ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < доорд > – Мөнх зохиоов ᠂ Гутгаар бодь – Нэгдүгээр бүлэг <8> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < доорд > – Мөнх зохиоов ᠂ Гутгаар бодь – Нэгдүгээр бүлэг <8>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < доорд > – Мөнх зохиоов ᠂ Гутгаар бодь – Нэгдүгээр бүлэг <8>

ᠠᠩᠭᠢᠯᠠᠯ:ᠲᠤᠭᠤᠵᠢ ᠷᠣᠮᠠᠨ
2024-12-06

275


                 ᠨᠠᠢ᠍ᠮᠠ  

       ᠡᠯᠳᠡᠩᠭᠡ ᠵᠤᠳᠪᠠ ᠨᠠᠷ ᠪᠠᠭ᠎ᠠ ᠦᠳᠡ ᠡᠴᠡ ᠵᠠᠪᠳᠤᠵᠤ ᠬᠣᠰᠢᠭᠤ ᠣᠪᠣᠭᠠᠨ ᠤ᠋ ᠲᠥᠰᠦᠷ ᠪᠠᠭᠤᠵᠤ ᠣᠴᠢᠬᠤ ᠳ᠋ᠤ᠌ ᠰᠢᠷ᠎ᠠ ᠴᠡᠷᠢᠭ ᠦ᠋ᠨ ᠬᠠᠷᠠᠭᠤᠯ ᠮᠠᠨᠠᠭ᠎ᠠ ᠬᠣᠰᠢᠭᠤ ᠣᠪᠣᠭᠠᠨ ᠤ᠋ ᠲᠣᠭᠣᠷᠢᠨ ᠳ᠋ᠤ᠌ ᠵᠠᠢ ᠠᠪᠴᠤ ᠵᠣᠭᠰᠣᠭᠰᠠᠨ ᠪᠠᠢᠪᠠ᠃ 
       ᠴᠠᠭᠠᠨ ᠯᠤᠤ ᠵᠢᠯ ᠦ᠋ᠨ ᠵᠤᠨ ᠤ᠋ ᠡᠬᠢᠨ ᠳ᠋ᠦ᠍ ᠬᠠᠷ᠎ᠠ ᠮᠣᠷᠢ ᠡᠳᠦᠷ ᠢ᠋ ᠰᠣᠩᠭᠣᠵᠤ ᠬᠣᠰᠢᠭᠤ ᠬᠦᠩ ᠦ᠋ᠨ ᠣᠪᠣᠭᠠᠨ ᠤ᠋ ᠴᠢᠭᠤᠯᠭ᠎ᠠ ᠪᠣᠯᠵᠠᠢ᠃  
       ᠬᠣᠰᠢᠭᠤ ᠣᠪᠣᠭᠠᠨ ᠤ᠋ ᠲᠠᠬᠢᠯᠭ᠎ᠠ ᠶ᠋ᠢᠨ ᠡᠳᠦᠷ ᠪᠢᠰᠢ ᠪᠣᠯᠪᠠᠴᠤ ᠵᠦᠭ ᠵᠦᠭ ᠦ᠋ᠨ ᠬᠥᠮᠦᠰ ᠬᠣᠰᠢᠭᠤ ᠣᠪᠣᠭ᠎ᠠ ᠵᠦᠭ ᠴᠤᠭᠯᠠᠷᠠᠵᠤ ᠪᠠᠢᠪᠠ᠃ 
       ᠵᠢᠷ ᠵᠣᠷ ᠠᠨᠢᠷ ᠴᠢᠮᠡᠭᠡ ᠠᠪᠤᠭᠰᠠᠳ ᠨᠢ ᠡᠯᠳᠡᠪ ᠢ᠋ᠶ᠋ᠡᠷ ᠬᠡᠯᠡᠯᠴᠡᠨ᠎ᠡ᠃ 
       — ᠣᠪᠣᠭ᠎ᠠ ᠲᠠᠬᠢᠬᠤ ᠪᠣᠯᠤᠭ᠎ᠠ ᠦᠭᠡᠢ ᠯᠡ ᠳᠡ᠂ ᠵᠠ᠂ ᠴᠣᠬᠣᠮ ᠶᠠᠭᠤ ᠪᠣᠯᠪᠠ? 
       — ᠪᠠᠷᠠᠭᠤᠨ ᠲᠤᠰᠠᠯᠠᠭᠴᠢ ᠮᠢᠩᠭᠠᠨᠪᠤᠤ ᠨᠠᠷ ᠢ᠋ ᠴᠠᠭᠠᠵᠠᠯᠠᠬᠤ ᠶᠤᠮ ᠭᠡᠰᠡᠨ ᠳᠡ! 
       — ᠠ᠂ ᠮᠡᠳᠡᠬᠦ ᠦᠭᠡᠢ᠂ ᠬᠠᠷ᠎ᠠ ᠴᠡᠷᠢᠭ ᠡᠴᠡ ᠬᠣᠢᠰᠢ ᠰᠢᠷ᠎ᠠ ᠴᠡᠷᠢᠭ ᠦ᠋ᠳ ᠯᠡ ᠪᠤᠵᠢᠭᠢᠨᠠᠳᠠᠭ ᠪᠣᠯᠵᠠᠢ ᠠ᠋! ᠭᠡᠬᠦ ᠳ᠋ᠦ᠍ ᠶᠠᠮᠤᠨ ᠤ᠋ ᠲᠠᠬᠠᠷ ᠤ᠋ᠨ ᠠᠮᠠ ᠠ᠋ᠴᠠ ᠣᠪᠣᠭᠠᠨ ᠳ᠋ᠤ᠌ ᠴᠢᠭᠤᠯᠬᠤ ᠭᠡᠰᠡᠨ ᠵᠠᠷ ᠴᠢᠮᠡᠭᠡ ᠶ᠋ᠢ ᠯᠡ ᠲᠤᠭᠤᠯᠤᠭᠰᠠᠨ ᠪᠣᠯᠪᠠᠴᠤ ᠴᠣᠬᠣᠮ ᠶᠠᠭᠠᠬᠢᠬᠤ ᠭᠡᠰᠡᠨ ᠢ᠋ ᠮᠡᠳᠡᠳᠡᠭ ᠦᠭᠡᠢ ᠶ᠋ᠢ ᠰᠣᠨᠢᠭᠤᠴᠢᠯᠠᠨ᠄ 
       — ᠰᠢᠷ᠎ᠠ ᠴᠡᠷᠢᠭ ᠨᠢ ᠰᠦᠷᠡᠬᠡᠢ ᠶᠦᠮ ᠠ᠋! ᠭᠡᠳ ᠬᠥᠮᠦᠰ ᠳᠣᠷᠭᠢᠵᠤ ᠪᠠᠢᠨ᠎ᠠ ᠳᠠ! 
       — ᠬᠠᠷ᠎ᠠ ᠨᠢ ᠴᠦ᠍ ᠪᠣᠯᠤᠭ᠂ ᠰᠢᠷ᠎ᠠ ᠨᠢ ᠴᠦ᠍ ᠪᠣᠯᠤᠭ ᠪᠦᠷ ᠳᠠᠷᠢ ᠵᠠᠯᠭᠢᠭᠰᠠᠨ ᠭᠠᠷᠯᠢᠭ ᠤ᠋ᠳ! ᠬᠦᠢᠲᠡᠨ ᠲᠡᠮᠦᠷ ᠡᠭᠡᠯᠳᠦᠷᠭᠡᠯᠡᠴᠢᠬᠡᠭᠡᠳ ᠬᠥᠮᠦᠨ ᠠᠮᠢᠲᠠᠨ ᠢ᠋ ᠬᠥᠨᠥᠭᠡᠬᠦ ᠡᠴᠡ ᠴᠠᠭᠠᠰᠢ ᠪᠦᠲᠦᠯᠲᠡᠢ ᠶᠠᠭᠤᠮ᠎ᠠ ᠭᠡᠵᠦ ᠨᠢᠭᠡ ᠴᠦ᠍ ᠪᠠᠢᠬᠤ ᠦᠭᠡᠢ᠃ 
       — ᠠᠮᠠ ᠪᠠᠨ ᠣᠯᠵᠤ ᠲᠣᠩᠭᠣᠰ ᠴᠢ᠂ ᠴᠠᠭᠠᠳᠤᠭᠤᠯᠠ ᠴᠢᠨᠢ ᠰᠣᠨᠣᠰᠪᠠᠯ ᠭᠠᠢᠲᠤᠨ᠎ᠠ ᠰᠢᠦ! ᠴᠢ ᠪᠢᠳᠡ! 
       — ᠫᠦᠱ! ᠨᠣᠬᠠᠢ ᠳᠣᠯᠢᠶᠠᠭ ᠴᠠᠭᠠᠰᠢ! ᠭᠡᠳ ᠵᠠᠷᠢᠮ ᠨᠢ ᠰᠠᠨᠠᠭᠰᠠᠨ ᠪᠣᠳᠣᠭᠰᠠᠨ ᠢ᠋ᠶ᠋ᠠᠨ ᠳᠡᠮᠡᠢ ᠯᠡ ᠠᠮᠠᠨ ᠲᠠᠪᠠ ᠪᠠᠷ ᠢ᠋ᠶ᠋ᠠᠨ ᠶᠠᠷᠢᠵᠤ ᠶᠠᠪᠤᠨ᠎ᠠ᠃ 
       ᠡᠨᠳᠡ ᠲᠡᠨᠳᠡ ᠡᠴᠡ ᠴᠤᠭᠯᠠᠷᠠᠭᠰᠠᠨ ᠬᠥᠮᠦᠰ ᠬᠣᠰᠢᠭᠤ ᠣᠪᠣᠭ᠎ᠠ ᠪᠠᠨ ᠲᠣᠭᠣᠷᠢᠭᠠᠳ ᠠᠷᠬᠠᠢᠯᠴᠠᠨ᠎ᠠ᠃ ᠬᠣᠰᠢᠭᠤ ᠲᠤᠰᠠᠯᠠᠭᠴᠢ ᠨᠣᠶᠠᠨ᠂ ᠵᠠᠬᠢᠷᠤᠭᠴᠢ᠂ ᠮᠡᠢᠷᠡᠨ᠂ ᠵᠠᠩᠭᠢ᠂ ᠵᠠᠯᠠᠨ ᠪᠠ ᠶᠠᠮᠤᠨ ᠣᠢᠷᠠᠯᠴᠠᠭ᠎ᠠ《ᠱᠠᠵᠢᠨ ᠪᠠᠳᠠᠷᠠᠭᠤᠯᠤᠭᠴᠢ ᠰᠦᠮ᠎ᠡ》᠂ ᠬᠦᠩ ᠦ᠋ᠨ ᠰᠦᠮ᠎ᠡ᠂ ᠵᠢᠷᠭᠠᠯᠲᠤ᠂ ᠰᠤᠪᠤᠷᠭ᠎ᠠ ᠶ᠋ᠢᠨ ᠰᠦᠮ᠎ᠡ ᠶ᠋ᠢᠨ ᠬᠢᠨ ᠦ᠌ ᠭᠡᠭᠡᠲᠡᠨ ᠭᠡᠪᠬᠦᠢ᠂ ᠱᠠᠪᠷᠤᠩ ᠯᠠᠮᠠ᠂ ᠭᠠᠪᠵᠤ ᠯᠠᠮᠠᠬᠠᠢ᠂ ᠤᠮᠵᠠᠳ ᠳᠡᠮᠴᠢ ᠯᠠᠮᠠ ᠨᠠᠷ ᠵᠢᠴᠢ ᠠᠷᠪᠠᠨ ᠬᠣᠶᠠᠷ ᠰᠤᠮᠤᠨ ᠤ᠋ ᠬᠠᠷᠠᠴᠤᠰ ᠡᠳᠦᠢ ᠲᠡᠳᠦᠢ ᠬᠥᠮᠦᠰ ᠴᠤᠭᠯᠠᠷᠠᠵᠤ ᠬᠣᠰᠢᠭᠤ ᠣᠪᠣᠭᠠᠨ ᠤ᠋ ᠲᠣᠭᠣᠷᠢᠨ ᠳ᠋ᠤ᠌ ᠲᠠᠬᠢᠯᠭ᠎ᠠ ᠰᠢᠲᠦᠯᠭᠡ ᠶ᠋ᠢᠨ ᠴᠢᠭᠤᠯᠭ᠎ᠠ ᠪᠣᠯᠤᠭᠰᠠᠨ ᠰᠢᠭ᠋ ᠮᠣᠷᠢ ᠤᠨᠤᠭ᠎ᠠ᠂ ᠬᠠᠰᠠᠭ ᠲᠡᠷᠭᠡ᠂ ᠬᠥᠮᠦᠨ ᠬᠠᠷ᠎ᠠ ᠪᠠᠷ ᠳᠦᠭᠦᠷᠪᠡ᠃ 
       ᠪᠠᠲᠤ ᠨᠤᠲᠠ ᠴᠢᠯᠠᠭᠤᠨ ᠰᠠᠭᠤᠷᠢ ᠲᠠᠢ ᠥᠨᠳᠥᠷ ᠰᠦᠷᠯᠢᠭ ᠬᠣᠰᠢᠭᠤ ᠣᠪᠣᠭ᠎ᠠ ᠰᠤᠪᠤᠷᠭᠠᠨ ᠣᠷᠣᠢ ᠳ᠋ᠠᠭᠠᠨ ᠭᠬᠢᠪ ᠵᠠᠩᠭᠢᠶ᠎ᠠ᠂ ᠬᠠᠳᠠᠭ ᠰᠠᠮᠪᠠᠢ ᠶᠠᠩᠵᠤᠯᠠᠭᠰᠠᠨ ᠪᠤᠷᠭᠠᠰᠤᠨ ᠵᠢᠮᠰᠡᠭ ᠲᠡᠢ᠃ ᠲᠡᠭᠦᠨ ᠦ᠌ ᠪᠡᠨ ᠲᠥᠪ ᠭᠣᠣᠯ ᠳ᠋ᠤ᠌ ᠬᠠᠨ ᠲᠩᠷᠢ ᠶ᠋ᠢ ᠱᠣᠷᠣᠯᠠᠭᠰᠠᠨ᠂ ᠬᠠᠷᠠᠯᠠᠭ ᠬᠥᠬᠥᠯᠲᠦ ᠰᠦᠯᠳᠡ ᠲᠤᠭ ᠨᠢ ᠨᠢᠭᠡ ᠯᠡ ᠲᠦᠩᠰᠦᠭᠡᠷ ᠶᠡᠬᠡᠮᠰᠦᠭ᠃ ᠣᠪᠣᠭᠠᠨ ᠤ᠋ ᠰᠦᠯᠳᠡ ᠶ᠋ᠢᠨ ᠰᠢᠯᠪᠢ ᠡᠴᠡ ᠪᠠᠷᠠᠭᠤᠨ ᠡᠮᠦᠨ᠎ᠡ᠂ ᠵᠡᠭᠦᠨ ᠡᠮᠦᠨ᠎ᠡ ᠵᠦᠭ ᠲᠦ᠍ ᠵᠡᠯ᠎ᠡ ᠴᠢᠨᠳᠠᠮᠤᠨᠢᠯᠠᠨ ᠲᠠᠲᠠᠵᠤ ᠳᠠᠷᠴᠤᠭ ᠬᠡᠢᠰᠬᠡᠭᠰᠡᠨ ᠨᠢ ᠡᠲᠡᠭᠡᠳ ᠭᠣᠶᠣᠮᠰᠣᠭ ᠬᠠᠷᠠᠭᠳᠠᠬᠤ ᠠᠵᠤᠭᠤ᠃ 
       ᠨᠣᠶᠠᠳ ᠶᠠᠮᠪᠠᠲᠠᠳ᠂ ᠯᠠᠮᠠ ᠨᠠᠷ ᠲᠦᠷᠦᠭᠦᠯᠡᠨ ᠬᠣᠰᠢᠭᠤ ᠣᠪᠣᠭᠠᠨ ᠤ᠋ ᠨᠠᠷᠠᠨ ᠲᠠᠯ᠎ᠠ ᠳ᠋ᠠᠬᠢ ᠲᠠᠬᠢᠯᠭ᠎ᠠ ᠶ᠋ᠢᠨ ᠲᠠᠯᠪᠢᠭᠤᠷ ᠲᠤ ᠱᠦᠮᠦᠷ ᠲᠠᠯᠪᠢᠵᠤ᠂ ᠠᠷᠢᠬᠢ ᠳᠡᠷᠡᠰᠦᠨ ᠦ᠌ ᠳᠡᠭᠡᠵᠢ ᠪᠡᠨ ᠰᠡᠷᠵᠢᠮᠯᠡᠵᠦ ᠡᠷᠭᠦᠨ᠎ᠡ᠃ 
       ᠣᠪᠣᠭᠠᠨ ᠤ᠋ ᠡᠮᠦᠨᠡᠬᠢ ᠲᠣᠮᠣ ᠤᠷᠲᠤᠯᠵᠢᠨ ᠠᠭᠠᠷᠤᠨ ᠰᠢᠷᠡᠭᠡᠨ ᠳᠡᠭᠡᠷ᠎ᠡ ᠤᠭᠤᠴᠠ ᠰᠢᠭᠦᠰᠦ ᠲᠠᠯᠪᠢᠵᠤ᠂ ᠲᠡᠭᠦᠨ ᠦ᠌ ᠬᠠᠵᠠᠭᠤ ᠪᠠᠷ ᠬᠥᠮᠦᠰ ᠳᠠᠯᠢᠩ ᠭᠠᠨᠵᠤᠭᠠᠨ ᠠ᠋ᠴᠠ ᠪᠠᠨ ᠪᠣᠣᠪᠣ ᠪᠣᠭᠣᠷᠰᠣᠭ᠂ ᠥᠷᠥᠮ᠎ᠡ ᠲᠣᠰᠣ᠂ ᠰᠢᠬᠢᠷ ᠴᠢᠪᠠᠭ᠎ᠠ ᠵᠡᠷᠭᠡ ᠡᠷᠭᠦᠨ ᠣᠪᠣᠭᠠᠨ ᠳ᠋ᠠᠭᠠᠨ ᠮᠥᠷᠭᠥᠵᠦ ᠣᠪᠣᠭ᠎ᠠ ᠪᠠᠨ ᠨᠠᠷᠠᠨ ᠵᠥᠪ ᠡᠷᠭᠢᠵᠡᠭᠡᠨ᠎ᠡ᠁ 
       ᠰᠢᠷᠠᠩᠭᠤᠢ ᠴᠡᠷᠢᠭ ᠬᠤᠪᠴᠠᠰᠤᠨ ᠳᠡᠭᠡᠷ᠎ᠡ ᠥᠷᠭᠡᠨ ᠰᠢᠷᠢᠨ ᠪᠦᠰᠡ ᠪᠦᠰᠡᠯᠡᠨ ᠵᠥᠪ ᠪᠤᠷᠤᠭᠤ ᠲᠠᠰᠢᠶᠠᠨ ᠳ᠋ᠠᠭᠠᠨ ᠰᠢᠷᠢᠨ ᠬᠤᠢ ᠲᠠᠢ ᠠᠬᠤᠷ ᠫᠤᠤ ᠮᠤᠬᠢᠭᠠᠷ ᠤᠷᠲᠤ ᠰᠡᠯᠡᠮ᠎ᠡ ᠶ᠋ᠢ ᠶᠠᠩᠵᠤᠯᠠᠵᠤ ᠵᠡᠭᠦᠭᠰᠡᠨ ᠮᠠᠷᠢᠶᠠᠯᠢᠭ ᠴᠢᠷᠠᠢ᠂ ᠪᠣᠭᠣᠨᠢᠬᠠᠨ ᠪᠡᠶ᠎ᠡ ᠲᠡᠢ ᠪᠣᠯᠪᠠᠴᠤ ᠶᠡᠬᠡᠳᠡ ᠰᠣᠷᠲᠣᠭᠣ ᠠᠪᠤᠭᠰᠠᠨ ᠵᠢᠪᠬᠤᠭᠠᠯᠢᠭ ᠡᠷ᠎ᠡ᠂ ᠡᠯᠳᠡᠩᠭᠡ᠂ ᠵᠤᠳᠪᠠ᠂ ᠸᠴᠢᠷᠪᠠᠲᠤ ᠨᠠᠷ ᠲᠠᠢ ᠪᠠᠢᠨ ᠪᠠᠢᠨ ᠲᠣᠯᠣᠭᠠᠢ ᠳᠣᠬᠢᠨ ᠨᠢᠭᠡ ᠶᠠᠭᠤᠮ᠎ᠠ ᠶᠠᠷᠢᠬᠤ ᠠᠪᠠᠴᠤ ᠨᠠᠭᠠᠰᠢ ᠴᠠᠭᠠᠰᠢ ᠰᠡᠷᠲᠡᠭᠡᠨᠡᠬᠦ ᠨᠢ ᠶᠠᠭᠤᠮᠠᠨ ᠳ᠋ᠤ᠌ ᠪᠣᠯᠭᠣᠮᠵᠢᠲᠠᠢ ᠪᠠᠢᠬᠤ ᠶ᠋ᠢᠨ ᠲᠡᠮᠳᠡᠭ᠃ ᠡᠨᠡ ᠬᠥᠮᠦᠨ ᠪᠣᠯ ᠰᠢᠷ᠎ᠠ ᠴᠡᠷᠢᠭ ᠦ᠋ᠨ ᠨᠣᠶᠠᠨ ᠠᠭᠸᠠᠩ ᠠᠵᠢ᠃ 
       — ᠥᠨᠥᠳᠥᠷ ᠥᠯᠵᠡᠢᠲᠦ ᠡᠳᠦᠷ᠃ ᠴᠠᠭᠠᠨ ᠯᠤᠤ ᠵᠢᠯ ᠦ᠋ᠨ ᠵᠠᠰᠠᠭ ᠲᠠᠮᠠᠭ᠎ᠠ ᠶ᠋ᠢᠨ ᠬᠠᠳᠠᠭ ᠰᠡᠬᠦᠶ᠎ᠡ! ᠭᠡᠵᠦ ᠡᠯᠳᠡᠩᠭᠡ ᠲᠤᠰᠠᠯᠠᠭᠴᠢ ᠣᠯᠠᠨ᠎ᠠ ᠲᠤᠩᠬᠠᠯᠠᠭᠰᠠᠨ ᠳ᠋ᠤ᠌ ᠰᠢᠷ᠎ᠠ ᠴᠡᠷᠢᠭ ᠦ᠋ᠨ ᠠᠭᠸᠠᠩ ᠨᠣᠶᠠᠨ ᠥᠨᠳᠥᠷ ᠳᠡᠭᠡᠷ᠎ᠡ ᠭᠠᠷᠴᠤ᠄ 
       — ᠡᠷᠭᠢᠨ ᠨᠣᠶᠠᠳ ᠲᠦᠰᠢᠮᠡᠳ ᠪᠠ ᠲᠠ ᠪᠦᠭᠦᠳᠡ ᠶ᠋ᠢᠨ ᠠᠮᠤᠷ ᠢ᠋ ᠠᠢᠯᠠᠳᠬᠠᠶ᠎ᠠ! ᠭᠡᠵᠦ ᠲᠣᠯᠣᠭᠠᠢ ᠪᠠᠨ ᠶᠠᠯᠢ ᠦᠭᠡᠢ ᠮᠡᠬᠦᠯᠵᠡᠬᠦ ᠳ᠋ᠦ᠍ ᠬᠠᠵᠠᠭᠤ ᠠ᠋ᠴᠠ ᠨᠢ ᠬᠠᠪᠴᠢᠭ ᠪᠦᠷᠬᠦ ᠶ᠋ᠢ ᠬᠠᠵᠠᠭᠠᠢ ᠲᠠᠯᠪᠢᠭᠰᠠᠨ ᠬᠠᠲᠠᠩᠭᠢᠷ ᠰᠢᠷ᠎ᠠ ᠬᠥᠮᠦᠨ ᠪᠦᠷᠬᠦ ᠪᠡᠨ ᠠᠪᠴᠤ ᠮᠡᠬᠦᠢᠨ ᠶᠣᠰᠣᠯᠠᠭᠠᠳ ᠠᠭᠸᠠᠩ ᠨᠣᠶᠠᠨ ᠤ᠋ ᠬᠡᠯᠡᠭᠰᠡᠨ ᠢ᠋ ᠭᠣᠳ ᠰᠢᠩᠭᠡᠨ ᠠᠪᠢᠶ᠎ᠠ ᠪᠠᠷ ᠬᠡᠯᠡᠮᠦᠷᠴᠢᠯᠡᠭᠰᠡᠨ ᠨᠢ ᠬᠥᠮᠦᠰ ᠲᠦ᠍ ᠶᠣᠣᠵᠠ ᠮᠠᠭᠤᠲᠠᠢ ᠬᠠᠷᠠᠭᠳᠠᠪᠠ᠃ ᠡᠨᠡ ᠬᠥᠮᠦᠨ ᠨᠢ ᠥᠯᠵᠡᠢᠰᠠᠩ ᠪᠠᠢᠪᠠ᠃ 
       — ᠡᠨᠡ ᠶᠣᠰᠣᠲᠠᠢ ᠱᠣᠯᠢ ᠦᠭᠡᠢ ᠠᠮᠢᠲᠠᠨ! ᠡᠯᠵᠢᠭᠡ ᠴᠦ᠍ ᠪᠢᠰᠢ᠂ ᠮᠣᠷᠢ ᠴᠤ᠌ ᠪᠢᠰᠢ᠂ ᠬᠣᠶᠠᠷ ᠤ᠋ᠨ ᠬᠣᠭᠣᠷᠣᠨᠳᠣ ᠶ᠋ᠢᠨ ᠯᠠᠭᠤᠰᠠ ᠰᠢᠤᠬᠠᠨ ᠶᠤᠮ ᠠ᠋᠃ ᠵᠠ᠂ ᠲᠡᠭᠡᠭᠡᠳ ᠳᠠᠭᠤᠨ ᠤ᠋ ᠬᠢᠨᠢ ᠮᠠᠭᠤᠬᠠᠢ ᠭᠡᠵᠢ ᠠ᠋! ᠭᠡᠵᠦ ᠵᠤᠳᠪᠠ ᠮᠡᠢᠷᠡᠨ ᠲᠣᠯᠣᠭᠠᠢ ᠰᠠᠵᠢᠯᠠᠨ ᠡᠯᠳᠡᠩᠭᠡ ᠶ᠋ᠢᠨ ᠴᠢᠬᠢᠨ ᠳ᠋ᠦ᠍ ᠰᠢᠪᠡᠨᠡᠪᠡᠯ ᠡᠯᠳᠡᠩᠭᠡ ᠬᠡᠩ ᠭᠡᠵᠦ ᠦᠯᠦ ᠲᠣᠭᠣᠨ ᠢᠨᠢᠶᠡᠬᠦ ᠳᠦᠷᠢ ᠦᠵᠡᠭᠦᠯᠦᠨ ᠮᠣᠭᠠᠢ ᠬᠣᠷᠣᠨ ᠳ᠋ᠠᠭᠠᠨ ᠰᠢᠷᠠᠯᠠᠬᠤ ᠪᠣᠢ! ᠭᠡᠪᠡ᠃ 
       — ᠥᠨᠥᠳᠥᠷ ᠦ᠋ᠨ ᠵᠠᠰᠠᠭ ᠲᠠᠮᠠᠭ᠎ᠠ ᠶ᠋ᠢᠨ ᠬᠠᠳᠠᠭ ᠰᠢᠭᠦᠬᠦ ᠴᠤᠭᠯᠠᠭᠠᠨ ᠤ᠋ ᠲᠠᠰᠢᠷᠠᠮ ᠬᠣᠶᠠᠷ ᠤᠴᠢᠷ ᠢ᠋ ᠣᠯᠠᠨ᠎ᠠ ᠵᠠᠷᠯᠠᠶ᠎ᠠ᠄ 
       ᠨᠢᠭᠡ ᠳ᠋ᠦ᠍᠂ ᠲᠠᠢᠵᠢ ᠢᠵᠠᠭᠤᠷᠲᠤ ᠯᠣᠪᠰᠠᠩᠰᠠᠩᠵᠡᠢ ᠶ᠋ᠢᠨ ᠠᠭᠡ ᠠᠮᠤᠷᠰᠠᠨᠠᠭ᠎ᠠ ᠶ᠋ᠢ ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠢ᠋ᠶ᠋ᠠᠷ ᠡᠷᠭᠦᠮᠵᠢᠯᠡᠶ᠎ᠡ! ᠭᠡᠳ ᠠᠭᠸᠠᠩ ᠨᠣᠶᠠᠨ ᠠᠮᠤᠷᠰᠠᠨᠠᠭ᠎ᠠ ᠳ᠋ᠤ᠌ ᠪᠠᠳᠮᠠᠷᠠᠭ᠎ᠠ ᠵᠢᠩᠰᠡ ᠲᠡᠢ ᠣᠲᠣᠭᠠᠲᠤ ᠮᠠᠯᠠᠭᠠᠢ ᠵᠡᠭᠦᠯᠭᠡᠭᠰᠡᠨ ᠳ᠋ᠦ᠍ ᠡᠯᠳᠡᠩᠭᠡ ᠲᠤᠰᠠᠯᠠᠭᠴᠢ ᠵᠤᠳᠪᠠ ᠮᠡᠢᠷᠡᠨ ᠬᠣᠶᠠᠷ ᠪᠠᠷᠰ ᠤ᠋ᠨ ᠲᠣᠯᠣᠭᠠᠢ ᠶ᠋ᠢᠨ ᠬᠡ ᠲᠡᠢ ᠰᠢᠯ ᠨᠢᠭᠤᠷ ᠲᠠᠢ ᠰᠢᠷ᠎ᠠ ᠠᠭᠠᠷᠤᠨ ᠵᠢᠵᠢᠭ ᠬᠣᠷᠭᠣ ᠠ᠋ᠴᠠ ᠴᠣᠯ ᠮᠥᠩᠭᠥᠨ ᠵᠠᠰᠠᠭ ᠲᠠᠮᠠᠭ᠎ᠠ ᠶ᠋ᠢ ᠨᠢᠮᠪᠠᠢᠯᠠᠨ ᠭᠠᠷᠭᠠᠵᠤ ᠬᠠᠳᠠᠭ ᠲᠡᠳᠡᠨ ᠡᠷᠭᠦᠪᠡ᠃ 
       ᠰᠢᠨ᠎ᠡ ᠬᠦᠩ ᠨᠣᠶᠠᠨ ᠠᠮᠤᠷᠰᠠᠨᠠᠭ᠎ᠠ ᠪᠠᠳᠮᠠᠷᠠᠭ᠎ᠠ ᠵᠢᠩᠰᠡ ᠵᠡᠭᠦᠵᠦ᠂ ᠰᠢᠷ᠎ᠠ ᠬᠣᠷᠭᠣᠢ ᠲᠡᠷᠯᠢᠭ ᠳᠡᠭᠡᠷ᠎ᠡ ᠪᠣᠷᠣ ᠲᠣᠷᠭᠠᠨ ᠬᠠᠨᠵᠢᠶᠠᠷ ᠴᠢᠮᠡᠭᠯᠡᠵᠦ ᠵᠠᠰᠠᠭᠰᠠᠨ ᠢ᠋ᠶ᠋ᠠᠷ ᠨᠢᠭᠡ ᠯᠡ ᠰᠦᠷ ᠨᠠᠮᠪᠠᠭ᠎ᠠ ᠲᠠᠢ ᠬᠠᠷᠠᠭᠳᠠᠵᠤ᠂ ᠴᠢᠷᠠᠢ ᠳ᠋ᠤᠨᠢ ᠦᠯᠦ ᠮᠡᠳᠡᠭ ᠪᠠᠶᠠᠰᠤᠯ ᠣᠮᠤᠷᠬᠠᠯ ᠲᠣᠳᠣᠷᠠᠨ᠎ᠠ᠃ ᠲᠡᠷᠡ ᠪᠡᠷ ᠶᠢᠰᠦᠨ ᠵᠢᠩ ᠬᠦᠨᠳᠦ ᠪᠠᠷᠰ ᠤ᠋ᠨ ᠪᠠᠷᠢᠭᠤᠯᠲᠤ ᠴᠣᠯ ᠮᠥᠩᠭᠥᠨ ᠵᠠᠰᠠᠭ ᠲᠠᠮᠠᠭ᠎ᠠ ᠶ᠋ᠢ ᠲᠣᠰᠴᠤ ᠠᠪᠬᠤ ᠳ᠋ᠤ᠌ ᠭᠠᠷ ᠨᠢ ᠴᠡᠴᠡᠷᠡᠵᠦ ᠠᠢᠳᠠᠰ ᠬᠦᠷᠬᠦ ᠰᠢᠭ ᠪᠣᠯᠪᠠ᠃ 
       ᠡᠯᠳᠡᠩᠭᠡ ᠲᠤᠰᠠᠯᠠᠭᠴᠢ ᠶ᠋ᠢᠨ ᠴᠠᠭᠠᠨ᠎ᠠ ᠪᠠᠨ ᠲᠣᠭᠰᠢᠨ ᠪᠠᠭᠯᠠᠭᠰᠠᠨ ᠨᠣᠮᠣᠬᠠᠨ ᠬᠠᠷᠠᠴᠠ ᠲᠠᠢ ᠨᠢᠳᠦ ᠨᠢ ᠠᠮᠤᠷᠰᠠᠨᠠᠭ᠎ᠠ ᠬᠦᠩ ᠨᠣᠶᠠᠨ ᠤ᠋ ᠬᠠᠷᠠᠴᠠ ᠲᠠᠢ ᠮᠥᠷᠭᠥᠬᠦ ᠳ᠋ᠦ᠍ ᠲᠡᠷᠡ ᠤᠯᠠᠮ ᠰᠦᠷᠳᠡᠵᠦ《ᠬᠠᠰᠢᠷ ᠲᠤᠰᠠᠯᠠᠭᠴᠢ ᠮᠢᠨᠢ ᠠ᠋! ᠲᠠᠨ ᠤ᠋ ᠰᠣᠳᠣᠨ ᠤᠬᠠᠭᠠᠨ ᠲᠠᠢ ᠶᠡᠬᠡ ᠭᠠᠪᠢᠶᠠᠨ ᠳ᠋ᠤ᠌ ᠪᠢ ᠮᠥᠩᠬᠡᠲᠡ ᠲᠠᠯᠠᠷᠬᠠᠨ᠎ᠠ᠁ ᠮᠠᠷᠲᠠᠵᠤ ᠴᠢᠳᠠᠬᠤ ᠦᠭᠡᠢ ᠠ᠋! ᠪᠢ ᠲᠠᠨ ᠢ᠋ ᠪᠡᠨ! ᠲᠡᠭᠡᠬᠦ ᠳ᠋ᠦ᠍ ᠡᠨᠡ ᠶᠢᠰᠦᠨ ᠵᠢᠩ ᠬᠦᠨᠳᠦ ᠵᠠᠰᠠᠭ ᠲᠠᠮᠠᠭ᠎ᠠ ᠨᠠᠳᠠ ᠳ᠋ᠠᠭᠠᠨ ᠶᠡᠷᠡᠨ ᠵᠢᠩ᠂ ᠶᠢᠰᠦᠨ ᠵᠠᠭᠤᠨ ᠵᠢᠩ᠁ ᠬᠦᠨᠳᠦ ᠪᠠᠢᠨ᠎ᠠ᠂ ᠲᠣᠭᠰᠢᠨ ᠪᠠᠷᠰ ᠣᠴᠣᠢᠭᠰᠠᠨ ᠲᠠᠮᠠᠭ᠎ᠠ ᠶ᠋ᠢᠨ ᠪᠠᠷᠢᠭᠤᠯ ᠠ᠋ᠴᠠ ᠪᠠᠷᠢᠵᠤ ᠶᠠᠳᠠᠨ ᠰᠦᠷᠳᠡᠵᠦ ᠪᠠᠢᠨ᠎ᠠ᠁ ᠬᠠᠰᠢᠷ ᠲᠤᠰᠠᠯᠠᠭᠴᠢ ᠭᠤᠸᠠᠢ ᠲᠠ ᠢᠯᠡᠭᠦᠬᠡᠨ ᠳᠣᠳᠣᠮᠳᠠᠵᠤ ᠪᠠᠢᠭᠠᠷᠠᠢ! ᠪᠢ ᠴᠢᠨᠢ᠁》 ᠭᠡᠵᠦ ᠨᠢᠳᠦ ᠪᠡᠷ ᠢ᠋ᠶ᠋ᠡᠨ ᠬᠡᠯᠡᠭᠰᠡᠨ ᠢ᠋ ᠡᠯᠳᠡᠩᠭᠡ ᠲᠤᠰᠠᠯᠠᠭᠴᠢ ᠨᠡᠪᠲᠡ ᠣᠢᠯᠠᠭᠠᠵᠤ《ᠡᠪᠦᠭᠡᠨ ᠪᠢ ᠪᠠᠢᠭᠰᠠᠨ ᠴᠠᠭ ᠲᠤ ᠬᠦᠩ ᠨᠣᠶᠠᠨ ᠭᠤᠸᠠᠢ ᠠᠶᠤᠵᠤ ᠰᠦᠷᠳᠡᠬᠦ ᠶᠠᠭᠤᠮ᠎ᠠ ᠠᠯᠠᠭ᠎ᠠ! ᠰᠠᠨᠠᠭ᠎ᠠ ᠠᠮᠤᠷ ᠪᠠᠢ!》 ᠭᠡᠳ ᠠᠮᠤᠷᠰᠠᠨᠠᠭ᠎ᠠ ᠬᠦᠩ ᠨᠣᠶᠠᠨ ᠤ᠋  ᠵᠠᠰᠠᠭ ᠲᠠᠮᠠᠭ᠎ᠠ ᠲᠡᠪᠡᠷᠢᠭᠰᠡᠨ ᠭᠠᠷ ᠢ᠋ ᠬᠥᠨᠳᠡᠢᠬᠡᠨ ᠳᠠᠪᠰᠢᠭᠰᠠᠨ ᠳ᠋ᠤ᠌᠂ ᠠᠮᠤᠷᠰᠠᠨᠠᠭ᠎ᠠ ᠬᠦᠩ ᠨᠣᠶᠠᠨ ᠤ᠋ ᠳᠣᠲᠣᠷ᠎ᠠ ᠪᠠᠬᠠᠨ ᠠᠭᠤᠵᠢᠷᠠᠪᠠ᠃ 
       ᠬᠥᠮᠦᠰ ᠴᠢᠬᠢ ᠴᠢᠬᠢᠨ ᠳ᠋ᠡᠭᠡᠨ ᠡᠢᠨ ᠰᠢᠪᠡᠨᠡᠯᠳᠦᠨ᠎ᠡ᠃ 
       — ᠰᠢᠷ᠎ᠠ ᠴᠡᠷᠢᠭ ᠨᠢ ᠬᠠᠷᠢᠨ ᠬᠠᠷ᠎ᠠ ᠴᠡᠷᠢᠭ ᠡᠴᠡ ᠬᠠᠪᠢ ᠦᠭᠡᠢ ᠳᠡᠭᠡᠷ᠎ᠡ ᠶᠦᠮ ᠴᠢᠷᠠᠢ⁈ ᠡᠳᠡᠨ ᠦ᠌ ᠥᠮᠥᠭ ᠲᠦ᠍ ᠶᠠᠭᠤ ᠴᠦ᠍ ᠭᠡᠰᠡᠨ ᠤᠷᠠᠳ ᠶᠠᠰᠤᠲᠠᠨ ᠤ᠋ ᠳᠣᠲᠣᠷ᠎ᠠ ᠠ᠋ᠴᠠ ᠵᠠᠰᠠᠭ ᠪᠠᠷᠢᠬᠤ ᠬᠦᠩ ᠨᠣᠶᠠᠨ ᠲᠠᠢ ᠪᠣᠯᠤᠯ᠎ᠠ᠁ 
       — ᠰᠢᠷ᠎ᠠ ᠴᠡᠷᠢᠭ ᠢ᠋ ᠰᠠᠢᠨ ᠭᠡᠬᠦ ᠡᠴᠡ ᠤᠳᠠᠬᠤ ᠦᠭᠡᠢ ᠭᠠᠤᠯᠢ ᠨᠢ ᠪᠤᠯᠲᠠᠢᠬᠤ ᠦᠭᠡᠢ ᠴᠦ᠍ ᠪᠣᠯ ᠶᠠᠭᠠᠬᠢᠬᠤ ᠪᠣᠢ! 
       — ᠬᠡᠨ ᠮᠡᠳᠡᠨ᠎ᠡ⁈ 
       — ᠬᠡᠩ! ᠬᠠᠷ᠎ᠠ ᠴᠡᠷᠢᠭ᠂ ᠰᠢᠷ᠎ᠠ ᠴᠡᠷᠢᠭ ᠦ᠋ᠨ ᠠᠯᠢᠨ ᠨᠢ ᠴᠦ᠍ ᠣᠯᠬᠢᠶ᠎ᠠ ᠲᠠᠢ ᠶᠠᠭᠤᠮ᠎ᠠ ᠪᠢᠰᠢ᠂ ᠭᠠᠢᠯᠢ ᠭᠤᠪᠴᠢᠭᠤᠷ᠂ ᠳᠡᠭᠡᠷᠡᠮ ᠲᠤᠨᠤᠭ᠎ᠠ ᠪᠡᠯᠴᠢᠭᠡᠷ ᠨᠤᠲᠤᠭ᠁ ᠠᠢ ᠳᠠ! ᠭᠡᠵᠦ ᠬᠡᠯᠡᠯᠴᠡᠬᠦ ᠳ᠋ᠦ᠍ ᠪᠠᠰᠠ ᠵᠠᠷᠢᠮ ᠨᠢ᠄ 
       — ᠡᠨᠡ ᠴᠦ᠍ ᠪᠠᠰᠠ ᠯᠠ ᠰᠢᠷᠠᠪᠳᠤᠷᠵᠢ ᠠ᠋ᠴᠠ ᠴᠠᠭᠠᠰᠢ ᠦᠭᠡᠢ ᠮᠠᠨᠠᠭᠤᠯ ᠬᠦᠩ ᠨᠣᠶᠠᠨ ᠶᠠᠳᠠᠬᠤ ᠦᠭᠡᠢ ᠠ᠋! ᠲᠡᠷᠡ ᠴᠢᠷᠠᠢ ᠶ᠋ᠢ ᠨᠢ ᠬᠠᠷᠠᠪᠠᠯ᠁ 
       — ᠵᠠ᠂ ᠶᠠᠭᠠᠬᠢᠬᠤ ᠪᠣᠢ! ᠬᠠᠮᠢᠭ᠎ᠠ ᠭᠠᠵᠠᠷ ᠤ᠋ᠨ ᠨᠢᠭᠡ ᠮᠠᠭᠤ ᠪᠡᠯᠪᠡᠰᠦᠨ ᠡᠮ᠎ᠡ ᠪᠡᠷ ᠵᠠᠰᠠᠭ ᠪᠠᠷᠢᠭᠤᠯᠤᠭᠰᠠᠨ ᠠ᠋ᠴᠠ ᠳᠡᠭᠡᠷ᠎ᠡ ᠪᠠᠢᠯᠭᠦᠢ! 
       — ᠲᠡᠷᠡ ᠴᠦ᠍ ᠲᠡᠢᠮᠦ ᠠ᠋! ᠲᠡᠭᠡᠪᠡᠴᠦ ᠮᠥᠨ ᠯᠡ ᠡᠯᠳᠡᠩᠭᠡ ᠲᠤᠰᠠᠯᠠᠭᠴᠢ ᠶ᠋ᠢᠨ ᠠᠯᠠᠭ᠎ᠠ ᠶ᠋ᠢᠨ ᠵᠢᠷᠤᠭ ᠠ᠋ᠴᠠ ᠴᠠᠭᠠᠰᠢ ᠲᠣᠭᠯᠠᠭᠠᠳ ᠬᠠᠮᠢᠭ᠎ᠠ ᠬᠦᠷᠴᠢᠬᠡᠨ᠎ᠡ ᠪᠣᠢ? ᠪᠠᠷᠤᠭ ᠤ᠋ᠨ ᠡᠷ᠎ᠡ ᠲᠡᠭᠦᠨ ᠦ᠌ ᠴᠠᠭᠠᠲᠠᠢ ᠭᠠᠷᠴᠤ ᠴᠢᠳᠠᠬᠤ ᠦᠭᠡᠢ ᠠ᠋! ᠭᠡᠵᠡᠭᠡᠬᠦ ᠶᠦᠮ᠃ 
       ᠠᠭᠸᠠᠩ ᠨᠣᠶᠠᠨ ᠵᠠᠯᠭᠠᠵᠤ᠄ 
       — ᠲᠡᠭᠦᠨ ᠦ᠌ ᠳᠠᠷᠠᠭ᠎ᠠ ᠳ᠋ᠤᠨᠢ ᠮᠢᠩᠭᠠᠨᠪᠤᠤ ᠱᠠᠭᠳᠠᠷᠰᠦ᠋ᠷᠦᠩ ᠵᠡᠷᠭᠡ ᠶᠠᠯᠠᠲᠠᠨ ᠢ᠋ ᠴᠠᠭᠠᠵᠠ ᠪᠠᠷ ᠶᠠᠯᠠᠯᠠᠵᠤ᠂ ᠬᠦᠷᠳᠦ ᠵᠡᠭᠦᠯᠭᠡᠨ ᠠᠯᠤᠰ ᠨᠤᠲᠤᠭ ᠰᠢᠯᠢ ᠶ᠋ᠢᠨ ᠭᠣᠣᠯ ᠳ᠋ᠤ᠌ ᠭᠤᠷᠪᠠᠨ ᠵᠢᠯ ᠦ᠋ᠨ ᠬᠤᠭᠤᠴᠠᠭ᠎ᠠ ᠪᠠᠷ ᠴᠥᠯᠡᠨ᠎ᠡ ᠭᠡᠰᠡᠨ ᠳ᠋ᠦ᠍ ᠴᠠᠭᠠᠨ᠎ᠠ ᠠ᠋ᠴᠠ ᠬᠦᠵᠦᠭᠦᠨ ᠳ᠋ᠡᠭᠡᠨ ᠲᠥᠭᠡ ᠵᠤᠵᠠᠭᠠᠨ᠂ ᠠᠯᠠᠳᠠ ᠬᠢᠷᠢᠲᠡᠢ ᠤᠷᠲᠤ ᠬᠠᠢᠯᠠᠰᠤᠨ ᠬᠦᠷᠳᠦ ᠵᠡᠭᠦᠭᠰᠡᠨ ᠮᠢᠩᠭᠠᠨᠪᠤᠤ ᠲᠦᠷᠤᠭᠦᠲᠠᠢ ᠬᠡᠳᠦᠨ ᠶᠠᠯᠠᠲᠠᠨ ᠶᠠᠮᠤᠨ ᠤ᠋ ᠴᠡᠷᠢᠭ ᠲᠦ᠍ ᠲᠠᠭᠤᠭᠳᠠᠵᠤ ᠨᠦᠰᠡᠷ ᠠᠯᠬᠤᠭ᠎ᠠ ᠪᠠᠷ ᠭᠠᠷᠴᠤ ᠢᠷᠡᠬᠦ ᠳ᠋ᠦ᠍ ᠬᠥᠮᠦᠰ ᠬᠠᠷᠢᠨ ᠰᠦᠷᠳᠡᠨ ᠠᠶᠤᠭᠰᠠᠨ ᠶᠤᠮ ᠰᠢᠭ᠋ ᠬᠣᠶᠠᠷ ᠲᠠᠢᠰᠢ ᠬᠠᠭᠠᠷᠠᠨ ᠮᠢᠩᠭᠠᠨᠪᠤᠤ ᠳ᠋ᠤ᠌ ᠵᠠᠮ ᠲᠠᠯᠪᠢᠵᠤ ᠥᠭᠭᠦᠨ᠎ᠡ᠃ 
       ᠮᠢᠩᠭᠠᠨᠪᠤᠤ ᠵᠡᠷᠭᠡ ᠬᠡᠳᠦᠨ ᠶᠠᠯᠠᠲᠠᠨ ᠢ᠋ ᠬᠡᠷᠬᠡᠮ ᠨᠣᠶᠠᠨᠲᠠᠳ ᠤ᠋ᠨ ᠥᠭᠡᠳᠡ ᠬᠠᠨᠳᠤᠭᠤᠯᠤᠨ ᠵᠣᠭᠰᠣᠭᠠᠭᠰᠠᠨ ᠳ᠋ᠤ᠌ ᠵᠤᠳᠪᠠ ᠮᠡᠢᠷᠡᠨ ᠮᠢᠩᠭᠠᠨᠪᠤᠤ ᠶ᠋ᠢᠨ ᠶᠠᠯ᠎ᠠ ᠶ᠋ᠢ ᠲᠣᠭᠠᠴᠢᠪᠠ᠃ 
       ᠮᠢᠩᠭᠠᠨᠪᠤᠤ ᠡᠷ᠎ᠡ ᠬᠦᠢᠰᠦ ᠲᠡᠢ᠂ ᠤᠷᠠᠳ ᠤ᠋ᠨ ᠬᠠᠷᠭᠤᠳ ᠰᠤᠮᠤᠨ ᠤ᠋ ᠲᠠᠢᠵᠢ ᠢᠵᠠᠭᠤᠷᠲᠤ᠃ ᠮᠤᠨᠠ ᠠᠭᠤᠯᠠ ᠶ᠋ᠢᠨ ᠠᠭᠠᠷᠤᠲᠠᠢ ᠡᠩᠭᠡᠷ ᠦ᠋ᠨ ᠤᠯᠠᠯᠵᠢ ᠶ᠋ᠢᠨ ᠬᠥᠮᠦᠨ᠃ ᠤᠤᠯ ᠤ᠋ᠨ ᠤᠷᠠᠳ ᠤ᠋ᠨ ᠪᠠᠷᠠᠭᠤᠨ ᠬᠦᠩ ᠦ᠋ᠨ ᠪᠠᠷᠠᠭᠤᠨ ᠲᠤᠰᠠᠯᠠᠭᠴᠢ᠃ ᠲᠡᠷᠡ ᠪᠡᠷ ᠲᠤᠰᠠᠯᠠᠭᠴᠢ ᠪᠠᠢᠬᠤ ᠳ᠋ᠠᠭᠠᠨ ᠵᠢᠯᠢᠢᠭᠴᠢ ᠰᠢᠷᠠᠪᠳᠣᠷᠵᠢ ᠬᠦᠩ ᠨᠣᠶᠠᠨ ᠢ᠋ ᠤᠬᠠᠭᠠᠯᠠᠵᠤ ᠬᠦᠩ ᠨᠣᠶᠠᠨ ᠪᠣᠯᠤᠨ ᠵᠡᠭᠦᠨ ᠲᠤᠰᠠᠯᠠᠭᠴᠢ ᠡᠯᠳᠡᠩᠭᠡ ᠶ᠋ᠢᠨ ᠬᠣᠭᠣᠷᠣᠨᠳᠣ ᠵᠠᠪᠰᠠᠷᠳᠠᠭᠤᠯᠤᠨ ᠬᠣᠰᠢᠭᠤ ᠬᠦᠩ ᠦ᠋ᠨ ᠳᠣᠲᠣᠷ᠎ᠠ ᠵᠠᠭᠤᠷ᠎ᠠ ᠶ᠋ᠢᠨ ᠵᠠᠳᠠᠷᠠᠯ ᠡᠭᠦᠰᠬᠡᠭᠰᠡᠨ ᠭᠣᠣᠯ ᠶᠠᠯᠠᠲᠠᠨ᠁ ᠮᠢᠩᠭᠠᠨᠪᠤᠤ ᠪᠠᠰᠠ ᠵᠡᠭᠦᠨ ᠲᠤᠰᠠᠯᠠᠭᠴᠢ ᠡᠯᠳᠡᠩᠭᠡ ᠶ᠋ᠢᠨ ᠡᠳ᠋ ᠬᠥᠷᠥᠩᠭᠡ ᠶ᠋ᠢ ᠬᠤᠷᠢᠶᠠᠵᠤ᠂ ᠭᠣᠯᠣᠮᠲᠠ ᠶ᠋ᠢ ᠨᠢ ᠭᠠᠯᠳᠠᠵᠤ᠂ ᠠᠢᠯ ᠡᠷᠦᠬᠡ ᠶ᠋ᠢ ᠪᠤᠰᠠᠨᠢᠭᠤᠯᠤᠭᠰᠠᠨ ᠶᠠᠯ᠎ᠠ ᠲᠠᠢ᠃ ᠲᠡᠷᠡᠴᠢᠯᠡᠨ ᠪᠠᠰᠠ ᠪᠤᠭᠤᠲᠤ ᠶ᠋ᠢᠨ ᠠᠲᠠᠷ ᠬᠠᠭᠤᠯᠪᠤᠷᠢᠯᠠᠬᠤ ᠲᠣᠪᠴᠢᠶ᠎ᠠ ᠶ᠋ᠢᠨ ᠬᠠᠷ᠎ᠠ ᠴᠡᠷᠢᠭ ᠢ᠋ ᠬᠥᠳᠡᠯᠭᠡᠵᠦ ᠬᠦᠩ ᠦ᠋ᠨ ᠰᠦᠮ᠎ᠡ ᠶ᠋ᠢᠨ ᠬᠤᠪᠢᠯᠭᠠᠨ ᠳ᠋ᠠᠨᠳᠠᠨ ᠳᠠ ᠯᠠᠮᠠ ᠶ᠋ᠢ ᠠᠯᠠᠭᠰᠠ ᠵᠡᠷᠭᠡ ᠠᠭᠤᠴᠢᠯᠠᠰᠢ ᠦᠭᠡᠢ ᠬᠦᠨᠳᠦ ᠶᠠᠯ᠎ᠠ ᠲᠠᠢ ᠲᠤᠯᠠᠳᠠ ᠴᠠᠭᠠᠵᠠ ᠪᠠᠷ ᠰᠢᠢᠳᠬᠡᠵᠦ ᠬᠦᠷᠳᠦ ᠵᠡᠭᠦᠯᠭᠡᠨ ᠭᠤᠷᠪᠠᠨ ᠵᠢᠯ ᠢ᠋ᠶ᠋ᠡᠷ ᠠᠯᠤᠰ ᠨᠤᠲᠤᠭ ᠰᠢᠯᠢ ᠭᠣᠣᠯ ᠳ᠋ᠤ᠌ ᠴᠥᠯᠡᠯᠭᠡᠨ ᠳ᠋ᠦ᠍ ᠶᠠᠪᠤᠭᠤᠯᠬᠤ ᠪᠠᠷ ᠶᠠᠯ᠎ᠠ ᠣᠨᠣᠭᠠᠪᠠ᠃ 
       ᠦᠢ ᠣᠯᠠᠨ ᠤ᠋ ᠡᠮᠦᠨ᠎ᠡ《ᠶᠠᠯ᠎ᠠ ᠬᠢᠯᠢᠨᠴᠡ》 ᠪᠡᠨ ᠳᠠᠭᠤᠳᠠᠭᠤᠯᠤᠭᠰᠠᠨ ᠮᠢᠩᠭᠠᠨᠪᠤᠤ ᠶ᠋ᠢᠨ ᠳᠣᠲᠣᠷ᠎ᠠ ᠭᠠᠯ ᠰᠢᠲᠠᠵᠤ ᠠᠭᠰᠤᠷᠤᠨ᠄ 
       — ᠬᠢᠯᠢᠰ! ᠡᠨᠡ ᠪᠦᠷ ᠬᠢᠯᠢᠰ ᠠ᠋! ᠭᠡᠵᠦ ᠳᠡᠪᠬᠡᠴᠡᠨ ᠬᠠᠰᠬᠢᠷᠬᠤ ᠳ᠋ᠠᠭᠠᠨ ᠡᠯᠳᠡᠩᠭᠡ ᠶ᠋ᠢ ᠵᠠᠨᠤᠯᠲᠠᠢ ᠬᠠᠷᠠᠵᠤ《ᠰᠢᠷ᠎ᠠ ᠴᠡᠷᠢᠭ ᠦ᠋ᠨ ᠨᠥᠮᠥᠷᠢ ᠳ᠋ᠦ᠍ ᠡᠷᠳᠦᠵᠦ ᠬᠥᠮᠦᠨ ᠦ᠌ ᠭᠠᠷ ᠢ᠋ᠶ᠋ᠠᠷ ᠮᠣᠭᠠᠢ ᠪᠠᠷᠢᠵᠤ ᠬᠥᠮᠦᠨ ᠢ᠋ ᠴᠢᠰᠤ ᠦᠭᠡᠢ ᠠᠯᠠᠳᠠᠭ ᠳᠠᠮᠰᠢᠭ ᠶᠤᠮ ᠠ᠋ ᠴᠢ!》 ᠭᠡᠵᠦ ᠰᠢᠨᠡ ᠪᠡᠨ ᠵᠠᠭᠤᠵᠤ ᠬᠡᠯᠡᠭᠰᠡᠨ ᠳ᠋ᠦ᠍ ᠡᠯᠳᠡᠩᠭᠡ ᠶ᠋ᠢᠨ ᠳᠣᠲᠣᠷ᠎ᠠ ᠨᠢ ᠪᠤᠴᠠᠯᠬᠤ ᠠᠪᠠᠴᠤ ᠦᠭᠡ ᠳᠤᠤᠷᠭᠠᠷᠤᠭᠰᠠᠨ ᠦᠭᠡᠢ᠃ ᠬᠦᠷᠡᠩ ᠪᠣᠷᠣ ᠴᠢᠷᠠᠢ ᠨᠢ ᠣᠯᠣᠭᠠᠢᠳᠤᠨ ᠴᠢᠨᠦᠷᠡᠬᠦ ᠳ᠋ᠡᠭᠡᠨ ᠬᠡᠰᠡᠭ ᠴᠠᠢᠷᠠᠨ ᠬᠡᠰᠡᠭ ᠪᠣᠷᠣᠯᠠᠨ᠎ᠠ᠃《ᠰᠢᠷ᠎ᠠ ᠴᠡᠷᠢᠭ ᠦ᠋ᠨ ᠬᠠᠷᠭᠢᠰᠯᠠᠯ ᠢ᠋ᠶ᠋ᠠᠷ ᠪᠣᠯ ᠮᠢᠩᠭᠠᠨᠪᠤᠤ ᠴᠢᠮᠠᠶ᠋ᠢ ᠡᠨᠳᠡ ᠳᠡᠮᠡᠢ ᠬᠠᠰᠬᠢᠷᠬᠤ ᠲᠡᠩᠬᠡ ᠦᠭᠡᠢ ᠴᠢᠰᠤᠯᠠᠵᠤ ᠬᠠᠶᠠᠬᠤ ᠪᠠᠢᠭᠰᠠᠨ ᠶᠤᠮ᠁ ᠬᠡᠩ! ᠬᠥᠮᠦᠨ ᠦ᠌ ᠰᠠᠢᠨ ᠢ᠋ ᠮᠡᠳᠡᠬᠦ ᠦᠭᠡᠢ! ᠴᠢ ᠵᠢᠩᠬᠢᠨᠢ ᠡᠷ᠎ᠡ ᠬᠥᠮᠦᠨ ᠪᠣᠯ ᠴᠦᠯᠡᠯᠭᠡ ᠶ᠋ᠢᠨ ᠭᠤᠷᠪᠠᠨ ᠵᠢᠯ ᠦ᠋ᠨ ᠬᠠᠯᠠ ᠶ᠋ᠢ ᠳᠠᠭᠠᠭᠠᠵᠤ ᠶᠠᠪᠤᠭᠠᠷᠠᠢ!》 ᠭᠡᠵᠦ ᠮᠢᠩᠭᠠᠨᠪᠤᠤ ᠵᠦᠭ ᠲᠣᠭᠰᠢᠨ ᠬᠠᠷᠠᠴᠠ ᠭᠦᠶᠦᠯᠭᠡᠭᠰᠡᠨ ᠤᠬᠠᠭᠠᠨ ᠢ᠋ ᠬᠡᠨ ᠴᠦ᠍ ᠣᠢᠯᠠᠭᠠᠭ᠎ᠠ ᠦᠭᠡᠢ᠃ 
       ᠮᠢᠩᠭᠠᠨᠪᠤᠤ ᠶ᠋ᠢᠨ ᠬᠢᠯᠢᠰᠳᠡᠭᠰᠡᠨ ᠭᠠᠰᠢᠭᠤᠨ ᠨᠢᠳᠦ ᠡᠯᠳᠡᠩᠭᠡ ᠶ᠋ᠢᠨ ᠲᠣᠭᠰᠢᠨ ᠬᠠᠷᠠᠴᠠ ᠲᠠᠢ ᠬᠠᠯᠵᠠ ᠲᠤᠯᠬᠤ ᠳ᠋ᠤ᠌ ᠠᠭᠤᠷ ᠬᠢᠯᠢᠩ ᠳ᠋ᠦ᠍ ᠰᠢᠲᠠᠭᠰᠠᠨ ᠮᠢᠩᠭᠠᠨᠪᠤᠤ ᠶ᠋ᠢᠨ ᠨᠢᠳᠦᠨ ᠳ᠋ᠦ᠍ ᠬᠣᠷᠣᠰᠤᠯ ᠤ᠋ᠨ ᠣᠴᠢ ᠪᠠᠳᠠᠷᠠᠵᠤ ᠪᠠᠢᠯ᠎ᠠ᠁ 
       ᠵᠤᠳᠪᠠ ᠮᠡᠢᠷᠡᠨ ᠱᠠᠭᠳᠠᠷᠰᠦ᠋ᠷᠦᠩ ᠵᠡᠷᠭᠡ ᠬᠡᠳᠦᠨ ᠶᠠᠯᠠᠲᠠᠨ ᠤ᠋ ᠶᠠᠯ᠎ᠠ ᠶ᠋ᠢ ᠵᠠᠯᠭᠠᠨ ᠲᠣᠭᠠᠴᠢᠵᠤ ᠳᠠᠭᠤᠰᠬᠤ ᠳ᠋ᠤ᠌ ᠰᠢᠷ᠎ᠠ ᠴᠡᠷᠢᠭ ᠦ᠋ᠨ ᠠᠭᠸᠠᠩ ᠨᠣᠶᠠᠨ᠄
       — ᠴᠠᠭᠠᠵᠠ ᠶᠠᠪᠤᠭᠤᠯ! ᠭᠡᠰᠡᠨ ᠳ᠋ᠦ᠍ ᠮᠢᠩᠭᠠᠨᠪᠤᠤ᠂ ᠱᠠᠭᠳᠠᠷᠰᠦ᠋ᠷᠦᠩ ᠨᠠᠷ ᠶᠠᠮᠤᠨ ᠤ᠋ ᠴᠡᠷᠢᠭ ᠦ᠋ᠨ ᠰᠢᠪᠠᠳᠠᠯᠭ᠎ᠠ ᠪᠠᠷ ᠬᠥᠳᠡᠯᠪᠡ᠃ 
       ᠡᠨᠡ ᠬᠦ᠌ ᠬᠥᠮᠦᠨ ᠦ᠌ ᠲᠡᠷᠢᠭᠦᠨ ᠢ᠋ ᠴᠠᠪᠴᠢᠬᠤ ᠠ᠋ᠴᠠ ᠳᠤᠲᠠᠭᠤᠳᠠᠬᠤ ᠦᠭᠡᠢ ᠨᠦᠰᠡᠷ ᠠᠢᠩᠭᠤᠷᠢᠲᠤ《ᠴᠠᠭᠠᠵᠠ ᠶ᠋ᠢᠨ ᠲᠠᠯᠠᠪᠠᠢ》 ᠳ᠋ᠠᠬᠢ ᠬᠥᠮᠦᠰ ᠡᠭᠦᠨ ᠡᠴᠡ ᠠᠶᠤᠨ ᠰᠦᠷᠳᠡᠭᠰᠡᠨ ᠴᠦ᠍ ᠶᠦᠮ ᠤᠤ ᠡᠰᠡᠪᠡᠰᠦ ᠮᠢᠩᠭᠠᠨᠪᠤᠤ᠂ ᠱᠠᠭᠳᠠᠷᠰᠦ᠋ᠷᠦᠩ ᠨᠠᠷ ᠲᠤ ᠬᠢᠯᠢᠰ ᠲᠣᠭᠲᠠᠭᠰᠠᠨ ᠶᠠᠯ᠎ᠠ ᠳ᠋ᠤ᠌ ᠰᠡᠳᠬᠢᠯ ᠲᠦᠪᠳᠡᠬᠦ ᠦᠭᠡᠢ ᠪᠣᠯᠪᠠᠴᠤ ᠳᠤᠤᠷᠭᠠᠴᠤ ᠴᠢᠳᠠᠳᠠᠭ ᠦᠭᠡᠢ᠂ ᠳᠤᠤᠷᠭᠠᠴᠤ ᠴᠤ᠌ ᠪᠣᠯᠳᠠᠭ ᠦᠭᠡᠢ ᠳ᠋ᠡᠭᠡᠨ ᠤᠤ? ᠬᠡᠳᠦᠨ ᠲᠠᠯ᠎ᠠ ᠪᠠᠷ ᠢ᠋ᠶ᠋ᠠᠨ ᠥᠪᠴᠢ ᠵᠡᠪᠰᠡᠭᠲᠦ ᠰᠢᠷ᠎ᠠ ᠴᠡᠷᠢᠭ ᠦ᠋ᠨ ᠮᠠᠨᠠᠭ᠎ᠠ ᠬᠦᠷᠢᠶ᠎ᠡ ᠲᠡᠢ ᠬᠣᠰᠢᠭᠤ ᠣᠪᠣᠭᠠᠨ ᠤ᠋ ᠣᠷᠴᠢᠨ ᠲᠣᠭᠣᠷᠢᠨ ᠦᠬᠦᠭᠰᠡᠨ ᠶᠢᠷᠲᠢᠨᠴᠦ ᠰᠢᠭ ᠲᠠᠭ ᠴᠢᠮᠡᠭᠡ ᠦᠭᠡᠢ᠃ 
       ᠬᠦᠨᠳᠦ ᠬᠠᠢᠯᠠᠰᠤᠨ ᠬᠦᠷᠳᠦ ᠪᠡᠷ ᠬᠦᠵᠦᠭᠦᠦ ᠪᠡᠨ ᠬᠠᠪᠴᠢᠭᠤᠯᠵᠤ ᠳᠠᠯᠤ ᠮᠥᠷᠥ ᠪᠡᠨ ᠢᠪ ᠳᠠᠷᠤᠭᠤᠯᠤᠭᠰᠠᠨ ᠮᠢᠩᠭᠠᠨᠪᠤᠤ ᠡᠨᠡᠬᠡᠨ ᠡᠷᠡᠭᠦᠦ ᠡᠴᠡ ᠥᠴᠦᠬᠡᠨ ᠴᠦ᠍ ᠰᠦᠷᠳᠡᠵᠦ ᠡᠮᠢᠶᠡᠭᠰᠡᠨ ᠶᠠᠩᠵᠤ ᠦᠭᠡᠢ ᠡᠢᠰᠢ ᠲᠠᠢᠰᠢ ᠬᠠᠵᠠᠭᠤ ᠶ᠋ᠢᠨ ᠬᠥᠮᠦᠰ ᠢ᠋ ᠰᠢᠷᠪᠢᠵᠦ ᠬᠠᠷᠠᠨ ᠠᠵᠢᠭ ᠴᠦ᠍ ᠦᠭᠡᠢ ᠡᠮᠦᠨᠡᠰᠢ ᠠᠯᠬᠤᠯᠠᠬᠤ ᠳ᠋ᠤ᠌ ᠲᠡᠭᠦᠨ ᠦ᠌ ᠡᠮᠦᠨ᠎ᠡ ᠬᠢᠯᠢᠰ ᠬᠠᠷᠪᠤᠭᠰᠠᠨ ᠵᠢᠳᠠ ᠶ᠋ᠢᠨ ᠦᠵᠦᠭᠦᠷ ᠢ᠋ ᠵᠥᠷᠢᠭᠦᠯᠦᠭᠰᠡᠨ ᠬᠣᠶᠠᠷ ᠴᠡᠷᠢᠭ ᠶᠠᠪᠤᠨ᠎ᠠ᠃ ᠡᠨᠡ ᠬᠦ᠌ ᠶᠡᠷᠦ ᠪᠤᠰᠤ ᠶ᠋ᠢᠨ ᠰᠦᠷᠯᠢᠭᠦᠨ ᠪᠠᠢᠳᠠᠯ ᠠ᠋ᠴᠠ ᠬᠥᠮᠦᠰ ᠵᠢᠭᠵᠢᠭᠦᠷᠬᠡᠨ ᠵᠠᠮ ᠲᠠᠯᠪᠢᠵᠤ ᠥᠭᠬᠦ ᠳ᠋ᠦ᠍ ᠣᠯᠠᠨ ᠤ᠋ ᠳᠤᠮᠳᠠ ᠠ᠋ᠴᠠ ᠳᠠᠯᠤ ᠮᠥᠷᠥ ᠪᠠᠷ ᠢ᠋ᠶ᠋ᠠᠨ ᠥᠩᠭᠡ ᠨᠢ ᠰᠢᠭᠤᠭᠰᠠᠨ ᠬᠦᠷᠡᠩ ᠲᠡᠷᠯᠢᠭ ᠳᠡᠭᠡᠷ᠎ᠡ ᠮᠥᠩᠭᠥᠨ ᠲᠣᠪᠴᠢ ᠲᠠᠢ ᠬᠠᠭᠤᠴᠢᠪᠲᠤᠷ ᠣᠤᠵᠢ ᠡᠮᠦᠰᠦᠭᠰᠡᠨ ᠬᠥᠭᠰᠢᠨ ᠵᠢᠳᠠ ᠵᠥᠷᠢᠭᠦᠯᠦᠭᠰᠡᠨ ᠴᠡᠷᠢᠭ ᠦ᠋ᠨ ᠡᠮᠦᠨ᠎ᠡ ᠡᠴᠡ ᠲᠣᠰᠴᠤ ᠣᠴᠢᠨ᠄ 
       — ᠲᠠ ᠨᠠᠷ ᠪᠠᠢᠵᠠ ᠭᠡᠳ ᠥᠨᠥᠬᠢ ᠬᠣᠶᠠᠷ ᠴᠡᠷᠢᠭ ᠦ᠋ᠨ ᠬᠠᠨᠴᠤᠢ ᠠ᠋ᠴᠠ ᠵᠠᠭᠤᠷᠠᠭᠰᠠᠨ ᠳ᠋ᠤ᠌ ᠬᠣᠶᠠᠷ ᠴᠡᠷᠢᠭ ᠲᠡᠷᠡ ᠬᠥᠭᠰᠢᠨ ᠢ᠋ ᠰᠤᠭᠤᠨ ᠠ᠋ᠴᠠ ᠨᠢ ᠲᠡᠭᠳᠡᠢᠲᠡᠯ᠎ᠡ ᠡᠷᠭᠦᠵᠦ ᠠᠪᠤᠨ ᠬᠠᠵᠠᠭᠤ ᠲᠠᠢᠰᠢ ᠬᠠᠶᠠᠪᠠ᠃ ᠲᠡᠷᠡ ᠬᠥᠭᠰᠢᠨ ᠭᠦᠶᠦᠨ ᠪᠣᠰᠴᠤ ᠳᠠᠬᠢᠭᠠᠳ ᠲᠡᠳᠡᠨᠦᠰ ᠲᠡᠢ ᠵᠠᠭᠤᠷᠠᠭᠰᠠᠨ ᠳ᠋ᠤ᠌ ᠰᠢᠷ᠎ᠠ ᠴᠡᠷᠢᠭ ᠦ᠋ᠨ ᠠᠭᠸᠠᠩ ᠨᠣᠶᠠᠨ᠄ 
       — ᠶᠠᠭᠤᠨ ᠤ᠋ ᠬᠥᠮᠦᠨ ᠪᠣᠢ? ᠲᠡᠭᠦᠨ ᠢ᠋ ᠠᠪᠠᠴᠢᠵᠤ ᠭᠢᠨᠳᠠᠨ ᠳ᠋ᠤ᠌ ᠳᠠᠷᠤ! ᠭᠡᠰᠡᠨ ᠳ᠋ᠦ᠍ ᠡᠯᠳᠡᠩᠭᠡ ᠠᠭᠸᠠᠩ ᠨᠣᠶᠠᠨ ᠤ᠋ ᠥᠭᠡᠳᠡ ᠡᠴᠡ ᠭᠠᠷ ᠵᠠᠩᠭᠠᠨ᠄ 
       — ᠪᠠᠢᠵᠠ! ᠡᠨᠡ ᠮᠢᠭᠠᠨᠪᠤᠤ ᠶ᠋ᠢᠨ ᠬᠥᠭᠰᠢᠨ ᠮᠠᠨᠤᠨᠪᠠᠳᠮ᠎ᠠ ᠭᠡᠵᠦ ᠬᠡᠯᠡᠭᠡᠳ《ᠲᠡᠭᠦᠨ ᠢ᠋ ᠳᠡᠯᠪᠢ! ᠳᠤᠷ᠎ᠠ ᠪᠠᠷ ᠢ᠋ᠶ᠋ᠠᠨ ᠪᠣᠯᠤᠭ᠁》 ᠭᠡᠰᠡᠨ ᠳ᠋ᠦ᠍ ᠥᠨᠥᠬᠢ ᠬᠣᠶᠠᠷ ᠴᠡᠷᠢᠭ ᠲᠡᠷᠡ ᠬᠥᠭᠰᠢᠨ ᠢ᠋ ᠲᠠᠯᠪᠢᠪᠠ᠃ 
       ᠮᠠᠨᠤᠨᠪᠠᠳᠮ᠎ᠠ ᠬᠥᠭᠰᠢᠨ ᠲᠡᠷᠯᠢᠭ ᠦ᠋ᠨ ᠢ᠋ᠶ᠋ᠡᠨ ᠰᠢᠷᠣᠢ ᠶ᠋ᠢ ᠭᠦᠪᠢᠵᠦ ᠮᠢᠩᠭᠠᠨᠪᠤᠤ ᠶ᠋ᠢᠨ ᠳᠡᠷᠭᠡᠳᠡ ᠬᠦᠷᠦᠭᠡᠳ ᠡᠪᠦᠭᠡᠨ ᠦ᠌ ᠪᠡᠨ ᠭᠢᠨᠵᠢᠯᠡᠭᠳᠡᠭᠰᠡᠨ ᠭᠠᠷ ᠢ᠋ ᠨᠢ ᠢᠯᠪᠢᠨ ᠡᠪᠦᠷ ᠡᠴᠡ ᠪᠡᠨ ᠵᠢᠵᠢᠭ ᠬᠠᠷ᠎ᠠ ᠪᠣᠳᠣᠩ ᠲᠠᠢ ᠠᠷᠢᠬᠢ ᠭᠠᠷᠭᠠᠨ ᠮᠥᠩᠭᠥᠨ ᠴᠥᠭᠦᠴᠡᠨ ᠳ᠋ᠦ᠍ ᠬᠡᠮᠨᠡᠭᠡᠳ᠄ 
       — ᠡᠪᠦᠭᠡᠨ ᠮᠢᠨᠢ᠂ ᠵᠣᠪᠠᠭᠰᠠᠨ ᠴᠠᠭ ᠲᠤ ᠵᠣᠷᠢᠭ ᠬᠡᠷᠡᠭᠲᠡᠢ᠂ ᠵᠢᠷᠭᠠᠭᠰᠠᠨ ᠴᠠᠭ ᠲᠤ ᠰᠡᠷᠡᠮᠵᠢ ᠬᠡᠷᠡᠭᠲᠡᠢ ᠭᠡᠳᠡᠭ ᠪᠢᠰᠢ ᠤᠤ! ᠪᠡᠷᠬᠡ ᠶ᠋ᠢᠨ ᠬᠣᠯᠠ ᠬᠠᠷᠢ ᠨᠤᠲᠤᠭ ᠲᠠᠢ ᠬᠠᠲᠠᠭᠤᠬᠠᠨ ᠠᠶᠠᠨ ᠢ᠋ ᠲᠤᠭᠤᠯᠬᠤ ᠶᠤᠮ ᠪᠠᠢᠨ᠎ᠠ᠃ ᠡᠭᠦᠨ ᠡᠴᠡ ᠭᠤᠷᠪᠠᠨ ᠭᠡᠮ ᠤᠤᠭᠤᠴᠢᠬ᠎ᠠ ᠲᠠ! ᠮᠡᠷᠭᠡᠨ ᠴᠠᠭᠠᠨ ᠯᠠᠮᠠᠬᠠᠢ ᠶ᠋ᠢᠨ ᠨᠠᠢᠷᠠᠭᠤᠯᠤᠭᠰᠠᠨ ᠣᠨᠴᠠᠭᠠᠢ ᠨᠠᠢᠷᠠᠯ ᠲᠠᠢ ᠮᠤᠨᠠ ᠠᠭᠤᠯᠠ ᠶ᠋ᠢᠨ ᠣᠷᠬᠣᠳᠠᠢ ᠲᠠᠢ ᠠᠷᠢᠬᠢ ᠶᠤᠮᠰᠠᠨ᠃ ᠪᠡᠶ᠎ᠡ ᠰᠡᠳᠬᠢᠯ ᠢ᠋ ᠲᠡᠭᠰᠢᠯᠡᠵᠦ᠂ ᠲᠠᠮᠢᠷ ᠲᠡᠩᠬᠡᠭᠡ ᠴᠢᠩᠭᠠᠯᠠᠳᠠᠭ ᠡᠳ᠋ ᠰᠢᠦ! ᠪᠡᠶ᠎ᠡ ᠪᠠᠢᠪᠠᠯ ᠪᠡᠭᠡᠵᠢᠩ! ᠡᠪᠦᠭᠡᠨ ᠮᠢᠨᠢ ᠭᠡᠳ ᠠᠩᠬᠠᠨ ᠤ᠋ ᠭᠡᠮ ᠢ᠋ ᠡᠪᠦᠭᠡᠨ ᠦ᠌ ᠪᠡᠨ ᠤᠷᠤᠭᠤᠯ ᠳ᠋ᠤ᠌ ᠬᠦᠷᠭᠡᠬᠦ ᠳ᠋ᠦ᠍ ᠮᠢᠩᠭᠠᠨᠪᠤᠤ ᠲᠡᠷᠡ ᠠᠷᠢᠬᠢᠨ ᠠ᠋ᠴᠠ ᠣᠭᠣᠴᠢᠭᠰᠠᠨ ᠦᠭᠡᠢ ᠲᠩᠷᠢ ᠥᠭᠡᠳᠡ ᠬᠠᠷᠠᠪᠠ᠃ ᠮᠠᠨᠤᠨᠪᠠᠳᠮ᠎ᠠ ᠬᠥᠭᠰᠢᠨ ᠡᠪᠦᠭᠡᠨ ᠦ᠌ ᠪᠡᠨ ᠰᠠᠨᠠᠭ᠎ᠠ ᠶ᠋ᠢ ᠣᠢᠯᠠᠭᠠᠵᠤ! ᠴᠥᠭᠥᠴᠡ ᠲᠡᠢ ᠠᠷᠢᠬᠢᠨ ᠠ᠋ᠴᠠ ᠢᠳᠠᠮᠯᠠᠨ《ᠬᠠᠨ ᠮᠤᠨᠠ᠂ ᠡᠴᠢᠭᠡ ᠲᠩᠷᠢ ᠮᠢᠨᠢ ᠠ᠋᠂ ᠬᠤᠷᠤᠢ ᠬᠤᠷᠤᠢ! ᠬᠠᠨ ᠪᠤᠶᠠᠨ ᠡᠬᠡ ᠳᠡᠯᠡᠬᠡᠢ ᠮᠢᠨᠢ ᠠ᠋! ᠬᠤᠷᠤᠢ ᠬᠤᠷᠤᠢ! ᠬᠠᠨ ᠭᠠᠯ ᠪᠤᠷᠬᠠᠨ ᠮᠢᠨᠢ ᠠ᠋! ᠬᠤᠷᠤᠢ ᠬᠤᠷᠤᠢ》 ᠭᠡᠵᠦ ᠰᠡᠷᠵᠢᠮ ᠲᠥᠰᠦᠷᠬᠡᠨ ᠭᠤᠷᠪᠠᠨᠲᠠ ᠢᠳᠠᠮᠯᠠᠭᠠᠳ ᠡᠪᠦᠭᠡᠨ ᠦ᠌ ᠪᠡᠨ ᠳᠥᠷᠥᠭᠡ ᠶ᠋ᠢ ᠴᠢᠩᠭᠠᠯᠠᠬᠤ ᠠᠷᠢᠬᠢ ᠥᠭᠭᠦᠭᠰᠡᠨ ᠳ᠋ᠦ᠍ ᠮᠢᠩᠭᠠᠨᠪᠤᠤ ᠭᠤᠷᠪᠠᠨ ᠴᠥᠭᠥᠴᠡ ᠠᠷᠢᠬᠢ ᠶ᠋ᠢ ᠬᠥᠨᠲᠥᠷᠴᠦ ᠣᠷᠬᠢᠪᠠ᠃ 
       — ᠵᠠ ᠡᠪᠦᠭᠡᠨ ᠮᠢᠨᠢ᠂ ᠵᠣᠷᠢᠭ ᠢ᠋ᠶ᠋ᠠᠨ ᠯᠠ ᠬᠠᠲᠠᠭᠤ ᠪᠠᠷᠢᠵᠤ᠂ ᠵᠠᠮ ᠳ᠋ᠠᠭᠠᠨ ᠰᠠᠢᠨ ᠶᠠᠪᠤᠭᠠᠷᠠᠢ! ᠭᠡᠳ ᠥᠪᠡᠷ ᠦ᠋ᠨ ᠡᠷᠬᠡ ᠦᠭᠡᠢ ᠬᠣᠭᠣᠯᠠᠢ ᠨᠢ ᠡᠷᠢᠶᠡᠨᠲᠦᠭᠰᠡᠨ ᠳ᠋ᠦ᠍ ᠮᠢᠩᠭᠠᠨᠪᠤᠤ᠄ 
       — ᠪᠢᠲᠡᠭᠡᠢ ᠤᠬᠢᠯᠠ! ᠶᠠᠪᠤᠬᠤ ᠬᠥᠮᠦᠨ ᠦ᠌ ᠬᠣᠢᠨ᠎ᠠ ᠠ᠋ᠴᠠ ᠤᠰᠤᠨ ᠨᠢᠳᠦᠯᠡᠳᠡᠭ ᠦᠭᠡᠢ ᠶᠦᠮ᠃ ᠮᠠᠭᠤ ᠢᠷᠣ᠎ᠠ! ᠭᠡᠳ ᠬᠥᠳᠡᠯᠦᠭᠰᠡᠨ ᠳ᠋ᠦ᠍ ᠮᠠᠨᠤᠨᠪᠠᠳᠮ᠎ᠠ ᠰᠠᠨᠳᠤᠷᠴᠤ ᠴᠢᠭᠢᠭᠲᠦᠭᠰᠡᠨ ᠵᠣᠪᠬᠢ ᠪᠠᠨ ᠠᠷᠴᠢᠭᠠᠳ᠄ 
       ᠦᠭᠡᠢ᠂ ᠪᠢ ᠣᠬᠢᠯᠠᠭ᠎ᠠ ᠦᠭᠡᠢ ᠠ᠋! ᠭᠡᠳ ᠬᠥᠮᠥᠭᠡᠢ ᠪᠡᠨ ᠵᠠᠭᠤᠨ ᠵᠣᠷᠢᠭ ᠤ᠋ᠨ ᠪᠠᠷᠢᠨ᠎ᠠ᠃ 
       ᠶᠠᠯᠠᠲᠠᠨ ᠲᠠᠭᠤᠭᠰᠠᠨ ᠴᠤᠪᠤᠭ᠎ᠠ ᠬᠣᠰᠢᠭᠤ ᠣᠪᠣᠭᠠᠨ ᠤ᠋ ᠵᠣ ᠠ᠋ᠴᠠ ᠠᠶᠠᠷᠯᠠᠵᠤ ᠨᠡᠯᠢᠶᠡᠳ ᠶᠠᠪᠤᠭᠰᠠᠨ ᠢ᠋ᠶ᠋ᠠᠨ ᠰᠢᠷ᠎ᠠ ᠵᠠᠮ ᠳ᠋ᠤ᠌ ᠣᠷᠣᠨ ᠵᠡᠭᠦᠨᠰᠢ ᠴᠢᠭᠯᠡᠨ ᠭᠣᠢᠭᠣᠷᠪᠠ᠃ 
       ᠮᠠᠨᠤᠨᠪᠠᠳᠮ᠎ᠠ ᠬᠥᠭᠰᠢᠨ ᠡᠨᠡ ᠬᠦ᠌ ᠶᠠᠯᠠᠲᠠᠨ ᠤ᠋ ᠴᠤᠪᠤᠭ᠎ᠠ ᠶ᠋ᠢ ᠳᠠᠭᠠᠵᠤ ᠬᠡᠰᠡᠭ ᠭᠦᠶᠦᠭᠰᠡᠨ ᠪᠣᠯᠪᠠᠴᠤ ᠬᠥᠯ ᠨᠢ ᠵᠥᠭᠡᠯᠡᠷᠡᠨ ᠬᠥᠭᠡᠭᠡᠵᠦ ᠭᠦᠢᠴᠡᠬᠦ ᠪᠡᠨ ᠪᠣᠯᠢᠪᠠ᠃ ᠲᠡᠷᠡ ᠪᠡᠷ ᠬᠣᠰᠢᠭᠤ ᠣᠪᠣᠭᠠᠨ ᠤ᠋ ᠵᠡᠭᠦᠨ ᠰᠢᠯᠢ ᠳᠡᠭᠡᠷ᠎ᠡ ᠭᠠᠷᠴᠤ ᠡᠪᠦᠭᠡᠨ ᠦ᠌ ᠪᠡᠨ ᠬᠣᠢᠨ᠎ᠠ ᠠ᠋ᠴᠠ ᠪᠠᠷᠠᠯᠠᠵᠤ ᠵᠣᠭᠰᠣᠨ《ᠡᠪᠦᠭᠡᠨ ᠦ᠌ ᠮᠢᠨᠢ ᠪᠡᠶ᠎ᠡ ᠬᠡᠳᠦᠢ ᠬᠦᠳᠡᠷ ᠴᠢᠬᠢᠷᠠᠭ ᠠᠪᠠᠴᠤ ᠬᠦᠨᠳᠦ ᠬᠦᠷᠳᠦ ᠶ᠋ᠢᠨ ᠤᠳᠠᠭᠠᠨ ᠬᠤᠭᠤᠴᠠᠭ᠎ᠠ ᠨᠤᠬᠤᠬᠤ ᠬᠠᠯᠠ ᠶ᠋ᠢ ᠶᠠᠭᠠᠬᠢᠵᠤ ᠳᠠᠭᠠᠭᠠᠬᠤ ᠪᠢᠯᠡ⁈ ᠪᠤᠷᠬᠠᠨ ᠮᠢᠨᠢ ᠠ᠋᠂ ᠮᠡᠷᠭᠡᠨ ᠴᠠᠭᠠᠨ ᠯᠠᠮᠠᠬᠠᠢ ᠶ᠋ᠢᠨ ᠣᠷᠬᠣᠳᠠᠢ ᠲᠠᠢ ᠠᠷᠢᠬᠢ ᠲᠡᠭᠦᠨ ᠳ᠋ᠦ᠍ ᠮᠢᠨᠢ ᠲᠤᠰᠠ ᠪᠣᠯᠳᠠᠭ ᠴᠤ᠌ ᠪᠣᠯᠤᠭᠠᠰᠠᠢ᠁》 ᠭᠡᠵᠦ ᠵᠥᠩᠨᠡᠬᠦ ᠳ᠋ᠡᠭᠡᠨ ᠰᠡᠳᠬᠢᠯ ᠨᠢ ᠬᠡᠴᠡᠭᠦᠦ ᠤᠶᠠᠷᠠᠨ ᠡᠵᠡᠭᠦᠢ ᠰᠢᠯᠢ ᠳᠡᠭᠡᠷ᠎ᠡ ᠱᠣᠭᠰᠢᠷᠠᠲᠠᠯ᠎ᠠ ᠤᠬᠢᠯᠠᠪᠠ᠃  ᠮᠠᠨᠤᠨᠪᠠᠳᠮ᠎ᠠ ᠬᠥᠭᠰᠢᠨ ᠬᠡᠳᠦᠢ ᠤᠳᠠᠭᠠᠨ ᠤᠶᠠᠷᠠᠨ ᠤᠬᠢᠯᠠᠭᠰᠠᠨ ᠢ᠋ ᠮᠡᠳᠡᠭᠰᠡᠨ ᠦᠭᠡᠢ᠂ ᠨᠢᠯᠪᠤᠰᠤ ᠨᠢ ᠬᠠᠲᠠᠭᠰᠠᠨ ᠤ᠋ ᠳᠠᠷᠠᠭ᠎ᠠ ᠡᠪᠦᠭᠡᠨ ᠦ᠌ ᠪᠡᠨ ᠶᠠᠪᠤᠭᠰᠠᠨ ᠵᠦᠭ ᠲᠦ᠍ ᠬᠠᠷᠠᠭ᠎ᠠ ᠰᠤᠩᠭᠠᠪᠠᠯ ᠬᠦᠷᠳᠦ ᠵᠡᠭᠦᠭᠰᠡᠨ ᠡᠪᠦᠭᠡᠨ ᠦ᠌ ᠬᠢᠨᠢ ᠪᠠᠷ᠎ᠠ ᠥᠨᠳᠥᠷ ᠤᠷᠭᠤᠭᠰᠠᠨ ᠪᠤᠲᠠ ᠳᠠᠷᠠᠰᠤ᠂ ᠡᠪᠡᠰᠦ ᠰᠢᠷᠠᠯᠵᠢᠨ ᠤ᠋ ᠴᠠᠭᠠᠭᠤᠷ ᠳᠠᠯᠳᠠᠷᠠᠪᠠ᠃ 
       ᠮᠠᠨᠤᠨᠪᠠᠳᠮ᠎ᠠ᠂ ᠬᠣᠰᠢᠭᠤ ᠣᠪᠣᠭᠠᠨ ᠤ᠋ ᠵᠡᠭᠦᠨ ᠰᠢᠯᠢ ᠳᠡᠭᠡᠷ᠎ᠡ ᠤᠳᠠᠲᠠᠯ᠎ᠠ ᠰᠠᠭᠤᠬᠤ ᠳ᠋ᠠᠭᠠᠨ ᠡᠪᠦᠭᠡᠨ ᠦ᠌ ᠪᠡᠨ ᠪᠠᠷ᠎ᠠ ᠶ᠋ᠢ ᠪᠦᠦᠷ ᠲᠦᠦᠷ ᠴᠦ᠍ ᠪᠣᠯᠤᠭ ᠳᠠᠬᠢᠨ ᠨᠢᠭᠡ ᠣᠯᠵᠤ ᠬᠠᠷᠠᠬᠤ ᠶᠤᠮᠰᠠᠨ ᠭᠡᠵᠦ ᠭᠣᠷᠢᠳᠠᠭᠰᠠᠨ ᠬᠦᠰᠡᠯ ᠲᠡᠭᠦᠨ ᠦ᠌ ᠪᠣᠳᠣᠯ ᠤ᠋ᠨ ᠵᠠᠢ ᠶ᠋ᠢ ᠪᠦᠷᠢᠨ ᠡᠵᠡᠮᠳᠡᠭᠰᠡᠨ ᠢ᠋ ᠶᠠᠭᠠᠬᠢᠨ᠎ᠠ ᠪᠣᠢ?  
       ᠡᠪᠦᠭᠡᠨ ᠦ᠌ ᠪᠡᠨ ᠠᠷᠤ ᠠ᠋ᠴᠠ ᠬᠥᠲᠥᠯᠦᠭᠳᠡᠵᠦ ᠶᠠᠪᠤᠭᠰᠠᠨ ᠮᠠᠨᠤᠨᠪᠡᠳᠮ᠎ᠠ ᠬᠥᠭᠰᠢᠨ ᠬᠠᠮᠢᠭ᠎ᠠ ᠬᠦᠷᠦᠭᠰᠡᠨ ᠢ᠋ᠶ᠋ᠡᠨ ᠴᠦ᠍ ᠮᠡᠳᠡᠭᠰᠡᠨ ᠦᠭᠡᠢ᠃ ᠨᠢᠭᠡ ᠮᠡᠳᠡᠬᠦ ᠳ᠋ᠦ᠍ ᠪᠤᠷᠬᠠᠲᠤ ᠶ᠋ᠢᠨ ᠵᠣ ᠳ᠋ᠠᠬᠢ ᠬᠣᠶᠠᠷ ᠣᠪᠣᠭ᠎ᠠ ᠪᠥᠷᠲᠥᠯᠵᠡᠨ ᠬᠠᠷᠠᠭᠳᠠᠨ᠎ᠠ᠃ ᠬᠣᠶᠠᠷ ᠣᠪᠣᠭᠠᠨ ᠤ᠋ ᠪᠤᠷᠭᠠᠰᠤᠨ ᠲᠣᠯᠣᠭᠠᠢ ᠪᠥᠷᠲᠥᠯᠵᠡᠨ ᠬᠠᠷᠠᠭᠳᠠᠵᠤ ᠪᠠᠢᠭᠰᠠᠨ ᠢ᠋ᠶ᠋ᠠᠨ ᠪᠠᠷᠠᠭᠤᠨ ᠲᠠᠯ᠎ᠠ ᠶ᠋ᠢᠨ ᠣᠪᠣᠭ᠎ᠠ ᠨᠢ ᠡᠪᠦᠭᠡᠨ ᠮᠢᠩᠭᠠᠨᠪᠤᠤ ᠶ᠋ᠢᠨ ᠪᠤᠭᠤᠷᠤᠯ ᠲᠣᠯᠣᠭᠠᠢ ᠪᠣᠯᠵᠤ ᠬᠤᠪᠢᠯᠤᠭᠰᠠᠨ ᠰᠢᠭ᠋ ᠰᠣᠨᠢᠬᠠᠨ ᠰᠠᠨᠠᠭᠳᠠᠪᠠ᠃《ᠶᠠᠭ ᠳᠠ᠂ ᠡᠪᠦᠭᠡᠨ ᠮᠢᠨᠢ ᠬᠦᠯᠢᠶᠡᠵᠦ ᠪᠠᠢᠭᠠᠷᠠᠢ! ᠬᠣᠶᠠᠭᠤᠯᠠ ᠪᠠᠨ ᠡᠨᠡ ᠬᠣᠶᠠᠷ ᠣᠪᠣᠭᠠᠨ ᠳ᠋ᠤ᠌ ᠰᠦᠵᠢᠭ ᠦ᠋ᠨ ᠰᠦᠨᠡᠰᠦ ᠪᠡᠨ ᠰᠢᠩᠭᠡᠭᠡᠵᠦ ᠪᠠᠷ᠎ᠠ ᠪᠠᠷ᠎ᠠ ᠪᠠᠨ ᠬᠠᠷᠠᠭᠠᠳ ᠣᠷᠣᠰᠢᠴᠢᠬᠠᠵᠤ ᠪᠣᠯᠳᠠᠭ ᠦᠭᠡᠢ ᠪᠠᠢᠨ᠎ᠠ ᠤᠤ⁈》 ᠭᠡᠵᠦ ᠳᠦᠳᠦᠨᠡᠭᠡᠳ ᠰᠡᠭᠦᠷᠡᠰᠦᠯᠡᠪᠡ᠃ 
       ᠪᠤᠭᠤᠷᠤᠯ ᠨᠠᠷᠠ ᠪᠠᠷᠠᠭᠤᠨ ᠬᠥᠲᠥᠯ ᠦ᠋ᠨ ᠴᠠᠭᠠᠭᠤᠷ ᠳᠠᠯᠳᠠᠷᠠᠪᠠ᠃ ᠬᠠᠷᠠᠵᠤ ᠪᠠᠢᠲᠠᠯ᠎ᠠ ᠰᠢᠷ᠎ᠠ ᠪᠦᠷᠦᠢ ᠲᠠᠰᠤᠷᠠᠵᠤ᠂ ᠬᠠᠷᠠᠩᠭᠤᠢ ᠤᠢᠳᠬᠠᠷᠲᠤ ᠬᠥᠰᠢᠭᠡ ᠪᠠᠭᠤᠯ᠎ᠠ᠃  
       ᠠᠯᠤᠰ ᠠ᠋ᠴᠠ ᠬᠡᠨ ᠨᠢᠭᠡ ᠬᠥᠮᠦᠨ ᠤᠢᠳᠬᠠᠷ ᠭᠤᠨᠢᠭ ᠤ᠋ᠨ ᠠᠶ᠎ᠠ ᠭᠢᠭᠰᠢᠯᠡᠬᠦ ᠰᠢᠭ ᠰᠠᠨᠠᠭᠳᠠᠭᠰᠠᠨ ᠳ᠋ᠤ᠌ ᠮᠠᠨᠤᠨᠪᠠᠳᠮ᠎ᠠ ᠬᠥᠭᠰᠢᠨ ᠲᠡᠷᠡ ᠤᠢᠳᠬᠠᠷ ᠭᠤᠨᠢᠭ ᠤ᠋ᠨ ᠠᠶ᠎ᠠ ᠳ᠋ᠤ᠌ ᠡᠢᠨ ᠬᠡᠳᠦᠨ ᠪᠠᠳᠠᠭ ᠳᠠᠭᠤᠤ ᠭᠢᠩᠰᠢᠵᠡᠢ᠄ 
         ᠬᠣᠯᠠ ᠶ᠋ᠢᠨ ᠪᠦᠷᠦᠭ ᠲᠦ᠍ ᠲᠣᠳᠣᠷᠠᠭᠠᠳ ᠢᠷᠡᠬᠦ 
         ᠬᠣᠶᠠᠷ ᠰᠠᠢᠬᠠᠨ ᠣᠪᠣᠭ᠎ᠠ ᠪᠠᠢᠨ᠎ᠠ ᠠ᠋  
         ᠬᠣᠯᠠ ᠶ᠋ᠢᠨ ᠲᠣᠭᠣᠰᠣᠨ ᠳ᠋ᠤ᠌ ᠪᠠᠯᠠᠷᠠᠭᠠᠳ ᠶᠠᠪᠤᠬᠤ 
         ᠡᠪᠦᠭᠡᠨ ᠪᠤᠭᠤᠷᠤᠯ ᠲᠤᠰᠠᠯᠠᠭᠴᠢ ᠮᠢᠨᠢ ᠳᠡ!  
         ᠬᠠᠷᠠᠩᠭᠤᠢ ᠶ᠋ᠢᠨ ᠪᠦᠷᠦᠢ ᠳ᠋ᠦ᠍ ᠭᠢᠯᠠᠯᠵᠠᠭᠠᠳ ᠢᠷᠡᠬᠦ 
         ᠬᠠᠨᠳᠠᠭᠠᠢ ᠴᠣᠬᠣᠷ ᠣᠳᠣᠳ ᠪᠠᠢᠨ᠎ᠠ ᠠ᠋  
         ᠬᠠᠷᠠᠩᠭᠤᠢ ᠶ᠋ᠢᠨ ᠮᠠᠨᠠᠨ ᠳ᠋ᠤ᠌  ᠵᠠᠯᠭᠢᠬᠳᠠᠭᠠᠳ ᠶᠠᠪᠤᠬᠤ 
         ᠡᠪᠦᠭᠡᠨ ᠪᠤᠭᠤᠷᠤᠯ ᠲᠤᠰᠠᠯᠠᠭᠴᠢ ᠮᠢᠨᠢ ᠳᠡ!  
         ᠬᠦᠳᠡᠷ ᠲᠣᠮᠣ ᠪᠡᠶ᠎ᠡ ᠶ᠋ᠢ ᠴᠢᠨᠢ 
         ᠬᠦᠷᠳᠦ ᠶ᠋ᠢᠨ ᠲᠠᠮᠤ ᠳᠠᠷᠤᠵᠠᠢ ᠠ᠋ 
         ᠬᠥᠮᠦᠨ ᠦ᠌ ᠭᠠᠵᠠᠷ ᠴᠥᠯᠡᠭᠳᠡᠬᠦ ᠳ᠋ᠡᠭᠡᠨ  
         ᠬᠦᠦ ᠪᠡᠨ ᠰᠠᠨᠠᠨ ᠰᠠᠨᠠᠨ   
             ᠵᠣᠷᠢᠭᠵᠢᠵᠤ ᠪᠠᠢᠭᠠᠷᠠᠢ! ᠡᠪᠦᠭᠡᠨ ᠮᠢᠨᠢ  
         ᠬᠠᠲᠠᠭᠤ ᠲᠡᠩᠬᠡᠭᠡ ᠪᠡᠶ᠎ᠡ ᠶ᠋ᠢ ᠴᠢᠨᠢ  
         ᠬᠠᠢᠯᠠᠰᠤᠨ ᠬᠦᠷᠳᠦ ᠳᠠᠷᠤᠵᠠᠢ ᠠ᠋  
         ᠬᠠᠷᠢ ᠨᠤᠲᠤᠭ ᠲᠤ ᠶᠠᠯᠠᠯᠠᠭᠳᠠᠬᠤ ᠳ᠋ᠠᠭᠠᠨ  
         ᠬᠠᠢᠷᠠᠲᠤ ᠰᠠᠮᠠᠭᠠᠨ ᠢ᠋ᠶ᠋ᠠᠨ ᠪᠣᠳᠣᠨ ᠪᠣᠳᠣᠨ  
             ᠬᠠᠲᠠᠭᠤᠵᠢᠵᠤ ᠶᠠᠪᠤᠭᠠᠷᠠᠢ᠂ ᠡᠪᠦᠭᠡᠨ ᠮᠢᠨᠢ!  
ᠭᠡᠵᠦ ᠳᠠᠭᠤᠯᠠᠨ᠂ ᠰᠢᠷ᠎ᠠ ᠪᠦᠷᠦᠢ ᠲᠠᠰᠤᠷᠠᠬᠤ ᠶ᠋ᠢᠨ ᠲᠡᠷᠡ ᠬᠣᠷᠣᠮ ᠮᠠᠨᠤᠨᠪᠠᠳᠮ᠎ᠠ ᠶ᠋ᠢᠨ ᠪᠠᠷ᠎ᠠ ᠲᠡᠨᠳᠡ ᠡᠴᠡ ᠠᠶᠠᠷᠯᠠᠨ ᠵᠠᠢᠯᠠᠪᠠ᠁