ᠴᠢᠩᠭᠢᠰ ᠬᠠᠭᠠᠨ ᠤ᠋ ᠪᠠᠢᠯᠳᠤᠬᠤ ᠪᠣᠳᠣᠯᠭᠠ ᠪᠠ ᠠᠷᠭᠠ07ᠠᠯᠲᠠᠨ ᠤᠯᠤᠰ ᠲᠠᠢ ᠪᠠᠢᠯᠳᠤᠭᠰᠠᠨ ᠨᠢЧингис хааны байлдах бодлого ба арга
ᠳᠣᠯᠣᠳᠤᠭᠠᠷ ᠪᠦᠯᠦᠭ ᠠᠯᠲᠠᠨ ᠤᠯᠤᠰ ᠲᠠᠢ ᠪᠠᠢᠯᠳᠤᠭᠰᠠᠨ ᠨᠢ
(ᠨᠢᠭᠡ) ᠴᠢᠩᠭᠢᠰ ᠬᠠᠭᠠᠨ ᠪᠠᠢᠯᠳᠤᠭᠠᠨ ᠡᠬᠢᠯᠡᠬᠦ ᠶ᠋ᠢᠨ ᠡᠮᠦᠨᠡᠬᠢ ᠳᠠᠭᠠᠳᠬᠠᠯ
1211 ᠣᠨ ᠤ᠋ ᠬᠠᠪᠤᠷ᠂ ᠴᠢᠩᠭᠢᠰ ᠬᠠᠭᠠᠨ ᠪᠦᠬᠦ ᠴᠡᠷᠢᠭ ᠭᠡᠮᠡᠨ ᠠᠯᠲᠠᠢ ᠠᠭᠤᠯᠠ ᠠ᠋ᠴᠠ ᠬᠢᠩᠭᠠᠨ ᠳᠠᠪᠠᠭᠠ ᠬᠦᠷᠲᠡᠯᠡ ᠵᠡᠪᠰᠡᠭ ᠠᠳᠬᠤᠵᠤ ᠴᠢᠳᠠᠬᠤ ᠡᠷᠡᠭᠲᠡᠢᠴᠦᠳ ᠢ᠋ ᠪᠦᠷ ᠴᠤᠭᠯᠠᠭᠤᠯᠪᠠ᠃ ᠡᠳᠡᠨ ᠢ᠋ ᠬᠡᠷᠦᠯᠦᠨ ᠭᠣᠣᠯ ᠤ᠋ᠨ ᠬᠥᠪᠡᠭᠡᠨ ᠳ᠋ᠡᠬᠢ ᠴᠡᠷᠢᠭ ᠦ᠋ᠨ ᠬᠦᠷᠢᠶᠡ ᠣᠷᠴᠢᠮ ᠢᠷᠡᠭᠦᠯᠦᠭᠰᠡᠨ ᠪᠠᠢᠨᠠ᠃ ᠣᠳᠣ ᠠ᠋ᠴᠠ ᠡᠬᠢᠯᠡᠨ ᠬᠡᠷᠡᠭᠵᠢᠭᠦᠯᠬᠦ ᠲᠥᠰᠥᠪ ᠨᠢ᠂ ᠪᠦᠬᠦ ᠨᠡᠭᠦᠳᠡᠯᠴᠢᠨ ᠦᠨᠳᠦᠰᠦᠲᠡᠨ ᠦ᠌ ᠬᠤᠪᠢ ᠵᠠᠶᠠᠭᠠ ᠲᠠᠢ ᠬᠣᠯᠪᠣᠭᠳᠠᠵᠤ ᠪᠠᠢᠬᠤ ᠪᠥᠭᠡᠳ ᠳᠠᠩᠴᠤ ᠬᠦᠨᠳᠦ ᠴᠢᠬᠤᠯᠠ ᠪᠣᠯᠬᠣᠷ ᠶᠡᠷᠦ ᠶ᠋ᠢᠨ ᠴᠡᠷᠢᠭ ᠦ᠋ᠨ ᠶᠠᠪᠤᠳᠠᠯ ᠤ᠋ᠨ ᠬᠤᠷᠠᠯ ᠢ᠋ᠶ᠋ᠠᠷ ᠰᠢᠢᠳᠪᠦᠷᠢᠯᠡᠵᠦ ᠪᠣᠯᠬᠤ ᠬᠡᠷᠡᠭ ᠪᠢᠰᠢ ᠪᠠᠢᠭᠰᠠᠨ ᠶᠤᠮ᠃ ᠪᠦᠬᠦ ᠴᠡᠷᠢᠭ ᠦ᠋ᠨ ᠨᠣᠶᠠᠳ ᠢ᠋ ᠣᠷᠣᠯᠴᠠᠭᠤᠯᠤᠭᠰᠠᠨ ᠬᠤᠷᠠᠯ ᠳᠡᠭᠡᠷᠡ ᠠᠯᠲᠠᠨ ᠤᠯᠤᠰ ᠤ᠋ᠨ ᠠᠵᠢᠯᠯᠠᠭᠠ ᠠ᠋ᠴᠠ《ᠢᠰᠡᠭᠡᠢ ᠲᠤᠭᠤᠷᠭᠠᠲᠠᠨ ᠢ᠋ ᠡᠳᠦᠭᠡ ᠬᠦᠷᠲᠡᠯᠡ ᠳᠠᠷᠤᠯᠠᠵᠤ ᠬᠥᠨᠥᠭᠡᠭᠰᠡᠨ ᠥᠰᠢᠶᠡ ᠪᠡᠨ ᠣᠳᠣ ᠬᠠᠷᠢᠭᠤ ᠠᠪᠬᠤ ᠴᠠᠭ ᠪᠣᠯᠤᠯᠠ᠃ ᠠᠯᠢᠪᠠ ᠭᠣᠣᠯᠴᠢ ᠪᠤᠰᠤ ᠪᠠᠷ ᠠᠪᠤᠭᠰᠠᠨ ᠵᠦᠢᠯ ᠢ᠋ ᠦᠨᠡ ᠲᠥᠯᠥᠪᠦᠷᠢ ᠲᠡᠢ ᠪᠡᠷ ᠪᠤᠴᠠᠭᠠᠵᠤ ᠠᠪᠤᠨᠠ᠃ ᠡᠷᠲᠡᠨ ᠦ᠌ ᠴᠠᠭ ᠦᠶᠡ ᠡᠴᠡ ᠣᠯᠠᠨ ᠬᠠᠭᠠᠳ ᠤ᠋ᠨ ᠵᠦᠭ ᠶᠠᠪᠤᠭᠤᠯᠤᠭᠰᠠᠨ ᠶᠣᠰᠣ ᠪᠤᠰᠤ ᠦᠢᠯᠡ ᠶᠠᠪᠤᠳᠠᠯ ᠠ᠋ᠴᠠ ᠨᠢ ᠥᠰᠢᠶᠡ ᠠᠪᠬᠤ ᠴᠠᠭ ᠢᠷᠡᠯᠡ》 ᠭᠡᠵᠦ ᠨᠡᠢᠲᠡᠯᠡᠵᠡᠢ᠃ ᠪᠠᠢᠯᠳᠤᠭᠴᠢᠳ ᠨᠢ ᠲᠡᠳᠡᠨ ᠢ᠋ ᠳᠠᠢᠴᠢᠯᠠᠨ ᠢᠯᠠᠯᠲᠠ ᠠ᠋ᠴᠠ ᠢᠯᠠᠯᠲᠠ ᠳ᠋ᠤ᠌ ᠤᠳᠤᠷᠢᠳᠤᠭᠰᠠᠨ ᠪᠣᠭᠳᠠ ᠬᠠᠭᠠᠨ᠂ ᠣᠳᠣ ᠬᠦᠷᠲᠡᠯᠡᠬᠢ ᠠᠯᠢᠪᠠ ᠣᠯᠵᠠ ᠠ᠋ᠴᠠ ᠳᠠᠪᠠᠭᠰᠠᠨ ᠰᠠᠢᠨ ᠣᠯᠵᠠ ᠪᠠᠢᠬᠤ᠂ ᠵᠡᠭᠦᠳᠦ ᠮᠡᠲᠦ ᠪᠠᠶᠠᠯᠢᠭ ᠲᠡᠷᠡᠬᠦ ᠤᠯᠤᠰ ᠲᠤ᠌ ᠲᠡᠳᠡᠨ ᠢ᠋ ᠳᠠᠭᠠᠭᠤᠯᠵᠤ ᠮᠣᠷᠳᠠᠬᠤ ᠶ᠋ᠢ ᠮᠡᠳᠡᠭᠡᠳ ᠲᠡᠰᠬᠡᠯ ᠦᠭᠡᠢ ᠶᠡᠬᠡ ᠪᠠᠶᠠᠷᠯᠠᠵᠠᠭᠠᠯᠠ᠃ ᠴᠢᠩᠭᠢᠰ ᠬᠠᠭᠠᠨ᠂ ᠭᠠᠭᠴᠠᠭᠠᠷ ᠢ᠋ᠶ᠋ᠠᠨ ᠡᠨᠡ ᠮᠡᠲᠦ ᠶ᠋ᠢᠨ ᠵᠣᠷᠢᠭ ᠲᠠᠢ ᠪᠠᠷ ᠶᠡᠬᠡ ᠦᠢᠯᠡᠰ ᠢ᠋ ᠲᠡᠢᠮᠦ ᠬᠢᠯᠪᠠᠷ ᠢ᠋ᠶ᠋ᠠᠷ ᠪᠦᠲᠦᠭᠡᠬᠦᠶᠡ ᠪᠡᠷᠬᠡ ᠭᠡᠰᠡᠨ ᠢ᠋ ᠮᠡᠳᠡᠵᠦ ᠪᠠᠢᠭᠰᠠᠨ ᠶᠤᠮ᠃ ᠳᠥᠩᠭᠡᠵᠢ ᠪᠦᠲᠦᠵᠦ ᠪᠠᠢᠭᠠ ᠮᠣᠩᠭᠣᠯ ᠬᠠᠭᠠᠨᠲᠤ ᠤᠯᠤᠰ ᠤ᠋ᠨ ᠬᠤᠪᠢ ᠵᠠᠶᠠᠭᠠ ᠲᠠᠢ ᠮᠥᠷᠥᠢᠴᠡᠵᠦ ᠪᠠᠢᠬᠤ ᠪᠠᠨ ᠮᠡᠳᠡᠵᠦ ᠪᠠᠢᠵᠠᠢ᠃ ᠬᠡᠷᠪᠡ ᠲᠡᠷᠡ ᠤᠯᠤᠰ ᠠ᠋ᠴᠠ ᠪᠠᠨ ᠬᠡᠳᠦᠨ ᠮᠢᠩᠭᠠᠨ ᠺᠢᠯᠣᠮᠧᠲ᠋ᠷ ᠬᠣᠯᠠ ᠬᠠᠷᠢ ᠶ᠋ᠢᠨ ᠭᠠᠵᠠᠷ ᠲᠤ᠌ ᠳᠡᠢᠯᠦᠭᠳᠡᠬᠦ ᠳ᠋ᠦ᠍ ᠲᠤᠯᠪᠠᠯ ᠬᠠᠭᠠᠨᠲᠤ ᠤᠯᠤᠰ ᠨᠢ ᠥᠨᠢ ᠡᠭᠦᠷᠢᠳᠡ ᠦᠭᠡᠶ᠋ᠢᠰᠬᠡᠬᠦ ᠳ᠋ᠦ᠍ ᠬᠦᠷᠦᠨᠡ᠃ ᠡᠴᠢᠨᠡᠨ ᠵᠢᠯ ᠬᠦᠴᠦᠯᠡᠨ ᠴᠢᠷᠮᠠᠢᠭᠠᠳ ᠪᠤᠲᠠ ᠴᠣᠬᠢᠭᠰᠠᠨ ᠵᠡᠷᠭᠡᠯᠡᠳᠡᠭᠡ ᠣᠯᠠᠨ ᠦᠨᠳᠦᠰᠦᠲᠡᠨ᠂ ᠲᠡᠭᠦᠨ ᠦ᠌ ᠣᠷᠣᠨ ᠳᠡᠪᠢᠰᠬᠡᠷ ᠲᠦ᠍ ᠳᠣᠪᠲᠣᠯᠵᠤ ᠢᠷᠡᠭᠡᠳ ᠪᠤᠯᠢᠶᠠᠨ ᠳᠡᠭᠡᠷᠡᠮᠳᠡᠬᠦ ᠪᠤᠶᠤ ᠰᠠᠨᠠᠭᠠᠨ ᠲᠠᠪᠠ ᠪᠠᠷ ᠢ᠋ᠶ᠋ᠠᠨ ᠠᠭᠠᠰᠢᠯᠠᠬᠤ ᠪᠢᠰᠢᠦ᠃ ᠲᠡᠭᠦᠨ ᠦ᠌ ᠵᠠᠬᠢᠷᠤᠯ ᠢ᠋ ᠳᠠᠭᠠᠭᠰᠠᠨ ᠠᠢᠮᠠᠭ ᠶᠠᠰᠤᠲᠠᠨ ᠨᠤᠭᠤᠳ ᠤᠷᠪᠠᠵᠤ ᠭᠠᠷᠤᠭᠠᠳ ᠲᠤᠰ ᠲᠤᠰ ᠲᠠᠭᠠᠨ ᠲᠤᠭ ᠪᠣᠰᠬᠠᠬᠤ ᠪᠣᠯᠤᠨᠠ᠂ ᠲᠡᠭᠦᠨ ᠦ᠌ ᠪᠦᠯᠬᠦᠮᠳᠡᠭᠦᠯᠦᠭᠰᠡᠨ ᠣᠯᠠᠨ ᠦᠨᠳᠦᠰᠦᠲᠡᠨ ᠶᠠᠰᠤᠲᠠᠨ ᠨᠢ ᠣᠳᠣ ᠵᠦᠭ ᠵᠦᠭ ᠲᠡᠭᠡᠨ ᠰᠠᠯᠤᠨ ᠰᠠᠷᠨᠢᠬᠤ ᠳ᠋ᠤ᠌ ᠬᠦᠷᠬᠦ ᠪᠢᠰᠢᠦ᠃ ᠪᠣᠷᠵᠢᠭᠢᠨ ᠠᠢᠮᠠᠭ ᠤ᠋ᠨ ᠲᠥᠯᠥᠭᠡ ᠲᠡᠮᠡᠴᠡᠵᠦ ᠣᠯᠤᠭᠰᠠᠨ ᠨᠡᠷᠡ ᠠᠯᠳᠠᠷ ᠨᠢ ᠣᠳᠣ ᠶᠠᠭᠤ ᠴᠤ᠌ ᠦᠯᠡᠳᠡᠬᠦ ᠦᠭᠡᠢ ᠰᠥᠨᠥᠬᠦ ᠳ᠋ᠦ᠍ ᠬᠦᠷᠦᠨᠡ᠃ ᠠᠯᠳᠠᠷᠲᠤ ᠴᠣᠯᠠ ᠪᠣᠯᠭᠠᠨ ᠡᠷᠭᠦᠮᠵᠢᠯᠡᠭᠰᠡᠨ《ᠬᠥᠬᠡ ᠮᠣᠩᠭᠣᠯ》 ᠭᠡᠰᠡᠨ ᠨᠡᠷᠡ ᠨᠢ ᠴᠤ᠌ ᠭᠠᠵᠠᠷ ᠤ᠋ᠨ ᠪᠥᠮᠪᠥᠷᠴᠡᠭ ᠡᠴᠡ ᠵᠠᠮᠬᠠᠷᠠᠬᠤ ᠪᠢᠵᠡ᠃ ᠡᠨᠡ ᠤᠳᠠᠭᠠ ᠶ᠋ᠢᠨ ᠢᠯᠠᠯᠲᠠ ᠶ᠋ᠢᠨ ᠲᠥᠯᠥᠭᠡ ᠲᠡᠷᠡ ᠠᠯᠢᠪᠠ ᠪᠠᠭᠠ ᠬᠡᠷᠡᠭ ᠢ᠋ ᠬᠦᠷᠲᠡᠯᠡ ᠣᠮᠲᠣᠭᠠᠢᠯᠠᠭᠰᠠᠨ ᠦᠭᠡᠢ ᠪᠢᠯᠡ᠃ ᠲᠡᠭᠦᠨ ᠦ᠌ ᠠᠮᠢ ᠨᠠᠰᠤ᠂ ᠲᠡᠭᠦᠨ ᠦ᠌ ᠬᠠᠭᠠᠨᠲᠤ ᠲᠥᠷᠥ ᠪᠠ ᠠᠯᠢ ᠪᠦᠬᠦᠨ ᠢ᠋ᠶ᠋ᠡᠨ ᠡᠨᠡᠬᠦ ᠠᠵᠢᠯᠯᠠᠭᠠ ᠲᠠᠢ ᠬᠣᠯᠪᠣᠭᠳᠠᠨᠠ᠃ ᠳᠥᠷᠪᠡᠨ ᠵᠦᠭ ᠦ᠋ᠨ ᠤᠯᠤᠰ ᠤ᠋ᠨ ᠬᠢᠯᠢ ᠳᠡᠭᠡᠷᠡ ᠠᠮᠤᠷ ᠲᠦᠪᠰᠢᠨ ᠪᠠᠢᠵᠤ᠂ ᠤᠯᠤᠰ ᠤ᠋ᠨ ᠭᠠᠳᠠᠨᠠ ᠬᠣᠯᠪᠣᠭᠠᠲᠠᠨ ᠠ᠋ᠴᠠ ᠠᠰᠲᠠᠭᠠᠨ ᠣᠨᠳᠣᠣ ᠶᠠᠭᠤᠮᠠ ᠪᠠᠢᠬᠤ ᠦᠭᠡᠢ᠃ ᠬᠠᠮᠤᠭ ᠤ᠋ᠨ ᠢᠲᠡᠭᠡᠵᠦ ᠪᠣᠯᠬᠤ ᠦᠭᠡᠢ ᠪᠠᠷᠠᠭᠤᠨ ᠰᠢᠶᠠ ᠤᠯᠤᠰ ᠪᠠᠢᠪᠠᠴᠤ ᠡᠨᠡ ᠤᠯᠤᠰ ᠣᠳᠣ ᠨᠡᠯᠢᠶᠡᠳ ᠤᠳᠠᠭᠠᠨ ᠵᠢᠯ ᠢ᠋ ᠥᠩᠭᠡᠷᠡᠭᠡᠬᠦ ᠦᠭᠡᠢ ᠪᠣᠯ ᠶᠠᠮᠠᠷᠴᠤ ᠪᠠᠢᠯᠳᠤᠭᠠᠨ ᠬᠢᠵᠦ ᠴᠢᠳᠠᠬᠤ ᠦᠭᠡᠢ ᠪᠣᠯᠲᠠᠯᠠ ᠮᠠᠭᠤᠳᠠᠭᠰᠠᠨ ᠪᠠᠢᠵᠠᠢ᠃ ᠥᠪᠡᠷ ᠦ᠋ᠨ ᠤᠯᠤᠰ ᠤ᠋ᠨ ᠳᠣᠲᠣᠷᠠᠬᠢ ᠵᠠᠷᠢᠮ ᠠᠢᠮᠠᠭ ᠤ᠋ᠨ ᠨᠣᠶᠠᠳ ᠤ᠋ᠨ ᠳᠣᠲᠣᠷᠠ ᠲᠤᠰᠠᠭᠠᠷᠯᠠᠨ ᠭᠠᠷᠤᠶᠠ ᠭᠡᠳ ᠬᠦᠴᠦᠨ ᠮᠡᠬᠦᠰ᠂ ᠠᠷᠭᠠ ᠪᠤᠰᠤ ᠲᠡᠭᠦᠨ ᠢ᠋ ᠳᠠᠭᠠᠭᠠᠳ ᠶᠣᠰᠣᠨ ᠳ᠋ᠤᠨᠢ ᠶᠣᠣᠯᠠᠭᠠᠳ ᠪᠠᠢᠬᠤ ᠬᠥᠮᠦᠨ ᠪᠠᠢᠬᠤ ᠮᠠᠭᠠᠳ ᠭᠡᠵᠦ ᠪᠣᠳᠣᠭᠰᠠᠨ ᠠ᠋ᠴᠠ ᠡᠳᠡᠭᠡᠷ ᠨᠣᠶᠠᠳ ᠢ᠋ ᠠᠪᠠᠭᠠᠢ ᠬᠡᠦᠬᠡᠳ ᠣᠢᠷᠠ ᠤᠷᠤᠭ ᠴᠡᠷᠢᠭ ᠪᠠᠢᠯᠳᠤᠭᠴᠢᠳ ᠲᠠᠢ ᠬᠠᠮᠲᠤ ᠳᠠᠭᠠᠭᠤᠯᠤᠨ ᠶᠠᠪᠤᠵᠠᠢ᠃ ᠴᠢᠩᠭᠢᠰ ᠬᠠᠭᠠᠨ ᠤᠯᠤᠰ ᠣᠷᠣᠨ ᠳ᠋ᠠᠭᠠᠨ ᠦᠯᠡᠳᠡᠭᠡᠭᠰᠡᠨ ᠨᠢ ᠡᠮᠡᠭᠲᠡᠢᠴᠦᠳ᠂ ᠬᠡᠦᠬᠡᠳ᠂ ᠨᠠᠰᠤᠲᠠᠨ ᠤ᠋ ᠲᠡᠳᠦᠢ ᠪᠠᠢᠵᠤ᠂ ᠬᠥᠮᠦᠨ ᠠᠮᠠᠨ ᠲᠣᠭᠠ ᠪᠠᠷ ᠴᠥᠭᠡᠨ ᠪᠣᠯᠪᠠ᠃ ᠪᠣᠭᠳᠠ ᠬᠠᠭᠠᠨ ᠤ᠋ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷᠡ ᠵᠥᠪᠬᠡᠨ ᠬᠣᠶᠠᠷ ᠮᠢᠩᠭᠠᠨ ᠴᠠᠭᠳᠠᠭᠠ ᠶ᠋ᠢᠨ ᠲᠡᠳᠦᠢ ᠶ᠋ᠢ ᠦᠯᠡᠳᠡᠭᠡᠵᠦ᠂ ᠥᠪᠡᠷ ᠦ᠋ᠨ ᠡ ᠨᠢ ᠬᠣᠷᠢᠨ ᠲᠦᠮᠡᠨ ᠮᠣᠷᠢᠲᠤ ᠴᠡᠷᠢᠭ ᠢ᠋ᠶ᠋ᠡᠨ ᠳᠠᠭᠠᠭᠤᠯᠤᠨ ᠠᠯᠲᠠᠨ ᠬᠠᠭᠠᠨᠲᠤ ᠤᠯᠤᠰ ᠤᠷᠤᠭᠤ ᠮᠣᠷᠳᠠᠬᠤ ᠪᠠᠷ ᠪᠡᠯᠡᠳᠬᠡᠵᠡᠢ᠃
ᠡᠨᠡ ᠤᠳᠠᠭᠠ ᠶ᠋ᠢᠨ ᠮᠣᠷᠳᠠᠬᠤ ᠠᠶᠠᠨ ᠲᠡᠢᠨ ᠪᠣᠯ ᠲᠤᠩ ᠬᠦᠨᠳᠦ ᠴᠢᠬᠤᠯᠠ ᠪᠣᠯᠬᠤ ᠤᠴᠢᠷ ᠠ᠋ᠴᠠ᠂ ᠰᠠᠬᠢᠭᠤᠯᠰᠤᠨ ᠲᠡᠭᠷᠢ ᠶ᠋ᠢᠨ ᠢᠪᠡᠭᠡᠯ ᠢ᠋ ᠭᠠᠭᠴᠠ ᠪᠥᠬᠡ ᠳ᠋ᠦ᠍ ᠳᠠᠭᠠᠭᠠᠯᠭᠠᠭᠰᠠᠨ ᠦᠭᠡᠢ᠂ ᠬᠣᠯᠠ ᠶ᠋ᠢᠨ ᠠᠶᠠᠨ ᠲᠡᠢᠨ ᠶᠠᠮᠠᠷ ᠪᠣᠯᠬᠤ ᠶ᠋ᠢ ᠲᠠᠪᠠ ᠪᠠᠷ ᠢ᠋ᠶ᠋ᠠᠨ ᠰᠣᠯᠢᠶᠠᠷᠠᠭᠰᠠᠨ ᠪᠥᠬᠡ ᠶ᠋ᠢᠨ ᠦᠭᠡ ᠶ᠋ᠢ ᠢᠲᠡᠭᠡᠵᠦ ᠶᠠᠪᠤᠬᠤ ᠴᠢᠨᠢ ᠥᠩᠭᠡᠷᠡᠦ ᠳᠡᠮᠡᠢ ᠬᠡᠷᠡᠭ ᠪᠣᠯᠤᠨᠠ᠃ ᠡᠢᠮᠦ ᠡᠴᠡ ᠴᠢᠩᠭᠢᠰ ᠬᠠᠭᠠᠨ ᠥᠪᠡᠷ ᠦ᠋ᠨ ᠪᠡᠶᠡ ᠪᠡᠷ ᠢ᠋ᠶ᠋ᠡᠨ《ᠰᠣᠳᠣ ᠪᠣᠭᠳᠠ》 ᠶ᠋ᠢᠨ ᠬᠢᠷᠢ ᠪᠡᠷ《ᠲᠡᠭᠷᠢ》 ᠳ᠋ᠦ᠍ ᠳᠠᠭᠠᠳᠬᠠᠨ ᠵᠠᠯᠪᠠᠷᠢᠪᠠ᠃ ᠣᠯᠠᠨ ᠲᠦᠮᠡᠨ ᠭᠠᠳᠠᠨᠠ《ᠲᠡᠭᠷᠢ》᠂《ᠲᠡᠭᠷᠢ》 ᠭᠡᠵᠦ ᠲᠠᠰᠤᠷᠠᠯ ᠦᠭᠡᠢ ᠬᠠᠰᠬᠢᠷᠤᠯᠳᠤᠵᠤ ᠪᠠᠢᠬᠤ ᠳ᠋ᠤ᠌᠂ ᠴᠢᠩᠭᠢᠰ ᠬᠠᠭᠠᠨ ᠭᠠᠭᠴᠠᠭᠠᠷ ᠢ᠋ᠶ᠋ᠠᠨ ᠣᠷᠳᠣᠨ ᠳ᠋ᠠᠭᠠᠨ ᠣᠷᠣᠭᠠᠳ ᠰᠠᠬᠢᠭᠤᠯᠰᠤᠨ ᠳ᠋ᠤ᠌ ᠳᠠᠭᠠᠳᠬᠠᠯᠠ᠂ ᠰᠠᠬᠢᠭᠤᠯᠰᠤᠨ ᠳ᠋ᠤ᠌ ᠡᠪᠦᠭᠡ ᠳᠡᠭᠡᠳᠦᠰ ᠢ᠋ ᠮᠢᠨᠢ ᠠᠯᠠᠨ ᠬᠢᠳᠤᠭᠰᠠᠨ ᠥᠰᠢᠶᠡ ᠶ᠋ᠢ ᠠᠪᠬᠤ ᠠ᠋ᠴᠠ ᠠᠩᠭᠢᠳᠠ᠂ ᠲᠡᠭᠦᠨ ᠳ᠋ᠦ᠍ ᠣᠨᠳᠣᠣ ᠶᠠᠮᠠᠷ ᠴᠤ᠌ ᠰᠠᠨᠠᠭᠠ ᠦᠭᠡᠢ ᠪᠡᠨ ᠳᠠᠭᠠᠳᠬᠠᠪᠠ᠃ ᠠᠯᠲᠠᠨ ᠤᠯᠤᠰ ᠲᠤ᠌ ᠠᠯᠠᠭᠳᠠᠭᠰᠠᠨ ᠬᠠᠭᠠᠳ ᠤ᠋ᠨ ᠨᠡᠷᠡ ᠶ᠋ᠢ ᠪᠦᠷ ᠳᠤᠷᠠᠳᠤᠨ ᠠᠰᠪᠤᠷ ᠴᠠᠭᠠᠨ ᠰᠡᠳᠬᠢᠯ ᠲᠡᠢ ᠨᠡᠭᠦᠳᠡᠯᠴᠢᠨ ᠦᠨᠳᠦᠰᠦᠲᠡᠨ ᠦ᠌ ᠠᠮᠰᠠᠭᠰᠠᠨ ᠣᠯᠠᠨ ᠤᠳᠠᠭᠠ ᠶ᠋ᠢᠨ ᠴᠣᠬᠢᠯᠲᠠ ᠶ᠋ᠢ ᠲᠣᠭᠠᠴᠢᠵᠤ᠂ ᠬᠤᠢᠬᠤᠷ ᠬᠤᠯᠵᠢᠨ ᠵᠠᠯᠢ ᠮᠡᠬᠡ ᠭᠡᠬᠦ ᠠᠯᠢᠪᠠ ᠴᠢᠭᠴᠢ ᠵᠢᠷᠤᠮ ᠦᠭᠡᠢ ᠬᠡᠷᠡᠭ ᠢ᠋ ᠪᠦᠷ ᠠᠯᠲᠠᠨ ᠤᠯᠤᠰ ᠤ᠋ᠨ ᠬᠠᠭᠠᠨ ᠠ᠋ᠴᠠ ᠶᠠᠪᠤᠭᠤᠯᠤᠭᠰᠠᠨ ᠢ᠋ ᠰᠠᠬᠢᠭᠤᠯᠰᠤᠨ ᠳ᠋ᠤ᠌ ᠳᠠᠭᠠᠳᠬᠠᠵᠠᠢ᠃《ᠮᠥᠩᠬᠡ ᠲᠩᠷᠢ》 ᠶ᠋ᠢᠨ ᠰᠢᠯᠢᠵᠦ ᠰᠣᠩᠭᠣᠭᠰᠠᠨ ᠦᠨᠳᠦᠰᠦᠲᠡᠨ ᠢ᠋ᠶ᠋ᠡᠨ ᠡᠨᠡ ᠮᠡᠲᠦ ᠭᠣᠣᠯᠴᠢ ᠪᠤᠰᠤ ᠪᠠᠷ ᠲᠠᠮᠤᠯᠠᠭᠳᠠᠬᠤ ᠶ᠋ᠢ ᠬᠦᠰᠡᠬᠦ ᠦᠭᠡᠢ ᠪᠢᠵᠡ᠃ ᠡᠢᠮᠦ ᠡᠴᠡ ᠲᠡᠷᠡ《ᠮᠥᠩᠬᠡ ᠲᠩᠷᠢ》 ᠳ᠋ᠦ᠍ ᠳᠠᠭᠠᠳᠬᠠᠨ᠂ ᠲᠤᠰᠠᠯᠠᠮᠵᠢ ᠥᠭᠬᠦ ᠰᠠᠬᠢᠭᠤᠰᠤ ᠶ᠋ᠢ ᠲᠣᠮᠢᠯᠠᠨ ᠪᠠᠭᠤᠯᠭᠠᠬᠤ ᠶ᠋ᠢ ᠬᠦᠰᠡᠵᠡᠢ᠃ ᠬᠡᠳᠦᠢ ᠪᠡᠷ ᠮᠠᠭᠤ ᠰᠠᠬᠢᠭᠤᠰᠤ ᠪᠣᠯᠪᠠᠴᠤ ᠬᠦᠴᠦᠨ ᠨᠢ ᠰᠠᠢᠨ ᠰᠠᠬᠢᠭᠤᠰᠤ ᠲᠠᠢ ᠠᠳᠠᠯᠢ ᠴᠢᠭᠢᠷᠠᠭ ᠶᠤᠮ᠃《ᠮᠥᠩᠬᠡ ᠲᠩᠷᠢ》 ᠭᠠᠵᠠᠷ ᠳᠡᠭᠡᠷᠡ ᠠᠮᠢᠳᠤᠷᠠᠵᠤ ᠪᠠᠢᠬᠤ ᠪᠦᠬᠦ ᠬᠥᠮᠦᠨ ᠲᠥᠷᠥᠯᠬᠢᠲᠡᠨ ᠳ᠋ᠦ᠍᠂ ᠠᠯᠲᠠᠨ ᠤᠯᠤᠰ ᠢ᠋ ᠡᠰᠡᠷᠭᠦᠴᠡᠬᠦ ᠬᠥᠳᠡᠯᠭᠡᠭᠡᠨ ᠦ᠌ ᠲᠥᠯᠥᠭᠡ ᠪᠦᠯᠬᠦᠮᠳᠡᠬᠦ ᠵᠠᠷᠯᠢᠭ ᠪᠠᠭᠤᠯᠭᠠᠭᠠᠷᠠᠢ! ᠭᠡᠵᠦ ᠲᠡᠷᠡ ᠳᠠᠭᠠᠳᠬᠠᠵᠠᠢ᠃
ᠴᠢᠩᠭᠢᠰ ᠬᠠᠭᠠᠨ ᠢᠳᠡᠬᠦ ᠬᠣᠭᠣᠯᠠ᠂ ᠤᠤᠭᠤᠬᠤ ᠤᠮᠳᠠ ᠪᠠᠨ ᠲᠠᠰᠤᠯᠳᠠᠭᠤᠯᠤᠨ ᠵᠠᠯᠪᠠᠷᠢᠨ ᠳᠠᠭᠠᠳᠬᠠᠭᠰᠠᠭᠠᠷ ᠭᠤᠷᠪᠠᠨ ᠡᠳᠦᠷ ᠢ᠋ ᠣᠷᠳᠣᠨ ᠳ᠋ᠠᠭᠠᠨ ᠥᠩᠭᠡᠷᠡᠭᠡᠪᠡ᠃ ᠳᠥᠷᠪᠡᠳᠦᠭᠡᠷ ᠡᠳᠦᠷ ᠲᠦ᠍ ᠲᠡᠷᠡ ᠣᠷᠳᠣᠨ ᠤ᠋ ᠡᠮᠦᠨᠡ ᠢᠯᠡᠷᠡᠵᠡᠢ᠃ ᠭᠠᠯᠵᠠᠭᠤᠷᠠᠭᠰᠠᠨ ᠮᠡᠲᠦ ᠬᠦᠯᠢᠶᠡᠵᠦ ᠪᠠᠢᠭᠰᠠᠨ ᠠᠷᠠᠳ ᠲᠦᠮᠡᠨ ᠳ᠋ᠡᠭᠡᠨ ᠲᠩᠷᠢ ᠡᠴᠡ ᠲᠡᠭᠦᠨ ᠳ᠋ᠦ᠍ ᠢᠯᠠᠯᠲᠠ ᠶ᠋ᠢᠨ ᠪᠡᠯᠡᠭ ᠲᠡᠮᠳᠡᠭ ᠬᠦᠷᠲᠡᠭᠡᠪᠡ ᠭᠡᠵᠦ ᠨᠡᠢᠲᠡᠯᠡᠵᠡᠢ᠃
(ᠬᠣᠶᠠᠷ) ᠴᠢᠩᠭᠢᠰ ᠬᠠᠭᠠᠨ ᠤ᠋ ᠤᠶᠠᠨ ᠬᠠᠳᠠᠨ ᠪᠠᠢᠯᠳᠤᠬᠤ ᠠᠷᠭᠠ
ᠡᠩ ᠲᠡᠷᠢᠭᠦᠨ ᠳ᠋ᠦ᠍ ᠳᠡᠪᠢᠭᠦᠷ ᠦ᠋ᠨ ᠬᠡᠯᠪᠡᠷᠢ ᠪᠡᠷ ᠳᠡᠯᠭᠡᠭᠰᠡᠨ ᠬᠣᠰᠢᠭᠤᠴᠢ ᠴᠡᠷᠢᠭ ᠨᠢ ᠤᠷᠤᠭᠰᠢᠯᠠᠪᠠ᠃ ᠠᠯᠢᠪᠠ ᠪᠤᠯᠠᠭ ᠤ᠋ᠨ ᠤᠰᠤ᠂ ᠰᠥᠨᠢ ᠶ᠋ᠢᠨ ᠪᠠᠭᠤᠴᠠᠨ ᠳ᠋ᠤ᠌ ᠲᠣᠬᠢᠷᠠᠮᠵᠢ ᠰᠠᠢᠲᠠᠢ ᠨᠤᠲᠤᠭ ᠢ᠋ ᠰᠣᠩᠭᠣᠬᠤ᠂ ᠳᠠᠢᠰᠤᠨ ᠤ᠋ ᠬᠠᠢᠭᠤᠯ᠂ ᠲᠠᠩᠨᠠᠭᠤᠯ ᠶᠠᠭᠤ ᠪᠣᠯᠪᠠᠴᠤ ᠡᠳᠡᠭᠡᠷ ᠬᠣᠰᠢᠭᠤᠴᠢ ᠠᠩᠭᠢ ᠶ᠋ᠢᠨ ᠨᠢᠳᠦᠨ ᠡᠴᠡ ᠨᠢ ᠬᠡᠯᠲᠦᠷᠢᠵᠦ ᠴᠢᠳᠠᠬᠤ ᠦᠭᠡᠢ ᠶᠦᠮ᠃ ᠳᠠᠷᠠᠭᠠ ᠳ᠋ᠤᠨᠢ ᠪᠣᠭᠳᠠ ᠬᠠᠭᠠᠨ ᠤ᠋ ᠬᠠᠮᠤᠭ ᠤ᠋ᠨ ᠰᠢᠯᠢᠳᠡᠭ ᠰᠠᠢᠨ ᠥᠷᠯᠥᠭ ᠮᠤᠬᠤᠯᠠᠢ᠂ ᠰᠦᠪᠡᠭᠡᠳᠡᠢ᠂ ᠵᠡᠪᠡ ᠶ᠋ᠢᠨ ᠳᠠᠭᠠᠭᠤᠯᠤᠭᠰᠠᠨ ᠭᠤᠷᠪᠠᠨ ᠲᠦᠮᠡᠨ ᠴᠡᠷᠢᠭ ᠤᠷᠤᠭᠰᠢᠯᠠᠵᠤ ᠶᠠᠪᠤᠯᠠ᠃ ᠲᠡᠭᠦᠨ ᠦ᠌ ᠳᠠᠷᠠᠭᠠ ᠳ᠋ᠤᠨᠢ ᠭᠣᠣᠯ ᠪᠠ ᠪᠠᠷᠠᠭᠤᠨ ᠭᠠᠷ᠂ ᠵᠡᠭᠦᠨ ᠭᠠᠷ ᠭᠡᠬᠦᠴᠢᠯᠡᠨ ᠭᠤᠷᠪᠠᠨ ᠪᠦᠯᠦᠭ ᠴᠡᠷᠢᠭ ᠦ᠋ᠨ ᠭᠣᠣᠯ ᠬᠦᠴᠦᠨ ᠮᠣᠷᠳᠠᠨ ᠭᠠᠷᠤᠯᠠ᠃ ᠡᠨᠡ ᠮᠡᠲᠦ ᠶ᠋ᠢᠨ ᠳᠡᠰ ᠳᠠᠷᠠᠭᠠ ᠪᠠᠷ ᠮᠣᠩᠭᠣᠯ ᠴᠡᠷᠢᠭ ᠬᠡᠷᠦᠯᠦᠨ ᠭᠣᠣᠯ ᠪᠣᠯᠤᠨ ᠬᠢᠲᠠᠳ ᠤ᠋ᠨ ᠬᠢᠯᠢ ᠶ᠋ᠢᠨ ᠬᠣᠭᠣᠷᠣᠨᠳᠣᠬᠢ ᠳᠣᠯᠣᠭᠠᠨ ᠵᠠᠭᠤᠨ ᠺᠢᠯᠣᠮᠧᠲ᠋ᠷ ᠦ᠋ᠨ ᠵᠠᠮ ᠢ᠋ ᠠᠶᠠᠯᠠᠪᠠ᠃ ᠶᠡᠬᠡ ᠴᠡᠷᠢᠭ ᠨᠢ ᠠᠭᠤᠯᠠ ᠶ᠋ᠢ ᠳᠠᠪᠠᠵᠤ᠂ ᠤᠰᠤ ᠶ᠋ᠢ ᠲᠤᠭᠤᠯᠤᠨ᠂ ᠭᠣᠪᠢ ᠮᠠᠩᠬᠠ ᠶ᠋ᠢ ᠵᠡᠭᠦᠨ ᠲᠠᠯᠠ ᠠ᠋ᠴᠠ ᠨᠢ ᠭᠡᠲᠦᠯᠦᠭᠡᠳ ᠭᠠᠭᠴᠠ ᠬᠥᠮᠦᠨ ᠨᠢᠭᠡᠨ ᠮᠣᠷᠢ ᠴᠤ᠌ ᠬᠣᠷᠣᠭᠳᠠᠭᠰᠠᠨ ᠦᠭᠡᠢ ᠪᠢᠯᠡ᠃ ᠶᠡᠬᠡ ᠴᠡᠷᠢᠭ ᠲᠦ᠍ ᠬᠠᠢᠭᠤᠯ ᠪᠤᠶᠤ ᠴᠡᠷᠢᠭ ᠦ᠋ᠨ ᠥᠷᠲᠡᠭᠡ ᠶ᠋ᠢᠨ ᠵᠣᠬᠢᠶᠠᠨ ᠪᠠᠢᠭᠤᠯᠤᠯᠲᠠ ᠭᠡᠵᠦ ᠬᠡᠷᠡᠭᠴᠡᠭᠡ ᠴᠦ᠍ ᠦᠭᠡᠢ᠃ ᠪᠠᠢᠯᠳᠤᠭᠴᠢ ᠨᠠᠷ ᠬᠡᠷᠡᠭᠴᠡᠭᠡ ᠪᠦᠬᠦᠢ ᠶᠠᠭᠤᠮᠠ ᠪᠠᠨ ᠪᠦᠷ ᠥᠪᠡᠷ ᠢ᠋ᠶ᠋ᠡᠨ ᠠᠪᠴᠤ ᠶᠠᠪᠤᠭᠰᠠᠨ ᠪᠠᠢᠨᠠ᠃ ᠪᠠᠢᠯᠳᠤᠭᠴᠢ ᠨᠢ ᠰᠣᠯᠢᠵᠤ ᠤᠨᠤᠬᠤ ᠮᠣᠷᠢ ᠪᠠᠨ ᠬᠥᠲᠥᠯᠦᠨ ᠶᠠᠪᠤᠵᠤ ᠪᠠᠢᠯᠠ᠃ ᠡᠯᠡᠰᠦ ᠮᠠᠩᠬᠠᠨ ᠤ᠋ ᠳᠣᠲᠣᠷᠠᠬᠢ ᠢᠳᠡᠭᠡᠨ ᠤᠮᠳᠠᠭᠠᠨ ᠢ᠋ᠶ᠋ᠠᠨ ᠪᠣᠳᠣᠯᠬᠢᠯᠠᠵᠤ ᠮᠠᠯ ᠰᠦᠷᠦᠭ ᠢ᠋ᠶ᠋ᠡᠨ ᠲᠠᠭᠤᠵᠤ ᠶᠠᠪᠤᠭᠰᠠᠨ ᠪᠢᠯᠡ᠃ ᠴᠢᠩᠭᠢᠰ ᠬᠠᠭᠠᠨ ᠤ᠋ ᠤᠷᠢᠳᠴᠢᠯᠠᠨ ᠦᠵᠡᠵᠦ ᠭᠠᠷᠤᠭᠰᠠᠨ ᠮᠡᠷᠭᠡᠨ ᠤᠬᠠᠭᠠᠨ ᠠ᠋ᠴᠠ ᠪᠣᠯᠵᠤ᠂ ᠮᠣᠷᠳᠠᠬᠤ ᠴᠠᠭ ᠢ᠋ᠶ᠋ᠠᠨ ᠴᠠᠰᠤ ᠬᠠᠢᠯᠤᠭᠰᠠᠨ ᠬᠣᠢᠨᠠᠬᠢ ᠦᠶᠡ ᠶ᠋ᠢ ᠰᠣᠩᠭᠣᠵᠤ ᠲᠣᠭᠲᠠᠭᠠᠭᠰᠠᠨ ᠪᠠᠢᠨᠠ᠃ ᠡᠨᠡᠬᠦ ᠤᠯᠠᠷᠢᠯ ᠨᠢ ᠭᠣᠪᠢ ᠮᠠᠩᠬᠠᠨ ᠳ᠋ᠤ᠌ ᠤᠰᠤ ᠴᠤ᠌ ᠪᠠᠢᠨᠠ ᠂ ᠡᠪᠡᠰᠦ ᠴᠦ᠍ ᠪᠡᠯᠡᠨ ᠪᠠᠢᠬᠤ ᠶᠤᠮ ᠃
ᠠᠯᠲᠠᠨ ᠤᠯᠤᠰ ᠤ᠋ᠨ ᠬᠠᠭᠠᠨ ᠤ᠋ ᠰᠠᠭᠤᠳᠠᠭ ᠭᠠᠵᠠᠷ ᠨᠢ᠂ ᠬᠠᠭᠠᠨᠲᠤ ᠤᠯᠤᠰ ᠤ᠋ᠨ ᠨᠡᠢᠰᠯᠡᠯ ᠶᠠᠨ ᠵᠢᠩ ᠳᠠᠷᠤᠢ ᠣᠳᠣᠬᠢ ᠪᠡᠭᠡᠵᠢᠩ ᠳ᠋ᠦ᠍ ᠪᠠᠢᠭᠰᠠᠨ ᠪᠢᠯᠡ᠃ᠬᠡᠷᠪᠡ ᠴᠢᠩᠭᠢᠰ ᠬᠠᠭᠠᠨ ᠪᠤᠯᠢᠶᠠᠨ ᠳᠡᠭᠡᠷᠡᠮᠳᠡᠭᠡᠳ ᠳᠤᠲᠠᠭᠠᠬᠤ ᠵᠣᠷᠢᠯᠲᠠ ᠲᠠᠢ ᠪᠠᠢᠭᠰᠠᠨ ᠪᠣᠯ ᠡᠨᠡ ᠮᠡᠲᠦ ᠬᠠᠭᠠᠨ ᠤ᠋ ᠰᠠᠭᠤᠬᠤ ᠭᠠᠵᠠᠷ ᠢ᠋ ᠭᠣᠣᠯ ᠬᠠᠷᠠᠯᠲᠠ ᠪᠣᠯᠭᠠᠬᠤ ᠶᠣᠰᠣᠲᠠᠢ ᠪᠠᠢᠪᠠ ᠃ ᠬᠡᠷᠡᠭ ᠳᠡᠭᠡᠷᠡ ᠪᠡᠨ ᠴᠢᠩᠭᠢᠰ ᠬᠠᠭᠠᠨ ᠤ᠋ ᠡᠮᠦᠨᠡᠬᠢ ᠴᠡᠷᠢᠭ ᠠᠩᠭᠢ ᠨᠢ ᠪᠠᠰᠠ ᠰᠦᠷ ᠢ᠋ᠶ᠋ᠡᠨ ᠮᠠᠨᠳᠤᠭᠤᠯᠤᠨ ᠬᠣᠶᠠᠷ ᠳᠠᠪᠬᠤᠷ ᠴᠠᠭᠠᠨ ᠬᠡᠷᠡᠮ ᠢ᠋ ᠲᠠᠪᠢᠨ ᠺᠢᠯᠣᠮᠧᠲ᠋ᠷ ᠡᠴᠡ ᠵᠠᠭᠤᠨ ᠺᠢᠯᠣᠮᠧᠲ᠋ᠷ ᠢ᠋ᠶ᠋ᠡᠷ ᠰᠢᠪᠲᠤᠯᠤᠨ ᠪᠡᠭᠡᠵᠢᠩ ᠵᠦᠭ ᠰᠢᠭᠤᠳ ᠳᠠᠷᠤᠨ ᠣᠷᠣᠬᠤ ᠪᠠᠷ ᠪᠡᠯᠡᠳᠬᠡᠵᠦ ᠪᠠᠢᠭᠰᠠᠨ ᠶᠤᠮ ᠃ᠠᠯᠲᠠᠨ ᠤᠯᠤᠰ ᠤ᠋ᠨ ᠬᠠᠭᠠᠨ ᠣᠷᠳᠣᠨ ᠳ᠋ᠠᠭᠠᠨ ᠵᠢᠷᠭᠠᠨ ᠴᠡᠩᠭᠡᠯᠳᠦᠵᠦ ᠪᠠᠢᠭᠰᠠᠨ ᠪᠣᠯᠪᠠᠴᠤ ᠂ᠪᠠᠢᠯᠳᠤᠭᠠᠨ ᠤ᠋ ᠪᠡᠯᠡᠳᠬᠡᠯ ᠨᠢ ᠪᠠᠰᠠ ᠨᠡᠯᠢᠶᠡᠳ ᠪᠠᠢᠭᠰᠠᠨ ᠪᠠᠢᠵᠠᠢ ᠃
ᠨᠡᠢᠰᠯᠡᠯ ᠦ᠋ᠨ ᠣᠷᠴᠢᠮ ᠴᠤᠭᠯᠠᠭᠤᠯᠤᠭᠰᠠᠨ ᠬᠦᠴᠦ ᠶᠡᠬᠡ ᠲᠡᠢ ᠴᠡᠷᠢᠭ ᠨᠢ ᠮᠣᠩᠭᠣᠯ ᠴᠡᠷᠢᠭ ᠦ᠋ᠨ ᠤᠷᠤᠭᠰᠢᠯᠠᠵᠤ ᠢᠷᠡᠭᠰᠡᠨ ᠢ᠋ ᠰᠣᠨᠣᠰᠤᠮᠠᠭᠴᠠ ᠮᠣᠷᠳᠠᠨ ᠭᠠᠷᠤᠯᠠ ᠃
ᠲᠡᠭᠡᠭᠡᠳ ᠲᠡᠳᠡᠨ ᠦ᠌ ᠵᠢᠱ᠌ᠢᠵᠦ ᠪᠣᠳᠣᠭᠰᠠᠨ ᠠᠷᠭᠠ ᠨᠢ ᠡᠳᠡᠭᠡᠷ《ᠵᠡᠷᠯᠢᠭ》 ᠦᠨᠳᠦᠰᠦᠲᠡᠨ ᠢ᠋ ᠬᠠᠪᠴᠢᠯ ᠵᠠᠮ ᠢ᠋ᠶ᠋ᠠᠷ ᠰᠢᠬᠠᠭᠳᠠᠵᠤ ᠥᠩᠭᠡᠷᠡᠬᠦ ᠦᠶᠡ ᠳ᠋ᠦ᠍ᠨᠢ ᠠᠮᠵᠢᠵᠤ ᠪᠤᠲᠠ ᠴᠣᠬᠢᠬᠤ ᠭᠡᠰᠡᠨ ᠶᠦᠮ ᠃ ᠡᠭᠦᠨ ᠢ᠋ ᠪᠡᠨ ᠪᠠᠢᠯᠳᠤᠭᠠᠨ ᠤ᠋ ᠪᠣᠳᠣᠯᠭᠠ ᠪᠣᠯᠭᠠᠵᠤ ᠤᠷᠠᠯᠢᠭ ᠰᠠᠢᠬᠠᠨ ᠪᠠᠢᠷᠢᠯᠠᠭᠤᠯᠵᠤ ᠪᠠᠢᠭᠰᠠᠨ ᠡᠯᠡ ᠪᠡᠬᠢᠯᠡᠯᠲᠡ ᠪᠣᠭᠣᠮᠲᠠ ᠳ᠋ᠤ᠌ ᠲᠣᠬᠢᠷᠠᠭᠤᠯᠤᠨ ᠬᠣᠶᠠᠷ ᠴᠠᠭᠠᠨ ᠬᠡᠷᠡᠮ ᠦ᠋ᠨ ᠬᠣᠭᠣᠷᠣᠨᠳᠣ ᠬᠠᠪᠴᠢᠭᠰᠠᠨ ᠪᠡᠷᠬᠡ ᠪᠠᠷᠲᠠᠭᠠ ᠲᠠᠢ ᠭᠠᠵᠠᠷ ᠲᠤ᠌ ᠮᠣᠩᠭᠣᠯᠴᠤᠳ ᠢ᠋ ᠴᠣᠬᠢᠨ ᠰᠥᠨᠥᠭᠡᠶᠡ ᠭᠡᠰᠡᠨ ᠶᠦᠮ ᠃
ᠭᠡᠨᠡᠳᠲᠡ ᠠᠶᠤᠮᠰᠢᠭᠲᠤ ᠴᠢᠮᠡᠭᠡ ᠪᠠᠷᠠᠭᠤᠨ ᠭᠠᠵᠠᠷ ᠠ᠋ᠴᠠ ᠬᠦᠷᠴᠦ ᠢᠷᠡᠭᠰᠡᠨ ᠪᠢᠯᠡ᠃ ᠡᠨᠡ ᠨᠢ ᠳᠠᠷᠤᠢ ᠪᠡᠭᠡᠵᠢᠩ ᠢ᠋ ᠴᠢᠭᠯᠡᠨ ᠢᠷᠡᠭᠰᠡᠨ ᠮᠣᠩᠭᠣᠯ ᠴᠡᠷᠢᠭ ᠦ᠋ᠨ
ᠡᠨᠡ ᠠᠩᠭᠢ ᠨᠢ ᠪᠣᠯ ᠬᠠᠭᠤᠷᠮᠠᠭ ᠮᠡᠬᠡ ᠪᠣᠯᠤᠨᠠ᠃ ᠴᠢᠩᠭᠢᠰ ᠬᠠᠭᠠᠨ ᠴᠡᠷᠢᠭ ᠦ᠋ᠨ ᠭᠣᠣᠯ ᠬᠦᠴᠦᠨ ᠢ᠋ᠶ᠋ᠡᠨ ᠳᠠᠭᠠᠭᠤᠯᠤᠨ ᠪᠠᠷᠠᠭᠤᠨ ᠲᠠᠯᠠ ᠶ᠋ᠢᠨ ᠬᠣᠶᠠᠷ ᠵᠠᠭᠤᠨ ᠺᠢᠯᠣᠮᠧᠲ᠋ᠷ ᠦ᠋ᠨ ᠠᠯᠤᠰ ᠴᠠᠭᠠᠨᠠ ᠴᠠᠭᠠᠨ ᠬᠡᠷᠡᠮ ᠢ᠋ ᠳᠠᠪᠠᠪᠠ ᠭᠡᠰᠡᠨ ᠴᠢᠮᠡᠭᠡ ᠠᠵᠠᠢ᠃ ᠴᠢᠩᠭᠢᠰ ᠬᠠᠭᠠᠨ ᠤ᠋ ᠴᠠᠭᠠᠨ ᠬᠡᠷᠡᠮ ᠢ᠋ ᠳᠠᠪᠠᠭᠰᠠᠨ ᠭᠠᠵᠠᠷ ᠨᠢ ᠭᠠᠭᠴᠠᠬᠦ ᠣᠩᠭᠣᠳ ᠤᠳ ᠡᠨᠡ ᠬᠡᠰᠡᠭ ᠴᠠᠭᠠᠨ ᠬᠡᠷᠡᠮ ᠢ᠋ ᠰᠠᠬᠢᠵᠤ ᠪᠠᠢᠭᠰᠠᠨ ᠶᠤᠮ᠃ ᠡᠢᠮᠦ ᠡᠴᠡ ᠴᠢᠩᠭᠢᠰ ᠬᠠᠭᠠᠨ ᠰᠡᠯᠡᠮᠡ ᠰᠤᠭᠤᠯᠤᠨ᠂ ᠰᠤᠮᠤ ᠣᠨᠢᠯᠠᠬᠤ ᠬᠡᠷᠡᠭᠴᠡᠭᠡ ᠪᠠᠢᠬᠤ ᠴᠤ᠌ ᠦᠭᠡᠢ ᠣᠩᠭᠣᠳ ᠤᠳ ᠵᠠᠮ ᠢ᠋ ᠨᠢ ᠳᠠᠭᠠᠭᠤᠯᠤᠨ᠂ ᠡᠯᠪᠡᠭ ᠪᠠᠶᠠᠯᠢᠭ ᠱᠠᠨ ᠰᠢ ᠮᠣᠵᠢ ᠶ᠋ᠢᠨ ᠳᠣᠲᠣᠷᠠ ᠲᠡᠭᠷᠢ ᠡᠴᠡ ᠪᠠᠭᠤᠵᠤ ᠢᠷᠡᠭᠰᠡᠨ ᠮᠡᠲᠦ ᠢᠯᠡᠷᠡᠵᠡᠢ᠃
ᠠᠯᠲᠠᠨ ᠤᠯᠤᠰ ᠤ᠋ᠨ ᠴᠡᠷᠢᠭ ᠨᠢ ᠣᠳᠣ ᠣᠢᠷᠠᠬᠢ ᠪᠣᠭᠣᠮᠲᠠ ᠳ᠋ᠤ᠌ ᠣᠴᠢᠬᠤ ᠬᠡᠷᠡᠭᠴᠡᠭᠡ ᠴᠦ᠍ ᠦᠭᠡᠢ ᠪᠣᠯᠤᠯᠠ᠃ ᠪᠣᠯᠤᠮᠠᠷ ᠵᠠᠮ ᠴᠤ᠌ ᠣᠯᠳᠠᠬᠤ ᠦᠭᠡᠢ ᠠᠭᠤᠯᠠᠷᠬᠠᠭ ᠵᠠᠮ ᠢ᠋ᠶ᠋ᠠᠷ ᠪᠠᠷᠠᠭᠤᠨᠰᠢ ᠶᠠᠪᠤᠬᠤ ᠦᠭᠡᠢ ᠪᠡᠷ ᠪᠣᠯᠬᠤ ᠦᠭᠡᠢ ᠪᠣᠯᠵᠠᠢ᠃ ᠲᠡᠭᠦᠨ ᠦ᠌ ᠬᠠᠮᠲᠤ᠂ ᠴᠠᠭᠠᠨ ᠬᠡᠷᠡᠮ ᠦ᠋ᠨ ᠠᠷᠤ ᠳ᠋ᠤ᠌ ᠪᠠᠢᠭᠰᠠᠨ ᠮᠣᠩᠭᠣᠯ ᠴᠡᠷᠢᠭ ᠪᠠᠰᠠ ᠪᠠᠷᠠᠭᠤᠨ ᠵᠦᠭ ᠲᠦ᠍ ᠮᠣᠷᠳᠠᠭᠰᠠᠨ ᠠ᠋ᠴᠠ ᠮᠣᠷᠢ ᠤᠨᠤᠭᠰᠠᠨ ᠮᠣᠩᠭᠣᠯ ᠴᠡᠷᠢᠭ᠂ ᠬᠢᠲᠠᠳ ᠤ᠋ᠨ ᠶᠠᠪᠠᠭᠠᠨ ᠴᠡᠷᠢᠭ ᠡᠴᠡ ᠬᠣᠯᠠ ᠲᠦᠷᠭᠡᠨ ᠶᠠᠪᠤᠵᠤ ᠴᠢᠳᠠᠬᠤ ᠨᠢ ᠬᠡᠯᠡᠯᠭᠡᠨ ᠦᠭᠡᠢ ᠬᠡᠷᠡᠭ᠃ ᠲᠡᠭᠡᠭᠡᠳ ᠠᠯᠲᠠᠨ ᠤᠯᠤᠰ ᠤ᠋ᠨ ᠴᠡᠷᠢᠭ ᠬᠣᠶᠠᠷ ᠲᠠᠯᠠ ᠠ᠋ᠴᠠ ᠪᠠᠨ ᠴᠣᠬᠢᠯᠲᠠ ᠣᠯᠤᠭᠰᠠᠨ ᠪᠣᠯᠬᠣᠷ ᠪᠦᠷᠢᠮᠦᠰᠦᠨ ᠪᠤᠲᠠ ᠨᠢᠷᠭᠡᠭᠳᠡᠪᠡ᠃ ᠠᠯᠲᠠᠨ ᠤᠯᠤᠰ ᠤ᠋ᠨ ᠶᠠᠪᠠᠭᠠᠨ ᠴᠡᠷᠢᠭ ᠦ᠋ᠨ ᠪᠥᠭᠡᠮᠨᠡᠷᠡᠭᠰᠡᠨ ᠴᠡᠷᠢᠭ ᠦ᠋ᠨ ᠡᠩᠨᠡᠭᠡ ᠨᠢ ᠶᠠᠭ ᠮᠣᠩᠭᠣᠯ ᠴᠡᠷᠢᠭ ᠲᠦ᠍ ᠬᠠᠷᠪᠤᠬᠤ ᠰᠠᠢᠨ ᠬᠠᠷᠠᠯᠲᠠ ᠪᠣᠯᠤᠭᠰᠠᠨ ᠠ᠋ᠴᠠ ᠮᠥᠨᠳᠥᠷ ᠰᠢᠭ ᠪᠠᠭᠤᠬᠤ ᠵᠠᠪ ᠨᠢ ᠲᠡᠳᠡᠨ ᠳ᠋ᠦ᠍ ᠶᠡᠬᠡ ᠬᠥᠨᠥᠭᠡᠯ ᠤᠴᠠᠷᠠᠭᠤᠯᠪᠠ᠃ ᠳᠠᠷᠠᠭᠠᠯᠠᠭᠠᠳ ᠪᠥᠭᠡᠮ ᠢ᠋ᠶ᠋ᠡᠷ ᠴᠤᠭᠯᠠᠷᠠᠭᠰᠠᠨ ᠬᠡᠯᠪᠡᠷᠢ ᠶ᠋ᠢᠨ ᠬᠣᠷᠢᠨ ᠲᠦᠮᠡᠨ ᠮᠣᠷᠢᠲᠤ ᠴᠡᠷᠢᠭ ᠳᠠᠷᠤᠭᠠᠳ ᠣᠷᠣᠭᠰᠠᠨ ᠪᠠᠢᠨᠠ᠃ ᠡᠨᠡ ᠮᠡᠲᠦ ᠶ᠋ᠢᠨ ᠳᠠᠭᠠᠷᠢᠯᠲᠠ ᠶ᠋ᠢᠨ ᠡᠮᠦᠨᠡ ᠶᠢᠷᠲᠢᠨᠴᠦ ᠳᠡᠭᠡᠷᠡᠬᠢ ᠶᠠᠮᠠᠷᠴᠤ ᠶᠠᠪᠠᠭᠠᠨ ᠴᠡᠷᠢᠭ ᠭᠡᠳ ᠡᠰᠡᠷᠭᠦᠴᠡᠵᠦ ᠴᠢᠳᠠᠬᠤ ᠦᠭᠡᠢ ᠶᠦᠮ᠃ ᠡᠨᠡᠬᠦ ᠠᠩᠬᠠᠳᠤᠭᠴᠢ ᠪᠠᠢᠯᠳᠤᠭᠠᠨ ᠳ᠋ᠤ᠌ ᠠᠯᠲᠠᠨ ᠤᠯᠤᠰ ᠤ᠋ᠨ ᠬᠠᠭᠠᠨ ᠤ᠋ ᠬᠠᠮᠤᠭ ᠰᠢᠯᠢᠳᠡᠭ ᠴᠡᠷᠢᠭ ᠨᠢ ᠪᠦᠬᠦᠨ ᠢ᠋ᠶ᠋ᠡᠷ ᠢ᠋ᠶ᠋ᠡᠨ ᠰᠥᠨᠥᠭᠡᠭᠳᠡᠭᠰᠡᠨ ᠪᠥᠭᠡᠳ ᠱᠠᠨ ᠰᠢ ᠮᠣᠵᠢ ᠪᠦᠬᠦ ᠬᠠᠭᠠᠯᠭᠠ ᠪᠠᠨ ᠴᠢᠩᠭᠢᠰ ᠬᠠᠭᠠᠨ ᠳ᠋ᠤ᠌ ᠲᠠᠯᠪᠢᠵᠤ ᠦᠭᠭᠦᠭᠰᠡᠨ ᠬᠡᠷᠡᠭ ᠪᠣᠯᠤᠯᠠ᠃
ᠴᠢᠩᠭᠢᠰ ᠬᠠᠭᠠᠨ ᠴᠡᠷᠢᠭ ᠢ᠋ᠶ᠋ᠡᠨ ᠬᠡᠳᠦᠨ ᠳᠠᠰᠢ ᠰᠠᠯᠭᠠᠯᠠ᠂ ᠲᠤᠰ ᠭᠠᠵᠠᠷ ᠤ᠋ᠨ ᠭᠠᠷᠤᠯᠲᠠ ᠪᠠᠷ ᠥᠪᠡᠷ ᠦ᠋ᠨ ᠴᠡᠷᠢᠭ ᠢ᠋ᠶ᠋ᠡᠨ ᠲᠡᠵᠢᠭᠡᠬᠦ ᠶ᠋ᠢᠨ ᠲᠥᠯᠥᠭᠡ ᠴᠢᠳᠠᠬᠤ ᠶ᠋ᠢᠨ ᠴᠢᠨᠡᠭᠡ ᠪᠡᠷ ᠥᠷᠭᠡᠨ ᠠᠭᠤᠳᠠᠮ ᠭᠠᠵᠠᠷ ᠣᠷᠣᠨ ᠳ᠋ᠤ᠌ ᠰᠠᠯᠤᠨ ᠪᠠᠭᠤᠬᠤ ᠦᠭᠡᠢ ᠪᠡᠷ ᠪᠣᠯᠬᠤ ᠦᠭᠡᠢ ᠠᠵᠠᠢ᠃ ᠲᠡᠭᠡᠭᠡᠳ ᠬᠣᠯᠪᠣᠭᠠ ᠬᠠᠷᠢᠯᠴᠠᠭᠠᠨ ᠤ᠋ ᠠᠵᠢᠯ ᠨᠢ ᠳᠦᠷᠢᠮ ᠲᠣᠭᠲᠠᠭᠠᠯ ᠲᠠᠢ ᠶᠠᠪᠤᠭᠤᠯᠵᠤ ᠪᠠᠢᠬᠤ ᠪᠣᠯᠬᠣᠷ᠂ ᠰᠠᠯᠤᠭᠰᠠᠨ ᠴᠡᠷᠢᠭ ᠲᠦ᠍ ᠶᠠᠮᠠᠷᠴᠤ ᠠᠶᠤᠯ ᠲᠦᠭᠰᠢᠭᠦᠷᠢ ᠦᠭᠡᠢ ᠪᠢᠯᠡ᠃ ᠬᠡᠷᠪᠡ ᠳᠠᠢᠰᠤᠨ ᠤ᠋ ᠰᠢᠨᠡ ᠴᠡᠷᠢᠭ ᠢᠯᠡᠷᠡᠬᠦ ᠦᠶᠡ ᠳ᠋ᠦ᠍᠂ ᠪᠦᠬᠦ ᠴᠡᠷᠢᠭ ᠨᠢ ᠭᠠᠭᠴᠠ ᠬᠣᠶᠠᠷ ᠡᠳᠦᠷ ᠦ᠋ᠨ ᠳᠣᠲᠣᠷᠠ ᠲᠦᠷᠭᠡᠪᠴᠢᠯᠡᠨ ᠳᠠᠪᠬᠢᠯᠴᠠᠨ ᠲᠦᠭᠰᠢᠭᠦᠷᠢ ᠪᠦᠬᠦᠢ ᠭᠠᠵᠠᠷ ᠲᠤ᠌ ᠲᠥᠪᠯᠡᠷᠡᠵᠦ ᠴᠢᠳᠠᠬᠤ ᠶᠤᠮ᠃ ᠬᠡᠷᠡᠭ ᠳᠡᠭᠡᠷᠡ ᠪᠡᠨ ᠪᠠᠰᠠ ᠲᠡᠢᠮᠦ ᠪᠠᠢᠭᠰᠠᠨ ᠪᠢᠯᠡ᠃ ᠲᠡᠭᠦᠨ ᠡᠴᠡ ᠬᠣᠢᠰᠢ ᠴᠢᠩᠭᠢᠰ ᠬᠠᠭᠠᠨ ᠶᠠᠮᠠᠷᠪᠠ ᠪᠠᠢᠯᠳᠤᠭᠠᠨ ᠤ᠋ ᠦᠶᠡ ᠳ᠋ᠦ᠍ ᠴᠦ᠍ ᠵᠠᠩᠵᠤᠨ ᠨᠠᠷ ᠨᠢ ᠬᠠᠮᠢᠭᠠ ᠪᠠᠢᠭᠰᠠᠨ ᠴᠤ᠌ ᠲᠡᠷᠡ ᠬᠠᠷᠢᠯᠴᠠᠭᠠ ᠬᠣᠯᠪᠣᠭᠠ ᠠᠪᠬᠤ ᠪᠠᠨ ᠥᠴᠦᠬᠡᠨ ᠴᠦ᠍ ᠲᠠᠰᠤᠷᠠᠭᠤᠯᠤᠭᠰᠠᠨ ᠴᠠᠭ ᠭᠠᠷᠤᠭᠰᠠᠨ ᠦᠭᠡᠢ᠃ ᠰᠠᠯᠴᠢᠬᠠᠭᠠᠳ ᠤᠷᠤᠭᠰᠢᠯᠠᠨ ᠨᠡᠢᠯᠡᠭᠡᠳ ᠳᠠᠭᠠᠷᠢᠬᠤ ᠠᠷᠭᠠ ᠶ᠋ᠢ ᠴᠢᠩᠭᠢᠰ ᠬᠠᠭᠠᠨ ᠲᠤᠢᠯ ᠤ᠋ᠨ ᠲᠡᠭᠦᠯᠳᠡᠷ ᠬᠡᠯᠪᠡᠷᠢ ᠪᠡᠷ ᠬᠡᠷᠡᠭᠵᠢᠭᠦᠯᠦᠭᠰᠡᠨ ᠶᠦᠮ᠃ ᠲᠡᠭᠦᠨ ᠦ᠌ ᠦᠷᠡ ᠳ᠋ᠦᠩ ᠳ᠋ᠦ᠍᠂ ᠮᠣᠩᠭᠣᠯᠴᠤᠳ ᠳᠠᠢᠰᠤᠨ ᠤ᠋ ᠰᠠᠨᠠᠮᠰᠠᠷ ᠦᠭᠡᠢ ᠭᠠᠵᠠᠷ ᠲᠤ᠌ ᠭᠠᠵᠠᠷ ᠰᠠᠢ ᠦᠭᠡᠢ ᠪᠡᠷ ᠬᠠᠮᠲᠤ ᠪᠠᠷ ᠢᠯᠡᠷᠡᠨ᠂ ᠲᠡᠷᠡᠴᠢᠯᠡᠨ ᠰᠢᠢᠳᠪᠦᠷᠢᠯᠡᠬᠦ ᠴᠢᠨᠠᠷ ᠲᠠᠢ ᠪᠠᠢᠯᠳᠤᠭᠠᠨ ᠤ᠋ ᠦᠶᠡ ᠳ᠋ᠦ᠍ ᠪᠦᠬᠦ ᠴᠡᠷᠢᠭ ᠴᠤᠭᠯᠠᠷᠠᠵᠤ ᠪᠠᠢᠭᠰᠠᠨ ᠶᠤᠮ᠃
ᠣᠳᠣ ᠴᠢᠩᠭᠢᠰ ᠬᠠᠭᠠᠨ ᠤ᠋ ᠭᠤᠷᠪᠠᠨ ᠬᠥᠪᠡᠭᠦᠨ ᠵᠥᠴᠢ᠂ ᠴᠠᠭᠠᠲᠠᠢ᠂ ᠥᠭᠡᠳᠡᠢ ᠪᠡᠷ ᠲᠦᠷᠦᠭᠦᠯᠡᠭᠦᠯᠦᠭᠰᠡᠨ ᠭᠤᠷᠪᠠᠨ ᠰᠠᠯᠪᠤᠷᠢ ᠴᠡᠷᠢᠭ ᠥᠨᠢᠷ ᠪᠠᠶᠠᠯᠢᠭ ᠱᠠᠨ ᠰᠢ ᠮᠣᠵᠢ ᠤᠷᠤᠭᠤ ᠳᠡᠪᠢᠭᠦᠷ ᠦ᠋ᠨ ᠬᠡᠯᠪᠡᠷᠢ ᠪᠡᠷ ᠤᠷᠤᠭᠰᠢᠯᠠᠨ ᠣᠷᠣᠭᠰᠠᠨ ᠪᠠᠢᠨᠠ᠃ ᠴᠢᠩᠭᠢᠰ ᠬᠠᠭᠠᠨ ᠥᠪᠡᠷ ᠦ᠋ᠨ ᠪᠡᠶᠡ ᠨᠢ ᠤᠳᠬᠤᠨ ᠬᠥᠪᠡᠭᠦᠨ ᠲᠤᠯᠤᠢ ᠲᠠᠢ ᠪᠠᠨ ᠬᠠᠮᠲᠤ ᠪᠠᠷ ᠠᠯᠲᠠᠨ ᠤᠯᠤᠰ ᠤ᠋ᠨ ᠬᠠᠭᠠᠨ ᠤ᠋ ᠪᠠᠷᠠᠭᠤᠨ ᠨᠡᠢᠰᠯᠡᠯ ᠳ᠋ᠠᠲ᠋ᠥ᠋ᠩ ᠢ ᠪᠦᠰᠡᠯᠡᠨ᠂ ᠵᠡᠪᠡ ᠨᠣᠶᠠᠨ ᠲᠠᠪᠤᠳᠤᠭᠠᠷ ᠲᠦᠮᠡᠨ ᠢ᠋ᠶ᠋ᠡᠨ ᠳᠠᠭᠠᠭᠤᠯᠤᠨ ᠪᠡᠭᠡᠵᠢᠩ ᠦ᠋ᠨ ᠲᠠᠯᠠ ᠭᠠᠵᠠᠷ ᠲᠤ᠌ ᠨᠡᠪᠲᠡᠷᠡᠬᠦ ᠣᠯᠠᠨ ᠵᠠᠮ ᠢ᠋ ᠪᠠᠢᠴᠠᠭᠠᠬᠤ ᠶ᠋ᠢᠨ ᠲᠥᠯᠥᠭᠡ ᠵᠡᠭᠦᠨ ᠳᠠᠰᠢ ᠲᠣᠮᠢᠯᠠᠭᠳᠠᠪᠠ᠃ ᠵᠡᠪᠡ ᠶ᠋ᠢᠨ ᠴᠡᠷᠢᠭ ᠪᠣᠯ ᠭᠡᠨᠡᠳᠡᠭᠦᠯᠦᠨ ᠴᠣᠬᠢᠭᠠᠳ ᠨᠢᠭᠡᠨ ᠨᠡᠪᠲᠡᠷᠡᠬᠦ ᠵᠠᠮ ᠢ᠋ ᠪᠤᠯᠢᠶᠠᠨ ᠠᠪᠤᠮᠠᠭᠴᠠ᠂ ᠴᠢᠩᠭᠢᠰ ᠬᠠᠭᠠᠨ ᠳᠠᠷᠤᠢ ᠪᠠᠷᠠᠭᠤᠨ ᠨᠡᠢᠰᠯᠡᠯ ᠦ᠋ᠨ ᠪᠦᠰᠡᠯᠡᠯᠲᠡ ᠶ᠋ᠢ ᠲᠠᠢᠯᠤᠨ ᠭᠤᠷᠪᠠᠨ ᠬᠥᠪᠡᠭᠦᠨ ᠦ᠌ ᠪᠡᠨ ᠴᠣᠬᠢᠵᠤ ᠪᠠᠢᠭᠰᠠᠨ ᠣᠯᠠᠨ ᠬᠣᠲᠠ ᠪᠣᠭᠣᠮᠲᠠ ᠶ᠋ᠢ ᠬᠠᠶᠠᠭᠤᠯᠵᠤ ᠮᠣᠩᠭᠣᠯ ᠤ᠋ᠨ ᠪᠦᠬᠦ ᠴᠡᠷᠢᠭ ᠴᠠᠰᠤᠨ ᠪᠥᠮᠪᠥᠭᠡ ᠰᠢᠭ ᠢ᠋ᠶ᠋ᠡᠷ ᠵᠡᠭᠦᠨ ᠵᠦᠭ ᠦ᠋ᠨ ᠲᠠᠯᠠ ᠭᠠᠵᠠᠷ ᠤᠷᠤᠭᠤ ᠤᠷᠤᠭᠰᠢᠯᠠᠵᠤ ᠪᠡᠭᠡᠵᠢᠩ ᠬᠣᠲᠠ ᠶ᠋ᠢᠨ ᠡᠮᠦᠨᠡ ᠬᠦᠷᠴᠦ ᠢᠷᠡᠯᠡ᠃ ᠡᠨᠡᠬᠦ ᠶᠡᠬᠡ ᠬᠣᠲᠠ ᠶ᠋ᠢᠨ ᠡᠮᠦᠨᠡ ᠴᠢᠩᠭᠢᠰ ᠬᠠᠭᠠᠨ ᠣᠳᠣ ᠰᠠᠶᠢ ᠥᠪᠡᠷ ᠦ᠋ᠨ ᠰᠡᠳᠬᠢᠯᠭᠡ ᠶ᠋ᠢᠨ ᠲᠥᠬᠥᠭᠡ ᠦᠭᠡᠢ ᠪᠡᠨ ᠮᠡᠳᠡᠵᠡᠢ᠃
ᠶᠠᠭᠠᠬᠢᠭᠰᠠᠨ ᠴᠤ᠌ ᠶᠡᠬᠡ ᠰᠤᠪᠠᠭ ᠲᠠᠢ ᠶᠤᠮ᠂ ᠶᠠᠮᠠᠷ ᠵᠤᠵᠠᠭᠠᠨ ᠪᠥᠭᠡᠳ ᠥᠨᠳᠥᠷ ᠬᠡᠷᠡᠮ ᠲᠡᠢ ᠪᠡᠬᠢ ᠬᠣᠲᠠ ᠶᠤᠮ᠃ ᠮᠣᠷᠢ ᠪᠠᠨ ᠤᠨᠤᠭᠠᠳ ᠬᠣᠲᠠ ᠶ᠋ᠢᠨ ᠬᠡᠷᠡᠮ ᠢ᠋ ᠲᠣᠭᠣᠷᠢᠨ ᠦᠵᠡᠭᠡᠳ ᠶᠠᠭᠤᠲᠠᠢ ᠠᠭᠤᠳᠠᠮ ᠶᠡᠬᠡ ᠬᠣᠲᠠ ᠶᠤᠮ ᠭᠡᠵᠦ ᠲᠡᠷᠡ ᠭᠠᠢᠬᠠᠯᠠ᠃ ᠬᠥᠮᠦᠨ ᠦ᠌ ᠬᠦᠴᠦ ᠪᠡᠷ ᠡᠢᠮᠦ ᠶᠡᠬᠡ ᠬᠣᠲᠠ ᠶ᠋ᠢ ᠴᠣᠭᠴᠠᠯᠠᠨ ᠪᠠᠢᠭᠤᠯᠵᠤ ᠴᠢᠳᠠᠨᠠ ᠭᠡᠰᠡᠨ ᠢ᠋ ᠲᠡᠷᠡ ᠶᠡᠷᠦ ᠪᠣᠳᠣᠵᠤ ᠣᠯᠤᠭᠰᠠᠨ ᠦᠭᠡᠢ ᠪᠠᠢᠵᠠᠢ᠃
ᠣᠳᠣ ᠶᠠᠭᠠᠬᠢᠳᠠᠭ ᠶᠤᠮ ᠪᠢᠯᠡ᠃ ᠬᠡᠳᠦᠨ ᠠᠷᠪᠠᠨ ᠲᠦᠮᠡᠨ ᠴᠡᠷᠢᠭ ᠦ᠋ᠨ ᠬᠦᠴᠦ ᠪᠡᠷ ᠰᠠᠬᠢᠭᠰᠠᠨ ᠡᠨᠡᠬᠦ ᠶᠡᠬᠡ ᠬᠣᠲᠠᠨ ᠤ᠋ ᠡᠵᠡᠨ ᠪᠣᠯᠵᠤ ᠰᠠᠭᠤᠨᠠ ᠭᠡᠰᠡᠨ ᠴᠢᠨᠢ ᠲᠡᠢᠮᠦ ᠠᠮᠠᠷ ᠦᠭᠡᠢ᠂ ᠠᠯᠲᠠᠨ ᠤᠯᠤᠰ ᠤ᠋ᠨ ᠡᠵᠡᠨ ᠪᠣᠯᠤᠨᠠ ᠭᠡᠰᠡᠨ ᠴᠢᠨᠢ ᠴᠢᠳᠠᠰᠢ ᠦᠭᠡᠢ ᠬᠡᠷᠡᠭ ᠪᠢᠵᠡ᠃ ᠡᠢᠮᠦ ᠲᠣᠮᠣ ᠬᠣᠲᠠ ᠪᠠᠷ ᠨᠡᠢᠰᠯᠡᠯ ᠪᠣᠯᠭᠠᠵᠤ ᠪᠠᠢᠬᠤ ᠤᠯᠤᠰ ᠶᠠᠭᠤᠲᠠᠢ ᠴᠢᠭᠢᠷᠠᠭ ᠬᠦᠴᠦᠷᠬᠡᠭ ᠤᠯᠤᠰ ᠠᠵᠢ᠃ ᠴᠢᠩᠭᠢᠰ ᠬᠠᠭᠠᠨ ᠨᠢᠭᠡᠨᠲᠡ ᠠᠯᠲᠠᠨ ᠤᠯᠤᠰ ᠤ᠋ᠨ ᠳᠥᠷᠪᠡᠨ ᠵᠢᠶᠦ᠋ᠨ (ᠠᠷᠮᠢ) ᠴᠡᠷᠢᠭ ᠢ᠋ ᠰᠥᠨᠥᠭᠡᠵᠦ ᠭᠦᠢᠴᠡᠭᠰᠡᠨ ᠪᠠᠢᠯᠠ᠂ ᠡᠳᠡᠭᠡᠷ ᠴᠡᠷᠢᠭ ᠦ᠋ᠨ ᠲᠣᠭᠠ ᠨᠢ ᠲᠡᠭᠦᠨ ᠦ᠌ ᠪᠦᠬᠦ ᠴᠡᠷᠢᠭ ᠡᠴᠡ ᠬᠣᠯᠠ ᠢᠯᠡᠭᠦᠦ ᠪᠠᠢᠭᠰᠠᠨ ᠶᠤᠮ᠃ ᠲᠡᠷᠡ ᠨᠢᠭᠡᠨᠲᠡ ᠳᠠᠢᠰᠤᠨ ᠤ᠋ ᠴᠢᠬᠢᠷᠡᠭ ᠬᠦᠴᠦ ᠲᠡᠢ ᠬᠡᠳᠦᠨ ᠵᠢᠶᠦ᠋ᠨ (ᠠᠷᠮᠢ) ᠰᠢᠨᠡ ᠴᠡᠷᠢᠭ ᠶᠠᠭᠠᠷᠠᠤ ᠭᠦᠶᠦᠨ ᠢᠷᠡᠵᠦ ᠪᠠᠢᠬᠤ ᠶ᠋ᠢ ᠮᠡᠳᠡᠵᠡᠢ᠃ ᠬᠡᠳᠦᠨ ᠰᠠᠷᠠ ᠶ᠋ᠢᠨ ᠲᠤᠷᠰᠢ ᠲᠡᠭᠦᠨ ᠦ᠌ ᠴᠡᠷᠢᠭ ᠦ᠋ᠳ ᠡᠨᠡ ᠤᠯᠤᠰ ᠤ᠋ᠨ ᠳᠣᠲᠣᠷᠠ ᠬᠥᠨᠳᠡᠯᠡᠨ ᠭᠤᠯᠳᠤ ᠪᠠᠷ ᠶᠠᠪᠤᠭᠰᠠᠨ ᠪᠣᠯᠪᠠᠴᠤ ᠭᠠᠭᠴᠠ ᠱᠠᠨ ᠰᠢ ᠮᠣᠵᠢ ᠶ᠋ᠢ ᠯᠡ ᠬᠣᠷᠢᠶᠠᠨ ᠲᠣᠭᠲᠠᠭᠠᠭᠰᠠᠨ ᠲᠡᠳᠦᠢ ᠪᠠᠢᠵᠠᠢ᠃ ᠣᠳᠣ ᠳᠥᠩᠭᠡᠵᠢ ᠱᠠᠨ ᠰᠢ ᠠᠳᠠᠯᠢ ᠶᠡᠬᠡ ᠵᠢᠢ ᠯᠢ ᠮᠣᠵᠢ ᠳ᠋ᠤᠨᠢ ᠣᠷᠣᠵᠤ ᠢᠷᠡᠭᠰᠡᠨ ᠪᠠᠢᠨᠠ᠃ ᠠᠯᠲᠠᠨ ᠤᠯᠤᠰ ᠲᠤ᠌ ᠡᠢᠮᠦ ᠮᠣᠵᠢ ᠠᠷᠪᠠᠨ ᠬᠣᠶᠠᠷ ᠪᠠᠢᠨᠠ ᠭᠡᠨᠡ᠃
ᠣᠳᠣ ᠵᠦᠭ ᠢ᠋ᠶ᠋ᠡᠨ ᠬᠠᠮᠢᠭᠠᠰᠢ ᠡᠷᠭᠢᠭᠦᠯᠬᠦ ᠦᠭᠡᠢ ᠪᠡᠷ ᠪᠣᠯᠬᠤ ᠦᠭᠡᠢ ᠪᠣᠢ᠂ ᠶᠠᠭᠤ ᠶ᠋ᠢ ᠤᠷᠢᠳ ᠢ᠋ᠶ᠋ᠠᠷ ᠪᠠᠢᠯᠳᠤᠨ ᠳᠠᠭᠠᠭᠤᠯᠬᠤ ᠦᠭᠡᠢ ᠪᠣᠯ ᠪᠣᠯᠬᠤ ᠦᠭᠡᠢ ᠪᠣᠢ᠁ ᠃ ᠴᠢᠩᠭᠢᠰ ᠬᠠᠭᠠᠨ ᠪᠡᠶᠡᠯᠡᠭᠦᠯᠵᠦ ᠴᠢᠳᠠᠬᠤ ᠦᠭᠡᠢ ᠲᠡᠷᠡᠬᠦ ᠲᠥᠯᠥᠪᠯᠡᠭᠡ ᠪᠡᠨ ᠬᠠᠶᠠᠬᠤ ᠰᠣᠶᠣᠭᠠ ᠲᠠᠷᠢᠬᠢᠨ ᠳᠣᠲᠣᠷᠠ ᠨᠢ ᠤᠷᠭᠤᠵᠤ ᠢᠷᠡᠭᠰᠡᠨ ᠪᠠᠢᠨᠠ᠃ ᠠᠯᠲᠠᠨ ᠤᠯᠤᠰ ᠢ᠋ ᠪᠠᠢᠯᠳᠤᠨ ᠳᠠᠭᠠᠭᠤᠯᠤᠨᠠ ᠭᠡᠰᠡᠨ ᠢ᠋ ᠴᠢᠳᠠᠬᠤ ᠦᠭᠡᠢ ᠪᠣᠯᠪᠠᠴᠤ ᠲᠡᠭᠦᠨ ᠦ᠌ ᠬᠦᠰᠡᠭᠰᠡᠨ ᠪᠤᠰᠤᠳ ᠲᠠᠯᠠ ᠶ᠋ᠢᠨ ᠣᠯᠬᠤ ᠭᠡᠰᠡᠨ ᠪᠦᠬᠦᠨ ᠢ᠋ᠶ᠋ᠡᠨ ᠣᠯᠵᠠᠢ᠃ ᠠᠯᠲᠠᠨ ᠤᠯᠤᠰ ᠤ᠋ᠨ ᠰᠢᠯᠢᠳᠡᠭ ᠴᠡᠷᠢᠭ ᠢ᠋ ᠬᠡᠳᠦᠨ ᠠᠷᠪᠠᠨ ᠲᠦᠮᠡ ᠰᠥᠨᠥᠭᠡᠵᠦ ᠴᠢᠳᠠᠭᠰᠠᠨ ᠪᠠᠢᠨᠠ᠃ ᠬᠠᠷᠢᠶᠠᠲᠤ ᠨᠣᠶᠠᠳ᠂ ᠴᠡᠷᠢᠭ ᠦ᠋ᠳ ᠨᠢ ᠰᠠᠢᠨ ᠰᠠᠢᠬᠠᠨ ᠪᠠᠢᠯᠳᠤᠭᠠᠨ ᠤ᠋ ᠣᠯᠵᠠ ᠪᠣᠯᠤᠨ ᠣᠯᠠᠨ ᠲᠣᠭᠠᠨ ᠤ᠋ ᠪᠣᠭᠣᠯ ᠲᠠᠢ ᠪᠣᠯᠵᠤ ᠨᠢᠭᠡᠨᠲᠡ ᠪᠠᠶᠠᠵᠢᠭᠰᠠᠨ ᠪᠠᠢᠨᠠ᠃ ᠪᠣᠭᠳᠠ ᠬᠠᠭᠠᠨ ᠢ᠋ᠶ᠋ᠠᠨ ᠪᠢᠰᠢᠷᠡᠨ ᠢᠲᠡᠭᠡᠬᠦ ᠰᠡᠳᠬᠢᠯ ᠨᠢ ᠬᠢᠵᠠᠭᠠᠷ ᠦᠭᠡᠢ ᠶᠡᠬᠡᠳᠦᠯᠡ᠃ ᠵᠡᠪᠡ ᠵᠡᠭᠦᠨ ᠲᠡᠰᠢ ᠰᠢᠨᠡ ᠠᠶᠠᠨ ᠲᠡᠢᠨ ᠢ᠋ᠶ᠋ᠡᠷ ᠶᠠᠪᠤᠭᠰᠠᠨ ᠨᠢ ᠭᠠᠵᠠᠷ ᠤ᠋ᠨ ᠵᠠᠬᠠ ᠳ᠋ᠤ᠌ ᠬᠦᠷᠴᠦ ᠭᠠᠵᠠᠷ ᠨᠢ ᠤᠰᠤ ᠪᠣᠯᠵᠤ ᠬᠤᠪᠢᠷᠠᠭᠰᠠᠨ ᠳᠠᠯᠠᠢ ᠶ᠋ᠢᠨ ᠬᠥᠪᠡᠭᠡ ᠬᠦᠷᠲᠡᠯᠡ ᠶᠠᠪᠤᠭᠰᠠᠨ ᠪᠠᠢᠨᠠ᠃ ᠡᠭᠦᠨ ᠡᠴᠡ ᠢᠯᠡᠭᠦᠦ ᠲᠡᠷᠡ ᠣᠳᠣ ᠶᠠᠭᠤ ᠶ᠋ᠢ ᠬᠦᠰᠡᠬᠦ ᠶᠦᠮ ᠪᠣᠢ᠃ ᠲᠡᠷᠡ ᠪᠣᠯ ᠢᠯᠠᠭᠴᠢ᠂ ᠬᠡᠷᠪᠡ ᠪᠡᠭᠡᠵᠢᠩ ᠬᠣᠲᠠ ᠲᠠᠢ ᠬᠠᠯᠳᠠᠭᠠᠳ ᠴᠣᠬᠢᠨ ᠣᠷᠣᠵᠤ ᠴᠢᠳᠠᠬᠤ ᠦᠭᠡᠢ ᠪᠡᠷ ᠴᠡᠷᠢᠭ ᠢ᠋ᠶ᠋ᠡᠨ ᠲᠠᠲᠠᠬᠤ ᠳ᠋ᠤ᠌ ᠬᠦᠷᠪᠡᠯ ᠨᠢᠭᠤᠷ ᠢ᠋ᠶ᠋ᠠᠨ ᠪᠠᠷᠠᠭᠠᠳ ᠢᠲᠡᠭᠡᠯ ᠪᠢᠰᠢᠷᠡᠯ ᠢ᠋ᠶ᠋ᠡᠨ ᠠᠯᠳᠠᠵᠤ ᠪᠠᠷᠠᠬᠤ ᠪᠢᠰᠢᠦ᠃ ᠁ ᠲᠡᠭᠡᠭᠡᠳ ᠴᠢᠩᠭᠢᠰ ᠬᠠᠭᠠᠨ ᠴᠡᠷᠢᠭ ᠡᠭᠡᠬᠦ ᠶ᠋ᠢ ᠵᠠᠷᠯᠠᠪᠠ᠃
ᠠᠯᠲᠠᠨ ᠤᠯᠤᠰ ᠤ᠋ᠨ ᠳᠣᠲᠣᠷᠠ ᠶᠠᠮᠠᠷ ᠬᠡᠷᠡᠭ ᠭᠠᠷᠬᠤ ᠶ᠋ᠢ ᠠᠩᠬᠠᠷᠴᠤ ᠦᠵᠡᠬᠦ ᠶ᠋ᠢᠨ ᠲᠥᠯᠥᠭᠡ ᠮᠣᠩᠭᠣᠯ ᠳ᠋ᠠᠭᠠᠨ ᠬᠠᠷᠢᠬᠤ ᠦᠭᠡᠢ ᠪᠡᠷ ᠡᠨᠡ ᠡᠪᠦᠯ ᠣᠢᠷᠠᠬᠠᠨ ᠭᠠᠵᠠᠷ ᠲᠤ᠌ ᠡᠪᠦᠯᠵᠢᠬᠦ ᠨᠢ ᠰᠠᠢᠨ ᠪᠢᠰᠢᠦ᠃ ᠭᠡᠪᠡᠴᠦ ᠠᠯᠢ ᠭᠠᠵᠠᠷ ᠲᠤ ᠡᠪᠦᠯᠵᠢᠬᠦ ᠪᠡᠨ ᠰᠢᠢᠳᠴᠦ ᠴᠢᠳᠠᠭᠠ ᠦᠭᠡᠢ ᠪᠠᠢᠯᠠ᠂ ᠵᠢᠢ ᠯᠢ ᠮᠣᠵᠢ ᠳ᠋ᠤ᠌ ᠤᠤ᠂ ᠱᠠᠨ ᠰᠢ ᠮᠣᠵᠢ ᠳ᠋ᠤ᠌ ᠤᠤ᠂ ᠡᠰᠡᠬᠦᠯᠡ ᠴᠠᠭᠠᠨ ᠬᠡᠷᠡᠮ ᠦ᠋ᠨ ᠭᠠᠳᠠᠨᠠ ᠤᠤ ᠭᠡᠵᠦ ᠵᠦᠢᠯ ᠵᠦᠢᠯ ᠢ᠋ ᠪᠣᠳᠣᠯᠬᠢᠯᠠᠯᠠ᠃
(ᠭᠤᠷᠪᠠ) ᠠᠯᠲᠠᠨ ᠬᠠᠭᠠᠨᠲᠤ ᠤᠯᠤᠰ ᠤ᠋ᠨ ᠮᠥᠨ ᠴᠢᠨᠠᠷ
ᠮᠣᠩᠭᠣᠯ ᠴᠡᠷᠢᠭ ᠦ᠋ᠳ ᠨᠢᠭᠡᠨᠲᠡ ᠮᠠᠢᠬᠠᠨ ᠢ᠋ᠶ᠋ᠠᠨ ᠪᠠᠭᠤᠯᠭᠠᠵᠤ ᠪᠠᠢᠭᠰᠠᠨ ᠦᠶᠡ ᠳ᠋ᠦ᠍ ᠬᠢᠲᠠᠳ ᠤ᠋ᠨ ᠨᠢᠭᠡᠨ ᠵᠠᠩᠵᠤᠨ ᠮᠣᠩᠭᠣᠯ ᠴᠡᠷᠢᠭ ᠦ᠋ᠨ ᠬᠦᠷᠢᠶᠡᠨ ᠳ᠋ᠦ᠍ ᠬᠦᠷᠴᠦ ᠢᠷᠡᠵᠡᠢ᠃ ᠮᠣᠩᠭᠣᠯ ᠴᠡᠷᠢᠭ ᠦ᠋ᠨ ᠢᠯᠠᠯᠲᠠ ᠠ᠋ᠴᠠ ᠪᠣᠯᠵᠤ᠂ ᠪᠡᠭᠡᠵᠢᠩ ᠳ᠋ᠡᠬᠢ ᠲᠥᠷᠥ ᠶ᠋ᠢᠨ ᠳᠣᠲᠣᠷᠠ ᠠᠷᠭᠠ ᠦᠭᠡᠢ ᠰᠠᠨᠳᠤᠷᠴᠠᠭᠠᠯᠠ᠃ ᠪᠠᠷᠤᠭ ᠬᠣᠷᠢᠨ ᠵᠢᠯ ᠦ᠋ᠨ ᠲᠤᠷᠰᠢ ᠠᠯᠲᠠᠨ ᠤᠯᠤᠰ ᠡᠨᠡ ᠮᠡᠲᠦ ᠶ᠋ᠢᠨ ᠳᠣᠪᠲᠣᠯᠭᠠᠨ ᠳ᠋ᠤ᠌ ᠤᠴᠠᠷᠠᠭᠰᠠᠨ ᠦᠭᠡᠢ ᠪᠢᠯᠡ᠃ ᠥᠩᠭᠡᠷᠡᠭᠰᠡᠨ ᠳ᠋ᠦ᠍ ᠲᠦᠷᠢᠵᠦ ᠣᠷᠣᠭᠰᠠᠨ ᠳᠡᠭᠡᠷᠡᠮᠴᠢᠳ᠂ ᠬᠠᠭᠠᠨ ᠤ᠋ ᠴᠡᠷᠢᠭ ᠠᠯᠢ ᠭᠠᠵᠠᠷ ᠬᠠᠷᠠᠭᠳᠠᠪᠠᠯ ᠰᠠᠨᠳᠤᠷᠤᠭᠠᠳ ᠳᠤᠲᠠᠭᠠᠵᠤ ᠪᠠᠢᠭᠰᠠᠨ ᠪᠣᠯ᠂ ᠡᠨᠡ ᠤᠳᠠᠭᠠ ᠦᠨᠡᠬᠡᠷ ᠪᠠᠢᠯᠳᠤᠶᠠ ᠭᠡᠰᠡᠨ ᠪᠠᠢᠬᠠ᠂ ᠠᠯᠲᠠᠨ ᠤᠯᠤᠰ ᠤ᠋ᠨ ᠴᠡᠷᠢᠭ ᠠᠯᠢ ᠭᠠᠵᠠᠷ ᠢᠯᠡᠷᠡᠮᠡᠭᠴᠡ ᠨᠡᠭᠦᠳᠡᠯᠴᠢᠨ ᠠᠷᠠᠳ ᠳᠣᠣᠷᠠ ᠪᠠᠨ ᠲᠡᠭᠦᠨ ᠦ᠌ ᠵᠦᠭ ᠨᠢᠰᠬᠦ ᠮᠡᠲᠦ ᠴᠤᠭᠯᠠᠷᠠᠵᠤ ᠢᠷᠡᠭᠡᠳ ᠰᠥᠨᠥᠭᠡᠴᠢᠬᠡᠳᠡᠭ᠃ ᠡᠨᠡᠬᠦ ᠨᠡᠭᠦᠳᠡᠯᠴᠢᠨ ᠠᠷᠠᠳ ᠤ᠋ᠨ ᠲᠦᠷᠦᠭᠦᠦ ᠶ᠋ᠢᠨ ᠬᠥᠳᠡᠯᠵᠦ ᠪᠠᠷᠢᠬᠤ ᠶ᠋ᠢ ᠨᠢ ᠲᠠᠢᠯᠪᠤᠷᠢᠯᠠᠬᠤ ᠠᠷᠭᠠ ᠣᠯᠬᠤ ᠦᠭᠡᠢ᠂ ᠰᠠᠨᠠᠮᠰᠠᠷ ᠦᠭᠡᠢ ᠪᠠᠢᠲᠠᠯᠠ᠂ ᠲᠡᠷᠡ ᠬᠠᠷᠢᠨ ᠪᠡᠭᠡᠵᠢᠩ ᠬᠣᠲᠠ ᠶ᠋ᠢᠨ ᠳᠡᠷᠭᠡᠳᠡ ᠬᠦᠷᠦᠭᠡᠳ ᠢᠷᠡᠴᠢᠬᠡᠭᠰᠡᠨ ᠪᠠᠢᠨᠠ᠃ ᠲᠡᠢᠮᠦ ᠡᠴᠡ ᠬᠡᠷᠪᠡ ᠲᠣᠭᠰᠢᠨ ᠳᠠᠭᠠᠷᠢᠯᠲᠠ ᠪᠠᠷ ᠴᠣᠬᠢᠵᠤ ᠢᠷᠡᠭᠡᠳ ᠶᠡᠬᠡ ᠬᠣᠬᠢᠷᠠᠯ ᠣᠯᠤᠭᠰᠠᠨ ᠬᠣᠢᠨᠠ᠂ ᠨᠢᠭᠡ ᠬᠡᠰᠡᠭ ᠪᠡᠯᠡᠭ ᠪᠠᠷᠢᠴᠠ ᠥᠭᠪᠡᠯ ᠪᠤᠴᠠᠴᠢᠬᠠᠬᠤ ᠮᠠᠭᠠᠳ ᠦᠭᠡᠢ ᠭᠡᠵᠦ ᠪᠡᠭᠡᠵᠢᠩ ᠦ᠋ᠨ ᠬᠥᠮᠦᠨ ᠪᠦᠬᠦᠨ ᠬᠦᠰᠡᠵᠦ ᠪᠠᠢᠭᠰᠠᠨ ᠶᠤᠮ᠃ ᠭᠡᠲᠡᠯᠡ ᠡᠨᠡᠬᠦ ᠪᠣᠭᠳᠠ ᠬᠠᠭᠠᠨ ᠨᠢᠭᠡ ᠮᠣᠷᠢᠲᠤ ᠴᠡᠷᠢᠭ ᠢ᠋ᠶ᠋ᠡᠨ ᠴᠦ᠍ ᠬᠠᠷᠪᠤᠭᠳᠠᠭᠤᠯᠬᠤ ᠦᠭᠡᠢ ᠶ᠋ᠢᠨ ᠲᠥᠯᠥᠭᠡ᠂ ᠬᠣᠲᠠᠨ ᠳ᠋ᠤ᠌ ᠣᠢᠷᠠᠲᠤᠭᠤᠯᠬᠤ ᠦᠭᠡᠢ᠃ ᠪᠦᠭᠦᠳᠡᠭᠡᠷ ᠢ᠋ᠶ᠋ᠡᠨ ᠪᠡᠭᠡᠵᠢᠩ ᠬᠣᠲᠠ ᠶ᠋ᠢ ᠬᠣᠯᠠ ᠠ᠋ᠴᠠ ᠲᠣᠭᠣᠷᠢᠵᠤ ᠦᠵᠡᠭᠡᠳ ᠶᠠᠪᠤᠵᠠᠭᠠᠯᠠ᠃ ᠳᠠᠷᠠᠭᠠ ᠨᠢ ᠶᠠᠭᠤ ᠴᠤ᠌ ᠳᠤᠷᠠᠳᠤᠭᠰᠠᠨ ᠦᠭᠡᠢ ᠪᠡᠷ ᠭᠡᠨᠡᠳᠲᠡ ᠴᠡᠷᠢᠭ ᠦ᠋ᠨ ᠬᠦᠷᠢᠶᠡ ᠳ᠋ᠦ᠍ ᠮᠠᠢᠬᠠᠨ ᠢ᠋ᠶ᠋ᠠᠨ ᠬᠤᠷᠢᠶᠠᠭᠠᠳ ᠶᠠᠪᠤᠬᠤ ᠪᠡᠯᠡᠳᠬᠡᠯ ᠬᠢᠭᠰᠡᠨ ᠨᠢ ᠬᠠᠷᠠᠭᠳᠠᠯᠠ᠃ ᠲᠠᠷᠢᠬᠢᠨ ᠳ᠋ᠤᠨᠢ ᠶᠠᠭᠤ ᠪᠣᠳᠣᠵᠤ ᠪᠠᠢᠬᠤ ᠪᠣᠢ᠂ ᠠᠯᠢ ᠵᠦᠭ ᠲᠦ᠍ ᠶᠠᠪᠤᠬᠤ ᠶᠤᠮ᠂ ᠠᠷᠭᠠ ᠪᠠᠨ ᠪᠠᠷᠠᠬᠤ ᠳ᠋ᠠᠭᠠᠨ ᠠᠯᠲᠠᠨ ᠤᠯᠤᠰ ᠤ᠋ᠨ ᠲᠠᠯᠠ ᠠ᠋ᠴᠠ ᠡᠯᠴᠢ ᠵᠠᠷᠤᠵᠤ ᠬᠠᠷᠢᠯᠴᠠᠭᠰᠠᠨ ᠨᠢ ᠳᠡᠭᠡᠷᠡ ᠭᠡᠮᠡᠨ ᠪᠣᠳᠣᠭᠳᠠᠭᠰᠠᠨ ᠶᠤᠮ᠃
ᠡᠯᠴᠢ ᠪᠡᠷ ᠲᠣᠮᠢᠯᠠᠭᠳᠠᠭᠰᠠᠨ ᠡᠨᠡᠬᠦ ᠵᠠᠩᠵᠤᠨ ᠨᠡᠭᠦᠳᠡᠯᠴᠢᠨ ᠠᠷᠠᠳ ᠤ᠋ᠨ ᠦᠨᠡᠨ ᠵᠣᠷᠢᠯᠲᠠ ᠶ᠋ᠢ ᠮᠡᠳᠡᠬᠦ ᠪᠡᠷ ᠢᠷᠡᠭᠰᠡᠨ ᠪᠥᠭᠡᠳ ᠠᠯᠲᠠᠨ ᠤᠯᠤᠰ ᠤ᠋ᠨ ᠬᠠᠭᠠᠨ ᠶᠡᠬᠡ ᠪᠡᠷ ᠰᠣᠴᠢᠵᠤ ᠪᠠᠢᠬᠤ ᠶ᠋ᠢ ᠪᠣᠭᠳᠠ ᠬᠠᠭᠠᠨ ᠳ᠋ᠤ᠌ ᠬᠡᠯᠡᠵᠦ ᠥᠭᠬᠦ ᠡᠭᠦᠷᠭᠡ ᠶ᠋ᠢ ᠬᠠᠷᠢᠭᠤᠴᠠᠵᠤ ᠢᠷᠡᠭᠰᠡᠨ ᠶᠦᠮ᠃ ᠠᠯᠲᠠᠨ ᠤᠯᠤᠰ ᠤ᠋ᠨ ᠬᠠᠭᠠᠨ᠂ ᠮᠣᠩᠭᠣᠯ ᠬᠥᠮᠦᠨ ᠲᠡᠢ ᠡᠪ ᠨᠠᠢᠷᠠᠮᠳᠠᠯ ᠲᠠᠢ ᠠᠮᠢᠳᠤᠷᠠᠵᠤ ᠪᠠᠢᠭᠰᠠᠭᠠᠷ ᠶᠤᠮ᠃ ᠴᠢᠩᠭᠢᠰ ᠬᠠᠭᠠᠨ ᠤ᠋ ᠪᠡᠶᠡ ᠨᠢ ᠴᠦ᠍ ᠠᠯᠲᠠᠨ ᠤᠯᠤᠰ ᠤ᠋ᠨ ᠬᠠᠭᠠᠨ ᠤ᠋ ᠴᠠᠤᠳᠠᠬᠤᠷᠢ ᠵᠡᠷᠭᠡ ᠶ᠋ᠢ ᠬᠦᠯᠢᠶᠡᠵᠦ᠂ ᠤᠯᠤᠰ ᠤ᠋ᠨ ᠬᠢᠯᠢ ᠳ᠋ᠡᠬᠢ ᠠᠯᠢᠪᠠ ᠤᠷᠪᠠᠭᠰᠠᠳ ᠢ᠋ ᠳᠠᠷᠤᠨ ᠲᠦᠪᠰᠢᠳᠬᠡᠬᠦ ᠪᠦᠷᠢᠨ ᠡᠷᠬᠡ ᠲᠡᠢ ᠪᠢᠯᠡ᠃ ᠡᠢᠮᠦ ᠪᠠᠢᠲᠠᠯᠠ ᠶᠠᠭᠤᠨ ᠤ᠋ ᠤᠴᠢᠷ ᠠ᠋ᠴᠠ ᠠᠯᠲᠠᠨ ᠤᠯᠤᠰ ᠢ᠋ ᠳᠣᠪᠲᠣᠯᠵᠤ ᠴᠣᠬᠢᠬᠤ ᠪᠠᠷ ᠢᠷᠡᠭᠰᠡᠨ ᠪᠣᠢ ᠭᠡᠵᠡᠢ᠃
ᠴᠢᠩᠭᠢᠰ ᠬᠠᠭᠠᠨ ᠴᠤ᠌ ᠡᠨᠡ ᠡᠯᠴᠢ ᠶ᠋ᠢᠨ ᠬᠡᠯᠡᠭᠰᠡᠨ ᠦᠭᠡᠨ ᠳ᠋ᠦ᠍ ᠮᠠᠰᠢ ᠰᠣᠴᠢᠭᠰᠠᠨ ᠪᠠᠢᠯᠠ᠃ ᠲᠡᠷᠡ ᠠᠯᠲᠠᠨ ᠬᠠᠭᠠᠨᠲᠤ ᠤᠯᠤᠰ ᠤ᠋ᠨ ᠬᠠᠮᠤᠭ ᠤ᠋ᠨ ᠬᠥᠭᠵᠢᠯᠲᠡᠢ ᠬᠡᠳᠦᠨ ᠮᠣᠵᠢ ᠶ᠋ᠢ ᠨᠢ ᠲᠦᠢᠪᠡᠭᠡᠨ ᠭᠦᠢᠴᠡᠭᠰᠡᠨ ᠪᠠᠢᠵᠠᠢ᠃ ᠭᠡᠲᠡᠯᠡ ᠡᠨᠡᠬᠦ ᠬᠠᠭᠠᠨ ᠨᠢ ᠬᠠᠷᠢᠨ ᠡᠪ ᠨᠠᠢᠷᠠᠮᠳᠠᠯ ᠢ᠋ᠶ᠋ᠠᠷ ᠠᠮᠢᠳᠤᠷᠠᠶᠠ ᠭᠡᠵᠦ ᠵᠣᠷᠢᠵᠤ ᠪᠠᠢᠨᠠ᠃ ᠠᠯᠲᠠᠨ ᠤᠯᠤᠰ ᠲᠤ᠌ ᠠᠭᠤᠳᠠᠮ ᠶᠡᠬᠡ ᠨᠤᠲᠤᠭ ᠳᠡᠪᠢᠰᠬᠡᠷ ᠪᠠ ᠪᠠᠲᠤ ᠪᠡᠬᠢ ᠬᠣᠲᠠ ᠪᠠᠯᠭᠠᠰᠤᠨ ᠣᠯᠠᠨ ᠪᠠᠢᠨᠠ᠂ ᠲᠡᠳᠡᠭᠡᠷ ᠬᠣᠲᠠ ᠭᠠᠵᠠᠷ ᠨᠢ ᠪᠠᠰᠠ ᠡᠨᠡ ᠬᠠᠭᠠᠨ ᠤ᠋ ᠵᠠᠷᠯᠢᠭ ᠢ᠋ ᠳᠠᠭᠠᠵᠤ ᠪᠠᠢᠨᠠ᠃ ᠭᠡᠲᠡᠯᠡ ᠡᠨᠡᠬᠦ ᠬᠠᠭᠠᠨ ᠨᠢ ᠴᠢᠩᠭᠢᠰ ᠬᠠᠭᠠᠨ ᠤ᠋ ᠡᠰᠡᠷᠭᠦ ᠤᠯᠤᠰ ᠠᠷᠠᠳ ᠢ᠋ᠶ᠋ᠠᠨ ᠳᠠᠢᠴᠢᠯᠠᠵᠤ ᠪᠠᠢᠯᠳᠤᠬᠤ ᠦᠭᠡᠢ ᠪᠡᠷ ᠦᠯᠦ ᠪᠠᠷᠠᠨ ᠬᠠᠷᠢᠨ ᠶᠠᠮᠠᠷ ᠤᠴᠢᠷ ᠠ᠋ᠴᠠ ᠤᠯᠤᠰ ᠢ᠋ ᠨᠢ ᠳᠣᠪᠲᠣᠯᠪᠠ ᠭᠡᠵᠦ ᠠᠰᠠᠭᠤᠵᠤ ᠪᠠᠢᠨᠠ᠃ ᠡᠭᠦᠨ ᠦ᠌ ᠳᠣᠲᠣᠷᠠ ᠶᠠᠮᠠᠷ ᠨᠢᠭᠡ ᠭᠠᠷᠭᠠᠵᠤ ᠬᠡᠯᠡᠵᠦ ᠴᠢᠳᠠᠬᠤ ᠦᠭᠡᠢ ᠳᠣᠷᠣᠢ ᠪᠠᠭᠤᠷᠠᠢ ᠨᠢᠭᠤᠴᠠ ᠤᠴᠢᠷ ᠴᠤ ᠶᠤᠮ ᠤᠤ᠃ ᠲᠡᠭᠡᠭᠡᠳ ᠴᠢᠩᠭᠢᠰ ᠬᠠᠭᠠᠨ ᠠᠯᠢ ᠪᠣᠯᠬᠤ ᠡᠶᠡ ᠡᠪ ᠲᠡᠢ ᠪᠡᠷ ᠡᠯᠴᠢ ᠶ᠋ᠢᠨ ᠬᠢᠷᠢ ᠳ᠋ᠦ᠍ ᠲᠡᠩᠴᠡᠬᠦ ᠶᠣᠰᠣ ᠪᠠᠷ ᠳᠠᠢᠯᠠᠯᠭᠠ ᠬᠢᠵᠦ ᠤᠭᠲᠤᠭᠠᠳ᠂ ᠲᠡᠭᠦᠨ ᠡᠴᠡ ᠵᠦᠢᠯ ᠵᠦᠢᠯ ᠦ᠋ᠨ ᠤᠴᠢᠷ ᠢ᠋ ᠬᠡᠯᠡᠯᠴᠡᠨ ᠠᠰᠠᠭᠤᠭᠰᠠᠨ ᠪᠠᠢᠨᠠ᠃ ᠬᠠᠷᠢᠨ ᠠᠯᠲᠠᠨ ᠤᠯᠤᠰ ᠤ᠋ᠨ ᠬᠠᠭᠠᠨ ᠡᠨᠡ ᠡᠯᠴᠢ ᠶ᠋ᠢ ᠪᠤᠷᠤᠭᠤ ᠰᠣᠩᠭᠣᠭᠰᠠᠨ ᠶᠤᠮ᠃
ᠡᠨᠡᠬᠦ ᠡᠯᠴᠢ ᠨᠢ ᠪᠣᠭᠳᠠ ᠬᠠᠭᠠᠨ ᠳ᠋ᠤ᠌ ᠠᠯᠲᠠᠨ ᠤᠯᠤᠰ ᠤ᠋ᠨ ᠳᠣᠲᠣᠭᠠᠳᠤ ᠶ᠋ᠢᠨ ᠪᠠᠢᠳᠠᠯ ᠢ᠋ ᠵᠠᠳᠠᠷᠠᠭᠤᠯᠵᠤ ᠥᠭᠭᠦᠭᠰᠡᠨ ᠪᠠᠢᠨᠠ᠃ ᠡᠨᠡ ᠡᠯᠴᠢ ᠪᠣᠯᠤᠭᠰᠠᠨ ᠵᠠᠩᠵᠤᠨ ᠨᠢ ᠤᠭ ᠲᠠᠭᠠᠨ ᠬᠢᠳᠠᠨ ᠦᠨᠳᠦᠰᠦᠲᠡᠨ ᠦ᠌ ᠪᠠᠢᠭᠤᠯᠤᠭᠰᠠᠨ ᠯᠢᠶᠣᠣ ᠤᠯᠤᠰ ᠤ᠋ᠨ ᠨᠣᠶᠠᠳ ᠤ᠋ᠨ ᠦᠷᠡᠳᠡᠰ ᠠᠵᠢ᠃ ᠲᠡᠭᠡᠭᠡᠳ ᠲᠡᠷᠡ ᠠᠯᠲᠠᠨ ᠤᠯᠤᠰ ᠤ᠋ᠨ ᠳᠣᠲᠣᠷᠠᠬᠢ ᠡᠯᠡ ᠵᠥᠷᠢᠴᠡᠯ ᠢ᠋ ᠲᠠᠢᠯᠤᠨ ᠬᠡᠯᠡᠭᠰᠡᠨ ᠨᠢ ᠪᠠᠷᠤᠭ ᠵᠠᠭᠤᠨ ᠵᠢᠯ ᠦ᠋ᠨ ᠤᠷᠢᠳ ᠠ᠋ᠴᠠ ᠨᠡᠰᠢ ᠳᠤᠮᠳᠠᠳᠤ ᠤᠯᠤᠰ ᠤ᠋ᠨ ᠤᠮᠠᠷᠠᠲᠤ ᠣᠷᠣᠨ ᠳ᠋ᠤ᠌ ᠬᠠᠭᠠᠨ ᠰᠠᠭᠤᠵᠤ ᠢᠷᠡᠭᠰᠡᠨ ᠠᠯᠲᠠᠨ ᠤᠯᠤᠰ ᠤ᠋ᠨ ᠣᠯᠠᠨ ᠬᠠᠭᠠᠳ᠂ ᠣᠳᠣ ᠬᠦᠷᠲᠡᠯᠡ ᠳᠣᠲᠣᠷᠠ ᠭᠠᠵᠠᠷ ᠤ᠋ᠨ ᠠᠷᠠᠳ ᠣᠯᠠᠨ ᠳ᠋ᠤ᠌ ᠲᠥᠷᠥ ᠶ᠋ᠢ ᠪᠤᠯᠢᠶᠠᠭᠰᠠᠨ ᠬᠥᠮᠦᠰ ᠭᠡᠵᠦ ᠦᠵᠡᠭᠳᠡᠭᠡᠳ ᠪᠠᠢᠨᠠ᠃ ᠡᠳᠡᠭᠡᠷ ᠬᠠᠭᠠᠳ ᠤᠯᠤᠰ ᠢ᠋ᠶ᠋ᠠᠨ ᠰᠠᠢᠨ ᠨᠢᠭᠡᠳᠬᠡᠵᠦ ᠴᠢᠳᠠᠭᠰᠠᠨ ᠪᠥᠭᠡᠳ ᠡᠮᠦᠨᠡ ᠰᠥᠩ ᠤᠯᠤᠰ ᠤ᠋ᠨ ᠵᠦᠭ ᠪᠠᠢᠯᠳᠤᠵᠤ ᠳᠡᠢᠯᠦᠭᠡᠳ ᠬᠠᠲᠤᠨ ᠭᠣᠣᠯ ᠤ᠋ᠨ ᠡᠮᠦᠨᠡᠬᠢ ᠬᠡᠳᠦᠨ ᠮᠣᠵᠢ ᠶ᠋ᠢ ᠬᠦᠷᠲᠡᠯᠡ ᠡᠵᠡᠯᠡᠵᠦ ᠠᠪᠤᠭᠰᠠᠨ ᠪᠠᠢᠨᠠ᠂ ᠲᠡᠳᠡ ᠪᠠᠰᠠ ᠵᠠᠩ ᠳᠠᠳᠬᠠᠯ ᠢ᠋ᠶ᠋ᠠᠨ ᠣᠷᠬᠢᠭᠠᠳ ᠰᠡᠳᠬᠢᠯᠭᠡ ᠪᠡᠨ ᠬᠦᠷᠲᠡᠯᠡ ᠪᠦᠷᠢᠮᠦᠰᠦᠨ ᠬᠢᠲᠠᠳᠴᠢᠯᠠᠨ ᠬᠠᠢᠯᠤᠭᠰᠠᠨ ᠪᠠᠢᠨᠠ᠃ ᠭᠡᠪᠡᠴᠦ ᠳᠣᠲᠣᠷᠠ ᠭᠠᠵᠠᠷ ᠤ᠋ᠨ ᠬᠥᠮᠦᠨ ᠦ᠌ ᠲᠠᠯᠠ ᠠ᠋ᠴᠠ ᠦᠵᠡᠬᠦ ᠳ᠋ᠦ᠍ ᠬᠡᠵᠢᠶᠡ ᠬᠦᠷᠪᠡᠴᠦ ᠠᠷᠤ ᠭᠠᠵᠠᠷ ᠢ᠋ ᠵᠡᠷᠯᠢᠭ ᠦᠨᠳᠦᠰᠦᠲᠡᠨ ᠭᠡᠵᠦ ᠦᠵᠡᠨᠡ᠂ ᠬᠠᠭᠤᠴᠢᠨ ᠯᠢᠶᠣᠣ ᠤᠯᠤᠰ ᠢ᠋ ᠰᠥᠨᠥᠭᠡᠭᠰᠡᠨ ᠮᠠᠨᠵᠤ ᠶ᠋ᠢ ᠵᠡᠷᠯᠢᠭ ᠠᠮᠢᠲᠠᠨ ᠠ᠋ᠴᠠ ᠭᠠᠷᠭᠠᠵᠤ ᠴᠢᠳᠠᠬᠤ ᠦᠭᠡᠢ᠂ ᠬᠣᠵᠢᠮ ᠬᠣᠢᠰᠢ ᠶ᠋ᠢᠨ ᠦᠶᠡ ᠳ᠋ᠦ᠍ ᠴᠦ᠍ ᠲᠡᠳᠡᠨ ᠢ᠋ ᠵᠢᠩᠬᠢᠨᠢ ᠬᠠᠭᠠᠨ ᠤ᠋ ᠤᠳᠤᠮ ᠢ᠋ᠶ᠋ᠠᠷ ᠵᠥᠪᠰᠢᠶᠡᠷᠡᠬᠦ ᠦᠭᠡᠢ᠃ ᠳᠣᠲᠣᠷᠠ ᠭᠠᠵᠠᠷ ᠤ᠋ᠨ ᠦᠨᠳᠦᠰᠦᠲᠡᠨ ᠨᠦ᠍ᠭᠦᠳ ᠲᠡᠳᠡᠨ ᠳ᠋ᠦ᠍ ᠳᠠᠷᠤᠯᠠᠭᠳᠠᠵᠤ ᠪᠣᠭᠣᠯᠴᠢᠯᠠᠭᠳᠠᠵᠤ ᠪᠠᠢᠬᠤ ᠲᠤᠯᠠ ᠶᠠᠭᠠᠬᠢᠪᠠᠴᠤ ᠲᠡᠳᠡᠨ ᠢ᠋ ᠬᠠᠢᠷᠠᠯᠠᠨ ᠬᠦᠷᠢᠶᠡᠯᠡᠬᠦ ᠶᠣᠰᠣ ᠦᠭᠡᠢ᠃ ᠡᠮᠦᠨᠡ ᠲᠠᠯᠠ ᠶ᠋ᠢᠨ ᠰᠥᠩ ᠤᠯᠤᠰ ᠲᠡᠳᠡᠨ ᠦ᠌ ᠳᠠᠢᠰᠤᠨ ᠮᠥᠨ᠃ ᠵᠡᠭᠦᠨ ᠬᠣᠢᠲᠤ ᠣᠷᠣᠨ ᠳ᠋ᠤ᠌ ᠶᠠᠨ ᠵᠢᠩ ᠪᠣᠯᠤᠨ ᠰᠣᠯᠣᠩᠭᠣᠰ ᠤ᠋ᠨ ᠬᠣᠭᠣᠷᠣᠨᠳᠣ ᠬᠢᠳᠠᠨ ᠤᠯᠤᠰ ᠪᠠᠢᠨᠠ᠃ ᠡᠨᠡᠬᠦ ᠤᠯᠤᠰ ᠪᠣᠯ ᠯᠢᠶᠣᠣ ᠤᠯᠤᠰ ᠤ᠋ᠨ ᠭᠠᠷᠤᠯᠲᠠᠢ ᠪᠥᠭᠡᠳ ᠯᠢᠶᠣᠣ ᠸᠠᠩ ᠤ᠋ᠨ ᠨᠢᠭᠡᠨ ᠲᠦᠰᠢᠮᠡᠯ ᠨᠢ ᠲᠦᠷᠦᠭᠦᠦ ᠪᠣᠯᠵᠤ ᠲᠡᠨᠳᠡ ᠪᠠᠢᠨᠠ᠂ ᠬᠡᠯᠡᠯᠭᠡᠨ ᠦᠭᠡᠢ ᠲᠡᠷᠡ ᠠᠯᠲᠠᠨ ᠤᠯᠤᠰ ᠤ᠋ᠨ ᠬᠠᠷᠢᠶᠠ ᠲᠦᠰᠢᠮᠡᠯ ᠮᠥᠨ᠂ ᠭᠡᠪᠡᠴᠦ ᠬᠡᠷᠪᠡ ᠴᠢᠩᠭᠢᠰ ᠬᠠᠭᠠᠨ ᠯᠢᠶᠣᠣ ᠤᠯᠤᠰ ᠢ᠋ ᠰᠡᠷᠭᠦᠭᠡᠬᠦ ᠰᠠᠨᠠᠭᠠ ᠪᠠᠢᠬᠤ ᠪᠠᠨ ᠮᠡᠳᠡᠭᠳᠡᠪᠡᠯ᠁ ᠮᠢᠨᠦ ᠪᠡᠶᠡ ᠴᠦ᠍ ᠴᠢᠩᠭᠢᠰ ᠬᠠᠭᠠᠨ ᠳ᠋ᠤ᠌ ᠦᠢᠯᠡᠴᠢᠯᠡᠵᠦ ᠪᠣᠯᠤᠨᠠ᠂ ᠡᠨᠡ ᠮᠡᠲᠦ ᠶ᠋ᠢᠨ ᠰᠠᠨᠠᠭᠠ ᠲᠠᠢ ᠬᠥᠮᠦᠨ ᠤᠯᠤᠰ ᠤ᠋ᠨ ᠳᠣᠲᠣᠷᠠ ᠣᠯᠠᠨ ᠪᠠᠢᠬᠤ ᠶᠤᠮ᠁ ᠭᠡᠵᠡᠢ᠃
ᠴᠢᠩᠭᠢᠰ ᠬᠠᠭᠠᠨ ᠨᠢᠳᠦ ᠪᠡᠨ ᠰᠡᠬᠦᠨ ᠨᠢᠭᠡᠯᠡ ᠳᠡᠭᠡᠷᠡ ᠪᠦᠬᠦ ᠪᠠᠢᠳᠠᠯ ᠢ᠋ ᠲᠣᠪ ᠲᠣᠳᠣᠷᠬᠠᠢ ᠮᠡᠳᠡᠵᠦ ᠣᠯᠤᠯᠠ᠃ ᠲᠡᠭᠦᠨ ᠦ᠌ ᠮᠣᠷᠢᠲᠤ ᠴᠡᠷᠢᠭ ᠪᠣᠯ ᠠᠯᠲᠠᠨ ᠤᠯᠤᠰ ᠤ᠋ᠨ ᠴᠡᠷᠢᠭ ᠲᠡᠢ ᠠᠳᠠᠯᠢᠳᠬᠠᠪᠠᠯ ᠬᠣᠯᠠ ᠢᠯᠡᠭᠦᠦ ᠬᠦᠴᠦᠷᠬᠡᠭ᠃ ᠭᠡᠪᠡᠴᠦ ᠡᠳᠡᠭᠡᠷ ᠶᠡᠬᠡ ᠬᠣᠲᠠ ᠶ᠋ᠢ ᠳᠠᠭᠠᠷᠢᠨ ᠴᠣᠬᠢᠵᠤ ᠴᠢᠳᠠᠬᠤ ᠦᠭᠡᠢ᠂ ᠬᠡᠳᠦᠢᠪᠡᠷ ᠰᠢᠪᠲᠤᠯᠵᠤ ᠠᠪᠤᠪᠠᠴᠤ ᠡᠭᠦᠨ ᠢ᠋ ᠬᠠᠮᠠᠭᠠᠯᠠᠨ ᠰᠠᠬᠢᠵᠤ ᠴᠢᠳᠠᠬᠤ ᠦᠭᠡᠢ᠃ ᠮᠣᠩᠭᠣᠯ ᠤ᠋ᠨ ᠪᠦᠬᠦ ᠴᠡᠷᠢᠭ ᠢ᠋ᠶ᠋ᠡᠷ ᠰᠠᠬᠢᠪᠠᠴᠤ ᠬᠠᠷᠢᠨ ᠬᠥᠮᠦᠨ ᠦ᠌ ᠨᠡᠯᠦᠭᠡᠷ ᠳᠠᠯᠠᠢ ᠳ᠋ᠤ᠌ ᠵᠠᠯᠭᠢᠭᠳᠠᠵᠤ ᠭᠦᠢᠴᠡᠨᠡ᠃ ᠬᠡᠷᠪᠡ ᠬᠢᠳᠠᠨ ᠬᠥᠮᠦᠨ ᠢ᠋ ᠬᠣᠭᠣᠷᠣᠨᠳᠣ ᠪᠠᠨ ᠵᠠᠭᠤᠴᠢᠯᠠᠨ ᠬᠡᠷᠡᠭᠯᠡᠭᠡᠳ ᠡᠨᠡᠬᠦ ᠠᠷᠠᠳ ᠣᠯᠠᠨ ᠢ᠋ ᠥᠪᠡᠷ ᠦ᠋ᠨ ᠪᠡᠶᠡ ᠳ᠋ᠡᠭᠡᠨ ᠲᠠᠲᠠᠭᠠᠳ᠂ ᠡᠳᠡᠭᠡᠷ ᠬᠢᠳᠠᠨᠴᠤᠳ ᠲᠡᠭᠦᠨ ᠦ᠌ ᠡᠵᠡᠨ ᠡᠷᠬᠡ ᠶ᠋ᠢ ᠳᠠᠭᠠᠬᠤ ᠳ᠋ᠤ᠌ ᠬᠦᠷᠪᠡᠯ᠂ ᠲᠡᠳᠡᠨ ᠢ᠋ ᠡᠵᠡᠯᠡᠵᠦ ᠴᠢᠳᠠᠬᠤ ᠮᠠᠭᠠᠳ᠁
ᠤᠴᠢᠷ ᠡᠢᠮᠦ ᠡᠴᠡ ᠴᠢᠩᠭᠢᠰ ᠬᠠᠭᠠᠨ ᠪᠠᠢᠯᠳᠤᠭᠠᠨ ᠢ᠋ ᠦᠷᠭᠦᠯᠵᠢᠯᠡᠭᠦᠯᠬᠦ ᠰᠡᠳᠬᠢᠯ ᠢ᠋ᠶ᠋ᠡᠨ ᠳᠠᠬᠢᠨ ᠰᠢᠭᠤᠳᠪᠠ᠃ ᠲᠡᠭᠡᠭᠡᠳ ᠲᠡᠷᠡ ᠱᠠᠨ ᠰᠢ ᠮᠣᠵᠢ ᠪᠤᠶᠤ ᠵᠢᠢ ᠯᠢ ᠮᠣᠵᠢ ᠶ᠋ᠢᠨ ᠠᠯᠢᠨ ᠳ᠋ᠤ᠌ ᠴᠤ᠌ ᠪᠠᠢᠬᠤ ᠪᠠᠨ ᠪᠣᠯᠢᠭᠠᠳ᠂ ᠠᠷᠤ ᠭᠠᠵᠠᠷ ᠲᠠᠭᠠᠨ ᠤᠬᠤᠷᠢᠬᠤ ᠪᠠᠷ ᠰᠢᠭᠤᠳᠴᠠᠢ᠃ ᠲᠡᠨᠳᠡ ᠤᠯᠤᠰ ᠢ᠋ᠶ᠋ᠠᠨ ᠠᠷᠤ ᠠ᠋ᠴᠠ ᠳᠣᠪᠲᠣᠯᠬᠤ ᠶ᠋ᠢ ᠬᠠᠮᠠᠭᠠᠯᠠᠬᠤ ᠬᠣᠶᠠᠷ ᠳᠠᠪᠬᠤᠷ ᠤᠷᠲᠤ ᠴᠠᠭᠠᠨ ᠬᠡᠷᠡᠮ ᠪᠠᠢᠨᠠ᠃ ᠡᠨᠡᠬᠦ ᠳᠠᠪᠬᠤᠷ ᠴᠠᠭᠠᠨ ᠬᠡᠷᠡᠮ ᠦ᠋ᠨ ᠴᠢᠨᠠᠳᠤ ᠲᠠᠯᠠ ᠴᠤ᠌ ᠡᠰᠡᠷᠭᠦᠴᠡᠵᠦ ᠴᠢᠳᠠᠬᠤ ᠶᠠᠭᠤᠮᠠ ᠭᠡᠵᠦ ᠦᠭᠡᠢ ᠪᠢᠯᠡ᠃ ᠳᠠᠪᠬᠤᠷ ᠴᠠᠭᠠᠨ ᠬᠡᠷᠡᠮ ᠦ᠋ᠨ ᠬᠣᠭᠣᠷᠣᠨᠳᠣ ᠠᠯᠲᠠᠨ ᠤᠯᠤᠰ ᠤ᠋ᠨ ᠬᠠᠭᠠᠨ ᠤ᠋ ᠠᠳᠤᠭᠤᠨ ᠲᠠᠯᠠᠪᠠᠢ ᠪᠠᠢᠵᠤ᠂ ᠬᠠᠭᠠᠨ ᠤ᠋ ᠮᠣᠷᠢᠲᠤ ᠴᠡᠷᠢᠭ ᠪᠠᠢᠭᠤᠯᠬᠤ ᠲᠣᠮᠣ ᠭᠡᠭᠴᠢ ᠶ᠋ᠢᠨ ᠪᠡᠯᠡᠳᠬᠡᠯ ᠦ᠋ᠨ ᠭᠠᠵᠠᠷ ᠠᠵᠢ᠃ ᠴᠢᠩᠭᠢᠰ ᠬᠠᠭᠠᠨ ᠭᠠᠭᠴᠠ ᠴᠣᠬᠢᠯᠲᠠ ᠪᠠᠷ ᠡᠳᠡᠭᠡᠷ ᠠᠳᠤᠭᠤ ᠶ᠋ᠢ ᠬᠣᠷᠢᠶᠠᠨ ᠠᠪᠤᠭᠠᠳ᠂ ᠬᠣᠵᠢᠮ ᠣᠯᠠᠨ ᠮᠣᠷᠢᠲᠤ ᠴᠡᠷᠢᠭ ᠪᠠᠢᠭᠤᠯᠬᠤ ᠳ᠋ᠤ᠌ ᠰᠡᠳᠬᠢᠯ ᠵᠣᠪᠠᠬᠤ ᠬᠡᠷᠡᠭ ᠦᠭᠡᠢ ᠪᠣᠯᠤᠨᠠ᠃ ᠨᠥᠭᠦᠭᠡ ᠲᠠᠯᠠ ᠠ᠋ᠴᠠ ᠪᠣᠳᠣᠪᠠᠯ ᠠᠯᠲᠠᠨ ᠤᠯᠤᠰ ᠤ᠋ᠨ ᠮᠣᠷᠢᠲᠤ ᠴᠡᠷᠢᠭ ᠪᠠᠢᠭᠤᠯᠬᠤ ᠦᠷᠡ ᠶ᠋ᠢ ᠨᠢ ᠲᠠᠰᠤᠯᠤᠭᠠᠳ ᠲᠠᠯᠪᠢᠨᠠ᠂ ᠠᠯᠲᠠᠨ ᠬᠠᠭᠠᠨ ᠤ᠋ ᠬᠣᠵᠢᠮ ᠴᠤᠭᠯᠠᠭᠤᠯᠵᠤ ᠣᠯᠬᠤ ᠴᠡᠷᠢᠭ ᠨᠢ ᠪᠦᠷ ᠶᠠᠪᠠᠭᠠᠨ ᠴᠡᠷᠢᠭ ᠦ᠋ᠨ ᠲᠡᠳᠦᠢ ᠪᠣᠯᠬᠤ ᠲᠤᠯᠠ᠂ ᠪᠣᠰᠢᠭᠣ ᠲᠦᠷᠭᠡᠨ ᠮᠣᠷᠢᠲᠤ ᠴᠡᠷᠢᠭ ᠢ᠋ᠶ᠋ᠡᠷ ᠢ᠋ᠶ᠋ᠡᠨ ᠲᠡᠳᠡᠨ ᠦ᠌ ᠵᠦᠭ ᠬᠦᠰᠡᠭᠰᠡᠨ ᠭᠠᠵᠠᠷ᠂ ᠪᠣᠳᠣᠭᠰᠠᠨ ᠴᠣᠬᠢᠨ ᠰᠥᠨᠥᠭᠡᠵᠦ ᠴᠢᠳᠠᠨᠠ᠃ ᠲᠡᠭᠡᠭᠡᠳ ᠲᠡᠷᠡ ᠭᠡᠨᠡᠳᠡᠭᠦᠯᠦᠨ ᠴᠣᠬᠢᠭᠳᠠᠬᠤ ᠠᠶᠤᠯ ᠦᠭᠡᠢ ᠴᠠᠭᠠᠨ ᠬᠡᠷᠡᠮ ᠦ᠋ᠨ ᠠᠷᠤ ᠳ᠋ᠤ᠌ ᠡᠪᠦᠯᠵᠢᠬᠦ ᠪᠡᠷ ᠪᠡᠯᠡᠳᠬᠡᠨ᠂ ᠨᠢᠭᠡᠨ ᠡᠯᠴᠢ ᠪᠡᠨ ᠬᠢᠳᠠᠨ ᠤ᠋ ᠯᠢᠶᠣᠣ ᠤᠯᠤᠰ ᠤ᠋ᠨ ᠲᠦᠰᠢᠮᠡᠯ ᠦ᠋ᠨ ᠲᠡᠨᠳᠡ ᠲᠣᠮᠢᠯᠠᠨ ᠣᠴᠢᠭᠤᠯᠵᠠᠢ᠃
(ᠳᠥᠷᠪᠡ) ᠬᠢᠯᠢᠩᠯᠡᠭᠰᠡᠨ ᠴᠢᠩᠭᠢᠰ ᠬᠠᠭᠠᠨ ᠬᠠᠷᠠᠲᠠᠢ ᠠᠷᠭᠠ ᠬᠡᠷᠡᠭᠯᠡᠭᠰᠡᠨ ᠨᠢ
1212 ᠣᠨ ᠤ᠋ ᠬᠠᠪᠤᠷ᠂ ᠬᠢᠳᠠᠨ ᠦᠨᠳᠦᠰᠦᠲᠡᠨ ᠦ᠌ ᠯᠢᠶᠣᠣ ᠤᠯᠤᠰ ᠤ᠋ᠨ ᠨᠣᠶᠠᠨ ᠶᠧ ᠯᠢ ᠯᠢᠦ ᠬᠡ ᠤᠷᠪᠠᠯᠭᠠ ᠭᠠᠷᠭᠠᠪᠠ᠃ ᠡᠭᠦᠨ ᠦ᠌ ᠬᠠᠮᠲᠤ ᠴᠢᠩᠭᠢᠰ ᠬᠠᠭᠠᠨ ᠴᠠᠭᠠᠨ ᠬᠡᠷᠡᠮ ᠦ᠋ᠨ ᠣᠢᠷᠠᠯᠴᠠᠭᠠᠬᠢ ᠮᠣᠵᠢ ᠳ᠋ᠤ᠌ ᠪᠤᠯᠢᠶᠠᠨ ᠡᠵᠡᠯᠡᠬᠦ ᠲᠦᠷᠢᠯᠲᠡ ᠪᠡᠨ ᠡᠬᠢᠯᠡᠪᠡ᠃ ᠠᠯᠲᠠᠨ ᠤᠯᠤᠰ ᠤ᠋ᠨ ᠬᠠᠭᠠᠨ ᠤ᠋ ᠲᠣᠮᠢᠯᠠᠭᠰᠠᠨ ᠴᠡᠷᠢᠭ ᠨᠢ ᠪᠤᠲᠠ ᠴᠣᠬᠢᠭᠳᠠᠨ᠂ ᠴᠢᠩᠭᠢᠰ ᠬᠠᠭᠠᠨ ᠤ᠋ ᠴᠡᠷᠢᠭ᠂ ᠪᠤᠷᠤᠭᠤᠯᠠᠭᠰᠠᠨ ᠳᠠᠢᠰᠤᠨ ᠢ᠋ ᠰᠡᠭᠦᠯᠲᠡᠨ ᠨᠡᠬᠡᠭᠰᠡᠭᠡᠷ ᠴᠠᠭᠠᠨ ᠬᠡᠷᠡᠮ ᠢ᠋ ᠳᠠᠪᠠᠵᠤ᠂ ᠳᠠᠬᠢᠭᠠᠳ ᠱᠠᠨ ᠰᠢ ᠮᠣᠵᠢ ᠳ᠋ᠤ᠌ ᠢᠯᠡᠷᠡᠵᠡᠢ᠃ ᠲᠡᠨᠳᠡ ᠦᠵᠡᠭᠳᠡᠭᠰᠡᠨ ᠴᠢᠩᠭᠢᠰ ᠬᠠᠭᠠᠨ ᠢ᠋ ᠰᠣᠴᠢᠭᠠᠮᠠᠷ ᠪᠠᠢᠳᠠᠯ ᠨᠢ ᠤᠷᠢᠳ ᠵᠢᠯ ᠲᠡᠭᠦᠨ ᠳ᠋ᠦ᠍ ᠡᠪᠳᠡᠭᠳᠡᠭᠰᠡᠨ ᠬᠣᠲᠠ ᠪᠠᠯᠭᠠᠰᠤᠨ ᠨᠢ ᠨᠢᠭᠡᠯᠡ ᠡᠪᠦᠯ ᠦ᠋ᠨ ᠬᠣᠭᠣᠷᠣᠨᠳᠣ ᠪᠦᠷᠢᠮᠦᠰᠦᠨ ᠤᠭ ᠬᠡᠪ ᠢ᠋ᠶ᠋ᠡᠷ ᠢ᠋ᠶ᠋ᠡᠨ ᠳᠠᠬᠢᠨ ᠪᠠᠢᠭᠤᠯᠤᠭᠰᠠᠨ ᠪᠠᠢᠪᠠ᠃ ᠪᠠᠢᠯᠳᠤᠨ ᠳᠠᠭᠠᠭᠤᠯᠬᠤ ᠠᠵᠢᠯ ᠢ᠋ᠶ᠋ᠠᠨ ᠳᠠᠬᠢᠨ ᠡᠬᠢᠯᠡᠬᠦ ᠦᠭᠡᠢ ᠪᠡᠷ ᠪᠣᠯᠬᠤ ᠦᠭᠡᠢ ᠳ᠋ᠦ᠍ ᠬᠦᠷᠴᠡᠢ᠃ ᠰᠢᠢᠳᠪᠦᠷᠢᠲᠦ ᠪᠠᠢᠯᠳᠤᠭᠠᠨ ᠢ᠋ ᠲᠦᠷᠭᠡᠨ ᠪᠡᠶᠡᠯᠡᠭᠦᠯᠬᠦ ᠶ᠋ᠢᠨ ᠲᠥᠯᠥᠭᠡ᠂ ᠪᠠᠭᠠ ᠬᠣᠲᠠᠳ ᠢ᠋ ᠲᠡᠷᠡ ᠬᠠᠢᠬᠤᠷᠬᠤ ᠦᠭᠡᠢ ᠪᠡᠷ ᠣᠷᠬᠢᠭᠠᠳ᠂ ᠠᠯᠲᠠᠨ ᠬᠠᠭᠠᠨ ᠤ᠋ ᠪᠠᠷᠠᠭᠤᠨ ᠨᠡᠶ᠋ᠢᠰᠯᠡᠯ ᠳ᠋ᠠᠲ᠋ᠥ᠋ᠩ ᠬᠣᠲᠠ ᠶ᠋ᠢ ᠪᠦᠰᠡᠯᠡᠨ ᠴᠣᠬᠢᠵᠠᠢ᠃ ᠡᠭᠦᠨ ᠢ᠋ ᠲᠤᠰᠠᠯᠠᠬᠤ ᠪᠠᠷ ᠢᠷᠡᠭᠰᠡᠨ ᠬᠢᠲᠠᠳ ᠴᠡᠷᠢᠭ ᠪᠠᠰᠠ ᠳᠣᠣᠷᠠ ᠪᠠᠨ ᠳᠡᠢᠯᠦᠭᠳᠡᠪᠡ᠃ ᠴᠢᠩᠭᠢᠰ ᠬᠠᠭᠠᠨ ᠳ᠋ᠠᠲ᠋ᠥ᠋ᠩ ᠬᠣᠲᠠ ᠶ᠋ᠢ ᠡᠵᠡᠯᠡᠶᠡ ᠭᠡᠵᠦ ᠵᠣᠷᠢᠭ ᠰᠢᠭᠤᠳᠤᠨ ᠴᠣᠬᠢᠭᠰᠠᠨ ᠪᠣᠯᠪᠠᠴᠤ᠂ ᠡᠨᠡ ᠬᠣᠲᠠ ᠶ᠋ᠢ ᠮᠣᠷᠢᠲᠤ ᠴᠡᠷᠢᠭ ᠶᠠᠭᠠᠬᠢᠪᠠᠴᠤ ᠠᠪᠴᠤ ᠴᠢᠳᠠᠬᠤ ᠦᠭᠡᠢ ᠭᠡᠰᠡᠨ ᠨᠢ ᠳᠠᠬᠢᠨ ᠭᠡᠷᠡᠴᠢᠯᠡᠭᠳᠡᠪᠡ᠃ ᠴᠢᠩᠭᠢᠰ ᠬᠠᠭᠠᠨ ᠤ᠋ ᠪᠡᠶᠡ ᠴᠦ᠍ ᠨᠢᠭᠡᠨ ᠤᠳᠠᠭᠠ ᠶ᠋ᠢᠨ ᠰᠢᠪᠲᠤᠯᠤᠯᠲᠠ ᠶ᠋ᠢ ᠵᠢᠯᠣᠭᠣᠳᠴᠤ ᠵᠡᠪᠡ ᠶ᠋ᠢᠨ ᠰᠢᠷᠬᠠ ᠣᠯᠵᠠᠢ᠃
ᠳᠠᠷᠠᠭᠠ ᠳ᠋ᠤᠨᠢ ᠮᠠᠭᠤ ᠴᠢᠮᠡᠭᠡ ᠬᠢᠳᠠᠨ ᠠ᠋ᠴᠠ ᠰᠣᠨᠣᠰᠳᠠᠭᠰᠠᠨ ᠪᠠᠢᠨᠠ ᠃ ᠠᠯᠲᠠᠨ ᠤᠯᠤᠰ ᠤ᠋ᠨ ᠴᠡᠷᠢᠭ ᠬᠢᠳᠠᠨ ᠤ᠋ ᠣᠷᠣᠨ ᠨᠤᠲᠤᠭ ᠲᠤ᠌ ᠣᠷᠣᠭᠠᠳ ᠭᠠᠵᠠᠷ ᠪᠣᠯᠭᠠᠨ ᠳ᠋ᠤ᠌ ᠪᠣᠰᠤᠯᠭᠠ ᠶ᠋ᠢ ᠳᠠᠷᠤᠩᠭᠤᠢᠯᠠᠵᠤ ᠂ ᠤᠷᠪᠠᠭᠰᠠᠨ ᠴᠡᠷᠢᠭ ᠢ᠋ ᠪᠤᠲᠠ ᠴᠣᠬᠢᠵᠤ ᠯᠢᠶᠣᠣ ᠤᠯᠤᠰ ᠤ᠋ᠨ ᠨᠣᠶᠠᠨ ᠤ᠋ ᠣᠢᠷᠠ ᠬᠠᠪᠢ ᠳ᠋ᠤ᠌ ᠬᠦᠷᠦᠭᠡᠳ ᠪᠠᠴᠢᠮᠳᠠᠭᠤᠯᠵᠤ ᠪᠠᠢᠨᠠ ᠭᠡᠨᠡ ᠃ ᠠᠯᠲᠠᠨ ᠤᠯᠤᠰ ᠬᠡᠲᠦᠷᠬᠡᠢ ᠬᠦᠴᠦᠷᠬᠡᠭ ᠪᠠᠢᠨᠠ ᠃ ᠥᠭᠡᠷᠡ ᠨᠢᠭᠡ ᠲᠦᠷᠦᠭᠦᠦ ᠪᠠᠢᠭᠰᠠᠨ ᠪᠣᠯ ᠡᠨᠡ ᠮᠡᠲᠦ ᠡᠷᠡᠮᠡᠯᠵᠡᠯᠡᠯ ᠦᠭᠡᠢ ᠪᠠᠢᠯᠳᠤᠭᠠᠨ ᠢ᠋ ᠵᠣᠭᠰᠣᠭᠠᠭᠠᠳ ᠂ ᠠᠶᠤᠯ ᠦᠭᠡᠢ ᠠᠷᠤ ᠭᠠᠵᠠᠷ ᠤ᠋ᠨ ᠠᠭᠤᠳᠠᠮ ᠰᠠᠷᠠᠭᠤᠯ ᠲᠠᠯᠠ ᠨᠤᠲᠤᠭ ᠲᠠᠭᠠᠨ ᠪᠤᠴᠠᠵᠤ ᠶᠠᠪᠤᠭᠰᠠᠨ ᠪᠠᠢᠬᠠ ᠃ ᠴᠢᠩᠭᠢᠰ ᠬᠠᠭᠠᠨ ᠭᠡᠳ ᠨᠢᠭᠡᠨ ᠵᠢᠯ ᠦ᠋ᠨ ᠤᠷᠢᠳ ᠪᠠᠢᠭᠰᠠᠨ ᠪᠣᠯ ᠪᠠᠰᠠ ᠲᠡᠭᠡᠬᠦ ᠪᠠᠢᠭᠰᠠᠨ ᠪᠣᠯᠤᠯᠲᠠᠢ ᠂ ᠣᠳᠣ ᠴᠢᠩᠭᠢᠰ ᠬᠠᠭᠠᠨ ᠲᠡᠭᠡᠵᠦ ᠪᠣᠯᠬᠤ ᠦᠭᠡᠢ ᠭᠡᠵᠦ ᠪᠣᠳᠣᠭᠰᠠᠨ ᠪᠢᠯᠡ ᠃ᠲᠡᠷᠡ ᠨᠢᠭᠡᠨᠲᠡ ᠨᠥᠬᠥᠷᠰᠡᠭ ᠬᠥᠮᠦᠨ ᠢ᠋ᠶ᠋ᠡᠨ ᠣᠯᠵᠤ ᠬᠣᠯᠪᠣᠭᠠ ᠲᠠᠩᠭᠠᠷᠢᠭ ᠲᠠᠢ ᠪᠠᠷ ᠬᠠᠮᠲᠤᠷᠠᠨ ᠠᠯᠲᠠᠨ ᠤᠯᠤᠰ ᠢ᠋ ᠰᠥᠨᠥᠭᠡᠬᠦ ᠭᠡᠵᠦ ᠪᠣᠯᠵᠣᠭᠰᠠᠨ ᠶᠤᠮ ᠃ ᠣᠳᠣ ᠡᠴᠦᠰ ᠲᠦ᠋ᠨᠢ ᠲᠤᠯᠲᠠᠯᠠ ᠪᠠᠢᠯᠳᠤᠬᠤ ᠦᠭᠡᠢ ᠪᠡᠷ ᠪᠣᠯᠬᠤ ᠦᠭᠡᠢ ᠪᠣᠯᠵᠠᠢ ᠃
ᠴᠢᠩᠭᠢᠰ ᠬᠠᠭᠠᠨ ᠡᠷᠭᠢᠭᠡᠳ ᠴᠠᠭᠠᠨ ᠬᠡᠷᠡᠮ ᠦ᠋ᠨ ᠠᠷᠤ ᠲᠠᠯᠠ ᠳ᠋ᠤ᠌ ᠤᠬᠤᠷᠢᠨ ᠭᠠᠷᠤᠭᠠᠳ ᠮᠣᠩᠭᠣᠯ ᠴᠡᠷᠢᠭ ᠲᠡᠭᠡᠨ ᠬᠣᠲᠠ ᠶ᠋ᠢ ᠴᠣᠬᠢᠬᠤ ᠮᠡᠷᠭᠡᠵᠢᠯ ᠢ᠋ ᠪᠣᠯᠪᠠᠰᠤᠷᠠᠭᠤᠯᠪᠠ᠃ ᠡᠭᠦᠨ ᠦ᠌ ᠬᠠᠮᠲᠤ ᠵᠡᠪᠡ ᠨᠣᠶᠠᠨ ᠳ᠋ᠤ᠌ ᠬᠡᠳᠦᠨ ᠲᠦᠮᠡᠨ ᠮᠣᠷᠢᠲᠤ ᠴᠡᠷᠢᠭ ᠢ᠋ ᠥᠭᠴᠦ ᠂ ᠠᠯᠲᠠᠨ ᠤᠯᠤᠰ ᠤ᠋ᠨ ᠴᠡᠷᠢᠭ ᠲᠦ᠍ ᠳᠠᠷᠤᠯᠠᠭᠳᠠᠵᠤ ᠪᠠᠢᠬᠤ ᠯᠢᠶᠣᠣ ᠤᠯᠤᠰ ᠤ᠋ᠨ ᠨᠣᠶᠠᠨ ᠢ᠋ ᠪᠠᠴᠢᠮ ᠲᠤᠰᠠᠯᠠᠬᠤ ᠪᠠᠷ ᠲᠣᠮᠢᠯᠠᠪᠠ ᠃ ᠵᠡᠪᠡ ᠡᠪᠦᠯ ᠦ᠋ᠨ ᠬᠤᠭᠤᠴᠠᠭᠠᠨ ᠤ᠋ ᠪᠠᠢᠯᠳᠤᠭᠠᠨ ᠳ᠋ᠤ᠌ ᠠᠯᠲᠠᠨ ᠤᠯᠤᠰ ᠤ᠋ᠨ ᠴᠡᠷᠢᠭ ᠢ᠋ ᠬᠢᠳᠠᠨ ᠤ᠋ ᠬᠢᠯᠢ ᠡᠴᠡ ᠬᠥᠭᠡᠭᠡᠵᠦ ᠭᠠᠷᠭᠠᠭᠰᠠᠨ ᠪᠥᠭᠡᠳ ᠠᠯᠲᠠᠨ ᠤᠯᠤᠰ ᠤ᠋ᠨ ᠵᠡᠭᠦᠨ ᠨᠡᠢᠰᠯᠡᠯ ᠯᠢᠶᠣᠣ ᠶᠠᠩ ᠬᠣᠲᠠ ᠶ᠋ᠢ ᠪᠤᠯᠢᠶᠠᠵᠤ ᠠᠪᠬᠤ ᠭᠡᠵᠦ ᠲᠤᠷᠰᠢᠵᠤ ᠦᠵᠡᠭᠰᠡᠨ ᠪᠣᠯᠪᠠᠴᠤ ᠂ᠪᠠᠷᠠᠭᠤᠨ ᠨᠡᠢᠰᠯᠡᠯ ᠳ᠋ᠠᠲ᠋ᠥ᠋ᠩ ᠢ᠋ ᠪᠦᠰᠡᠯᠡᠨ ᠴᠣᠬᠢᠭᠠᠳ ᠪᠦᠲᠦᠭᠰᠡᠨ ᠦᠭᠡᠢ ᠲᠡᠢ ᠠᠳᠠᠯᠢ ᠠᠮᠲᠠ ᠶ᠋ᠢ ᠠᠮᠰᠠᠵᠠᠢ ᠃ ᠣᠯᠠᠨ ᠬᠣᠲᠠ ᠪᠠᠯᠭᠠᠰᠤ ᠨᠢ ᠮᠣᠩᠭᠣᠯ ᠴᠡᠷᠢᠭ ᠲᠦ᠍ ᠪᠦᠷ ᠠᠪᠲᠠᠭᠳᠠᠬᠤ ᠦᠭᠡᠢ ᠪᠠᠢᠭᠰᠠᠨ ᠠᠵᠢ ᠃ ᠡᠭᠦᠨ ᠳ᠋ᠦ᠍ ᠵᠡᠪᠡ ᠨᠣᠶᠠᠨ ᠮᠣᠩᠭᠣᠯ ᠴᠡᠷᠢᠭ ᠦ᠋ᠨ ᠬᠡᠷᠡᠭᠯᠡᠵᠦ ᠳᠠᠳᠤᠭᠰᠠᠨ ᠠᠷᠭᠠ ᠶ᠋ᠢ ᠬᠡᠷᠡᠭᠯᠡᠵᠡᠢ ᠃ᠠᠯᠲᠠᠨ ᠤᠯᠤᠰ ᠤ᠋ᠨ ᠲᠤᠰᠠᠯᠠᠬᠤ ᠶᠡᠬᠡ ᠴᠡᠷᠢᠭ ᠢᠷᠡᠯᠡ ᠭᠡᠰᠡᠨ ᠴᠢᠮᠡᠭᠡ ᠶ᠋ᠢ ᠥᠷᠭᠡᠨ ᠢ᠋ᠶ᠋ᠡᠷ ᠤᠯᠠᠮᠵᠢᠯᠠᠭᠰᠠᠨ ᠬᠣᠢᠨᠠ᠂ ᠲᠡᠷᠡ ᠶᠡᠬᠡᠳᠡ ᠰᠠᠨᠳᠤᠷᠴᠤ ᠮᠡᠩᠳᠡᠭᠦᠷᠡᠭᠰᠡᠨ ᠪᠠᠢᠳᠠᠯ ᠭᠠᠷᠭᠠᠨ᠂ ᠯᠢᠶᠣᠣ ᠶᠠᠩ ᠬᠣᠲᠠ ᠶ᠋ᠢᠨ ᠡᠮᠦᠨᠡ ᠴᠡᠷᠢᠭ ᠦ᠋ᠨ ᠮᠠᠢᠬᠠᠨ ᠬᠡᠷᠡᠭᠰᠡᠯ ᠢ᠋ᠶ᠋ᠡᠨ ᠣᠷᠬᠢᠭᠠᠳ ᠬᠤᠷᠳᠤᠨ ᠲᠦᠷᠭᠡᠨ ᠮᠣᠷᠳᠠᠭᠲᠤᠨ ᠭᠡᠵᠦ ᠵᠠᠷᠯᠢᠭᠳᠠᠪᠠ ᠃ᠲᠡᠭᠡᠭᠡᠳ ᠬᠣᠶᠠᠷ ᠡᠳᠦᠷ ᠦ᠋ᠨ ᠲᠤᠷᠰᠢ ᠦᠷᠭᠦᠯᠵᠢᠯᠡᠨ ᠪᠤᠷᠤᠭᠤᠯᠠᠵᠠᠢ᠃ᠲᠡᠷᠡ ᠴᠡᠷᠢᠭ ᠨᠠᠷ ᠲᠠᠭᠠᠨ ᠬᠥᠲᠥᠯᠦᠭᠡ ᠮᠣᠷᠢ ᠶ᠋ᠢ ᠨᠢ ᠬᠠᠯᠠᠵᠤ ᠤᠨᠤᠭᠤᠯᠤᠭᠠᠳ᠂ᠯᠢᠶᠣᠣ ᠶᠠᠩ ᠬᠣᠲᠠ ᠬᠦᠷᠬᠦ ᠬᠣᠶᠠᠷ ᠡᠳᠦᠷ ᠦ᠋ᠨ ᠵᠠᠮ ᠢ᠋ ᠨᠢᠭᠡ ᠯᠡ ᠰᠥᠨᠢ ᠶ᠋ᠢᠨ ᠴᠢᠯᠥᠭᠡᠨ ᠳ᠋ᠦ᠍ ᠬᠦᠷᠴᠦ ᠪᠠᠢᠯᠳᠤᠵᠠᠢ ᠃ᠡᠨᠡᠬᠦ ᠮᠡᠬᠡᠲᠡᠢ ᠠᠷᠭᠠ ᠨᠢ ᠶᠡᠬᠡ ᠭᠠᠪᠢᠶᠠ ᠪᠦᠲᠦᠭᠡᠭᠰᠡᠨ ᠪᠠᠢᠨᠠ ᠃ ᠯᠢᠶᠣᠣ ᠶᠠᠩ ᠬᠣᠲᠠ ᠶ᠋ᠢ ᠰᠠᠬᠢᠭᠰᠠᠨ ᠪᠦᠬᠦ ᠴᠡᠷᠢᠭ ᠬᠢᠭᠡᠳ ᠨᠢᠭᠡ ᠪᠦᠯᠦᠭ ᠠᠷᠠᠳ ᠬᠣᠲᠠ ᠶ᠋ᠢᠨ ᠪᠦᠬᠦ ᠬᠠᠭᠠᠯᠭᠠ ᠪᠠᠨ ᠨᠡᠭᠡᠭᠡᠵᠦ ᠬᠠᠶᠠᠭᠠᠳ ᠂ᠮᠣᠩᠭᠣᠯ ᠴᠡᠷᠢᠭ ᠦ᠋ᠨ ᠬᠦᠷᠢᠶᠡᠨ ᠳ᠋ᠦ᠍ ᠶᠠᠭᠤᠮᠠ ᠪᠤᠯᠢᠶᠠᠯᠳᠤᠵᠤ ᠪᠠᠢᠭᠰᠠᠨ ᠦᠶᠡ ᠳ᠋ᠦ᠍ ᠂ᠮᠣᠩᠭᠣᠯ ᠴᠡᠷᠢᠭ ᠬᠦᠷᠴᠦ ᠣᠴᠢᠭᠠᠳ ᠮᠣᠷᠢᠨ ᠢ᠋ᠶ᠋ᠠᠷ ᠢ᠋ᠶ᠋ᠠᠨ ᠭᠢᠰᠬᠢᠭᠦᠯᠦᠨ ᠂ᠰᠡᠯᠡᠮᠡ ᠪᠡᠷ ᠢ᠋ᠶ᠋ᠡᠨ ᠴᠠᠪᠴᠢᠯᠠᠨ ᠠᠯᠠᠭᠰᠠᠭᠠᠷ ᠬᠣᠲᠠ ᠶ᠋ᠢ ᠡᠵᠡᠯᠡᠨ ᠠᠪᠴᠠᠢ ᠃ ᠡᠨᠡ ᠠᠮᠵᠢᠯᠲᠠ ᠶ᠋ᠢᠨ ᠦᠷᠡ ᠳ᠋ᠦᠩ ᠢ᠋ᠶ᠋ᠡᠷ ᠥᠨᠥᠳᠥᠷ ᠪᠣᠯᠲᠠᠯᠠ ᠰᠡᠳᠬᠢᠯ ᠰᠢᠭᠤᠳᠤᠭᠠᠳᠤᠢ ᠭᠤᠢᠪᠢᠯᠵᠠᠵᠤ ᠪᠠᠢᠭᠰᠠᠨ ᠶᠧ ᠯᠢ ᠯᠢᠦ ᠬᠡ ᠣᠳᠣ ᠪᠡᠶᠡ ᠪᠡᠨ ᠯᠢᠶᠣᠣ ᠸᠠᠩ ᠭᠡᠮᠡᠨ ᠨᠡᠷᠡᠢᠳᠦᠭᠡᠳ ᠂ᠯᠢᠶᠣᠣ ᠤᠯᠤᠰ ᠪᠣᠯ ᠴᠢᠩᠭᠢᠰ ᠬᠠᠭᠠᠨ ᠤ᠋ ᠬᠠᠮᠠᠭᠠᠯᠠᠯ ᠳᠣᠣᠷᠠᠬᠢ ᠤᠯᠤᠰ ᠮᠥᠨ ᠭᠡᠵᠦ ᠨᠡᠢᠲᠡᠯᠡᠵᠡᠢ᠃ ᠳᠠᠷᠠᠭᠠ ᠵᠢᠯ ᠦ᠋ᠨ ᠬᠠᠪᠤᠷ ᠮᠣᠩᠭᠣᠯ ᠴᠡᠷᠢᠭ ᠡᠴᠦᠰ ᠲᠡᠭᠡᠨ ᠡᠯᠡ ᠵᠦᠢᠯ ᠦ᠋ᠨ ᠪᠡᠯᠡᠳᠬᠡᠯ ᠢ᠋ᠶ᠋ᠡᠨ ᠭᠦᠢᠴᠡᠳᠬᠡᠵᠦ ᠂ᠭᠤᠷᠪᠠᠳᠤᠭᠠᠷ ᠤᠳᠠᠭᠠ ᠶ᠋ᠢᠨ ᠪᠠᠢᠯᠳᠤᠭᠠᠨ ᠢ᠋ᠶ᠋ᠠᠨ ᠵᠣᠬᠢᠶᠠᠨ ᠪᠠᠢᠭᠤᠯᠤᠯᠲᠠ ᠲᠠᠢ ᠬᠣᠢᠲᠤ ᠣᠷᠣᠨ ᠤ᠋ ᠬᠡᠳᠦᠨ ᠮᠣᠵᠢ ᠶ᠋ᠢᠨ ᠬᠡᠪᠴᠢᠶᠡ ᠪᠡᠷ ᠡᠬᠢᠯᠡᠭᠦᠯᠪᠡ ᠃ᠡᠨᠡ ᠤᠳᠠᠭᠠ ᠶᠠᠮᠠᠷ ᠶᠡᠬᠡ ᠪᠠᠭᠠ ᠬᠣᠲᠠ ᠭᠡᠵᠦ ᠢᠯᠭᠠᠯ ᠦᠭᠡᠢ ᠴᠣᠬᠢᠨ ᠤᠷᠤᠭᠰᠢᠯᠠᠪᠠ ᠃ᠮᠣᠩᠭᠣᠯᠴᠤᠳ ᠪᠠᠭᠠ ᠬᠣᠲᠠ ᠶ᠋ᠢ ᠴᠣᠬᠢᠬᠤ ᠳ᠋ᠠᠭᠠᠨ ᠶᠡᠬᠡ ᠬᠣᠲᠠ ᠶ᠋ᠢ ᠴᠣᠬᠢᠬᠤ ᠪᠣᠯᠪᠠᠰᠤᠷᠠᠯ ᠬᠢᠵᠦ ᠲᠤᠷᠰᠢᠯᠭᠠ ᠪᠠᠨ ᠬᠤᠷᠠᠮᠳᠤᠭᠤᠯᠪᠠ ᠃ ᠴᠢᠩᠭᠢᠰ ᠬᠠᠭᠠᠨ ᠤ᠋ ᠤᠳᠬᠤᠨ ᠬᠥᠪᠡᠭᠦᠨ ᠲᠤᠯᠤᠢ ᠪᠣᠯᠤᠨ ᠴᠢᠭᠣ ᠬᠦᠷᠭᠡᠨ ᠣᠯᠠᠨ ᠠ᠋ᠴᠠ ᠲᠡᠷᠢᠭᠦᠯᠡᠨ ᠬᠣᠲᠠ ᠶ᠋ᠢᠨ ᠬᠡᠷᠡᠮ ᠢ᠋ ᠠᠪᠠᠷᠢᠭᠠᠳ ᠬᠡᠪ ᠳᠦᠷᠢᠮ ᠦᠵᠡᠭᠦᠯᠪᠡ ᠃ ᠪᠤᠰᠤᠳ ᠬᠥᠪᠡᠭᠦᠨ ᠪᠠ ᠥᠷᠯᠥᠭ ᠨᠠᠷ ᠨᠢ ᠴᠥᠮ ᠠᠭᠤᠯᠠᠷᠬᠠᠭ ᠵᠠᠮ ᠤ᠋ᠨ ᠪᠣᠭᠣᠮᠲᠠ ᠶ᠋ᠢ ᠳᠠᠭᠠᠷᠢᠵᠤ ᠠᠯᠬᠤᠮ ᠳᠠᠷᠠᠭᠠᠯᠠᠨ ᠡᠵᠡᠯᠡᠨ ᠠᠪᠴᠠᠢ ᠃ᠣᠳᠣ ᠠᠩᠬᠠ ᠡᠯᠴᠢ ᠪᠣᠯᠵᠤ ᠢᠷᠡᠭᠰᠡᠨ ᠯᠢᠶᠣᠣ ᠤᠯᠤᠰ ᠤ᠋ᠨ ᠦᠷᠡᠳᠦᠰ ᠦ᠋ᠨ ᠬᠡᠯᠡᠯᠴᠡᠭᠰᠡᠨ ᠪᠣᠯᠵᠣᠭᠠ ᠨᠢ ᠪᠦᠷᠢᠮᠦᠰᠦᠨ ᠪᠡᠶᠡᠯᠡᠭᠳᠡᠬᠦ ᠪᠣᠯᠪᠠ ᠃ ᠮᠣᠩᠭᠣᠯ ᠴᠡᠷᠢᠭ ᠦ᠋ᠨ ᠳᠣᠪᠲᠣᠯᠭᠠ ᠨᠢ ᠵᠥᠪᠬᠡᠨ ᠪᠤᠯᠢᠶᠠᠨ ᠳᠡᠭᠡᠷᠡᠮᠳᠡᠬᠦ ᠶ᠋ᠢᠨ ᠲᠥᠯᠥᠭᠡ ᠪᠢᠰᠢ ᠂ ᠬᠠᠷᠢᠨ ᠵᠣᠬᠢᠶᠠᠨ ᠪᠠᠢᠭᠤᠯᠤᠯᠲᠠ ᠰᠠᠢᠲᠠᠢ ᠴᠣᠬᠢᠯᠲᠠ ᠮᠥᠨ ᠭᠡᠰᠡᠨ ᠬᠡᠷᠡᠭ ᠨᠢ ᠲᠣᠳᠣᠷᠬᠠᠢ ᠪᠣᠯᠤᠭᠰᠠᠨ ᠲᠤᠯᠠ ᠬᠢᠳᠠᠨ ᠦᠨᠳᠦᠰᠦᠲᠡᠨ ᠦ᠌ ᠵᠠᠩᠵᠤᠨ ᠨᠠᠷ ᠤ᠋ᠨ ᠳᠣᠲᠣᠷᠠ ᠠ᠋ᠴᠠ ᠵᠠᠷᠢᠮ ᠨᠢ ᠴᠡᠷᠢᠭ ᠢ᠋ᠶ᠋ᠡᠨ ᠳᠠᠭᠠᠭᠤᠯᠤᠨ ᠴᠢᠩᠭᠢᠰ ᠬᠠᠭᠠᠨ ᠤ᠋ ᠲᠠᠯᠠ ᠳ᠋ᠤ᠌ ᠬᠠᠪᠰᠤᠷᠤᠨ ᠪᠠᠢᠯᠳᠤᠬᠤ ᠪᠣᠯᠪᠠ ᠃ ᠣᠳᠣ ᠴᠢᠩᠭᠢᠰ ᠬᠠᠭᠠᠨ ᠭᠠᠭᠴᠠ ᠱᠠᠨ ᠰᠢ ᠮᠣᠵᠢ ᠶ᠋ᠢ ᠡᠵᠡᠯᠡᠨ ᠠᠪᠤᠭᠰᠠᠨ ᠢ᠋ᠶ᠋ᠠᠷ ᠪᠠᠷᠠᠬᠤ ᠦᠭᠡᠢ᠂ᠪᠡᠭᠡᠵᠢᠩ ᠦ᠋ᠨ ᠠᠭᠤᠳᠠᠮ ᠲᠠᠯᠠ ᠭᠠᠵᠠᠷ ᠢ᠋ ᠵᠦᠭ ᠪᠦᠷᠢ ᠡᠴᠡ ᠬᠠᠲᠠᠭᠤ ᠪᠡᠬᠢ ᠪᠡᠷ ᠪᠦᠰᠡᠯᠡᠵᠡᠢ ᠃
ᠠᠶᠤᠯ ᠲᠦᠭᠰᠢᠭᠦᠷᠢ ᠤᠯᠠᠮ ᠰᠢᠬᠠᠮᠳᠠᠭᠠᠳ ᠢᠷᠡᠭᠰᠡᠨ ᠡᠨᠡ ᠦᠶᠡ ᠳ᠋ᠦ᠍᠂ ᠬᠠᠭᠠᠨ ᠣᠷᠳᠣᠨ ᠤ᠋ ᠬᠤᠪᠢᠰᠤᠯ ᠪᠡᠭᠡᠵᠢᠩ ᠬᠣᠲᠠ ᠳ᠋ᠤ᠌ ᠡᠭᠦᠰᠴᠡᠢ᠃ ᠠᠯᠲᠠᠨ ᠤᠯᠤᠰ ᠤ᠋ᠨ ᠬᠠᠭᠠᠨ᠂ ᠤᠯᠤᠰ ᠨᠢ ᠪᠠᠴᠢᠮ ᠲᠦᠭᠰᠢᠭᠦᠷᠢ ᠳ᠋ᠦ᠍ ᠲᠤᠯᠭᠠᠷᠠᠭᠰᠠᠨ ᠳ᠋ᠠᠭᠠᠨ ᠣᠨᠴᠠ ᠠᠭᠤᠴᠢᠯᠠᠯᠲᠠ ᠶ᠋ᠢᠨ ᠵᠠᠷᠯᠢᠭ ᠪᠠᠭᠤᠯᠭᠠᠵᠤ ᠳᠦᠷᠢᠮ ᠢ᠋ ᠵᠥᠷᠢᠴᠡᠭᠡᠳ ᠶᠠᠯᠠᠳᠠᠭᠳᠠᠵᠤ ᠪᠠᠢᠭᠰᠠᠨ ᠵᠠᠩᠵᠤᠨ ᠨᠠᠷ ᠢ᠋ᠶ᠋ᠠᠨ ᠳᠠᠬᠢᠨ ᠰᠡᠷᠭᠦᠭᠡᠨ ᠬᠡᠷᠡᠭᠯᠡᠵᠡᠢ᠃ ᠲᠡᠳᠡᠭᠡᠷ ᠦ᠋ᠨ ᠳᠣᠲᠣᠷᠠ ᠬᠡᠦ ᠱᠠᠨ ᠬᠡᠦ ᠭᠡᠳᠡᠭ ᠨᠢᠭᠡᠨ ᠬᠥᠮᠦᠨ ᠪᠠᠢᠵᠠᠢ᠃ ᠤᠯᠤᠰ ᠤ᠋ᠨ ᠠᠶᠤᠯ ᠲᠠᠢ ᠦᠶᠡ ᠪᠣᠯᠬᠣᠷ ᠲᠡᠭᠦᠨ ᠳ᠋ᠦ᠍ ᠪᠠᠰᠠ ᠨᠢᠭᠡᠨ ᠲᠦᠮᠡᠨ ᠴᠡᠷᠢᠭ ᠦ᠋ᠨ ᠵᠢᠯᠣᠭᠣᠳᠤᠭᠴᠢ ᠪᠠᠷ ᠵᠠᠷᠯᠠᠭᠰᠠᠨ ᠪᠢᠯᠡ᠃ ᠡᠨᠡ ᠬᠥᠮᠦᠨ ᠭᠡᠨᠡᠳᠲᠡ ᠪᠡᠷ ᠤᠷᠪᠠᠨ ᠶᠡᠷᠦᠩᠬᠡᠢ ᠵᠠᠬᠢᠷᠤᠭᠴᠢ ᠪᠠᠨ ᠠᠯᠠᠭᠠᠳ᠂ ᠬᠠᠭᠠᠨ ᠤ᠋ ᠣᠷᠳᠣᠨ ᠢ᠋ ᠡᠵᠡᠮᠰᠢᠨ ᠶᠦᠩ ᠵᠢᠢ ᠬᠠᠭᠠᠨ ᠢ᠋ᠶ᠋ᠠᠨ ᠪᠠᠰᠠ ᠬᠣᠣᠷᠯᠠᠵᠤ ᠠᠯᠠᠵᠠᠢ᠃ ᠴᠢᠩᠭᠢᠰ ᠬᠠᠭᠠᠨ ᠪᠦᠬᠦ ᠲᠠᠯᠠ ᠶ᠋ᠢᠨ ᠪᠠᠢᠯᠳᠤᠭᠠᠨ ᠢ᠋ᠶ᠋ᠠᠨ ᠲᠦᠷ ᠵᠣᠭᠰᠣᠭᠠᠵᠤ᠂ ᠡᠨᠡᠬᠦ ᠴᠣᠬᠢᠭᠳᠠᠭᠠᠳ ᠡᠪᠳᠡᠷᠡᠰᠢ ᠦᠭᠡᠢ ᠪᠡᠭᠡᠵᠢᠩ ᠬᠣᠲᠠ ᠶ᠋ᠢᠨ ᠬᠠᠭᠠᠯᠭᠠ ᠶ᠋ᠢ ᠲᠡᠭᠦᠨ ᠳ᠋ᠦ᠍ ᠨᠡᠭᠡᠭᠡᠵᠦ ᠥᠭᠬᠦ ᠴᠦ᠍ ᠮᠠᠭᠠᠳ ᠦᠭᠡᠢ ᠭᠡᠵᠦ ᠪᠣᠳᠣᠨ ᠪᠡᠭᠡᠵᠢᠩ ᠤᠷᠤᠭᠤ ᠴᠢᠭᠯᠡᠭᠡᠳ ᠲᠦᠷᠭᠡᠪᠴᠢᠯᠡᠨ ᠮᠣᠷᠳᠠᠪᠠ᠃ ᠶᠠᠭᠠᠬᠢᠭᠠᠳ ᠭᠡᠪᠡᠯ ᠡᠨᠡ ᠤᠳᠠᠭᠠ ᠶ᠋ᠢᠨ ᠬᠤᠪᠢᠰᠤᠯ ᠠ᠋ᠴᠠ ᠪᠣᠯᠵᠤ ᠯᠢᠶᠣᠣ ᠤᠯᠤᠰ ᠤ᠋ᠨ ᠦᠷᠡᠳᠦᠰ ᠪᠦᠯᠦᠭᠯᠡᠨ ᠪᠣᠰᠤᠭᠰᠠᠨ ᠨᠢ ᠭᠠᠷᠴᠠᠭᠠ ᠦᠭᠡᠢ ᠭᠡᠵᠦ ᠪᠣᠳᠣᠭᠰᠠᠨ ᠪᠢᠯᠡ᠃ ᠯᠢᠶᠣᠣ ᠤᠯᠤᠰ ᠤ᠋ᠨ ᠤᠳᠤᠮ ᠲᠠᠢ ᠬᠠᠭᠤᠴᠢᠨ ᠬᠢᠳᠠᠨ ᠬᠥᠮᠦᠨ ᠦ᠌ ᠤᠭ ᠢᠵᠠᠭᠤᠷ ᠤ᠋ᠨ ᠲᠤᠬᠠᠢ ᠳᠣᠲᠣᠷᠠ ᠭᠠᠵᠠᠷ ᠤ᠋ᠨ ᠬᠥᠮᠦᠰ ᠡᠴᠡ ᠦᠵᠡᠪᠡᠯ ᠪᠠᠰᠠᠴᠤ ᠮᠠᠨᠵᠤ ᠦᠨᠳᠦᠰᠦᠲᠡᠨ ᠲᠡᠢ ᠠᠳᠠᠯᠢ ᠥᠭᠡᠷᠡ ᠦᠨᠳᠦᠰᠦᠲᠡᠨ ᠭᠡᠵᠦ ᠪᠣᠳᠣᠵᠤ ᠪᠠᠢᠭᠰᠠᠨ ᠢ᠋ ᠬᠠᠷᠢᠨ ᠴᠢᠩᠭᠢᠰ ᠬᠠᠭᠠᠨ ᠣᠯᠵᠤ ᠮᠡᠳᠡᠭᠰᠡᠨ ᠦᠭᠡᠢ ᠶᠦᠮ᠃ ᠲᠡᠳᠡᠨᠡᠷ ᠪᠠᠰᠠ ᠭᠤᠷᠪᠠᠨ ᠵᠠᠭᠤᠨ ᠵᠢᠯ ᠦ᠋ᠨ ᠡᠮᠦᠨᠡ ᠭᠠᠳᠠᠭᠠᠳᠤ ᠠ᠋ᠴᠠ ᠢᠷᠡᠭᠰᠡᠨ ᠪᠠᠢᠯᠳᠤᠨ ᠳᠠᠭᠠᠭᠤᠯᠤᠭᠴᠢ ᠮᠥᠨ ᠪᠥᠭᠡᠳ ᠠᠯᠢᠪᠠ ᠳᠣᠲᠣᠷᠠ ᠭᠠᠵᠠᠷ ᠢ᠋ ᠲᠥᠪᠰᠢᠳᠬᠡᠭᠴᠢᠳ ᠲᠡᠢ ᠠᠳᠠᠯᠢ ᠪᠠᠷ᠂ ᠪᠦᠬᠦ ᠵᠠᠩ ᠳᠠᠳᠬᠠᠯ ᠢ᠋ᠶ᠋ᠠᠨ ᠭᠡᠭᠡᠭᠡᠳ ᠬᠢᠲᠠᠳ ᠲᠤ᠌ ᠬᠠᠢᠯᠤᠭᠳᠠᠪᠠᠴᠤ ᠬᠦᠷᠢᠶᠡᠯᠡᠯ ᠢ᠋ ᠣᠯᠵᠤ ᠴᠢᠳᠠᠬᠤ ᠦᠭᠡᠢ᠃ ᠳᠣᠲᠣᠷᠠ ᠭᠠᠵᠠᠷ ᠤ᠋ᠨ ᠬᠥᠮᠦᠰ《ᠲᠩᠷᠢ ᠡᠴᠡ ᠲᠡᠳᠡᠨ ᠳ᠋ᠦ᠍ ᠳᠤᠮᠳᠠᠳᠤ ᠬᠠᠭᠠᠨᠲᠤ ᠤᠯᠤᠰ ᠤ᠋ᠨ ᠭᠣᠣᠯ ᠡᠷᠬᠡ ᠶ᠋ᠢ ᠲᠤᠰᠢᠶᠠᠬᠤ ᠴᠠᠭ ᠬᠦᠷᠲᠡᠯᠡ》 ᠡᠳᠡᠭᠡᠷ ᠬᠠᠷᠢ ᠦᠨᠳᠦᠰᠦᠲᠡᠨ ᠦ᠌ ᠬᠡᠮᠵᠢᠶᠡ ᠦᠭᠡᠢ ᠪᠠᠷᠳᠠᠮᠨᠠᠵᠤ ᠠᠭᠠᠰᠢᠯᠠᠬᠤ ᠶ᠋ᠢ ᠲᠡᠰᠪᠦᠷᠢᠯᠡᠵᠦ᠂ ᠬᠠᠷᠢ ᠦᠨᠳᠦᠰᠦᠲᠡᠨ ᠦ᠌ ᠵᠠᠩᠵᠤᠨ ᠨᠠᠷ ᠤ᠋ᠨ ᠳᠣᠣᠷᠠ ᠵᠠᠬᠢᠷᠤᠭᠳᠠᠨ ᠰᠢᠨᠡ ᠳᠠᠢᠰᠤᠨ ᠲᠠᠢ ᠪᠠᠢᠯᠳᠤᠵᠤ ᠪᠠᠢᠭᠰᠠᠨ ᠪᠣᠯᠪᠠᠴᠤ ᠡᠴᠦᠰ ᠲᠡᠭᠡᠨ ᠲᠡᠳᠡᠨ ᠢ᠋ ᠥᠪᠡᠷ ᠦ᠋ᠨ ᠬᠥᠮᠦᠨ ᠭᠡᠵᠦ ᠦᠵᠡᠬᠦ ᠦᠭᠡᠢ ᠪᠠᠢᠭᠰᠠᠨ ᠶᠤᠮ᠃ ᠬᠡᠦ ᠱᠠᠨ ᠬᠡᠦ ᠴᠦ᠍ ᠠᠷᠤ ᠭᠠᠵᠠᠷ ᠤ᠋ᠨ《ᠵᠡᠷᠯᠢᠭ ᠦᠨᠳᠦᠰᠦᠲᠡᠨ》 ᠦ᠌ ᠡᠵᠡᠨ ᠡᠷᠬᠡ ᠶ᠋ᠢ ᠵᠥᠪᠰᠢᠶᠡᠷᠡᠬᠦ ᠭᠡᠵᠦ ᠪᠣᠳᠣᠭᠰᠠᠨ ᠦᠭᠡᠢ᠂ ᠲᠡᠷᠡᠴᠢᠯᠡᠨ ᠯᠢᠶᠣᠣ ᠤᠯᠤᠰ ᠤ᠋ᠨ ᠦᠯᠡᠳᠡᠭᠳᠡᠯ ᠨᠠᠮ ᠤ᠋ᠨ ᠬᠥᠮᠦᠨ ᠴᠦ᠍ ᠪᠢᠰᠢ ᠪᠠᠢᠪᠠ᠃ ᠲᠡᠭᠦᠨ ᠦ᠌ ᠤᠳᠤᠷᠢᠳᠤᠭᠰᠠᠨ ᠬᠤᠪᠢᠰᠤᠯ ᠨᠢ ᠬᠤᠪᠢ ᠬᠥᠮᠦᠨ ᠦ᠌ ᠠᠵᠢᠯᠯᠠᠭᠠ ᠮᠥᠨ ᠪᠣᠯᠬᠣᠷ ᠶᠦᠩ ᠵᠢᠢ ᠦᠬᠦᠭᠰᠡᠨ ᠬᠣᠢᠨᠠ ᠲᠡᠷᠡ ᠥᠪᠡᠷ ᠦ᠋ᠨ ᠪᠡᠶᠡ ᠪᠡᠨ ᠪᠦᠬᠦ ᠠᠯᠲᠠᠨ ᠤᠯᠤᠰ ᠤ᠋ᠨ ᠴᠡᠷᠢᠭ ᠦ᠋ᠨ ᠶᠡᠷᠦᠩᠬᠡᠢ ᠵᠠᠬᠢᠷᠤᠭᠴᠢ ᠭᠡᠵᠦ ᠨᠡᠢᠲᠡᠯᠡᠭᠡᠳ᠂ ᠲᠡᠭᠦᠨ ᠦ᠌ ᠦᠭᠡ ᠨᠣᠮ ᠢ᠋ ᠳᠠᠭᠠᠳᠠᠭ ᠠᠯᠲᠠᠨ ᠤᠯᠤᠰ ᠤ᠋ᠨ ᠬᠠᠭᠠᠨ ᠤ᠋ ᠲᠥᠷᠥᠯ ᠦ᠋ᠨ ᠨᠢᠭᠡᠨ ᠨᠣᠶᠠᠨ ᠢ᠋ ᠬᠠᠭᠠᠨ ᠤ᠋ ᠬᠣᠭᠣᠰᠣᠨ ᠰᠠᠭᠤᠷᠢᠨ ᠳ᠋ᠤ᠌ ᠰᠠᠭᠤᠯᠭᠠᠭᠰᠠᠨ ᠠᠵᠢ᠃ ᠡᠨᠡ ᠰᠢᠨᠡ ᠬᠠᠭᠠᠨ ᠤ᠋ ᠴᠣᠯᠠ ᠶ᠋ᠢ ᠰᠢᠣᠸᠠᠡᠽᠦᠢ᠍ᠩ ᠭᠡᠵᠦ ᠨᠡᠷᠡᠢᠳᠴᠡᠢ᠃ᠳᠠᠷᠠᠭᠠ ᠳ᠋ᠤᠨᠢ ᠬᠤ᠌ ᠱᠠᠨ ᠬᠤ᠌ ᠶ᠋ᠢᠨ ᠴᠡᠷᠢᠭ ᠢ᠋ᠶ᠋ᠡᠨ ᠳᠠᠭᠠᠭᠤᠯᠤᠨ ᠴᠢᠩᠭᠢᠰ ᠬᠠᠭᠠᠨ ᠤ᠋ ᠴᠡᠷᠢᠭ ᠢ᠋ ᠤᠭᠲᠤᠨ ᠴᠣᠬᠢᠬᠤ ᠪᠠᠷ ᠮᠣᠷᠳᠠᠪᠠ᠃
ᠪᠡᠭᠡᠵᠢᠩ ᠤᠷᠤᠭᠤ ᠶᠠᠭᠠᠷᠠᠤ ᠶᠠᠪᠤᠵᠤ ᠪᠠᠢᠭᠰᠠᠨ ᠴᠢᠩᠭᠢᠰ ᠬᠠᠭᠠᠨ ᠤ᠋ ᠴᠡᠷᠢᠭ ᠂ ᠪᠡᠭᠡᠵᠢᠩ ᠣᠢᠷᠠᠯᠴᠠᠭᠠᠬᠢ ᠨᠢᠭᠡᠨ ᠭᠣᠣᠯ ᠤ᠋ᠨ ᠬᠥᠭᠥᠷᠭᠡ ᠳ᠋ᠦ᠍ ᠰᠠᠨᠠᠮᠰᠠᠷ ᠦᠭᠡᠢ ᠴᠣᠬᠢᠯᠲᠠ ᠣᠯᠵᠤ᠂ᠠᠯᠲᠠᠨ ᠤᠯᠤᠰ ᠲᠡᠰᠢ ᠪᠠᠢᠯᠳᠤᠭᠰᠠᠨ ᠠ᠋ᠴᠠ ᠨᠡᠰᠢ ᠮᠣᠩᠭᠣᠯ ᠴᠡᠷᠢᠭ ᠠᠩᠬᠠ ᠤᠳᠠᠭᠠ ᠳᠡᠢᠯᠦᠭᠳᠡᠵᠡᠢ᠃ ᠬᠤ᠌ ᠱᠠᠨ ᠬᠤ᠌ ᠶ᠋ᠢᠨ ᠥᠷᠥᠭᠡᠰᠦᠨ ᠬᠥᠯ ᠭᠡᠮ ᠲᠡᠢ ᠪᠣᠯᠬᠣᠷ ᠡᠨᠡ ᠤᠳᠠᠭᠠ ᠶ᠋ᠢᠨ ᠪᠠᠢᠯᠳᠤᠭᠠᠨ ᠢ᠋ ᠡᠷᠭᠢᠯᠳᠦᠬᠦ ᠰᠠᠨᠳᠠᠯᠢ ᠳᠡᠭᠡᠷᠡ ᠰᠠᠭᠤᠵᠤ ᠪᠠᠢᠯᠳᠤᠭᠠᠨ ᠢ᠋ ᠤᠳᠤᠷᠢᠳᠪᠠ᠃ᠡᠨᠡ ᠤᠳᠠᠭᠠ ᠶ᠋ᠢᠨ ᠢᠯᠠᠭᠳᠠᠯ ᠪᠣᠯ ᠴᠢᠩᠭᠢᠰ ᠬᠠᠭᠠᠨ ᠤ᠋ ᠨᠠᠰᠤᠨ ᠲᠤᠷᠰᠢ ᠳ᠋ᠤ᠌ ᠳᠡᠢᠯᠦᠭᠳᠡᠭᠰᠡᠨ ᠬᠣᠶᠠᠳᠤᠭᠠᠷ ᠤᠳᠠᠭᠠ ᠨᠢ ᠮᠥᠨ᠃ ᠴᠢᠩᠭᠢᠰ ᠬᠠᠭᠠᠨ ᠤ᠋ ᠪᠦᠬᠦ ᠴᠡᠷᠢᠭ ᠰᠥᠨᠥᠭᠡᠭᠳᠡᠬᠦ ᠡᠴᠡ ᠬᠡᠯᠲᠦᠷᠢᠵᠦ ᠴᠢᠳᠠᠭᠰᠠᠨ ᠨᠢ ᠮᠣᠩᠭᠣᠯ ᠴᠡᠷᠢᠭ ᠦ᠋ᠨ ᠠᠷᠤ ᠠ᠋ᠴᠠ ᠳᠠᠷᠤᠬᠤ ᠡᠭᠦᠷᠭᠡ ᠶ᠋ᠢ ᠬᠦᠯᠢᠶᠡᠭᠰᠡᠨ ᠭᠣᠣ ᠴᠢ ᠵᠠᠩᠵᠤᠨ ᠭᠣᠣᠯ ᠴᠡᠷᠢᠭ ᠢ᠋ᠶ᠋ᠡᠨ ᠳᠠᠭᠠᠭᠤᠯᠤᠨ ᠲᠣᠭᠣᠷᠢᠤ ᠶᠠᠪᠤᠵᠤ᠂ᠴᠠᠭ ᠠ᠋ᠴᠠ ᠪᠠᠨ ᠬᠣᠴᠣᠷᠤᠭᠰᠠᠨ ᠠ᠋ᠴᠠ ᠪᠣᠯᠵᠠᠢ᠃ᠴᠢᠩᠭᠢᠰ ᠬᠠᠭᠠᠨ ᠤ᠋ ᠭᠣᠣᠯ ᠬᠦᠴᠦᠲᠦ ᠴᠡᠷᠢᠭ ᠨᠢ ᠨᠡᠯᠢᠶᠡᠳ ᠳᠡᠰ ᠳᠠᠷᠠᠭᠠ ᠲᠠᠢ ᠪᠠᠷ ᠤᠬᠤᠷᠢᠨ ᠭᠠᠷᠴᠤ ᠴᠢᠳᠠᠭᠰᠠᠨ ᠪᠠᠢᠨᠠ᠃
ᠡᠭᠦᠷᠭᠡ ᠪᠡᠨ ᠪᠡᠶᠡᠯᠡᠭᠦᠯᠦᠭᠰᠡᠨ ᠦᠭᠡᠢ ᠪᠡᠷ ᠢᠯᠠᠯᠲᠠ ᠶ᠋ᠢᠨ ᠲᠣᠬᠢᠶᠠᠯ ᠢ᠋ ᠠᠯᠳᠠᠭᠤᠯᠤᠭᠰᠠᠨ ᠭᠣᠣ ᠴᠢ ᠶ᠋ᠢ ᠬᠤ᠌ ᠱᠠᠨ ᠬᠤ᠌ ᠠᠯᠠᠬᠤ ᠶᠠᠯᠠ ᠪᠠᠷ ᠰᠢᠳᠬᠡᠭᠰᠡᠨ ᠪᠣᠯᠪᠠᠴᠤ ᠰᠢᠨᠡ ᠬᠠᠭᠠᠨ ᠰᠢᠦᠸᠠᠨᠽᠥ᠋ᠩ᠂ᠭᠣᠣ ᠴᠢ ᠶ᠋ᠢ ᠲᠡᠪᠡᠷᠢᠨ ᠥᠮᠥᠭᠯᠡᠭᠰᠡᠨ ᠡᠴᠡ ᠭᠣᠣ ᠴᠢ ᠶᠠᠯᠠ ᠪᠠᠨ ᠲᠠᠢᠯᠵᠤ ᠭᠠᠪᠢᠶᠠ ᠪᠠᠢᠭᠤᠯᠬᠤ ᠪᠠᠷ ᠳᠠᠬᠢᠨ ᠡᠮᠦᠨᠡ ᠹᠷᠣᠨᠲ ᠲᠤ᠌ ᠲᠣᠮᠢᠯᠠᠭᠳᠠᠪᠠ᠃ ᠬᠤ᠌ ᠱᠠᠨ ᠬᠤ᠌ ᠶ᠋ᠢᠨ ᠡᠪᠡᠳᠴᠢᠨ ᠨᠢ ᠬᠥᠨᠲᠥᠷᠦᠭᠡᠳ ᠴᠡᠷᠢᠭ ᠵᠢᠯᠣᠭᠣᠳᠬᠤ ᠴᠢᠳᠠᠪᠤᠷᠢ ᠦᠭᠡᠢ ᠪᠣᠯᠤᠭᠰᠠᠨ ᠠ᠋ᠴᠠ ᠭᠣᠣ ᠴᠢ ᠳ᠋ᠦ᠍ ᠴᠡᠷᠢᠭ ᠨᠡᠮᠡᠵᠦ ᠥᠭᠭᠦᠭᠡᠳ ᠮᠣᠩᠭᠣᠯ ᠴᠡᠷᠢᠭ ᠲᠡᠢ ᠪᠠᠢᠯᠳᠤᠬᠤ ᠶ᠋ᠢ ᠵᠠᠷᠯᠠᠪᠠ᠃ ᠭᠣᠣ ᠴᠢ ᠠᠮᠢ ᠪᠠᠨ ᠴᠦᠯᠡᠵᠦ ᠪᠠᠢᠯᠳᠤᠭᠰᠠᠨ ᠪᠣᠯᠪᠠᠴᠤ ᠴᠢᠩᠭᠢᠰ ᠬᠠᠭᠠᠨ ᠪᠦᠬᠦ ᠴᠡᠷᠢᠭ ᠢ᠋ᠶ᠋ᠡᠨ ᠲᠥᠪᠯᠡᠷᠡᠭᠦᠯᠦᠨ ᠪᠡᠯᠡᠳᠬᠡᠯ ᠠᠩᠭᠢ ᠬᠦᠷᠲᠡᠯᠡ ᠭᠠᠷᠭᠠᠵᠤ ᠪᠠᠢᠯᠳᠤᠭᠰᠠᠨ ᠠ᠋ᠴᠠ ᠭᠣᠣ ᠴᠢ ᠳᠡᠢᠯᠦᠭᠳᠡᠭᠡᠳ ᠪᠡᠭᠡᠵᠢᠩ ᠬᠣᠲᠠ ᠶ᠋ᠢᠨ ᠬᠠᠭᠠᠯᠭᠠ ᠬᠦᠷᠲᠡᠯᠡ ᠨᠡᠬᠡᠮᠵᠢᠯᠡᠭᠳᠡᠪᠡ ᠃ ᠭᠣᠣ ᠴᠢ ᠡᠨᠡ ᠤᠳᠠᠭᠠ ᠪᠤᠴᠠᠵᠤ ᠰᠢᠨᠡ ᠬᠠᠭᠤᠴᠢᠨ ᠶᠠᠯᠠ ᠶ᠋ᠢ ᠬᠠᠮᠲᠤᠷᠠᠭᠤᠯᠤᠨ᠂ ᠬᠤ᠌ ᠱᠠᠨ ᠬᠤ᠌ ᠳ᠋ᠤ᠌ ᠠᠯᠠᠭᠳᠠᠬᠤ ᠪᠠᠨ ᠮᠡᠳᠡᠭᠰᠡᠨ ᠪᠣᠯᠬᠣᠷ ᠤᠷᠢᠳ ᠭᠠᠷ ᠬᠥᠳᠡᠯᠵᠦ ᠬᠤ᠌ ᠱᠠᠨ ᠬᠤ᠌ ᠶ᠋ᠢᠨ ᠣᠷᠳᠣᠨ ᠢ᠋ ᠪᠦᠰᠡᠯᠡᠨ ᠴᠣᠬᠢᠵᠠᠢ᠃ ᠬᠤ᠌ ᠱᠠᠨ ᠬᠤ᠌ ᠳᠤᠲᠠᠭᠠᠵᠤ ᠭᠠᠷᠤᠶᠠ ᠭᠡᠳ ᠳᠣᠭᠣᠯᠠᠩ ᠬᠥᠯ ᠢ᠋ᠶ᠋ᠡᠷ ᠢ᠋ᠶ᠋ᠡᠨ ᠭᠦᠶᠦᠭᠰᠡᠨ ᠪᠣᠯᠪᠠᠴᠤ ᠬᠤᠪᠴᠠᠰᠤᠨ ᠳ᠋ᠠᠭᠠᠨ ᠣᠷᠢᠶᠠᠭᠳᠠᠵᠤ ᠤᠨᠠᠭᠠᠳ ᠭᠣᠣ ᠴᠢ ᠳ᠋ᠦ᠍ ᠴᠠᠪᠴᠢᠭᠳᠠᠨ ᠠᠯᠠᠭᠳᠠᠵᠠᠢ᠃ ᠭᠣᠣ ᠴᠢ ᠲᠡᠭᠦᠨ ᠦ᠌ ᠲᠣᠯᠣᠭᠠᠢ ᠶ᠋ᠢ ᠭᠠᠷ ᠲᠠᠭᠠᠨ ᠠᠳᠬᠤᠨ᠂ᠬᠠᠭᠠᠨ ᠤ᠋ ᠣᠷᠳᠣᠨ ᠳ᠋ᠤ᠌ ᠣᠷᠣᠭᠠᠳ ᠰᠢᠦᠸᠠᠨᠽᠥ᠋ᠩ ᠬᠠᠭᠠᠨ ᠤ᠋ ᠡᠮᠦᠨᠡ ᠬᠦᠷᠴᠦ ᠦᠬᠦᠭᠰᠡᠨ ᠬᠤ᠌ ᠱᠠᠨ ᠬᠤ᠌ ᠲᠡᠳᠡ ᠬᠣᠶᠠᠷ ᠤ᠋ᠨ ᠵᠥᠪ ᠪᠤᠷᠤᠭᠤ ᠶ᠋ᠢ ᠨᠢ ᠲᠠᠰᠤᠯᠵᠤ ᠥᠭᠬᠦ ᠶ᠋ᠢ ᠱᠠᠭᠠᠷᠳᠠᠭᠰᠠᠨ ᠪᠥᠭᠡᠳ ᠲᠡᠭᠦᠨ ᠦ᠌ ᠴᠡᠷᠢᠭ ᠨᠢ ᠨᠢᠭᠡᠨᠲᠡ ᠬᠠᠭᠠᠨ ᠣᠷᠳᠣᠨ ᠢ᠋ ᠪᠦᠰᠡᠯᠡᠵᠦ ᠠᠪᠤᠭᠰᠠᠨ ᠰᠦᠷᠳᠡᠭᠦᠯᠭᠡ ᠨᠢ ᠢᠯᠡᠬᠡᠨ ᠪᠠᠢᠪᠠ᠃ ᠰᠢᠤᠸᠠᠡᠽᠦᠢ᠍ᠩ ᠬᠠᠭᠠᠨ ᠤᠷᠢᠳ ᠤ᠋ᠨ ᠬᠠᠭᠠᠳ ᠤ᠋ᠨ ᠠᠳᠠᠯᠢ ᠪᠠᠭᠠᠲᠤᠷ ᠵᠣᠷᠢᠭ ᠦᠭᠡᠢ ᠪᠣᠯᠬᠣᠷ᠂ ᠭᠡᠨᠡᠳᠲᠡ ᠬᠤ᠌ ᠱᠠᠨ ᠬᠤ᠌ ᠶ᠋ᠢᠨ ᠶᠠᠯᠠ ᠶ᠋ᠢ ᠲᠣᠭᠠᠴᠢᠵᠤ ᠂ ᠤᠷᠪᠠᠭᠰᠠᠳ ᠮᠥᠨ ᠪᠥᠭᠡᠳ ᠤᠷᠢᠳ ᠤ᠋ᠨ ᠬᠠᠭᠠᠨ ᠢ᠋ ᠬᠣᠣᠷᠯᠠᠵᠤ ᠠᠯᠠᠭᠰᠠᠨ ᠪᠠ ᠥᠪᠡᠷ ᠦ᠋ᠨ ᠪᠡᠶᠡ ᠪᠡᠨ ᠶᠡᠷᠦᠩᠬᠡᠢ ᠵᠠᠬᠢᠷᠤᠭᠴᠢ ᠪᠠᠷ ᠡᠷᠭᠦᠮᠵᠢᠯᠡᠭᠰᠡᠨ ᠢ᠋ ᠰᠠᠨᠠᠭᠠᠯᠵᠠᠭᠰᠠᠨ ᠪᠣᠯᠪᠠᠴᠤ ᠲᠡᠭᠦᠨ ᠢ᠋ ᠬᠠᠭᠠᠨ ᠰᠢᠷᠡᠭᠡᠨ ᠳ᠋ᠦ᠍ ᠰᠠᠭᠤᠯᠭᠠᠭᠰᠠᠨ ᠪᠠ ᠮᠣᠩᠭᠣᠯ ᠴᠡᠷᠢᠭ ᠲᠡᠢ ᠪᠠᠢᠯᠳᠤᠭᠠᠳ ᠢᠯᠠᠯᠲᠠ ᠣᠯᠤᠭᠰᠠᠨ ᠭᠠᠭᠴᠠ ᠵᠠᠩᠵᠤᠨ ᠪᠠᠢᠭᠰᠠᠨ ᠬᠤ᠌ ᠱᠠᠨ ᠬᠤ᠌ ᠶ᠋ᠢᠨ ᠠᠯᠢᠪᠠ ᠵᠡᠷᠭᠡ ᠬᠡᠷᠬᠢᠮ ᠢ᠋ ᠪᠦᠷ ᠤᠭᠴᠠᠷᠠᠭᠤᠯᠵᠠᠢ᠃ᠴᠢᠩᠭᠢᠭᠡᠳ ᠬᠤ᠌ ᠱᠠᠨ ᠬᠤ᠌ ᠶ᠋ᠢᠨ ᠶᠠᠯᠠ ᠪᠦᠬᠦᠨ ᠢ᠋ ᠲᠤᠩᠬᠠᠭᠯᠠᠨ᠂ ᠡᠢᠮᠦ ᠶᠠᠪᠤᠳᠠᠯ ᠠ᠋ᠴᠠ ᠪᠣᠯᠵᠤ ᠭᠣᠣ ᠴᠢ ᠶᠡᠬᠡ ᠪᠡᠷ ᠰᠠᠢᠰᠢᠶᠠᠭᠳᠠᠨ ᠬᠤ᠌ ᠱᠠᠨ ᠬᠤ᠌ ᠶ᠋ᠢᠨ ᠣᠷᠣᠨ ᠳ᠋ᠤ᠌ ᠶᠡᠷᠦᠩᠬᠡᠢ ᠵᠠᠬᠢᠷᠤᠭᠴᠢ ᠪᠠᠷ ᠲᠣᠮᠢᠯᠠᠭᠳᠠᠪᠠ᠃ ᠬᠤ᠌ ᠱᠠᠨ ᠬᠤ᠌ ᠶ᠋ᠢᠨ ᠣᠷᠳᠣᠨ ᠢ᠋ ᠳᠠᠭᠠᠷᠢᠨ ᠴᠣᠬᠢᠭᠰᠠᠨ ᠪᠦᠬᠦ ᠴᠡᠷᠢᠭ ᠲᠦ᠍ ᠪᠠᠰᠠ ᠱᠠᠩᠨᠠᠯ ᠣᠯᠭᠤᠵᠠᠢ᠃
ᠡᠨᠡ ᠮᠡᠲᠦ ᠶ᠋ᠢᠨ ᠬᠡᠷᠡᠭ ᠪᠦᠬᠦᠨ ᠢ᠋ ᠴᠥᠮ ᠴᠢᠩᠭᠢᠰ ᠬᠠᠭᠠᠨ ᠬᠣᠲᠠ ᠶ᠋ᠢ ᠪᠦᠰᠡᠯᠡᠵᠦ ᠪᠠᠢᠬᠤ ᠦᠶᠡ ᠳ᠋ᠦ᠍᠂ ᠲᠡᠳᠡᠨ ᠦ᠌ ᠬᠣᠲᠠ ᠶ᠋ᠢ ᠠᠪᠴᠤ ᠴᠢᠳᠠᠬᠤᠶᠠ ᠪᠡᠷᠬᠡ ᠭᠡᠵᠦ ᠪᠣᠳᠣᠵᠤ ᠪᠠᠢᠭᠰᠠᠨ ᠴᠠᠭ ᠲᠤ᠌ ᠡᠭᠦᠰᠦᠭᠰᠡᠨ ᠢ᠋ ᠮᠡᠳᠡᠭᠰᠡᠨ ᠬᠣᠢᠨᠠ᠂ ᠴᠢᠩᠭᠢᠰ ᠬᠠᠭᠠᠨ ᠲᠤᠢᠯ ᠤ᠋ᠨ ᠶᠡᠬᠡ ᠪᠡᠷ ᠬᠢᠯᠢᠩᠨᠡᠪᠡ᠃ ᠪᠠᠲᠤ ᠪᠡᠬᠢ ᠬᠣᠲᠠᠨ ᠳᠣᠲᠣᠷᠠ ᠪᠠᠢᠨᠠ ᠭᠡᠮᠡᠨ ᠣᠮᠣᠭᠰᠢᠨᠠ ᠤᠤ?ᠲᠡᠳᠡᠨ ᠢ᠋ ᠳᠣᠷᠣᠮᠵᠢᠯᠠᠵᠤ ᠴᠢᠳᠠᠬᠤ ᠦᠭᠡᠢ ᠭᠡᠮᠡᠨ ᠪᠠᠷᠳᠠᠮᠰᠢᠨᠠ ᠤᠤ᠂ ᠤᠯᠤᠰ ᠤ᠋ᠨ ᠳᠣᠲᠣᠷᠠ ᠨᠢ ᠶᠠᠮᠠᠷ ᠬᠡᠷᠡᠭ ᠭᠠᠷᠤᠭᠰᠠᠨ ᠦᠭᠡᠢ ᠮᠡᠲᠦ ᠪᠡᠷ ᠬᠤᠪᠢ ᠬᠥᠮᠦᠨ ᠡᠩᠬᠡ ᠠᠮᠤᠷ ᠠᠷᠠᠯᠵᠢᠶᠠ ᠬᠢᠵᠦ ᠴᠢᠳᠠᠨᠠ ᠭᠡᠵᠦ ᠪᠣᠳᠣᠭᠰᠠᠨ ᠤᠤ᠁ᠠᠯᠲᠠᠨ ᠤᠯᠤᠰ ᠪᠠᠰᠠ ᠪᠠᠢᠯᠳᠤᠭᠠᠨ ᠤ᠋ ᠭᠠᠰᠢᠭᠤᠨ ᠵᠣᠪᠠᠯᠠᠩ ᠭᠡᠮᠡᠨ ᠪᠣᠳᠣᠯᠭᠠ ᠳ᠋ᠤᠨᠢ ᠦᠭᠡᠢ ᠪᠠᠢᠭᠰᠠᠭᠠᠷ ᠶᠤᠮ ᠤᠤ᠂ ᠪᠣᠯᠵᠠᠢ ᠡᠭᠦᠨ ᠡᠴᠡ ᠡᠬᠢᠯᠡᠭᠡᠳ ᠪᠠᠢᠯᠳᠤᠭᠠᠨ ᠤ᠋ ᠠᠮᠲᠠ ᠶ᠋ᠢ ᠠᠮᠲᠠᠯᠠᠭᠤᠯᠤᠶᠠ ᠭᠡᠵᠡᠢ᠃
ᠴᠢᠩᠭᠢᠰ ᠬᠠᠭᠠᠨ ᠣᠳᠣ ᠡᠪᠦᠯᠵᠢᠶᠡ ᠳᠠᠰᠢ ᠪᠠᠨ ᠴᠡᠷᠢᠭ ᠢ᠋ᠶ᠋ᠡᠨ ᠲᠠᠲᠠᠶᠠ ᠭᠡᠮᠡᠨ ᠪᠣᠳᠣᠭᠰᠠᠨ ᠦᠭᠡᠢ᠃ ᠮᠣᠩᠭᠣᠯᠴᠤᠳ ᠴᠣᠬᠢᠭᠠᠳ ᠠᠪᠴᠤ ᠴᠢᠳᠠᠬᠤ ᠦᠭᠡᠢ ᠬᠣᠲᠠ ᠪᠠᠯᠭᠠᠰᠤ ᠲᠠᠢ ᠬᠠᠯᠳᠠᠬᠤ ᠪᠠᠨ ᠪᠣᠯᠢᠭᠠᠳ ᠴᠡᠷᠢᠭ ᠢ᠋ᠶ᠋ᠡᠨ ᠬᠤᠪᠢᠶᠠᠪᠠ᠃ᠳᠠᠭᠠᠵᠤ ᠢᠷᠡᠭᠰᠡᠨ ᠳᠥᠴᠢᠨ ᠵᠢᠷᠭᠤᠭᠠᠨ ᠳ᠋ᠢᠸᠢᠽᠢ ᠠᠯᠲᠠᠨ ᠤᠯᠤᠰ ᠤ᠋ᠨ ᠪᠤᠶᠤ ᠬᠢᠳᠠᠨ ᠴᠡᠷᠢᠭ ᠢ᠋ ᠨᠡᠢᠯᠡᠭᠦᠯᠦᠨ ᠭᠤᠷᠪᠠᠨ ᠵᠠᠮ ᠤ᠋ᠨ ᠴᠡᠷᠢᠭ ᠪᠣᠯᠭᠠᠨ ᠵᠣᠬᠢᠶᠠᠭᠠᠳ ᠨᠢᠭᠡᠳᠦᠭᠡᠷ ᠵᠠᠮ ᠤ᠋ᠨ ᠴᠡᠷᠢᠭ ᠢ᠋ ᠲᠡᠭᠦᠨ ᠦ᠌ ᠳᠡᠭᠦᠦ ᠬᠠᠰᠠᠷ ᠲᠤ᠌ ᠵᠢᠯᠣᠭᠣᠳᠣᠭᠤᠯᠤᠨ ᠵᠡᠭᠦᠨ ᠳᠠᠰᠢ ᠡᠮᠦᠨᠡ ᠮᠠᠨᠵᠤ ᠶ᠋ᠢᠨ ᠭᠠᠵᠠᠷ ᠲᠤ᠌ ᠲᠣᠮᠢᠯᠠᠪᠠ᠃ ᠬᠣᠶᠠᠳᠤᠭᠠᠷ ᠵᠠᠮ ᠤ᠋ᠨ ᠴᠡᠷᠢᠭ ᠢ᠋ ᠭᠤᠷᠪᠠᠨ ᠬᠥᠪᠡᠭᠦᠨ ᠳ᠋ᠡᠭᠡᠨ ᠲᠤᠰ ᠲᠤᠰ ᠨᠢᠭᠡᠨ ᠲᠤᠰᠠᠭᠠᠷ ᠬᠣᠷᠢᠶᠠ ᠶ᠋ᠢ ᠳᠠᠭᠠᠭᠤᠯᠤᠨ ᠱᠠᠨ ᠰᠢ ᠶ᠋ᠢᠨ ᠥᠨᠳᠥᠷᠯᠢᠭ ᠢ᠋ᠶ᠋ᠡᠷ ᠡᠮᠦᠨᠡ ᠵᠦᠭ ᠬᠠᠨᠳᠤᠭᠤᠯᠤᠨ ᠣᠷᠣᠭᠤᠯᠪᠠ᠃ᠭᠤᠷᠪᠠᠳᠤᠭᠠᠷ ᠵᠠᠮ ᠤ᠋ᠨ ᠴᠡᠷᠢᠭ ᠳᠠᠷᠤᠢ ᠲᠥᠪ ᠦ᠋ᠨ ᠴᠡᠷᠢᠭ ᠢ᠋ ᠥᠪᠡᠷ ᠦ᠋ᠨ ᠪᠡᠶᠡ ᠪᠣᠯᠤᠨ ᠤᠳᠬᠤᠨ ᠬᠦᠦ ᠲᠤᠯᠤᠢ ᠲᠠᠢ ᠬᠠᠮᠲᠤ ᠪᠠᠷ ᠵᠠᠬᠢᠷᠤᠨ ᠤᠮᠠᠷᠠᠲᠤ ᠬᠢᠲᠠᠳ ᠤ᠋ᠨ ᠰᠠᠷᠠᠭᠤᠯ ᠲᠠᠯᠠ ᠶ᠋ᠢ ᠲᠤᠭᠤᠯᠤᠨ ᠵᠡᠭᠦᠨ ᠲᠠᠢᠰᠢ ᠱᠠᠨᠳᠦ᠋ᠩ ᠮᠣᠵᠢ ᠶ᠋ᠢ ᠴᠢᠭᠯᠡᠪᠡ᠃
—ᠨᠠᠮᠤᠷ ᠠ᠋ᠴᠠ ᠡᠪᠦᠯ ᠦ᠋ᠨ ᠤᠯᠠᠷᠢᠯ ᠤ᠋ᠨ ᠪᠦᠬᠦ ᠬᠤᠭᠤᠴᠠᠭᠠᠨ ᠳ᠋ᠤ᠌᠂ᠮᠣᠩᠭᠣᠯ ᠤ᠋ᠨ ᠮᠣᠷᠢᠲᠤ ᠴᠡᠷᠢᠭ ᠭᠤᠷᠪᠠᠨ ᠶᠡᠬᠡ ᠳᠣᠯᠭᠢᠶᠠᠨ ᠮᠡᠲᠦ ᠪᠡᠷ ᠪᠤᠯᠢᠶᠠᠬᠤ ᠬᠢᠳᠤᠬᠤ ᠭᠠᠯ ᠲᠠᠯᠪᠢᠬᠤ ᠵᠡᠷᠭᠡ ᠪᠡᠷ ᠲᠦᠢᠪᠡᠭᠡᠭᠰᠡᠭᠡᠷ ᠬᠠᠭᠠᠨᠲᠤ ᠠᠯᠲᠠᠨ ᠤᠯᠤᠰ ᠤ᠋ᠨ ᠳᠣᠲᠣᠷᠠ ᠬᠠᠨᠳᠤᠭᠰᠠᠨ ᠵᠦᠭ ᠲᠡᠭᠡᠨ ᠬᠠᠳᠤᠷᠴᠤ ᠪᠠᠢᠯᠠ᠃ᠲᠠᠯᠠ ᠨᠤᠲᠤᠭ ᠭᠠᠯᠳᠠᠭᠳᠠᠨ᠂ᠬᠣᠲᠠ ᠪᠠᠯᠭᠠᠰᠤ ᠬᠣᠭᠣᠰᠣᠷᠠᠵᠤ ᠤᠲᠤᠭᠠ ᠳᠡᠭᠳᠡᠭᠰᠡᠨ ᠪᠠᠭᠤᠷᠢ ᠪᠠᠷ ᠲᠡᠳᠡᠨ ᠦ᠌ ᠳᠠᠭᠠᠷᠢᠵᠤ ᠥᠩᠭᠡᠷᠡᠭᠰᠡᠨ ᠦ᠌ ᠲᠡᠮᠳᠡᠭ ᠪᠣᠯᠵᠤ ᠪᠠᠢᠵᠠᠢ᠃ᠠᠯᠲᠠᠨ ᠤᠯᠤᠰ ᠤ᠋ᠨ ᠵᠠᠩᠵᠤᠨ ᠨᠠᠷ ᠲᠡᠳᠡᠨ ᠦ᠌ ᠬᠣᠲᠠ ᠪᠠᠯᠭᠠᠰᠤᠨ ᠳ᠋ᠠᠭᠠᠨ ᠰᠢᠷᠭᠤᠭᠠᠳ ᠣᠢᠷᠠ ᠣᠷᠴᠢᠮ ᠤ᠋ᠨ ᠲᠠᠷᠢᠶᠠᠴᠢᠳ ᠢ᠋ ᠠᠯᠪᠠᠲᠠᠨ ᠠᠪᠴᠢᠷᠠᠭᠠᠳ ᠪᠡᠬᠢᠯᠡᠯᠲᠡ ᠪᠠᠷᠢᠭᠤᠯᠳᠠᠭ ᠪᠠᠢᠯᠠ᠃ᠤᠴᠢᠷ ᠡᠢᠮᠦ ᠡᠴᠡ ᠴᠢᠩᠭᠢᠰ ᠬᠠᠭᠠᠨ ᠵᠠᠷᠯᠢᠭ ᠪᠠᠭᠤᠯᠭᠠᠵᠤ ᠠᠢᠯ ᠳ᠋ᠠᠭᠠᠨ ᠬᠣᠴᠣᠷᠤᠭᠰᠠᠨ ᠡᠮᠡᠰ᠂ ᠬᠡᠦᠬᠡᠳ᠂ ᠬᠥᠭᠰᠢᠳ ᠢ᠋ ᠴᠤᠭᠯᠠᠭᠤᠯᠤᠨ ᠡᠳᠡᠭᠡᠷ ᠢ᠋ᠶ᠋ᠡᠷ ᠬᠠᠯᠬᠠᠪᠴᠢ ᠪᠣᠯᠭᠠᠨ ᠬᠣᠲᠠ ᠪᠠᠯᠭᠠᠰᠤᠨ ᠢ᠋ ᠰᠢᠪᠲᠤᠯᠬᠤ ᠠᠩᠭᠢ ᠶ᠋ᠢᠨ ᠡᠮᠦᠨᠡ ᠤᠷᠤᠭᠰᠢᠯᠠᠭᠤᠯᠳᠠᠭ ᠪᠠᠢᠵᠠᠢ᠃ᠬᠣᠲᠠ ᠪᠠᠯᠭᠠᠰᠤᠨ ᠳᠣᠲᠣᠷᠠᠬᠢ ᠲᠠᠷᠢᠶᠠᠴᠢᠳ ᠲᠡᠳᠡᠨ ᠦ᠌ ᠡᠴᠢᠭᠡ ᠡᠬᠡ ᠪᠠ ᠡᠬᠡᠨᠡᠷ ᠬᠡᠦᠬᠡᠳ ᠦ᠋ᠨ ᠢ᠋ᠶ᠋ᠡᠨ ᠥᠭᠡᠳᠡ ᠰᠤᠮᠤ ᠬᠠᠷᠪᠤᠵᠤ ᠴᠢᠳᠠᠬᠤ ᠦᠭᠡᠢ᠂ ᠭᠠᠯ ᠨᠣᠴᠣᠭᠠᠭᠰᠠᠨ ᠮᠠᠲ᠋ᠧᠷᠢᠶᠠᠯ ᠢ᠋ ᠬᠠᠶᠠᠵᠤ ᠴᠢᠳᠠᠬᠤ ᠦᠭᠡᠢ᠂ ᠰᠢᠲᠠᠭᠠᠭᠰᠠᠨ ᠳᠠᠪᠠᠷᠬᠠᠢ ᠰᠢᠳᠡᠭᠦᠯᠬᠦ ᠭᠡᠰᠡᠨ ᠵᠠᠷᠯᠢᠭ ᠢ᠋ ᠡᠰᠡᠷᠭᠦᠴᠡᠨ ᠲᠡᠳᠡᠨᠡᠷ ᠪᠠᠢᠯᠳᠤᠬᠤ ᠦᠭᠡᠢ ᠪᠣᠯᠪᠠ᠃
ᠬᠣᠲᠠ ᠶ᠋ᠢ ᠰᠠᠬᠢᠭᠰᠠᠨ ᠴᠡᠷᠢᠭ ᠦ᠋ᠳ ᠨᠢ ᠮᠠᠰᠢ ᠲᠦᠷᠭᠡᠨ ᠢ᠋ᠶ᠋ᠡᠷ ᠮᠣᠩᠭᠣᠯ ᠴᠡᠷᠢᠭ ᠲᠦ᠍ ᠪᠠᠭᠤᠨ ᠥᠭᠴᠦ᠂ ᠮᠠᠰᠢ ᠴᠥᠭᠡᠨ ᠵᠡᠭᠡᠯᠢ ᠭᠤᠳᠤᠮᠵᠢ ᠠ᠋ᠴᠠ ᠪᠤᠰᠤᠳ ᠨᠢ ᠪᠦᠷ ᠡᠪᠳᠡᠭᠳᠡᠳᠡᠭ ᠪᠠᠢᠵᠠᠢ᠃ ᠡᠨᠡ ᠮᠡᠲᠦ ᠪᠡᠷ ᠵᠢᠷᠭᠤᠭᠠᠨ ᠰᠠᠷᠠ ᠶ᠋ᠢᠨ ᠬᠤᠭᠤᠴᠠᠭᠠ ᠪᠣᠯᠤᠭᠰᠠᠨ ᠦᠭᠡᠢ ᠪᠡᠷ ᠬᠣᠲᠠ ᠶ᠋ᠢᠨ ᠬᠡᠷᠡᠮ ᠲᠡᠢ ᠪᠥᠭᠡᠳ ᠴᠢᠩᠭᠠ ᠰᠠᠬᠢᠭᠰᠠᠨ ᠶᠡᠷᠡᠨ ᠬᠣᠲᠠ ᠵᠡᠭᠡᠯᠢ ᠨᠢ ᠪᠤᠯᠢᠶᠠᠭᠳᠠᠨ ᠭᠠᠯᠳᠠᠭᠳᠠᠵᠤ ᠳᠦᠭᠦᠷᠦᠭᠰᠡᠨ ᠪᠠᠢᠨᠠ᠃ ᠲᠡᠷᠡ ᠦᠶᠡ ᠶ᠋ᠢᠨ ᠬᠠᠲᠤᠨ ᠭᠣᠣᠯ ᠪᠣᠯ ᠱᠠᠨᠳᠦ᠋ᠩ ᠤ᠋ᠨ ᠡᠮᠦᠨᠡ ᠲᠠᠯᠠ ᠪᠠᠷ ᠳᠠᠯᠠᠢ ᠳ᠋ᠤ᠌ ᠴᠢᠳᠬᠤᠵᠤ ᠪᠠᠢᠭᠰᠠᠨ ᠪᠢᠯᠡ ᠃ᠬᠠᠲᠤᠨ ᠭᠣᠣᠯ ᠤ᠋ᠨ ᠠᠮᠠ ᠬᠦᠷᠲᠡᠯᠡᠬᠢ ᠠᠯᠲᠠᠨ ᠤᠯᠤᠰ ᠤ᠋ᠨ ᠨᠤᠲᠤᠭ ᠳᠡᠪᠢᠰᠬᠡᠷ ᠳᠠᠭᠠᠷᠢᠨ ᠴᠣᠬᠢᠭᠳᠠᠬᠤ ᠦᠭᠡᠢ ᠭᠡᠯᠳᠦᠷᠢᠭᠰᠡᠨ ᠨᠢ ᠠᠷᠪᠠᠨ ᠨᠢᠭᠡᠨ ᠬᠣᠲᠠ ᠠ᠋ᠴᠠ ᠬᠡᠲᠦᠷᠡᠬᠦ ᠦᠭᠡᠢ ᠪᠠᠢᠵᠠᠢ᠃ᠡᠳᠡᠭᠡᠷ ᠪᠦᠰᠡᠯᠡᠭᠳᠡᠵᠦ ᠡᠪᠳᠡᠭᠳᠡᠭᠰᠡᠨ ᠦᠭᠡᠢ ᠬᠣᠲᠠ ᠪᠠᠯᠭᠠᠰᠤ ᠨᠢ ᠨᠤᠲᠤᠭ ᠳᠡᠪᠢᠰᠬᠡᠷ ᠦ᠋ᠨ ᠳᠤᠮᠳᠠ ᠪᠠᠨ ᠪᠢᠴᠢᠬᠠᠨ ᠠᠷᠠᠯ ᠰᠢᠭ᠋ ᠬᠣᠴᠣᠷᠤᠭᠰᠠᠨ ᠠᠵᠢ᠃ ᠮᠣᠩᠭᠣᠯ ᠴᠡᠷᠢᠭ ᠥᠩᠭᠡᠷᠡᠭᠰᠡᠨ ᠬᠣᠢᠨᠠ ᠥᠯᠪᠡᠷᠬᠦ᠂ᠡᠪᠡᠳᠴᠢᠨ ᠬᠢᠵᠢᠭ ᠳᠡᠯᠭᠡᠷᠡᠬᠦ ᠮᠡᠲᠦ ᠶ᠋ᠢᠨ ᠭᠠᠢ ᠭᠠᠮᠰᠢᠭ ᠪᠣᠯᠤᠭᠰᠠᠨ ᠠ᠋ᠴᠠ ᠬᠦᠷᠦᠭᠰᠡᠨ ᠭᠠᠵᠠᠷ ᠪᠦᠷᠢ ᠦᠬᠦᠳᠡᠯ ᠬᠡᠭᠦᠷ ᠦᠵᠡᠭᠳᠡᠵᠦ᠂ ᠲᠠᠷᠢᠶᠠᠨ ᠳᠣᠲᠣᠷᠠ ᠲᠡᠷᠡᠢᠨ ᠬᠡᠪᠲᠡᠵᠦ᠂ ᠤᠰᠤᠨ ᠳᠣᠲᠣᠷᠠ ᠬᠥᠪᠴᠦ ᠪᠠᠢᠯᠠ᠂ ᠲᠡᠭᠡᠭᠡᠳ ᠴᠢᠩᠭᠢᠰ ᠬᠠᠭᠠᠨ ᠤ᠋ ᠬᠢᠯᠢᠩ ᠨᠢ ᠰᠠᠶᠢ ᠨᠠᠮᠬᠠᠷᠠᠪᠠ᠃
ᠬᠠᠪᠤᠷ ᠪᠣᠯᠤᠭᠠᠳ ᠴᠢᠩᠭᠢᠰ ᠬᠠᠭᠠᠨ ᠴᠡᠷᠢᠭ ᠡᠭᠡᠬᠦ ᠵᠠᠷᠯᠢᠭ ᠪᠠᠭᠤᠯᠭᠠᠵᠠᠢ᠂ ᠲᠡᠭᠦᠨ ᠦ᠌ ᠭᠤᠷᠪᠠᠨ ᠵᠠᠮ ᠤ᠋ᠨ ᠴᠡᠷᠢᠭ ᠨᠢ ᠳᠠᠬᠢᠭᠠᠳ ᠪᠡᠭᠡᠵᠢᠩ ᠬᠣᠲᠠ ᠶ᠋ᠢᠨ ᠳᠡᠷᠭᠡᠳᠡ ᠴᠤᠭᠯᠠᠷᠠᠵᠠᠢ᠃ᠭᠡᠪᠡᠴᠦ ᠡᠨᠡ ᠴᠡᠷᠢᠭ᠂ᠥᠩᠭᠡᠷᠡᠨ ᠭᠠᠷᠤᠭᠰᠠᠨ ᠭᠠᠵᠠᠷ ᠢ᠋ᠶ᠋ᠠᠨ ᠳᠠᠬᠢᠨ ᠥᠩᠭᠡᠷᠡᠬᠦ ᠳ᠋ᠦ᠍ ᠬᠢᠵᠢᠭ ᠡᠪᠡᠳᠴᠢᠨ ᠳᠡᠯᠭᠡᠷᠡᠭᠡᠳ ᠢᠯᠠᠯᠲᠠ ᠣᠯᠣᠬᠰᠠᠳ ᠢ᠋ ᠵᠣᠪᠠᠭᠠᠯᠠ᠃ᠪᠡᠭᠡᠵᠢᠩ ᠦ᠋ᠨ ᠡᠮᠦᠨᠡ ᠠᠭᠤᠯᠵᠠᠭᠰᠠᠨ ᠮᠣᠩᠭᠣᠯ ᠴᠡᠷᠢᠭ ᠦ᠋ᠳ ᠮᠣᠷᠳᠠᠬᠤ ᠦᠶᠡ ᠶ᠋ᠢᠨ ᠮᠡᠲᠦ ᠭᠢᠯᠠᠯᠵᠠᠭᠰᠠᠨ ᠬᠦᠴᠦᠷᠬᠡᠭ ᠪᠠᠢᠳᠠᠯ ᠦᠭᠡᠢ ᠪᠣᠯᠵᠠᠢ᠃
ᠡᠭᠦᠨ ᠢ᠋ᠶ᠋ᠡᠷ ᠪᠠᠷᠠᠬᠤ ᠦᠭᠡᠢ᠂ᠮᠣᠩᠭᠣᠯ ᠤ᠋ᠨ ᠵᠠᠩᠵᠤᠨ ᠨᠠᠷ ᠭᠤᠷᠪᠠᠨ ᠵᠢᠯ ᠦ᠋ᠨ ᠲᠤᠷᠰᠢ ᠡᠳᠦᠷ ᠪᠦᠷᠢ ᠠᠴᠢᠶᠠ ᠲᠡᠭᠡᠭᠡᠪᠦᠷᠢ ᠪᠡᠷ ᠮᠣᠩᠭᠣᠯ ᠤ᠋ᠨ ᠵᠦᠭ ᠬᠡᠮᠵᠢᠶᠡ ᠦᠭᠡᠢ ᠠᠷᠪᠢᠨ ᠶᠠᠭᠤᠮᠠ ᠶ᠋ᠢ ᠵᠥᠭᠡᠭᠡᠪᠦᠷᠢᠯᠡᠭᠰᠡᠨ ᠲᠤᠯᠠ ᠪᠠᠢᠯᠳᠤᠭᠠᠨ ᠤ᠋ ᠣᠯᠵᠠᠨ ᠳ᠋ᠤ᠌ ᠰᠣᠭᠲᠣᠭᠤᠷᠠᠭᠰᠠᠨ ᠲᠡᠳᠡᠨᠡᠷ᠂ ᠪᠣᠭᠳᠠ ᠬᠠᠭᠠᠨ ᠤ᠋ ᠢᠯᠠᠯᠲᠠ ᠶ᠋ᠢ ᠭᠦᠢᠴᠡᠳᠬᠡᠬᠦ ᠶ᠋ᠢᠨ ᠲᠥᠯᠥᠭᠡ᠂ᠪᠡᠭᠡᠵᠢᠩ ᠬᠣᠲᠠ ᠶ᠋ᠢ ᠴᠣᠬᠢᠰᠤᠭᠠᠢ ᠭᠡᠮᠡᠨ ᠴᠢᠩᠭᠢᠰ ᠬᠠᠭᠠᠨ ᠳ᠋ᠠᠭᠠᠨ ᠭᠤᠶᠤᠴᠢᠯᠠᠪᠠ᠃ ᠭᠡᠪᠡᠴᠦ ᠴᠢᠩᠭᠢᠰ ᠬᠠᠭᠠᠨ ᠡᠭᠦᠨ ᠢ᠋ ᠬᠣᠷᠢᠭᠯᠠᠪᠠ᠃ᠪᠡᠭᠡᠵᠢᠩ ᠢ᠋ ᠴᠣᠬᠢᠭᠠᠳ ᠭᠠᠷ ᠲᠠᠭᠠᠨ ᠣᠷᠣᠭᠤᠯᠵᠤ ᠠᠪᠴᠢᠬᠠᠪᠠᠴᠤ ᠡᠢᠮᠦ ᠶᠡᠬᠡ ᠬᠣᠲᠠ ᠶ᠋ᠢ ᠬᠠᠮᠠᠭᠠᠯᠠᠵᠤ ᠴᠢᠳᠠᠬᠤ ᠦᠭᠡᠢ᠂ᠲᠡᠷᠡᠴᠢᠯᠡᠨ ᠲᠠᠪᠤᠨ ᠮᠢᠩᠭᠠᠨ ᠲᠦᠮᠡᠨ ᠠᠷᠠᠳ ᠲᠠᠢ ᠨᠢᠭᠡᠨ ᠤᠯᠤᠰ ᠢ᠋ ᠪᠠᠢᠯᠳᠤᠨ ᠳᠠᠭᠠᠭᠤᠯᠬᠤ ᠭᠡᠰᠡᠨ ᠴᠢᠨᠢ ᠴᠢᠳᠠᠰᠢ ᠦᠭᠡᠢ ᠶᠠᠭᠤᠮᠠ ᠭᠡᠵᠦ ᠲᠡᠷᠡ ᠰᠠᠢᠬᠠᠨ ᠮᠡᠳᠡᠵᠦ ᠪᠠᠢᠯᠠ᠃ ᠲᠡᠭᠦᠨ ᠳ᠋ᠦ᠍ ᠠᠪᠴᠤ ᠬᠡᠯᠡᠪᠡᠯ ᠡᠨᠡᠬᠦ ᠤᠯᠤᠰ ᠢ᠋ ᠯᠢᠶᠣᠣ ᠶ᠋ᠢᠨ ᠦᠷᠡᠳᠦᠰ ᠬᠢᠳᠠᠨ ᠬᠥᠮᠦᠨ ᠨᠣᠶᠠᠷᠬᠠᠪᠠᠴᠤ ᠪᠣᠯᠤᠨᠠ᠂ ᠤᠭ ᠬᠡᠪ ᠢ᠋ᠶ᠋ᠡᠷ ᠨᠢ ᠠᠯᠲᠠᠨ ᠤᠯᠤᠰ ᠤ᠋ᠨ ᠮᠠᠨᠵᠤ ᠬᠥᠮᠦᠨ ᠵᠠᠬᠢᠷᠪᠠᠴᠤ ᠠᠳᠠᠯᠢ ᠪᠠᠢᠨᠠ᠃ ᠡᠨᠡᠬᠦ ᠤᠯᠤᠰ ᠲᠤᠢᠯ ᠢ᠋ᠶ᠋ᠠᠷ ᠳᠣᠷᠣᠢᠲᠠᠨ ᠵᠣᠷᠢᠭ ᠰᠥᠰᠥ ᠨᠢ ᠲᠤᠢᠯ ᠢ᠋ᠶ᠋ᠠᠷ ᠮᠣᠬᠣᠭᠠᠳ ᠪᠠᠢᠨᠠ᠃ᠳᠡᠭᠡᠷᠡ ᠨᠢ ᠡᠢᠮᠦ ᠡᠪᠡᠳᠴᠢᠨ ᠬᠢᠵᠢᠭ ᠳᠡᠯᠭᠡᠷᠡᠭᠰᠡᠨ ᠡᠴᠡ ᠦᠵᠡᠪᠡᠯ 《ᠲᠡᠭᠷᠢ》 ᠡᠴᠡ ᠮᠡᠳᠡᠭᠳᠡᠯ ᠥᠭᠴᠦ ᠢᠷᠣᠠ ᠦᠵᠡᠭᠦᠯᠵᠦ ᠪᠠᠢᠬᠤ ᠮᠠᠭᠠᠳ ᠁
ᠲᠡᠭᠡᠭᠡᠳ ᠲᠡᠷᠡ ᠡᠯᠴᠢ ᠲᠣᠮᠢᠯᠠᠵᠤ ᠰᠢᠦᠸᠠᠨᠽᠥ᠋ᠩ ᠬᠠᠭᠠᠨ ᠳ᠋ᠤ᠌ ᠬᠡᠯᠡᠭᠦᠯᠦᠭᠰᠡᠨ ᠨᠢ᠄《ᠴᠢᠨᠦ ᠤᠯᠤᠰ ᠤ᠋ᠨ ᠬᠠᠲᠤᠨ ᠭᠣᠣᠯ ᠠ᠋ᠴᠠ ᠠᠷᠤ ᠲᠠᠯᠠ ᠶ᠋ᠢᠨ ᠣᠯᠠᠨ ᠮᠣᠵᠢ ᠪᠦᠷ ᠮᠢᠨᠦ ᠭᠠᠷ ᠲᠤ ᠣᠷᠣᠭᠠᠳ ᠪᠠᠢᠨᠠ ᠃ ᠴᠢᠮᠠᠲᠤ ᠦᠯᠡᠳᠡᠵᠦ ᠪᠠᠢᠬᠤ ᠨᠢ ᠵᠥᠪᠬᠡᠨ ᠴᠢᠨᠦ ᠨᠡᠢᠰᠯᠡᠯ ᠦ᠋ᠨ ᠲᠡᠳᠦᠢ ᠪᠣᠯᠤᠭᠰᠠᠨ ᠪᠢᠯᠡ᠃ᠡᠨᠡ ᠬᠢᠷᠢ ᠳᠦ ᠬᠦᠷᠦᠭᠰᠡᠨ ᠨᠢ《ᠲᠡᠭᠷᠢ》 ᠴᠢᠮᠠᠶ᠋ᠢ ᠳᠣᠷᠣᠢᠲᠠᠭᠤᠯᠤᠭᠰᠠᠨ ᠶᠤᠮ᠃ᠬᠡᠷᠪᠡ ᠪᠢ ᠪᠠᠰᠠ ᠴᠢᠮᠠᠶ᠋ᠢ ᠤᠯᠠᠮ ᠳᠠᠷᠤᠯᠠᠳᠠᠭ ᠪᠣᠯ《ᠲᠡᠭᠷᠢ》 ᠨᠠᠮᠠᠶ᠋ᠢ ᠶᠠᠭᠤ ᠭᠡᠵᠦ ᠦᠵᠡᠬᠦ ᠪᠣᠢ᠃ ᠪᠢ《ᠲᠡᠭᠷᠢ》 ᠶ᠋ᠢᠨ ᠬᠢᠯᠢᠩᠯᠡᠬᠦ ᠡᠴᠡ ᠶᠡᠬᠡ ᠠᠶᠤᠳᠠᠭ᠃ᠲᠡᠢᠮᠦ ᠡᠴᠡ ᠴᠡᠷᠢᠭ ᠢ᠋ᠶ᠋ᠡᠨ ᠳᠠᠭᠠᠭᠤᠯᠤᠨ ᠬᠠᠷᠢᠶᠠ ᠭᠡᠵᠦ ᠪᠣᠳᠣᠵᠤ ᠪᠠᠢᠨᠠ᠃ᠮᠢᠨᠦ ᠵᠠᠩᠵᠤᠨ ᠨᠠᠷ ᠤ᠋ᠨ ᠠᠭᠤᠷ ᠢ᠋ ᠳᠠᠷᠤᠬᠤ ᠶ᠋ᠢᠨ ᠲᠥᠯᠥᠭᠡ᠂ ᠴᠢ ᠲᠡᠳᠡᠨ ᠳ᠋ᠦ᠍ ᠪᠠᠬᠠᠨ ᠪᠡᠯᠡᠭ ᠬᠦᠷᠭᠡᠵᠦ ᠴᠢᠳᠠᠬᠤ ᠦᠭᠡᠢ ᠤᠤ》 ᠭᠡᠵᠡᠢ᠃
ᠪᠡᠭᠡᠵᠢᠩ ᠬᠣᠲᠠᠨ ᠳ᠋ᠤ᠌ ᠬᠠᠭᠠᠨ ᠤ᠋ ᠡᠮᠦᠨᠡ ᠬᠤᠷᠠᠯ ᠬᠢᠵᠦ ᠡᠬᠢᠯᠡᠪᠡ᠃ ᠥᠩᠭᠡᠷᠡᠭᠰᠡᠨ ᠳ᠋ᠦ᠍ ᠪᠠᠭᠤᠷᠠᠢ ᠡᠲᠡᠭᠡᠳ ᠨᠢ ᠡᠪ ᠨᠠᠢᠷᠠᠮᠳᠠᠯ ᠭᠡᠮᠡᠨ ᠤᠷᠢᠲᠠᠵᠤ ᠳᠤᠷᠠᠳᠤᠨ ᠭᠣᠶᠣᠳᠠᠭ ᠨᠢ ᠳᠠᠳᠬᠠᠯ ᠪᠣᠯᠵᠤ ᠪᠠᠢᠭᠰᠠᠨ ᠶᠤᠮ᠃ᠤᠴᠢᠷ ᠡᠢᠮᠦ ᠡᠴᠡ ᠭᠣᠣ ᠴᠢ ᠶᠤᠸᠠᠨᠱᠤᠸᠠᠢ ᠰᠢᠢᠳᠪᠦᠷᠢᠲᠦ ᠢᠯᠠᠯᠲᠠ ᠣᠯᠬᠤ ᠪᠠᠢᠯᠳᠤᠭᠠᠨ ᠢ᠋ ᠬᠢᠬᠦ ᠪᠡᠷ ᠬᠦᠰᠡᠵᠡᠢ᠃ ᠲᠡᠭᠦᠨ ᠦ᠌ ᠬᠡᠯᠡᠬᠦ ᠪᠡᠷ ᠴᠢᠩᠭᠢᠰ ᠬᠠᠭᠠᠨ ᠤ᠋ ᠴᠡᠷᠢᠭ ᠨᠢ ᠶᠠᠳᠠᠷᠠᠵᠤ ᠵᠦᠳᠡᠷᠡᠭᠡᠳ᠂ ᠮᠣᠷᠢ ᠨᠢ ᠲᠤᠷᠠᠵᠤ ᠡᠴᠡᠭᠡᠳ ᠪᠠᠢᠨᠠ ᠭᠡᠵᠡᠢ᠃ ᠭᠡᠲᠡᠯᠡ ᠪᠤᠰᠤᠳ ᠰᠠᠢᠳ ᠨᠠᠷ ᠨᠢ ᠲᠡᠢᠮᠦ ᠦᠭᠡ ᠶ᠋ᠢ ᠰᠣᠨᠣᠰᠬᠤ ᠴᠢᠬᠢ ᠤᠷᠭᠤᠭᠠᠳᠤᠢ ᠪᠠᠢᠵᠠᠢ᠃ ᠲᠡᠳᠡᠨ ᠦ᠌ ᠬᠡᠯᠡᠬᠦ ᠪᠡᠷ《ᠪᠠᠰᠠ ᠪᠠᠢᠯᠳᠤᠨᠠ ᠭᠡᠵᠦ ᠬᠡᠯᠡᠬᠦ ᠬᠥᠮᠦᠨ ᠴᠢᠨᠢ ᠭᠠᠯᠵᠠᠭᠤ ᠠᠮᠢᠲᠠᠨ ᠶᠤᠮ᠃ ᠭᠤᠷᠪᠠᠨ ᠵᠢᠯ ᠦ᠋ᠨ ᠲᠤᠷᠰᠢᠬᠢ ᠪᠠᠢᠯᠳᠤᠭᠠᠨ ᠤ᠋ ᠦᠷᠡ ᠳ᠋ᠦᠩ ᠨᠢ ᠶᠠᠭᠤ ᠪᠣᠯᠤᠭᠰᠠᠨ ᠪᠣᠢ᠃ ᠮᠣᠩᠭᠣᠯ ᠴᠡᠷᠢᠭ ᠦ᠋ᠨ ᠵᠦᠭ ᠠᠯᠢ ᠪᠣᠯᠬᠤᠢᠴᠠ ᠰᠢᠯᠭᠠᠷᠠᠭᠰᠠᠨ ᠰᠢᠯᠢᠳᠡᠭ ᠴᠡᠷᠢᠭ ᠢ᠋ᠶ᠋ᠡᠨ ᠬᠦᠷᠭᠡᠭᠡᠳ ᠬᠥᠨᠥᠭᠡᠭᠳᠡᠭᠰᠡᠨ ᠪᠢᠰᠢᠦ᠃ ᠳᠠᠷᠠᠭᠠᠯᠠᠨ ᠬᠣᠶᠠᠳᠤᠭᠠᠷ᠂ ᠭᠤᠷᠪᠠᠳᠤᠭᠠᠷ᠁ ᠠᠷᠪᠠᠳᠤᠭᠠᠷ ᠤᠳᠠᠭᠠ ᠴᠡᠷᠢᠭ ᠢ᠋ᠶ᠋ᠡᠨ ᠬᠦᠷᠭᠡᠭᠰᠡᠨ ᠴᠦ᠍ ᠴᠥᠮ ᠮᠣᠩᠭᠣᠯ ᠴᠡᠷᠢᠭ ᠲᠦ᠍ ᠪᠤᠲᠠ᠂ ᠰᠦᠨᠦᠭᠡᠲᠡᠯᠡ᠃ ᠰᠦᠭᠡᠭᠳᠡᠭᠡᠳ ᠭᠦᠢᠴᠡᠭᠰᠡᠨ ᠪᠢᠰᠢᠦ᠃ ᠣᠯᠠᠨ ᠬᠣᠲᠠ ᠪᠣᠭᠣᠮᠲᠠᠨ ᠳ᠋ᠠᠭᠠᠨ ᠰᠢᠷᠭᠤᠭᠰᠠᠨ ᠨᠢ ᠰᠢᠪᠲᠤᠯᠤᠨ ᠴᠣᠬᠢᠭᠳᠠᠭᠠᠳ᠂ ᠬᠣᠲᠠ ᠪᠠᠨ ᠠᠪᠲᠠᠭᠳᠠᠵᠤ ᠪᠤᠯᠢᠶᠠᠭᠳᠠᠭᠠᠳ ᠰᠢᠲᠠᠭᠠᠭᠳᠠᠭᠰᠠᠭᠠᠷ ᠳᠠᠭᠤᠰᠤᠭᠰᠠᠨ ᠪᠠᠢᠨᠠ᠃ ᠪᠠᠢᠯᠳᠤᠭᠠᠨ ᠤ᠋ ᠬᠠᠮᠤᠭ ᠤ᠋ᠨ ᠰᠠᠢᠨ ᠮᠡᠷᠭᠡᠵᠢᠯ᠂ ᠬᠠᠮᠤᠭ ᠰᠠᠢᠨ ᠪᠥᠭᠡᠳ ᠬᠦᠴᠦᠷᠬᠡᠭ ᠪᠠᠭᠠᠵᠢ᠂ ᠳᠡᠯᠪᠡᠷᠡᠬᠦ ᠶᠠᠭᠤᠮᠠ ᠵᠡᠷᠭᠡ ᠬᠠᠮᠤᠭ ᠤ᠋ᠨ ᠠᠢᠬᠤᠪᠲᠤᠷ ᠪᠠᠢᠯᠳᠤᠬᠤ ᠠᠷᠭᠠ ᠬᠡᠷᠡᠭᠯᠡᠭᠦᠷ ᠢ᠋ ᠴᠦ᠍ ᠴᠢᠳᠬᠥᠷ ᠮᠡᠲᠦ ᠮᠣᠩᠭᠣᠯᠴᠤᠳ ᠤ᠋ᠨ ᠵᠦᠭ ᠬᠡᠷᠡᠭᠯᠡᠭᠡᠳ ᠲᠤᠰᠠ ᠭᠠᠷᠤᠭᠰᠠᠨ ᠦᠭᠡᠢ᠃ ᠣᠳᠣ ᠪᠣᠯᠲᠠᠯᠠ ᠲᠤᠷᠰᠢᠵᠤ ᠦᠵᠡᠭᠰᠡᠨ ᠠᠯᠢᠪᠠ ᠪᠦᠬᠦᠨ ᠨᠢ ᠪᠦᠷ ᠵᠠᠪᠰᠢᠶᠠᠨ ᠪᠤᠰᠤ ᠵᠦᠭ ᠬᠥᠲᠥᠯᠦᠭᠰᠡᠨ ᠪᠠᠢᠨᠠ᠃ ᠥᠨᠥ ᠬᠠᠷᠢᠨ ᠲᠡᠳᠡᠨ ᠦ᠌ ᠳᠤᠷᠠᠳᠤᠯᠭᠠ ᠶ᠋ᠢ ᠬᠦᠯᠢᠶᠡᠵᠦ ᠠᠪᠬᠤ ᠦᠭᠡᠢ᠂ ᠲᠡᠳᠡᠨᠡᠷ ᠢ᠋ ᠬᠢᠯᠢᠩᠯᠡᠭᠦᠯᠬᠦ ᠬᠡᠷᠡᠭᠴᠡᠭᠡ ᠶᠠᠭᠤ ᠪᠠᠢᠬᠤ ᠪᠣᠢ᠁》 ᠭᠡᠵᠡᠢ᠃ ᠡᠢᠮᠦ ᠪᠣᠯᠬᠣᠷ ᠰᠢᠦᠸᠠᠨᠽᠥ᠋ᠩ ᠬᠠᠭᠠᠨ ᠨᠢᠭᠡᠨ ᠰᠠᠢᠳ ᠢ᠋ᠶ᠋ᠠᠨ ᠴᠢᠩᠭᠢᠰ ᠬᠠᠭᠠᠨ ᠤ᠋ ᠳᠡᠷᠭᠡᠳᠡ ᠲᠣᠮᠢᠯᠠᠨ ᠨᠠᠢᠷᠠᠮᠳᠠᠯ ᠤ᠋ᠨ ᠬᠡᠯᠡᠯᠴᠡᠭᠡ ᠪᠡᠨ ᠡᠬᠢᠯᠡᠭᠦᠯᠵᠡᠢ᠃
ᠠᠯᠲᠠᠨ ᠤᠯᠤᠰ ᠤ᠋ᠨ ᠬᠠᠭᠠᠨ ᠪᠦᠬᠦ ᠲᠠᠯᠠ ᠪᠠᠷ ᠲᠡᠢᠨ ᠪᠠᠢᠯᠳᠤᠭᠠᠨ ᠵᠣᠭᠰᠣᠬᠤ ᠶ᠋ᠢ ᠪᠣᠯᠵᠣᠭᠰᠠᠨ ᠪᠥᠭᠡᠳ ᠬᠢᠳᠠᠨ ᠤ᠋ ᠨᠣᠶᠠᠨ ᠢ᠋ ᠲᠤᠰᠠᠭᠠᠷ ᠲᠣᠭᠲᠠᠨᠢᠭᠰᠠᠨ ᠯᠢᠶᠣᠣ ᠤᠯᠤᠰ ᠤ᠋ᠨ ᠡᠵᠡᠨ ᠪᠣᠯᠭᠠᠬᠤ ᠶ᠋ᠢ ᠪᠠᠲᠤᠯᠠᠵᠠᠢ (ᠤᠭ ᠵᠣᠬᠢᠶᠠᠯᠴᠢ ᠶ᠋ᠢᠨ ᠵᠡᠭᠦᠯᠲᠡ᠄ ᠴᠢᠩᠭᠢᠰ ᠬᠠᠭᠠᠨ ᠶᠠᠭᠠᠬᠢᠪᠠᠴᠤ ᠬᠣᠯᠪᠣᠭᠠᠲᠤ ᠤᠯᠤᠰ ᠢᠶᠠᠨ ᠪᠡᠷᠬᠡᠰᠢᠶᠡᠯ ᠳᠦ ᠤᠴᠠᠷᠠᠭᠤᠯᠬᠤ ᠦᠭᠡᠢ᠂ ᠬᠡᠯᠡᠭᠰᠡᠨ ᠦᠭᠡ ᠡᠴᠡ ᠪᠡᠨ ᠵᠥᠷᠢᠴᠡᠬᠦ ᠦᠭᠡᠢ ᠶᠦᠮ)᠃ ᠲᠡᠷᠡᠴᠢᠯᠡᠨ ᠦᠪᠡᠳᠡᠭᠰᠢ ᠶᠡᠬᠡ ᠡᠪ ᠨᠠᠢᠷᠠᠮᠳᠠᠯ ᠤ᠋ᠨ ᠪᠡᠯᠭᠡ ᠲᠡᠮᠳᠡᠭ ᠪᠣᠯᠭᠠᠨ ᠤᠷᠢᠳ ᠤ᠋ᠨ ᠵᠦᠭ ᠶᠦᠩ ᠵᠢᠢ ᠬᠠᠭᠠᠨ ᠤ᠋ ᠥᠬᠢᠨ ᠢ᠋ ᠴᠢᠩᠭᠢᠰ ᠬᠠᠭᠠᠨ ᠤ᠋ ᠡᠬᠡᠨᠡᠷ ᠪᠣᠯᠭᠠᠨ ᠬᠦᠷᠭᠡᠬᠦ ᠶᠣᠰᠣᠲᠠᠢ ᠪᠥᠭᠡᠳ ᠡᠨᠡ ᠭᠦᠩᠵᠦ ᠶ᠋ᠢᠨ ᠬᠢᠷᠢ ᠳ᠋ᠦ᠍ ᠵᠣᠬᠢᠴᠠᠬᠤ ᠡᠳ᠋ ᠬᠥᠷᠥᠩᠭᠡ ᠪᠠ ᠳᠠᠭᠠᠭᠰᠠᠳ ᠢ᠋ ᠥᠭᠴᠡᠢ᠃ ᠡᠪ ᠨᠠᠢᠷᠠᠮᠳᠠᠯ ᠪᠡᠶᠡᠯᠡᠭᠳᠡᠯᠡ᠂ ᠴᠢᠩᠭᠢᠰ ᠬᠠᠭᠠᠨ1214 ᠣᠨ ᠤ᠋ ᠬᠠᠪᠤᠷ ᠤ᠋ᠨ ᠰᠡᠭᠦᠯᠴᠢ ᠪᠡᠷ ᠠᠯᠲᠠᠨ ᠤᠯᠤᠰ ᠤ᠋ᠨ ᠵᠦᠭ ᠶᠠᠪᠤᠭᠤᠯᠤᠭᠰᠠᠨ ᠪᠠᠢᠯᠳᠤᠭᠠᠨ ᠢ᠋ ᠭᠤᠷᠪᠠᠨ ᠵᠢᠯ ᠬᠢᠵᠦ ᠲᠡᠭᠦᠰᠬᠡᠭᠡᠳ ᠮᠣᠩᠭᠣᠯ ᠳ᠋ᠠᠭᠠᠨ ᠪᠤᠴᠠᠬᠤ ᠵᠠᠮ ᠳ᠋ᠠᠭᠠᠨ ᠣᠷᠣᠵᠠᠢ᠃ ᠤᠯᠤᠰ ᠤ᠋ᠨ ᠬᠢᠯᠢ ᠬᠦᠷᠲᠡᠯᠡ ᠠᠯᠲᠠᠨ ᠤᠯᠤᠰ ᠤ᠋ᠨ ᠰᠠᠢᠳ ᠮᠣᠷᠳᠠᠭᠤᠯᠤᠭᠠᠳ ᠰᠠᠯᠵᠠᠢ᠃ ᠡᠨᠡᠬᠦ ᠤᠯᠤᠰ ᠤ᠋ᠨ ᠬᠢᠯᠢ ᠶ᠋ᠢ ᠲᠡᠷᠡ ᠳᠠᠬᠢᠵᠤ ᠳᠠᠪᠠᠭᠰᠠᠨ ᠦᠭᠡᠢ ᠶᠦᠮ᠃ ᠴᠢᠩᠭᠢᠰ ᠬᠠᠭᠠᠨ ᠪᠦᠲᠦᠮᠵᠢ ᠳ᠋ᠡᠭᠡᠨ ᠶᠡᠬᠡ ᠬᠠᠨᠤᠮᠵᠢᠲᠠᠢ ᠪᠠᠢᠵᠠᠢ᠃ᠤᠷᠲᠤ ᠴᠠᠭᠠᠨ ᠬᠡᠷᠡᠮ ᠴᠦ᠍ ᠲᠡᠷᠡ᠂ ᠪᠡᠬᠢᠯᠡᠯᠲᠡ ᠴᠣᠭᠴᠠᠯᠠᠭᠰᠠᠨ ᠬᠠᠪᠴᠢᠯ ᠵᠠᠮ ᠴᠦ᠍ ᠲᠡᠷᠡ᠂ ᠠᠭᠤᠯᠠᠰ ᠤ᠋ᠨ ᠲᠣᠭᠠ ᠦᠭᠡᠢ ᠣᠯᠠᠨ ᠵᠢᠭᠰᠠᠭᠠᠯ ᠤ᠋ᠨ ᠠᠯᠢ ᠨᠢ ᠴᠤ᠌ ᠲᠡᠷᠡ ᠮᠣᠩᠭᠣᠯ ᠤ᠋ᠨ ᠬᠣᠷᠢᠨ ᠲᠦᠮᠡᠨ ᠮᠣᠷᠢᠲᠤ ᠴᠡᠷᠢᠭ ᠦ᠋ᠨ ᠡᠰᠡᠷᠭᠦ ᠲᠠᠪᠤᠨ ᠮᠢᠩᠭᠠᠨ ᠲᠦᠮᠡᠨ ᠬᠥᠮᠦᠨ ᠠᠮᠠ ᠲᠠᠢ ᠶᠡᠬᠡ ᠤᠯᠤᠰ ᠢ᠋ᠶ᠋ᠠᠨ ᠬᠠᠮᠠᠭᠠᠯᠠᠵᠤ ᠴᠢᠳᠠᠭᠰᠠᠨ ᠦᠭᠡᠢ ᠶᠦ᠍ᠮ᠃ ᠠᠯᠲᠠᠨ ᠤᠯᠤᠰ ᠢ᠋ ᠳᠠᠷᠤᠨ ᠤᠨᠠᠭᠠᠴᠢᠬᠠᠯᠠ᠂ ᠲᠡᠭᠦᠨ ᠢ᠋ ᠳᠠᠬᠢᠨ ᠪᠠᠢᠭᠤᠯᠤᠨᠠ ᠭᠡᠰᠡᠨ ᠴᠢᠨᠢ ᠬᠡᠳᠦᠨ ᠠᠷᠪᠠᠨ ᠵᠢᠯ ᠦ᠋ᠨ ᠴᠠᠭ ᠣᠷᠣᠬᠤ ᠪᠢᠵᠡ᠃ ᠣᠳᠣ ᠴᠢᠩᠭᠢᠰ ᠬᠠᠭᠠᠨ ᠠᠯᠲᠠᠨ ᠤᠯᠤᠰ ᠤ᠋ᠨ ᠠᠷᠭᠠ ᠮᠡᠬᠡ ᠬᠡᠷᠡᠭᠯᠡᠬᠦ ᠡᠴᠡ ᠰᠡᠳᠬᠢᠯ ᠵᠣᠪᠠᠬᠤ ᠬᠡᠷᠡᠭ ᠦᠭᠡᠢ ᠪᠣᠯᠤᠭᠰᠠᠨ ᠪᠠᠢᠨᠠ᠃ ᠠᠯᠲᠠᠨ ᠤᠯᠤᠰ ᠤ᠋ᠨ ᠬᠥᠮᠦᠰ ᠴᠦ᠍ ᠤᠷᠢᠳ ᠤ᠋ᠨ ᠠᠳᠠᠯᠢ ᠳᠤᠷᠠ ᠲᠠᠪᠠ ᠪᠠᠷ ᠢ᠋ᠶ᠋ᠠᠨ ᠴᠢᠩᠭᠢᠰ ᠬᠠᠭᠠᠨ ᠤ᠋ ᠦᠢᠯᠡᠰ ᠲᠤ ᠬᠠᠯᠳᠠᠬᠤ ᠦᠭᠡᠢ ᠪᠣᠯᠤᠭᠰᠠᠨ ᠪᠢᠵᠡ᠃
ᠥᠭᠡᠷᠡ ᠨᠢᠭᠡ ᠰᠢᠨᠡ ᠠᠰᠠᠭᠤᠳᠠᠯ ᠴᠢᠩᠭᠢᠰ ᠬᠠᠭᠠᠨ ᠢ᠋ ᠤᠯᠤᠰ ᠤ᠋ᠨ ᠬᠢᠯᠢ ᠳᠡᠭᠡᠷᠡ ᠰᠠᠭᠠᠲᠠᠭᠤᠯᠤᠭᠰᠠᠨ ᠪᠠᠢᠨᠠ᠃ ᠬᠣᠲᠠ ᠪᠣᠭᠣᠮᠲᠠ ᠶ᠋ᠢ ᠴᠣᠬᠢᠬᠤ ᠦᠶᠡ ᠳ᠋ᠦ᠍ ᠨᠦᠬᠡ ᠮᠠᠯᠲᠠᠬᠤ᠂ ᠬᠡᠷᠡᠮ ᠴᠣᠭᠴᠠᠯᠠᠬᠤ ᠳ᠋ᠤ᠌ ᠠᠰᠢᠭᠯᠠᠭᠰᠠᠨ ᠬᠡᠳᠦᠨ ᠲᠦᠮᠡᠨ ᠬᠥᠮᠦᠨ ᠢ᠋ ᠣᠳᠣ ᠶᠠᠭᠠᠬᠢᠪᠠᠯ ᠵᠣᠬᠢᠬᠤ ᠶᠤᠮ ᠪᠣᠢ᠃ ᠡᠳᠡᠭᠡᠷ ᠣᠯᠵᠠᠯᠠᠭᠳᠠᠭᠰᠠᠳ ᠲᠡᠳᠡᠨ ᠲᠡᠢ ᠬᠠᠮᠲᠤᠪᠠᠷ ᠡᠪᠡᠳᠴᠢᠨ ᠬᠡᠵᠢᠭ ᠢ᠋ᠶ᠋ᠡᠨ ᠮᠣᠩᠭᠣᠯ ᠭᠠᠵᠠᠷ ᠲᠤ ᠳᠡᠯᠭᠡᠷᠡᠭᠦᠯᠬᠦ ᠪᠠᠢᠬᠠ᠃ ᠲᠡᠳᠡ ᠭᠣᠪᠢ ᠮᠠᠩᠬᠠ ᠶ᠋ᠢ ᠲᠤᠭᠤᠯᠤᠨ ᠳᠠᠪᠠᠬᠤ ᠴᠢᠳᠠᠯ ᠦᠭᠡᠢ᠃ ᠲᠡᠳᠡᠨ ᠢ᠋ ᠲᠥᠷᠥᠭᠰᠡᠨ ᠨᠤᠲᠤᠭ ᠲᠤᠨᠢ ᠬᠠᠷᠢᠭᠤᠯᠵᠤ ᠪᠠᠰᠠ ᠪᠣᠯᠬᠤ ᠦᠭᠡᠢ᠂ᠶᠠᠭᠤᠨ ᠳ᠋ᠤ᠌ ᠭᠡᠪᠡᠯ ᠲᠡᠳᠡᠨᠦᠰ ᠤᠳᠠᠭᠠᠨ ᠬᠤᠭᠤᠴᠠᠭᠠ ᠪᠠᠷ ᠮᠣᠩᠭᠣᠯ ᠴᠡᠷᠢᠭ ᠦ᠋ᠨ ᠮᠡᠷᠭᠡᠵᠢᠯ ᠪᠠ ᠵᠠᠩ ᠴᠢᠨᠠᠷ ᠢ᠋ ᠰᠤᠷᠴᠤ ᠮᠡᠳᠡᠭᠰᠡᠨ ᠪᠠᠢᠨᠠ᠂ ᠬᠣᠵᠢᠮ ᠠᠯᠲᠠᠨ ᠤᠯᠤᠰ ᠤ᠋ᠨ ᠴᠡᠷᠢᠭ ᠪᠣᠯᠴᠢᠬᠠᠪᠠᠯ ᠠᠶᠤᠯ ᠲᠦᠭᠰᠢᠭᠦᠷᠢ ᠲᠡᠢ ᠳᠠᠢᠰᠤᠨ ᠪᠣᠯᠬᠤ ᠪᠢᠰᠢᠦ᠃ ᠬᠠᠷᠢ ᠤᠯᠤᠰ ᠤ᠋ᠨ ᠬᠥᠮᠦᠰ ᠦ᠋ᠨ ᠠᠮᠢ ᠨᠠᠰᠤ ᠲᠡᠭᠦᠨ ᠳ᠋ᠦ᠍ ᠠᠪᠴᠤ ᠬᠡᠯᠡᠪᠡᠯ ᠶᠠᠮᠠᠷ ᠴᠤ᠌ ᠦᠨᠡ ᠬᠦᠷᠬᠦ ᠦᠭᠡᠢ ᠮᠡᠲᠦ ᠪᠠᠢᠭᠰᠠᠨ ᠪᠢᠯᠡ᠃ ᠤᠷᠠᠨ ᠳᠠᠷᠬᠠᠨ ᠠᠵᠢᠯᠴᠢᠨ᠂ ᠤᠷᠠᠯᠢᠭ ᠤ᠋ᠨ ᠬᠥᠮᠦᠰ ᠪᠠ ᠣᠶᠤᠲᠠᠨ ᠢ᠋ ᠠᠰᠲᠠᠭᠠᠨ ᠰᠠᠯᠭᠠᠵᠤ ᠠᠪᠤᠭᠠᠳ᠂ᠦᠯᠡᠳᠡᠭᠰᠡᠨ ᠪᠦᠬᠦᠨ ᠢ᠋ ᠠᠯᠠ ᠭᠡᠵᠦ ᠵᠠᠷᠯᠢᠭ ᠪᠠᠭᠤᠯᠭᠠᠵᠠᠢ᠃
(ᠲᠠᠪᠤ) ᠰᠥᠩ ᠤᠯᠤᠰ ᠤ᠋ᠨ ᠡᠯᠴᠢ ᠶ᠋ᠢᠨ ᠲᠣᠯᠣᠭᠠᠢ ᠶ᠋ᠢ ᠡᠷᠭᠢᠭᠦᠯᠦᠭᠰᠡᠨ ᠨᠢ
ᠴᠠᠭ ᠤᠯᠠᠷᠢᠯ ᠥᠩᠭᠡᠷᠡᠭᠰᠡᠭᠡᠷ ᠪᠠᠢᠯᠠ᠃ᠭᠠᠯ ᠢ᠋ᠶ᠋ᠠᠷ ᠰᠢᠷᠠᠬᠤ ᠮᠡᠲᠦ ᠵᠤᠨ ᠤ᠋ ᠬᠠᠯᠠᠭᠤᠨ ᠳ᠋ᠤ᠌ ᠭᠣᠪᠢ ᠮᠠᠩᠬᠠ ᠶ᠋ᠢ ᠭᠡᠲᠦᠯᠬᠦ ᠠᠷᠭᠠ ᠦᠭᠡᠢ ᠪᠣᠯᠤᠭᠰᠠᠨ ᠪᠠᠢᠨᠠ᠃ ᠡᠢᠮᠦ ᠡᠴᠡ ᠴᠢᠩᠭᠢᠰ ᠬᠠᠭᠠᠨ ᠮᠠᠩᠬᠠᠨ ᠤ᠋ ᠬᠥᠪᠡᠭᠡᠨ ᠳ᠋ᠡᠬᠢ ᠲᠤᠯᠤᠨ ᠨᠠᠭᠤᠷ ᠣᠷᠴᠢᠮ ᠴᠡᠷᠢᠭ ᠦ᠋ᠨ ᠬᠦᠷᠢᠶᠡ ᠪᠡᠨ ᠪᠠᠭᠤᠵᠤ ᠰᠡᠷᠢᠭᠦᠨ ᠪᠣᠯᠬᠤ ᠶ᠋ᠢ ᠬᠦᠯᠢᠶᠡᠪᠡ᠃ ᠡᠨᠡ ᠦᠶᠡ ᠳ᠋ᠦ᠍ ᠰᠢᠨᠡ ᠴᠢᠮᠡᠭᠡ ᠤᠯᠠᠮᠵᠢᠯᠠᠭᠳᠠᠨ ᠢᠷᠡᠯᠡ᠃ ᠠᠯᠲᠠᠨ ᠤᠯᠤᠰ ᠤ᠋ᠨ ᠰᠢᠦᠸᠠᠨᠽᠥ᠋ᠩ ᠬᠠᠭᠠᠨ ᠲᠤᠩᠬᠠᠭ ᠨᠡᠢᠲᠡᠯᠡᠵᠦ ᠤᠯᠤᠰ ᠠᠷᠠᠳ ᠲᠠᠭᠠᠨ ᠮᠡᠳᠡᠭᠳᠡᠭᠰᠡᠨ ᠨᠢ᠄ ᠤᠯᠤᠰ ᠤ᠋ᠨ ᠨᠡᠢᠰᠯᠡᠯ ᠢ᠋ᠶ᠋ᠡᠨ ᠬᠠᠲᠤᠨ ᠭᠣᠣᠯ ᠤ᠋ᠨ ᠡᠮᠦᠨᠡ ᠳ᠋ᠡᠬᠢ ᠺᠠᠢ ᠹᠧᠩ ᠳ᠋ᠦ᠍ ᠳᠡᠪᠰᠢᠭᠦᠯᠦᠨᠡ ᠭᠡᠨᠡ᠃ ᠰᠠᠢᠳ ᠨᠠᠷ ᠨᠢ ᠢᠩᠭᠢᠵᠦ ᠰᠢᠯᠵᠢᠬᠦ ᠪᠣᠯ ᠳᠤᠲᠠᠭᠠᠵᠤ ᠶᠠᠪᠤᠭᠰᠠᠨ ᠬᠡᠷᠡᠭ ᠪᠣᠯᠬᠤ ᠪᠥᠭᠡᠳ ᠤᠮᠠᠷᠠᠲᠤ ᠶ᠋ᠢᠨ ᠣᠯᠠᠨ ᠮᠣᠵᠢ ᠪᠠᠨ ᠬᠠᠶᠠᠨ ᠴᠦᠯᠡᠭᠰᠡᠨ ᠳ᠋ᠦ᠍ ᠣᠷᠣᠨᠠ ᠭᠡᠵᠦ ᠢᠳᠬᠠᠭᠰᠠᠨ ᠪᠢᠯᠡ᠃ ᠭᠡᠪᠡᠴᠦ ᠶᠠᠮᠠᠷ ᠴᠤ᠌ ᠲᠤᠰᠠ ᠭᠠᠷᠤᠭᠰᠠᠨ ᠦᠭᠡᠢ᠂ ᠮᠣᠩᠭᠣᠯ ᠬᠥᠮᠦᠨ ᠡᠴᠡ ᠬᠣᠯᠠ ᠵᠠᠢᠯᠠᠵᠤ ᠰᠠᠯᠤᠶᠠ ᠭᠡᠰᠡᠨ ᠬᠠᠭᠠᠨ ᠤ᠋ ᠵᠣᠷᠢᠭ ᠢ᠋ ᠭᠤᠢᠪᠢᠭᠤᠯᠵᠤ ᠴᠢᠳᠠᠭᠰᠠᠨ ᠦᠭᠡᠢ ᠪᠠᠢᠵᠠᠢ᠃ ᠵᠣᠯ ᠢ᠋ᠶ᠋ᠠᠷ ᠴᠡᠷᠢᠭ ᠦ᠋ᠨ ᠡᠷᠬᠡ ᠠᠳᠬᠤᠭᠰᠠᠨ ᠭᠣᠣ ᠴᠢ ᠶᠤᠸᠠᠨᠱᠤᠸᠠᠢ ᠬᠠᠭᠠᠨ ᠢ᠋ᠶ᠋ᠠᠨ ᠬᠠᠪᠰᠤᠷᠤᠨ ᠬᠡᠯᠡᠳᠡᠭ ᠪᠣᠯᠤᠭᠰᠠᠨ ᠶᠤᠮ᠃ ᠡᠨᠡ ᠵᠠᠩᠵᠤᠨ ᠬᠠᠭᠠᠨ ᠢ᠋ ᠬᠠᠮᠠᠭᠠᠯᠠᠬᠤ ᠨᠡᠷᠡ ᠪᠡᠷ ᠡᠮᠦᠨᠡ ᠭᠠᠵᠠᠷ ᠶᠠᠪᠤᠨᠠ ᠭᠡᠨᠡ᠃ ᠠᠷᠠᠳ ᠤ᠋ᠨ ᠠᠮᠤᠷᠯᠢᠩᠭᠤᠢ ᠦᠭᠡᠢ ᠪᠣᠯᠤᠭᠰᠠᠨ ᠢ᠋ ᠨᠠᠮᠬᠠᠷᠠᠭᠤᠯᠬᠤ ᠶ᠋ᠢᠨ ᠲᠥᠯᠥᠭᠡ᠂ ᠬᠠᠭᠠᠨ ᠡᠵᠡᠨ ᠤᠮᠠᠷᠠᠲᠤ ᠣᠷᠣᠨ ᠤ᠋ ᠣᠯᠠᠨ ᠮᠣᠵᠢ ᠳ᠋ᠤ᠌ ᠬᠠᠯᠠᠮᠵᠢ ᠦᠵᠡᠭᠦᠯᠵᠦ ᠪᠠᠢᠬᠤ ᠪᠠᠨ ᠢᠯᠡᠷᠡᠭᠦᠯᠬᠦ ᠪᠡᠷ ᠬᠠᠭᠠᠨ ᠤ᠋ ᠬᠥᠪᠡᠭᠦᠨ ᠪᠣᠯᠤᠨ ᠴᠡᠷᠢᠭ ᠵᠠᠬᠢᠷᠬᠤ ᠨᠣᠶᠠᠨ ᠸᠠᠨ ᠶᠠᠨ ᠴᠢᠩ ᠸᠠᠩ ᠤ᠋ᠨ ᠬᠠᠮᠲᠤ ᠪᠡᠭᠡᠵᠢᠩ ᠳ᠋ᠦ᠍ ᠬᠣᠴᠣᠷᠤᠭᠤᠯᠤᠨᠠ ᠭᠡᠵᠦ ᠲᠣᠳᠣᠷᠬᠠᠢ ᠲᠤᠩᠬᠠᠭ ᠲᠠᠷᠬᠠᠭᠠᠪᠠ᠃ ᠡᠨᠡ ᠴᠢᠮᠡᠭᠡ ᠶ᠋ᠢ ᠰᠣᠨᠣᠰᠤᠭᠠᠳ ᠠᠭᠤᠷ ᠬᠦᠷᠦᠭᠰᠡᠨ ᠴᠢᠩᠭᠢᠰ ᠬᠠᠭᠠᠨ᠄《ᠲᠡᠷᠡ ᠬᠠᠷᠢᠨ ᠮᠢᠨᠦ ᠦᠭᠡ ᠶ᠋ᠢ ᠢᠲᠡᠭᠡᠬᠦ ᠦᠭᠡᠢ ᠪᠠᠢᠨᠠ》 ᠭᠡᠵᠦ ᠪᠠᠷᠬᠢᠷᠠᠯᠠ᠃ ᠪᠠᠬᠠᠨ ᠤᠳᠠᠭᠠᠳ ᠬᠡᠯᠡᠭᠰᠡᠨ ᠨᠢ᠄《ᠲᠡᠭᠦᠨ ᠦ᠌ ᠡᠪ ᠨᠠᠢᠷᠠᠮᠳᠠᠯ ᠢ᠋ ᠪᠣᠯᠵᠣᠭᠰᠠᠨ ᠨᠢ ᠭᠠᠭᠴᠠᠬᠦ ᠡᠮᠦᠨᠡ ᠳᠠᠰᠢ ᠪᠠᠢᠯᠳᠤᠨ ᠳᠠᠭᠠᠭᠤᠯᠬᠤ ᠰᠠᠨᠠᠭᠠ ᠪᠠᠢᠭᠰᠠᠨ ᠠ᠋ᠴᠠ ᠪᠣᠯᠤᠭᠰᠠᠨ ᠶᠤᠮ ᠪᠠᠢᠨᠠ》 ᠭᠡᠪᠡ᠃
ᠴᠢᠩᠭᠢᠰ ᠬᠠᠭᠠᠨ ᠤ᠋ ᠪᠣᠳᠣᠭᠰᠠᠨ ᠢ᠋ ᠦᠨᠡᠮᠯᠡᠬᠦ ᠮᠡᠲᠦ᠂ ᠰᠥᠩ ᠤᠯᠤᠰ ᠤ᠋ᠨ ᠡᠯᠴᠢ ᠴᠢᠩᠭᠢᠰ ᠬᠠᠭᠠᠨ ᠤ᠋ ᠴᠡᠷᠢᠭ ᠦ᠋ᠨ ᠬᠦᠷᠢᠶᠡ ᠳ᠋ᠦ᠍ ᠬᠦᠷᠴᠦ ᠢᠷᠡᠵᠡᠢ᠃ ᠰᠥᠩ ᠤᠯᠤᠰ ᠤ᠋ᠨ ᠡᠯᠴᠢ ᠨᠢ ᠡᠮᠦᠨᠡ ᠭᠠᠵᠠᠷ ᠠ᠋ᠴᠠ ᠮᠣᠷᠳᠠᠵᠤ ᠭᠣᠪᠢ ᠮᠠᠩᠬᠠᠨ ᠤ᠋ ᠵᠠᠬᠠ ᠬᠥᠪᠡᠭᠡ ᠪᠡᠷ ᠲᠣᠭᠣᠷᠢᠵᠤ ᠶᠠᠪᠤᠭᠠᠳ ᠬᠦᠷᠴᠦ ᠢᠷᠡᠭᠰᠡᠨ ᠵᠣᠷᠢᠯᠲᠠ ᠨᠢ ᠠᠯᠲᠠᠨ ᠤᠯᠤᠰ ᠤ᠋ᠨ ᠰᠢᠦᠸᠠᠨᠽᠥ᠋ᠩ ᠬᠠᠭᠠᠨ ᠤ᠋ ᠡᠮᠦᠨᠡᠰᠢ ᠰᠢᠯᠵᠢᠭᠰᠡᠨ ᠲᠤᠬᠠᠢ ᠰᠥᠩ ᠤᠯᠤᠰ ᠭᠦᠨ ᠠᠩᠬᠠᠷᠤᠯ ᠲᠠᠯᠪᠢᠵᠤ ᠪᠠᠢᠬᠤ ᠪᠠᠨ ᠬᠡᠯᠡᠬᠦ ᠶ᠋ᠢᠨ ᠲᠥᠯᠥᠭᠡ ᠶᠦᠮ᠃
ᠰᠥᠩ ᠤᠯᠤᠰ᠂ᠴᠢᠩᠭᠢᠰ ᠬᠠᠭᠠᠨ ᠤ᠋ ᠤᠳᠠᠭᠠ ᠪᠦᠷᠢ ᠶ᠋ᠢᠨ ᠢᠯᠠᠯᠲᠠ ᠣᠯᠤᠭᠰᠠᠨ ᠢ᠋ ᠰᠣᠨᠣᠰᠤᠭᠠᠳ ᠥᠪᠡᠷ ᠦ᠋ᠨ ᠢ᠋ᠶ᠋ᠡᠨ ᠢᠯᠠᠯᠲᠠ ᠮᠡᠲᠦ ᠪᠠᠶᠠᠷᠯᠠᠵᠤ ᠪᠠᠢᠭᠰᠠᠨ ᠶᠤᠮ᠃ ᠠᠯᠲᠠᠨ ᠤᠯᠤᠰ ᠤ᠋ᠨ ᠳᠡᠢᠯᠦᠭᠳᠡᠭᠰᠡᠨ ᠨᠢ ᠰᠥᠩ ᠤᠯᠤᠰ ᠲᠠᠢ ᠲᠠᠰᠤᠷᠠᠯᠲᠠ ᠦᠭᠡᠢ ᠪᠠᠢᠯᠳᠤᠭᠠᠨ ᠬᠢᠭᠰᠡᠨ ᠦ᠌ ᠬᠠᠷᠢᠭᠤ ᠳ᠋ᠤ᠌ 《ᠲᠡᠭᠷᠢ》 ᠡᠴᠡ ᠭᠣᠣᠯ ᠶᠣᠰᠣ ᠪᠠᠷ ᠶᠠᠯᠠᠯᠠᠭᠰᠠᠨ ᠭᠡᠵᠦ ᠲᠡᠳᠡ ᠦᠵᠡᠵᠦ ᠪᠠᠢᠵᠠᠢ᠃ ᠡᠨᠡ ᠮᠡᠲᠦ ᠲᠠᠰᠤᠷᠠᠯᠲᠠ ᠦᠭᠡᠢ ᠬᠢᠭᠰᠡᠨ ᠪᠠᠢᠯᠳᠤᠭᠠᠨ ᠢ᠋ᠶ᠋ᠠᠷ ᠠᠯᠲᠠᠨ ᠤᠯᠤᠰ ᠨᠢᠭᠡᠨᠲᠡ ᠰᠥᠩ ᠤᠯᠤᠰ ᠤ᠋ᠨ ᠬᠠᠲᠤᠨ ᠭᠣᠣᠯ ᠤ᠋ᠨ ᠡᠮᠦᠨᠡᠬᠢ ᠬᠡᠳᠦᠨ ᠮᠣᠵᠢ ᠶ᠋ᠢ ᠪᠤᠯᠢᠶᠠᠨ ᠠᠪᠴᠤ ᠂ ᠠᠯᠪᠠ ᠪᠠᠷᠢᠭᠤᠯᠬᠤ ᠪᠠᠷ ᠲᠣᠭᠲᠠᠭᠠᠭᠰᠠᠨ ᠪᠠᠢᠨᠠ᠃ ᠰᠡᠭᠦᠯᠴᠢ ᠶ᠋ᠢᠨ ᠦᠶᠡ ᠳ᠋ᠦ᠍ ᠠᠯᠲᠠᠨ ᠤᠯᠤᠰ ᠲᠤ᠌ ᠵᠢᠯ ᠪᠦᠷᠢ ᠬᠣᠷᠢᠨ ᠲᠠᠪᠤᠨ ᠲᠦᠮᠡᠨ ᠯᠠᠩ ᠠᠯᠲᠠ᠂ ᠬᠣᠷᠢᠨ ᠲᠠᠪᠤᠨ ᠲᠦᠮᠡᠨ ᠡᠩ ᠲᠣᠷᠭᠠ ᠶ᠋ᠢᠨ ᠠᠯᠪᠠ ᠪᠠᠷᠢᠬᠤ ᠪᠠᠨ ᠲᠠᠰᠤᠯᠴᠢᠬᠠᠭᠰᠠᠨ ᠶᠤᠮ᠃ ᠭᠡᠲᠡᠯᠡ ᠣᠳᠣ ᠮᠣᠩᠭᠣᠯ ᠴᠡᠷᠢᠭ ᠠᠷᠤ ᠳᠠᠰᠢ ᠪᠠᠨ ᠤᠬᠤᠷᠢᠭᠠᠳ᠂ᠠᠯᠲᠠᠨ ᠤᠯᠤᠰ ᠤ᠋ᠨ ᠬᠠᠭᠠᠨ ᠤ᠋ ᠣᠷᠳᠣᠨ ᠨᠢ ᠬᠠᠷᠢᠨ ᠰᠥᠩ ᠤᠯᠤᠰ ᠤ᠋ᠨ ᠬᠢᠯᠢ ᠡᠴᠡ ᠮᠠᠰᠢ ᠣᠢᠷᠠ ᠰᠢᠯᠵᠢᠭᠡᠳ ᠢᠷᠡᠭᠰᠡᠨ ᠪᠠᠢᠨᠠ᠃ ᠡᠮᠦᠨᠡ ᠰᠥᠩ ᠤᠯᠤᠰ ᠤ᠋ᠨ ᠰᠡᠳᠬᠢᠯ ᠲᠠᠯᠪᠢᠬᠤ ᠵᠦᠢᠯ ᠨᠢ ᠲᠤᠢᠯ ᠤ᠋ᠨ ᠪᠠᠴᠢᠮ ᠪᠠᠢᠨᠠ᠃ ᠲᠡᠷᠡᠬᠦ ᠡᠯᠴᠢ ᠶ᠋ᠢᠨ ᠡᠭᠦᠷᠭᠡ ᠪᠣᠯ ᠮᠣᠩᠭᠣᠯ ᠤ᠋ᠨ ᠬᠠᠭᠠᠨ ᠤ᠋ ᠲᠥᠯᠥᠪᠯᠡᠭᠡ ᠪᠠ ᠡᠭᠦᠷᠭᠡ ᠶ᠋ᠢ ᠣᠢᠯᠠᠭᠠᠵᠤ᠂ ᠠᠯᠲᠠᠨ ᠤᠯᠤᠰ ᠬᠦᠴᠦ ᠪᠡᠨ ᠳᠠᠬᠢᠨ ᠰᠡᠷᠭᠦᠭᠡᠬᠦ ᠴᠠᠭ ᠢ᠋ ᠣᠢᠯᠠᠭᠠᠬᠤ ᠪᠣᠯ ᠮᠣᠩᠭᠣᠯ ᠤᠯᠤᠰ ᠲᠤ᠌ ᠶᠠᠮᠠᠷ ᠶᠡᠬᠡ ᠠᠶᠤᠯ ᠲᠦᠭᠰᠢᠭᠦᠷᠢ ᠲᠡᠢ ᠪᠠᠢᠬᠤ ᠶ᠋ᠢ ᠲᠠᠢᠯᠤᠨ ᠬᠡᠯᠡᠬᠦ ᠪᠡᠷ ᠢᠷᠡᠭᠰᠡᠨ ᠪᠠᠢᠨᠠ᠃
ᠤᠷᠠᠨ ᠰᠠᠢᠬᠠᠨ ᠪᠠ ᠰᠣᠶᠣᠯ ᠪᠣᠯᠪᠠᠰᠤᠨ ᠨᠢ ᠥᠨᠳᠥᠷ ᠬᠡᠮᠵᠢᠶᠡᠨ ᠳ᠋ᠦ᠍ ᠬᠦᠷᠲᠡᠯᠡ ᠬᠥᠭᠵᠢᠭᠰᠡᠨ ᠨᠢᠭᠡᠨ ᠤᠯᠤᠰ ᠤ᠋ᠨ ᠰᠠᠢᠳ᠂ ᠰᠦᠷᠯᠢᠭ ᠪᠥᠭᠡᠳ ᠵᠢᠷᠭᠠᠯᠲᠠᠢ ᠰᠠᠢᠬᠠᠨ ᠠᠮᠢᠳᠤᠷᠠᠯᠭᠠ ᠲᠠᠢ ᠬᠠᠭᠠᠨ ᠤ᠋ ᠣᠷᠳᠣᠨ ᠤ᠋ ᠶᠡᠬᠡ ᠨᠣᠶᠠᠨ᠂ ᠲᠥᠷᠥ ᠶ᠋ᠢᠨ ᠶᠣᠰᠣᠨ ᠤ᠋ ᠲᠠᠯᠠ ᠪᠠᠷ ᠬᠡᠯᠡᠪᠡᠯ ᠂ ᠠᠯᠲᠠᠨ ᠤᠯᠤᠰ ᠤ᠋ᠨ ᠬᠠᠭᠠᠨ ᠢ᠋ ᠴᠦ᠍ ᠵᠡᠷᠯᠢᠭ ᠬᠥᠮᠦᠨ ᠭᠡᠵᠦ ᠦᠵᠡᠳᠡᠭ ᠡᠢᠮᠦ ᠬᠠᠭᠠᠨ ᠤ᠋ ᠣᠷᠳᠣᠨ ᠤ᠋ ᠶᠡᠬᠡ ᠨᠣᠶᠠᠨ᠂ ᠲᠤᠯᠤᠨ ᠨᠠᠭᠤᠷ ᠲᠤ᠌ ᠪᠠᠭᠤᠳᠠᠯᠯᠠᠭᠰᠠᠨ ᠮᠣᠩᠭᠣᠯᠴᠤᠳ ᠤ᠋ᠨ ᠵᠠᠩ ᠳᠠᠳᠬᠠᠯ ᠢ᠋ ᠣᠢᠯᠠᠭᠠᠬᠤ ᠳ᠋ᠤ᠌ ᠪᠠᠬᠠᠨ ᠴᠠᠭ ᠣᠷᠣᠭᠤᠯᠤᠭᠰᠠᠨ ᠶᠤᠮ᠃ ᠶᠡᠬᠡ ᠰᠦᠷᠯᠢᠭ ᠬᠦᠯᠢᠶᠡᠨ ᠠᠪᠴᠤ ᠠᠭᠤᠯᠵᠠᠬᠤ ᠶᠣᠰᠣᠯᠠᠯ ᠤ᠋ᠨ ᠨᠠᠷᠢᠨ ᠭᠡᠭᠴᠢ ᠶ᠋ᠢ ᠮᠡᠳᠡᠬᠦ ᠪᠡᠷ ᠲᠤᠢᠯ ᠤ᠋ᠨ ᠶᠡᠬᠡ ᠠᠩᠬᠠᠷᠤᠯ ᠢ᠋ᠶ᠋ᠠᠨ ᠲᠠᠯᠪᠢᠭᠰᠠᠨ ᠪᠠᠢᠨᠠ᠃ᠢᠩᠭᠢᠭᠡᠳ ᠲᠡᠷᠡ ᠳᠣᠣᠷᠠᠬᠢ ᠮᠡᠲᠦ ᠶᠣᠰᠣ ᠶ᠋ᠢ ᠮᠡᠳᠡᠵᠦ ᠠᠪᠴᠠᠢ᠃ ᠮᠠᠢᠬᠠᠨ ᠳ᠋ᠤ᠌ ᠣᠷᠣᠬᠤ ᠦᠶᠡ ᠳ᠋ᠦ᠍ ᠰᠠᠭᠤᠳᠠᠯ ᠤ᠋ᠨ ᠳᠡᠪᠢᠰᠬᠡᠷ ᠢ᠋ ᠭᠢᠰᠬᠢᠵᠦ ᠪᠣᠯᠬᠤ ᠦᠭᠡᠢ᠂ ᠲᠡᠷᠡᠴᠢᠯᠡᠨ ᠮᠠᠢᠬᠠᠨ ᠤ᠋ ᠲᠤᠯᠭᠠᠭᠤᠷ ᠢ᠋ ᠲᠦᠰᠢᠵᠦ ᠪᠣᠯᠬᠤ ᠦᠭᠡᠢ᠂ ᠬᠡᠷᠪᠡ ᠲᠦᠰᠢᠬᠦ ᠳ᠋ᠦ᠍ ᠬᠦᠷᠪᠡᠯ ᠠᠯᠠᠬᠤ ᠶᠠᠯᠠ ᠪᠠᠷ ᠰᠢᠳᠬᠡᠭᠳᠡᠨᠡ᠂ ᠠᠯᠢ ᠴᠠᠭ ᠲᠤ᠌ ᠴᠤ᠌ ᠮᠠᠭᠠᠳ ᠦᠭᠡᠢ᠂ ᠬᠡᠰᠢᠭᠲᠡᠨ ᠴᠡᠷᠢᠭ ᠲᠦ᠍ ᠳᠠᠷᠤᠵᠤ ᠤᠨᠠᠭᠠᠭᠳᠠᠨ ᠬᠠᠭᠠᠨ ᠤ᠋ ᠠᠭᠤᠴᠢᠯᠠᠯ ᠢ᠋ ᠣᠯᠬᠤ ᠶ᠋ᠢᠨ ᠲᠥᠯᠥᠭᠡ᠂ ᠬᠠᠭᠠᠨ ᠤ᠋ ᠡᠮᠦᠨᠡ ᠬᠦᠷᠲᠡᠯᠡ ᠮᠥᠯᠬᠥᠨ ᠣᠴᠢᠬᠤ ᠬᠡᠷᠡᠭᠲᠡᠢ ᠭᠡᠨᠡ᠃ ᠳᠠᠷᠠᠭᠠ ᠨᠢ ᠲᠥᠷᠥ ᠶ᠋ᠢᠨ ᠳᠡᠪᠡᠯ ᠢ᠋ᠶ᠋ᠡᠨ ᠡᠮᠦᠰᠦᠭᠡᠳ᠂ ᠭᠠᠯ ᠤ᠋ᠨ ᠣᠪᠣᠭᠠ ᠨᠤᠭᠤᠳ ᠤ᠋ᠨ ᠳᠤᠮᠳᠠᠭᠤᠷ ᠶᠠᠪᠤᠭᠤᠯᠪᠠ᠃ ᠺᠦᠩᠽᠢ ᠶ᠋ᠢᠨ ᠰᠤᠷᠭᠠᠯ ᠢ᠋ ᠬᠦᠷᠲᠡᠭᠰᠡᠨ ᠡᠨᠡ ᠬᠥᠮᠦᠨ ᠢ᠋ ᠢᠩᠭᠢᠵᠦ ᠭᠠᠯ ᠢ᠋ᠶ᠋ᠠᠷ ᠲᠡᠭᠦᠨ ᠦ᠌ ᠰᠦᠨᠡᠰᠦᠨ ᠳᠣᠲᠣᠷᠠ ᠣᠷᠣᠰᠢᠵᠤ ᠪᠠᠢᠭᠠ ᠮᠠᠭᠤ ᠰᠠᠨᠠᠭᠠ ᠶ᠋ᠢ ᠨᠢ ᠠᠷᠢᠭᠤᠳᠬᠠᠳᠠᠭ ᠭᠡᠨᠡ᠃ ᠮᠣᠩᠭᠣᠯ ᠬᠠᠭᠠᠨ ᠳ᠋ᠤ᠌ ᠪᠡᠯᠡᠭ ᠪᠠᠷᠢᠬᠤ ᠪᠠᠷ ᠠᠪᠴᠤ ᠢᠷᠡᠭᠰᠡᠨ ᠲᠡᠭᠦᠨ ᠦ᠌ ᠠᠯᠢ ᠰᠠᠢᠬᠠᠨ ᠶᠠᠭᠤᠮᠠ ᠨᠤᠭᠤᠳ ᠢ᠋ ᠪᠠᠰᠠ ᠭᠠᠯ ᠳᠤᠮᠳᠠᠭᠤᠷ ᠥᠩᠭᠡᠷᠡᠭᠡᠬᠦ ᠤᠴᠢᠷ ᠠ᠋ᠴᠠ ᠲᠣᠷᠭᠠ ᠳᠤᠷᠳᠤᠩ ᠨᠢ ᠭᠠᠯ ᠳ᠋ᠤ᠌ ᠬᠤᠢᠬᠠᠯᠠᠭᠳᠠᠭᠠᠳ ᠠᠲᠤᠷᠢᠵᠤ ᠦᠳᠡᠷᠡᠭᠡᠳ ᠦᠵᠡᠮᠵᠢ ᠦᠭᠡᠢ ᠪᠣᠯᠤᠭᠰᠠᠨ ᠢ᠋ ᠦᠵᠡᠬᠦ ᠪᠣᠯᠤᠯᠠ᠃ ᠡᠭᠦᠨ ᠢ᠋ᠶ᠋ᠡᠷ ᠪᠠᠷᠠᠬᠤ ᠦᠭᠡᠢ ᠡᠳᠡᠭᠡᠷ ᠪᠡᠯᠡᠭ ᠢ᠋ ᠰᠠᠬᠢᠭᠤᠯᠰᠤᠨ ᠳ᠋ᠤ᠌ ᠲᠠᠬᠢᠯᠭᠠ ᠲᠠᠯᠪᠢᠬᠤ ᠶ᠋ᠢᠨ ᠲᠥᠯᠥᠭᠡ᠂ ᠳᠣᠯᠣᠭᠠᠨ ᠡᠳᠦᠷ ᠨᠠᠷᠠᠨ ᠤ᠋ ᠭᠡᠷᠡᠯ ᠳ᠋ᠦ᠍᠂ ᠰᠠᠯᠬᠢᠨ ᠳ᠋ᠤ᠌ ᠵᠠᠳᠠᠭᠠᠢ ᠲᠠᠯᠪᠢᠬᠤ ᠬᠡᠷᠡᠭ ᠲᠡᠢ ᠪᠠᠢᠪᠠ᠃ ᠡᠢᠮᠦ ᠨᠠᠷᠠᠨ ᠤ᠋ ᠭᠡᠷᠡᠯ ᠳ᠋ᠦ᠍ ᠰᠢᠷᠠᠭᠳᠠᠵᠤ᠂ ᠰᠠᠯᠬᠢᠨ ᠳ᠋ᠤ᠌ ᠦᠯᠢᠶᠡᠭᠳᠡᠭᠡᠳ ᠰᠠᠢᠬᠠᠨ ᠲᠣᠷᠭᠠ ᠳᠤᠷᠳᠤᠩ ᠥᠩᠭᠡ ᠪᠡᠨ ᠠᠯᠳᠠᠭᠰᠠᠨ ᠢ᠋ ᠪᠠᠰᠠ ᠦᠵᠡᠯᠡ᠃ ᠬᠠᠭᠠᠨ ᠤ᠋ ᠣᠷᠳᠣᠨ ᠳ᠋ᠤ᠌ ᠵᠣᠷᠢᠭᠤᠯᠵᠤ ᠬᠢᠭᠰᠡᠨ ᠦᠨᠡ ᠴᠠᠨᠠ ᠲᠠᠢ ᠰᠠᠢᠬᠠᠨ ᠶᠠᠭᠤᠮᠠ ᠨᠤᠭᠤᠳ ᠨᠢ ᠢᠩᠭᠢᠭᠡᠳ ᠰᠦᠢᠳᠴᠢᠬᠡᠯᠡ᠃
ᠡᠴᠦᠰ ᠲᠦ᠋ᠨᠢ ᠲᠡᠷᠡ ᠶᠡᠬᠡ ᠣᠷᠳᠣᠨ ᠳ᠋ᠤᠨᠢ ᠠᠶᠤᠵᠤ ᠡᠮᠢᠶᠡᠭᠰᠡᠭᠡᠷ ᠣᠷᠣᠯᠠ᠃ ᠳᠣᠲᠣᠷᠠ ᠨᠢ ᠶᠠᠭᠤ ᠪᠦᠬᠦᠨ ᠪᠦᠷ ᠭᠠᠢᠬᠠᠯᠲᠠᠢ ᠪᠦᠳᠡᠩᠭᠢ ᠨᠢᠮᠭᠡᠨ ᠭᠡᠷᠡᠯ ᠳ᠋ᠦ᠍ ᠬᠠᠷᠠᠭᠳᠠᠨᠠ᠃ ᠨᠠᠷᠠᠨ ᠤ᠋ ᠭᠡᠷᠡᠯ ᠭᠡᠷ ᠦ᠋ᠨ ᠣᠷᠣᠢ ᠳ᠋ᠠᠬᠢ ᠲᠣᠭᠣᠨᠣ ᠪᠠᠷ ᠣᠷᠣᠵᠤ ᠪᠠᠢᠬᠤ ᠲᠤᠯᠠ ᠲᠡᠢᠮᠦ ᠪᠠᠢᠵᠠᠢ᠃ ᠡᠭᠦᠳᠡᠨ ᠦ᠌ ᠡᠰᠡᠷᠭᠦ ᠮᠣᠩᠭᠣᠯ ᠭᠡᠷ ᠦ᠋ᠨ ᠤᠷᠲᠤ ᠶ᠋ᠢᠨ ᠬᠡᠮᠵᠢᠶᠡ ᠪᠡᠷ ᠤᠯᠠᠭᠠᠨ ᠬᠡᠪᠢᠰ ᠳᠡᠪᠢᠰᠦᠭᠰᠡᠨ ᠵᠤᠵᠠᠭᠠᠨ ᠬᠠᠪᠲᠠᠰᠤ ᠲᠠᠯᠪᠢᠵᠤ ᠪᠠᠢᠨᠠ᠂ ᠳᠡᠭᠡᠷᠡ ᠨᠢ ᠴᠢᠩᠭᠢᠰ ᠬᠠᠭᠠᠨ ᠤ᠋ ᠬᠠᠭᠠᠨ ᠰᠠᠭᠤᠳᠠᠯ ᠪᠣᠯᠤᠨ ᠠᠯᠲᠠᠨ ᠤᠯᠤᠰ ᠤ᠋ᠨ ᠭᠦᠩᠵᠦ ᠴᠢᠩᠭᠢᠰ ᠦ᠋ᠨ ᠲᠠᠲᠠᠮᠠᠯ ᠬᠠᠲᠤᠨ ᠤ᠋ ᠰᠠᠭᠤᠳᠠᠯ ᠪᠠᠢᠨᠠ᠃ ᠲᠡᠭᠦᠨ ᠡᠴᠡ ᠪᠠᠬᠠᠨ ᠪᠣᠭᠣᠨᠢ ᠭᠠᠵᠠᠷ ᠲᠤ᠌ ᠵᠢᠷᠭᠤᠭᠠᠨ ᠬᠥᠮᠦᠨ ᠦ᠌ ᠳᠡᠳ᠋ ᠬᠠᠲᠤᠳ ᠤ᠋ᠨ ᠰᠠᠭᠤᠳᠠᠯ ᠲᠠᠢ᠂ ᠲᠥᠭᠥᠷᠢᠭ ᠬᠡ ᠲᠡᠢ ᠰᠢᠷᠡᠭᠡ ᠪᠣᠯᠤᠨ ᠣᠷᠣ ᠶ᠋ᠢ ᠲᠠᠯᠪᠢᠵᠤ ᠪᠠᠢᠨᠠ᠃ ᠨᠥᠭᠦᠭᠡ ᠨᠢᠭᠡᠨ ᠵᠢᠭᠦᠷ ᠲᠦ᠍ ᠨᠣᠶᠠᠳ ᠪᠠ ᠵᠠᠩᠵᠤᠨ ᠨᠠᠷ ᠬᠢᠭᠡᠳ ᠭᠣᠣᠯ ᠢᠵᠠᠭᠤᠷᠲᠠᠨ ᠤ᠋ ᠰᠠᠭᠤᠳᠠᠯ ᠪᠠᠢᠵᠤ᠂ ᠠᠰ ᠡᠮᠦᠨᠡ ᠨᠢ ᠠᠯᠲᠠᠨ ᠤᠯᠤᠰ ᠤ᠋ᠨ ᠪᠠᠢᠯᠳᠤᠭᠠᠨ ᠠ᠋ᠴᠠ ᠣᠯᠤᠭᠰᠠᠨ ᠬᠠᠲᠤᠳ ᠤ᠋ᠨ ᠰᠠᠭᠤᠳᠠᠯ ᠪᠠᠢᠨᠠ᠃ ᠬᠥᠮᠦᠰ ᠪᠦᠭᠦᠳᠡᠭᠡᠷ ᠢ᠋ᠶ᠋ᠡᠨ ᠶᠣᠰᠣᠯᠠᠯ ᠤ᠋ᠨ ᠬᠤᠪᠴᠠᠰᠤ ᠡᠮᠦᠰᠦᠨ᠂ ᠰᠤᠪᠤᠳ ᠲᠠᠨᠠ ᠪᠠ ᠨᠠᠷᠢᠯᠢᠬ᠋ ᠬᠢᠴᠡ ᠲᠡᠢ ᠠᠯᠲᠠᠨ ᠴᠢᠮᠡᠭᠯᠡᠯ ᠢ᠋ ᠵᠡᠭᠦᠭᠡᠳ ᠴᠡᠪᠡᠷᠬᠡᠨ ᠬᠠᠷᠠᠭᠳᠠᠵᠤ ᠪᠠᠢᠯᠠ᠃ ᠡᠭᠦᠳᠡᠨ ᠦ᠌ ᠨᠢᠭᠡᠨ ᠲᠠᠯᠠ ᠳ᠋ᠤᠨᠢ ᠶᠡᠬᠡ ᠰᠢᠷᠡᠭᠡ ᠪᠠᠢᠨᠠ᠂ ᠳᠡᠭᠡᠷᠡ ᠨᠢ ᠳᠦᠭᠦᠷᠡᠩ ᠴᠡᠭᠡ ᠬᠢᠭᠰᠡᠨ ᠠᠯᠲᠠ ᠮᠥᠩᠭᠥᠨ ᠳᠡᠪᠦᠷᠡ ᠪᠤᠶᠤ ᠲᠣᠭᠣᠭᠠ ᠳᠦᠭᠦᠷᠡᠩ ᠮᠢᠬᠠ ᠪᠠᠢᠵᠤ ᠪᠠᠢᠨᠠ᠃ ᠨᠥᠭᠦᠭᠡ ᠲᠠᠯᠠ ᠳ᠋ᠤᠨᠢ ᠬᠢᠲᠠᠳ ᠤ᠋ᠨ ᠤᠲᠠᠰᠤᠨ ᠬᠥᠭᠵᠢᠮ ᠳ᠋ᠦ᠍ ᠰᠢᠯᠭᠠᠷᠠᠭᠰᠠᠨ ᠬᠥᠭᠵᠢᠮᠴᠢᠳ᠂ ᠠᠷᠪᠠᠨ ᠨᠠᠢ᠍ᠮᠠᠨ ᠬᠥᠮᠦᠨ ᠢ᠋ᠶ᠋ᠡᠷ ᠪᠦᠷᠢᠯᠳᠦᠭᠰᠡᠨ ᠬᠥᠭᠵᠢᠮ ᠦ᠋ᠨ ᠠᠩᠭᠢ ᠪᠠᠢᠨᠠ᠃ ᠬᠠᠭᠠᠨ ᠰᠠᠭᠤᠷᠢᠨ ᠳᠡᠭᠡᠷᠡ ᠪᠠᠬᠠᠨ ᠬᠠᠷᠠᠩᠭᠤᠢᠪᠲᠤᠷ ᠪᠠᠢᠵᠤ ᠲᠦᠮᠡᠨ ᠪᠣᠳᠠᠰ ᠢ᠋ ᠰᠢᠷᠳᠡᠨ ᠬᠠᠷᠠᠵᠤ ᠪᠠᠢᠬᠤ ᠮᠡᠲᠦ ᠴᠢᠩᠭᠢᠰ ᠬᠠᠭᠠᠨ ᠤ᠋ ᠴᠣᠭ ᠰᠦᠯᠳᠡ ᠪᠠᠳᠠᠷᠠᠩᠭᠤᠢ ᠪᠠᠢᠳᠠᠯ ᠦᠵᠡᠭᠳᠡᠨᠡ᠂ ᠲᠡᠷᠡ ᠭᠠᠭᠴᠠᠭᠠᠷ ᠢ᠋ᠶ᠋ᠠᠨ ᠶᠠᠮᠠᠷ ᠴᠤ ᠵᠠᠰᠠᠯ ᠴᠢᠮᠡᠭᠯᠡᠯ ᠦᠭᠡᠢ ᠶᠡᠷᠦ ᠶ᠋ᠢᠨ ᠬᠤᠪᠴᠠᠰᠤ ᠲᠠᠢ ᠪᠠᠢᠯᠠ᠃ ᠴᠢᠩᠭᠢᠰ ᠬᠠᠭᠠᠨ ᠬᠤᠨᠳᠠᠭᠠ ᠪᠠᠨ ᠪᠠᠷᠢᠬᠤ ᠳ᠋ᠤ᠌ ᠬᠥᠭᠵᠢᠮ ᠬᠥᠭᠵᠢᠮᠳᠡᠨ ᠰᠠᠭᠤᠳᠠᠯ ᠳ᠋ᠤ᠌ ᠰᠤᠯᠠ ᠣᠷᠣᠯᠴᠠᠭᠰᠠᠨ ᠡᠷᠡᠭᠲᠡᠢ ᠡᠮᠡᠭᠲᠡᠢ ᠪᠦᠭᠦᠳᠡᠭᠡᠷ ᠢ᠋ᠶ᠋ᠡᠨ ᠪᠣᠰᠴᠤ ᠪᠥᠵᠢᠭᠯᠡᠬᠦ ᠪᠤᠶᠤ ᠠᠯᠠᠭᠠ ᠲᠠᠰᠢᠬᠤ ᠵᠡᠷᠭᠡ ᠪᠡᠷ ᠪᠦᠬᠦ ᠣᠷᠳᠣᠨ ᠳᠣᠲᠣᠷᠠ ᠬᠥᠷ ᠬᠥᠭᠵᠢᠯ ᠲᠡᠢ ᠪᠣᠯᠵᠤ᠂ ᠠᠮᠢᠳᠤᠯᠢᠭ ᠴᠣᠪᠣᠭᠣ ᠪᠠᠢᠳᠠᠯ ᠢᠯᠡᠷᠡᠨᠡ᠃ ᠵᠡᠷᠯᠢᠭ ᠪᠦᠳᠦᠭᠦᠯᠢᠭ ᠭᠡᠬᠦ ᠶᠦᠮ ᠤᠤ᠂ ᠶᠠᠭᠤ ᠴᠤ ᠪᠣᠯᠤᠭᠰᠠᠨ ᠶᠡᠷᠦ ᠪᠤᠰᠤ ᠶ᠋ᠢᠨ ᠦᠵᠡᠮᠵᠢᠲᠡᠢ ᠵᠢᠷᠤᠭ ᠭᠡᠮᠡᠷ ᠶᠦᠮ᠃
ᠡᠨᠡ ᠮᠡᠲᠦ ᠪᠠᠢᠳᠠᠯ ᠤ᠋ᠨ ᠳᠣᠣᠷᠠ ᠰᠥᠩ ᠤᠯᠤᠰ ᠤ᠋ᠨ ᠡᠯᠴᠢ᠂ ᠬᠠᠭᠠᠨ ᠠ᠋ᠴᠠ ᠬᠦᠯᠢᠶᠡᠵᠦ ᠠᠪᠤᠭᠰᠠᠨ ᠡᠭᠦᠷᠭᠡ ᠪᠡᠨ ᠭᠦᠢᠴᠡᠳᠬᠡᠬᠦ ᠳ᠋ᠦ᠍᠂ ᠬᠠᠭᠠᠨ ᠤ᠋ ᠣᠷᠳᠣᠨ ᠳ᠋ᠠᠭᠠᠨ ᠪᠠᠢᠬᠤ ᠰᠢᠭ᠋ ᠰᠠᠢᠬᠠᠨ ᠤᠳᠬᠠ ᠤᠶᠠᠩᠭᠠ ᠶ᠋ᠢᠨ ᠴᠡᠴᠡᠭ ᠢ᠋ᠶ᠋ᠡᠷ ᠴᠢᠮᠡᠭᠯᠡᠭᠰᠡᠨ ᠬᠡᠯᠪᠡᠷᠢ ᠮᠠᠶᠢᠭ ᠲᠠᠢ ᠪᠣᠯᠪᠠᠰᠤᠷᠠᠭᠰᠠᠨ ᠦᠭᠡᠰ ᠢ᠋ᠶ᠋ᠡᠨ ᠳᠤᠷᠠᠳᠬᠤ ᠳ᠋ᠤ᠌ ᠪᠡᠷᠬᠡ ᠪᠠᠢᠪᠠ᠃ ᠭᠡᠪᠡᠴᠦ ᠴᠢᠩᠭᠢᠰ ᠬᠠᠭᠠᠨ ᠶᠠᠮᠠᠷᠴᠤ ᠬᠥᠰᠢᠭᠦᠨ ᠶᠣᠰᠣᠯᠠᠯ ᠳ᠋ᠤ᠌ ᠪᠠᠷᠢᠭᠳᠠᠬᠤ ᠦᠭᠡᠢ᠂ ᠨᠠᠮᠤᠬᠠᠨ ᠲᠣᠭᠲᠠᠭᠤᠨ ᠢ᠋ᠶ᠋ᠠᠷ ᠲᠡᠭᠦᠨ ᠦ᠌ ᠬᠡᠯᠡᠬᠦ ᠶ᠋ᠢ ᠰᠣᠨᠣᠰᠤᠭᠠᠳ᠂ ᠡᠯᠳᠡᠪ ᠡᠰᠡ ᠶ᠋ᠢᠨ ᠦᠭᠡ ᠠᠰᠠᠭᠤᠬᠤ ᠪᠤᠶᠤ ᠪᠤᠷᠤᠭᠤᠰᠢᠶᠠᠵᠤ ᠡᠰᠡᠷᠭᠦᠴᠡᠭᠰᠡᠨ ᠦᠭᠡᠢ᠂ ᠡᠯᠴᠢ ᠶ᠋ᠢᠨ ᠬᠡᠯᠡᠬᠦ ᠦᠭᠡ ᠪᠦᠷᠢ ᠶ᠋ᠢ ᠬᠡᠯᠡᠮᠦᠷᠴᠢ ᠪᠡᠷ ᠳᠠᠮᠵᠢᠭᠤᠯᠤᠨ ᠰᠡᠳᠬᠢᠯ ᠲᠠᠯᠪᠢᠨ ᠰᠣᠨᠣᠰᠤᠯᠠ᠃ ᠴᠠᠭ ᠥᠩᠭᠡᠷᠡᠵᠦ ᠪᠠᠢᠭᠰᠠᠨ ᠪᠣᠯᠪᠠᠴᠤ᠂ ᠴᠢᠩᠭᠢᠰ ᠬᠠᠭᠠᠨ ᠤ᠋ ᠢᠯᠡ ᠶᠠᠷᠢᠶᠠ ᠡᠴᠡ ᠴᠤ ᠲᠡᠷᠡ᠂ ᠲᠡᠭᠦᠨ ᠦ᠌ ᠬᠤᠷᠴᠠ ᠨᠢᠳᠦᠨ ᠦ᠌ ᠬᠠᠷᠠᠴᠠ ᠡᠴᠡ ᠴᠤ ᠲᠡᠷᠡ᠂ ᠲᠡᠭᠦᠨ ᠦ᠌ ᠪᠣᠳᠣᠭᠰᠠᠨ ᠢ᠋ ᠣᠭᠲᠣ ᠣᠯᠵᠤ ᠮᠡᠳᠡᠭᠰᠡᠨ ᠦᠭᠡᠢ᠃ ᠭᠠᠭᠴᠠ ᠦᠭᠡ ᠬᠠᠷᠢᠭᠤᠯᠤᠭᠰᠠᠨ ᠨᠢ ᠡᠯᠴᠢᠨ ᠰᠠᠢᠳ ᠲᠠ ᠴᠡᠭᠡ ᠳ᠋ᠦ᠍ ᠳᠤᠷᠠᠲᠠᠢ ᠪᠣᠯ ᠤᠤᠭᠤᠭᠠᠷᠠᠢ᠂ ᠮᠢᠬᠠ ᠢᠳᠡᠭᠡᠷᠡᠢ ᠭᠡᠵᠦ ᠬᠡᠯᠡᠭᠰᠡᠨ ᠪᠠᠢᠨᠠ᠃ ᠡᠯᠴᠢᠨ ᠰᠠᠢᠳ ᠢ᠋ ᠬᠠᠲᠤᠳ ᠤ᠋ᠨ ᠪᠠᠢᠬᠤ ᠵᠡᠭᠦᠨ ᠲᠠᠯᠠ ᠳ᠋ᠤ᠌ ᠰᠠᠭᠤᠯᠭᠠᠭᠰᠠᠨ ᠶᠤᠮ᠂ ᠲᠡᠭᠦᠨ ᠢ᠋ ᠳᠣᠷᠣᠮᠵᠢᠯᠠᠭᠰᠠᠨ ᠪᠢᠰᠢ᠂ ᠬᠠᠷᠢᠨ ᠰᠠᠭᠤᠳᠠᠯ ᠨᠢ ᠥᠨᠳᠥᠷ ᠪᠠᠢᠭᠰᠠᠨ ᠬᠠᠲᠤᠳ ᠤ᠋ᠨ ᠰᠠᠭᠤᠳᠠᠯ ᠣᠢᠷᠠᠬᠠᠨ ᠪᠥᠭᠡᠳ ᠬᠠᠲᠤᠳ ᠤ᠋ᠨ ᠬᠠᠮᠲᠤ ᠲᠤᠲᠤᠷᠭᠠ ᠪᠠᠷ ᠨᠡᠷᠡᠭᠰᠡᠨ ᠠᠷᠢᠬᠢ ᠤᠤᠭᠤᠨ ᠬᠢᠲᠠᠳ ᠬᠡᠯᠡ ᠪᠡᠷ ᠬᠡᠯᠡᠯᠴᠡᠵᠦ ᠪᠠᠢᠭᠰᠠᠨ ᠶᠤᠮ᠃ ᠡᠯᠴᠢ ᠬᠤᠨᠳᠠᠭᠠ ᠪᠠᠨ ᠤᠷᠤᠭᠤᠯ ᠳ᠋ᠠᠭᠠᠨ ᠲᠤᠯᠭᠠᠬᠤ ᠦᠶᠡ ᠳ᠋ᠦ᠍ ᠬᠥᠭᠵᠢᠮ ᠦ᠋ᠨ ᠠᠩᠭᠢ ᠬᠥᠭᠵᠢᠮ ᠡᠭᠦᠰᠬᠡᠨ ᠮᠣᠩᠭᠣᠯ ᠤ᠋ᠨ ᠵᠠᠯᠠᠭᠤ ᠪᠠᠢᠯᠳᠤᠭᠴᠢ ᠨᠠᠷ ᠡᠮᠦᠨᠡ ᠨᠢ ᠢᠷᠡᠵᠦ ᠪᠥᠵᠢᠭᠯᠡᠨᠡ᠃ ᠭᠠᠭᠴᠠᠬᠦ ᠡᠯᠴᠢᠨ ᠦ᠌ ᠢᠷᠡᠭᠰᠡᠨ ᠡᠭᠦᠷᠭᠡ ᠶ᠋ᠢᠨ ᠲᠤᠬᠠᠢ ᠨᠢᠭᠡ ᠦᠭᠡ ᠴᠦ᠍ ᠬᠡᠯᠡᠬᠦ ᠦᠭᠡᠢ᠃ ᠡᠨᠡ ᠡᠳᠦᠷ ᠡᠢᠮᠦ ᠪᠠᠢᠭᠰᠠᠨ᠂ ᠳᠠᠷᠠᠭᠠ ᠡᠳᠦᠷ ᠴᠦ᠍ ᠡᠢᠮᠦ ᠪᠠᠢᠯᠠ᠃ ᠦᠷᠭᠦᠯᠵᠢᠯᠡᠭᠡᠳ ᠬᠡᠳᠦᠨ ᠡᠳᠦᠷ ᠪᠠᠰᠠᠴᠤ ᠡᠢᠮᠦ ᠪᠠᠢᠭᠰᠠᠨ ᠶᠤᠮ᠃ ᠶᠠᠮᠠᠷ ᠴᠤ᠌ ᠬᠤᠷᠠᠯ ᠬᠤᠷᠠᠯᠳᠤᠭᠰᠠᠨ ᠦᠭᠡᠢ᠂ ᠶᠠᠮᠠᠷ ᠴᠤ ᠠᠭᠤᠯᠵᠠᠯᠲᠠ ᠶ᠋ᠢ ᠪᠠᠰᠠ ᠬᠦᠷᠲᠡᠭᠡᠭᠰᠡᠨ ᠦᠭᠡᠢ ᠪᠢᠯᠡ᠃
ᠪᠣᠭᠳᠠ ᠬᠠᠭᠠᠨ ᠪᠣᠳᠣᠵᠤ ᠰᠠᠨᠠᠭᠰᠠᠨ ᠢ᠋ᠶ᠋ᠠᠨ ᠬᠡᠯᠡᠬᠦ ᠦᠭᠡᠢ᠃ ᠡᠨᠡᠬᠦ ᠡᠯᠴᠢ ᠪᠠᠰᠠ ᠬᠢᠲᠠᠳ ᠤ᠋ᠨ ᠵᠠᠩᠰᠢᠯ ᠢ᠋ᠶ᠋ᠠᠷ ᠬᠠᠭᠠᠨ ᠤ᠋ ᠰᠢᠳᠠᠷ ᠤ᠋ᠳ ᠠ᠋ᠴᠠ ᠮᠣᠩᠭᠣᠯ ᠬᠥᠮᠦᠰ ᠦ᠋ᠨ ᠵᠣᠷᠢᠯᠭᠠ ᠶ᠋ᠢᠨ ᠲᠤᠬᠠᠢ ᠣᠯᠵᠤ ᠰᠣᠨᠣᠰᠤᠶᠠ ᠭᠡᠵᠦ ᠴᠢᠷᠮᠠᠢᠭᠰᠠᠨ ᠪᠣᠯᠪᠠᠴᠤ ᠲᠠᠯᠠᠭᠠᠷ ᠪᠣᠯᠵᠤ ᠲᠤᠰᠠ ᠦᠭᠡᠢ ᠪᠠᠢᠯᠠ᠃ ᠮᠣᠩᠭᠣᠯᠴᠤᠳ ᠶᠠᠮᠠᠷᠴᠤ ᠲᠥᠯᠥᠪᠯᠡᠭᠡ ᠪᠠᠢᠭᠰᠠᠨ ᠦᠭᠡᠢ ᠪᠣᠯᠬᠣᠷ ᠲᠡᠢᠮᠦ ᠪᠠᠢᠭᠰᠠᠨ ᠶᠤᠮ᠃ ᠲᠡᠳᠡ ᠪᠣᠯ ᠮᠣᠷᠢ ᠤᠨᠤᠨ᠂ ᠰᠤᠮᠤ ᠬᠠᠷᠪᠤᠨ᠂ ᠬᠠᠷᠴᠠᠭᠠᠢ ᠰᠢᠪᠠᠭᠤ ᠲᠠᠯᠪᠢᠵᠤ ᠠᠪᠠᠯᠠᠬᠤ ᠪᠤᠶᠤ ᠥᠷᠭᠡᠨ ᠲᠠᠯᠠᠪᠠᠢ ᠳ᠋ᠤ᠌ ᠬᠠᠭᠠᠨ ᠡᠵᠡᠨ ᠲᠡᠢ ᠬᠠᠮᠲᠤ ᠪᠥᠮᠪᠥᠭᠡ ᠢᠰᠬᠦᠯᠬᠦ ᠪᠤᠶᠤ ᠲᠡᠪᠡᠭ ᠢᠰᠬᠦᠯᠬᠦ ᠵᠡᠷᠭᠡ ᠶ᠋ᠢᠨ ᠨᠠᠭᠠᠳᠤᠮ ᠨᠠᠭᠠᠳᠳᠠᠭ ᠪᠠᠢᠨᠠ᠃ ᠡᠨᠡᠬᠦ ᠡᠯᠴᠢ ᠣᠷᠳᠣᠨ ᠳᠣᠲᠣᠷᠠ ᠲᠡᠳᠡᠨ ᠦ᠌ ᠠᠯᠢ ᠪᠦᠬᠦᠨ ᠢ᠋ ᠦᠵᠡᠵᠦ ᠪᠠᠢᠭᠰᠠᠨ ᠶᠤᠮ᠃ ᠴᠢᠩᠭᠢᠰ ᠬᠠᠭᠠᠨ ᠴᠢᠭᠢᠷᠠᠭ ᠰᠦᠷᠯᠢᠭ ᠪᠡᠶᠡ ᠪᠢᠯᠳᠠᠷ ᠲᠠᠢ ᠪᠥᠭᠡᠳ ᠥᠷᠯᠥᠭ ᠦ᠋ᠳ ᠲᠡᠢ ᠪᠡᠨ ᠬᠠᠮᠲᠤ ᠶᠠᠭᠤᠨ ᠪᠦᠬᠦᠨ ᠢ᠋ ᠤᠮᠠᠷᠲᠠᠭᠠᠳ ᠪᠥᠮᠪᠥᠭᠡ ᠢᠰᠬᠦᠯᠬᠦ ᠪᠡᠷ ᠬᠥᠭᠡᠭᠡᠵᠦ ᠭᠦᠶᠦᠬᠦ᠂ ᠡᠭᠦᠨ ᠢ᠋ ᠪᠡᠨ ᠪᠠᠷᠢᠵᠤ ᠠᠪᠤᠭᠠᠳ᠂ ᠲᠡᠭᠦᠨ ᠢ᠋ ᠪᠡᠨ ᠬᠠᠶᠠᠬᠤ ᠶ᠋ᠢ ᠦᠵᠡᠪᠡ᠃ ᠴᠢᠩᠭᠢᠰ ᠬᠠᠭᠠᠨ ᠬᠠᠷᠢᠨ ᠥᠭᠡᠷᠡ ᠬᠥᠮᠦᠰ ᠡᠴᠡ ᠪᠠᠬᠠᠲᠠᠢ ᠤᠷᠮᠠ ᠲᠠᠢ ᠨᠠᠭᠠᠳᠴᠤ ᠪᠢᠴᠢᠬᠠᠨ ᠬᠡᠦᠬᠡᠳ ᠠᠳᠠᠯᠢ ᠶᠡᠬᠡ ᠳᠠᠭᠤᠨ ᠭᠠᠷᠤᠨ ᠢᠨᠢᠶᠡᠯᠳᠦᠨ ᠪᠠᠶᠠᠷᠯᠠᠬᠤ ᠶ᠋ᠢ ᠦᠵᠡᠯᠡ᠃
( ᠵᠢᠷᠭᠤᠭᠠ) ᠴᠢᠩᠭᠢᠰ ᠬᠠᠭᠠᠨ ᠠᠯᠲᠠᠨ ᠤᠯᠤᠰ ᠤ᠋ᠨ ᠬᠠᠭᠠᠨ ᠢ᠋ ᠵᠢᠭᠰᠢᠨ ᠦᠵᠡᠭᠰᠡᠨ ᠨᠢ
ᠨᠤᠷᠠᠭᠠᠵᠤ ᠰᠦᠢᠳᠬᠡᠬᠦ ᠪᠠ ᠵᠣᠪᠠᠵᠤ ᠵᠦᠳᠡᠷᠡᠭᠰᠡᠨ ᠭᠤᠷᠪᠠᠨ ᠵᠢᠯ ᠦ᠋ᠨ ᠪᠠᠢᠯᠳᠤᠭᠠᠨ ᠤ᠋ ᠬᠣᠢᠨᠠ᠂ ᠡᠩᠬᠡ ᠠᠮᠤᠷ ᠠᠮᠢᠳᠤᠷᠠᠯᠭᠠ ᠨᠢ ᠭᠤᠷᠪᠠᠬᠠᠨ ᠰᠠᠷᠠ ᠴᠤ᠌ ᠦᠷᠭᠦᠯᠵᠢᠯᠡᠵᠦ ᠴᠢᠳᠠᠭᠰᠠᠨ ᠦᠭᠡᠢ᠃ ᠭᠡᠪᠡᠴᠦ ᠡᠨᠡ ᠭᠤᠷᠪᠠᠨ ᠰᠠᠷᠠ ᠳ᠋ᠤ᠌ ᠠᠯᠲᠠᠨ ᠤᠯᠤᠰ ᠠᠮᠢᠰᠬᠤᠬᠤ ᠴᠢᠯᠥᠭᠡ ᠪᠠᠢᠭᠰᠠᠨ ᠦᠭᠡᠢ ᠶᠦ᠍ᠮ᠃ ᠪᠠᠢᠯᠳᠤᠭᠠᠨ ᠤ᠋ ᠰᠢᠯᠢᠳᠡᠭ ᠵᠢᠯᠣᠭᠣᠳᠤᠭᠴᠢ ᠸᠠᠨ ᠶᠠᠨ ᠴᠢᠩ ᠸᠠᠩ ᠪᠣᠯᠤᠨ ᠬᠠᠯᠠᠭᠤᠨ ᠰᠡᠳᠬᠢᠯ ᠲᠡᠢ ᠬᠠᠭᠠᠨ ᠤ᠋ ᠬᠥᠪᠡᠭᠦᠨ ᠦ᠌ ᠤᠳᠤᠷᠢᠳᠤᠯᠭᠠ ᠶ᠋ᠢᠨ ᠳᠣᠣᠷᠠ ᠠᠷᠤ ᠬᠡᠳᠦᠨ ᠮᠣᠵᠢ ᠶ᠋ᠢᠨ ᠤᠯᠤᠰ ᠠᠷᠠᠳ ᠪᠦᠭᠦᠳᠡᠭᠡᠷ ᠢ᠋ᠶ᠋ᠡᠨ ᠡᠰᠡᠷᠭᠦᠴᠡᠬᠦ ᠪᠡᠷ ᠵᠣᠬᠢᠶᠠᠨ ᠪᠠᠢᠭᠤᠯᠵᠤ᠂ ᠣᠯᠠᠨ ᠬᠥᠮᠦᠨ ᠢ᠋ ᠴᠤᠭᠯᠠᠭᠤᠯᠪᠠ᠃ᠡᠪᠳᠡᠭᠳᠡᠭᠰᠡᠨ ᠬᠣᠲᠠ ᠪᠣᠭᠣᠮᠲᠠ ᠶ᠋ᠢ ᠳᠠᠬᠢᠨ ᠰᠡᠷᠭᠦᠭᠡᠨ ᠪᠦᠲᠦᠭᠡᠪᠡ᠃ ᠣᠷᠣ ᠲᠠᠰᠤ ᠡᠪᠳᠡᠭᠳᠡᠭᠰᠡᠨ ᠬᠣᠲᠠ ᠨᠤᠭᠤᠳ ᠡᠷᠭᠢᠭᠡᠳ ᠥᠨᠳᠥᠷ ᠰᠦᠷᠯᠢᠭ ᠢ᠋ᠶ᠋ᠡᠷ ᠪᠣᠰᠤᠭᠰᠠᠨ ᠪᠠᠢᠨᠠ᠃ᠰᠢᠨᠡ ᠪᠠᠢᠭᠤᠯᠤᠭᠳᠠᠭᠰᠠᠨ ᠴᠡᠷᠢᠭ ᠠᠩᠭᠢ ᠦᠭᠡᠢ ᠪᠠᠢᠭᠰᠠᠨ ᠠ᠋ᠴᠠ ᠪᠣᠢ ᠪᠣᠯᠪᠠ᠃ ᠯᠢᠶᠣᠣ ᠳ᠋ᠦᠩ ᠳ᠋ᠡᠬᠢ ᠨᠣᠶᠠᠨ ᠤ᠋ ᠲᠤᠰᠠᠭᠠᠷ ᠲᠣᠭᠲᠠᠨᠢᠬᠤ ᠶ᠋ᠢ ᠡᠪ ᠨᠠᠢᠷᠠᠮᠳᠠᠯ ᠤ᠋ᠨ ᠭᠡᠷᠡ ᠳ᠋ᠡᠭᠡᠨ ᠪᠠᠲᠤᠯᠠᠭᠰᠠᠨ ᠪᠥᠭᠡᠲᠡᠯᠡ ᠯᠢᠶᠣᠣ ᠤᠯᠤᠰ ᠤ᠋ᠨ ᠵᠦᠭ ᠴᠡᠷᠢᠭ ᠣᠷᠣᠭᠤᠯᠵᠠᠢ᠃ ᠯᠢᠶᠣᠣ ᠤᠯᠤᠰ ᠤ᠋ᠨ ᠵᠦᠭ ᠡᠨᠡ ᠮᠡᠲᠦ ᠪᠠᠢᠯᠳᠤᠭᠠᠨ ᠬᠢᠨᠡ ᠭᠡᠰᠡᠨ ᠴᠢᠨᠢ ᠠᠯᠲᠠᠨ ᠤᠯᠤᠰ ᠪᠠᠢᠯᠳᠤᠬᠤ ᠵᠣᠷᠢᠭ ᠪᠣᠯᠤᠨ ᠳᠠᠭᠠᠷᠢᠨ ᠰᠢᠪᠲᠤᠯᠬᠤ ᠬᠦᠴᠦᠨ ᠢ᠋ᠶ᠋ᠡᠨ ᠠᠯᠳᠠᠭᠠᠳᠤᠢ ᠭᠡᠰᠡᠨ ᠢ᠋ᠶ᠋ᠡᠨ ᠭᠡᠷᠡᠴᠢᠯᠡᠵᠦ ᠪᠠᠢᠨᠠ᠃ ᠬᠡᠳᠦᠨ ᠭᠠᠷᠠᠭ ᠪᠣᠯᠣᠮᠠᠭᠴᠠ ᠯᠢᠶᠣᠣ ᠤᠯᠤᠰ ᠤ᠋ᠨ ᠡᠵᠡᠨ ᠦ᠌ ᠴᠡᠷᠢᠭ ᠠᠩᠭᠢ ᠨᠢ ᠳᠡᠢᠯᠦᠭᠳᠡᠭᠡᠳ ᠨᠡᠢᠰᠯᠡᠯ ᠯᠢᠶᠣᠣ ᠶᠠᠩ ᠢ᠋ᠶ᠋ᠠᠨ ᠠᠪᠲᠠᠭᠳᠠᠨ ᠡᠵᠡᠨ ᠸᠠᠩ ᠨᠢ ᠭᠠᠭᠴᠠ ᠪᠡᠶᠡ ᠪᠡᠷ ᠢ᠋ᠶ᠋ᠡᠨ ᠳᠤᠲᠠᠭᠠᠨ ᠭᠠᠷᠴᠠᠢ᠃
ᠰᠢᠦᠸᠠᠨᠽᠥ᠋ᠩ ᠬᠠᠭᠠᠨ ᠤ᠋ ᠬᠠᠮᠲᠤ ᠪᠡᠭᠡᠵᠢᠩ ᠡᠴᠡ ᠡᠮᠦᠨᠡ ᠵᠦᠭ ᠣᠴᠢᠭᠰᠠᠨ ᠠᠯᠲᠠᠨ ᠬᠠᠭᠠᠨ ᠤ᠋ ᠰᠢᠳᠠᠷ ᠴᠡᠷᠢᠭ ᠦ᠋ᠨ ᠨᠢᠭᠡᠨ ᠬᠡᠰᠡᠭ ᠨᠢ ᠬᠢᠳᠠᠨ ᠬᠥᠮᠦᠨ ᠪᠠᠢᠭᠰᠠᠨ ᠶᠤᠮ᠃ ᠺᠠᠢ ᠹᠧᠩ ᠳ᠋ᠦ᠍ ᠬᠦᠷᠦᠭᠰᠡᠨ ᠳᠠᠷᠤᠢ ᠲᠡᠳᠡᠨ ᠢ᠋ ᠵᠡᠪᠰᠡᠭ ᠪᠣᠯᠤᠨ ᠮᠣᠷᠢ ᠪᠠᠨ ᠬᠣᠲᠠᠨ ᠳᠣᠲᠣᠷᠠ ᠣᠷᠬᠢᠭᠲᠤᠨ ᠭᠡᠵᠦ ᠵᠠᠷᠯᠠᠭᠰᠠᠨ ᠳ᠋ᠤ᠌ ᠡᠨᠡ ᠪᠣᠯ ᠲᠡᠳᠡᠨ ᠳ᠋ᠦ᠍ ᠠᠶᠤᠯ ᠲᠤᠯᠭᠠᠷᠠᠵᠤ ᠪᠠᠢᠭᠠ ᠨᠢᠭᠡᠳᠦᠭᠡᠷ ᠠᠯᠬᠤᠮ ᠭᠡᠵᠦ ᠮᠡᠳᠡᠭᠡᠳ᠂ ᠵᠠᠷᠯᠢᠭ ᠢ᠋ ᠳᠠᠭᠠᠬᠤ ᠦᠭᠡᠢ ᠭᠡᠵᠦ᠂ ᠲᠡᠳᠡᠨᠦᠰ ᠵᠢᠯᠣᠭᠣᠳᠤᠭᠴᠢ ᠪᠠᠨ ᠠᠯᠠᠭᠠᠳ ᠬᠣᠢᠲᠤ ᠵᠦᠭ ᠶᠠᠪᠤᠬᠤ ᠶ᠋ᠢ ᠨᠢ ᠵᠥᠪᠰᠢᠶᠡᠷᠡᠭᠰᠡᠨ ᠨᠣᠶᠠᠨ ᠢ᠋ ᠰᠣᠩᠭᠣᠵᠠᠢ᠃ ᠲᠡᠷᠡ ᠨᠣᠶᠠᠨ ᠨᠢ ᠴᠢᠩᠭᠢᠰ ᠬᠠᠭᠠᠨ ᠳ᠋ᠤ᠌ ᠡᠯᠴᠢ ᠢᠯᠡᠭᠡᠵᠦ᠂ ᠴᠢᠩᠭᠢᠰ ᠬᠠᠭᠠᠨ ᠤ᠋ ᠤᠳᠤᠷᠢᠳᠤᠯᠭᠠ ᠶ᠋ᠢᠨ ᠳᠣᠣᠷᠠ ᠣᠷᠣᠵᠤ᠂ ᠪᠣᠭᠳᠠ ᠬᠠᠭᠠᠨ ᠤ᠋ ᠲᠤᠰᠠᠯᠠᠨ ᠠᠪᠤᠷᠠᠬᠤ ᠶ᠋ᠢ ᠭᠤᠶᠤᠴᠢᠯᠠᠵᠠᠢ᠃
ᠡᠨᠡ ᠪᠣᠯ ᠨᠢᠭᠡᠨ ᠶᠡᠬᠡ ᠡᠷᠭᠢᠯᠲᠡ ᠶ᠋ᠢᠨ ᠴᠠᠭ ᠪᠣᠯᠤᠭᠰᠠᠨ ᠪᠠᠢᠨᠠ᠃ ᠡᠨᠡ ᠴᠠᠭ ᠬᠦᠷᠲᠡᠯᠡ ᠴᠢᠩᠭᠢᠰ ᠬᠠᠭᠠᠨ ᠭᠠᠷ ᠲᠦᠷᠢᠬᠦ ᠪᠠᠢᠲᠤᠭᠠᠢ᠂ ᠯᠢᠶᠣᠣ ᠤᠯᠤᠰ ᠵᠦᠭ ᠲᠤᠰᠠᠯᠠᠬᠤ ᠴᠡᠷᠢᠭ ᠭᠠᠷᠭᠠᠬᠤ ᠪᠠᠨ ᠴᠤ᠌ ᠲᠦᠳᠡᠭᠡᠯᠵᠡᠵᠦ ᠪᠠᠢᠭᠰᠠᠨ ᠠᠵᠢ᠃ ᠣᠳᠣ ᠬᠢᠳᠠᠨ ᠴᠡᠷᠢᠭ ᠲᠡᠭᠦᠨ ᠦ᠌ ᠤᠳᠤᠷᠢᠳᠤᠯᠭᠠ ᠶ᠋ᠢᠨ ᠳᠣᠣᠷᠠ ᠣᠷᠣᠬᠤ ᠪᠠᠨ ᠨᠡᠢᠲᠡᠯᠡᠭᠰᠡᠨ ᠪᠠᠢᠨᠠ᠃ ᠲᠡᠳᠡ ᠣᠳᠣ ᠠᠯᠲᠠᠨ ᠤᠯᠤᠰ ᠪᠤᠶᠤ ᠯᠢᠶᠣᠣ ᠤᠯᠤᠰ ᠤ᠋ᠨ ᠲᠥᠯᠥᠭᠡ ᠪᠠᠢᠯᠳᠤᠬᠤ ᠪᠢᠰᠢ᠂ ᠮᠣᠩᠭᠣᠯ ᠤᠯᠤᠰ ᠤ᠋ᠨ ᠲᠥᠯᠥᠭᠡ ᠪᠠᠢᠯᠳᠤᠬᠤ ᠴᠡᠷᠢᠭ ᠪᠣᠯᠤᠯᠠ᠃ ᠲᠡᠳᠡᠨ ᠢ᠋ ᠦᠵᠡᠵᠦ ᠪᠠᠢᠭᠰᠠᠭᠠᠷ ᠰᠦᠨᠦᠭᠡᠭᠳᠡᠬᠦ ᠳ᠋ᠦ᠍ ᠬᠦᠷᠪᠡᠯ ᠶᠠᠮᠠᠷ ᠪᠣᠯᠬᠤ ᠶᠤᠮ? ᠴᠢᠩᠭᠢᠰ ᠬᠠᠭᠠᠨ ᠠᠯᠲᠠᠨ ᠤᠯᠤᠰ ᠪᠠᠰᠠ ᠴᠠᠬᠢᠷᠠᠭ ᠪᠠᠢᠵᠤ᠂ ᠶᠠᠭᠠᠬᠢᠭᠰᠠᠨ ᠲᠦᠷᠭᠡᠨ ᠶᠠᠪᠤᠴᠠ ᠪᠠᠷ ᠰᠡᠷᠭᠦᠭᠡᠨ ᠵᠠᠰᠠᠭᠰᠠᠨ ᠢ᠋ ᠦᠵᠡᠯᠡ᠃ ᠴᠠᠭ ᠤ᠋ᠨ ᠪᠠᠢᠳᠠᠯ ᠤ᠋ᠨ ᠬᠤᠪᠢᠷᠠᠯᠲᠠ ᠶ᠋ᠢ ᠲᠡᠷᠡ ᠬᠡᠪ ᠢ᠋ᠶ᠋ᠡᠷ ᠨᠢ ᠬᠠᠢᠬᠤᠷᠬᠤ ᠦᠭᠡᠢ ᠲᠠᠯᠪᠢᠨᠠ ᠤᠤ᠂ ᠲᠡᠭᠡᠪᠡᠯ ᠠᠯᠲᠠᠨ ᠤᠯᠤᠰ ᠳᠠᠬᠢᠨ ᠮᠠᠨᠳᠤᠵᠤ᠂ ᠤᠷᠢᠳ ᠤ᠋ᠨ ᠬᠢᠨ ᠡᠴᠡ ᠤᠯᠠᠮ ᠴᠢᠭᠢᠷᠠᠭ ᠪᠣᠯᠵᠤ ᠤᠯᠠᠮ ᠠᠶᠤᠮᠰᠢᠭᠲᠠᠢ ᠶᠠᠭᠤᠮᠠ ᠪᠣᠯᠤᠨᠠ᠃ ᠶᠠᠭᠤᠨ ᠳᠤ ᠭᠡᠪᠡᠯ ᠠᠯᠲᠠᠨ ᠤᠯᠤᠰ ᠮᠣᠩᠭᠣᠯ ᠬᠥᠮᠦᠨ ᠦ᠌ ᠴᠠᠬᠢᠷᠠᠭ ᠲᠠᠯᠠ ᠪᠠ ᠪᠠᠭᠤᠷᠠᠢ ᠲᠠᠯᠠ ᠶ᠋ᠢ ᠪᠦᠷ ᠮᠡᠳᠡᠨᠡ᠂ ᠵᠡᠷᠭᠡᠯᠡᠳᠡᠭᠡ ᠤᠯᠤᠰ ᠢ᠋ ᠰᠥᠨᠥᠭᠡᠬᠦ ᠶ᠋ᠢᠨ ᠲᠥᠯᠥᠭᠡ ᠠᠯᠢ ᠪᠦᠬᠦᠢ ᠪᠡᠯᠡᠳᠬᠡᠯ ᠢ᠋ᠶ᠋ᠡᠨ ᠭᠦᠢᠴᠡᠳᠬᠡᠭᠡᠳ ᠪᠠᠢᠬᠤ ᠶᠤᠮ᠃ ᠲᠡᠭᠡᠭᠡᠳ ᠮᠤᠬᠤᠯᠠᠢ ᠯᠢᠶᠣᠣ ᠤᠯᠤᠰ ᠢ᠋ ᠲᠤᠰᠠᠯᠠᠬᠤ ᠪᠠᠷ ᠲᠣᠮᠢᠯᠠᠭᠳᠠᠨ᠂ ᠰᠦᠪᠡᠭᠡᠳᠡᠢ ᠠᠯᠲᠠ ᠤᠯᠤᠰ ᠤ᠋ᠨ ᠤᠭ ᠨᠤᠲᠤᠭ ᠮᠠᠨᠵᠤ ᠶ᠋ᠢᠨ ᠪᠠᠢᠳᠠᠯ ᠢ᠋ ᠦᠵᠡᠬᠦ ᠡᠭᠦᠷᠭᠡ ᠶ᠋ᠢ ᠬᠦᠯᠢᠶᠡᠨ᠂ ᠭᠤᠷᠪᠠᠳᠤᠭᠠᠷ ᠵᠠᠮ ᠤ᠋ᠨ ᠴᠡᠷᠢᠭ ᠨᠢ ᠤᠷᠪᠠᠭᠰᠠᠨ ᠬᠢᠳᠠᠨ ᠴᠡᠷᠢᠭ ᠢ᠋ ᠲᠤᠰᠠᠯᠠᠨ ᠠᠪᠤᠷᠠᠬᠤ ᠶ᠋ᠢᠨ ᠲᠥᠯᠥᠭᠡ ᠡᠮᠦᠨᠡ ᠵᠦᠭ ᠮᠣᠷᠳᠠᠪᠠ᠃ ᠰᠦᠪᠡᠭᠡᠳᠡᠢ ᠮᠠᠨᠵᠤ ᠶ᠋ᠢᠨ ᠣᠷᠣᠨ ᠢ᠋ ᠲᠣᠭᠣᠷᠢᠨ ᠳᠠᠪᠬᠢᠭᠠᠳ᠂ ᠳᠠᠯᠠᠢ ᠶ᠋ᠢᠨ ᠬᠥᠪᠡᠭᠡ ᠳᠠᠭᠠᠤ ᠤᠷᠤᠭᠰᠢᠯᠠᠵᠤ ᠰᠣᠯᠣᠩᠭᠣᠰ ᠤ᠋ᠨ ᠲᠦᠷᠦᠭᠦᠦ ᠶ᠋ᠢ ᠪᠣᠭᠳᠠ ᠬᠠᠭᠠᠨ ᠤ᠋ ᠬᠠᠷᠢᠶᠠᠲᠤ ᠪᠣᠯᠭᠠᠵᠤ ᠣᠷᠣᠭᠤᠯᠤᠨ ᠠᠪᠪᠠ᠃
ᠮᠤᠬᠤᠯᠠᠢ᠂ ᠪᠦᠬᠦ ᠯᠢᠶᠣᠣ ᠤᠯᠤᠰ ᠤ᠋ᠨ ᠭᠠᠵᠠᠷ ᠴᠥᠮ ᠠᠯᠲᠠᠨ ᠤᠯᠤᠰ ᠤ᠋ᠨ ᠭᠠᠷ ᠲᠤ᠌ ᠣᠷᠣᠭᠠᠳ ᠺᠠᠢ ᠹᠧᠩ ᠡᠴᠡ ᠲᠣᠮᠢᠯᠠᠭᠰᠠᠨ ᠪᠦᠭᠦᠳᠡ ᠶ᠋ᠢ ᠵᠠᠬᠢᠷᠤᠭᠴᠢ ᠰᠠᠢᠳ ᠨᠢ ᠨᠢᠭᠡᠨᠲᠡ ᠮᠣᠷᠳᠠᠨ ᠭᠠᠷᠴᠤ ᠢᠷᠡᠭᠡᠳ ᠵᠠᠮ ᠵᠠᠭᠤᠷᠠ ᠶᠠᠪᠤᠵᠤ ᠪᠠᠢᠬᠤ ᠶ᠋ᠢ ᠮᠡᠳᠡᠵᠡᠢ᠃ ᠮᠤᠬᠤᠯᠠᠢ᠂ ᠠᠯᠲᠠᠨ ᠤᠯᠤᠰ ᠤ᠋ᠨ ᠬᠡᠭᠡᠷᠡ ᠪᠠᠢᠯᠳᠤᠬᠤ ᠴᠡᠷᠢᠭ ᠢ᠋ ᠲᠣᠰᠣᠨ ᠴᠣᠬᠢᠭᠠᠳ ᠰᠥᠨᠥᠭᠡᠵᠦ᠂ ᠯᠢᠶᠣᠣ ᠶᠠᠩ ᠤ᠋ᠨ ᠵᠦᠭ ᠶᠠᠪᠤᠬᠤ ᠵᠠᠮ ᠢ᠋ ᠴᠢᠩᠭᠠ ᠪᠢᠲᠡᠭᠦᠮᠵᠢᠯᠡᠨ ᠠᠯᠲᠠᠨ ᠤᠯᠤᠰ ᠤ᠋ᠨ ᠬᠠᠭᠠᠨ ᠤ᠋ ᠲᠣᠮᠢᠯᠠᠭᠰᠠᠨ ᠪᠦᠭᠦᠳᠡ ᠶ᠋ᠢ ᠵᠠᠬᠢᠷᠤᠭᠴᠢ ᠰᠠᠢᠳ ᠢ᠋ ᠣᠯᠵᠠᠯᠠᠭᠠᠳ ᠲᠠᠮᠠᠭᠠ ᠪᠢᠴᠢᠭ ᠢ᠋ ᠨᠢ ᠬᠤᠷᠢᠶᠠᠮᠵᠢᠯᠠᠨ ᠠᠪᠴᠤ᠂ ᠰᠢᠨᠡ ᠳᠠᠭᠠᠭᠰᠠᠨ ᠨᠢᠭᠡᠨ ᠬᠢᠳᠠᠨ ᠵᠠᠩᠵᠤᠨ ᠳ᠋ᠤ᠌ ᠥᠭᠭᠰᠡᠨ ᠪᠠᠢᠨᠠ᠃ ᠡᠨᠡᠬᠦ ᠵᠠᠩᠵᠤᠨ ᠰᠢᠨᠡ ᠪᠡᠷ ᠲᠣᠮᠢᠯᠠᠭᠳᠠᠨ ᠢᠷᠡᠭᠰᠡᠨ ᠪᠦᠭᠦᠳᠡ ᠶ᠋ᠢ ᠵᠠᠬᠢᠷᠤᠭᠴᠢ ᠰᠠᠢᠳ ᠢ᠋ᠶ᠋ᠠᠷ ᠣᠪᠯᠠᠵᠤ ᠰᠦᠷᠲᠡᠢ ᠰᠠᠢᠬᠠᠨ ᠳᠠᠭᠠᠭᠰᠠᠳ ᠲᠠᠢ ᠪᠠᠨ ᠯᠢᠶᠣᠣ ᠶᠠᠩ ᠬᠣᠲᠠ ᠳ᠋ᠠᠬᠢ ᠪᠦᠭᠦᠳᠡ ᠶ᠋ᠢ ᠵᠠᠬᠢᠷᠤᠭᠴᠢ ᠰᠠᠢᠳ ᠤ᠋ᠨ ᠣᠷᠳᠣᠨ ᠢ᠋ ᠡᠵᠡᠯᠡᠨ ᠰᠠᠭᠤᠵᠤ᠂ ᠲᠤᠰᠢᠶᠠᠯ ᠢ᠋ᠶ᠋ᠠᠨ ᠬᠦᠯᠢᠶᠡᠵᠦ ᠠᠪᠬᠤ ᠶᠣᠰᠣᠯᠠᠯ ᠤ᠋ᠨ ᠬᠤᠷᠢᠮ ᠢ᠋ ᠦᠪᠡᠳᠡᠭᠰᠢ ᠶᠡᠬᠡ ᠪᠡᠷ ᠬᠢᠵᠡᠢ᠃ ᠵᠠᠰᠠᠭ ᠤ᠋ᠨ ᠣᠷᠳᠣᠨ ᠢ᠋ ᠭᠠᠷ ᠲᠠᠭᠠᠨ ᠡᠵᠡᠮᠰᠢᠮᠡᠭᠴᠡ ᠬᠠᠭᠤᠴᠢᠨ ᠨᠣᠶᠠᠳ ᠢ᠋ ᠬᠠᠰᠤᠬᠤ ᠪᠤᠶᠤ ᠪᠠᠭᠤᠯᠭᠠᠨ᠂ ᠰᠢᠨᠡ ᠨᠣᠶᠠᠳ ᠢ᠋ ᠲᠠᠯᠪᠢᠭᠠᠳ ᠬᠣᠲᠠ ᠶ᠋ᠢᠨ ᠬᠠᠭᠠᠯᠭᠠ ᠶ᠋ᠢ ᠨᠡᠭᠡᠭᠡᠵᠦ ᠮᠣᠩᠭᠣᠯ ᠴᠡᠷᠢᠭ ᠢ᠋ ᠬᠣᠲᠠ ᠳ᠋ᠠᠭᠠᠨ ᠤᠭᠲᠤᠨ ᠣᠷᠣᠭᠤᠯᠵᠠᠢ᠃ ᠯᠢᠶᠣᠣ ᠳ᠋ᠦᠩ ᠸᠠᠩ ᠠ᠋ᠴᠠ ᠤᠷᠪᠠᠭᠰᠠᠨ ᠯᠢᠶᠣᠣ ᠶᠠᠩ ᠬᠣᠲᠠ ᠶ᠋ᠢᠨ ᠴᠡᠷᠢᠭ ᠪᠠ ᠠᠷᠠᠳ ᠢ᠋ ᠮᠤᠬᠤᠯᠠᠢ ᠬᠦᠨᠳᠦ ᠪᠡᠷ ᠶᠠᠯᠠᠳᠠᠨᠠ ᠭᠡᠰᠡᠨ ᠳ᠋ᠦ᠍᠂ ᠲᠡᠷᠡᠬᠦ ᠰᠢᠨᠡ ᠳᠠᠭᠠᠭᠰᠠᠨ ᠬᠢᠳᠠᠨ ᠵᠠᠩᠵᠤᠨ ᠡᠨᠡ ᠨᠢᠭᠡᠨ ᠬᠣᠲᠠ ᠶ᠋ᠢ ᠠᠭᠤᠴᠢᠯᠠᠭᠠᠳ ᠦᠯᠢᠭᠡᠷ ᠵᠢᠱ᠌ᠢᠶᠡ ᠦᠵᠡᠭᠦᠯᠦᠨ᠂ ᠪᠦᠬᠦ ᠬᠢᠳᠠᠨ ᠬᠥᠮᠦᠨ ᠦ᠌ ᠰᠡᠳᠬᠢᠯ ᠢ᠋ ᠣᠯᠬᠤ ᠪᠠᠷ ᠢᠳᠬᠠᠭᠰᠠᠨ ᠳ᠋ᠤ᠌ ᠮᠤᠬᠤᠯᠠᠢ ᠰᠢᠳᠤᠷᠭᠤ ᠦᠭᠡ ᠶ᠋ᠢ ᠰᠣᠨᠣᠰᠤᠭᠰᠠᠨ ᠠ᠋ᠴᠠ ᠪᠦᠬᠦ ᠬᠢᠳᠠᠨ ᠤ᠋ ᠭᠠᠵᠠᠷ ᠣᠷᠣᠨ ᠴᠥᠮ ᠮᠣᠩᠭᠣᠯ ᠴᠡᠷᠢᠭ ᠢ᠋ ᠳᠠᠭᠠᠵᠠᠢ᠃ ᠡᠢᠮᠦ ᠡᠴᠡ ᠬᠢᠳᠠᠨ ᠤ᠋ ᠬᠣᠲᠠ ᠪᠠᠯᠭᠠᠰᠤ ᠵᠠᠯᠭᠠ ᠪᠠᠷ ᠮᠣᠩᠭᠣᠯ ᠳ᠋ᠤ᠌ ᠣᠷᠣᠵᠤ ᠦᠭᠯᠡ᠃ ᠮᠣᠩᠭᠣᠯᠴᠤᠳ ᠨᠢᠭᠡ ᠯᠡ ᠳᠡᠭᠡᠷᠡ ᠯᠢᠶᠣᠣ ᠳ᠋ᠦᠩ ᠦ᠋ᠨ ᠭᠠᠵᠠᠷ ᠠ᠋ᠴᠠ ᠠᠯᠲᠠᠨ ᠤᠯᠤᠰ ᠤ᠋ᠨ ᠴᠡᠷᠢᠭ ᠠᠩᠭᠢ ᠶ᠋ᠢ ᠱᠦᠭᠦᠷᠳᠡᠨ ᠠᠷᠢᠯᠭᠠᠵᠠᠢ᠃ᠮᠣᠩᠭᠣᠯ ᠤ᠋ᠨ ᠭᠤᠷᠪᠠᠳᠤᠭᠠᠷ ᠵᠠᠮ ᠤ᠋ᠨ ᠴᠡᠷᠢᠭ᠂ ᠪᠣᠰᠤᠯᠭᠠ ᠭᠠᠷᠭᠠᠭᠰᠠᠨ ᠠᠯᠲᠠᠨ ᠤᠯᠤᠰ ᠤ᠋ᠨ ᠴᠡᠷᠢᠭ ᠦ᠋ᠨ ᠪᠠᠢᠬᠤ ᠭᠠᠵᠠᠷ ᠲᠦᠷᠭᠡᠯᠡᠨ ᠬᠦᠷᠦᠭᠡᠳ ᠲᠡᠭᠦᠨ ᠢ᠋ ᠤᠭᠲᠤᠨ ᠠᠪᠴᠤ᠂ ᠪᠡᠭᠡᠵᠢᠩ ᠣᠷᠣᠬᠤ ᠬᠠᠪᠴᠢᠯ ᠵᠠᠮ ᠢ᠋ ᠡᠵᠡᠯᠡᠭᠡᠳ᠂ ᠪᠡᠭᠡᠵᠢᠩ ᠬᠣᠲᠠ ᠶ᠋ᠢᠨ ᠣᠷᠴᠢᠮ ᠳᠠᠬᠢᠨ ᠢᠯᠡᠷᠡᠵᠡᠢ᠃ᠭᠡᠲᠡᠯᠡ ᠪᠡᠭᠡᠵᠢᠩ ᠬᠣᠲᠠ ᠪᠦᠰᠡᠯᠡᠭᠳᠡᠬᠦ ᠡᠴᠡ ᠤᠷᠢᠳ ᠰᠢᠦᠸᠠᠨᠽᠥ᠋ᠩ ᠬᠠᠭᠠᠨ ᠭᠡᠨᠡᠳᠲᠡ ᠨᠢᠭᠡᠨ ᠵᠠᠷᠯᠢᠭ ᠢᠷᠡᠭᠦᠯᠵᠦ᠂ ᠬᠠᠭᠠᠨ ᠤ᠋ ᠬᠥᠪᠡᠭᠦᠨ ᠢ᠋ ᠳᠠᠷᠤᠢ ᠲᠦᠷᠭᠡᠨ ᠪᠡᠭᠡᠵᠢᠩ ᠡᠴᠡ ᠰᠠᠯᠤᠭᠠᠳ ᠺᠠᠢ ᠹᠧᠩ ᠳ᠋ᠦ᠍ ᠬᠠᠭᠠᠨ ᠤ᠋ ᠳᠡᠷᠭᠡᠳᠡ ᠢᠷᠡᠭᠲᠦᠨ ᠭᠡᠵᠡᠢ᠃
ᠠᠯᠲᠠᠨ ᠤᠯᠤᠰ ᠤ᠋ᠨ ᠬᠠᠭᠠᠨ ᠤ᠋ ᠬᠥᠪᠡᠭᠦᠨ ᠲᠡᠢ ᠬᠠᠮᠲᠤ ᠡᠰᠡᠷᠭᠦᠴᠡᠬᠦ ᠲᠡᠢᠨ ᠦ᠌ ᠭᠣᠣᠯ ᠲᠤᠯᠭᠠᠭᠤᠷᠢ ᠪᠣᠯᠵᠤ ᠪᠠᠢᠭᠰᠠᠨ ᠸᠠᠨ ᠶᠠᠨ ᠴᠢᠨ ᠸᠠᠩ ᠬᠠᠭᠠᠨ ᠤ᠋ ᠬᠥᠪᠡᠭᠦᠨ ᠢ᠋ ᠢᠳᠬᠠᠵᠤ ᠡᠨᠡ ᠤᠳᠠᠭᠠ ᠶ᠋ᠢᠨ ᠠᠶᠠᠨ ᠢ᠋ ᠪᠣᠯᠢᠭᠤᠯᠬᠤ ᠭᠡᠵᠦ ᠴᠢᠷᠮᠠᠢᠭᠰᠠᠨ ᠪᠣᠯᠪᠠᠴᠤ ᠲᠤᠰᠠ ᠪᠣᠯᠤᠭᠰᠠᠨ ᠦᠭᠡᠢ ᠪᠠᠢᠨᠠ᠃ ᠬᠠᠭᠠᠨ ᠤ᠋ ᠬᠥᠪᠡᠭᠦᠨ ᠮᠣᠷᠳᠠᠨ ᠭᠠᠷᠤᠭᠰᠠᠨ ᠳᠠᠷᠤᠢ ᠠᠷᠤ ᠭᠠᠵᠠᠷ ᠤ᠋ᠨ ᠣᠯᠠᠨ ᠮᠣᠵᠢ ᠵᠠᠳᠠᠷᠠᠨ ᠰᠠᠯᠬᠤ ᠪᠤᠶᠤ ᠬᠤᠳᠬᠤᠯᠳᠤᠨ ᠰᠠᠮᠠᠭᠤᠷᠠᠬᠤ ᠳ᠋ᠤ᠌ ᠬᠦᠷᠦᠨᠡ ᠭᠡᠵᠦ ᠲᠡᠷᠡ ᠬᠡᠯᠡᠵᠡᠢ᠃ ᠭᠡᠪᠡᠴᠦ ᠡᠨᠡ ᠨᠢ ᠲᠤᠰᠠ ᠪᠣᠯᠤᠭᠰᠠᠨ ᠦᠭᠡᠢ᠃ ᠪᠤᠰᠤᠳ ᠵᠠᠩᠵᠤᠨ ᠂ ᠶᠡᠬᠡ ᠨᠣᠶᠠᠳ᠂ ᠬᠠᠭᠠᠨ ᠤ᠋ ᠵᠠᠷᠯᠢᠭ ᠢ᠋ ᠳᠠᠭᠠᠵᠤ ᠶᠠᠪᠤᠬᠤ ᠬᠡᠷᠡᠭᠲᠡᠢ ᠭᠡᠨᠡ᠃《ᠪᠡᠭᠡᠵᠢᠩ ᠢ᠋ ᠬᠠᠮᠠᠭᠠᠯᠠᠵᠤ ᠴᠢᠳᠠᠨᠠ ᠭᠡᠮᠡᠨ ᠴᠢ ᠪᠠᠲᠤᠯᠠᠵᠤ ᠴᠢᠳᠠᠨᠠ ᠤᠤ 》 ᠭᠡᠵᠦ ᠸᠠᠨ ᠶᠠᠨ ᠴᠢᠨ ᠸᠠᠩ ᠠ᠋ᠴᠠ ᠠᠰᠠᠭᠤᠭᠰᠠᠨ ᠪᠢᠯᠡ᠃ ᠸᠠᠨ ᠶᠠᠨ ᠴᠢᠨ ᠸᠠᠩ ᠪᠠᠲᠤᠯᠠᠵᠤ ᠬᠡᠯᠡᠬᠦ ᠶ᠋ᠢᠨ ᠠᠷᠭᠠ ᠦᠭᠡᠢ ᠪᠢᠯᠡ᠂ᠡᠩᠬᠡ ᠠᠮᠤᠷ ᠪᠠᠢᠭᠰᠠᠨ ᠴᠠᠭ ᠨᠢ ᠥᠩᠭᠡᠷᠡᠦ ᠣᠬᠣᠷ ᠪᠠᠢᠭᠰᠠᠨ ᠪᠥᠭᠡᠳ ᠪᠤᠯᠢᠶᠠᠭᠳᠠᠨ ᠭᠠᠯᠳᠠᠭᠳᠠᠭᠰᠠᠨ ᠤᠯᠤᠰ ᠤ᠋ᠨ ᠳᠣᠲᠣᠷᠠ ᠠ᠋ᠴᠠ ᠡᠨᠡ ᠶᠡᠬᠡ ᠬᠣᠲᠠ ᠶ᠋ᠢᠨ ᠠᠮᠤ ᠪᠤᠳᠠᠭᠠ ᠲᠦᠯᠡᠰᠢ ᠲᠦᠯᠡᠭᠡ ᠵᠡᠷᠭᠡ ᠶ᠋ᠢ ᠬᠠᠩᠭᠠᠵᠤ ᠴᠢᠳᠠᠬᠤ ᠦᠭᠡᠢ ᠪᠠᠢᠭᠰᠠᠨ ᠶᠤᠮ᠃ ᠢᠳᠡᠬᠦ ᠬᠣᠭᠣᠯᠠ ᠲᠠᠰᠤᠷᠠᠬᠤ ᠢᠯᠡᠷᠡᠯ ᠨᠢᠭᠡᠨᠲᠡ ᠡᠬᠢᠯᠡᠵᠦ ᠪᠠᠢᠯᠠ᠃᠁ᠭᠡᠪᠡᠴᠦ ᠬᠠᠭᠠᠨ ᠤ᠋ ᠬᠥᠪᠡᠭᠦᠨ ᠺᠠᠢ ᠹᠧᠩ ᠡᠴᠡ ᠬᠠᠩᠭᠠᠵᠤ ᠴᠢᠳᠠᠬᠤ ᠶᠤᠮ ᠭᠡᠵᠦ ᠬᠡᠯᠡᠭᠰᠡᠨ ᠪᠠᠢᠨᠠ᠃
ᠬᠠᠭᠠᠨ ᠤ ᠬᠥᠪᠡᠭᠦᠨ ᠨᠢᠭᠡᠨᠲᠡ ᠮᠣᠷᠳᠠᠵᠤ ᠭᠠᠷᠤᠮᠠᠭᠴᠠ᠂ᠤᠮᠠᠷᠠᠲᠤ ᠣᠷᠣᠨ ᠤ᠋ ᠣᠯᠠᠨ ᠮᠣᠵᠢ ᠰᠠᠮᠠᠭᠤᠷᠠᠵᠤ ᠡᠬᠢᠯᠡᠪᠡ᠃ ᠡᠳᠦᠢ ᠲᠡᠳᠦᠢ ᠬᠣᠲᠠ ᠪᠠ ᠮᠣᠵᠢ ᠨᠢ ᠲᠤᠰ ᠲᠤᠰ ᠲᠠᠭᠠᠨ ᠲᠤᠰᠠᠭᠠᠷ ᠲᠣᠭᠲᠠᠨᠢᠭᠰᠠᠨ ᠢ᠋ᠶ᠋ᠠᠨ ᠨᠡᠢᠲᠡᠯᠡᠭᠰᠡᠨ ᠪᠠᠢᠨᠠ᠃ ᠲᠡᠳᠡ ᠨᠠᠷ ᠤ᠋ᠨ ᠪᠦᠭᠦᠳᠡ ᠶ᠋ᠢ ᠵᠠᠬᠢᠷᠤᠭᠴᠢ ᠰᠠᠢᠳ ᠨᠢ ᠥᠪᠡᠷ ᠦ᠋ᠨ ᠪᠡᠶᠡ ᠪᠡᠨ ᠸᠠᠩ ᠤ᠋ᠨ ᠴᠣᠯᠠ ᠡᠷᠭᠦᠮᠵᠢᠯᠡᠨ᠂ ᠵᠠᠷᠢᠮ ᠨᠢ ᠴᠢᠩᠭᠢᠰ ᠬᠠᠭᠠᠨ ᠤ᠋ ᠲᠠᠯᠠ ᠳ᠋ᠤ᠌ ᠣᠷᠣᠵᠤ ᠥᠭᠨ᠂ ᠲᠣᠬᠢᠶᠠᠯ ᠣᠯᠳᠠᠪᠠᠯ ᠬᠡᠳᠦᠢᠨ ᠲᠡᠳᠡᠨ ᠡᠴᠡ ᠰᠠᠯᠵᠤ ᠶᠠᠪᠤᠶᠠ ᠭᠡᠵᠦ ᠪᠠᠢᠭᠰᠠᠨ ᠶᠤᠮ᠃ᠬᠠᠷᠢᠯᠴᠠᠨ ᠪᠠᠢᠯᠳᠤᠬᠤ᠂ ᠮᠣᠩᠭᠣᠯ ᠴᠡᠷᠢᠭ ᠲᠡᠢ ᠪᠠᠢᠯᠳᠤᠬᠤ᠂ᠡᠰᠡᠬᠦᠯᠡ ᠠᠯᠲᠠᠨ ᠤᠯᠤᠰ ᠤ᠋ᠨ ᠬᠠᠭᠠᠨ ᠳ᠋ᠤ᠌ ᠦᠨᠡᠨᠴᠢ ᠰᠢᠳᠤᠷᠭᠤ ᠴᠡᠷᠢᠭ ᠲᠡᠢ ᠪᠠᠢᠯᠳᠤᠬᠤ ᠵᠡᠷᠭᠡ ᠪᠡᠷ ᠡᠮᠬᠢ ᠵᠢᠷᠤᠮ ᠦᠭᠡᠢ ᠪᠣᠯᠪᠠ᠃ ᠴᠢᠩᠭᠢᠰ ᠬᠠᠭᠠᠨ᠂ ᠮᠤᠬᠤᠯᠠᠢ ᠳ᠋ᠤ᠌ ᠬᠠᠮᠤᠭ ᠳᠡᠭᠡᠳᠦ ᠵᠢᠯᠣᠭᠣᠳᠤᠭᠴᠢ ᠶ᠋ᠢᠨ ᠲᠤᠰᠢᠶᠠᠯ ᠢ᠋ ᠥᠭᠭᠦᠭᠡᠳ᠂ ᠠᠯᠲᠠᠨ ᠤᠯᠤᠰ ᠤ᠋ᠨ ᠳᠣᠲᠣᠷᠠᠬᠢ ᠡᠰᠡᠷᠭᠦᠴᠡᠯ ᠢ᠋ ᠳᠠᠷᠤᠩᠭᠤᠢᠯᠠᠬᠤ ᠡᠭᠦᠷᠭᠡ ᠶ᠋ᠢ ᠥᠭᠴᠡᠢ᠃ ᠨᠠᠮᠤᠷ ᠠ᠋ᠴᠠ ᠡᠪᠦᠯ ᠬᠦᠷᠲᠡᠯᠡ ᠲᠡᠷᠡ ᠨᠠᠢ᠍ᠮᠠᠨ ᠵᠠᠭᠤ ᠢᠯᠡᠭᠦᠦ ᠬᠣᠲᠠ ᠪᠠᠯᠭᠠᠰᠤ ᠠᠢᠯ ᠲᠣᠰᠬᠣᠨ ᠢ᠋ ᠲᠦᠪᠰᠢᠳᠬᠡᠵᠦ᠂ ᠨᠢᠭᠡᠨ ᠪᠦᠯᠦᠭ ᠢ᠋ ᠨᠢ ᠡᠪᠳᠡᠵᠡᠢ᠃ ᠦᠯᠡᠳᠡᠭᠰᠡᠨ ᠢ᠋ ᠨᠢ ᠲᠤᠰ ᠣᠷᠣᠨ ᠤ᠋ ᠬᠥᠮᠦᠰ ᠢ᠋ᠶ᠋ᠡᠷ ᠳᠠᠷᠤᠭᠠ ᠪᠣᠯᠭᠠᠵᠤ ᠬᠡᠪ ᠢ᠋ᠶ᠋ᠡᠷ ᠨᠢ ᠲᠠᠯᠪᠢᠭᠰᠠᠨ ᠪᠠᠢᠨᠠ᠃ ᠭᠡᠲᠡᠯᠡ ᠪᠡᠭᠡᠵᠢᠩ ᠬᠣᠲᠠᠨ ᠳ᠋ᠤ᠌ ᠥᠯᠥᠰᠴᠦ ᠥᠯᠪᠡᠷᠴᠦ᠂ ᠡᠪᠡᠳᠴᠢᠨ ᠲᠠᠬᠤᠯ ᠳ᠋ᠤ᠌ ᠨᠡᠷᠪᠡᠭᠳᠡᠵᠦ ᠪᠠᠢᠭᠰᠠᠨ ᠪᠣᠯᠪᠠᠴᠤ ᠡᠪᠦᠯ ᠦ᠋ᠨ ᠬᠤᠭᠤᠴᠠᠭᠠᠨ ᠳ᠋ᠤ᠌ ᠬᠠᠲᠠᠭᠤ ᠲᠡᠮᠡᠴᠡᠨ ᠬᠠᠮᠠᠭᠠᠯᠠᠭᠰᠠᠨ ᠶᠤᠮ᠃ ᠡᠮᠦᠨᠡ ᠵᠦᠭ ᠡᠴᠡ ᠢᠷᠡᠭᠰᠡᠨ ᠲᠤᠰᠠᠯᠠᠬᠤ ᠴᠡᠷᠢᠭ ᠨᠢ ᠳᠠᠷᠠᠭᠠ ᠳᠠᠷᠠᠭᠠ ᠪᠠᠷ ᠮᠣᠩᠭᠣᠯ ᠴᠡᠷᠢᠭ ᠲᠦ᠍ ᠰᠦᠨᠦᠭᠡᠭᠳᠡᠭᠰᠡᠨ ᠪᠠᠢᠲᠠᠯᠠ ᠸᠠᠨ ᠶᠠᠨ ᠴᠢᠨ ᠸᠠᠩ ᠭᠤᠢᠪᠢᠰᠢ ᠦᠭᠡᠢ ᠪᠡᠷ ᠪᠡᠭᠡᠵᠢᠩ ᠬᠣᠲᠠ ᠪᠠᠨ ᠬᠠᠮᠠᠭᠠᠯᠠᠪᠠ᠃ ᠬᠠᠷᠢᠨ ᠬᠠᠪᠤᠷ ᠪᠣᠯᠣᠮᠠᠭᠴᠠ ᠠᠮᠤ ᠪᠤᠳᠠᠭᠠ ᠬᠦᠷᠭᠡᠵᠦ ᠢᠷᠡᠭᠰᠡᠨ ᠬᠠᠮᠤᠭ ᠰᠡᠭᠦᠯᠴᠢ ᠶ᠋ᠢᠨ ᠴᠡᠷᠢᠭ ᠨᠢ ᠪᠡᠭᠡᠵᠢᠩ ᠢ᠋ ᠲᠤᠰᠠᠯᠠᠬᠤ ᠪᠠᠷ ᠲᠦᠷᠭᠡᠨ ᠤᠷᠤᠭᠰᠢᠯᠠᠭᠰᠠᠨ ᠪᠣᠯᠪᠠᠴᠤ ᠭᠡᠨᠡᠳᠲᠡ ᠶ᠋ᠢᠨ ᠴᠣᠬᠢᠯᠲᠠ ᠪᠠᠷ ᠰᠦᠨᠦᠭᠡᠭᠳᠡᠪᠡ᠃ ᠶᠠᠮᠠᠷ ᠴᠤ ᠠᠷᠭᠠ ᠦᠭᠡᠢ᠂ ᠡᠷᠡᠮᠡᠯᠵᠡᠯ ᠦᠭᠡᠢ ᠪᠣᠯᠤᠭᠰᠠᠨ ᠴᠠᠭ ᠲᠤ᠌ ᠸᠠᠨ ᠶᠠᠨ ᠴᠢᠨ ᠸᠠᠩ ᠲᠤᠤᠱᠲᠠᠢ ᠳᠡᠢᠯᠬᠦ᠂ ᠡᠰᠡᠬᠦᠯᠡ ᠵᠡᠪᠰᠡᠭ ᠢ᠋ᠶ᠋ᠡᠨ ᠠᠳᠬᠤᠵᠤ ᠪᠠᠢᠯᠳᠤᠭᠠᠨ ᠤ᠋ ᠲᠠᠯᠠᠪᠠᠢ ᠳ᠋ᠤ᠌ ᠦᠬᠦᠬᠦ ᠪᠡᠷ ᠵᠣᠷᠢᠭ ᠰᠢᠭᠤᠳᠴᠠᠢ᠃ ᠪᠦᠬᠦ ᠬᠦᠴᠦᠨ ᠢ᠋ᠶ᠋ᠡᠷ ᠢ᠋ᠶ᠋ᠡᠨ ᠡᠰᠡᠷᠭᠦᠴᠡᠯ ᠬᠢᠬᠦ ᠪᠡᠷ ᠪᠦᠬᠦ ᠴᠡᠷᠢᠭ ᠲᠡᠭᠡᠨ ᠱᠠᠭᠠᠷᠳᠠᠭᠰᠠᠨ ᠪᠣᠯᠪᠠᠴᠤ ᠪᠤᠰᠤᠳ ᠵᠠᠩᠵᠤᠨ ᠨᠠᠷ ᠨᠢ ᠲᠡᠭᠦᠨ ᠦ᠌ ᠵᠠᠷᠯᠠᠯ ᠢ᠋ ᠥᠳᠡᠭᠡᠷᠡᠨ ᠦᠯᠦ ᠳᠠᠭᠠᠬᠤ ᠪᠣᠯᠪᠠ᠃
ᠸᠠᠨ ᠶᠠᠨ ᠴᠢᠨ ᠸᠠᠩ ᠴᠡᠷᠢᠭ ᠦ᠋ᠨ ᠶᠠᠪᠤᠳᠠᠯ ᠤ᠋ᠨ ᠬᠤᠷᠠᠯ ᠠ᠋ᠴᠠ ᠭᠠᠷᠤᠭᠠᠳ ᠣᠷᠳᠣᠨ ᠳ᠋ᠠᠭᠠᠨ ᠬᠠᠷᠢᠵᠠᠢ᠃ ᠲᠡᠭᠡᠭᠡᠳ ᠲᠡᠷᠡ ᠰᠢᠦᠸᠠᠨᠽᠥ᠋ᠩ ᠬᠠᠭᠠᠨ ᠳ᠋ᠤ᠌ ᠨᠢᠭᠡᠨ ᠬᠠᠭᠤᠳᠠᠰᠤ ᠪᠢᠴᠢᠭ ᠪᠢᠴᠢᠵᠡᠢ᠃ ᠡᠨᠡ ᠪᠢᠴᠢᠭ ᠦ᠋ᠨ ᠠᠭᠤᠯᠭᠠ ᠨᠢ ᠲᠡᠭᠦᠨ ᠦ᠌ ᠬᠠᠷᠢᠭᠤᠴᠠᠭᠰᠠᠨ ᠪᠡᠭᠡᠵᠢᠩ ᠦ᠋ᠨ ᠪᠠᠢᠳᠠᠯ ᠢ᠋ ᠳᠤᠷᠠᠳᠤᠨ᠂ ᠡᠬᠢᠨ ᠡᠴᠡ ᠣᠳᠣ ᠪᠣᠯᠲᠠᠯᠠ ᠮᠡᠳᠡᠭᠦᠯᠦᠭᠰᠡᠭᠡᠷ ᠢᠷᠡᠭᠰᠡᠨ ᠦᠨᠡᠨ ᠤᠴᠢᠷ ᠢ᠋ ᠲᠤᠩᠭᠠᠨ ᠪᠣᠳᠣᠬᠤ ᠶ᠋ᠢ ᠬᠦᠰᠡᠪᠡ᠂ ᠭᠣᠣ ᠴᠢ ᠶᠤᠸᠠᠨᠱᠤᠸᠠᠢ ᠪᠣᠯ ᠤᠷᠪᠠᠭᠴᠢ ᠮᠥᠨ ᠭᠡᠵᠦ ᠲᠡᠷᠡ ᠵᠠᠭᠠᠯᠳᠤᠵᠠᠢ᠃ ᠳᠠᠷᠠᠭᠠ ᠳ᠋ᠤᠨᠢ ᠪᠡᠭᠡᠵᠢᠩ ᠢ᠋ ᠡᠴᠦᠰ ᠲᠦ᠋ᠨᠢ ᠬᠦᠷᠲᠡᠯᠡ ᠰᠠᠬᠢᠵᠤ ᠴᠢᠳᠠᠭᠰᠠᠨ ᠦᠭᠡᠢ ᠪᠡᠨ ᠬᠠᠭᠠᠨ ᠤ᠋ ᠠᠭᠤᠴᠢᠯᠠᠬᠤ ᠶ᠋ᠢ ᠭᠤᠶᠤᠪᠠ᠃ ᠡᠨᠡ ᠪᠢᠴᠢᠭ ᠢ᠋ᠶ᠋ᠡᠨ ᠲᠡᠷᠡ ᠦᠨᠡᠨᠴᠢ ᠰᠢᠳᠤᠷᠭᠤ ᠨᠢᠭᠡᠨ ᠵᠠᠷᠤᠴᠠ ᠳ᠋ᠠᠭᠠᠨ ᠲᠤᠰᠢᠶᠠᠨ᠂ ᠪᠡᠭᠡᠵᠢᠩ ᠬᠣᠲᠠ ᠠᠪᠲᠠᠭᠳᠠᠭᠰᠠᠨ ᠬᠣᠢᠨᠠ᠂ ᠺᠠᠢ ᠹᠧᠩ ᠳᠦ ᠬᠦᠷᠭᠡᠵᠦ ᠂ ᠥᠭᠭᠦᠯᠬᠦ ᠪᠡᠷ ᠵᠠᠷᠯᠢᠭᠳᠠᠵᠠᠢ᠃ᠲᠡᠭᠡᠭᠡᠳ ᠲᠡᠷᠡ ᠡᠴᠢᠭᠡ ᠡᠬᠡ ᠪᠠ ᠵᠠᠷᠤᠴᠠ ᠨᠠᠷ ᠲᠠᠢ ᠪᠠᠨ ᠰᠠᠯᠬᠤ ᠶᠣᠰᠣ ᠭᠦᠢᠴᠡᠳᠬᠡᠵᠦ᠂ᠠᠯᠢ ᠪᠦᠬᠦᠢ ᠡᠳ᠋ ᠬᠥᠷᠥᠩᠭᠡ ᠪᠡᠨ ᠬᠤᠪᠢᠶᠠᠨ ᠲᠠᠷᠬᠠᠭᠠᠭᠠᠳ᠂ᠬᠣᠣᠷ ᠢᠳᠡᠵᠦ ᠦᠬᠦᠵᠡᠢ᠃ᠳᠠᠷᠠᠭᠠ ᠡᠳᠦᠷ ᠦ᠋ᠨ ᠰᠥᠨᠢ᠂ ᠲᠡᠭᠦᠨ ᠢ᠋ ᠣᠷᠣᠯᠠᠨ ᠵᠢᠯᠣᠭᠣᠳᠤᠭᠰᠠᠨ ᠵᠠᠩᠵᠤᠨ ᠨᠢ ᠡᠬᠡᠨᠡᠷ ᠬᠡᠦᠬᠡᠳ ᠭᠡᠷ ᠪᠦᠯᠢ ᠪᠡᠨ ᠠᠪᠤᠭᠠᠳ ᠪᠡᠭᠡᠵᠢᠩ ᠬᠣᠲᠠ ᠠ᠋ᠴᠠ ᠳᠤᠲᠠᠭᠠᠨ ᠭᠠᠷᠴᠠᠢ᠃ ᠬᠠᠭᠠᠨ ᠤ᠋ ᠣᠷᠳᠣᠨ ᠬᠢᠭᠡᠳ ᠬᠠᠭᠠᠨ ᠣᠷᠳᠣᠨ ᠳ᠋ᠤ᠌ ᠪᠠᠢᠭᠰᠠᠨ ᠴᠢᠨ ᠸᠠᠩ ᠨᠠᠷ ᠬᠦᠷᠲᠡᠯᠡ᠂ ᠭᠠᠵᠠᠷ ᠪᠣᠯᠭᠠᠨ ᠳ᠋ᠤ᠌ ᠪᠤᠯᠢᠶᠠᠨ ᠳᠡᠭᠡᠷᠡᠮᠳᠡᠵᠦ ᠡᠬᠢᠯᠡᠭᠰᠡᠨ ᠬᠢᠲᠠᠳ ᠴᠡᠷᠢᠭ ᠦ᠋ᠨ ᠭᠠᠷ ᠲᠤ᠌ ᠣᠷᠣᠭᠰᠠᠨ ᠪᠠᠢᠨᠠ᠃
ᠮᠤᠬᠤᠯᠠᠢ ᠵᠠᠷᠯᠢᠭ ᠪᠠᠭᠤᠯᠭᠠᠨ ᠨᠢᠭᠡ ᠲᠦᠮᠡ ᠲᠠᠪᠤᠨ ᠮᠢᠩᠭᠠᠨ ᠮᠣᠩᠭᠣᠯ ᠤ᠋ᠨ ᠮᠣᠷᠢᠲᠤ ᠴᠡᠷᠢᠭ ᠪᠣᠯᠤᠨ ᠲᠡᠭᠦᠨ ᠢ᠋ ᠳᠠᠭᠠᠭᠰᠠᠨ ᠠᠯᠲᠠᠨ ᠤᠯᠤᠰ ᠤ᠋ᠨ ᠴᠡᠷᠢᠭ ᠦ᠋ᠨ ᠬᠠᠮᠲᠤ ᠡᠨᠡ ᠶᠡᠬᠡ ᠬᠣᠲᠠᠨ ᠳ᠋ᠤ᠌ ᠣᠷᠣᠵᠠᠢ᠃ᠡᠨᠡ ᠶᠡᠬᠡ ᠬᠣᠲᠠ ᠶ᠋ᠢ ᠡᠵᠡᠯᠡᠵᠦ ᠠᠪᠬᠤ ᠭᠡᠵᠦ᠂ᠴᠢᠩᠭᠢᠰ ᠬᠠᠭᠠᠨ ᠪᠦᠬᠦ ᠴᠡᠷᠢᠭ ᠢ᠋ᠶ᠋ᠡᠨ ᠳᠠᠭᠠᠭᠤᠯᠤᠨ ᠬᠣᠶᠠᠷ ᠤᠳᠠᠭᠠ ᠳᠣᠪᠲᠣᠯᠤᠭᠠᠳ ᠣᠷᠣᠵᠤ ᠴᠢᠳᠠᠭᠰᠠᠨ ᠦᠭᠡᠢ ᠤᠬᠤᠷᠢᠭᠰᠠᠨ ᠶᠤᠮ᠃
ᠡᠢᠮᠦ ᠶᠡᠬᠡ ᠪᠠᠶᠠᠷ ᠤ᠋ᠨ ᠴᠢᠮᠡᠭᠡ ᠪᠠᠢᠭᠰᠠᠨ ᠪᠣᠯᠪᠠᠴᠤ᠂ ᠲᠤᠯᠤᠨ ᠨᠠᠭᠤᠷ ᠤ᠋ᠨ ᠣᠷᠳᠣᠨ ᠠ᠋ᠴᠠ ᠪᠠᠨ ᠴᠢᠩᠭᠢᠰ ᠬᠠᠭᠠᠨ ᠬᠥᠳᠡᠯᠦᠭᠰᠡᠨ ᠦᠭᠡᠢ᠃ ᠬᠠᠷᠢᠨ ᠲᠡᠷᠡ ᠠᠯᠲᠠᠨ ᠤᠯᠤᠰ ᠲᠤ᠌ ᠳᠡᠮᠡᠢ ᠳᠤᠷᠠ ᠪᠠᠬᠠ ᠦᠭᠡᠢ ᠪᠠᠢᠭᠰᠠᠨ ᠪᠢᠯᠡ᠃ ᠡᠨᠡ ᠮᠡᠲᠦ ᠶ᠋ᠢᠨ ᠬᠣᠲᠠ ᠵᠡᠭᠡᠯᠢ ᠶ᠋ᠢᠨ ᠠᠷᠠᠳ ᠢᠷᠭᠡᠳ ᠪᠣᠯ ᠨᠡᠭᠦᠳᠡᠯᠴᠢᠨ ᠠᠷᠠᠳ ᠲᠠᠢ ᠠᠳᠠᠯᠢᠳᠬᠠᠪᠠᠯ ᠳᠣᠷᠣᠢ ᠪᠠᠭᠤᠷᠠᠢ ᠬᠥᠮᠦᠰ ᠮᠥᠨ᠃ᠤᠳᠠᠭᠠᠨ ᠬᠤᠭᠤᠴᠠᠭᠠ ᠪᠠᠷ ᠡᠳᠡᠭᠡᠷ ᠬᠥᠮᠦᠰ ᠲᠡᠢ ᠬᠠᠮᠲᠤ ᠠᠮᠢᠳᠤᠷᠠᠪᠠᠯ ᠮᠣᠩᠭᠣᠯ ᠬᠥᠮᠦᠨ ᠳ᠋ᠦ᠍ ᠬᠣᠣᠷ ᠬᠥᠨᠥᠭᠡᠯ ᠲᠡᠢ ᠪᠣᠯᠵᠤ ᠳᠣᠷᠣᠢᠲᠠᠭᠤᠯᠬᠤ ᠶᠤᠮ᠃ᠥᠨᠥᠳᠥᠷ ᠡᠭᠦᠨ ᠢ᠋ ᠳᠠᠭᠠᠵᠤ᠂ᠮᠠᠷᠭᠠᠰᠢ ᠲᠡᠭᠦᠨ ᠢ᠋ ᠳᠠᠭᠠᠵᠤ ᠳᠡᠯᠳᠡᠩᠨᠡᠵᠦ᠂ ᠬᠡᠵᠢᠶᠡ ᠭᠡᠳ ᠴᠠᠭ ᠪᠣᠯᠣᠮᠠᠭᠴᠠ ᠬᠣᠶᠠᠷ ᠲᠠᠯᠠ ᠠ᠋ᠴᠠ ᠤᠷᠪᠠᠬᠤ ᠮᠡᠬᠡ ᠲᠡᠢ ᠬᠥᠮᠦᠰ ᠶᠦᠮ ᠪᠠᠢᠨᠠ᠃ ᠲᠡᠳᠡᠨᠡᠷ ᠦ᠋ᠨ ᠳᠠᠭᠠᠬᠤ ᠨᠢ ᠵᠥᠪᠬᠡᠨ ᠲᠡᠭᠦᠨ ᠦ᠌ ᠡᠳ᠋ ᠬᠥᠷᠥᠩᠭᠡ ᠪᠡᠨ ᠬᠠᠮᠠᠭᠠᠯᠠᠬᠤ ᠪᠠ ᠬᠤᠪᠢ ᠪᠡᠶᠡ ᠶ᠋ᠢᠨ ᠵᠣᠯ ᠵᠢᠷᠭᠠᠯ ᠤ᠋ᠨ ᠲᠥᠯᠥᠭᠡ ᠶᠦᠮ᠃ᠡᠢᠮᠦ ᠬᠥᠮᠦᠰ ᠢ᠋ ᠢᠲᠡᠭᠡᠵᠦ ᠣᠭᠲᠣ ᠪᠣᠯᠬᠤ ᠦᠭᠡᠢ᠃ ᠥᠩᠭᠡᠷᠡᠭᠰᠡᠨ ᠳ᠋ᠦ᠍ ᠴᠢᠩᠭᠢᠰ ᠬᠠᠭᠠᠨ ᠤ᠋ ᠵᠠᠷᠯᠢᠭ ᠪᠠᠭᠤᠯᠭᠠᠭᠰᠠᠨᠴᠢᠯᠠᠨ ᠬᠡᠷᠡᠢᠳ᠂ ᠤᠢᠭᠤᠷ᠂ ᠨᠠᠢ᠍ᠮᠠᠨ ᠤ᠋ ᠮᠡᠲᠦ ᠪᠡᠷ ᠡᠢᠮᠦ ᠬᠥᠮᠦᠰ ᠲᠡᠢ ᠬᠠᠮᠲᠤᠷᠠᠵᠤ ᠠᠮᠢᠳᠤᠷᠠᠪᠠᠯ ᠶᠠᠭᠤ ᠶ᠋ᠢ ᠴᠤ ᠪᠦᠲᠦᠭᠡᠵᠦ ᠴᠢᠳᠠᠬᠤ ᠦᠭᠡᠢ ᠶᠦᠮ᠃ ᠬᠡᠷᠪᠡ ᠴᠢᠩᠭᠢᠪᠡᠯ ᠮᠣᠩᠭᠣᠯᠴᠤᠳ ᠤ᠋ᠨ ᠶᠣᠰᠣ ᠮᠣᠷᠠᠯ᠂ ᠬᠡᠮᠵᠢᠶᠡ ᠦᠭᠡᠢ ᠪᠠᠭᠠᠲᠤᠷ ᠵᠣᠷᠢᠭ᠂ᠦᠬᠦᠬᠦ ᠡᠴᠡ ᠠᠶᠤᠬᠤ ᠦᠭᠡᠢ ᠪᠡᠷ ᠡᠵᠡᠨ ᠬᠠᠭᠠᠨ ᠳ᠋ᠠᠭᠠᠨ ᠦᠨᠡᠨᠴᠢ ᠰᠢᠳᠤᠷᠭᠤ ᠪᠠᠢᠬᠤ ᠪᠠᠨ ᠠᠯᠳᠠᠬᠤ ᠳ᠋ᠤ᠌ ᠬᠦᠷᠦᠨᠡ᠃ ᠬᠣᠲᠠ ᠶ᠋ᠢᠨ ᠬᠥᠮᠦᠰ ᠤᠷᠠᠨ ᠴᠣᠪᠣᠭᠣ ᠪᠣᠯᠪᠠᠴᠤ ᠠᠶᠤᠮᠰᠢᠭᠲᠠᠢ ᠲᠠᠯᠠ ᠪᠠᠰᠠ ᠪᠠᠢᠬᠤ ᠶᠤᠮ᠂ ᠡᠢᠮᠦ ᠡᠴᠡ ᠲᠡᠳᠡᠨ ᠢ᠋ ᠳᠠᠷᠤᠯᠠᠵᠤ ᠠᠪᠬᠤ ᠯᠠ ᠬᠡᠷᠡᠭ ᠪᠣᠯᠤᠨᠠ᠃ ᠲᠡᠳᠡᠨᠡᠷ ᠥᠪᠡᠷ ᠦ᠋ᠨ ᠡᠳ᠋ ᠬᠥᠷᠥᠩᠭᠡ ᠪᠠ ᠠᠮᠢ ᠨᠠᠰᠤᠨ ᠤ᠋ ᠲᠥᠯᠥᠭᠡ ᠭᠡᠪᠡᠯ ᠮᠠᠭᠰᠢᠭᠠᠳ ᠢᠷᠡᠳᠡᠭ ᠶᠦᠮ᠃ ᠲᠡᠳᠡᠨ ᠢ᠋ ᠨᠣᠮᠣᠬᠠᠳᠬᠠᠬᠤ ᠠᠷᠭᠠ ᠭᠡᠪᠡᠯ᠂ ᠬᠡᠵᠢᠶᠡ ᠡᠭᠦᠷᠢᠳᠡ ᠲᠡᠳᠡᠨ ᠢ᠋ ᠡᠳ᠋ ᠡᠷᠳᠡᠨᠢ᠂ ᠠᠮᠢ ᠨᠠᠰᠤᠨ ᠳ᠋ᠤᠨᠢ ᠠᠶᠤᠯ ᠲᠦᠭᠰᠢᠭᠦᠷᠢ ᠦᠵᠡᠭᠦᠯᠵᠦ ᠪᠠᠢᠬᠤ ᠬᠡᠷᠡᠭᠲᠡᠢ᠂ ᠭᠡᠲᠡᠯᠡ ᠲᠡᠳᠡ ᠮᠣᠩᠭᠣᠯᠴᠤᠳ ᠤ᠋ᠨ ᠬᠦᠰᠡᠯ ᠪᠠᠬᠠ ᠶ᠋ᠢ ᠬᠠᠩᠭᠠᠬᠤ ᠶᠠᠭᠤᠮᠠ ᠶ᠋ᠢ ᠦᠢᠯᠡᠳᠴᠦ ᠴᠢᠳᠠᠬᠤ ᠶᠤᠮ᠂ ᠤᠴᠢᠷ ᠡᠢᠮᠦ ᠡᠴᠡ ᠡᠭᠦᠨ ᠢ᠋ ᠨᠢ ᠬᠣᠷᠢᠶᠠᠨ ᠠᠪᠬᠤ ᠬᠡᠷᠡᠭᠲᠡᠢ᠃ ᠲᠡᠭᠡᠭᠡᠳ ᠴᠢᠩᠭᠢᠰ ᠬᠠᠭᠠᠨ ᠰᠢᠭᠢᠬᠤᠲᠤᠭ ᠢ᠋ ᠪᠡᠭᠡᠵᠢᠩ ᠳ᠋ᠦ᠍ ᠲᠣᠮᠢᠯᠠᠭᠠᠳ ᠬᠠᠭᠠᠨ ᠣᠷᠳᠣᠨ ᠤ᠋ ᠡᠳ᠋ ᠡᠷᠳᠡᠨᠢ ᠶ᠋ᠢ ᠨᠢ ᠬᠣᠷᠢᠶᠠᠨ ᠠᠪᠴᠤ ᠮᠣᠩᠭᠣᠯ ᠣᠷᠣᠨ ᠳ᠋ᠠᠭᠠᠨ ᠶᠠᠪᠤᠭᠤᠯᠪᠠ᠃
ᠴᠢᠩᠭᠢᠰ ᠬᠠᠭᠠᠨ ᠤ᠋ ᠵᠠᠷᠤᠭᠰᠠᠨ ᠡᠯᠴᠢ ᠰᠢᠭᠢᠬᠤᠲᠤᠭ᠂ ᠮᠠᠰᠢ ᠬᠦᠨᠳᠦ ᠶᠣᠰᠣᠯᠠᠯ ᠢ᠋ᠶ᠋ᠠᠷ ᠬᠦᠨᠳᠦᠯᠡᠭᠳᠡᠵᠦ ᠤᠭᠲᠤᠭᠳᠠᠪᠠ᠃ ᠡᠯᠳᠡᠪ ᠡᠰᠡ ᠶ᠋ᠢᠨ ᠣᠷᠳᠣᠨ ᠤ᠋ ᠰᠠᠢᠳ ᠨᠣᠶᠠᠳ ᠨᠠᠷ ᠲᠡᠭᠦᠨ ᠦ᠌ ᠲᠠᠭᠠᠯᠠᠮᠵᠢ ᠶ᠋ᠢ ᠣᠯᠬᠤ ᠶ᠋ᠢᠨ ᠲᠥᠯᠥᠭᠡ ᠪᠢᠯᠳᠠᠤᠴᠢᠯᠠᠵᠤ ᠴᠢᠷᠮᠠᠢᠭᠰᠠᠨ ᠪᠠᠢᠨᠠ᠂ ᠵᠢᠷᠦᠬᠡᠨ ᠦ᠌ ᠴᠢᠰᠤ ᠪᠠᠨ ᠰᠢᠪᠬᠠᠵᠤ ᠪᠢᠯᠳᠠᠤᠴᠢᠯᠠᠵᠠᠭᠠᠯᠠ᠃ ᠮᠣᠷᠢ ᠲᠡᠵᠢᠭᠡᠬᠦ ᠶ᠋ᠢ ᠬᠠᠮᠢᠶᠠᠷᠳᠠᠭ ᠰᠠᠢᠳ ᠨᠢ ᠰᠠᠢᠨ ᠮᠣᠷᠢ ᠪᠠᠨ ᠬᠥᠲᠥᠯᠦᠭᠡᠳ ᠢᠷᠡᠯᠡ᠃ ᠬᠤᠪᠴᠠᠰᠤ ᠬᠠᠳᠠᠭᠠᠯᠠᠬᠤ ᠲᠤᠰᠢᠶᠠᠯᠲᠠᠨ ᠨᠢ ᠰᠠᠢᠬᠠᠨ ᠬᠠᠳᠬᠤᠮᠠᠯ ᠲᠠᠢ ᠲᠣᠷᠭᠠᠨ ᠳᠡᠪᠡᠯ ᠢ᠋ ᠠᠪᠤᠭᠠᠳ ᠢᠷᠡᠯᠡ᠃ ᠡᠷᠳᠡᠨᠢ ᠶ᠋ᠢᠨ ᠰᠠᠩ ᠢ᠋ ᠬᠠᠮᠢᠶᠠᠷᠤᠭᠰᠠᠨ ᠰᠠᠢᠳ ᠨᠢ ᠠᠯᠲᠠ ᠮᠥᠩᠭᠥ᠂ ᠡᠷᠳᠡᠨᠢ ᠰᠤᠪᠤᠳ ᠢ᠋ ᠬᠦᠷᠭᠡᠭᠡᠳ ᠢᠷᠡᠯᠡ᠃ ᠰᠢᠭᠢᠬᠤᠲᠤᠭ ᠡᠳᠡᠭᠡᠷ ᠰᠢᠨᠡ ᠪᠡᠯᠡᠭ ᠢ᠋ ᠦᠵᠡᠬᠦ ᠳᠣᠳᠣᠮ ᠨᠢᠳᠦ ᠡᠷᠢᠶᠡᠯᠵᠡᠨ᠄《ᠡᠨᠡ ᠴᠢᠨᠢ ᠪᠦᠷ ᠬᠠᠭᠠᠨ ᠣᠷᠳᠣᠨ ᠠ᠋ᠴᠠ ᠠᠪᠴᠢᠷᠠᠭᠰᠠᠨ ᠤᠤ》 ᠭᠡᠵᠦ ᠠᠰᠠᠭᠤᠭᠰᠠᠨ ᠳ᠋ᠤ᠌《ᠲᠡᠢᠮᠦ! ᠲᠡᠢᠮᠦ ᠪᠠᠢᠨᠠ᠃ ᠮᠠᠨ ᠰᠢᠭ᠋ ᠶᠠᠳᠠᠭᠤ ᠲᠦᠰᠢᠮᠡᠳ ᠶᠠᠭᠠᠬᠢᠭᠠᠳ ᠡᠷᠬᠢᠮ ᠦᠨᠡᠲᠡᠢ ᠡᠷᠳᠡᠨᠢ ᠪᠠᠢᠵᠤ ᠪᠣᠯᠬᠤ ᠪᠣᠢ》 ᠭᠡᠵᠦ ᠰᠠᠨᠳᠤᠷᠴᠤ ᠮᠡᠩᠳᠡᠭᠦᠷᠡᠵᠦ ᠬᠠᠷᠢᠭᠤ ᠥᠴᠢᠭᠰᠡᠨ ᠳ᠋ᠦ᠍᠂《ᠲᠡᠢᠮᠦ ᠪᠣᠯ ᠡᠳᠡᠭᠡᠷ ᠴᠥᠮ ᠢ᠋ᠶ᠋ᠡᠷ ᠬᠠᠭᠠᠨ ᠤ᠋ ᠶᠠᠭᠤᠮᠠ ᠶᠤᠮ᠂ ᠣᠳᠣ ᠪᠢᠳᠡ ᠪᠣᠯ ᠪᠠᠢᠯᠳᠤᠨ ᠳᠠᠭᠠᠭᠤᠯᠤᠭᠰᠠᠳ ᠮᠥᠨ ᠪᠣᠯᠬᠣᠷ ᠡᠨᠡ ᠤᠯᠤᠰ ᠤ᠋ᠨ ᠠᠯᠢᠪᠠ ᠪᠦᠬᠦᠢ ᠪᠦᠷ ᠮᠠᠨ ᠤ᠋ ᠪᠣᠭᠳᠠ ᠬᠠᠭᠠᠨ ᠤ᠋ ᠶᠠᠭᠤᠮᠠ ᠪᠣᠯᠤᠨᠠ᠂ ᠪᠣᠭᠳᠠ ᠬᠠᠭᠠᠨ ᠤ᠋ ᠶᠠᠭᠤᠮᠠ ᠶ᠋ᠢ ᠪᠢᠳᠡ ᠬᠤᠪᠢ ᠳ᠋ᠠᠭᠠᠨ ᠠᠪᠴᠤ ᠪᠣᠯᠬᠤ ᠤᠤ? ᠴᠢᠩᠭᠢᠰ ᠬᠠᠭᠠᠨ ᠤ᠋ ᠶᠠᠭᠤᠮᠠ ᠶ᠋ᠢ ᠲᠡᠳᠡᠨᠦᠰ ᠶᠠᠭᠠᠬᠢᠭᠠᠳ ᠳᠠᠯᠳᠠᠭᠤᠷ ᠬᠤᠯᠠᠭᠠᠢᠯᠠᠨ ᠠᠪᠴᠢᠷᠠᠵᠤ ᠪᠡᠯᠡᠭ ᠪᠣᠯᠭᠠᠨ ᠬᠦᠷᠭᠡᠬᠦ ᠶᠦᠮ?》 ᠭᠡᠵᠡᠢ᠃
ᠬᠡᠳᠦᠨ ᠭᠠᠷᠠᠭ ᠤ᠋ᠨ ᠲᠤᠷᠰᠢ ᠬᠦᠨᠳᠦ ᠠᠴᠢᠶᠠ ᠲᠡᠭᠡᠭᠡᠪᠦᠷᠢ ᠲᠡᠢ ᠵᠢᠩᠴᠢᠳ᠂ ᠡᠳᠦᠷ ᠪᠦᠷᠢ ᠪᠡᠭᠡᠵᠢᠩ ᠡᠴᠡ ᠮᠣᠷᠳᠠᠨ ᠠᠯᠢᠪᠠ ᠪᠣᠢ ᠪᠦᠬᠦᠢ ᠡᠳ᠋ ᠡᠷᠳᠡᠨᠢ ᠶ᠋ᠢ ᠲᠤᠯᠤᠨ ᠨᠠᠭᠤᠷ ᠲᠤ᠌ ᠬᠦᠷᠭᠡᠵᠦ ᠪᠠᠢᠯᠠ᠃ ᠡᠳᠡᠭᠡᠷ ᠠᠪᠳᠠᠷᠠ ᠬᠠᠢᠷᠴᠠᠭ ᠪᠦᠷᠢ ᠨᠢ ᠲᠣᠭᠠ ᠨᠣᠮᠧᠷ ᠲᠡᠢ ᠪᠥᠭᠡᠳ ᠳᠣᠲᠣᠷᠠ ᠨᠢ ᠶᠠᠭᠤ ᠠᠭᠤᠯᠵᠤ ᠪᠠᠢᠬᠤ ᠶ᠋ᠢ ᠨᠠᠷᠢᠨ ᠨᠢᠭᠲᠠ ᠪᠢᠴᠢᠭᠰᠡᠨ ᠪᠠᠷᠢᠮᠲᠠ ᠲᠡᠮᠳᠡᠭ ᠦ᠋ᠨ ᠬᠦᠰᠦᠨᠦᠭ ᠲᠡᠢ ᠪᠠᠢᠭᠰᠠᠨ ᠶᠤᠮ᠃ ᠪᠠᠰᠠ ᠡᠳᠡᠭᠡᠷ ᠶᠠᠭᠤᠮᠠ ᠶ᠋ᠢᠨ ᠬᠠᠮᠲᠤ《ᠬᠡᠷᠡᠭᠴᠡᠭᠡ ᠲᠡᠢ ᠬᠥᠮᠦᠰ》 ᠭᠡᠰᠡᠨ ᠨᠢᠭᠡᠨ ᠪᠦᠯᠦᠭ ᠬᠥᠮᠦᠰ ᠳᠠᠭᠠᠵᠤ ᠶᠠᠪᠤᠯᠠ᠃ ᠡᠳᠡᠭᠡᠷ ᠬᠥᠮᠦᠰ ᠢ᠋ ᠪᠠᠰᠠ ᠣᠪᠣᠭ ᠨᠡᠷᠡ᠂ᠵᠡᠷᠭᠡ ᠲᠤᠰᠢᠶᠠᠯ᠂ ᠣᠨᠴᠣᠭᠣᠢ ᠴᠢᠳᠠᠪᠤᠷᠢ ᠭᠡᠮᠡᠨ ᠬᠦᠰᠦᠨᠦᠭ ᠲᠠᠭᠯᠠᠭᠤᠯᠵᠤ ᠪᠢᠴᠢᠭᠰᠡᠨ ᠪᠠᠢᠯᠠ᠃ ᠡᠳᠡᠭᠡᠷ ᠪᠣᠯ ᠮᠡᠷᠭᠡᠵᠢᠯᠲᠡᠨ᠂ᠲᠡᠭᠷᠢ ᠰᠢᠨᠵᠢᠬᠦ ᠡᠷᠳᠡᠮᠲᠡᠨ᠂ ᠭᠦᠨ ᠤᠬᠠᠭᠠᠨ ᠤ᠋ ᠡᠷᠳᠡᠮᠲᠡᠨ ᠠᠵᠢᠯᠴᠢᠨ ᠭᠡᠬᠦ ᠮᠡᠲᠦ ᠶ᠋ᠢᠨ ᠲᠡᠮᠳᠡᠭ ᠵᠡᠭᠦᠭᠰᠡᠨ ᠬᠥᠮᠦᠰ ᠪᠠᠢᠭᠰᠠᠨ ᠶᠤᠮ᠃
ᠨᠢᠭᠡᠨ ᠡᠳᠦᠷ ᠴᠢᠩᠭᠢᠰ ᠬᠠᠭᠠᠨ ᠤᠷᠲᠤ ᠬᠠᠷᠠ ᠰᠠᠬᠠᠯᠲᠠᠢ ᠨᠢᠭᠡᠨ ᠬᠥᠮᠦᠨ ᠳ᠋ᠦ᠍ ᠨᠢᠳᠦ ᠬᠠᠶᠠᠪᠠ᠃ ᠲᠡᠭᠦᠨ ᠦ᠌ ᠵᠡᠭᠦᠭᠰᠡᠨ ᠲᠡᠮᠳᠡᠭ ᠳᠡᠭᠡᠷᠡ《ᠠᠭᠠᠷ ᠢ᠋ ᠰᠢᠨᠵᠢᠬᠦ ᠡᠷᠳᠡᠮᠲᠡᠨ᠂ ᠯᠢᠶᠣᠣ ᠤᠯᠤᠰ ᠤ᠋ᠨ ᠬᠠᠭᠠᠨ ᠤ᠋ ᠲᠥᠷᠥᠯ ᠶᠸᠯᠢᠦᠢ ᠴᠦᠽᠠᠢ》 ᠭᠡᠵᠦ ᠪᠢᠴᠢᠵᠦ ᠪᠠᠢᠭᠰᠠᠨ ᠪᠢᠯᠡ᠃ ᠴᠢᠩᠭᠢᠰ ᠬᠠᠭᠠᠨ ᠲᠡᠭᠦᠨ ᠢ᠋ ᠳᠠᠭᠤᠳᠠᠨ ᠠᠪᠴᠢᠷᠠᠵᠤ ᠤᠳᠠᠭᠠᠨ ᠬᠡᠯᠡᠯᠴᠡᠵᠡᠢ᠃ᠴᠢᠩᠭᠢᠰ ᠬᠠᠭᠠᠨ᠄《ᠯᠢᠶᠣᠣ ᠪᠣᠯᠤᠨ ᠠᠯᠲᠠᠨ ᠬᠣᠶᠠᠷ ᠤᠯᠤᠰ ᠪᠣᠯ ᠢᠵᠠᠭᠤᠷ ᠠ᠋ᠴᠠ ᠪᠠᠨ ᠳᠠᠢᠰᠤᠩᠨᠠᠵᠤ ᠪᠠᠢᠭᠰᠠᠨ ᠶᠤᠮ᠂ ᠪᠢ ᠣᠳᠣ ᠴᠢᠨᠦ ᠲᠥᠯᠥᠭᠡ ᠥᠰᠢᠶᠡ ᠠᠪᠴᠤ ᠦᠭᠭᠦᠭᠰᠡᠨ ᠪᠠᠢᠨᠠ》 ᠭᠡᠰᠡᠨ ᠳ᠋ᠦ᠍ ᠲᠡᠷᠡ ᠬᠠᠷᠢᠭᠤ ᠥᠴᠢᠭᠰᠡᠨ ᠨᠢ:《ᠮᠢᠨᠦ ᠡᠪᠦᠭᠡ ᠳᠡᠭᠡᠳᠦᠰ ᠪᠣᠯᠤᠨ ᠮᠢᠨᠦ ᠪᠡᠶᠡ ᠴᠥᠮ ᠠᠯᠲᠠᠨ ᠤᠯᠤᠰ ᠲᠤ᠌ ᠦᠢᠯᠡᠴᠢᠯᠡᠭᠰᠡᠭᠡᠷ ᠢᠷᠡᠭᠰᠡᠨ ᠶᠦᠮ᠃ᠬᠡᠷᠪᠡ ᠪᠢ ᠡᠪᠦᠭᠡ ᠡᠴᠢᠭᠡ᠂ ᠡᠴᠢᠭᠡ ᠪᠣᠯᠤᠨ ᠥᠪᠡᠷ ᠦ᠋ᠨ ᠦᠢᠯᠡᠴᠢᠯᠡᠵᠦ ᠪᠠᠢᠭᠰᠠᠨ ᠬᠠᠭᠠᠨ ᠳ᠋ᠠᠭᠠᠨ ᠳᠠᠢᠰᠤᠩᠨᠠᠬᠤ ᠰᠡᠳᠬᠢᠯᠭᠡ ᠪᠠᠢᠭᠰᠠᠨ ᠪᠣᠯ ᠮᠢᠨᠦ ᠪᠡᠶᠡ ᠬᠤᠳᠠᠯ ᠬᠡᠯᠡᠬᠦ ᠬᠠᠭᠤᠷᠮᠠᠭ ᠬᠥᠮᠦᠨ ᠪᠣᠯᠴᠢᠬᠠᠬᠤ ᠪᠢᠰᠢᠦ》 ᠭᠡᠵᠡᠢ᠃
ᠡᠨᠡ ᠮᠡᠲᠦ ᠬᠠᠷᠢᠭᠤ ᠥᠴᠢᠭᠰᠡᠨ ᠢ᠋ ᠨᠢ ᠴᠢᠩᠭᠢᠰ ᠬᠠᠭᠠᠨ ᠮᠠᠰᠢ ᠲᠠᠭᠠᠯᠠᠮᠵᠢᠲᠠᠢ ᠰᠣᠨᠣᠰᠴᠠᠢ᠃ᠬᠣᠲᠠ ᠵᠡᠭᠡᠯᠢ ᠶ᠋ᠢᠨ ᠳᠣᠲᠣᠷᠠ ᠰᠠᠭᠤᠭᠰᠠᠨ ᠠᠲᠠᠯᠠ ᠡᠨᠡ ᠮᠡᠲᠦ ᠪᠡᠶᠡ ᠪᠡᠨ ᠬᠦᠨᠳᠦᠳᠬᠡᠬᠦ ᠰᠡᠳᠬᠢᠯ ᠢ᠋ᠶ᠋ᠡᠨ ᠬᠠᠮᠠᠭᠠᠯᠠᠭᠰᠠᠭᠠᠷ ᠢᠷᠡᠭᠰᠡᠨ ᠪᠥᠭᠡᠳ ᠠᠶᠤᠵᠤ ᠡᠮᠢᠶᠡᠬᠦ ᠰᠡᠳᠬᠢᠯ ᠦᠭᠡᠢ᠂ ᠬᠤᠪᠢ ᠪᠡᠶᠡ ᠶ᠋ᠢᠨ ᠠᠰᠢᠭ ᠲᠤᠰᠠ ᠶ᠋ᠢ ᠪᠣᠳᠣᠬᠤ ᠦᠭᠡᠢ᠂ ᠦᠨᠡᠨᠴᠢ ᠰᠢᠳᠤᠷᠭᠤ᠂ ᠴᠢᠭᠴᠢ ᠵᠢᠷᠤᠮ ᠲᠠᠢ ᠦᠢᠯᠡᠴᠢᠯᠡᠭᠰᠡᠨ ᠢ᠋ᠶ᠋ᠡᠨ ᠦᠨᠡᠨ ᠢ᠋ᠶ᠋ᠡᠷ ᠬᠡᠯᠡᠭᠰᠡᠨ ᠡᠨᠡ ᠡᠷᠡ᠂ ᠦᠨᠡᠨ ᠰᠠᠢᠨ ᠬᠥᠮᠦᠨ ᠮᠥᠨ ᠭᠡᠭᠴᠢ ᠨᠢ ᠰᠢᠯᠵᠢᠰᠢ ᠦᠭᠡᠢ᠃ ᠴᠢᠩᠭᠢᠰ ᠬᠠᠭᠠᠨ ᠲᠡᠭᠦᠨ ᠲᠡᠢ ᠨᠡᠯᠢᠶᠡᠳ ᠤᠳᠠᠭᠠᠨ ᠬᠡᠯᠡᠯᠴᠡᠭᠡᠳ᠂ ᠲᠡᠭᠦᠨ ᠢ᠋ ᠴᠢᠩᠭᠢᠰ ᠬᠠᠭᠠᠨ ᠤ᠋ ᠰᠢᠳᠠᠷ ᠵᠥᠪᠳᠡᠭᠴᠢ ᠪᠥᠭᠡᠳ ᠵᠢᠷᠣᠬᠠᠢᠴᠢᠡ ᠪᠡᠷ ᠦᠢᠯᠡᠴᠢᠯᠡᠬᠦ ᠦᠭᠡᠢ ᠤᠤ ᠭᠡᠵᠦ ᠳᠤᠷᠠᠳᠪᠠ᠃
ᠡᠨᠡ ᠤᠳᠠᠭᠠ ᠬᠡᠯᠡᠯᠴᠡᠭᠰᠡᠨ ᠦ᠌ ᠬᠣᠢᠨᠠ ᠴᠢᠩᠭᠢᠰ ᠬᠠᠭᠠᠨ ᠤ᠋ ᠪᠣᠳᠣᠯ ᠨᠢ ᠪᠠᠬᠠᠨ ᠬᠤᠪᠢᠷᠠᠭᠰᠠᠨ ᠪᠠᠢᠨᠠ᠃ ᠬᠣᠲᠠ ᠳ᠋ᠤ᠌ ᠰᠠᠭᠤᠭᠰᠠᠨ ᠬᠥᠮᠦᠰ ᠦ᠋ᠨ ᠳᠣᠲᠣᠷᠠ ᠠᠮᠢᠳᠤᠷᠠᠭᠠᠳ᠂ ᠥᠪᠡᠷ ᠦ᠋ᠨ ᠴᠢᠨᠠᠷ ᠢ᠋ᠶ᠋ᠠᠨ ᠦᠷᠭᠦᠯᠵᠢᠯᠡᠨ ᠬᠠᠮᠠᠭᠠᠯᠠᠵᠤ ᠪᠠᠢᠳᠠᠭ ᠬᠥᠮᠦᠨ ᠪᠣᠯ ᠬᠠᠮᠤᠭ ᠤ᠋ᠨ ᠡᠷᠬᠢᠮ ᠳᠡᠭᠡᠳᠦ ᠬᠥᠮᠦᠨ ᠢ᠋ᠶ᠋ᠡᠷ ᠲᠣᠭᠠᠴᠠᠭᠳᠠᠬᠤ ᠶᠣᠰᠣᠲᠠᠢ᠃ ᠲᠡᠳᠡᠨᠡᠷ ᠦ᠋ᠨ ᠶᠠᠪᠤᠳᠠᠯ ᠨᠢ ᠬᠥᠮᠦᠨ ᠳ᠋ᠦ᠍ ᠣᠢᠯᠠᠭᠠᠭᠳᠠᠬᠤ ᠦᠭᠡᠢ ᠪᠣᠯᠬᠣᠷ ᠵᠣᠯ ᠵᠠᠪᠰᠢᠶᠠᠨ ᠦᠭᠡᠢ ᠪᠣᠯᠳᠠᠭ ᠶᠤᠮ ᠪᠠᠢᠨᠠ᠃ ᠪᠤᠰᠤᠳ ᠬᠥᠮᠦᠰ ᠨᠢ ᠤᠷᠪᠠᠬᠤ ᠪᠣᠳᠣᠯᠭᠠ ᠲᠠᠢ ᠪᠣᠯᠤᠭᠰᠠᠨ ᠴᠠᠭ ᠲᠤ᠌᠂ ᠵᠢᠱ᠌ᠢᠶᠡᠯᠡᠪᠡᠯ ᠸᠠᠨ ᠶᠠᠨ ᠴᠢᠨ ᠸᠠᠩ ᠮᠡᠲᠦ ᠶ᠋ᠢᠨ ᠴᠡᠷᠢᠭ ᠦ᠋ᠨ ᠨᠣᠶᠠᠨ ᠶᠠᠭᠤ ᠪᠠᠨ ᠪᠦᠲᠦᠭᠡᠵᠦ ᠴᠢᠳᠠᠬᠤ ᠶᠤᠮ ᠪᠣᠢ᠃ ᠸᠠᠨ ᠶᠠᠨ ᠴᠥᠭᠡᠨ ᠲᠣᠭᠠᠨ ᠤ᠋ ᠨᠥᠬᠥᠳ ᠦ᠋ᠨ ᠬᠠᠮᠲᠤ ᠬᠠᠮᠤᠭ ᠡᠴᠦᠰ ᠲᠦ᠋ᠨᠢ ᠲᠤᠯᠲᠠᠯᠠ ᠪᠠᠢᠯᠳᠤᠭᠰᠠᠨ ᠪᠢᠰᠢᠦ᠃ ᠲᠡᠷᠡ ᠦᠶᠡ ᠳ᠋ᠦ᠍ ᠸᠠᠨ ᠶᠠᠨ ᠢ᠋ ᠠᠮᠢᠳᠤ ᠪᠠᠷ ᠪᠠᠷᠢᠪᠴᠢᠯᠠᠬᠤ ᠵᠠᠷᠯᠢᠭ ᠪᠠᠭᠤᠯᠭᠠᠵᠤ᠂ ᠶᠸᠯᠢᠦᠢ ᠴᠦᠼᠠᠢ ᠮᠡᠲᠦ ᠥᠪᠡᠷ ᠦ᠋ᠨ ᠢ᠋ᠶ᠋ᠡᠨ ᠲᠥᠯᠥᠭᠡ ᠦᠢᠯᠡᠴᠢᠯᠡᠭᠦᠯᠦᠨ ᠲᠡᠭᠦᠨ ᠦ᠌ ᠪᠡᠭᠡᠵᠢᠩ ᠪᠤᠶᠤ ᠠᠯᠲᠠᠨ ᠤᠯᠤᠰ ᠤ᠋ᠨ ᠪᠦᠭᠦᠳᠡ ᠶ᠋ᠢ ᠵᠠᠬᠢᠷᠤᠭᠴᠢ ᠰᠠᠢᠳ ᠪᠣᠯᠭᠠᠭᠰᠠᠨ ᠪᠣᠯ ᠨᠡᠩ ᠰᠠᠢᠨ ᠪᠠᠢᠭᠰᠠᠨ ᠪᠢᠰᠢᠦ ᠭᠡᠵᠦ ᠴᠢᠩᠭᠢᠰ ᠬᠠᠭᠠᠨ ᠪᠣᠳᠣᠯᠬᠢᠯᠠᠵᠠᠢ᠃ ᠬᠥᠮᠦᠨ ᠦᠬᠦᠬᠦ ᠡᠴᠡ ᠠᠶᠤᠬᠤ ᠦᠭᠡᠢ᠃ ᠭᠡᠲᠡᠯᠡ ᠸᠠᠨ ᠶᠠᠨ ᠴᠢᠨ ᠸᠠᠩ ᠮᠡᠲᠦ ᠭᠠᠷᠬᠤ ᠵᠠᠮ ᠦᠭᠡᠢ ᠪᠥᠭᠡᠳ ᠥᠮᠥᠭ ᠲᠦᠰᠢᠭ ᠦᠭᠡᠢ ᠪᠣᠯᠬᠤ ᠳ᠋ᠠᠭᠠᠨ ᠥᠪᠡᠷ ᠦ᠋ᠨ ᠠᠮᠢ ᠨᠠᠰᠤ ᠪᠠᠷ ᠢ᠋ᠶ᠋ᠠᠨ ᠦᠬᠦᠭᠰᠡᠨ ᠦ᠌ ᠰᠡᠭᠦᠯᠡᠷᠬᠢ ᠨᠡᠷᠡ ᠬᠦᠨᠳᠦ ᠪᠡᠨ ᠳᠡᠭᠡᠭᠰᠢᠯᠡᠭᠦᠯᠬᠦ ᠭᠡᠰᠡᠨ ᠢ᠋ ᠴᠢᠩᠭᠢᠰ ᠬᠠᠭᠠᠨ ᠣᠢᠯᠠᠭᠠᠭᠰᠠᠨ ᠦᠭᠡᠢ᠃
( ᠳᠣᠯᠣᠭᠠ) ᠠᠯᠲᠠᠨ ᠤᠯᠤᠰ ᠳᠠᠬᠢ ᠪᠠᠢᠯᠳᠤᠭᠠᠨ ᠨᠢ ᠫᠠᠷᠲ᠋ᠢᠽᠠᠨ ᠲᠡᠢᠨ ᠪᠣᠯᠤᠨ ᠦᠷᠭᠦᠯᠵᠢᠯᠡᠭᠰᠡᠨ ᠨᠢ
ᠠᠯᠲᠠᠨ ᠤᠯᠤᠰ ᠤ᠋ᠨ ᠬᠠᠭᠠᠨ ᠪᠠᠰᠠ ᠨᠠᠢᠷᠠᠮᠳᠠᠯ ᠢ᠋ ᠭᠤᠶᠤᠴᠢᠯᠠᠬᠤ ᠪᠠᠷ ᠬᠥᠮᠦᠨ ᠲᠣᠮᠢᠯᠠᠨ ᠢᠷᠡᠭᠦᠯᠵᠡᠢ᠃《ᠪᠤᠭᠤ ᠶ᠋ᠢ ᠴᠦ᠍ ᠰᠤᠭᠤ ᠶ᠋ᠢ ᠴᠦ᠍ ᠠᠯᠠᠭᠠᠳ ᠳᠠᠭᠤᠰᠤᠭᠰᠠᠨ ᠤ᠋ ᠬᠣᠢᠨᠠ᠂ ᠭᠠᠨᠵᠤᠭᠠ ᠳ᠋ᠤ᠌ ᠣᠷᠣᠮᠠᠷ ᠵᠦᠢᠯ ᠨᠢ ᠭᠠᠭᠴᠠ ᠲᠠᠤᠯᠠᠢ ᠦᠯᠡᠳᠡᠭᠰᠡᠨ ᠦᠶᠡᠰ ᠲᠠᠤᠯᠠᠢ ᠶ᠋ᠢ ᠠᠭᠤᠴᠢᠯᠠᠵᠤ ᠪᠣᠯᠬᠤ ᠦᠭᠡᠢ ᠤᠤ᠁》 ᠭᠡᠵᠦ ᠴᠢᠩᠭᠢᠰ ᠬᠠᠭᠠᠨ ᠳ᠋ᠤ᠌ ᠬᠡᠯᠡᠭᠦᠯᠦᠭᠰᠡᠨ ᠪᠢᠯᠡ᠃ ᠭᠡᠪᠡᠴᠦ ᠴᠢᠩᠭᠢᠰ ᠬᠠᠭᠠᠨ ᠤ᠋ ᠱᠠᠭᠠᠷᠳᠠᠭᠰᠠᠨ ᠨᠥᠬᠥᠴᠡᠯ ᠢ᠋ ᠠᠯᠲᠠᠨ ᠤᠯᠤᠰ ᠬᠦᠯᠢᠶᠡᠬᠦ ᠳ᠋ᠦ᠍ ᠪᠡᠷᠬᠡ ᠪᠠᠢᠭᠰᠠᠨ ᠪᠢᠯᠡ᠃ ᠠᠯᠲᠠᠨ ᠤᠯᠤᠰ ᠤ᠋ᠨ ᠬᠠᠭᠠᠨ ᠢ᠋ ᠭᠣᠣᠯ ᠠ᠋ᠴᠠ ᠬᠣᠢᠲᠤᠬᠢ ᠭᠠᠵᠠᠷ ᠢ᠋ᠶ᠋ᠠᠨ ᠪᠦᠷ ᠮᠣᠩᠭᠣᠯ ᠳ᠋ᠤ᠌ ᠲᠠᠯᠪᠢᠨ ᠥᠭᠴᠦ᠂ ᠬᠠᠭᠠᠨ ᠴᠣᠯᠠ ᠪᠠᠨ ᠬᠠᠶᠠᠵᠤ᠂ ᠾᠧ ᠨᠠᠨ( ᠭᠣᠣᠯ ᠤ᠋ᠨ ᠡᠮᠦᠨᠡᠬᠢ) ᠸᠠᠩ ᠪᠣᠯᠤᠭᠠᠳ᠂ ᠴᠢᠩᠭᠢᠰ ᠬᠠᠭᠠᠨ ᠤ᠋ ᠬᠠᠷᠢᠶᠠ ᠲᠦᠰᠢᠮᠡᠯ ᠪᠣᠯᠬᠤ ᠬᠡᠷᠡᠭᠲᠡᠢ ᠭᠡᠵᠡᠢ᠃ ᠤᠴᠢᠷ ᠡᠢᠮᠦ ᠡᠴᠡ ᠪᠠᠢᠯᠳᠤᠭᠠᠨ ᠪᠠᠰᠠ ᠦᠷᠭᠦᠯᠵᠢᠯᠡᠪᠡ᠃
ᠨᠠᠮᠤᠷ ᠨᠢ ᠴᠢᠩᠭᠢᠰ ᠬᠠᠭᠠᠨ ᠨᠢᠭᠡᠨ ᠵᠠᠮ ᠤ᠋ᠨ ᠴᠡᠷᠢᠭ ᠢ᠋ᠶ᠋ᠡᠨ ᠡᠮᠦᠨᠡᠲᠦ ᠣᠷᠣᠨ ᠳ᠋ᠤ᠌ ᠲᠣᠮᠢᠯᠠᠭᠰᠠᠨ ᠪᠠᠢᠨᠠ᠃ ᠭᠡᠪᠡᠴᠦ ᠡᠨᠡ ᠴᠡᠷᠢᠭ ᠨᠢ ᠳᠡᠢᠯᠦᠭᠳᠡᠭᠡᠳ ᠬᠠᠲᠤᠨ ᠭᠣᠣᠯ ᠤ᠋ᠨ ᠮᠥᠰᠥᠨ ᠳᠡᠭᠡᠭᠦᠷ ᠭᠡᠲᠦᠯᠦᠭᠡᠳ ᠪᠤᠷᠤᠭᠤᠯᠠᠭᠰᠠᠨ ᠶᠤᠮ᠃ ᠬᠣᠯᠠᠳᠠᠬᠢ ᠬᠣᠲᠠ ᠨᠤᠭᠤᠳ ᠤᠷᠪᠠᠬᠤ ᠲᠤᠭ ᠢ᠋ ᠡᠷᠭᠦᠭᠰᠡᠨ ᠪᠠᠢᠨᠠ᠃ ᠣᠳᠣ ᠫᠠᠷᠲ᠋ᠢᠽᠠᠨ ᠪᠠᠢᠯᠳᠤᠭᠠᠨ ᠡᠭᠦᠰᠬᠦ ᠲᠡᠮᠳᠡᠭ ᠬᠠᠷᠠᠭᠳᠠᠵᠤ ᠪᠠᠢᠯᠠ᠂ ᠲᠡᠢᠮᠦ ᠪᠣᠯᠬᠤ ᠳ᠋ᠤ᠌ ᠬᠦᠷᠪᠡᠯ ᠬᠢᠲᠠᠳ ᠤ᠋ᠨ ᠠᠷᠠᠳ ᠲᠦᠮᠡᠨ ᠯᠦ᠍ᠭᠡ ᠤᠷᠲᠤ ᠬᠤᠭᠤᠴᠠᠭᠠ ᠪᠠᠷ ᠪᠡᠷᠬᠡᠰᠢᠶᠡᠯ ᠲᠡᠢ ᠬᠣᠬᠢᠷᠠᠨ ᠰᠦᠢᠳᠬᠦ ᠪᠠᠢᠯᠳᠤᠭᠠᠨ ᠬᠢᠬᠦ ᠤᠴᠢᠷ ᠪᠣᠯᠬᠤ ᠪᠢᠵᠡ᠃ ᠡᠢᠮᠦ ᠪᠠᠢᠯᠳᠤᠭᠠᠨ ᠳ᠋ᠤ᠌ ᠴᠢᠩᠭᠢᠰ ᠬᠠᠭᠠᠨ ᠤ᠋ ᠥᠪᠡᠷ ᠦ᠋ᠨ ᠪᠡᠶᠡ ᠨᠢ ᠡᠨᠳᠡ ᠪᠠᠢᠬᠤ ᠦᠭᠡᠢ ᠴᠦ᠍ ᠪᠣᠯᠤᠨᠠ᠃ ᠁ ᠳᠠᠷᠠᠭᠠ ᠳ᠋ᠤᠨᠢ ᠮᠣᠩᠭᠣᠯ ᠠ᠋ᠴᠠ ᠨᠢᠭᠡᠨ ᠰᠡᠷᠡᠮᠵᠢ ᠶ᠋ᠢᠨ ᠴᠢᠮᠡᠭᠡ ᠢᠷᠡᠵᠡᠢ᠃
ᠨᠠᠢ᠍ᠮᠠᠨ ᠤ᠋ ᠳᠠᠶᠠᠨ ᠬᠠᠭᠠᠨ ᠤ᠋ ᠬᠥᠪᠡᠭᠦᠨ ᠭᠦᠴᠦᠯᠦᠭ ᠠᠯᠲᠠᠢ ᠠᠭᠤᠯᠠᠨ ᠳ᠋ᠤ᠌ ᠮᠣᠩᠭᠣᠯ ᠴᠡᠷᠢᠭ ᠲᠡᠢ ᠪᠠᠢᠯᠳᠤᠨ ᠳᠡᠢᠯᠦᠭᠳᠡᠭᠡᠳ ᠬᠠᠷᠠ ᠬᠢᠳᠠᠨ ᠤ᠋ ᠣᠷᠳᠣᠨ ᠳ᠋ᠤ᠌ ᠳᠤᠲᠠᠭᠠᠵᠤ ᠣᠴᠢᠭᠰᠠᠨ ᠶᠤᠮ᠂ ᠣᠳᠣ ᠬᠠᠷᠢᠨ ᠲᠡᠭᠦᠨ ᠦ᠌ ᠪᠡᠶᠡ ᠬᠠᠷᠠ ᠬᠢᠳᠠᠨ ᠤᠯᠤᠰ ᠤ᠋ᠨ ᠬᠠᠭᠠᠨ ᠡᠵᠡᠨ ᠨᠢ ᠪᠣᠯᠤᠭᠰᠠᠨ ᠪᠠᠢᠨᠠ᠃ ᠡᠨᠡ ᠤᠴᠢᠷ ᠠ᠋ᠴᠠ ᠪᠣᠯᠵᠤ ᠨᠠᠢ᠍ᠮᠠᠨ ᠬᠥᠮᠦᠰ ᠭᠤᠢᠪᠢᠯᠵᠠᠨ᠂ ᠤᠢᠭᠤᠷ ᠬᠥᠮᠦᠨ ᠪᠠᠰᠠ ᠦᠢᠮᠡᠯᠳᠦᠨᠡ᠂ ᠲᠡᠳᠡ ᠨᠠᠷ ᠶᠠᠭᠠᠷᠠᠤ ᠶ᠋ᠢᠨ ᠲᠤᠢᠯ ᠳ᠋ᠤ᠌ ᠬᠦᠷᠦᠭᠡᠳ ᠪᠠᠢᠨᠠ ᠭᠡᠰᠡᠨ ᠴᠢᠮᠡᠭᠡ ᠠᠵᠢ᠃ ᠤᠴᠢᠷ ᠡᠢᠮᠦ ᠡᠴᠡ ᠴᠢᠩᠭᠢᠰ ᠬᠠᠭᠠᠨ1216 ᠣᠨ ᠤ᠋ ᠵᠤᠨ ᠲᠡᠭᠦᠨ ᠦ᠌ ᠴᠡᠷᠢᠭ ᠪᠣᠯᠤᠨ ᠪᠦᠬᠦ ᠡᠳ᠋ ᠡᠷᠳᠡᠨᠢ ᠪᠡᠨ ᠲᠡᠭᠡᠭᠡᠭᠰᠡᠨ ᠲᠡᠷᠭᠡ ᠬᠥᠰᠬᠡ ᠲᠡᠢ ᠪᠡᠨ ᠬᠠᠮᠲᠤ ᠪᠠᠷ ᠤᠨᠤᠨ ᠮᠥᠷᠡᠨ ᠦ᠌ ᠬᠥᠪᠡᠭᠡᠨ ᠳ᠋ᠡᠬᠢ ᠣᠷᠳᠣᠨ ᠤ᠋ ᠪᠠᠨ ᠵᠦᠭ ᠮᠣᠷᠳᠠᠪᠠ᠃ ᠠᠯᠲᠠᠨ ᠤᠯᠤᠰ ᠲᠤ᠌ ᠬᠣᠶᠠᠷ ᠲᠦᠮᠡ ᠭᠤᠷᠪᠠᠨ ᠮᠢᠩᠭᠠᠨ ᠮᠣᠩᠭᠣᠯ ᠴᠡᠷᠢᠭ᠂ ᠬᠣᠶᠠᠷ ᠲᠦᠮᠡᠨ ᠬᠢᠳᠠᠨ ᠴᠡᠷᠢᠭ ᠪᠣᠯᠤᠨ《ᠴᠢᠩᠭᠢᠰ ᠬᠠᠭᠠᠨ ᠢ᠋ ᠳᠠᠭᠠᠭᠰᠠᠨ ᠪᠦᠬᠦ ᠴᠡᠷᠢᠭ》 ᠢ᠋ ᠦᠯᠡᠳᠡᠭᠡᠵᠡᠢ᠃ ᠲᠡᠷᠡ ᠪᠠᠰᠠ ᠮᠤᠬᠤᠯᠠᠢ ᠶ᠋ᠢ ᠪᠦᠬᠦ ᠠᠯᠲᠠᠨ ᠤᠯᠤᠰ᠂ ᠰᠣᠯᠣᠩᠭᠣᠰ ᠤᠯᠤᠰ᠂ ᠯᠢᠶᠣᠣ ᠤᠯᠤᠰ ᠤ᠋ᠨ ᠳᠡᠳ᠋ ᠸᠠᠩ ᠢ᠋ᠶ᠋ᠠᠷ ᠡᠷᠭᠦᠮᠵᠢᠯᠡᠵᠦ᠂ ᠲᠡᠭᠦᠨ ᠲᠡᠢ ᠰᠠᠯᠬᠤ ᠦᠶᠡ ᠳ᠋ᠦ᠍᠄
《ᠮᠢᠨᠦ ᠪᠡᠶᠡ ᠬᠤᠸᠠ ᠱᠠᠨ ᠠᠭᠤᠯᠠᠨ ᠤ᠋ ᠠᠷᠤ ᠳ᠋ᠠᠬᠢ ᠠᠯᠢ ᠣᠯᠠᠨ ᠤᠯᠤᠰ ᠢ᠋ ᠢᠯᠠᠵᠤ᠂ ᠲᠤᠰ ᠠᠭᠤᠯᠠᠨ ᠠ᠋ᠴᠠ ᠡᠮᠦᠨᠡᠬᠢ ᠤᠯᠤᠰ ᠢ᠋ ᠪᠠᠰᠠ ᠠᠳᠠᠯᠢ ᠲᠠᠪᠢᠯᠠᠩ ᠲᠠᠢ ᠪᠣᠯᠭᠠᠭᠰᠠᠨ ᠶᠤᠮ》 ᠭᠡᠵᠦ ᠬᠡᠯᠡᠵᠡᠢ᠃
ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠲᠡᠭᠦᠰ᠂ ᠪᠠᠶᠠᠨᠰᠡᠷᠡᠩ᠂ ᠪᠠᠶᠠᠨᠴᠡᠴᠡᠭ᠂ ᠡᠷᠳᠡᠨᠢᠭᠤᠸᠠ
ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠣᠳᠬᠠᠨᠰᠣᠠ᠂ ᠬᠡᠷᠡᠢᠳ ᠮᠥᠨᠬᠡᠨᠠᠰᠤᠨ