ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂ Гутгаар бодь – Нэгдүгээр бүлэг <7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂ Гутгаар бодь – Нэгдүгээр бүлэг <7>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂ Гутгаар бодь – Нэгдүгээр бүлэг <7>

ᠠᠩᠭᠢᠯᠠᠯ:ᠲᠤᠭᠤᠵᠢ ᠷᠣᠮᠠᠨ
2024-12-03

368

ᠭᠤᠲᠠᠭᠠᠷ ᠪᠣᠲᠢ – ᠨᠢᠭᠡᠳᠦᠭᠡᠷ ᠪᠦᠯᠦᠭ <ᠳᠣᠯᠣᠭ᠎ᠠ>


               ᠳᠣᠯᠣᠭ᠎ᠠ  

       ᠬᠠᠪᠤᠷ ᠤ᠋ᠨ ᠲᠩᠷᠢ ᠶ᠋ᠢᠨ ᠪᠤᠬᠤᠷ ᠨᠢ ᠡᠷᠭᠢᠴᠢᠬᠡᠭᠰᠡᠨ ᠶᠦᠮ ᠰᠢᠭ ᠤᠯᠠᠭᠠᠨ ᠲᠣᠭᠣᠰᠣ ᠪᠤᠵᠢᠭᠢᠨᠠᠭᠰᠠᠨ ᠬᠠᠷ᠎ᠠ ᠰᠢᠭᠤᠷᠭ᠎ᠠ ᠮᠤᠨᠠ ᠠᠭᠤᠯᠠ ᠶ᠋ᠢᠨ ᠵᠣ ᠶ᠋ᠢ ᠡᠪᠬᠡᠴᠢᠬᠡᠮᠡᠷ ᠬᠤᠢᠯᠠᠷᠠᠨ᠎ᠠ᠃ ᠰᠤᠪᠤᠷᠭ᠎ᠠ ᠶ᠋ᠢᠨ ᠰᠦᠮ᠎ᠡ ᠶ᠋ᠢᠨ ᠰᠠᠷᠠᠪᠴᠢᠨ ᠤ᠋ ᠰᠡᠵᠢᠭᠦᠷ ᠦ᠋ᠨ ᠬᠣᠩᠬᠣ ᠰᠠᠯᠬᠢᠨ ᠤ᠋ ᠭᠤᠶᠤᠳᠠᠯ ᠳ᠋ᠤ᠌ ᠬᠣᠯᠣᠩ ᠬᠣᠯᠣᠩ ᠳᠤᠤᠭᠠᠷᠴᠤ᠂ ᠪᠣᠷᠣᠭᠠᠨ ᠴᠢᠭᠢᠭ ᠲᠠᠲᠠᠭᠤ ᠬᠠᠭᠰᠠᠷᠭᠠᠨᠳᠤ ᠬᠠᠪᠤᠷ ᠤ᠋ᠨ ᠭᠤᠨᠢᠭ ᠤ᠋ᠨ ᠠᠶ᠎ᠠ ᠡᠭᠦᠰᠬᠡᠨ ᠤᠢᠳᠬᠠᠷᠲᠠᠢ ᠰᠠᠨᠠᠭᠳᠠᠨ᠎ᠠ᠃  ᠬᠦ
       ᠪᠠᠷᠠᠭᠰᠠᠨᠣᠷᠪᠤ ᠯᠠᠮᠠᠬᠠᠢ ᠡᠷᠲᠡ ᠪᠣᠰᠴᠤ ᠵᠠᠰᠠᠭ ᠲᠠᠮᠠᠭ᠎ᠠ① ᠶ᠋ᠢᠨ ᠲᠠᠬᠢᠯ ᠤ᠋ᠨ ᠵᠤᠯᠠ ᠵᠠᠰᠠᠵᠤ ᠪᠠᠷᠢᠭᠠᠳ《ᠪᠠᠷᠰ ᠤ᠋ᠨ ᠰᠦᠷ ᠪᠠᠳᠠᠷᠠᠭᠰᠠᠨ ᠪᠠᠷᠠᠭᠤᠨ ᠬᠦᠩ ᠦ᠋ᠨ ᠵᠠᠰᠠᠭ ᠲᠠᠮᠠᠭ᠎ᠠ ᠮᠢᠨᠢ ᠡᠩᠬᠡ ᠠᠮᠤᠭᠤᠯᠠᠩ᠁ ᠤᠸᠮ ᠮᠠ ᠨᠢ ᠪᠠᠳ ᠮᠠᠢ ᠬᠣᠩ!》 ᠭᠡᠵᠦ ᠵᠠᠯᠪᠠᠷᠢᠨ ᠮᠥᠷᠭᠥᠪᠡ᠃ ᠪᠠᠳᠮᠠᠯᠠᠨ ᠠᠰᠠᠭᠰᠠᠨ ᠵᠤᠯᠠ ᠶ᠋ᠢᠨ ᠭᠡᠷᠡᠯ ᠳ᠋ᠦ᠍ ᠳᠥᠷᠪᠡᠨ ᠥᠨᠴᠥᠭ ᠢ᠋ ᠨᠢ ᠪᠠᠷᠰ ᠤ᠋ᠨ ᠬᠡ ᠤᠷᠠᠯᠠᠵᠤ ᠰᠡᠢᠯᠦᠭᠰᠡᠨ ᠰᠢᠯ ᠨᠢᠭᠤᠷ ᠲᠠᠢ ᠰᠢᠷ᠎ᠠ ᠠᠭᠠᠷᠤ ᠵᠢᠵᠢᠭ ᠬᠣᠷᠭᠣᠨ ᠳ᠋ᠠᠬᠢ ᠳᠣᠭᠰᠢᠨ ᠪᠠᠷᠰ ᠣᠴᠣᠢᠭᠰᠠᠨ ᠬᠡᠯᠪᠡᠷᠢᠲᠡᠢ ᠴᠣᠯ ᠮᠥᠩᠭᠥᠨ ᠲᠠᠮᠠᠭ᠎ᠠ② ᠤᠯᠠᠮ ᠴᠦ᠍ ᠰᠦᠷᠲᠡᠢ ᠬᠠᠷᠠᠭᠳᠠᠨ᠎ᠠ᠃ 
       — ᠵᠠ ᠪᠣᠯᠵᠢ ᠳᠠ᠂ ᠵᠠᠰᠠᠭ ᠲᠠᠮᠠᠭ᠎ᠠ ᠮᠢᠨᠢ ᠵᠥᠩᠳᠡᠭᠡᠨ ᠠᠮᠤᠭᠤᠯᠠᠩ ᠪᠠᠢᠨ᠎ᠠ ᠬᠦ᠂ ᠡᠨᠡ ᠰᠠᠮᠠᠭᠤᠨ ᠳᠡᠭᠳᠡᠭᠰᠡᠨ ᠲᠡᠢᠨ ᠦ᠌ ᠴᠠᠭ ᠲᠤ ᠵᠠᠰᠠᠭ ᠲᠠᠮᠠᠭ᠎ᠠ ᠪᠠᠨ ᠨᠢᠭᠡ ᠡᠳᠦᠷ ᠴᠦ᠍ ᠭᠡᠰᠡᠨ ᠠᠮᠤᠷ ᠲᠠᠢᠪᠤᠩ ᠠᠪᠴᠤ ᠠᠰᠠᠷᠠᠨ ᠳᠠᠬᠢᠳᠠᠭ ᠮᠢᠨᠢ ᠡᠳᠦᠷ ᠦ᠋ᠨ ᠵᠢᠷᠭᠠᠯ ᠲᠡᠷᠡ ᠠ᠋! ᠭᠡᠵᠦ ᠳᠦᠳᠦᠨᠡᠨ ᠲᠠᠮᠠᠭ᠎ᠠ ᠶ᠋ᠢᠨ ᠲᠠᠬᠢᠯ ᠤ᠋ᠨ ᠳᠣᠲᠣᠷ᠎ᠠ ᠥᠷᠥᠭᠡᠨ ᠡᠴᠡ ᠭᠠᠷᠴᠤ ᠶᠠᠪᠤᠪᠠ᠃ 
       ᠪᠠᠷᠠᠭᠰᠠᠨᠣᠷᠪᠤ ᠯᠠᠮᠠᠬᠠᠢ ᠡᠭᠦᠳᠡ ᠭᠠᠷᠤᠮᠠᠭᠴᠠ ᠭᠠᠳᠠᠨ᠎ᠠ ᠬᠤᠢᠯᠠᠷᠠᠭᠰᠠᠨ ᠰᠠᠯᠬᠢᠨ ᠳ᠋ᠤ᠌ ᠳᠠᠯᠳᠢᠷᠠᠨ《ᠰᠥᠨᠢᠵᠢᠨ ᠰᠠᠯᠬᠢᠯᠠᠭᠠᠳ ᠵᠣᠭᠰᠣᠳᠠᠭ ᠦᠭᠡᠢ ᠶᠠᠮᠠᠷ ᠬᠠᠮᠢᠭᠠᠰᠢ ᠪᠠᠨ ᠲᠩᠷᠢ ᠪᠣᠢ⁈》 ᠭᠡᠵᠦ ᠳᠡᠮᠡᠢ ᠠᠬᠠᠷᠴᠢᠯᠠᠨ ᠴᠠᠭᠠᠰᠢ ᠶᠠᠪᠤᠵᠤ ᠣᠴᠣᠢᠨ ᠰᠠᠭᠤᠵᠤ ᠰᠢᠩᠭᠡᠨ ᠮᠥᠷ ᠦᠵᠡᠴᠢᠬᠡᠭᠡᠳ ᠪᠣᠰᠬᠤ ᠳ᠋ᠤ᠌ ᠭᠡᠨᠡᠳᠲᠡ ᠮᠣᠷᠢᠨ ᠲᠦᠪᠡᠷᠭᠡᠨ ᠲᠠᠴᠢᠭᠢᠨᠠᠵᠤ ᠲᠡᠷᠲᠡᠭᠡ ᠵᠡᠭᠦᠨ ᠡᠮᠦᠨ᠎ᠡ ᠡᠴᠡ ᠠᠷᠪᠠ ᠬᠣᠷᠢᠨ ᠮᠣᠷᠢᠲᠠᠨ ᠳᠠᠪᠬᠢᠭᠤᠯᠵᠤ ᠠᠢᠰᠤᠢ ᠬᠠᠷᠠᠭᠳᠠᠭᠰᠠᠨ ᠳ᠋ᠤ᠌ ᠪᠠᠯᠠᠳᠠᠵᠤ᠄ 
       — ᠵᠠ᠂ ᠡᠨᠡ ᠴᠦ᠍ ᠨᠢᠭᠡ ᠶᠠᠭᠤᠮ᠎ᠠ ᠪᠣᠯᠬᠤ ᠨᠢ ᠳᠡ᠂ ᠶᠠᠭᠤᠨ ᠤ᠋ ᠮᠣᠷᠢᠲᠠᠳ ᠢᠩᠭᠢᠵᠦ ᠬᠠᠷ᠎ᠠ ᠥᠷᠯᠥᠭᠡᠭᠦᠷ ᠰᠦᠮ᠎ᠡ ᠳ᠋ᠦ᠍ ᠳᠠᠪᠬᠢᠵᠤ ᠢᠷᠡᠳᠡᠭ ᠪᠢᠯᠡ! ᠭᠡᠵᠦ ᠲᠠᠮᠠᠭ᠎ᠠ ᠶ᠋ᠢᠨ ᠮᠠᠨᠠᠭ᠎ᠠ ᠬᠣᠨᠣᠳᠠᠭ ᠪᠤᠷᠤᠭᠤ ᠬᠠᠨᠳᠤᠭᠰᠠᠨ ᠭᠡᠷ ᠦ᠋ᠨ ᠡᠭᠦᠳᠡ ᠶ᠋ᠢ ᠫᠦᠯᠲᠤ ᠲᠠᠯᠪᠢᠨ ᠣᠷᠣᠵᠤ ᠣᠴᠢᠪᠠᠯ᠂ ᠲᠠᠮᠠᠭ᠎ᠠ ᠶ᠋ᠢᠨ ᠬᠣᠶᠠᠷ ᠮᠠᠨᠠᠭᠠᠨ ᠤ᠋ ᠴᠡᠷᠢᠭ ᠣᠷᠣᠨ ᠳᠣᠲᠣᠷ᠎ᠠ ᠪᠠᠨ ᠬᠠᠷ᠎ᠠ ᠲᠠᠮᠠᠬᠢ ᠴᠣᠷᠭᠢᠭᠤᠯᠵᠤ ᠬᠡᠪᠲᠡᠨ᠎ᠡ᠃ 
       — ᠬᠥᠰᠢ᠂ ᠪᠣᠰᠤᠭᠠᠴᠢ ᠲᠠ ᠬᠣᠶᠠᠷ! ᠶᠠᠭᠤᠨ ᠤ᠋ ᠤᠯᠤᠰ ᠶᠤᠮ ᠪᠣᠯ? ᠴᠠᠭᠠᠲᠠᠢ ᠴᠢᠨᠢ ᠪᠠᠬᠠᠨ ᠮᠣᠷᠢᠲᠠᠳ ᠰᠦᠮ᠎ᠡ ᠤᠷᠤᠭᠤ ᠳᠠᠪᠬᠢᠵᠤ ᠠᠢᠰᠤᠢ ᠭᠡᠵᠦ ᠪᠠᠷᠠᠭᠰᠠᠨᠣᠷᠪᠤ ᠯᠠᠮᠠᠬᠠᠢ ᠠᠶᠤᠨ ᠴᠣᠴᠢᠨ ᠨᠢᠭᠡ ᠶᠠᠭᠤᠮ᠎ᠠ ᠶᠠᠷᠢᠬᠤ ᠳ᠋ᠤ᠌ ᠥᠨᠥᠬᠢ ᠬᠣᠶᠠᠷ ᠮᠠᠨᠠᠭᠠᠨ ᠤ᠋ ᠴᠡᠷᠢᠭ ᠬᠠᠷ᠎ᠠ ᠲᠠᠮᠠᠬᠢᠨ ᠳ᠋ᠤ᠌ ᠰᠢᠨᠤᠭ ᠠᠯᠳᠠᠵᠤ ᠯᠠᠮᠠᠬᠠᠢ ᠶ᠋ᠢᠨ ᠦᠭᠡ ᠶ᠋ᠢ ᠳᠡᠮᠡᠢ ᠶᠠᠭᠤᠮ᠎ᠠ ᠪᠣᠯᠭᠠᠭᠰᠠᠨ ᠦᠭᠡᠢ᠃ 
       — ᠦᠭᠡᠢ ᠠ᠋᠂ ᠲᠠ ᠬᠣᠶᠠᠷ ᠴᠢᠨᠢ ᠵᠠᠰᠠᠭ ᠲᠠᠮᠠᠭ᠎ᠠ ᠶ᠋ᠢ ᠰᠠᠬᠢᠵᠤ ᠬᠠᠮᠠᠭᠠᠯᠠᠳᠠᠭ ᠵᠢᠰᠢᠶᠠᠨ ᠳ᠋ᠤ᠌ ᠰᠠᠭᠤᠭᠰᠠᠨ ᠬᠥᠮᠦᠨ ᠪᠢᠰᠢ ᠪᠢᠯᠡ ᠤᠤ? ᠬᠠᠷ᠎ᠠ ᠨᠢᠳᠦ ᠪᠡᠨ ᠨᠡᠭᠡᠭᠡᠭᠰᠡᠭᠡᠷ ᠬᠠᠷ᠎ᠠ ᠲᠠᠮᠠᠬᠢ᠂ ᠬᠠᠷ᠎ᠠ ᠲᠠᠮᠠᠬᠢ ᠭᠡᠳ ᠦᠬᠦᠯᠳᠦᠳᠡᠭ ᠶᠠᠭᠠᠬᠢᠭᠰᠠᠨ ᠬᠠᠴᠢᠨ ᠤᠯᠤᠰ ᠭᠡᠭᠴᠢ ᠪᠣᠢ⁈ ᠭᠡᠳ ᠲᠡᠨᠳᠡ ᠡᠴᠡ ᠭᠠᠷᠴᠤ ᠰᠠᠨᠳᠤᠷᠤᠨ ᠭᠦᠷᠳᠠᠮᠴᠢ ᠯᠠᠮᠠᠬᠠᠢ ᠶ᠋ᠢᠨ ᠡᠭᠦᠳᠡᠨ ᠳ᠋ᠦ᠍ ᠬᠦᠷᠪᠡᠯ ᠢᠬᠡᠷ᠎ᠡ ᠪᠠᠨᠰᠠᠨ ᠬᠠᠭᠠᠯᠭ᠎ᠠ ᠨᠢ ᠳᠠᠪᠬᠤᠷ ᠭᠢᠨᠵᠢ ᠲᠡᠢ ᠲᠠᠩᠭᠤᠳ ᠬᠠᠷ᠎ᠠ ᠴᠠᠭᠤᠷᠭ᠎ᠠ③ ᠪᠠᠷ ᠲᠠᠭ ᠤᠨᠢᠰᠤᠯᠠᠭᠲᠠᠭᠰᠠᠨ ᠪᠠᠢᠪᠠ᠃ ᠪᠠᠷᠠᠭᠰᠨᠤᠷᠪᠤ ᠯᠠᠮᠠᠬᠠᠢ ᠰᠠᠨᠠᠭᠠᠨ ᠳ᠋ᠠᠭᠠᠨ ᠭᠦᠷᠳᠠᠮᠴᠢ ᠯᠠᠮᠠᠬᠠᠢ ᠶ᠋ᠢ ᠳᠠᠭᠤᠳᠠᠵᠤ ᠵᠠᠰᠠᠭ ᠲᠠᠮᠠᠭᠠᠨ ᠳ᠋ᠤ᠌ ᠭᠬᠢᠷ ᠬᠠᠯᠳᠠᠭᠠᠬᠤ ᠪᠣᠯᠤᠮᠵᠢ ᠶ᠋ᠢᠨ ᠡᠨᠡ ᠬᠦ᠌ ᠢᠷᠡᠵᠦ ᠶᠠᠪᠤᠭ᠎ᠠ ᠢᠯᠡ ᠳᠡᠭᠡᠷᠡᠮ ᠲᠤᠨᠤᠭ᠎ᠠ ᠪᠤᠶᠤ ᠳᠠᠯᠳᠠ ᠶ᠋ᠢᠨ ᠮᠠᠭᠤ ᠠᠳᠠ ᠴᠢᠳᠬᠥᠷ ᠢ᠋ ᠳᠠᠭᠠᠭᠤᠯᠤᠭᠰᠠᠨ ᠭᠠᠢ ᠶ᠋ᠢ ᠵᠠᠢᠯᠠᠭᠤᠯᠬᠤ ᠠᠷᠭ᠎ᠠ ᠤᠬᠠᠭᠠᠨ ᠭᠠᠷᠭᠠᠨ ᠬᠦᠷᠲᠡᠮ ᠲᠠᠷᠨᠢ ᠪᠠᠭᠤᠯᠭᠠᠵᠤ ᠥᠭᠳᠡᠭ ᠶᠦᠮ ᠪᠢᠯᠡ ᠤᠤ? ᠭᠡᠰᠡᠨ ᠨᠢ ᠬᠣᠭᠣᠰᠣᠳᠠᠵᠤ ᠬᠠᠷ᠎ᠠ ᠴᠠᠭᠤᠷᠭ᠎ᠠ ᠮᠥᠷᠭᠥᠭᠰᠡᠨ ᠳ᠋ᠡᠭᠡᠨ《 ᠢᠰᠢ ᠪᠤᠷᠬᠠᠨ ᠮᠢᠨᠢ᠂ ᠭᠦᠷᠳᠡᠮᠴᠢ ᠯᠠᠮᠠᠬᠠᠢ ᠬᠠᠷᠠᠩᠭᠤᠢ ᠰᠥᠨᠢ ᠪᠡᠷ ᠪᠠᠰᠠ ᠬᠠᠮᠢᠭᠠᠭᠤᠷ ᠭᠦᠷᠲᠡᠮ ᠭᠣᠷᠢᠮ ᠪᠠᠭᠤᠯᠭᠠᠬᠤ ᠪᠠᠷ ᠶᠠᠪᠤᠪᠠ? ᠥᠴᠥᠭᠡᠳᠦᠷ ᠣᠷᠣᠢ ᠳ᠋ᠧᠩ ᠠᠰᠠᠬᠤ ᠳ᠋ᠤ᠌ ᠬᠦᠷᠲᠡᠯ᠎ᠡ ᠪᠠᠢᠭᠰᠠᠨ ᠶᠤᠮ ᠳᠠ! ᠠ ᠢᠯᠡᠢ᠁》 ᠭᠡᠵᠦ ᠤᠷᠮ᠎ᠠ ᠦᠭᠡᠢ ᠰᠠᠨᠠᠭ᠎ᠠ ᠠᠯᠳᠠᠪᠠ᠃ 
       ᠪᠠᠭ᠎ᠠ ᠬᠠᠲᠤᠨ ᠰᠢᠷ᠎ᠠ ᠴᠡᠷᠢᠭ ᠡᠴᠡ ᠰᠦᠷᠳᠡᠨ ᠪᠤᠷᠤᠭᠤᠯᠠᠵᠤ ᠪᠠᠷᠠᠭᠤᠰᠢ ᠬᠠᠷ᠎ᠠ ᠴᠡᠷᠢᠭ ᠦ᠋ᠨ ᠸᠠᠩ ᠰᠣᠬᠣᠷ ᠢ᠋ ᠨᠥᠮᠥᠷᠢᠳᠡᠬᠦ ᠪᠡᠷ ᠶᠠᠪᠤᠬᠤ ᠳ᠋ᠠᠭᠠᠨ ᠴᠣᠯ ᠮᠥᠩᠭᠥᠨ ᠵᠠᠰᠠᠭ ᠲᠠᠮᠠᠭ᠎ᠠ ᠪᠠᠨ ᠰᠤᠪᠤᠷᠭ᠎ᠠ ᠶ᠋ᠢᠨ ᠰᠦᠮ᠎ᠡ ᠶ᠋ᠢ ᠰᠣᠩᠭᠣᠵᠤ ᠬᠠᠳᠠᠭᠠᠯᠠᠭᠤᠯᠤᠨ ᠳᠠᠬᠢᠳᠠᠭ ᠨᠢ ᠴᠠᠭᠠᠨ᠎ᠠ ᠪᠠᠨ ᠤᠴᠢᠷ ᠲᠠᠢ᠃ ᠲᠡᠷᠡ ᠨᠢ ᠰᠤᠪᠤᠷᠭ᠎ᠠ ᠶ᠋ᠢᠨ ᠰᠦᠮ᠎ᠡ ᠨᠢ ᠬᠥᠮᠦᠨ ᠠᠮᠢᠲᠠᠨ ᠤ᠋ ᠬᠥᠯ ᠡᠴᠡ ᠪᠣᠢᠳᠠ ᠵᠠᠢᠰ ᠪᠠ ᠭᠣᠣᠯᠴᠢ ᠨᠣᠮᠣᠬᠠᠨ ᠨᠢᠮᠪᠠᠢ ᠵᠠᠩ ᠲᠠᠢ ᠪᠠᠷᠠᠭᠰᠨᠤᠷᠪᠤ ᠯᠠᠮᠠᠬᠠᠢ ᠳ᠋ᠤ᠌ ᠨᠢᠭᠡ ᠶᠠᠭᠤᠮ᠎ᠠ ᠳᠠᠭᠠᠭᠠᠯᠭᠠᠴᠢᠬᠠᠬᠤ ᠳ᠋ᠤ᠌ ᠲᠦᠰᠢᠭ ᠲᠡᠢ᠃ ᠤᠯᠠᠮ ᠴᠦ᠍ ᠭᠦᠷᠳᠡᠮᠴᠢ ᠯᠠᠮᠠᠬᠠᠢ ᠳ᠋ᠤ᠌ ᠪᠠᠷᠤᠭ ᠤ᠋ᠨ ᠮᠠᠭᠤ ᠮᠠᠭᠤᠬᠠᠢ ᠠᠳᠠ ᠴᠢᠳᠬᠥᠷ ᠬᠠᠯᠳᠠᠳᠠᠭ ᠦᠭᠡᠢ ᠶ᠋ᠢᠨ ᠤᠴᠢᠷ ᠶᠤᠮ ᠪᠤᠶᠤ᠃ 
       ᠪᠠᠷᠠᠭᠰᠨᠤᠷᠪᠤ ᠯᠠᠮᠠᠬᠠᠢ ᠶ᠋ᠢ ᠭᠠᠷᠴᠤ ᠶᠠᠪᠤᠭᠰᠠᠨ ᠬᠣᠢᠭᠤᠷ ᠥᠨᠥᠬᠢ ᠬᠣᠶᠠᠷ ᠤ᠋ᠨ ᠨᠢᠭᠡ ᠨᠢ ᠪᠣᠰᠴᠤ ᠠ᠂ ᠶᠣᠬᠣ! ᠭᠡᠵᠦ ᠡᠪᠰᠢᠶᠡᠯᠭᠡᠨ ᠰᠤᠨᠢᠶᠠᠯᠭᠠᠬᠤ ᠳ᠋ᠤ᠌ ᠨᠢᠯᠪᠤᠰᠤᠲᠤᠭᠰᠠᠨ ᠨᠢᠳᠦᠨ ᠳ᠋ᠦ᠍ᠨᠢ ᠬᠣᠶᠠᠷ ᠬᠥᠮᠦᠨ ᠪᠥᠷᠲᠥᠯᠵᠡᠵᠦ ᠦᠵᠡᠭᠳᠡᠬᠦ ᠰᠢᠭ ᠪᠣᠯᠪᠠ᠃ ᠠᠯᠢ ᠵᠠᠪ ᠲᠤᠨᠢ ᠭᠡᠷ ᠲᠦ᠍ ᠬᠥᠮᠦᠨ ᠣᠷᠣᠵᠤ ᠢᠷᠡᠭᠰᠡᠨ ᠢ᠋ ᠲᠡᠳᠡ ᠮᠡᠳᠡᠭᠰᠡᠨ ᠦᠭᠡᠢ᠂ ᠨᠢᠭᠡ ᠮᠡᠳᠡᠬᠦ ᠳ᠋ᠦ᠍ ᠬᠡᠳᠦ ᠬᠡᠳᠦᠨ ᠫᠤᠤ ᠭᠣᠵᠣᠯᠵᠠᠭᠤᠯᠤᠭᠰᠠᠨ ᠴᠡᠷᠢᠭ ᠡᠮᠦᠨ᠎ᠡ ᠨᠢ ᠲᠤᠯᠵᠤ ᠵᠣᠭᠰᠣᠭᠰᠠᠨ ᠪᠠᠢᠪᠠ᠃ ᠨᠢᠭᠡ ᠯᠡ ᠶᠡᠬᠡ ᠰᠤᠨᠢᠶᠠᠯᠭᠠᠨ ᠡᠪᠰᠢᠶᠡᠭᠰᠡᠨ ᠨᠢᠭᠡ ᠨᠢ ᠪᠠᠯᠠᠳᠠᠨ ᠰᠠᠨᠳᠤᠷᠴᠤ ᠬᠡᠷᠡᠮ ᠳ᠋ᠦ᠍ ᠡᠯᠭᠦᠭᠡᠰᠦᠲᠡᠢ ᠲᠦᠷᠭᠡᠨ ᠫᠤᠤ ᠪᠠᠨ ᠰᠢᠭᠦᠷᠡᠬᠦ ᠭᠡᠵᠦ ᠥᠨᠳᠡᠢᠭᠰᠡᠨ ᠳ᠋ᠦ᠍ ᠭᠡᠷ ᠲᠦ᠍ ᠣᠷᠣᠵᠤ ᠢᠷᠡᠭᠰᠡᠨ ᠴᠡᠷᠢᠭ ᠬᠥᠮᠦᠰ ᠦ᠋ᠨ ᠲᠦᠷᠦᠭᠦᠦ ᠨᠢ ᠪᠣᠯᠤᠯᠲᠠᠢ ᠨᠢᠭᠡ ᠪᠠᠷᠵᠠᠭᠠᠷ ᠴᠢᠷᠠᠢ ᠲᠠᠢ ᠰᠢᠷᠦᠭᠦᠨ ᠬᠠᠷ᠎ᠠ ᠡᠷ᠎ᠡ᠄ 
       — ᠪᠢᠲᠡᠭᠡᠢ ᠬᠥᠳᠡᠯ! ᠰᠦᠮ᠎ᠡ ᠬᠡᠢᠳ ᠦ᠋ᠨ ᠭᠠᠵᠠᠷ ᠫᠤᠤ ᠵᠡᠪᠰᠡᠭ ᠬᠥᠳᠡᠯᠭᠡᠬᠦ ᠨᠢ ᠤᠤ? ᠭᠡᠰᠡᠨ ᠳᠠᠭᠤᠨ ᠳ᠋ᠤ᠌ ᠲᠡᠷᠡ ᠡᠷ᠎ᠡ ᠶ᠋ᠢᠨ ᠬᠡᠷᠡᠮ ᠥᠭᠡᠳᠡ ᠰᠠᠷᠪᠠᠢᠭᠰᠠᠨ ᠭᠠᠷ ᠨᠢ ᠰᠢᠷᠪᠥᠰᠥ ᠨᠢ ᠲᠠᠰᠤᠷᠠᠭᠰᠠᠨ ᠶᠤᠮ ᠰᠢᠭ᠋ ᠳᠣᠷᠣᠭᠰᠢ ᠤᠨᠵᠢᠢᠪᠠ᠃ 
       ᠤᠨᠵᠢᠢᠭᠰᠠᠨ ᠭᠠᠷ ᠢ᠋ᠶ᠋ᠠᠨ ᠬᠠᠮᠢᠭ᠎ᠠ ᠲᠠᠯᠪᠢᠬᠤ ᠪᠠᠨ ᠣᠯᠬᠤ ᠦᠭᠡᠢ ᠠᠶᠤᠨ ᠪᠥᠮᠪᠥᠭᠡᠨᠡᠭᠰᠡᠨ ᠲᠡᠷᠡ ᠡᠷ᠎ᠡ ᠡᠨᠡ ᠬᠦ᠌ ᠪᠠᠷᠵᠠᠭᠠᠷ ᠰᠢᠷᠦᠭᠦᠨ ᠬᠠᠷ᠎ᠠ ᠡᠷ᠎ᠡ ᠶ᠋ᠢᠨ ᠥᠭᠡᠳᠡ ᠡᠴᠡ ᠠᠰ ᠬᠠᠷᠠᠵᠤ ᠴᠢᠳᠠᠬᠤ ᠦᠭᠡᠢ ᠳᠣᠲᠣᠷ᠎ᠠ ᠪᠠᠨ《ᠯᠠᠮᠠ ᠭᠤᠷᠪᠠᠨ ᠡᠷᠳᠡᠨᠢ ᠠ᠋! ᠡᠨᠡ ᠰᠠᠢᠨ ᠡᠷ᠎ᠡ ᠴᠢᠨᠢ ᠸᠴᠢᠷᠪᠠᠲᠤ ᠭᠤᠸᠠᠢ ᠪᠠᠢᠨ᠎ᠠ ᠰᠢᠳᠡ᠃ ᠡᠭᠦᠨ ᠦ᠌ ᠡᠮᠦᠨ᠎ᠡ ᠡᠴᠡ ᠨᠣᠮᠣᠬᠠᠷᠠᠬᠤ ᠦᠭᠡᠢ ᠬᠢᠯᠭᠠᠰᠤᠨ ᠲᠡᠳᠦᠢ ᠵᠥᠷᠢᠬᠦ ᠶᠦᠮ ᠪᠣᠯ ᠴᠤ᠌ ᠪᠠᠯᠢᠩ ᠲᠠᠬᠢᠯ ᠢ᠋ᠶ᠋ᠠᠨ ᠬᠤᠷᠢᠶᠠᠨ᠎ᠠ ᠭᠡᠰᠡᠨ ᠦᠭᠡ! ᠪᠠᠢᠰᠢᠩ ᠤ᠋ᠨ ᠰᠠᠷᠠᠪᠴᠢᠨ ᠤ᠋ ᠣᠨᠢᠨ ᠤ᠋ ᠲᠣᠯᠣᠭᠠᠢ ᠶ᠋ᠢ ᠠᠯᠢ ᠶ᠋ᠢ ᠨᠢ ᠵᠢᠭᠠᠪᠠᠯ ᠲᠡᠷᠡ ᠶ᠋ᠢ ᠨᠢ ᠠᠨᠳᠠᠬᠤ ᠦᠭᠡᠢ ᠫᠤᠤᠳᠠᠳᠠᠭ ᠡᠷ᠎ᠡ ᠶ᠋ᠢ ᠬᠡᠨ ᠮᠡᠳᠡᠬᠦ ᠦᠭᠡᠢ᠂ ᠬᠡᠨ ᠠᠶᠤᠬᠤ ᠦᠭᠡᠢ ᠪᠣᠢ⁈ ᠵᠠ᠂ ᠲᠡᠭᠡᠵᠦ ᠴᠦ᠍ ᠦᠬᠦᠯ ᠢ᠋ᠶ᠋ᠡᠨ ᠡᠷᠢᠬᠦ ᠪᠡᠨ ᠪᠣᠯᠢᠶ᠎ᠠ! ᠡᠨᠡ ᠰᠢᠷᠦᠭᠦᠨ ᠬᠠᠷ᠎ᠠ ᠶ᠋ᠢᠨ ᠡᠮᠦᠨ᠎ᠡ ᠨᠣᠮᠣᠬᠠᠨ ᠯᠠ ᠪᠠᠢᠵᠤ ᠮᠡᠳᠡᠶ᠎ᠡ᠃ ᠶᠠᠭᠠᠬᠢ ᠭᠡᠪᠡᠯ ᠶᠠᠭᠠᠬᠢᠵᠤ ᠥᠭᠭᠦᠶ᠎ᠡ! ᠠᠮᠢ ᠲᠠᠢ ᠯᠠ ᠭᠠᠷᠪᠠᠯ ᠵᠠ ᠶᠠᠭᠠᠬᠢᠪᠠᠯ ᠶᠠᠭᠠᠬᠢᠭ ᠴᠠᠭᠠᠰᠢ! ᠢᠰᠢ᠂ ᠪᠦᠦ ᠦᠵᠡᠭᠳᠡ!》 ᠭᠡᠵᠦ ᠪᠣᠳᠣᠬᠤ ᠳ᠋ᠤ᠌ ᠡᠪᠦᠳᠦᠭ ᠨᠢ ᠴᠡᠴᠡᠷᠡᠨ᠄ 
       — ᠵᠠ᠁ ᠲᠠ᠁ ᠶᠠᠭᠤ? ᠶᠠᠮᠠᠷ᠁ ᠭᠡᠵᠦ ᠴᠣᠯᠴᠢᠷᠠᠨ ᠪᠠᠢᠯ᠎ᠠ᠃ 
       — ᠵᠠᠰᠠᠭ ᠲᠠᠮᠠᠭ᠎ᠠ ᠬᠠᠮᠢᠭ᠎ᠠ ᠪᠣᠢ? 
       — ᠵᠠᠰᠠᠭ ᠲᠠᠮᠠᠭ᠎ᠠ᠁᠃ ᠵᠠᠰᠠᠭ ᠲᠠᠮᠠᠭ᠎ᠠ ᠪᠠᠷᠠᠭᠰᠨᠤᠷᠪᠤ ᠯᠠᠮᠠᠬᠠᠢ ᠶ᠋ᠢᠨ ᠳᠣᠲᠣᠷ᠎ᠠ ᠭᠡᠷ ᠲᠦ᠍᠁ 
       ᠸᠴᠢᠷᠪᠠᠲᠤ ᠳᠠᠭᠠᠯᠳᠤᠭᠰᠠᠨ ᠴᠡᠷᠢᠭ ᠲᠡᠭᠡᠨ《ᠡᠳᠡᠨᠥᠰ ᠦ᠋ᠨ ᠫᠤᠤ ᠰᠤᠮᠤ ᠶ᠋ᠢ ᠬᠤᠷᠢᠶᠠᠵᠤ ᠴᠠᠭᠠᠰᠢ ᠶᠠᠪᠤᠭᠤᠯ!》 ᠭᠡᠰᠡᠨ ᠪᠢᠲᠡᠭᠦᠦ ᠳᠣᠬᠢᠶ᠎ᠠ ᠥᠭᠴᠦ ᠲᠡᠨᠳᠡ ᠡᠴᠡ ᠭᠠᠷᠪᠠ᠃ 
       ᠪᠠᠷᠠᠭᠰᠨᠤᠷᠪᠤ ᠯᠠᠮᠠᠬᠠᠢ ᠮᠠᠨᠠᠭᠠᠨ ᠤ᠋ ᠬᠣᠶᠠᠷ ᠴᠡᠷᠢᠭ ᠢ᠋《ᠬᠤᠷᠳᠤᠨ ᠪᠣᠰ》 ᠭᠡᠵᠦ ᠳᠠᠭᠤᠳᠠᠵᠤ ᠳᠣᠬᠢᠶ᠎ᠠ ᠦᠭᠴᠢᠬᠡᠭᠡᠳ ᠲᠠᠮᠠᠭ᠎ᠠ ᠶ᠋ᠢᠨ ᠲᠠᠬᠢᠯᠭ᠎ᠠ ᠶ᠋ᠢᠨ ᠥᠷᠥᠭᠡᠨ ᠳ᠋ᠦ᠍ ᠣᠷᠣᠵᠤ ᠣᠴᠢᠭᠠᠳ ᠪᠤᠷᠬᠠᠨ ᠤ᠋ ᠪᠠᠨ ᠡᠮᠦᠨ᠎ᠡ ᠰᠥᠭᠥᠳᠴᠦ《ᠪᠤᠷᠬᠠᠨ ᠲᠩᠷᠢ ᠮᠢᠨᠢ ᠥᠷᠥᠰᠢᠶᠡᠵᠦ ᠬᠠᠢᠷᠠᠯᠠ! ᠡᠨᠡ ᠤᠯᠤᠰ ᠤ᠋ᠳ ᠴᠣᠬᠣᠮ ᠶᠠᠭᠤᠨ ᠤ᠋ ᠬᠥᠮᠦᠨ ᠶᠦᠮ ᠪᠣᠯ? ᠪᠤᠷᠬᠠᠨ᠂ ᠲᠠᠮᠠᠭ᠎ᠠ᠂ ᠠᠮᠢ ᠭᠤᠷᠪᠠ ᠶ᠋ᠢ ᠮᠢᠨᠢ ᠬᠥᠨᠳᠡᠬᠦ ᠦᠭᠡᠢ ᠪᠣᠯ ᠵᠠ ᠶᠠᠭᠠᠬᠢᠪᠠᠯ ᠶᠠᠭᠠᠬᠢᠭ ᠴᠠᠭᠠᠰᠢ! ᠠ᠂ ᠭᠣᠩᠴᠤᠭᠰᠤᠮ》 ᠭᠡᠵᠦ ᠵᠠᠯᠪᠠᠷᠢᠨ ᠮᠥᠷᠭᠥᠨ᠎ᠡ᠃ ᠲᠡᠷᠡ ᠮᠣᠷᠢᠲᠠᠳ ᠰᠦᠮ᠎ᠡ ᠬᠦᠷᠢᠶᠡᠨ ᠳ᠋ᠦ᠍ ᠣᠷᠣᠵᠤ ᠢᠷᠡᠪᠡ ᠪᠣᠯᠤᠯᠲᠠᠢ᠂ ᠬᠠᠲᠠᠭᠤ ᠰᠢᠷᠢᠨ ᠤᠯᠠ ᠲᠠᠢ ᠰᠡᠪᠬᠢᠨ ᠭᠤᠲᠤᠯ ᠤ᠋ᠨ ᠲᠣᠭᠣᠰᠬᠠᠨ ᠱᠠᠯᠠ ᠳᠡᠭᠡᠭᠦᠷ ᠲᠢᠱ ᠲᠠᠱ ᠠᠯᠬᠤᠬᠤ ᠴᠢᠮᠡᠭᠡ ᠶᠠᠭ ᠯᠠ ᠲᠡᠭᠦᠨ ᠦ᠌ ᠦᠩᠬᠦᠯᠴᠡᠭ ᠳᠡᠭᠡᠭᠦᠷ ᠭᠢᠰᠬᠢᠯᠡᠬᠦ ᠮᠡᠲᠦ ᠠᠮᠢᠰᠬᠤᠬ᠎ᠠ ᠳᠠᠪᠬᠤᠴᠠᠭᠤᠯᠤᠨ᠎ᠠ᠁ 
       ᠪᠠᠷᠠᠭᠰᠨᠤᠷᠪᠤ ᠯᠠᠮᠠᠬᠠᠢ ᠰᠢᠯ ᠨᠢᠭᠤᠷ ᠲᠠᠢ ᠰᠢᠷ᠎ᠠ ᠠᠭᠠᠷᠤᠨ ᠵᠢᠵᠢᠭ ᠬᠣᠷᠭᠣᠯ ᠠ᠋ᠴᠠ ᠵᠠᠰᠠᠭ ᠲᠠᠮᠠᠭ᠎ᠠ ᠶ᠋ᠢ ᠬᠢᠴᠢᠶᠡᠩᠭᠦᠢ ᠭᠠᠷᠭᠠᠵᠤ ᠴᠡᠩᠬᠡᠷ ᠬᠠᠳᠠᠭ ᠢ᠋ᠶ᠋ᠠᠷ ᠳᠠᠪᠬᠤᠷ ᠳᠠᠪᠬᠤᠷ ᠨᠢᠮᠪᠠᠢ ᠪᠠᠭᠯᠠᠵᠤ《ᠮᠤᠨᠠ ᠠᠭᠤᠯᠠ ᠶ᠋ᠢᠨ ᠬᠠᠳᠠᠨ ᠬᠣᠩᠭᠢᠯ ᠳ᠋ᠤ᠌ ᠨᠢᠭᠤᠵᠤ ᠲᠠᠯᠪᠢᠶ᠎ᠠ》 ᠭᠡᠵᠦ ᠥᠪᠡᠷ ᠢ᠋ᠶ᠋ᠡᠨ ᠴᠦ᠍ ᠦᠯᠦ ᠰᠣᠨᠣᠰᠳᠠᠮ᠎ᠠ ᠳᠦᠳᠦᠨᠡᠵᠦ ᠵᠠᠰᠠᠭ ᠲᠠᠮᠠᠭ᠎ᠠ ᠪᠠᠨ ᠡᠪᠦᠷᠲᠦᠯᠡᠶ᠎ᠡ ᠭᠡᠲᠡᠯ᠎ᠡ ᠳᠣᠲᠣᠷ᠎ᠠ ᠥᠷᠥᠭᠡᠨ ᠦ᠌ ᠡᠭᠦᠳᠡ ᠵᠢᠷᠳ᠋ ᠬᠢᠨ ᠨᠡᠭᠡᠭᠡᠭᠳᠡᠵᠦ᠄ 
       — ᠪᠠᠷᠠᠭᠰᠨᠤᠷᠪᠤ ᠭᠤᠸᠠᠢ ᠠ᠋᠂ ᠰᠠᠢᠨ ᠪᠠᠢᠨ᠎ᠠ ᠤᠤ? ᠪᠤᠷᠬᠠᠨ ᠳ᠋ᠠᠭᠠᠨ ᠵᠤᠯᠠ ᠡᠷᠭᠦᠵᠦ ᠪᠠᠢᠨ᠎ᠠ ᠤᠤ ᠲᠠ! ᠭᠡᠰᠡᠨ ᠳ᠋ᠦ᠍ ᠲᠡᠷᠡ ᠰᠣᠴᠢᠵᠤ᠄ 
       — ᠠ!᠁ ᠲᠡᠢᠮᠦ᠂ ᠲᠡᠢᠮᠦ! ᠰᠠᠢᠨ᠂ ᠰᠠᠢᠨ᠁ ᠲᠠᠨᠤᠰ ᠰᠠᠢᠨ ᠶᠠᠪᠤᠵᠠᠭᠠᠵᠤ ᠪᠠᠢᠨ᠎ᠠ ᠤᠤ? ᠭᠡᠯ᠎ᠡ᠃ 
       — ᠡᠪᠦᠷ ᠤᠷᠤᠭᠤ ᠪᠠᠨ ᠶᠠᠭᠤ ᠴᠢᠬᠢᠵᠦ ᠪᠠᠢᠬᠤ ᠶᠤᠮ ᠪᠣᠢ? ᠭᠡᠵᠦ ᠵᠣᠳᠪᠡ ᠠᠰᠠᠭᠤᠭᠰᠠᠨ ᠳ᠋ᠤ᠌ ᠪᠠᠷᠠᠭᠰᠨᠤᠷᠪᠤ ᠯᠠᠮᠠᠬᠠᠢ ᠤᠯᠠᠮ ᠰᠠᠨᠳᠤᠷᠴᠤ᠄ 
       — ᠠ᠁ ᠪᠠᠢᠵᠠ! ᠵᠢᠭᠠᠬᠠᠨ ᠬᠦᠨᠡᠰᠦ ᠡᠪᠦᠷᠲᠦᠯᠡᠵᠦ ᠲᠦᠯᠡᠭᠡ ᠡᠭᠦᠷᠬᠦ ᠪᠡᠷ ᠶᠠᠪᠤᠬᠤ ᠶᠤᠮ ᠪᠠ ᠭᠡᠵᠦ ᠬᠠᠷᠢᠭᠤᠯᠤᠭᠰᠠᠨ ᠳ᠋ᠤ᠌ ᠵᠣᠳᠪᠡ᠄ 
       — ᠡᠢᠮᠦ ᠥᠨᠳᠥᠷ ᠨᠠᠰᠤᠲᠠᠢ ᠪᠠᠢᠲᠠᠯ᠎ᠠ ᠪᠠᠨ ᠥᠪᠡᠷ ᠢ᠋ᠶ᠋ᠡᠨ ᠲᠦᠯᠡᠭᠡ ᠮᠦᠯᠡᠭᠡ ᠡᠭᠦᠷᠦᠭᠡᠳ ᠶᠠᠭᠠᠬᠢᠬᠤ ᠭᠡᠰᠡᠨ ᠶᠦᠮ ᠪᠣᠢ? 
       — ᠠ᠁ ᠪᠠᠢᠵᠠ᠂ ᠪᠠᠢᠵᠠ! ᠬᠠᠶᠠ ᠬᠠᠶᠠ ᠠᠭᠤᠯᠠ ᠬᠠᠳᠠᠨ ᠳ᠋ᠤ᠌ ᠶᠠᠪᠤᠵᠤ ᠲᠦᠯᠡᠭᠡ ᠮᠣᠳᠣ ᠡᠭᠦᠷᠴᠦ ᠪᠠᠢᠪᠠᠯ ᠪᠡᠶ᠎ᠡ ᠳ᠋ᠦ᠍ ᠰᠠᠢᠨ! ᠬᠤᠶᠠᠩ ᠰᠢᠷ᠎ᠠ ᠤᠰᠤ ᠲᠠᠷᠬᠠᠵᠤ᠁ ᠭᠡᠵᠦ ᠬᠡᠯᠡᠬᠦ ᠶ᠋ᠢ ᠨᠢ ᠸᠴᠢᠷᠪᠠᠲᠤ ᠳᠤᠸᠠᠨᠵᠠᠩ ᠲᠠᠰᠤᠯᠵᠤ᠄ 
       — ᠪᠤᠷᠬᠠᠨ ᠰᠠᠭᠠᠲᠠᠭ᠎ᠠ ᠦᠭᠡᠢ ᠬᠣᠭᠣᠰᠣᠨ ᠬᠣᠷᠭᠣ ᠶ᠋ᠢ ᠠᠮᠢᠳᠤ ᠵᠤᠯᠠ ᠪᠠᠷ ᠳᠠᠬᠢᠳᠠᠭ ᠤᠤ? ᠭᠡᠯ᠎ᠡ᠃ 
       — ᠠ᠁ ᠪᠠᠢᠵᠠ᠂ ᠪᠠᠢᠵᠠ᠁ ᠲᠡᠷᠡ ᠤᠤ⁈ ᠭᠡᠵᠦ ᠪᠠᠷᠠᠭᠰᠨᠤᠷᠪᠤ ᠯᠠᠮᠠᠬᠠᠢ ᠠᠰᠠᠭᠰᠠᠨ ᠵᠤᠯᠠ ᠶ᠋ᠢ ᠫᠦᠳ᠋ ᠬᠢᠨ ᠦᠯᠢᠶᠡᠨ ᠤᠨᠲᠠᠷᠠᠭᠠᠵᠤ ᠸᠴᠢᠷᠪᠠᠲᠤ ᠶ᠋ᠢᠨ ᠡᠮᠦᠨ᠎ᠡ ᠡᠴᠡ ᠭᠥᠯᠢᠷᠡᠨ ᠬᠠᠷᠠᠵᠤ ᠴᠠᠭᠠᠰᠢ ᠶᠠᠭᠤ ᠴᠦ᠍ ᠳᠤᠤᠭᠠᠷᠴᠤ ᠴᠢᠳᠠᠭᠰᠠᠨ ᠦᠭᠡᠢ ᠪᠦᠬᠦ ᠪᠡᠶ᠎ᠡ ᠳ᠋ᠦ᠍ᠨᠢ ᠬᠦᠢᠲᠡᠨ ᠬᠥᠯᠥᠰᠥ ᠴᠢᠭᠢᠭᠯᠡᠪᠡ᠃ 
      《ᠡᠨᠡ ᠪᠠᠷᠵᠠᠭᠠᠷ ᠰᠢᠷᠦᠭᠦᠨ ᠡᠷ᠎ᠡ ᠶ᠋ᠢ ᠲᠡᠷᠰᠯᠡᠪᠡᠯ ᠴᠣᠬᠣᠮ ᠰᠠᠢᠨ ᠢ᠋ᠶ᠋ᠠᠨ ᠣᠯᠵᠤ ᠦᠵᠡᠬᠦ ᠦᠭᠡᠢ᠃ ᠵᠢᠭᠠᠬᠠᠨ ᠪᠠᠨᠳᠢ ᠪᠠᠢᠬᠤ ᠳ᠋ᠠᠭᠠᠨ ᠠᠪᠠᠭ᠎ᠠ ᠯᠠᠮᠵᠠᠢ ᠶ᠋ᠢᠨ ᠢ᠋ᠶ᠋ᠡᠨ ᠬᠠᠪᠢᠷᠭ᠎ᠠ ᠶ᠋ᠢ ᠬᠤᠭᠤ ᠢᠰᠬᠦᠯᠳᠡᠭ ᠪᠠᠢᠭᠰᠠᠨ ᠬᠣᠢᠨ᠎ᠠ ᠳᠠ! ᠲᠡᠭᠡᠬᠦ ᠡᠴᠡ ᠪᠠᠰᠠ ᠴᠡᠴᠡᠨ ᠫᠤᠤᠴᠢ ᠭᠡᠬᠦ ᠶ᠋ᠢ ᠨᠢ ᠶᠠᠷᠢᠬᠤ ᠤᠤ ᠳᠠ?<ᠪᠤᠷᠬᠠᠨ ᠰᠠᠭᠠᠳᠠᠭ᠎ᠠ ᠦᠭᠡᠢ ᠬᠣᠭᠣᠰᠣᠨ ᠬᠣᠷᠭᠣ ᠶ᠋ᠢ ᠠᠮᠢᠳᠤ ᠵᠤᠯᠠ ᠪᠠᠷ ᠳᠠᠬᠢᠳᠠᠭ ᠤᠤ?> ᠭᠡᠰᠡᠨ ᠨᠢ<ᠡᠨᠡ ᠬᠣᠷᠭᠣᠨ ᠳ᠋ᠠᠬᠢ ᠵᠠᠰᠠᠭ ᠲᠠᠮᠠᠭ᠎ᠠ ᠶᠠᠭᠠᠬᠢᠪᠠ? ᠨᠠᠭᠠᠰᠢ ᠠᠯᠢ!> ᠭᠡᠰᠡᠨ ᠦᠭᠡ ᠪᠢᠰᠢ ᠥᠭᠡᠷ᠎ᠡ ᠶᠠᠭᠤ ᠪᠣᠢ?》 ᠭᠡᠵᠦ ᠪᠣᠳᠣᠵᠤ ᠠᠮᠵᠢᠭᠰᠠᠨ ᠪᠠᠷᠠᠭᠰᠨᠤᠷᠪᠤ ᠮᠠᠩᠨᠠᠢ ᠳ᠋ᠤᠨᠢ ᠪᠤᠷᠵᠢᠢᠭᠰᠠᠨ ᠬᠥᠯᠥᠰᠥ ᠪᠡᠨ ᠵᠦᠯᠭᠦᠬᠦ ᠳ᠋ᠦ᠍ ᠭᠠᠷ ᠨᠢ ᠴᠡᠴᠡᠷᠡᠨ᠎ᠡ᠃ 
       — ᠵᠠ ᠶᠠᠭᠠᠬᠢᠬᠤ ᠪᠣᠢ! ᠪᠠᠷᠠᠭᠰᠨᠤᠷᠪᠤ ᠭᠤᠸᠠᠢ ᠲᠠ ᠥᠪᠡᠷ ᠢ᠋ᠶ᠋ᠡᠨ ᠴᠦ᠍ ᠤᠷᠠᠳ ᠢᠵᠠᠭᠤᠷ ᠲᠠᠢ ᠪᠠᠷᠠᠭᠤᠨ ᠬᠦᠩ ᠦ᠋ᠨ ᠬᠢ ᠰᠢᠲᠠ! ᠡᠭᠦᠨ ᠦ᠌ ᠬᠤᠪᠢ ᠳ᠋ᠤ᠌ ᠪᠠᠷᠠᠭᠤᠨ ᠬᠦᠩ ᠦ᠋ᠨ ᠵᠠᠰᠠᠭ ᠲᠠᠮᠠᠭ᠎ᠠ ᠶ᠋ᠢ ᠠᠰᠠᠷᠠᠨ ᠳᠠᠬᠢᠵᠤ ᠡᠩᠬᠡ ᠠᠮᠤᠭᠤᠯᠠᠩ ᠬᠠᠮᠠᠭᠠᠯᠠᠵᠤ ᠪᠠᠢᠭ᠎ᠠ ᠳ᠋ᠤ᠌ ᠭᠠᠪᠢᠶ᠎ᠠ ᠲᠣᠭᠠᠴᠢᠯᠲᠠᠢ ᠶᠤᠮ ᠠ᠋! ᠵᠠᠰᠠᠭ ᠲᠠᠮᠠᠭ᠎ᠠ ᠪᠠᠨ ᠭᠡᠵᠦ ᠬᠥᠮᠦᠨ ᠬᠠᠷ᠎ᠠ ᠠ᠋ᠴᠠ ᠨᠢᠭᠤᠨ ᠳᠠᠯᠳᠠᠯᠠᠵᠤ《ᠲᠦᠯᠡᠭᠡ ᠡᠭᠦᠷᠦᠨ᠎ᠡ》 ᠭᠡᠵᠦ ᠬᠤᠳᠠᠯ ᠬᠡᠯᠡᠭᠰᠡᠨ ᠢ᠋ ᠲᠠᠨᠢ ᠪᠢᠳᠡ ᠪᠤᠷᠤᠭᠤ ᠪᠠᠷ ᠦᠵᠡᠬᠦ ᠦᠭᠡᠢ᠃ ᠢᠩᠭᠢᠬᠦ ᠨᠢ ᠵᠥᠪ! ᠲᠡᠭᠡᠬᠦ ᠳ᠋ᠦ᠍ ᠥᠨᠥᠳᠥᠷ ᠪᠢᠳᠡ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠡᠮᠦᠨ᠎ᠡ ᠡᠴᠡ ᠡᠯᠳᠡᠩᠭᠡ ᠲᠤᠰᠠᠯᠠᠭᠴᠢ ᠶ᠋ᠢᠨ ᠵᠢᠭᠠᠪᠤᠷᠢ ᠪᠠᠷ ᠬᠦᠩ ᠦ᠋ᠨ《ᠵᠠᠰᠠᠭ ᠲᠠᠮᠠᠭ᠎ᠠ》 ᠶ᠋ᠢ ᠵᠠᠰᠠᠭ ᠶᠠᠮᠤᠨ ᠳ᠋ᠤ᠌ ᠵᠠᠯᠠᠬᠤ ᠪᠠᠷ ᠶᠠᠪᠤᠭ᠎ᠠ ᠨᠢ ᠡᠨᠡ! ᠭᠡᠵᠦ ᠵᠣᠳᠪᠡ ᠮᠡᠢᠷᠡᠨ ᠬᠡᠭ ᠭᠡᠭ ᠭᠡᠵᠦ ᠢᠨᠢᠶᠡᠨ ᠬᠡᠯᠡᠭᠰᠡᠨ ᠳ᠋ᠦ᠍ ᠪᠠᠷᠠᠭᠰᠨᠤᠷᠪᠤ ᠯᠠᠮᠠᠬᠠᠢ ᠶ᠋ᠢᠨ ᠴᠢᠷᠠᠢ ᠲᠡᠨᠢᠢᠬᠦ ᠰᠢᠭ ᠪᠣᠯᠵᠤ ᠳᠣᠲᠣᠷ᠎ᠠ ᠨᠢ ᠪᠠᠬᠠᠨ ᠲᠠᠯᠪᠢᠭᠤᠷᠠᠪᠠ᠃ ᠪᠠᠷᠠᠭᠰᠨᠤᠷᠪᠤ ᠯᠠᠮᠠᠬᠠᠢ ᠶᠢᠰᠦᠨ ᠵᠢᠩ ᠬᠦᠨᠳᠦ ᠵᠠᠰᠠᠭ ᠲᠠᠮᠠᠭ᠎ᠠ ᠡᠪᠦᠷᠲᠦᠯᠡᠭᠰᠡᠨ ᠡᠴᠡ ᠬᠦᠨᠳᠦᠳᠡᠭᠰᠡᠨ ᠡᠩᠭᠡᠯᠵᠡᠭᠦᠷ ᠨᠢ ᠪᠦᠰᠡ ᠪᠡᠨ ᠳᠠᠪᠠᠵᠤ ᠲᠤᠯᠤᠮᠨᠠᠭᠰᠠᠨ ᠡᠪᠦᠷ ᠢ᠋ᠶ᠋ᠡᠨ ᠲᠡᠮᠲᠡᠷᠢᠵᠦ᠄
       — ᠶᠠᠭ ᠳᠠ᠃ ᠵᠣᠳᠪᠡ ᠮᠡᠢᠷᠡᠨ ᠭᠤᠸᠠᠢ ᠶ᠋ᠢᠨ ᠬᠡᠯᠡᠬᠦ ᠵᠥᠪ! ᠪᠢ ᠵᠣᠳᠪᠡ ᠭᠤᠸᠠᠢ᠂ ᠸᠴᠢᠷᠪᠠᠲᠤ ᠳᠣᠸᠠᠨᠵᠡᠩ ᠢ᠋ ᠪᠡᠶ᠎ᠡ ᠪᠡᠷ ᠢ᠋ᠶ᠋ᠡᠨ ᠢᠩᠭᠢᠵᠦ ᠢᠷᠡᠨ᠎ᠡ ᠭᠡᠵᠦ ᠶᠡᠷᠦ ᠰᠠᠨᠠᠭᠰᠠᠨ ᠦᠭᠡᠢ ᠠ᠋! ᠲᠡᠷᠲᠡᠭᠡ ᠠᠢᠰᠤᠢ ᠪᠠᠷ᠎ᠠ ᠪᠠᠷ ᠨᠢ ᠬᠠᠷᠢᠨ ᠬᠠᠷ᠎ᠠ ᠴᠡᠷᠢᠭ ᠴᠦ᠍ ᠶᠦᠮ ᠤᠤ? ᠰᠢᠷ᠎ᠠ ᠴᠡᠷᠢᠭ ᠴᠦ᠍ ᠶᠦᠮ ᠤᠤ? ᠪᠠᠰᠠ ᠲᠡᠭᠡᠪᠡᠯ ᠶᠠᠪᠤᠭᠤᠯ ᠤ᠋ᠨ ᠳᠡᠭᠡᠷᠡᠮ ᠦ᠋ᠳ ᠴᠦ᠍ ᠶᠦᠮ ᠤᠤ? ᠭᠡᠵᠦ ᠮᠠᠭᠤ ᠮᠠᠭᠤᠬᠠᠢ ᠶᠠᠭᠤᠮ᠎ᠠ ᠰᠠᠨᠠᠵᠤ ᠵᠠᠰᠠᠭ ᠲᠠᠮᠠᠭ᠎ᠠ ᠪᠠᠨ ᠬᠣᠢᠲᠤ ᠠᠭᠤᠯᠠ ᠶ᠋ᠢᠨ ᠬᠠᠳᠠᠨ ᠬᠣᠩᠭᠢᠯ ᠳ᠋ᠤ᠌ ᠨᠢᠭᠤᠵᠤ ᠲᠠᠯᠪᠢᠶ᠎ᠠ ᠭᠡᠰᠡᠨ ᠮᠢᠨᠢ ᠡᠨᠡ! ᠭᠡᠵᠦ ᠮᠠᠰᠢ ᠠᠷᠭ᠎ᠠ ᠪᠠᠷᠠᠭᠳᠠᠭᠰᠠᠨ ᠰᠢᠤᠬᠠᠨ ᠬᠡᠯᠡᠪᠡ᠃  
       — ᠵᠢᠯᠢᠭᠴᠢ ᠰᠢᠷᠠᠪᠳᠤᠷᠵᠢ ᠬᠦᠩ ᠦ᠋ᠨ ᠦᠶ᠎ᠡ ᠪᠢᠰᠢ ᠪᠣᠯᠵᠠᠢ ᠠ᠋! ᠴᠠᠭ ᠲᠥᠷᠥ ᠬᠤᠪᠢᠷᠠᠵᠤ ᠪᠠᠢᠨ᠎ᠠ᠃ ᠡᠮᠦᠨ᠎ᠡ ᠬᠡᠳᠦᠨ ᠵᠢᠯ ᠪᠡᠯᠪᠡᠰᠦᠨ ᠡᠮ᠎ᠡ ᠶ᠋ᠢᠨ ᠭᠠᠷ ᠲᠤ ᠵᠠᠰᠠᠭ ᠲᠠᠮᠠᠭ᠎ᠠ ᠮᠠᠨᠢ ᠪᠤᠵᠠᠷ ᠰᠠᠭᠤᠵᠤ ᠦᠢᠯᠡ ᠪᠡᠨ ᠦᠵᠡᠯ᠎ᠡ᠁ ᠣᠳᠣ ᠵᠢᠩᠬᠢᠨᠢ ᠤᠷᠠᠳ ᠶᠠᠰᠤᠲᠠᠨ ᠤ᠋ ᠲᠠᠢᠵᠢ ᠢᠵᠠᠭᠤᠷᠲᠠᠨ ᠪᠠᠷᠠᠭᠤᠨ ᠬᠦᠩ ᠦ᠋ᠨ ᠵᠠᠰᠠᠭ ᠲᠠᠮᠠᠭ᠎ᠠ ᠶ᠋ᠢ ᠡᠵᠡᠨ ᠮᠡᠳᠡᠬᠦ ᠴᠠᠭ ᠢᠷᠡᠭᠰᠡᠨ ᠢ᠋ ᠲᠠ ᠵᠥᠪ ᠣᠢᠯᠠᠭᠠᠭᠠᠷᠠᠢ! ᠭᠡᠵᠦ ᠵᠤᠳᠪᠡ ᠮᠡᠢᠷᠡᠨ ᠢᠨᠢᠶᠡᠨ ᠬᠡᠯᠡᠭᠰᠡᠨ ᠳ᠋ᠦ᠍ ᠪᠠᠷᠠᠭᠰᠨᠤᠷᠪᠤ ᠯᠠᠮᠠᠬᠠᠢ᠄ 
       — ᠵᠠ᠂ ᠲᠡᠢᠮᠦ ᠪᠣᠯᠲᠤᠭᠠᠢ! ᠲᠡᠢᠮᠦ ᠪᠣᠯ ᠡᠨᠡ ᠲᠠᠮᠠᠭ᠎ᠠ ᠶ᠋ᠢ ᠲᠠ ᠬᠣᠶᠠᠷ ᠲᠤ ᠳᠡᠭᠡᠳᠦᠯᠡᠨ ᠲᠤᠰᠢᠶᠠᠶ᠎ᠠ! ᠭᠡᠳ ᠡᠪᠦᠷ ᠳᠠᠬᠢ ᠵᠠᠰᠠᠭ ᠲᠠᠮᠠᠭ᠎ᠠ ᠶ᠋ᠢ ᠭᠠᠷᠭᠠᠵᠤ᠂ ᠳᠠᠪᠬᠤᠷ ᠳᠠᠪᠬᠤᠷ ᠪᠠᠭᠯᠠᠭᠰᠠᠨ ᠬᠠᠳᠠᠭ ᠢ᠋ ᠴᠤᠴᠠᠯᠤᠨ᠂ ᠵᠠᠰᠠᠭ ᠲᠠᠮᠠᠭ᠎ᠠ ᠶ᠋ᠢ ᠰᠢᠯ ᠨᠢᠭᠤᠷ ᠲᠠᠢ ᠰᠢᠷ᠎ᠠ ᠠᠭᠠᠷᠤᠨ ᠬᠣᠷᠭᠣ ᠳ᠋ᠤᠨᠢ ᠰᠠᠭᠠᠲᠠᠭᠤᠯᠵᠤ᠂《ᠵᠠ᠂ ᠪᠠᠢᠵᠠ ᠳᠠ! ᠪᠢ ᠳᠠᠬᠢᠵᠤ ᠨᠢᠭᠡ ᠵᠤᠯᠠ ᠠᠰᠠᠭᠠᠵᠤ ᠠᠮᠢᠯᠠᠭᠤᠯᠤᠶ᠎ᠠ》 ᠭᠡᠳ ᠴᠠᠭᠠᠳᠤ ᠭᠠᠤᠯᠢᠨ ᠭᠠᠷᠠᠬ᠎ᠠ ᠲᠠᠢ ᠱᠦᠭᠦᠢ ᠶ᠋ᠢᠨ ᠪᠠᠷᠠᠭᠤᠨ ᠨᠢᠳᠦ ᠶ᠋ᠢ ᠲᠠᠲᠠᠵᠤ ᠭᠤᠷᠪᠠᠨ ᠲᠠᠬᠢᠯ ᠭᠠᠷᠭᠠᠨ ᠡᠷᠭᠦᠵᠦ《ᠪᠠᠷᠰ ᠤ᠋ᠨ ᠰᠦᠷ ᠪᠠᠳᠠᠷᠠᠭᠰᠠᠨ ᠪᠠᠷᠠᠭᠤᠨ ᠬᠦᠩ ᠦ᠋ᠨ ᠵᠠᠰᠠᠭ ᠲᠠᠮᠠᠭ᠎ᠠ ᠮᠢᠨᠢ ᠡᠩᠬᠡ ᠠᠮᠤᠭᠤᠯᠠᠩ ᠢ᠋ᠶ᠋ᠠᠷ ᠡᠵᠡᠨ ᠳ᠋ᠡᠭᠡᠨ ᠪᠤᠴᠠᠭᠠᠷᠠᠢ! ᠤᠸᠮ ᠮᠠ ᠨᠢ ᠪᠠᠳ ᠮᠠᠢ ᠬᠣᠩ!》 ᠭᠡᠵᠦ ᠤᠩᠰᠢᠨ ᠪᠠᠷᠰ ᠤ᠋ᠨ ᠲᠣᠯᠣᠭᠠᠢ ᠶ᠋ᠢᠨ ᠬᠡ ᠤᠷᠠᠯᠠᠭᠰᠠᠨ ᠰᠢᠯ ᠨᠢᠭᠤᠷ ᠲᠠᠢ ᠰᠢᠷ᠎ᠠ ᠠᠭᠠᠷᠤᠨ ᠬᠣᠷᠭᠣ ᠶ᠋ᠢ ᠬᠢᠴᠢᠶᠡᠩᠭᠦᠢᠯᠡᠨ ᠡᠷᠭᠦᠵᠦ ᠵᠤᠳᠪᠠ ᠮᠡᠢᠷᠡᠨ᠂ ᠸᠴᠢᠷᠪᠠᠲᠤ ᠲᠤᠸᠡᠨᠵᠠᠩ ᠳ᠋ᠤ᠌ ᠪᠠᠷᠢᠪᠠ᠃ 
       ᠶᠣᠰᠣᠲᠠᠢ ᠡᠯᠳᠡᠩᠭᠡ ᠲᠤᠰᠠᠯᠠᠭᠴᠢ ᠶ᠋ᠢᠨ ᠬᠡᠯᠡᠳᠡᠭ ᠢ᠋ᠶ᠋ᠡᠷ《᠁ ᠳᠣᠲᠣᠷ᠎ᠠ ᠵᠠᠭᠤᠷ᠎ᠠ ᠪᠠᠨ ᠪᠣᠯᠬᠤ ᠶ᠋ᠢᠨ ᠳᠣᠲᠣᠷ᠎ᠠ ᠫᠤᠤ ᠰᠤᠮᠤ ᠬᠥᠳᠡᠯᠭᠡᠬᠦ ᠦᠭᠡᠢ ᠡᠪᠯᠡᠵᠦ ᠠᠪᠬᠤ ᠶ᠋ᠢ ᠪᠣᠳᠣ!》 ᠭᠡᠰᠡᠨ ᠢ᠋ᠶ᠋ᠡᠷ ᠵᠤᠳᠪᠠ ᠮᠡᠢᠷᠡᠨ᠂ ᠸᠴᠢᠷᠪᠠᠲᠤ ᠲᠤᠸᠡᠨᠵᠠᠩ ᠨᠠᠷ ᠵᠠᠰᠠᠭ ᠲᠠᠮᠠᠭ᠎ᠠ ᠶ᠋ᠢ ᠡᠪᠲᠡᠢ ᠰᠠᠢᠬᠠᠨ ᠭᠠᠷᠳᠠᠵᠤ ᠠᠪᠤᠭᠠᠳ ᠵᠡᠷ ᠵᠡᠪᠰᠡᠭ ᠦ᠋ᠨ ᠴᠢᠮᠡᠭ ᠲᠡᠢ ᠴᠡᠷᠢᠭ ᠬᠤᠪᠴᠠᠰᠤ ᠲᠠᠢ ᠳᠠᠭᠠᠯᠲᠠ ᠨᠤᠭᠤᠳ ᠢ᠋ᠶ᠋ᠠᠨ ᠵᠠᠬᠢᠷᠴᠤ ᠰᠤᠪᠤᠷᠭ᠎ᠠ ᠶ᠋ᠢᠨ ᠰᠦᠮ᠎ᠡ ᠶ᠋ᠢᠨ ᠬᠦᠷᠢᠶ᠎ᠡ ᠪᠡᠷ ᠳᠥᠷᠪᠡᠯᠵᠢᠨ ᠠᠯᠬᠤᠭ᠎ᠠ ᠪᠠᠷ ᠭᠠᠷᠴᠤ ᠶᠠᠪᠤᠬᠤ ᠶ᠋ᠢ ᠪᠠᠷᠠᠭᠰᠨᠤᠷᠪᠤ ᠯᠠᠮᠠᠬᠠᠢ ᠬᠠᠷᠠᠭᠠᠳ ᠳᠣᠲᠣᠷ᠎ᠠ ᠨᠢ ᠨᠢᠭᠡ ᠯᠡ ᠬᠣᠭᠣᠰᠣᠷᠠᠨ ᠬᠣᠴᠣᠷᠴᠠᠢ᠁ 

— — — — 
① ᠬᠠᠭᠤᠴᠢᠨ ᠳ᠋ᠤ᠌ ᠪᠠᠷᠠᠭᠤᠨ ᠬᠦᠩ ᠦ᠋ᠨ ᠵᠠᠰᠠᠭ ᠲᠠᠮᠠᠭ᠎ᠠ ᠶ᠋ᠢ ᠵᠤᠯᠠ ᠪᠠᠷᠢᠵᠤ ᠳᠠᠬᠢᠳᠠᠭ ᠪᠠᠢᠵᠠᠢ᠃ 
② ᠪᠠᠷᠠᠭᠤᠨ ᠬᠦᠩ ᠦ᠋ᠨ ᠵᠠᠰᠠᠭ ᠲᠠᠮᠠᠭ᠎ᠠ ᠪᠣᠯ ᠡᠩᠬᠡ ᠠᠮᠤᠭᠤᠯᠠᠩ ᠤ᠋ᠨ ᠬᠣᠷᠢᠨ ᠨᠠᠢ᠍ᠮᠠᠳᠤᠭᠠᠷ ᠣᠨ ᠳ᠋ᠤ᠌ ᠣᠯᠭᠣᠭᠰᠠᠨ ᠶᠢᠰᠦᠨ ᠵᠢᠩ ᠬᠦᠨᠳᠦ ᠴᠣᠯ ᠮᠥᠩᠭᠥᠨ ᠲᠠᠮᠠᠭ᠎ᠠ᠃ 
③ ᠲᠠᠩᠭᠤᠳ ᠴᠣᠣᠵᠢ᠃