ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>( ᠬᠣᠷᠢ) Үүрийн туяа I – Б ᠂ Ренчин Тэргүүн дэвтэр "Манжийн талхинд" (20)
ᠬᠣᠷᠢ᠂ ᠲᠥᠷᠥ ᠶ᠋ᠢᠨ ᠡᠪᠡᠳᠴᠢᠨ ᠢᠷᠭᠡᠨ ᠦ᠌ ᠵᠣᠪᠠᠯᠠᠩ
ᠴᠠᠭᠠᠨ ᠬᠤᠯᠤᠭᠠᠨ᠎ᠠ ᠵᠢᠯ ᠲᠦᠭᠰᠢᠭᠦᠷᠢᠲᠡᠢ ᠰᠢᠭ ᠵᠢᠯ ᠭᠠᠷᠴᠠᠢ᠃ ᠤᠯᠤᠰ᠂ ᠳᠡᠭᠡᠷᠡᠬᠢ ᠶ᠋ᠢᠨ ᠯᠦᠨᠳᠦᠩᠨᠡᠭᠰᠡᠨ ᠶᠣᠰᠣᠭᠠᠷ ᠬᠡᠳᠦᠢ ᠳ᠋ᠦ᠍ ᠲᠩᠷᠢ ᠶᠡᠬᠡᠳᠡ ᠤᠬᠢᠯᠠᠳᠠᠭ ᠪᠣᠯ? ᠭᠡᠵᠦ ᠠᠶᠤᠨ ᠡᠮᠢᠶᠡᠨ ᠬᠦᠯᠢᠶᠡᠵᠦ᠂《ᠲᠩᠷᠢ ᠢᠪᠡᠭᠡᠯᠲᠦ》 ᠬᠦᠷᠢᠶᠡᠨ᠎ᠡ ᠰᠠᠭᠤᠬᠤ ᠬᠠᠭᠠᠳ ᠨᠣᠶᠠᠳ ᠯᠦᠨᠳᠦᠩ ᠳ᠋ᠦ᠍ ᠳᠤᠷᠠᠳᠤᠭᠰᠠᠨ ᠳᠤᠢᠰᠡᠨ ᠡᠳᠦᠷ ᠪᠠᠴᠠᠭ ᠰᠠᠬᠢᠵᠤ ᠮᠢᠬ᠎ᠠ ᠢᠳᠡᠯ ᠦᠭᠡᠢ ᠥᠩᠭᠡᠷᠡᠭᠦᠯᠦᠭᠰᠡᠨ ᠡᠴᠡ ᠦᠯᠡᠳᠡᠭᠰᠡᠨ ᠰᠢᠭᠦᠰᠦᠨ ᠦ᠌ ᠬᠣᠨᠢ ᠶ᠋ᠢ ᠶᠡᠬᠡ ᠬᠦᠷᠢᠶᠡᠨ ᠦ᠌ ᠳᠠᠴᠠᠩ ᠰᠦᠮ᠎ᠡ ᠳ᠋ᠦ᠍ ᠡᠷᠭᠦᠵᠦ ᠪᠤᠶᠠᠨ ᠬᠢᠳᠡᠭ ᠪᠠᠢᠵᠠᠢ᠃ ᠲᠡᠭᠡᠵᠦ ᠰᠢᠭᠦᠰᠦᠨ ᠦ᠌ ᠬᠣᠨᠢ ᠡᠷᠭᠦᠬᠦ ᠨᠢ ᠭᠤᠷᠪᠠᠨ ᠳᠠᠪᠬᠤᠷ ᠪᠤᠶᠠᠨ ᠠᠰᠢᠭ ᠲᠡᠭᠦᠯᠳᠡᠷ ᠪᠠᠢᠭᠰᠠᠨ ᠨᠢ ᠨᠢᠭᠡ ᠳ᠋ᠦ᠍᠂ ᠳᠤᠢᠰᠡᠨ ᠡᠳᠦᠷ ᠪᠠᠴᠠᠭ ᠪᠠᠷᠢᠭᠰᠠᠨ ᠤ᠋ ᠪᠤᠶᠠᠨ᠂ ᠬᠣᠶᠠᠷ ᠲᠤ᠌᠂ ᠳᠤᠢᠰᠡᠨ ᠡᠳᠦᠷ ᠲᠦ᠍ ᠠᠮᠢᠲᠠᠨ ᠤ᠋ ᠠᠮᠢ ᠡᠰᠡ ᠨᠢᠲᠤᠯᠤᠭᠰᠠᠨ ᠤ᠋ ᠪᠤᠶᠠᠨ᠂ ᠭᠤᠷᠪᠠ ᠳ᠋ᠤ᠌ ᠯᠠᠮᠠ ᠬᠤᠸᠠᠷᠠᠭ ᠲᠤ᠌ ᠡᠷᠭᠦᠯ ᠪᠠᠷᠢᠴᠠ ᠪᠠᠷᠢᠭᠰᠠᠨ ᠤ᠋ ᠪᠤᠶᠠᠨ ᠪᠥᠭᠡᠳ ᠡᠨᠡ ᠭᠤᠷᠪᠠᠨ ᠵᠦᠢᠯ ᠦ᠋ᠨ ᠪᠤᠶᠠᠨ ᠦᠢᠯᠡᠳᠬᠦ ᠳ᠋ᠦ᠍ ᠥᠭᠯᠢᠭᠡ ᠶ᠋ᠢᠨ ᠡᠵᠡᠨ ᠵᠠᠩᠳᠠᠭ ᠨᠣᠶᠠᠳ ᠰᠣᠬᠣᠷ ᠵᠣᠭᠣᠰᠤᠨ ᠤ᠋ ᠲᠡᠳᠦᠢ ᠴᠦ᠍ ᠭᠠᠷᠤᠵᠠ ᠭᠠᠷᠭᠠᠯ ᠦᠭᠡᠢ ᠦᠨ᠎ᠡ ᠥᠷᠲᠡᠭ ᠦᠭᠡᠢ ᠰᠢᠭᠦᠰᠦᠨ ᠦ᠌ ᠬᠣᠨᠢ ᠪᠠᠷ ᠪᠦᠲᠦᠳᠡᠭ ᠪᠠᠢᠵᠠᠢ᠃
ᠬᠡᠳᠦᠨ ᠵᠢᠯ ᠦ᠋ᠨ ᠡᠮᠦᠨ᠎ᠡ ᠶᠥᠮᠨᠠᠷᠠᠨ ᠳᠡᠭᠡᠷ᠎ᠡ ᠡᠴᠡ ᠨᠢᠭᠡ ᠪᠦᠳᠦᠷᠢᠵᠦ ᠦᠵᠡᠭᠡᠳ ᠣᠳᠣ ᠳᠠᠬᠢᠨ ᠬᠥᠯ ᠳᠡᠭᠡᠷ᠎ᠡ ᠪᠡᠨ ᠪᠣᠰᠴᠤ ᠪᠠᠢᠭ᠎ᠠ ᠰᠢᠳᠠᠷ ᠯᠠᠮᠠ ᠪᠠᠳᠮᠠᠳᠣᠷᠵᠢ ᠪᠡᠭᠡᠵᠢᠩ ᠳ᠋ᠦ᠍ ᠨᠢᠭᠤᠷ ᠲᠠᠯ᠎ᠠ ᠲᠠᠢ ᠪᠣᠯᠬᠤ ᠭᠡᠵᠦ ᠶᠡᠬᠡᠳᠡ ᠮᠠᠬᠠᠷᠠᠨ ᠴᠢᠷᠮᠠᠢᠬᠤ ᠪᠣᠯᠵᠤ᠂ ᠡᠷᠳᠡᠨᠢ ᠵᠣᠣ ᠠᠮᠤᠷᠪᠠᠶᠠᠰᠬᠤᠯᠠᠩᠲᠤ ᠬᠡᠢᠳ ᠲᠦ᠍ ᠶᠡᠬᠡ ᠬᠦᠷᠢᠶᠡᠨ ᠦ᠌ ᠣᠯᠠᠨ ᠠᠢᠮᠠᠭ ᠳᠠᠴᠠᠩ ᠢ᠋ᠶ᠋ᠠᠷ ᠳᠡᠭᠡᠷᠡᠬᠢ ᠶ᠋ᠢᠨ ᠭᠡᠭᠡᠬᠡᠨ ᠦ᠌ ᠵᠠᠷᠯᠢᠭ ᠶᠣᠰᠣᠭᠠᠷ ᠪᠣᠭᠳᠠ ᠡᠵᠡᠨ ᠬᠠᠭᠠᠨ ᠤ᠋ ᠲᠥᠷᠥ ᠶ᠋ᠢᠨ ᠳᠠᠢᠰᠤᠨ ᠢ᠋ ᠳᠠᠷᠤᠵᠤ ᠡᠵᠡᠨ ᠬᠠᠭᠠᠨ ᠤ᠋ ᠥᠯᠮᠡᠢ ᠪᠠᠲᠤᠳᠬᠠᠬᠤ ᠶ᠋ᠢᠨ ᠲᠤᠬᠠᠢ ᠨᠣᠮ ᠭᠦᠷᠢᠮ ᠬᠢᠯᠭᠡᠬᠦ ᠦᠢᠯᠡᠰ ᠲᠦ᠍ ᠬᠢᠴᠢᠶᠡᠨ ᠰᠢᠪᠠᠳᠠᠵᠤ ᠡᠷᠭᠢᠨ ᠦᠵᠡᠵᠦ ᠡᠭᠦᠪᠡᠷ ᠲᠡᠭᠦᠪᠡᠷ ᠰᠢᠯᠢᠪᠡᠯᠵᠡᠨ ᠰᠠᠮᠪᠠᠭᠠᠨᠠᠵᠤ ᠶᠠᠪᠤᠬᠤ ᠨᠢ ᠶᠡᠬᠡ ᠣᠯᠠᠨ ᠪᠣᠯᠵᠠᠢ᠃
ᠬᠤᠲᠤᠭᠲᠤ ᠶ᠋ᠢᠨ ᠵᠡᠭᠦᠳᠦ ᠶ᠋ᠢ ᠳᠠᠢᠯᠠᠬᠤ ᠳ᠋ᠠᠭᠠᠨ ᠲᠤᠩ ᠡᠴᠡᠬᠦ ᠴᠣᠴᠢᠬᠤ ᠶ᠋ᠢ ᠮᠡᠳᠡᠬᠦ ᠦᠭᠡᠢ ᠬᠥᠩᠭᠡᠨ ᠬᠥᠯ ᠲᠡᠢ ᠪᠠᠳᠮᠠᠳᠣᠷᠵᠢ ᠵᠠᠷᠢᠮ ᠳ᠋ᠠᠭᠠᠨ ᠰᠥᠨᠢ ᠳᠦᠯᠢ ᠶ᠋ᠢᠨ ᠴᠠᠭ ᠭᠠᠨᠳᠠᠩ ᠬᠦᠷᠢᠶ᠎ᠡ ᠪᠡᠷ ᠬᠦᠷᠴᠦ ᠢᠷᠡᠭᠡᠳ᠂ ᠶᠡᠬᠡ ᠬᠠᠭᠠᠨ ᠤ᠋ ᠱᠠᠰᠢᠨ ᠲᠥᠷᠥ ᠶ᠋ᠢᠨ ᠲᠤᠰᠠ ᠶ᠋ᠢᠨ ᠲᠤᠯᠠᠳᠠ ᠨᠢᠭᠡ ᠶᠠᠭᠠᠷᠠᠯ ᠲᠠᠢ ᠬᠤᠷᠠᠯ ᠨᠣᠮ ᠬᠤᠷᠠᠭᠤᠯ ᠭᠡᠵᠦ ᠤᠨᠲᠠᠭᠰᠠᠨ ᠯᠠᠮᠠ ᠨᠠᠷ ᠢ᠋ ᠬᠣᠣ ᠲᠠᠲᠠᠭᠤᠯᠤᠭᠠᠳ ᠬᠤᠷᠠᠯ ᠬᠤᠷᠠᠭᠤᠯᠳᠠᠭ ᠪᠠᠢᠵᠠᠢ᠃ ᠲᠡᠭᠡᠲᠡᠯ᠎ᠡ ᠬᠠᠪᠲᠠᠭᠠᠢ ᠣᠯᠠᠨ ᠢ᠋ᠶ᠋ᠠᠷ ᠮᠠᠨᠵᠤ ᠶ᠋ᠢᠨ ᠬᠠᠭᠠᠨ ᠰᠢᠷᠡᠭᠡᠨ ᠡᠴᠡ ᠪᠡᠨ ᠰᠢᠯᠵᠢᠷᠡᠵᠦ ᠲᠥᠷᠥ ᠨᠢ ᠡᠴᠦᠰᠯᠡᠬᠦ ᠴᠠᠭ ᠠᠢᠰᠤᠢ ᠭᠡᠵᠦ ᠶᠠᠷᠢᠬᠤ ᠨᠢ ᠤᠯᠠᠮ ᠨᠡᠮᠡᠭᠳᠡᠵᠦ᠂ ᠬᠦᠷᠢᠶᠡᠨ ᠦ᠌ ᠵᠠᠬ᠎ᠠ ᠵᠡᠭᠡᠯᠢ ᠱᠤᠤᠱᠤᠷ ᠳᠡᠭᠡᠭᠦᠷ ᠠᠶᠠᠨ ᠵᠢᠩ ᠦ᠋ᠨ ᠬᠥᠮᠦᠨ ᠭᠤᠢᠯᠢᠨᠴᠢᠨ ᠫᠤᠤ ᠰᠡᠯᠡᠮ᠎ᠡ ᠳ᠋ᠦ᠍ ᠲᠠᠭᠠᠭᠳᠠᠳᠠᠭ ᠦᠭᠡᠢ ᠰᠦᠷᠡᠬᠡᠢ ᠢ ᠬᠡ ᠲᠤᠸᠠᠨ ᠤ᠋ ᠴᠡᠷᠢᠭ ᠬᠥᠳᠡᠯᠵᠦ ᠪᠠᠢᠨ᠎ᠠ ᠭᠡᠵᠦ ᠶᠠᠷᠢᠳᠠᠭ ᠪᠣᠯᠵᠠᠢ᠃ ᠬᠦᠷᠢᠶᠡᠨ ᠦ᠌ ᠶᠡᠬᠡ ᠶᠡᠬᠡ ᠫᠦᠰᠡ ᠡᠴᠡ ᠪᠠᠷᠠᠭ᠎ᠠ ᠠᠪᠴᠤ ᠳᠠᠮᠨᠠᠨ ᠮᠠᠢᠮᠠᠢᠯᠠᠬᠤ ᠬᠠᠢᠷᠴᠠᠭ ᠤ᠋ᠨ ᠮᠠᠢᠮᠠᠢ ᠳᠠᠮᠨᠠᠭᠤᠷᠴᠢᠨ᠂ ᠫᠦᠰᠡᠨ ᠳ᠋ᠡᠭᠡᠨ ᠣᠷᠣᠢ ᠣᠷᠣᠯᠭ᠎ᠠ ᠪᠠᠨ ᠲᠤᠰᠢᠶᠠᠬᠤ ᠳ᠋ᠠᠭᠠᠨ ᠤᠯᠤᠰ ᠲᠤᠩ ᠭᠣᠷᠢ ᠦᠭᠡᠢ ᠪᠣᠯᠵᠠᠢ᠃ ᠢ ᠬᠡ ᠲᠤᠸᠠᠨ᠂ ᠭᠠᠳᠠᠭᠠᠳᠤ ᠶ᠋ᠢᠨ ᠰᠢᠨᠤᠬᠠᠢ ᠨᠠᠷ ᠢ᠋ ᠬᠥᠭᠡᠭᠡᠵᠦ ᠪᠠᠢᠭ᠎ᠠ ᠰᠢᠭ᠋᠂ ᠪᠢᠳᠡ ᠴᠦ᠍ ᠲᠠ ᠨᠠᠷ ᠤ᠋ᠨ ᠰᠢᠨᠤᠬᠠᠢ ᠳ᠋ᠠᠩᠵᠢᠶᠠᠳᠠ(ᠳᠠᠩᠵᠢᠶᠠᠳᠠ) ᠨᠠᠷ ᠢ᠋ ᠬᠥᠭᠡᠭᠡᠨ᠎ᠡ ᠳᠡ ᠭᠡᠵᠦ ᠬᠡᠯᠡᠯᠴᠡᠳᠡᠭ ᠪᠣᠯᠵᠤ ᠭᠡᠵᠦ ᠡᠮᠢᠶᠡᠨ ᠶᠠᠷᠢᠬᠤ ᠪᠣᠯᠵᠠᠢ᠃ ᠫᠦᠰᠡᠨ ᠦ᠌ ᠳ᠋ᠠᠩᠵᠢᠶᠠᠳᠠ (ᠳᠠᠩᠵᠢᠶᠠᠳᠠ) ᠨᠠᠷ ᠴᠤ᠌ ᠵᠠᠷᠭᠤᠴᠢ ᠳ᠋ᠠᠭᠠᠨ ᠭᠣᠮᠣᠳᠠᠨ ᠵᠠᠷᠭᠤ ᠮᠡᠳᠡᠭᠦᠯᠵᠦ᠂ ᠣᠷᠭᠣᠳᠤᠤᠯ ᠪᠣᠭᠣᠯ ᠬᠠᠮᠵᠢᠯᠭ᠎ᠠ ᠳᠡᠭᠡᠷᠡᠮ ᠬᠢᠵᠦ᠂ ᠭᠣᠪᠢ ᠳ᠋ᠤ᠌ ᠬᠢᠲᠠᠳ ᠠ᠋ᠴᠠ ᠢᠷᠡᠵᠦ ᠶᠠᠪᠤᠭ᠎ᠠ ᠵᠢᠩ ᠢ᠋ ᠠᠮᠠᠳᠠᠨ ᠲᠣᠰᠴᠤ ᠲᠤᠨᠤᠳᠠᠭ ᠪᠣᠯᠪᠠ᠃ ᠪᠠᠰᠠ ᠮᠣᠩᠭᠣᠯ ᠭᠠᠵᠠᠷ ᠠ᠋ᠴᠠ ᠴᠢᠭᠤᠯᠤᠯᠲᠤ ᠬᠠᠭᠠᠯᠭ᠎ᠠ᠂ ᠬᠥᠬᠡ ᠬᠣᠲᠠ ᠳ᠋ᠤ᠌ ᠬᠦᠷᠭᠡᠵᠦ ᠶᠠᠪᠤᠭ᠎ᠠ ᠫᠦᠰᠡᠨ ᠦ᠌ ᠠᠳᠤᠭᠤᠨ ᠰᠦᠷᠦᠭ ᠡᠴᠡ ᠳᠠᠭᠠᠷᠢᠨ ᠪᠤᠯᠢᠶᠠᠳᠠᠭ ᠪᠣᠯᠵᠠᠢ ᠭᠡᠵᠦ ᠮᠡᠳᠡᠭᠦᠯᠳᠡᠭ ᠪᠣᠯᠵᠠᠢ᠃
ᠰᠣᠨᠣᠰᠪᠠᠯ᠂ ᠮᠥᠩᠭᠥ ᠬᠦᠦᠯᠡᠬᠦ ᠫᠦᠰᠡ ᠶ᠋ᠢᠨ ᠪᠢᠴᠢᠭᠡᠴᠢ ᠨᠠᠷ ᠢ᠋ ᠥᠷᠢ ᠨᠡᠬᠡᠵᠦ ᠥᠷᠲᠡᠭᠡ ᠪᠡᠷ ᠶᠠᠪᠤᠵᠤ ᠶᠠᠪᠤᠬᠤ ᠳ᠋ᠤᠨᠢ ᠡᠵᠡᠭᠦᠢ ᠬᠡᠭᠡᠷ᠎ᠡ᠂ ᠨᠢᠭᠤᠷ ᠲᠠᠭᠠᠨ ᠨᠡᠬᠡᠢ ᠪᠠᠭ ᠵᠡᠭᠦᠭᠰᠡᠨ ᠦᠯᠦ ᠲᠠᠨᠢᠬᠤ ᠡᠷᠡᠰ ᠬᠤᠷᠳᠤᠨ ᠮᠣᠷᠢ ᠪᠠᠷ ᠳᠠᠭᠠᠷᠢᠨ ᠣᠷᠣᠵᠤ᠂ ᠤᠬᠠᠭᠠᠨ ᠠᠮᠢ ᠦᠭᠡᠢ ᠠᠶᠤᠵᠤ ᠰᠠᠨᠳᠤᠷᠤᠭᠰᠠᠨ ᠪᠢᠴᠢᠭᠡᠴᠢ ᠨᠠᠷ ᠠ᠋ᠴᠠ ᠥᠷᠢ ᠶ᠋ᠢᠨ ᠳᠠᠩᠰᠠ ᠲᠡᠮᠳᠡᠭᠯᠡᠯ ᠬᠤᠷᠢᠶᠠᠵᠤ ᠠᠪᠳᠠᠭ ᠪᠣᠯᠵᠠᠢ᠃ ᠰᠠᠢᠨ ᠡᠷᠡᠰ ᠢ᠋ ᠳᠠᠪᠬᠢᠵᠤ ᠢᠷᠡᠬᠦ ᠳ᠋ᠦ᠍᠂ ᠪᠢᠴᠢᠭᠡᠴᠢ ᠳ᠋ᠠᠩᠵᠢᠶᠠᠳᠠ(ᠳᠠᠩᠵᠢᠶᠠᠳᠠ) ᠨᠠᠷ ᠤ᠋ᠨ ᠲᠡᠷᠭᠡ ᠳᠠᠮᠨᠠᠵᠤ ᠶᠠᠪᠤᠭᠰᠠᠨ ᠤᠯᠠᠭᠠᠴᠢ ᠨᠠᠷ ᠳᠠᠮᠨᠠᠭᠤᠷᠭ᠎ᠠ ᠪᠠᠨ ᠬᠠᠶᠠᠭᠠᠳ ᠵᠦᠭ ᠵᠦᠭ ᠪᠤᠲᠠᠷᠠᠨ ᠵᠢᠭᠤᠲᠠᠭᠠᠳ᠂ ᠶᠡᠬᠡ ᠵᠠᠩᠲᠠᠢ ᠳ᠋ᠠᠩᠵᠢᠶᠠᠳᠠ ᠪᠢᠴᠢᠭᠡᠴᠢ ᠨᠠᠷ ᠠᠶᠤᠨ ᠡᠮᠢᠶᠡᠵᠦ ᠴᠡᠴᠡᠷᠡᠨ ᠳᠠᠭᠵᠢᠵᠤ ᠪᠢᠯᠳᠠᠤᠴᠢᠯᠠᠵᠤ᠂ ᠬᠥᠮᠦᠨ ᠢ᠋ ᠳᠣᠯᠢᠶᠠᠴᠢᠬᠠᠨ ᠠᠯᠳᠠᠵᠤ ᠵᠢᠰᠤᠷᠳᠠᠨ ᠪᠢᠯᠳᠠᠤᠴᠢᠯᠠᠵᠤ᠂ ᠪᠢ ᠶᠠᠭᠤᠮ᠎ᠠ ᠮᠡᠳᠡᠬᠦ ᠦᠭᠡᠢ ᠮᠠᠭᠤ ᠱᠤᠰᠢᠮᠠ ᠭᠡᠳᠡᠭ ᠪᠠᠢᠵᠠᠢ᠃
ᠠᠢᠮᠠᠭ ᠴᠢᠭᠤᠯᠭᠠᠨ ᠠ᠋ᠴᠠ ᠤᠷᠭᠤᠳᠤᠤᠯ ᠪᠣᠭᠣᠯ ᠬᠠᠮᠵᠢᠯᠭ᠎ᠠ ᠶ᠋ᠢ ᠡᠷᠢᠨ ᠪᠠᠷᠢᠪᠴᠢᠯᠠᠬᠤ᠂ ᠬᠤᠳᠠᠯᠳᠤᠭᠠᠨ ᠤ᠋ ᠬᠥᠮᠦᠨ᠂ ᠮᠥᠩᠭᠥ ᠬᠦᠦᠯᠡᠭᠴᠢ ᠫᠦᠰᠡᠨ ᠦ᠌ ᠳ᠋ᠠᠩᠵᠢᠶᠠᠳᠠ ᠪᠢᠴᠢᠭᠡᠴᠢ ᠨᠠᠷ ᠲᠤ᠌ ᠬᠠᠯᠳᠠᠨ ᠤᠤᠯᠭᠠᠯᠠᠭᠰᠠᠨ ᠡᠲᠡᠭᠡᠳ ᠢ᠋ ᠵᠠᠯᠬᠠᠭᠠᠨ ᠰᠢᠳᠬᠡᠬᠦ ᠭᠡᠵᠦ᠂ ᠵᠠᠬ᠎ᠠ ᠬᠢᠵᠠᠭᠠᠷ ᠠᠳᠠᠭ ᠮᠤᠬᠤᠭᠠᠯ ᠨᠢ ᠦᠵᠡᠭᠳᠡᠬᠦ ᠦᠭᠡᠢ ᠴᠠᠰᠢ ᠨᠡᠰᠢ ᠬᠠᠷᠢᠭᠤ ᠪᠢᠴᠢᠯᠴᠡᠬᠦ ᠠᠰᠠᠭᠤᠯᠴᠠᠬᠤ ᠬᠡᠷᠡᠭ ᠦ᠋ᠨ ᠪᠢᠴᠢᠭ ᠴᠤᠪᠤᠵᠤ᠂ ᠥᠷᠲᠡᠭᠡ ᠪᠡᠷ ᠡᠯᠴᠢ ᠪᠤᠤᠬᠢᠶ᠎ᠠ ᠰᠢᠪᠠᠭᠤ ᠵᠢᠷᠤᠵᠤ ᠨᠢᠰ ᠨᠢᠰ ᠭᠡᠵᠦ ᠪᠢᠴᠢᠭᠰᠡᠨ ᠶᠠᠭᠠᠷᠠᠯᠲᠠᠢ ᠪᠢᠴᠢᠭ ᠳᠣᠪᠲᠣᠯᠭᠠᠨ ᠬᠦᠷᠭᠡᠵᠡᠭᠡᠵᠦ᠂ ᠡᠬᠡ ᠵᠣᠬᠢᠶᠠᠭᠴᠢ ᠲᠦᠰᠢᠮᠡᠯ ᠥᠪᠡᠷ ᠥᠪᠡᠷ ᠦ᠋ᠨ ᠠᠢᠮᠠᠭ ᠬᠤᠰᠢᠭᠤᠨ ᠤ᠋ ᠨᠡᠷ᠎ᠡ ᠰᠦᠷ ᠢ᠋ ᠬᠠᠮᠠᠭᠠᠯᠠᠨ᠂ ᠶᠡᠬᠡ ᠳᠡᠢᠴᠢᠩ ᠤᠯᠤᠰ ᠤ᠋ᠨ ᠬᠤᠳᠠᠯᠳᠤᠭ᠎ᠠ ᠮᠠᠢᠮᠠᠢ ᠶ᠋ᠢᠨ ᠬᠥᠮᠦᠨ ᠳ᠋ᠦ᠍ ᠬᠠᠯᠳᠠᠨ ᠳᠣᠪᠲᠣᠯᠤᠭᠰᠠᠨ ᠬᠡᠷᠡᠭ ᠲᠦ᠍ ᠮᠠᠨ ᠤ᠋ ᠬᠠᠷᠢᠶᠠᠲᠤ ᠥᠴᠦᠬᠡᠨ ᠬᠠᠷᠠᠴᠤ ᠠᠷᠠᠳ ᠬᠣᠯᠪᠣᠭᠳᠠᠯ ᠦᠭᠡᠢ ᠭᠡᠵᠦ ᠤᠨᠵᠢᠷᠠᠤ ᠦᠭᠡ ᠲᠡᠢ᠂ ᠭᠣᠶᠣᠮᠰᠣᠭᠯᠠᠭᠰᠠᠨ ᠨᠠᠢᠷᠠᠭᠤᠯᠭ᠎ᠠ ᠲᠠᠢ ᠪᠢᠴᠢᠭ ᠢ᠋ᠶ᠋ᠡᠷ ᠴᠢᠯᠠᠭᠤᠳᠠᠯᠴᠠᠵᠤ ᠪᠠᠢᠭᠰᠠᠨ ᠴᠠᠭ ᠪᠠᠢᠵᠠᠢ᠃
ᠴᠢᠩᠭᠢᠭᠰᠡᠭᠡᠷ ᠨᠠᠮᠤᠷ ᠳᠠᠰᠢ ᠴᠤᠤ ᠦᠭᠡ ᠲᠠᠷᠬᠠᠭᠰᠠᠨ ᠨᠢ᠂ ᠨᠠᠢ᠍ᠮᠠᠨ ᠤᠯᠤᠰ ᠤ᠋ᠨ ᠴᠡᠷᠢᠭ ᠪᠡᠭᠡᠵᠢᠩ ᠳ᠋ᠦ᠍ ᠣᠷᠣᠵᠤ᠂ ᠡᠵᠡᠨ ᠬᠠᠭᠠᠨ ᠨᠡᠢᠰᠯᠡᠯ ᠡᠴᠡ ᠰᠢ ᠠᠨ ᠹᠦ ᠳ᠋ᠦ᠍ ᠵᠠᠢᠯᠠᠪᠠ ᠭᠡᠵᠦ ᠬᠡᠯᠡᠯᠴᠡᠬᠦ ᠪᠣᠯᠵᠠᠢ᠃ ᠬᠤᠲᠤᠭᠲᠤ ᠡᠮᠢᠶᠡᠨ᠂ ᠳᠣᠲᠣᠨᠣ ᠰᠢᠳᠠᠷ ᠪᠠᠳᠮᠠᠳᠣᠷᠵᠢ ᠶ᠋ᠢ ᠡᠵᠡᠨ ᠬᠠᠭᠠᠨ ᠤ᠋ ᠱᠠᠰᠢᠨ ᠲᠥᠷᠥ ᠶ᠋ᠢᠨ ᠤᠴᠢᠷ ᠴᠢᠳᠠᠷᠠᠪᠠᠯ ᠤ᠋ᠨ ᠲᠣᠷᠲᠣᠭ ᠬᠤᠷᠠᠭᠤᠯ ᠭᠡᠵᠦ ᠭᠠᠨᠳᠠᠩᠳᠡᠭᠴᠢᠩᠯᠢᠩ ᠬᠡᠢᠳ ᠦ᠋ᠨ ᠯᠠᠮᠠ ᠬᠤᠸᠠᠷᠠᠭ ᠲᠤ᠌ ᠵᠠᠷᠯᠢᠭ ᠪᠠᠭᠤᠯᠭᠠᠵᠤ᠂ ᠥᠭᠯᠢᠭᠡ ᠬᠡᠰᠢᠭ ᠦ᠋ᠨ ᠡᠵᠡᠨ ᠪᠣᠭᠳᠠ ᠬᠠᠭᠠᠨ ᠢ᠋ ᠰᠢᠷᠡᠭᠡᠨ ᠡᠴᠡ ᠰᠢᠯᠵᠢᠷᠡᠪᠡᠯ᠂ ᠬᠤᠲᠤᠭᠲᠤ ᠨᠠᠳᠠ ᠳ᠋ᠤ᠌ ᠪᠠᠰᠠ ᠶᠠᠭᠤᠨ ᠰᠠᠢᠨ ᠪᠣᠯᠬᠤ ᠠᠵᠠ ᠭᠡᠵᠦ ᠰᠠᠨᠳᠤᠷᠴᠠᠢ᠃
ᠲᠡᠭᠡᠭᠡᠳ ᠬᠦᠷᠢᠶᠡᠨ ᠦ᠌ ᠣᠯᠠᠨ ᠯᠠᠮᠠ ᠨᠠᠷ ᠭᠤᠷᠪᠠᠨ ᠬᠣᠨᠣᠭ ᠶᠡᠬᠡ ᠭᠦᠷᠢᠮ ᠨᠣᠮ ᠤᠩᠰᠢᠵᠤ᠂ ᠲᠡᠷᠡ ᠰᠠᠮᠠᠭᠤᠨ ᠵᠢᠯ᠂ ᠱᠠᠰᠢᠨ ᠲᠥᠷᠥ ᠶ᠋ᠢᠨ ᠲᠣᠭᠰᠢᠨ ᠰᠠᠬᠢᠭᠤᠯᠰᠤᠨ ᠴᠠᠯᠠᠭᠠᠢᠳᠠᠭᠰᠠᠨ ᠤᠴᠢᠷ ᠲᠡᠳᠡᠨ ᠳ᠋ᠦ᠍ ᠡᠷᠭᠦᠬᠦ ᠲᠠᠬᠢᠯᠭ᠎ᠠ ᠶ᠋ᠢᠨ ᠲᠣᠭᠣᠭ᠎ᠠ ᠬᠥᠮᠥᠷᠢᠭᠦᠯᠵᠦ᠂ ᠪᠣᠭᠳᠠ ᠡᠵᠡᠨ ᠦ᠌ ᠳᠠᠢᠰᠤᠨ ᠳ᠋ᠤ᠌ ᠦᠬᠦᠯ ᠬᠥᠨᠥᠭᠡᠯ ᠬᠦᠷᠲᠡᠭᠡᠬᠦ ᠭᠡᠵᠦ ᠰᠤᠷ ᠵᠠᠯᠠᠬᠤ ᠪᠠᠷ᠂ ᠬᠦᠷᠢᠶᠡᠨ ᠦ᠌ ᠪᠠᠷᠠᠭᠤᠨ ᠵᠠᠬ᠎ᠠ ᠪᠠᠷ ᠶᠡᠬᠡᠳᠡ ᠰᠦᠷ ᠪᠠᠳᠠᠷᠠᠭᠤᠯᠤᠨ ᠴᠤᠪᠤᠵᠠᠢ᠃
ᠰᠤᠷ ᠵᠠᠯᠠᠬᠤ ᠶ᠋ᠢ ᠦᠵᠡᠬᠦ ᠭᠡᠵᠦ ᠬᠣᠲᠠ ᠶ᠋ᠢᠨ ᠣᠯᠠᠨ ᠠᠮᠢᠲᠠᠨ ᠳᠠᠭᠠᠵᠤ᠂ ᠲᠡᠷᠡ ᠡᠳᠦᠷ ᠵᠠᠬ᠎ᠠ ᠵᠡᠭᠡᠯᠢ ᠶ᠋ᠢᠨ ᠭᠠᠵᠠᠷ ᠶᠠᠭᠤᠮ᠎ᠠ ᠠᠪᠬᠤ ᠭᠡᠵᠦ ᠬᠥᠳᠡᠭᠡ ᠡᠴᠡ ᠢᠷᠡᠭᠰᠡᠨ ᠣᠯᠠᠨ ᠬᠥᠮᠦᠨ ᠪᠠᠰᠠ ᠰᠣᠨᠢᠷᠬᠠᠨ᠂ ᠣᠯᠠᠨ ᠠᠮᠢᠲᠠᠨ ᠮᠣᠷᠢ ᠲᠠᠢ ᠨᠢ ᠮᠣᠷᠢᠯᠠᠵᠤ᠂ ᠬᠥᠯ ᠲᠡᠢ ᠨᠢ ᠬᠦᠯᠬᠦᠵᠦ᠂ ᠬᠥᠯ ᠦᠭᠡᠢ ᠨᠢ ᠮᠥᠯᠬᠥᠵᠦ ᠴᠣᠪᠣᠷᠢᠯᠳᠤᠨ ᠬᠥᠳᠡᠯᠵᠡᠢ᠃
ᠰᠤᠷ ᠵᠠᠯᠠᠷ᠎ᠠ ᠣᠳᠬᠤ ᠯᠠᠮᠠ ᠨᠠᠷ ᠤ᠋ᠨ ᠲᠡᠷᠢᠭᠦᠨ ᠳ᠋ᠦ᠍ ᠽᠦᠩᠺᠠᠸ᠋᠎ᠠ ᠶ᠋ᠢᠨ ᠮᠠᠯᠠᠭᠠᠢ ᠲᠠᠢ ᠬᠦᠷᠡᠩ ᠵᠢᠯᠣᠭᠣ ᠲᠠᠢ ᠬᠦᠷᠢᠶ᠎ᠡ ᠬᠠᠮᠪᠤ ᠮᠣᠷᠢ ᠤᠨᠤᠨ ᠶᠠᠪᠤᠵᠤ᠂ ᠡᠮᠦᠨ᠎ᠡ ᠨᠢ《ᠶᠡᠬᠡ ᠬᠤᠷᠠᠯ ᠤ᠋ᠨ ᠪᠤᠶᠠᠨ ᠤ᠋ ᠵᠠᠰᠠᠭ》 ᠴᠣᠭᠴᠢᠨ ᠭᠡᠰᠬᠦᠢ ᠤᠲᠤᠭ᠎ᠠ ᠪᠠᠭᠠᠭᠢᠭᠰᠠᠨ ᠪᠠᠭᠴᠠ ᠬᠦᠵᠢ ᠪᠠᠷᠢᠵᠤ ᠡᠮᠦᠨ᠎ᠡ ᠨᠢ ᠵᠠᠮ ᠤᠳᠤᠷᠢᠳᠪᠠ᠃ ᠶᠡᠬᠡ ᠬᠠᠮᠪᠤ ᠶ᠋ᠢ ᠵᠠᠯᠠᠬᠤ ᠳ᠋ᠤ᠌᠂ ᠡᠮᠦᠨ᠎ᠡ ᠨᠢ ᠶᠠᠪᠤᠬᠤ ᠬᠣᠶᠠᠷ ᠪᠢᠰᠬᠢᠭᠦᠷᠴᠢ ᠲᠠᠪᠤᠨ ᠥᠩᠭᠡ ᠶ᠋ᠢᠨ ᠬᠠᠳᠠᠭ ᠤᠨᠵᠢᠭᠤᠯᠤᠭᠰᠠᠨ ᠮᠥᠩᠭᠥᠨ ᠪᠢᠰᠬᠢᠭᠦᠷ ᠦᠯᠢᠶᠡᠵᠦ᠂ ᠬᠠᠮᠪᠤ ᠶ᠋ᠢᠨ ᠬᠣᠢᠨ᠎ᠠ ᠠ᠋ᠴᠠ ᠬᠤᠪᠢᠯᠭᠠᠨ᠂ ᠳᠡᠭᠡᠳᠦ ᠯᠠᠮᠠ ᠨᠠᠷ ᠶᠠᠪᠤᠵᠤ᠂ ᠲᠡᠳᠡᠨ ᠦ᠌ ᠬᠣᠢᠨ᠎ᠠ ᠠ᠋ᠴᠠ ᠡᠩ ᠦ᠋ᠨ ᠯᠠᠮᠠ᠂ ᠪᠠᠨᠳᠢ ᠨᠠᠷ ᠴᠤᠪᠤᠯᠳᠤᠨ᠂ ᠣᠪᠣᠭᠠᠳᠠᠢ ᠮᠠᠯᠠᠭᠠᠢ ᠲᠠᠢ᠂ ᠬᠣᠷᠭᠣᠢ ᠲᠣᠷᠭᠠᠨ ᠨᠣᠮ ᠤ᠋ᠨ ᠬᠤᠪᠴᠠᠰᠤ ᠲᠠᠢ᠂ ᠥᠨᠳᠥᠷ ᠮᠢᠬᠠᠯᠢᠭ ᠪᠡᠶ᠎ᠡ ᠲᠡᠢ ᠤᠮᠵᠠᠳ ᠤ᠋ᠳ᠂ ᠳᠠᠴᠠᠩ ᠤ᠋ᠳ ᠤ᠋ᠨ ᠭᠡᠰᠬᠦᠢ ᠲᠠᠪᠤᠨ ᠥᠩᠭᠡ ᠶ᠋ᠢᠨ ᠬᠠᠳᠠᠭ ᠤᠨᠵᠢᠭᠤᠯᠤᠭᠰᠠᠨ ᠤᠯᠠᠭᠠᠨ ᠵᠡᠰ ᠢ᠋ᠶ᠋ᠡᠷ ᠦᠵᠦᠭᠦᠷ ᠢ᠋ ᠣᠷᠢᠶᠠᠭᠰᠠᠨ ᠤᠷᠲᠤ ᠬᠤᠯᠤᠰᠤᠨ ᠪᠠᠷᠢᠶ᠎ᠠ ᠪᠠᠨ ᠪᠠᠷᠢᠵᠠᠭᠠᠵᠤ᠂ ᠶᠡᠬᠡ ᠶᠡᠬᠡ ᠠᠯᠬᠤᠮ ᠢ᠋ᠶ᠋ᠠᠷ ᠨᠢᠭᠡᠨ ᠵᠢᠭᠳᠡ ᠶᠠᠭᠠᠷᠠᠯ ᠦᠭᠡᠢ ᠠᠯᠬᠤᠯᠠᠵᠤ ᠠᠪᠠᠢ᠃ ᠬᠥᠮᠥᠰᠬᠡ ᠪᠡᠨ ᠬᠥᠳᠡᠯᠭᠡᠬᠦ ᠲᠡᠳᠦᠢᠬᠡᠨ ᠢ᠋ᠶ᠋ᠡᠷ ᠲᠤᠰᠢᠶᠠᠨ ᠵᠠᠬᠢᠷᠴᠤ ᠰᠤᠷᠤᠭᠰᠠᠨ ᠭᠡᠰᠬᠦᠢ ᠨᠠᠷ᠂ ᠡᠮᠢᠶᠡᠨ ᠬᠠᠯᠳᠠᠰᠢ ᠦᠭᠡᠢ ᠶᠡᠬᠡ ᠰᠦᠷ ᠪᠠᠳᠠᠷᠠᠭᠤᠯᠤᠨ᠂ ᠰᠢᠯᠢᠨ ᠬᠦᠵᠦᠭᠦᠦ ᠨᠢ ᠲᠠᠲᠠᠭᠰᠠᠨ ᠶᠤᠮ ᠰᠢᠭ᠋(ᠰᠢᠭ) ᠲᠣᠯᠣᠭᠠᠢ ᠪᠠᠨ ᠭᠡᠳᠡᠢᠯᠭᠡᠨ᠂ ᠣᠯᠠᠨ ᠯᠠᠮᠠ ᠨᠠᠷ ᠤ᠋ᠨ ᠳᠤᠮᠳᠠ ᠶᠠᠪᠤᠬᠤ ᠳ᠋ᠠᠭᠠᠨ ᠣᠭᠲᠣ ᠬᠣᠶᠠᠷ ᠬᠠᠵᠠᠭᠤ ᠲᠡᠰᠢ(ᠲᠡᠢᠰᠢ) ᠡᠷᠭᠢᠵᠦ ᠬᠠᠷᠠᠬᠤ ᠦᠭᠡᠢ ᠶᠠᠪᠤᠭ᠎ᠠ ᠪᠣᠯᠪᠠᠴᠤ ᠵᠠᠮ ᠤ᠋ᠨ ᠬᠣᠶᠠᠷ ᠡᠲᠡᠭᠡᠳ ᠶᠠᠭᠤ ᠪᠣᠯᠵᠤ ᠶᠠᠪᠤᠭ᠎ᠠ ᠶ᠋ᠢ ᠰᠠᠮ ᠪᠤᠯᠤᠩᠳᠠᠨ ᠠᠵᠢᠵᠤ ᠶᠠᠪᠤᠬᠤ ᠲᠤᠯᠠ ᠬᠥᠮᠥᠰᠬᠡ ᠪᠡᠨ ᠠᠲᠤᠷᠢᠨ ᠨᠢᠳᠦ ᠪᠡᠷ ᠨᠢᠭᠡᠨᠲᠡ ᠰᠢᠷᠪᠢᠮᠡᠭᠴᠡ᠂ ᠣᠷᠬᠢᠮᠵᠢ ᠪᠠᠨ ᠲᠣᠭᠣᠰᠣᠨ ᠳ᠋ᠤ᠌ ᠴᠢᠷᠦᠭᠰᠡᠨ ᠪᠠᠨᠳᠢ ᠶᠠᠭᠠᠷᠠᠨ ᠰᠠᠨᠳᠤᠷᠤᠨ ᠣᠷᠬᠢᠮᠵᠢ ᠪᠠᠨ ᠲᠠᠲᠠᠭᠠᠳ᠂ ᠵᠠᠮ ᠤ᠋ᠨ ᠬᠠᠵᠠᠭᠤ ᠳ᠋ᠤ᠌ ᠬᠥᠭᠡᠷᠦᠬᠦᠨ ᠴᠢᠷᠠᠢ ᠲᠠᠢ ᠬᠡᠦᠬᠡᠨ ᠦᠵᠡᠭᠡᠳ ᠠᠯᠮᠠᠢᠷᠠᠵᠤ ᠶᠠᠪᠤᠭ᠎ᠠ ᠨᠥᠬᠥᠷ ᠪᠠᠨᠳᠢ ᠪᠠᠨ ᠲᠣᠬᠣᠢ ᠪᠠᠷ ᠰᠠᠨᠳᠤᠷᠤᠨ ᠲᠦᠯᠬᠢᠵᠦ᠂ ᠴᠢᠷᠠᠢ ᠶ᠋ᠢ ᠲᠥᠪ ᠪᠣᠯᠭᠠᠨ ᠠᠯᠬᠤᠪᠠ᠃
ᠬᠣᠲᠠ ᠶ᠋ᠢᠨ ᠵᠠᠬ᠎ᠠ ᠳ᠋ᠤ᠌ ᠭᠠᠷᠴᠤ᠂ ᠴᠣᠭᠴᠢᠨ ᠭᠡᠰᠬᠦᠢ᠂ ᠬᠠᠷᠢᠶᠠᠲᠤ ᠣᠯᠠᠨ ᠭᠡᠰᠬᠦᠢ ᠶ᠋ᠢᠨ ᠬᠠᠮᠲᠤ ᠨᠠᠰᠢ ᠴᠠᠰᠢ(ᠨᠠᠭᠠᠰᠢ ᠴᠠᠭᠠᠰᠢ) ᠶᠠᠪᠤᠵᠤ᠂ ᠲᠡᠷᠡ ᠣᠯᠠᠨ ᠮᠢᠩᠭᠠᠨ ᠯᠠᠮᠠ ᠨᠠᠷ ᠢ᠋ ᠡᠷᠢᠶᠡᠨ ᠠᠰᠠᠷ ᠤ᠋ᠨ ᠬᠣᠶᠠᠷ ᠬᠠᠵᠠᠭᠤ ᠪᠠᠷ ᠵᠦᠯᠭᠡᠨ ᠳᠡᠭᠡᠷ᠎ᠡ ᠡᠩᠨᠡᠭᠦᠯᠦᠨ ᠰᠠᠭᠤᠯᠭᠠᠭᠠᠳ᠂ ᠴᠣᠢᠵᠣᠩ ᠤᠮᠵᠠᠳ ᠬᠦᠩᠭᠢᠨᠡᠭᠰᠡᠨ ᠥᠳᠬᠡᠨ ᠳᠠᠭᠤᠨ ᠢ᠋ᠶ᠋ᠠᠷ ᠤᠩᠰᠢᠯᠭ᠎ᠠ ᠪᠠᠨ ᠡᠬᠢᠯᠡᠵᠦ᠂ ᠳᠠᠴᠠᠩ ᠤ᠋ᠳ ᠤ᠋ᠨ ᠤᠮᠵᠠᠳ ᠤ᠋ᠳ ᠦᠯᠭᠡᠵᠦ(ᠡᠯᠭᠦᠵᠦ) ᠠᠪᠤᠭᠠᠳ ᠲᠣᠮᠣ ᠲᠣᠮᠣ ᠬᠡᠩᠭᠡᠷᠭᠡ ᠲᠦᠩ ᠲᠦᠩ ᠳᠤᠤᠭᠠᠷᠴᠤ᠂ ᠡᠳᠦᠢ ᠲᠡᠳᠦᠢ ᠮᠢᠩᠭᠠᠨ ᠯᠠᠮᠠ ᠨᠠᠷ ᠰᠤᠷᠤᠮᠠᠭᠠᠢ(ᠰᠤᠷᠮᠠᠭᠠᠢ) ᠪᠠᠷᠬᠢᠷᠠᠭ᠎ᠠ ᠬᠣᠭᠣᠯᠠᠢ ᠪᠠᠷ ᠲᠣᠰᠣᠨ ᠵᠠᠯᠭᠠᠵᠤ᠂ ᠡᠷᠲᠡᠨ ᠦ᠌ ᠵᠠᠯᠪᠠᠷᠢᠯ ᠢ᠋ ᠨᠢᠵᠢᠭᠢᠨᠡᠨ ᠬᠦᠩᠭᠢᠨᠡᠭᠰᠡᠨ ᠶᠡᠬᠡ ᠳᠠᠭᠤᠨ ᠢ᠋ᠶ᠋ᠠᠷ ᠬᠥᠭᠵᠢᠭᠡᠨ ᠤᠩᠰᠢᠵᠠᠢ᠃
ᠲᠡᠷᠡ ᠵᠠᠪᠰᠠᠷ᠂ ᠰᠤᠷ ᠵᠠᠯᠠᠬᠤ ᠶ᠋ᠢ ᠬᠠᠷᠠᠬᠤ ᠭᠡᠵᠦ ᠴᠤᠭᠯᠠᠭᠰᠠᠨ ᠣᠯᠠᠨ ᠬᠠᠷᠠᠴᠤᠤᠯ᠂ ᠠᠮᠠ ᠠᠮᠠᠨ ᠳ᠋ᠠᠭᠠᠨ ᠶᠠᠷᠢᠬᠤ ᠨᠢ ᠶᠠᠷᠢᠵᠤ ᠠᠷᠠᠯᠵᠢᠶ᠎ᠠ ᠮᠠᠢᠮᠠᠢ ᠬᠡᠯᠡᠯᠴᠡᠬᠦ ᠨᠢ ᠮᠠᠢᠮᠠᠢ ᠬᠡᠯᠡᠯᠴᠡᠵᠦ᠂ ᠶᠠᠷᠭᠠᠴᠢᠨ᠂ ᠫᠠᠨᠽᠠᠴᠢᠨ᠂ ᠮᠠᠯ ᠬᠤᠳᠠᠯᠳᠤᠬᠤ ᠪᠠᠷ ᠢᠷᠡᠭᠰᠡᠨ ᠠᠷᠠᠳ ᠤ᠋ᠳ ᠲᠠᠢ ᠬᠠᠨᠴᠤᠢ ᠳᠣᠲᠣᠷ᠎ᠠ ᠪᠠᠨ ᠬᠤᠷᠤᠭᠤ ᠠᠳᠬᠤᠨ ᠦᠨ᠎ᠡ ᠬᠡᠯᠡᠯᠴᠡᠵᠦ᠂ ᠭᠤᠢᠯᠢᠨᠴᠢᠨ᠂ ᠲᠥᠯᠭᠡᠴᠢᠨ᠂ ᠬᠢᠲᠠᠳ ᠬᠠᠢᠷᠴᠠᠭ ᠤ᠋ᠨ ᠮᠠᠢᠮᠠᠢ᠂ ᠳᠠᠮᠨᠠᠭᠤᠷᠴᠢᠨ ᠭᠠᠵᠠᠷ ᠳᠣᠣᠷ᠎ᠠ ᠠ᠋ᠴᠠ ᠭᠠᠷᠤᠭᠰᠠᠨ ᠶᠤᠮ ᠰᠢᠭ᠋ ᠣᠯᠠᠨ ᠤ᠋ ᠳᠣᠲᠣᠷ᠎ᠠ ᠪᠣᠢ ᠪᠣᠯᠵᠤ᠂ ᠪᠣᠣᠪᠣ ᠰᠢᠬᠢᠷ᠂ ᠮᠠᠬᠤᠸᠠᠷ᠂ ᠮᠠᠲᠠᠩ ᠬᠤᠳᠠᠯᠳᠤᠵᠤ ᠡᠬᠢᠯᠡᠪᠡ᠃
ᠭᠣᠶᠣ ᠭᠣᠶᠣ ᠳᠡᠪᠡᠯ ᠬᠤᠪᠴᠠᠰᠤ ᠲᠠᠢ ᠲᠠᠩᠭᠤᠳ ᠮᠣᠩᠭᠣᠯ ᠳᠠᠭᠠᠭᠤᠯᠤᠭᠰᠠᠨ ᠯᠣᠪᠰᠠᠩᠬᠠᠢᠳᠠᠪ ᠴᠣᠢᠵᠣᠩ ᠭᠡᠳᠡᠭ ᠪᠣᠭᠳᠠ ᠶ᠋ᠢᠨ ᠳᠡᠭᠦᠦ ᠮᠣᠷᠢ ᠤᠨᠤᠵᠤ ᠢᠷᠡᠭᠡᠳ ᠠᠰᠠᠷ ᠲᠤ᠌ ᠣᠷᠣᠵᠠᠢ᠃ ᠴᠣᠢᠵᠣᠩ ᠤ᠋ᠨ ᠴᠢᠷᠠᠢ ᠶ᠋ᠢ ᠦᠵᠡᠪᠡᠯ᠂ ᠠᠷᠬᠠᠭ ᠰᠠᠭᠤᠭᠰᠠᠨ ᠰᠢᠷᠣᠢ ᠰᠢᠭ᠋ ᠬᠥᠬᠡ ᠰᠢᠷ᠎ᠠ ᠥᠩᠭᠡ ᠲᠡᠢ ᠪᠥᠭᠡᠳ ᠥᠩᠭᠡ ᠳᠡᠷᠡᠰᠦᠨ ᠳ᠋ᠦ᠍ ᠪᠠᠢᠨ ᠪᠠᠢᠨ ᠰᠢᠩᠭᠡᠳᠡᠭ ᠰᠢᠨᠵᠢ ᠲᠤᠩ ᠮᠡᠳᠡᠭᠳᠡᠮ᠎ᠡ ᠲᠣᠳᠣᠷᠬᠠᠢ ᠠᠵᠢ᠃
ᠬᠣᠶᠠᠷ ᠲᠣᠮᠣ ᠰᠤᠷ ᠵᠠᠯᠠᠵᠤ ᠭᠦᠢᠴᠡᠮᠡᠭᠴᠡ᠂ ᠴᠣᠢᠵᠣᠩ ᠠᠰᠠᠷ ᠤ᠋ᠨ ᠠᠮᠠᠨ ᠳᠡᠭᠡᠷ᠎ᠡ ᠭᠠᠷᠴᠤ ᠢᠷᠡᠭᠡᠳ᠂ ᠡᠮᠦᠰᠦᠭᠰᠡᠨ ᠬᠤᠪᠴᠠᠰᠤ ᠨᠢ ᠡᠨᠡᠳᠬᠡᠭ ᠠᠯᠲᠠᠨ ᠮᠥᠩᠭᠥᠨ ᠬᠣᠷᠭᠣᠢ ᠨᠠᠷᠠᠨ ᠳ᠋ᠤ᠌ ᠭᠢᠯᠠᠯᠵᠠᠨ᠂ ᠱᠥᠷᠥ(ᠱ᠌ᠢᠷᠦ) ᠣᠭ᠌ᠶᠤ ᠰᠢᠭᠢᠳᠬᠡᠭᠰᠡᠨ ᠬᠤᠢ ᠲᠠᠢ ᠰᠡᠯᠡᠮ᠎ᠡ᠂ ᠮᠥᠩᠭᠥᠨ ᠳᠠᠪ ᠲᠠᠢ ᠰᠠᠭᠠᠳᠠᠭ ᠬᠣᠷᠣᠮᠰᠠᠭ᠎ᠠ ᠲᠠᠢ ᠨᠤᠮᠤ ᠰᠤᠮᠤ ᠠᠭᠰᠠᠵᠠᠢ᠃
ᠬᠣᠶᠠᠷ ᠯᠠᠮᠠ ᠴᠣᠢᠵᠣᠩ ᠤ᠋ᠨ ᠭᠠᠷ ᠠ᠋ᠴᠠ ᠲᠦᠰᠢᠨ᠂ ᠠᠰᠠᠷ ᠤ᠋ᠨ ᠡᠭᠦᠳᠡᠨ ᠳ᠋ᠦ᠍ ᠡᠮᠦᠨ᠎ᠡ ᠵᠦᠭ ᠬᠠᠨᠳᠤᠭᠤᠯᠤᠭᠰᠠᠨ ᠰᠢᠷᠡᠭᠡᠨ᠎ᠡ ᠰᠠᠭᠤᠯᠭᠠᠵᠤ᠂ ᠴᠣᠢᠵᠣᠩ ᠤ᠋ᠨ ᠨᠣᠮ ᠤ᠋ᠨ ᠰᠠᠬᠢᠭᠤᠯᠰᠤᠨ ᠢ᠋ ᠵᠠᠯᠠᠬᠤ ᠤᠩᠰᠢᠯᠭ᠎ᠠ ᠤᠩᠰᠢᠬᠤ ᠳ᠋ᠤ᠌ ᠪᠢᠰᠬᠢᠭᠦᠷ ᠶᠡᠬᠡᠯ᠎ᠡ (ᠶᠡᠬᠡ ᠯᠡ)ᠢᠷᠠᠭᠤᠬᠠᠨ ᠢ᠋ᠶ᠋ᠠᠷ ᠡᠭᠡᠰᠢᠭᠯᠡᠨ᠂ ᠨᠢᠭᠡᠨ ᠯᠠᠮᠠ ᠮᠥᠩᠭᠥᠨ ᠪᠣᠢᠫᠣᠷ ᠪᠠᠷᠢᠵᠤ᠂ ᠴᠣᠢᠵᠣᠩ ᠤ᠋ᠨ ᠡᠮᠦᠨ᠎ᠡ ᠡᠴᠡ ᠣᠳᠤᠯᠭ᠎ᠠ ᠪᠠᠷ ᠣᠲᠣᠪᠠᠯ᠂ ᠴᠣᠢᠵᠣᠩ ᠨᠢᠳᠦ ᠪᠡᠨ ᠠᠨᠢᠭᠠᠳ ᠵᠠᠯᠪᠠᠷᠢᠨ᠂ ᠶᠠᠮᠠᠷᠬᠠᠨ ᠨᠢᠭᠡᠨ ᠶᠠᠭᠤᠮ᠎ᠠ ᠬᠦᠯᠢᠶᠡᠨ ᠴᠢᠩᠨᠠᠵᠤ ᠪᠠᠢᠭᠰᠠᠨ ᠪᠠᠢᠳᠠᠯ ᠲᠠᠢ ᠰᠠᠭᠤᠵᠤ ᠪᠠᠢᠲᠠᠯ᠎ᠠ᠂ ᠭᠡᠨᠡᠳᠲᠡ ᠬᠥᠯ ᠨᠢ ᠴᠡᠴᠡᠷᠡᠵᠦ ᠡᠬᠢᠯᠡᠭᠡᠳ᠂ ᠬᠥᠯ ᠡᠴᠡ ᠳᠠᠮᠵᠢᠨ ᠪᠡᠯᠬᠡᠭᠦᠰᠦ᠂ ᠪᠦᠬᠦ ᠪᠡᠶ᠎ᠡ᠂ ᠭᠠᠷ ᠨᠢ ᠴᠡᠴᠡᠷᠡᠨ ᠨᠢᠭᠤᠷ ᠠᠮᠠ ᠪᠠᠨ ᠮᠤᠷᠤᠢᠯᠭᠠᠵᠤ ᠡᠬᠢᠯᠡᠪᠡ᠃ ᠴᠡᠴᠡᠷᠡᠵᠦ ᠡᠬᠢᠯᠡᠬᠦ ᠳ᠋ᠦ᠍ ᠠᠩᠬᠠᠯᠠᠨ ᠴᠣᠢᠵᠣᠩ ᠤ᠋ᠨ ᠬᠤᠪᠴᠠᠰᠤᠨ ᠳ᠋ᠠᠬᠢ ᠬᠦᠷᠡᠯ ᠮᠥᠩᠭᠥᠨ ᠬᠣᠩᠬᠣ ᠠᠶᠠᠷᠬᠠᠨ ᠵᠢᠩᠭᠢᠨᠡᠨ ᠳᠤᠤᠭᠠᠷᠴᠤ ᠡᠬᠢᠯᠡᠭᠰᠡᠨᠡ ᠤᠯᠠᠮ ᠤᠯᠠᠮ ᠴᠢᠩᠭ᠎ᠠ ᠳᠠᠭᠤᠨ ᠭᠠᠷᠴᠤ᠂ ᠨᠠᠮ ᠭᠦᠮ ᠴᠢᠮᠡᠭᠡ ᠦᠭᠡᠢ ᠳ᠋ᠦ᠍ ᠴᠠᠷᠴᠠᠬᠠᠢ ᠶ᠋ᠢᠨ ᠵᠢᠩᠭᠢᠨᠡᠬᠦ ᠴᠢᠮᠡᠭᠡ ᠶ᠋ᠢᠨ ᠳᠡᠭᠡᠷ᠎ᠡ ᠬᠣᠩᠬᠣ ᠵᠢᠩᠭᠢᠨᠡᠬᠦ ᠨᠢ ᠬᠣᠯᠠ ᠠ᠋ᠴᠠ ᠨᠢᠭᠡᠨ ᠶᠠᠭᠤᠮ᠎ᠠ ᠢᠷᠡᠵᠦ ᠶᠠᠪᠤᠭ᠎ᠠ ᠶᠤᠮ ᠰᠢᠭ᠋ ᠃ ᠴᠢᠩᠭᠢᠭᠡᠳ ᠴᠣᠢᠵᠣᠩ ᠤ᠋ᠨ ᠬᠣᠶᠠᠷ ᠬᠠᠵᠠᠭᠤ ᠳ᠋ᠤ᠌ ᠵᠣᠭᠰᠣᠵᠤ ᠪᠠᠢᠭᠰᠠᠨ ᠬᠣᠶᠠᠷ ᠯᠠᠮᠠ᠂ ᠬᠦᠨᠳᠦ ᠭᠡᠭᠴᠢ ᠶ᠋ᠢᠨ ᠵᠡᠰ ᠳᠤᠭᠤᠯᠠᠭ᠎ᠠ ᠶ᠋ᠢ ᠶᠡᠬᠡᠯ᠎ᠡ(ᠶᠡᠬᠡ ᠯᠡ) ᠬᠦᠴᠦ ᠭᠠᠷᠭᠠᠵᠤ ᠡᠷᠭᠦᠭᠡᠳ᠂ ᠴᠣᠢᠵᠣᠩ ᠤ᠋ᠨ ᠲᠣᠯᠣᠭᠠᠢ ᠳ᠋ᠤ᠌ ᠡᠮᠦᠰᠬᠡᠵᠦ᠂ ᠪᠦᠴᠡ ᠶ᠋ᠢ ᠡᠷᠡᠦ ᠳᠣᠣᠷ᠎ᠠ ᠴᠢᠩᠭ᠎ᠠ ᠲᠠᠲᠠᠵᠤ ᠤᠶᠠᠪᠠ᠃ ᠦᠵᠡᠪᠡᠰᠦ᠂ ᠳᠤᠭᠤᠯᠠᠭ᠎ᠠ ᠶ᠋ᠢᠨ ᠪᠦᠴᠡ ᠨᠢ ᠴᠣᠢᠵᠣᠩ ᠤ᠋ᠨ ᠬᠦᠷᠡᠩ ᠤᠯᠠᠭᠠᠨ ᠪᠣᠯᠵᠤ ᠬᠠᠪᠤᠩᠲᠤᠭᠰᠠᠨ ᠰᠦᠷ ᠲᠡᠢ ᠨᠢᠭᠤᠷ ᠲᠤ᠌ ᠭᠦᠨ᠎ᠡ ᠰᠢᠭᠢᠳᠴᠦ᠂ ᠨᠢᠳᠦ ᠨᠢ ᠪᠦᠯᠲᠡᠢᠭᠡᠳ ᠨᠢᠭᠤᠷ ᠠᠮᠠ ᠪᠠᠨ ᠮᠤᠷᠤᠢᠵᠤ᠂ ᠰᠢᠲᠦ ᠪᠡᠨ ᠢᠷᠵᠠᠢᠨ ᠠᠮᠢᠰᠬᠤᠯ ᠬᠢᠬᠠᠷᠠᠨ ᠭᠠᠷᠬᠤ ᠪᠣᠯᠪᠠ᠃ ᠭᠡᠨᠡᠳᠲᠡ ᠵᠡᠭᠦᠨ ᠭᠠᠷ ᠲᠠᠰᠢ(ᠲᠡᠢᠰᠢ) ᠭᠠᠵᠠᠷ ᠭᠦᠷᠦᠨ ᠠᠯᠳᠠᠲᠠᠯ᠎ᠠ ᠪᠥᠬᠥᠢᠭᠡᠳ᠂ ᠪᠠᠷᠠᠭᠤᠨ ᠭᠠᠷ ᠤ᠋ᠨ ᠵᠦᠭ ᠳᠤᠭᠤᠯᠠᠭ᠎ᠠ ᠶ᠋ᠢᠨ ᠪᠢᠴᠢᠬᠠᠨ ᠳᠠᠯᠪᠠᠭ᠎ᠠ ᠶ᠋ᠢ ᠭᠠᠵᠠᠷ ᠢ᠋ᠶ᠋ᠠᠷ ᠴᠢᠷᠦᠨ ᠨᠢᠳᠦ ᠪᠡᠨ ᠪᠦᠯᠲᠡᠢᠯᠭᠡᠨ ᠥᠭᠡᠳᠡ ᠪᠡᠨ ᠬᠠᠷᠠᠵᠤ᠂ ᠭᠤᠷᠪᠠᠨᠲᠠ ᠵᠡᠭᠦᠨ ᠭᠠᠷ ᠠ᠋ᠴᠠ ᠪᠠᠷᠠᠭᠤᠨ ᠭᠠᠷ ᠳᠠᠰᠢ(ᠲᠠᠢᠰᠢ) ᠪᠠᠨ ᠲᠡᠭᠡᠵᠦ ᠬᠥᠳᠡᠯᠦᠭᠰᠡᠨ ᠨᠢ ᠯᠠᠮᠠ ᠨᠠᠷ ᠤ᠋ᠨ ᠶᠣᠰᠣᠨ ᠳ᠋ᠤ᠌ ᠳᠣᠣᠷᠠᠲᠤ ᠭᠤᠷᠪᠠᠨ ᠮᠢᠩᠭᠠᠨ᠂ ᠳᠡᠭᠡᠳᠦ ᠭᠤᠷᠪᠠᠨ ᠮᠢᠩᠭᠠᠨ ᠶᠢᠷᠲᠢᠨᠴᠦ ᠶ᠋ᠢ ᠦᠵᠡᠵᠦ ᠪᠠᠢᠭ᠎ᠠ ᠤᠬᠠᠭᠠᠨ ᠲᠠᠢ ᠶᠤᠮ ᠪᠠᠢᠵᠠᠢ᠃ ᠲᠡᠭᠡᠭᠡᠳ ᠰᠢᠯᠦᠰᠦ ᠬᠥᠭᠡᠰᠦ ᠰᠠᠬᠠᠷᠠᠨ ᠬᠢᠬᠠᠷᠠᠵᠤ᠂ ᠰᠠᠭᠤᠳᠠᠯ ᠠ᠋ᠴᠠ ᠪᠣᠰᠤᠭᠠᠳ ᠠᠮᠠ ᠪᠠᠨ ᠠᠩᠭᠠᠢᠵᠤ ᠰᠢᠳᠦ ᠪᠡᠨ ᠢᠷᠵᠠᠢᠵᠤ᠂ ᠨᠢᠳᠦ ᠶᠤᠭᠠᠨ ᠪᠦᠯᠲᠡᠢᠵᠦ᠂ ᠮᠢᠨᠴᠢᠢᠭᠰᠡᠨ ᠬᠦᠷᠡᠩ ᠤᠯᠠᠭᠠᠨ ᠰᠦᠷᠳᠡᠮ᠎ᠡ ᠴᠢᠷᠠᠢ ᠲᠠᠢ ᠪᠣᠯᠵᠤ᠂ ᠳᠣᠭᠰᠢᠨ ᠰᠠᠬᠢᠭᠤᠯᠰᠤ ᠶ᠋ᠢ ᠳᠦᠷᠰᠦᠯᠡᠨ ᠬᠣᠶᠠᠷ ᠬᠠᠵᠠᠭᠤ ᠪᠠᠷ ᠡᠩᠨᠡᠭᠦᠯᠦᠨ ᠰᠠᠭᠤᠭᠰᠠᠨ ᠯᠠᠮᠠ ᠨᠠᠷ ᠤ᠋ᠨ ᠳᠤᠮᠳᠠᠭᠤᠷ ᠲᠠᠬᠢᠯ ᠤ᠋ᠨ ᠲᠣᠭᠣᠭ᠎ᠠ ᠶ᠋ᠢᠨ ᠵᠦᠭ ᠠᠯᠬᠤᠬᠤ ᠳ᠋ᠤ᠌ ᠣᠯᠠᠨ ᠯᠠᠮᠠ ᠨᠠᠷ ᠪᠣᠰᠴᠠᠭᠠᠵᠤ᠂ ᠬᠣᠢᠨ᠎ᠠ ᠠ᠋ᠴᠠ ᠨᠢ ᠲᠠᠭᠠᠯᠴᠠᠨ ᠣᠳᠪᠠ᠃ ᠲᠣᠭᠣᠭᠠᠨ ᠤ᠋ ᠡᠮᠦᠨ᠎ᠡ ᠣᠴᠢᠭᠠᠳ ᠭᠠᠷ ᠢ᠋ᠶ᠋ᠠᠨ ᠴᠠᠭᠵᠠᠯᠠᠵᠤ ᠪᠥᠵᠢᠭᠯᠡᠭᠡᠳ᠂ ᠨᠠᠷᠠᠨ ᠰᠢᠩᠭᠡᠬᠦ ᠵᠦᠭ ᠬᠠᠨᠳᠤᠵᠤ᠂ ᠬᠥᠬᠡ ᠲᠩᠷᠢ ᠶ᠋ᠢᠨ ᠵᠦᠭ ᠬᠠᠷᠪᠤᠪᠠᠯ᠂ ᠰᠤᠮᠤ ᠳᠡᠭᠡᠭᠰᠢ ᠶᠡᠬᠡᠯ᠎ᠡ ᠬᠣᠯᠠ ᠶᠠᠪᠤᠵᠠᠢ᠃ ᠲᠡᠷᠡ ᠵᠠᠪᠰᠠᠷ᠂ ᠯᠠᠮᠠ ᠨᠠᠷ ᠰᠠᠬᠢᠭᠤᠯᠰᠤᠨ ᠳ᠋ᠤ᠌ ᠡᠷᠭᠦᠭᠦᠷᠡ ᠪᠠᠵᠠᠭᠠᠭᠰᠠᠨ ᠲᠠᠬᠢᠯ ᠤ᠋ᠨ ᠢᠳᠡᠭᠡ ᠲᠡᠢ ᠲᠣᠭᠣᠭ᠎ᠠ ᠶ᠋ᠢ ᠨᠦᠬᠡᠨ ᠳ᠋ᠦ᠍ ᠬᠥᠮᠥᠷᠢᠭᠦᠯᠵᠦ᠂ ᠣᠯᠠᠨ ᠮᠢᠩᠭᠠᠨ ᠯᠠᠮᠠ ᠨᠠᠷ ᠰᠢᠷ᠎ᠠ ᠳᠡᠯᠲᠦ ᠰᠢᠰᠠᠷ ᠮᠠᠯᠠᠭᠠᠢ ᠪᠠᠨ ᠠᠪᠴᠠᠭᠠᠨ ᠳᠠᠯᠠᠯᠵᠠᠭᠠᠭᠰᠠᠨ ᠨᠢ ᠣᠯᠠᠨ ᠤ᠋ ᠳᠡᠭᠡᠭᠦᠷ ᠦᠢ ᠣᠯᠠᠨ ᠰᠢᠷ᠎ᠠ ᠥᠩᠭᠡᠲᠦ ᠰᠢᠪᠠᠭᠤ ᠳᠡᠪᠢᠭᠰᠡᠨ(ᠲᠠᠯᠪᠢᠭᠰᠠᠨ) ᠮᠡᠲᠦ ᠦᠵᠡᠭᠳᠡᠵᠡᠢ᠃ ᠭᠡᠲᠡᠯ᠎ᠡ᠂ ᠭᠡᠨᠡᠳᠲᠡ ᠴᠣᠢᠵᠣᠩ ᠤ᠋ᠨ ᠬᠠᠷᠪᠤᠭᠰᠠᠨ ᠰᠤᠮᠤ ᠶ᠋ᠢᠨ ᠵᠦᠭ ᠲᠦ᠍ ᠨᠢᠭᠡᠨ ᠠᠮᠢᠲᠠᠨ ᠶᠣᠢᠯᠠᠬᠤ ᠮᠡᠲᠦ ᠳᠠᠭᠤᠨ ᠠᠯᠳᠠᠭᠰᠠᠨ ᠴᠢᠮᠡᠭᠡ ᠰᠣᠨᠣᠰᠳᠠᠲᠠᠯᠠ ᠴᠣᠢᠵᠣᠩ ᠭᠠᠷ ᠢ᠋ᠶ᠋ᠠᠨ ᠠᠯᠳᠠᠯᠠᠵᠤ ᠭᠡᠳᠡᠷᠭᠦ ᠤᠨᠠᠭᠰᠠᠨ ᠢ᠋ ᠠᠷᠤ ᠠ᠋ᠴᠠ ᠯᠠᠮᠠ ᠨᠠᠷ ᠲᠦᠰᠢᠵᠦ ᠠᠪᠤᠭᠠᠳ᠂ ᠵᠠᠩ ᠦᠢᠯᠡ ᠭᠦᠢᠴᠡᠵᠡᠢ᠃ ᠰᠤᠷ ᠴᠣᠢᠵᠣᠩ ᠬᠣᠶᠠᠷ ᠢ᠋ ᠵᠠᠯᠠᠬᠤ ᠶ᠋ᠢ ᠦᠵᠡᠬᠦ ᠭᠡᠵᠦ ᠴᠤᠭᠯᠠᠭᠰᠠᠨ ᠣᠯᠠᠨ ᠲᠠᠷᠠᠵᠠᠭᠠᠵᠤ ᠡᠬᠢᠯᠡᠯ᠎ᠡ᠃ ᠵᠠᠷᠢᠮ ᠬᠥᠮᠦᠨ ᠰᠠᠢ᠍ᠢ (ᠰᠠᠶᠢ) ᠶ᠋ᠢᠨ ᠶᠣᠢᠯᠠᠬᠤ ᠴᠢᠮᠡᠭᠡ ᠭᠠᠷᠤᠭᠰᠠᠨ ᠵᠦᠭ ᠰᠣᠨᠢᠷᠬᠠᠨ ᠣᠴᠢᠵᠠᠭᠠᠪᠠᠯ᠂ ᠴᠣᠢᠵᠣᠩ ᠤ᠋ᠨ ᠬᠠᠷᠪᠤᠭᠰᠠᠨ ᠭᠠᠵᠠᠷ ᠠ᠋ᠴᠠ ᠲᠠᠪᠢᠭᠠᠳ ᠮᠧᠲ᠋ᠷ ᠦ᠋ᠨ ᠪᠥᠭᠯᠡᠭᠦᠦ ᠭᠠᠵᠠᠷ ᠲᠤ᠌᠂ ᠠᠷᠤ ᠳ᠋ᠠᠭᠠᠨ ᠠᠷᠤᠭ ᠵᠡᠭᠦᠵᠦ ᠠᠷᠭᠠᠯ ᠲᠡᠭᠦᠵᠦ ᠶᠠᠪᠤᠭᠰᠠᠨ ᠨᠢᠭᠡᠨ ᠶᠠᠳᠠᠭᠤ ᠴᠢᠪᠠᠭᠠᠨᠴᠠ ᠳᠡᠭᠡᠷ᠎ᠡ ᠡᠴᠡ ᠪᠠᠭᠤᠭᠰᠠᠨ ᠲᠡᠷᠡ ᠰᠤᠮᠤᠨ ᠳ᠋ᠤ᠌ ᠲᠠᠭᠠᠷᠢᠭᠤᠯᠤᠭᠰᠠᠨ ᠭᠠᠵᠠᠷ ᠦᠬᠦᠳᠬᠢᠨ ᠣᠢᠴᠢᠵᠤ ᠴᠢᠰᠤ ᠪᠠᠷ ᠬᠡᠷᠬᠡᠷᠡᠨ ᠲᠠᠷᠴᠢᠯᠠᠵᠤ ᠪᠠᠢᠪᠠ᠃ ᠪᠠᠷᠠᠭᠤᠨ ᠮᠥᠷᠥ ᠡᠴᠡ ᠨᠢ ᠭᠤᠷᠪᠠᠨ ᠤ᠋ ᠨᠢᠭᠡ ᠬᠤᠪᠢ ᠨᠢ ᠰᠢᠭᠢᠳᠦᠨ ᠣᠷᠣᠭᠰᠠᠨ ᠤᠷᠲᠤ ᠰᠤᠮᠤ ᠴᠤᠬᠤᠢᠵᠠᠢ᠃
— ᠴᠣᠢᠵᠣᠩ ᠨᠣᠮ ᠤ᠋ᠨ ᠰᠠᠬᠢᠭᠤᠯᠰᠤᠨ ᠢᠳᠡᠭᠡ ᠵᠣᠭᠣᠭ ᠡᠷᠭᠦᠭᠰᠡᠨ ᠦᠭᠡᠢ ᠳ᠋ᠦ᠍ ᠬᠢᠯᠢᠩᠯᠡᠭᠡᠳ᠂ ᠡᠨᠡ ᠴᠢᠪᠠᠭᠠᠨᠴᠠ ᠶ᠋ᠢ ᠳᠠᠭᠠᠷᠢᠵᠠᠢ᠃ ᠡᠳᠦᠭᠡ ᠳᠣᠭᠰᠢᠨ ᠰᠠᠬᠢᠭᠤᠯᠰᠤᠨ᠂ ᠪᠣᠭᠳᠠ ᠬᠠᠭᠠᠨ ᠤ᠋ ᠳᠠᠢᠰᠤᠨ ᠠ᠋ᠴᠠ ᠥᠰᠢᠶ᠎ᠡ ᠪᠡᠨ ᠠᠪᠤᠨ᠎ᠠ ᠭᠡᠵᠦ ᠨᠢᠭᠡᠨ ᠡᠪᠦᠭᠡᠵᠢᠶᠡᠷ ᠯᠠᠮᠠ ᠪᠠᠷᠠᠭᠤᠨ ᠭᠠᠷ ᠢ᠋ᠶ᠋ᠠᠨ ᠡᠷᠭᠦᠨ ᠵᠠᠯᠪᠠᠷᠢᠪᠠᠯ᠂
— ᠡᠨᠡ ᠴᠢᠪᠠᠭᠠᠨᠴᠠ ᠶ᠋ᠢᠨ ᠬᠠᠮᠤᠭ ᠭᠬᠢᠷ ᠬᠢᠯᠢᠨᠴᠡ ᠠᠷᠢᠯᠵᠤ ᠲᠩᠷᠢ ᠶ᠋ᠢᠨ ᠪᠠᠶᠠᠰᠬᠤᠯᠠᠩᠲᠤ ᠣᠷᠣᠨ᠎ᠠ ᠳᠠᠮᠵᠢᠭ ᠦᠭᠡᠢ ᠲᠥᠷᠥᠬᠦ ᠨᠢ ᠠ᠋᠃ ᠭᠤᠢᠯᠢᠨᠴᠢᠨ ᠪᠣᠯᠪᠠᠴᠤ ᠠᠵᠠ ᠲᠠᠢ ᠪᠤᠶᠠᠨ ᠲᠠᠢ ᠴᠢᠪᠠᠭᠠᠨᠴᠠ ᠪᠠᠢᠵᠠᠢ ᠭᠡᠵᠦ ᠬᠠᠪᠴᠢᠭ ᠡᠭᠦᠷᠭᠡ ᠡᠭᠦᠷᠦᠭᠰᠡᠨ ᠨᠢᠭᠡᠨ ᠪᠠᠳᠢᠷᠴᠢᠨ ᠬᠡᠯᠡᠬᠦ ᠳ᠋ᠦ᠍᠂
— ᠴᠢᠮ᠎ᠠ ᠳ᠋ᠤ᠌ ᠯᠠ ᠡᠢᠮᠦ ᠠᠵᠠ ᠪᠤᠶᠠᠨ ᠳᠠᠭᠠᠷᠢᠯᠳᠤᠪᠠᠯ ᠲᠠᠭᠠᠷᠠᠬᠤ ᠶᠤᠮᠰᠠᠨ ᠳᠠ᠃ ᠮᠥᠷ ᠢ᠋ᠶ᠋ᠡᠨ ᠬᠠᠷᠠᠭᠠᠳ ᠠᠷᠭᠠᠯ ᠲᠡᠭᠦᠵᠦ᠂ ᠬᠣᠷᠣᠬᠠᠢ ᠳ᠋ᠤ᠌ ᠬᠣᠣᠷ ᠦᠭᠡᠢ ᠶᠠᠪᠤᠭᠰᠠᠨ ᠬᠥᠭᠡᠷᠦᠬᠦᠢ ᠶ᠋ᠢ ᠠᠯᠠᠴᠢᠬᠠᠵᠤ ᠳᠠ᠃ ᠠᠯᠢ ᠠ᠋᠃ ᠵᠠᠢ ᠳᠡᠯᠪᠢ᠃ ᠠᠷᠭᠠᠴᠠᠭᠠᠨ ᠲᠡᠩᠬᠡᠷᠡᠭᠦᠯᠵᠦ ᠪᠣᠯᠬᠤ ᠦᠭᠡᠢ ᠶᠦᠮ ᠪᠣᠯᠪᠠᠤ ᠤᠤ? ᠭᠡᠳ ᠣᠯᠠᠨ ᠤ᠋ ᠳᠤᠮᠳᠠ ᠠ᠋ᠴᠠ ᠠᠯᠭᠤᠷ ᠲᠠᠶᠠᠭ ᠲᠤᠯᠤᠭᠰᠠᠨ ᠨᠢᠭᠡᠨ ᠳᠣᠭᠣᠯᠠᠩ ᠡᠪᠦᠭᠡᠨ ᠭᠠᠷᠴᠤ ᠢᠷᠡᠭᠡᠳ᠂ ᠲᠡᠷᠡ ᠬᠥᠭᠡᠷᠦᠬᠦᠢ ᠶ᠋ᠢᠨ ᠳᠡᠷᠭᠡᠳᠡ ᠰᠥᠭᠥᠳᠴᠦ᠂ ᠪᠡᠶ᠎ᠡ ᠶ᠋ᠢ ᠨᠢ ᠦᠵᠡᠪᠡᠯ᠂ ᠴᠢᠪᠠᠭᠠᠨᠴᠠ ᠶ᠋ᠢᠨ ᠠᠮᠠᠨ ᠠ᠋ᠴᠠ ᠴᠢᠰᠤ ᠲᠠᠢ ᠬᠥᠭᠡᠰᠦ ᠰᠠᠬᠠᠷᠠᠨ᠂ ᠡᠪᠡᠷ ᠤᠷᠭᠤᠭᠰᠠᠨ᠂ ᠬᠣᠯᠭᠣᠭᠰᠠᠨ᠂ ᠭᠬᠢᠷ ᠤᠷᠭᠤᠭᠰᠠᠨ᠂ ᠰᠠᠭᠠᠷᠢ ᠲᠠᠢ ᠭᠠᠷ ᠨᠢ ᠡᠩᠭᠡᠷ ᠬᠡᠩᠬᠦᠳᠡᠭ ᠢ᠋ᠶ᠋ᠡᠨ ᠰᠠᠪᠠᠷᠳᠠᠨ᠂ ᠨᠥᠭᠦᠭᠡ ᠭᠠᠷ ᠨᠢ ᠠᠷᠭᠠᠯ ᠲᠡᠭᠦᠵᠦ ᠶᠠᠪᠤᠭᠰᠠᠨ ᠰᠠᠪᠠᠷ ᠢ᠋ᠶ᠋ᠠᠨ ᠲᠠᠰᠤ ᠪᠠᠵᠠᠵᠠᠢ᠃ ᠡᠪᠦᠭᠡᠨ ᠲᠡᠷᠡ ᠬᠥᠭᠡᠷᠦᠬᠦᠢ ᠡᠮᠡᠭᠡᠨ ᠦ᠌ ᠡᠩᠭᠡᠷ ᠢ᠋ᠶ᠋ᠡᠨ ᠮᠠᠭᠠᠵᠢᠯᠠᠵᠤ ᠪᠠᠢᠭᠰᠠᠨ ᠭᠠᠷ ᠢ᠋ ᠠᠶᠠᠷᠬᠠᠨ ᠬᠠᠵᠠᠭᠤ ᠲᠡᠰᠢ ᠪᠣᠯᠭᠠᠭᠠᠳ ᠰᠢᠷᠬ᠎ᠠ ᠶ᠋ᠢ ᠦᠵᠡᠪᠡᠰᠦ᠂
— ᠠᠮᠢᠰᠬᠤᠭ᠎ᠠ ᠪᠠᠨ ᠬᠤᠷᠢᠶᠠᠵᠤ ᠡᠬᠢᠯᠡᠯ᠎ᠡ᠃ ᠣᠳᠣ ᠠᠬ᠎ᠠ ᠮᠢᠨᠢ ᠲᠤᠰᠠᠯᠠᠭᠠᠳ ᠲᠤᠰᠠᠯᠠᠭᠠᠳ ᠥᠩᠭᠡᠷᠡᠵᠡᠢ ᠭᠡᠵᠦ ᠨᠢᠭᠡ ᠬᠥᠮᠦᠨ ᠳᠤᠤᠭᠠᠷᠴᠠᠢ᠃ ᠬᠠᠨᠵᠠᠷᠠᠵᠤ ᠬᠠᠭᠠᠷᠠᠭᠰᠠᠨ ᠭᠤᠲᠤᠯ ᠢ᠋ᠶ᠋ᠠᠨ ᠣᠯᠣᠰᠣ ᠪᠠᠷ ᠬᠡᠷᠦᠵᠦ ᠪᠣᠭᠣᠭᠰᠠᠨ᠂ ᠤᠷᠠᠩᠬᠠᠢ ᠬᠤᠪᠴᠠᠰᠤ ᠲᠠᠢ ᠨᠢᠭᠡ ᠡᠪᠦᠭᠡᠨ ᠰᠠᠢᠬᠢ( ᠰᠠᠶᠢᠬᠢ) ᠳᠣᠭᠣᠯᠠᠩ ᠡᠪᠦᠭᠡᠨ ᠦ᠌ ᠳᠡᠷᠭᠡᠳᠡ ᠬᠦᠷᠴᠦ ᠢᠷᠡᠭᠡᠳ ᠴᠥᠮᠴᠥᠢᠨ(ᠴᠣᠮᠴᠣᠢᠨ) ᠰᠠᠭᠤᠬᠤ ᠳ᠋ᠤ᠌᠂ ᠳᠣᠭᠣᠯᠠᠩ ᠡᠪᠦᠭᠡᠨ᠂
— ᠬᠥᠭᠡᠷᠦᠬᠦᠢ ᠶ᠋ᠢ ᠣᠳᠣ ᠲᠣᠯᠣᠭᠠᠢ ᠶ᠋ᠢ ᠨᠢ ᠬᠣᠢᠰᠢ ᠨᠢ ᠬᠠᠷᠠᠭᠤᠯᠵᠤ ᠬᠡᠪᠲᠡᠭᠦᠯᠦᠭᠡᠳ᠂ ᠨᠣᠬᠠᠢ ᠰᠢᠪᠠᠭᠤ ᠪᠤᠰᠢᠭᠤᠬᠠᠨ ᠢᠳᠡᠭ ᠭᠡᠵᠦ ᠪᠦᠰᠡ ᠶ᠋ᠢ ᠨᠢ ᠲᠠᠢᠯᠵᠤ ᠥᠭᠭᠦᠶ᠎ᠡ ᠳᠡ ᠭᠡᠵᠡᠢ᠃
ᠡᠮᠡᠭᠡᠨ ᠢ᠋ ᠦᠬᠦᠪᠡ ᠭᠡᠵᠦ ᠰᠣᠨᠣᠰᠤᠮᠠᠭᠴᠠ᠂ ᠰᠡᠵᠢᠭᠴᠢ ᠣᠯᠠᠨ ᠳᠠᠷᠤᠢ ᠠᠮᠠ ᠳᠣᠲᠣᠷ᠎ᠠ ᠪᠠᠨ ᠤᠩᠰᠢᠯᠭ᠎ᠠ ᠰᠢᠪᠡᠭᠡᠨᠡᠨ ᠳᠠᠷᠠᠵᠠᠭᠠᠵᠤ᠂ ᠥᠨᠥ ᠬᠣᠶᠠᠷ ᠡᠪᠦᠭᠡᠨ ᠦᠯᠡᠳᠡᠭᠡᠳ ᠲᠡᠷᠡ ᠨᠥᠭᠴᠢᠭᠰᠡᠨ ᠡᠮᠡᠭᠡᠨ ᠢ᠋ ᠶᠣᠰᠣᠭᠠᠷ ᠨᠢ ᠬᠡᠪᠲᠡᠭᠦᠯᠦᠭᠡᠳ᠂ ᠰᠤᠮᠤ ᠶ᠋ᠢ ᠰᠤᠭᠤ ᠲᠠᠲᠠᠵᠤ ᠬᠠᠶᠠᠭᠠᠳ᠂ ᠬᠣᠲᠠ ᠤᠷᠤᠭᠤ ᠬᠣᠶᠠᠭᠤᠯᠠ ᠪᠠᠨ ᠶᠠᠭᠠᠷᠠᠯ ᠦᠭᠡᠢ ᠬᠡᠯᠲᠦᠷᠢᠵᠦ᠂ ᠤᠷᠠᠩᠬᠠᠢ ᠳᠡᠪᠡᠯ ᠲᠡᠢ ᠡᠪᠦᠭᠡᠨ ᠨᠥᠭᠦᠭᠡ ᠳᠣᠭᠣᠯᠠᠩ ᠡᠪᠦᠭᠡᠨ ᠡᠴᠡ᠂
— ᠡᠷᠬᠢᠮ ᠦ᠋ᠨ ᠢᠷᠠᠭᠤ ᠠᠯᠳᠠᠷ ᠬᠡᠨ ᠪᠢᠯᠡ? ᠭᠡᠵᠦ ᠠᠰᠠᠭᠤᠵᠠᠢ᠃
— ᠮᠠᠭᠤ ᠠᠬ᠎ᠠ ᠶ᠋ᠢᠨ ᠴᠢᠨᠢ ᠨᠡᠷ᠎ᠡ ᠯᠤᠤᠵᠠᠩ ᠭᠡᠳᠡᠭ᠃ ᡀᠠ ᠪᠠᠢᠰᠠ ᠶ᠋ᠢᠨ ᠬᠣᠰᠢᠭᠤ ᠨᠤᠲᠤᠭ ᠲᠠᠢ᠃ ᠡᠷᠬᠢᠮ ᠦ᠋ᠨ ᠨᠡᠷ᠎ᠡ ᠬᠡᠨ ᠪᠢᠯᠡ? ᠭᠡᠬᠦ ᠳ᠋ᠦ᠍ᠨᠢ᠂
— ᠮᠠᠭᠤ ᠳᠡᠭᠦᠦ ᠶ᠋ᠢ ᠴᠢᠨᠢ ᠬᠥᠮᠦᠨ᠂ ᠬᠥᠪᠴᠢ ᠶ᠋ᠢᠨ ᠬᠠᠷ᠎ᠠ ᠳᠠᠷᠬᠠᠨ ᠭᠡᠳᠡᠭ᠃ ᠴᠣᠬᠣᠮ ᠡᠴᠢᠭᠡ ᠡᠬᠡ ᠮᠢᠨᠢ ᠣᠨᠳᠣᠷᠣᠢ ᠭᠡᠳᠡᠭ ᠪᠢᠯᠡ ᠭᠡᠬᠦ ᠳ᠋ᠦ᠍ᠨᠢ᠂ ᠬᠥᠪᠴᠢ ᠶ᠋ᠢᠨ ᠬᠠᠷ᠎ᠠ ᠳᠠᠷᠬᠠᠨ ᠭᠡᠳᠡᠭ ᠠᠯᠳᠠᠷ ᠢ᠋ ᠴᠢᠨᠢ ᠳᠡᠭᠡᠷ᠎ᠡ ᠡᠴᠡ ᠰᠣᠨᠣᠰᠴᠤ᠂ ᠨᠠᠢ᠍ᠮᠠᠨ ᠬᠢᠬᠡᠰᠦ ᠲᠡᠢ ᠬᠦᠷᠳᠦᠨ ᠲᠠᠮᠠᠭ᠎ᠠ ᠶ᠋ᠢ ᠴᠢᠨᠢ ᠬᠡᠳᠦ ᠬᠡᠳᠦ ᠦᠵᠡᠭᠰᠡᠨ᠃ ᠡᠨᠡ ᠴᠢᠨᠦ ᠭᠠᠷ ᠤ᠋ᠨ ᠤᠷᠠᠨ ᠪᠢᠰᠢ ᠪᠢᠵᠡ? ᠭᠡᠵᠦ ᠬᠢᠲᠤᠭ᠎ᠠ ᠪᠠᠨ ᠦᠵᠡᠭᠦᠯᠪᠡᠯ᠂ ᠬᠥᠪᠴᠢ ᠶ᠋ᠢᠨ ᠬᠠᠷ᠎ᠠ ᠳᠠᠷᠬᠠᠨ ᠲᠡᠷᠡ ᠬᠢᠲᠤᠭ᠎ᠠ ᠶ᠋ᠢ ᠰᠡᠳᠬᠢᠯ ᠬᠥᠳᠡᠯᠦᠨ ᠦᠵᠡᠭᠡᠳ᠂
— ᠮᠢᠨᠦ ᠡᠪᠦᠭᠡ ᠣᠨᠳᠣᠷᠣᠢ ᠶ᠋ᠢᠨ ᠦᠶᠡᠲᠦ ᠮᠢᠰᠡᠷ ᠪᠣᠯᠣᠳ ᠬᠢᠲᠤᠭ᠎ᠠ ᠪᠠᠢᠨ᠎ᠠ᠃ ᠬᠠᠮᠤᠭ ᠤ᠋ᠨ ᠰᠡᠭᠦᠯᠴᠢ ᠶ᠋ᠢᠨ ᠬᠢᠭᠰᠡᠨ ᠬᠢᠲᠤᠭ᠎ᠠ ᠨᠢ ᠪᠦᠷ ᠶᠣᠰᠣᠭᠠᠷ ᠢ᠋ᠶ᠋ᠠᠨ ᠪᠠᠢᠨ᠎ᠠ᠃ ᠬᠦᠷᠳᠦᠨ ᠲᠠᠮᠠᠭ᠎ᠠ ᠭᠡᠳᠡᠭ ᠮᠠᠨᠠᠢ ᠣᠪᠣᠭ ᠤ᠋ᠨ ᠲᠠᠮᠠᠭ᠎ᠠ ᠪᠢᠯᠡ᠃
ᠣᠢᠷᠠᠳ ᠤ᠋ᠨ ᠳᠠᠷᠬᠠᠨ ᠣᠷᠣᠰᠯᠠᠷ ᠣᠪᠣᠭᠲᠠᠨ ᠤ᠋ ᠬᠣᠷᠢᠨ ᠲᠠᠪᠤᠨ ᠦᠶ᠎ᠡ ᠬᠡᠷᠡᠭᠯᠡᠵᠦ ᠪᠠᠢᠭ᠎ᠠ ᠲᠠᠮᠠᠭ᠎ᠠ ᠳᠠ᠃ ᠮᠠᠨ ᠤ᠋ ᠳᠡᠭᠡᠳᠦ ᠡᠪᠦᠭᠡ ᠣᠨᠳᠣᠷᠣᠢ ᠲᠡᠷᠡ ᠲᠠᠮᠠᠭ᠎ᠠ ᠬᠡᠷᠡᠭᠯᠡᠵᠦ ᠪᠠᠢᠭᠰᠠᠨ ᠶᠤᠮ ᠭᠡᠳᠡᠭ᠃ ᠲᠡᠭᠡᠭᠡᠳ ᠦᠶ᠎ᠡ ᠶ᠋ᠢᠨ ᠦᠶ᠎ᠡ ᠳ᠋ᠦ᠍ ᠤᠤᠭᠠᠨ ᠬᠦᠦ ᠳ᠋ᠡᠭᠡᠨ ᠣᠨᠳᠣᠷᠣᠢ ᠨᠡᠷ᠎ᠡ ᠥᠭᠴᠦ᠂ ᠡᠨᠡ ᠰᠠᠬᠢᠭᠤᠯᠰᠤ ᠵᠡᠭᠦᠯᠭᠡᠵᠦ ᠪᠠᠢ ᠭᠡᠵᠦ ᠵᠠᠬᠢᠭᠰᠠᠨ ᠶᠤᠮ ᠭᠡᠳᠡᠭ ᠭᠡᠵᠦ ᠡᠷᠲᠡᠨ ᠦ᠌ ᠨᠢᠭᠡ ᠵᠡᠰ ᠵᠠᠭᠠᠯᠮᠠᠢ ᠵᠡᠭᠦᠵᠦ ᠶᠠᠪᠤᠭᠰᠠᠨ ᠢ᠋ᠶ᠋ᠠᠨ ᠦᠵᠡᠭᠦᠯᠪᠡᠯ᠂
— ᠬᠦᠦ ᠳ᠋ᠦ᠍ᠨᠢ ᠡᠴᠢᠭᠡ ᠶ᠋ᠢᠨ ᠨᠡᠷ᠎ᠡ ᠥᠭᠬᠦ ᠭᠡᠳᠡᠭ ᠴᠢᠨᠢ ᠮᠣᠩᠭᠣᠯ ᠶᠣᠰᠣ ᠪᠢᠰᠢ ᠰᠢᠦ ᠳᠡ᠃ ᠴᠢᠨᠦ ᠳᠡᠭᠡᠳᠦᠰ ᠥᠭᠡᠷ᠎ᠡ ᠠᠢᠮᠠᠭ ᠶᠠᠰᠤᠨ ᠤ ᠤᠯᠤᠰ ᠪᠠᠶ᠋ᠢᠵᠤ ᠤᠤ ᠳ᠋ᠠ? ᠭᠡᠳ ᠡᠪᠦᠭᠡᠨ ᠦ ᠭᠠᠶ᠋ᠢᠬᠠᠬᠤ ᠳᠤ᠂
— ᠲᠡᠷᠡ ᠮᠠᠭᠠᠳ ᠦᠭᠡᠢ᠂ ᠶᠡᠬᠡᠯ᠎ᠡ(ᠶᠡᠬᠡ ᠯᠡ) ᠳᠡᠭᠡᠳᠦ ᠴᠠᠭ ᠠᠴᠠ ᠲᠡᠭᠡᠵᠦ ᠦᠶ᠎ᠡ ᠳᠡᠮᠵᠢᠵᠦ ᠢᠷᠡᠭᠰᠡᠨ ᠭᠡᠷᠢᠶᠡᠰᠦ(ᠭᠡᠷᠢᠶᠡᠰ) ᠶᠣᠰᠣ ᠶᠤᠮ ᠭᠡᠨ᠎ᠡ ᠪᠢᠯᠡ᠃ ᠭᠠᠭᠴᠠ ᠪᠢ᠂ ᠣᠷᠣᠰᠯᠠᠷ ᠣᠪᠣᠭ ᠤᠨ ᠬᠠᠮᠤᠭ ᠤᠨ ᠰᠡᠭᠦᠯᠴᠢ ᠶᠢᠨ ᠣᠨᠳᠣᠷᠣᠢ ᠪᠣᠯᠵᠤ᠂ ᠨᠠᠮᠠᠶ᠋ᠢ ᠡᠴᠦᠰ ᠪᠣᠯᠬᠤ ᠳᠤ ᠮᠠᠨᠠᠢ(ᠮᠠᠨ ᠤ) ᠲᠠᠮᠠᠭ᠎ᠠ ᠴᠤ᠌ ᠠᠯᠠᠭ᠎ᠠ ᠪᠣᠯᠵᠤ᠂ ᠡᠨᠡ ᠡᠪᠦᠭᠡᠳ ᠳᠡᠭᠡᠳᠦᠰ ᠤᠨ ᠰᠠᠬᠢᠭᠤᠯᠰᠤ ᠴᠤ᠌ ᠮᠢᠨᠦ ᠪᠡᠶ᠎ᠡ ᠲᠠᠢ ᠬᠠᠮᠲᠤ ᠦᠭᠡᠢ ᠪᠣᠯᠬᠤ ᠪᠣᠯᠵᠠᠢ᠃ ᠮᠠᠨᠠᠢ(ᠮᠠᠨ ᠤ) ᠬᠠᠭᠠᠨ᠂ ᠮᠢᠨᠦ ᠭᠠᠭᠴᠠ ᠬᠦᠦ ᠶᠢ ᠬᠣᠣᠷᠯᠠᠭᠠᠳ᠂ ᠨᠠᠮᠠᠶ᠋ᠢ ᠦᠬᠦᠬᠦ ᠳᠦ ᠮᠢᠨᠦ ᠭᠠᠯ ᠭᠣᠯᠣᠮᠲᠠ ᠲᠠᠰᠤᠷᠠᠬᠤ ᠪᠣᠯᠤᠭᠠᠳ ᠪᠠᠶ᠋ᠢᠨ᠎ᠠ᠃ ᠮᠢᠨᠦ ᠬᠠᠷᠢᠶᠠᠯ ᠲᠡᠷᠡ ᠬᠠᠭᠠᠨ ᠳᠤ ᠬᠦᠷᠴᠦ᠂ ᠦᠷ᠎ᠡ ᠦᠨᠳᠦᠰᠦ ᠨᠢ ᠲᠠᠰᠤᠷᠠᠨ ᠰᠥᠨᠥᠭ! ᠭᠡᠵᠦ ᠶᠠᠷᠢᠬᠰᠠᠭᠠᠷ ᠬᠣᠶᠠᠷ ᠡᠪᠦᠭᠡᠳ ᠵᠠᠬ᠎ᠠ ᠳᠡᠭᠡᠷᠡᠬᠢ ᠨᠢᠭᠡᠨ ᠭᠤᠸᠠᠩᠵᠡᠨ(ᠭᠤᠸᠠᠨᠰᠠᠨ) ᠳᠤ ᠬᠦᠷᠴᠦ ᠬᠣᠭᠣᠯᠠ ᠢᠳᠡᠵᠦ᠂ ᠬᠠᠯᠠᠭᠠᠭᠰᠠᠨ ᠠᠷᠢᠬᠢ ᠶᠢ ᠪᠢᠴᠢᠬᠠᠨ ᠵᠥᠩᠵᠡ(ᠵᠦᠩᠰᠡ) ᠪᠡᠷ ᠰᠢᠮᠡᠨ ᠤᠤᠭᠤᠵᠤ ᠶᠠᠷᠢᠯᠴᠠᠪᠠ᠃
— ᠮᠠᠨᠠᠢ(ᠮᠠᠨ ᠤ) ᠬᠠᠭᠠᠨ ᠶᠡᠬᠡ ᠰᠡᠵᠢᠭᠴᠢ ᠬᠥᠮᠦᠨ ᠪᠢᠯᠡ ᠭᠡᠳ ᠣᠢ ᠶᠢᠨ ᠬᠠᠷ᠎ᠠ ᠳᠠᠷᠬᠠᠨ ᠥᠭᠦᠯᠡᠷᠦᠨ᠂ ᠡᠪᠦᠯ ᠬᠦᠦ ᠪᠢᠳᠡ ᠬᠣᠶᠠᠷ᠂ ᠬᠠᠭᠠᠨ ᠤ ᠲᠣᠮᠣ ᠭᠡᠷ ᠲᠦ ᠵᠡᠰ ᠦᠷ( ᠥᠷᠥ) ᠬᠢᠵᠦ ᠥᠭᠴᠦ ᠪᠢᠯᠡ᠂ ᠬᠠᠪᠤᠷ ᠬᠠᠭᠠᠨ ᠳᠤ ᠡᠪᠡᠳᠴᠢᠨ ᠲᠤᠰᠤᠭᠰᠠᠨ ᠢ ᠯᠠᠮᠠ ᠨᠠᠷ᠂ ᠭᠠᠭᠴᠠ ᠬᠢᠲᠠᠳ ᠬᠥᠮᠦᠨ ᠳᠦ ᠲᠣᠰᠳᠠᠭ ᠡᠪᠡᠳᠴᠢᠨ ᠭᠡᠵᠡᠢ᠃ ᠬᠠᠭᠠᠨ ᠤ ᠭᠤᠶᠠᠨ ᠳᠤ ᠬᠥᠬᠡ ᠨᠥᠵᠢ ᠰᠢᠭ ᠶᠠᠭᠤᠮ᠎ᠠ ᠭᠠᠷᠴᠤ᠂ ᠰᠢᠳᠦ ᠬᠥᠳᠡᠯᠵᠦ᠂ ᠪᠦᠢᠯᠡ ᠬᠠᠪᠤᠩᠨᠠᠭᠠᠳ᠂ ᠴᠢᠰᠤ ᠭᠠᠷᠳᠠᠭ ᠪᠣᠯᠵᠠᠢ᠃ ᠬᠠᠭᠠᠨ ᠤ ᠵᠢᠷᠤᠬᠠᠶ᠋ᠢᠴᠢ ᠡᠪᠦᠯ ᠬᠦᠦ ᠪᠢᠳᠡ ᠬᠣᠶᠠᠷ ᠢ ᠠᠶᠠᠭ᠎ᠠ ᠠᠯᠳᠠᠯᠠᠵᠤ ᠥᠭᠭᠦᠭᠰᠡᠨ ᠦᠭᠡᠢ ᠭᠡᠵᠦ ᠬᠣᠷᠣᠰᠤᠭᠠᠳ᠂ ᠬᠠᠭᠠᠨ ᠤ ᠡᠪᠡᠳᠴᠢᠨ ᠢ ᠲᠠᠶ᠋ᠢᠯᠪᠤᠷᠢᠯᠠᠵᠤ ᠥᠭᠬᠦ ᠳ᠋ᠡᠭᠡᠨ᠂ ᠲᠤᠯᠭᠠᠨ ᠤ ᠵᠡᠰ ᠦᠷ ᠢ (ᠥᠷᠥ ᠶ᠋ᠢ) ᠬᠢᠭᠰᠡᠨ ᠤᠯᠤᠰ ᠬᠠᠷᠢᠶᠠᠯ ᠬᠢᠭᠰᠡᠨ ᠤᠴᠢᠷ ᠠᠴᠠ ᠲᠡᠶ᠋ᠢᠮᠦ ᠡᠲᠡᠭᠡᠳ ᠡᠪᠡᠳᠴᠢᠨ ᠬᠠᠭᠠᠨᠲᠠᠨ ᠳᠤ ᠲᠤᠰᠴᠠᠢ ᠭᠡᠵᠦ ᠬᠡᠯᠡᠵᠡᠢ᠃ ᠬᠦᠦ ᠪᠢᠳᠡ ᠬᠣᠶᠠᠷ᠂ ᠬᠠᠭᠠᠨ ᠳᠤ ᠬᠠᠷᠢᠶᠠᠯ ᠬᠢᠭᠰᠡᠨ ᠬᠡᠷᠡᠭ ᠲᠦ ᠤᠨᠠᠵᠤ ᠭᠢᠨᠳᠠᠨ ᠳᠤ ᠬᠣᠷᠢᠬᠳᠠᠭᠠᠳ᠂ ᠡᠷᠡᠭᠦᠦ ᠰᠢᠭᠦᠯᠲᠡ ᠡᠳᠦᠷ ᠪᠣᠯᠭᠠᠨ ᠰᠢᠭᠦᠯᠭᠡᠵᠦ᠂ ᠬᠦᠦ ᠮᠢᠨᠢ ᠰᠢᠷᠬ᠎ᠠ ᠶᠢᠨ ᠬᠠᠯᠠᠭᠤᠨ ᠠᠴᠠ ᠪᠣᠯᠵᠤ ᠦᠬᠦᠭᠡᠳ᠂ ᠨᠠᠮᠠᠶ᠋ᠢ ᠬᠦᠷᠢᠶᠡᠨ ᠦ ᠪᠠᠲᠤ ᠭᠦᠨ ᠳᠤ ᠰᠢᠯᠵᠢᠭᠦᠯᠦᠭᠰᠡᠨ ᠪᠢᠯᠡ᠃ ᠪᠢ ᠴᠦ᠍ ᠪᠠᠰᠠ ᠬᠦᠷᠢᠶᠡᠨ ᠦ ᠲᠡᠷᠡ ᠪᠠᠲᠤ ᠭᠦᠨ ᠳᠣᠲᠣᠷ᠎ᠠ ᠦᠬᠦᠬᠦ ᠲᠣᠩ ᠣᠶ᠋ᠢᠷᠠᠬᠠᠨ ᠪᠣᠯᠤᠭᠰᠠᠨ ᠪᠢᠯᠡ᠃
ᠭᠡᠲᠡᠯ᠎ᠡ ᠠᠵᠠ ᠲᠠᠭᠠᠷᠢᠵᠤ᠂ ᠤᠷᠢᠳᠦ ᠨᠤᠲᠤᠭ ᠤᠨ ᠢᠶᠡᠨ ᠨᠢᠭᠡᠨ ᠬᠡᠣ᠌ᠬᠡᠠ ᠳ᠋ᠦ᠍ ᠠᠯᠲᠠᠨ ᠡᠭᠡᠮᠡᠭ᠌ ᠬᠢᠵᠦ ᠦᠭᠭᠦᠭᠰᠡᠨ ᠪᠠᠶ᠋ᠢᠵᠠᠢ ᠪᠢ᠃ ᠲᠡᠷᠡ ᠬᠡᠦᠬᠡᠨ ᠮᠠᠨᠢ ᠣᠳᠣ ᠳᠡᠭᠡᠭᠦᠷ ᠬᠥᠮᠦᠨ ᠪᠣᠯᠵᠤ᠂ ᠳᠡᠭᠡᠷᠡᠬᠢ ᠶᠢᠨ ᠲᠠᠭᠠᠯᠠᠯ ᠳᠤ ᠨᠡᠶ᠋ᠢᠯᠡᠭᠦᠯᠳᠡᠭ ᠬᠥᠮᠦᠨ ᠪᠣᠯᠵᠠᠢ᠃ ᠲᠡᠭᠡᠭᠡᠳ ᠨᠢᠭᠡ ᠡᠭᠡᠮᠡᠭ᠌ ᠢᠶᠡᠨ ᠡᠪᠳᠡᠴᠢᠭᠡᠳ᠂ ᠵᠠᠰᠠᠭᠤᠯᠬᠤ ᠭᠡᠬᠦ ᠳᠤᠨᠢ ᠬᠢᠲᠠᠳ ᠤᠷᠠᠴᠤᠳ ᠤᠨ ᠳᠣᠲᠣᠷ᠎ᠠ ᠠᠴᠠ ᠵᠠᠰᠠᠵᠤ ᠴᠢᠳᠠᠬᠤ ᠬᠥᠮᠦᠨ ᠭᠠᠷᠤᠭᠰᠠᠨ ᠦᠭᠡᠢ ᠭᠡᠨ᠎ᠡ᠃ ᠲᠡᠶ᠋ᠢᠮᠦ ᠨᠠᠷᠢᠨ ᠬᠢᠴᠡ ᠲᠡᠢ ᠡᠭᠡᠮᠡᠭ᠌ ᠪᠠᠶ᠋ᠢᠵᠤ ᠭᠡᠵᠦ ᠪᠠᠬᠠᠷᠬᠠᠨ ᠬᠡᠯᠡᠭᠡᠳ ᠰᠢᠷ᠎ᠠ ᠰᠠᠬᠠᠯ ᠢᠶᠠᠨ ᠠᠷᠴᠢᠵᠤ᠂ ᠬᠠᠯᠠᠭᠠᠭᠰᠠᠨ ᠠᠷᠢᠬᠢᠨ ᠠᠴᠠ ᠣᠭᠣᠴᠢᠭᠠᠳ ᠥᠭᠦᠯᠡᠷᠦᠨ᠄ ᠲᠡᠭᠡᠬᠦ ᠳᠤᠨᠢ ᠨᠠᠮᠠᠶ᠋ᠢ ᠡᠷᠢᠳᠡᠭ ᠪᠠᠶ᠋ᠢᠵᠠᠢ᠃ ᠡᠷᠢᠭᠰᠡᠭᠡᠷ ᠬᠦᠷᠢᠶᠡᠨ ᠦ ᠪᠠᠲᠤ ᠭᠦᠨ ᠡᠴᠡ ᠣᠯᠳᠠᠭ ᠪᠠᠶ᠋ᠢᠵᠤ᠃ ᠪᠢ ᠨᠢ ᠠᠷᠠᠢ ᠭᠣᠣᠯ ᠲᠠᠢ ᠦᠬᠦᠳᠡᠭ ᠤᠨ ᠳᠠᠪᠠᠭᠠᠨ ᠳᠡᠭᠡᠷ᠎ᠡ ᠪᠠᠶ᠋ᠢᠵᠤ᠂ ᠥᠨᠥᠬᠢ ᠬᠠᠭᠠᠨ ᠲᠠᠢ ᠠᠳᠠᠯᠢ ᠬᠥᠬᠡ ᠭᠤᠶᠠᠳᠠᠵᠤ ᠦᠬᠦᠯᠬᠦᠳᠠ ᠭᠡᠪᠳᠡᠯ᠎ᠡ᠃ ᠲᠡᠷᠡ ᠬᠡᠦᠬᠡᠨ᠂ ᠬᠤᠲᠤᠭᠲᠤ ᠳ᠋ᠠᠭᠠᠨ᠂ ᠬᠤᠲᠤᠭᠲᠤ ᠨᠢ ᠠᠮᠪᠠᠨ ᠳ᠋ᠠᠭᠠᠨ᠂ ᠠᠮᠪᠠᠨ ᠨᠢ ᠲᠠᠶ᠋ᠢᠹᠦ᠋ ᠳ᠋ᠠᠭᠠᠨ᠂ ᠳᠠᠶ᠋ᠢᠹᠦ᠋ ᠨᠢ ᠨᠠᠮᠠᠶ᠋ᠢ ᠪᠠᠨ ᠨᠣᠴᠣᠳᠠᠭ ᠪᠣᠯᠵᠤ᠂ ᠴᠢᠭᠢᠭ ᠲᠡᠢ ᠬᠢᠡᠳᠡᠠ ᠡᠴᠡ ᠨᠠᠷᠠ ᠰᠠᠯᠬᠢᠨ ᠳᠤ ᠭᠠᠷᠭᠠᠵᠤ᠂ ᠭᠡᠷ ᠲᠦ ᠣᠷᠣᠭᠤᠯᠬᠤ ᠬᠡᠷᠡᠭᠲᠡᠢ᠃ ᠨᠣᠭᠣᠭ᠎ᠠ᠂ ᠰᠣᠩᠭᠢᠨ᠎ᠠ᠂ ᠰᠠᠷᠢᠮᠰᠠᠭ ᠢᠳᠡᠭᠦᠯᠬᠦ ᠬᠡᠷᠡᠭ ᠲᠡᠢ᠃ ᠴᠢᠭᠢᠭ ᠪᠠᠮ ᠭᠡᠳᠡᠭ ᠡᠪᠡᠳᠴᠢᠨ ᠲᠤᠰᠴᠤ ᠭᠡᠵᠡᠢ᠃ ᠨᠢᠭᠡ ᠡᠪᠦᠭᠡᠨ ᠬᠤᠶᠠᠭ ᠲᠡᠭᠦᠨ ᠢ ᠰᠣᠨᠣᠰᠤᠭᠠᠳ᠂ ᠲᠦᠭᠦᠬᠡᠢ ᠡᠯᠢᠭᠡ ᠰᠠᠶ᠋ᠢᠨ ᠶᠤᠮ ᠭᠡᠵᠦ ᠡᠯᠢᠭᠡ ᠢᠳᠡᠭᠦᠯᠵᠦ᠂ ᠲᠠᠩᠬᠡᠷᠡᠠ ᠰᠡᠭᠦᠬᠦ ᠪᠤᠯᠤᠯ᠎ᠡ ᠪᠢ ᠴᠢᠨᠢ᠃ ᠲᠡᠷᠡ ᠦᠶ᠎ᠡ ᠳᠦ ᠮᠠᠨᠠᠢ ᠬᠠᠭᠠᠨ ᠪᠠᠰᠠ ᠡᠪᠡᠳᠴᠢᠨ ᠢᠯᠠᠷᠢ ᠪᠣᠯᠤᠭ᠎ᠠ ᠥᠬᠡᠢ᠂ ᠬᠦᠷᠢᠶ᠎ᠡ ᠣᠷᠣᠵᠤ ᠢᠷᠡᠳᠡᠭ ᠪᠠᠶ᠋ᠢᠵᠠᠢ᠃ ᠨᠠᠳᠠ ᠳᠤ ᠪᠠᠰᠠ ᠲᠡᠷᠡ ᠬᠥᠬᠡ ᠭᠤᠶ᠎ᠠ ᠭᠡᠳᠡᠭ ᠡᠪᠡᠳᠴᠢᠨ ᠲᠤᠰᠤᠭᠰᠠᠨ ᠢ ᠳᠠᠶ᠋ᠢᠹᠦ᠋ ᠡᠳᠡᠭᠡᠵᠦ ᠪᠠᠶ᠋ᠢᠨ᠎ᠠ ᠭᠡᠵᠦ ᠰᠣᠨᠣᠰᠤᠭᠠᠳ ᠥᠨᠥᠬᠢ ᠳᠠᠶ᠋ᠢᠹᠦ᠋ ᠳᠤ ᠪᠡᠶ᠎ᠡ ᠪᠡᠨ ᠦᠵᠡᠭᠦᠯᠵᠦ᠂ ᠲᠡᠷᠡ ᠳᠠᠶ᠋ᠢᠹᠦ᠋ ᠮᠥᠨ ᠴᠢᠭᠢᠭ ᠡᠪᠡᠳᠴᠢᠨ ᠪᠠᠶ᠋ᠢᠨ᠎ᠠ ᠭᠡᠵᠡᠢ᠃ ᠲᠡᠭᠡᠭᠡᠳ ᠬᠠᠭᠠᠨ ᠤ ᠬᠠᠷ᠎ᠠ ᠰᠡᠳᠬᠢᠯᠲᠦ ᠵᠢᠷᠤᠬᠠᠶ᠋ᠢᠴᠢ ᠶ᠋ᠢᠨ ᠬᠥᠣ᠌ᠡᠭᠡᠯᠭᠡᠠ ᠦ ᠮᠤᠷᠢ ᠶᠠᠪᠤᠴᠠ ᠮᠠᠭᠤ ᠲᠠᠢ ᠪᠣᠯᠵᠤ᠂ ᠪᠢ ᠬᠢᠯᠢᠰ ᠬᠡᠷᠡᠭ ᠡᠴᠡ ᠮᠤᠯᠲᠤᠷᠠᠵᠤ ᠭᠠᠷᠤᠭᠠᠳ᠂ ᠠᠮᠢ ᠶᠢ ᠮᠢᠨᠢ ᠠᠪᠤᠷᠠᠭᠰᠠᠨ ᠠᠯᠲᠠᠨ ᠡᠭᠡᠮᠡᠭ᠌ ᠢ ᠵᠠᠰᠠᠵᠤ ᠥᠭᠭᠦᠯ᠎ᠡ᠃ ᠬᠢᠯᠢᠰ ᠬᠣᠬᠢᠷᠠᠭᠰᠠᠨ ᠬᠦᠦ ᠶᠢᠨ ᠮᠢᠨᠢ ᠠᠮᠢ ᠶᠢ ᠲᠥᠯᠥᠵᠦ ᠥᠭᠬᠦ ᠬᠦᠮᠦᠠ ᠣᠯᠳᠠᠵᠤ ᠦᠭᠭᠦᠭᠰᠡᠨ ᠦᠭᠡᠢ᠃ ᠬᠦᠦ ᠪᠡᠨ ᠦᠬᠦᠭᠦᠯᠵᠦ ᠣᠷᠬᠢᠭᠠᠳ ᠶᠠᠪᠤᠵᠤ ᠪᠠᠶ᠋ᠢᠨ᠎ᠠ ᠳ᠋ᠠ ᠭᠡᠬᠦ ᠳ᠋ᠤᠨᠢ᠂
— ᠮᠠᠭᠤ ᠵᠠᠰᠠᠭ ᠭᠡᠳᠡᠭ ᠲᠥᠷᠥ ᠶᠢᠨ ᠡᠪᠡᠳᠴᠢᠨ᠂ ᠲᠥᠷᠥ ᠶᠢᠨ ᠡᠪᠡᠳᠴᠢᠨ ᠭᠡᠳᠡᠭ ᠢᠷᠭᠡᠨ ᠦ ᠵᠣᠪᠠᠯᠠᠩ ᠶᠤᠮ ᠳ᠋ᠠ᠃ ᠨᠣᠶᠠᠳ ᠤ᠋ᠳ ᠮᠢᠨᠦ ᠴᠢᠰᠤ ᠮᠢᠬᠠᠨ ᠠ᠋ᠴᠠ ᠴᠤ᠌ ᠨᠡᠯᠢᠶᠡᠳ ᠢᠳᠡᠭᠰᠡᠨ ᠳᠡ᠃ ᠮᠠᠨᠠᠢᠬᠢᠨ ᠶᠡᠷᠦ ᠡᠴᠡ ᠦᠶ᠎ᠡ ᠤᠯᠠᠷᠢᠨ ᠵᠠᠰᠠᠭ ᠨᠣᠶᠠᠳ ᠮᠥᠩᠭᠥ ᠬᠦᠦᠯᠡᠳᠡᠭ ᠫᠦᠰᠡᠨ ᠦ᠌ ᠳ᠋ᠠᠩᠵᠢᠶᠠᠳᠠ ᠲᠠᠢ ᠥᠰᠢᠶ᠎ᠡ ᠲᠠᠢ ᠶᠤᠮ ᠳᠠ ᠭᠡᠵᠦ ᠯᠣᠣᠵᠠᠩ ᠡᠪᠦᠭᠡᠨ ᠪᠡᠶ᠎ᠡ ᠶ᠋ᠢᠨ ᠶᠠᠪᠤᠳᠠᠯ ᠢ᠋ ᠶᠠᠷᠢᠵᠤ ᠡᠬᠢᠯᠡᠭᠰᠡᠨ ᠨᠢ᠂ ᠬᠠᠪᠤᠷ᠂ ᠶᠠᠳᠠᠭᠤ ᠬᠣᠭᠣᠰᠣᠨ ᠠᠮᠢᠲᠠᠨ ᠪᠠᠶᠠᠴᠤᠳ ᠤ᠋ᠨ ᠡᠪᠦᠯᠵᠢᠶᠡᠨ ᠡᠴᠡ ᠬᠠᠭᠤᠴᠢᠨ ᠶᠠᠰᠤ ᠲᠡᠭᠦᠵᠦ ᠨᠦᠳᠦᠭᠡᠳ᠂ ᠨᠣᠬᠠᠢ ᠰᠢᠩᠰᠢᠬᠦ ᠦᠭᠡᠢ ᠲᠡᠷᠡ ᠶᠠᠰᠤᠨ ᠤ᠋ ᠱᠥᠯᠥ ᠪᠡᠷ ᠭᠡᠳᠡᠰᠦ ᠪᠡᠨ ᠬᠠᠭᠤᠷᠴᠤ᠂ ᠪᠠᠶᠠᠨ ᠠᠢᠯ ᠤ᠋ᠨ ᠦᠨᠢᠶ᠎ᠡ ᠲᠤᠭᠤᠯᠯᠠᠬᠤ ᠳ᠋ᠤ᠌ ᠬᠠᠭ ᠨᠠᠪᠲᠠᠰᠤ ᠲᠡᠭᠦᠵᠦ᠂ ᠬᠠᠪᠤᠷ ᠤ᠋ᠨ ᠬᠠᠲᠠᠭᠤ ᠴᠠᠭ ᠲᠤ᠌ ᠬᠣᠭᠣᠯᠠ ᠬᠢᠵᠦ ᠬᠡᠦᠬᠡᠳ ᠰᠢᠤᠬᠠᠳ ᠲᠠᠭᠠᠨ ᠶᠠᠭᠤᠮ᠎ᠠ ᠢᠳᠡᠭᠦᠯᠦᠭᠰᠡᠨ ᠪᠣᠯᠬᠤ ᠭᠡᠵᠦ ᠤᠷᠤᠯᠳᠤᠵᠤ ᠪᠠᠢᠭ᠎ᠠ ᠶ᠋ᠢ ᠨᠢ ᠦᠵᠡᠬᠦ ᠳ᠋ᠦ᠍ ᠡᠯᠢᠭᠡ ᠡᠮᠲᠡᠷᠡᠮᠡᠷ ᠪᠠᠢᠳᠠᠭ᠃ ᠲᠡᠭᠡᠭᠡᠳ ᠪᠢᠳᠡ᠂ ᠬᠣᠰᠢᠭᠤ ᠣᠯᠠᠨ ᠢ᠋ ᠮᠥᠯᠵᠢᠳᠡᠭ ᠫᠦᠰᠡ ᠨᠣᠶᠠᠳ ᠤ᠋ᠨ ᠰᠦᠷᠦᠭ ᠡᠴᠡ ᠠᠳᠤᠭᠤ ᠬᠤᠯᠠᠭᠠᠢ ᠬᠢᠵᠦ ᠲᠢᠶᠠᠨᠵᠢᠨ᠂ ᠴᠢᠭᠤᠯᠤᠯᠲᠤ ᠬᠠᠭᠠᠯᠭ᠎ᠠ ᠣᠷᠣᠭᠤᠯᠤᠭᠠᠳ᠂ ᠣᠯᠤᠭᠰᠠᠨ ᠲᠠᠪᠤ ᠠᠷᠪᠠᠨ ᠯᠠᠩ ᠢ᠋ᠶ᠋ᠠᠷ ᠢ᠋ᠶ᠋ᠠᠨ ᠶᠠᠳᠠᠷᠠᠭᠰᠠᠨ ᠠᠮᠢᠲᠠᠨ ᠳ᠋ᠤ᠌ ᠲᠤᠰᠠ ᠬᠦᠷᠭᠡᠳᠡᠭ ᠪᠠᠢᠯ᠎ᠠ᠃ ᠲᠡᠭᠡᠭᠡᠳ ᠶᠠᠮᠠᠷ ᠴᠤ᠌ ᠴᠠᠭᠳᠠᠭ᠎ᠠ ᠬᠤᠶᠠᠭ ᠪᠢᠳᠡᠨ ᠦ᠌ ᠰᠤᠷᠠᠭ ᠮᠥᠷ ᠭᠠᠷᠭᠠᠵᠤ ᠴᠢᠳᠠᠳᠠᠭ ᠦᠭᠡᠢ ᠪᠠᠢᠵᠠᠢ᠃
ᠠᠷᠪᠠᠭᠠᠳ ᠵᠢᠯ ᠦ᠋ᠨ ᠡᠮᠦᠨ᠎ᠡ ᠮᠠᠨᠠᠢ ᠨᠣᠶᠠᠨ ᠪᠡᠭᠡᠵᠢᠩ ᠣᠷᠣᠵᠤ ᠮᠥᠩᠭᠥ ᠴᠢᠳᠬᠤᠵᠤ ᠵᠡᠷᠭᠡ ᠨᠡᠮᠡᠭᠦᠯᠬᠦ ᠭᠡᠵᠦ ᠪᠣᠭᠳᠠ ᠡᠵᠡᠨ ᠬᠠᠭᠠᠨ ᠳ᠋ᠤ᠌ ᠶᠢᠰᠦᠨ ᠴᠠᠭᠠᠨ ᠪᠠᠷᠢᠬᠤ ᠭᠡᠵᠦ᠂ ᠭᠤᠷᠪᠠᠨ ᠶᠢᠰᠦ ᠳ᠋ᠦ᠍ ᠣᠷᠣᠬᠤ ᠰᠢᠯᠢᠳᠡᠭ ᠮᠣᠷᠢ ᠵᠡᠬᠡᠵᠦ ᠪᠠᠢᠭᠰᠠᠨ ᠢ᠋ ᠦᠵᠡᠪᠡᠯ᠂ ᠵᠢᠷᠤᠭ ᠰᠢᠭ᠋ ᠰᠠᠢᠬᠠᠨ ᠮᠣᠷᠢ ᠪᠠᠢᠵᠠᠢ᠃ ᠲᠡᠭᠦᠨ ᠢ᠋ ᠦᠵᠡᠭᠡᠳ ᠮᠠᠭᠤ ᠠᠬ᠎ᠠ ᠴᠢᠨᠢ ᠤᠨᠲᠠᠬᠤ ᠨᠣᠢᠷ ᠢ᠋ᠶ᠋ᠠᠨ ᠠᠯᠳᠠᠴᠢᠬᠠᠯ᠎ᠠ᠃ ᠬᠢᠲᠠᠳ ᠭᠠᠵᠠᠷ ᠠᠪᠠᠴᠢᠵᠤ ᠬᠤᠳᠠᠯᠳᠤᠪᠠᠯ ᠮᠥᠨ ᠴᠦ᠍ ᠣᠯᠠᠨ ᠶᠠᠳᠠᠭᠤ ᠠᠮᠢᠲᠠᠨ ᠢ᠋ ᠣᠨ ᠳ᠋ᠤ᠌ ᠴᠠᠳᠬᠤᠯᠠᠩ ᠣᠷᠣᠭᠤᠯᠵᠤ ᠪᠣᠯᠬᠤ ᠶᠤᠮᠰᠠᠨᠵᠠᠢ ᠭᠡᠵᠦ ᠪᠣᠳᠣᠭᠠᠳ᠂ ᠨᠢᠭᠡ ᠰᠥᠨᠢ ᠥᠨᠥᠬᠢ ᠠᠭᠲᠠ ᠶ᠋ᠢ ᠲᠠᠭᠤᠭᠠᠳ ᠤᠴᠢᠷ ᠢ᠋ ᠨᠢ ᠣᠯᠴᠢᠬᠠᠯ᠎ᠠ ᠰᠢᠦ᠃ ᠲᠡᠭᠡᠭᠡᠳ ᠶᠠᠭᠤ ᠪᠣᠯᠳᠠᠭ ᠪᠣᠯ ᠭᠡᠵᠦ ᠴᠢᠬᠢ ᠲᠠᠯᠪᠢᠵᠤ ᠰᠠᠭᠤᠵᠤ ᠪᠠᠢᠲᠠᠯ᠎ᠠ᠂ ᠡᠪᠦᠭᠡᠨ ᠬᠤᠶᠠᠭ ᠪᠠᠯᠳᠠᠨ᠂ ᠮᠢᠨᠦ ᠬᠠᠭᠤᠴᠢᠨ ᠲᠠᠨᠢᠯ ᠶᠤᠮ ᠳᠠ᠃ ᠨᠢᠭᠡ ᠡᠳᠦᠷ ᠮᠠᠨᠠᠢ ᠳ᠋ᠤ᠌ ᠬᠦᠷᠴᠦ ᠢᠷᠡᠵᠡᠢ᠃ ᠨᠣᠶᠠᠨ ᠳ᠋ᠤ᠌ ᠴᠢᠳᠬᠥᠷ ᠣᠷᠣᠳᠣᠰᠣᠯᠠᠭᠰᠠᠨ ᠶᠤᠮ ᠰᠢᠭ᠋ ᠰᠦᠢᠳ ᠮᠡᠢᠳ ᠭᠡᠭᠴᠢ ᠨᠢ ᠪᠣᠯᠵᠤ ᠪᠠᠢᠨ᠎ᠠ᠃ ᠴᠢ ᠴᠦ᠍ ᠴᠢ ᠳᠡ᠃ ᠰᠠᠢᠨ ᠡᠷ᠎ᠡ ᠨᠡᠷ᠎ᠡ ᠲᠡᠢ ᠮᠥᠷᠲᠡᠭᠡᠨ ᠬᠡᠳᠦᠨ ᠠᠳᠤᠭᠤᠨ ᠤ᠋ ᠮᠥᠷ ᠵᠠᠮᠬᠠᠷᠠᠭᠤᠯᠵᠤ ᠴᠢᠳᠠᠬᠤ ᠦᠭᠡᠢ᠂ ᠣᠳᠣ ᠬᠡᠷᠡᠭ ᠲᠦ᠍ ᠴᠢᠬᠢᠭᠳᠡᠯᠡ᠃ ᠠᠳᠤᠭᠤᠴᠢᠨ᠂ ᠴᠢᠨᠦ ᠬᠣᠢᠲᠤ ᠥᠷᠯᠥᠭᠡ ᠲᠡᠷᠡ ᠭᠠᠵᠠᠷ ᠡᠴᠡ ᠲᠠᠮᠠᠬᠢᠨ ᠤ᠋ ᠴᠢᠨᠢ ᠠᠯᠴᠢᠭᠤᠷ ᠣᠯᠤᠭᠠᠳ ᠨᠣᠶᠠᠨ ᠳ᠋ᠤ᠌ ᠭᠡᠷᠡᠴᠢ ᠪᠠᠷᠢᠮᠲᠠ ᠪᠣᠯᠭᠠᠵᠤ ᠪᠠᠷᠢᠵᠤ ᠭᠡᠨ᠎ᠡ᠃ ᠣᠳᠣ ᠨᠠᠮᠠᠶ᠋ᠢ ᠶᠠᠪᠤᠭᠤᠯᠵᠤ᠂ ᠴᠢᠮᠠᠶ᠋ᠢ ᠪᠠᠷᠢᠭᠠᠳ ᠢᠷ᠎ᠡ ᠭᠡᠵᠦ ᠲᠤᠰᠢᠶᠠᠵᠠᠢ᠃ ᠲᠠᠮᠠᠭ᠎ᠠ ᠶ᠋ᠢᠨ ᠭᠠᠵᠠᠷ ᠣᠴᠢᠵᠤ ᠨᠢᠭᠡ ᠶ᠋ᠢ ᠪᠡᠨ ᠦᠵᠡᠬᠦ ᠪᠣᠯᠵᠤ ᠳᠠ᠂ ᠴᠢ ᠮᠢᠨᠢ ᠭᠡᠳᠡᠭ ᠪᠠᠢᠵᠠᠢ᠃ ᠲᠠᠮᠠᠭᠠᠨ ᠳᠡᠭᠡᠷ᠎ᠡ ᠬᠦᠷᠬᠦ ᠭᠡᠵᠦ ᠶᠠᠪᠤᠲᠠᠯ᠎ᠠ ᠥᠨᠥᠬᠢ ᠡᠪᠦᠭᠡᠨ ᠪᠠᠯᠳᠠᠨ ᠨᠠᠮᠠᠶ᠋ᠢ᠂
— ᠵᠠ᠂ ᠲᠡᠨᠡᠭ ᠲᠠᠷᠢᠬᠢ᠂ ᠴᠢ ᠣᠳᠣ ᠬᠡᠷᠡᠭ ᠢ᠋ᠶ᠋ᠡᠨ ᠬᠦᠯᠢᠶᠡᠵᠦ ᠤᠯᠠᠢᠬᠤ ᠤᠤ? ᠨᠥᠬᠥᠳ ᠢ᠋ᠶ᠋ᠡᠨ ᠵᠢᠭᠠᠵᠤ ᠥᠭᠭᠦᠭᠡᠳ ᠮᠢᠬ᠎ᠠ ᠴᠢᠰᠤ ᠠ᠋ᠴᠠ ᠨᠢ ᠢᠳᠡᠯᠴᠡᠬᠦ ᠤᠤ? ᠴᠢ ᠨᠢᠭᠡ ᠯᠡ ᠬᠡᠷᠡᠭ ᠬᠦᠯᠢᠶᠡᠳᠡᠭ ᠪᠣᠯ᠂ ᠬᠠᠭᠤᠴᠢᠨ ᠰᠡᠵᠢᠭ ᠪᠦᠬᠦᠢ ᠬᠡᠷᠡᠭ ᠴᠥᠮ ᠢ᠋ ᠠᠭᠤᠳᠠᠯᠵᠤ ᠁ ᠢᠳᠡᠭᠰᠡᠨ ᠴᠦ᠍ ᠴᠢᠨᠣ᠎ᠠ᠂ ᠢᠳᠡᠭᠰᠡᠨ ᠦᠭᠡᠢ ᠴᠦ᠍ ᠴᠢᠨᠣ᠎ᠠ ᠭᠡᠭᠴᠢ ᠶ᠋ᠢᠨ ᠦᠯᠢᠭᠡᠷ ᠢ᠋ᠶ᠋ᠡᠷ ᠲᠤᠯᠭᠠᠨ᠎ᠠ ᠰᠢᠦ ᠳᠡ᠃ ᠬᠡᠷᠪᠡ ᠴᠢᠮᠠᠶ᠋ᠢ ᠡᠰᠡ ᠬᠦᠯᠢᠶᠡᠳᠡᠭ ᠪᠣᠯᠪᠠᠯ ᠪᠠᠩᠵᠠᠳᠠᠵᠤ(ᠪᠠᠨᠰᠠᠳᠠᠵᠤ)᠂ ᠪᠠᠩᠵᠠᠳᠠᠵᠤ(ᠪᠠᠨᠰᠠᠳᠠᠵᠤ)᠂ ᠠᠷᠠᠰᠤ ᠶ᠋ᠢ ᠴᠢᠨᠢ ᠡᠯᠳᠡᠵᠦ ᠡᠯᠳᠡᠵᠦ ᠲᠠᠯᠪᠢᠬᠤ ᠳ᠋ᠤ᠌ ᠬᠦᠷᠦᠨ᠎ᠡ᠃ ᠬᠡᠷᠪᠡᠵᠡᠭᠡ (ᠬᠡᠷᠪᠡᠵᠢᠶᠡ)᠂ ᠬᠦᠯᠢᠶᠡᠬᠦ ᠳ᠋ᠦ᠍ ᠬᠦᠷᠪᠡᠯ ᠴᠢᠨᠢ᠂ ᠬᠣᠢᠴᠢᠳᠠ(ᠬᠣᠢᠴᠢ ᠳ᠋ᠤ᠌ ) ᠴᠡᠭᠡᠷᠯᠡᠯ ᠪᠣᠯᠭᠠᠨ᠎ᠠ ᠭᠡᠳ ᠭᠠᠷ ᠢ᠋ ᠲᠠᠰᠤ ᠴᠠᠪᠴᠢᠵᠤ ᠮᠠᠭᠠᠳ ᠦᠭᠡᠢ ᠰᠢᠦ᠃ ᠪᠠᠰᠠ ᠨᠣᠶᠠᠨ ᠶᠡᠬᠡ ᠬᠢᠯᠢᠩᠯᠡᠵᠦ ᠪᠠᠢᠭ᠎ᠠ ᠶ᠋ᠢ ᠪᠣᠳᠣᠬᠤ ᠶᠣᠰᠣᠲᠠᠢ᠃ ᠴᠢ ᠶᠠᠭᠠᠬᠢᠪᠠᠯ ᠴᠢᠨᠢ ᠳᠡᠭᠡᠷ᠎ᠡ ᠪᠠᠢᠨ᠎ᠠ᠃ ᠥᠪᠡᠷ ᠢ᠋ᠶ᠋ᠡᠨ ᠮᠡᠳᠡ᠃ ᠬᠠᠷᠢᠨ ᠨᠠᠮᠠᠶ᠋ᠢ ᠴᠢᠮ᠎ᠠ ᠲᠠᠢ ᠢᠩᠭᠢᠵᠦ ᠶᠠᠷᠢᠯᠴᠠᠭᠰᠠᠨ ᠢ᠋ ᠴᠢ ᠬᠥᠮᠦᠨ ᠳ᠋ᠦ᠍ ᠬᠡᠯᠡᠵᠦ ᠪᠣᠯᠬᠤ ᠦᠭᠡᠢ ᠰᠢᠦ ᠭᠡᠵᠡᠢ᠃
ᠲᠡᠷᠡ ᠡᠪᠦᠭᠡᠨ ᠤᠴᠢᠷ ᠲᠠᠢ ᠦᠭᠡ ᠬᠡᠯᠡᠵᠦ᠂ ᠪᠢᠳᠡᠨ ᠢ᠋ ᠬᠠᠢᠷᠠᠯᠠᠵᠤ ᠪᠠᠢᠭ᠎ᠠ ᠪᠣᠯᠤᠯᠲᠠᠢ᠃ ᠨᠢᠭᠡ ᠪᠣᠳᠣᠬᠤ ᠳ᠋ᠤ᠌ ᠠᠷᠭ᠎ᠠ ᠴᠤ᠌ ᠦᠭᠡᠢ ᠶᠦᠮ ᠳᠡ᠃ ᠬᠠᠷᠠᠴᠤ ᠶᠠᠰᠤ ᠲᠠᠢ ᠬᠥᠮᠦᠨ ᠳ᠋ᠦ᠍ ᠬᠠᠷᠠᠴᠤ ᠶᠠᠰᠤ ᠨᠢ ᠳᠣᠲᠣᠨᠣ ᠣᠢᠷ᠎ᠠ ᠪᠠᠢᠯ ᠦᠭᠡᠢ ᠶᠠᠭᠠᠬᠢᠬᠤ ᠪᠣᠢ? ᠲᠡᠭᠡᠭᠡᠳ ᠪᠠᠬᠠᠨ ᠪᠣᠳᠣᠭᠠᠳ ᠪᠢ᠂ ᠶᠡᠷᠦ ᠶᠠᠭᠠᠬᠢᠯ᠎ᠠ ᠭᠡᠵᠦ ᠬᠠᠮᠢᠶ᠎ᠠ ᠦᠭᠡᠢ ᠶᠠᠭᠤᠮ᠎ᠠ ᠪᠡᠶ᠎ᠡ ᠳ᠋ᠡᠭᠡᠨ ᠬᠦᠯᠢᠶᠡᠬᠦ ᠪᠣᠢ᠂ ᠲᠡᠭᠡᠵᠦ ᠴᠢᠳᠠᠬᠤ ᠦᠭᠡᠢ ᠭᠡᠯᠡ᠃
— ᠵᠠ᠂ ᠲᠡᠢᠮᠦ ᠪᠣᠯ ᠶᠠᠭᠠᠬᠢᠬᠤ ᠪᠣᠢ᠃ ᠦᠭᠡᠢ ᠪᠣᠯ᠂ ᠨᠥᠬᠥᠷ ᠰᠡᠭᠦᠳᠡᠷ ᠴᠢᠨᠢ ᠬᠡᠨ ᠪᠣᠢ ᠭᠡᠵᠦ ᠰᠢᠬᠠᠭᠠᠳ᠂ ᠪᠠᠰᠠ ᠠᠯᠢ ᠲᠢᠪᠠᠩᠭᠠᠷ(ᠳ᠋ᠢᠸᠠᠩᠭᠠᠷ) ᠤ᠋ᠨ ᠦᠶ᠎ᠡ ᠶ᠋ᠢᠨ ᠶᠠᠭᠤᠮ᠎ᠠ ᠶ᠋ᠢ ᠬᠦᠷᠲᠡᠯ᠎ᠡ ᠠᠭᠤᠳᠠᠯᠵᠤ᠂ ᠴᠢᠮ᠎ᠠ ᠳᠡᠭᠡᠷ᠎ᠡ ᠲᠣᠬᠣᠬᠤ ᠪᠣᠯᠤᠨ᠎ᠠ ᠰᠢᠦ᠃ ᠴᠢ ᠨᠢᠭᠡ ᠵᠣᠷᠢᠭᠰᠠᠨ ᠪᠣᠯ ᠪᠢᠲᠡᠭᠡᠢ ᠪᠤᠴᠠ᠃ ᠡᠷ᠎ᠡ ᠬᠥᠮᠦᠨ ᠬᠡᠯᠡᠭᠰᠡᠨ ᠳ᠋ᠡᠭᠡᠨ᠂ ᠡᠷ᠎ᠡ ᠴᠢᠨᠣ᠎ᠠ ᠬᠠᠷᠠᠢᠭᠰᠠᠨ ᠳ᠋ᠠᠭᠠᠨ ᠬᠦᠷᠦᠨ᠎ᠡ ᠭᠡᠳᠡᠭ ᠰᠢᠦ ᠳᠡ᠃ ᠴᠢ ᠬᠡᠯᠡᠭᠰᠡᠨ ᠦᠭᠡᠨ ᠳ᠋ᠡᠭᠡᠨ ᠬᠦᠷᠴᠦ ᠦᠵᠡ ᠭᠡᠵᠦ ᠬᠡᠯᠡᠭᠡᠳ᠂ ᠲᠡᠷᠡ ᠡᠪᠦᠭᠡᠨ ᠬᠤᠶᠠᠭ ᠨᠠᠮᠠᠶ᠋ᠢ ᠲᠠᠮᠠᠭ᠎ᠠ ᠶ᠋ᠢᠨ ᠭᠠᠵᠠᠷ ᠠᠪᠴᠢᠷᠠᠨ ᠲᠤᠰᠢᠶᠠᠵᠤ ᠪᠢᠯᠡ᠃ ᠲᠠᠮᠠᠭ᠎ᠠ ᠶ᠋ᠢᠨ ᠭᠠᠵᠠᠷ᠂ ᠭᠣᠮᠪᠣ ᠵᠠᠯᠠᠨ᠂ ᠲᠤᠭᠤᠯ ᠢ᠋ᠶ᠋ᠠᠨ ᠳᠣᠯᠢᠶᠠᠵᠤ ᠪᠠᠢᠭ᠎ᠠ ᠦᠨᠢᠶ᠎ᠡ ᠰᠢᠭ ᠨᠠᠮᠠᠶ᠋ᠢ ᠳᠣᠯᠢᠶᠠᠴᠢᠬᠠᠨ ᠠᠯᠳᠠᠵᠤ᠂ ᠶᠡᠬᠡᠯ᠎ᠡ ᠰᠠᠢᠬᠠᠨ ᠵᠠᠩ ᠲᠠᠢ ᠪᠠᠢᠵᠠᠢ᠃ ᠪᠢ ᠲᠡᠷᠡ ᠠᠷᠭᠠᠨ ᠳ᠋ᠤᠨᠢ ᠣᠷᠣᠵᠤ ᠦᠭᠭᠦᠭᠰᠡᠨ ᠦᠭᠡᠢ᠃ ᠵᠠᠯᠠᠨ ᠤ᠋ ᠪᠠᠢᠳᠠᠯ ᠨᠢᠭᠡᠮᠦᠰᠦᠨ ᠥᠭᠡᠷ᠎ᠡ ᠪᠣᠯᠵᠤ᠂ ᠶᠣᠰᠣ ᠲᠠᠢ ᠴᠢᠷᠠᠢ ᠪᠠᠨ ᠦᠵᠡᠭᠦᠯᠵᠦ ᠪᠢᠯᠡ᠃ ᠪᠢ ᠴᠦ᠍ ᠪᠠᠰᠠ ᠰᠢᠳᠦ ᠪᠡᠨ ᠵᠠᠭᠤᠵᠤ ᠬᠠᠲᠠᠭᠤᠵᠢᠭᠠᠳ᠂ ᠨᠢᠭᠡ ᠡᠳᠦᠷ ᠪᠠᠩᠵᠠᠳᠠᠭᠤᠯᠪᠠ᠃ ᠬᠣᠢᠲᠤ ᠡᠳᠦᠷ ᠨᠢ ᠪᠠᠩᠵᠠᠳᠠᠭᠤᠯᠪᠠ᠃ ᠨᠠᠮᠠᠶ᠋ᠢ ᠪᠠᠩᠵᠠᠳᠠᠭᠰᠠᠨ ᠶᠤᠮ ᠪᠢᠰᠢ᠂ ᠮᠢᠨᠦ ᠳᠡᠪᠡᠯ ᠦ᠋ᠨ ᠲᠣᠭᠣᠰᠣ ᠰᠠᠪᠠᠵᠤ ᠪᠠᠢᠭ᠎ᠠ ᠶᠤᠮ ᠰᠢᠭ᠋ ᠴᠢᠪ ᠴᠢᠮᠡᠭᠡ ᠦᠭᠡᠢ ᠬᠡᠪᠲᠡᠯ᠎ᠡ᠃ ᠭᠤᠷᠪᠠᠳᠠᠬᠢ ᠡᠳᠦᠷ ᠲᠤᠨᠢ ᠤᠬᠠᠭᠠᠨ ᠠᠯᠳᠠᠭᠰᠠᠨ ᠰᠢᠭ᠋ ᠬᠡᠪᠲᠡᠭᠡᠳ ᠶᠠᠭᠤ ᠪᠣᠯᠳᠠᠭ ᠪᠣᠯ ᠭᠡᠵᠦ ᠴᠢᠩᠨᠠᠵᠤ ᠪᠠᠢᠲᠠᠯ᠎ᠠ᠂ ᠨᠣᠶᠠᠨ᠂ ᠵᠠᠯᠠᠨ ᠳ᠋ᠤ᠌ ᠴᠢ ᠤᠯᠠᠢᠯᠭᠠᠨᠠ ᠭᠡᠵᠦ ᠨᠠᠳᠠ ᠳ᠋ᠤ᠌ ᠳᠡᠮᠡᠢ ᠪᠠᠷᠳᠠᠭᠰᠠᠨ ᠬᠥᠮᠦᠨ ᠪᠠᠢᠵᠠᠢ᠃ ᠣᠳᠣ ᠲᠠᠯᠪᠢᠬᠤ ᠠ᠋ᠴᠠ ᠥᠭᠡᠷ᠎ᠡ ᠠᠷᠭ᠎ᠠ ᠦᠭᠡᠢ᠃ ᠡᠨᠡ ᠮᠠᠭᠤ ᠨᠣᠬᠠᠢ ᠪᠠᠩᠵᠠᠳᠠᠭᠤᠯᠤᠭᠰᠠᠭᠠᠷ ᠦᠬᠦᠪᠡᠯ᠂ ᠰᠡᠭ ᠢ᠋ ᠨᠢ ᠬᠠᠶᠠᠬᠤ ᠲᠦᠪᠡᠭ ᠴᠢᠷᠦᠭᠳᠡᠯ ᠭᠠᠷᠤᠨ᠎ᠠ ᠭᠡᠵᠦ ᠪᠠᠢᠨ᠎ᠠ᠃ ᠲᠡᠭᠡᠬᠦ ᠳ᠋ᠦ᠍ᠨᠢ ᠥᠨᠥᠬᠢ ᠵᠠᠯᠠᠨ᠂ ᠦᠭᠡᠢ ᠡᠨᠡ ᠮᠠᠭᠤ ᠵᠣᠯᠢᠭ ᠬᠤᠳᠠᠯ ᠢ᠋ᠶ᠋ᠠᠷ ᠦᠬᠦᠳᠬᠢᠨ ᠮᠠᠭᠤᠵᠢᠷᠠᠭᠰᠠᠨ ᠪᠣᠯᠵᠤ ᠪᠠᠢᠨ᠎ᠠ᠃ ᠪᠢ ᠳᠣᠣᠷ᠎ᠠ ᠨᠢ ᠰᠡᠷᠭᠦᠭᠡᠭᠡᠳ ᠦᠭᠭᠦᠨ᠎ᠡ᠃ ᠭᠤᠶᠠᠨ ᠳᠡᠭᠡᠷ᠎ᠡ ᠨᠢ ᠬᠦᠵᠢ ᠲᠠᠯᠪᠢᠪᠠᠯ ᠪᠣᠰᠣᠯ ᠦᠭᠡᠢ ᠶᠠᠭᠠᠬᠢᠬᠤ ᠪᠣᠢ? ᠬᠡᠷᠪᠡ ᠬᠦᠵᠢ ᠰᠢᠳᠡᠵᠦ ᠭᠦᠢᠴᠡᠭᠡᠳ ᠪᠣᠰᠬᠤ ᠰᠢᠨᠵᠢ ᠦᠭᠡᠢ ᠪᠠᠢᠳᠠᠭ ᠪᠣᠯ ᠪᠢ ᠲᠠᠨ ᠤ᠋ ᠦᠭᠡ ᠶ᠋ᠢ ᠳᠠᠭᠠᠵᠤ᠂ ᠳᠥᠷᠪᠡᠨ ᠵᠦᠭ ᠨᠠᠢ᠍ᠮᠠᠨ ᠵᠣᠪᠬᠢᠰ ᠲᠤᠨᠢ ᠰᠤᠯᠠᠯᠠᠨ ᠶᠠᠪᠤᠭᠤᠯᠤᠶ᠎ᠠ ᠭᠡᠳ᠂
— ᠠᠯᠢ ᠪᠣᠢ᠂ ᠪᠦᠳᠦᠭᠦᠨ ᠭᠡᠭᠴᠢ ᠶ᠋ᠢᠨ ᠲᠥᠪᠡᠳ ᠬᠦᠷᠡᠩ ᠬᠦᠵᠢ ᠠᠪᠤᠭᠠᠳ ᠥᠭ ᠭᠡᠵᠦ ᠭᠡᠨᠡᠳᠲᠡ ᠥᠨᠳᠥᠷ ᠳᠠᠭᠤᠨ ᠢ᠋ᠶ᠋ᠠᠷ ᠬᠠᠰᠬᠢᠷᠴᠤ ᠪᠢᠯᠡ᠃ ᠪᠢ ᠲᠡᠷᠡ ᠳᠠᠭᠤᠨ ᠳ᠋ᠤᠨᠢ ᠰᠣᠴᠢᠭᠠᠳ ᠠᠷᠠᠢ ᠯᠠ ᠤᠬᠤᠰᠬᠢᠭᠡᠳ ᠪᠣᠰᠴᠢᠬᠰᠠᠨ ᠦᠭᠡᠢ᠃ ᠬᠦᠵᠢ ᠠᠪᠴᠢᠷᠠ᠂ ᠡᠨᠡ ᠮᠠᠭᠤ ᠪᠣᠰᠣᠯ ᠦᠭᠡᠢ ᠶᠠᠭᠠᠬᠢᠳᠠᠭ ᠶᠤᠮ ᠪᠣᠢ? ᠪᠢ ᠥᠪᠡᠷ ᠦ᠋ᠨ ᠲᠥᠭᠡ ᠪᠡᠷ ᠲᠥᠭᠡᠯᠡᠵᠦ ᠬᠦᠵᠢ ᠶ᠋ᠢ ᠬᠡᠮᠵᠢᠵᠦ ᠥᠭᠭᠦᠨ᠎ᠡ᠃ ᠵᠠᠪᠠᠯ ᠪᠣᠰᠬᠤ ᠶᠣᠰᠣᠲᠠᠢ ᠭᠡᠬᠦ ᠳ᠋ᠦ᠍ᠨᠢ᠂ ᠵᠠ ᠳᠠ᠂ ᠣᠳᠣ ᠯᠠ ᠬᠠᠲᠠᠭᠤᠵᠢᠬᠤ ᠬᠡᠷᠡᠭᠲᠡᠢ ᠪᠣᠯᠵᠠᠢ ᠭᠡᠳ ᠬᠡᠪᠲᠡᠵᠦ ᠪᠠᠢᠲᠠᠯ᠎ᠠ ᠮᠢᠨᠢ ᠴᠢᠰᠤ ᠨᠥᠵᠢ ᠪᠣᠯᠤᠭᠰᠠᠨ ᠲᠠᠰᠤ ᠪᠠᠩᠵᠠᠳᠠᠭᠤᠯᠤᠭᠠᠳ ᠬᠠᠪᠤᠳᠤᠭᠰᠠᠨ ᠭᠤᠶᠠᠨ ᠳᠡᠭᠡᠷ᠎ᠡ ᠮᠢᠨᠢ ᠠᠪᠴᠢᠷᠠᠭᠠᠳ ᠬᠦᠵᠢ ᠲᠠᠯᠪᠢᠵᠤ ᠳᠠ᠃ ᠥᠨᠥᠬᠢ ᠨᠢ ᠰᠢᠲᠠᠵᠤ᠂ ᠮᠢᠬ᠎ᠠ ᠠᠷᠠᠰᠤ ᠶ᠋ᠢ ᠮᠢᠨᠢ ᠲᠠᠰᠤ ᠲᠦᠯᠡᠵᠦ ᠬᠡᠩᠰᠢᠭᠦᠦ ᠬᠠᠩᠬᠤᠯᠵᠤ᠂ ᠠᠷᠠᠰᠤ ᠮᠢᠬ᠎ᠠ ᠮᠢᠨᠢ ᠲᠠᠰᠤ ᠲᠠᠰᠤ ᠲᠦᠯᠡᠭᠳᠡᠬᠦ ᠨᠢ ᠮᠡᠳᠡᠭᠳᠡᠵᠦ᠂ ᠡᠪᠡᠳᠬᠦ ᠨᠢ ᠪᠠᠩᠵᠠᠳᠠᠭᠤᠯᠤᠭᠰᠠᠨ ᠠ᠋ᠴᠠ ᠳᠣᠯᠣᠭᠠᠨ ᠳᠣᠣᠷ᠎ᠠ ᠪᠠᠢᠵᠠᠢ᠃ ᠪᠦᠷ ᠴᠦ᠍ ᠲᠡᠰᠮᠡ ᠦᠭᠡᠢ ᠰᠠᠨᠠᠭᠳᠠᠵᠠᠢ᠃ ᠪᠣᠰᠤᠭᠠᠳ ᠤᠯᠠᠢᠳᠠᠭ ᠶᠤᠮ ᠪᠢᠯᠢᠤ ᠭᠡᠵᠦ ᠪᠣᠳᠣᠵᠤ ᠬᠡᠪᠲᠡᠲᠡᠯ᠎ᠡ᠂ ᠡᠪᠦᠭᠡᠨ ᠪᠠᠯᠳᠠᠨ ᠤ᠋ ᠡᠷ᠎ᠡ ᠬᠥᠮᠦᠨ ᠬᠡᠯᠡᠭᠰᠡᠨ ᠳ᠋ᠡᠭᠡᠨ᠂ ᠡᠷ᠎ᠡ ᠴᠢᠨᠣ᠎ᠠ ᠬᠠᠷᠠᠢᠭᠰᠠᠨ ᠳ᠋ᠠᠭᠠᠨ ᠬᠦᠷᠳᠡᠭ ᠭᠡᠯᠡ ᠭᠡᠵᠦ ᠬᠡᠯᠡᠭᠰᠡᠨ ᠨᠢ ᠰᠠᠨᠠᠭᠠᠨ ᠳ᠋ᠤ᠌ ᠣᠷᠣᠭᠠᠳ᠂ ᠰᠡᠳᠬᠢᠯ ᠢ᠋ᠶ᠋ᠡᠨ ᠬᠠᠲᠠᠮᠵᠢᠯᠠᠵᠤ᠂ ᠶᠣᠰᠣ ᠲᠠᠢ ᠰᠠᠢᠨ ᠡᠷ᠎ᠡ ᠪᠣᠯ ᠡᠭᠦᠨ ᠡᠴᠡ ᠪᠡᠷᠬᠡ ᠶ᠋ᠢ ᠳᠠᠪᠠᠳᠠᠭ ᠪᠢᠯᠡ᠃ ᠮᠢᠨᠦ ᠡᠨᠡ ᠶᠠᠭᠤ ᠴᠤ᠌ ᠪᠢᠰᠢ ᠭᠡᠵᠦ ᠪᠣᠳᠣᠭᠠᠳ ᠬᠠᠲᠠᠭᠤᠵᠢᠯᠠ᠃ ᠦᠨᠡᠬᠡᠷ ᠰᠠᠢᠨ ᠦᠭᠡ ᠮᠢᠩᠭᠠᠨ ᠯᠠᠩ ᠠᠯᠲᠠᠨ ᠤ᠋ ᠦᠨ᠎ᠡ ᠲᠡᠢ ᠭᠡᠵᠦ ᠦᠨᠡᠨ ᠦᠭᠡ ᠪᠢᠯᠡ᠂ ᠡᠪᠦᠭᠡᠨ ᠦ᠌ ᠲᠡᠷᠡ ᠦᠭᠡ ᠶ᠋ᠢ ᠰᠠᠨᠠᠬᠤ ᠳ᠋ᠠᠭᠠᠨ᠂ ᠡᠪᠡᠳᠬᠦ ᠶ᠋ᠢ ᠲᠡᠰᠪᠦᠷᠢᠯᠡᠵᠦ ᠥᠩᠭᠡᠷᠡᠭᠦᠯᠦᠯ᠎ᠡ᠃ ᠲᠡᠭᠡᠭᠡᠳ ᠴᠠᠭᠠᠷᠠᠵᠤ ᠭᠠᠷᠤᠯ᠎ᠠ᠃ ᠬᠡᠳᠦ ᠬᠣᠨᠣᠭ ᠰᠢᠷᠬ᠎ᠠ ᠪᠠᠨ ᠠᠨᠠᠲᠠᠯᠠ ᠬᠡᠪᠲᠡᠭᠡᠳ᠂ ᠭᠡᠷ ᠲᠡᠭᠡᠨ ᠬᠠᠷᠢᠬᠤ ᠵᠠᠮ ᠵᠠᠭᠤᠷ᠎ᠠ᠂ ᠭᠡᠭᠡᠬᠡᠨ ᠴᠠᠭᠠᠨ ᠡᠳᠦᠷ ᠨᠣᠶᠠᠨ ᠤ᠋ ᠠᠳᠤᠭᠤᠨ ᠰᠦᠷᠦᠭ ᠳᠡᠭᠡᠷ᠎ᠡ ᠬᠦᠷᠴᠦ ᠣᠴᠢᠭᠠᠳ ᠠᠳᠤᠭᠤᠴᠢᠨ ᠳ᠋ᠤᠨᠢ᠂
— ᠠᠮᠢᠨ ᠳ᠋ᠠᠭᠠᠨ ᠬᠠᠢᠷᠠᠲᠠᠢ ᠪᠣᠯ ᠬᠣᠯᠠ ᠪᠠᠢ᠃ ᠪᠢ ᠨᠣᠶᠠᠨ ᠠ᠋ᠴᠠ ᠭᠤᠷᠪᠠᠨ ᠶᠢᠰᠦᠨ ᠠᠳᠤᠭᠤ ᠶ᠋ᠢ ᠨᠢ ᠮᠢᠬ᠎ᠠ ᠴᠢᠰᠤ ᠪᠠᠷ ᠢ᠋ᠶ᠋ᠠᠨ ᠬᠤᠳᠠᠯᠳᠤᠵᠤ ᠠᠪᠤᠭᠰᠠᠨ ᠬᠥᠮᠦᠨ᠃ ᠲᠠ ᠨᠠᠷ ᠨᠠᠮᠠᠶ᠋ᠢ ᠲᠡᠭᠡᠵᠦ ᠬᠡᠯᠡᠭᠡᠳ ᠭᠤᠷᠪᠠᠨ ᠶᠢᠰᠦᠨ ᠠᠳᠤᠭᠤ ᠶ᠋ᠢ ᠨᠢ ᠠᠪᠤᠭᠠᠳ ᠶᠠᠪᠤᠭᠰᠠᠨ ᠭᠡᠵᠦ ᠬᠡᠯᠡᠭᠡᠷᠡᠢ ᠭᠡᠳ ᠰᠢᠯᠢᠳᠡᠭ ᠬᠣᠷᠢᠨ ᠳᠣᠯᠣᠭᠠᠨ ᠮᠣᠷᠢ ᠶ᠋ᠢ ᠨᠢ ᠲᠠᠭᠤᠭᠠᠳ ᠬᠠᠷᠢᠭᠰᠠᠨ ᠪᠢᠯᠡ᠃ ᠨᠣᠶᠠᠨ ᠨᠠᠳᠠ ᠠ᠋ᠴᠠ ᠳᠠᠬᠢᠵᠤ ᠨᠡᠬᠡᠭᠰᠡᠨ ᠦᠭᠡᠢ ᠥᠩᠭᠡᠷᠡᠭᠦᠯᠦᠭᠰᠡᠨ ᠪᠣᠯᠪᠠᠴᠤ᠂ ᠲᠡᠷᠡ ᠪᠠᠩᠵᠠᠳᠠᠭᠤᠯᠤᠭᠰᠠᠨ᠂ ᠲᠥᠭᠡᠨᠡᠭᠰᠡᠨ ᠡᠴᠡ ᠪᠣᠯᠵᠤ᠂ ᠮᠢᠨᠦ ᠥᠷᠥᠭᠡᠰᠦᠨ ᠬᠥᠯ ᠲᠠᠲᠠᠩᠬᠠᠢ ᠪᠣᠯᠵᠠᠢ ᠭᠡᠵᠦ ᠬᠡᠯᠡᠭᠡᠳ ᠯᠣᠣᠵᠠᠩ ᠡᠪᠦᠭᠡᠨ ᠬᠣᠭᠣᠯᠠ ᠵᠥᠭᠡᠭᠡᠭᠴᠢ ᠶ᠋ᠢ ᠳᠠᠭᠤᠳᠠᠵᠤ᠂ ᠳᠥᠷᠪᠡᠨ ᠵᠢᠩᠨᠡᠭᠦᠷ ᠪᠤᠤᠵᠠ ᠮᠡᠨᠲ᠋ᠸᠦ ᠭᠢᠨᠳᠠᠨ ᠤ᠋ ᠬᠢᠨ ᠳ᠋ᠦ᠍ ᠲᠦᠭᠡᠭᠡᠯ ᠲᠦᠭᠡᠭᠡᠵᠦ ᠪᠤᠶᠠᠨ ᠬᠢᠨ᠎ᠡ ᠭᠡᠵᠦ ᠵᠠᠬᠢᠭᠠᠳ᠂ ᠣᠢ ᠶ᠋ᠢᠨ ᠬᠠᠷ᠎ᠠ ᠳᠠᠷᠬᠠᠨ ᠳ᠋ᠤ᠌ ᠨᠠᠮ ᠳᠠᠭᠤᠨ ᠢ᠋ᠶ᠋ᠠᠷ ᠥᠭᠦᠯᠡᠷᠦᠨ᠂
— ᠴᠢ ᠲᠡᠨᠳᠡ ᠮᠠᠨᠠᠢᠬᠢᠨ ᠤ᠋ ᠳᠠᠷᠭᠠᠢ ᠭᠡᠳᠡᠭ ᠨᠢᠭᠡ ᠬᠥᠮᠦᠨ ᠲᠡᠢ ᠳᠠᠭᠠᠷᠢᠯᠳᠤᠭᠰᠠᠨ ᠤᠤ? ᠮᠥᠩᠭᠥ ᠬᠦᠦᠯᠡᠳᠡᠭ ᠬᠢᠲᠠᠳ ᠫᠦᠰᠡ ᠶ᠋ᠢᠨ ᠪᠢᠴᠢᠭᠡᠴᠢ ᠨᠠᠷ ᠠ᠋ᠴᠠ ᠥᠷᠢ ᠶ᠋ᠢᠨ ᠳᠠᠩᠰᠠ᠂ ᠶᠠᠳᠠᠭᠤ ᠠᠷᠠᠳ ᠠ᠋ᠴᠠ ᠨᠣᠶᠠᠳ ᠤ᠋ᠨ ᠥᠷᠢᠨ ᠳ᠋ᠦ᠍ ᠲᠠᠲᠠᠭᠰᠠᠨ ᠮᠠᠯ ᠢ᠋ ᠪᠦᠯᠢᠶᠡᠨ ᠠᠪᠤᠭᠠᠳ᠂ ᠳᠠᠭᠠᠨ ᠵᠡᠭᠦᠭᠰᠡᠨ ᠠᠪᠠᠭᠠᠯᠳᠠᠢ ᠪᠠᠨ ᠬᠣᠣ ᠲᠠᠲᠠᠭᠤᠯᠵᠤ ᠲᠠᠨᠢᠭᠳᠠᠭᠠᠳ᠂ ᠬᠦᠦ ᠨᠡᠬᠡᠵᠦ ᠶᠠᠪᠤᠭᠰᠠᠨ ᠲᠡᠷᠡ ᠪᠢᠴᠢᠭᠡᠴᠢ ᠬᠢᠲᠠᠳ ᠢ᠋ ᠵᠥᠭᠡᠯᠡᠨ ᠰᠡᠳᠬᠢᠯ ᠢ᠋ᠶ᠋ᠡᠷ ᠲᠠᠯᠪᠢᠭᠰᠠᠨ ᠨᠢ᠂ ᠬᠠᠷᠢᠨ ᠠᠮᠪᠠᠨ ᠤ᠋ ᠭᠠᠵᠠᠷ ᠮᠡᠳᠡᠭᠦᠯᠦᠭᠡᠳ᠂ ᠣᠳᠣ ᠳᠠᠷᠭᠠᠢ ᠶ᠋ᠢ ᠴᠠᠭᠠᠵᠠ ᠪᠠᠷ ᠠᠪᠠᠴᠢᠬᠤ ᠶᠠᠯ᠎ᠠ ᠤᠨᠠᠭᠠᠵᠤ᠂ ᠨᠠᠮᠤᠷ ᠬᠠᠭᠠᠨ ᠤ᠋ ᠲᠣᠭᠲᠠᠭᠠᠬᠤ ᠶ᠋ᠢ ᠬᠦᠯᠢᠶᠡᠵᠦ ᠪᠠᠢᠭ᠎ᠠ ᠪᠢᠯᠡ᠃ ᠰᠣᠨᠣᠰᠪᠠᠯ᠂ ᠬᠠᠭᠠᠨ ᠤᠯᠠᠭᠠᠨ ᠪᠢᠷ ᠪᠠᠷᠢᠭᠠᠳ᠂ ᠦᠬᠦᠬᠦ ᠶᠠᠯᠠᠲᠠᠨ ᠤ᠋ ᠨᠡᠷ᠎ᠡ ᠶ᠋ᠢᠨ ᠴᠧᠰᠧ ᠳᠡᠭᠡᠷ᠎ᠡ ᠳᠤᠭᠤᠢᠯᠠᠨ ᠵᠢᠷᠤᠳᠠᠭ ᠪᠠᠢᠵᠠᠢ᠃ ᠲᠡᠷᠡ ᠵᠢᠷᠤᠭᠰᠠᠨ ᠲᠡᠭ ᠳᠣᠲᠣᠷ᠎ᠠ ᠣᠷᠣᠭᠰᠠᠨ ᠬᠥᠮᠦᠨ ᠠᠮᠢ ᠬᠡᠯᠲᠦᠷᠢᠭᠡᠳ᠂ ᠡᠰᠡ ᠣᠷᠣᠭᠰᠠᠨ ᠨᠢ ᠲᠣᠯᠣᠭᠠᠢ ᠪᠠᠨ ᠠᠪᠤᠭᠤᠯᠳᠠᠭ ᠶᠤᠮ ᠭᠡᠨ᠎ᠡ ᠪᠢᠯᠡ ᠭᠡᠵᠦ ᠡᠪᠦᠭᠡᠨ ᠦ᠌ ᠶᠠᠷᠢᠬᠤ ᠳ᠋ᠤ᠌᠂
— ᠮᠡᠳᠡᠨ᠎ᠡ᠃ ᠲᠡᠢᠮᠦ ᠬᠥᠮᠦᠨ ᠪᠣᠢ᠃ ᠭᠢᠨᠵᠢ ᠭᠠᠪ ᠲᠤᠰᠠ ᠲᠠᠢ ᠰᠠᠭᠤᠵᠤ ᠪᠠᠢᠭᠰᠠᠨ ᠪᠢᠯᠡ ᠭᠡᠪᠡᠯ᠂
— ᠪᠢ ᠲᠡᠭᠦᠨ ᠢ᠋ ᠰᠤᠯᠠᠯᠠᠬᠤ ᠰᠠᠨᠠᠭ᠎ᠠ ᠲᠠᠢ ᠵᠣᠷᠢᠭᠤᠳᠠ ᠬᠦᠷᠴᠦ ᠢᠷᠡᠭᠰᠡᠨ ᠪᠢᠯᠡ ᠭᠡᠬᠦ ᠳ᠋ᠦ᠍ᠨᠢ᠂
— ᠲᠡᠭᠡᠪᠡᠯ ᠪᠢ ᠴᠢᠮ᠎ᠠ ᠳ᠋ᠤ᠌ ᠲᠤᠰᠠ ᠪᠣᠯᠵᠤ ᠮᠠᠭᠠᠳ ᠦᠭᠡᠢ ᠶᠦᠮ ᠪᠠᠢᠨ᠎ᠠ᠃ ᠪᠢ ᠴᠢᠨᠢ᠂ ᠶᠠᠭᠤ ᠴᠤ᠌ ᠪᠣᠯᠤᠭᠰᠠᠨ ᠬᠥᠪᠴᠢ ᠶ᠋ᠢᠨ ᠬᠠᠷ᠎ᠠ ᠳᠠᠷᠬᠠᠨ ᠰᠢᠦ ᠳᠡ ᠭᠡᠯᠡ᠃
ᠯᠣᠣᠵᠠᠩ ᠡᠪᠦᠭᠡᠨ᠂ ᠵᠠ᠂ ᠲᠡᠢᠮᠦ ᠪᠣᠯ ᠶᠠᠪᠤᠶ᠎ᠠ᠃ ᠨᠠᠷᠢᠨ ᠤᠴᠢᠷ ᠢ᠋ ᠵᠠᠮ ᠳ᠋ᠠᠭᠠᠨ ᠶᠠᠷᠢᠶ᠎ᠠ᠃ ᠮᠢᠨᠦ ᠠᠴᠢ ᠰᠡᠯᠪᠢᠨ ᠲᠡᠨᠳᠡ ᠬᠦᠯᠢᠶᠡᠵᠦ ᠪᠠᠢᠬᠤ ᠶᠤᠮᠰᠠᠨ ᠭᠡᠳ ᠢᠳᠡᠭᠰᠡᠨ᠂ ᠵᠠᠬᠢᠭᠰᠠᠨ ᠬᠣᠭᠣᠯᠠ ᠶ᠋ᠢᠨ ᠦᠨ᠎ᠡ ᠶ᠋ᠢ ᠲᠥᠯᠥᠭᠡᠳ᠂ ᠮᠠᠨᠲ᠋ᠸᠦ ᠪᠤᠤᠵᠠ ᠶ᠋ᠢ ᠶᠡᠬᠡ ᠭᠢᠨᠳᠠᠨ ᠳ᠋ᠤ᠌ ᠬᠦᠷᠭᠡᠵᠦ ᠥᠭᠬᠦ ᠳᠠᠮᠨᠠᠭᠤᠷᠴᠢᠨ ᠢ᠋ ᠬᠥᠯᠥᠰᠥᠯᠡᠪᠡ᠃
ᠪᠠᠲᠤ ᠭᠦᠨ ᠭᠡᠵᠦ ᠨᠡᠷ᠎ᠡ ᠲᠡᠢ ᠶᠡᠬᠡ ᠭᠢᠨᠳᠠᠨ᠎ᠠ ᠡᠪᠦᠭᠡᠨ ᠯᠣᠣᠵᠠᠩ᠂ ᠬᠤᠶᠠᠭ ᠲᠤ᠌ ᠪᠠᠭ᠎ᠠ ᠰᠠᠭ᠎ᠠ ᠶᠠᠭᠤᠮ᠎ᠠ ᠥᠭᠭᠦᠭᠡᠳ᠂ ᠶᠠᠯᠠᠲᠠᠨ ᠳ᠋ᠤ᠌ ᠥᠭᠯᠢᠭᠡ ᠥᠭᠬᠦ ᠵᠥᠪᠰᠢᠶᠡᠷᠡᠯ ᠢ᠋ ᠣᠯᠵᠤ ᠠᠪᠤᠯ᠎ᠠ᠃ ᠬᠦᠷᠢᠶ᠎ᠡ ᠶ᠋ᠢᠨ ᠬᠢᠨ ᠵᠠᠷᠢᠮ ᠨᠢ ᠦᠷᠦ ᠡᠪᠡᠳᠦᠨ ᠨᠢᠭᠦᠯᠡᠰᠴᠦ᠂ ᠵᠠᠷᠢᠮ ᠨᠢ ᠨᠠᠰᠤᠨ ᠠ᠋ᠴᠠ ᠨᠥᠭᠴᠢᠭᠰᠡᠨ ᠤᠷᠤᠭ ᠡᠯᠢᠭᠡᠨ ᠦ᠌ ᠬᠥᠮᠦᠨ ᠦ᠌ ᠬᠣᠢᠨ᠎ᠠ ᠠ᠋ᠴᠠ ᠪᠤᠶᠠᠨ ᠰᠠᠨᠠᠵᠤ ᠥᠭᠯᠢᠭᠡ ᠲᠦᠭᠡᠭᠡᠳᠡᠭ ᠪᠠᠢᠵᠠᠢ᠃
ᠦᠰᠦ ᠰᠠᠭᠰᠠᠢᠨ ᠤᠷᠭᠤᠭᠰᠠᠨ ᠬᠣᠷᠢᠭᠳᠠᠯ᠂ ᠯᠣᠣᠵᠠᠩ ᠤ᠋ᠨ ᠲᠦᠭᠡᠭᠡᠯ ᠲᠦᠭᠡᠭᠡᠬᠦ ᠭᠡᠵᠦ ᠢᠷᠡᠭᠰᠡᠨ ᠢ᠋ ᠦᠵᠡᠭᠡᠳ᠂ ᠭᠠᠪ ᠭᠢᠨᠵᠢ ᠶ᠋ᠢᠨ ᠲᠡᠮᠦᠷ ᠢ᠋ ᠬᠠᠩᠭᠢᠨᠠᠭᠤᠯᠤᠨ ᠳᠠᠪᠰᠢᠵᠤ ᠢᠷᠡᠪᠡᠯ᠂ ᠯᠣᠣᠵᠠᠩ ᠨᠣᠭᠣᠭᠠᠪᠲᠤᠷ ᠰᠢᠷ᠎ᠠ ᠠᠷᠠᠰᠤ ᠲᠠᠢ᠂ ᠡᠴᠡᠩᠭᠡᠷ ᠴᠢᠷᠠᠢ ᠶ᠋ᠢ ᠰᠡᠳᠬᠢᠯ ᠳᠣᠲᠣᠷ᠎ᠠ ᠦᠷᠦ ᠡᠪᠡᠳᠦᠨ ᠬᠠᠷᠠᠵᠤ ᠠᠵᠢᠭᠯᠠᠭᠰᠠᠭᠠᠷ᠂ ᠬᠤᠶᠠᠭ ᠠ᠋ᠴᠠ᠂
— ᠬᠣᠷᠢᠭᠳᠠᠯ ᠴᠥᠮ ᠡᠨᠡ ᠤᠤ? ᠪᠢ᠂ ᠪᠠᠲᠤ ᠭᠦᠨ ᠦ᠌ ᠪᠦᠬᠦ ᠬᠣᠷᠢᠭᠳᠠᠯ ᠳ᠋ᠤ᠌ ᠥᠭᠯᠢᠭᠡ ᠥᠭᠬᠦ ᠪᠤᠶᠠᠨ ᠠᠮᠠᠯᠠᠭᠰᠠᠨ ᠪᠢᠯᠡ ᠭᠡᠪᠡᠯ᠂
— ᠦᠭᠡᠢ ᠪᠠᠰᠠ ᠭᠤᠷᠪᠠᠨ ᠬᠣᠷᠢᠭᠳᠠᠯ ᠭᠢᠨᠵᠢᠯᠡᠰᠦ ᠲᠡᠢ ᠪᠣᠢ ᠭᠡᠬᠦ ᠳ᠋ᠦ᠍ᠨᠢ᠂
— ᠲᠡᠳᠡᠨ ᠳ᠋ᠦ᠍ ᠥᠭᠯᠢᠭᠡ ᠥᠭᠪᠡᠯ ᠪᠣᠯᠬᠤ ᠤᠤ? ᠭᠡᠬᠦ ᠳ᠋ᠦ᠍ᠨᠢ᠃
— ᠥᠨᠥᠳᠥᠷ ᠬᠥᠮᠦᠨ ᠲᠡᠳᠡᠨ ᠳ᠋ᠦ᠍ ᠶᠠᠭᠤᠮ᠎ᠠ ᠥᠭᠭᠦᠭᠰᠡᠨ᠃ ᠣᠳᠣ ᠥᠭᠭᠦᠭᠰᠡᠨ ᠦ᠌ ᠬᠡᠷᠡᠭ ᠦᠭᠡᠢ᠂ ᠳᠠᠷᠤᠭ᠎ᠠ ᠨᠠᠷ ᠮᠡᠳᠡᠪᠡᠯ ᠵᠠᠩᠨᠠᠵᠤ ᠮᠠᠭᠠᠳ ᠦᠭᠡᠢ ᠭᠡᠯᠡ᠃
— ᠬᠤᠶᠠᠭ ᠠᠪᠤᠭᠠᠢ᠂ ᠪᠢ ᠪᠤᠶᠠᠨ ᠠᠮᠠᠯᠠᠭᠰᠠᠨ ᠶᠤᠮ ᠰᠢᠦ ᠳᠡ ᠭᠡᠳ ᠯᠣᠣᠵᠠᠩ ᠡᠪᠦᠷ ᠡᠴᠡ ᠪᠡᠨ ᠬᠠᠳᠠᠭ ᠭᠠᠷᠭᠠᠵᠤ᠂ ᠣᠷᠣᠰ ᠲᠠᠪᠢᠨ ᠮᠥᠩᠭᠥᠨ ᠦ᠌ ᠵᠣᠭᠣᠰ ᠳᠡᠭᠡᠷ᠎ᠡ ᠨᠢ ᠲᠠᠯᠪᠢᠵᠤ᠂ ᠬᠤᠶᠠᠭ ᠲᠤ᠌ ᠪᠠᠷᠢᠨ ᠭᠤᠶᠤᠪᠠᠯ᠂
— ᠵᠠ᠂ ᠴᠢ ᠨᠢᠭᠡᠨᠲᠡ ᠪᠤᠶᠠᠨ ᠠᠮᠠᠯᠠᠭᠰᠠᠨ ᠪᠣᠯ ᠶᠠᠭᠠᠬᠢᠬᠤ ᠪᠣᠢ ᠳᠠ᠃ ᠴᠢᠮᠠᠶ᠋ᠢ ᠣᠷᠣᠭᠤᠯᠬᠤ ᠠ᠋ᠴᠠ ᠳᠠ ᠭᠡᠵᠦ ᠬᠡᠯᠡᠭᠡᠳ᠂ ᠬᠠᠳᠠᠭ ᠮᠥᠩᠭᠥ ᠶ᠋ᠢ ᠨᠢ ᠠᠪᠴᠤ ᠡᠪᠦᠷ ᠲᠡᠭᠡᠨ ᠬᠢᠭᠡᠳ ᠯᠣᠣᠵᠠᠩ ᠢ᠋ ᠳᠠᠭᠠᠭᠤᠯᠤᠭᠠᠳ᠂ ᠰᠢᠲᠠᠭᠠᠭᠠ ᠦᠭᠡᠢ ᠲᠤᠢᠹᠤᠤ ᠪᠠᠷ ᠬᠢᠭᠰᠡᠨ᠂ ᠨᠠᠮᠬᠠᠨ ᠲᠤᠭᠤᠷᠭ᠎ᠠ ᠲᠠᠢ᠂ ᠬᠠᠭᠠᠰ ᠪᠠᠢᠰᠢᠩ ᠨᠢ ᠭᠠᠵᠠᠷ ᠳᠣᠣᠷ᠎ᠠ ᠨᠦᠬᠡᠨ ᠳ᠋ᠦ᠍ ᠪᠠᠢᠭ᠎ᠠ ᠬᠠᠷᠠᠩᠭᠤᠢ ᠴᠢᠭᠢᠭ ᠲᠡᠢ ᠪᠠᠲᠤ ᠭᠦᠨ ᠭᠡᠭᠴᠢ ᠳ᠋ᠦ᠍ ᠤᠳᠤᠷᠢᠳᠤᠨ ᠣᠷᠣᠭᠤᠯᠪᠠᠯ᠂ ᠭᠢᠨᠳᠠᠨ ᠤ᠋ ᠬᠠᠷᠠᠩᠭᠤᠢ ᠳ᠋ᠤ᠌ ᠬᠥᠮᠦᠨ ᠦ᠌ ᠰᠢᠭᠡᠰᠦ ᠪᠠᠭᠠᠰᠤᠨ ᠤ᠋ ᠦᠮᠡᠬᠡᠢ ᠰᠠᠮᠠᠬᠠᠢ ᠦᠨᠦᠷ ᠡᠴᠡ ᠠᠮᠢᠰᠬᠤᠯ ᠪᠥᠲᠥᠮᠡ᠂ ᠭᠠᠳᠠᠨ᠎ᠠ ᠠ᠋ᠴᠠ ᠣᠷᠣᠵᠤ ᠢᠷᠡᠭᠰᠡᠨ ᠬᠥᠮᠦᠨ ᠦ᠌ ᠨᠢᠳᠦ ᠰᠢᠪᠲᠦᠷᠲᠦ ᠠᠭᠤᠷ ᠲᠤ᠌ ᠬᠣᠷᠣᠰᠤᠮᠠ ᠪᠠᠢᠪᠠ᠃
ᠯᠣᠣᠵᠠᠩ ᠬᠠᠷᠠᠩᠭᠤᠢ ᠳ᠋ᠤ᠌ ᠨᠢᠳᠦ ᠪᠠᠬᠠᠨ ᠳᠠᠰᠤᠵᠤ᠂ ᠴᠠᠰᠢ ᠨᠠᠰᠢ ᠬᠠᠷᠠᠵᠤ ᠦᠵᠡᠪᠡᠯ᠂ ᠬᠦᠵᠦᠭᠦᠨ ᠦ᠌ ᠭᠢᠨᠵᠢ ᠶ᠋ᠢ ᠲᠤᠭᠤᠷᠭᠠᠨ ᠳ᠋ᠠᠬᠢ ᠲᠡᠮᠦᠷ ᠭᠠᠷᠠᠬᠠᠨ ᠳ᠋ᠤ᠌ ᠨᠥᠭᠦᠭᠡ ᠦᠵᠦᠭᠦᠷ ᠢ᠋ᠶ᠋ᠡᠷ ᠴᠣᠣᠵᠢᠯᠠᠭᠰᠠᠨ ᠭᠤᠷᠪᠠᠨ ᠬᠥᠮᠦᠨ ᠦᠵᠡᠭᠳᠡᠬᠦ ᠰᠢᠭ ᠪᠣᠯᠵᠤ᠂ ᠠᠵᠢᠭᠯᠠᠨ ᠬᠠᠷᠠᠪᠠᠯ᠂ ᠨᠢᠭᠡᠨ ᠨᠢ ᠲᠠᠷᠭᠠᠢ ᠮᠥᠨ ᠪᠣᠯᠤᠯᠲᠠᠢ᠃ ᠡᠪᠦᠭᠡᠨ ᠥᠭᠯᠢᠭᠡ ᠥᠭᠭᠦᠭᠴᠢ ᠪᠣᠯᠤᠨ ᠲᠠᠷᠭᠠᠢ ᠶ᠋ᠢᠨ ᠬᠣᠷᠮᠣᠢ ᠳ᠋ᠤ᠌ ᠨᠢᠭᠡᠨ ᠪᠣᠭᠣᠳᠠᠯ ᠲᠠᠢ ᠶᠠᠭᠤᠮ᠎ᠠ᠂ ᠳᠡᠪᠡᠯ ᠦ᠋ᠨ ᠥᠷᠭᠡᠨ ᠬᠠᠨᠴᠤ ᠠ᠋ᠴᠠ ᠰᠠᠮ ᠤᠨᠠᠭᠠᠪᠠᠯ᠂ ᠬᠤᠶᠠᠭ ᠲᠡᠭᠦᠨ ᠢ᠋ ᠬᠠᠷᠠᠯ ᠦᠭᠡᠢ ᠬᠠᠭᠠᠯᠭ᠎ᠠ ᠶ᠋ᠢᠨ ᠵᠦᠭ ᠡᠷᠭᠢᠵᠦ᠂
— ᠵᠠ᠂ ᠡᠪᠦᠭᠡᠨ ᠮᠢᠨᠢ ᠪᠤᠰᠢᠭᠤᠬᠠᠨ ᠭᠠᠷᠴᠤ ᠦᠵᠡᠶ᠎ᠡ᠃ ᠡᠨᠡ ᠦᠮᠡᠬᠡᠢ ᠴᠢᠭᠢᠭ ᠲᠦ᠍ ᠤᠳᠠᠭᠠᠳ ᠶᠠᠭᠤ ᠬᠢᠬᠦ ᠭᠡᠵᠦ ᠰᠢᠪᠠᠳᠠᠪᠠ᠃
ᠯᠣᠣᠵᠠᠩ ᠡᠷᠢᠭᠡ ᠪᠡᠨ ᠪᠠᠷᠢᠭᠠᠳ᠂ ᠠᠷᠢᠶᠠᠪᠠᠯᠤ᠂ ᠷᠡᠭᠡ ᠤᠤ ᠲᠠᠭᠴᠠ ᠣᠨᠣᠴᠠ ᠵᠢᠯᠤ ᠨᠢᠯᠨᠠᠭ ᠲᠠᠬᠠᠷᠠ ᠭᠣᠳ ᠨᠸᠯᠡᠪ ᠶᠠᠪᠠ* ᠬᠠᠺᠱᠠᠮᠠᠯᠠᠪᠠᠷᠠᠶᠠᠮᠠ᠂ ᠬᠣᠮ ᠫᠠᠳ ᠳᠠ! ᠭᠡᠵᠦ ᠵᠠᠯᠪᠠᠷᠢᠭᠠᠳ᠂ ᠬᠠᠭᠠᠯᠭᠠᠨ ᠤ᠋ ᠵᠦᠭ ᠶᠠᠭᠠᠷᠠᠯ ᠦᠭᠡᠢ ᠵᠦᠭᠯᠡᠪᠡ᠃ ᠬᠣᠢᠨ᠎ᠠ ᠠ᠋ᠴᠠ ᠨᠢ ᠲᠠᠷᠭᠠᠢ᠂
— ᠡᠷᠬᠢᠮ ᠥᠭᠯᠢᠭᠡ ᠶ᠋ᠢᠨ ᠡᠵᠡᠨ ᠦ᠌ ᠢᠷᠦᠭᠡᠯ ᠵᠠᠯᠪᠠᠷᠢᠯ ᠪᠠᠲᠤ ᠣᠷᠣᠰᠢᠵᠤ᠂ ᠥᠭᠭᠦᠭᠰᠡᠨ ᠥᠭᠯᠢᠭᠡ ᠨᠢ ᠪᠢᠳᠡᠨ ᠦ᠌ ᠭᠤᠷᠪᠠᠨ ᠬᠥᠮᠦᠨ ᠢ᠋ ᠭᠡᠢᠭᠦᠯᠬᠦ ᠪᠣᠯᠲᠤᠭᠠᠢ! ᠭᠡᠵᠦ ᠢᠷᠥᠭᠡᠨ ᠬᠣᠴᠣᠷᠪᠠ᠃
ᠦᠳᠡᠰᠢ ᠶ᠋ᠢᠨ ᠪᠦᠷᠦᠩᠬᠦᠢ ᠪᠡᠷ ᠮᠠᠨᠵᠤ ᠬᠤᠶᠠᠭ ᠰᠥᠨᠢ ᠶ᠋ᠢᠨ ᠬᠠᠯᠠᠭ᠎ᠠ ᠠᠪᠴᠤ᠂ ᠵᠠᠩᠭᠢ ᠨᠢ ᠮᠣᠩᠭᠣᠯ ᠬᠤᠶᠠᠭ ᠤ᠋ᠨ ᠢᠯᠡᠳᠬᠡᠯ ᠢ᠋ ᠬᠠᠰᠢ ᠶᠠᠰᠢ ᠰᠣᠨᠣᠰᠴᠤ ᠶᠠᠪᠤᠭᠤᠯᠤᠭᠠᠳ᠂ ᠬᠣᠨᠣᠬᠤ ᠬᠤᠶᠠᠭ ᠲᠤ᠌ ᠭᠠᠭᠴᠠ ᠨᠢᠭᠡ ᠲᠤᠰᠢᠶᠠᠯ ᠵᠢᠭᠠᠪᠤᠷᠢ ᠥᠭᠬᠦᠢᠴᠡ ᠪᠣᠯᠤᠭᠠᠳ᠂ ᠮᠠᠢᠮᠠᠢ ᠬᠣᠲᠠ ᠶ᠋ᠢᠨ ᠵᠠᠬ᠎ᠠ ᠳ᠋ᠤ᠌ ᠪᠠᠢᠳᠠᠭ ᠨᠢᠭᠡᠨ ᠨᠢᠭᠤᠴᠠᠭᠠᠢ ᠴᠡᠩᠭᠡᠯ ᠦ᠋ᠨ ᠭᠠᠵᠠᠷ ᠬᠣᠨᠣᠬᠤ ᠭᠡᠵᠦ ᠶᠠᠪᠤᠭᠠᠳ ᠥᠭᠴᠡᠢ᠃ ᠮᠡᠨᠡᠭᠴᠢ ᠬᠤᠶᠠᠭ ᠱᠣᠷᠣᠩ ᠤ᠋ᠨ ᠲᠣᠮᠣ ᠬᠠᠭᠠᠯᠭ᠎ᠠ ᠶ᠋ᠢ ᠬᠢᠬᠠᠳᠠᠨᠳᠠᠯᠠ ᠬᠠᠭᠠᠵᠤ ᠲᠣᠮᠣ ᠬᠥᠰᠢᠭᠦᠷᠬᠡ ᠪᠡᠷ ᠬᠥᠰᠢᠭᠡᠳ᠂ ᠬᠠᠷᠠᠭᠤᠯ ᠤ᠋ᠨ ᠫᠧᠩ ᠳ᠋ᠦ᠍ ᠣᠷᠣᠵᠤ ᠳ᠋ᠠᠯᠤᠤ ᠲᠣᠭᠯᠠᠵᠤ ᠡᠬᠢᠯᠡᠪᠡ᠃
ᠤᠳᠠᠯ ᠦᠭᠡᠢ ᠬᠠᠷᠠᠩᠭᠤᠢ ᠪᠣᠯᠵᠤ᠂ ᠪᠠᠷᠠᠭᠤᠨ ᠲᠠᠯ᠎ᠠ ᠠ᠋ᠴᠠ ᠬᠦᠷᠢᠶᠡᠨ ᠦ᠌ ᠣᠯᠠᠨ ᠨᠣᠬᠠᠢ ᠶ᠋ᠢᠨ ᠬᠤᠴᠠᠬᠤ ᠴᠢᠮᠡᠭᠡ ᠰᠣᠨᠣᠰᠳᠠᠨ᠂ ᠬᠠᠶᠠ ᠪᠥᠬᠡ ᠶ᠋ᠢᠨ ᠬᠡᠴᠡ ᠨᠢᠵᠢᠭᠢᠨᠡᠬᠦ ᠠᠨᠢᠷ ᠰᠣᠨᠣᠰᠳᠠᠵᠤ ᠪᠠᠢᠯ᠎ᠠ᠃ ᠰᠥᠨᠢ ᠳᠤᠮᠳᠠ ᠶ᠋ᠢᠨ ᠦᠶᠡᠰ ᠭᠢᠨᠳᠠᠨ ᠤ᠋ ᠠᠷᠤ ᠳ᠋ᠠᠬᠢ ᠳᠡᠨᠵᠢ ᠳ᠋ᠦ᠍᠂ ᠬᠥᠮᠦᠨ ᠦ᠌ ᠳᠤᠮᠳᠠ ᠴᠥᠮᠥᠭᠡ( ᠴᠢᠮᠥᠭᠡ) ᠪᠡᠷ ᠬᠢᠭᠰᠡᠨ ᠭᠠᠩᠯᠢᠩ ᠤ᠋ᠨ ᠰᠥᠭᠡᠩᠭᠢ ᠰᠦᠷ ᠲᠡᠢ ᠳᠠᠭᠤᠨ ᠰᠣᠨᠣᠰᠳᠠᠵᠤ᠂ ᠲᠣᠭᠲᠠᠮᠠᠯ ᠪᠠᠢᠨ ᠪᠠᠢᠨ ᠳᠤᠤᠭᠠᠷᠬᠤ ᠶ᠋ᠢ ᠰᠣᠨᠣᠰᠪᠠᠯ ᠶᠠᠮᠠᠷᠬᠠᠨ ᠨᠢᠭᠡᠨ ᠬᠡᠷᠦᠮᠡᠯ ᠵᠣᠴᠢ᠂ ᠲᠣᠨᠢᠯᠤᠭᠠ ᠦᠭᠡᠢ ᠰᠦᠨᠡᠰᠦ ᠶᠠᠪᠤᠳᠠᠭ ᠭᠠᠵᠠᠷ ᠲᠠᠷᠨᠢ ᠤᠷᠢᠵᠤ᠂ ᠪᠤᠶᠠᠨ ᠨᠣᠮ ᠬᠢᠵᠦ ᠶᠠᠪᠤᠭ᠎ᠠ ᠪᠣᠯᠤᠯᠲᠠᠢ᠃
ᠮᠠᠨᠵᠤ ᠰᠣᠯᠣᠨ ᠬᠤᠶᠠᠭ᠂ ᠳᠣᠷᠰᠣᠭᠣᠷ ᠰᠢᠷ᠎ᠠ ᠨᠢᠳᠦ ᠲᠡᠢ ᠬᠢᠲᠠᠳ ᠨᠥᠬᠥᠷ ᠲᠡᠭᠡᠨ᠂
— ᠰᠥᠨᠢ ᠶ᠋ᠢᠨ ᠬᠠᠷᠠᠩᠭᠤᠢ ᠳ᠋ᠤ᠌ ᠡᠨᠡ ᠭᠠᠩᠯᠢᠩ ᠤ᠋ᠨ ᠳᠠᠭᠤᠨ ᠰᠣᠨᠣᠰᠬᠤ ᠳ᠋ᠤ᠌ ᠲᠤᠩ ᠵᠢᠪᠡᠭᠦᠨ ᠮᠠᠭᠤᠬᠠᠢ᠂ ᠳᠣᠲᠣᠷ ᠵᠠᠷᠠᠳ ᠬᠢᠳᠡᠭ ᠶᠦᠮ᠃ ᠬᠡᠷᠦᠮᠡᠯ ᠵᠣᠴᠢ ᠨᠠᠷ ᠢ᠋ ᠡᠭᠦᠪᠡᠷ ᠶᠠᠪᠤᠭᠤᠯᠬᠤ ᠦᠭᠡᠢ ᠪᠠᠢᠪᠠᠯ ᠵᠣᠬᠢᠬᠤ ᠶᠤᠮᠰᠠᠨ ᠭᠡᠯᠡ᠃
— ᠲᠡᠷᠡ ᠵᠣᠴᠢ ᠡᠨᠡᠦᠬᠡᠨ ᠣᠢᠷᠠᠬᠠᠨ ᠪᠠᠢᠯ ᠦᠭᠡᠢ ᠳᠡ᠂ ᠴᠢ ᠣᠴᠢᠭᠠᠳ ᠬᠣᠯᠠᠬᠠᠨ ᠬᠥᠭᠡᠭᠡᠵᠦ ᠦᠵᠡ ᠭᠡᠵᠦ ᠨᠥᠭᠥᠭᠡᠳᠡᠬᠢ ᠪᠡᠨ ᠬᠡᠯᠡᠬᠦ ᠳ᠋ᠦ᠍ ᠰᠣᠯᠣᠨ ᠬᠤᠶᠠᠭ᠂
— ᠰᠡᠴᠢᠲᠡᠢ ᠪᠣᠯ ᠴᠢ ᠥᠪᠡᠷ ᠢ᠋ᠶ᠋ᠡᠨ ᠣᠴᠢᠭᠠᠳ ᠬᠥᠭᠡᠭᠡᠳ ᠦᠵᠡ ᠭᠡᠪᠡᠯ᠂
— ᠪᠢ ᠣᠴᠢᠬᠤ ᠦᠭᠡᠢ᠂ ᠤᠳᠠᠬᠤ ᠦᠭᠡᠢ ᠴᠢᠳᠬᠥᠷ ᠬᠥᠳᠡᠯᠳᠡᠭ ᠦᠬᠡᠷ ᠴᠠᠭ ᠪᠣᠯᠤᠨ᠎ᠠ ᠭᠡᠵᠦ ᠶᠠᠷᠢᠯᠴᠠᠵᠤ ᠰᠠᠭᠤᠲᠠᠯ᠎ᠠ ᠨᠢ ᠭᠠᠩᠯᠢᠩ ᠤ᠋ᠨ ᠤᠬᠢᠯᠠᠬᠤ ᠮᠡᠲᠦ ᠠᠶ᠎ᠠ ᠦᠭᠡᠢ ᠳᠠᠭᠤᠨ ᠭᠠᠷᠬᠤ ᠪᠦᠷᠢ᠂ ᠴᠢᠨᠣ᠎ᠠ ᠬᠠᠷᠢᠭᠤ ᠣᠯᠢᠬᠤ ᠴᠢᠮᠡᠭᠡ ᠰᠣᠨᠣᠰᠳᠠᠵᠤ᠂ ᠭᠠᠩᠯᠢᠩ ᠤ᠋ᠨ ᠳᠠᠭᠤᠨ ᠳᠤᠤᠭᠠᠷᠬᠤ ᠳᠤᠰᠤᠮ᠎ᠠ ᠴᠢᠨᠣ᠎ᠠ ᠶ᠋ᠢᠨ ᠣᠯᠢᠬᠤ ᠨᠢ ᠣᠢᠷᠠᠲᠤᠵᠤ᠂ ᠲᠡᠷᠡ ᠵᠣᠴᠢ ᠶ᠋ᠢᠨ ᠭᠠᠩᠯᠢᠩ ᠲᠠᠢ ᠳᠠᠭᠤᠨ ᠳᠠᠭᠤᠨ ᠢ᠋ᠶ᠋ᠠᠨ ᠠᠪᠤᠯᠴᠠᠵᠤ ᠪᠠᠢᠭᠰᠠᠨ ᠶᠤᠮ ᠰᠢᠭ᠋᠂ ᠴᠢᠨᠣ᠎ᠠ ᠨᠢᠭᠡ ᠴᠢᠩᠭ᠎ᠠ ᠨᠢᠭᠡ ᠰᠤᠯᠠ ᠣᠯᠢᠵᠤ ᠤᠯᠠᠮ ᠠᠢᠰᠤᠢ ᠪᠣᠯᠪᠠ᠃
ᠰᠣᠯᠣᠨ ᠬᠤᠶᠠᠭ᠂ ᠨᠥᠬᠥᠷ ᠲᠡᠭᠡᠨ ᠣᠢᠷᠠᠲᠤᠨ ᠰᠢᠬᠠᠵᠤ᠂ ᠡᠮᠢᠶᠡᠨ ᠰᠢᠪᠡᠭᠡᠨᠡᠵᠦ᠂
— ᠣᠳᠣ ᠦᠬᠡᠷ ᠴᠠᠭ ᠪᠣᠯᠪᠠ᠃ ᠴᠢᠳᠬᠥᠷ ᠦᠬᠦᠳᠡᠯ ᠬᠥᠳᠡᠯᠵᠦ ᠡᠬᠢᠯᠡᠪᠡ᠃ ᠡᠨᠡ ᠯᠠᠪ ᠵᠢᠷ ᠦ᠋ᠨ ᠴᠢᠨᠣ᠎ᠠ ᠪᠢᠰᠢ᠂ ᠦᠬᠦᠭᠡᠷ ᠦ᠋ᠨ ᠴᠢᠳᠬᠥᠷ ᠴᠢᠨᠣ᠎ᠠ ᠪᠠᠢᠬ᠎ᠠ᠃ ᠲᠡᠷᠡ ᠭᠠᠢ ᠲᠠᠢ ᠵᠣᠴᠢ ᠯᠠᠮᠠ ᠶ᠋ᠢᠨ ᠭᠠᠩᠯᠢᠩ ᠳᠤᠤᠭᠠᠷᠬᠤ ᠪᠦᠷᠢ ᠣᠯᠢᠨ ᠣᠢᠷᠠᠲᠤᠵᠤ ᠪᠠᠢᠨ᠎ᠠ ᠰᠢᠦ ᠭᠡᠯᠡ᠃
ᠲᠡᠭᠡᠵᠦ ᠪᠠᠢᠲᠠᠯ᠎ᠠ ᠭᠠᠩᠯᠢᠩ ᠤ᠋ᠨ ᠤᠬᠢᠯᠠᠬᠤ ᠮᠡᠲᠦ ᠮᠠᠭᠤᠬᠠᠢ ᠳᠠᠭᠤᠨ ᠭᠠᠷᠤᠮᠠᠭᠴᠠ᠂ ᠴᠢᠨᠣ᠎ᠠ ᠶ᠋ᠢᠨ ᠪᠠᠬᠠᠷᠬᠠᠨ ᠲᠠᠪᠠᠯᠠᠭᠰᠠᠨ ᠶᠤᠮ ᠰᠢᠭ᠋ ᠤᠷᠲᠤ ᠭᠡᠭᠴᠢ ᠪᠡᠷ ᠣᠯᠢᠬᠤ ᠰᠦᠷ ᠲᠡᠢ ᠳᠠᠭᠤᠨ ᠰᠣᠨᠣᠰᠳᠠᠭᠠᠳ᠂ ᠭᠢᠨᠳᠠᠨ ᠤ᠋ ᠥᠨᠳᠥᠷ ᠱᠣᠷᠣᠩ ᠬᠠᠰᠢᠶᠠᠨ ᠤ᠋ ᠠᠷᠤ ᠳ᠋ᠤ᠌ ᠰᠢᠷ᠎ᠠ ᠰᠢᠪᠠᠭᠤ᠂ ᠶᠠᠰᠤ ᠦᠰᠦ ᠰᠢᠵᠢᠭᠢᠨᠡᠮ ᠮᠠᠭᠤᠬᠠᠢ ᠪᠠᠷ ᠢᠨᠢᠶᠡᠬᠦ ᠳᠠᠭᠤᠨ ᠭᠠᠷᠴᠤ ᠭᠠᠩᠯᠢᠩ ᠨᠢᠭᠡ ᠮᠠᠭᠤ ᠳᠤᠤᠭᠠᠷᠤᠮᠠᠭᠴᠠ᠂ ᠪᠠᠭᠠᠯᠵᠤᠤᠷᠳᠠᠭᠤᠯᠤᠭᠰᠠᠨ ᠶᠤᠮ ᠰᠢᠭ᠋ ᠶᠣᠭ ᠬᠢᠭᠡᠳ ᠵᠣᠭᠰᠣᠭᠰᠠᠨ ᠳ᠋ᠤ᠌᠂ ᠬᠤᠶᠠᠭ ᠤ᠋ᠳ ᠤᠬᠠᠭᠠᠨ ᠠᠮᠢ ᠦᠭᠡᠢ ᠠᠶᠤᠨ ᠰᠣᠴᠢᠵᠤ᠂ ᠳᠡᠮᠡᠢ ᠯᠡ ᠪᠡᠶ᠎ᠡ ᠪᠡᠶ᠎ᠡ ᠪᠡᠨ ᠪᠦᠯᠲᠡᠢᠨ ᠰᠢᠷᠳᠡᠭᠡᠳ ᠬᠥᠳᠡᠯᠵᠦ ᠴᠢᠳᠠᠬᠤ ᠦᠭᠡᠢ ᠭᠥᠯᠢᠷᠡᠪᠡ᠃
ᠱᠣᠷᠣᠩ ᠤ᠋ᠨ ᠥᠨᠳᠥᠷ ᠬᠠᠰᠢᠶᠠᠨ ᠳᠡᠭᠡᠷ᠎ᠡ᠂ ᠲᠩᠷᠢ ᠶ᠋ᠢᠨ ᠣᠶᠣᠳᠠᠯ ᠤ᠋ᠨ ᠣᠳᠣᠨ ᠢ᠋ ᠬᠠᠯᠬᠠᠯᠠᠰᠬᠢᠨ ᠭᠤᠷᠪᠠ ᠳᠠᠬᠢᠨ ᠨᠢᠭᠡ ᠶᠠᠭᠤᠮ᠎ᠠ ᠶ᠋ᠢᠨ ᠪᠠᠷᠠᠭ᠎ᠠ ᠰᠦᠮᠡᠯᠵᠡᠭᠡᠳ᠂ ᠬᠠᠰᠢᠶᠠᠨ ᠤ᠋ ᠢᠷᠣᠭᠠᠷ ᠠ᠋ᠴᠠ ᠨᠢᠭᠡ ᠬᠥᠮᠦᠨ ᠰᠢᠪᠡᠭᠡᠨᠡᠨ᠂
— ᠲᠠᠷᠭᠠᠢ᠂ ᠨᠡᠰᠢ ᠪᠣᠯ᠃ ᠪᠢ ᠣᠨᠳᠣᠷᠣᠢ ᠪᠠᠢᠨ᠎ᠠ᠃ ᠪᠡᠶ᠎ᠡ ᠪᠡᠶ᠎ᠡ ᠡᠴᠡ ᠪᠡᠨ ᠪᠠᠷᠢᠯᠴᠠᠭᠠᠳ᠂ ᠮᠢᠨᠦ ᠬᠣᠢᠨ᠎ᠠ ᠠ᠋ᠴᠠ ᠨᠠᠮᠠᠶ᠋ᠢ ᠪᠠᠷᠢᠭᠠᠳ ᠳᠠᠭᠠᠵᠤ ᠶᠠᠪᠤ᠃ ᠡᠨᠳᠡ ᠵᠢᠯᠠᠭᠠᠨ ᠳ᠋ᠤ᠌ ᠮᠠᠨᠠᠢᠬᠢᠨ ᠬᠦᠯᠢᠶᠡᠵᠦ ᠪᠠᠢᠨ᠎ᠠ ᠭᠡᠪᠡ᠃
ᠤᠳᠠᠯ ᠦᠭᠡᠢ ᠬᠡᠳᠦᠨ ᠮᠣᠷᠢ ᠲᠠᠢ ᠬᠥᠮᠦᠨ ᠲᠡᠷᠡ ᠵᠢᠯᠠᠭ᠎ᠠ ᠠ᠋ᠴᠠ ᠭᠠᠷᠴᠤ᠂ ᠬᠣᠢᠰᠢ ᠴᠡᠩᠭᠡᠯᠲᠦ ᠠᠭᠤᠯᠠ ᠶ᠋ᠢᠨ ᠵᠦᠭ ᠬᠠᠲᠠᠷᠢᠨ ᠣᠳᠴᠤ᠂ ᠠᠭᠤᠯᠠ ᠵᠠᠪᠰᠠᠷᠯᠠᠬᠤ ᠦᠶᠡᠰ ᠣᠢ ᠶ᠋ᠢᠨ ᠭᠦᠨ ᠮᠣᠳᠣᠨ ᠳ᠋ᠤ᠌ ᠪᠠᠭᠤᠭᠠᠳ᠂ ᠮᠣᠷᠢ ᠪᠠᠨ ᠴᠢᠳᠥᠷᠯᠡᠵᠦ ᠬᠣᠲᠣᠭᠣᠷ ᠭᠠᠵᠠᠷ ᠭᠠᠯ ᠲᠦᠯᠡᠭᠡᠳ ᠴᠠᠢ ᠪᠤᠴᠠᠯᠭᠠᠵᠤ᠂ ᠬᠣᠨᠢᠨ ᠤ᠋ ᠴᠢᠨᠠᠭᠰᠠᠨ ᠮᠢᠬ᠎ᠠ ᠠᠶᠠᠭᠠᠨ ᠳ᠋ᠠᠭᠠᠨ ᠬᠥᠰᠬᠥᠯᠡᠵᠦ ᠢᠳᠡᠭᠡᠵᠡᠪᠡ᠃
ᠲᠠᠷᠭᠠᠢ ᠶ᠋ᠢᠨ ᠬᠠᠮᠲᠤ ᠬᠣᠷᠢᠭᠳᠠᠵᠤ ᠪᠠᠢᠭᠰᠠᠨ ᠥᠨᠳᠥᠷ ᠨᠢᠷᠤᠭᠤ ᠲᠠᠢ᠂ ᠥᠷᠭᠡᠨ ᠮᠥᠷᠥ ᠲᠡᠢ ᠪᠥᠬᠡ ᠠᠯᠲᠠᠨᠬᠤᠶᠠᠭ ᠬᠡᠳᠦᠢ ᠡᠴᠡᠩᠬᠡᠢ ᠪᠣᠯᠪᠠᠴᠤ ᠪᠢᠯᠳᠠᠷ ᠲᠠᠢ᠂ ᠲᠡᠩᠬᠡᠯᠡᠭᠦᠨ ᠪᠠᠢᠳᠠᠯ ᠲᠠᠢ᠂ ᠨᠥᠭᠦᠭᠡ ᠪᠡᠶ᠎ᠡ ᠪᠠᠭ᠎ᠠ᠂ ᠭᠠᠪᠰᠢᠭᠠᠢ᠂ ᠱᠠᠯᠠᠮᠠᠭᠠᠢ ᠰᠠᠢᠨᠪᠢᠯᠢᠭ᠌ ᠴᠥᠮ ᠡᠪᠦᠭᠡᠨ ᠯᠣᠣᠵᠠᠩ ᠤ᠋ᠨ ᠦᠭᠡ ᠶ᠋ᠢ ᠬᠢᠴᠢᠶᠡᠩᠭᠦᠢᠯᠡᠨ ᠰᠣᠨᠣᠰᠴᠤ᠂ ᠦᠷ ᠦ᠋ᠨ ᠭᠡᠭᠡ ᠪᠡᠷ ᠰᠦᠮᠡᠯᠵᠡᠨ ᠣᠨᠳᠣᠷᠴᠤ ᠪᠠᠢᠭ᠎ᠠ ᠴᠣᠭ ᠤ᠋ᠨ ᠭᠡᠷᠡᠯ ᠲᠤᠶᠠᠭ᠎ᠠ ᠲᠣᠰᠴᠤ ᠪᠠᠢᠭ᠎ᠠ ᠬᠦᠷᠡᠩ ᠤᠯᠠᠭᠠᠨ ᠴᠢᠷᠠᠢ ᠶ᠋ᠢ ᠨᠢ ᠶᠡᠬᠡᠯ᠎ᠡ (ᠶᠡᠬᠡ ᠯᠡ )ᠳᠣᠲᠣᠨᠣᠯᠠᠨ ᠬᠠᠷᠠᠵᠤ ᠰᠠᠭᠤᠯ᠎ᠠ᠃ ᠡᠪᠦᠭᠡᠨ ᠯᠣᠣᠵᠠᠩ ᠥᠭᠦᠯᠡᠷᠦᠨ᠂
— ᠣᠳᠣᠬᠠᠨ ᠳᠡᠭᠡᠷ᠎ᠡ ᠪᠡᠨ ᠬᠠᠯᠬ᠎ᠠ ᠨᠤᠲᠤᠭ ᠲᠤ᠌ ᠲᠠ ᠨᠠᠷ ᠤ᠋ᠨ ᠪᠠᠢᠭᠰᠠᠨ ᠤ᠋ ᠬᠡᠷᠡᠭ ᠦᠭᠡᠢ᠃ ᠰᠥᠨᠢᠳ ᠬᠠᠭᠤᠴᠢᠳ ᠤ᠋ᠨ ᠨᠤᠲᠤᠭ ᠲᠤ᠌ ᠲᠦᠷ ᠬᠣᠷᠭᠣᠳᠠᠪᠠᠯ ᠳᠡᠭᠡᠷ᠎ᠡ ᠪᠣᠢ᠂ ᠬᠡᠦᠬᠡᠳ ᠮᠢᠨᠢ᠃ ᠶᠠᠭᠤ ᠴᠤ᠌ ᠪᠣᠯᠤᠭᠰᠠᠨ ᠮᠠᠨᠠᠢᠬᠢᠨ(ᠮᠠᠨ ᠤ᠋ ᠬᠢᠨ) ᠲᠡᠢ ᠦᠭᠡ ᠠᠶᠠᠯᠭᠤ ᠨᠢ ᠣᠢᠷ᠎ᠠ ᠪᠣᠯᠤᠭᠠᠳ᠂ ᠲᠠ ᠨᠠᠷ ᠤ᠋ᠨ ᠬᠡᠯᠡ ᠠᠶᠠᠯᠭᠤ ᠪᠤᠰᠤᠳ ᠠ᠋ᠴᠠ ᠡᠲᠡᠭᠡᠳ ᠭᠠᠵᠢᠭᠤ ᠦᠵᠡᠭᠳᠡᠬᠦ ᠦᠭᠡᠢ᠂ ᠰᠠᠨᠠᠭ᠎ᠠ ᠠᠮᠤᠷ ᠪᠠᠢᠨ᠎ᠠ᠃ ᠬᠥᠮᠦᠨ ᠦ᠌ ᠭᠠᠵᠠᠷ ᠪᠠᠰᠠ ᠰᠡᠷᠡᠮᠵᠢ ᠲᠡᠢ ᠶᠠᠪᠤᠬᠤ ᠬᠡᠷᠡᠭᠲᠡᠢ᠃ ᠣᠳᠣ ᠲᠠ ᠨᠠᠷ ᠢ᠋ ᠤᠷᠭᠤᠪᠠ ᠭᠡᠵᠦ ᠵᠦᠭ ᠵᠦᠭ ᠲᠦ᠍ ᠵᠠᠷ ᠲᠠᠷᠬᠠᠨ᠎ᠠ᠃ ᠵᠢᠰᠦ ᠪᠠᠢᠳᠠᠯ ᠢ᠋ ᠲᠣᠭᠠᠴᠢᠨ᠂ ᠣᠯᠤᠭᠰᠠᠨ ᠬᠥᠮᠦᠨ ᠳ᠋ᠦ᠍ ᠱᠠᠩ ᠥᠭᠭᠦᠨ᠎ᠡ ᠭᠡᠵᠦ ᠵᠠᠷᠯᠠᠬᠤ ᠪᠠᠢᠬ᠎ᠠ᠃ ᠮᠢᠨᠦ ᠰᠠᠨᠠᠬᠤ ᠳ᠋ᠤ᠌ ᠲᠠ ᠨᠠᠷ ᠡᠨᠡ ᠮᠠᠨᠵᠤ ᠶᠣᠰᠣᠨ ᠤ᠋ ᠭᠡᠵᠢᠭᠡ ᠪᠡᠷ ᠶᠠᠭᠤ ᠬᠢᠬᠦ ᠪᠣᠢ? ᠭᠡᠵᠢᠭᠡ ᠪᠡᠨ ᠠᠪᠴᠤ ᠪᠠᠳᠢᠷᠴᠢᠨ ᠳᠦᠷᠢ ᠪᠡᠷ ᠶᠠᠪᠤᠪᠠᠯ ᠳᠡᠭᠡᠷ᠎ᠡ ᠪᠣᠢ᠃ ᠮᠣᠩᠭᠣᠯ ᠲᠤᠭᠤᠷᠭᠠᠲᠠᠨ ᠤ᠋ ᠨᠤᠲᠤᠭᠯᠠᠳᠠᠭ ᠬᠥᠬᠡ ᠨᠠᠭᠤᠷ ᠠ᠋ᠴᠠ ᠠᠪᠤᠭᠠᠳ ᠬᠦᠷᠢᠶ᠎ᠡ ᠬᠦᠷᠲᠡᠯ᠎ᠡ ᠲᠡᠨᠦᠵᠦ ᠶᠠᠪᠤᠳᠠᠭ ᠪᠠᠳᠢᠷᠴᠢᠨ ᠢ᠋ ᠬᠡᠨ ᠠᠩᠵᠠᠭᠠᠷᠠᠬᠤ ᠪᠣᠢ? ᠭᠡᠵᠢᠭᠡ ᠪᠡᠨ ᠠᠪᠤᠭᠰᠠᠨ ᠢ᠋ᠶ᠋ᠠᠷ ᠲᠠ ᠨᠠᠷ ᠶᠠᠮᠠᠷ ᠯᠠᠮᠠ ᠪᠣᠯᠬᠤ ᠶᠤᠮ ᠪᠢᠰᠢ᠂ ᠯᠠᠮᠠ ᠨᠠᠷ ᠤ᠋ᠨ ᠳᠤᠮᠳᠠ ᠴᠤ᠌ ᠪᠠᠰᠠ ᠰᠠᠢᠨ ᠡᠷ᠎ᠡ ᠪᠠᠢᠭᠰᠠᠨ ᠶᠤᠮ ᠰᠢᠦ ᠳᠡ᠃ ᠲᠠ ᠨᠠᠷ ᠬᠠᠯᠬ᠎ᠠ ᠳᠠᠶᠠᠭᠠᠷ ᠲᠤ᠌ ᠳᠠᠭᠤᠨ ᠲᠠᠢ ᠴᠤᠤ ᠲᠠᠢ ᠳᠠᠷᠢᠭᠠᠩᠭ᠎ᠠ ᠶ᠋ᠢᠨ ᠲᠤᠭᠤᠷᠠᠢ ᠪᠠᠨᠳᠢ ᠶ᠋ᠢ ᠪᠣᠳᠣᠭᠠᠳ ᠦᠵᠡ ᠯᠡ ᠳᠡ᠃ ᠨᠣᠶᠠᠳ ᠲᠤ᠌ ᠬᠣᠬᠢᠷᠠᠭᠰᠠᠨ ᠶᠠᠳᠠᠭᠤᠴᠤᠳ ᠲᠤᠭᠤᠷᠠᠢ ᠪᠠᠨᠳᠢ ᠶ᠋ᠢ ᠬᠡᠵᠢᠶ᠎ᠡ ᠴᠦ᠍ ᠢᠷᠥᠭᠡᠨ ᠳᠤᠷᠠᠰᠴᠤ᠂ ᠶᠠᠳᠠᠭᠤ ᠬᠥᠮᠦᠨ ᠪᠦᠷᠢ ᠰᠠᠢᠨ ᠰᠠᠨᠠᠵᠤ ᠶᠠᠪᠤᠨ᠎ᠠ ᠰᠢᠦ᠃
ᠡᠨᠡ ᠪᠣᠭᠴᠣ ᠶ᠋ᠢᠨ ᠳᠣᠲᠣᠷ᠎ᠠ ᠬᠡᠦᠬᠡᠳ ᠲᠠ ᠨᠠᠷ ᠤ᠋ᠨ ᠰᠣᠯᠢᠵᠤ ᠡᠮᠦᠰᠬᠦ ᠰᠢᠨ᠎ᠡ ᠭᠤᠲᠤᠯ᠂ ᠯᠠᠮᠠ ᠳᠡᠪᠡᠯ ᠪᠣᠢ᠃ ᠤᠨᠳᠤᠷᠤᠢ ᠪᠢᠳᠡ ᠬᠣᠶᠠᠷ᠂ ᠲᠠ ᠭᠤᠷᠪᠠ ᠶ᠋ᠢᠨ ᠦᠰᠦ ᠶ᠋ᠢ ᠠᠪᠤᠭᠠᠳ ᠥᠭᠭᠦᠨ᠎ᠡ᠃ ᠵᠠᠮ ᠳ᠋ᠤ᠌ ᠬᠡᠷᠡᠭᠯᠡᠬᠦ ᠮᠥᠩᠭᠥ ᠪᠠᠰᠠ ᠡᠨᠡ ᠪᠣᠭᠴᠣ ᠶ᠋ᠢᠨ ᠢᠷᠣᠭᠠᠷ ᠲᠤ᠌ ᠪᠣᠢ᠃ ᠰᠠᠢᠨ ᠨᠥᠬᠥᠳ ᠬᠠᠮᠢᠭ᠎ᠠ ᠴᠤ᠌ ᠣᠯᠳᠠᠨ᠎ᠠ᠃ ᠲᠡᠷᠡ ᠲᠤᠬᠠᠢ ᠰᠠᠨᠠᠭ᠎ᠠ ᠵᠣᠪᠠᠯᠲᠠ ᠦᠭᠡᠢ᠃ ᠲᠠᠷᠭᠠᠢ ᠳ᠋ᠤ᠌ ᠪᠠᠰᠠ ᠰᠥᠨᠢᠳ ᠨᠤᠲᠤᠭ ᠲᠤ᠌ (ᠨᠤᠲᠤᠭᠲᠤ) ᠨᠥᠬᠥᠷ ᠰᠡᠭᠦᠳᠡᠷ ᠪᠠᠢᠬᠤ ᠶᠣᠰᠣ ᠲᠠᠢ᠃ ᠲᠠ ᠨᠠᠷ ᠬᠠᠷᠢᠨ ᠬᠦᠴᠦ ᠲᠦᠷᠢᠵᠦ᠂ ᠶᠠᠳᠠᠭᠤ ᠬᠥᠮᠦᠨ ᠢ᠋᠂ ᠲᠠᠩᠭᠤᠳ᠂ ᠲᠥᠪᠡᠳ᠂ ᠬᠢᠲᠠᠳ᠂ ᠮᠣᠩᠭᠣᠯ ᠠᠯᠢᠨ ᠴᠤ᠌ ᠪᠠᠢᠭᠰᠠᠨ ᠶᠡᠷᠦ ᠳᠠᠷᠤᠯᠠᠵᠤ ᠪᠣᠯᠬᠤ ᠦᠭᠡᠢ ᠰᠢᠦ᠃ ᠠᠷᠪᠠᠨ ᠬᠤᠷᠤᠭᠤᠨ ᠤ᠋ ᠠᠯᠢᠨ ᠢ᠋ ᠴᠦ᠍ ᠬᠠᠵᠠᠭᠰᠠᠨ ᠡᠪᠡᠳᠬᠦ ᠨᠢ ᠠᠳᠠᠯᠢ᠃ ᠠᠷᠪᠠᠨ ᠵᠦᠭ ᠦ᠋ᠨ ᠠᠮᠢᠲᠠᠨ ᠪᠦᠭᠦᠳᠡ ᠶ᠋ᠢᠨ ᠶᠠᠳᠠᠭᠤ ᠨᠢ᠂ ᠵᠣᠪᠠᠬᠤ ᠨᠢ ᠠᠳᠠᠯᠢ ᠪᠠᠢᠳᠠᠭ᠃ ᠲᠠ ᠨᠠᠷ ᠭᠠᠭᠴᠠ᠂ ᠣᠯᠠᠨ ᠤ᠋ ᠲᠤᠰᠠ ᠳᠡᠮᠵᠢᠯᠭᠡ ᠪᠡᠷ ᠰᠠᠢᠨ ᠡᠷ᠎ᠡ ᠪᠣᠯᠵᠤ ᠶᠠᠪᠤᠬᠤ ᠠ᠋ᠴᠠ ᠪᠢᠰᠢ᠂ ᠭᠠᠭᠴᠠ ᠲᠠ ᠨᠠᠷ ᠤ᠋ᠨ ᠴᠢᠳᠠᠯ ᠭᠡᠵᠦ ᠪᠢᠲᠡᠭᠡᠢ ᠲᠣᠯᠣᠭᠠᠢ ᠪᠠᠨ ᠡᠷᠭᠢᠭᠦᠯᠦᠭᠡᠷᠡᠢ᠃ ᠣᠯᠠᠨ ᠲᠠᠢ ᠰᠠᠢᠨ ᠪᠠᠢᠪᠠᠯ᠂ ᠲᠠ ᠨᠠᠷ ᠢ᠋ ᠶᠠᠮᠠᠷ ᠴᠤ᠌ ᠠᠮᠪᠠᠨ ᠨᠣᠶᠠᠨ ᠶᠠᠭᠠᠬᠢᠵᠤ ᠴᠤ᠌ ᠴᠢᠳᠠᠬᠤ ᠦᠭᠡᠢ ᠭᠡᠪᠡᠯ᠂
— ᠯᠣᠣᠵᠠᠩ ᠭᠤᠸᠠᠢ᠂ ᠶᠣᠰᠣ ᠲᠠᠢ ᠦᠭᠡ ᠬᠡᠯᠡᠵᠦ ᠪᠠᠢᠨ᠎ᠠ᠃ ᠵᠠ ᠲᠠ ᠨᠠᠷ ᠤ᠋ᠨ ᠬᠡᠨ ᠲᠠᠨᠢ᠂ ᠣᠢ ᠶ᠋ᠢᠨ ᠬᠠᠷ᠎ᠠ ᠳᠠᠷᠬᠠᠨ ᠠ᠋ᠴᠠ ᠰᠠᠬᠢᠯ ᠬᠦᠷᠲᠡᠬᠦ ᠪᠣᠢ? ᠭᠡᠵᠦ ᠤᠨᠳᠤᠷᠤᠢ ᠬᠣᠱᠣᠩᠨᠠᠨ᠂ ᠵᠠ᠂ ᠰᠠᠢᠨ ᠡᠷ᠎ᠡ ᠶ᠋ᠢᠨ ᠰᠡᠲᠡᠷ ᠵᠡᠭᠦᠵᠦ᠂ ᠮᠠᠨᠵᠤ ᠭᠡᠵᠢᠭᠡ ᠪᠡᠨ ᠠᠪᠴᠤ ᠬᠠᠶᠠᠴᠠᠭᠠ (ᠬᠠᠶᠠᠵᠠᠭᠠ) ᠭᠡᠵᠦ ᠦᠰᠦ ᠶ᠋ᠢᠨ ᠬᠢᠲᠤᠭ᠎ᠠ ᠪᠠᠷᠢᠪᠠᠯ᠂
— ᠵᠠ᠂ ᠲᠡᠭᠡᠪᠡᠯ ᠮᠢᠨᠦ ᠮᠠᠭᠤ ᠭᠡᠵᠢᠭᠡ ᠶ᠋ᠢ ᠠᠪᠴᠤ ᠬᠠᠶᠠᠭᠠᠳ᠂ ᠮᠠᠨᠵᠤ ᠱᠣᠷᠣᠩ ᠤ᠋ᠨ ᠦᠨᠦᠷ ᠲᠠᠨᠢᠷ ᠢ᠋ ᠰᠠᠯᠭᠠᠵᠤ ᠥᠭ ᠭᠡᠵᠦ ᠠᠯᠲᠠᠨᠬᠤᠶᠠᠭ᠂ ᠤᠨᠳᠤᠷᠤᠢ ᠶ᠋ᠢᠨ ᠡᠮᠦᠨ᠎ᠡ ᠢᠷᠡᠵᠦ ᠰᠠᠭᠤᠪᠠ᠃
— — — —
* ᠭᠤᠢᠭᠠᠷᠴᠢᠯᠠᠵᠤ ᠦᠭᠡ ᠲᠣᠩᠭᠣᠷᠤᠭᠤᠯᠤᠨ《ᠦᠬᠡᠷ ᠴᠠᠭ ᠲᠤ᠌ ᠴᠢᠨᠣ᠎ᠠ ᠣᠯᠢᠵᠤ ᠭᠠᠩᠯᠢᠩ ᠳᠤᠤᠭᠠᠷᠬᠤ ᠳ᠋ᠤ᠌ ᠪᠡᠯᠡᠨ ᠪᠠᠢ》 ᠭᠡᠵᠦ ᠬᠡᠯᠡᠭᠰᠡᠨ ᠦᠭᠡ᠃
ᠦᠰᠦᠭ ᠠᠮᠢᠯᠠᠭᠤᠯᠤᠭᠴᠢ᠄ ᠣᠢ᠌ᠢᠭᠤᠷᠵᠢᠨ ᠣᠳᠬᠣᠨ᠂ ᠣᠶᠤᠨᠪᠠᠲᠤ᠂ ᠪᠠᠳᠮᠠᠰᠡᠴᠡᠨ᠂
ᠮᠧᠢ ᠬᠤᠸᠠ᠂ ᠪᠠᠯ᠂ ᠮᠥᠩᠭᠦᠡᠭᠤᠸ᠋ᠠ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠤᠢᠭᠤᠷᠵᠢᠨ· ᠣᠳᠬᠣᠨᠪᠠᠪᠠ᠂ ᠪᠠᠳᠮᠠᠰᠡᠴᠡᠨ᠂ ᠤᠶᠤᠨᠪᠠᠲᠤ᠂
ᠴᠡᠩᠬᠡᠯᠴᠡᠴᠡᠭ᠂ ᠲ· ᠬᠦᠮᠦᠵᠢᠯᠲᠦ᠂ ᠪᠠᠯ᠂ ᠮᠧᠢ ᠬᠤᠸᠠ
ᠤᠩᠰᠢᠭᠴᠢ᠄ ᠨᠠᠰᠤᠨ᠌ᠦ᠌ᠯᠵᠡᠢ
