ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>( ᠬᠣᠷᠢᠨ ᠨᠢᠭᠡ) Үүрийн туяа I – Б ᠂ Ренчин Тэргүүн дэвтэр "Манжийн талхинд" (21)
ᠬᠣᠷᠢᠨ ᠨᠢᠭᠡ᠂ ᠢᠮᠠᠭᠠᠨ ᠤ᠋ ᠬᠣᠶᠠᠷ ᠲᠣᠯᠣᠭᠠᠢ ᠨᠢᠭᠡ ᠲᠣᠭᠣᠭ᠎ᠠ ᠳ᠋ᠤ᠌ ᠪᠠᠭᠲᠠᠳᠠᠭ ᠦᠭᠡᠢ
ᠠᠭᠤᠰᠬᠢ ᠵᠢᠷᠦᠬᠡ ᠪᠡᠨ ᠠᠷᠪᠠᠨ ᠬᠠᠷ᠎ᠠ ᠨᠢᠭᠦᠯ ᠢ᠋ᠶ᠋ᠡᠷ ᠰᠠᠭᠰᠠᠢᠯᠭᠠᠭᠠᠳ
ᠠᠶ᠎ᠠ ᠰᠢᠨ᠎ᠡ ᠴᠠᠭ ᠤ᠋ᠨ ᠪᠤᠷᠬᠠᠨ ᠡᠢᠮᠦ ᠠᠵᠤᠭᠤ
( ᠢᠰᠢᠳᠠᠨᠵᠢᠨᠸᠠᠩᠵᠢᠯ᠂ ᠠᠷᠪᠠᠨ ᠶᠢᠰᠦᠳᠦᠭᠡᠷ ᠵᠠᠭᠤ)
ᠬᠡᠳᠦᠨ ᠲᠡᠮᠡᠭᠡ ᠲᠡᠢ ᠠᠶᠠᠨᠴᠢᠨ ᠨᠢᠭᠡ ᠬᠥᠲᠥᠯᠦᠭᠦᠷ ᠢ᠋ᠶ᠋ᠡᠷ ᠳᠠᠪᠠᠵᠤ ᠶᠠᠪᠤᠪᠠ᠃ ᠡᠮᠦᠨ᠎ᠡ ᠨᠢ ᠴᠢᠭᠢᠷᠠᠭ ᠵᠤᠵᠠᠭᠠᠨ ᠪᠠᠲᠤᠪᠠᠶᠠᠷ ᠡᠪᠦᠭᠡᠨ ᠲᠣᠮᠣ ᠭᠡᠭᠴᠢ ᠶ᠋ᠢᠨ ᠴᠠᠭᠠᠨ ᠲᠡᠮᠡᠭᠡ ᠤᠨᠤᠭᠠᠳ᠂ ᠬᠣᠢᠨ᠎ᠠ ᠠ᠋ᠴᠠ ᠨᠢ ᠵᠠᠮᠪᠠ ᠥᠨᠳᠥᠷ ᠪᠠᠷᠠᠭᠠᠨ ᠲᠡᠮᠡᠭᠡᠨ ᠳᠡᠭᠡᠷ᠎ᠡ ᠬᠠᠩᠬᠤᠯᠵᠠᠨ᠂ ᠬᠣᠶᠠᠷ ᠲᠡᠮᠡᠭᠡᠨ ᠳ᠋ᠦ᠍ ᠮᠠᠢᠬᠠᠨ᠂ ᠲᠣᠭᠣᠭ᠎ᠠ᠂ ᠲᠤᠯᠭ᠎ᠠ᠂ ᠳᠡᠪᠢᠰᠬᠡᠷ ᠶᠠᠭᠤᠮ᠎ᠠ ᠪᠠᠨ ᠫᠢᠭ ᠳᠦᠭᠦᠷᠡᠩ ᠴᠢᠬᠢᠭᠰᠡᠨ ᠰᠢᠷᠢᠮᠡᠯ ᠢᠰᠡᠭᠡᠢ ᠤᠭᠤᠲᠠ ᠠᠴᠢᠵᠤ᠂ ᠰᠡᠭᠦᠯ ᠳ᠋ᠦ᠍ᠨᠢ ᠲᠠᠷᠠᠩ ᠫᠠᠭᠮ᠎ᠠ ᠬᠣᠶᠠᠷ ᠵᠡᠷᠭᠡᠴᠡᠨ ᠶᠠᠷᠢᠯᠴᠠᠵᠤ ᠶᠠᠪᠤᠭᠰᠠᠨ ᠢ᠋ᠶ᠋ᠠᠨ᠂ ᠲᠠᠷᠠᠩ ᠭᠡᠨᠡᠳᠲᠡ ᠡᠮᠦᠨ᠎ᠡ ᠪᠡᠨ ᠶᠠᠪᠤᠭᠰᠠᠨ ᠰᠢᠷᠴᠢᠨ ᠢ᠋ ᠦᠷᠭᠡᠯᠡᠨ ᠭᠠᠩᠬᠤᠬᠤ ᠶ᠋ᠢ ᠬᠠᠷᠠᠭᠠᠳ᠂ ᠲᠡᠮᠡᠭᠡ ᠪᠡᠨ ᠲᠠᠰᠢᠭᠤᠷᠳᠠᠨ ᠬᠦᠦ ᠶ᠋ᠢᠨ ᠳᠡᠷᠭᠡᠳᠡ ᠢᠷᠡᠵᠦ᠂
— ᠪᠢᠲᠡᠭᠡᠢ ᠦᠷᠭᠡᠯᠡ᠂ ᠬᠡᠦᠬᠡ᠂ ᠣᠢᠴᠢᠪᠠᠯ ᠪᠠᠷᠳᠠᠨᠠ ᠰᠢᠦ᠃ ᠣᠳᠣ ᠡᠨᠡ ᠲᠥᠳᠡᠯᠡᠭᠦᠷ ᠳᠡᠭᠡᠷ᠎ᠡ ᠭᠠᠷᠤᠭᠠᠳ᠂ ᠨᠣᠢᠷ ᠢ᠋ᠶ᠋ᠠᠨ ᠰᠡᠷᠭᠦᠭᠡᠵᠦ᠂ ᠲᠡᠮᠡᠭᠡᠨ ᠡᠴᠡ ᠪᠠᠭᠤᠭᠠᠷᠠᠢ᠃ ᠥᠷᠲᠡᠭᠡ ᠴᠦ᠍ ᠲᠡᠨᠳᠡ ᠡᠴᠡ ᠬᠠᠷᠠᠭᠳᠠᠬᠤ ᠪᠠᠢᠬ᠎ᠠ᠃ ᠨᠠᠭᠠᠳᠤᠮ ᠳᠡᠭᠡᠷᠡᠬᠢ ᠰᠢᠭ ᠤᠯᠠᠭᠠᠨ ᠬᠠᠯᠵᠠᠨ ᠭᠣᠶᠣ ᠭᠡᠷ᠂ ᠰᠠᠢᠬᠠᠨ ᠡᠷᠢᠶᠡᠨ ᠮᠠᠢᠬᠠᠨ ᠳᠦᠭᠦᠷᠡᠩ ᠪᠠᠢᠬᠤ ᠪᠣᠢ᠃ ᠣᠢᠷ᠎ᠠ ᠬᠠᠪᠢ ᠨᠤᠲᠤᠭ ᠤ᠋ᠨ ᠬᠥᠮᠦᠨ ᠠᠮᠢᠲᠠᠨ ᠴᠤᠭᠯᠠᠵᠤ᠂ ᠶᠡᠬᠡ ᠬᠥᠯ ᠲᠡᠢ ᠪᠠᠢᠭ᠎ᠠ ᠪᠠᠢᠬᠤ ᠭᠡᠬᠦ ᠳ᠋ᠦ᠍ᠨᠢ ᠵᠠᠭᠠᠯ(ᠵᠢᠭᠠᠯ) ᠬᠦᠦ᠂
— ᠪᠢᠳᠡ ᠬᠦᠷᠬᠦ ᠪᠣᠯᠵᠤ ᠶᠠᠪᠤᠭ᠎ᠠ ᠤᠤ ᠭᠡᠵᠦ ᠨᠣᠢᠷ ᠰᠡᠷᠢᠭᠡᠵᠦ ᠠᠰᠠᠭᠤᠪᠠᠯ᠂
— ᠣᠳᠣ ᠤᠳᠠᠬᠤ ᠦᠭᠡᠢ᠂ ᠬᠦᠦ ᠮᠢᠨᠢ᠂ ᠤᠳᠠᠬᠤ ᠦᠭᠡᠢ ᠭᠡᠯᠡ᠃
ᠬᠥᠲᠥᠯ ᠳᠡᠭᠡᠷ᠎ᠡ ᠭᠠᠷᠴᠤ ᠬᠠᠷᠠᠬᠤ ᠳ᠋ᠤ᠌ ᠰᠢᠩᠭᠡᠬᠦ ᠨᠠᠷᠠᠨ ᠤ᠋ ᠭᠡᠷᠡᠯ ᠳ᠋ᠦ᠍ ᠡᠷᠢᠶᠡᠨ ᠮᠠᠢᠬᠠᠨ᠂ ᠠᠰᠠᠷ᠂ ᠬᠥᠯᠲᠦ ᠡᠷᠦᠬᠡ ᠲᠡᠢ ᠭᠣᠶᠣ ᠭᠣᠶᠣ ᠭᠡᠷ ᠦᠵᠡᠭᠳᠡᠵᠦ᠂ ᠡᠷᠢᠶᠡᠨ ᠡᠷᠢᠶᠡᠨ ᠳᠡᠪᠡᠯ ᠲᠡᠢ ᠬᠥᠮᠦᠨ ᠨᠡᠰᠢ ᠴᠠᠰᠢ ᠳᠠᠪᠬᠢᠯᠳᠤᠭᠰᠠᠨ ᠣᠩᠭᠢᠨ ᠭᠣᠣᠯ ᠤ᠋ᠨ ᠬᠥᠨᠳᠡᠢ ᠶᠡᠬᠡᠯ᠎ᠡ ᠰᠠᠢᠬᠠᠨ ᠦᠵᠡᠭᠳᠡᠪᠡ᠃ ᠤᠯᠠᠭᠠᠨ ᠡᠷᠢᠶᠡᠨ ᠬᠥᠯᠲᠦ ᠡᠷᠦᠬᠡ ᠲᠡᠢ ᠭᠡᠷ ᠬᠦᠷᠢᠶᠡᠯᠡᠨ ᠬᠠᠷᠠᠭᠳᠠᠵᠤ᠂ ᠭᠠᠳᠠᠭᠤᠷ ᠨᠢ ᠴᠠᠪ ᠴᠠᠭᠠᠨ ᠭᠡᠷ᠂ ᠡᠷᠢᠶᠡᠨ ᠠᠰᠠᠷ ᠮᠠᠢᠬᠠᠨ ᠢ᠋ ᠶᠡᠬᠡᠯ᠎ᠡ ᠵᠢᠷᠤᠮᠲᠠᠢ ᠪᠠᠷᠢᠵᠤ᠂ ᠬᠦᠷᠢᠶᠡᠯᠡᠨ ᠪᠠᠷᠢᠭᠰᠠᠨ ᠭᠡᠷ ᠦ᠋ᠨ ᠲᠥᠪ ᠳᠤᠮᠳᠠ ᠳ᠋ᠤ᠌ ᠰᠢᠷ᠎ᠠ ᠲᠣᠷᠭᠠᠨ ᠳᠥᠷᠪᠡᠯᠵᠢᠨ ᠬᠠᠰᠢᠶᠠᠨ ᠳᠣᠲᠣᠷ᠎ᠠ ᠨᠠᠷᠠᠨ ᠳ᠋ᠤ᠌ ᠭᠢᠯᠠᠯᠵᠠᠭᠰᠠᠨ ᠰᠢᠷ᠎ᠠ ᠲᠣᠷᠭᠠᠨ ᠪᠦᠷᠢᠶᠡᠰᠦᠲᠡᠢ ᠲᠣᠮᠣ ᠭᠡᠷ ᠦᠵᠡᠭᠳᠡᠵᠦ᠂ ᠬᠡᠳᠦᠨ ᠵᠠᠭᠤᠨ ᠲᠡᠮᠡᠭᠡ ᠲᠡᠢ ᠬᠥᠮᠦᠨ ᠲᠡᠷᠡ ᠶᠠᠩᠵᠤᠯᠠᠨ ᠵᠠᠰᠠᠭᠰᠠᠨ ᠣᠯᠠᠨ ᠭᠡᠷ ᠮᠠᠢᠬᠠᠨ ᠤ᠋ ᠵᠦᠭ ᠠᠢᠰᠤᠵᠤ ᠶᠠᠪᠤᠬᠤ ᠨᠢ ᠦᠵᠡᠭᠳᠡᠪᠡ᠃ ᠡᠮᠦᠨ᠎ᠡ ᠳᠠᠪᠬᠢᠵᠤ ᠶᠠᠪᠤᠭ᠎ᠠ ᠬᠤᠷᠳᠤᠨ ᠬᠤᠷᠳᠤᠨ ᠮᠣᠷᠢᠲᠠᠢ ᠬᠥᠮᠦᠨ᠂ ᠭᠡᠷ ᠦ᠋ᠨ ᠣᠢᠷ᠎ᠠ ᠬᠦᠷᠴᠦ ᠣᠯᠠᠨ ᠠᠮᠢᠲᠠᠨ ᠤᠭᠲᠤᠨ ᠪᠤᠵᠢᠩᠨᠠᠵᠤ ᠬᠠᠷᠠᠭᠳᠠᠪᠠ᠃ ᠴᠤᠪᠤᠵᠤ ᠶᠠᠪᠤᠭ᠎ᠠ ᠣᠯᠠᠨ ᠮᠣᠷᠢᠲᠠᠨ ᠤ᠋ ᠳᠤᠮᠳᠠ ᠪᠡᠶ᠎ᠡ ᠨᠢ ᠭᠡᠷ ᠡᠴᠡ ᠨᠡᠯᠢᠶᠡᠳ ᠬᠣᠯᠠ ᠬᠠᠷᠠᠭᠳᠠᠵᠤ᠂ ᠰᠢᠷ᠎ᠠ ᠰᠡᠦᠬᠡ ᠲᠡᠷᠭᠡ ᠳᠠᠮᠨᠠᠭᠰᠠᠨ ᠮᠣᠷᠢᠲᠠᠢ ᠬᠥᠮᠦᠨ ᠴᠤᠪᠤᠵᠤ᠂ ᠰᠡᠦᠬᠡ ᠶ᠋ᠢᠨ ᠠᠷᠤ ᠳ᠋ᠤ᠌ ᠤᠯᠠᠭᠠᠨ ᠳᠡᠪᠡᠯ ᠲᠡᠢ ᠬᠣᠶᠠᠷ ᠬᠥᠮᠦᠨ ᠲᠣᠮᠣ ᠰᠢᠷ᠎ᠠ ᠲᠣᠷᠭᠠᠨ ᠰᠢᠭᠦᠷ ᠪᠠᠷᠢᠵᠤ᠂ ᠲᠡᠳᠡᠨ ᠦ᠌ ᠬᠣᠢᠨ᠎ᠠ ᠠ᠋ᠴᠠ ᠬᠡᠳᠦᠨ ᠵᠠᠭᠤᠨ ᠲᠡᠮᠡᠭᠡ ᠴᠤᠪᠤᠵᠤ᠂ ᠬᠣᠶᠠᠷ ᠬᠠᠵᠠᠭᠤ ᠪᠠᠷ ᠨᠢ ᠰᠢᠷ᠎ᠠ᠂ ᠤᠯᠠᠭᠠᠨ᠂ ᠬᠥᠬᠡ ᠳᠡᠪᠡᠯ ᠲᠡᠢ ᠮᠣᠷᠢᠲᠠᠢ ᠬᠥᠮᠦᠨ ᠨᠡᠰᠢ ᠴᠠᠰᠢ ᠳᠠᠪᠬᠢᠯᠳᠤᠨ ᠶᠠᠪᠤᠪᠠ᠃
ᠳᠠᠷᠠᠩ ᠲᠡᠭᠦᠨ ᠢ᠋ ᠦᠵᠡᠭᠡᠳ᠂ ᠠᠯᠠᠭ᠎ᠠ ᠪᠠᠨ ᠬᠠᠪᠰᠤᠷᠤᠨ ᠨᠠᠮᠠᠨᠴᠢᠯᠠᠵᠤ᠂
— ᠲᠡᠷᠡ᠂ ᠵᠠᠮᠭᠤᠨ ᠷᠢᠮᠪᠤᠵᠢ ᠥᠷᠲᠡᠭᠡᠨ ᠳ᠋ᠦ᠍ ᠮᠣᠷᠢᠯᠠᠵᠤ ᠢᠷᠡᠯ᠎ᠡ᠃ ᠬᠠᠷᠠᠪᠠᠤ ᠬᠡᠦᠬᠡ᠂ ᠲᠡᠷᠡ ᠰᠢᠷ᠎ᠠ ᠲᠣᠷᠭᠠᠨ ᠰᠢᠬᠦᠷ ᠲᠡᠢ ᠲᠡᠷᠭᠡ ᠶ᠋ᠢ? ᠶᠠᠭᠠᠬᠢᠭᠰᠠᠨ ᠣᠯᠠᠨ ᠪᠠᠷᠠᠭ᠎ᠠ(ᠪᠠᠷ᠎ᠠ) ᠪᠣᠯᠣᠭᠰᠠᠳ ᠲᠠᠢ ᠶᠤᠮ ᠪᠣᠢ? ᠭᠠᠭᠴᠠ ᠠᠴᠢᠶ᠎ᠠ ᠲᠠᠢ ᠲᠡᠮᠡᠭᠡ ᠲᠠᠪᠤᠨ ᠵᠠᠭᠤ ᠠ᠋ᠴᠠ ᠳᠣᠭᠣᠭᠰᠢ ᠦᠭᠡᠢ ᠪᠣᠯᠤᠯᠲᠠᠢ᠃ ᠮᠣᠷᠢᠲᠠᠢ ᠤᠯᠠᠭᠠᠴᠢ᠂ ᠯᠠᠪ ᠬᠣᠶᠠᠷ ᠵᠠᠭᠤ ᠠ᠋ᠴᠠ ᠨᠡᠰᠢ ᠦᠭᠡᠢ᠃ ᠬᠥᠲᠥᠯᠦᠭᠡ ᠮᠣᠷᠢ ᠲᠣᠢᠮᠣ ᠪᠠᠨ ᠠᠯᠳᠠᠵᠠᠢ᠃ ᠰᠠᠢᠬᠠᠨ ᠤᠤ? ᠬᠡᠦᠬᠡ? ᠭᠡᠪᠡᠯ ᠪᠠᠲᠤᠪᠠᠶᠠᠷ᠂
— ᠰᠠᠢᠬᠠᠨ ᠴᠤ᠌ ᠰᠠᠢᠬᠠᠨ ᠯᠠ ᠦᠵᠡᠭᠳᠡᠵᠦ ᠪᠠᠢᠨ᠎ᠠ ᠳᠠ ᠡᠨᠳᠡ ᠡᠴᠡ᠃ ᠳᠡᠷᠭᠡᠳᠡ ᠨᠢ ᠬᠦᠷᠦᠭᠡᠳ ᠣᠴᠢᠪᠠᠯ᠂ ᠵᠠᠬ᠎ᠠ ᠠ᠋ᠴᠠ ᠠᠪᠤᠨ ᠵᠠᠮ ᠠ᠋ᠴᠠ ᠦᠷᠭᠦᠯᠵᠢ ᠨᠣᠶᠠᠳ ᠲᠦᠰᠢᠮᠡᠳ ᠳᠦᠭᠦᠷᠡᠩ ᠪᠣᠯᠤᠭᠠᠳ᠂ ᠠᠯᠬᠤᠬᠤ ᠪᠦᠷᠢ ᠯᠡ ᠶᠣᠰᠣᠯᠠᠵᠤ ᠮᠥᠷᠭᠥᠬᠦ ᠲᠦᠪᠡᠭ ᠶᠡᠬᠡᠲᠡᠢ ᠶᠦᠮ ᠪᠠᠢᠨ᠎ᠠ ᠳᠠ ᠭᠡᠵᠦ ᠪᠡᠶ᠎ᠡ ᠡᠴᠡ ᠰᠠᠯᠭᠠᠳᠠᠭ ᠦᠭᠡᠢ ᠭᠠᠩᠰᠠ ᠶ᠋ᠢᠨ ᠦᠨᠡᠰᠦ ᠶ᠋ᠢ ᠴᠣᠬᠢᠵᠤ᠂ ᠭᠠᠩᠰᠠ ᠪᠠᠨ ᠲᠦᠷᠡᠢᠯᠡᠭᠡᠳ᠂ ᠲᠡᠮᠡᠭᠡ ᠪᠡᠨ ᠰᠥᠭᠥᠳᠦᠭᠦᠯᠵᠦ ᠮᠣᠷᠳᠠᠬᠤ ᠳ᠋ᠤ᠌ ᠲᠣᠮᠣ ᠴᠠᠭᠠᠨ ᠲᠡᠮᠡᠭᠡ ᠮᠠᠰᠢ ᠨᠣᠮᠣᠬᠠᠨ ᠪᠥᠭᠡᠳ ᠡᠪᠦᠭᠡᠨ ᠦ᠌ ᠭᠠᠷ ᠤ᠋ᠨ ᠠᠶ᠎ᠠ ᠶ᠋ᠢ ᠳᠠᠭᠠᠵᠤ ᠰᠥᠭᠥᠳᠪᠡᠯ᠂ ᠵᠠᠮᠪᠠ ᠶ᠋ᠢᠨ ᠲᠡᠮᠡᠭᠡ ᠬᠡᠴᠢᠨᠡᠨ ᠣᠷᠢᠯᠠᠵᠤ ᠴᠢᠷᠠᠯᠠᠵᠤ᠂ ᠠᠷᠠᠢ ᠴᠤ᠌ ᠭᠡᠵᠦ ᠤᠭᠵᠠᠷᠠᠭᠤᠯᠤᠨ ᠲᠠᠲᠠᠭᠤᠯᠤᠨ ᠰᠥᠭᠥᠳᠪᠡ᠃
— ᠴᠢ ᠳᠡᠮᠡᠢ ᠪᠤᠷᠠᠨᠲᠠᠭ ᠠ᠋ᠴᠠ ᠨᠢ ᠤᠭᠵᠠᠷᠠᠵᠤ ᠠᠭᠤᠷᠯᠠᠵᠤ᠂ ᠮᠠᠭᠤ ᠵᠠᠩ ᠰᠤᠷᠭᠠᠳᠠᠭ ᠬᠥᠮᠦᠨ ᠪᠠᠢᠨ᠎ᠠ᠃ ᠠᠳᠤᠭᠤᠰᠤ ᠶ᠋ᠢ ᠠᠶᠠᠲᠠᠢᠬᠠᠨ ᠵᠥᠭᠡᠯᠡᠨ ᠰᠤᠷᠭᠠᠪᠠᠯ ᠰᠠᠢᠨ ᠪᠢᠰᠢ ᠤᠤ ᠭᠡᠵᠦ ᠡᠪᠦᠭᠡᠨ ᠪᠠᠲᠤᠪᠠᠶᠠᠷ ᠵᠠᠮᠪᠠ ᠶ᠋ᠢ ᠵᠢᠮᠡᠯᠡᠰᠬᠢᠨ ᠬᠥᠲᠥᠯ ᠤᠷᠤᠭᠤᠳᠠᠪᠠᠯ᠂ ᠥᠭᠡᠳᠡ ᠡᠴᠡ ᠨᠢ ᠨᠢᠭᠡ ᠴᠡᠷᠢᠭ ᠦ᠋ᠨ ᠬᠥᠮᠦᠨ ᠳᠠᠪᠬᠢᠵᠤ ᠢᠷᠡᠭᠡᠳ᠂ ᠪᠠᠲᠤᠪᠠᠶᠠᠷ ᠢ᠋ ᠲᠠᠨᠢᠵᠤ ᠠᠮᠤᠷ ᠮᠡᠨᠳᠦ ᠶ᠋ᠢ ᠮᠡᠳᠡᠯᠴᠡᠭᠡᠳ᠂ ᠮᠥᠷᠭᠥᠯᠴᠢᠨ ᠦ᠌ ᠪᠠᠭᠤᠬᠤ ᠭᠠᠵᠠᠷ ᠢ᠋ ᠵᠢᠭᠠᠵᠤ᠂ ᠳ᠋ᠢᠭᠯᠢᠮ ᠵᠠᠷᠴᠢᠮ ᠲᠠᠢ ᠪᠠᠢᠯᠭᠠᠬᠤ ᠴᠠᠭᠳᠠᠭ᠎ᠠ ᠬᠢᠵᠦ ᠪᠠᠢᠭ᠎ᠠ ᠪᠠᠨ ᠶᠠᠷᠢᠭᠠᠳ᠂ ᠥᠷᠲᠡᠭᠡᠨ ᠡᠴᠡ ᠪᠠᠬᠠᠨ ᠵᠠᠢᠰ ᠬᠡᠴᠡ ᠵᠡᠯ᠎ᠡ ᠲᠠᠲᠠᠵᠤ᠂ ᠲᠡᠮᠡᠭᠡ ᠠᠳᠤᠭᠤ ᠤᠶᠠᠭᠠᠳ᠂ ᠤᠲᠤᠭ᠎ᠠ ᠪᠣᠯᠤᠭᠰᠠᠨ ᠬᠠᠭᠤᠴᠢᠨ ᠬᠠᠭᠤᠴᠢᠨ ᠮᠠᠢᠬᠠᠨ ᠢ᠋ ᠬᠣᠷᠮᠣᠢᠯᠠᠭᠰᠠᠨ ᠠᠷᠭᠠᠯ ᠠᠰᠬᠠᠭᠰᠠᠨ ᠶᠤᠮ ᠰᠢᠭ᠋᠂ ᠬᠠᠮᠢᠶ᠎ᠠ ᠨᠠᠮᠢᠶ᠎ᠠ ᠦᠭᠡᠢ ᠪᠠᠷᠢᠭᠰᠠᠨ ᠬᠡᠰᠡᠭ ᠮᠠᠢᠬᠠᠨ ᠤ᠋ ᠵᠦᠭ ᠲᠠᠰᠢᠭᠤᠷ ᠢ᠋ᠶ᠋ᠠᠷ ᠵᠢᠭᠠᠭᠠᠳ᠂ ᠮᠥᠷᠭᠥᠯᠴᠢᠨ ᠦ᠌ ᠪᠠᠭᠤᠬᠤ ᠭᠠᠵᠠᠷ ᠲᠡᠷᠡ ᠪᠠᠢᠨ᠎ᠠ᠃ ᠬᠠᠷ᠎ᠠ ᠴᠠᠭᠠᠨ ᠶᠠᠰᠤ ᠬᠣᠯᠢᠯᠳᠤᠵᠤ᠂ ᠬᠠᠷᠠᠴᠤ ᠨᠣᠶᠠᠳ ᠬᠤᠳᠬᠤᠯᠴᠠᠵᠤ ᠪᠣᠯᠬᠤ ᠦᠭᠡᠢ ᠭᠡᠵᠦ᠂ ᠡᠪᠡᠷᠲᠡᠨ ᠰᠡᠭᠦᠯᠲᠡᠨ ᠨᠦ᠍ᠭᠦᠳ ᠦ᠋ᠨ ᠭᠡᠷ ᠥᠷᠥᠭᠡ ᠪᠠᠷᠢᠬᠤ ᠭᠠᠵᠠᠷ ᠨᠢ ᠪᠠᠰᠠ ᠠᠩᠭᠢ ᠭᠠᠵᠠᠷ ᠪᠣᠢ ᠭᠡᠵᠦ ᠲᠡᠷᠡ ᠴᠠᠭᠳᠠᠭ᠎ᠠ ᠶ᠋ᠢᠨ ᠶᠠᠷᠢᠬᠤ ᠳ᠋ᠤ᠌ ᠪᠠᠲᠤᠪᠠᠶᠠᠷ᠂ ᠲᠣᠭᠯᠠᠵᠤ ᠪᠠᠢᠭ᠎ᠠ ᠶ᠋ᠢ ᠨᠢ ᠴᠦ᠍ ᠪᠦᠦ ᠮᠡᠳᠡ᠂ ᠦᠨᠡᠬᠡᠷ ᠠᠰᠠᠭᠤᠵᠤ ᠪᠠᠢᠭ᠎ᠠ ᠶ᠋ᠢ ᠨᠢ ᠴᠦ᠍ ᠪᠦᠦ ᠮᠡᠳᠡ᠃
— ᠲᠠᠮᠤ ᠶ᠋ᠢᠨ ᠭᠠᠵᠠᠷ ᠪᠠᠰᠠ ᠪᠢᠳᠡᠨ ᠢ᠋ ᠢᠩᠭᠢᠵᠦ ᠬᠠᠷ᠎ᠠ ᠴᠠᠭᠠᠨ ᠶᠠᠰᠤ ᠪᠠᠷ ᠮᠥᠨ ᠢᠯᠭᠠᠬᠤ ᠪᠣᠯ ᠤᠤ ᠭᠡᠵᠦ ᠠᠰᠠᠭᠤᠪᠠᠯ
— ᠣᠳᠣ ᠪᠦᠦ ᠮᠡᠳᠡ ᠳᠠ᠃ ᠪᠠᠲᠤᠪᠠᠶᠠᠷ ᠭᠤᠸᠠᠢ ᠮᠢᠨᠢ᠂ ᠪᠢ ᠡᠷᠯᠢᠭ ᠨᠣᠮᠣᠨ ᠬᠠᠭᠠᠨ ᠤ᠋ ᠴᠠᠭᠳᠠᠭ᠎ᠠ ᠪᠢᠰᠢ᠂ ᠡᠨᠡ ᠳᠡᠯᠡᠬᠡᠢ ᠳ᠋ᠦ᠍ ᠮᠠᠨᠵᠤ ᠬᠠᠭᠠᠨ ᠤ᠋ ᠴᠠᠭᠳᠠᠭ᠎ᠠ ᠬᠢᠵᠦ ᠪᠠᠢᠭ᠎ᠠ ᠠᠮᠢᠲᠠᠨ ᠰᠢᠦ ᠳᠡ᠃ ᠬᠠᠷᠢᠨ ᠮᠠᠨ ᠤ᠋ ᠡᠮᠡᠭᠡ ᠡᠬᠡ ᠰᠠᠶᠢᠬᠠᠨ ᠦᠬᠦᠭᠡᠳ᠂ ᠬᠣᠶᠠᠷ ᠬᠣᠨᠣᠭᠠᠳ ᠠᠮᠢᠳᠤᠷᠠᠵᠤ ᠢᠷᠡᠭᠰᠡᠨ ᠨᠢᠭᠡ ᠪᠣᠢ᠃ ᠲᠡᠷᠡ ᠬᠠᠷᠢᠨ ᠲᠡᠭᠦᠨ ᠢ᠋ ᠮᠡᠳᠡᠵᠦ ᠮᠠᠭᠠᠳ ᠦᠭᠡᠢ᠃ ᠡᠮᠡᠭᠡ ᠶ᠋ᠢᠨ ᠬᠡᠯᠡᠬᠦ ᠶ᠋ᠢ ᠰᠣᠨᠣᠰᠪᠠᠯ ᠡᠷᠯᠢᠭ ᠨᠣᠮᠣᠨ ᠬᠠᠭᠠᠨ ᠤ᠋ ᠬᠠᠷ᠎ᠠ ᠴᠠᠭᠠᠨ ᠢ᠋ ᠢᠯᠭᠠᠬᠤ ᠲᠣᠮᠣ ᠭᠡᠷ ᠲᠦ᠍ ᠬᠦᠷᠴᠦ ᠣᠴᠢᠭᠠᠳ᠂ ᠳᠠᠭᠤᠳᠠᠬᠤ ᠶ᠋ᠢ ᠬᠦᠯᠢᠶᠡᠵᠦ ᠰᠠᠭᠤᠶ᠎ᠠ ᠭᠡᠵᠦ ᠶᠠᠷᠢᠵᠤ ᠪᠢᠯᠡ᠃ ᠡᠷᠯᠢᠭ ᠨᠣᠮᠣᠨ ᠬᠠᠭᠠᠨ ᠤ᠋ ᠭᠡᠷ ᠨᠢ ᠶᠠᠮᠠᠷ ᠶᠤᠮ ᠪᠣᠢ? ᠭᠡᠬᠦ ᠳ᠋ᠦ᠍ᠨᠢ ᠮᠠᠨ ᠤ᠋ ᠬᠣᠰᠢᠭᠤ ᠲᠠᠮᠠᠭ᠎ᠠ ᠶ᠋ᠢᠨ ᠭᠡᠷ ᠰᠢᠭ᠂ ᠤᠲᠤᠭ᠎ᠠ ᠪᠣᠯᠤᠭᠰᠠᠨ ᠬᠠᠩᠬᠠᠢ ᠲᠣᠮᠣ ᠭᠡᠷ ᠪᠢᠯᠡ᠃ ᠠᠷᠭᠠᠯ ᠤ᠋ᠨ ᠬᠠᠢᠷᠴᠠᠭ ᠤ᠋ᠨ ᠳᠡᠷᠭᠡᠳᠡ ᠰᠠᠭᠤᠭᠠᠳ᠂ ᠨᠠᠮᠠᠶ᠋ᠢ ᠬᠡᠵᠢᠶ᠎ᠡ ᠳᠠᠭᠤᠳᠠᠵᠤ ᠠᠰᠠᠭᠤᠳᠠᠭ ᠪᠣᠯ ᠭᠡᠵᠦ ᠰᠠᠭᠤᠭᠰᠠᠭᠠᠷ᠂ ᠨᠢᠭᠡ ᠮᠡᠳᠡᠭᠰᠡᠨ ᠴᠢᠨᠢ ᠣᠰᠤᠭᠤᠵᠤ ᠦᠬᠦᠮᠡᠷ ᠲᠠᠭᠠᠷᠠᠭᠠᠳ᠂ ᠡᠷᠭᠢᠨ ᠲᠣᠭᠣᠷᠢᠨ ᠬᠠᠷᠠᠬᠤ ᠳ᠋ᠤ᠌ ᠡᠩᠭᠡᠷ ᠳᠡᠭᠡᠷ᠎ᠡ ᠪᠣᠷᠣᠭᠠᠨ ᠳ᠋ᠤ᠌ ᠱᠠᠯᠠᠪ ᠴᠣᠬᠢᠭᠤᠯᠵᠤ ᠬᠡᠪᠲᠡᠭᠰᠡᠨ ᠢ᠋ᠶ᠋ᠡᠨ ᠰᠡᠩᠳᠡᠨ ᠮᠡᠩᠳᠡᠨ ᠪᠣᠰᠴᠤ ᠬᠡᠯᠲᠦᠷᠢᠨ ᠭᠡᠯᠳᠦᠷᠢᠭᠰᠡᠭᠡᠷ ᠭᠡᠷ ᠲᠡᠭᠡᠨ ᠬᠦᠷᠴᠦ ᠢᠷᠡᠭᠰᠡᠨ ᠪᠢᠯᠡ ᠭᠡᠵᠦ ᠮᠠᠨᠠᠢ ᠡᠮᠡᠭᠡ ᠶᠠᠷᠢᠳᠠᠭ ᠶᠤᠮ ᠰᠢᠦ᠃ ᠪᠢᠳᠡ ᠡᠮᠡᠭᠡ ᠡᠬᠡ ᠶ᠋ᠢ ᠬᠥᠳᠡᠭᠡᠯᠡᠭᠦᠯᠦᠭᠡᠳ ᠲᠡᠷᠡ ᠬᠠᠪᠢ ᠠ᠋ᠴᠠ ᠶᠡᠬᠡ ᠬᠣᠯᠠ ᠨᠡᠭᠦᠭᠰᠡᠨ ᠦᠭᠡᠢ ᠪᠢᠯᠡ᠃ ᠲᠡᠷᠡ ᠡᠳᠦᠷ ᠲᠡᠭᠡᠨ ᠬᠦᠢᠲᠡᠨ ᠪᠣᠷᠣᠭᠠᠨ ᠣᠷᠣᠭᠠᠳ᠂ ᠣᠷᠣᠢ ᠬᠠᠷᠢᠨ ᠮᠠᠨᠠᠢ ᠡᠮᠡᠭᠡ ᠡᠬᠡ᠂ ᠨᠠᠷᠠ ᠵᠢᠷᠭᠠᠬᠤ ᠶ᠋ᠢᠨ ᠠᠯᠲᠠ ᠳ᠋ᠤ᠌ ᠭᠡᠷ ᠲᠡᠭᠡᠨ ᠬᠦᠷᠴᠦ ᠢᠷᠡᠵᠡᠢ᠃ ᠪᠢᠳᠡ ᠠᠩᠬᠠᠯᠠᠨ ᠠᠶᠤᠵᠤ ᠰᠠᠨᠳᠤᠷᠤᠭᠰᠠᠨ ᠢ᠋ᠶ᠋ᠠᠨ᠂ ᠦᠬᠦᠭᠰᠡᠨ ᠬᠥᠮᠦᠨ ᠪᠢᠰᠢ᠂ ᠠᠮᠢᠳᠤ ᠪᠠᠢᠭᠰᠠᠨ ᠶᠤᠮ ᠪᠠᠢᠨ᠎ᠠ ᠭᠡᠵᠦ ᠮᠡᠳᠡᠭᠡᠳ᠂ ᠠᠶᠤᠬᠤ ᠪᠠᠨ ᠪᠠᠢᠵᠤ᠂ ᠡᠮᠡᠭᠡ ᠡᠬᠡ ᠡᠴᠡ ᠡᠷᠯᠢᠭ ᠨᠣᠮᠣᠨ ᠬᠠᠭᠠᠨ ᠤ᠋ ᠬᠠᠷ᠎ᠠ ᠴᠠᠭᠠᠨ ᠢ᠋ ᠢᠯᠭᠠᠳᠠᠭ ᠭᠡᠷ ᠢ᠋ ᠲᠣᠮᠣ ᠬᠠᠩᠬᠠᠢ ᠭᠡᠷ ᠪᠠᠢᠳᠠᠭ ᠶᠤᠮ ᠪᠠᠢᠨ᠎ᠠ ᠭᠡᠵᠦ ᠠᠰᠠᠭᠤᠵᠤ ᠮᠡᠳᠡᠭᠰᠡᠨ ᠪᠢᠯᠡ ᠭᠡᠪᠡᠯ᠂
— ᠴᠢᠨᠦ ᠡᠮᠡᠭᠡ ᠡᠬᠡ ᠴᠢᠨᠢ ᠯᠠᠪ ᠬᠤᠰᠢᠭᠤᠨ ᠤ᠋ ᠲᠠᠮᠠᠭ᠎ᠠ ᠠ᠋ᠴᠠ ᠥᠭᠡᠷ᠎ᠡ ᠭᠠᠵᠠᠷ ᠭᠠᠳᠠᠭᠰᠢ ᠶᠠᠪᠤᠵᠤ ᠦᠵᠡᠭᠡ ᠦᠭᠡᠢ ᠬᠥᠮᠦᠨ ᠪᠠᠢᠯ ᠦᠭᠡᠢ ᠳᠡ ᠭᠡᠪᠡᠯ᠂
— ᠴᠣᠬᠣᠮ ᠠ! ᠲᠠᠮᠠᠭ᠎ᠠ ᠶ᠋ᠢᠨ ᠭᠠᠵᠠᠷ ᠴᠤ᠌ ᠨᠢᠭᠡ ᠤᠳᠠᠭ᠎ᠠ ᠯᠠ ᠣᠷᠣᠵᠤ ᠦᠵᠡᠭᠰᠡᠨ ᠶᠦᠮ ᠭᠡᠨ᠎ᠡ ᠪᠢᠯᠡ ᠭᠡᠬᠦ ᠳ᠋ᠦ᠍ᠨᠢ ᠪᠠᠲᠤᠪᠠᠶᠠᠷ ᠬᠣᠱᠣᠩᠨᠠᠨ᠂
— ᠡᠷᠯᠢᠭ ᠨᠣᠮᠣᠨ ᠬᠠᠭᠠᠨ ᠤ᠋ ᠬᠢᠨᠢ ᠭᠡᠷ ᠢ᠋ᠶ᠋ᠡᠷ ᠪᠣᠳᠣᠪᠠᠯ ᠲᠡᠭᠦᠨ ᠡᠴᠡ ᠵᠠᠢᠯᠠᠭᠠ ᠦᠭᠡᠢ ᠪᠣᠯᠤᠯᠲᠠᠢ ᠭᠡᠪᠡ᠃
ᠴᠠᠭᠳᠠᠭ᠎ᠠ ᠲᠡᠷᠡ ᠦᠭᠡᠨ ᠳ᠋ᠦ᠍ ᠪᠠᠬᠠᠨ ᠢᠴᠢᠩᠭᠦᠷᠡᠰᠬᠢᠭᠡᠳ᠂ ᠪᠡᠶ᠎ᠡ ᠪᠡᠨ ᠨᠡᠯᠢᠶᠡᠳ ᠶᠠᠭᠤᠮ᠎ᠠ ᠮᠡᠳᠡᠳᠡᠭ ᠬᠥᠮᠦᠨ ᠪᠣᠯᠭᠠᠬᠤ ᠭᠡᠵᠦ᠂ ᠳᠡᠭᠡᠳᠦ ᠭᠠᠵᠠᠷ ᠠ᠋ᠴᠠ ᠳᠠᠯᠠᠢ ᠯᠠᠮᠠ ᠶ᠋ᠢᠨ ᠶᠠᠪᠤᠬᠤ ᠵᠠᠮ ᠳ᠋ᠤ᠌ ᠥᠷᠲᠡᠭᠡ ᠲᠠᠲᠠᠵᠤ᠂ ᠥᠷᠲᠡᠭᠡ ᠪᠦᠷᠢ ᠳ᠋ᠦ᠍ ᠭᠤᠷᠪᠠᠨ ᠵᠠᠭᠤᠨ ᠮᠣᠷᠢ᠂ ᠪᠦᠷᠢᠨ ᠬᠣᠮᠲᠠᠢ ᠲᠠᠪᠤᠨ ᠵᠠᠭᠤᠨ ᠴᠢᠭᠢᠷᠠᠭ ᠠᠳᠠ᠂ ᠮᠣᠷᠢᠲᠠᠢ ᠤᠯᠠᠭᠠᠴᠢ ᠵᠠᠭᠤ ᠬᠣᠷᠢ᠂ ᠬᠡᠪᠢᠰ᠂ ᠪᠦᠷᠢᠨ ᠬᠡᠷᠡᠭᠯᠡᠯᠲᠡᠢ ᠤᠯᠠᠭᠠᠨ ᠬᠠᠯᠵᠠᠨ ᠰᠠᠢᠬᠠᠨ ᠭᠡᠷ ᠠᠷᠪᠠᠨ ᠲᠠᠪᠤ᠂ ᠰᠠᠢᠨ ᠴᠠᠭᠠᠨ ᠭᠡᠷ ᠮᠥᠨ ᠠᠷᠪᠠᠨ ᠲᠠᠪᠤ᠂ ᠡᠷᠢᠶᠡᠨ ᠮᠠᠢᠬᠠᠨ ᠠᠰᠠᠷ ᠬᠣᠷᠢ᠂ ᠬᠦᠨᠡᠰᠦᠨ ᠦ᠌ ᠲᠠᠷᠭᠤᠨ ᠢᠷᠭᠡ ᠭᠤᠴᠢ᠂ ᠴᠠᠢ ᠠᠷᠪᠠᠨ ᠲᠠᠪᠤ᠂ ᠵᠢᠴᠢ ᠰᠦ ᠲᠣᠰᠣᠨ ᠤ᠋ ᠵᠡᠷᠭᠡ ᠶ᠋ᠢ ᠪᠠᠵᠠᠭᠠᠨ᠂ ᠪᠠᠰᠠ ᠳᠠᠯᠠᠢ ᠯᠠᠮᠠ ᠳ᠋ᠤ᠌ ᠪᠠᠷᠠᠭ᠎ᠠ ᠪᠣᠯᠵᠤ ᠶᠠᠪᠤᠭ᠎ᠠ ᠮᠠᠨᠵᠤ ᠠᠮᠪᠠᠨ ᠰᠠᠢᠳ᠂ ᠪᠣᠭᠳᠠ ᠶ᠋ᠢᠨ ᠡᠯᠴᠢ᠂ ᠪᠠᠷᠠᠭ᠎ᠠ ᠪᠣᠯᠬᠤ ᠨᠣᠶᠠᠳ ᠲᠦᠰᠢᠮᠡᠳ ᠲᠦ᠍ ᠲᠤᠰ ᠪᠦᠷᠢ ᠳ᠋ᠦ᠍ ᠵᠡᠷᠭᠡ ᠬᠡᠷᠬᠢᠮ ᠳ᠋ᠦ᠍ ᠵᠣᠬᠢᠴᠠᠭᠰᠠᠨ ᠭᠡᠷ ᠮᠠᠢᠬᠠᠨ᠂ ᠤᠯᠠᠭᠠᠴᠢ᠂ ᠤᠨᠤᠭ᠎ᠠ ᠬᠥᠰᠬᠡ᠂ ᠬᠦᠨᠡᠰᠦ ᠰᠢᠭᠦᠰᠦ ᠪᠦᠷᠢᠨ ᠪᠠᠢᠯᠭᠠᠪᠠᠯ ᠵᠣᠬᠢᠬᠤ ᠶ᠋ᠢ ᠴᠢᠩᠳᠠᠯᠠᠨ ᠲᠤᠰᠢᠶᠠᠵᠤ᠂ ᠲᠤᠰᠬᠠᠢᠯᠠᠨ ᠪᠠᠢᠴᠠᠭᠠᠨ ᠰᠢᠯᠭᠠᠬᠤ ᠠᠯᠪᠠᠨ ᠤ᠋ ᠬᠥᠮᠦᠨ ᠥᠷᠲᠡᠭᠡ ᠪᠦᠷᠢ ᠳ᠋ᠦ᠍ ᠤᠷᠤᠭᠰᠢᠯᠠᠭᠤᠷ ᠠᠩᠭᠢ ᠪᠣᠯᠵᠤ ᠶᠠᠪᠤᠭ᠎ᠠ ᠶ᠋ᠢ ᠶᠠᠷᠢᠪᠠ᠂ ᠵᠠᠮᠪᠠ ᠡᠭᠦᠨ ᠢ᠋ ᠰᠣᠨᠣᠰᠴᠤ ᠪᠠᠢᠭᠰᠠᠨ ᠢ᠋ᠶ᠋ᠠᠨ᠂
— ᠪᠢᠳᠡ ᠠᠳᠢᠰ ᠬᠦᠷᠲᠡᠬᠦ ᠭᠡᠵᠦ ᠶᠠᠪᠤᠭ᠎ᠠ ᠤᠯᠤᠰ᠂ ᠮᠠᠷᠭᠠᠰᠢ ᠠ᠋ᠴᠠ ᠨᠠᠰᠢ ᠭᠣᠷᠢ ᠦᠭᠡᠢ ᠪᠢᠵᠡ ᠳᠡ ᠭᠡᠵᠦ ᠠᠰᠠᠭᠤᠪᠠ᠃ ᠴᠠᠭᠳᠠᠭ᠎ᠠ ᠥᠭᠦᠯᠡᠷᠦᠨ᠄
— ᠪᠢ ᠲᠠ ᠨᠠᠷ ᠢ᠋ ᠯᠤᠵᠠᠸᠠ* ᠲᠥᠪᠡᠳ ᠲᠡᠢ ᠠᠭᠤᠯᠵᠠᠭᠤᠯᠵᠤ ᠥᠭᠭᠦᠨ᠎ᠡ᠃ ᠲᠠ ᠲᠡᠭᠦᠨ ᠡᠴᠡ ᠤᠴᠢᠷ ᠪᠠᠢᠳᠠᠯ ᠢ᠋ ᠮᠡᠳᠡᠭᠡᠷᠡᠢ᠃ ᠲᠠ ᠨᠠᠷ᠂ ᠰᠤᠨᠲᠤᠭ ᠤ᠋ᠨ ᠠᠳᠢᠰ ᠬᠦᠷᠲᠡᠬᠦ ᠤᠤ? ᠮᠣᠳᠣᠷ ᠤ᠋ᠨ ᠠᠳᠢᠰ ᠬᠦᠷᠲᠡᠬᠦ ᠤᠯᠤᠰ ᠤᠤ ᠭᠡᠪᠡᠯ᠂ ᠠᠷᠤ ᠠ᠋ᠴᠠ ᠨᠢ ᠫᠠᠭᠮ᠎ᠠ᠂
— ᠠᠷᠢᠶᠠᠪᠠᠯᠤ ᠶ᠋ᠢᠨ ᠬᠤᠪᠢᠯᠭᠠᠨ ᠤ᠋ ᠭᠡᠭᠡᠬᠡᠨ(ᠭᠡᠭᠡᠨ) ᠳᠦᠷᠢ ᠶ᠋ᠢ ᠦᠵᠡᠵᠦ᠂ ᠮᠣᠳᠣᠷ ᠤ᠋ᠨ ᠠᠳᠢᠰ ᠬᠦᠷᠲᠡᠬᠦ ᠰᠠᠨᠠᠭ᠎ᠠ ᠲᠠᠢ ᠭᠡᠵᠦ ᠬᠡᠯᠡᠪᠡ᠃
— ᠠ᠂ ᠲᠡᠭᠡᠪᠡᠯ᠂ ᠲᠦᠷᠦᠭᠦᠯᠡᠭᠰᠡᠨ ᠬᠥᠮᠦᠨ ᠲᠠᠪᠤᠨ ᠯᠠᠩ ᠮᠥᠩᠭᠥ ᠳᠠᠯᠠᠢ ᠯᠠᠮᠠᠲᠠᠨ ᠤ᠋ ᠰᠠᠩ ᠳ᠋ᠤ᠌ ᠲᠤᠰᠢᠶᠠᠭᠠᠳ᠂ ᠪᠤᠰᠤᠳ ᠨᠥᠬᠥᠳ ᠨᠢ ᠳᠠᠭᠠᠯᠳᠤᠨ ᠣᠷᠣᠳᠠᠭ ᠶᠤᠮ ᠭᠡᠨ᠎ᠡ ᠪᠢᠯᠡ ᠭᠡᠵᠦ ᠬᠡᠯᠡᠯᠴᠡᠭᠰᠡᠭᠡᠷ ᠮᠥᠷᠭᠥᠯᠴᠢᠨ ᠦ᠌ ᠪᠠᠭᠤᠬᠤ ᠭᠠᠵᠠᠷ ᠬᠦᠷᠴᠦ᠂ ᠮᠠᠢᠬᠠᠨ ᠰᠢᠭᠠᠵᠤ ᠬᠣᠨᠣᠭ ᠵᠠᠰᠠᠲᠠᠯᠠ᠂ ᠪᠠᠲᠤᠪᠠᠶᠠᠷ᠂ ᠵᠠᠮᠪᠠ ᠬᠣᠶᠠᠷ ᠳᠠᠷᠤᠢ ᠲᠥᠪᠡᠳ ᠯᠤᠵᠠᠸᠠ ᠳ᠋ᠤ᠌ ᠣᠴᠢᠵᠤ ᠠᠭᠤᠯᠵᠠᠭᠠᠳ᠂ ᠲᠠᠪᠤ ᠲᠠᠪᠤᠨ ᠯᠠᠩ ᠮᠥᠩᠭᠥ ᠬᠤᠷᠢᠶᠠᠯᠭᠠᠵᠤ᠂ ᠠᠳᠢᠰ ᠬᠦᠷᠲᠡᠭᠡᠬᠦ ᠳ᠋ᠡᠭᠡᠨ ᠪᠡᠶ᠎ᠡ ᠪᠡᠨ ᠶᠠᠭᠠᠬᠢᠵᠤ ᠪᠠᠢᠪᠠᠯ ᠵᠣᠬᠢᠬᠤ ᠨᠠᠷᠢᠨ ᠵᠢᠭᠠᠪᠤᠷᠢ ᠰᠣᠨᠣᠰᠤᠯ᠎ᠠ᠃ ᠪᠤᠴᠠᠬᠤ ᠵᠠᠮ ᠳ᠋ᠠᠭᠠᠨ ᠡᠪᠦᠭᠡᠨ ᠪᠠᠲᠤᠪᠠᠶᠠᠷ᠂ ᠥᠨᠥᠬᠢ ᠴᠠᠭᠳᠠᠭ᠎ᠠ ᠶ᠋ᠢᠨ ᠮᠠᠢᠬᠠᠨ ᠳ᠋ᠤ᠌ ᠣᠷᠣᠪᠠ᠃ ᠴᠠᠭᠳᠠᠭ᠎ᠠ ᠶ᠋ᠢᠨ ᠨᠥᠬᠥᠷ ᠡᠪᠦᠭᠡᠨ ᠳᠡᠮᠴᠢᠭ ᠴᠠᠭᠳᠠᠭ᠎ᠠ᠂ ᠪᠠᠲᠤᠪᠠᠶᠠᠷ ᠢ᠋ ᠬᠡᠳᠦᠢᠨᠡᠢ ᠲᠠᠨᠢᠬᠤ ᠲᠤᠯᠠ ᠳᠣᠲᠣᠨᠣ ᠡᠯᠢᠭᠡᠰᠡᠭ ᠢ᠋ᠶ᠋ᠡᠷ ᠲᠣᠰᠣᠨ ᠠᠪᠴᠤ ᠴᠠᠢ ᠪᠠᠷᠢᠭᠠᠳ᠂ ᠲᠡᠮᠴᠢᠭ ᠡᠪᠦᠭᠡᠨ᠂ ᠳᠠᠯᠠᠢ ᠯᠠᠮᠠ ᠶ᠋ᠢ ᠮᠣᠩᠭᠣᠯ ᠭᠠᠵᠠᠷ ᠬᠦᠷᠴᠦ ᠢᠷᠡᠭᠰᠡᠨ ᠲᠤᠬᠠᠢ ᠣᠯᠵᠤ ᠰᠣᠨᠣᠰᠤᠭᠰᠠᠨ ᠮᠡᠳᠡᠭᠰᠡᠨ ᠪᠦᠬᠦᠨ ᠢ᠋ᠶ᠋ᠡᠨ ᠶᠠᠷᠢᠭᠰᠠᠨ ᠨᠢ᠂
— ᠲᠥᠪᠡᠳ ᠯᠣᠵᠠᠸᠠ ᠨᠠᠷ ᠠ᠋ᠴᠠ ᠰᠣᠨᠣᠰᠪᠠᠯ᠂ ᠫᠢᠯᠢᠩ* ᠴᠡᠷᠢᠭ ᡀᠠᠰᠠ ᠶ᠋ᠢ ᠡᠵᠡᠯᠡᠵᠦ ᠭᠡᠨ᠎ᠡ ᠪᠢᠯᠡ᠃ ᠫᠢᠯᠢᠩ ᠴᠡᠷᠢᠭ ᠦ᠋ᠨ ᠨᠣᠶᠠᠨ᠂ ᠴᠦᠮᠪᠢ ᠭᠣᠣᠯ ᠳ᠋ᠤ᠌ ᠪᠠᠢᠭᠰᠠᠨ ᠲᠥᠪᠡᠳ ᠦ᠋ᠨ ᠵᠠᠬ᠎ᠠ ᠶ᠋ᠢ ᠰᠡᠷᠭᠡᠢᠯᠡᠬᠦ ᠪᠠᠭ ᠴᠡᠷᠢᠭ ᠢ᠋᠂ ᠲᠠ ᠨᠠᠷ ᠦᠨᠡᠬᠡᠷ ᠨᠠᠢᠷᠠᠮᠳᠠᠯ ᠤ᠋ᠨ ᠰᠡᠳᠬᠢᠯᠲᠡᠢ ᠪᠣᠯᠪᠠᠯ᠂ ᠫᠤᠤ ᠶ᠋ᠢᠨ ᠪᠢᠯᠳᠠ ᠶ᠋ᠢᠨ ᠭᠠᠯ ᠢ᠋ ᠤᠨᠲᠠᠷᠠᠭ᠎ᠠ ᠭᠡᠵᠡᠢ᠃ ᠲᠥᠪᠡᠳ ᠴᠡᠷᠢᠭ᠂ ᠫᠢᠯᠢᠩ ᠦ᠋ᠨ ᠲᠡᠷᠡ ᠮᠡᠬᠡᠨ ᠳ᠋ᠦ᠍ ᠣᠷᠣᠵᠤ ᠫᠤᠤ ᠶ᠋ᠢᠨ ᠪᠢᠯᠳᠠ ᠶᠢᠨ ᠭᠠᠯ ᠢ᠋ ᠤᠨᠲᠠᠷᠠᠭᠠᠪᠠᠯ᠂ ᠫᠢᠯᠢᠩ ᠦ᠋ᠳ ᠬᠤᠷᠳᠤᠨ ᠫᠤᠤ ᠪᠠᠷ ᠫᠤᠤᠳᠠᠨ ᠳᠥᠷᠪᠡᠨ ᠮᠢᠩᠭᠠᠨ ᠲᠥᠪᠡᠳ ᠴᠡᠷᠢᠭ ᠠᠯᠠᠵᠤ᠂ ᡀᠠᠰᠠ ᠣᠷᠣᠬᠤ ᠵᠠᠮ ᠨᠡᠭᠡᠭᠡᠭᠰᠡᠨ ᠤᠴᠢᠷ᠂ ᠵᠠᠮᠭᠤᠨ ᠷᠢᠮᠪᠦᠴᠢ ᡀᠠᠰᠠ ᠠ᠋ᠴᠠ ᠳᠤᠲᠠᠭᠠᠨ ᠵᠠᠢᠯᠠᠵᠤ᠂ ᠣᠷᠣᠰ ᠤᠯᠤᠰ ᠠ᠋ᠴᠠ ᠲᠤᠰᠠᠯᠠᠮᠵᠢ ᠭᠤᠶᠤᠬᠤ ᠭᠡᠵᠦ ᠮᠣᠩᠭᠣᠯ ᠭᠠᠵᠠᠷ ᠵᠣᠷᠢᠨ ᠮᠣᠷᠢᠯᠠᠵᠠᠢ᠃ ᠮᠠᠨ ᠤ᠋ ᠬᠠᠭᠤᠴᠢᠴᠤᠤᠯ᠂ ᠣᠷᠣᠰ ᠤᠯᠤᠰ᠂ ᠮᠣᠩᠭᠣᠯ ᠤᠯᠤᠰ ᠢ᠋ ᠬᠠᠷᠢ ᠶ᠋ᠢᠨ ᠲᠠᠯᠬᠢᠨ ᠳᠣᠣᠷ᠎ᠠ ᠠ᠋ᠴᠠ ᠰᠠᠯᠬᠤ ᠳ᠋ᠤᠨᠢ ᠲᠤᠰᠠᠯᠠᠵᠤ᠂ ᠣᠷᠣᠰ ᠮᠣᠩᠭᠣᠯ ᠬᠣᠶᠠᠷ ᠠᠬ᠎ᠠ ᠳᠡᠭᠦᠦ ᠤᠷᠤᠭ ᠲᠥᠷᠥᠯ ᠪᠣᠯᠬᠤ ᠴᠠᠭ ᠪᠣᠢ ᠭᠡᠵᠦ ᠬᠡᠯᠡᠯᠴᠡᠳᠡᠭ ᠰᠠᠨ ᠰᠢᠦ ᠳᠡ᠃ ᠵᠠᠮᠭᠤᠨ ᠷᠢᠮᠪᠦᠴᠢ᠂ ᠣᠷᠣᠰ ᠠ᠋ᠴᠠ ᠲᠤᠰᠠᠯᠠᠮᠵᠢ ᠰᠢᠲᠦᠶ᠎ᠡ ᠭᠡᠵᠦ ᠴᠠᠰᠤᠳᠠᠨ ᠤ᠋ ᠣᠷᠣᠨ ᠠ᠋ᠴᠠ ᠠᠶ᠎ᠠ ᠪᠠᠷ ᠡᠨᠡ ᠤᠷᠤᠭᠤ ᠮᠣᠷᠢᠯᠠᠵᠤ ᠢᠷᠡᠭᠰᠡᠨ ᠢ᠋ ᠦᠵᠡᠪᠡᠯ᠂ ᠪᠢᠳᠡᠨ ᠦ᠌ ᠡᠷᠬᠡ ᠴᠢᠯᠥᠭᠡᠲᠡᠢ(ᠴᠢᠯᠥᠭᠡ ᠲᠡᠢ) ᠪᠣᠯᠬᠤ ᠴᠠᠭ ᠣᠢᠷᠠᠲᠤᠵᠤ ᠪᠠᠢᠭ᠎ᠠ ᠶᠤᠮ ᠪᠠᠢᠭ᠎ᠠ᠃ ᠭᠡᠪᠡᠴᠦ ᠮᠠᠨᠵᠤ ᠨᠠᠷ ᠮᠠᠰᠢ ᠬᠠᠷᠠᠲᠠᠢ ᠤᠯᠤᠰ ᠠ᠋᠃ ᠵᠠᠮᠭᠤᠨ ᠷᠢᠮᠪᠦᠴᠢ ᠶ᠋ᠢ ᠲᠠᠢᠴᠢᠩ ᠭᠦᠷᠦᠨ ᠦ᠌ ᠨᠤᠲᠤᠭ ᠠ᠋ᠴᠠ ᠭᠠᠳᠠᠭᠰᠢ ᠪᠠᠨ ᠭᠠᠷᠴᠤ ᠪᠣᠯᠬᠤ ᠦᠭᠡᠢ ᠭᠡᠵᠦ ᠬᠣᠷᠢᠭᠠᠳ᠂ ᠪᠠᠷᠠᠭ᠎ᠠ(ᠪᠠᠷ᠎ᠠ) ᠪᠣᠯᠬᠤ ᠠᠮᠪᠠᠨ ᠰᠠᠢᠳ ᠳᠡᠷᠭᠡᠳᠡ ᠨᠢ ᠲᠣᠮᠢᠯᠠᠵᠤ᠂ ᠨᠠᠭᠠᠭᠤᠷ ᠢ᠋ᠶ᠋ᠠᠨ ᠶᠡᠬᠡ ᠯᠠᠮᠠ ᠶ᠋ᠢ ᠬᠦᠨᠳᠦᠳᠬᠡᠨ ᠶᠣᠰᠣᠯᠠᠵᠤ ᠪᠠᠢᠭ᠎ᠠ ᠶᠤᠮ ᠰᠢᠭ᠋᠂ ᠴᠠᠭᠠᠭᠤᠷ ᠢ᠋ᠶ᠋ᠠᠨ ᠲᠡᠩᠨᠡᠵᠦ ᠶᠠᠪᠤᠭ᠎ᠠ ᠶᠤᠮ ᠭᠡᠨ᠎ᠡ ᠪᠢᠯᠡ᠃ ᠲᠡᠷᠡ ᠵᠠᠯᠢᠬᠠᠢ ᠠᠮᠪᠠᠨ ᠥᠷᠯᠥᠭᠡ ᠪᠦᠷᠢ ᠳᠠᠯᠠᠢ ᠯᠠᠮᠠᠳᠠᠨ ᠢ᠋ ᠰᠠᠢᠬᠠᠨ ᠵᠢᠷᠭᠠᠪᠠᠤ? ᠭᠡᠵᠦ ᠠᠮᠤᠷ ᠢ᠋ ᠠᠰᠠᠭᠤᠵᠤ᠂ ᠣᠷᠣᠢ ᠪᠦᠷᠢ ᠰᠠᠢᠬᠠᠨ ᠵᠢᠷᠭᠠᠭᠠᠷᠠᠢ ᠭᠡᠵᠦ ᠶᠣᠰᠣᠯᠠᠬᠤ ᠨᠡᠷᠡᠢᠳᠦᠯ ᠢ᠋ᠶ᠋ᠡᠷ ᠪᠢᠲᠡᠭᠦᠦ ᠪᠡᠷ ᠵᠠᠮᠭᠤᠨ ᠷᠢᠮᠪᠦᠴᠢ ᠶ᠋ᠢᠨ ᠬᠥᠳᠡᠯᠬᠦ ᠪᠦᠷᠢ ᠠᠵᠢᠨ ᠲᠡᠩᠨᠡᠵᠦ ᠶᠠᠪᠤᠳᠠᠭ ᠶᠤᠮ ᠪᠠᠢᠨ᠎ᠠ᠃ ᠡᠨᠡ ᠪᠢᠳᠡ ᠬᠣᠶᠠᠷ ᠴᠤ᠌ ᠭᠡᠵᠦ ᠡᠪᠦᠭᠡᠨ ᠴᠠᠭᠳᠠᠭ᠎ᠠ ᠨᠥᠬᠥᠷ ᠦ᠋ᠨ ᠢ᠋ᠶ᠋ᠡᠨ ᠵᠦᠭ ᠳᠣᠬᠢᠭᠠᠳ᠂ ᠮᠥᠨ ᠠᠮᠢᠲᠠᠨ ᠬᠥᠮᠦᠨ᠂ ᠳᠠᠯᠠᠢ ᠯᠠᠮᠠ᠂ ᠪᠣᠭᠳᠠ ᠬᠣᠶᠠᠷ ᠢ᠋ ᠶᠠᠭᠤ ᠶᠠᠭᠤ ᠭᠡᠵᠦ ᠶᠠᠷᠢᠵᠤ ᠪᠠᠢᠭ᠎ᠠ ᠶ᠋ᠢ ᠵᠠᠩᠰᠢᠯᠠᠵᠤ᠂ ᠠᠮᠪᠠᠨ ᠤ᠋ ᠲᠤᠰᠬᠠᠢ ᠬᠥᠮᠦᠨ ᠳ᠋ᠦ᠍ ᠮᠡᠳᠡᠭᠡ ᠬᠦᠷᠭᠡᠵᠦ ᠪᠠᠢᠬᠤ ᠡᠭᠦᠷᠭᠡ ᠲᠡᠢ ᠪᠣᠯᠤᠭᠠᠳ ᠪᠠᠢᠨ᠎ᠠ ᠰᠢᠦ᠃ ᠭᠡᠪᠡᠴᠦ ᠪᠢᠳᠡ ᠬᠣᠶᠠᠷ᠂ ᠬᠡᠳᠦᠢ ᠶᠢᠷᠲᠢᠨᠴᠦ ᠶ᠋ᠢᠨ ᠥᠲᠡᠯ᠎ᠡ ᠬᠥᠮᠦᠨ ᠪᠣᠯᠪᠠᠴᠤ ᠭᠡᠮ ᠦᠭᠡᠢ ᠬᠥᠮᠦᠨ ᠠᠮᠢᠲᠠᠨ ᠢ᠋ ᠬᠠᠷᠠᠯᠠᠭᠤᠯᠵᠤ ᠭᠡᠮ ᠵᠠᠮ ᠳ᠋ᠤ᠌ ᠤᠨᠠᠭᠠᠬᠤ ᠲᠡᠢᠮᠦ ᠦᠢᠯᠡ ᠪᠡᠨ ᠪᠠᠷᠠᠭᠰᠠᠨ ᠤᠯᠤᠰ ᠠᠷᠠᠢ ᠪᠢᠰᠢ᠃ ᠮᠠᠨᠵᠤ ᠠᠮᠪᠠᠨ᠂ ᠰᠣᠨᠣᠰᠪᠠᠯ ᠪᠠᠰᠠ ᠵᠠᠮᠭᠤᠨ ᠷᠢᠮᠪᠦᠴᠢ ᠶ᠋ᠢᠨ ᠰᠢᠳᠠᠷ ᠪᠠᠷᠠᠭ᠎ᠠ(ᠪᠠᠷ᠎ᠠ) ᠪᠣᠯᠣᠭᠰᠠᠳ ᠤ᠋ᠨ ᠵᠠᠷᠢᠮ ᠢ᠋ ᠳᠠᠯᠳᠠᠭᠤᠷ ᠬᠠᠬᠤᠤᠯᠢᠯᠠᠭᠰᠠᠨ ᠶᠤᠮ ᠭᠡᠨ᠎ᠡ ᠪᠢᠯᠡ᠃ ᠮᠥᠨ ᠮᠠᠨ ᠤ᠋ ᠰᠢᠷ᠎ᠠ ᠬᠠᠷ᠎ᠠ ᠯᠠᠮᠠ ᠲᠦᠰᠢᠮᠡᠳ ᠦ᠋ᠨ ᠳᠤᠮᠳᠠ ᠴᠤ᠌ ᠠᠮᠪᠠᠨ ᠤ᠋ ᠭᠠᠷ ᠬᠥᠯ ᠪᠣᠯᠤᠭᠰᠠᠨ ᠬᠥᠮᠦᠨ ᠪᠣᠢ ᠶᠤᠮ ᠭᠡᠨ᠎ᠡ ᠪᠢᠯᠡ᠃ ᠭᠡᠪᠡᠴᠦ ᠵᠠᠮᠭᠤᠨ ᠤ᠋ ᠳᠡᠷᠭᠡᠳᠡᠬᠢ ᠪᠠᠷᠠᠭ᠎ᠠ(ᠪᠠᠷ᠎ᠠ)ᠪᠣᠯᠣᠭᠰᠠᠳ ᠴᠤ᠌ ᠮᠥᠨ ᠮᠠᠨᠵᠤ ᠠᠮᠪᠠᠨ ᠤ᠋ ᠮᠥᠩᠭᠥᠨ ᠳ᠋ᠦ᠍ ᠰᠢᠨᠤᠭᠰᠠᠨ ᠬᠥᠮᠦᠨ ᠢ᠋ᠶ᠋ᠡᠨ ᠠᠨᠳᠤᠬᠤ(ᠠᠨᠳᠠᠬᠤ) ᠦᠭᠡᠢ ᠮᠡᠳᠡᠳᠡᠭ ᠤᠯᠤᠰ ᠮᠥᠨ ᠪᠣᠢ ᠶᠤᠮ ᠭᠡᠨ᠎ᠡ ᠪᠢᠯᠡ᠃ ᠢᠩᠭᠢᠭᠡᠳ ᠯᠡ ᠪᠢᠳᠡ ᠴᠢᠨᠢ ᠣᠷᠴᠢᠯᠠᠩ ᠬᠣᠷᠸ᠎ᠠ (ᠬᠣᠷᠸ᠎ᠠ) ᠶ᠋ᠢᠨ ᠳᠠᠯᠠᠢ ᠳ᠋ᠤ᠌ ᠣᠷᠴᠢᠵᠤ ᠪᠠᠢᠨ᠎ᠠ ᠳᠠ᠃
ᠮᠠᠷᠭᠠᠰᠢ ᠲᠠ ᠨᠠᠷ᠂ ᠮᠠᠨ ᠤ᠋ ᠬᠦᠷᠢᠶ᠎ᠡ ᠪᠣᠭᠳᠠ ᠶ᠋ᠢᠨ ᠬᠡᠳᠦᠨ ᠡᠯᠴᠢ ᠶ᠋ᠢ ᠦᠵᠡᠬᠦ ᠪᠠᠢᠬ᠎ᠠ᠃ ᠴᠢᠷᠠᠢ ᠨᠢ ᠬᠥᠮᠦᠨ ᠬᠠᠷᠠᠬᠤ ᠶ᠋ᠢᠨ ᠠᠷᠭ᠎ᠠ ᠦᠭᠡᠢ ᠬᠥᠬᠡ ᠨᠥᠵᠢ ᠪᠣᠯᠴᠢᠬᠰᠠᠨ(ᠪᠣᠯᠴᠢᠬᠠᠭᠰᠠᠨ) ᠬᠡᠳᠦᠨ ᠬᠥᠮᠦᠨ ᠪᠣᠢ᠃ ᠵᠠᠮᠭᠤᠨ ᠤ᠋ ᠬᠠᠮᠠᠭᠠᠯᠠᠭᠴᠢ᠂ ᠪᠠᠷᠠᠭ᠎ᠠ(ᠪᠠᠷ᠎ᠠ) ᠪᠣᠯᠤᠭᠴᠢ ᠨᠠᠷ ᠲᠤ᠌ ᠲᠠᠰᠤ ᠵᠣᠳᠣᠭᠤᠯᠵᠤ᠂ ᠵᠠᠯᠬᠠᠮᠵᠢ ᠦᠵᠡᠭᠰᠡᠨ ᠤᠯᠤᠰ ᠶᠣᠮ᠎ᠠ (ᠶᠤᠮ ᠠ᠋)᠃ ᠲᠠ ᠲᠡᠳᠡᠨ ᠦ᠌ ᠵᠠᠮᠭᠤᠨ ᠢ᠋ ᠲᠣᠰᠣᠨ ᠤᠭᠲᠤᠨ᠎ᠠ ᠭᠡᠵᠦ ᠥᠷᠲᠡᠭᠡ ᠪᠡᠷ ᠶᠠᠪᠤᠵᠤ ᠶᠠᠪᠤᠭ᠎ᠠ ᠶ᠋ᠢ ᠨᠢ᠂ ᠠᠷᠢᠬᠢᠳᠠᠨ ᠰᠣᠭᠲᠣᠭᠤᠷᠠᠵᠤ ᠵᠠᠮ ᠭᠣᠳᠣᠰ ᠤ᠋ᠨ ᠤᠯᠠᠭᠠᠴᠢ᠂ ᠠᠮᠢᠲᠠᠨ ᠬᠥᠮᠦᠨ ᠢ᠋ ᠵᠣᠳᠣᠵᠤ ᠨᠦᠳᠦᠵᠦ ᠶᠠᠪᠤᠬᠤ ᠶ᠋ᠢ ᠨᠢ ᠬᠠᠷᠠᠪᠠᠯ᠂ ᠶᠠᠭᠤ ᠭᠡᠬᠦ ᠪᠢᠯᠡ? ᠬᠦᠷᠢᠶ᠎ᠡ ᠪᠣᠭᠳᠠ ᠶ᠋ᠢᠨ ᠳᠡᠷᠭᠡᠳᠡ ᠪᠠᠢᠵᠤ᠂ ᠬᠥᠮᠦᠨ ᠠᠮᠢᠲᠠᠨ ᠢ᠋ ᠳᠠᠷᠤᠯᠠᠵᠤ᠂ ᠨᠢᠭᠤᠷ ᠨᠢᠳᠦ ᠦᠭᠡᠢ ᠵᠣᠳᠣᠵᠤ ᠰᠤᠷᠤᠭᠠᠳ ᠳᠡᠩᠳᠡᠭᠦᠦ ᠬᠡᠲᠦᠷᠬᠡᠢ ᠪᠣᠯᠤᠭᠰᠠᠨ ᠤᠯᠤᠰ᠂ ᠴᠢᠩᠭᠢᠵᠦ ᠨᠢᠭᠡ ᠬᠠᠯᠠ ᠦᠵᠡᠬᠦ ᠨᠢ ᠵᠦᠭᠡᠷ ᠴᠦ᠍ ᠪᠠᠢᠬ᠎ᠠ᠃ ᠢᠷᠡᠬᠦ ᠳ᠋ᠡᠭᠡᠨ ᠵᠠᠮᠭᠤᠨ ᠢ᠋ ᠮᠣᠳᠣᠷ ᠤ᠋ᠨ ᠠᠳᠢᠰ ᠬᠦᠷᠲᠡᠭᠡᠵᠦ ᠪᠠᠢᠬᠤ ᠦᠶ᠎ᠡ ᠪᠡᠷ ᠰᠣᠭᠲᠣᠭᠤ ᠬᠥᠯᠴᠥᠭᠦᠦ ᠬᠦᠷᠴᠦ ᠢᠷᠡᠭᠡᠳ᠂ ᠣᠯᠠᠨ ᠮᠥᠷᠭᠥᠯᠴᠢᠨ ᠦ᠌ ᠵᠢᠭᠰᠠᠭᠠᠯ ᠢ᠋ ᠦᠢᠮᠡᠭᠦᠯᠵᠦ᠂ ᠵᠡᠭᠦᠨ ᠪᠠᠷᠠᠭᠤᠨ ᠲᠡᠰᠢ( ᠲᠡᠢᠰᠢ) ᠨᠢᠭᠤᠷ ᠨᠢᠳᠦ ᠦᠭᠡᠢ ᠵᠣᠳᠣᠭᠰᠠᠭᠠᠷ᠂ ᠵᠠᠮᠭᠤᠨ ᠤ᠋ ᠦᠷᠭᠦᠭᠡᠨ ᠳ᠋ᠦ᠍ ᠰᠢᠭᠤᠳ ᠳᠠᠭᠠᠷᠢᠨ ᠣᠷᠣᠬᠤ ᠭᠡᠬᠦ ᠳ᠋ᠦ᠍ᠨᠢ ᠬᠡᠳᠦᠨ ᠮᠤᠨᠳᠠᠭ ᠴᠠᠬᠢᠷᠠᠭ ᠲᠥᠪᠡᠳ ᠲᠣᠰᠣᠨ ᠠᠪᠤᠭᠠᠳ᠂ ᠰᠠᠢᠨ ᠴᠦ᠍ ᠵᠣᠳᠣᠭᠰᠠᠨ ᠳᠠ᠃ ᠨᠢᠭᠤᠷ ᠠᠮᠠ ᠶ᠋ᠢ ᠨᠢ ᠤᠯᠠᠭᠠᠨ ᠨᠢᠯᠠᠭ ᠪᠣᠯᠭᠠᠭᠠᠳ᠂ ᠵᠠᠷᠢᠮ ᠨᠢᠭᠡ ᠶ᠋ᠢ ᠨᠢ ᠤᠨᠠᠲᠠᠯ᠎ᠠ ᠴᠣᠬᠢᠵᠤ ᠪᠢᠯᠡ᠃ ᠣᠯᠠᠨ ᠮᠥᠷᠭᠥᠯᠴᠢᠨ ᠦ᠌ ᠳᠣᠲᠣᠷ᠎ᠠ᠂ ᠤᠷᠢᠳ ᠬᠦᠷᠢᠶ᠎ᠡ ᠪᠣᠭᠳᠠ ᠳ᠋ᠤ᠌ ᠮᠥᠷᠭᠥᠬᠦ ᠭᠡᠵᠦ ᠲᠡᠳᠡᠨ ᠳ᠋ᠦ᠍ ᠵᠣᠳᠣᠭᠤᠯᠵᠤ ᠶᠠᠪᠤᠭᠰᠠᠨ ᠤᠯᠤᠰ ᠳᠠᠭᠠᠷᠢᠯᠳᠤᠭᠠᠳ᠂ ᠲᠠᠨᠢᠵᠤ ᠲᠠᠪᠠ ᠪᠠᠨ ᠬᠠᠨᠤᠭᠠᠳ᠂ ᠪᠣᠭᠳᠠ ᠶ᠋ᠢᠨ ᠬᠡᠳᠦᠨ ᠪᠣᠯᠳᠠᠭ ᠦᠭᠡᠢ ᠲᠠᠩᠬᠠᠢ ᠵᠣᠳᠣᠭᠠᠴᠢ ᠬᠠᠭᠠᠯᠭᠠᠴᠢ ᠶ᠋ᠢ ᠵᠠᠮᠭᠤᠨ ᠤ᠋ ᠲᠠᠩᠭᠤᠳ ᠵᠣᠳᠣᠭᠠᠴᠢ ᠨᠠᠷ ᠨᠢᠭᠡ ᠰᠠᠢᠨ ᠡᠯᠳᠡᠵᠦ ᠠᠪᠤᠭᠰᠠᠨ ᠨᠢ ᠬᠠᠷᠢᠨ ᠴᠤ᠌ ᠪᠣᠯᠵᠤ ᠭᠡᠵᠦ ᠪᠦᠭᠦᠳᠡ ᠪᠠᠶᠠᠷᠯᠠᠭᠰᠠᠨ ᠪᠢᠯᠡ ᠭᠡᠵᠦ ᠡᠪᠦᠭᠡᠨ ᠴᠠᠭᠳᠠᠭ᠎ᠠ ᠶᠠᠷᠢᠪᠠ᠃
ᠥᠷᠯᠥᠭᠡ ᠡᠷᠲᠡ ᠨᠠᠷᠠᠨ ᠢ᠋ᠶ᠋ᠠᠷ ᠮᠥᠷᠭᠥᠯᠴᠢᠨ ᠲᠡᠷᠡ ᠬᠡᠳᠦᠨ ᠬᠦᠷᠢᠶᠡᠯᠡᠨ ᠪᠠᠷᠢᠭᠰᠠᠨ ᠭᠡᠷ ᠦ᠋ᠨ ᠭᠠᠳᠠᠨ᠎ᠠ ᠴᠤᠭᠯᠠᠵᠤ᠂ ᠮᠢᠫᠠᠮᠴᠠᠰᠤᠳ ᠬᠦᠩ ᠬᠠᠲᠤᠨ᠂ ᠪᠠᠷᠠᠭ᠎ᠠ(ᠪᠠᠷ᠎ᠠ) ᠪᠣᠯᠤᠭᠴᠢ ᠰᠡᠯᠲᠡ ᠲᠡᠢ᠂ ᠪᠠᠰᠠ ᠡᠨᠳᠡ ᠲᠡᠨᠳᠡ ᠡᠴᠡ ᠢᠷᠡᠭᠰᠡᠨ ᠲᠠᠪᠢᠭᠠᠳ ᠠᠷᠠᠳ ᠤ᠋ᠳ ᠠᠳᠢᠰ ᠬᠦᠷᠲᠡᠬᠦ ᠭᠡᠵᠦ ᠴᠤᠭᠯᠠᠷᠠᠭᠠᠳ᠂ ᠬᠡᠯᠡᠮᠦᠷᠴᠢ ᠲᠥᠪᠡᠳ᠂ ᠪᠤᠯᠠᠭ᠎ᠠ ᠮᠣᠯᠴᠣᠭᠯᠠᠭᠰᠠᠨ ᠴᠠᠭᠠᠨ ᠲᠡᠮᠡᠭᠡ ᠲᠡᠷᠢᠭᠦᠲᠡᠢ ᠶᠢᠰᠦᠨ ᠴᠠᠭᠠᠨ ᠭᠡᠳᠡᠭ ᠡᠵᠡᠨ ᠨᠣᠶᠠᠨ ᠳ᠋ᠠᠭᠠᠨ ᠬᠠᠷᠢᠶᠠᠲᠤ ᠶ᠋ᠢᠨ ᠡᠷᠭᠦᠳᠡᠭ ᠪᠡᠯᠡᠭ ᠪᠠᠷᠢᠴᠠ ᠪᠠᠷᠢᠭᠰᠠᠨ ᠬᠦᠩ᠂ ᠲᠡᠭᠦᠨ ᠦ᠌ ᠮᠢᠬᠠᠯᠢᠭ ᠬᠠᠲᠤᠨ ᠬᠣᠶᠠᠷ ᠢ᠋ ᠪᠢᠯᠳᠠᠤᠴᠢᠯᠠᠨ ᠶᠣᠰᠣᠯᠠᠭᠠᠳ᠂ ᠨᠥᠭᠦᠭᠡ ᠬᠠᠷᠠᠴᠤ ᠠᠷᠠᠳ ᠤ᠋ᠨ ᠵᠦᠭ ᠶᠡᠬᠡ ᠵᠠᠩ ᠲᠠᠢ ᠪᠠᠢᠳᠠᠯ ᠢ᠋ᠶ᠋ᠠᠷ ᠵᠠᠩᠳᠤᠷᠤᠨ᠂ ᠵᠠᠮᠭᠤᠨ ᠤ᠋ ᠰᠠᠩ ᠳ᠋ᠤ᠌ ᠮᠣᠳᠣᠷ ᠤ᠋ᠨ ᠠᠳᠢᠰ ᠬᠦᠷᠲᠡᠬᠦ ᠳ᠋ᠦ᠍ ᠬᠡᠷᠡᠭᠯᠡᠬᠦ ᠡᠳ᠋ ᠦ᠋ᠨ ᠬᠥᠯᠥᠰᠥᠨ ᠳ᠋ᠦ᠍ ᠮᠥᠩᠭᠥ ᠬᠤᠷᠢᠶᠠᠯᠭᠠᠭᠰᠠᠨ ᠠᠬᠠᠯᠠᠬᠤ ᠮᠥᠷᠭᠥᠯᠴᠢᠨ ᠦ᠌ ᠨᠡᠷᠡᠰ ᠢ᠋ ᠳᠠᠭᠤᠳᠠᠵᠤ᠂ ᠠᠳᠢᠰ ᠠᠪᠬᠤ ᠳ᠋ᠠᠭᠠᠨ ᠴᠢᠩᠭᠢᠵᠦ ᠴᠢᠩᠭᠢᠵᠦ ᠪᠠᠢ ᠭᠡᠵᠦ ᠳᠠᠪᠲᠠᠨ ᠵᠢᠭᠠᠪᠤᠷᠢᠯᠠᠭᠠᠳ᠂ ᠡᠭᠡᠯ ᠲᠥᠷᠥᠯᠬᠢᠲᠡᠨ ᠢ᠋ ᠳᠤᠷ᠎ᠠ ᠵᠣᠷᠢᠭ ᠮᠡᠳᠡᠨ ᠳᠠᠷᠤᠯᠠᠵᠤ ᠰᠤᠷᠤᠭᠰᠠᠨ ᠬᠡᠳᠦᠨ ᠪᠠᠷᠠᠭ᠎ᠠ(ᠪᠠᠷ᠎ᠠ) ᠪᠣᠯᠤᠭᠴᠢ᠂ ᠬᠡᠳᠦᠨ ᠴᠢᠭᠢᠷᠠᠭ ᠲᠠᠩᠭᠤᠳ ᠢ᠋ᠶ᠋ᠠᠷ ᠡᠯᠪᠡᠯᠴᠡᠭᠦᠯᠵᠦ᠂ ᠮᠥᠷᠭᠥᠯᠴᠢᠨ ᠢ᠋ ᠴᠤᠪᠤᠭᠤᠯᠤᠨ ᠵᠢᠭᠰᠠᠭᠠᠵᠤ ᠤᠷᠢᠳ ᠨᠢ ᠠᠬᠠᠯᠠᠬᠤ ᠮᠥᠷᠭᠥᠯᠴᠢᠨ ᠢ᠋᠂ ᠬᠣᠢᠨ᠎ᠠ ᠨᠢ ᠲᠡᠭᠦᠨ ᠦ᠌ ᠨᠥᠬᠥᠷ ᠰᠡᠭᠦᠳᠡᠷ᠂ ᠲᠡᠭᠦᠨ ᠦ᠌ ᠬᠣᠢᠨ᠎ᠠ ᠮᠥᠨ ᠠᠬᠠᠯᠠᠬᠤ ᠮᠥᠷᠭᠥᠯᠴᠢᠨ ᠢ᠋ ᠨᠥᠬᠥᠷ ᠰᠡᠭᠦᠳᠡᠷ ᠰᠡᠯᠲᠡ ᠪᠡᠷ ᠡᠷᠢᠬᠡᠨ ᠦ᠌ ᠪᠥᠭᠡᠷ ᠡᠷᠢᠬᠡᠨ ᠦ᠌ ᠮᠥᠬᠥᠯᠢᠭ ᠰᠢᠭ ᠴᠤᠪᠤᠭᠤᠯᠤᠨ ᠵᠡᠬᠡᠲᠡᠯᠡ ᠵᠠᠮᠭᠤᠨ ᠤ᠋ ᠭᠡᠷ ᠡᠴᠡ ᠬᠦᠷᠡᠩ ᠲᠣᠷᠭᠠᠨ ᠳᠡᠪᠡᠯ ᠲᠡᠢ᠂ ᠰᠦᠷᠡᠬᠡᠢ ᠲᠣᠮᠣᠭᠠᠲᠠᠢ ᠶᠠᠩᠵᠤ ᠶ᠋ᠢᠨ ᠲᠥᠪᠡᠳ ᠬᠥᠮᠦᠨ ᠭᠠᠷᠴᠤ ᠢᠷᠡᠭᠡᠳ ᠬᠦᠩ ᠢ᠋ ᠶᠣᠰᠣᠯᠠᠨ᠂ ᠭᠠᠷ ᠢ᠋ᠶ᠋ᠠᠷ ᠭᠡᠷ ᠦ᠋ᠨ ᠵᠦᠭ ᠶᠣᠰᠣᠯᠠᠨ ᠵᠠᠩᠭᠠᠵᠤ ᠤᠷᠢᠨ ᠣᠷᠣᠭᠤᠯᠪᠠ᠃
— — — —
* ᠯᠣᠵᠠᠸᠠ— ᠲᠥᠪᠡᠳ ᠬᠡᠯᠡᠮᠦᠷᠴᠢ ᠭᠡᠰᠡᠨ ᠦᠭᠡ᠃
* ᠠᠩᠭ᠌ᠯᠢ
ᠲᠡᠷᠡ ᠵᠠᠪᠰᠠᠷ᠂ ᠬᠥᠬᠡ ᠴᠢᠷᠠᠢ ᠲᠠᠢ ᠴᠢᠭᠢᠷᠠᠭ ᠴᠢᠭᠢᠷᠠᠭ ᠲᠠᠩᠭᠤᠳ᠂ ᠠᠷᠭᠠᠮᠵᠢ ᠰᠢᠭ᠋ ᠴᠤᠪᠤᠭᠰᠠᠨ ᠠᠷᠠᠳ ᠤ᠋ᠳ ᠤ᠋ᠨ ᠬᠣᠶᠠᠷ ᠬᠠᠵᠠᠭᠤ ᠪᠠᠷ ᠰᠦᠷ ᠪᠠᠳᠠᠷᠠᠭᠤᠯᠤᠨ ᠵᠣᠭᠰᠣᠪᠠ᠃ ᠪᠠᠲᠤᠪᠠᠶᠠᠷ ᠲᠡᠳᠡᠨ ᠦ᠌ ᠪᠠᠢᠳᠠᠯ ᠢ᠋ ᠬᠠᠷᠠᠭᠠᠳ᠂
— ᠵᠠ᠂ ᠨᠥᠬᠥᠳ ᠮᠢᠨᠢ ᠡᠨᠡ ᠬᠥᠬᠡ ᠲᠠᠩᠭᠤᠳ ᠯᠤᠵᠠᠸᠠ ᠶ᠋ᠢᠨ ᠵᠢᠭᠠᠪᠤᠷᠢ ᠶ᠋ᠢ ᠯᠡ ᠳᠠᠭᠠᠵᠤ ᠪᠠᠢ᠃ ᠡᠰᠡ ᠴᠢᠩᠭᠡᠪᠡᠯ᠂ ᠡᠨᠡ ᠬᠡᠳᠦᠨ ᠰᠦᠷᠡᠬᠡᠢ ᠲᠠᠩᠭᠤᠳ ᠤ᠋ᠨ ᠮᠣᠳᠣᠷ ᠤ᠋ᠨ ᠠᠳᠢᠰ ᠢ᠋ ᠤᠷᠢᠲᠠᠨ ᠬᠦᠷᠲᠡᠵᠦ ᠮᠠᠭᠠᠳ ᠦᠭᠡᠢ ᠪᠠᠢᠨ᠎ᠠ ᠰᠢᠦ ᠭᠡᠵᠦ ᠰᠠᠮ ᠬᠡᠯᠡᠪᠡᠰᠦ᠂ ᠯᠤᠵᠠᠸᠠ ᠲᠥᠪᠡᠳ᠂
— ᠳᠤᠭᠤᠢ ᠪᠠᠢ! ᠲᠠ ᠨᠠᠷ ᠶᠠᠭᠤ ᠭᠡᠵᠦ ᠱᠤᠯᠤᠭᠠᠨᠠᠵᠤ ᠪᠠᠢᠨ᠎ᠠ ᠭᠡᠵᠦ ᠵᠠᠩᠳᠤᠷᠪᠠ᠃
ᠳᠠᠯᠠᠢ ᠯᠠᠮᠠ ᠶ᠋ᠢᠨ ᠭᠣᠶᠣ ᠦᠷᠭᠦᠭᠡᠨ ᠦ᠌ ᠲᠠᠪᠤᠨ ᠥᠩᠭᠡ ᠶ᠋ᠢᠨ ᠲᠣᠷᠭ᠎ᠠ ᠪᠠᠷ ᠠᠯᠠᠭᠯᠠᠨ ᠣᠶᠣᠭᠰᠠᠨ ᠡᠭᠦᠳᠡ ᠶ᠋ᠢ ᠡᠷᠭᠦᠨ ᠤᠬᠤᠷᠢᠭᠰᠠᠭᠠᠷ ᠨᠣᠶᠠᠨ ᠤ᠋ ᠪᠠᠷᠠᠭ᠎ᠠ(ᠪᠠᠷ᠎ᠠ) ᠪᠣᠯᠣᠭᠰᠠᠳ ᠭᠠᠷᠴᠤ ᠢᠷᠡᠭᠡᠳ᠂ ᠲᠡᠳᠡᠨ ᠦ᠌ ᠬᠣᠢᠨ᠎ᠠ ᠠ᠋ᠴᠠ ᠬᠠᠲᠤᠨ᠂ ᠬᠠᠲᠤᠨ ᠤ᠋ ᠬᠣᠢᠨ᠎ᠠ ᠠ᠋ᠴᠠ ᠨᠣᠶᠠᠨ ᠭᠠᠷᠴᠤ ᠢᠷᠡᠪᠡ᠃ ᠲᠥᠪᠡᠳ ᠯᠤᠵᠠᠸᠠ ᠥᠨᠳᠥᠷ ᠳᠠᠭᠤᠨ ᠢ᠋ᠶ᠋ᠠᠷ᠂
— ᠵᠠ᠂ ᠣᠳᠣ ᠣᠷᠣᠵᠠᠭ᠎ᠠ! ᠭᠡᠵᠦ ᠬᠠᠰᠬᠢᠷᠤᠭᠠᠳ ᠵᠠᠮ ᠤᠳᠤᠷᠢᠳᠤᠨ ᠣᠷᠣᠪᠠ᠃
— ᠪᠤᠰᠢᠭᠤᠯ᠂ ᠪᠤᠰᠢᠭᠤᠯ!(ᠪᠤᠰᠢᠭᠤᠯᠠ᠂ ᠪᠤᠰᠢᠭᠤᠯᠠ!) ᠭᠡᠵᠦ ᠬᠣᠶᠠᠷ ᠬᠠᠵᠠᠭᠤ ᠠ᠋ᠴᠠ ᠥᠨᠥᠬᠢ ᠲᠠᠩᠭᠤᠳ ᠤ᠋ᠳ ᠬᠠᠰᠬᠢᠷᠴᠠᠭᠠᠨ᠂ ᠰᠠᠨᠳᠤᠷᠤᠨ ᠲᠡᠪᠡᠳᠡᠭᠰᠡᠨ ᠮᠥᠷᠭᠥᠯᠴᠢᠨ ᠦ᠌ ᠥᠴᠦᠬᠡᠨ ᠣᠰᠤᠯᠳᠤᠨ (ᠣᠰᠣᠯᠳᠠᠨ)ᠬᠣᠴᠣᠷᠤᠭᠰᠠᠨ ᠢ᠋ ᠶᠣᠪᠣᠷᠤᠨ ᠨᠢᠳᠤᠷᠴᠤ ᠬᠥᠭᠡᠭᠡᠭᠡᠳ᠂ ᠡᠭᠦᠳᠡᠨ ᠳ᠋ᠦ᠍ ᠵᠣᠭᠰᠣᠵᠤ ᠪᠠᠢᠭᠰᠠᠨ ᠥᠨᠳᠥᠷ ᠪᠡᠶ᠎ᠡ ᠲᠡᠢ ᠲᠥᠪᠡᠳ᠂ ᠠᠬᠠᠮᠠᠳ ᠬᠣᠶᠠᠷ ᠮᠥᠷᠭᠥᠯᠴᠢᠨ ᠢ᠋ ᠨᠥᠬᠥᠳ ᠰᠡᠯᠲᠡ ᠶ᠋ᠢᠨ ᠬᠠᠮᠲᠤ ᠣᠷᠣᠭᠤᠯᠤᠭᠠᠳ᠂ ᠪᠤᠰᠤᠳ ᠢ᠋ ᠵᠣᠭᠰᠣᠭᠠᠭᠠᠳ᠂ ᠲᠡᠳᠦᠢᠬᠡᠨ ᠭᠡᠷ ᠳᠣᠲᠣᠷ᠎ᠠ ᠪᠤᠰᠢᠭᠤᠯ ᠪᠤᠰᠢᠭᠤᠯ!(ᠪᠤᠰᠢᠭᠤᠯᠠ ᠪᠤᠰᠢᠭᠤᠯᠠ!) ᠭᠡᠵᠦ ᠬᠠᠰᠬᠢᠷᠬᠤ ᠴᠢᠮᠡᠭᠡ ᠰᠣᠨᠣᠰᠳᠠᠵᠤ᠂ ᠲᠦᠷᠦᠭᠦᠦ ᠣᠷᠣᠭᠰᠠᠨ ᠬᠡᠳᠦᠨ ᠮᠥᠷᠭᠥᠯᠴᠢᠨ ᠰᠡᠩᠳᠡᠨ ᠮᠡᠩᠳᠡᠨ ᠤᠬᠤᠷᠢ ᠤᠬᠤᠷᠢᠭᠰᠠᠭᠠᠷ ᠲᠡᠪᠡᠳᠡᠨ ᠭᠠᠷᠴᠠᠢ᠃ ᠡᠭᠦᠳᠡᠨ ᠦ᠌ ᠲᠠᠩᠭᠤᠳ ᠪᠠᠰᠠ ᠠᠷᠪᠠᠭᠠᠳ ᠬᠥᠮᠦᠨ ᠢ᠋ ᠳᠣᠲᠣᠷ᠎ᠠ ᠣᠷᠣᠭᠤᠯᠤᠮᠠᠭᠴᠠ ᠮᠥᠨ ᠤᠳᠠᠯ ᠦᠭᠡᠢ ᠭᠡᠷ ᠳᠣᠲᠣᠷ᠎ᠠ ᠪᠤᠰᠢᠭᠤᠯ ᠪᠤᠰᠢᠭᠤᠯ!(ᠪᠤᠰᠢᠭᠤᠯᠠ ᠪᠤᠰᠢᠭᠤᠯᠠ!) ᠭᠡᠵᠦ ᠬᠥᠭᠡᠭᠡᠨ ᠭᠠᠷᠭᠠᠬᠤ ᠳᠠᠭᠤᠨ ᠰᠣᠨᠣᠰᠳᠠᠵᠤ ᠮᠥᠨ ᠲᠡᠪᠡᠳᠡᠨ ᠭᠠᠷᠪᠠ᠃
ᠪᠠᠲᠤᠪᠠᠶᠠᠷ ᠲᠡᠷᠡ ᠪᠠᠢᠳᠠᠯ ᠢ᠋ ᠰᠣᠨᠣᠰᠤᠨ ᠦᠵᠡᠭᠡᠳ᠂ ᠵᠠ᠂ ᠴᠢ ᠮᠢᠨᠢ ᠬᠥᠯ ᠳᠡᠭᠡᠷ᠎ᠡ ᠪᠡᠨ ᠲᠣᠭᠲᠠᠵᠤ ᠦᠵᠡᠭᠡᠷᠡᠢ᠃ ᠱᠠᠯᠠᠮᠠᠭᠠᠢᠯᠠᠨ ᠬᠥᠳᠡᠯᠦᠭᠡᠷᠡᠢ᠂ ᠠᠶ᠎ᠠ ᠦᠭᠡᠢᠳᠡᠪᠡᠯ ᠨᠠᠭᠠᠳᠤ ᠬᠡᠳᠦᠨ ᠲᠠᠩᠭᠤᠳ ᠴᠢᠨᠢ ᠪᠢᠳᠡᠨ ᠢ᠋ ᠪᠠᠢᠲᠤᠭᠠᠢ᠂ ᠪᠤᠷᠬᠠᠨ ᠪᠠᠭᠰᠢ ᠶ᠋ᠢᠨ ᠴᠦ᠍ ᠰᠦᠰᠦᠭ ᠠᠯᠳᠠᠭᠤᠯᠤᠮᠠᠷ ᠭᠣᠷᠢ ᠦᠭᠡᠢ ᠤᠯᠤᠰ ᠪᠠᠢᠨ᠎ᠠ ᠳᠠ ᠭᠡᠵᠦ ᠬᠡᠯᠡᠭᠡᠳ᠂ ᠪᠤᠰᠢᠭᠤᠯ!ᠪᠤᠰᠢᠭᠤᠯ!(ᠪᠤᠰᠢᠭᠤᠯᠠ! ᠪᠤᠰᠢᠭᠤᠯᠠ!) ᠭᠡᠵᠦ ᠬᠥᠭᠡᠭᠡᠭᠳᠡᠨ ᠰᠢᠬᠠᠭᠳᠠᠵᠤ ᠶᠠᠭᠠᠷᠠᠨ ᠳᠣᠲᠣᠭᠰᠢ ᠣᠷᠣᠪᠠᠯ᠂ ᠰᠢᠷ᠎ᠠ ᠲᠣᠷᠭᠠᠨ ᠬᠥᠰᠢᠭᠡ ᠲᠡᠢ ᠲᠣᠮᠣ ᠭᠡᠷ ᠦ᠋ᠨ ᠳᠣᠲᠣᠷ᠎ᠠ ᠶᠠᠭ ᠬᠣᠢᠮᠣᠷ ᠲᠤᠨᠢ ᠬᠡᠪᠢᠰᠦᠨ ᠲᠦᠰᠢᠯᠭᠡᠲᠡᠢ ᠮᠣᠩᠭᠣᠯ ᠣᠷᠣᠨ ᠳᠡᠭᠡᠷ᠎ᠡ ᠬᠣᠷᠭᠣᠢ ᠭᠣᠶᠣ ᠵᠠᠬ᠎ᠠ ᠲᠠᠢ᠂ ᠰᠢᠷ᠎ᠠ ᠲᠣᠷᠭᠠᠨ ᠵᠠᠩᠴᠢ ᠽᠦᠩᠺᠠᠸ᠋᠎ᠠ ᠶ᠋ᠢᠨ ᠪᠠᠨᠴᠢᠨ ᠮᠠᠯᠠᠭᠠᠢ ᠲᠠᠢ ᠳᠠᠯᠠᠢ ᠯᠠᠮᠠ ᠭᠣᠣᠯᠯᠠᠨ ᠰᠠᠭᠤᠵᠤ᠂ ᠣᠪᠣᠷ ᠪᠠᠢᠳᠠᠯ ᠨᠢ ᠬᠣᠷᠢᠨ ᠨᠠᠢ᠍ᠮᠠ ᠣᠷᠴᠢᠮ ᠨᠠᠰᠤᠲᠠᠢ᠂ ᠰᠡᠷᠭᠦᠯᠡᠩ ᠴᠢᠷᠠᠢ ᠲᠠᠢ᠂ ᠨᠣᠮ ᠶᠡᠬᠡ ᠤᠩᠰᠢᠵᠤ᠂ ᠶᠠᠭᠤᠮ᠎ᠠ ᠪᠣᠳᠣᠵᠤ ᠪᠠᠢᠳᠠᠭ ᠬᠥᠮᠦᠨ ᠦ᠌ ᠰᠢᠨᠵᠢᠲᠡᠢ᠂ ᠠᠮᠤᠷᠯᠢᠩᠭᠤᠢ ᠬᠠᠷᠠᠴᠠ ᠲᠠᠢ ᠬᠥᠮᠦᠨ ᠪᠠᠢᠵᠠᠢ᠃ ᠪᠠᠲᠤᠪᠠᠶᠠᠷ᠂ ᠳᠠᠯᠠᠢ ᠯᠠᠮᠠ ᠶ᠋ᠢᠨ ᠴᠢᠷᠠᠢ ᠶ᠋ᠢ ᠬᠠᠷᠠᠭᠠᠳ᠂ ᠶᠠᠭᠤᠮ᠎ᠠ ᠪᠦᠭᠦᠳᠡ ᠶ᠋ᠢ ᠡᠷᠬᠡ ᠵᠣᠷᠢᠭ ᠢ᠋ᠶ᠋ᠠᠷ ᠢᠶᠡᠨ ᠠᠪᠠᠴᠢᠵᠤ ᠰᠤᠷᠤᠭᠰᠠᠨ᠂ ᠡᠷᠬᠡ ᠲᠠᠩᠬᠠᠢ᠂ ᠪᠡᠶ᠎ᠡ ᠪᠡᠨ ᠲᠣᠭᠣᠭᠰᠠᠨ ᠬᠥᠮᠦᠨ ᠦ᠌ ᠰᠢᠨᠵᠢᠲᠡᠢ ᠬᠦᠷᠢᠶᠡᠨ ᠦ᠌ ᠵᠢᠪᠽᠦᠢ᠍ᠨᠳᠠᠮᠪᠠ ᠬᠤᠲᠤᠭᠲᠤ ᠶ᠋ᠢᠨ ᠥᠭᠡᠳᠡ ᠦᠭᠡᠢ᠂ ᠲᠠᠴᠢᠶᠠᠩᠭᠤᠢ ᠮᠤᠩᠬᠠᠭ ᠰᠢᠨᠵᠢᠲᠡᠢ ᠴᠢᠷᠠᠢ ᠰᠡᠳᠬᠢᠯ ᠳ᠋ᠦ᠍ᠨᠢ ᠣᠷᠣᠵᠤ᠂
— ᠡᠨᠡ ᠯᠠᠮᠠ᠂ ᠮᠠᠨ ᠤ᠋ ᠪᠣᠭᠳᠠ ᠠ᠋ᠴᠠ ᠶᠡᠬᠡ ᠣᠨᠳᠣᠣ ᠦᠵᠡᠭᠳᠡᠵᠦ ᠪᠠᠢᠨ᠎ᠠ ᠰᠢᠦ ᠭᠡᠵᠦ ᠪᠣᠳᠣᠭᠠᠳ᠂ ᠶᠡᠬᠡ ᠯᠠᠮᠠ ᠶ᠋ᠢᠨ ᠳᠡᠷᠭᠡᠳᠡ ᠣᠢᠷᠠᠲᠤᠵᠤ ᠭᠤᠷᠪᠠ ᠮᠥᠷᠭᠥᠭᠡᠳ ᠬᠠᠳᠠᠭ ᠭᠠᠷᠭᠠᠵᠤ ᠳᠡᠪᠰᠢᠭᠦᠯᠲᠡᠯᠡ᠂ ᠳᠡᠷᠭᠡᠳᠡ ᠨᠢ ᠵᠡᠭᠦᠨ ᠲᠠᠯ᠎ᠠ ᠳ᠋ᠤ᠌ ᠪᠠᠢᠭᠰᠠᠨ ᠥᠨᠳᠥᠷ ᠬᠥᠬᠡ ᠲᠥᠪᠡᠳ᠂ ᠬᠠᠳᠠᠭ ᠳᠡᠭᠡᠷ᠎ᠡ ᠨᠢ ᠲᠥᠭᠥᠷᠢᠭ ᠮᠠᠨᠳᠠᠯ ᠲᠠᠯᠪᠢᠭᠠᠳ᠂ ᠨᠢᠭᠡ ᠪᠤᠷᠬᠠᠨ᠂ ᠳᠣᠷᠭᠣᠨ ᠵᠠᠩᠴᠢ ᠲᠠᠢ ᠨᠢᠭᠡ ᠨᠣᠮ᠂ ᠠᠯᠲᠠᠨ ᠰᠤᠪᠤᠷᠭ᠎ᠠ ᠨᠢᠭᠡ ᠶ᠋ᠢ ᠲᠠᠯᠪᠢᠭᠰᠠᠨ ᠳ᠋ᠤ᠌᠂ ᠳᠠᠯᠠᠢ ᠯᠠᠮᠠ ᠲᠡᠷᠡ ᠲᠥᠪᠡᠳ ᠦ᠋ᠨ ᠲᠠᠯᠪᠢᠭᠰᠠᠨ ᠶᠠᠭᠤᠮ᠎ᠠ ᠪᠦᠭᠦᠳᠡ ᠳ᠋ᠦ᠍ ᠲᠠᠯᠪᠢᠬᠤ ᠪᠦᠷᠢ ᠬᠤᠷᠤᠭᠤᠨ ᠤ᠋ ᠦᠵᠦᠭᠦᠷ ᠢ᠋ᠶ᠋ᠡᠷ ᠬᠦᠷᠴᠦ᠂ ᠪᠠᠷᠠᠭᠤᠨ ᠡᠲᠡᠭᠡᠳ ᠲᠦ᠍ ᠵᠣᠭᠰᠣᠵᠤ ᠪᠠᠢᠭᠰᠠᠨ ᠥᠨᠳᠥᠷ ᠲᠥᠪᠡᠳ ᠯᠠᠮᠠ᠂ ᠲᠡᠷᠡ ᠶᠠᠭᠤᠮ᠎ᠠ ᠶ᠋ᠢ ᠬᠣᠷᠢᠶᠠᠨ ᠠᠪᠴᠤ᠂ ᠮᠠᠨᠳᠠᠯ ᠡᠷᠭᠦᠬᠦ ᠲᠠᠪᠤᠨ ᠯᠠᠩ ᠬᠤᠷᠢᠶᠠᠯᠭᠠᠭᠰᠠᠨ ᠳᠠᠷᠠᠭᠠᠬᠢ ᠮᠥᠷᠭᠥᠯᠴᠢᠨ ᠦ᠌ ᠬᠡᠷᠡᠭᠯᠡᠬᠦ ᠳ᠋ᠦ᠍ ᠵᠡᠬᠡᠵᠦ ᠪᠠᠢᠪᠠ᠃ ᠴᠢᠩᠭᠢᠭᠡᠳ ᠳᠠᠯᠠᠢ ᠯᠠᠮᠠ᠂ ᠪᠠᠲᠤᠪᠠᠶᠠᠷ ᠤ᠋ᠨ ᠬᠠᠳᠠᠭ ᠠᠪᠤᠭᠠᠳ᠂ ᠪᠠᠷᠠᠭᠤᠨ ᠭᠠᠷ ᠢ᠋ᠶ᠋ᠠᠷ ᠡᠪᠦᠭᠡᠨ ᠦ᠌ ᠵᠤᠯᠠᠢ ᠳ᠋ᠤ᠌ ᠬᠦᠷᠴᠦ ᠠᠳᠢᠰ ᠲᠠᠯᠪᠢᠪᠠ᠃ ᠵᠡᠭᠦᠨ ᠲᠠᠯ᠎ᠠ ᠳ᠋ᠤ᠌ ᠵᠣᠭᠰᠣᠵᠤ ᠪᠠᠢᠭᠰᠠᠨ ᠥᠨᠳᠥᠷ ᠲᠥᠪᠡᠳ᠂ ᠳᠠᠯᠠᠢ ᠯᠠᠮᠠ ᠳ᠋ᠤ᠌ ᠬᠢᠪ ᠵᠠᠩᠭᠢᠶ᠎ᠠ ᠥᠭᠴᠦ᠂ ᠳᠠᠯᠠᠢ ᠯᠠᠮᠠ ᠳᠤᠮᠳᠠ ᠨᠢ ᠨᠢᠭᠡ ᠵᠠᠩᠭᠢᠳᠴᠤ ᠦᠯᠢᠶᠡᠨ ᠠᠳᠢᠰᠯᠠᠭᠠᠳ᠂ ᠡᠪᠦᠭᠡᠨ ᠦ᠌ ᠬᠦᠵᠦᠭᠦᠨ ᠳᠡᠭᠡᠷ᠎ᠡ ᠲᠠᠯᠪᠢᠪᠠ᠃ ᠴᠢᠩᠭᠢᠲᠡᠯ᠎ᠡ᠂ ᠪᠠᠷᠰ ᠤ᠋ᠨ ᠠᠷᠠᠰᠤᠨ ᠲᠠᠰᠢᠭᠤᠷ ᠪᠠᠷᠢᠭᠰᠠᠨ ᠥᠨᠳᠥᠷ ᠲᠥᠪᠡᠳ᠂ ᠪᠣᠰᠢᠭᠣ ᠭᠠᠷ! ᠭᠡᠵᠦ ᠪᠠᠷᠬᠢᠷᠠᠭᠠᠳ᠂ ᠪᠠᠲᠤᠪᠠᠶᠠᠷ ᠰᠡᠩᠳᠡᠨ ᠮᠡᠩᠳᠡᠨ ᠡᠭᠦᠳᠡ ᠲᠠᠰᠢ(ᠲᠠᠢᠰᠢ) ᠤᠬᠤᠷᠢᠪᠠ᠃ ᠳᠠᠷᠠᠭ᠎ᠠ ᠪᠠᠷ ᠨᠢ ᠵᠠᠮᠪᠠ ᠪᠠᠰᠠ ᠪᠠᠲᠤᠪᠠᠶᠠᠷ ᠤ᠋ᠨ ᠠᠳᠠᠯᠢ ᠮᠥᠷᠭᠥᠵᠦ ᠠᠳᠢᠰ ᠬᠦᠷᠲᠡᠭᠡᠳ᠂ ᠲᠡᠪᠡᠳᠡᠨ ᠬᠥᠭᠡᠭᠡᠭᠳᠡᠵᠦ ᠬᠣᠢᠨ᠎ᠠ ᠠ᠋ᠴᠠ ᠨᠢ ᠳᠠᠭᠠᠭᠰᠠᠨ ᠫᠠᠭᠮ᠎ᠠ᠂ ᠳᠠᠷᠠᠩ ᠨᠠᠷ ᠮᠠᠨᠳᠠᠯ ᠡᠷᠭᠦᠭᠰᠡᠨ ᠪᠠᠲᠤᠪᠠᠶᠠᠷ ᠵᠠᠮᠪᠠ ᠬᠣᠶᠠᠷ ᠢ᠋《ᠳᠠᠭᠠᠨ ᠪᠠᠶᠠᠰᠤᠯᠴᠠᠵᠤ》 ᠶᠠᠪᠤᠭᠰᠠᠨ ᠤᠴᠢᠷ ᠭᠠᠭᠴᠠᠬᠦ ᠮᠣᠳᠣᠷ ᠤ᠋ᠨ ᠠᠳᠢᠰ ᠬᠦᠷᠲᠡᠭᠡᠳ ᠰᠡᠩᠳᠡᠨ ᠮᠡᠩᠳᠡᠨ ᠬᠥᠭᠡᠭᠡᠭᠳᠡᠵᠦ ᠭᠠᠷᠪᠠ᠃
ᠪᠠᠲᠤᠪᠠᠶᠠᠷ ᠶᠡᠬᠡ ᠯᠠᠮᠠ ᠶ᠋ᠢᠨ ᠥᠷᠭᠥᠭᠡ ᠶ᠋ᠢ ᠬᠦᠷᠢᠶᠡᠯᠡᠨ ᠪᠠᠷᠢᠭᠰᠠᠨ ᠰᠢᠷ᠎ᠠ ᠲᠣᠷᠭᠠᠨ ᠬᠦᠷᠢᠶᠡᠨ ᠦ᠌ ᠭᠠᠳᠠᠨ᠎ᠠ ᠭᠠᠷᠤᠭᠠᠳ᠂ ᠬᠡᠳᠦᠨ ᠴᠠᠭᠠᠨ ᠭᠡᠷ ᠦ᠋ᠨ ᠲᠡᠨᠳᠡ ᠮᠥᠷᠭᠥᠯᠴᠢᠨ ᠣᠪᠣᠭᠠᠷᠠᠯᠳᠤᠵᠤ ᠪᠠᠢᠭ᠎ᠠ ᠶ᠋ᠢ ᠬᠠᠷᠠᠪᠠᠰᠤ ᠪᠦᠳᠦᠭᠦᠨ ᠲᠥᠪᠡᠳ ᠮᠥᠩᠭᠥᠨ ᠪᠤᠮᠪᠠ ᠠ᠋ᠴᠠ ᠮᠥᠷᠭᠥᠯᠴᠢᠨ ᠦ᠌ ᠭᠠᠷ᠂ ᠠᠶᠠᠭ᠎ᠠ ᠰᠠᠪᠠ ᠳ᠋ᠤ᠌ ᠶᠠᠭᠤᠮ᠎ᠠ ᠬᠢᠵᠦ ᠥᠭᠴᠦ ᠪᠠᠢᠭ᠎ᠠ ᠨᠢ ᠬᠠᠷᠠᠭᠳᠠᠪᠠ᠃ ᠵᠠᠷᠢᠮ ᠮᠥᠷᠭᠥᠯᠴᠢᠨ ᠲᠡᠷᠡ ᠶᠠᠭᠤᠮ᠎ᠠ ᠶ᠋ᠢ ᠬᠦᠷᠲᠡᠵᠦ᠂ ᠲᠣᠯᠣᠭᠠᠢ ᠲᠦᠷᠦᠭᠦᠨ ᠳ᠋ᠡᠭᠡᠨ ᠲᠦᠷᠬᠢᠵᠦ᠂ ᠵᠠᠷᠢᠮ ᠨᠢ ᠭᠡᠷ ᠮᠠᠢᠬᠠᠨ ᠳᠠᠰᠢ ᠶᠡᠬᠡᠯ᠎ᠡ ᠪᠠᠶᠠᠷᠯᠠᠨ ᠪᠢᠰᠢᠷᠡᠭᠰᠡᠨ ᠪᠠᠢᠳᠠᠯ ᠲᠠᠢ ᠵᠠᠯᠠᠵᠤ ᠶᠠᠪᠤᠭ᠎ᠠ ᠪᠣᠯᠤᠯᠲᠠᠢ᠃ ᠨᠢᠭᠡ ᠴᠢᠪᠠᠭᠠᠨᠴᠠ ᠡᠪᠡᠳᠴᠢᠨ ᠲᠤᠰᠤᠭᠰᠠᠨ ᠤᠯᠠᠭᠠᠨ ᠵᠠᠷᠳᠠᠭᠠᠢ ᠨᠢᠳᠦᠨ ᠳ᠋ᠡᠭᠡᠨ᠂ ᠲᠡᠷᠡ ᠲᠥᠪᠡᠳ ᠡᠴᠡ ᠠᠪᠤᠭᠰᠠᠨ ᠶᠠᠭᠤᠮ᠎ᠠ ᠪᠠᠨ ᠳᠦᠷᠭᠢᠭᠡᠳ᠂ ᠪᠠᠲᠤᠪᠠᠶᠠᠷ ᠤ᠋ᠨ ᠵᠦᠭ᠃
— ᠵᠠᠮᠭᠤᠨ ᠷᠢᠮᠪᠤᠴᠢ ᠶ᠋ᠢᠨ ᠱᠠᠪᠰᠠᠩ᠃ ᠲᠠᠨᠠᠷ᠂ ᠳᠦᠭᠦᠷᠬᠦ ᠡᠴᠡ ᠨᠢ ᠡᠮᠦᠨ᠎ᠡ ᠣᠴᠢᠵᠤ ᠠᠪᠤᠵᠠᠭᠠ(ᠠᠪᠴᠠᠭ᠎ᠠ)᠃ ᠣᠯᠳᠠᠳᠠᠭ ᠦᠭᠡᠢ ᠶᠡᠬᠡ ᠨᠠᠨᠳᠢᠨ ᠶᠤᠮ᠃ ᠣᠷᠣᠰ ᠴᠦᠯᠬᠦᠪ ᠦ᠋ᠨ ᠲᠠᠪᠢᠨ ᠮᠥᠩᠭᠥ ᠪᠡᠷ ᠬᠦᠷᠲᠡᠵᠦ ᠪᠠᠢᠨ᠎ᠠ ᠰᠢᠦ! ᠭᠡᠵᠡᠢ᠃
ᠵᠠᠮᠪᠠ ᠲᠡᠭᠦᠨ ᠢ᠋ ᠰᠣᠨᠣᠰᠤᠭᠠᠳ ᠶᠠᠭᠠᠷᠠᠨ ᠡᠪᠦᠷ ᠡᠴᠡ ᠠᠶᠠᠭ᠎ᠠ ᠪᠠᠨ ᠭᠠᠷᠭᠠᠵᠤ ᠲᠥᠪᠡᠳ ᠦ᠋ᠨ ᠵᠦᠭ ᠠᠯᠬᠤᠪᠠ᠃ ᠪᠠᠲᠤᠪᠠᠶᠠᠷ ᠦᠯᠦ ᠰᠣᠨᠣᠰᠤᠭᠴᠢ ᠪᠣᠯᠤᠨ ᠮᠠᠢᠬᠠᠨ ᠤ᠋ ᠵᠦᠭ ᠬᠠᠨᠳᠤᠪᠠᠰᠤ ᠫᠠᠭᠮ᠎ᠠ᠂ ᠪᠢᠳᠡ ᠪᠠᠰᠠ ᠱᠠᠪᠰᠠᠩ ᠠ᠋ᠴᠠ ᠭᠥᠷᠳᠡᠪᠡᠯ ᠶᠠᠮᠠᠷ ᠪᠣᠯ? ᠭᠡᠵᠦ ᠠᠶᠠᠷᠬᠠᠨ ᠠᠰᠠᠭᠤᠪᠠ᠃
ᠵᠠᠮᠭᠤᠨ ᠲᠠᠨ ᠬᠡᠳᠦᠢ ᠪᠤᠷᠬᠠᠨ ᠬᠥᠮᠦᠨ ᠪᠣᠯᠪᠠᠴᠤ᠂ ᠪᠢᠳᠡᠨ ᠦ᠌ ᠠᠳᠠᠯᠢ ᠡᠬᠡ ᠶ᠋ᠢᠨ ᠤᠮᠠᠢ ᠠ᠋ᠴᠠ ᠲᠥᠷᠥᠭᠰᠡᠨ᠂ ᠮᠢᠬ᠎ᠠ ᠶᠠᠰᠤ ᠪᠠᠷ ᠪᠦᠲᠦᠭᠰᠡᠨ ᠬᠥᠮᠦᠨ ᠰᠢᠦ ᠳᠡ᠃ ᠱᠠᠪᠰᠠᠩ ᠭᠡᠳᠡᠭ ᠰᠢᠭᠡᠰᠦ ᠨᠢ᠂ ᠡᠭᠡᠯ ᠬᠥᠮᠦᠨ ᠦ᠌ ᠰᠢᠭᠡᠰᠦᠨ ᠡᠴᠡ ᠢᠯᠭᠠᠯ ᠶᠠᠭᠤ ᠪᠠᠢᠬᠤ ᠪᠣᠢ᠃ ᠴᠢ ᠲᠡᠭᠦᠪᠡᠷ ᠶᠠᠭᠤ ᠬᠢᠬᠦ ᠶᠦᠮ ᠪᠣᠢ? ᠶᠡᠬᠡ ᠯᠠᠮᠠ ᠶ᠋ᠢᠨ ᠴᠢᠷᠠᠢ ᠶ᠋ᠢ ᠦᠵᠡᠵᠦ ᠠᠳᠢᠰ ᠬᠦᠷᠲᠡᠪᠡᠯ ᠪᠠᠷᠠᠪᠠ᠃ ᠴᠢ ᠬᠠᠷᠢᠨ ᠲᠡᠷᠡ ᠵᠡᠭᠦᠨ ᠬᠣᠢᠨ᠎ᠠ ᠮᠠᠨ ᠤ᠋ ᠪᠣᠭᠳᠠ ᠶ᠋ᠢᠨ ᠡᠯᠴᠢ ᠨᠠᠷ ᠤ᠋ᠨ ᠴᠢᠷᠠᠢ ᠶ᠋ᠢ ᠬᠠᠷᠠᠭᠠᠴᠢ᠂ ᠳᠠᠯᠠᠢ ᠯᠠᠮᠠ ᠲᠠᠨ ᠮᠣᠷᠢᠯᠠᠬᠤ ᠴᠠᠭ ᠪᠣᠯᠵᠤ᠂ ᠲᠡᠷᠡ ᠬᠡᠳᠦᠨ ᠡᠯᠴᠢ ᠶ᠋ᠢᠨ ᠨᠣᠢᠷ ᠬᠠᠨᠤᠭ᠎ᠠ ᠦᠭᠡᠢ ᠭᠠᠳᠠᠭᠠᠯᠠᠵᠤ ᠪᠠᠢᠭ᠎ᠠ ᠶ᠋ᠢ ᠨᠢ ᠬᠠᠷᠠᠪᠠᠤ? ᠲᠠᠩᠭᠤᠳ ᠤ᠋ᠳ ᠲᠤ᠌ ᠰᠠᠢᠨ ᠵᠣᠳᠣᠭᠤᠯᠵᠤ ᠳᠠ ᠭᠡᠬᠦ ᠳ᠋ᠦ᠍ᠨᠢ ᠫᠠᠭᠮ᠎ᠠ ᠶ᠋ᠢᠨ ᠲᠡᠷᠡ ᠵᠦᠭ ᠬᠠᠷᠠᠲᠠᠯ᠎ᠠ ᠲᠠᠪᠠᠭ ᠲᠠᠢ ᠮᠢᠬ᠎ᠠ᠂ ᠪᠣᠭᠣᠷᠰᠣᠭ᠂ ᠠᠭᠤᠷ ᠰᠠᠪᠰᠠᠭᠰᠠᠨ ᠳᠣᠩᠪᠣ ᠲᠠᠢ ᠴᠠᠢ ᠣᠷᠣᠭᠤᠯᠵᠤ ᠪᠠᠢᠭᠰᠠᠨ ᠤᠯᠠᠭᠠᠨ ᠬᠠᠯᠵᠠᠨ ᠭᠡᠷ ᠡᠴᠡ ᠨᠢᠳᠦ ᠪᠡᠨ ᠠᠨᠢᠰᠬᠢᠬᠰᠠᠨ᠂ ᠨᠣᠢᠷᠮᠤᠭ ᠴᠢᠷᠠᠢ ᠲᠠᠢ᠂ ᠬᠠᠷ᠎ᠠ ᠬᠢᠯᠢᠩ ᠵᠠᠬ᠎ᠠ ᠲᠠᠢ ᠲᠣᠷᠭᠠᠨ ᠳᠡᠪᠡᠯ ᠲᠡᠢ ᠭᠤᠷᠪᠠᠨ ᠯᠠᠮᠠ ᠭᠠᠷᠴᠤ᠂ ᠨᠢᠭᠡ ᠨᠢ ᠵᠡᠭᠦᠨ ᠨᠢᠳᠦᠨ ᠳᠣᠣᠷ᠎ᠠ ᠬᠥᠬᠡ ᠨᠢᠴᠠ ᠪᠣᠯᠲᠠᠯ᠎ᠠ ᠴᠣᠬᠢᠭᠤᠯᠤᠭᠰᠠᠨ ᠨᠢ ᠶᠡᠬᠡ ᠵᠠᠩ ᠲᠠᠢ ᠴᠢᠷᠠᠢ ᠶ᠋ᠢᠨ ᠪᠠᠢᠳᠠᠯ ᠢ᠋ ᠲᠤᠩ ᠢᠨᠢᠶᠡᠳᠦᠮᠲᠡᠢ ᠪᠣᠯᠭᠠᠵᠤ᠂ ᠨᠢᠭᠡ ᠯᠠᠮᠠ ᠶ᠋ᠢᠨ ᠬᠠᠭ᠎ᠠ ᠴᠣᠬᠢᠭᠤᠯᠤᠭᠰᠠᠨ ᠬᠠᠪᠤᠳᠤᠭᠰᠠᠨ ᠤᠷᠤᠭᠤᠯ ᠨᠢ ᠭᠠᠪᠴᠤ ᠶ᠋ᠢᠨ ᠳᠤᠭᠤᠢ ᠰᠢᠭ᠋ ᠴᠢᠷᠠᠢ ᠶ᠋ᠢ ᠨᠢ ᠤᠬᠢᠯᠠᠬᠤ ᠭᠡᠵᠦ ᠪᠠᠢᠭᠰᠠᠨ ᠶᠠᠩᠵᠤ ᠲᠠᠢ ᠪᠣᠯᠭᠠᠵᠤ᠂ ᠪᠠᠰᠠ ᠨᠢᠭᠡ ᠪᠦᠳᠦᠭᠦᠨ ᠯᠠᠮᠠ ᠭᠠᠷᠴᠤ ᠢᠷᠡᠭᠰᠡᠨ ᠨᠢ ᠨᠥᠭᠦᠭᠡ ᠬᠣᠶᠠᠷ ᠰᠦᠷᠡᠬᠡᠢ ᠨᠥᠬᠥᠷ ᠢ᠋ᠶ᠋ᠡᠨ ᠪᠣᠳᠣᠪᠠᠯ ᠲᠡᠳᠦᠢᠯᠡ ᠶᠡᠬᠡ ᠵᠣᠳᠣᠭᠤᠯᠤᠭᠰᠠᠨ ᠦᠭᠡᠢ ᠪᠣᠯᠤᠯᠲᠠᠢ᠃
ᠪᠠᠲᠤᠪᠠᠶᠠᠷ ᠲᠡᠳᠡᠨ ᠢ᠋ ᠬᠠᠷᠠᠭᠠᠳ᠂ ᠮᠠᠨ ᠤ᠋ ᠰᠤᠨᠳᠠᠭ ᠤ᠋ᠨ ᠭᠤᠷᠪᠠᠨ ᠪᠠᠭᠠᠲᠤᠷ᠂ ᠲᠠᠩᠭᠤᠳ ᠪᠠᠭᠰᠢ ᠨᠠᠷ ᠠ᠋ᠴᠠ ᠪᠠᠨ ᠨᠡᠯᠢᠶᠡᠳ ᠰᠠᠢᠨ ᠵᠠᠪᠲᠤᠢ ᠬᠦᠷᠲᠡᠵᠦ ᠳᠡ ᠭᠡᠵᠦ ᠢᠨᠢᠶᠡᠮᠰᠦᠭᠯᠡᠪᠡ᠃
ᠲᠡᠷᠡ ᠵᠠᠪᠰᠠᠷ᠂ ᠠᠳᠤᠭᠤ ᠤᠩᠭᠤᠯᠳᠠᠬᠤ᠂ ᠲᠡᠮᠡᠭᠡ ᠪᠤᠢᠯᠠᠬᠤ ᠴᠢᠮᠡᠭᠡ ᠰᠣᠨᠣᠰᠳᠠᠵᠤ᠂ ᠠᠷᠪᠠᠭᠠᠳ ᠠᠷᠪᠠᠭᠠᠳ ᠮᠣᠷᠢ ᠬᠥᠲᠥᠯᠦᠭᠰᠡᠨ ᠣᠯᠠᠨ ᠤᠯᠠᠭᠠᠴᠢ ᠨᠠᠷ ᠠᠢᠰᠤᠵᠤ᠂ ᠲᠡᠮᠡᠭᠡᠴᠢᠨ ᠬᠡᠳᠦᠨ ᠵᠠᠭᠤᠨ ᠲᠡᠮᠡᠭᠡ ᠲᠠᠭᠤᠵᠤ ᠢᠷᠡᠪᠡ᠃ ᠲᠠᠷᠭᠤᠨ ᠲᠠᠷᠭᠤᠨ ᠲᠣᠮᠣ ᠲᠣᠮᠣ ᠠᠳᠠ ᠶ᠋ᠢᠨ ᠵᠣᠭᠳᠣᠷ ᠬᠥᠳᠡᠯᠦᠨ ᠶᠠᠪᠤᠬᠤ ᠳ᠋ᠤᠨᠢ ᠮᠤᠨᠳᠠᠭ ᠮᠤᠨᠳᠠᠭ ᠪᠣᠰᠤᠭ᠎ᠠ ᠪᠦᠬᠦ ᠨᠢ ᠣᠪᠣᠯᠵᠠᠨ ᠰᠣᠯᠪᠢᠴᠠᠵᠤ᠂ ᠬᠠᠭᠤᠴᠢᠨ ᠤ᠋ ᠰᠦᠮ᠎ᠡ ᠬᠡᠢᠳ ᠦ᠋ᠨ ᠰᠢᠷ᠎ᠠ ᠬᠦᠷᠡᠩ ᠹᠠᠯᠠᠨ ᠲᠠᠢ ᠯᠤᠤ ᠶ᠋ᠢᠨ ᠲᠣᠯᠣᠭᠠᠢ ᠰᠢᠭ᠋ ᠰᠦᠷ ᠲᠡᠢ ᠲᠣᠯᠣᠭᠠᠢ ᠨᠢ ᠭᠠᠩᠬᠤᠯᠵᠠᠨ ᠬᠥᠰᠬᠡ ᠬᠦᠷᠴᠦ ᠢᠷᠡᠭᠡᠳ᠂ ᠭᠡᠷ᠂ ᠠᠰᠠᠷ᠂ ᠮᠠᠢᠬᠠᠨ ᠤ᠋ ᠲᠡᠨᠳᠡ ᠠᠮᠢᠲᠠᠨ ᠪᠤᠵᠢᠭᠢᠨᠠᠵᠤ᠂ ᠪᠠᠭᠤᠯᠭᠠᠵᠤ ᠪᠠᠢᠭ᠎ᠠ ᠭᠡᠷ ᠦ᠋ᠨ ᠣᠨᠢ ᠲᠠᠴᠢᠭᠢᠨᠠᠨ᠂ ᠣᠯᠠᠨ ᠤᠯᠠᠭᠠᠴᠢ᠂ ᠲᠡᠮᠡᠭᠡ ᠠᠴᠢᠬᠤ ᠨᠢ ᠠᠴᠢᠵᠤ᠂ ᠮᠣᠷᠢ ᠡᠮᠡᠭᠡᠯᠯᠡᠬᠦ ᠨᠢ ᠡᠮᠡᠭᠡᠯᠯᠡᠵᠦ ᠭᠦᠢᠴᠡᠭᠡᠳ᠂ ᠠᠶᠠᠨ ᠤ᠋ ᠲᠦᠷᠦᠭᠦᠦ ᠨᠢ ᠬᠥᠳᠡᠯᠵᠦ ᠬᠣᠢᠨ᠎ᠠ ᠠ᠋ᠴᠠ ᠨᠢ ᠨᠠᠢ᠍ᠮᠠᠨ ᠮᠣᠷᠢ ᠲᠠᠢ ᠬᠥᠮᠦᠨ ᠢ᠋ᠶ᠋ᠡᠷ ᠳᠠᠮᠨᠠᠭᠤᠯᠤᠭᠰᠠᠨ ᠳᠠᠯᠠᠢ ᠯᠠᠮᠠ ᠶ᠋ᠢᠨ ᠰᠡᠦᠬᠡ ᠬᠥᠳᠡᠯᠵᠦ᠂ ᠪᠠᠷᠠᠭ᠎ᠠ(ᠪᠠᠷ᠎ᠠ) ᠪᠣᠯᠤᠭᠴᠢ ᠲᠠᠩᠭᠤᠳ ᠯᠠᠮᠠ ᠯᠣᠵᠠᠸᠠ᠂ ᠮᠠᠨᠵᠤ ᠠᠮᠪᠠᠨ᠂ ᠮᠣᠩᠭᠣᠯ ᠰᠠᠢᠳ ᠲᠦᠰᠢᠮᠡᠯ᠂ ᠯᠠᠮᠠ ᠡᠯᠴᠢ ᠴᠤᠪᠤᠪᠠ᠃ ᠬᠠᠮᠤᠭ ᠤ᠋ᠨ ᠰᠡᠭᠦᠯ ᠢ᠋ᠶ᠋ᠡᠷ ᠭᠡᠷ᠂ ᠮᠠᠢᠬᠠᠨ᠂ ᠠᠰᠠᠷ᠂ ᠲᠥᠪᠡᠳ ᠶᠠᠩᠵᠤ ᠪᠠᠷ ᠰᠢᠷᠢᠯᠡᠭᠰᠡᠨ ᠲᠣᠮᠣ ᠲᠣᠮᠣ ᠠᠪᠳᠠᠷ᠎ᠠ ᠲᠠᠢ ᠶᠠᠭᠤᠮ᠎ᠠ ᠠᠴᠢᠭᠰᠠᠨ ᠰᠦᠷ ᠲᠡᠢ ᠰᠠᠢᠬᠠᠨ ᠴᠢᠭᠢᠷᠠᠭ ᠲᠣᠮᠣ ᠬᠡᠳᠦᠨ ᠵᠠᠭᠤᠨ ᠠᠳᠠ ᠬᠥᠳᠡᠯᠵᠦ᠂ ᠰᠥᠨᠢ ᠶ᠋ᠢᠨ ᠬᠣᠨᠣᠭ ᠲᠤ᠌ ᠬᠡᠷᠡᠭᠯᠡᠬᠦ ᠶᠠᠭᠤᠮ᠎ᠠ ᠠᠴᠢᠭᠰᠠᠨ ᠤᠴᠢᠷ᠂ ᠡᠳᠦᠷ ᠵᠣᠭᠰᠣᠯᠲᠠ ᠦᠭᠡᠢ ᠬᠣᠨᠣᠭ ᠤ᠋ᠨ ᠭᠠᠵᠠᠷ ᠬᠦᠷᠲᠡᠯ᠎ᠡ ᠶᠠᠪᠤᠬᠤ ᠪᠠᠢᠵᠠᠢ᠃ ᠤᠷᠵᠢ ᠦᠳᠡᠰᠢ ᠶ᠋ᠢ ᠤᠲᠤᠭ᠎ᠠ ᠵᠢᠩᠰᠡ ᠲᠡᠢ᠂ ᠭᠠᠩᠭᠠᠩ ᠭᠣᠶᠣ ᠬᠣᠪᠴᠠᠰᠤᠲᠠᠢ ᠠᠯᠪᠠᠨ ᠤ᠋ ᠣᠯᠠᠨ ᠲᠤᠰᠢᠶᠠᠯᠲᠠᠨ ᠯᠠᠮᠠ ᠬᠠᠷ᠎ᠠ ᠪᠤᠵᠢᠭᠢᠨᠠᠭᠰᠠᠨ᠂ ᠡᠳᠦᠢ ᠲᠡᠳᠦᠢ ᠣᠯᠠᠨ ᠰᠠᠢᠬᠠᠨ ᠭᠡᠷ ᠠᠰᠠᠷ ᠮᠠᠢᠬᠠᠨ ᠰᠦᠨᠳᠡᠷᠯᠡᠵᠦ ᠪᠠᠢᠭᠰᠠᠨ ᠥᠷᠲᠡᠭᠡᠨ ᠦ᠌ ᠭᠠᠵᠠᠷ ᠬᠡᠳᠦᠬᠡᠨ ᠨᠣᠣᠷᠬᠠᠢ ᠬᠠᠷ᠎ᠠ ᠭᠡᠷ᠂ ᠬᠡᠳᠦᠨ ᠬᠥᠮᠦᠨ ᠲᠡᠢ ᠦᠯᠡᠳᠡᠵᠦ᠂ ᠲᠠᠪᠤᠨ ᠵᠠᠭᠤᠨ ᠲᠡᠮᠡᠭᠡᠨ ᠦ᠌ ᠰᠡᠭᠦᠯᠴᠢ ᠶ᠋ᠢᠨ ᠲᠡᠮᠡᠭᠡ ᠶ᠋ᠢ ᠪᠤᠢᠯᠠᠨ ᠪᠣᠰᠲᠠᠯ᠎ᠠ ᠰᠡᠭᠦᠯᠴᠢ ᠶ᠋ᠢᠨ ᠲᠡᠮᠡᠭᠡ ᠶ᠋ᠢᠨ ᠬᠦᠵᠦᠭᠦᠨ ᠡᠴᠡ ᠡᠯᠭᠦᠭᠰᠡᠨ ᠬᠣᠩᠬᠣ ᠲᠠᠢ ᠣᠯᠠᠨ ᠲᠡᠮᠡᠭᠡ ᠬᠡᠰᠡᠭ ᠬᠡᠰᠡᠭ ᠢ᠋ᠶ᠋ᠡᠷ ᠥᠩᠭᠡᠷᠡᠨ ᠴᠤᠪᠤᠭᠰᠠᠭᠠᠷ ᠨᠡᠯᠢᠶᠡᠳ ᠤᠳᠠᠭᠰᠠᠨ ᠪᠢᠯᠡ᠃
ᠴᠢᠩᠭᠢᠵᠦ ᠠᠶᠠᠯᠠᠵᠤ ᠶᠠᠪᠤᠭᠰᠠᠭᠠᠷ ᠳᠠᠯᠠᠢ ᠯᠠᠮᠠ᠂ ᠪᠠᠳᠠᠷᠠᠭᠤᠯᠲᠤ ᠲᠥᠷᠥ ᠶ᠋ᠢᠨ ᠭᠤᠴᠢᠳᠤᠭᠠᠷ ᠣᠨ᠂ ᠯᠤᠤ ᠵᠢᠯ ᠦ᠋ᠨ ᠠᠷᠪᠠᠨ ᠰᠠᠷ᠎ᠠ ᠶ᠋ᠢᠨ ᠬᠣᠷᠢᠨ ᠤ᠋ ᠮᠣᠭᠠᠢ ᠴᠠᠭ ᠲᠤ᠌ ᠳᠠ ᠬᠦᠷᠢᠶᠡᠨ᠎ᠡ ᠪᠣᠯᠵᠣᠭᠰᠠᠨ ᠪᠣᠯᠵᠣᠭ᠎ᠠ ᠳ᠋ᠠᠭᠠᠨ ᠬᠦᠷᠴᠦ᠂ ᠶᠡᠬᠡ ᠬᠦᠷᠢᠶᠡᠨ ᠦ᠌ ᠭᠠᠨᠳᠠᠩᠳᠡᠭᠴᠢᠩᠯᠢᠩ ᠬᠡᠢᠳ ᠲᠦ᠍ ᠪᠠᠭᠤᠵᠠᠢ᠃
ᠦᠢ ᠲᠦᠮᠡᠨ ᠮᠥᠷᠭᠥᠯᠴᠢᠨ ᠨᠤᠲᠤᠭ ᠨᠤᠲᠤᠭ ᠠ᠋ᠴᠠ ᠬᠦᠷᠢᠶ᠎ᠡ ᠣᠷᠣᠵᠤ᠂ ᠲᠤᠤᠯᠠ ᠶ᠋ᠢᠨ ᠬᠥᠨᠳᠡᠢ ᠪᠡᠷ ᠭᠡᠷ ᠮᠠᠢᠬᠠᠨ ᠵᠣᠲᠣᠭᠣᠷ ᠳᠦᠭᠦᠷᠴᠦ᠂ ᠳᠠᠯᠠᠢ ᠯᠠᠮᠠ ᠶ᠋ᠢᠨ ᠬᠤᠷᠠᠯ ᠬᠤᠷᠠᠬᠤ ᠳ᠋ᠤ᠌ ᠣᠯᠠᠨ ᠭᠡᠯᠦᠩ ᠦ᠋ᠨ ᠲᠣᠭᠠᠨ ᠳ᠋ᠤ᠌ ᠣᠷᠣᠯᠴᠠᠬᠤ ᠭᠡᠵᠦ ᠬᠣᠰᠢᠭᠤ ᠬᠤᠰᠢᠭᠤᠨ ᠠ᠋ᠴᠠ ᠡᠳᠦᠢ ᠲᠡᠳᠦᠢ ᠯᠠᠮᠠ ᠨᠠᠷ ᠭᠠᠨᠳᠠᠩᠳᠡᠭᠴᠢᠩᠯᠢᠩ ᠳ᠋ᠦ᠍ ᠬᠦᠷᠴᠦ ᠢᠷᠡᠭᠡᠳ᠂ ᠣᠯᠠᠨ ᠳᠠᠴᠠᠩ ᠳᠤᠭᠠᠩ ᠳ᠋ᠤ᠌ ᠬᠤᠷᠠᠯ ᠨᠣᠮ ᠢ᠋ ᠶᠡᠬᠡᠯ᠎ᠡ(ᠶᠡᠬᠡ ᠯᠡ) ᠰᠦᠷ ᠲᠡᠢ ᠬᠤᠷᠠᠵᠤ᠂ ᠬᠡᠢᠳ ᠦ᠋ᠨ ᠬᠠᠮᠪᠤ ᠭᠡᠰᠬᠦᠢ ᠨᠠᠷ᠂ ᠮᠣᠩᠭᠣᠯ ᠨᠤᠲᠤᠭ ᠤ᠋ᠨ ᠵᠦᠭ ᠵᠦᠭ ᠡᠴᠡ ᠢᠷᠡᠭᠰᠡᠨ ᠣᠯᠠᠨ ᠮᠥᠷᠭᠥᠯᠴᠢᠨ᠂ ᠪᠠᠷᠠᠭᠤᠨ ᠵᠣᠣ ᠠ᠋ᠴᠠ ᠢᠷᠡᠭᠰᠡᠨ ᠲᠠᠩᠭᠤᠳ ᠲᠥᠪᠡᠳ ᠲᠦ᠍ ᠭᠠᠨᠳᠠᠩᠳᠡᠭᠴᠢᠩᠯᠢᠩ ᠶᠡᠬᠡ ᠬᠦᠷᠢᠶᠡᠨ ᠦ᠌ ᠵᠠᠶᠢᠭ ᠴᠢᠩᠭ᠎ᠠ᠂ ᠬᠤᠷᠠᠯ ᠨᠣᠮ ᠤ᠋ᠨ ᠳ᠋ᠢᠭᠯᠢᠮ (ᠳᠢᠭᠯᠢᠮ) ᠰᠦᠷ ᠲᠡᠢ ᠨᠠᠷᠢᠨ ᠢ᠋ ᠦᠵᠡᠭᠦᠯᠦᠨ ᠭᠠᠢᠬᠠᠭᠤᠯᠬᠤ ᠭᠡᠵᠦ ᠴᠢᠳᠠᠯ ᠢ᠋ᠶ᠋ᠠᠨ ᠭᠠᠷᠭᠠᠵᠤ᠂ ᠬᠣᠯᠠ ᠣᠢᠷ᠎ᠠ ᠶ᠋ᠢᠨ ᠬᠡᠢᠳ ᠡᠴᠡ ᠨᠡᠷ᠎ᠡ ᠲᠡᠢ ᠨᠡᠷ᠎ᠡ ᠲᠡᠢ ᠤᠮᠵᠠᠳ ᠢᠷᠡᠭᠦᠯᠵᠦ ᠪᠢᠯᠡ᠃ ᠲᠠᠷᠪᠠᠭᠠᠲᠠᠢ ᠶ᠋ᠢᠨ ᠲᠣᠷᠭᠤᠳ᠂ ᠬᠢᠩᠭᠠᠨ ᠤ᠋ ᠳᠠᠭᠤᠷ ᠮᠥᠷᠭᠥᠯᠴᠢᠨ᠂ ᠮᠠᠨᠳᠠᠯ ᠤ᠋ᠨ ᠠᠷᠪᠠᠢ ᠪᠤᠳᠠᠭ᠎ᠠ ᠨᠤᠷᠠᠲᠠᠯ᠎ᠠ᠂ ᠪᠤᠷᠬᠠᠨ ᠤ᠋ ᠭᠦᠩᠭᠠᠷᠠᠸ᠎ᠠ ᠶ᠋ᠢᠨ ᠰᠢᠯ ᠳᠣᠷᠭᠢᠲᠠᠯ᠎ᠠ ᠡᠭᠡᠰᠢᠭᠯᠡᠵᠦ ᠪᠠᠢᠭᠰᠠᠨ᠂ ᠬᠥᠮᠦᠨ ᠬᠠᠷ᠎ᠠ ᠭᠥᠷᠥᠭᠡᠰᠦ ᠰᠢᠭ ᠰᠦᠷᠳᠡᠮᠡᠷ ᠲᠣᠮᠣ ᠤᠮᠵᠠᠳ ᠯᠠᠮᠠ ᠨᠠᠷ ᠢ᠋ ᠡᠮᠢᠶᠡᠨ ᠪᠢᠰᠢᠷᠡᠵᠦ ᠭᠠᠢᠬᠠᠨ ᠬᠠᠷᠠᠵᠤ᠂ ᠣᠯᠠᠨ ᠮᠥᠷᠭᠥᠯᠴᠢᠨ ᠬᠡᠢᠳ ᠦ᠋ᠨ ᠵᠢᠰᠠ ᠳ᠋ᠤ᠌ ᠠᠯᠲᠠ᠂ ᠮᠥᠩᠭᠥ᠂ ᠰᠤᠪᠤᠳ᠂ ᠲᠣᠷᠭ᠎ᠠ᠂ ᠰᠦᠷᠦᠭ ᠢ᠋ᠶ᠋ᠡᠷ ᠮᠠᠯ᠂ ᠦᠯᠡᠮᠵᠢ ᠪᠠᠶᠠᠯᠢᠭ ᠵᠦᠢᠯ ᠢ᠋ ᠪᠠᠷᠢᠴᠠ ᠪᠣᠯᠭᠠᠨ ᠪᠠᠶᠠᠵᠢᠭᠤᠯᠪᠠᠴᠤ᠂ ᠳᠠᠯᠠᠢ ᠯᠠᠮᠠ ᠶ᠋ᠢᠨ ᠰᠠᠩ ᠳ᠋ᠤ᠌ ᠲᠡᠭᠦᠨᠴᠡ ᠴᠦ ᠪᠦᠷ ᠢᠯᠡᠭᠦᠦ ᠶᠠᠭᠤᠮ᠎ᠠ ᠴᠢᠳᠬᠤᠨ ᠣᠷᠣᠭᠰᠠᠨ ᠪᠢᠯᠡ᠃ ᠭᠠᠭᠴᠠ᠂ ᠬᠦᠷᠢᠶᠡᠨ ᠦ᠌ ᠵᠢᠪᠽᠥ᠋ᠨᠳᠠᠮᠪᠠ ᠬᠤᠲᠤᠭᠲᠤ ᠤᠷᠢᠳ ᠡᠮᠦᠨ᠎ᠡ ᠦᠵᠡᠭᠳᠡᠭᠡ ᠦᠭᠡᠢ ᠣᠯᠠᠨ ᠮᠥᠷᠭᠥᠯᠴᠢᠨ ᠦ᠌ ᠴᠤᠪᠤᠭᠰᠠᠨ ᠲᠡᠷᠡ ᠦᠶ᠎ᠡ ᠪᠡᠷ ᠣᠷᠬᠢᠭᠳᠠᠨ ᠮᠠᠷᠲᠠᠭᠳᠠᠵᠤ᠂ ᠬᠣᠢᠰᠢ ᠲᠠᠯᠪᠢᠭᠳᠠᠭᠰᠠᠨ ᠪᠢᠯᠡ᠃
ᠲᠡᠭᠡᠭᠡᠳ᠂ ᠬᠤᠲᠤᠭᠲᠤ ᠬᠥᠪᠴᠢ ᠶ᠋ᠢᠨ ᠵᠣᠨᠤᠩ ᠪᠠᠢᠰᠠ ᠠ᠋ᠴᠠ ᠪᠡᠯᠡᠭ ᠪᠣᠯᠭᠠᠭᠤᠯᠵᠤ ᠠᠪᠤᠭᠰᠠᠨ ᠰᠢᠷ᠎ᠠ ᠬᠡᠦᠬᠡᠨ ᠲᠡᠢ ᠪᠡᠨ ᠣᠷᠳᠣᠨ ᠳ᠋ᠠᠭᠠᠨ ᠭᠤᠨᠢᠵᠤ᠂ ᠬᠤᠲᠤᠭᠲᠤ ᠶ᠋ᠢᠨ ᠬᠣᠢᠲᠤ ᠳᠦᠷᠢ ᠶ᠋ᠢ ᠲᠣᠭᠲᠠᠭᠠᠨ ᠲᠣᠳᠣᠷᠠᠭᠤᠯᠳᠠᠭ ᠶᠡᠬᠡ ᠯᠠᠮᠠ᠂ ᠰᠢᠷ᠎ᠠ ᠶ᠋ᠢᠨ ᠱᠠᠰᠢᠨ ᠤ᠋ ᠲᠦᠷᠦᠭᠦᠨ᠂ ᠠᠷᠢᠶᠠᠪᠠᠯᠤ ᠶ᠋ᠢᠨ ᠬᠤᠪᠢᠯᠭᠠᠨ ᠭᠡᠳᠡᠭ ᠳᠠᠯᠠᠢ ᠯᠠᠮᠠ ᠳ᠋ᠤ᠌ ᠪᠠᠷᠠᠭᠠᠯᠠᠬᠤ ᠶᠣᠰᠣ ᠠᠯᠳᠠᠭᠠᠳ ᠬᠥᠯᠴᠥᠭᠦᠦ ᠰᠣᠭᠲᠣᠭᠤ ᠭᠣᠩᠰᠣᠢᠨ ᠰᠠᠭᠤᠵᠤ ᠪᠠᠢᠯ᠎ᠠ᠃
ᠳᠠᠯᠠᠢ ᠯᠠᠮᠠ ᠶ᠋ᠢᠨ ᠦᠷᠭᠦᠭᠡᠨ ᠦ᠌ ᠲᠡᠨᠳᠡ ᠡᠳᠦᠷ ᠡᠳᠦᠷ ᠦᠢ ᠲᠦᠮᠡᠨ ᠮᠥᠷᠭᠥᠯᠴᠢᠨ ᠢ᠋᠂ ᠳᠠᠯᠠᠢ ᠯᠠᠮᠠ ᠶ᠋ᠢᠨ ᠰᠢᠳᠠᠷ ᠲᠥᠪᠡᠳ ᠦ᠋ᠨ ᠲᠠᠰᠢᠭᠤᠷᠳᠠᠨ ᠵᠠᠨᠴᠢᠬᠤ ᠶ᠋ᠢ ᠬᠦᠯᠢᠴᠡᠨ ᠲᠡᠰᠪᠦᠷᠢᠯᠡᠵᠦ ᠠᠳᠢᠰ ᠬᠦᠷᠲᠡᠬᠦ ᠭᠡᠵᠦ ᠴᠢᠬᠢᠯᠴᠡᠵᠦ ᠪᠠᠢᠬᠤ ᠳ᠋ᠤ᠌᠂ ᠳᠠᠯᠠᠢ ᠯᠠᠮᠠ ᠶ᠋ᠢᠨ ᠰᠦᠷ ᠲᠦ᠍ ᠳᠠᠷᠤᠭᠳᠠᠭᠰᠠᠨ ᠬᠤᠲᠤᠭᠲᠤ ᠶ᠋ᠢᠨ ᠬᠠᠭᠠᠯᠭ᠎ᠠ ᠶ᠋ᠢᠨ ᠡᠮᠦᠨ᠎ᠡ ᠵᠠᠷᠢᠮ ᠡᠳᠦᠷ ᠭᠠᠭᠴᠠ ᠴᠤ᠌ ᠮᠥᠷᠭᠥᠯᠴᠢᠨ ᠦᠵᠡᠭᠳᠡᠳᠡᠭ ᠦᠭᠡᠢ ᠪᠣᠯᠵᠤ ᠪᠢᠯᠡ᠃ ᠵᠠᠷᠢᠮ ᠨᠢᠭᠡ ᠮᠥᠷᠭᠥᠯᠴᠢᠨ᠂ ᠬᠠᠭᠠᠯᠭᠠᠴᠢᠨ ᠢ᠋ ᠭᠠᠷᠴᠤ ᠢᠷᠡᠬᠦ ᠳ᠋ᠦ᠍ᠨᠢ ᠡᠷᠭᠢᠭᠡᠳ ᠶᠠᠪᠤᠭᠠᠳ ᠥᠭᠳᠡᠭ ᠪᠣᠯᠵᠤ ᠪᠢᠯᠡ᠃
— ᠬᠠᠷᠠᠭᠠᠴᠢ᠂ ᠡᠨᠡ ᠮᠠᠭᠤ ᠨᠣᠬᠠᠢ᠂ ᠴᠢᠮᠠᠶ᠋ᠢ ᠠᠮᠢᠲᠠᠨ ᠭᠡᠵᠦ ᠲᠣᠭᠣᠬᠤ ᠪᠠᠨ ᠪᠠᠢᠵᠠᠢ᠃ ᠪᠢ ᠬᠤᠪᠢᠯᠭᠠᠨ ᠬᠤᠲᠤᠭᠲᠤ ᠭᠡᠳ ᠴᠢᠨᠦ ᠰᠣᠭᠲᠣᠭᠤ ᠳ᠋ᠠᠭᠠᠨ ᠨᠠᠳᠠᠳᠤ ᠰᠦᠷᠡᠬᠡᠢ ᠪᠣᠯᠳᠠᠭ ᠬᠤᠪᠢᠯᠭᠠᠨ ᠬᠤᠲᠤᠭᠲᠤ ᠴᠢᠨᠢ ᠠᠯᠢ ᠪᠣᠢ? ᠴᠢᠨᠦ ᠱᠠᠪᠢ ᠨᠠᠷ ᠴᠢᠨᠢ ᠴᠢᠮᠠᠶ᠋ᠢ ᠢᠩᠭᠢᠵᠦ ᠰᠢᠲᠦᠳᠡᠭ ᠶᠦᠮ ᠤᠤ? ᠮᠢᠨᠦ ᠥᠭᠡᠳᠡ ᠡᠴᠡ ᠭᠡᠵᠢᠭᠡ ᠨᠢᠷᠤᠭᠤ ᠪᠠᠨ ᠬᠠᠷᠠᠭᠤᠯᠳᠠᠭ ᠬᠥᠮᠦᠨ ᠪᠠᠢᠳᠠᠭ ᠦᠭᠡᠢ ᠭᠡᠵᠦ ᠴᠢ ᠨᠠᠳᠠᠳᠤ ᠪᠠᠷᠳᠠᠵᠤ ᠠᠭᠰᠤᠮᠨᠠᠳᠠᠭ ᠪᠢᠯᠡ᠃ ᠣᠳᠣ ᠬᠠᠷᠠᠪᠠᠤ? ᠬᠦᠷᠢᠶᠡᠨ ᠦ᠌ ᠬᠦᠷᠳᠦ ᠪᠦᠷᠢ ᠶ᠋ᠢᠨ ᠢᠷᠣᠭᠠᠷ ᠲᠤ᠌ ᠥᠭᠡᠳᠡ ᠪᠡᠨ ᠬᠠᠷᠠᠵᠤ ᠬᠡᠪᠲᠡᠳᠡᠭ ᠡᠨᠡ ᠮᠠᠭᠤ ᠬᠥᠭᠰᠢᠨ ᠶᠠᠩᠬᠠᠨ ᠬᠦᠷᠲᠡᠯ᠎ᠡ ᠴᠢᠨᠦ ᠠᠳᠢᠰ ᠬᠦᠷᠲᠡᠭᠡᠬᠦ ᠶ᠋ᠢ ᠬᠦᠯᠢᠶᠡᠯ ᠦᠭᠡᠢ ᠰᠢᠷᠣᠢ ᠪᠣᠯᠤᠭᠰᠠᠨ ᠨᠢᠷᠤᠭᠤ ᠪᠠᠨ ᠴᠢᠮᠠᠲᠤ ᠰᠠᠢᠬᠠᠨ ᠬᠠᠷᠠᠭᠤᠯᠵᠤ ᠪᠠᠢᠨ᠎ᠠ ᠳᠠ᠃ ᠠᠮᠢᠲᠠᠨ ᠢ᠋ ᠵᠢᠷᠭᠠᠭᠤᠯᠤᠭᠴᠢ᠂ ᠱᠠᠰᠢᠨ ᠢ᠋ ᠮᠠᠨᠳᠤᠭᠤᠯᠤᠭᠴᠢ ᠶᠡᠬᠡ ᠬᠤᠲᠤᠭᠲᠤ ᠮᠢᠨᠢ ᠴᠢ᠂ ᠲᠡᠷᠡ ᠮᠠᠭᠤ ᠡᠮ᠎ᠡ ᠳ᠋ᠦ᠍ ᠠᠳᠢᠰ ᠥᠭᠴᠦ ᠬᠡᠰᠢᠭ ᠬᠦᠷᠲᠡᠭᠡᠶ᠎ᠡ ᠭᠡᠵᠦ ᠬᠣᠢᠨ᠎ᠠ ᠠ᠋ᠴᠠ ᠨᠢ ᠭᠦᠶᠦᠬᠦ ᠦᠭᠡᠢ ᠤᠤ? ᠭᠡᠵᠦ ᠰᠣᠭᠲᠣᠭᠤ ᠨᠠᠢᠵᠠ ᠬᠡᠦᠬᠡᠨ ᠨᠢ ᠪᠣᠭᠳᠠ ᠶ᠋ᠢ ᠬᠠᠨᠴᠤ ᠠ᠋ᠴᠠ ᠴᠢᠩᠭᠠᠵᠤ ᠲᠠᠲᠠᠪᠠᠰᠤ᠂ ᠠᠯᠢᠶ᠎ᠠ ᠰᠠᠯᠪᠠᠳᠠᠢ᠂ ᠣᠯᠠᠨ ᠬᠠᠭᠠᠯᠭᠠᠴᠢ ᠰᠣᠶᠣᠭ ᠤᠨ ᠳᠡᠷᠭᠡᠳᠡ ᠲᠡᠷᠡ ᠮᠡᠲᠦ ᠦᠭᠡᠨ ᠳᠦ ᠬᠣᠷᠣᠰᠤᠨ ᠢᠴᠢᠭᠰᠡᠨ ᠪᠣᠭᠳᠠ ᠶᠢᠨ ᠠᠭᠤᠷ ᠬᠦᠷᠴᠦ᠂
— ᠴᠢ ᠨᠠᠮᠠᠶ᠋ᠢ᠂ ᠲᠡᠷᠡ ᠭᠠᠩᠳᠠᠩ ᠳᠡᠭᠡᠷ᠎ᠡ ᠪᠠᠭᠤᠭᠰᠠᠨ ᠬᠥᠬᠡ ᠲᠠᠩᠭᠤᠳ ᠠᠴᠠ ᠳᠣᠣᠷ᠎ᠠ ᠭᠡᠵᠦ ᠦᠵᠡᠪᠡᠦ? ᠣᠳᠣᠬᠠᠨ ᠬᠣᠶᠠᠭᠤᠯᠠ ᠪᠠᠨ ᠲᠡᠷᠡ ᠳᠠᠯᠠᠢ ᠯᠠᠮᠠ ᠳᠤ ᠴᠢᠨᠢ ᠣᠴᠢᠶ᠎ᠠ᠃ ᠲᠡᠷᠡ ᠨᠠᠮᠠᠶ᠋ᠢ ᠡᠷᠬᠡ ᠠᠳᠠᠯᠢ ᠪᠠᠷ ᠦᠵᠡᠬᠦ ᠦᠭᠡᠢ ᠡᠭᠡᠯ ᠮᠥᠷᠭᠥᠯᠴᠢᠨ ᠦ ᠠᠳᠠᠯᠢ ᠪᠣᠯᠭᠠᠵᠤ᠂ ᠭᠠᠷ ᠢᠶᠠᠷ ᠢᠶᠠᠨ ᠠᠳᠢᠰ ᠲᠠᠯᠪᠢᠬᠤ ᠭᠡᠪᠡᠯ᠂ ᠪᠢ ᠴᠢᠮᠠᠶ᠋ᠢ ᠬᠠᠷᠠᠭᠰᠠᠭᠠᠷ ᠪᠠᠶ᠋ᠢᠲᠠᠯ᠎ᠠ᠂ ᠪᠢ ᠲᠡᠷᠡ ᠲᠠᠩᠭᠤᠳ ᠢ ᠨᠠᠮᠠᠯᠳᠠᠭᠯᠠᠨᠠ ᠳ᠋ᠠ᠃ ᠠᠯᠢᠲᠠᠨᠢ ᠪᠠᠶ᠋ᠢᠨᠠᠤ? ᠮᠣᠷᠢ ᠡᠮᠡᠭᠡᠯᠯᠡ! ᠭᠡᠳ ᠪᠣᠭᠳᠠ ᠭᠠᠷ ᠤᠨ ᠳᠣᠣᠷ᠎ᠠ ᠲᠣᠬᠢᠶᠠᠯᠳᠤᠭᠰᠠᠨ ᠨᠢᠭᠡᠨ ᠯᠠᠮᠠ ᠶᠢ ᠳᠠᠭᠠᠭᠤᠯᠵᠤ᠂ ᠰᠢᠷ᠎ᠠ ᠬᠡᠦᠬᠡᠨ ᠲᠡᠢ ᠬᠠᠮᠲᠤ ᠭᠠᠩᠳᠠᠩ ᠥᠭᠡᠳᠡ ᠬᠠᠷ᠎ᠠ ᠬᠤᠷᠳᠤᠨ ᠢᠶᠠᠷ ᠲᠠᠪᠠᠷᠭᠠᠨ (ᠲᠠᠪᠠᠷᠠᠭᠠᠨ) ᠳᠠᠪᠬᠢᠵᠠᠢ᠃
ᠳᠠᠯᠠᠢ ᠯᠠᠮᠠ ᠶᠢᠨ ᠰᠦᠢᠪᠦᠩ ᠬᠠᠮᠪᠤ ᠨᠠᠷ᠂ ᠵᠢᠪᠽᠥ᠋ᠨᠳᠠᠮᠪᠠ ᠬᠤᠲᠤᠭᠲᠤ᠂ ᠵᠢᠪᠽᠥ᠋ᠨᠳᠠᠮᠪᠠ ᠬᠤᠲᠤᠭᠲᠤ ᠰᠠᠭᠤᠳᠠᠯ ᠵᠠᠰᠠ᠂ ᠰᠠᠭᠤᠳᠠᠯ ᠵᠠᠰᠠ ᠭᠡᠵᠦ ᠪᠣᠭᠳᠠ ᠶᠢ ᠨᠢᠭᠡ ᠭᠣᠶᠣ ᠬᠡᠦᠬᠡᠨ ᠬᠥᠲᠥᠯᠵᠦ ᠬᠥᠯᠴᠥᠭᠦᠦ ᠣᠷᠣᠵᠤ ᠢᠷᠡᠬᠦ ᠶᠢ ᠦᠵᠡᠭᠡᠳ ᠰᠠᠨᠳᠤᠷᠪᠠ᠃
— ᠲᠠ ᠨᠠᠷ ᠊ᠷ ᠊ᠷ᠂ ᠣᠳᠣ ᠬᠦᠷᠲᠡᠯ᠎ᠡ ᠨᠠᠳᠠᠳᠤ ᠰᠠᠭᠤᠳᠠᠯ ᠵᠠᠰᠠᠭᠰᠠᠨ ᠦᠭᠡᠢ ᠤᠤ? ᠠᠷᠤ ᠮᠣᠩᠭᠣᠯ ᠭᠠᠵᠠᠷ ᠵᠢᠪ᠊ — ᠪᠠ᠊ — ᠪᠠᠽᠥ᠋ᠨ ᠳ᠋᠊ — ᠳ᠋᠊ ᠳ᠋ᠠᠮᠪᠠ ᠭᠡᠳ᠊ — ᠳ᠋ᠡᠭ᠌ ᠨᠢᠭᠡᠨ ᠥᠴᠦᠬᠡᠨ ᠬ ᠬ— ᠬᠤᠲᠤᠭᠲᠤ ᠪᠠᠶ᠋ᠢᠳᠠᠭ ᠭᠡᠳᠡᠭ ᠢ ᠲᠠ ᠨᠠᠷ ᠮᠡᠳᠡᠭᠰᠡᠨ ᠦᠭᠡᠢ ᠤᠤ? ᠲᠠᠨ ᠤ ᠶᠡᠬᠡ ᠯᠠᠮᠠ ᠬᠠᠮᠢᠭ᠎ᠠ ᠪᠠᠶ᠋ᠢᠨ᠎ᠠ? ᠭᠡᠵᠦ ᠰᠠᠨᠳᠤᠷᠤᠭᠰᠠᠨ ᠲᠥᠪᠡᠳ ᠬᠠᠮᠪᠤ ᠶᠢᠨ ᠥᠭᠡᠳᠡ ᠡᠴᠡ ᠠᠷᠢᠬᠢ ᠬᠠᠩᠬᠤᠯᠤᠨ ᠵᠠᠩᠨᠠᠵᠤ᠂ ᠬᠡᠦᠬᠡᠨ ᠢᠶᠡᠨ ᠴᠢᠷᠦᠭᠡᠳ᠂ ᠣᠷᠣᠶ᠎ᠠ᠂ ᠪᠤᠤ ᠠᠶᠤ ᠭᠡᠵᠦ ᠪᠣᠱᠣᠭ᠎ᠠ ᠠᠯᠬᠤᠨ ᠣᠷᠣᠪᠠᠰᠤ᠂ ᠳᠠᠯᠠᠢ ᠯᠠᠮᠠ ᠰᠣᠭᠲᠣᠭᠤ ᠬᠤᠲᠤᠭᠲᠤ ᠶᠢ ᠵᠢᠪᠬᠤᠯᠠᠩᠲᠠᠢ ᠲᠠᠶ᠋ᠢᠪᠤᠩ ᠢᠶᠠᠷ ᠬᠦᠯᠢᠶᠡᠨ ᠲᠣᠰᠴᠤ᠂
— ᠮᠢᠨᠦ ᠠᠶᠠᠨ ᠤ ᠮᠠᠭᠤ ᠭᠡᠷ ᠲᠦ ᠶᠡᠬᠡ ᠬᠤᠲᠤᠭᠲᠤ ᠭᠡᠶ᠋ᠢᠭᠦᠯᠦᠨ ᠮᠣᠷᠢᠯᠠᠭᠰᠠᠨ ᠨᠢ ᠶᠠᠭᠤᠲᠠᠢ ᠵᠠᠪᠰᠢᠶᠠᠨ ᠪᠢᠯᠡ᠃ ᠳᠡᠭᠡᠭᠰᠢ ᠪᠡᠨ ᠮᠣᠷᠢᠯᠠᠵᠤ ᠰᠠᠭᠤ ᠭᠡᠬᠦ ᠳ᠋ᠤᠨᠢ᠂ ᠬᠤᠲᠤᠭᠲᠤ ᠡᠪᠦᠷ ᠡᠴᠡᠭᠡᠨ( ᠡᠴᠡ ᠪᠡᠨ) ᠭᠠᠩᠬᠤᠵᠤ ᠪᠠᠶ᠋ᠢᠵᠤ᠂ ᠥᠷᠴᠢᠯᠭᠡᠭᠰᠡᠨ ᠬᠠᠳᠠᠭ ᠭᠠᠷᠭᠠᠭᠠᠳ ᠳᠠᠯᠠᠢ ᠯᠠᠮᠠ ᠶᠢᠨ ᠥᠭᠡᠳᠡ ᠡᠴᠡ ᠱᠠᠷᠪᠠᠰᠬᠢᠨ ᠠᠯᠬᠤᠵᠤ ᠣᠶ᠋ᠢᠷᠠᠳᠤᠭᠠᠳ ᠬᠠᠳᠠᠭ ᠢᠶᠠᠨ ᠪᠠᠷᠢᠪᠠᠰᠤ᠂ ᠳᠠᠯᠠᠢ ᠯᠠᠮᠠ ᠬᠠᠷᠢᠭᠤ ᠬᠠᠳᠠᠭ ᠪᠠᠷᠢᠭᠠᠳ᠂ ᠭᠡᠯᠡᠶ᠋ᠢᠨ ᠠᠭᠳᠠᠶ᠋ᠢᠵᠤ ᠠᠯᠠᠭ᠎ᠠ ᠬᠠᠪᠰᠤᠷᠤᠨ ᠠᠳᠢᠰ ᠠᠪᠬᠤ ᠳᠦᠷᠢᠮ ᠦᠵᠡᠭᠦᠯᠦᠭᠰᠡᠨ ᠬᠤᠲᠤᠭᠲᠤ ᠶᠢᠨ ᠵᠦᠭ ᠮᠡᠬᠦᠶ᠋ᠢᠰᠬᠢᠨ᠂ ᠬᠣᠶᠠᠷ ᠠᠳᠠᠯᠢ ᠲᠡᠭᠰᠢ ᠶᠡᠬᠡ ᠯᠠᠮᠠ ᠨᠠᠷ ᠤᠨ ᠪᠡᠶ᠎ᠡ ᠪᠡᠶ᠎ᠡ ᠪᠠᠨ ᠶᠣᠰᠣᠯᠠᠳᠠᠭ ᠳᠦᠷᠢᠮ ᠶ᠋ᠢᠡᠷ ᠬᠤᠲᠤᠭᠲᠤ ᠶᠢᠨ ᠬᠥᠯᠥᠰᠥ ᠲᠡᠢ ᠲᠤᠬᠤᠠ ᠳᠤ ᠮᠠᠩᠨᠠᠢ ᠪᠠᠷ ᠬᠦᠷᠴᠦ ᠬᠠᠷᠢᠭᠤ ᠶᠣᠰᠣ ᠬᠢᠪᠡᠰᠦ᠂ ᠬᠤᠲᠤᠭᠲᠤ ᠠᠳᠢᠰ ᠠᠪᠬᠤ ᠭᠡᠵᠦ ᠡᠮᠢᠶᠡᠨ ᠰᠠᠡᠳᠤᠷᠤᠰᠬᠢᠵᠤ᠂ ᠰᠢᠷ᠎ᠠ ᠬᠡᠦᠬᠡᠨ ᠦ ᠵᠦᠭ ᠭᠡᠳᠡᠷᠭᠦ ᠪᠡᠨ ᠪᠥᠬᠥᠶ᠋ᠢᠨ ᠬᠠᠷᠠᠭᠠᠳ ᠶᠠᠭᠠᠷᠠᠨ ᠰᠠᠨᠳᠤᠷᠤᠨ᠂ ᠵᠠᠰᠠᠭᠰᠠᠨ ᠰᠠᠭᠤᠳᠠᠯ ᠳᠤ ᠫᠢᠳ ᠬᠢᠲᠡᠯ᠎ᠡ ᠵᠠᠪᠢᠯᠠᠨ ᠰᠠᠭᠤᠭᠠᠳ᠂ ᠭᠠᠶ᠋ᠢᠬᠠᠨ ᠠᠯᠠᠮᠡᠶ᠋ᠢᠷᠠᠨ᠋ᠨ᠋ᠰᠡᠠ ᠲᠥᠪᠡᠳ ᠬᠠᠮᠪᠤ ᠶᠢᠨ ᠥᠭᠡᠳᠡ ᠪᠦᠯᠲᠡᠶ᠋ᠢᠨ ᠬᠠᠷᠠᠵᠤ᠂ ᠳᠠᠯᠠᠢ ᠯᠠᠮᠠ ᠠ᠋ᠴᠠ᠂
— ᠲᠠᠮᠠᠬᠢ ᠪᠡᠶ᠋ᠢᠨᠠᠤ? ᠪᠢ ᠰᠠᠶ᠋ᠢᠨ ᠲᠠᠮᠠᠬᠢᠨ ᠳᠤ ᠳᠤᠷᠠᠲᠠᠢ ᠪᠢᠯᠡ ᠬᠡᠮᠡᠪᠡᠰᠦ᠂
— ᠪᠢ ᠲᠠᠮᠠᠬᠢ ᠲᠠᠲᠠᠳᠠᠭ ᠥᠬᠡᠢ ᠤᠴᠢᠷ ᠲᠠᠮᠠᠬᠢ ᠪᠠᠶ᠋ᠢᠬᠤ ᠦᠭᠡᠢ ᠭᠡᠯᠡ᠃
— ᠲᠡᠭᠡᠪᠡᠯ ᠰᠠᠶ᠋ᠢᠨ ᠠᠷᠢᠬᠢ ᠪᠡᠶ᠋ᠢᠨᠠᠤ? ᠪᠢ ᠰᠠᠶ᠋ᠢᠨ ᠠᠷᠢᠬᠢᠨ ᠳᠤ ᠳᠤᠷᠠᠲᠠᠢ ᠬᠡᠮᠡᠪᠡᠰᠦ᠂
— ᠪᠢ ᠭᠡᠯᠦᠩ ᠬᠥᠮᠦᠨ᠂ ᠠᠷᠢᠬᠢ ᠮᠠᠨᠠᠢ ᠳᠤ ᠪᠠᠶ᠋ᠢᠳᠠᠭ ᠦᠭᠡᠢ᠃ ᠬᠤᠳᠤᠨ᠋ᠨ᠋ᠳᠤ ᠳᠤ ᠭᠠᠨ᠋ᠨ᠋ᠴᠠ ᠴᠡᠢ ᠡᠷᠭᠦᠠ ᠳᠡᠪᠰᠢᠭᠦᠯᠦᠶ᠎ᠡ ᠭᠡᠬᠦ ᠳ᠋ᠤᠨᠢ᠂ ᠪᠣᠭᠳᠠ ᠡᠷᠬᠡ ᠬᠡᠦᠬᠡᠳ ᠰᠢᠭ ᠬᠠᠮᠠᠷ ᠢᠶᠠᠷ ᠢᠶᠠᠨ ᠬᠡᠢ ᠰᠢᠭᠤᠬᠢᠷᠳᠠᠯᠡ ᠳᠠᠲᠠᠭᠠᠤᠠ᠂ ᠨᠢᠭᠡ ᠠᠶᠠᠭ᠎ᠠ ᠴᠠᠢ ᠶᠡᠬᠡ ᠴᠢᠮᠡᠭᠡ ᠭᠠᠷᠭᠠᠵᠤ ᠬᠣᠪᠬᠤ ᠰᠣᠷᠣᠵᠤ ᠤᠤᠭᠤᠭᠠᠳ᠂ ᠤᠷᠢᠳ ᠤᠤᠭᠤᠭᠰᠠᠨ ᠠᠷᠢᠬᠢᠨ ᠳᠠᠭᠠᠨ ᠰᠠᠯᠬᠢᠨ ᠳᠤ ᠳᠠᠪᠬᠢᠬᠰᠠᠨ ᠠᠴᠠ ᠪᠣᠯᠵᠤ ᠪᠠᠬᠠᠨ ᠰᠣᠭᠲᠣᠭᠠᠳ᠂ ᠠᠷᠢᠬᠢ ᠬᠠᠩᠬᠤᠯᠤᠨ ᠰᠣᠭᠲᠣᠭᠤ ᠨᠢᠳᠦ ᠪᠡᠨ ᠪᠦᠯᠲᠡᠶ᠋ᠢᠯᠭᠡᠨ᠂ ᠶᠡᠬᠡ ᠯᠠᠮᠠ ᠶᠢᠨ ᠪᠡᠶ᠎ᠡ ᠬᠠᠮᠠᠭᠠᠯᠠᠬᠤ ᠬᠥᠬᠡ ᠴᠢᠷᠠᠢ ᠲᠠᠢ ᠲᠥᠪᠡᠳ ᠤᠨ ᠪᠢᠲᠡᠭᠦᠦ ᠬᠤᠷᠤᠰᠤᠠ ᠳᠠᠴᠢᠶᠠᠳᠠᠵᠤ᠂ ᠭᠢᠯᠠᠭᠠᠷ ᠬᠠᠷ᠎ᠠ ᠨᠢᠳᠦ ᠪᠡᠨ ᠡᠷᠭᠢᠭᠦᠯᠦᠨ ᠬᠠᠷᠠᠬᠤ ᠶᠢ ᠠᠵᠢᠬᠯᠠᠭᠠᠳ᠂ ᠥᠭᠡᠳᠡ ᠡᠴᠡ ᠨᠢ ᠪᠦᠯᠲᠡᠶ᠋ᠢᠨ ᠴᠢᠴᠢᠵᠦ᠂
— ᠶᠠᠭᠠᠬᠢᠬᠰᠠᠨ ᠬᠥ᠊ — ᠬᠦ᠊ — ᠬᠥᠬᠡ ᠴᠢᠷᠠᠢ ᠲᠠᠢ ᠲᠠᠩᠭᠤᠳ ᠪᠣᠢ? ᠭᠡᠵᠦ᠂ ᠰᠡᠶ᠋ᠢᠬᠠᠠ ᠠᠯᠠᠱᠠᠨ ᠬᠡᠪᠢᠰ ᠳᠡᠭᠡᠷ᠎ᠡ ᠬᠠᠷ ᠬᠢᠲᠡᠯ᠎ᠡ ᠨᠤᠯᠮᠤᠭᠠᠳ ᠨᠠᠶ᠋ᠢᠭᠤᠨ ᠭᠠᠩᠬᠤᠨ ᠪᠣᠰᠴᠤ ᠭᠠᠳᠠᠭᠰᠢ ᠭᠠᠷᠪᠠᠰᠤ᠂ ᠬᠥᠳᠡᠭᠡᠨ ᠦ ᠨᠢᠭᠡ ᠡᠪᠦᠭᠡᠨ ᠮᠥᠷᠭᠥᠯᠴᠢᠨ᠂ ᠪᠣᠱᠣᠭ᠎ᠠ ᠶᠢᠨ ᠲᠡᠨᠳᠡ ᠡᠴᠡ ᠨᠢᠭᠡ ᠠᠳᠬᠤ ᠰᠢᠷᠣᠢ ᠠᠪᠴᠤ ᠠᠯᠴᠢᠭᠤᠷ ᠳᠠᠭᠠᠨ ᠬᠢᠬᠦ ᠭᠡᠵᠦ ᠪᠥᠬᠥᠶ᠋ᠢᠭᠰᠡᠨ ᠲᠡᠢ ᠲᠠᠭᠠᠷᠠᠯᠳᠤᠭᠠᠳ᠂
— ᠬᠥᠭᠰᠢᠨ ᠪᠣᠭᠣᠯ ᠴᠢ ᠶᠠᠭᠠᠬᠢᠵᠤ ᠪᠠᠢᠭ᠎ᠠ ᠴᠢᠨᠢ ᠡᠨᠡ ᠪᠣᠢ? ᠭᠡᠵᠦ ᠢᠰᠬᠦᠯᠦᠭᠡᠳ ᠣᠢᠴᠢᠨ ᠠᠯᠳᠠᠬᠤ ᠳ᠋ᠠᠭᠠᠨ ᠰᠢᠷ᠎ᠠ ᠬᠡᠦᠬᠡᠨ ᠢ᠋ᠶ᠋ᠡᠨ ᠰᠢᠭᠦᠷᠦᠨ ᠲᠡᠪᠡᠷᠢᠪᠡᠰᠦ᠂ ᠲᠡᠷᠡ ᠡᠪᠦᠭᠡᠨ᠂ ᠰᠣᠭᠲᠣᠭᠤ ᠭᠣᠶᠣ ᠯᠠᠮᠠ ᠶ᠋ᠢ ᠪᠣᠭᠳᠠ ᠭᠡᠵᠦ ᠲᠠᠨᠢᠭᠰᠠᠨ ᠦᠭᠡᠢ᠂ ᠨᠢᠭᠡ ᠠᠯᠬᠤᠮ ᠭᠡᠳᠡᠷᠭᠦ ᠤᠬᠤᠷᠢᠨ ᠭᠠᠢᠬᠠᠵᠤ ᠬᠠᠷᠠᠭᠠᠳ᠂
— ᠵᠠᠮᠭᠤᠨ ᠡᠷᠳᠡᠨᠢ ᠶ᠋ᠢᠨ ᠥᠯᠮᠡᠢ ᠶ᠋ᠢᠨ ᠭᠢᠰᠬᠢᠭᠰᠡᠨ ᠭᠠᠵᠠᠷ ᠠ᠋ᠴᠠ ᠠᠳᠬᠤ ᠰᠢᠷᠣᠢ ᠠᠪᠴᠤ ᠪᠠᠢᠨ᠎ᠠ ᠭᠡᠪᠡ᠃
ᠪᠣᠭᠳᠠ ᠲᠡᠷᠡ ᠦᠭᠡ ᠶ᠋ᠢ ᠰᠣᠨᠣᠰᠤᠭᠠᠳ᠂ ᠠᠭᠤᠷ ᠪᠠᠳᠠᠷᠠᠵᠤ ᠰᠢᠷ᠎ᠠ ᠬᠡᠦᠬᠡᠨ ᠳ᠋ᠡᠭᠡᠨ᠂
— ᠳᠠᠯᠠᠢ ᠯᠠᠮᠠ ᠶ᠋ᠢ ᠠᠷᠢᠯᠤᠭᠰᠠᠨ ᠬᠣᠢᠨ᠎ᠠ᠂ ᠪᠢ ᠴᠢᠮᠠᠶ᠋ᠢ ᠶᠠᠪᠤᠭᠤᠯᠵᠤ ᠡᠨᠡ ᠭᠠᠵᠠᠷ ᠰᠢᠭᠡᠯᠭᠡᠨᠡ᠃ ᠡᠨᠡ ᠠᠳᠤᠭᠤᠰᠤ ᠨᠤᠭᠤᠳ ᠴᠢᠨᠦ ᠰᠢᠭᠡᠰᠦ ᠶ᠋ᠢ ᠳᠣᠯᠢᠶᠠᠪᠠᠯ ᠳᠣᠯᠢᠶᠠᠵᠤ ᠪᠠᠢᠭ! ᠭᠡᠵᠦ ᠠᠷᠬᠢᠷᠠᠨ ᠬᠡᠯᠡᠪᠡ᠃
ᠬᠥᠳᠡᠭᠡᠨ ᠦ᠌ ᠲᠡᠷᠡ ᠡᠪᠦᠭᠡᠨ᠂ ᠪᠢ ᠶᠠᠭᠤ ᠰᠣᠨᠣᠰᠪᠠ ᠪᠢᠯᠡ? ᠪᠣᠭᠳᠠ ᠮᠠᠨᠠᠢ ᠡᠨᠡ ᠪᠣᠯᠬᠤ ᠨᠢ ᠠ᠋ ᠭᠡᠵᠦ ᠳᠠᠯᠠᠢ ᠯᠠᠮᠠ ᠶ᠋ᠢᠨ ᠳᠡᠷᠭᠡᠳᠡ ᠶ᠋ᠢᠨ ᠲᠥᠪᠡᠳ ᠡᠴᠡ ᠠᠰᠠᠭᠤᠵᠤ ᠤᠴᠢᠷ ᠢ᠋ ᠮᠡᠳᠡᠭᠡᠳ ᠶᠡᠬᠡᠯ᠎ᠡ ᠭᠠᠢᠬᠠᠨ ᠪᠠᠬᠠᠷᠳᠠᠪᠠᠰᠤ᠂ ᠠᠭᠤᠷ ᠬᠦᠷᠦᠭᠰᠡᠨ ᠪᠣᠭᠳᠠ ᠠᠯᠢ ᠬᠡᠳᠦᠢᠨᠡᠢ ᠮᠣᠷᠢᠨ ᠳ᠋ᠠᠭᠠᠨ ᠮᠣᠷᠳᠠᠵᠤ᠂ ᠲᠤᠤᠯᠠ ᠶ᠋ᠢᠨ ᠵᠦᠭ ᠬᠠᠷ᠎ᠠ ᠬᠤᠷᠳᠤᠨ ᠢ᠋ᠶ᠋ᠠᠷ ᠳᠠᠪᠬᠢᠯᠠᠨ᠂ ᠵᠠᠮ ᠭᠣᠳᠣᠰ ᠲᠣᠬᠢᠶᠠᠯᠳᠤᠭᠰᠠᠨ ᠶᠠᠪᠠᠭᠠᠨ ᠬᠥᠮᠦᠨ ᠢ᠋ ᠮᠣᠷᠢ ᠪᠠᠷ ᠳᠠᠭᠠᠷᠢᠨ ᠤᠨᠠᠭᠠᠵᠤ᠂ ᠬᠥᠨᠳᠡᠯᠡᠨ ᠭᠣᠳᠣᠰ ᠤ᠋ᠨ ᠬᠥᠮᠦᠨ ᠢ᠋ ᠲᠠᠰᠢᠭᠤᠷᠳᠠᠨ ᠳᠠᠪᠬᠢᠪᠠ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠮᠧᠢ ᠬᠤᠸᠠ᠂ ᠪᠠᠳᠮᠠᠰᠡᠴᠡᠨ᠂ ᠪᠠᠯ᠂
ᠣᠶᠤᠨᠪᠢᠯᠢᠭ᠌᠂ ᠴᠡᠩᠬᠡᠯᠴᠡᠴᠡᠭ᠂ ᠣᠶᠣᠨᠪᠠᠲᠤ᠂ ᠣᠭ᠌ᠶᠤ
ᠬᠢᠨᠠᠭᠴᠢ᠄ ᠣᠶᠤᠨᠪᠠᠲᠤ᠂ ᠤᠢᠭᠤᠷᠵᠢᠨ ᠣᠳᠬᠣᠨᠪᠠᠪᠠ᠂ ᠣᠳᠬᠣᠨᠴᠡᠴᠡᠭ᠂ ᠪᠠᠯ
ᠤᠩᠰᠢᠭᠴᠢ᠄ ᠨᠠᠰᠤᠨ᠌ᠦ᠌ᠯᠵᠡᠢ