ᠪᠤᠭᠤᠲᠤ ᠪᠠᠯᠭᠠᠰᠤ ᠰᠢᠷᠠ ᠴᠡᠷᠢᠭ ᠦ᠋ᠨ ᠠᠮᠢᠰᠬᠤᠯ ᠢ᠋ᠶ᠋ᠠᠷ ᠪᠤᠵᠢᠭᠢᠨᠠᠳᠠᠭ ᠪᠣᠯᠵᠤ ᠤᠳᠠᠭᠰᠠᠨ ᠦᠭᠡᠢ ᠪᠠᠷᠠᠭᠤᠨ ᠬᠦᠩ ᠦ᠋ᠨ ᠬᠣᠰᠢᠭᠤ ᠶᠠᠮᠤᠨ ᠴᠤ᠌ ᠰᠢᠷᠠ ᠴᠡᠷᠢᠭ ᠦ᠋ᠨ ᠡᠷᠬᠡᠰᠢᠶᠡᠯ ᠳ᠋ᠦ᠍ ᠱᠣᠭᠰᠢᠳᠠᠭ ᠪᠣᠯᠪᠠ᠃
ᠰᠢᠷᠠ ᠴᠡᠷᠢᠭ ᠲᠦ᠍ ᠬᠢᠶᠠᠷᠠᠲᠠᠯᠠ ᠴᠣᠬᠢᠭᠳᠠᠭᠰᠠᠨ ᠬᠠᠷᠠ ᠴᠡᠷᠢᠭ ᠦ᠋ᠳ ᠬᠠᠲᠤᠨ ᠲᠣᠬᠣᠢ ᠠ᠋ᠴᠠ ᠴᠠᠭᠠᠰᠢ ᠰᠢᠯᠤᠭᠤᠬᠠᠨ ᠤᠬᠤᠷᠢᠭᠰᠠᠨ ᠨᠢ ᠰᠢᠷᠠ ᠴᠡᠷᠢᠭ ᠲᠦ᠍ ᠵᠠᠮ ᠭᠠᠷᠭᠠᠯᠠ ᠭᠡᠰᠡᠨ ᠦᠭᠡ᠁
ᠠᠭᠸᠠᠩ ᠭᠡᠳᠡᠭ ᠰᠢᠷᠠ ᠴᠡᠷᠢᠭ ᠦ᠋ᠨ ᠨᠣᠶᠠᠨ ᠴᠡᠷᠢᠭ ᠬᠤᠪᠴᠠᠰᠤ ᠶ᠋ᠢ ᠳᠠᠷᠢ ᠲᠡᠭᠰᠢ ᠡᠮᠦᠰᠴᠦ᠂ ᠰᠢᠷᠢᠨ ᠣᠭᠣᠰᠣᠷ ᠪᠦᠰᠡ ᠶ᠋ᠢ ᠡᠩᠭᠡᠷ ᠵᠢᠰᠢᠭᠦᠯᠦᠨ ᠡᠪᠲᠡᠢ ᠶᠠᠩᠵᠤᠯᠠᠵᠤ᠂ ᠲᠡᠰᠢᠶᠡ ᠭᠤᠶᠠ ᠪᠠᠷ ᠢ᠋ᠶ᠋ᠠᠨ ᠥᠷᠭᠡᠨ᠂ ᠡᠪᠦᠳᠦᠭ ᠡᠴᠡ ᠰᠢᠯᠪᠢ ᠲᠠᠢᠰᠢ ᠪᠠᠨ ᠱᠤᠪᠲᠤᠩ ᠥᠮᠥᠳᠥ ᠶ᠋ᠢ ᠤᠯᠠᠭᠠᠨ ᠬᠦᠷᠡᠩ ᠰᠠᠪᠢᠬᠢᠨ ᠭᠤᠲᠤᠯ ᠤ᠋ᠨ ᠲᠦᠷᠡᠢ ᠳ᠋ᠦ᠍ ᠴᠢᠬᠢᠵᠦ ᠡᠮᠦᠰᠦᠭᠰᠡᠨ ᠨᠢ ᠵᠢᠪᠬᠤᠭᠠᠯᠢᠭ ᠪᠥᠭᠡᠳ ᠰᠢᠷᠢᠨ ᠬᠤᠢ ᠲᠠᠢ ᠠᠬᠤᠷ ᠫᠤᠤ᠂ ᠳᠤᠷᠠᠨ ᠬᠣᠶᠠᠷ ᠢ᠋ ᠡᠭᠡᠯᠳᠦᠷᠭᠡᠯᠡᠨ ᠵᠡᠭᠦᠵᠦ᠂ ᠲᠠᠰᠢᠶᠠᠨ ᠳ᠋ᠠᠭᠠᠨ ᠰᠡᠯᠡᠮᠡ ᠠᠭᠰᠠᠭᠰᠠᠨ ᠨᠢ ᠮᠠᠰᠢ ᠰᠦᠷᠲᠡᠢ ᠬᠠᠷᠠᠭᠳᠠᠨᠠ᠃ ᠲᠡᠭᠦᠨ ᠦ᠌ ᠬᠠᠵᠠᠭᠤ ᠳ᠋ᠤ᠌ ᠢᠮᠠᠭᠠᠨ ᠳᠠᠭᠤᠲᠤ ᠥᠯᠵᠡᠢᠰᠠᠩ ᠬᠠᠷᠠ ᠢᠰᠡᠭᠡᠢ ᠪᠦᠷᠬᠦ ᠶ᠋ᠢ ᠬᠠᠵᠠᠭᠠᠢ ᠳᠠᠷᠤᠵᠤ ᠬᠠᠯᠪᠠᠭᠠᠨᠠᠭᠰᠠᠨ ᠴᠠᠭᠠᠨ ᠲᠣᠷᠭᠠᠨ ᠬᠠᠨᠲᠠᠭᠠᠰᠤ ᠶ᠋ᠢ ᠡᠩᠭᠡᠷ ᠵᠠᠳᠠᠭᠠᠢ ᠲᠠᠯᠪᠢᠨ ᠰᠢᠷᠠ ᠴᠡᠷᠢᠭ ᠦ᠋ᠨ ᠠᠭᠤᠵᠢᠮ ᠥᠮᠥᠳᠥ ᠡᠮᠦᠰᠦᠨ ᠮᠠᠨᠵᠤ ᠮᠣᠩᠭᠣᠯ ᠤ᠋ᠨ ᠠᠯᠢᠨ ᠨᠢ ᠦᠯᠦ ᠲᠠᠨᠢᠭᠳᠠᠮᠠ ᠮᠠᠭᠨᠢ ᠭᠤᠲᠤᠯ ᠴᠢᠷᠦᠭᠰᠡᠨ ᠨᠢ ᠬᠠᠴᠢᠨ ᠶᠣᠣᠵᠠ ᠮᠠᠭᠤᠲᠠᠢ ᠬᠠᠷᠠᠭᠳᠠᠪᠠᠴᠤ ᠰᠢᠷᠠ ᠴᠡᠷᠢᠭ ᠦ᠋ᠨ ᠰᠡᠭᠦᠳᠡᠷ ᠲᠦ᠍ ᠮᠥᠨ ᠡᠩ ᠦ᠋ᠨ ᠦᠶᠡ ᠡᠴᠡ ᠣᠮᠣᠭᠯᠠᠩ ᠰᠢᠨᠵᠢᠲᠡᠢ ᠪᠠᠢᠪᠠ᠃ ᠲᠡᠷᠡ ᠳ᠋ᠠᠭᠲᠠᠨ ᠳᠠ ᠯᠠᠮᠠ ᠶ᠋ᠢᠨ ᠲᠣᠯᠣᠭᠠᠢ ᠶ᠋ᠢ ᠣᠭᠲᠣᠯᠤᠨ ᠠᠪᠴᠤ ᠰᠢᠷᠠᠪ ᠨᠣᠶᠠᠨ ᠢ᠋ ᠠᠶᠤᠯᠭᠠᠵᠤ ᠰᠣᠴᠢᠭᠠᠭᠰᠠᠨ ᠢ᠋ᠶ᠋ᠠᠷ ᠪᠠᠷᠠᠭᠤᠨ ᠲᠤᠰᠠᠯᠠᠭᠴᠢ ᠮᠢᠩᠭᠠᠨᠪᠤᠤ ᠲᠡᠭᠦᠨ ᠢ᠋ ᠰᠢᠢᠳᠬᠡᠨ ᠰᠢᠭᠦᠵᠦ ᠶᠠᠮᠤᠨ ᠤ᠋ ᠭᠣᠴᠢᠭᠠ ᠠ᠋ᠴᠠ ᠨᠢ ᠮᠤᠯᠲᠤᠯᠵᠤ ᠬᠥᠭᠡᠭᠡᠪᠡ᠃ ᠲᠡᠭᠡᠭᠰᠡᠨ ᠡᠴᠡ ᠬᠣᠢᠰᠢ ᠪᠤᠭᠤᠲᠤ᠂ ᠬᠠᠩᠬᠠᠲᠠᠢ ᠶ᠋ᠢᠨ ᠬᠣᠭᠣᠷᠣᠨᠳᠣ ᠬᠠᠷᠠ ᠴᠡᠷᠢᠭ ᠦ᠋ᠨ ᠨᠣᠶᠠᠨ ᠤ᠋ ᠰᠦᠷ ᠵᠠᠪᠰᠢᠨ ᠭᠤᠯᠭᠤᠵᠤ᠂ ᠬᠠᠶᠠ ᠮᠣᠩᠭᠣᠯ ᠤ᠋ᠨ ᠤᠬᠢᠶᠠᠳᠠᠰᠤ ᠳᠣᠯᠢᠶᠠᠨ ᠳᠡᠯᠳᠡᠭᠡᠨᠡᠬᠦ ᠳ᠋ᠡᠭᠡᠨ ᠵᠣᠯᠪᠢᠩ ᠨᠣᠬᠠᠢ ᠰᠢᠭ᠋ ᠵᠢᠪᠠᠷ ᠲᠠᠭᠠᠨ ᠰᠢᠩᠰᠢᠯᠡᠭᠰᠡᠨ ᠢ᠋ ᠬᠡᠯᠡᠬᠦ ᠦᠭᠡᠢ᠂ ᠰᠢᠷᠠ ᠴᠡᠷᠢᠭ ᠪᠣᠷᠣᠲᠣᠬᠣᠢ ᠳ᠋ᠤ᠌ ᠴᠥᠮᠥᠷᠡᠵᠦ ᠣᠷᠣᠭᠰᠠᠨ ᠳᠡᠯᠢᠮ ᠢ᠋ᠶ᠋ᠡᠷ ᠵᠢᠪᠠᠷ ᠤ᠋ᠨ ᠳᠡᠭᠡᠷᠡ ᠵᠣᠭᠰᠣᠨ ᠰᠢᠷᠠ ᠴᠡᠷᠢᠭ ᠦ᠋ᠨ ᠡᠮᠦᠨᠡ ᠡᠴᠡ ᠭᠠᠵᠠᠷᠴᠢ᠂ ᠬᠡᠯᠡᠮᠦᠷᠴᠢ ᠶᠠᠪᠤᠳᠠᠭ ᠲᠠᠭᠠᠨ ᠬᠤᠪᠢ ᠶ᠋ᠢᠨ ᠥᠰᠢᠶᠡ ᠬᠣᠨᠵᠢᠩ ᠢ᠋ᠶ᠋ᠠᠷ ᠰᠢᠷᠠ ᠴᠡᠷᠢᠭ ᠦ᠋ᠨ ᠨᠣᠶᠠᠨ ᠤ᠋ ᠴᠢᠬᠢᠨ ᠳ᠋ᠦ᠍ ᠰᠣᠯᠣᠭᠠᠢ ᠬᠡᠯᠡ ᠲᠡᠢ ᠬᠣᠩᠬᠣ ᠳᠡᠭᠦᠵᠢᠯᠡᠵᠦ ᠶᠠᠪᠤᠨᠠ᠃
ᠠᠭᠸᠠᠩ ᠨᠣᠶᠠᠨ ᠪᠠᠷᠠᠭᠤᠨ ᠬᠦᠩ ᠦ᠋ᠨ ᠬᠤᠰᠢᠭᠤᠨ ᠳ᠋ᠤ᠌ ᠰᠡᠳᠦᠭᠴᠢ ᠨᠣᠶᠠᠨ ᠢ᠋ᠶ᠋ᠠᠷ ᠲᠣᠮᠢᠯᠠᠭᠳᠠᠵᠤ ᠢᠷᠡᠬᠦ ᠳ᠋ᠦ᠍ ᠢᠮᠠᠭᠠᠨ ᠳᠠᠭᠤᠲᠤ ᠥᠯᠵᠡᠢᠰᠠᠩ ᠤᠵᠠᠭᠤᠷ ᠤ᠋ᠨ ᠦᠭᠡᠢ ᠵᠠᠪᠰᠠᠷ ᠵᠠᠢ ᠣᠯᠵᠤ ᠰᠢᠷᠭᠤᠭᠠᠳ ᠢᠩᠭᠢᠵᠦ ᠳᠡᠯᠳᠡᠭᠡᠨᠡᠵᠦ ᠶᠠᠪᠤᠭᠠ ᠠᠵᠢ᠃
ᠤᠤᠯ ᠪᠠᠷᠠᠭᠤᠨ ᠬᠦᠩ ᠦ᠋ᠨ ᠲᠠᠯᠢᠢᠭᠴᠢ ᠰᠢᠷᠠᠪᠳᠣᠷᠵᠢ ᠬᠦᠩ ᠨᠣᠶᠠᠨ ᠤ᠋ ᠴᠢᠷᠠᠢ ᠶ᠋ᠢᠨ ᠥᠩᠭᠡ ᠶ᠋ᠢ ᠠᠨᠳᠠᠬᠤ ᠦᠭᠡᠢ ᠴᠠᠭᠳᠠᠵᠤ ᠴᠢᠳᠠᠳᠠᠭ ᠪᠠᠭᠠᠯ ᠨᠣᠬᠠᠢ ᠰᠢᠭ᠋ ᠪᠠᠭᠠᠰᠢ ᠲᠠᠢ ᠪᠠᠷ ᠢ᠋ᠶ᠋ᠠᠨ ᠬᠦᠩ ᠨᠣᠶᠠᠨ ᠤ᠋ ᠴᠢᠷᠠᠢ ᠳ᠋ᠤ᠌ ᠡᠭᠦᠯᠡ ᠲᠡᠢ ᠦᠶᠡ ᠳ᠋ᠦ᠍ ᠭᠤᠲᠤᠯ ᠤ᠋ᠨ ᠬᠢᠨᠢ ᠬᠣᠩᠰᠢᠶᠠᠷ ᠢ᠋ ᠳᠣᠯᠢᠶᠠᠵᠤ᠂ ᠴᠢᠷᠠᠢ ᠥᠭᠡᠳᠡ ᠦᠶᠡ ᠳ᠋ᠦ᠍ ᠵᠠᠪ ᠦᠵᠡᠵᠦ ᠣᠯᠪᠣᠭ ᠲᠤᠨᠢ ᠮᠥᠯᠬᠥᠨ ᠭᠠᠷᠴᠤ ᠴᠢᠬᠢᠨ ᠦ᠌ ᠤᠭᠤᠷᠠᠭ ᠢ᠋ ᠨᠢ ᠦᠨᠦᠰᠦᠨ ᠬᠣᠪᠯᠠᠵᠤ ᠴᠢᠳᠠᠳᠠᠭ ᠡᠨᠡ ᠭᠠᠢᠬᠠᠯ ᠥᠨᠥᠳᠥᠷ ᠠᠭᠸᠠᠩ ᠨᠣᠶᠠᠨ ᠤ᠋ ᠬᠡᠯᠡ᠂ ᠨᠢᠳᠦ᠂ ᠬᠥᠯ ᠪᠣᠯᠵᠤ ᠪᠣᠯᠤᠭᠰᠠᠨ ᠤᠴᠢᠷ ᠪᠠᠷᠠᠭᠤᠨ ᠬᠦᠩ ᠦ᠋ᠨ ᠬᠢᠨ ᠦ᠌ ᠬᠤᠪᠢ ᠲᠠᠪᠢᠯᠠᠩ ᠵᠥᠪ ᠢ᠋ᠶ᠋ᠡᠷ ᠡᠷᠭᠢᠬᠦ ᠨᠢ ᠥᠩᠭᠡᠷᠡᠵᠡᠢ᠃
ᠥᠯᠵᠡᠢᠰᠠᠩ ᠰᠢᠷᠠ ᠴᠡᠷᠢᠭ ᠦ᠋ᠨ ᠨᠥᠮᠥᠷᠢ ᠳ᠋ᠦ᠍ ᠢᠰᠬᠦᠯᠡᠩ ᠴᠢᠷᠠᠢᠯᠠᠬᠤ ᠳ᠋ᠠᠭᠠᠨ ᠳᠣᠲᠣᠷᠠ ᠪᠠᠨ ᠪᠣᠯᠳᠠᠭ ᠰᠠᠨ ᠪᠣᠯ《ᠪᠠᠷᠠᠭᠤᠨ ᠲᠤᠰᠠᠯᠠᠭᠴᠢ ᠮᠢᠩᠭᠠᠨᠪᠤᠤ᠂ ᠤᠤᠯ ᠵᠡᠭᠦᠨ ᠲᠤᠰᠠᠯᠠᠭᠴᠢ ᠡᠯᠳᠡᠩᠭᠡ ᠶ᠋ᠢᠨ ᠤᠤᠭᠠᠨ ᠬᠦᠦ ᠮᠠᠨᠴᠤᠷᠭᠠ᠁ ᠨᠠᠷ ᠢ᠋ ᠪᠠᠷᠢᠵᠤ ᠠᠮᠢᠳᠤ ᠪᠠᠷ ᠨᠢ ᠠᠷᠠᠰᠤ ᠶ᠋ᠢ ᠨᠢ ᠱᠠᠭᠠᠯᠬᠤ ᠶᠤᠮᠰᠠᠨ》 ᠭᠡᠵᠦ ᠵᠠᠨᠤᠯ ᠡᠪᠦᠷᠯᠡᠵᠦ ᠪᠠᠢᠭᠠ᠁
ᠠᠭᠸᠠᠩ ᠪᠠᠷᠠᠭᠤᠨ ᠬᠦᠩ ᠦ᠋ᠨ ᠬᠤᠰᠢᠭᠤᠨ ᠤ᠋ ᠰᠡᠳᠦᠭᠴᠢ ᠨᠣᠶᠠᠨ ᠢ᠋ᠶ᠋ᠠᠷ ᠢᠷᠡᠭᠡᠳ ᠲᠤᠰ ᠬᠤᠰᠢᠭᠤᠨ ᠤ᠋ ᠴᠡᠷᠢᠭ᠂ ᠤᠯᠤᠰ ᠲᠥᠷᠥ᠂ ᠠᠵᠤ ᠠᠬᠤᠢ᠂ ᠰᠣᠶᠣᠯ ᠭᠡᠭᠡᠷᠡᠯ ᠵᠡᠷᠭᠡ ᠲᠠᠯᠠ ᠶ᠋ᠢᠨ ᠪᠦᠬᠦ ᠡᠷᠬᠡ ᠶ᠋ᠢ ᠮᠡᠳᠡᠵᠦ᠂ ᠡᠯᠳᠡᠩᠭᠡ ᠶ᠋ᠢᠨ ᠤᠤᠯ ᠪᠠᠷᠠᠭᠤᠨ ᠬᠦᠩ ᠦ᠋ᠨ ᠵᠡᠭᠦᠨ ᠲᠤᠰᠠᠯᠠᠭᠴᠢ ᠨᠣᠶᠠᠨ ᠢ᠋ ᠰᠡᠷᠭᠦᠭᠡᠪᠡ᠃ ᠢᠩᠭᠢᠭᠡᠳ ᠰᠢᠷᠠ ᠴᠡᠷᠢᠭ ᠦ᠋ᠨ ᠡᠷᠬᠡ ᠰᠦᠷ ᠲᠦ᠍ ᠤᠷᠠᠳ ᠤ᠋ᠨ ᠪᠠᠷᠠᠭᠤᠨ ᠬᠦᠩ ᠦ᠋ᠨ ᠬᠠᠭᠤᠷᠮᠠᠭ ᠮᠠᠨᠠᠭᠤᠯ ᠵᠠᠰᠠᠭ ᠪᠠᠢᠭᠤᠯᠤᠭᠳᠠᠵᠤ᠂ ᠡᠯᠳᠡᠩᠭᠡ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠲᠠᠮᠠᠭᠠ ᠶ᠋ᠢᠨ ᠡᠷᠬᠡ ᠶ᠋ᠢ ᠪᠠᠷᠢᠵᠠᠢ᠃
ᠡᠯᠳᠡᠩᠭᠡ ᠬᠠᠭᠤᠷᠮᠠᠭ ᠵᠠᠰᠠᠭ ᠤ᠋ᠨ ᠶᠠᠮᠤᠨ ᠳ᠋ᠠᠭᠠᠨ ᠵᠣᠳᠪᠠ ᠮᠡᠢᠷᠡᠨ ᠢ᠋ ᠪᠠᠷᠠᠭᠤᠨ ᠲᠤᠰᠠᠯᠠᠭᠴᠢ ᠪᠠᠷ ᠳᠡᠪᠰᠢᠭᠦᠯᠵᠦ᠂ ᠸᠴᠢᠷᠪᠠᠲᠤ ᠶ᠋ᠢ ᠬᠤᠰᠢᠭᠤᠨ ᠤ᠋ ᠠᠮᠤᠷ ᠢ᠋ ᠬᠠᠮᠠᠭᠠᠯᠠᠬᠤ ᠴᠡᠷᠢᠭ ᠦ᠋ᠨ ᠲᠤᠸᠠᠨᠵᠠᠩ ᠢ᠋ᠶ᠋ᠠᠷ ᠰᠢᠯᠢᠵᠦ᠂ ᠰᠡᠷᠡᠩ᠂ ᠮᠢᠨᠵᠦᠦᠷ ᠨᠠᠷ ᠢ᠋ ᠴᠦ᠍ ᠴᠢᠬᠤᠯᠠ ᠪᠠᠢᠷᠢᠨ ᠳ᠋ᠤ᠌ ᠲᠠᠯᠪᠢᠪᠠ᠃ ᠡᠭᠦᠨ ᠦ᠌ ᠡᠰᠡᠷᠭᠦ ᠪᠡᠷ ᠤᠤᠯ ᠬᠠᠭᠤᠴᠢᠨ ᠵᠠᠰᠠᠭ ᠤ᠋ᠨ ᠶᠠᠮᠤᠨ ᠤ᠋ ᠲᠦᠰᠢᠮᠡᠳ ᠱᠠᠭᠳᠠᠷᠰᠦ᠋ᠷᠦᠩ᠂ ᠮᠢᠩᠭᠠᠨᠪᠤᠤ᠂ ᠴᠢᠮᠡᠳ᠂ ᠭᠣᠩᠴᠣᠭᠪᠠᠽᠠᠷ ᠨᠠᠷ ᠤ᠋ᠨ ᠲᠤᠰᠢᠶᠠᠯ ᠢ᠋ ᠮᠤᠯᠲᠤᠯᠵᠤ ᠬᠠᠶᠠᠪᠠ᠃
ᠵᠢᠩᠰᠡ ᠪᠡᠨ ᠮᠤᠯᠲᠤᠯᠤᠭᠤᠯᠵᠤ ᠵᠡᠷᠭᠡ ᠪᠡᠨ ᠬᠤᠰᠤᠭᠤᠯᠤᠭᠰᠠᠨ ᠮᠢᠩᠭᠠᠨᠪᠤᠤ ᠨᠠᠷ ᠰᠡᠳᠬᠢᠯ ᠠᠮᠤᠷ ᠦᠭᠡᠢ᠂ ᠲᠦᠭ ᠲᠠᠭ ᠲᠠᠢ ᠪᠣᠯᠵᠤ᠂ ᠠᠯᠢ ᠨᠢᠭᠡ ᠡᠳᠦᠷ ᠰᠢᠷᠠ ᠴᠡᠷᠢᠭ ᠪᠣᠯᠤᠨ ᠡᠯᠳᠡᠩᠭᠡ ᠶ᠋ᠢᠨ ᠭᠠᠷ ᠲᠤ ᠦᠢᠯᠡ ᠪᠡᠨ ᠦᠵᠡᠬᠦ ᠶᠦᠮ ᠪᠣᠯ⁈ ᠭᠡᠨᠡ᠃
ᠡᠯᠳᠡᠩᠭᠡ ᠬᠣᠰᠢᠭᠤ ᠨᠤᠲᠤᠭ ᠲᠠᠭᠠᠨ ᠪᠤᠴᠠᠵᠤ ᠵᠠᠰᠠᠭ ᠶᠠᠪᠤᠭᠤᠯᠬᠤ ᠪᠣᠯᠤᠭᠰᠠᠨ ᠪᠣᠯᠪᠠᠴᠤ ᠬᠤᠪᠢ ᠶ᠋ᠢᠨ ᠦᠰ ᠵᠠᠩᠭᠢᠳᠤᠭᠠ ᠶ᠋ᠢ ᠪᠣᠳᠣᠵᠤ ᠬᠢᠲᠤᠭᠠ ᠪᠢᠯᠡᠭᠦᠳᠡᠬᠦ ᠶ᠋ᠢ ᠶᠠᠭᠠᠷᠠᠭᠰᠠᠨ ᠦᠭᠡᠢ᠃ ᠲᠡᠭᠦᠨ ᠦ᠌ ᠡᠮᠦᠨᠡ ᠲᠠᠯᠪᠢᠭᠳᠠᠭᠰᠠᠨ ᠴᠢᠬᠤᠯᠠ ᠤᠴᠢᠷ ᠪᠣᠯ᠄ ᠨᠢᠭᠡ ᠳ᠋ᠦ᠍᠂ ᠬᠣᠰᠢᠭᠤ ᠶᠠᠮᠤᠨ ᠤ᠋ ᠲᠠᠮᠠᠭᠠ ᠶ᠋ᠢ ᠭᠠᠷ ᠲᠠᠭᠠᠨ ᠣᠷᠣᠭᠤᠯᠬᠤ; ᠬᠣᠶᠠᠷ ᠲᠤ᠂ ᠠᠯᠪᠠᠨ ᠶᠣᠰᠣᠭᠠᠷ ᠪᠠᠷᠠᠭᠤᠨ ᠬᠦᠩ ᠦ᠋ᠨ ᠵᠠᠰᠠᠭ ᠲᠠᠭᠠᠨ ᠮᠠᠨᠠᠭᠤᠯ ᠬᠦᠩ ᠨᠣᠶᠠᠨ ᠵᠠᠯᠠᠬᠤ; ᠬᠠᠮᠤᠭ ᠰᠡᠭᠦᠯ ᠳ᠋ᠦ᠍ᠨᠢ ᠪᠠᠭᠠ ᠬᠠᠲᠤᠨ ᠤ᠋ ᠳᠣᠣᠷᠠ ᠰᠢᠳᠤᠷᠭᠤᠯᠠᠵᠤ ᠭᠦᠶᠦᠭᠰᠡᠨ ᠮᠢᠩᠭᠠᠨᠪᠤᠤ ᠵᠡᠷᠭᠡ ᠨᠣᠶᠠᠳ ᠲᠦᠰᠢᠮᠡᠳ ᠢ᠋ ᠶᠠᠭᠠᠬᠢᠵᠤ ᠰᠢᠢᠳᠬᠡᠬᠦ ᠲᠤᠬᠠᠢ ᠶᠠᠪᠤᠳᠠᠯ ᠪᠠᠢᠪᠠ᠃ ᠲᠡᠭᠡᠭᠡᠳ ᠡᠳᠡᠭᠡᠷ ᠠᠰᠠᠭᠤᠳᠠᠯ ᠢ᠋ ᠰᠢᠷᠠ ᠴᠡᠷᠢᠭ ᠦ᠋ᠨ ᠨᠣᠶᠠᠨ ᠠᠭᠸᠠᠩ ᠪᠣᠯᠤᠨ ᠵᠣᠳᠪᠠ᠂ ᠸᠴᠢᠷᠪᠠᠲᠤ ᠵᠡᠷᠭᠡ ᠲᠦᠰᠢᠮᠡᠳ ᠨᠣᠶᠠᠳ ᠲᠠᠢ ᠵᠥᠪᠳᠡᠯᠴᠡᠪᠡ᠃
《ᠢᠩᠭᠢᠪᠡᠯ ᠳᠡᠭᠡᠷᠡ᠂ ᠴᠢᠩᠭᠢᠪᠡᠯ ᠪᠣᠯᠤᠨᠠ᠂ ᠡᠰᠡᠪᠡᠰᠦ᠁ ᠮᠢᠩᠭᠠᠨᠪᠤᠤ ᠨᠠᠷ ᠢ᠋ ᠬᠦᠢᠰᠦ ᠲᠡᠮᠲᠡᠷᠢᠬᠦ ᠬᠡᠷᠡᠭᠲᠡᠢ》 ᠭᠡᠵᠦ ᠠᠳᠠᠯᠢ ᠪᠤᠰᠤ ᠰᠠᠨᠠᠯ ᠶᠠᠷᠢᠭᠳᠠᠬᠤ ᠶ᠋ᠢ ᠴᠢᠩᠨᠠᠵᠤ ᠰᠠᠭᠤᠭᠰᠠᠨ ᠠᠭᠸᠠᠩ ᠨᠣᠶᠠᠨ ᠨᠢᠳᠦᠨ ᠰᠢᠯ ᠢ᠋ᠶ᠋ᠡᠨ ᠵᠠᠰᠠᠵᠤ᠂ ᠳᠣᠯᠢᠶᠠᠪᠤᠷ ᠬᠤᠷᠤᠭᠤᠨ ᠤ᠋ ᠪᠠᠨ ᠥᠨᠳᠡᠭᠡ ᠪᠡᠷ ᠶᠠᠨᠵᠤᠤᠷ ᠤ᠋ᠨ ᠢ᠋ᠶ᠋ᠠᠨ ᠦᠨᠡᠰᠦ ᠶ᠋ᠢ ᠲᠣᠭᠰᠢᠵᠤ᠄
— ᠸᠴᠢᠷᠪᠠᠲᠤ ᠠ᠋! ᠭᠡᠰᠡᠨ ᠳ᠋ᠦ᠍ ᠸᠴᠢᠷᠪᠠᠲᠤ᠄
— ᠵᠠ! ᠭᠡᠵᠦ ᠴᠡᠷᠢᠭ ᠬᠥᠮᠦᠨ ᠦ᠌ ᠵᠠᠩ ᠢ᠋ᠶ᠋ᠠᠷ ᠲᠡᠭ ᠭᠡᠲᠡᠯᠡ ᠪᠣᠰᠴᠤ ᠵᠣᠭᠰᠣᠪᠠ᠃
ᠠᠭᠸᠠᠩ ᠨᠣᠶᠠᠨ ᠰᠣᠯᠣᠭᠠᠢ ᠭᠠᠷ ᠤ᠋ᠨ ᠢ᠋ᠶ᠋ᠠᠨ ᠡᠷᠡᠬᠡᠢ ᠬᠤᠷᠤᠭᠤ ᠶ᠋ᠢ ᠮᠢᠳᠠᠢᠯᠭᠠᠵᠤ ᠭᠠᠳᠠᠭᠰᠢ ᠵᠢᠭᠠᠭᠠᠳ《ᠭᠠᠳᠠᠨᠠ ᠭᠠᠷᠤᠶᠠ᠂ ᠴᠢ ᠴᠢᠨᠢ ᠴᠡᠷᠢᠭ ᠦ᠋ᠨ ᠬᠥᠮᠦᠨ ᠪᠢᠯᠡ ᠤᠤ? ᠤᠷᠠᠳ ᠮᠣᠩᠭᠣᠯ ᠬᠥᠮᠦᠨ ᠦ᠌ ᠰᠢᠨᠳᠠᠰᠤ ᠶᠠᠮᠠᠷ ᠰᠢᠤᠬᠠᠨ ᠪᠠᠢᠳᠠᠭ ᠪᠣᠢ?》 ᠭᠡᠰᠡᠨ ᠲᠥᠯᠥᠪᠲᠡᠢ ᠤᠭᠤᠭᠢᠭᠤᠯᠵᠤ ᠪᠠᠢᠭᠰᠠᠨ ᠶᠠᠨᠵᠤᠤᠷ ᠢ᠋ᠶ᠋ᠠᠨ ᠨᠢᠳᠡᠷᠡᠨ ᠤᠨᠲᠠᠷᠠᠭᠠᠭᠠᠳ ᠳᠥᠭᠥᠳᠡᠭ ᠢ᠋ ᠨᠢ ᠬᠣᠯᠠ ᠨᠢᠰᠠᠯᠵᠤ ᠶᠠᠪᠤᠭᠤᠯᠪᠠ᠃
ᠠᠭᠸᠠᠩ ᠤ᠋ᠨ ᠠᠷᠤ ᠠ᠋ᠴᠠ ᠸᠴᠢᠷᠪᠠᠲᠤ ᠪᠣᠷᠪᠢᠳᠠᠵᠤ ᠲᠡᠭᠦᠨ ᠦ᠌ ᠬᠣᠢᠨᠠ ᠠ᠋ᠴᠠ ᠡᠯᠳᠡᠩᠭᠡ᠂ ᠵᠣᠳᠪᠠ ᠨᠠᠷ ᠴᠤ᠌ ᠶᠠᠭᠠᠬᠢᠬᠤ ᠨᠢ ᠮᠡᠳᠡᠭᠳᠡᠬᠦ ᠦᠭᠡᠢ ᠲᠠᠭᠠᠯᠴᠠᠵᠤ ᠭᠠᠷᠪᠠ᠃
ᠠᠭᠸᠠᠩ ᠨᠣᠶᠠᠨ ᠸᠠᠴᠢᠷᠪᠠᠲᠤ ᠶ᠋ᠢᠨ ᠪᠥᠰᠡᠨ ᠳ᠋ᠡᠬᠢ ᠠᠬᠤᠷ ᠫᠤᠤ ᠶ᠋ᠢ ᠨᠢ ᠠᠪᠴᠤ ᠡᠷᠭᠢᠭᠦᠯᠵᠦ ᠤᠷᠪᠠᠭᠤᠯᠤᠨ ᠰᠢᠨᠵᠢᠵᠦ ᠰᠢᠨᠵᠢᠭᠡᠳ ᠫᠤᠤ ᠶ᠋ᠢᠨ ᠲᠣᠭᠣᠰᠣ ᠶ᠋ᠢ ᠫᠦᠳ᠋ᠬᠢᠲᠡᠯᠡ ᠦᠯᠢᠶᠡᠨ ᠬᠠᠨᠴᠤᠢ ᠪᠠᠷ ᠢᠯᠳᠠᠮᠬᠠᠨ ᠵᠦᠯᠭᠦᠵᠦ ᠬᠤᠸᠠᠷᠳ᠋ ᠬᠢᠨ ᠵᠠᠮᠤᠭᠯᠠᠪᠠ᠃
ᠬᠠᠵᠠᠭᠤ ᠳ᠋ᠤᠨᠢ ᠪᠦᠯᠲᠡᠭᠡᠨᠡᠨ ᠵᠣᠭᠰᠣᠭᠰᠠᠨ ᠬᠡᠳᠦᠭᠦᠯᠡ ᠭᠠᠢᠬᠠᠨ ᠴᠣᠴᠢᠵᠤ《ᠡᠨᠡ ᠰᠢᠷᠠ ᠰᠣᠯᠢᠶᠠᠲᠤ ᠶᠠᠭᠠᠬᠢᠬᠤ ᠭᠡᠵᠦ ᠪᠠᠢᠭᠠ ᠶᠤᠮ ᠪᠣᠯ ᠠ᠋?》 ᠭᠡᠳ ᠤᠴᠢᠷ ᠤᠬᠠᠭᠠᠨ ᠢ᠋ ᠨᠢ ᠣᠯᠬᠤ ᠦᠭᠡᠢ ᠮᠡᠯᠡᠷᠡᠵᠦ ᠪᠠᠢᠲᠠᠯᠠ ᠫᠠᠩ ᠭᠡᠳ ᠫᠤᠤ ᠳᠤᠤᠭᠠᠷᠴᠤ ᠫᠠᠳ ᠬᠢᠨ ᠰᠠᠷᠠᠪᠴᠢᠨ ᠤ᠋ ᠪᠣᠯᠵᠣᠮᠣᠷ ᠬᠥᠯ ᠳᠣᠣᠷᠠ ᠤᠨᠠᠪᠠ᠃ ᠬᠥᠭᠡᠷᠦᠬᠦᠢ ᠰᠠᠷᠠᠪᠴᠢᠨ ᠤ᠋ ᠣᠨᠢᠨ ᠳᠡᠭᠡᠷᠡ ᠪᠡᠭᠡᠪᠡᠢᠵᠦ ᠰᠠᠭᠤᠭᠰᠠᠨ ᠶᠠᠯᠠ ᠦᠭᠡᠢ ᠪᠣᠷᠣ ᠪᠣᠯᠵᠣᠮᠣᠷ ᠫᠤᠤ ᠶ᠋ᠢᠨ ᠪᠥᠭᠯᠡᠭᠡ ᠪᠣᠯᠵᠤ ᠲᠣᠯᠣᠭᠠᠢ ᠨᠢ ᠪᠢᠴᠠᠷᠠᠵᠠᠢ᠃
ᠥᠴᠦᠬᠡᠨ ᠪᠣᠷᠣ ᠪᠣᠯᠵᠣᠮᠣᠷ ᠤ᠋ᠨ ᠳᠠᠯᠠᠪᠴᠢ ᠨᠢ ᠲᠠᠮᠢᠷ ᠦᠭᠡᠢ ᠬᠡᠳᠦ ᠳᠡᠷᠪᠡᠴᠢᠭᠡᠳ ᠰᠤᠯᠳᠠᠢᠪᠠ᠃ ᠡᠢᠨ ᠬᠦ᠌ ᠠᠭᠸᠠᠩ ᠨᠣᠶᠠᠨ ᠤ᠋ ᠴᠢᠷᠠᠢ ᠳ᠋ᠤ᠌ ᠶᠡᠬᠡ ᠢᠯᠠᠭᠴᠢ ᠶ᠋ᠢᠨ ᠰᠢᠨᠵᠢ ᠢᠯᠡᠷᠡᠵᠦ᠂ ᠠᠷᠪᠠᠬᠠᠨ ᠠᠯᠴᠠᠮ ᠤ᠋ᠨ ᠵᠠᠢᠲᠠᠢ ᠰᠠᠷᠠᠪᠴᠢᠨ ᠤ᠋ ᠪᠣᠷᠣ ᠪᠣᠯᠵᠣᠮᠣᠷ ᠢ᠋ ᠫᠤᠤᠳᠠᠵᠤ ᠤᠨᠠᠭᠠᠭᠰᠠᠨ ᠢ᠋ᠶ᠋ᠠᠨ ᠮᠤᠨᠠ ᠶ᠋ᠢᠨ ᠳᠤᠲᠠᠨ ᠬᠠᠳᠠᠨ ᠤ᠋ ᠳᠡᠰ ᠪᠦᠷᠭᠦᠳ ᠢ᠋ ᠤᠨᠠᠭᠠᠭᠰᠠᠨ ᠰᠢᠭ᠋ ᠶᠡᠬᠡᠷᠬᠡᠵᠦ《ᠰᠢᠷᠠ ᠴᠡᠷᠢᠭ ᠦ᠋ᠨ ᠬᠠᠲᠠᠭᠤ ᠳᠢᠭᠯᠢᠮ ᠭᠡᠭᠴᠢ ᠡᠨᠡ᠃ ᠡᠢᠮᠦ ᠴᠡᠴᠡᠨ ᠫᠤᠤᠴᠢ ᠲᠠᠨ ᠤ᠋ ᠪᠠᠷᠠᠭᠤᠨ ᠬᠦᠩ ᠦ᠋ᠨ ᠬᠢᠨ ᠳ᠋ᠦ᠍ ᠣᠯᠳᠠᠨᠠ ᠤᠤ?》 ᠭᠡᠰᠡᠨ ᠰᠢᠦᠬᠡᠨ ᠬᠤᠸᠠᠰ ᠬᠤᠸᠠᠰ ᠬᠢᠨ ᠪᠠᠰᠤᠮᠵᠢᠲᠠᠢ ᠢᠨᠢᠶᠡᠵᠦ᠂ ᠬᠥᠯ ᠳᠣᠣᠷᠠᠬᠢ ᠦᠬᠦᠭᠰᠡᠨ ᠪᠣᠯᠵᠣᠮᠣᠷ ᠢ᠋ ᠬᠣᠯᠠ ᠢᠰᠬᠦᠯᠵᠦ ᠶᠠᠪᠤᠭᠤᠯᠤᠭᠠᠳ ᠭᠠᠷ ᠳᠠᠬᠢ ᠠᠬᠤᠷ ᠫᠤᠤ ᠪᠠᠨ ᠸᠴᠢᠷᠪᠠᠲᠤ ᠳ᠋ᠤ᠌ ᠰᠢᠲᠠᠵᠤ ᠥᠭᠬᠦ ᠳ᠋ᠦ᠍ ᠸᠴᠢᠷᠪᠠᠲᠤ ᠴᠡᠷᠢᠭ ᠬᠥᠮᠦᠨ ᠦ᠌ ᠫᠤᠤ ᠵᠡᠪᠰᠡᠭ ᠦ᠋ᠨ ᠡᠷᠳᠡᠮ ᠢ᠋ ᠲᠤᠭᠤᠷᠠᠲᠠᠯᠠ ᠰᠤᠷᠤᠭᠰᠠᠨ ᠤ᠋ ᠬᠤᠪᠢ ᠳ᠋ᠤ᠌ ᠲᠡᠷᠡ ᠵᠠᠪ ᠦᠭᠡᠢ ᠰᠣᠯᠣᠭᠠᠢ ᠭᠠᠷ ᠤ᠋ᠨ ᠢ᠋ᠶ᠋ᠠᠨ ᠳᠣᠯᠢᠶᠠᠪᠤᠷ ᠬᠤᠷᠤᠭᠤ ᠪᠠᠨ ᠨᠢᠰᠴᠦ ᠢᠷᠡᠭᠰᠡᠨ ᠫᠤᠤ ᠶ᠋ᠢᠨ ᠳᠣᠬᠢᠭᠤᠷ ᠤ᠋ᠨ ᠨᠦᠬᠡᠨ ᠳ᠋ᠦ᠍ ᠰᠢᠷᠭᠤᠭᠤᠯᠵᠤ ᠠᠳᠬᠤᠨ ᠫᠠᠷᠳ᠋ ᠬᠢᠲᠡᠯᠡ ᠵᠠᠮᠤᠭᠯᠠᠵᠤ ᠥᠷᠥᠭᠡᠰᠦᠨ ᠰᠦᠪᠡᠭᠡ ᠪᠡᠨ ᠲᠤᠯᠵᠤ ᠰᠣᠯᠣᠭᠠᠢ ᠭᠠᠷ ᠢ᠋ᠶ᠋ᠠᠷ ᠢ᠋ᠶ᠋ᠠᠨ ᠶᠠᠮᠠᠷ ᠨᠢᠭᠡᠨ ᠶᠠᠭᠤᠮᠠ ᠫᠤᠤᠳᠠᠬᠤ ᠳ᠋ᠤ᠌ ᠪᠡᠯᠡᠨ ᠪᠣᠯᠤᠭᠰᠠᠨ ᠢ᠋ᠶ᠋ᠠᠨ ᠠᠭᠸᠠᠩ ᠨᠣᠶᠠᠨ ᠳ᠋ᠤ᠌ ᠮᠡᠳᠡᠭᠦᠯᠦᠨᠡ᠃
ᠠᠭᠸᠠᠩ ᠨᠣᠶᠠᠨ ᠡᠨᠡ ᠮᠣᠩᠭᠣᠯ ᠡᠷᠡ ᠶ᠋ᠢᠨ ᠰᠡᠷᠭᠡᠭ ᠱᠠᠯᠠᠮᠠᠭᠠᠢ ᠶ᠋ᠢ ᠬᠠᠷᠠᠭᠠᠳ ᠳᠣᠲᠣᠷᠠ ᠪᠠᠨ ᠲᠣᠭᠣᠵᠤ ᠪᠠᠢᠭᠰᠠᠨ ᠪᠣᠯᠪᠠᠴᠤ ᠭᠠᠳᠠᠨᠠ ᠪᠠᠨ ᠶᠠᠮᠠᠷ ᠴᠤ᠌ ᠰᠡᠪ ᠮᠡᠳᠡᠭᠳᠡᠬᠦ ᠦᠭᠡᠢ《ᠬᠡᠩ᠂ ᠶᠠᠭᠤ ᠫᠤᠤᠳᠠᠵᠤ ᠤᠨᠠᠭᠠᠳᠠᠭ ᠢ᠋ ᠴᠢᠨᠢ ᠬᠠᠷᠠᠨᠠ ᠬᠦ》 ᠭᠡᠳ ᠸᠴᠢᠷᠪᠠᠲᠤ ᠶ᠋ᠢ ᠡᠷᠡᠦ ᠪᠡᠷ ᠢ᠋ᠶ᠋ᠡᠨ ᠳᠣᠬᠢᠵᠤ《ᠫᠤᠤᠳᠠ》 ᠭᠡᠰᠡᠨ ᠳᠠᠭᠤ ᠦᠭᠡᠢ ᠵᠠᠷᠯᠢᠭ ᠪᠣᠯᠪᠠ᠃
ᠡᠨᠡ ᠬᠠᠲᠠᠭᠤ ᠰᠢᠯᠭᠠᠯᠲᠠ ᠭᠠᠭᠴᠠᠬᠠᠨ ᠸᠴᠢᠷᠪᠠᠲᠤ ᠶ᠋ᠢᠨ ᠡᠮᠦᠨᠡ ᠲᠠᠯᠪᠢᠭᠳᠠᠭᠰᠠᠨ ᠪᠢᠰᠢ᠂ ᠪᠦᠬᠦ ᠮᠣᠩᠭᠣᠯ ᠠᠢᠮᠠᠭ ᠪᠦᠯᠦᠭ᠂ ᠠᠳᠠᠭᠯᠠᠬᠤ ᠳ᠋ᠤ᠌ ᠤᠷᠠᠳ ᠮᠣᠩᠭᠣᠯ ᠤ᠋ᠨ ᠡᠮᠦᠨᠡ ᠲᠠᠯᠪᠢᠭᠳᠠᠯᠠ᠃
ᠸᠴᠢᠷᠪᠠᠲᠤ ᠰᠢᠨᠳᠠᠰᠤᠲᠠᠢ ᠮᠣᠩᠭᠣᠯ ᠡᠷᠡ ᠶ᠋ᠢᠨ ᠬᠤᠪᠢ ᠳ᠋ᠤ᠌ ᠠᠭᠸᠠᠩ ᠨᠣᠶᠠᠨ ᠤ᠋ ᠬᠠᠷᠭᠢᠰ ᠪᠠᠭᠯᠠᠭᠰᠠᠨ ᠪᠠᠰᠢᠷ ᠢᠨᠢᠶᠡᠳᠦ ᠶ᠋ᠢᠨ ᠴᠠᠭᠠᠨᠠ ᠨᠢ ᠶᠠᠭᠤ ᠨᠢᠭᠤᠭᠳᠠᠭᠰᠠᠨ ᠢ᠋ ᠨᠡᠪᠲᠡ ᠣᠢᠯᠠᠭᠠᠵᠤ᠂ ᠬᠠᠷᠠ᠂ ᠰᠢᠷᠠ ᠴᠡᠷᠢᠭ ᠦ᠋ᠨ ᠡᠮᠦᠨᠡ ᠬᠠᠯᠠᠭᠤᠨ ᠶᠠᠰᠤᠲᠠᠨ ᠤ᠋ ᠪᠠᠨ ᠮᠠᠭᠤ ᠶ᠋ᠢ ᠦᠵᠡᠭᠦᠯᠬᠦ ᠳᠤᠷᠠ ᠦᠭᠡᠢ ᠪᠠᠢᠳᠠᠭ ᠲᠠᠭᠠᠨ ᠬᠣᠷᠣ ᠨᠢ ᠪᠤᠴᠠᠯᠵᠤ《ᠡᠨᠡ ᠮᠠᠭᠤ ᠫᠠᠭᠳᠠᠭ ᠳᠠᠮᠰᠢᠭ ᠬᠥᠮᠦᠨ ᠦ᠌ ᠨᠤᠲᠤᠭ ᠲᠤ ᠬᠥᠯ ᠲᠥᠷᠥᠭᠰᠡᠨ ᠢ᠋ᠶ᠋ᠡᠨ ᠮᠡᠳᠡᠬᠦ ᠦᠭᠡᠢ ᠬᠥᠮᠦᠨ ᠲᠡᠩᠰᠡᠬᠦ ᠰᠠᠨᠠᠭᠠ ᠲᠠᠢ᠃ ᠲᠠᠭᠠᠲᠠᠢ ᠮᠠᠭᠤ ᠨᠣᠬᠠᠢ ᠶ᠋ᠢᠨ ᠰᠠᠭᠠᠷᠢ ᠶᠤᠮ ᠠ᠋! ᠵᠠ ᠪᠠᠢᠵᠠ ᠬᠦ᠂ ᠡᠨᠡ ᠡᠴᠢᠭᠡ ᠴᠢᠨᠢ ᠴᠢᠮᠠ ᠳ᠋ᠤ᠌ ᠨᠢᠭᠡ ᠦᠵᠡᠭᠦᠯᠴᠢᠬᠡᠶᠡ! ᠮᠢᠨᠦ ᠫᠤᠤᠳᠠᠬᠤ ᠶ᠋ᠢ ᠬᠠᠷᠠᠭᠠᠳ ᠠᠭᠸᠠᠩ ᠭᠤᠸᠠᠢ ᠨᠢᠳᠦ ᠴᠢᠨᠢ ᠣᠷᠣᠢ ᠳᠡᠭᠡᠷᠡ ᠪᠡᠨ ᠭᠠᠷᠴᠤ ᠠᠮᠠ ᠴᠢᠨᠢ ᠮᠤᠷᠤᠢᠬᠤ ᠪᠠᠢᠬᠠ!》 ᠭᠡᠰᠡᠨ ᠠᠲᠠᠭᠠ ᠬᠣᠷᠣ ᠰᠢᠲᠠᠬᠤ ᠪᠣᠯᠪᠠᠴᠤ ᠰᠢᠷᠠ ᠴᠡᠷᠢᠭ ᠦ᠋ᠨ ᠡᠵᠡᠮᠳᠡᠯ ᠳ᠋ᠦ᠍ ᠪᠠᠢᠭᠠ ᠳ᠋ᠠᠭᠠᠨ ᠲᠡᠷᠡ ᠬᠠᠩᠭᠠᠯ ᠭᠦᠶᠦᠭᠰᠡᠨ ᠡᠮᠨᠢᠭ ᠠᠭᠲᠠ ᠬᠠᠵᠠᠭᠠᠷ ᠨᠣᠭᠲᠤᠨ ᠤ᠋ ᠤᠶᠠᠭᠠᠨ ᠳ᠋ᠤ᠌ ᠬᠥᠬᠡ ᠮᠢᠬᠠ ᠨᠢ ᠴᠡᠴᠡᠷᠡᠭᠰᠡᠨ ᠢ᠋ ᠶᠠᠷᠢᠬᠤ ᠦᠭᠡᠢ ᠭᠤᠷᠪᠠᠨ ᠬᠥᠯ ᠢ᠋ᠶ᠋ᠡᠨ ᠪᠣᠭᠣᠯᠭᠠᠭᠰᠠᠨ ᠴᠢᠳᠥᠷ ᠲᠡᠢ ᠮᠣᠷᠢ ᠰᠢᠭ᠋ ᠰᠠᠨᠠᠭᠠ ᠪᠠᠷ ᠢ᠋ᠶ᠋ᠠᠨ ᠳᠣᠪᠲᠣᠯᠵᠤ ᠪᠣᠯᠳᠠᠭ ᠦᠭᠡᠢ ᠬᠣᠢᠨᠠ ᠬᠥᠮᠦᠨ ᠦ᠌ ᠠᠶᠠ ᠶ᠋ᠢ ᠪᠠᠰᠠ ᠬᠠᠷᠠᠬᠤ ᠬᠡᠷᠡᠭᠲᠡᠢ ᠭᠡᠵᠦ ᠠᠯᠢ ᠪᠣᠯᠬᠤ ᠪᠠᠷ ᠪᠡᠶᠡ ᠪᠡᠨ ᠪᠠᠷᠢᠬᠤ ᠶ᠋ᠢ ᠣᠷᠣᠯᠳᠣᠨᠠ᠃
ᠫᠠᠩ᠂ ᠫᠠᠩ ᠭᠡᠬᠦ ᠫᠤᠤ ᠶ᠋ᠢᠨ ᠳᠠᠭᠤ ᠤᠭᠰᠠᠷᠠᠭᠠ ᠪᠠᠷ ᠭᠤᠷᠪᠠ ᠳᠤᠤᠭᠠᠷᠴᠤ ᠬᠣᠰᠢᠭᠤ ᠶᠠᠮᠤᠨ ᠤ᠋ ᠬᠥᠬᠡ ᠲᠣᠭᠣᠰᠬᠠᠨ ᠨᠢᠭᠤᠷ ᠲᠠᠢ ᠰᠢᠪᠡᠷ ᠪᠠᠢᠰᠢᠩ ᠤ᠋ᠨ ᠭᠤᠴᠢᠨ ᠬᠣᠶᠠᠷ ᠣᠨᠢᠨ ᠤ᠋ ᠲᠣᠯᠣᠭᠠᠢ ᠶ᠋ᠢᠨ ᠲᠡᠭ ᠳᠤᠮᠳᠠᠬᠢ ᠭᠤᠷᠪᠠᠨ ᠤᠨᠢᠨ ᠤ᠋ ᠲᠣᠯᠣᠭᠠᠢ ᠳ᠋ᠤ᠌ ᠬᠠᠷᠠ ᠣᠩᠬᠢ ᠭᠠᠷᠴᠤ ᠬᠥᠬᠡ ᠤᠲᠤᠭᠠ ᠪᠠᠭᠠᠭᠢᠵᠤ ᠪᠠᠢᠯᠠ᠁ ᠤᠭᠰᠠᠷᠠᠭᠠ ᠪᠠᠷ ᠭᠤᠷᠪᠠ ᠳᠤᠤᠭᠠᠷᠤᠭᠰᠠᠨ ᠫᠤᠤ ᠶ᠋ᠢᠨ ᠳᠠᠭᠤᠨ ᠳ᠋ᠤ᠌ ᠴᠠᠭᠠᠳᠤ ᠮᠣᠳᠣᠨ ᠳ᠋ᠤ᠌ ᠰᠠᠭᠤᠭᠰᠠᠨ ᠪᠣᠯᠵᠣᠮᠣᠷ ᠤ᠋ᠳ ᠦᠷᠭᠦᠵᠦ ᠨᠢᠰᠬᠦ ᠳ᠋ᠦ᠍ ᠸᠴᠢᠷᠪᠠᠲᠤ ᠰᠣᠯᠣᠭᠠᠢ ᠭᠠᠷ ᠳᠠᠬᠢ ᠫᠤᠤ ᠪᠠᠨ ᠪᠠᠷᠠᠭᠤᠨ ᠭᠠᠷ ᠲᠠᠭᠠᠨ ᠱᠠᠯᠠᠮᠠᠭ ᠲᠣᠰᠤᠭᠠᠳ ᠫᠠᠩ ᠭᠡᠵᠦ ᠫᠤᠤᠳᠠᠬᠤ ᠳ᠋ᠤ᠌ ᠥᠳᠥ ᠪᠤᠲᠠᠷᠠᠵᠤ ᠳᠡᠭᠡᠭᠦᠷ ᠨᠢᠰᠦᠭᠰᠡᠨ ᠪᠣᠯᠵᠣᠮᠣᠷ ᠤ᠋ᠨ ᠵᠡᠷᠭᠡᠴᠡᠭᠡ ᠨᠢᠰᠦᠭᠰᠡᠨ ᠬᠣᠶᠠᠷ ᠢ᠋ ᠴᠢᠴᠠᠤᠯᠠᠵᠤ ᠤᠨᠠᠭᠠᠪᠠ᠃ ᠨᠡᠯᠢᠶᠡᠳ ᠵᠠᠢᠰᠬᠠᠨ ᠭᠠᠵᠠᠷ ᠫᠠᠳ ᠫᠠᠳ ᠬᠢᠨ ᠬᠣᠶᠠᠷ ᠥᠴᠦᠬᠡᠨ ᠪᠣᠯᠵᠣᠮᠣᠷ ᠮᠠᠭᠤᠬᠠᠢ ᠥᠷᠢᠰᠦᠯᠳᠦᠬᠦ ᠡᠷᠡ ᠶ᠋ᠢᠨ ᠬᠣᠣᠷ ᠲᠠᠢ ᠮᠥᠷᠥᠢ ᠶ᠋ᠢᠨ ᠦᠷᠡᠭᠳᠡᠯ ᠪᠣᠯᠵᠤ ᠬᠣᠴᠣᠷᠤᠯᠠ᠁
ᠸᠴᠢᠷᠪᠠᠲᠤ ᠲᠡᠷᠡ ᠵᠠᠪ ᠦᠭᠡᠢ ᠫᠤᠤ ᠪᠠᠨ ᠪᠥᠰᠡᠨ ᠳ᠋ᠡᠭᠡᠨ ᠬᠠᠪᠴᠢᠭᠤᠯᠵᠤ᠂ ᠥᠨᠥᠬᠢ ᠬᠣᠶᠠᠷ ᠪᠣᠯᠵᠣᠮᠣᠷ ᠢ᠋ ᠳᠡᠭᠦᠵᠢᠯᠡᠭᠰᠡᠭᠡᠷ《ᠨᠢᠭᠡ ᠰᠤᠮᠤ ᠪᠠᠷ ᠬᠣᠶᠠᠷ ᠢ᠋ ᠰᠦᠪᠡᠯᠡᠨᠡ ᠭᠡᠳᠡᠭ ᠴᠢᠨᠢ ᠡᠨᠡ ᠰᠢᠦ!》 ᠭᠡᠰᠡᠨ ᠰᠢᠭ ᠠᠭᠸᠠᠩ ᠤ᠋ᠨ ᠡᠮᠦᠨᠡ ᠠᠪᠴᠢᠷᠠᠪᠠ᠃ ᠠᠭᠸᠠᠩ ᠨᠣᠶᠠᠨ ᠨᠢᠭᠤᠷ ᠨᠢ ᠨᠢᠯᠴᠢᠭᠢᠨᠡᠵᠦ ᠸᠴᠢᠷᠪᠠᠲᠤ ᠶ᠋ᠢᠨ ᠮᠥᠷᠥ ᠶ᠋ᠢ ᠲᠠᠪᠰᠢᠵᠤ᠄
— ᠠ᠂ ᠰᠠᠢᠨ ᠡᠷᠡ ᠪᠠᠢᠨᠠ᠂ ᠮᠣᠩᠭᠣᠯ ᠡᠷᠡ ᠭᠡᠭᠴᠢ ᠡᠢᠮᠦ ᠯᠡ ᠪᠠᠢᠬᠤ ᠶᠣᠰᠣᠲᠠᠢ᠁ ᠭᠡᠵᠦ ᠸᠴᠢᠷᠪᠠᠲᠤ ᠶ᠋ᠢ ᠮᠠᠭᠲᠠᠬᠤ ᠳ᠋ᠤ᠌ ᠨᠥᠭᠦᠭᠡ ᠮᠥᠷᠥᠢ ᠰᠣᠨᠢᠷᠬᠠᠭᠰᠠᠨ ᠡᠯᠳᠡᠩᠭᠡ᠂ ᠵᠣᠳᠪᠠ ᠨᠠᠷ ᠴᠣ ᠠᠯᠠᠭᠠ ᠲᠠᠰᠢᠨ《ᠮᠣᠩᠭᠣᠯ ᠬᠥᠮᠦᠨ᠂ ᠤᠷᠠᠳ ᠮᠣᠩᠭᠣᠯ ᠮᠥᠨ ᠡᠢᠮᠦ! ᠮᠠᠨ ᠤ᠋ ᠸᠴᠢᠷᠪᠠᠲᠤ ᠪᠠᠷᠠᠭᠤᠨ ᠬᠦᠩ ᠦ᠋ᠨ ᠨᠡᠷᠡ ᠨᠢᠭᠤᠷ ᠢ᠋ ᠭᠤᠲᠤᠭᠠᠭᠰᠠᠨ ᠦᠭᠡᠢ》 ᠭᠡᠰᠡᠨ ᠰᠢᠦᠬᠡᠨ ᠵᠡᠷᠭᠡ ᠪᠡᠷ ᠱᠠᠭᠰᠢᠵᠠᠭᠠᠪᠠ᠃
ᠸᠴᠢᠷᠪᠠᠲᠤ ᠪᠣᠯ ᠴᠡᠷᠢᠭ ᠵᠡᠪᠰᠡᠭ ᠦ᠋ᠨ ᠡᠷᠳᠡᠮ ᠳ᠋ᠦ᠍ ᠴᠠᠭᠠᠷᠠᠭᠰᠠᠨ ᠬᠥᠮᠦᠨ ᠦ᠌ ᠨᠢᠭᠡ᠃ ᠮᠣᠷᠢᠨ ᠳᠠᠪᠬᠢᠶᠠ ᠪᠠᠷ ᠪᠠᠢᠰᠢᠩ ᠤ᠋ᠨ ᠣᠨᠢᠨ ᠤ᠋ ᠲᠣᠯᠣᠭᠠᠢ ᠶ᠋ᠢ ᠨᠢᠭᠡ ᠠᠯᠤᠰᠯᠠᠭᠠᠳ ᠨᠢᠭᠡ ᠣᠨᠣᠭᠠᠵᠤ ᠫᠤᠤᠳᠠᠳᠠᠭ ᠴᠡᠴᠡᠨ ᠫᠤᠤᠴᠢ ᠭᠡᠵᠦ ᠬᠥᠮᠦᠰ ᠰᠢᠳᠢᠲᠦ ᠳᠣᠮᠣᠭ ᠰᠢᠤᠬᠠᠨ ᠶᠠᠭᠤᠮᠠ ᠶᠠᠷᠢᠳᠠᠭ ᠨᠢ ᠠᠷᠠᠢ ᠬᠤᠳᠠᠯ ᠪᠢᠰᠢ!
ᠸᠴᠢᠷᠪᠠᠲᠤ ᠬᠠᠷᠠᠬᠠᠨ ᠪᠠᠭᠠ ᠠ᠋ᠴᠠ ᠪᠠᠨ ᠠᠪᠠᠭᠠ ᠯᠠᠮᠠᠵᠠᠢ ᠶ᠋ᠢᠨ ᠢ᠋ᠶ᠋ᠡᠨ ᠳᠣᠣᠷᠠ ᠰᠦᠮᠡ ᠬᠡᠢᠳ ᠲᠦ᠍ ᠪᠠᠨᠳᠢ ᠪᠣᠯᠵᠤ ᠨᠣᠮ ᠰᠤᠷᠳᠠᠭ ᠪᠠᠢᠵᠠᠢ᠃ ᠲᠡᠭᠦᠨ ᠦ᠌ ᠠᠪᠠᠭᠠ ᠯᠠᠮᠠᠵᠠᠢ ᠭᠡᠭᠴᠢ ᠬᠦᠩ ᠦ᠋ᠨ ᠰᠦᠮᠡ ᠶ᠋ᠢᠨ ᠭᠧᠮᠫᠢ( ᠵᠤᠰᠠᠯᠠᠩ ᠤ᠋ᠨ ᠰᠦᠮᠡ) ᠳ᠋ᠦ᠍ ᠰᠠᠭᠤᠳᠠᠭ ᠱᠠᠪᠷᠤᠩ ᠲᠥᠪᠳᠡᠨᠫᠧᠷᠯᠡᠢ ᠭᠡᠳᠡᠭ ᠲᠠᠷᠭᠤᠨ ᠰᠢᠷᠠ ᠯᠠᠮᠠᠬᠠᠢ ᠶ᠋ᠢ ᠲᠠᠨᠢᠬᠤ ᠦᠭᠡᠢ ᠮᠡᠳᠡᠬᠦ ᠦᠭᠡᠢ ᠠᠮᠢᠲᠠᠨ ᠪᠠᠢᠬᠤ ᠦᠭᠡᠢ᠃ ᠭᠡᠷ ᠲᠡᠭᠡᠨ ᠴᠥᠭᠡᠪᠦᠷ ᠴᠡᠷᠢᠭ ᠲᠡᠵᠢᠭᠡᠵᠦ᠂ ᠳᠡᠭᠡᠷᠡᠮ ᠲᠤᠨᠤᠭᠠ ᠠ᠋ᠴᠠ ᠰᠦᠮᠡ ᠬᠡᠢᠳ ᠢ᠋ᠶ᠋ᠡᠨ ᠬᠠᠮᠠᠭᠠᠯᠠᠵᠤ ᠪᠠᠢᠳᠠᠭ ᠤᠬᠠᠭᠠᠨ ᠲᠠᠢ᠃ ᠲᠡᠭᠡᠬᠦ ᠪᠡᠷ ᠠᠴᠢ ᠬᠥᠪᠡᠭᠦᠨ ᠸᠴᠢᠷᠪᠠᠲᠤ ᠪᠠᠨ ᠪᠢᠴᠢᠭ ᠴᠡᠷᠢᠭ ᠦ᠋ᠨ ᠡᠷᠳᠡᠮ ᠬᠣᠣᠰᠯᠠᠭᠰᠠᠨ ᠰᠠᠢᠨ ᠡᠷᠡ ᠪᠣᠯᠤᠭ ᠭᠡᠵᠦ ᠬᠠᠯᠠ ᠪᠠᠭᠯᠠᠭᠰᠠᠨ ᠬᠠᠲᠠᠭᠤ ᠬᠠᠢᠷᠠ ᠪᠠᠷ ᠬᠠᠨᠳᠤᠳᠠᠭ ᠢ᠋ ᠪᠠᠷᠤᠭ ᠤ᠋ᠨ ᠬᠥᠮᠦᠨ ᠬᠠᠷᠠᠭᠠᠳ ᠲᠡᠰᠳᠡᠭ ᠦᠭᠡᠢ ᠠᠵᠤᠭᠤ᠃ ᠡᠳᠦᠷ ᠦ᠋ᠨ ᠵᠠᠯᠠᠭᠤ ᠳ᠋ᠤ᠌ ᠦᠬᠦᠨ ᠨᠣᠮ ᠴᠡᠭᠡᠵᠢᠯᠡᠭᠦᠯᠦᠨᠡ᠃ ᠦᠳᠡ ᠬᠡᠯᠪᠡᠢᠭᠰᠡᠭᠡᠷ ᠦᠨᠡᠰᠦᠨ ᠰᠠᠮᠪᠠᠷᠠ ᠲᠡᠪᠡᠷᠢᠭᠦᠯᠵᠦ《ᠠᠯᠲᠠᠨ ᠭᠡᠷᠡᠯ》 ᠨᠣᠮ ᠤ᠋ᠨ ᠰᠢᠯᠦᠭᠯᠡᠯ ᠢ᠋ ᠴᠡᠭᠡᠵᠢ ᠪᠡᠷ ᠦᠰᠦᠭᠯᠡᠵᠦ ᠪᠢᠴᠢᠭᠦᠯᠦᠨ ᠭᠠᠷ ᠢ᠋ ᠨᠢ ᠳᠠᠰᠬᠠᠳᠠᠭ᠃ ᠥᠷᠯᠥᠭᠡ ᠡᠷᠲᠡ ᠪᠣᠰᠬᠠᠵᠤ ᠬᠠᠷᠠ ᠨᠢᠳᠦ ᠶ᠋ᠢ ᠨᠢ ᠨᠡᠭᠡᠭᠡᠯᠭᠡᠭᠰᠡᠭᠡᠷ ᠬᠠᠪᠴᠢᠭ ᠡᠭᠦᠷᠦᠭᠦᠯᠦᠨ ᠳᠡᠭᠡᠳᠦ ᠪᠤᠯᠠᠭ ᠠ᠋ᠴᠠ ᠤᠰᠤ ᠵᠥᠭᠡᠭᠡᠯᠭᠡᠵᠦ ᠴᠠᠢ ᠴᠢᠨᠠᠭᠤᠯᠤᠨᠠ᠃ ᠴᠠᠢ ᠪᠤᠴᠠᠯᠬᠤ ᠬᠣᠷᠣᠮ ᠳ᠋ᠤ᠌ ᠲᠡᠭᠦᠨ ᠦ᠌ ᠫᠤᠤ ᠶ᠋ᠢᠨ ᠬᠠᠷᠠᠭᠠ ᠶ᠋ᠢ ᠰᠣᠷᠢᠬᠤ ᠭᠡᠵᠦ ᠫᠤᠤ ᠫᠤᠤᠳᠠᠭᠤᠯᠵᠤ ᠳᠠᠪᠲᠠᠳᠠᠭ᠃ ᠸᠴᠢᠷᠪᠠᠲᠤ ᠪᠠᠭᠠ ᠠ᠋ᠴᠠ ᠬᠤᠷᠴᠠ ᠰᠡᠷᠭᠡᠭ ᠪᠣᠯᠬᠣᠷ ᠦᠬᠦᠯᠦᠭᠦᠲᠡ ᠨᠣᠮ ᠴᠡᠭᠡᠵᠢᠯᠡᠵᠦ᠂ ᠦᠨᠡᠰᠦᠨ ᠰᠠᠮᠪᠠᠷᠠ ᠳᠡᠭᠡᠷᠡ ᠥ ᠦᠭᠡᠢ ᠰᠠᠢᠬᠠᠨ ᠪᠢᠴᠢᠳᠡᠭ ᠢ᠋ᠶ᠋ᠡᠷ ᠢ᠋ᠶ᠋ᠡᠨ ᠨᠥᠭᠦᠭᠡ ᠬᠡᠳᠦᠨ ᠪᠠᠨᠳᠢ ᠳ᠋ᠠᠭᠠᠨ ᠠᠲᠠᠭᠠ ᠲᠠᠢ ᠨᠢᠳᠦ ᠪᠡᠷ ᠬᠠᠷᠠᠭᠳᠠᠳᠠᠭ ᠰᠠᠨ᠃ ᠨᠥᠭᠥᠭᠡᠳᠦᠭᠦᠯᠡ ᠨᠢ ᠨᠣᠮ ᠢ᠋ᠶ᠋ᠠᠨ ᠶᠡᠷᠦ ᠨᠢ ᠣᠯᠢᠭᠲᠠᠢ ᠴᠡᠭᠡᠵᠢᠯᠡᠵᠦ ᠥᠭᠳᠡᠭ ᠦᠭᠡᠢ ᠲᠣᠷᠴᠤ ᠲᠡᠭᠡᠭᠯᠡᠭᠡᠳ ᠠᠪᠠᠭᠠ ᠯᠠᠮᠠᠵᠠᠢ ᠪᠠᠷ ᠨᠢ ᠭᠠᠷ ᠢ᠋ᠶ᠋ᠠᠨ ᠬᠠᠪᠤᠳᠲᠠᠯᠠ ᠪᠠᠨᠰᠠᠳᠠᠭᠤᠯᠵᠤ ᠪᠠᠢᠳᠠᠭ ᠪᠣᠯ᠂ ᠲᠡᠷᠡ ᠬᠠᠷᠢᠨ ᠡᠨᠡ ᠬᠠᠯᠠ ᠶ᠋ᠢ ᠲᠤᠩ ᠴᠥᠭᠡᠬᠡᠨ ᠠᠮᠰᠠᠳᠠᠭ ᠰᠠᠨ᠃ ᠭᠠᠭᠴᠠ ᠫᠤᠤ ᠫᠤᠤᠳᠠᠬᠤ ᠳ᠋ᠠᠭᠠᠨ ᠠᠪᠠᠭᠠ ᠯᠠᠮᠠᠵᠠᠢ ᠶ᠋ᠢᠨ ᠬᠢᠨᠢ ᠰᠡᠳᠬᠢᠯ ᠳ᠋ᠦ᠍ ᠬᠦᠷᠬᠦ ᠦᠭᠡᠢ ᠦᠶᠡ ᠳ᠋ᠦ᠍ ᠬᠠᠯᠠᠭᠠᠢ ᠪᠠᠷ ᠭᠤᠶᠠᠳᠠᠭᠤᠯᠳᠠᠭ ᠨᠢ ᠬᠡᠴᠡᠭᠦᠦ ᠬᠠᠯᠠ ᠲᠠᠢ᠃
ᠨᠢᠭᠡ ᠤᠳᠠᠭᠠ ᠵᠤᠨ ᠤ᠋ ᠭᠣᠣᠯ ᠦᠳᠡ ᠳ᠋ᠦ᠍ ᠶᠦᠮ᠃ ᠸᠴᠢᠷᠪᠠᠲᠤ ᠶ᠋ᠢᠨ ᠠᠪᠠᠭᠠ ᠯᠠᠮᠠᠵᠠᠢ ᠨᠢ ᠲᠡᠭᠦᠨ ᠢ᠋ ᠫᠤᠤ ᠣᠨᠢᠯᠠᠭᠤᠯᠵᠤ᠂ ᠱᠣᠩ ᠤ᠋ᠨ ᠲᠣᠯᠣᠭᠠᠢ ᠳᠡᠭᠡᠷᠡ ᠪᠣᠰᠬᠠᠭᠰᠠᠨ ᠮᠠᠭᠤ ᠵᠦᠭ ᠦ᠋ᠨ ᠪᠠᠯᠢᠩ ᠢ᠋ ᠫᠤᠤᠳᠠᠭᠤᠯᠪᠠ᠃ ᠸᠴᠢᠷᠪᠠᠲᠤ ᠥᠨᠥᠬᠢ ᠶ᠋ᠢ ᠨᠢ ᠪᠠᠰᠤᠵᠤ ᠬᠠᠰᠢ ᠶᠠᠰᠢ ᠫᠤᠤᠳᠠᠭᠰᠠᠨ ᠳ᠋ᠤ᠌ ᠣᠨᠣᠭᠠᠵᠤ ᠴᠢᠳᠠᠭᠰᠠᠨ ᠦᠭᠡᠢ ᠬᠡᠢ ᠫᠤᠤᠳᠠᠪᠠ᠃《ᠮᠠᠭᠤ ᠴᠢᠴᠠᠭᠠ ᠴᠢ! ᠳᠡᠮᠡᠢ ᠰᠤᠮᠤ ᠭᠠᠷᠤᠵᠠᠳᠠᠭᠤᠯᠤᠯᠠ》 ᠭᠡᠵᠦ ᠠᠪᠠᠭᠠ ᠯᠠᠮᠠᠵᠠᠢ ᠨᠢ ᠸᠴᠢᠷᠪᠠᠲᠤ ᠶ᠋ᠢ ᠱᠠᠯᠳᠠᠩᠨᠠᠭᠤᠯᠤᠨ ᠵᠣᠭᠰᠣᠭᠠᠵᠤ ᠭᠤᠷᠮᠤᠰᠤᠯᠠᠨ ᠲᠠᠮᠤᠭᠰᠠᠨ ᠬᠠᠯᠠᠭᠠᠢ ᠪᠠᠷ ᠣᠷᠢᠶᠠᠯᠭᠠᠨ ᠭᠤᠶᠠᠳᠠᠭᠰᠠᠨ ᠳ᠋ᠤ᠌ ᠸᠴᠢᠷᠪᠠᠲᠤ ᠶ᠋ᠢᠨ ᠪᠡᠶᠡ ᠳ᠋ᠦ᠍ ᠪᠠᠷᠵᠠᠢᠲᠠᠯᠠ ᠤᠰᠤᠨ ᠴᠥᠪᠥᠷᠢᠭᠦᠦ ᠦᠰᠦᠷᠴᠦ ᠡᠪᠡᠳᠬᠦ ᠳ᠋ᠡᠭᠡᠨ ᠳᠡᠭᠡᠷᠡ ᠳᠡᠭᠡᠷᠡ ᠦᠰᠦᠷᠴᠡᠢ᠃
— ᠢᠯᠡᠭᠦᠦ ᠳ᠋ᠡᠭᠡᠨ ᠭᠠᠷᠤᠭᠰᠠᠨ ᠰᠤᠮᠤ ᠤᠤ? ᠴᠢᠭᠢᠶᠡᠲᠦᠷᠦᠦ! ᠳᠠᠬᠢᠵᠤ ᠴᠢ ᠰᠤᠮᠤ ᠳᠡᠭᠳᠡᠭᠡᠨᠡ ᠤᠤ? ᠭᠡᠵᠦ ᠠᠪᠠᠭᠠ ᠯᠠᠮᠠᠵᠠᠢ ᠨᠢ ᠠᠭᠰᠤᠷᠬᠤ ᠳ᠋ᠤ᠌ ᠸᠴᠢᠷᠪᠠᠲᠤ ᠳᠥᠭᠥᠰᠢ ᠪᠡᠨ ᠵᠠᠭᠤᠵᠤ ᠥᠭᠡᠳᠡ ᠡᠴᠡ ᠨᠢ ᠶᠠᠭᠤ ᠴᠤ᠌ ᠭᠡᠵᠦ ᠳᠤᠤᠭᠠᠷᠤᠭᠰᠠᠨ ᠦᠭᠡᠢ᠃ ᠲᠡᠭᠦᠨ ᠦ᠌ ᠪᠡᠶᠡ ᠳ᠋ᠦ᠍ ᠰᠢᠭᠢᠳᠦᠭᠰᠡᠨ ᠬᠠᠯᠠᠭᠠᠢ ᠶ᠋ᠢᠨ ᠲᠣᠷᠭᠠᠨ ᠥᠷᠭᠡᠰᠦ ᠮᠢᠩᠭᠠ ᠲᠦᠮᠡᠨ ᠵᠡᠭᠦᠦ ᠪᠡᠷ ᠰᠢᠪᠡᠬᠦ ᠰᠢᠭ ᠵᠢᠮ ᠵᠢᠮ ᠵᠢᠮᠵᠢᠭᠢᠨᠡᠭᠦᠯᠦᠨᠡ᠃ ᠸᠴᠢᠷᠪᠠᠲᠤ ᠬᠥᠮᠥᠭᠡᠢ ᠪᠡᠨ ᠲᠠᠰᠤ ᠵᠠᠭᠤᠬᠤ ᠳ᠋ᠤ᠌ ᠮᠠᠩᠨᠠᠢ ᠳ᠋ᠤᠨᠢ ᠬᠥᠯᠥᠰᠥ ᠪᠠᠳᠬᠤᠨᠠ᠃ ᠵᠤᠨ ᠤ᠋ ᠦᠳᠡ ᠶ᠋ᠢᠨ ᠬᠠᠯᠠᠭᠤᠨ ᠪᠠ ᠬᠠᠯᠠᠭᠠᠢ ᠳ᠋ᠤ᠌ ᠰᠢᠲᠠᠭᠰᠠᠨ ᠴᠥᠪᠥᠷᠢᠭᠦᠦ ᠨᠢ ᠬᠥᠯᠥᠰᠥᠨ ᠳ᠋ᠦ᠍ᠨᠢ ᠳᠡᠪᠲᠦᠬᠦ ᠳ᠋ᠦ᠍ ᠤᠯᠠᠮ ᠢᠷᠬᠢᠷᠡᠨ ᠡᠪᠡᠳᠬᠦ ᠶ᠋ᠢ ᠬᠡᠯᠡᠬᠦ ᠶᠠᠭᠤᠨ᠃
— ᠮᠠᠭᠤ ᠴᠢᠴᠠᠭᠠ ᠴᠢ ᠳᠥᠭᠥᠰᠢ ᠪᠡᠨ ᠵᠠᠭᠤᠬᠤ ᠨᠢ ᠤᠤ? ᠴᠢᠭᠢᠶᠡᠲᠦᠷᠦᠦ᠁ ᠭᠡᠵᠦ ᠠᠪᠠᠭᠠ ᠯᠠᠮᠠᠵᠠᠢ ᠨᠢ ᠳᠠᠬᠢᠭᠠᠳ ᠨᠢᠭᠡ ᠣᠷᠢᠶᠠᠯᠭᠠᠬᠤ ᠳ᠋ᠤ᠌ ᠸᠴᠢᠷᠪᠠᠲᠤ ᠠᠪᠠᠭᠠ ᠯᠠᠮᠠᠵᠠᠢ ᠶ᠋ᠢᠨ ᠢ᠋ᠶ᠋ᠡᠨ ᠥᠭᠡᠳᠡ ᠡᠴᠡ ᠴᠣᠷᠣᠢᠨ ᠪᠣᠰᠴᠤ᠄
— ᠣᠨᠣᠭᠠᠯᠭᠠᠶᠠ! ᠣᠨᠣᠭᠠᠯᠭᠠᠶᠠ! ᠢᠩᠭᠢᠵᠦ ᠤᠨᠣᠭᠠᠯᠭᠠᠳᠠᠭ ᠶᠤᠮ! ᠭᠡᠳ ᠠᠪᠠᠭᠠ ᠯᠠᠮᠠᠵᠠᠢ ᠶ᠋ᠢᠨ ᠢ᠋ᠶ᠋ᠡᠨ ᠨᠢᠮᠭᠡᠨ ᠰᠤᠭᠤ ᠶ᠋ᠢ ᠣᠨᠣᠭᠠᠯᠭᠠᠨ ᠨᠢᠭᠡ ᠯᠡ ᠢᠰᠬᠦᠯᠪᠡ᠃
ᠲᠦᠪᠲᠡᠨᠫᠧᠷᠯᠡᠢ ᠯᠠᠮᠠᠬᠠᠢ ᠠᠢᠳ᠋ ᠬᠢᠨ ᠨᠢᠭᠡ ᠮᠠᠭᠤᠬᠠᠢ ᠬᠠᠰᠬᠢᠷᠤᠭᠠᠳ ᠡᠪᠦᠳᠦᠭ ᠢ᠋ᠶ᠋ᠡᠷ ᠢ᠋ᠶ᠋ᠡᠨ ᠨᠤᠭᠤᠷᠠᠨ ᠣᠢᠴᠢᠪᠠ᠃ ᠬᠣᠶᠠᠷ ᠬᠠᠪᠢᠷᠭᠠ ᠨᠢ ᠭᠡᠮᠲᠦᠵᠡᠢ᠃ ᠲᠦᠪᠳᠡᠨᠫᠧᠷᠯᠡᠢ ᠯᠠᠮᠠᠬᠠᠢ ᠠᠴᠢ ᠬᠦᠦ ᠪᠡᠷ ᠢ᠋ᠶ᠋ᠡᠨ ᠬᠣᠶᠠᠷ ᠬᠠᠪᠢᠷᠭᠠ ᠪᠠᠨ ᠬᠤᠭᠤ ᠢᠰᠬᠦᠯᠦᠭᠦᠯᠦᠭᠰᠡᠨ ᠳ᠋ᠡᠭᠡᠨ ᠶᠠᠭᠤ ᠴᠤ᠌ ᠳᠤᠤᠭᠠᠷᠤᠭᠰᠠᠨ ᠦᠭᠡᠢ᠃ ᠲᠦᠪᠳᠡᠨᠫᠧᠷᠯᠡᠢ ᠯᠠᠮᠠᠬᠠᠢ ᠰᠠᠷᠠ ᠬᠡᠪᠲᠡᠵᠦ ᠪᠡᠷᠲᠡᠭᠰᠡᠨ ᠶᠠᠰᠤ ᠪᠠᠨ ᠰᠤᠪᠢᠯᠠᠭᠰᠠᠨ ᠢ᠋ ᠶᠠᠷᠢᠬᠤ ᠦᠭᠡᠢ᠂ ᠪᠡᠶᠡ ᠨᠢ ᠲᠡᠩᠬᠡᠷᠡᠮᠡᠭᠴᠡ ᠰᠦᠮᠡ ᠡᠴᠡ ᠤᠷᠭᠤᠭᠰᠠᠨ ᠸᠴᠢᠷᠪᠠᠲᠤ ᠶ᠋ᠢ ᠪᠠᠷᠢᠵᠤ ᠠᠪᠴᠢᠷᠠᠨ ᠱᠣᠩ ᠳᠡᠭᠡᠷᠡ ᠬᠣᠶᠠᠷ ᠰᠥᠨᠢ ᠬᠣᠶᠠᠷ ᠡᠳᠦᠷ ᠢᠳᠡᠯᠭᠡ ᠤᠤᠭᠤᠯᠭᠠ ᠦᠭᠡᠢ ᠭᠣᠵᠣᠢᠲᠠᠯᠠ ᠤᠶᠠᠵᠤ ᠣᠷᠬᠢᠨ ᠠᠮᠠᠨ ᠥᠴᠢᠭ ᠢ᠋ ᠨᠢ ᠠᠪᠴᠠᠢ᠃
— ᠵᠢᠷᠦᠬᠡᠨ ᠳ᠋ᠦ᠍ᠨᠢ ᠦᠰᠦ ᠤᠷᠭᠤᠭᠰᠠᠨ ᠳᠠᠮᠰᠢᠭ ᠢ᠋ ᠬᠦ! ᠡᠴᠢᠭᠡ ᠶ᠋ᠢᠨ ᠤᠯᠠᠢ ᠲᠥᠷᠥᠯ ᠠᠪᠠᠭᠠ ᠯᠠᠮᠠᠵᠠᠢ ᠶ᠋ᠢᠨ ᠢ᠋ᠶ᠋ᠡᠨ ᠬᠠᠪᠢᠷᠭᠠ ᠶ᠋ᠢ ᠭᠡᠮᠲᠦᠭᠡᠳᠡᠭ ᠶᠣᠰᠣ ᠦᠭᠡᠢ ᠠᠮᠢᠲᠠᠨ ᠬᠠᠮᠢᠭᠠ ᠪᠣᠢ? ᠴᠢ ᠬᠡᠯᠡ! ᠦᠭᠡ ᠰᠣᠨᠣᠰᠤᠨᠠ ᠤᠤ ᠦᠭᠡᠢ ᠤᠤ?
ᠦᠭᠡ ᠳᠠᠭᠤᠨ ᠦᠭᠡᠢ᠃ ᠱᠣᠩ ᠳᠡᠭᠡᠷᠡ ᠪᠡᠭᠡᠪᠡᠢᠲᠡᠯᠡ ᠬᠦᠯᠢᠭᠳᠡᠭᠰᠡᠨ ᠸᠴᠢᠷᠪᠠᠲᠤ ᠡᠬᠢᠯᠡᠭᠡᠳ ᠮᠥᠨ ᠯᠡ ᠥᠴᠢᠭ ᠢ᠋ᠶ᠋ᠡᠨ ᠥᠭᠭᠦᠭᠰᠡᠨ ᠦᠭᠡᠢ᠂ ᠠᠪᠠᠭᠠ ᠯᠠᠮᠠᠵᠠᠢ ᠲᠠᠢ ᠪᠠᠨ ᠥᠰᠢᠷᠬᠡᠨᠡ᠃
ᠴᠦᠯᠲᠦᠮ᠂ ᠥᠯᠵᠡᠢᠲᠡᠮᠦᠷ ᠵᠡᠷᠭᠡ ᠪᠠᠨᠳᠢ ᠨᠠᠷ ᠴᠤ᠌ ᠲᠡᠭᠦᠨ ᠦ᠌ ᠳᠡᠷᠭᠡᠳᠡ ᠣᠴᠢᠵᠤ《ᠸᠴᠢᠷᠪᠠᠲᠤ ᠠ᠋! ᠪᠤᠷᠤᠭᠤ ᠪᠠᠨ ᠮᠡᠳᠡᠴᠢᠬᠡ᠂ᠠᠪᠠᠭᠠ ᠯᠠᠮᠠᠵᠠᠢ ᠴᠢᠨᠢ ᠴᠢᠨᠦ ᠯᠡ ᠲᠥᠯᠥᠭᠡ ᠭᠡᠵᠦ ᠭᠠᠷ ᠬᠠᠲᠠᠭᠤᠳᠠᠭᠰᠠᠨ ᠢ᠋ ᠪᠢᠲᠡᠭᠡᠢ ᠶᠠᠭᠤᠮᠠ ᠰᠠᠨᠠ! ᠴᠢᠨᠦ ᠪᠤᠷᠤᠭᠤ ᠰᠢᠦ᠁》 ᠭᠡᠵᠦ ᠢᠳᠬᠠᠭᠰᠠᠨ ᠴᠤ᠌ ᠸᠴᠢᠷᠪᠠᠲᠤ ᠰᠢᠵᠠᠭᠤᠷ ᠵᠠᠭᠤᠵᠤ ᠳᠤᠭᠤᠢ ᠪᠠᠢᠯᠠ᠃
ᠬᠣᠶᠠᠷ ᠬᠣᠨᠣᠭ ᠤ᠋ᠨ ᠲᠣᠯᠣᠭᠠᠢ ᠳᠡᠭᠡᠷᠡ ᠸᠴᠢᠷᠪᠠᠲᠤ ᠥᠯᠪᠡᠷᠴᠦ ᠤᠮᠳᠠᠭᠠᠰᠬᠤ ᠶ᠋ᠢᠨ ᠪᠡᠷᠬᠡ ᠶ᠋ᠢ ᠳᠠᠭᠠᠭᠠᠵᠤ ᠴᠢᠳᠠᠭᠰᠠᠨ ᠦᠭᠡᠢ《ᠠᠪᠠᠭᠠ ᠯᠠᠮᠠᠵᠠᠢ ᠲᠠᠢ ᠪᠠᠨ ᠥᠰᠢᠷᠬᠡᠭᠡᠳ ᠬᠠᠮᠢᠭᠠ ᠬᠦᠷᠬᠦ ᠪᠣᠢ⁈ ᠠᠪᠠᠭᠠ ᠯᠠᠮᠠᠵᠠᠢ ᠶ᠋ᠢᠨ ᠢ᠋ᠶ᠋ᠡᠨ ᠬᠠᠪᠢᠷᠭᠠ ᠶ᠋ᠢ ᠬᠤᠭᠤ ᠢᠰᠬᠦᠯᠦᠭᠰᠡᠨ ᠪᠤᠷᠤᠭᠤ ᠪᠠᠨ ᠮᠡᠳᠡᠵᠦ᠂ ᠦᠭᠡ ᠪᠡᠷ ᠨᠢ ᠶᠠᠪᠤᠶᠠ!》 ᠭᠡᠵᠦ ᠠᠮᠠᠨ ᠥᠴᠢᠭ ᠢ᠋ᠶ᠋ᠡᠨ ᠥᠭᠭᠦᠭᠰᠡᠨ ᠳ᠋ᠦ᠍ ᠰᠠᠶᠢ ᠲᠡᠭᠦᠨ ᠢ᠋ ᠰᠤᠯᠠᠯᠠᠵᠠᠢ ᠭᠡᠨᠡ᠃
ᠨᠢᠭᠡ ᠭᠡᠨᠡᠳᠡᠪᠡᠯ ᠨᠢᠭᠡ ᠤᠬᠠᠭᠠᠷᠠᠨᠠ ᠭᠡᠭᠴᠢ ᠪᠡᠷ ᠸᠴᠢᠷᠪᠠᠲᠤ ᠡᠨᠡ ᠬᠠᠯᠠ ᠶ᠋ᠢ ᠳᠠᠬᠢᠵᠤ ᠡᠳ᠋ᠯᠡᠬᠦ ᠦᠭᠡᠢ ᠭᠡᠵᠦ ᠤᠬᠠᠭᠠ ᠰᠡᠢᠯᠦᠨ ᠡᠳᠦᠷ ᠡᠳᠦᠷ ᠫᠤᠤ ᠣᠨᠢᠯᠠᠨ《ᠮᠠᠨᠠᠭᠤᠯ》 ᠫᠤᠤᠳᠠᠳᠠᠭ ᠢ᠋ᠶ᠋ᠠᠷ ᠲᠡᠭᠦᠨ ᠦ᠌ ᠭᠠᠷ ᠲᠤ ᠣᠩᠭᠣᠳ ᠪᠠᠭᠤᠭᠰᠠᠨ ᠮᠡᠲᠦ ᠫᠤᠤ ᠰᠤᠮᠤᠨ ᠳ᠋ᠤ᠌ ᠰᠦᠷᠡᠬᠡᠢ ᠳᠠᠳᠴᠤ ᠠᠪᠠᠭᠠ ᠯᠠᠮᠠᠵᠠᠢ ᠶ᠋ᠢᠨ ᠢ᠋ᠶ᠋ᠡᠨ ᠱᠠᠭᠠᠷᠳᠠᠯᠭᠠ ᠶ᠋ᠢ ᠭᠣᠮᠣᠲᠠᠭᠠᠯ ᠦᠭᠡᠢ ᠪᠡᠶᠡᠯᠡᠭᠦᠯᠳᠡᠭ ᠪᠣᠯᠵᠠᠢ᠃ ᠨᠢᠭᠡ ᠤᠳᠠᠭᠠ ᠰᠦᠮᠡ ᠶ᠋ᠢᠨ ᠬᠡᠷᠡᠮ ᠦ᠋ᠨ ᠥᠨᠴᠥᠭ ᠲᠦ᠍ ᠬᠤᠷᠤᠭᠤ ᠬᠢᠷᠢᠲᠡᠢ ᠮᠠᠭᠤ ᠵᠦᠭ ᠦ᠋ᠨ ᠪᠠᠯᠢᠩ ᠪᠣᠰᠬᠠᠴᠢᠬᠠᠭᠠᠳ ᠵᠠᠭᠤᠨ ᠠᠯᠴᠠᠮ ᠤ᠋ᠨ ᠵᠠᠢᠲᠠᠢ ᠠ᠋ᠴᠠ ᠫᠤᠤᠳᠠᠭᠤᠯᠬᠤ ᠳ᠋ᠤ᠌ ᠸᠴᠢᠷᠪᠠᠲᠤ ᠥᠨᠥᠬᠢ ᠪᠠᠯᠢᠩ ᠤ᠋ᠨ ᠲᠣᠯᠣᠭᠠᠢ ᠶ᠋ᠢ ᠬᠤᠷᠴᠠ ᠮᠡᠰᠡ ᠪᠡᠷ ᠣᠭᠲᠣᠴᠢᠭᠰᠠᠨ ᠰᠢᠭ᠋ ᠳᠠᠭᠠᠷᠢᠬᠤ ᠳ᠋ᠤ᠌ ᠠᠪᠠᠭᠠ ᠯᠠᠮᠠᠵᠠᠢ ᠨᠢ ᠳᠣᠲᠣᠷᠠ ᠪᠠᠨ ᠠᠴᠢ ᠬᠦᠦ ᠪᠡᠨ ᠶᠡᠬᠡᠳᠡ ᠲᠣᠭᠣᠵᠤ《ᠡᠨᠡ ᠴᠤ᠌ ᠨᠢᠭᠡ ᠬᠠᠩᠭᠢ ᠶᠠᠭᠤᠮᠠ ᠪᠣᠯᠬᠤ ᠴᠢᠷᠠᠢ᠃ ᠭᠠᠩ ᠰᠠᠢᠲᠠᠢ ᠬᠢᠲᠤᠭᠠ ᠰᠢᠭ᠋ ᠪᠢᠯᠡᠭᠦᠦ ᠢᠳᠡᠬᠦ ᠲᠣᠰᠤᠮ ᠢ᠋ᠶ᠋ᠠᠨ ᠲᠣᠷᠭᠠᠨ ᠢᠷ ᠨᠢ ᠬᠤᠷᠴᠠ ᠪᠣᠯᠬᠤ ᠶᠤᠮ ᠠ᠋!》 ᠭᠡᠬᠦ ᠪᠣᠯᠪᠠᠴᠤ ᠭᠠᠳᠠᠨᠠ ᠪᠠᠨ ᠲᠡᠭᠦᠨ ᠢ᠋ ᠶᠡᠷᠦ ᠮᠠᠭᠲᠠᠵᠤ ᠮᠠᠯᠠᠭᠠᠢᠳᠠᠳᠠᠭ ᠦᠭᠡᠢ ᠬᠡᠪ ᠢ᠋ᠶ᠋ᠡᠷ ᠪᠠᠢᠯᠠ᠃ ᠬᠠᠷᠢᠨ ᠪᠠᠰᠠ《ᠠ᠂ ᠵᠢᠭᠠᠬᠠᠨ ᠢᠩᠭᠢᠭᠰᠡᠨ ᠪᠣᠯ ᠠ᠋᠂ ᠲᠡᠭᠡᠭᠰᠡᠨ ᠪᠣᠯ ᠠ᠋!》 ᠭᠡᠵᠦ ᠥᠨᠳᠡᠭᠡᠨ ᠡᠴᠡ ᠦ ᠡᠷᠢᠵᠦ ᠤᠯᠠᠮ ᠬᠠᠲᠠᠭᠤ ᠣᠷᠣᠳᠠᠭ ᠪᠣᠯᠵᠠᠢ᠃ ᠡᠢᠨ ᠬᠦ᠌ ᠲᠥᠪᠳᠡᠨᠫᠸᠷᠯᠡᠢ ᠯᠠᠮᠠᠬᠠᠢ ᠶ᠋ᠢᠨ ᠰᠢᠯᠭᠠᠭᠤᠷ ᠬᠡᠳᠦᠢ ᠨᠠᠷᠢᠰᠴᠤ ᠬᠠᠲᠠᠭᠤᠳᠠᠬᠤ ᠲᠣᠰᠤᠮ ᠸᠴᠢᠷᠪᠠᠲᠤ ᠶ᠋ᠢᠨ ᠫᠤᠤ ᠶ᠋ᠢᠨ ᠡᠷᠳᠡᠮ ᠲᠡᠳᠦᠢ ᠰᠤᠷᠮᠠᠭᠠᠢᠰᠢᠬᠤ ᠶ᠋ᠢ ᠬᠡᠯᠡᠬᠦ ᠶᠠᠭᠤᠨ᠃ ᠲᠡᠭᠡᠭᠡᠳ ᠡᠴᠦᠰ ᠲᠡᠭᠡᠨ ᠦᠬᠦᠯᠦᠭᠦᠲᠡ ᠪᠤᠰᠬᠠᠭᠰᠠᠨ ᠮᠠᠨᠠᠭᠤᠯ ᠢ᠋ ᠪᠣᠯ ᠵᠥᠪ ᠰᠣᠯᠣᠭᠠᠢ ᠦᠭᠡᠢ ᠣᠨᠣᠭᠠᠳᠠᠭ ᠴᠡᠴᠡᠨ ᠫᠤᠤᠴᠢ ᠪᠣᠯᠵᠤ ᠬᠠᠷᠠᠭᠰᠠᠨ ᠪᠣᠯᠭᠠᠨ ᠡᠷᠡᠬᠡᠢ ᠭᠣᠵᠣᠢᠯᠭᠠᠵᠤ《ᠠ᠂ ᠡᠨᠡ ᠬᠦᠦ ᠶ᠋ᠢᠨ ᠬᠠᠷᠠᠭᠠ ᠭᠡᠭᠴᠢ ᠵᠢᠭᠲᠡᠢ᠂ ᠶᠠᠭᠤᠮᠠ ᠣᠷᠣᠰᠢᠴᠢᠬᠠᠵᠠᠢ》 ᠭᠡᠵᠦ ᠱᠠᠭᠰᠢᠬᠤ ᠳ᠋ᠤ᠌ ᠲᠡᠭᠦᠨ ᠦ᠌ ᠠᠪᠠᠭᠠ ᠯᠠᠮᠠᠵᠠᠢ ᠶ᠋ᠢᠨ ᠬᠢᠨᠢ ᠰᠠᠨᠠᠭᠠᠨ ᠳ᠋ᠤ᠌ ᠪᠠᠰᠠ ᠯᠠ ᠰᠠᠢᠨ ᠬᠦᠷᠬᠦ ᠦᠭᠡᠢ《ᠵᠦᠭᠡᠷ ᠯᠡ ᠱᠣᠪᠣᠢᠯᠭᠠᠭᠰᠠᠨ ᠮᠠᠨᠠᠭᠤᠯ ᠣᠨᠢᠯᠠᠵᠤ ᠣᠨᠣᠭᠠᠳᠠᠭ ᠢ᠋ ᠶᠠᠮᠠᠷ ᠴᠡᠴᠡᠨ ᠫᠤᠤᠴᠢ ᠭᠡᠬᠦ ᠪᠣᠢ ᠳᠠ! ᠮᠣᠷᠢᠨ ᠳᠡᠭᠡᠷᠡ ᠡᠴᠡ ᠬᠠᠷᠠᠢᠯᠭᠠᠵᠤ ᠪᠠᠢᠭᠠᠳ ᠫᠤᠤᠳᠠᠬᠤ ᠳ᠋ᠤ᠌ ᠰᠤᠮᠤ ᠭᠠᠵᠠᠷᠳᠠᠬᠤ ᠦᠭᠡᠢ ᠪᠣᠯ ᠴᠤ᠌ ᠶᠠᠭᠠᠬᠢᠬᠤ ᠪᠣᠢ!》 ᠭᠡᠳᠡᠭ ᠪᠠᠢᠨᠠ᠃ ᠲᠡᠭᠡᠭᠡᠳ ᠲᠥᠪᠳᠡᠨᠫᠸᠷᠯᠡᠢ ᠯᠠᠮᠠᠬᠠᠢ ᠠᠴᠢ ᠬᠦᠦ ᠸᠴᠢᠷᠪᠠᠲᠤ ᠪᠠᠨ ᠮᠣᠷᠢᠨ ᠳᠡᠭᠡᠷᠡ ᠡᠴᠡ ᠫᠤᠤ ᠫᠤᠤᠳᠠᠬᠤ ᠳᠠᠰᠬᠠᠯ ᠬᠢᠯᠭᠡᠳᠡᠭ ᠪᠣᠯᠪᠠ᠃ ᠲᠡᠷᠡ ᠪᠡᠷ ᠪᠠᠰᠠ ᠰᠦᠮᠡ ᠶ᠋ᠢᠨ ᠴᠢᠯᠠᠭᠤᠨ ᠶᠡᠨᠳᠡᠷ ᠢ᠋ᠶ᠋ᠡᠷ ᠮᠣᠳᠣᠨ ᠰᠠᠭᠤᠯᠠᠭᠠ ᠶ᠋ᠢᠨ ᠭᠠᠤᠯᠢᠨ ᠴᠠᠭᠠᠷᠢᠭ ᠢ᠋ ᠪᠥᠮᠪᠥᠷᠢᠭᠦᠯᠵᠦ ᠬᠠᠵᠠᠭᠤ ᠠ᠋ᠴᠠ ᠨᠢ ᠫᠤᠤᠳᠠᠭᠤᠯᠤᠨᠠ᠃ ᠶᠢᠰᠦᠨ ᠳᠡᠭᠲᠡᠷᠲᠦ ᠴᠢᠯᠠᠭᠤᠨ ᠶᠡᠨᠳᠡᠷ ᠢ᠋ᠶ᠋ᠡᠷ ᠪᠥᠮᠪᠥᠷᠢᠬᠦ ᠭᠠᠤᠯᠢᠨ ᠴᠠᠭᠠᠷᠢᠭ ᠶᠢᠰᠦᠨᠲᠡ ᠳᠡᠭᠳᠡᠨ ᠦᠰᠦᠷᠬᠦ ᠳ᠋ᠦ᠍ ᠸᠴᠢᠷᠪᠠᠲᠤ ᠶ᠋ᠢᠨ ᠬᠠᠷᠠᠭᠠᠨ ᠳ᠋ᠤ᠌ ᠨᠢᠭᠡ ᠴᠤ᠌ ᠣᠨᠣᠭᠳᠠᠳᠠᠭ ᠦᠭᠡᠢ ᠠᠵᠢ᠃ ᠮᠠᠨᠠᠭᠤᠯ ᠣᠨᠣᠭᠠᠵᠤ ᠭᠠᠷᠰᠢᠭᠰᠠᠨ ᠸᠴᠢᠷᠪᠠᠲᠤ ᠬᠡᠢ ᠳᠡᠭᠳᠡᠭᠰᠡᠨ ᠴᠠᠭᠠᠷᠢᠭ ᠢ᠋ ᠶᠠᠭᠠᠬᠢᠵᠤ ᠣᠨᠣᠭᠠᠵᠤ ᠴᠢᠳᠠᠬᠤ ᠪᠢᠯᠡ⁈ ᠨᠢᠭᠡ ᠫᠤᠤᠳᠠᠨᠠ᠂ ᠬᠣᠶᠠᠷ ᠫᠤᠤᠳᠠᠨᠠ᠁ ᠣᠨᠣᠭᠠᠬᠤ ᠶᠠᠭᠤᠮᠠ ᠪᠢᠰᠢ᠃
— ᠴᠢᠭᠢᠶᠡᠲᠦᠷᠦᠦ! ᠬᠡᠷᠡᠮ ᠳᠡᠭᠡᠷᠡ ᠱᠣᠪᠣᠢᠯᠭᠠᠭᠰᠠᠨ ᠬᠤᠷᠤᠭᠤ ᠪᠠᠯᠢᠩ ᠰᠢᠭ᠋ ᠢ᠋ᠶ᠋ᠡᠨ ᠭᠡᠵᠦ ᠰᠠᠨᠠᠪᠠ ᠤᠤ? ᠲᠠᠷᠢᠬᠢ ᠪᠠᠨ ᠬᠥᠳᠡᠯᠭᠡᠳᠡᠭ ᠦᠭᠡᠢ ᠶᠠᠭᠠᠬᠢᠪᠠ ᠴᠢ⁈ ᠭᠡᠳ ᠬᠠᠷᠢᠶᠠᠯ ᠲᠠᠯᠪᠢᠨ ᠬᠠᠶᠠ ᠪᠠᠰᠠ ᠭᠠᠤᠯᠢᠨ ᠲᠣᠯᠣᠭᠠᠢ ᠲᠠᠢ ᠭᠠᠩᠰᠠ ᠪᠠᠷ ᠢ᠋ᠶ᠋ᠠᠨ ᠲᠣᠯᠣᠭᠠᠢ ᠳᠡᠭᠡᠷᠡ ᠨᠢ ᠲᠤᠭ ᠭᠡᠲᠡᠯᠡ ᠲᠣᠭᠰᠢᠭᠠᠳ ᠠᠪᠤᠨᠠ᠃
ᠸᠴᠢᠷᠪᠠᠲᠤ ᠪᠠᠭᠠ ᠠ᠋ᠴᠠ ᠪᠠᠨ ᠰᠡᠷᠭᠦᠯᠡᠩ ᠲᠥᠷᠥᠭᠰᠡᠨ ᠪᠣᠯᠬᠣᠷ ᠥᠷᠥᠭᠡᠯ ᠬᠡᠦᠬᠡᠳ ᠰᠢᠭ ᠠᠪᠠᠭᠠ ᠯᠠᠮᠠᠵᠠᠢ ᠶ᠋ᠢᠨ ᠢ᠋ᠶ᠋ᠡᠨ ᠬᠠᠷᠢᠶᠠᠵᠤ ᠵᠠᠨᠴᠢᠭᠰᠠᠨ ᠢ᠋ ᠳᠠᠬᠢᠵᠤ ᠦᠰ ᠪᠣᠳᠣᠵᠤ ᠥᠰᠢᠷᠬᠡᠭᠰᠡᠨ ᠦᠭᠡᠢ᠃ ᠬᠠᠷᠢᠨ ᠪᠤᠷᠤᠭᠤ ᠪᠠᠨ ᠪᠡᠶᠡ ᠡᠴᠡ ᠪᠡᠨ ᠡᠷᠢᠳᠡᠭ ᠦ᠋ᠨ ᠰᠠᠢᠨ ᠢ᠋ᠶ᠋ᠠᠷ ᠳᠠᠪᠰᠢᠬᠤ ᠨᠢ ᠲᠦᠷᠭᠡᠨ᠃
ᠡᠳᠦᠷ ᠦ᠋ᠨ ᠤᠳᠠᠭᠠᠨ ᠡᠷᠡ ᠶ᠋ᠢᠨ ᠰᠢᠨᠳᠠᠰᠤ ᠶ᠋ᠢ ᠰᠢᠯᠭᠠᠳᠠᠭ ᠯᠠ ᠪᠠᠢᠵᠠᠢ᠃ ᠡᠳᠦᠷ ᠡᠳᠦᠷ ᠴᠢᠯᠠᠭᠤᠨ ᠶᠡᠨᠳᠡᠷ ᠲᠦ᠍ ᠦᠰᠦᠷᠬᠢᠯᠡᠭᠰᠡᠨ ᠭᠠᠤᠯᠢᠨ ᠴᠠᠭᠠᠷᠢᠭ ᠢ᠋ ᠫᠤᠤᠳᠠᠵᠤ ᠣᠨᠣᠭᠠᠶᠠ ᠭᠡᠳᠡᠭ ᠢᠯᠡᠭᠦᠦ ᠳ᠋ᠡᠭᠡᠨ ᠭᠠᠷᠤᠭᠰᠠᠨ ᠰᠤᠮᠤ ᠬᠠᠮᠢᠭᠠ ᠪᠠᠢᠨᠠᠮ! ᠣᠳᠣ ᠴᠣᠬᠣᠮ ᠶᠠᠭᠠᠬᠢᠳᠠᠭ ᠪᠢᠯᠡ? ᠭᠡᠵᠦ ᠲᠡᠭᠦᠨ ᠢ᠋ ᠠᠷᠭᠠ ᠮᠤᠬᠤᠷᠳᠠᠭᠤᠯᠤᠨᠠ᠃ ᠳᠠᠬᠢᠭᠠᠳ ᠠᠪᠠᠭᠠ ᠯᠠᠮᠠᠵᠠᠢ ᠨᠢ ᠵᠠᠰᠢᠶᠠᠨ ᠤ᠋ ᠬᠣᠶᠠᠷᠬᠠᠨ ᠰᠤᠮᠤ ᠥᠭᠴᠦ ᠥᠨᠥᠬᠢ ᠦᠰᠦᠷᠬᠢᠯᠡᠭᠰᠡᠨ ᠴᠠᠭᠠᠷᠢᠭ ᠢ᠋ ᠫᠤᠤᠳᠠᠭᠤᠯᠤᠭᠠᠳ ᠤᠨᠤᠳᠠᠭ ᠦᠭᠡᠢ ᠪᠣᠯ ᠶᠠᠭᠠᠬᠢᠨᠠ⁈ ᠲᠡᠭᠡᠪᠡᠯ ᠴᠦ᠍ ᠶᠣᠰᠣᠲᠠᠢ ᠰᠢᠪᠰᠢᠭ ᠦ᠋ᠨ ᠲᠤᠢᠯ ᠭᠡᠵᠦ ᠪᠡᠶᠡ ᠪᠡᠨ ᠵᠢᠮᠡᠯᠡᠨᠡ᠃
ᠨᠢᠭᠡ ᠡᠳᠦᠷ ᠸᠴᠢᠷᠪᠠᠲᠤ ᠨᠥᠭᠦᠭᠡ ᠬᠡᠳᠦᠨ ᠪᠠᠨᠳᠢ ᠲᠠᠢ ᠪᠠᠨ ᠠᠷᠤᠭ ᠡᠭᠦᠷᠴᠦ ᠠᠷᠭᠠᠯ ᠲᠡᠭᠦᠬᠦ ᠪᠡᠷ ᠶᠠᠪᠤᠵᠠᠢ᠃ ᠬᠡᠳᠦᠭᠦᠯᠡ ᠠᠷᠤᠭ ᠢ᠋ᠶ᠋ᠠᠨ ᠳᠦᠭᠦᠷᠭᠡᠵᠦ ᠠᠪᠤᠭᠠᠳ ᠪᠤᠴᠠᠬᠤ ᠵᠠᠮ ᠳ᠋ᠠᠭᠠᠨ ᠵᠦᠯᠭᠡᠨ ᠳᠡᠭᠡᠷᠡ ᠪᠠᠷᠢᠯᠳᠤᠵᠤ ᠨᠣᠴᠣᠯᠳᠤᠪᠠ᠃ ᠥᠯᠵᠡᠢᠲᠡᠮᠦᠷ ᠭᠡᠳᠡᠭ ᠨᠢᠰᠤᠬᠠᠢ ᠰᠢᠷᠠ ᠬᠦᠦ ᠸᠴᠢᠷᠪᠠᠲᠤ ᠬᠣᠶᠠᠷ ᠬᠡᠨ ᠬᠡᠨ ᠳ᠋ᠡᠭᠡᠨ ᠳᠡᠢᠯᠳᠡᠬᠦ ᠦᠭᠡᠢ ᠨᠣᠴᠣᠯᠳᠤᠭᠰᠠᠭᠠᠷ ᠪᠠᠢᠵᠤ ᠠᠷᠤᠭ ᠲᠠᠢ ᠠᠷᠭᠠᠯ ᠳ᠋ᠤ᠌ ᠲᠣᠷᠴᠤ ᠳᠠᠷᠤᠯᠴᠠᠨ ᠣᠢᠴᠢᠪᠠ᠃ ᠨᠢᠭᠡ ᠲᠠᠯᠠ ᠠᠷᠭᠠᠯ ᠠᠰᠬᠠᠭᠳᠠᠵᠤ ᠠᠷᠤᠭ ᠤ᠋ᠨ ᠬᠢᠨᠢ ᠬᠣᠶᠠᠷ ᠬᠠᠪᠢᠷᠭᠠ ᠬᠤᠭᠤᠷᠠᠵᠠᠢ᠃
— ᠵᠠ᠂ ᠣᠳᠣ ᠶᠠᠭᠠᠬᠢᠨᠠ ᠪᠣᠢ?
— ᠴᠢ ᠨᠠᠮᠠᠶ᠋ᠢ ᠲᠦᠯᠬᠢᠵᠦ ᠨᠥᠷᠢᠭᠰᠡᠭᠡᠷ ᠪᠠᠢᠵᠤ ᠠᠷᠤᠭ ᠲᠤ ᠪᠦᠳᠦᠷᠢᠭᠦᠯᠦᠭᠡᠳ᠁
— ᠥᠯᠵᠡᠢᠲᠡᠮᠦᠷ᠁ ᠴᠢ ᠪᠡᠶᠡ ᠪᠡᠷ ᠢ᠋ᠶ᠋ᠡᠨ ᠳᠠᠷᠤᠵᠤ ᠬᠣᠶᠠᠷ ᠬᠠᠪᠢᠷᠭᠠ ᠶ᠋ᠢ ᠨᠢ ᠬᠤᠭᠤᠯᠴᠢᠬᠠᠭᠠᠳ᠁
— ᠴᠢ᠂ ᠴᠢ᠁ ᠸᠴᠢᠷᠪᠠᠲᠤ ᠴᠢ ᠵᠠᠪᠠᠯ ᠪᠠᠷᠢᠯᠳᠤᠬᠤ ᠭᠡᠵᠦ ᠨᠠᠳᠠ ᠲᠠᠢ ᠨᠣᠴᠣᠯᠳᠤᠭᠰᠠᠨ ᠦᠭᠡᠢ ᠪᠣᠯ ᠶᠠᠭᠤ ᠭᠡᠵᠦ᠁
— ᠱᠠᠩ ᠤ᠋ᠨ ᠨᠢᠷᠪᠠ ᠪᠠᠷ ᠬᠣᠩᠭᠣ ᠪᠠᠨ ᠪᠠᠨᠰᠠᠳᠠᠭᠤᠯᠵᠤ ᠰᠠᠯᠬᠤ ᠯᠠ ᠪᠣᠯᠵᠠᠢ᠁ ᠭᠡᠵᠦ ᠸᠴᠢᠷᠪᠠᠲᠤ ᠠᠷᠤᠭ ᠢ᠋ ᠪᠣᠰᠬᠠᠨ ᠬᠤᠭᠤᠷᠠᠭᠰᠠᠨ ᠢ᠋ ᠨᠢ ᠵᠠᠯᠭᠠᠬᠤ ᠭᠡᠵᠦ ᠣᠷᠣᠯᠳᠣᠭᠰᠠᠨ ᠪᠣᠯᠪᠠᠴᠤ ᠪᠣᠯᠤᠭᠰᠠᠨ ᠦᠭᠡᠢ᠃
— ᠴᠢ᠂ ᠴᠢ᠁ ᠭᠡᠵᠦ ᠨᠢᠰᠤᠬᠠᠢ ᠥᠯᠵᠡᠢᠲᠡᠮᠦᠷ ᠤᠬᠢᠯᠠᠭ ᠠᠯᠳᠠᠨᠠ᠃
ᠨᠥᠭᠦᠭᠡ ᠪᠥᠬᠡ ᠰᠣᠨᠢᠷᠬᠠᠵᠤ ᠰᠠᠭᠤᠭᠰᠠᠨ ᠠᠷᠠᠢ ᠲᠣᠮᠣᠬᠠᠨ ᠰᠢᠭ᠋ ᠴᠦᠯᠲᠦᠮ ᠭᠡᠳᠡᠭ ᠪᠠᠨᠳᠢ ᠰᠠᠨᠳᠤᠷᠴᠤ᠄
— ᠵᠦᠭᠡᠷ᠂ ᠵᠦᠭᠡᠷ! ᠶᠠᠭᠤᠨ ᠳ᠋ᠤ᠌ ᠶᠠᠰᠤ ᠪᠤᠯᠢᠶᠠᠯᠳᠤᠭᠰᠠᠨ ᠨᠣᠬᠠᠢ ᠰᠢᠭ᠋ ᠶᠠᠷᠭᠢᠯᠳᠤᠭᠠᠳ ᠪᠠᠢᠨᠠ ᠪᠣᠢ? ᠨᠣᠢᠲᠠᠨ ᠪᠤᠷᠭᠠᠰᠤ ᠬᠤᠭᠤᠯᠵᠤ ᠮᠤᠬᠢᠢᠯᠭᠠᠭᠠᠳ ᠰᠢᠷᠭᠤᠯᠠᠴᠢᠬᠠᠬᠤ ᠳ᠋ᠤ᠌ ᠠᠵᠢᠭ ᠦᠭᠡᠢ! ᠭᠡᠳ ᠥᠯᠵᠡᠢᠲᠡᠮᠦᠷ ᠢ᠋ ᠠᠷᠭᠠᠳᠠᠵᠤ ᠠᠪᠤᠪᠠ᠃
ᠬᠠᠵᠠᠭᠤ ᠠ᠋ᠴᠠ ᠨᠢ ᠰᠣᠨᠣᠰᠤᠭᠰᠠᠨ ᠸᠴᠢᠷᠪᠠᠲᠤ《ᠨᠣᠢᠲᠠᠨ ᠪᠤᠷᠭᠠᠰᠤ》 ᠭᠡᠵᠦ ᠠᠮᠠᠨ ᠳ᠋ᠠᠭᠠᠨ ᠥᠪᠡᠷ ᠢ᠋ᠶ᠋ᠡᠨ ᠴᠤ᠌ ᠦᠯᠦ ᠰᠣᠨᠣᠰᠳᠠᠮᠠ ᠶᠠᠷᠢᠭᠠᠳ ᠡᠮᠡᠭᠡ ᠡᠵᠢ ᠨᠢ ᠨᠣᠢᠲᠠᠨ ᠪᠤᠷᠭᠠᠰᠤ ᠶ᠋ᠢ ᠤᠰᠤᠨ ᠳ᠋ᠤ᠌ ᠳᠡᠪᠲᠦᠭᠡᠵᠦ ᠪᠠᠢᠭᠠᠳ ᠠᠷᠤᠭ ᠬᠥᠷᠥᠳᠡᠭ ᠢ᠋ ᠰᠠᠨᠠᠵᠤ ᠣᠯᠤᠨ᠄
— ᠨᠣᠢᠲᠠᠨ ᠪᠤᠷᠭᠠᠰᠤ᠂ ᠨᠤᠮᠤ ᠰᠤᠮᠤ! ᠭᠡᠵᠦ ᠭᠡᠨᠡᠳᠲᠡ ᠥᠨᠳᠥᠷ ᠬᠠᠰᠬᠢᠷᠤᠨ ᠭᠣᠣᠯ ᠤ᠋ᠨ ᠪᠤᠷᠭᠠᠰᠤ ᠵᠦᠭ ᠣᠮ ᠬᠣᠮ ᠦᠭᠡᠢ ᠭᠦᠶᠦᠵᠦ ᠠᠷᠢᠯᠪᠠ᠃ ᠨᠥᠭᠦᠭᠡ ᠬᠣᠶᠠᠷ ᠨᠢ ᠴᠤ᠌ ᠲᠡᠭᠦᠨ ᠦ᠌ ᠠᠷᠤ ᠠ᠋ᠴᠠ ᠶᠠᠪᠤᠪᠠ᠃
ᠸᠴᠢᠷᠪᠠᠲᠤ ᠨᠣᠢᠲᠠᠨ ᠪᠤᠷᠭᠠᠰᠤ ᠪᠠᠷ ᠨᠤᠮᠤ ᠰᠤᠮᠤ ᠬᠢᠵᠦ ᠴᠢᠯᠠᠭᠤᠨ ᠶᠡᠨᠳᠡᠷ ᠢ᠋ᠶ᠋ᠡᠷ ᠭᠠᠤᠯᠢᠨ ᠴᠠᠭᠠᠷᠢᠭ ᠦᠰᠦᠷᠦᠭᠦᠯᠦᠨ ᠬᠠᠷᠪᠤᠵᠤ ᠪᠣᠯᠪᠠᠰᠤᠷᠠᠨᠠ᠁ ᠭᠠᠤᠯᠢᠨ ᠴᠠᠭᠠᠷᠢᠭ ᠴᠢᠯᠠᠭᠤᠨ ᠶᠡᠨᠳᠡᠷ ᠲᠦ᠍ ᠳᠡᠭᠳᠡᠵᠦ ᠦᠰᠦᠷᠬᠦ ᠳ᠋ᠦ᠍ᠨᠢ ᠳᠡᠮᠲᠡᠢᠬᠡᠨ ᠰᠢᠭ ᠳᠡᠭᠳᠡᠭᠦᠯᠵᠦ ᠬᠠᠷᠪᠤᠨᠠ᠁ ᠴᠢᠯᠠᠭᠤ ᠬᠠᠪᠢᠷᠴᠤ ᠳᠣᠷᠣᠭᠰᠢᠯᠠᠬᠤ ᠳ᠋ᠤᠨᠢ ᠰᠠᠭᠤᠷᠢᠯᠠᠵᠤ ᠬᠠᠷᠪᠤᠨᠠ᠁ ᠳᠠᠬᠢᠭᠠᠳ ᠳᠡᠭᠳᠡᠬᠦ ᠳ᠋ᠦ᠍ᠨᠢ ᠬᠠᠪᠢᠷᠭᠠᠯᠠᠵᠤ ᠳᠡᠭᠳᠡᠭᠦᠯᠦᠨ ᠬᠠᠷᠪᠤᠨᠠ᠃ ᠸᠴᠢᠷᠪᠠᠲᠤ ᠡᠢᠨ ᠬᠦ᠌ ᠬᠠᠲᠠᠭᠤᠵᠢᠯᠲᠠᠢ ᠪᠠᠷ ᠭᠠᠷ ᠳᠠᠰᠬᠠᠨ ᠪᠣᠯᠪᠠᠰᠤᠷᠠᠭᠰᠠᠨ ᠠ᠋ᠴᠠ ᠠᠪᠠᠭᠠ ᠯᠠᠮᠠᠵᠠᠢ ᠶ᠋ᠢᠨ ᠰᠢᠯᠭᠠᠭᠤᠷ ᠵᠠᠰᠢᠶᠠᠨ ᠤ᠋ ᠰᠤᠮᠤ ᠶ᠋ᠢ ᠭᠠᠵᠠᠷᠳᠠᠭᠤᠯᠤᠯ ᠦᠭᠡᠢ ᠣᠨᠣᠭᠠᠳᠠᠭ ᠪᠣᠯᠤᠭᠰᠠᠨ ᠳ᠋ᠤ᠌《 ᠠ᠂ ᠮᠥᠨ ᠬᠠᠩᠭᠢ ᠴᠢᠴᠠᠭᠠ ᠶᠤᠮ ᠠ᠋!》 ᠭᠡᠵᠦ ᠠᠪᠠᠭᠠ ᠯᠠᠮᠠᠵᠠᠢ ᠨᠢ ᠡᠷᠬᠡ ᠦᠭᠡᠢ ᠳᠦᠳᠦᠨᠡᠨᠡ᠃ ᠰᠡᠭᠦᠯ ᠳ᠋ᠡᠭᠡᠨ ᠸᠴᠢᠷᠪᠠᠲᠤ ᠪᠦᠷ ᠮᠣᠷᠢᠨ ᠳᠠᠪᠬᠢᠶᠠ ᠪᠠᠷ ᠭᠥᠷᠥᠭᠡᠰᠦ ᠶ᠋ᠢ ᠪᠤᠰᠬᠠᠵᠤ ᠦᠷᠭᠦᠭᠡᠭᠡᠳ ᠠᠷᠤ ᠠ᠋ᠴᠠ ᠨᠢ ᠲᠣᠩᠭᠣᠷᠠᠭᠤᠯᠳᠠᠭ ᠪᠣᠯᠵᠠᠢ᠁
— ᠮᠣᠩᠭᠣᠯ ᠬᠥᠮᠦᠨ ᠪᠣᠯᠵᠤ ᠪᠠᠢᠨᠠ᠃ ᠴᠡᠴᠡᠨ ᠬᠠᠷᠠᠭᠠ ᠲᠠᠢ ᠪᠠᠢᠨᠠ! ᠭᠡᠰᠡᠨ ᠪᠣᠯᠪᠠᠴᠤ ᠠᠭᠸᠠᠩ ᠳᠣᠲᠣᠷᠠ ᠪᠠᠨ ᠸᠴᠢᠷᠪᠠᠲᠤ ᠳ᠋ᠤ᠌ ᠳᠣᠷᠣᠮᠵᠢᠯᠠᠭᠳᠠᠭᠰᠠᠨ ᠰᠢᠭ᠋ ᠠᠲᠠᠭᠠᠷᠬᠠᠵᠤ ᠥᠩᠭᠡᠨ ᠳᠡᠭᠡᠷᠡ ᠪᠡᠨ ᠢᠨᠢᠶᠡᠪᠬᠢᠯᠡᠭᠡᠳ ᠥᠩᠭᠡᠷᠡᠭᠡᠪᠡ᠃
— ᠮᠠᠨ ᠤ᠋ ᠪᠠᠷᠠᠭᠤᠨ ᠬᠦᠩ ᠦ᠋ᠨ ᠬᠢᠨ ᠳ᠋ᠦ᠍ ᠰᠠᠢᠨ ᠫᠤᠤᠳᠠᠳᠠᠭ ᠴᠡᠴᠡᠨ ᠬᠠᠷᠠᠭᠠ ᠲᠠᠢ ᠡᠷᠡ ᠵᠠᠬᠠ ᠠ᠋ᠴᠠ ᠪᠠᠨ! ᠠᠩᠬᠠ ᠮᠠᠨ ᠤ᠋ ᠬᠣᠰᠢᠭᠤ ᠴᠡᠷᠢᠭ ᠲᠦ᠍ ᠵᠠᠩᠴᠤᠪ ᠭᠡᠳᠡᠭ ᠰᠠᠢᠨ ᠡᠷᠡ ᠪᠠᠢᠭᠰᠠᠨ ᠶᠤᠮ᠃ ᠲᠦᠷᠭᠡᠨ ᠫᠤᠤ ᠶ᠋ᠢ ᠬᠠᠷᠠᠭᠠᠯᠠᠬᠤ ᠴᠤ᠌ ᠦᠭᠡᠢ ᠵᠦᠭᠯᠡᠭᠦᠯᠦᠭᠡᠳ ᠲᠠᠯᠪᠢᠬᠤ ᠳ᠋ᠤ᠌ ᠴᠠᠭᠠᠨᠠ ᠨᠢ ᠣᠨᠣᠭᠳᠠᠭᠰᠠᠨ ᠶᠠᠭᠤᠮᠠ ᠲᠦᠭ ᠭᠡᠳ ᠤᠨᠠᠴᠢᠬᠠᠳᠠᠭ! ᠰᠡᠭᠦᠯ ᠳ᠋ᠦ᠍ᠨᠢ ᠵᠠᠩᠵᠤᠨ ᠶᠠᠮᠤᠨ ᠳ᠋ᠤ᠌ ᠡᠵᠡᠨ ᠨᠣᠶᠠᠨ ᠤ᠋ ᠰᠢᠳᠠᠷ ᠬᠠᠮᠠᠭᠠᠯᠠᠭᠴᠢ ᠪᠠᠷ ᠰᠢᠯᠢᠭᠳᠡᠵᠦ ᠶᠠᠪᠤᠭᠰᠠᠨ᠁ ᠭᠡᠵᠦ ᠵᠣᠳᠪᠠ ᠭᠤᠸᠠᠢ ᠳᠡᠭᠡᠷᠡ ᠡᠴᠡ ᠨᠢ ᠳᠠᠪᠤᠰᠤᠯᠠᠵᠤ ᠶᠠᠷᠢᠭᠰᠠᠨ ᠳ᠋ᠤ᠌ ᠠᠭᠸᠠᠩ ᠨᠣᠶᠠᠨ ᠲᠣᠯᠣᠭᠠᠢ ᠳᠣᠬᠢᠨ᠄
— ᠵᠠ᠂ ᠶᠠᠭᠠᠮᠠᠢ! ᠮᠣᠩᠭᠣᠯ ᠬᠥᠮᠦᠨ ᠪᠣᠯᠵᠤ ᠪᠠᠢᠨᠠ᠂ ᠰᠠᠢᠨ᠂ ᠰᠠᠢᠨ!᠁ ᠪᠥᠷᠲᠡ ᠴᠢᠨᠣᠠ ᠶ᠋ᠢᠨ ᠳᠣᠭᠰᠢᠨ ᠴᠢᠰᠤ ᠠᠭᠤᠰᠤᠭᠰᠠᠨ ᠰᠠᠢᠨ ᠡᠷᠡ ᠲᠠᠨ ᠤ᠋ ᠤᠷᠠᠳ ᠲᠤ ᠣᠯᠠᠨ ᠲᠥᠷᠥᠵᠡᠢ! ᠭᠡᠳ ᠡᠷᠡᠬᠡᠢ ᠭᠣᠵᠠᠢᠯᠭᠠᠨᠠ᠃
— ᠵᠥᠪ᠂ ᠵᠥᠪ! ᠭᠡᠵᠦ ᠡᠯᠳᠡᠩᠭᠡ᠂ ᠠᠭᠸᠠᠩ ᠨᠣᠶᠠᠨ ᠤ᠋ ᠰᠠᠨᠠᠭᠠ ᠶ᠋ᠢ ᠠᠶᠠᠯᠳᠠᠨ ᠮᠥᠷᠥ ᠶ᠋ᠢ ᠨᠢ ᠳᠠᠪᠰᠢᠵᠤ ᠬᠥᠬᠥᠷᠡᠪᠡ᠃
ᠥᠭᠡᠰᠢ ᠶ᠋ᠢᠨ ᠴᠢᠨᠣᠠ ᠰᠢᠭ᠋ ᠤᠷᠠᠯᠴᠠᠵᠤ ᠶᠠᠪᠤᠭᠰᠠᠨ ᠳᠣᠯᠭᠢᠨ ᠠᠷᠠᠨᠰᠢᠨ ᠲᠠᠢ ᠤᠷᠠᠳ ᠤ᠋ᠳ ᠤ᠋ᠨ ᠣᠣᠷ ᠲᠡᠦᠬᠡ ᠶ᠋ᠢ ᠠᠭᠸᠠᠩ ᠨᠣᠶᠠᠨ ᠮᠡᠳᠡᠬᠦ ᠦᠭᠡᠢ ᠪᠣᠯᠪᠠᠴᠤ ᠡᠯᠳᠡᠩᠭᠡ ᠶ᠋ᠢᠨ ᠬᠠᠰᠢᠷ ᠤᠬᠠᠭᠠᠨ᠂ ᠵᠣᠳᠪᠠ ᠶ᠋ᠢᠨ ᠤᠷᠠᠨ ᠬᠣᠩᠰᠢᠶᠠᠷ᠂ ᠸᠴᠢᠷᠪᠠᠲᠤ ᠶ᠋ᠢᠨ ᠴᠡᠴᠡᠨ ᠬᠠᠷᠠᠭᠠ ᠶ᠋ᠢ ᠲᠡᠩᠰᠡᠵᠦ ᠮᠡᠳᠡᠭᠰᠡᠨ ᠳ᠋ᠡᠭᠡᠨ ᠳᠣᠲᠣᠷᠠ ᠨᠢ ᠠᠢᠳᠠᠰ ᠬᠦᠷᠴᠦ ᠤᠷᠠᠳ ᠤ᠋ᠳ ᠲᠤ᠌ ᠳᠡᠩᠳᠡᠭᠦᠦ ᠬᠠᠲᠠᠭᠤ ᠬᠠᠬᠢᠷ ᠬᠠᠨᠳᠤᠵᠤ ᠪᠣᠯᠬᠤ ᠦᠭᠡᠢ ᠶᠦᠮ ᠪᠠᠢᠨᠠ ᠭᠡᠵᠦ ᠣᠢᠯᠠᠭᠠᠪᠠ᠃ ᠤᠶᠠᠭᠠᠲᠠᠢ ᠠᠭᠰᠤᠷᠤᠭᠰᠠᠨ ᠨᠣᠬᠠᠢ ᠶ᠋ᠢ ᠳᠠᠩᠴᠤ ᠨᠢᠭᠡ ᠵᠠᠩᠳᠤᠷᠴᠤ ᠵᠠᠨᠴᠢᠭᠠᠳ ᠪᠠᠢᠯᠲᠠᠢ ᠪᠢᠰᠢ! ᠭᠡᠨᠡᠳᠲᠡ ᠤᠶᠠᠭᠠᠨ ᠠ᠋ᠴᠠ ᠠᠯᠳᠠᠷᠠᠪᠠᠯ ᠶᠠᠭᠤ ᠪᠣᠯᠤᠨᠠ ᠭᠡᠳᠡᠭ ᠢ᠋ ᠲᠡᠷᠡ ᠰᠠᠢᠨ ᠮᠡᠳᠡᠵᠦ ᠪᠠᠢᠪᠠ᠃ ᠲᠡᠭᠡᠬᠦ ᠳ᠋ᠡᠭᠡᠨ ᠳᠠᠶᠠᠩ ᠳᠡᠯᠡᠬᠡᠢ ᠶ᠋ᠢᠨ ᠡᠯᠳᠡᠪ ᠶᠠᠰᠤᠲᠠᠨ ᠴᠥᠮ ᠪᠥᠷᠲᠡ ᠴᠢᠨᠣᠠ ᠶ᠋ᠢᠨ ᠲᠣᠭᠰᠢᠨ ᠴᠢᠰᠤ ᠭᠦᠶᠦᠭᠰᠡᠨ ᠴᠢᠩᠭᠢᠰ ᠦ᠋ᠨ ᠤᠳᠤᠮᠲᠤ ᠮᠣᠩᠭᠣᠯᠴᠤᠳ ᠠ᠋ᠴᠠ ᠰᠦᠷᠳᠡᠬᠦ ᠳ᠋ᠡᠭᠡᠨ ᠪᠢᠰᠢᠷᠡᠵᠦ ᠰᠢᠲᠦᠳᠡᠭ ᠨᠢ ᠴᠠᠭᠠᠨᠠ ᠪᠠᠨ ᠤᠬᠠᠭᠠᠨ ᠲᠠᠢ ᠪᠠᠢᠵᠢ ᠳᠠ᠃ ᠡᠭᠦᠨ ᠦ᠌ ᠳᠣᠲᠣᠷᠠ ᠠᠭᠸᠠᠩ ᠴᠤ᠌ ᠪᠠᠭᠲᠠᠨᠠ᠃ ᠲᠡᠢᠨ ᠬᠦ᠌ ᠠᠭᠸᠠᠩ ᠪᠠᠷᠠᠭᠤᠨ ᠬᠦᠩ ᠦ᠋ᠨ ᠬᠢᠨ ᠳ᠋ᠦ᠍ ᠬᠠᠶᠠ ᠨᠢᠭᠡ ᠬᠠᠯᠠᠮᠵᠢ ᠳᠠᠪᠤᠰᠤᠯᠠᠭᠰᠠᠨ ᠬᠠᠰᠢᠷ ᠤᠬᠠᠭᠠᠨ ᠵᠠᠷᠤᠬᠤ ᠦᠭᠡᠢ ᠪᠣᠯᠬᠤ ᠦᠭᠡᠢ ᠭᠡᠳᠡᠭ ᠢ᠋ ᠰᠡᠷᠡᠵᠦ ᠮᠡᠳᠡᠪᠡ᠃ ᠲᠡᠭᠡᠭᠡᠳ ᠠᠭᠸᠠᠩ ᠨᠣᠶᠠᠨ ᠭᠡᠨᠡᠳᠲᠡ ᠬᠠᠳᠠᠭᠠᠨᠠᠨ ᠢᠨᠢᠶᠡᠵᠦ᠄
— ᠲᠠᠨ ᠤ᠋ ᠬᠢᠨ ᠨᠤᠲᠤᠭ ᠢ᠋ᠶ᠋ᠠᠨ ᠠᠮᠤᠷ ᠵᠢᠮᠦᠷ ᠪᠠᠢᠯᠭᠠᠶᠠ ᠭᠡᠪᠡᠯ ᠬᠠᠷᠰᠢ ᠡᠲᠡᠭᠡᠳ ᠢ᠋ᠶ᠋ᠡᠨ ᠲᠣᠨᠢᠯᠭᠠᠬᠤ ᠬᠡᠷᠡᠭᠲᠡᠢ᠃ ᠬᠠᠭᠤᠴᠢᠨ ᠵᠠᠰᠠᠭ ᠤ᠋ᠨ ᠪᠠᠷᠠᠭᠤᠨ ᠲᠤᠰᠠᠯᠠᠭᠴᠢ ᠮᠢᠩᠭᠠᠨᠪᠤᠤ ᠵᠡᠷᠭᠡ ᠬᠥᠮᠦᠰ ᠢ᠋ ᠲᠠᠩᠨᠠᠢ ᠳ᠋ᠤᠨᠢ ᠴᠢᠰᠤ ᠠᠮᠲᠠᠯᠠᠭᠤᠯᠵᠤ ᠬᠠᠰᠢᠷᠠᠭᠠᠬᠤ ᠴᠠᠭ ᠪᠣᠯᠵᠠᠢ ᠭᠡᠳ ᠸᠴᠢᠷᠪᠠᠲᠤ ᠶ᠋ᠢᠨ ᠭᠠᠷ ᠠ᠋ᠴᠠ ᠴᠢᠰᠤ ᠳᠤᠰᠤᠯᠠᠭᠰᠠᠨ ᠬᠣᠶᠠᠷ ᠪᠣᠯᠵᠣᠮᠣᠷ ᠢ᠋ ᠠᠪᠴᠤ ᠡᠯᠳᠡᠩᠭᠡ ᠨᠠᠷ ᠤ᠋ᠨ ᠡᠮᠦᠨᠡ ᠦᠵᠡᠭᠦᠯᠦᠭᠡᠳ《ᠰᠢᠷᠠ ᠴᠡᠷᠢᠭ ᠦ᠋ᠨ ᠰᠦᠷ ᠬᠦᠴᠦᠨ ᠳ᠋ᠦ᠍ ᠬᠥᠮᠦᠨ ᠪᠦᠬᠦᠨ ᠡᠪᠦᠳᠦᠭ ᠨᠤᠭᠤᠷᠠᠵᠤ ᠥᠷᠥᠰᠢᠶᠡᠯ ᠭᠤᠶᠤᠬᠤ ᠬᠡᠷᠡᠭᠲᠡᠢ᠃ ᠡᠰᠡ ᠲᠡᠢᠮᠦ ᠪᠣᠯ ᠬᠣᠢᠲᠤ ᠮᠥᠷ ᠨᠢ ᠡᠨᠡ ᠥᠴᠦᠬᠡᠨ ᠪᠣᠯᠵᠣᠮᠣᠷ》 ᠭᠡᠳ ᠲᠣᠯᠣᠭᠠᠢ ᠦᠭᠡᠢ ᠲᠡᠷᠡ ᠬᠣᠶᠠᠷ ᠪᠣᠯᠵᠣᠮᠣᠷ ᠢ᠋ ᠬᠣᠯᠠ ᠭᠡᠭᠴᠢ ᠰᠢᠳᠡᠪᠡ᠃
ᠠᠭᠸᠠᠩ ᠤ᠋ᠨ ᠡᠢᠨ ᠬᠦ᠌ ᠬᠠᠳᠠᠭᠠᠨᠠᠨ ᠢᠨᠢᠶᠡᠬᠦ ᠳ᠋ᠦ᠍ᠨᠢ ᠡᠯᠳᠡᠩᠭᠡ ᠶ᠋ᠢᠨ ᠶᠠᠰᠤᠨ ᠠ᠋ᠴᠠ ᠨᠢ ᠬᠦᠢᠲᠡᠨ ᠬᠥᠯᠥᠰᠥ ᠴᠢᠬᠠᠷᠠᠬᠤ ᠰᠢᠭ᠋ ᠪᠣᠯᠤᠨ ᠵᠢᠭᠡᠬᠦᠰᠴᠤ᠂ ᠢᠨᠢᠶᠡᠳᠦ ᠠᠰᠬᠠᠭᠰᠠᠨ ᠬᠠᠬᠢᠷ ᠦᠭᠡ ᠨᠢ ᠲᠡᠭᠦᠨ ᠢ᠋ ᠣᠯᠠᠨ ᠶᠠᠭᠤᠮᠠ ᠪᠤᠳᠤᠭᠤᠯᠵᠤ《ᠡᠨᠡ ᠭᠠᠢᠬᠠᠯ ᠤ᠋ᠳ ᠰᠠᠨᠠᠭᠠ ᠬᠠᠲᠠᠭᠤ᠂ ᠠᠯᠠᠨᠠ᠂ ᠬᠢᠬᠠᠨᠠ ᠭᠡᠳᠡᠭ ᠰᠦᠨᠡᠰᠦ ᠪᠡᠷ ᠪᠠᠮᠪᠠᠢᠯᠠᠵᠤ᠂ ᠪᠢᠳᠡᠨ ᠢ᠋ ᠠᠷᠠᠭᠠᠨ ᠳ᠋ᠠᠭᠠᠨ ᠣᠷᠣᠭᠤᠯᠤᠭᠠᠳ ᠵᠣᠷᠢᠯᠭᠠ ᠳ᠋ᠠᠭᠠᠨ ᠬᠦᠷᠬᠦ ᠭᠡᠰᠡᠨ ᠳᠠᠮᠰᠢᠭ ᠤ᠋ᠳ᠁》 ᠭᠡᠬᠦ ᠡᠴᠡ ᠥᠳᠬᠡᠨ ᠬᠠᠷᠠ ᠬᠥᠮᠥᠰᠬᠡ ᠨᠢ ᠠᠪᠤᠷᠭᠤ ᠬᠠᠷᠠ ᠮᠣᠭᠠᠢ ᠮᠤᠰᠬᠢᠷᠠᠯᠳᠤᠭᠰᠠᠨ ᠰᠢᠭ᠋ ᠵᠠᠩᠭᠢᠷᠠᠨᠠ᠃ ᠲᠤᠬᠠᠢ ᠶ᠋ᠢᠨ ᠦᠶᠡ ᠳ᠋ᠦ᠍ ᠪᠠᠷᠠᠭᠤᠨ ᠬᠦᠩ ᠦ᠋ᠨ ᠬᠣᠰᠢᠭᠤ ᠨᠤᠲᠤᠭ ᠤ᠋ᠨ ᠪᠠᠢᠳᠠᠯ ᠡᠯᠳᠡᠩᠭᠡ ᠳ᠋ᠦ᠍ ᠲᠤᠢᠯ ᠤ᠋ᠨ ᠠᠰᠢᠭ ᠮᠠᠭᠤᠲᠠᠢ᠃ ᠪᠠᠷᠠᠭᠤᠨ ᠲᠠᠯᠠ ᠠ᠋ᠴᠠ ᠨᠢ ᠬᠠᠷᠠ ᠴᠡᠷᠢᠭ ᠥᠩᠭᠡᠯᠵᠡᠵᠦ ᠭᠠᠵᠠᠷ ᠨᠤᠲᠤᠭ ᠬᠢᠮᠤᠰᠤᠯᠠᠨᠠ᠃ ᠵᠡᠭᠦᠨ ᠲᠠᠯᠠ ᠠ᠋ᠴᠠ ᠨᠢ ᠰᠢᠷᠠ ᠴᠡᠷᠢᠭ ᠳᠣᠪᠲᠣᠯᠵᠤ ᠬᠥᠮᠦᠨ ᠠᠮᠢᠲᠠᠨ ᠢ᠋ ᠦᠢᠮᠡᠭᠦᠯᠦᠨᠡ᠃ ᠪᠠᠷᠠᠭᠤᠨ ᠬᠦᠩ ᠦ᠋ᠨ ᠬᠢᠨ ᠳᠣᠲᠣᠷᠠ ᠵᠠᠭᠤᠷᠠ ᠪᠠᠨ ᠡᠷᠬᠡ ᠠᠰᠢᠭ ᠪᠤᠯᠢᠶᠠᠯᠳᠤᠵᠤ ᠠᠯᠠᠯᠳᠤᠵᠤ ᠱᠤᠯᠤᠯᠳᠤᠨᠠ᠃ ᠬᠣᠭᠣᠷᠣᠨᠳᠣᠭᠤᠷ ᠨᠢ ᠲᠣᠨᠣᠭᠠ ᠳᠡᠭᠡᠷᠡᠮ ᠪᠣᠰᠴᠤ ᠮᠠᠯᠴᠢᠨ ᠠᠷᠠᠳ ᠢ᠋ ᠲᠣᠨᠣᠵᠤ ᠳᠡᠭᠡᠷᠡᠮᠳᠡᠨᠡ᠃ ᠡᠵᠡᠨ ᠦᠭᠡᠢ ᠰᠦᠷᠦᠭ ᠰᠢᠭ ᠵᠠᠭᠤᠨ ᠵᠠᠳᠠᠭᠠᠢ ᠪᠣᠯᠤᠭᠰᠠᠨ ᠪᠠᠷᠠᠭᠤᠨ ᠬᠦᠩ ᠦ᠋ᠨ ᠵᠢᠯᠣᠭᠣ ᠶ᠋ᠢ ᠬᠤᠮᠢᠬᠤ ᠭᠡᠭᠴᠢ ᠲᠡᠢᠮᠦ ᠬᠢᠯᠪᠠᠷ ᠶᠠᠪᠤᠳᠠᠯ ᠪᠢᠰᠢ! ᠡᠢᠨ ᠬᠦ᠌ ᠭᠤᠷᠪᠠᠨ《ᠬᠠᠪᠴᠢᠯ》 ᠤ᠋ᠨ ᠳᠤᠮᠳᠠ ᠵᠣᠭᠰᠣᠭᠰᠠᠨ ᠡᠯᠳᠡᠩᠭᠡ ᠨᠢᠳᠦᠨ ᠡᠮᠦᠨᠡᠬᠢ ᠬᠤᠪᠢ ᠶ᠋ᠢᠨ ᠠᠰᠢᠭ ᠲᠤᠰᠠ ᠳ᠋ᠤᠨᠢ ᠬᠠᠷᠠᠬᠠᠨ ᠶᠠᠪᠠᠭᠠᠷᠠᠵᠤ ᠬᠣᠴᠣᠷᠤᠨᠠ ᠭᠡᠳᠡᠭ ᠨᠢ ᠲᠣᠳᠣᠷᠬᠠᠢ ᠪᠠᠢᠯᠠ᠃ ᠡᠯᠳᠡᠩᠭᠡ ᠰᠡᠳᠬᠢᠯ ᠦ᠋ᠨ ᠪᠤᠬᠢᠨᠢᠳᠤᠯ ᠢ᠋ᠶ᠋ᠠᠨ ᠳᠠᠷᠤᠵᠤ ᠠᠭᠸᠠᠩ ᠨᠣᠶᠠᠨ ᠤ᠋ ᠠᠮᠠᠨ ᠵᠠᠪᠠᠵᠢ ᠶ᠋ᠢ ᠳᠠᠭᠠᠬᠤ ᠦᠭᠡᠢ ᠭᠣᠷᠢ ᠦᠭᠡᠢ ᠪᠣᠯᠬᠣᠷ ᠵᠠᠩᠭᠢᠷᠠᠭᠰᠠᠨ ᠬᠥᠮᠥᠰᠬᠡ ᠶ᠋ᠢᠨ ᠣᠨᠢᠰᠣ ᠨᠢ ᠲᠠᠢᠯᠤᠭᠳᠠᠭᠠᠳ ᠬᠠᠷᠠ ᠪᠣᠷᠣ ᠥᠷᠭᠡᠨ ᠴᠢᠷᠠᠢ ᠳ᠋ᠤᠨᠢ ᠪᠤᠳᠠᠩ ᠲᠠᠢ ᠨᠠᠷᠠ ᠳᠤᠯᠠᠢᠵᠤ᠄
— ᠠᠭᠸᠠᠩ ᠨᠣᠶᠠᠨ ᠤ᠋ ᠬᠡᠯᠡᠬᠦ ᠵᠥᠪ! ᠭᠡᠵᠦ ᠳᠤᠷᠠᠮᠵᠢᠬᠠᠨ ᠠᠶᠠᠯᠳᠠᠵᠠᠢ᠃
ᠡᠷᠬᠡ ᠰᠦᠷᠳᠡᠨ᠂ ᠵᠢᠩᠰᠡ ᠶᠠᠮᠪᠠᠲᠠᠳ ᠤ᠋ᠨ ᠴᠢᠷᠠᠢ ᠶ᠋ᠢᠨ ᠥᠩᠭᠡ ᠶ᠋ᠢ ᠰᠢᠨᠵᠢᠵᠦ᠂ ᠦᠭᠡ ᠶ᠋ᠢ ᠭᠠᠵᠠᠷ ᠤᠨᠠᠭᠠᠬᠤ ᠦᠭᠡᠢ ᠲᠣᠰᠴᠤ ᠬᠠᠲᠠᠭᠤ ᠳ᠋ᠤᠨᠢ ᠰᠢᠭᠠᠨᠴᠠᠭ ᠰᠢᠭᠠᠵᠤ᠂ ᠡᠶᠡᠷᠡᠭᠦᠨ ᠳ᠋ᠦ᠍ᠨᠢ ᠲᠣᠰᠣ ᠳᠦᠷᠭᠢᠨ ᠭᠤᠯᠭᠤᠭᠤᠯᠵᠤ ᠴᠢᠳᠠᠳᠠᠭ ᠬᠥᠮᠦᠨ ᠦ᠌ ᠨᠢᠭᠡ ᠵᠣᠳᠪᠠ᠂ ᠠᠭᠸᠠᠩ ᠨᠣᠶᠠᠨ ᠡᠯᠳᠡᠩᠭᠡ ᠬᠣᠶᠠᠷ ᠤ᠋ᠨ ᠴᠢᠷᠠᠢ ᠶ᠋ᠢᠨ ᠥᠩᠭᠡ ᠶ᠋ᠢ ᠡᠭᠡᠯᠵᠢᠯᠡᠨ ᠬᠠᠷᠠᠵᠤ᠄
— ᠠᠭᠸᠠᠩ ᠨᠣᠶᠠᠨ ᠤ᠋ ᠦᠭᠡ ᠴᠠᠭᠠᠨᠠ ᠪᠠᠨ ᠨᠢᠭᠡ ᠤᠬᠠᠭᠠᠨ ᠲᠠᠢ᠃ ᠰᠢᠷᠠ ᠴᠡᠷᠢᠭ ᠦ᠋ᠨ ᠰᠦᠷ ᠬᠦᠴᠦᠨ ᠳ᠋ᠦ᠍ ᠮᠢᠩᠭᠠᠨᠪᠤᠤ᠂ ᠪᠠᠭᠠ ᠬᠠᠲᠤᠨ ᠮᠡᠲᠦ ᠶ᠋ᠢᠨ ᠲᠡᠷᠰᠯᠡᠭᠦᠦ ᠡᠲᠡᠭᠡᠳ ᠶᠠᠭᠤ ᠪᠣᠯᠳᠠᠭ ᠴᠢᠷᠠᠢ᠃ ᠡᠭᠡᠭᠡ ᠯᠡ ᠥᠨᠥᠬᠢ ᠥᠳᠥ ᠨᠢ ᠪᠤᠲᠠᠷᠠᠨ ᠦᠬᠦᠭᠰᠡᠨ ᠪᠣᠯᠵᠣᠮᠣᠷ ᠰᠢᠭ᠋ ᠥᠴᠦᠬᠡᠨ ᠶᠠᠭᠤᠮᠠ ᠳᠠ! ᠨᠢᠭᠡ ᠦᠬᠡᠷ ᠦ᠋ᠨ ᠡᠪᠡᠷ ᠢ᠋ ᠴᠣᠬᠢᠬᠤ ᠳ᠋ᠤ᠌ ᠮᠢᠩᠭᠠᠨ ᠦᠬᠡᠷ ᠦ᠋ᠨ ᠡᠪᠡᠷ ᠱᠠᠷᠬᠢᠷᠠᠨᠠ ᠭᠡᠳᠡᠭ ᠢ᠋ᠶ᠋ᠡᠷ ᠰᠢᠷᠠᠪᠳᠣᠷᠵᠢ᠂ ᠪᠠᠭᠠ ᠬᠠᠲᠤᠨ ᠤ᠋ ᠬᠤᠷᠤᠭᠤ ᠬᠢᠮᠤᠰᠤ ᠪᠣᠯᠤᠭᠰᠠᠨ ᠥᠴᠦᠬᠡᠨ ᠠᠮᠢᠲᠠᠳ ᠢ᠋ ᠲᠣᠨᠢᠯᠭᠠᠵᠤ᠂ ᠪᠠᠷᠠᠭᠤᠨ ᠬᠣᠰᠢᠭᠤ ᠳᠠᠶᠠᠭᠠᠷ ᠲᠤ ᠵᠠᠯᠬᠠᠭᠠᠯ ᠦᠵᠡᠭᠦᠯᠬᠦ ᠨᠢ ᠵᠥᠪ ᠭᠡᠳ ᠬᠠᠭ ᠬᠠᠭ ᠭᠡᠰᠡᠨ ᠪᠢᠯᠳᠠᠤᠴᠢ ᠢᠨᠢᠶᠡᠳᠦ ᠪᠡᠷ ᠢᠨᠢᠶᠡᠨᠡ᠃
ᠠᠭᠸᠠᠩ ᠨᠣᠶᠠᠨ ᠤ᠋ ᠬᠥᠨᠳᠡᠯᠡᠨ ᠰᠢᠷᠬᠡᠭ ᠲᠡᠢ ᠬᠥᠬᠡ ᠴᠢᠷᠠᠢ ᠳ᠋ᠤ᠌ ᠵᠠᠯᠢᠷᠬᠠᠭ ᠢᠨᠢᠶᠡᠳᠦ ᠲᠣᠳᠣᠷᠠᠨ᠄
- ᠬᠡᠩ! ᠲᠠ ᠨᠠᠷ ᠮᠡᠳᠡᠷᠡᠬᠦ ᠬᠡᠷᠡᠭᠲᠡᠢ᠂ ᠤᠯᠤᠰ ᠲᠥᠷᠥ ᠭᠡᠭᠴᠢ ᠶᠠᠭᠤ ᠪᠣᠢ? ᠠ⁈ ᠭᠡᠵᠦ ᠬᠠᠵᠠᠭᠤ ᠬᠠᠪᠢᠷᠭᠠ ᠶ᠋ᠢᠨ ᠬᠥᠮᠦᠰ ᠦ᠋ᠨ ᠴᠢᠷᠠᠢ ᠶ᠋ᠢ ᠡᠭᠡᠯᠵᠢᠯᠡᠨ ᠰᠢᠷᠲᠡᠵᠦ ᠡᠨᠡ ᠬᠠᠲᠠᠭᠤ ᠠᠰᠠᠭᠤᠯᠲᠠ ᠳ᠋ᠤ᠌ ᠬᠡᠨ ᠵᠥᠪ ᠬᠠᠷᠢᠭᠤᠯᠲᠠ ᠥᠭᠭᠦ ᠶ᠋ᠢ ᠦᠵᠡᠶᠡ ᠭᠡᠰᠡᠨ ᠮᠡᠲᠦ ᠪᠠᠢᠪᠠ᠃
ᠬᠡᠨ ᠴᠦ᠍ ᠬᠠᠷᠢᠭᠤᠯᠲᠠ ᠦᠭᠭᠦᠭᠰᠡᠨ ᠦᠭᠡᠢ᠃《 ᠴᠢᠨᠦ ᠪᠣᠳᠣᠬᠤ ᠪᠠᠷ ᠴᠣᠬᠣᠮ ᠶᠠᠭᠤ ᠪᠣᠢ?》 ᠭᠡᠰᠡᠨ ᠰᠢᠦᠬᠡᠨ ᠪᠦᠭᠦᠳᠡᠭᠡᠷ ᠢ᠋ᠶ᠋ᠡᠨ ᠠᠭᠸᠠᠩ ᠤ᠋ᠨ ᠠᠮᠠ ᠶ᠋ᠢ ᠬᠠᠷᠠᠨᠠ᠃
— ᠤᠯᠤᠰ ᠲᠥᠷᠥ ᠭᠡᠳᠡᠭ ᠪᠣᠯ ᠴᠢ ᠮᠥᠭᠥ᠂ ᠪᠢ ᠮᠠᠨᠳᠤᠨᠠ᠃ ᠴᠢ ᠦᠬᠦ᠂ ᠪᠢ ᠰᠡᠬᠡᠨᠡ᠁ ᠨᠢᠭᠡ ᠯᠡ ᠦᠭᠡ ᠪᠡᠷ ᠲᠣᠪᠴᠢᠯᠠᠪᠠᠯ ᠦᠬᠦᠵᠦ ᠰᠡᠬᠡᠬᠦ ᠶ᠋ᠢᠨ ᠲᠡᠮᠡᠴᠡᠯ ᠮᠥᠨ! ᠬᠡᠯᠡᠬᠦ ᠳ᠋ᠦ᠍ ᠡᠶ᠋ᠢᠮᠦ ᠯᠡ ᠬᠢᠯᠪᠠᠷᠬᠠᠨ᠂ ᠬᠢᠬᠦ ᠳ᠋ᠦ᠍ ᠬᠠᠷᠢᠨ ᠬᠡᠴᠡᠭᠦᠲᠡᠢ ᠰᠢᠦ᠁ ᠭᠡᠵᠦ ᠠᠭᠸᠠᠩ ᠨᠣᠶᠠᠨ ᠣᠨᠣᠯᠵᠢᠭᠤᠨ ᠶᠠᠭᠤᠮᠠ ᠶᠠᠷᠢᠵᠤ ᠬᠠᠵᠠᠭᠤᠳᠠᠬᠢ ᠨᠤᠭᠤᠳ ᠶ᠋ᠢᠠᠨ ᠤᠬᠤᠨᠠᠳᠠᠵᠤ ᠭᠠᠷᠪᠠ᠃
ᠰᠢᠷᠠ ᠴᠡᠷᠢᠭ ᠦ᠋ᠨ ᠠᠭᠸᠠᠩ ᠨᠣᠶᠠᠨ ᠤ ᠶᠠᠷᠢᠬᠰᠠᠨ ᠊ᠢ《ᠵᠥᠪ᠂ ᠵᠥᠪ》 ᠭᠡᠵᠦ ᠲᠣᠯᠣᠭᠠᠢ ᠳᠣᠬᠢᠵᠤ ᠠᠶᠠᠯᠳᠠᠭᠰᠠᠨ ᠡᠯᠳᠡᠩᠭᠡ ᠲᠤᠰᠠᠯᠠᠭᠴᠢ᠄
— ᠡᠩ᠂ ᠡᠩ᠁ ᠲᠠᠭᠠᠷᠠᠵᠤ ᠪᠠᠶ᠋ᠢᠨᠠ᠃ ᠠᠭᠸᠠᠩ ᠨᠣᠶᠠᠨ ᠤ ᠬᠡᠯᠡᠵᠦ ᠪᠠᠶ᠋ᠢᠬᠤ ᠲᠠᠭᠠᠷᠠᠵᠤ ᠪᠠᠶ᠋ᠢᠨᠠ᠃ ᠲᠡᠭᠡᠬᠦ ᠳ᠋ᠦ᠍ ᠪᠢᠳᠡ ᠬᠠᠮᠤᠭ ᠦ᠋ᠨ ᠲᠦᠷᠦᠭᠦᠨ ᠳ᠋ᠤᠨᠢ ᠪᠠᠷᠠᠭᠤᠨ ᠭᠦᠩ ᠦ᠋ᠨ ᠬᠣᠰᠢᠭᠤ ᠵᠠᠰᠠᠭ ᠲᠠᠮᠠᠭᠠ ᠪᠠᠨ ᠬᠣᠰᠢᠭᠤ ᠶᠠᠮᠤᠨ ᠳ᠋ᠠᠭᠠᠨ ᠵᠠᠯᠠᠬᠤ ᠠᠰᠠᠭᠤᠳᠠᠯ ᠳᠠᠷᠠᠭᠠᠯᠠᠪᠠᠯ ᠵᠠᠰᠠᠭ ᠲᠠᠮᠠᠭᠠ ᠪᠠᠷᠢᠬᠤ ᠭᠦᠩ ᠨᠣᠶᠠᠨ ᠶ᠋ᠢᠠᠨ ᠰᠠᠭᠤᠷᠢᠨ ᠳ᠋ᠦ᠍ ᠵᠠᠯᠠᠬᠤ ᠠᠰᠠᠭᠤᠳᠠᠯ᠂ ᠳᠠᠬᠢᠪᠠᠯ ᠮᠢᠩᠭᠠᠨᠪᠤᠤ ᠱᠠᠭᠳᠠᠷ ᠨᠠᠷ ᠊ᠢ ᠦᠳᠲᠡᠷ ᠴᠠᠭᠠᠵᠠᠯᠠᠬᠤ ᠬᠡᠷᠡᠭᠲᠡᠢ ᠪᠠᠶ᠋ᠢᠨᠠ ᠭᠡᠰᠡᠨ ᠳ᠋ᠦ᠍ ᠳᠡᠷᠭᠡᠳᠡᠬᠢ ᠲᠦᠰᠢᠮᠡᠳ ᠨᠣᠶᠠᠳ ᠰᠠᠨᠠᠯ ᠨᠢᠭᠡᠲᠡᠢ ᠵᠥᠪᠰᠢᠶᠡᠷᠡᠵᠡᠢ᠃
ᠡᠨᠡ ᠦᠶᠡ ᠳ᠋ᠦ᠍ ᠬᠡᠯᠡᠮᠦᠷᠴᠢ ᠥᠯᠵᠡᠶ᠋ᠢᠰᠠᠩ ᠠᠭᠸᠠᠩ ᠦ᠋ᠨ ᠴᠢᠬᠢᠨ ᠳ᠋ᠦ᠍ ᠨᠢᠭᠡ ᠶᠠᠭᠤᠮᠠ ᠰᠢᠪᠡᠨᠡᠭᠰᠡᠨ ᠳ᠋ᠦ᠍ ᠲᠡᠷᠡ《ᠮᠥᠨ᠂ ᠮᠥᠨ》 ᠭᠡᠵᠦ ᠲᠣᠯᠣᠭᠠᠢ ᠳᠣᠬᠢᠨᠠ᠃
— ᠮᠢᠩᠭᠠᠨᠪᠤᠤ᠂ ᠱᠠᠭᠳᠠᠷ᠂ ᠭᠣᠩᠴᠣᠭᠪᠠᠽᠠᠷ ᠨᠠᠷ ᠊ᠢ ᠴᠢᠩᠭᠠ ᠴᠠᠭᠠᠵᠠᠯᠠᠬᠤ ᠦᠭᠡᠢ ᠪᠣᠯ ᠪᠣᠯᠬᠤ ᠦᠭᠡᠢ᠃ ᠡᠰᠡ ᠲᠡᠶ᠋ᠢᠮᠦ ᠪᠣᠯ ᠡᠳᠡᠨᠦᠰ ᠡᠴᠡ ᠯᠡ ᠭᠠᠢ ᠡᠭᠦᠰᠴᠦ ᠭᠠᠮᠰᠢᠭ ᠲᠠᠷᠢᠨᠠ ᠰᠢᠦ! ᠭᠡᠰᠡᠨ ᠳ᠋ᠦ᠍ ᠡᠯᠳᠡᠩᠭᠡ ᠲᠤᠰᠠᠯᠠᠭᠴᠢ᠄
— ᠵᠠ᠂ ᠵᠠ! ᠮᠡᠳᠡᠯᠡ᠁ ᠭᠡᠬᠦ ᠳ᠋ᠦ᠍ ᠴᠢᠩ ᠦ᠋ᠨ ᠲᠥᠷᠥ ᠡᠴᠡ ᠤᠷᠠᠳ ᠦ᠋ᠨ ᠪᠠᠷᠠᠭᠤᠨ ᠭᠦᠩ ᠦ᠋ᠨ ᠬᠢᠨ ᠳ᠋ᠦ᠍ ᠶᠠᠯᠠᠲᠠᠨ ᠊ᠢ ᠠᠯᠠᠬᠤ ᠣᠨᠴᠠᠭᠠᠢ ᠡᠷᠬᠡ ᠥᠭᠭᠦᠭᠰᠡᠨ ᠦᠭᠡᠢ ᠶᠤᠮ ᠰᠢᠦ! ᠭᠡᠪᠡᠯ
— ᠠᠯᠠᠴᠢᠬᠠᠬᠤ ᠳ᠋ᠦ᠍ ᠶᠠᠭᠠᠬᠢᠳᠠᠭ ᠶᠤᠮ? ᠶᠠᠯᠠᠲᠠᠨ ᠊ᠢ ᠠᠯᠠᠬᠤ ᠣᠨᠴᠠᠭᠠᠢ ᠡᠷᠬᠡ ᠶ᠋ᠢ ᠰᠢᠷᠠ ᠴᠡᠷᠢᠭ ᠡᠴᠡ ᠡᠵᠡᠨ ᠮᠡᠳᠡᠵᠦ ᠴᠢᠳᠠᠨᠠ᠃ ᠠᠯᠠᠳᠠᠭ ᠊ᠢ ᠨᠢ ᠠᠯᠠᠵᠤ᠂ ᠵᠠᠯᠬᠠᠭᠠᠳᠠᠭ ᠊ᠢ ᠨᠢ ᠵᠠᠯᠬᠠᠭᠠᠬᠤ ᠦᠭᠡᠢ ᠶᠤᠮ ᠪᠣᠯ ᠶᠠᠭᠠᠬᠢᠵᠤ ᠵᠠᠰᠠᠭ ᠪᠠᠷᠢᠬᠤ ᠶᠤᠮ⁈ ᠭᠡᠵᠦ ᠠᠭᠸᠠᠩ ᠨᠣᠶᠠᠨ ᠭᠡᠨᠡᠳᠲᠡ ᠠᠭᠤᠷ ᠨᠢ ᠬᠦᠷᠴᠦ ᠳᠡᠭᠡᠷᠡ ᠳᠠᠭᠤᠨ ᠶ᠋ᠢᠠᠷ ᠠᠭᠰᠤᠷᠤᠭᠰᠠᠨ ᠳ᠋ᠦ᠍ ᠬᠠᠵᠠᠭᠤ ᠳ᠋ᠤᠨᠢ ᠰᠡᠭᠦᠯ ᠰᠢᠭ᠌ ᠪᠢᠯᠳᠠᠭᠠᠨᠠᠵᠤ᠂ ᠰᠡᠭᠦᠳᠡᠷ ᠰᠢᠭ᠌ ᠰᠡᠭᠦᠳᠡᠭᠡᠨᠡᠭᠰᠡᠨ ᠥᠯᠵᠡᠶ᠋ᠢᠰᠠᠩ᠄
— ᠲᠡᠶ᠋ᠢᠮᠦ ᠰᠢᠦ! ᠮᠢᠩᠭᠠᠨᠪᠤᠤ ᠲᠦᠷᠦᠭᠦᠦ ᠲᠡᠢ ᠶᠠᠯᠠᠲᠠᠨ ᠊ᠢ ᠢᠩᠭᠢᠬᠦ ᠳ᠋ᠡᠭᠡᠨ ᠲᠠᠭᠠᠷᠠᠨᠠ ᠭᠡᠵᠦ ᠦᠭᠡ ᠬᠠᠪᠴᠢᠭᠤᠯᠤᠭᠰᠠᠨ ᠳ᠋ᠦ᠍ ᠸᠴᠢᠷᠪᠠᠲᠤ ᠲᠤᠸᠨᠨᠵᠠᠩ ᠲᠡᠭᠦᠨ ᠊ᠢ ᠬᠦᠯᠢᠢᠵᠦ《ᠴᠢ ᠮᠠᠭᠤ ᠶᠠᠭᠤᠮᠠ ᠬᠥᠨᠳᠡᠯᠡᠨ ᠶ᠋ᠢᠡᠨ ᠲᠠᠰᠤ ᠬᠠᠪᠴᠢᠵᠤ ᠪᠠᠢ᠃ ᠡᠨᠳᠡ ᠴᠢᠨᠦ ᠤᠩᠭᠤᠰᠤ ᠠᠯᠳᠠᠬᠤ ᠵᠠᠢ ᠦᠭᠡᠢ!》 ᠭᠡᠰᠡᠨ ᠊ᠢ ᠥᠯᠵᠡᠶ᠋ᠢᠰᠠᠩ ᠠᠵᠢᠬᠯᠠᠵᠤ ᠮᠡᠳᠡᠭᠡᠳ ᠳᠠᠬᠢᠵᠤ ᠳᠤᠤᠭᠠᠷᠤᠭᠰᠠᠨ ᠦᠭᠡᠢ᠃
ᠪᠠᠷᠠᠭᠤᠨ ᠭᠦᠩ ᠦ᠋ᠨ ᠬᠢᠨ ᠳᠣᠲᠣᠷᠠ ᠪᠠᠨ ᠡᠪᠳᠡᠷᠡᠯᠴᠡᠵᠦ᠂ ᠤᠷᠠᠳ ᠶᠠᠰᠤᠲᠠᠨ ᠬᠣᠭᠣᠷᠣᠨᠳᠣ ᠪᠠᠨ ᠨᠢᠭᠡ ᠨᠢᠭᠡᠨ ᠶ᠋ᠢᠡᠨ ᠬᠠᠷᠠᠳᠠᠵᠤ ᠬᠣᠣᠷᠯᠠᠬᠤ ᠨᠢ ᠪᠤᠬᠤᠷ ᠶ᠋ᠢᠠᠨ ᠱᠠᠭᠠᠶ᠋ᠢᠬᠰᠠᠨ ᠪᠤᠷᠤᠭᠤ ᠠᠵᠢᠯᠯᠠᠭᠠ ᠭᠡᠭᠴᠢ ᠶ᠋ᠢ ᠰᠤᠷᠭᠠᠮᠵᠢᠯᠠᠵᠤ ᠤᠬᠠᠮᠰᠠᠷᠠᠭᠰᠠᠨ ᠡᠯᠳᠡᠩᠭᠡ ᠲᠤᠰᠠᠯᠠᠭᠴᠢ ᠠᠭᠸᠠᠩ ᠨᠣᠶᠠᠨ ᠤ ᠬᠡᠯᠡᠭᠰᠡᠨ ᠊ᠢ ᠲᠣᠯᠣᠭᠠᠢ ᠳᠣᠬᠢᠨ ᠵᠥᠪᠰᠢᠶᠡᠷᠡᠬᠦ ᠪᠣᠯᠪᠠᠴᠤ ᠲᠡᠷᠡ ᠶᠠᠭᠠᠬᠢᠵᠤ ᠬᠢᠬᠦ ᠲᠤᠬᠠᠢ ᠳᠣᠲᠣᠷᠠ ᠪᠠᠨ ᠪᠣᠳᠣᠯ ᠲᠠᠢ ᠪᠣᠯᠬᠣᠷ ᠦᠭᠡᠨ ᠦ ᠦᠵᠦᠭᠦᠷ ᠰᠢᠯᠵᠢᠭᠦᠯᠵᠦ᠄
— ᠵᠣᠳᠪᠠ ᠸᠴᠢᠷᠪᠠᠲᠤ ᠲᠠ ᠬᠣᠶᠠᠷ ᠬᠡᠰᠡᠭ ᠴᠡᠷᠢᠭ ᠠᠪᠴᠤ ᠳᠠᠷᠭᠢᠶᠠ ᠶ᠋ᠢᠨ ᠠᠮᠠᠨ ᠳ᠋ᠠᠬᠢ ᠰᠤᠪᠤᠷᠭᠠ ᠶ᠋ᠢᠨ ᠰᠦᠮᠡ ᠳ᠋ᠦ᠍ ᠣᠴᠢ! ᠰᠤᠪᠤᠷᠭᠠ ᠶ᠋ᠢᠨ ᠰᠦᠮᠡ ᠳᠡᠭᠡᠷᠡ ᠪᠠᠷᠬᠠᠰᠨᠤᠷᠪᠤ ᠭᠡᠭᠴᠢ ᠯᠠᠮᠠᠬᠠᠢ ᠵᠠᠰᠠᠭ ᠲᠠᠮᠠᠭᠠ ᠶ᠋ᠢ ᠳᠠᠬᠢᠵᠤ ᠪᠠᠶ᠋ᠢᠳᠠᠭ ᠶᠤᠮ! ᠪᠠᠷᠠᠭᠤᠨ ᠭᠦᠩ ᠦ᠋ᠨ ᠤᠤᠯ ᠶᠠᠮᠤᠨ ᠤ ᠵᠠᠰᠠᠭ ᠲᠠᠮᠠᠭᠠ ᠶ᠋ᠢ ᠰᠠᠬᠢᠬᠰᠠᠨ ᠴᠡᠷᠢᠭ ᠦ᠋ᠳ ᠊ᠢ ᠣᠷᠣᠭᠤᠯᠵᠤ ᠠᠪᠬᠤ ᠳ᠋ᠠᠭᠠᠨ ᠪᠠᠷᠬᠠᠰᠨᠤᠷᠪᠤ ᠯᠠᠮᠠᠬᠠᠢ ᠶ᠋ᠢ ᠶᠡᠬᠡ ᠴᠣᠴᠢᠭᠠᠬᠤ ᠦᠭᠡᠢ ᠪᠠᠶ᠋ᠢᠬᠤ ᠶ᠋ᠢ ᠪᠣᠳᠣᠭᠠᠷᠠᠢ᠃ ᠳᠣᠲᠣᠷᠠ ᠵᠠᠭᠤᠷᠠ ᠪᠠᠨ ᠪᠣᠯᠬᠤ ᠶ᠋ᠢᠨ ᠳᠣᠲᠣᠷᠠ ᠫᠤᠤ ᠰᠤᠮᠤ ᠬᠥᠳᠡᠯᠭᠡᠬᠦ ᠦᠭᠡᠢ ᠪᠣᠯ ᠰᠠᠶ᠋ᠢᠨ ᠭᠡᠵᠦ ᠨᠠᠮᠤᠭᠤᠬᠠᠨ ᠪᠣᠯᠪᠠᠴᠤ ᠵᠠᠷᠯᠢᠭ ᠰᠢᠤᠬᠠᠨ ᠬᠠᠲᠠᠭᠤ ᠳᠤᠤᠭᠠᠷᠤᠭᠰᠠᠨ ᠳ᠋ᠦ᠍ ᠠᠭᠸᠠᠩ ᠨᠣᠶᠠᠨ᠄
— ᠠ᠂ ᠪᠢᠰᠢ᠂ ᠪᠢᠰᠢ! ᠴᠡᠷᠢᠭ᠂ ᠵᠡᠪᠰᠡᠭ᠂ ᠵᠠᠷᠯᠢᠭ ᠭᠤᠷᠪᠠ ᠪᠣᠯ ᠨᠢᠭᠡ ᠰᠢᠵᠢᠮ ᠦ᠋ᠨ ᠪᠢᠯᠳᠠ ᠰᠢᠦ ᠳ᠋ᠠ! ᠴᠢᠬᠤᠯᠠᠲᠠᠢ ᠦᠶᠡ ᠳ᠋ᠦ᠍ ᠫᠤᠤ ᠵᠡᠪᠰᠡᠭ ᠬᠥᠳᠡᠯᠭᠡᠬᠦ ᠦᠭᠡᠢ ᠪᠣᠯᠬᠤ ᠦᠭᠡᠢ᠃ ᠥᠪᠡᠷ ᠦ᠋ᠨ ᠲᠠᠯᠠ ᠶ᠋ᠢᠨ ᠴᠡᠷᠢᠭ ᠮᠣᠷᠢ ᠬᠣᠬᠢᠷᠠᠬᠤ ᠶ᠋ᠢ ᠠᠩᠬᠠᠷᠤᠨᠠ ᠭᠡᠵᠦ ᠲᠤᠰᠬᠠᠢ ᠸᠴᠢᠷᠪᠠᠲᠤ ᠲᠤᠸᠠᠨᠵᠠᠩ ᠳ᠋ᠦ᠍ ᠵᠠᠷᠯᠢᠭ ᠰᠣᠨᠣᠰᠬᠠᠭᠰᠠᠨ ᠰᠢᠬ ᠨᠢᠳᠦ ᠵᠠᠷᠤᠭᠰᠠᠨ ᠊ᠢ ᠸᠴᠢᠷᠪᠠᠲᠤ ᠶᠠᠭᠤᠨ ᠳ᠋ᠦ᠍ ᠠᠨᠳᠠᠬᠤ ᠪᠤᠢ⁈
ᠸᠴᠢᠷᠪᠠᠲᠤ ᠲᠤᠸᠠᠨᠵᠠᠩ ᠡᠯᠳᠡᠩᠭᠡ ᠲᠤᠰᠠᠯᠠᠭᠴᠢ ᠪᠣᠯᠤᠨ ᠠᠭᠸᠠᠩ ᠨᠣᠶᠠᠨ ᠤ ᠰᠠᠨᠠᠭᠠ ᠶ᠋ᠢ ᠠᠯᠢ ᠠᠯᠢᠨ ᠊ᠢ ᠨᠢ ᠣᠶ᠋ᠢᠯᠠᠭᠠᠵᠤ ᠲᠣᠯᠣᠭᠠᠢ ᠳᠣᠬᠢᠨᠠ᠃