ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠳᠥᠷᠪᠡ) Үүрийн туяа I – Б ᠂ Ренчин Тэргүүн дэвтэр "Манжийн талхинд" (24)
ᠬᠣᠷᠢᠨ ᠳᠥᠷᠪᠡ᠂ ᠠᠢᠯ ᠳ᠋ᠤ᠌ ᠵᠠᠷᠤᠭᠳᠠᠯᠠ
ᠶᠠᠳᠠᠭᠤ ᠬᠥᠮᠦᠨ ᠳ᠋ᠦ᠍ ᠨᠣᠶᠠᠨ ᠣᠯᠠᠨ
(ᠠᠷᠠᠳ ᠤ᠋ᠨ ᠵᠦᠢᠷ ᠦᠭᠡᠨ ᠡᠴᠡ)
ᠥᠭᠦᠯᠡᠬᠦ ᠨᠢ᠂ ᠮᠠᠭᠤ ᠵᠠᠩ ᠲᠠᠢ ᠵᠠᠩᠲᠠᠢ ᠶ᠋ᠢᠨ ᠰᠡᠳᠬᠢᠯ ᠳ᠋ᠦ᠍ ᠵᠢᠰᠤᠷᠳᠠᠨ ᠨᠡᠢᠯᠡᠭᠦᠯᠳᠡᠭ ᠲᠣᠮᠠ ᠴᠢᠪ ᠭᠡᠮᠡᠨ ᠲᠣᠬᠢᠷᠠᠨ ᠨᠡᠢᠯᠡᠵᠦ᠂ ᠶᠣᠰᠣᠲᠠᠢ ᠣᠷᠣᠭ᠎ᠠ ᠨᠢ ᠣᠷᠣᠭ᠎ᠠ ᠪᠠᠨ᠂ ᠵᠢᠷᠣᠭ᠎ᠠ ᠨᠢ ᠵᠢᠷᠣᠭ᠎ᠠ ᠪᠠᠨ ᠣᠯᠪᠠ ᠭᠡᠭᠴᠢ ᠶ᠋ᠢᠨ ᠦᠯᠢᠭᠡᠷ ᠪᠣᠯᠪᠠ᠃ ᠬᠣᠶᠠᠭᠤᠯᠠ ᠪᠠᠨ ᠨᠡᠢᠯᠡᠭᠡᠳ ᠬᠥᠭᠡᠷᠦᠬᠦᠢ ᠰᠢᠷᠴᠢᠨ ᠢ᠋ ᠬᠥᠳᠡᠯᠬᠦ ᠪᠦᠷᠢ ᠵᠠᠩᠨᠠᠵᠤ᠂ ᠤᠳᠠᠯ ᠦᠭᠡᠢ ᠵᠣᠳᠣᠬᠤ ᠪᠣᠯᠪᠠ᠃ ᠥᠨᠥᠴᠢᠨ ᠬᠦᠦ ᠶ᠋ᠢ ᠦᠷᠦ ᠡᠪᠡᠳᠴᠦ᠂ ᠰᠠᠮ ᠢᠳᠡᠬᠦ ᠶᠠᠭᠤᠮ᠎ᠠ ᠥᠭᠴᠦ ᠪᠠᠢᠭᠰᠠᠨ ᠰᠠᠢᠬᠠᠨ ᠰᠡᠳᠬᠢᠯᠲᠦ ᠰᠦᠷᠦᠩ ᠡᠮᠡᠭᠡᠨ᠂ ᠵᠠᠩᠲᠠᠢ ᠶ᠋ᠢ ᠢᠳᠬᠠᠨ ᠤᠴᠢᠷ ᠲᠠᠨᠢᠭᠤᠯᠬᠤ ᠭᠡᠵᠦ ᠣᠷᠣᠯᠳᠣᠳᠠᠭ ᠪᠠᠢᠵᠠᠢ᠃ ᠲᠡᠭᠡᠭᠡᠳ ᠨᠢᠭᠡ ᠡᠳᠦᠷ ᠰᠢᠷᠴᠢᠨ ᠦ᠌ ᠪᠠᠷᠬᠢᠷᠠᠨ ᠤᠬᠢᠯᠠᠬᠤ ᠴᠢᠮᠡᠭᠡ ᠪᠡᠷ ᠡᠮᠡᠭᠡᠨ ᠢ᠋ ᠰᠡᠩᠳᠡᠨ ᠮᠡᠩᠳᠡᠨ ᠭᠡᠷ ᠡᠴᠡᠭᠡᠨ ᠭᠦᠶᠦᠵᠦ ᠢᠷᠡᠭᠡᠳ ᠵᠠᠮᠪᠠ ᠶ᠋ᠢᠨ ᠭᠡᠷ ᠲᠦ᠍ ᠣᠷᠣᠪᠠᠰᠤ᠂ ᠵᠠᠩᠲᠠᠢ ᠲᠣᠮᠠ ᠬᠣᠶᠠᠷ ᠰᠢᠷᠴᠢᠨ ᠢ᠋ ᠨᠢᠪᠰᠢᠷᠡᠲᠡᠯᠡ ᠵᠣᠳᠣᠵᠤ ᠪᠠᠢᠭᠰᠠᠨ ᠢ᠋ᠶ᠋ᠠᠨ ᠡᠮᠡᠭᠡᠨ ᠦ᠌ ᠥᠮᠥᠭᠡᠷᠡᠨ ᠬᠣᠷᠢᠭᠯᠠᠬᠤ ᠳ᠋ᠤ᠌ ᠤᠯᠠᠮ ᠬᠢᠯᠢᠩ ᠪᠠᠳᠠᠷᠠᠵᠤ᠂ ᠵᠠᠮᠪᠠ ᠶ᠋ᠢ ᠭᠠᠳᠠᠭ᠎ᠠ ᠮᠣᠷᠢᠨ ᠤ᠋ ᠤᠶᠠᠭ᠎ᠠ ᠳᠡᠭᠡᠷ᠎ᠡ ᠪᠠᠭᠤᠵᠤ ᠪᠠᠢᠲᠠᠯ᠎ᠠ᠂ ᠰᠦᠷᠦᠩ ᠡᠮᠡᠭᠡᠨ ᠢ᠋ ᠡᠯᠪᠡᠵᠦ ᠭᠡᠷ ᠡᠴᠡ ᠴᠢᠷᠴᠦ ᠭᠠᠷᠭᠠᠨ ᠲᠦᠯᠬᠢᠨ ᠤᠨᠠᠭᠠᠭᠰᠠᠨ ᠳ᠋ᠤ᠌᠂ ᠵᠠᠩᠲᠠᠢ ᠠ᠋ᠴᠠ ᠡᠮᠢᠶᠡᠵᠦ ᠰᠦᠷᠦᠩ ᠡᠮᠡᠭᠡᠨ ᠢ᠋ ᠡᠷᠭᠦᠨ ᠪᠣᠰᠬᠠᠬᠤ ᠵᠢᠷᠦᠬᠡ ᠬᠦᠷᠦᠭᠰᠡᠨ ᠦᠭᠡᠢ ᠳᠡᠮᠡᠢ ᠯᠡ ᠪᠦᠯᠲᠡᠢᠨ ᠵᠣᠭᠰᠣᠪᠠ᠃ ᠭᠡᠪᠡᠴᠦ ᠡᠮᠡᠭᠡᠨ ᠦ᠌ ᠲᠡᠮᠡᠭᠡ ᠶ᠋ᠢ ᠨᠡᠭᠦᠳᠡᠯ ᠬᠢᠬᠦ ᠳ᠋ᠡᠭᠡᠨ ᠬᠡᠷᠡᠭᠯᠡᠬᠦ ᠲᠤᠯᠠ ᠵᠠᠩᠲᠠᠢ ᠲᠡᠷᠡ ᠣᠷᠣᠢ ᠰᠦᠷᠦᠩ ᠳ᠋ᠦ᠍ ᠨᠢᠭᠡ ᠲᠠᠪᠠᠭ ᠥᠷᠥᠮ᠎ᠡ᠂ ᠨᠢᠭᠡ ᠯᠣᠩᠬᠣ ᠰᠢᠮ᠎ᠡ ᠶ᠋ᠢᠨ ᠠᠷᠢᠬᠢ ᠶᠠᠪᠤᠭᠤᠯᠵᠤ ᠪᠢᠯᠡ᠃ ᠰᠦᠷᠦᠩ ᠡᠮᠡᠭᠡᠨ ᠲᠡᠭᠦᠨᠴᠡ ᠬᠣᠢᠰᠢ ᠵᠠᠮᠪᠠ ᠶ᠋ᠢᠨ ᠪᠣᠱᠣᠭ᠎ᠠ ᠠᠯᠬᠤᠬᠤ ᠪᠠᠨ ᠪᠠᠢᠵᠤ᠂ ᠵᠠᠮᠪᠠ ᠴᠤ᠌ ᠡᠷᠭᠦᠮᠡᠯ ᠬᠥᠪᠡᠭᠦᠨ ᠢ᠋ᠶ᠋ᠡᠨ ᠦᠵᠡᠬᠦ ᠪᠡᠨ ᠪᠠᠢᠵᠤ᠂ ᠠᠶ᠎ᠠ ᠦᠭᠡᠢᠳᠡᠪᠡᠯ ᠭᠠᠷ ᠬᠦᠷᠳᠡᠭ ᠪᠣᠯᠵᠠᠢ᠃
ᠨᠢᠭᠡ ᠥᠷᠯᠥᠭᠡ ᠵᠠᠩᠲᠠᠢ ᠬᠡᠳᠦᠨ ᠬᠣᠨᠢ ᠬᠠᠮᠠᠭᠤᠷᠠᠭᠰᠠᠨ ᠢ᠋ ᠣᠯᠵᠤ ᠦᠵᠡᠭᠡᠳ᠂ ᠰᠢᠷᠴᠢᠨ ᠢ᠋ ᠤᠴᠢᠷ ᠵᠦᠭ ᠦᠭᠡᠢ ᠬᠠᠷᠢᠶᠠᠨ᠂ ᠵᠠᠮᠪᠠ ᠳ᠋ᠤ᠌ ᠡᠨᠡ ᠮᠠᠭᠤ ᠴᠢᠨᠢ ᠬᠣᠨᠢᠨ ᠤ᠋ ᠬᠣᠲᠠᠨ ᠳ᠋ᠤ᠌ ᠰᠢᠭᠡᠭᠡᠳ ᠬᠣᠨᠢ ᠬᠠᠮᠠᠭᠤᠷᠠᠪᠠ ᠭᠡᠰᠡᠨ ᠳ᠋ᠦ᠍ ᠵᠠᠮᠪᠠ ᠮᠣᠷᠢ ᠡᠮᠡᠭᠡᠯᠯᠡᠵᠦ ᠪᠠᠢᠭᠠᠳ ᠰᠢᠷᠴᠢᠨ ᠦ᠌ ᠵᠦᠭ ᠬᠦᠢᠲᠡᠨ ᠢ᠋ᠶ᠋ᠡᠷ ᠭᠢᠯᠤᠢᠨ ᠬᠠᠷᠠᠵᠤ᠂
— ᠮᠢᠨᠦ ᠨᠢᠳᠦᠨ ᠳ᠋ᠦ᠍ ᠪᠤᠤ ᠦᠵᠡᠭᠳᠡ ᠮᠠᠭᠤ ᠵᠣᠯᠢᠭ᠃ ᠨᠠᠮᠠᠶ᠋ᠢ ᠡᠷᠭᠢᠵᠦ ᠢᠷᠡᠬᠦ ᠳ᠋ᠦ᠍ ᠰᠡᠭ ᠰᠡᠪᠰᠡ ᠦᠭᠡᠢ ᠠᠯᠠᠭ᠎ᠠ ᠪᠣᠯᠤᠭᠠᠳ ᠪᠠᠢᠭᠠᠷᠠᠢ᠃ ᠮᠠᠲᠠᠪᠠᠤ? ᠭᠡᠵᠦ ᠵᠠᠩᠨᠠᠭᠠᠳ ᠮᠣᠷᠳᠠᠵᠠᠢ᠃
ᠰᠢᠷᠴᠢᠨ᠂ ᠲᠠᠯᠢᠢᠭᠴᠢ ᠡᠬᠡ ᠶ᠋ᠢᠨ ᠣᠶᠣᠵᠤ ᠥᠭᠭᠦᠭᠰᠡᠨ ᠭᠠᠭᠴᠠ ᠪᠦᠲᠦᠨ ᠲᠡᠷᠯᠢᠭ ᠢ᠋ᠶ᠋ᠡᠨ ᠡᠭᠦᠷᠦᠭᠡᠳ᠂ ᠲᠠᠰᠢᠭᠤᠷ ᠤ᠋ᠨ ᠬᠤᠭᠤᠷᠬᠠᠢ ᠪᠠᠷᠢᠵᠤ᠂ ᠰᠦᠷᠦᠩ ᠡᠮᠡᠭᠡᠨ ᠲᠡᠢ ᠰᠠᠯᠬᠤ ᠶᠣᠰᠣ ᠬᠢᠬᠦ ᠭᠡᠵᠦ ᠡᠮᠡᠭᠡᠨ ᠦ᠌ ᠭᠡᠷ ᠦ᠋ᠨ ᠵᠦᠭ ᠠᠯᠬᠤᠵᠤ᠂ ᠬᠥᠭᠡᠭᠡᠭᠳᠡᠨ ᠶᠠᠪᠤᠬᠤ ᠪᠣᠯᠤᠭᠰᠠᠨ ᠢ᠋ᠶ᠋ᠠᠨ ᠬᠡᠯᠡᠪᠡᠰᠦ᠂ ᠰᠠᠢᠬᠠᠨ ᠰᠠᠨᠠᠭ᠎ᠠ ᠲᠠᠢ ᠲᠡᠷᠡ ᠡᠮᠡᠭᠡᠨ ᠨᠢᠯᠪᠤᠰᠤ ᠤᠨᠠᠭᠠᠨ ᠤᠶᠠᠷᠠᠨ ᠦᠷᠦ ᠡᠪᠡᠳᠦᠭᠡᠳ ᠠᠪᠳᠠᠷ᠎ᠠ ᠶᠤᠭᠠᠨ ᠠᠭᠤᠳᠠᠯᠵᠤ ᠴᠢᠪᠠᠭ᠎ᠠ᠂ ᠪᠣᠭᠣᠷᠰᠣᠭ᠂ ᠰᠢᠬᠢᠷ ᠲᠡᠢ ᠠᠭᠠᠷᠤᠤᠯ᠂ ᠬᠤᠷᠤᠳ ᠭᠠᠷᠭᠠᠵᠤ ᠥᠭᠭᠦᠭᠡᠳ᠂
— ᠪᠠᠲᠤᠪᠠᠶᠠᠷ ᠪᠠᠢᠪᠠᠯ᠂ ᠴᠢ ᠪᠢᠳᠡ ᠬᠣᠶᠠᠷ ᠠᠷᠠᠢ ᠡᠢᠮᠦ ᠳ᠋ᠦ᠍ ᠬᠦᠷᠬᠦ ᠦᠭᠡᠢ ᠶᠤᠮᠰᠠᠨ ᠳᠠ᠃ ᠵᠠᠮᠪᠠ᠂ ᠲᠡᠷᠡ ᠰᠢᠳᠤᠷᠭᠤ ᠴᠢᠬᠡᠴᠢ ᠡᠪᠦᠭᠡᠨ ᠡᠴᠡ ᠠᠶᠤᠳᠠᠭ ᠪᠢᠯᠡ᠃ ᠣᠳᠣ ᠴᠢ ᠪᠢᠳᠡ ᠬᠣᠶᠠᠷ ᠠ᠋ᠴᠠ ᠠᠶᠤᠳᠠᠭ ᠢᠴᠢᠳᠡᠭ ᠠᠮᠢᠲᠠᠨ ᠠᠯᠠᠭ᠎ᠠ ᠪᠣᠯᠤᠭᠠᠳ ᠢᠩᠭᠢᠵᠦ ᠳᠡ᠃ ᠴᠢᠮᠠᠶ᠋ᠢ ᠪᠢ ᠴᠢᠳᠠᠳᠠᠭ ᠪᠣᠯ ᠭᠡᠷ ᠲᠡᠭᠡᠨ ᠳᠤᠷᠠᠲᠠᠢ ᠪᠠᠢᠯᠭᠠᠬᠤ ᠰᠠᠨ᠃ ᠲᠣᠯᠣᠭᠠᠢ ᠪᠠᠨ ᠮᠡᠳᠡᠬᠦ ᠦᠭᠡᠢ ᠪᠣᠯᠤᠭᠰᠠᠨ ᠠ᠋ᠴᠠ ᠬᠣᠢᠰᠢ ᠶᠠᠭᠠᠬᠢᠶ᠎ᠠ ᠭᠡᠬᠦ ᠪᠣᠢ ᠳᠠ᠃ ᠴᠢᠮᠠᠶ᠋ᠢ ᠮᠠᠨᠠᠢ (ᠮᠠᠨ ᠤ᠋) ᠳ᠋ᠤ᠌ ᠦᠯᠡᠳᠡᠭᠰᠡᠨ ᠴᠦ᠍ ᠵᠠᠩᠲᠠᠢ᠂ ᠴᠢᠨᠦ ᠠᠮᠤᠷ ᠵᠠᠶᠠᠭ᠎ᠠ ᠶ᠋ᠢ ᠦᠵᠡᠭᠦᠯᠬᠦ ᠭᠡᠵᠢ ᠤᠤ ᠳᠠ? ᠵᠠ ᠬᠦᠦ ᠮᠢᠨᠢ᠂ ᠡᠷ᠎ᠡ ᠬᠥᠮᠦᠨ ᠰᠢᠭ ᠬᠠᠲᠠᠭᠤᠵᠢᠨ ᠵᠣᠷᠢᠵᠤ ᠦᠵᠡ ᠳᠡ᠃ ᠵᠣᠪᠠᠯᠠᠩ ᠳ᠋ᠤ᠌ ᠳᠠᠷᠤᠭᠳᠠᠵᠤ᠂ ᠭᠤᠨᠢᠬᠤ ᠭᠤᠲᠤᠬᠤ ᠬᠡᠷᠡᠭ ᠦᠭᠡᠢ᠂ ᠬᠦᠦ ᠮᠢᠨᠢ᠃ ᠪᠤᠷᠬᠠᠨ ᠲᠩᠷᠢ ᠴᠢᠮᠠᠶ᠋ᠢ ᠮᠢᠨᠢ ᠬᠠᠷᠠᠵᠤ ᠶᠠᠪᠤᠬᠤ ᠪᠣᠯᠲᠤᠭᠠᠢ ᠭᠡᠵᠦ ᠠᠶᠠᠭ᠎ᠠ ᠰᠦ ᠠᠮᠰᠠᠭᠤᠯᠤᠭᠠᠳ᠂ ᠬᠣᠢᠨ᠎ᠠ ᠠ᠋ᠴᠠ ᠨᠢ ᠰᠦ ᠰᠠᠴᠤᠬᠤ ᠭᠡᠵᠦ ᠭᠠᠷᠪᠠᠰᠤ᠂ ᠰᠢᠷᠴᠢᠨ《ᠭᠣᠶᠣᠯ ᠤ᠋ᠨ ᠢ᠋ᠶ᠋ᠠᠨ》 ᠭᠠᠭᠴᠠ ᠳᠡᠪᠡᠯ ᠢ᠋ ᠮᠥᠷᠥ ᠳ᠋ᠡᠭᠡᠨ ᠡᠭᠦᠷᠦᠭᠡᠳ ᠬᠤᠭᠤᠷᠬᠠᠢ ᠲᠠᠰᠢᠭᠤᠷ ᠢ᠋ᠶ᠋ᠠᠨ ᠠᠪᠴᠤ᠂ ᠮᠠᠭᠤ ᠰᠠᠢᠨ ᠲᠠᠰᠤᠷᠬᠠᠢ ᠰᠤᠷ ᠢ᠋ᠶ᠋ᠠᠷ ᠪᠣᠭᠣᠭᠰᠠᠨ ᠤᠷᠠᠩᠬᠠᠢ ᠬᠠᠭᠤᠴᠢᠨ ᠭᠤᠲᠤᠯ ᠢ᠋ᠶ᠋ᠠᠨ ᠫᠢᠷ ᠫᠢᠷ ᠴᠢᠷᠦᠭᠰᠡᠭᠡᠷ᠂ ᠥᠪᠡᠷᠦᠨ ᠭᠡᠷ ᠭᠡᠵᠦ ᠪᠣᠳᠣᠵᠤ ᠰᠤᠷᠤᠭᠰᠠᠨ᠂ ᠡᠰᠡ ᠲᠥᠷᠥᠭᠰᠡᠨ ᠪᠣᠯᠪᠠᠴᠤ ᠥᠰᠴᠦ ᠲᠣᠷᠨᠢᠭᠰᠠᠨ ᠭᠡᠷ ᠡᠴᠡᠭᠡᠨ(ᠡᠴᠡ ᠪᠡᠨ) ᠰᠡᠳᠬᠢᠯ ᠬᠠᠲᠠᠭᠤᠵᠢᠨ ᠬᠣᠯᠠᠳᠴᠤ᠂ ᠮᠡᠯᠲᠡᠭᠡᠨᠡᠬᠦ ᠨᠢᠯᠪᠤᠰᠤ ᠪᠠᠨ ᠪᠠᠷᠢᠵᠤ᠂ ᠭᠡᠳᠡᠷᠭᠦ ᠪᠡᠨ ᠬᠠᠷᠠᠬᠤ ᠳᠤᠷ᠎ᠠ ᠬᠦᠷᠪᠡᠴᠦ ᠪᠢ ᠡᠷ᠎ᠡ ᠬᠥᠮᠦᠨ᠂ ᠪᠡᠶ᠎ᠡ ᠪᠡᠨ ᠪᠠᠷᠢᠵᠤ ᠬᠠᠲᠠᠭᠤᠵᠢᠨᠠ ᠭᠡᠵᠦ ᠠᠮᠠᠨ ᠳᠣᠲᠣᠷ᠎ᠠ ᠪᠠᠨ ᠭᠦᠩᠭᠦᠨᠡᠨ᠂ ᠬᠤᠭᠤᠷᠬᠠᠢ ᠲᠠᠰᠢᠭᠤᠷ ᠢ᠋ᠶ᠋ᠠᠨ ᠠᠷᠤ ᠳ᠋ᠠᠭᠠᠨ ᠪᠠᠷᠢᠵᠤ ᠨᠢᠷᠤᠭᠤ ᠪᠠᠨ ᠡᠭᠦᠷᠦᠭᠡᠳ᠂ ᠠᠯᠤᠰ ᠤ᠋ᠨ ᠠᠶᠠᠨ ᠵᠢᠩ ᠳ᠋ᠦ᠍ ᠶᠠᠪᠤᠳᠠᠭ ᠬᠥᠮᠦᠨ ᠰᠢᠭ ᠲᠣᠮᠣ ᠲᠣᠮᠣ ᠠᠯᠬᠤᠮ ᠢ᠋ᠶ᠋ᠠᠷ ᠠᠯᠬᠤᠲᠠᠯ᠎ᠠ᠂ ᠡᠭᠦᠷᠢᠳᠡ ᠬᠠᠭᠠᠴᠠᠬᠤ ᠭᠡᠷ ᠦ᠋ᠨ ᠵᠦᠭ ᠲᠡᠰᠬᠡᠯ ᠦᠭᠡᠢ ᠬᠠᠷᠠᠮᠠᠷ ᠰᠠᠨᠠᠭᠳᠠᠵᠤ ᠪᠡᠶ᠎ᠡ ᠶ᠋ᠢ ᠪᠠᠷᠢᠵᠤ ᠴᠢᠳᠠᠯ ᠦᠭᠡᠢ ᠥᠪᠡᠷᠦᠨ ᠡᠷᠬᠡ ᠦᠭᠡᠢ ᠡᠷᠭᠢᠵᠦ ᠬᠠᠷᠠᠪᠠᠰᠤ᠂ ᠥᠨᠳᠥᠷ ᠳᠡᠨᠵᠢ ᠳᠡᠭᠡᠷ᠎ᠡ ᠪᠠᠷᠢᠭᠰᠠᠨ ᠭᠡᠷ ᠨᠢ ᠥᠷᠯᠥᠭᠡᠨ ᠦ᠌ ᠨᠠᠷᠠᠨ ᠳ᠋ᠤ᠌ ᠶᠡᠬᠡ ᠲᠣᠳᠣ ᠰᠠᠢᠬᠠᠨ᠂ ᠬᠠᠭᠤᠴᠢᠨ ᠪᠤᠷᠬᠠᠴᠢ ᠨᠠᠷ ᠤ᠋ᠨ ᠵᠢᠷᠤᠭᠰᠠᠨ ᠵᠢᠷᠤᠭ ᠰᠢᠭ᠋ ᠳᠣᠪᠣᠢᠨ ᠵᠤᠷᠠᠢᠵᠤ᠂ ᠰᠦᠷᠦᠩ ᠡᠮᠡᠭᠡᠨ ᠪᠢᠴᠢᠬᠠᠨ ᠭᠡᠷ ᠦ᠋ᠨ ᠳᠡᠷᠭᠡᠳᠡ ᠵᠣᠭᠰᠣᠵᠤ ᠪᠠᠢᠭ᠎ᠠ ᠨᠢ ᠬᠠᠷᠠᠭᠳᠠᠵᠤ᠂ ᠬᠠᠵᠠᠭᠤ ᠳ᠋ᠤᠨᠢ ᠰᠢᠷᠴᠢᠨ ᠦ᠌ ᠡᠭᠦᠷᠢᠳᠡ ᠬᠠᠭᠠᠴᠠᠭᠰᠠᠨ ᠲᠣᠮᠣ ᠭᠡᠷ ᠨᠢ ᠬᠥᠭᠡᠭᠡᠭᠳᠡᠨ ᠶᠠᠪᠤᠬᠤ ᠲᠡᠷᠡ ᠴᠠᠭ ᠲᠤ᠌ ᠤᠷᠢᠳ ᠤᠷᠢᠳ ᠤ᠋ᠨ ᠬᠢ ᠡᠴᠡ ᠤᠯᠠᠮ ᠰᠠᠢᠬᠠᠨ ᠬᠠᠷᠠᠭᠳᠠᠵᠤ ᠪᠢᠯᠡ᠃
ᠴᠢᠩᠭᠢᠭᠡᠳ᠂ ᠵᠠᠭᠠᠯ(ᠵᠢᠭᠠᠯ) ᠬᠦᠦ ᠰᠡᠭᠦᠷᠡᠰᠦ ᠠᠯᠳᠠᠵᠤ᠂ ᠪᠠᠷᠠᠭᠤᠨ ᠵᠦᠭ ᠳᠡᠨᠵᠢ ᠬᠥᠲᠥᠯ ᠦ᠋ᠨ ᠵᠦᠭ ᠥᠨᠥᠴᠢᠷᠡᠨ ᠠᠯᠬᠤᠭᠰᠠᠭᠠᠷ ᠬᠥᠲᠥᠯ ᠳᠡᠭᠡᠷ᠎ᠡ ᠭᠠᠷᠤᠭᠠᠳ ᠶᠠᠪᠤᠭᠤᠲᠠ ᠨᠢᠭᠡ ᠡᠷᠭᠢᠵᠦ ᠬᠠᠷᠠᠪᠠᠰᠤ᠂ ᠭᠡᠷ ᠦ᠋ᠨ ᠲᠣᠭᠣᠨᠣ ᠡᠷᠦᠬᠡ ᠴᠤᠬᠤᠰ ᠬᠢᠭᠡᠳ ᠳᠠᠯᠳᠠ ᠣᠷᠣᠵᠠᠢ᠃
ᠨᠠᠷᠠᠨ ᠰᠢᠩᠭᠡᠬᠦ ᠦᠶᠡᠰ ᠰᠢᠷᠴᠢᠨ᠂ ᠨᠡᠯᠢᠶᠡᠳ ᠣᠯᠠᠨ ᠬᠣᠨᠢ ᠲᠠᠭᠤᠵᠤ ᠶᠠᠪᠤᠭᠰᠠᠨ ᠮᠣᠷᠢ ᠲᠠᠢ ᠬᠡᠦᠬᠡᠨ ᠲᠡᠢ ᠳᠠᠭᠠᠷᠢᠯᠳᠤᠵᠠᠢ᠃ ᠲᠡᠷᠡ ᠬᠡᠦᠬᠡᠨ᠂ ᠡᠴᠡᠵᠦ ᠠᠷᠠᠢ ᠭᠡᠵᠦ ᠠᠯᠬᠤᠵᠤ ᠶᠠᠪᠤᠭᠰᠠᠨ ᠰᠢᠷᠴᠢᠨ ᠢ᠋ ᠦᠵᠡᠭᠡᠳ᠂ ᠳᠡᠷᠭᠡᠳᠡ ᠨᠢ ᠢᠷᠡᠵᠦ᠂ ᠠᠮᠤᠷ ᠮᠡᠨᠳᠦ ᠶ᠋ᠢ ᠮᠡᠳᠡᠵᠦ ᠨᠡᠷ᠎ᠡ ᠤᠰᠤ ᠠᠰᠠᠭᠤᠭᠠᠳ᠂ ᠬᠡᠳᠦ ᠵᠣᠷᠢᠭ ᠬᠡᠨ ᠳ᠋ᠦ᠍ ᠪᠣᠢ ᠭᠡᠵᠦ ᠬᠠᠮᠢᠭᠠᠰᠢ ᠶᠠᠪᠤᠵᠤ ᠪᠠᠢᠭ᠎ᠠ ᠶ᠋ᠢ ᠨᠢ ᠮᠡᠳᠡᠭᠡᠳ᠂ ᠮᠠᠨ ᠤ᠋ ᠵᠠᠩᠭᠢ ᠶ᠋ᠢᠨ ᠳ᠋ᠦ᠍ ᠣᠴᠢ ᠮᠢᠨᠦ ᠮᠣᠷᠢᠨ ᠳ᠋ᠤ᠌ ᠰᠤᠨᠳᠠᠯᠠᠭᠠᠳ᠂ ᠮᠠᠨ ᠤ᠋ ᠡᠨᠡ ᠬᠠᠪᠢ ᠳ᠋ᠤ᠌ ᠥᠷᠲᠡᠭᠡ ᠬᠢᠷᠢᠲᠡᠢ ᠭᠠᠵᠠᠷ ᠶᠡᠷᠦ ᠮᠠᠨᠠᠢᠬᠢ ᠠ᠋ᠴᠠ ᠥᠭᠡᠷ᠎ᠡ ᠠᠢᠯ ᠪᠠᠢᠬᠤ ᠦᠭᠡᠢ᠃ ᠴᠢ ᠮᠠᠨᠠᠢ(ᠮᠠᠨ ᠤ᠋) ᠳ᠋ᠤ᠌ ᠬᠦᠷᠴᠦ ᠬᠣᠨᠣᠬᠤ ᠦᠭᠡᠢ ᠪᠣᠯ᠂ ᠥᠨᠥ ᠰᠥᠨᠢ ᠡᠵᠡᠭᠦᠢ ᠬᠡᠭᠡᠷ᠎ᠡ ᠬᠣᠨᠣᠭᠠᠳ᠂ ᠮᠠᠷᠭᠠᠰᠢ ᠪᠠᠰᠠ ᠦᠳᠡ ᠬᠦᠷᠲᠡᠯ᠎ᠡ ᠶᠠᠪᠤᠵᠤ ᠠᠷᠠᠢ ᠭᠡᠵᠦ ᠠᠢᠯ ᠤ᠋ᠨ ᠪᠠᠷᠠᠭ᠎ᠠ (ᠪᠠᠷ᠎ᠠ )ᠬᠠᠷᠠᠬᠤ ᠪᠠᠢᠬᠤ᠃
ᠪᠢ ᠵᠠᠩᠭᠢ ᠳ᠋ᠤ᠌ ᠴᠢᠮᠠᠶ᠋ᠢ ᠬᠣᠢᠲᠤ ᠡᠴᠢᠭᠡ ᠡᠬᠡ ᠳ᠋ᠡᠭᠡᠨ ᠬᠥᠭᠡᠭᠡᠭᠳᠡᠭᠡᠳ᠂ ᠲᠣᠯᠣᠭᠠᠢ ᠬᠠᠵᠠᠢᠭᠰᠠᠨ ᠲᠠᠰᠢ (ᠲᠠᠢᠰᠢ) ᠶᠠᠪᠤᠵᠤ ᠶᠠᠪᠤᠭ᠎ᠠ ᠶ᠋ᠢ ᠬᠡᠯᠡᠵᠦ ᠥᠭᠭᠦᠶ᠎ᠡ᠃ ᠴᠢ ᠮᠠᠨᠠᠢᠳᠤ(ᠮᠠᠨ ᠤ᠋ ᠳ᠋ᠤ᠌ ) ᠪᠠᠢ᠃ ᠴᠢᠮᠠᠲᠤ ᠶᠠᠮᠠᠷ ᠴᠤ᠌ ᠪᠠᠶᠠᠨ ᠠᠢᠯ ᠤ᠋ᠨ ᠡᠭᠦᠳᠡᠨ ᠳ᠋ᠦ᠍ ᠰᠠᠭᠤᠵᠤ᠂ ᠠᠶᠠᠭ᠎ᠠ ᠬᠣᠭᠣᠯᠠ ᠢᠳᠡᠬᠦ ᠳ᠋ᠦ᠍ ᠢᠯᠭᠠᠯ ᠶᠠᠭᠤ ᠪᠠᠢᠬᠤ ᠪᠣᠢ? ᠲᠠᠭᠠᠷᠠᠬᠤ ᠦᠭᠡᠢ ᠪᠣᠯᠪᠠᠯ᠂ ᠬᠡᠵᠢᠶ᠎ᠡ ᠴᠦ᠍ ᠶᠠᠪᠤᠭᠰᠠᠨ ᠴᠢᠨᠦ ᠳᠤᠷ᠎ᠠ ᠪᠢᠵᠡ᠃ ᠡᠷ᠎ᠡ ᠬᠥᠮᠦᠨ ᠦ᠌ ᠵᠢᠯᠣᠭᠣ ᠤᠷᠲᠤ ᠭᠡᠳᠡᠭ ᠰᠢᠦ ᠳᠡ ᠭᠡᠬᠦ ᠳ᠋ᠦ᠍ᠨᠢ ᠡᠴᠡᠵᠦ ᠶᠠᠳᠠᠷᠠᠭᠰᠠᠨ ᠵᠠᠭᠠᠯ(ᠵᠢᠭᠠᠯ) ᠬᠦᠦ ᠲᠡᠷᠯᠢᠭ ᠢ᠋ᠶ᠋ᠡᠨ ᠲᠣᠬᠣᠵᠤ ᠰᠤᠨᠳᠠᠯᠠᠭᠠᠳ᠂ ᠡᠳᠦᠷᠵᠢᠨ ᠠᠯᠬᠤᠵᠤ ᠴᠢᠯᠡᠭᠰᠡᠨ ᠬᠥᠯ ᠢ᠋ᠶ᠋ᠡᠨ ᠶᠡᠬᠡᠯ᠎ᠡ(ᠶᠡᠬᠡ ᠯᠡ) ᠪᠠᠬᠠᠳᠤᠨ ᠵᠢᠭᠢᠵᠦ᠂
— ᠰᠤᠨᠳᠠᠯᠠᠵᠤ ᠶᠠᠪᠤᠬᠤ ᠳ᠋ᠤ᠌ ᠶᠠᠭᠠᠬᠢᠭᠰᠠᠨ ᠰᠠᠢᠬᠠᠨ ᠶᠤᠮ ᠪᠣᠢ᠃ ᠴᠢ ᠲᠡᠷᠡ ᠵᠠᠩᠭᠢ ᠶ᠋ᠢᠨ ᠬᠠᠮᠢᠶᠠᠲᠠᠨ ᠬᠥᠮᠦᠨ ᠤᠤ᠂ ᠬᠠᠮᠢᠶ᠎ᠠ ᠦᠭᠡᠢ ᠬᠥᠮᠦᠨ ᠤᠤ ᠭᠡᠵᠦ ᠠᠰᠠᠭᠤᠪᠠᠰᠤ᠂
— ᠪᠢ ᠲᠡᠳᠡᠨ ᠦ᠌ ᠬᠣᠯᠠ ᠶ᠋ᠢᠨ ᠲᠥᠷᠥᠯ ᠤᠬᠠᠭᠠᠨ ᠲᠠᠢ ᠶᠤᠮ᠃ ᠭᠡᠪᠡᠴᠦ ᠮᠢᠨᠦ ᠪᠣᠳᠣᠬᠤ ᠳ᠋ᠤ᠌ ᠪᠠᠶᠠᠨ ᠬᠥᠮᠦᠨ ᠦ᠌ ᠭᠠᠳᠠᠭ᠎ᠠ ᠠᠷᠭᠠᠮᠵᠢᠶ᠎ᠠ ᠲᠠᠢ ᠮᠣᠷᠢ ᠰᠢᠭ᠋᠂ ᠲᠥᠷᠥᠯ ᠦ᠋ᠨ ᠬᠡᠯᠬᠢᠶ᠎ᠡ ᠪᠡᠷ ᠠᠷᠭᠠᠮᠵᠢᠶ᠎ᠠ ᠲᠠᠢ ᠤᠷᠤᠭ ᠲᠥᠷᠥᠯ ᠦ᠋ᠨ ᠬᠥᠮᠦᠨ ᠡᠴᠡ ᠣᠭᠲᠣ ᠬᠠᠮᠢᠶ᠎ᠠ ᠦᠭᠡᠢ᠂ ᠶᠠᠪᠤᠶ᠎ᠠ ᠭᠡᠰᠡᠨ ᠴᠠᠭ ᠲᠠᠭᠠᠨ ᠶᠠᠪᠤᠴᠢᠬᠤ ᠬᠥᠨᠳᠡᠯᠡᠨ ᠦ᠌ ᠶᠠᠳᠠᠭᠤ ᠬᠥᠮᠦᠨ ᠳᠡᠭᠡᠷ᠎ᠡ ᠳᠠᠭ ᠠ᠋ ᠭᠡᠵᠦ ᠶᠠᠷᠢᠯᠴᠠᠭᠰᠠᠭᠠᠷ ᠵᠠᠩᠭᠢ ᠶ᠋ᠢᠨ ᠳ᠋ᠦ᠍ ᠬᠦᠷᠪᠡᠰᠦ᠂ ᠰᠢᠷᠴᠢᠨ ᠢ᠋ ᠠᠶ᠎ᠠ ᠲᠠᠢ ᠰᠠᠢᠬᠠᠨ ᠬᠣᠭᠣᠯᠠᠯᠠᠵᠤ ᠪᠢᠯᠡ᠃
ᠮᠠᠷᠭᠠᠰᠢ ᠨᠢ ᠵᠠᠭᠠᠯ ᠬᠦᠦ ᠶ᠋ᠢ ᠲᠡᠷᠯᠢᠭ ᠪᠠᠷᠢᠭᠠᠳ ᠶᠠᠪᠤᠬᠤ ᠶ᠋ᠢ ᠵᠠᠪᠳᠤᠲᠠᠯ᠎ᠠ᠂ ᠡᠪᠦᠭᠡᠨ ᠨᠢᠳᠦ ᠪᠡᠨ ᠵᠠᠯᠢᠲᠠᠢᠬᠠᠨ ᠢ᠋ᠶ᠋ᠠᠷ ᠠᠨᠢᠰᠬᠢᠵᠤ᠂
— ᠴᠢ ᠬᠦ᠂ ᠶᠠᠪᠤᠭᠠᠳ ᠶᠠᠪᠤᠭᠠᠳ ᠬᠠᠮᠢᠭ᠎ᠠ ᠣᠴᠢᠬᠤ ᠭᠡᠰᠡᠨ ᠬᠥᠮᠦᠨ ᠪᠢᠯᠡ᠃ ᠮᠠᠨᠡᠢᠳᠤ (ᠮᠠᠨ ᠤ᠋ ᠳ᠋ᠤ᠌) ᠪᠠᠢᠭᠰᠠᠨ ᠴᠢᠨᠢ ᠳᠡᠭᠡᠷ᠎ᠡ ᠶᠦ᠍ᠮ ᠪᠢᠰᠢ ᠪᠢᠵᠡ? ᠵᠠᠮᠪᠠ ᠵᠠᠩᠲᠠᠢ ᠬᠣᠶᠠᠷ ᠠ᠋ᠴᠠ ᠴᠢ ᠪᠠᠷᠤᠭ ᠨᠢᠴᠦᠭᠦᠨ ᠰᠠᠯᠵᠠᠢ᠃ ᠮᠠᠨᠡᠢᠳᠤ (ᠮᠠᠨ ᠤ᠋ ᠳ᠋ᠤ᠌)ᠪᠠᠢᠪᠠᠯ ᠪᠢᠳᠡ ᠴᠢᠮᠠᠶ᠋ᠢ ᠮᠥᠷᠥ ᠪᠦᠲᠦᠨ ᠭᠡᠳᠡᠰᠦ ᠴᠠᠳᠬᠤᠯᠠᠩ ᠪᠠᠢᠯᠭᠠᠵᠤ ᠴᠢᠳᠠᠨ᠎ᠠ ᠰᠢᠦ᠃ ᠵᠠᠩᠲᠠᠢ ᠶ᠋ᠢᠨ ᠠᠳᠠᠯᠢ ᠴᠢᠮᠠᠲᠤ ᠬᠣᠭᠣᠯᠠ ᠶ᠋ᠢᠨ ᠦᠯᠡᠳᠡᠭᠳᠡᠯ ᠢ᠋ ᠢᠳᠡᠭᠦᠯᠬᠦ ᠦᠭᠡᠢ᠂ ᠪᠢᠳᠡᠨ ᠦ᠌ ᠬᠡᠨ ᠢᠳᠡᠬᠦ ᠬᠣᠭᠣᠯᠠ ᠶ᠋ᠢ ᠴᠢ ᠢᠳᠡᠬᠦ ᠪᠣᠯᠤᠨ᠎ᠠ᠃ ᠨᠠᠳᠠᠳᠤ ᠴᠤ᠌ ᠪᠠᠰᠠ ᠡᠨᠡ ᠴᠡᠷᠡᠨ ᠳ᠋ᠦ᠍ ᠲᠤᠰᠠᠯᠠᠯᠴᠠᠬᠤ ᠨᠢᠭᠡ ᠬᠥᠮᠦᠨ ᠬᠡᠷᠡᠭᠲᠡᠢ ᠶᠤᠮᠰᠠᠨᠵᠠᠢ᠂ ᠮᠠᠨᠠᠢᠬᠢ ᠠᠷᠠᠢ ᠯᠠ ᠬᠥᠮᠦᠨ ᠪᠦᠯᠢ ᠦᠭᠡᠢᠳᠡᠭᠡᠣ᠌ᠠ ᠪᠠᠢᠭ᠎ᠠ ᠶᠤᠮᠰᠠᠨ ᠭᠡᠵᠦ ᠬᠡᠯᠡᠭᠡᠳ ᠰᠢᠷᠴᠢᠨ ᠦ᠌ ᠵᠠ ᠭᠡᠵᠦ ᠬᠠᠷᠢᠭᠤ ᠬᠡᠯᠡᠬᠦ ᠶ᠋ᠢ ᠬᠦᠯᠢᠶᠡᠯ ᠦᠭᠡᠢ᠂ ᠬᠡᠦᠬᠡᠨ ᠦ᠌ ᠵᠦᠭ ᠬᠠᠨᠳᠤᠵᠤ᠂ ᠵᠠ᠂ ᠬᠡᠦᠬᠡ᠂ ᠡᠨᠡ ᠵᠠᠭᠠᠯ ᠲᠠᠢ ᠥᠨᠥᠳᠥᠷ ᠬᠣᠨᠢ ᠪᠠᠨ ᠬᠠᠷᠢᠭᠤᠯᠵᠤ᠂ ᠬᠣᠨᠢ ᠪᠡᠯᠴᠡᠭᠡᠷ(ᠪᠡᠯᠴᠢᠭᠡᠷ) ᠢ᠋ᠶ᠋ᠡᠨ ᠲᠠᠨᠢᠭᠤᠯᠵᠤ ᠥᠭ ᠭᠡᠵᠦ ᠬᠡᠯᠡᠮᠡᠭᠴᠡ ᠴᠡᠷᠡᠨ᠂
— ᠵᠠ᠂ ᠶᠠᠪᠤᠶ᠎ᠠ᠃ ᠨᠠᠭᠠᠳᠤ ᠡᠮᠡᠭᠡᠯ ᠠᠪᠤᠭᠠᠳ ᠭᠠᠷ᠃ ᠠᠪᠤᠭᠠᠢ ᠴᠢᠮᠠᠲᠤ ᠬᠠᠭᠤᠴᠢᠨ ᠭᠤᠲᠤᠯ ᠢ᠋ᠶ᠋ᠠᠨ ᠭᠠᠷᠭᠠᠵᠤ ᠦᠭᠭᠦᠭᠰᠡᠨ᠃ ᠡᠨᠡ ᠤᠷᠠᠩᠬᠠᠢ᠂ ᠦᠵᠡᠯ ᠳ᠋ᠦ᠍ ᠣᠷᠣᠮᠠᠷ ᠭᠤᠲᠤᠯ ᠢ᠋ᠶ᠋ᠠᠨ ᠬᠠᠶᠠ ᠭᠡᠵᠦ ᠵᠠᠭᠠᠯ ᠬᠦᠦ ᠲᠡᠢ ᠬᠣᠨᠢ ᠪᠠᠨ ᠬᠠᠷᠢᠭᠤᠯᠬᠤ ᠭᠡᠵᠦ ᠨᠢᠭᠡ ᠨᠢᠭᠡ ᠮᠣᠷᠢ ᠲᠠᠢ ᠶᠠᠪᠤᠬᠤ ᠳ᠋ᠠᠭᠠᠨ ᠴᠡᠷᠡᠨ ᠢᠨᠢᠶᠡᠮᠰᠦᠭᠯᠡᠨ᠂
— ᠴᠢᠮᠠᠶ᠋ᠢ ᠡᠨᠡ ᠠᠢᠯ ᠳ᠋ᠤ᠌ ᠦᠯᠡᠳᠡᠭᠰᠡᠨ ᠳ᠋ᠦ᠍ ᠪᠢ ᠶᠡᠬᠡ ᠪᠠᠶᠠᠷᠯᠠᠯ᠎ᠠ᠃ ᠮᠢᠨᠦ ᠳᠡᠭᠦᠦ ᠲᠡᠢ ᠴᠢ ᠶᠡᠬᠡ ᠠᠳᠠᠯᠢᠬᠠᠨ ᠬᠥᠮᠦᠨ ᠪᠠᠢᠨ᠎ᠠ᠃ ᠳᠡᠭᠦᠦ ᠮᠢᠨᠢ ᠬᠣᠰᠢᠭᠤ ᠬᠡᠢᠳ ᠲᠦ᠍ ᠨᠢᠭᠡ ᠮᠠᠭᠤ ᠵᠠᠩ ᠲᠠᠢ᠂ ᠬᠠᠷᠠᠮᠴᠢ ᠨᠠᠷᠢᠨ ᠯᠠᠮᠠ ᠶ᠋ᠢᠨ ᠳ᠋ᠦ᠍ ᠵᠠᠷᠤᠭᠳᠠᠵᠤ ᠪᠠᠢᠳᠠᠭ ᠶᠤᠮ ᠳᠠ᠃ ᠲᠡᠷᠡ ᠯᠠᠮᠠ ᠨᠢ ᠴᠢᠨᠦ ᠲᠡᠷᠡ ᠬᠣᠢᠲᠤ ᠡᠬᠡ ᠵᠠᠩᠳᠠᠢᠷᠬᠦᠤ ᠪᠠᠰᠠ ᠰᠦᠷᠡᠬᠡᠢ ᠵᠣᠳᠣᠳᠠᠭ ᠬᠠᠷᠭᠢᠰ ᠠᠮᠢᠲᠠᠨ᠃ ᠡᠨᠡ ᠵᠠᠩᠭᠢ ᠡᠮᠡᠭᠡᠨ ᠲᠡᠢ ᠪᠡᠨ ᠲᠡᠢᠮᠦ ᠴᠦ᠍ ᠮᠠᠭᠤ ᠤᠯᠤᠰ ᠪᠢᠰᠢ ᠰᠢᠦ᠃ ᠢᠳᠡᠭᠡ ᠬᠣᠭᠣᠯᠠ ᠳ᠋ᠠᠭᠠᠨ(ᠳ᠋ᠤ᠌ ᠪᠠᠨ) ᠴᠤ᠌ ᠨᠢᠭᠡ ᠶᠡᠬᠡ ᠨᠠᠷᠢᠯᠠᠳᠠᠭ ᠦᠭᠡᠢ ᠶᠦᠮ᠃ ᠭᠠᠭᠴᠠ ᠤᠢᠳᠬᠠᠷ ᠲᠠᠢ ᠭᠡᠳᠡᠭ ᠢ᠋ ᠬᠡᠯᠡᠭᠡᠳ ᠶᠠᠭᠠᠬᠢᠬᠤ ᠪᠣᠢ᠃ ᠬᠠᠶᠠ ᠵᠣᠪᠠᠯ ᠵᠢᠷᠭᠠᠯ ᠢ᠋ᠶ᠋ᠠᠨ ᠲᠣᠭᠠᠴᠢᠵᠤ᠂ ᠰᠠᠨᠠᠭᠰᠠᠨ ᠪᠣᠳᠣᠭᠰᠠᠨ ᠢ᠋ᠶ᠋ᠠᠨ ᠶᠠᠷᠢᠵᠤ᠂ ᠳᠣᠲᠣᠷ᠎ᠠ ᠪᠠᠨ ᠣᠩᠭᠣᠢᠯᠭᠠᠬᠤ ᠭᠡᠬᠦ ᠳ᠋ᠦ᠍ ᠶᠠᠷᠢᠬᠤ ᠬᠥᠮᠦᠨ ᠣᠯᠳᠠᠳᠠᠭ ᠦᠭᠡᠢ ᠬᠡᠴᠡᠭᠦᠦ ᠪᠠᠢᠯ᠎ᠠ᠃ ᠠᠢᠯ ᠤ᠋ᠨ ᠵᠠᠷᠤᠴᠠ ᠬᠡᠦᠬᠡᠨ ᠬᠥᠮᠦᠨ᠂ ᠭᠡᠷ ᠦ᠋ᠨ ᠢ᠋ᠶ᠋ᠡᠨ ᠡᠵᠡᠨ ᠲᠡᠢ ᠶᠠᠭᠤ ᠪᠠᠨ ᠴᠤ᠌ ᠶᠠᠷᠢᠳᠠᠭ ᠪᠢᠯᠡ? ᠴᠡᠷᠡᠨ᠂ ᠡᠭᠦᠨ ᠢ᠋ ᠬᠢᠭᠡᠳ ᠣᠷᠭᠢ᠂ ᠲᠡᠭᠦᠨ ᠢ᠋ ᠠᠪᠤᠭᠠᠳ ᠢᠷ᠎ᠡ ᠭᠡᠬᠦ ᠡᠴᠡ ᠣᠨᠳᠣᠣ ᠶᠠᠭᠤ ᠪᠠᠨ ᠲᠡᠳᠡᠨ ᠡᠴᠡ ᠲᠤᠭᠤᠯᠬᠤ ᠪᠣᠢ? ᠵᠠᠷᠢᠮ ᠡᠳᠦᠷ ᠨᠠᠳᠠᠳᠤ (ᠨᠠᠳᠠ ᠳ᠋ᠤ᠌) ᠵᠠ ᠭᠡᠬᠦ ᠡᠴᠡ ᠥᠭᠡᠷ᠎ᠡ ᠬᠡᠯᠡᠬᠦ ᠦᠭᠡ ᠣᠯᠳᠠᠳᠠᠭ ᠦᠭᠡᠢ ᠡᠳᠦᠷ ᠣᠯᠠᠨ ᠪᠣᠢ᠃ ᠡᠪᠦᠭᠡᠨ ᠵᠠᠩᠭᠢ ᠥᠪᠡᠷᠦᠨ(ᠥᠪᠡᠷ ᠦ᠋ᠨ) ᠢ᠋ᠶ᠋ᠡᠨ ᠠᠵᠤ ᠬᠥᠭᠡᠭᠡᠵᠦ᠂ ᠠᠪᠠᠭᠠᠢ ᠨᠢ ᠥᠪᠡᠷᠦᠨ(ᠥᠪᠡᠷ ᠦ᠋ᠨ) ᠢ᠋ᠶ᠋ᠡᠨ ᠠᠵᠤ ᠶᠠᠪᠤᠳᠠᠯ ᠬᠥᠭᠡᠭᠡᠴᠡᠯᠳᠦᠵᠦ᠂ ᠬᠣᠶᠠᠭᠤᠯᠠ ᠪᠠᠨ ᠶᠠᠷᠢᠶ᠎ᠠ ᠨᠡᠢᠯᠡᠬᠦ ᠪᠣᠯᠪᠠᠴᠤ ᠪᠢ ᠲᠡᠳᠡᠨ ᠲᠡᠢ ᠶᠠᠭᠤ ᠪᠠᠨ ᠬᠡᠯᠡᠯᠴᠡᠬᠦ ᠪᠣᠢ᠃ ᠠᠢᠯᠴᠢᠨ ᠬᠠᠶᠠ ᠢᠷᠡᠭᠰᠡᠨ ᠴᠦ᠍ ᠵᠠᠷᠤᠴᠠ ᠬᠡᠦᠬᠡᠨ ᠲᠡᠢ ᠲᠡᠳᠡᠨ ᠶᠠᠭᠤ ᠪᠠᠨ ᠶᠠᠷᠢᠬᠤ ᠪᠣᠢ᠃ ᠬᠠᠷᠢᠨ ᠴᠢ ᠡᠳᠡᠨ ᠦ᠌ ᠳ᠋ᠦ᠍ ᠪᠠᠢᠬᠤ ᠪᠣᠯᠤᠭᠰᠠᠨ ᠨᠢ ᠨᠠᠳᠠᠳᠤ (ᠨᠠᠳᠠ ᠳ᠋ᠤ᠌)ᠰᠠᠢᠨ ᠪᠣᠯᠵᠠᠢ ᠭᠡᠵᠦ ᠪᠣᠳᠣᠭᠰᠠᠨ ᠰᠠᠨᠠᠭᠰᠠᠨ ᠢ᠋ᠶ᠋ᠠᠨ ᠴᠡᠷᠡᠨ ᠲᠡᠷᠡ ᠡᠳᠦᠷ ᠰᠢᠷᠴᠢᠨ ᠳ᠋ᠦ᠍ ᠶᠠᠷᠢᠯ᠎ᠠ᠃
ᠣᠷᠣᠢ ᠬᠠᠷᠢᠵᠤ ᠢᠷᠡᠭᠡᠳ ᠰᠢᠷᠴᠢᠨ᠂ ᠡᠷᠭᠦᠭᠰᠡᠨ ᠡᠬᠡ ᠶ᠋ᠢᠨ ᠨᠥᠭᠴᠢᠭᠰᠡᠨ ᠡᠴᠡ ᠬᠣᠢᠰᠢ ᠬᠣᠢᠲᠤ ᠡᠴᠢᠭᠡ ᠡᠬᠡ ᠵᠠᠮᠪᠠ ᠵᠠᠩᠲᠠᠢ ᠬᠣᠶᠠᠷ ᠤ᠋ᠨ ᠭᠡᠷ ᠲᠦ᠍ ᠠᠮᠠ ᠬᠦᠷᠴᠦ ᠦᠵᠡᠭᠡ ᠦᠭᠡᠢ᠂ ᠪᠠᠷᠤᠭ ᠠᠮᠲᠠ ᠶ᠋ᠢ ᠨᠢ ᠮᠠᠷᠲᠠᠭᠰᠠᠨ ᠰᠠᠢᠬᠠᠨ ᠬᠣᠭᠣᠯᠠ ᠢᠳᠡᠭᠡᠳ᠂ ᠵᠤᠨ ᠤ᠋ ᠤᠷᠲᠤ ᠡᠳᠦᠷ ᠥᠩᠭᠡᠷᠡᠨ ᠥᠩᠭᠡᠷᠡᠲᠡᠯ᠎ᠡ ᠵᠣᠳᠣᠭᠤᠯᠵᠤ ᠨᠦᠳᠦᠭᠦᠯᠭᠡ(ᠨᠦᠳᠦᠭᠦᠯᠦᠭᠡ) ᠦᠭᠡᠢ᠂ ᠬᠠᠢᠷᠠᠨ ᠬᠣᠭᠣᠯᠠᠨ ᠤ᠋ ᠭᠠᠷᠤᠵᠠ ᠭᠡᠵᠦ ᠬᠥᠮᠦᠨ ᠳ᠋ᠦ᠍ ᠣᠭᠲᠣ ᠵᠢᠮᠡᠯᠡᠭᠦᠯᠦᠭᠡ ᠦᠭᠡᠢ ᠨᠢ ᠶᠡᠬᠡᠯ᠎ᠡ (ᠶᠡᠬᠡ ᠯᠡ) ᠰᠣᠨᠢᠨ ᠰᠠᠢᠬᠠᠨ ᠰᠠᠨᠠᠭᠳᠠᠵᠤ ᠪᠢᠯᠡ᠃
ᠴᠢᠩᠭᠢᠵᠦ ᠵᠠᠩᠭᠢ ᠶ᠋ᠢᠨ ᠵᠠᠷᠤᠴᠠ ᠪᠣᠯᠵᠤ᠂ ᠡᠳᠦᠷ ᠪᠦᠬᠦᠨ ᠨᠢᠭᠡᠨ ᠠᠳᠠᠯᠢ ᠪᠠᠢᠳᠠᠯ ᠲᠠᠢ ᠥᠩᠭᠡᠷᠡᠬᠦ ᠪᠣᠯᠪᠠ᠃ ᠬᠣᠨᠢ ᠬᠠᠷᠢᠭᠤᠯᠵᠤ ᠶᠠᠪᠤᠬᠤ ᠳ᠋ᠠᠭᠠᠨ (ᠳ᠋ᠤ᠌ ᠪᠠᠨ) ᠦᠳᠡ ᠶ᠋ᠢᠨ ᠬᠠᠯᠠᠭᠤᠨ ᠨᠠᠷᠠᠨ ᠢ᠋ᠶ᠋ᠠᠷ ᠮᠣᠷᠢ ᠪᠠᠨ ᠲᠤᠱᠠᠭᠠᠳ(ᠲᠤᠰᠢᠭᠠᠳ)᠂ ᠨᠢᠭᠡ ᠬᠥᠲᠥᠬᠡᠷ(ᠭᠦᠳᠦᠭᠦᠷ) ᠭᠠᠵᠠᠷ ᠬᠡᠪᠲᠡᠵᠦ᠂ ᠴᠠᠷᠴᠠᠬᠠᠢ ᠭᠣᠯᠢᠶ᠎ᠠ ᠶ᠋ᠢᠨ ᠲᠠᠰᠤᠷᠠᠯᠲᠠ ᠦᠭᠡᠢ ᠵᠢᠷ ᠵᠢᠷ ᠳᠤᠤᠭᠠᠷᠬᠤ ᠶ᠋ᠢ ᠳᠡᠮᠡᠢ ᠯᠡ ᠴᠢᠩᠨᠠᠵᠤ᠂ ᠶᠠᠭᠤ ᠴᠤ᠌ ᠪᠣᠳᠣᠯ ᠦᠭᠡᠢ ᠬᠡᠪᠲᠡᠳᠡᠭ ᠪᠠᠢᠯ᠎ᠠ᠃ ᠬᠠᠶᠠ ᠴᠡᠷᠡᠨ ᠢᠷᠡᠵᠦ᠂ ᠬᠣᠶᠠᠭᠤᠯᠠ ᠪᠠᠨ ᠪᠠᠭ᠎ᠠ ᠨᠠᠰᠤᠨ ᠤ᠋ ᠪᠠᠨ ᠶᠠᠪᠤᠳᠠᠯ ᠢ᠋ ᠳᠤᠷᠠᠰᠤᠨ ᠶᠠᠷᠢᠯᠴᠠᠵᠤ᠂ ᠭᠡᠨᠡᠳᠲᠡ ᠴᠡᠷᠡᠨ᠂ ᠣᠳᠣ ᠮᠠᠯ ᠰᠦᠷᠦᠭ ᠢ᠋ᠶ᠋ᠡᠨ ᠡᠷᠭᠢᠶ᠎ᠡ ᠭᠡᠳ ᠪᠣᠰᠴᠤ ᠳᠠᠪᠬᠢᠳᠠᠭ ᠪᠠᠢᠯ᠎ᠠ᠃ ᠦᠶᠡᠷᠬᠡᠳᠡᠭ ᠲᠡᠷᠡ ᠬᠣᠶᠠᠷ ᠤ᠋ᠨ ᠶᠠᠷᠢᠶ᠎ᠠ ᠨᠢ ᠨᠢᠭᠡᠨ ᠠᠳᠠᠯᠢ ᠪᠠᠢᠳᠠᠯᠲᠠᠢ᠂ ᠳ᠋ᠠᠩᠳᠠ(ᠲᠠᠩᠳᠠ) ᠨᠡᠭᠦᠵᠦ ᠯᠡ ᠶᠠᠪᠤᠭᠰᠠᠨ᠂ ᠡᠨᠳᠡ ᠵᠤᠰᠠᠭᠰᠠᠨ᠂ ᠲᠡᠨᠳᠡ ᠬᠠᠪᠤᠷᠵᠢᠭᠰᠠᠨ ᠭᠡᠳᠡᠭ ᠢ᠋ᠶ᠋ᠡᠨ ᠶᠠᠷᠢᠵᠤ᠂ ᠬᠠᠶᠠ ᠲᠡᠷᠡ ᠨᠡᠭᠦᠳᠡᠯ ᠦ᠋ᠨ ᠨᠢᠭᠡᠨ ᠠᠳᠠᠯᠢ ᠪᠠᠢᠳᠠᠯ ᠲᠠᠢ ᠠᠵᠤ ᠠᠮᠢᠳᠤᠷᠠᠯ ᠳ᠋ᠤᠨᠢ ᠭᠠᠭᠴᠠ ᠨᠢᠭᠡ ᠨᠠᠢᠷ ᠬᠤᠷᠢᠮ᠂ ᠵᠢᠰᠠ ᠳᠠᠯᠠᠯᠭ᠎ᠠ ᠪᠣᠯᠬᠤ᠂ ᠣᠪᠣᠭ᠎ᠠ ᠲᠠᠬᠢᠬᠤ᠂ ᠨᠠᠭᠠᠳᠤᠮᠴᠢᠨ ᠴᠠᠮᠴᠢᠨ ᠶᠠᠪᠤᠬᠤ᠂ ᠬᠣᠰᠢᠭᠤ ᠬᠡᠢᠳ ᠲᠦ᠍ ᠭᠠᠭᠴᠠ ᠨᠢᠭᠡ ᠤᠳᠠᠭ᠎ᠠ ᠮᠥᠷᠭᠥᠯ ᠡᠷᠭᠢᠯ ᠢ᠋ᠶ᠋ᠡᠷ ᠶᠠᠪᠤᠬᠤ᠂ ᠡᠪᠦᠯ ᠴᠠᠭ ᠪᠣᠯᠪᠠᠯ ᠲᠠᠨᠤᠮᠠᠯ ᠦᠯᠢᠭᠡᠷᠴᠢᠨ ᠦ᠌ ᠦᠯᠢᠭᠡᠷ ᠲᠡᠦᠬᠡ ᠬᠠᠶᠠ ᠰᠣᠨᠣᠰᠬᠤ ᠲᠡᠳᠦᠢᠬᠡᠨ ᠢ᠋ᠶ᠋ᠡᠷ ᠮᠡᠷ ᠰᠡᠷ ᠰᠣᠨᠢᠨ ᠲᠠᠢ ᠵᠦᠢᠯ ᠡᠳᠦᠷ ᠦ᠋ᠨ ᠣᠳᠣ ᠮᠡᠲᠦ ᠦᠵᠡᠭᠳᠡᠳᠡᠭ ᠪᠠᠢᠵᠠᠢ᠃
ᠰᠢᠷᠴᠢᠨ ᠰᠣᠨᠣᠮ ᠵᠠᠩᠭᠢ ᠶ᠋ᠢᠨ ᠳ᠋ᠦ᠍ ᠪᠠᠢᠬᠤ ᠳ᠋ᠠᠭᠠᠨ᠂ ᠬᠦᠷᠡᠯ ᠴᠢᠯᠠᠭᠤᠨ ᠵᠢᠷᠦᠬᠡ ᠲᠡᠢ ᠬᠣᠢᠲᠤ ᠡᠬᠡ ᠶ᠋ᠢᠨ ᠬᠠᠲᠠᠭᠤ ᠭᠠᠷ ᠲᠤ᠌ ᠲᠠᠰᠤ ᠠᠳᠬᠤᠭᠤᠯᠵᠤ᠂ ᠦᠢᠯᠡ ᠪᠡᠨ ᠦᠵᠡᠵᠦ ᠪᠠᠢᠭᠰᠠᠨ ᠠ᠋ᠴᠠ ᠢᠯᠡᠭᠦᠦ ᠰᠠᠢᠬᠠᠨ ᠪᠠᠷᠤᠭ ᠳᠤᠷ᠎ᠠ ᠲᠠᠪᠠ ᠪᠠᠷ ᠢ᠋ᠶ᠋ᠠᠨ ᠪᠠᠢᠭᠰᠠᠨ ᠪᠣᠯᠪᠠᠴᠤ᠂ ᠡᠵᠡᠨ ᠪᠣᠭᠣᠯ ᠤ᠋ᠨ ᠵᠢᠷᠤᠮ ᠢ᠋ ᠰᠠᠬᠢᠵᠤ᠂ ᠬᠥᠳᠡᠯᠬᠦ ᠪᠦᠷᠢ ᠬᠢᠷᠢ ᠪᠡᠨ ᠮᠡᠳᠡᠵᠦ᠂ ᠵᠠᠷᠤᠬᠤ ᠵᠠᠷᠤᠭᠳᠠᠬᠤ ᠬᠥᠮᠦᠨ ᠦ᠌ ᠵᠠᠷᠴᠢᠮ ᠢ᠋ ᠳᠠᠭᠠᠬᠤ ᠨᠢ ᠬᠡᠴᠡᠭᠦᠦ ᠰᠠᠨᠠᠭᠳᠠᠯ᠎ᠠ᠃ ᠡᠷᠭᠦᠭᠰᠡᠨ ᠡᠬᠡ ᠶ᠋ᠢᠨ ᠰᠡᠷᠡᠭᠦᠨ ᠪᠠᠢᠬᠤ ᠲᠠᠢ ᠠᠳᠠᠯᠢ ᠪᠤᠶᠤ ᠰᠠᠢᠬᠠᠨ ᠰᠠᠨᠠᠭ᠎ᠠ ᠲᠠᠢ ᠪᠠᠲᠤᠪᠠᠶᠠᠷ ᠠᠪᠤᠭᠠᠢ᠂ ᠵᠥᠭᠡᠯᠡᠨ ᠰᠡᠳᠬᠢᠯᠲᠦ ᠰᠦᠷᠦᠩ ᠡᠮᠡᠭᠡᠨ ᠦ᠌ ᠭᠡᠷ ᠲᠦ᠍ ᠬᠣᠢᠮᠣᠷ ᠲᠤᠨᠢ ᠳᠤᠷᠠᠪᠡᠷ (ᠳᠤᠷ᠎ᠠ ᠪᠠᠷ) ᠢ᠋ᠶ᠋ᠠᠨ ᠣᠴᠢᠭᠠᠳ ᠰᠠᠭᠤᠳᠠᠭ ᠲᠠᠢ ᠠᠳᠠᠯᠢ᠂ ᠵᠠᠩᠭᠢ ᠶ᠋ᠢᠨ ᠭᠡᠷ ᠲᠦ᠍ ᠳᠡᠷᠭᠡᠳᠡ ᠨᠢ ᠬᠣᠢᠮᠣᠷ ᠲᠤ᠌ ᠭᠠᠷᠤᠭᠠᠳ ᠰᠠᠭᠤᠵᠤ ᠪᠣᠯᠬᠤ ᠦᠭᠡᠢ᠂ ᠠᠢᠯ ᠳ᠋ᠤ᠌ ᠵᠠᠷᠤᠭᠳᠠᠬᠤ ᠵᠠᠷᠤᠴᠠ ᠶᠠᠳᠠᠭᠤᠰ ᠤ᠋ᠨ ᠰᠠᠭᠤᠳᠠᠭ ᠭᠠᠵᠠᠷ᠂ ᠡᠭᠦᠳᠡᠨ ᠦ᠌ ᠲᠡᠨᠳᠡ ᠴᠣᠮᠴᠣᠢᠬᠤ ᠠ᠋ᠴᠠ ᠠᠷᠭ᠎ᠠ ᠦᠭᠡᠢ ᠪᠠᠢᠵᠠᠢ᠃ ᠲᠡᠷᠡ ᠪᠣᠭᠣᠯ ᠵᠠᠷᠤᠴᠠ ᠶ᠋ᠢᠨ ᠰᠠᠭᠤᠳᠠᠭ ᠭᠠᠵᠠᠷ ᠨᠢ ᠰᠢᠷᠴᠢᠨ ᠦ᠌ ᠬᠠᠮᠤᠭ ᠶᠠᠪᠤᠳᠠᠯ ᠢ᠋ ᠵᠠᠬᠢᠷᠴᠤ᠂ ᠬᠣᠭᠣᠯᠠ ᠪᠣᠯᠤᠭᠰᠠᠨ ᠴᠤ᠌ ᠶᠠᠭᠤᠮᠠᠨ ᠤ᠋ ᠲᠡᠷᠢᠭᠦᠨ ᠳ᠋ᠦ᠍ ᠭᠠᠷ ᠢ᠋ᠶ᠋ᠠᠨ ᠬᠠᠮᠢᠶ᠎ᠠ ᠦᠭᠡᠢ ᠢᠳᠡᠬᠦ ᠤᠤᠭᠤᠬᠤ ᠶᠠᠭᠤᠮ᠎ᠠ ᠲᠠᠰᠢ(ᠲᠡᠢᠰᠢ)ᠰᠠᠷᠪᠠᠢᠵᠤ ᠪᠣᠯᠬᠤ ᠦᠭᠡᠢ᠂ ᠠᠪᠤᠶ᠎ᠠ ᠴᠤ᠌ ᠭᠡᠰᠡᠨ ᠠᠪᠬᠤ ᠭᠡᠰᠡᠨ ᠶᠠᠭᠤᠮ᠎ᠠ ᠪᠠᠨ ᠳᠤᠷ᠎ᠠ ᠮᠡᠳᠡᠨ ᠠᠪᠤᠭᠠᠳ ᠢᠳᠡᠵᠦ ᠪᠣᠯᠬᠤ ᠦᠭᠡᠢ᠂ ᠠᠪ ᠭᠡᠬᠦ ᠡᠴᠡ ᠨᠡᠰᠢ ᠠᠪᠴᠤ᠂ ᠮᠠᠢ ᠭᠡᠬᠦ ᠡᠴᠡ ᠨᠠᠰᠢ ᠭᠠᠷ ᠢ᠋ᠶ᠋ᠠᠨ ᠰᠠᠷᠪᠠᠢᠵᠤ ᠪᠣᠯᠬᠤ ᠦᠭᠡᠢ᠂ ᠬᠣᠢᠮᠣᠷ ᠲᠠᠯ᠎ᠠ ᠪᠠᠷ ᠰᠠᠭᠤᠭ᠎ᠠ ᠬᠥᠮᠦᠨ ᠡᠴᠡ ᠤᠷᠢᠳ ᠠᠶᠠᠭ᠎ᠠ ᠴᠠᠢ ᠳ᠋ᠠᠭᠠᠨ ᠴᠤ᠌ ᠠᠮᠠ ᠬᠦᠷᠴᠦ ᠪᠣᠯᠬᠤ ᠦᠭᠡᠢ ᠪᠠᠢᠳᠠᠭ ᠢ᠋ ᠰᠢᠷᠴᠢᠨ ᠪᠡᠶ᠎ᠡ ᠪᠡᠷ ᠰᠠᠢ᠍ᠢ(ᠰᠠᠶᠢ) ᠮᠡᠳᠡᠵᠦ᠂ ᠥᠨᠥᠴᠢᠨ ᠥᠷᠥᠭᠡᠰᠦᠨ ᠵᠠᠷᠤᠴᠠ ᠰᠢᠪᠡᠭᠴᠢᠨ ᠠᠮᠢᠲᠠᠨ ᠢ᠋ ᠠᠵᠤ ᠲᠥᠷᠥᠬᠦ ᠨᠢ ᠲᠦᠮᠡᠨ ᠪᠣᠯᠬᠤ ᠦᠭᠡᠢ ᠭᠡᠳᠡᠭ ᠢ᠋ᠶ᠋ᠡᠷ ᠪᠦᠲᠦᠭᠰᠡᠨ ᠶᠦᠮ ᠪᠠᠢᠨ᠎ᠠ ᠭᠡᠵᠦ ᠮᠡᠳᠡᠭᠡᠳ᠂ ᠴᠡᠷᠡᠨ ᠳ᠋ᠦ᠍ ᠲᠡᠭᠦᠨ ᠢ᠋ᠶ᠋ᠡᠨ ᠬᠡᠯᠡᠪᠡᠰᠦ᠂ ᠲᠡᠷᠡ ᠬᠡᠦᠬᠡᠨ ᠢᠨᠢᠶᠡᠵᠦ᠂
— ᠴᠢ ᠪᠠᠬᠠᠨ ᠲᠠᠰᠢᠶᠠᠷᠠᠵᠠᠢ᠂ ᠥᠨᠥᠴᠢᠨ ᠥᠷᠥᠭᠡᠰᠦᠨ ᠵᠠᠷᠤᠴᠠ ᠰᠢᠪᠡᠭᠴᠢᠨ ᠳ᠋ᠦ᠍ ᠲᠦᠮᠡᠨ ᠪᠣᠯᠬᠤ ᠪᠣᠢ ᠰᠢᠦ᠃ ᠭᠡᠷ ᠦ᠋ᠨ ᠡᠵᠡᠨ ᠢ᠋ ᠬᠣᠢᠮᠣᠷ ᠲᠠᠭᠠᠨ ᠨᠣᠶᠠᠨ ᠰᠢᠭ᠋ ᠰᠠᠭᠤᠭᠠᠳ᠂ ᠠᠯᠢ ᠠᠮᠲᠠᠲᠠᠢ ᠰᠠᠢᠨ ᠰᠠᠢᠬᠠᠨ ᠢᠳᠡᠭᠡ ᠶ᠋ᠢ ᠠᠮᠠ ᠪᠠᠷ ᠢ᠋ᠶ᠋ᠠᠨ ᠭᠠᠷᠲᠠᠯ᠎ᠠ ᠢᠳᠡᠵᠦ ᠪᠠᠢᠬᠤ ᠳ᠋ᠤ᠌ ᠡᠭᠦᠳᠡᠨ ᠦ᠌ ᠲᠡᠨᠳᠡ ᠨᠣᠬᠠᠢ ᠰᠢᠭ᠋ ᠴᠣᠮᠴᠣᠢᠨ ᠰᠠᠭᠤᠵᠤ᠂ ᠥᠯᠥᠨ ᠨᠣᠬᠠᠢ ᠶ᠋ᠢᠨ ᠨᠢᠳᠦ ᠭᠠᠷᠭᠠᠭᠠᠳ ᠬᠣᠷᠣᠬᠠᠢ ᠪᠠᠨ ᠬᠦᠷᠴᠦ ᠰᠢᠯᠦᠰᠦ ᠪᠡᠨ ᠵᠠᠯᠭᠢᠨ ᠰᠠᠭᠤᠵᠤ ᠪᠣᠯᠤᠨ᠎ᠠ᠃ ᠠᠢᠯ ᠤ᠋ᠨ ᠮᠠᠯ ᠢ᠋ ᠵᠤᠨ ᠨᠠᠷᠠᠨ ᠳ᠋ᠤ᠌ ᠭᠠᠩᠳᠠᠵᠤ ᠴᠠᠩᠭᠠᠵᠤ᠂ ᠡᠪᠦᠯ ᠬᠦᠢᠲᠡᠨ ᠳ᠋ᠦ᠍ ᠥᠯᠥᠰᠴᠦ ᠲᠠᠭᠠᠷᠠᠵᠤ ᠨᠣᠬᠠᠢ ᠰᠢᠭ᠋ ᠳᠠᠭᠠᠵᠤ ᠶᠠᠪᠤᠵᠤ ᠪᠣᠯᠤᠨ᠎ᠠ᠃ ᠨᠢᠭᠡ ᠨᠠᠰᠤ ᠪᠠᠷ ᠢ᠋ᠶ᠋ᠠᠨ ᠠᠢᠯ ᠤ᠋ᠨ ᠠᠵᠢᠯ ᠬᠢᠭᠰᠡᠭᠡᠷ ᠬᠦᠴᠦ ᠴᠢᠳᠠᠯ ᠢ᠋ᠶ᠋ᠠᠨ ᠪᠠᠷᠠᠭᠠᠳ ᠡᠴᠦᠰ ᠰᠡᠭᠦᠯ ᠳ᠋ᠡᠭᠡᠨ ᠡᠵᠡᠭᠦᠢ ᠨᠤᠲᠤᠭ ᠳᠡᠭᠡᠷ᠎ᠡ ᠥᠯᠪᠡᠷᠴᠦ ᠶᠦᠮ ᠤᠤ᠂ ᠣᠰᠤᠭᠤᠵᠤ ᠦᠬᠦᠬᠦ ᠭᠡᠵᠦ ᠬᠠᠶᠠᠭᠤᠯᠵᠤ ᠪᠣᠯᠤᠨ᠎ᠠ᠃ ᠥᠨᠥᠴᠢᠨ ᠥᠷᠥᠭᠡᠰᠦᠨ᠂ ᠵᠠᠷᠤᠴᠠ ᠰᠢᠪᠡᠭᠴᠢᠨ ᠳ᠋ᠦ᠍ ᠲᠦᠮᠡᠨ ᠪᠣᠯᠬᠤ ᠦᠭᠡᠢ᠂ ᠲᠦᠮᠡᠨ ᠪᠣᠯᠤᠨ᠎ᠠ ᠭᠡᠳᠡᠭ ᠲᠦ᠍ ᠨᠢᠭᠡ ᠨᠢᠭᠡ ᠯᠡ ᠪᠣᠯᠤᠨ᠎ᠠ᠂ ᠪᠣᠯᠬᠤ ᠦᠭᠡᠢ ᠬᠣᠶᠠᠷ ᠳᠤᠲᠠᠭᠤ ᠪᠠᠢᠭ᠎ᠠ ᠶᠤᠮ᠃ ᠲᠡᠷᠡ ᠬᠣᠶᠠᠷ ᠪᠣᠯᠤᠨ᠎ᠠ ᠪᠣᠯᠬᠤ ᠦᠭᠡᠢ ᠬᠣᠶᠠᠷ ᠭᠦᠢᠴᠡᠯᠳᠦᠭᠡᠳ ᠢᠷᠡᠪᠡᠯ᠂ ᠥᠨᠥᠴᠢᠨ ᠶᠠᠳᠠᠭᠤ ᠶ᠋ᠢᠨ ᠵᠣᠪᠠᠯᠠᠩ ᠤ᠋ᠨ ᠬᠡᠮᠵᠢᠶ᠎ᠡ ᠭᠦᠢᠴᠡᠵᠦ ᠰᠠᠨᠠᠭ᠎ᠠ ᠨᠢ ᠠᠮᠤᠷᠴᠤ ᠰᠠᠪᠠ ᠨᠢ ᠳᠦᠭᠦᠷᠬᠦ ᠶᠦᠮ ᠭᠡᠵᠦ ᠮᠢᠨᠦ ᠢᠵᠢᠢ ᠬᠡᠯᠡᠳᠡᠭ ᠰᠠᠨ ᠭᠡᠵᠦ ᠴᠡᠷᠡᠨ ᠦ᠌ ᠶᠠᠷᠢᠬᠤ ᠳ᠋ᠤ᠌ ᠰᠢᠷᠴᠢᠨ᠂
— ᠲᠡᠷᠡ ᠬᠣᠶᠠᠷ ᠳᠤᠲᠠᠭᠤ ᠪᠣᠯᠤᠨ᠎ᠠ ᠪᠣᠯᠬᠤ ᠦᠭᠡᠢ ᠭᠡᠳᠡᠭ ᠨᠢ ᠶᠠᠭᠤ ᠪᠢᠯᠡ ᠭᠡᠵᠦ ᠠᠰᠠᠭᠤᠪᠠ᠃
— ᠥᠨᠥᠴᠢᠨ ᠶᠠᠳᠠᠭᠤ ᠠᠮᠢᠲᠠᠨ ᠡᠢᠮᠦ ᠭᠠᠰᠢᠭᠤᠨ ᠵᠦᠳᠡᠭᠦᠦ ᠪᠡᠷ ᠠᠮᠢᠳᠤᠷᠠᠵᠤ ᠪᠣᠯᠬᠤ ᠦᠭᠡᠢ᠂ ᠬᠦᠴᠦ ᠬᠥᠯᠥᠰᠥ ᠪᠡᠨ ᠭᠣᠭᠣᠵᠢᠭᠤᠯᠤᠭᠰᠠᠨ ᠤ᠋ ᠦᠷ᠎ᠡ ᠪᠡᠷ ᠬᠥᠮᠦᠨ ᠰᠢᠭ ᠠᠵᠤ ᠲᠥᠷᠥᠬᠦ ᠪᠣᠯᠬᠤ ᠡᠨᠡ ᠬᠣᠶᠠᠷ ᠳᠤᠲᠠᠭᠤ ᠪᠠᠢᠭ᠎ᠠ ᠶᠤᠮ ᠳᠠ᠃
— ᠲᠡᠷᠡ ᠪᠣᠯᠬᠤ ᠦᠭᠡᠢ᠂ ᠪᠣᠯᠤᠨ᠎ᠠ ᠬᠣᠶᠠᠷ ᠢ᠋ ᠶᠠᠭᠠᠬᠢᠵᠤ ᠭᠦᠢᠴᠡᠯᠳᠦᠭᠦᠯᠵᠦ ᠪᠣᠯᠬᠤ ᠪᠢᠯᠡ? ᠭᠡᠬᠦ ᠳ᠋ᠦ᠍ᠨᠢ᠂
— ᠪᠦᠦ ᠮᠡᠳᠡ᠃ ᠴᠢ ᠲᠡᠭᠦᠨ ᠢ᠋ ᠪᠠᠲᠤᠪᠠᠶᠠᠷ ᠡᠪᠦᠭᠡᠨ ᠡᠴᠡ ᠠᠰᠠᠭᠤᠭᠠᠷᠠᠢ᠃ ᠨᠣᠮ ᠶᠡᠬᠡ ᠦᠵᠡᠳᠡᠭ᠂ ᠶᠠᠭᠤᠮ᠎ᠠ ᠶᠡᠬᠡ ᠮᠡᠳᠡᠳᠡᠭ ᠬᠥᠮᠦᠨ ᠭᠡᠵᠦ ᠴᠢ ᠶᠠᠷᠢᠭᠰᠠᠨ ᠪᠢᠰᠢ ᠪᠢᠯᠢᠤ? ᠪᠢ ᠵᠠᠩᠭᠢ ᠠᠪᠤᠭᠠᠢ ᠠ᠋ᠴᠠ ᠨᠢᠭᠡ ᠠᠰᠠᠭᠤᠵᠤ ᠦᠵᠡᠭᠰᠡᠨ᠃ ᠴᠢᠩᠭᠢᠬᠦ ᠳ᠋ᠦ᠍᠂ ᠬᠦᠴᠦᠨ ᠶᠡᠬᠡᠲᠡᠢ ᠪᠡᠷ ᠢ᠋ᠶ᠋ᠡᠨ ᠨᠣᠶᠠᠨ ᠪᠣᠯᠳᠠᠭ᠂ ᠬᠦᠰᠡᠯ ᠶᠡᠬᠡᠲᠡᠢ ᠪᠡᠷ ᠢ᠋ᠶ᠋ᠡᠨ ᠪᠠᠶᠠᠨ ᠪᠣᠯᠳᠠᠭ ᠶᠤᠮ ᠳᠠ ᠭᠡᠵᠦ ᠬᠠᠷᠢᠭᠤ ᠬᠡᠯᠡᠭᠰᠡᠨ ᠪᠢᠯᠡ᠃
ᠴᠢᠩᠭᠢᠵᠦ ᠠᠢᠯ ᠤ᠋ᠨ ᠮᠠᠯ ᠬᠠᠷᠢᠭᠤᠯᠤᠭᠰᠠᠭᠠᠷ ᠴᠠᠭ ᠡᠳᠦᠷ ᠥᠩᠭᠡᠷᠡᠵᠦ ᠪᠠᠢᠯ᠎ᠠ᠃ ᠨᠢᠭᠡ ᠡᠳᠦᠷ ᠰᠢᠷᠴᠢᠨ ᠢ᠋ ᠬᠡᠭᠡᠷ᠎ᠡ ᠬᠣᠨᠢ ᠬᠠᠷᠢᠭᠤᠯᠵᠤ ᠶᠠᠪᠤᠬᠤ ᠳ᠋ᠤᠨᠢ ᠲᠠᠷᠭᠤᠨ ᠪᠣᠷᠣ ᠮᠣᠷᠢ ᠲᠠᠢ᠂ ᠪᠠᠬᠠᠨ ᠭᠠᠩᠭᠠᠩ ᠶᠠᠩᠵᠤ ᠶ᠋ᠢᠨ ᠨᠢᠭᠡ ᠵᠠᠯᠠᠭᠤ ᠬᠦᠷᠴᠦ ᠢᠷᠡᠭᠡᠳ ᠠᠮᠤᠷ ᠮᠡᠨᠳᠦ ᠶ᠋ᠢ ᠮᠡᠳᠡᠯᠴᠡᠭᠡᠳ᠂ ᠰᠢᠷᠴᠢᠨ ᠦ᠌ ᠬᠥᠯ ᠡᠴᠡ ᠨᠢ ᠲᠡᠷᠢᠭᠦᠨ ᠳ᠋ᠦ᠍ ᠬᠦᠷᠲᠡᠯ᠎ᠡ ᠠᠵᠢᠭᠯᠠᠨ ᠬᠠᠷᠠᠵᠤ ᠬᠠᠷᠠᠵᠤ᠂
— ᠲᠠᠨᠠᠢᠬᠢᠨ(ᠲᠠᠨ ᠤ᠋ ᠬᠢᠨ) ᠦ᠌ ᠭᠡᠷ ᠬᠣᠯᠠ ᠤᠤ? ᠭᠡᠵᠦ ᠠᠰᠠᠭᠤᠪᠠ᠃
— ᠲᠡᠷᠡ ᠬᠥᠲᠥᠯ ᠦ᠋ᠨ ᠴᠠᠭᠠᠨ᠎ᠠ᠂ ᠵᠠᠩᠭᠢ ᠶ᠋ᠢᠨ ᠬᠢ ᠭᠡᠳᠡᠭ ᠠᠢᠯ ᠠ᠋ ᠭᠡᠵᠦ ᠰᠢᠷᠴᠢᠨ ᠢ᠋ ᠬᠠᠷᠢᠭᠤ ᠬᠡᠯᠡᠬᠦ ᠳ᠋ᠦ᠍ ᠲᠡᠷᠡ ᠵᠠᠯᠠᠭᠤ᠂
— ᠴᠢ ᠥᠪᠡᠷ ᠢ᠋ᠶ᠋ᠡᠨ ᠬᠡᠨ ᠦ᠌ ᠬᠦᠦ ᠪᠣᠢ? ᠭᠡᠵᠦ ᠠᠰᠠᠭᠤᠵᠠᠢ᠃
— ᠪᠢ ᠵᠠᠩᠭᠢ ᠶ᠋ᠢᠨ ᠬᠦᠦ ᠭᠡᠬᠦ ᠳ᠋ᠦ᠍ ᠨᠢ᠂
— ᠪᠢᠰᠢ ᠠ᠋᠃ ᠵᠠᠩᠭᠢ ᠶ᠋ᠢᠨ ᠬᠦᠦ ᠴᠢᠮᠠᠴᠠ ᠠ᠋ᠴᠠ ᠠᠬ᠎ᠠ ᠪᠠᠢᠬᠤ ᠶᠣᠰᠣᠲᠠᠢ᠃ ᠪᠠᠰᠠ ᠭᠡᠷ ᠲᠡᠭᠡᠨ ᠡᠵᠡᠭᠦᠢ ᠪᠠᠢᠬ᠎ᠠ᠃ ᠴᠢ ᠲᠡᠳᠡᠨ ᠦ᠌ ᠬᠣᠨᠢᠴᠢᠨ ᠬᠦᠦ᠂ ᠴᠢᠮᠠᠶ᠋ᠢ ᠡᠷᠭᠦᠭᠰᠡᠨ ᠵᠠᠮᠪᠠ᠂ ᠵᠠᠩᠲᠠᠢ ᠲᠠᠢ ᠰᠠᠭᠤᠭᠠᠳ ᠬᠥᠭᠡᠭᠡᠵᠦ ᠣᠷᠬᠢᠭᠰᠠᠨ ᠶᠤᠮ ᠪᠢᠰᠢ ᠤᠤ᠂ ᠴᠢᠮᠠᠶ᠋ᠢ? ᠬᠡᠮᠡᠪᠡᠰᠦ᠂ ᠰᠢᠷᠴᠢᠨ ᠪᠠᠬᠠᠨ ᠢᠴᠡᠩᠭᠦᠷᠡᠰᠬᠢᠪᠡ(ᠢᠴᠢᠩᠭᠦᠷᠡᠰᠭᠢᠪᠡ) ᠃ ᠲᠡᠷᠡ ᠵᠠᠯᠠᠭᠤ ᠲᠡᠭᠦᠨ ᠢ᠋ ᠠᠵᠢᠭᠯᠠᠭᠠᠳ᠂ ᠪᠢ ᠴᠢᠨᠦ ᠠᠬ᠎ᠠ ᠪᠢᠯᠡ᠃ ᠮᠠᠨ ᠤ᠋ ᠡᠵᠢ᠂ ᠴᠢᠮᠠᠶ᠋ᠢ ᠬᠣᠶᠠᠷ ᠲᠠᠢ ᠳ᠋ᠤ᠌ ᠴᠢᠨᠢ ᠵᠠᠮᠪᠠ ᠶ᠋ᠢᠨ ᠳ᠋ᠦ᠍ ᠡᠷᠭᠦᠭᠦᠯᠦᠭᠡᠳ᠂ ᠲᠡᠭᠦᠨ ᠡᠴᠡ ᠬᠣᠢᠰᠢ ᠴᠢ ᠪᠢᠳᠡ ᠬᠣᠶᠠᠷ ᠶᠡᠷᠦ ᠴᠢᠷᠠᠢ ᠪᠠᠨ ᠦᠵᠡᠯᠴᠡᠭᠰᠡᠨ ᠤᠳᠠᠭ᠎ᠠ ᠦᠭᠡᠢ ᠪᠢᠯᠡ᠃ ᠣᠳᠣ ᠪᠢ ᠨᠡᠯᠢᠶᠡᠳ ᠰᠠᠢᠨ ᠠᠵᠤ ᠲᠥᠷᠥᠵᠦ ᠪᠠᠢᠨ᠎ᠠ᠃ ᠴᠢ ᠮᠢᠨᠦ ᠡᠮᠦᠰᠦᠭᠰᠡᠨ ᠳᠡᠪᠡᠯ᠂ ᠤᠨᠤᠭᠰᠠᠨ ᠮᠣᠷᠢ ᠬᠠᠷᠠᠵᠤ ᠦᠵᠡ ᠭᠡᠵᠦ ᠬᠠᠭᠤᠴᠢᠨ ᠭᠠᠩᠳᠠᠭᠰᠠᠨ ᠲᠣᠷᠭᠠᠨ ᠳᠡᠪᠡᠯ ᠢ᠋ᠶ᠋ᠡᠨ ᠪᠠᠬᠠᠳᠤᠨ ᠬᠠᠷᠠᠵᠤ᠂ ᠬᠠᠷᠢᠨ ᠴᠢ ᠮᠢᠨᠢ ᠪᠠᠷᠤᠭᠲᠠᠢᠬᠠᠨ ᠪᠠᠢᠭ᠎ᠠ ᠶᠤᠮ ᠰᠢᠪ ᠳᠡ ᠭᠡᠵᠦ ᠬᠡᠯᠡᠪᠡ᠃
ᠰᠢᠷᠴᠢᠨ᠂ ᠭᠡᠨᠡᠳᠲᠡ ᠭᠠᠵᠠᠷ ᠳᠣᠣᠷ᠎ᠠ ᠠ᠋ᠴᠠ ᠭᠠᠷᠴᠤ ᠢᠷᠡᠭᠰᠡᠨ ᠶᠦᠮ ᠰᠢᠭ ᠪᠣᠢ ᠪᠣᠯᠤᠭᠰᠠᠨ ᠦᠯᠦ ᠲᠠᠨᠢᠬᠤ ᠠᠬ᠎ᠠ ᠶᠤᠭᠠᠨ᠂ ᠲᠠᠷᠭᠤᠨ ᠪᠣᠷᠣ ᠮᠣᠷᠢ ᠲᠠᠰᠢᠶᠠᠯᠠᠨ ᠤᠨᠤᠵᠤ ᠶᠡᠬᠡᠮᠰᠦᠭ ᠰᠦᠷ ᠪᠠᠳᠠᠷᠠᠭᠤᠯᠤᠨ ᠬᠠᠩᠬᠠᠯᠵᠠᠵᠤ ᠪᠠᠢᠭ᠎ᠠ ᠶ᠋ᠢ ᠨᠢ ᠭᠠᠢᠬᠠᠨ ᠬᠠᠷᠠᠪᠠᠰᠤ᠂ ᠠᠬ᠎ᠠ ᠨᠢ ᠭᠤᠢᠯᠢᠨᠴᠢᠨ ᠳᠡᠭᠦᠦ ᠪᠡᠨ ᠭᠡᠷ ᠲᠡᠭᠡᠨ ᠠᠪᠠᠴᠢᠬᠤ ᠭᠡᠵᠦ ᠬᠢᠯᠠᠢᠯᠭᠠᠵᠤ ᠪᠠᠢᠭ᠎ᠠ ᠬᠥᠮᠦᠨ ᠦ᠌ ᠳᠦᠷᠢᠮ ᠦᠵᠡᠭᠦᠯᠵᠦ᠂
— ᠴᠢᠮᠠᠶ᠋ᠢ ᠵᠠᠮᠪᠠ ᠳ᠋ᠤ᠌ ᠬᠥᠭᠡᠭᠡᠭᠳᠡᠭᠡᠳ ᠠᠢᠯ ᠳ᠋ᠤ᠌ ᠵᠠᠷᠤᠭᠳᠠᠵᠤ ᠪᠠᠢᠨ᠎ᠠ ᠭᠡᠵᠦ ᠰᠤᠷᠠᠭ ᠰᠣᠨᠣᠰᠤᠭᠠᠳ᠂ ᠳᠡᠭᠦᠦ ᠪᠡᠨ ᠠᠢᠯ ᠤ᠋ᠨ ᠵᠠᠷᠤᠴᠠ ᠪᠣᠯᠤᠭᠰᠠᠨ ᠳ᠋ᠤ᠌ ᠰᠠᠨᠠᠭ᠎ᠠ ᠵᠣᠪᠠᠵᠤ ᠴᠢᠮᠠᠲᠠᠢ(ᠴᠢᠮ᠎ᠠ ᠲᠠᠢ) ᠠᠭᠤᠯᠵᠠᠬᠤ ᠪᠠᠷ ᠢᠷᠡᠯ᠎ᠡ᠃ ᠴᠢ ᠮᠠᠨᠠᠢᠳᠤ(ᠮᠠᠨ ᠤ᠋ ᠳ᠋ᠤ᠌) ᠣᠴᠢᠵᠤ᠂ ᠥᠪᠡᠷᠦᠨ ᠢ᠋ᠶ᠋ᠡᠨ ᠭᠡᠷ ᠲᠡᠭᠡᠨ ᠰᠠᠭᠤᠬᠤ ᠶᠤᠮ ᠪᠢᠰᠢ ᠤᠤ? ᠪᠢ ᠬᠣᠨᠢ ᠣᠯᠠᠨ ᠲᠠᠢ ᠪᠣᠯᠤᠭᠠᠳ ᠪᠦᠯᠢ ᠮᠠᠭᠤᠲᠠᠢ ᠪᠠᠢᠭ᠎ᠠ᠃ ᠴᠢ ᠭᠡᠷ ᠲᠡᠭᠡᠨ ᠬᠠᠷᠢᠵᠤ᠂ ᠠᠬ᠎ᠠ ᠶ᠋ᠢᠨ ᠢ᠋ᠶ᠋ᠡᠨ ᠬᠣᠨᠢ(ᠶ᠋ᠢ) ᠬᠠᠷᠢᠭᠤᠯᠵᠤ ᠪᠣᠯᠬᠤ ᠮᠥᠷᠲᠡᠭᠡᠨ᠂ ᠵᠠᠪᠠᠯ ᠬᠥᠮᠦᠨ ᠦ᠌ ᠬᠣᠨᠢ ᠬᠠᠷᠢᠭᠤᠯᠵᠤ᠂ ᠠᠢᠯ ᠳ᠋ᠤ᠌ ᠵᠠᠷᠤᠭᠳᠠᠭᠰᠠᠨ ᠤ᠋ ᠬᠡᠷᠡᠭ ᠠᠯᠠᠭ᠎ᠠ ᠬᠡᠮᠡᠪᠡᠰᠦ᠂
— ᠲᠠᠨᠠᠢᠬᠢ(ᠲᠠᠨ ᠤ᠋ ᠬᠢ) ᠠᠳᠤᠭᠤ ᠣᠯᠠᠨ ᠲᠠᠢ ᠤᠤ? ᠬᠣᠨᠢ ᠪᠠᠨ ᠶᠠᠪᠠᠭᠠᠨ ᠬᠠᠷᠢᠭᠤᠯᠳᠠᠭ ᠤᠤ? ᠮᠣᠷᠢᠲᠠᠢ ᠬᠠᠷᠢᠭᠤᠯᠳᠠᠭ ᠤᠤ? ᠭᠡᠵᠦ ᠰᠢᠷᠴᠢᠨ ᠦ᠌ ᠠᠰᠠᠭᠤᠬᠤ ᠳ᠋ᠤ᠌᠂
— ᠠᠳᠤᠭᠤ ᠲᠠᠢ ᠠᠳᠤᠭᠤ ᠦᠭᠡᠢ ᠪᠡᠷ ᠴᠢ ᠶᠠᠭᠠᠬᠢᠬᠤ ᠨᠢ ᠪᠣᠢ? ᠪᠢ ᠣᠯᠠᠨ ᠮᠠᠭᠤ ᠰᠠᠢᠨ ᠠᠳᠠᠰᠬᠠᠨ ᠳ᠋ᠤ᠌ ᠳᠤᠷ᠎ᠠ ᠦᠭᠡᠢ᠃ ᠡᠢᠮᠦ ᠯᠡ ᠰᠠᠢᠨ ᠮᠣᠷᠢᠨ ᠳ᠋ᠤ᠌ ᠳᠤᠷᠠᠲᠠᠢ᠃ ᠬᠣᠨᠢ ᠬᠠᠷᠢᠭᠤᠯᠬᠤ ᠳ᠋ᠤ᠌ ᠮᠣᠷᠢᠨ ᠤ᠋ ᠬᠡᠷᠡᠭ ᠠᠯᠠᠭ᠎ᠠ᠃ ᠶᠠᠪᠠᠭᠠᠨ ᠬᠠᠷᠢᠭᠤᠯᠵᠤ ᠪᠣᠯᠳᠠᠭ ᠦᠭᠡᠢ ᠶᠠᠭᠠᠬᠢᠳᠠᠭ ᠶᠤᠮ ᠪᠣᠢ ᠬᠡᠮᠡᠪᠡᠰᠦ᠂
ᠰᠢᠷᠴᠢᠨ᠂ ᠠᠬ᠎ᠠ ᠶ᠋ᠢ ᠴᠢᠳᠥᠷ ᠦ᠋ᠨ ᠭᠠᠭᠴᠠ ᠮᠣᠷᠢ ᠲᠠᠢ ᠠᠮᠢᠲᠠᠨ ᠪᠠᠢᠨ᠎ᠠ ᠳᠠ ᠭᠡᠵᠦ ᠮᠡᠳᠡᠭᠡᠳ᠂ ᠲᠡᠷᠡ ᠭᠠᠩᠭᠠᠩ ᠵᠠᠯᠠᠭᠤ ᠶ᠋ᠢ ᠠᠬ᠎ᠠ ᠭᠡᠵᠦ ᠶᠡᠷᠦ ᠪᠠᠶᠠᠷᠯᠠᠬᠤ ᠳᠣᠲᠣᠨᠣᠴᠢᠯᠠᠬᠤ ᠰᠡᠳᠬᠢᠯ ᠲᠥᠷᠥᠭᠰᠡᠨ ᠦᠭᠡᠢ᠃ ᠭᠠᠭᠴᠠ ᠮᠣᠷᠢ ᠲᠠᠢ ᠮᠥᠷᠲᠡᠭᠡᠨ᠂ ᠣᠯᠠᠨ ᠠᠳᠤᠭᠤ ᠲᠠᠢ ᠬᠥᠮᠦᠨ ᠰᠢᠭ ᠰᠦᠷ ᠪᠠᠳᠠᠷᠠᠭᠤᠯᠵᠤ᠂ ᠪᠠᠰᠠ ᠴᠢᠩᠭᠢᠭᠡᠳ ᠨᠠᠮᠠᠶ᠋ᠢ ᠠᠪᠠᠴᠢᠵᠤ ᠬᠣᠨᠢ ᠪᠠᠨ ᠶᠠᠪᠠᠭᠠᠨ ᠬᠠᠷᠢᠭᠤᠯᠬᠤ ᠨᠢ ᠠ᠋᠃ ᠡᠢᠮᠦ ᠠᠬ᠎ᠠ ᠪᠠᠢᠬᠤ ᠭᠡᠵᠦ ᠳᠡ᠃ ᠠᠬ᠎ᠠ ᠪᠠᠨ ᠴᠤ᠌ ᠠᠯᠲᠠ ᠳᠠ! ᠭᠡᠵᠦ ᠪᠣᠳᠣᠭᠠᠳ᠂ ᠪᠠᠬᠠᠨ ᠲᠣᠭᠣᠮᠰᠠᠷ ᠦᠭᠡᠢ ᠪᠡᠷ᠂
— ᠵᠠ᠂ ᠲᠠ ᠴᠢᠨᠢ ᠮᠢᠨᠦ ᠠᠬ᠎ᠠ ᠶᠤᠮ ᠪᠠᠢᠵᠤ ᠳᠠ᠃ ᠥᠨᠥᠳᠥᠷ ᠪᠢᠳᠡ ᠬᠣᠶᠠᠷ ᠤᠯᠠᠭᠠᠨ ᠨᠢᠭᠤᠷ ᠢ᠋ᠶ᠋ᠠᠨ ᠦᠵᠡᠯᠴᠡᠵᠦ ᠲᠠᠨᠢᠯᠴᠠᠯ᠎ᠠ᠃ ᠣᠳᠣ ᠳᠡᠭᠡᠷ᠎ᠡ ᠪᠡᠨ ᠪᠢ ᠵᠠᠩᠭᠢ ᠶ᠋ᠢᠨ ᠳ᠋ᠦ᠍ ᠪᠠᠢᠶ᠎ᠠ᠃ ᠬᠣᠵᠢᠮ ᠨᠢᠭᠡ ᠵᠠᠪ ᠲᠠᠭᠠᠨ ᠲᠠᠨᠠᠢᠳᠤ(ᠲᠠᠨ ᠤ᠋ ᠳ᠋ᠤ᠌) ᠠᠢᠯᠴᠢᠯᠠᠵᠤ ᠣᠴᠢᠶ᠎ᠠ ᠭᠡᠵᠦ ᠬᠡᠯᠡᠪᠡᠰᠦ᠂ ᠠᠬ᠎ᠠ ᠨᠢ ᠦᠭᠡ ᠳᠠᠭᠤᠨ ᠦᠭᠡᠢ ᠮᠣᠷᠢ ᠪᠠᠨ ᠡᠷᠭᠢᠭᠦᠯᠦᠭᠡᠳ ᠶᠠᠪᠤᠭᠠᠳ ᠥᠭᠴᠦ ᠪᠢᠯᠡ᠃
ᠦᠰᠦᠭ ᠠᠮᠢᠯᠠᠭᠤᠯᠤᠭᠴᠢ᠄ ᠮᠧᠢ ᠬᠤᠸᠠ᠂ ᠰᠠᠷᠠᠨᠲᠤᠶᠠᠭ᠎ᠠ᠂ ᠣᠶᠤᠨᠪᠠᠲᠤ᠂ ᠮᠥᠩᠭᠦᠡᠭᠤᠸ᠎ᠠ᠂
ᠤᠢᠭᠤᠷᠵᠢᠨ·ᠣᠳᠬᠣᠨᠪᠠᠪᠠ᠂ ᠪᠠᠯ᠂ ᠣᠶᠤᠨᠪᠢᠯᠢᠭ᠌
ᠬᠢᠨᠠᠭᠴᠢ᠄ ᠣᠭ᠌ᠶᠤ᠂ ᠣᠳᠬᠣᠨᠴᠡᠴᠡᠭ᠂ ᠲ·ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
