ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠨᠠᠢ᠍ᠮᠠ) Үүрийн туяа I – Б ᠂ Ренчин Тэргүүн дэвтэр "<Манжийн талхинд" (18)
ᠠᠷᠪᠠᠨ ᠨᠠᠢ᠍ᠮᠠ᠂ ᠳᠡᠭᠡᠷᠡᠬᠢ ᠶ᠋ᠢᠨ ᠯᠦᠡᠳᠦᠠᠭ᠌
ᠯᠠᠮᠠ ᠨᠠᠷ ᠤᠩᠰᠢᠯᠭ᠎ᠠ ᠪᠠᠷ ᠢ᠋ᠶ᠋ᠠᠨ ᠮᠥᠯᠵᠢᠳᠡᠭ᠃
(ᠠᠷᠠᠳ ᠤ᠋ᠨ ᠰᠡᠴᠡᠨ ᠦᠭᠡ)
ᠲᠠᠰᠤ ᠬᠠᠷ᠎ᠠ ᠯᠠᠭᠤᠰᠠ ᠬᠥᠯᠦᠭᠰᠡᠨ᠂ ᠬᠥᠪ ᠬᠥᠬᠡ ᠴᠠᠮᠪᠠᠨ ᠭᠠᠳᠠᠷ ᠲᠠᠢ ᠬᠢᠲᠠᠳ ᠰᠡᠦᠬᠡ ᠲᠡᠷᠭᠡ᠂ ᠠᠷᠤ ᠬᠠᠯᠬ᠎ᠠ ᠶ᠋ᠢᠨ ᠱᠠᠰᠢᠨ ᠤ᠋ ᠡᠵᠡᠨ᠂ ᠨᠠᠢ᠍ᠮᠠᠳᠤᠭᠠᠷ ᠵᠢᠪᠽᠥ᠋ᠡᠳᠠᠮᠪᠠ ᠬᠤᠲᠤᠭᠲᠤ ᠶ᠋ᠢᠨ ᠪᠠᠭᠰᠢ ᠶᠤᠡᠵᠦᠡᠭ᠌ ᠬᠠᠮᠪᠤ ᠶ᠋ᠢᠨ ᠬᠠᠭᠠᠯᠭᠠᠨ ᠤ᠋ ᠭᠠᠳᠠᠭ᠎ᠠ ᠵᠣᠭᠰᠣᠵᠤ᠂ ᠬᠠᠷ᠎ᠠ ᠲᠣᠷᠭᠠᠨ ᠳᠡᠪᠡᠯ ᠲᠡᠢ ᠨᠢᠭᠡ ᠬᠢᠲᠠᠳ᠂ ᠰᠡᠦᠬᠡ ᠳᠣᠲᠣᠷ᠎ᠠ ᠠ᠋ᠴᠠ ᠶᠠᠭᠠᠷᠠᠯ ᠦᠭᠡᠢ ᠭᠠᠷᠴᠠᠢ᠃
ᠠᠳᠠ ᠰᠢᠮᠨᠤᠰ᠂ ᠮᠠᠭᠤ ᠴᠢᠳᠬᠥᠷ ᠪᠦᠬᠦᠨ ᠡᠴᠡ ᠬᠠᠮᠠᠭᠠᠯᠠᠭᠴᠢ᠂ ᠭᠤᠷᠪᠠᠨ ᠳᠠᠪᠬᠤᠷ ᠲᠠᠲᠠᠭᠰᠠᠨ ᠲᠠᠪᠤᠨ ᠥᠩᠭᠡ ᠶ᠋ᠢᠨ ᠳᠠᠷᠴᠠᠭ ᠬᠡᠢ ᠮᠣᠷᠢ ᠬᠡᠢᠰᠬᠡᠭᠰᠡᠨ ᠶᠤᠡᠵᠤᠡᠭ᠌ ᠬᠠᠮᠪᠤ ᠶ᠋ᠢᠨ ᠬᠠᠰᠢᠶᠠᠨ ᠤ᠋ ᠶᠠᠪᠠᠭᠠᠨ ᠬᠠᠭᠠᠯᠭᠠᠨ ᠤ᠋ ᠰᠤᠷ ᠢ᠋ ᠲᠠᠲᠠᠵᠤ ᠬᠠᠭᠠᠯᠭ᠎ᠠ ᠨᠡᠭᠡᠭᠡᠭᠡᠳ ᠲᠡᠷᠡ ᠲᠡᠷᠭᠡᠨ ᠦ᠌ ᠬᠢᠲᠠᠳ ᠡᠵᠡᠨ ᠳ᠋ᠠᠩᠵᠢᠶᠠᠳᠠ ᠳ᠋ᠠᠭᠠᠨ ᠵᠠᠮ ᠲᠠᠯᠪᠢᠵᠤ ᠥᠭᠭᠦᠯ᠎ᠡ᠃
— ᠲᠡᠷᠡ ᠪᠣᠭᠣᠯᠲᠠᠲᠠᠢ ᠶᠠᠭᠤᠮ᠎ᠠ ᠶ᠋ᠢ ᠠᠪᠤᠭᠠᠳ ᠢᠷ᠎ᠡ ᠭᠡᠵᠦ ᠬᠡᠯᠡᠭᠡᠳ᠂ ᠳᠡ ᠬᠦᠷᠢᠶᠡᠨ ᠦ᠌ ᠬᠠᠮᠤᠭ ᠤ᠋ᠨ ᠲᠣᠮᠣ ᠫᠦᠰᠡ ᠶ᠋ᠢᠨ ᠲᠡᠷᠡ ᠳ᠋ᠠᠩᠵᠢᠶᠠᠳᠠ ᠬᠠᠰᠢᠶᠠᠨ ᠳᠣᠲᠣᠷ᠎ᠠ ᠣᠷᠣᠮᠠᠭᠴᠠ᠂ ᠣᠯᠠᠨ ᠤᠳᠠᠭ᠎ᠠ ᠣᠷᠣᠵᠤ ᠦᠵᠡᠭᠰᠡᠨ ᠬᠥᠮᠦᠨ ᠦ᠌ ᠪᠠᠢᠳᠠᠯ ᠲᠠᠢ ᠭᠣᠶᠣ ᠭᠣᠶᠣ ᠬᠡᠳᠦᠨ ᠲᠣᠮᠣ ᠭᠡᠷ ᠦ᠋ᠨ ᠬᠠᠵᠠᠭᠤ ᠪᠠᠷ ᠠᠵᠢᠭ ᠦᠭᠡᠢ ᠥᠩᠭᠡᠷᠡᠵᠦ᠂ ᠬᠠᠰᠢᠶᠠᠨ ᠤ᠋ ᠬᠣᠢᠲᠤ ᠲᠠᠯ᠎ᠠ ᠶ᠋ᠢᠨ ᠤᠷᠤᠭᠰᠢ ᠪᠠᠨ ᠬᠠᠷᠠᠭᠰᠠᠨ ᠨᠢᠭᠡ ᠬᠥᠨᠳᠡᠯᠡᠨ ᠪᠠᠢᠰᠢᠩ ᠥᠭᠡᠳᠡ ᠴᠢᠭ ᠢ᠋ᠶ᠋ᠡᠷ ᠢ᠋ᠶ᠋ᠡᠨ ᠠᠯᠬᠤᠭᠠᠳ ᠣᠷᠣᠵᠠᠢ᠃
ᠲᠥᠪᠡᠳ᠂ ᠮᠣᠩᠭᠣᠯ ᠵᠠᠰᠠᠯ ᠴᠢᠮᠡᠯ ᠲᠡᠢ ᠲᠡᠷᠡ ᠪᠠᠢᠰᠢᠩ ᠳ᠋ᠤ᠌᠂ ᠬᠦᠷᠡᠩ ᠬᠦᠵᠢ᠂ ᠣᠳᠤᠯᠭ᠎ᠠ ᠶ᠋ᠢᠨ ᠦᠨᠦᠷ ᠬᠠᠩᠬᠤᠯᠤᠨ᠂ ᠪᠢᠴᠢᠬᠠᠨ ᠨᠠᠮᠬᠠᠨ ᠪᠠᠨᠲᠠᠩ ᠳᠡᠭᠡᠷ᠎ᠡ ᠬᠢᠷᠤᠭᠰᠠᠨ ᠪᠥᠵᠥᠩ ᠰᠢᠭ ᠪᠡᠶ᠎ᠡ ᠪᠡᠨ ᠬᠤᠷᠢᠶᠠᠵᠤ ᠠᠲᠤᠢᠭᠰᠠᠨ ᠬᠥᠳᠡᠭᠡ ᠶ᠋ᠢᠨ ᠨᠢᠭᠡᠨ ᠡᠮᠡᠭᠲᠡᠢ ᠶᠡᠬᠡᠯ᠎ᠡ ᠪᠢᠰᠢᠷᠡᠩᠭᠦᠢ ᠪᠠᠢᠳᠠᠯ ᠲᠠᠢ ᠰᠠᠭᠤᠵᠤ ᠪᠠᠢᠪᠠ᠃ ᠰᠠᠢᠬᠢ ᠳ᠋ᠠᠩᠵᠢᠶᠠᠳᠠ᠂ ᠵᠠᠷᠤᠴᠠ ᠠ᠋ᠴᠠ ᠪᠠᠨ ᠪᠠᠭᠠᠬᠠᠨ ᠪᠣᠯᠪᠠᠴᠤ ᠣᠪᠣᠭ᠎ᠠ ᠵᠢᠩ ᠲᠡᠢ ᠨᠢᠭᠡ ᠪᠣᠭᠣᠳᠠᠯ ᠠᠪᠤᠭᠠᠳ᠂ ᠲᠡᠷᠭᠡ ᠪᠡᠨ ᠬᠠᠷᠠᠵᠤ ᠪᠠᠢ ᠭᠡᠵᠦ ᠶᠠᠪᠤᠭᠤᠯᠵᠠᠢ᠃ ᠬᠦᠷᠡᠩ ᠴᠢᠷᠠᠢ ᠲᠠᠢ᠂ ᠲᠣᠮᠣ ᠭᠡᠭᠴᠢ ᠶ᠋ᠢᠨ ᠨᠢᠭᠤᠷ ᠲᠠᠢ ᠲᠠᠩᠭᠤᠳ ᠤ᠋ᠨ ᠮᠡᠬᠦᠢᠨ ᠶᠣᠰᠣᠯᠠᠵᠤ᠂ ᠳᠡᠭᠡᠭᠰᠢ ᠪᠡᠨ ᠰᠠᠭᠤᠨᠠᠤ ᠭᠡᠵᠦ ᠭᠠᠷ ᠤ᠋ᠨ ᠠᠯᠠᠭ᠎ᠠ ᠥᠭᠡᠳᠡ ᠬᠠᠷᠠᠭᠤᠯᠤᠨ ᠰᠠᠨᠳᠠᠯᠢ ᠶ᠋ᠢᠨ ᠵᠦᠭ ᠵᠢᠭᠠᠭᠰᠠᠨ ᠳ᠋ᠤ᠌ ᠬᠠᠷᠢᠭᠤ ᠶᠣᠰᠣᠯᠠᠵᠤ᠂ ᠲᠠᠨ᠎ᠠ ᠰᠢᠭᠢᠳᠬᠡᠭᠰᠡᠨ ᠰᠡᠢᠯᠦᠮᠡᠯ ᠲᠦᠰᠢᠯᠭᠡ ᠲᠡᠢ ᠬᠠᠷ᠎ᠠ ᠬᠦᠷᠡᠩ ᠰᠤᠮᠤᠨ ᠮᠣᠳᠣᠨ ᠰᠠᠨᠳᠠᠯᠢ ᠳᠡᠭᠡᠷ᠎ᠡ ᠰᠠᠭᠤᠵᠠᠢ᠃ ᠲᠡᠷᠡ ᠲᠣᠮᠣ ᠲᠠᠩᠭᠤᠳ ᠢ᠋ ᠠᠯᠠᠭ᠎ᠠ ᠲᠠᠰᠢᠮᠠᠭᠴᠠ ᠵᠡᠷᠭᠡᠯᠡᠳᠡᠭᠡ ᠲᠠᠰᠤᠯᠭᠠᠨ ᠤ᠋ ᠡᠭᠦᠳᠡ ᠨᠡᠭᠡᠭᠡᠭᠳᠡᠵᠦ᠂ ᠨᠢᠭᠡ ᠠᠯᠴᠠᠭᠠᠷ ᠪᠦᠳᠦᠭᠦᠨ ᠲᠥᠪᠡᠳ᠂ ᠮᠥᠩᠭᠥᠨ ᠴᠢᠮᠡᠭ ᠲᠡᠢ ᠰᠢᠪᠡᠷ ᠭᠦᠴᠡ ᠪᠠᠷᠢᠵᠤ ᠪᠥᠮᠪᠥᠷᠢᠨ ᠣᠷᠣᠵᠤ ᠢᠷᠡᠭᠡᠳ᠂ ᠲᠡᠷᠡ ᠳ᠋ᠠᠩᠵᠢᠶᠠᠳᠠ ᠳ᠋ᠤ᠌ ᠲᠥᠪᠡᠳ ᠴᠠᠢ ᠬᠢᠵᠦ ᠥᠭᠭᠦᠭᠡᠳ᠂ ᠦᠵᠦᠮ᠂ ᠨᠠᠨᠵᠢᠩ ᠴᠢᠪᠠᠭ᠎ᠠ᠂ ᠤᠯᠠᠭᠠᠨ ᠴᠢᠪᠠᠭ᠎ᠠ᠂ ᠬᠢᠲᠠᠳ ᠪᠣᠣᠪᠣ᠂ ᠥᠷᠥᠮ᠎ᠡ᠂ ᠰᠢᠬᠢᠷ ᠲᠡᠢ ᠬᠤᠷᠤᠳ᠂ ᠵᠦᠢᠯ ᠵᠦᠢᠯ ᠦ᠋ᠨ ᠢᠳᠡᠭᠡ ᠬᠢᠭᠰᠡᠨ ᠣᠯᠠᠨ ᠲᠠᠰᠤᠯᠭ᠎ᠠ ᠲᠠᠢ ᠪᠠᠭᠪᠤᠷ ᠠᠪᠴᠢᠷᠠᠵᠤ ᠰᠢᠷᠡᠭᠡᠨ ᠳᠡᠭᠡᠷ᠎ᠡ ᠲᠠᠯᠪᠢᠭᠠᠳ᠂ ᠬᠣᠶᠠᠷ ᠭᠠᠷ ᠤ᠋ᠨ ᠠᠯᠠᠭ᠎ᠠ ᠶ᠋ᠢ ᠥᠭᠡᠳᠡ ᠬᠠᠷᠠᠭᠤᠯᠵᠤ ᠢᠳᠡᠭᠡ ᠲᠠᠪᠠᠭ ᠢ᠋ ᠵᠢᠭᠠᠵᠤ ᠮᠡᠬᠦᠢᠨ ᠶᠣᠰᠣᠯᠠᠪᠠ᠃
ᠲᠡᠷᠡ ᠵᠠᠪᠰᠠᠷ ᠶᠣᠨᠵᠣᠩ ᠬᠠᠮᠪᠤ ᠶ᠋ᠢᠨ ᠦᠷᠭᠦᠭᠡᠨ ᠡᠴᠡ ᠪᠢᠴᠢᠬᠠᠨ ᠬᠦᠦ ᠳᠠᠭᠠᠭᠤᠯᠤᠭᠰᠠᠨ ᠪᠤᠭᠤᠷᠤᠯ ᠰᠠᠬᠠᠯ ᠲᠠᠢ ᠡᠪᠦᠭᠡᠨ ᠤᠬᠤᠷᠢᠭᠰᠠᠭᠠᠷ ᠭᠠᠷᠴᠤ ᠢᠷᠡᠭᠡᠳ᠂ ᠥᠨᠥᠬᠢ ᠥᠨᠳᠥᠷ ᠲᠥᠪᠡᠳ᠂
— ᠣᠳᠣ ᠲᠠ ᠣᠷᠣ ᠭᠡᠵᠦ ᠨᠠᠷᠠᠨ ᠳ᠋ᠤ᠌ ᠭᠠᠩᠳᠠᠭᠰᠠᠨ ᠬᠦᠷᠡᠩ ᠴᠢᠷᠠᠢ ᠲᠠᠢ᠂ ᠭᠬᠢᠷ ᠤᠷᠭᠤᠭᠰᠠᠨ ᠮᠥᠩᠭᠥᠨ ᠭᠣᠣ ᠲᠠᠢ ᠬᠥᠳᠡᠭᠡ ᠶ᠋ᠢᠨ ᠲᠡᠷᠡ ᠡᠮᠡᠭᠲᠡᠢ ᠳ᠋ᠦ᠍ ᠬᠡᠯᠡᠭᠡᠳ᠂ ᠲᠡᠭᠦᠨ ᠢ᠋ ᠬᠠᠮᠪᠤ ᠳ᠋ᠤ᠌ ᠪᠠᠷᠠᠭᠠᠯᠬᠠᠷᠠ ᠣᠷᠣᠮᠠᠭᠴᠠ᠂ ᠬᠢᠲᠠᠳ ᠳ᠋ᠠᠩᠵᠢᠶᠠᠳᠠ ᠶ᠋ᠢᠨ ᠵᠦᠭ ᠬᠠᠨᠳᠤᠵᠤ᠂
— ᠡᠨᠡ ᠡᠬᠡᠨᠡᠷ ᠢ᠋ ᠭᠠᠷᠬᠤ ᠳ᠋ᠤ᠌ ᠲᠠ ᠪᠠᠷᠠᠭᠠᠯᠬᠠᠷᠠᠢ ᠭᠡᠵᠦ ᠬᠡᠯᠡᠪᠡᠯ᠂ ᠳ᠋ᠠᠩᠵᠢᠶᠠᠳᠠ ᠮᠡᠬᠦᠢᠨ ᠶᠣᠰᠣᠯᠠᠪᠠ᠃ ᠤᠳᠠᠯ ᠦᠭᠡᠢ ᠥᠨᠥᠬᠢ ᠬᠥᠳᠡᠭᠡ ᠶ᠋ᠢᠨ ᠪᠦᠰᠡᠭᠦᠢ ᠤᠬᠤᠷᠢᠭᠰᠠᠭᠠᠷ ᠨᠠᠮᠠᠨᠴᠢᠯᠠᠨ ᠭᠠᠷᠴᠤ ᠢᠷᠡᠪᠡ᠃ ᠥᠨᠳᠥᠷ ᠬᠥᠬᠡ ᠲᠠᠩᠭᠤᠳ ᠳ᠋ᠠᠩᠵᠢᠶᠠᠳᠠ ᠶ᠋ᠢᠨ ᠵᠦᠭ ᠬᠠᠨᠳᠤᠵᠤ᠂
— ᠣᠳᠣ ᠲᠠ ᠮᠤᠷᠢᠯᠠ( ᠮᠣᠷᠢᠯᠠ)!ᠭᠡᠵᠦ ᠡᠭᠦᠳᠡ ᠲᠡᠰᠢ ᠬᠣᠶᠠᠷ ᠭᠠᠷ ᠤ᠋ᠨ ᠠᠯᠠᠭ᠎ᠠ ᠶ᠋ᠢ ᠳᠡᠭᠡᠭᠰᠢ ᠨᠢ ᠬᠠᠷᠠᠭᠤᠯᠤᠨ ᠬᠠᠭᠠᠯᠭᠠᠨ ᠤ᠋ ᠵᠦᠭ ᠵᠠᠯᠠᠵᠤ ᠶᠣᠰᠣᠯᠠᠪᠠ᠃
ᠶᠣᠡᠵᠤᠡᠭ᠌ ᠬᠠᠮᠪᠤ ᠭᠡᠳᠡᠭ ᠰᠦᠷᠡᠬᠡᠢ ᠨᠢᠳᠦ ᠲᠡᠢ᠂ ᠲᠣᠮᠣᠭᠠᠲᠠᠢ᠂ ᠨᠡᠯᠢᠶᠡᠳ ᠰᠦᠷ ᠲᠡᠢ ᠪᠠᠢᠳᠠᠯ ᠲᠠᠢ᠂ ᠣᠯᠠᠨ ᠬᠥᠮᠦᠨ ᠦ᠌ ᠨᠢᠭᠤᠷ ᠦᠵᠡᠵᠦ ᠳᠣᠯᠢᠩᠭᠠᠷᠰᠢᠭᠰᠠᠨ ᠲᠠᠩᠭᠤᠳ ᠠᠵᠢ᠃ ᠲᠥᠪᠡᠳ ᠬᠣᠷᠭᠣᠢ᠂ ᠬᠦᠷᠡᠩ ᠤᠯᠠᠭᠠᠨ ᠲᠣᠷᠭ᠎ᠠ᠂ ᠴᠠᠮᠪᠠᠨ ᠢ᠋ᠶ᠋ᠠᠷ ᠬᠢᠭᠰᠡᠨ ᠬᠠᠨᠴᠤ ᠦᠭᠡᠢ ᠡᠷᠡᠩᠭᠡ᠂ ᠮᠠᠰᠢ ᠨᠠᠷᠢᠨ ᠲᠠᠷᠮ᠎ᠠ ᠪᠠᠷ ᠬᠢᠭᠰᠡᠨ ᠱᠠᠨᠲᠠᠪ ᠡᠮᠦᠰᠴᠦ᠂ ᠡᠷᠢᠶᠡᠨ ᠬᠡᠪᠢᠰᠦᠨ ᠲᠦᠰᠢᠯᠭᠡ ᠲᠡᠢ᠂ ᠬᠡᠳᠦᠨ ᠳᠠᠪᠬᠤᠷ ᠣᠯᠪᠣᠭ ᠳᠡᠪᠢᠰᠦᠭᠰᠡᠨ ᠰᠠᠭᠤᠳᠠᠯ ᠳᠡᠭᠡᠷ᠎ᠡ ᠰᠠᠭᠤᠵᠠᠢ᠃ ᠳ᠋ᠠᠩᠵᠢᠶᠠᠳᠠ ᠶ᠋ᠢ ᠣᠷᠣᠬᠤ ᠳ᠋ᠤ᠌ ᠨᠠᠢᠷᠰᠠᠭ ᠢ᠋ᠶ᠋ᠠᠷ ᠢᠨᠢᠶᠡᠮᠰᠦᠭᠯᠡᠨ᠂ ᠮᠡᠬᠦᠢᠰᠬᠢᠨ ᠶᠣᠰᠣᠯᠠᠭᠰᠠᠨ ᠳ᠋ᠤ᠌ ᠬᠢᠲᠠᠳ ᠳ᠋ᠠᠩᠵᠢᠶᠠᠳᠠ᠂ ᠬᠣᠶᠠᠷ ᠭᠠᠷ ᠢ᠋ ᠵᠠᠩᠭᠢᠳᠤᠨ ᠬᠠᠪᠰᠤᠷᠴᠤ᠂ ᠠᠮᠠᠨ ᠲᠤᠰ ᠡᠷᠭᠦᠭᠡᠳ ᠬᠠᠷᠢᠭᠤ ᠮᠡᠬᠦᠢᠨ ᠶᠣᠰᠣᠯᠠᠪᠠ᠃
ᠬᠠᠭᠠᠯᠭ᠎ᠠ ᠴᠢᠮᠡᠭᠡ ᠦᠭᠡᠢ ᠨᠡᠭᠡᠭᠡᠭᠳᠡᠵᠦ᠂ ᠥᠨᠥᠬᠢ ᠨᠠᠮᠬᠠᠨ ᠠᠯᠴᠠᠭᠠᠷ ᠪᠦᠳᠦᠭᠦᠨ ᠲᠥᠪᠡᠳ ᠣᠷᠣᠵᠤ ᠢᠷᠡᠭᠡᠳ᠂ ᠳᠠᠬᠢᠨ ᠴᠠᠢ ᠠᠶᠠᠭᠠᠯᠠᠵᠤ ᠪᠢᠴᠢᠬᠠᠨ ᠰᠢᠷᠡᠭᠡᠨ ᠳᠡᠭᠡᠷ᠎ᠡ ᠳ᠋ᠠᠩᠵᠢᠶᠠᠳᠠ ᠶ᠋ᠢᠨ ᠡᠮᠦᠨ᠎ᠡ ᠢᠳᠡᠭᠡ ᠲᠠᠯᠪᠢᠵᠠᠢ᠃
ᠳ᠋ᠠᠩᠵᠢᠶᠠᠳᠠ ᠬᠠᠮᠪᠤ ᠶ᠋ᠢᠨ ᠠᠮᠤᠷ ᠢ᠋ ᠠᠰᠠᠭᠤᠭᠠᠳ᠂ ᠴᠠᠢ ᠶ᠋ᠢ ᠥᠴᠦᠬᠡᠨ ᠥᠴᠦᠬᠡᠨ ᠢ᠋ᠶ᠋ᠡᠷ ᠪᠠᠯᠭᠤᠵᠤ᠂ ᠤᠭ ᠢᠷᠡᠭᠰᠡᠨ ᠬᠡᠷᠡᠭ ᠢ᠋ᠶ᠋ᠡᠨ ᠬᠣᠯᠠ ᠠ᠋ᠴᠠ ᠲᠣᠭᠣᠷᠢᠭᠤᠯᠤᠨ ᠶᠠᠷᠢᠵᠤ ᠡᠬᠢᠯᠡᠭᠰᠡᠨ ᠨᠢ᠄
— ᠮᠧᠯᠭᠡᠨ ᠬᠠᠮᠪᠤ ᠲᠠᠨ᠎ᠠ ᠠᠢᠯᠠᠳᠬᠠᠪᠠᠰᠤ᠂ ᠡᠳᠦᠭᠡ ᠴᠠᠭ ᠰᠠᠮᠠᠭᠤᠨ ᠪᠣᠷᠵᠠᠢ᠃ ᠳᠤᠮᠳᠠᠳᠤ ᠤᠯᠤᠰ ᠲᠠᠢᠪᠤᠩ ᠦᠭᠡᠢ ᠪᠣᠷᠵᠠᠢ᠃
ᠭᠠᠳᠠᠭᠠᠳᠤ ᠶ᠋ᠢᠨ ᠴᠢᠳᠬᠥᠷ ᠶᠠᠩᠭᠦᠢᠽᠢ ᠨᠠᠷ ᠭᠠᠵᠠᠷ ᠪᠦᠷᠢ ᠨᠡᠪᠲᠡᠷᠡᠵᠡᠢ᠃ ᠡᠨᠡ ᠠᠯᠤ ᠭᠠᠵᠠᠷ ᠪᠠᠢᠳᠠᠭ ᠪᠢᠳᠡᠨ ᠦ᠌ ᠬᠤᠳᠠᠷᠳᠤᠭᠠᠨ ᠤ᠋ ᠢᠯᠭᠡᠨ ᠪᠠᠰᠠ ᠭᠠᠳᠠᠭᠠᠳᠤ ᠶ᠋ᠢᠨ ᠬᠥᠮᠦᠨ ᠳ᠋ᠦ᠍ ᠬᠠᠪᠴᠢᠭᠳᠠᠵᠤ ᠪᠠᠢᠨ᠎ᠠ᠃ ᠰᠢᠯᠠ ᠰᠠᠬᠠᠷ ᠲᠠᠢ ᠤᠯᠤᠰ ᠬᠤᠳᠠᠷᠳᠤᠭᠠᠴᠢᠨ ᠵᠢᠯ ᠵᠢᠯ ᠤᠯᠠᠮ ᠬᠡᠴᠡᠭᠦᠦ ᠪᠤᠷᠵᠤ᠂ ᠪᠢᠳᠡᠨ ᠦ᠌ ᠠᠶᠠᠭ᠎ᠠ ᠪᠤᠳᠠᠭᠠᠨ ᠠ᠋ᠴᠠ ᠰᠠᠷᠭᠠᠵᠤ ᠪᠠᠢᠨ᠎ᠠ᠃ ᠣᠳᠣ ᠯᠤᠯᠡᠨ ᠲᠣᠮᠣᠭᠠᠲᠠᠢ᠂ ᠳᠣᠲᠣᠷ᠎ᠠ᠂ ᠲᠥᠪᠡᠳ ᠬᠤᠳᠠᠷᠳᠤᠭᠠᠴᠢᠨ ᠶᠡᠬᠡ ᠬᠣᠬᠢᠯᠵᠤ ᠪᠠᠢᠨ᠎ᠠ᠃ ᠬᠥᠩᠭᠡᠨ ᠰᠠᠨᠠᠭ᠎ᠠ ᠲᠠᠢ ᠣᠷᠣᠰ ᠣᠯᠣᠰᠣ ᠣᠳᠣᠨᠴᠤᠤ ᠴᠠᠮᠪᠠᠨ ᠳ᠋ᠤ᠌ ᠲᠤᠯᠲᠠᠢ ᠪᠣᠯᠤᠭᠰᠠᠨ ᠤᠴᠢᠷ᠂ ᠲᠠᠨᠠᠢ ᠲᠥᠪᠡᠳ ᠬᠤᠳᠠᠷᠳᠤᠭᠠᠴᠢᠨ ᠤ᠋ ᠫᠦᠰᠡᠨ ᠳ᠋ᠦ᠍ ᠲᠥᠪᠡᠳ ᠴᠠᠮᠪᠠᠨ ᠭᠦᠢᠷᠭᠡᠭᠡ ᠦᠭᠡᠢ ᠪᠣᠷᠰᠣᠨ᠂ ᠬᠥᠮᠦᠨ ᠠᠮᠢᠲᠠᠨ ᠤ᠋ ᠵᠠᠩ ᠪᠠᠢᠲᠠᠷ ᠸᠠᠨᠳᠤᠨ ᠪᠣᠷᠵᠤ᠂ ᠬᠠᠭᠤᠴᠢᠨ ᠳᠤᠷᠠᠲᠠᠢ ᠶᠠᠭᠤᠮ᠎ᠠ ᠶ᠋ᠢ ᠣᠳᠣ ᠳᠤᠷ᠎ᠠ ᠦᠭᠡᠢ ᠪᠣᠷᠵᠤ ᠪᠠᠢᠨ᠎ᠠ᠃ ᠡᠨᠡ ᠠᠯᠤ ᠭᠠᠵᠠᠷ ᠤ᠋ᠨ ᠯᠤᠯᠠᠨ ᠠᠮᠢᠲᠠᠨ ᠳ᠋ᠤ᠌ ᠬᠡᠯᠡᠭᠯᠡᠬᠦ ᠵᠦᠢᠯ ᠢ᠋ ᠯᠤᠯᠠᠨ ᠵᠢᠯ ᠨᠡᠢᠷᠡᠭᠦᠯᠵᠦ ᠪᠠᠢᠭᠰᠠᠨ ᠪᠢᠳᠡᠨ ᠦ᠌ ᠬᠡᠳᠦᠨ ᠫᠦᠰᠡ ᠶ᠋ᠢᠨ ᠳ᠋ᠠᠩᠵᠢᠶᠠᠳᠠ ᠴᠥᠮ ᠢ᠋ᠶ᠋ᠡᠷ ᠨᠠᠢᠷᠵᠤ ᠬᠡᠷᠡᠷᠴᠡᠭᠡᠳ᠂ ᠮᠸᠯᠬᠡᠨ ᠬᠠᠮᠪᠤ ᠲᠠᠨ ᠳ᠋ᠤ᠌ ᠠᠰᠢᠭ ᠬᠣᠮᠰᠠ ᠪᠣᠯᠤᠭᠰᠠᠨ ᠬᠦᠢᠷᠭᠡᠭᠡ ᠡᠴᠡ ᠥᠴᠦᠬᠡᠨ ᠪᠡᠯᠡᠭ ᠪᠠᠷᠢᠵᠤ ᠮᠥᠷᠭᠥᠵᠦ ᠭᠤᠶᠤᠬᠤ ᠰᠠᠨᠠᠭ᠎ᠠ ᠲᠠᠢ ᠭᠤᠷᠪᠠᠨ ᠠᠷᠲᠠᠨ ᠶᠤᠸᠠᠮᠪᠤᠤ᠂ ᠭᠤᠷᠪᠠᠨ ᠰᠢᠯᠬᠡᠭ ᠵᠠᠭᠠᠷ᠂ ᠨᠢᠭᠡ ᠶᠤᠸᠠᠮᠪᠤᠤ ᠴᠠᠭᠠᠨ ᠮᠥᠩᠭᠥ ᠪᠡᠯᠡᠭ ᠪᠠᠯᠢᠶᠠ ᠭᠡᠳ ᠮᠡᠬᠦᠢᠨ ᠶᠣᠰᠣᠯᠠᠵᠤ ᠬᠠᠮᠪᠤ ᠶ᠋ᠢᠨ ᠡᠮᠦᠨᠡᠬᠢ ᠨᠠᠮᠬᠠᠨ ᠰᠢᠷᠡᠭᠡᠨ ᠳᠡᠭᠡᠷ᠎ᠡ ᠪᠢᠴᠢᠬᠠᠨ ᠬᠦᠨᠳᠦ ᠪᠣᠭᠣᠳᠠᠯ ᠲᠠᠢ ᠶᠠᠭᠤᠮ᠎ᠠ ᠲᠠᠯᠪᠢᠭᠠᠳ ᠦᠷᠭᠦᠯᠵᠢᠯᠡᠨ ᠥᠭᠦᠯᠡᠷᠦᠨ᠂
— ᠮᠣᠩᠭᠣᠷ ᠳᠣᠲᠣᠷ᠎ᠠ ᠬᠥᠮᠦᠨ᠂ ᠪᠢᠳᠡ ᠴᠥᠮ ᠶᠡᠬᠡ ᠮᠠᠨᠽᠤᠰᠢᠷᠢ ᠬᠠᠭᠠᠨ ᠤ᠋ ᠠᠷᠪᠠᠲᠤ ᠪᠣᠭᠣᠷ ᠰᠢᠦ ᠳᠡ᠃ ᠪᠢᠳᠡ᠂ ᠮᠸᠯᠬᠡᠨ ᠬᠠᠮᠪᠤ ᠳ᠋ᠤ᠌ ᠠᠢᠷᠳᠠᠭᠠᠵᠤ ᠭᠤᠶᠤᠬᠤ ᠶ᠋ᠢ ᠬᠦᠰᠡᠬᠦ ᠨᠢ᠂ ᠳᠡᠭᠡᠯᠭᠡᠢ ᠶ᠋ᠢᠨ ᠭᠡᠭᠡᠬᠡᠨ ᠳ᠋ᠦ᠍ ᠲᠠ ᠰᠠᠨᠠᠭᠤᠷᠵᠤ᠂ ᠬᠠᠭᠤᠴᠢᠨ ᠤ᠋ ᠰᠠᠢᠬᠠᠨ ᠶᠣᠰᠣ ᠳᠠᠭ᠎ᠠ᠃ ᠬᠠᠯᠢ ᠭᠠᠵᠢᠯ ᠤ᠋ᠨ ᠥᠷᠵᠡᠢ ᠪᠤᠰᠤ ᠡᠳ᠋ ᠪᠢᠲᠡᠭᠡᠢ ᠬᠤᠳᠠᠷᠳᠤᠨ ᠠᠪ ᠭᠡᠵᠦ ᠠᠷᠳᠠᠨ ᠯᠦᠨᠳᠦᠩ ᠪᠠᠭᠤᠯᠭᠠᠵᠤ ᠬᠠᠢᠷᠠᠯᠠᠬᠤ ᠶ᠋ᠢ ᠠᠢᠯᠠᠳᠪᠠᠯ ᠪᠣᠷᠨᠠᠤ? ᠶᠡᠬᠡ ᠳᠠᠢᠴᠢᠩ ᠣᠷᠣᠰ ᠤ᠋ᠨ ᠥᠴᠦᠬᠡᠨ ᠬᠤᠳᠠᠷᠳᠤᠭᠠᠴᠢᠨ ᠢᠷᠭᠡᠨ ᠪᠢᠳᠡ ᠶᠡᠬᠡ ᠮᠸᠯᠬᠡᠨ ᠬᠠᠮᠪᠤ ᠲᠠᠨ ᠤ᠋ ᠪᠡᠶ᠎ᠡ᠂ ᠮᠥᠨ ᠠᠮᠢᠲᠠᠨ ᠢ᠋ ᠵᠠᠯᠭᠠᠭᠤᠯᠬᠤ ᠱᠠᠰᠢᠨ ᠢ᠋ ᠮᠠᠨᠳᠤᠭᠤᠷᠠᠭᠴᠢ ᠶᠡᠬᠡ ᠪᠣᠭᠳᠠ᠂ ᠬᠠᠮᠤᠭ ᠠᠮᠢᠲᠠᠨ ᠢ᠋ ᠨᠢᠭᠦᠷᠡᠰᠦᠨ ᠦᠵᠡᠵᠦ᠂ ᠡᠨᠡ ᠠᠯᠤ ᠭᠠᠵᠠᠯ ᠤ᠋ᠨ ᠠᠮᠢᠲᠠᠨ ᠳ᠋ᠤ᠌ ᠬᠡᠯᠡᠭᠲᠡᠢ ᠶᠠᠭᠤᠮ᠎ᠠ ᠨᠡᠢᠷᠡᠭᠦᠯᠬᠦ ᠭᠡᠵᠦ ᠳᠣᠲᠣᠷ᠎ᠠ ᠭᠠᠵᠠᠯ ᠠ᠋ᠴᠠ ᠢᠯᠡᠭᠡᠳ᠂ ᠡᠨᠡ ᠬᠡᠴᠡᠭᠦᠦ ᠭᠠᠵᠠᠷ ᠴᠠᠭ ᠠᠭᠤᠷ ᠵᠣᠬᠢᠬᠤ ᠦᠭᠡᠢ ᠶᠡᠬᠡ ᠵᠣᠪᠠᠷᠠᠩ ᠡᠳ᠋ᠷᠵᠦ ᠪᠠᠢᠳᠠᠭ ᠪᠢᠳᠡᠨ ᠦ᠌ ᠢᠷᠭᠡᠨ ᠢ᠋ ᠨᠢᠭᠡᠨ ᠠᠳᠠᠯᠢ ᠥᠷᠥᠰᠢᠶᠡᠨ ᠦᠵᠡᠬᠦ ᠶ᠋ᠢ ᠠᠢᠯᠠᠳᠬᠠᠶ᠎ᠠ᠃
ᠪᠢᠳᠡᠨ ᠦ᠌ ᠬᠤᠳᠠᠷᠳᠤᠭᠠᠴᠢᠨ ᠡᠨᠡ ᠭᠠᠵᠠᠷ ᠠᠷᠳᠠᠭᠠᠲᠠᠢ ᠪᠠᠢᠪᠠᠯ᠂ ᠳᠣᠲᠣᠷ᠎ᠠ ᠭᠠᠵᠠᠷ ᠬᠡᠳᠦᠨ ᠬᠡᠳᠦᠨ ᠯᠣᠯᠠᠨ ᠮᠢᠩᠭᠠᠨ ᠪᠣᠭᠣᠯᠴᠤᠳ ᠠᠶᠠᠭ᠎ᠠ ᠪᠤᠳᠠᠭ᠎ᠠ ᠣᠷᠣᠵᠤ ᠴᠢᠳᠠᠬᠤ ᠦᠭᠡᠢ ᠪᠣᠷᠤᠨᠠ᠃ ᠴᠢᠩᠭᠢᠭᠡᠳ᠂ ᠳᠣᠲᠣᠷ(ᠳᠣᠲᠣᠷ᠎ᠠ )ᠭᠠᠵᠠᠷ᠂ ᠲᠥᠪᠡᠳ ᠭᠠᠵᠠᠷ ᠤ᠋ᠨ ᠮᠠᠢᠮᠠᠢ ᠨᠡᠪᠲᠡᠷᠡᠭᠦᠯᠳᠡᠭ᠂ ᠪᠢᠳᠡ ᠶᠡᠬᠡ ᠲᠠᠢᠴᠢᠩ ᠤᠯᠤᠰ ᠤ᠋ᠨ ᠲᠤᠰᠠ ᠪᠣᠳᠣᠵᠤ᠂ ᠲᠠᠨ ᠠ᠋ᠴᠠ ᠲᠤᠰᠠᠷᠠᠮᠵᠢ ᠭᠤᠶᠤᠵᠤ ᠪᠠᠢᠨ᠎ᠠ᠃ ᠮᠧᠯᠭᠡᠨ ᠬᠠᠮᠪᠤ᠂ ᠪᠢᠳᠡᠨ ᠢ᠋ ᠲᠠᠭᠠᠷᠠᠷ ᠲᠠᠭᠠᠨ ᠪᠠᠭᠲᠠᠭᠠᠵᠤ ᠥᠷᠥᠰᠢᠶᠡ ᠭᠡᠵᠦ ᠥᠭᠦᠯᠡᠪᠡᠯ᠂ ᠬᠠᠮᠪᠤ ᠬᠠᠷᠢᠭᠤ ᠥᠭᠦᠯᠡᠷᠦᠨ᠄
— ᠳᠡᠭᠡᠷᠡᠬᠢ ᠶ᠋ᠢᠨ ᠭᠡᠭᠡᠬᠡᠨ(ᠭᠡᠭᠡᠨ) ᠣᠯᠠᠨ ᠱᠠᠪᠢ ᠨᠠᠷ ᠲᠠᠭᠠᠨ ᠠᠯᠲᠠᠨ ᠰᠤᠷᠭᠠᠯ ᠯᠦᠨᠳᠦᠩ ᠪᠠᠭᠤᠯᠭᠠᠬᠤ ᠭᠡᠵᠦ ᠠᠢᠯᠠᠳᠤᠭᠰᠠᠨ᠃ ᠪᠢᠳᠡᠨ ᠦ᠌ ᠲᠩᠷᠢᠯᠢᠭ ᠪᠣᠭᠳᠠ ᠡᠵᠡᠨ ᠬᠠᠭᠠᠨ ᠤ᠋ ᠠᠯᠪᠠᠲᠤ ᠤᠯᠤᠰ ᠤ᠋ᠨ ᠲᠤᠰᠠ ᠶ᠋ᠢᠨ ᠲᠤᠯᠠᠳᠠ ᠲᠠᠨ ᠤ᠋ ᠭᠠᠷᠭᠠᠭᠰᠠᠨ ᠡᠨᠡ ᠮᠡᠷᠭᠡᠨ ᠰᠠᠨᠠᠯ ᠢ᠋ ᠪᠢ ᠴᠡᠭᠡᠵᠢᠨ ᠳ᠋ᠡᠭᠡᠨ ᠬᠢᠴᠢᠶᠡᠩᠭᠦᠢᠯᠡᠨ ᠬᠠᠳᠠᠭᠠᠯᠠᠵᠤ ᠳᠡᠭᠡᠷᠡᠬᠢ ᠶ᠋ᠢᠨ ᠭᠡᠭᠡᠬᠡᠨ (ᠭᠡᠭᠡᠨ) ᠳ᠋ᠦ᠍ ᠠᠢᠯᠠᠳᠬᠠᠶ᠎ᠠ ᠭᠡᠵᠦ ᠮᠡᠬᠦᠢᠨ ᠶᠣᠰᠣᠯᠠᠵᠤ ᠣᠳᠣ ᠵᠦᠢᠯ ᠳᠠᠭᠤᠰᠤᠭᠰᠠᠨ ᠢ᠋ ᠮᠡᠳᠡᠭᠳᠡᠵᠡᠢ᠃
ᠰᠢᠷ᠎ᠠ ᠶ᠋ᠢᠨ ᠱᠠᠰᠢᠨ ᠤ᠋ ᠤᠯᠠᠮ ᠬᠡᠴᠡᠭᠦᠳᠡᠭᠦᠯᠦᠭᠰᠡᠨ ᠡᠷᠲᠡᠨ ᠦ᠌ ᠮᠤᠬᠤᠷ ᠪᠠᠷᠢᠮᠲᠠᠯᠠᠯ ᠨᠢ ᠬᠥᠮᠦᠨ ᠦ᠌ ᠣᠶᠤᠨ ᠰᠠᠨᠠᠭᠠᠨ ᠳ᠋ᠤ᠌ ᠲᠣᠰᠴᠤ᠂ ᠦᠨᠡᠨ ᠶᠠᠭᠤᠮ᠎ᠠ ᠳᠠᠷᠤᠢ ᠬᠤᠳᠠᠯ ᠮᠡᠲᠦ᠂ ᠬᠤᠳᠠᠯ ᠶᠠᠭᠤᠮ᠎ᠠ ᠳᠠᠷᠤᠢ ᠦᠨᠡᠨ ᠮᠡᠲᠦ ᠰᠡᠳᠬᠢᠭᠳᠡᠬᠦ ᠪᠣᠯᠤᠭᠰᠠᠨ ᠦᠭᠡᠭᠦᠦ(ᠦᠭᠡᠢᠭᠦᠦ) ᠬᠣᠭᠣᠰᠣᠨ᠂ ᠬᠣᠴᠣᠷᠤᠭᠳᠠᠮᠠᠯ ᠨᠣᠢᠷᠮᠠᠭ (ᠨᠣᠢᠷᠮᠤᠭ)᠂ ᠬᠥᠰᠢᠭᠦᠨ ᠤᠯᠤᠰ ᠣᠷᠣᠨ ᠳᠠᠶᠠᠭᠠᠷ ᠲᠤ᠌ ᠬᠣᠭᠣᠷᠣᠨᠳᠣ ᠪᠠᠨ ᠵᠥᠷᠢᠭᠦᠦ᠂ ᠨᠢᠭᠡᠨ ᠨᠢ ᠨᠢᠭᠡᠨ ᠡᠴᠡ ᠪᠡᠨ ᠢᠯᠡᠭᠦᠦ ᠬᠠᠴᠢᠨ᠂ ᠤᠴᠢᠷ ᠨᠢ ᠣᠯᠳᠠᠬᠤᠶ᠎ᠠ ᠪᠡᠷᠬᠡ ᠴᠤᠤ ᠦᠭᠡ ᠲᠠᠷᠬᠠᠵᠤ ᠪᠠᠢᠯ᠎ᠠ᠃ ᠤᠷᠢᠳᠤ ᠶᠠᠭᠤᠮ᠎ᠠ ᠪᠦᠬᠦᠨ ᠶᠡᠬᠡᠯ᠎ᠡ (ᠶᠡᠬᠡ ᠯᠡ) ᠠᠮᠤᠷᠬᠠᠨ(ᠠᠮᠠᠷᠬᠠᠨ) ᠰᠢᠭ᠋ ᠰᠠᠨᠠᠭᠳᠠᠵᠤ᠂ ᠰᠢᠷ᠎ᠠ ᠶ᠋ᠢᠨ ᠱᠠᠰᠢᠨ ᠤ᠋ ᠨᠣᠮᠯᠠᠯ ᠶᠣᠰᠣ ᠪᠠᠷ ᠽᠠᠮᠪᠤᠲᠢᠪ ᠭᠡᠳᠡᠭ ᠭᠠᠵᠠᠷ ᠳᠡᠯᠡᠬᠡᠢ ᠭᠤᠷᠪᠠᠯᠵᠢᠨ ᠬᠡᠯᠪᠡᠷᠢᠲᠡᠢ (ᠬᠡᠯᠪᠡᠷᠢ ᠲᠡᠢ) ᠪᠥᠭᠡᠳ ᠵᠠᠨᠤᠭ(ᠵᠠᠨᠠᠭ) ᠪᠤᠶᠤ ᠬᠠᠷ᠎ᠠ ᠬᠢᠲᠠᠳ᠂ ᠵᠠᠭᠠᠷ ᠪᠤᠶᠤ ᠴᠠᠭᠠᠨ ᠬᠢᠲᠠᠳ ᠭᠡᠳᠡᠭ ᠡᠨᠡᠳᠬᠡᠭ᠂ ᠵᠠᠰᠠᠷ ᠪᠤᠶᠤ ᠰᠢᠷ᠎ᠠ ᠬᠢᠲᠠᠳ ᠭᠡᠳᠡᠭ ᠣᠷᠣᠰ ᠤᠯᠤᠰ ᠪᠠᠢᠳᠠᠭ ᠶᠤᠮ᠃ ᠵᠠᠰᠠᠷ ᠭᠡᠳᠡᠭ ᠰᠢᠷ᠎ᠠ ᠬᠢᠲᠠᠳ ᠤ᠋ᠨ ᠨᠤᠲᠤᠭ ᠤ᠋ᠨ ᠵᠠᠬ᠎ᠠ ᠨᠢ ᠨᠣᠬᠠᠢ ᠡᠷᠡᠲᠡᠨ ᠦ᠌ ᠵᠡᠷᠭᠡ ᠡᠲᠡᠭᠡᠳ ᠬᠠᠴᠢᠨ ᠠᠢᠮᠠᠭ ᠲᠠᠢ ᠨᠡᠢᠯᠡᠳᠡᠭ ᠶᠦᠮ᠃ ᠽᠠᠮᠪᠤᠲᠢᠪ ᠤ᠋ᠨ ᠬᠠᠮᠤᠭ ᠤ᠋ᠨ ᠬᠦᠴᠦᠷᠬᠡᠭ ᠵᠠᠭᠠᠷᠪᠠᠷᠳᠢ ᠶᠢᠨ ᠬᠠᠭᠠᠨ ᠨᠢ ᠮᠠᠨᠽᠤᠰᠢᠷᠢ ᠪᠤᠷᠬᠠᠨ ᠤ᠋ ᠬᠤᠪᠢᠯᠭᠠᠨ ᠮᠠᠨᠵᠤ ᠬᠠᠭᠠᠨ ᠳᠠᠷᠤᠢ ᠮᠥᠨ ᠭᠡᠳᠡᠭ ᠪᠢᠯᠡ᠃ ᠡᠪᠦᠯ ᠦ᠋ᠨ ᠰᠥᠨᠢ ᠶ᠋ᠢᠨ ᠤᠷᠲᠤ ᠳ᠋ᠤ᠌ ᠰᠣᠨᠣᠰᠳᠠᠭ ᠮᠣᠩᠭᠣᠯ ᠦᠯᠢᠭᠡᠷ ᠲᠤᠤᠯᠢᠰ ᠲᠤ᠌ ᠲᠠᠵᠢᠭ᠂ ᠪᠤᠬᠠᠷ᠂ ᠲᠣᠬᠠᠷ᠂ ᠢᠷᠡᠩ᠂ ᠲᠦᠷᠡᠩ ᠬᠥᠩᠬᠥᠷ ᠰᠠᠷᠲᠠᠭᠤᠯ᠂ ᠬᠦᠷᠵᠢ ᠶ᠋ᠢᠨ ᠵᠡᠷᠭᠡ ᠡᠷᠲᠡ ᠴᠠᠭ ᠲᠤ᠌ ᠮᠣᠩᠭᠣᠯᠴᠤᠳ ᠤ᠋ᠨ ᠬᠠᠷᠢᠯᠴᠠᠵᠤ ᠪᠠᠢᠭᠰᠠᠨ ᠣᠯᠠᠨ ᠤᠯᠤᠰ ᠤ᠋ᠨ ᠰᠣᠨᠢᠨ ᠪᠦᠳᠦᠭᠦᠯᠢᠭ ᠶᠢᠷᠲᠢᠨᠴᠦ ᠭᠠᠷᠴᠤ᠂ ᠭᠠᠵᠠᠷ ᠳᠡᠯᠡᠬᠡᠢ ᠶ᠋ᠢᠨ ᠴᠢᠨᠠᠳᠤ ᠲᠩᠷᠢ ᠭᠠᠵᠠᠷ ᠬᠣᠶᠠᠷ ᠦᠷᠭᠦᠯᠵᠢ ᠮᠥᠷᠭᠥᠯᠳᠦᠨ ᠨᠡᠢᠯᠡᠵᠦ ᠪᠠᠢᠳᠠᠭ ᠭᠠᠵᠠᠷ ᠲᠩᠷᠢ ᠶ᠋ᠢᠨ ᠰᠠᠪᠰᠠᠯᠭᠠᠨ ᠤ᠋ ᠴᠢᠨᠠᠳᠤ ᠳ᠋ᠤ᠌ ᠪᠠᠰᠠ ᠰᠣᠨᠢᠨ ᠶᠢᠷᠲᠢᠨᠴᠦ ᠪᠠᠢᠭᠰᠠᠨ ᠭᠡᠳᠡᠭ ᠪᠢᠯᠡ᠃ ᠲᠡᠷᠡ ᠭᠠᠵᠠᠷ ᠲᠩᠷᠢ ᠶ᠋ᠢᠨ ᠰᠠᠪᠰᠠᠯᠭᠠᠨ ᠤ᠋ ᠢᠷᠮᠡᠭ ᠨᠢ ᠮᠥᠷᠭᠥᠯᠲᠦ ᠮᠥᠷᠭᠥᠯᠳᠦᠭᠰᠡᠭᠡᠷ ᠡᠮᠲᠡᠷᠡᠵᠦ᠂ ᠨᠢᠴᠠ ᠴᠣᠬᠢᠭᠤᠯᠤᠨ ᠲᠠᠭᠠᠷᠢᠭᠤᠯᠤᠭᠰᠠᠨ ᠰᠢᠪᠠᠭᠤ᠂ ᠮᠣᠷᠢ᠂ ᠮᠠᠭᠤ ᠡᠷ᠎ᠡ ᠶ᠋ᠢᠨ ᠴᠢᠰᠤᠨ ᠳ᠋ᠤ᠌ ᠨᠢᠯᠴᠠᠭᠠᠢ ᠨᠣᠢᠲᠠᠨ ᠪᠠᠢᠳᠠᠭ ᠭᠡᠳᠡᠭ ᠪᠢᠯᠡ᠃ ᠶᠣᠰᠣᠲᠠᠢ ᠡᠷ᠎ᠡ ᠶ᠋ᠢᠨ ᠰᠠᠢᠨ ᠪᠠᠭᠠᠲᠤᠷ ᠡᠷ᠎ᠡ ᠬᠦᠯᠦᠭ ᠦ᠋ᠨ ᠰᠠᠢᠨ ᠢ᠋ ᠤᠨᠤᠵᠤ᠂ ᠭᠠᠵᠠᠷ ᠲᠩᠷᠢ ᠶ᠋ᠢᠨ ᠰᠠᠪᠰᠠᠯᠭ᠎ᠠ ᠶ᠋ᠢᠨ ᠠᠩᠭᠠᠰ ᠬᠢᠬᠦ ᠵᠠᠪᠰᠠᠷ ᠢ᠋ᠶ᠋ᠠᠷ ᠦᠰᠦᠷᠦᠨ ᠭᠠᠷᠴᠤ ᠴᠢᠳᠠᠳᠠᠭ ᠪᠣᠯᠪᠠᠴᠤ ᠮᠣᠷᠢᠨ ᠤ᠋ ᠬᠢᠨᠢ ᠰᠡᠭᠦᠯ ᠦ᠋ᠨ ᠦᠵᠦᠭᠦᠷ ᠵᠠᠪᠠᠯ ᠲᠠᠰᠤ ᠴᠣᠬᠢᠭᠳᠠᠳᠠᠭ ᠭᠡᠳᠡᠭ ᠪᠢᠯᠡ᠃
ᠳᠡᠯᠡᠬᠡᠢ ᠶᠢᠷᠲᠢᠨᠴᠦ ᠶ᠋ᠢ ᠲᠡᠢᠮᠦ ᠶᠠᠭᠤᠮ᠎ᠠ ᠭᠡᠵᠦ ᠪᠣᠳᠣᠵᠤ ᠪᠠᠢᠲᠠᠯ᠎ᠠ ᠰᠠᠨᠠᠮᠰᠠᠷ ᠦᠭᠡᠢ ᠭᠡᠨᠡᠳᠲᠡ ᠤᠴᠢᠷ ᠤᠳᠬ᠎ᠠ ᠨᠢ ᠮᠡᠳᠡᠭᠳᠡᠬᠦ ᠦᠭᠡᠢ ᠹᠠ ᠭᠦᠸᠧ᠂ *ᠳᠧ ᠭᠦᠸᠧ᠂ *ᠷᠢᠪᠧᠨ* ᠭᠡᠵᠦ ᠤᠷᠢᠳᠤ ᠴᠢᠬᠢᠨ ᠳ᠋ᠦ᠍ ᠲᠤᠭᠤᠯᠳᠠᠭ᠎ᠠ ᠦᠭᠡᠢ ᠤᠯᠤᠰ ᠭᠠᠷᠴᠤ ᠢᠷᠡᠭᠡᠳ᠂ ᠮᠠᠨᠵᠤ ᠬᠠᠭᠠᠨ ᠤ᠋ ᠢᠯᠠᠭᠳᠠᠰᠢ ᠦᠭᠡᠢ ᠲᠩᠷᠢ ᠶ᠋ᠢᠨ ᠴᠡᠷᠢᠭ ᠲᠦ᠍ ᠬᠠᠯᠳᠠᠭᠠᠳ᠂ ᠬᠢᠲᠠᠳ ᠭᠠᠵᠠᠷ ᠠᠶᠠᠨ ᠵᠢᠩ ᠢ᠋ᠶ᠋ᠡᠷ ᠶᠠᠪᠤᠭᠠᠳ᠂ ᠬᠡᠯᠡ ᠤᠯᠠ ᠰᠠᠢᠨ ᠮᠡᠳᠡᠬᠦ ᠠᠶᠠᠨᠴᠢᠨ ᠠ᠋ᠴᠠ ᠰᠣᠨᠣᠰᠪᠠᠯ᠂ ᠲᠡᠷᠡ ᠬᠠᠴᠢᠨ ᠤᠷᠢᠳᠤ ᠨᠡᠷ᠎ᠡ ᠰᠣᠨᠣᠰᠳᠠᠭ᠎ᠠ ᠦᠭᠡᠢ ᠤᠯᠤᠰ᠂ ᠮᠠᠨᠵᠤ ᠬᠠᠭᠠᠨ ᠤ᠋ ᠢᠯᠠᠭᠳᠠᠰᠢ ᠦᠭᠡᠢ ᠲᠩᠷᠢ ᠶ᠋ᠢᠨ ᠴᠡᠷᠢᠭ ᠢ᠋ ᠨᠢᠭᠤᠷ ᠨᠢᠳᠦ ᠦᠭᠡᠢ ᠪᠠᠯᠪᠠᠴᠢᠭᠰᠠᠨ ᠭᠡᠳᠡᠭ᠃ ᠲᠡᠭᠡᠲᠡᠯ᠎ᠡ ᠶᠡᠬᠡ ᠳᠠᠢᠴᠢᠩ ᠤᠯᠤᠰ ᠤ᠋ᠨ ᠲᠩᠷᠢ ᠶ᠋ᠢᠨ ᠴᠡᠷᠢᠭ ᠢ᠋ ᠳᠠᠢᠰᠤᠨ ᠢ᠋ᠶ᠋ᠠᠨ ᠢᠯᠠᠬᠤ ᠪᠣᠯᠲᠤᠭᠠᠢ ᠭᠡᠵᠦ ᠰᠤᠷ ᠵᠠᠯᠠᠵᠤ ᠪᠠᠢᠭᠰᠠᠨ ᠯᠠᠮᠠ ᠨᠠᠷ᠂ ᠶᠡᠬᠡ ᠵᠠᠩ ᠲᠠᠢ ᠬᠢᠲᠠᠳ ᠲᠦᠰᠢᠮᠡᠳ ᠡᠴᠡ ᠰᠣᠨᠣᠰᠪᠠᠯ᠂ ᠲᠡᠷᠡ ᠣᠯᠠᠨ ᠤᠯᠤᠰ ᠳᠠᠷᠤᠭᠳᠠᠭᠠᠳ ᠲᠦᠮᠡᠨ ᠨᠠᠰᠤᠲᠤ ᠪᠣᠭᠳᠠ ᠡᠵᠡᠨ ᠬᠠᠭᠠᠨ ᠳ᠋ᠤ᠌ ᠠᠮᠢ ᠭᠤᠶᠤᠵᠤ ᠠᠯᠪᠠ ᠡᠷᠭᠦᠭᠰᠡᠨ ᠭᠡᠳᠡᠭ᠃ ᠦᠨᠡᠨ ᠬᠤᠳᠠᠯ ᠨᠢ ᠠᠯᠢ ᠨᠢ ᠴᠦ᠍ ᠮᠡᠳᠡᠭᠳᠡᠬᠦ ᠪᠡᠨ ᠪᠠᠢᠵᠤ ᠲᠠᠷᠢᠬᠢ ᠡᠷᠭᠢᠭᠰᠡᠨ ᠴᠠᠭ ᠪᠣᠯᠵᠠᠢ᠃
ᠽᠠᠮᠪᠤᠲᠢᠪ ᠲᠤ᠌ ᠨᠢᠭᠡ ᠯᠡ ᠬᠡᠷᠡᠭ ᠮᠠᠨᠳᠤᠭᠰᠠᠨ ᠪᠣᠯᠤᠯᠲᠠᠢ᠃ ᠴᠣᠬᠣᠮ ᠶᠠᠭᠤ ᠪᠣᠯᠵᠤ ᠪᠠᠢᠭᠰᠠᠨ ᠢ᠋ ᠮᠡᠳᠡᠬᠦ ᠶ᠋ᠢᠨ ᠠᠷᠭ᠎ᠠ ᠦᠭᠡᠢ᠂ ᠠᠮᠢᠲᠠᠨ ᠤ᠋ ᠡᠯᠳᠡᠪ ᠢ᠋ᠶ᠋ᠡᠷ ᠬᠡᠯᠡᠯᠴᠡᠬᠦ ᠨᠢ ᠤᠯᠠᠮ ᠨᠡᠮᠡᠭᠳᠡᠵᠦ᠂ ᠶᠡᠷᠦ ᠢᠲᠡᠭᠡᠬᠦ ᠶ᠋ᠢᠨ ᠠᠷᠭ᠎ᠠ ᠦᠭᠡᠢ ᠪᠣᠯᠵᠠᠢ᠃
ᠳᠡᠭᠡᠷᠡᠬᠢ ᠶ᠋ᠢᠨ ᠭᠡᠭᠡᠬᠡᠨ ᠰᠢᠨ᠎ᠡ ᠵᠠᠷᠯᠢᠭ ᠯᠦᠨᠳᠦᠩ ᠪᠠᠭᠤᠯᠭᠠᠪᠠ ᠭᠡᠳᠡᠭ ᠰᠤᠷᠠᠭ ᠤᠯᠤᠰ ᠳᠠᠶᠠᠭᠠᠷ ᠲᠤ᠌ ᠲᠠᠷᠬᠠᠵᠤ᠂ ᠯᠦᠨᠳᠦᠩ ᠢ᠋ ᠰᠣᠨᠣᠰᠤᠭᠰᠠᠨ ᠬᠥᠮᠦᠨ ᠪᠢᠴᠢᠭ ᠮᠡᠳᠡᠬᠦ ᠦᠭᠡᠢ ᠨᠢᠭᠡ ᠨᠢ ᠠᠮᠠ ᠪᠠᠷ ᠳᠠᠮᠵᠢᠭᠤᠯᠤᠨ᠂ ᠨᠢᠭᠡ ᠨᠢᠭᠡᠨ ᠳ᠋ᠡᠭᠡᠨ ᠬᠡᠯᠡᠵᠦ ᠥᠭᠬᠦ ᠳ᠋ᠡᠭᠡᠨ᠂ ᠮᠠᠰᠢ ᠪᠠᠯᠠᠷ ᠪᠦᠳᠦᠭᠦᠯᠢᠭ ᠨᠢᠭᠤᠴᠠ ᠶᠣᠭᠲᠠ ᠦᠭᠡᠨ ᠡᠴᠡ ᠠᠶᠤᠨ ᠡᠮᠢᠶᠡᠵᠦ᠂ ᠴᠠᠭ ᠲᠥᠷᠥ ᠶᠠᠭᠤ ᠪᠣᠯᠬᠤ ᠨᠢ ᠭᠡᠭᠴᠢ ᠪᠢᠯᠡ ᠭᠡᠵᠦ ᠪᠣᠳᠣᠳᠠᠭ ᠪᠣᠯᠵᠠᠢ᠃
ᠪᠣᠭᠳᠠ ᠶ᠋ᠢᠨ ᠲᠡᠷᠡ ᠯᠦᠨᠳᠥᠩ ᠢ᠋ ᠰᠡᠢᠷᠡᠭᠦᠯᠦᠨ ᠲᠠᠷᠬᠠᠵᠤ᠂ ᠲᠡᠭᠦᠪᠡᠷ ᠠᠮᠢᠳᠤᠷᠠᠭᠴᠢ ᠪᠠᠳᠢᠷᠴᠢᠨ ᠶᠡᠬᠡ ᠣᠯᠠᠨ ᠦᠵᠡᠭᠳᠡᠬᠦ ᠪᠣᠯᠵᠤ᠂ ᠬᠠᠪᠴᠢᠭ ᠡᠭᠦᠷᠭᠡ ᠡᠭᠦᠷᠦᠭᠰᠡᠨ᠂ ᠬᠣᠶᠠᠷ ᠲᠠᠶᠠᠭ ᠲᠤᠯᠤᠭᠰᠠᠨ ᠨᠢᠭᠡᠨ ᠪᠠᠳᠢᠷᠴᠢᠨ ᠵᠠᠮᠪᠠ ᠶ᠋ᠢᠨ ᠬᠣᠲᠠᠨ ᠳ᠋ᠤ᠌ ᠪᠠᠰᠠ ᠦᠵᠡᠭᠳᠡᠵᠡᠢ᠃
ᠨᠣᠬᠠᠢ ᠬᠤᠴᠠᠵᠠᠭᠠᠵᠤ ᠭᠠᠩᠭᠢᠨᠠᠬᠤ ᠳ᠋ᠤᠨᠢ ᠳᠠᠷᠠᠩ ᠭᠡᠷ ᠡᠴᠡ ᠭᠠᠷᠴᠤ ᠢᠷᠡᠭᠡᠳ ᠦᠵᠡᠪᠡᠯ᠂ ᠨᠢᠭᠡᠨ ᠪᠠᠳᠢᠷᠴᠢᠨ ᠣᠯᠠᠨ ᠨᠣᠬᠠᠢ ᠶ᠋ᠢᠨ ᠳᠠᠭᠠᠷᠢᠨ ᠣᠷᠣᠬᠤ ᠳ᠋ᠤ᠌ ᠬᠣᠶᠠᠷ ᠲᠠᠶᠠᠭ ᠢ᠋ᠶ᠋ᠠᠨ ᠰᠣᠯᠢᠪᠢᠭᠤᠯᠵᠤ ᠤᠷᠢᠳᠠ ᠠ᠋ᠴᠠ ᠪᠠᠷᠢᠭᠠᠳ᠂ ᠲᠠᠶᠠᠭ ᠤ᠋ᠨ ᠦᠵᠦᠭᠦᠷ ᠡᠴᠡ ᠨᠣᠬᠠᠢ ᠵᠠᠭᠤᠮᠠᠭᠴᠠ᠂ ᠨᠥᠭᠦᠭᠡ ᠲᠠᠶᠠᠭ ᠢ᠋ᠶ᠋ᠠᠷ ᠢ᠋ᠶ᠋ᠠᠨ ᠬᠤᠰᠤᠵᠤ ᠶᠠᠭ ᠬᠣᠩᠰᠢᠶᠠᠷ ᠳᠡᠭᠡᠷ᠎ᠡ ᠨᠢ ᠴᠣᠬᠢᠨ ᠭᠠᠩᠭᠢᠨᠠᠭᠤᠯᠵᠤ ᠪᠠᠢᠯ᠎ᠠ᠃
ᠬᠡᠯᠡᠨᠴᠡᠷ ᠠᠮᠠᠨᠴᠠᠷ᠂ ᠰᠦᠷᠡᠬᠡᠢ ᠳᠣᠯᠢᠩᠭᠠᠷ ᠪᠠᠢᠳᠠᠯ ᠲᠠᠢ ᠲᠡᠷᠡ ᠪᠠᠳᠢᠷᠴᠢ ᠲᠣᠯᠣᠭᠠᠢ ᠬᠣᠯᠪᠣᠨ ᠶᠠᠷᠢᠵᠤ ᠬᠦᠷᠢᠶᠡᠨ ᠦ᠌ ᠬᠠᠮᠤᠭ ᠰᠣᠨᠢᠨ ᠢ᠋ ᠬᠡᠯᠡᠵᠦ ᠥᠭᠭᠦᠭᠡᠳ᠂ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠬᠡᠷᠬᠢᠨ ᠵᠠᠮ ᠭᠣᠳᠣᠰ ᠤ᠋ᠨ ᠬᠠᠷᠠᠮᠴᠢ ᠨᠠᠷᠢᠨ ᠪᠠᠶᠠᠴᠤᠳ ᠤ᠋ᠨ ᠡᠪᠦᠷ ᠡᠴᠡ ᠨᠢ ᠪᠤᠶᠠᠨ ᠤ᠋ ᠦᠢᠯᠡᠰ ᠲᠦ᠍ ᠨᠡᠮᠡᠷᠢ ᠪᠣᠯᠬᠤ ᠥᠭᠯᠢᠭᠡ ᠶ᠋ᠢᠨ ᠵᠦᠢᠯ ᠢ᠋ ᠭᠠᠷᠭᠠᠭᠤᠯᠵᠤ ᠴᠢᠳᠠᠭᠰᠠᠨ ᠢ᠋ᠶ᠋ᠠᠨ ᠶᠡᠬᠡᠯ᠎ᠡ ᠬᠣᠱᠣᠩᠨᠠᠨ ᠶᠠᠷᠢᠵᠤ᠂ ᠬᠣᠪᠳᠣᠭ ᠪᠠᠶᠠᠴᠤᠳ ᠤ᠋ᠨ ᠴᠢᠷᠠᠢ ᠪᠠᠢᠳᠠᠯ᠂ ᠦᠭᠡ ᠶᠠᠷᠢᠶ᠎ᠠ ᠶ᠋ᠢ ᠨᠢ ᠪᠡᠶ᠎ᠡ ᠪᠡᠷ ᠳᠦᠷᠰᠦᠯᠡᠨ ᠦᠵᠡᠭᠦᠯᠵᠦ᠂ ᠵᠠᠮᠪᠠ᠂ ᠳᠠᠷᠠᠩ ᠢ᠋ ᠡᠯᠢᠭᠡ ᠨᠢ ᠬᠥᠰᠢᠲᠡᠯ᠎ᠡ ᠢᠨᠢᠶᠡᠯᠭᠡᠭᠡᠳ᠂ ᠡᠪᠦᠷ ᠡᠴᠡ ᠪᠡᠨ ᠪᠣᠭᠳᠠ ᠶ᠋ᠢᠨ ᠯᠦᠨᠳᠦᠩ ᠢ᠋ ᠭᠠᠷᠭᠠᠵᠤ᠂ ᠴᠢᠳᠠᠮᠠᠭᠠᠢ ᠤᠩᠰᠢᠭᠴᠢ ᠶ᠋ᠢᠨ ᠪᠠᠢᠳᠠᠯ ᠲᠠᠢ᠂ ᠶᠡᠬᠡᠯ᠎ᠡ(ᠶᠡᠬᠡ ᠯᠡ) ᠰᠦᠷ ᠪᠠᠳᠠᠷᠠᠭᠤᠯᠤᠨ ᠤᠩᠰᠢᠭᠰᠠᠨ ᠨᠢ᠄
ᠤᠸᠮ ᠰᠠᠢᠨ ᠪᠣᠯᠲᠤᠭᠠᠢ!
ᠰᠤᠬᠠᠸᠠᠳᠢ ᠶ᠋ᠢᠨ ᠣᠷᠣᠨ ᠠ᠋ᠴᠠ ᠪᠠᠭᠤᠵᠤ ᠢᠷᠡᠭᠰᠡᠨ᠂
ᠪᠠᠷᠠᠭᠤᠨ ᠭᠠᠵᠠᠷ ᠤ᠋ᠨ ᠳᠠᠯᠠᠢ ᠯᠠᠮᠠ ᠠ᠋ᠴᠠ ᠵᠠᠷᠯᠢᠭ ᠲᠠᠢ᠂
ᠪᠠᠨᠴᠢᠨ ᠪᠣᠭᠳᠠ ᠠ᠋ᠴᠠ ᠰᠤᠨᠳᠠᠭ ᠲᠠᠢ᠂
ᠳᠠᠯᠠᠨ ᠲᠠᠪᠤᠨ ᠮᠠᠬᠠᠭᠠᠯᠠ ᠶ᠋ᠢᠨ ᠳᠦᠷᠢ ᠲᠡᠢ᠂
ᠮᠢᠩᠭᠠᠨ ᠥᠯᠮᠡᠢ ᠲᠡᠢ᠂ ᠲᠦᠮᠡᠨ ᠰᠣᠨᠣᠷ ᠲᠠᠢ᠂
ᠬᠣᠮᠰᠣᠮ(ᠬᠤᠮᠰᠢᠮ) ᠪᠣᠳᠢᠰᠠᠳ᠋ᠸ᠎ᠠ ᠸᠴᠢᠷ ᠳ᠋ᠠᠷ᠎ᠠ
ᠪᠣᠭᠳᠠ ᠭᠡᠭᠡᠬᠡᠨ (ᠭᠡᠭᠡᠨ)ᠭᠡᠵᠦ ᠠᠷᠤ ᠬᠠᠯᠬ᠎ᠠ
ᠳᠥᠷᠪᠡᠨ ᠠᠢᠮᠠᠭ᠂ ᠱᠠᠪᠢ ᠳᠣᠯᠣᠭᠠᠨ ᠬᠤᠰᠢᠭᠤᠨ ᠳ᠋ᠤ᠌
ᠵᠠᠯᠠᠭᠳᠠᠵᠤ ᠢᠷᠡᠭᠰᠡᠨ ᠪᠢᠯᠡ᠃
ᠪᠣᠭᠳᠠ ᠡᠵᠡᠨ ᠬᠠᠭᠠᠨ ᠠ᠋ᠴᠠ ᠵᠠᠷᠯᠢᠭ ᠲᠠᠢ
ᠬᠠᠯᠬ᠎ᠠ ᠶ᠋ᠢᠨ ᠨᠣᠮ ᠤ᠋ᠨ ᠰᠢᠷᠡᠭᠡᠨ ᠳ᠋ᠦ᠍ ᠰᠠᠭᠤᠭᠰᠠᠨ ᠪᠢᠯᠡ᠃
ᠱᠠᠰᠢᠨ ᠢ᠋ ᠮᠠᠨᠳᠤᠭᠤᠯᠤᠭᠴᠢ᠂ ᠠᠮᠢᠲᠠᠨ ᠢ᠋ ᠵᠢᠷᠭᠠᠭᠤᠯᠤᠭᠴᠢ ᠪᠠᠢᠬᠤ ᠶ᠋ᠢᠨ ᠲᠤᠯᠠᠳᠠ᠂
ᠱᠠᠰᠢᠨ ᠤ᠋ ᠠᠯᠲᠠᠨ ᠲᠠᠮᠠᠭ᠎ᠠ ᠲᠦᠰᠢᠵᠦ ᠠᠪᠤᠭᠰᠠᠨ ᠪᠢᠯᠡ᠃
ᠡᠬᠡ ᠪᠣᠯᠤᠭᠰᠠᠨ ᠠᠮᠢᠲᠠᠨ ᠤ᠋ ᠲᠤᠰᠠ ᠶ᠋ᠢᠨ ᠲᠤᠯᠠᠳᠠ
ᠠᠮᠤᠷᠯᠢᠩᠭᠤᠢ ᠳᠦᠷᠢ ᠪᠡᠷ ᠰᠠᠭᠤᠳᠠᠭ ᠪᠢᠯᠡ᠃
ᠠᠷᠤ ᠬᠠᠯᠬ᠎ᠠ ᠲᠠ ᠨᠠᠷ ᠮᠢᠨᠢ᠂ ᠪᠢ ᠭᠤᠷᠪᠠᠨ ᠮᠢᠩᠭᠠᠨ
ᠶᠢᠷᠲᠢᠨᠴᠦ ᠶ᠋ᠢ ᠡᠳᠦᠷ ᠰᠥᠨᠢ ᠶ᠋ᠢᠨ ᠵᠢᠷᠭᠤᠭᠠᠨ ᠴᠠᠭ ᠲᠤ᠌ ᠬᠠᠮᠲᠤ ᠲᠣᠪᠴᠢᠯᠠᠵᠤ ᠵᠢᠷᠭᠤᠭ᠎ᠠ ᠡᠷᠭᠢᠳᠡᠭ ᠪᠢᠯᠡ᠃ ᠲᠠ ᠨᠠᠷ ᠤ᠋ᠨ ᠮᠢᠨᠢ ᠲᠠᠲᠠᠭᠰᠠᠨ ᠲᠠᠮᠠᠬᠢᠨ ᠤ᠋ ᠴᠢᠨᠢ ᠤᠲᠤᠭ᠎ᠠ᠂ ᠣᠭᠲᠠᠷᠭᠤᠢ ᠶ᠋ᠢᠨ ᠨᠠᠷᠠᠨ ᠰᠠᠷᠠᠨ ᠤ᠋ ᠭᠡᠷᠡᠯ ᠢ᠋ ᠪᠦᠲᠡᠭᠡᠬᠦ ᠴᠠᠭ ᠬᠦᠷᠴᠦ ᠪᠠᠢᠨ᠎ᠠ ᠰᠢᠦ᠃ ᠤᠤᠭᠤᠭᠰᠠᠨ ᠠᠷᠢᠬᠢ ᠴᠢᠨᠢ ᠮᠥᠷᠡᠨ ᠳᠠᠯᠠᠢ ᠮᠡᠲᠦ ᠪᠣᠯᠵᠤ᠂ ᠭᠠᠲᠤᠯᠵᠤ ᠭᠠᠷᠴᠤ ᠪᠣᠯᠬᠤ ᠦᠭᠡᠢ ᠪᠠᠢᠨ᠎ᠠ ᠰᠢᠦ᠃
ᠲᠠ ᠨᠠᠷ ᠤ᠋ᠨ ᠮᠢᠨᠢ ᠬᠢᠭᠰᠡᠨ ᠦᠢᠯᠡᠳᠦᠭᠰᠡᠨ ᠠᠷᠪᠠᠨ ᠬᠠᠷ᠎ᠠ ᠨᠢᠭᠦᠯ ᠴᠢᠨᠢ ᠮᠢᠨᠦ ᠪᠠᠷᠠᠭᠤᠨ ᠵᠡᠭᠦᠨ ᠠᠯᠠᠭᠠᠨ ᠳ᠋ᠤ᠌ ᠡᠷᠯᠢᠭ ᠦ᠋ᠨ ᠲᠣᠯᠢ ᠮᠡᠲᠦ ᠢᠯᠡᠬᠡᠨ ᠪᠠᠢᠨ᠎ᠠ ᠰᠢᠦ᠃
ᠡᠨᠡ ᠪᠦᠬᠦᠨ ᠳ᠋ᠦ᠍ ᠬᠤᠲᠤᠭᠲᠤ ᠮᠢᠨᠦ ᠰᠡᠳᠬᠢᠯ ᠴᠢᠯᠡᠵᠦ ᠪᠣᠢ ᠠᠨᠤ᠃
ᠣᠭᠲᠠᠷᠭᠤᠢ ᠳᠣᠣᠷ᠎ᠠ ᠴᠡᠷᠢᠭ ᠲᠡᠢᠨ ᠬᠥᠳᠡᠯᠭᠦᠢ ᠶ᠋ᠢᠨ ᠤᠴᠢᠷ ᠵᠣᠪᠠᠨᠢᠵᠤ ᠪᠠᠢᠨᠠᠮ ᠪᠢ᠃
ᠴᠠᠭᠠᠨ ᠮᠠᠯᠠᠭᠠᠢᠲᠤ ᠬᠢᠲᠠᠳ ᠨᠢᠭᠡᠬᠡᠨ ᠴᠦ᠍ ᠦᠭᠡᠢ ᠬᠣᠭᠣᠰᠣᠨ ᠪᠣᠯᠬᠤ ᠶ᠋ᠢᠨ ᠤᠴᠢᠷ ᠲᠤ᠌ ᠵᠣᠪᠠᠨᠢᠵᠤ ᠪᠠᠢᠨᠠᠮ ᠪᠢ᠃
ᠬᠣᠲᠠ ᠪᠠᠯᠭᠠᠰᠤᠨ ᠤ᠋ ᠭᠠᠵᠠᠷ ᠲᠤ᠌ ᠴᠡᠷᠢᠭ ᠦ᠋ᠨ ᠵᠡᠪᠰᠡᠭ ᠬᠥᠳᠡᠯᠬᠦ ᠤᠴᠢᠷ ᠲᠤ᠌ ᠵᠣᠪᠠᠨᠢᠵᠤ ᠪᠠᠢᠨᠠᠮ ᠪᠢ᠃
ᠣᠭᠲᠠᠷᠭᠤᠢ ᠳᠣᠣᠷ᠎ᠠ ᠬᠢᠲᠠᠳ ᠨᠠᠷ ᠠᠮᠤᠷ ᠦᠭᠡᠢ ᠤᠴᠢᠷ ᠲᠤ᠌ ᠵᠣᠪᠠᠨᠢᠵᠤ ᠪᠠᠢᠨᠠᠮ ᠪᠢ᠃
ᠶᠡᠬᠡ ᠬᠠᠭᠠᠨ ᠤ᠋ ᠠᠮᠢᠲᠠᠨ ᠦᠬᠦᠬᠦ ᠤᠴᠢᠷ ᠲᠤ᠌ ᠵᠣᠪᠠᠨᠢᠵᠤ ᠪᠠᠢᠨᠠᠮ ᠪᠢ᠃
ᠬᠤᠪᠴᠠᠰᠤ ᠪᠠᠢᠪᠠᠴᠤ ᠡᠮᠦᠰᠬᠦ ᠡᠵᠡᠨ ᠦᠭᠡᠢ ᠤᠴᠢᠷ ᠲᠤ᠌ ᠵᠣᠪᠠᠨᠢᠵᠤ ᠪᠠᠢᠨᠠᠮ ᠪᠢ᠃
ᠢᠳᠡᠭᠡᠨ ᠤᠮᠳᠠᠭᠠᠨ ᠪᠠᠢᠪᠠᠴᠤ ᠢᠳᠡᠬᠦ ᠬᠥᠮᠦᠨ ᠦᠭᠡᠢ ᠤᠴᠢᠷ ᠲᠤ᠌ ᠵᠣᠪᠠᠨᠢᠵᠤ ᠪᠠᠢᠨᠠᠮ ᠪᠢ᠃
ᠶᠠᠭᠤᠮ᠎ᠠ ᠪᠠᠢᠪᠠᠴᠤ ᠡᠳ᠋ᠯᠡᠬᠦ ᠬᠥᠮᠦᠨ ᠦᠭᠡᠢ ᠤᠴᠢᠷ ᠲᠤ᠌ ᠵᠣᠪᠠᠨᠢᠵᠤ ᠪᠠᠢᠨᠠᠮ ᠪᠢ᠃
ᠴᠠᠭᠠᠭᠴᠢᠨ ᠬᠤᠯᠤᠭᠠᠨ᠎ᠠ ᠵᠢᠯ ᠡᠴᠡ ᠵᠠᠢᠯᠠᠬᠤ ᠳ᠋ᠤ᠌ ᠬᠡᠴᠡᠭᠦᠦ ᠤᠴᠢᠷ ᠲᠤ᠌ ᠵᠣᠪᠠᠨᠢᠵᠤ ᠪᠠᠢᠨᠠᠮ ᠪᠢ᠃
ᠢᠷᠡᠬᠦ ᠴᠠᠭᠠᠭᠴᠢᠨ ᠬᠤᠯᠤᠭᠠᠨ᠎ᠠ ᠵᠢᠯ ᠳ᠋ᠦ᠍ ᠣᠭᠲᠠᠷᠭᠤᠢ ᠬᠡᠴᠡᠭᠦᠦ ᠤᠬᠢᠯᠠᠬᠤ ᠪᠣᠯᠤᠨ᠎ᠠ᠃ ᠮᠠᠰᠢ ᠪᠡᠷᠬᠡ᠃
ᠠᠯᠢᠪᠠ ᠭᠠᠵᠠᠷ ᠲᠤ᠌᠂ ᠪᠤᠷᠬᠠᠨ ᠲᠩᠷᠢ ᠳ᠋ᠦ᠍ ᠵᠤᠯᠠ ᠬᠦᠵᠢ ᠦᠷᠭᠦᠯᠵᠢ ᠳᠡᠯᠪᠢ᠃ ᠪᠤᠷᠬᠠᠨ ᠳ᠋ᠤ᠌ ᠮᠥᠷᠭᠥᠭᠲᠦᠨ᠃
ᠰᠠᠷ᠎ᠠ ᠪᠦᠷᠢ ᠶ᠋ᠢᠨ ᠰᠢᠨ᠎ᠡ ᠶ᠋ᠢᠨ ᠲᠠᠪᠤᠨ᠂ ᠠᠷᠪᠠᠨ ᠲᠠᠪᠤᠨ᠂ ᠬᠣᠷᠢᠨ ᠲᠠᠪᠤᠨ ᠳ᠋ᠤ᠌ ᠨᠡᠩ ᠰᠦᠰᠦᠭ ᠪᠢᠰᠢᠷᠡᠯ ᠢ᠋ᠶ᠋ᠡᠷ ᠯᠠᠮᠠ ᠬᠤᠸᠠᠷᠠᠭ ᠲᠤ᠌ ᠡᠷᠭᠦᠯ ᠪᠠᠷᠢᠴᠠ ᠪᠠᠷᠢᠵᠤ᠂ ᠰᠦᠮ᠎ᠡ ᠬᠡᠢᠳ ᠲᠦ᠍ ᠳᠠᠭᠠᠳᠬᠠᠯ ᠬᠢᠭᠲᠦᠨ! ᠴᠢᠩᠭᠢᠪᠡᠯ᠂ ᠠᠷᠢᠭᠤᠨ ᠴᠡᠪᠡᠷ ᠲᠠᠢᠪᠤᠩ ᠥᠩᠭᠡᠷᠡᠵᠦ ᠪᠣᠯᠤᠨ᠎ᠠ᠃
ᠬᠥᠮᠦᠨ ᠦ᠌ ᠴᠢᠰᠤ ᠪᠠᠷ ᠪᠦᠲᠦᠭᠰᠡᠨ ᠣᠳᠣᠨᠴᠤᠤ ᠬᠠᠷ᠎ᠠ ᠮᠢᠨᠵᠢᠨ ᠴᠡᠮᠪᠡ ᠵᠡᠷᠭᠡ ᠶ᠋ᠢᠨ ᠰᠢ ᠶᠠᠩ ᠤ᠋ᠨ* ᠭᠠᠵᠠᠷ ᠤ᠋ᠨ ᠪᠤᠷᠤᠭᠤ ᠨᠣᠮᠲᠠᠨ ᠤ᠋ ᠥᠯᠵᠡᠢ ᠪᠤᠰᠤ ᠪᠤᠵᠠᠷ ᠡᠳ᠋ ᠬᠡᠷᠡᠭᠯᠡᠵᠦ᠂ ᠭᠠᠮᠰᠢᠭ ᠵᠣᠪᠠᠯᠠᠩ ᠢ᠋ ᠥᠭᠡᠷ᠎ᠡ ᠪᠤᠰᠤᠳ ᠲᠤ᠌ ᠪᠤᠤ ᠲᠠᠲᠠᠭᠲᠤᠨ!
ᠡᠨᠡ ᠰᠤᠷᠭᠠᠯ ᠯᠦᠨᠳᠦᠩ ᠢ᠋ ᠪᠢᠴᠢᠵᠦ ᠳᠡᠯᠭᠡᠷᠡᠭᠦᠯᠪᠡᠯ᠂ ᠨᠢᠭᠡ ᠭᠡᠷ ᠦ᠋ᠨ ᠭᠠᠮᠰᠢᠭ ᠵᠣᠪᠠᠯᠠᠩ ᠥᠩᠭᠡᠷᠡᠵᠦ ᠪᠣᠯᠤᠨ᠎ᠠ᠃ ᠠᠷᠪᠠ ᠪᠢᠴᠢᠵᠦ ᠳᠡᠯᠭᠡᠷᠡᠭᠦᠯᠪᠡᠰᠦ ᠠᠷᠪᠠᠨ ᠭᠡᠷ ᠦ᠋ᠨ ᠭᠠᠮᠰᠢᠭ ᠵᠣᠪᠠᠯᠠᠩ ᠥᠩᠭᠡᠷᠡᠵᠦ ᠪᠣᠯᠤᠨ᠎ᠠ᠃
ᠮᠡᠳᠡᠵᠦ ᠪᠠᠢᠭᠠᠳ ᠡᠰᠡ ᠲᠠᠷᠬᠠᠭᠠᠪᠠᠰᠤ᠂ ᠴᠢᠰᠤ ᠪᠠᠷ ᠪᠥᠭᠡᠯᠵᠢᠵᠦ ᠦᠬᠦᠬᠦ ᠮᠠᠭᠠᠳ᠃ ᠠᠯᠢᠪᠠ ᠬᠥᠮᠦᠨ ᠡᠰᠡ ᠢᠲᠡᠭᠡᠪᠡᠰᠦ᠂ ᠨᠢᠭᠡᠨ ᠭᠡᠷ ᠦ᠋ᠨ ᠬᠥᠮᠦᠨ ᠪᠦᠭᠦᠳᠡᠭᠡᠷ ᠬᠢᠵᠢᠭ ᠢ᠋ᠶ᠋ᠡᠷ ᠦᠬᠦᠬᠦ ᠪᠣᠯᠤᠨ᠎ᠠ᠃ ᠣᠭᠲᠠᠷᠭᠤᠢ ᠬᠡᠴᠡᠭᠦᠦ ᠤᠬᠢᠯᠠᠬᠤ ᠪᠣᠯᠤᠨ᠎ᠠ ᠭᠡᠵᠦ ᠲᠡᠷᠡ ᠪᠠᠳᠢᠷᠴᠢᠨ ᠤ᠋ ᠮᠠᠰᠢ ᠰᠦᠷᠳᠡᠶ᠎ᠡ ᠥᠨᠳᠥᠷ ᠳᠠᠭᠤᠨ ᠢ᠋ᠶ᠋ᠠᠷ ᠪᠠᠷᠬᠢᠷᠠᠨ ᠲᠡᠭᠦᠰᠬᠡᠭᠰᠡᠨ ᠳ᠋ᠦ᠍ ᠭᠡᠷ ᠦ᠋ᠨ ᠬᠠᠶᠠᠭᠠᠨ ᠳ᠋ᠤ᠌ ᠬᠡᠪᠲᠡᠭᠰᠡᠨ ᠨᠣᠬᠠᠢ ᠬᠦᠷᠲᠡᠯ᠎ᠡ ᠰᠣᠴᠢᠨ ᠭᠠᠩᠭᠢᠨᠠᠵᠤ ᠤᠬᠤᠰᠬᠢᠨ ᠵᠢᠭᠤᠲᠠᠭᠠᠳ᠂ ᠤᠤᠯᠭᠠᠴᠢ ᠲᠠᠷᠠᠩ ᠢ᠋
— ᠣᠭᠲᠠᠷᠭᠤᠢ ᠬᠡᠴᠡᠭᠦᠦ ᠤᠬᠢᠯᠠᠬᠤ ᠪᠣᠯᠤᠨ᠎ᠠ ᠭᠡᠵᠦ ᠤᠤᠯᠭ᠎ᠠ ᠠᠯᠳᠠᠭᠰᠠᠨ ᠳ᠋ᠤ᠌ ᠫᠠᠭᠮ᠎ᠠ ᠰᠡᠭᠦᠷᠡᠰᠦ ᠠᠯᠲᠠᠨ᠂ ᠠ᠋ ᠭᠡᠭᠡᠬᠡᠨ ᠮᠢᠨᠢ ᠨᠠᠭᠠᠨ᠎ᠠ ᠥᠷᠥᠰᠢᠶᠡ! ᠭᠡᠵᠡᠢ᠃
ᠪᠠᠳᠢᠷᠴᠢᠨ ᠲᠡᠭᠡᠵᠦ ᠣᠯᠠᠨ ᠳ᠋ᠤ᠌ ᠰᠦᠷ ᠪᠠᠳᠠᠷᠠᠭᠤᠯᠤᠨ ᠤᠩᠰᠢᠭᠰᠠᠨ ᠳ᠋ᠠᠭᠠᠨ ᠶᠡᠬᠡᠯ᠎ᠡ ᠪᠠᠬᠠᠳᠤᠵᠤ᠂ ᠠᠮᠢᠲᠠᠨ ᠤ᠋ ᠭᠡᠯᠮᠡᠭᠳᠡᠭᠰᠡᠨ ᠢ᠋ ᠠᠯᠳᠠᠯ ᠦᠭᠡᠢ᠂ ᠡᠪᠦᠷ ᠡᠴᠡ ᠪᠡᠨ ᠬᠤᠯᠤᠰᠤᠨ ᠦᠵᠦᠭ᠂ ᠵᠡᠰ ᠨᠠᠭᠪᠠᠮ᠂(ᠬᠤᠯᠤᠰᠤᠨ ᠦᠵᠦᠭ ᠢ᠋ ᠲᠥᠷᠥᠳᠡᠭ ᠪᠣᠳᠣᠭ ᠠᠭᠤᠯᠤᠭᠰᠠᠨ ᠪᠢᠴᠢᠬᠠᠨ ᠰᠠᠪᠠ ᠶ᠋ᠢ ᠬᠡᠯᠡᠨ᠎ᠡ — ᠪᠠᠭᠤᠯᠭᠠᠭᠴᠢ ᠠ᠋ᠴᠠ) ᠲᠥᠪᠡᠳ ᠴᠠᠭᠠᠰᠤ ᠭᠠᠷᠭᠠᠭᠠᠳ᠂
— ᠮᠢᠨᠦ ᠡᠨᠡ ᠪᠡᠬᠡ ᠵᠢᠷ ᠦ᠋ᠨ ᠪᠡᠬᠡ ᠪᠢᠰᠢ ᠶᠣᠨᠵᠣᠩ ᠬᠠᠮᠪᠤ ᠶ᠋ᠢᠨ ᠠᠳᠢᠰᠳᠠᠲᠤ ᠲᠠᠢ ᠪᠡᠬᠡ ᠶᠦᠮ ᠰᠢᠦ᠃ ᠴᠠᠭᠠᠰᠤ ᠨᠢ ᠣᠯᠳᠠᠬᠤᠶ᠎ᠠ ᠪᠡᠷᠬᠡ ᠤᠳᠠᠮᠪᠠᠷ ᠽᠠᠮᠪᠠᠭ᠎ᠠ ᠶ᠋ᠢᠨ ᠴᠡᠴᠡᠭ ᠢ᠋ᠶ᠋ᠡᠷ ᠬᠢᠭᠰᠡᠨ ᠨᠠᠨᠳᠢᠨ ᠲᠥᠪᠡᠳ ᠴᠠᠭᠠᠰᠤ᠂ ᠵᠠ᠂ ᠬᠡᠳᠦᠨ ᠬᠤᠪᠢ ᠪᠢᠴᠢᠭᠦᠯᠬᠦ ᠪᠣᠢ ᠭᠡᠵᠡᠢ᠃
ᠠᠷᠪᠠᠨ ᠬᠤᠪᠢ ᠰᠡᠢᠷᠡᠭᠦᠯᠦᠨ ᠪᠢᠴᠢᠬᠦ ᠤᠤ? ᠥᠭᠯᠢᠭᠡ ᠶ᠋ᠢᠨ ᠡᠵᠡᠨ ᠮᠢᠨᠢ ᠭᠡᠬᠦ ᠳ᠋ᠦ᠍ᠨᠢ᠂
— ᠵᠠ᠂ ᠲᠡᠭᠡᠪᠡᠯ ᠲᠡᠭᠡ ᠳᠡ ᠭᠡᠵᠦ ᠵᠠᠮᠪᠠ ᠵᠥᠪᠰᠢᠶᠡᠷᠡᠵᠡᠢ᠃
— ᠥᠨᠥᠳᠥᠷ ᠰᠢᠨ᠎ᠡ ᠶ᠋ᠢᠨ ᠲᠠᠪᠤᠨ᠂ ᠪᠢ ᠤᠩᠰᠢᠯᠭ᠎ᠠ ᠪᠠᠨ ᠤᠩᠰᠢᠬᠤ ᠳ᠋ᠠᠭᠠᠨ ᠲᠠᠨᠠᠢ ᠭᠡᠷ ᠬᠣᠲᠠᠯᠠᠭᠠᠷ ᠠᠮᠤᠷ ᠠᠮᠤᠭᠤᠯᠠᠩ ᠰᠠᠭᠤᠬᠤ ᠶ᠋ᠢ ᠵᠠᠯᠪᠠᠷᠢᠨ ᠥᠴᠢᠵᠦ᠂ ᠳᠡᠭᠡᠷᠡᠬᠢ ᠶ᠋ᠢᠨ ᠯᠦᠨᠳᠦᠩ ᠢ᠋ ᠠᠷᠪᠠᠨ ᠬᠤᠪᠢ ᠪᠢᠴᠢᠵᠦ ᠥᠭᠭᠦᠶ᠎ᠡ᠃ ᠪᠤᠶᠠᠨ ᠤ᠋ ᠦᠢᠯᠡᠰ ᠲᠦ᠍ ᠮᠠᠢᠮᠠᠢᠴᠠᠯᠳᠠᠬᠤ ᠨᠢ ᠨᠢᠭᠦᠯ ᠭᠡᠳᠡᠭ ᠳᠡ᠃ ᠥᠭᠯᠢᠭᠡ ᠶ᠋ᠢᠨ ᠡᠵᠡᠨ ᠲᠠ᠂ ᠳᠡᠭᠡᠷᠡᠬᠢ ᠶ᠋ᠢᠨ ᠭᠡᠭᠡᠬᠡᠨ ᠦ᠌ ᠱᠠᠪᠢ᠂ ᠥᠴᠦᠬᠡᠨ ᠬᠤᠸᠠᠷᠠᠭ ᠨᠠᠳᠠ ᠳ᠋ᠤ᠌ ᠲᠠ ᠪᠦᠬᠦᠨ ᠦ᠌ ᠲᠥᠯᠥᠭᠡ ᠪᠤᠷᠬᠠᠨ ᠳ᠋ᠤ᠌ ᠵᠠᠯᠪᠠᠷᠢᠵᠤ ᠯᠦᠨᠳᠦᠩ ᠰᠤᠷᠭᠠᠯ ᠰᠡᠢᠷᠡᠭᠦᠯᠦᠭᠰᠡᠨ ᠦ᠌ ᠱᠠᠩ ᠨᠢᠭᠡ ᠯᠠᠩ ᠬᠠᠢᠷᠠᠯᠠᠪᠠᠯ ᠶᠠᠭᠠᠬᠢᠨ᠎ᠠ? ᠭᠡᠬᠦ ᠳ᠋ᠦ᠍ᠨᠢ᠂ ᠵᠠᠮᠪᠠ᠂ ᠲᠡᠷᠡ ᠠᠷᠭ᠎ᠠ ᠵᠠᠯᠢᠲᠠᠢ ᠪᠠᠳᠢᠷᠴᠢᠨ ᠤ᠋ ᠥᠭᠡᠳᠡ ᠡᠴᠡ ᠬᠡᠯᠡᠬᠦ ᠦᠭᠡ ᠣᠯᠳᠠᠵᠤ ᠥᠭᠭᠦᠭᠰᠡᠨ ᠦᠭᠡᠢ᠂ ᠳᠡᠮᠡᠢ ᠯᠡ ᠭᠠᠢᠬᠠᠬᠤ ᠳ᠋ᠠᠭᠠᠨ ᠵᠠ ᠭᠡᠵᠦ ᠰᠤᠯᠠᠬᠠᠨ ᠰᠢᠭ᠋ ᠳᠤᠤᠭᠠᠷᠴᠠᠢ᠃
ᠦᠳᠡᠰᠢ ᠲᠡᠷᠡ ᠪᠠᠳᠢᠷᠴᠢ᠂ ᠪᠠᠲᠤᠪᠠᠶᠠᠷ ᠢ᠋ ᠢᠸᠠᠨ ᠤ᠋ ᠳ᠋ᠠᠭᠠᠨ ᠣᠴᠢᠭᠠᠳ ᠪᠤᠴᠠᠵᠤ ᠢᠷᠡᠪᠡ ᠭᠡᠵᠦ ᠰᠣᠨᠣᠰᠤᠭᠠᠳ ᠂ ᠪᠠᠰᠠ ᠯᠦᠨᠳᠦᠩ ᠰᠡᠢᠷᠡᠭᠦᠯᠵᠦ ᠠᠰᠢᠭ ᠣᠯᠤᠶ᠎ᠠ ᠭᠡᠵᠦ ᠪᠤᠳᠤᠲᠠᠯ᠎ᠠ᠂ ᠡᠪᠦᠭᠡᠨ ᠥᠭᠡᠳᠡ ᠡᠴᠡ ᠨᠢ ᠬᠠᠲᠠᠭᠤ ᠬᠠᠷᠢᠭᠤ ᠥᠭᠴᠦ᠂
— ᠣᠭᠲᠠᠷᠭᠤᠢ ᠶᠡᠬᠡᠳᠡ ᠤᠬᠢᠯᠠᠬᠤ ᠳ᠋ᠤ᠌ ᠬᠦᠷᠪᠡᠯ᠂ ᠭᠠᠭᠴᠠ ᠮᠢᠨᠦ ᠬᠠᠷ᠎ᠠ ᠲᠣᠯᠣᠭᠠᠢ ᠳᠡᠭᠡᠷ᠎ᠡ ᠤᠬᠢᠯᠠᠬᠤ ᠶᠤᠮ ᠪᠢᠰᠢ᠂ ᠳᠠᠶᠠ ᠣᠯᠠᠨ ᠤ᠋ ᠲᠣᠯᠣᠭᠠᠢ ᠳᠡᠭᠡᠷ᠎ᠡ ᠤᠬᠢᠯᠠᠬᠤ ᠶᠤᠮ ᠪᠠᠢᠯ ᠦᠭᠡᠢ ᠳᠡ᠃ ᠲᠡᠷᠡ ᠴᠠᠭᠠᠨ ᠬᠤᠯᠤᠭᠠᠨ᠎ᠠ ᠵᠢᠯ ᠨᠠᠮᠠᠶ᠋ᠢ ᠠᠮᠢᠳᠤ ᠪᠠᠢᠪᠠᠯ᠂ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠳᠡᠭᠡᠷᠡᠬᠢ ᠶ᠋ᠢᠨ ᠭᠡᠭᠡᠬᠡᠨ ᠵᠠᠯᠪᠠᠷᠢᠳᠠᠭ ᠶᠤᠮ ᠪᠣᠯ᠂ ᠪᠢ ᠴᠦ᠍ ᠪᠠᠰᠠ ᠲᠡᠷᠡ ᠬᠠᠮᠤᠭ ᠠᠮᠢᠲᠠᠨ ᠤ᠋ ᠲᠣᠭᠠᠨ ᠳ᠋ᠤ᠌ ᠪᠠᠭᠲᠠᠯᠴᠠᠬᠤ ᠶᠤᠮ ᠪᠠᠢᠯ ᠦᠭᠡᠢ ᠳᠡ ᠭᠡᠵᠦ ᠬᠡᠯᠡᠭᠡᠳ ᠪᠠᠲᠤᠪᠠᠶᠠᠷ᠂ ᠫᠠᠭᠮ᠎ᠠ ᠶ᠋ᠢᠨ ᠠᠶᠤᠵᠤ ᠰᠠᠨᠳᠤᠷᠤᠭᠰᠠᠨ ᠴᠢᠷᠠᠢ ᠶ᠋ᠢ ᠬᠠᠷᠠᠵᠤ ᠰᠠᠬᠠᠯ ᠳᠣᠣᠷ᠎ᠠ ᠪᠠᠨ ᠮᠦᠰᠢᠶᠡᠵᠦ᠂ ᠨᠢᠭᠡ ᠦᠷᠴᠢᠬᠡᠷ ᠬᠠᠭᠤᠴᠢᠨ ᠰᠠᠮᠪᠠᠢ ᠬᠠᠳᠠᠭ ᠭᠠᠷᠭᠠᠵᠤ᠂
— ᠥᠭᠯᠢᠭᠡᠨ ᠳ᠋ᠦ᠍ ᠶᠡᠬᠡ ᠪᠠᠭ᠎ᠠ ᠭᠡᠳᠡᠭ ᠦᠭᠡᠢ ᠪᠢᠵᠡ ᠳᠡ᠃ ᠪᠠᠳᠢᠷᠴᠢ ᠭᠤᠸᠠᠢ ᠳ᠋ᠤ᠌ ᠯᠦᠨᠳᠦᠩ ᠤᠩᠰᠢᠵᠤ ᠥᠭᠭᠦᠭᠰᠡᠨ ᠦ᠌ ᠬᠠᠷᠠᠮᠵᠢ ᠪᠣᠯᠭᠠᠵᠤ ᠡᠭᠦᠨ ᠢ᠋ ᠪᠠᠷᠢᠶ᠎ᠠ᠃ ᠪᠢ ᠪᠢᠴᠢᠭ ᠦᠰᠦᠭ ᠲᠥᠰᠦᠭᠡᠯᠡᠬᠦ ᠲᠤᠯᠠ ᠡᠷᠬᠢᠮ ᠦ᠋ᠨ ᠭᠠᠷ ᠢ᠋ ᠶᠠᠮᠠᠷ ᠠᠶᠤᠮᠰᠢᠭ ᠦᠭᠡᠢ ᠴᠢᠯᠡᠭᠡᠬᠦ ᠪᠢᠯᠡ᠃ ᠬᠣᠵᠢᠮ ᠵᠠᠮᠪᠠ ᠠ᠋ᠴᠠ ᠨᠢᠭᠡ ᠬᠤᠪᠢ ᠣᠯᠵᠤ ᠠᠪᠤᠭᠠᠳ ᠥᠪᠡᠷ ᠦ᠋ᠨ ᠭᠠᠷ ᠢ᠋ᠶ᠋ᠠᠷ ᠪᠤᠶᠠᠨ ᠬᠢᠵᠦ ᠰᠡᠢᠷᠡᠭᠦᠯᠦᠶᠡ ᠳᠡ ᠭᠡᠵᠦ ᠬᠡᠯᠡᠬᠦ ᠳ᠋ᠦ᠍ᠨᠢ ᠪᠠᠳᠢᠷᠴᠢ ᠢᠷᠪᠠᠢᠵᠤ᠂ ᠠᠷᠭ᠎ᠠ ᠪᠤᠶᠤ ᠲᠡᠷᠡ ᠮᠠᠭᠤ ᠰᠠᠮᠪᠠᠢ ᠬᠠᠳᠠᠭ ᠢ᠋ ᠠᠪᠤᠭᠠᠳ ᠡᠪᠦᠷ ᠲᠡᠭᠡᠨ ᠶᠡᠬᠡᠯ᠎ᠡ ᠠᠭᠤᠷ ᠲᠠᠢ ᠴᠢᠬᠢᠭᠡᠳ ᠵᠠᠮᠪᠠ ᠶ᠋ᠢᠨ ᠭᠡᠷ ᠲᠦ᠍ ᠡᠷᠭᠢᠭᠡᠳ ᠣᠷᠣᠵᠠᠢ᠃
— — — —
* ᠹᠷᠠᠨᠽᠢ᠂ ᠭᠧᠷᠮᠠᠨ᠂ ᠶᠠᠫᠣᠨ ᠭᠡᠰᠡᠨ ᠦᠭᠡ
* ᠧᠦ᠋ᠷᠣᠫᠠ ᠶ᠋ᠢ ᠬᠡᠯᠡᠵᠡᠢ᠃
ᠦᠰᠦᠭ ᠠᠮᠢᠯᠠᠭᠤᠯᠤᠭᠴᠢ᠄ ᠮᠧᠢ ᠬᠤᠸᠠ᠂ ᠤᠢᠭᠤᠷᠵᠢᠨ·ᠣᠳᠬᠣᠨᠪᠠᠪᠠ ᠂ ᠰᠠᠷᠠᠨᠲᠤᠶᠠᠭ᠎ᠠ᠂
ᠮᠥᠩᠭᠥᠨᠭᠣᠸ᠎ᠠ᠂ ᠪᠠᠳᠮᠠᠰᠡᠴᠡᠨ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠰᠡᠷᠭᠦᠯᠡᠩ᠂ ᠲ· ᠬᠦᠮᠦᠵᠢᠯᠲᠦ᠂ ᠪᠠᠯ᠂
ᠮᠥᠩᠭᠥᠨᠭᠣᠸ᠎ᠠ᠂ ᠴᠡᠩᠬᠡᠯᠴᠡᠴᠡᠭ᠂ ᠮᠧᠢ ᠬᠤᠸᠠ
ᠤᠩᠰᠢᠭᠴᠢ᠄ ᠨᠠᠰᠤᠨ᠌ᠦ᠌ᠯᠵᠡᠢ
