ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠳᠣᠯᠣᠭ᠎ᠠ) Үүрийн туяа I – Б ᠂ Ренчин Тэргүүн дэвтэр "Манжийн талхинд" (27)
ᠬᠣᠷᠢᠨ ᠳᠣᠯᠣᠭ᠎ᠠ᠂ ᠴᠠᠭᠠᠭᠴᠢᠨ ᠭᠠᠬᠠᠢ ᠵᠢᠯ ᠤᠨ ᠭᠣᠷᠢ
ᠪᠢᠳᠡᠨ ᠳ᠋ᠦ᠍ ᠰᠢᠷᠦᠭᠦᠨ ᠠᠵᠢ᠃
ᠮᠠᠾᠲ᠋ᠦ᠋ᠮᠺᠦᠯᠢ
ᠴᠠᠭᠠᠭᠴᠢᠨ ᠭᠠᠬᠠᠢ ᠵᠢᠯ ᠪᠤᠶᠠᠨ ᠨᠣᠮ ᠬᠢᠴᠢᠶᠡᠵᠦ᠂ ᠯᠠᠮᠠ ᠪᠠᠭᠰᠢ ᠶ᠋ᠢᠨ ᠵᠠᠷᠯᠢᠭ ᠢ᠋ ᠳᠠᠭᠠᠬᠤ ᠦᠭᠡᠢ ᠱᠠᠪᠢ ᠨᠠᠷ ᠢ᠋ ᠵᠣᠪᠠᠯᠠᠩ ᠭᠠᠮᠰᠢᠭ ᠨᠡᠷᠪᠡᠵᠦ᠂ ᠤᠰᠤ ᠦᠶᠡᠷ᠂ ᠡᠪᠡᠳᠴᠢᠨ ᠵᠣᠪᠠᠯᠠᠩ ᠲᠤᠰᠤᠨ᠎ᠠ᠂ ᠲᠡᠢᠨ ᠳᠠᠵᠢᠨ ᠪᠣᠯᠵᠤ ᠳᠡᠯᠡᠬᠡᠢ ᠳ᠋ᠠᠬᠢᠨ ᠰᠠᠮᠠᠭᠤᠷᠠᠨᠠ ᠭᠡᠵᠦ ᠪᠦᠳᠦᠭᠦᠯᠢᠭ ᠰᠦᠷᠲᠡᠢ ᠯᠦᠨᠳᠦᠩ ᠪᠠᠭᠤᠵᠠᠢ ᠭᠡᠵᠦ ᠠᠮᠢᠲᠠᠨ ᠪᠡᠶ᠎ᠡ ᠪᠡᠶ᠎ᠡ ᠳ᠋ᠡᠭᠡᠨ ᠪᠣᠭᠳᠠ ᠶ᠋ᠢᠨ ᠯᠦᠨᠳᠦᠩ ᠢ᠋ ᠠᠮᠠ ᠪᠠᠷ ᠶᠠᠷᠢᠵᠤ᠂ ᠪᠢᠴᠢᠭ ᠴᠣᠬᠣᠷᠯᠠᠳᠠᠭ ᠨᠢᠭᠡ ᠨᠢ ᠬᠤᠯᠤᠰᠤᠨ ᠦᠵᠦᠭ᠂ ᠪᠢᠷ ᠢ᠋ᠶ᠋ᠡᠷ ᠬᠢᠴᠢᠶᠡᠩᠭᠦᠢᠯᠡᠨ᠂ ᠠᠯᠳᠠᠭ᠎ᠠ ᠮᠠᠳᠠᠭ ᠲᠠᠢ ᠰᠡᠢᠷᠡᠭᠦᠯᠴᠡᠭᠡᠵᠦ ᠲᠠᠷᠬᠠᠭᠠᠨ ᠲᠦᠭᠡᠭᠡᠴᠢᠬᠡᠪᠡ᠃
ᠬᠣᠪᠳᠣᠭ ᠰᠢᠨᠤᠬᠠᠢ ᠫᠦᠰᠡ ᠶ᠋ᠢᠨ ᠲᠣᠭ᠎ᠠ ᠮᠤᠯᠲᠤᠷᠠᠭᠰᠠᠨ ᠶᠡᠬᠡ ᠥᠷᠢ ᠰᠢᠷᠢ ᠳ᠋ᠦ᠍ ᠪᠠᠷᠢᠭᠳᠠᠭᠰᠠᠨ ᠭᠤᠢᠯᠢᠨᠴᠢᠨ ᠶᠠᠳᠠᠭᠤ᠂ ᠬᠠᠷᠠᠩᠭᠤᠢ ᠬᠣᠴᠣᠷᠤᠭᠳᠠᠩᠭᠤᠢ ᠬᠥᠳᠡᠭᠡᠨ ᠦ᠌ ᠨᠡᠭᠦᠳᠡᠯᠴᠢᠨ᠂ ᠰᠠᠢᠨ ᠰᠠᠢᠬᠠᠨ ᠴᠠᠭ ᠤ᠋ᠨ ᠵᠠᠬ᠎ᠠ ᠨᠢ ᠣᠢᠷᠠᠲᠤᠵᠤ ᠪᠠᠢᠭ᠎ᠠ ᠶᠤᠮ᠂ ᠡᠷᠲᠡ ᠤᠷᠢᠳ ᠴᠠᠭ ᠲᠤ᠌ ᠮᠠᠨᠵᠤ ᠶ᠋ᠢᠨ ᠬᠠᠷᠭᠢᠰ ᠤ᠋ᠳ ᠢ᠋ ᠳᠠᠭᠠᠬᠤ ᠦᠭᠡᠢ ᠭᠡᠵᠦ ᠪᠠᠭᠠᠲᠤᠷ ᠴᠠᠭᠠᠨ ᠬᠠᠭᠠᠨ ᠤ᠋ ᠨᠤᠲᠤᠭ ᠲᠤ᠌ ᠵᠠᠢᠯᠠᠵᠤ ᠶᠠᠪᠤᠭᠰᠠᠨ ᠪᠠᠭᠠᠲᠤᠷ ᠠᠮᠤᠷᠰᠠᠨᠠᠭ᠎ᠠ ᠶᠢᠨ ᠬᠦᠦ᠂ ᠡᠷ᠎ᠡ ᠶ᠋ᠢᠨ ᠰᠠᠢᠨ ᠲᠡᠮᠦᠷᠰᠠᠨᠠᠭᠠ ᠬᠦᠷᠴᠦ ᠢᠷᠡᠭᠡᠳ ᠠᠷᠠᠳ ᠲᠦᠮᠡᠨ ᠢ᠋ ᠵᠣᠪᠠᠯᠠᠩ ᠳᠠᠷᠤᠯᠠᠯ ᠠ᠋ᠴᠠ ᠠᠩᠭᠢᠵᠢᠷᠠᠭᠤᠯᠵᠤ ᠥᠭᠬᠦ ᠴᠠᠭ ᠠᠢᠰᠤᠢ ᠭᠡᠵᠦ ᠢᠳᠡᠭᠡᠰᠢ ᠦᠭᠡᠢ ᠴᠤᠤ ᠦᠭᠡ ᠪᠡᠷ ᠰᠡᠳᠬᠢᠯ ᠢ᠋ᠶ᠋ᠡᠨ ᠲᠡᠵᠢᠭᠡᠵᠦ ᠪᠠᠢᠯ᠎ᠠ᠃
ᠴᠠᠭᠠᠭᠴᠢᠨ ᠭᠠᠬᠠᠢ ᠵᠢᠯ ᠦ᠋ᠨ ᠡᠬᠢ ᠨᠢ ᠬᠠᠲᠠᠭᠤ ᠪᠠᠢᠵᠠᠢ᠃ ᠵᠠᠷᠢᠮ ᠬᠤᠰᠢᠭᠤᠨ ᠳ᠋ᠤ᠌ ᠥᠩᠭᠡᠷᠡᠭᠰᠡᠨ ᠲᠡᠮᠦᠷ ᠨᠣᠬᠠᠢ ᠵᠢᠯ ᠦ᠋ᠨ ᠡᠪᠦᠯ ᠦ᠋ᠨ ᠠᠳᠠᠭ ᠢ᠋ᠶ᠋ᠠᠷ ᠵᠤᠳ ᠪᠣᠯᠵᠤ ᠮᠠᠯ ᠶᠡᠬᠡ ᠦᠬᠦᠵᠦ᠂ ᠦᠬᠡᠷ ᠶᠡᠬᠡ ᠴᠥᠭᠡᠷᠡᠭᠰᠡᠨ ᠪᠢᠯᠡ᠃ ᠴᠢᠩᠭᠢᠲᠡᠯ᠎ᠡ ᠬᠦᠷᠢᠶᠡᠨ ᠦ᠌ ᠠᠮᠪᠠᠨ᠂ ᠤᠯᠢᠶᠠᠰᠤᠲᠠᠢ ᠶ᠋ᠢᠨ ᠵᠠᠩᠵᠤᠨ᠂ ᠨᠠᠮᠤᠷ ᠤ᠋ᠨ ᠮᠠᠯ ᠤ᠋ᠨ ᠲᠣᠭ᠎ᠠ ᠪᠠᠷ ᠨᠡᠩ ᠪᠣᠭᠣᠨᠢ ᠬᠤᠭᠤᠴᠠᠭᠠᠨ᠎ᠠ ᠶᠠᠭᠠᠷᠠᠯᠲᠠᠢ ᠠᠯᠪᠠ ᠲᠠᠲᠠᠬᠤ ᠶ᠋ᠢ ᠵᠠᠷᠯᠠᠵᠤ᠂ ᠣᠰᠣᠯᠳᠠᠨ ᠰᠠᠭᠠᠲᠠᠭᠤᠯᠤᠭᠰᠠᠨ ᠡᠲᠡᠭᠡᠳ ᠢ᠋ ᠴᠢᠩᠭᠠᠯᠠᠨ ᠰᠢᠳᠬᠡ ᠭᠡᠵᠦ ᠲᠤᠰᠢᠶᠠᠭᠰᠠᠨ ᠤᠴᠢᠷ᠂ ᠲᠠᠲᠠᠪᠤᠷᠢᠴᠢᠨ ᠠᠯᠪᠠ ᠲᠠᠰᠤᠯᠳᠠᠭᠤᠯᠬᠤ ᠡᠲᠡᠭᠡᠳ ᠲᠦ᠍ ᠰᠦᠷᠲᠡᠢ ᠴᠤᠤᠷᠬᠠᠯ ᠢ᠋ᠶ᠋ᠠᠷ ᠵᠢᠷᠦᠬᠡ ᠶ᠋ᠢ ᠰᠢᠮᠰᠢᠷᠡᠭᠦᠯᠬᠦ ᠭᠡᠵᠦ ᠥᠷᠲᠡᠭᠡᠨ ᠦ᠌ ᠨᠣᠮᠣᠬᠠᠨ ᠪᠠᠭᠤᠷᠠᠢ ᠪᠣᠱᠣᠭ ᠤᠯᠠᠭᠠᠴᠢ ᠶ᠋ᠢ ᠨᠢᠭᠤᠷ ᠨᠢᠳᠦ ᠦᠭᠡᠢ ᠲᠠᠰᠢᠭᠤᠷᠳᠠᠵᠤ᠂ ᠬᠠᠪᠤᠷ ᠤ᠋ᠨ ᠡᠴᠡᠩᠬᠡᠢ ᠠᠭᠲᠠ ᠶ᠋ᠢ ᠲᠦᠭᠰᠢᠵᠦ ᠦᠬᠦᠲᠡᠯ᠎ᠡ ᠨᠢ ᠳᠠᠪᠬᠢᠵᠤ ᠠᠯᠪᠠ ᠲᠠᠲᠠᠬᠤ ᠳ᠋ᠤ᠌᠂ ᠵᠤᠯᠠ ᠪᠥᠬᠥᠬᠦ ᠶ᠋ᠢᠨ ᠡᠮᠦᠨ᠎ᠡ ᠮᠠᠨᠳᠤᠳᠠᠭ᠂ ᠮᠠᠨᠵᠤ ᠨᠠᠷ ᠰᠥᠨᠥᠬᠦ ᠶ᠋ᠢᠨ ᠡᠮᠦᠨ᠎ᠡ ᠢᠩᠭᠢᠵᠦ ᠴᠢᠩᠭᠠᠷᠠᠵᠤ ᠪᠠᠢᠭ᠎ᠠ ᠪᠠᠢᠬ᠎ᠠ᠃ ᠲᠡᠮᠦᠷ ᠨᠣᠬᠠᠢ ᠶ᠋ᠢᠨ ᠦᠯᠡᠳᠡᠭᠡᠭᠰᠡᠨ ᠢ᠋ ᠬᠠᠮᠤᠵᠤ ᠠᠪᠤᠭᠠᠳ ᠬᠠᠬᠠᠵᠤ ᠦᠬᠦᠭ ᠭᠡᠵᠦ ᠮᠠᠯᠴᠢᠨ ᠠᠷᠠᠳ ᠲᠡᠮᠦᠷ ᠨᠣᠬᠠᠢ ᠵᠢᠯ ᠦ᠋ᠨ ᠰᠡᠭᠦᠯ᠂ ᠡᠪᠦᠯ ᠦ᠋ᠨ ᠰᠠᠷ᠎ᠠ ᠶ᠋ᠢᠨ ᠵᠤᠳ ᠢ᠋ᠶ᠋ᠠᠷ ᠮᠠᠯ ᠢ᠋ᠶ᠋ᠠᠨ ᠦᠬᠦᠭᠦᠯᠦᠭᠰᠡᠨ ᠠᠢᠯ ᠠ᠋ᠴᠠ ᠴᠤ᠌ ᠠᠯᠪᠠ ᠬᠡᠯᠲᠦᠷᠢᠭᠦᠯᠦᠯ ᠦᠭᠡᠢ ᠪᠠᠩᠵᠠᠳᠠᠵᠤ ᠪᠠᠢᠭᠠᠳ ᠠᠯᠪᠠ ᠭᠤᠪᠴᠢᠭᠰᠠᠨ ᠰᠢᠷᠦᠭᠦᠨ ᠡᠯᠴᠢ ᠲᠠᠲᠠᠪᠤᠷᠢᠴᠢᠨ ᠢ᠋ ᠶᠠᠪᠤᠵᠤ ᠥᠩᠭᠡᠷᠡᠬᠦ ᠳ᠋ᠦ᠍ ᠬᠡᠯᠡᠯᠴᠡᠵᠡᠭᠡᠵᠦ᠂ ᠠᠮᠢᠲᠠᠨ ᠳ᠋ᠤ᠌ ᠠᠳᠠ ᠪᠣᠯᠤᠭᠰᠠᠨ ᠮᠠᠨᠵᠤ ᠬᠠᠭᠠᠨ ᠤ᠋ ᠬᠠᠷᠭᠢᠰ ᠲᠥᠷᠥ ᠰᠥᠨᠥᠬᠦ ᠴᠠᠭ ᠲᠤᠩ ᠣᠢᠷᠠᠲᠤᠪᠠ ᠭᠡᠵᠦ ᠴᠤᠤ ᠦᠭᠡ ᠲᠠᠷᠬᠠᠵᠤ᠂ ᠬᠦᠷᠢᠶᠡᠨ ᠳ᠋ᠦ᠍ ᠪᠣᠭᠳᠠ ᠭᠡᠭᠡᠬᠡᠨ᠂ ᠬᠠᠭᠠᠳ ᠨᠣᠶᠠᠳ ᠲᠠᠢ ᠰᠠᠮ ᠬᠡᠯᠡᠯᠴᠡᠭᠡ ᠬᠢᠵᠦ᠂ ᠮᠠᠨᠵᠤ ᠨᠠᠷ ᠢ᠋ ᠬᠣᠶᠠᠷ ᠨᠢᠳᠦᠨ ᠳ᠋ᠡᠭᠡᠨ ᠦᠵᠡᠳᠡᠭ ᠦᠭᠡᠢ ᠬᠠᠨᠳᠠ ᠸᠠᠩ ᠲᠡᠷᠢᠭᠦᠲᠡᠢ ᠬᠡᠰᠡᠭ ᠨᠣᠶᠠᠳ ᠬᠢᠲᠠᠳ ᠠ᠋ᠴᠠ ᠰᠠᠯᠬᠤ ᠭᠡᠵᠦ ᠭᠠᠭᠴᠠᠬᠦ ᠬᠡᠨ ᠢ᠋ ᠮᠣᠩᠭᠣᠯ ᠤ᠋ᠨ ᠬᠠᠭᠠᠨ ᠡᠷᠭᠦᠮᠵᠢᠯᠡᠬᠦ ᠳᠡᠭᠡᠷ᠎ᠡ ᠰᠠᠨᠠᠯ ᠨᠡᠢᠯᠡᠬᠦ ᠦᠭᠡᠢ ᠪᠠᠢᠨ᠎ᠠ ᠭᠡᠵᠦ ᠬᠡᠯᠡᠯᠴᠡᠳᠡᠭ ᠪᠣᠯᠤᠯ᠎ᠠ᠃
ᠬᠠᠪᠤᠷ ᠠ᠋ᠴᠠ ᠡᠬᠢᠯᠡᠨ᠂ ᠰᠢᠷ᠎ᠠ ᠴᠠᠢᠪᠤᠷ ᠯᠠᠮᠠ᠂ ᠲᠠᠢᠵᠢ ᠨᠠᠷ ᠠᠷᠠᠳ ᠲᠤ᠌ ᠰᠤᠷᠲᠠᠯ ᠨᠡᠪᠲᠡᠷᠡᠭᠦᠯᠵᠦ᠂ ᠣᠯᠠᠨ ᠠᠮᠢᠲᠠᠨ ᠤ᠋ ᠶᠠᠳᠠᠭᠤ ᠵᠦᠳᠡᠭᠦᠦ ᠭᠠᠰᠢᠭᠤᠨ ᠵᠣᠪᠠᠯᠠᠩ ᠨᠢ ᠭᠠᠭᠴᠠᠬᠦ ᠬᠠᠷᠭᠢᠰ ᠰᠢᠳᠤᠷᠭᠤ ᠦᠭᠡᠢ ᠮᠠᠨᠵᠤ ᠲᠦᠰᠢᠮᠡᠯ᠂ ᠰᠢᠨᠤᠬᠠᠢ ᠬᠢᠲᠠᠳ ᠬᠤᠳᠠᠯᠳᠤᠭᠠᠴᠢᠨ ᠠ᠋ᠴᠠ ᠪᠣᠯᠵᠤ ᠪᠠᠢᠭ᠎ᠠ ᠭᠡᠳᠡᠭ ᠭᠡᠵᠦ ᠶᠠᠷᠢᠬᠤ ᠪᠣᠯᠴᠢᠬᠠᠯ᠎ᠠ᠃ ᠯᠠᠮᠠ ᠶ᠋ᠢᠨ ᠭᠡᠭᠡᠬᠡᠨ(ᠭᠡᠭᠡᠨ)᠂ ᠬᠠᠪᠤᠷ ᠤ᠋ᠨ ᠳᠤᠮᠳᠠ ᠰᠠᠷ᠎ᠠ ᠳ᠋ᠤ᠌ ᠣᠯᠠᠨ ᠱᠠᠪᠢ ᠨᠠᠷ ᠲᠠᠭᠠᠨ ᠨᠣᠮ ᠰᠡᠸᠡᠩ ᠲᠠᠯᠪᠢᠵᠤ ᠠᠳᠢᠰ ᠬᠦᠷᠲᠡᠭᠡᠭᠡᠳ᠂ ᠡᠷᠭᠦᠯ ᠪᠠᠷᠢᠴᠠ ᠪᠠᠷᠢᠭᠰᠠᠨ ᠣᠯᠠᠨ ᠱᠠᠪᠢ ᠨᠠᠷ ᠲᠠᠭᠠᠨ ᠰᠤᠷᠭᠠᠨ ᠰᠣᠶᠣᠵᠤ ᠥᠭᠦᠯᠡᠷᠦᠨ᠄
— ᠪᠣᠭᠳᠠ ᠶ᠋ᠢᠨ ᠯᠦᠨᠳᠦᠩ ᠳ᠋ᠦ᠍ ᠳᠤᠷᠠᠳᠤᠭᠰᠠᠨ ᠭᠠᠮᠰᠢᠭ ᠵᠣᠪᠠᠯᠠᠩ᠂ ᠤᠯᠤᠰ ᠢ᠋ᠶ᠋ᠠᠨ ᠬᠠᠷᠢ ᠶ᠋ᠢᠨ ᠭᠠᠰᠢᠭᠤᠨ ᠳᠠᠷᠤᠯᠠᠯ ᠠ᠋ᠴᠠ ᠰᠤᠯᠠᠯᠠᠬᠤ ᠦᠢᠯᠡᠰ ᠲᠦ᠍ ᠪᠡᠶ᠎ᠡ ᠬᠡᠯᠡ ᠰᠡᠳᠬᠢᠯ ᠢ᠋ᠶ᠋ᠡᠨ ᠵᠣᠷᠢᠭᠤᠯᠵᠤ᠂ ᠪᠠ ᠪᠦᠷᠢᠨ ᠦ᠌ ᠪᠠᠭᠰᠢ ᠪᠣᠯᠤᠭᠰᠠᠨ ᠠᠮᠢᠲᠠᠨ ᠢ᠋ ᠵᠢᠷᠭᠠᠭᠤᠯᠤᠭᠴᠢ ᠱᠠᠰᠢᠨ ᠢ᠋ ᠮᠠᠨᠳᠤᠭᠤᠯᠤᠭᠴᠢ ᠪᠣᠭᠳᠠ ᠭᠡᠭᠡᠭᠡᠨᠲᠡᠨ(ᠭᠡᠭᠡᠨᠲᠡᠨ) ᠦ᠌ ᠵᠠᠷᠯᠢᠭ ᠢ᠋ ᠳᠠᠭᠠᠭᠴᠢ ᠦᠨᠡᠨ ᠱᠠᠪᠢ ᠨᠠᠷ ᠲᠤ᠌ ᠬᠢᠮᠤᠰᠤ ᠶ᠋ᠢᠨ ᠬᠢᠷᠢ ᠶ᠋ᠢᠨ ᠲᠡᠳᠦᠢ ᠴᠦ᠍ ᠬᠠᠯᠳᠠᠬᠤ ᠦᠭᠡᠢ᠃
ᠮᠠᠨ ᠤ᠋ ᠠᠷᠢᠯᠤᠭᠰᠠᠨ ᠰᠢᠷ᠎ᠠ ᠶ᠋ᠢᠨ ᠱᠠᠰᠢᠨ ᠤ᠋ ᠶᠣᠰᠤᠨ᠎ᠠ ᠣᠷᠣᠨ ᠴᠠᠭ ᠤ᠋ᠨ ᠪᠠᠢᠳᠠᠯ ᠳ᠋ᠤ᠌ ᠨᠡᠢᠴᠡᠭᠦᠯᠦᠨ᠂ ᠯᠠᠮᠠ ᠪᠠᠭᠰᠢ ᠨᠢ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠰᠠᠨᠸᠠᠷᠲᠠᠨ ᠱᠠᠪᠢ ᠨᠠᠷ ᠲᠠᠭᠠᠨ ᠥᠭᠭᠦᠭᠰᠡᠨ ᠰᠠᠬᠢᠯ ᠢ᠋ ᠲᠦᠷ ᠡᠷᠭᠢᠭᠦᠯᠵᠦ᠂ ᠲᠥᠷᠥ ᠶᠢᠷᠲᠢᠨᠴᠦ ᠶ᠋ᠢᠨ ᠦᠢᠯᠡᠰ ᠲᠦ᠍ ᠵᠢᠳᠬᠦᠭᠦᠯᠵᠦ ᠪᠣᠯᠳᠠᠭ ᠶᠣᠰᠣ ᠪᠣᠢ᠃
ᠣᠳᠣ ᠳᠡᠭᠡᠷᠡᠬᠢ ᠶ᠋ᠢᠨ ᠭᠡᠭᠡᠬᠡᠨ( ᠭᠡᠭᠡᠨ)᠂ ᠱᠠᠰᠢᠨ ᠲᠥᠷᠥ ᠶ᠋ᠢᠨ ᠦᠢᠯᠡᠰ ᠢ᠋ ᠬᠣᠣᠰᠯᠠᠨ ᠪᠠᠷᠢᠬᠤ ᠴᠠᠭ ᠣᠢᠷᠠᠲᠤᠵᠤ ᠪᠠᠢᠨ᠎ᠠ᠃ ᠡᠪᠦᠭᠡᠨ ᠬᠤᠲᠤᠭᠲᠤ ᠡᠨᠡ ᠠᠷᠤ ᠭᠠᠵᠠᠷ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠨᠠᠢ᠍ᠮᠠ ᠳᠠᠬᠢᠨ ᠲᠣᠳᠣᠷᠠᠭᠠᠳ᠂ ᠨᠠᠢ᠍ᠮᠠᠳᠤᠭᠠᠷ ᠳᠦᠷᠢ ᠨᠢ ᠤᠯᠤᠰ ᠨᠤᠲᠤᠭ ᠲᠠᠭᠠᠨ ᠬᠠᠷᠢ ᠮᠠᠨᠵᠤ ᠶ᠋ᠢᠨ ᠲᠠᠯᠠᠬᠢᠨ ᠳᠣᠣᠷ᠎ᠠ ᠠ᠋ᠴᠠ ᠰᠠᠯᠬᠤ ᠴᠠᠭ ᠢ᠋ ᠦᠵᠡᠵᠦ᠂ ᠱᠠᠰᠢᠨ ᠲᠥᠷᠥ ᠶ᠋ᠢᠨ ᠦᠢᠯᠡᠰ ᠢ᠋ ᠬᠣᠣᠰᠯᠠᠨ ᠪᠠᠷᠢᠵᠤ᠂ ᠵᠠᠭᠤᠨ ᠬᠣᠷᠢᠨ ᠨᠠᠰᠤᠨ ᠤ᠋ ᠰᠡᠭᠦᠳᠡᠷ ᠵᠣᠭᠣᠭᠯᠠᠨ᠎ᠠ ᠭᠡᠳᠡᠭ ᠮᠠᠨ ᠤ᠋ ᠡᠪᠦᠭᠡᠳ ᠳᠡᠭᠡᠳᠦᠰ ᠦ᠋ᠨ ᠲᠡᠦᠬᠡ ᠳᠣᠮᠣᠭ ᠢ᠋ ᠲᠠ ᠪᠦᠬᠦᠨ ᠰᠣᠨᠣᠰᠤᠭᠰᠠᠨ ᠪᠢᠵᠡ ᠠ᠋᠃ ᠡᠷᠲᠡᠨ ᠦ᠌ ᠮᠡᠷᠭᠡᠳ ᠦ᠋ᠨ ᠸᠢᠸᠠᠩᠭᠢᠷᠢᠳ * ᠦᠵᠡᠭᠦᠯᠦᠭᠰᠡᠨ ᠲᠡᠷᠡ ᠴᠠᠭ ᠣᠢᠷᠠᠲᠤᠵᠤ ᠪᠠᠢᠨ᠎ᠠ᠃ ᠳᠡᠭᠡᠷᠡᠬᠢ ᠶ᠋ᠢᠨ ᠭᠡᠭᠡᠬᠡᠨ (ᠭᠡᠭᠡᠨ) ᠦ᠌ ᠦᠨᠡᠨ ᠱᠠᠪᠢ ᠨᠠᠷ ᠲᠠ ᠪᠦᠬᠦᠨ ᠲᠡᠷᠡ ᠴᠠᠭ ᠢ᠋ ᠤᠭᠲᠤᠬᠤ ᠳ᠋ᠤ᠌ ᠬᠥᠮᠦᠨ ᠪᠦᠬᠦᠨ ᠪᠡᠯᠡᠨ ᠪᠠᠢ! ᠳᠡᠭᠡᠳᠦ ᠯᠠᠮᠠ ᠨᠠᠷ᠂ ᠲᠥᠷᠥ ᠶ᠋ᠢᠨ ᠡᠷᠳᠡᠮᠲᠡᠨ ᠰᠠᠢᠳ ᠨᠣᠶᠠᠳ ᠤ᠋ᠨ ᠵᠠᠷᠯᠠᠨ ᠲᠤᠩᠬᠠᠭᠯᠠᠭᠰᠠᠨ ᠥᠯᠵᠡᠢ ᠬᠤᠲᠤᠭ ᠪᠦᠷᠢᠳᠦᠭᠰᠡᠨ ᠴᠠᠭ ᠲᠤ᠂ ᠡᠬᠡ ᠨᠤᠲᠤᠭ ᠢ᠋ᠶ᠋ᠠᠨ ᠬᠠᠷᠢᠳᠠᠨ ᠠ᠋ᠴᠠ ᠬᠠᠮᠠᠭᠠᠯᠠᠵᠤ ᠮᠣᠩᠭᠣᠯ ᠤᠯᠤᠰ ᠤ᠋ᠨ ᠲᠤᠯᠭᠤᠷ ᠲᠥᠷᠥ ᠶ᠋ᠢ ᠪᠤᠰᠬᠠᠨ ᠮᠠᠨᠳᠤᠭᠤᠯᠬᠤ ᠳ᠋ᠤ᠌ ᠪᠡᠶ᠎ᠡ ᠰᠡᠳᠬᠢᠯ ᠦ᠋ᠨ ᠬᠦᠴᠦ ᠶ᠋ᠢ ᠥᠭᠭᠦᠭᠳᠦᠨ ᠭᠡᠵᠦ ᠮᠢᠨᠦ ᠱᠠᠪᠢ ᠨᠠᠷ ᠲᠠ ᠪᠦᠬᠦᠨ ᠠᠷᠠᠳ ᠠᠮᠢᠲᠠᠨ ᠳ᠋ᠤ᠌ ᠤᠴᠢᠷ ᠢ᠋ ᠢᠷᠠᠭᠤ ᠲᠣᠳᠣᠷᠬᠠᠢ ᠪᠠᠷ ᠬᠡᠯᠡᠵᠦ ᠥᠭᠭᠦᠭᠳᠦᠨ᠃
ᠪᠤᠷᠤᠭᠤ ᠨᠣᠮ ᠲᠠᠢ᠂ ᠬᠡᠯᠡ ᠪᠤᠷᠤᠭᠤ ᠲᠠᠢ ᠮᠠᠨᠵᠤ ᠨᠠᠷ ᠤ᠋ᠨ ᠣᠷᠣᠨ ᠳ᠋ᠤ᠌ ᠮᠢᠬ᠎ᠠ ᠴᠢᠰᠤ ᠨᠢᠭᠡ ᠲᠡᠢ᠂ ᠱᠠᠰᠢᠨ ᠨᠢᠭᠡ ᠲᠡᠢ ᠮᠠᠨ ᠤ᠋ ᠥᠪᠡᠷᠦᠨ ᠮᠣᠩᠭᠣᠯ ᠨᠣᠶᠠᠳ ᠠᠯᠪᠠᠲᠤ ᠣᠯᠠᠨ ᠢ᠋ᠶ᠋ᠠᠨ ᠥᠷᠥᠰᠢᠶᠡᠨ ᠵᠠᠰᠠᠵᠤ᠂ ᠬᠣᠪᠳᠣᠭ ᠰᠢᠨᠤᠬᠠᠢ ᠬᠢᠲᠠᠳ ᠬᠤᠳᠠᠯᠳᠤᠭᠠᠴᠢᠨ ᠤ᠋ ᠫᠦᠰᠡ ᠶ᠋ᠢᠨ ᠬᠠᠮᠤᠭ ᠬᠥᠷᠥᠩᠭᠡ ᠪᠠᠶᠠᠯᠢᠭ ᠤ᠋ᠨ ᠵᠦᠢᠯ ᠴᠥᠮ ᠪᠦᠷᠢᠨ ᠠᠷᠠᠳ ᠠᠮᠢᠲᠠᠨ ᠤ᠋ ᠬᠥᠷᠥᠩᠭᠡ ᠠᠮᠢᠵᠢᠷᠠᠯ ᠪᠣᠯᠵᠤ᠂ ᠮᠠᠨᠵᠤ ᠨᠠᠷ ᠤ᠋ᠨ ᠵᠠᠬᠢᠷᠤᠭᠰᠠᠭᠠᠷ ᠬᠤᠷᠠᠮᠳᠤᠯᠠᠭᠤᠯᠤᠭᠰᠠᠨ ᠶᠡᠬᠡ ᠥᠷᠢ ᠰᠢᠷᠢ ᠶ᠋ᠢ ᠴᠥᠮ ᠪᠦᠷᠢᠨ ᠤᠰᠠᠳᠬᠠᠨ᠎ᠠ ᠭᠡᠵᠦ ᠠᠷᠠᠳ ᠠᠮᠢᠲᠠᠨ ᠳ᠋ᠤ᠌ ᠤᠬᠠᠭᠤᠯᠤᠨ ᠬᠡᠯᠡᠵᠦ ᠥᠭᠭᠦᠭᠳᠦᠨ᠃ ᠬᠠᠮᠤᠭ ᠠᠮᠢᠲᠠᠨ ᠥᠯᠵᠡᠢ ᠬᠤᠲᠤᠭ᠂ ᠡᠩᠬᠡ ᠠᠮᠤᠭᠤᠯᠠᠩ ᠤ᠋ᠨ ᠠᠭᠠᠷ᠎ᠠ ᠣᠷᠣᠰᠢᠬᠤ ᠪᠣᠯᠲᠤᠭᠠᠢ ᠭᠡᠵᠦ ᠠᠯᠠᠭ᠎ᠠ ᠬᠠᠪᠰᠤᠷᠤᠨ ᠰᠥᠭᠥᠳᠦᠭᠰᠡᠨ ᠱᠠᠪᠢ ᠨᠠᠷ ᠲᠠᠭᠠᠨ ᠰᠤᠷᠭᠠᠨ ᠬᠡᠯᠡᠵᠡᠢ᠃
ᠮᠠᠨᠵᠤ ᠶ᠋ᠢᠨ ᠪᠠᠢᠯᠳᠤᠨ ᠳᠠᠭᠠᠭᠤᠯᠤᠭᠴᠢ ᠨᠠᠷ ᠤ᠋ᠨ ᠬᠦᠴᠦᠯᠡᠨ ᠬᠥᠭᠵᠢᠭᠦᠯᠵᠦ ᠪᠠᠢᠭᠰᠠᠨ ᠯᠠᠮᠠ ᠨᠠᠷ᠂ ᠰᠢᠷ᠎ᠠ ᠶ᠋ᠢᠨ ᠱᠠᠰᠢᠨ ᠤ᠋ ᠽᠦᠩᠺᠠᠸ᠎ᠠ ᠶ᠋ᠢᠨ ᠶᠣᠰᠣᠨ ᠳ᠋ᠤ᠌《ᠣᠷᠣᠨ ᠴᠠᠭ ᠤ᠋ᠨ ᠪᠠᠢᠳᠠᠯ》 ᠠᠷᠭ᠎ᠠ ᠦᠭᠡᠢ ᠪᠣᠯᠪᠠ ᠭᠡᠵᠦ ᠮᠠᠨᠵᠤ ᠢᠪᠡᠭᠡᠭᠴᠢ ᠨᠠᠷ ᠤ᠋ᠨ ᠢ᠋ᠶ᠋ᠠᠨ ᠡᠰᠡᠷᠭᠦᠦ ᠬᠠᠨᠳᠤᠵᠤ᠂ ᠠᠷᠠᠳ ᠣᠯᠠᠨ ᠳ᠋ᠤ᠌ ᠨᠥᠯᠥᠭᠡ ᠲᠡᠢ ᠪᠠᠢᠭ᠎ᠠ ᠪᠦᠬᠦ ᠴᠢᠳᠠᠯ ᠨᠥᠬᠥᠴᠡᠯ ᠢ᠋ᠶ᠋ᠡᠨ ᠬᠡᠷᠡᠭᠯᠡᠵᠦ᠂ ᠬᠣᠢᠴᠢ ᠡᠳᠦᠷ ᠦ᠋ᠨ ᠠᠰᠢᠭ ᠵᠠᠪᠰᠢᠶᠠᠨ ᠢ᠋ ᠠᠯᠳᠠᠬᠤ ᠦᠭᠡᠢ ᠠᠭᠰᠠᠨ ᠭᠡᠵᠦ ᠤᠷᠤᠯᠳᠤᠵᠤ ᠡᠬᠢᠯᠡᠭᠰᠡᠨ ᠪᠠᠢᠵᠠᠢ᠃
ᠯᠠᠮᠠ ᠨᠠᠷ ᠤ᠋ᠨ ᠨᠥᠯᠥᠭᠡ ᠬᠣᠯᠪᠣᠭᠳᠠᠯ ᠮᠠᠰᠢ ᠵᠤᠵᠠᠭᠠᠨ ᠪᠠᠢᠭᠰᠠᠨ ᠢ᠋ ᠲᠣᠪᠴᠢ ᠥᠭᠦᠯᠡᠪᠡᠰᠦ᠂ ᠮᠠᠯᠴᠢᠨ ᠠᠷᠠᠳ ᠳᠣᠳᠣᠮ ᠯᠠᠮᠠ ᠨᠠᠷ ᠲᠠᠢ ᠬᠡᠯᠬᠢᠶ᠎ᠡ ᠲᠡᠢ ᠪᠠᠢᠭᠰᠠᠨ ᠨᠢ᠂ ᠨᠢᠭᠡᠨ ᠦ᠌ ᠬᠦᠦ ᠬᠡᠢᠳ ᠲᠦ᠍ ᠱᠠᠪᠢᠯᠠᠨ ᠰᠠᠭᠤᠵᠤ᠂ ᠨᠠᠰᠤ ᠪᠠᠷ ᠢ᠋ᠶ᠋ᠠᠨ ᠳᠡᠭᠡᠳᠦ ᠯᠠᠮᠠ ᠨᠠᠷ ᠲᠤ ᠵᠠᠷᠤᠭᠳᠠᠳᠠᠭ ᠪᠠᠢᠵᠠᠢ᠃ ᠨᠢᠭᠡᠨ ᠦ᠌ ᠬᠦᠦ ᠪᠢᠰᠢ ᠪᠣᠯᠪᠠᠯ᠂ ᠠᠬ᠎ᠠ ᠳᠡᠭᠦᠦ᠂ ᠤᠷᠤᠭ ᠡᠯᠢᠭᠡ ᠶ᠋ᠢᠨ ᠨᠢᠭᠡ ᠬᠥᠮᠦᠨ ᠵᠠᠪᠠᠯ ᠯᠠᠮᠠ ᠪᠠᠢᠳᠠᠭ ᠪᠠᠢᠵᠠᠢ᠃ ᠨᠢᠭᠡᠨ ᠦ᠌ ᠦᠷ᠎ᠡ ᠬᠡᠦᠬᠡᠳ ᠲᠦ᠍᠂ ᠬᠠᠮᠢᠶᠠᠲᠠᠨ ᠤ᠋ ᠳᠣᠲᠣᠷ᠎ᠠ ᠯᠠᠮᠠ ᠬᠥᠮᠦᠨ ᠦᠭᠡᠢ ᠪᠣᠯᠪᠠᠴᠤ ᠪᠠᠭ᠎ᠠ ᠳ᠋ᠠᠭᠠᠨ ᠶᠠᠮᠠᠷ ᠨᠢᠭᠡᠨ ᠸᠠᠩ ᠠᠪᠰᠢᠭ ᠬᠦᠷᠲᠡᠵᠦ᠂ ᠪᠠᠭᠰᠢ ᠱᠠᠪᠢ ᠶ᠋ᠢᠨ ᠪᠠᠷᠢᠯᠳᠤᠯᠭ᠎ᠠ ᠲᠠᠢ ᠪᠣᠯᠤᠭᠰᠠᠨ ᠭᠡᠵᠦ ᠦᠨᠡᠨ ᠬᠡᠷᠡᠭ ᠲᠡᠭᠡᠨ ᠤᠴᠢᠷ ᠦᠯᠦ ᠮᠡᠳᠡᠭᠳᠡᠬᠦ ᠭᠠᠭᠴᠠ ᠨᠢᠭᠡ ᠲᠠᠷᠨᠢ ᠤᠩᠰᠢᠯᠭ᠎ᠠ ᠲᠣᠭᠲᠠᠭᠠᠭᠰᠠᠨ ᠪᠤᠶᠤ ᠭᠠᠴᠣᠢ ᠲᠠᠯᠪᠢᠬᠤ ᠳ᠋ᠤᠨᠢ ᠭᠠᠭᠴᠠ ᠨᠢᠭᠡᠨ ᠦᠯᠢᠭᠡᠷ ᠳᠤᠲᠠᠭᠤ ᠬᠠᠭᠠᠰ ᠲᠣᠭᠲᠠᠭᠠᠭᠰᠠᠨ ᠠ᠋ᠴᠠ ᠥᠭᠡᠷ᠎ᠡ ᠶᠠᠭᠤᠮ᠎ᠠ ᠦᠭᠡᠢ ᠪᠣᠯᠪᠠᠴᠤ ᠯᠠᠮᠠ ᠪᠠᠭᠰᠢ ᠲᠠᠢ ᠭᠡᠵᠦ ᠯᠠᠮᠠ ᠨᠠᠷ ᠲᠠᠢ ᠬᠡᠯᠬᠢᠶ᠎ᠡ ᠲᠡᠢ ᠪᠠᠢᠳᠠᠭ ᠪᠠᠢᠵᠠᠢ᠃
ᠪᠣᠭᠳᠠ ᠽᠦᠩᠺᠠᠸ᠋᠎ᠠ ᠶ᠋ᠢᠨ ᠰᠢᠷ᠎ᠠ ᠶ᠋ᠢᠨ ᠱᠠᠰᠢᠨ ᠭᠡᠳᠡᠭ᠂ ᠲᠡᠭᠦᠪᠡᠷ ᠴᠦ᠍ ᠦᠯᠦ ᠪᠠᠷᠠᠮ᠂ ᠪᠠᠰᠠ ᠮᠠᠯᠴᠢᠨ ᠠᠷᠠᠳ ᠤ᠋ᠨ ᠲᠥᠷᠥᠬᠦ ᠡᠴᠡ ᠡᠬᠢᠯᠡᠨ ᠦᠬᠦᠬᠦ ᠬᠦᠷᠲᠡᠯᠡᠬᠢ ᠨᠢᠭᠡ ᠨᠠᠰᠤᠨ ᠤ᠋ ᠬᠠᠮᠤᠭ ᠶᠠᠪᠤᠳᠠᠯ ᠢ᠋ ᠮᠤᠬᠤᠷ ᠰᠦᠰᠦᠭ ᠦ᠋ᠨ ᠲᠦᠮᠡᠨ ᠪᠠᠷᠢᠮᠲᠠᠯᠠᠯ᠂ ᠱᠠᠰᠢᠨ ᠤ᠋ ᠵᠠᠩ ᠦᠢᠯᠡ ᠶ᠋ᠢᠨ ᠮᠢᠩᠭᠠᠨ ᠵᠦᠢᠯ ᠢ᠋ᠶ᠋ᠡᠷ ᠲᠠᠰᠤ ᠪᠠᠷᠢᠵᠤ᠂ ᠠᠢᠯ ᠪᠦᠷᠢ ᠵᠢᠯ ᠳᠣᠳᠣᠮ ᠠᠶᠤᠯ ᠵᠣᠪᠠᠯᠠᠩ᠂ ᠭᠠᠢ ᠴᠢᠳᠬᠥᠷ ᠦᠭᠡᠢ ᠰᠠᠭᠤᠬᠤ ᠭᠡᠵᠦ ᠰᠠᠬᠢᠭᠤᠰᠤ ᠪᠠᠨ ᠬᠤᠷᠠᠭᠤᠯᠬᠤ᠂ ᠵᠢᠰᠢᠶ᠎ᠠ ᠪᠠᠨ ᠤᠩᠰᠢᠭᠤᠯᠬᠤ ᠶᠣᠰᠣᠲᠠᠢ ᠪᠠᠢᠵᠠᠢ᠃ ᠪᠠᠰᠠ ᠴᠢᠨᠣ᠎ᠠ ᠨᠣᠬᠠᠢ᠂ ᠡᠪᠡᠳᠴᠢᠨ ᠲᠠᠬᠤᠯ ᠭᠡᠵᠦ ᠵᠣᠪᠠᠯ ᠦᠭᠡᠢ ᠨᠤᠲᠤᠭᠯᠠᠬᠤ ᠭᠡᠪᠡᠯ᠂ ᠵᠢᠯ ᠪᠦᠷᠢ ᠭᠠᠵᠠᠷ ᠣᠷᠣᠨ ᠤ᠋ ᠡᠵᠡᠨ ᠰᠠᠪᠳᠠᠭ ᠢ᠋ ᠳᠠᠬᠢᠵᠤ ᠪᠠᠢᠬᠤ ᠶᠣᠰᠣᠲᠠᠢ ᠭᠡᠳᠡᠭ ᠪᠠᠢᠵᠠᠢ᠃ ᠲᠡᠭᠡᠶ᠎ᠡ ᠭᠡᠬᠦ ᠳ᠋ᠦ᠍ ᠭᠠᠭᠴᠠᠬᠦ ᠯᠠᠮᠠ ᠨᠠᠷ ᠵᠣᠬᠢᠰᠲᠠᠢ ᠵᠠᠩ ᠦᠢᠯᠡ᠂ ᠳᠠᠢᠯᠠᠭᠠ ᠲᠠᠬᠢᠯᠭ᠎ᠠ ᠶ᠋ᠢ ᠵᠣᠬᠢᠰᠲᠠᠢ ᠴᠠᠭ ᠲᠤᠨᠢ ᠬᠢᠵᠦ ᠴᠢᠳᠠᠳᠠᠭ ᠭᠡᠳᠡᠭ ᠪᠠᠢᠵᠠᠢ᠃
ᠰᠢᠨ᠎ᠡ ᠨᠤᠲᠤᠭ ᠲᠤ᠌ ᠪᠠᠭᠤᠬᠤ᠂ ᠰᠢᠨ᠎ᠡ ᠭᠡᠷ ᠪᠠᠷᠢᠬᠤ ᠮᠢᠯᠢᠶᠠᠬᠤ᠂ ᠬᠣᠨᠢ ᠪᠠᠨ ᠬᠢᠷᠭᠠᠬᠤ᠂ ᠬᠡᠦᠬᠡᠳ ᠦ᠋ᠨ ᠢ᠋ᠶ᠋ᠡᠨ ᠳᠠᠭᠠᠬᠢ ᠶ᠋ᠢ ᠠᠪᠬᠤ᠂ ᠬᠣᠯᠠ ᠶ᠋ᠢᠨ ᠠᠶᠠᠨ ᠳ᠋ᠤ᠌ ᠮᠣᠷᠳᠠᠬᠤ᠂ ᠬᠦᠨᠳᠦ ᠡᠪᠡᠳᠴᠢᠲᠡᠨ ᠳ᠋ᠦ᠍ ᠡᠮᠴᠢ ᠵᠠᠯᠠᠬᠤ᠂ ᠦᠬᠦᠭᠰᠡᠨ ᠬᠥᠮᠦᠨ ᠢ᠋ ᠣᠷᠣᠰᠢᠭᠤᠯᠬᠤ ᠡᠨᠡ ᠪᠦᠭᠦᠳᠡ ᠳ᠋ᠦ᠍ ᠥᠯᠵᠡᠢ ᠲᠡᠢ ᠰᠠᠢᠨ ᠡᠳᠦᠷ ᠴᠠᠭ᠂ ᠵᠦᠭ ᠴᠢᠭ ᠢ᠋ ᠰᠣᠩᠭᠣᠨ ᠣᠯᠬᠤ ᠶᠣᠰᠣᠲᠠᠢ ᠭᠡᠳᠡᠭ ᠪᠠᠢᠵᠠᠢ᠃ ᠲᠡᠭᠦᠨ ᠢ᠋ ᠭᠠᠭᠴᠠᠬᠦ ᠯᠠᠮᠠ ᠨᠠᠷ ᠴᠢᠳᠠᠳᠠᠭ ᠭᠡᠳᠡᠭ ᠪᠠᠢᠵᠠᠢ᠃
ᠲᠠᠩᠭᠤᠳ ᠮᠣᠩᠭᠣᠯ ᠤ᠋ᠨ ᠪᠥᠬᠡ ᠶ᠋ᠢᠨ ᠮᠥᠷᠭᠥᠯ ᠡᠴᠡ ᠠᠪᠤᠭᠰᠠᠨ᠂ ᠥᠰᠢᠶ᠎ᠡ ᠬᠣᠨᠵᠤᠩ ᠢ᠋ ᠦᠶ᠎ᠡ ᠶ᠋ᠢᠨ ᠦᠶ᠎ᠡ ᠳ᠋ᠦ᠍ ᠮᠠᠷᠲᠠᠳᠠᠭ ᠦᠭᠡᠢ᠂ ᠥᠴᠦᠬᠡᠨ ᠲᠡᠳᠦᠢ ᠰᠡᠳᠬᠢᠯ ᠳ᠋ᠦ᠍ᠨᠢ ᠡᠰᠡ ᠨᠡᠢᠯᠡᠭᠦᠯᠪᠡᠯ ᠬᠣᠷᠣᠰᠤᠨ ᠬᠢᠯᠢᠩᠨᠡᠵᠦ ᠬᠣᠣᠷᠯᠠᠳᠠᠭ ᠲᠣᠭᠰᠢᠨ ᠯᠤᠤᠰ ᠰᠠᠪᠳᠠᠭ ᠢ᠋ᠶ᠋ᠠᠷ ᠯᠠᠮᠠ ᠨᠠᠷ ᠳᠡᠯᠡᠬᠡᠢ ᠶᠢᠷᠲᠢᠨᠴᠦ ᠶ᠋ᠢ ᠳᠦᠭᠦᠷᠭᠡᠭᠡᠳ᠂ ᠲᠡᠭᠦᠨ ᠢ᠋ ᠮᠠᠨᠵᠤ ᠰᠠᠢᠳ ᠨᠣᠶᠠᠳ ᠢ᠋ ᠦᠷᠭᠦᠯᠵᠢ ᠵᠢᠰᠤᠷᠳᠠᠨ ᠬᠠᠬᠤᠤᠯᠢᠯᠠᠬᠤ ᠠᠳᠠᠯᠢ ᠦᠷᠭᠦᠯᠵᠢ ᠲᠠᠬᠢᠯ ᠳᠠᠢᠯᠠᠭᠠ ᠪᠠᠷ ᠠᠶᠠᠰ ᠲᠤᠨᠢ ᠨᠡᠢᠯᠡᠭᠦᠯᠵᠦ ᠪᠠᠢᠬᠤ ᠬᠡᠷᠡᠭᠲᠡᠢ ᠪᠠᠢᠵᠠᠢ᠃ ᠲᠡᠭᠦᠨ ᠢ᠋ ᠭᠠᠭᠴᠠ ᠯᠠᠮᠠ ᠨᠠᠷ ᠴᠢᠳᠠᠳᠠᠭ ᠪᠠᠢᠵᠤ ᠭᠡᠳᠡᠭ ᠪᠢᠯᠡ᠃
ᠬᠥᠮᠦᠨ ᠦ᠌ ᠰᠦᠨᠡᠰᠦ ᠲᠤᠢᠯ ᠤ᠋ᠨ ᠠᠶᠤᠮᠠᠬᠠᠢ ᠰᠣᠴᠢᠮᠠᠬᠠᠢ ᠪᠥᠭᠡᠳ ᠠᠭᠤᠳᠠᠮ ᠲᠠᠯ᠎ᠠ ᠪᠠᠷ ᠵᠢᠯ ᠦ᠋ᠨ ᠳᠥᠷᠪᠡᠨ ᠤᠯᠠᠷᠢᠯ ᠳ᠋ᠤ᠌ ᠨᠡᠭᠦᠵᠦ ᠶᠠᠪᠤᠳᠠᠭ ᠬᠥᠮᠦᠨ ᠰᠢᠭ᠂ ᠬᠥᠮᠦᠨ ᠦ᠌ ᠪᠡᠶ᠎ᠡ ᠶ᠋ᠢᠨ ᠡᠷᠬᠡᠲᠡᠨ ᠦ᠌ ᠲᠣᠭᠲᠠᠮᠠᠯ ᠭᠠᠵᠠᠷ ᠲᠣᠭᠲᠠᠮᠠᠯ ᠡᠳᠦᠷ ᠰᠠᠷ᠎ᠠ ᠳ᠋ᠤ᠌ ᠣᠷᠣᠰᠢᠨ ᠣᠷᠣᠩᠨᠠᠳᠠᠭ ᠲᠤᠯᠠ ᠰᠠᠨᠠᠮᠰᠠᠷ ᠦᠭᠡᠢ ᠰᠦᠨᠡᠰᠦ ᠪᠡᠨ ᠵᠠᠢᠯᠠᠭᠤᠯᠵᠤ ᠣᠷᠬᠢᠬᠤ ᠦᠭᠡᠢ ᠭᠡᠪᠡᠯ᠂ ᠲᠡᠷᠡ ᠨᠢ ᠲᠡᠷᠡ ᠡᠳᠦᠷ ᠲᠡᠨᠳᠡ ᠪᠠᠢᠳᠠᠭ ᠶᠤᠮ ᠭᠡᠳᠡᠭ ᠢ᠋ ᠮᠡᠳᠡᠵᠦ ᠶᠠᠪᠤᠬᠤ ᠬᠡᠷᠡᠭᠲᠡᠢ ᠭᠡᠳᠡᠭ ᠪᠠᠢᠵᠠᠢ᠃ ᠲᠡᠭᠦᠨ ᠢ᠋ ᠭᠠᠭᠴᠠ ᠯᠠᠮᠠ ᠨᠠᠷ ᠮᠡᠳᠡᠳᠡᠭ ᠭᠡᠳᠡᠭ ᠪᠢᠯᠡ᠃
ᠠᠶᠤᠮᠠᠬᠠᠢ ᠰᠦᠨᠡᠰᠦ᠂ ᠶᠠᠮᠠᠷ ᠨᠢᠭᠡᠨ ᠶᠠᠭᠤᠮ᠎ᠠ ᠠ᠋ᠴᠠ ᠠᠶᠤᠭᠠᠳ ᠶᠤᠮ ᠤᠤ᠂ ᠵᠡᠭᠦᠳᠦᠨ ᠳ᠋ᠡᠭᠡᠨ ᠲᠥᠭᠡᠷᠢᠵᠦ ᠶᠠᠪᠤᠭᠠᠳ ᠡᠷᠭᠢᠵᠦ ᠴᠢᠳᠠᠳᠠᠭ ᠦᠭᠡᠢ ᠬᠤᠯᠵᠢᠨ ᠵᠠᠢᠯᠠᠳᠠᠭ ᠭᠡᠳᠡᠭ ᠪᠠᠢᠵᠠᠢ᠃ ᠴᠢᠩᠭᠢᠬᠦ ᠳ᠋ᠦ᠍ᠨᠢ᠂ ᠤᠷᠭᠤᠳᠤᠤᠯ ᠰᠦᠨᠡᠰᠦ ᠶ᠋ᠢ ᠣᠯᠵᠤ ᠡᠰᠡ ᠢᠷᠡᠭᠦᠯᠪᠡᠰᠦ ᠡᠵᠡᠨ ᠨᠢ ᠦᠬᠦᠳᠡᠭ ᠭᠡᠳᠡᠭ ᠪᠢᠯᠡ᠂ ᠭᠡᠲᠡᠯ᠎ᠡ᠂ ᠰᠦᠨᠡᠰᠦ ᠶ᠋ᠢ ᠭᠠᠭᠴᠠᠬᠦ ᠯᠠᠮᠠ ᠨᠠᠷ ᠳᠠᠭᠤᠳᠠᠨ ᠢᠷᠡᠭᠦᠯᠵᠦ ᠴᠢᠳᠠᠳᠠᠭ ᠭᠡᠳᠡᠭ ᠪᠢᠯᠡ᠃
ᠢᠩᠭᠢᠵᠦ ᠯᠠᠮᠠ ᠨᠠᠷ ᠬᠥᠮᠦᠨ ᠦ᠌ ᠤᠬᠠᠭᠠᠨ ᠣᠶᠤᠨ ᠢ᠋ ᠮᠤᠬᠤᠷ ᠰᠦᠰᠦᠭ ᠦ᠋ᠨ ᠲᠦᠮᠡᠨ ᠬᠡᠯᠬᠢᠶ᠎ᠡ ᠪᠡᠷ ᠲᠣᠣᠷᠯᠠᠵᠤ᠂ ᠮᠠᠯᠴᠢᠨ ᠠᠷᠠᠳ ᠤ᠋ᠨ ᠬᠥᠳᠡᠯᠬᠦ ᠪᠦᠷᠢ ᠶ᠋ᠢ ᠪᠢᠲᠡᠭᠦᠦ ᠪᠡᠷ ᠵᠠᠬᠢᠷᠴᠤ ᠪᠠᠢᠳᠠᠭ ᠪᠢᠯᠡ᠃ ᠲᠡᠢᠨ ᠬᠦ᠌ ᠨᠡᠢᠭᠡᠮ ᠣᠯᠠᠨ ᠠᠷᠠᠳ ᠢ᠋ ᠬᠠᠷᠢ ᠶ᠋ᠢᠨ ᠬᠢᠭᠡᠳ ᠳᠣᠲᠣᠭᠠᠳᠤ ᠶ᠋ᠢᠨ ᠹᠧᠣᠳᠠᠯ ᠤ᠋ᠨ ᠳᠠᠪᠬᠤᠷ ᠳᠠᠷᠤᠯᠠᠯ ᠳ᠋ᠤ᠌ ᠬᠣᠷᠣᠰᠤᠨ ᠵᠢᠭᠰᠢᠵᠦ ᠡᠰᠡᠷᠭᠦᠴᠡᠬᠦ ᠶᠠᠪᠤᠳᠠᠯ ᠥᠷᠨᠢᠬᠦ ᠳ᠋ᠦ᠍᠂ ᠯᠠᠮᠠ ᠨᠠᠷ ᠲᠡᠷᠡ ᠴᠠᠭᠠᠭᠴᠢᠨ ᠭᠠᠬᠠᠢ ᠵᠢᠯ ᠠᠷᠠᠳ ᠤ᠋ᠨ ᠬᠥᠳᠡᠯᠭᠡᠭᠡᠨ ᠢ᠋ ᠥᠪᠡᠷᠦᠨ ᠠᠰᠢᠭ ᠵᠠᠪᠰᠢᠶᠠᠨ ᠤ᠋ ᠡᠭᠦᠳᠡᠨ ᠡᠴᠡ ᠠᠰᠢᠭᠯᠠᠨ᠂ ᠦᠨᠳᠦᠰᠦᠲᠡᠨ ᠦ᠌ ᠡᠷᠬᠡ ᠴᠢᠯᠥᠭᠡᠨ ᠦ᠌ ᠬᠥᠳᠡᠯᠭᠡᠭᠡᠨ ᠢ᠋ ᠨᠣᠶᠠᠳ ᠲᠠᠢ ᠬᠠᠮᠲᠤ ᠣᠷᠣᠢᠯᠠᠨ ᠤᠳᠤᠷᠢᠳᠴᠤ᠂ ᠳ᠋ᠠᠩ ᠬᠠᠷᠢ ᠶ᠋ᠢᠨ ᠳᠠᠷᠤᠯᠠᠭᠴᠢ ᠨᠠᠷ ᠤ᠋ᠨ ᠡᠰᠡᠷᠭᠦᠦ ᠬᠠᠨᠳᠤᠭᠤᠯᠬᠤ ᠭᠡᠵᠦ ᠭᠣᠷᠢᠳᠠᠨ ᠣᠷᠣᠯᠳᠣᠵᠠᠢ᠃
ᠤᠷᠲᠤ ᠪᠤᠭᠤᠷᠤᠯ ᠬᠥᠮᠥᠰᠬᠡ ᠪᠡᠨ ᠭᠠᠭᠴᠠᠬᠠᠨ ᠵᠠᠩᠭᠢᠳᠤᠮᠠᠭᠴᠠ᠂ ᠵᠢᠰᠠ ᠶ᠋ᠢᠨ ᠮᠠᠯ ᠢ᠋ ᠶᠠᠳᠠᠭᠤ ᠮᠠᠯᠴᠢᠨ ᠠ᠋ᠴᠠ ᠬᠣᠷᠢᠶᠠᠨ ᠠᠪᠴᠤ ᠠᠮᠢᠳᠤᠷᠠᠯ ᠢ ᠲᠠᠰᠤᠯᠬᠤ ᠴᠢᠳᠠᠯᠲᠠᠢ ᠭᠡᠵᠦ ᠣᠢᠷᠠᠬᠢ ᠯᠠᠮᠠ ᠶ᠋ᠢᠨ ᠭᠡᠭᠡᠬᠡᠨ(ᠭᠡᠭᠡᠨ)᠂ ᠬᠣᠯᠠᠬᠢ ᠮᠠᠨᠵᠤ ᠶ᠋ᠢᠨ ᠬᠠᠭᠠᠨ ᠬᠣᠶᠠᠷ ᠠ᠋ᠴᠠ ᠨᠤᠲᠤᠭ ᠤ᠋ᠨ ᠠᠷᠠᠳ ᠤ᠋ᠳ ᠢᠯᠡᠭᠦᠦ ᠠᠶᠤᠳᠠᠭ ᠪᠠᠢᠭᠰᠠᠨ ᠪᠦᠳᠦᠭᠦᠨ ᠬᠠᠯᠵᠠᠨ ᠨᠢᠷᠪᠠ ᠰᠤᠸᠠᠮᠫᠠᠨ ᠢ᠋ ᠨᠢᠰᠤᠯᠤᠭᠠᠳ(ᠨᠢᠰᠠᠯᠤᠭᠠᠳ) ᠰᠡᠭᠦᠷᠡᠰᠦ ᠠᠯᠳᠠᠵᠤ᠂ ᠠᠷᠭ᠎ᠠ ᠪᠤᠶᠤ《ᠣᠷᠣᠨ ᠴᠠᠭ ᠤ᠋ᠨ ᠪᠠᠢᠳᠠᠯ》 ᠶᠡᠬᠡ ᠨᠢᠭᠦᠯᠡᠰᠦᠩᠭᠦᠢ ᠯᠠᠮᠠ ᠶ᠋ᠢᠨ ᠭᠡᠭᠡᠬᠡᠨ(ᠭᠡᠭᠡᠨ) ᠦ᠌ ᠲᠠᠭᠠᠯᠠᠯ ᠳ᠋ᠤ᠌ ᠨᠡᠢᠯᠡᠭᠦᠯᠦᠨ᠂ ᠶᠠᠳᠠᠭᠤ ᠮᠠᠯᠴᠢᠨ ᠵᠠᠷᠤᠴᠠ ᠨᠠᠷ ᠲᠤ᠌ ᠥᠴᠦᠬᠡᠨ ᠴᠠᠯᠢᠩ ᠤ᠋ᠨ ᠳᠡᠭᠡᠷ᠎ᠡ ᠱᠠᠩᠨᠠᠯ ᠪᠣᠯᠭᠠᠵᠤ ᠨᠢᠵᠡᠭᠡᠳ ᠬᠣᠨᠢ ᠣᠯᠭᠣᠭᠠᠳ᠂ ᠥᠴᠦᠬᠡᠨ ᠲᠥᠷᠥᠯᠬᠢᠲᠦ᠂ ᠳᠣᠣᠷᠠᠲᠤ ᠬᠠᠷᠠᠴᠤ ᠠᠯᠪᠠᠲᠠᠨ ᠤ᠋ ᠰᠡᠳᠬᠢᠯ ᠢ᠋ ᠪᠡᠶ᠎ᠡ ᠳ᠋ᠡᠭᠡᠨ ᠲᠠᠲᠠᠵᠤ᠂ ᠡᠨᠡᠬᠡᠨ ᠴᠠᠭ ᠤ᠋ᠨ ᠴᠢᠬᠤᠯᠠ ᠦᠶ᠎ᠡ ᠪᠡᠷ ᠠᠮᠢᠲᠠᠨ ᠤ᠋ ᠰᠡᠳᠬᠢᠯ ᠠᠯᠳᠠᠭᠳᠠᠭᠤᠯᠬᠤ ᠦᠭᠡᠢ ᠶ᠋ᠢ ᠬᠢᠴᠢᠶᠡᠶ᠎ᠡ ᠭᠡᠵᠦ ᠯᠠᠮᠠ ᠪᠠᠭᠰᠢ ᠶ᠋ᠢᠨ ᠰᠤᠷᠭᠠᠭᠰᠠᠨ ᠶᠣᠰᠣᠭᠠᠷ ᠭᠦᠢᠴᠡᠳᠬᠡᠶ᠎ᠡ ᠭᠡᠵᠦ ᠲᠦᠷ ᠬᠣᠬᠢᠷᠠᠯ ᠬᠦᠯᠢᠶᠡᠨ᠂ ᠣᠯᠭᠣᠬᠤ ᠬᠣᠨᠢᠨ ᠤ᠋ ᠲᠣᠭ᠎ᠠ ᠶ᠋ᠢ ᠪᠣᠳᠣᠵᠤ ᠭᠠᠷᠭᠠᠭᠠᠳ᠂ ᠵᠢᠰᠠ ᠶ᠋ᠢᠨ ᠬᠡᠷᠢᠭ ᠨᠠᠷᠢᠨ ᠨᠢᠷᠪᠠ ᠶ᠋ᠢᠨ ᠤᠷᠢᠳ ᠡᠮᠦᠨ᠎ᠡ ᠲᠤᠭᠤᠯᠳᠠᠭ᠎ᠠ ᠦᠭᠡᠢ ᠲᠡᠷᠡ ᠥᠭᠭᠢᠶᠡᠮᠦᠷ ᠪᠣᠯᠤᠭᠰᠠᠨ ᠢ᠋ ᠵᠢᠰᠠ ᠶ᠋ᠢᠨ ᠮᠠᠯ ᠬᠠᠷᠠᠵᠤ ᠪᠠᠢᠭᠰᠠᠨ ᠶᠠᠳᠠᠭᠤ ᠵᠠᠷᠤᠴᠠ ᠨᠠᠷ ᠤ᠋ᠨ ᠬᠥᠮᠦᠨ ᠪᠦᠷᠢ ᠭᠱᠠᠨ ᠵᠠᠭᠤᠷ᠎ᠠ ᠰᠣᠨᠣᠰᠴᠠᠭᠠᠵᠤ᠂ ᠭᠡᠨᠡᠳᠲᠡ ᠲᠡᠢᠮᠦ ᠪᠣᠯᠤᠭᠰᠠᠨ ᠢ᠋ ᠨᠣᠣᠷᠬᠠᠢ ᠬᠠᠷ᠎ᠠ ᠬᠠᠷ᠎ᠠ ᠭᠡᠷ ᠲᠡᠭᠡᠨ ᠭᠠᠢᠬᠠᠨ ᠬᠡᠯᠡᠯᠴᠡᠵᠡᠢ᠃
ᠦᠶ᠎ᠡ ᠤᠯᠠᠷᠢᠨ ᠬᠡᠢᠳ ᠵᠢᠰᠠ ᠶ᠋ᠢᠨ ᠮᠠᠯ ᠢ᠋ ᠬᠠᠷᠢᠭᠤᠯᠵᠤ ᠪᠠᠢᠭ᠎ᠠ ᠬᠣᠨᠢᠴᠢᠨ ᠯᠤᠪᠰᠠᠩ ᠤ᠋ᠨ ᠭᠡᠷ ᠲᠦ᠍᠂ ᠬᠡᠳᠦᠨ ᠪᠠᠭ᠎ᠠ ᠪᠠᠯᠴᠢᠷ ᠬᠡᠦᠬᠡᠳ ᠨᠢ ᠵᠢᠰᠠ ᠶ᠋ᠢᠨ ᠬᠣᠨᠢᠨ ᠤ᠋ ᠬᠤᠷᠠᠭ᠎ᠠ ᠳᠦᠭᠦᠷᠦᠭᠰᠡᠨ ᠤᠲᠤᠭᠠᠲᠤ ᠭᠡᠷ ᠦ᠋ᠨ ᠨᠢᠭᠡᠨ ᠪᠤᠯᠤᠩ ᠳ᠋ᠤ᠌ ᠤᠨᠲᠠᠬᠤ ᠭᠡᠵᠦ ᠬᠡᠪᠲᠡᠬᠦ ᠳ᠋ᠡᠭᠡᠨ ᠶᠡᠬᠡᠯ᠎ᠡ ᠵᠢᠷᠭᠠᠯᠲᠠᠢ ᠢᠨᠢᠶᠡᠵᠡᠭᠡᠵᠦ ᠪᠢᠯᠡ᠃ ᠲᠡᠷᠡ ᠨᠢᠭᠡ ᠦᠳᠡᠰᠢ᠂ ᠬᠥᠭᠡᠷᠦᠬᠦᠢ ᠲᠡᠷᠡ ᠬᠡᠦᠬᠡᠳ ᠦᠳᠡᠰᠢ ᠪᠦᠷᠢ ᠥᠯᠥᠨ ᠬᠣᠭᠣᠰᠣᠨ ᠤᠨᠲᠠᠳᠠᠭ ᠪᠠᠢᠭᠰᠠᠨ ᠢ᠋ᠶ᠋ᠠᠨ ᠲᠡᠷᠡ ᠣᠷᠣᠢ ᠣᠯᠠᠨ ᠰᠠᠷ᠎ᠠ ᠴᠠᠳᠴᠤ ᠦᠵᠡᠭᠡᠳᠦᠢ ᠪᠡᠨ ᠰᠠᠶᠢ ᠦᠵᠡᠵᠦ《ᠣᠯᠠᠨ ᠵᠢᠯ ᠣᠰᠣᠯ ᠦᠭᠡᠢ ᠬᠣᠨᠢ ᠬᠠᠷᠢᠭᠤᠯᠤᠭᠰᠠᠨ ᠤ᠋ ᠱᠠᠩ》 ᠪᠣᠯᠵᠤ᠂ ᠵᠢᠰᠠ ᠠ᠋ᠴᠠ ᠬᠣᠨᠢᠴᠢᠨ ᠯᠤᠪᠰᠠᠩ ᠳ᠋ᠤ᠌ ᠣᠯᠭᠣᠭᠰᠠᠨ ᠪᠠᠭᠠᠬᠠᠨ ᠢᠷᠭᠡ ᠶ᠋ᠢᠨ ᠭᠠᠢᠬᠠᠮ᠎ᠠ ᠠᠮᠲᠠᠲᠠᠢ ᠭᠡᠳᠡᠰᠦ ᠳᠣᠲᠣᠷ ᠴᠢᠰᠤ ᠠᠭᠤᠰᠬᠢ ᠶ᠋ᠢ ᠬᠠᠨᠲᠠᠯ᠎ᠠ ᠪᠠᠨ ᠢᠳᠡᠭᠡᠳ ᠴᠠᠳᠬᠤᠯᠠᠩ ᠬᠡᠪᠲᠡᠵᠦ᠂ ᠲᠡᠷᠡ ᠪᠠᠭᠠᠴᠤᠳ ᠤ᠋ᠨ ᠬᠠᠮᠤᠭ ᠤ᠋ᠨ ᠶᠡᠬᠡ ᠨᠢ ᠵᠢᠷᠭᠤᠭ᠎ᠠ ᠳᠣᠯᠣᠭᠠᠨ ᠨᠠᠰᠤᠲᠠᠢ ᠬᠡᠦᠬᠡᠨ ᠰᠤᠪᠤᠳ ᠡᠴᠢᠭᠡ ᠶ᠋ᠢᠨ ᠬᠠᠭᠤᠴᠢᠨ ᠬᠠᠯᠴᠠᠷᠬᠠᠢ ᠳᠡᠪᠡᠯ ᠳ᠋ᠦ᠍ ᠣᠷᠣᠭᠠᠳ᠂
— ᠡᠵᠢ ᠠ᠋᠂ ᠮᠠᠷᠭᠠᠰᠢ ᠣᠷᠣᠢ ᠪᠢᠳᠡ ᠪᠠᠰᠠ ᠡᠢᠮᠦ ᠰᠠᠢᠬᠠᠨ ᠮᠢᠬ᠎ᠠ ᠲᠠᠢ ᠬᠣᠭᠣᠯᠠ ᠢᠳᠡᠬᠦ ᠤᠤ? ᠦᠨᠢᠶ᠎ᠡ ᠶ᠋ᠢᠨ ᠬᠠᠭ ᠳᠠᠩᠴᠢ ᠬᠣᠭᠣᠯᠠᠢ ᠳ᠋ᠤ᠌ ᠣᠷᠣᠵᠤ ᠥᠭᠬᠦ ᠦᠭᠡᠢ ᠪᠣᠯᠤᠭᠰᠠᠨ ᠰᠢᠦ ᠡᠵᠢ ᠠ᠋? ᠭᠡᠵᠦ ᠡᠬᠡ ᠡᠴᠡᠭᠡᠨ ᠠᠰᠠᠭᠤᠪᠠ᠃
— ᠲᠡᠭᠡᠨ᠎ᠡ᠂ ᠲᠡᠭᠡᠨ᠎ᠡ ᠬᠡᠦᠬᠡ᠃ ᠤᠨᠲᠠ ᠳᠠ ᠬᠣᠩᠭᠣᠷ ᠮᠢᠨᠢ ᠭᠡᠵᠦ ᠬᠡᠯᠡᠭᠡᠳ ᠡᠬᠡ ᠨᠢ ᠳᠣᠭᠣᠯᠠᠩ ᠨᠢᠯᠪᠤᠰᠤ ᠪᠠᠨ ᠠᠷᠴᠢᠵᠤ ᠭᠣᠨᠢᠯᠲᠤ ᠪᠣᠳᠣᠯᠭ᠎ᠠ ᠪᠣᠯᠪᠠ᠃
ᠲᠤᠯᠭᠠᠨ ᠳ᠋ᠠᠬᠢ ᠤᠤᠭᠢᠵᠤ ᠪᠠᠢᠭᠰᠠᠨ ᠠᠷᠭᠠᠯ ᠭᠡᠨᠡᠳᠲᠡ ᠬᠥᠬᠡ ᠳᠥᠯᠥ ᠦᠯᠢᠶᠡᠵᠦ ᠨᠠᠷᠢᠨ ᠢ᠋ᠶ᠋ᠠᠷ ᠳᠤᠤᠭᠠᠷᠤᠭᠰᠠᠨ ᠳ᠋ᠤ᠌᠂ ᠲᠡᠷᠡ ᠡᠬᠡᠨᠡᠷ ᠰᠣᠴᠢᠵᠤ ᠭᠠᠯ ᠳᠤᠤᠭᠠᠷᠪᠠᠰᠤ ᠲᠣᠰᠣ ᠥᠭᠡᠬᠦ ᠶ᠋ᠢᠨ ᠵᠦᠢᠯ ᠡᠴᠡ ᠬᠢᠳᠡᠭ ᠶᠣᠰᠣᠲᠠᠢ ᠲᠤᠯᠠ᠂ ᠠᠮᠠᠨ ᠳᠣᠲᠣᠷ᠎ᠠ ᠪᠠᠨ ᠭᠦᠩᠭᠦᠨᠡᠨ ᠵᠠᠯᠪᠠᠷᠢᠵᠤ ᠴᠢᠮᠬᠢ ᠥᠭᠡᠬᠦ ᠬᠢᠭᠰᠡᠨ ᠳ᠋ᠦ᠍ ᠰᠡᠷᠴᠬᠢᠨᠡᠭᠡᠳ ᠭᠠᠯ ᠲᠦᠷ ᠬᠢᠵᠦ ᠠᠰᠠᠭᠠᠳ᠂ ᠬᠠᠷ᠎ᠠ ᠢᠰᠦ ᠪᠣᠯᠤᠭᠰᠠᠨ ᠶᠠᠳᠠᠭᠤ ᠭᠡᠷ ᠦ᠋ᠨ ᠣᠨᠢ ᠳᠡᠭᠡᠪᠦᠷ᠂ ᠲᠡᠷᠡ ᠵᠠᠯᠠᠭᠤ ᠡᠮᠡᠭᠲᠡᠢ ᠶ᠋ᠢᠨ ᠶᠠᠳᠠᠭᠤ ᠵᠦᠳᠡᠭᠦᠦ ᠶ᠋ᠢᠨ ᠵᠣᠪᠠᠯᠠᠩ ᠠ᠋ᠴᠠ ᠪᠣᠯᠵᠤ ᠴᠠᠭ ᠠ᠋ᠴᠠ ᠡᠮᠦᠨ᠎ᠡ ᠥᠲᠡᠯᠦᠭᠰᠡᠨ ᠡᠴᠡᠩᠬᠡᠢ ᠦᠷᠴᠢᠭᠢᠷ ᠴᠢᠷᠠᠢ᠂ ᠭᠡᠷ ᠦ᠋ᠨ ᠳᠥᠷᠪᠡᠨ ᠦ᠌ ᠭᠤᠷᠪᠠᠨ ᠬᠤᠪᠢ ᠶ᠋ᠢ ᠡᠵᠡᠯᠡᠭᠰᠡᠨ ᠣᠯᠠᠨ ᠬᠤᠷᠠᠭ᠎ᠠ᠂ ᠢᠰᠦ ᠪᠣᠯᠵᠤ ᠬᠠᠷᠠᠯᠠᠭᠰᠠᠨ ᠬᠠᠭᠤᠴᠢᠨ ᠭᠦᠩᠭᠠᠷᠠᠪᠠ ᠲᠠᠢ ᠪᠦᠳᠦᠭᠦᠯᠢᠭ ᠬᠢᠴᠡ ᠲᠡᠢ ᠬᠢᠮᠳᠠᠬᠠᠨ ᠦᠨ᠎ᠡ ᠲᠡᠢ᠂ ᠤᠲᠤᠭᠠᠨ ᠳ᠋ᠤ᠌ ᠪᠣᠷᠣᠯᠠᠵᠤ ᠬᠠᠷᠠᠯᠠᠭᠰᠠᠨ ᠵᠢᠷᠤᠮᠠᠯ ᠪᠤᠷᠬᠠᠨ᠂ ᠣᠷᠣᠢ ᠶ᠋ᠢᠨ ᠬᠣᠭᠣᠯᠠᠨ ᠤ᠋ ᠦᠯᠡᠳᠡᠴᠡ ᠲᠡᠢ ᠰᠡᠲᠡᠷᠬᠡᠢ ᠲᠣᠮᠣ ᠮᠣᠳᠣᠨ ᠲᠠᠪᠠᠭ᠂ ᠬᠠᠮᠤᠭ ᠶᠠᠭᠤᠮ᠎ᠠ ᠨᠢ ᠵᠢᠰᠠ ᠶ᠋ᠢᠨ ᠣᠯᠠᠨ ᠬᠤᠷᠠᠭ᠎ᠠ ᠶ᠋ᠢᠨ ᠰᠢᠭᠡᠰᠦ ᠵᠤᠩᠭᠠᠭ ᠤ᠋ᠨ ᠦᠨᠦᠷ ᠰᠢᠩᠭᠡᠭᠰᠡᠨ ᠲᠡᠷᠡ ᠶᠠᠳᠠᠭᠤ ᠬᠠᠷ᠎ᠠ ᠭᠡᠷ ᠦ᠋ᠨ ᠦᠭᠡᠢᠭᠦᠦ ᠰᠠᠪᠠ ᠰᠠᠭᠠᠯᠢ ᠬᠡᠷᠡᠭᠯᠡᠯ ᠢ᠋ ᠬᠣᠷᠣᠮᠬᠠᠨ ᠵᠠᠭᠤᠷ᠎ᠠ ᠰᠦᠮᠡᠯᠵᠡᠬᠦ ᠭᠡᠷᠡᠯ ᠢ᠋ᠶ᠋ᠡᠷ ᠭᠡᠷᠡᠯᠲᠦᠭᠦᠯᠲᠡᠯᠡ᠂ ᠭᠡᠷ ᠦ᠋ᠨ ᠡᠵᠡᠭᠲᠡᠢ ᠲᠣᠭᠣ ᠠᠪᠠᠭᠠᠢ ᠪᠣᠳᠣᠵᠤ ᠪᠠᠢᠭᠰᠠᠨ ᠪᠣᠳᠣᠯᠭ᠎ᠠ ᠪᠠᠨ ᠦᠷᠭᠦᠯᠵᠢᠯᠡᠭᠦᠯᠦᠨ᠂
ᠵᠢᠰᠠ ᠠ᠋ᠴᠠ ᠥᠭᠭᠦᠭᠰᠡᠨ ᠲᠡᠷᠡ ᠪᠠᠭᠠᠬᠠᠨ ᠢᠷᠭᠡ ᠶ᠋ᠢᠨ ᠮᠢᠬ᠎ᠠ ᠬᠡᠴᠢᠨᠡᠨ(ᠬᠡᠴᠢᠨᠡᠭᠡᠨ) ᠤᠳᠠᠬᠤ ᠭᠡᠵᠦ ᠳᠡ᠃ ᠭᠡᠪᠡᠴᠦ ᠬᠡᠳᠦᠨ ᠬᠣᠨᠣᠭ ᠬᠡᠦᠬᠡᠳ ᠭᠡᠳᠡᠰᠦ ᠴᠠᠳᠬᠤᠯᠠᠩ ᠬᠣᠨᠣᠬᠤ ᠨᠢ ᠪᠠᠰᠠᠴᠤ(ᠪᠠᠰᠠ ᠴᠦ᠍) ᠨᠢᠭᠡ ᠵᠠᠪᠰᠢᠶᠠᠨ ᠪᠢᠯᠢᠤ(ᠪᠢᠯᠡ ᠤᠤ) ᠳᠠ᠃ ᠲᠡᠭᠡᠭᠡᠳ ᠬᠣᠵᠢᠮ ᠨᠢ ᠶᠠᠭᠠᠬᠢᠳᠠᠭ ᠪᠢᠯᠡ? ᠭᠡᠳ ᠲᠤᠯᠭᠠᠨ ᠳ᠋ᠤ᠌ ᠤᠨᠲᠠᠷᠠᠵᠤ ᠪᠠᠢᠭ᠎ᠠ ᠭᠠᠯ ᠤ᠋ᠨ ᠳᠥᠯᠥ ᠰᠢᠷᠲᠡᠨ᠂ ᠲᠡᠭᠡᠭᠡᠳ ᠶᠠᠭᠠᠬᠢᠬᠤ ᠪᠣᠢ ᠳᠠ᠃ ᠵᠢᠰᠠ ᠶ᠋ᠢᠨ ᠲᠤᠭᠤᠯᠯᠠᠭᠰᠠᠨ ᠦᠨᠢᠶ᠎ᠡ ᠶ᠋ᠢᠨ ᠬᠠᠭ ᠨᠢ ᠬᠠᠪᠤᠷ ᠠᠮᠲᠠᠲᠠᠢ ᠬᠣᠭᠣᠯᠠ ᠪᠣᠯᠳᠠᠭ ᠥᠨᠥᠬᠢ ᠯᠡ ᠬᠣᠭᠣᠰᠣᠨ ᠨᠣᠢᠲᠠᠨ ᠪᠠᠬ᠎ᠠ ᠪᠠᠢᠳᠠᠭ ᠪᠠᠢᠳᠠᠯ ᠳ᠋ᠠᠭᠠᠨ ᠣᠷᠣᠳᠠᠭ ᠬᠡᠷᠡᠭ ᠰᠢᠦ ᠳᠡ᠃ ᠦᠨᠢᠶ᠎ᠡ ᠶ᠋ᠢᠨ ᠬᠠᠭ ᠢ᠋ᠶ᠋ᠠᠷ ᠥᠯ ᠵᠠᠯᠭᠠᠬᠤ ᠭᠡᠳᠡᠭ ᠮᠥᠨ ᠴᠦ᠍ ᠬᠡᠴᠡᠭᠦᠦ ᠬᠡᠷᠡᠭ ᠳᠡ᠃ ᠰᠠᠢᠨ ᠠᠢᠯ ᠤ᠋ᠨ ᠴᠠᠳᠬᠤᠯᠠᠩ ᠨᠣᠬᠠᠢ ᠬᠦᠷᠲᠡᠯ᠎ᠡ ᠢᠳᠡᠳᠡᠭ ᠦᠭᠡᠢ ᠬᠣᠭᠣᠯᠠ ᠰᠢᠦ ᠳᠡ᠃ ᠲᠡᠭᠡᠬᠦ ᠳ᠋ᠦ᠍ ᠪᠢᠳᠡ ᠨᠢᠭᠡ ᠨᠠᠰᠤ ᠪᠠᠷ ᠢ᠋ᠶ᠋ᠠᠨ ᠢᠩᠭᠢᠵᠦ ᠠᠮᠢ ᠵᠢᠭᠤᠬᠤ ᠭᠡᠵᠦ ᠮᠥᠨ ᠬᠡᠴᠡᠭᠦᠦ ᠠ᠋᠃ ᠵᠢᠰᠠ ᠶ᠋ᠢᠨ ᠮᠠᠯ ᠤ᠋ᠨ ᠬᠣᠢᠨ᠎ᠠ ᠠ᠋ᠴᠠ ᠳᠠᠭ᠎ᠠ ᠳᠠᠭᠠᠭᠰᠠᠭᠠᠷ ᠨᠢᠭᠡ ᠨᠠᠰᠤ ᠢᠩᠭᠢᠭᠡᠳ ᠯᠡ ᠥᠩᠭᠡᠷᠡᠳᠡᠭ ᠶᠦᠮ ᠪᠠᠢᠨ᠎ᠠ ᠳᠠ᠃ ᠠᠯᠤᠰ ᠬᠡᠳᠦ ᠳ᠋ᠡᠭᠡᠨ (ᠳ᠋ᠦ᠍ ᠪᠡᠨ) ᠥᠭᠡᠳᠡᠯᠡᠨ᠎ᠡ ᠭᠡᠬᠦ ᠶ᠋ᠢᠨ ᠭᠣᠷᠢ ᠦᠭᠡᠢ᠂ ᠵᠠ᠂ ᠯᠤᠪᠰᠠᠩ ᠪᠢᠳᠡ ᠬᠣᠶᠠᠷ ᠴᠤ᠌ ᠶᠠᠭᠠᠬᠢᠪᠠ ᠳᠦᠭᠦᠷᠦᠭᠰᠡᠨ ᠬᠡᠷᠡᠭ᠃ ᠭᠠᠭᠴᠠ ᠡᠨᠡ ᠬᠥᠭᠡᠷᠦᠬᠦᠢ ᠬᠡᠦᠬᠡᠳ ᠮᠢᠨᠢ ᠥᠴᠦᠬᠡᠨ ᠴᠦ᠍ ᠭᠣᠷᠢᠳᠠᠬᠤ ᠭᠣᠷᠢ ᠦᠭᠡᠢ᠂ ᠵᠣᠪᠠᠵᠤ ᠵᠦᠳᠡᠵᠦ ᠠᠵᠤ ᠲᠥᠷᠥᠬᠦ ᠪᠣᠯᠬᠤ ᠶᠤᠮ ᠭᠡᠵᠦ ᠪᠣᠳᠣᠬᠤ ᠳ᠋ᠤ᠌ ᠶᠠᠭᠠᠬᠢᠭᠰᠠᠨ ᠴᠤ᠌ ᠬᠡᠴᠡᠭᠦᠦ ᠶᠦᠮ ᠪᠢᠯᠡ ᠳᠠ᠃ ᠪᠣᠯᠳᠠᠭ ᠪᠣᠯ ᠬᠡᠦᠬᠡᠳ ᠢ᠋ᠶ᠋ᠡᠨ ᠬᠣᠵᠢᠮ ᠰᠠᠢᠨ ᠰᠠᠢᠬᠠᠨ ᠠᠵᠤ ᠲᠥᠷᠥᠵᠦ᠂ ᠶᠣᠰᠣᠲᠠᠢ ᠬᠥᠮᠦᠨ ᠰᠢᠭ ᠠᠮᠢᠳᠤᠷᠠᠬᠤ ᠪᠣᠯᠭᠠᠬᠤ ᠶ᠋ᠢᠨ ᠲᠥᠯᠥᠭᠡ᠂ ᠠᠷᠪᠠᠨ ᠨᠠᠢ᠍ᠮᠠᠨ ᠲᠠᠮᠤ ᠶ᠋ᠢᠨ ᠬᠠᠮᠤᠭ ᠤ᠋ᠨ ᠠᠶᠤᠯᠲᠠᠢ ᠸᠴᠢᠷ ᠲᠠᠮᠤ ᠳ᠋ᠤ᠌ ᠲᠠᠪᠤᠨ ᠵᠠᠭᠤᠨ ᠲᠥᠷᠥᠯ ᠳ᠋ᠡᠭᠡᠨ(ᠳ᠋ᠦ᠍ ᠪᠡᠨ) ᠵᠣᠪᠠ ᠭᠡᠰᠡᠨ ᠴᠦ᠍ ᠪᠢ ᠳᠤᠷᠠᠲᠠᠢ ᠲᠡᠭᠡᠶ᠎ᠡ ᠭᠡᠬᠦ ᠰᠠᠨ᠃
ᠬᠢᠲᠠᠳ ᠫᠦᠰᠡᠨ ᠦ᠌ ᠳ᠋ᠠᠩᠵᠢᠶᠠᠳᠠ (ᠳᠠᠩᠵᠢᠶᠠᠳ) ᠲᠦᠷᠦᠭᠦᠨ ᠵᠢᠰᠠ ᠶ᠋ᠢᠨ ᠨᠢᠷᠪᠠ ᠳ᠋ᠤ᠌᠂ ᠮᠠᠨ ᠤ᠋ ᠶᠡᠬᠡ ᠬᠡᠦᠬᠡᠨ ᠢ᠋ ᠬᠠᠷᠠᠭᠠᠳ᠂ ᠡᠨᠡ ᠵᠢᠭᠠᠯ ᠪᠦᠰᠡᠭᠦᠢ ᠠᠷᠪᠠᠭᠠᠳ ᠵᠢᠯ ᠡᠴᠡ ᠲᠤᠩ ᠬᠣᠷᠣᠬᠠᠢ ᠬᠦᠷᠦᠮᠡᠷ ᠬᠡᠦᠬᠡᠨ ᠪᠣᠯᠬᠤ ᠠᠮᠢᠲᠠᠨ ᠪᠠᠢᠨ᠎ᠠ ᠳᠠ ᠭᠡᠵᠦ ᠬᠡᠯᠡᠵᠦ ᠪᠢᠯᠡ᠃ ᠨᠢᠷᠪᠠ ᠨᠢ᠂
— ᠵᠠ᠂ ᠴᠢ ᠲᠡᠷᠡ ᠪᠣᠯᠲᠠᠯ᠎ᠠ ᠥᠭᠡᠬᠦ ᠳ᠋ᠡᠭᠡᠨ(ᠳ᠋ᠦ᠍ ᠪᠡᠨ)ᠳᠡᠯᠪᠡᠷᠡᠵᠦ ᠦᠬᠦᠬᠦ ᠦᠭᠡᠢ ᠪᠣᠯ ᠢᠷᠡᠭᠡᠷᠡᠢ᠃ ᠪᠢ ᠨᠢᠭᠡ ᠤᠴᠢᠷ ᠬᠢᠵᠦ ᠥᠭᠭᠦᠨ᠎ᠡ ᠭᠡᠵᠦ ᠬᠡᠯᠡᠭᠰᠡᠨ ᠪᠢᠯᠡ᠃ ᠪᠣᠯᠳᠠᠭ ᠪᠣᠯ ᠲᠡᠷᠡ ᠳ᠋ᠠᠩᠵᠢᠶᠠᠳᠠ(ᠳᠠᠩᠵᠢᠶᠠᠳ)ᠨᠢᠷᠪᠠ ᠬᠣᠶᠠᠷ ᠬᠣᠶᠠᠭᠤᠯᠠ ᠪᠠᠨ ᠳᠡᠯᠪᠡᠷᠡᠵᠦ ᠦᠬᠦᠭᠡᠰᠡᠢ! ᠲᠡᠷᠡ ᠵᠢᠯ ᠨᠢᠷᠪᠠ᠂ ᠡᠪᠦᠭᠡᠨ ᠭᠣᠩᠭᠣᠷ ᠠ᠋ᠴᠠ ᠵᠣᠷᠢᠭᠤᠳᠠ ᠲᠡᠭᠡ ᠡᠴᠡ ᠲᠡᠭᠡ ᠭᠡᠵᠦ ᠵᠢᠰᠠ ᠶ᠋ᠢᠨ ᠮᠠᠯ ᠢ᠋ ᠬᠤᠷᠢᠶᠠᠵᠤ ᠠᠪᠤᠭᠠᠳ᠂ ᠭᠣᠩᠭᠣᠷ ᠤ᠋ᠨ ᠨᠢᠭᠡ ᠶᠡᠬᠡ ᠴᠡᠪᠡᠷᠬᠡᠨ ᠭᠠᠭᠴᠠ ᠬᠡᠦᠬᠡᠨ ᠨᠢ ᠪᠡᠶ᠎ᠡ ᠮᠠᠭᠤ ᠲᠠᠢ ᠡᠪᠦᠭᠡᠨ ᠡᠴᠢᠭᠡ ᠪᠡᠨ ᠲᠡᠵᠢᠭᠡᠬᠦ ᠶ᠋ᠢᠨ ᠡᠷᠬᠡ ᠪᠡᠷ ᠠᠷᠭ᠎ᠠ ᠦᠭᠡᠢ ᠬᠠᠪᠴᠢᠭᠳᠠᠵᠤ᠂ ᠲᠠᠷᠭᠤᠨ ᠳ᠋ᠠᠩᠵᠢᠶᠠᠳᠠ(ᠳᠠᠩᠵᠢᠶᠠᠳ) ᠤ᠋ᠨ ᠡᠪᠦᠷ ᠲᠤᠨᠢ( ᠲᠤ ᠨᠢ) ᠣᠷᠣᠭᠠᠳ᠂ ᠬᠣᠵᠢᠮ ᠲᠡᠷᠡ ᠳ᠋ᠠᠩᠵᠢᠶᠠᠳᠠ (ᠳᠠᠩᠵᠢᠶᠠᠳ) ᠲᠤ᠌ ᠬᠥᠭᠡᠭᠡᠭᠳᠡᠵᠦ᠂ ᠬᠥᠮᠦᠨ ᠦ᠌ ᠭᠠᠷ ᠳᠠᠮᠵᠢᠭᠰᠠᠭᠠᠷ ᠡᠪᠡᠳᠴᠢᠨ ᠣᠯᠵᠤ ᠬᠠᠮᠠᠷ ᠨᠢ ᠣᠢᠴᠢᠭᠠᠳ᠂ ᠡᠴᠦᠰ ᠰᠡᠭᠦᠯ ᠳ᠋ᠡᠭᠡᠨ (ᠳ᠋ᠦ᠍ ᠪᠡᠨ)ᠡᠪᠦᠯ ᠬᠡᠢᠳ ᠦ᠋ᠨ ᠤᠷᠢᠳ(ᠤᠷᠲᠤ) ᠬᠦᠷᠳᠦᠨ ᠳᠣᠣᠷ᠎ᠠ ᠣᠰᠤᠭᠤᠵᠤ ᠦᠬᠦᠭᠰᠡᠨ ᠰᠢᠦ ᠳᠡ᠃ ᠲᠡᠷᠡ ᠵᠢᠯ ᠲᠠᠷᠴᠢᠭ ᠴᠠᠭ ᠢ᠋ᠶ᠋ᠠᠷ ᠨᠢᠷᠪᠠ ᠪᠠᠰᠠ ᠵᠢᠰᠠ ᠶ᠋ᠢᠨ ᠦᠬᠡᠷᠴᠢᠨ ᠪᠠᠵᠠᠷ ᠤ᠋ᠨ ᠪᠡᠷᠢ ᠶ᠋ᠢ ᠣᠷᠣᠰ ᠷᠢᠪᠧᠨ ᠲᠡᠢᠨ ᠦ᠌ ᠦᠶ᠎ᠡ ᠪᠡᠷ ᠮᠠᠯ ᠤ᠋ᠨ ᠹᠠᠩᠽᠠ (ᠫᠠᠨᠽᠠ) ᠬᠢᠵᠦ ᠪᠠᠶᠠᠵᠢᠭᠰᠠᠨ ᠰᠣᠭᠲᠣᠭᠤ ᠵᠠᠮᠰᠥ᠋ᠷᠦᠩᠵᠠᠪ ᠲᠠᠢᠵᠢ ᠶ᠋ᠢᠨ ᠡᠪᠦᠷ ᠲᠦ᠍ ᠬᠠᠪᠴᠢᠨ ᠣᠷᠣᠭᠤᠯᠵᠤ ᠥᠭᠭᠦᠭᠡᠳ᠂ ᠣᠳᠣ ᠪᠠᠽᠠᠷ ᠤ᠋ᠨ ᠬᠢᠨ ᠭᠡᠷ ᠢ᠋ᠶ᠋ᠡᠷ ᠢ᠋ᠶ᠋ᠡᠨ ᠠᠮᠢᠳᠤ ᠪᠠᠷ ᠢᠯᠵᠠᠷᠠᠵᠤ ᠪᠠᠢᠨ᠎ᠠ ᠰᠢᠦ ᠳᠡ᠃ ᠦᠭᠡᠢ᠂ ᠦᠭᠡᠢ᠃ ᠯᠤᠪᠰᠠᠩ ᠪᠢᠳᠡ ᠬᠣᠶᠠᠷ ᠬᠡᠦᠬᠡᠨ ᠢ᠋ᠶ᠋ᠡᠨ ᠲᠡᠷᠡ ᠪᠤᠵᠠᠷ ᠵᠠᠮ ᠢ᠋ᠶ᠋ᠠᠷ ᠣᠷᠣᠭᠤᠯᠬᠤ ᠦᠭᠡᠢ ᠭᠡᠪᠡᠯ᠂ ᠴᠢᠰᠤ ᠪᠠᠨ ᠳᠤᠰᠤᠯ ᠳᠤᠰᠤᠯ ᠢ᠋ᠶ᠋ᠠᠷ ᠨᠢ ᠴᠤᠪᠤᠭᠤᠯᠵᠤ ᠥᠭ ᠭᠡᠰᠡᠨ ᠴᠦ᠍ ᠳᠤᠷᠠᠲᠠᠢ ᠬᠦᠯᠢᠶᠡᠨ᠎ᠡ᠃ ᠳᠤᠰᠤᠯ ᠳᠤᠰᠤᠯ ᠢ᠋ᠶ᠋ᠠᠷ ᠨᠢ ᠭᠣᠭᠣᠵᠢᠭᠤᠯᠵᠤ ᠥᠭᠭᠦᠭᠰᠡᠨ ᠴᠦ᠍ ᠳᠤᠷᠠᠲᠠᠢ ᠥᠭᠭᠦᠨ᠎ᠡ ᠭᠡᠵᠦ ᠳᠠᠪᠲᠠᠵᠤ ᠬᠡᠯᠡᠭᠡᠳ᠂ ᠲᠡᠷᠡ ᠬᠥᠭᠡᠷᠦᠬᠦᠢ ᠵᠠᠯᠠᠭᠤ ᠡᠮᠡᠭᠲᠡᠢ ᠭᠠᠰᠢᠭᠤᠳᠠᠨ ᠢᠨᠢᠶᠡᠮᠰᠦᠷᠡᠵᠦ᠂ ᠪᠢᠳᠡ ᠬᠣᠶᠠᠷ ᠲᠡᠷᠡ ᠲᠡᠢ ᠲᠡᠷᠡ ᠦᠭᠡᠢ ᠵᠢᠰᠠ ᠶ᠋ᠢᠨ ᠮᠠᠯ ᠢ᠋ ᠦᠷᠡᠵᠢᠵᠦ᠂ ᠴᠠᠳᠬᠤᠯᠠᠩ ᠨᠢᠷᠪᠠ ᠶ᠋ᠢ ᠤᠯᠠᠮ ᠲᠠᠷᠭᠤᠯᠠᠭᠤᠯᠬᠤ ᠶ᠋ᠢᠨ ᠲᠥᠯᠥᠭᠡ ᠴᠢᠰᠤ ᠪᠠᠨ ᠳᠤᠰᠤᠯ ᠳᠤᠰᠤᠯ ᠢ᠋ᠶ᠋ᠠᠷ ᠨᠢ ᠥᠭᠭᠦᠭᠰᠡᠭᠡᠷ ᠢᠷᠡᠭᠰᠡᠨ ᠶᠦᠮ ᠪᠢᠰᠢᠦ ᠳᠡ? ᠥᠨᠥᠳᠥᠷ ᠴᠦ᠍ ᠭᠡᠰᠡᠨ ᠯᠤᠪᠰᠠᠩ ᠵᠦᠳᠡᠷᠡᠵᠦ ᠶᠠᠳᠠᠷᠠᠵᠤ᠂ ᠪᠠᠰᠠᠯᠠ ᠰᠠᠭᠠᠬᠠᠯᠲᠠ ᠶ᠋ᠢᠨ ᠶᠠᠳᠠᠭᠤ ᠴᠠᠳᠠᠪ ᠤ᠋ᠨ ᠬᠢᠨ ᠳ᠋ᠦ᠍ ᠬᠣᠨᠢ ᠬᠠᠷᠢᠭᠤᠯᠬᠤ ᠳ᠋ᠤ᠌ ᠮᠠᠨᠠᠯᠴᠠᠵᠤ ᠥᠭᠬᠦ ᠭᠡᠵᠦ ᠣᠴᠢᠭᠰᠠᠨ ᠪᠢᠰᠢᠦ᠃ ᠴᠠᠳᠠᠪ ᠬᠥᠭᠡᠷᠦᠬᠦᠢ ᠶ᠋ᠢᠨ ᠡᠬᠡᠨᠡᠷ ᠡᠪᠡᠳᠴᠢᠨ ᠲᠡᠢ᠂ ᠥᠪᠡᠷ ᠢ᠋ᠶ᠋ᠡᠨ ᠭᠠᠭᠴᠠᠭᠠᠷ ᠢ᠋ᠶ᠋ᠠᠨ ᠵᠢᠰᠠ ᠶ᠋ᠢᠨ ᠲᠡᠷᠡ ᠣᠯᠠᠨ ᠬᠣᠨᠢᠨ ᠳ᠋ᠤ᠌ ᠬᠦᠴᠦ ᠬᠦᠷᠬᠦ ᠦᠭᠡᠢ᠃ ᠭᠠᠭᠴᠠ ᠴᠤ᠌ ᠬᠤᠷᠠᠭ᠎ᠠ ᠦᠬᠦᠭᠦᠯᠪᠡᠯ᠂ ᠠᠭᠤᠷ ᠲᠠᠢ ᠨᠢᠷᠪᠠ᠂ ᠡᠮᠡᠭᠡᠨ ᠲᠤᠯᠭᠠᠷ ᠢ᠋ ᠬᠡᠳᠦᠨ ᠬᠤᠷᠠᠭ᠎ᠠ ᠦᠬᠦᠭᠦᠯᠪᠡ ᠭᠡᠵᠦ ᠬᠥᠭᠡᠭᠡᠵᠦ ᠬᠣᠨᠢ ᠪᠠᠨ ᠪᠤᠴᠠᠭᠠᠵᠤ ᠠᠪᠤᠭᠰᠠᠨ ᠰᠢᠭ᠋᠂ ᠴᠠᠳᠠᠪ ᠢ᠋ ᠬᠥᠭᠡᠭᠡᠵᠦ ᠣᠷᠬᠢᠬᠤ ᠮᠠᠭᠠᠳ ᠦᠭᠡᠢ ᠰᠢᠦ ᠳᠡ᠃ ᠶᠠᠳᠠᠭᠤ ᠪᠢᠳᠡ ᠪᠡᠶ᠎ᠡ ᠪᠡᠶ᠎ᠡ ᠳ᠋ᠡᠭᠡᠨ ᠲᠤᠰᠠᠯᠠᠬᠤ ᠦᠭᠡᠢ ᠪᠣᠯ᠂ ᠬᠡᠨ ᠪᠢᠳᠡᠨ ᠢ᠋ ᠡᠨᠡᠷᠢᠵᠦ ᠲᠤᠰᠠᠯᠠᠬᠤ ᠪᠢᠯᠡ᠃
ᠨᠢᠷᠪᠠ᠂ ᠬᠠᠮᠤᠭ ᠭᠠᠢ ᠵᠣᠪᠠᠯᠠᠩ ᠭᠠᠭᠴᠠ ᠮᠠᠨᠵᠤ ᠬᠢᠲᠠᠳ ᠨᠣᠶᠠᠳ ᠳ᠋ᠠᠩᠵᠢᠶᠠᠳᠠ ᠠ᠋ᠴᠠ ᠪᠣᠯᠵᠤ ᠪᠠᠢᠭ᠎ᠠ ᠶᠤᠮ ᠭᠡᠵᠦ ᠣᠢᠷ᠎ᠠ ᠠ᠋ᠴᠠ ᠶᠠᠷᠢᠬᠤ ᠪᠣᠯᠵᠠᠢ᠃ ᠰᠢᠨᠤᠬᠠᠢ ᠮᠠᠨᠵᠤ ᠬᠢᠲᠠᠳ ᠢ᠋ ᠦᠯᠳᠡᠨ ᠬᠥᠭᠡᠭᠡᠪᠡᠯ ᠠᠷᠠᠳ ᠠᠮᠢᠲᠠᠨ ᠠᠮᠤᠷ ᠰᠠᠢᠬᠠᠨ ᠳ᠋ᠠᠭᠠᠨ ᠵᠢᠷᠭᠠᠬᠤ ᠪᠣᠯᠤᠨ᠎ᠠ᠃ ᠬᠢᠲᠠᠳ ᠫᠦᠰᠡ ᠶ᠋ᠢᠨ ᠥᠷᠢ ᠰᠢᠷᠢ ᠶ᠋ᠢ ᠬᠦᠴᠦᠨ ᠦᠭᠡᠢ ᠪᠣᠯᠭᠠᠨ᠎ᠠ ᠭᠡᠵᠦ ᠶᠠᠷᠢᠵᠤ ᠪᠢᠯᠡ᠃ ᠭᠡᠲᠡᠯ᠎ᠡ ᠮᠠᠨ ᠤ᠋ ᠬᠡᠢᠳ ᠦ᠋ᠨ ᠵᠢᠰᠠ ᠮᠠᠨᠢ ᠶᠠᠮᠠᠷ ᠴᠤ᠌ ᠬᠢᠲᠠᠳ ᠫᠦᠰᠡᠨ ᠡᠴᠡ ᠳᠤᠲᠠᠭᠤ ᠦᠭᠡᠢ᠂ ᠬᠣᠰᠢᠭᠤ ᠳᠠᠶᠠᠭᠠᠷ ᠲᠤ᠌ ᠮᠥᠩᠭᠥ ᠵᠢᠭᠡᠯᠡᠭᠡ ᠪᠡᠷ ᠥᠭᠴᠦ ᠬᠦᠦᠯᠡᠳᠡᠭ ᠰᠢᠦ ᠳᠡ᠃ ᠮᠠᠨ ᠤ᠋ ᠨᠢᠷᠪᠠ ᠶ᠋ᠢ ᠬᠠᠷᠠᠪᠠᠯ᠂ ᠬᠢᠲᠠᠳ ᠲᠦᠩᠰᠢ ᠶ᠋ᠢᠨ ᠢ᠋ᠶ᠋ᠡᠨ ᠫᠦᠰᠡᠨ ᠦ᠌ ᠶᠠᠭᠤᠮᠠᠨ ᠳ᠋ᠤ᠌ ᠵᠠᠷᠤᠴᠠ ᠨᠠᠷ ᠤ᠋ᠨ ᠢ᠋ᠶ᠋ᠠᠨ ᠨᠢᠭᠡ ᠶ᠋ᠢ ᠬᠠᠪᠢᠳᠠᠭᠤᠯᠤᠨᠠ ᠭᠡᠵᠦ ᠤᠤ ᠳᠠ? ᠨᠢᠷᠪᠠ ᠶ᠋ᠢ ᠲᠦᠩᠰᠢ ᠶᠢᠨ ᠨᠥᠬᠥᠷ ᠬᠤᠷᠰᠢᠶ᠎ᠠ ᠭᠡᠳᠡᠭ ᠢ᠋ ᠵᠢᠰᠠ ᠶ᠋ᠢᠨ ᠪᠦᠭᠦᠳᠡ ᠵᠠᠷᠤᠴᠠ ᠰᠠᠢᠨ ᠮᠡᠳᠡᠨ᠎ᠡ ᠰᠢᠦ ᠳᠡ ᠭᠡᠳ ᠶᠠᠭᠠᠬᠢᠵᠤ ᠮᠡᠳᠡᠬᠦ ᠪᠣᠢ? ᠠᠮᠢᠲᠠᠨ ᠤ᠋ ᠠᠵᠤ ᠲᠥᠷᠥᠬᠦ ᠨᠢ ᠪᠠᠬᠠᠨ ᠬᠥᠩᠭᠡᠨ ᠪᠣᠯᠵᠤ ᠴᠤ᠌ ᠮᠠᠭᠠᠳ ᠦᠭᠡᠢ ᠪᠣᠯᠪᠠᠤ? ᠠ᠋ ᠳᠠ᠂ ᠪᠤᠷᠬᠠᠨ ᠥᠷᠥᠰᠢᠶᠡᠵᠦ ᠲᠡᠢᠮᠦ ᠯᠡ ᠪᠣᠯᠵᠤ ᠥᠭᠭᠦᠭᠡᠰᠡᠢ ᠭᠡᠵᠦ ᠪᠣᠳᠣᠵᠠᠢ᠃
ᠠᠮᠢᠲᠠᠨ ᠲᠡᠭᠡᠵᠦ ᠰᠠᠢᠨ ᠰᠠᠢᠬᠠᠨ ᠴᠠᠭ ᠢᠷᠡᠬᠦ ᠪᠣᠯᠪᠠᠤ ᠭᠡᠵᠦ ᠲᠠᠭᠠᠪᠤᠷᠢᠯᠠᠨ ᠲᠠᠭᠠᠮᠠᠭᠯᠠᠭᠰᠠᠭᠠᠷ ᠬᠦᠯᠢᠶᠡᠨ ᠭᠣᠷᠢᠳᠠᠭᠰᠠᠭᠠᠷ᠂ ᠤᠷᠢᠳ ᠡᠮᠦᠨ᠎ᠡ ᠦᠵᠡᠭᠳᠡᠭᠡ ᠦᠭᠡᠢ ᠰᠢᠷᠦᠭᠦᠨ ᠬᠠᠷᠭᠢᠰ ᠢ᠋ᠶ᠋ᠠᠷ ᠳᠠᠪᠬᠤᠷ ᠳᠠᠪᠬᠤᠷ ᠠᠯᠪᠠ ᠭᠤᠪᠴᠢᠭᠤᠷ ᠤᠨᠤᠭᠠᠨ ᠲᠠᠲᠠᠬᠤ ᠶ᠋ᠢ ᠪᠢᠲᠡᠭᠦᠦ ᠪᠡᠷ ᠶᠡᠬᠡᠯ᠎ᠡ ᠳᠤᠷ᠎ᠠ ᠦᠭᠡᠢᠴᠡᠨ ᠵᠢᠭᠰᠢᠵᠦ ᠪᠠᠢᠪᠠ᠃ ᠰᠥᠨᠥᠬᠦ ᠴᠠᠭ ᠨᠢ ᠪᠣᠯᠤᠭᠰᠠᠨ ᠮᠠᠨᠵᠤ ᠲᠠᠢᠴᠢᠩ ᠤᠯᠤᠰ᠂ ᠮᠣᠩᠭᠣᠯ ᠢ᠋ ᠡᠷᠬᠡᠨ ᠳ᠋ᠡᠭᠡᠨ ᠠᠳᠬᠤᠭᠰᠠᠭᠠᠷ ᠪᠠᠢᠬᠤ ᠭᠡᠵᠦ ᠴᠢᠷᠮᠠᠢᠨ ᠤᠷᠤᠯᠳᠤᠵᠤ᠂ ᠲᠤᠰ ᠤᠯᠤᠰ ᠲᠤ᠌ ᠪᠠᠢᠭᠰᠠᠨ ᠮᠠᠨᠵᠤ ᠳᠠᠷᠤᠩᠭᠤᠢ ᠴᠡᠷᠢᠭ ᠲᠦ᠍ ᠬᠡᠷᠡᠮ ᠦ᠋ᠨ ᠴᠢᠨᠠᠳᠤ ᠠ᠋ᠴᠠ ᠰᠢᠨ᠎ᠡ ᠴᠠᠭ ᠤ᠋ᠨ ᠵᠠᠷ ᠵᠡᠪᠰᠡᠭ ᠶᠠᠭᠠᠷᠠᠪᠴᠢᠯᠠᠨ ᠨᠡᠢᠯᠡᠭᠦᠯᠵᠦ᠂ ᠶᠠᠫᠣᠨ ᠳ᠋ᠤ᠌ ᠰᠤᠷᠭᠠᠭᠤᠯᠢ ᠬᠢᠭᠰᠡᠨ ᠴᠡᠷᠢᠭ ᠦ᠋ᠨ ᠳᠠᠷᠤᠭ᠎ᠠ ᠨᠠᠷ ᠢ᠋ ᠢᠷᠡᠭᠦᠯᠵᠦ ᠪᠠᠢᠭᠰᠠᠨ ᠪᠢᠯᠡ᠃
ᠴᠠᠭᠠᠭᠴᠢᠨ ᠭᠠᠬᠠᠢ ᠵᠢᠯ ᠦ᠋ᠨ ᠨᠠᠮᠤᠷ ᠤ᠋ᠨ ᠰᠡᠭᠦᠯ ᠢ᠋ᠶ᠋ᠡᠷ ᠰᠢᠷᠴᠢᠨ ᠦ᠌ ᠠᠬ᠎ᠠ ᠶ᠋ᠢ ᠭᠥᠯᠲᠥᠭᠡᠨ᠎ᠡ ᠶ᠋ᠢᠨ ᠬᠥᠨᠳᠡᠢ ᠳ᠋ᠦ᠍ ᠨᠠᠮᠤᠷᠵᠢᠭᠠᠳ ᠪᠠᠢᠬᠤ ᠦᠶᠡᠰ᠂ ᠰᠢᠷᠴᠢᠨ ᠬᠡᠭᠡᠷ᠎ᠡ ᠬᠣᠨᠢ ᠬᠠᠷᠢᠭᠤᠯᠵᠤ ᠪᠠᠢᠭᠠᠳ ᠨᠢᠭᠡᠨ ᠡᠳᠦᠷ ᠦᠵᠡᠪᠡᠰᠦ᠂ ᠣᠯᠠᠨ ᠲᠡᠮᠡᠭᠡ ᠲᠡᠢ ᠠᠶᠠᠨᠴᠢᠨ ᠠᠢᠰᠤᠢ ᠶ᠋ᠢ ᠠᠵᠢᠭᠯᠠᠲᠠᠯᠠ᠂ ᠰᠤᠨᠤᠮ ᠵᠠᠩᠭᠢ ᠶ᠋ᠢᠨ ᠠᠪᠠᠭᠠᠢ ᠶᠠᠪᠤᠯᠴᠠᠵᠠᠢ᠃ ᠡᠭᠦᠨᠳᠦ ᠨᠠᠮᠠᠶ᠋ᠢ ᠡᠢᠮᠦ ᠤᠷᠠᠩᠬᠠᠢ ᠮᠠᠭᠤ ᠬᠤᠪᠴᠠᠰᠤ ᠲᠠᠢ ᠪᠠᠢᠭ᠎ᠠ ᠶ᠋ᠢ ᠦᠵᠡᠵᠦ ᠶᠡᠬᠡ ᠠᠶ᠎ᠠ ᠦᠭᠡᠢ ᠶᠦᠮ ᠪᠣᠯᠬᠤ ᠨᠢ ᠭᠡᠵᠦ ᠰᠢᠷᠴᠢᠨ ᠦ᠌ ᠰᠠᠨᠠᠭ᠎ᠠ ᠵᠣᠪᠠᠵᠤ ᠪᠠᠬᠠᠨ ᠰᠠᠨᠳᠤᠷᠤᠰᠬᠢᠲᠠᠯᠡ᠂ ᠠᠶᠠᠨ ᠤ᠋ ᠬᠥᠮᠦᠨ ᠶᠠᠭᠤ ᠶᠠᠭᠤ ᠦᠭᠡᠢ ᠣᠢᠷᠠᠲᠤᠵᠤ ᠢᠷᠡᠭᠡᠳ ᠵᠠᠩᠭᠢ ᠶ᠋ᠢᠨ ᠠᠪᠠᠭᠠᠢ ᠰᠢᠷᠴᠢᠨ ᠲᠡᠢ ᠰᠠᠨᠠᠮᠰᠠᠷ ᠦᠭᠡᠢ ᠠᠭᠤᠯᠵᠠᠭᠰᠠᠨ ᠳ᠋ᠠᠭᠠᠨ ᠶᠡᠬᠡ ᠪᠠᠶᠠᠷᠯᠠᠪᠠᠴᠤ᠂ ᠦᠨᠡᠬᠡᠷ ᠲᠡᠭᠦᠨ ᠦ᠌ ᠬᠤᠪᠴᠠᠰᠤ ᠬᠤᠨᠠᠷ ᠨᠣᠣᠷᠬᠠᠢ᠂ ᠮᠠᠭᠤ ᠭᠤᠲᠤᠯ ᠢ᠋ᠶ᠋ᠠᠨ ᠰᠤᠷ ᠳᠡᠭᠡᠰᠦ ᠪᠡᠷ ᠲᠦᠮᠡᠨ ᠵᠠᠩᠭᠢᠯᠠᠭ᠎ᠠ ᠪᠣᠯᠭᠠᠵᠤ ᠣᠷᠢᠶᠠᠭᠰᠠᠨ ᠳ᠋ᠤ᠌ ᠬᠢᠷᠳ᠋ᠬᠢᠨ ᠰᠣᠴᠢᠵᠠᠢ᠃ ᠴᠢ ᠶᠡᠷᠦ ᠨᠢ ᠶᠠᠮᠠᠷ ᠰᠠᠭᠤᠵᠤ ᠪᠠᠢᠨ᠎ᠠ ᠭᠡᠵᠦ ᠠᠵᠤ ᠲᠥᠷᠥᠵᠦ᠂ ᠠᠮᠢ ᠵᠢᠭᠤᠬᠤ ᠪᠠᠢᠳᠠᠯ ᠢ᠋ ᠨᠢ ᠨᠠᠷᠢᠪᠴᠢᠯᠠᠨ ᠠᠰᠠᠭᠤᠵᠤ᠂ ᠢᠰᠡᠭᠡᠢ ᠤᠭᠤᠲᠠ ᠠ᠋ᠴᠠ ᠮᠥᠰᠥᠨ ᠰᠢᠬᠢᠷ᠂ ᠴᠢᠪᠠᠭ᠎ᠠ ᠭᠠᠷᠭᠠᠵᠤ᠂ ᠰᠢᠷᠴᠢᠨ ᠦ᠌ ᠡᠪᠦᠷ ᠳᠦᠭᠦᠷᠲᠡᠯ᠎ᠡ ᠴᠢᠬᠢᠵᠦ ᠥᠭᠪᠡ᠃
ᠰᠢᠷᠴᠢᠨ ᠢᠴᠢᠵᠦ ᠤᠯᠠᠢᠵᠤ ᠪᠠᠢᠭᠠᠳ᠂ ᠲᠡᠷᠡ ᠨᠠᠰᠤᠲᠠᠢ ᠠᠪᠠᠭᠠᠢ ᠳ᠋ᠤ᠌ ᠵᠣᠪᠠᠯᠠᠩ ᠢ᠋ᠶ᠋ᠠᠨ ᠡᠷᠢᠶ᠎ᠡ ᠦᠭᠡᠢ ᠶᠠᠷᠢᠵᠤ᠂ ᠬᠥᠮᠦᠨ ᠦ᠌ ᠴᠢᠷᠠᠢ ᠬᠠᠷᠠᠬᠤ ᠶᠢᠨ ᠠᠷᠭ᠎ᠠ ᠦᠭᠡᠢ ᠡᠢᠮᠦ ᠨᠣᠣᠷᠬᠠᠢ ᠭᠤᠲᠤᠯ ᠬᠤᠪᠴᠠᠰᠤ ᠲᠠᠢ ᠪᠣᠯᠵᠤ ᠭᠦᠢᠴᠡᠯ᠎ᠡ᠃ ᠠᠬ᠎ᠠ ᠶ᠋ᠢᠨ ᠳ᠋ᠦ᠍ ᠶᠡᠬᠡᠯ᠎ᠡ(ᠶᠡᠬᠡ ᠯᠡ) ᠮᠠᠭᠤ ᠪᠠᠢᠨ᠎ᠠ ᠭᠡᠵᠦ ᠦᠨᠡᠨ ᠢ᠋ᠶ᠋ᠡᠨ ᠶᠠᠷᠢᠵᠠᠢ᠃
— ᠴᠢ ᠮᠠᠨᠠᠢᠳᠤ (ᠮᠠᠨ ᠤ᠋ ᠳ᠋ᠤ᠌)ᠡᠷᠭᠢᠵᠦ ᠣᠴᠢ᠃ ᠵᠠᠩᠭᠢ ᠴᠤ᠌ ᠪᠠᠶᠠᠷᠯᠠᠨ᠎ᠠ᠃ ᠴᠡᠷᠡᠨ ᠴᠦ᠍ ᠴᠢᠨᠦ ᠡᠷᠭᠢᠵᠦ ᠢᠷᠡᠬᠦ ᠳ᠋ᠦ᠍ ᠶᠡᠬᠡ ᠪᠠᠶᠠᠷᠯᠠᠬᠤ ᠪᠠᠢᠬ᠎ᠠ᠃ ᠴᠢᠮᠠᠴᠠ(ᠴᠢᠮ᠎ᠠ ᠠ᠋ᠴᠠ )ᠬᠣᠢᠰᠢ ᠳᠡᠭᠦᠦ ᠪᠡᠨ ᠠᠢᠯ ᠳ᠋ᠤ᠌ ᠶᠠᠪᠤᠭᠤᠯᠤᠭᠰᠠᠨ ᠶᠤᠮ ᠰᠢᠭ᠋ ᠶᠡᠬᠡᠯ᠎ᠡ(ᠶᠡᠬᠡ ᠯᠡ) ᠤᠢᠳᠤᠭᠰᠠᠨ ᠰᠢᠦ᠂ ᠲᠡᠷᠡ ᠠᠮᠢᠲᠠᠨ᠃ ᠣᠳᠣ ᠬᠦᠷᠲᠡᠯ᠎ᠡ ᠴᠢᠮᠠᠶ᠋ᠢ ᠳᠤᠷᠠᠰᠴᠤ ᠪᠠᠢᠳᠠᠭ᠃ ᠴᠢ ᠮᠠᠨᠠᠢᠳᠤ(ᠮᠠᠨ ᠤ᠋ ᠳ᠋ᠤ᠌) ᠡᠷᠭᠢᠵᠦ ᠣᠴᠢ᠃ ᠪᠢ ᠬᠤᠪᠴᠠᠰᠤ ᠬᠤᠨᠠᠷ ᠬᠢᠵᠦ ᠥᠭᠭᠦᠮ ᠵᠧ᠃ ᠬᠦᠷᠢᠶᠡᠨ ᠦ᠌ ᠰᠣᠨᠢᠨ ᠢ᠋ ᠶᠠᠷᠢᠪᠠᠯ ᠤᠳᠠᠬᠤ ᠦᠭᠡᠢ ᠶᠡᠬᠡ ᠬᠡᠷᠡᠭ ᠳᠡᠭᠳᠡᠬᠦ ᠨᠢ ᠠ᠋᠃ ᠮᠠᠨᠵᠤ ᠶ᠋ᠢᠨ ᠰᠠᠨᠳᠤᠤ ᠠᠮᠪᠠᠨ᠂ ᠴᠡᠷᠢᠭ ᠦ᠋ᠨ ᠬᠤᠸᠠᠷᠠᠨ ᠪᠠᠷᠢᠵᠤ᠂ ᠴᠠᠬᠢᠯᠭᠠᠨ ᠢ᠋ᠶ᠋ᠠᠷ ᠶᠠᠷᠢᠳᠠᠭ ᠤᠲᠠᠰᠤ ᠲᠠᠲᠠᠭᠤᠯᠵᠤ ᠪᠠᠢᠨ᠎ᠠ ᠭᠡᠨ᠎ᠡ᠃ ᠣᠯᠠᠨ ᠤ᠋ ᠠᠮᠠ ᠶ᠋ᠢ ᠰᠣᠨᠣᠰᠪᠠᠯ᠂ ᠲᠡᠷᠡ ᠤᠲᠠᠰᠤ ᠪᠠᠷ ᠰᠠᠨᠳᠤᠤ ᠠᠮᠪᠠᠨ ᠨᠢᠭᠡ ᠶᠡᠬᠡ ᠤᠳᠠᠭᠠᠨ ᠶᠠᠷᠢᠵᠤ ᠴᠢᠳᠠᠬᠤ ᠦᠭᠡᠢ ᠪᠣᠯᠤᠯᠲᠠᠢ᠃ ᠠᠮᠪᠠᠨ ᠤ᠋ ᠲᠤᠰᠢᠶᠠᠯ ᠢ᠋ᠶ᠋ᠠᠷ ᠬᠢᠲᠠᠳ ᠤ᠋ᠨ ᠥᠷᠭᠡᠨ ᠴᠢᠯᠥᠭᠡᠨ ᠳ᠋ᠦ᠍ ᠮᠣᠳᠣ ᠵᠤᠭᠤᠵᠤ ᠦᠮᠡᠬᠡᠢ ᠯᠠᠮᠫᠠ ᠶ᠋ᠢᠨ ᠲᠣᠰᠣ ᠲᠠᠢ ᠳ᠋ᠧᠩᠯᠦ ᠡᠯᠭᠦᠭᠰᠡᠨ ᠨᠢ ᠠᠮᠢᠲᠠᠨ ᠤ᠋ ᠮᠣᠷᠢ ᠲᠡᠮᠡᠭᠡ ᠦᠷᠭᠦᠵᠦ᠂ ᠤᠯᠤᠰ ᠠᠮᠢᠲᠠᠨ ᠵᠢᠭᠰᠢᠭᠡᠳ᠂ ᠤᠳᠠᠭ᠎ᠠ ᠴᠦ᠍(ᠤᠳᠠᠭᠰᠠᠨ ᠴᠦ᠍)ᠦᠭᠡᠢ ᠲᠡᠷᠡ ᠳ᠋ᠧᠩᠯᠦ ᠶ᠋ᠢ ᠨᠢ ᠮᠥᠳᠳᠥᠬᠡᠨ ᠴᠢᠯᠠᠭᠤ ᠪᠠᠷ ᠰᠠᠮ ᠬᠠᠭ᠎ᠠ ᠬᠠᠭ᠎ᠠ ᠴᠣᠬᠢᠯᠠᠭᠠᠳ᠂ ᠦᠮᠡᠬᠡᠢ ᠳ᠋ᠧᠩᠯᠦ ᠨᠢ ᠤᠨᠲᠠᠷᠠᠵᠤ᠂ ᠦᠵᠡᠰᠢ ᠦᠭᠡᠢ ᠮᠠᠭᠤ ᠰᠠᠨᠳᠤᠤ ᠶ᠋ᠢᠨ ᠰᠥᠨᠥᠬᠦ ᠢᠷᠣ᠎ᠠ ᠨᠢ ᠦᠵᠡᠭᠳᠡᠵᠡᠢ ᠭᠡᠵᠦ ᠳᠠᠭᠤᠤ ᠵᠣᠬᠢᠶᠠᠯᠴᠢᠨ ᠳᠠᠭᠤᠯᠠᠯᠴᠠᠵᠠᠭᠠᠵᠤ ᠪᠠᠢᠨ᠎ᠠ᠃ ᠬᠦᠷᠢᠶ᠎ᠡ ᠳᠠᠶᠠᠭᠠᠷ ᠮᠥᠳᠳᠥ ᠮᠠᠨᠵᠤ ᠬᠢᠲᠠᠳ ᠲᠦᠰᠢᠮᠡᠳ᠂ ᠰᠢᠨᠤᠬᠠᠢ ᠳ᠋ᠠᠩᠵᠢᠶᠠᠳᠠ ᠨᠠᠷ ᠢ᠋ ᠦᠯᠳᠡᠨ ᠬᠥᠭᠡᠭᠡᠨ᠎ᠡ ᠭᠡᠵᠦ ᠶᠠᠷᠢᠵᠠᠭᠠᠬᠤ ᠪᠣᠯᠵᠠᠢ᠃ ᠬᠦᠷᠢᠶᠡᠨ ᠦ᠌ ᠵᠠᠬ᠎ᠠ᠂ ᠱᠤᠤᠭᠢᠭᠤᠷ ᠳᠡᠭᠡᠭᠦᠷ ᠪᠠᠳᠢᠷᠴᠢᠨ ᠭᠤᠢᠯᠢᠨᠴᠢᠨ ᠣᠳᠣ ᠮᠠᠨᠵᠤ ᠬᠠᠭᠠᠨ ᠤ᠋ ᠴᠠᠭ ᠥᠩᠭᠡᠷᠡᠵᠦ ᠮᠣᠩᠭᠣᠯ ᠬᠠᠭᠠᠨ ᠤ᠋ ᠡᠷᠬᠡ ᠪᠠᠷᠢᠬᠤ ᠴᠠᠭ ᠪᠣᠯᠤᠯ᠎ᠠ ᠭᠡᠵᠦ ᠶᠠᠷᠢᠵᠤ ᠪᠠᠢᠬᠤ ᠪᠣᠯᠵᠤ ᠳᠠ᠃
ᠮᠠᠨᠵᠤ ᠬᠠᠭᠠᠨ ᠠ᠋ᠴᠠ ᠮᠠᠨ ᠤ᠋ ᠪᠣᠭᠳᠠ ᠳ᠋ᠤ᠌ ᠬᠦᠷᠡᠩ ᠽᠠᠨᠳᠠᠨ ᠰᠢᠷᠡᠭᠡ ᠪᠡᠯᠡᠭ ᠶᠠᠪᠤᠭᠤᠯᠤᠭᠰᠠᠨ ᠢ᠋ ᠵᠠᠷᠯᠢᠭ ᠤ᠋ᠨ ᠠᠮᠪᠠᠨ ᠪᠡᠶ᠎ᠡ ᠪᠡᠷ ᠪᠣᠭᠳᠠ ᠳ᠋ᠤ᠌ ᠬᠦᠷᠭᠡᠵᠦ ᠢᠷᠡᠭᠡᠳ᠂ ᠪᠣᠭᠳᠠ ᠬᠠᠷᠢᠭᠤ ᠳ᠋ᠤᠨᠢ ᠠᠮᠪᠠᠨ ᠳ᠋ᠤ᠌ ᠬᠣᠶᠠᠷ ᠠᠯᠲᠠᠨ ᠪᠠᠭᠤᠪᠴᠢ ᠭᠠᠷ ᠲᠤᠨᠢ ᠵᠡᠭᠦᠵᠦ ᠥᠭᠭᠦᠭᠰᠡᠨ ᠭᠡᠨ᠎ᠡ ᠪᠢᠯᠡ᠃ ᠬᠦᠷᠢᠶᠡᠨ ᠦ᠌ ᠯᠠᠮᠠ ᠨᠠᠷ ᠲᠡᠭᠦᠨ ᠢ᠋ ᠰᠠᠢᠬᠠᠨ ᠪᠡᠯᠡᠭ ᠲᠠᠮᠪᠠᠷᠠᠯ ᠲᠠᠢ ᠶᠠᠭᠤᠮ᠎ᠠ ᠪᠣᠯᠵᠠᠢ᠃ ᠮᠠᠨᠵᠤ ᠬᠠᠭᠠᠨ᠂ ᠬᠠᠭᠠᠨ ᠰᠢᠷᠡᠭᠡ ᠪᠡᠨ ᠮᠠᠨ ᠤ᠋ ᠪᠣᠭᠳᠠ ᠳ᠋ᠤ᠌ ᠨᠠᠢᠷ ᠲᠠᠯᠪᠢᠵᠤ ᠥᠭᠭᠦᠭᠡᠳ᠂ ᠪᠣᠭᠳᠠ ᠮᠠᠨᠢ ᠪᠣᠯᠳᠠᠭ ᠦᠭᠡᠢ ᠬᠡᠴᠡᠭᠦᠦ ᠠᠮᠪᠠᠨ ᠤ᠋ ᠭᠠᠷ ᠲᠤ᠌ ᠭᠢᠨᠵᠢ ᠲᠤᠱᠠ ᠵᠡᠭᠦᠵᠦ ᠭᠡᠵᠦ ᠶᠠᠷᠢᠯᠴᠠᠵᠤ ᠪᠠᠢᠬᠤ ᠪᠣᠯᠵᠤ ᠭᠡᠳ ᠵᠠᠩᠭᠢ ᠶ᠋ᠢᠨ ᠠᠪᠠᠭᠠᠢ ᠳᠠᠭᠤᠨ ᠢ᠋ᠶ᠋ᠠᠨ ᠨᠠᠮ ᠪᠣᠯᠭᠠᠵᠤ᠂
— ᠪᠢ ᠰᠣᠨᠣᠰᠪᠠᠯ᠂ ᠣᠯᠠᠨ ᠬᠣᠰᠢᠭᠤ ᠪᠠᠷ ᠮᠥᠳᠳᠥ ᠴᠡᠷᠢᠭ ᠲᠠᠲᠠᠵᠤ᠂ ᠬᠢᠲᠠᠳ ᠮᠠᠨᠵᠤ ᠴᠡᠷᠢᠭ ᠢ᠋ ᠤᠯᠢᠶᠠᠰᠤᠲᠠᠢ ᠬᠣᠪᠲᠣ ᠵᠡᠷᠭᠡ ᠭᠠᠵᠠᠷ ᠠ᠋ᠴᠠ ᠦᠯᠳᠡᠨ ᠬᠥᠭᠡᠭᠡᠬᠦ ᠭᠡᠵᠦ ᠪᠠᠢᠭ᠎ᠠ ᠶᠤᠮ ᠭᠡᠨ᠎ᠡ᠃ ᠴᠡᠷᠢᠭ ᠲᠠᠲᠠᠪᠠᠯ ᠶᠠᠭᠤᠨ ᠤ᠋ ᠡᠮᠦᠨ᠎ᠡ ᠶᠠᠳᠠᠭᠤ ᠬᠣᠭᠣᠰᠣᠨ ᠥᠨᠥᠴᠢᠨ ᠥᠷᠥᠭᠡᠰᠦᠨ ᠠᠮᠢᠲᠠᠨ ᠢ᠋ ᠬᠠᠮᠤᠨᠠ ᠰᠢᠦ ᠳᠡ᠃ ᠪᠠᠶᠠᠴᠤᠳ ᠠᠷᠭ᠎ᠠ ᠰᠦᠪᠡᠭᠴᠢᠯᠡᠵᠦ ᠴᠡᠷᠢᠭ ᠡᠴᠡ ᠮᠤᠯᠲᠤᠷᠠᠨ᠎ᠠ᠃ ᠴᠢᠨᠦ ᠠᠬ᠎ᠠ ᠴᠤ᠌ ᠪᠠᠰᠠ ᠬᠡᠭᠡᠯᠢ ᠴᠢᠳᠬᠤᠵᠤ ᠪᠡᠶ᠎ᠡ ᠪᠡᠨ ᠰᠤᠭᠤᠷᠠᠭᠠᠳ᠂ ᠬᠠᠷᠢᠨ ᠴᠢᠮᠠᠶ᠋ᠢ ᠪᠠᠨ ᠴᠢᠬᠢᠨ᠎ᠡ ᠳᠡ᠃ ᠲᠡᠭᠡᠭᠡᠳ ᠪᠠᠰᠠ ᠪᠢ ᠳᠡᠭᠦᠦ ᠪᠡᠨ ᠬᠦᠷᠲᠡᠯ᠎ᠡ ᠤᠯᠤᠰ ᠲᠥᠷᠥ ᠶ᠋ᠢᠨ ᠲᠥᠯᠥᠭᠡ ᠬᠦᠴᠦᠨ ᠵᠢᠳᠬᠦ ᠭᠡᠵᠦ ᠶᠠᠪᠤᠭᠤᠯᠤᠭᠰᠠᠨ ᠭᠡᠵᠦ ᠭᠠᠪᠢᠶ᠎ᠠ ᠪᠠᠢᠭᠤᠯᠬᠤ ᠪᠣᠢ᠃
ᠴᠢ ᠣᠳᠣᠬᠠᠨ᠂ ᠴᠡᠷᠢᠭ ᠲᠠᠲᠠᠬᠤ ᠠ᠋ᠴᠠ ᠡᠮᠦᠨ᠎ᠡ ᠮᠠᠨᠠᠢᠳᠤ ᠬᠦᠷᠴᠦ ᠦᠵᠡ᠃ ᠮᠠᠨ ᠤ᠋ ᠡᠪᠦᠭᠡᠨ ᠢᠩᠭᠢᠨ ᠴᠠᠩᠬᠢᠨ ᠴᠢᠮᠠᠶ᠋ᠢ ᠲᠡᠷᠡ ᠴᠡᠷᠢᠭ ᠦ᠋ᠨ ᠭᠠᠰᠢᠭᠤᠨ ᠠᠯᠪᠠᠨ ᠠ᠋ᠴᠠ ᠠᠷᠭᠠᠯᠠᠵᠤ ᠦᠵᠡᠨ᠎ᠡ ᠪᠢᠵᠡ᠃ ᠴᠢᠨᠦ ᠠᠬ᠎ᠠ ᠶ᠋ᠢᠨ ᠳ᠋ᠦ᠍ ᠮᠠᠭᠤ ᠪᠣᠯ᠂ ᠴᠡᠷᠢᠭ ᠲᠡᠭᠦᠨ ᠡᠴᠡ ᠴᠦ᠍ ᠪᠦᠷ ᠬᠡᠴᠡᠭᠦᠦ ᠰᠢᠦ ᠳᠡ᠃ ᠴᠢᠩᠭᠢᠭᠰᠡᠨ ᠡᠴᠡ ᠴᠢ ᠪᠤᠰᠢᠭᠤᠬᠠᠨ ᠮᠠᠨᠠᠢᠳᠤ ᠣᠴᠢᠵᠤ ᠦᠵᠡ᠃ ᠪᠢ ᠡᠪᠦᠭᠡᠨ ᠢ᠋ᠶ᠋ᠡᠨ ᠴᠢᠮᠠᠲᠤ ᠤᠨᠤᠭ᠎ᠠ ᠶᠠᠪᠤᠭᠤᠯᠵᠤ ᠦᠵᠡ ᠭᠡᠵᠦ ᠰᠢᠬᠠᠮ ᠵᠠ ᠭᠡᠬᠦ ᠳ᠋ᠦ᠍ᠨᠢ ᠰᠢᠷᠴᠢᠨ᠂ ᠵᠠᠩᠭᠢ ᠶ᠋ᠢᠨ ᠬᠢ ᠡᠴᠡ ᠰᠢᠨᠡᠬᠡᠨ ᠨᠡᠬᠡᠢ ᠳᠡᠪᠡᠯ ᠡᠮᠦᠰᠦᠭᠡᠳ᠂ ᠡᠴᠡᠩᠬᠡᠢ ᠨᠢᠴᠦᠭᠦᠨ ᠠᠯᠳᠠᠭᠤᠯ ᠢᠩᠭᠡ ᠶ᠋ᠢ ᠵᠠᠢᠳᠠᠯᠠᠨ ᠤᠨᠤᠵᠤ᠂ ᠥᠷᠲᠡᠭᠡ ᠪᠡᠷ ᠬᠦᠷᠭᠡᠭᠦᠯᠵᠦ ᠶᠠᠪᠤᠭ᠎ᠠ ᠬᠤᠯᠠᠭᠠᠢᠴᠢ ᠰᠢᠭ᠋ ᠠᠬ᠎ᠠ ᠳ᠋ᠠᠭᠠᠨ ᠬᠥᠲᠥᠯᠦᠭᠦᠯᠵᠦ ᠮᠣᠷᠳᠠᠭᠰᠠᠨ ᠢ᠋ᠶ᠋ᠠᠨ ᠰᠠᠨᠠᠬᠤ ᠳ᠋ᠤ᠌ ᠬᠠᠴᠠᠷ ᠨᠢ ᠴᠢᠰᠤ ᠤᠯᠠᠢᠭᠠᠳ ᠣᠳᠣ ᠵᠠᠩᠭᠢ ᠶ᠋ᠢ ᠮᠠᠨ ᠤ᠋ ᠠᠬ᠎ᠠ ᠶ᠋ᠢᠨ ᠬᠠᠷᠠᠮᠴᠢ ᠨᠠᠷᠢᠨ ᠢ᠋ ᠱᠣᠣᠯᠠᠵᠤ᠂ ᠵᠣᠷᠢᠭᠤᠳᠠ ᠰᠠᠢᠨ ᠮᠣᠷᠢ ᠶᠤᠮ ᠤᠤ᠂ ᠰᠠᠢᠬᠠᠨ ᠳᠤᠬᠤᠰᠢᠲᠠᠢ ᠲᠣᠮᠣ ᠠᠳᠠ ᠶᠠᠪᠤᠭᠤᠯᠪᠠᠯ᠂ ᠪᠢ ᠪᠥᠭᠡᠰᠦ ᠲᠡᠢ ᠤᠷᠠᠩᠬᠠᠢ ᠳᠡᠪᠡᠯ ᠲᠡᠢ᠂ ᠢᠯᠵᠠᠷᠠᠵᠤ ᠭᠦᠢᠴᠡᠭᠰᠡᠨ ᠭᠤᠲᠤᠯ ᠲᠠᠢ ᠬᠦᠷᠴᠦ ᠢᠷᠡᠭᠡᠳ᠂ ᠶᠠᠮᠠᠷ ᠨᠢᠭᠤᠷ ᠢ᠋ᠶ᠋ᠠᠷ ᠢ᠋ᠶ᠋ᠠᠨ ᠵᠠᠩᠭᠢ᠂ ᠴᠡᠷᠡᠨ ᠬᠣᠶᠠᠷ ᠲᠠᠢ ᠵᠣᠯᠭᠣᠳᠠᠭ ᠪᠢᠯᠡ᠃ ᠲᠡᠭᠡᠵᠦ ᠢᠴᠢᠵᠦ ᠦᠬᠦᠭᠰᠡᠨ ᠡᠴᠡ ᠮᠢᠨᠦ ᠥᠷᠥᠭᠡᠰᠦᠨ ᠪᠥᠭᠡᠷ᠎ᠡ ᠪᠣᠯᠤᠭᠰᠠᠨ ᠣᠯᠠᠨ ᠶᠠᠳᠠᠭᠤ ᠠᠮᠢᠲᠠᠨ ᠲᠠᠢ ᠴᠡᠷᠢᠭ ᠲᠦ᠍ ᠮᠣᠷᠳᠠᠭᠰᠠᠨ ᠳᠡᠭᠡᠷ᠎ᠡ ᠭᠡᠵᠦ ᠪᠣᠳᠣᠭᠠᠳ᠂ ᠵᠠᠩᠭᠢ ᠶ᠋ᠢᠨ ᠬᠢᠨ ᠬᠠᠮᠢᠭ᠎ᠠ ᠨᠤᠲᠤᠭᠯᠠᠵᠤ ᠪᠠᠢᠭ᠎ᠠ ᠶ᠋ᠢ ᠠᠰᠠᠭᠤᠭᠠᠳ᠂ ᠲᠡᠷᠡ ᠡᠮᠡᠭᠡᠨ ᠲᠡᠢ ᠰᠠᠯᠬᠤ ᠶᠣᠰᠣ ᠬᠢᠵᠦ ᠬᠣᠴᠣᠷᠪᠠ᠃
ᠲᠡᠭᠡᠭᠡᠳ ᠬᠣᠨᠢ ᠪᠠᠷ ᠢ᠋ᠶ᠋ᠠᠨ ᠭᠠᠭᠴᠠᠭᠠᠷ ᠦᠯᠡᠳᠡᠭᠡᠳ᠂ ᠬᠥᠬᠡᠷᠡᠨ ᠬᠠᠷᠠᠭᠳᠠᠭᠴᠢ ᠲᠩᠷᠢ ᠶ᠋ᠢᠨ ᠬᠠᠶᠠᠭᠠᠨ ᠤ᠋ ᠵᠦᠭ ᠬᠣᠯᠠᠳᠴᠤ ᠶᠠᠪᠤᠭ᠎ᠠ ᠠᠶᠠᠨᠴᠢᠨ ᠤ᠋ ᠬᠣᠢᠨ᠎ᠠ ᠠ᠋ᠴᠠ ᠤᠳᠠᠲᠠᠯ᠎ᠠ ᠬᠠᠷᠠᠵᠤ ᠵᠣᠭᠰᠣᠬᠤ ᠳ᠋ᠠᠭᠠᠨ᠂ ᠮᠠᠨᠵᠤ ᠶ᠋ᠢᠨ ᠲᠥᠷᠥ ᠡᠴᠦᠰ ᠪᠣᠯᠬᠤ ᠴᠠᠭ ᠣᠢᠷᠠᠲᠤᠵᠤ ᠪᠠᠢᠭ᠎ᠠ ᠶᠤᠮ ᠭᠡᠵᠦ ᠬᠠᠷ᠎ᠠ ᠪᠠᠭ᠎ᠠ ᠠ᠋ᠴᠠ ᠪᠠᠨ ᠰᠣᠨᠣᠰᠤᠭᠰᠠᠨ ᠳᠠᠮ ᠦᠭᠡ ᠶ᠋ᠢ ᠰᠠᠨᠠᠵᠤ᠂ ᠮᠣᠩᠭᠣᠯ ᠨᠡᠢᠭᠡᠮ ᠢ᠋ᠶ᠋ᠡᠷ ᠡᠷᠬᠡ ᠴᠢᠯᠥᠭᠡᠲᠡᠢ᠂ ᠠᠮᠤᠷ ᠰᠠᠢᠬᠠᠨ ᠢ᠋ᠶ᠋ᠠᠷ ᠵᠢᠷᠭᠠᠬᠤ ᠴᠠᠭ ᠢᠷᠡᠬᠦ ᠶᠦᠮ ᠭᠡᠵᠦ ᠬᠡᠯᠡᠯᠴᠡᠳᠡᠭ ᠢ᠋ ᠪᠣᠳᠣᠭᠠᠳ᠂ ᠪᠠᠲᠤᠪᠠᠶᠠᠷ ᠡᠪᠦᠭᠡ᠂ ᠮᠢᠨᠦ ᠪᠠᠭ᠎ᠠ ᠳ᠋ᠤ᠌ ᠶᠠᠷᠢᠬᠤ ᠳ᠋ᠠᠭᠠᠨ᠂ ᠶᠠᠭᠤᠮ᠎ᠠ ᠪᠦᠬᠦᠨ ᠳ᠋ᠦ᠍ ᠬᠡᠮᠵᠢᠶ᠎ᠡ ᠪᠠᠢᠳᠠᠭ ᠶᠤᠮ ᠳᠠ᠂ ᠮᠠᠨ ᠤ᠋ ᠮᠣᠩᠭᠣᠯ ᠠᠷᠠᠢ ᠡᠭᠦᠷᠢᠳᠡ ᠡᠢᠮᠦ ᠡᠷᠬᠡ ᠴᠢᠯᠥᠭᠡ ᠦᠭᠡᠢ ᠳᠠᠷᠤᠯᠠᠭᠳᠠᠭᠰᠠᠨ ᠬᠡᠪ ᠢ᠋ᠶ᠋ᠡᠷ ᠪᠠᠢᠬᠤ ᠲᠡᠢᠮᠦ ᠶᠣᠰᠣ ᠦᠭᠡᠢ ᠭᠡᠵᠦ ᠶᠠᠷᠢᠳᠠᠭ ᠰᠠᠨ᠃ ᠪᠠᠲᠤᠪᠠᠶᠠᠷ ᠡᠪᠦᠭᠡ ᠨᠤᠲᠤᠭ ᠲᠠᠭᠠᠨ ᠪᠠᠢᠭᠰᠠᠨ ᠪᠣᠯ᠂ ᠮᠢᠨᠦ ᠠᠵᠤ ᠲᠥᠷᠥᠬᠦ ᠶᠠᠪᠤᠳᠠᠯ ᠥᠨᠥᠳᠥᠷ ᠦ᠋ᠨ ᠬᠢ ᠰᠢᠭ ᠠᠷᠠᠢ ᠪᠠᠢᠬᠤ ᠦᠭᠡᠢ ᠰᠠᠨ᠃ ᠪᠠᠰᠠ ᠨᠠᠮᠠᠶ᠋ᠢ ᠶᠠᠭᠠᠬᠢᠪᠠᠯ ᠳᠡᠭᠡᠷ᠎ᠡ ᠪᠣᠢ ᠭᠡᠵᠦ ᠮᠢᠨᠦ ᠵᠠᠮ ᠴᠢᠭ ᠢ᠋ ᠵᠢᠭᠠᠵᠤ ᠥᠭᠬᠦ ᠰᠠᠨ ᠪᠢᠯᠡ᠃ ᠣᠳᠣ ᠶᠠᠭᠠᠬᠢᠶ᠎ᠠ ᠭᠡᠬᠦ ᠪᠣᠢ ᠳᠠ᠂ ᠬᠡᠨ ᠡᠴᠡ ᠶᠠᠭᠤ ᠭᠡᠵᠦ ᠠᠰᠠᠭᠤᠬᠤ ᠪᠣᠢ? ᠣᠳᠣ ᠴᠣᠬᠣᠮ ᠶᠠᠭᠤ ᠬᠢᠵᠦ ᠶᠠᠭᠠᠬᠢᠳᠠᠭ ᠪᠢᠯᠡ? ᠦᠭᠡᠢ᠂ ᠶᠡᠷᠦ ᠨᠢ ᠮᠠᠨ ᠤ᠋ ᠤᠯᠤᠰ ᠤ᠋ᠨ ᠡᠷᠬᠡ ᠲᠡᠢ ᠴᠢᠯᠥᠭᠡᠲᠡᠢ ᠪᠣᠯᠬᠤ ᠴᠠᠭ ᠨᠢ ᠦᠨᠡᠬᠡᠷ ᠣᠢᠷᠠᠲᠤᠵᠤ ᠪᠠᠢᠭ᠎ᠠ ᠶᠤᠮ ᠪᠢᠰᠢ ᠪᠢᠵᠡ ᠳᠡ? ᠠᠬ᠎ᠠ ᠶ᠋ᠢᠨ ᠳ᠋ᠡᠭᠠᠨ ᠬᠦᠷᠲᠡᠯ᠎ᠡ ᠵᠠᠷᠤᠴᠠ ᠨᠢ ᠪᠣᠯᠵᠤ ᠵᠦᠳᠡᠷᠡᠵᠦ ᠪᠠᠢᠭ᠎ᠠ ᠡᠷᠬᠡ ᠮᠠᠲᠠᠯ ᠦᠭᠡᠢ ᠮᠠᠭᠤ ᠵᠠᠭᠠᠯ ᠪᠢ ᠴᠦ᠍ ᠭᠡᠰᠡᠨ ᠤᠯᠤᠰ ᠤ᠋ᠨ ᠢ᠋ᠶ᠋ᠠᠨ ᠡᠷᠬᠡ ᠴᠢᠯᠥᠭᠡ ᠶ᠋ᠢ ᠪᠠᠢᠯᠳᠤᠨ ᠣᠯᠬᠤ ᠵᠢᠷᠤᠮ ᠤ᠋ᠨ ᠴᠡᠷᠢᠭ ᠲᠦ᠍ ᠶᠠᠪᠤᠬᠤ ᠬᠤᠪᠢ ᠲᠠᠢ ᠬᠥᠮᠦᠨ ᠲᠥᠷᠥᠭᠡᠳ᠂ ᠡᠷᠬᠡ ᠴᠢᠯᠥᠭᠡᠲᠡᠢ ᠰᠠᠢᠨ ᠰᠠᠢᠬᠠᠨ ᠢ᠋ᠶ᠋ᠠᠷ ᠠᠮᠢ ᠵᠢᠭᠤᠬᠤ ᠬᠤᠪᠢ ᠵᠣᠬᠢᠶᠠᠯ ᠢ᠋ᠶ᠋ᠠᠨ ᠪᠠᠢᠯᠳᠤᠨ ᠲᠡᠮᠡᠴᠡᠵᠦ ᠣᠯᠬᠤ ᠬᠤᠪᠢ ᠵᠠᠶᠠᠭ᠎ᠠ ᠲᠠᠢ ᠬᠥᠮᠦᠨ ᠪᠢᠰᠢ ᠪᠠᠢᠭ᠎ᠠ ᠳᠠ? ᠲᠡᠭᠡᠪᠡᠯ᠂ ᠮᠢᠨᠦ ᠲᠡᠷᠡ ᠵᠠᠩᠭᠢ ᠶ᠋ᠢᠨ ᠳ᠋ᠦ᠍ ᠣᠴᠢᠵᠤ᠂ ᠨᠢᠭᠡ ᠠᠢᠯ ᠠ᠋ᠴᠠ ᠨᠥᠭᠦᠭᠡ ᠠᠢᠯ ᠳ᠋ᠤ᠌ ᠵᠠᠷᠤᠴᠠ ᠪᠣᠯᠬᠤ ᠭᠡᠵᠦ ᠣᠴᠢᠬᠤ ᠬᠡᠷᠡᠭ ᠶᠠᠭᠤ ᠪᠢᠯᠡ?
ᠬᠡᠷᠪᠡ ᠮᠢᠨᠦ ᠵᠠᠯᠬᠠᠭᠤ ᠠᠬ᠎ᠠ ᠴᠡᠷᠢᠭ ᠲᠦ᠍ ᠮᠣᠷᠳᠠᠬᠤ ᠳᠤᠷ᠎ᠠ ᠦᠭᠡᠢ ᠪᠣᠯ ᠪᠠᠢᠭ᠂ ᠬᠣᠨᠢ ᠪᠠᠨ ᠥᠪᠡᠷ ᠢ᠋ᠶ᠋ᠡᠨ ᠬᠠᠷᠢᠭᠤᠯᠪᠠᠯ ᠬᠠᠷᠢᠭᠤᠯᠤᠭ᠁ ᠭᠡᠵᠦ ᠪᠣᠳᠣᠯᠭ᠎ᠠ ᠪᠣᠳᠣᠭᠰᠠᠭᠠᠷ ᠵᠣᠭᠰᠣᠵᠠᠢ᠃
— — — —
* ᠢᠷᠡᠭᠡᠳᠦᠢ ᠶ᠋ᠢᠨ ᠲᠤᠬᠠᠢ ᠵᠥᠩᠨᠡᠯ
ᠲᠡᠷᠢᠭᠦᠨ ᠳᠡᠪᠲᠡᠷ ᠲᠡᠭᠦᠰᠪᠡ᠃
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠪᠠᠯ᠂ ᠮᠧᠢ ᠬᠤᠸᠠ᠂ ᠣᠶᠤᠨᠪᠠᠲᠤ᠂ ᠪᠠᠳᠮᠠᠰᠡᠴᠡᠨ᠂ ᠤᠢᠭᠤᠷᠵᠢᠨ ᠣᠳᠬᠣᠨᠪᠠᠪᠠ
ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠲ· ᠬᠦᠮᠦᠵᠢᠯᠲᠦ᠂ ᠤᠢᠭᠤᠷᠵᠢᠨ ᠣᠳᠬᠣᠨᠪᠠᠪᠠ᠂ ᠪᠠᠯ
ᠤᠩᠰᠢᠭᠴᠢ᠄ ᠨᠠᠰᠤᠨ᠌ᠦ᠌ᠯᠵᠡᠢ
