ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠲᠠᠪᠤ) Үүрийн туяа I – Б ᠂ Ренчин Тэргүүн дэвтэр "Манжийн талхинд" (25)
ᠬᠣᠷᠢᠨ ᠲᠠᠪᠤ ᠂ ᠴᠠᠭᠠᠨ ᠪᠤᠷᠬᠠᠨ
ᠴᠢᠨᠣ᠎ᠠ ᠨᠢ ᠬᠣᠨᠢ ᠪᠠᠨ᠂ ᠪᠠᠶᠠᠨ ᠨᠢ ᠶᠠᠳᠠᠭᠤ ᠪᠠᠨ᠃
(ᠠᠷᠠᠳ ᠤ᠋ᠨ ᠰᠡᠴᠡᠨ ᠦᠭᠡ)
ᠨᠠᠮᠤᠷ ᠤ᠋ᠨ ᠰᠡᠭᠦᠯ ᠢ᠋ᠶ᠋ᠡᠷ ᠡᠮᠡᠭᠡᠨ ᠰᠦᠷᠦᠩ ᠦ᠋ᠨ ᠬᠦᠦ ᠶ᠋ᠢᠨ ᠱᠠᠪᠢᠯᠠᠨ ᠰᠠᠭᠤᠵᠤ ᠪᠠᠢᠭᠰᠠᠨ ᠬᠡᠢᠳ ᠲᠦ᠍ ᠴᠠᠭᠠᠨ ᠪᠤᠷᠬᠠᠨ ᠬᠦᠷᠴᠦ᠂ ᠶᠠᠰᠤᠴᠢᠨ ᠨᠣᠬᠠᠢ ᠬᠡᠭᠦᠷ ᠢᠳᠡᠵᠦ ᠭᠦᠢᠴᠡᠬᠦ ᠪᠡᠨ ᠪᠠᠢᠭᠠᠳ᠂ ᠬᠡᠢᠳ ᠦ᠋ᠨ ᠠᠷᠤ ᠶ᠋ᠢᠨ ᠳᠡᠨᠵᠢ ᠶ᠋ᠢᠨ ᠴᠠᠰᠤᠨ ᠳᠡᠭᠡᠷ᠎ᠡ ᠪᠤᠷᠬᠠᠨᠳᠠᠵᠤ ᠦᠬᠦᠭᠰᠡᠨ ᠯᠠᠮᠠ ᠨᠠᠷ ᠤ᠋ᠨ ᠬᠡᠭᠦᠷ ᠴᠣᠬᠣᠷᠯᠠᠨ ᠬᠠᠷᠠᠭᠳᠠᠳᠠᠭ ᠪᠣᠯᠤᠯ᠎ᠠ᠃ ᠬᠡᠢᠳ ᠦ᠋ᠨ ᠵᠣᠯᠪᠢᠩ ᠨᠣᠬᠠᠢ᠂ ᠯᠠᠮᠠ ᠨᠠᠷ ᠤ᠋ᠨ ᠬᠠᠰᠢᠶᠠᠨ ᠤ᠋ ᠬᠠᠭᠠᠯᠭ᠎ᠠ᠂ ᠬᠦᠷᠳᠦᠨ ᠳᠣᠣᠷ᠎ᠠ ᠬᠡᠷᠢᠶᠡᠨ ᠳ᠋ᠦ᠍ ᠰᠣᠬᠣ ᠳᠤᠩᠰᠢᠭᠤᠯᠤᠭᠰᠠᠨ ᠨᠢᠳᠦ ᠲᠡᠢ᠂ ᠠᠶᠤᠮᠠᠷ ᠠᠶᠤᠮᠠᠷ ᠴᠣᠬᠣᠷ ᠬᠣᠮᠬᠣᠷᠤᠤ(ᠬᠣᠮᠬᠣᠷᠠᠤ) ᠪᠣᠯᠤᠭᠰᠠᠨ ᠲᠣᠯᠣᠭᠠᠢ᠂ ᠭᠠᠷ ᠬᠥᠯ ᠠᠪᠴᠢᠷᠠᠳᠠᠭ ᠪᠣᠯᠵᠠᠢ᠃
ᠲᠡᠷᠡ ᠨᠤᠲᠤᠭ ᠬᠠᠪᠢ ᠶ᠋ᠢᠨ ᠮᠠᠯᠴᠢᠨ ᠠᠷᠠᠳ《ᠴᠠᠭᠠᠨ ᠪᠤᠷᠬᠠᠨ ᠠ᠋ᠴᠠ》 ᠪᠠᠰᠠ《ᠬᠤᠪᠢ ᠪᠠᠨ ᠬᠦᠷᠲᠡᠵᠦ》᠂ ᠬᠥᠳᠡᠭᠡ ᠪᠡᠷ ᠴᠠᠭᠠᠨ ᠪᠤᠷᠬᠠᠨ ᠬᠦᠷᠦᠭᠰᠡᠨ ᠦ᠌ ᠲᠡᠮᠳᠡᠭ ᠪᠣᠯᠤᠭᠰᠠᠨ ᠬᠠᠷ᠎ᠠ ᠳᠡᠭᠡᠰᠦ ᠲᠠᠲᠠᠵᠤ᠂ ᠬᠥᠯ ᠬᠣᠷᠢᠭᠰᠠᠨ ᠠᠢᠯ ᠣᠯᠠᠨ ᠦᠵᠡᠭᠳᠡᠬᠦ ᠪᠣᠯᠪᠠ᠃
ᠬᠡᠢᠳ ᠦ᠋ᠨ ᠯᠠᠮᠠ ᠨᠠᠷ ᠰᠠᠬᠢᠭᠤᠰᠤ ᠪᠠᠨ ᠬᠤᠷᠠᠵᠤ ᠨᠣᠮ ᠭᠦᠷᠢᠮ ᠬᠢᠪᠡᠴᠦ ᠴᠠᠭᠠᠨ ᠪᠤᠷᠬᠠᠨ ᠨᠠᠮᠳᠠᠭᠰᠠᠨ ᠦᠭᠡᠢ᠂ ᠬᠡᠢᠳ ᠦ᠋ᠨ ᠬᠤᠪᠢᠯᠭᠠᠨ ᠳ᠋ᠤ᠌ ᠬᠦᠷᠴᠦ᠂ ᠬᠤᠪᠢᠯᠭᠠᠨ ᠤ᠋ ᠦᠬᠦᠬᠦ ᠳ᠋ᠦ᠍ ᠯᠠᠮᠠ ᠨᠠᠷ ᠠᠶᠤᠨ ᠰᠠᠨᠳᠤᠷᠴᠤ᠂ ᠥᠪᠥᠷ ᠬᠤᠰᠢᠭᠤᠨ ᠠ᠋ᠴᠠ ᠴᠠᠭᠠᠨ ᠪᠤᠷᠬᠠᠨ ᠤ᠋ ᠲᠠᠷᠢᠶ᠎ᠠ ᠬᠢᠳᠡᠭ ᠡᠮᠴᠢ ᠯᠠᠮᠠ ᠨᠠᠷ ᠢ᠋ ᠵᠠᠯᠠᠷ᠎ᠠ ᠡᠯᠴᠢ ᠮᠣᠷᠳᠠᠭᠤᠯᠵᠤ ᠪᠢᠯᠡ᠃
ᠴᠢᠩᠭᠢᠭᠡᠳ ᠴᠠᠭᠠᠨ ᠪᠤᠷᠬᠠᠨ ᠬᠦᠷᠦᠭᠰᠡᠨ ᠬᠥᠮᠦᠨ ᠳ᠋ᠦ᠍ ᠨᠣᠬᠠᠢ ᠶ᠋ᠢᠨ ᠳᠠᠭᠤᠨ ᠮᠠᠭᠤ ᠭᠡᠵᠦ᠂ ᠠᠭᠤᠯᠠ ᠶ᠋ᠢᠨ ᠠᠮᠠᠨ ᠳ᠋ᠤ᠌ ᠬᠡᠢᠳ ᠦ᠋ᠨ ᠨᠣᠬᠠᠢ ᠶ᠋ᠢᠨ ᠳᠠᠭᠤᠨ ᠰᠣᠨᠣᠰᠳᠠᠬᠤ ᠦᠭᠡᠢ ᠭᠠᠵᠠᠷ ᠣᠯᠠᠨ ᠭᠡᠷ ᠶᠠᠷᠠᠢᠲᠠᠯᠠ(ᠢᠷᠠᠢᠲᠠᠯ᠎ᠠ) ᠪᠠᠷᠢᠵᠠᠭᠠᠵᠤ᠂ ᠥᠪᠥᠷ ᠬᠤᠰᠢᠭᠤᠨ ᠠ᠋ᠴᠠ ᠢᠷᠡᠭᠰᠡᠨ ᠬᠡᠳᠦᠨ ᠡᠮᠴᠢ ᠨᠠᠷ ᠪᠣᠳᠣ ᠶ᠋ᠢᠨ ᠬᠣᠮᠬᠣᠷᠤᠤ (ᠬᠣᠮᠬᠣᠷᠠᠤ) ᠶ᠋ᠢ ᠡᠮ ᠲᠡᠢ ᠬᠣᠯᠢᠵᠤ ᠲᠠᠯᠬᠠᠯᠠᠭᠠᠳ ᠬᠠᠮᠠᠷ ᠲᠤ᠌ ᠦᠯᠢᠶᠡᠨ ᠲᠠᠷᠢᠳᠠᠭ ᠪᠠᠢᠵᠠᠢ᠃
ᠲᠠᠷᠢᠯᠭ᠎ᠠ ᠶ᠋ᠢᠨ ᠦᠨ᠎ᠡ ᠬᠤᠷᠢᠶᠠᠯᠭᠠᠬᠤ ᠮᠥᠩᠭᠥ ᠲᠡᠢ ᠬᠥᠮᠦᠨ《ᠬᠡᠰᠢᠭ》 ᠬᠦᠷᠲᠡᠨ ᠢᠯᠠᠷᠢᠰᠢᠬᠤ ᠶ᠋ᠢ ᠬᠦᠯᠢᠶᠡᠵᠦ᠂ ᠨᠢᠭᠤᠷ ᠲᠤ᠌ ᠭᠠᠷᠤᠭᠰᠠᠨ ᠭᠠᠭᠴᠠ ᠨᠢᠭᠡ ᠰᠣᠷᠪᠢ ᠡᠳᠡᠭᠡᠷᠡᠲᠡᠯ᠎ᠡ ᠨᠠᠷᠠᠨ ᠤ᠋ ᠭᠡᠷᠡᠯ ᠦᠵᠡᠯ ᠦᠭᠡᠢ᠂ ᠡᠮᠴᠢ ᠨᠠᠷ ᠢ᠋ᠶ᠋ᠠᠷ ᠰᠠᠬᠢᠭᠤᠯᠤᠨ᠂ ᠪᠣᠯᠪᠠᠰᠤᠷᠠᠵᠤ ᠭᠦᠢᠴᠡᠬᠦ ᠶ᠋ᠢ ᠬᠦᠯᠢᠶᠡᠳᠡᠭ ᠪᠠᠢᠯ᠎ᠠ᠃
《ᠴᠠᠭᠠᠨ ᠪᠤᠷᠬᠠᠨ》 ᠬᠦᠷᠬᠦ ᠶ᠋ᠢ ᠬᠦᠯᠢᠶᠡᠯ ᠦᠭᠡᠢ《ᠬᠤᠪᠢ ᠪᠠᠨ ᠠᠪᠬᠤ》 ᠭᠡᠵᠦ ᠬᠥᠳᠡᠭᠡᠨ ᠡᠴᠡ ᠬᠦᠷᠲᠡᠯ᠎ᠡ ᠤᠯᠤᠰ ᠢᠷᠡᠵᠡᠭᠡᠵᠦ᠂ ᠬᠡᠢᠳ ᠦ᠋ᠨ ᠶᠠᠳᠠᠭᠤ ᠱᠠᠪᠢ ᠨᠠᠷ ᠪᠠᠢᠳᠠᠭ ᠶᠠᠭᠤᠮ᠎ᠠ ᠪᠠᠨ ᠪᠠᠷᠢᠭᠤᠯᠵᠤ ᠥᠷᠢ ᠲᠠᠯᠪᠢᠭᠠᠳ ᠲᠠᠷᠢᠶ᠎ᠠ ᠬᠢᠯᠭᠡᠬᠦ ᠮᠥᠩᠭᠥ ᠣᠯᠵᠤ᠂ ᠲᠡᠷᠡ ᠡᠮᠴᠢ ᠨᠠᠷ ᠤ᠋ᠨ ᠭᠡᠷ ᠲᠦ᠍ ᠣᠴᠢᠵᠤ ᠲᠠᠷᠢᠭᠤᠯᠬᠤ ᠪᠣᠯᠵᠠᠢ᠃ ᠭᠡᠪᠡᠴᠦ ᠠᠶ᠎ᠠ ᠦᠭᠡᠢᠳᠡᠪᠡᠯ ᠡᠨᠡ ᠨᠠᠰᠤᠨ ᠳ᠋ᠠᠭᠠᠨ(ᠳ᠋ᠤ᠌ ᠪᠠᠨ) ᠪᠤᠴᠠᠭᠠᠵᠤ ᠥᠭᠬᠦ ᠦᠭᠡᠢ ᠪᠣᠯᠵᠤ ᠪᠣᠯᠵᠣᠰᠢ ᠦᠭᠡᠢ ᠥᠷᠢ ᠲᠠᠯᠪᠢᠬᠤ ᠳ᠋ᠤ᠌ ᠮᠥᠩᠭᠥ ᠲᠡᠢ ᠠᠮᠢᠲᠠᠨ ᠳᠤᠷ᠎ᠠ ᠦᠭᠡᠢ᠃ ᠪᠠᠷᠢᠶ᠎ᠠ ᠶ᠋ᠢᠨ ᠶᠠᠭᠤᠮ᠎ᠠ ᠠᠪᠴᠤ ᠪᠠᠢᠵᠤ ᠮᠥᠩᠭᠥ ᠥᠭᠬᠦ ᠭᠡᠳᠡᠭ ᠪᠠᠢᠯ᠎ᠠ᠃ ᠴᠢᠩᠭᠢᠭᠡᠳ ᠲᠠᠷᠢᠭᠤᠯᠵᠤ《ᠬᠤᠪᠢ ᠪᠠᠨ ᠬᠦᠷᠲᠡᠬᠦ》 ᠭᠡᠰᠡᠨ ᠤᠯᠤᠰ ᠣᠯᠠᠨ ᠪᠣᠯᠤᠭᠰᠠᠨ ᠠ᠋ᠴᠠ ᠪᠣᠯᠵᠤ᠂ ᠡᠮᠴᠢ ᠯᠠᠮᠠ ᠨᠠᠷ ᠤ᠋ᠨ ᠠᠪᠴᠢᠷᠠᠭᠰᠠᠨ ᠡᠮ ᠪᠠᠷᠠᠭᠳᠠᠭᠠᠳ᠂ ᠰᠢᠨ᠎ᠡ ᠬᠣᠮᠬᠣᠷᠤᠤ(ᠬᠣᠮᠬᠣᠷᠠᠤ) ᠪᠠᠷ ᠨᠠᠢᠷᠠᠭᠤᠯᠤᠭᠰᠠᠨ ᠲᠠᠷᠢᠶ᠎ᠠ ᠨᠢ ᠴᠢᠩᠭᠠᠳᠠᠪᠠᠤ(ᠴᠢᠩᠭᠠᠳᠠᠪᠠ ᠤᠤ)᠂ ᠶᠠᠭᠠᠬᠢᠪᠠ ᠳᠠ᠂ ᠰᠡᠭᠦᠯᠴᠢ ᠪᠡᠷ ᠲᠠᠷᠢᠭᠤᠯᠤᠭᠰᠠᠨ ᠤᠯᠤᠰ ᠤ᠋ᠨ ᠨᠢᠭᠡ ᠬᠡᠰᠡᠭ ᠨᠢ ᠶᠡᠬᠡ ᠬᠦᠨᠳᠦ ᠡᠪᠡᠳᠴᠢᠨ ᠲᠣᠰᠴᠤ ᠦᠬᠦᠯᠡᠭᠦᠲᠡ ᠬᠡᠪᠲᠡᠵᠡᠢ᠃ ᠲᠡᠷᠡ ᠴᠠᠭ ᠢ᠋ᠶ᠋ᠠᠨ ᠬᠦᠯᠢᠶᠡᠵᠦ ᠬᠡᠪᠲᠡᠭᠰᠡᠳ ᠦ᠋ᠨ ᠨᠢᠭᠡ ᠨᠢ ᠲᠤᠰ ᠬᠡᠢᠳ ᠲᠦ᠍ ᠣᠯᠠᠨ ᠵᠢᠯ ᠱᠠᠪᠢᠯᠠᠨ ᠰᠠᠭᠤᠵᠤ ᠪᠠᠢᠭᠰᠠᠨ᠂ ᠰᠦᠷᠦᠩ ᠦ᠋ᠨ ᠬᠦᠦ ᠯᠠᠮᠠ ᠪᠠᠢᠵᠠᠢ᠃
ᠮᠠᠭᠤ ᠶᠠᠭᠤᠮ᠎ᠠ ᠮᠣᠳᠣᠨ ᠤᠯᠠᠭ᠎ᠠ ᠲᠠᠢ ᠭᠡᠵᠦ᠂ ᠬᠦᠦ ᠶ᠋ᠢᠨ ᠡᠪᠡᠳᠴᠢᠨ ᠬᠦᠨᠳᠦᠷᠡᠵᠦ ᠦᠬᠦᠯᠡᠭᠦᠳᠡ ᠪᠠᠢᠭ᠎ᠠ ᠨᠢ ᠰᠦᠷᠦᠩ ᠦ᠋ᠨ ᠴᠢᠬᠢᠨ ᠳ᠋ᠦ᠍ ᠳᠣᠣᠷ᠎ᠠ ᠪᠠᠨ ᠬᠦᠷᠦᠭᠡᠳ᠂ ᠡᠮᠡᠭᠡᠨ ᠬᠠᠮᠤᠭ ᠮᠠᠯ ᠢ᠋ᠶ᠋ᠠᠨ ᠬᠠᠶᠠᠭᠠᠳ᠂ ᠬᠦᠦ ᠶ᠋ᠢᠨ ᠠᠮᠢᠳᠤ ᠳ᠋ᠤ᠌ ᠬᠠᠯᠠᠭᠤᠨ ᠴᠢᠷᠠᠢ ᠶ᠋ᠢ ᠨᠢ ᠨᠢᠭᠡ ᠬᠠᠷᠠᠬᠤ ᠭᠡᠵᠦ ᠰᠡᠩᠳᠡᠨ ᠮᠡᠩᠳᠡᠨ ᠬᠡᠢᠳ ᠣᠷᠣᠵᠤ᠂ ᠵᠢᠰᠠ ᠳ᠋ᠤ᠌ ᠪᠠᠢᠳᠠᠭ ᠮᠥᠩᠭᠥ ᠪᠡᠨ ᠮᠠᠯ ᠤ᠋ᠨ ᠬᠠᠭᠠᠰ ᠲᠠᠢ ᠡᠷᠭᠦᠵᠦ᠂ ᠬᠡᠢᠳ ᠦ᠋ᠨ ᠰᠠᠬᠢᠭᠤᠯᠰᠤᠨ ᠳ᠋ᠤ᠌ ᠳᠠᠭᠠᠳᠬᠠᠯ ᠬᠢᠵᠦ ᠭᠦᠷᠢᠮ ᠨᠣᠮ ᠤᠩᠰᠢᠭᠤᠯᠪᠠᠰᠤ ᠲᠤᠰᠠ ᠪᠣᠯᠤᠭᠰᠠᠨ ᠦᠭᠡᠢ᠂ ᠬᠦᠦ ᠶ᠋ᠢᠨ ᠬᠣᠢᠨ᠎ᠠ ᠠ᠋ᠴᠠ ᠪᠤᠶᠠᠨ ᠨᠣᠮ ᠬᠢᠯᠭᠡᠭᠡᠳ᠂ ᠬᠡᠢᠳ ᠦ᠋ᠨ ᠵᠢᠰᠠ ᠶ᠋ᠢᠨ ᠨᠢᠷᠪᠠ ᠪᠦᠳᠦᠭᠦᠨ ᠴᠣᠬᠣᠷ ᠯᠠᠮᠠ ᠶ᠋ᠢᠨ ᠬᠣᠶᠠᠷ ᠵᠠᠷᠤᠴᠠ ᠶ᠋ᠢ ᠨᠢ ᠳᠠᠭᠠᠭᠤᠯᠤᠨ ᠪᠤᠴᠠᠵᠤ ᠢᠷᠡᠭᠡᠳ᠂ ᠡᠷᠭᠦᠭᠰᠡᠨ ᠮᠠᠯ ᠮᠥᠩᠭᠥ ᠪᠡᠨ ᠲᠤᠰᠢᠶᠠᠵᠤ ᠪᠢᠯᠡ᠃ ᠴᠢᠩᠭᠢᠭᠡᠳ᠂ ᠵᠠᠮ ᠳ᠋ᠤ᠌ ᠶᠠᠳᠠᠷᠠᠵᠤ ᠲᠠᠭᠠᠷᠠᠭᠰᠠᠨ᠂ ᠰᠡᠳᠬᠢᠯ ᠴᠢᠯᠡᠭᠰᠡᠨ᠂ ᠪᠡᠶ᠎ᠡ ᠵᠣᠪᠠᠭᠰᠠᠨ ᠠ᠋ᠴᠠ ᠪᠣᠯᠵᠤ ᠰᠦᠷᠦᠩ ᠡᠮᠡᠭᠡᠨ ᠡᠪᠡᠳᠴᠢᠨ ᠬᠦᠷᠴᠦ᠂ ᠲᠣᠯᠣᠭᠠᠢ ᠳᠠᠭᠠᠭᠠᠬᠤ ᠦᠭᠡᠢ ᠬᠡᠪᠲᠡᠷᠢ ᠶ᠋ᠢᠨ ᠬᠥᠮᠦᠨ ᠪᠣᠯᠵᠠᠢ᠃ ᠵᠠᠮᠪᠠ ᠶ᠋ᠢᠨ ᠲᠤᠰᠢᠶᠠᠯ ᠢ᠋ᠶ᠋ᠠᠷ ᠰᠦᠷᠦᠩ ᠢ᠋ ᠬᠠᠷᠠᠵᠤ ᠪᠠᠢᠭᠰᠠᠨ ᠲᠤᠮ᠎ᠠ᠂ ᠢᠯᠡᠭᠦᠦ ᠠᠵᠢᠯ ᠭᠠᠷᠪᠠ ᠭᠡᠵᠦ ᠵᠠᠯᠬᠠᠭᠤ ᠨᠢ ᠬᠦᠷᠴᠦ᠂
— ᠴᠢᠪᠠᠭᠠᠨᠴᠠ ᠮᠠᠨᠢ ᠳᠡᠮᠡᠢᠷᠡᠵᠦ᠂ ᠰᠥᠨᠢ ᠳ᠋ᠡᠭᠡᠨ ᠳ᠋ᠠᠩᠳᠠ(ᠲᠠᠩᠳᠠ) ᠦᠬᠦᠭᠰᠡᠨ ᠬᠥᠮᠦᠨ ᠲᠡᠢ ᠶᠠᠷᠢᠳᠠᠭ ᠪᠣᠯᠪᠠ᠃ ᠲᠠᠨ ᠢ᠋ ᠴᠦ᠍ ᠪᠠᠰᠠ ᠳᠤᠷᠠᠳᠴᠤ ᠪᠠᠢᠨ᠎ᠠ ᠪᠢᠯᠡ᠃ ᠪᠢ ᠰᠥᠨᠢ ᠪᠦᠷᠢ ᠬᠠᠷ᠎ᠠ ᠳ᠋ᠤ᠌ ᠳᠠᠷᠤᠭᠤᠯᠳᠠᠭ ᠪᠣᠯᠤᠯ᠎ᠠ᠃ ᠨᠣᠬᠠᠢ ᠴᠤ᠌ ᠪᠠᠰᠠ ᠮᠠᠭᠤ ᠢᠷᠣᠯᠠᠵᠤ ᠣᠢᠷ᠎ᠠ ᠠ᠋ᠴᠠ ᠰᠥᠨᠢ ᠤᠯᠢᠳᠠᠭ ᠪᠣᠯᠵᠠᠢ᠃ ᠡᠨᠡ ᠮᠠᠭᠤ ᠴᠢᠪᠠᠭᠠᠨᠴᠠ ᠲᠦᠪᠡᠭ ᠲᠠᠲᠠᠬᠤ ᠨᠢ ᠠ᠋ ᠳᠠ᠃ ᠠᠮᠢᠳᠤ ᠪᠠᠢᠭ᠎ᠠ ᠳᠡᠭᠡᠷ᠎ᠡ ᠨᠢ ᠣᠷᠬᠢᠭᠠᠳ ᠨᠡᠭᠦᠬᠦ ᠶᠤᠮᠰᠠᠨ᠃ ᠦᠬᠦᠵᠦ ᠭᠠᠢ ᠲᠠᠲᠠᠬᠤ ᠨᠢ ᠳᠡ᠃ ᠶᠠᠭᠠᠬᠢᠳᠠᠭ ᠪᠢᠯᠡ? ᠪᠢ ᠦᠬᠦᠭᠰᠡᠨ ᠬᠥᠮᠦᠨ ᠡᠴᠡ ᠤᠬᠠᠭᠠᠨ ᠠᠯᠳᠠᠴᠢᠳᠠᠭ ᠶᠤᠮ ᠭᠡᠵᠦ ᠭᠡᠭᠡᠵᠦ ᠭᠠᠰᠠᠯᠤᠭᠰᠠᠭᠠᠷ᠂ ᠰᠡᠵᠢᠬᠦᠴᠢ ᠵᠠᠮᠪᠠ ᠶ᠋ᠢ ᠡᠷᠯᠢᠭ ᠦ᠋ᠨ ᠡᠯᠴᠢ ᠡᠷᠢᠭᠰᠡᠨ ᠭᠠᠵᠠᠷ ᠠ᠋ᠴᠠ ᠵᠠᠢᠯᠠᠵᠤ ᠨᠡᠭᠦᠶ᠎ᠡ ᠭᠡᠵᠦ ᠢᠳᠬᠠᠨ ᠢᠳᠬᠠᠭᠰᠠᠭᠠᠷ ᠦᠭᠡᠨ ᠳ᠋ᠡᠭᠡᠨ ᠣᠷᠣᠭᠤᠯᠵᠠᠢ᠃
ᠬᠠᠶᠠᠭᠠᠨ ᠳ᠋ᠤᠨᠢ ᠪᠠᠭᠤᠯᠭᠠᠵᠤ ᠪᠠᠢᠭ᠎ᠠ ᠭᠡᠷ ᠦ᠋ᠨ ᠣᠨᠢ ᠲᠠᠵᠢᠭᠢᠨᠠᠬᠤ᠂ ᠶᠠᠭᠤᠮ᠎ᠠ ᠴᠢᠬᠢᠬᠦ ᠭᠡᠵᠦ ᠰᠥᠭᠦᠳᠦᠭᠦᠯᠵᠦ ᠪᠠᠢᠭ᠎ᠠ ᠲᠡᠮᠡᠭᠡᠨ ᠦ᠌ ᠪᠠᠷᠬᠢᠷᠠᠬᠤ ᠳᠠᠭᠤᠨ ᠳ᠋ᠤ᠌ ᠰᠦᠷᠦᠩ ᠭᠱᠠᠨ ᠵᠠᠭᠤᠷ᠎ᠠ ᠤᠬᠠᠭᠠᠨ ᠣᠷᠣᠵᠤ᠂ ᠬᠠᠭᠠᠷᠠᠭᠰᠠᠨ ᠬᠠᠭᠤᠷᠠᠢ ᠤᠷᠤᠭᠤᠯ ᠢ᠋ᠶ᠋ᠠᠨ ᠳᠣᠯᠢᠶᠠᠭᠠᠳ᠂ ᠪᠡᠶ᠎ᠡ ᠵᠢᠭᠲᠡᠢᠬᠡᠨ ᠬᠡᠢ ᠶᠠᠭᠤᠮ᠎ᠠ ᠰᠢᠭ᠋ ᠬᠥᠩᠭᠡᠨ ᠪᠣᠯᠤᠭᠠᠳ᠂ ᠨᠢᠭᠡ ᠳᠡᠭᠡᠭᠰᠢ ᠪᠡᠨ ᠬᠥᠭᠡᠷᠴᠦ᠂ ᠨᠢᠭᠡ ᠳᠣᠭᠣᠭᠰᠢ ᠪᠠᠨ ᠪᠣᠯᠵᠤ ᠪᠠᠢᠭ᠎ᠠ ᠶᠤᠮ ᠰᠢᠭ᠋ ᠰᠠᠨᠠᠭᠳᠠᠭᠠᠳ᠂ ᠭᠡᠷ ᠦ᠋ᠨ ᠣᠨᠢ ᠪᠠ ᠪᠡᠶ᠎ᠡ ᠶ᠋ᠢᠨ ᠳᠡᠭᠡᠭᠰᠢ ᠳᠣᠭᠣᠭᠰᠢ ᠬᠥᠪᠰᠥᠯᠵᠡᠬᠦ ᠶ᠋ᠢ ᠳᠠᠭᠠᠵᠤ ᠳᠡᠭᠡᠭᠰᠢ ᠳᠣᠭᠣᠭᠰᠢ ᠪᠣᠯᠵᠤ ᠪᠠᠢᠭ᠎ᠠ ᠶᠤᠮ ᠰᠢᠭ᠋ ᠰᠠᠨᠠᠭᠳᠠᠭᠠᠳ᠂ ᠲᠡᠮᠡᠭᠡᠨ ᠳᠡᠭᠡᠷ᠎ᠡ ᠠᠴᠢᠶ᠎ᠠ ᠲᠠᠢ ᠶᠠᠪᠤᠵᠤ ᠪᠠᠢᠭ᠎ᠠ ᠶᠤᠮ ᠰᠢᠭ᠋ ᠪᠣᠳᠣᠭᠳᠠᠵᠤ᠂ ᠨᠠᠮᠠᠶ᠋ᠢ ᠠᠴᠢᠭᠠᠳ ᠶᠠᠪᠤᠵᠤ ᠪᠠᠢᠭ᠎ᠠ ᠶᠤᠮ ᠤᠤ ᠳᠠ᠃ ᠶᠠᠭᠠᠬᠢᠵᠤ ᠭᠡᠷ ᠲᠡᠢ᠂ ᠶᠠᠭᠤ ᠲᠠᠢ ᠬᠡᠦ ᠲᠡᠢ ᠮᠢᠨᠢ ᠲᠡᠮᠡᠭᠡᠨ ᠳᠡᠭᠡᠷ᠎ᠡ ᠠᠴᠢᠭᠰᠠᠨ ᠶᠤᠮ ᠪᠣᠯ? ᠪᠢᠳᠡ ᠨᠡᠭᠦᠵᠦ ᠪᠠᠢᠭ᠎ᠠ ᠶᠤᠮ ᠪᠠᠢᠭ᠎ᠠ ᠳᠠ᠃ ᠬᠠᠪᠤᠷᠵᠢᠶ᠎ᠠ ᠳ᠋ᠠᠭᠠᠨ ᠨᠡᠭᠦᠵᠦ ᠪᠠᠢᠭ᠎ᠠ ᠶᠤᠮ ᠪᠢᠯᠢᠤ᠃ ᠪᠠᠰᠠ ᠡᠨᠡ ᠭᠡᠷ ᠪᠠᠭᠤᠯᠭᠠᠵᠤ ᠪᠠᠢᠭ᠎ᠠ ᠴᠢᠮᠡᠭᠡ ᠶᠠᠭᠤᠨ ᠤ᠋ ᠬᠢ ᠪᠢᠯᠡ? ᠵᠠᠮᠪᠠ ᠶ᠋ᠢ ᠳᠠᠭᠤᠳᠠᠵᠤ ᠪᠠᠢᠭ᠎ᠠ ᠲᠡᠷᠡ ᠮᠠᠭᠤᠬᠠᠢ ᠳᠠᠭᠤᠨ ᠲᠠᠢ ᠡᠬᠡᠨᠡᠷ ᠬᠡᠨ ᠪᠢᠯᠡ ᠳᠠ? ᠬᠦᠢ ᠲᠡᠷᠡ ᠡᠭᠦᠳᠡᠨ ᠦ᠌ ᠲᠡᠨᠳᠡ ᠬᠡᠨ ᠬᠥᠳᠡᠯᠦᠭᠡᠳ ᠪᠠᠢᠨ᠎ᠠ? ᠠᠶᠠᠷᠬᠠᠨ᠂ ᠠᠶᠠᠷᠬᠠᠨ᠂ ᠴᠢ ᠭᠡᠷ ᠣᠩᠬᠣᠯᠳᠠᠭᠤᠯᠵᠤ ᠣᠷᠬᠢᠬᠤ ᠨᠢ᠂ ᠡᠨᠡ ᠴᠢᠨᠢ ᠲᠡᠮᠡᠭᠡᠨ ᠳᠡᠭᠡᠷ᠎ᠡ ᠠᠴᠢᠶᠠᠰᠤᠲᠠᠢ ᠶᠤᠮ ᠰᠢᠦ᠃ ᠴᠢ ᠬᠡᠨ ᠪᠣᠢ? ᠠ᠂ ᠬᠦᠦ ᠮᠢᠨᠢ ᠤᠤ? ᠴᠢᠷᠠᠢ ᠴᠢᠨᠢ ᠶᠠᠭᠠᠬᠢᠭᠰᠠᠨ ᠮᠠᠭᠤᠬᠠᠢ ᠴᠣᠬᠣᠷ ᠪᠣᠯᠴᠢᠪᠠ(ᠪᠣᠯᠴᠢᠬᠠᠪᠠ) ᠠ᠋? ᠴᠢ ᠮᠢᠨᠢ ᠡᠳᠡᠭᠡᠭᠰᠡᠨ ᠤᠤ? ᠁ ᠭᠡᠵᠦ ᠬᠠᠯᠠᠭᠤᠷᠠᠨ ᠳᠡᠮᠡᠢᠷᠡᠵᠡᠢ᠃
ᠬᠡᠳᠦ ᠬᠣᠨᠣᠭᠰᠠᠨ ᠤ᠋ ᠰᠡᠭᠦᠯᠡᠷ ᠢᠸᠠᠨ ᠡᠪᠦᠭᠡᠨ᠂ ᠨᠤᠲᠤᠭ ᠳᠡᠭᠡᠷ᠎ᠡ ᠪᠡᠨ ᠬᠣᠴᠣᠷᠤᠭᠰᠠᠨ ᠰᠦᠷᠦᠩ ᠡᠮᠡᠭᠡᠨ ᠦ᠌ ᠭᠡᠷ ᠢ᠋ ᠬᠠᠷᠠᠵᠤ᠂ ᠶᠠᠭᠤ ᠪᠣᠯᠪᠠ ᠭᠡᠵᠦ ᠬᠦᠷᠴᠦ ᠢᠷᠡᠭᠡᠳ᠂ ᠭᠠᠷ ᠲᠠᠭᠠᠨ ᠬᠡᠲᠡ ᠴᠠᠬᠢᠭᠤᠷ ᠲᠠᠰᠤ ᠠᠳᠬᠤᠭᠠᠳ᠂ ᠲᠤᠯᠭ᠎ᠠ ᠶ᠋ᠢᠨ ᠡᠮᠦᠨ᠎ᠡ ᠳᠥᠷᠪᠡᠨ ᠬᠥᠯᠯᠡᠵᠦ ᠦᠬᠦᠭᠰᠡᠨ ᠡᠮᠡᠭᠡᠨ ᠢ᠋ ᠬᠠᠷᠠᠭᠠᠳ ᠲᠡᠷᠡ ᠰᠠᠢᠬᠠᠨ ᠰᠡᠳᠬᠢᠯᠲᠦ ᠡᠪᠦᠭᠡᠨ ᠦ᠌ ᠳᠣᠲᠣᠷ᠎ᠠ ᠠᠶ᠎ᠠ ᠦᠭᠡᠢ ᠪᠣᠯᠵᠤ ᠪᠦᠬᠦ ᠪᠡᠶ᠎ᠡ ᠵᠠᠷᠠᠰᠬᠢᠭᠡᠳ᠂ ᠣᠷᠣᠨ ᠳᠡᠭᠡᠷ᠎ᠡ ᠣᠪᠣᠭᠠᠯᠠᠭᠰᠠᠨ ᠬᠥᠨᠵᠢᠯᠡ ᠳᠡᠪᠡᠯ ᠦ᠋ᠨ ᠳᠣᠲᠣᠷ᠎ᠠ ᠠ᠋ᠴᠠ ᠮᠥᠯᠬᠥᠵᠦ ᠭᠠᠷᠤᠭᠠᠳ᠂ ᠲᠤᠯᠭ᠎ᠠ ᠶ᠋ᠢᠨ ᠡᠮᠦᠨ᠎ᠡ ᠦᠬᠦᠭᠰᠡᠨ ᠬᠥᠭᠡᠷᠦᠬᠦᠢ ᠡᠮᠡᠭᠡᠨ ᠦ᠌ ᠪᠦᠬᠦ ᠪᠠᠢᠳᠠᠯ ᠢ᠋ ᠦᠵᠡᠪᠡᠯ᠂ ᠬᠡᠳᠦᠢᠨ ᠤᠨᠲᠠᠷᠠᠭᠰᠠᠨ ᠭᠠᠯ ᠢ᠋ᠶ᠋ᠠᠨ ᠠᠰᠠᠭᠠᠵᠤ ᠳᠤᠯᠠᠭᠠᠴᠠᠬᠤ ᠭᠡᠭᠰᠡᠭᠡᠷ ᠣᠰᠤᠭᠤᠵᠤ ᠦᠬᠦᠭᠰᠡᠨ ᠪᠠᠢᠳᠠᠯᠲᠠᠢ(ᠪᠠᠢᠳᠠᠯ ᠲᠠᠢ) ᠪᠠᠢᠵᠠᠢ᠃
ᠣᠯᠠᠨ ᠵᠢᠯ ᠲᠠᠨᠢᠯᠴᠠᠵᠤ᠂ ᠬᠣᠢᠮᠣᠷ ᠲᠤᠨᠢ ᠰᠠᠭᠤᠵᠤ ᠰᠢᠮ᠎ᠡ ᠶ᠋ᠢᠨ ᠠᠷᠢᠬᠢ ᠤᠤᠭᠤᠳᠠᠭ ᠪᠠᠢᠭᠰᠠᠨ ᠢ᠋ᠶ᠋ᠠᠨ ᠪᠣᠳᠣᠵᠤ᠂ ᠲᠡᠷᠡ ᠬᠥᠭᠡᠷᠦᠬᠦᠢ ᠡᠮᠡᠭᠡᠨ ᠢ᠋ ᠶᠡᠬᠡᠯ᠎ᠡ(ᠶᠡᠬᠡ ᠯᠡ) ᠦᠷᠦ ᠡᠪᠡᠳᠦᠨ᠂ ᠡᠭᠦᠳᠡᠨ ᠳ᠋ᠦ᠍ᠨᠢ ᠬᠡᠭᠦᠷ ᠦ᠋ᠨ ᠡᠮᠦᠨ᠎ᠡ ᠵᠣᠭᠰᠣᠵᠤ ᠵᠣᠭᠰᠣᠵᠤ᠂ ᠢᠸᠠᠨ ᠡᠪᠦᠭᠡᠨ ᠾᠷᠢᠰᠲ᠋ᠣᠰ ᠤ᠋ᠨ ᠱᠠᠰᠢᠨᠲᠠᠨ ᠤ᠋ ᠶᠣᠰᠣᠭᠠᠷ ᠵᠠᠭᠠᠯᠮᠠᠢ ᠶ᠋ᠢᠨ ᠲᠡᠮᠳᠡᠭ ᠶᠣᠰᠣᠭᠠᠷ ᠲᠣᠭᠣᠨᠣᠯᠵᠢᠯᠠᠨ ᠵᠠᠯᠪᠠᠷᠢᠭᠠᠳ᠂
— ᠠ᠋᠂ ᠬᠥᠭᠡᠷᠦᠬᠦᠢ᠂ ᠰᠦᠷᠦᠩ ᠮᠢᠨᠢ᠂ ᠴᠢ ᠪᠢᠳᠡ ᠬᠣᠶᠠᠷ ᠤ᠋ᠨ ᠡᠴᠦᠰ ᠦ᠋ᠨ ᠠᠭᠤᠯᠵᠠᠬᠤ ᠡᠢᠮᠦ ᠪᠠᠢᠵᠤ ᠳᠠ᠃ ᠪᠤᠷᠬᠠᠨ ᠤ᠋ ᠪᠠᠨ ᠪᠣᠳᠢ ᠶ᠋ᠢ ᠣᠯᠬᠤ ᠪᠣᠯᠲᠤᠭᠠᠢ ᠭᠡᠵᠦ ᠰᠢᠪᠡᠭᠡᠨᠡᠨ ᠢᠷᠦᠭᠡᠭᠡᠳ ᠭᠡᠷ ᠡᠴᠡ ᠨᠢ ᠠᠶᠠᠷᠬᠠᠨ ᠤᠬᠤᠷᠢᠨ ᠭᠠᠷᠴᠠᠢ᠃
ᠨᠢᠳᠦ ᠶ᠋ᠢ ᠨᠢ ᠠᠨᠢᠭᠤᠯᠵᠤ᠂ ᠶᠠᠰᠤ ᠶ᠋ᠢ ᠨᠢ ᠪᠠᠷᠢᠬᠤ ᠤᠷᠤᠭ ᠡᠯᠢᠭᠡᠨ ᠦᠭᠡᠢ᠂ ᠥᠨᠥᠴᠢᠨ ᠥᠷᠥᠭᠡᠰᠦᠨ ᠡᠪᠡᠳᠴᠢᠲᠡᠢ ᠬᠥᠮᠦᠨ ᠢ᠋ ᠠᠮᠢᠳᠤ ᠪᠠᠷ ᠨᠢ ᠨᠤᠲᠤᠭ ᠳᠡᠭᠡᠷ᠎ᠡ ᠪᠡᠨ ᠭᠡᠭᠡᠵᠦ ᠨᠡᠭᠦᠬᠦ ᠹᠧᠣᠳᠠᠯ ᠤ᠋ᠨ ᠬᠠᠭᠤᠴᠢᠨ ᠵᠠᠩᠰᠢᠯ ᠮᠥᠨ ᠴᠦ᠍ ᠬᠠᠷᠭᠢᠰ ᠬᠠᠲᠠᠭᠤ ᠠ᠋᠃
ᠭᠠᠯ ᠭᠣᠯᠣᠮᠲᠠ ᠡᠭᠦᠷᠢᠳᠡ ᠲᠠᠰᠤᠷᠠᠭᠰᠠᠨ ᠲᠡᠷᠡ ᠡᠮᠡᠭᠡᠨ ᠦ᠌ ᠭᠡᠷ᠂ ᠡᠵᠡᠨ ᠬᠥᠭᠰᠢᠨ ᠦ᠌ ᠶᠠᠰᠤ ᠶ᠋ᠢ ᠳᠠᠷᠤᠵᠤ᠂ ᠤᠨᠠᠨ ᠤᠨᠠᠲᠠᠯ᠎ᠠ ᠨᠡᠯᠢᠶᠡᠳ ᠤᠳᠠᠵᠤ ᠰᠠᠯᠬᠢᠨ ᠳ᠋ᠤ᠌ ᠬᠠᠵᠠᠢᠭᠠᠳ᠂ ᠪᠡᠬᠢ ᠪᠦᠰᠡᠯᠡᠭᠦᠷ ᠬᠣᠰᠢᠯᠣᠩ ᠨᠢ ᠢᠯᠵᠠᠷᠠᠨ ᠢᠯᠵᠠᠷᠠᠵᠤ ᠤᠨᠠᠲᠠᠯ᠎ᠠ᠂ ᠡᠵᠡᠭᠦᠢ ᠭᠡᠷ ᠪᠣᠯᠤᠭᠰᠠᠨ ᠰᠢᠨᠵᠢᠲᠡᠢ᠂ ᠨᠢᠳᠦᠨ ᠳ᠋ᠦ᠍ ᠬᠦᠢᠲᠡᠨ ᠠᠶᠤᠮᠠᠷ ᠮᠠᠭᠤᠬᠠᠢ ᠨᠢᠭᠡ ᠭᠡᠷ ᠪᠠᠢᠵᠤ᠂ ᠬᠡᠵᠢᠶ᠎ᠡ ᠬᠣᠢᠨ᠎ᠠ ᠨᠤᠷᠠᠵᠤ ᠤᠨᠠᠭᠰᠠᠨ ᠪᠢᠯᠡ᠃
ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠪᠠᠯ᠂ ᠣᠶᠤᠨᠪᠠᠲᠤ
ᠬᠢᠨᠠᠭᠴᠢ᠄ ᠣᠶᠤᠨᠪᠠᠲᠤ᠂ ᠣᠳᠬᠣᠨᠴᠡᠴᠡᠭ᠂ ᠮᠥᠩᠭᠦᠡᠭᠤᠸ᠎ᠠ᠂ ᠪᠠᠯ
ᠤᠩᠰᠢᠭᠴᠢ᠄ ᠨᠠᠰᠤᠨ᠌ᠦ᠌ᠯᠵᠡᠢ
