᠃ ᠬᠡᠷᠪᠡ ᠮᠣᠩᠭᠣᠯ ᠴᠡᠷᠢᠭ ᠨᠢᠭᠡᠮᠦᠰᠦᠨ ᠶᠠᠳᠠᠷᠠᠵᠤ ᠵᠦᠳᠡᠷᠡᠭᠡᠳ ᠰᠢᠷᠳᠠᠷᠢᠶᠠ ᠭᠣᠣᠯ ᠤ᠋ᠨ ᠬᠥᠪᠡᠭᠡᠨ ᠳ᠋ᠦ᠍ ᠢᠷᠡᠪᠡᠴᠦ᠂ ᠣᠳᠣ ᠶ᠋ᠢᠨ ᠪᠠᠢᠭᠤᠯᠤᠭᠰᠠᠨ ᠰᠠᠢᠨ ᠵᠢᠭᠰᠠᠭᠠᠯ᠂ ᠪᠠᠲᠤ ᠪᠡᠬᠢ ᠪᠣᠭᠣᠮᠲᠠ᠂ ᠬᠦᠨᠡᠰᠦ ᠪᠦᠷᠢᠨ᠂ ᠵᠡᠪᠰᠡᠭ ᠰᠠᠢᠨ᠂ ᠰᠢᠯᠭᠠᠷᠠᠭᠰᠠᠨ ᠴᠡᠷᠢᠭ ᠦ᠋ᠨ ᠨᠡᠮᠡᠭᠦᠷᠢ ᠲᠤᠰᠠᠯᠠᠮᠵᠢ ᠲᠠᠢ ᠲᠤᠯᠠ᠂ ᠦᠷᠭᠦᠯᠵᠢᠯᠡᠨ ᠣᠯᠠᠨ ᠪᠣᠭᠣᠮᠲᠠ ᠶ᠋ᠢᠨ ᠵᠢᠭᠰᠠᠭᠠᠯ ᠳ᠋ᠤ᠌ ᠮᠥᠷᠭᠥᠭᠡᠳ ᠵᠣᠭᠰᠣᠬᠤ ᠪᠢᠵᠡ᠃ ᠴᠢᠩᠭᠢᠰ ᠬᠠᠭᠠᠨ ᠬᠡᠷᠪᠡ ᠡᠳᠡᠭᠡᠷ ᠪᠣᠭᠣᠮᠲᠠ ᠶ᠋ᠢᠨ ᠨᠢᠭᠡᠨ ᠭᠠᠵᠠᠷ ᠢ᠋ ᠰᠢᠪᠲᠤᠯᠤᠨ ᠴᠢᠳᠠᠪᠠᠴᠤ ᠮᠦᠬᠠᠮᠸᠳ᠋ ᠡᠨᠡ ᠭᠠᠵᠠᠷ ᠲᠤᠨᠢ ᠳᠠᠷᠤᠢ ᠲᠦᠷᠭᠡᠨ ᠣᠴᠢᠭᠠᠳ ᠳᠠᠢᠰᠤᠨ ᠢ᠋ ᠰᠢᠷᠳᠠᠷᠢᠶᠠ ᠭᠣᠣᠯ ᠳ᠋ᠤ᠌ ᠳᠠᠷᠤᠵᠤ ᠣᠷᠣᠭᠤᠯᠬᠤ ᠭᠡᠵᠦ ᠰᠠᠮᠠᠷᠺᠠᠨᠳ᠋
ᠣᠷᠴᠢᠮ ᠴᠤᠭᠯᠠᠭᠤᠯᠤᠭᠰᠠᠨ ᠪᠡᠯᠡᠳᠬᠡᠯ ᠴᠡᠷᠢᠭ ᠢ᠋ᠶ᠋ᠡᠨ ᠴᠢᠩᠭ᠎ᠠ ᠠᠳᠬᠤᠨ ᠬᠦᠯᠢᠶᠡᠵᠦ ᠪᠠᠢᠪᠠ᠃
     ᠵᠥᠴᠢ ᠳᠠᠬᠢᠨ ᠮᠣᠷᠳᠠᠭᠠᠳ ᠬᠥᠭᠵᠢᠩᠭᠦᠢ ᠹᠧᠷᠭᠠᠨᠠ ᠶ᠋ᠢᠨ ᠵᠢᠯᠠᠭ᠎ᠠ ᠤᠷᠤᠭᠤ ᠪᠠᠭᠤᠵᠤ᠂ ᠤᠳᠠᠭ᠎ᠠ ᠳᠠᠷᠠᠭ᠎ᠠ ᠪᠠᠷ ᠣᠯᠠᠨ ᠬᠣᠲᠠ ᠶ᠋ᠢ ᠴᠣᠬᠢᠨ ᠠᠪᠤᠭᠠᠳ᠂ ᠲᠤᠯᠭᠤᠷ ᠪᠣᠯᠤᠭᠰᠠᠨ ᠪᠣᠭᠣᠮᠲᠠ ᠬᠡᠦᠺᠠᠨᠳ᠋ ᠢ᠋ ᠴᠣᠬᠢᠵᠤ ᠡᠬᠢᠯᠡᠪᠡ᠃ ᠴᠠᠭᠠᠲᠠᠢ ᠪᠣᠯᠤᠨ ᠥᠭᠡᠳᠡᠢ ᠰᠢᠷᠳᠠᠷᠢᠶᠠ ᠭᠣᠣᠯ ᠤ᠋ᠨ ᠬᠥᠪᠡᠭᠡ ᠪᠡᠷ ᠢᠯᠡᠷᠡᠵᠦ ᠣᠲ᠋ᠷᠠᠷ ᠬᠣᠲᠠ ᠶ᠋ᠢ ᠳᠠᠭᠠᠷᠢᠨ ᠠᠯᠢ ᠣᠯᠠᠨ ᠴᠢᠬᠤᠯᠠ ᠬᠣᠲᠠ ᠶ᠋ᠢ ᠡᠵᠡᠯᠡᠵᠦ ᠠᠪᠤᠪᠠ᠃ ᠭᠡᠪᠡᠴᠦ ᠬᠡᠦᠺᠠᠨᠳ᠋ ᠪᠣᠯᠤᠨ ᠣᠲ᠋ᠷᠠᠷ ᠬᠣᠶᠠᠷ ᠪᠣᠭᠣᠮᠲᠠ ᠪᠣᠯ ᠤᠴᠢᠷ ᠦᠭᠡᠢ ᠪᠠᠲᠤ ᠪᠡᠬᠢ ᠪᠠᠢᠭᠰᠠᠨ ᠪᠣᠯᠬᠣᠷ ᠮᠣᠩᠭᠣᠯ ᠴᠡᠷᠢᠭ ᠬᠣᠲᠠᠨ ᠳ᠋ᠤᠨᠢ ᠲᠤᠯᠤᠭᠠᠳ ᠡᠳᠦᠷ ᠰᠠᠷ᠎ᠠ ᠪᠠᠨ ᠲᠠᠯᠠᠭᠠᠷ ᠰᠦᠢᠳᠬᠡᠬᠦ ᠳ᠋ᠦ᠍ ᠬᠦᠷᠪᠡ᠃ ᠮᠦᠬᠠᠮᠸᠳ᠋ ᠮᠥᠨᠴᠥ ᠣᠷᠣᠨ ᠠ᠋ᠴᠠ ᠪᠠᠨ ᠬᠥᠳᠡᠯᠦᠭᠰᠡᠨ ᠦᠭᠡᠢ ᠪᠠᠢᠯ᠎ᠠ᠃ ᠴᠢᠩᠭᠢᠰ ᠬᠠᠭᠠᠨ ᠤ᠋ ᠲᠤᠰ ᠪᠡᠶ᠎ᠡ᠂ ᠠᠯᠢ ᠭᠠᠵᠠᠷ ᠠ᠋ᠴᠠ ᠴᠣᠬᠢᠬᠤ ᠶ᠋ᠢ ᠨᠢ ᠮᠡᠳᠡᠬᠦ ᠪᠡᠷ ᠲᠡᠷᠡ ᠬᠦᠯᠢᠶᠡᠵᠦ ᠪᠠᠢᠯ᠎ᠠ᠃
     ᠲᠡᠷᠡ ᠦᠶ᠎ᠡ ᠳ᠋ᠦ᠍ ᠡᠮᠦᠨ᠎ᠡ ᠵᠦᠭ ᠡᠴᠡ ᠤᠳᠠᠭ᠎ᠠ ᠳᠠᠷᠠᠭᠠᠯᠠᠨ ᠶᠠᠭᠠᠷᠠᠤ ᠴᠢᠮᠡᠭᠡ ᠬᠦᠷᠴᠦ ᠢᠷᠡᠯ᠎ᠡ᠃ ᠳᠠᠷᠤᠢ ᠡᠮᠦᠨ᠎ᠡ ᠲᠠᠯ᠎ᠠ ᠶ᠋ᠢᠨ ᠭᠤᠷᠪᠠ ᠳᠥᠷᠪᠡᠨ ᠵᠠᠭᠤᠨ ᠺᠢᠯᠣᠮᠧᠲ᠋ᠷ ᠦ᠋ᠨ ᠠᠮᠤᠳᠠᠷᠢᠶᠠ ᠭᠣᠣᠯ ᠤ᠋ᠨ ᠡᠬᠢ ᠭᠠᠵᠠᠷ ᠲᠤ᠌᠂ ᠮᠣᠩᠭᠣᠯ ᠴᠡᠷᠢᠭ ᠳᠣᠪᠲᠣᠯᠤᠨ ᠣᠷᠣᠵᠤ ᠢᠷᠡᠭᠡᠳ ᠰᠠᠨᠠᠭᠠᠨ ᠲᠠᠪᠠ ᠪᠠᠷ ᠠᠭᠠᠰᠢᠯᠠᠵᠤ ᠪᠠᠢᠨ᠎ᠠ ᠭᠡᠨ᠎ᠡ᠃ ᠡᠨᠡ ᠴᠢᠨᠢ ᠵᠡᠪᠡ ᠨᠣᠶᠠᠨ ᠴᠥᠭᠡᠨ ᠴᠡᠷᠢᠭ ᠢ᠋ᠶ᠋ᠡᠨ ᠳᠠᠭᠠᠭᠤᠯᠤᠭᠠᠳ ᠫᠠᠮᠢᠷ ᠤ᠋ᠨ ᠥᠨᠳᠥᠷ ᠠᠭᠤᠯᠠ ᠶ᠋ᠢ ᠦᠨᠡᠬᠡᠷ ᠳᠠᠪᠠᠭᠠᠳ ᠢᠷᠡᠭᠰᠡᠨ ᠪᠠᠢᠨ᠎ᠠ᠃ ᠭᠡᠲᠡᠯ᠎ᠡ ᠡᠨᠡ ᠰᠠᠯᠪᠤᠷᠢ ᠴᠡᠷᠢᠭ ᠦ᠋ᠨ ᠦᠨᠡᠨ ᠬᠦᠴᠦ ᠶ᠋ᠢ ᠮᠦᠬᠠᠮᠸᠳ᠋ ᠣᠭᠲᠣ ᠮᠡᠳᠡᠭᠰᠡᠨ ᠦᠭᠡᠢ᠃ ᠵᠥᠪᠬᠡᠨ ᠠᠢᠯ ᠲᠣᠰᠬᠣᠨ ᠢ᠋ ᠭᠠᠯᠳᠠᠭᠠᠳ᠂ ᠥᠷᠭᠡᠨ ᠬᠡᠪᠴᠢᠶ᠎ᠡ ᠪᠡᠷ ᠤᠷᠤᠭᠰᠢᠯᠠᠵᠤ ᠪᠠᠢᠨ᠎ᠠ ᠭᠡᠰᠡᠨ ᠢ᠋ ᠰᠣᠨᠣᠰᠤᠭᠰᠠᠨ ᠲᠡᠳᠦᠢ ᠪᠠᠢᠯ᠎ᠠ᠃ ᠬᠡᠷᠪᠡ ᠳᠠᠢᠰᠤᠨ ᠠᠮᠤᠷᠳᠠᠷᠢᠶᠠ ᠭᠣᠣᠯ ᠤ᠋ᠨ ᠡᠬᠢ ᠡᠴᠡ ᠪᠠᠭᠤᠭᠠᠳ ᠢᠷᠡᠭᠰᠡᠨ ᠶᠦᠮ ᠪᠣᠯ ᠣᠳᠣ ᠱᠠᠭ ᠤ᠋ᠨ ᠬᠠᠭᠠᠨᠲᠤ ᠤᠯᠤᠰ ᠢ᠋ ᠡᠮᠦᠨ᠎ᠡ ᠡᠲᠡᠭᠡᠳ ᠦ᠋ᠨ ᠠᠹᠭᠠᠨᠢᠰᠲ᠋ᠠᠨ ᠬᠤᠷᠠᠰᠠᠨ ᠬᠣᠶᠠᠷ ᠪᠠᠭ᠎ᠠ ᠤᠯᠤᠰ ᠠ᠋ᠴᠠ ᠨᠢ ᠰᠠᠯᠭᠠᠬᠤ ᠳ᠋ᠤ᠌ ᠬᠦᠷᠦᠭᠦᠯᠦᠨ᠎ᠡ᠃ ᠠᠹᠭᠠᠨᠢᠰᠲ᠋ᠠᠨ᠂ ᠬᠤᠷᠠᠰᠠᠨ ᠪᠣᠯ ᠬᠠᠭᠠᠨᠲᠤ ᠤᠯᠤᠰ ᠤ᠋ᠨ ᠬᠢᠨ ᠦ᠌ ᠵᠡᠭᠦᠨ ᠲᠠᠯ᠎ᠠ ᠳ᠋ᠠᠬᠢ ᠡᠳ᠋ ᠮᠠᠲ᠋ᠧᠷᠢᠶᠠᠯ ᠤ᠋ᠨ ᠬᠣᠶᠠᠷ ᠶᠡᠬᠡ ᠪᠠᠶᠠᠯᠢᠭ ᠣᠷᠣᠨ ᠪᠥᠭᠡᠳ ᠱᠠᠭ ᠤ᠋ᠨ ᠬᠡᠦᠬᠡᠳ ᠦ᠋ᠨ ᠰᠢᠨ᠎ᠡ ᠴᠡᠷᠢᠭ ᠴᠤᠭᠯᠠᠭᠤᠯᠵᠤ ᠪᠠᠢᠬᠤ ᠭᠠᠵᠠᠷ ᠨᠢ ᠮᠥᠨ ᠶᠦᠮ᠃ ᠦᠨᠳᠦᠰᠦᠨ ᠳ᠋ᠦ᠍ᠨᠢ ᠭᠠᠯ ᠣᠷᠣᠭᠰᠠᠨ ᠤᠴᠢᠷ ᠠ᠋ᠴᠠ ᠰᠠᠨᠳᠤᠷᠤᠭᠰᠠᠨ ᠮᠦᠬᠠᠮᠸᠳ᠋ ᠪᠡᠯᠡᠳᠬᠡᠯ ᠴᠡᠷᠢᠭ ᠡᠴᠡ ᠪᠡᠨ ᠶᠡᠬᠡ ᠲᠣᠭᠠᠨ ᠤ᠋ ᠴᠡᠷᠢᠭ ᠢ᠋ᠶ᠋ᠡᠨ ᠰᠠᠯᠠᠭᠠᠨ᠂ ᠵᠡᠪᠡ ᠨᠣᠶᠠᠨ ᠲᠡᠰᠢ ᠴᠢᠭᠯᠡᠭᠦᠯᠦᠨ ᠮᠣᠷᠳᠠᠭᠤᠯᠪᠠ᠃ 
    ᠡᠨᠡᠬᠦ ᠪᠡᠯᠡᠳᠬᠡᠯ ᠴᠡᠷᠢᠭ ᠨᠢ ᠳᠥᠩᠭᠡᠵᠦ ᠮᠣᠷᠳᠠᠭᠠᠳ ᠭᠠᠷᠴᠤ ᠤᠤ ᠪᠠᠢᠵᠤ ᠤᠤ᠂ ᠨᠢᠭᠡᠨ ᠠᠢᠬᠤᠪᠲᠤᠷ ᠴᠢᠮᠡᠭᠡ ᠬᠦᠷᠦᠭᠡᠳ ᠢᠷᠡᠯ᠎ᠡ᠃ ᠵᠡᠭᠦᠨ ᠲᠠᠯ᠎ᠠ ᠶ᠋ᠢᠨ ᠬᠠᠮᠢᠭ᠎ᠠ ᠪᠣᠯᠬᠤ ᠨᠢᠭᠡᠨ ᠭᠠᠵᠠᠷ ᠪᠠᠢᠬᠤ ᠶᠣᠰᠣᠲᠠᠢ ᠴᠢᠩᠭᠢᠰ ᠬᠠᠭᠠᠨ᠂ ᠴᠡᠷᠢᠭ ᠦ᠋ᠨ ᠭᠣᠣᠯ ᠬᠦᠴᠦᠨ ᠢ᠋ᠶ᠋ᠡᠨ ᠳᠠᠭᠠᠭᠤᠯᠤᠭᠠᠳ ᠬᠠᠷᠢᠨ ᠡᠰᠡᠷᠭᠦ ᠲᠠᠯ᠎ᠠ ᠪᠠᠷᠠᠭᠤᠨ ᠵᠦᠭ ᠲᠦ᠍ ᠢᠯᠡᠷᠡᠨ ᠪᠦᠬᠠᠷ᠂ ᠰᠠᠮᠠᠷᠺᠠᠨᠳ᠋ ᠢ᠋ ᠴᠢᠭᠯᠡᠨ ᠤᠷᠤᠭᠰᠢᠯᠠᠵᠤ ᠪᠠᠢᠨ᠎ᠠ ᠭᠡᠨ᠎ᠡ᠃ ᠲᠡᠢᠮᠦ ᠪᠠᠢᠵᠤ ᠪᠣᠯᠬᠤ ᠶᠣᠰᠣ ᠦᠭᠡᠢ ᠪᠢᠯᠡ᠃ ᠪᠠᠷᠠᠭᠤᠨ ᠲᠠᠯ᠎ᠠ  ᠳ᠋ᠤ᠌ ᠳᠠᠢᠰᠤᠨ ᠤ᠋ ᠨᠢᠭᠡᠨ ᠴᠡᠷᠢᠭ ᠴᠤ ᠪᠠᠢᠬᠤ ᠶᠣᠰᠣ ᠠᠯᠠᠭ᠎ᠠ᠃ ᠴᠢᠩᠭᠢᠰ ᠬᠠᠭᠠᠨ ᠶᠠᠭᠠᠬᠢᠭᠠᠳ ᠱᠠᠭ ᠤ᠋ᠨ ᠠᠷᠤ ᠠ᠋ᠴᠠ ᠨᠢ ᠳᠠᠭᠠᠷᠢᠨ ᠣᠷᠣᠬᠤ ᠪᠣᠯᠤᠭᠰᠠᠨ ᠪᠣᠢ? ᠭᠡᠲᠡᠯ᠎ᠡ ᠭᠠᠯᠳᠠᠭᠳᠠᠭᠰᠠᠨ ᠠᠢᠯ ᠲᠣᠰᠬᠣᠨ ᠤ᠋ ᠭᠠᠮᠰᠢᠭᠲᠤ ᠠᠷᠠᠳ ᠷᠢᠳᠢ ᠰᠢᠳᠢ ᠦᠵᠡᠭᠦᠯᠦᠭᠰᠡᠨ ᠮᠡᠲᠦ ᠪᠡᠷ ᠴᠤᠪᠤᠷᠠᠵᠤ ᠪᠠᠢᠨ᠎ᠠ᠃ ᠴᠢᠩᠭᠢᠰ ᠬᠠᠭᠠᠨ ᠥᠪᠡᠷ ᠦ᠋ᠨ ᠪᠡᠶ᠎ᠡ ᠪᠡᠷ ᠢ᠋ᠶ᠋ᠡᠨ ᠲᠠᠪᠤᠨ ᠲᠦᠮᠡᠨ ᠮᠣᠷᠢᠲᠤ ᠴᠡᠷᠢᠭ ᠳᠠᠭᠠᠭᠤᠯᠤᠭᠠᠳ ᠬᠣᠢᠲᠤ ᠵᠦᠭ ᠡᠴᠡ ᠲᠣᠭᠣᠷᠢᠨ ᠬᠥᠮᠦᠨ ᠠᠮᠢᠲᠠᠨ ᠦᠭᠡᠢ ᠰᠢᠷᠳᠠᠷᠢᠶᠠ ᠭᠣᠣᠯ ᠢ᠋ ᠭᠡᠲᠦᠯᠦᠭᠡᠳ ᠳᠠᠷᠠᠭ᠎ᠠ ᠨᠢ ᠪᠦᠬᠦ ᠴᠡᠷᠢᠭ ᠢ᠋ᠶ᠋ᠡᠨ ᠳᠠᠭᠠᠭᠤᠯᠤᠨ ᠰᠢᠵᠢᠷ ᠬᠣᠮᠣᠭ ᠮᠠᠩᠬ᠎ᠠ ᠶ᠋ᠢ ᠳᠤᠭᠤᠯᠤᠭᠠᠳ ᠢᠷᠡᠭᠰᠡᠨ ᠠᠵᠢ᠃ ᠡᠨᠡᠬᠦ ᠰᠢᠵᠢᠷ ᠬᠣᠮᠣᠭ ᠭᠡᠭᠴᠢ ᠡᠯᠡᠰᠦ ᠮᠠᠩᠬ᠎ᠠ ᠪᠣᠯ ᠲᠤᠭᠤᠯᠵᠤ ᠴᠢᠳᠠᠰᠢ ᠦᠭᠡᠢ ᠭᠡᠬᠦ ᠨᠡᠷᠡᠲᠡᠢ ᠪᠥᠭᠡᠳ ᠥᠷᠭᠡᠨ ᠢ᠋ᠶ᠋ᠡᠷ ᠢ᠋ᠶ᠋ᠡᠨ ᠵᠢᠷᠭᠤᠭᠠᠨ ᠵᠠᠭᠤᠨ ᠺᠢᠯᠣᠮᠧᠲ᠋ᠷ ᠥᠷᠭᠡᠨ ᠶᠡᠬᠡ ᠮᠠᠩᠬ᠎ᠠ ᠪᠠᠢᠭᠰᠠᠨ ᠶᠤᠮ᠃ ᠲᠡᠭᠦᠨ ᠡᠴᠡ ᠬᠣᠢᠨ᠎ᠠ ᠵᠢᠷᠭᠤᠭᠠᠨ ᠵᠠᠭᠤ ᠲᠠᠪᠢᠨ ᠣᠨ  ᠤ᠋ ᠳᠠᠷᠠᠭ᠎ᠠ ᠭᠢᠸᠠ ᠲᠠᠢ ᠪᠠᠢᠯᠳᠤᠬᠤ ᠪᠠᠷ ᠢᠷᠡᠭᠰᠡᠨ ᠣᠷᠣᠰ ᠤ᠋ᠨ ᠮᠣᠷᠢᠲᠤ ᠴᠡᠷᠢᠭ ᠪᠦᠬᠦ ᠮᠣᠷᠢ ᠪᠠᠨ ᠡᠨᠡ ᠭᠠᠵᠠᠷ ᠲᠤ᠌ ᠦᠬᠦᠭᠦᠯᠦᠭᠰᠡᠨ ᠶᠤᠮ᠃ ᠣᠳᠣ ᠴᠢᠩᠭᠢᠰ ᠬᠠᠭᠠᠨ᠂ ᠮᠦᠬᠠᠮᠸᠳ᠋ ᠤ᠋ᠨ ᠠᠷᠤ ᠠ᠋ᠴᠠ ᠨᠢ ᠠᠮᠢ ᠶ᠋ᠢ ᠨᠢ ᠠᠪᠬᠤ ᠲᠦᠭᠰᠢᠭᠦᠷᠢ ᠪᠣᠯᠵᠤ᠂ ᠭᠡᠨᠡᠳᠲᠡ ᠪᠡᠷ ᠠᠮᠤᠳᠠᠷᠢᠶᠠ ᠭᠣᠣᠯ ᠤ᠋ᠨ ᠳᠣᠣᠷᠠᠲᠤ ᠤᠷᠤᠰᠬᠠᠯ ᠳ᠋ᠤ᠌ ᠢᠯᠡᠷᠡᠪᠡ᠃ 
     ᠪᠠᠷᠠᠭᠤᠨ ᠲᠠᠯ᠎ᠠ ᠳ᠋ᠤᠨᠢ ᠴᠢᠩᠭᠢᠰ ᠬᠠᠭᠠᠨ᠂ ᠬᠣᠢᠲᠤ ᠲᠠᠯ᠎ᠠ ᠳ᠋ᠤ᠌ ᠨᠢ ᠴᠠᠭᠠᠲᠠᠢ᠂ ᠥᠭᠡᠳᠡᠢ᠂ ᠵᠡᠭᠦᠨ ᠲᠠᠯ᠎ᠠ ᠳ᠋ᠤᠨᠢ ᠵᠥᠴᠢ᠂ ᠡᠮᠦᠨ᠎ᠡ ᠲᠠᠯ᠎ᠠ ᠠ᠋ᠴᠠ ᠨᠢ ᠵᠡᠪᠡ ᠶ᠋ᠢᠨ ᠴᠡᠷᠢᠭ ᠪᠠᠢᠵᠤ ᠪᠠᠢᠨ᠎ᠠ᠃ ᠱᠠᠭ ᠳᠥᠷᠪᠡᠨ ᠲᠠᠯ᠎ᠠ ᠠ᠋ᠴᠠ ᠪᠦᠰᠡᠯᠡᠭᠳᠡᠭᠡᠳ ᠂ ᠵᠣᠭᠣᠷᠢ ᠳ᠋ᠤ᠌ ᠤᠨᠠᠭᠠᠳ ᠠᠮᠠᠰᠠᠷ ᠨᠢ ᠥᠨᠢ ᠡᠭᠦᠷᠢᠳᠡ ᠲᠠᠬᠯᠠᠬᠳᠠᠬᠰᠠᠡ ᠬᠡᠷᠡᠭ ᠪᠣᠯᠤᠭᠰᠠᠨ ᠮᠠᠭᠠᠳ᠃ ᠰᠠᠮᠠᠷᠺᠠᠡᠳ᠋᠂ ᠪᠦᠬᠠᠷ ᠳᠠᠰᠢ ᠳᠠᠷᠤᠵᠤ ᠢᠷᠡᠭᠰᠡᠨ ᠴᠢᠩᠭᠢᠰ ᠬᠠᠭᠠᠨ  ᠤ᠋ ᠰᠢᠭᠤᠳ ᠤᠳᠤᠷᠢᠳᠤᠭᠰᠠᠨ ᠮᠣᠩᠭᠣᠯ ᠴᠡᠷᠢᠭ᠂ ᠬᠣᠷᠧᠰᠮ ᠦ᠋ᠨ ᠡᠭᠦᠰᠦᠭᠰᠡᠨ ᠨᠤᠲᠤᠭ ᠤ᠋ᠨ ᠵᠠᠮ  ᠢ᠋ ᠬᠠᠭᠠᠴᠢᠬᠠᠭᠰᠠᠨ ᠪᠣᠯᠬᠣᠷ᠂ ᠦᠯᠡᠳᠡᠭᠰᠡᠨ ᠴᠡᠷᠢᠭ ᠢ᠋ᠶ᠋ᠡᠨ ᠳᠠᠭᠠᠭᠤᠯᠤᠭᠠᠳ ᠲᠡᠷᠡ ᠬᠠᠮᠤᠭ ᠡᠴᠦᠰ ᠦ᠋ᠨ ᠭᠠᠷᠬᠤ ᠠᠮᠠᠰᠠᠷ ᠢ᠋ ᠨᠢ ᠵᠡᠪᠡ ᠲᠠᠰᠤᠯᠬᠤ ᠠ᠋ᠴᠠ ᠤᠷᠢᠳ ᠪᠤᠯᠲᠠᠷᠠᠵᠤ ᠭᠠᠷᠬᠤ ᠪᠠᠷ ᠴᠢᠷᠮᠠᠢᠵᠤ᠂ ᠡᠮᠦᠨ᠎ᠡ ᠵᠦᠭ ᠬᠠᠨᠳᠤᠨ  ᠰᠡᠩᠳᠡᠨ ᠮᠡᠩᠳᠡᠨ ᠪᠤᠷᠤᠭᠤᠯᠠᠪᠠ᠃ 
     ( ᠳᠥᠷᠪᠡ) ᠯᠠᠯᠤ ᠶ᠋ᠢᠨ ᠮᠥᠷᠭᠥᠯᠲᠡᠨ ᠦ᠌ ᠨᠡᠢᠰᠯᠡᠯ ᠬᠣᠲᠠ  ᠶᠡᠭᠦᠷᠡᠨ ᠤᠨᠠᠪᠠ 
    ᠪᠦᠬᠠᠷ ᠪᠣᠯ ᠯᠠᠯᠤ ᠶ᠋ᠢᠨ ᠮᠥᠷᠭᠥᠯᠲᠡᠨ  ᠦ᠌ ᠰᠣᠶᠣᠯ ᠭᠡᠭᠡᠷᠡᠯ ᠦ᠋ᠨ ᠭᠣᠣᠯ ᠭᠠᠵᠠᠷ ᠤ᠋ᠨ ᠨᠢᠭᠡᠨ ᠨᠢ ᠪᠣᠯᠵᠤ ᠪᠠᠢᠭᠰᠠᠨ ᠶᠤᠮ᠂ ᠲᠣᠮᠣ ᠰᠤᠷᠭᠠᠭᠤᠯᠢ ᠨᠤᠭᠤᠳ᠂ ᠪᠢᠴᠢᠭ ᠬᠠᠷ᠎ᠠ᠂ ᠪᠢᠴᠢᠯᠭᠡ ᠶ᠋ᠢᠨ ᠡᠷᠳᠡᠮᠲᠡᠨ ᠨᠠᠷ ᠤ᠋ᠨ ᠰᠠᠭᠤᠭᠠᠯᠢ ᠭᠠᠵᠠᠷ ᠪᠣᠯᠵᠤ᠂ ᠲᠢᠩᠬᠢᠮ ᠬᠦᠷᠢᠶ᠎ᠡ᠂ ᠵᠤᠰᠠᠯᠠᠩ ᠤ᠋ᠨ ᠭᠠᠵᠠᠷ ᠪᠣᠯᠵᠤ ᠪᠠᠢᠭᠰᠠᠨ ᠶᠤᠮ᠃ ᠵᠡᠭᠡᠯᠢ ᠳ᠋ᠦ᠍ᠨᠢ ᠬᠠᠲᠠᠭᠤ  ᠪᠡᠬᠢ ᠬᠣᠲᠠ ᠶ᠋ᠢᠨ ᠬᠡᠷᠡᠮ᠂ ᠭᠦᠨ ᠰᠤᠪᠠᠭ ᠪᠠᠢᠭᠰᠠᠨ ᠪᠣᠯᠪᠠᠴᠤ ᠬᠡᠨ ᠴᠦ᠍ ᠳᠠᠢᠰᠤᠨ ᠣᠷᠣᠵᠤ ᠢᠷᠡᠨ᠎ᠡ ᠭᠡᠵᠦ ᠪᠣᠳᠣᠭᠰᠠᠨ ᠦᠭᠡᠢ ᠪᠣᠯᠬᠣᠷ᠂ ᠤᠳᠠᠭᠠᠨ ᠡᠳᠦᠷ ᠪᠦᠰᠡᠯᠡᠭᠳᠡᠬᠦ ᠪᠡᠯᠡᠳᠬᠡᠯ ᠪᠠᠢᠭᠰᠠᠨ ᠦᠭᠡᠢ᠃ ᠵᠡᠭᠡᠯᠢ ᠳ᠋ᠦ᠍ᠨᠢ ᠰᠠᠭᠤᠭᠰᠠᠨ ᠠᠷᠠᠳ ᠤ᠋ᠨ ᠣᠯᠠᠩᠬᠢ ᠨᠢ ᠫᠧᠷᠰ ᠬᠥᠮᠦᠨ ᠪᠠᠢᠵᠤ᠂ ᠰᠠᠬᠢᠭᠰᠠᠨ ᠴᠡᠷᠢᠭ ᠦ᠋ᠨ ᠣᠯᠠᠩᠬᠢ ᠨᠢ ᠲᠦᠷᠺ ᠬᠥᠮᠦᠨ ᠪᠠᠢᠭᠰᠠᠨ ᠶᠤᠮ᠃ ᠲᠦᠷᠺ ᠦ᠋ᠨ ᠵᠠᠩᠵᠤᠨ ᠨᠠᠷ ᠠᠮᠤᠳᠠᠷᠢᠶᠠ ᠭᠣᠣᠯ ᠤ᠋ᠨ ᠬᠥᠪᠡᠭᠡᠨ ᠳ᠋ᠦ᠍ ᠪᠠᠢᠯᠳᠤᠬᠤ ᠪᠠᠷ ᠰᠣᠩᠭᠣᠵᠤ ᠪᠠᠢᠭᠰᠠᠨ ᠪᠢᠯᠡ᠃ ᠲᠡᠨᠳᠡ ᠪᠠᠢᠪᠠᠯ ᠠᠯᠢ ᠭᠠᠵᠠᠷ ᠲᠤ ᠴᠤ᠌ ᠲᠡᠳᠡᠨᠡᠷ ᠰᠢᠨ᠎ᠡ ᠴᠡᠷᠢᠭ ᠢ᠋ ᠵᠣᠬᠢᠶᠠᠨ ᠪᠠᠢᠭᠤᠯᠵᠤ ᠴᠢᠳᠠᠬᠤ ᠶᠤᠮ᠃ ᠲᠦᠷᠺ ᠦ᠋ᠨ ᠵᠠᠩᠵᠤᠨ ᠨᠠᠷ ᠵᠥᠪᠬᠡᠨ ᠲᠦᠷᠺ ᠬᠥᠮᠦᠨ ᠢ᠋ᠶ᠋ᠡᠷ ᠪᠦᠷᠢᠯᠳᠦᠭᠰᠡᠨ ᠴᠡᠷᠢᠭ ᠢ᠋ᠶ᠋ᠡᠨ ᠳᠠᠭᠠᠭᠤᠯᠤᠭᠠᠳ ᠰᠥᠨᠢ ᠶ᠋ᠢᠨ ᠬᠠᠷᠠᠩᠭᠤᠢ ᠶ᠋ᠢ ᠠᠰᠢᠭᠯᠠᠵᠤ ᠮᠣᠩᠭᠣᠯ ᠴᠡᠷᠢᠭ ᠦ᠋ᠨ ᠰᠠᠬᠢᠵᠤ ᠦᠭᠡᠢ ᠬᠠᠭᠠᠯᠭ᠎ᠠ ᠪᠠᠷ ᠭᠠᠳᠠᠭᠰᠢ ᠭᠠᠷᠪᠠ᠃ 
     ᠮᠣᠩᠭᠣᠯ ᠴᠡᠷᠢᠭ ᠬᠣᠲᠠ ᠶ᠋ᠢᠨ ᠬᠠᠭᠠᠯᠭ᠎ᠠ ᠶ᠋ᠢ ᠰᠠᠬᠢᠭᠰᠠᠨ ᠦᠭᠡᠢ ᠲᠠᠯᠪᠢᠭᠰᠠᠨ ᠨᠢ ᠬᠠᠷᠢᠨ ᠤᠭᠤᠲᠠᠯᠠᠵᠤ ᠠᠪᠬᠤ ᠶ᠋ᠢᠨ ᠠᠷᠭ᠎ᠠ ᠪᠠᠢᠭᠰᠠᠨ ᠶᠤᠮ᠃ ᠳᠠᠢᠰᠤᠨ ᠬᠣᠲᠠ ᠠ᠋ᠴᠠ ᠭᠠᠷᠬᠤ ᠦᠶ᠎ᠡ ᠳ᠋ᠦ᠍ ᠮᠣᠩᠭᠣᠯ ᠴᠡᠷᠢᠭ ᠦᠯᠦ ᠮᠡᠳᠡᠭᠴᠢ ᠪᠡᠷ ᠪᠣᠯᠵᠤ᠂ ᠪᠦᠷ ᠭᠠᠷᠤᠭᠰᠠᠨ ᠬᠣᠢᠨ᠎ᠠ ᠨᠢ ᠲᠡᠭᠦᠨ ᠢ᠋ ᠰᠡᠭᠦᠯᠲᠡᠨ ᠨᠡᠬᠡᠵᠦ ᠭᠦᠢᠴᠡᠭᠡᠳ ᠨᠢᠭᠡᠨ ᠬᠥᠮᠦᠨ ᠢ᠋ ᠴᠦ᠍ ᠦᠯᠡᠳᠡᠭᠡᠭᠰᠡᠨ ᠦᠭᠡᠢ ᠪᠡᠷ ᠪᠦᠷ ᠰᠥᠨᠥᠭᠡᠵᠡᠢ᠃ ᠬᠣᠲᠠ ᠶ᠋ᠢᠨ ᠠᠬᠠᠮᠠᠳ ᠪᠠ ᠯᠠᠯᠤ ᠶ᠋ᠢᠨ ᠮᠥᠷᠭᠥᠯᠲᠡᠨ ᠦ᠌ ᠰᠢᠭᠦᠭᠴᠢ ᠨᠣᠶᠠᠨ᠂ ᠬᠣᠲᠣᠩ ᠬᠤᠸᠠᠷᠠᠭ ᠦ᠋ᠳ ᠥᠴᠦᠬᠡᠨ ᠴᠦ᠍ ᠡᠰᠡᠷᠭᠦᠴᠡᠭᠰᠡᠨ ᠦᠭᠡᠢ ᠪᠡᠷ ᠪᠦᠬᠠᠷ ᠬᠣᠲᠠᠨ ᠤ᠋ ᠬᠠᠭᠠᠯᠭ᠎ᠠ ᠪᠠᠨ ᠲᠠᠯᠪᠢᠵᠤ ᠥᠭᠭᠦᠯ᠎ᠡ᠃ ᠡᠨᠡ ᠮᠡᠲᠦ ᠰᠠᠨᠠᠮᠰᠠᠷ ᠦᠭᠡᠢ ᠤᠴᠢᠷ ᠲᠤ ᠰᠣᠴᠢᠭᠰᠠᠨ ᠪᠣᠯᠪᠠᠴᠤ ᠮᠣᠩᠭᠣᠯ ᠴᠡᠷᠢᠭ ᠤᠰᠤᠨ ᠳᠠᠪᠠᠯᠭᠠᠨ ᠮᠡᠲᠦ ᠪᠡᠷ ᠬᠣᠲᠠᠨ ᠳ᠋ᠤ᠌ ᠴᠢᠳᠬᠤᠨ ᠣᠷᠣᠵᠠᠢ᠃ ᠴᠢᠩᠭᠢᠰ ᠬᠠᠭᠠᠨ ᠮᠣᠷᠢ ᠤᠨᠤᠵᠤ ᠲᠤᠯᠤᠢ ᠲᠠᠢ ᠬᠠᠮᠲᠤ ᠪᠠᠷ ᠵᠡᠭᠡᠯᠢ ᠶ᠋ᠢᠨ ᠳᠤᠮᠳᠠᠬᠢ ᠶᠡᠬᠡ ᠪᠠᠷᠢᠯᠭ᠎ᠠ ᠶ᠋ᠢᠨ ᠡᠮᠦᠨ᠎ᠡ ᠬᠦᠷᠴᠦ ᠢᠷᠡᠭᠡᠳ᠄《ᠡᠨᠡ ᠴᠢᠨᠢ ᠱᠠᠭ ᠤ᠋ᠨ ᠣᠷᠳᠣᠨ ᠤᠤ》 ᠭᠡᠵᠦ ᠠᠰᠠᠭᠤᠭᠰᠠᠨ ᠳ᠋ᠤ᠌᠂ ᠪᠢᠰᠢ᠂ ᠡᠨᠡ ᠪᠣᠯ ᠠᠯᠠ ᠰᠠᠬᠢᠭᠤᠯᠰᠤᠨ( ᠯᠠᠯᠤ ᠶ᠋ᠢᠨ ᠮᠥᠷᠭᠥᠯᠲᠡᠨ ᠦ᠌ ᠲᠩᠷᠢ ᠶ᠋ᠢᠨ ᠰᠠᠬᠢᠭᠤᠯᠰᠤᠨ) ᠤ᠋ ᠣᠷᠳᠣᠨ ᠪᠥᠭᠡᠳ ᠯᠠᠯᠤ ᠶ᠋ᠢᠨ ᠮᠥᠷᠭᠥᠯᠲᠡᠨ ᠦ᠌ ᠰᠦᠮ᠎ᠡ ᠮᠥᠨ ᠭᠡᠵᠦ ᠬᠡᠯᠡᠵᠦ ᠥᠭᠬᠦ ᠶ᠋ᠢᠨ ᠤᠷᠢᠳ ᠮᠣᠷᠢ ᠲᠠᠢ ᠪᠠᠷ ᠢ᠋ᠶ᠋ᠠᠨ ᠶᠡᠨᠳᠡᠷ ᠳᠡᠭᠡᠷ᠎ᠡ ᠨᠢ ᠭᠠᠷᠴᠤ᠂ ᠳᠠᠷᠠᠭ᠎ᠠ ᠳ᠋ᠤᠨᠢ ᠮᠣᠷᠢᠨ ᠠ᠋ᠴᠠ ᠪᠠᠨ ᠪᠠᠭᠤᠵᠤ ᠲᠠᠬᠢᠯᠭ᠎ᠠ ᠶ᠋ᠢᠨ ᠰᠢᠷᠡᠭᠡᠨ ᠳ᠋ᠦ᠍ᠨᠢ ᠭᠠᠷᠪᠠ᠃ ᠲᠡᠭᠡᠭᠡᠳ ᠲᠡᠷᠡ᠂ ᠯᠠᠯᠤ ᠶ᠋ᠢᠨ ᠮᠥᠷᠭᠥᠯᠲᠡᠨ ᠦ᠌ ᠬᠤᠸᠠᠷᠠᠭ᠂ ᠲᠡᠳᠡᠨ ᠦ᠌ ᠰᠢᠭᠦᠭᠴᠢᠳ᠂ ᠬᠣᠲᠠ ᠶ᠋ᠢᠨ ᠠᠬᠠᠮᠠᠳ ᠨᠠᠷ ᠲᠤ ᠬᠡᠯᠡᠭᠰᠡᠨ ᠨᠢ᠄《ᠬᠥᠳᠡᠭᠡ ᠭᠠᠵᠠᠷ ᠲᠤ ᠮᠢᠬ᠎ᠠ ᠴᠤ᠌ ᠡᠪᠡᠰᠦ ᠴᠦ᠍ ᠣᠯᠳᠠᠬᠤ ᠦᠭᠡᠢ᠂ ᠮᠠᠨ ᠤ᠋ ᠮᠣᠷᠢ ᠥᠯᠪᠡᠷᠴᠦ᠂ ᠮᠢᠨᠦ ᠴᠡᠷᠢᠭ ᠥᠯᠥᠰᠴᠦ ᠪᠠᠢᠨ᠎ᠠ᠃ ᠰᠠᠩ ᠬᠥᠮᠥᠷᠭᠡ ᠪᠡᠨ ᠨᠡᠭᠡᠭᠡᠭᠲᠦᠨ》 ᠭᠡᠵᠦ ᠬᠡᠯᠡᠭᠰᠡᠨ ᠳ᠋ᠦ᠍ ᠬᠥᠮᠥᠷᠭᠡ ᠰᠠᠬᠢᠬᠤ ᠨᠢᠷᠪᠠ ᠨᠢ ᠢᠷᠡᠬᠦ ᠡᠴᠡ ᠤᠷᠢᠳ ᠮᠣᠩᠭᠣᠯ ᠴᠡᠷᠢᠭ ᠨᠢᠭᠡᠨᠲᠡ ᠡᠭᠦᠳᠡ ᠶ᠋ᠢ ᠨᠢ ᠡᠪᠳᠡᠯᠡᠭᠡᠳ ᠲᠠᠯᠪᠢᠴᠢᠬᠠᠪᠠ᠃  
     ᠮᠣᠩᠭᠣᠯ ᠴᠡᠷᠢᠭ ᠦ᠋ᠳ ᠶᠡᠬᠡ ᠬᠤᠷᠢᠮ ᠲᠠᠯᠪᠢᠵᠤ ᠡᠬᠢᠯᠡᠭᠰᠡᠨ ᠶᠤᠮ ᠪᠠᠢᠨ᠎ᠠ᠃ ᠲᠡᠳᠡ ᠬᠥᠭᠵᠢᠮᠴᠢᠨ ᠳᠠᠭᠤᠴᠢ ᠨᠠᠷ ᠢ᠋ ᠳᠠᠭᠤᠳᠠᠭᠤᠯᠤᠭᠰᠠᠨ ᠪᠥᠭᠡᠳ ᠲᠡᠷᠡ ᠬᠣᠭᠣᠷᠣᠨᠳᠣ ᠬᠣᠲᠠ ᠶ᠋ᠢᠨ ᠠᠬᠠᠮᠠᠳ ᠪᠠ ᠰᠢᠭᠦᠭᠴᠢ ᠨᠠᠷ ᠢ᠋ᠶ᠋ᠠᠷ ᠮᠣᠷᠢ ᠪᠠᠨ ᠲᠡᠵᠢᠭᠡᠯᠭᠡᠵᠦ ᠪᠠᠢᠪᠠ᠃ ᠬᠤᠯᠠᠨ ᠰᠠᠬᠢᠭᠤᠯᠰᠤᠨ ᠤ᠋ ᠨᠣᠮ ᠢ᠋ ᠠᠬᠤᠭᠤᠯᠬᠤ ᠨᠠᠨᠳᠢᠨ ᠬᠠᠢᠷᠴᠠᠭ ᠢ᠋ ᠨᠢ ᠮᠣᠷᠢ ᠪᠠᠨ ᠢᠳᠡᠭᠦᠯᠬᠦ ᠣᠩᠭᠣᠴᠠ ᠪᠣᠯᠭᠠᠨ᠂ ᠲᠡᠷᠡ ᠮᠡᠲᠦ ᠬᠦᠨᠳᠦᠲᠦ ᠰᠠᠬᠢᠭᠤᠯᠰᠤᠨ ᠤ᠋ ᠨᠣᠮ ᠰᠤᠳᠤᠷ ᠢ᠋ ᠡᠨᠳᠡ ᠲᠡᠨᠳᠡ ᠦᠭᠡᠢ ᠪᠤᠲᠠᠷᠭᠠᠨ ᠭᠢᠰᠬᠢᠯᠡᠵᠦ ᠪᠠᠢᠪᠠ᠃ ᠵᠠᠷᠢᠮ ᠮᠥᠷᠭᠥᠯᠲᠡᠨ ᠨᠠᠷ ᠡᠢᠮᠦ ᠪᠣᠯᠤᠨ᠎ᠠ ᠭᠡᠵᠦ ᠶᠠᠭᠠᠬᠢᠨ ᠣᠯᠵᠤ ᠮᠡᠳᠡᠬᠦ ᠪᠣᠢ᠂ ᠲᠡᠳᠡᠨ ᠦ᠌ ᠳᠣᠲᠣᠷᠠᠬᠢ ᠨᠢᠭᠡᠨ ᠬᠥᠮᠦᠨ ᠨᠢ ᠮᠣᠩᠭᠣᠯᠴᠤᠳ ᠤ᠋ᠨ ᠮᠣᠷᠢᠨ ᠤ᠋ ᠴᠤᠯᠪᠤᠭᠤᠷ ᠠ᠋ᠴᠠ ᠬᠥᠲᠥᠯᠦᠭᠰᠡᠨ ᠡᠷᠬᠢᠮ ᠬᠤᠸᠠᠷᠠᠭ ᠤ᠋ᠨ ᠵᠦᠭ᠄ 
   《ᠬᠦᠨᠳᠦᠲᠦ ᠬᠤᠸᠠᠷᠠᠭ ᠪᠠᠭᠰᠢ! ᠡᠨᠡ ᠴᠢᠨᠢ ᠶᠠᠭᠤ ᠪᠣᠯᠴᠢᠬᠠᠭᠰᠠᠨ ᠶᠤᠮ ᠪᠣᠢ᠃ ᠲᠠ ᠶᠠᠭᠠᠬᠢᠭᠠᠳ ᠠᠭᠤᠤ ᠶᠡᠬᠡ ᠠᠯᠠ ᠰᠠᠬᠢᠭᠤᠯᠰᠤᠨ ᠳ᠋ᠤ᠌ ᠳᠠᠭᠠᠳᠬᠠᠵᠤ᠂ ᠡᠨᠡ ᠮᠡᠲᠦ ᠶ᠋ᠢᠨ ᠨᠢᠭᠦᠯᠲᠡᠨ ᠨᠤᠭᠦᠳ ᠢ᠋ ᠠᠶᠤᠩᠭ᠎ᠠ ᠪᠠᠷ ᠨᠢᠷᠭᠡᠭᠦᠯᠬᠦ ᠦᠭᠡᠢ ᠪᠣᠢ》 ᠭᠡᠵᠡᠢ᠃ ᠡᠭᠦᠨ ᠢ᠋ ᠰᠣᠨᠣᠰᠤᠭᠠᠳ ᠲᠡᠷᠡ ᠬᠤᠸᠠᠷᠠᠭ ᠠᠷᠭ᠎ᠠ ᠪᠠᠨ ᠠᠯᠲᠠᠨ ᠤᠬᠢᠯᠠᠭᠠᠳ ᠬᠡᠯᠡᠭᠰᠡᠨ ᠨᠢ《ᠳᠤᠭᠤᠢ ᠪᠠᠢᠭᠠᠷᠠᠢ! ᠴᠢ ᠠᠮᠢᠳᠤᠷᠠᠶ᠎ᠠ ᠭᠡᠵᠦ ᠪᠣᠳᠣᠪᠠᠯ ᠥᠪᠡᠷ ᠦ᠋ᠨ ᠬᠢᠬᠦ ᠠᠵᠢᠯ ᠢ᠋ᠶ᠋ᠠᠨ ᠬᠢᠭᠲᠦᠨ᠃ ᠬᠡᠷᠪᠡ ᠪᠢ ᠠᠯᠠ ᠰᠠᠬᠢᠭᠤᠯᠰᠤᠨ ᠳ᠋ᠤ᠌ ᠳᠠᠭᠠᠳᠬᠠᠪᠠᠰᠤ᠂ ᠲᠡᠳᠡ ᠪᠢᠳᠡᠨ ᠦ᠌ ᠤᠷᠤᠭᠤ ᠤᠯᠠᠮ ᠬᠡᠴᠡᠭᠦᠦ ᠬᠡᠷᠡᠭ ᠢ᠋ ᠬᠢᠬᠦ ᠴᠦ᠍ ᠮᠠᠭᠠᠳ᠂ ᠰᠠᠬᠢᠭᠤᠯᠰᠤᠨ ᠤ᠋ ᠬᠢᠯᠢᠩ ᠮᠠᠨ ᠤ᠋ ᠲᠣᠯᠣᠭᠠᠢ ᠳᠡᠭᠡᠷ᠎ᠡ ᠪᠠᠭᠤᠵᠤ ᠪᠠᠢᠨ᠎ᠠ ᠰᠢᠦ》 ᠭᠡᠵᠦ ᠬᠠᠷᠢᠭᠤᠯᠵᠠᠢ᠃
   《ᠰᠠᠬᠢᠭᠤᠯᠰᠤᠨ ᠤ᠋ ᠬᠢᠯᠢᠩ》 ᠭᠡᠳᠡᠭ᠂ ᠡᠨᠡ ᠪᠣᠯ ᠴᠢᠩᠭᠢᠰ ᠬᠠᠭᠠᠨ ᠤ᠋ ᠪᠡᠶ᠎ᠡ ᠨᠢ ᠯᠠᠯᠤ ᠶ᠋ᠢᠨ ᠮᠥᠷᠭᠥᠯᠲᠡᠨ ᠦ᠌ ᠨᠢᠳᠦᠨ ᠢ᠋ ᠨᠡᠭᠡᠯᠭᠡᠭᠰᠡᠨ ᠪᠣᠳᠣᠯᠬᠢᠯᠠᠯᠲᠠ ᠮᠥᠨ  ᠶᠤᠮ᠃ ᠲᠡᠷᠡ ᠪᠠᠬᠠᠨ ᠠᠮᠤᠰᠬᠢᠭᠡᠳ᠂ ᠮᠣᠷᠢ ᠪᠠᠨ ᠤᠨᠤᠭᠠᠳ ᠳᠠᠭᠠᠳᠬᠠᠯ ᠬᠢᠳᠡᠭ ᠶᠡᠬᠡ ᠲᠠᠯᠠᠪᠠᠢ ᠳ᠋ᠤ᠌ ᠣᠴᠢᠪᠠ᠃ ᠲᠡᠨᠳᠡ ᠪᠦᠬᠠᠷ ᠬᠣᠲᠠ ᠶ᠋ᠢᠨ ᠠᠷᠠᠳ ᠤ᠋ᠳ ᠢ᠋ ᠮᠠᠯ ᠰᠦᠷᠦᠭ ᠰᠢᠭ᠌ ᠲᠠᠭᠤᠵᠤ ᠢᠷᠡᠭᠡᠳ ᠵᠣᠭᠰᠣᠭᠠᠵᠤ ᠪᠠᠢᠯ᠎ᠠ᠃ ᠴᠢᠩᠭᠢᠰ ᠬᠠᠭᠠᠨ᠂ ᠡᠳᠡᠭᠡᠷ ᠬᠥᠮᠦᠰ ᠲᠦ᠍ ᠮᠡᠳᠡᠭᠦᠯᠦᠯᠲᠡ ᠬᠢᠵᠡᠢ᠂ ᠡᠭᠦᠨ ᠢ᠋ ᠬᠡᠯᠡᠮᠦᠷᠴᠢ ᠡᠴᠡ ᠨᠢᠭᠡᠳ ᠨᠢᠭᠡ ᠪᠡᠷ ᠣᠷᠴᠢᠭᠤᠯᠵᠤ ᠥᠭᠴᠡᠢ᠄《ᠮᠢᠨᠦ ᠪᠡᠶ᠎ᠡ ᠪᠣᠯ ᠰᠠᠬᠢᠭᠤᠯᠰᠤᠨ ᠤ᠋ ᠭᠠᠮᠰᠢᠭ ᠵᠣᠪᠠᠯᠠᠩ ᠢ᠋ ᠪᠡᠶᠡᠯᠡᠭᠦᠯᠦᠭᠴᠢ ᠮᠥᠨ᠂ ᠲᠡᠳᠡᠨ ᠨᠠᠷ ᠢ᠋ ᠶᠠᠯ᠎ᠠ ᠪᠠᠷ ᠶᠠᠯᠠᠳᠠᠬᠤ ᠶ᠋ᠢᠨ ᠲᠥᠯᠥᠭᠡ᠂<ᠲᠩᠷᠢ> ᠲᠡᠳᠡᠨ ᠢ᠋ ᠮᠢᠨᠦ ᠭᠠᠷ ᠲᠤ ᠲᠤᠰᠢᠶᠠᠭᠰᠠᠨ ᠶᠤᠮ᠃ ᠲᠡᠳᠡᠨ ᠨᠠᠷ ᠶᠡᠬᠡ ᠶᠠᠯ᠎ᠠ ᠲᠠᠢ ᠶᠤᠮ ᠪᠠᠢᠨ᠎ᠠ᠃ ᠲᠠᠨ ᠤ᠋ ᠣᠷᠣᠨ ᠳ᠋ᠤ᠌ ᠤᠳᠤᠷᠢᠳᠤᠭᠴᠢ᠂ ᠢᠵᠠᠭᠤᠷᠲᠠᠨ ᠨᠠᠷ ᠴᠢᠨᠢ ᠶᠡᠬᠡ ᠯᠡ ᠶᠠᠯ᠎ᠠ ᠬᠢᠭᠰᠡᠨ ᠪᠠᠢᠨ᠎ᠠ》 ᠭᠡᠵᠦ ᠬᠡᠯᠡᠭᠡᠳ᠂ ᠱᠠᠭ ᠪᠣᠯᠤᠨ ᠲᠡᠭᠦᠨ ᠦ᠌ ᠬᠠᠷᠢᠶᠠᠲᠤ ᠨᠠᠷ ᠤ᠋ᠨ ᠥᠰᠢᠶᠡᠷᠬᠡᠭᠰᠡᠨ ᠪᠠ ᠢᠲᠡᠭᠡᠯ ᠦᠭᠡᠢ ᠶᠠᠪᠤᠳᠠᠯ ᠢ᠋ ᠲᠠᠢᠯᠪᠤᠷᠢᠯᠠᠵᠤ ᠬᠡᠯᠡᠭᠡᠳ᠂ ᠲᠡᠳᠡᠨᠡᠷ ᠲᠦ᠍ ᠶᠠᠮᠠᠷᠴᠤ ᠲᠤᠰᠠᠯᠠᠮᠵᠢ ᠥᠭᠴᠦ ᠪᠣᠯᠬᠤ ᠦᠭᠡᠢ ᠭᠡᠵᠡᠢ᠃ ᠴᠢᠩᠭᠢᠰ ᠬᠠᠭᠠᠨ ᠬᠣᠲᠠ ᠶ᠋ᠢᠨ ᠲᠦᠷᠦᠭᠦᠦ ᠨᠠᠷ ᠪᠣᠯᠤᠨ ᠪᠠᠶᠠᠴᠤᠳ ᠤ᠋ᠨ ᠨᠡᠷ᠎ᠡ ᠶ᠋ᠢ ᠵᠢᠭᠠᠨ ᠡᠳᠡᠭᠡᠷ ᠬᠥᠮᠦᠨ ᠳ᠋ᠦ᠍ ᠳᠣᠣᠷᠠᠬᠢ ᠮᠡᠲᠦ ᠦᠭᠡ ᠶ᠋ᠢ ᠬᠡᠯᠡᠪᠡ᠄
   《ᠲᠠᠨᠠᠷ ᠡᠨᠳᠡ ᠲᠡᠨᠳᠡ ᠢᠯᠡ ᠪᠤᠲᠠᠷᠠᠵᠤ ᠪᠠᠢᠬᠤ ᠶᠠᠭᠤᠮ᠎ᠠ ᠪᠠᠨ ᠬᠠᠮᠢᠶᠠᠷᠬᠤ ᠬᠡᠷᠡᠭ ᠦᠭᠡᠢ᠂ ᠲᠡᠭᠦᠨ ᠢ᠋ ᠪᠢᠳᠡ ᠥᠪᠡᠷ  ᠲᠡᠭᠡᠨ ᠠᠪᠤᠶ᠎ᠠ᠃ ᠬᠠᠷᠢᠨ ᠲᠠᠨᠠᠷ ᠤ᠋ᠨ ᠳᠠᠯᠳᠠᠯᠠᠵᠤ ᠨᠢᠭᠤᠭᠰᠠᠨ ᠶᠠᠭᠤᠮ᠎ᠠ᠂ ᠭᠠᠵᠠᠷ ᠲᠤ᠌ ᠪᠤᠯᠠᠭᠰᠠᠨ ᠶᠠᠭᠤᠮ᠎ᠠ ᠪᠠᠨ ᠪᠦᠷ ᠠᠪᠴᠤ ᠢᠷᠡᠭᠲᠦᠨ》 ᠭᠡᠪᠡ᠃    ᠮᠣᠩᠭᠣᠯ ᠴᠡᠷᠢᠭ ᠬᠣᠶᠠᠷ ᠵᠠᠭᠤ ᠨᠠᠶᠠᠨ ᠬᠥᠮᠦᠨ ᠲᠡᠢ ᠬᠠᠮᠲᠤ ᠡᠳᠡᠭᠡᠷ ᠶᠠᠭᠤᠮ᠎ᠠ ᠨᠢᠭᠤᠭᠰᠠᠨ ᠭᠠᠵᠠᠷ ᠲᠤᠨᠢ ᠣᠴᠢᠪᠠ᠃ ᠰᠢᠭᠤᠳ ᠴᠠᠭᠠᠪᠥᠷᠢᠯᠠᠡ ᠲᠤᠰᠢᠶᠠᠭᠰᠠᠳ ᠢ᠋ ᠳᠠᠷᠤᠢ ᠲᠦᠷᠭᠡᠨ ᠭᠡᠷ ᠲᠦ᠋ᠨᠢ ᠬᠠᠷᠢᠭᠤᠯᠪᠠ᠃
      ᠳᠠᠷᠠᠭ᠎ᠠ ᠳ᠋ᠤᠨᠢ  ᠡᠨᠳᠡᠬᠢ ᠰᠠᠭᠤᠭᠠᠯᠢ ᠠᠷᠠᠳ ᠢ᠋ᠶ᠋ᠠᠷ ᠲᠤᠰ ᠬᠣᠲᠠ ᠳ᠋ᠤ᠌ ᠨᠢᠭᠤᠭᠳᠠᠵᠤ ᠪᠠᠢᠭᠰᠠᠨ ᠴᠥᠭᠡᠨ ᠲᠣᠭᠠᠨ  ᠤ᠋ ᠦᠯᠡᠳᠡᠭᠳᠡᠯ ᠴᠡᠷᠢᠭ ᠢ᠋ ᠬᠥᠭᠡᠭᠡᠯᠭᠡᠬᠦ   ᠪᠡᠷ ᠵᠠᠷᠯᠠᠪᠠ᠃ ᠰᠠᠭᠤᠭᠠᠯᠢ ᠠᠷᠠᠳ ᠨᠢ ᠬᠥᠭᠡᠭᠡᠵᠦ ᠳᠡᠢᠯᠦᠭᠰᠡᠨ ᠦᠭᠡᠢ  ᠳ᠋ᠦ᠍ ᠮᠣᠩᠭᠣᠯ ᠴᠡᠷᠢᠭ  ᠲᠤᠰᠠᠯᠠᠷ᠎ᠠ ᠢᠷᠡᠭᠡᠳ ᠲᠤᠰ ᠬᠣᠲᠠᠨ ᠳ᠋ᠤ᠌ ᠭᠠᠯ ᠲᠠᠯᠪᠢᠪᠠ᠃ ᠡᠢᠮᠦ ᠡᠴᠡ  ᠲᠤᠰ ᠬᠣᠲᠠ ᠶ᠋ᠢᠨ ᠶᠡᠬᠡᠩᠬᠢ ᠬᠡᠰᠡᠭ ᠨᠢ ᠦᠨᠡᠰᠦᠨ ᠲᠣᠪᠷᠠᠭ ᠪᠣᠯᠵᠤ ᠳᠠᠭᠤᠰᠪᠠ᠃ ᠲᠤᠰ ᠬᠣᠲᠠ ᠶ᠋ᠢᠨ ᠦᠯᠡᠳᠡᠭᠳᠡᠯ ᠳᠠᠢᠰᠤᠨ ᠲᠠᠢ ᠶᠠᠪᠤᠭᠤᠯᠤᠭᠰᠠᠨ ᠲᠤᠯᠤᠯᠳᠤᠭᠠᠨ ᠪᠠᠰᠠ ᠬᠡᠳᠦᠨ ᠡᠳᠦᠷ ᠦᠷᠭᠦᠯᠵᠢᠯᠡᠭᠰᠡᠨ ᠪᠠᠢᠵᠠᠢ᠃ ᠳᠠᠷᠠᠭ᠎ᠠ ᠳ᠋ᠤᠨᠢ ᠰᠢᠪᠲᠤᠯᠤᠭᠳᠠᠨ ᠭᠠᠯᠳᠠᠭᠳᠠᠭᠠᠳ᠂ ᠬᠣᠲᠠ ᠰᠠᠬᠢᠭᠰᠠᠨ ᠴᠡᠷᠢᠭ ᠨᠢ ᠠᠯᠠᠭᠳᠠᠪᠠ᠃ ᠬᠣᠲᠠ ᠶ᠋ᠢᠨ ᠠᠷᠠᠳ ᠲᠤ᠌ ᠵᠠᠷᠯᠢᠭ ᠪᠠᠭᠤᠯᠭᠠᠵᠤ ᠬᠣᠲᠠ ᠶ᠋ᠢᠨ ᠬᠡᠷᠡᠮ ᠢ᠋ ᠨᠤᠷᠠᠭᠠᠯᠭᠠᠨ ᠣᠷᠣ ᠴᠤ᠌ ᠦᠯᠡᠳᠡᠭᠡᠭᠰᠡᠨ ᠦᠭᠡᠢ᠂ ᠭᠦᠨ ᠰᠤᠪᠠᠭ ᠢ᠋ ᠨᠢ ᠪᠤᠯᠠᠵᠤ ᠲᠠᠭᠯᠠᠭᠤᠯᠪᠠ᠃
     ᠴᠢᠩᠭᠢᠰ ᠬᠠᠭᠠᠨ ᠥᠪᠡᠷ ᠦ᠋ᠨ ᠪᠡᠶ᠎ᠡ ᠨᠢ ᠲᠡᠷᠡ ᠦᠶ᠎ᠡ ᠪᠥᠬᠠᠷ ᠲᠤ᠌ ᠪᠠᠢᠭᠰᠠᠨ ᠦᠭᠡᠢ᠃ ᠴᠡᠷᠢᠭ ᠦ᠋ᠨ ᠭᠣᠣᠯ ᠬᠦᠴᠦᠨ  ᠢ᠋ᠶ᠋ᠡᠨ ᠳᠠᠭᠠᠭᠤᠯᠤᠨ ᠰᠠᠮᠠᠷᠺᠠᠨᠳ᠋ ᠵᠦᠭ ᠮᠣᠷᠳᠠᠭᠰᠠᠨ ᠵᠠᠮ ᠵᠠᠭᠤᠷ᠎ᠠ ᠪᠠᠨ ᠪᠠᠢᠯ᠎ᠠ᠃ ᠲᠡᠷᠡ ᠰᠠᠮᠠᠷᠺᠠᠨᠳ᠋ ᠣᠷᠴᠢᠮ ᠳ᠋ᠤ᠌ ᠱᠠᠭ ᠲᠠᠢ ᠶᠡᠬᠡ ᠪᠠᠢᠯᠳᠤᠭᠠᠨ ᠬᠢᠶ᠎ᠡ ᠭᠡᠰᠡᠨ ᠪᠥᠬᠠᠷ ᠬᠣᠲᠠ ᠶ᠋ᠢ ᠴᠡᠪᠡᠷᠯᠡᠬᠦ ᠶ᠋ᠢᠨ ᠲᠥᠯᠥᠭᠡ ᠨᠡᠯᠢᠶᠡᠳ ᠲᠣᠭᠠᠨ  ᠤ᠋ ᠴᠡᠷᠢᠭ ᠢ᠋ᠶ᠋ᠡᠨ ᠠᠷᠤ  ᠳ᠋ᠠᠭᠠᠨ ᠦᠯᠡᠳᠡᠭᠡᠭᠰᠡᠨ ᠶᠦ᠍ᠮ᠃ ᠪᠥᠬᠠᠷ ᠬᠣᠲᠠ ᠣᠷᠣ ᠦᠭᠡᠢ ᠪᠣᠯᠲᠠᠯ᠎ᠠ ᠰᠦᠢᠳᠦᠭᠰᠡᠨ ᠬᠣᠢᠨ᠎ᠠ᠂ ᠮᠣᠩᠭᠣᠯ ᠴᠡᠷᠢᠭ ᠬᠣᠲᠠ ᠶ᠋ᠢᠨ ᠠᠷᠠᠳ ᠢ᠋ ᠳᠠᠬᠢᠵᠤ ᠬᠥᠭᠡᠭᠡᠨ ᠠᠪᠴᠤ ᠢᠷᠡᠭᠡᠳ ᠥᠷᠭᠡᠨ ᠲᠠᠯᠠᠪᠠᠢ ᠳ᠋ᠤ᠌ ᠴᠤᠭᠯᠠᠭᠤᠯᠪᠠ᠃ ᠵᠠᠯᠠᠭᠤ ᠪᠥᠭᠡᠳ ᠪᠡᠶ᠎ᠡ ᠰᠠᠢᠨ ᠡᠷᠡᠭᠲᠡᠢᠴᠦᠳ ᠢ᠋ ᠰᠣᠩᠭᠣᠵᠤ ᠬᠣᠲᠠ ᠶ᠋ᠢ ᠳᠠᠭᠠᠷᠢᠬᠤ ᠪᠡᠯᠡᠳᠬᠡᠯ ᠠᠵᠢᠯ ᠳ᠋ᠤ᠌ ᠬᠡᠷᠡᠭᠯᠡᠬᠦ ᠲᠤᠰᠠᠯᠠᠮᠵᠢ ᠬᠦᠴᠦ ᠪᠣᠯᠭᠠᠬᠤ ᠶ᠋ᠢᠨ ᠲᠥᠯᠥᠭᠡ ᠰᠠᠮᠠᠷᠺᠠᠨᠳ᠋ ᠲᠦ᠍ ᠬᠦᠷᠭᠡᠵᠦ᠂ ᠦᠯᠡᠳᠡᠭᠰᠡᠳ ᠢ᠋ ᠭᠡᠷ ᠲᠡᠭᠡᠨ ᠬᠠᠷᠢᠵᠤ ᠪᠣᠯᠤᠨ᠎ᠠ ᠭᠡᠵᠦ ᠵᠠᠷᠯᠠᠪᠠ᠃ ᠮᠣᠩᠭᠣᠯ ᠴᠡᠷᠢᠭ ᠡᠨᠳᠡ ᠡᠴᠡ ᠰᠠᠯᠬᠤ ᠦᠶ᠎ᠡ ᠳ᠋ᠦ᠍ ᠪᠦᠬᠠᠷ ᠬᠣᠲᠠ ᠨᠢᠭᠡᠨᠲᠡ ᠱᠠᠭ ᠤ᠋ᠨ ᠴᠡᠷᠢᠭ ᠦ᠋ᠨ ᠲᠦᠰᠢᠬᠦ ᠭᠠᠵᠠᠷ ᠪᠣᠯᠤᠮᠠᠷ ᠶᠠᠮᠠᠷ ᠴᠤ ᠦᠨ᠎ᠡ ᠦᠭᠡᠢ ᠪᠣᠯᠪᠠ᠃ ᠬᠡᠷᠪᠡ ᠴᠡᠷᠢᠭ ᠦ᠋ᠨ ᠲᠦᠰᠢᠯᠭᠡ ᠪᠣᠯᠵᠤ ᠴᠢᠳᠠᠬᠤ ᠶᠤᠮ ᠪᠣᠯ ᠴᠢᠩᠭᠢᠰ ᠬᠠᠭᠠᠨ ᠤ᠋ ᠤᠷᠤᠭᠰᠢᠯᠠᠬᠤ ᠦᠶ᠎ᠡ ᠳ᠋ᠦ᠍ ᠠᠷᠤ ᠲᠠᠯ᠎ᠠ ᠠ᠋ᠴᠠ ᠨᠢ ᠲᠦᠭᠰᠢᠭᠦᠷᠢᠲᠡᠢ ᠶᠠᠭᠤᠮ᠎ᠠ ᠪᠣᠯᠬᠤ ᠮᠠᠭᠠᠳ᠃
     ᠠᠯᠢᠪᠠ ᠪᠦᠬᠦᠨ ᠢ᠋ᠶ᠋ᠡᠨ ᠰᠠᠨᠠᠭᠠᠨ ᠳ᠋ᠤ᠌ ᠦᠭᠡᠢ ᠰᠣᠴᠢᠮ᠎ᠠ ᠠᠷᠭ᠎ᠠ ᠪᠠᠷ ᠬᠢᠵᠦ ᠢᠷᠡᠭᠰᠡᠨ ᠶᠦᠮ᠃ ᠡᠪᠳᠡᠯᠡᠬᠦ ᠠᠵᠢᠯ ᠢ᠋ᠶ᠋ᠠᠨ ᠭᠱᠠᠨ ᠵᠠᠭᠤᠷ᠎ᠠ ᠬᠢᠭᠰᠡᠨ ᠪᠣᠯᠬᠣᠷ ᠪᠦᠭᠦᠳᠡᠭᠡᠷ ᠮᠡᠯᠡᠷᠡᠴᠢᠬᠡᠭᠡᠳ ᠠᠮᠠ ᠪᠠᠨ ᠠᠩᠭᠠᠢᠪᠠ᠃ ᠰᠠᠭᠤᠭᠠᠯᠢ ᠠᠷᠠᠳ ᠤ᠋ᠨ ᠳᠣᠲᠣᠷ᠎ᠠ ᠰᠢᠳᠤᠷᠭᠤ ᠶᠣᠰᠣ ᠪᠠᠷ ᠰᠠᠨᠠᠭᠠᠨ ᠳ᠋ᠤ᠌ ᠣᠷᠣᠭᠤᠯᠤᠭᠰᠠᠨ ᠬᠥᠮᠦᠨ ᠭᠡᠵᠦ ᠨᠢᠭᠡ ᠴᠦ᠍ ᠪᠠᠢᠭᠰᠠᠨ ᠦᠭᠡᠢ ᠪᠢᠯᠡ᠃ ᠡᠪᠳᠡᠭᠳᠡᠭᠰᠡᠨ ᠬᠣᠲᠠ ᠠ᠋ᠴᠠ ᠳᠤᠲᠠᠭᠠᠵᠤ ᠭᠠᠷᠤᠭᠰᠠᠨ ᠨᠢᠭᠡᠨ ᠠᠷᠠᠯᠵᠢᠶᠠᠴᠢᠨ ᠮᠣᠩᠭᠣᠯ ᠴᠡᠷᠢᠭ ᠦ᠋ᠨ ᠲᠤᠬᠠᠢ ᠬᠥᠮᠦᠰ ᠦ᠋ᠨ ᠵᠦᠢᠯ ᠪᠦᠷᠢ ᠶ᠋ᠢᠨ ᠠᠰᠠᠭᠤᠯᠲᠠ ᠳ᠋ᠤ᠌ ᠬᠠᠷᠢᠭᠤ ᠬᠡᠯᠡᠭᠰᠡᠨ ᠨᠢ᠄《ᠲᠡᠳᠡ ᠢᠷᠡᠭᠰᠡᠨ᠂ ᠨᠡᠩᠵᠢᠭᠰᠡᠨ᠂ ᠮᠠᠯᠲᠠᠭᠰᠠᠨ᠂ ᠴᠣᠬᠢᠵᠤ ᠡᠪᠳᠡᠯᠡᠭᠰᠡᠨ᠂ ᠬᠢᠳᠤᠵᠤ ᠠᠯᠠᠭᠰᠠᠨ᠂ ᠳᠡᠭᠡᠷᠡᠮᠳᠡᠭᠰᠡᠨ᠂ ᠲᠡᠭᠡᠭᠡᠳ ᠭᠠᠷᠤᠭᠠᠳ ᠶᠠᠪᠤᠭᠰᠠᠨ》 ᠭᠡᠬᠦ ᠲᠡᠳᠦᠢ ᠡᠴᠡ ᠥᠭᠡᠷ᠎ᠡ ᠦᠭᠡ ᠶᠠᠭᠤ ᠶ᠋ᠢ ᠴᠤ ᠬᠡᠯᠡᠵᠦ ᠴᠢᠳᠠᠬᠤ ᠦᠭᠡᠢ ᠪᠠᠢᠯ᠎ᠠ᠃
( ᠲᠠᠪᠤ) ᠪᠠᠢᠯᠳᠤᠬᠤ ᠵᠠᠷᠯᠢᠭ ᠪᠣᠯᠤᠨ ᠴᠡᠷᠢᠭ ᠦ᠋ᠨ ᠰᠠᠬᠢᠯᠭ᠎ᠠ ᠪᠠᠲᠤ
   ᠰᠠᠮᠠᠷᠺᠠᠨᠳ᠋ ᠪᠣᠯ ᠲᠠᠪᠢᠨ ᠲᠦᠮᠡ ᠭᠠᠷᠤᠢ ᠬᠥᠮᠦᠨ ᠠᠮᠠ ᠲᠠᠢ ᠨᠡᠢᠰᠯᠡᠯ ᠬᠣᠲᠠ ᠮᠥᠨ᠂ ᠬᠥᠭᠵᠢᠯᠲᠡᠢ ᠵᠠᠬ᠎ᠠ ᠳᠡᠯᠭᠡᠭᠦᠷ᠂ ᠴᠢᠬᠤᠯᠠ ᠴᠢᠬᠤᠯᠠ ᠨᠣᠮ ᠤ᠋ᠨ ᠰᠠᠩ᠂ ᠦᠵᠡᠮᠵᠢ ᠰᠠᠢᠲᠠᠢ ᠬᠠᠷᠰᠢ ᠣᠷᠳᠣᠨ ᠲᠠᠢ ᠳᠣᠷᠣᠨᠠᠳᠠᠬᠢᠨ ᠤ᠋ ᠯᠠᠯᠤ ᠶ᠋ᠢᠨ ᠱᠠᠰᠢᠨ ᠤ᠋ ᠲᠥᠪ ᠪᠣᠯᠵᠤ ᠪᠠᠢᠭᠰᠠᠨ ᠪᠥᠭᠡᠳ ᠬᠣᠲᠠᠨ ᠳᠣᠲᠣᠷ᠎ᠠ ᠠᠷᠪᠠᠨ ᠲᠦᠮᠡᠨ ᠴᠡᠷᠢᠭ ᠰᠠᠬᠢᠵᠤ ᠪᠠᠢᠭᠰᠠᠨ ᠶᠤᠮ᠃ ᠡᠨᠡᠬᠦ ᠰᠠᠮᠠᠷᠺᠠᠳ᠋ ᠦ᠋ᠨ ᠡᠮᠦᠨ᠎ᠡ ᠲᠠᠯ᠎ᠠ ᠳ᠋ᠤᠨᠢ ᠢᠯᠠᠯᠲᠠ ᠣᠯᠤᠭᠰᠠᠨ ᠮᠣᠩᠭᠣᠯ ᠴᠡᠷᠢᠭ ᠴᠤᠭᠯᠠᠷᠠᠭᠠᠳ ᠪᠠᠢᠪᠠ᠃ ᠴᠢᠩᠭᠢᠰ ᠬᠠᠭᠠᠨ ᠪᠦᠬᠦ ᠴᠡᠷᠢᠭ ᠢ᠋ᠶ᠋ᠡᠨ ᠡᠨᠳᠡ ᠬᠠᠨᠳᠤᠭᠤᠯᠤᠭᠰᠠᠨ ᠨᠢ ᠡᠨᠡ ᠴᠢᠨᠢ ᠱᠠᠭ ᠤ᠋ᠨ ᠨᠡᠢᠰᠯᠡᠯ ᠮᠥᠨ ᠪᠥᠭᠡᠳ ᠬᠣᠷᠸᠰᠮ ᠤᠯᠤᠰ ᠤ᠋ᠨ ᠵᠡᠭᠦᠨ ᠡᠲᠡᠭᠡᠳ ᠳᠠᠬᠢ ᠬᠠᠮᠤᠭ ᠬᠠᠲᠠᠭᠤ ᠪᠡᠬᠢ ᠪᠣᠭᠣᠮᠲᠠ ᠪᠣᠯᠵᠤ ᠪᠠᠢᠭᠰᠠᠨ ᠠ᠋ᠴᠠ ᠪᠣᠯᠤᠭᠰᠠᠨ ᠶᠤᠮ᠃
     ᠮᠣᠩᠭᠣᠯ ᠤ᠋ᠨ ᠡᠯ᠎ᠡ ᠵᠠᠮ ᠤ᠋ᠨ ᠴᠡᠷᠢᠭ ᠨᠢ ᠢᠯᠠᠯᠲᠠ ᠣᠯᠤᠭᠠᠳ ᠡᠭᠦᠷᠭᠡ ᠪᠡᠨ ᠪᠡᠶᠡᠯᠡᠭᠦᠯᠦᠭᠰᠡᠨ ᠪᠠᠢᠯ᠎ᠠ᠃ ᠵᠥᠴᠢ ᠹᠧᠷᠭᠠᠨᠠ ᠶ᠋ᠢᠨ ᠬᠥᠨᠳᠡᠢ ᠳ᠋ᠦ᠍ ᠦᠯᠡᠳᠡᠭᠡᠯ ᠦᠭᠡᠢ ᠲᠦᠪᠰᠢᠳᠬᠡᠨ᠂ ᠦᠬᠦᠨ ᠡᠰᠡᠷᠭᠦᠴᠡᠭᠰᠡᠨ ᠺᠡᠦᠺᠡᠨᠳ᠋ ᠬᠣᠲᠠ ᠶ᠋ᠢ ᠴᠣᠬᠢᠨ ᠠᠪᠴᠠᠢ᠃ ᠺᠡᠦᠺᠡᠨᠳ᠋ ᠹᠧᠷᠭᠠᠨᠠ ᠶ᠋ᠢᠨ ᠬᠥᠨᠳᠡᠢ ᠳ᠋ᠦ᠍ ᠣᠷᠣᠬᠤ ᠡᠭᠦᠳᠡ ᠪᠣᠯᠬᠤ ᠪᠥᠭᠡᠳ ᠠᠷᠠᠯᠵᠢᠶ᠎ᠠ ᠬᠢᠳᠡᠭ ᠬᠣᠲᠠ ᠪᠠᠢᠵᠤ᠂ ᠪᠣᠭᠣᠮᠲᠠ ᠶ᠋ᠢᠨ ᠪᠠᠲᠤ ᠪᠡᠬᠢ ᠪᠣᠯᠤᠨ ᠠᠷᠠᠳ ᠨᠢ ᠪᠠᠭᠠᠲᠤᠷᠯᠢᠭ ᠢ᠋ᠶ᠋ᠠᠷ ᠢ᠋ᠶ᠋ᠠᠨ ᠨᠡᠷ᠎ᠡ ᠠᠯᠳᠠᠷᠰᠢᠭᠰᠠᠨ ᠶᠤᠮ᠃ ᠲᠡᠭᠦᠨ ᠢ᠋ ᠵᠠᠬᠢᠷᠴᠤ ᠰᠠᠭᠤᠭᠰᠠᠨ ᠨᠢ ᠲᠡᠮᠦᠷ ᠮᠡᠯᠢᠭ ᠭᠡᠭᠴᠢ ᠮᠦᠬᠠᠮᠸᠳ᠋ ᠦ᠋ᠨ ᠴᠢᠳᠠᠪᠤᠷᠢ ᠰᠠᠢᠲᠠᠢ ᠰᠥᠰᠥ ᠶᠡᠬᠡ ᠵᠠᠩᠵᠤᠨ ᠤ᠋ ᠨᠢᠭᠡ ᠨᠢ ᠪᠠᠢᠵᠤ ᠪᠢᠯᠡ᠃ ᠲᠤᠰ ᠬᠣᠲᠠ ᠠᠪᠲᠠᠭᠳᠠᠭᠰᠠᠨ ᠬᠣᠢᠨ᠎ᠠ᠂ ᠪᠠᠰᠠ ᠭᠣᠣᠯ ᠤ᠋ᠨ ᠠᠷᠠᠯ ᠳ᠋ᠠᠬᠢ ᠪᠣᠭᠣᠮᠲᠠ ᠳ᠋ᠠᠭᠠᠨ ᠰᠢᠷᠭᠤᠨ ᠣᠷᠣᠭᠠᠳ ᠡᠰᠡᠷᠭᠦᠴᠡᠪᠡ᠃ ᠮᠣᠩᠭᠣᠯ ᠴᠡᠷᠢᠭ ᠲᠡᠭᠦᠨ ᠢ᠋ ᠪᠠᠷᠢᠪᠴᠢᠯᠠᠬᠤ ᠶ᠋ᠢᠨ ᠲᠥᠯᠥᠭᠡ᠂ ᠣᠯᠵᠠᠯᠠᠭᠰᠠᠳ ᠢ᠋ᠶ᠋ᠠᠷ ᠴᠢᠯᠠᠭᠤ ᠵᠥᠭᠡᠭᠡᠯᠭᠡᠨ ᠰᠠᠬᠢᠭᠰᠠᠨ ᠴᠡᠷᠢᠭ ᠦ᠋ᠨ ᠪᠣᠷᠣᠭ᠎ᠠ ᠣᠷᠣᠬᠤ ᠮᠡᠲᠦ ᠰᠤᠮᠤ ᠬᠠᠷᠪᠤᠯᠲᠠ ᠶ᠋ᠢᠨ ᠳᠣᠣᠷ᠎ᠠ ᠭᠣᠣᠯ ᠤ᠋ᠨ ᠨᠢᠭᠡᠨ ᠰᠠᠯᠪᠤᠷᠢ ᠠ᠋ᠴᠠ ᠠᠷᠠᠯ ᠳ᠋ᠤᠨᠢ ᠬᠦᠷᠬᠦ ᠵᠠᠮ ᠵᠠᠰᠠᠭᠤᠯᠤᠭᠰᠠᠨ ᠶᠤᠮ᠃ ᠡᠨᠡ ᠵᠠᠮ ᠢ᠋ ᠪᠠᠷᠤᠭ ᠠᠷᠠᠯ ᠳᠡᠭᠡᠷ᠎ᠡ ᠨᠢ ᠳᠡᠪᠢᠰᠴᠦ ᠬᠦᠷᠬᠦ ᠦᠶ᠎ᠡ ᠳ᠋ᠦ᠍ ᠲᠡᠮᠦᠷ ᠮᠡᠯᠢᠭ ᠮᠣᠩᠭᠣᠯ ᠴᠡᠷᠢᠭ ᠲᠦ᠍ ᠪᠠᠷᠢᠭᠳᠠᠬᠤ ᠦᠭᠡᠢ ᠳᠤᠲᠠᠭᠠᠬᠤ ᠶ᠋ᠢᠨ ᠲᠥᠯᠥᠭᠡ᠂ ᠰᠠᠬᠢᠭᠰᠠᠨ ᠴᠡᠷᠢᠭ ᠲᠡᠢ ᠪᠡᠨ ᠬᠠᠮᠲᠤ ᠬᠡᠳᠦᠨ ᠣᠩᠭᠣᠴᠠᠨ ᠳ᠋ᠤ᠌ ᠰᠠᠭᠤᠵᠤ᠂ ᠰᠢᠷᠳᠠᠷᠢᠶᠠ ᠭᠣᠣᠯ ᠳ᠋ᠤ᠌ ᠣᠷᠣᠪᠠ᠃ ᠡᠨᠡ ᠴᠡᠷᠢᠭ ᠦ᠋ᠨ ᠣᠩᠭᠣᠴᠠᠨ ᠳ᠋ᠠᠭᠠᠨ ᠮᠣᠩᠭᠣᠯᠴᠤᠳ ᠤ᠋ᠨ ᠭᠠᠯᠲᠤ ᠰᠤᠮᠤ ᠶ᠋ᠢ ᠬᠠᠯᠬᠠᠯᠠᠬᠤ ᠶ᠋ᠢᠨ ᠲᠥᠯᠥᠭᠡ ᠨᠢᠯᠲᠠᠭ ᠰᠢᠪᠠᠷ ᠢ᠋ᠶ᠋ᠠᠷ ᠰᠢᠪᠠᠭᠰᠠᠨ ᠢᠰᠡᠭᠡᠢ ᠶ᠋ᠢᠨ ᠥᠨᠳᠥᠷ ᠬᠠᠯᠬᠠᠪᠴᠢ ᠲᠠᠢ ᠪᠠᠢᠭᠰᠠᠨ ᠶᠤᠮ᠃ ᠮᠣᠩᠭᠣᠯ ᠴᠡᠷᠢᠭ ᠦ᠋ᠳ ᠲᠡᠮᠦᠷ ᠭᠢᠨᠵᠢ ᠪᠡᠷ ᠭᠣᠣᠯ ᠢ᠋ ᠬᠥᠨᠳᠡᠯᠡᠨ ᠲᠠᠰᠤᠯᠵᠤ ᠰᠠᠭᠠᠳ ᠪᠠᠷᠲᠠᠭ᠎ᠠ ᠪᠡᠯᠡᠳᠬᠡᠨ᠂ ᠵᠠᠮ ᠢ᠋ ᠨᠢ ᠬᠠᠭᠠᠭᠰᠠᠨ ᠪᠣᠯᠪᠠᠴᠤ᠂ ᠲᠡᠭᠦᠨ ᠦ᠌ ᠣᠩᠭᠣᠴᠠ ᠬᠠᠷᠢᠨ ᠲᠡᠮᠦᠷ ᠭᠢᠨᠵᠢ ᠶ᠋ᠢ ᠡᠪᠡᠳᠦᠭᠡᠳ ᠳᠤᠲᠠᠭᠠᠭᠰᠠᠨ ᠶᠤᠮ᠃ ᠮᠣᠩᠭᠣᠯ ᠴᠡᠷᠢᠭ ᠪᠠᠰᠠ ᠭᠣᠣᠯ ᠤ᠋ᠨ ᠳᠣᠣᠷ᠎ᠠ ᠤᠷᠤᠰᠬᠠᠯ ᠳ᠋ᠤ᠌ ᠣᠩᠭᠣᠴᠠ ᠪᠠᠷ ᠬᠥᠭᠥᠷᠭᠡ ᠪᠠᠷᠢᠨ᠂ ᠬᠥᠭᠥᠷᠭᠡ ᠶ᠋ᠢᠨ ᠣᠷᠴᠢᠨ ᠠ᠋ᠴᠠ ᠦᠬᠡᠷ ᠫᠤᠤ ᠪᠠ ᠴᠢᠯᠠᠭᠤ ᠬᠠᠷᠪᠤᠬᠤ ᠪᠠᠭᠠᠵᠢ ᠪᠠᠵᠠᠭᠠᠵᠤ᠂ ᠲᠡᠮᠦᠷ ᠴᠢᠯᠠᠭᠤ ᠪᠠᠷ ᠮᠥᠨᠳᠥᠷ ᠪᠠᠭᠤᠯᠭᠠᠬᠤ ᠪᠠᠷ ᠪᠡᠯᠡᠳᠬᠡᠵᠦ ᠪᠠᠢᠪᠠ᠃ ᠬᠠᠷᠢᠨ ᠲᠡᠮᠦᠷ ᠮᠡᠯᠢᠭ ᠲᠡᠨᠳᠡ ᠬᠦᠷᠬᠦ ᠡᠴᠡ ᠤᠷᠢᠳ ᠣᠩᠭᠣᠴᠠ ᠠ᠋ᠴᠠ ᠪᠠᠨ ᠪᠠᠭᠤᠵᠤ ᠬᠠᠭᠤᠷᠠᠢ ᠳ᠋ᠤ᠌ ᠭᠠᠷᠴᠠᠢ᠃ ᠮᠣᠩᠭᠣᠯ ᠴᠡᠷᠢᠭ ᠨᠡᠬᠡᠮᠵᠢᠯᠡᠨ ᠪᠠᠢᠯᠳᠤᠭᠠᠨ ᠬᠢᠬᠦ ᠪᠣᠯᠵᠤ᠂ ᠳᠠᠢᠰᠤᠨ ᠢ᠋ ᠪᠦᠬᠦᠨ ᠢ᠋ᠶ᠋ᠡᠷ ᠨᠢ ᠰᠥᠨᠥᠭᠡᠬᠦ ᠦᠭᠡᠢ ᠪᠡᠷ ᠵᠣᠭᠰᠣᠬᠤ ᠦᠭᠡᠢ ᠪᠣᠯᠤᠯ᠎ᠠ᠃ ᠲᠡᠮᠦᠷ ᠮᠡᠯᠢᠭ ᠡᠴᠦᠰ ᠲᠡᠭᠡᠨ ᠭᠠᠭᠴᠠ ᠪᠡᠶ᠎ᠡ ᠪᠡᠷ ᠢ᠋ᠶ᠋ᠡᠨ ᠳᠤᠲᠠᠭᠠᠨ ᠭᠠᠷᠤᠭᠠᠳ ᠵᠸᠯᠡᠯ— ᠡᠳ᠋— ᠳ᠋ᠢᠨ· ᠮᠦᠬᠠᠮᠸᠳ᠋ ( ᠳᠠᠷᠤᠢ ᠠᠯᠠ— ᠤᠳ᠋— ᠳ᠋ᠢᠨ· ᠮᠦᠬᠠᠮᠸᠳ᠋ ᠤ᠋ᠨ ᠬᠥᠪᠡᠭᠦᠨ)  ᠦ᠌ ᠳᠡᠷᠭᠡᠳᠡ ᠣᠴᠢᠬᠤ ᠪᠠᠷ ᠲᠣᠭᠲᠠᠭᠠᠵᠠᠢ᠃
      ᠴᠠᠭᠠᠳᠠᠢ᠂ ᠥᠭᠡᠳᠡᠢ ᠲᠠᠪᠤᠨ ᠰᠠᠷ᠎ᠠ ᠶ᠋ᠢᠨ ᠬᠤᠭᠤᠴᠠᠭ᠎ᠠ ᠶ᠋ᠢ ᠬᠡᠷᠡᠭᠯᠡᠵᠦ ᠣᠲ᠋ᠷᠠᠷ ᠬᠣᠲᠠ ᠶ᠋ᠢ ᠪᠦᠰᠡᠯᠡᠨ ᠴᠣᠬᠢᠭᠰᠠᠨ ᠶᠤᠮ᠃ᠡᠨᠳᠡᠬᠢ ᠶᠡᠷᠦᠩᠬᠡᠢ ᠵᠠᠬᠢᠷᠤᠭᠴᠢ ᠨᠢ ᠲᠡᠷᠡᠬᠦ ᠮᠣᠩᠭᠣᠯ ᠤ᠋ᠨ ᠠᠷᠠᠯᠵᠢᠶᠠᠴᠢᠳ ᠪᠠ ᠡᠯᠴᠢᠳ ᠢ᠋ ᠠᠯᠠᠭᠰᠠᠨ ᠬᠥᠮᠦᠨ ᠠᠵᠢ᠃ ᠪᠠᠭᠤᠵᠤ ᠦᠭᠪᠡᠴᠦ ᠰᠠᠢᠨ ᠢ᠋ᠶ᠋ᠠᠷ ᠦᠬᠦᠬᠦ ᠦᠭᠡᠢ ᠪᠡᠨ ᠮᠡᠳᠡᠵᠦ ᠪᠠᠢᠭᠰᠠᠨ ᠪᠣᠯᠬᠣᠷ᠂ ᠬᠣᠲᠠ ᠨᠢ ᠡᠪᠳᠡᠭᠳᠡᠭᠰᠡᠨ ᠬᠣᠢᠨ᠎ᠠ ᠪᠠᠰᠠ ᠳᠣᠲᠣᠭᠠᠳᠤ ᠬᠣᠲᠠ ᠳ᠋ᠠᠭᠠᠨ ᠰᠢᠷᠭᠤᠭᠠᠳ ᠨᠢᠭᠡ ᠰᠠᠷ᠎ᠠ ᠡᠰᠡᠷᠭᠦᠴᠡᠭᠰᠡᠨ ᠶᠦ᠍ᠮ᠃ ᠳᠣᠲᠣᠭᠠᠳᠤ ᠬᠣᠲᠠ ᠨᠢ ᠴᠦ᠍ ᠮᠣᠩᠭᠣᠯ ᠴᠡᠷᠢᠭ ᠲᠦ᠍ ᠠᠪᠲᠠᠭᠳᠠᠭᠰᠠᠨ ᠳ᠋ᠤ᠌᠂ ᠲᠡᠷᠡ ᠬᠠᠮᠤᠭ ᠡᠴᠦᠰ ᠲᠡᠭᠡᠨ ᠴᠥᠭᠡᠨ ᠴᠡᠷᠢᠭ ᠲᠡᠢ ᠪᠡᠨ ᠬᠠᠮᠲᠤ ᠪᠠᠷ ᠬᠣᠲᠠ ᠶ᠋ᠢᠨ ᠭᠣᠣᠯ ᠰᠤᠪᠤᠷᠭ᠎ᠠ ᠳᠡᠭᠡᠷ᠎ᠡ ᠤᠬᠤᠷᠢᠨ ᠰᠤᠮᠤ ᠪᠠᠨ ᠪᠠᠷᠠᠮᠠᠭᠴᠠ᠂ ᠭᠡᠷ ᠦ᠋ᠨ ᠣᠷᠣᠢ ᠳ᠋ᠠᠬᠢ ᠸᠠᠭᠠᠷ ᠲᠣᠭᠣᠰᠬ᠎ᠠ ᠶ᠋ᠢ ᠰᠢᠲᠠᠵᠤ ᠡᠰᠡᠷᠭᠦᠴᠡᠪᠡ᠃ᠮᠣᠩᠭᠣᠯ ᠴᠡᠷᠢᠭ ᠵᠠᠪᠠᠯ ᠲᠡᠭᠦᠨ ᠢ᠋ ᠠᠮᠢᠳᠤ ᠪᠠᠷ ᠪᠠᠷᠢᠵᠤ ᠲᠤᠰᠢᠶᠠᠬᠤ ᠡᠭᠦᠷᠭᠡ ᠶ᠋ᠢ ᠬᠦᠯᠢᠶᠡᠭᠰᠡᠨ ᠤᠴᠢᠷ ᠠ᠋ᠴᠠ᠂ ᠭᠣᠣᠯ ᠰᠤᠪᠤᠷᠭ᠎ᠠ ᠶ᠋ᠢᠨ ᠰᠠᠭᠤᠷᠢ ᠶ᠋ᠢ ᠳᠡᠯᠪᠡᠴᠢᠭᠡᠳ᠂ᠡᠪᠳᠡᠷᠬᠡᠢ ᠲᠣᠭᠣᠰᠬ᠎ᠠ ᠴᠢᠯᠠᠭᠤ ᠶ᠋ᠢᠨ ᠳᠣᠲᠣᠷ᠎ᠠ ᠠ᠋ᠴᠠ ᠲᠡᠭᠦᠨ ᠢ᠋ ᠴᠢᠷᠴᠦ ᠭᠠᠷᠭᠠᠪᠠ᠃ ᠲᠡᠭᠦᠨ ᠢ᠋ ᠪᠠᠷᠢᠪᠴᠢᠯᠠᠵᠤ ᠴᠢᠩᠭ᠎ᠠ ᠬᠦᠯᠢᠭᠡᠳ ᠰᠠᠮᠠᠷᠺᠠᠨᠳ᠋ ᠲᠦ᠍ ᠴᠢᠩᠭᠢᠰ ᠬᠠᠭᠠᠨ  ᠤ᠋ ᠡᠮᠦᠨ᠎ᠡ ᠬᠥᠲᠥᠯᠵᠦ ᠠᠪᠠᠴᠢᠵᠠᠢ᠃ ᠴᠢᠩᠭᠢᠰ ᠬᠠᠭᠠᠨ ᠂ ᠲᠡᠢᠨ ᠢ᠋ ᠡᠭᠦᠰᠬᠡᠭᠰᠡᠨ ᠦᠨᠳᠦᠰᠦ ᠪᠣᠯᠤᠭᠰᠠᠨ ᠡᠨᠡ ᠠᠮᠢᠲᠠᠨ  ᠤ᠋ ᠨᠢᠳᠦ ᠴᠢᠬᠢ ᠪᠠ ᠠᠮᠠᠨ ᠳ᠋ᠤᠨᠢ ᠬᠠᠢᠯᠤᠭᠤᠯᠤᠭᠰᠠᠨ ᠮᠥᠩᠭᠥ ᠴᠢᠳᠬᠤᠨ ᠵᠣᠪᠠᠭᠠᠵᠤ ᠠᠯᠠᠭᠰᠠᠨ ᠶᠤᠮ᠃ ᠵᠡᠪᠡ ᠨᠣᠶᠠᠨ᠂ ᠮᠦᠬᠠᠮᠸᠳ᠋ ᠤ᠋ᠨ ᠲᠣᠮᠢᠯᠠᠭᠰᠠᠨ ᠴᠡᠷᠢᠭ ᠢ᠋ ᠳᠡᠢᠯᠦᠭᠡᠳ᠂ ᠵᠠᠮ ᠵᠠᠭᠤᠷ᠎ᠠ  ᠳ᠋ᠠᠬᠢ ᠪᠠᠭ᠎ᠠ ᠬᠣᠲᠠ ᠶ᠋ᠢ ᠪᠠᠢᠯᠳᠤᠨ ᠠᠪᠤᠭᠰᠠᠭᠠᠷ ᠰᠠᠮᠠᠷᠺᠠᠨᠳ᠋ ᠲᠦ᠍ ᠬᠦᠷᠴᠦ ᠢᠷᠡᠯ᠎ᠡ᠃
     ᠴᠢᠩᠭᠢᠰ ᠬᠠᠭᠠᠨ ᠭᠤᠷᠪᠠᠨ ᠵᠠᠮ ᠤ᠋ᠨ ᠴᠡᠷᠢᠭ ᠢ᠋ᠶ᠋ᠡᠷ ᠢ᠋ᠶ᠋ᠡᠨ ᠬᠣᠲᠠ ᠶ᠋ᠢ ᠴᠣᠬᠢᠬᠤ ᠠᠵᠢᠯ ᠢ᠋ ᠬᠢᠯᠭᠡᠬᠦ ᠶ᠋ᠢᠨ ᠲᠥᠯᠥᠭᠡ᠂ ᠵᠠᠯᠠᠭᠤ ᠪᠥᠭᠡᠳ ᠪᠡᠶ᠎ᠡ ᠴᠢᠭᠢᠷᠠᠭ ᠣᠯᠵᠠᠯᠠᠭᠳᠠᠭᠰᠠᠳ ᠢ᠋ ᠣᠯᠠᠨ ᠠᠪᠴᠢᠷᠠᠭᠤᠯᠤᠭᠰᠠᠨ ᠪᠠᠢᠯ᠎ᠠ᠃ ᠶᠠᠭᠠᠬᠢᠭᠠᠳ ᠭᠡᠪᠡᠯ᠂ᠪᠣᠢ ᠪᠦᠬᠦᠢ ᠣᠯᠵᠠᠯᠠᠭᠳᠠᠭᠰᠠᠳ ᠪᠤᠶᠤ ᠳᠤᠲᠠᠭᠠᠵᠤ ᠭᠠᠷᠤᠭᠰᠠᠨ ᠬᠥᠮᠦᠰ ᠪᠦᠷ ᠦᠭᠡ ᠨᠢᠭᠡᠲᠡᠢ ᠬᠡᠯᠡᠭᠰᠡᠨ ᠨᠢ ᠮᠣᠩᠭᠣᠯ ᠴᠡᠷᠢᠭ ᠰᠠᠮᠠᠷᠺᠠᠨᠳ᠋ ᠨᠡᠢᠰᠯᠡᠯ ᠬᠣᠲᠠ ᠶ᠋ᠢ ᠠᠪᠴᠤ  ᠴᠢᠳᠠᠲᠠᠯ᠎ᠠ ᠪᠠᠭ᠎ᠠ ᠳ᠋ᠠᠭᠠᠨ ᠬᠡᠳᠦᠨ ᠵᠢᠯ ᠦ᠋ᠨ ᠴᠠᠭ ᠬᠡᠷᠡᠭᠰᠡᠬᠦ ᠶᠦ᠍ᠮ ᠭᠡᠨ᠎ᠡ᠃ ᠴᠢᠩᠭᠢᠰ ᠬᠠᠭᠠᠨ ᠮᠣᠷᠢ ᠤᠨᠤᠭᠠᠳ ᠬᠣᠶᠠᠷ ᠡᠳᠦᠷ ᠢ᠋ ᠬᠡᠷᠡᠭᠯᠡᠵᠦ ᠬᠣᠲᠠ ᠶ᠋ᠢ ᠲᠣᠭᠣᠷᠢᠨ ᠦᠵᠡᠵᠡᠢ᠃ ᠬᠠᠲᠠᠭᠤ ᠪᠡᠬᠢ ᠬᠣᠲᠠ ᠶ᠋ᠢᠨ ᠬᠡᠷᠡᠮ ᠲᠡᠢ᠂ ᠪᠠᠲᠤ ᠪᠡᠬᠢ ᠪᠡᠬᠢᠯᠡᠯᠲᠡ ᠶ᠋ᠢᠨ ᠪᠠᠷᠢᠯᠭ᠎ᠠ ᠲᠠᠢ᠂ ᠭᠦᠨ ᠰᠤᠪᠠᠭ᠂ ᠴᠢᠯᠠᠭᠤᠨ ᠰᠤᠪᠤᠷᠭ᠎ᠠ᠂ ᠲᠡᠮᠦᠷ ᠬᠠᠭᠠᠯᠭ᠎ᠠ ᠶ᠋ᠢ ᠬᠠᠷᠠᠵᠠᠢ᠃ ᠴᠢᠩᠭᠢᠰ ᠬᠠᠭᠠᠨ ᠠᠯᠲᠠᠨ ᠤᠯᠤᠰ ᠤ᠋ᠨ ᠲᠥᠪ ᠨᠡᠢᠰᠯᠡᠯ ᠪᠡᠭᠡᠵᠢᠩ ᠢ᠋ ᠠᠪᠬᠤ ᠶ᠋ᠢᠨ ᠲᠥᠯᠥᠭᠡ᠂ ᠠᠯᠢ ᠣᠯᠠᠨ ᠦᠢᠯᠡ ᠪᠡᠨ ᠪᠠᠷᠠᠵᠤ ᠴᠢᠷᠮᠠᠢᠭᠰᠠᠨ ᠢ᠋ᠶ᠋ᠠᠨ ᠡᠷᠭᠢᠴᠡᠭᠦᠯᠦᠨ ᠪᠣᠳᠣᠬᠤ ᠦᠭᠡᠢ ᠪᠡᠷ ᠪᠣᠯᠬᠤ ᠦᠭᠡᠢ ᠪᠣᠯᠵᠠᠢ᠃ ᠭᠡᠲᠡᠯ᠎ᠡ ᠳᠠᠢᠰᠤᠨ ᠤ᠋ ᠣᠯᠵᠠᠯᠠᠭᠰᠠᠳ ᠨᠢᠭᠡᠨ ᠬᠥᠮᠦᠨ ᠡᠴᠡ ᠮᠦᠬᠠᠮᠸᠳ᠋ ᠦ᠋ᠨ ᠪᠡᠶ᠎ᠡ ᠨᠢ ᠰᠠᠮᠠᠷᠺᠠᠨᠳ᠋ ᠲᠦ᠍ ᠪᠠᠢᠬᠤ ᠦᠭᠡᠢ ᠭᠡᠵᠦ ᠰᠣᠨᠣᠰᠤᠭᠰᠠᠨ ᠦᠶ᠎ᠡ ᠡᠴᠡ ᠴᠢᠩᠭᠢᠰ ᠬᠠᠭᠠᠨ ᠡᠨᠡ ᠬᠣᠲᠠᠨ ᠳ᠋ᠤ᠌ ᠰᠠᠨᠠᠭ᠎ᠠ ᠲᠠᠯᠪᠢᠬᠤ ᠪᠠᠨ ᠪᠣᠯᠢᠭᠰᠠᠨ ᠪᠠᠢᠵᠠᠢ᠃ ᠴᠢᠩᠭᠢᠰ ᠬᠠᠭᠠᠨ ᠳᠣᠷᠣᠮᠵᠢᠯᠠᠬᠤ ᠰᠢᠭ᠋ ᠢ᠋ᠶ᠋ᠡᠷ᠄
    《ᠶᠠᠭᠤ ᠪᠣᠢ᠂ ᠡᠢᠮᠦ ᠬᠣᠲᠠ ᠶ᠋ᠢᠨ ᠬᠡᠷᠡᠮ ᠴᠢᠨᠢ᠂ ᠬᠣᠲᠠ᠂ ᠪᠣᠭᠣᠮᠲᠠ ᠶ᠋ᠢᠨ ᠪᠠᠲᠤ ᠪᠡᠬᠢ ᠪᠣᠯᠬᠤ ᠨᠢ ᠡᠭᠦᠨ ᠢ᠋ ᠰᠠᠬᠢᠭᠰᠠᠨ ᠬᠥᠮᠦᠨ ᠦ᠌ ᠪᠠᠭᠠᠲᠤᠷ ᠵᠣᠷᠢᠭ ᠲᠤ᠌ ᠯᠠ ᠪᠠᠢᠬᠤ ᠶᠤᠮ》 ᠭᠡᠵᠦ ᠥᠷᠯᠥᠭ ᠨᠠᠷ ᠲᠠᠭᠠᠨ ᠬᠡᠯᠡᠵᠡᠢ᠃ ᠲᠡᠭᠡᠭᠡᠳ ᠴᠢᠩᠭᠢᠰ ᠬᠠᠭᠠᠨ ᠬᠠᠮᠤᠭ ᠤ᠋ᠨ ᠰᠢᠯᠢᠳᠡᠭ ᠬᠣᠶᠠᠷ ᠥᠷᠯᠥᠭ— ᠳᠠᠷᠤᠢ ᠠᠷᠭ᠎ᠠ ᠮᠡᠬᠡ ᠬᠡᠷᠡᠭᠯᠡᠬᠦ ᠳ᠋ᠦ᠍ ᠮᠡᠷᠭᠡᠵᠢᠭᠰᠡᠨ ᠰᠦᠪᠡᠭᠡᠳᠡᠢ ᠪᠣᠯᠤᠨ ᠮᠡᠷᠭᠡᠨ ᠤᠬᠠᠭᠠᠨ᠂ ᠪᠠᠭᠠᠲᠤᠷ ᠵᠣᠷᠢᠭ ᠬᠣᠣᠰᠯᠠᠭᠰᠠᠨ ᠵᠡᠪᠡ ᠨᠣᠶᠠᠨ᠂ ᠬᠦᠷᠭᠡᠨ ᠲᠤᠭᠤᠴᠠᠷ ᠭᠤᠷᠪᠠ ᠳ᠋ᠤ᠌ ᠭᠤᠷᠪᠠᠨ ᠲᠦᠮᠡᠨ ᠮᠣᠷᠢᠲᠤ ᠴᠡᠷᠢᠭ ᠢ᠋ ᠥᠭᠴᠦ᠂ ᠮᠦᠬᠠᠮᠸᠳ᠋ ᠢ᠋ ᠲᠠᠯᠪᠢᠯ ᠦᠭᠡᠢ ᠨᠡᠬᠡᠮᠵᠢᠯᠡᠭᠦᠯᠬᠦ ᠪᠡᠷ ᠲᠣᠮᠢᠯᠠᠪᠠ᠃
      ᠡᠨᠡ ᠴᠢᠨᠢ ᠭᠠᠢᠬᠠᠯᠲᠠᠢ ᠰᠣᠨᠢᠨ ᠲᠥᠯᠥᠪᠯᠡᠭᠡ ᠶᠦᠮ᠃ ᠲᠡᠷᠡ ᠦᠶ᠎ᠡ ᠪᠣᠯᠲᠠᠯ᠎ᠠ ᠴᠢᠩᠭᠢᠰ ᠬᠠᠭᠠᠨ ᠹᠧᠷᠭᠠᠨᠠ ᠪᠣᠯᠤᠨ ᠰᠢᠷᠳᠠᠷᠢᠶᠠ ᠭᠣᠣᠯ ᠤ᠋ᠨ ᠬᠥᠪᠡᠭᠡ ᠳ᠋ᠡᠬᠢ ᠬᠣᠲᠠ ᠪᠣᠭᠣᠮᠲᠠ ᠲᠡᠷᠡᠴᠢᠯᠡᠨ᠂ ᠰᠢᠷᠳᠠᠷᠢᠶᠠ᠂ ᠠᠮᠤᠳᠠᠷᠢᠶᠠ ᠡᠨᠡ ᠬᠣᠶᠠᠷ ᠭᠣᠣᠯ ᠤ᠋ᠨ ᠬᠣᠭᠣᠷᠣᠨᠳᠣᠬᠢ ᠭᠠᠵᠠᠷ ᠠ᠋ᠴᠠ ᠭᠠᠭᠴᠠ ᠪᠦᠬᠠᠷ ᠢ᠋ ᠡᠵᠡᠯᠡᠭᠰᠡᠨ ᠡᠴᠡ ᠬᠡᠲᠦᠷᠡᠬᠦ ᠦᠭᠡᠢ ᠪᠠᠢᠵᠠᠢ᠃ ᠬᠦᠴᠦᠷᠬᠡᠭ ᠱᠠᠭ ᠤ᠋ᠨ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠨᠢ ᠡᠮᠦᠨ᠎ᠡ ᠳᠠᠰᠢ ᠪᠠ ᠪᠠᠷᠠᠭᠤᠨᠰᠢ ᠪᠠᠨ ᠬᠡᠳᠦᠨ ᠮᠢᠩᠭᠠᠨ ᠺᠢᠯᠣᠮᠧᠲ᠋ᠷ ᠠᠭᠤᠳᠠᠮ ᠪᠠᠢᠵᠤ᠂ ᠬᠥᠮᠦᠨ ᠪᠠ ᠠᠳᠤᠭᠤ ᠮᠠᠯ ᠣᠯᠠᠨ᠂ ᠡᠳ᠋ ᠢ᠋ᠶ᠋ᠡᠷ ᠮᠠᠰᠢ ᠪᠠᠶᠠᠯᠢᠭ ᠪᠠᠢᠪᠠ᠃ ᠰᠠᠮᠠᠷᠺᠠᠨᠳ᠋᠂ ᠪᠦᠬᠠᠷ ᠮᠡᠲᠦ ᠶ᠋ᠢᠨ ᠬᠣᠲᠠ ᠪᠠᠰᠠ ᠠᠷᠪᠠᠨ ᠬᠣᠶᠠᠷ ᠪᠠᠢᠳᠠᠭ ᠭᠡᠨ᠎ᠡ᠃ ᠡᠢᠮᠦ ᠪᠠᠢᠲᠠᠯ᠎ᠠ ᠴᠢᠩᠭᠢᠰ ᠬᠠᠭᠠᠨ ᠬᠠᠷᠢᠨ ᠵᠥᠪᠬᠡᠨ ᠭᠤᠷᠪᠠᠨ ᠲᠦᠮᠡᠨ ᠮᠣᠩᠭᠣᠯ ᠴᠡᠷᠢᠭ ᠢ᠋ᠶ᠋ᠡᠨ ᠲᠣᠮᠢᠯᠠᠨ ᠯᠠᠯᠤ ᠶ᠋ᠢᠨ ᠮᠥᠷᠭᠥᠯᠲᠡᠨ ᠦ᠌ ᠬᠠᠭᠠᠨᠲᠤ ᠤᠯᠤᠰ ᠳᠣᠲᠣᠷ᠎ᠠ ᠲᠡᠳᠡᠨ ᠦ᠌ ᠡᠵᠡᠨ ᠬᠠᠭᠠᠨ ᠢ᠋ ᠦᠬᠦᠨ ᠨᠡᠬᠡᠮᠵᠢᠯᠡᠨ᠎ᠡ᠃
    ᠭᠡᠪᠡᠴᠦ ᠴᠢᠩᠭᠢᠰ ᠬᠠᠭᠠᠨ ᠤ᠋ ᠬᠦᠰᠡᠵᠦ ᠪᠠᠢᠭᠰᠠᠨ ᠵᠣᠷᠢᠯᠲᠠ ᠨᠢ ᠵᠥᠪ ᠪᠥᠭᠡᠳ ᠲᠣᠳᠣᠷᠬᠠᠢ ᠶᠤᠮ᠃ ᠲᠡᠭᠦᠨ ᠦ᠌ ᠪᠣᠳᠣᠭᠰᠠᠨ ᠢ᠋ᠶ᠋ᠠᠷ ᠵᠡᠪᠡ ᠨᠣᠶᠠᠨ ᠨᠢᠭᠡ ᠤᠳᠠᠭ᠎ᠠ ᠴᠤ᠌ ᠪᠠᠢᠯᠳᠤᠭᠰᠠᠨ ᠦᠭᠡᠢ ᠪᠡᠷ ᠬᠠᠷ᠎ᠠ ᠬᠢᠳᠠᠨ ᠢ᠋ ᠳᠠᠭᠠᠭᠤᠯᠤᠭᠰᠠᠨ ᠪᠠᠢᠯᠳᠤᠬᠤ ᠠᠷᠭ᠎ᠠ ᠶ᠋ᠢ ᠬᠡᠷᠡᠭᠯᠡᠭᠰᠡᠨ ᠪᠠᠢᠨ᠎ᠠ᠃ ᠴᠢᠩᠭᠢᠰ ᠬᠠᠭᠠᠨ ᠬᠣᠷᠸᠰᠮ ᠬᠠᠭᠠᠨᠲᠤ ᠤᠯᠤᠰ ᠤ᠋ᠨ ᠱᠠᠭ ᠤᠷᠤᠭᠤ ᠪᠠᠰᠠ ᠲᠡᠷᠡ ᠠᠷᠭ᠎ᠠ ᠶ᠋ᠢ ᠵᠠᠷᠤᠵᠤ ᠦᠵᠡᠶ᠎ᠡ ᠭᠡᠵᠡᠢ᠃ ᠡᠨᠡ ᠤᠯᠤᠰ᠂ ᠬᠠᠷ᠎ᠠ ᠬᠢᠳᠠᠨ ᠲᠠᠢ ᠠᠳᠠᠯᠢ ᠦᠭᠡᠢ ᠪᠣᠯᠪᠠᠴᠤ ᠡᠨᠡᠬᠦ ᠶᠡᠬᠡ ᠬᠠᠭᠠᠨᠲᠤ ᠤᠯᠤᠰ ᠤ᠋ᠨ ᠳᠣᠲᠣᠷ᠎ᠠ ᠨᠢ ᠠᠷᠪᠠᠨ ᠬᠡᠳᠦᠨ ᠦᠨᠳᠦᠰᠦᠲᠡᠨ ᠰᠠᠭᠤᠵᠤ ᠪᠠᠢᠨ᠎ᠠ᠂ ᠡᠷᠲᠡ ᠣᠷᠣᠢ ᠭᠡᠬᠦ ᠴᠠᠭ ᠨᠢ ᠠᠳᠠᠯᠢ ᠦᠭᠡᠢ ᠪᠣᠯᠪᠠᠴᠤ ᠪᠦᠷ ᠱᠠᠭ ᠲᠤ᠌ ᠠᠯᠪᠠ ᠪᠠᠷᠢᠬᠤ ᠡᠭᠦᠷᠭᠡ ᠶ᠋ᠢ ᠬᠦᠯᠢᠶᠡᠵᠦ ᠪᠠᠢᠭᠰᠠᠨ ᠶᠤᠮ᠃ ᠬᠠᠭᠠᠨ ᠨᠢ ᠲᠡᠳᠡᠨ ᠳ᠋ᠦ᠍ ᠪᠠᠬᠠᠨ ᠥᠷᠥᠰᠢᠶᠡᠯ ᠲᠡᠢ ᠪᠠᠢᠵᠤ᠂ ᠲᠡᠳᠡ ᠪᠠᠬᠠᠨ ᠦᠨᠡᠨᠴᠢ ᠰᠢᠳᠤᠷᠭᠤ ᠪᠠᠢᠭᠰᠠᠨ ᠪᠣᠯ ᠭᠤᠷᠪᠠᠨ ᠲᠦᠮᠡᠨ ᠮᠣᠷᠢᠲᠤ ᠴᠡᠷᠢᠭ ᠪᠠᠢᠲᠤᠭᠠᠢ᠂ ᠴᠢᠩᠭᠢᠰ ᠬᠠᠭᠠᠨ ᠤ᠋ ᠪᠦᠬᠦ ᠴᠡᠷᠢᠭ ᠦ᠋ᠨ ᠡᠮᠦᠨ᠎ᠡ ᠡᠴᠡ ᠪᠠᠰᠠ ᠠᠢᠬᠤᠪᠲᠤᠷ ᠣᠯᠠᠨ ᠴᠡᠷᠢᠭ ᠢ᠋ ᠵᠣᠬᠢᠶᠠᠨ ᠪᠠᠢᠭᠤᠯᠤᠨ ᠭᠠᠷᠭᠠᠵᠤ ᠴᠢᠳᠠᠬᠤ ᠶᠤᠮ᠃ ᠲᠡᠷᠡ ᠳᠠᠬᠢᠭᠠᠳ ᠦᠯᠡᠳᠡᠭᠰᠡᠨ ᠵᠢᠷᠭᠤᠭᠠᠨ ᠬᠣᠲᠠ ᠶ᠋ᠢ ᠪᠤᠯᠢᠶᠠᠵᠤ ᠠᠪᠤᠭᠠᠳ᠂ ᠰᠢᠲᠠᠭᠠᠵᠤ ᠪᠠᠷᠠᠭᠠᠴᠢᠬᠠᠪᠠᠯ ᠶᠠᠭᠤ ᠪᠣᠯᠬᠤ ᠪᠣᠢ? ᠲᠡᠭᠡᠵᠦ ᠬᠢᠭᠰᠡᠨ ᠡᠴᠡ ᠭᠠᠭᠴᠠ ᠬᠥᠮᠦᠨ ᠢ᠋ ᠪᠠᠷᠢᠵᠤ ᠠᠪᠬᠤ ᠨᠢ ᠶᠠᠭᠤᠨ ᠠ᠋ᠴᠠ ᠴᠤ᠌ ᠴᠢᠬᠤᠯᠠ ᠪᠣᠯᠵᠠᠢ᠃ ᠱᠠᠭ ᠲᠤ᠌ ᠤᠯᠤᠰ ᠠᠷᠠᠳ ᠲᠠᠭᠠᠨ ᠦᠭᠡ ᠶᠠᠷᠢᠬᠤ ᠴᠢᠯᠥᠭᠡ ᠣᠯᠭᠣᠬᠤ ᠦᠭᠡᠢ᠂ ᠰᠢᠨ᠎ᠡ ᠴᠡᠷᠢᠭ ᠢ᠋ ᠡᠯᠰᠡᠨ ᠪᠠᠢᠭᠤᠯᠬᠤ ᠴᠢᠯᠥᠭᠡ ᠥᠭᠬᠦ ᠦᠭᠡᠢ᠂ ᠵᠣᠬᠢᠶᠠᠨ ᠪᠠᠢᠭᠤᠯᠤᠨ ᠡᠰᠡᠷᠭᠦᠴᠡᠬᠦ ᠴᠠᠭ ᠣᠯᠭᠣᠬᠤ ᠦᠭᠡᠢ᠃ ᠱᠠᠭ ᠢ᠋ ᠥᠪᠡᠷ ᠦ᠋ᠨ ᠪᠡᠶ᠎ᠡ ᠪᠠᠨ ᠯᠠ ᠬᠠᠮᠠᠭᠠᠯᠠᠭᠠᠳ ᠳᠤᠲᠠᠭᠠᠬᠤ ᠠ᠋ᠴᠠ ᠥᠭᠡᠷ᠎ᠡ ᠶᠠᠭᠤ ᠶ᠋ᠢ ᠴᠤ ᠪᠣᠳᠣᠵᠤ ᠠᠮᠵᠢᠯ ᠦᠭᠡᠢ ᠪᠣᠯᠲᠠᠯ᠎ᠠ ᠠᠶᠤᠨ ᠡᠮᠢᠶᠡᠯᠭᠡᠬᠦ ᠦᠭᠡᠢ ᠪᠣᠯᠬᠤ ᠦᠭᠡᠢ᠃ ᠴᠢᠩᠭ᠎ᠠ ᠱᠠᠭᠠᠷᠳᠠᠯᠭ᠎ᠠ ᠪᠤᠶᠤ ᠬᠦᠨᠳᠦ ᠳᠠᠷᠤᠯᠠᠯ ᠤ᠋ᠨ ᠳᠣᠣᠷ᠎ᠠ ᠠᠷᠭ᠎ᠠ ᠪᠤᠰᠤ ᠳᠠᠭᠠᠵᠤ ᠪᠠᠢᠭᠰᠠᠨ ᠤᠯᠤᠰ ᠤ᠋ᠨ ᠠᠷᠠᠳ ᠢᠷᠭᠡᠨ ᠪᠣᠯᠤᠨ ᠱᠠᠭ ᠤ᠋ᠨ ᠬᠣᠭᠣᠷᠣᠨᠳᠣ ᠨᠢ ᠨᠢᠭᠡᠨ ᠰᠢᠭᠠᠨᠴᠠᠭ ᠰᠢᠭᠠᠭᠠᠳ ᠲᠠᠯᠪᠢᠬᠤ ᠬᠡᠷᠡᠭᠲᠡᠢ᠃ ᠤᠯᠤᠰ ᠤ᠋ᠨ ᠠᠷᠠᠳ ᠢᠷᠭᠡᠨ ᠳ᠋ᠦ᠍ᠨᠢ ᠲᠡᠳᠡᠨ ᠦ᠌ ᠬᠤᠪᠢ ᠵᠠᠶᠠᠭ᠎ᠠ᠂ ᠱᠠᠭ ᠤ᠋ᠨ ᠲᠠᠪᠢᠯᠠᠩ ᠲᠠᠢ ᠬᠣᠯᠪᠣᠭᠳᠠᠯ ᠦᠭᠡᠢ ᠭᠡᠰᠡᠨ ᠰᠡᠳᠬᠢᠯ ᠢ᠋ ᠲᠥᠷᠥᠭᠳᠡᠭᠦᠯᠬᠦ ᠶᠣᠰᠣᠲᠠᠢ ᠪᠠᠢᠵᠠᠢ᠃
     ᠴᠢᠩᠭᠢᠰ ᠬᠠᠭᠠᠨ ᠱᠠᠭ ᠢ᠋ ᠨᠡᠬᠡᠮᠵᠢᠯᠡᠬᠦ ᠥᠷᠯᠥᠭ ᠨᠠᠷ ᠲᠠᠭᠠᠨ ᠳᠣᠣᠷᠠᠬᠢ ᠮᠡᠲᠦ ᠵᠠᠷᠯᠢᠭ ᠪᠠᠭᠤᠯᠭᠠᠵᠠᠢ᠄
     《ᠲᠡᠭᠦᠨ ᠢ᠋ ᠪᠠᠷᠢᠵᠤ ᠠᠪᠬᠤ ᠠ᠋ᠴᠠ ᠤᠷᠢᠳ ᠬᠠᠷᠢᠵᠤ ᠢᠷᠡᠵᠦ ᠪᠣᠯᠬᠤ ᠦᠭᠡᠢ᠃ ᠲᠡᠷᠡ ᠬᠡᠷᠪᠡ ᠳᠤᠲᠠᠭᠠᠵᠤ ᠶᠠᠪᠤᠪᠠᠯ᠂ ᠬᠦᠷᠴᠦ ᠴᠢᠳᠠᠬᠤ ᠶᠠᠮᠠᠷ ᠴᠤ ᠭᠠᠵᠠᠷ ᠲᠤᠨᠢ ᠬᠦᠷᠲᠡᠯ᠎ᠡ ᠨᠡᠬᠡᠮᠵᠢᠯᠡᠭᠲᠦᠨ᠃ ᠪᠠᠭᠤᠵᠤ ᠳᠠᠭᠠᠭᠰᠠᠨ ᠬᠣᠲᠠ ᠪᠣᠭᠣᠮᠲᠠ ᠪᠦᠬᠦᠨ ᠢ᠋ ᠪᠦᠷ ᠠᠭᠤᠴᠢᠯᠠᠭᠲᠤᠨ᠃ ᠭᠡᠪᠡᠴᠦ ᠶᠠᠮᠠᠷ ᠬᠥᠮᠦᠨ ᠲᠠᠨ ᠤ᠋ ᠵᠠᠮ ᠳ᠋ᠤ᠌ ᠰᠠᠭᠠᠳ ᠪᠣᠯᠳᠠᠭ ᠪᠤᠶᠤ ᠲᠠᠨ ᠢ᠋ ᠡᠰᠡᠷᠭᠦᠴᠡᠪᠡᠯ ᠪᠤᠲᠠ ᠴᠣᠬᠢᠵᠤ ᠰᠥᠨᠥᠭᠡᠭᠲᠦᠨ!》 ᠭᠡᠵᠡᠢ᠃ ᠲᠡᠭᠡᠭᠡᠳ ᠴᠢᠩᠭᠢᠰ ᠬᠠᠭᠠᠨ ᠰᠦᠪᠡᠭᠡᠳᠡᠢ ᠪᠠᠭᠠᠲᠤᠷ ᠲᠤ᠌ ᠤᠢᠭᠤᠷ ᠦᠰᠦᠭ ᠢ᠋ᠶ᠋ᠡᠷ ᠪᠢᠴᠢᠭᠰᠡᠨ ᠤᠯᠠᠭᠠᠨ ᠪᠤᠳᠤᠭᠲᠤ ᠪᠣᠭᠳᠠ ᠬᠠᠭᠠᠨ ᠤ᠋ ᠲᠠᠮᠠᠭ᠎ᠠ ᠳᠠᠷᠤᠭᠰᠠᠨ ᠲᠤᠩᠬᠠᠭ ᠪᠢᠴᠢᠭ ᠢ᠋ ᠲᠤᠰᠢᠶᠠᠵᠤ ᠥᠭᠪᠡ᠃ ᠲᠡᠷᠡ ᠲᠤᠩᠬᠠᠭ  ᠲᠤ᠌ ᠪᠢᠴᠢᠭᠰᠡᠨ ᠨᠢ᠄  
     《ᠯᠠᠯᠤ ᠶ᠋ᠢᠨ ᠮᠥᠷᠭᠥᠯᠲᠡᠨ  ᠦ᠌ ᠱᠠᠰᠢᠨ  ᠤ᠋ ᠪᠠᠭᠰᠢ ᠨᠠᠷ ᠵᠢᠴᠢ ᠣᠯᠠᠨ ᠨᠣᠶᠠᠳ ᠠ᠋ ᠪᠦᠬᠦ ᠤᠯᠤᠰ ᠤ᠋ᠨ ᠠᠷᠠᠳ ᠢᠷᠭᠡᠳ ᠳᠣᠣᠷᠠᠬᠢ ᠬᠡᠷᠡᠭ ᠢ᠋ ᠮᠡᠳᠡᠬᠦ ᠬᠡᠷᠡᠭᠲᠡᠢ᠃ ᠮᠢᠨᠦ ᠪᠡᠶ᠎ᠡ ᠰᠦᠪᠡᠭᠡᠳᠡᠢ ᠪᠠᠭᠠᠲᠤᠷ  ᠲᠤᠷ ᠣᠯᠭᠣᠭᠰᠠᠨ ᠵᠠᠷᠯᠢᠭ ᠪᠣᠯᠪᠠᠰᠤ ᠨᠠᠷᠠ ᠮᠠᠨᠳᠤᠭᠰᠠᠨ ᠭᠠᠵᠠᠷ ᠠ᠋ᠴᠠ ᠨᠠᠷᠠᠨ ᠰᠢᠩᠭᠡᠬᠦ ᠭᠠᠵᠠᠷ ᠬᠦᠷᠲᠡᠯᠡᠬᠢ ᠠᠯᠲᠠᠨ ᠳᠡᠯᠡᠬᠡᠢ ᠳᠡᠭᠡᠷᠡᠬᠢ ᠪᠣᠢ ᠪᠦᠬᠦᠢ ᠭᠠᠵᠠᠷ ᠤ᠋ᠨ ᠡᠷᠬᠡ ᠶ᠋ᠢ ᠲᠤᠰᠢᠶᠠᠪᠠ᠃ ᠪᠠᠭᠤᠨ ᠥᠭᠴᠦ ᠳᠠᠭᠠᠬᠤ  ᠪᠠᠷ ᠭᠣᠶᠣᠴᠢᠯᠭ᠎ᠠ ᠡᠷᠭᠦᠭᠰᠡᠨ ᠬᠥᠮᠦᠰ ᠪᠦᠬᠦᠨ ᠢ᠋ ᠠᠭᠤᠴᠢᠯᠠᠬᠤ ᠬᠡᠷᠡᠭᠲᠡᠢ᠃ ᠳᠠᠭᠠᠵᠤ  ᠣᠷᠣᠬᠤ ᠦᠭᠡᠢ ᠪᠤᠶᠤ ᠬᠦᠴᠦᠨ ᠬᠠᠪᠰᠤᠷᠬᠤ ᠦᠭᠡᠢ ᠬᠥᠮᠦᠰ᠂ ᠢᠯᠠᠩᠭᠤᠶ᠎ᠠ ᠡᠰᠡᠷᠭᠦᠴᠡᠬᠦ ᠬᠥᠮᠦᠰ ᠢ᠋ ᠪᠤᠲᠠ ᠴᠣᠬᠢᠵᠤ ᠰᠥᠨᠥᠭᠡᠭᠲᠦᠨ》 ᠭᠡᠵᠡᠢ᠃ ᠡᠨᠡ ᠴᠢᠨᠢ ᠳᠠᠭᠠᠵᠤ ᠣᠷᠣᠭᠠᠳ (ᠪᠠᠭᠤᠵᠤ ᠥᠭᠭᠦᠭᠡᠳ) ᠰᠢᠳᠤᠷᠭᠤ ᠪᠠᠢᠬᠤ ᠬᠥᠮᠦᠰ ᠪᠦᠬᠦᠨ ᠢ᠋ ᠠᠭᠤᠴᠢᠯᠠᠵᠤ᠂ ᠬᠡᠷᠪᠡ ᠮᠠᠭᠤ  ᠪᠠᠨ ᠡᠷᠢᠭᠡᠳ ᠮᠦᠬᠠᠮᠸᠳ᠋ ᠲᠠᠢ ᠰᠦᠯᠪᠡᠭᠡ ᠬᠠᠮᠲᠤᠷᠠᠭᠰᠠᠨ ᠬᠥᠮᠦᠰ ᠢ᠋ ᠪᠦᠷ ᠰᠥᠨᠥᠭᠡᠭᠲᠦᠨ ᠭᠡᠰᠡᠨ ᠬᠡᠷᠡᠭ ᠪᠣᠯᠤᠨ᠎ᠠ᠃(ᠬᠠᠰ ᠲᠠᠮᠠᠭ᠎ᠠ ᠶ᠋ᠢᠨ ᠳᠡᠭᠡᠷᠡᠬᠢ ᠰᠡᠢᠯᠦᠭᠰᠡᠨ ᠦᠰᠦᠭ ᠨᠢ《ᠲᠡᠭᠷᠢ ᠳᠡᠭᠡᠷ᠎ᠡ ᠰᠠᠬᠢᠭᠤᠯᠰᠤᠨ ᠪᠠᠢᠨ᠎ᠠ᠂ ᠭᠠᠵᠠᠷ ᠳᠡᠭᠡᠷ᠎ᠡ ᠪᠣᠭᠳᠠ ᠬᠠᠭᠠᠨ ᠪᠠᠢᠨ᠎ᠠ᠂ᠰᠠᠬᠢᠭᠤᠯᠰᠤᠨ  ᠤ᠋ ᠬᠦᠴᠦᠨ ᠢ᠋ᠶ᠋ᠡᠷ ᠣᠯᠠᠨ ᠤᠯᠤᠰ ᠠᠷᠠᠳ ᠤ᠋ᠨ ᠡᠵᠡᠨ ᠪᠣᠯᠤᠭᠰᠠᠨ ᠬᠠᠭᠠᠨ  ᠤ᠋ ᠲᠠᠮᠠᠭ᠎ᠠ》ᠭᠡᠵᠦ ᠪᠢᠴᠢᠵᠡᠢ᠃) ᠴᠢᠩᠭᠢᠰ ᠬᠠᠭᠠᠨ ᠠᠷᠠᠳ ᠤ᠋ᠨ ᠡᠮᠦᠨ᠎ᠡ ᠵᠠᠷᠯᠠᠭᠰᠠᠨ ᠪᠣᠯᠵᠣᠭ᠎ᠠ ᠶ᠋ᠢ ᠱᠠᠭ ᠢ᠋ ᠨᠡᠬᠡᠮᠵᠢᠯᠡᠬᠦ ᠴᠡᠷᠢᠭ ᠶᠠᠮᠠᠷ ᠵᠡᠷᠭᠡ ᠰᠠᠬᠢᠵᠤ ᠪᠠᠢᠬᠤ ᠶ᠋ᠢ ᠴᠢᠩᠭ᠎ᠠ ᠠᠩᠬᠠᠷᠤᠨ ᠪᠠᠢᠴᠠᠭᠠᠵᠤ ᠪᠠᠢᠭᠰᠠᠨ ᠶᠤᠮ᠃ᠨᠢᠭᠡᠳᠦᠭᠡᠷ ᠲᠦᠮᠡᠨ  ᠦ᠌ ᠳᠠᠷᠤᠭ᠎ᠠ ᠵᠡᠪᠡ ᠨᠣᠶᠠᠨ ᠤ᠋  ᠴᠡᠷᠢᠭ ᠨᠢᠭᠡᠨᠲᠡ ᠪᠠᠢᠯᠳᠤᠨ ᠳᠠᠭᠠᠭᠤᠯᠤᠭᠰᠠᠨ ᠵᠡᠭᠡᠯᠢ ᠶ᠋ᠢᠨ ᠠᠷᠠᠳ ᠢ᠋ ᠠᠷᠤ ᠠ᠋ᠴᠠ ᠢᠷᠡᠭᠰᠡᠨ ᠲᠤᠭᠤᠴᠠᠷ ᠤ᠋ᠨ ᠭᠤᠲᠠᠭᠠᠷ ᠲᠦᠮᠡᠨ ᠦ᠌ ᠬᠥᠮᠦᠰ ᠪᠤᠯᠢᠶᠠᠭᠰᠠᠨ  ᠢ᠋ ᠴᠢᠩᠭᠢᠰ ᠬᠠᠭᠠᠨ ᠮᠡᠳᠡᠭᠡᠳ ᠶᠡᠬᠡᠳᠡ ᠬᠢᠯᠢᠩᠯᠡᠵᠦ ᠥᠪᠡᠷ ᠦ᠋ᠨ ᠬᠦᠷᠭᠡᠨ ᠪᠣᠯᠬᠤ ᠲᠤᠭᠤᠴᠠᠷ  ᠢ᠋ ᠠᠯᠠᠬᠤ ᠶᠠᠯ᠎ᠠ ᠪᠠᠷ ᠰᠢᠳᠬᠡ ᠭᠡᠵᠡᠢ᠃ ᠭᠡᠪᠡᠴᠦ ᠬᠣᠢᠨ᠎ᠠ ᠨᠢ ᠠᠭᠤᠷ ᠢ᠋ᠶ᠋ᠠᠨ ᠪᠠᠬᠠᠨ ᠨᠠᠮᠳᠠᠭᠤᠯᠵᠤ ᠬᠦᠷᠭᠡᠨ  ᠦ᠌ ᠪᠡᠨ ᠴᠡᠷᠢᠭ ᠵᠢᠯᠣᠭᠣᠳᠬᠤ ᠲᠤᠰᠢᠶᠠᠯ ᠢ᠋ ᠬᠠᠰᠤᠭᠠᠳ᠂ᠲᠡᠭᠦᠨ  ᠦ᠌ ᠤᠳᠤᠷᠢᠳᠴᠤ ᠪᠠᠢᠭᠰᠠᠨ ᠲᠡᠷᠡ ᠲᠦᠮᠡᠨ  ᠦ᠌ ᠨᠢᠭᠡᠨ ᠰᠤᠯᠠ ᠴᠡᠷᠢᠭ ᠪᠣᠯᠭᠠᠨ ᠪᠠᠭᠤᠷᠠᠭᠤᠯᠵᠤ᠂ ᠪᠦᠬᠦ ᠲᠦᠮᠡ ᠶ᠋ᠢ ᠨᠢ ᠰᠦᠪᠡᠭᠡᠳᠡᠢ ᠪᠡᠷ ᠵᠠᠬᠢᠷᠤᠭᠤᠯᠪᠠ᠃ ᠪᠣᠭᠳᠠ ᠬᠠᠭᠠᠨ  ᠤ᠋ ᠬᠦᠷᠭᠡᠨ ᠪᠥᠭᠡᠳ ᠠᠩᠬᠠᠨ ᠳ᠋ᠠᠭᠠᠨ ᠥᠨᠳᠥᠷ ᠵᠡᠷᠭᠡ  ᠲᠡᠢ ᠵᠢᠯᠣᠭᠣᠳᠤᠭᠴᠢ ᠪᠠᠢᠭᠰᠠᠨ ᠲᠣᠭᠣᠴᠠᠷ ᠲᠤ᠌ ᠨᠢᠭᠡᠨ ᠰᠤᠯᠠ ᠴᠡᠷᠢᠭ ᠢᠷᠡᠵᠦ ᠪᠣᠭᠳᠠ ᠬᠠᠭᠠᠨ  ᠤ᠋ ᠵᠠᠷᠯᠢᠭ ᠢ᠋ ᠤᠯᠠᠮᠵᠢᠯᠠᠭᠰᠠᠨ ᠳ᠋ᠤ᠌ ᠭᠠᠭᠴᠠ ᠦᠭᠡ ᠴᠦ᠍ ᠳᠤᠤᠭᠠᠷᠤᠭᠰᠠᠨ ᠦᠭᠡᠢ ᠵᠠᠷᠯᠢᠭ ᠤ᠋ᠨ ᠶᠣᠰᠣ ᠪᠠᠷ ᠳᠠᠭᠠᠵᠠᠢ᠃ ᠴᠢᠩᠭᠢᠰ ᠬᠠᠭᠠᠨ ᠤ᠋ ᠴᠡᠷᠢᠭ ᠦ᠋ᠨ ᠴᠠᠭᠠᠵᠠ ᠰᠠᠬᠢᠯᠭ᠎ᠠ ᠪᠠᠲᠤ ᠨᠢ ᠡᠢᠮᠦ ᠴᠢᠩᠭ᠎ᠠ ᠪᠠᠢᠭᠰᠠᠨ ᠶᠤᠮ᠃ ᠬᠥᠭᠡᠷᠦᠬᠦᠢ ᠲᠤᠭᠤᠴᠠᠷ ᠳᠠᠷᠠᠭ᠎ᠠ ᠤᠳᠠᠭ᠎ᠠ ᠶ᠋ᠢᠨ ᠪᠠᠢᠯᠳᠤᠭᠠᠨ ᠳ᠋ᠤ᠌ ᠨᠢᠭᠡᠨ ᠰᠤᠯᠠ ᠴᠡᠷᠢᠭ ᠪᠣᠯᠵᠤ ᠪᠠᠭᠠᠲᠤᠷᠯᠢᠭ ᠢ᠋ᠶ᠋ᠠᠷ ᠪᠠᠢᠯᠳᠤᠭᠠᠳ ᠪᠡᠶ᠎ᠡ ᠦᠷᠡᠭᠳᠡᠵᠡᠢ᠃
( ᠵᠢᠷᠭᠤᠭ᠎ᠠ) ᠬᠡᠳᠦᠨ ᠮᠢᠩᠭᠠᠨ ᠺᠢᠯᠣᠮᠧᠲ᠋ᠷ ᠶᠠᠪᠤᠵᠤ ᠲᠤᠤᠱᠲᠠᠢ ᠨᠡᠬᠡᠮᠵᠢᠯᠡᠭᠰᠡᠨ ᠨᠢ
   ᠮᠦᠬᠠᠮᠸᠳ᠋· ᠱᠠᠭ ᠠᠹᠭᠠᠨᠢᠰᠲ᠋ᠠᠨ ᠤ᠋ ᠣᠷᠴᠢᠮ ᠤ᠋ᠨ ᠠᠭᠤᠯᠠᠷᠬᠠᠭ ᠣᠷᠣᠨ ᠤ᠋ ᠪᠠᠯᠺ ᠲᠤ ᠪᠠᠢᠭᠰᠠᠨ ᠦᠶ᠎ᠡ ᠳ᠋ᠦ᠍᠂ ᠴᠢᠩᠭᠢᠰ ᠬᠠᠭᠠᠨ ᠤ᠋ ᠨᠡᠬᠡᠬᠦ ᠴᠡᠷᠢᠭ ᠥᠷᠯᠥᠭ ᠨᠠᠷ ᠤ᠋ᠨ ᠵᠢᠯᠣᠭᠣᠳᠤᠯᠭ᠎ᠠ ᠶ᠋ᠢᠨ ᠳᠣᠣᠷ᠎ᠠ ᠠᠮᠤᠳᠠᠷᠢᠶᠠ ᠭᠣᠣᠯ ᠢ᠋ ᠭᠡᠲᠦᠯᠪᠡ ᠭᠡᠰᠡᠨ ᠴᠢᠮᠡᠭᠡ ᠰᠣᠨᠣᠰᠲᠠᠯ᠎ᠠ᠃ ᠲᠡᠷᠡ ᠪᠠᠰᠠ ᠮᠣᠩᠭᠣᠯ ᠴᠡᠷᠢᠭ ᠢ᠋ ᠪᠤᠯᠢᠶᠠᠬᠤ ᠴᠤ ᠦᠭᠡᠢ᠂ ᠬᠠᠯᠳᠠᠬᠤ ᠴᠤ ᠦᠭᠡᠢ ᠵᠥᠪᠬᠡᠨ ᠠᠮᠤ ᠬᠦᠨᠡᠰᠦ ᠪᠤᠶᠤ ᠡᠪᠡᠰᠦ ᠪᠣᠷᠳᠣᠭ᠎ᠠ ᠶ᠋ᠢ ᠯᠡ ᠠᠪᠤᠭᠠᠳ᠂ ᠭᠠᠭᠴᠠ ᠱᠠᠭ ᠢ᠋ ᠬᠠᠷᠠᠯᠲᠠ ᠪᠣᠯᠭᠠᠨ ᠪᠠᠷᠢᠬᠤ ᠭᠡᠵᠦ ᠨᠡᠬᠡᠮᠵᠢᠯᠡᠵᠦ ᠪᠠᠢᠬᠤ ᠶ᠋ᠢ ᠮᠡᠳᠡᠯ᠎ᠡ᠃ ᠡᠢᠮᠦ ᠡᠴᠡ ᠲᠡᠷᠡ ᠮᠣᠩᠭᠣᠯ ᠴᠡᠷᠢᠭ ᠦ᠋ᠨ ᠨᠢᠳᠦᠨ ᠦ᠌ ᠬᠣᠭ ᠪᠣᠯᠵᠤ᠂ ᠮᠣᠩᠭᠣᠯ ᠴᠡᠷᠢᠭ ᠲᠡᠭᠦᠨ ᠢ᠋ ᠪᠠᠷᠢᠬᠤ ᠪᠠᠷ ᠰᠢᠲᠦ ᠵᠠᠭᠤᠵᠤ ᠪᠠᠢᠬᠤ ᠶ᠋ᠢ ᠲᠡᠷᠡ ᠮᠡᠳᠡᠭᠰᠡᠨ ᠪᠣᠯᠬᠣᠷ ᠦᠬᠦᠨ ᠠᠶᠤᠵᠤ ᠪᠠᠢᠯ᠎ᠠ᠃ ᠡᠨᠡ ᠦᠶ᠎ᠡ ᠳ᠋ᠦ᠍ ᠰᠢᠳᠠᠷ ᠴᠡᠷᠢᠭ ᠡᠴᠡ ᠭᠠᠳᠠᠨ᠎ᠠ ᠶᠠᠮᠠᠷᠴᠤ ᠴᠡᠷᠢᠭ ᠲᠡᠭᠦᠨ ᠦ᠌ ᠳᠡᠷᠭᠡᠳᠡ ᠪᠠᠢᠭᠰᠠᠨ ᠦᠭᠡᠢ ᠪᠢᠯᠡ᠃ ᠠᠹᠭᠠᠨᠢᠰᠲ᠋ᠠᠨ ᠲᠡᠭᠦᠨ ᠢ᠋ ᠳᠠᠭᠠᠭᠠᠳ ᠳᠡᠮᠡᠢ ᠡᠳᠦᠷ ᠤᠳᠠᠭᠠᠳᠤᠢ᠂ ᠮᠠᠰᠢ ᠣᠷᠴᠢᠮ ᠦᠶ᠎ᠡ ᠳ᠋ᠦ᠍ ᠳᠡᠢᠯᠦᠭᠳᠡᠭᠡᠳ ᠳᠥᠩᠭᠡᠵᠦ ᠬᠠᠭᠠᠨᠲᠤ ᠤᠯᠤᠰ ᠤ᠋ᠨ ᠨᠢᠭᠡᠨ ᠬᠡᠰᠡᠭ ᠨᠢ ᠪᠣᠯᠤᠭᠰᠠᠨ ᠠᠵᠢ᠃ ᠡᠨᠡ ᠠᠭᠤᠯᠠᠷᠬᠠᠭ ᠣᠷᠣᠨ ᠤ᠋ ᠨᠣᠶᠠᠳ ᠤ᠋ᠨ ᠦᠨᠡᠨᠴᠢ ᠰᠢᠳᠤᠷᠭᠤ ᠶ᠋ᠢ ᠢᠲᠡᠭᠡᠵᠦ ᠪᠣᠯᠬᠤ ᠪᠠ ᠦᠭᠡᠢ ᠶ᠋ᠢ ᠮᠡᠳᠡᠬᠦ ᠦᠭᠡᠢ ᠪᠠᠢᠭᠰᠠᠨ ᠪᠢᠯᠡ᠃ ᠡᠢᠮᠦ ᠡᠴᠡ ᠲᠡᠷᠡ ᠪᠠᠷᠠᠭᠤᠨ ᠳᠠᠰᠢ ᠬᠤᠷᠠᠱᠠᠨ ᠤᠯᠤᠰ ᠢ᠋ ᠵᠦᠭᠯᠡᠵᠦ ᠳᠤᠲᠠᠭᠠᠪᠠ᠃ ᠬᠤᠷᠠᠱᠠᠨ ᠤᠯᠤᠰ ᠲᠤ᠌ ᠬᠥᠭᠵᠢᠯ ᠰᠠᠢᠲᠠᠢ ᠬᠣᠲᠠ ᠣᠯᠠᠨ ᠪᠠᠢᠬᠤ ᠪᠥᠭᠡᠳ ᠬᠥᠮᠦᠨ ᠠᠮᠠ ᠣᠯᠠᠨ᠂ ᠡᠴᠢᠭᠡ ᠶ᠋ᠢᠨ ᠬᠢᠨ ᠦᠶ᠎ᠡ ᠡᠴᠡ ᠲᠡᠭᠦᠨ ᠳ᠋ᠦ᠍ ᠬᠠᠮᠢᠶᠠᠷᠤᠭᠳᠠᠭᠠᠳ ᠢᠷᠡᠭᠰᠡᠨ ᠶᠦᠮ᠃
ᠳᠤᠲᠠᠭᠠᠬᠤ ᠵᠠᠮ ᠵᠠᠭᠤᠷ᠎ᠠ ᠮᠦᠬᠠᠮᠸᠳ᠋᠂ ᠬᠠᠮᠠᠭᠠᠯᠠᠬᠤ ᠪᠡᠯᠡᠳᠬᠡᠯ ᠦᠭᠡᠢ ᠭᠠᠵᠠᠷ ᠤ᠋ᠨ ᠠᠷᠠᠳ ᠪᠣᠯᠤᠨ ᠲᠠᠯ᠎ᠠ ᠨᠤᠲᠤᠭ ᠤ᠋ᠨ ᠠᠷᠠᠳ ᠢ᠋ ᠨᠤᠲᠤᠭ ᠣᠷᠣᠨ ᠠ᠋ᠴᠠ ᠪᠠᠨ ᠰᠠᠯᠤᠭᠠᠳ᠂ ᠲᠡᠭᠦᠨ ᠢ᠋ ᠳᠠᠭᠠᠵᠤ ᠳᠤᠲᠠᠭᠠᠬᠤ ᠶ᠋ᠢ ᠴᠢᠩᠭ᠎ᠠ ᠱᠠᠭᠠᠷᠳᠠᠯ᠎ᠠ᠂ ᠮᠣᠩᠭᠣᠯ ᠴᠡᠷᠢᠭ ᠭᠠᠵᠠᠷ ᠤ᠋ᠨ ᠬᠥᠷᠥᠰᠥ ᠶ᠋ᠢ ᠬᠦᠷᠲᠡᠯ᠎ᠡ ᠪᠦᠷ ᠭᠠᠯᠳᠠᠬᠤ ᠤᠴᠢᠷ ᠠ᠋ᠴᠠ ᠳᠤᠲᠠᠭᠠᠬᠤ ᠠ᠋ᠴᠠ ᠥᠭᠡᠷ᠎ᠡ ᠵᠠᠮ ᠦᠭᠡᠢ ᠭᠡᠵᠦ ᠤᠬᠠᠭᠤᠯᠪᠠ᠃ ᠡᠭᠦᠨ ᠦ᠌ ᠬᠠᠮᠲᠤ ᠪᠣᠭᠣᠮᠲᠠ ᠬᠣᠲᠠ ᠪᠠᠢᠬᠤ ᠭᠠᠵᠠᠷ ᠲᠤ᠌ ᠲᠡᠷᠡ ᠬᠠᠮᠤᠭ ᠡᠴᠦᠰ ᠦ᠋ᠨ ᠴᠢᠰᠤ ᠪᠠᠨ ᠤᠷᠤᠰᠬᠠᠲᠠᠯ᠎ᠠ ᠡᠰᠡᠷᠭᠦᠴᠡᠬᠦ ᠬᠡᠷᠡᠭᠲᠡᠢ ᠭᠡᠵᠦ ᠵᠠᠷᠯᠠᠪᠠ᠃ ᠠᠷᠠᠪ ᠪᠤᠶᠤ ᠫᠧᠷᠰ ᠦ᠋ᠨ ᠲᠡᠦᠬᠡᠴᠢᠨ ᠮᠦᠬᠠᠮᠸᠳ᠋ ᠤ᠋ᠨ ᠲᠥᠯᠥᠪᠯᠡᠭᠡ ᠦᠭᠡᠢ ᠵᠠᠷᠯᠢᠭ ᠪᠠᠭᠤᠯᠭᠠᠭᠰᠠᠨ ᠢ᠋ ᠪᠤᠷᠤᠭᠤᠰᠢᠶᠠᠬᠤ ᠳᠤᠷ᠎ᠠ ᠲᠠᠢ ᠪᠠᠢᠭᠰᠠᠨ ᠪᠣᠯᠪᠠᠴᠤ ᠲᠡᠭᠦᠨ ᠦ᠌ ᠵᠠᠷᠯᠢᠭ ᠢ᠋ᠶ᠋ᠠᠷ ᠡᠰᠡ ᠬᠢᠪᠡᠰᠦ ᠪᠣᠯᠬᠤ ᠦᠭᠡᠢ ᠤᠴᠢᠷ ᠢ᠋ ᠪᠦᠷᠢᠮᠦᠰᠦᠨ ᠪᠣᠳᠣᠭᠰᠠᠨ ᠢ᠋ ᠦᠵᠡᠭᠦᠯᠵᠦ ᠪᠠᠢᠨ᠎ᠠ᠃ ᠰᠠᠭᠤᠭᠠᠯᠢ ᠠᠷᠠᠳ ᠢ᠋ ᠤᠬᠤᠷᠢᠭᠤᠯᠤᠨ ᠳᠤᠲᠠᠭᠠᠯᠭᠠᠭᠰᠠᠨ ᠴᠢᠨᠢ ᠮᠣᠩᠭᠣᠯ ᠬᠥᠮᠦᠨ ᠳ᠋ᠦ᠍ ᠠᠮᠤ ᠬᠦᠨᠡᠰᠦ᠂ ᠡᠪᠡᠰᠦ ᠪᠣᠷᠳᠣᠭ᠎ᠠ ᠬᠤᠷᠢᠶᠠᠬᠤ ᠭᠠᠵᠠᠷ ᠦᠭᠡᠢ ᠪᠣᠯᠭᠠᠬᠤ ᠶ᠋ᠢᠨ ᠲᠥᠯᠥᠭᠡ ᠪᠠᠢᠭᠰᠠᠨ ᠪᠥᠭᠡᠳ ᠬᠣᠲᠠ ᠪᠣᠭᠣᠮᠲᠠ ᠶ᠋ᠢ ᠴᠣᠬᠢᠬᠤ ᠳ᠋ᠠᠭᠠᠨ ᠬᠥᠳᠡᠯᠮᠦᠷᠢ ᠶ᠋ᠢᠨ ᠬᠦᠴᠦ ᠪᠠᠷᠢᠵᠤ ᠣᠯᠬᠤ ᠦᠭᠡᠢ ᠪᠣᠯᠭᠠᠬᠤ ᠶ᠋ᠢᠨ ᠲᠥᠯᠥᠭᠡ ᠪᠠᠢᠭᠰᠠᠨ ᠶᠤᠮ᠃ ᠬᠣᠲᠠ ᠪᠣᠭᠣᠮᠲᠠ ᠶ᠋ᠢ ᠴᠢᠩᠭ᠎ᠠ ᠰᠠᠬᠢᠨ ᠪᠠᠢᠯᠳᠤᠬᠤ ᠪᠠᠷ ᠵᠠᠷᠯᠢᠭᠳᠠᠭᠰᠠᠨ ᠨᠢ ᠡᠭᠦᠨ ᠡᠴᠡ ᠪᠣᠯᠵᠤ ᠳᠠᠢᠰᠤᠨ ᠤ᠋ ᠤᠷᠤᠭᠰᠢᠯᠠᠬᠤ ᠴᠠᠭ ᠢ᠋ ᠰᠠᠭᠠᠲᠠᠭᠠᠵᠤ᠂ ᠡᠨᠡ ᠬᠣᠭᠣᠷᠣᠨᠳᠣ ᠳ᠋ᠤᠨᠢ ᠲᠡᠭᠦᠨ ᠦ᠌ ᠪᠡᠶ᠎ᠡ ᠪᠤᠶᠤ ᠦᠷ᠎ᠡ ᠬᠡᠦᠬᠡᠳ ᠨᠢ ᠪᠠᠷᠠᠭᠤᠨ ᠭᠠᠵᠠᠷ ᠲᠤ᠌ ᠬᠦᠷᠦᠯᠴᠡᠬᠦᠢᠴᠡ ᠴᠡᠷᠢᠭ ᠢ᠋ ᠵᠣᠬᠢᠶᠠᠨ ᠪᠠᠢᠭᠤᠯᠬᠤ ᠴᠠᠭ ᠲᠠᠢ ᠪᠣᠯᠭᠠᠬᠤ ᠭᠡᠰᠡᠨ ᠶᠤᠮ᠃
   ᠭᠡᠲᠡᠯ᠎ᠡ ᠮᠣᠩᠭᠣᠯ ᠴᠡᠷᠢᠭ ᠦ᠋ᠨ ᠴᠣᠬᠢᠨ ᠢᠷᠡᠬᠦ ᠬᠦᠴᠦ ᠪᠣᠯᠤᠨ ᠬᠤᠷᠳᠤᠴᠠ ᠶ᠋ᠢ ᠲᠡᠭᠦᠨ ᠦ᠌ ᠦᠨᠡᠯᠡᠭᠰᠡᠨ ᠨᠢ ᠭᠦᠢᠴᠡᠳ ᠦᠭᠡᠢ᠂ ᠪᠠᠰᠠ ᠲᠡᠭᠦᠨ ᠦ᠌ ᠪᠡᠶ᠎ᠡ ᠶ᠋ᠢ ᠠᠷᠠᠳ ᠢᠷᠭᠡᠳ ᠡᠴᠡ ᠵᠠᠢᠳᠠᠭᠤᠯᠬᠤ ᠭᠡᠰᠡᠨ ᠴᠢᠩᠭᠢᠰ ᠬᠠᠭᠠᠨ ᠤ᠋ ᠪᠣᠳᠣᠯᠭ᠎ᠠ ᠶ᠋ᠢ ᠲᠡᠷᠡ ᠰᠠᠨᠠᠵᠤ ᠣᠯᠤᠭᠰᠠᠨ ᠦᠭᠡᠢ ᠪᠠᠢᠭᠰᠠᠨ ᠶᠤᠮ᠃ ᠲᠡᠷᠡ ᠮᠸᠷᠪ ᠲᠦ᠍ ᠬᠦᠷᠦᠭᠡᠳ ᠪᠠᠢᠭᠰᠠᠨ ᠦᠶ᠎ᠡ ᠳ᠋ᠦ᠍᠂ ᠡᠪᠳᠡᠷᠡᠰᠢ ᠦᠭᠡᠢ ᠬᠣᠲᠠ ᠭᠡᠵᠦ ᠰᠠᠨᠠᠵᠤ ᠪᠠᠢᠭᠰᠠᠨ ᠰᠠᠮᠠᠷᠺᠠᠨᠳ᠋ ᠢ᠋ ᠨᠢ ᠴᠢᠩᠭᠢᠰ ᠬᠠᠭᠠᠨ ᠭᠤᠷᠪᠠᠨ ᠡᠳᠦᠷ ᠦ᠋ᠨ ᠬᠤᠭᠤᠴᠠᠭᠠᠨ ᠳ᠋ᠤ᠌ ᠪᠤᠯᠢᠶᠠᠨ ᠠᠪᠤᠭᠰᠠᠨ ᠢ᠋ ᠮᠡᠳᠡᠵᠡᠢ᠃ ᠰᠠᠮᠠᠷᠺᠠᠨᠳ᠋ᠢ᠋ ᠰᠠᠬᠢᠭᠰᠠᠨ ᠴᠡᠷᠢᠭ ᠡᠬᠢᠨ ᠳ᠋ᠡᠭᠡᠨ ᠤᠭᠲᠤᠨ ᠴᠣᠬᠢᠬᠤ ᠭᠡᠵᠦ ᠠᠭᠠᠰᠢᠯᠠᠵᠤ ᠦᠵᠡᠭᠰᠡᠨ ᠪᠣᠯᠪᠠᠴᠤ ᠶᠡᠬᠡ ᠬᠣᠬᠢᠷᠠᠯ ᠣᠯᠤᠭᠠᠳ ᠡᠭᠡᠵᠦ ᠣᠷᠣᠨ ᠳ᠋ᠠᠭᠠᠨ ᠰᠢᠷᠭᠤᠵᠠᠢ᠃ ᠳᠠᠷᠠᠭ᠎ᠠ ᠡᠳᠦᠷ ᠲᠤᠨᠢ ᠮᠣᠩᠭᠣᠯ ᠴᠡᠷᠢᠭ ᠬᠣᠲᠠ ᠶ᠋ᠢᠨ ᠡᠭᠦᠳᠡᠨ ᠳ᠋ᠦ᠍ ᠨᠡᠯᠢᠶᠡᠳ ᠣᠢᠷ᠎ᠠ ᠰᠢᠬᠠᠵᠤ ᠣᠴᠢᠭᠠᠳ ᠵᠢᠭᠰᠠᠭᠠᠯ ᠤ᠋ᠨ ᠰᠤᠪᠠᠭ ᠮᠠᠯᠲᠠᠭᠰᠠᠨ ᠪᠣᠯᠬᠣᠷ᠂ ᠭᠠᠷᠴᠤ ᠴᠣᠬᠢᠬᠤ ᠶᠠᠮᠠᠷᠴᠤ ᠠᠷᠭ᠎ᠠ ᠦᠭᠡᠢ ᠪᠣᠯᠵᠠᠢ᠃ ᠪᠠᠢᠯᠳᠤᠭᠠᠨ ᠤ᠋ ᠵᠠᠭᠠᠨ ᠢ᠋ᠶ᠋ᠠᠨ ᠴᠤ᠌ ᠬᠡᠷᠡᠭᠯᠡᠬᠦ ᠠᠷᠭ᠎ᠠ ᠦᠭᠡᠢ ᠰᠤᠯᠠ ᠲᠡᠵᠢᠭᠡᠬᠦ ᠯᠡ ᠬᠡᠷᠡᠭ ᠪᠣᠯᠤᠯ᠎ᠠ᠃ ᠡᠭᠦᠨ ᠢ᠋ᠶ᠋ᠡᠷ ᠪᠠᠷᠠᠬᠤ ᠦᠭᠡᠢ ᠪᠦᠬᠠᠷ ᠲᠤ᠌ ᠭᠠᠷᠤᠭᠰᠠᠨ ᠬᠡᠷᠡᠭ ᠡᠨᠳᠡ ᠴᠦ᠍ ᠭᠠᠷᠬᠤ ᠳ᠋ᠤ᠌ ᠬᠦᠷᠪᠡ᠃ ᠳᠠᠷᠤᠢ ᠯᠠᠯᠤ ᠶ᠋ᠢᠨ ᠮᠥᠷᠭᠥᠯᠲᠡᠨ ᠦ᠌ ᠠᠬᠠᠮᠠᠳ᠂ ᠬᠤᠯᠠᠨ ᠨᠣᠮ ᠬᠠᠳᠠᠭᠠᠯᠠᠭᠴᠢ᠂ ᠯᠠᠯᠤ ᠶ᠋ᠢᠨ ᠮᠥᠷᠭᠥᠯᠲᠡᠨ ᠦ᠌ ᠰᠢᠭᠦᠭᠴᠢ ᠨᠣᠶᠠᠨ ᠬᠣᠲᠠ ᠶ᠋ᠢᠨ ᠬᠠᠭᠠᠯᠭ᠎ᠠ ᠪᠠᠨ ᠨᠡᠭᠡᠭᠡᠵᠦ ᠳᠠᠭᠠᠵᠤ ᠥᠭᠬᠦ ᠪᠡᠷ ᠱᠠᠭᠠᠷᠳᠠᠭᠰᠠᠨ ᠶᠤᠮ᠃
   ᠲᠡᠳᠡᠨᠡᠷ ᠠᠷᠠᠳ ᠲᠠᠭᠠᠨ᠂ ᠰᠠᠮᠠᠷᠺᠠᠨᠳ᠋ ᠪᠣᠯ ᠦᠨᠡᠨ ᠳ᠋ᠡᠭᠡᠨ ᠲᠤᠰᠠᠭᠠᠷ ᠲᠣᠭᠲᠠᠨᠢᠭᠰᠠᠨ ᠤᠯᠤᠰ ᠪᠠᠢᠭᠰᠠᠨ ᠪᠥᠭᠡᠳ ᠳᠣᠯᠣᠭᠠᠨ ᠵᠢᠯ ᠦ᠋ᠨ ᠤᠷᠢᠳ ᠮᠦᠬᠠᠮᠸᠳ᠋᠂ ᠬᠦᠨᠳᠦᠲᠦ ᠬᠠᠢᠷᠠᠲᠤ ᠬᠠᠭᠠᠨ ᠣᠰᠮᠠᠨ ᠢ᠋ ᠠᠷᠭ᠎ᠠ ᠮᠡᠬᠡ ᠪᠡᠷ ᠬᠣᠲᠠ ᠠ᠋ᠴᠠ ᠮᠡᠬᠡᠯᠡᠨ ᠭᠠᠷᠭᠠᠭᠠᠳ ᠠᠯᠠᠭᠰᠠᠨ ᠬᠡᠷᠡᠭ ᠢ᠋ ᠰᠠᠨᠠᠭᠠᠯᠵᠠᠭᠤᠯᠵᠤ ᠡᠬᠢᠯᠡᠪᠡ᠃ ᠲᠡᠳᠡ ᠪᠠᠰᠠ ᠬᠠᠷ᠎ᠠ ᠬᠢᠳᠠᠨ ᠤᠯᠤᠰ ᠲᠤ᠌ ᠴᠢᠩᠭᠢᠰ ᠬᠠᠭᠠᠨ ᠬᠣᠲᠣᠩ ᠤ᠋ᠨ ᠰᠦᠮ᠎ᠡ ᠶ᠋ᠢ ᠨᠡᠭᠡᠭᠡᠯᠭᠡᠭᠡᠳ ᠯᠠᠯᠤ ᠶ᠋ᠢᠨ ᠮᠥᠷᠭᠥᠯᠲᠡᠨ ᠢ᠋ ᠬᠠᠮᠠᠭᠠᠯᠠᠵᠤ ᠠᠪᠤᠭᠰᠠᠨ ᠬᠡᠷᠡᠭ ᠢ᠋ ᠬᠡᠯᠡᠯᠴᠡᠵᠡᠭᠡᠪᠡ᠃ ᠲᠡᠭᠡᠭᠡᠳ ᠪᠣᠰᠤᠯᠭ᠎ᠠ ᠭᠠᠷᠭᠠᠵᠤ ᠬᠣᠲᠠ ᠰᠠᠬᠢᠭᠰᠠᠨ ᠭᠤᠷᠪᠠᠨ ᠲᠦᠮᠡᠨ ᠰᠤᠩᠭᠤᠯ— ᠲᠦᠷᠺ ᠬᠥᠮᠦᠨ᠂ ᠮᠣᠩᠭᠣᠯ ᠴᠡᠷᠢᠭ ᠲᠦ᠍ ᠪᠠᠭᠤᠵᠤ ᠥᠭᠭᠦᠭᠡᠳ ᠳᠠᠭᠠᠴᠢᠬᠠᠭᠰᠠᠨ ᠶᠤᠮ᠃ ᠦᠯᠡᠳᠡᠭᠰᠡᠨ ᠴᠡᠷᠢᠭ ᠦ᠋ᠳ ᠨᠢ ᠬᠣᠲᠠ ᠶ᠋ᠢᠨ ᠳᠣᠲᠣᠷ᠎ᠠ ᠣᠷᠣᠭᠠᠳ ᠴᠢᠩᠭᠢᠰ ᠬᠠᠭᠠᠨ ᠳ᠋ᠤ᠌ ᠬᠣᠲᠠ ᠶ᠋ᠢᠨ ᠬᠠᠭᠠᠯᠭ᠎ᠠ ᠪᠠᠨ ᠨᠡᠭᠡᠭᠡᠵᠦ ᠦᠭᠭᠦᠭᠰᠡᠨ ᠪᠠᠢᠨ᠎ᠠ᠃  
     ᠲᠡᠷᠡ ᠡᠳᠦᠷ ᠡᠴᠡ ᠡᠬᠢᠯᠡᠨ ᠬᠣᠲᠠ ᠶ᠋ᠢᠨ ᠬᠡᠷᠡᠮ ᠢ᠋ ᠪᠦᠷ ᠲᠦᠯᠬᠢᠵᠦ ᠤᠨᠠᠭᠠᠭᠠᠳ ᠪᠡᠬᠢᠯᠡᠯᠲᠡ ᠶ᠋ᠢ ᠦᠭᠡᠢ ᠬᠢᠵᠦ ᠂ ᠵᠢᠭᠰᠠᠭᠠᠯ ᠤ᠋ᠨ ᠰᠤᠪᠠᠭ  ᠢ᠋ ᠨᠢ ᠰᠢᠷᠣᠢ ᠪᠠᠷ ᠪᠥᠭᠯᠡᠵᠦ ᠲᠠᠯᠪᠢᠪᠠ᠃ ᠯᠠᠯᠤ ᠶ᠋ᠢᠨ ᠮᠥᠷᠭᠥᠯᠲᠡᠨ  ᠦ᠌ ᠠᠬᠠᠮᠠᠳ ᠪᠣᠯᠤᠨ ᠲᠡᠳᠡᠨ  ᠦ᠌ ᠨᠠᠮ ᠪᠦᠯᠦᠭ ᠲᠦ᠍ ᠬᠠᠮᠢᠶᠠᠷᠤᠭᠳᠠᠬᠤ ᠲᠠᠪᠤᠨ ᠲᠦᠮᠡᠨ ᠭᠡᠷ ᠪᠦᠯᠢ ᠨᠢ ᠬᠣᠲᠠ ᠳ᠋ᠤ᠌ ᠦᠯᠡᠳᠡᠭᠰᠡᠨ ᠪᠣᠯᠪᠠᠴᠤ ᠮᠣᠩᠭᠣᠯᠴᠤᠳ ᠡᠳᠡᠭᠡᠷ ᠬᠥᠮᠦᠰ ᠢ᠋ ᠴᠥᠮ ᠬᠥᠳᠡᠭᠡ ᠳ᠋ᠦ᠍ ᠬᠥᠭᠡᠭᠡᠨ ᠭᠠᠷᠭᠠᠵᠠᠢ᠃ ᠭᠤᠷᠪᠠᠨ ᠲᠦᠮᠡᠨ ᠮᠡᠷᠭᠡᠵᠢᠯᠲᠡᠨ᠂ ᠠᠵᠢᠯᠴᠢᠨ ᠢ᠋ ᠴᠢᠩᠭᠢᠰ ᠬᠠᠭᠠᠨ ᠱᠠᠩ ᠬᠡᠰᠢᠭ ᠪᠣᠯᠭᠠᠨ ᠬᠡᠦᠬᠡᠳ ᠪᠠ ᠵᠠᠩᠵᠤᠨ ᠨᠠᠷ ᠲᠠᠭᠠᠨ ᠬᠤᠪᠢᠶᠠᠵᠤ ᠥᠭᠭᠦᠭᠡᠳ ᠵᠠᠯᠠᠭᠤ ᠬᠥᠮᠦᠰ ᠢ᠋ ᠬᠠᠷ᠎ᠠ ᠠᠵᠢᠯ ᠳ᠋ᠤ᠌ ᠲᠠᠲᠠᠵᠤ᠂ ᠨᠢᠭᠡ ᠪᠦᠯᠦᠭ  ᠢ᠋ ᠨᠢ ᠴᠡᠷᠢᠭ ᠦ᠋ᠨ ᠠᠵᠢᠯ ᠳ᠋ᠤ᠌ ᠦᠢᠯᠡᠴᠢᠯᠡᠭᠦᠯᠬᠦ ᠪᠡᠷ ᠰᠣᠩᠭᠣᠨ ᠠᠪᠴᠠᠢ᠃ ᠦᠯᠡᠳᠡᠭᠰᠡᠨ ᠪᠦᠬᠦᠨ ᠢ᠋ ᠬᠢᠳᠤᠵᠤ ᠠᠯᠠᠵᠠᠢ᠃ ᠡᠭᠦᠨ ᠳ᠋ᠦ᠍ ᠤᠷᠪᠠᠵᠤ ᠭᠠᠷᠤᠭᠠᠳ ᠨᠢᠭᠤᠷ ᠣᠯᠤᠶ᠎ᠠ ᠭᠡᠰᠡᠨ ᠭᠤᠷᠪᠠᠨ ᠲᠦᠮᠡᠨ ᠲᠦᠷᠺ ᠴᠡᠷᠢᠭ ᠪᠠ ᠴᠡᠷᠢᠭ ᠦ᠋ᠨ ᠳᠠᠷᠤᠭ᠎ᠠ᠂ ᠵᠠᠩᠵᠤᠨ ᠨᠠᠷ ᠢ᠋ ᠠᠳᠠᠯᠢ ᠬᠤᠪᠢ ᠵᠠᠶᠠᠭ᠎ᠠ ᠪᠠᠷ ᠰᠢᠢᠳᠬᠡᠭᠳᠡᠭᠰᠡᠨ ᠶᠦᠮ᠃ ᠡᠨᠡ ᠮᠡᠲᠦ ᠤᠷᠪᠠᠭᠰᠠᠨ ᠬᠥᠮᠦᠰ ᠢ᠋ ᠢᠲᠡᠭᠡᠵᠦ ᠪᠣᠯᠬᠤ ᠦᠭᠡᠢ ᠭᠡᠳᠡᠭ ᠶᠦᠮ᠃ ᠬᠡᠳᠦᠨ ᠡᠳᠦᠷ ᠦ᠋ᠨ ᠳᠠᠷᠠᠭ᠎ᠠ ᠳᠣᠲᠣᠷ᠎ᠠ ᠬᠣᠲᠠ ᠶ᠋ᠢ ᠨᠢ ᠰᠢᠪᠲᠤᠯᠵᠤ ᠠᠪᠤᠭᠠᠳ ᠰᠢᠲᠠᠭᠠᠵᠤ ᠣᠷᠬᠢᠯ᠎ᠠ
     ᠣᠳᠣ ᠯᠦᠬᠠᠮᠸᠳ᠋᠂ ᠱᠠᠭ ᠤ᠋ᠨ ᠪᠡᠶ᠎ᠡ  ᠳ᠋ᠦ᠍ᠨᠢ ᠶᠠᠮᠠᠷ ᠠᠶᠤᠯ ᠲᠤᠯᠭᠠᠷᠠᠵᠤ ᠪᠠᠢᠬᠤ ᠶ᠋ᠢ ᠰᠡᠷᠡᠵᠦ ᠮᠡᠳᠡᠯ᠎ᠡ᠃ ᠯᠠᠯᠤ ᠶ᠋ᠢᠨ ᠮᠥᠷᠭᠥᠯᠲᠡᠨ  ᠦ᠌ ᠠᠬᠠᠮᠠᠳ ᠪᠣᠯᠤᠨ ᠨᠠᠮ ᠪᠦᠯᠦᠭ ᠨᠢ ᠶᠠᠮᠠᠷ ᠴᠤ᠌ ᠬᠡᠷᠡᠭ ᠦᠭᠡᠢ ᠪᠥᠭᠡᠳ ᠱᠠᠰᠢᠨ  ᠤ᠋ ᠠᠬᠠᠮᠠᠳ ᠪᠣᠯᠬᠤ ᠲᠡᠭᠦᠨ  ᠦ᠌ ᠬᠣᠶᠠᠷ ᠨᠥᠬᠥᠷ ᠨᠢ ᠰᠠᠮᠠᠷᠺᠠᠨᠳ᠋ ᠬᠣᠲᠠ ᠶ᠋ᠢᠨ ᠪᠢᠴᠢᠭ ᠦ᠋ᠨ ᠨᠣᠶᠠᠨ᠂ ᠶᠡᠷᠦᠩᠬᠡᠢ ᠵᠠᠬᠢᠷᠤᠭᠴᠢ ᠶ᠋ᠢᠨ ᠲᠤᠰᠢᠶᠠᠯ ᠣᠯᠪᠠ᠃ ᠲᠡᠳᠡᠨ ᠳ᠋ᠦ᠍ ᠨᠢᠭᠡ ᠯᠡ ᠮᠣᠩᠭᠣᠯ ᠬᠥᠮᠦᠨ ᠬᠢᠨᠠᠨ ᠵᠠᠬᠢᠷᠬᠤ ᠲᠤᠰᠢᠶᠠᠯ ᠢ᠋ᠶ᠋ᠠᠷ ᠰᠠᠭᠤᠬᠤ ᠲᠡᠳᠦᠢ ᠪᠠᠢᠯ᠎ᠠ᠃ ᠡᠨᠡ ᠮᠡᠲᠦ ᠶ᠋ᠢᠨ ᠬᠥᠬᠢᠭᠦᠯᠦᠯ ᠳ᠋ᠦ᠍ ᠳᠤᠷᠠᠯᠠᠭᠰᠠᠨ ᠮᠧᠷᠪ ᠲᠦ᠍ ᠰᠠᠭᠤᠵᠤ ᠪᠠᠢᠬᠤ ᠫᠧᠷᠰ ᠦ᠋ᠳ᠂ ᠬᠡᠵᠢᠶ᠎ᠡ ᠢᠮᠠᠭᠲᠠ ᠱᠠᠭ ᠢ᠋ ᠪᠠᠷᠢᠭᠠᠳ ᠴᠢᠩᠭᠢᠰ ᠬᠠᠭᠠᠨ ᠳ᠋ᠤ᠌ ᠬᠦᠷᠭᠡᠵᠦ ᠥᠭᠬᠦ ᠮᠠᠭᠠᠳ᠃ ᠲᠡᠭᠡᠭᠡᠳ ᠱᠠᠭ ᠮᠧᠷᠪ ᠡᠴᠡ ᠰᠠᠯᠤᠭᠠᠳ ᠤᠯᠠᠮ ᠬᠣᠯᠠᠳᠠᠬᠢ ᠠᠭᠤᠯᠠ ᠶ᠋ᠢᠨ ᠴᠢᠨᠠᠳᠤ ᠲᠠᠯ᠎ᠠ ᠳ᠋ᠤ᠌ ᠪᠠᠢᠬᠤ ᠨᠢᠱᠡᠫᠥ᠋ᠷ ᠦ᠋ᠨ ᠪᠠᠲᠤ ᠪᠡᠬᠢ ᠪᠣᠭᠣᠮᠲᠠ ᠶ᠋ᠢᠨ ᠵᠦᠭ ᠳᠤᠲᠠᠭᠠᠪᠠ᠃ ᠲᠡᠭᠦᠨ ᠡᠴᠡ ᠬᠣᠢᠰᠢ ᠲᠡᠷᠡ ᠥᠷᠭᠡᠨᠴᠢ ᠳ᠋ᠦ᠍ ᠪᠠᠢᠭᠰᠠᠨ ᠡᠵᠢ ᠳ᠋ᠡᠭᠡᠨ ᠵᠠᠬᠢᠳᠠᠯ ᠪᠢᠴᠢᠵᠡᠢ᠃ ᠥᠷᠭᠡᠨᠴᠢ ᠪᠣᠯ ᠤᠭ ᠲᠠᠭᠠᠨ ᠬᠣᠷᠧᠰᠮ ᠤᠯᠤᠰ ᠤ᠋ᠨ ᠬᠠᠭᠤᠴᠢᠨ ᠨᠡᠢᠰᠯᠡᠯ ᠪᠠᠢᠵᠤ ᠠᠷᠠᠯ ᠲᠠᠩᠭᠢᠰ ᠤ᠋ᠨ ᠠᠮᠤᠳᠠᠶᠢᠶᠠ ᠭᠣᠣᠯ ᠤ᠋ᠨ ᠠᠮᠠᠨ ᠠ᠋ᠴᠠ ᠣᠢᠷᠠᠬᠢ ᠭᠣᠣᠯ ᠤ᠋ᠨ ᠬᠥᠪᠡᠭᠡᠨ ᠳ᠋ᠦ᠍ ᠪᠠᠢᠳᠠᠭ ᠪᠢᠯᠡ᠃ ᠵᠠᠬᠢᠳᠠᠯ ᠳ᠋ᠠᠭᠠᠨ ᠲᠡᠷᠡ ᠡᠬᠡ ᠳ᠋ᠡᠭᠡᠨ ᠲᠡᠭᠦᠨ ᠦ᠌ ᠪᠠᠭ᠎ᠠ ᠬᠠᠲᠤᠨ ᠭᠡᠯᠢᠮ ᠪᠣᠯᠤᠨ ᠨᠢᠯᠬ᠎ᠠ ᠬᠡᠦᠬᠡᠳ ᠢ᠋ ᠨᠢ ᠳᠠᠭᠠᠭᠤᠯᠤᠭᠠᠳ ᠬᠤᠷᠠᠱᠠᠨ ᠳ᠋ᠤ᠌ ᠢᠷᠡᠬᠦ ᠶ᠋ᠢ ᠵᠠᠬᠢᠵᠠᠢ᠃ ᠴᠢᠩᠭᠢᠰ ᠬᠠᠭᠠᠨ ᠬᠣᠷᠧᠰᠮ ᠦ᠋ᠨ ᠰᠠᠮᠠᠷᠺᠠᠨᠳ᠋ ᠢ᠋ ᠪᠠᠢᠯᠳᠤᠨ ᠠᠪᠤᠭᠰᠠᠨ ᠬᠣᠢᠨ᠎ᠠ᠂ ᠲᠤᠰ ᠬᠣᠲᠠ ᠶ᠋ᠢ ᠨᠢᠭᠡᠳᠦᠭᠡᠷ ᠬᠠᠷᠠᠯᠲᠠ ᠪᠣᠯᠬᠤ ᠠ᠋ᠴᠠ ᠲᠡᠷᠡ ᠲᠡᠭᠡᠵᠦ ᠵᠣᠪᠠᠨᠢᠵᠤ ᠪᠠᠢᠭᠰᠠᠨ ᠶᠤᠮ᠃
   ᠡᠨᠡ ᠬᠣᠭᠣᠷᠣᠨᠳᠣ ᠰᠦᠪᠡᠭᠡᠳᠡᠢ᠂ ᠵᠡᠪᠡ ᠬᠣᠶᠠᠷ ᠪᠠᠯᠺ ᠦ᠋ᠨ ᠡᠮᠦᠨ᠎ᠡ ᠨᠢ ᠬᠦᠷᠴᠦ ᠢᠷᠡᠯ᠎ᠡ᠃ ᠮᠦᠬᠠᠮᠸᠳ᠋ ᠡᠨᠡ ᠭᠠᠵᠠᠷ ᠢ᠋ ᠬᠠᠮᠤᠭ ᠲᠡᠷᠢᠭᠦᠨ ᠳ᠋ᠦ᠍ ᠳᠤᠲᠠᠭᠠᠵᠤ ᠣᠴᠢᠬᠤ ᠭᠠᠵᠠᠷ ᠪᠣᠯᠭᠠᠵᠤ ᠪᠠᠢᠭᠰᠠᠨ ᠶᠤᠮ᠃ ᠬᠣᠲᠠ ᠨᠢ ᠡᠰᠡᠷᠭᠦᠴᠡᠭᠰᠡᠨ ᠦᠭᠡᠢ ᠪᠡᠷ ᠬᠠᠭᠠᠯᠭ᠎ᠠ ᠪᠠᠨ ᠨᠡᠭᠡᠭᠡᠵᠦ ᠤᠭᠲᠤᠵᠠᠢ᠃ ᠲᠡᠳᠡ ᠬᠣᠶᠠᠭᠤᠯᠠ ᠱᠠᠭ ᠢ᠋ ᠪᠠᠷᠠᠭᠤᠨᠰᠢ ᠳᠤᠲᠠᠭᠠᠯ᠎ᠠ ᠭᠡᠰᠡᠨ ᠢ᠋ ᠮᠡᠳᠡᠭᠡᠳ᠂ ᠲᠡᠷᠡ ᠭᠠᠵᠠᠷ ᠠ᠋ᠴᠠ ᠭᠤᠷᠪᠠᠨ ᠲᠦᠮᠡᠨ ᠮᠣᠷᠢᠲᠤ ᠴᠡᠷᠢᠭ ᠢ᠋ᠶ᠋ᠡᠨ ᠳᠠᠭᠠᠭᠤᠯᠤᠭᠠᠳ ᠭᠠᠯᠵᠠᠭᠤᠷᠠᠭᠰᠠᠨ ᠮᠡᠲᠦ  ᠪᠡᠷ ᠮᠦᠬᠠᠮᠸᠳ᠋  ᠢ ᠪᠠᠷᠢᠪᠴᠢᠯᠠᠵᠤ ᠠᠪᠬᠤ ᠪᠠᠷ ᠨᠡᠬᠡᠮᠵᠢᠯᠡᠪᠡ᠃ ᠬᠡᠳᠦᠨ ᠭᠠᠷᠠᠭ ᠥᠴᠦᠬᠡᠨ ᠴᠦ᠍ ᠠᠮᠠᠷᠠᠯᠲᠠ ᠦᠭᠡᠢ᠂ ᠡᠳᠦᠷ ᠲᠡᠭᠡᠨ ᠵᠠᠭᠤᠨ ᠬᠣᠷᠢᠨ ᠺᠢᠯᠣᠮᠧᠲ᠋ᠷ ᠶᠠᠪᠤᠭᠰᠠᠨ ᠤᠳᠠᠭ᠎ᠠ ᠣᠯᠠᠨ ᠪᠠᠢᠭᠰᠠᠨ ᠪᠢᠯᠡ᠃ ᠤᠨᠤᠭᠰᠠᠨ ᠮᠣᠷᠢ ᠪᠠ ᠬᠥᠲᠥᠯᠦᠭᠰᠡᠨ ᠮᠣᠷᠢ ᠨᠢ ᠪᠦᠷ ᠶᠠᠳᠠᠷᠠᠭᠰᠠᠨ ᠴᠤ᠌᠂ ᠠᠩᠴᠢᠨ ᠤ᠋ ᠨᠢᠳᠦᠨ ᠡᠮᠦᠨ᠎ᠡ᠂ ᠬᠠᠷᠠᠭᠳᠠᠵᠤ ᠪᠠᠢᠬᠤ ᠠᠷᠢᠶᠠᠲᠠᠨ ᠢ᠋ ᠨᠡᠬᠡᠬᠦ ᠮᠡᠲᠦ ᠪᠡᠷ᠂ ᠮᠦᠬᠠᠮᠸᠳ᠋ ᠢ᠋ ᠮᠥᠷᠳᠡᠨ ᠨᠡᠬᠡᠵᠦ ᠪᠠᠢᠯ᠎ᠠ᠃ ᠯᠠᠯᠤ ᠶ᠋ᠢᠨ ᠮᠥᠷᠭᠥᠯᠲᠡᠨ ᠦ᠌ ᠠᠬᠠᠮᠠᠳ ᠪᠣᠯᠤᠨ ᠬᠣᠲᠣᠩ ᠬᠤᠸᠠᠷᠠᠭ ᠤ᠋ᠨ ᠨᠥᠯᠥᠭᠡ ᠡᠴᠡ ᠪᠣᠯᠵᠤ ᠾᠧᠯᠡᠲ᠋ᠦ᠂ ᠮᠧᠷᠪ ᠪᠤᠶᠤ ᠲᠡᠭᠦᠨ ᠡᠴᠡ ᠪᠠᠭ᠎ᠠ ᠬᠣᠲᠠ ᠨᠤᠭᠤᠳ ᠵᠠᠬ᠎ᠠ ᠳᠠᠷᠠᠭᠠᠯᠠᠨ ᠬᠠᠭᠠᠯᠭ᠎ᠠ ᠪᠠᠨ ᠨᠡᠭᠡᠭᠡᠨ ᠤᠭᠲᠤᠭᠠᠳ᠂ ᠴᠡᠷᠢᠭ ᠦ᠋ᠨ ᠬᠦᠨᠡᠰᠦ᠂ ᠠᠭᠲᠠᠨ ᠤ᠋ ᠪᠣᠷᠳᠣᠭ᠎ᠠ ᠬᠦᠷᠭᠡᠵᠦ ᠢᠷᠡᠯ᠎ᠡ᠃ ᠡᠳᠡᠭᠡᠷ ᠬᠣᠲᠠᠨ ᠳ᠋ᠤ᠌ ᠶᠠᠮᠠᠷᠴᠤ ᠬᠣᠣᠷ ᠬᠥᠨᠥᠭᠡᠯ ᠤᠴᠠᠷᠠᠭᠤᠯᠤᠭᠰᠠᠨ ᠦᠭᠡᠢ᠂ ᠮᠣᠩᠭᠣᠯᠴᠤᠳ ᠤᠭ ᠪᠠᠢᠭᠰᠠᠨ ᠠᠯᠪᠠᠨ ᠤ᠋ ᠳᠠᠷᠤᠭ᠎ᠠ ᠨᠠᠷ ᠢ᠋ ᠬᠦᠷᠲᠡᠯ᠎ᠡ ᠬᠠᠭᠤᠴᠢᠨ ᠲᠤᠰᠢᠶᠠᠯ ᠢ᠋ᠶ᠋ᠠᠷ ᠨᠢ ᠲᠠᠯᠪᠢᠭᠰᠠᠨ ᠪᠢᠯᠡ᠃ ᠬᠠᠷᠢᠨ ᠡᠰᠡᠷᠭᠦᠴᠡᠭᠰᠡᠨ ᠬᠣᠲᠠ᠂ ᠲᠣᠰᠬᠣᠨ ᠢ᠋ ᠡᠵᠡᠯᠡᠵᠦ ᠠᠪᠤᠭᠰᠠᠨ ᠬᠣᠢᠨ᠎ᠠ ᠠᠭᠤᠴᠢᠯᠠᠯᠲᠠ ᠦᠭᠡᠢ ᠪᠡᠷ ᠠᠯᠠᠨ ᠬᠢᠳᠤᠵᠤ᠂ ᠡᠪᠳᠡᠨ ᠭᠠᠯᠳᠠᠵᠤ ᠪᠠᠢᠯ᠎ᠠ᠃ ᠤᠳᠠᠭᠠᠨ ᠬᠤᠭᠤᠴᠠᠭ᠎ᠠ ᠪᠠᠷ ᠡᠰᠡᠷᠭᠦᠴᠡᠬᠦ ᠮᠠᠭᠠᠳ ᠭᠡᠵᠦ ᠤᠷᠢᠳᠴᠢᠯᠠᠨ ᠮᠡᠳᠡᠭᠰᠡᠨ ᠪᠠᠲᠤ ᠪᠡᠬᠢ ᠬᠣᠲᠠ ᠶ᠋ᠢ ᠲᠣᠭᠣᠷᠢᠨ ᠶᠠᠪᠤᠭᠠᠳ ᠠᠷᠤ ᠳ᠋ᠠᠭᠠᠨ ᠬᠠᠶᠠᠵᠤ ᠣᠷᠬᠢᠳᠠᠭ ᠪᠠᠢᠭᠰᠠᠨ ᠶᠤᠮ᠃ ᠵᠥᠪᠬᠡᠨ ᠽᠠᠪᠸ ᠭᠡᠰᠡᠨ ᠬᠣᠲᠠ ᠶ᠋ᠢᠨ ᠠᠷᠠᠳ ᠬᠣᠲᠠ ᠶ᠋ᠢᠨ ᠬᠡᠷᠡᠮ ᠳᠡᠭᠡᠷ᠎ᠡ ᠪᠡᠨ ᠵᠣᠭᠰᠣᠭᠠᠳ ᠂ ᠢᠷᠣ᠎ᠠ ᠮᠠᠭᠤᠲᠠᠢ ᠪᠠᠷ ᠮᠣᠩᠭᠣᠯ ᠴᠡᠷᠢᠭ ᠢ᠋ ᠬᠠᠷᠢᠶᠠᠭᠰᠠᠨ ᠪᠥᠭᠡᠳ ᠬᠡᠩᠭᠡᠷᠭᠡ ᠳᠡᠯᠡᠳᠴᠦ ᠮᠣᠩᠭᠣᠯ ᠴᠡᠷᠢᠭ ᠢ᠋ ᠳᠣᠷᠣᠮᠵᠢᠯᠠᠭᠰᠠᠨ ᠪᠣᠯᠬᠣᠷ ᠰᠦᠪᠡᠭᠡᠳᠡᠢ ᠪᠠᠭᠠᠲᠤᠷ ᠴᠡᠷᠢᠭ ᠢ᠋ᠶ᠋ᠡᠨ ᠳᠠᠭᠠᠭᠤᠯᠵᠤ ᠢᠷᠡᠭᠡᠳ ᠭᠤᠷᠪᠠᠨ ᠡᠳᠦᠷ ᠴᠣᠬᠢᠪᠠ᠃ ᠲᠡᠭᠡᠭᠡᠳ ᠡᠵᠡᠯᠡᠵᠦ ᠠᠪᠤᠭᠰᠠᠨ  ᠤ᠋ ᠬᠣᠢᠨ᠎ᠠ ᠨᠢᠭᠡᠨ ᠬᠥᠮᠦᠨ ᠢ᠋ ᠴᠦ᠍ ᠦᠯᠡᠳᠡᠭᠡᠯ ᠦᠭᠡᠢ ᠠᠯᠠᠭᠠᠳ ᠬᠣᠲᠠ ᠶ᠋ᠢ ᠪᠦᠬᠦᠨ ᠢ᠋ᠶ᠋ᠡᠷ ᠨᠢ ᠰᠢᠲᠠᠭᠠᠴᠠᠢ᠃
   ᠨᠥᠬᠥᠴᠡᠯ ᠡᠢᠮᠦ ᠪᠣᠯᠤᠭᠰᠠᠨ ᠤᠴᠢᠷ ᠠ᠋ᠴᠠ ᠬᠣᠷᠠᠱᠠᠡ ᠬᠦᠷᠲᠡᠯᠡᠬᠢ ᠡᠯ᠎ᠡ ᠭᠠᠵᠠᠷ ᠲᠤ᠌ ᠪᠦᠷ ᠲᠦᠷᠺ ᠪᠤᠶᠤ ᠫᠧᠷᠰ ᠬᠥᠮᠦᠨ ᠰᠠᠭᠤᠳᠠᠭ ᠪᠣᠯᠬᠣᠷ ᠱᠠᠭ ᠲᠤ᠌ ᠰᠢᠳᠤᠷᠭᠤ ᠬᠡᠮᠡᠭᠴᠢ ᠪᠡᠯᠡᠳᠬᠡᠯ ᠴᠡᠷᠢᠭ ᠠᠩᠭᠢ ᠶ᠋ᠢᠨ ᠬᠣᠭᠣᠷᠣᠨᠳᠣ ᠪᠠᠴᠢᠮ ᠪᠠᠢᠳᠠᠯ ᠡᠭᠦᠰᠴᠦ ᠪᠠᠢᠯ᠎ᠠ᠃ ᠴᠢᠩᠭᠢᠰ ᠬᠠᠭᠠᠨ  ᠤ᠋ ᠬᠦᠰᠡᠭᠰᠡᠨ ᠬᠦᠰᠡᠯ ᠪᠡᠶᠡᠯᠡᠭᠳᠡᠴᠢᠬᠡᠯ᠎ᠡ᠃ ᠳᠠᠷᠤᠢ ᠮᠦᠬᠠᠮᠸᠳ᠋ ᠬᠡᠳᠦᠢ ᠪᠠᠲᠤ ᠪᠡᠬᠢ ᠬᠣᠲᠠᠨ ᠳᠣᠲᠣᠷ᠎ᠠ ᠰᠠᠭᠤᠵᠤ ᠪᠠᠢᠪᠠᠴᠤ ᠵᠢᠷᠦᠬᠡ ᠪᠡᠨ ᠭᠠᠷ ᠲᠠᠭᠠᠨ ᠠᠳᠬᠤᠭᠠᠳ᠂ ᠲᠤᠯᠭᠠᠷᠠᠵᠤ ᠢᠷᠡᠬᠦ ᠠᠶᠤᠯ ᠠ᠋ᠴᠠ ᠡᠮᠢᠶᠡᠵᠦ ᠪᠠᠢᠵᠠᠢ᠃ ᠲᠡᠭᠡᠭᠡᠳ ᠲᠡᠷᠡ ᠠᠪᠠ ᠬᠢᠬᠦ ᠪᠡᠷ ᠭᠠᠷᠤᠶ᠎ᠠ ᠭᠡᠵᠦ ᠬᠡᠯᠡᠭᠡᠳ ᠨᠢᠱᠡᠫᠥ᠋ᠷ  ᠡᠴᠡ ᠳᠤᠲᠠᠭᠠᠵᠤ ᠭᠠᠷᠤᠭᠠᠳ᠂ ᠲᠡᠭᠦᠨ ᠦ᠌ ᠡᠬᠡ ᠪᠣᠯᠤᠨ ᠭᠡᠯᠢᠮ ᠬᠠᠲᠤᠨ ᠨᠢ ᠬᠦᠷᠦᠭᠡᠳ ᠪᠠᠢᠬᠤ ᠭᠠᠵᠠᠷ ᠢ᠋ ᠴᠢᠭᠯᠡᠵᠦ ᠪᠠᠷᠠᠭᠤᠨᠰᠢ ᠪᠠᠨ ᠳᠤᠲᠠᠭᠠᠪᠠ᠃ ᠲᠡᠭᠦᠨ ᠢ᠋ ᠳᠠᠭᠠᠭᠰᠠᠨ ᠴᠡᠷᠢᠭ ᠢ᠋ᠶ᠋ᠡᠨ ᠴᠦ᠍ ᠲᠡᠷᠡ ᠢᠲᠡᠭᠡᠵᠦ ᠴᠢᠳᠠᠬᠤ ᠦᠭᠡᠢ ᠪᠣᠯᠴᠢᠬᠠᠭᠰᠠᠨ ᠪᠠᠢᠨ᠎ᠠ᠃   ᠠᠮᠢ ᠨᠠᠰᠤᠨ ᠳ᠋ᠤᠨᠢ ᠤᠴᠠᠷᠠᠬᠤ ᠠᠶᠤᠯ ᠠ᠋ᠴᠠ ᠡᠮᠢᠶᠡᠵᠦ ᠲᠡᠷᠡ ᠰᠥᠨᠢ ᠪᠦᠷᠢ ᠡᠨᠡ ᠮᠠᠢᠬᠠᠨ ᠠ᠋ᠴᠠ ᠲᠡᠷᠡ ᠮᠠᠢᠬᠠᠨ ᠳ᠋ᠤ᠌ ᠰᠢᠯᠵᠢᠵᠦ ᠰᠥᠨᠢ ᠶ᠋ᠢ ᠥᠩᠭᠡᠷᠡᠭᠡᠳᠡᠭ ᠪᠣᠯᠵᠠᠢ᠃ ᠭᠡᠪᠡᠴᠦ ᠥᠷᠯᠥᠭᠡ ᠪᠣᠰᠬᠤ ᠪᠦᠷᠢ ᠲᠡᠭᠦᠨ  ᠦ᠌ ᠤᠨᠲᠠᠭᠰᠠᠨ ᠮᠠᠢᠬᠠᠨ ᠳᠡᠭᠡᠷ᠎ᠡ ᠠᠯᠢ ᠣᠯᠠᠨ ᠬᠠᠷᠪᠤᠭᠰᠠᠨ ᠵᠡᠪᠡ ᠪᠠᠢᠳᠠᠭ ᠰᠠᠨ᠃
     ᠡᠨᠡ ᠦᠶ᠎ᠡ ᠡᠴᠡ ᠡᠬᠢᠯᠡᠨ ᠮᠦᠬᠠᠮᠸᠳ᠋ ᠦᠬᠦᠯ ᠦ᠋ᠨ ᠵᠣᠪᠠᠯᠠᠩ ᠤ᠋ᠨ ᠳᠤᠮᠳᠠ ᠡᠳᠦᠷ ᠰᠥᠨᠢ ᠶ᠋ᠢ ᠥᠩᠭᠡᠷᠡᠭᠡᠵᠦ ᠪᠠᠢᠵᠠᠢ᠃ ᠡᠰᠡᠷᠭᠦᠴᠡᠶ᠎ᠡ ᠭᠡᠬᠦ ᠳᠦ ᠬᠦᠴᠦᠨ  ᠦᠭᠡᠢ ᠪᠥᠭᠡᠳ ᠪᠠᠢᠯᠳᠤᠬᠤ ᠵᠣᠷᠢᠭ ᠴᠤ᠌ ᠦᠭᠡᠢ ᠪᠢᠯᠡ᠃ᠠᠪᠠ ᠳ᠋ᠤ᠌ ᠬᠥᠭᠡᠭᠡᠭᠳᠡᠭᠰᠡᠨ ᠭᠥᠷᠥᠭᠡᠰᠦ ᠰᠢᠭ ᠪᠠᠢᠳᠠᠯ ᠳ᠋ᠤ᠌ ᠣᠷᠣᠵᠠᠢ᠃ ᠠᠮᠢ ᠨᠠᠰᠤ ᠶ᠋ᠢ ᠨᠢ ᠠᠪᠤᠷᠠᠬᠤ ᠴᠣᠷ ᠤ᠋ᠨ ᠭᠠᠭᠴᠠ ᠠᠷᠭ᠎ᠠ ᠨᠢ ᠳᠤᠲᠠᠭᠠᠬᠤ ᠯᠠ ᠬᠡᠷᠡᠭ ᠪᠣᠯᠤᠭᠰᠠᠨ ᠶᠤᠮ᠃ ᠳᠠᠩᠴᠢ ᠴᠥᠭᠡᠨ ᠬᠡᠳᠦᠨ ᠰᠢᠳᠤᠷᠭᠤ ᠴᠡᠷᠢᠭ ᠢ᠋ᠶ᠋ᠡᠨ ᠳᠠᠭᠠᠭᠤᠯᠵᠤ ᠬᠠᠭᠠᠨᠲᠤ ᠤᠯᠤᠰ ᠤ᠋ᠨ ᠡᠵᠡᠨ ᠭᠡᠰᠡᠨ ᠦ᠌ ᠣᠷᠣᠨᠴᠣᠭ ᠪᠣᠯᠵᠠᠢ᠃ ᠡᠯᠡᠰᠦ ᠮᠠᠩᠬ᠎ᠠ ᠶ᠋ᠢ ᠲᠤᠭᠤᠯᠵᠤ᠂ ᠠᠭᠤᠯᠠ ᠬᠠᠳᠠ ᠶ᠋ᠢ ᠳᠠᠪᠠᠨ ᠪᠠᠷᠠᠭᠤᠨᠰᠢ ᠪᠠᠨ ᠳᠤᠲᠠᠭᠠᠭᠰᠠᠭᠠᠷ ᠫᠧᠷᠰ᠂ ᠢᠷᠠᠺ᠂ ᠠᠵᠢᠶᠸᠮᠡᠢ ᠢᠷᠠᠺ ᠥᠩᠭᠡᠷᠡᠵᠡᠢ᠃ᠶᠠᠭ ᠰᠠᠢᠬᠠᠨ ᠬᠣᠶᠠᠷ ᠵᠢᠯ ᠦ᠋ᠨ ᠡᠮᠦᠨ᠎ᠡ᠂ ᠬᠠᠯᠢᠹ ᠲᠠᠢ ᠪᠠᠢᠯᠳᠤᠬᠤ ᠪᠠᠷ ᠮᠣᠷᠳᠠᠭᠠᠳ ᠴᠠᠰᠤᠨ ᠳ᠋ᠤ᠌ ᠬᠠᠭᠠᠭᠳᠠᠭᠠᠳ ᠴᠡᠷᠢᠭ ᠪᠤᠴᠠᠭᠰᠠᠨ ᠮᠸᠰᠣᠫᠤᠲ᠋ᠠᠮᠢᠶ᠎ᠠ ᠭᠠᠵᠠᠷ ᠲᠤ᠌ ᠬᠦᠷᠦᠭᠡᠳ ᠣᠴᠢᠭᠰᠠᠨ ᠶᠤᠮ᠃ ᠲᠡᠨᠳᠡ ᠪᠠᠬᠠᠨ ᠵᠣᠭᠰᠣᠯ᠎ᠠ᠃ ᠣᠳᠣ ᠶᠠᠭᠠᠬᠢᠪᠠᠯ ᠲᠠᠭᠠᠷᠠᠬᠤ ᠶᠤᠮ ᠪᠣᠢ? ᠬᠠᠭᠤᠴᠢᠨ ᠳᠠᠢᠰᠤᠨ ᠬᠠᠯᠢᠹ ᠤ᠋ᠨ ᠳᠡᠷᠭᠡᠳᠡ ᠬᠦᠷᠴᠦ ᠲᠣᠯᠣᠭᠠᠢ ᠪᠥᠬᠥᠢᠨ ᠰᠥᠭᠥᠳᠦᠭᠡᠳ ᠠᠭᠤᠴᠢᠯᠠᠯ ᠢ᠋ ᠭᠤᠶᠤᠨ᠎ᠠ ᠤᠤ᠁᠃ ᠡᠨᠡ ᠭᠠᠵᠠᠷ ᠲᠤ᠌ ᠲᠡᠷᠡ ᠬᠣᠶᠠᠷ ᠤᠳᠠᠭ᠎ᠠ ᠬᠣᠢᠰᠢ ᠪᠠᠨ ᠡᠷᠭᠢᠵᠦ ᠪᠤᠴᠠᠭᠰᠠᠨ ᠪᠠᠢᠨ᠎ᠠ᠂ ᠭᠡᠪᠡᠴᠦ ᠡᠨᠡ ᠤᠳᠠᠭ᠎ᠠ ᠪᠣᠯ ᠴᠢᠭᠢᠷᠠᠭ ᠴᠡᠷᠢᠭ ᠢ᠋ᠶ᠋ᠡᠨ  ᠳᠠᠭᠠᠭᠤᠯᠤᠭᠰᠠᠨ ᠪᠠᠢᠯᠳᠤᠨ ᠳᠠᠭᠠᠭᠤᠯᠤᠭᠴᠢ ᠪᠢᠰᠢ᠂ ᠣᠳᠣ ᠪᠣᠯ ᠮᠣᠩᠭᠣᠯ ᠴᠡᠷᠢᠭ ᠲᠦ᠍ ᠬᠥᠭᠡᠭᠡᠭᠳᠡᠭᠡᠳ ᠠᠮᠢ ᠨᠠᠰᠤ ᠪᠠᠨ ᠶᠠᠭᠠᠬᠢᠵᠤ ᠬᠠᠮᠠᠭᠠᠯᠠᠬᠤ ᠶ᠋ᠢ ᠪᠣᠳᠣᠵᠤ ᠪᠠᠢᠭ᠎ᠠ ᠬᠥᠭᠡᠷᠦᠬᠦᠢ ᠣᠷᠭᠣᠳᠤᠤᠯ ᠪᠣᠯᠤᠭᠰᠠᠨ ᠲᠡᠳᠦᠢ ᠪᠠᠢᠵᠠᠢ᠃ ᠮᠣᠩᠭᠣᠯ ᠴᠡᠷᠢᠭ ᠶᠠᠭ ᠳᠤᠲᠠᠭᠠᠵᠤ ᠭᠠᠷᠤᠭᠰᠠᠨ ᠠᠩ ᠭᠥᠷᠦᠭᠡᠰᠦᠨ  ᠦ᠌ ᠠᠷᠤ ᠠ᠋ᠴᠠ ᠲᠠᠯᠪᠢᠭᠰᠠᠨ ᠲᠠᠢᠭ᠎ᠠ ᠮᠡᠲᠦ ᠪᠡᠷ ᠲᠡᠭᠦᠨ  ᠦ᠌ ᠮᠥᠷ ᠢ᠋ ᠮᠥᠷᠳᠡᠭᠡᠳ ᠮᠣᠷᠢ ᠳᠣᠪᠲᠣᠯᠭᠠᠨ ᠢᠷᠡᠯ᠎ᠡ᠃
     ᠦᠨᠡᠨ ᠳ᠋ᠡᠭᠡᠨ ᠰᠦᠪᠡᠭᠡᠳᠡᠢ ᠪᠣᠯᠤᠨ ᠵᠡᠪᠡ ᠶ᠋ᠢᠨ ᠴᠡᠷᠢᠭ ᠨᠢ ᠮᠦᠬᠠᠮᠸᠳ᠋ ᠠ᠋ᠴᠠ ᠶᠠᠭ ᠰᠠᠯᠤᠶ᠎ᠠ ᠭᠡᠰᠡᠨ ᠦᠭᠡᠢ  ᠶᠦᠮ᠂ ᠲᠡᠳᠡᠨᠡᠷ ᠨᠢᠱᠡᠫᠥ᠋ᠷ ᠲᠦ᠍ ᠬᠦᠷᠦᠮᠡᠭᠴᠡ᠂ ᠱᠠᠭ ᠤ᠋ᠨ ᠳᠤᠲᠠᠭᠠᠭᠰᠠᠨ ᠢ᠋ ᠮᠡᠳᠡᠭᠰᠡᠨ ᠳᠠᠷᠤᠢ ᠨᠢᠱᠡᠫᠥ᠋ᠷ ᠬᠣᠲᠠ ᠶ᠋ᠢ ᠪᠦᠰᠡᠯᠡᠨ ᠴᠣᠬᠢᠶ᠎ᠠ ᠭᠡᠵᠦ ᠪᠣᠳᠣᠭᠰᠠᠨ ᠦᠭᠡᠢ᠂ ᠲᠡᠳᠡᠨ ᠡᠴᠡ ᠠᠮᠤ ᠪᠤᠳᠠᠭ᠎ᠠ᠂ ᠡᠪᠡᠰᠦ ᠪᠣᠷᠳᠣᠭ᠎ᠠ ᠠᠪᠤᠭᠰᠠᠨ ᠲᠡᠳᠦᠢ ᠪᠢᠯᠡ᠃ ᠵᠡᠪᠡ ᠨᠣᠶᠠᠨ  ᠲᠡᠨᠳᠡᠬᠢ ᠰᠠᠭᠤᠭᠠᠯᠢ ᠠᠷᠠᠳ ᠲᠤ᠌ ᠬᠡᠯᠡᠭᠰᠡᠨ ᠨᠢ᠄ 
  《ᠬᠡᠷᠪᠡ ᠲᠠᠨᠤᠰ ᠠᠮᠢ ᠨᠠᠰᠤ᠂ᠡᠳ᠋ ᠬᠥᠷᠥᠩᠭᠡ ᠪᠡᠨ ᠠᠶᠤᠯ ᠦᠭᠡᠢ ᠪᠡᠷ ᠬᠠᠮᠠᠭᠠᠯᠠᠶ᠎ᠠ ᠭᠡᠵᠦ ᠬᠦᠰᠡᠪᠡᠯ᠂ ᠬᠣᠲᠠ ᠶ᠋ᠢᠨ ᠬᠡᠷᠡᠮ ᠦ᠋ᠨ ᠥᠨᠳᠥᠷ ᠪᠠ ᠪᠡᠬᠢ ᠭᠡᠬᠦ᠂ᠰᠠᠬᠢᠭᠰᠠᠨ ᠴᠡᠷᠢᠭ ᠦ᠋ᠨ ᠲᠣᠭ᠎ᠠ ᠣᠯᠠᠨ᠂ ᠬᠠᠮᠠᠭᠠᠯᠠᠬᠤ ᠠᠷᠭ᠎ᠠ ᠨᠢ ᠰᠠᠢᠨ ᠭᠡᠬᠦ ᠳ᠋ᠡᠭᠡᠨ ᠡᠷᠲᠡᠢᠬᠦ ᠬᠡᠷᠡᠭ ᠦᠭᠡᠢ᠃ ᠬᠠᠷᠢᠨ ᠨᠥᠬᠥᠷᠰᠡᠭ ᠰᠠᠢᠨ ᠰᠡᠳᠬᠢᠯ ᠢ᠋ᠶ᠋ᠡᠷ ᠮᠣᠩᠭᠣᠯ ᠴᠡᠷᠢᠭ ᠦ᠋ᠨ ᠡᠮᠦᠨ᠎ᠡ ᠭᠦᠶᠦᠵᠦ ᠲᠤᠰᠢᠶᠠᠭᠰᠠᠨ ᠵᠠᠷᠯᠢᠭ ᠢ᠋ ᠨᠢ ᠪᠡᠶᠡᠯᠡᠭᠦᠯᠵᠦ ᠪᠠᠢᠭᠠᠷᠠᠢ》 ᠭᠡᠵᠡᠢ᠃ ᠲᠡᠭᠡᠭᠡᠳ ᠮᠣᠩᠭᠣᠯ ᠴᠡᠷᠢᠭ ᠱᠠᠭ ᠢ᠋ ᠨᠡᠬᠡᠮᠵᠢᠯᠡᠬᠦ ᠪᠡᠷ ᠨᠡᠩ ᠬᠣᠯᠠ ᠠᠶᠠᠨ ᠳ᠋ᠤ᠌ ᠮᠣᠷᠳᠠᠵᠠᠢ᠃ ᠵᠠᠮ ᠵᠠᠭᠤᠷᠠᠬᠢ ᠨᠢᠭᠡᠨ ᠬᠣᠲᠠᠨ ᠳ᠋ᠤ᠌ ᠱᠠᠭ ᠤ᠋ᠨ ᠡᠬᠡ ᠪᠠ ᠭᠡᠯᠢᠮ ᠬᠠᠲᠤᠨ ᠢ᠋ ᠨᠢ ᠣᠯᠵᠤ ᠠᠪᠤᠪᠠ᠃ ᠪᠠᠰᠠ ᠥᠭᠡᠷ᠎ᠡ ᠨᠢᠭᠡᠨ ᠭᠠᠵᠠᠷ ᠠ᠋ᠴᠠ ᠬᠠᠭᠠᠨ  ᠤ᠋ ᠣᠷᠳᠣᠨ  ᠤ᠋ ᠡᠳ᠋ ᠡᠷᠳᠡᠨᠢ ᠶ᠋ᠢ ᠦᠯᠡᠳᠡᠭᠡᠯ ᠦᠭᠡᠢ ᠣᠯᠵᠤ ᠠᠪᠤᠭᠠᠳ᠂ ᠡᠳᠡᠭᠡᠷ ᠪᠦᠬᠦᠨ ᠢ᠋ ᠰᠠᠮᠠᠷᠺᠠᠨᠳ᠋ ᠲᠦ᠍ ᠬᠦᠷᠭᠡᠵᠡᠢ᠃ ᠲᠡᠨᠳᠡ ᠴᠢᠩᠭᠢᠰ ᠬᠠᠭᠠᠨ ᠨᠢᠭᠡᠨᠲᠡ  ᠣᠷᠳᠣᠨ ᠪᠠᠢᠭᠤᠯᠵᠤ ᠰᠠᠭᠤᠭᠠᠳ᠂ ᠭᠤᠷᠪᠠᠨ ᠮᠢᠩᠭᠠᠨ ᠺᠢᠯᠣᠮᠧᠲ᠋ᠷ ᠦ᠋ᠨ ᠠᠯᠤᠰ ᠬᠣᠯᠠ ᠭᠠᠵᠠᠷ ᠲᠤ᠌ ᠬᠣᠶᠠᠷ ᠥᠷᠯᠥᠭ ᠦ᠋ᠨ ᠢ᠋ᠶ᠋ᠡᠨ ᠳᠣᠭᠰᠢᠨ ᠰᠦᠷᠡᠬᠡᠢ ᠪᠡᠷ ᠶᠠᠪᠤᠭᠤᠯᠵᠤ ᠪᠠᠢᠭ᠎ᠠ ᠠᠪᠠ ᠶ᠋ᠢᠨ ᠦᠷ᠎ᠡ ᠳ᠋ᠦᠩ ᠢ᠋ ᠯᠠᠪᠳᠠᠭᠤᠨ ᠢ᠋ᠶ᠋ᠠᠷ ᠬᠦᠯᠢᠶᠡᠵᠦ ᠰᠠᠭᠤᠯ᠎ᠠ᠃
     ᠷᠠᠶᠠ( ᠣᠳᠣ ᠶ᠋ᠢᠨ ᠲᠧᡁᠷᠠᠨ ᠬᠣᠲᠠ ᠶ᠋ᠢᠨ ᠲᠣᠭᠣᠷᠢᠭ) ᠤ᠋ᠨ ᠸᠠᠩ ᠤ᠋ᠨ ᠣᠷᠳᠣᠨ ᠤ᠋ ᠡᠮᠦᠨ᠎ᠡ ᠭᠤᠷᠪᠠᠨ ᠲᠦᠮᠡᠨ ᠴᠡᠷᠢᠭ ᠢᠷᠡᠭᠡᠳ ᠵᠢᠭᠰᠠᠭᠠᠯ ᠵᠢᠭᠰᠠᠵᠤ ᠮᠣᠩᠭᠣᠯ ᠴᠡᠷᠢᠭ ᠢ᠋ ᠤᠭᠲᠤᠨ ᠪᠠᠢᠯᠳᠤᠬᠤ ᠪᠠᠷ ᠬᠦᠯᠢᠶᠡᠭᠰᠡᠨ ᠪᠣᠯᠪᠠᠴᠤ ᠡᠨᠡᠬᠦ ᠴᠡᠷᠢᠭ ᠨᠢ ᠮᠣᠩᠭᠣᠯ ᠴᠡᠷᠢᠭ ᠲᠦ᠍ ᠳᠡᠢᠯᠦᠭᠳᠡᠭᠡᠳ ᠪᠤᠲᠠᠷᠠᠵᠤ ᠰᠠᠷᠨᠢᠯ᠎ᠠ᠃ ᠡᠨᠡ ᠬᠣᠲᠠ ᠶ᠋ᠢᠨ ᠰᠠᠭᠤᠭᠠᠯᠢ ᠠᠷᠠᠳ ᠨᠢ ᠬᠣᠶᠠᠷ ᠨᠠᠮ ᠪᠦᠯᠦᠭ ᠪᠣᠯᠤᠨ ᠬᠤᠪᠢᠶᠠᠭᠳᠠᠵᠤ ᠪᠠᠢᠭᠰᠠᠨ ᠶᠤᠮ᠃ ᠨᠢᠭᠡᠨ ᠪᠦᠯᠦᠭ ᠨᠢ ᠮᠣᠩᠭᠣᠯ ᠴᠡᠷᠢᠭ ᠲᠦ᠍ ᠨᠥᠬᠥᠷᠰᠡᠭ ᠰᠡᠳᠬᠢᠯ ᠲᠡᠢ ᠪᠣᠯᠬᠣᠷ᠂ ᠨᠥᠭᠦᠭᠡ ᠪᠦᠯᠦᠭ ᠳᠠᠰᠢ ᠪᠠᠨ ᠳᠠᠭᠠᠷᠢᠨ ᠰᠢᠪᠲᠤᠯᠤᠭᠰᠠᠨ ᠪᠠᠢᠨ᠎ᠠ᠃ ᠨᠢᠭᠡ ᠨᠢ ᠨᠥᠭᠦᠭᠡ ᠪᠡᠨ ᠪᠠᠷᠢᠭᠰᠠᠨ ᠬᠣᠢᠨ᠎ᠠ ᠨᠠᠢᠷ ᠢᠯᠳᠠᠷ ᠦᠭᠡᠢ ᠬᠠᠮᠤᠭ ᠮᠠᠭᠤ ᠪᠠᠷ ᠡᠷᠡᠭᠦᠦ ᠲᠤᠯᠭᠠᠨ ᠠᠯᠠᠵᠤ ᠪᠠᠢᠵᠠᠢ᠃ ᠰᠦᠪᠡᠭᠡᠳᠡᠢ ᠮᠣᠷᠢ ᠤᠨᠤᠨ ᠬᠣᠲᠠᠨ ᠳ᠋ᠤ᠌ ᠣᠷᠣᠵᠤ᠂ ᠡᠳᠡᠨ ᠦ᠌ ᠠᠯᠠᠯᠳᠤᠵᠤ ᠪᠠᠢᠭᠰᠠᠨ ᠪᠠᠢᠳᠠᠯ ᠢ᠋ ᠨᠢᠳᠦ ᠪᠡᠷ ᠢ᠋ᠶ᠋ᠡᠨ ᠦᠵᠡᠭᠰᠡᠨ ᠶᠦᠮ᠃ ᠥᠪᠡᠷ ᠦ᠋ᠨ ᠠᠬ᠎ᠠ ᠳᠡᠭᠦᠦ ᠨᠠᠷ ᠢ᠋ᠶ᠋ᠠᠨ ᠡᠨᠡ ᠮᠡᠲᠦ ᠬᠠᠷ᠎ᠠ ᠬᠣᠣᠷ ᠲᠠᠢ ᠠᠯᠠᠬᠤ ᠶ᠋ᠢᠨ ᠮᠠᠭᠤ ᠪᠠᠷ ᠠᠯᠠᠳᠠᠭ ᠠᠮᠢᠲᠠᠳ ᠢ᠋ ᠶᠠᠭᠠᠬᠢᠵᠤ ᠢᠲᠡᠭᠡᠵᠦ ᠪᠣᠯᠬᠤ ᠠᠵᠢ ᠭᠡᠵᠦ ᠪᠣᠳᠣᠭᠠᠳ ᠵᠠᠷᠯᠠᠯ ᠪᠠᠭᠤᠯᠭᠠᠨ ᠦᠯᠡᠳᠡᠭᠰᠡᠨ ᠡᠨᠡ ᠨᠠᠮ ᠪᠦᠯᠦᠭ ᠦ᠋ᠨ ᠬᠥᠮᠦᠰ ᠢ᠋ ᠪᠦᠷ ᠬᠢᠳᠤᠵᠤ ᠠᠯᠠᠪᠠ᠃ ᠷᠠᠶᠠ ᠶ᠋ᠢᠨ ᠸᠠᠩ ᠤ᠋ᠨ ᠣᠷᠳᠣᠨ ᠳ᠋ᠤ᠌ ᠤᠲᠤᠭ᠎ᠠ ᠮᠠᠨᠠᠷᠠᠨ ᠣᠷᠣ ᠦᠭᠡᠢ ᠦᠨᠡᠰᠦᠨ ᠲᠣᠪᠷᠠᠭ ᠪᠣᠯᠪᠠ᠃
     ᠬᠠᠮᠠᠲᠠᠨ ᠳ᠋ᠤ᠌ ᠬᠦᠷᠦᠭᠡᠳ ᠬᠣᠶᠠᠷ ᠥᠷᠯᠥᠭ ᠭᠡᠨᠡᠳᠲᠡ ᠮᠦᠬᠠᠮᠸᠳ᠋ ᠦ᠋ᠨ ᠮᠥᠷ ᠢ᠋ ᠠᠯᠳᠠᠴᠢᠬᠠᠭᠰᠠᠨ ᠪᠠᠢᠯ᠎ᠠ᠃ ᠲᠡᠭᠡᠭᠡᠳ ᠮᠣᠩᠭᠣᠯ ᠴᠡᠷᠢᠭ ᠣᠯᠠᠨ ᠰᠠᠯᠪᠤᠷᠢ ᠠᠩᠭᠢ ᠬᠤᠪᠢᠶᠠᠵᠤ ᠪᠦᠬᠦ ᠣᠷᠣᠨ ᠢ᠋ᠶ᠋ᠠᠷ ᠨᠢ ᠨᠡᠩᠵᠢᠵᠦ ᠡᠷᠢᠭᠰᠡᠨ ᠳ᠋ᠦ᠍ ᠨᠢᠭᠡᠨ ᠰᠠᠯᠪᠤᠷᠢ ᠠᠩᠭᠢ ᠨᠢ ᠮᠣᠷᠢᠲᠤ ᠴᠡᠷᠢᠭ ᠦ᠋ᠨ ᠨᠢᠭᠡᠨ ᠠᠩᠭᠢ ᠲᠠᠢ ᠠᠭᠤᠯᠵᠠᠵᠠᠢ᠃ ᠡᠨᠡᠬᠦ ᠮᠣᠷᠢᠲᠤ ᠴᠡᠷᠢᠭ ᠦ᠋ᠨ ᠠᠩᠭᠢ ᠶ᠋ᠢᠨ ᠳᠣᠲᠣᠷ᠎ᠠ ᠠ᠋ᠴᠠ ᠨᠢᠭᠡᠨ ᠰᠠᠢᠨ ᠮᠣᠷᠢ ᠤᠨᠤᠭᠰᠠᠨ ᠬᠥᠮᠦᠨ᠂ ᠨᠡᠬᠡᠭᠴᠢᠳ ᠦ᠋ᠨ ᠰᠤᠮᠤᠨ ᠳ᠋ᠤ᠌ ᠣᠨᠣᠭᠳᠠᠵᠤ ᠰᠢᠷᠬᠠᠳᠤᠭᠰᠠᠨ ᠪᠣᠯᠪᠠᠴᠤ ᠬᠠᠷᠢᠨ ᠮᠣᠷᠢᠨ ᠳᠡᠯ ᠢ᠋ᠶ᠋ᠡᠨ ᠰᠢᠭᠦᠷᠡᠨ ᠠᠳᠬᠤᠭᠠᠳ ᠲᠦᠷᠭᠡᠨ ᠳᠤᠲᠠᠭᠠᠪᠠ᠃ ᠡᠨᠡ ᠨᠢ ᠳᠠᠷᠤᠢ ᠳᠤᠲᠠᠭᠠᠬᠤ ᠵᠠᠮ ᠢ᠋ᠶ᠋ᠠᠨ ᠬᠤᠪᠢᠷᠠᠭᠤᠯᠤᠭᠠᠳ ᠵᠢᠭᠤᠲᠠᠭᠰᠠᠨ ᠱᠠᠭ ᠮᠥᠨ ᠪᠠᠢᠵᠠᠢ᠃ ᠱᠠᠭ ᠺᠠᠰᠫᠢ ᠶ᠋ᠢᠨ ᠲᠠᠩᠭᠢᠰ ᠢ᠋ ᠭᠡᠲᠦᠯᠵᠦ ᠳᠤᠲᠠᠭᠠᠬᠤ ᠭᠡᠵᠦ ᠠᠮᠢ ᠲᠡᠮᠡᠴᠡᠵᠡᠢ᠃ ᠰᠦᠪᠡᠭᠡᠳᠡᠢ ᠱᠠᠭ ᠤ᠋ᠨ ᠮᠥᠷ ᠢ᠋ ᠳᠠᠭᠠᠵᠤ ᠨᠡᠬᠡᠭᠰᠡᠭᠡᠷ ᠺᠠᠰᠫᠢ ᠶ᠋ᠢᠨ ᠲᠠᠩᠭᠢᠰ ᠤ᠋ᠨ ᠬᠥᠪᠡᠭᠡᠨ ᠳ᠋ᠦ᠍ ᠬᠦᠷᠦᠭᠰᠡᠨ ᠦᠶ᠎ᠡ ᠳ᠋ᠤ᠌᠂ ᠲᠠᠩᠭᠢᠰ ᠤ᠋ᠨ ᠠᠷᠠᠯ ᠳ᠋ᠤ᠌ ᠨᠢᠭᠡᠨ ᠴᠠᠭᠠᠨ ᠳᠠᠷᠪᠠᠭᠤᠯ ᠬᠠᠷᠠᠭᠳᠠᠭᠰᠠᠨ ᠪᠢᠯᠡ᠃ ᠲᠡᠷᠡ ᠴᠠᠭᠠᠨ ᠳᠠᠷᠪᠠᠭᠤᠯ ᠨᠢ ᠰᠦᠪᠡᠭᠡᠳᠡᠢ ᠶ᠋ᠢᠨ ᠭᠠᠷ ᠬᠦᠷᠴᠦ ᠴᠢᠳᠠᠬᠤ ᠦᠭᠡᠢ ᠭᠠᠵᠠᠷ ᠵᠦᠭ ᠬᠥᠪᠦᠭᠡᠳ ᠶᠠᠪᠤᠯ᠎ᠠ᠃ 
     ᠲᠤᠬᠠᠢ ᠶ᠋ᠢᠨ ᠦᠶ᠎ᠡ  ᠳ᠋ᠦ᠍ ᠪᠠᠢᠯᠳᠤᠨ ᠳᠠᠭᠠᠭᠤᠯᠤᠭᠴᠢ ᠪᠥᠭᠡᠳ ᠬᠠᠮᠤᠭ ᠤ᠋ᠨ ᠬᠦᠴᠦᠷᠬᠡᠭ ᠬᠠᠭᠠᠨ ᠬᠡᠮᠡᠭᠳᠡᠵᠦ ᠪᠠᠢᠭᠰᠠᠨ ᠠᠯᠠ— ᠣᠳ᠋— ᠳ᠋ᠢᠨ· ᠮᠦᠬᠠᠮᠸᠳ᠋ ᠳᠡᠢᠯᠦᠭᠳᠡᠵᠦ ᠭᠣᠷᠢ ᠲᠠᠰᠤᠷᠠᠭᠠᠳ ᠤᠢᠳᠬᠠᠷ ᠲᠠᠢ ᠪᠠᠷ ᠦᠬᠦᠭᠰᠡᠨ ᠨᠢ ᠳᠠᠷᠤᠢ ᠺᠠᠰᠫᠢ   ᠶ᠋ᠢᠨ ᠲᠠᠩᠭᠢᠰ ᠤ᠋ᠨ ᠨᠢᠭᠡᠨ ᠠᠷᠠᠯ ᠳᠡᠭᠡᠷ᠎ᠡ ᠪᠠᠢᠵᠤ ᠪᠢᠯᠡ᠃ ᠲᠡᠷᠡ ᠲᠡᠨᠳᠡ ᠮᠤᠬᠤᠷᠳᠠᠬᠤ ᠶ᠋ᠢᠨ ᠲᠤᠢᠯ ᠳ᠋ᠤ᠌ ᠬᠦᠷᠦᠭᠡᠳ ᠣᠷᠬᠢᠮᠵᠢ ᠬᠤᠳᠠᠯᠳᠤᠨ ᠠᠪᠬᠤ ᠲᠡᠩᠬᠡᠭᠡ ᠴᠦ᠍ ᠦᠭᠡᠢ ᠪᠣᠯᠵᠤ ᠤᠷᠠᠩᠬᠠᠢ ᠬᠤᠪᠴᠠᠰᠤ ᠲᠠᠢ ᠪᠠᠷ ᠢ᠋ᠶ᠋ᠠᠨ ᠡᠨᠡᠬᠦ ᠪᠠᠭ᠎ᠠ ᠠᠷᠠᠯ ᠳ᠋ᠤ᠌ ᠪᠤᠯᠠᠰᠢᠯᠠᠭᠳᠠᠪᠠ᠃ 
     ᠮᠦᠬᠠᠮᠸᠳ᠋ ᠤ᠋ᠨ ᠡᠢᠮᠦᠷᠬᠦ ᠡᠮᠭᠡᠨᠢᠯᠲᠡᠢ ᠵᠦᠴᠦᠭᠡ ᠮᠡᠲᠦ ᠪᠡᠷ ᠠᠮᠢ ᠨᠠᠰᠤ ᠪᠠᠨ ᠪᠠᠷᠠᠭᠠᠭᠰᠠᠨ ᠲᠤᠬᠠᠢ ᠶᠠᠭᠤ ᠶ᠋ᠢ ᠴᠦ᠍ ᠮᠡᠳᠡᠭᠰᠡᠨ ᠦᠭᠡᠢ ᠰᠦᠪᠡᠭᠡᠳᠡᠢ ᠳᠠᠷᠤᠢ 《ᠰᠤᠮᠤ ᠮᠡᠲᠦ ᠲᠦᠷᠭᠡᠨ》ᠮᠣᠷᠢᠲᠠᠨ ᠢ᠋ᠶ᠋ᠠᠨ ᠶᠠᠪᠤᠭᠤᠯᠵᠤ᠂ ᠪᠠᠢᠳᠠᠯ ᠢ᠋ ᠲᠡᠷᠡ ᠬᠡᠪ ᠢ᠋ᠶ᠋ᠡᠷ ᠨᠢ ᠴᠢᠩᠭᠢᠰ ᠬᠠᠭᠠᠨ ᠳ᠋ᠤ᠌ ᠮᠡᠳᠡᠭᠦᠯᠪᠡ᠃ ᠱᠠᠭ ᠪᠣᠯ ᠣᠩᠭᠣᠴᠠᠨ ᠳ᠋ᠤ᠌ ᠰᠠᠭᠤᠭᠠᠳ ᠺᠠᠰᠫᠢ   ᠶ᠋ᠢᠨ ᠲᠠᠩᠭᠢᠰ ᠳᠣᠲᠣᠷ᠎ᠠ ᠵᠠᠮᠬᠠᠷᠠᠭᠰᠠᠨ ᠭᠡᠵᠦ ᠮᠡᠳᠡᠭᠦᠯᠵᠡᠢ᠃ᠳᠠᠷᠠᠭ᠎ᠠ ᠳ᠋ᠤᠨᠢ ᠲᠡᠷᠡ ᠴᠡᠷᠢᠭ ᠮᠣᠷᠢ ᠠᠮᠠᠷᠠᠭᠤᠯᠬᠤ ᠪᠠᠷ ᠵᠠᠷᠯᠠᠨ ᠺᠠᠰᠫᠢ  ᠶ᠋ᠢᠨ ᠲᠠᠩᠭᠢᠰ ᠤ᠋ᠨ ᠬᠥᠪᠡᠭᠡᠨ  ᠳ᠋ᠡᠬᠢ ᠬᠣᠲᠣᠭᠣᠷ ᠲᠠᠯ᠎ᠠ ᠳ᠋ᠤ᠌ ᠡᠪᠦᠯᠵᠢᠬᠦ ᠪᠡᠷ ᠪᠡᠯᠡᠳᠬᠡᠪᠡ᠃ 
     ᠰᠦᠪᠡᠭᠡᠳᠡᠢ ᠪᠣᠯᠤᠨ ᠵᠡᠪᠡ  ᠶ᠋ᠢᠨ ᠴᠡᠷᠢᠭ ᠺᠠᠰᠫᠢ   ᠶ᠋ᠢᠨ ᠲᠠᠩᠭᠢᠰ ᠤ᠋ᠨ ᠬᠥᠪᠡᠭᠡᠨ ᠳ᠋ᠦ᠍ ᠬᠦᠷᠦᠭᠰᠡᠨ ᠬᠡᠷᠡᠭ᠂ ᠲᠡᠳᠡᠨᠡᠷ ᠱᠠᠭ ᠢ᠋ ᠨᠡᠬᠡᠵᠦ  ᠡᠷᠭᠢᠯᠳᠦᠭᠰᠡᠨ ᠬᠡᠷᠡᠭ᠂ ᠲᠡᠳᠡᠨᠦᠰ ᠴᠡᠷᠢᠭ ᠦ᠋ᠨ ᠬᠦᠷᠢᠶ᠎ᠡ  ᠶ᠋ᠢᠨ ᠭᠠᠳᠠᠭᠤᠷ ᠬᠠᠷᠠᠭᠤᠯ ᠤ᠋ᠨ ᠴᠡᠷᠢᠭ ᠣᠷᠣᠵᠤ ᠭᠠᠷᠴᠤ ᠪᠠᠢᠭᠰᠠᠨ ᠬᠡᠷᠡᠭ᠃ ᠡᠳᠡᠭᠡᠷ ᠴᠢᠮᠡᠭᠡ  ᠶ᠋ᠢᠨ ᠬᠡᠯᠪᠡᠷᠢ ᠮᠠᠶᠢᠭ ᠨᠢ ᠬᠤᠪᠢᠷᠠᠭᠠᠳ ᠳ᠋ᠠᠮᠢᠶᠸᠳᠲ᠋ᠤ ᠳ᠋ᠤ᠌ ᠬᠦᠷᠦᠭᠡᠳ᠂ ᠲᠡᠷᠡ ᠭᠠᠵᠠᠷ ᠪᠠᠢᠯᠳᠤᠵᠤ ᠪᠠᠢᠭᠰᠠᠨ ᠵᠠᠭᠠᠯᠮᠠᠢ ᠲᠡᠮᠳᠡᠭ ᠲᠡᠮᠳᠡᠭᠲᠦ ᠴᠡᠷᠢᠭ  ᠢ᠋ ᠪᠠᠶᠠᠰᠬᠠᠯ᠎ᠠ᠃ ᠡᠳᠡᠭᠡᠷ ᠦᠢᠮᠡᠭᠡᠨ ᠱᠤᠤᠭᠢᠶᠠᠨ ᠨᠢ ᠫᠷᠸᠰᠲ᠋ᠸᠷ ᠵᠢᠶᠦ᠋ᠨ ‍ᠦ ᠦᠯᠢᠭᠡᠷ ᠪᠣᠯᠵᠤ ᠪᠠᠭᠲᠠᠳ᠋  ᠤ᠋ᠨ ᠬᠠᠯᠢᠹ ᠪᠣᠯᠤᠨ ᠨᠢᠰᠲ᠋ᠤᠷᠢ ᠱᠠᠰᠢᠨ  ᠤ᠋ ᠫᠠᠫᠠ ᠯᠠᠮᠠ ᠂ ᠴᠢᠩᠭᠢᠰ ᠬᠠᠭᠠᠨ ᠳ᠋ᠤ᠌ ᠡᠯᠴᠢ ᠲᠣᠮᠢᠯᠠᠭᠰᠠᠨ ᠨᠢ ᠪᠦᠷ ᠡᠷᠦᠢ ᠬᠤᠷᠤᠢ ᠦᠭᠡᠢ ᠬᠣᠯᠢᠯᠳᠤᠭᠠᠳ᠂ ᠳᠠᠷᠠᠭ᠎ᠠ ᠵᠢᠯ ᠦ᠋ᠨ ᠬᠠᠪᠤᠷ ᠵᠠᠶᠢᠭ · ᠳ᠋ᠣ᠋· ᠠ᠋ᠴᠠ ᠷᠣᠮ ᠤ᠋ᠨ ᠱᠠᠰᠢᠨ  ᠤ᠋ ᠬᠠᠭᠠᠨ ᠪᠣᠯᠤᠨ ᠧᠦ᠋ᠷᠣᠫᠠ  ᠶ᠋ᠢᠨ ᠣᠯᠠᠨ ᠨᠣᠶᠠᠳ ᠲᠠᠭᠠᠨ ᠲᠡᠷᠡᠬᠦ ᠶᠡᠷᠦ ᠪᠤᠰᠤ ᠶ᠋ᠢᠨ ᠵᠠᠬᠢᠳᠠᠯ ᠢ᠋ ᠪᠢᠴᠢᠭᠰᠡᠨ ᠪᠢᠯᠡ᠃ ᠯᠠᠯᠤ ᠶ᠋ᠢᠨ ᠮᠥᠷᠭᠥᠯᠲᠡᠨ ᠱᠠᠭ ᠤ᠋ᠨ ᠳᠠᠢᠰᠤᠨ ᠢ᠋ ᠾᠷᠢᠰᠲ᠋ᠣᠰ ᠢ᠋ ᠰᠢᠲᠦᠬᠦ ᠪᠠᠢᠯᠳᠤᠭᠴᠢ ᠪᠣᠯᠪᠠ᠃ ᠴᠢᠩᠭᠢᠰ ᠬᠠᠭᠠᠨ  ᠤ᠋ ᠵᠢᠶᠦ᠋ᠨ  ᠦ᠌ ᠠᠴᠢ᠂ ᠳ᠋ᠡᠸᠢᠳ᠋ ᠸᠠᠩ ᠪᠣᠯᠵᠤ᠂ ᠺᠠᠰᠫᠢ ᠶ᠋ᠢᠨ ᠲᠠᠩᠭᠢᠰ ᠤ᠋ᠨ ᠠᠷᠤ ᠲᠠᠢᠰᠢ ᠬᠠᠨᠳᠤᠭᠰᠠᠨ ᠮᠣᠩᠭᠣᠯ ᠴᠡᠷᠢᠭ ᠦ᠋ᠨ ᠠᠵᠢᠯᠯᠠᠭ᠎ᠠ ᠨᠢ ᠶᠸᠷᠦᠰᠡᠯᠸᠮ ᠢ᠋ ᠪᠠᠢᠯᠳᠤᠨ ᠳᠠᠭᠠᠭᠤᠯᠬᠤ ᠪᠠᠷ ᠪᠡᠯᠡᠳᠬᠡᠯ ᠬᠢᠵᠦ᠂ᠠᠷᠤ ᠲᠠᠯ᠎ᠠ  ᠪᠠᠨ ᠠᠶᠤᠯ ᠦᠭᠡᠢ ᠪᠣᠯᠭᠠᠬᠤ ᠪᠠᠷ ᠠᠪᠤᠭᠰᠠᠨ ᠠᠷᠭ᠎ᠠ ᠬᠡᠮᠵᠢᠶ᠎ᠡ ᠭᠡᠰᠡᠨ ᠶᠠᠭᠤᠮ᠎ᠠ ᠪᠣᠯᠴᠢᠬᠠᠭᠰᠠᠨ ᠶᠤᠮ᠃

  ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠴᠡᠴᠡᠭ᠂ ᠡᠷᠳᠡᠨᠢᠭᠤᠸ᠎ᠠ᠂ ᠲᠣᠭᠲᠠᠭᠤᠨ
  ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠣᠳᠬᠠᠨᠰᠣ᠎ᠠ᠂ ᠬᠡᠷᠡᠢᠳ ᠮᠥᠨᠬᠡᠨᠠᠰᠤᠨ