ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ08ᠨᠠᠢ᠍ᠮᠠᠳᠤᠭᠠᠷ ᠪᠦᠯᠦᠭ ᠥᠷᠥᠨᠡᠳᠠᠬᠢᠨ ᠤ᠋ ᠬᠢᠨЧингис хааны байлдах бодлого ба арга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ08ᠨᠠᠢ᠍ᠮᠠᠳᠤᠭᠠᠷ ᠪᠦᠯᠦᠭ ᠥᠷᠥᠨᠡᠳᠠᠬᠢᠨ ᠤ᠋ ᠬᠢᠨЧингис хааны байлдах бодлого ба арга

ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ08ᠨᠠᠢ᠍ᠮᠠᠳᠤᠭᠠᠷ ᠪᠦᠯᠦᠭ ᠥᠷᠥᠨᠡᠳᠠᠬᠢᠨ ᠤ᠋ ᠬᠢᠨЧингис хааны байлдах бодлого ба арга

ᠠᠩᠭᠢᠯᠠᠯ:ᠲᠤᠭᠤᠵᠢ ᠷᠣᠮᠠᠨ
2024-12-06

487

ᠨᠠᠢ᠍ᠮᠠᠳᠤᠭᠠᠷ ᠪᠦᠯᠦᠭ ᠥᠷᠥᠨᠡᠳᠠᠬᠢᠨ ᠤ᠋ ᠬᠢᠨ

    ( ᠨᠢᠭᠡ)ᠮᠣᠩᠭᠣᠯ ᠳᠠᠢᠴᠢᠳ ᠤ᠋ᠨ ᠠᠮᠢᠳᠤᠷᠠᠯ

    ᠴᠢᠩᠭᠢᠰ ᠬᠠᠭᠠᠨ᠂ ᠮᠣᠩᠭᠣᠯ ᠣᠷᠣᠨ ᠳ᠋ᠤ᠌ ᠪᠠᠨ ᠪᠤᠴᠠᠭᠰᠠᠨ ᠨᠢ ᠪᠤᠰᠤᠳ ᠬᠠᠭᠠᠨ ᠡᠵᠡᠨ  ᠦ᠌  ᠨᠡᠢᠰᠯᠡᠯ  ᠳ᠋ᠡᠭᠡᠨ ᠬᠠᠷᠢᠵᠤ ᠢᠷᠡᠬᠦ ᠡᠴᠡ ᠠᠰᠲᠠᠭᠠᠨ ᠣᠯᠠᠨ ᠠᠭᠤᠯᠭ᠎ᠠ ᠲᠠᠢ ᠪᠠᠢᠭᠰᠠᠨ ᠶᠤᠮ᠃  ᠨᠢᠭᠡᠨ ᠤᠯᠤᠰ ᠤ᠋ᠨ ᠪᠦᠬᠦ ᠠᠷᠠᠳ ᠨᠢ ᠲᠡᠭᠦᠨ ᠲᠡᠢ ᠬᠠᠮᠲᠤᠪᠠᠷ ᠭᠡᠷ ᠨᠤᠲᠤᠭ ᠲᠠᠭᠠᠨ ᠬᠠᠷᠢᠭᠰᠠᠨ ᠬᠡᠷᠡᠭ ᠪᠣᠯᠤᠨ᠎ᠠ᠃ ᠪᠠᠢᠭᠠᠯ ᠳᠠᠯᠠᠢ ᠠ᠋ᠴᠠ ᠠᠯᠲᠠᠢ ᠠᠭᠤᠯᠠ ᠬᠦᠷᠲᠡᠯᠡᠬᠢ ᠮᠣᠩᠭᠣᠯ ᠤ᠋ᠨ ᠥᠨᠳᠥᠷᠯᠢᠭ ᠳᠠᠬᠢ ᠠᠢᠯ  ᠪᠣᠯᠭᠠᠨ ᠲᠠᠪᠤᠨ ᠵᠢᠯ ᠦ᠋ᠨ ᠬᠣᠭᠣᠷᠣᠨᠳᠣ ᠭᠡᠷ ᠡᠴᠡ ᠪᠡᠨ ᠰᠠᠯᠤᠭᠰᠠᠨ ᠳᠠᠢᠴᠢᠳ  ᠢ᠋ᠶ᠋ᠠᠨ ᠤᠭᠲᠤᠬᠤ ᠶ᠋ᠢᠨ ᠬᠠᠮᠲᠤ ᠮᠣᠩᠭᠣᠯ ᠭᠡᠷ ᠦ᠋ᠨ ᠳᠣᠲᠣᠷ᠎ᠠ ᠰᠠᠨᠠᠭᠠᠨ ᠳ᠋ᠤ᠌ ᠴᠤ᠌ ᠣᠷᠣᠭᠰᠠᠨ ᠦᠭᠡᠢ ᠭᠠᠢᠬᠠᠮᠰᠢᠭ ᠲᠠᠢ ᠰᠠᠢᠬᠠᠨ ᠠᠷᠪᠢᠨ ᠣᠯᠵᠠ ᠶ᠋ᠢ ᠣᠯᠵᠤ ᠢᠷᠡᠭᠰᠡᠨ ᠪᠠᠢᠨ᠎ᠠ᠃ ᠨᠡᠭᠦᠳᠡᠯᠴᠢᠨ ᠮᠠᠯᠴᠢᠨ ᠠᠷᠠᠳ ᠤ᠋ᠨ ᠲᠡᠷᠡ ᠦᠶ᠎ᠡ ᠬᠦᠷᠲᠡᠯᠡᠬᠢ ᠪᠤᠯᠢᠶᠠᠵᠤ ᠣᠯᠤᠭᠰᠠᠨ ᠪᠣᠢ ᠪᠦᠬᠦᠢ ᠶᠠᠭᠤᠮ᠎ᠠ ᠶ᠋ᠢ ᠣᠳᠣ ᠶ᠋ᠢᠨ ᠪᠠᠢᠯᠳᠤᠭᠴᠢ ᠨᠠᠷ ᠤ᠋ᠨ ᠠᠪᠴᠢᠷᠠᠭᠰᠠᠨ ᠡᠳ᠋ ᠪᠠᠶᠠᠯᠢᠭ ᠲᠠᠢ ᠠᠳᠠᠯᠢᠳᠬᠠᠪᠠᠯ ᠦᠨᠡᠬᠡᠷ ᠬᠡᠯᠡᠬᠦ ᠶ᠋ᠢᠨ ᠠᠷᠭ᠎ᠠ ᠦᠭᠡᠢ ᠵᠥᠷᠢᠶ᠎ᠡ ᠲᠡᠢ ᠬᠠᠷᠠᠭᠳᠠᠨ᠎ᠠ᠃ ᠡᠷᠡᠭᠲᠡᠢ ᠡᠮᠡᠭᠲᠡᠢ ᠪᠣᠭᠣᠯᠴᠤᠳ᠂ ᠥᠩᠭᠡᠷᠡᠭᠰᠡᠨ ᠳ᠋ᠦ᠍ ᠨᠣᠶᠠᠳ ᠤ᠋ᠨ ᠬᠤᠷᠢᠮ ᠠ᠋ᠴᠠ ᠠᠰᠲᠠᠭᠠᠨ  ᠴᠠᠭ ᠲᠤ᠌ ᠣᠯᠵᠤ ᠦᠵᠡᠭᠡ ᠦᠭᠡᠢ ᠡᠳ᠋ ᠲᠠᠸᠠᠷ᠂ ᠲᠡᠷᠡᠴᠢᠯᠡᠨ ᠠᠭᠲᠠ ᠮᠣᠷᠢ᠂ᠠᠲᠠᠨ ᠲᠡᠮᠡᠭᠡ ᠶ᠋ᠢ ᠳᠠᠷᠤᠵᠤ ᠤᠨᠠᠭᠠᠮᠠᠷ ᠠᠴᠢᠶᠠᠯᠠᠭᠰᠠᠨ ᠡᠢᠮᠦ ᠠᠷᠪᠢᠨ ᠶᠠᠭᠤᠮ᠎ᠠ ᠬᠡᠦᠮ᠎ᠡ ᠲᠡᠢ ᠪᠣᠯᠤᠭᠰᠠᠨ ᠪᠠᠢᠨ᠎ᠠ᠃ ᠣᠳᠣ ᠮᠣᠩᠭᠣᠯᠴᠤᠳ ᠨᠣᠶᠠᠳ ᠤ᠋ᠨ ᠠᠳᠠᠯᠢ ᠠᠮᠢᠳᠤᠷᠠᠵᠤ ᠴᠢᠳᠠᠬᠤ ᠪᠣᠯᠵᠠᠢ᠃ᠲᠡᠳᠡᠨᠡᠷ ᠡᠯᠪᠡᠭ ᠳᠡᠯᠪᠡᠭ ᠪᠠᠶᠠᠵᠢᠭᠠᠳ ᠪᠣᠭᠣᠯ ᠰᠢᠪᠡᠭᠴᠢᠨ ᠵᠠᠷᠤᠬᠤ ᠳ᠋ᠤ᠌ ᠬᠦᠷᠦᠭᠰᠡᠨ  ᠪᠢᠯᠡ᠃ ᠠᠯᠲᠠᠨ ᠤᠯᠤᠰ ᠤ᠋ᠨ ᠪᠠᠢᠯᠳᠤᠭᠠᠨ ᠳ᠋ᠤ᠌ ᠦᠷᠡᠭᠳᠡᠭᠰᠡᠨ ᠪᠠᠢᠯᠳᠤᠭᠴᠢᠳ ᠤ᠋ᠨ ᠭᠡᠷ ᠪᠦᠯᠢ ᠨᠢ ᠠᠮᠢᠳᠤ  ᠪᠠᠢᠭᠰᠠᠳ ᠲᠠᠢ ᠠᠳᠠᠯᠢ ᠪᠠᠷ ᠬᠤᠪᠢ ᠬᠦᠷᠲᠡᠭᠰᠡᠨ ᠶᠦ᠍ᠮ᠃ ᠪᠠᠶᠠᠷ ᠢ᠋ ᠪᠡᠯᠡᠭᠯᠡᠬᠦ ᠬᠤᠷᠢᠮ ᠳᠠᠭᠤᠰᠤᠰᠢ ᠦᠭᠡᠢ ᠦᠷᠭᠦᠯᠵᠢᠯᠡᠯ᠎ᠡ᠃ ᠴᠡᠷᠢᠭ ᠦ᠋ᠨ ᠬᠦᠷᠢᠶ᠎ᠡ ᠶ᠋ᠢᠨ ᠲᠦᠳᠡᠭ ᠭᠠᠯ ᠤ᠋ᠨ ᠳᠡᠷᠭᠡᠳᠡ ᠰᠠᠭᠤᠯᠴᠠᠭᠠᠳ ᠪᠠᠢᠯᠳᠤᠭᠠᠨ ᠳ᠋ᠤ᠌ ᠭᠠᠪᠢᠶ᠎ᠠ ᠪᠠᠢᠭᠤᠯᠤᠭᠰᠠᠨ ᠦᠯᠢᠭᠡᠷ ᠢ᠋ ᠨᠠᠰᠤᠲᠠᠳ ᠰᠣᠨᠣᠰᠤᠭᠠᠳ ᠠᠭᠰᠢᠷᠠᠭᠰᠠᠨ ᠳ᠋ᠠᠭᠠᠨ ᠬᠠᠷᠠᠮᠰᠠᠨ᠎ᠠ᠃ ᠪᠠᠢᠯᠳᠤᠭᠠᠨ  ᠤ᠋ ᠬᠤᠭᠤᠴᠠᠭᠠᠨ ᠳ᠋ᠤ᠌ ᠪᠣᠢᠵᠢᠵᠤ ᠬᠦᠳᠡᠷ ᠡᠷ᠎ᠡ ᠪᠣᠯᠤᠭᠰᠠᠨ ᠬᠡᠦᠬᠡᠳ ᠪᠠᠰᠠ ᠬᠣᠵᠢᠮ ᠤ᠋ᠨ ᠡᠳᠦᠷ ᠠᠶᠤᠮᠰᠢᠭ ᠢ᠋  ᠲᠤᠭᠤᠯᠵᠤ ᠪᠠᠢᠯᠳᠤᠭᠠᠨ  ᠤ᠋ ᠳᠤᠮᠳᠠ ᠮᠥᠨᠴᠥ ᠲᠡᠷᠡ  ᠶᠣᠰᠣ ᠪᠠᠢ ᠪᠠᠢᠯᠳᠤᠶ᠎ᠠ  ᠭᠡᠵᠦ ᠬᠠᠯᠠᠭᠤᠨ ᠡᠷᠡᠮᠡᠯᠵᠡᠯ ᠢ᠋ᠶ᠋ᠡᠨ ᠲᠠᠯᠪᠢᠨ᠎ᠠ᠃
    ᠨᠡᠭᠦᠳᠡᠯᠴᠢᠨ ᠮᠠᠯᠴᠢᠨ ᠠᠷᠠᠳ ᠪᠣᠯ ᠬᠣᠲᠠ ᠶ᠋ᠢᠨ ᠬᠥᠮᠦᠰ ᠲᠡᠢ ᠡᠷᠡᠰ ᠣᠨᠳᠣᠣ ᠦᠨᠳᠦᠰᠦᠲᠡᠨ  ᠶᠦ᠍ᠮ᠃ ᠲᠡᠳᠡᠨᠡᠷ ᠦ᠋ᠨ ᠶᠠᠮᠠᠷ ᠬᠥᠮᠦᠨ ᠭᠡᠳ ᠡᠳ᠋ ᠡᠷᠳᠡᠨᠢ ᠪᠤᠶᠤ ᠡᠳ᠋ ᠡᠷᠳᠡᠨᠢ ᠪᠡᠷ ᠵᠢᠷᠭᠠᠯ ᠪᠣᠯᠭᠠᠬᠤ ᠶ᠋ᠢ ᠣᠢᠰᠢᠶᠠᠬᠤ ᠦᠭᠡᠢ ᠪᠢᠯᠡ᠃ ᠶᠠᠮᠠᠷ ᠬᠥᠮᠦᠨ ᠭᠡᠳ ᠪᠠᠢᠯᠳᠤᠭᠠᠨ ᠠ᠋ᠴᠠ ᠬᠠᠯᠠᠰᠢᠷᠠᠬᠤ ᠬᠡᠷᠡᠭ ᠭᠡᠵᠦ ᠠᠯᠠᠭ᠎ᠠ᠃ ᠲᠡᠳᠡᠨ ᠦ᠌ ᠳᠣᠲᠣᠷ᠎ᠠ ᠬᠡᠨ ᠴᠦ᠍ ᠭᠡᠰᠡᠨ ᠪᠡᠶ᠎ᠡ ᠠᠮᠤᠷ᠂ ᠰᠤᠯᠠ ᠰᠠᠭᠤᠬᠤ ᠶ᠋ᠢ ᠬᠥᠮᠦᠨ ᠪᠣᠯᠵᠤ ᠲᠥᠷᠥᠭᠰᠡᠨ ᠵᠣᠷᠢᠯᠲᠠ ᠭᠡᠬᠦ ᠪᠤᠶᠤ ᠵᠦᠢᠲᠡᠢ ᠰᠠᠨᠠᠯ ᠭᠡᠵᠦ ᠪᠣᠳᠣᠳᠠᠭ ᠦᠭᠡᠢ᠃ ᠲᠡᠳᠡᠨᠡᠷ ᠦ᠋ᠨ  ᠰᠦᠯᠳᠡ ᠪᠣᠯᠬᠤ ᠪᠣᠭᠳᠠ ᠴᠢᠩᠭᠢᠰ ᠬᠠᠭᠠᠨ ᠪᠠᠢᠯᠳᠤᠭᠠᠨ ᠤ᠋ ᠲᠠᠯᠠᠪᠠᠢ ᠳ᠋ᠠᠬᠢ ᠪᠠᠢᠯᠳᠤᠭᠴᠢᠳ ᠤ᠋ᠨ ᠠᠮᠢᠳᠤᠷᠠᠯ ᠢ᠋ ᠰᠤᠷᠭᠠᠭᠰᠠᠨ ᠪᠣᠯᠬᠣᠷ ᠲᠡᠳᠡᠨᠡᠷ ᠥᠨᠢ ᠡᠭᠦᠷᠢᠳᠡ ᠪᠠᠢᠯᠳᠤᠭᠠᠨ ᠤ᠋ ᠠᠮᠢᠳᠤᠷᠠᠯ ᠠ᠋ᠴᠠ ᠠᠰᠲᠠᠭᠠᠨ ᠣᠨᠳᠣᠣ ᠬᠦᠰᠡᠯ ᠡᠷᠡᠮᠡᠯᠵᠡᠯ ᠭᠡᠵᠦ ᠪᠠᠢᠬᠤ ᠦᠭᠡᠢ᠃ ᠴᠢᠩᠭᠢᠰ ᠬᠠᠭᠠᠨ ᠢᠩᠭᠢᠵᠦ ᠰᠤᠷᠭᠠᠭᠰᠠᠨ ᠪᠠᠢᠨ᠎ᠠ᠄《ᠬᠥᠮᠦᠨ ᠪᠣᠯᠤᠭᠰᠠᠨ ᠬᠣᠪᠢᠨ ᠳ᠋ᠤ᠌ ᠬᠠᠮᠤᠭ ᠤ᠋ᠨ ᠳᠡᠭᠡᠳᠦ ᠴᠡᠩᠭᠡᠯ ᠪᠣᠯ ᠳᠠᠢᠰᠤᠨ ᠢ᠋ ᠪᠤᠲᠠ ᠨᠢᠷᠭᠡᠵᠦ ᠂ᠲᠡᠭᠦᠨ ᠢ᠋ ᠦᠯᠳᠡᠨ ᠲᠠᠭᠤᠵᠤ᠂ᠡᠳ᠋ ᠠᠭᠤᠷᠰᠠᠨ ᠪᠦᠬᠦᠨ ᠢ᠋ ᠨᠢ ᠪᠤᠯᠢᠶᠠᠨ ᠠᠪᠴᠤ᠂ ᠲᠡᠭᠦᠨ ᠲᠡᠢ ᠳᠣᠲᠣᠨᠣᠴᠢᠯᠠᠬᠤ   ᠤᠢᠳᠬᠠᠷᠲᠤ ᠴᠢᠷᠠᠢ ᠪᠠᠷ ᠳᠠᠭᠤ ᠲᠠᠯᠪᠢᠨ ᠤᠬᠢᠯᠠᠬᠤ ᠶ᠋ᠢ ᠦᠵᠡᠭᠡᠳ ᠂ ᠲᠡᠳᠡᠨᠦᠰ ᠦ᠋ᠨ ᠮᠣᠷᠢᠨ ᠳ᠋ᠤ᠌ ᠮᠣᠷᠳᠠᠵᠤ ᠂ ᠲᠡᠳᠡᠨᠦᠰ ᠦ᠋ᠨ ᠠᠪᠠᠭᠠᠢ ᠬᠡᠦᠬᠡᠨ ᠨᠦ᠍ᠭᠦᠳ ᠢ᠋ ᠬᠣᠷᠢᠶᠠᠨ ᠠᠪᠤᠭᠠᠳ ᠣᠷᠳᠣᠨ ᠳ᠋ᠠᠭᠠᠨ ᠪᠠᠭᠤᠯᠭᠠᠬᠤ ᠳ᠋ᠤ᠌ ᠣᠷᠣᠰᠢᠬᠤ ᠪᠣᠯᠠᠢ》ᠭᠡᠰᠡᠨ ᠪᠠᠢᠨ᠎ᠠ᠃ᠡᠢᠮᠦ ᠦᠭᠡ  ᠨᠢ ᠬᠡᠳᠦᠨ ᠵᠠᠭᠤᠨ ᠵᠢᠯ ᠦ᠋ᠨ ᠲᠤᠷᠰᠢ ᠨᠢᠭᠡᠨ ᠤᠯᠤᠰ ᠤ᠋ᠨ ᠠᠷᠠᠳ ᠤ᠋ᠨ ᠰᠡᠳᠬᠢᠯ ᠳᠣᠲᠣᠷ᠎ᠠ  ᠲᠡᠮᠳᠡᠭᠯᠡᠭᠳᠡᠭᠡᠳ ᠲᠡᠳᠡᠨ  ᠦ᠌ ᠠᠮᠢᠳᠤᠷᠠᠯ ᠤ᠋ᠨ  ᠬᠡᠯᠪᠡᠷᠢ ᠮᠠᠶᠢᠭ  ᠪᠣᠯᠴᠢᠬᠠᠭᠰᠠᠨ ᠪᠠᠢᠨ᠎ᠠ᠃ ᠲᠡᠳᠡᠨᠡᠷ ᠦ᠋ᠨ  ᠬᠣᠭᠣᠷᠣᠨᠳᠣ ᠥᠩᠭᠡᠷᠡᠭᠰᠡᠨ ᠳ᠋ᠦ᠍ ᠪᠠᠢᠭᠰᠠᠨ ᠠᠯᠢᠪᠠ ᠳᠠᠢᠰᠤᠩᠨᠠᠬᠤ ᠰᠠᠨᠠᠭ᠎ᠠ᠂   ᠲᠠᠪᠠ ᠦᠭᠡᠢ  ᠰᠡᠳᠬᠢᠯᠭᠡ ᠪᠡᠨ   ᠬᠡᠳᠦᠢᠨ ᠡᠴᠡ ᠮᠠᠷᠲᠠᠴᠢᠬᠠᠭᠰᠠᠨ ᠪᠠᠢᠯ᠎ᠠ᠃ ᠡᠨᠡ ᠪᠣᠯ ᠠᠯᠲᠠᠨ ᠤᠯᠤᠰ ᠲᠤ᠌ ᠲᠠᠪᠤᠨ ᠵᠢᠯ ᠦᠷᠭᠦᠯᠵᠢᠯᠡᠭᠰᠡᠨ ᠪᠠᠢᠯᠳᠤᠭᠠᠨ ᠠ᠋ᠴᠠ ᠪᠣᠯᠤᠭᠰᠠᠨ ᠶᠤᠮ᠃ᠡᠨᠡ ᠲᠠᠪᠤᠨ ᠵᠢᠯ ᠦ᠋ᠨ ᠬᠣᠭᠣᠷᠣᠨᠳᠣ ᠮᠣᠩᠭᠣᠯ ᠭᠠᠵᠠᠷ ᠲᠤ᠌ ᠦᠯᠡᠳᠡᠭᠰᠡᠨ ᠦᠨᠳᠦᠰᠦᠲᠡᠨ᠂ᠠᠢᠮᠠᠭ ᠤ᠋ᠳ  ᠶᠠᠮᠠᠷ  ᠴᠤ᠌  ᠰᠠᠬᠢᠯᠭ᠎ᠠ ᠱᠠᠭᠠᠷᠳᠠᠯᠭ᠎ᠠ ᠥᠬᠡᠢ ᠳᠤᠷ᠎ᠠ ᠲᠠᠪᠠ ᠪᠠᠷ ᠢ᠋ᠶ᠋ᠠᠨ ᠠᠮᠢᠳᠤᠷᠠᠵᠤ ᠪᠠᠢᠭᠰᠠᠨ ᠶᠤᠮ᠃ᠭᠡᠪᠡᠴᠦ ᠡᠨᠡ ᠬᠣᠭᠣᠷᠣᠨᠳᠣ  ᠶᠠᠮᠠᠷᠴᠤ ᠪᠣᠰᠤᠯᠭ᠎ᠠ ᠪᠤᠶᠤ ᠠᠩᠭᠢᠵᠢᠷᠠᠵᠤ ᠰᠠᠯᠤᠭᠰᠠᠨ ᠶᠠᠪᠤᠳᠠᠯ ᠭᠠᠷᠤᠭᠰᠠᠨ ᠦᠭᠡᠢ ᠪᠠᠢᠯ᠎ᠠ᠃ᠤᠯᠤᠰ ᠤ᠋ᠨ ᠠᠷᠠᠳ ᠨᠢ ᠪᠠᠢᠯᠳᠤᠭᠠᠨ ᠳ᠋ᠤ᠌ ᠬᠠᠷᠢᠯᠴᠠᠨ ᠬᠠᠪᠰᠤᠷᠤᠯᠴᠠᠵᠤ᠂ ᠬᠠᠮᠲᠤᠪᠠᠷ ᠴᠢᠰᠤ ᠪᠠᠨ ᠤᠷᠤᠰᠬᠠᠨ ᠣᠯᠤᠭᠰᠠᠨ ᠢᠯᠠᠯᠲᠠ ᠪᠠᠷ ᠢ᠋ᠶ᠋ᠠᠨ ᠨᠢᠭᠡᠳᠦᠭᠡᠳ ᠨᠢᠭᠡᠨ ᠴᠢᠳᠬᠤᠮᠠᠯ ᠪᠣᠳᠠᠰ ᠪᠣᠯᠵᠤ ᠳᠠᠪᠲᠠᠭᠳᠠᠨ ᠪᠦᠲᠦᠭᠡᠭᠳᠡᠭᠰᠡᠨ  ᠶᠦᠮ ᠃ ᠡᠨᠡ ᠨᠢ ᠳᠠᠷᠤᠢ ᠮᠣᠷᠢᠲᠤ ᠴᠡᠷᠢᠭ ᠢ᠋ᠶ᠋ᠡᠷ ᠪᠦᠷᠢᠯᠳᠦᠭᠰᠡᠨ ᠤᠯᠤᠰ ᠠᠷᠠᠳ ᠪᠣᠯᠤᠨ᠎ᠠ᠃ᠡᠯ᠎ᠡ ᠠᠢᠮᠠᠭ ᠡᠯ᠎ᠡ ᠶᠠᠰᠤᠲᠠᠨ ᠪᠤᠰᠤᠳ ᠲᠠᠢ ᠠᠳᠠᠯᠢᠳᠬᠠᠭᠠᠳ ᠳᠣᠪᠣᠢᠵᠤ ᠭᠠᠷᠤᠭᠰᠠᠨ ᠢ᠋ᠶ᠋ᠠᠨ ᠴᠢᠩᠭᠢᠰ ᠬᠠᠭᠠᠨ ᠳ᠋ᠤ᠌ ᠮᠡᠳᠡᠭᠳᠡᠶ᠎ᠡ ᠭᠡᠬᠦ ᠡᠴᠡ ᠠᠰᠲᠠᠭᠠᠨ  ᠶᠠᠮᠠᠷᠴᠤ ᠵᠡᠷᠯᠢᠭ ᠰᠠᠨᠠᠭ᠎ᠠ ᠡᠪᠦᠷᠲᠦᠯᠡᠬᠦ ᠦᠭᠡᠢ ᠪᠠᠢᠯ᠎ᠠ᠃ᠡᠷᠲᠡ ᠤᠷᠢᠳᠤ ᠴᠠᠭ ᠲᠤ᠌ ᠳᠣᠲᠣᠭᠠᠳᠤ ᠶ᠋ᠢᠨ ᠲᠡᠮᠡᠴᠡᠯ ᠪᠤᠶᠤ ᠥᠰᠢᠶᠡᠷᠬᠡᠨ ᠠᠯᠠᠯᠳᠤᠬᠤ ᠳ᠋ᠤ᠌ ᠲᠠᠰᠤᠷᠠᠯ ᠦᠭᠡᠢ ᠬᠡᠷᠡᠭᠯᠡᠭᠰᠡᠨ ᠲᠡᠷᠡ ᠬᠠᠯᠠᠭᠤᠨ  ᠬᠦᠴᠦ ᠨᠢ ᠣᠳᠣ ᠪᠠᠢᠳᠠᠯ ᠬᠡᠯᠪᠡᠷᠢ ᠶ᠋ᠢ ᠪᠡᠨ ᠬᠤᠪᠢᠷᠠᠭᠤᠯᠤᠭᠠᠳ᠂ ᠴᠢᠩᠭᠢᠰ ᠬᠠᠭᠠᠨ ᠤ᠋ ᠭᠠᠷ ᠳᠠᠬᠢ ᠪᠠᠭᠠᠵᠢ ᠪᠣᠯᠬᠤ ᠶ᠋ᠢᠨ ᠲᠥᠯᠥᠭᠡ ᠵᠣᠬᠢᠶᠠᠨ ᠪᠠᠢᠭᠤᠯᠤᠭᠳᠠᠭᠰᠠᠨ ᠪᠥᠭᠡᠳ ᠦᠢᠯᠡᠳᠦᠯ ᠢ᠋ᠶ᠋ᠡᠨ ᠪᠠᠳᠠᠷᠠᠭᠤᠯᠬᠤ ᠳ᠋ᠤ᠌ ᠬᠦᠷᠦᠭᠰᠡᠨ ᠪᠠᠢᠨ᠎ᠠ᠃ ᠴᠢᠩᠭᠢᠰ ᠬᠠᠭᠠᠨ ᠬᠦᠰᠡᠭᠰᠡᠨ ᠶᠣᠰᠣ ᠪᠠᠷ ᠢ᠋ᠶ᠋ᠠᠨ ᠵᠠᠷᠯᠢᠭᠳᠠᠵᠤ ᠬᠠᠮᠢᠭᠠᠬᠢ ᠤᠯᠤᠰ ᠳᠠᠰᠢ ᠳᠣᠪᠲᠣᠯᠭᠠᠨ  ᠤ᠋ ᠶᠡᠬᠡ ᠳᠣᠯᠭᠢᠶᠠᠨ ᠢ᠋ ᠴᠠᠯᠭᠢᠯᠠᠭᠤᠯᠬᠤ ᠭᠡᠪᠡᠯ ᠲᠡᠷᠡ ᠳᠣᠣᠷ᠎ᠠ ᠪᠠᠨ ᠬᠥᠳᠡᠯᠭᠡᠵᠦ ᠴᠢᠳᠠᠬᠤ ᠪᠣᠯᠤᠭᠰᠠᠨ ᠶᠤᠮ᠃
    ᠴᠢᠩᠭᠢᠰ ᠬᠠᠭᠠᠨ ᠤ᠋ ᠨᠢᠳᠦᠨ  ᠳ᠋ᠦ᠍ ᠬᠥᠮᠦᠨ ᠦ᠌ ᠠᠮᠢ ᠨᠠᠰᠤ ᠭᠡᠭᠴᠢ ᠨᠢ ᠢᠮᠠᠭᠲᠠ ᠦᠨ᠎ᠡ ᠥᠷᠲᠡᠭ ᠬᠦᠷᠬᠦ ᠦᠭᠡᠢ ᠪᠠᠢᠭᠰᠠᠨ ᠪᠢᠯᠡ᠃ᠭᠡᠪᠡᠴᠦ ᠬᠠᠷᠢᠶᠠᠲᠤ ᠵᠠᠩᠵᠤᠨ ᠪᠠ ᠴᠡᠷᠢᠭ ᠦ᠋ᠨ ᠠᠮᠢ ᠨᠠᠰᠤ ᠪᠡᠶ᠎ᠡ ᠭᠠᠷ ᠢ᠋ ᠨᠢ ᠮᠠᠰᠢ ᠬᠠᠢᠷᠠᠯᠠᠬᠤ ᠪᠥᠭᠡᠳ ᠬᠠᠷᠢᠶᠠᠲᠤ ᠴᠡᠷᠢᠭ ᠨᠢ ᠮᠣᠷᠢ ᠬᠦᠯᠦᠭ ᠢ᠋ᠶ᠋ᠡᠨ ᠵᠦᠳᠡᠭᠡᠨ ᠵᠣᠪᠠᠭᠠᠬᠤ ᠦᠭᠡᠢ ᠪᠡᠷ ᠪᠠᠢᠯᠳᠤᠭᠠᠨ  ᠤ᠋ ᠡᠭᠦᠷᠭᠡ ᠪᠡᠨ ᠰᠠᠢᠨ ᠪᠡᠶᠡᠯᠡᠭᠦᠯᠦᠭᠰᠡᠨ ᠵᠠᠩᠵᠤᠨ ᠴᠡᠷᠢᠭ ᠢ᠋ ᠪᠣᠯ ᠰᠠᠢᠰᠢᠶᠠᠵᠤ ᠮᠠᠭᠲᠠᠬᠤ ᠪᠠᠷ ᠪᠠᠷᠠᠬᠤ ᠦᠭᠡᠢ᠂ ᠥᠭᠬᠦ ᠱᠠᠩᠨᠠᠯ ᠬᠡᠰᠢᠭ  ᠨᠢ ᠴᠦ᠍ ᠶᠡᠬᠡ ᠯᠡ ᠬᠦᠨᠳᠦ ᠪᠠᠢᠭᠰᠠᠨ ᠶᠤᠮ᠃ ᠣᠳᠣ ᠮᠣᠩᠭᠣᠯ ᠴᠡᠷᠢᠭ ᠦ᠋ᠨ ᠮᠣᠷᠳᠠᠭᠰᠠᠨ ᠬᠣᠭᠣᠷᠣᠨᠳᠣ ᠣᠢ ᠰᠢᠭᠤᠢ ᠶ᠋ᠢᠨ ᠳᠣᠲᠣᠷ᠎ᠠ ᠳᠠᠬᠢᠨ ᠴᠤᠭᠯᠠᠷᠠᠭᠠᠳ ᠬᠡᠳᠦᠨ ᠤᠳᠠᠭ᠎ᠠ ᠤᠯᠤᠰ ᠤ᠋ᠨ  ᠬᠢᠯᠢ ᠶ᠋ᠢ ᠨᠢ ᠲᠦᠢᠪᠡᠭᠡᠬᠦ ᠪᠡᠷ ᠠᠭᠠᠰᠢᠯᠠᠭᠰᠠᠨ ᠮᠡᠷᠭᠡᠳ ᠦ᠋ᠨ ᠦᠯᠡᠳᠡᠭᠳᠡᠯ ᠢ᠋ ᠳᠠᠢᠯᠠᠬᠤ ᠡᠭᠦᠷᠭᠡ ᠲᠡᠢ ᠪᠣᠯᠪᠠ᠃ᠴᠢᠩᠭᠢᠰ ᠬᠠᠭᠠᠨ ᠠ᠋ᠴᠠ ᠬᠤᠪᠢᠶᠠᠨ ᠦᠭᠭᠦᠭᠰᠡᠨ ᠪᠠᠷᠠᠭᠤᠨ ᠬᠣᠢᠲᠤᠬᠢ ᠭᠠᠵᠠᠷ ᠲᠤ᠌ ᠨᠤᠲᠤᠭ ᠲᠠᠢ ᠬᠠᠭᠠᠨ  ᠤ᠋ ᠠᠬᠠᠮᠠᠳ ᠬᠥᠪᠡᠭᠦᠨ ᠵᠥᠴᠢ ᠥᠪᠡᠷ ᠦ᠋ᠨ ᠤᠯᠤᠰ ᠲᠠᠭᠠᠨ ᠴᠡᠷᠢᠭ ᠡᠭᠡᠬᠦ ᠵᠠᠮ ᠤ᠋ᠨ ᠵᠠᠭᠤᠷ᠎ᠠ ᠵᠥᠪᠳᠡᠭᠴᠢ ᠪᠥᠭᠡᠳ ᠠᠷᠭ᠎ᠠ ᠮᠡᠬᠡ ᠳ᠋ᠦ᠍ ᠮᠡᠷᠭᠡᠵᠢᠭᠰᠡᠨ ᠥᠷᠯᠥᠭ ᠰᠦᠪᠡᠭᠡᠳᠡᠢ ᠪᠠᠭᠠᠲᠤᠷ ᠢ᠋ ᠲᠡᠭᠦᠨ ᠳ᠋ᠦ᠍ ᠬᠠᠪᠰᠤᠷᠤᠭᠤᠯᠬᠤ ᠪᠠᠷ ᠲᠣᠮᠢᠯᠠᠭᠰᠠᠨ ᠪᠣᠯᠪᠠᠴᠤ᠂ ᠥᠭᠡᠷ᠎ᠡ ᠳᠡᠮᠡᠢ ᠴᠡᠷᠢᠭ ᠨᠡᠮᠡᠵᠦ ᠦᠭᠭᠦᠭᠰᠡᠨ ᠦᠭᠡᠢ᠃ᠲᠡᠷᠡᠴᠢᠯᠡᠨ ᠬᠦᠴᠦᠨ ᠴᠢᠬᠢᠷᠡᠭ ᠬᠠᠷ᠎ᠠ  ᠬᠢᠳᠠᠨ ᠤᠷᠤᠭᠤ ᠵᠡᠪᠡ ᠨᠣᠶᠠᠨ ᠢ᠋ ᠶᠠᠪᠤᠭᠤᠯᠤᠭᠰᠠᠨ ᠦᠶ᠎ᠡ ᠳ᠋ᠦ᠍ ᠬᠣᠶᠠᠷ ᠲᠦᠮᠡᠨ ᠮᠣᠷᠢᠲᠤ ᠴᠡᠷᠢᠭ ᠦ᠋ᠨ ᠲᠡᠳᠦᠢ ᠶ᠋ᠢ ᠲᠤᠰᠢᠶᠠᠭᠠᠳ ᠮᠣᠷᠳᠠᠭᠤᠯᠪᠠ᠃

    ( ᠬᠣᠶᠠᠷ) ᠲᠥᠪᠯᠡᠷᠡᠭᠰᠡᠨ ᠬᠦᠴᠦ ᠪᠡᠷ ᠬᠠᠷ᠎ᠠ ᠬᠢᠳᠠᠨ ᠢ᠋ ᠲᠦᠪᠰᠢᠳᠬᠡᠭᠰᠡᠨ ᠨᠢ

    ᠬᠠᠷ᠎ᠠ ᠬᠢᠳᠠᠨ ᠬᠠᠭᠠᠨᠲᠤ ᠤᠯᠤᠰ ᠪᠣᠯ ᠥᠷᠭᠡᠨ ᠠᠭᠤᠳᠠᠮ ᠨᠤᠲᠤᠭ ᠳᠡᠪᠢᠰᠬᠡᠷ ᠲᠡᠢ᠂ ᠬᠦᠴᠦᠷᠬᠡᠭ ᠶᠡᠬᠡ ᠪᠥᠭᠡᠳ ᠬᠥᠮᠦᠨ ᠠᠮᠠ ᠶ᠋ᠢᠨ ᠲᠣᠭ᠎ᠠ ᠪᠠᠷ ᠣᠯᠠᠨ᠂ᠬᠠᠲᠠᠭᠤ ᠪᠣᠭᠣᠮᠲᠠ ᠠᠷᠪᠢᠨ ᠪᠠᠢᠭᠰᠠᠨ ᠶᠤᠮ᠃ᠲᠡᠭᠦᠨ  ᠦ᠌ ᠴᠡᠷᠢᠭ ᠨᠢ ᠪᠠᠢᠯᠳᠤᠭᠠᠨ ᠳ᠋ᠤ᠌ ᠲᠣᠬᠢᠷᠠᠮᠵᠢᠲᠠᠢ ᠵᠡᠭᠦᠨ ᠲᠠᠯ᠎ᠠ ᠪᠠ ᠬᠣᠢᠲᠤ ᠡᠲᠡᠭᠡᠳ ᠦ᠋ᠨ ᠨᠡᠭᠦᠳᠡᠯᠴᠢᠨ ᠠᠷᠠᠳ  ᠪᠣᠯᠤᠨ ᠯᠠᠯᠤ ᠶ᠋ᠢᠨ ᠮᠥᠷᠭᠥᠯᠲᠡᠨ  ᠦ᠌ ᠴᠡᠷᠢᠭ ᠲᠡᠢ ᠪᠠᠢᠯᠳᠤᠭᠠᠳ᠂ᠰᠦᠷ ᠬᠦᠴᠦᠨ ᠢ᠋ᠶ᠋ᠡᠨ ᠪᠠᠳᠠᠷᠠᠭᠤᠯᠵᠤ ᠴᠢᠳᠠᠭᠰᠠᠨ ᠢ᠋ᠶ᠋ᠠᠷ ᠤᠳᠠᠭ᠎ᠠ ᠪᠦᠷᠢ ᠢᠯᠠᠯᠲᠠ ᠣᠯᠤᠭᠰᠠᠭᠠᠷ ᠢᠷᠡᠭᠰᠡᠨ  ᠶᠦ᠍ᠮ᠃ᠤᠷᠲᠤᠷᠢᠭ ᠬᠣᠷᠢᠨ ᠬᠣᠶᠠᠷ ᠭᠷᠠᠳᠦᠢᠰ ᠦ᠋ᠨ ᠥᠷᠭᠡᠨ ᠠᠭᠤᠳᠠᠮ ᠭᠠᠵᠠᠷ ᠢ᠋ᠶ᠋ᠠᠨ ᠬᠠᠮᠠᠭᠠᠯᠠᠵᠤ ᠴᠢᠳᠠᠬᠤ ᠬᠦᠴᠦᠨ ᠭᠦᠢᠴᠡᠳ ᠪᠠᠢᠬᠤ ᠪᠠᠭᠠᠲᠤᠷ ᠬᠠᠭᠠᠨᠲᠤ ᠤᠯᠤᠰ ᠲᠡᠰᠢ ᠪᠠᠢᠯᠳᠤᠬᠤ ᠶ᠋ᠢᠨ ᠲᠥᠯᠥᠭᠡ᠂ ᠵᠡᠪᠡ ᠨᠣᠶᠠᠨ ᠳ᠋ᠤ᠌ ᠲᠤᠰᠢᠶᠠᠭᠰᠠᠨ ᠮᠣᠩᠭᠣᠯ ᠤ᠋ᠨ ᠮᠣᠷᠢᠲᠤ ᠴᠡᠷᠢᠭ ᠨᠢ ᠳᠥᠩᠭᠡᠵᠢ ᠬᠣᠶᠠᠷ ᠲᠦᠮᠡᠨ ᠬᠥᠮᠦᠨ  ᠦ᠌ ᠲᠡᠳᠦᠢ ᠯᠡ ᠪᠠᠢᠭᠰᠠᠨ ᠶᠤᠮ᠃ ᠲᠤᠬᠠᠢ ᠶ᠋ᠢᠨ ᠦᠶ᠎ᠡ ᠳ᠋ᠦ᠍ ᠴᠢᠩᠭᠢᠰ ᠬᠠᠭᠠᠨ ᠵᠥᠪᠳᠡᠭᠴᠢ ᠶ᠋ᠢᠨ ᠶᠠᠮᠤᠨ  ᠤ᠋ ᠡᠯᠴᠢᠨ  ᠦ᠌ ᠬᠤᠷᠢᠶᠠᠭᠰᠠᠨ ᠴᠢᠮᠡᠭᠡ ᠪᠡᠷ ᠠᠯᠲᠠᠨ ᠤᠯᠤᠰ ᠲᠠᠢ ᠪᠠᠢᠯᠳᠤᠵᠤ ᠪᠠᠢᠭᠰᠠᠨ ᠵᠠᠭᠤᠷ᠎ᠠ ᠪᠠᠨ ᠬᠠᠷ᠎ᠠ ᠬᠢᠳᠠᠨ ᠳ᠋ᠤ᠌ ᠭᠠᠷᠤᠭᠰᠠᠨ ᠬᠡᠷᠡᠭ ᠪᠦᠬᠦᠨ ᠢ᠋ ᠮᠡᠳᠡᠵᠦ ᠪᠠᠢᠭᠰᠠᠨ ᠶᠤᠮ᠃ᠨᠠᠢ᠍ᠮᠠᠨ ᠤ᠋ ᠳᠠᠶᠠᠨ ᠬᠠᠨ  ᠤ᠋ ᠬᠥᠪᠡᠭᠦᠨ ᠬᠦᠴᠦᠯᠦᠭ ᠪᠣᠯ ᠮᠣᠩᠭᠣᠯ ᠴᠡᠷᠢᠭ ᠲᠦ᠍ ᠳᠡᠢᠯᠦᠭᠳᠡᠭᠡᠳ ᠬᠠᠷ᠎ᠠ ᠬᠢᠳᠠᠨ ᠤ᠋ ᠬᠠᠭᠠᠨ ᠤ᠋ ᠠᠴᠢ ᠬᠡᠦᠬᠡᠨ ᠲᠡᠢ ᠤᠷᠤᠭ ᠪᠠᠷᠢᠯᠳᠤᠵᠤ᠂ ᠡᠨᠡᠬᠦ ᠬᠠᠨ ᠤ᠋ ᠬᠠᠪᠰᠤᠷᠤᠯᠭ᠎ᠠ ᠪᠠᠷ ᠨᠠᠢ᠍ᠮᠠᠨ  ᠤ᠋ ᠦᠯᠡᠳᠡᠭᠳᠡᠯ ᠦ᠋ᠳ ᠢ᠋  ᠲᠡᠭᠦᠨ ᠦ᠌( ᠬᠦᠴᠦᠯᠦᠭ ᠦ᠋ᠨ) ᠲᠣᠭᠣᠷᠢᠨ ᠳ᠋ᠠᠭᠠᠨ ᠪᠦᠯᠬᠦᠮᠳᠡᠭᠦᠯᠵᠦ ᠪᠠᠢᠪᠠ᠃ᠬᠣᠵᠢᠮ ᠨᠢ ᠬᠠᠷ᠎ᠠ ᠬᠢᠳᠠᠨ  ᠤ᠋ ᠡᠪᠦᠭᠡᠨ ᠬᠠᠭᠠᠨ ᠨᠠᠢ᠍ᠮᠠᠨ  ᠤ᠋ ᠴᠡᠷᠢᠭ ᠢ᠋ᠶ᠋ᠡᠷ ᠠᠪᠠ ᠲᠠᠯᠪᠢᠭᠤᠯᠵᠤ ᠪᠠᠢᠬᠤ ᠦᠶ᠎ᠡ ᠬᠥᠴᠥᠯᠥᠭ ᠭᠡᠨᠡᠳᠡᠭᠦᠯᠦᠨ ᠴᠣᠬᠢᠭᠠᠳ ᠲᠡᠭᠦᠨ ᠢ᠋ ᠪᠠᠷᠢᠪᠴᠢᠯᠠᠪᠠ᠃ ᠠᠩᠬᠠᠨ ᠳ᠋ᠠᠭᠠᠨ ᠡᠨᠡ  ᠮᠠᠨᠤᠤᠯ ᠤ᠋ᠨ ᠨᠡᠷ᠎ᠡ ᠶ᠋ᠢ ᠠᠰᠢᠭᠯᠠᠵᠤ ᠰᠠᠨᠠᠭᠠᠨ ᠲᠠᠪᠠ ᠪᠠᠷ ᠢ᠋ᠶ᠋ᠠᠨ ᠡᠨᠡᠬᠦ ᠤᠯᠤᠰ ᠢ᠋ ᠨᠣᠶᠠᠷᠬᠠᠭᠯᠠᠵᠤ ᠪᠠᠢᠭᠰᠠᠨ  ᠪᠥᠭᠡᠳ ᠬᠣᠵᠢᠮ ᠬᠣᠢᠨ᠎ᠠ ᠡᠪᠦᠭᠡᠨ  ᠬᠠᠭᠠᠨ ᠦᠬᠦᠮᠡᠭᠴᠡ ᠥᠪᠡᠷ ᠢ᠋ᠶ᠋ᠡᠨ ᠬᠠᠭᠠᠨ  ᠤ᠋  ᠰᠢᠷᠡᠭᠡᠨ ᠳ᠋ᠦ᠍ ᠰᠠᠭᠤᠵᠤ᠂ ᠬᠠᠷ᠎ᠠ  ᠬᠢᠳᠠᠨ ᠤᠯᠤᠰ ᠤ᠋ᠨ ᠡᠵᠡᠨ ᠪᠣᠯᠵᠠᠢ᠃
    ᠵᠠᠰᠠᠭ ᠤ᠋ᠨ ᠣᠷᠳᠣᠨ ᠨᠢ ᠴᠢᠩᠭ᠎ᠠ ᠬᠠᠲᠠᠭᠤ ᠰᠦᠷᠡᠬᠡᠢ ᠬᠡᠷᠴᠡᠭᠡᠢ ᠪᠠᠢᠭᠰᠠᠨ ᠶᠤᠮ᠃ᠵᠠᠯᠠᠭᠤ ᠡᠬᠡᠨᠡᠷ ᠲᠡᠭᠡᠨ ᠲᠠᠲᠠᠭᠳᠠᠭᠠᠳ ᠬᠦᠴᠦᠯᠦᠭ ᠾᠷᠢᠰᠲ᠋ᠣᠰ ᠤ᠋ᠨ ᠱᠠᠰᠢᠨ ᠨᠢᠰᠲ᠋ᠥ᠋ᠷᠢ ᠰᠢᠲᠦᠭᠡᠨ ᠲᠡᠢ ᠪᠠᠢᠭᠰᠠᠨ ᠢ᠋ᠶ᠋ᠠᠨ ᠬᠠᠶᠠᠭᠠᠳ᠂   ᠯᠠᠮ᠎ᠠ ᠶ᠋ᠢᠨ ᠱᠠᠰᠢᠨ ᠢ᠋ ᠬᠠᠯᠠᠨ ᠰᠢᠲᠦᠭᠰᠡᠨ ᠪᠠᠢᠨ᠎ᠠ᠃ ᠲᠡᠭᠡᠭᠡᠳ ᠬᠣᠲᠠ ᠵᠡᠭᠡᠯᠢ ᠶ᠋ᠢᠨ ᠣᠯᠠᠨ ᠲᠣᠭ᠎ᠠ ᠶ᠋ᠢ ᠡᠵᠡᠯᠡᠵᠦ ᠪᠠᠢᠭᠰᠠᠨ ᠯᠠᠯᠤ ᠶ᠋ᠢᠨ ᠮᠥᠷᠭᠥᠯᠲᠡᠨ ᠢ᠋ ᠶᠡᠬᠡ  ᠳᠠᠷᠤᠯᠠᠭᠰᠠᠨ ᠪᠢᠯᠡ᠃ ᠯᠠᠯᠤ ᠶ᠋ᠢᠨ ᠮᠥᠷᠭᠥᠯᠲᠡᠨ  ᠦ᠌ ᠰᠦᠮ᠎ᠡ ᠬᠡᠢᠳ ᠢ᠋ ᠬᠠᠭᠠᠭᠠᠳ ᠡᠳ᠋ ᠬᠥᠷᠥᠩᠭᠡ ᠶ᠋ᠢ ᠨᠢ ᠪᠤᠯᠢᠶᠠᠨ ᠠᠪᠴᠤ᠂ᠣᠯᠠᠨ ᠬᠣᠲᠠᠨ ᠳ᠋ᠤ᠌ ᠢᠳᠡᠷᠬᠡᠭ  ᠴᠢᠭᠢᠷᠠᠭ ᠣᠯᠠᠨ ᠴᠡᠷᠢᠭ ᠢ᠋ ᠲᠣᠮᠢᠯᠠᠨ ᠰᠠᠭᠤᠯᠭᠠᠭᠰᠠᠨ ᠪᠣᠯᠬᠣᠷ ᠠᠷᠠᠳ ᠤ᠋ᠨ ᠡᠭᠦᠷᠭᠡᠯᠡᠯ ᠳᠠᠷᠤᠭᠠᠰᠤ ᠶᠡᠬᠡ  ᠬᠦᠨᠳᠦᠷᠡᠯ᠎ᠡ᠃
    ᠴᠢᠩᠭᠢᠰ ᠬᠠᠭᠠᠨ ᠵᠡᠪᠡ ᠨᠣᠶᠠᠨ ᠳ᠋ᠤ᠌ ᠬᠣᠶᠠᠷ ᠲᠦᠮᠡᠨ ᠮᠣᠷᠢᠲᠤ ᠴᠡᠷᠢᠭ ᠲᠤᠰᠢᠶᠠᠭᠰᠠᠨ ᠦᠶ᠎ᠡ ᠳ᠋ᠦ᠍᠂ ᠠᠷᠠᠳ ᠤ᠋ᠨ ᠳᠤᠷ᠎ᠠ ᠦᠭᠡᠢᠴᠡᠭᠰᠡᠨ ᠡᠳᠡᠭᠡᠷ ᠨᠥᠬᠥᠴᠡᠯ ᠢ᠋ ᠪᠦᠷ ᠪᠣᠳᠣᠯᠬᠢᠯᠠᠭᠰᠠᠨ ᠪᠠᠢᠵᠠᠢ᠃ ᠴᠢᠩᠭᠢᠰ ᠬᠠᠭᠠᠨ ᠢᠮᠠᠭᠲᠠ ᠶ᠋ᠢᠨ ᠶᠣᠰᠣ ᠪᠠᠷ ᠵᠡᠪᠡ ᠨᠣᠶᠠᠨ ᠳ᠋ᠤ᠌ ᠪᠠᠢᠯᠳᠤᠭᠠᠨ ᠢ᠋ ᠵᠢᠯᠣᠭᠣᠳᠬᠤ ᠪᠦᠷᠢᠨ ᠡᠷᠬᠡ ᠶ᠋ᠢ ᠥᠭᠴᠡᠢ᠃ ᠭᠠᠭᠴᠠ ᠵᠠᠷᠯᠢᠭ ᠨᠢ᠄ ᠬᠠᠷ᠎ᠠ ᠬᠢᠳᠠᠨ ᠤᠯᠤᠰ ᠤ᠋ᠨ ᠬᠢᠯᠢ ᠳ᠋ᠦ᠍ ᠣᠷᠣᠮᠠᠭᠴᠠ  ᠬᠣᠲᠣᠩᠴᠤᠳ ᠤ᠋ᠨ ᠰᠦᠮ᠎ᠡ ᠬᠡᠢᠳ ᠪᠦᠬᠦᠨ ᠢ᠋  ᠰᠡᠷᠭᠦᠭᠡᠲᠦᠭᠡᠢ᠃ ᠡᠨᠡ ᠤᠳᠠᠭ᠎ᠠ ᠢᠷᠡᠭᠰᠡᠨ ᠵᠣᠷᠢᠯᠭ᠎ᠠ ᠨᠢ ᠡᠩᠬᠡ ᠲᠠᠢᠪᠤᠩ ᠠᠮᠢᠳᠤᠷᠠᠵᠤ ᠪᠠᠢᠬᠤ ᠬᠣᠲᠠ ᠶ᠋ᠢᠨ ᠠᠷᠠᠳ ᠲᠠᠢ ᠪᠠᠢᠯᠳᠤᠭᠠᠨ ᠬᠢᠬᠦ ᠪᠡᠷ ᠢᠷᠡᠭᠰᠡᠨ ᠪᠢᠰᠢ᠃ᠲᠡᠳᠡᠨ ᠢ᠋ ᠳᠠᠷᠤᠯᠠᠵᠤ ᠪᠠᠢᠬᠤ ᠬᠥᠴᠥᠯᠥᠭ ᠯᠦᠭᠡ ᠪᠠᠢᠯᠳᠤᠬᠤ ᠪᠠᠷ ᠢᠷᠡᠭᠰᠡᠨ  ᠢ᠋ᠶ᠋ᠡᠨ ᠲᠤᠩᠬᠠᠭ ᠪᠣᠯᠭᠠᠨ ᠲᠠᠷᠬᠠᠭᠠᠭᠲᠤᠨ ᠭᠡᠵᠡᠢ᠃ ᠵᠡᠪᠡ ᠨᠣᠶᠠᠨ ᠥᠪᠡᠷ ᠢ᠋ᠶ᠋ᠡᠨ ᠪᠥᠬᠡ ᠶ᠋ᠢᠨ ᠱᠠᠰᠢᠨ ᠢ᠋ ᠰᠢᠲᠦᠳᠡᠭ  ᠶᠤᠮ᠃ᠭᠡᠪᠡᠴᠦ ᠲᠡᠷᠡ ᠰᠠᠢᠨ ᠰᠠᠬᠢᠭᠤᠰᠤ᠂ ᠮᠠᠭᠤ ᠰᠠᠬᠢᠭᠤᠰᠤ ᠪᠦᠬᠦᠨ ᠢ᠋ ᠬᠠᠮᠢᠶ᠎ᠠ ᠦᠭᠡᠢ ᠪᠠᠭᠲᠠᠭᠠᠳᠠᠭ ᠪᠠᠢᠨ᠎ᠠ᠃ᠲᠡᠭᠦᠨ  ᠦ᠌ ᠴᠡᠷᠢᠭ ᠦ᠋ᠨ  ᠠᠷᠤ ᠳ᠋ᠤ᠌ ᠡᠯ᠎ᠡ ᠵᠦᠢᠯ ᠦ᠋ᠨ ᠱᠠᠰᠢᠨ ᠰᠤᠷᠲᠠᠬᠤᠨ— ᠪᠥᠬᠡ ᠶ᠋ᠢᠨ ᠱᠠᠰᠢᠨ᠂ ᠯᠠᠮ᠎ᠠ ᠶ᠋ᠢᠨ ᠱᠠᠰᠢᠨ᠂ᠯᠠᠯᠤ ᠶ᠋ᠢᠨ ᠱᠠᠰᠢᠨ ᠨᠢᠰᠲ᠋ᠥ᠋ᠷᠢ ᠶ᠋ᠢᠨ ᠱᠠᠰᠢᠨ  ᠰᠢᠢᠳᠦᠭᠴᠢᠳ  ᠢ᠋ ᠪᠦᠷ ᠳᠠᠭᠠᠭᠤᠯᠵᠤ ᠪᠠᠢᠨ᠎ᠠ᠃ ᠲᠡᠳᠡᠨᠡᠷ ᠬᠤᠪᠢ ᠬᠣᠪᠢᠨ  ᠤ᠋ ᠰᠢᠲᠦᠭᠡᠨ ᠢ᠋ᠶ᠋ᠡᠨ ᠳᠠᠬᠢᠵᠤ ᠲᠤᠰ ᠲᠤᠰ ᠤ᠋ᠨ ᠳᠠᠭᠠᠳᠬᠠᠯ ᠢ᠋ᠶ᠋ᠠᠨ ᠬᠢᠵᠦ ᠶᠠᠪᠤᠨ᠎ᠠ᠃ᠤᠴᠢᠷ ᠡᠢᠮᠦ ᠡᠴᠡ ᠲᠡᠷᠡ  ᠨᠢᠭᠡ ᠯᠡ ᠳᠡᠭᠡᠷ᠎ᠡ ᠬᠣᠲᠠ ᠶ᠋ᠢᠨ ᠠᠷᠠᠳ ᠪᠣᠯᠤᠨ ᠯᠠᠯᠤ ᠶ᠋ᠢᠨ ᠱᠠᠰᠢᠨ  ᠤ᠋ ᠬᠠᠮᠠᠭᠠᠯᠠᠭᠴᠢ ᠪᠣᠯᠵᠤ ᠠᠷᠠᠳ ᠤ᠋ᠨ ᠬᠦᠷᠢᠶᠡᠯᠡᠯ ᠢ᠋ ᠣᠯᠵᠠᠢ᠃ ᠵᠡᠪᠡ ᠨᠣᠶᠠᠨ ᠱᠠᠰᠢᠨ ᠰᠢᠲᠦᠭᠴᠢᠳ ᠦ᠋ᠨ ᠰᠦᠰᠦᠭ ᠪᠢᠰᠢᠷᠡᠯ  ᠦ᠋ᠨ ᠴᠢᠬᠤᠯᠠ ᠴᠢᠨᠠᠷ ᠪᠣᠯᠤᠨ   ᠬᠦᠴᠦ ᠶ᠋ᠢ ᠵᠥᠪ ᠢ᠋ᠶ᠋ᠡᠷ ᠲᠠᠨᠢᠵᠤ ᠪᠠᠢᠭᠰᠠᠨ ᠶᠤᠮ᠃ ᠲᠡᠷᠡᠴᠢᠯᠡᠨ ᠬᠠᠷᠢᠶᠠᠲᠤ ᠴᠡᠷᠢᠭ ᠢ᠋ᠶ᠋ᠡᠨ ᠬᠠᠢᠷᠠᠯᠠᠨ ᠠᠮᠢ ᠨᠠᠰᠤ ᠶ᠋ᠢ ᠲᠠᠯᠠᠭᠠᠷ ᠰᠦᠢᠳᠬᠡᠬᠦ ᠦᠭᠡᠢ ᠭᠡᠮᠡᠨ ᠱᠠᠰᠢᠨ ᠰᠤᠷᠲᠠᠬᠤᠨ  ᠢ᠋ ᠠᠰᠢᠭᠯᠠᠬᠤ ᠶ᠋ᠢ ᠮᠡᠳᠡᠵᠦ ᠪᠠᠢᠵᠠᠢ᠃
    ᠬᠣᠲᠣᠩᠴᠤᠳ   ᠤᠨ ᠰᠦᠮ᠎ᠡ ᠬᠡᠢᠳ ᠢ᠋ ᠰᠡᠷᠭᠦᠭᠡᠨ ᠨᠡᠭᠡᠭᠡᠭᠰᠡᠨ ᠵᠡᠪᠡ ᠨᠣᠶᠠᠨ ᠤ᠋ ᠵᠠᠷᠯᠠᠯ ᠨᠢ ᠴᠠᠬᠢᠯᠭᠠᠨ ᠮᠡᠲᠦ ᠪᠡᠷ ᠦᠷ᠎ᠡ ᠪᠦᠲᠦᠮᠵᠢ ᠨᠢ ᠢᠯᠡᠷᠡᠭᠡᠳ ᠢᠷᠡᠯ᠎ᠡ᠃ ᠮᠣᠩᠭᠣᠯ ᠴᠡᠷᠢᠭ ᠦ᠋ᠨ ᠬᠦᠷᠦᠭᠰᠡᠨ ᠬᠣᠲᠠᠨ ᠳ᠋ᠤ᠌᠂ ᠪᠠᠷ᠎ᠠ ᠨᠢ ᠬᠠᠷᠠᠭᠳᠠᠬᠤ ᠶ᠋ᠢᠨ ᠲᠡᠳᠦᠢ ᠪᠡᠷ ᠬᠣᠲᠠᠨ ᠳᠣᠲᠣᠷ᠎ᠠ ᠨᠢ ᠳᠠᠷᠤᠢ ᠪᠣᠰᠤᠯᠭ᠎ᠠ ᠭᠠᠷᠭᠠᠨ ᠰᠠᠬᠢᠭᠰᠠᠨ ᠴᠡᠷᠢᠭ ᠨᠢ ᠳᠤᠲᠠᠭᠠᠵᠤ ᠵᠠᠪᠳᠤᠬᠤ ᠦᠭᠡᠢ ᠠᠯᠠᠭᠳᠠᠵᠤ ᠳᠠᠭᠤᠰᠴᠤ ᠪᠠᠢᠯ᠎ᠠ᠃ ᠡᠨᠡ ᠮᠡᠲᠦ ᠪᠡᠷ ᠵᠡᠪᠡ ᠨᠣᠶᠠᠨ ᠢ᠋ ᠣᠯᠠᠨ ᠬᠣᠲᠠ ᠪᠦᠷ ᠬᠠᠭᠠᠯᠭ᠎ᠠ ᠪᠠᠨ ᠨᠡᠭᠡᠭᠡᠨ ᠤᠭᠲᠤᠵᠠᠢ᠃ ᠬᠡᠯᠡᠭᠰᠡᠨ ᠦᠭᠡᠨ ᠳ᠋ᠡᠭᠡᠨ ᠭᠥᠷᠦᠭᠦᠯᠬᠦ ᠪᠡᠷ ᠵᠡᠪᠡ ᠨᠣᠶᠠᠨ ᠪᠠᠰᠠ ᠴᠡᠷᠢᠭ ᠲᠡᠭᠡᠨ ᠴᠢᠩᠭ᠎ᠠ ᠵᠠᠷᠯᠠᠯ ᠪᠠᠭᠤᠯᠭᠠᠵᠤ ᠶᠠᠮᠠᠷ ᠨᠢᠭᠡᠨ ᠭᠠᠵᠠᠷ ᠲᠤ᠌ ᠴᠤ᠌ ᠪᠤᠯᠢᠶᠠᠨ ᠳᠡᠭᠡᠷᠡᠮᠳᠡᠬᠦ ᠪᠤᠶᠤ ᠭᠠᠯ ᠲᠠᠯᠪᠢᠬᠤ ᠬᠡᠷᠡᠭ ᠣᠭᠲᠣ ᠭᠠᠷᠤᠭᠰᠠᠨ ᠦᠭᠡᠢ᠃ ᠬᠠᠷ᠎ᠠ ᠬᠢᠳᠠᠨ ᠤ᠋ ᠵᠡᠭᠦᠨ ᠬᠡᠰᠡᠭ ᠲᠡᠬᠢ ᠬᠠᠮᠢᠯ᠂ ᠭᠤᠲ᠋ᠠᠨ᠂  ᠺᠠᠱᠢᠭᠠᠷ ᠵᠡᠷᠭᠡ ᠶ᠋ᠢᠨ ᠴᠢᠬᠤᠯᠠ ᠶᠡᠬᠡ ᠪᠠᠯᠭᠠᠰᠤ ᠨᠢ ᠪᠦᠷ ᠲᠡᠭᠦᠨ ᠦ᠌ ᠭᠠᠷ ᠲᠤ᠌ ᠣᠷᠣᠵᠠᠢ᠃ ᠮᠣᠩᠭᠣᠯ ᠴᠡᠷᠢᠭ ᠦ᠋ᠨ ᠭᠡᠨᠡᠳᠲᠡ ᠢᠯᠡᠷᠡᠭᠰᠡᠨ ᠪᠤᠶᠤ ᠲᠡᠭᠦᠨ ᠦ᠌ ᠤᠷᠤᠭᠰᠢᠯᠠᠭᠰᠠᠨ ᠨᠢ ᠬᠡᠴᠡᠭᠦᠦ ᠲᠦᠷᠭᠡᠨ ᠪᠣᠯᠬᠣᠷ ᠤᠯᠤᠰ ᠤ᠋ᠨ ᠳᠣᠲᠣᠷᠠᠬᠢ ᠣᠯᠠᠨ ᠴᠢᠬᠤᠯᠠ ᠬᠣᠲᠠ ᠪᠠᠨ ᠠᠪᠲᠠᠭᠳᠠᠭᠰᠠᠨ ᠬᠦᠴᠦᠯᠦᠭ ᠢ᠋ ᠠᠷᠭ᠎ᠠ ᠠᠯᠳᠠᠷᠠᠭᠤᠯᠵᠠᠢ᠃ ᠭᠡᠪᠡᠴᠦ ᠬᠡᠭᠡᠷ᠎ᠡ ᠶ᠋ᠢᠨ ᠪᠠᠢᠯᠳᠤᠭᠠᠨ ᠢ᠋ᠶ᠋ᠠᠷ ᠰᠢᠢᠳᠪᠦᠷᠢᠲᠦ ᠪᠠᠢᠯᠳᠤᠭᠠᠨ ᠬᠢᠶ᠎ᠡ ᠭᠡᠵᠦ ᠲᠡᠷᠡ ᠵᠣᠷᠢᠭᠰᠠᠨ ᠶᠤᠮ᠃ ᠬᠠᠷᠢᠨ ᠴᠡᠷᠢᠭ ᠦ᠋ᠨ ᠰᠥᠰᠥ ᠵᠣᠷᠢᠭ ᠨᠢ ᠪᠠᠭᠤᠷᠠᠭᠠᠳ ᠯᠠᠯᠤ ᠶ᠋ᠢᠨ ᠱᠠᠰᠢᠨ ᠢ᠋ ᠰᠢᠲᠦᠭᠴᠢ ᠴᠡᠷᠢᠭ ᠠᠩᠭᠢ ᠶ᠋ᠢᠨ ᠣᠯᠠᠩᠬᠢ ᠬᠥᠮᠦᠰ ᠪᠠᠢᠯᠳᠤᠬᠤ ᠦᠭᠡᠢ ᠪᠣᠯᠤᠭᠰᠠᠨ ᠠ᠋ᠴᠠ ᠬᠦᠴᠦᠯᠦᠭ ᠳᠡᠢᠯᠦᠭᠳᠡᠭᠡᠳ ᠫᠠᠮᠢᠷ ᠤ᠋ᠨ ᠥᠨᠳᠥᠷ ᠠᠭᠤᠯᠠᠨ ᠳ᠋ᠤ᠌ ᠰᠢᠷᠭᠤᠨ ᠳᠤᠲᠠᠭᠠᠵᠠᠢ᠃ ᠵᠡᠪᠡ ᠶ᠋ᠢᠨ ᠮᠣᠷᠢᠲᠤ ᠴᠡᠷᠢᠭ ᠲᠡᠭᠦᠨ ᠢ᠋《ᠶᠢᠷᠲᠢᠨᠴᠦ ᠶ᠋ᠢᠨ ᠭᠡᠷ ᠦ᠋ᠨ ᠣᠷᠣᠢ》 ᠳᠡᠭᠡᠷ᠎ᠡ ᠡᠷᠭᠢᠯᠳᠦᠭᠦᠯᠦᠨ ᠨᠡᠬᠡᠭᠰᠡᠨ ᠪᠣᠯᠪᠠᠴᠤ ᠬᠦᠴᠦᠯᠦᠭ ᠦ᠋ᠨ ᠴᠡᠷᠢᠭ ᠦ᠋ᠨ ᠦᠯᠡᠳᠡᠭᠰᠡᠳ ᠲᠡᠭᠦᠨ ᠢ᠋ ᠬᠠᠶᠠᠭᠠᠳ ᠪᠤᠲᠠᠷᠠᠭᠰᠠᠨ ᠪᠣᠯᠬᠣᠷ ᠨᠡᠬᠡᠬᠦ ᠪᠡᠨ ᠵᠣᠭᠰᠣᠯ᠎ᠠ᠃ ᠬᠦᠴᠦᠯᠦᠭ ᠴᠥᠭᠡᠨ ᠲᠣᠭᠠᠨ ᠤ᠋ ᠦᠨᠡᠨᠴᠢ ᠰᠢᠳᠤᠷᠭᠤ ᠴᠡᠷᠢᠭ ᠢ᠋ᠶ᠋ᠡᠨ ᠳᠠᠭᠠᠭᠤᠯᠤᠨ ᠪᠢᠲᠠᠰᠢᠶᠠᠨ ᠤᠯᠤᠰ ᠤ᠋ᠨ ᠬᠢᠯᠢ ᠣᠷᠴᠢᠮ(《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠰᠡᠷᠢᠭ ᠭᠦᠨ ᠬᠡᠮᠡᠬᠦ ᠭᠠᠵᠠᠷ ᠭᠡᠵᠦ ᠲᠡᠮᠳᠡᠭᠯᠡᠵᠦ ᠪᠠᠢᠳᠠᠭ᠃ ᠬᠢᠨᠠᠭᠴᠢ ᠠ᠋ᠴᠠ) ᠬᠥᠮᠦᠨ ᠠᠮᠢᠲᠠᠨ ᠴᠥᠭᠡᠨ ᠵᠢᠯᠠᠭᠠᠨ ᠳ᠋ᠤ᠌ ᠰᠢᠷᠭᠤᠨ ᠨᠢᠭᠤᠭᠳᠠᠵᠠᠢ᠃ ᠳᠡᠢᠯᠦᠭᠳᠡᠭᠡᠳ ᠭᠦᠢᠴᠡᠭᠰᠡᠨ ᠡᠨᠡᠬᠦ ᠬᠠᠭᠠᠨ᠂ ᠮᠣᠩᠭᠣᠯ ᠴᠡᠷᠢᠭ ᠦ᠋ᠨ ᠨᠢᠭᠡᠨ ᠳᠤᠰᠤᠯ ᠬᠥᠯᠥᠰᠥ ᠶ᠋ᠢ ᠤᠷᠤᠰᠬᠠᠬᠤ ᠬᠡᠷᠡᠭᠴᠡᠭᠡ ᠦᠭᠡᠢ ᠪᠣᠯᠵᠠᠢ᠂ ᠮᠣᠩᠭᠣᠯ ᠤ᠋ᠨ ᠮᠣᠷᠢᠲᠤ ᠴᠡᠷᠢᠭ᠂ ᠡᠷᠲᠡ ᠦᠶ᠎ᠡ ᠳ᠋ᠡᠭᠡᠨ ᠬᠢᠲᠠᠳ ᠤ᠋ᠨ ᠠᠷᠠᠯᠵᠢᠶᠠᠴᠢᠨ ᠢ᠋ᠶ᠋ᠠᠷ ᠳᠠᠮᠵᠢᠭᠤᠯᠤᠨ ᠹᠧᠷᠭᠠᠨᠠ ᠭᠠᠵᠠᠷ ᠠ᠋ᠴᠠ ᠠᠮᠠ ᠴᠠᠭᠠᠨ ᠠᠵᠢᠷᠭ᠎ᠠ ᠶ᠋ᠢ ᠬᠤᠳᠠᠯᠳᠤᠨ ᠠᠪᠴᠤ ᠠᠵᠢᠷᠭ᠎ᠠ ᠲᠡᠵᠢᠭᠡᠬᠦ ᠲᠠᠯᠠᠪᠠᠢ ᠳ᠋ᠠᠭᠠᠨ ᠲᠠᠯᠪᠢᠳᠠᠭ ᠪᠠᠢᠵᠠᠢ᠃  ᠮᠣᠩᠭᠣᠯᠴᠤᠳ ᠣᠳᠣ ᠡᠢᠮᠦ ᠨᠡᠷ᠎ᠡ ᠠᠯᠳᠠᠷᠰᠢᠭᠰᠠᠨ ᠰᠠᠢᠨ  ᠭᠠᠢ ᠮᠣᠷᠢᠳ ᠢ᠋ ᠭᠠᠷ ᠲᠠᠭᠠᠨ ᠣᠷᠣᠭᠤᠯᠤᠭᠠᠳ ᠶᠡᠬᠡ ᠯᠡ ᠪᠠᠶᠠᠷᠯᠠᠵᠠᠭᠠᠠ᠃ ᠶᠠᠭ ᠡᠨᠡ ᠦᠶ᠎ᠡ ᠳ᠋ᠦ᠍ ᠲᠤᠰ ᠭᠠᠵᠠᠷ ᠤ᠋ᠨ ᠠᠩᠴᠢᠨ ᠨᠠᠷ ᠵᠡᠪᠡ ᠨᠣᠶᠠᠨ ᠤ᠋ ᠵᠠᠷᠯᠢᠭᠳᠠᠭᠰᠠᠨ ᠶᠣᠰᠣ ᠪᠠᠷ ᠬᠦᠴᠦᠯᠦᠭ ᠢ᠋ ᠲᠤᠢᠯ ᠤ᠋ᠨ ᠪᠡᠷᠬᠡ ᠪᠠᠷᠲᠠᠭ᠎ᠠ ᠲᠠᠢ ᠭᠠᠵᠠᠷ ᠣᠷᠣᠭᠤᠯᠤᠭᠰᠠᠨ ᠬᠣᠢᠨ᠎ᠠ᠂ ᠵᠡᠪᠡ ᠨᠣᠶᠠᠨ ᠳ᠋ᠤ᠌ ᠪᠠᠷᠢᠵᠤ ᠬᠦᠷᠭᠡᠭᠡᠳ ᠱᠠᠩᠨᠠᠯ ᠬᠦᠷᠲᠡᠵᠡᠢ᠃ 
    ᠵᠡᠪᠡ ᠨᠣᠶᠠᠨ ᠠ᠋ᠴᠠ ᠬᠦᠴᠦᠯᠦᠭ ᠦ᠋ᠨ ᠲᠣᠯᠣᠭᠠᠢ ᠲᠠᠢ ᠬᠠᠮᠲᠤ ᠠᠮᠠ ᠴᠠᠭᠠᠨ ᠮᠢᠩᠭᠠᠨ ᠰᠠᠢᠨ  ᠠᠭᠲᠠ ᠶ᠋ᠢ ᠴᠢᠩᠭᠢᠰ ᠬᠠᠭᠠᠨ ᠳ᠋ᠤ᠌ ᠬᠦᠷᠭᠡᠯᠭᠡᠵᠡᠢ᠃ ᠴᠢᠩᠭᠢᠰ ᠬᠠᠭᠠᠨ ᠠ᠋ᠴᠠ᠄《ᠪᠢᠲᠡᠭᠡᠢ ᠥᠩᠭᠡᠷᠡᠦ ᠪᠠᠷᠳᠠᠮ ᠪᠠᠢᠭᠠᠷᠠᠢ᠃ ᠬᠢᠴᠢᠶᠡᠬᠦ ᠦᠭᠡᠢ ᠪᠣᠯ ᠨᠣᠬᠠᠢ ᠪᠣᠯᠤᠨ᠎ᠠ ᠰᠢᠦ᠃ ᠸᠠᠩ ᠬᠠᠨ᠂ ᠳᠠᠶᠠᠨ ᠬᠠᠨ ᠪᠣᠯᠤᠨ ᠠᠯᠲᠠᠨ ᠬᠠᠭᠠᠨᠲᠤ ᠤᠯᠤᠰ ᠤ᠋ᠨ ᠳᠡᠢᠯᠦᠭᠳᠡᠭᠰᠡᠨ ᠨᠢ ᠣᠮᠣᠷᠬᠠᠭᠯᠠᠭᠰᠠᠨ ᠠ᠋ᠴᠠ ᠪᠣᠯᠤᠭᠰᠠᠨ ᠶᠤᠮ᠃ ᠪᠢᠲᠡᠭᠡᠢ ᠤᠮᠠᠷᠲᠠ》 ᠭᠡᠵᠦ ᠰᠡᠷᠭᠡᠢᠯᠡᠭᠦᠯᠦᠨ ᠬᠢᠴᠢᠶᠡᠯᠭᠡᠭᠰᠡᠨ ᠪᠣᠯᠪᠠᠴᠤ ᠰᠡᠳᠬᠢᠯ ᠳᠣᠲᠣᠷ᠎ᠠ ᠪᠠᠨ ᠬᠡᠮᠵᠢᠶ᠎ᠡ  ᠦᠭᠡᠢ ᠪᠠᠶᠠᠷᠯᠠᠵᠠᠢ᠃ ᠴᠢᠩᠭᠢᠰ ᠬᠠᠭᠠᠨ ᠤ᠋ ᠰᠦᠷ ᠬᠦᠴᠦᠨ ᠨᠢ ᠣᠳᠣ ᠲᠤᠢᠯ ᠤ᠋ᠨ ᠶᠡᠬᠡ ᠪᠡᠷ ᠮᠠᠨᠳᠤᠭᠰᠠᠨ ᠪᠠᠢᠨ᠎ᠠ᠃ ᠲᠩᠷᠢ ᠲᠤᠯᠤᠮᠠᠷ ᠫᠠᠮᠢᠷ ᠤ᠋ᠨ ᠥᠨᠳᠥᠷᠯᠢᠭ ᠡᠴᠡ ᠨᠡᠯᠦᠭᠡᠷ ᠳᠠᠯᠠᠢ ᠬᠦᠷᠲᠡᠯ᠎ᠡ ᠪᠦᠷ ᠲᠡᠭᠦᠨ ᠦ᠌ ᠵᠠᠷᠯᠢᠭ ᠢ᠋ ᠳᠠᠭᠠᠬᠤ ᠪᠣᠯᠪᠠ᠃ ᠵᠡᠭᠦᠨ ᠲᠠᠯ᠎ᠠ ᠳ᠋ᠤᠨᠢ ᠦᠨᠡᠨᠴᠢ ᠰᠢᠳᠤᠷᠭᠤ ᠪᠥᠭᠡᠳ ᠶᠠᠳᠠᠷᠠᠵᠤ ᠵᠦᠳᠡᠷᠡᠬᠦ ᠪᠡᠨ ᠮᠡᠳᠡᠬᠦ ᠦᠭᠡᠢ ᠮᠤᠬᠤᠯᠠᠢ᠂ ᠠᠯᠲᠠᠨ ᠤᠯᠤᠰ ᠢ᠋ ᠲᠦᠪᠰᠢᠳᠬᠡᠬᠦ ᠶ᠋ᠢᠨ ᠲᠥᠯᠥᠭᠡ ᠬᠠᠯᠠᠰᠢᠷᠠᠯ ᠦᠭᠡᠢ ᠪᠡᠷ ᠴᠢᠷᠮᠠᠢᠵᠤ ᠪᠠᠢᠨ᠎ᠠ᠃ ᠪᠠᠷᠠᠭᠤᠨ ᠲᠠᠯ᠎ᠠ ᠪᠠᠷ ᠵᠡᠪᠡ ᠨᠣᠶᠠᠨ ᠠᠭᠤᠯᠠ ᠶ᠋ᠢᠨ ᠵᠢᠯᠠᠭ᠎ᠠ ᠨᠤᠭᠤᠳ ᠪᠤᠶᠤ ᠫᠠᠮᠢᠷ ᠠᠭᠤᠯᠠ ᠶ᠋ᠢᠨ ᠵᠠᠮ ᠢ᠋ᠶ᠋ᠠᠷ ᠮᠣᠷᠢᠯᠠᠵᠤ᠂ ᠪᠣᠭᠳᠠ ᠬᠠᠭᠠᠨ ᠳ᠋ᠤ᠌ ᠲᠦᠪᠰᠢᠳᠬᠡᠭᠳᠡᠭᠡᠳᠦᠢ ᠠᠢᠮᠠᠭ  ᠤ᠋ᠳ ᠪᠠᠢᠨ᠎ᠠ ᠤᠤ ᠭᠡᠵᠦ ᠡᠷᠢᠵᠦ ᠶᠠᠪᠤᠨ᠎ᠠ᠃ 
    ᠵᠥᠴᠢ ᠪᠠᠰᠠ ᠥᠪᠡᠷ ᠦ᠋ᠨ ᠡᠭᠦᠷᠭᠡ ᠪᠡᠨ ᠪᠡᠶᠡᠯᠡᠭᠦᠯᠪᠡ᠃ ᠭᠤᠴᠢᠨ ᠲᠠᠪᠤᠨ ᠵᠢᠯ ᠦ᠋ᠨ ᠤᠷᠢᠳ ᠵᠠᠯᠠᠭᠤ ᠲᠡᠮᠦᠵᠢᠨ ᠮᠣᠩᠭᠣᠯ ᠭᠠᠵᠠᠷ ᠳᠠᠬᠢ ᠣᠯᠠᠨ ᠠᠢᠮᠠᠭ ᠤ᠋ᠨ ᠲᠡᠩᠴᠡᠭᠦᠷᠢ ᠲᠡᠢ ᠪᠠᠢᠬᠤ ᠶ᠋ᠢ ᠡᠪᠳᠡᠬᠦ ᠦᠭᠡᠢ ᠭᠡᠮᠡᠨ ᠠᠶᠤᠵᠤ ᠭᠦᠢᠴᠡᠳᠬᠡᠭᠰᠡᠨ ᠦᠭᠡᠢ ᠦᠢᠯᠡᠰ ᠢ᠋ ᠣᠳᠣ ᠲᠡᠷᠡ ᠭᠦᠢᠴᠡᠳᠬᠡᠭᠰᠡᠨ ᠪᠠᠢᠨ᠎ᠠ᠃ ᠲᠡᠷᠡ ᠦᠶ᠎ᠡ ᠳ᠋ᠦ᠍ ᠲᠡᠮᠦᠵᠢᠨ ᠭᠠᠳᠠᠭᠠᠳᠤ ᠤᠯᠤᠰ ᠤ᠋ᠨ ᠬᠦᠴᠦᠨ ᠢ᠋ᠶ᠋ᠡᠷ ᠪᠤᠯᠢᠶᠠᠭᠳᠠᠭᠰᠠᠨ ᠡᠬᠡᠨᠡᠷ ᠪᠥᠷᠲᠡ ᠪᠡᠨ ᠪᠤᠴᠠᠭᠠᠵᠤ ᠠᠪᠤᠭᠰᠠᠨ ᠳ᠋ᠠᠭᠠᠨ ᠬᠠᠨᠵᠤ ᠪᠠᠢᠭᠰᠠᠨ ᠶᠤᠮ᠃ ᠲᠡᠭᠦᠨ ᠦ᠌ ᠬᠥᠪᠡᠭᠦᠨ ᠵᠥᠴᠢ ᠮᠡᠷᠭᠢᠳ ᠡᠴᠡ ᠥᠰᠢᠶ᠎ᠡ ᠪᠡᠨ ᠪᠠᠬᠠᠨ ᠤᠳᠠᠭᠠᠨ ᠠᠪᠤᠭᠰᠠᠨ ᠪᠣᠯᠪᠠᠴᠤ᠂ ᠬᠠᠷᠢᠨ ᠦᠨᠳᠦᠰᠦ ᠶ᠋ᠢ ᠲᠠᠰᠤᠯᠤᠭᠰᠠᠨ ᠶᠤᠮ᠃ ᠣᠢ ᠰᠢᠭᠤᠢ ᠳᠣᠲᠣᠷ᠎ᠠ ᠬᠥᠨᠳᠡᠯᠡᠨ ᠭᠣᠣᠯᠲᠤ ᠲᠣᠭᠣᠷᠢᠭᠠᠳ ᠪᠥᠭᠡᠰᠦ ᠲᠡᠭᠦᠬᠦ ᠮᠡᠲᠦ ᠦᠯᠡᠳᠡᠭᠳᠡᠯ ᠦᠭᠡᠢ ᠪᠡᠷ ᠲᠡᠳᠡᠨᠦᠰ ᠢ᠋ ᠠᠯᠠᠭᠰᠠᠨ ᠪᠠᠢᠨ᠎ᠠ᠃ ᠭᠠᠭᠴᠠ ᠬᠥᠮᠦᠨ ᠳᠠᠷᠤᠢ ᠳᠣᠭᠲᠣᠭ᠎ᠠ ᠪᠡᠬᠢ ᠶ᠋ᠢᠨ ᠬᠥᠪᠡᠭᠦᠨ ᠢ᠋ ᠦᠯᠡᠳᠡᠭᠡᠶ᠎ᠡ ᠭᠡᠳ ᠬᠠᠭᠠᠨ ᠡᠴᠢᠭᠡ ᠳ᠋ᠡᠭᠡᠨ ᠬᠡᠯᠡᠭᠰᠡᠨ ᠪᠣᠯᠪᠠᠴᠤ ᠦᠯᠡᠳᠡᠭᠡᠵᠦ ᠴᠢᠳᠠᠭᠰᠠᠨ ᠦᠭᠡᠢ ᠪᠢᠯᠡ᠃ ᠡᠨᠡ ᠮᠡᠷᠭᠢᠳ ᠦ᠋ᠨ ᠲᠦᠷᠦᠭᠦᠦ ᠨᠤᠮᠤ ᠰᠤᠮᠤ ᠬᠠᠷᠪᠤᠬᠤ ᠳ᠋ᠠᠭᠠᠨ ᠣᠯᠢᠭ ᠦᠭᠡᠢ ᠮᠡᠷᠭᠡᠨ ᠪᠠᠢᠵᠤ᠂ ᠶᠢᠷᠲᠢᠨᠴᠦ ᠳ᠋ᠦ᠍ ᠠᠯᠳᠠᠷᠲᠠᠢ ᠬᠠᠷᠪᠤᠭᠴᠢ ᠮᠣᠩᠭᠣᠯ ᠬᠥᠮᠦᠰ ᠢ᠋ ᠪᠢᠰᠢᠷᠡᠭᠦᠯᠦᠭᠰᠡᠨ ᠪᠠᠢᠵᠠᠢ᠃ ᠡᠢᠮᠦ ᠡᠴᠡ ᠵᠥᠴᠢ ᠥᠪᠡᠷ ᠦ᠋ᠨ ᠪᠡᠶ᠎ᠡ ᠳ᠋ᠦ᠍ ᠬᠦᠷᠲᠡᠭᠡᠬᠦ ᠥᠷᠥᠰᠢᠶᠡᠯ ᠪᠣᠯᠭᠠᠵᠤ᠂ ᠡᠨᠡᠬᠦ ᠣᠯᠵᠠᠯᠠᠭᠰᠠᠳ ᠤ᠋ᠨ ᠠᠮᠢ ᠨᠠᠰᠤ ᠶ᠋ᠢ ᠨᠢ ᠠᠪᠤᠷᠠᠬᠤ ᠪᠣᠯᠪᠠᠤ ᠭᠡᠵᠦ ᠭᠤᠶᠤᠴᠢᠯᠠᠭᠰᠠᠨ ᠶᠤᠮ᠃   
    ᠭᠡᠲᠡᠯ᠎ᠡ ᠴᠢᠩᠭᠢᠰ ᠬᠠᠭᠠᠨ᠂ ᠬᠠᠭᠤᠴᠢᠨ ᠳᠠᠢᠰᠤᠨ ᠳ᠋ᠤ᠌ ᠠᠭᠤᠴᠢᠯᠠᠯ ᠦᠵᠡᠭᠦᠯᠬᠦ ᠨᠢ ᠰᠢᠨ᠎ᠡ ᠪᠠᠢᠯᠳᠤᠭᠠᠨ ᠤ᠋ ᠰᠢᠯᠲᠠᠭᠠᠨ ᠪᠣᠯᠬᠤ ᠶ᠋ᠢ ᠲᠤᠷᠰᠢᠯᠭ᠎ᠠ ᠠ᠋ᠴᠠ ᠪᠠᠨ ᠮᠡᠳᠡᠵᠦ ᠪᠠᠢᠭᠰᠠᠨ ᠪᠣᠯᠬᠣᠷ᠂ ᠵᠥᠴᠢ ᠶ᠋ᠢᠨ ᠭᠤᠶᠤᠴᠢᠯᠠᠯ ᠢ᠋ ᠵᠥᠪᠰᠢᠶᠡᠷᠡᠭᠰᠡᠨ ᠦᠭᠡᠢ᠃ ᠴᠢᠩᠭᠢᠰ ᠬᠠᠭᠠᠨ ᠤ᠋ ᠬᠡᠯᠡᠭᠰᠡᠨ ᠨᠢ᠄《ᠮᠡᠷᠭᠢᠳ ᠠᠢᠮᠠᠭ ᠪᠣᠯ ᠪᠣᠢ ᠪᠦᠬᠦᠢ ᠦᠨᠳᠦᠰᠦᠲᠡᠨ ᠦ᠌ ᠳᠣᠲᠣᠷᠠᠬᠢ ᠬᠠᠮᠤᠭ ᠤ᠋ᠨ ᠠᠳᠠᠭ ᠨᠢ ᠶᠤᠮ᠂ ᠲᠣᠭᠲᠤᠭ᠎ᠠ ᠪᠡᠬᠢ ᠶ᠋ᠢᠨ ᠬᠥᠪᠡᠭᠦᠨ ᠨᠢ ᠴᠠᠭ ᠢ᠋ᠶ᠋ᠠᠨ ᠬᠦᠷᠪᠡᠯ ᠬᠣᠣᠷᠲᠤ ᠮᠣᠭᠠᠢ ᠪᠣᠯᠵᠤ ᠬᠤᠪᠢᠷᠠᠬᠤ ᠶᠤᠮ᠃ ᠮᠣᠩᠭᠣᠯ ᠬᠠᠭᠠᠨᠲᠤ ᠤᠯᠤᠰ ᠤ᠋ᠨ ᠳᠠᠢᠰᠤᠨ ᠪᠣᠯᠬᠤ ᠨᠢᠭᠡᠨ ᠲᠡᠷᠰᠯᠡᠭᠦᠦ ᠶ᠋ᠢᠨ ᠲᠤᠢᠯ ᠳ᠋ᠠᠭᠠᠨ ᠲᠤᠯᠤᠭᠰᠠᠨ᠂ ᠡᠢᠮᠦ ᠶᠠᠭᠤᠮ᠎ᠠ ᠶ᠋ᠢ ᠪᠠᠢᠯᠭᠠᠵᠤ ᠶᠠᠭᠠᠬᠢᠵᠤ ᠪᠣᠯᠬᠤ ᠪᠣᠢ᠃ ᠮᠢᠨᠦ ᠪᠡᠶ᠎ᠡ ᠮᠣᠩᠭᠣᠯ ᠬᠥᠮᠦᠨ ᠦ᠌ ᠲᠥᠯᠥᠭᠡ ᠣᠯᠠᠨ ᠠᠷᠪᠢᠨ ᠬᠠᠭᠠᠨ ᠡᠵᠡᠨ ᠪᠠ ᠴᠡᠷᠢᠭ ᠢ᠋ ᠨᠢ ᠰᠥᠨᠥᠭᠡᠭᠰᠡᠨ  ᠶᠤᠮ᠃ ᠡᠨᠡ ᠨᠢᠭᠡᠨ ᠡᠷ᠎ᠡ ᠶᠠᠭᠤ ᠯᠠ ᠪᠣᠯᠬᠤᠪ ᠳᠠ》 ᠭᠡᠵᠡᠢ᠃ 
    ᠡᠴᠢᠭᠡ ᠬᠠᠭᠠᠨ ᠨᠢ ᠥᠪᠡᠷ ᠦ᠋ᠨ ᠡᠢᠮᠦ ᠭᠤᠶᠤᠳᠠᠯ ᠢ᠋ ᠵᠥᠪᠰᠢᠶᠡᠷᠡᠭᠰᠡᠨ ᠦᠭᠡᠢ ᠪᠣᠯᠬᠣᠷ ᠵᠥᠴᠢ ᠠᠮᠢᠰᠬᠤᠭ᠎ᠠ ᠪᠠᠨ ᠪᠥᠭᠯᠡᠷᠡᠲᠡᠯ᠎ᠡ ᠠᠭᠤᠷᠯᠠᠵᠠᠢ᠃ ᠭᠡᠪᠡᠴᠦ ᠴᠢᠩᠭᠢᠰ ᠬᠠᠭᠠᠨ ᠤ᠋ ᠬᠢᠯᠢᠩ ᠪᠡᠶ᠎ᠡ ᠳ᠋ᠦ᠍ᠨᠢ ᠬᠥᠷᠥᠭᠦᠵᠡᠢ ᠭᠡᠮᠡᠨ ᠪᠣᠳᠣᠭᠠᠳ ᠠᠶᠤᠮᠰᠢᠭ ᠦᠭᠡᠢ ᠵᠥᠷᠢᠴᠡᠵᠦ ᠴᠢᠳᠠᠭᠰᠠᠨ ᠦᠭᠡᠢ ᠪᠢᠯᠡ᠃ ᠮᠡᠷᠭᠢᠳ ᠦ᠋ᠨ ᠲᠦᠷᠦᠭᠦᠦ ᠠᠯᠠᠭᠳᠠᠪᠠ᠃ ᠪᠡᠶᠡᠯᠡᠭᠳᠡᠮᠡᠷ ᠪᠠᠢᠭᠰᠠᠨ ᠬᠦᠰᠡᠯ ᠨᠢ ᠲᠠᠰᠤᠯᠤᠭᠳᠠᠭᠠᠳ ᠵᠥᠴᠢ ᠬᠠᠷᠠᠮᠰᠠᠵᠤ ᠰᠠᠷᠠᠭᠤᠯ ᠲᠠᠯ᠎ᠠ ᠳ᠋ᠠᠬᠢ ᠣᠯᠠᠨ ᠦᠨᠳᠦᠰᠦᠲᠡᠨ ᠬᠢᠷᠭᠢᠰ᠂ ᠲᠦᠮᠡᠳ ᠢ᠋ᠶ᠋ᠡᠷ ᠰᠡᠳᠬᠢᠯ ᠢ᠋ᠶ᠋ᠡᠨ ᠠᠭᠤᠵᠢᠷᠠᠭᠤᠯᠬᠤ ᠶ᠋ᠢᠨ ᠲᠥᠯᠥᠭᠡ ᠬᠢᠪᠴᠠᠭ ᠢ᠋ ᠴᠢᠭᠯᠡᠵᠦ᠂ ᠤᠯᠠᠮ ᠠᠭᠯᠠᠭ ᠬᠣᠯᠠ ᠭᠠᠵᠠᠷ ᠲᠤ᠌ ᠣᠳᠴᠠᠢ᠃ ᠬᠢᠷᠭᠢᠰ ᠪᠣᠯᠤᠨ ᠲᠦᠮᠡᠳ ᠪᠣᠯ ᠵᠥᠴᠢ ᠶ᠋ᠢᠨ ᠬᠠᠷᠢᠶᠠᠲᠤ ᠭᠠᠵᠠᠷ ᠲᠤ᠌ ᠪᠠᠭᠲᠠᠵᠤ ᠪᠠᠢᠭᠰᠠᠨ ᠪᠣᠯᠪᠠᠴᠤ᠂ ᠲᠡᠭᠦᠨ ᠳ᠋ᠦ᠍ ᠬᠠᠮᠢᠶᠠᠷᠤᠭᠳᠠᠭᠰᠠᠨ ᠢ᠋ᠶ᠋ᠠᠨ ᠮᠠᠷᠲᠠᠵᠤ ᠤᠳᠠᠭᠠᠨ ᠬᠤᠭᠤᠴᠠᠭ᠎ᠠ ᠪᠣᠯᠵᠤ ᠪᠠᠢᠭᠰᠠᠨ ᠶᠤᠮ᠃ 

 (ᠭᠤᠷᠪᠠ)ᠴᠢᠩᠭᠢᠰ ᠬᠠᠭᠠᠨ᠂ ᠱᠠᠭ ᠯᠤᠭ᠎ᠠ ᠠᠷᠠᠯᠵᠢᠶ᠎ᠠ ᠨᠡᠪᠲᠡᠷᠡᠬᠦ ᠪᠣᠯᠵᠣᠭ᠎ᠠ ᠲᠣᠭᠲᠠᠭᠰᠠᠨ ᠨᠢ 

    ᠬᠠᠷ᠎ᠠ ᠬᠢᠳᠠᠨ ᠬᠠᠭᠠᠨᠲᠤ ᠤᠯᠤᠰ  ᠮᠥᠬᠥᠭᠡᠳ᠂ ᠡᠷᠴᠢᠰ ᠭᠣᠣᠯ  ᠤ᠋ᠨ ᠪᠠᠷᠠᠭᠤᠨ ᠲᠠᠯ᠎ᠠ ᠳ᠋ᠤ᠌ ᠨᠢᠭᠡᠨ ᠰᠠᠯᠪᠤᠷᠢ ᠮᠣᠩᠭᠣᠯ ᠤ᠋ᠨ ᠮᠣᠷᠢᠲᠤ ᠴᠡᠷᠢᠭ ᠢᠯᠡᠷᠡᠭᠰᠡᠨ ᠨᠢ ᠪᠠᠷᠠᠭᠤᠨ ᠠᠽᠢᠶ᠎ᠠ ᠶ᠋ᠢᠨ ᠠᠩᠬᠠᠷᠤᠯ ᠢ᠋ ᠲᠠᠲᠠᠬᠤ ᠬᠡᠷᠡᠭ ᠪᠣᠯᠪᠠ᠃ ᠴᠢᠩᠭᠢᠰ ᠬᠠᠭᠠᠨ  ᠤ᠋ ᠲᠤᠬᠠᠢ ᠡᠨᠡ ᠦᠶ᠎ᠡ ᠳ᠋ᠦ᠍ ᠬᠣᠲᠣᠩ ᠠᠷᠠᠯᠵᠢᠶᠠᠴᠢᠨ  ᠤ᠋ ᠬᠡᠯᠡᠭᠰᠡᠨ ᠶᠠᠭᠤᠮ᠎ᠠ ᠠ᠋ᠴᠠ ᠭᠠᠳᠠᠨ᠎ᠠ ᠲᠤᠰ ᠣᠷᠣᠨ  ᠤ᠋ ᠬᠥᠮᠦᠰ  ᠮᠡᠳᠡᠭᠰᠡᠨ ᠵᠦᠢᠯ ᠳᠡᠮᠡᠢ ᠦᠭᠡᠢ ᠪᠠᠢᠭᠰᠠᠨ ᠶᠤᠮ᠃ ᠭᠤᠴᠢ ᠢᠯᠡᠭᠦᠦ ᠵᠢᠯ ᠦ᠋ᠨ ᠲᠤᠷᠰᠢ ᠬᠢᠲᠠᠳ ᠤ᠋ᠨ ᠨᠡᠢᠭᠡᠮ ᠡᠴᠡ᠂ᠬᠢᠲᠠᠳ ᠤ᠋ᠨ ᠨᠣᠶᠠᠨ ᠴᠣᠯᠠ ᠶ᠋ᠢ ᠦᠭᠪᠡᠴᠦ ᠪᠣᠯᠤᠮᠠᠷ ᠶᠡᠬᠡᠪᠡᠷ ᠠᠰᠢᠭᠯᠠᠵᠤ ᠪᠣᠯᠬᠤ ᠠᠷᠤ ᠭᠠᠵᠠᠷ ᠤ᠋ᠨ ᠨᠢᠭᠡᠨ ᠨᠣᠶᠠᠨ  ᠭᠡᠵᠦ ᠴᠢᠩᠭᠢᠰ ᠬᠠᠭᠠᠨ ᠦᠵᠡᠭᠳᠡᠵᠦ ᠪᠠᠢᠭᠰᠠᠨ ᠮᠡᠲᠦ᠂ᠯᠠᠯᠤ ᠶ᠋ᠢᠨ ᠮᠥᠷᠭᠥᠯᠲᠡᠨ ᠦ᠌ ᠨᠡᠢᠭᠡᠮ ᠳ᠋ᠦ᠍ ᠪᠠᠰᠠ ᠴᠢᠩᠭᠢᠰ ᠬᠠᠭᠠᠨ ᠪᠣᠯ ᠡᠮᠬᠢ ᠵᠢᠷᠤᠮ ᠢ᠋ ᠬᠠᠢᠷᠠᠯᠠᠳᠠᠭ ᠠᠷᠠᠯᠵᠢᠶᠠᠴᠢᠨ ᠢ᠋ ᠰᠠᠢᠨ ᠠᠪᠴᠤ ᠶᠠᠪᠤᠳᠠᠭ᠂ ᠶᠡᠬᠡ  ᠰᠠᠢᠨ ᠠᠷᠠᠯᠵᠢᠶ᠎ᠠ ᠬᠢᠵᠦ ᠪᠣᠯᠤᠮᠠᠷ ᠨᠢᠭᠡᠨ ᠡᠵᠡᠨ ᠬᠠᠭᠠᠨ ᠭᠡᠵᠦ ᠬᠠᠷᠠᠭᠳᠠᠵᠤ ᠪᠠᠢᠭᠰᠠᠨ ᠶᠤᠮ᠃ᠳᠠᠷᠠᠭ᠎ᠠ ᠳ᠋ᠤᠨᠢ ᠠᠷᠠᠯᠵᠢᠶᠠᠴᠢᠨ ᠨᠠᠷ ᠡᠨᠡ ᠪᠣᠭᠳᠠ ᠬᠠᠭᠠᠨ  ᠬᠠᠷᠢᠨ ᠬᠣᠯᠠ ᠠ᠋ᠴᠠ ᠬᠣᠯᠠ ᠪᠠᠢᠬᠤ ᠪᠥᠭᠡᠳ ᠲᠡᠭᠦᠨ  ᠦ᠌ ᠲᠤᠬᠠᠢ ᠶᠠᠮᠠᠷ ᠴᠤ᠌ ᠮᠡᠳᠡᠯᠭᠡ ᠥᠬᠡᠢ ᠠᠯᠲᠠᠨ ᠤᠯᠤᠰ ᠢ᠋ ᠳᠡᠢᠯᠦᠭᠰᠡᠨ ᠭᠡᠰᠡᠨ ᠴᠢᠮᠡᠭᠡ ᠶ᠋ᠢ ᠰᠣᠨᠣᠰᠤᠭᠠᠳ ᠯᠠᠯᠤ ᠶ᠋ᠢᠨ ᠮᠥᠷᠭᠥᠯᠲᠡᠨ ᠨᠠᠷ ᠴᠢᠬᠢ ᠪᠡᠨ ᠳᠡᠯᠳᠡᠢᠲᠡᠯ᠎ᠡ  ᠰᠣᠴᠢᠭᠰᠠᠨ ᠪᠠᠢᠴᠠᠢ᠃ ᠡᠨᠡ ᠦᠶ᠎ᠡ ᠳ᠋ᠦ᠍ ᠯᠠᠯᠤ ᠶ᠋ᠢᠨ ᠮᠥᠷᠭᠥᠯᠲᠡᠨ  ᠦ᠌ ᠨᠡᠢᠭᠡᠮ ᠪᠣᠯ ᠶᠡᠬᠡ ᠳᠠᠢᠯᠠᠨ ᠳᠠᠭᠠᠭᠤᠯᠤᠭᠴᠢ ᠬᠣᠷᠸᠰᠮ ᠤᠯᠤᠰ ᠤ᠋ᠨ ᠠᠯᠠ— ᠠᠳ᠋— ᠳ᠋ᠢᠨ᠂ ᠮᠦᠬᠠᠮᠸᠳ᠋ ᠤ᠋ᠨ ᠨᠣᠶᠠᠷᠬᠠᠯ ᠳᠣᠣᠷ᠎ᠠ ᠪᠠᠢᠭᠰᠠᠨ ᠶᠤᠮ᠃
    ᠮᠦᠬᠠᠮᠸᠳ᠋ ᠪᠣᠯ ᠰᠠᠷᠰᠣᠮ ᠤᠯᠤᠰ ᠤ᠋ᠨ ᠨᠢᠭᠡᠨ ᠸᠠᠩ ᠠ᠋ᠴᠠ ᠠᠮᠤᠳᠠᠷᠢᠶᠠ ᠭᠣᠣᠯ ᠤ᠋ᠨ ᠳᠣᠣᠷ᠎ᠠ ᠤᠷᠤᠰᠬᠠᠯ ᠳ᠋ᠠᠬᠢ ᠬᠣᠷᠸᠰᠮ ᠮᠣᠵᠢ ᠶ᠋ᠢᠨ ᠳᠡᠳ᠋ ᠸᠠᠩ ᠢ᠋ᠶ᠋ᠠᠷ ᠲᠣᠮᠢᠯᠠᠭᠳᠠᠭᠰᠠᠨ ᠨᠢᠭᠡᠨ ᠲᠦᠷᠺ ᠪᠣᠭᠣᠯ ᠤ᠋ᠨ ᠦᠷᠡᠳᠦᠰ ᠮᠥᠨ ᠪᠥᠭᠡᠳ  ᠨᠢᠭᠡᠨᠲᠡ ᠲᠤᠰᠠᠭᠠᠷ ᠲᠣᠭᠲᠠᠨᠢᠭᠰᠠᠨ ᠬᠤᠷᠸᠰᠮ ᠤᠯᠤᠰ ᠢ᠋ ᠡᠴᠢᠭᠡ ᠡᠴᠡ ᠪᠡᠨ ᠵᠠᠯᠭᠠᠮᠵᠢᠯᠠᠨ ᠠᠪᠤᠭᠰᠠᠨ ᠠᠵᠢ᠃ ᠡᠨᠡᠬᠦ ᠸᠠᠩᠲᠤ ᠤᠯᠤᠰ ᠨᠢ ᠲᠤᠬᠠᠢ ᠶ᠋ᠢᠨ ᠦᠶ᠎ᠡ  ᠳ᠋ᠦ᠍ ᠺᠠᠰᠫᠢ ᠲᠠᠩᠭᠢᠰ ᠠ᠋ᠴᠠ ᠪᠥᠬᠠᠷ ᠬᠦᠷᠲᠡᠯ᠎ᠡ᠂ᠠᠷᠠᠯ ᠲᠠᠩᠭᠢᠰ  ᠠ᠋ᠴᠠ ᠫᠧᠷᠰ ᠦ᠋ᠨ ᠥᠨᠳᠥᠷᠯᠢᠭ ᠬᠦᠷᠲᠡᠯ᠎ᠡ ᠡᠵᠡᠯᠡᠵᠦ ᠪᠠᠢᠭᠰᠠᠨ ᠶᠤᠮ᠂ ᠮᠦᠬᠠᠮᠸᠳ᠋᠂ ᠲᠠᠰᠤᠷᠠᠯᠲᠠ ᠦᠭᠡᠢ  ᠦᠷᠭᠦᠯᠵᠢᠯᠡᠨ ᠪᠠᠢᠯᠳᠤᠭᠠᠨ ᠢ᠋ᠶ᠋ᠠᠷ ᠳᠥᠷᠪᠡᠨ ᠵᠦᠭ ᠲᠦᠷᠢᠵᠦ᠂ ᠬᠠᠭᠠᠨᠲᠤ ᠲᠥᠷᠥ ᠪᠡᠨ ᠥᠷᠭᠡᠳᠬᠡᠭᠰᠡᠨ ᠪᠠᠢᠨ᠎ᠠ᠃ ᠰᠢᠷᠳᠠᠷᠢᠶᠠ ᠭᠣᠣᠯ ᠢ᠋ ᠭᠡᠲᠦᠯᠦᠭᠡᠳ ᠬᠢᠷᠭᠢᠰ ᠦ᠋ᠨ ᠰᠠᠷᠠᠭᠤᠯ ᠲᠠᠯ᠎ᠠ ᠳ᠋ᠤ᠌ ᠳᠣᠪᠲᠣᠯᠵᠤ ᠣᠷᠣᠭᠠᠳ ᠂ ᠵᠡᠭᠦᠨ ᠲᠠᠯ᠎ᠠ ᠳ᠋ᠠᠭᠠᠨ ᠰᠠᠮᠠᠷᠺᠠᠨᠳ᠋ ᠪᠣᠯᠤᠨ ᠹᠸᠷᠭᠠᠨᠠ ᠶ᠋ᠢ ᠡᠵᠡᠯᠡᠬᠦ  ᠶ᠋ᠢᠨ ᠬᠠᠮᠲᠤ ᠳᠣᠷᠠᠨᠰᠤᠱᠢᠶᠠᠨ ᠸᠠᠩᠲᠤ ᠤᠯᠤᠰ ᠢ᠋ ᠪᠠᠢᠯᠳᠤᠨ ᠳᠠᠭᠠᠭᠤᠯᠤᠭᠠᠳ᠂ ᠡᠮᠦᠨ᠎ᠡ ᠳᠠᠰᠢ ᠪᠠᠨ ᠠᠹᠭᠠᠨᠢᠰᠲ᠋ᠠᠨ  ᠤ᠋ ᠠᠭᠤᠯᠠᠷᠬᠠᠭ ᠣᠷᠣᠨ  ᠤ᠋ ᠦᠨᠳᠦᠰᠦᠲᠡᠨ ᠨᠦ᠍ᠭᠦᠳ ᠢ᠋ ᠲᠡᠭᠦᠨ  ᠦ᠌ ᠬᠠᠷᠢᠶ᠎ᠠ ᠳ᠋ᠠᠭᠠᠨ ᠣᠷᠣᠭᠤᠯᠤᠭᠠᠳ᠂ ᠪᠠᠷᠠᠭᠤᠨ ᠲᠠᠯ᠎ᠠ ᠳ᠋ᠠᠭᠠᠨ ᠫᠧᠷᠰ   ᠢᠷᠠᠺ ᠬᠦᠷᠲᠡᠯ᠎ᠡ ᠰᠦᠷ ᠬᠦᠴᠦᠨ  ᠢ᠋ᠶ᠋ᠡᠨ ᠥᠷᠭᠡᠳᠬᠡᠵᠡᠢ᠃《ᠭᠠᠵᠠᠷ ᠳᠡᠭᠡᠷᠡᠬᠢ ᠰᠠᠬᠢᠭᠤᠯᠰᠤᠨ ᠪᠥᠭᠡᠳ  ᠠᠯᠠ  ᠶ᠋ᠢᠨ ᠰᠡᠭᠦᠳᠡᠷ》 ᠭᠡᠵᠦ ᠤᠷᠠᠢᠯᠠᠬᠳᠠᠵᠣ《ᠠᠯᠧᠺᠰᠠᠨᠳᠠᠷ ᠬᠣᠶᠠᠳᠤᠭᠠᠷ》 ᠪᠣᠯᠵᠤ《ᠶᠡᠬᠡ》 ᠭᠡᠬᠦ《ᠢᠯᠠᠭᠴᠢ》 ᠭᠡᠬᠦ ᠵᠡᠷᠭᠡ ᠶ᠋ᠢᠨ ᠨᠡᠷ᠎ᠡ ᠴᠣᠯᠠ ᠪᠠᠷ ᠡᠷᠭᠦᠭᠳᠡᠭᠰᠡᠨ ᠲᠡᠷᠡ ᠸᠠᠩ ᠤ᠋ᠨ ᠲᠠᠶᠠᠭ  ᠤ᠋ᠨ ᠳᠣᠣᠷ᠎ᠠ ᠪᠠᠨ ᠪᠦᠬᠦ ᠯᠠᠯᠤ ᠶ᠋ᠢᠨ ᠮᠥᠷᠭᠥᠯᠲᠡᠨ ᠢ᠋ ᠴᠤᠭᠯᠠᠭᠤᠯᠬᠤ ᠪᠠᠷ  ᠵᠡᠭᠦᠳᠦᠯᠡᠨ ᠪᠠᠭᠲᠠᠳ᠋ ᠤ᠋ᠨ ᠬᠠᠯᠢᠹ ᠲᠤ᠌ ᠲᠡᠭᠦᠨ ᠢ᠋ ᠰᠦᠯᠳᠡ ᠪᠣᠯᠭᠠᠨ ᠵᠥᠪᠰᠢᠶᠡᠷᠡᠬᠦ ᠪᠡᠷ ᠱᠠᠭᠠᠷᠳᠠᠪᠠ᠃ ᠡᠨᠡᠬᠦ ᠪᠠᠭᠲᠠᠳ᠋ ᠤ᠋ᠨ ᠬᠠᠯᠢᠹ ᠪᠣᠯ ᠳᠠᠷᠤᠢ ᠵᠠᠭᠠᠯᠮᠠᠢ  ᠲᠡᠮᠳᠡᠭᠲᠦ ᠴᠡᠷᠢᠭ ᠦ᠋ᠨ ᠠᠶᠠᠨ ᠲᠡᠢᠨ ᠦ᠌  ᠬᠤᠸᠠᠷᠠᠭ ᠵᠠᠶᠠᠭ᠂ ᠳ᠋ᠤ · ᠪᠢᠳᠦᠷᠢ ᠶ᠋ᠢᠨ ᠵᠠᠬᠢᠳᠠᠯ ᠳ᠋ᠤ᠌ ᠪᠢᠴᠢᠭᠰᠡᠨ ᠲᠡᠷᠡᠬᠦ ᠬᠠᠯᠢᠹ ᠪᠣᠯᠤᠨ᠎ᠠ᠃
    ᠪᠠᠭᠲᠠᠳ᠋ ᠤ᠋ᠨ ᠬᠠᠯᠢᠹ ᠲᠡᠷᠡ ᠦᠶ᠎ᠡ ᠳ᠋ᠦ᠍ ᠡᠭᠡᠯ ᠠᠷᠠᠳ ᠢ᠋ ᠬᠠᠮᠢᠶᠠᠷᠬᠤ ᠡᠷᠬᠡ  ᠨᠢ ᠨᠢᠭᠡᠨᠲᠡ  ᠪᠠᠭᠠᠰᠤᠭᠠᠳ ᠶᠠᠯᠢᠮ ᠦᠭᠡᠢ ᠥᠴᠦᠬᠡᠨ ᠪᠣᠯᠴᠢᠬᠠᠭᠰᠠᠨ ᠶᠤᠮ᠂ ᠮᠸᠰᠣᠫᠤᠲ᠋ᠠᠮᠢᠶ᠎ᠠ ᠠ᠋ᠴᠠ ᠭᠠᠳᠠᠨ᠎ᠠ ᠶᠠᠪᠤᠭᠳᠠᠬᠤ ᠦᠭᠡᠢ ᠪᠠᠢᠭᠰᠠᠨ ᠪᠣᠯᠪᠠᠴᠤ᠂ ᠪᠦᠬᠦ ᠯᠠᠯᠤ ᠶ᠋ᠢᠨ  ᠮᠥᠷᠭᠥᠯᠲᠡᠨ ᠦ᠌ ᠬᠠᠮᠤᠭ ᠳᠡᠭᠡᠳᠦ ᠨᠣᠶᠠᠨ  ᠪᠣᠯᠬᠣᠷ ᠵᠥᠩᠨᠡᠨ ᠠᠢᠯᠠᠳᠬᠤ ᠲᠠᠯ᠎ᠠ ᠪᠠᠷ ᠯᠤᠲᠤ ᠶᠡᠬᠡ ᠨᠥᠯᠥᠭᠡ ᠲᠡᠢ ᠪᠠᠢᠭᠰᠠᠨ ᠶᠤᠮ᠃ ᠲᠠᠰᠤᠷᠠᠯᠲᠠ ᠦᠭᠡᠢ ᠪᠡᠷ ᠢᠯᠡᠷᠡᠨ ᠭᠠᠷᠴᠤ ᠪᠠᠢᠭᠰᠠᠨ ᠬᠠᠮᠤᠭ ᠥᠨᠳᠥᠷ ᠡᠷᠬᠡ ᠶ᠋ᠢ ᠠᠳᠬᠤᠬᠤ ᠭᠡᠳ ᠳᠤᠷ᠎ᠠ ᠪᠠᠷ ᠢ᠋ᠶ᠋ᠠᠨ ᠠᠭᠠᠰᠢᠯᠠᠳᠠᠭ ᠣᠯᠠᠨ ᠸᠠᠩ ᠳ᠋ᠤ᠌ ᠬᠠᠯᠢᠹ ᠤ᠋ᠨ ᠲᠥᠷᠥ ᠶ᠋ᠢᠨ ᠪᠣᠳᠣᠯᠭ᠎ᠠ ᠨᠢ᠂ ᠶᠠᠭ ᠪᠠᠷᠠᠭᠤᠨ ᠡᠧᠥ᠋ᠷᠥᠫᠡ ᠳ᠋ᠡᠬᠢ ᠷᠣᠮ ᠤ᠋ᠨ ᠱᠠᠰᠢᠨ ᠤ᠋ ᠬᠠᠭᠠᠨ ᠠ᠋ᠴᠠ ᠬᠡᠲᠦᠷᠬᠡᠢ ᠪᠠᠢᠭ᠎ᠠ  ᠴᠢᠭᠢᠷᠠᠭᠵᠢᠵᠤ ᠪᠠᠢᠭ᠎ᠠ ᠭᠧᠷᠮᠠᠨ ᠤ᠋ ᠬᠠᠭᠠᠳ ᠲᠤ᠌ ᠠᠪᠤᠭᠰᠠᠨ ᠲᠥᠷᠥ ᠶ᠋ᠢᠨ ᠪᠣᠳᠣᠯᠭ᠎ᠠ ᠲᠠᠢ ᠠᠳᠠᠯᠢ ᠪᠠᠢᠭᠰᠠᠨ ᠶᠤᠮ᠃ ᠳᠠᠷᠤᠢ ᠬᠠᠯᠢᠹ— ᠨᠠᠵᠢᠷ— ᠯᠢ· ᠳ᠋ᠢᠨ· ᠢᠯᠡᠬᠢ ᠪᠣᠯ  ᠮᠦᠬᠠᠮᠸᠳ᠋ ᠢ᠋ ᠰᠦᠯᠳᠡ ᠭᠡᠵᠦ ᠵᠥᠪᠰᠢᠶᠡᠷᠡᠬᠦ ᠦᠭᠡᠢ᠂ ᠣᠯᠠᠨ ᠢ᠋ᠶ᠋ᠠᠷ ᠢ᠋ᠶ᠋ᠠᠨ ᠳᠠᠭᠠᠳᠬᠠᠯ ᠬᠢᠬᠦ ᠳ᠋ᠡᠭᠡᠨ ᠨᠡᠷ᠎ᠡ ᠶ᠋ᠢ ᠨᠢ ᠣᠷᠣᠭᠤᠯᠵᠤ ᠪᠣᠯᠬᠤ ᠦᠭᠡᠢ ᠭᠡᠵᠦ ᠲᠤᠰᠠᠭᠠᠷ ᠪᠠᠢᠬᠤ ᠣᠯᠠᠨ ᠯᠠᠯᠤ ᠶ᠋ᠢᠨ ᠮᠥᠷᠭᠥᠯᠲᠡᠨ ᠦ᠌ ᠨᠣᠶᠠᠳ ᠤ᠋ᠨ ᠬᠣᠯᠪᠣᠭ᠎ᠠ ᠪᠠᠢᠭᠤᠯᠬᠤ ᠪᠠᠷ ᠴᠢᠷᠮᠠᠢᠭᠰᠠᠨ ᠪᠠᠢᠨ᠎ᠠ᠃ ᠬᠠᠯᠢᠹ ᠤ᠋ᠨ ᠡᠨᠡ ᠮᠡᠲᠦ ᠵᠠᠬᠢᠳᠠᠯ ᠢ᠋ ᠮᠦᠬᠠᠮᠸᠳ᠋· ᠱᠠᠭ ᠬᠠᠷᠢᠨ ᠠᠹᠭᠠᠨᠢᠰᠲ᠋ᠠᠨ ᠢ᠋ ᠲᠦᠪᠰᠢᠳᠬᠡᠬᠦ ᠦᠶ᠎ᠡ ᠳ᠋ᠦ᠍ ᠭᠠᠷ ᠲᠤᠨᠢ ᠣᠷᠣᠵᠠᠢ᠃ ᠬᠠᠯᠢᠹ ᠤ᠋ᠨ ᠮᠡᠬᠡ ᠬᠡᠷᠡᠭᠯᠡᠵᠦ ᠪᠠᠢᠬᠤ ᠭᠡᠷᠡᠴᠢ ᠶ᠋ᠢ ᠣᠯᠤᠭᠰᠠᠨ ᠠ᠋ᠴᠠ ᠮᠦᠬᠠᠮᠸᠳ᠋ ᠳᠠᠷᠤᠢ ᠯᠠᠯᠤ ᠶ᠋ᠢᠨ ᠮᠥᠷᠭᠥᠯᠲᠡᠨ ᠦ᠌ ᠱᠠᠰᠢᠨ ᠤ᠋ ᠬᠤᠷᠠᠯ ᠢ᠋ ᠬᠤᠷᠠᠯᠳᠤᠭᠤᠯᠵᠤ᠂ ᠡᠨᠡ ᠬᠤᠷᠠᠯ ᠳᠡᠭᠡᠷ᠎ᠡ ᠨᠠᠵᠢᠷ ᠤ᠋ᠨ ᠬᠠᠯᠢᠹ ᠦ᠋ᠨ ᠡᠷᠬᠡ ᠶ᠋ᠢ ᠬᠠᠰᠤᠵᠤ᠂ ᠣᠨᠳᠣᠣ ᠬᠠᠯᠢᠹ ᠢ᠋ ᠲᠣᠮᠢᠯᠠᠵᠠᠢ᠃ ᠢᠩᠭᠢᠵᠦ ᠬᠢᠭᠰᠡᠨ ᠡᠴᠡ ᠪᠣᠯᠵᠤ ᠮᠦᠬᠠᠮᠸᠳ᠋· ᠱᠠᠭ ᠠ᠋ᠴᠠ ᠬᠠᠯᠢᠹ ᠤ᠋ᠨ ᠠᠷᠢᠭᠤᠨ ᠴᠢᠨᠠᠷ ᠲᠤ᠌ ᠬᠠᠯᠳᠠᠭᠰᠠᠨ ᠴᠤ᠌ ᠦᠭᠡᠢ ᠮᠥᠷᠲᠡᠭᠡᠨ ᠨᠠᠵᠢᠷ ᠢ᠋ ᠤᠭᠴᠠᠷᠠᠭᠤᠯᠤᠨ ᠲᠡᠭᠦᠨ ᠲᠡᠢ ᠪᠠᠢᠯᠳᠤᠭᠠᠨ ᠬᠢᠵᠦ ᠪᠣᠯᠬᠤ ᠪᠣᠯᠤᠯ᠎ᠠ᠃  
    ᠬᠠᠷ᠎ᠠ ᠬᠢᠳᠠᠨ ᠠ᠋ᠴᠠ ᠬᠣᠯᠠ ᠵᠡᠭᠦᠨ ᠲᠠᠯ᠎ᠠ ᠳ᠋ᠤ᠌ ᠰᠢᠨ᠎ᠡ ᠬᠠᠭᠠᠨ ᠢᠯᠡᠷᠡᠭᠰᠡᠨ ᠢ ᠮᠦᠬᠠᠮᠸᠳ᠋· ᠱᠠᠭ ᠰᠣᠨᠣᠰᠤᠭᠰᠠᠨ ᠨᠢ ᠡᠨᠡ ᠪᠠᠢᠯᠳᠤᠭᠠᠨ ᠤ᠋ ᠪᠡᠯᠡᠳᠬᠡᠯ ᠢ᠋ ᠬᠢᠵᠦ ᠪᠠᠢᠭᠰᠠᠨ ᠦᠶ᠎ᠡ ᠳ᠋ᠦ᠍ ᠶᠦᠮ᠃ ᠭᠡᠲᠡᠯ᠎ᠡ ᠮᠣᠩᠭᠣᠯ ᠨᠡᠢᠭᠡᠮ ᠦ᠋ᠨ ᠲᠤᠬᠠᠢ ᠬᠡᠷᠡᠭ ᠢ᠋ ᠲᠡᠷᠡ ᠳᠡᠮᠡᠢ ᠮᠡᠳᠡᠬᠦ ᠦᠭᠡᠢ ᠪᠠᠢᠭᠰᠠᠨ ᠶᠤᠮ᠃ ᠲᠡᠷᠡ ᠪᠣᠯ ᠵᠥᠪᠬᠡᠨ ᠨᠢᠭᠡᠨ ᠶᠡᠬᠡ ᠪᠠᠢᠯᠳᠤᠨ ᠳᠠᠭᠠᠭᠤᠯᠤᠭᠴᠢ ᠮᠥᠨ᠂ ᠬᠠᠭᠠᠨᠲᠤ ᠠᠯᠲᠠᠨ ᠤᠯᠤᠰ ᠲᠠᠢ ᠪᠠᠢᠯᠳᠤᠭᠠᠨ ᠬᠢᠵᠦ ᠪᠠᠢᠭᠰᠠᠨ᠂ ᠬᠢᠷᠭᠢᠰ ᠦ᠋ᠨ ᠰᠠᠷᠠᠭᠤᠯ ᠲᠠᠯ᠎ᠠ ᠳ᠋ᠤ᠌ ᠮᠣᠩᠭᠣᠯ ᠤ᠋ᠨ ᠮᠣᠷᠢᠲᠤ ᠴᠡᠷᠢᠭ ᠢᠯᠡᠷᠡᠭᠰᠡᠨ ᠲᠡᠳᠦᠢ ᠶ᠋ᠢ ᠯᠡ ᠰᠣᠨᠣᠰᠴᠤ ᠪᠠᠢᠯ᠎ᠠ᠃ ᠡᠳᠡᠭᠡᠷ ᠴᠢᠮᠡᠭᠡ ᠡᠴᠡ ᠦᠵᠡᠬᠦᠯ᠎ᠡ ᠶᠠᠭᠤ ᠪᠣᠯᠬᠤ ᠮᠠᠭᠠᠳ ᠭᠡᠳ ᠪᠠᠭᠲᠠᠳ᠋  ᠤ᠋ᠨ ᠬᠠᠯᠢᠹ ᠤ᠋ᠨ ᠵᠦᠭ ᠶᠠᠪᠤᠭᠤᠯᠬᠤ ᠪᠠᠢᠯᠳᠤᠭᠠᠨ ᠢ᠋ᠶ᠋ᠠᠨ ᠬᠣᠢᠰᠢᠯᠠᠬᠤ ᠪᠠᠷ ᠲᠣᠭᠲᠠᠵᠤ᠂ ᠵᠡᠭᠦᠨ ᠲᠠᠯ᠎ᠠ ᠪᠠ ᠤᠮᠠᠷᠠᠲᠤ ᠲᠠᠯ᠎ᠠ ᠶ᠋ᠢᠨ ᠪᠡᠬᠢᠯᠡᠯᠲᠡ ᠪᠡᠨ ᠪᠡᠬᠢᠵᠢᠭᠦᠯᠦᠨ ᠪᠠᠢᠭᠤᠯᠵᠠᠢ᠃ ᠲᠡᠭᠡᠭᠡᠳ ᠮᠣᠩᠭᠣᠯ ᠤᠯᠤᠰ ᠲᠤ᠌ ᠨᠢᠭᠡᠨ ᠡᠯᠴᠢ ᠲᠣᠮᠢᠯᠠᠵᠠᠢ᠃  
    ᠴᠢᠩᠭᠢᠰ ᠬᠠᠭᠠᠨ᠂ ᠮᠦᠬᠠᠮᠸᠳ᠋· ᠱᠠᠭ ᠤ᠋ᠨ ᠮᠣᠩᠭᠣᠯ ᠤ᠋ᠨ ᠨᠡᠢᠭᠡᠮ ᠢ᠋ ᠮᠡᠳᠡᠬᠦ ᠡᠴᠡ ᠬᠣᠯᠠ ᠢᠯᠡᠭᠦᠦ ᠬᠣᠲᠣᠩ ᠤ᠋ᠨ ᠨᠡᠢᠭᠡᠮ ᠦ᠋ᠨ ᠬᠡᠷᠡᠭ ᠢ᠋ ᠲᠣᠳᠣᠷᠬᠠᠢ ᠮᠡᠳᠡᠵᠦ ᠪᠠᠢᠭᠰᠠᠨ ᠶᠤᠮ᠃ ᠡᠨᠡᠬᠦ ᠯᠠᠯᠤ ᠶ᠋ᠢᠨ ᠮᠥᠷᠭᠥᠯᠲᠡᠨ ᠦ᠌ ᠨᠡᠢᠭᠡᠮ ᠡᠴᠡ᠂ ᠨᠡᠭᠦᠳᠡᠯᠴᠢᠨ ᠮᠠᠯᠴᠢᠳ ᠤ᠋ᠨ ᠪᠠᠬᠠᠲᠠᠢ ᠬᠡᠷᠡᠭᠯᠡᠳᠡᠭ ᠪᠥᠭᠡᠳ ᠠᠰᠢᠭᠲᠠᠢ ᠠᠷᠪᠢᠨ ᠶᠠᠭᠤᠮ᠎ᠠ ᠶ᠋ᠢ ᠣᠷᠣᠭᠤᠯᠵᠤ ᠪᠠᠢᠵᠠᠢ᠃ ᠶᠠᠮᠠᠷ ᠴᠤ᠌ ᠰᠤᠮᠤ ᠨᠡᠪᠲᠡᠷᠡᠬᠦ ᠦᠭᠡᠢ ᠲᠡᠮᠦᠷ ᠬᠤᠶᠠᠭ ᠪᠣᠯᠤᠨ ᠲᠡᠮᠦᠷ ᠳᠤᠭᠤᠯᠠᠭ᠎ᠠ᠂ ᠪᠠᠮᠪᠠᠢ᠂ ᠦᠵᠡᠮᠵᠢ ᠰᠠᠢᠲᠠᠢ ᠳᠠᠪᠲᠠᠭᠰᠠᠨ ᠮᠤᠷᠤᠢ ᠢᠯᠳᠦ ᠪᠠᠢᠵᠠᠢ᠂ ᠲᠡᠷᠡᠴᠢᠯᠡᠨ ᠡᠮᠡᠭᠲᠡᠢᠴᠦᠳ ᠦ᠋ᠨ ᠬᠡᠷᠡᠭᠰᠡᠬᠦ ᠭᠣᠶᠣ ᠰᠠᠢᠬᠠᠨ ᠴᠢᠮᠡᠭᠯᠡᠯ᠂ ᠰᠢᠯᠢᠨ ᠬᠤᠪᠢᠩ᠂ ᠰᠢᠪᠠᠭᠤᠨ ᠤ᠋ ᠥᠳᠥ ᠰᠢᠭ ᠵᠥᠭᠡᠯᠡᠨ ᠨᠣᠣᠰᠣᠨ ᠨᠡᠬᠡᠮᠡᠯ᠂ ᠦᠵᠡᠮᠵᠢ ᠰᠠᠢᠲᠠᠢ ᠲᠣᠷᠭ᠎ᠠ ᠵᠡᠷᠭᠡ ᠪᠠᠢᠪᠠ᠃  
    ᠴᠢᠩᠭᠢᠰ ᠬᠠᠭᠠᠨ᠂ ᠱᠠᠭ( ᠬᠣᠲᠣᠩ  ᠤ᠋ᠨ ᠬᠠᠭᠠᠨ ᠭᠡᠬᠦ ᠴᠣᠯᠠ ) ᠶ᠋ᠢᠨ ᠵᠠᠷᠤᠭᠰᠠᠨ ᠡᠯᠴᠢ ᠳ᠋ᠦ᠍ ᠡᠵᠡᠨ ᠳ᠋ᠡᠭᠡᠨ ᠤᠯᠠᠮᠵᠢᠯᠠᠬᠤ ᠴᠢᠬᠤᠯᠠ ᠲᠠᠢ ᠨᠢᠭᠡᠨ ᠬᠡᠷᠡᠭ ᠢ᠋ ᠳᠤᠷᠠᠳᠤᠭᠰᠠᠨ ᠨᠢ ᠳᠣᠣᠷᠠᠬᠢ ᠮᠡᠲᠦ᠄《ᠪᠢ ᠪᠣᠯᠪᠠᠰᠤ᠂ ᠲᠠᠨ ᠤ᠋ ᠬᠠᠭᠠᠨᠲᠤ ᠤᠯᠤᠰ ᠤ᠋ᠨ ᠠᠭᠤᠤ ᠶᠡᠬᠡ ᠪᠥᠭᠡᠳ ᠬᠦᠴᠦᠷᠬᠡᠭ  ᠪᠠᠢᠬᠤ ᠶ᠋ᠢ ᠮᠡᠳᠡᠵᠦ ᠪᠠᠢᠨ᠎ᠠ᠂ᠮᠢᠨᠦ ᠪᠡᠶ᠎ᠡ  ᠳᠣᠷᠣᠨᠠᠳᠠᠬᠢᠨ ᠤ᠋ ᠡᠵᠡᠨ ᠬᠠᠭᠠᠨ ᠪᠣᠯᠤᠭᠰᠠᠨ ᠲᠠᠢ ᠠᠳᠠᠯᠢ᠂ ᠲᠡᠷᠡ ᠪᠣᠯ ᠥᠷᠥᠨᠡᠳᠠᠬᠢᠨ  ᠤ᠋ ᠡᠵᠡᠨ ᠮᠥᠨ᠃ ᠪᠢᠳᠡᠨ ᠦ᠌ ᠬᠣᠶᠠᠷ ᠤᠯᠤᠰ ᠤ᠋ᠨ  ᠬᠢᠯᠢ ᠪᠣᠯᠪᠠᠰᠤ  ᠬᠢᠪᠴᠠᠭ  ᠲᠤ᠌ ᠵᠠᠬ᠎ᠠ ᠨᠡᠢᠯᠡᠵᠦ ᠪᠠᠢᠨ᠎ᠠ᠃ᠤᠴᠢᠷ ᠡᠢᠮᠦ ᠡᠴᠡ ᠠᠷᠠᠯᠵᠢᠶᠠᠴᠢᠨ ᠢ᠋ᠶ᠋ᠠᠨ ᠴᠢᠯᠥᠭᠡᠲᠡᠢ ᠪᠡᠷ ᠨᠡᠪᠲᠡᠷᠡᠯᠴᠡᠬᠦ ᠪᠣᠯᠪᠠᠰᠤ ᠰᠠᠢᠨ》 ᠭᠡᠮᠡᠨ ᠬᠡᠯᠡᠵᠡᠢ᠃ᠴᠢᠩᠭᠢᠰ ᠬᠠᠭᠠᠨ ᠪᠠᠰᠠ ᠮᠥᠩᠭᠥᠨ  ᠬᠡᠪᠲᠡᠰᠦ᠂  ᠬᠠᠲᠠᠭᠤ ᠬᠠᠰ᠂ᠲᠡᠮᠡᠭᠡᠨ ᠨᠣᠣᠰᠣᠨ ᠨᠡᠬᠡᠮᠡᠯ᠂ ᠠᠷᠠᠰᠤ ᠰᠢᠷᠢ ᠵᠡᠷᠭᠡ ᠶ᠋ᠢᠨ ᠠᠷᠪᠢᠨ ᠪᠡᠯᠡᠭ ᠢ᠋ ᠬᠦᠷᠭᠡᠬᠦ ᠪᠡᠷ ᠡᠯᠴᠢᠨ  ᠦ᠌ ᠪᠦᠯᠬᠦᠮ ᠢ᠋ ᠲᠣᠮᠢᠯᠠᠵᠠᠢ᠃ ᠮᠦᠬᠠᠮᠸᠳ᠋ · ᠱᠠᠭ ᠢ᠋ ᠪᠠᠶᠠᠷᠯᠠᠭᠤᠯᠬᠤ ᠶ᠋ᠢᠨ ᠲᠥᠯᠥᠭᠡ ᠡᠨᠡᠬᠦ ᠡᠯᠴᠢᠨ  ᠦ᠌ ᠪᠦᠯᠬᠦᠮ ᠢ᠋ᠶ᠋ᠡᠨ  ᠪᠦᠷ ᠯᠠᠯᠤ ᠶ᠋ᠢᠨ ᠮᠥᠷᠭᠥᠯᠲᠡᠨ ᠤᠢᠭᠤᠷ ᠬᠥᠮᠦᠨ᠂ ᠵᠡᠭᠦᠨ ᠲᠦᠷᠺᠰᠲ᠋ᠠᠨ ᠬᠥᠮᠦᠨ  ᠦ᠌ ᠠᠷᠠᠯᠵᠢᠶᠠᠴᠢᠨ ᠢ᠋ᠶ᠋ᠠᠷ ᠪᠦᠷᠢᠯᠳᠦᠭᠦᠯᠦᠨ ᠨᠢᠭᠡᠨ ᠮᠣᠩᠭᠣᠯ ᠬᠥᠮᠦᠨ ᠴᠦ᠍ ᠣᠷᠣᠯᠴᠠᠭᠤᠯᠤᠭᠰᠠᠨ ᠦᠭᠡᠢ ᠪᠥᠭᠡᠳ ᠪᠦᠯᠬᠦᠮ ᠦ᠋ᠨ ᠳᠠᠷᠤᠭ᠎ᠠ ᠪᠠᠷ ᠠᠷᠠᠯᠵᠢᠶᠠᠴᠢᠨ ᠮᠠᠮᠥ᠋ᠳ᠋· ᠶᠠᠷᠪᠠᠶ᠋ᠢᠴᠢ ᠭᠡᠰᠡᠨ ᠬᠥᠮᠦᠨ ᠢ᠋ ᠲᠠᠯᠪᠢᠭᠰᠠᠨ ᠪᠠᠢᠨ᠎ᠠ᠃
    ᠡᠨᠡᠬᠦ ᠡᠯᠴᠢᠨ  ᠦ᠌ ᠪᠦᠯᠬᠦᠮ ᠦ᠋ᠨ ᠠᠭᠤᠯᠵᠠᠯᠲᠠ ᠶ᠋ᠢ ᠮᠠᠰᠢ ᠬᠦᠨᠳᠦ ᠲᠡᠢ ᠪᠡᠷ ᠶᠠᠪᠤᠭᠤᠯᠤᠭᠰᠠᠨ ᠶᠤᠮ᠃ ᠶᠡᠷᠦ ᠶ᠋ᠢᠨ ᠴᠠᠭ ᠲᠠᠭᠠᠨ ᠥᠨᠳᠥᠷ ᠰᠠᠭᠤᠳᠠᠯ ᠳ᠋ᠤ᠌  ᠰᠠᠭᠤᠨ ᠪᠠᠷᠳᠠᠮᠰᠢᠬᠣ ᠱᠠᠭ ᠤ᠋ᠨ ᠪᠦᠬᠦ  ᠣᠷᠳᠣᠨ ᠨᠢ ᠰᠡᠪ ᠰᠡᠮᠡᠬᠡᠷ ᠪᠣᠯᠤᠭᠰᠠᠨ ᠬᠢᠴᠢᠶᠡᠩᠭᠦᠢ ᠰᠡᠳᠬᠢᠯ ᠢ᠋ᠶ᠋ᠡᠷ ᠤᠭᠲᠤᠵᠤ ᠪᠠᠢᠪᠠ᠃ ᠳᠠᠷᠠᠭ᠎ᠠ ᠳ᠋ᠤᠨᠢ  ᠠᠰᠠᠭᠤᠵᠤ ᠡᠬᠢᠯᠡᠪᠡ᠃ ᠶᠡᠬᠡ ᠬᠠᠭᠠᠨ ᠣᠯᠠᠨ ᠦᠨᠳᠦᠰᠦᠲᠡᠨ  ᠦ᠌ ᠳᠡᠭᠡᠷ᠎ᠡ ᠡᠵᠡᠨ ᠪᠣᠯᠵᠤ ᠪᠠᠢᠨ᠎ᠠ ᠤᠤ᠂ ᠠᠯᠲᠠᠨ ᠬᠠᠭᠠᠨᠲᠤ ᠤᠯᠤᠰ ᠢ᠋ ᠦᠨᠡᠬᠡᠷ ᠲᠠᠢᠯᠵᠤ ᠴᠢᠳᠠᠭᠰᠠᠨ ᠤᠤ᠂ ᠬᠠᠮᠤᠭ ᠡᠴᠦᠰ  ᠲᠦ᠋ᠨᠢ ᠰᠢᠭᠤᠳ ᠪᠢᠰᠢ ᠲᠣᠭᠣᠷᠢᠤ  ᠠᠷᠭ᠎ᠠ ᠪᠠᠷ ᠬᠡᠯᠡᠭᠰᠡᠨ  ᠨᠢ᠄ ᠮᠣᠩᠭᠣᠯ ᠤ᠋ᠨ ᠬᠠᠭᠠᠨ ᠲᠡᠭᠦᠨ  ᠦ᠌ ᠪᠡᠶ᠎ᠡ ᠳ᠋ᠦ᠍ ᠠᠶᠤᠮᠰᠢᠭ ᠲᠦᠭᠰᠢᠭᠦᠷᠢ   ᠤᠴᠠᠷᠠᠭᠤᠯᠵᠤ ᠴᠢᠳᠠᠨ᠎ᠠ ᠤᠤ᠂  ᠦᠭᠡᠢ ᠤᠤ ᠭᠡᠵᠦ ᠠᠰᠠᠭᠤᠵᠤ ᠪᠢᠯᠡ᠃ ᠲᠡᠷᠡ ᠡᠯᠴᠢ ᠶ᠋ᠢᠨ ᠳᠠᠷᠤᠭ᠎ᠠ ᠳ᠋ᠤ᠌  ᠬᠡᠯᠡᠭᠰᠡᠨ ᠨᠢ《ᠴᠢ ᠪᠣᠯ ᠯᠠᠯᠤ ᠶ᠋ᠢᠨ ᠮᠥᠷᠭᠥᠯᠲᠡᠨ ᠮᠥᠨ᠂ ᠨᠤᠲᠤᠭ ᠴᠢᠨᠢ  ᠬᠣᠷᠸᠰᠮ ᠳ᠋ᠤ᠌ ᠪᠠᠢᠨ᠎ᠠ᠃ ᠨᠠᠳᠠᠳᠤ ᠦᠨᠡᠨ ᠦᠭᠡ ᠪᠡᠨ ᠬᠡᠯᠡ᠂ ᠶᠠᠮᠠᠷ ᠤᠴᠢᠷ ᠢ᠋ ᠴᠦ᠍ ᠴᠢ ᠦᠯᠡᠳᠡᠭᠡᠯ ᠦᠭᠡᠢ ᠬᠡᠯᠡᠬᠦ ᠬᠡᠷᠡᠭᠲᠡᠢ᠃ ᠮᠢᠨᠦ ᠤᠯᠤᠰ ᠤ᠋ᠨ ᠠᠭᠤᠤ ᠶᠡᠬᠡ ᠪᠥᠭᠡᠳ  ᠴᠢᠭᠢᠷᠠᠭ ᠬᠦᠴᠦᠷᠬᠡᠭ ᠢ᠋ ᠴᠢ ᠮᠡᠳᠡᠵᠦ ᠪᠠᠢᠨ᠎ᠠ᠃ ᠴᠢᠩᠭᠢᠰ ᠬᠠᠭᠠᠨ  ᠤ᠋ ᠴᠡᠷᠢᠭ  ᠨᠢ ᠮᠢᠨᠦ ᠴᠡᠷᠢᠭ ᠲᠡᠢ ᠠᠳᠠᠯᠢ ᠴᠢᠭᠢᠷᠠᠭ ᠤᠤ ᠂ ᠶᠠᠮᠠᠷ ᠪᠠᠢᠨ᠎ᠠ》 ᠭᠡᠰᠡᠨ ᠪᠢᠯᠡ᠃
    ᠱᠠᠭ ᠤ᠋ᠨ ᠥᠭᠦᠯᠡᠪᠦᠷᠢ ᠳᠣᠲᠣᠷ᠎ᠠ ᠨᠢᠭᠡᠨ ᠵᠦᠢᠯ ᠦ᠋ᠨ ᠰᠦᠷᠳᠡᠭᠦᠯᠭᠡ ᠦᠭᠡᠢ ᠭᠡᠵᠢ ᠤᠤ᠃  ᠱᠠᠭ ᠠ᠋ᠴᠠ ᠮᠠᠮᠥ᠋ᠳ᠋· ᠶᠠᠷᠪᠠᠶ᠋ᠢᠴᠢ ᠳ᠋ᠤ᠌ ᠴᠢ ᠪᠣᠯ ᠬᠣᠷᠸᠰᠮ ᠨᠤᠲᠤᠭ ᠲᠠᠢ ᠬᠥᠮᠦᠨ ᠶᠦᠮ᠃ ᠳᠠᠷᠤᠢ ᠱᠠᠭ ᠪᠣᠯ ᠮᠠᠮᠥ᠋ᠳ᠋ ᠦ᠋ᠨ ᠡᠵᠡᠨ ᠪᠣᠯᠬᠤ ᠬᠢᠷᠢ ᠪᠡᠷ ᠪᠡᠶ᠎ᠡ ᠪᠡᠨ ᠦᠵᠡᠵᠦ ᠪᠠᠢᠨ᠎ᠠ᠃ ᠬᠠᠷᠢᠭᠤ ᠬᠡᠯᠡᠬᠦ ᠳ᠋ᠡᠭᠡᠨ ᠲᠡᠭᠦᠨ ᠦ᠌ ᠠᠭᠤᠷ ᠢ᠋ ᠬᠦᠷᠭᠡᠵᠦ ᠪᠣᠯᠬᠤ ᠦᠭᠡᠢ᠂ ᠨᠢᠭᠡᠨ ᠲᠠᠯ᠎ᠠ ᠪᠠᠷ ᠮᠠᠮᠥ᠋ᠳ᠋ ᠯᠠᠯᠤ ᠶ᠋ᠢᠨ ᠮᠥᠷᠭᠥᠯᠲᠡᠨ ᠦ᠌ ᠬᠣᠪᠢᠨ ᠳ᠋ᠤ᠌ ᠡᠵᠡᠨ ᠳ᠋ᠡᠭᠡᠨ ᠦᠨᠡᠨ ᠦᠭᠡ ᠬᠡᠯᠡᠬᠦ ᠶᠣᠰᠣᠲᠠᠢ᠃ ᠲᠡᠷᠡ ᠪᠣᠳᠣᠯᠭ᠎ᠠ ᠪᠣᠯᠤᠯ᠎ᠠ᠃ ᠰᠠᠢᠬᠠᠨ ᠵᠠᠰᠠᠭᠰᠠᠨ ᠯᠠᠯᠤ ᠶ᠋ᠢᠨ ᠮᠥᠷᠭᠥᠯᠲᠡᠨ ᠦ᠌ ᠦᠵᠡᠮᠵᠢᠲᠡᠢ ᠮᠣᠷᠢᠲᠤ ᠴᠡᠷᠢᠭ ᠢ᠋ ᠪᠣᠳᠣᠭᠠᠳ᠂ ᠪᠠᠰᠠ ᠭᠠᠳᠠᠷ ᠲᠠᠯ᠎ᠠ ᠪᠠᠷ ᠦᠵᠡᠮᠵᠢᠲᠡᠢ ᠪᠥᠭᠡᠳ ᠪᠠᠢᠯᠳᠤᠭᠠᠨ ᠳ᠋ᠤ᠌ ᠲᠤᠰᠠ ᠪᠣᠯᠬᠤ ᠬᠤᠶᠠᠭ ᠵᠡᠪᠰᠡᠭ ᠢ᠋ ᠡᠷᠬᠢᠮᠯᠡᠭᠰᠡᠨ ᠪᠣᠭᠳᠠ ᠬᠠᠭᠠᠨ ᠤ᠋ ᠴᠡᠷᠢᠭ ᠢ᠋ ᠪᠣᠳᠣᠯ᠎ᠠ᠃ ᠲᠡᠭᠦᠨ ᠦ᠌ ᠬᠠᠷᠢᠭᠤᠯᠤᠭᠰᠠᠨ ᠨᠢ ᠭᠠᠳᠠᠭᠠᠳᠤ ᠶ᠋ᠢᠨ ᠬᠠᠷᠢᠯᠴᠠᠭ᠎ᠠ ᠳᠡᠭᠡᠷ᠎ᠡ ᠨᠢᠭᠡᠨ ᠰᠢᠯᠢᠳᠡᠭ ᠵᠢᠱ᠌ᠢᠶ᠎ᠡ ᠪᠣᠯᠤᠭᠰᠠᠨ ᠪᠠᠢᠨ᠎ᠠ᠃ ᠳᠠᠷᠤᠢ《ᠴᠢᠩᠭᠢᠰ ᠬᠠᠭᠠᠨ ᠤ᠋ ᠴᠡᠷᠢᠭ ᠦ᠋ᠨ ᠪᠠᠢᠳᠠᠯ ᠢ᠋ ᠳᠡᠯᠡᠬᠡᠢ ᠶ᠋ᠢᠨ ᠰᠦᠯᠳᠡ ᠪᠣᠯᠬᠤ ᠲᠠᠨ ᠤ᠋ ᠴᠡᠷᠢᠭ ᠦ᠋ᠨ ᠥᠩᠭᠡ ᠭᠡᠷᠡᠯ ᠲᠡᠢ ᠠᠳᠠᠯᠢᠳᠬᠠᠪᠠᠯ ᠬᠥᠷᠥᠰᠥ ᠶ᠋ᠢ ᠭᠡᠷᠡᠯᠲᠦᠭᠦᠯᠬᠦ ᠨᠠᠷᠠᠨ ᠤ᠋ ᠭᠡᠷᠡᠯ ᠪᠣᠯᠤᠨ ᠲᠣᠰᠣᠨ ᠵᠤᠯᠠ ᠶ᠋ᠢᠨ ᠭᠡᠷᠡᠯ ᠦ᠋ᠨ ᠢᠯᠭᠠᠭ᠎ᠠ ᠠ᠋ᠴᠠ ᠪᠠᠢᠨ᠎ᠠ᠃ ᠰᠠᠢᠬᠠᠨ ᠲᠥᠷᠥᠭᠰᠡᠨ ᠳᠦᠷᠺᠡ ᠠᠪᠤᠭᠠᠢ ᠶ᠋ᠢᠨ ᠴᠢᠷᠠᠢ ᠪᠣᠯᠤᠨ ᠣᠸ᠎ᠠ ᠲᠦᠷᠬᠢᠵᠦ ᠥᠭᠭᠦᠭᠰᠡᠨ ᠮᠣᠨᠳᠢ ᠶ᠋ᠢᠨ ᠴᠢᠷᠠᠢ ᠶ᠋ᠢᠨ ᠵᠥᠷᠢᠶ᠎ᠡ ᠲᠡᠢ ᠪᠣᠯᠤᠨ᠎ᠠ᠃ ᠲᠣᠭ᠎ᠠ ᠶ᠋ᠢᠨ ᠲᠠᠯ᠎ᠠ ᠪᠠᠷ ᠠᠳᠠᠯᠢᠳᠬᠠᠪᠠᠴᠤ ᠲᠠᠨ ᠤ᠋ ᠴᠡᠷᠢᠭ ᠪᠣᠯ ᠴᠢᠩᠭᠢᠰ ᠬᠠᠭᠠᠨ ᠤ᠋ ᠴᠡᠷᠢᠭ ᠡᠴᠡ ᠬᠣᠯᠠ ᠣᠯᠠᠨ ᠪᠠᠢᠨ᠎ᠠ》 ᠭᠡᠵᠡᠢ᠃
    ᠡᠢᠮᠦ ᠬᠠᠷᠢᠭᠤ ᠥᠴᠢᠭᠰᠡᠨ ᠢ᠋ ᠮᠦᠬᠠᠮᠸᠳ᠋ ᠶᠡᠬᠡ ᠲᠠᠭᠠᠯᠠᠮᠵᠢᠲᠠᠢ ᠰᠣᠨᠣᠰᠤᠭᠰᠠᠨ ᠪᠠᠢᠨ᠎ᠠ᠃ ᠠᠷᠠᠯᠵᠢᠶ᠎ᠠ ᠨᠡᠪᠲᠡᠷᠡᠬᠦ ᠪᠣᠯᠵᠣᠭ᠎ᠠ ᠶ᠋ᠢ ᠬᠣᠶᠠᠷ ᠲᠠᠯ᠎ᠠ ᠪᠠᠷ ᠪᠦᠷ ᠬᠠᠨᠤᠮᠵᠢᠲᠠᠢ ᠪᠠᠷ ᠲᠣᠭᠲᠠᠭᠠᠯ᠎ᠠ᠃ ᠨᠢᠭᠡᠳᠦᠭᠡᠷ ᠤᠳᠠᠭ᠎ᠠ ᠶ᠋ᠢᠨ ᠠᠷᠠᠯᠵᠢᠶ᠎ᠠ ᠶ᠋ᠢᠨ ᠠᠩᠭᠢ ᠶ᠋ᠢ ᠬᠣᠶᠠᠷ ᠤᠯᠤᠰ ᠴᠥᠮ ᠪᠡᠯᠡᠳᠬᠡᠵᠦ ᠪᠠᠢᠭᠰᠠᠨ ᠦᠶ᠎ᠡ ᠳ᠋ᠦ᠍᠂ ᠬᠠᠯᠢᠹ ᠲᠠᠢ ᠪᠠᠢᠯᠳᠤᠭᠠᠨ ᠬᠢᠬᠦ ᠪᠡᠷ ᠱᠠᠭ ᠴᠡᠷᠢᠭ ᠢ᠋ᠶ᠋ᠡᠨ ᠳᠠᠭᠠᠭᠤᠯᠤᠨ ᠪᠠᠷᠠᠭᠤᠨ ᠲᠡᠰᠢ ᠮᠣᠷᠳᠠᠵᠤ ᠭᠠᠷᠤᠯ᠎ᠠ᠃ ᠵᠡᠪᠡ ᠨᠣᠶᠠᠨ ᠬᠠᠷ᠎ᠠ ᠬᠢᠳᠠᠨ ᠢ᠋ ᠲᠦᠪᠰᠢᠳᠬᠡᠬᠦ ᠪᠡᠷ ᠮᠣᠷᠳᠠᠭᠰᠠᠨ ᠨᠢ ᠶᠠᠭ ᠡᠨᠡ ᠦᠶ᠎ᠡ ᠪᠠᠢᠵᠠᠢ᠃

    ( ᠳᠥᠷᠪᠡ) ᠪᠠᠭᠲᠡᠳ᠋ ᠠ᠋ᠴᠠ ᠢᠷᠡᠭᠰᠡᠨ ᠡᠯᠴᠢ

    ᠪᠠᠭᠲᠠᠳ᠋ ᠲᠠᠬᠢ ᠬᠠᠯᠢᠹ ᠤ᠋ᠨ ᠣᠷᠳᠣᠨ ᠳ᠋ᠤ᠌ ᠴᠤ ᠮᠦᠬᠠᠮᠸᠳ᠋᠂ ᠱᠠᠭ ᠠ᠋ᠴᠠ ᠪᠠᠭᠲᠠᠳ᠋ ᠤ᠋ᠨ ᠵᠦᠭ ᠪᠠᠢᠯᠳᠤᠬᠤ ᠪᠠᠷ ᠪᠡᠯᠡᠳᠬᠡᠵᠦ ᠪᠠᠢᠨ᠎ᠠ ᠭᠡᠰᠡᠨ ᠴᠢᠮᠡᠭᠡ ᠶ᠋ᠢᠨ ᠬᠠᠮᠲᠤ ᠵᠡᠭᠦᠨ ᠠᠹᠭᠠᠨᠢᠰᠲ᠋ᠠᠨ ᠠᠭᠤᠯᠠᠷᠬᠠᠭ ᠣᠷᠣᠨ ᠤ᠋ ᠴᠢᠨᠠᠳᠤ ᠲᠠᠯ᠎ᠠ ᠳ᠋ᠤ᠌ ᠨᠢᠭᠡᠨ ᠰᠢᠨ᠎ᠡ ᠶᠡᠬᠡ ᠤᠯᠤᠰ ᠮᠠᠨᠳᠤᠵᠤ ᠪᠣᠰᠤᠯ᠎ᠠ ᠭᠡᠰᠡᠨ ᠴᠤᠤ ᠭᠡᠨᠡᠳᠲᠡ ᠰᠣᠨᠣᠰᠲᠠᠯ᠎ᠠ᠃ ᠬᠠᠯᠢᠹ ᠳᠠᠷᠤᠢ ᠡᠨᠡᠬᠦ ᠴᠢᠭᠢᠷᠠᠭ ᠤᠯᠤᠰ ᠤ᠋ᠨ ᠴᠢᠮᠡᠭᠡ ᠶ᠋ᠢ ᠭᠠᠷ ᠲᠠᠭᠠᠨ ᠣᠷᠣᠭᠤᠯᠵᠤ᠂ ᠭᠣᠣᠯᠳᠠᠭᠤ ᠨᠢ ᠾᠷᠢᠰᠲ᠋ᠣᠰ ᠤ᠋ᠨ ᠱᠠᠰᠢᠨ ᠤ᠋ ᠨᠢᠭᠡᠨ ᠰᠠᠯᠪᠤᠷᠢ ᠪᠣᠯᠬᠤ ᠨᠢᠰᠲ᠋ᠥ᠋ᠷᠢ ᠱᠠᠰᠢᠨᠲᠠᠨ ᠠ᠋ᠴᠠ ᠡᠨᠡ ᠴᠢᠭᠢᠷᠠᠭ ᠤᠯᠤᠰ ᠪᠣᠯ ᠱᠠᠭ ᠤ᠋ᠨ ᠳᠠᠢᠰᠤᠨ ᠪᠥᠭᠡᠳ ᠾᠷᠢᠰᠲ᠋ᠣᠰ ᠤ᠋ᠨ ᠱᠠᠰᠢᠨ ᠢ᠋ ᠰᠢᠲᠦᠳᠡᠭ ᠭᠡᠰᠡᠨ ᠢ᠋ ᠮᠡᠳᠡᠯ᠎ᠡ᠃ ᠨᠢᠰᠲ᠋ᠥ᠋ᠷᠢ ᠱᠠᠰᠢᠨ ᠪᠣᠯ ᠠᠽᠢᠶ᠎ᠠ ᠶ᠋ᠢᠨ ᠪᠦᠬᠦ ᠣᠷᠣᠨ ᠳ᠋ᠤ᠌ ᠲᠠᠷᠬᠠᠵᠤ ᠪᠠᠢᠭᠰᠠᠨ ᠶᠤᠮ᠃ ᠡᠢᠮᠦ ᠡᠴᠡ ᠡᠨᠳᠡᠭᠦᠦ ᠣᠢᠯᠠᠭᠠᠯᠲᠠ ᠪᠣᠯᠤᠨ ᠬᠤᠳᠠᠯ ᠢ᠋ᠶ᠋ᠠᠷ ᠵᠣᠬᠢᠶᠠᠭᠰᠠᠨ ᠶᠠᠷᠢᠶ᠎ᠠ᠂ ᠲᠡᠷᠡᠴᠢᠯᠡᠨ ᠨᠢᠭᠡᠨ ᠬᠡᠰᠡᠭ ᠦᠨᠡᠨ ᠤᠴᠢᠷ ᠢ᠋ ᠬᠠᠷᠠᠭᠤᠯᠤᠭᠰᠠᠨ ᠵᠦᠢᠯ ᠪᠦᠷᠢ ᠪᠡᠷ ᠬᠤᠳᠬᠤᠯᠳᠤᠭᠰᠠᠨ ᠴᠢᠮᠡᠭᠡ ᠡᠭᠦᠰᠬᠦ ᠰᠢᠯᠲᠠᠭᠠᠨ ᠪᠣᠯᠤᠭᠰᠠᠨ ᠶᠤᠮ᠃ ᠭᠡᠪᠡᠴᠦ ᠡᠳᠡᠭᠡᠷ ᠴᠢᠮᠡᠭᠡ ᠡᠴᠦᠰ ᠲᠡᠭᠡᠨ ᠵᠠᠭᠤᠨ ᠵᠢᠯ ᠦ᠋ᠨ ᠲᠤᠷᠰᠢ ᠳᠤᠮᠳᠠᠳᠤ ᠳᠣᠷᠣᠨᠠᠲᠤ ᠳ᠋ᠤ᠌ ᠭᠠᠷᠤᠭᠰᠠᠨ ᠳᠣᠮᠣᠭ《ᠵᠠᠭᠠᠨ ᠭᠡᠰᠡᠨ ᠪᠣᠭᠳᠠ ᠪᠣᠯ ᠡᠨᠡᠳᠬᠡᠭ ᠦ᠋ᠨ ᠾᠷᠢᠰᠲ᠋ᠣᠰ ᠤ᠋ᠨ ᠱᠠᠰᠢᠨ ᠤ᠋ ᠬᠠᠭᠠᠨ》ᠭᠡᠰᠡᠨ ᠶᠠᠷᠢᠶ᠎ᠠ ᠮᠥᠨ᠃ ᠡᠨᠡ ᠮᠡᠲᠦ ᠶ᠋ᠢᠨ ᠶᠠᠷᠢᠶ᠎ᠠ ᠨᠢ ᠬᠢᠲᠠᠳ ᠤ᠋ᠨ ᠶᠡᠬᠡ ᠲᠡᠮᠡᠴᠡᠯ ᠦ᠋ᠨ ᠦᠶ᠎ᠡ ᠳ᠋ᠦ᠍ ᠭᠠᠷᠤᠭᠰᠠᠨ ᠪᠢᠯᠡ᠃ ᠯᠢᠶᠣᠣ ᠤᠯᠤᠰ ᠤ᠋ᠨ ᠬᠠᠭᠠᠨ ᠤ᠋ ᠲᠥᠷᠥ ᠨᠢ ᠠᠯᠲᠠᠨ ᠤᠯᠤᠰ ᠲᠤ᠌ ᠴᠣᠬᠢᠭᠳᠠᠭᠠᠳ ᠵᠠᠳᠠᠷᠠᠭᠰᠠᠨ ᠠ᠋ᠴᠠ ᠯᠢᠶᠣᠣ ᠤᠯᠤᠰ ᠤ᠋ᠨ ᠬᠢᠳᠠᠨ ᠤ᠋ ᠨᠢᠭᠡᠨ ᠨᠣᠶᠠᠨ ᠶᠧ ᠯᠢ ᠳᠡ ᠱᠢ ᠴᠡᠷᠢᠭ ᠢ᠋ᠶ᠋ᠡᠨ ᠳᠠᠭᠠᠭᠤᠯᠤᠨ ᠪᠠᠷᠠᠭᠤᠨ ᠲᠡᠰᠢ ᠭᠣᠪᠢ ᠮᠠᠩᠬ᠎ᠠ ᠶ᠋ᠢ ᠭᠡᠲᠦᠯᠦᠭᠡᠳ ᠲᠦᠷᠺᠰᠲ᠋ᠠᠨ ᠳ᠋ᠤ᠌ ᠬᠠᠷ᠎ᠠ ᠬᠢᠳᠠᠨ ᠤᠯᠤᠰ ᠢ᠋ ᠪᠠᠢᠭᠤᠯᠤᠭᠰᠠᠨ ᠶᠤᠮ᠃ ᠡᠨᠡᠬᠦ ᠰᠢᠨ᠎ᠡ《ᠳᠣᠷᠣᠨᠠᠳᠠᠬᠢᠨ ᠤ᠋ ᠬᠠᠭᠠᠨᠲᠤ ᠤᠯᠤᠰ》᠂ ᠬᠣᠵᠢᠮ ᠰᠦᠷ ᠬᠦᠴᠦᠨ ᠨᠢ ᠶᠸᠵᠢᠫᠲ ᠡᠴᠡ ᠫᠠᠮᠢᠷ  ᠠᠭᠤᠯᠠ ᠬᠦᠷᠲᠡᠯ᠎ᠡ ᠪᠠᠶ᠋ᠢᠬᠰᠠᠨ ᠰᠠᠷᠠᠰᠤᠮ ᠬᠥᠮᠦᠨ ᠦ᠌ ᠵᠦᠭ ᠬᠥᠨᠥᠭᠡᠯ ᠶᠡᠬᠡ ᠲᠡᠢ ᠪᠠᠢᠯᠳᠤᠭᠠᠨ ᠢ᠋ ᠬᠢᠭᠰᠡᠨ ᠪᠠᠢᠨ᠎ᠠ᠂ ᠡᠭᠦᠨ ᠢ᠋ ᠴᠣᠬᠢᠨ ᠳᠡᠢᠯᠦᠭᠰᠡᠨ ᠢᠯᠠᠯᠲᠠ ᠶ᠋ᠢᠨ ᠴᠢᠮᠡᠭᠡ ᠨᠢ ᠳ᠋ᠠᠮᠠᠰᠺᠠ ᠶ᠋ᠢᠨ ᠰᠠᠭᠤᠭᠠᠯᠢ ᠠᠷᠠᠳ ᠲᠠᠢ ᠪᠠᠢᠯᠳᠤᠵᠤ ᠪᠠᠢᠭᠰᠠᠨ ᠵᠠᠭᠠᠯᠮᠠᠢ ᠲᠡᠮᠳᠡᠭᠲᠦ ᠴᠡᠷᠢᠭ ᠲᠦ᠍ ᠤᠯᠠᠮᠵᠢᠯᠠᠭᠳᠠᠭᠰᠠᠨ ᠪᠠᠢᠨ᠎ᠠ᠃ ᠳᠣᠷᠣᠨᠠᠲᠤ ᠣᠷᠣᠨ ᠳ᠋ᠤ᠌ ᠭᠡᠨᠡᠳᠲᠡ ᠢᠯᠡᠷᠡᠵᠦ ᠭᠠᠷᠤᠭᠰᠠᠨ ᠯᠠᠯᠤ ᠶ᠋ᠢᠨ ᠮᠥᠷᠭᠥᠯᠲᠡᠨ ᠦ᠌ ᠳᠠᠢᠰᠤᠨ ᠨᠢ ᠬᠡᠯᠡᠯᠭᠡᠨ ᠦᠭᠡᠢ ᠾᠷᠢᠰᠲ᠋ᠣᠰ ᠤ᠋ᠨ ᠱᠠᠰᠢᠨ ᠤ᠋ ᠮᠥᠷᠭᠥᠯᠲᠡᠨ ᠮᠥᠨ ᠭᠡᠵᠦ ᠪᠣᠳᠣᠭᠳᠠᠨ᠎ᠠ᠃ ᠠᠯᠧᠺᠰᠠᠨᠳᠠᠷ ᠶᠡᠬᠡ ᠬᠠᠭᠠᠨ ᠤ᠋ ᠠᠶᠠᠨ ᠲᠡᠢᠨ ᠦ᠌ ᠦᠶ᠎ᠡ ᠳ᠋ᠦ᠍ ᠳᠣᠷᠣᠨᠠᠲᠤ ᠳ᠋ᠤ᠌ ᠡᠨᠡᠳᠬᠡᠭ ᠭᠡᠬᠦ ᠰᠦᠷᠡᠬᠡᠢ ᠤᠯᠤᠰ ᠪᠠᠢᠭᠰᠠᠨ ᠭᠡᠳᠡᠭ ᠢ᠋ᠶ᠋ᠡᠷ ᠬᠢᠳᠠᠨ ᠤ᠋ ᠨᠣᠶᠠᠨ ᠶᠧ ᠯᠢ ᠳᠡ ᠱᠢ ᠶ᠋ᠢ ᠾᠷᠢᠰᠲ᠋ᠣᠰ ᠤ᠋ᠨ ᠮᠥᠷᠭᠥᠯᠲᠡᠨ ᠦ᠌《ᠡᠨᠡᠳᠬᠡᠭ ᠦ᠋ᠨ ᠵᠠᠭᠠᠨ ᠬᠠᠭᠠᠨ》 ᠪᠣᠯᠭᠠᠵᠤ᠂ ᠡᠭᠦᠨ ᠢ᠋ ᠪᠠᠰᠠ《ᠵᠠᠭᠠᠨ ᠪᠣᠭᠳᠠ》 ᠭᠡᠰᠡᠨ ᠦᠯᠢᠭᠡᠷ ᠪᠣᠯᠭᠠᠴᠢᠬᠠᠭᠰᠠᠨ ᠶᠤᠮ ᠪᠠᠢᠨ᠎ᠠ᠃ ᠬᠠᠮᠤᠭ ᠤ᠋ᠨ ᠢᠷᠠᠭᠤ ᠠᠯᠳᠠᠷᠲᠤ ᠾᠷᠢᠰᠲ᠋ᠣᠰ ᠤ᠋ᠨ ᠮᠥᠷᠭᠥᠯᠲᠡᠨ ᠦ᠌ ᠮᠣᠷᠢᠲᠠᠨ ᠤ᠋ ᠪᠦᠯᠬᠦᠮ ᠨᠢ ᠰᠠᠷᠠᠰᠤᠮ ᠬᠥᠮᠦᠰ ᠲᠦ᠍ ᠳᠡᠢᠯᠦᠭᠳᠡᠭᠰᠡᠨ ᠪᠥᠭᠡᠳ ᠡᠨᠡᠬᠦ ᠰᠠᠷᠠᠰᠤᠮ ᠬᠥᠮᠦᠰ ᠨᠢ ᠡᠷᠭᠢᠭᠡᠳ《ᠳᠣᠷᠣᠨᠠᠲᠤ》 ᠶ᠋ᠢᠨ ᠴᠡᠷᠢᠭ ᠲᠦ᠍ ᠳᠡᠢᠯᠦᠭᠳᠡᠭᠰᠡᠨ ᠪᠣᠯᠬᠣᠷ《ᠵᠠᠭᠠᠨ ᠪᠣᠭᠳᠠ》 ᠶ᠋ᠢᠨ ᠬᠦᠴᠦᠨ ᠨᠢ ᠬᠡᠮᠵᠢᠶᠡᠯᠡᠰᠢ ᠦᠭᠡᠢ ᠶᠡᠬᠡ ᠪᠣᠯᠬᠣᠷ 《ᠣᠯᠠᠨ ᠬᠠᠭᠠᠨ  ᠤ᠋ ᠬᠠᠭᠠᠨ》ᠭᠡᠰᠡᠨ  ᠶᠦ᠍ᠮ ᠃ ᠡᠨᠡ ᠮᠡᠲᠦ ᠪᠡᠷ ᠡᠢᠮᠦ ᠠᠮᠠᠨ ᠶᠠᠷᠢᠶ᠎ᠠ ᠳᠤᠮᠳᠠᠳᠤ ᠳᠣᠷᠣᠨᠠᠲᠤ ᠠ᠋ᠴᠠ ᠧᠦ᠋ᠷᠣᠫᠠ ᠲᠢᠪ ᠲᠦ᠍ ᠤᠯᠠᠷᠢᠨ ᠂ᠬᠣᠯᠠ ᠶ᠋ᠢᠨ ᠵᠠᠮ ᠳ᠋ᠤ᠌ ᠤᠳᠠᠭᠠᠨ  ᠤᠯᠠᠮᠵᠢᠯᠠᠭᠳᠠᠪᠠ ᠃
    ᠲᠤᠢᠯ ᠤ᠋ᠨ ᠲᠦᠭᠰᠢᠭᠦᠷᠢᠲᠡᠢ ᠪᠠᠢᠳᠠᠯ ᠳ᠋ᠤ᠌ ᠣᠷᠣᠭᠰᠠᠨ ᠠ᠋ᠴᠠ ᠪᠣᠯᠵᠤ᠂《ᠴᠢᠳᠬᠥᠷ》ᠪᠠᠢᠭᠰᠠᠨ ᠴᠤ᠌ ᠬᠠᠮᠢᠶ᠎ᠠ ᠦᠭᠡᠢ᠂《ᠦᠬᠦᠯ》ᠤᠴᠠᠷᠠᠭᠰᠠᠨ ᠴᠤ᠌ ᠪᠣᠯᠤᠨ᠎ᠠ ᠭᠡᠵᠦ   ᠬᠣᠯᠪᠣᠭᠠᠲᠠᠨ ᠢ᠋   ᠡᠷᠢᠭᠰᠡᠨ ᠬᠠᠯᠢᠹ ᠪᠠᠭᠲᠠᠳ᠋ ᠳᠠᠬᠢ ᠨᠢᠰᠲ᠋ᠥ᠋ᠷᠢ ᠱᠠᠰᠢᠨ ᠤ᠋   ᠨᠣᠶᠠᠨ ᠢ᠋ ᠲᠦᠰᠢᠵᠦ᠂ ᠵᠢᠭᠤᠯᠴᠢ ᠪᠣᠯᠵᠤ ᠥᠭᠭᠦᠨ᠎ᠡ ᠤᠤ ᠭᠡᠵᠦ ᠭᠤᠶᠤᠵᠠᠢ᠃ᠯᠠᠯᠤ ᠶ᠋ᠢᠨ ᠮᠥᠷᠭᠥᠯᠲᠡᠨ  ᠪᠣᠯᠤᠨ ᠾᠷᠢᠰᠲ᠋ᠣᠰ ᠤ᠋ᠨ ᠮᠥᠷᠭᠥᠯᠲᠡᠨ ᠦ᠌ ᠬᠣᠭᠣᠷᠣᠨᠳᠣ ᠪᠠᠨ ᠲᠡᠮᠡᠴᠡᠯᠳᠦᠬᠦ ᠪᠠᠢᠳᠠᠯ  ᠨᠢ ᠬᠠᠷᠢᠨ ᠪᠠᠭᠲᠠᠳ᠋ ᠲᠤ᠌ ᠬᠡᠳᠦᠨ ᠵᠠᠭᠤᠨ ᠵᠢᠯ  ᠬᠠᠮᠲᠤ ᠪᠠᠷ ᠠᠮᠢᠳᠤᠷᠠᠵᠤ ᠪᠠᠢᠭᠰᠠᠨ ᠠ᠋ᠴᠠ  ᠬᠠᠷᠢᠯᠴᠠᠨ ᠡᠶᠡᠪᠡᠷᠭᠦᠦ ᠪᠣᠯᠵᠤ᠂ ᠬᠣᠶᠠᠷ ᠱᠠᠰᠢᠨ  ᠤ᠋ ᠲᠦᠷᠦᠭᠦᠦ ᠨᠢ ᠪᠡᠶ᠎ᠡ ᠪᠡᠶ᠎ᠡ ᠪᠡᠨ  ᠶᠡᠬᠡᠯ᠎ᠡ ᠰᠠᠢᠨ ᠬᠠᠯᠠᠮᠵᠢᠯᠠᠨ ᠣᠢᠯᠠᠭᠠᠵᠤ ᠪᠠᠢᠭᠰᠠᠨ ᠶᠤᠮ᠃  ᠾᠷᠢᠰᠲ᠋ᠣᠰ ᠤ᠋ᠨ
ᠱᠠᠰᠢᠨ ᠢ᠋ ᠰᠢᠳᠦᠭᠴᠢᠳ  ᠲᠡᠢ ᠨᠡᠢᠯᠡᠵᠦ ᠪᠠᠢᠬᠤ ᠭᠠᠵᠠᠷ ᠳᠠᠬᠢ ᠯᠠᠯᠤ ᠶ᠋ᠢᠨ ᠮᠥᠷᠭᠥᠯᠲᠡᠨ  ᠦ᠌ ᠰᠦᠮ᠎ᠡ ᠶ᠋ᠢ ᠡᠪᠳᠡᠯᠡᠬᠦ ᠨᠥᠬᠥᠴᠡᠯ ᠢ᠋ᠶ᠋ᠡᠷ᠂ ᠾᠷᠢᠰᠲ᠋ᠣᠰ ᠤ᠋ᠨ ᠱᠠᠰᠢᠨ  ᠤ᠋ ᠣᠯᠠᠨ ᠪᠦᠯᠦᠭᠲᠡᠨ ᠪᠦᠷ ᠡᠷᠬᠡ  ᠰᠦᠷ  ᠠᠳᠬᠤᠭᠰᠠᠨ《ᠳᠣᠷᠣᠨᠠᠳᠠᠬᠢᠨ ᠤ᠋ ᠬᠠᠭᠠᠨ》 ᠢ᠋ ᠵᠢᠷᠤᠮᠯᠠᠨ ᠳᠠᠭᠠᠨ᠎ᠠ ᠭᠡᠵᠦ  ᠨᠢᠰᠲ᠋ᠥ᠋ᠷᠢ ᠱᠠᠰᠢᠨ  ᠤ᠋ ᠨᠣᠶᠠᠨ  ᠪᠣᠯᠤᠨ ᠬᠠᠯᠢᠹ ᠬᠣᠶᠠᠭᠤᠯᠠ ᠨᠡᠷ᠎ᠡ ᠬᠣᠯᠪᠣᠵᠤ ᠵᠠᠬᠢᠳᠠᠯ ᠶᠠᠪᠤᠭᠤᠯᠬᠤ ᠪᠠᠷ ᠲᠣᠭᠲᠠᠵᠠᠢ᠃ ᠡᠨᠡ ᠵᠠᠬᠢᠳᠠᠯ  ᠳ᠋ᠠᠭᠠᠨ《ᠬᠣᠷᠸᠰᠮ ᠤ᠋ᠨ ᠱᠠᠭ ᠨᠢ ᠪᠠᠷᠠᠭᠤᠨ ᠵᠦᠭ ᠲᠦ᠍ ᠮᠣᠷᠳᠠᠨ ᠭᠠᠷᠤᠮᠠᠭᠴᠠ ᠬᠣᠷᠸᠰᠮ ᠤᠯᠤᠰ ᠲᠤ᠌ ᠳᠣᠪᠲᠣᠯᠵᠤ ᠣᠷᠣᠬᠤ ᠪᠣᠯᠪᠠᠤ ᠃ ᠲᠡᠭᠡᠪᠡᠯ ᠯᠠᠪ  ᠭᠡᠷᠡᠯ ᠰᠠᠴᠤᠷᠠᠩᠭᠤᠢ ᠢᠯᠠᠯᠲᠠ  ᠪᠣᠯᠤᠨ ᠡᠯᠪᠡᠭ ᠳᠡᠯᠪᠡᠭ ᠪᠠᠢᠯᠳᠤᠭᠠᠨ  ᠤ᠋ ᠣᠯᠵᠠ ᠶ᠋ᠢ ᠣᠯᠵᠤ  ᠠᠪᠬᠤ ᠶᠤᠮ》ᠭᠡᠵᠦ ᠪᠢᠴᠢᠵᠡᠢ᠃
    ᠲᠡᠭᠡᠲᠡᠯ᠎ᠡ ᠬᠠᠯᠢᠹ ᠪᠣᠯᠤᠨ ᠨᠢᠰᠲ᠋ᠥ᠋ᠷᠢ ᠱᠠᠰᠢᠨ  ᠤ᠋ ᠨᠣᠶᠠᠨ ᠬᠣᠶᠠᠭᠤᠯᠠ ᠶ᠋ᠢᠨ ᠲᠠᠷᠢᠬᠢᠨ ᠳ᠋ᠤ᠌ ᠨᠢᠭᠡᠨ ᠪᠡᠷᠬᠡ ᠤᠴᠢᠷ ᠪᠣᠳᠣᠭᠳᠠᠯ᠎ᠠ᠃ ᠡᠨᠡᠬᠦ ᠵᠠᠬᠢᠳᠠᠯ ᠢ᠋ᠶ᠋ᠠᠨ ᠶᠠᠭᠠᠬᠢᠵᠤ  ᠳᠣᠷᠣᠨᠠᠳᠠᠬᠢᠨ ᠤ᠋  ᠬᠠᠭᠠᠨ ᠳ᠋ᠤ᠌ ᠬᠦᠷᠭᠡᠵᠦ ᠥᠭᠬᠦ ᠭᠡᠰᠡᠨ ᠠᠰᠠᠭᠤᠳᠠᠯ ᠪᠣᠯᠤᠨ᠎ᠠ᠃ ᠭᠠᠭᠴᠠ ᠨᠡᠪᠲᠡᠷᠡᠬᠦ ᠵᠠᠮ ᠪᠠᠢᠬᠤ ᠮᠥᠷᠲᠡᠭᠡᠨ ᠡᠨᠡ ᠵᠠᠮ ᠨᠢ ᠡᠷᠬᠡᠪᠰᠢ ᠬᠣᠷᠸᠰᠮ ᠤ᠋ᠨ ᠱᠠᠭ ᠤ᠋ᠨ ᠭᠠᠵᠠᠷ ᠢ᠋ᠶ᠋ᠠᠷ ᠥᠩᠭᠡᠷᠡᠬᠦ ᠶᠣᠰᠣᠲᠠᠢ ᠪᠢᠯᠡ᠃ ᠵᠠᠬᠢᠳᠠᠯ ᠨᠢ ᠱᠠᠭ ᠤ᠋ᠨ ᠭᠠᠷ ᠲᠤ᠌ ᠣᠷᠣᠬᠤ  ᠠᠶᠤᠯ ᠪᠠᠢᠬᠤ ᠤᠴᠢᠷ ᠠ᠋ᠴᠠ ᠵᠠᠬᠢᠳᠠᠯ ᠬᠦᠷᠭᠡᠬᠦ ᠬᠥᠮᠦᠨ ᠦᠰᠦᠭ ᠲᠡᠢ ᠴᠠᠭᠠᠰᠤ ᠠᠪᠴᠤ ᠶᠠᠪᠤᠬᠤ ᠶ᠋ᠢᠨ ᠠᠷᠭ᠎ᠠ ᠦᠭᠡᠢ᠃ ᠲᠡᠭᠡᠭᠡᠳ ᠡᠨᠡ ᠬᠥᠮᠦᠨ ᠢ᠋ ᠦᠨᠡᠮᠰᠢᠭᠦᠯᠬᠦ ᠪᠡᠷ ᠠᠮᠠ ᠪᠠᠷ ᠢ᠋ᠶ᠋ᠠᠨ ᠬᠡᠯᠡᠬᠦ ᠡᠴᠡ ᠭᠠᠳᠠᠨ᠎ᠠ ᠠᠳᠠᠪᠠᠰᠢ ᠬᠡᠷᠡᠭᠴᠡᠭᠡ ᠲᠡᠢ ᠲᠡᠮᠳᠡᠭ ᠪᠠᠢᠬᠤ ᠬᠡᠷᠡᠭᠲᠡᠢ᠃ ᠲᠡᠳᠡ ᠬᠣᠶᠠᠷ ᠤ᠋ᠨ ᠠᠯᠢ ᠨᠢᠭᠡᠨ ᠢ᠋ ᠪᠤᠤ ᠮᠡᠳᠡ ᠠᠪᠢᠶᠠᠰ ᠲᠠᠢ ᠠᠷᠭ᠎ᠠ ᠶ᠋ᠢ ᠪᠣᠳᠣᠨ ᠭᠠᠷᠭᠠᠵᠠᠢ᠃ ᠡᠯᠴᠢ ᠶ᠋ᠢᠨ ᠢ᠋ᠶ᠋ᠡᠨ ᠦᠰᠦ ᠶ᠋ᠢ ᠬᠤᠰᠤᠵᠤ ᠠᠪᠤᠭᠠᠳ᠂ ᠲᠣᠯᠣᠭᠠᠢ ᠶ᠋ᠢᠨ ᠬᠤᠢᠬ᠎ᠠ ᠳ᠋ᠤᠨᠢ ᠭᠡᠷᠡᠯ ᠭᠠᠷᠲᠠᠯ᠎ᠠ ᠤᠯᠠᠢᠳᠬᠠᠭᠰᠠᠨ ᠲᠡᠮᠦᠷ ᠢ᠋ᠶ᠋ᠡᠷ ᠦᠨᠡᠮᠯᠡᠯ ᠢ᠋ ᠪᠢᠴᠢᠭᠡᠳ ᠳᠡᠭᠡᠷ᠎ᠡ ᠨᠢ ᠪᠡᠬᠢ ᠴᠢᠳᠬᠤᠵᠠᠢ᠃ ᠳᠠᠷᠠᠭ᠎ᠠ ᠨᠢ ᠡᠯᠴᠢ ᠳ᠋ᠦ᠍ ᠵᠠᠬᠢᠳᠠᠯ ᠤ᠋ᠨ ᠠᠭᠤᠯᠭ᠎ᠠ ᠶ᠋ᠢ ᠴᠡᠭᠡᠵᠢᠯᠡᠭᠦᠯᠦᠨ ᠲᠣᠯᠣᠭᠠᠢ ᠶ᠋ᠢᠨ ᠦᠰᠦ ᠨᠢ ᠤᠷᠭᠤᠭᠰᠠᠨ ᠬᠣᠢᠨ᠎ᠠ ᠲᠡᠭᠦᠨ ᠢ᠋ ᠮᠣᠷᠳᠠᠭᠤᠯᠵᠠᠢ᠃
    ᠭᠡᠲᠡᠯ᠎ᠡ ᠡᠨᠡ ᠡᠯᠴᠢ ᠨᠢ ᠹᠸᠷᠭᠠᠨᠠ ᠪᠠ ᠰᠠᠮᠠᠷᠺᠠᠨᠳ᠋  ᠲᠦ᠍ ᠬᠦᠷᠬᠦ ᠡᠴᠡ ᠡᠮᠦᠨ᠎ᠡ᠂ ᠪᠠᠢᠳᠠᠯ ᠨᠢᠭᠡᠨᠲᠡ ᠬᠤᠪᠢᠷᠠᠭᠰᠠᠨ ᠪᠠᠢᠯ᠎ᠠ᠃ ᠮᠦᠬᠠᠮᠸᠳ᠋ ᠨᠢᠭᠡᠨᠲᠡ ᠴᠡᠷᠢᠭ ᠢ᠋ᠶ᠋ᠡᠨ ᠳᠠᠭᠠᠭᠤᠯᠤᠨ ᠪᠠᠷᠠᠭᠤᠨ ᠵᠦᠭ ᠪᠠᠢᠯᠳᠤᠬᠤ ᠪᠠᠷ ᠭᠠᠷᠴᠤ ᠵᠠᠮ ᠵᠠᠭᠤᠷ᠎ᠠ ᠪᠠᠨ ᠶᠠᠪᠤᠵᠤ ᠪᠠᠢᠵᠠᠢ᠃ ᠵᠡᠪᠡ ᠨᠣᠶᠠᠨ ᠨᠢᠭᠡᠨᠲᠡ《ᠳᠣᠷᠣᠨᠠᠳᠠᠬᠢᠨ ᠤ᠋ ᠬᠠᠭᠠᠨ》 ᠬᠦᠴᠦᠯᠦᠭ ᠢ᠋ ᠫᠠᠮᠢᠷ ᠠᠭᠤᠯᠠᠨ ᠤ᠋ ᠵᠢᠯᠠᠭᠠᠨ ᠬᠥᠨᠳᠡᠢ ᠶ᠋ᠢ ᠳᠠᠭᠠᠵᠤ ᠡᠷᠢᠵᠦ ᠨᠡᠬᠡᠵᠦ ᠪᠠᠢᠵᠠᠢ᠃ ᠡᠨᠡ ᠦᠶ᠎ᠡ ᠳ᠋ᠦ᠍ ᠰᠠᠮᠠᠷᠺᠠᠨᠳ᠋  ᠲᠦ᠍ ᠬᠦᠷᠦᠭᠰᠡᠨ ᠬᠠᠯᠢᠹ ᠤ᠋ᠨ ᠡᠯᠴᠢ ᠨᠢ ᠬᠢᠪᠴᠠᠭ ᠢ᠋ ᠥᠩᠭᠡᠷᠡᠭᠡᠳ ᠵᠡᠭᠦᠨ ᠵᠦᠭ ᠤᠯᠤᠰ ᠲᠠᠭᠠᠨ ᠪᠤᠴᠠᠵᠤ ᠪᠠᠢᠭᠰᠠᠨ ᠠᠷᠠᠯᠵᠢᠶᠠᠴᠢᠨ ᠤ᠋ ᠠᠩᠭᠢ ᠲᠠᠢ ᠠᠭᠤᠯᠵᠠᠭᠠᠳ《ᠳᠣᠷᠣᠨᠠᠳᠠᠬᠢᠨ ᠤ᠋ ᠪᠣᠭᠳᠠ ᠬᠠᠭᠠᠨ》 ᠭᠡᠵᠦ ᠪᠡᠶ᠎ᠡ ᠪᠡᠨ ᠨᠡᠷᠡᠯᠡᠭᠰᠡᠨ ᠮᠣᠩᠭᠣᠯ ᠤ᠋ᠨ ᠶᠡᠬᠡ ᠬᠠᠭᠠᠨ ᠤ᠋ ᠲᠤᠬᠠᠢ ᠰᠣᠨᠣᠰᠴᠤ ᠣᠯᠵᠠᠢ᠃
    ᠲᠡᠨᠳᠡ ᠵᠥᠴᠢ ᠶ᠋ᠢᠨ ᠬᠠᠷᠢᠶᠠᠲᠤ ᠭᠠᠵᠠᠷ ᠠ᠋ᠴᠠ《ᠰᠤᠮᠤ ᠮᠡᠲᠦ ᠲᠦᠷᠭᠡᠨ》ᠮᠣᠷᠢᠲᠠᠨ ᠴᠢᠩᠭᠢᠰ ᠬᠠᠭᠠᠨ ᠤ᠋ ᠳᠡᠷᠭᠡᠳᠡ ᠢᠷᠡᠭᠡᠳ᠂ ᠬᠢᠷᠭᠢᠰ ᠦ᠋ᠨ ᠰᠠᠷᠠᠭᠤᠯ ᠲᠠᠯ᠎ᠠ ᠳ᠋ᠤ᠌ ᠪᠠᠳᠢᠷᠴᠢᠨ ᠮᠡᠲᠦ ᠨᠢᠭᠡᠨ ᠡᠷ᠎ᠡ ᠢᠯᠡᠷᠡᠭᠡᠳ ᠪᠠᠭᠲᠠᠳ᠋ ᠤ᠋ᠨ ᠬᠠᠯᠢᠹ ᠠ᠋ᠴᠠ ᠪᠣᠭᠳᠠ ᠬᠠᠭᠠᠨ ᠳ᠋ᠤ᠌ ᠵᠠᠷᠤᠭᠰᠠᠨ ᠡᠯᠴᠢ ᠭᠡᠵᠦ ᠥᠪᠡᠷ ᠦ᠋ᠨ ᠪᠡᠶ᠎ᠡ ᠪᠡᠨ ᠲᠠᠨᠢᠯᠴᠠᠭᠤᠯᠵᠤ ᠪᠠᠢᠨ᠎ᠠ ᠭᠡᠵᠡᠢ᠃ ᠴᠢᠩᠭᠢᠰ ᠬᠠᠭᠠᠨ ᠬᠣᠲᠣᠩ ᠠᠷᠠᠯᠵᠢᠶᠠᠴᠢᠨ ᠠ᠋ᠴᠠ ᠰᠣᠨᠣᠰᠴᠤ ᠪᠠᠢᠭᠰᠠᠨ ᠢ᠋ᠶ᠋ᠠᠷ ᠪᠠᠭᠲᠠᠳ᠋ ᠪᠣᠯ ᠡᠳᠡᠭᠡᠷ ᠠᠷᠠᠯᠵᠢᠶᠠᠴᠢᠨ ᠤ᠋ ᠠᠯᠢ ᠨᠢᠭᠡᠨ ᠬᠥᠮᠦᠨ ᠴᠦ᠍ ᠬᠦᠷᠴᠦ ᠦᠵᠡᠭᠡ ᠦᠭᠡᠢ ᠬᠣᠯᠠ ᠶᠢᠷᠲᠢᠨᠴᠦ ᠶ᠋ᠢᠨ ᠪᠠᠷᠠᠭᠤᠨ ᠵᠠᠬ᠎ᠠ ᠳ᠋ᠠᠬᠢ ᠰᠣᠨᠢᠷᠬᠠᠯᠲᠠᠢ ᠨᠢᠭᠡᠨ ᠶᠡᠬᠡ ᠬᠣᠲᠠ ᠭᠡᠨ᠎ᠡ᠃ ᠲᠡᠨᠳᠡ ᠪᠣᠯ ᠵᠥᠩᠨᠡᠵᠦ ᠮᠡᠳᠡᠭᠴᠢ ᠶ᠋ᠢᠨ ᠦᠷᠡᠳᠦᠰ ᠬᠠᠯᠢᠹ ᠭᠡᠳᠡᠭ ᠪᠦᠬᠦ ᠯᠠᠯᠤ ᠶ᠋ᠢᠨ ᠮᠥᠷᠭᠥᠯᠲᠡᠨ ᠦ᠌ ᠬᠠᠮᠤᠭ ᠥᠨᠳᠥᠷ ᠬᠤᠸᠠᠷᠠᠭ ᠵᠠᠬᠢᠷᠴᠤ ᠪᠠᠢᠨ᠎ᠠ ᠭᠡᠵᠦ ᠬᠡᠯᠡᠵᠦ ᠪᠠᠢᠭᠰᠠᠨ ᠶᠤᠮ᠃
    《ᠰᠤᠮᠤ ᠮᠡᠲᠦ ᠲᠦᠷᠭᠡᠨ》 ᠢ᠋ᠶ᠋ᠡᠷ ᠡᠨᠡ ᠬᠥᠮᠦᠨ ᠢ᠋ ᠤᠨᠤᠨ ᠮᠥᠷᠡᠨ ᠦ᠌ ᠬᠥᠪᠡᠭᠡᠨ ᠳ᠋ᠡᠬᠢ ᠣᠷᠳᠣᠨ ᠳ᠋ᠤ᠌ ᠠᠪᠴᠤ ᠢᠷ᠎ᠡ ᠭᠡᠵᠦ ᠤᠯᠠᠮᠵᠢᠯᠠᠭᠰᠠᠨ ᠠ᠋ᠴᠠ ᠮᠣᠷᠢᠨ ᠴᠢᠨᠡᠭᠡ ᠪᠡᠷ ᠳᠣᠪᠲᠣᠯᠭᠠᠵᠤ ᠪᠤᠴᠠᠵᠠᠢ᠃ ᠡᠨᠡᠬᠦ ᠨᠢᠲ᠋ᠥ᠋ᠷᠢ ᠶ᠋ᠢᠨ ᠱᠠᠰᠢᠨ ᠪᠣᠯᠤᠨ ᠯᠠᠯᠤ ᠶ᠋ᠢᠨ ᠮᠥᠷᠭᠥᠯᠲᠡᠨ ᠬᠣᠶᠠᠭᠤᠯᠠ ᠶ᠋ᠢᠨ ᠵᠠᠷᠤᠭᠰᠠᠨ ᠡᠯᠴᠢ ᠡᠴᠡ ᠪᠣᠯᠵᠤ᠂ ᠮᠣᠩᠭᠣᠯᠴᠤᠳ ᠨᠢᠳᠦ ᠪᠡᠨ ᠳᠣᠷᠣᠨᠠᠲᠤ ᠠᠽᠢᠶ᠎ᠠ᠂ ᠳᠤᠮᠳᠠᠳᠤ ᠠᠽᠢᠶ᠎ᠠ ᠠ᠋ᠴᠠ ᠭᠠᠳᠠᠨᠠᠬᠢ ᠭᠠᠵᠠᠷ ᠢ᠋ ᠠᠩᠬᠠᠷᠬᠤ ᠳ᠋ᠤ᠌ ᠬᠦᠷᠭᠡᠯ᠎ᠡ᠃ ᠲᠡᠭᠦᠨᠴᠡ ᠬᠣᠢᠰᠢ ᠰᠠᠶᠢ ᠱᠠᠭ ᠪᠣᠯ《ᠥᠷᠥᠨᠡᠳᠠᠬᠢᠨ ᠤ᠋ ᠬᠠᠭᠠᠨ》 ᠪᠢᠰᠢ᠂ ᠠᠷᠤ ᠳ᠋ᠤᠨᠢ ᠬᠠᠷᠢᠨ ᠲᠡᠭᠦᠨ ᠲᠡᠢ ᠳᠠᠢᠰᠤᠩᠨᠠᠵᠤ ᠪᠠᠢᠬᠤ ᠣᠯᠠᠨ ᠤᠯᠤᠰ ᠪᠠᠢᠨ᠎ᠠ᠂ ᠡᠨᠡ ᠣᠯᠠᠨ ᠤᠯᠤᠰ ᠢ᠋ ᠥᠩᠭᠡᠷᠡᠪᠡᠴᠦ ᠮᠥᠨ ᠶᠢᠷᠲᠢᠨᠴᠦ ᠶ᠋ᠢ ᠲᠤᠭᠤᠯᠵᠤ ᠴᠢᠳᠠᠭᠰᠠᠨ ᠪᠢᠰᠢ᠂ ᠠᠷᠤ ᠳ᠋ᠤᠨᠢ ᠾᠷᠢᠰᠲ᠋ᠣᠰ ᠤ᠋ᠨ ᠱᠠᠰᠢᠨ ᠢ᠋ ᠰᠢᠲᠦᠳᠡᠭ ᠣᠯᠠᠨ ᠤᠯᠤᠰ ᠪᠠᠢᠭᠠᠳ᠂ ᠡᠳᠡᠭᠡᠷ ᠤᠯᠤᠰ ᠠ᠋ᠴᠠ ᠬᠠᠯᠢᠹ ᠤ᠋ᠨ ᠤᠯᠤᠰ ᠤ᠋ᠨ ᠵᠦᠭ ᠴᠡᠷᠢᠭ ᠣᠷᠣᠭᠤᠯᠵᠤ ᠪᠠᠢᠬᠤ ᠶ᠋ᠢ ᠮᠡᠳᠡᠪᠡ᠃ ᠴᠢᠩᠭᠢᠰ ᠬᠠᠭᠠᠨ ᠳᠣᠷᠣᠨᠠᠳᠠᠬᠢᠨ ᠢ᠋ ᠨᠢᠭᠡᠨᠲᠡ ᠮᠡᠳᠡᠭᠰᠡᠨ ᠪᠠᠢᠨ᠎ᠠ᠃ ᠳᠣᠷᠣᠨᠠᠳᠠᠬᠢᠨ ᠤ᠋ ᠬᠢᠵᠠᠭᠠᠷ ᠬᠦᠷᠲᠡᠯ᠎ᠡ ᠶᠠᠪᠤᠭᠰᠠᠨ ᠪᠣᠯᠪᠠᠴᠤ᠂ ᠥᠷᠥᠨᠡᠳᠠᠬᠢᠨ ᠤ᠋ ᠶᠢᠷᠲᠢᠨᠴᠦ ᠨᠢ ᠬᠢᠵᠠᠭᠠᠷ ᠦᠭᠡᠢ ᠳᠡᠯᠭᠡᠭᠳᠡᠵᠦ ᠪᠠᠢᠬᠤ ᠶᠤᠮ ᠪᠠᠢᠨ᠎ᠠ᠃ ᠵᠠᠯᠠᠭᠤ ᠴᠠᠭ ᠲᠠᠭᠠᠨ ᠮᠣᠩᠭᠣᠯ ᠭᠠᠵᠠᠷ ᠲᠤ᠌ ᠣᠯᠵᠤ ᠦᠵᠡᠭᠰᠡᠨ ᠲᠡᠢ ᠠᠳᠠᠯᠢ ᠨᠥᠬᠥᠴᠡᠯ ᠲᠡᠨᠳᠡ ᠭᠠᠵᠠᠷ ᠰᠠᠢ ᠦᠭᠡᠢ  ᠬᠠᠷᠠᠭᠳᠠᠵᠤ ᠪᠠᠢᠬᠤ ᠶ᠋ᠢ ᠮᠡᠳᠡᠯ᠎ᠡ᠃ ᠳᠠᠷᠤᠢ ᠣᠯᠠᠨ ᠸᠠᠩ᠂ ᠬᠠᠭᠠᠳ ᠬᠠᠷᠢᠯᠴᠠᠨ ᠰᠡᠵᠢᠭᠯᠡᠨ᠂ ᠬᠠᠷᠢᠯᠴᠠᠨ ᠪᠠᠢᠯᠳᠤᠵᠤ ᠠᠯᠢ ᠭᠠᠵᠠᠷ ᠲᠤ᠌ ᠴᠤ᠌ ᠪᠦᠭᠦᠳᠡ ᠶ᠋ᠢ ᠵᠠᠬᠢᠷᠬᠤ ᠭᠠᠭᠴᠠ ᠬᠠᠭᠠᠨ ᠦᠭᠡᠢ ᠭᠡᠰᠡᠨ ᠬᠡᠷᠡᠭ ᠶᠦᠮ᠃ 
    ᠴᠢᠩᠭᠢᠰ ᠬᠠᠭᠠᠨ ᠬᠠᠯᠢᠹ ᠪᠣᠯᠤᠨ ᠱᠠᠭ ᠤ᠋ᠨ ᠲᠡᠮᠡᠴᠡᠯ ᠦ᠋ᠨ ᠬᠣᠭᠣᠷᠣᠨᠳᠣ ᠨᠢ ᠭᠠᠷ ᠲᠦᠷᠢᠬᠦ ᠭᠡᠵᠦ ᠪᠣᠳᠣᠭᠰᠠᠨ ᠦᠭᠡᠢ ᠪᠣᠯᠪᠠᠴᠤ ᠮᠦᠬᠠᠮᠸᠳ᠋᠂ ᠱᠠᠭ ᠤ᠋ᠨ ᠲᠡᠭᠦᠨ ᠢ᠋ ᠳᠣᠷᠣᠮᠵᠢᠯᠠᠨ ᠬᠠᠷᠢᠶᠠᠭᠰᠠᠨ ᠦᠭᠡ ᠶ᠋ᠢ ᠰᠣᠨᠣᠰᠤᠭᠠᠳ ᠰᠡᠳᠬᠢᠯ ᠳ᠋ᠡᠭᠡᠨ ᠲᠠᠯᠪᠢᠭᠰᠠᠨ ᠪᠠᠢᠨ᠎ᠠ᠃ ᠲᠡᠷᠡ᠂ ᠮᠦᠬᠠᠮᠸᠳ᠋ ᠪᠣᠯ ᠶᠣᠰᠣ ᠦᠭᠡᠢ᠂ ᠡᠨᠡᠷᠢᠩᠭᠦᠢ ᠰᠡᠳᠬᠢᠯ ᠦᠭᠡᠢ ᠨᠢᠭᠡᠨ ᠪᠠᠯᠠᠮᠠᠳ ᠬᠡᠷᠴᠡᠭᠡᠢ ᠸᠠᠩ ᠮᠥᠨ᠂ ᠯᠠᠯᠤ ᠶ᠋ᠢᠨ ᠮᠥᠷᠭᠥᠯᠲᠡᠨ ᠦ᠌ ᠲᠦᠷᠦᠭᠦᠴᠦᠳ ᠲᠡᠢ ᠪᠠᠢᠯᠳᠤᠭᠠᠨ ᠬᠢᠵᠦ᠂ ᠲᠡᠳᠡᠨ ᠦ᠌ ᠤᠯᠤᠰ ᠢ᠋ ᠭᠠᠯᠳᠠᠨ᠂ ᠲᠦᠰᠢᠮᠡᠳ ᠠᠷᠠᠳ ᠤ᠋ᠨ ᠯᠠᠯᠤ ᠶ᠋ᠢᠨ ᠮᠥᠷᠭᠥᠯᠲᠡᠨ ᠪᠤᠶᠤ ᠾᠷᠢᠰᠲ᠋ᠣᠰ ᠮᠥᠷᠭᠥᠯᠲᠡᠨ ᠢ᠋ ᠢᠯᠭᠠᠯ ᠦᠭᠡᠢ ᠪᠤᠯᠢᠶᠠᠨ᠎ᠠ᠂ ᠡᠢᠮᠦ ᠡᠴᠡ ᠤᠯᠤᠰ ᠤ᠋ᠨ ᠳᠣᠲᠣᠷᠠᠬᠢ ᠣᠯᠠᠨ ᠬᠥᠮᠦᠰ ᠴᠥᠮ ᠲᠡᠭᠦᠨ ᠳ᠋ᠦ᠍ ᠳᠤᠷᠠᠰᠢᠶᠠᠬᠤ ᠦᠭᠡᠢ ᠪᠣᠯᠤᠭᠰᠠᠨ ᠪᠠᠢᠨ᠎ᠠ᠃ ᠭᠡᠪᠡᠴᠦ ᠬᠣᠷᠧᠰᠮ ᠦ᠋ᠨ ᠱᠠᠭ ᠲᠠᠢ ᠬᠣᠭᠣᠷᠣᠨᠳᠣ ᠪᠠᠨ ᠠᠷᠠᠯᠵᠢᠶ᠎ᠠ ᠨᠡᠪᠲᠡᠷᠡᠬᠦ ᠬᠠᠷᠢᠯᠴᠠᠭ᠎ᠠ ᠪᠠᠢᠬᠤ ᠪᠣᠯ ᠠᠰᠢᠭ ᠲᠠᠢ ᠪᠠᠢᠯ᠎ᠠ᠃ ᠠᠷᠠᠯᠵᠢᠶ᠎ᠠ ᠶ᠋ᠢᠨ ᠠᠩᠭᠢ ᠶᠠᠪᠤᠯᠴᠠᠬᠤ ᠨᠢ ᠮᠠᠰᠢ ᠬᠥᠭᠵᠢᠭᠡᠨ ᠲᠡᠢ ᠪᠠᠢᠭᠰᠠᠨ ᠠ᠋ᠴᠠ ᠬᠣᠯᠠᠳᠠᠬᠢ ᠬᠠᠯᠢᠹ ᠢ᠋ ᠳᠡᠮᠡᠢ ᠦᠷᠦ ᠡᠪᠡᠳᠬᠦ ᠦᠭᠡᠢ ᠪᠠᠢᠪᠠ᠃ ᠱᠠᠰᠢᠨ ᠤ᠋ ᠬᠤᠸᠠᠷᠠᠭ᠂ ᠱᠠᠰᠢᠨ ᠨᠣᠶᠠᠨ ᠪᠠᠢᠭᠰᠠᠨ ᠡᠨᠡ ᠬᠣᠶᠠᠭᠤᠯᠠ ᠬᠠᠷᠢᠨ ᠣᠨᠳᠣᠣ ᠨᠢᠭᠡᠨ ᠸᠠᠩ ᠤ᠋ᠨ ᠵᠦᠭ ᠲᠦ᠍ ᠪᠢᠳᠡᠨ ᠢ᠋ ᠲᠤᠰᠠᠯᠠᠨ ᠪᠠᠢᠯᠳᠤᠵᠤ ᠥᠭ ᠭᠡᠰᠡᠨ ᠶᠠᠮᠠᠷ ᠵᠢᠭᠲᠡᠢ  ᠡᠯᠴᠢ ᠶᠤᠮ ᠪᠣᠢ᠃ ᠱᠠᠰᠢᠨ  ᠤ᠋ ᠬᠤᠸᠠᠷᠠᠭ ᠬᠥᠮᠦᠨ ᠪᠤᠷᠬᠠᠨ ᠰᠠᠬᠢᠭᠤᠯᠰᠤᠨ ᠳ᠋ᠠᠭᠠᠨ ᠵᠠᠯᠪᠠᠷᠢᠭᠠᠳ ᠰᠠᠭᠤᠪᠠᠯ ᠳᠡᠭᠡᠷ᠎ᠡ ᠂ ᠣᠨᠳᠣᠣ ᠨᠢᠭᠡ ᠸᠠᠩ ᠤ᠋ᠨ ᠵᠦᠭ ᠪᠠᠢᠯᠳᠤᠬᠤ ᠬᠡᠷᠡᠭ ᠶᠠᠭᠤ ᠪᠠᠢᠨ᠎ᠠ᠃ ᠬᠡᠷᠪᠡ《ᠲᠡᠭᠷᠢ》 ᠱᠠᠭ ᠢ᠋ ᠢᠪᠡᠭᠡᠬᠦ ᠦᠭᠡᠢ ᠪᠣᠯ ᠲᠡᠷᠡ ᠶᠠᠭᠠᠬᠢᠭᠠᠳ ᠣᠳᠣ ᠪᠣᠯᠲᠠᠯ᠎ᠠ ᠳᠠᠢᠰᠤᠨ ᠢ᠋ᠶ᠋ᠠᠨ ᠠᠯᠠᠭᠠᠨ ᠳ᠋ᠠᠭᠠᠨ ᠪᠠᠭᠲᠠᠭᠠᠵᠤ ᠴᠢᠳᠠᠬᠤ ᠶᠤᠮ᠃᠁
    ᠬᠠᠯᠢᠹ ᠨᠠᠷ ᠤ᠋ᠨ ᠡᠯᠴᠢ ᠨᠢ᠂ ᠥᠩᠭᠡᠷᠡᠭᠰᠡᠨ ᠳ᠋ᠦ᠍ ᠰᠥᠩ ᠤᠯᠤᠰ ᠠ᠋ᠴᠠ ᠡᠯᠴᠢ  ᠢᠷᠡᠭᠦᠯᠵᠦ᠂ ᠠᠯᠲᠠᠨ ᠤᠯᠤᠰ ᠲᠠᠢ ᠪᠠᠢᠯᠳᠤᠭᠠᠨ ᠢ᠋ᠶ᠋ᠠᠨ ᠦᠷᠭᠦᠯᠵᠢᠯᠡᠭᠦᠯᠬᠦ  ᠪᠡᠷ ᠱᠠᠭᠠᠷᠳᠠᠭᠰᠠᠨ ᠳ᠋ᠤ᠌ ᠣᠯᠭᠣᠭᠰᠠᠨ  ᠬᠠᠷᠢᠭᠤ ᠦᠭᠡ ᠲᠡᠢ ᠠᠳᠠᠯᠢ  ᠬᠠᠷᠢᠭᠤ ᠬᠦᠷᠲᠡᠭᠡᠪᠡ᠃ ᠳᠠᠷᠤᠢ《ᠮᠢᠨᠦ ᠪᠡᠶ᠎ᠡ  ᠱᠠᠭ ᠲᠠᠢ ᠪᠠᠢᠯᠳᠤᠭᠠᠨ ᠬᠢᠵᠦ ᠦᠭᠡᠢ》 ᠭᠡᠰᠡᠨ  ᠨᠢᠭᠡ  ᠯᠡ ᠦᠭᠡ  ᠶ᠋ᠢᠨ ᠲᠡᠳᠦᠢ ᠪᠠᠢᠯ᠎ᠠ᠃ ᠬᠠᠯᠢᠹ ᠤ᠋ᠨ ᠵᠠᠬᠢᠳᠠᠯ ᠨᠢ ᠶᠠᠮᠠᠷᠴᠤ ᠲᠤᠰᠠ ᠭᠠᠷᠤᠭᠰᠠᠨ ᠦᠭᠡᠢ᠃
    ᠭᠡᠲᠡᠯ᠎ᠡ ᠲᠡᠭᠦᠨ  ᠦ᠌ ᠬᠣᠢᠨ᠎ᠠ᠂ᠳᠤᠮᠳᠠᠳᠤ ᠠᠽᠢᠶ᠎ᠠ ᠶ᠋ᠢᠨ ᠣᠯᠠᠨ ᠤᠯᠤᠰ ᠴᠢᠩᠭᠢᠰ ᠬᠠᠭᠠᠨ  ᠤ᠋ ᠴᠡᠷᠢᠭ ᠲᠦ᠍ ᠰᠦᠢᠳᠬᠡᠭᠳᠡᠯ᠎ᠡ᠂ ᠯᠠᠯᠤ ᠶ᠋ᠢᠨ ᠱᠠᠰᠢᠨ ᠢ᠋ ᠰᠢᠲᠦᠭᠰᠡᠨ ᠳᠤᠮᠳᠠᠳᠤ ᠠᠽᠢᠶ᠎ᠠ ᠶ᠋ᠢᠨ ᠣᠯᠠᠨ ᠦᠨᠳᠦᠰᠦᠲᠡᠨ ᠂ᠮᠣᠩᠭᠣᠯᠴᠤᠳ ᠲᠤ᠌ ᠳᠠᠷᠤᠯᠠᠭᠳᠠᠭᠠᠳ ᠡᠴᠦᠰ ᠦ᠋ᠨ ᠡᠳᠦᠷ ᠬᠦᠷᠴᠦ ᠢᠷᠡᠯ᠎ᠡ  ᠭᠡᠵᠦ ᠪᠣᠳᠣᠵᠤ ᠪᠠᠢᠭᠰᠠᠨ ᠦᠶ᠎ᠡ ᠳ᠋ᠦ᠍ ᠪᠦᠭᠦᠳᠡᠭᠡᠷ ᠢ᠋ᠶ᠋ᠡᠨ ᠲᠡᠷᠡᠬᠦ  ᠡᠯᠴᠢ ᠶ᠋ᠢ ᠰᠠᠨᠠᠭᠠᠨ ᠳ᠋ᠤ᠌ ᠣᠷᠣᠵᠠᠢ᠃  ᠠᠷᠠᠪ  ᠤ᠋ᠨ ᠣᠨ ᠲᠣᠭᠠᠯᠠᠭᠰᠠᠨ ᠲᠡᠦᠬᠡᠨ ᠳ᠋ᠦ᠍ ᠳᠣᠣᠷᠠᠬᠢ ᠮᠡᠲᠦ ᠲᠡᠮᠳᠡᠭᠯᠡᠵᠦ ᠪᠣᠢ᠂《ᠬᠡᠷᠪᠡ ᠫᠧᠷᠰ ᠬᠥᠮᠦᠰ ᠦ᠋ᠨ ᠶᠠᠷᠢᠶ᠎ᠠ ᠵᠥᠪ ᠪᠠᠢᠵᠤ ᠂ ᠬᠠᠯᠢᠹ· ᠨᠠᠵᠠᠷ· ᠯᠢ· ᠳ᠋ᠢᠨ ᠢᠯᠡᠬᠢ ᠦᠨᠡᠬᠡᠷ ᠮᠣᠩᠭᠣᠯᠴᠤᠳ ᠢ᠋ ᠤᠯᠤᠰ ᠲᠠᠭᠠᠨ  ᠵᠠᠯᠠᠭᠰᠠᠨ ᠪᠣᠯ ᠡᠭᠦᠨ ᠲᠡᠢ ᠠᠳᠠᠯᠢᠳᠬᠠᠬᠤ ᠶᠠᠮᠠᠷ  ᠶᠠᠯ᠎ᠠ ᠪᠣᠯᠪᠠᠴᠤ ᠲᠡᠭᠦᠨ ᠡᠴᠡ ᠶᠡᠬᠡ ᠶᠠᠯ᠎ᠠ  ᠭᠡᠵᠦ ᠳᠠᠬᠢᠵᠤ ᠣᠯᠳᠠᠬᠤ ᠦᠭᠡᠢ  ᠶᠦ᠍ᠮ》 ᠭᠡᠵᠡᠢ᠃ ᠭᠡᠪᠡᠴᠦ ᠦᠨᠡᠨ ᠤᠴᠢᠷ ᠳᠡᠭᠡᠷ᠎ᠡ᠂ ᠬᠠᠯᠢᠹ ᠤ᠋ᠨ ᠡᠵᠡᠮᠰᠢᠭᠰᠡᠨ ᠭᠠᠵᠠᠷ ᠨᠢ ᠬᠣᠢᠰᠢᠬᠢ ᠳᠥᠴᠢᠨ ᠵᠢᠯ ᠳᠣᠲᠣᠷ᠎ᠠ ᠥᠪᠡᠷ ᠢ᠋ᠶ᠋ᠡᠨ ᠡᠵᠡᠨ ᠮᠡᠳᠡᠵᠦ ᠲᠤᠰᠠᠭᠠᠷ ᠲᠣᠭᠲᠠᠨᠢᠯ  ᠢ᠋ᠶ᠋ᠠᠨ ᠬᠠᠮᠠᠭᠠᠯᠠᠵᠤ ᠴᠢᠳᠠᠭᠰᠠᠨ ᠨᠢ ᠪᠦᠷ ᠡᠨᠡ ᠡᠯᠴᠢ ᠶ᠋ᠢᠨ ᠠᠴᠢ ᠪᠠᠷ ᠪᠣᠯᠪᠠ᠃ ᠮᠣᠩᠭᠣᠯᠴᠤᠳ ᠡᠨᠡ ᠡᠯᠴᠢ ᠶ᠋ᠢᠨ ᠬᠡᠯᠡᠭᠰᠡᠨ ᠢ᠋ᠶ᠋ᠡᠷ  ᠬᠠᠯᠢᠹ ᠤ᠋ᠨ ᠬᠦᠴᠦᠷᠬᠡᠭ ᠬᠦᠴᠦᠨ ᠢ᠋  ᠨᠢᠭᠡᠮᠦᠰᠦᠨ ᠢᠲᠡᠭᠡᠵᠦ ᠪᠠᠢᠭᠰᠠᠨ ᠪᠥᠭᠡᠳ ᠴᠢᠩᠭᠢᠰ ᠬᠠᠭᠠᠨ  ᠤ᠋ ᠣᠯᠠᠨ ᠵᠠᠩᠵᠤᠨ ᠨᠠᠷ ᠳᠤᠮᠳᠠᠳᠤ ᠠᠽᠢᠶ᠎ᠠ ᠶ᠋ᠢ ᠲᠦᠪᠰᠢᠳᠬᠡᠭᠰᠡᠨ  ᠦ᠌ ᠬᠣᠢᠨ᠎ᠠ ᠡᠨᠡ ᠤᠯᠤᠰ ᠢ᠋ ᠣᠷᠬᠢᠭᠠᠳ ᠤᠮᠠᠷ᠎ᠠ ᠲᠡᠢᠰᠢ ᠬᠠᠨᠳᠤᠰᠢ  ᠪᠠᠨ ᠴᠢᠭᠯᠡᠭᠦᠯᠵᠦ᠂ᠪᠣᠭᠳᠠ ᠬᠠᠭᠠᠨ  ᠤ᠋ ᠲᠥᠯᠥᠭᠡ ᠣᠷᠣᠰ ᠤ᠋ᠨ ᠥᠷᠭᠡᠨ ᠠᠭᠤᠳᠠᠮ ᠲᠠᠯ᠎ᠠ ᠶ᠋ᠢ ᠣᠯᠵᠤ ᠢᠯᠡᠷᠡᠭᠦᠯᠦᠭᠰᠡᠨ  ᠶᠦ᠍ᠮ᠃
    ᠴᠢᠩᠭᠢᠰ ᠬᠠᠭᠠᠨ  ᠤ᠋ ᠠᠴᠢ ᠬᠥᠪᠡᠭᠦᠨ ᠦᠯᠡᠬᠦ 1258 ᠣᠨ ᠳ᠋ᠤ᠌ ᠪᠠᠭᠲᠠᠳ᠋ ᠤ᠋ᠨ ᠵᠦᠭ ᠤᠷᠤᠭᠰᠢᠯᠠᠬᠤ ᠪᠠᠷ ᠰᠢᠭᠤᠳᠤᠭᠰᠠᠨ ᠨᠢ ᠣᠷᠣᠰ᠂ ᠬᠤᠯᠠᠨᠳᠠᠢ᠂ ᠬᠠᠩᠭᠠᠷᠢ ᠶ᠋ᠢ ᠲᠣᠭᠲᠠᠭᠠᠵᠤ ᠪᠠᠭ᠎ᠠ ᠠᠽᠢᠶ᠎ᠠ ᠳ᠋ᠠᠬᠢ ᠣᠯᠠᠨ ᠸᠠᠩᠲᠤ ᠤᠯᠤᠰ ᠢ᠋ ᠲᠦᠪᠰᠢᠳᠬᠡᠭᠰᠡᠨ  ᠦ᠌ ᠬᠣᠢᠨ᠎ᠠ ᠰᠠᠶᠢ ᠰᠡᠳᠬᠢᠯ ᠰᠢᠭᠤᠳᠤᠭᠰᠠᠨ ᠶᠤᠮ᠃

 (ᠲᠠᠪᠤ) ᠱᠠᠭ ᠲᠣᠭᠲᠠᠭᠰᠠᠨ ᠪᠣᠯᠵᠣᠭ᠎ᠠ ᠠ᠋ᠴᠠ ᠪᠠᠨ ᠲᠡᠷᠰᠯᠡᠭᠰᠡᠨ ᠨᠢ

    ᠮᠦᠬᠠᠮᠸᠳ᠋  ᠠ᠋ᠴᠠ ᠬᠠᠯᠢᠹ ᠤ᠋ᠨ ᠵᠦᠭ ᠶᠠᠪᠤᠭᠤᠯᠤᠭᠰᠠᠨ ᠪᠠᠢᠯᠳᠤᠭᠠᠨ ᠨᠢ ᠠᠩᠬᠠᠨ ᠳ᠋ᠠᠭᠠᠨ ᠳᠠᠪᠠᠭᠤ ᠤᠷᠤᠭᠰᠢᠲᠠᠢ ᠪᠠᠢᠭᠰᠠᠨ ᠶᠤᠮ᠃ ᠮᠦᠬᠠᠮᠸᠳ᠋ ᠵᠠᠮ  ᠵᠠᠭᠤᠷᠠᠬᠢ ᠬᠠᠭᠠᠰ ᠲᠤᠰᠠᠭᠠᠷ ᠲᠣᠭᠲᠠᠨᠢᠵᠤ ᠪᠠᠢᠭᠰᠠᠨ ᠣᠯᠠᠨ ᠤᠯᠤᠰ ᠢ᠋ ᠨᠤᠷᠠᠭᠠᠵᠤ᠂ᠪᠠᠷᠠᠭᠤᠨ  ᠫᠧᠷᠰ ᠲᠦ᠍ ᠳᠣᠪᠲᠣᠯᠵᠤ ᠣᠷᠣᠭᠰᠠᠨ ᠪᠢᠯᠡ᠃ ᠮᠸᠰᠤᠫᠤᠲ᠋ᠠᠮᠢᠶ᠎ᠠ ᠶ᠋ᠢᠨ ᠲᠠᠯ᠎ᠠ ᠨᠤᠲᠤᠭ ᠲᠤ᠌ ᠣᠷᠣᠬᠤ  ᠳ᠋ᠤᠨᠢ ᠰᠠᠭᠠᠳ ᠪᠣᠯᠤᠭᠰᠠᠨ ᠶᠡᠬᠡ ᠠᠭᠤᠯᠠ ᠶ᠋ᠢᠨ ᠲᠡᠳᠦᠢ ᠪᠠᠢᠭᠰᠠᠨ ᠶᠤᠮ᠃ᠭᠡᠪᠡᠴᠦ1218 ᠣᠨ  ᠤ᠋ ᠡᠬᠢᠨ ᠳ᠋ᠦ᠍ ᠰᠠᠨᠠᠮᠰᠠᠷ ᠦᠭᠡᠢ ᠬᠠᠲᠠᠭᠤ ᠡᠪᠦᠯ ᠪᠣᠯᠤᠯ᠎ᠠ᠃  ᠴᠠᠰᠤ ᠮᠥᠰᠥ ᠠᠭᠤᠯᠠ ᠪᠦᠬᠦᠨ ᠦ᠌ ᠵᠠᠮ ᠢ᠋ ᠲᠠᠭᠯᠠᠵᠤ ᠶᠠᠪᠤᠵᠤ ᠴᠢᠳᠠᠬᠤ ᠦᠭᠡᠢ ᠪᠣᠯᠤᠭᠰᠠᠨ ᠶᠤᠮ᠃ ᠱᠠᠭ ᠤ᠋ᠨ ᠴᠡᠷᠢᠭ ᠡᠨᠡ ᠮᠡᠲᠦ ᠵᠦᠳᠡᠭᠦᠷᠢ ᠶ᠋ᠢ ᠲᠡᠰᠪᠦᠷᠢᠯᠡᠬᠦ ᠴᠢᠳᠠᠪᠤᠷᠢ ᠦᠭᠡᠢ᠂ ᠠᠷᠢᠶᠠᠲᠠᠨ ᠠᠮᠢᠲᠠᠨ ᠥᠯᠪᠡᠷᠴᠦ᠂ ᠬᠠᠮᠤᠷᠤᠨ ᠪᠣᠯᠤᠨ ᠪᠠᠭᠲᠠᠳ᠋ ᠤ᠋ᠨ  ᠬᠣᠭᠣᠷᠣᠨᠳᠣ ᠬᠥᠮᠦᠰ  ᠬᠥᠯᠳᠡᠵᠦ ᠬᠣᠷᠣᠭᠳᠠᠭᠰᠠᠨ ᠠ᠋ᠴᠠ ᠮᠦᠬᠠᠮᠸᠳ᠋ ᠴᠡᠷᠢᠭ ᠢ᠋ᠶ᠋ᠡᠨ ᠲᠠᠲᠠᠵᠠᠢ᠃
    ᠡᠨᠡᠬᠦ ᠪᠤᠴᠠᠯᠲᠠ  ᠨᠢ ᠵᠥᠪᠬᠡᠨ ᠪᠠᠢᠯᠳᠤᠭᠠᠨ ᠢ᠋ᠶ᠋ᠠᠨ ᠬᠣᠢᠰᠢᠯᠠᠭᠤᠯᠤᠭᠰᠠᠨ ᠲᠡᠳᠦᠢ ᠪᠠᠢᠭᠰᠠᠨ ᠪᠥᠭᠡᠳ ᠮᠤᠨᠳᠠᠭ ᠶᠡᠬᠡ ᠬᠠᠭᠠᠨᠲᠤ ᠤᠯᠤᠰ ᠤ᠋ᠨ ᠡᠵᠡᠨ  ᠪᠥᠭᠡᠳ ᠢᠯᠠᠭᠳᠠᠰᠢ ᠦᠭᠡᠢ ᠴᠡᠷᠢᠭ ᠢ᠋ᠶ᠋ᠡᠨ ᠳᠠᠭᠠᠭᠤᠯᠤᠭᠰᠠᠨ ᠮᠦᠬᠠᠮᠸᠳ᠋᠂ ᠳᠠᠷᠠᠭ᠎ᠠ ᠵᠢᠯ ᠳ᠋ᠦ᠍ ᠬᠤᠶᠠᠭ ᠵᠡᠪᠰᠡᠭ ᠢ᠋ᠶ᠋ᠡᠨ ᠤᠯᠠᠮ ᠬᠠᠯᠠᠨ ᠰᠠᠢᠵᠢᠷᠠᠭᠤᠯᠤᠭᠠᠳ ᠳᠠᠬᠢᠨ ᠪᠠᠢᠯᠳᠤᠬᠤ ᠪᠠᠷ ᠪᠡᠯᠡᠳᠬᠡᠵᠦ ᠪᠠᠢᠯ᠎ᠠ᠃ ᠭᠡᠲᠡᠯ᠎ᠡ ᠲᠡᠷᠡ ᠴᠠᠭ ᠲᠤ᠌ ᠬᠠᠷ᠎ᠠ ᠬᠢᠳᠠᠨ ᠤ᠋ ᠬᠠᠭᠠᠨ ᠬᠥᠴᠥᠯᠥᠭ ᠨᠢᠭᠡᠨᠲᠡ  ᠵᠡᠪᠡ ᠳ᠋ᠦ᠍ ᠠᠯᠠᠭᠳᠠᠭᠰᠠᠨ ᠴᠢᠮᠡᠭᠡ ᠤᠯᠠᠮᠵᠢᠯᠠᠭᠳᠠᠵᠤ ᠢᠷᠡᠵᠡᠢ᠃ ᠣᠳᠣ ᠴᠢᠩᠭᠢᠰ ᠬᠠᠭᠠᠨ  ᠤ᠋ ᠨᠤᠲᠤᠭ ᠳᠡᠪᠢᠰᠬᠡᠷ ᠨᠢ ᠬᠣᠢᠲᠤ ᠲᠠᠯ᠎ᠠ ᠪᠣᠯᠤᠨ ᠵᠡᠭᠦᠨ ᠲᠠᠯ᠎ᠠ ᠪᠠᠷ  ᠪᠦᠷ ᠱᠠᠭ ᠤ᠋ᠨ ᠬᠠᠭᠠᠨᠲᠤ ᠤᠯᠤᠰ ᠲᠠᠢ ᠵᠠᠬ᠎ᠠ ᠨᠡᠢᠯᠡᠬᠦ ᠳ᠋ᠦ᠍ ᠬᠦᠷᠴᠡᠢ᠃ ᠤᠴᠢᠷ ᠡᠢᠮᠦ ᠡᠴᠡ  ᠮᠦᠬᠠᠮᠸᠳ᠋ ᠲᠡᠭᠦᠨ  ᠦ᠌ ᠪᠦᠬᠦ ᠴᠡᠷᠢᠭ ᠪᠡᠨ ᠠᠮᠤᠳᠠᠷᠢᠶᠠ᠂ ᠰᠢᠷᠳᠡᠷᠢᠶᠠ ᠬᠣᠶᠠᠷ ᠭᠣᠣᠯ ᠤ᠋ᠨ ᠬᠥᠪᠡᠭᠡᠨ ᠳ᠋ᠦ᠍ ᠪᠤᠴᠠᠭᠠᠵᠠᠢ᠃ ᠴᠡᠷᠢᠭ ᠢ᠋ᠶ᠋ᠡᠨ ᠬᠣᠶᠠᠷ ᠮᠢᠩᠭᠠᠨ ᠺᠢᠯᠣᠮᠧᠲ᠋ᠷ ᠦ᠋ᠨ ᠠᠯᠤᠰ ᠲᠤ᠌ ᠲᠠᠯᠪᠢᠬᠤ ᠠ᠋ᠴᠠ ᠡᠨᠡ ᠬᠣᠶᠠᠷ ᠭᠣᠣᠯ ᠤ᠋ᠨ ᠬᠥᠪᠡᠭᠡᠨ ᠳ᠋ᠦ᠍ ᠰᠠᠭᠤᠯᠭᠠᠬᠤ ᠨᠢ ᠰᠠᠢᠨ ᠭᠡᠵᠦ ᠲᠡᠷᠡ ᠪᠣᠳᠣᠭᠰᠠᠨ ᠶᠤᠮ᠃   
    ᠡᠨᠡ ᠮᠡᠲᠦ ᠶ᠋ᠢᠨ ᠰᠢᠢᠳᠪᠦᠷᠢ ᠶ᠋ᠢᠨ ᠲᠤᠬᠠᠢ᠂ ᠫᠧᠷᠰ ᠦ᠋ᠨ ᠵᠠᠷᠢᠮ ᠲᠡᠦᠬᠡᠨ ᠳ᠋ᠦ᠍ ᠳᠣᠣᠷᠠᠬᠢ ᠮᠡᠲᠦ ᠲᠡᠮᠳᠡᠭᠯᠡᠵᠦ ᠪᠣᠢ᠃《ᠵᠠᠷᠢᠮ ᠬᠥᠮᠦᠨ ᠦ᠌ ᠣᠳᠣᠨ ᠨᠢ ᠵᠣᠯ ᠪᠤᠰᠤ ᠣᠷᠣᠨ ᠳ᠋ᠤ᠌ ᠣᠷᠣᠭᠰᠠᠨ ᠦᠶ᠎ᠡ ᠳ᠋ᠦ᠍ ᠠᠯᠢᠪᠠ ᠭᠣᠷᠢᠳᠠᠯᠭ᠎ᠠ ᠬᠤᠪᠢ ᠵᠠᠶᠠᠭ᠎ᠠ ᠨᠢ ᠲᠡᠷᠡ ᠬᠥᠮᠦᠨ ᠦ᠌ ᠰᠠᠨᠠᠵᠤ ᠪᠣᠳᠣᠭᠰᠠᠨ ᠤ᠋ ᠡᠰᠡᠷᠭᠦ ᠪᠣᠯᠵᠤ ᠢᠷᠡᠬᠦ ᠲᠤᠯᠠ᠂ ᠬᠠᠮᠤᠭ ᠬᠤᠷᠴᠠ ᠮᠡᠷᠭᠡᠨ ᠤᠬᠠᠭᠠᠨ ᠨᠢ ᠪᠣᠯᠪᠠᠴᠤ᠂ ᠰᠢᠯᠭᠠᠷᠠᠭᠰᠠᠨ ᠭᠠᠷᠮᠠᠭᠠᠢ ᠴᠢᠳᠠᠪᠤᠷᠢ ᠨᠢ ᠪᠣᠯᠪᠠᠴᠤ᠂ ᠮᠠᠰᠢ ᠰᠠᠢᠬᠠᠨ ᠰᠢᠯᠢᠳᠡᠭ ᠲᠤᠷᠰᠢᠯᠭ᠎ᠠ ᠨᠢ ᠪᠣᠯᠪᠠᠴᠤ ᠡᠨᠡ ᠬᠥᠮᠦᠨ ᠢ᠋ ᠠᠪᠤᠷᠠᠬᠤ ᠠᠷᠭ᠎ᠠ ᠦᠭᠡᠢ ᠪᠣᠯᠭᠠᠳᠠᠭ᠃ ᠲᠡᠭᠦᠨ ᠦ᠌ ᠶᠠᠮᠠᠷᠪᠠ ᠠᠰᠢᠭ ᠲᠤᠰᠠ ᠲᠠᠢ ᠲᠠᠯ᠎ᠠ ᠨᠢ ᠪᠣᠯᠪᠠᠴᠤ ᠬᠠᠲᠠᠭᠤ ᠴᠢᠩᠭ᠎ᠠ ᠬᠤᠪᠢ ᠵᠠᠶᠠᠭᠠᠲᠠᠨ ᠤ᠋ ᠭᠠᠷ ᠢ᠋ᠶ᠋ᠠᠷ ᠦᠭᠡᠶ᠋ᠢᠰᠬᠡᠭᠳᠡᠬᠦ ᠳ᠋ᠦ᠍ ᠬᠦᠷᠬᠦ ᠶᠦᠮ ᠪᠠᠢᠨ᠎ᠠ᠃ ᠲᠡᠷᠡ ᠦᠶ᠎ᠡ ᠬᠦᠷᠲᠡᠯ᠎ᠡ ᠲᠩᠷᠢ ᠶ᠋ᠢᠨ ᠳᠠᠭᠢᠨᠢ ᠮᠦᠬᠠᠮᠸᠳ᠋ ᠢ᠋ ᠵᠢᠯᠣᠭᠣᠳᠴᠤ ᠭᠠᠪᠢᠶ᠎ᠠ ᠪᠠᠢᠭᠤᠯᠤᠭᠤᠯᠵᠤ᠂ ᠬᠡᠢ ᠮᠣᠷᠢ ᠶ᠋ᠢᠨ ᠣᠳᠣᠨ ᠨᠢ ᠲᠡᠭᠦᠨ ᠦ᠌ ᠬᠦᠰᠡᠯ ᠢ᠋ ᠬᠢᠯᠪᠠᠷ ᠢ᠋ᠶ᠋ᠠᠷ ᠪᠡᠶᠡᠯᠡᠭᠦᠯᠦᠭᠰᠡᠨ ᠪᠢᠯᠡ᠂ ᠣᠳᠣ ᠲᠡᠭᠦᠨ ᠳ᠋ᠦ᠍ ᠳᠠᠷᠤᠯᠠᠭᠳᠠᠵᠤ ᠪᠠᠢᠭᠰᠠᠨ ᠲᠦᠰᠢᠮᠡᠳ ᠦ᠋ᠨ ᠬᠦᠯᠢᠶᠡᠭᠰᠡᠨ ᠮᠠᠰᠢ ᠶᠡᠬᠡ ᠵᠠᠪᠰᠢᠶᠠᠨ ᠪᠤᠰᠤ ᠬᠤᠪᠢ ᠵᠠᠶᠠᠭ᠎ᠠ ᠨᠢ ᠲᠡᠭᠦᠨ ᠦ᠌ ᠲᠣᠯᠣᠭᠠᠢ ᠳᠡᠭᠡᠷ᠎ᠡ ᠬᠤᠷᠠᠮᠳᠤᠨ ᠴᠠᠰᠤᠨ ᠰᠥᠩ ᠪᠠᠭᠤᠵᠤ ᠢᠷᠡᠭᠰᠡᠨ ᠪᠥᠭᠡᠳ ᠪᠠᠭᠳᠠᠳ᠋ ᠤ᠋ᠨ ᠪᠠᠢᠯᠳᠤᠭᠠᠨ ᠤ᠋ ᠢᠯᠠᠭᠳᠠᠯ ᠨᠢ ᠲᠡᠭᠦᠨ ᠳ᠋ᠦ᠍ ᠬᠠᠮᠤᠭ ᠲᠡᠷᠢᠭᠦᠨ ᠦ᠌ ᠵᠠᠪᠰᠢᠶᠠᠨ ᠪᠤᠰᠤ ᠬᠡᠷᠡᠭ ᠪᠣᠯᠤᠭᠰᠠᠨ ᠶᠤᠮ》 ᠭᠡᠵᠡᠢ᠃
    ᠮᠦᠬᠠᠮᠸᠳ᠋ ᠰᠠᠮᠠᠷᠺᠠᠨᠳ᠋ ᠲᠦ᠍ ᠬᠦᠷᠴᠦ ᠢᠷᠡᠭᠰᠡᠨ ᠴᠠᠭ ᠲᠤ᠌᠂ ᠬᠣᠢᠲᠤ ᠲᠠᠯ᠎ᠠ ᠶ᠋ᠢᠨ ᠬᠢᠯᠢ ᠳ᠋ᠡᠬᠢ ᠬᠠᠮᠤᠭ ᠴᠢᠬᠤᠯᠠ ᠪᠣᠭᠣᠮᠲᠠ ᠣᠲ᠋ᠷᠡᠷ ᠡᠴᠡ ᠨᠢᠭᠡᠨ ᠮᠡᠳᠡᠭᠦᠯᠦᠯᠲᠡ ᠢᠷᠡᠵᠡᠢ᠃ ᠯᠠᠯᠤ ᠶ᠋ᠢᠨ ᠮᠥᠷᠭᠥᠯᠲᠡᠨ ᠠᠷᠠᠯᠵᠢᠶ᠎ᠠ ᠶ᠋ᠢᠨ ᠠᠩᠭᠢ ᠶ᠋ᠢᠨ ᠳᠣᠲᠣᠷ᠎ᠠ ᠡᠳᠦᠢ ᠲᠡᠳᠦᠢ ᠮᠣᠩᠭᠣᠯ ᠤ᠋ᠨ ᠲᠠᠩᠨᠠᠭᠤᠯ ᠪᠠᠢᠭᠰᠠᠨ ᠠ᠋ᠴᠠ᠂ ᠬᠣᠲᠠ ᠶ᠋ᠢᠨ ᠶᠡᠷᠦᠩᠬᠡᠢ ᠵᠠᠬᠢᠷᠤᠭᠴᠢ ᠠ᠋ᠴᠠ ᠡᠨᠡ ᠠᠷᠠᠯᠵᠢᠶᠠᠴᠢᠨ ᠠᠩᠭᠢ ᠶ᠋ᠢ ᠪᠠᠷᠢᠵᠤ ᠬᠣᠷᠢᠪᠠ ᠭᠡᠵᠡᠢ᠃ ᠲᠡᠢᠮᠦ ᠡᠴᠡ ᠮᠦᠬᠠᠮᠸᠳ᠋《ᠲᠡᠳᠡᠨ ᠢ᠋ ᠠᠯᠠᠭᠲᠤᠨ》 ᠭᠡᠵᠦ ᠵᠠᠷᠯᠢᠭᠳᠠᠵᠠᠢ᠃ ᠵᠠᠷᠢᠮ ᠲᠡᠦᠬᠡᠴᠢᠨ ᠡᠭᠦᠨ ᠦ᠌ ᠲᠤᠬᠠᠢ ᠳᠣᠣᠷᠠᠬᠢ ᠮᠡᠲᠦ ᠪᠢᠴᠢᠭᠰᠡᠨ ᠨᠢ᠄《ᠡᠨᠡ ᠤᠳᠠᠭ᠎ᠠ ᠶ᠋ᠢᠨ ᠵᠠᠷᠯᠢᠭ ᠢ᠋ᠶ᠋ᠠᠷ ᠱᠠᠭ ᠥᠪᠡᠷ ᠦ᠋ᠨ ᠲᠣᠯᠣᠭᠠᠢ ᠪᠠᠨ ᠠᠯᠳᠠᠭᠰᠠᠨ ᠪᠢᠯᠡ᠃ ᠡᠨᠡ ᠮᠡᠲᠦ ᠪᠡᠷ ᠬᠥᠮᠦᠨ ᠦ᠌ ᠨᠢᠭᠡᠨ ᠳᠤᠰᠤᠯ ᠴᠢᠰᠤ ᠶ᠋ᠢ ᠤᠷᠤᠰᠬᠠᠭᠰᠠᠨ ᠠ᠋ᠴᠠ ᠥᠪᠡᠷ ᠦ᠋ᠨ ᠬᠠᠷᠢᠶᠠᠲᠤ ᠲᠦᠰᠢᠮᠡᠳ ᠦ᠋ᠨ ᠴᠢᠰᠤ ᠪᠠᠨ ᠴᠠᠯᠭᠢᠨ ᠳᠣᠯᠭᠢᠶᠠᠲᠠᠯ᠎ᠠ ᠲᠥᠯᠥᠵᠦ ᠥᠭᠭᠦᠭᠰᠡᠨ ᠪᠥᠭᠡᠳ ᠭᠠᠭᠴᠠ ᠨᠢᠭᠡᠨ ᠦᠰᠦ ᠶ᠋ᠢ ᠴᠠᠪᠴᠢᠭᠰᠠᠨ ᠤ᠋ ᠬᠠᠷᠢᠭᠤ ᠳ᠋ᠤ᠌ ᠬᠡᠳᠦᠨ ᠠᠷᠪᠠᠨ ᠲᠦᠮᠡᠨ ᠲᠣᠯᠣᠭᠠᠢ ᠪᠠᠷ ᠲᠥᠯᠥᠵᠦ ᠥᠭᠭᠦᠭᠰᠡᠨ ᠪᠢᠯᠡ᠂ ᠬᠤᠷᠢᠶᠠᠭᠰᠠᠨ ᠨᠢᠭᠡ ᠴᠢᠶᠠᠨ ᠮᠥᠩᠭᠥᠨ ᠦ᠌ ᠬᠠᠷᠢᠭᠤ ᠳ᠋ᠤ᠌ ᠬᠡᠳᠦᠨ ᠵᠠᠭᠤᠨ ᠵᠢᠩ ᠠᠯᠲᠠ ᠪᠠᠷ ᠲᠥᠯᠥᠵᠦ ᠥᠭᠭᠦᠯ᠎ᠡ》 ᠭᠡᠵᠡᠢ᠃  
    ᠣᠲᠷᠠᠷ ᠤᠨ ᠶᠡᠷᠦᠩᠬᠡᠢ ᠵᠠᠬᠢᠷᠤᠭᠴᠢ ᠠ᠋ᠴᠠ ᠡᠢᠮᠦ ᠠᠷᠪᠢᠨ ᠡᠳ᠋ ᠡᠷᠳᠡᠨᠢ ᠶ᠋ᠢ ᠭᠠᠷ ᠲᠠᠭᠠᠨ ᠣᠷᠣᠭᠤᠯᠵᠤ ᠠᠪᠬᠤ ᠲᠣᠬᠢᠶᠠᠯ ᠢ᠋ ᠠᠯᠳᠠᠬᠤ ᠦᠭᠡᠢ ᠭᠡᠵᠦ᠂ ᠡᠨᠡᠬᠦ ᠠᠷᠠᠯᠵᠢᠶ᠎ᠠ ᠶ᠋ᠢᠨ ᠠᠩᠭᠢ ᠶ᠋ᠢᠨ ᠠᠷᠠᠯᠵᠢᠶᠠᠴᠢᠨ᠂ ᠳᠠᠭᠠᠭᠰᠠᠳ᠂ ᠲᠡᠷᠭᠡᠴᠢᠨ ᠪᠦᠭᠦᠳᠡ ᠵᠠᠭᠤ ᠲᠠᠪᠢᠨ ᠬᠥᠮᠦᠨ( ᠵᠠᠷᠢᠮ ᠲᠡᠦᠬᠡᠨ ᠳ᠋ᠦ᠍ ᠳᠥᠷᠪᠡᠨ ᠵᠠᠭᠤ ᠲᠠᠪᠢᠨ ᠬᠥᠮᠦᠨ ᠭᠡᠵᠦ ᠲᠡᠮᠳᠡᠭᠯᠡᠵᠦ ᠪᠠᠢᠬᠤ ᠴᠤ᠌ ᠪᠣᠢ) ᠶ᠋ᠢ ᠪᠦᠷ ᠠᠯᠠᠭᠰᠠᠨ ᠶᠤᠮ᠃ ᠭᠡᠪᠡᠴᠦ ᠵᠠᠷᠤᠴᠠ ᠬᠥᠮᠦᠨ ᠦ᠌ ᠳᠣᠲᠣᠷ᠎ᠠ ᠠ᠋ᠴᠠ ᠨᠢᠭᠡ ᠨᠢ ᠳᠤᠲᠠᠭᠠᠨ ᠭᠠᠷᠴᠤ ᠴᠢᠳᠠᠭᠰᠠᠨ ᠪᠥᠭᠡᠳ ᠡᠨᠡ ᠬᠥᠮᠦᠨ ᠤᠴᠠᠷᠠᠭᠰᠠᠨ ᠮᠣᠩᠭᠣᠯ ᠴᠡᠷᠢᠭ ᠲᠦ᠍ ᠤᠴᠢᠷ ᠢ᠋ᠶ᠋ᠠᠨ ᠮᠡᠳᠡᠭᠦᠯᠦᠭᠰᠡᠨ ᠡᠴᠡ ᠳᠠᠷᠤᠢ ᠲᠦᠷᠭᠡᠨ ᠢ᠋ᠶ᠋ᠡᠷ ᠴᠢᠩᠭᠢᠰ ᠬᠠᠭᠠᠨ ᠤ᠋ ᠡᠮᠦᠨ᠎ᠡ ᠬᠦᠷᠭᠡᠭᠳᠡᠵᠡᠢ᠃ ᠴᠢᠩᠭᠢᠰ ᠬᠠᠭᠠᠨ᠂ ᠠᠯᠢᠪᠠ ᠠᠷᠠᠯᠵᠢᠶ᠎ᠠ ᠶ᠋ᠢᠨ ᠠᠩᠭᠢ ᠶ᠋ᠢ ᠠᠶᠤᠯ ᠦᠭᠡᠢ ᠪᠠᠢᠳᠠᠯ ᠤ᠋ᠨ ᠳᠣᠣᠷ᠎ᠠ ᠴᠢᠯᠥᠭᠡᠲᠡᠢ ᠪᠡᠷ ᠲᠡᠭᠦᠨ ᠦ᠌ ᠨᠤᠲᠤᠭ ᠳᠡᠪᠢᠰᠬᠡᠷ ᠢ᠋ᠶ᠋ᠡᠷ ᠥᠩᠭᠡᠷᠡᠬᠦ ᠶ᠋ᠢ ᠵᠥᠪᠰᠢᠶᠡᠷᠡᠨ᠎ᠡ ᠭᠡᠬᠦ ᠦᠪᠡᠳᠡᠭᠰᠢ ᠭᠡᠷ᠎ᠡ ᠲᠣᠭᠲᠠᠭᠰᠠᠨ ᠡᠵᠡᠨ ᠬᠠᠭᠠᠨ᠂ ᠡᠨᠡ ᠮᠡᠲᠦ ᠶᠣᠰᠣ ᠪᠤᠰᠤ ᠪᠠᠷ ᠬᠡᠷᠡᠭ ᠳᠡᠭᠳᠡᠭᠡᠵᠦ᠂ ᠪᠣᠯᠵᠣᠭ᠎ᠠ ᠪᠠᠨ ᠡᠪᠳᠡᠭᠰᠡᠨ ᠬᠡᠷᠡᠭ ᠢ᠋ ᠢᠲᠡᠭᠡᠵᠦ ᠴᠢᠳᠠᠬᠤ ᠦᠭᠡᠢ ᠪᠠᠢᠪᠠ᠃ ᠡᠭᠦᠨ ᠢ᠋ ᠪᠠᠷᠤᠭ ᠨᠢᠭᠡᠨ ᠶᠡᠷᠦᠩᠬᠡᠢ ᠵᠠᠬᠢᠷᠤᠭᠴᠢ ᠨᠢ ᠬᠢᠭᠰᠡᠨ ᠬᠡᠷᠡᠭ ᠮᠠᠭᠠᠳ᠂ ᠯᠦᠬᠠᠮᠸᠳ᠋ ᠶᠠᠭᠤᠨ ᠢ᠋ ᠴᠤ ᠮᠡᠳᠡᠬᠦ ᠦᠭᠡᠢ ᠪᠠᠢᠯᠭᠦᠢ ᠳᠡ ᠭᠡᠵᠦ ᠪᠣᠳᠣᠭᠠᠳ᠂ ᠶᠠᠯ᠎ᠠ ᠭᠠᠷᠭᠠᠭᠰᠠᠨ( ᠬᠢᠭᠰᠡᠨ) ᠶᠡᠷᠦᠩᠬᠡᠢ ᠵᠠᠬᠢᠷᠤᠭᠴᠢ ᠪᠠᠨ ᠮᠣᠩᠭᠣᠯ ᠤᠯᠤᠰ ᠲᠤ ᠲᠤᠰᠢᠶᠠᠬᠤ ᠪᠠᠷ ᠱᠠᠭ ᠲᠤ ᠱᠠᠭᠠᠷᠳᠠᠵᠤ ᠡᠷᠭᠢᠭᠡᠳ ᠨᠢᠭᠡᠨ ᠡᠯᠴᠢ ᠶ᠋ᠢ ᠲᠣᠮᠢᠯᠠᠵᠠᠢ᠃
    ᠳᠡᠯᠡᠬᠡᠢ ᠳᠡᠭᠡᠷ᠎ᠡ ᠣᠷᠣᠰᠢᠭᠴᠢ《ᠠᠯᠠ ᠰᠠᠬᠢᠭᠤᠯᠰᠤᠨ ᠤ᠋ ᠰᠡᠭᠦᠳᠡᠷ》 ᠪᠣᠯᠬᠤ ᠠᠯᠠ— ᠠᠳ᠋— ᠳ᠋ᠢᠨ ᠮᠦᠬᠠᠮᠸᠳ᠋᠂ ᠥᠪᠡᠷ ᠦ᠋ᠨ ᠴᠢᠬᠢ ᠪᠡᠨ ᠢᠲᠡᠭᠡᠵᠦ ᠶᠠᠳᠠᠪᠠ᠃ ᠰᠢᠳᠤᠷᠭᠤ ᠪᠤᠰᠤ ᠨᠣᠬᠠᠢ ᠮᠡᠲᠦ ᠨᠡᠭᠦᠳᠡᠯᠴᠢᠨ ᠠᠷᠠᠳ ᠤ᠋ᠨ ᠨᠢᠭᠡᠨ ᠬᠠᠭᠠᠨ ᠬᠠᠷᠢᠨ ᠯᠠᠯᠤ ᠶ᠋ᠢᠨ ᠮᠥᠷᠭᠥᠯᠲᠡᠨ ᠦ᠌ ᠬᠠᠭᠠᠨ ᠪᠥᠭᠡᠳ《ᠬᠣᠶᠠᠳᠤᠭᠠᠷ ᠠᠯᠧᠺᠰᠠᠨᠳᠠᠷ》 ᠪᠣᠯᠳᠠᠭ ᠨᠠᠳᠠᠳᠤ ᠪᠤᠷᠤᠭᠤᠰᠢᠶᠠᠯ ᠤ᠋ᠨ ᠪᠢᠴᠢᠭ ᠢᠷᠡᠭᠦᠯᠦᠨ᠎ᠡ ᠭᠡᠰᠡᠨ ᠬᠡᠷᠡᠭ ᠪᠠᠢᠵᠤ ᠪᠣᠯᠤᠨ᠎ᠠ ᠤᠤ? ᠮᠦᠬᠠᠮᠸᠳ᠋᠂ ᠱᠠᠭ ᠤ᠋ᠨ ᠬᠠᠷᠢᠭᠤ ᠨᠢ ᠭᠠᠭᠴᠠ ᠦᠭᠡ ᠪᠠᠢᠭᠰᠠᠨ ᠶᠤᠮ᠃ ᠡᠯᠴᠢ ᠶ᠋ᠢᠨ ᠳᠠᠷᠤᠭ᠎ᠠ ᠶ᠋ᠢ ᠨᠢ ᠠᠯᠠᠭᠠᠳ᠂ ᠪᠤᠰᠤᠳ ᠬᠥᠮᠦᠨ ᠦ᠌ ᠰᠠᠬᠠᠯ ᠢ᠋ ᠬᠢᠷᠭᠠᠵᠤ ᠬᠠᠭᠠᠨ ᠤ᠋  ᠬᠢᠨ ᠳᠡᠷᠭᠡᠳᠡ ᠬᠠᠷᠠᠭᠤᠯᠤᠭᠰᠠᠨ ᠪᠠᠢᠨ᠎ᠠ᠃ ᠮᠣᠩᠭᠣᠯᠴᠤᠳ ᠤ᠋ᠨ  ᠨᠢᠳᠦᠨ ᠳ᠋ᠦ᠍ ᠡᠯᠴᠢ ᠪᠣᠯ ᠡᠷᠬᠢᠮ ᠳᠡᠭᠡᠳᠦ ᠪᠥᠭᠡᠳ ᠬᠠᠯᠳᠠᠵᠤ ᠪᠣᠯᠣᠰᠢ ᠦᠭᠡᠢ ᠪᠠᠢᠭᠰᠠᠨ ᠶᠤᠮ᠃ᠴᠢᠩᠭᠢᠰ ᠬᠠᠭᠠᠨ᠂ ᠡᠯᠴᠢᠨ  ᠦ᠌ ᠳᠠᠷᠤᠭ᠎ᠠ ᠨᠢ ᠠᠯᠠᠭᠠᠳᠠᠭᠠᠳ᠂ ᠳᠠᠭᠠᠭᠰᠠᠳ ᠨᠢ ᠳᠣᠷᠣᠮᠵᠢᠯᠠᠭᠳᠠᠭᠰᠠᠨ ᠢ᠋ ᠦᠵᠡᠭᠡᠳ ᠨᠢᠳᠦᠨ ᠨᠢᠯᠪᠤᠰᠤ ᠠᠰᠬᠠᠷᠠᠭᠤᠯᠵᠤ᠂《ᠲᠩᠷᠢ ᠠ᠋!》 ᠨᠠᠳᠠᠳᠤ ᠡᠨᠡᠬᠦ ᠥᠰᠢᠶ᠎ᠡ ᠶ᠋ᠢ ᠠᠪᠬᠤ ᠬᠦᠴᠦᠨ ᠣᠯᠭᠣᠬᠤ ᠠᠵᠢᠶᠠᠮᠤ ᠭᠡᠵᠦ ᠬᠠᠰᠬᠢᠷᠪᠠ᠃
    ᠲᠡᠭᠦᠨ  ᠦ᠌《ᠰᠤᠮᠤ ᠮᠡᠲᠦ ᠲᠦᠷᠭᠡᠨ》ᠮᠣᠷᠢᠲᠠᠨ  ᠨᠠᠷ ᠳᠥᠷᠪᠡᠨ ᠵᠦᠭ ᠲᠦ᠍ ᠨᠢᠰᠬᠦ ᠮᠡᠲᠦ ᠳᠠᠪᠬᠢᠭᠤᠯᠤᠯ᠎ᠠ᠃ ᠥᠰᠢᠶ᠎ᠡ ᠪᠡᠨ ᠠᠪᠬᠤ ᠪᠠᠢᠯᠳᠤᠭᠠᠨ ᠬᠢᠬᠦ ᠶ᠋ᠢᠨ ᠲᠥᠯᠥᠭᠡ᠂ ᠡᠬᠡ ᠬᠠᠭᠤᠷᠠᠢ ᠶ᠋ᠢᠨ ᠬᠠᠭᠠᠰ ᠳᠠᠷᠤᠢ ᠠᠯᠲᠠᠢ ᠠᠭᠤᠯᠠ ᠠ᠋ᠴᠠ ᠬᠠᠲᠤᠨ ᠭᠣᠣᠯ  ᠬᠦᠷᠲᠡᠯᠡᠬᠢ ᠭᠠᠵᠠᠷ ᠣᠷᠣᠨ ᠢ᠋ ᠲᠡᠢᠴᠢᠯᠡᠪᠡ᠃ ᠠᠷᠪᠠᠨ ᠳᠣᠯᠣᠭᠠᠨ ᠨᠠᠰᠤᠨ ᠠ᠋ᠴᠠ ᠵᠢᠷᠠᠨ ᠨᠠᠰᠤ ᠬᠦᠷᠲᠡᠯᠡᠬᠢ ᠪᠦᠬᠦ ᠮᠣᠩᠭᠣᠯ ᠬᠥᠮᠦᠨ᠂ ᠬᠢᠪᠴᠠᠭ ᠤ᠋ᠨ ᠰᠠᠷᠠᠭᠤᠯ ᠲᠠᠯ᠎ᠠ ᠳ᠋ᠤ᠌ ᠪᠣᠢᠵᠢᠭᠰᠠᠨ  ᠮᠣᠷᠢᠲᠤ ᠴᠡᠷᠢᠭ᠂ ᠤᠢᠭᠤᠷ  ᠤ᠋ᠨ ᠲᠦᠰᠢᠮᠡᠳ  ᠪᠣᠯᠤᠨ ᠴᠡᠷᠢᠭ ᠦ᠋ᠳ ᠨᠢ ᠂ ᠬᠢᠲᠠᠳ ᠬᠥᠮᠦᠨ ᠢ᠋ᠶ᠋ᠡᠷ ᠪᠦᠷᠢᠯᠳᠦᠭᠰᠡᠨ ᠦᠬᠡᠷ ᠫᠤᠤ ᠶ᠋ᠢᠨ ᠬᠣᠷᠢᠶ᠎ᠠ᠂  ᠬᠢᠳᠠᠨ ᠪᠠ ᠬᠠᠷ᠎ᠠ  ᠬᠢᠳᠠᠨ ᠤ᠋ ᠡᠯ᠎ᠡ ᠴᠡᠷᠢᠭ  ᠠᠩᠭᠢ  ᠨᠢ ᠪᠣᠭᠳᠠ ᠬᠠᠭᠠᠨ  ᠤ᠋ ᠤᠷᠢᠶᠠᠯᠠᠭ᠎ᠠ ᠶ᠋ᠢ ᠤᠭᠲᠤᠨ ᠠᠪᠤᠭᠰᠠᠨ ᠪᠠᠢᠨ᠎ᠠ᠃ ᠬᠠᠷᠢᠶ᠎ᠠ ᠲᠦᠰᠢᠮᠡᠳ ᠦ᠋ᠨ ᠳᠣᠲᠣᠷ᠎ᠠ ᠠ᠋ᠴᠠ ᠭᠠᠭᠴᠠ ᠨᠢᠭᠡᠨ ᠬᠥᠮᠦᠨ— ᠪᠠᠷᠠᠭᠤᠨ ᠰᠢᠶᠠ ᠤᠯᠤᠰ ᠤ᠋ᠨ ᠸᠠᠩ ᠨᠢ ᠴᠢᠩᠭᠢᠰ ᠬᠠᠭᠠᠨ ᠳ᠋ᠤ᠌ ᠴᠡᠷᠢᠭ ᠭᠠᠷᠭᠠᠨ ᠲᠤᠰᠠᠯᠠᠬᠤ ᠶ᠋ᠢ ᠡᠰᠡᠷᠭᠦᠴᠡᠵᠡᠢ᠃
    《ᠪᠣᠭᠳᠠ ᠬᠠᠭᠠᠨ ᠪᠠᠰᠠ ᠦᠨᠳᠦᠰᠦᠲᠡᠨ ᠨᠦ᠍ᠭᠦᠳ ᠢ᠋ ᠲᠦᠪᠰᠢᠳᠬᠡᠵᠦ ᠭᠦᠢᠴᠡᠭᠡᠳᠦᠢ ᠤᠤ》 ᠭᠡᠵᠦ ᠪᠠᠷᠠᠭᠤᠨ ᠰᠢᠶᠠ ᠤᠯᠤᠰ ᠤ᠋ᠨ ᠸᠠᠩ ᠴᠢᠩᠭᠢᠰ ᠬᠠᠭᠠᠨ  ᠤ᠋ ᠡᠯᠴᠢ ᠳ᠋ᠦ᠍ ᠬᠡᠯᠡᠵᠡᠢ᠃ ᠳᠠᠷᠠᠭ᠎ᠠ ᠨᠢ ᠪᠠᠰᠠ
    《ᠪᠣᠭᠳᠠ ᠬᠠᠭᠠᠨ ᠥᠪᠡᠷ ᠦ᠋ᠨ ᠴᠡᠷᠢᠭ ᠦ᠋ᠨ ᠬᠦᠴᠦᠨ ᠢ᠋ᠶ᠋ᠡᠷ ᠢ᠋ᠶ᠋ᠡᠨ ᠬᠦᠴᠦ ᠬᠦᠷᠬᠦ ᠦᠭᠡᠢ  ᠪᠣᠯ ᠶᠠᠭᠤᠨ ᠳ᠋ᠤ᠌ ᠬᠠᠭᠠᠨ ᠪᠣᠯᠪᠠ》 ᠭᠡᠵᠦ ᠬᠡᠯᠡᠵᠡᠢ᠃ ᠡᠢᠮᠦ ᠪᠠᠴᠢᠮ ᠴᠠᠭ ᠲᠤ ᠢᠩᠭᠢᠵᠦ ᠳᠠᠪᠰᠢᠭᠤᠷᠠᠨ  ᠬᠡᠳᠡᠷᠯᠡᠬᠦ ᠨᠢ ᠨᠢᠭᠡᠨ ᠲᠦᠰᠢᠮᠡᠯ ᠪᠣᠯᠤᠭᠰᠠᠨ ᠬᠥᠮᠦᠨ  ᠦ᠌ ᠠᠷᠢᠭᠤᠨ ᠡᠭᠦᠷᠭᠡ ᠡᠴᠡ ᠪᠡᠨ ᠲᠡᠷᠰᠯᠡᠭᠰᠡᠨ ᠬᠡᠷᠡᠭ  ᠪᠣᠯᠬᠤ ᠪᠠᠷ ᠴᠢᠩᠭᠢᠰ ᠬᠠᠭᠠᠨ ᠦᠨᠡᠬᠡᠷ ᠬᠢᠯᠢᠩᠯᠡᠪᠡ᠃
    《ᠮᠢᠨᠦ ᠪᠦᠬᠦ ᠴᠡᠷᠢᠭ ᠡᠨᠡ ᠮᠠᠭᠤ ᠲᠠᠩᠭᠤᠳ ᠤᠯᠤᠰ ᠲᠡᠰᠢ ᠤᠷᠤᠭᠰᠢᠯᠠᠵᠤ᠂ᠡᠨᠡ ᠤᠯᠤᠰ ᠢ᠋ ᠦᠨᠳᠦᠰᠦᠨ ᠡᠴᠡ ᠨᠢ ᠰᠥᠨᠥᠭᠡᠵᠦ ᠬᠠᠶᠠᠬᠤ ᠶ᠋ᠢ ᠬᠡᠨ ᠰᠠᠭᠠᠳ ᠬᠢᠵᠦ ᠴᠢᠳᠠᠬᠤ ᠶᠤᠮ ᠪᠣᠢ》 ᠭᠡᠵᠦ ᠶᠡᠬᠡ ᠬᠢᠯᠢᠩ ᠲᠥᠷᠥᠵᠦ ᠬᠠᠰᠬᠢᠷᠪᠠ᠃
    《ᠬᠡᠨ ᠡᠨᠡ ᠤᠯᠤᠰ ᠢ᠋ ᠰᠥᠨᠥᠭᠡᠬᠦ ᠶ᠋ᠢ ᠰᠠᠭᠠᠲᠠᠭᠤᠯᠵᠤ ᠴᠢᠳᠠᠬᠤ ᠶᠤᠮ ᠪᠣᠢ》 ᠭᠡᠵᠦ ᠳᠣᠭᠰᠢᠷᠠᠨ ᠬᠡᠯᠡᠵᠡᠢ᠃ ᠭᠡᠲᠡᠯ᠎ᠡ ᠱᠠᠭ ᠠ᠋ᠴᠠ ᠲᠡᠭᠦᠨ ᠢ᠋ ᠪᠠᠰᠤᠮᠵᠢᠯᠠᠨ ᠳᠣᠷᠣᠮᠵᠢᠯᠠᠭᠰᠠᠨ ᠥᠰᠢᠶ᠎ᠡ ᠪᠣᠯᠤᠨ ᠡᠯᠴᠢᠨ  ᠦ᠌ ᠳᠠᠷᠤᠭ᠎ᠠ ᠶ᠋ᠢ ᠠᠯᠠᠭᠰᠠᠨ ᠴᠢᠰᠤᠨ ᠥᠰᠢᠶ᠎ᠡ ᠪᠡᠨ ᠠᠪᠤᠭᠠᠳᠤᠢ ᠪᠠᠢᠭᠰᠠᠭᠠᠷ ᠪᠢᠯᠡ᠃ ᠡᠨᠡ ᠴᠢᠰᠤᠨ ᠥᠰᠢᠶ᠎ᠡ ᠪᠡᠨ ᠶᠠᠭᠤᠨ ᠠ᠋ᠴᠠ ᠤᠷᠢᠳ ᠠᠪᠬᠤ ᠬᠡᠷᠡᠭᠲᠡᠢ᠃ ᠲᠡᠭᠡᠭᠡᠳ ᠲᠡᠷᠡ
    《ᠮᠢᠨᠦ ᠦᠭᠡ ᠨᠤᠲᠠᠯᠠᠭᠳᠠᠭᠰᠠᠨ ᠪᠠᠢᠨ᠎ᠠ᠁ 》᠃《ᠪᠢ ᠦᠬᠦᠬᠦ ᠦᠶ᠎ᠡ ᠳ᠋ᠡᠭᠡᠨ ᠬᠥᠷᠪᠡᠵᠦ ᠣᠷᠪᠠᠬᠰᠠᠳ ᠠ᠋ᠴᠠ ᠬᠠᠷᠢᠭᠤ ᠪᠠᠨ ᠠᠪᠤᠨ᠎ᠠ᠁》ᠭᠡᠵᠦ ᠲᠠᠩᠭᠠᠷᠢᠭᠯᠠᠵᠠᠢ᠃

   ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠴᠡᠴᠡᠭ᠂ ᠡᠷᠳᠡᠨᠢᠭᠤᠸ᠎ᠠ᠂ ᠲᠣᠭᠲᠠᠭᠤᠨ
   ᠬᠢᠨᠠᠭᠴᠢ᠄ ᠪᠠᠶᠠᠨᠴᠡᠴᠡᠭ᠂ ᠣᠳᠬᠠᠨᠰᠣ᠎ᠠ