ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠵᠢᠷᠭᠤᠭ᠎ᠠ) Үүрийн туяа I – Б ᠂ Ренчин Тэргүүн дэвтэр "Манжийн талхинд" (26)
ᠬᠣᠷᠢᠨ ᠵᠢᠷᠭᠤᠭ᠎ᠠ᠂ ᠭᠡᠷ ᠲᠡᠭᠡᠨ ᠬᠠᠷᠢᠯ᠎ᠠ
ᠲᠥᠷᠥᠯ ᠢ᠋ᠶ᠋ᠡᠨ ᠮᠡᠳᠡᠬᠦ ᠦᠭᠡᠢ ᠨᠣᠬᠠᠢ
(ᠠᠷᠠᠳ ᠤ᠋ᠨ ᠰᠡᠴᠡᠨ ᠦᠭᠡ)
ᠬᠠᠪᠤᠷ ᠰᠤᠨᠤᠮ ᠵᠠᠩᠭᠢ ᠶ᠋ᠢᠨ ᠳ᠋ᠦ᠍ ᠰᠢᠷᠴᠢᠨ ᠦ᠌ ᠠᠬ᠎ᠠ ᠥᠨᠥᠬᠢ ᠯᠡ ᠪᠣᠷᠣ ᠮᠣᠷᠢ ᠪᠠᠨ ᠤᠨᠤᠭᠰᠠᠭᠠᠷ ᠢᠷᠡᠵᠡᠢ᠃ ᠰᠢᠷᠴᠢᠨ ᠠᠬ᠎ᠠ ᠶᠢᠨ ᠮᠣᠷᠢ ᠶ᠋ᠢ ᠲᠣᠰᠴᠤ ᠠᠪᠬᠤ ᠭᠡᠵᠦ ᠭᠠᠷᠤᠭᠠᠳ᠂ ᠲᠡᠷᠡ ᠵᠢᠯ ᠪᠢ ᠡᠭᠦᠨ ᠢ᠋ ᠴᠢᠳᠥᠷ ᠦ᠋ᠨ ᠭᠠᠭᠴᠠ ᠮᠣᠷᠢ ᠲᠠᠢ ᠭᠡᠵᠦ ᠲᠠᠭᠠᠮᠠᠭᠯᠠᠵᠤ ᠳᠠ ᠭᠡᠵᠦ ᠪᠣᠳᠣᠭᠠᠳ᠂ ᠠᠬ᠎ᠠ ᠶ᠋ᠢᠨ ᠶᠡᠬᠡ ᠵᠠᠩ ᠲᠠᠢ ᠪᠠᠢᠳᠠᠯ ᠦᠵᠡᠭᠦᠯᠵᠦ ᠴᠤᠯᠪᠤᠭᠤᠷ ᠢ᠋ᠶ᠋ᠠᠨ ᠥᠭᠭᠦᠭᠡᠳ᠂
— ᠵᠠ᠂ ᠴᠢ ᠵᠠᠩᠭᠢ ᠳ᠋ᠠᠭᠠᠨ ᠨᠠᠮᠠᠶ᠋ᠢ ᠴᠢᠨᠦ ᠬᠣᠢᠨ᠎ᠠ ᠠ᠋ᠴᠠ ᠲᠦᠷᠦᠭᠦᠨ ᠨᠢᠭᠡ ᠢᠷᠡᠭᠡᠳ ᠶᠠᠪᠤᠭᠰᠠᠨ ᠭᠡᠳᠡᠭ ᠢ᠋ ᠬᠡᠯᠡᠭᠰᠡᠨ ᠤᠤ ᠭᠡᠵᠦ ᠠᠰᠠᠭᠤᠪᠠᠯ᠂
— ᠬᠡᠯᠡᠭᠡ ᠦᠭᠡᠢ ᠭᠡᠬᠦ ᠳ᠋ᠦ᠍ᠨᠢ᠂
— ᠵᠢᠷᠦᠬᠡ ᠴᠢᠨᠢ ᠬᠦᠷᠦᠭᠰᠡᠨ ᠦᠭᠡᠢ ᠤᠤ? ᠪᠢ ᠴᠢᠮᠠᠶ᠋ᠢ ᠶᠠᠮᠠᠷ᠂ ᠬᠠᠭᠠᠨ ᠳ᠋ᠤ᠌ ᠦᠭᠡ ᠠᠯᠳᠠᠵᠤ ᠵᠠᠭᠠᠨ ᠳ᠋ᠤ᠌ ᠤᠷᠭ᠎ᠠ ᠠᠯᠲᠠ ᠭᠡᠵᠦ ᠪᠠᠢᠭᠰᠠᠨ ᠶᠤᠮ ᠪᠢᠰᠢ ᠳᠡ᠃ ᠶᠠᠭᠤᠨ ᠠ᠋ᠴᠠ ᠨᠢ ᠠᠶᠤᠳᠠᠭ ᠶᠤᠮ ᠪᠢᠯᠡ? ᠣᠳᠣ ᠴᠢᠮᠠᠶ᠋ᠢ ᠠᠪᠠᠴᠢᠯ᠎ᠠ ᠭᠡᠵᠦ ᠵᠠᠩᠭᠢ ᠳ᠋ᠤ᠌ ᠴᠢᠨᠢ ᠬᠡᠯᠡᠨ᠎ᠡ ᠭᠡᠵᠦ ᠣᠨᠳᠣᠭᠤᠴᠢᠨ ᠬᠡᠯᠡᠭᠡᠳ᠂ ᠭᠡᠷ ᠦ᠋ᠨ ᠵᠦᠭ ᠲᠡᠨᠲᠦᠷ ᠮᠥᠨᠳᠥᠷ ᠠᠯᠬᠤᠭᠠᠳ ᠣᠷᠣᠬᠤ ᠳ᠋ᠤᠨᠢ᠂ ᠰᠠᠮ ᠭᠡᠷ ᠦ᠋ᠨ ᠬᠠᠶᠠᠭᠠᠨ ᠳ᠋ᠤ᠌ ᠣᠴᠢᠵᠤ᠂ ᠶᠠᠭᠤ ᠬᠡᠯᠡᠯᠴᠡᠬᠦ ᠶ᠋ᠢ ᠰᠣᠨᠣᠰᠪᠠᠯ᠂ ᠵᠠᠩᠭᠢ ᠶ᠋ᠢᠨ ᠪᠦᠳᠦᠭᠦᠨ ᠳᠠᠭᠤᠨ ᠭᠦᠩᠭᠦᠨᠡᠨ ᠰᠣᠨᠣᠰᠳᠠᠵᠤ᠂
— ᠴᠢ ᠠᠪᠠᠴᠢᠭᠠᠳ ᠮᠠᠨᠠᠢᠬᠢ ᠠ᠋ᠴᠠ ᠢᠯᠡᠭᠦᠦ ᠰᠠᠢᠨ ᠪᠠᠢᠯᠭᠠᠵᠤ ᠴᠢᠳᠠᠬᠤ ᠶᠤᠮ ᠤᠤ? ᠤᠯᠤᠰ ᠤ᠋ᠨ ᠬᠡᠯᠡᠯᠴᠡᠬᠦ ᠶ᠋ᠢ ᠰᠣᠨᠣᠰᠪᠠᠯ᠂ ᠴᠢᠮᠠᠶ᠋ᠢ ᠠᠷᠢᠬᠢ ᠲᠠᠮᠠᠬᠢ ᠲᠠᠲᠠᠳᠠᠭ᠂ ᠵᠠᠯᠬᠠᠭᠤ ᠬᠣᠢᠷᠭᠣ᠂ ᠥᠭᠡᠳᠡ ᠦᠭᠡᠢ ᠠᠮᠢᠲᠠᠨ ᠭᠡᠵᠦ ᠣᠯᠠᠨ ᠤ᠋ ᠠᠮᠠ ᠶᠡᠬᠡᠯ᠎ᠡ ᠮᠠᠭᠤ ᠪᠠᠢᠬᠤ ᠶᠤᠮ ᠪᠠᠢᠨ᠎ᠠ᠃ ᠮᠠᠯ ᠤ᠋ᠨ ᠳᠡᠷᠭᠡᠳᠡ ᠣᠢᠷᠠᠲᠤᠳᠠᠭ ᠦᠭᠡᠢ ᠠᠮᠢᠲᠠᠨ ᠭᠡᠵᠦ ᠴᠢᠮᠠᠶ᠋ᠢ ᠬᠡᠯᠡᠯᠴᠡᠳᠡᠭ ᠶᠦᠮ ᠰᠢᠪ ᠳᠡ᠃ ᠳᠡᠭᠦᠦ ᠪᠡᠨ ᠵᠠᠷᠤᠭᠠᠳ ᠥᠪᠡᠷ ᠢ᠋ᠶ᠋ᠡᠨ ᠶᠠᠭᠤ ᠴᠤ᠌ ᠬᠢᠬᠦ ᠦᠭᠡᠢ᠂ ᠠᠢᠯ ᠬᠡᠰᠦᠵᠦ ᠶᠠᠪᠤᠬᠤ ᠰᠠᠨᠠᠭ᠎ᠠ ᠲᠠᠢ ᠶᠤᠮ ᠪᠢᠵᠡ ᠳᠡ ᠴᠢ ᠭᠡᠬᠦ ᠳ᠋ᠦ᠍ᠨᠢ᠂ ᠵᠣᠴᠢᠨ ᠨᠢᠭᠡ ᠶᠠᠭᠤᠮ᠎ᠠ ᠬᠠᠷᠢᠭᠤ ᠲᠠᠪᠠᠳᠠᠰᠬᠢᠨ ᠳᠤᠤᠭᠠᠷᠤᠭᠰᠠᠨ ᠪᠣᠯᠤᠯᠲᠠᠢ᠃ ᠥᠭᠡᠳᠡ ᠡᠴᠡ ᠨᠢ ᠵᠠᠩᠭᠢ ᠶ᠋ᠢᠨ ᠠᠪᠠᠭᠠᠢ ᠶ᠋ᠢᠨ ᠠᠭᠤᠷ ᠲᠠᠢ ᠳᠠᠭᠤᠨ ᠭᠦᠩᠭᠦᠨᠡᠵᠦ᠂
— ᠲᠥᠷᠥᠭᠰᠡᠨ ᠡᠴᠢᠭᠡ ᠴᠢᠨᠢ᠂ ᠴᠢᠮᠠᠶ᠋ᠢ ᠪᠠᠶᠠᠨ ᠬᠣᠭᠣᠰᠣᠨ ᠠᠯᠢᠴᠤ ᠭᠠᠵᠠᠷ ᠠ᠋ᠴᠠ ᠡᠬᠡᠨᠡᠷ ᠠᠪᠴᠤ ᠥᠭᠭᠦᠭᠰᠡᠨ᠂ ᠶᠡᠷᠦ ᠲᠤᠰᠠ ᠦᠭᠡᠢ ᠪᠠᠢᠨ᠎ᠠ ᠭᠡᠵᠦ ᠬᠡᠯᠡᠳᠡᠭ ᠪᠢᠰᠢᠦ᠃ ᠵᠠᠮ ᠢ᠋ᠶ᠋ᠠᠨ ᠠᠯᠳᠠᠭᠰᠠᠨ ᠲᠠᠷᠢᠬᠢ ᠴᠢ ᠡᠨᠡ ᠵᠢᠭᠠᠯ ᠢ᠋ ᠠᠪᠠᠴᠢᠵᠤ᠂ ᠪᠠᠰᠠ ᠪᠦᠲᠦᠯ ᠦᠭᠡᠢ ᠠᠮᠢᠲᠠᠨ ᠪᠣᠯᠭᠠᠬᠤ ᠨᠢ ᠤᠤ ᠭᠡᠵᠦ ᠬᠡᠯᠡᠯᠴᠡᠬᠦ ᠳᠠᠭᠤᠨ ᠰᠣᠨᠣᠰᠳᠠᠨ᠂ ᠡᠭᠦᠳᠡ ᠣᠷᠬᠢᠬᠤ ᠴᠢᠮᠡᠭᠡ ᠰᠣᠨᠣᠰᠳᠠᠵᠤ᠂ ᠭᠡᠨᠡᠳᠲᠡ ᠰᠤᠨᠤᠮ ᠵᠠᠩᠭᠢ ᠭᠡᠷ ᠡᠴᠡ ᠭᠠᠷᠴᠤ ᠢᠷᠡᠭᠡᠳ᠂
— ᠡᠨᠡ ᠬᠥᠮᠦᠨ᠂ ᠴᠢᠨᠦ ᠠᠬ᠎ᠠ ᠭᠡᠵᠦ ᠪᠠᠢᠨ᠎ᠠ᠃ ᠴᠢᠮᠠᠶ᠋ᠢ ᠠᠪᠠᠴᠢᠨ᠎ᠠ ᠭᠡᠵᠦ ᠢᠷᠡᠭᠰᠡᠨ ᠶᠦᠮ ᠭᠡᠨ᠎ᠡ᠃ ᠴᠢ ᠡᠭᠦᠨ ᠢ᠋ ᠳᠠᠭᠠᠵᠤ ᠶᠠᠪᠤᠭᠰᠠᠨ ᠤ᠋ ᠬᠡᠷᠡᠭ ᠪᠠᠢᠨᠠᠤ ᠳᠠ᠃ ᠪᠢ ᠴᠢᠨᠠᠳᠤᠬᠢ ᠶ᠋ᠢ ᠴᠢᠨᠢ ᠲᠤᠰᠠ ᠦᠭᠡᠢ ᠬᠥᠮᠦᠨ ᠭᠡᠵᠦ ᠲᠤᠭᠤᠯᠤᠭᠰᠠᠨ ᠪᠢᠯᠡ᠃ ᠮᠢᠨᠦ ᠰᠠᠨᠠᠬᠤ ᠳ᠋ᠤ᠌᠂ ᠴᠢᠨᠦ ᠲᠡᠳᠡᠨ ᠦ᠌ ᠳ᠋ᠦ᠍ ᠣᠴᠢᠵᠤ ᠵᠠᠷᠤᠴᠠ ᠨᠢ ᠪᠣᠯᠬᠤ ᠬᠡᠷᠡᠭ ᠪᠠᠢᠨᠠᠤ ᠳᠠ? ᠬᠠᠭᠠᠨ ᠲᠥᠷᠥ ᠶ᠋ᠢᠨ ᠶᠣᠰᠣ ᠬᠡᠯᠡᠯᠴᠡᠪᠡᠯ᠂ ᠪᠢ ᠴᠢᠨᠦ ᠲᠣᠯᠣᠭᠠᠢ ᠮᠡᠳᠡᠬᠦ ᠬᠥᠮᠦᠨ ᠪᠠᠢᠨ᠎ᠠ᠃ ᠬᠥᠮᠦᠨ ᠦ᠌ ᠶᠣᠰᠣ ᠬᠡᠯᠡᠯᠴᠡᠪᠡᠯ᠂ ᠠᠬ᠎ᠠ ᠴᠢᠨᠢ ᠴᠢᠨᠦ ᠲᠣᠯᠣᠭᠠᠢ ᠮᠡᠳᠡᠬᠦ ᠬᠥᠮᠦᠨ ᠪᠠᠢᠨ᠎ᠠ᠃ ᠭᠡᠪᠡᠴᠦ᠂ ᠴᠢᠨᠦ ᠲᠣᠯᠣᠭᠠᠢ ᠮᠡᠳᠡᠬᠦ ᠪᠠᠢᠲᠤᠭᠠᠢ᠂ ᠥᠪᠡᠷᠦᠨ ᠢ᠋ᠶ᠋ᠡᠨ ᠲᠣᠯᠣᠭᠠᠢ ᠶ᠋ᠢ ᠮᠡᠳᠡᠬᠦ ᠦᠭᠡᠢ ᠠᠮᠢᠲᠠᠨ ᠰᠢᠦ ᠭᠡᠵᠦ ᠬᠡᠯᠡᠪᠡᠯ᠂ ᠵᠢᠭᠠᠯ ᠬᠦᠦ ᠶ᠋ᠢᠨ ᠰᠡᠳᠬᠢᠯ ᠳ᠋ᠦ᠍ ᠪᠠᠭ᠎ᠠ ᠨᠠᠰᠤᠨ ᠤ᠋ ᠪᠠᠯᠠᠷ ᠳᠤᠷᠠᠰᠬᠠᠯ ᠣᠷᠣᠵᠤ᠂ ᠡᠬᠡ ᠡᠴᠢᠭᠡ ᠶ᠋ᠢᠨ ᠴᠢᠷᠠᠢ ᠶ᠋ᠢ ᠨᠢᠭᠡ ᠣᠯᠵᠤ ᠦᠵᠡᠪᠡᠯ ᠶᠠᠮᠠᠷ ᠪᠠᠢᠳᠠᠭ ᠪᠣᠯ ᠭᠡᠵᠦ ᠪᠣᠳᠣᠭᠠᠳ᠂
— ᠠᠬ᠎ᠠ ᠶ᠋ᠢᠨ ᠭᠡᠷ ᠲᠦ᠍ ᠣᠴᠢᠵᠤ ᠦᠵᠡᠭᠡᠳ ᠢᠷᠡᠬᠦ ᠶᠦᠮ ᠤᠤ ᠳᠠ ᠭᠡᠵᠦ ᠰᠤᠯᠠᠬᠠᠨ ᠰᠢᠭ᠋ ᠬᠡᠯᠡᠵᠡᠢ᠃
— ᠥᠪᠡᠷ ᠢ᠋ᠶ᠋ᠡᠨ ᠯᠡ ᠮᠡᠳᠡ ᠳᠠ᠃ ᠡᠷᠭᠢᠵᠦ ᠢᠷᠡᠬᠦ ᠶᠦᠮ ᠪᠣᠯ ᠴᠢᠨᠢ᠂ ᠪᠢ ᠬᠥᠰᠬᠡ ᠥᠭᠭᠦᠨ᠎ᠡ᠃ ᠢᠷᠡᠬᠦ ᠦᠭᠡᠢ ᠶᠦᠮ ᠪᠣᠯ ᠴᠢᠮᠠᠶ᠋ᠢ ᠠᠪᠠᠴᠢᠬᠤ ᠭᠡᠰᠡᠨ ᠲᠡᠷᠡ ᠴᠢᠨᠢ ᠴᠢᠮᠠᠳᠠᠭᠠᠨ ᠤᠨᠤᠭ᠎ᠠ ᠣᠯᠵᠤ ᠠᠪᠠᠴᠢᠨ᠎ᠠ ᠪᠢᠵᠡ ᠭᠡᠵᠦ ᠵᠠᠩᠭᠢ ᠶ᠋ᠢᠨ ᠬᠡᠯᠡᠲᠡᠯ᠎ᠡ᠂ ᠲᠡᠷᠡ ᠦᠭᠡ ᠶ᠋ᠢ ᠰᠣᠨᠣᠰᠤᠭᠠᠳ ᠰᠢᠷᠴᠢᠨ ᠦ᠌ ᠠᠬ᠎ᠠ ᠭᠡᠷ ᠡᠴᠡ ᠭᠠᠷᠴᠤ ᠢᠷᠡᠭᠡᠳ᠂
— ᠵᠠ᠂ ᠪᠢ ᠤᠨᠤᠭ᠎ᠠ ᠣᠯᠤᠨ᠎ᠠ᠃ ᠬᠦᠯᠢᠶᠡᠵᠦ ᠪᠠᠢᠭᠠᠷᠠᠢ᠃ ᠪᠢ ᠲᠦᠳᠡᠬᠡᠨ ᠬᠦᠷᠦᠭᠡᠳ ᠢᠷᠡᠨ᠎ᠡ ᠭᠡᠵᠦ ᠬᠡᠯᠡᠭᠡᠳ ᠮᠣᠷᠳᠠᠬᠤ ᠳ᠋ᠤᠨᠢ ᠡᠪᠦᠭᠡᠨ ᠵᠠᠩᠭᠢ ᠬᠣᠢᠨ᠎ᠠ ᠠ᠋ᠴᠠ ᠨᠢ᠂
— ᠤᠨᠤᠭ᠎ᠠ ᠣᠯᠵᠤ ᠢᠷᠡᠬᠦ ᠶ᠋ᠢ ᠴᠢᠨᠢ ᠦᠵᠡᠶ᠎ᠡ ᠳᠡ᠃ ᠬᠡᠭᠡᠷ᠎ᠡ ᠡᠴᠡ ᠬᠠᠮᠠᠭᠤᠲᠠᠢ ᠨᠢᠭᠡ ᠮᠠᠭᠤ ᠲᠡᠮᠡᠭᠡ ᠪᠠᠷᠢᠵᠤ ᠢᠷᠡᠬᠦ ᠭᠡᠵᠦ ᠪᠠᠢᠭ᠎ᠠ ᠶᠤᠮ ᠪᠠᠢᠯ ᠦᠭᠡᠢ ᠳᠡ᠃ ᠴᠢ ᠡᠢᠮᠦ ᠬᠥᠮᠦᠨ ᠢ᠋ ᠳᠠᠭᠠᠵᠤ ᠶᠠᠪᠤᠭᠠᠳ ᠶᠠᠭᠤ ᠬᠢᠬᠦ ᠭᠡᠰᠡᠨ ᠶᠦᠮ ᠪᠢᠯᠡ ᠭᠡᠵᠦ ᠶᠡᠬᠡᠯ᠎ᠡ ᠳᠤᠷ᠎ᠠ ᠦᠭᠡᠢᠴᠡᠨ ᠥᠭᠦᠯᠡᠪᠡᠯ ᠲᠡᠳᠦᠢᠯᠡ ᠦᠭᠡᠢ ᠰᠢᠷᠴᠢᠨ ᠦ᠌ ᠠᠬ᠎ᠠ ᠨᠢᠭᠡ ᠡᠴᠡᠩᠬᠡᠢ ᠨᠢᠴᠦᠭᠦᠨ ᠲᠡᠮᠡᠭᠡ ᠪᠤᠢᠯᠠᠭᠤᠯᠤᠨ ᠬᠥᠲᠥᠯᠵᠦ ᠢᠷᠡᠭᠡᠳ᠂
— ᠵᠠ᠂ ᠡᠨᠡ ᠢᠩᠭᠡ ( ᠶ᠋ᠢ) ᠤᠨᠤᠭᠠᠳ ᠶᠠᠪᠤ᠃ ᠡᠷᠲᠡᠬᠡᠨ ᠬᠥᠳᠡᠯ᠃ ᠬᠤᠪᠴᠠᠰᠤ ᠬᠤᠨᠠᠷ ᠢ᠋ᠶ᠋ᠠᠨ ᠠᠪ ᠭᠡᠵᠦ ᠰᠢᠷᠴᠢᠨ ᠢ᠋ ᠰᠢᠪᠠᠳᠠᠬᠤ ᠳ᠋ᠤ᠌᠂ ᠬᠡᠭᠡᠷ᠎ᠡ ᠡᠴᠡ ᠠᠢᠯ ᠤ᠋ᠨ ᠮᠠᠭᠤ ᠰᠠᠢᠨ ᠲᠡᠮᠡᠭᠡ ᠪᠠᠷᠢᠵᠤ ᠢᠷᠡᠨ᠎ᠡ ᠪᠢᠵᠡ ᠭᠡᠵᠦ ᠵᠠᠩᠭᠢ ᠶ᠋ᠢᠨ ᠬᠡᠯᠡᠭᠰᠡᠨ ᠦᠭᠡ ᠭᠣᠣᠯ ᠤᠷᠤᠭᠤ ᠨᠢ ᠲᠤᠰᠤᠭᠰᠠᠨ ᠢ᠋ ᠰᠠᠨᠠᠨ ᠶᠡᠬᠡᠯ᠎ᠡ (ᠶᠡᠬᠡ ᠯᠡ)ᠢᠴᠡᠩᠭᠦᠷᠡᠵᠦ(ᠢᠴᠢᠩᠭᠦᠷᠡᠵᠦ) ᠪᠠᠢᠵᠠᠢ᠃
ᠵᠠᠩᠭᠢ ᠶ᠋ᠢᠨ ᠡᠬᠡᠨᠡᠷ ᠬᠡᠳᠦ ᠬᠣᠨᠣᠭ ᠤ᠋ᠨ ᠡᠮᠦᠨ᠎ᠡ ᠰᠢᠷᠴᠢᠨ ᠳ᠋ᠦ᠍ ᠰᠢᠨ᠎ᠡ ᠨᠡᠬᠡᠢ ᠳᠡᠪᠡᠯ ᠣᠶᠣᠵᠤ ᠥᠭᠭᠦᠭᠰᠡᠨ ᠪᠢᠯᠡ᠃ ᠲᠡᠷᠡ ᠳᠡᠪᠡᠯ ᠢ᠋ᠶ᠋ᠡᠨ ᠣᠳᠣ ᠥᠭᠬᠦ ᠦᠭᠡᠢ ᠪᠠᠢᠬᠤ ᠭᠡᠵᠦ ᠰᠢᠷᠴᠢᠨ ᠳᠣᠲᠣᠷ᠎ᠠ ᠪᠠᠨ ᠶᠡᠬᠡᠯ᠎ᠡ (ᠶᠡᠬᠡ ᠯᠡ)ᠵᠣᠪᠠᠵᠤ ᠪᠠᠢᠲᠠᠯ᠎ᠠ᠂ ᠠᠪᠳᠠᠷ᠎ᠠ ᠪᠠᠨ ᠠᠭᠤᠳᠠᠯᠵᠤ ᠨᠡᠬᠡᠢ ᠳᠡᠪᠡᠯ ᠭᠠᠷᠭᠠᠵᠤ ᠥᠭᠭᠦᠭᠡᠳ᠂
— ᠡᠳ᠋ ᠨᠢ ᠬᠡᠪᠡᠷᠡᠭ᠂ ᠡᠵᠡᠨ ᠨᠢ ᠮᠥᠩᠬᠡ ᠪᠣᠯᠤᠭ ᠭᠡᠵᠦ ᠢᠷᠥᠭᠡᠨ ᠥᠭᠴᠦ᠂ ᠰᠢᠨ᠎ᠡ ᠳᠡᠪᠡᠯ ᠦ᠋ᠨ ᠶᠡᠬᠡᠯ᠎ᠡ(ᠶᠡᠬᠡ ᠯᠡ) ᠵᠣᠬᠢᠰᠲᠠᠢ ᠶ᠋ᠢ ᠦᠵᠡᠭᠡᠳ
— ᠪᠢ ᠴᠢᠮᠠᠲᠤ (ᠴᠢᠮ᠎ᠠ ᠳ᠋ᠤ᠌) ᠵᠤᠨ ᠲᠡᠰᠢ (ᠲᠡᠢᠰᠢ) ᠪᠠᠰᠠ ᠨᠢᠭᠡ ᠴᠢᠰᠴᠡᠦ ᠳᠡᠪᠡᠯ ᠬᠢᠵᠦ ᠥᠭᠬᠦ ᠭᠡᠵᠦ ᠪᠠᠢᠭᠠᠳ ᠠᠷᠠᠢ ᠵᠠᠪᠳᠤᠭᠰᠠᠨ ᠦᠭᠡᠢ ᠳᠡ ᠭᠡᠵᠦ ᠬᠡᠯᠡᠵᠡᠢ᠃
ᠰᠢᠷᠴᠢᠨ ᠰᠡᠩᠳᠡᠨ ᠮᠡᠩᠳᠡᠨ ᠵᠠᠩᠭᠢ ᠶ᠋ᠢᠨ ᠬᠢᠨ ᠲᠡᠢ᠂ ᠴᠡᠷᠡᠨ ᠲᠡᠢ ᠬᠠᠭᠠᠴᠠᠬᠤ(ᠰᠠᠯᠬᠤ) ᠶᠣᠰᠣ ᠬᠢᠭᠡᠳ ᠭᠡᠷ ᠡᠴᠡ ᠨᠢ ᠭᠠᠷᠴᠤ᠂ ᠡᠴᠡᠩᠬᠡᠢ ᠨᠢᠴᠦᠭᠦᠨ ᠢᠩᠭᠡ ᠶ᠋ᠢᠨ ᠳᠡᠷᠭᠡᠳᠡ ᠣᠴᠢᠭᠠᠳ ᠲᠡᠰᠬᠡᠯ ᠦᠭᠡᠢ ᠢᠴᠢᠵᠦ᠂ ᠢᠩᠭᠡ ᠶ᠋ᠢ ᠪᠠᠷᠬᠢᠯᠠᠭᠤᠯᠤᠨ ᠰᠥᠭᠥᠳᠬᠡᠵᠦ᠂ ᠡᠴᠡᠩᠬᠡᠢ ᠶᠠᠰᠤᠨ ᠨᠢᠷᠤᠭᠤᠨ ᠳᠡᠭᠡᠷ᠎ᠡ ᠨᠢ ᠬᠠᠭᠤᠴᠢᠨ ᠳᠡᠪᠡᠯ ᠢ᠋ᠶ᠋ᠡᠨ ᠲᠣᠬᠣᠵᠤ ᠮᠣᠷᠳᠠᠭᠠᠳ ᠠᠬ᠎ᠠ ᠳ᠋ᠠᠭᠠᠨ ᠬᠥᠲᠥᠯᠦᠭᠦᠯᠦᠨ ᠶᠠᠪᠤᠬᠤ ᠳ᠋ᠤᠨᠢ᠂ ᠴᠡᠷᠡᠨ ᠬᠣᠢᠨ᠎ᠠ ᠠ᠋ᠴᠠ ᠨᠢᠭᠡ ᠶᠠᠭᠤᠮ᠎ᠠ ᠬᠠᠰᠬᠢᠷᠤᠭᠰᠠᠨ ᠪᠣᠯᠪᠠᠴᠤ ᠢᠴᠢᠭᠰᠡᠨ ᠡᠴᠡ ᠪᠣᠯᠵᠤ ᠲᠣᠭᠤᠯᠤᠯ ᠦᠭᠡᠢ ᠳᠡᠮᠡᠢ ᠯᠡ ᠮᠠᠭᠤ ᠢᠩᠭᠡ ᠪᠡᠨ ᠭᠤᠶᠠᠳᠠᠨ᠂ ᠪᠤᠰᠢᠭᠤᠬᠠᠨ ᠬᠥᠮᠦᠨ ᠦ᠌ ᠨᠢᠳᠦᠨ ᠡᠴᠡ ᠳᠠᠯᠳᠠ ᠣᠷᠣᠬᠤ ᠶ᠋ᠢ ᠣᠷᠣᠯᠳᠣᠯ᠎ᠠ᠃
ᠡᠳᠦᠷᠵᠢᠨ ᠢ᠋ᠶ᠋ᠡᠨ ᠶᠠᠪᠤᠵᠤ ᠶᠠᠪᠤᠵᠤ᠂ ᠰᠥᠨᠢ ᠣᠷᠣᠢ ᠰᠢᠷᠴᠢᠨ ᠦ᠌ ᠠᠬ᠎ᠠ ᠨᠢᠭᠡ ᠠᠢᠯ ᠤ᠋ᠨ ᠣᠢᠷ᠎ᠠ ᠬᠦᠷᠴᠦ ᠢᠷᠡᠭᠡᠳ᠂ ᠢᠩᠭᠡ ᠡᠴᠡ ᠪᠠᠨ ᠪᠠᠭᠤᠵᠤ ᠳᠡᠯᠪᠢ ᠭᠡᠵᠦ ᠰᠢᠪᠡᠨᠡᠨ ᠬᠡᠯᠡᠭᠡᠳ ᠲᠠᠯᠪᠢᠭᠤᠯᠤᠭᠰᠠᠨ ᠳ᠋ᠤ᠌ ᠥᠨᠥ ᠮᠠᠭᠤ ᠢᠩᠭᠡ ᠨᠢ ᠬᠠᠷᠠᠩᠭᠤᠢ ᠳ᠋ᠤ᠌ ᠭᠦᠶᠦᠨ ᠶᠠᠪᠤᠴᠢᠯᠠ(ᠶᠠᠪᠤᠴᠢᠬᠠᠯ᠎ᠠ)᠃
— ᠣᠳᠣ ᠮᠢᠨᠦ ᠮᠣᠷᠢᠨ ᠳ᠋ᠤ᠌ ᠰᠤᠨᠳᠠᠯᠠᠵᠤ ᠦᠵᠡ᠃ ᠡᠰᠡ ᠴᠢᠩᠭᠢᠪᠡᠯ ᠠᠢᠯ ᠤ᠋ᠨ ᠨᠣᠬᠠᠢ ᠳ᠋ᠤ᠌ ᠪᠠᠷᠢᠭᠤᠯᠴᠢᠨᠠ(ᠪᠠᠷᠢᠭᠤᠯᠴᠢᠬᠠᠨᠠ) ᠭᠡᠵᠦ ᠰᠢᠪᠡᠨᠡᠨ ᠬᠡᠯᠡᠭᠡᠳ ᠲᠡᠷᠡ ᠠᠢᠯ ᠤ᠋ᠨ ᠭᠠᠳᠠᠭ᠎ᠠ ᠬᠦᠷᠴᠦ ᠢᠷᠡᠪᠡᠯ᠂ ᠬᠠᠷᠠᠩᠭᠤᠢ ᠪᠠᠷ ᠨᠢᠭᠡ ᠡᠬᠡᠨᠡᠷ ᠨᠣᠬᠠᠢ ᠪᠠᠨ ᠬᠣᠷᠢᠬᠤ ᠭᠡᠵᠦ ᠭᠠᠷᠴᠤ ᠢᠷᠡᠭᠡᠳ ᠦᠯᠦ ᠲᠠᠨᠢᠬᠤ ᠵᠣᠴᠢᠨ ᠳ᠋ᠤ᠌ ᠴᠠᠢ ᠴᠢᠨᠠᠵᠤ ᠥᠭᠭᠦᠯ᠎ᠡ᠃ ᠰᠢᠷᠴᠢᠨ ᠠᠬ᠎ᠠ ᠲᠠᠢ ᠪᠠᠨ ᠴᠠᠢ ᠤᠤᠭᠤᠭᠠᠳ ᠤᠨᠲᠠᠵᠤ᠂ ᠥᠷᠯᠥᠭᠡ ᠨᠠᠷᠠᠨ ᠪᠢᠲᠡᠭᠦᠦ ᠪᠡᠷ ᠡᠷᠦᠬᠡ ᠪᠡᠨ ᠰᠡᠬᠦᠭᠡᠵᠦ ᠴᠠᠢ ᠴᠢᠨᠠᠬᠤ ᠦᠶᠡᠰ᠂ ᠰᠢᠷᠴᠢᠨ ᠦ᠌ ᠠᠬ᠎ᠠ ᠳᠡᠭᠦᠦ ᠪᠡᠨ ᠪᠤᠰᠬᠠᠵᠤ ᠮᠣᠷᠢ ᠪᠠᠨ ᠦᠵᠡᠵᠦ ᠢᠷ᠎ᠡ ᠭᠡᠪᠡ᠃ ᠥᠳᠬᠡᠨ ᠬᠠᠷ᠎ᠠ ᠰᠠᠬᠠᠯ ᠢ᠋ᠶ᠋ᠠᠨ ᠰᠦᠯᠵᠢᠭᠰᠡᠨ ᠡᠪᠦᠭᠡᠵᠢᠶᠡᠷ ᠣᠪᠣᠷ ᠲᠠᠢ ᠥᠨᠳᠥᠷ ᠨᠢᠷᠤᠭᠤ ᠲᠠᠢ ᠲᠡᠷᠡ ᠠᠢᠯ ᠤ᠋ᠨ ᠡᠵᠡᠨ ᠬᠥᠮᠦᠨ ᠰᠥᠨᠢ ᠢᠷᠡᠭᠰᠡᠨ ᠵᠣᠴᠢᠨ ᠤ᠋ ᠮᠣᠷᠢ ᠶ᠋ᠢ ᠬᠠᠷᠠᠵᠤ ᠦᠵᠡᠭᠡᠳ᠂ ᠰᠢᠷᠴᠢᠨ ᠦ᠌ ᠨᠡᠷ᠎ᠡ ᠤᠰᠤ( ᠶ᠋ᠢ) ᠠᠰᠠᠭᠤᠵᠤ᠂ ᠬᠠᠮᠢᠭ᠎ᠠ ᠣᠴᠢᠵᠤ ᠪᠠᠢᠭ᠎ᠠ ᠶ᠋ᠢ ᠮᠡᠳᠡᠭᠡᠳ᠂
— ᠪᠢ ᠴᠢᠮ᠎ᠠ ᠳ᠋ᠤ᠌ ᠤᠨᠤᠭ᠎ᠠ ᠥᠭᠴᠦ ᠪᠣᠯᠬᠤ ᠶᠤᠮᠰᠠᠨ᠃ ᠴᠢᠨᠦ ᠠᠬ᠎ᠠ ᠠ᠋ᠴᠠ ᠬᠣᠵᠢᠮ ᠣᠯᠵᠤ ᠠᠪᠬᠤ ᠨᠢ ᠬᠡᠴᠡᠭᠦᠦ ᠬᠥᠮᠦᠨ ᠰᠢᠦ ᠳᠡ᠃ ᠲᠡᠭᠦᠨ ᠦ᠌ ᠭᠠᠷ ᠲᠤ᠌ ᠣᠷᠣᠭᠰᠠᠨ᠂ ᠴᠢᠨᠣ᠎ᠠ ᠶ᠋ᠢᠨ ᠠᠮᠠᠨ ᠳ᠋ᠤ᠌ ᠣᠷᠣᠭᠰᠠᠨ ᠬᠣᠶᠠᠷ ᠠᠳᠠᠯᠢ ᠭᠡᠵᠦ ᠬᠡᠯᠡᠯᠴᠡᠳᠡᠭ ᠪᠣᠯᠤᠭᠰᠠᠨ ᠬᠥᠮᠦᠨ ᠳᠡ᠃ ᠲᠡᠷᠡ ᠴᠢᠨᠢ ᠲᠠᠨ ᠤ᠋ ᠬᠢᠨ ᠢ᠋ ᠬᠦᠷᠲᠡᠯ᠎ᠡ ᠨᠡᠯᠢᠶᠡᠳ ᠬᠣᠯᠠ ᠳᠠ᠃ ᠡᠨᠡ ᠬᠣᠭᠣᠰᠣᠨ ᠬᠣᠨᠣᠭᠰᠠᠨ ᠮᠣᠷᠢ᠂ ᠬᠣᠶᠠᠷ ᠬᠥᠮᠦᠨ ᠢ᠋ ᠳᠠᠭᠠᠭᠠᠬᠤ ᠦᠭᠡᠢ ᠡᠴᠡᠵᠦ ᠮᠠᠭᠠᠳ᠃ ᠲᠠ ᠨᠠᠷ ᠤ᠋ᠨ ᠶᠠᠭᠠᠷᠠᠵᠤ ᠳᠠᠪᠬᠢᠭᠰᠠᠨ ᠤ᠋ ᠬᠡᠷᠡᠭ ᠠᠯᠠᠭ᠎ᠠ᠃ ᠶᠠᠭᠠᠷᠠᠯ ᠦᠭᠡᠢ ᠭᠡᠯᠳᠦᠷᠢᠭᠦᠯᠦᠭᠰᠡᠭᠡᠷ ᠶᠠᠪᠤᠪᠠᠯ ᠠᠷᠠᠢ ᠶᠠᠪᠠᠭᠠᠳᠠᠬᠤ ᠦᠭᠡᠢ ᠬᠦᠷᠴᠦ ᠮᠠᠭᠠᠳ ᠪᠣᠯᠪᠠᠤ᠃ᠴᠢᠮᠠᠲᠤ(ᠴᠢᠮ᠎ᠠ ᠳ᠋ᠤ᠌) ᠴᠤ᠌ ᠶᠠᠭᠠᠷᠠᠭᠰᠠᠨ ᠤ᠋ ᠬᠡᠷᠡᠭ ᠠᠯᠠᠭ᠎ᠠ ᠯᠠ ᠳᠠ᠃ ᠠᠬ᠎ᠠ ᠶ᠋ᠢᠨ ᠳ᠋ᠡᠭᠠᠨ ᠬᠠᠨᠲᠠᠯ᠎ᠠ ᠪᠠᠨ ᠵᠠᠷᠤᠴᠠ ᠪᠣᠯᠬᠤ ᠴᠠᠭ ᠪᠣᠢ ᠭᠡᠵᠦ ᠬᠡᠯᠡᠭᠡᠳ ᠭᠡᠷ ᠲᠡᠭᠡᠨ ᠣᠷᠣᠬᠤ ᠳ᠋ᠤᠨᠢ ᠰᠢᠷᠴᠢᠨ ᠢᠴᠢᠩᠭᠦᠷᠡᠰᠬᠢᠵᠦ ᠬᠣᠢᠨ᠎ᠠ ᠠ᠋ᠴᠠ ᠨᠢ ᠳᠠᠭᠠᠵᠤ ᠣᠷᠣᠯ᠎ᠠ᠃ ᠴᠠᠢ ᠤᠤᠭᠤᠭᠠᠳ᠂ ᠰᠢᠷᠴᠢᠨ ᠠᠬ᠎ᠠ ᠶᠤᠭᠠᠨ ᠳᠠᠭᠠᠵᠤ ᠭᠠᠷᠤᠭᠠᠳ ᠮᠠᠭᠤ ᠳᠡᠪᠡᠯ ᠢ᠋ᠶ᠋ᠡᠨ ᠳᠡᠪᠢᠰᠴᠦ ᠰᠤᠨᠳᠠᠯᠠᠵᠤ ᠤᠨᠤᠭᠠᠳ ᠴᠠᠰᠢ ᠶᠠᠪᠤᠭᠰᠠᠭᠠᠷ ᠨᠠᠷᠠᠨ ᠬᠡᠯᠪᠡᠢᠬᠦ ᠶ᠋ᠢᠨ ᠠᠯᠲᠠ ᠳ᠋ᠤ᠌ ᠮᠣᠷᠢ ᠡᠴᠡᠵᠦ ᠴᠤᠤ ᠴᠢᠮᠠᠢ ᠬᠥᠯ ᠢ᠋ᠶ᠋ᠡᠨ ᠲᠠᠲᠠᠵᠤ ᠶᠠᠪᠤᠬᠤ ᠦᠶᠡᠰ ᠨᠢᠭᠡ ᠢᠯᠡᠭᠦᠦ ᠭᠡᠷ ᠲᠡᠢ ᠲᠣᠮᠣ ᠭᠡᠷ ᠦ᠋ᠨ ᠪᠠᠷᠠᠭ᠎ᠠ(ᠪᠠᠷ᠎ᠠ) ᠬᠠᠷᠠᠭᠳᠠᠯ᠎ᠠ᠃ ᠰᠢᠷᠴᠢᠨ ᠠᠬ᠎ᠠ ᠶ᠋ᠢᠨ ᠠᠷᠤ ᠠ᠋ᠴᠠ ᠥᠯᠢᠢᠵᠦ᠂ ᠡᠴᠡᠭᠰᠡᠨ ᠮᠣᠷᠢᠨ ᠤ᠋ ᠠᠯᠬᠤᠬᠤ ᠳᠣᠳᠣᠮ ᠤᠯᠠᠮ ᠣᠢᠷᠠᠲᠤᠵᠤ ᠪᠠᠢᠭᠰᠠᠨ ᠲᠡᠷᠡ ᠬᠣᠶᠠᠷ ᠭᠡᠷ ᠦ᠋ᠨ ᠵᠦᠭ ᠰᠢᠷᠲᠡᠨ ᠬᠠᠷᠠᠵᠤ᠂ ᠣᠳᠣ ᠮᠥᠳᠳᠥ ᠵᠢᠰᠦ ᠶ᠋ᠢ ᠨᠢ ᠲᠠᠨᠢᠬᠤ ᠦᠭᠡᠢ ᠪᠣᠯᠤᠭᠰᠠᠨ ᠡᠬᠡ ᠡᠴᠢᠭᠡ ᠶ᠋ᠢᠨ ᠢ᠋ᠶ᠋ᠡᠨ ᠴᠢᠷᠠᠢ ᠶ᠋ᠢ ᠦᠵᠡᠨ᠎ᠡ᠃ ᠠᠪᠤ ᠮᠢᠨᠢ᠂ ᠡᠵᠢ ᠮᠢᠨᠢ ᠭᠡᠵᠦ ᠰᠢᠪᠡᠨᠡᠲᠡᠯᠡ᠃ ᠠᠬ᠎ᠠ ᠨᠢ᠄
— ᠴᠢ ᠮᠢᠨᠦ ᠠᠷᠤ ᠳ᠋ᠤ᠌ ᠶᠠᠭᠤ ᠭᠡᠵᠦ ᠰᠢᠪᠡᠨᠡᠵᠦ ᠶᠠᠪᠤᠨ᠎ᠠ ᠪᠣᠢ? ᠭᠡᠵᠦ ᠠᠰᠠᠭᠤᠵᠠᠢ᠃ ᠰᠢᠷᠴᠢᠨ ᠶᠠᠭᠤ ᠴᠤ᠌ ᠭᠡᠰᠡᠨ ᠦᠭᠡᠢ ᠭᠡᠵᠦ ᠬᠡᠯᠡᠭᠡᠳ ᠡᠴᠢᠭᠡ ᠡᠬᠡ ᠮᠢᠨᠢ ᠨᠠᠮᠠᠶ᠋ᠢ ᠬᠥᠯᠥᠰᠥ ᠦᠭᠡᠢ ᠵᠠᠷᠤᠴᠠ ᠭᠡᠵᠦ ᠦᠵᠡᠵᠦ ᠪᠠᠢᠭ᠎ᠠ ᠡᠨᠡ ᠠᠬ᠎ᠠ ᠲᠠᠢ ᠮᠢᠨᠢ ᠠᠳᠠᠯᠢ ᠨᠠᠮᠠᠶ᠋ᠢ ᠶᠡᠷᠦ ᠳᠣᠲᠣᠨᠣᠯᠠᠵᠤ ᠦᠵᠡᠬᠦ ᠦᠭᠡᠢ ᠪᠣᠯ ᠪᠢ ᠶᠠᠭᠠᠬᠢᠳᠠᠭ ᠪᠢᠯᠡ ᠭᠡᠵᠦ ᠳᠣᠲᠣᠷ᠎ᠠ ᠪᠠᠨ ᠪᠣᠳᠣᠵᠤ ᠶᠠᠪᠤᠭᠰᠠᠭᠠᠷ ᠲᠡᠷᠡ ᠠᠢᠯ ᠳ᠋ᠤ᠌ ᠬᠦᠷᠦᠯ᠎ᠡ᠃
ᠠᠬ᠎ᠠ ᠶ᠋ᠢᠨ ᠮᠣᠷᠢ ᠶ᠋ᠢ ᠱᠣᠩ ᠠ᠋ᠴᠠ ᠤᠶᠠᠭᠠᠳ ᠬᠠᠭᠤᠴᠢᠨ ᠳᠡᠪᠡᠯ ᠢ᠋ᠶ᠋ᠡᠨ ᠭᠡᠷ ᠳᠡᠭᠡᠷ᠎ᠡ ᠲᠠᠯᠪᠢᠵᠤ ᠠᠬ᠎ᠠ ᠶ᠋ᠢᠨ ᠬᠣᠢᠨ᠎ᠠ ᠠ᠋ᠴᠠ ᠲᠡᠷᠡ ᠲᠣᠮᠣ ᠬᠠᠷ᠎ᠠ ᠭᠡᠷ ᠲᠦ᠍ ᠣᠷᠣᠪᠠᠯ᠂ ᠲᠦᠮᠡᠨ ᠦᠷᠴᠢᠯᠭᠡ ᠪᠣᠯᠤᠭᠰᠠᠨ ᠪᠢᠴᠢᠬᠠᠨ ᠨᠢᠭᠤᠷ ᠲᠠᠢ ᠰᠣᠯᠣᠭᠠᠢ ᠭᠠᠷ ᠨᠢ ᠲᠠᠬᠢᠷ ᠲᠠᠲᠠᠭᠤ ᠨᠢᠭᠡ ᠴᠢᠪᠠᠭᠠᠨᠴᠠ ᠭᠠᠯ ᠤ᠋ᠨ ᠡᠮᠦᠨ᠎ᠡ ᠰᠠᠭᠤᠵᠤ ᠪᠠᠢᠪᠠ᠃ ᠤᠷᠲᠤ ᠡᠷᠡᠦ ᠨᠢ ᠥᠭᠡᠳᠡᠩ ᠭᠤᠲᠤᠯ ᠤ᠋ᠨ ᠬᠣᠰᠢᠭᠤ ᠮᠡᠲᠦ ᠥᠭᠡᠳᠡ ᠪᠡᠨ ᠨᠤᠭᠤᠷᠠᠵᠤ᠂ ᠴᠢᠷᠠᠢ ᠳ᠋ᠤᠨᠢ ᠬᠠᠷᠠᠮᠴᠢ ᠬᠡᠷᠢᠭ ᠰᠢᠩᠭᠡᠭᠰᠡᠨ ᠬᠦᠢᠲᠡᠨ ᠴᠢᠷᠠᠢ ᠲᠠᠢ ᠲᠡᠷᠡ ᠡᠮᠡᠭᠡᠨ ᠢ᠋ ᠦᠵᠡᠪᠡᠯ᠂ ᠥᠲᠡᠯᠬᠦ ᠨᠠᠰᠤ ᠥᠯᠥᠰᠬᠦ ᠲᠠᠭᠠᠷᠠᠬᠤ ᠵᠣᠪᠠᠯᠠᠩ ᠳ᠋ᠤ᠌ ᠬᠠᠮᠤᠭ ᠰᠠᠢᠨ ᠴᠢᠨᠠᠷ ᠢ᠋ᠶ᠋ᠠᠨ ᠠᠯᠳᠠᠭᠰᠠᠨ ᠬᠥᠮᠦᠨ ᠦ᠌ ᠰᠢᠨᠵᠢ ᠪᠠᠢᠳᠠᠯᠲᠠᠢ ᠦᠵᠡᠭᠳᠡᠵᠡᠢ᠃
— ᠡᠵᠢ ᠮᠢᠨᠢ ᠡᠢᠮᠦ ᠬᠥᠮᠦᠨ ᠪᠠᠢᠵᠠᠢ ᠭᠡᠵᠦ ᠪᠣᠳᠣᠭᠠᠳ ᠰᠢᠷᠴᠢᠨ ᠡᠬᠡ ᠶ᠋ᠢᠨ ᠵᠦᠭ ᠠᠯᠬᠤᠲᠠᠯ᠎ᠠ ᠲᠡᠷᠡ ᠴᠢᠪᠠᠭᠠᠨᠴᠠ ᠠᠶ᠎ᠠ ᠦᠭᠡᠢ ᠬᠢᠬᠠᠷᠠᠭᠰᠠᠨ ᠮᠠᠭᠤᠬᠠᠢ ᠳᠠᠭᠤᠨ ᠢ᠋ᠶ᠋ᠠᠷ᠄
— ᠴᠢ ᠦᠬᠡᠷ ᠰᠢᠭ ᠬᠥᠮᠦᠨ ᠥᠭᠡᠳᠡ ᠵᠢᠳᠬᠦᠭᠡᠳ ᠶᠠᠭᠠᠬᠢᠬᠤ ᠨᠢ ᠪᠣᠢ? ᠲᠡᠷᠡ ᠤᠷᠤᠭᠤ ᠰᠠᠭᠤ ᠭᠡᠵᠦ ᠲᠡᠮᠦᠷ ᠰᠢᠯᠡᠭᠡᠪᠦᠷ ᠢ᠋ᠶ᠋ᠡᠷ ᠪᠠᠷᠠᠭᠤᠨ ᠤᠷᠢᠳ ᠡᠭᠦᠳᠡᠨ ᠳ᠋ᠡᠬᠢ ᠥᠨᠥᠴᠢᠨ ᠬᠣᠭᠣᠰᠣᠨ ᠠᠮᠢᠲᠠᠨ ᠤ᠋ ᠰᠠᠭᠤᠳᠠᠭ ᠭᠠᠵᠠᠷ ᠵᠢᠭᠠᠪᠠᠯ᠂ ᠰᠢᠷᠴᠢᠨ ᠦ᠌ ᠠᠬ᠎ᠠ ᠬᠣᠢᠮᠣᠷ ᠲᠤ᠌ ᠭᠠᠷᠤᠭᠠᠳ ᠳᠠᠪ ᠬᠢᠲᠡᠯ᠎ᠡ ᠵᠠᠪᠢᠯᠠᠭᠠᠳ ᠰᠠᠭᠤᠵᠠᠢ᠃
— ᠵᠠ᠂ ᠬᠦᠦ ᠮᠢᠨᠢ ᠰᠠᠢᠨ ᠶᠠᠪᠤᠵᠤ ᠢᠷᠡᠪᠡᠦ ᠭᠡᠵᠦ ᠲᠡᠷᠡ ᠴᠢᠪᠠᠭᠠᠨᠴᠠ ᠰᠢᠷᠴᠢᠨ ᠦ᠌ ᠠᠬ᠎ᠠ ᠠ᠋ᠴᠠ ᠠᠰᠠᠭᠤᠵᠠᠢ᠃ ᠤᠷᠢᠳ ᠵᠠᠯᠠᠭᠤ ᠳ᠋ᠤᠨᠢ ᠮᠣᠢᠯ ᠰᠢᠭ᠋ ᠬᠠᠷ᠎ᠠ ᠪᠠᠢᠭᠰᠠᠨ ᠢ᠋ᠶ᠋ᠠᠨ ᠣᠳᠣ ᠬᠥᠬᠡ ᠴᠠᠭᠠᠷᠢᠭᠯᠠᠭᠰᠠᠨ ᠨᠢᠳᠦᠨ ᠳ᠋ᠡᠭᠡᠨ ᠡᠩᠬᠦᠷᠡᠢᠯᠡᠬᠦ ᠪᠠᠢᠳᠠᠯ ᠭᠠᠷᠭᠠᠵᠤ ᠠᠰᠠᠭᠤᠯ᠎ᠠ᠃
— ᠰᠠᠢᠨ ᠶᠠᠪᠤᠵᠤ ᠢᠷᠡᠭᠰᠡᠨ᠃ ᠭᠠᠭᠴᠠ ᠮᠣᠷᠢ ᠮᠠᠨᠢ ᠯᠠ ᠡᠴᠡᠵᠦ ᠢᠷᠡᠯ᠎ᠡ ᠭᠡᠵᠦ ᠴᠠᠢ ᠬᠢᠩᠭᠦᠲᠡ ᠬᠠᠷᠢᠭᠤ ᠬᠡᠯᠡᠪᠡᠯ᠂ ᠴᠢᠪᠠᠭᠠᠨᠴᠠ ᠤᠤᠭᠠᠨ ᠬᠦᠦ ᠶ᠋ᠢᠨ ᠡᠮᠦᠨ᠎ᠡ ᠠᠷᠪᠠᠢ ᠶ᠋ᠢᠨ ᠪᠣᠯᠤᠭᠰᠠᠨ ᠭᠤᠯᠢᠷ ᠲᠠᠢ ᠪᠢᠴᠢᠬᠠᠨ ᠬᠡᠦᠳᠡᠢ᠂ ᠲᠣᠰᠣ᠂ ᠠᠭᠠᠷᠤᠤᠯ᠂ ᠬᠤᠷᠤᠳ᠂ ᠥᠷᠥᠮ᠎ᠡ ᠲᠡᠢ ᠵᠡᠰ ᠲᠠᠪᠠᠭ ᠲᠠᠯᠪᠢᠭᠠᠳ ᠪᠠᠰᠠ ᠨᠢᠭᠡ ᠬᠡᠳᠦᠨ ᠪᠣᠭᠣᠷᠰᠣᠭ ᠨᠡᠮᠡᠵᠦ ᠬᠢᠭᠡᠳ᠂ ᠰᠢᠷᠴᠢᠨ ᠲᠠᠰᠢ(ᠲᠠᠢᠰᠢ)ᠡᠷᠭᠢᠵᠦ ᠬᠠᠭᠤᠴᠢᠨ ᠮᠣᠳᠣᠨ ᠠᠶᠠᠭ᠎ᠠ ᠥᠭᠴᠦ᠂ ᠬᠤᠷᠤᠳ ᠠᠭᠠᠷᠤᠤᠯ ᠤ᠋ᠨ ᠦᠢᠷᠡᠮᠡᠭ ᠲᠡᠢ᠂ ᠨᠢᠭᠡ ᠨᠠᠷᠢᠬᠠᠨ ᠭᠡᠭᠴᠢ ᠶ᠋ᠢᠨ ᠬᠡᠷᠴᠢᠮ ᠣᠯᠣᠭᠠᠢᠲᠠᠢ (ᠣᠯᠣᠭᠠᠢ ᠲᠠᠢ)ᠲᠣᠰᠣ ᠬᠢᠭᠰᠡᠨ ᠰᠡᠲᠡᠷᠬᠡᠢ ᠬᠠᠭᠤᠴᠢᠨ ᠮᠣᠳᠣᠨ ᠲᠠᠪᠠᠭ ᠲᠦᠯᠬᠢᠵᠦ ᠥᠭᠬᠦ ᠳ᠋ᠦ᠍ᠨᠢ ᠰᠢᠷᠴᠢᠨ ᠦ᠌ ᠬᠣᠭᠣᠯᠠᠢ ᠵᠠᠩᠭᠢᠷᠠᠵᠤ ᠳᠣᠲᠣᠷ᠎ᠠ ᠪᠠᠨ ᠭᠣᠮᠣᠳᠠᠭᠠᠳ᠂ ᠲᠡᠷᠡ ᠠᠶᠠᠭ᠎ᠠ ᠴᠠᠢ ᠬᠤᠷᠤᠳ ᠤ᠋ᠨ ᠦᠢᠷᠡᠮᠡᠭ ᠲᠦ᠍ ᠠᠷᠠᠢ ᠭᠡᠵᠦ ᠠᠮᠠ ᠬᠦᠷᠦᠯ᠎ᠡ᠃
ᠴᠢᠩᠭᠢᠵᠦ ᠪᠠᠢᠲᠠᠯ᠎ᠠ ᠬᠣᠨᠢ ᠮᠠᠢᠯᠠᠬᠤ ᠴᠢᠮᠡᠭᠡ ᠰᠣᠨᠣᠰᠳᠠᠵᠤ᠂ ᠮᠡᠩᠭᠡᠷ ᠲᠡᠭᠡᠨ ᠬᠠᠬᠠᠭᠰᠠᠨ ᠨᠢᠭᠡ ᠡᠴᠡᠩᠭᠡᠷ ᠪᠠᠭᠠᠬᠠᠨ ᠡᠪᠦᠭᠡᠨ ᠣᠷᠣᠵᠤ ᠢᠷᠡᠭᠡᠳ᠂ ᠬᠣᠢᠮᠣᠷ ᠲᠤ᠌ ᠭᠠᠷᠴᠤ ᠡᠵᠡᠨ ᠬᠥᠮᠦᠨ ᠦ᠌ ᠶᠣᠰᠣᠭᠠᠷ ᠵᠠᠪᠢᠯᠠᠨ ᠰᠠᠭᠤᠭᠠᠳ᠂ ᠰᠢᠷᠴᠢᠨ ᠦ᠌ ᠵᠦᠭ ᠨᠢᠳᠦ ᠪᠡᠨ ᠠᠨᠢᠰᠬᠢᠵᠦ ᠬᠠᠷᠠᠭᠠᠳ᠂
— ᠴᠢ ᠡᠢᠮᠦ ᠲᠣᠮᠣ ᠪᠣᠯᠴᠢᠬᠰᠠᠨ (ᠪᠣᠯᠴᠢᠬᠠᠭᠰᠠᠨ)ᠬᠥᠮᠦᠨ ᠪᠣᠢ᠃ ᠪᠢ ᠬᠡᠭᠡᠷ᠎ᠡ ᠠᠭᠤᠯᠵᠠᠪᠠᠯ ᠶᠡᠷᠦ ᠲᠦᠮᠡᠨ ᠵᠠᠶᠠᠭᠠᠨ ᠳ᠋ᠠᠭᠠᠨ ᠴᠢᠮᠠᠶ᠋ᠢ ᠲᠠᠨᠢᠬᠤ ᠦᠭᠡᠢ ᠨᠢ ᠠ᠋᠁ ᠶᠣᠰᠣᠲᠠᠢ ᠨᠢᠭᠡ ᠲᠥᠷᠥᠯ ᠮᠤᠯᠲᠤᠷᠠᠭᠰᠠᠨ ᠬᠥᠮᠦᠨ ᠰᠢᠭ ᠪᠣᠯᠵᠤ ᠳᠠ᠂ ᠴᠢ ᠪᠢᠳᠡ ᠬᠣᠶᠠᠷ᠃ ᠴᠢᠮᠠᠶ᠋ᠢ ᠵᠠᠮᠪᠠ ᠶ᠋ᠢᠨ ᠳ᠋ᠦ᠍ ᠡᠷᠭᠦᠭᠦᠯᠬᠦ ᠦᠶ᠎ᠡ ᠳ᠋ᠦ᠍᠂ ᠴᠢᠪᠠᠭᠠᠨᠴᠠ ᠪᠢᠳᠡ ᠬᠣᠶᠠᠷ ᠰᠠᠯᠵᠤ ᠪᠢ ᠭᠡᠷ ᠲᠡᠭᠡᠨ ᠡᠵᠡᠭᠦᠢ ᠪᠠᠢᠭᠰᠠᠨ ᠶᠤᠮ᠃ ᠴᠢᠩᠭᠢ ᠴᠢᠩᠭᠢᠭᠰᠡᠭᠡᠷ ᠪᠢᠳᠡ ᠬᠣᠶᠠᠷ ᠤ᠋ᠨ ᠵᠠᠮ ᠳᠠᠬᠢᠨ ᠨᠡᠢᠯᠡᠵᠦ ᠳᠠᠬᠢᠨ ᠨᠢᠭᠡ ᠭᠡᠷ ᠪᠣᠯᠤᠯ᠎ᠠ᠃ ᠴᠢ ᠴᠦ᠍ ᠪᠠᠰᠠ ᠲᠥᠷᠥᠭᠰᠡᠨ ᠭᠡᠷ ᠲᠡᠭᠡᠨ ᠲᠠᠰᠤᠪᠠᠯ ᠵᠣᠬᠢᠨ᠎ᠠ ᠳᠠ᠃ ᠪᠢᠳᠡ ᠴᠢᠮᠠᠶ᠋ᠢ ᠵᠠᠮᠪᠠ ᠳ᠋ᠤ᠌ ᠬᠥᠭᠡᠭᠡᠭᠳᠡᠭᠡᠳ ᠰᠣᠨᠣᠮ ᠵᠠᠩᠭᠢ ᠶ᠋ᠢᠨ ᠳ᠋ᠦ᠍ ᠵᠠᠷᠤᠴᠠ ᠪᠣᠯᠵᠤ ᠠᠶᠠᠭ᠎ᠠ ᠬᠣᠭᠣᠯᠠ ᠣᠯᠵᠤ ᠢᠳᠡᠵᠦ ᠪᠠᠢᠨ᠎ᠠ ᠭᠡᠵᠦ ᠲᠤᠭᠤᠯᠤᠭᠰᠠᠨ ᠪᠢᠯᠡ᠃ ᠴᠢᠨᠦ ᠢᠷᠡᠭᠰᠡᠨ ᠴᠢᠨᠢ ᠬᠠᠷᠢᠨ ᠰᠠᠢᠨ ᠪᠣᠯᠵᠤ᠂ ᠣᠳᠣ ᠪᠢ ᠬᠥᠯ ᠢ᠋ᠶ᠋ᠡᠨ ᠪᠠᠬᠠᠨ ᠠᠮᠠᠷᠠᠭᠠᠬᠤ ᠴᠠᠭ ᠮᠢᠨᠢ ᠢᠷᠡᠵᠦ ᠳᠠ ᠭᠡᠵᠦ ᠶᠠᠷᠢᠪᠠᠯ᠂ ᠰᠢᠷᠴᠢᠨ ᠦ᠌ ᠠᠬ᠎ᠠ ᠬᠥᠨᠳᠡᠯᠡᠨ ᠡᠴᠡ ᠥᠭᠦᠯᠡᠷᠦᠨ᠄
— ᠪᠢ ᠲᠠᠨ ᠢ᠋ ᠪᠠᠭᠠᠬᠠᠨ ᠠᠮᠠᠷᠠᠭᠠᠬᠤ ᠰᠠᠨᠠᠭ᠎ᠠ ᠲᠠᠢ ᠯᠠ ᠨᠠᠭᠠᠳᠤᠬᠢ ᠶ᠋ᠢ ᠴᠢᠨᠢ ᠠᠪᠴᠢᠷᠠᠭᠰᠠᠨ ᠶᠤᠮ ᠳᠠ᠃ ᠮᠠᠨᠠᠢ ᠳ᠋ᠤ᠌ ᠠᠵᠢᠯ ᠬᠢᠵᠦ ᠪᠣᠯᠬᠤ ᠪᠠᠢᠭᠰᠠᠭᠠᠷ ᠪᠠᠢᠲᠠᠯ᠎ᠠ ᠠᠢᠯ ᠳ᠋ᠤ᠌ ᠠᠵᠢᠯ ᠬᠢᠭᠡᠳ ᠶᠠᠭᠠᠬᠢᠳᠠᠭ ᠶᠤᠮ ᠪᠣᠢ ᠡᠨᠡ ᠠᠮᠢᠲᠠᠨ? ᠭᠡᠵᠦ ᠳᠤᠤᠭᠠᠷᠴᠤ ᠪᠢᠯᠡ᠃
ᠣᠷᠣᠢ ᠲᠡᠷᠡ ᠡᠮᠡᠭᠡᠨ ᠬᠣᠭᠣᠯᠠ ᠴᠢᠨᠠᠭᠠᠳ ᠳᠠᠪᠰᠢᠨ ᠳ᠋ᠤ᠌ ᠮᠢᠬ᠎ᠠ ᠭᠠᠷᠭᠠᠬᠤ ᠳ᠋ᠠᠭᠠᠨ ᠶᠡᠬᠡᠯ᠎ᠡ ᠴᠢᠳᠠᠮᠠᠭᠠᠢ ᠪᠠᠷ ᠬᠤᠪᠢᠶᠠᠵᠤ᠂ ᠰᠢᠷᠴᠢᠨ ᠦ᠌ ᠳᠠᠪᠰᠢᠨ ᠳ᠋ᠤ᠌ ᠭᠦᠵᠡᠭᠡ᠂ ᠬᠥᠭᠰᠢᠨ ᠬᠣᠨᠢᠨ ᠤ᠋ ᠬᠠᠲᠠᠭᠤ ᠬᠦᠵᠦᠭᠦᠨ ᠦ᠌ ᠮᠢᠬ᠎ᠠ᠂ ᠲᠤᠭᠤᠯ ᠤ᠋ᠨ ᠠᠮᠲᠠ ᠦᠭᠡᠢ ᠨᠢᠯᠤᠭᠤᠨ ᠮᠢᠬ᠎ᠠ ᠬᠢᠭᠰᠡᠨ ᠪᠠᠢᠯ᠎ᠠ᠃
ᠡᠳᠦᠷᠵᠢᠨ ᠶᠠᠭᠤᠮ᠎ᠠ ᠢᠳᠡᠭᠡ ᠦᠭᠡᠢ ᠰᠢᠷᠴᠢᠨ ᠭᠠᠰᠢᠭᠤᠨ ᠬᠣᠷᠣᠰᠤᠯ ᠢ᠋ᠶ᠋ᠠᠨ ᠳᠠᠷᠤᠵᠤ᠂ ᠲᠥᠷᠥᠭᠰᠡᠨ ᠡᠴᠢᠭᠡ ᠡᠬᠡ ᠶ᠋ᠢᠨ ᠳ᠋ᠡᠭᠡᠨ ᠠᠩᠬ᠎ᠠ ᠤᠳᠠᠭ᠎ᠠ ᠬᠣᠭᠣᠯᠠ ᠢᠳᠡᠬᠦ ᠳ᠋ᠡᠭᠡᠨ ᠵᠠᠩᠲᠠᠢ ᠭᠡᠳᠡᠭ ᠬᠣᠢᠲᠤ ᠡᠬᠡ ᠶ᠋ᠢᠨ ᠳ᠋ᠡᠭᠡᠨ ᠢᠳᠡᠵᠦ ᠪᠠᠢᠭᠰᠠᠨ ᠬᠣᠭᠣᠯᠠ ᠪᠠᠨ ᠳᠠᠬᠢᠨ ᠦᠵᠡᠭᠰᠡᠨ ᠳ᠋ᠡᠭᠡᠨ ᠳᠣᠲᠣᠷ᠎ᠠ ᠶᠡᠬᠡᠯ᠎ᠡ (ᠶᠡᠬᠡ ᠯᠡ)ᠤᠷᠮ᠎ᠠ ᠦᠭᠡᠢ ᠪᠠᠢᠵᠠᠢ᠃
ᠬᠣᠢᠲᠤ ᠥᠷᠯᠥᠭᠡ ᠨᠢ ᠠᠬ᠎ᠠ ᠶ᠋ᠢᠨ ᠬᠣᠨᠢ ᠶ᠋ᠢ ᠶᠠᠪᠠᠭᠠᠨ ᠬᠠᠷᠢᠭᠤᠯᠬᠤ ᠪᠣᠯᠵᠠᠢ᠃ ᠣᠷᠣᠢ᠂ ᠬᠣᠭᠣᠰᠣᠨ ᠨᠣᠢᠲᠠᠨ ᠡᠴᠡᠵᠦ ᠶᠠᠳᠠᠷᠠᠭᠠᠳ ᠬᠦᠷᠴᠦ ᠢᠷᠡᠬᠦ ᠳ᠋ᠦ᠍ᠨᠢ ᠴᠡᠷᠡᠨ ᠬᠡᠦᠬᠡᠨ ᠰᠢᠭ ᠡᠳᠦᠷ ᠶᠠᠳᠠᠷᠠᠪᠠᠤ ᠲᠠᠭᠠᠷᠠᠪᠠᠤ ᠥᠯᠥᠰᠴᠦ ᠤᠮᠳᠠᠭᠠᠰᠪᠠᠤ ᠭᠡᠵᠦ ᠨᠢᠭᠡᠴᠦ ᠬᠥᠮᠦᠨ ᠠᠰᠠᠭᠤᠵᠤ ᠴᠢᠬᠢᠨ ᠳ᠋ᠦ᠍ ᠲᠠᠭᠠᠲᠠᠢ ᠨᠢᠭᠡᠴᠦ(ᠨᠢᠭᠡ ᠴᠦ᠍) ᠠᠶᠠᠲᠠᠢᠬᠠᠨ ᠦᠭᠡ ᠰᠣᠨᠣᠰᠤᠭᠰᠠᠨ ᠦᠭᠡᠢ᠃ ᠨᠠᠮᠤᠷ ᠤ᠋ᠨ ᠤᠭᠤᠴᠠ ᠠ᠋ᠴᠠ ᠦᠯᠡᠳᠡᠭᠰᠡᠨ ᠠᠮᠲᠠ ᠦᠭᠡᠢ ᠴᠢᠰᠤ᠂ ᠭᠤᠲᠤᠯ ᠤ᠋ᠨ ᠤᠯᠠ ᠰᠢᠭ᠋ ᠬᠠᠲᠠᠭᠤ ᠳᠤᠲᠠᠭᠤ ᠪᠣᠯᠤᠭᠰᠠᠨ ᠭᠦᠵᠡᠭᠡ ᠳᠠᠭᠤᠨ ᠦᠭᠡᠢ ᠵᠠᠵᠢᠯᠵᠤ ᠰᠠᠭᠤᠬᠤ ᠳ᠋ᠠᠭᠠᠨ᠂ ᠲᠥᠷᠥᠭᠰᠡᠨ ᠡᠴᠢᠭᠡ ᠡᠬᠡ ᠠᠬ᠎ᠠ ᠭᠤᠷᠪᠠ ᠶ᠋ᠢ ᠲᠠᠷᠭᠤᠨ ᠬᠣᠨᠢᠨ ᠤ᠋ ᠮᠢᠬ᠎ᠠ ᠲᠠᠮᠰᠢᠶᠠᠨ ᠢᠳᠡᠵᠦ ᠰᠠᠭᠤᠬᠤ ᠶ᠋ᠢ ᠭᠢᠯᠠᠢᠨ ᠭᠢᠯᠠᠢᠨ ᠬᠠᠷᠠᠵᠤ ᠰᠠᠭᠤᠵᠤ ᠪᠢᠯᠡ᠃
ᠴᠢᠩᠭᠢᠵᠦ ᠲᠥᠷᠥᠭᠰᠡᠨ ᠭᠡᠷ ᠣᠷᠣᠨ ᠳ᠋ᠠᠭᠠᠨ ᠪᠠᠶᠠᠷ ᠴᠡᠩᠭᠡᠯ ᠦᠭᠡᠢ ᠠᠵᠤ ᠲᠥᠷᠥᠬᠦ ᠶ᠋ᠢᠨ ᠲᠤᠷᠠᠩᠬᠠᠢ ᠪᠠᠢᠳᠠᠯᠲᠠᠢ(ᠪᠠᠢᠳᠠᠯ ᠲᠠᠢ) ᠪᠣᠯᠵᠤ᠂ ᠠᠬ᠎ᠠ ᠨᠢ ᠥᠨᠵᠢᠨ ᠬᠣᠨᠣᠨ ᠠᠢᠯ ᠬᠡᠰᠦᠵᠦ᠂ ᠡᠴᠢᠭᠡ ᠡᠬᠡ ᠬᠣᠶᠠᠷ ᠨᠢ ᠰᠢᠷᠴᠢᠨ ᠳ᠋ᠦ᠍ ᠦᠭᠡ ᠬᠡᠯᠡᠪᠡᠯ ᠡᠭᠦᠨ ᠢ᠋ ᠬᠢ ᠲᠡᠭᠦᠨ ᠢ᠋ ᠠᠪᠤᠭᠠᠳ ᠢᠷ᠎ᠡ ᠭᠡᠬᠦ ᠲᠡᠳᠦᠢᠬᠡᠨ ᠡᠴᠡ ᠣᠨᠳᠣᠣ ᠶᠠᠭᠤᠮ᠎ᠠ ᠬᠡᠯᠡᠳᠡᠭ ᠦᠭᠡᠢ᠂ ᠰᠢᠷᠴᠢᠨ ᠳ᠋ᠦ᠍ ᠪᠠᠰᠠ ᠵᠠ ᠭᠡᠵᠦ ᠳᠤᠤᠭᠠᠷᠬᠤ ᠠ᠋ᠴᠠ ᠥᠭᠡᠷ᠎ᠡ ᠲᠡᠳᠡᠨ ᠳ᠋ᠦ᠍ ᠬᠡᠯᠡᠮᠡᠷ ᠶᠠᠭᠤᠮ᠎ᠠ ᠠᠯᠠᠭ᠎ᠠ ᠪᠣᠯᠤᠭᠠᠳ ᠬᠣᠨᠢ ᠬᠠᠷᠢᠭᠤᠯᠵᠤ ᠶᠠᠪᠤᠬᠤ ᠳ᠋ᠠᠭᠠᠨ᠂ ᠲᠥᠷᠥᠭᠰᠡᠨ ᠡᠭᠡᠴᠢ ᠰᠢᠭ ᠪᠣᠯᠵᠤ ᠡᠩᠬᠦᠷᠡᠢᠯᠡᠨ ᠰᠠᠨᠠᠵᠤ ᠶᠠᠪᠤᠳᠠᠭ ᠴᠡᠷᠡᠨ ᠰᠡᠳᠬᠢᠯ ᠳ᠋ᠦ᠍ᠨᠢ ᠣᠷᠣᠵᠤ᠂ ᠵᠠᠷᠤᠬᠤ ᠠ᠋ᠴᠠ ᠣᠨᠳᠣᠣ ᠶᠠᠭᠤᠮ᠎ᠠ ᠮᠡᠳᠡᠬᠦ ᠦᠭᠡᠢ ᠲᠥᠷᠥᠭᠰᠡᠨ ᠡᠴᠢᠭᠡ ᠡᠬᠡ ᠡᠴᠡ ᠨᠢ ᠢᠯᠡᠭᠦᠦ ᠡᠩᠬᠦᠷᠡᠢᠯᠡᠵᠦ᠂ ᠲᠥᠷᠥᠯ ᠡᠯᠢᠭᠡᠨ ᠪᠢᠰᠢ ᠪᠣᠯᠪᠠᠴᠤ ᠳᠣᠲᠣᠨᠣ ᠦᠵᠡᠵᠦ ᠪᠠᠢᠭᠰᠠᠨ ᠡᠪᠦᠭᠡᠨ ᠵᠠᠩᠭᠢ ᠠᠪᠠᠭᠠᠢ ᠬᠣᠶᠠᠷ ᠨᠢ ᠶᠡᠬᠡᠯ᠎ᠡ ᠰᠠᠨᠠᠭᠳᠠᠳᠠᠭ ᠪᠣᠯᠤᠯ᠎ᠠ᠃ ᠴᠢᠩᠭᠢᠭᠡᠳ ᠨᠢᠭᠡ ᠨᠠᠰᠤ ᠪᠠᠷ ᠥᠯᠥᠨ ᠬᠣᠭᠣᠰᠣᠨ ᠶᠠᠪᠤᠵᠤ ᠡᠮᠬᠦ ᠮᠢᠬ᠎ᠠ ᠪᠠᠯᠭᠤ ᠱᠥᠯᠥ ᠨᠠᠷᠢᠯᠠᠵᠤ ᠰᠤᠷᠤᠭᠠᠳ᠂ ᠭᠡᠷ ᠦ᠋ᠨ ᠳᠣᠲᠣᠷ᠎ᠠ ᠢᠯᠡᠭᠦᠦ ᠠᠮᠠ ᠪᠠᠢᠭ᠎ᠠ ᠶ᠋ᠢ ᠬᠣᠭᠣᠯᠠ ᠶ᠋ᠢᠨ ᠭᠠᠷᠤᠵᠠ ᠭᠡᠵᠦ ᠪᠣᠳᠣᠵᠤ᠂ ᠦᠬᠦᠯ ᠲᠣᠰᠪᠠᠯ ᠠᠮᠢᠳᠤ ᠦᠯᠡᠳᠡᠭᠡᠰᠡ ᠨᠢ ᠵᠠᠪᠰᠢᠶᠠᠨ ᠭᠡᠵᠦ ᠪᠣᠳᠣᠵᠤ ᠰᠤᠷᠤᠭᠰᠠᠨ ᠡᠴᠢᠭᠡ ᠡᠬᠡ ᠬᠣᠶᠠᠷ ᠤ᠋ᠨ ᠰᠡᠳᠬᠢᠯ ᠰᠠᠨᠠᠭ᠎ᠠ ᠶᠠᠳᠠᠭᠤ ᠵᠦᠳᠡᠭᠦᠦ ᠶ᠋ᠢᠨ ᠵᠣᠪᠠᠯᠠᠩ ᠳ᠋ᠤ᠌ ᠮᠣᠬᠣᠭᠰᠠᠨ ᠤᠯᠤᠰ ᠪᠠᠢᠵᠠᠢ᠃ ᠡᠪᠦᠭᠡᠨ ᠡᠮᠡᠭᠡᠨ ᠬᠣᠶᠠᠷ ᠠᠢᠯ ᠳ᠋ᠤ᠌ ᠥᠰᠴᠦ ᠲᠣᠷᠨᠢᠭᠰᠠᠨ ᠰᠢᠷᠴᠢᠨ ᠢ᠋ ᠪᠠᠷᠤᠭ ᠬᠦᠦ ᠭᠡᠵᠦ ᠦᠵᠡᠬᠦ ᠦᠭᠡᠢ᠂ ᠲᠥᠷᠥᠯ ᠦ᠋ᠨ ᠰᠦᠯᠪᠡᠭᠡᠲᠡᠢ ᠬᠥᠯᠥᠰᠥ ᠦᠭᠡᠢ ᠵᠠᠷᠤᠴᠠ ᠭᠡᠵᠦ ᠦᠵᠡᠭᠡᠳ᠂ ᠭᠠᠭᠴᠠᠬᠦ ᠰᠢᠷᠴᠢᠨ ᠦ᠌ ᠠᠬ᠎ᠠ ᠶ᠋ᠢ ᠠᠮᠠ ᠳ᠋ᠠᠭᠠᠨ ᠢᠳᠡᠯ ᠦᠭᠡᠢ ᠮᠥᠷᠥ ᠳ᠋ᠡᠭᠡᠨ ᠡᠮᠦᠰᠦᠯ ᠦᠭᠡᠢ ᠢᠳᠡᠭᠦᠯᠵᠦ ᠡᠮᠦᠰᠬᠡᠵᠦ ᠬᠥᠮᠦᠨ ᠪᠣᠯᠭᠠᠵᠤ ᠬᠦᠴᠦᠨ ᠰᠦᠢᠳᠬᠡᠭᠰᠡᠨ ᠢ᠋ᠶ᠋ᠡᠷ ᠢ᠋ᠶ᠋ᠡᠨ ᠢᠯᠡᠭᠦᠦ ᠳᠣᠲᠣᠨᠣ ᠬᠠᠢᠷᠠᠲᠠᠢ ᠦᠵᠡᠳᠡᠭ ᠪᠠᠢᠵᠠᠢ᠃
ᠭᠡᠷ ᠲᠡᠭᠡᠨ (ᠲᠦ᠍ ᠪᠡᠨ) ᠨᠢᠭᠡ ᠵᠢᠯ ᠪᠣᠯᠬᠤ ᠳ᠋ᠤ᠌᠂ ᠰᠢᠷᠴᠢᠨ ᠦ᠌ ᠬᠤᠪᠴᠠᠰᠤ ᠤᠷᠠᠭᠳᠠᠵᠤ ᠭᠦᠢᠴᠡᠭᠡᠳ᠂ ᠭᠤᠲᠤᠯ ᠨᠢ ᠰᠤᠷ ᠳᠡᠭᠡᠰᠦᠨ ᠦ᠌ ᠲᠠᠰᠤᠷᠬᠠᠢ ᠪᠠᠷ ᠪᠣᠭᠣᠭᠰᠠᠨ ᠲᠦᠮᠡᠨ ᠵᠠᠩᠭᠢᠯᠠᠭ᠎ᠠ ᠪᠣᠯᠵᠠᠢ᠃ ᠴᠢᠩᠭᠢᠭᠡᠳ ᠠᠬ᠎ᠠ ᠠ᠋ᠴᠠ ᠶᠠᠳᠠᠬᠤ ᠳ᠋ᠠᠭᠠᠨ ᠭᠤᠲᠤᠯ ᠥᠭᠭᠦᠨᠡᠦ ᠭᠡᠵᠦ ᠭᠤᠶᠤᠬᠤ ᠳ᠋ᠤᠨᠢ ᠵᠤᠨ ᠴᠠᠭ ᠬᠥᠯ ᠨᠢᠴᠦᠭᠦᠨ ᠶᠠᠪᠤᠬᠤ ᠳ᠋ᠤ᠌ ᠶᠠᠭᠠᠬᠢᠳᠠᠭ ᠶᠤᠮ ᠪᠣᠢ ᠭᠡᠵᠦ ᠬᠡᠯᠡᠭᠡᠳ ᠬᠡᠷᠡᠭᠰᠡᠵᠦ ᠥᠭᠭᠦᠭᠰᠡᠨ ᠦᠭᠡᠢ᠂ ᠳᠠᠬᠢᠨ ᠨᠢᠭᠡ ᠭᠤᠶᠤᠬᠤ ᠳ᠋ᠤᠨᠢ ᠥᠭᠡᠳᠡ ᠡᠴᠡ ᠨᠢ ᠵᠠᠩᠨᠠᠭᠠᠳ᠂ ᠴᠢ ᠬᠣᠭᠣᠯᠠᠨ ᠳ᠋ᠤ᠌ ᠴᠠᠳᠴᠤ ᠵᠠᠯᠬᠠᠭᠤᠷᠠᠭᠠᠳ᠂ ᠵᠠᠩᠭᠢ ᠶ᠋ᠢᠨ ᠳ᠋ᠦ᠍ ᠠᠵᠢᠯ ᠬᠢᠳᠡᠭ ᠲᠡᠢ ᠠᠳᠠᠯᠢ ᠬᠢᠴᠢᠶᠡᠬᠦ ᠦᠭᠡᠢ ᠪᠣᠯᠴᠢᠵᠤ ᠭᠡᠵᠦ ᠪᠤᠷᠤᠭᠤᠰᠢᠶᠠᠵᠠᠢ᠃
ᠰᠢᠷᠴᠢᠨ ᠲᠡᠷᠡ ᠮᠤᠰᠬᠢᠭᠤ ᠦᠭᠡ ᠰᠣᠨᠣᠰᠴᠤ ᠤᠷᠮ᠎ᠠ ᠬᠤᠭᠤᠷᠠᠵᠤ᠂ ᠰᠤᠨᠤᠮ ᠵᠠᠩᠭᠢ ᠶ᠋ᠢᠨ ᠳ᠋ᠦ᠍ ᠭᠡᠳᠡᠰᠦ ᠴᠠᠳᠬᠤᠯᠠᠩ ᠮᠥᠷᠥ ᠪᠦᠲᠦᠨ ᠶᠠᠭᠤᠲᠠᠢ ᠰᠠᠢᠬᠠᠨ ᠪᠠᠢᠯ᠎ᠠ᠃ ᠬᠣᠨᠢ ᠪᠠᠨ ᠬᠠᠶᠠᠭᠠᠳ ᠪᠣᠰᠤᠮᠠᠷ ᠳᠤᠷ᠎ᠠ ᠬᠦᠷᠪᠡᠴᠦ ᠵᠠᠩᠭᠢ ᠶ᠋ᠢᠨ ᠬᠢ ᠶ᠋ᠢ ᠴᠣᠬᠣᠮ ᠬᠠᠮᠢᠭ᠎ᠠ ᠨᠤᠲᠤᠭᠯᠠᠵᠤ ᠪᠠᠢᠭ᠎ᠠ ᠶ᠋ᠢ ᠮᠡᠳᠡᠬᠦ ᠦᠭᠡᠢ ᠳ᠋ᠡᠭᠡᠨ ᠬᠠᠪᠴᠢᠭᠳᠠᠭᠠᠳ᠂ ᠣᠨᠳᠣᠣ ᠲᠠᠨᠢᠬᠤ ᠦᠭᠡᠢ ᠠᠢᠯ ᠳ᠋ᠤ᠌ ᠵᠠᠷᠤᠴᠠᠯᠠᠭᠳᠠᠬᠤ ᠳᠤᠷ᠎ᠠ ᠦᠭᠡᠢ ᠲᠤᠯᠠ ᠠᠷᠭ᠎ᠠ ᠪᠤᠶᠤ ᠲᠡᠰᠴᠦ ᠦᠵᠡᠬᠦ ᠡᠴᠡ ᠥᠭᠡᠷ᠎ᠡ ᠮᠡᠬᠡ ᠦᠭᠡᠢ ᠪᠠᠢᠵᠢ᠃ ᠬᠥᠮᠦᠨ ᠲᠡᠢ ᠵᠥᠪᠯᠡᠵᠦ ᠬᠡᠯᠡᠯᠴᠡᠶ᠎ᠡ ᠭᠡᠬᠦ ᠳ᠋ᠦ᠍ ᠣᠢᠷ᠎ᠠ ᠬᠠᠪᠢ ᠳ᠋ᠤᠨᠢ ᠨᠢᠭᠡᠴᠤ ᠠᠢᠯ ᠠᠯᠠᠭ᠎ᠠ᠃ ᠡᠴᠢᠭᠡ ᠮᠠᠨᠢ ᠰᠢᠪᠡᠨᠡᠨ ᠤᠩᠰᠢᠵᠤ ᠭᠡᠷ ᠲᠡᠭᠡᠨ ᠦᠷᠭᠦᠯᠵᠢ ᠡᠷᠢᠭᠡ ᠲᠠᠲᠠᠵᠤ ᠰᠠᠭᠤᠬᠤ ᠠ᠋ᠴᠠ ᠪᠢᠰᠢ᠂ ᠰᠢᠷᠴᠢᠨ ᠢ᠋ ᠪᠠᠢᠭ᠎ᠠ ᠦᠭᠡᠢ ᠶ᠋ᠢ ᠨᠢ ᠴᠦ᠍ ᠬᠠᠢᠬᠤᠷᠴᠤ ᠲᠣᠭᠣᠳᠠᠭ ᠦᠭᠡᠢ᠃ ᠡᠮᠬᠦ ᠮᠢᠬ᠎ᠠ᠂ ᠴᠢᠮᠬᠢ ᠠᠭᠠᠷᠤᠤᠯ ᠬᠦᠷᠲᠡᠯ᠎ᠡ ᠲᠣᠭᠠᠯᠠᠵᠤ ᠥᠭᠳᠡᠭ ᠡᠬᠡ ᠳ᠋ᠡᠭᠡᠨ ᠵᠣᠪᠠᠯᠠᠩ ᠢ᠋ᠶ᠋ᠠᠨ ᠲᠣᠭᠠᠴᠢᠶ᠎ᠠ ᠭᠡᠪᠡᠯ᠂ ᠬᠡᠳᠡᠭᠡᠨ᠎ᠡ ᠰᠢᠷ᠎ᠠ ᠵᠥᠭᠡᠢ ᠶ᠋ᠢᠨ ᠡᠭᠦᠷ ᠢ᠋ ᠬᠥᠨᠳᠡᠭᠰᠡᠨ ᠡᠴᠡ ᠳᠣᠣᠷ᠎ᠠ᠃ ᠠᠬ᠎ᠠ ᠳ᠋ᠠᠭᠠᠨ ᠭᠠᠴᠢᠭᠳᠠᠯ ᠢ᠋ᠶ᠋ᠠᠨ ᠶᠠᠷᠢᠶ᠎ᠠ ᠭᠡᠬᠦ ᠳ᠋ᠦ᠍᠂ ᠰᠢᠷᠴᠢᠨ ᠢ᠋ ᠮᠢᠨᠦ ᠠᠵᠢᠯ ᠬᠢᠬᠦ ᠬᠤᠪᠢ ᠲᠠᠢ ᠠᠮᠢᠲᠠᠨ ᠭᠡᠵᠦ ᠦᠵᠡᠳᠡᠭ ᠲᠡᠷᠡ ᠬᠥᠮᠦᠨ ᠳ᠋ᠦ᠍ ᠶᠠᠭᠤᠮ᠎ᠠ ᠬᠡᠯᠡᠭᠡᠳ ᠠᠮᠠᠨ ᠤ᠋ ᠭᠠᠷᠤᠵᠠ ᠭᠡᠵᠦ ᠪᠣᠳᠣᠭᠠᠳ ᠠᠬ᠎ᠠ ᠶ᠋ᠢᠨ ᠬᠣᠨᠢ ᠶ᠋ᠢ ᠰᠥᠨᠢ ᠬᠠᠷᠠᠳᠠᠭ ᠬᠣᠲᠠᠴᠢ ᠨᠣᠬᠠᠢ ᠲᠠᠢ ᠡᠳᠦᠷ ᠬᠠᠯᠠᠭ᠎ᠠ ᠪᠠᠨ ᠠᠪᠤᠯᠴᠠᠵᠤ ᠬᠠᠷᠢᠭᠤᠯᠤᠭᠰᠠᠭᠠᠷ ᠪᠠᠢᠵᠠᠢ᠃
ᠨᠢᠭᠡ ᠡᠳᠦᠷ ᠰᠢᠷᠴᠢᠨ ᠦ᠌ ᠠᠬ᠎ᠠ ᠯᡁᠠ ᠪᠠᠢᠰᠠ ᠶ᠋ᠢᠨ ᠵᠠᠬᠢᠷᠤᠭᠴᠢ ᠫᠶᠧᠭ᠌ ᠦ᠋ᠨ ᠳ᠋ᠦ᠍ ᠰᠢᠮ᠎ᠡ ᠶ᠋ᠢᠨ ᠠᠷᠢᠬᠢ ᠤᠤᠭᠤᠭᠠᠳ᠂ ᠤᠯᠠᠭᠠᠨ ᠵᠡᠭᠡᠷᠳᠡ ᠪᠣᠯᠵᠤ ᠢᠷᠡᠭᠡᠳ᠂
— ᠵᠠ ᠮᠠᠨᠠᠢᠬᠢ ᠫᠶᠸ ᠵᠠᠬᠢᠷᠤᠭᠴᠢ ᠶ᠋ᠢᠨ ᠬᠢ ᠲᠡᠢ ᠤᠩᠭᠠᠰᠤ ᠤᠷᠤᠯᠳᠤᠨ ᠰᠠᠪᠠᠬᠤ ᠪᠣᠯᠤᠯ᠎ᠠ᠃ ᠮᠠᠷᠭᠠᠰᠢ ᠠ᠋ᠴᠠ ᠰᠢᠷᠴᠢᠨ ᠢ᠋ᠶ᠋ᠡᠷ ᠤᠩᠭᠠᠰᠤ ᠰᠠᠪᠠᠭᠤᠯᠤᠶᠠ᠃ ᠠᠪᠤ ᠲᠠ ᠬᠣᠶᠠᠷ ᠨᠢᠭᠡ ᠬᠣᠨᠣᠭ ᠣᠷᠣᠨ ᠳ᠋ᠤᠨᠢ ᠬᠣᠨᠢᠨ ᠳ᠋ᠤ᠌ ᠶᠠᠪᠤᠵᠤ ᠦᠵᠡᠨᠡᠦ ᠭᠡᠵᠦ ᠬᠡᠯᠡᠵᠡᠢ᠃
ᠤᠩᠭᠠᠰᠤ ᠰᠠᠪᠠᠵᠤ ᠡᠬᠢᠯᠡᠭᠰᠡᠨ ᠦ᠌ ᠬᠣᠢᠲᠤ ᠡᠳᠦᠷ ᠲᠦ᠋ᠨᠢ ᠰᠢᠷᠴᠢᠨ ᠦ᠌ ᠭᠠᠷ ᠠᠷᠠᠢ ᠬᠢᠵᠦ ᠬᠥᠳᠡᠯᠵᠦ᠂ ᠬᠥᠩᠭᠡᠨ ᠶᠠᠷᠭᠠᠢ ᠰᠠᠪᠠᠭ᠎ᠠ ᠲᠣᠭᠣᠯᠭᠠᠨ ᠰᠢᠳᠠᠮ ᠮᠡᠲᠦ ᠬᠦᠨᠳᠦ ᠪᠣᠯᠤᠭᠰᠠᠨ ᠶᠤᠮ ᠰᠢᠭ᠋ ᠰᠠᠨᠠᠭᠳᠠᠯ᠎ᠠ᠃ ᠴᠢᠩᠭᠢᠵᠦ ᠶᠠᠳᠠᠷᠠᠭᠰᠠᠨ ᠢ᠋ ᠦᠵᠡᠭᠡᠳ ᠰᠢᠷᠴᠢᠨ ᠦ᠌ ᠠᠬ᠎ᠠ ᠮᠣᠷᠢᠨ ᠳ᠋ᠠᠭᠠᠨ ᠮᠣᠷᠳᠠᠵᠤ᠂ ᠬᠡᠭᠡᠷ᠎ᠡ ᠶ᠋ᠢᠨ ᠪᠣᠷᠣ ᠭᠡᠳᠡᠭ ᠨᠢᠭᠡ ᠬᠥᠮᠦᠨ ᠢ᠋ ᠬᠥᠯᠥᠰᠥᠯᠡᠨ ᠳᠠᠭᠠᠭᠤᠯᠵᠤ ᠢᠷᠡᠭᠡᠳ᠂ ᠫᠶᠸ ᠵᠠᠬᠢᠷᠤᠭᠴᠢ ᠶ᠋ᠢᠨ ᠬᠢ ᠲᠦᠷᠦᠭᠦᠯᠡᠵᠦ ᠪᠠᠢᠨᠠᠤ ᠬᠣᠵᠢᠮᠳᠠᠵᠤ ᠪᠠᠢᠨᠠᠤ ᠭᠡᠵᠦ ᠡᠳᠦᠷ ᠲᠦ᠍ ᠬᠣᠶᠠᠷ ᠤᠳᠠᠭ᠎ᠠ ᠠᠷᠢᠬᠢ ᠤᠤᠭᠤᠬᠤ ᠭᠡᠵᠦ ᠰᠢᠯᠲᠠᠭ ᠵᠣᠬᠢᠶᠠᠵᠤ ᠶᠠᠪᠤᠳᠠᠭ ᠪᠣᠯᠵᠠᠢ᠃
ᠰᠢᠷᠴᠢᠨ᠂ ᠡᠬᠡ ᠳ᠋ᠡᠭᠡᠨ ᠰᠢᠪᠠᠳᠠᠭᠤᠯᠤᠨ ᠬᠠᠮᠤᠭ ᠴᠢᠳᠠᠯ ᠢ᠋ᠶ᠋ᠠᠨ ᠭᠠᠷᠭᠠᠵᠤ ᠴᠢᠷᠮᠠᠢᠪᠠᠴᠤ ᠠᠬ᠎ᠠ ᠶ᠋ᠢᠨ ᠰᠠᠨᠠᠭ᠎ᠠ ᠬᠠᠩᠬᠤ ᠦᠭᠡᠢ᠃
— ᠫᠶᠸ ᠵᠠᠬᠢᠷᠤᠭᠴᠢ ᠶ᠋ᠢᠨ ᠬᠢ ᠶᠠᠭᠠᠬᠢᠬᠤ ᠶᠠᠭᠠᠬᠢᠬᠤ ᠠᠷᠭ᠎ᠠ ᠦᠭᠡᠢ ᠲᠦᠷᠦᠭᠦᠯᠡᠵᠦ ᠪᠠᠢᠨ᠎ᠠ᠃ ᠰᠢᠷᠴᠢᠨ ᠬᠠᠯᠠᠭᠤᠨ ᠳ᠋ᠤ᠌ ᠶᠠᠭᠤᠮ᠎ᠠ ᠶᠡᠬᠡ ᠢᠳᠡᠭᠡᠳ᠂ ᠨᠣᠢᠷ ᠨᠢ ᠬᠦᠷᠴᠦ ᠪᠠᠢᠨ᠎ᠠ᠃ ᠡᠵᠢ᠂ ᠲᠠ ᠬᠣᠭᠣᠯᠠ ᠶ᠋ᠢ ᠨᠢ ᠬᠠᠰᠤᠬᠤ ᠦᠭᠡᠢ ᠪᠣᠯ ᠭᠣᠷᠢ ᠦᠭᠡᠢ ᠭᠡᠵᠦ ᠡᠬᠡ ᠨᠢ ᠲᠡᠭᠦᠨ ᠦ᠌ ᠦᠭᠡ ᠶ᠋ᠢ ᠳᠠᠭᠠᠵᠤ ᠰᠢᠷᠴᠢᠨ ᠦ᠌ ᠡᠳᠦᠷ ᠪᠦᠷᠢ ᠶ᠋ᠢᠨ ᠥᠯ ᠵᠠᠯᠭᠠᠳᠠᠭ ᠠᠭᠠᠷᠤᠤᠯ ᠲᠠᠷᠠᠭ ᠤ᠋ᠨ ᠬᠡᠮᠵᠢᠶ᠎ᠡ ᠶ᠋ᠢ ᠬᠠᠰᠤᠵᠠᠢ᠃
ᠭᠤᠷᠪᠠ ᠬᠣᠨᠣᠭ ᠤᠩᠭᠠᠰᠤ ᠰᠠᠪᠠᠵᠤ᠂ ᠦᠳᠡᠰᠢ ᠳᠠᠰᠢ ᠴᠤᠤ ᠴᠢᠮᠠᠢ ᠭᠦᠢᠴᠡᠬᠦ ᠳ᠋ᠡᠭᠡᠨ᠂ ᠰᠢᠷᠴᠢᠨ ᠬᠡᠭᠡᠷ᠎ᠡ ᠶ᠋ᠢᠨ ᠪᠣᠷᠣ ᠬᠣᠶᠠᠷ᠂ ᠫᠶᠧ ᠵᠠᠬᠢᠷᠤᠭᠴᠢ ᠶ᠋ᠢᠨ ᠬᠢ ᠲᠡᠢ ᠪᠠᠷᠤᠭ ᠨᠢᠭᠡ ᠵᠡᠷᠭᠡ ᠭᠦᠢᠴᠡᠭᠡᠳ᠂ ᠵᠠᠬᠢᠷᠤᠭᠴᠢ ᠶ᠋ᠢᠨ ᠬᠣᠨᠢᠴᠢᠨ ᠲᠡᠷᠡ ᠣᠷᠣᠢ ᠦᠵᠡᠬᠦ ᠭᠡᠵᠦ ᠢᠷᠡᠭᠡᠳ ᠰᠢᠷᠴᠢᠨ ᠬᠡᠭᠡᠷ᠎ᠡ ᠶ᠋ᠢᠨ ᠪᠣᠷᠣ ᠬᠣᠶᠠᠷ ᠤ᠋ᠨ ᠰᠠᠪᠠᠭᠰᠠᠨ ᠶᠡᠬᠡ ᠤᠩᠭᠠᠰᠤ ᠶ᠋ᠢ ᠦᠵᠡᠭᠡᠳ ᠭᠠᠢᠬᠠᠵᠠᠢ᠃
— ᠲᠠ ᠬᠣᠶᠠᠷ ᠮᠥᠨ ᠯᠡ ᠰᠦᠷᠡᠬᠡᠢ ᠱᠠᠯᠠᠮᠠᠭᠠᠢᠯᠠᠵᠠᠢ᠃ ᠮᠠᠨ ᠤ᠋ ᠵᠠᠬᠢᠷᠤᠭᠴᠢ ᠶ᠋ᠢᠨ ᠳ᠋ᠦ᠍ ᠳᠥᠷᠪᠡᠨ ᠬᠥᠮᠦᠨ ᠪᠦᠲᠦᠨ ᠭᠤᠷᠪᠠᠨ ᠬᠣᠨᠣᠭ ᠰᠠᠪᠠᠭᠠᠳ᠂ ᠲᠠ ᠨᠠᠷ ᠤ᠋ᠨ ᠰᠠᠪᠠᠭᠰᠠᠨ ᠤᠩᠭᠠᠰᠤ ᠶ᠋ᠢᠨ ᠬᠠᠭᠠᠰ ᠲᠤ᠌ ᠴᠤ᠌ ᠬᠦᠷᠦᠭᠰᠡᠨ ᠦᠭᠡᠢ᠃ ᠮᠥᠨ ᠴᠦ᠍ ᠰᠦᠷᠡᠬᠡᠢ ᠤᠯᠤᠰ ᠶᠤᠮ ᠳᠠ᠃ ᠲᠠ ᠬᠣᠶᠠᠷ ᠭᠡᠵᠦ ᠱᠠᠭᠰᠢᠨ ᠮᠠᠭᠲᠠᠬᠤ ᠳ᠋ᠤᠨᠢ ᠰᠢᠷᠴᠢᠨ ᠪᠠᠶᠠᠷᠯᠠᠭᠠᠳ᠂ ᠣᠳᠣ ᠮᠠᠨ ᠤ᠋ ᠠᠬ᠎ᠠ ᠨᠠᠳᠠᠳᠤ ᠭᠤᠲᠤᠯ ᠬᠤᠪᠴᠠᠰᠤ ᠬᠢᠵᠦ ᠥᠭᠳᠡᠭ ᠪᠣᠯᠪᠠᠤ ᠭᠡᠵᠦ ᠳᠣᠲᠣᠷ᠎ᠠ ᠭᠣᠷᠢᠳᠠᠪᠠ᠃
ᠮᠠᠷᠭᠠᠰᠢ ᠨᠢ ᠢᠰᠡᠭᠡᠢ ᠲᠠᠲᠠᠵᠤ᠂ ᠫᠶᠧ ᠵᠠᠬᠢᠷᠤᠭᠴᠢ ᠶ᠋ᠢᠨ ᠬᠣᠨᠢᠴᠢᠨ ᠢᠰᠡᠭᠡᠢ ᠲᠠᠲᠠᠬᠤ ᠳ᠋ᠤ᠌ ᠲᠤᠰᠠᠯᠠᠯᠴᠠᠬᠤ ᠭᠡᠵᠦ ᠢᠷᠡᠭᠡᠳ᠂
— ᠵᠠ᠂ ᠴᠠᠭᠠᠨ ᠢᠰᠡᠭᠡᠢ
ᠴᠠᠪ ᠨᠦᠬᠡ ᠦᠭᠡᠢ
ᠴᠠᠭᠠᠰᠤᠨ ᠠ᠋ᠴᠠ ᠴᠠᠭᠠᠨ
ᠶᠠᠰᠤᠨ ᠠ᠋ᠴᠠ ᠬᠠᠲᠠᠭᠤ
ᠮᠥᠰᠥᠨ ᠡᠴᠡ ᠮᠥᠯᠬᠦᠷ
ᠮᠥᠩᠭᠥᠨ ᠡᠴᠡ ᠦᠨ᠎ᠡ ᠲᠡᠢ ᠪᠣᠯᠲᠤᠭᠠᠢ᠃
ᠭᠡᠵᠦ ᠢᠷᠥᠭᠡᠵᠦ ᠪᠢᠯᠡ᠃ ᠴᠢᠩᠭᠢᠭᠡᠳ ᠵᠤᠨ ᠤ᠋ ᠡᠳᠦᠷ ᠦ᠋ᠨ ᠤᠷᠲᠤ ᠳ᠋ᠤ᠌ ᠥᠷᠯᠥᠭᠡᠨ ᠦ᠌ ᠨᠠᠷᠠᠨ ᠠ᠋ᠴᠠ ᠦᠳᠡᠰᠢ ᠶ᠋ᠢᠨ ᠨᠠᠷᠠᠨ ᠬᠦᠷᠲᠡᠯ᠎ᠡ ᠢᠰᠡᠭᠡᠢ ᠲᠠᠲᠠᠭᠰᠠᠭᠠᠷ ᠣᠷᠣᠢ ᠲᠣᠭᠠᠯᠠᠵᠤ ᠦᠵᠡᠪᠡᠯ ᠰᠢᠷᠴᠢᠨ᠂ ᠬᠡᠭᠡᠷ᠎ᠡ ᠶ᠋ᠢᠨ ᠪᠣᠷᠣ ᠬᠣᠶᠠᠷ ᠤ᠋ᠨ ᠰᠠᠪᠠᠭᠰᠠᠨ ᠤᠩᠭᠠᠰᠤ ᠠ᠋ᠴᠠ ᠠᠷᠪᠠᠨ ᠳᠥᠷᠪᠡᠨ ᠢᠰᠡᠭᠡᠢ ᠨᠢᠭᠡ ᠬᠠᠭᠠᠰ ᠲᠠᠢ ᠪᠣᠯᠵᠤ᠂ ᠫᠶᠧ ᠵᠠᠬᠢᠷᠤᠭᠴᠢ ᠶ᠋ᠢᠨ ᠡᠴᠡ ᠬᠤᠪᠢ ᠢᠯᠡᠭᠦᠦ ᠢᠰᠡᠭᠡᠢ ᠪᠣᠯᠵᠠᠢ᠃
ᠶᠡᠬᠡ ᠢᠰᠡᠭᠡᠢ ᠲᠡᠢ ᠪᠣᠯᠤᠯ᠎ᠠ ᠭᠡᠵᠦ ᠨᠠᠷᠢᠨ ᠴᠢᠪᠠᠭᠠᠨᠴᠠ ᠪᠠᠶᠠᠷᠯᠠᠭᠠᠳ ᠲᠡᠷᠡ ᠣᠷᠣᠢ ᠪᠣᠷᠴᠠ ᠪᠠᠷ ᠱᠥᠯᠥ ᠭᠠᠷᠭᠠᠵᠤ ᠥᠭᠭᠦᠭᠰᠡᠨ ᠳ᠋ᠦ᠍᠂ ᠴᠠᠭᠠᠨ ᠰᠠᠷ᠎ᠠ ᠠ᠋ᠴᠠ ᠬᠣᠢᠰᠢ ᠮᠢᠬ᠎ᠠ ᠠᠮᠰᠠᠵᠤ ᠦᠵᠡᠭᠡᠳᠦᠢ ᠰᠢᠷᠴᠢᠨ ᠳ᠋ᠦ᠍ ᠭᠠᠢᠬᠠᠯᠲᠠᠢ ᠰᠠᠢᠬᠠᠨ ᠬᠣᠭᠣᠯᠠ ᠰᠢᠭ᠋ ᠰᠠᠨᠠᠭᠳᠠᠯ᠎ᠠ᠃
ᠬᠣᠢᠲᠤ ᠥᠷᠯᠥᠭᠡ᠂ ᠰᠢᠷᠴᠢᠨ ᠦ᠌ ᠠᠬ᠎ᠠ ᠬᠡᠭᠡᠷ᠎ᠡ ᠶ᠋ᠢᠨ ᠪᠣᠷᠣ ᠳ᠋ᠤ᠌ ᠤᠩᠭᠠᠰᠤ ᠰᠠᠪᠠᠭᠰᠠᠨ ᠬᠥᠯᠥᠰᠥ ᠥᠭᠴᠡᠢ᠃ ᠰᠢᠷᠴᠢᠨ ᠠᠬ᠎ᠠ ᠮᠢᠨᠢ ᠣᠳᠣ ᠯᠠ ᠨᠠᠳᠠᠳᠤ ᠳᠡᠪᠡᠯ ᠭᠤᠲᠤᠯ ᠬᠢᠵᠦ ᠥᠭᠬᠦ ᠪᠠᠢᠬ᠎ᠠ ᠭᠡᠵᠦ ᠪᠣᠳᠣᠭᠠᠳ᠂ ᠠᠬ᠎ᠠ ᠶ᠋ᠢᠨ ᠳᠡᠷᠭᠡᠳᠡ ᠡᠮᠢᠶᠡᠨ ᠣᠢᠷᠠᠲᠤᠵᠤ ᠨᠠᠮ ᠳᠠᠭᠤᠨ ᠢ᠋ᠶ᠋ᠠᠷ᠂
— ᠵᠠ᠂ ᠲᠠ ᠨᠠᠳᠠᠳᠤ ᠶᠠᠭᠤᠮ᠎ᠠ ᠥᠭᠬᠦ ᠤᠤ ᠠᠬ᠎ᠠ ᠠ᠋ ᠭᠡᠵᠦ ᠠᠰᠠᠭᠤᠪᠠᠯ ᠠᠬ᠎ᠠ ᠨᠢ ᠭᠠᠢᠬᠠᠵᠠᠢ᠃
— ᠴᠢᠮᠠᠲᠤ ᠤᠤ᠃ ᠡᠵᠢ ᠠ᠋᠂ ᠡᠨᠡ ᠲᠡᠨᠡᠭ ᠢ᠋ ᠬᠠᠷᠠᠭᠠᠴᠢ᠃ ᠨᠠᠳᠠ ᠠ᠋ᠴᠠ ᠬᠥᠯᠥᠰᠥ ᠨᠡᠬᠡᠵᠦ ᠪᠠᠢᠨᠠᠤ ᠳᠠ᠃ ᠠᠬ᠎ᠠ ᠨᠢ ᠳᠡᠭᠦᠦ ᠪᠡᠨ ᠲᠡᠵᠢᠭᠡᠭᠡᠳ ᠪᠠᠰᠠ ᠲᠡᠵᠢᠭᠡᠭᠰᠡᠨ ᠦ᠌ ᠬᠥᠯᠥᠰᠥ ᠭᠡᠵᠦ ᠥᠭᠳᠡᠭ ᠶᠣᠰᠣ ᠬᠠᠮᠢᠭ᠎ᠠ ᠪᠠᠢᠳᠠᠭ ᠶᠤᠮ ᠪᠣᠢ ᠭᠡᠵᠦ ᠰᠢᠷᠴᠢᠨ ᠢ᠋ ᠵᠠᠩᠨᠠᠬᠤ ᠳ᠋ᠤ᠌᠂
— ᠡᠢᠮᠦ ᠪᠤᠵᠠᠷ ᠦᠭᠡ ᠨᠠᠭᠠᠳᠤ ᠮᠠᠭᠤ ᠶ᠋ᠢᠨ ᠴᠢᠨᠢ ᠠᠮᠠ ᠠ᠋ᠴᠠ ᠶᠠᠭᠠᠬᠢᠵᠤ ᠭᠠᠷᠪᠠ᠃ ᠦᠭᠡᠢ᠂ ᠴᠢ ᠮᠢᠨᠢ᠂ ᠤᠬᠠᠭᠠᠨ ᠴᠢᠨᠢ ᠵᠦᠭᠡᠷ ᠪᠢᠵᠡ ᠰᠢᠷᠴᠢᠨ᠃ ᠴᠢᠮᠠᠶ᠋ᠢ ᠲᠡᠵᠢᠭᠡᠵᠦ ᠪᠠᠢᠭ᠎ᠠ ᠠᠬ᠎ᠠ ᠠ᠋ᠴᠠ ᠪᠠᠨ᠂ ᠭᠠᠳᠠᠨ᠎ᠠ ᠶ᠋ᠢᠨ ᠬᠥᠮᠦᠨ ᠦ᠌ ᠳᠡᠷᠭᠡᠳᠡ ᠪᠠᠰᠠ ᠮᠥᠩᠭᠥ ᠬᠥᠯᠥᠰᠥ ᠨᠡᠬᠡᠵᠦ ᠪᠠᠢᠬᠤ ᠶᠠᠮᠠᠷ ᠢᠴᠢᠬᠦ ᠨᠢᠭᠤᠷ ᠢ᠋ᠶ᠋ᠠᠨ ᠪᠠᠷᠠᠭᠰᠠᠨ ᠠᠮᠢᠲᠠᠨ ᠪᠣᠢ ᠴᠢ? ᠲᠡᠵᠢᠭᠡᠭᠰᠡᠨ ᠪᠢᠷᠠᠭᠤ ᠲᠡᠷᠭᠡ ᠡᠪᠳᠡᠨ᠎ᠡ ᠭᠡᠵᠦ ᠡᠢᠮᠦ ᠶ᠋ᠢ ᠬᠡᠯᠡᠳᠡᠭ ᠶᠦᠮ ᠪᠠᠢᠵᠤ ᠳᠠ ᠭᠡᠵᠦ ᠴᠢᠪᠠᠭᠠᠨᠴᠠ ᠬᠠᠷᠢᠶᠠᠵᠤ ᠡᠬᠢᠯᠡᠬᠦ ᠳ᠋ᠦ᠍ ᠰᠢᠷᠴᠢᠨ᠂ ᠡᠪᠦᠭᠡᠨ ᠡᠴᠢᠭᠡ ᠶ᠋ᠢᠨ ᠥᠷᠯᠥᠭᠡᠨ ᠦ᠌ ᠪᠡᠨ ᠤᠩᠰᠢᠯᠭ᠎ᠠ ᠶ᠋ᠢ ᠪᠤᠰᠢᠭᠤᠬᠠᠨ ᠤᠩᠰᠢᠵᠤ ᠭᠦᠢᠴᠡᠭᠡᠳ ᠮᠠᠭᠤ ᠵᠠᠩ ᠲᠠᠢ ᠴᠢᠪᠠᠭᠠᠨᠴᠠ ᠳ᠋ᠠᠭᠠᠨ ᠨᠡᠢᠯᠡᠭᠦᠯᠬᠦ ᠭᠡᠵᠦ ᠪᠠᠰᠠ ᠠᠭᠠᠰᠢᠯᠠᠵᠤ ᠡᠬᠢᠯᠡᠬᠦ ᠡᠴᠡ ᠨᠢ ᠡᠮᠦᠨ᠎ᠡ ᠪᠤᠰᠢᠭᠤᠬᠠᠨ ᠵᠠᠢᠯᠠᠶ᠎ᠠ ᠭᠡᠵᠦ ᠶᠠᠭᠠᠷᠠᠨ ᠬᠣᠨᠢ ᠪᠠᠨ ᠪᠡᠯᠴᠢᠭᠡᠬᠦ ᠪᠡᠷ ᠭᠠᠷᠴᠠᠢ᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠢᠯᠢᠭ᠌᠂ ᠣᠶᠤᠨᠪᠠᠲᠤ᠂ ᠪᠠᠯ᠂ ᠮᠧᠢ ᠬᠤᠸᠠ᠂ ᠰᠠᠷᠠᠨᠲᠤᠶᠠᠭ᠎ᠠ
ᠬᠢᠨᠠᠭᠴᠢ᠄ ᠲ· ᠬᠦᠮᠦᠵᠢᠯᠲᠦ᠂ ᠣᠳᠬᠣᠨᠴᠡᠴᠡᠭ᠂ ᠣᠶᠤᠨᠪᠠᠲᠤ᠂ ᠪᠠᠯ
ᠤᠩᠰᠢᠭᠴᠢ᠄ ᠨᠠᠰᠤᠨ᠌ᠦ᠌ᠯᠵᠡᠢ
