ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>( ᠬᠣᠷᠢᠨ ᠬᠣᠶᠠᠷ) Үүрийн туяа I – Б ᠂ Ренчин Тэргүүн дэвтэр "Манжийн талхинд" (22)
ᠬᠣᠷᠢᠨ ᠬᠣᠶᠠᠷ ᠂ ᠰᠥᠨᠢ ᠬᠠᠷᠠᠩᠭᠤᠢ ᠪᠣᠯᠬᠤ ᠳᠤᠰᠤᠮ᠎ᠠ ᠣᠳᠣᠨ ᠭᠡᠭᠡᠬᠡᠨ
ᠦᠨᠡᠨ ᠶᠣᠰᠣ ᠮᠠᠨᠳᠤᠬᠤ ᠶ᠋ᠢᠨ ᠴᠠᠭ ᠪᠣᠢ
ᠱᠸᠪᠴᠸᠠᠺᠤ
ᠢᠸᠠᠨ ᠡᠪᠦᠭᠡᠨ ᠲᠦᠯᠡᠭᠡ ᠬᠠᠭᠠᠯᠵᠤ ᠪᠠᠢᠲᠠᠯ᠎ᠠ᠂ ᠰᠠᠢᠨ ᠬᠥᠮᠦᠨ ᠰᠠᠨᠠᠭ᠎ᠠ ᠪᠠᠷ ᠭᠡᠵᠦ᠂ ᠪᠠᠲᠤᠪᠠᠶᠠᠷ ᠮᠠᠨᠢ ᠢᠷᠡᠯ᠎ᠡ ᠭᠡᠳ ᠰᠦᠬᠡ ᠪᠡᠨ ᠲᠦᠯᠡᠭᠡᠨ ᠳ᠋ᠦ᠍ ᠰᠢᠭᠠᠵᠤ᠂ ᠬᠣᠨᠢᠨ ᠬᠠᠰᠢᠶᠠᠨ ᠤ᠋ ᠬᠠᠭᠠᠯᠭ᠎ᠠ ᠶ᠋ᠢᠨ ᠰᠤᠷᠭ᠎ᠠ ᠶ᠋ᠢ ᠭᠦᠶᠦᠯᠭᠡᠵᠦ᠂ ᠣᠷᠣᠬᠤ ᠵᠠᠮ ᠲᠠᠯᠪᠢᠬᠤ ᠭᠡᠵᠦ ᠣᠴᠢᠵᠠᠢ᠃
ᠪᠠᠲᠤᠪᠠᠶᠠᠷ ᠠᠮᠤᠷ ᠮᠡᠨᠳᠦ ᠶ᠋ᠢ ᠠᠰᠠᠭᠤᠯᠴᠠᠨ᠂ ᠮᠣᠷᠢ ᠪᠠᠨ ᠬᠠᠰᠢᠶᠠᠨ ᠤ᠋ ᠴᠠᠬᠤ ᠮᠣᠳᠣᠨ ᠳ᠋ᠤ᠌ ᠬᠠᠲᠠᠭᠰᠠᠨ ᠳᠡᠭᠡᠭᠡ ᠡᠴᠡ ᠤᠶᠠᠭᠠᠳ᠂ ᠳᠦᠭᠦᠷᠡᠩ ᠶᠠᠭᠤᠮ᠎ᠠ ᠴᠢᠬᠢᠭᠰᠡᠨ ᠪᠣᠭᠴᠣ ᠠᠪᠴᠤ᠂
— ᠫᠧᠳ᠋ᠷᠣᠸᠨᠠ᠂ ᠮᠠᠨ ᠤ᠋ ᠡᠮᠡᠭᠡᠨ ᠦ᠌ ᠪᠡᠯᠡᠭ ᠠᠪᠤᠭᠠᠷᠠᠢ ᠭᠡᠵᠦ ᠡᠮᠡᠭᠡᠨ ᠳ᠋ᠦ᠍ ᠪᠣᠭᠴᠣ ᠲᠠᠢ ᠶᠠᠭᠤᠮ᠎ᠠ ᠪᠠᠨ ᠥᠭᠭᠦᠪᠡᠰᠦ᠂
— ᠬᠦᠢ᠂ ᠶᠠᠭᠠᠬᠢᠳᠠᠭ ᠪᠢᠯᠡ? ᠪᠢ ᠡᠷᠭᠦᠭᠡᠳ ᠳᠠᠭᠠᠭᠠᠬᠤ ᠦᠭᠡᠢ ᠨᠢ᠂ ᠠᠷᠲ᠋ᠠᠮᠤᠨᠢᠴᠢ᠂ ᠴᠢ ᠡᠷᠭᠦᠭᠡᠳ ᠫᠧᠩ ᠳ᠋ᠦ᠍ ᠣᠷᠣᠭᠤᠯᠵᠤ ᠥᠭᠭᠦᠭᠡᠴᠢ᠃ ᠪᠢ ᠠᠢᠯᠴᠢᠨ ᠢ᠋ᠶ᠋ᠠᠨ ᠭᠡᠷ ᠲᠦ᠍ ᠣᠷᠣᠭᠤᠯᠤᠶ᠎ᠠ᠃ ᠪᠠᠲᠤᠪᠠᠶᠠᠷ ᠭᠤᠸᠠᠢ ᠭᠡᠷ ᠲᠦ᠍ ᠣᠷᠣ᠃ ᠮᠠᠨᠠᠢᠳᠤ ᠥᠴᠥᠭᠡᠳᠦᠷ ᠡᠴᠡ ᠬᠥᠮᠦᠨ ᠨᠡᠮᠡᠭᠳᠡᠭᠰᠡᠨ ᠰᠢᠦ᠃ ᠡᠪᠦᠭᠡᠨ ᠨᠤᠲᠤᠭ ᠠ᠋ᠴᠠ ᠪᠠᠨ ᠠᠴᠢ ᠪᠡᠷᠢ ᠬᠣᠶᠠᠷ ᠢ᠋ᠶ᠋ᠠᠨ ᠠᠪᠴᠤ ᠢᠷᠡᠭᠡᠳ᠂ ᠵᠠᠮ ᠳ᠋ᠠᠭᠠᠨ ᠪᠠᠰᠠ ᠰᠢᠨ᠎ᠡ ᠵᠢᠭᠠᠰᠤ ᠣᠯᠵᠤ ᠢᠷᠡᠭᠰᠡᠨ ᠳ᠋ᠦ᠍ᠨᠢ( ᠳ᠋ᠦ᠍ ᠨᠢ )ᠥᠷᠯᠥᠭᠡᠨ ᠡᠴᠡ ᠪᠢᠳᠡ ᠲᠡᠷᠡ ᠵᠢᠭᠠᠰᠤ ᠪᠠᠷ ᠢᠳᠡᠭᠡ ᠬᠣᠭᠣᠯᠠ ᠬᠢᠬᠦ ᠭᠡᠵᠦ ᠪᠤᠵᠢᠭᠢᠨᠠᠵᠤ ᠪᠠᠢᠭ᠎ᠠ᠃ ᠡᠪᠦᠭᠡᠨ ᠪᠢᠳᠡ ᠬᠣᠶᠠᠷ ᠰᠠᠶᠢᠬᠠᠨ᠂ ᠴᠢᠮᠠᠶ᠋ᠢ (ᠴᠢᠮ᠎ᠠ ᠶ᠋ᠢ) ᠵᠢᠭᠠᠰᠤ ᠲᠠᠢ ᠫᠢᠷᠣᠭ ᠲᠤ᠌ ᠳᠤᠷᠠᠲᠠᠢ ᠪᠢᠯᠡ ᠭᠡᠵᠦ ᠶᠠᠷᠢᠵᠤ ᠪᠠᠢᠯ᠎ᠠ᠃ ᠭᠡᠲᠡᠯ᠎ᠡ ᠰᠠᠢᠨ ᠬᠥᠮᠦᠨ ᠰᠠᠨᠠᠭ᠎ᠠ ᠪᠠᠷ ᠭᠡᠵᠦ᠂ ᠴᠢ ᠬᠦᠷᠦᠭᠡᠳ ᠢᠷᠡᠳᠡᠭ ᠪᠠᠢᠵᠠᠢ ᠭᠡᠵᠦ ᠪᠠᠶᠠᠷᠯᠠᠨ ᠶᠠᠷᠢᠪᠠ᠃
ᠪᠠᠲᠤᠪᠠᠶᠠᠷ ᠢ᠋ ᠪᠠᠢᠰᠢᠩ ᠳ᠋ᠤ᠌ ᠣᠷᠣᠭᠠᠳ ᠡᠭᠦᠳᠡᠨ ᠳ᠋ᠦ᠍ᠨᠢ( ᠳ᠋ᠦ᠍ ᠨᠢ) ᠵᠣᠭᠰᠣᠵᠤ᠂ ᠰᠠᠬᠠᠯ ᠤ᠋ᠨ ᠮᠥᠰᠥ ᠶ᠋ᠢ ᠭᠡᠰᠬᠡᠨ ᠲᠡᠭᠦᠵᠦ ᠪᠠᠢᠲᠠᠯ᠎ᠠ᠂ ᠴᠢᠨᠠᠳᠤ ᠲᠠᠰᠤᠯᠭᠠᠨ ᠠ᠋ᠴᠠ ᠲᠤᠩᠭᠠᠯᠠᠭ ᠬᠥᠬᠡ ᠨᠢᠳᠦ ᠲᠡᠢ᠂ ᠰᠢᠷ᠎ᠠ ᠲᠣᠯᠣᠭᠠᠢ ᠲᠠᠢ ᠴᠣᠪᠣᠭᠣ ᠵᠠᠭᠠᠯ(ᠵᠢᠭᠠᠯ )ᠬᠦᠦ ᠬᠦᠷᠴᠦ ᠢᠷᠡᠭᠡᠳ᠂ ᠡᠪᠦᠭᠡᠨ ᠦ᠌ ᠥᠭᠡᠳᠡ ᠡᠴᠡ ᠬᠠᠷᠠᠵᠤ ᠢᠨᠢᠶᠡᠮᠰᠦᠭᠯᠡᠨ᠂ ᠡᠷ᠎ᠡ ᠬᠣᠩᠭᠣᠷ ᠳᠠᠭᠤᠨ ᠢ᠋ᠶ᠋ᠠᠷ᠂
— ᠡᠪᠦᠭᠡᠨ ᠠᠪᠤ ᠰᠠᠢᠨ ᠶᠠᠪᠤᠵᠤ ᠢᠷᠡᠪᠡᠦ(ᠢᠷᠡᠪᠡ ᠤᠤ)? ᠭᠡᠵᠦ ᠠᠰᠠᠭᠤᠵᠠᠢ᠃
— ᠰᠠᠢᠨ᠃ ᠰᠠᠢᠨ ᠪᠠᠢᠨᠠᠤ(ᠪᠠᠢᠨ᠎ᠠ ᠤᠤ)? ᠬᠦᠦ ᠮᠢᠨᠢ ᠭᠡᠵᠦ ᠢᠨᠢᠶᠡᠮᠰᠦᠭᠯᠡᠨ ᠬᠠᠷᠢᠭᠤᠯᠤᠭᠠᠳ ᠪᠠᠲᠤᠪᠠᠶᠠᠷ᠂ ᠫᠧᠳ᠋ᠷᠣᠸᠨᠠ ᠶ᠋ᠢᠨ ᠵᠦᠭ ᠥᠭᠦᠯᠡᠷᠦᠨ᠂
— ᠡᠷᠡᠬᠡᠢ ᠶ᠋ᠢᠨ ᠴᠢᠨᠡᠭᠡᠨ ᠪᠡᠶ᠎ᠡ ᠲᠡᠢ᠂ ᠡᠷ᠎ᠡ ᠬᠣᠩᠭᠣᠷ ᠳᠠᠭᠤᠨ ᠲᠠᠢ᠂ ᠰᠦᠷᠡᠬᠡᠢ ᠠᠴᠢ ᠲᠠᠢ ᠶᠤᠮ ᠰᠢᠪ ᠳᠡ᠃ ᠫᠧᠳ᠋ᠷᠣᠸᠨᠠ ᠮᠢᠨᠢ᠂ ᠡᠷ᠎ᠡ ᠶ᠋ᠢᠨ ᠴᠡᠭᠡᠨ ᠳ᠋ᠦ᠍ ᠬᠦᠷᠪᠡᠯ ᠬᠡᠢ ᠮᠣᠷᠢ ᠲᠠᠢ ᠰᠠᠢᠬᠠᠨ ᠡᠷ᠎ᠡ ᠪᠣᠯᠬᠤ ᠵᠠᠭᠠᠯ(ᠵᠢᠭᠠᠯ)ᠬᠦᠦ ᠪᠠᠢᠨ᠎ᠠ ᠳᠠ᠃ ᠭᠠᠭᠴᠠ ᠪᠢᠳᠡ ᠬᠣᠶᠠᠷ ᠬᠡᠯᠡ ᠪᠡᠨ ᠰᠠᠢᠨ ᠮᠡᠳᠡᠯᠴᠡᠬᠦ ᠦᠭᠡᠢ᠂ ᠪᠢ ᠣᠷᠣᠰ ᠢ᠋ ᠮᠡᠳᠡᠳᠡᠭ ᠦᠭᠡᠢ᠂ ᠲᠡᠷᠡ ᠮᠣᠩᠭᠣᠯ ᠢ᠋ ᠮᠡᠳᠡᠳᠡᠭ ᠦᠭᠡᠢ᠂ ᠶᠠᠷᠢᠯᠴᠠᠵᠤ ᠴᠢᠳᠠᠬᠤ ᠦᠭᠡᠢ ᠨᠢ ᠠ᠋᠃ ᠬᠡᠨ ᠭᠡᠵᠦ ᠨᠡᠷᠡᠲᠡᠢ ᠵᠠᠭᠠᠯ(ᠵᠢᠭᠠᠯ) ᠪᠢᠯᠡ? ᠭᠡᠬᠦ ᠳ᠋ᠦ᠍ᠨᠢ(ᠳ᠋ᠦ᠍ ᠨᠢ)᠂
— ᠮᠢᠱᠺᠠ ᠭᠡᠳᠡᠭ ᠶᠦᠮ᠃ ᠡᠨᠡ ᠮᠢᠨᠦ ᠪᠡᠷᠢ᠂ ᠮᠠᠷᠢᠶ᠎ᠠ ᠭᠡᠳᠡᠭ ᠨᠡᠷᠡᠲᠡᠢ ᠭᠡᠵᠦ ᠡᠮᠡᠭᠡᠨ᠂ ᠨᠢᠭᠡᠨ ᠲᠡᠨᠢᠭᠡᠷ ᠰᠠᠢᠬᠠᠨ ᠴᠢᠷᠠᠢ ᠲᠠᠢ᠂ ᠪᠠᠬᠠᠨ ᠭᠤᠨᠢᠭ ᠬᠠᠷᠠᠴᠠ ᠲᠠᠢ ᠲᠣᠮᠣ ᠬᠥᠬᠡ ᠨᠢᠳᠦ ᠲᠡᠢ ᠵᠠᠯᠠᠭᠤ ᠡᠮᠡᠭᠲᠡᠢ ᠬᠥᠮᠦᠨ ᠵᠤᠤᠬ᠎ᠠ ᠶ᠋ᠢᠨ ᠳᠡᠷᠭᠡᠳᠡ ᠶᠠᠭᠤᠮ᠎ᠠ ᠬᠢᠵᠦ ᠪᠠᠢᠭᠰᠠᠨ ᠢ᠋ ᠵᠢᠭᠠᠪᠠᠰᠤ᠂ ᠮᠠᠷᠢᠶ᠎ᠠ᠂ ᠪᠠᠲᠤᠪᠠᠶᠠᠷ ᠡᠪᠦᠭᠡᠨ ᠢ᠋ ᠶᠣᠰᠣᠯᠠᠨ ᠮᠡᠬᠦᠢᠰᠬᠢᠭᠡᠳ ᠬᠠᠳᠠᠮ ᠡᠬᠡ ᠳ᠋ᠡᠭᠡᠨ (ᠳ᠋ᠦ᠍ ᠪᠡᠨ)᠂
— ᠡᠵᠢ ᠠ᠋᠂ ᠲᠠ ᠲᠣᠭᠣᠭ᠎ᠠ ᠶ᠋ᠢᠨ ᠪᠠᠢᠰᠢᠩ ᠳ᠋ᠤ᠌ ᠶᠠᠭᠤᠨᠳᠤ(ᠶᠠᠭᠤᠨ ᠳ᠋ᠤ᠌) ᠵᠣᠭᠰᠣᠪᠠ? ᠵᠣᠴᠢᠨ ᠤ᠋ ᠬᠠᠮᠲᠤ ᠴᠡᠪᠡᠷ ᠲᠠᠰᠤᠯᠭᠠᠨ ᠳ᠋ᠤ᠌ ᠣᠷᠣᠬᠤ ᠦᠭᠡᠢ ᠤᠤ? ᠭᠡᠬᠦ ᠳ᠋ᠦ᠍ᠨᠢ᠂
— ᠦᠨᠡᠬᠡᠷ᠂ ᠲᠡᠷᠡ ᠵᠥᠪ᠃ ᠪᠢᠳᠡ ᠡᠨᠳᠡ ᠵᠣᠭᠰᠣᠭᠠᠳ ᠶᠠᠭᠤ ᠬᠢᠬᠦ ᠪᠣᠢ? ᠪᠠᠲᠤᠪᠠᠶᠠᠷ᠂ ᠴᠡᠪᠡᠷ ᠲᠠᠰᠤᠯᠭᠠᠨ ᠳ᠋ᠤ᠌ ᠣᠷᠣᠵᠤ ᠪᠠᠢ᠃ ᠵᠥᠨᠥᠭ ᠪᠢ ᠴᠢᠨᠢ ᠠᠢᠯᠴᠢᠨ ᠢᠷᠡᠯ᠎ᠡ ᠭᠡᠵᠦ ᠪᠠᠶᠠᠷᠯᠠᠭᠠᠳ ᠡᠭᠦᠳᠡᠨ ᠳ᠋ᠡᠭᠡᠨ ᠵᠣᠭᠰᠣᠭᠠᠵᠤ᠂ ᠳᠡᠮᠡᠢ ᠯᠡ ᠪᠦᠯᠲᠡᠢᠨ ᠬᠠᠷᠠᠳᠠᠭ ᠮᠢᠨᠢ ᠶᠠᠭᠤ ᠴᠤ᠌ ᠪᠢᠯᠡ ᠳᠠ? ᠪᠡᠷᠢ ᠶ᠋ᠢ ᠡᠰᠡ ᠬᠡᠯᠡᠪᠡᠯ ᠪᠢ᠂ ᠢᠩᠭᠢᠭᠡᠳ ᠯᠡ ᠵᠣᠭᠰᠣᠵᠤ ᠪᠠᠢᠬᠤ ᠨᠢ ᠰᠢᠦ᠃ ᠵᠠ᠂ ᠣᠷᠣ᠂ ᠣᠷᠣ᠂ ᠴᠠᠰᠢ ᠪᠠᠨ᠃ ᠪᠢ ᠬᠠᠯᠠᠭᠤᠨ ᠲᠣᠭᠣᠭᠠᠨ ᠳ᠋ᠤ᠌ ᠴᠠᠢ ᠶ᠋ᠢᠨ ᠤᠰᠤ ᠭᠱᠠᠨ ᠵᠠᠭᠤᠷ᠎ᠠ ᠪᠤᠴᠠᠯᠭᠠᠭᠠᠳ ᠤᠷᠭᠢᠶ᠎ᠠ ᠭᠡᠵᠦ ᠲᠡᠷᠡ ᠰᠠᠢᠬᠠᠨ ᠰᠠᠨᠠᠭ᠎ᠠ ᠲᠠᠢ ᠡᠮᠡᠭᠡᠨ᠂ ᠵᠣᠴᠢᠨ ᠢ᠋ ᠬᠦᠨᠳᠦᠯᠡᠵᠦ ᠰᠠᠨᠳᠤᠷᠪᠠ᠃
ᠲᠣᠷᠭᠠᠨ ᠰᠢᠷ᠎ᠠ ᠡᠯᠡᠰᠦ ᠠᠰᠠᠭᠠᠭᠰᠠᠨ ᠴᠡᠪᠡᠷ ᠦᠷᠭᠦᠭᠡᠨ ᠳ᠋ᠦ᠍ ᠦᠨᠡᠬᠡᠷ ᠴᠡᠪᠡᠷ ᠪᠥᠭᠡᠳ ᠠᠭᠤᠳᠠᠮ᠃ ᠴᠠᠭᠠᠨ ᠴᠣᠬᠣᠢ ᠪᠠᠷ ᠪᠣᠳᠣᠭᠰᠠᠨ ᠲᠣᠮᠣ ᠲᠣᠭᠣᠰᠬᠠᠨ ᠵᠤᠤᠬ᠎ᠠ ᠶ᠋ᠢᠨ ᠬᠠᠵᠠᠭᠤ ᠳ᠋ᠤ᠌ ᠲᠤᠭᠤᠷᠭᠠᠨᠠ ᠠᠳᠬᠤ ᠠᠳᠬᠤ ᠪᠠᠷ ᠡᠯᠭᠦᠭᠰᠡᠨ ᠠᠭᠢ ᠭᠠᠩᠭ᠎ᠠ ᠶ᠋ᠢᠨ ᠰᠠᠢᠬᠠᠨ ᠦᠨᠦᠷ ᠬᠠᠩᠬᠤᠯᠤᠨ᠂ ᠤᠷᠲᠤ ᠣᠭᠣᠰᠣᠷᠲᠤ ᠲᠤᠤᠬᠠᠢ ᠲᠠᠢ᠂ ᠬᠢᠮᠳᠠ ᠦᠨ᠎ᠡ ᠲᠡᠢ ᠴᠠᠭ ᠳᠡᠭᠦᠵᠢᠯᠡᠭᠡᠰᠦᠲᠡᠢ᠃ ᠬᠣᠢᠮᠣᠷ ᠤ᠋ᠨ ᠪᠤᠯᠤᠩ ᠳ᠋ᠤ᠌ ᠤᠬᠢᠶᠠᠵᠤ᠂ ᠴᠠᠭᠠᠨ ᠪᠣᠯᠲᠠᠯ᠎ᠠ ᠬᠤᠰᠤᠭᠰᠠᠨ ᠬᠠᠷᠭᠠᠢ ᠮᠣᠳᠣᠨ ᠪᠠᠨᠲᠠᠩ ᠲᠠᠢ᠂ ᠴᠡᠪᠡᠷᠬᠡᠨ ᠵᠣᠲᠣᠩ ᠪᠦᠲᠡᠭᠡᠯᠭᠡ ᠲᠡᠢ ᠰᠢᠷᠡᠭᠡ᠂ ᠡᠪᠦᠭᠡᠨ ᠦ᠌ ᠥᠪᠡᠷ ᠦ᠋ᠨ ᠳᠠᠷᠬᠠᠯᠠᠭᠰᠠᠨ ᠬᠣᠶᠠᠷ ᠰᠠᠨᠳᠠᠯᠢ ᠥᠷᠥᠭᠡᠰᠦᠲᠡᠢ᠂ ᠳᠡᠭᠡᠷ᠎ᠡ ᠪᠤᠯᠤᠩ ᠳ᠋ᠤ᠌ ᠣᠨ ᠤᠳᠠᠵᠤ ᠪᠠᠷᠠᠭᠠᠨ ᠥᠩᠭᠡᠲᠡᠢ ᠪᠣᠯᠤᠭᠰᠠᠨ ᠭᠣᠣ ᠲᠠᠢ᠂ ᠡᠷᠲᠡᠨ ᠦ᠌ ᠪᠣᠷᠠᠭᠴᠢᠨ ᠤ᠋ ᠵᠢᠷᠤᠭᠰᠠᠨ ᠪᠤᠷᠬᠠᠨ ᠡᠯᠭᠦᠵᠡᠢ᠃ ᠡᠭᠦᠳᠡ ᠶ᠋ᠢᠨ ᠬᠣᠶᠠᠷ ᠲᠠᠯ᠎ᠠ ᠳ᠋ᠤ᠌ ᠣᠷᠣ ᠲᠠᠯᠪᠢᠵᠤ᠂ ᠴᠣᠩᠬᠣᠨ ᠤ᠋ ᠳᠣᠣᠷ᠎ᠠ ᠲᠡᠮᠦᠷ ᠢ᠋ᠶ᠋ᠡᠷ ᠪᠠᠷᠢᠭᠤᠯᠤᠭᠰᠠᠨ᠂ ᠪᠠᠭᠲᠠᠭᠠᠮᠵᠢ ᠲᠠᠢ ᠲᠣᠮᠣ ᠲᠣᠮᠣ ᠠᠪᠳᠠᠷ᠎ᠠ ᠪᠣᠢ ᠠᠵᠢ᠃
ᠲᠤᠭᠤᠷᠭᠠᠨ ᠳ᠋ᠤ᠌ ᠪᠠᠲᠤᠪᠠᠶᠠᠷ ᠤ᠋ᠨ ᠬᠡᠳᠦᠢᠨ ᠲᠠᠨᠢᠳᠠᠭ ᠭᠡᠷᠡᠯ ᠵᠢᠷᠤᠭ ᠬᠠᠲᠠᠭᠰᠠᠨ ᠨᠢ ᠴᠡᠭᠡᠵᠢ ᠪᠡᠨ ᠭᠡᠳᠡᠢᠯᠭᠡᠨ ᠠᠪᠤᠭᠤᠯᠤᠭᠰᠠᠨ ᠣᠷᠣᠰ ᠴᠡᠷᠢᠭ ᠦ᠋ᠨ ᠬᠥᠮᠦᠨ ᠦ᠌ ᠵᠢᠷᠤᠭ ᠪᠠᠢᠭ᠎ᠠ ᠨᠢ ᠢᠧᠠᠨ ᠤ᠋ ᠬᠦᠦ ᠨᠢᠺᠢᠲ᠋ᠠ ᠨᠥᠬᠥᠳ ᠰᠡᠯᠲᠡ ᠠᠪᠤᠭᠤᠯᠤᠭᠰᠠᠨ ᠵᠢᠷᠤᠭ ᠠᠵᠢ᠃
ᠪᠠᠲᠤᠪᠠᠶᠠᠷ ᠪᠠᠨᠲᠠᠩ ᠳᠡᠭᠡᠷ᠎ᠡ ᠰᠠᠭᠤᠭᠠᠳ᠂ ᠡᠪᠦᠷ ᠡᠴᠡ ᠲᠣᠷᠭᠠᠨ ᠬᠠᠳᠬᠤᠮᠠᠯ ᠬᠡᠲᠡᠪᠴᠢ ᠭᠠᠷᠭᠠᠵᠤ᠂ ᠲᠠᠪᠤᠨ ᠲᠥᠭᠥᠷᠢᠭ ᠦ᠋ᠨ ᠣᠷᠣᠰ ᠠᠯᠲᠠᠨ ᠵᠣᠭᠣᠰ ᠭᠠᠷᠭᠠᠭᠠᠳ᠂ ᠵᠣᠴᠢᠨ ᠢ᠋ ᠰᠣᠨᠢᠷᠬᠠᠨ ᠰᠢᠷᠲᠡᠵᠦ ᠪᠠᠢᠭᠰᠠᠨ ᠬᠡᠦᠬᠡᠳ ᠲᠦ᠍᠂
— ᠮᠠᠢ ᠮᠢᠱ᠍ᠢ᠍ᠭ᠌ ᠮᠢᠱᠢ᠍ᠭ᠌! ᠤᠷᠲᠤ ᠨᠠᠰᠤᠲᠠᠢ᠂ ᠤᠳᠠᠭᠠᠨ ᠵᠢᠷᠭᠠᠯ ᠲᠠᠢ ᠪᠣᠯᠤᠭᠠᠷᠠᠢ᠂ ᠲᠡᠮᠦᠷ ᠭᠣᠣᠯ ᠲᠠᠢ᠂ ᠲᠥᠭᠡ ᠰᠠᠬᠠᠯᠲᠠᠢ ᠪᠣᠯᠤᠭᠠᠷᠠᠢ ᠭᠡᠵᠦ ᠢᠷᠦᠭᠡᠵᠦ ᠥᠭᠪᠡ᠃
— ᠢᠷᠦᠭᠡᠯ ᠢ᠋ᠶ᠋ᠡᠷ ᠪᠣᠯᠲᠤᠭᠠᠢ! ᠭᠡᠵᠦ ᠲᠡᠷᠡ ᠬᠡᠦᠬᠡᠳ ᠰᠢᠨᠡᠬᠡᠨ ᠠᠯᠲᠠᠨ ᠵᠣᠭᠣᠰ ᠠᠪᠴᠤ ᠪᠠᠶᠠᠷᠯᠠᠨ᠂ ᠡᠮᠡᠭᠡ ᠡᠬᠡ ᠶ᠋ᠢᠨ ᠵᠦᠭ ᠲᠣᠭᠣᠭᠠᠨ ᠤ᠋ ᠪᠠᠢᠰᠢᠩ ᠲᠡᠰᠢ(ᠲᠡᠢᠰᠢ) ᠭᠦᠶᠦᠵᠦ᠂
— ᠡᠮᠡᠭᠡ ᠡᠵᠢ ᠠ᠋ !ᠨᠠᠳᠠᠳᠤ ᠡᠪᠦᠭᠡ ᠡᠢᠮᠦ ᠰᠠᠢᠬᠠᠨ ᠶᠠᠭᠤᠮ᠎ᠠ ᠥᠭᠭᠦᠭᠰᠡᠨ! ᠭᠡᠬᠦ ᠳ᠋ᠦ᠍ᠨᠢ ᠡᠮᠡᠭᠡᠨ᠂
— ᠪᠠᠲᠤᠪᠠᠶᠠᠷ᠂ ᠴᠢ ᠡᠨᠡ ᠬᠡᠦᠬᠡᠳ ᠲᠦ᠍ ᠶᠠᠭᠤᠮ᠎ᠠ ᠥᠭᠴᠦ ᠶᠠᠭᠠᠬᠢᠬᠤ ᠨᠢ ᠪᠣᠢ? ᠭᠡᠲᠡᠯ᠎ᠡ
— ᠮᠠᠨ ᠤ᠋ ᠶᠣᠰᠣ ᠰᠢᠦ ᠳᠡ᠃ ᠫᠧᠳ᠋ᠷᠣᠸᠨᠠ ᠮᠢᠨᠢ᠃ ᠢᠸᠠᠨ ᠪᠢᠳᠡ ᠬᠣᠶᠠᠷ ᠠᠬ᠎ᠠ ᠳᠡᠭᠦᠦ ᠰᠢᠭ ᠪᠠᠢᠳᠠᠭ ᠤᠯᠤᠰ ᠪᠣᠯᠬᠣᠷ ᠪᠢ ᠠᠴᠢ ᠬᠦᠦ ᠳ᠋ᠡᠭᠡᠨ ᠤᠴᠠᠷᠠᠨ ᠵᠣᠯᠭᠣᠭᠰᠠᠨ(ᠵᠣᠯᠭᠠᠭᠰᠠᠨ) ᠤ᠋ ᠪᠠᠶᠠᠷ ᠭᠡᠵᠦ ᠪᠡᠯᠡᠭ ᠥᠭᠬᠦ ᠨᠢ ᠲᠦᠮᠡᠨ ᠵᠦᠢ ᠬᠡᠮᠡᠪᠡᠰᠦ᠂ ᠮᠠᠷᠢᠶ᠎ᠠ ᠲᠡᠷᠡ ᠵᠠᠪᠰᠠᠷ ᠱᠤᠤᠭᠢᠭᠰᠠᠨ ᠬᠠᠯᠠᠭᠤᠨ ᠲᠣᠭᠣᠭ᠎ᠠ ᠠᠪᠴᠢᠷᠠᠵᠤ᠂ ᠰᠢᠷᠡᠭᠡᠨ ᠳᠡᠭᠡᠷ᠎ᠡ ᠶᠠᠩᠵᠤ ᠪᠦᠷᠢ ᠶ᠋ᠢᠨ ᠪᠣᠣᠪᠣ ᠢᠳᠡᠭᠡ ᠲᠠᠯᠪᠢᠪᠠ᠃ ᠡᠮᠡᠭᠡᠨ ᠴᠠᠢ ᠠᠶᠠᠭᠠᠯᠠᠵᠤ᠂
— ᠵᠠ᠂ ᠪᠠᠲᠤᠪᠠᠶᠠᠷ᠂ ᠢᠳᠡᠭᠡ ᠬᠣᠭᠣᠯᠠ ᠠ᠋ᠴᠠ ᠪᠡᠷᠢ᠃ ᠡᠨᠡ ᠴᠢᠨᠦ ᠳᠤᠷᠠᠲᠠᠢ ᠴᠠᠷᠴᠠᠮᠠᠯ ᠬᠤᠢᠬ᠎ᠠ ᠪᠠᠢᠨ᠎ᠠ᠃ ᠡᠨᠡ ᠴᠠᠭᠠᠨ ᠢᠳᠡᠭᠡ ᠲᠡᠢ ᠪᠣᠣᠪᠣ᠃ ᠡᠨᠡ ᠮᠣᠢᠯ ᠲᠠᠢ ᠪᠣᠣᠪᠣ᠂ ᠴᠥᠮ ᠮᠢᠨᠦ ᠪᠡᠷᠢ ᠶ᠋ᠢᠨ ᠬᠢᠭᠰᠡᠨ ᠪᠣᠣᠪᠣ ᠭᠡᠪᠡᠯ᠂ ᠡᠪᠦᠭᠡᠨ ᠢᠸᠠᠨ᠂
— ᠥᠨᠥᠬᠢ ᠵᠢᠭᠠᠰᠤ ᠲᠠᠢ ᠫᠢᠷᠤᠭ ᠭᠡᠳᠡᠭ ᠴᠢᠨᠢ ᠠᠯᠢ ᠪᠣᠢ? ᠫᠧᠳ᠋ᠷᠣᠸᠨᠠ? ᠬᠡᠮᠡᠪᠡᠰᠦ᠂
— ᠣᠳᠣ ᠪᠢ ᠪᠠᠷᠢᠬᠤ ᠭᠡᠵᠦ ᠪᠠᠢᠨ᠎ᠠ ᠠ᠋᠂ ᠠᠪᠤ ᠮᠢᠨᠢ ᠭᠡᠵᠦ ᠮᠠᠷᠢᠶ᠎ᠠ ᠲᠣᠭᠣᠭᠠᠨ ᠤ᠋ ᠲᠠᠰᠤᠯᠭᠠᠨ ᠠ᠋ᠴᠠ ᠲᠣᠮᠣ ᠲᠣᠰᠬᠣᠭᠤᠷ ᠳᠡᠭᠡᠷ᠎ᠡ ᠳᠣᠲᠣᠷ᠎ᠠ ᠨᠢ ᠵᠢᠭᠠᠰᠤᠨ ᠢᠳᠡᠭᠡ ᠲᠡᠢ ᠲᠣᠮᠣ ᠫᠢᠷᠤᠭ ᠭᠡᠳᠡᠭ ᠪᠢᠩ ᠠᠪᠴᠤ ᠢᠷᠡᠪᠡ᠃
ᠪᠠᠲᠤᠪᠠᠶᠠᠷ ᠴᠠᠢ ᠤᠤᠭᠤᠵᠤ᠂ ᠮᠠᠷᠢᠶ᠎ᠠ ᠶ᠋ᠢ ᠮᠠᠭᠲᠠᠷᠤᠨ᠂
— ᠪᠡᠷᠢ ᠴᠢᠨᠢ ᠶᠡᠬᠡ ᠰᠠᠢᠬᠠᠨ ᠬᠣᠭᠣᠯᠠ ᠬᠢᠳᠡᠭ ᠬᠥᠮᠦᠨ ᠪᠠᠢᠨ᠎ᠠ᠃ ᠠᠬ᠎ᠠ ᠶᠡᠬᠡᠰ ᠢ᠋ ᠬᠦᠨᠳᠦᠳᠬᠡᠳᠡᠭ ᠠᠵᠢᠯᠴᠢ ᠰᠠᠢᠨ ᠬᠥᠮᠦᠨ ᠰᠢᠪ ᠳᠡ᠃ ᠡᠢᠮᠦ ᠰᠠᠢᠬᠠᠨ ᠪᠡᠷᠢ ᠲᠡᠢ᠂ ᠪᠤᠶᠠᠨ ᠲᠠᠢ᠂ ᠵᠢᠷᠭᠠᠯᠲᠠᠢ ᠬᠥᠮᠦᠨ ᠪᠠᠢᠨ᠎ᠠ ᠳᠠ᠂ ᠫᠧᠳ᠋ᠷᠣᠸᠨᠠ ᠮᠢᠨᠢ ᠭᠡᠲᠡᠯ᠎ᠡ᠂ ᠡᠮᠡᠭᠡᠨ ᠰᠡᠭᠦᠷᠡᠰᠦ ᠠᠯᠳᠠᠵᠤ᠂
— ᠶᠠᠮᠠᠷ ᠵᠢᠷᠭᠠᠯ ᠪᠠᠢᠬᠤᠪ ᠳᠠ ᠪᠢᠳᠡᠨ ᠳ᠋ᠦ᠍᠂ ᠪᠠᠲᠤᠪᠠᠶᠠᠷ ᠮᠢᠨᠢ᠂ ᠣᠳᠣ ᠪᠣᠯᠲᠠᠯ᠎ᠠ ᠬᠦᠦ ᠡᠴᠡ ᠰᠤᠷᠠᠭ ᠴᠢᠮᠡᠭᠡ ᠪᠠᠢᠳᠠᠭ ᠦᠭᠡᠢ᠃ ᠫᠣᠷᠲ — ᠠᠷᠲ᠋ᠦ᠋ᠷ ᠲᠦ᠍ ᠠᠮᠢᠳᠤ ᠶᠠᠪᠤᠭ᠎ᠠ ᠡᠰᠡᠬᠦ ᠶ᠋ᠢ ᠨᠢ ᠲᠩᠷᠢ ᠮᠡᠳᠡᠬᠦ ᠡᠴᠡ ᠪᠢᠳᠡ ᠮᠡᠳᠡᠬᠦ ᠪᠡᠨ ᠪᠠᠢᠵᠠᠢ ᠭᠡᠵᠦ ᠭᠤᠨᠢᠨ ᠬᠡᠯᠡᠪᠡᠰᠦ᠂ ᠡᠪᠦᠭᠡᠨ ᠢᠸᠠᠨ ᠥᠭᠦᠯᠡᠷᠦᠨ᠂
— ᠪᠠᠲᠤᠪᠠᠶᠠᠷ ᠪᠢᠳᠡ ᠬᠣᠶᠠᠷ ᠤ᠋ᠨ ᠬᠤᠪᠢ ᠵᠣᠬᠢᠶᠠᠯ ᠠᠳᠠᠯᠢ ᠶᠤᠮ ᠳᠠ᠃ ᠥᠬᠢᠳ ᠮᠠᠨᠢ ᠬᠠᠷᠢ ᠳ᠋ᠤ᠌ ᠬᠠᠳᠠᠮ ᠳ᠋ᠤ᠌ ᠣᠴᠢᠵᠤ᠂ ᠪᠠᠲᠤᠪᠠᠶᠠᠷ ᠤ᠋ᠨ ᠬᠦᠦ ᠨᠣᠶᠠᠨ ᠤ᠋ ᠲᠥᠯᠥᠭᠡ ᠵᠣᠯᠢᠭ ᠲᠤ᠌ ᠭᠠᠷᠴᠤ ᠬᠠᠷᠢ ᠭᠠᠵᠠᠷ ᠵᠣᠪᠠᠵᠤ ᠶᠠᠪᠤᠳᠠᠭ᠂ ᠮᠢᠨᠦ ᠮᠠᠭᠤ ᠬᠦᠦ ᠾᠷᠢᠰᠲ᠋ᠣᠰ ᠤ᠋ᠨ ᠱᠠᠰᠢᠨ᠂ ᠴᠠᠭᠠᠨ ᠬᠠᠭᠠᠨ ᠤ᠋ ᠲᠥᠯᠥᠭᠡ ᠬᠠᠮᠢᠭ᠎ᠠ ᠶᠠᠮᠠᠷ ᠭᠠᠵᠠᠷ ᠶᠠᠭᠠᠬᠢᠵᠤ ᠶᠠᠪᠤᠭ᠎ᠠ ᠶ᠋ᠢ ᠨᠢ ᠲᠡᠭᠷᠢ ᠯᠡ ᠮᠡᠳᠡᠳᠡᠭ ᠪᠠᠢᠭ᠎ᠠ ᠳᠠ᠃ ᠰᠤᠷᠠᠭ ᠢ᠋ ᠨᠢ ᠭᠠᠷᠭᠠᠬᠤ ᠭᠡᠵᠦ ᠤᠷᠤᠯᠳᠤᠵᠤ ᠤᠷᠤᠯᠳᠤᠵᠤ ᠶᠠᠳᠠᠭᠠᠳ ᠴᠥᠬᠥᠭᠡᠳ᠂ ᠫᠧᠳ᠋ᠷᠣᠸᠨᠠ ᠶ᠋ᠢᠨ ᠰᠡᠳᠬᠢᠯ ᠢ᠋ ᠠᠮᠤᠷᠭᠠᠵᠤ ᠦᠵᠡᠬᠦ ᠶᠤᠮᠰᠠᠨ ᠭᠡᠳ ᠴᠢᠳᠠᠭᠰᠠᠨ ᠦᠭᠡᠢ ᠭᠡᠵᠦ ᠬᠡᠯᠡᠭᠡᠳ ᠬᠣᠶᠠᠷ ᠡᠪᠦᠭᠡᠨ ᠳᠠᠭᠤᠨ ᠦᠭᠡᠢ ᠪᠣᠯᠪᠠ᠃
ᠪᠠᠲᠤᠪᠠᠶᠠᠷ ᠭᠤᠲᠤᠯ ᠤ᠋ᠨ ᠲᠦᠷᠡᠢ ᠡᠴᠡ ᠪᠡᠶ᠎ᠡ ᠡᠴᠡ ᠬᠣᠯᠠᠳᠠᠭᠤᠯᠳᠠᠭ ᠦᠭᠡᠢ ᠭᠠᠩᠰᠠ ᠪᠠᠨ ᠰᠤᠭᠤᠯᠵᠤ᠂ ᠬᠡᠲᠡ ᠪᠡᠨ ᠭᠠᠭᠴᠠ ᠨᠢᠭᠡ ᠬᠠᠪᠢᠷᠠᠭᠠᠤᠠ ᠲᠠᠮᠠᠬᠢ ᠲᠠᠲᠠᠵᠤ ᠥᠭᠦᠯᠡᠷᠦᠨ᠂
— ᠮᠠᠨ ᠤ᠋ ᠡᠮᠡᠭᠡᠨ ᠬᠦᠦ ᠪᠡᠨ ᠶᠡᠬᠡᠯ᠎ᠡ ᠰᠠᠨᠠᠵᠤ᠂ ᠦᠷᠦ ᠡᠪᠡᠳᠦᠯᠲᠡᠢ ᠪᠣᠯᠵᠠᠢ᠃ ᠣᠳᠣ ᠬᠦᠦ ᠶ᠋ᠢᠨ ᠤᠯᠠᠭᠠᠨ ᠨᠢᠭᠤᠷ ᠢ᠋ ᠬᠠᠷᠠᠭ᠎ᠠ ᠦᠭᠡᠢ ᠠᠷᠪᠠᠭᠠᠳ ᠵᠢᠯ ᠪᠣᠯᠵᠤ᠂ ᠰᠠᠨᠠᠬᠤ ᠨᠢ ᠠᠷᠭ᠎ᠠ ᠴᠤ᠌ ᠦᠭᠡᠢ ᠶᠦ᠍ᠮ ᠪᠢᠵᠡ ᠳᠡ᠃ ᡀᠠ ᠪᠡᠢᠰᠡ ᠶ᠋ᠢ ᠠᠮᠢᠳᠤ ᠪᠠᠢᠭ᠎ᠠ ᠳᠡᠭᠡᠷ᠎ᠡ ᠬᠦᠦ ᠡᠷᠭᠢᠵᠦ ᠢᠷᠡᠵᠦ ᠪᠣᠯᠳᠠᠭ ᠦᠭᠡᠢ᠂ ᠴᠢᠩᠬᠢᠭᠡᠣ᠌ᠠ ᠮᠠᠨᠠᠢ ᠡᠮᠡᠭᠡᠨ ᠤᠲᠠᠢ ᠣᠷᠣᠵᠤ ᠮᠥᠷᠭᠥᠬᠦ ᠨᠡᠷᠡᠢᠳᠦᠯ ᠢ᠋ᠶ᠋ᠡᠷ ᠪᠡᠭᠡᠵᠢᠩ ᠢ᠋ᠶ᠋ᠡᠷ ᠳᠠᠭᠠᠷᠢᠵᠤ᠂ ᠠᠮᠢᠳᠤ ᠪᠠᠢᠭ᠎ᠠ ᠳᠡᠭᠡᠷ᠎ᠡ ᠪᠡᠨ ᠬᠦᠦ ᠲᠡᠢ ᠨᠢᠭᠡ ᠠᠭᠤᠯᠵᠠᠭᠠᠳ ᠦᠬᠦᠬᠦ ᠰᠠᠨ ᠭᠡᠵᠦ ᠭᠤᠶᠤᠭᠠᠳ ᠪᠣᠯᠵᠤ ᠥᠭᠬᠦ ᠦᠭᠡᠢ᠃ ᠡᠬᠡ ᠬᠥᠮᠦᠨ ᠦ᠌ ᠰᠡᠳᠬᠢᠯ ᠭᠡᠵᠦ ᠠᠷᠭ᠎ᠠ ᠦᠭᠡᠢ ᠳᠡ᠃ ᠪᠢ ᠴᠦ᠍ ᠭᠡᠰᠡᠨ ᠶᠠᠮᠠᠷ ᠬᠦᠷᠡᠯ ᠴᠢᠯᠠᠭᠤᠨ ᠵᠢᠷᠦᠬᠡ ᠲᠡᠢ ᠶᠦᠮ ᠪᠢᠰᠢ᠂ ᠬᠦᠦ ᠲᠡᠢ ᠪᠡᠨ ᠠᠭᠤᠯᠵᠠᠬᠤ ᠶ᠋ᠢᠨ ᠬᠦᠰᠡᠯ ᠪᠣᠯᠤᠭᠠᠳ᠂ ᠡᠮᠡᠭᠡᠨ ᠦ᠌ ᠦᠭᠡ ᠶ᠋ᠢ ᠵᠥᠪᠰᠢᠯᠡ᠃ ᠴᠢᠩᠭᠢᠭᠡᠳ ᠲᠠᠪᠤ ᠠᠷᠪᠠᠨ ᠮᠠᠯ ᠢ᠋ᠶ᠋ᠠᠨ ᠠᠢᠯ ᠠᠬ᠎ᠠ ᠳᠡᠭᠦᠦ ᠨᠠᠷ ᠲᠤ᠌ ᠬᠤᠪᠢᠶᠠᠵᠤ ᠲᠠᠯᠪᠢᠭᠠᠳ᠂ ᠬᠣᠯᠠ ᠶ᠋ᠢᠨ ᠠᠶᠠᠨ ᠳ᠋ᠤ᠌ ᠡᠷᠲᠡᠬᠡᠨ ᠰᠢᠭ ᠮᠣᠷᠳᠠᠵᠤ ᠶᠠᠪᠤᠭᠠᠳ ᠢᠷᠡᠬᠦ ᠶᠦᠮ ᠤᠤ ᠳᠠ ᠭᠡᠵᠦ ᠲᠠ ᠨᠠᠷ ᠲᠠᠢ ᠠᠭᠤᠯᠵᠠᠬᠤ ᠭᠡᠵᠦ ᠢᠷᠡᠯ᠎ᠡ᠃ ᠫᠧᠳ᠋ᠷᠣᠸᠨᠠ᠂ ᠴᠢ ᠬᠡᠷᠡᠭᠯᠡᠬᠦ ᠶᠦᠮ ᠪᠣᠯ᠂ ᠪᠢ ᠬᠣᠨᠢ ᠦᠬᠡᠷ ᠡᠴᠡ ᠴᠢᠮᠠᠲᠤ(ᠴᠢᠮ᠎ᠠ ᠳ᠋ᠤ᠌)ᠬᠡᠳᠦ ᠶ᠋ᠢ ᠲᠠᠯᠪᠢᠭᠠᠳ ᠶᠠᠪᠤᠶ᠎ᠠ᠂ ᠤᠩᠭᠠᠰᠤ ᠨᠣᠣᠰᠣ᠂ ᠰᠦ ᠰᠢᠮ᠎ᠡ ᠶ᠋ᠢ ᠬᠡᠷᠡᠭᠯᠡᠵᠦ ᠪᠠᠢᠭᠠᠷᠠᠢ᠃ ᠪᠢᠳᠡ ᠮᠡᠨᠳᠦ ᠶᠠᠪᠤᠵᠤ ᠢᠷᠡᠪᠡᠯ᠂ ᠮᠠᠯ ᠢ᠋ᠶ᠋ᠠᠨ ᠬᠠᠷᠢᠭᠤᠯᠤᠭᠰᠠᠨ ᠤ᠋ ᠬᠥᠯᠥᠰᠥ ᠶ᠋ᠢ ᠪᠣᠳᠣᠵᠤ ᠥᠭᠭᠦᠶ᠎ᠡ᠃ ᠢᠷᠡᠵᠦ ᠴᠢᠳᠠᠳᠠᠭ ᠦᠭᠡᠢ᠂ ᠬᠠᠷᠢ ᠭᠠᠵᠠᠷ ᠠᠯᠤᠰ ᠤ᠋ᠨ ᠵᠠᠮ ᠳ᠋ᠤ᠌ ᠶᠠᠰᠤ ᠪᠠᠨ ᠲᠠᠯᠪᠢᠳᠠᠭ ᠶᠤᠮ ᠪᠣᠯ᠂ ᠲᠠ ᠨᠠᠷ ᠡᠵᠡᠨ ᠨᠢ ᠪᠣᠯᠤᠭᠠᠷᠠᠢ ᠭᠡᠬᠦ ᠳ᠋ᠦ᠍ᠨᠢ (ᠳ᠋ᠦ᠍ ᠨᠢ)ᠡᠮᠡᠭᠡᠨ ᠵᠢᠮᠡᠯᠡᠵᠦ᠂
— ᠴᠢ ᠶᠠᠭᠠᠬᠢᠭᠰᠠᠨ ᠮᠠᠭᠤ ᠠᠮᠠ ᠲᠠᠢ ᠬᠥᠮᠦᠨ ᠪᠣᠢ ᠪᠠᠲᠤᠪᠠᠶᠠᠷ? ᠪᠤᠴᠠᠵᠤ ᠢᠷᠡᠯ ᠦᠭᠡᠢ ᠶᠠᠭᠠᠬᠢᠳᠠᠭ ᠶᠤᠮ ᠪᠣᠢ? ᠲᠡᠢᠮᠦ ᠲᠤᠰᠠ ᠦᠭᠡᠢ ᠦᠭᠡ ᠪᠢᠲᠡᠭᠡᠢ ᠬᠡᠯᠡ᠃ ᠣᠷᠣᠢ ᠮᠠᠷᠢᠶ᠎ᠠ ᠪᠢᠳᠡ ᠬᠣᠶᠠᠷ ᠶᠠᠷᠢᠯᠴᠠᠵᠤ ᠪᠠᠢᠭᠠᠳ᠂ ᠬᠡᠳᠦᠨ ᠬᠣᠨᠢ ᠦᠬᠡᠷ ᠠᠪᠴᠤ ᠮᠠᠯᠯᠠᠬᠤ ᠪᠠᠨ ᠬᠠᠷᠢᠭᠤ ᠶ᠋ᠢ ᠬᠡᠯᠡᠵᠦ ᠥᠭᠭᠦᠶ᠎ᠡ᠃ ᠴᠢ ᠬᠠᠮᠢᠭ᠎ᠠ ᠣᠴᠢᠬᠤ ᠨᠢ ᠪᠣᠢ? ᠬᠡᠮᠡᠪᠡᠰᠦ᠂
— ᠮᠣᠷᠢᠨ ᠤ᠋ ᠡᠮᠡᠭᠡᠯ ᠠᠪᠤᠶ᠎ᠠ ᠭᠡᠵᠦ ᠪᠠᠲᠤᠪᠠᠶᠠᠷ ᠪᠣᠰᠴᠤ ᠭᠠᠳᠠᠭᠰᠢ ᠭᠠᠷᠪᠠ᠃ ᠭᠠᠳᠠᠨ᠎ᠠ ᠠ᠋ᠴᠠ ᠣᠷᠣᠵᠤ ᠢᠷᠡᠭᠡᠳ ᠪᠠᠲᠤᠪᠠᠶᠠᠷ ᠢᠸᠠᠨ ᠤ᠋ ᠳᠡᠷᠭᠡᠳᠡ ᠰᠠᠭᠤᠵᠤ᠂
— ᠵᠠ᠂ ᠣᠷᠣᠰ ᠭᠠᠵᠠᠷ ᠠ᠋ᠴᠠ ᠶᠠᠮᠠᠷ ᠰᠣᠨᠢᠨ ᠲᠠᠢ ᠶᠠᠪᠤᠵᠤ ᠢᠷᠡᠪᠡ᠂ ᠴᠢ ᠮᠢᠨᠢ? ᠲᠡᠢᠨ ᠵᠣᠭᠰᠣᠬᠤ ᠰᠤᠷᠠᠭ ᠪᠣᠢ ᠤᠤ? ᠮᠠᠨᠠᠢᠬᠢᠨ (ᠮᠠᠨ ᠤ᠋ ᠬᠢᠨ)ᠮᠦᠭᠳᠡᠨ ᠬᠣᠲᠠ ᠶ᠋ᠢᠨ ᠬᠠᠪᠢ ᠳ᠋ᠤ᠌ ᠲᠠᠨ ᠤ᠋ ᠭᠦᠷᠪᠠᠲᠤ ᠵᠠᠩᠵᠤᠨ ᠶᠡᠬᠡᠳᠡ ᠳᠠᠷᠤᠭᠳᠠᠭᠰᠠᠨ ᠭᠡᠵᠦ ᠬᠡᠯᠡᠯᠴᠡᠵᠦ ᠪᠠᠢᠨ᠎ᠠ᠂ ᠲᠡᠷᠡ ᠣᠷᠣ ᠲᠠᠢ ᠤᠤ? ᠬᠡᠮᠡᠪᠡᠰᠦ᠂
— ᠦᠨᠡᠨ᠂ ᠮᠦᠭᠳᠡᠨ ᠦ᠌ ᠲᠡᠨᠳᠡ ᠮᠠᠨ ᠤ᠋ ᠴᠡᠷᠢᠭ ᠳᠠᠷᠤᠭᠳᠠᠵᠤ ᠭᠡᠨ᠎ᠡ ᠪᠢᠯᠡ᠃ ᠲᠡᠷᠡ ᠨᠢ ᠴᠡᠷᠢᠭ ᠦ᠋ᠨ ᠭᠡᠮ ᠪᠢᠰᠢ᠂ ᠨᠣᠶᠠᠳ ᠳᠠᠷᠤᠭ᠎ᠠ ᠨᠠᠷ ᠤ᠋ᠨ ᠮᠠᠭᠤ ᠠ᠋ᠴᠠ ᠪᠣᠯᠤᠭᠰᠠᠨ ᠶᠤᠮ ᠭᠡᠨ᠎ᠡ ᠪᠢᠯᠡ᠃ ᠪᠢ ᠲᠣᠰᠬᠣᠨ ᠳ᠋ᠠᠭᠠᠨ ᠨᠢᠭᠡ ᠴᠡᠷᠢᠭ ᠲᠡᠢ ᠠᠭᠤᠯᠵᠠᠭᠰᠠᠨ᠃ ᠨᠢᠳᠤᠨᠤᠨ ᠵᠢᠯ ᠯᠢᠶᠣᠣ ᠶᠠᠩ ᠤ᠋ᠨ ᠳᠡᠷᠭᠡᠳᠡ ᠬᠥᠯ ᠢ᠋ᠶ᠋ᠡᠨ ᠶᠡᠬᠡ ᠫᠤᠤ ᠶ᠋ᠢᠨ ᠰᠤᠮᠤᠨ ᠳ᠋ᠤ᠌ ᠲᠠᠰᠤ ᠫᠤᠤᠳᠠᠭᠤᠯᠵᠠᠢ᠃ ᠡᠮᠨᠡᠯᠭᠡ ᠶ᠋ᠢᠨ ᠭᠠᠵᠠᠷ ᠬᠡᠪᠲᠡᠵᠦ ᠬᠡᠪᠲᠡᠵᠦ ᠮᠣᠳᠣᠨ ᠬᠥᠯ ᠲᠡᠢ ᠪᠣᠯᠤᠭᠠᠳ᠂ ᠨᠤᠲᠤᠭ ᠲᠠᠭᠠᠨ ᠪᠤᠴᠠᠵᠤ ᠢᠷᠡᠭᠰᠡᠨ ᠪᠢᠯᠡ᠃ ᠰᠲ᠋ᠧᠫᠠᠨ ᠭᠡᠳᠡᠭ ᠨᠡᠷᠡᠲᠡᠢ᠂ ᠮᠠᠨ ᠤ᠋ ᠠᠢᠯ ᠰᠠᠭᠠᠬᠠᠯᠲᠠ ᠶ᠋ᠢᠨ ᠬᠥᠮᠦᠨ ᠶᠦᠮ ᠳᠡ᠃ ᠴᠠᠭᠠᠨ ᠬᠠᠭᠠᠨ ᠤ᠋ ᠴᠡᠷᠢᠭ ᠲᠦ᠍ ᠨᠣᠶᠠᠳ ᠳᠠᠷᠤᠭ᠎ᠠ ᠨᠠᠷ ᠤ᠋ᠨ ᠬᠣᠪᠳᠣᠭ ᠬᠣᠮᠣᠬᠠᠢ᠂ ᠬᠤᠯᠠᠭᠠᠢᠴᠢ ᠠᠪᠯᠢᠭᠠᠴᠢ᠂ ᠰᠠᠩ ᠤ᠋ᠨ ᠶᠠᠭᠤᠮ᠎ᠠ ᠢᠳᠡᠳᠡᠭ᠂ ᠥᠩᠭᠡ ᠮᠥᠩᠭᠥᠨ ᠳ᠋ᠦ᠍ ᠰᠢᠨᠤᠬᠠᠢ ᠶ᠋ᠢ ᠨᠢ ᠬᠠᠷᠠᠵᠤ ᠶᠡᠬᠡᠯ᠎ᠡ(ᠶᠡᠬᠡ ᠯᠡ)ᠭᠠᠢᠬᠠᠵᠤ ᠢᠷᠡᠭᠰᠡᠨ ᠬᠥᠮᠦᠨ ᠳᠡ᠃ ᠺᠣᠷᠣᠫᠠᠳᠺᠢᠨ ᠭᠧᠨᠧᠷᠠᠯ ᠢ᠋ ᠲᠡᠢᠨ ᠦ᠌ ᠭᠠᠵᠠᠷ ᠬᠦᠷᠴᠦ ᠢᠷᠡᠬᠦ ᠳ᠋ᠡᠭᠡᠨ᠂ ᠭᠠᠯᠲᠤ ᠲᠡᠷᠭᠡ ᠪᠡᠷ ᠵᠠᠩᠭᠢᠶ᠎ᠠ ᠰᠠᠬᠢᠭᠤᠰᠤ ᠠᠴᠢᠵᠤ ᠢᠷᠡᠭᠰᠡᠨ ᠢ᠋ ᠰᠠᠨᠠᠬᠤ ᠳ᠋ᠠᠭᠠᠨ ᠰᠢᠳᠦ ᠪᠡᠨ ᠵᠠᠭᠤᠳᠠᠭ ᠰᠠᠨ᠃ ᠲᠡᠷᠡ ᠴᠠᠭ ᠲᠤ᠌ ᠴᠡᠷᠢᠭ ᠰᠤᠮᠤ ᠪᠠᠷ ᠲᠠᠰᠤᠯᠳᠠᠵᠤ ᠪᠠᠢᠭᠰᠠᠨ ᠬᠡᠷᠡᠭ ᠰᠢᠦ ᠳᠡ᠃ ᠮᠢᠨᠦ ᠬᠦᠦ ᠨᠢᠺᠢᠲ᠋ᠠ ᠶ᠋ᠢᠨ ᠴᠡᠷᠢᠭ ᠦ᠋ᠨ ᠠᠯᠪᠠ ᠬᠠᠭᠠᠵᠤ ᠪᠠᠢᠭᠰᠠᠨ ᠫᠣᠷᠲ — ᠠᠷᠲ᠋ᠦ᠋ᠷ ᠬᠣᠲᠠ ᠶ᠋ᠢ ᠴᠦ᠍ ᠰᠲ᠋ᠧᠰᠰᠧᠯ ᠭᠧᠨᠧᠷᠠᠯ ᠶᠠᠫᠣᠨ ᠳ᠋ᠤ᠌ ᠬᠤᠳᠠᠯᠳᠤᠵᠤ ᠥᠭᠭᠦᠭᠰᠡᠨ ᠭᠡᠳᠡᠭ ᠶᠦᠮ ᠪᠢᠯᠡ᠃ ᠴᠢᠩᠭᠢᠭᠡ ᠦᠭᠡᠢ ᠪᠣᠯᠪᠠᠯ ᠣᠳᠣ ᠬᠦᠷᠲᠡᠯ᠎ᠡ ᠪᠠᠭᠤᠵᠤ ᠥᠭᠬᠦ ᠦᠭᠡᠢ ᠶᠣᠰᠣᠲᠠᠢ ᠶᠤᠮᠰᠠᠨᠵᠠᠢ᠃ ᠮᠠᠨ ᠤ᠋ ᠴᠡᠷᠢᠭ ᠦ᠋ᠨ ᠨᠣᠶᠠᠳ᠂ ᠴᠡᠷᠢᠭ ᠢ᠋ᠶ᠋ᠡᠨ ᠬᠥᠮᠦᠨ ᠭᠡᠵᠦ ᠦᠵᠡᠳᠡᠭ ᠦᠭᠡᠢ᠂ ᠪᠣᠷᠣ ᠠᠳᠤᠭᠤᠰᠤ ᠭᠡᠵᠦ ᠨᠡᠷᠡᠯᠡᠳᠡᠭ ᠶᠦᠮ ᠰᠢᠦ᠃ ᠰᠲ᠋ᠧᠫᠠᠨ ᠨᠠᠳᠠᠳᠤ ᠶᠠᠷᠢᠬᠤ ᠳ᠋ᠠᠭᠠᠨ᠂ ᠲᠡᠢᠨ ᠦ᠌ ᠭᠠᠵᠠᠷ᠂ ᠵᠠᠷᠢᠮ ᠭᠧᠨᠧᠷᠠᠯ ᠨᠣᠶᠠᠨ ᠤ᠋ ᠦᠨᠢᠶ᠎ᠡ ᠶ᠋ᠢ ᠴᠡᠷᠢᠭ ᠡᠴᠡ ᠢᠯᠡᠭᠦᠦ ᠶᠠᠩᠪᠠ (ᠶᠠᠮᠪᠠ) ᠲᠠᠢ ᠪᠠᠢᠳᠠᠭ ᠢ᠋ ᠦᠵᠡᠭᠰᠡᠨ ᠭᠡᠵᠦ ᠶᠠᠷᠢᠵᠤ ᠪᠢᠯᠡ᠃ ᠰᠲ᠋ᠧᠫᠠᠨ᠂ ᠶᠡᠬᠡ ᠨᠣᠶᠠᠨ ᠱᠲ᠋ᠨᠺᠧᠯᠪᠧᠷᠢᠭ ᠭᠧᠨᠧᠷᠠᠯ᠂ ᠥᠷᠯᠥᠭᠡ ᠪᠦᠷᠢ ᠰᠦ ᠲᠡᠢ ᠴᠥᠴᠥᠭᠡᠢ ᠲᠡᠢ ᠺᠣᠹᠧ ᠤᠤᠭᠤᠬᠤ ᠭᠡᠵᠦ ᠲᠤᠰᠬᠠᠢ ᠭᠠᠯᠲᠤ ᠲᠡᠷᠭᠡᠨ ᠳ᠋ᠦ᠍ ᠦᠨᠢᠶ᠎ᠡ ᠠᠪᠴᠤ ᠶᠠᠪᠤᠳᠠᠭ ᠪᠠᠢᠵᠤ ᠭᠡᠨ᠎ᠡ ᠪᠢᠯᠡ᠃ ᠲᠡᠷᠡ ᠦᠨᠢᠶ᠎ᠡ ᠶ᠋ᠢ ᠬᠠᠷᠠᠬᠤ ᠨᠢᠭᠡ ᠴᠡᠷᠢᠭ ᠨᠢᠭᠡ ᠮᠠᠯ ᠤ᠋ᠨ ᠶᠡᠬᠡ ᠡᠮᠴᠢ ᠳᠠᠭᠠᠵᠤ ᠶᠠᠪᠤᠳᠠᠭ ᠪᠠᠢᠵᠠᠢ᠃ ᠰᠲ᠋ᠧᠫᠠᠨ ᠶᠠᠷᠢᠬᠤ ᠳ᠋ᠠᠭᠠᠨ᠂ ᠪᠢᠳᠡᠨ ᠦ᠌ ᠴᠡᠷᠢᠭ ᠦ᠋ᠨ ᠬᠣᠷᠭᠣᠳᠠᠨ ᠬᠡᠪᠲᠡᠳᠡᠭ ᠨᠢᠭᠤᠪᠴᠢ ᠨᠦᠬᠡᠨ ᠳ᠋ᠦ᠍ ᠬᠤᠵᠢᠷ ᠤᠷᠭᠤᠲᠠᠯᠠ ᠬᠡᠪᠲᠡᠵᠦ᠂ ᠬᠬᠢᠷ ᠲᠠᠭ ᠪᠣᠯᠵᠤ᠂ ᠨᠢᠭᠤᠷ ᠤᠬᠢᠶᠠᠬᠤ ᠰᠠᠪᠤᠩ ᠢ᠋ ᠨᠢᠳᠦᠨ ᠳ᠋ᠡᠭᠡᠨ ᠦᠵᠡᠬᠦ ᠦᠭᠡᠢ ᠪᠠᠢᠬᠤ ᠳ᠋ᠤ᠌᠂ ᠲᠡᠷᠡ ᠦᠨᠢᠶ᠎ᠡ ᠶ᠋ᠢ ᠰᠠᠪᠤᠩ ᠲᠠᠢ ᠪᠦᠯᠢᠶᠡᠨ ᠤᠰᠤ ᠪᠠᠷ ᠤᠬᠢᠶᠠᠵᠤ ᠪᠠᠢᠬᠤ ᠶ᠋ᠢ ᠨᠢᠳᠦ ᠪᠡᠷ ᠦᠵᠡᠯ᠎ᠡ ᠭᠡᠵᠦ ᠶᠠᠷᠢᠳᠠᠭ ᠰᠠᠨ᠃ ᠪᠠᠰᠠ ᠲᠡᠷᠡ ᠦᠬᠡᠷᠴᠢᠨ ᠴᠡᠷᠢᠭ ᠫᠤᠤ ᠡᠭᠦᠷᠴᠦ ᠦᠨᠢᠶ᠎ᠡ ᠶ᠋ᠢᠨ ᠲᠡᠷᠭᠡᠨ ᠦ᠌ ᠳᠡᠷᠭᠡᠳᠡ ᠨᠣᠮᠣᠬᠠᠨ ᠵᠣᠭᠰᠣᠵᠤ᠂ ᠰᠢᠳᠬᠡᠯ(ᠰᠢᠢᠳᠬᠡᠯ) ᠦᠵᠡᠵᠦ ᠪᠠᠢᠭᠰᠠᠨ ᠢ᠋ ᠬᠠᠷᠠᠭᠰᠠᠨ ᠭᠡᠵᠦ ᠰᠲ᠋ᠧᠫᠠᠨ ᠶᠠᠷᠢᠵᠤ ᠪᠢᠯᠡ᠃ ᠶᠠᠭᠤᠨ ᠠ᠋ᠴᠠ ᠪᠣᠯᠵᠤ ᠰᠢᠳᠬᠡᠭᠦᠯᠪᠡ(ᠰᠢᠢᠳᠬᠡᠭᠦᠯᠪᠡ) ᠭᠡᠵᠦ ᠲᠡᠷᠡ ᠴᠡᠷᠢᠭ ᠡᠴᠡ ᠠᠰᠠᠭᠤᠪᠠᠯ ᠦᠨᠢᠶ᠎ᠡ ᠳ᠋ᠦ᠍ ᠥᠭᠳᠡᠭ ᠲᠠᠯᠬ᠎ᠠ ᠳ᠋ᠤᠨᠢ ᠨᠢᠭᠡ ᠬᠥᠭᠡᠴᠦᠷᠡᠭᠰᠡᠨ ᠲᠠᠯᠬ᠎ᠠ ᠳᠠᠭᠠᠷᠢᠯᠳᠤᠵᠤ ᠭᠡᠨ᠎ᠡ᠃ ᠴᠢᠩᠭᠢᠲᠡᠯ᠎ᠡ ᠭᠠᠢ ᠪᠣᠯᠵᠤ ᠭᠢᠨᠧᠷᠠᠯ ᠨᠣᠶᠠᠨ ᠦᠨᠢᠶ᠎ᠡ ᠶ᠋ᠢᠨ ᠲᠡᠷᠭᠡᠨ ᠳ᠋ᠦ᠍ ᠣᠷᠣᠵᠤ ᠦᠵᠡᠭᠡᠳ᠂ ᠬᠥᠭᠡᠴᠦᠷᠡᠭᠰᠡᠨ ᠲᠠᠯᠬ᠎ᠠ ᠬᠠᠷᠠᠮᠠᠭᠴᠠ ᠲᠡᠷᠡ ᠴᠡᠷᠢᠭ ᠢ᠋ᠶ᠋ᠡᠨ ᠬᠣᠶᠠᠷ ᠴᠠᠭ ᠨᠣᠮᠣᠬᠠᠨ ᠵᠣᠭᠰᠣᠭᠠᠵᠠᠢ᠃ ᠲᠡᠭᠡᠲᠡᠯ᠎ᠡ ᠬᠠᠷᠢᠶᠠᠲᠤ ᠴᠡᠷᠢᠭ ᠢ᠋ᠶ᠋ᠡᠨ ᠪᠠᠷᠤᠭ ᠡᠳᠦᠷ ᠪᠦᠷᠢ ᠰᠢᠬᠠᠭᠤ ᠬᠥᠭᠡᠴᠦᠷᠡᠭᠰᠡᠨ᠂ ᠦᠰᠦ ᠤᠷᠭᠤᠭᠰᠠᠨ ᠶᠤᠮ ᠤᠤ᠂ ᠳᠤᠲᠠᠭᠤ ᠪᠣᠯᠭᠣᠭᠰᠠᠨ ᠲᠠᠯᠬ᠎ᠠ ᠢᠳᠡᠳᠡᠭ ᠢ᠋ ᠶᠡᠷᠦ ᠶᠠᠭᠤᠮ᠎ᠠ ᠭᠡᠵᠦ ᠪᠣᠳᠣᠬᠤ ᠦᠭᠡᠢ ᠪᠠᠢᠵᠠᠢ᠃ ᠯᠢᠶᠣᠣ ᠶᠠᠩ ᠤ᠋ᠨ ᠲᠡᠨᠳᠡ ᠮᠠᠨ ᠤ᠋ ᠴᠡᠷᠢᠭ᠂ ᠶᠠᠫᠣᠨ ᠤ᠋ ᠴᠡᠷᠢᠭ ᠦ᠋ᠨ ᠳᠠᠭᠠᠷᠢᠨ ᠣᠷᠣᠬᠤ ᠪᠦᠷᠢ ᠨᠢᠴᠤᠭᠠᠵᠤ᠂ ᠶᠠᠫᠣᠨ ᠴᠡᠷᠢᠭ ᠦ᠋ᠨ ᠵᠠᠩᠵᠤᠨ᠂ ᠬᠠᠮᠤᠭ ᠪᠡᠯᠡᠳᠬᠡᠯ ᠴᠡᠷᠢᠭ ᠢ᠋ᠶ᠋ᠡᠨ ᠪᠠᠷᠠᠭᠠᠳ᠂ ᠡᠮᠦᠨ᠎ᠡ ᠵᠦᠭ ᠤᠬᠤᠷᠢ ᠭᠡᠵᠦ ᠴᠡᠷᠢᠭ ᠲᠡᠭᠡᠨ ᠲᠤᠰᠢᠶᠠᠵᠠᠢ᠃ ᠲᠡᠭᠡᠲᠡᠯ᠎ᠡ ᠻᠤᠷᠤᠫᠠᠳᠻᠢᠨ᠂ ᠶᠠᠫᠣᠨ ᠤ᠋ ᠴᠡᠷᠢᠭ ᠢ᠋ ᠵᠡᠭᠦᠨ ᠵᠢᠭᠦᠷ ᠡᠴᠡ ᠣᠷᠣᠰ ᠴᠡᠷᠢᠭ ᠢ᠋ ᠪᠦᠰᠡᠯᠡᠵᠦ ᠪᠠᠢᠨ᠎ᠠ ᠭᠡᠵᠦ ᠲᠡᠰᠢᠶ᠎ᠡ ᠮᠡᠳᠡᠭᠡ ᠠᠪᠤᠭᠠᠳ᠂ ᠴᠡᠷᠢᠭ ᠢ᠋ᠶ᠋ᠡᠨ ᠶᠠᠭᠠᠷᠠᠨ ᠤᠬᠤᠷᠢ ᠭᠡᠵᠦ ᠲᠤᠰᠢᠶᠠᠭᠠᠳ᠂ ᠥᠪᠡᠷ ᠢ᠋ᠶ᠋ᠡᠨ ᠰᠡᠩᠳᠡᠨ ᠮᠡᠩᠳᠡᠨ ᠤᠬᠤᠷᠢᠵᠤ ᠪᠢᠯᠡ᠃ ᠰᠲ᠋ᠧᠫᠠᠨ ᠤ᠋ ᠬᠡᠯᠡᠬᠦ ᠶ᠋ᠢ ᠰᠣᠨᠣᠰᠪᠠᠯ᠂ ᠲᠡᠷᠡ ᠦᠶ᠎ᠡ ᠳ᠋ᠦ᠍ ᠺᠣᠷᠣᠫᠠᠳᠺᠢᠨ ᠠᠷᠤ ᠳ᠋ᠠᠭᠠᠨ ᠪᠠᠰᠠ ᠬᠣᠶᠠᠷ ᠺᠣᠷᠫᠤᠰ ᠪᠡᠯᠡᠳᠬᠡᠯ ᠴᠡᠷᠢᠭ ᠲᠡᠢ ᠪᠠᠢᠭᠰᠠᠨ ᠶᠤᠮ ᠭᠡᠨ᠎ᠡ ᠪᠢᠯᠡ ᠃ ᠬᠣᠶᠠᠷ ᠺᠣᠷᠫᠤᠰ ᠭᠡᠵᠦ ᠬᠡᠳᠦᠨ ᠲᠦᠮᠡᠨ ᠴᠡᠷᠢᠭ ᠲᠡᠢ ᠶᠡᠬᠡ ᠬᠦᠴᠦ ᠪᠠᠢᠭ᠎ᠠ ᠬᠡᠷᠡᠭ ᠪᠢᠰᠢ ᠤᠤ᠃
ᠮᠠᠨ ᠤ᠋ ᠬᠠᠭᠤᠷᠠᠢ᠂ ᠤᠰᠤᠨ ᠵᠠᠮ ᠤ᠋ᠨ ᠴᠡᠷᠢᠭ ᠫᠣᠷᠲ — ᠠᠷᠲ᠋ᠥ᠋ᠷ᠂ ᠯᠢᠶᠣᠣ ᠶᠠᠩ᠂ ᠮᠦᠭᠳᠡᠨ ᠦ᠌ ᠲᠡᠨᠳᠡ ᠰᠦᠷᠡᠬᠡᠢ ᠪᠠᠢᠯᠳᠤᠵᠤ᠂ ᠬᠡᠴᠢᠨᠡᠨ ᠭᠠᠪᠢᠶ᠎ᠠ ᠪᠠᠢᠭᠤᠯᠤᠭᠰᠠᠨ ᠪᠠᠢᠲᠠᠯ᠎ᠠ᠂ ᠴᠢᠳᠠᠪᠤᠷᠢ ᠮᠡᠬᠦᠰ᠂ ᠦᠬᠦᠭᠡᠨᠴᠡ ᠨᠣᠶᠠᠳ᠂ ᠴᠡᠷᠢᠭ ᠦ᠋ᠨ ᠭᠠᠪᠢᠶ᠎ᠠ ᠵᠢᠳᠬᠦᠯ ᠢ᠋ ᠲᠠᠯᠠᠭᠠᠷ ᠪᠣᠯᠭᠠᠵᠠᠢ᠃
ᠲᠡᠷᠡ ᠪᠦᠭᠦᠳᠡ ᠶ᠋ᠢ ᠰᠠᠨᠠᠵᠤ ᠶᠠᠷᠢᠬᠤ ᠳ᠋ᠤ᠌ ᠪᠠᠲᠤᠪᠠᠶᠠᠷ ᠮᠢᠨᠢ᠂ ᠮᠢᠨᠦ ᠳᠣᠲᠣᠷ᠎ᠠ ᠬᠣᠷᠣᠰᠴᠤ ᠪᠠᠢᠨ᠎ᠠ᠃ ᠰᠲ᠋ᠧᠫᠠᠨ ᠨᠠᠳᠠᠳᠤ ᠶᠠᠷᠢᠬᠤ ᠳ᠋ᠠᠭᠠᠨ ᠰᠢᠲᠦ ᠪᠡᠨ ᠬᠠᠪᠢᠷᠤᠨ ᠬᠣᠷᠣᠰᠴᠤ᠂ ᠲᠤᠩ ᠭᠣᠮᠣᠳᠠᠵᠤ ᠶᠠᠷᠢᠭᠰᠠᠨ ᠳᠠ᠃ ᠵᠠ᠂ ᠶᠠᠮᠠᠶ᠃ ᠡᠨᠡ ᠲᠡᠢᠨ ᠳ᠋ᠦ᠍ ᠣᠯᠠᠨ ᠠᠮᠢᠲᠠᠨ ᠤ᠋ ᠨᠢᠳᠦ ᠨᠡᠭᠡᠭᠡᠭᠳᠡᠭᠰᠡᠨ ᠰᠢᠦ ᠭᠡᠵᠦ ᠬᠡᠯᠡᠭᠡᠳ ᠬᠣᠶᠠᠷ ᠡᠪᠦᠭᠡᠳ᠂ ᠳᠣᠣᠷ᠎ᠠ ᠳᠣᠣᠷ᠎ᠠ ᠪᠠᠨ ᠪᠣᠳᠣᠯᠭ᠎ᠠ ᠪᠣᠯᠵᠤ ᠴᠢᠮᠡᠭᠡ ᠦᠭᠡᠢ ᠪᠣᠯᠪᠠ᠃ ᠪᠠᠲᠤᠪᠠᠶᠠᠷ ᠪᠤᠭᠤᠷᠤᠯ ᠰᠠᠬᠠᠯ ᠢ᠋ᠶ᠋ᠠᠨ ᠨᠢᠭᠡ ᠰᠢᠪᠲᠤᠷᠤᠭᠠᠳ᠂ ᠥᠪᠡᠷ ᠢ᠋ᠶ᠋ᠡᠨ ᠥᠪᠡᠷ ᠲᠡᠭᠡᠨ ᠬᠡᠯᠡᠵᠦ ᠪᠠᠢᠭᠰᠠᠨ ᠶᠤᠮ ᠰᠢᠭ᠋ ᠨᠠᠮ ᠳᠠᠭᠤᠨ ᠢ᠋ᠶ᠋ᠠᠷ ᠥᠭᠦᠯᠡᠷᠦᠨ᠂
— ᠬᠥᠳᠡᠭᠡ ᠪᠡᠷ ᠰᠣᠨᠣᠰᠪᠠᠯ᠂ ᠴᠠᠭᠠᠨ ᠬᠠᠭᠠᠨ ᠤ᠋ ᠡᠵᠡᠨ ᠬᠣᠲᠠ ᠳ᠋ᠤ᠌᠂ ᠡᠪᠦᠯ ᠦ᠋ᠨ ᠳᠤᠮᠳᠠ ᠰᠠᠷ᠎ᠠ ᠳ᠋ᠤ᠌ ᠬᠠᠭᠠᠨ ᠤ᠋ ᠵᠠᠷᠯᠢᠭ ᠢ᠋ᠶ᠋ᠠᠷ ᠣᠯᠠᠨ ᠢᠷᠭᠡᠨ ᠢ᠋ ᠫᠤᠤᠳᠠᠨ ᠠᠯᠠᠭᠰᠠᠨ ᠭᠡᠵᠦ ᠬᠡᠯᠡᠯᠴᠡᠵᠦ ᠪᠠᠢᠨ᠎ᠠ᠃ ᠮᠢᠨᠦ ᠲᠠᠨᠢᠳᠠᠭ ᠨᠢᠭᠡ ᠴᠠᠬᠠᠷ ᠡᠪᠦᠭᠡᠨ᠂ ᠬᠢᠲᠠᠳ ᠰᠣᠨᠢᠨ ᠳ᠋ᠤ᠌ ᠦᠵᠡᠪᠡᠯ᠂ ᠯᠣᠨᠳᠣᠨ᠂ ᠫᠠᠷᠢᠵ᠂ ᠸᠧᠨ᠎ᠠ ᠵᠡᠷᠭᠡ ᠬᠣᠲᠠ ᠳ᠋ᠤ᠌ ᠴᠠᠭᠠᠨ ᠬᠠᠭᠠᠨ ᠤ᠋ ᠡᠯᠴᠢᠨ ᠦ᠌ ᠶᠠᠮᠤᠨ ᠤ᠋ ᠡᠮᠦᠨ᠎ᠡ ᠣᠯᠠᠨ ᠠᠮᠢᠲᠠᠨ ᠴᠤᠭᠯᠠᠵᠤ᠂ ᠴᠠᠭᠠᠨ ᠬᠠᠭᠠᠨ ᠤ᠋ ᠨᠡᠢᠰᠯᠡᠯ ᠬᠣᠲᠠᠨ ᠳ᠋ᠤ᠌ ᠴᠢᠩᠭᠢᠵᠦ ᠭᠠᠴᠢᠭᠳᠠᠯ ᠵᠣᠪᠠᠯᠠᠩ ᠢ᠋ᠶ᠋ᠠᠨ ᠬᠠᠭᠠᠨ ᠳ᠋ᠤ᠌ ᠲᠣᠭᠠᠴᠢᠬᠤ ᠭᠡᠰᠡᠨ ᠡᠩ ᠦ᠋ᠨ ᠨᠣᠮᠣᠬᠠᠨ ᠠᠷᠠᠳ ᠢᠷᠭᠡᠨ ᠢ᠋ ᠫᠤᠤᠳᠠᠨ ᠠᠯᠠᠭᠰᠠᠨ ᠢ᠋ ᠶᠡᠬᠡᠯ᠎ᠡ ᠵᠢᠭᠰᠢᠨ ᠵᠠᠨᠤᠭᠰᠠᠨ ᠭᠡᠵᠦ ᠶᠠᠷᠢᠭᠰᠠᠨ ᠭᠡᠬᠦ ᠳ᠋ᠦ᠍ᠨᠢ ᠢᠸᠠᠨ ᠡᠪᠦᠭᠡᠨ᠂
— ᠲᠡᠷᠡ ᠦᠨᠡᠨ᠃ ᠮᠠᠨ ᠤ᠋ ᠠᠯᠲᠠᠢ ᠳ᠋ᠤ᠌ ᠬᠦᠷᠲᠡᠯ᠎ᠡ᠂ ᠬᠡᠳᠦᠢ ᠠᠯᠤᠰ ᠪᠥᠭᠯᠡᠭᠦᠦ ᠵᠡᠯᠡᠭᠦᠳᠡ ᠭᠠᠵᠠᠷ ᠪᠣᠯᠪᠠᠴᠤ ᠬᠥᠳᠡᠭᠡ ᠲᠣᠰᠬᠣᠨ ᠤ᠋ ᠬᠢᠨ ᠴᠠᠭᠠᠨ ᠬᠠᠭᠠᠨ ᠢ᠋ ᠲᠡᠷᠡ ᠶᠠᠨᠸᠠᠷ ᠭᠡᠳᠡᠭ ᠰᠠᠷ᠎ᠠ ᠳ᠋ᠤ᠌ ᠠᠵᠢᠯᠴᠢᠨ ᠠᠷᠠᠳ ᠤ᠋ᠨ ᠠᠮᠢ ᠪᠤᠰᠠᠨᠢᠭᠤᠯᠤᠭᠰᠠᠨ ᠪᠢᠰᠢ᠂ ᠬᠠᠭᠠᠨ ᠳ᠋ᠤ᠌ ᠢᠲᠡᠭᠡᠬᠦ ᠣᠯᠠᠨ ᠤ᠋ ᠰᠡᠳᠬᠢᠯ ᠢ᠋ ᠪᠤᠰᠠᠨᠢᠭᠤᠯᠤᠭᠰᠠᠨ ᠭᠡᠵᠦ ᠬᠡᠯᠡᠯᠴᠡᠳᠡᠭ ᠪᠣᠯᠵᠠᠢ᠃ ᠰᠣᠨᠣᠰᠪᠠᠯ ᠪᠦᠬᠦ ᠣᠷᠣᠰ ᠨᠤᠲᠤᠭ ᠳᠠᠶᠠᠭᠠᠷ ᠲᠤ᠌᠂ ᠫᠣᠯᠱᠠ᠂ ᠦᠺᠷᠠᠢᠨᠠ᠂ ᠺᠡᠥ᠋ᠺᠡᠰ᠂ ᠰᠢᠪᠢᠷ ᠲᠦ᠍ ᠠᠷᠠᠳ ᠣᠯᠠᠨ ᠰᠠᠮᠠᠭᠤᠷᠠᠨ ᠬᠥᠳᠡᠯᠵᠦ᠂ ᠦᠢᠯᠡᠳᠪᠦᠷᠢ ᠶ᠋ᠢᠨ ᠭᠠᠵᠠᠷ ᠠᠵᠢᠯ ᠬᠢᠵᠦ ᠪᠠᠢᠭᠰᠠᠨ ᠤᠯᠤᠰ ᠠᠵᠢᠯ ᠢ᠋ᠶ᠋ᠠᠨ ᠬᠠᠶᠠᠵᠠᠭᠠᠵᠤ᠂ ᠤᠯᠤᠰ ᠳᠠᠶᠠᠭᠠᠷ ᠲᠦᠷᠬᠢᠷᠡᠨ ᠬᠥᠳᠡᠯᠵᠡᠢ᠃ ᠣᠷᠣᠰ ᠤ᠋ᠨ ᠲᠠᠷᠢᠶᠠᠴᠢᠨ ᠠᠷᠠᠳ᠂ ᠡᠵᠡᠨ ᠨᠣᠶᠠᠨ ᠤ᠋ ᠥᠭᠡᠳᠡ ᠡᠴᠡ ᠡᠰᠡᠷᠭᠦᠴᠡᠨ ᠬᠥᠳᠡᠯᠵᠦ᠂ ᠨᠣᠶᠠᠳ ᠤ᠋ᠨ ᠮᠠᠯ ᠭᠠᠵᠠᠷ ᠪᠤᠯᠢᠶᠠᠵᠤ᠂ ᠥᠷᠢ ᠨᠡᠬᠡᠬᠦ ᠳᠠᠩᠰᠠ ᠪᠢᠴᠢᠭ ᠢ᠋ ᠨᠢ ᠰᠢᠲᠠᠭᠠᠨ ᠤᠰᠠᠳᠬᠠᠵᠤ ᠪᠠᠢᠨ᠎ᠠ ᠭᠡᠵᠦ ᠬᠡᠯᠡᠯᠴᠡᠵᠦ ᠪᠠᠢᠨ᠎ᠠ ᠬᠡᠮᠡᠪᠡᠰᠦ᠂
— ᠮᠠᠨ ᠤ᠋ ᠬᠥᠳᠡᠭᠡ ᠪᠡᠷ ᠴᠦ᠍ ᠪᠠᠰᠠ ᠲᠡᠢᠮᠦᠷᠬᠦ ᠴᠢᠮᠡᠭᠡ ᠭᠠᠷᠴᠤ ᠪᠠᠢᠨ᠎ᠠ᠃ ᠤᠨᠤᠨ ᠳ᠋ᠤ᠌ ᠣᠷᠣᠰ ᠲᠠᠯ᠎ᠠ ᠠ᠋ᠴᠠ ᠬᠣᠶᠠᠷ ᠬᠥᠮᠦᠨ ᠢᠷᠡᠵᠦ᠂ ᠲᠠᠨᠢᠳᠠᠭ ᠮᠣᠩᠭᠣᠯ ᠠᠢᠯ ᠢ᠋ᠶ᠋ᠠᠷ ᠢ᠋ᠶ᠋ᠠᠨ ᠶᠠᠪᠤᠭᠠᠳ᠂ ᠣᠷᠣᠰ ᠤ᠋ᠨ ᠠᠷᠠᠳ ᠠᠮᠢᠲᠠᠨ᠂ ᠬᠠᠭᠠᠨ ᠨᠣᠶᠠᠳ ᠢ᠋ ᠬᠡᠷᠡᠭ ᠦᠭᠡᠢ ᠭᠡᠵᠦ᠂ ᠤᠳᠠᠬᠤ ᠦᠭᠡᠢ ᠣᠯᠠᠨ ᠤ᠋ ᠬᠦᠵᠦᠭᠦᠨ ᠳᠡᠭᠡᠷ᠎ᠡ ᠮᠣᠷᠳᠠᠭᠰᠠᠨ ᠡᠵᠡᠷᠬᠡᠭ ᠦ᠋ᠳ ᠢ᠋ ᠠᠪᠴᠤ ᠬᠠᠶᠠᠬᠤ ᠨᠢ ᠭᠡᠵᠦ ᠶᠠᠷᠢᠵᠤ ᠶᠠᠪᠤᠭᠰᠠᠨ ᠭᠡᠨ᠎ᠡ᠃ ᠵᠡᠭᠦᠨ ᠵᠦᠭ᠂ ᠰᠡᠴᠡᠨ ᠬᠠᠭᠠᠨ ᠠᠢᠮᠠᠭ ᠲᠤ᠌ ᠲᠡᠭᠦᠨ ᠢ᠋ ᠰᠣᠨᠣᠰᠤᠮᠠᠭᠴᠠ᠂ ᠠᠷᠠᠳ ᠤ᠋ᠳ ᠬᠢᠲᠠᠳ ᠤ᠋ᠨ ᠮᠥᠩᠭᠥ ᠬᠦᠦᠯᠡᠳᠡᠭ ᠬᠤᠳᠠᠯᠳᠤᠭᠠᠴᠢᠨ ᠢ᠋ ᠡᠰᠡᠷᠭᠦᠴᠡᠴᠦ᠂ ᠫᠦᠰᠡ ᠶ᠋ᠢ ᠲᠡᠯᠡᠵᠦ᠂ ᠡᠳ᠋ ᠪᠠᠷᠠᠭ᠎ᠠ ᠶ᠋ᠢ ᠬᠤᠪᠢᠶᠠᠵᠤ ᠠᠪᠤᠭᠠᠳ᠂ ᠨᠣᠶᠠᠳ ᠲᠠᠢᠵᠢ ᠨᠠᠷ ᠤ᠋ᠨ ᠲᠥᠯᠥᠭᠡ ᠬᠣᠰᠢᠭᠤ ᠣᠯᠠᠨ ᠠ᠋ᠴᠠ ᠨᠡᠬᠡᠬᠦ ᠥᠷᠢ ᠶ᠋ᠢᠨ ᠳᠠᠩᠰᠠ ᠪᠢᠴᠢᠭ ᠢ᠋ ᠲᠦᠯᠡᠴᠢᠭᠰᠡᠨ(ᠲᠦᠯᠡᠴᠢᠬᠡᠭᠰᠡᠨ) ᠭᠡᠨ᠎ᠡ ᠪᠢᠯᠡ᠃ ᠬᠦᠷᠢᠶᠡᠨ ᠦ᠌ ᠠᠮᠪᠠᠰ ᠲᠡᠷᠡ ᠮᠡᠳᠡᠭᠡ ᠶ᠋ᠢ ᠣᠯᠵᠤ ᠰᠣᠨᠣᠰᠤᠭᠠᠳ᠂ ᠣᠯᠠᠨ ᠢ᠋ ᠥᠳᠥᠭᠡᠨ ᠬᠠᠳᠬᠠᠵᠤ (ᠬᠠᠳᠬᠤᠵᠤ) ᠰᠠᠮᠠᠭᠤᠨ ᠥᠳᠦᠬᠦᠯᠦᠭᠰᠡᠨᠳ ᠢ᠋ ᠪᠠᠷᠢᠵᠤ ᠴᠢᠩᠳᠠᠯᠠᠨ ᠰᠢᠳᠬᠡᠲᠦᠭᠡᠢ (ᠰᠢᠢᠳᠬᠡᠲᠦᠭᠡᠢ) ᠭᠡᠵᠦ ᠣᠯᠠᠨ ᠬᠣᠰᠢᠭᠤ ᠪᠠᠷ ᠲᠤᠰᠬᠠᠢᠯᠠᠨ ᠵᠠᠷᠯᠠᠵᠤ᠂ ᠲᠡᠷᠡ ᠶᠣᠰᠣᠭᠠᠷ ᠣᠯᠠᠨ ᠬᠥᠮᠦᠨ ᠢ᠋ ᠬᠠᠷ᠎ᠠ ᠭᠡᠷ ᠲᠦ᠍ ᠬᠢᠭᠰᠡᠨ ᠭᠡᠨ᠎ᠡ᠃ ᠡᠭᠦᠨ ᠡᠴᠡ ᠦᠵᠡᠪᠡᠯ᠂ ᠠᠮᠢᠲᠠᠨ ᠢ᠋ ᠱᠤᠯᠤᠵᠤ ᠮᠥᠩᠭᠥ ᠬᠦᠦᠯᠡᠳᠡᠭ ᠡᠲᠡᠭᠡᠳ ᠢ᠋ ᠬᠥᠭᠡᠭᠡᠭᠡᠳ ᠵᠠᠢᠯᠠᠭᠤᠯᠬᠤ ᠭᠡᠬᠦ ᠳ᠋ᠦ᠍ ᠰᠢᠮᠠᠭᠤᠯ ᠰᠢᠭ᠋ ᠳᠠᠬᠢᠭᠠᠳ ᠬᠦᠵᠦᠭᠦᠨ ᠳᠡᠭᠡᠷ᠎ᠡ ᠡᠷᠭᠢᠵᠦ ᠰᠠᠭᠤᠴᠢᠬᠠᠳᠠᠭ ᠶᠤᠮ ᠰᠢᠪ ᠳᠡ᠃ ᠠᠷᠤ ᠳ᠋ᠤᠨᠢ ᠵᠠᠰᠠᠭ᠂ ᠬᠠᠤᠯᠢ᠂ ᠡᠷᠬᠡ ᠬᠦᠴᠦ ᠪᠠᠢᠭ᠎ᠠ ᠤᠴᠢᠷ᠂ ᠴᠢᠩᠭᠢᠵᠦ ᠪᠠᠢᠭ᠎ᠠ ᠬᠡᠷᠡᠭ ᠳᠡ᠃
ᠳᠣᠲᠣᠷ (ᠳᠣᠲᠣᠷ᠎ᠠ) ᠭᠠᠵᠠᠷ ᠲᠠᠢᠪᠤᠩ ᠤ᠋ᠳ᠂ ᠠᠷᠠᠳ ᠲᠦᠮᠡᠨ ᠦ᠌ ᠠᠵᠤ ᠲᠥᠷᠥᠬᠦ ᠶ᠋ᠢ ᠠᠮᠤᠷ ᠳᠥᠭᠥᠮ ᠪᠣᠯᠭᠠᠬᠤ ᠭᠡᠵᠦ ᠣᠷᠣᠯᠳᠣᠭᠠᠳ ᠬᠦᠴᠦ ᠬᠦᠷᠦᠭᠰᠡᠨ ᠦᠭᠡᠢ ᠳᠠᠷᠤᠭᠳᠠᠵᠠᠢ᠃ ᠡᠢ ᠬᠡ ᠲᠦᠸᠠᠨ᠂ ᠲᠠᠨᠠᠢᠬᠢᠨ (ᠲᠠᠨ ᠤ᠋ ᠬᠢᠨ) ᠦ᠌ ᠪᠡᠷ ᠪᠣᠯ ᠪᠣᠯᠱᠣᠢ ᠺᠦᠯᠡᠺ ᠭᠡᠳᠡᠭ ᠪᠠᠰᠠ ᠠᠷᠠᠳ ᠠᠮᠢᠲᠠᠨ ᠢ᠋ ᠠᠵᠤ ᠲᠥᠷᠥᠬᠦ ᠨᠢ ᠠᠮᠤᠷ ᠪᠣᠯᠤᠭ ᠭᠡᠵᠦ ᠬᠠᠷᠢ ᠶ᠋ᠢᠨ ᠲᠣᠨᠣᠭᠤᠯᠴᠢᠨ ᠢ᠋ ᠬᠥᠭᠡᠭᠡᠵᠦ ᠵᠠᠢᠯᠠᠭᠤᠯᠬᠤ ᠭᠡᠳ᠂ ᠬᠠᠷᠢᠨ ᠴᠤ᠌ ᠤᠷᠢᠳ ᠤ᠋ᠨ ᠬᠢ ᠡᠴᠡ ᠬᠡᠴᠡᠭᠦᠳᠡᠵᠦ᠂ ᠬᠠᠷᠢ ᠭᠦᠷᠦᠨ ᠳ᠋ᠦ᠍ ᠲᠥᠯᠥᠬᠦ ᠥᠴᠢᠨᠡᠨ ᠲᠥᠴᠢᠨᠡᠨ ᠲᠣᠷᠭᠠᠭᠤᠯᠢ ᠳ᠋ᠤ᠌ ᠤᠯᠤᠰ ᠢ᠋ᠶ᠋ᠠᠨ ᠤᠨᠠᠭᠠᠵᠠᠢ᠃ ᠣᠷᠣᠰ ᠲᠤ᠌ ᠴᠤ᠌ ᠭᠡᠰᠡᠨ᠂ ᠨᠢᠭᠡ ᠬᠣᠶᠠᠷ ᠭᠤᠷᠪᠠᠨ ᠭᠠᠵᠠᠷ᠂ ᠲᠠᠷᠢᠶᠠᠴᠢᠨ ᠤ᠋ ᠡᠵᠡᠨ ᠨᠣᠶᠠᠨ ᠢ᠋ᠶ᠋ᠠᠨ ᠬᠥᠭᠡᠭᠡᠵᠦ᠂ ᠮᠠᠯ ᠤᠰᠤ ᠶ᠋ᠢ ᠨᠢ ᠬᠤᠪᠢᠶᠠᠵᠤ ᠪᠠᠢᠲᠠᠯ᠎ᠠ᠂ ᠴᠢᠨᠠᠳᠤ ᠨᠣᠶᠠᠳ ᠨᠢ ᠡᠷᠭᠢᠭᠡᠳ ᠳᠠᠬᠢᠨ ᠬᠦᠵᠦᠭᠦᠨ ᠳᠡᠭᠡᠷ᠎ᠡ ᠨᠢ ᠮᠣᠷᠳᠠᠴᠢᠬᠠᠳᠠᠭ ᠪᠠᠢᠨ᠎ᠠ ᠰᠢᠦ ᠳᠡ᠃ ᠠᠷᠠᠳ ᠤ᠋ᠨ ᠬᠦᠵᠦᠭᠦᠨ ᠳᠡᠭᠡᠷ᠎ᠡ ᠵᠠᠢᠳᠠᠩᠨᠠᠵᠤ ᠮᠣᠷᠳᠠᠭᠠᠳ ᠮᠥᠯᠵᠢᠵᠦ ᠪᠠᠢᠳᠠᠭ ᠢ᠋ ᠪᠦᠷᠢᠮᠦᠰᠦᠨ ᠬᠥᠭᠡᠭᠡᠵᠦ᠂ ᠠᠷᠠᠳ ᠠᠮᠢᠲᠠᠨ ᠢ᠋ ᠬᠥᠮᠦᠨ ᠰᠢᠭ ᠠᠮᠢᠳᠤᠷᠠᠯᠭ᠎ᠠ ᠲᠠᠢ ᠪᠣᠯᠭᠠᠬᠤ ᠶ᠋ᠢᠨ ᠠᠷᠭ᠎ᠠ ᠵᠠᠮ ᠶᠡᠷᠦ ᠪᠠᠢᠳᠠᠭ ᠪᠣᠯ ᠤᠤ? ᠶᠠᠭᠠᠬᠢᠪᠠᠯ ᠴᠢᠩᠭᠢᠵᠦ ᠪᠣᠯᠳᠠᠭ ᠪᠣᠯ?
ᠰᠣᠨᠣᠰᠪᠠᠯ᠂ ᠨᠣᠮ ᠳ᠋ᠤ᠌ ᠬᠠᠮᠤᠭ ᠶᠠᠭᠤᠮ᠎ᠠ ᠶ᠋ᠢᠨ ᠤᠴᠢᠷ ᠲᠣᠳᠣᠷᠬᠠᠢ ᠪᠠᠢᠳᠠᠭ ᠭᠡᠳᠡᠭ᠃ ᠬᠥᠮᠦᠨ ᠳ᠋ᠦ᠍ ᠲᠤᠰᠠᠲᠠᠢ ᠰᠠᠢᠨ ᠰᠠᠢᠬᠠᠨ ᠶᠠᠭᠤᠮ᠎ᠠ ᠪᠦᠬᠦᠨ ᠨᠣᠮ ᠳ᠋ᠤ᠌ ᠪᠣᠢ ᠭᠡᠳᠡᠭ᠃ ᠮᠠᠨ ᠤ᠋ ᠮᠣᠩᠭᠣᠯ ᠬᠡᠯᠡᠨ ᠳ᠋ᠦ᠍ ᠲᠥᠪᠡᠳ ᠬᠢᠲᠠᠳ ᠠ᠋ᠴᠠ ᠣᠷᠴᠢᠭᠤᠯᠤᠭᠰᠠᠨ ᠨᠣᠮ ᠰᠤᠳᠤᠷ᠂ ᠨᠢᠭᠡ ᠨᠠᠰᠤ ᠪᠠᠷ ᠤᠩᠰᠢᠵᠤ ᠪᠠᠷᠠᠬᠤ ᠦᠭᠡᠢ ᠶᠡᠬᠡ ᠪᠣᠢ᠃ ᠭᠠᠭᠴᠠ ᠮᠢᠨᠦ ᠪᠣᠳᠣᠬᠤ ᠳ᠋ᠤ᠌᠂ ᠲᠥᠪᠡᠳ ᠦ᠋ᠳ ᠨᠣᠮ ᠢ᠋ ᠬᠢᠬᠦ ᠳ᠋ᠡᠭᠡᠨ᠂ ᠬᠥᠮᠦᠨ ᠡᠨᠡ ᠨᠠᠰᠤ ᠪᠠᠨ ᠪᠣᠳᠣᠯ ᠦᠭᠡᠢ᠂ ᠬᠣᠢᠲᠤ ᠨᠠᠰᠤ ᠪᠠᠨ ᠪᠣᠳᠣᠬᠤ ᠬᠡᠷᠡᠭᠲᠡᠢ ᠭᠡᠵᠦ ᠪᠢᠴᠢᠳᠡᠭ ᠪᠠᠢᠨ᠎ᠠ᠃ ᠬᠣᠢᠲᠤ ᠨᠠᠰᠤᠨ ᠳ᠋ᠠᠭᠠᠨ ᠵᠢᠷᠭᠠᠶ᠎ᠠ ᠭᠡᠪᠡᠯ᠂ ᠡᠨᠡ ᠨᠠᠰᠤᠨ ᠳ᠋ᠠᠭᠠᠨ ᠳᠠᠷᠤᠯᠠᠬᠤ ᠮᠥᠯᠵᠢᠬᠦ ᠶ᠋ᠢᠨ ᠵᠣᠪᠠᠯᠠᠩ ᠢ᠋ ᠬᠠᠲᠠᠮᠵᠢᠯᠠᠨ ᠬᠦᠯᠢᠴᠡᠬᠦ ᠬᠡᠷᠡᠭᠲᠡᠢ ᠶᠦᠮ ᠪᠠᠢᠨ᠎ᠠ᠂ ᠲᠥᠪᠡᠳ ᠨᠣᠮ ᠤ᠋ᠨ ᠶᠣᠰᠣᠭᠠᠷ᠂ ᠨᠥᠭᠦᠭᠡ ᠬᠢᠲᠠᠳ ᠨᠣᠮ ᠰᠤᠳᠤᠷ ᠦᠵᠡᠪᠡᠯ᠂ ᠡᠷᠲᠡ ᠤᠷᠢᠳ ᠴᠠᠭ ᠲᠤ᠌᠂ ᠡᠢᠮᠦ ᠰᠠᠢᠬᠠᠨ ᠲᠡᠢᠮᠦ ᠰᠠᠢᠬᠠᠨ ᠪᠠᠢᠭᠰᠠᠨ ᠭᠡᠵᠦ ᠡᠷᠲᠡ ᠪᠠᠯᠠᠷ ᠴᠠᠭ ᠤ᠋ᠨ ᠰᠠᠢᠳ ᠡᠷᠳᠡᠮᠲᠡᠨ ᠡᠴᠡ ᠦᠯᠢᠭᠡᠷ ᠵᠢᠱ᠌ᠢᠶ᠎ᠡ ᠠᠪᠬᠤ ᠬᠡᠷᠡᠭᠲᠡᠢ ᠭᠡᠵᠦ ᠨᠣᠮᠯᠠᠳᠠᠭ ᠪᠠᠢᠨ᠎ᠠ᠃ ᠣᠷᠣᠰ ᠪᠢᠴᠢᠭ ᠰᠤᠷᠴᠤ ᠴᠢᠳᠠᠭᠰᠠᠨ ᠦᠭᠡᠢ ᠮᠢᠨᠢ ᠬᠠᠷᠠᠮᠰᠠᠯᠲᠠᠢ ᠪᠠᠢᠨ᠎ᠠ᠃ ᠣᠷᠣᠰ ᠨᠣᠮ ᠳ᠋ᠤ᠌ ᠶᠠᠭᠤ ᠭᠡᠵᠦ ᠪᠠᠢᠳᠠᠭ ᠪᠣᠯ? ᠣᠳᠣ ᠰᠤᠷᠤᠶ᠎ᠠ ᠴᠤ᠌ ᠭᠡᠰᠡᠨ᠂ ᠬᠠᠨ᠎ᠠ ᠶ᠋ᠢᠨ ᠭᠡᠷ ᠬᠣᠯᠠᠳᠠᠵᠤ᠂ ᠬᠠᠳᠠᠨ ᠭᠡᠷ ᠣᠢᠷᠠᠲᠤᠭᠠᠳ᠂ ᠰᠤᠷᠬᠤ ᠠ᠋ᠴᠠ ᠨᠢᠭᠡᠨᠲᠡ ᠥᠩᠭᠡᠷᠡᠵᠡᠢ᠃
ᠢᠸᠠᠨ ᠮᠢᠨᠢ᠃ ᠬᠠᠷ᠎ᠠ ᠤᠬᠠᠭᠠᠨ ᠢ᠋ᠶ᠋ᠠᠷ ᠪᠣᠳᠣᠭᠠᠳ ᠦᠵᠡᠬᠦ ᠳ᠋ᠦ᠍᠂ ᠲᠥᠪᠡᠳ ᠬᠢᠲᠠᠳ᠂ ᠣᠷᠣᠰ ᠮᠠᠢᠮᠠᠢᠴᠢᠨ ᠪᠦᠭᠦᠳᠡ ᠠᠳᠠᠯᠢ ᠦᠵᠡᠭᠳᠡᠵᠦ᠂ ᠠᠰᠢᠭ ᠬᠣᠨᠵᠢᠶ᠎ᠠ ᠪᠠᠨ ᠬᠥᠭᠡᠭᠡᠴᠡᠯᠳᠦᠬᠦ ᠰᠠᠨᠠᠭ᠎ᠠ ᠰᠢᠨᠤᠯ ᠨᠢ ᠴᠥᠮ ᠨᠢᠭᠡᠨ ᠠᠳᠠᠯᠢ ᠪᠣᠯᠤᠯᠲᠠᠢ᠃ ᠬᠢᠲᠠᠳ ᠲᠥᠪᠡᠳ ᠦ᠋ᠨ ᠡᠷᠳᠡᠮᠲᠡᠨ ᠢ᠋ ᠴᠦ᠍ ᠪᠢ ᠦᠵᠡᠯ᠎ᠡ᠃ ᠮᠥᠨ ᠥᠪᠡᠷ ᠥᠪᠡᠷᠦᠨ ᠨᠣᠮ ᠳ᠋ᠤ᠌ ᠪᠠᠢᠳᠠᠭ ᠥᠨᠥᠬᠢ ᠯᠡ ᠶᠠᠭᠤᠮ᠎ᠠ ᠪᠠᠨ ᠬᠡᠯᠡᠳᠡᠭ ᠪᠠᠢᠵᠠᠢ᠃ ᠬᠠᠷᠢᠨ ᠣᠷᠣᠰ ᠡᠷᠳᠡᠮᠲᠡᠨ ᠢ᠋ ᠪᠢ ᠳᠡᠮᠡᠢ ᠠᠷᠪᠢᠨ ᠦᠵᠡᠭᠰᠡᠨ ᠦᠭᠡᠢ᠃ ᠦᠵᠡᠭᠰᠡᠨ ᠬᠡᠳᠦᠨ ᠡᠷᠳᠡᠮᠲᠡᠨ ᠨᠢ ᠮᠢᠨᠦ ᠮᠡᠳᠡᠳᠡᠭ᠂ ᠨᠣᠮ ᠲᠠᠢ ᠲᠥᠪᠡᠳ ᠯᠠᠮᠠ᠂ ᠬᠢᠲᠠᠳ ᠤ᠋ᠨ ᠺᠦᠩᠽᠢ ᠶ᠋ᠢᠨ ᠰᠤᠷᠭᠠᠯ ᠲᠠᠢ ᠰᠢᠶᠠᠨᠱᠧᠩ ᠦ᠋ᠳ ᠡᠴᠡ ᠲᠠᠰᠤ ᠥᠮᠨᠥᠭᠡ ᠦᠵᠡᠭᠳᠡᠵᠦ᠂ ᠤᠯᠤᠰ ᠠᠷᠠᠳ ᠤ᠋ᠨ ᠢ᠋ᠶ᠋ᠠᠨ ᠬᠣᠢᠴᠢ ᠶ᠋ᠢᠨ ᠲᠥᠯᠥᠭᠡ ᠡᠨᠡ ᠨᠠᠰᠤᠨ ᠳ᠋ᠠᠭᠠᠨ ᠵᠣᠷᠢᠬᠤ ᠵᠣᠷᠢᠯᠭ᠎ᠠ ᠲᠠᠢ ᠤᠯᠤᠰ ᠦᠵᠡᠭᠳᠡᠵᠦ ᠪᠢᠯᠡ᠃ ᠪᠢ ᠲᠡᠭᠦᠨ ᠳ᠋ᠦ᠍ᠨᠢ ᠣᠷᠣᠰ ᠡᠷᠳᠡᠮᠲᠡᠨ ᠳ᠋ᠦ᠍ ᠳᠣᠲᠣᠷ᠎ᠠ ᠪᠠᠨ ᠶᠡᠬᠡᠯ᠎ᠡ(ᠶᠡᠬᠡ ᠯᠡ) ᠪᠠᠶᠠᠷᠯᠠᠭᠰᠠᠨ᠃ ᠡᠢᠮᠦ ᠡᠷᠳᠡᠮᠲᠡᠨ ᠲᠡᠢ ᠤᠯᠤᠰ ᠶᠠᠭᠠᠬᠢᠭᠰᠠᠨ ᠴᠤ᠌ ᠬᠡᠳᠦ ᠳ᠋ᠡᠭᠡᠨ ᠶᠣᠰᠣᠲᠠᠢ ᠵᠠᠮ ᠢ᠋ᠶ᠋ᠠᠨ ᠣᠯᠵᠤ᠂ ᠪᠠᠰᠠ ᠥᠷᠥᠭᠡᠯ ᠪᠤᠰᠤᠳ ᠲᠤ᠌ ᠴᠤ᠌ ᠵᠠᠮ ᠢ᠋ᠶ᠋ᠠᠨ ᠣᠯᠬᠤ ᠳ᠋ᠤᠨᠢ ᠲᠤᠰᠠᠯᠠᠵᠤ ᠴᠢᠳᠠᠬᠤ ᠬᠤᠪᠢ ᠲᠠᠢ ᠤᠯᠤᠰ ᠪᠠᠢᠬᠤ ᠶᠣᠰᠣᠲᠠᠢ᠃
ᠢᠸᠠᠨ ᠮᠢᠨᠢ᠂ ᠴᠢ ᠣᠷᠣᠰ ᠨᠤᠲᠤᠭ ᠢ᠋ᠶ᠋ᠠᠷ ᠶᠠᠪᠤᠵᠤ ᠢᠷᠡᠭᠰᠡᠨ ᠬᠥᠮᠦᠨ᠃ ᠲᠠᠨ ᠤ᠋ ᠡᠷᠳᠡᠮᠲᠡᠨ᠂ ᠣᠳᠣ ᠲᠠᠨ ᠤ᠋ ᠠᠷᠠᠳ ᠠᠮᠢᠲᠠᠨ ᠤ᠋ ᠬᠦᠨᠳᠦ ᠪᠡᠷᠬᠡ ᠲᠡᠮᠡᠴᠡᠯ ᠳ᠋ᠦ᠍ ᠶᠠᠭᠠᠬᠢᠵᠤ ᠲᠤᠰᠠᠯᠠᠵᠤ ᠪᠠᠢᠭ᠎ᠠ ᠶ᠋ᠢ ᠮᠡᠳᠡᠭᠰᠡᠨ ᠪᠠᠢᠯ ᠦᠭᠡᠢ ᠳᠡ᠃ ᠴᠡᠭᠡᠵᠢ ᠶ᠋ᠢᠨ ᠪᠥᠬᠡ᠂ ᠲᠠᠨ ᠤ᠋ ᠡᠷᠳᠡᠮᠲᠡᠨ᠂ ᠴᠣᠬᠣᠮ ᠬᠡᠨ ᠦ᠌ ᠲᠠᠯ᠎ᠠ ᠳ᠋ᠤ᠌ ᠪᠠᠢᠨ᠎ᠠ᠃ ᠨᠠᠳᠠᠳᠤ ᠬᠡᠯᠡᠵᠦ ᠥᠭᠭᠦᠨᠡᠦ?(ᠥᠭᠭᠦᠨ᠎ᠡ ᠤᠤ?) ᠮᠠᠨ ᠤ᠋ ᠰᠡᠴᠡᠨ ᠦᠭᠡᠨ ᠳ᠋ᠦ᠍᠂ ᠭᠠᠷ ᠤ᠋ᠨ ᠪᠥᠬᠡ ᠭᠠᠭᠴᠠ ᠬᠥᠮᠦᠨ ᠳ᠋ᠦ᠍᠂ ᠴᠡᠭᠡᠵᠢ ᠶ᠋ᠢᠨ ᠪᠥᠬᠡ ᠴᠡᠷᠢᠭ ᠦ᠋ᠨ ᠬᠥᠮᠦᠨ ᠳ᠋ᠦ᠍ ᠭᠡᠳᠡᠭ᠃ ᠲᠠᠨ ᠤ᠋ ᠣᠷᠣᠰ ᠤ᠋ᠨ ᠠᠷᠠᠳ ᠤ᠋ᠨ ᠲᠠᠯ᠎ᠠ ᠳ᠋ᠤ᠌᠂ ᠣᠯᠠᠨ ᠳ᠋ᠠᠭᠠᠨ ᠪᠡᠷᠬᠡ ᠲᠡᠮᠡᠴᠡᠯ ᠳ᠋ᠦ᠍ᠨᠢ ᠲᠤᠰᠠᠯᠠᠵᠤ᠂ ᠮᠠᠷᠲᠠᠭᠰᠠᠨ ᠢ᠋ ᠰᠠᠨᠠᠭᠤᠯᠵᠤ᠂ ᠮᠡᠳᠡᠭᠡ ᠦᠭᠡᠢ ᠶ᠋ᠢ ᠨᠢ ᠬᠡᠯᠡᠵᠦ ᠥᠭᠳᠡᠭ ᠴᠡᠭᠡᠵᠢ ᠶ᠋ᠢᠨ ᠪᠥᠬᠡ ᠡᠷᠳᠡᠮᠲᠡᠨ ᠪᠣᠢ ᠤᠤ? ᠭᠡᠵᠦ ᠠᠰᠠᠭᠤᠪᠠ᠃
ᠳᠣᠲᠣᠨᠣ ᠡᠯᠢᠭᠡᠰᠡᠭ ᠨᠥᠬᠥᠷ ᠦ᠋ᠨ ᠦᠨᠡᠨ ᠭᠣᠣᠯ ᠠ᠋ᠴᠠ ᠭᠠᠷᠴᠤ ᠪᠠᠢᠭ᠎ᠠ ᠦᠭᠡ ᠶ᠋ᠢ ᠰᠣᠨᠣᠰᠴᠤ ᠪᠠᠢᠭᠰᠠᠨ ᠢᠸᠠᠨ᠂ ᠬᠡᠯᠡᠬᠦ ᠦᠭᠡ ᠪᠡᠨ ᠪᠣᠳᠣᠵᠤ ᠪᠠᠢᠭᠰᠠᠨ ᠠᠳᠠᠯᠢ᠂ ᠨᠢᠭᠡ ᠬᠡᠰᠡᠭ ᠳᠠᠭᠤᠨ ᠦᠭᠡᠢ ᠪᠠᠢᠭᠠᠳ᠂
— ᠪᠠᠲᠤᠪᠠᠶᠠᠷ᠂ ᠴᠢ ᠨᠠᠮᠠᠶ᠋ᠢ ᠴᠢᠨᠦ ᠠᠳᠠᠯᠢ ᠬᠠᠷᠠᠴᠤ ᠠᠷᠠᠳ ᠭᠡᠵᠦ ᠮᠡᠳᠡᠨ᠎ᠡ ᠰᠢᠦ ᠳᠡ᠃ ᠪᠠᠰᠠ ᠨᠠᠮᠠᠶ᠋ᠢ ᠡᠷᠳᠡᠮ ᠨᠣᠮ ᠦᠭᠡᠢ ᠬᠥᠮᠦᠨ ᠭᠡᠵᠦ ᠮᠡᠳᠡᠨ᠎ᠡ ᠰᠢᠦ ᠳᠡ᠂ ᠲᠡᠢᠮᠦ ᠤᠴᠢᠷ ᠠ᠋ᠴᠠ ᠮᠢᠨᠦ ᠬᠠᠷᠢᠭᠤᠯᠬᠤ ᠦᠭᠡ ᠤᠴᠢᠷ ᠳᠤᠲᠠᠭᠳᠠᠯᠲᠠᠢ(ᠳᠤᠲᠠᠭᠳᠠᠯ ᠲᠠᠢ) ᠪᠠᠢᠵᠤ ᠪᠣᠯᠵᠣᠰᠢ ᠦᠭᠡᠢ᠃ ᠭᠡᠪᠡᠴᠦ ᠴᠢᠨᠦ ᠠᠰᠠᠭᠤᠭᠰᠠᠨ ᠳ᠋ᠤ᠌ ᠬᠠᠷᠢᠭᠤ ᠬᠡᠯᠡᠬᠦ ᠨᠢ ᠲᠦᠮᠡᠨ ᠵᠦᠢ᠃ ᠪᠢ ᠴᠢᠨᠦ ᠠᠰᠠᠭᠤᠭᠰᠠᠨ ᠲᠡᠢᠮᠦ ᠤᠯᠤᠰ ᠪᠣᠢ ᠭᠡᠳᠡᠭ ᠢ᠋ ᠴᠢᠬᠢᠨ ᠦ᠌ ᠦᠵᠦᠭᠦᠷ ᠢ᠋ᠶ᠋ᠡᠷ ᠰᠣᠨᠣᠰᠤᠭᠰᠠᠨ! ᠭᠡᠵᠦ ᠬᠡᠯᠡᠪᠡ᠃
— ᠪᠣᠢ ᠤᠤ? ᠬᠡᠨ ᠭᠡᠭᠴᠢ᠂ ᠶᠠᠮᠠᠷ ᠤᠯᠤᠰ ᠪᠠᠢᠳᠠᠭ ᠶᠤᠮ ᠪᠣᠢ? ᠭᠡᠵᠦ ᠪᠠᠲᠤᠪᠠᠶᠠᠷ᠂ ᠢᠸᠠᠨ ᠤ᠋ ᠡᠪᠦᠳᠦᠭ ᠡᠴᠡ ᠠᠳᠬᠤᠨ ᠪᠠᠷᠢᠵᠤ ᠲᠡᠰᠬᠡᠯ ᠦᠭᠡᠢ ᠬᠦᠰᠡᠨ᠂ ᠨᠠᠮ ᠳᠠᠭᠤᠨ ᠢ᠋ᠶ᠋ᠠᠷ ᠠᠰᠠᠭᠤᠵᠠᠢ᠃
— ᠪᠣᠯᠱᠧᠸᠢᠭ ᠭᠡᠳᠡᠭ ᠤᠯᠤᠰ! ᠭᠡᠵᠦ ᠢᠸᠠᠨ ᠪᠢᠰᠢᠷᠡᠩᠭᠦᠢ ᠲᠣᠳᠣ ᠬᠡᠯᠡᠪᠡ᠃
— ᠪᠣᠯᠱᠧᠸᠢᠭ ᠭᠡᠳᠡᠭ ᠤᠯᠤᠰ ᠠ᠋! ᠭᠡᠵᠦ ᠪᠠᠲᠤᠪᠠᠶᠠᠷ ᠳᠠᠪᠲᠠᠨ ᠬᠡᠯᠡᠭᠡᠳ᠂ ᠲᠡᠷᠡ ᠴᠢᠨᠢ ᠴᠣᠬᠣᠮ ᠶᠠᠮᠠᠷ ᠤᠯᠤᠰ ᠪᠣᠢ? ᠭᠡᠪᠡ᠃
— ᠰᠲ᠋ᠧᠫᠠᠨ ᠤ᠋ ᠶᠠᠷᠢᠬᠤ ᠶ᠋ᠢ ᠰᠣᠨᠣᠰᠪᠠᠯ᠂ ᠪᠠᠲᠤᠲᠠᠢ ᠤᠯᠤᠰ ᠠ᠋ᠴᠠ ᠪᠣᠯᠱᠧᠸᠢᠭ ᠢ᠋ ᠣᠷᠣᠰ ᠤᠯᠤᠰ ᠤ᠋ᠨ ᠬᠥᠮᠦᠨ ᠦ᠌ ᠰᠠᠢᠨ ᠭᠡᠵᠦ ᠲᠤᠭᠤᠯᠤᠭᠰᠠᠨ ᠭᠡᠨ᠎ᠡ ᠪᠢᠯᠡ᠃ ᠣᠷᠣᠰ᠂ ᠲᠠᠲ᠋ᠠᠷ᠂ ᠦᠺᠷᠠᠢᠨᠠ᠂ ᠬᠢᠷᠭᠢᠰ᠂ ᠶᠡᠷᠦ ᠣᠷᠣᠰ ᠤᠯᠤᠰ ᠳᠠᠬᠢ ᠣᠯᠠᠨ ᠤᠭᠰᠠᠭᠠᠲᠠᠨ ᠢ᠋ ᠴᠠᠭᠠᠨ ᠬᠠᠭᠠᠨ ᠡᠵᠡᠨ ᠨᠣᠶᠠᠳ᠂ ᠦᠢᠯᠡᠳᠪᠦᠷᠢ ᠶ᠋ᠢᠨ᠂ ᠭᠠᠵᠠᠷ ᠤ᠋ᠨ ᠡᠵᠡᠨ᠂ ᠬᠥᠷᠥᠩᠭᠡᠲᠡᠨ ᠪᠠᠶᠠᠴᠤᠳ ᠤ᠋ᠨ ᠬᠠᠷᠭᠢᠰ ᠪᠠᠯᠠᠮᠠᠳ ᠵᠠᠰᠠᠭ ᠢ᠋ ᠳᠥᠯᠭᠡᠨ ᠤᠨᠠᠭᠠᠭᠠᠳ᠂ ᠵᠢᠩᠬᠢᠨᠢ ᠠᠷᠠᠳ ᠤ᠋ᠨ ᠶᠣᠰᠣᠲᠠᠢ ᠰᠠᠢᠬᠠᠨ ᠵᠠᠰᠠᠭ ᠢ᠋ ᠲᠣᠭᠲᠠᠭᠠᠬᠤ ᠪᠣᠯᠤᠭ ᠭᠡᠵᠦ ᠪᠣᠯᠱᠧᠸᠢᠭ ᠦ᠋ᠳ ᠵᠢᠳᠬᠦᠵᠦ ᠪᠠᠢᠭ᠎ᠠ ᠶᠤᠮ ᠭᠡᠨ᠎ᠡ ᠪᠢᠯᠡ ᠭᠡᠵᠦ ᠬᠡᠯᠡᠪᠡᠰᠦ᠂
— ᠠ᠂ ᠲᠡᠭᠡᠪᠡᠯ᠂ ᠮᠠᠨ ᠤ᠋ ᠬᠠᠷᠢ ᠶ᠋ᠢᠨ ᠳᠠᠷᠤᠯᠠᠯ ᠠ᠋ᠴᠠ ᠠᠩᠭᠢᠵᠢᠷᠠᠬᠤ ᠳ᠋ᠤ᠌ ᠲᠤᠰᠠᠯᠠᠬᠤ ᠦᠨᠡᠨ ᠵᠢᠷᠤᠮ ᠤ᠋ᠨ ᠨᠥᠬᠥᠷ ᠪᠣᠢ ᠶᠤᠮ ᠪᠠᠢᠨ᠎ᠠ ᠭᠡᠵᠦ ᠪᠠᠲᠤᠪᠠᠶᠠᠷ ᠦᠨᠡᠨ ᠰᠡᠳᠬᠢᠯ ᠡᠴᠡᠭᠡᠨ (ᠡᠴᠡ ᠪᠡᠨ)ᠪᠢᠰᠢᠷᠡᠨ ᠥᠭᠦᠯᠡᠪᠡ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠮᠥᠩᠭᠥᠨᠭᠣᠸ᠎ᠠ᠂ ᠪᠠᠯ᠂
ᠣᠭ᠌ᠶᠤ᠂ ᠮᠧᠢ ᠬᠤᠸᠠ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠲ· ᠬᠦᠮᠦᠵᠢᠯᠲᠦ᠂ ᠣᠶᠤᠨᠪᠠᠲᠤ᠂ ᠪᠠᠯ
ᠤᠩᠰᠢᠭᠴᠢ᠄ ᠨᠠᠰᠤᠨ᠌ᠦ᠌ᠯᠵᠡᠢ
