ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠ ᠶᠢᠰᠦ) Үүрийн туяа I – Б ᠂ Ренчин Тэргүүн дэвтэр "Манжийн талхинд" (19)
ᠠᠷᠪᠠ ᠶᠢᠰᠦ᠂ ᠦᠬᠡᠷ ᠦ᠋ᠨ ᠴᠢᠬᠢᠨ ᠳ᠋ᠦ᠍ ᠤᠰᠤ ᠴᠤ᠌ ᠬᠢᠭᠰᠡᠨ᠂ ᠲᠣᠰᠣ ᠴᠤ᠌ ᠬᠢᠭᠰᠡᠨ ᠠᠳᠠᠯᠢᠬᠠᠨ ᠰᠡᠭᠰᠦᠷᠳᠡᠭ
— ᠳᠡᠭᠡᠯ ᠦᠭᠡᠢ ᠳᠡ᠂ ᠪᠢ ᠴᠢᠨᠦ ᠥᠰᠢᠶᠡᠲᠡᠨ ᠪᠣᠯᠤᠭᠰᠠᠨ ᠶᠤᠮ ᠰᠢᠭ᠋᠂ ᠶᠠᠭᠠᠬᠢᠯ᠎ᠠ ᠭᠡᠵᠦ ᠴᠢᠨᠦ ᠮᠠᠯ ᠳ᠋ᠤ᠌ ᠴᠢᠨᠢ ᠬᠣᠣᠷ ᠬᠢᠬᠦ ᠪᠣᠢ? ᠴᠢ ᠪᠣᠳᠣᠯ ᠳᠠ᠃ ᠮᠠᠨᠠᠢ ᠲᠡᠷᠡ ᠬᠠᠪᠢ ᠳ᠋ᠤ᠌ ᠦᠬᠡᠷ ᠮᠢᠯᠵᠠᠩᠲᠤᠭᠠᠳ ᠦᠬᠦᠵᠦ ᠪᠠᠢᠬᠤ ᠳ᠋ᠤ᠌᠂ ᠮᠢᠨᠦ ᠲᠠᠪᠤᠨ ᠦᠨᠢᠶ᠎ᠡ ᠶᠠᠭᠠᠬᠢᠭᠰᠠᠨ ᠴᠤ᠌ ᠦᠭᠡᠢ ᠥᠯᠵᠡᠢ ᠲᠡᠢ ᠥᠩᠭᠡᠷᠡᠯ᠎ᠡ᠃
ᠲᠡᠭᠡᠭᠡᠳ ᠪᠢ ᠴᠢᠮ᠎ᠠ ᠳ᠋ᠤ᠌ ᠡᠨᠡ ᠫᠧᠷᠱᠡᠯ ᠡᠮᠴᠢ ᠶ᠋ᠢ ᠠᠪᠴᠢᠷᠠᠵᠤ ᠪᠠᠢᠭ᠎ᠠ ᠨᠢ ᠲᠡᠷᠡ᠃ ᠴᠢ ᠦᠬᠡᠷ ᠢ᠋ᠶ᠋ᠡᠨ ᠲᠠᠷᠢᠭᠤᠯ᠂ ᠬᠥᠯᠥᠰᠥ ᠨᠢ ᠭᠠᠢ ᠦᠭᠡᠢ ᠰᠢᠦ ᠭᠡᠬᠦ ᠳ᠋ᠦ᠍ᠨᠢ᠃
— ᠵᠠ᠂ ᠣᠷᠣᠢ ᠮᠠᠯ ᠢᠷᠡᠬᠦ ᠳ᠋ᠦ᠍ ᠳᠠᠷᠢᠭᠤᠯᠤᠶᠠ ᠭᠡᠵᠦ ᠪᠠᠲᠤᠪᠠᠶᠠᠷ ᠵᠥᠪᠰᠢᠶᠡᠷᠡᠪᠡ᠃
ᡀᠠ ᠪᠡᠢᠰᠡ ᠶ᠋ᠢᠨ ᠬᠤᠰᠢᠭᠤᠨ ᠤ᠋ ᠴᠡᠷᠢᠭ ᠶᠠᠪᠤᠭᠰᠠᠨ ᠡᠪᠦᠭᠡᠨ ᠪᠠᠯᠳᠠᠨ᠂ ᠡᠮᠡᠭᠡᠨ ᠰᠦᠷᠦᠩ᠂ ᠵᠠᠮᠪᠠ ᠠ᠋ᠴᠠ ᠪᠤᠰᠤᠳ ᠴᠥᠮ ᠦᠬᠡᠷ ᠲᠡᠭᠡᠨ ᠮᠢᠯᠵᠠᠩ ᠤ᠋ᠨ ᠲᠠᠷᠢᠯᠭ᠎ᠠ ᠬᠢᠯᠭᠡᠬᠦ ᠪᠡᠷ ᠪᠣᠯᠵᠤ᠂ ᠭᠠᠭᠴᠠ ᠵᠠᠮᠪᠠ᠂ ᠳᠠᠷᠠᠩ ᠢ᠋ ᠲᠠᠷᠢᠯᠭ᠎ᠠ ᠬᠢᠯᠭᠡᠶ᠎ᠡ ᠭᠡᠬᠦ ᠳ᠋ᠦ᠍ᠨᠢ᠂
— ᠯᠠᠮᠠ ᠶ᠋ᠢᠨ ᠭᠡᠭᠡᠬᠡᠨ ᠪᠢᠳᠡᠨ ᠳ᠋ᠦ᠍ ᠷᠠᠰᠢᠶᠠᠨ ᠤᠳᠤᠯᠭ᠎ᠠ ᠬᠠᠢᠷᠠᠯᠠᠭᠰᠠᠨ ᠪᠢᠯᠡ᠃ ᠲᠡᠳᠡᠨᠦᠰ ᠪᠠᠲᠤᠪᠠᠶᠠᠷ ᠢ᠋ ᠳᠠᠭᠠᠵᠤ᠂ ᠭᠠᠯᠠᠭᠤ ᠳᠠᠭᠠᠵᠤ ᠬᠡᠷᠢᠶ᠎ᠡ ᠤᠰᠤᠨ ᠳ᠋ᠤ᠌ ᠣᠷᠣᠵᠤ ᠦᠬᠦᠪᠡ ᠭᠡᠭᠴᠢ ᠶ᠋ᠢᠨ ᠦᠯᠢᠭᠡᠷ ᠢ᠋ᠶ᠋ᠡᠷ ᠪᠣᠯᠬᠤ ᠭᠡᠪᠡᠯ ᠳᠤᠷ᠎ᠠ ᠪᠠᠷ ᠢ᠋ᠶ᠋ᠠᠨ ᠪᠣᠯᠤᠭ᠃ ᠪᠢ ᠡᠨᠡ ᠬᠤᠲᠤᠭᠲᠤ ᠶᠢᠨ ᠱᠠᠪᠢ᠃ ᠯᠥᠨᠳᠦᠩ ᠢ᠋ ᠨᠢ ᠴᠡᠭᠡᠵᠢᠨ ᠳ᠋ᠡᠭᠡᠨ ᠰᠠᠨᠠᠵᠤ ᠶᠠᠪᠤᠳᠠᠭ᠃ ᠬᠤᠲᠤᠭᠲᠤ ᠶ᠋ᠢᠨ ᠯᠥᠨᠳᠦᠩ ᠳ᠋ᠦ᠍ ᠰᠢ ᠶᠠᠩ* ᠭᠠᠵᠠᠷ ᠤ᠋ᠨ ᠪᠤᠵᠠᠷ ᠡᠳ᠋᠂ ᠥᠯᠵᠡᠢ ᠪᠤᠰᠤ ᠶ᠋ᠢᠨ ᠶᠠᠭᠤᠮ᠎ᠠ ᠭᠡᠵᠦ ᠠᠢᠯᠠᠳᠤᠭᠰᠠᠨ ᠪᠢᠰᠢ ᠪᠢᠯᠡ ᠤᠤ? ᠴᠢ ᠲᠡᠭᠡᠬᠦ ᠳ᠋ᠦ᠍ ᠪᠤᠷᠤᠭᠤ ᠨᠣᠮ ᠲᠠᠢ ᠵᠢᠰᠤᠷ ᠪᠤᠵᠠᠷ ᠡᠮ ᠲᠣᠮ ᠢ᠋ᠶ᠋ᠠᠷ ᠪᠤᠶᠠᠨ ᠳ᠋ᠠᠭᠠᠨ ᠴᠥᠪ ᠤᠷᠤᠭᠤᠯ ᠭᠡᠳᠡᠭ ᠴᠢᠨᠢ ᠶᠠᠭᠤ ᠪᠢᠯᠡ? ᠭᠡᠵᠦ ᠠᠮᠲᠠ ᠦᠭᠡᠢ ᠦᠭᠡ ᠬᠡᠯᠡᠵᠦ ᠪᠢᠯᠡ᠃
ᠣᠷᠣᠢ ᠨᠢ ᠵᠠᠮᠪᠠ ᠶ᠋ᠢ ᠦᠬᠡᠷ ᠦ᠋ᠨ ᠬᠡᠪᠲᠡᠳᠡᠭ ᠭᠠᠵᠠᠷ ᠷᠠᠰᠢᠶᠠᠨ ᠰᠠᠴᠤᠵᠤ᠂ ᠦᠬᠡᠷ ᠢ᠋ᠶ᠋ᠡᠨ ᠤᠳᠤᠯᠭ᠎ᠠ ᠪᠠᠷ ᠣᠲᠣᠭᠠᠳ᠂ ᠮᠠᠯ ᠤ᠋ᠨ ᠬᠡᠪᠲᠡᠳᠡᠭ ᠭᠠᠵᠠᠷ᠂ ᠭᠡᠷ ᠬᠣᠶᠠᠷ ᠢ᠋ᠶ᠋ᠠᠨ ᠨᠠᠷᠠ ᠵᠥᠪ ᠭᠤᠷᠪᠠ ᠡᠷᠭᠢᠵᠦ᠂ ᠤᠩᠰᠢᠯᠭ᠎ᠠ ᠤᠩᠰᠢᠨ ᠤᠲᠤᠵᠤ ᠶᠠᠪᠤᠬᠤ ᠳ᠋ᠤᠨᠢ ᠣᠷᠣᠰ ᠡᠮᠴᠢ᠂ ᠵᠠᠮᠪᠠ ᠶ᠋ᠢᠨ ᠬᠣᠲᠠ ᠶ᠋ᠢᠨ ᠪᠤᠰᠤᠳ ᠠᠢᠯ ᠤ᠋ᠨ ᠬᠢᠨ ᠲᠡᠢ ᠶᠠᠪᠤᠵᠤ᠂ ᠪᠠᠲᠤᠪᠠᠶᠠᠷ᠂ ᠪᠠᠯᠳᠠᠨ᠂ ᠰᠦᠷᠦᠩ ᠭᠤᠷᠪᠠᠨ ᠠᠢᠯ ᠤ᠋ᠨ ᠦᠬᠡᠷ ᠲᠦ᠍ ᠲᠠᠷᠢᠶ᠎ᠠ ᠬᠢᠵᠡᠢ᠃
ᠮᠢᠯᠵᠠᠩ ᠶᠠᠭᠠᠬᠢᠬᠤ ᠶᠠᠭᠠᠬᠢᠬᠤ ᠶ᠋ᠢᠨ ᠠᠷᠭ᠎ᠠ ᠦᠭᠡᠢ ᠣᠢᠷᠠᠲᠤᠨ ᠣᠢᠷᠠᠲᠤᠭᠰᠠᠭᠠᠷ ᠪᠦᠬᠦ ᠽᠠᠮᠪᠤᠲᠢᠪ ᠠ᠋ᠴᠠ ᠬᠤᠷᠠᠨ ᠴᠤᠭᠯᠠᠭᠰᠠᠨ ᠶᠠᠭᠤᠮ᠎ᠠ ᠰᠢᠭ᠋ ᠣᠯᠠᠨ ᠡᠯᠢᠶ᠎ᠡ᠂ ᠲᠡᠰᠬᠡᠢᠵᠦ ᠬᠡᠢ ᠳᠦᠭᠦᠷᠦᠭᠰᠡᠨ᠂ ᠬᠡᠢ ᠨᠢ ᠭᠠᠷᠴᠤ ᠱᠠᠯᠴᠠᠢᠬᠰᠠᠨ ᠦᠬᠡᠷ ᠦ᠋ᠨ ᠰᠡᠭ ᠴᠤᠪᠤᠭᠰᠠᠨ ᠮᠢᠯᠵᠠᠩ ᠤ᠋ᠨ ᠮᠥᠷ ᠢ᠋ᠶ᠋ᠡᠷ ᠳᠠᠭᠠᠵᠤ ᠨᠢᠰᠴᠡᠭᠡᠨ᠂ ᡀᠠ ᠪᠡᠢᠰᠡ ᠶ᠋ᠢᠨ ᠬᠡᠳᠦᠨ ᠵᠠᠭᠤᠨ ᠦᠬᠡᠷ ᠦᠬᠦᠵᠦ᠂ ᠵᠠᠯᠠᠨ ᠭᠣᠮᠪᠣ᠂ ᠯᠣᠳᠣᠢ ᠪᠠᠶᠠᠨ ᠤ᠋ ᠡᠳᠦᠢ ᠲᠡᠳᠦᠢ ᠦᠬᠡᠷ ᠬᠢᠶᠠᠷ ᠦᠬᠦᠵᠡᠢ᠃ ᠦᠬᠡᠷ ᠢ᠋ᠶ᠋ᠡᠨ ᠦᠬᠦᠭᠦᠯᠦᠭᠰᠡᠨ ᠠᠢᠯ ᠰᠡᠩᠳᠡᠨ ᠮᠡᠩᠳᠡᠨ ᠵᠠᠢᠯᠠᠨ ᠨᠡᠭᠦᠵᠦ᠂ ᠮᠠᠯ ᠤ᠋ᠨ ᠮᠥᠭᠡᠷᠡᠬᠦ ᠮᠠᠢᠯᠠᠬᠤ᠂ ᠬᠥᠮᠦᠨ ᠦ᠌ ᠦᠭᠡ ᠬᠡᠯᠡᠯᠴᠡᠬᠦ ᠳᠠᠭᠤᠨ ᠴᠢᠮᠡᠭᠡ ᠰᠣᠨᠣᠰᠳᠠᠵᠤ᠂ ᠠᠢᠯ ᠬᠣᠲᠠ ᠪᠠᠢᠭᠰᠠᠨ ᠨᠤᠲᠤᠭ ᠪᠠᠭᠤᠴᠠᠨ ᠳᠡᠭᠡᠷ᠎ᠡ ᠨᠢ ᠦᠬᠦᠭᠰᠡᠨ ᠮᠠᠯ ᠤ᠋ᠨ ᠰᠡᠭ ᠳᠦᠭᠦᠷᠴᠦ᠂ ᠴᠠᠳᠴᠤ ᠲᠠᠷᠭᠤᠯᠤᠭᠰᠠᠨ ᠡᠯᠢᠶ᠎ᠡ ᠪᠦᠷᠭᠦᠳ ᠰᠠᠪᠠᠷᠳᠠᠯᠴᠢᠨ ᠵᠣᠳᠣᠯᠳᠤᠵᠤ᠂ ᠬᠠᠭᠰᠢᠨ ᠳᠤᠤᠭᠠᠷᠴᠠᠭᠠᠵᠤ ᠪᠠᠢᠪᠠ᠃
ᠯᠣᠳᠣᠢ ᠪᠠᠶᠠᠨ ᠤ᠋ ᠬᠣᠲᠠ ᠪᠠᠢᠯᠳᠤᠭᠠᠨ ᠤ᠋ ᠭᠠᠵᠠᠷ ᠰᠢᠭ᠋᠂ ᠥᠷᠯᠥᠭᠡ ᠪᠦᠷᠢ ᠪᠣᠰᠬᠤ ᠳ᠋ᠤ᠌ ᠰᠥᠨᠢ ᠨᠢ ᠠᠷᠪᠠᠭᠠᠳ ᠢᠶᠡᠷ ᠦᠬᠦᠭᠰᠡᠨ ᠦᠬᠡᠷ ᠲᠡᠷᠡᠢᠵᠦ᠂ ᠦᠮᠡᠬᠡᠢ ᠦᠨᠦᠷ ᠡᠴᠡ ᠨᠢ ᠵᠠᠢᠯᠠᠨ ᠠᠷᠭ᠎ᠠ ᠪᠤᠶᠤ ᠪᠠᠢᠨ ᠪᠠᠢᠨ ᠨᠡᠭᠦᠬᠦ ᠳ᠋ᠦ᠍ ᠬᠦᠷᠴᠡᠢ᠃ ᠲᠡᠭ ᠲᠡᠭᠡᠭᠰᠡᠭᠡᠷ ᠲᠡᠷᠡ ᠠᠶᠤᠮᠰᠢᠭᠲᠤ ᠡᠪᠡᠳᠴᠢᠨ ᠵᠠᠮᠪᠠ ᠶ᠋ᠢᠨ ᠬᠣᠲᠠᠨ ᠳ᠋ᠤ᠌ ᠬᠦᠷᠴᠦ ᠡᠯᠢᠶ᠎ᠡ ᠡᠳᠦᠢ ᠲᠡᠳᠦᠢ ᠪᠡᠷ ᠡᠷᠭᠢᠬᠦ ᠪᠣᠯᠪᠠ᠃ ᠪᠠᠲᠤᠪᠠᠶᠠᠷ᠂ ᠰᠦᠷᠦᠩ᠂ ᠪᠠᠯᠳᠠᠨ ᠤ᠋ ᠭᠤᠷᠪᠠᠨ ᠠᠢᠯ ᠤ᠋ᠨ ᠬᠢᠨ ᠵᠠᠮᠪᠠ ᠶ᠋ᠢᠨ ᠡᠴᠡ ᠠᠷᠭ᠎ᠠ ᠪᠤᠶᠤ ᠪᠠᠬᠠᠨ ᠵᠡᠢᠰ ᠪᠣᠯᠵᠤ ᠭᠡᠷ ᠢ᠋ᠶ᠋ᠡᠨ ᠣᠷᠢᠯᠠᠨ ᠪᠠᠷᠢᠪᠠᠴᠤ᠂ ᠮᠢᠯᠵᠠᠩᠲᠤᠵᠤ ᠦᠬᠦᠭᠰᠡᠨ ᠦᠬᠡᠷ ᠦ᠋ᠨ ᠢᠯᠵᠠᠷᠠᠨ ᠦᠮᠡᠬᠡᠢᠷᠡᠵᠦ ᠪᠠᠢᠭ᠎ᠠ ᠨᠢᠯᠤᠭᠤᠨ ᠦᠨᠦᠷ ᠰᠠᠯᠬᠢ ᠶ᠋ᠢᠨ ᠲᠡᠷᠡ ᠵᠦᠭ ᠡᠴᠡ ᠨᠢ ᠰᠠᠯᠬᠢᠯᠠᠪᠠᠯ ᠬᠠᠩᠬᠤᠯᠵᠤ᠂ ᠠᠳᠤᠭᠤ ᠤᠩᠭᠤᠯᠳᠠᠬᠤ ᠰᠢᠭ᠋ ᠳᠤᠤᠭᠠᠷᠬᠤ ᠢᠳᠡᠮᠡᠬᠡᠢ ᠴᠢᠭᠢᠮᠲᠡᠭᠡᠢ ᠡᠯᠢᠶ᠎ᠡ ᠶ᠋ᠢᠨ ᠳᠠᠭᠤᠨ ᠥᠷᠯᠥᠭᠡᠨ ᠡᠴᠡ ᠦᠳᠡᠰᠢ ᠬᠦᠷᠲᠡᠯ᠎ᠡ ᠰᠣᠨᠣᠰᠳᠠᠬᠤ ᠪᠣᠯᠪᠠ᠃
— ᠡᠵᠡᠨ ᠬᠢᠴᠢᠶᠡᠪᠡᠯ ᠠᠵᠠ ᠬᠢᠴᠢᠶᠡᠳᠡᠭ ᠭᠡᠳᠡᠭ ᠳᠡ᠃ ᠪᠢ ᠴᠢᠮ᠎ᠠ ᠳ᠋ᠤ᠌ ᠠᠢᠯ ᠬᠥᠮᠦᠨ ᠦ᠌ ᠠᠮᠢ ᠨᠢᠭᠡ ᠭᠡᠵᠦ ᠨᠥᠬᠥᠷ ᠦ᠋ᠨ ᠰᠡᠳᠬᠢᠯ ᠢ᠋ᠶ᠋ᠡᠷ ᠴᠢᠮ᠎ᠠ ᠳ᠋ᠤ᠌ ᠲᠤᠰᠠ ᠪᠣᠯᠬᠤ ᠭᠡᠵᠦ ᠦᠬᠡᠷ ᠢᠶᠡᠨ ᠳᠠᠷᠢᠭᠤᠯ ᠭᠡᠵᠦ ᠬᠡᠯᠡᠵᠦ ᠶᠠᠳᠠᠭᠰᠠᠨ ᠪᠢᠯᠡ᠃ ᠴᠢ ᠮᠢᠨᠦ ᠦᠭᠡ ᠣᠭᠲᠣ ᠠᠪᠬᠤ ᠦᠭᠡᠢ ᠠᠭᠠᠰᠢᠯᠠᠵᠤ ᠪᠠᠢᠭᠰᠠᠨ ᠰᠢᠦ ᠳᠡ᠃ ᠦᠬᠡᠷ ᠦ᠋ᠨ ᠴᠢᠬᠢᠨ ᠳ᠋ᠤ᠌ ᠤᠰᠤ ᠴᠤ᠌ ᠬᠢᠭᠰᠡᠨ᠂ ᠲᠣᠰᠣ ᠴᠤ᠌ ᠬᠢᠭᠰᠡᠨ ᠠᠳᠠᠯᠢᠬᠠᠨ ᠰᠡᠭᠰᠦᠷᠦᠨ᠎ᠡ ᠭᠡᠳᠡᠭ᠃ ᠴᠢᠨᠦ ᠦᠬᠡᠷ ᠪᠠᠷᠤᠭ ᠦᠬᠦᠵᠦ ᠭᠦᠢᠴᠡᠬᠦ ᠨᠢ ᠰᠢᠪ ᠳᠡ᠃ ᠮᠠᠨᠠᠢ ᠭᠤᠷᠪᠠᠨ ᠠᠢᠯ ᠳ᠋ᠤ᠌ ᠡᠳᠦᠢ ᠣᠯᠠᠨ ᠦᠬᠡᠷ ᠡᠴᠡ ᠳᠥᠩᠭᠡᠵᠢ ᠬᠣᠶᠠᠷᠬᠠᠨ ᠦᠬᠡᠷ ᠦᠬᠦᠭᠡᠳ ᠵᠣᠭᠰᠣᠭᠰᠠᠨ᠃ ᠣᠷᠣᠰ ᠤ᠋ᠨ ᠡᠮ ᠥᠯᠵᠡᠢ ᠪᠤᠰᠤ ᠪᠠᠢᠨᠠᠤ? ᠴᠢᠨᠦ ᠷᠠᠰᠢᠶᠠᠨ ᠣᠳᠤᠯᠭ᠎ᠠ ᠴᠢᠨᠢ ᠥᠯᠵᠡᠢ ᠪᠤᠰᠤ ᠪᠣᠯᠪᠠᠤ? ᠴᠢ ᠪᠣᠳᠣᠭᠠᠳ ᠦᠵᠡ᠂ ᠰᠦᠪᠡ ᠲᠠᠢ ᠯᠠ ᠶᠤᠮ ᠪᠣᠯ᠂ ᠴᠢ ᠪᠣᠢᠫᠣᠷ ᠪᠠᠷᠢᠭᠠᠳ ᠣᠳᠤᠯᠭ᠎ᠠ ᠪᠠᠷ ᠣᠳᠤᠨ᠎ᠠ ᠭᠡᠵᠦ ᠡᠷᠭᠢᠵᠦ ᠡᠷᠭᠢᠵᠦ᠂ ᠣᠳᠣ ᠴᠢᠨᠦ ᠲᠠᠷᠢᠬᠢᠨ ᠤ᠋ ᠲᠡᠷᠡ ᠡᠷᠭᠢᠭᠡ ᠶ᠋ᠢ ᠴᠢᠨᠢ ᠭᠠᠷᠭᠠᠵᠤ᠂ ᠲᠡᠷᠡ ᠣᠯᠠᠨ ᠡᠯᠢᠶ᠎ᠡ ᠴᠢᠨᠦ ᠦᠬᠡᠷ ᠳᠡᠭᠡᠷ᠎ᠡ ᠡᠷᠭᠢᠵᠦ ᠪᠠᠢᠭ᠎ᠠ ᠶ᠋ᠢ ᠬᠠᠷᠠᠪᠠᠤ? ᠠᠭᠤᠯᠠ ᠶ᠋ᠢ ᠴᠠᠰᠤ ᠳᠠᠷᠤᠵᠤ᠂ ᠨᠠᠮᠠᠶ᠋ᠢ ᠨᠠᠰᠤ ᠳᠠᠷᠤᠵᠤ᠂ ᠴᠢᠮᠠᠶ᠋ᠢ ᠮᠤᠩᠬᠠᠭ ᠴᠢᠨᠢ ᠳᠠᠷᠤᠵᠤ ᠳᠠ ᠭᠡᠵᠦ ᠡᠪᠦᠭᠡᠨ ᠪᠠᠲᠤᠪᠠᠶᠠᠷ ᠵᠠᠮᠪᠠ ᠵᠢ ᠵᠢᠮᠡᠯᠡᠪᠡ᠃
— — — —
*ᠰᠢ ᠶᠠᠩ — ᠧᠦ᠋ᠷᠣᠫᠠ ᠭᠡᠳᠡᠭ ᠦᠭᠡ᠃
ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ᠂
ᠬᠢᠨᠠᠭᠴᠢ᠄ ᠮᠥᠩᠭᠥᠨᠭᠣᠸ᠎ᠠ᠂ ᠮᠧᠢ ᠬᠤᠸᠠ᠂ ᠴᠡᠩᠬᠡᠯᠴᠡᠴᠡᠭ᠂ ᠲ· ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
