ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠭᠤᠷᠪᠠ) Үүрийн туяа I – Б ᠂ Ренчин Тэргүүн дэвтэр "Манжийн талхинд" (23) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠭᠤᠷᠪᠠ) Үүрийн туяа I – Б ᠂ Ренчин Тэргүүн дэвтэр "Манжийн талхинд" (23)

ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠬᠣᠷᠢᠨ ᠭᠤᠷᠪᠠ) Үүрийн туяа I – Б ᠂ Ренчин Тэргүүн дэвтэр "Манжийн талхинд" (23)

ᠠᠩᠭᠢᠯᠠᠯ:ᠲᠤᠭᠤᠵᠢ ᠷᠣᠮᠠᠨ
2024-12-11

359

ᠬᠣᠷᠢᠨ ᠭᠤᠷᠪᠠ᠂ ᠬᠣᠢᠳᠤ ᠡᠬᠡ

              
                      ᠥᠨᠥᠴᠢᠨ ᠥᠷᠥᠭᠡᠰᠦᠨ ᠬᠥᠮᠦᠨ ᠬᠡᠴᠡᠭᠦᠦ ᠠ᠋᠃    
                                     ᠱᠧᠪᠴᠧᠡᠺᠦ   

       ᠪᠠᠲᠤᠪᠠᠶᠠᠷ ᠤ᠋ᠨ ᠠᠯᠤᠰ ᠬᠣᠯᠠ ᠶ᠋ᠢᠨ ᠤᠲᠠᠢ ᠶ᠋ᠢᠨ ᠣᠷᠣᠨ ᠶᠠᠪᠤᠭᠰᠠᠨ ᠠ᠋ᠴᠠ ᠬᠣᠢᠰᠢ᠂ ᠵᠠᠮᠪᠠ ᠶ᠋ᠢᠨ ᠪᠢᠴᠢᠬᠠᠨ ᠬᠣᠲᠠ ᠠ᠋ᠴᠠ ᠠᠵᠠ ᠶ᠋ᠢᠨ ᠴᠢᠷᠠᠢ ᠪᠤᠷᠤᠭᠤᠯᠤᠭᠰᠠᠨ ᠰᠢᠭ᠋᠂ ᠠᠵᠤ ᠲᠥᠷᠥᠬᠦ ᠨᠢ ᠤᠷᠤᠭᠰᠢ ᠦᠭᠡᠢ ᠪᠣᠯᠪᠠ᠃ ᠠᠩ ᠤ᠋ᠨ ᠮᠥᠷ ᠢ᠋ᠶ᠋ᠡᠷ ᠬᠥᠭᠡᠭᠡᠴᠡᠯᠳᠦᠨ ᠡᠷᠭᠢᠭᠦᠯᠳᠡᠭ ᠵᠠᠮᠪᠠ᠂ ᠬᠡᠳᠦᠨ ᠳᠣᠯᠣᠭ᠎ᠠ ᠬᠣᠨᠣᠭ ᠬᠦᠷᠦᠭᠡ ᠬᠢᠭᠰᠡᠭᠡᠷ ᠶᠠᠪᠤᠵᠤ ᠰᠤᠷᠤᠭᠠᠳ᠂ ᠲᠡᠷᠡ ᠵᠠᠪᠰᠠᠷ ᠠᠷᠤ ᠭᠡᠷ ᠦ᠋ᠨ ᠪᠦᠬᠦ ᠪᠡᠯᠴᠢᠭᠡᠷ ᠨᠡᠭᠦᠳᠡᠯ ᠦ᠋ᠨ ᠠᠶ᠎ᠠ ᠶ᠋ᠢ ᠬᠠᠰᠢᠷ ᠡᠪᠦᠭᠡᠨ ᠮᠠᠯᠴᠢᠨ ᠪᠠᠲᠤᠪᠠᠶᠠᠷ ᠡᠷᠬᠢᠯᠡᠨ ᠳᠠᠭᠠᠭᠠᠵᠤ ᠶᠠᠪᠤᠳᠠᠭ ᠲᠤᠨᠢ ᠨᠠᠢᠳᠠᠵᠤ ᠰᠤᠷᠤᠭᠰᠠᠨ ᠪᠢᠯᠡ᠃ ᠨᠢᠮᠪᠠᠢ ᠪᠠᠲᠤᠪᠠᠶᠠᠷ᠂ ᠣᠯᠠᠨ ᠨᠡᠭᠦᠳᠡᠯ ᠦ᠋ᠨ ᠴᠢᠨᠠᠳᠤᠬᠢ ᠡᠪᠡᠰᠦ ᠪᠡᠯᠴᠢᠭᠡᠷ ᠦ᠋ᠨ ᠪᠠᠢᠳᠠᠯ ᠢ᠋ ᠤᠷᠢᠳ ᠠ᠋ᠴᠠ ᠠᠵᠢᠵᠤ᠂ ᠣᠢᠷ᠎ᠠ ᠶ᠋ᠢᠨ ᠪᠠᠭᠤᠬᠤ ᠭᠠᠵᠠᠷ ᠤ᠋ᠨ ᠬᠠᠪᠢ ᠨᠤᠲᠤᠭ ᠲᠤ᠌ ᠴᠢᠨᠣ᠎ᠠ ᠨᠣᠬᠠᠢ᠂ ᠡᠪᠡᠳᠴᠢᠨ ᠲᠠᠬᠤᠯ ᠲᠠᠢ ᠤᠤ ᠭᠡᠵᠦ ᠬᠣᠨᠣᠨ ᠥᠨᠵᠢᠨ ᠦᠵᠡᠵᠦ᠂ ᠪᠠᠭᠤᠬᠤ ᠭᠡᠵᠦ ᠪᠠᠢᠭᠰᠠᠨ ᠨᠤᠲᠤᠭ ᠢ᠋ᠶ᠋ᠠᠷ ᠡᠪᠡᠳᠴᠢᠨ ᠲᠠᠬᠤᠯ ᠲᠠᠢ ᠮᠠᠯ ᠬᠥᠲᠥᠯᠦᠭᠰᠡᠨ ᠲᠠᠭᠤᠭᠰᠠᠨ ᠠᠶᠠᠨ ᠵᠢᠩ ᠦ᠋ᠨ ᠬᠥᠮᠦᠨ ᠶᠠᠪᠤᠭᠰᠠᠨ ᠡᠰᠡᠭᠰᠡᠨ᠂ ᠲᠡᠷᠡ ᠬᠠᠪᠢ ᠨᠤᠲᠤᠭ ᠤ᠋ᠨ ᠮᠠᠯ ᠰᠦᠷᠦᠭ ᠦ᠋ᠨ ᠮᠡᠨᠳᠦ ᠶ᠋ᠢ ᠬᠡᠵᠢᠶᠡᠳᠡ ᠮᠡᠳᠡᠵᠦ ᠶᠠᠪᠤᠳᠠᠭ ᠪᠠᠢᠵᠤ ᠪᠢᠯᠡ᠃ ᠴᠢᠩᠭᠢᠭᠡᠳ ᠮᠠᠯ ᠢ᠋ ᠲᠡᠳᠦᠢ ᠳ᠋ᠦ᠍ ᠬᠤᠵᠢᠷᠯᠠᠭᠤᠯᠬᠤ ᠴᠠᠭ ᠪᠣᠯᠤᠯ᠎ᠠ᠃ ᠲᠡᠳᠦᠢ ᠳ᠋ᠦ᠍ ᠲᠡᠢᠮᠦ ᠭᠠᠵᠠᠷ᠂ ᠮᠠᠯ ᠤ᠋ᠨ ᠬᠦᠴᠦ ᠲᠡᠪᠡᠭᠡᠷᠡᠭ ᠲᠦ᠍  ᠲᠤᠰᠬᠠᠢ ᠡᠪᠡᠰᠦ ᠨᠣᠭᠣᠭ᠎ᠠ ᠪᠣᠯᠪᠠᠰᠤᠷᠠᠨ᠎ᠠ ᠭᠡᠵᠦ ᠠᠨᠳᠤᠳᠠᠭ ᠦᠭᠡᠢ ᠮᠡᠳᠡᠳᠡᠭ ᠤᠴᠢᠷ᠂ ᠨᠡᠭᠦᠳᠡᠯ ᠬᠢᠬᠦ ᠳ᠋ᠦ᠍ ᠶᠡᠬᠡᠯ᠎ᠡ(ᠶᠡᠬᠡ ᠯᠡ) ᠠᠮᠠᠷᠬᠠᠨ ᠰᠠᠨᠠᠭᠳᠠᠵᠤ ᠪᠠᠢᠳᠠᠭ ᠰᠠᠨ᠃ ᠪᠠᠭᠤᠭᠰᠠᠨ ᠨᠤᠲᠤᠭ ᠪᠦᠬᠦᠨ ᠳ᠋ᠦ᠍ ᠲᠠᠪᠤᠨ ᠬᠣᠰᠢᠭᠤ ᠮᠠᠯ ᠪᠦᠷᠢ ᠳ᠋ᠦ᠍ ᠲᠣᠬᠢᠷᠠᠭᠰᠠᠨ ᠲᠦᠳᠡ ᠪᠡᠯᠴᠢᠭᠡᠷ ᠲᠡᠢ ᠪᠠᠢᠳᠠᠭ ᠳᠡᠭᠡᠷ᠎ᠡ ᠡᠴᠡ ᠠᠳᠤᠭᠤ ᠬᠣᠨᠢᠨ ᠤ᠋ ᠴᠢᠮᠬᠢᠵᠦ ᠢᠳᠡᠬᠦ ᠭᠠᠵᠠᠷ᠂ ᠬᠡᠯᠡ ᠪᠡᠷ ᠣᠷᠢᠶᠠᠨ ᠳᠣᠯᠢᠶᠠᠳᠠᠭ ᠬᠥᠭᠡᠷᠦᠬᠦᠢ ᠦᠬᠡᠷ ᠬᠠᠮᠢᠭ᠎ᠠ ᠪᠡᠯᠴᠢᠳᠡᠭ ᠪᠢᠯᠡ᠃ ᠲᠡᠮᠡᠭᠡᠨ ᠳ᠋ᠦ᠍ ᠲᠣᠬᠢᠷᠠᠮᠵᠢᠲᠠᠢ ᠪᠡᠯᠴᠢᠭᠡᠷ ᠬᠠᠮᠢᠭ᠎ᠠ ᠪᠠᠢᠳᠠᠭ ᠪᠢᠯᠡ ᠭᠡᠵᠦ ᠰᠠᠨᠠᠭ᠎ᠠ ᠵᠣᠪᠠᠯᠲᠠ ᠦᠭᠡᠢ ᠪᠠᠢᠳᠠᠭ ᠪᠢᠯᠡ᠃ ᠪᠠᠲᠤᠪᠠᠶᠠᠷ ᠠ᠋ᠴᠠ ᠬᠣᠢᠰᠢ ᠭᠡᠨᠡᠳᠲᠡ᠂ ᠲᠡᠢᠨ ᠬᠦ᠌ ᠰᠤᠷᠮᠠᠭᠠᠢ ᠨᠡᠭᠦᠳᠡᠭ ᠨᠡᠭᠦᠳᠡᠯ ᠨᠢ ᠨᠢᠭᠡ ᠯᠡ ᠪᠢᠰᠢ ᠪᠣᠯᠵᠤ᠂ ᠵᠠᠮᠪᠠ ᠶ᠋ᠢᠨ ᠬᠣᠲᠠ ᠠᠢᠯ ᠤ᠋ᠨ ᠬᠢᠨ ᠮᠤᠬᠤᠷ ᠰᠣᠬᠣᠷ ᠢ᠋ᠶ᠋ᠠᠷ ᠨᠢᠳᠦ ᠪᠠᠯᠠᠢ ᠨᠡᠭᠦᠳᠡᠭ ᠪᠣᠯᠪᠠ᠃ ᠰᠢᠷᠴᠢᠨ ᠨᠠᠰᠤ ᠪᠠᠭ᠎ᠠ᠂ ᠪᠢᠷᠠᠭᠤ ᠶ᠋ᠢᠨ ᠪᠡᠯᠴᠢᠭᠡᠷ ᠡᠴᠡ ᠬᠡᠲᠦᠷᠡᠵᠦ ᠦᠵᠡᠭᠡ ᠦᠭᠡᠢ᠂ ᠪᠣᠷᠣ ᠨᠢᠷᠤᠭᠤᠨ ᠠ᠋ᠴᠠ ᠴᠢᠨᠠᠭᠰᠢ ᠳᠠᠪᠠᠵᠤ ᠦᠵᠡᠭᠡ ᠦᠭᠡᠢ ᠪᠠᠯᠴᠢᠷ ᠨᠠᠰᠤᠲᠠᠢ ᠬᠡᠦᠬᠡᠳ ᠪᠠᠢᠵᠠᠢ᠃ ᠭᠡᠷ ᠦ᠋ᠨ ᠬᠠᠮᠤᠭ ᠠᠵᠢᠯ ᠢ᠋ ᠬᠦᠵᠦᠭᠦᠨ ᠳ᠋ᠡᠭᠡᠨ ᠡᠭᠦᠷᠦᠭᠰᠡᠨ ᠲᠠᠷᠠᠩ ᠪᠡᠶ᠎ᠡ ᠡᠪᠡᠳᠴᠢᠲᠡᠢ᠂ ᠲᠡᠩᠬᠡᠯ ᠲᠠᠮᠢᠷ ᠲᠠᠰᠤᠷᠠᠵᠤ᠂ ᠠᠷᠠᠢ ᠭᠡᠵᠦ ᠶᠠᠪᠤᠳᠠᠭ ᠪᠠᠢᠯ᠎ᠠ᠃ ᠲᠡᠭᠡᠭᠡᠳ᠂ ᠲᠣᠭᠣᠭ᠎ᠠ ᠲᠤᠯᠭ᠎ᠠ ᠪᠠᠨ ᠲᠣᠭᠣᠷᠢᠭᠰᠠᠭᠠᠷ ᠡᠳᠦᠷ ᠥᠩᠭᠡᠷᠡᠵᠦ᠂ ᠨᠤᠲᠤᠭ ᠪᠡᠯᠴᠢᠭᠡᠷ ᠦᠵᠡᠬᠦ ᠰᠣᠩᠭᠣᠬᠤ ᠭᠡᠵᠦ ᠶᠠᠪᠤᠬᠤ ᠵᠢᠯᠣᠭᠣ ᠨᠢ ᠪᠣᠭᠣᠨᠢ ᠪᠠᠢᠵᠠᠢ᠃ ᠲᠡᠭᠡᠭᠡᠳ᠂ ᠰᠢᠨ᠎ᠡ ᠭᠠᠵᠠᠷ ᠨᠡᠭᠦᠵᠦ ᠪᠠᠭᠤᠭᠰᠠᠨ ᠤ᠋ ᠰᠡᠭᠦᠯᠡᠷ ᠦᠵᠡᠪᠡᠯ᠂ ᠬᠠᠪᠤᠷ ᠤ᠋ᠨ ᠲᠠᠷᠴᠢᠭ ᠴᠠᠭ ᠢ᠋ᠶ᠋ᠠᠷ ᠲᠠᠷᠴᠢᠭ ᠡᠪᠡᠰᠦ ᠲᠡᠢ᠂ ᠪᠡᠯᠴᠢᠭᠡᠷ ᠨᠢ ᠬᠣᠯᠠᠳᠠᠭᠠᠳ᠂ ᠦᠬᠡᠷ ᠭᠡᠷ ᠲᠡᠭᠡᠨ ᠣᠷᠣᠢ ᠪᠤᠴᠠᠵᠤ ᠢᠷᠡᠬᠦ ᠪᠣᠯᠵᠤ᠂ ᠡᠴᠡᠵᠦ ᠲᠤᠷᠠᠳᠠᠭ ᠪᠠᠢᠵᠠᠢ᠃ 
       ᠬᠠᠪᠤᠷ ᠬᠣᠨᠢ ᠬᠤᠷᠠᠭᠠᠯᠠᠵᠤ ᠡᠬᠢᠯᠡᠭᠡᠳ᠂ ᠡᠮᠡᠭᠡᠨ ᠰᠦᠷᠦᠩ᠂ ᠡᠳᠦᠷ ᠢᠷᠡᠬᠦ ᠳᠣᠳᠣᠮ ᠲᠡᠩᠬᠡᠭᠡ ᠲᠠᠮᠢᠷ ᠮᠠᠭᠤᠳᠠᠵᠤ ᠪᠠᠢᠭ᠎ᠠ ᠳᠠᠷᠠᠩ ᠬᠣᠶᠠᠷ ᠨᠣᠢᠷ ᠠᠯᠲᠠᠨ᠂ ᠬᠣᠨᠢ ᠬᠤᠷᠠᠭ᠎ᠠ ᠪᠠᠷ ᠨᠣᠴᠣᠯᠳᠤᠵᠤ᠂ ᠰᠢᠷᠴᠢᠨ ᠡᠳᠦᠷ ᠬᠣᠨᠢᠨ ᠳ᠋ᠤ᠌ ᠶᠠᠪᠤᠬᠤ ᠳ᠋ᠠᠭᠠᠨ᠂ ᠬᠡᠭᠡᠷ᠎ᠡ ᠬᠤᠷᠠᠭᠠᠯᠠᠭᠰᠠᠨ ᠬᠤᠷᠠᠭ᠎ᠠ ᠶ᠋ᠢ ᠤᠭᠤᠲᠠᠨ ᠳ᠋ᠠᠭᠠᠨ ᠣᠷᠣᠢ ᠪᠦᠷᠢ ᠡᠭᠦᠷᠴᠦ ᠢᠷᠡᠳᠡᠭ ᠪᠠᠢᠵᠠᠢ᠃ ᠲᠡᠭᠡᠵᠦ ᠬᠥᠮᠦᠨ ᠪᠦᠯᠢ ᠮᠠᠭᠤᠲᠠᠢ ᠲᠡᠷᠡ ᠬᠣᠲᠠ ᠶ᠋ᠢᠨ ᠬᠢᠨ ᠦ᠌ ᠳᠣᠣᠷ᠎ᠠ ᠳᠣᠣᠷ᠎ᠠ ᠪᠠᠨ ᠶᠠᠳᠠᠵᠤ ᠪᠠᠢᠲᠠᠯ᠎ᠠ᠂ ᠬᠣᠨᠢ ᠬᠤᠷᠠᠭᠠᠯᠠᠵᠤ ᠰᠢᠪᠲᠤᠷᠬᠤ (ᠰᠢᠪᠲᠤᠷᠠᠬᠤ) ᠶ᠋ᠢᠨ ᠦᠶ᠎ᠡ ᠪᠡᠷ ᠳᠠᠷᠠᠩ ᠨᠠᠰᠤ ᠪᠠᠷᠠᠵᠠᠢ᠃ ᠡᠷᠭᠦᠭᠰᠡᠨ ᠡᠬᠡ ᠳ᠋ᠡᠭᠡᠨ ᠲᠤᠰᠠᠯᠠᠵᠤ ᠪᠠᠢᠭᠰᠠᠨ ᠰᠢᠷᠴᠢᠨ᠂ ᠰᠥᠨᠢ ᠳᠦᠯᠢ ᠶ᠋ᠢᠨ ᠦᠶ᠎ᠡ ᠳ᠋ᠦ᠍ ᠡᠴᠡᠭᠡᠳ᠂ ᠭᠡᠷ ᠲᠡᠭᠡᠨ( ᠲᠤ ᠪᠡᠨ) ᠣᠷᠣᠵᠤ ᠣᠷᠣ ᠪᠠᠨ ᠲᠦᠰᠢᠭᠡᠳ ᠦᠷᠭᠡᠯᠡᠨ ᠤᠨᠲᠠᠵᠠᠢ᠃ ᠨᠢᠭᠡ ᠮᠡᠳᠡᠬᠦᠨ᠎ᠡ᠂ ᠰᠦᠷᠦᠩ ᠡᠮᠡᠭᠡᠨ ᠦᠷ ᠢ᠋ᠶ᠋ᠡᠷ ᠰᠢᠷᠴᠢᠨ ᠢ᠋ ᠰᠠᠨᠳᠤᠷᠤᠨ ᠰᠡᠷᠢᠭᠡᠵᠦ( ᠰᠡᠷᠡᠭᠡᠵᠦ)᠂ 
       — ᠬᠦᠦ ᠮᠢᠨᠢ ᠪᠣᠰ ᠪᠣᠰ᠂ ᠡᠵᠢ ᠴᠢᠨᠢ ᠪᠤᠷᠬᠠᠨ ᠪᠣᠯᠴᠢᠯ᠎ᠠ(ᠪᠣᠯᠴᠢᠬᠠᠯ᠎ᠠ) ᠭᠡᠵᠡᠢ᠃ ᠰᠢᠷᠴᠢᠨ ᠨᠣᠢᠷᠮᠤᠭᠯᠠᠵᠤ᠂ ᠡᠮᠡᠭᠡᠨ ᠦ᠌ ᠰᠢᠲᠦ ᠦᠭᠡᠢ ᠠᠮᠠᠨ ᠳᠣᠲᠣᠷ᠎ᠠ ᠪᠠᠨ ᠰᠠᠨᠳᠤᠷᠤᠨ ᠬᠦᠩᠭᠢᠨᠡᠬᠦ(ᠭᠦᠩᠭᠡᠨᠡᠬᠦ) ᠶ᠋ᠢ ᠰᠠᠢᠨ ᠤᠬᠠᠷᠠᠭᠰᠠᠨ( ᠤᠬᠠᠭᠠᠷᠠᠭᠰᠠᠨ) ᠦᠭᠡᠢ᠂ 
       — ᠠ᠂ ᠶᠠᠭᠤ ᠭᠡᠨ᠎ᠡ? ᠭᠡᠵᠦ ᠪᠣᠰᠤᠨ ᠬᠠᠷᠠᠢᠪᠠ᠃ 
       — ᠡᠵᠢ ᠴᠢᠨᠢ ᠨᠠᠰᠤ ᠪᠠᠷᠠᠴᠢᠬᠰᠠᠨ (ᠪᠠᠷᠠᠴᠢᠬᠠᠭᠰᠠᠨ) ᠬᠣᠲᠠᠨ ᠳ᠋ᠤ᠌ ᠮᠠᠨᠢ᠂ ᠴᠢ ᠪᠢᠳᠡ ᠬᠣᠶᠠᠷ ᠠ᠋ᠴᠠ ᠥᠭᠡᠷ᠎ᠡ ᠬᠥᠮᠦᠨ ᠠᠮᠢᠲᠠᠨ ᠪᠠᠢᠳᠠᠭ ᠦᠭᠡᠢ ᠶᠠᠭᠠᠬᠢᠨ᠎ᠠ ᠳᠠ᠃ ᠠᠪᠤ ᠶ᠋ᠢᠨ ᠴᠢᠨᠢ ᠮᠠᠢᠬᠠᠨ ᠬᠠᠮᠢᠭ᠎ᠠ ᠪᠠᠢᠳᠠᠭ ᠪᠢᠯᠡ? ᠮᠠᠯ ᠠᠳᠤᠭᠤᠰᠤ ᠰᠠᠨᠳᠠᠭᠠᠬᠤ ᠪᠣᠢ ᠭᠡᠵᠦ ᠳᠡᠭᠡᠷ᠎ᠡ ᠨᠢ ᠮᠠᠢᠬᠠᠨ ᠰᠢᠭᠠᠵᠤ ᠦᠵᠡᠬᠦ ᠶᠤᠮᠰᠠᠨ ᠭᠡᠬᠦ ᠳ᠋ᠦ᠍ᠨᠢ (ᠳ᠋ᠦ᠍ ᠨᠢ)᠂  
       — ᠡᠵᠢ ᠮᠢᠨᠢ! ᠭᠡᠵᠦ ᠬᠠᠰᠬᠢᠷᠤᠭᠠᠳ᠂ ᠰᠢᠷᠴᠢᠨ ᠭᠡᠷ ᠡᠴᠡ ᠤᠬᠤᠰᠬᠢᠨ ᠭᠠᠷᠴᠤ ᠡᠬᠡ ᠶ᠋ᠢᠨ ᠵᠦᠭ ᠭᠦᠶᠦᠪᠡᠰᠦ᠂ ᠬᠡᠪᠲᠡᠵᠦ ᠪᠠᠢᠭ᠎ᠠ ᠬᠣᠨᠢᠨ ᠤ᠋ ᠳᠡᠷᠭᠡᠳᠡ ᠦᠷ ᠦ᠋ᠨ ᠪᠦᠷᠦᠩᠬᠦᠢ ᠪᠡᠷ ᠳᠠᠷᠠᠩ ᠪᠠᠷᠠᠭᠤᠨ ᠬᠥᠯ ᠢ᠋ᠶ᠋ᠡᠨ ᠨᠤᠭᠤᠯᠵᠤ᠂ ᠴᠣᠮᠴᠣᠢᠵᠤ ᠰᠠᠭᠤᠳᠠᠭ ᠶᠠᠩᠵᠤ ᠪᠠᠷ ᠠᠮᠤᠷᠯᠢᠩᠭᠤᠢ ᠲᠠᠯᠪᠢᠭᠤᠨ ᠰᠠᠭᠤᠵᠤ ᠪᠠᠢᠭ᠎ᠠ ᠪᠠᠷᠠᠭ᠎ᠠ(ᠪᠠᠷ᠎ᠠ )ᠨᠢ ᠬᠠᠷᠠᠭᠳᠠᠪᠠ᠃ ᠳᠡᠷᠭᠡᠳᠡ ᠨᠢ ᠰᠡᠩᠳᠡᠨ ᠮᠡᠩᠳᠡᠨ ᠭᠦᠶᠦᠵᠦ ᠣᠴᠢᠪᠠᠰᠤ᠂ ᠳᠠᠷᠠᠩ ᠤ᠋ᠨ ᠤᠷᠤᠭᠤᠯ ᠢ᠋ᠶ᠋ᠠᠨ ᠬᠠᠮᠬᠢᠨ ᠨᠢᠳᠦ ᠪᠡᠨ ᠠᠨᠢᠭᠰᠠᠨ᠂ ᠡᠴᠡᠵᠦ ᠶᠠᠳᠠᠷᠠᠭᠰᠠᠨ ᠴᠢᠷᠠᠢ ᠶᠡᠬᠡᠯ᠎ᠡ (ᠶᠡᠬᠡ ᠯᠡ) ᠠᠮᠤᠷᠯᠢᠩᠭᠤᠢ ᠲᠠᠯᠪᠢᠭᠤᠨ᠂ ᠰᠣᠯᠣᠭᠠᠢ ᠭᠠᠷ ᠢ᠋ᠶ᠋ᠠᠨ ᠡᠪᠦᠳᠦᠭ ᠳᠡᠭᠡᠷ᠎ᠡ ᠪᠡᠨ ᠲᠠᠯᠪᠢᠭᠠᠳ᠂ ᠲᠦᠷ ᠰᠠᠭᠤᠵᠤ ᠠᠮᠤᠰᠬᠢᠬᠦ ᠭᠡᠳ ᠦᠷᠭᠡᠯᠡᠭᠰᠡᠨ ᠶᠦᠮ ᠰᠢᠭ ᠦᠵᠡᠭᠳᠡᠪᠡ᠃ ᠭᠠᠭᠴᠠᠬᠦ ᠲᠣᠯᠣᠭᠠᠢ ᠪᠠᠬᠠᠨ ᠡᠲᠡᠭᠡᠳ ᠰᠣᠨᠢᠬᠠᠨ ᠢ᠋ᠶ᠋ᠠᠷ ᠬᠠᠵᠠᠢᠵᠤ᠂ ᠪᠠᠷᠠᠭᠤᠨ ᠭᠠᠷ ᠢ᠋ᠶ᠋ᠠᠷ ᠵᠢᠷᠦᠬᠡᠨ ᠲᠤᠰ ᠡᠪᠦᠷ ᠢ᠋ᠶ᠋ᠡᠨ ᠲᠠᠰᠤ ᠪᠠᠵᠠᠭᠰᠠᠨ ᠬᠠᠴᠢᠨ ᠪᠠᠢᠳᠠᠯ ᠢ᠋ ᠦᠵᠡᠪᠡᠰᠦ᠂ ᠨᠢᠭᠡ ᠨᠠᠰᠤ ᠪᠠᠷ ᠠᠮᠤᠷ ᠵᠠᠶᠠᠭ᠎ᠠ ᠪᠠᠨ ᠦᠵᠡᠭᠡ ᠦᠭᠡᠢ ᠠᠵᠢᠯᠴᠢ ᠲᠡᠷᠡ ᠬᠥᠭᠡᠷᠦᠬᠦᠢ ᠡᠮᠡᠭᠲᠡᠢ᠂ ᠨᠢᠳᠦ ᠪᠡᠨ ᠡᠭᠦᠷᠢᠳᠡ ᠠᠨᠢᠭᠰᠠᠨ ᠪᠠᠢᠳᠠᠯ ᠲᠠᠢ ᠦᠵᠡᠭᠳᠡᠪᠡ᠃ 
       ᠰᠢᠷᠢᠴᠨ ᠦ᠌ ᠨᠢᠳᠦᠨ ᠳ᠋ᠦ᠍ ᠨᠢᠯᠪᠤᠰᠤ ᠮᠡᠯᠲᠡᠭᠡᠨᠡᠨ᠂ ᠢᠵᠢᠢ ᠭᠡᠵᠦ ᠰᠢᠪᠡᠨᠡᠭᠡᠳ ᠶᠠᠭᠠᠷᠠᠨ ᠰᠥᠭᠥᠳᠴᠦ᠂ ᠡᠬᠡ ᠶ᠋ᠢᠨ ᠵᠢᠷᠦᠬᠡᠨ ᠲᠤᠰ ᠪᠠᠷᠢᠭᠰᠠᠨ ᠭᠠᠷ ᠢ᠋ ᠠᠶᠠᠷᠬᠠᠨ ᠲᠡᠮᠲᠡᠷᠢᠨ ᠦᠵᠡᠪᠡᠰᠦ ᠮᠥᠰᠥ ᠮᠡᠲᠦ ᠬᠦᠢᠲᠡᠨ᠂ ᠴᠢᠯᠠᠭᠤ ᠮᠡᠲᠦ ᠬᠠᠲᠠᠭᠤ ᠪᠣᠯᠤᠭᠰᠠᠨ ᠠᠵᠢ᠃ 
       ᠰᠢᠷᠴᠢᠨ ᠦ᠌ ᠠᠷᠤ ᠳ᠋ᠤ᠌ ᠲᠡᠮᠦᠷ ᠭᠠᠳᠠᠰᠤ ᠬᠠᠩᠭᠢᠨᠠᠨ᠂ ᠰᠦᠷᠦᠩ ᠡᠮᠡᠭᠡᠨ ᠭᠡᠷ ᠦ᠋ᠨ ᠠᠷᠤ ᠳ᠋ᠤ᠌ ᠪᠠᠢᠭᠰᠠᠨ ᠪᠠᠷᠠᠭ᠎ᠠ ᠶ᠋ᠢᠨ ᠳᠣᠣᠷ᠎ᠠ ᠠ᠋ᠴᠠ ᠬᠠᠭᠤᠴᠢᠨ ᠮᠠᠢᠬᠠᠨ ᠭᠠᠷᠭᠠᠭᠠᠳ ᠰᠢᠷᠴᠢᠨ ᠢ᠋ ᠳᠠᠭᠤᠳᠠᠵᠤ᠂ 
       — ᠬᠦᠦ ᠮᠢᠨᠢ ᠡᠨᠡ ᠮᠠᠢᠬᠠᠨ ᠢ᠋ ᠳᠡᠮᠵᠢᠯᠴᠢ ᠭᠡᠵᠦ᠂ ᠡᠮᠡᠭᠡᠨ ᠰᠢᠷᠴᠢᠨ ᠬᠣᠶᠠᠷ ᠲᠠᠯᠢᠢᠭᠴᠢ ᠶ᠋ᠢᠨ ᠳᠡᠭᠡᠷ᠎ᠡ ᠮᠠᠢᠬᠠᠨ ᠰᠢᠭᠠᠵᠤ᠂ ᠡᠮᠡᠭᠡᠨ ᠮᠠᠢᠬᠠᠨ ᠤ᠋ ᠬᠣᠷᠮᠣᠢ᠂ ᠡᠭᠦᠳᠡ ᠶ᠋ᠢ ᠰᠠᠢᠨ ᠵᠥᠷᠢᠭᠦᠯᠦᠭᠡᠳ᠂ ᠬᠤᠷᠠᠭ᠎ᠠ ᠪᠠᠷᠤᠭ ᠳᠦᠭᠦᠷᠦᠭᠰᠡᠨ ᠲᠠᠷᠠᠩ ᠤ᠋ᠨ ᠭᠡᠷ᠂ ᠥᠪᠡᠷᠦᠨ ᠭᠡᠷ ᠬᠣᠶᠠᠷ ᠲᠤ᠌ ᠵᠤᠯᠠ ᠪᠠᠳᠠᠷᠠᠭᠠᠪᠠ᠃ 
       ᠦᠳᠡ ᠡᠴᠡ ᠬᠣᠢᠰᠢ ᠵᠠᠮᠪᠠ ᠬᠦᠷᠴᠦ ᠢᠷᠡᠭᠡᠳ᠂ ᠵᠣᠭᠰᠣᠭᠠᠪᠠᠷ((ᠵᠣᠭᠰᠣᠭ᠎ᠠ ᠪᠠᠷ)  ᠯᠠᠮᠠ ᠵᠠᠯᠠᠬᠤ ᠭᠡᠵᠦ ᠮᠣᠷᠳᠠᠵᠤ᠂ ᠬᠣᠢᠲᠤ ᠡᠳᠦᠷ ᠨᠢ ᠦᠬᠦᠯ ᠵᠣᠪᠠᠯᠠᠩ ᠲᠤᠰᠤᠭᠰᠠᠨ ᠲᠡᠷᠡ ᠭᠠᠵᠠᠷ ᠠ᠋ᠴᠠ ᠪᠢᠴᠢᠬᠠᠨ ᠬᠣᠲᠠ ᠠᠢᠯ ᠤ᠋ᠨ ᠬᠢᠨ ᠶᠠᠭᠠᠷᠠᠨ ᠥᠭᠡᠷ᠎ᠡ ᠭᠠᠵᠠᠷ ᠨᠡᠭᠦᠵᠦ ᠪᠢᠯᠡ᠃ 
       ᠥᠲᠡᠯᠦᠭᠰᠡᠨ ᠪᠠᠭᠤᠷᠠᠢ ᠡᠮᠡᠭᠡᠨ ᠰᠦᠷᠦᠩ᠂ ᠵᠠᠮᠪᠠ ᠶ᠋ᠢᠨ ᠭᠡᠷ ᠦ᠋ᠨ ᠠᠵᠢᠯ ᠳ᠋ᠤ᠌ ᠡᠯᠪᠡᠯᠴᠡᠨ ᠲᠤᠰᠠᠯᠠᠯᠴᠠᠬᠤ ᠪᠣᠯᠪᠠ᠃ ᠤᠳᠠᠯ ᠦᠭᠡᠢ ᠵᠠᠮᠪᠠ ᠠᠯᠤᠰ ᠤ᠋ᠨ ᠨᠢᠭᠡ ᠠᠢᠯ ᠠ᠋ᠴᠠ ᠭᠠᠭᠴᠠ ᠪᠡᠶ᠎ᠡ ᠴᠢᠪᠠᠭᠠᠨᠴᠠ ᠳᠤᠮ᠎ᠠ ᠶ᠋ᠢ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠥᠩᠭᠡᠷᠡᠲᠡᠯ᠎ᠡ ᠭᠡᠷ ᠦ᠋ᠨ ᠠᠵᠢᠯ ᠬᠢᠯᠭᠡᠬᠦ ᠭᠡᠵᠦ ᠠᠪᠴᠢᠷᠠᠭᠠᠳ᠂ ᠲᠡᠷᠡ ᠮᠠᠭᠤᠬᠠᠢ ᠠᠭᠠᠰᠢ ᠲᠠᠢ ᠴᠢᠪᠠᠭᠠᠨᠴᠠ᠂ ᠰᠢᠷᠴᠢᠨ ᠢ᠋ ᠪᠠᠢᠨ ᠪᠠᠢᠨ᠂ 
       — ᠵᠠ᠂ ᠴᠢ ᠪᠤᠰᠢᠭᠤ ᠬᠥᠳᠡᠯ᠃ ᠶᠠᠭᠠᠬᠢᠭᠰᠠᠨ ᠤᠷᠤᠭᠰᠢ ᠦᠭᠡᠢ᠂ ᠦᠬᠦᠭᠰᠡᠨ ᠠᠮᠢᠳᠤ ᠬᠣᠶᠠᠷ ᠤ᠋ᠨ ᠬᠣᠭᠣᠷᠣᠨᠳᠣ ᠠᠮᠢᠲᠠᠨ ᠪᠣᠢ ᠴᠢ? ᠪᠠᠢᠵᠢ ᠳᠠ ᠴᠢᠮᠠᠶ᠋ᠢ᠂ ᠠᠪᠤ ᠴᠢᠨᠢ ᠬᠣᠢᠲᠤ ᠡᠬᠡ ᠠᠪᠴᠢᠷᠠᠪᠠᠯ᠂ ᠬᠥᠯ ᠢ᠋ ᠴᠢᠨᠢ ᠬᠥᠩᠭᠡᠨ ᠪᠣᠯᠭᠠᠵᠤ ᠥᠭᠬᠦ ᠪᠠᠢᠬ᠎ᠠ ᠭᠡᠳᠡᠭ ᠪᠠᠢᠵᠠᠢ᠃ 
       ᠦᠨᠡᠬᠡᠷ ᠳᠥᠴᠢ ᠶᠢᠰᠦᠨ ᠬᠣᠨᠣᠭ ᠲᠤᠨᠢ ᠪᠤᠶᠠᠨ ᠨᠣᠮ ᠬᠢᠨ᠎ᠡ ᠭᠡᠵᠦ ᠵᠠᠮᠪᠠ᠂ ᠮᠠᠯ ᠠ᠋ᠴᠠ ᠪᠠᠨ ᠬᠣᠷᠢᠭᠠᠳ ᠬᠣᠨᠢ ᠲᠠᠭᠤᠵᠤ ᠬᠡᠢᠳ ᠣᠷᠣᠭᠠᠳ᠂ ᠬᠡᠳᠦ ᠬᠣᠨᠣᠬᠤ ᠳ᠋ᠠᠭᠠᠨ ᠯᠣᠳᠣᠢ ᠪᠠᠶᠠᠨ ᠤ᠋ ᠪᠤᠴᠠᠮᠠᠯ ᠳᠡᠭᠦᠦ ᠬᠡᠦᠬᠡᠨ ᠡᠴᠡᠩᠬᠡᠷ ᠵᠠᠩᠲᠠᠢ ᠶ᠋ᠢ ᠳᠠᠭᠠᠭᠤᠯᠵᠤ ᠢᠷᠡᠯ᠎ᠡ᠃ ᠲᠡᠷᠡ ᠵᠠᠩᠲᠠᠢ᠂ ᠮᠠᠭᠤ ᠠᠪᠤᠷᠢ ᠲᠠᠢ᠂ ᠬᠡᠷᠡᠭᠦᠯᠴᠢ ᠪᠡᠷ ᠬᠣᠰᠢᠭᠤ ᠳᠠᠶᠠᠭᠠᠷ ᠲᠤ᠌ ᠠᠯᠳᠠᠷ ᠲᠠᠢ ᠡᠮ᠎ᠡ ᠪᠠᠢᠵᠤ ᠪᠢᠯᠡ᠃  ᠬᠠᠪᠢ ᠨᠤᠲᠤᠭ ᠤ᠋ᠨ ᠬᠢᠨᠢ ᠲᠡᠭᠦᠨ ᠢ᠋ ᠡᠷ᠎ᠡ ᠴᠦ᠍ ᠠᠪᠠᠴᠢᠬᠤ ᠦᠭᠡᠢ᠂ ᠡᠷᠯᠢᠭ ᠴᠦ᠍ ᠠᠪᠠᠴᠢᠬᠤ ᠦᠭᠡᠢ ᠭᠡᠵᠦ ᠠᠶᠠᠨ ᠤ᠋ ᠤᠯᠤᠰ ᠵᠠᠩᠲᠠᠢ ᠳ᠋ᠤ᠌ ᠶᠡᠷᠦ ᠬᠣᠨᠣᠳᠠᠭ ᠦᠭᠡᠢ ᠬᠣᠯᠠᠭᠤᠷ ᠲᠣᠭᠣᠷᠢᠵᠤ᠂ ᠶᠡᠷᠦ ᠵᠠᠩᠲᠠᠢ ᠳ᠋ᠤ᠌ ᠬᠣᠨᠣᠭᠰᠠᠨ ᠠ᠋ᠴᠠ᠂ ᠵᠢᠯᠠᠭ᠎ᠠ ᠳ᠋ᠤ᠌ ᠬᠣᠨᠣᠭᠰᠠᠨ ᠨᠢ ᠳᠡᠭᠡᠷ᠎ᠡ ᠭᠡᠵᠦ ᠬᠡᠯᠡᠯᠴᠡᠳᠡᠭ ᠲᠡᠢᠮᠦ ᠠᠪᠠᠭᠠᠢ ᠪᠠᠢᠵᠠᠢ᠃ 
       ᠰᠢᠷᠴᠢᠨ ᠢ᠋ ᠡᠴᠢᠭᠡ ᠶ᠋ᠢᠨ ᠡᠮᠦᠨ᠎ᠡ ᠡᠴᠡ ᠭᠦᠶᠦᠵᠦ ᠢᠷᠡᠬᠦ ᠳ᠋ᠦ᠍ᠨᠢ ᠵᠠᠩᠲᠠᠢ ᠨᠢᠭᠡ ᠰᠢᠷᠪᠢᠵᠦ ᠬᠠᠷᠠᠭᠠᠳ᠂ 
       — ᠡᠨᠡ ᠴᠢᠨᠢ ᠥᠨᠥᠬᠢ ᠡᠷᠭᠦᠮᠡᠯ ᠴᠢᠨᠢ ᠤᠤ? ᠶᠠᠭᠠᠬᠢᠭᠰᠠᠨ ᠡᠷᠬᠡ ᠴᠢᠷᠠᠢ ᠲᠠᠢ ᠠᠮᠢᠲᠠᠨ ᠪᠣᠢ? ᠭᠡᠵᠦ ᠰᠢᠲᠦ ᠶ᠋ᠢᠨ ᠵᠠᠪᠰᠠᠷ ᠢ᠋ᠶ᠋ᠠᠷ ᠬᠦᠢᠲᠡᠨ ᠢ᠋ᠶ᠋ᠡᠷ ᠥᠭᠦᠯᠡᠪᠡᠰᠦ᠂ ᠵᠠᠮᠪᠠ ᠬᠡᠷᠡᠭ ᠠᠯᠳᠠᠭᠰᠠᠨ ᠭᠡᠮᠲᠦ ᠬᠦᠦ ᠰᠢᠭ ᠰᠤᠯᠠᠬᠠᠨ ᠢ᠋ᠶ᠋ᠠᠷ ᠢᠨᠢᠶᠡᠪᠬᠢᠯᠡᠭᠡᠳ᠂ ᠵᠠᠩᠲᠠᠢ ᠶ᠋ᠢ ᠳᠠᠭᠠᠵᠤ ᠦᠭᠡ ᠳᠠᠭᠤᠨ ᠦᠭᠡᠢ ᠭᠡᠷ ᠲᠡᠭᠡᠨ ᠣᠷᠣᠵᠤ ᠪᠢᠯᠡ᠃ ᠭᠡᠷ ᠦ᠋ᠨ ᠰᠢᠨ᠎ᠡ ᠡᠵᠡᠭᠲᠡᠢ ᠢᠷᠡᠪᠡ ᠭᠡᠵᠦ᠂ ᠠᠯᠢ ᠬᠡᠳᠦᠢᠨᠡᠢ ᠤᠴᠢᠷ ᠢ᠋ ᠮᠡᠳᠡᠭᠰᠡᠨ ᠲᠤᠮ᠎ᠠ ᠤᠷᠢᠳ ᠨᠢ ᠨᠠᠮᠪᠠᠭᠠᠨᠠᠨ ᠵᠢᠰᠤᠷᠳᠠᠵᠤ ᠴᠠᠢ ᠴᠢᠨᠠᠬᠤ ᠵᠠᠭᠤᠷ᠎ᠠ᠂ ᠠᠵᠤ ᠪᠠᠢᠳᠠᠯ ᠢ᠋ᠶ᠋ᠠᠨ ᠶᠠᠷᠢᠬᠤ ᠳ᠋ᠠᠭᠠᠨ᠂ ᠭᠠᠭᠴᠠᠭᠠᠷ ᠢ᠋ᠶ᠋ᠠᠨ ᠶᠡᠬᠡᠯ᠎ᠡ(ᠶᠡᠬᠡ ᠯᠡ)  ᠵᠦᠳᠡᠷᠡᠪᠡ᠃ ᠡᠨᠡ ᠠᠢᠯ ᠤ᠋ᠨ ᠪᠠᠢᠳᠠᠯ ᠢ᠋ ᠰᠠᠢᠨ ᠮᠡᠳᠡᠬᠦ ᠦᠭᠡᠢ᠂ ᠰᠢᠨ᠎ᠡ ᠬᠥᠮᠦᠨ ᠪᠣᠯᠤᠭᠠᠳ ᠲᠤᠩ ᠴᠦ᠍ ᠬᠡᠴᠡᠭᠦᠦ ᠪᠠᠢᠯ᠎ᠠ᠃ ᠨᠠᠳᠠ ᠳ᠋ᠤ᠌ ᠲᠤᠰᠠᠯᠠᠳᠠᠭ ᠬᠥᠮᠦᠨ ᠭᠡᠬᠦ ᠳ᠋ᠦ᠍ ᠡᠨᠡ ᠣᠷᠣᠭᠰᠢ ᠦᠭᠡᠢ ᠵᠠᠭᠠᠯ(ᠵᠢᠭᠠᠯ) ᠭᠡᠵᠦ ᠲᠤᠮ᠎ᠡ ᠴᠢᠪᠠᠭᠠᠨᠴᠠ᠂ ᠵᠠᠩᠲᠠᠢ ᠶ᠋ᠢᠨ ᠰᠢᠷᠴᠢᠨ ᠦ᠌ ᠵᠦᠭ ᠬᠦᠢᠲᠡᠨ ᠢ᠋ᠶ᠋ᠡᠷ ᠭᠢᠯᠤᠢᠨ ᠬᠠᠷᠠᠭᠰᠠᠨ ᠢ᠋ ᠬᠡᠳᠦᠢᠨᠡᠢ ᠠᠵᠢᠭᠯᠠᠭᠠᠳ᠂ ᠠᠶᠠᠰ ᠲᠤᠨᠢ ᠨᠡᠢᠯᠡᠭᠦᠯᠦᠨ ᠵᠢᠰᠤᠷᠳᠠᠵᠠᠢ᠃ ᠰᠢᠷᠴᠢᠨ᠂ ᠵᠠᠩᠲᠠᠢ ᠶ᠋ᠢ ᠤᠷᠢᠳ ᠰᠠᠢᠬᠠᠨ ᠰᠡᠳᠬᠢᠯᠲᠦ ᠡᠷᠭᠦᠭᠳᠡᠭᠰᠡᠨ ᠡᠬᠡ ᠶ᠋ᠢᠨ ᠰᠠᠭᠤᠳᠠᠭ ᠭᠠᠵᠠᠷ ᠠᠭᠤᠷ ᠲᠠᠢ᠂ ᠬᠦᠢᠲᠡᠨ ᠴᠢᠷᠠᠢ ᠲᠠᠢ ᠬᠠᠷᠢ ᠶ᠋ᠢᠨ ᠨᠢᠭᠡ ᠦᠯᠦ ᠲᠠᠨᠢᠬᠤ ᠡᠮ᠎ᠡ ᠬᠥᠮᠦᠨ ᠬᠦᠷᠴᠦ ᠢᠷᠡᠭᠡᠳ ᠡᠵᠡᠨ ᠰᠢᠭ ᠰᠠᠭᠤᠵᠤ ᠪᠠᠢᠬᠤ ᠳ᠋ᠤᠨᠢ ᠳᠣᠲᠣᠷ᠎ᠠ ᠠᠶ᠎ᠠ ᠦᠭᠡᠢ ᠰᠠᠨᠠᠭᠳᠠᠵᠤ ᠰᠠᠮ ᠬᠠᠷᠠᠲᠠᠯ᠎ᠠ ᠵᠠᠩᠲᠠᠢ᠂ ᠰᠢᠷᠴᠢᠨ ᠢ᠋ ᠠᠲᠤᠷᠢᠲᠠᠯ᠎ᠠ ᠬᠦᠢᠲᠡᠨ ᠢ᠋ᠶ᠋ᠡᠷ ᠬᠠᠷᠠᠭᠰᠠᠨ ᠪᠠᠢᠵᠠᠢ᠃ ᠴᠢᠩᠭᠢᠭᠡᠳ ᠰᠢᠷᠴᠢᠨ ᠡᠴᠡ᠂  
       — ᠨᠡᠷ᠎ᠡ ᠴᠢᠨᠢ ᠬᠡᠨ ᠪᠢᠯᠡ? ᠭᠡᠵᠦ ᠠᠰᠠᠭᠤᠭᠠᠳ᠂ ᠳᠠᠭᠤᠯᠠᠭᠠᠴᠢ ᠦᠭᠡᠢ ᠪᠣᠯᠵᠤ᠂ ᠠ᠂ ᠬᠡᠨ ᠭᠡᠨ᠎ᠡ? ᠭᠡᠵᠦ ᠳᠠᠬᠢᠨ ᠠᠰᠠᠭᠤᠬᠤ ᠳ᠋ᠤᠨᠢ᠂ ᠵᠣᠷᠢᠭᠤᠳᠠ ᠲᠣᠭᠣᠮᠰᠠᠷ ᠦᠭᠡᠢ ᠪᠠᠢᠳᠠᠯ ᠢ᠋ᠶ᠋ᠠᠨ ᠮᠡᠳᠡᠭᠳᠡᠬᠦ ᠭᠡᠵᠦ ᠴᠢᠩᠭᠢᠵᠦ ᠪᠠᠢᠭ᠎ᠠ ᠶ᠋ᠢ ᠨᠢ ᠮᠡᠳᠡᠭᠡᠳ᠂ ᠰᠢᠷᠴᠢᠨ ᠦ᠌ ᠳᠣᠲᠣᠷ᠎ᠠ ᠪᠦᠯᠡᠬᠡ ᠵᠠᠯᠭᠢᠭᠰᠠᠨ ᠶᠤᠮ ᠰᠢᠭ᠋ ᠪᠣᠯᠪᠠ᠃ 
       ᠴᠠᠢ ᠤᠤᠭᠤᠭᠠᠳ ᠬᠣᠢᠲᠤ ᠡᠬᠡ ᠠᠰᠠᠭᠤᠷᠤᠨ᠂ 
       — ᠵᠠ᠂  ᠴᠢ ᠢᠩᠭᠢᠭᠡᠳ ᠡᠳᠦᠷᠵᠢᠨ ᠮᠢᠨᠦ ᠥᠭᠡᠳᠡ ᠡᠴᠡ ᠨᠢᠳᠦ ᠪᠡᠨ ᠪᠦᠯᠲᠡᠢᠯᠭᠡᠭᠡᠳ ᠰᠠᠭᠤᠬᠤ ᠠᠮᠢᠲᠠᠨ ᠤᠤ? ᠬᠣᠨᠢ ᠪᠠᠨ ᠬᠡᠨ ᠬᠠᠷᠢᠭᠤᠯᠬᠤ ᠪᠣᠯ ᠴᠢᠩᠭᠢᠪᠡᠯ᠂ ᠠ? ᠭᠡᠵᠦ ᠠᠰᠠᠭᠤᠵᠤ ᠪᠢᠯᠡ᠃ 
       ᠰᠢᠷᠴᠢᠨ᠂ ᠣᠷᠣᠢ ᠬᠣᠨᠢᠨ ᠠ᠋ᠴᠠ ᠢᠷᠡᠭᠡᠳ᠂ ᠲᠤᠮ᠎ᠡ ᠶ᠋ᠢ ᠨᠥᠭᠴᠢᠭᠰᠡᠨ ᠡᠵᠢ ᠶ᠋ᠢᠨ ᠬᠠᠭᠤᠴᠢᠨ ᠳᠡᠪᠡᠯ ᠬᠤᠪᠴᠠᠰᠤ ᠶ᠋ᠢ ᠭᠡᠷ ᠡᠴᠡ ᠭᠠᠷᠭᠠᠵᠤ᠂ ᠭᠡᠷ ᠦ᠋ᠨ ᠠᠷᠤ ᠳ᠋ᠤ᠌ ᠬᠤᠷᠢᠶᠠᠭᠰᠠᠨ ᠪᠠᠷᠠᠭ᠎ᠠ ᠳ᠋ᠤ᠌ ᠴᠢᠬᠢᠵᠦ ᠪᠠᠢᠭ᠎ᠠ ᠶ᠋ᠢ ᠬᠠᠷᠠᠭᠠᠳ᠂ ᠳᠣᠲᠣᠷ᠎ᠠ ᠠᠶ᠎ᠠ ᠦᠭᠡᠢ ᠪᠣᠯᠵᠤ ᠵᠢᠷᠦᠬᠡ ᠰᠢᠮᠰᠢᠷᠡᠨ᠂ ᠲᠡᠷᠡ ᠴᠢᠪᠠᠭᠠᠨᠴᠠ ᠶ᠋ᠢ ᠭᠡᠷ ᠲᠦ᠍ ᠣᠷᠣᠮᠠᠭᠴᠠ᠂ ᠪᠠᠷᠠᠭ᠎ᠠ ᠶ᠋ᠢᠨ ᠳᠡᠷᠭᠡᠳᠡ ᠣᠴᠢᠵᠤ ᠰᠥᠬᠥᠷᠡᠭᠡᠳ᠂ ᠲᠠᠯᠢᠢᠭᠴᠢ ᠶ᠋ᠢᠨ ᠳᠡᠪᠡᠯ ᠦ᠋ᠨ ᠵᠠᠬ᠎ᠠ ᠶ᠋ᠢ ᠲᠠᠲᠠᠵᠤ ᠭᠠᠷᠭᠠᠭᠠᠳ᠂ ᠨᠢᠭᠤᠷ ᠢ᠋ᠶ᠋ᠠᠨ ᠵᠠᠬ᠎ᠠ ᠶ᠋ᠢᠨ ᠳᠣᠲᠣᠷ᠎ᠠ ᠬᠢᠭᠡᠳ ᠦᠰᠦᠨ ᠳ᠋ᠦ᠍ᠨᠢ ᠭᠠᠷᠤᠭ᠎ᠠ ᠦᠭᠡᠢ ᠬᠡᠪ ᠢ᠋ᠶ᠋ᠡᠷ ᠪᠠᠢᠭ᠎ᠠ ᠡᠬᠡ ᠶ᠋ᠢᠨ ᠰᠠᠢᠬᠠᠨ ᠦᠨᠦᠷ ᠢ᠋ ᠠᠮᠢᠰᠬᠤᠯᠠᠨ( ᠠᠮᠢᠰᠬᠤᠯᠯᠠᠨ)᠂ 
       — ᠡᠵᠢ ᠮᠢᠨᠢ᠂ ᠰᠦᠭᠺᠠᠸᠠᠳᠢ ᠶ᠋ᠢᠨ ᠰᠠᠢᠬᠠᠨ ᠣᠷᠣᠨ ᠳ᠋ᠤ᠌ ᠲᠥᠷᠥᠬᠦ ᠪᠣᠯᠲᠤᠭᠠᠢ ᠭᠡᠵᠦ ᠰᠢᠪᠡᠭᠡᠨᠡᠨ᠂ ᠨᠢᠯᠪᠤᠰᠤ ᠥᠪᠡᠷᠦᠨ ᠡᠷᠬᠡ ᠦᠭᠡᠢ ᠨᠢᠳᠦ ᠡᠴᠡ ᠴᠤᠪᠤᠷᠢᠪᠠ᠃ 
       ᠭᠡᠷ ᠡᠴᠡ ᠲᠤᠮ᠎ᠠ ᠶ᠋ᠢᠨ ᠲᠡᠰᠬᠡᠯ ᠦᠭᠡᠢ ᠵᠢᠰᠤᠷᠳᠠᠨ ᠦᠭᠡ ᠬᠡᠯᠡᠯᠴᠡᠬᠦ ᠳᠠᠭᠤᠨ ᠳᠦᠩᠭᠡᠷ ᠳᠦᠩᠭᠡᠷ ᠰᠣᠨᠣᠰᠳᠠᠨ᠂ ᠵᠠᠩᠲᠠᠢ ᠶ᠋ᠢᠨ ᠬᠦᠢᠲᠡᠨ ᠢᠶᠡᠷ ᠲᠠᠴᠢᠭᠢᠨᠠᠨ ᠢᠨᠢᠶᠡᠬᠦ ᠴᠢᠮᠡᠭᠡ ᠭᠠᠷᠴᠤ᠂ ᠪᠠᠶᠠᠴᠤᠳ ᠲᠤ᠌ ᠵᠢᠰᠤᠷᠳᠠᠨ ᠨᠡᠢᠯᠡᠭᠦᠯᠵᠦ ᠠᠶᠠᠭ᠎ᠠ ᠬᠣᠭᠣᠯᠠ ᠣᠯᠵᠤ ᠰᠤᠷᠤᠭᠰᠠᠨ ᠲᠤᠮ᠎ᠠ ᠡᠮᠡᠭᠡᠨ ᠦ᠌ ᠬᠤᠳᠠᠯ ᠢ᠋ᠶ᠋ᠠᠷ ᠵᠢᠰᠤᠷᠳᠠᠨ ᠪᠢᠯᠪᠢᠭᠦᠷᠳᠡᠵᠦ ᠢᠨᠢᠶᠡᠬᠦ ᠳᠠᠭᠤᠨ ᠭᠠᠷᠤᠭᠰᠠᠨ ᠳ᠋ᠤ᠌ ᠰᠢᠷᠴᠢᠨ᠂ ᠲᠡᠷᠡ ᠵᠠᠩᠲᠠᠢ ᠶ᠋ᠢᠨ ᠮᠠᠭᠤᠬᠠᠢ ᠳᠠᠭᠤᠨ᠂ ᠲᠤᠮ᠎ᠠ ᠶ᠋ᠢᠨ ᠵᠢᠰᠤᠷᠳᠠᠨ ᠢᠨᠢᠶᠡᠬᠦ ᠶ᠋ᠢ ᠲᠤᠭᠤᠯᠬᠤ ᠦᠭᠡᠢ ᠭᠡᠵᠦ ᠲᠣᠯᠣᠭᠠᠢ ᠴᠢᠬᠢ ᠪᠡᠨ ᠲᠠᠯᠢᠢᠭᠴᠢ ᠶ᠋ᠢᠨ ᠳᠡᠪᠡᠯ ᠢ᠋ᠶ᠋ᠡᠷ ᠪᠢᠲᠡᠭᠦᠯᠡᠭᠡᠳ᠂ ᠰᠠᠨᠠᠮᠰᠠᠷ ᠦᠭᠡᠢ ᠤᠨᠲᠠᠵᠠᠢ᠃ ᠨᠢᠭᠡ ᠮᠡᠳᠡᠬᠦᠨ᠎ᠡ ᠬᠥᠮᠦᠨ ᠲᠦᠯᠬᠢᠨ ᠶᠣᠪᠣᠷᠴᠤ᠂ᠳᠤᠭᠲᠤᠷᠤᠭᠰᠠᠨ ᠳ᠋ᠤ᠌ ᠰᠣᠴᠢᠨ ᠰᠡᠷᠢᠪᠡᠯ᠂ ᠲᠤᠮ᠎ᠠ ᠵᠣᠷᠢᠭᠤᠳᠠ ᠭᠡᠷ ᠲᠦ᠍ ᠰᠣᠨᠣᠰᠤᠭ ᠭᠡᠵᠦ ᠥᠨᠳᠥᠷ ᠳᠠᠭᠤᠨ ᠢ᠋ᠶ᠋ᠠᠷ ᠰᠢᠷᠴᠢᠨ ᠦ᠌ ᠴᠢᠬᠢᠨ ᠳ᠋ᠦ᠍ ᠬᠠᠰᠬᠢᠷᠤᠨ᠂  
       — ᠠ᠂ ᠴᠢ ᠡᠨᠳᠡ ᠨᠢᠭᠤᠭᠳᠠᠵᠤ ᠬᠡᠪᠲᠡᠭᠡ ᠬᠥᠮᠦᠨ ᠪᠣᠢ? ᠴᠢᠮᠠᠶ᠋ᠢ ᠬᠡᠴᠢᠨᠡᠨ ᠡᠷᠢᠯ᠎ᠡ᠃ ᠣᠷᠣᠵᠤ ᠬᠣᠭᠣᠯᠠ ᠪᠠᠨ ᠢᠳᠡᠬᠦ ᠦᠭᠡᠢ ᠤᠤ? ᠬᠡᠮᠡᠪᠡᠰᠦ᠄ 
       — ᠬᠠᠮᠢᠭ᠎ᠠ ᠪᠠᠢᠨ᠎ᠠ᠂ ᠴᠢᠨᠠᠳᠤᠬᠢ ᠴᠢᠨᠢ? ᠭᠡᠵᠦ ᠵᠠᠩᠲᠠᠢ ᠶ᠋ᠢᠨ ᠬᠦᠢᠲᠡᠨ ᠢ᠋ᠶ᠋ᠡᠷ ᠳᠤᠤᠭᠠᠷᠬᠤ ᠳᠠᠭᠤᠨ ᠭᠡᠷ ᠡᠴᠡ ᠰᠣᠨᠣᠰᠳᠠᠪᠠ᠃ 
       — ᠡᠨᠳᠡ ᠭᠡᠷ ᠦ᠋ᠨ ᠠᠷᠤ ᠳ᠋ᠤ᠌ ᠨᠢᠭᠤᠭᠳᠠᠴᠢᠵᠠᠢ ᠭᠡᠵᠦ ᠲᠤᠮ᠎ᠠ ᠶ᠋ᠢᠨ ᠬᠡᠯᠡᠬᠦ ᠳ᠋ᠦ᠍᠂ 
       — ᠬᠠᠳᠠᠭ ᠪᠠᠷᠢᠵᠤ ᠵᠠᠯᠠᠨ ᠠᠢᠯᠠᠳᠬᠠᠬᠤ ᠶ᠋ᠢ ᠬᠦᠯᠢᠶᠡᠵᠦ ᠪᠠᠢᠭ᠎ᠠ ᠬᠡᠷᠡᠭ ᠤᠤ? ᠭᠡᠵᠦ ᠵᠠᠩᠲᠠᠢ ᠶ᠋ᠢᠨ ᠳᠤᠤᠭᠠᠷᠬᠤ ᠳ᠋ᠤ᠌᠂ ᠰᠢᠷᠴᠢᠨ ᠦ᠌ ᠳᠣᠲᠣᠷ᠎ᠠ ᠶᠡᠬᠡᠯ᠎ᠡ ᠤᠷᠮ᠎ᠠ ᠦᠭᠡᠢ ᠪᠣᠯᠵᠤ᠂ ᠠᠮᠠᠨ ᠳᠣᠲᠣᠷ᠎ᠠ ᠪᠠᠨ ᠰᠢᠷᠴᠢᠨ ᠢ᠋ ᠥᠭᠦᠯᠡᠵᠦ ᠶᠠᠪᠤᠭ᠎ᠠ ᠲᠤᠮ᠎ᠠ ᠡᠮᠡᠭᠡᠨ ᠢ᠋ ᠳᠠᠭᠠᠭᠰᠠᠭᠠᠷ ᠭᠡᠷ ᠲᠦ᠍ ᠣᠷᠣᠪᠠᠯ᠂ ᠲᠤᠯᠭᠠᠨ ᠳ᠋ᠤ᠌ ᠠᠰᠠᠵᠤ ᠪᠠᠢᠭᠰᠠᠨ ᠠᠷᠭᠠᠯ ᠤ᠋ᠨ ᠰᠦᠮᠡᠯᠵᠡᠬᠦ ᠭᠡᠷᠡᠯ ᠳ᠋ᠦ᠍ ᠲᠤᠮ᠎ᠠ᠂ ᠰᠢᠷᠴᠢᠨ ᠦ᠌ ᠳᠡᠷᠭᠡᠳᠡ ᠠᠮᠲᠠ ᠦᠭᠡᠢ ᠬᠠᠲᠠᠭᠤ ᠮᠢᠬ᠎ᠠ ᠲᠠᠢ ᠲᠤᠷᠠᠩᠬᠠᠢ ᠬᠣᠨᠢᠨ ᠤ᠋ ᠬᠦᠵᠦᠭᠦᠦ᠂ ᠢᠳᠡᠭᠡᠳ ᠦᠯᠡᠳᠡᠭᠡᠰᠡ ᠮᠢᠬ᠎ᠠ ᠶ᠋ᠢᠨ ᠬᠠᠯᠢᠰᠤ ᠪᠦᠯᠡᠬᠡ ᠮᠡᠲᠦ ᠶ᠋ᠢ ᠣᠢᠷᠠᠲᠤᠭᠤᠯᠵᠤ ᠲᠠᠯᠪᠢᠭᠰᠠᠨ ᠨᠢ᠂ ᠪᠠᠶᠠᠨ ᠠᠢᠯ ᠳ᠋ᠤ᠌ ᠵᠠᠷᠤᠴᠠᠯᠠᠭᠳᠠᠳᠠᠭ ᠶᠠᠳᠠᠭᠤᠰ ᠤ᠋ᠨ ᠥᠯ ᠵᠠᠯᠭᠠᠳᠠᠭ ᠬᠣᠭᠣᠯᠠ ᠪᠠᠢᠵᠠᠢ᠃ 
       ᠰᠢᠷᠴᠢᠨ᠂ ᠥᠪᠡᠷᠦᠨ ᠭᠡᠵᠦ ᠪᠣᠳᠣᠵᠤ ᠰᠤᠷᠤᠭᠰᠠᠨ᠂ ᠥᠰᠴᠦ ᠲᠣᠷᠨᠢᠭᠰᠠᠨ ᠭᠡᠷ ᠲᠡᠭᠡᠨ ᠬᠥᠮᠦᠨ ᠦ᠌ ᠬᠥᠮᠦᠨ ᠰᠢᠭ ᠥᠨᠥᠴᠢᠨ ᠥᠷᠥᠭᠡᠰᠦᠨ ᠠᠮᠢᠲᠠᠨ ᠪᠣᠯᠤᠭᠰᠠᠨ ᠢ᠋ᠶ᠋ᠠᠨ ᠰᠠᠢ᠍ᠢ(ᠰᠠᠶᠢ) ᠭᠦᠢᠴᠡᠳ ᠮᠡᠳᠡᠭᠡᠳ᠂ ᠬᠤᠯᠠᠭᠠᠢ ᠨᠢᠳᠦ ᠪᠡᠷ ᠡᠷᠭᠦᠭᠰᠡᠨ ᠡᠴᠢᠭᠡ ᠶ᠋ᠢᠨ ᠵᠦᠭ ᠬᠠᠷᠠᠪᠠᠰᠤ᠂ ᠵᠠᠮᠪᠠ ᠪᠠᠬᠠᠨ ᠰᠡᠳᠬᠢᠯ ᠵᠣᠪᠠᠭᠰᠠᠨ ᠪᠠᠢᠳᠠᠯᠲᠠᠢ ᠪᠤᠷᠤᠭᠤ ᠬᠠᠷᠠᠵᠤ ᠰᠠᠭᠤᠪᠠ᠃ 
       ᠭᠡᠮ ᠵᠢᠮ᠎ᠡ ᠦᠭᠡᠢ ᠮᠥᠷᠲᠡᠭᠡᠨ᠂ ᠲᠡᠭᠡᠵᠦ ᠬᠥᠮᠦᠨ ᠦ᠌ ᠲᠣᠭᠠᠨ ᠠ᠋ᠴᠠ ᠬᠠᠰᠤᠭᠳᠠᠭᠰᠠᠨ ᠳ᠋ᠠᠭᠠᠨ ᠰᠢᠷᠴᠢᠨ ᠦ᠌ ᠳᠣᠲᠣᠷ᠎ᠠ ᠶᠡᠬᠡᠯ᠎ᠡ ᠪᠤᠬᠢᠨᠢᠳᠤᠨ ᠬᠣᠭᠣᠯᠠᠢ ᠨᠢ ᠵᠠᠩᠭᠢᠷᠠᠭᠠᠳ ᠥᠨᠥᠴᠢᠨ ᠠᠮᠢᠲᠠᠨ ᠤ᠋ ᠬᠣᠭᠣᠯᠠ ᠠᠩᠬ᠎ᠠ ᠲᠡᠷᠡ ᠦᠳᠡᠰᠢ ᠬᠣᠭᠣᠯᠠᠢ ᠳ᠋ᠤᠨᠢ ᠣᠷᠣᠵᠤ ᠥᠭᠭᠦᠭᠰᠡᠨ ᠦᠭᠡᠢ᠃ 

          ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠤᠢᠭᠤᠷᠵᠢᠨ·ᠣᠳᠬᠣᠨᠪᠠᠪᠠ᠂ 
                                    ᠣᠶᠤᠨᠪᠢᠯᠢᠭ᠌᠂ ᠣᠶᠤᠨᠪᠠᠲᠤ᠂ ᠮᠧᠢ ᠬᠤᠸᠠ
            ᠬᠢᠨᠠᠭᠴᠢ᠄ ᠣᠳᠬᠣᠨᠴᠡᠴᠡᠭ᠂ ᠣᠭ᠌ᠶᠤ᠂ ᠣᠶᠤᠨᠪᠠᠲᠤ᠂ ᠪᠠᠯ 
            ᠤᠩᠰᠢᠭᠴᠢ᠄  ᠨᠠᠰᠤᠨ᠌ᠦ᠌ᠯᠵᠡᠢ