ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠳᠣᠯᠣᠭ᠎ᠠ) Үүрийн туяа I – Б ᠂ Ренчин Тэргүүн дэвтэр "<Манжийн талхинд" (17)
ᠠᠷᠪᠠᠨ ᠳᠣᠯᠣᠭ᠎ᠠ᠂ ᠮᠥᠬᠥᠵᠦ ᠪᠠᠢᠭ᠎ᠠ ᠲᠥᠷᠥ ᠶ᠋ᠢᠨ ᠨᠡᠢᠰᠯᠡᠯ ᠳ᠋ᠦ᠍
ᠨᠢᠭᠡᠨ ᠠᠳᠬᠤ ᠲᠤᠲᠤᠷᠭ᠎ᠠ ᠳ᠋ᠤ᠌ ᠮᠢᠩᠭᠠᠨ ᠲᠠᠰᠢᠭᠤᠷ ᠤ᠋ᠨ ᠴᠢᠰᠤᠨ ᠪᠣᠢ
ᠨᠢᠭᠡᠨ ᠢᠮᠠᠬᠤ ᠲᠣᠷᠭᠠᠨ ᠳ᠋ᠤ᠌ ᠮᠢᠩᠭᠠᠨ ᠬᠦᠷᠢ ᠬᠣᠷᠣᠬᠠᠢ ᠶ᠋ᠢᠨ ᠠᠮᠢᠨ ᠪᠣᠢ ᠃
ᠨᠠᠰᠤᠡᠪᠠᠲᠤ ᠨᠢᠳᠦ ᠪᠡᠨ ᠨᠡᠬᠡᠭᠡᠳ ᠨᠢᠭᠡᠨ ᠬᠡᠰᠡᠭ ᠶᠡᠬᠡᠯ᠎ᠡ ᠰᠣᠴᠢᠨ ᠭᠠᠢᠬᠠᠵᠤ᠂ ᠶᠠᠭᠤ ᠪᠣᠯᠵᠤ᠂ ᠪᠢ ᠡᠨᠡ ᠴᠢᠮᠡᠭᠡ ᠢᠮᠡᠭᠡ ᠦᠭᠡᠢ ᠪᠢᠴᠢᠬᠠᠨ ᠪᠠᠢᠰᠢᠩ ᠤ᠋ᠨ ᠬᠠᠨᠵᠤᠨ ᠳᠡᠭᠡᠷ᠎ᠡ ᠬᠡᠪᠲᠡᠵᠦ ᠪᠠᠢᠭ᠎ᠠ ᠶᠤᠮ ᠪᠢᠯᠡ? ᠭᠡᠵᠦ ᠴᠠᠭᠠᠰᠤ ᠨᠠᠭᠠᠭᠰᠠᠨ ᠴᠣᠩᠬᠣᠨ ᠤ᠋ ᠳᠣᠣᠷ᠎ᠠ᠂ ᠲᠤᠭᠤᠷᠭᠠᠨ ᠠ᠋ᠴᠠ ᠡᠯᠭᠦᠭᠡᠰᠦᠲᠡᠢ ᠬᠣᠣᠰ ᠤᠳᠬ᠎ᠠ ᠤᠶᠠᠩᠭ᠎ᠠ᠂ ᠬᠠᠨᠵᠤᠨ ᠤ᠋ ᠳᠤᠮᠳᠠ ᠪᠠᠢᠭ᠎ᠠ ᠪᠢᠴᠢᠬᠠᠨ ᠰᠢᠷᠡᠭᠡ᠂ ᠲᠡᠷᠡ ᠪᠠᠢᠰᠢᠩ ᠳᠣᠲᠣᠷᠠᠬᠢ ᠬᠡᠷᠡᠭᠯᠡᠯ ᠢ᠋ ᠲᠠᠨᠢᠬᠤ ᠦᠭᠡᠢ᠂ ᠬᠠᠴᠢᠨ ᠡᠲᠡᠭᠡᠳ ᠶᠠᠮᠠᠷᠬᠠᠨ ᠭᠠᠵᠠᠷ ᠪᠢᠯᠡ ᠭᠡᠵᠦ ᠭᠠᠢᠬᠠᠲᠠᠯ᠎ᠠ᠂ ᠭᠡᠨᠡᠳᠲᠡ ᠤᠬᠠᠭᠠᠨ ᠰᠠᠨᠠᠭ᠎ᠠ ᠣᠷᠣᠵᠤ᠂ ᠪᠢ ᠰᠠᠢ᠍ᠢ( ᠰᠠᠶᠢ) ᠵᠡᠭᠦᠳᠦᠯᠡᠵᠦ᠂ ᠭᠡᠷ ᠲᠡᠭᠡᠨ ᠰᠠᠭᠤᠵᠤ ᠪᠠᠢᠨ᠎ᠠ᠃ ᠡᠵᠢ ᠰᠠᠢᠬᠠᠨ ᠦᠨᠦᠷ ᠬᠠᠩᠬᠤᠯᠤᠭᠰᠠᠨ ᠬᠠᠯᠠᠭᠤᠨ ᠠᠭᠤᠷ ᠪᠠᠭᠠᠭᠢᠭᠰᠠᠨ ᠴᠠᠢ ᠬᠢᠵᠦ ᠥᠭᠴᠦ ᠪᠠᠢᠨ᠎ᠠ ᠭᠡᠵᠦ ᠵᠡᠭᠦᠳᠦᠯᠡᠵᠦ ᠪᠠᠢᠭᠰᠠᠨ ᠶᠤᠮ ᠪᠠᠢᠨ᠎ᠠ ᠰᠢᠦ᠃ ᠬᠠᠷᠢᠨ ᠡᠨᠡ ᠲᠠᠨᠢᠭᠳᠠᠬᠤ ᠦᠭᠡᠢ ᠬᠢᠲᠠᠳ ᠪᠠᠢᠰᠢᠩ ᠳ᠋ᠤ᠌ ᠶᠠᠭᠠᠬᠢᠭᠠᠳ ᠣᠷᠣᠴᠢᠯᠡ ᠭᠡᠵᠦ ᠪᠠᠢᠭ᠎ᠠ ᠪᠠᠢᠰᠢᠩ ᠪᠣᠯ ᠬᠥᠯ ᠦᠢᠮᠡᠭᠡᠨ ᠪᠠᠭ᠎ᠠ ᠲᠠᠢ ᠶᠦᠩ ᠾᠧ ᠬᠦᠩ ᠦ᠋ᠨ ᠭᠤᠳᠤᠮᠵᠢ ᠳ᠋ᠠᠬᠢ ᠪᠠᠭᠤᠷᠴᠢ ᠶ᠋ᠢᠨ ᠪᠠᠢᠰᠢᠩ ᠪᠥᠭᠡᠳ ᠵᠡᠭᠦᠳᠦᠨ ᠪᠢᠰᠢ᠂ ᠶᠣᠰᠣ ᠲᠠᠢ ᠦᠨᠡᠨ ᠪᠠᠢᠳᠠᠯ ᠠᠵᠢ᠃ ᠪᠢ ᡀᠠ ᠪᠠᠢᠰᠠ ᠶ᠋ᠢᠨ ᠵᠣᠯᠢᠭ ᠲᠤ᠌ ᠭᠠᠷᠴᠤ᠂ ᠨᠤᠲᠤᠭ ᠠ᠋ᠴᠠ ᠪᠠᠨ ᠬᠣᠯᠠᠳᠠᠵᠤ ᠭᠡᠷᠦᠨ ᠬᠡᠰᠦᠭᠰᠡᠭᠡᠷ ᠪᠠᠷᠤᠭ ᠠᠷᠪᠠᠨ ᠵᠢᠯ ᠪᠣᠯᠵᠤ ᠪᠠᠢᠭ᠎ᠠ ᠬᠥᠮᠦᠨ ᠭᠡᠵᠦ ᠭᠤᠨᠢᠨ ᠰᠡᠳᠬᠢᠵᠡᠢ᠃
ᠮᠠᠨᠵᠤ ᠬᠠᠭᠠᠨ ᠤ᠋ ᠨᠡᠢᠰᠯᠡᠯ ᠳ᠋ᠦ᠍ ᠬᠦᠷᠴᠦ ᠢᠷᠡᠬᠦ ᠶ᠋ᠢᠨ ᠡᠮᠦᠨ᠎ᠡ ᠬᠡᠴᠢᠨᠡᠨ ᠣᠯᠠᠨ ᠬᠣᠰᠢᠭᠤ᠂ ᠭᠠᠴᠠᠭ᠎ᠠ ᠬᠦᠢ᠂ ᠶᠡᠬᠡ ᠪᠠᠭ᠎ᠠ ᠬᠣᠲᠠ ᠳᠠᠮᠵᠢᠭᠰᠠᠨ ᠪᠢᠯᠡ ᠭᠡᠵᠦ ᠪᠣᠳᠣᠭᠠᠳ᠂ ᠴᠢᠭᠤᠯᠤᠯᠲᠤ ᠬᠠᠭᠠᠯᠭ᠎ᠠ ᠭᠡᠳᠡᠭ ᠬᠣᠲᠠ ᠳ᠋ᠤ᠌ ᠠᠩᠬ᠎ᠠ ᠬᠦᠷᠴᠦ ᠢᠷᠡᠭᠡᠳ᠂ ᠨᠤᠲᠤᠭ ᠲᠠᠭᠠᠨ ᠤᠯᠢᠶᠠᠰᠤᠲᠠᠢ ᠬᠣᠲᠠ ᠳ᠋ᠤ᠌ ᠲᠠᠨᠢᠯᠴᠠᠭᠰᠠᠨ ᠵᠠᠩ ᠣᠪᠣᠭᠲᠤ ᠮᠤᠵᠢᠶᠠᠩ ᠲᠠᠢ ᠭᠤᠳᠤᠮᠵᠢᠨ ᠳ᠋ᠤ᠌ ᠠᠭᠤᠯᠵᠠᠭᠰᠠᠨ ᠢ᠋ᠶ᠋ᠠᠨ ᠰᠠᠨᠠᠵᠠᠢ᠃ ᠲᠡᠷᠡ ᠡᠪᠦᠭᠡᠨ ᠮᠤᠵᠢᠶᠠᠩ ᠴᠢᠭᠤᠯᠤᠯᠲᠤ ᠬᠣᠲᠠᠨ ᠤ᠋ ᠬᠥᠮᠦᠨ ᠪᠥᠭᠡᠳ ᠤᠯᠢᠶᠠᠰᠤᠲᠠᠢ ᠠ᠋ᠴᠠ ᠨᠤᠲᠤᠭ ᠲᠠᠭᠠᠨ ᠪᠤᠴᠠᠭᠠᠳ᠂ ᠮᠥᠨ ᠮᠤᠵᠢᠶᠠᠩ ᠤ᠋ᠨ ᠠᠵᠢᠯ ᠬᠢᠭᠰᠡᠭᠡᠷ ᠠᠵᠢ᠂ ᠭᠤᠳᠤᠮᠵᠢᠨ ᠳ᠋ᠤ᠌ ᠨᠠᠰᠤᠨᠪᠠᠲᠤ ᠲᠠᠢ ᠠᠭᠤᠯᠵᠠᠭᠠᠳ ᠲᠠᠨᠢᠵᠤ᠂ ᠮᠠᠨᠠᠢ ᠳ᠋ᠤ᠌ ᠣᠴᠢ ᠭᠡᠵᠦ ᠭᠡᠷ ᠲᠡᠭᠡᠨ ᠠᠪᠠᠴᠢᠭᠠᠳ᠂ ᠪᠠᠭ᠎ᠠ ᠰᠠᠭ᠎ᠠ ᠮᠥᠩᠭᠥ ᠲᠡᠢ ᠶ᠋ᠢ ᠨᠢ ᠣᠯᠵᠤ ᠮᠡᠳᠡᠭᠡᠳ᠂ ᠪᠢ ᠡᠨᠡ ᠶ᠋ᠢ ᠴᠢᠨᠢ ᠨᠢᠭᠡ ᠰᠠᠢᠨ ᠪᠠᠲᠤ ᠭᠠᠵᠠᠷ ᠥᠭᠴᠦ᠂ ᠴᠢᠮᠠᠲᠤ ᠲᠤᠰᠠ ᠪᠣᠯᠤᠶ᠎ᠠ᠃ ᠴᠢ ᠠᠷᠢᠬᠢ᠂ ᠲᠠᠮᠠᠬᠢ᠂ ᠮᠥᠷᠥᠢ ᠲᠡᠢ ᠲᠣᠭᠯᠠᠭᠠᠮ ᠤ᠋ᠨ ᠬᠣᠢᠨ᠎ᠠ ᠠ᠋ᠴᠠ ᠬᠥᠭᠡᠭᠡᠴᠡᠯᠳᠦᠬᠦ ᠦᠭᠡᠢ ᠪᠣᠯ᠂ ᠡᠨᠡ ᠮᠥᠩᠭᠥ ᠪᠡᠷ ᠮᠥᠷᠥ ᠪᠦᠲᠦᠨ᠂ ᠭᠡᠳᠡᠰᠦ ᠴᠠᠳᠬᠤᠯᠠᠩ ᠬᠣᠷᠢᠨ ᠵᠢᠯ ᠠᠮᠢ ᠵᠢᠭᠤᠵᠤ ᠪᠣᠯᠬᠤ ᠤᠴᠢᠷ ᠪᠠᠢᠨ᠎ᠠ ᠭᠡᠵᠦ ᠬᠡᠯᠡᠭᠡᠳ᠂ ᠲᠡᠷᠡ ᠰᠠᠢᠨ ᠰᠡᠳᠬᠢᠯᠲᠦ ᠡᠪᠦᠭᠡᠨ ᠦᠨᠡᠬᠡᠷ ᠬᠡᠯᠡᠭᠰᠡᠨ ᠠᠮᠠ ᠳ᠋ᠠᠭᠠᠨ ᠬᠦᠷᠴᠦ᠂ ᠨᠠᠰᠤᠨᠪᠠᠲᠤ ᠳ᠋ᠤ᠌ ᠲᠡᠭᠦᠨ ᠦ᠌ ᠮᠥᠩᠭᠥᠨ ᠦ᠌ ᠤᠴᠢᠷ ᠢ᠋ ᠣᠯᠵᠤ ᠥᠭᠭᠦᠭᠰᠡᠨ ᠪᠢᠯᠡ᠃
— ᠴᠢᠨᠦ ᠡᠴᠢᠭᠡ᠂ ᠬᠥᠳᠡᠯᠮᠦᠷᠢ ᠬᠥᠮᠦᠨ ᠢ᠋ ᠴᠢᠮᠡᠳᠡᠭ ᠶᠦᠮ ᠭᠡᠵᠦ ᠶᠠᠷᠢᠳᠠᠭ ᠰᠠᠨ᠃ ᠴᠢ ᠨᠠᠳᠠ ᠠ᠋ᠴᠠ ᠨᠠᠷᠢᠨ ᠮᠤᠵᠢᠶᠠᠩ ᠤ᠋ᠨ ᠠᠵᠢᠯ ᠰᠤᠷ᠂ ᠡᠷᠳᠡᠮ ᠳ᠋ᠦ᠍ ᠪᠠᠭ᠎ᠠ ᠦᠭᠡᠢ ᠭᠡᠵᠦ ᠠᠪᠤ ᠶ᠋ᠢᠨ ᠴᠢᠨᠢ ᠬᠡᠯᠡᠳᠡᠭ ᠦᠨᠡᠨ ᠰᠢᠦ ᠭᠡᠵᠦ ᠡᠪᠦᠭᠡᠨ ᠵᠠᠩ᠂ ᠨᠠᠰᠤᠨᠪᠠᠲᠤ ᠳ᠋ᠤ᠌ ᠵᠣᠷᠬᠤ ᠰᠡᠢᠯᠪᠦᠷᠢᠯᠡᠬᠦ ᠶ᠋ᠢ ᠵᠢᠭᠠᠵᠤ ᠡᠬᠢᠯᠡᠭᠡᠳ᠂ ᠬᠢᠴᠢᠶᠡᠯᠲᠠᠢ ᠨᠢᠮᠪᠠᠢ ᠰᠠᠢᠨ ᠰᠤᠷᠴᠤ ᠪᠠᠢᠭ᠎ᠠ ᠳ᠋ᠤᠨᠢ ᠬᠡᠦᠬᠡᠳ ᠰᠢᠭ ᠪᠠᠶᠠᠷᠯᠠᠵᠤ᠂ ᠨᠢᠳᠦ ᠪᠠᠢᠪᠠᠴᠤ ᠴᠡᠴᠡᠭᠡᠢ ᠦᠭᠡᠢ ᠠᠮᠢᠲᠠᠨ ᠤ᠋ ᠬᠠᠷᠠᠳᠠᠭ ᠦᠭᠡᠢ ᠰᠠᠢᠬᠠᠨ ᠶᠠᠭᠤᠮ᠎ᠠ ᠶ᠋ᠢ ᠤᠨᠤᠵᠤ ᠬᠠᠷᠠᠬᠤ ᠶ᠋ᠢ ᠰᠤᠷ᠃ ᠬᠠᠷᠠᠪᠠᠤ᠂ ᠡᠨᠡ᠂ ᠲᠤᠩ ᠰᠣᠨᠢᠨ ᠰᠠᠢᠬᠠᠨ ᠡᠪᠦᠭᠡᠨ ᠵᠢᠭᠠᠰᠤᠴᠢ ᠭᠠᠷ ᠲᠠᠭᠠᠨ ᠨᠢᠭᠡ ᠵᠢᠭᠠᠰᠤ ᠪᠠᠷᠢᠭᠠᠳ ᠰᠠᠭᠤᠵᠤ ᠪᠠᠢᠨ᠎ᠠ᠃ ᠵᠢᠭᠠᠰᠤ ᠨᠢ ᠡᠨᠡ ᠭᠣᠳᠣᠭᠣᠨᠠᠵᠤ ᠪᠠᠢᠨ᠎ᠠ᠃ ᠡᠪᠦᠭᠡᠨ ᠦ᠌ ᠲᠣᠯᠣᠭᠠᠢ ᠳᠡᠭᠡᠷᠡᠬᠢ ᠠᠰᠢᠭ ᠡᠨᠡ ᠳᠣᠪᠣᠢᠵᠤ ᠪᠠᠢᠬᠤ ᠶ᠋ᠢ ᠬᠠᠷᠠᠪᠠᠤ ᠴᠢ? ᠪᠥᠬᠥᠢᠴᠡᠨ ᠰᠠᠭᠤᠵᠤ ᠪᠠᠢᠭ᠎ᠠ ᠶ᠋ᠢ ᠨᠢ ᠬᠠᠷᠠᠪᠠᠤ? ᠥᠮᠥᠳᠥᠨ ᠦ᠌ ᠱᠤᠤᠮᠠᠭ ᠢ᠋ ᠲᠤᠷᠠᠩᠬᠠᠢ ᠬᠤᠷᠴᠠ ᠥᠨᠴᠥᠭᠯᠡᠭᠰᠡᠨ ᠡᠪᠦᠳᠦᠭ ᠦ᠋ᠨ ᠢ᠋ᠶ᠋ᠡᠨ ᠳᠡᠭᠡᠷ᠎ᠡ ᠰᠢᠭᠤᠭᠠᠳ ᠰᠠᠭᠤᠵᠤ ᠪᠠᠢᠨ᠎ᠠ ᠭᠡᠵᠦ ᠰᠦᠯᠵᠢᠯᠳᠦᠭᠰᠡᠨ ᠰᠠᠯᠠᠭ᠎ᠠ ᠦᠨᠳᠦᠰᠦ ᠲᠡᠢ ᠮᠣᠳᠣᠨ ᠤ᠋ ᠦᠨᠳᠦᠰᠦ ᠵᠢᠭᠠᠵᠤ ᠬᠡᠯᠡᠭᠡᠳ᠂ ᠨᠢᠭᠡ ᠬᠣᠶᠠᠷ ᠬᠣᠨᠣᠭ ᠲᠡᠷᠡ ᠦᠨᠳᠦᠰᠦ ᠵᠣᠷᠴᠤ ᠨᠣᠴᠣᠯᠳᠤᠭᠰᠠᠭᠠᠷ ᠨᠢᠭᠡ ᠦᠵᠡᠭᠦᠯᠬᠦ ᠳ᠋ᠡᠭᠡᠨ᠂ ᠦᠨᠡᠬᠡᠷ ᠥᠨᠥᠬᠢ ᠬᠡᠷᠴᠢᠮ ᠮᠣᠳᠣᠨ ᠳᠣᠲᠣᠷ᠎ᠠ ᠠ᠋ᠴᠠ ᠭᠣᠳᠣᠭᠣᠨᠠᠭᠰᠠᠨ ᠵᠢᠭᠠᠰᠤ ᠪᠠᠷᠢᠭᠠᠳ ᠪᠥᠬᠥᠢᠨ ᠬᠠᠷᠠᠵᠤ ᠰᠠᠭᠤᠭ᠎ᠠ ᠡᠪᠦᠭᠡᠨ ᠦ᠌ ᠳᠦᠷᠰᠦ ᠲᠣᠳᠣᠷᠬᠠᠢ ᠪᠣᠯᠵᠤ ᠢᠷᠡᠳᠡᠭ ᠢ᠋ ᠨᠠᠰᠤᠨᠪᠠᠲᠤ ᠶᠡᠬᠡᠯ᠎ᠡ(ᠶᠡᠬᠡ ᠯᠡ) ᠭᠠᠢᠬᠠᠨ ᠰᠣᠨᠢᠷᠬᠠᠳᠠᠭ ᠪᠠᠢᠵᠠᠢ᠃
ᠲᠡᠭ(ᠲᠡᠭᠡ) ᠲᠡᠭᠡᠭᠰᠡᠭᠡᠷ ᠨᠠᠰᠤᠨᠪᠠᠲᠤ᠂ ᠡᠪᠦᠭᠡᠨ ᠦ᠌ ᠡᠷᠳᠡᠮ ᠢ᠋ ᠤᠯᠠᠮᠵᠢᠯᠠᠵᠤ ᠵᠣᠷᠬᠤ᠂ ᠰᠡᠢᠯᠬᠦ᠂ ᠴᠤᠭᠤᠯᠪᠤᠷᠢᠯᠠᠬᠤ ᠶ᠋ᠢᠨ ᠤᠬᠠᠭᠠᠨ ᠢ᠋ ᠣᠯᠵᠤ᠂ ᠪᠠᠷᠵᠠᠭᠠᠷ ᠪᠤᠷᠵᠠᠭᠠᠷ ᠦᠨᠳᠦᠰᠦ ᠣᠯᠬᠤ ᠪᠠᠷ ᠶᠡᠬᠡ ᠰᠣᠨᠢᠨ ᠶᠠᠭᠤᠮ᠎ᠠ ᠬᠢᠵᠦ ᠪᠣᠯᠳᠠᠭ ᠤ᠋ᠨ ᠠᠷᠭ᠎ᠠ ᠣᠨᠢᠰᠣ ᠶ᠋ᠢ ᠣᠯᠵᠤ ᠭᠠᠢᠬᠠᠨ ᠰᠣᠨᠢᠷᠬᠠᠳᠠᠭ ᠪᠣᠯᠵᠠᠢ᠃ ᠲᠡᠭᠡᠭᠡᠳ ᠡᠪᠦᠭᠡᠨ ᠵᠠᠩ ᠢ᠋ ᠬᠢᠲᠠᠳ ᠤ᠋ᠨ ᠲᠡᠦᠬᠡ ᠰᠤᠳᠤᠷ ᠦᠯᠢᠭᠡᠷ ᠳᠣᠮᠣᠭ ᠲᠤ᠌ ᠭᠠᠷᠳᠠᠭ ᠬᠥᠮᠦᠨ ᠠᠮᠢᠲᠠᠨ ᠪᠠᠢᠨ᠎ᠠ᠃ ᠭᠤᠷᠪᠠᠨ ᠬᠥᠯᠲᠦ ᠮᠡᠯᠡᠬᠡᠢ ᠤᠨᠤᠭᠰᠠᠨ ᠰᠠᠬᠢᠭᠤᠯᠰᠤᠨ᠂ ᠨᠠᠷᠠ ᠭᠠᠷ ᠲᠠᠭᠠᠨ ᠪᠠᠷᠢᠭᠰᠠᠨ ᠬᠤᠪᠢᠯᠭᠠᠨ ᠪᠠᠢᠨ᠎ᠠ ᠭᠡᠵᠦ ᠬᠠᠷᠠᠭᠰᠠᠨ ᠮᠣᠳᠣ ᠶᠢ ᠨᠠᠰᠤᠨᠪᠠᠲᠤ ᠪᠠᠷᠢᠭᠠᠳ ᠵᠣᠷᠴᠤ ᠰᠡᠢᠯᠬᠦ ᠳ᠋ᠡᠭᠡᠨ᠂ ᠰᠠᠭᠰᠠᠭᠠᠷ ᠰᠡᠭᠦᠯ ᠢ᠋ᠶ᠋ᠡᠨ ᠲᠤᠭ ᠰᠢᠭ᠋ ᠥᠭᠡᠳᠡ ᠳ᠋ᠦ᠍ᠨᠢ ᠰᠡᠬᠦᠭᠡᠳ ᠶᠠᠪᠤᠵᠤ ᠶᠠᠪᠤᠭ᠎ᠠ ᠰᠠᠷᠯᠤᠭ ᠤᠨᠤᠭᠰᠠᠨ ᠯᠣᠳᠣᠢ ᠪᠠᠶᠠᠨ ᠰᠢᠭ᠋ ᠮᠠᠭᠤᠬᠠᠢ ᠴᠢᠷᠠᠢ ᠲᠠᠢ ᠬᠥᠮᠦᠨ ᠶᠦᠮ ᠤᠤ᠂ ᠬᠡᠴᠡ ᠪᠡᠨ ᠳᠠᠯᠠᠢᠭᠰᠠᠨ᠂ ᠣᠩᠭᠣᠳ ᠣᠷᠣᠭᠤᠯᠤᠭᠰᠠᠨ ᠪᠥᠬᠡ ᠶᠦᠮ ᠤᠤ ᠴᠣᠷᠣᠢᠨ ᠬᠠᠷᠠᠢᠵᠤ ᠪᠠᠢᠭ᠎ᠠ ᠮᠣᠷᠢ ᠵᠣᠷᠳᠠᠭ ᠪᠠᠢᠵᠠᠢ᠃
ᠡᠪᠦᠭᠡᠨ ᠵᠠᠩ ᠲᠡᠭᠦᠨ ᠢ᠋ ᠦᠵᠡᠭᠡᠳ᠂ ᠴᠢ ᠮᠣᠩᠭᠣᠯ ᠨᠢᠳᠦ ᠲᠡᠢ ᠬᠥᠮᠦᠨ᠂ ᠮᠢᠨᠦ ᠨᠢᠭᠡ ᠶᠠᠭᠤᠮ᠎ᠠ ᠦᠵᠡᠬᠦ ᠳ᠋ᠦ᠍᠂ ᠴᠢ ᠲᠡᠭᠦᠨ ᠡᠴᠡ ᠱᠠᠯ ᠣᠨᠳᠣᠣ ᠨᠢᠭᠡ ᠶᠠᠭᠤᠮ᠎ᠠ ᠦᠵᠡᠳᠡᠭ ᠬᠥᠮᠦᠨ᠃ ᠲᠡᠷᠡ ᠴᠢᠨᠢ ᠰᠠᠢᠨ᠂ ᠲᠡᠢᠮᠦ ᠯᠡ ᠪᠠᠢᠬᠤ ᠶᠣᠰᠣᠲᠠᠢ᠃ ᠤᠷᠠᠨ ᠬᠥᠮᠦᠨ᠂ ᠶᠢᠷᠲᠢᠨᠴᠦ ᠶ᠋ᠢᠨ ᠲᠦᠮᠡᠨ ᠪᠣᠳᠠᠰ ᠢ᠋ ᠥᠪᠡᠷ ᠦ᠋ᠨ ᠨᠢᠳᠦ ᠪᠡᠷ ᠦᠵᠡᠬᠦ ᠶᠣᠰᠣᠲᠠᠢ ᠭᠡᠳᠡᠭ ᠪᠠᠢᠵᠠᠢ᠃
ᠲᠡᠭᠡᠵᠦ ᠠᠵᠢᠯ ᠬᠢᠭᠰᠡᠭᠡᠷ᠂ ᠬᠠᠶᠠ ᠰᠤᠷᠠᠭ ᠴᠢᠮᠡᠭᠡ ᠢᠷᠡᠳᠡᠭ ᠭᠡᠷ ᠣᠷᠣᠨ᠂ ᠨᠤᠲᠤᠭ ᠤᠰᠤ ᠠ᠋ᠴᠠ ᠪᠠᠨ ᠬᠠᠭᠠᠴᠠᠭᠰᠠᠨ ᠪᠤᠬᠢᠨᠢᠳᠤᠬᠤ ᠰᠡᠳᠬᠢᠯ ᠲᠠᠢᠳᠬᠤᠷᠠᠵᠤ᠂ ᠪᠠᠢᠨ ᠪᠠᠢᠨ ᠬᠢᠲᠠᠳ ᠬᠡᠯᠡ ᠰᠤᠷᠴᠤ᠂ ᠳᠡᠷᠭᠡᠳᠡᠬᠢ ᠬᠥᠮᠦᠨ ᠲᠡᠢ ᠨᠡᠪᠲᠡᠷᠡᠯᠴᠡᠬᠦ ᠪᠣᠯᠵᠤ ᠢᠷᠡᠪᠡ᠃ ᠬᠡᠯᠡ ᠰᠤᠷᠤᠭᠰᠠᠨ ᠤ᠋ ᠠᠴᠢ ᠪᠠᠷ ᠤᠷᠢᠳᠠ(ᠤᠷᠢᠳ) ᠠᠵᠢᠭ ᠦᠭᠡᠢ ᠥᠩᠭᠡᠷᠡᠭᠦᠯᠵᠦ ᠪᠠᠢᠭᠰᠠᠨ ᠶᠠᠭᠤᠮ᠎ᠠ ᠶ᠋ᠢ ᠱᠠᠯ ᠣᠨᠳᠣᠣ ᠪᠠᠷ ᠦᠵᠡᠬᠦ ᠪᠣᠯᠵᠤ᠂ ᠬᠢᠲᠠᠳ ᠠᠷᠠᠳ ᠤ᠋ᠨ ᠡᠷᠲᠡᠨ ᠦ᠌ ᠥᠪᠡᠷᠮᠢᠴᠡ ᠰᠣᠶᠣᠯ ᠤ᠋ᠨ ᠤᠴᠢᠷ ᠮᠡᠳᠡᠭᠳᠡᠬᠦ ᠦᠭᠡᠢ ᠪᠠᠢᠭᠰᠠᠨ ᠣᠯᠠᠨ ᠶᠠᠭᠤᠮ᠎ᠠ ᠶ᠋ᠢᠨ ᠤᠬᠠᠭᠠᠨ ᠢ᠋ ᠣᠯᠵᠤ ᠮᠡᠳᠡᠬᠦ ᠪᠣᠯᠵᠤ ᠪᠢᠯᠡ᠃ ᠲᠡᠭᠡᠵᠦ ᠪᠠᠢᠲᠠᠯ᠎ᠠ ᠵᠠᠩ ᠤ᠋ᠨ ᠬᠦᠷᠰᠢ ᠠᠢᠯ ᠤ᠋ᠨ ᠡᠪᠦᠭᠡᠨ ᠪᠠᠭᠰᠢ᠂ ᠨᠠᠰᠣᠡᠪᠠᠳᠤ ᠳ᠋ᠤ᠌ ᠪᠢᠴᠢᠭ ᠵᠢᠭᠠᠵᠤ ᠥᠭᠭᠦᠶ᠎ᠡ ᠭᠡᠵᠦ ᠵᠥᠪᠰᠢᠶᠡᠷᠡᠭᠡᠳ᠂ ᠲᠡᠷᠡ ᠬᠠᠪᠢ ᠶ᠋ᠢᠨ ᠠᠢᠯ ᠤ᠋ᠨ ᠬᠢᠨ᠂ ᠮᠣᠩᠭᠣᠯ ᠬᠦᠦ ᠶ᠋ᠢ ᠬᠢᠲᠠᠳ ᠪᠢᠴᠢᠭ ᠰᠤᠷᠴᠤ ᠪᠠᠢᠨ᠎ᠠ ᠭᠡᠵᠦ ᠪᠠᠶᠠᠷᠯᠠᠯᠳᠤᠨ᠂ ᠶᠡᠬᠡᠯ᠎ᠡ ᠡᠯᠢᠭᠡᠰᠡᠭ ᠨᠠᠢᠷᠲᠠᠢ ᠪᠤᠯᠵᠠᠭᠠᠪᠠ᠃ ᠵᠢᠵᠢᠭ ᠬᠤᠳᠠᠯᠳᠤᠭᠠᠴᠢᠨ᠂ ᠭᠠᠷ ᠤᠷᠠᠴᠤᠳ᠂ ᠬᠣᠲᠠᠨ ᠤ᠋ ᠣᠷᠴᠢᠨ ᠲᠣᠭᠣᠷᠢᠨ ᠠ᠋ᠴᠠ ᠢᠷᠡᠳᠡᠭ ᠲᠠᠷᠢᠶᠠᠴᠢᠨ᠂ ᠨᠠᠰᠣᠡᠪᠠᠳᠤ ᠲᠠᠢ ᠨᠠᠢᠵᠠ ᠲᠠᠯ᠎ᠠ ᠪᠣᠯᠵᠤ ᠲᠡᠷᠡ ᠡᠭᠡᠯ ᠵᠢᠷ ᠤᠨ ᠤᠯᠤᠰ ᠤ᠋ᠨ ᠬᠦᠰᠡᠬᠦ ᠡᠷᠢᠬᠦ᠂ ᠪᠠᠶᠠᠷᠯᠠᠬᠤ ᠵᠣᠪᠠᠬᠤ᠂ ᠠᠵᠤ ᠲᠥᠷᠥᠬᠦ ᠪᠠᠢᠳᠠᠯ ᠴᠥᠮ ᠨᠠᠰᠣᠡᠪᠠᠳᠤ ᠶ᠋ᠢᠨ ᠨᠢᠳᠦᠨ ᠦ᠌ ᠡᠮᠦᠨ᠎ᠡ ᠢᠯᠡᠷᠬᠡᠢ ᠪᠣᠯᠵᠠᠢ᠃ ᠲᠡᠳᠡᠨ ᠦ᠌ ᠪᠠᠢᠳᠠᠯ ᠢ᠋ ᠬᠠᠷᠠᠭᠠᠳ ᠦᠵᠡᠬᠦ ᠳᠤᠨᠢ᠂ ᠬᠥᠮᠦᠨ ᠳ᠋ᠦ᠍ ᠵᠠᠷᠤᠭᠳᠠᠨ ᠪᠣᠭᠣᠯᠴᠢᠯᠠᠭᠳᠠᠬᠤ ᠡᠷᠬᠡ ᠮᠠᠲᠠᠯ ᠦᠭᠡᠢ᠂ ᠳᠠᠷᠤᠯᠠᠭᠳᠠᠨ ᠭᠠᠴᠢᠭᠳᠠᠵᠤ ᠪᠠᠢᠭ᠎ᠠ ᠨᠢ ᠨᠠᠰᠣᠡᠪᠠᠳᠤ ᠶ᠋ᠢᠨ ᠨᠤᠲᠤᠭ ᠲᠠᠬᠢ ᠠ᠋ᠴᠠ ᠶᠡᠷᠦ ᠵᠠᠷᠢᠮ ᠳ᠋ᠠᠭᠠᠨ ᠢᠯᠡᠭᠦᠦ ᠭᠡᠮᠡᠷ ᠦᠵᠡᠭᠳᠡᠵᠡᠢ᠃
ᠤᠷᠢᠳᠤ ᠨᠤᠲᠤᠭ ᠲᠠᠭᠠᠨ᠂ ᠬᠢᠲᠠᠳ ᠮᠠᠨᠵᠤ ᠮᠠᠨ ᠢ᠋ ᠳᠠᠷᠤᠯᠠᠳᠠᠭ ᠨᠢᠭᠡ ᠯᠡ ᠤᠯᠤᠰ ᠭᠡᠵᠦ ᠪᠣᠳᠣᠵᠤ ᠪᠠᠢᠭᠰᠠᠨ ᠨᠢ ᠬᠠᠷᠢᠨ ᠬᠣᠶᠠᠷ ᠲᠤᠰ ᠤᠯᠤᠰ ᠪᠠᠢᠵᠤ᠂ ᠨᠢᠭᠡ ᠨᠢ ᠨᠣᠶᠠᠯᠠᠭᠴᠢ ᠤᠯᠤᠰ᠂ ᠨᠥᠭᠦᠭᠡ ᠨᠢ ᠳᠠᠷᠤᠯᠠᠭᠳᠠᠭᠰᠠᠨ ᠤᠯᠤᠰ ᠪᠠᠢᠵᠤ᠂ ᠮᠣᠩᠭᠣᠯ ᠭᠠᠵᠠᠷ ᠤ᠋ᠨ ᠮᠠᠨᠵᠤ ᠬᠢᠲᠠᠳ ᠴᠥᠮ ᠨᠢᠭᠡ ᠭᠡᠵᠦ ᠳᠤᠷ᠎ᠠ ᠦᠭᠡᠢᠴᠡᠳᠡᠭ ᠨᠢ ᠦᠨᠡᠨ ᠳ᠋ᠡᠭᠡᠨ ᠮᠠᠨᠵᠤ ᠲᠦᠰᠢᠮᠡᠳ᠂ ᠮᠥᠩᠭᠥ ᠬᠦᠦᠯᠡᠭᠴᠢ ᠬᠢᠲᠠᠳ ᠮᠠᠢᠮᠠᠢ ᠨᠠᠷ ᠪᠠᠢᠵᠤ᠂ ᠬᠢᠲᠠᠳ ᠭᠠᠵᠠᠷ ᠳᠠᠬᠢ ᠳᠠᠷᠤᠯᠠᠭᠳᠠᠭᠰᠠᠨ ᠬᠢᠲᠠᠳ ᠭᠠᠷ ᠤᠷᠠᠴᠤᠳ᠂ ᠲᠠᠷᠢᠶᠠᠴᠢᠨ ᠠᠷᠠᠳ ᠨᠢ ᠮᠥᠨ ᠮᠣᠩᠭᠣᠯ ᠲᠠᠢ ᠡᠭᠡᠭᠡ ᠨᠢᠭᠡᠨ ᠠᠳᠠᠯᠢ᠂ ᠲᠡᠳᠡᠨ ᠢ᠋ ᠦᠵᠡᠨ ᠶᠠᠳᠠᠳᠠᠭ ᠪᠠᠢᠵᠠᠢ᠃
ᠨᠠᠰᠣᠡᠪᠠᠳᠤ᠂ ᠲᠠᠢᠪᠤᠩ ᠤ᠋ᠨ ᠵᠠᠩᠵᠤᠨ ᠶᠠᠩ ᠰᠢᠦ ᠴᠧᠩ(ᠴᠢᠩ) ᠦ᠋ᠨ ᠤᠬᠠᠭᠤᠯᠤᠨ ᠵᠠᠷᠯᠠᠬᠤ ᠪᠢᠴᠢᠭ ᠦ᠋ᠨ ᠬᠠᠭᠤᠯᠪᠤᠷᠢ ᠶ᠋ᠢ ᠣᠯᠵᠤ ᠦᠵᠡᠪᠡᠯ᠂ ᠥᠭᠦᠯᠡᠭᠰᠡᠨ ᠨᠢ᠄ ᠳᠤᠮᠳᠠᠳᠤ ᠤᠯᠤᠰ ᠲᠤ᠌ ᠥᠪᠡᠷ ᠦ᠋ᠨ ᠰᠢᠨᠵᠢ ᠪᠠᠢᠳᠠᠯ ᠪᠣᠢ ᠪᠥᠯᠥᠭᠡ᠃ ᠡᠳᠦᠭᠡ ᠮᠠᠨᠵᠤ ᠨᠠᠷ᠂ ᠵᠤᠯᠠᠢ ᠶ᠋ᠢᠨ ᠦᠰᠦ ᠶ᠋ᠢ ᠬᠤᠰᠤᠵᠤ ᠳᠠᠪ ᠭᠡᠵᠢᠭᠡ ᠳᠡᠯᠪᠢ ᠭᠡᠵᠦ ᠲᠤᠰᠢᠶᠠᠨ᠂ ᠲᠡᠭᠦᠪᠡᠷ ᠳᠤᠮᠳᠠᠳᠤ ᠤᠯᠤᠰ ᠤ᠋ᠨ ᠬᠥᠮᠦᠨ ᠠᠷᠠᠳ ᠢ᠋ ᠠᠳᠤᠭᠤᠰᠤᠨ ᠲᠠᠢ ᠠᠳᠠᠯᠢ ᠪᠣᠯᠭᠠᠵᠠᠢ᠃ ᠳᠤᠮᠳᠠᠳᠤ ᠤᠯᠤᠰ ᠲᠤ᠌ ᠥᠪᠡᠷ ᠦ᠋ᠨ ᠨᠠᠩᠭᠢᠶᠠᠳ ᠬᠤᠪᠴᠠᠰᠤ ᠮᠠᠯᠠᠭᠠᠢ ᠪᠣᠢ ᠪᠥᠯᠥᠭᠡ᠃ ᠡᠳᠦᠭᠡ ᠮᠠᠨᠵᠤ ᠨᠠᠷ᠂ ᠪᠦᠳᠦᠭᠦᠯᠢᠭ ᠠᠢᠮᠠᠭ ᠤ᠋ᠨ ᠬᠤᠪᠴᠠᠰᠤ᠂ ᠪᠠᠴᠢ ᠶᠢᠨ ᠮᠠᠯᠠᠭᠠᠢ ᠬᠡᠷᠡᠭᠯᠡᠭᠦᠯᠵᠡᠢ᠃ ᠳᠤᠮᠳᠠᠳᠤ ᠤᠯᠤᠰ ᠲᠤ᠌ ᠡᠷ᠎ᠡ ᠡᠮ᠎ᠡ᠂ ᠤᠷᠤᠭ ᠲᠥᠷᠥᠯ ᠪᠣᠯᠤᠯᠴᠠᠬᠤ ᠥᠪᠡᠷ ᠦ᠋ᠨ ᠶᠣᠰᠣ ᠪᠣᠢ ᠪᠥᠯᠥᠭᠡ᠃ ᠡᠳᠦᠭᠡ ᠮᠠᠨᠵᠤ ᠴᠢᠳᠬᠥᠷ᠂ ᠳᠤᠮᠳᠠᠳᠤ ᠤᠯᠤᠰ ᠤ᠋ᠨ ᠠᠯᠢ ᠦᠵᠡᠰᠬᠦᠯᠡᠩᠲᠦ ᠡᠮᠡᠰ ᠥᠬᠢᠳ ᠢ᠋ ᠰᠣᠩᠭᠣᠨ ᠰᠢᠯᠢᠵᠦ᠂ ᠲᠠᠲᠠᠪᠤᠷᠢ ᠡᠮ᠎ᠡ᠂ ᠰᠢᠪᠡᠭᠴᠢᠨ ᠪᠣᠯᠭᠠᠵᠠᠢ᠃ ᠁ ᠡᠭᠦᠨ ᠢ᠋ ᠥᠭᠦᠯᠡᠮᠡᠭᠴᠡ ᠰᠡᠳᠬᠢᠯ ᠶᠡᠬᠡᠳᠡ ᠭᠤᠨᠢᠬᠤ ᠠᠵᠤᠭᠤ᠃ ᠳᠤᠮᠳᠠᠳᠤ ᠤᠯᠤᠰ ᠲᠤ᠌ ᠤᠷᠢᠳᠤ ᠥᠪᠡᠷ ᠦ᠋ᠨ ᠦᠨᠳᠦᠰᠦᠨ ᠦ᠌ ᠶᠣᠰᠣ ᠵᠢᠷᠤᠮ ᠪᠣᠢ ᠪᠥᠯᠥᠭᠡ᠃ ᠡᠳᠦᠭᠡ ᠮᠠᠨᠵᠤ ᠨᠠᠷ᠂ ᠥᠪᠡᠷ ᠦ᠋ᠨ ᠪᠦᠭᠦᠳᠡ ᠬᠠᠤᠯᠢ ᠲᠣᠭᠲᠠᠭᠠᠨ ᠳᠠᠭᠠᠭᠤᠯᠵᠠᠢ᠃ ᠳᠤᠮᠳᠠᠳᠤ ᠤᠯᠤᠰ ᠢ᠋ ᠥᠪᠡᠷ ᠦ᠋ᠨ ᠳᠤᠷ᠎ᠠ ᠵᠣᠷᠢᠭ ᠢ᠋ᠶ᠋ᠠᠷ ᠪᠣᠯᠭᠠᠵᠤ᠂ ᠨᠡᠩᠳᠡ ᠳᠣᠷᠣᠮᠵᠢᠯᠠᠬᠤ ᠶ᠋ᠢᠨ ᠲᠤᠢᠯ ᠳ᠋ᠤ᠌ ᠬᠦᠷᠴᠡᠢ᠁ ᠭᠡᠰᠡᠨ ᠢ᠋ ᠦᠵᠡᠭᠡᠳ᠂ ᠨᠠᠰᠤᠨᠪᠠᠲᠤ ᠬᠢᠲᠠᠳ ᠲᠠᠷᠢᠶᠠᠴᠢᠨ᠂ ᠭᠠᠷ ᠤᠷᠠᠴᠤᠳ᠂ ᠵᠢᠵᠢᠭ ᠬᠤᠳᠠᠯᠳᠤᠭᠠᠴᠢᠨ ᠢ᠋ ᠲᠡᠷᠡ ᠦᠶᠡᠰ ᠶᠡᠬᠡᠳᠡ ᠬᠠᠷᠭᠢᠰᠯᠠᠨ ᠳᠠᠷᠤᠭᠰᠠᠨ ᠲᠠᠢᠪᠤᠩ ᠤ᠋ᠨ ᠪᠣᠰᠤᠯᠭᠠᠨᠠ ᠮᠠᠰᠢ ᠡᠯᠢᠭᠡ ᠲᠡᠢ ᠪᠠᠢᠭᠰᠠᠨ ᠤᠴᠢᠷ ᠢ᠋ ᠤᠬᠠᠮᠰᠠᠷᠯᠠᠨ ᠮᠡᠳᠡᠵᠡᠢ᠃
ᠬᠥᠳᠡᠭᠡ ᠨᠤᠲᠤᠭ ᠲᠠᠭᠠᠨ ᠠᠬᠤᠢ ᠦᠶᠡᠰ᠂ ᠠᠶᠤᠯ ᠲᠠᠢ ᠬᠠᠷᠭᠢᠰ ᠭᠡᠵᠦ ᠱᠠᠨᠰᠢ᠂ ᠭᠠᠨ ᠰᠦ᠍ ᠶ᠋ᠢᠨ ᠬᠤᠢ ᠬᠤᠢ ᠶ᠋ᠢᠨ ᠤᠴᠢᠷ ᠡᠯᠳᠡᠪ ᠴᠤᠤᠳᠠᠮᠨᠠᠬᠤ ᠦᠭᠡ ᠠᠷᠪᠢᠨ ᠰᠣᠨᠣᠰᠴᠤ ᠪᠠᠢᠭᠰᠠᠨ ᠠᠬᠤᠯ᠎ᠠ᠂ ᠴᠢᠭᠤᠯᠤᠯᠲᠤ ᠬᠠᠭᠠᠯᠭᠠᠨ᠎ᠠ ᠲᠡᠳᠡᠨ ᠦ᠌ ᠵᠠᠷᠢᠮ ᠨᠢᠭᠡᠨ ᠲᠡᠢ ᠨᠢᠭᠲᠠ ᠲᠠᠨᠢᠯᠴᠠᠪᠠᠯ᠂ ᠪᠤᠷᠤᠩᠬᠤᠢ ᠪᠠᠯᠠᠮᠠᠳ ᠮᠣᠯᠲᠣᠢ ᠯᠠᠮᠠ ᠨᠠᠷ ᠤ᠋ᠨ ᠬᠠᠳᠬᠤᠨ ᠥᠲᠦᠭᠡᠭᠦᠯᠦᠭᠰᠡᠨ ᠤᠯᠠᠮ ᠠ᠋ᠴᠠ ᠡᠵᠡᠨ ᠪᠣᠭᠣᠯ᠂ ᠨᠥᠬᠥᠷ ᠳᠠᠢᠰᠤᠨ ᠤ᠋ ᠠᠯᠢ ᠠᠯᠢᠨ ᠢ ᠴᠤ᠌ ᠵᠠᠷᠢᠮ ᠳ᠋ᠠᠭᠠᠨ ᠦᠯᠦ ᠢᠯᠭᠠᠨ ᠭᠠᠷ ᠬᠥᠳᠡᠯᠵᠦ᠂ ᠳᠠᠷᠤᠯᠠᠨ ᠮᠥᠯᠵᠢᠭᠴᠢ ᠡᠲᠡᠭᠡᠳ ᠢ ᠡᠰᠡᠷᠭᠦᠴᠡᠨ ᠪᠣᠰᠴᠠᠭᠠᠵᠤ ᠪᠠᠢᠭᠰᠠᠨ ᠥᠨᠥᠬᠢ ᠯᠡ ᠬᠣᠬᠢᠷᠠᠨ ᠲᠠᠯᠬᠢᠳᠠᠭᠤᠯᠤᠭᠰᠠᠨ ᠲᠠᠷᠢᠶᠠᠴᠢᠨ ᠠᠷᠠᠳ ᠠᠵᠤᠭᠤ᠃
ᠲᠡᠢᠨ ᠬᠦ᠌᠂ ᠣᠯᠠᠨ ᠶᠠᠭᠤᠮ᠎ᠠ ᠶ᠋ᠢᠨ ᠤᠴᠢᠷ ᠵᠦᠢ ᠨᠢ ᠣᠯᠳᠠᠵᠤ ᠪᠠᠢᠭ᠎ᠠ ᠪᠣᠯᠪᠠᠴᠤ᠂ ᠤᠷᠢᠳᠤ ᠤᠴᠢᠷ ᠪᠠᠢᠳᠠᠯ ᠶᠡᠬᠡᠯ᠎ᠡ ᠲᠣᠳᠣᠷᠬᠠᠢ ᠲᠣᠮᠣᠷᠤᠨ ᠭᠡᠵᠦ ᠪᠣᠳᠣᠵᠤ ᠪᠠᠢᠭᠰᠠᠨ ᠶᠠᠭᠤᠮ᠎ᠠ ᠶ᠋ᠢᠨ ᠤᠳᠬ᠎ᠠ ᠤᠴᠢᠷ ᠨᠢ ᠬᠠᠷᠢᠨ ᠴᠤ᠌ ᠣᠯᠬᠤᠶ᠎ᠠ ᠬᠡᠴᠡᠭᠦᠦ ᠪᠣᠯᠵᠤ ᠢᠷᠡᠪᠡ᠃ ᠲᠤᠬᠠᠢᠯᠠᠪᠠᠯ᠂ ᠠᠩᠭ᠌ᠯᠢ ᠠᠮᠧᠷᠢᠺᠠ ᠶ᠋ᠢᠨ ᠬᠢᠮᠳᠠ ᠪᠠᠷᠠᠭ᠎ᠠ᠂ ᠳᠠᠯᠠᠢ ᠶ᠋ᠢᠨ ᠪᠣᠭᠣᠮᠲᠠ ᠠ᠋ᠴᠠ ᠠᠯᠤᠰᠯᠠᠭᠰᠠᠨ ᠴᠢᠭᠤᠯᠤᠯᠲᠤ ᠬᠠᠭᠠᠯᠭᠠᠨ᠎ᠠ ᠴᠤ᠌ ᠡᠯᠪᠡᠭ ᠪᠣᠢ ᠪᠣᠯᠵᠠᠢ᠃ ᠨᠢᠭᠡ ᠪᠣᠳᠣᠬᠤ ᠳ᠋ᠤ᠌ ᠡᠳ᠋ ᠪᠠᠷᠠᠭ᠎ᠠ ᠡᠯᠪᠡᠭ ᠪᠣᠯᠬᠤ ᠨᠢ ᠰᠠᠢᠬᠠᠨ ᠭᠡᠲᠡᠯ᠎ᠡ᠂ ᠠᠮᠢ ᠵᠢᠭᠤᠬᠤ ᠳ᠋ᠤ᠌ ᠬᠦᠨᠳᠦ ᠪᠣᠯᠵᠤ᠂ ᠤᠷᠠᠨ ᠳᠠᠷᠬᠠᠨ ᠤ᠋ ᠵᠦᠢᠯ ᠣᠷᠬᠢᠭᠳᠠᠨ ᠰᠤᠢ᠍ᠨᠤᠵᠤ᠂ ᠵᠢᠵᠢᠭ ᠬᠤᠳᠠᠯᠳᠤᠭᠠᠴᠢᠨ᠂ ᠭᠠᠷ ᠤᠷᠠᠴᠤᠳ᠂ ᠪᠥᠰ ᠨᠡᠬᠡᠭᠴᠢᠨ᠂ ᠠᠵᠤ ᠲᠥᠷᠥᠬᠦ ᠳ᠋ᠡᠭᠡᠨ ᠭᠠᠷ ᠤ᠋ᠨ ᠤᠷᠠᠨ ᠳᠠᠷᠬ᠎ᠠ ᠪᠠᠷ ᠠᠶᠠᠭ᠎ᠠ ᠪᠤᠳᠠᠭᠠᠨ ᠳ᠋ᠠᠭᠠᠨ ᠨᠡᠮᠡᠷᠢ ᠬᠢᠴᠡ ᠣᠯᠵᠤ ᠪᠠᠢᠭᠰᠠᠨ ᠶᠠᠳᠠᠭᠤ ᠲᠠᠷᠢᠶᠠᠴᠢᠨ ᠦᠭᠡᠢᠷᠡᠨ ᠬᠣᠭᠣᠰᠣᠷᠠᠵᠤ ᠡᠬᠢᠯᠡᠭᠡᠳ ᠴᠥᠮ ᠠᠩᠭ᠌ᠯᠢ ᠶᠢᠨ ᠵᠡᠷᠭᠡ ᠭᠠᠳᠠᠭᠠᠳᠤ ᠶ᠋ᠢᠨ ᠬᠥᠮᠦᠨ ᠢ᠋ ᠪᠢᠲᠡᠭᠦᠦ ᠪᠡᠷ ᠵᠠᠨᠤᠨ ᠵᠢᠭᠰᠢᠬᠦ ᠪᠣᠯᠵᠠᠢ᠃
ᠬᠢᠨᠠᠪᠠᠯ᠂ ᠬᠥᠮᠦᠨ ᠪᠦᠷᠢ ᠡᠨᠡ ᠲᠤᠬᠠᠢ ᠥᠭᠡᠷ᠎ᠡ ᠥᠭᠡᠷ᠎ᠡ ᠰᠠᠨᠠᠯ ᠲᠠᠢ ᠪᠣᠯᠵᠠᠢ᠃ ᠲᠡᠭᠡᠪᠡᠴᠦ ᠴᠥᠮ ᠴᠠᠭ ᠮᠠᠭᠤ᠂ ᠬᠡᠴᠡᠭᠦᠦ ᠪᠣᠯᠪᠠ ᠭᠡᠳᠡᠭ ᠳᠡᠭᠡᠷ᠎ᠡ ᠰᠠᠨᠠᠭ᠎ᠠ ᠨᠡᠢᠯᠡᠬᠦ ᠠᠵᠤᠭᠤ᠃ ᠡᠪᠦᠭᠡᠨ ᠮᠤᠵᠢᠶᠠᠩ ᠵᠠᠩ ᠤ᠋ᠨ ᠶᠡᠬᠡ ᠬᠦᠨᠳᠦᠳᠬᠡᠳᠡᠭ ᠨᠠᠰᠤᠨᠪᠠᠲᠤ ᠶ᠋ᠢᠨ ᠪᠠᠭᠰᠢ᠂ ᠪᠢᠴᠢᠭ ᠰᠤᠳᠤᠷ ᠶᠡᠬᠡᠳᠡ ᠴᠡᠭᠡᠵᠢᠯᠡᠭᠰᠡᠨ ᠡᠪᠦᠭᠡᠨ ᠵᠣ᠌ ᠡᠵᠡᠨ ᠨᠢ ᠡᠵᠡᠨ ᠰᠢᠭ᠂ ᠠᠯᠪᠠᠲᠤ ᠨᠢ ᠠᠯᠪᠠᠲᠤ ᠰᠢᠭ᠋᠂ ᠡᠴᠢᠭᠡ ᠨᠢ ᠡᠴᠢᠭᠡ ᠰᠢᠭ ᠬᠦᠦ ᠨᠢ ᠬᠦᠦ ᠰᠢᠭ ᠪᠠᠢᠭᠰᠠᠨ ᠶᠣᠣ ᠱᠦᠨ ᠬᠠᠭᠠᠨ ᠤ᠋ ᠦᠶ᠎ᠡ ᠶ᠋ᠢᠨ ᠪᠠᠯᠠᠷ ᠡᠷᠲᠡᠨ ᠦ᠌ ᠡᠷᠬᠢᠮ ᠴᠠᠭ ᠢ᠋ ᠪᠦᠷᠢᠨ᠎ᠡ ᠳᠠᠭᠤᠷᠢᠶᠠᠨ ᠳᠠᠭᠠᠪᠠᠯ ᠰᠠᠶᠢ ᠡᠩᠬᠡ ᠲᠦᠪᠰᠢᠨ ᠤ ᠠᠴᠢ ᠪᠠᠷ ᠠᠵᠤ ᠲᠥᠷᠥᠨ᠎ᠡ ᠭᠡᠳᠡᠭ ᠪᠠᠢᠵᠠᠢ᠃
ᠡᠪᠦᠭᠡᠨ ᠵᠠᠩ᠂ ᠬᠥᠮᠦᠨ ᠪᠦᠷᠢ ᠥᠪᠡᠷ ᠦ᠋ᠨ ᠡᠷᠬᠢᠯᠡᠭᠰᠡᠨ ᠤᠷᠠᠯᠠᠬᠤ ᠳᠠᠷᠬᠠᠯᠠᠬᠤ᠂ ᠶᠠᠭᠤᠮ᠎ᠠ ᠪᠦᠲᠦᠭᠡᠬᠦ ᠠᠵᠢᠯ ᠢ᠋ ᠬᠢᠭᠡᠳ᠂ ᠳᠡᠯᠡᠬᠡᠢ ᠳ᠋ᠦ᠍ ᠶᠠᠭᠤᠨ ᠴᠤ᠌ ᠪᠣᠯᠵᠤ ᠪᠠᠢᠭᠰᠠᠨ ᠶᠡᠷᠦ ᠪᠤᠰᠤᠳ ᠤ᠋ᠨ ᠬᠡᠷᠡᠭ ᠲᠦ᠍ ᠬᠥᠨᠳᠡᠯᠡᠨ ᠡᠴᠡ ᠡᠰᠡ ᠣᠷᠣᠯᠴᠠᠪᠠᠯ ᠰᠠᠶᠢ ᠬᠥᠮᠦᠨ ᠪᠦᠷᠢ ᠠᠶᠠᠭ᠎ᠠ ᠪᠤᠳᠠᠭ᠎ᠠ ᠲᠠᠢ ᠪᠠᠨ ᠪᠣᠯᠵᠤ ᠴᠢᠳᠠᠨ᠎ᠠ ᠭᠡᠵᠦ ᠬᠠᠷ᠎ᠠ ᠤᠬᠠᠭᠠᠨ ᠢ᠋ᠶ᠋ᠠᠷ ᠢ᠋ᠶ᠋ᠠᠨ ᠪᠣᠳᠣᠳᠠᠭ ᠪᠠᠢᠵᠠᠢ᠃
ᠬᠠᠷ᠎ᠠ ᠬᠥᠳᠡᠭᠡ ᠡᠴᠡ ᠴᠢᠭᠤᠯᠤᠯᠲᠤ ᠬᠠᠭᠠᠯᠭᠠᠨ᠎ᠠ ᠢᠷᠡᠳᠡᠭ ᠴᠠᠬᠠᠷ᠂ ᠰᠥᠨᠢᠳ ᠬᠡᠢᠳ ᠦ᠋ᠨ ᠮᠣᠩᠭᠣᠯ ᠯᠠᠮᠠ ᠨᠠᠷ ᠨᠠᠰᠤᠨᠪᠠᠲᠤ ᠶ᠋ᠢ ᠮᠠᠨᠠᠢ ᠬᠡᠢᠳ ᠲᠦ᠍ ᠣᠴᠢᠵᠤ᠂ ᠣᠷᠴᠢᠯᠠᠩ ᠤ᠋ᠨ ᠤᠯᠠᠭᠠᠨ ᠲᠣᠭᠣᠰᠣ ᠠ᠋ᠴᠠ ᠠᠩᠭᠢᠵᠢᠷᠠᠨ ᠪᠢᠰᠢᠯᠭᠠᠯ ᠬᠢᠪᠡᠯ ᠦᠨᠡᠨ ᠦ᠌ ᠮᠥᠷ ᠣᠯᠵᠤ ᠪᠣᠯᠤᠨ᠎ᠠ ᠭᠡᠳᠡᠭ ᠪᠠᠢᠵᠠᠢ᠃
ᠢᠡᠵᠡᠨᠠᠰᠢ ᠭᠡᠳᠡᠭ ᠮᠣᠩᠭᠣᠯ ᠪᠢᠴᠢᠭ ᠦ᠋ᠨ ᠬᠥᠮᠦᠨ᠂ ᠣᠯᠠᠨ ᠬᠥᠮᠦᠨ ᠦ᠌ ᠭᠠᠷ ᠳᠠᠮᠵᠢᠨ ᠲᠠᠷᠬᠠᠳᠠᠭ ᠰᠢᠭᠦᠮᠵᠢᠯᠡᠯᠲᠦ ᠪᠢᠴᠢᠭ ᠲᠡᠭᠡᠨ ᠥᠪᠥᠷ ᠮᠣᠩᠭᠣᠯ ᠤ᠋ᠨ ᠠᠭᠤᠳᠠᠮ ᠪᠡᠯᠴᠢᠭᠡᠷ ᠨᠤᠲᠤᠭ ᠢ᠋ ᠪᠤᠯᠢᠶᠠᠭᠴᠢ ᠬᠢᠲᠠᠳ ᠢᠷᠭᠡᠨ ᠢ᠋ ᠬᠠᠷᠢᠶᠠᠨ᠂ ᠭᠠᠵᠠᠷ ᠤᠰᠤ ᠪᠠᠨ ᠨᠡᠭᠦᠳᠡᠯ ᠦ᠋ᠨ ᠢᠷᠭᠡᠨ ᠳ᠋ᠦ᠍ ᠬᠤᠳᠠᠯᠳᠤᠭᠴᠢ ᠨᠣᠶᠠᠳ ᠢ᠋ ᠬᠣᠴᠢᠯᠠᠨ᠂ ᠮᠣᠩᠭᠣᠯ ᠬᠡᠯᠡ ᠦᠭᠡᠨ ᠡᠴᠡ ᠪᠡᠨ ᠢᠴᠢᠭᠡᠳ ᠪᠡᠶ᠎ᠡ ᠪᠡᠨ ᠮᠣᠩᠭᠣᠯ ᠪᠢᠰᠢ ᠭᠡᠵᠦ ᠮᠣᠩᠭᠣᠯ ᠢ᠋ ᠳᠣᠣᠷ᠎ᠠ ᠦᠵᠡᠭᠴᠢ ᠬᠢᠲᠠᠳ ᠤ᠋ᠨ ᠴᠢᠷᠠᠢ ᠴᠢᠷᠠᠢᠯᠠᠵᠤ᠂ ᠬᠢᠲᠠᠳ ᠬᠡᠯᠡ ᠣᠯ (ᠤᠯᠠ) ᠳᠡᠪᠡᠯ ᠬᠤᠪᠴᠠᠰᠤ ᠲᠠᠢ ᠪᠣᠯᠬᠤ ᠶ᠋ᠢ ᠣᠷᠣᠯᠳᠣᠭᠴᠢ ᠮᠣᠩᠭᠣᠯ ᠢ᠋ ᠶᠡᠬᠡᠳᠡ ᠪᠤᠷᠤᠭᠤᠰᠢᠶᠠᠬᠤ ᠠᠵᠢ᠃
ᠪᠡᠶ᠎ᠡ ᠶ᠋ᠢ ᠲᠩᠷᠢᠯᠢᠭ ᠮᠠᠨᠵᠤ ᠬᠠᠭᠠᠨ ᠤ᠋ ᠪᠣᠭᠣᠯ ᠭᠡᠵᠦ ᠦᠵᠡᠭᠡᠳ᠂ ᠣᠷᠣᠰ ᠡᠯᠢᠭᠡ ᠲᠡᠢ ᠬᠥᠮᠦᠨ ᠢ᠋ ᠪᠤᠷᠤᠭᠤᠰᠢᠶᠠᠨ ᠬᠠᠷᠢᠶᠠᠭᠴᠢ ᠮᠣᠩᠭᠣᠯ ᠨᠣᠶᠠᠳ᠂ ᠬᠤᠪᠢ ᠶ᠋ᠢᠨ ᠠᠰᠢᠭ ᠬᠣᠨᠵᠢᠯ ᠢ᠋ ᠪᠣᠳᠣᠭᠠᠳ᠂ ᠪᠤᠰᠤᠳ ᠶᠠᠭᠤᠮ᠎ᠠ ᠶᠠᠭᠤ ᠴᠤ᠌ ᠪᠣᠯᠵᠤ᠂ ᠶᠠᠮᠠᠷ ᠴᠤ᠌ ᠪᠠᠢᠭᠰᠠᠨ ᠣᠭᠲᠣ ᠬᠠᠮᠢᠶ᠎ᠠ ᠦᠭᠡᠢ ᠭᠡᠵᠦ ᠦᠵᠡᠭᠴᠢ ᠬᠢᠲᠠᠳ ᠪᠠᠶᠠᠨ ᠬᠤᠳᠠᠯᠳᠤᠭᠠᠴᠢᠨ᠁ ᠲᠩᠷᠢ ᠶ᠋ᠢᠨ ᠳᠣᠣᠷᠠᠬᠢ ᠳᠥᠷᠪᠡᠨ ᠳᠠᠯᠠᠢ ᠶ᠋ᠢᠨ ᠬᠣᠭᠣᠷᠣᠨᠳᠣᠬᠢ ᠬᠥᠮᠦᠨ ᠠᠷᠠᠳ ᠭᠡᠵᠦ ᠭᠠᠭᠴᠠᠬᠦ (ᠭᠠᠭᠴᠠ ᠬᠦ᠌)ᠬᠢᠲᠠᠳ ᠬᠥᠮᠦᠨ ᠢ᠋ ᠤᠬᠠᠷᠠᠭᠠᠳ (ᠤᠬᠠᠭᠠᠷᠠᠭᠠᠳ)᠂ ᠨᠠᠰᠤᠨᠪᠠᠲᠤ ᠶ᠋ᠢᠨ ᠰᠡᠳᠬᠢᠯ ᠳ᠋ᠦ᠍ ᠡᠯᠢᠭᠡᠰᠡᠭ ᠳᠣᠲᠣᠨᠣ ᠮᠣᠩᠭᠣᠯ ᠢ᠋ ᠣᠭᠲᠣ ᠦᠯᠦ ᠪᠣᠳᠣᠭᠴᠢ ᠬᠣᠲᠠ ᠶ᠋ᠢᠨ ᠡᠭᠡᠯ ᠬᠢᠲᠠᠳ ᠪᠣᠷᠣᠴᠤᠤᠯ᠂ ᠡᠳᠡ ᠪᠦᠭᠦᠳᠡ ᠶ᠋ᠢ ᠪᠣᠳᠣᠬᠤ ᠳ᠋ᠤ᠌᠂ ᠯᠠᠮᠠ ᠪᠦᠷᠢ ᠨᠢᠭᠡ ᠨᠢᠭᠡ ᠶᠠᠩ ᠲᠠᠢ ᠭᠡᠵᠦ ᠡᠴᠢᠭᠡ ᠶ᠋ᠢᠨ ᠬᠡᠯᠡᠳᠡᠭ ᠦᠭᠡ ᠰᠡᠳᠬᠢᠯ ᠳ᠋ᠦ᠍ ᠣᠷᠣᠳᠠᠭ ᠪᠠᠢᠵᠠᠢ᠃ ᠲᠡᠭᠡᠭᠡᠳ ᠨᠠᠰᠤᠨᠪᠠᠲᠤ ᠪᠡᠶ᠎ᠡ ᠪᠡᠷ ᠪᠡᠭᠡᠵᠢᠩ ᠣᠷᠣᠵᠤ᠂ ᠳᠠᠢᠴᠢᠩ ᠤᠯᠤᠰ ᠤ᠋ᠨ ᠨᠡᠢᠰᠯᠡᠯ ᠢ᠋ ᠨᠢᠳᠦ ᠪᠡᠷ ᠦᠵᠡᠰᠦᠭᠡᠢ ᠭᠡᠵᠦ ᠪᠣᠳᠣᠭᠠᠳ᠂ ᠡᠪᠦᠭᠡᠨ ᠵᠠᠩ ᠵᠠᠯᠠᠭᠤ ᠳ᠋ᠠᠭᠠᠨ ᠶᠦᠩ ᠾᠧ ᠬᠦᠩ ᠰᠦᠮ᠎ᠡ ᠶ᠋ᠢᠨ ᠯᠠᠮᠠ ᠨᠠᠷ ᠤ᠋ᠨ ᠣᠷᠣᠨ ᠪᠠᠢᠰᠢᠩ ᠢ᠋ ᠤᠷᠠᠨ ᠰᠡᠢᠯᠪᠦᠷᠢ ᠪᠡᠷ ᠴᠢᠮᠡᠵᠦ ᠪᠠᠢᠬᠤ ᠦᠶᠡᠰ ᠲᠠᠨᠢᠯᠴᠠᠭᠰᠠᠨ ᠪᠡᠭᠡᠵᠢᠩ ᠦ᠋ᠨ ᠭᠠᠷ ᠤᠷᠠᠴᠤᠳ᠂ ᠶᠦᠩ ᠾᠧ ᠬᠦᠩ ᠦ᠋ᠨ ᠵᠠᠷᠢᠮ ᠮᠣᠩᠭᠣᠯ ᠯᠠᠮᠠ ᠨᠠᠷ ᠤ᠋ᠨ ᠨᠡᠷ᠎ᠡ ᠤᠰᠤ ᠶ᠋ᠢ ᠵᠢᠭᠠᠵᠤ ᠥᠭᠭᠦᠭᠡᠳ᠂ ᠨᠠᠰᠤᠨᠪᠠᠲᠤ ᠪᠡᠭᠡᠵᠢᠩ ᠣᠷᠣᠭᠰᠠᠨ ᠪᠠᠢᠵᠠᠢ᠃
ᠪᠡᠭᠡᠵᠢᠩ ᠬᠣᠲᠠᠨ ᠳ᠋ᠤ᠌ ᠬᠦᠷᠴᠦ ᠢᠷᠡᠭᠡᠳ᠂ ᠵᠠᠯᠠᠭᠤ ᠮᠣᠩᠭᠣᠯ ᠬᠦᠦ ᠰᠦᠷᠲᠡᠢ ᠶᠡᠬᠡ ᠠᠮᠠ ᠲᠠᠢ ᠲᠣᠮᠣ ᠲᠣᠮᠣ ᠦᠬᠡᠷ ᠫᠤᠤ ᠴᠤᠬᠤᠢᠭᠰᠠᠨ ᠬᠠᠢᠰᠠᠲᠤ ᠥᠨᠳᠥᠷ ᠵᠤᠵᠠᠭᠠᠨ ᠬᠡᠷᠡᠮ ᠢ᠋ ᠶᠠᠭᠤᠲᠠᠢ ᠪᠠᠲᠤ ᠬᠤᠷᠴᠠ ᠰᠦᠷᠲᠡᠢ ᠭᠡᠵᠦ ᠶᠡᠬᠡᠯ᠎ᠡ(ᠶᠡᠬᠡ ᠯᠡ) ᠭᠠᠢᠬᠠᠵᠤ ᠣᠢᠷᠠᠲᠤᠨ ᠦᠵᠡᠪᠡᠯ᠂ ᠬᠣᠯᠠ ᠠ᠋ᠴᠠ ᠰᠦᠷᠲᠡᠢ ᠶᠡᠬᠡ ᠫᠤᠤ ᠶ᠋ᠢᠨ ᠠᠮᠠ ᠭᠡᠵᠦ ᠦᠵᠡᠭᠳᠡᠭᠰᠡᠨ ᠨᠢ ᠬᠡᠷᠡᠮ ᠦ᠋ᠨ ᠬᠠᠢᠰᠠᠩ ᠳ᠋ᠤ᠌ ᠫᠤᠤ ᠶ᠋ᠢᠨ ᠠᠮᠠ ᠵᠢᠷᠤᠭᠰᠠᠨ ᠪᠠᠩᠵᠠ ᠬᠢᠭᠰᠡᠨ᠂ ᠬᠣᠭᠣᠰᠣᠨ ᠰᠦᠷ ᠪᠠᠳᠠᠷᠠᠭᠤᠯᠤᠭᠰᠠᠨ ᠵᠢᠷᠤᠭ ᠫᠤᠤ ᠪᠠᠢᠵᠠᠢ᠃ ᠬᠡᠷᠡᠮ ᠦ᠋ᠨ ᠭᠠᠢᠬᠠᠯᠲᠠᠢ ᠵᠤᠵᠠᠭᠠᠨ ᠢ᠋ ᠮᠡᠳᠡᠵᠦ ᠪᠣᠯᠬᠤ ᠭᠤᠯᠳᠤᠩ ᠬᠠᠭᠠᠯᠭ᠎ᠠ ᠪᠠᠷ ᠳᠣᠲᠣᠭᠰᠢ ᠣᠷᠣᠲᠠᠯ᠎ᠠ᠂ ᠨᠠᠰᠤᠨᠪᠠᠲᠤ ᠠᠷᠪᠠᠨ ᠬᠣᠶᠠᠷ ᠨᠠᠰᠤᠨ ᠤ᠋ ᠬᠢᠷᠢᠲᠡᠢ ᠨᠢᠭᠡᠨ ᠬᠥᠪᠡᠭᠦᠨ ᠢ᠋ ᠵᠠᠮ ᠤ᠋ᠨ ᠳᠤᠮᠳᠠ ᠲᠣᠭᠣᠰᠣᠲᠤ ᠴᠢᠯᠠᠭᠤᠨ᠎ᠠ ᠬᠡᠪᠲᠡᠭᠡᠳ᠂ ᠰᠡᠯᠭᠦᠬᠡᠲᠡᠨ ᠶᠠᠪᠤᠬᠤ ᠣᠯᠠᠨ ᠤ᠋ ᠴᠢᠮᠡᠭᠡ ᠶ᠋ᠢ ᠳᠠᠷᠤᠨ ᠪᠠᠷᠬᠢᠷᠠᠵᠤ᠂ ᠲᠠᠷᠴᠢᠯᠠᠨ ᠬᠡᠪᠲᠡᠭᠰᠡᠨ ᠢ᠋ ᠦᠵᠡᠭᠡᠳ ᠠᠶᠤᠨ ᠰᠠᠨᠳᠤᠷᠪᠠᠯ᠂ ᠲᠡᠭᠦᠨ ᠦ᠌ ᠬᠠᠵᠠᠭᠤ ᠪᠠᠷ ᠭᠠᠷᠴᠤ ᠶᠠᠪᠤᠭ᠎ᠠ ᠣᠯᠠᠨ ᠮᠢᠩᠭᠠᠨ ᠠᠮᠢᠲᠠᠨ ᠤ᠋ ᠨᠢᠭᠡᠨ ᠴᠦ᠍ ᠲᠡᠷᠡ ᠬᠥᠪᠡᠭᠦᠨ ᠢ᠋ ᠣᠭᠲᠣ ᠬᠠᠢᠬᠤᠷᠬᠤ ᠦᠭᠡᠢ᠂ ᠠᠵᠢᠭ ᠬᠡᠨᠡᠭᠡ ᠦᠭᠡᠢ ᠥᠩᠭᠡᠷᠡᠨ ᠭᠠᠷᠴᠤ᠂ ᠨᠠᠰᠤᠨᠪᠠᠲᠤ ᠬᠥᠮᠦᠨ ᠦ᠌ ᠲᠡᠷᠭᠡᠨ ᠳ᠋ᠦ᠍ ᠰᠠᠭᠤᠵᠤ ᠶᠠᠪᠤᠭᠰᠠᠨ ᠤᠴᠢᠷ᠂ ᠶᠠᠭᠠᠬᠢᠬᠤ ᠴᠤ᠌ ᠠᠷᠭ᠎ᠠ ᠦᠭᠡᠢ᠂ ᠳᠡᠮᠡᠢ ᠯᠡ ᠭᠠᠢᠬᠠᠬᠤ ᠳ᠋ᠠᠭᠠᠨ ᠲᠡᠷᠭᠡᠨ ᠦ᠌ ᠯᠠᠭᠤᠰᠠ ᠶ᠋ᠢ ᠬᠠᠷᠠᠪᠠᠯ ᠡᠮᠦᠨ᠎ᠡ ᠨᠢ ᠲᠣᠭᠣᠰᠣ ᠲᠣᠪᠣᠷᠠᠭ ᠲᠤ᠌ ᠲᠠᠷᠴᠢᠯᠠᠵᠤ ᠪᠠᠢᠭᠰᠠᠨ ᠲᠡᠷᠡ ᠬᠡᠦᠬᠡᠳ ᠢ᠋ ᠬᠢᠰᠬᠢᠬᠦᠵᠡᠨ ᠭᠡᠵᠦ ᠲᠡᠷᠡ ᠰᠡᠴᠡᠨ ᠠᠮᠢᠲᠠᠨ ᠲᠣᠭᠣᠷᠢᠨ ᠵᠠᠢᠯᠠᠵᠠᠢ᠃
ᠨᠠᠰᠤᠨᠪᠠᠲᠤ᠂ ᠳᠣᠯᠣᠭᠠᠨ ᠬᠣᠨᠣᠭ ᠤ᠋ᠨ ᠡᠮᠦᠨ᠎ᠡ ᠦᠵᠡᠭᠰᠡᠨ ᠲᠡᠷᠡ ᠬᠡᠦᠬᠡᠳ ᠢ᠋ ᠰᠠᠨᠠᠬᠤ ᠳ᠋ᠠᠭᠠᠨ᠂ ᠳᠣᠲᠣᠷ᠎ᠠ ᠠᠶ᠎ᠠ ᠦᠭᠡᠢ ᠪᠣᠳᠣᠵᠤ ᠬᠠᠷᠢᠨ ᠡᠨᠡ ᠶᠡᠬᠡ ᠬᠣᠲᠠ ᠳ᠋ᠤ᠌ ᠨᠠᠳᠠ ᠳ᠋ᠤ᠌ ᠭᠠᠮᠰᠢᠭ ᠵᠣᠪᠠᠯᠠᠩ ᠲᠣᠬᠢᠶᠠᠯᠳᠤᠪᠠᠯ᠂ ᠬᠥᠮᠦᠨ ᠦ᠌ ᠵᠣᠪᠠᠯᠠᠩ ᠮᠡᠳᠡᠬᠦ ᠣᠯᠠᠨ ᠮᠥᠨ ᠠᠨᠠᠢ᠂ ᠲᠡᠭᠡᠵᠦ ᠮᠢᠨᠦ ᠬᠠᠵᠠᠭᠤ ᠪᠠᠷ ᠭᠠᠷᠴᠤ ᠪᠠᠢᠬᠤ ᠪᠣᠯᠤᠨ᠎ᠠ ᠳᠠ᠃
ᠪᠠᠰᠠ ᠭᠤᠢᠯᠢᠨᠴᠢ ᠭᠡᠵᠦ ᠬᠥᠭᠡᠷᠦᠬᠦᠢᠯᠡᠯᠲᠡᠶᠡ᠃ ᠴᠢᠶᠠᠨ ᠮᠧᠨ ᠭᠡᠳᠡᠭ ᠶᠡᠬᠡ ᠬᠠᠭᠠᠯᠭᠠᠨ ᠤ᠋ ᠭᠠᠳᠠᠨ᠎ᠠ ᠬᠤ᠌ ᠴᠧᠩ ᠾᠧ ᠭᠣᠣᠯ ᠤ᠋ᠨ ᠰᠡᠢᠯᠦᠮᠡᠯ ᠴᠠᠰᠤᠨ ᠳᠤᠰᠤᠯ ᠴᠢᠯᠠᠭᠤᠨ ᠬᠡᠷᠡᠰᠬᠡ ᠲᠡᠢ ᠶᠡᠬᠡ ᠴᠢᠯᠠᠭᠤᠨ ᠬᠥᠭᠥᠷᠭᠡ ᠶ᠋ᠢᠨ ᠲᠡᠨᠳᠡ ᠪᠠᠢᠳᠠᠭ ᠣᠯᠠᠨ ᠭᠤᠢᠯᠢᠨᠴᠢᠨ ᠤ᠋ ᠪᠡᠶ᠎ᠡ ᠪᠡᠨ ᠢᠯᠵᠠᠷᠠᠭᠰᠠᠨ ᠲᠠᠰᠤᠷᠬᠠᠢ ᠨᠣᠣᠷᠬᠠᠢ ᠪᠥᠰ ᠦ᠋ᠨ ᠥᠭᠡᠳᠡᠰᠦ ᠪᠡᠷ ᠣᠷᠢᠶᠠᠬᠤᠢᠴᠠᠨ ᠪᠣᠯᠵᠤ᠂ ᠠᠷᠠᠰᠤ ᠨᠢ ᠶᠠᠷ᠎ᠠ ᠰᠢᠷᠬ᠎ᠠ ᠶ᠋ᠢᠨ ᠬᠣᠮᠬᠣᠷᠤᠤ᠂ ᠭᠬᠢᠷ ᠲᠠᠭ ᠪᠣᠯᠵᠤ᠂ ᠵᠢᠷᠤᠭ ᠳᠡᠭᠡᠷ᠎ᠡ ᠪᠠᠢᠳᠠᠭ ᠪᠢᠷᠢᠳ ᠰᠢᠭ ᠡᠴᠡᠩᠬᠡᠢ᠂ ᠨᠠᠢ᠍ᠮᠠᠨ ᠶᠠᠰᠤᠨ ᠳ᠋ᠠᠭᠠᠨ ᠬᠢᠯᠬᠢᠭᠰᠡᠨ ᠠᠮᠢᠲᠠᠳ ᠡᠯᠢᠭᠡ ᠡᠮᠲᠡᠷᠡᠮ᠎ᠡ ᠴᠢᠷᠠᠯᠠᠯᠳᠤᠵᠤ᠂ ᠵᠠᠬᠠᠭᠤᠷ ᠨᠢ ᠭᠠᠷᠤᠭᠰᠠᠨ ᠬᠥᠮᠦᠨ ᠡᠴᠡ ᠶᠠᠭᠤᠮ᠎ᠠ ᠭᠤᠶᠤᠵᠤ ᠪᠠᠢᠳᠠᠭ ᠨᠢ ᠶᠠᠭᠤᠲᠠᠢ ᠪᠡᠷᠬᠡ ᠵᠣᠪᠠᠯᠠᠩ ᠲᠠᠢ ᠠᠮᠢᠲᠠᠨ ᠪᠢᠯᠡ᠃ ᠪᠤᠰᠤᠳ ᠬᠣᠲᠠ ᠭᠠᠴᠠᠭᠠᠨ ᠳ᠋ᠤ᠌ ᠶᠡᠷᠦ ᠲᠡᠢᠮᠦ ᠣᠯᠠᠨ ᠭᠤᠢᠯᠢᠨᠴᠢᠨ ᠪᠠᠢᠬᠤ ᠶ᠋ᠢ ᠦᠵᠡᠭᠰᠡᠨ ᠦᠭᠡᠢ ᠪᠢᠯᠡ᠃ ᠦᠷᠦ ᠡᠪᠡᠳᠦᠭᠡᠳ ᠨᠢᠭᠡ ᠬᠡᠳᠦᠨ ᠵᠣᠭᠣᠰ ᠥᠭᠬᠦᠲᠡᠯᠡ( ᠥᠭᠲᠡᠯ᠎ᠡ)᠂ ᠬᠠᠰᠬᠢᠷᠤᠯᠳᠤᠨ ᠳᠠᠭᠠᠷᠢᠵᠤ ᠲᠠᠯ᠎ᠠ ᠲᠠᠯ᠎ᠠ ᠠ᠋ᠴᠠ ᠨᠣᠴᠣᠨ ᠱᠤᠤᠭᠢᠯᠳᠤᠬᠤ ᠳ᠋ᠤ᠌᠂ ᠨᠠᠰᠤᠨᠪᠠᠲᠤ ᠰᠠᠨᠳᠤᠷᠬᠤ ᠶ᠋ᠢᠨ ᠳᠠᠪᠠᠭᠠᠨ ᠳᠡᠭᠡᠷ᠎ᠡ ᠨᠢᠭᠡ ᠠᠳᠬᠤ ᠵᠣᠭᠣᠰ ᠬᠠᠵᠠᠭᠤ ᠳᠠᠰᠢ ᠴᠢᠯᠠᠭᠤᠳᠠᠭᠠᠳ᠂ ᠣᠯᠠᠨ ᠭᠤᠢᠯᠢᠨᠴᠢᠨ ᠢ᠋ ᠪᠡᠶ᠎ᠡ ᠪᠡᠶ᠎ᠡ ᠪᠡᠨ ᠳᠠᠭᠠᠷᠢᠵᠤ ᠲᠡᠷᠡ ᠬᠠᠩᠭᠢᠨᠠᠨ ᠥᠩᠭᠡᠷᠡᠭᠰᠡᠨ ᠵᠣᠭᠣᠰ ᠤ᠋ᠨ ᠬᠣᠢᠨ᠎ᠠ ᠠ᠋ᠴᠠ ᠪᠤᠵᠢᠭᠢᠨᠠᠨ ᠭᠦᠶᠦᠯᠳᠦᠬᠦ ᠵᠠᠪᠰᠠᠷ ᠪᠤᠰᠢᠭᠤᠬᠠᠨ ᠵᠢᠭᠤᠭᠳᠠᠨ ᠵᠠᠢᠯᠠᠭᠰᠠᠨ ᠢ᠋ᠶ᠋ᠠᠨ ᠰᠠᠨᠠᠭᠠᠳ᠂ ᠬᠢᠲᠠᠳ ᠤ᠋ᠨ ᠣᠯᠠᠨ ᠬᠣᠲᠠ ᠪᠠᠷ ᠭᠤᠢᠯᠢᠨᠴᠢᠨ ᠤ᠋ ᠣᠯᠠᠨ ᠢ᠋ ᠪᠣᠳᠣᠪᠠᠯ ᠪᠦᠬᠦ ᠮᠣᠩᠭᠣᠯ ᠤ᠋ᠨ ᠬᠥᠮᠦᠨ ᠠᠮᠠ ᠠ᠋ᠴᠠ ᠬᠡᠳᠦ ᠬᠡᠳᠦᠨ ᠳᠠᠪᠬᠤᠷ ᠣᠯᠠᠨ ᠠᠵᠢ᠃ ᠮᠠᠨᠽᠤᠰᠢᠷᠢ ᠪᠤᠷᠬᠠᠨ ᠤ᠋ ᠬᠤᠪᠢᠯᠭᠠᠨ ᠭᠡᠵᠦ ᠯᠠᠮᠠ ᠨᠠᠷ ᠤ᠋ᠨ ᠬᠡᠯᠡᠯᠴᠡᠳᠡᠭ ᠮᠠᠨᠵᠤ ᠬᠠᠭᠠᠨ ᠤ᠋ ᠨᠡᠢᠰᠯᠡᠭᠰᠡᠨ ᠪᠡᠭᠡᠵᠢᠩ ᠬᠣᠲᠠ ᠶ᠋ᠢᠨ ᠭᠤᠢᠯᠢᠨᠴᠢᠨ ᠤ᠋ ᠲᠣᠭ᠎ᠠ᠂ ᠮᠠᠨᠠᠢ ᠬᠣᠰᠢᠭᠤ ᠪᠠᠢᠲᠤᠭᠠᠢ᠂ ᠪᠦᠬᠦ ᠰᠠᠢᠨ ᠨᠣᠶᠠᠨ ᠬᠠᠨ ᠠᠢᠮᠠᠭ ᠤ᠋ᠨ ᠲᠠᠢᠳᠡᠢ ᠪᠠᠢᠵᠤ ᠮᠠᠭᠠᠳ ᠦᠭᠡᠢ ᠪᠣᠯᠤᠯᠲᠠᠢ᠃ ᠪᠡᠭᠡᠵᠢᠩ ᠬᠣᠲᠠᠨ ᠳ᠋ᠠᠬᠢ ᠮᠠᠨᠵᠤ ᠲᠣᠷᠭᠠᠨ ᠴᠡᠷᠢᠭ ᠲᠦᠰᠢᠮᠡᠯ ᠢ᠋ ᠦᠵᠡᠪᠡᠯ᠂ ᠶᠠᠭᠤᠨ ᠴᠤ᠌ ᠬᠢᠳᠡᠭ ᠦᠭᠡᠢ᠂ ᠡᠷᠬᠡ ᠲᠠᠩᠬᠢ᠂ ᠵᠢᠷᠭᠠᠯ ᠳ᠋ᠠᠭᠠᠨ ᠲᠠᠰᠢᠭᠤᠷᠠᠵᠤ᠂ ᠰᠢᠷᠭᠤᠯᠵᠢ ᠰᠢᠭ᠋ ᠣᠯᠠᠨ ᠪᠥᠭᠡᠳ ᠠᠵᠢᠯᠴᠢ ᠬᠢᠲᠠᠳ ᠤ᠋ᠨ ᠲᠦᠭ ᠲᠦᠮᠡᠨ ᠠᠷᠠᠳ ᠢ᠋ ᠬᠤᠷᠢᠶᠠᠮᠵᠢᠯᠠᠨ ᠤᠳᠤᠷᠢᠳᠬᠤ ᠬᠤᠪᠢ ᠲᠠᠢ ᠤᠯᠤᠰ ᠭᠡᠵᠦ ᠪᠡᠶ᠎ᠡ ᠪᠡᠨ ᠣᠨᠴᠣᠭᠣᠢ ᠳᠡᠭᠡᠷᠡᠩᠭᠦᠢ ᠦᠵᠡᠳᠡᠭ ᠢ᠋ ᠰᠠᠨᠠᠬᠤ ᠳ᠋ᠤ᠌᠂ ᠮᠠᠨᠵᠤ ᠨᠠᠷ ᠢ᠋ ᠮᠥᠯᠵᠢᠮᠡᠲᠡᠭᠡᠢ ᠬᠢᠲᠠᠳ ᠲᠦᠰᠢᠮᠡᠯ ᠦ᠋ᠨ ᠨᠢᠭᠡᠨ ᠠᠳᠠᠯᠢ ᠬᠢᠳᠤᠨ ᠤᠰᠠᠳᠬᠠᠨ᠎ᠠ ᠭᠡᠵᠦ ᠪᠠᠢᠭᠰᠠᠨ ᠲᠠᠢᠪᠤᠩ ᠤ᠋ᠳ᠂ ᠬᠠᠢ ᠳᠠ᠂ ᠵᠥᠪ ᠪᠣᠯᠤᠯᠲᠠᠢ ᠭᠡᠵᠦ ᠪᠣᠳᠣᠵᠤ ᠬᠡᠪᠲᠡᠲᠡᠯ᠎ᠡ᠂ ᠵᠡᠷᠭᠡᠯᠡᠳᠡᠭᠡ ᠲᠠᠰᠤᠯᠭᠠᠨ ᠳ᠋ᠤ᠌ ᠡᠪᠦᠭᠡᠨ ᠬᠥᠮᠦᠨ ᠦ᠌ ᠬᠠᠨᠢᠶᠠᠵᠤ ᠱᠠᠬᠠᠢ ᠪᠠᠨ ᠴᠢᠷᠴᠦ ᠶᠠᠪᠤᠬᠤ ᠴᠢᠮᠡᠭᠡ ᠰᠣᠨᠣᠰᠳᠠᠭᠰᠠᠨ ᠳ᠋ᠤ᠌ ᠪᠠᠭᠤᠷᠴᠢ ᠶ᠋ᠢᠨ ᠭᠠᠵᠠᠷ ᠤ᠋ᠨ ᠡᠷᠬᠢᠯᠡᠭᠴᠢ ᠡᠪᠦᠭᠡᠨ ᠪᠣᠰᠴᠠᠢ᠃ ᠣᠳᠣ ᠪᠣᠰᠤᠶ᠎ᠠ ᠳᠠ ᠭᠡᠳ ᠤᠬᠤᠰᠬᠢᠨ ᠪᠣᠰᠴᠤ ᠬᠤᠪᠴᠠᠯᠠᠭᠠᠳ ᠭᠠᠳᠠᠭ᠎ᠠ ᠭᠠᠷᠪᠠᠯ᠂ ᠡᠪᠦᠭᠡᠨ ᠬᠡᠳᠦᠢᠨ ᠥᠪᠡᠷ ᠦ᠋ᠨ ᠬᠠᠢᠷᠠᠯᠠᠨ ᠤᠷᠭᠤᠭᠤᠯᠳᠠᠭ ᠮᠠᠨᠳᠠᠷᠸ᠎ᠠ ᠴᠡᠴᠡᠭ᠂ ᠭᠥᠯᠡᠰᠤᠨ ᠤ᠋ ᠴᠡᠴᠡᠭ ᠢ᠋ ᠦᠵᠡᠵᠦ ᠪᠠᠢᠪᠠ᠃ᠨᠠᠰᠤᠨᠪᠠᠲᠤ ᠶ᠋ᠢᠨ ᠭᠠᠷᠴᠤ ᠢᠷᠡᠬᠦ ᠳ᠋ᠦ᠍ᠨᠢ ᠡᠪᠦᠭᠡᠨ ᠭᠠᠢᠬᠠᠵᠤ᠂
— ᠴᠢ ᠶᠠᠭᠠᠬᠢᠭᠰᠠᠨ ᠡᠷᠲᠡ ᠪᠣᠰᠳᠠᠭ ᠬᠥᠮᠦᠨ ᠪᠣᠢ? ᠮᠠᠨᠠᠢ ᠬᠣᠲᠠ ᠶ᠋ᠢᠨ ᠬᠥᠮᠦᠨ ᠣᠷᠣᠢ ᠤᠨᠲᠠᠵᠤ᠂ ᠣᠷᠣᠢ ᠪᠣᠰᠬᠤ ᠳᠤᠷ᠎ᠠ ᠲᠠᠢ ᠪᠢᠯᠡ᠃ ᠴᠢᠮᠠᠶ᠋ᠢ ᠦᠵᠡᠪᠡᠯ᠂ ᠨᠠᠷᠠᠨ ᠢ᠋ᠶ᠋ᠠᠷ ᠪᠣᠰᠴᠤ ᠰᠤᠷᠤᠭᠰᠠᠨ ᠠᠷᠤ ᠭᠠᠵᠠᠷ ᠤ᠋ᠨ ᠵᠠᠩ ᠢ᠋ ᠠᠯᠳᠠᠭ᠎ᠠ ᠦᠭᠡᠢ ᠬᠥᠮᠦᠨ ᠪᠠᠢᠬᠤ ᠨᠢ ᠠ᠋᠃ ᠭᠤᠷᠪᠠᠨ ᠤᠯᠤᠰ ᠤ᠋ᠨ ᠪᠢᠴᠢᠭ ᠡᠴᠡ ᠴᠢᠨᠦ ᠰᠡᠢᠷᠡᠭᠦᠯᠵᠦ ᠪᠢᠴᠢᠭᠰᠡᠨ ᠢ᠋ ᠦᠵᠡᠭᠡᠳ ᠶᠡᠬᠡᠳᠡ ᠪᠠᠶᠠᠷᠯᠠᠪᠠ᠃ ᠴᠢ ᠰᠠᠢᠨ ᠪᠢᠴᠢᠭᠡᠴᠢ ᠠᠵᠢ ᠭᠡᠵᠦ ᠬᠡᠯᠡᠭᠡᠳ᠂ ᠵᠠᠩᠵᠠ ᠬᠤᠲᠤᠭᠲᠤ ᠲᠠᠨ᠂ ᠰᠠᠮᠠᠭᠤᠨ ᠴᠠᠭ ᠢ᠋ ᠪᠣᠢᠳᠠ ᠭᠠᠵᠠᠷ ᠥᠩᠭᠡᠷᠡᠭᠦᠯᠬᠦ ᠭᠡᠵᠦ ᠡᠨᠡ ᠰᠦᠮ᠎ᠡ ᠡᠴᠡ ᠬᠥᠳᠡᠭᠡ ᠮᠣᠷᠢᠯᠠᠭᠰᠠᠨ ᠨᠢ ᠰᠠᠢᠨ ᠪᠣᠯᠵᠠᠢ᠃ ᠴᠢᠩᠭᠢᠭᠰᠡᠨ ᠢ᠋ᠶ᠋ᠡᠷ ᠴᠢ ᠴᠦ᠍ ᠡᠨᠡ ᠭᠠᠵᠠᠷ ᠪᠠᠭᠤᠬᠤ ᠵᠠᠪᠰᠢᠶᠠᠨ ᠣᠯᠵᠤ᠂ ᠪᠢ ᠴᠦ᠍ ᠰᠠᠢᠨ ᠪᠢᠴᠢᠭᠡᠴᠢ ᠲᠡᠢ ᠪᠣᠯᠵᠤ ᠠᠪᠤᠯ᠎ᠠ᠃ ᠪᠡᠭᠡᠵᠢᠩ ᠦ᠋ᠨ ᠬᠠᠷᠠᠴᠤᠤᠯ ᠰᠠᠮᠠᠭᠤᠷᠠᠵᠤ᠂ ᠬᠠᠷᠢ ᠬᠥᠮᠦᠨ ᠳ᠋ᠦ᠍ ᠳᠤᠷ᠎ᠠ ᠦᠭᠡᠢ ᠲᠤᠯᠠ᠂ ᠴᠢ ᠮᠣᠩᠭᠣᠯ ᠬᠤᠪᠴᠠᠰᠤ ᠪᠠᠨ ᠬᠠᠯᠠᠵᠤ ᠬᠢᠲᠠᠳ ᠬᠤᠪᠴᠠᠰᠤ ᠡᠮᠦᠰᠪᠡᠯ ᠳᠡᠭᠡᠷ᠎ᠡ ᠪᠢᠵᠡ ᠠ᠋ ᠭᠡᠬᠦ ᠳ᠋ᠦ᠍ᠨᠢ᠂
— ᠲᠠ ᠶᠠᠭᠠᠬᠢᠭᠠᠳ ᠯᠠᠮᠠ ᠬᠤᠪᠴᠠᠰᠤ ᠡᠮᠦᠰᠦᠭᠡᠳ ᠶᠠᠪᠤᠳᠠᠭ ᠶᠤᠮ ᠪᠣᠢ᠂ ᠲᠡᠭᠡᠪᠡᠯ? ᠭᠡᠬᠦ ᠳ᠋ᠦ᠍ᠨᠢ᠂
— ᠪᠢᠳᠡ ᠰᠢᠷ᠎ᠠ ᠶ᠋ᠢᠨ ᠱᠠᠰᠢᠨ ᠤ᠋ ᠯᠠᠮᠠ ᠨᠠᠷ᠂ ᠡᠵᠡᠨ ᠬᠠᠭᠠᠨ ᠤ᠋ ᠢᠪᠡᠭᠡᠯ ᠥᠮᠥᠭ ᠢ᠋ ᠰᠢᠲᠦᠵᠦ ᠶᠠᠪᠤᠳᠠᠭ ᠤᠯᠤᠰ ᠭᠡᠬᠦ ᠳ᠋ᠦ᠍ᠨᠢ᠂
— ᠲᠡᠭᠡᠪᠡᠯ᠂ ᠬᠤᠲᠤᠭᠲᠤ ᠲᠠᠨ(ᠲᠠ?) ᠬᠡᠷᠬᠢᠨ ᠤᠴᠢᠷ᠂ ᠵᠡᠯᠢᠭᠦᠲᠡ(ᠵᠡᠯᠢᠭᠦᠳ) ᠪᠣᠢᠳᠠ ᠭᠠᠵᠠᠷ ᠰᠠᠮᠠᠭᠤᠨ ᠠ᠋ᠴᠠ ᠵᠠᠢᠯᠠᠷᠠ ᠣᠳᠤᠭᠰᠠᠨ ᠪᠣᠢ? ᠭᠡᠬᠦ ᠳ᠋ᠦ᠍ᠨᠢ᠂
— ᠵᠠ᠂ ᠴᠢ ᠵᠠᠯᠠᠭᠤ ᠪᠠᠭ᠎ᠠ ᠬᠥᠮᠦᠨ᠂ ᠪᠡᠶ᠎ᠡ ᠳ᠋ᠦ᠍ ᠬᠣᠯᠪᠣᠭᠳᠠᠯ ᠦᠭᠡᠢ ᠳᠡᠮᠡᠢ ᠦᠭᠡ ᠪᠢᠲᠡᠭᠡᠢ ᠠᠰᠠᠭᠤ᠃ ᠡᠷᠬᠢᠮ ᠬᠤᠲᠤᠭᠲᠤ ᠶ᠋ᠢᠨ ᠪᠢᠯᠢᠭ ᠦ᠋ᠨ ᠨᠢᠳᠦ ᠪᠡᠷ ᠶᠠᠭᠤ ᠭᠡᠵᠦ ᠪᠣᠯᠭᠠᠵᠤ(ᠪᠣᠯᠭᠣᠭᠠᠵᠤ) ᠦᠵᠡᠭᠰᠡᠨ ᠢ᠋ ᠤᠰᠤᠨ ᠨᠢᠳᠦ ᠲᠡᠢ᠂ ᠴᠢᠰᠤᠨ ᠵᠢᠷᠦᠬᠡ ᠲᠡᠢ ᠶᠢᠷᠲᠢᠨᠴᠦ ᠶ᠋ᠢᠨ ᠡᠭᠡᠯ ᠠᠮᠢᠲᠠᠨ ᠪᠢᠳᠡ ᠶᠠᠭᠠᠬᠢᠵᠤ ᠮᠡᠳᠡᠬᠦ ᠪᠣᠢ? ᠭᠡᠵᠡᠢ᠃
ᠲᠡᠷᠡ ᠡᠳᠦᠷ ᠨᠠᠰᠤᠨᠪᠠᠲᠤ ᠪᠡᠭᠡᠵᠢᠩ ᠦ᠋ᠨ ᠬᠡᠷᠡᠮ ᠦ᠋ᠨ ᠭᠠᠳᠠᠨᠠᠬᠢ ᠬᠥᠯ ᠱᠤᠤᠭᠢᠶᠠᠨ ᠶᠡᠬᠡᠲᠡᠢ ᠭᠠᠵᠠᠷ ᠶᠠᠪᠤᠵᠤ᠂ ᠯᠢᠦ ᠯᠢᠢ ᠴᠧᠩ ᠢ᠋ᠶ᠋ᠡᠷ ᠶᠠᠪᠤᠭᠠᠳ ᠨᠣᠮ ᠬᠤᠳᠠᠯᠳᠤᠬᠤ ᠭᠠᠵᠠᠷ᠂ ᠡᠷᠳᠡᠨᠢ ᠶ᠋ᠢᠨ ᠵᠦᠢᠯ ᠬᠤᠳᠠᠯᠳᠤᠬᠤ ᠫᠦᠰᠡ ᠦᠵᠡᠵᠦ᠂ ᠰᠢᠨ᠎ᠡ ᠭᠠᠷᠤᠭᠰᠠᠨ ᠪᠢᠴᠢᠭ᠂ ᠧᠦ᠋ᠷᠣᠫᠠ ᠶ᠋ᠢᠨ ᠬᠡᠯᠡ ᠡᠴᠡ ᠣᠷᠴᠢᠭᠤᠯᠤᠭᠰᠠᠨ ᠵᠣᠬᠢᠶᠠᠯ ᠤ᠋ᠨ ᠵᠦᠢᠯ ᠢ᠋ ᠣᠯᠵᠤ᠂ ᠤᠷᠢᠳᠠ(ᠤᠷᠢᠳ) ᠦᠵᠡᠭᠡ ᠦᠭᠡᠢ ᠰᠣᠨᠢᠨ ᠶᠠᠭᠤᠮ᠎ᠠ ᠮᠡᠳᠡᠬᠦ ᠵᠠᠪᠰᠢᠶᠠᠨ ᠲᠣᠬᠢᠶᠠᠯᠳᠤᠪᠠ ᠭᠡᠵᠦ ᠪᠠᠶᠠᠷᠯᠠᠨ ᠠᠪᠤᠭᠠᠳ᠂ ᠪᠠᠰᠠ ᠲᠠᠢᠪᠤᠩ ᠤ᠋ᠳ ᠤ᠋ᠨ ᠬᠡᠳᠦᠨ ᠨᠣᠮ ᠰᠠᠮ( ᠰᠣᠮ?) ᠬᠤᠳᠠᠯᠳᠤᠵᠤ ᠶᠠᠪᠤᠭᠰᠠᠨ ᠲᠠᠢ ᠳᠠᠭᠠᠷᠢᠯᠳᠤᠵᠤ ᠠᠪᠤᠭᠠᠳ᠂ ᠡᠷᠳᠡᠨᠢ᠂ ᠠᠯᠲᠠ ᠮᠥᠩᠭᠥᠨ ᠦ᠌ ᠵᠦᠢᠯ ᠬᠤᠳᠠᠯᠳᠤᠬᠤ ᠫᠦᠰᠡᠨ ᠳ᠋ᠦ᠍᠂ ᠵᠠᠭᠠᠨ ᠤ᠋ ᠰᠣᠶᠣᠭ᠎ᠠ᠂ ᠴᠢᠯᠠᠭᠤ᠂ ᠠᠯᠲᠠ ᠮᠥᠩᠭᠥ ᠪᠡᠷ ᠤᠷᠠᠯᠠᠨ ᠪᠦᠲᠦᠭᠡᠭᠰᠡᠨ ᠭᠠᠢᠬᠠᠯᠲᠠᠢ ᠰᠠᠢᠬᠠᠨ ᠶᠠᠩᠵᠤ ᠶᠠᠩᠵᠤ ᠶ᠋ᠢᠨ ᠰᠣᠨᠢᠨ ᠶᠠᠭᠤᠮ᠎ᠠ ᠦᠵᠡᠭᠡᠳ ᠲᠡᠷᠡ ᠰᠠᠢᠬᠠᠨ ᠡᠳ᠋ ᠢ᠋ ᠪᠦᠲᠦᠭᠡᠭᠰᠡᠨ ᠨᠡᠷ᠎ᠡ ᠦᠭᠡᠢ ᠤᠷᠠᠴᠤᠳ ᠤ᠋ᠨ ᠴᠢᠳᠠᠯ ᠢ᠋ ᠪᠠᠬᠠᠳᠤᠨ᠂
— ᠡᠨᠡ ᠶᠠᠭᠤᠲᠠᠢ ᠠᠪᠢᠶᠠᠰ ᠲᠠᠢ ᠤᠯᠤᠰ ᠪᠢᠯᠡ᠃ ᠵᠣᠬᠢᠶᠠᠨ ᠪᠦᠲᠦᠭᠡᠬᠦ ᠶ᠋ᠢᠨ ᠰᠠᠢᠬᠠᠨ ᠳ᠋ᠤ᠌ ᠰᠡᠳᠬᠢᠯ ᠪᠠᠬᠠᠳᠤᠨ᠂ ᠴᠢᠭᠢᠭᠲᠡᠢ ᠬᠠᠷᠠᠩᠭᠤᠢ ᠮᠠᠭᠤ ᠪᠠᠢᠰᠢᠩ ᠳ᠋ᠤ᠌ ᠥᠯᠥᠰᠬᠦ ᠲᠠᠭᠠᠷᠠᠬᠤ ᠶ᠋ᠢ ᠮᠠᠷᠲᠠᠵᠤ ᠤᠷᠠᠯᠠᠨ ᠰᠠᠭᠤᠳᠠᠭ ᠡᠨᠡ ᠣᠯᠠᠨ ᠤᠷᠠᠴᠤᠳ ᠲᠤ᠌ ᠬᠥᠮᠦᠨ ᠰᠢᠭ ᠠᠵᠤ ᠲᠥᠷᠥᠬᠦ ᠨᠥᠬᠥᠴᠡᠯ ᠣᠯᠭᠤᠭᠠᠣ᠌ᠠ᠂ ᠠᠪᠢᠶᠠᠰ ᠴᠢᠳᠠᠯ ᠢ᠋ᠶ᠋ᠠᠨ ᠭᠠᠷᠭᠠᠬᠤ ᠳ᠋ᠤᠨᠢ ᠰᠠᠭᠠᠳ ᠦᠭᠡᠢ ᠪᠣᠯᠭᠠᠵᠤ ᠥᠭᠪᠡᠯ ᠶᠠᠮᠠᠷ ᠭᠠᠢᠬᠠᠯᠲᠠᠢ ᠰᠠᠢᠬᠠᠨ ᠶᠠᠭᠤᠮ᠎ᠠ ᠪᠦᠲᠦᠭᠡᠵᠦ ᠥᠭᠬᠦ ᠤᠯᠤᠰ ᠪᠣᠢ ᠭᠡᠵᠦ ᠠᠮᠢ ᠦᠭᠡᠢ ᠶᠠᠰᠤ ᠦᠭᠡᠢ ᠴᠢᠯᠠᠭᠤ᠂ ᠠᠯᠲᠠᠨ ᠮᠥᠩᠭᠥ ᠶ᠋ᠢ ᠤᠷᠠᠨ ᠰᠡᠳᠬᠢᠯᠭᠡ᠂ ᠲᠠᠮᠢᠷ ᠲᠠᠢ ᠴᠢᠳᠠᠯ ᠢ᠋ᠶ᠋ᠠᠷ ᠠᠮᠢ ᠣᠷᠣᠭᠤᠯᠤᠨ ᠭᠠᠢᠬᠠᠮᠰᠢᠭᠲᠠᠢ ᠰᠠᠢᠬᠠᠨ ᠶᠠᠭᠤᠮ᠎ᠠ ᠪᠤᠯᠭᠠᠭᠠᠣ᠌ᠠ᠂ ᠥᠩᠭᠡᠲᠦ ᠶᠢᠷᠲᠢᠨᠴᠦ ᠳ᠋ᠦ᠍ ᠲᠥᠷᠥᠭᠰᠡᠨ ᠪᠣᠯᠪᠠᠴᠤ᠂ ᠥᠭᠡᠬᠦᠯᠡᠭᠰᠡᠨ ᠨᠢᠳᠦ ᠪᠡᠷ ᠭᠠᠭᠴᠠ ᠮᠥᠩᠭᠥᠨ ᠦ᠌ ᠴᠠᠭᠠᠨ ᠢ᠋ ᠬᠠᠷᠠᠵᠤ ᠦᠵᠡᠰᠬᠦᠯᠡᠩ ᠭᠤᠸ᠎ᠠ ᠶ᠋ᠢᠨ ᠤᠷᠠᠨ ᠰᠠᠢᠬᠠᠨ ᠳ᠋ᠤ᠌ ᠲᠣᠭᠣᠮᠰᠠᠷ ᠦᠭᠡᠢ ᠬᠤᠳᠠᠯᠳᠤᠭᠠᠴᠢᠨ ᠢ᠋ ᠨᠡᠷ᠎ᠡ ᠦᠭᠡᠢ ᠬᠥᠳᠡᠯᠮᠦᠷᠢ ᠪᠡᠷ ᠢ᠋ᠶ᠋ᠡᠨ ᠪᠠᠶᠠᠵᠢᠭᠤᠯᠤᠭᠴᠢ᠂ ᠪᠢᠴᠢᠭ ᠦᠰᠦᠭ ᠮᠡᠳᠡᠬᠦ ᠦᠭᠡᠢ ᠡᠷᠳᠡᠮ ᠰᠤᠷᠤᠯᠭ᠎ᠠ ᠦᠭᠡᠢ ᠮᠥᠷᠲᠡᠭᠡᠨ ᠲᠡᠢᠮᠦ ᠰᠠᠢᠬᠠᠨ ᠠᠪᠢᠶᠠᠰ ᠲᠠᠢ ᠤᠷᠠᠴᠤᠳ ᠢ᠋ ᠶᠡᠬᠡᠯ᠎ᠡ(ᠶᠡᠬᠡ ᠯᠡ) ᠪᠢᠰᠢᠷᠡᠨ ᠪᠠᠬᠠᠳᠤᠵᠠᠢ᠃
ᠪᠤᠴᠠᠬᠤ ᠵᠠᠮ ᠳ᠋ᠠᠭᠠᠨ ᠨᠠᠰᠤᠡᠪᠠᠳᠤ ᠭᠤᠳᠤᠮᠵᠢ ᠶ᠋ᠢᠨ ᠭᠤᠸᠠᠩᠵᠠ ᠳᠤᠮᠳᠠᠭᠤᠷ ᠭᠠᠷᠴᠤ ᠶᠠᠪᠤᠭᠠᠳ᠂ ᠬᠤᠩᠬ᠎ᠠ(ᠬᠣᠩᠬᠣ) ᠬᠠᠩᠭᠢᠨᠠᠭᠤᠯᠤᠨ᠂ ᠴᠢᠬᠢ ᠲᠦᠵᠢᠬᠢᠨᠠᠷᠠᠮ(ᠲᠦᠵᠢᠷᠡᠮᠡ) ᠮᠠᠭᠤᠬᠠᠢ ᠣᠷᠢᠯᠠᠵᠤ ᠶᠠᠪᠤᠭ᠎ᠠ ᠬᠡᠳᠦᠨ ᠡᠯᠵᠢᠭᠡ ᠥᠩᠭᠡᠷᠡᠬᠦ ᠶ᠋ᠢ ᠬᠦᠯᠢᠶᠡᠨ ᠵᠣᠭᠰᠣᠲᠠᠯ᠎ᠠ᠂ ᠬᠣᠭᠣᠯᠠ ᠵᠥᠭᠡᠭᠡᠭᠴᠢ ᠬᠥᠮᠦᠨ ᠭᠠᠵᠠᠷ ᠳᠣᠣᠷ᠎ᠠ ᠠ᠋ᠴᠠ ᠭᠠᠷᠴᠤ ᠢᠷᠡᠭᠰᠡᠨ ᠶᠠᠭᠤᠮ᠎ᠠ( ᠶᠤᠮ) ᠰᠢᠭ᠋᠂ ᠨᠠᠰᠤᠡᠪᠠᠳᠤ ᠶ᠋ᠢᠨ ᠳᠡᠷᠭᠡᠳᠡ ᠬᠦᠷᠴᠦ ᠢᠷᠡᠭᠡᠳ᠂ ᠵᠠᠮ ᠤ᠋ᠨ ᠬᠠᠵᠠᠭᠤ ᠳ᠋ᠤ᠌ ᠬᠥᠲᠥᠯᠵᠦ ᠠᠪᠠᠴᠢᠭᠠᠳ ᠪᠢᠴᠢᠬᠠᠨ ᠰᠢᠷᠡᠭᠡᠨ ᠦ᠌ ᠠᠷᠤ ᠳ᠋ᠤ᠌ ᠨᠢᠭᠡ ᠰᠠᠢᠬᠠᠨ ᠵᠠᠩ ᠲᠠᠢ ᠪᠦᠳᠦᠭᠦᠨ ᠬᠥᠮᠦᠨ ᠦ᠌ ᠳᠡᠷᠭᠡᠳᠡ ᠰᠠᠭᠤᠯᠭᠠᠵᠠᠢ᠃
ᠰᠠᠨᠠᠮᠰᠠᠷ ᠦᠭᠡᠢ ᠭᠤᠸᠠᠩᠵᠠᠨ ᠳ᠋ᠤ᠌ ᠣᠷᠣᠴᠢᠭᠰᠠᠨ(ᠣᠷᠣᠴᠢᠬᠠᠭᠰᠠᠨ) ᠨᠠᠰᠤᠡᠪᠠᠳᠤ ᠬᠣᠭᠣᠯᠠ ᠵᠠᠬᠢᠭᠠᠳ᠂ ᠭᠤᠳᠤᠮᠵᠢ ᠶ᠋ᠢᠨ ᠵᠠᠮ ᠤ᠋ᠨ ᠬᠣᠶᠠᠷ ᠲᠠᠯ᠎ᠠ ᠳ᠋ᠤ᠌ ᠰᠢᠷᠡᠭᠡ ᠪᠡᠨ ᠳᠡᠯᠭᠡᠭᠰᠡᠨ ᠲᠡᠷᠡ ᠭᠤᠸᠠᠩᠵᠠ ᠶ᠋ᠢ ᠰᠣᠨᠢᠷᠬᠠᠨ ᠦᠵᠡᠪᠡᠯ᠂ ᠬᠣᠭᠣᠯᠠ ᠬᠢᠬᠦ ᠭᠠᠵᠠᠷ ᠠ᠋ᠴᠠ ᠠᠪᠴᠢᠷᠠᠬᠤ ᠠᠶᠠᠭ᠎ᠠ ᠲᠠᠢ᠂ ᠲᠢᠽᠢ ᠲᠡᠢ ᠬᠣᠭᠣᠯᠠ᠂ ᠵᠢᠮᠢᠰ᠂ ᠬᠠᠯᠠᠭᠤᠨ ᠴᠠᠢ᠂ ᠶᠠᠩᠵᠤ ᠪᠦᠷᠢ ᠶ᠋ᠢᠨ ᠰᠠᠪᠠ ᠬᠤᠷᠢᠶᠠᠭᠰᠠᠨ ᠲᠣᠮᠣ ᠲᠣᠮᠣ ᠰᠢᠷᠡᠭᠡᠨ ᠡᠴᠡ ᠵᠦᠭ ᠪᠦᠷᠢ ᠱᠠᠯᠠᠮᠠᠭᠠᠢ ᠵᠥᠭᠡᠭᠡᠭᠴᠢ ᠭᠦᠶᠦᠯᠳᠦᠵᠦ᠂ ᠬᠣᠭᠣᠯᠠ ᠲᠠᠢ ᠲᠣᠰᠬᠣᠭᠤᠷ ᠪᠠᠷᠢᠭᠠᠳ᠂ ᠭᠤᠳᠤᠮᠵᠢ ᠪᠠᠷ ᠶᠠᠪᠤᠬᠤ ᠮᠣᠷᠢ ᠲᠠᠢ᠂ ᠶᠠᠪᠠᠭᠠᠨ ᠬᠥᠮᠦᠨ᠂ ᠡᠯᠵᠢᠭᠡ ᠯᠠᠭᠤᠰᠠ ᠶ᠋ᠢᠨ ᠵᠠᠪᠰᠠᠷ ᠢ᠋ᠶ᠋ᠠᠷ ᠰᠢᠷᠭᠤᠯᠤᠨ ᠭᠢᠯᠠᠯᠵᠠᠬᠤ ᠨᠢ ᠶᠡᠬᠡᠯ᠎ᠡ( ᠶᠡᠬᠡ ᠯᠡ) ᠰᠣᠨᠢᠬᠠᠨ ᠬᠠᠷᠠᠭᠳᠠᠵᠠᠢ᠃ ᠭᠤᠸᠠᠩᠵᠠᠨ ᠳ᠋ᠤ᠌ ᠬᠣᠭᠣᠯᠠ ᠢᠳᠡᠵᠦ ᠪᠠᠢᠭᠰᠠᠨ ᠤᠯᠤᠰ᠂ ᠵᠡᠷᠭᠡᠯᠡᠳᠡᠭᠡ ᠰᠢᠷᠡᠭᠡᠨ ᠳ᠋ᠦ᠍ ᠰᠠᠭᠤᠭᠰᠠᠨ ᠬᠥᠮᠦᠨ ᠲᠡᠢ ᠦᠭᠡ ᠬᠡᠯᠡᠯᠴᠡᠬᠦ ᠳ᠋ᠡᠭᠡᠨ᠂ ᠭᠤᠳᠤᠮᠵᠢ ᠶ᠋ᠢᠨ ᠴᠤᠤᠭᠢᠶᠠᠨ ᠳᠤᠮᠳᠠᠭᠤᠷ᠂ ᠥᠨᠳᠥᠷ ᠳᠠᠭᠤᠨ ᠢ᠋ᠶ᠋ᠠᠷ ᠬᠠᠰᠬᠢᠷᠤᠯᠳᠤᠨ᠂ ᠭᠠᠷ ᠢ᠋ᠶ᠋ᠠᠷ ᠳᠣᠬᠢᠨ ᠵᠠᠩᠭᠠᠵᠤ ᠶᠠᠷᠢᠵᠤ ᠪᠠᠢᠬᠤ ᠨᠢ ᠡᠲᠡᠭᠡᠳ ᠰᠣᠨᠢᠨ ᠬᠠᠷᠠᠭᠳᠠᠵᠠᠢ᠃
ᠲᠡᠭᠡᠵᠦ ᠬᠠᠷᠠᠵᠤ ᠰᠠᠭᠤᠲᠠᠯ᠎ᠠ᠂ ᠨᠠᠰᠤᠨᠪᠠᠲᠤ ᠶ᠋ᠢᠨ ᠳᠡᠷᠭᠡᠳᠡ ᠰᠠᠭᠤᠵᠤ ᠪᠠᠢᠭᠰᠠᠨ ᠥᠨᠥᠬᠢ ᠪᠦᠳᠦᠭᠦᠨ ᠬᠥᠮᠦᠨ ᠨᠠᠰᠤᠨᠪᠠᠲᠤ ᠶ᠋ᠢᠨ ᠨᠣᠮ ᠢ᠋ ᠵᠢᠭᠠᠵᠤ ᠨᠢᠭᠡ ᠶᠠᠭᠤᠮ᠎ᠠ ᠬᠡᠯᠡᠭᠰᠡᠨ ᠢ᠋ ᠱᠤᠤᠭᠢᠶᠠᠨ ᠠ᠋ᠴᠠ ᠪᠣᠯᠵᠤ ᠲᠤᠭᠤᠯᠤᠭᠰᠠᠨ ᠦᠭᠡᠢ᠂ ᠥᠭᠡᠳᠡ ᠡᠴᠡ ᠨᠢ ᠳᠡᠮᠡᠢ ᠯᠡ ᠬᠠᠷᠠᠲᠠᠯ᠎ᠠ᠂ ᠲᠡᠷᠡ ᠪᠦᠳᠦᠭᠦᠨ ᠬᠥᠮᠦᠨ ᠪᠣᠰᠴᠤ ᠳᠡᠷᠭᠡᠳᠡ ᠳ᠋ᠦ᠍ᠨᠢ ᠬᠦᠷᠴᠦ ᠢᠷᠡᠭᠡᠳ ᠴᠢᠬᠢᠨ ᠳ᠋ᠦ᠍ᠨᠢ ᠡᠨᠡ ᠨᠣᠮ ᠢ᠋ᠶ᠋ᠠᠨ ᠳᠠᠯᠳᠠ ᠬᠢ᠂ ᠠᠯᠪᠠᠨ ᠤ᠋ ᠬᠥᠮᠦᠨ ᠬᠠᠷᠠᠪᠠᠯ ᠭᠠᠢ ᠪᠣᠯᠤᠨ᠎ᠠ ᠭᠡᠵᠦ ᠰᠢᠷᠡᠭᠡᠨ ᠳᠡᠭᠡᠷ᠎ᠡ ᠰᠠᠨᠠᠮᠰᠠᠷ ᠦᠭᠡᠢ ᠢᠯᠡ ᠲᠠᠯᠪᠢᠭᠰᠠᠨ ᠲᠠᠢᠪᠤᠩ ᠤ᠋ᠨ ᠨᠣᠮ ᠢ᠋ ᠵᠢᠭᠠᠵᠠᠢ᠃
ᠬᠣᠭᠣᠯᠠ ᠢᠳᠡᠬᠦ ᠦᠶᠡᠰ ᠲᠡᠷᠡ ᠪᠦᠳᠦᠭᠦᠨ ᠬᠥᠮᠦᠨ ᠨᠠᠰᠤᠨᠪᠠᠲᠤ ᠳ᠋ᠤ᠌ ᠶᠡᠬᠡ ᠳᠣᠲᠣᠨᠣ ᠪᠠᠢᠳᠠᠯ ᠲᠠᠢ ᠮᠠᠰᠬᠠᠨᠠᠨ ᠪᠠᠨᠲᠠᠭᠠᠨᠠᠵᠤ᠂ ᠨᠢᠭᠡ ᠪᠢᠴᠢᠬᠠᠨ ᠰᠦᠯᠵᠢᠮᠡᠯ ᠰᠠᠪᠠ ᠦᠵᠡᠭᠦᠯᠦᠭᠡᠳ᠂ ᠭᠦᠷᠡᠯᠵᠡᠭᠡᠨ᠎ᠡ ᠵᠣᠳᠣᠯᠳᠤᠬᠤ ᠶ᠋ᠢ ᠣᠴᠢᠵᠤ ᠦᠵᠡᠬᠦ ᠦᠭᠡᠢ ᠤᠤ? ᠪᠢ ᠠᠢᠬᠤᠪᠲᠤᠷ ᠵᠣᠳᠣᠭᠠᠴᠢ ᠭᠦᠷᠡᠯᠵᠡᠭᠡᠨ᠎ᠡ ᠣᠯᠵᠤ ᠠᠪᠤᠭᠰᠠᠨ᠃ ᠶᠠᠮᠠᠷ ᠴᠤ᠌ ᠭᠦᠷᠡᠯᠵᠡᠭᠡᠨ᠎ᠡ ᠤᠷᠢᠳᠠ ᠪᠠᠨ ᠣᠷᠣᠭᠤᠯᠬᠤ ᠦᠭᠡᠢ ᠴᠢᠳᠠᠯᠲᠠᠢ ᠬᠣᠷᠣᠬᠠᠢ᠃ ᠶᠠᠪᠤᠶ᠎ᠠ ᠭᠡᠬᠦ ᠳ᠋ᠦ᠍ᠨᠢ ᠨᠠᠰᠤᠨᠪᠠᠲᠤ ᠬᠣᠭᠣᠯᠠ ᠢᠳᠡᠭᠡᠳ᠂ ᠲᠡᠷᠡ ᠰᠢᠨ᠎ᠡ ᠲᠠᠨᠢᠯᠴᠠᠭᠰᠠᠨ ᠬᠥᠮᠦᠨ ᠲᠡᠢ ᠶᠡᠬᠡ ᠴᠢᠯᠥᠭᠡᠨ ᠦ᠌ ᠨᠢᠭᠡ ᠪᠤᠯᠤᠩ ᠳ᠋ᠤ᠌ ᠣᠴᠢᠪᠠᠯ᠂ ᠣᠯᠠᠨ ᠬᠥᠮᠦᠨ ᠥᠨᠳᠥᠷ ᠬᠡᠷᠡᠮ ᠦ᠋ᠨ ᠳᠣᠣᠷ᠎ᠠ ᠱᠠᠪᠠᠯᠳᠤᠨ ᠣᠪᠣᠭᠠᠷᠠᠵᠤ᠂ ᠦᠶ᠎ᠡ ᠦᠶ᠎ᠡ ᠬᠥᠭᠡᠭᠡᠯᠳᠦᠨ ᠱᠤᠤᠭᠢᠯᠳᠤᠵᠤ ᠪᠠᠢᠪᠠ᠃
ᠥᠨᠥᠬᠢ ᠪᠦᠳᠦᠭᠦᠨ ᠬᠥᠮᠦᠨ᠂ ᠨᠠᠰᠤᠪᠠᠲᠤ ᠶ᠋ᠢ ᠴᠢ ᠮᠢᠨᠦ ᠭᠦᠷᠡᠯᠵᠡᠭᠡᠨ᠎ᠡ ᠶ᠋ᠢ ᠳᠡᠢᠯᠦᠨ᠎ᠡ ᠭᠡᠵᠦ ᠪᠣᠭᠣᠴᠠ ᠳᠡᠯᠪᠢ᠃ ᠵᠠᠪᠠᠯ ᠬᠣᠨᠵᠢᠨ᠎ᠠ᠃ ᠴᠢ ᠦᠵᠡᠭᠡᠷᠡᠢ ᠭᠡᠳ ᠭᠦᠷᠡᠯᠵᠡᠭᠡᠨ᠎ᠡ ᠵᠣᠳᠣᠯᠳᠤᠭᠤᠯᠳᠠᠭ ᠥᠨᠳᠥᠷ ᠬᠠᠰᠢᠯᠭ᠎ᠠ ᠲᠠᠢ ᠲᠣᠰᠬᠣᠭᠤᠷ ᠪᠠᠷᠢᠵᠤ ᠪᠠᠢᠭᠰᠠᠨ ᠲᠤᠷᠠᠩᠬᠠᠢ ᠭᠤᠵᠢᠭᠤᠷ ᠬᠥᠮᠦᠨ ᠲᠡᠢ ᠬᠡᠳᠦᠨ ᠦᠭᠡ ᠰᠣᠯᠢᠭᠠᠳ᠂ ᠭᠦᠷᠡᠯᠵᠡᠭᠡᠨ᠎ᠡ ᠵᠣᠳᠣᠯᠳᠤᠭᠤᠯᠬᠤ ᠪᠣᠯᠪᠠ᠃ ᠲᠡᠷᠡ ᠥᠨᠳᠥᠷ ᠬᠥᠮᠦᠨ ᠶᠠᠪᠠᠭᠠᠨ ᠰᠠᠭᠤᠭᠠᠳ᠂ ᠪᠥᠭᠯᠡᠭᠡᠲᠡᠶ ᠠᠶᠠᠭᠠᠨ ᠠ᠋ᠴᠠ ᠳᠡᠭᠡᠷ᠎ᠡ ᠪᠡᠨ ᠨᠦᠬᠡᠲᠡᠢ᠂ ᠳᠣᠣᠷ᠎ᠠ ᠪᠠᠨ ᠬᠥᠨᠳᠡᠯᠡᠨ ᠨᠡᠪᠲᠡ ᠭᠠᠷᠤᠭᠰᠠᠨ ᠰᠠᠪᠠ ᠲᠠᠢ ᠪᠢᠴᠢᠬᠠᠨ ᠰᠢᠪᠡᠷ ᠭᠡᠷ ᠭᠠᠷᠭᠠᠭᠠᠳ᠂ ᠳᠡᠭᠡᠳᠦ ᠨᠦᠬᠡᠨ ᠦ᠌ ᠲᠠᠭᠯᠠᠭ᠎ᠠ ᠶ᠋ᠢ ᠠᠪᠴᠤ ᠪᠦᠳ᠋ ᠬᠢᠲᠡᠯ᠎ᠡ(ᠭᠡᠲᠡᠯ᠎ᠡ) ᠦᠯᠢᠶᠡᠮᠡᠭᠴᠡ᠂ ᠳᠣᠲᠣᠷᠠᠬᠢ ᠭᠦᠷᠡᠯᠵᠡᠭᠡᠨ᠎ᠡ ᠰᠣᠴᠢᠨ ᠭᠦᠶᠦᠵᠦ ᠭᠠᠷᠤᠭᠠᠳ᠂ ᠤᠷᠲᠤ ᠰᠠᠬᠠᠯ ᠢ᠋ᠶ᠋ᠠᠨ ᠤᠷᠤᠭᠰᠢ ᠬᠣᠢᠰᠢ ᠰᠣᠯᠪᠢᠯᠵᠢᠨ ᠰᠦᠷ ᠪᠠᠳᠠᠷᠠᠭᠤᠯᠤᠨ ᠬᠥᠳᠡᠯᠭᠡᠵᠦ᠂ ᠬᠡᠨ ᠨᠠᠳᠠ ᠳ᠋ᠤ᠌ ᠬᠠᠯᠳᠠᠬᠤ ᠭᠡᠵᠦ ᠪᠠᠢᠨ᠎ᠠ ᠭᠡᠰᠡᠨ ᠶᠦᠮ ᠰᠢᠭ ᠵᠣᠭᠰᠣᠵᠠᠢ᠃ ᠲᠡᠷᠡ ᠲᠣᠰᠬᠣᠭᠤᠷ ᠰᠠᠪᠠ ᠶ᠋ᠢ ᠲᠣᠭᠣᠷᠢᠵᠤ᠂ ᠠᠮᠢᠲᠠᠨ ᠰᠣᠨᠢᠷᠬᠠᠨ ᠱᠠᠪᠠᠯᠳᠤᠭᠠᠳ᠂ ᠥᠨᠥᠬᠢ ᠫᠠᠭᠳᠠᠭᠠᠷ ᠪᠦᠳᠦᠭᠦᠨ ᠬᠥᠮᠦᠨ ᠭᠦᠷᠡᠯᠵᠡᠭᠡᠨ᠎ᠡ ᠪᠡᠨ ᠲᠠᠯᠪᠢᠵᠠᠢ᠃ ᠪᠢᠴᠢᠬᠠᠨ ᠬᠠᠷ᠎ᠠ ᠭᠦᠷᠡᠯᠵᠡᠭᠡᠨ᠎ᠡ ᠨᠢ ᠣᠷᠴᠢᠨ ᠲᠣᠭᠣᠷᠢᠨ ᠤ᠋ ᠪᠠᠢᠳᠠᠯ ᠢ᠋ ᠠᠵᠢᠭᠯᠠᠵᠤ ᠬᠠᠷᠠᠭᠰᠠᠨ ᠶᠤᠮ ᠰᠢᠭ᠋ ᠵᠣᠭᠰᠣᠵᠤ ᠪᠠᠢᠭᠠᠳ᠂ ᠭᠡᠨᠡᠳᠲᠡ ᠨᠥᠭᠦᠭᠡ ᠲᠣᠮᠣ ᠭᠦᠷᠡᠯᠵᠡᠭᠡᠨ᠎ᠡ ᠶ᠋ᠢᠨ ᠥᠭᠡᠳᠡ ᠡᠴᠡ ᠳᠠᠭᠠᠷᠢᠨ ᠣᠷᠣᠵᠤ᠂ ᠬᠠᠷᠢᠯᠴᠠᠨ ᠬᠤᠷᠴᠠ ᠰᠢᠳᠦ ᠵᠠᠵᠢᠭᠤᠷ ᠢ᠋ᠶ᠋ᠠᠨ ᠰᠦᠷ ᠲᠡᠢ ᠠᠩᠭᠠᠯᠵᠠᠨ ᠠᠪᠤᠯᠴᠠᠵᠤ᠂ ᠭᠡᠨᠡᠳᠲᠡ ᠪᠢᠴᠢᠬᠠᠨ ᠬᠠᠷ᠎ᠠ ᠭᠦᠷᠡᠯᠵᠡᠭᠡᠨ᠎ᠡ᠂ ᠡᠰᠡᠷᠭᠦᠴᠡᠯ ᠦ᠋ᠨ ᠵᠤᠯᠠᠢ ᠠ᠋ᠴᠠ ᠵᠠᠭᠤᠵᠤ ᠨᠣᠴᠣᠪᠠ᠃ ᠨᠥᠭᠦᠭᠡ ᠭᠦᠷᠡᠯᠵᠡᠭᠡᠨ᠎ᠡ ᠬᠥᠯ ᠢ᠋ ᠨᠢ ᠵᠠᠭᠤᠵᠠᠢ᠃ ᠪᠠᠭ᠎ᠠ ᠬᠠᠷ᠎ᠠ ᠭᠦᠷᠡᠯᠵᠡᠭᠡᠨ᠎ᠡ᠂ ᠡᠰᠡᠷᠭᠦᠴᠡᠯ ᠳᠠᠢᠰᠤᠨ ᠤ᠋ ᠬᠠᠭ᠎ᠠ ᠬᠠᠵᠠᠭᠤᠯᠤᠭᠰᠠᠨ ᠲᠣᠯᠣᠭᠠᠢ ᠶ᠋ᠢ ᠥᠮᠥᠷ ᠥᠮᠥᠷ ᠵᠠᠵᠢᠯᠤᠭᠰᠠᠭᠠᠷ ᠡᠷᠡᠦ ᠶ᠋ᠢ ᠨᠢ ᠬᠥᠳᠡᠯᠭᠡᠵᠦ ᠴᠢᠳᠠᠬᠤ ᠦᠭᠡᠢ ᠪᠣᠯᠭᠠᠵᠤ ᠭᠡᠮᠲᠦᠭᠡᠭᠰᠡᠨ ᠳ᠋ᠦ᠍᠂ ᠬᠣᠣᠷ ᠬᠦᠷᠭᠡᠵᠦ ᠴᠢᠳᠠᠬᠤ ᠦᠭᠡᠢ ᠪᠣᠯᠤᠭᠰᠠᠨ ᠲᠣᠮᠣ ᠭᠦᠷᠡᠯᠵᠡᠭᠡᠨ᠎ᠡ ᠳᠡᠮᠡᠢ ᠯᠡ ᠥᠮᠥ ᠥᠮᠥ ᠬᠡᠪᠢᠭᠦᠯᠦᠭᠰᠡᠨ ᠲᠣᠯᠣᠭᠠᠢ ᠪᠠᠨ ᠰᠠᠯᠭᠠᠬᠤ ᠭᠡᠵᠦ ᠲᠠᠷᠴᠢᠯᠠᠵᠤ᠂ ᠦᠵᠡᠭᠴᠢᠳ ᠪᠠᠭᠠᠲᠤᠷ ᠪᠢᠴᠢᠬᠠᠨ ᠭᠦᠷᠡᠯᠵᠡᠭᠡᠨ᠎ᠡ ᠶ᠋ᠢ ᠲᠠᠭᠠᠰᠢᠶᠠᠨ ᠱᠤᠤᠭᠢᠯᠳᠤᠬᠤ ᠵᠠᠭᠤᠷ᠎ᠠ᠂ ᠡᠵᠡᠨ ᠨᠢ ᠲᠡᠭᠦᠨ ᠦ᠌ ᠰᠢᠲᠦ ᠶ᠋ᠢ ᠠᠶᠠᠷᠬᠠᠨ ᠵᠢᠭᠠᠵᠤ ᠨᠥᠭᠦᠭᠡ ᠪᠠᠷᠳᠠᠨ ᠮᠠᠭᠤᠵᠢᠷᠠᠭᠰᠠᠨ ᠡᠰᠡᠷᠭᠦᠴᠡᠯ ᠭᠦᠷᠡᠯᠵᠡᠭᠡᠨ᠎ᠡ ᠶ᠋ᠢ ᠲᠠᠯᠪᠢᠭᠤᠯᠵᠠᠢ᠃
ᠨᠠᠰᠤᠨᠪᠠᠲᠤ ᠰᠠᠨᠠᠮᠰᠠᠷ ᠦᠭᠡᠢ ᠲᠠᠨᠢᠯᠴᠠᠭᠰᠠᠨ ᠲᠡᠷᠡ ᠪᠦᠳᠦᠭᠦᠨ ᠬᠥᠮᠦᠨ ᠲᠡᠢ ᠰᠠᠯᠬᠤ ᠶᠣᠰᠣ ᠬᠢᠭᠡᠳ᠂ ᠪᠣᠭᠣᠴᠠ ᠬᠣᠨᠵᠢᠭᠰᠠᠨ ᠮᠥᠩᠭᠥ ᠶ᠋ᠢ ᠠᠪᠬᠤ ᠦᠭᠡᠢ ᠭᠡᠵᠦ ᠴᠠᠭᠠᠷᠠᠭᠤᠯᠵᠤ ᠭᠡᠷ ᠲᠡᠭᠡᠨ ᠬᠠᠷᠢᠬᠤ ᠳ᠋ᠤᠨᠢ᠂ ᠭᠦᠷᠡᠯᠵᠡᠭᠡᠨ᠎ᠡ ᠵᠣᠳᠣᠯᠳᠤᠭᠤᠯᠵᠤ ᠮᠥᠷᠥᠢ ᠲᠠᠯᠪᠢᠳᠠᠭ ᠬᠥᠮᠦᠰ᠂ ᠬᠣᠨᠵᠢᠭᠰᠠᠨ ᠮᠥᠩᠭᠥ ᠪᠡᠨ ᠠᠪᠬᠤ ᠦᠭᠡᠢ ᠶᠠᠮᠠᠷ ᠰᠣᠨᠢᠨ ᠬᠥᠮᠦᠨ ᠪᠣᠢ? ᠭᠡᠵᠦ ᠭᠠᠢᠬᠠᠨ ᠬᠣᠴᠣᠷᠴᠠᠢ᠃
ᠲᠡᠨᠳᠡᠴᠡ ᠡᠴᠡ ᠳᠣᠲᠣᠭᠠᠳᠤ ᠮᠠᠨᠵᠤ ᠬᠣᠲᠠᠨ ᠳ᠋ᠤ᠌ ᠣᠷᠣᠪᠠᠯ᠂ ᠬᠡᠷᠡᠮ ᠦ᠋ᠨ ᠭᠠᠳᠠᠨᠠᠬᠢ ᠲᠠᠢ ᠠᠳᠠᠯᠢ ᠬᠥᠯ ᠦᠢᠮᠡᠭᠡᠨ ᠲᠡᠢ ᠪᠢᠰᠢ ᠪᠣᠯᠪᠠᠴᠤ᠂ ᠭᠠᠳᠠᠭᠠᠳᠤ ᠤᠯᠤᠰ ᠤ᠋ᠨ ᠡᠯᠴᠢᠨ ᠰᠠᠭᠤᠬᠤ ᠭᠠᠵᠠᠷ ᠣᠢᠷᠠᠲᠤᠬᠤ ᠳᠤᠰᠤᠮ᠎ᠠ᠂ ᠧᠦ᠋ᠷᠣᠫᠠ ᠨᠠᠷ ᠣᠯᠠᠨ ᠳᠠᠭᠠᠷᠢᠯᠳᠤᠬᠤ ᠪᠣᠯᠵᠤ᠂ ᠨᠠᠰᠤᠨᠪᠠᠲᠤ ᠳ᠋ᠤ᠌ ᠢᠰᠦ᠋ᠰ ᠦ᠋ᠨ ᠰᠤᠷᠲᠠᠬᠤᠨ ᠤ᠋ ᠯᠠᠮᠠ᠂ ᠧᠦ᠋ᠷᠣᠫᠠ ᠬᠥᠮᠦᠨ ᠳᠠᠭᠠᠷᠢᠯᠳᠤᠭᠰᠠᠨ ᠢ᠋ ᠦᠵᠡᠪᠡᠯ᠂ ᠬᠢᠲᠠᠳ ᠳᠡᠪᠡᠯ ᠬᠤᠪᠴᠠᠰᠤ ᠡᠮᠦᠰᠦᠭᠡᠳ ᠪᠠᠰᠠ ᠬᠢᠮᠡᠯ ᠤᠷᠲᠤ ᠭᠡᠵᠢᠭᠡ ᠵᠡᠭᠦᠵᠡᠢ᠃ ᠨᠠᠰᠤᠨᠪᠠᠲᠤ ᠶ᠋ᠢ ᠬᠠᠷᠠᠭᠰᠠᠭᠠᠷ ᠪᠠᠢᠲᠠᠯ᠎ᠠ ᠰᠢᠷ᠎ᠠ ᠦᠰᠦᠲᠡᠢ ᠨᠡᠩ ᠥᠨᠳᠥᠷ ᠠᠩᠭ᠌ᠯᠢ ᠬᠥᠮᠦᠨ ᠬᠣᠶᠠᠷ ᠬᠢᠲᠠᠳ ᠬᠥᠮᠦᠨ ᠢ᠋ ᠵᠠᠮ ᠵᠠᠢᠯᠠᠭᠰᠠᠨ ᠦᠭᠡᠢ ᠭᠡᠵᠦ ᠭᠡᠵᠢᠭᠡ ᠡᠴᠡ ᠰᠢᠭᠦᠷᠦᠨ ᠬᠠᠵᠠᠭᠤ ᠲᠡᠰᠢ ᠤᠭᠵᠠ ᠲᠡᠳᠡᠨ ᠵᠠᠢᠯᠠᠭᠤᠯᠤᠭᠠᠳ᠂ ᠥᠨᠥᠬᠢ ᠢᠰᠦ᠋ᠰ ᠦ᠋ᠨ ᠰᠤᠷᠲᠠᠬᠤᠨ ᠤ᠋ ᠧᠦ᠋ᠷᠣᠫᠠ ᠯᠠᠮᠠ ᠶ᠋ᠢ ᠮᠥᠨ ᠠᠨᠠᠢ ᠬᠢᠲᠠᠳ ᠭᠡᠵᠦ ᠳᠠᠷᠤᠯᠠᠵᠤ᠂ ᠭᠡᠵᠢᠭᠡ ᠡᠴᠡ ᠨᠢ ᠰᠢᠭᠦᠷᠳᠡᠯᠡ ᠮᠠᠯᠠᠭᠠᠢ ᠣᠢᠴᠢᠵᠤ ᠬᠢᠮᠡᠯ ᠭᠡᠵᠢᠭᠡ ᠨᠢ ᠰᠤᠭᠤᠷᠠᠵᠠᠢ᠃ ᠲᠡᠷᠡ ᠯᠠᠮᠠ ᠶᠡᠬᠡᠳᠡ ᠠᠭᠤᠷᠯᠠᠨ ᠬᠤᠷᠳᠤᠨ᠎ᠠ ᠲᠡᠷᠡ ᠠᠩᠭ᠌ᠯᠢ ᠶ᠋ᠢᠨ ᠵᠦᠭ ᠡᠷᠭᠢᠮᠡᠭᠴᠡ᠂ ᠬᠢᠲᠠᠳ ᠪᠢᠰᠢ ᠧᠦ᠋ᠷᠣᠫᠠ ᠬᠥᠮᠦᠨ ᠳ᠋ᠦ᠍ ᠬᠠᠯᠳᠠᠭᠰᠠᠨ ᠢ᠋ᠶ᠋ᠠᠨ ᠰᠣᠴᠢᠨ ᠮᠡᠳᠡᠭᠰᠡᠨ ᠲᠡᠷᠡ ᠠᠩᠭ᠌ᠯᠢ ᠶᠡᠬᠡᠯ᠎ᠡ (ᠶᠡᠬᠡ ᠯᠡ)ᠲᠡᠪᠡᠳᠡᠵᠦ᠂ ᠥᠨᠥᠬᠢ ᠬᠢᠮᠡᠯ ᠭᠡᠵᠢᠭᠡ ᠶ᠋ᠢ ᠨᠢ ᠭᠠᠷ ᠲᠠᠭᠠᠨ ᠰᠠᠨᠳᠤᠷᠤᠨ ᠠᠳᠬᠤᠭᠰᠠᠨ ᠬᠡᠪ ᠢ᠋ᠶ᠋ᠡᠷ ᠲᠦᠮᠡᠨ ᠪᠤᠷᠤᠭᠤ ᠶ᠋ᠢ ᠥᠴᠢᠨ ᠱᠤᠯᠤᠭᠠᠨᠠᠬᠤ ᠳ᠋ᠤᠨᠢ᠂ ᠬᠠᠵᠠᠭᠤ ᠪᠠᠷ ᠥᠩᠭᠡᠷᠡᠨ ᠭᠠᠷᠬᠤ ᠬᠢᠲᠠᠳ ᠬᠥᠮᠦᠨ ᠳᠣᠲᠣᠷ᠎ᠠ ᠪᠠᠨ ᠲᠠᠪᠠ ᠪᠠᠨ ᠬᠠᠨᠵᠤ᠂ ᠨᠠᠰᠤᠨᠪᠠᠲᠤ ᠴᠤ᠌ ᠶᠡᠬᠡᠳᠡ ᠭᠠᠢᠬᠠᠵᠤ᠂ ᠭᠠᠳᠠᠭᠠᠳᠤ ᠶ᠋ᠢᠨ ᠬᠥᠮᠦᠨ ᠦ᠌ ᠢᠩᠭᠢᠵᠦ ᠶᠣᠰᠣ ᠪᠤᠰᠤ ᠠᠭᠠᠰᠢᠯᠠᠬᠤ ᠶ᠋ᠢ ᠠᠯᠢ ᠴᠤ᠌ ᠤᠯᠤᠰ ᠲᠤ᠌ ᠬᠥᠮᠦᠨ ᠵᠦᠭᠡᠷ ᠥᠩᠭᠡᠷᠡᠭᠦᠯᠬᠦ ᠦᠭᠡᠢ ᠪᠢᠵᠡ᠃ ᠶᠠᠭᠠᠬᠢᠭᠰᠠᠨ ᠬᠡᠲᠦᠷᠬᠡᠢ ᠲᠦᠷᠢᠮᠡᠬᠡᠢ ᠠᠩᠭ᠌ᠯᠢ ᠪᠣᠢ? ᠭᠡᠵᠦ ᠴᠢᠭᠢᠷᠠᠭ ᠪᠥᠬᠡ ᠵᠠᠯᠠᠭᠤ ᠨᠠᠰᠤᠨᠪᠠᠲᠤ᠂ ᠡᠳᠡ ᠨᠦ᠍ᠭᠦᠳ ᠠᠶ᠎ᠠ ᠦᠭᠡᠢᠳᠡᠪᠡᠯ᠂ ᠨᠠᠮᠠᠶ᠋ᠢ ᠴᠤ᠌ ᠭᠡᠵᠢᠭᠡᠳᠡᠵᠦ ᠮᠠᠭᠠᠳ ᠦᠭᠡᠢ ᠲᠦᠷᠢᠮᠡᠬᠡᠢᠴᠦᠳ ᠪᠠᠢᠨᠠᠮ ᠭᠡᠵᠦ ᠨᠢᠳᠤᠷᠭ᠎ᠠ ᠪᠠᠨ ᠰᠠᠨᠠᠮᠰᠠᠷ ᠦᠭᠡᠢ ᠵᠠᠩᠭᠢᠳᠪᠠ᠃
ᠢᠩᠭᠢᠵᠦ ᠪᠠᠢᠲᠠᠯ᠎ᠠ᠂ ᠭᠤᠳᠤᠮᠵᠢ ᠶ᠋ᠢᠨ ᠥᠨᠴᠥᠭ ᠦ᠋ᠨ ᠴᠠᠭᠠᠨ᠎ᠠ ᠠ᠋ᠴᠠ ᠬᠦᠨᠳᠦ ᠭᠤᠲᠤᠯ ᠲᠠᠢ ᠬᠥᠮᠦᠨ ᠬᠥᠯ ᠨᠡᠢᠯᠡᠭᠦᠯᠦᠨ ᠭᠢᠰᠬᠢᠬᠦ ᠴᠢᠮᠡᠭᠡ ᠭᠠᠷᠴᠤ ᠭᠤᠷᠪᠠᠨ ᠥᠨᠳᠥᠷ ᠭᠡᠭᠴᠢ ᠶ᠋ᠢᠨ ᠠᠩᠭ᠌ᠯᠢ ᠴᠡᠷᠢᠭ ᠭᠠᠷᠴᠤ ᠢᠷᠡᠩᠭᠦᠲᠡ᠂
— Make way! ᠭᠡᠵᠦ ᠨᠢᠭᠡ ᠨᠢ ᠤᠷᠢᠳᠤᠭᠤᠷ ᠨᠢ ᠬᠥᠨᠳᠡᠯᠡᠨ ᠭᠠᠷᠴᠤ ᠶᠠᠪᠤᠭᠰᠠᠨ ᠠᠯᠮᠤᠤᠷ* ᠲᠠᠶᠠᠭ ᠲᠠᠢ ᠬᠠᠵᠠᠭᠠᠷ ᠡᠪᠦᠭᠡᠨ ᠢ ᠦᠰᠦᠷᠲᠡᠯ᠎ᠡ ᠢᠰᠬᠦᠯᠦᠭᠰᠡᠨ ᠳ᠋ᠦ᠍ ᠲᠡᠷᠡ ᠬᠥᠭᠡᠷᠦᠬᠦᠢ ᠡᠪᠦᠭᠡᠨ ᠶᠣ ᠭᠡᠵᠦ ᠳᠠᠭᠤᠨ ᠠᠯᠳᠠᠭᠠᠳ ᠶᠠᠭ ᠨᠠᠰᠤᠨᠪᠠᠲᠤ ᠶ᠋ᠢᠨ ᠬᠥᠯ ᠦ᠋ᠨ ᠡᠮᠦᠨ᠎ᠡ ᠫᠢᠳᠬᠢᠲᠡᠯᠡ ᠦᠢᠴᠢᠵᠡᠢ᠃ ᠪᠠᠭ᠎ᠠ ᠨᠠᠰᠤᠨ ᠠ᠋ᠴᠠ ᠪᠠᠨ ᠡᠪᠦᠭᠡᠳ ᠨᠠᠰᠤᠲᠠᠨ ᠢ᠋ ᠬᠦᠨᠳᠦᠳᠬᠡᠵᠦ ᠰᠤᠷᠤᠭᠰᠠᠨ ᠴᠢᠭᠢᠷᠠᠭ ᠮᠣᠩᠭᠣᠯ ᠵᠠᠯᠠᠭᠤ᠂ ᠲᠡᠷᠡ ᠭᠤᠷᠪᠠᠨ ᠴᠡᠷᠢᠭ ᠦ᠋ᠨ ᠶᠣᠰᠣ ᠪᠤᠰᠤ ᠠᠭᠠᠰᠢᠯᠠᠬᠤ ᠶ᠋ᠢ ᠦᠵᠡᠭᠡᠳ ᠲᠡᠰᠬᠡᠯ ᠦᠭᠡᠢ ᠬᠣᠷᠣᠰᠴᠤ᠂ ᠨᠢᠭᠡᠨᠲᠡ ᠦᠰᠦᠷᠦᠨ ᠳᠡᠭᠦᠯᠢᠵᠦ᠂ ᠪᠠᠷᠠᠭᠤᠨ ᠭᠠᠷ ᠢ᠋ᠶ᠋ᠠᠨ ᠴᠠᠬᠢᠯᠭᠠᠨ ᠰᠢᠭ᠋ ᠬᠤᠷᠳᠤᠨ ᠬᠥᠳᠡᠯᠭᠡᠮᠡᠭᠴᠡ᠂ ᠥᠨᠥᠬᠢ ᠡᠪᠦᠭᠡᠨ ᠢ᠋ ᠢᠰᠬᠦᠯᠦᠨ ᠤᠨᠠᠭᠠᠭᠰᠠᠨ ᠳ᠋ᠠᠭᠠᠨ ᠪᠠᠬᠠᠳᠤᠵᠤ᠂ ᠮᠣᠷᠢᠨ ᠤ᠋ ᠰᠢᠲᠦ ᠰᠢᠭ ᠤᠷᠲᠤ ᠰᠢᠷ᠎ᠠ ᠰᠢᠳᠦ ᠪᠡᠨ ᠢᠷᠵᠠᠢ᠍ᠢ᠍ᠨ ᠢᠨᠢᠶᠡᠵᠦ ᠪᠠᠢᠭᠰᠠᠨ᠂ ᠭᠤᠷᠵᠠᠢᠭᠰᠠᠨ ᠥᠨᠳᠥᠷ ᠠᠩᠭ᠌ᠯᠢ ᠴᠡᠷᠢᠭ ᠳᠠᠭᠤᠨ ᠴᠢᠮᠡᠭᠡ ᠭᠠᠷᠬᠤ ᠶ᠋ᠢᠨ ᠵᠠᠪ ᠦᠭᠡᠢ ᠲᠦᠪᠦᠨ ᠢ᠋ᠶ᠋ᠡᠨ ᠨᠠᠰᠤᠨᠪᠠᠲᠤ ᠶ᠋ᠢᠨ ᠠᠯᠠᠭᠠᠨ ᠤ᠋ ᠢᠷᠮᠡᠭ ᠢ᠋ᠶ᠋ᠡᠷ ᠴᠣᠬᠢᠭᠤᠯᠤᠨ ᠲᠣᠭᠣᠰᠣ ᠪᠤᠵᠢᠭᠢᠨᠠᠲᠠᠯᠠ ᠣᠢᠴᠢᠵᠠᠢ᠃ ᠨᠥᠭᠦᠭᠡ ᠨᠢᠭᠡ ᠴᠡᠷᠢᠭ ᠨᠢ ᠬᠢᠲᠤᠭᠠᠨ ᠵᠢᠳᠠ ᠶ᠋ᠢ ᠬᠤᠢ ᠠ᠋ᠴᠠ ᠭᠦᠢᠴᠡᠳ ᠰᠤᠭᠤᠯᠵᠤ ᠠᠮᠵᠢᠯ ᠦᠭᠡᠢ᠂ ᠲᠦᠷᠦᠭᠦᠴᠢ ᠶ᠋ᠢᠨ ᠴᠡᠷᠢᠭ ᠦ᠋ᠨ ᠬᠣᠢᠨ᠎ᠠ ᠠ᠋ᠴᠠ ᠲᠡᠮᠡᠭᠡᠨ ᠳᠡᠭᠡᠷ᠎ᠡ ᠡᠴᠡ ᠣᠢᠴᠢᠭᠰᠠᠨ ᠮᠢᠬ᠎ᠠ ᠰᠢᠭ᠋ ᠫᠢᠳᠬᠢᠲᠡᠯᠡ ᠣᠢᠴᠢᠭᠠᠳ ᠥᠭᠴᠡᠢ᠃
ᠭᠡᠨᠡᠳᠲᠡ᠂ ᠯᠾᠠᠬᠠᠵᠠᠯᠯᠤ! ᠭᠡᠵᠦ ᠲᠥᠪᠡᠳ ᠦ᠋ᠨ ᠬᠠᠰᠬᠢᠷᠬᠤ ᠳᠠᠢᠴᠢᠨ ᠤᠷᠢᠶ᠎ᠠ ᠰᠣᠨᠣᠰᠳᠠᠵᠤ᠂ ᠨᠢᠭᠡ ᠬᠦᠨᠳᠦ ᠭᠡᠭᠴᠢ ᠶ᠋ᠢᠨ ᠲᠠᠰᠢᠭᠤᠷ᠂ ᠨᠠᠰᠤᠨᠪᠠᠲᠤ ᠶ᠋ᠢᠨ ᠲᠣᠯᠣᠭᠠᠢ ᠳᠡᠭᠡᠷ᠎ᠡ ᠬᠢᠲᠤᠭᠠᠨ ᠵᠢᠳᠠ ᠪᠠᠨ ᠪᠠᠭᠤᠯᠭᠠᠬᠤ ᠭᠡᠵᠦ ᠪᠠᠢᠭᠰᠠᠨ ᠪᠠᠰᠠ ᠨᠢᠭᠡ ᠴᠡᠷᠢᠭ ᠦ᠋ᠨ ᠲᠣᠯᠣᠭᠠᠢ ᠳᠡᠭᠡᠷ᠎ᠡ ᠯᠦᠰᠬᠢᠲᠡᠯᠡ ᠪᠠᠭᠤᠯᠭᠠᠭᠠᠳ ᠤᠨᠠᠭᠠᠵᠤ᠂ ᠴᠣᠬᠣᠷ ᠰᠠᠮᠲᠠᠨᠪᠠᠵᠠᠷ ᠲᠥᠪᠡᠳ᠂
— ᠴᠢᠨᠦ ᠳᠠᠢᠰᠤᠨ ᠴᠢᠨᠢ᠂ ᠮᠢᠨᠦ ᠳᠠᠢᠰᠤᠨ! ᠣᠳᠣ ᠪᠣᠰᠢᠭᠣ ᠵᠠᠢᠯᠠᠶ᠎ᠠ᠃ ᠮᠢᠨᠦ ᠠᠷᠤ ᠳ᠋ᠤ᠌ ᠰᠤᠨᠲᠠᠯ᠎ᠠ(ᠰᠤᠨᠳᠠᠯ᠎ᠠ) ᠭᠡᠵᠦ ᠬᠠᠰᠬᠢᠷᠪᠠᠯ᠂
— ᠡᠨᠡ ᠡᠪᠦᠭᠡᠨ ᠢ᠋ ᠡᠨᠳᠡ ᠬᠠᠶᠠᠵᠤ ᠪᠣᠯᠬᠤ ᠦᠭᠡᠢ ᠨᠢ ᠭᠡᠬᠦ ᠳ᠋ᠦ᠍ᠨᠢ᠂
— ᠵᠠ ᠲᠡᠭᠡᠪᠡᠯ᠂ ᠮᠢᠨᠦ ᠬᠣᠢᠨ᠎ᠠ ᠠ᠋ᠴᠠ ᠳᠠᠭᠠᠭᠠᠳ ᠭᠦᠶᠦᠭᠡᠷᠡᠢ ᠭᠡᠳ ᠲᠡᠷᠡ ᠲᠥᠪᠡᠳ ᠶᠣᠢᠯᠠᠨ ᠬᠡᠪᠲᠡᠵᠦ ᠪᠠᠢᠭᠰᠠᠨ ᠡᠪᠦᠭᠡᠨ ᠢ᠋ ᠮᠣᠷᠢᠨ ᠳᠡᠭᠡᠷ᠎ᠡ ᠡᠴᠡ ᠰᠢᠭᠦᠷᠴᠦ ᠠᠪᠤᠭᠠᠳ᠂ ᠬᠥᠨᠳᠡᠯᠡᠨ ᠭᠤᠳᠤᠮᠵᠢ ᠶ᠋ᠢᠨ ᠵᠦᠭ ᠳᠠᠪᠬᠢᠵᠠᠢ᠃
— ᠨᠠᠰᠤᠨᠪᠠᠲᠤ ᠭᠡᠨᠡᠳᠲᠡ ᠲᠤᠰᠠᠯᠠᠷ᠎ᠠ ᠢᠷᠡᠭᠰᠡᠨ ᠲᠡᠷᠡ ᠲᠥᠪᠡᠳ ᠦ᠋ᠨ ᠬᠣᠢᠨ᠎ᠠ ᠠ᠋ᠴᠠ ᠭᠦᠶᠦᠵᠡᠢ᠃ ᠲᠡᠷᠡ ᠵᠠᠪᠰᠠᠷ ᠬᠠᠷᠢᠯᠴᠠᠨ ᠴᠤᠤᠭᠢᠯᠳᠤᠵᠤ ᠪᠠᠢᠭᠰᠠᠨ ᠬᠢᠲᠠᠳ ᠬᠤᠪᠴᠠᠰᠤ ᠲᠠᠢ ᠧᠦ᠋ᠷᠣᠫᠠ ᠯᠠᠮᠠ ᠰᠢᠷ᠎ᠠ ᠦᠰᠦᠲᠡᠢ ᠠᠩᠭ᠌ᠯᠢ ᠬᠣᠶᠠᠷ ᠭᠡᠳᠡᠷᠭᠦ ᠬᠠᠷᠠᠨ ᠬᠠᠷᠠᠨ ᠠᠩᠭ᠌ᠯᠢ ᠶ᠋ᠢᠨ ᠡᠯᠴᠢᠨ ᠰᠠᠢᠳ ᠤ᠋ᠨ ᠶᠠᠮᠤᠨ ᠤ᠋ ᠵᠦᠭ ᠭᠦᠶᠦᠵᠦ᠂ ᠡᠷᠡᠯᠬᠡᠭ ᠮᠣᠩᠭᠣᠯ ᠵᠠᠯᠠᠭᠤ ᠠ᠋ᠴᠠ ᠬᠡᠷᠬᠢᠨ ᠨᠠᠰᠤᠲᠠᠨ ᠢ᠋ ᠬᠦᠨᠳᠦᠳᠬᠡᠪᠡᠯ ᠵᠣᠬᠢᠬᠤ ᠶ᠋ᠢᠨ ᠰᠤᠷᠭᠠᠯ ᠬᠦᠷᠲᠡᠭᠡᠳ ᠠᠯᠮᠠᠢᠷᠠᠨ ᠣᠢᠴᠢᠭᠰᠠᠨ ᠠᠯᠪᠢᠶᠤᠤᠨᠠᠢ ᠶ᠋ᠢᠨ ᠬᠥᠪᠡᠭᠦᠳ ᠦ᠋ᠨ ᠲᠡᠷᠡ ᠬᠠᠪᠢ ᠳ᠋ᠤ᠌ ᠬᠥᠮᠦᠨ ᠠᠮᠢᠲᠠᠨ ᠠᠯᠠᠭ᠎ᠠ ᠪᠣᠯᠵᠤ᠂ ᠵᠢᠭᠤᠲᠠᠨ ᠵᠠᠢᠯᠠᠬᠤ ᠬᠥᠮᠦᠰ ᠳᠠᠪ ᠳᠠᠪ ᠭᠦᠶᠦᠬᠦ ᠨᠢ ᠪᠠᠢᠰᠢᠩ ᠤ᠋ᠨ ᠬᠡᠷᠡᠮ ᠳ᠋ᠦ᠍ ᠴᠤᠤᠷᠢᠶᠠᠲᠤᠨ᠂ ᠲᠣᠭᠣᠰᠣ ᠪᠤᠵᠢᠭᠢᠨᠠᠨ ᠳᠡᠭᠳᠡᠵᠡᠢ᠃
ᠮᠤᠬᠤᠯᠠᠭ ᠲᠠᠢ ᠲᠡᠷᠭᠡ ᠭᠡᠨᠡᠳᠲᠡ ᠨᠠᠰᠤᠨᠪᠠᠲᠤ ᠶ᠋ᠢᠨ ᠬᠣᠢᠨ᠎ᠠ ᠠ᠋ᠴᠠ ᠭᠦᠢᠴᠡᠵᠦ ᠢᠷᠡᠭᠡᠳ᠂ ᠮᠤᠬᠤᠯᠠᠭ ᠤ᠋ᠨ ᠤᠷᠢᠳᠤ ᠲᠠᠯ᠎ᠠ ᠳ᠋ᠤᠨᠢ ᠰᠠᠭᠤᠵᠤ ᠪᠠᠢᠭᠰᠠᠨ ᠳᠡᠯᠪᠡᠭᠴᠢ ᠨᠢ ᠦᠰᠦᠷᠦᠨ ᠪᠠᠭᠤᠵᠤ᠂ ᠨᠠᠰᠤᠨᠪᠠᠲᠤ ᠶ᠋ᠢᠨ ᠳᠡᠷᠭᠡᠳᠡ ᠭᠦᠶᠦᠵᠦ ᠣᠴᠢᠭᠠᠳ᠂ ᠪᠢ ᠴᠥᠮ ᠢ᠋ ᠬᠠᠷᠠᠭᠰᠠᠨ᠂ ᠡᠨᠡ ᠲᠡᠷᠭᠡᠨ ᠳᠣᠲᠣᠷ᠎ᠠ ᠪᠤᠰᠢᠭᠤᠬᠠᠨ ᠣᠷᠣᠵᠤ ᠰᠠᠭᠤ᠃ ᠲᠡᠷᠡ ᠡᠪᠦᠭᠡᠨ ᠢ᠋ ᠴᠦ᠍ ᠡᠨᠡ ᠲᠡᠷᠭᠡᠨ ᠳ᠋ᠦ᠍ ᠬᠡᠪᠲᠡᠭᠦᠯᠦᠶᠡ᠃ ᠲᠦᠷᠭᠡᠯᠡᠬᠦ ᠦᠭᠡᠢ ᠪᠣᠯ ᠡᠨᠡ ᠭᠠᠳᠠᠭᠠᠳᠤ ᠶ᠋ᠢᠨ ᠴᠢᠳᠬᠥᠷ᠂ ᠴᠢᠨᠦ ᠬᠣᠢᠨ᠎ᠠ ᠠ᠋ᠴᠠ ᠬᠥᠭᠡᠭᠡᠵᠦ ᠮᠠᠭᠠᠳ ᠭᠡᠬᠦ ᠳ᠋ᠦ᠍ᠨᠢ᠂ ᠰᠠᠮᠲᠠᠨᠪᠠᠵᠠᠷ ᠬᠦᠷᠴᠦ ᠢᠷᠡᠭᠡᠳ ᠥᠨᠥᠬᠢ ᠡᠪᠦᠭᠡᠨ ᠢ᠋ ᠬᠣᠭᠣᠰᠣᠨ ᠬᠦᠬᠦᠷ ᠡᠷᠭᠦᠭᠰᠡᠨ ᠶᠦᠮ ᠰᠢᠭ ᠡᠷᠭᠦᠭᠡᠳ ᠨᠠᠰᠤᠨᠪᠠᠲᠤ ᠳ᠋ᠤ᠌ ᠥᠭᠴᠦ᠂ ᠮᠠᠨᠠᠢ ᠬᠣᠢᠨ᠎ᠠ ᠠ᠋ᠴᠠ ᠨᠡᠬᠡᠬᠦ ᠨᠢ ᠪᠣᠯᠤᠯᠲᠠᠢ᠂ ᠭᠠᠳᠠᠭᠠᠳᠤ ᠴᠢᠳᠬᠥᠷ ᠦ᠋ᠳ ᠢ᠋ ᠲᠥᠭᠡᠷᠢᠭᠦᠯᠵᠦ ᠰᠠᠯᠤᠶ᠎ᠠ᠃ ᠪᠢ᠂ ᠪᠠᠢ ᠲᠠ ᠰᠧ ᠭᠡᠳᠡᠭ ᠴᠠᠭᠠᠨ ᠰᠤᠪᠤᠷᠭᠠᠨ ᠰᠦᠮ᠎ᠡ ᠳ᠋ᠦ᠍ ᠪᠠᠭᠤᠭᠰᠠᠨ᠃ ᠣᠴᠢᠭᠠᠷᠠᠢ᠂ ᠶᠠᠷᠢᠬᠤ ᠶᠠᠭᠤᠮ᠎ᠠ ᠪᠣᠢ ᠭᠡᠳ ᠮᠣᠷᠢ ᠪᠠᠨ ᠲᠠᠰᠢᠭᠤᠷᠳᠠᠨ ᠤᠬᠤᠰᠬᠢᠵᠡᠢ᠃
ᠲᠡᠷᠡ ᠪᠢᠲᠡᠭᠦᠦ ᠲᠡᠷᠭᠡ ᠬᠥᠳᠡᠯᠵᠦ᠂ ᠳᠠᠯᠪᠡᠭᠴᠢ ᠨᠢ ᠡᠪᠦᠭᠡᠨ ᠡᠴᠡ ᠴᠢᠶᠠᠨ ᠮᠸᠡ ᠬᠠᠭᠠᠯᠭᠠᠨ ᠤ᠋ ᠭᠠᠳᠠᠨ᠎ᠠ ᠰᠠᠭᠤᠳᠠᠭ ᠢ᠋ ᠠᠰᠠᠭᠤᠵᠤ ᠮᠡᠳᠡᠭᠡᠳ ᠯᠠᠭᠤᠰᠠ ᠶ᠋ᠢ ᠲᠠᠰᠢᠭᠤᠷᠳᠠᠨ ᠳᠠᠪᠬᠢᠭᠰᠠᠨ ᠳ᠋ᠤ᠌᠂ ᠡᠩᠬᠦᠯ ᠳᠤᠩᠬᠤᠯ ᠵᠠᠮ ᠤ᠋ᠨ ᠶᠠᠯᠬᠢᠨ ᠳ᠋ᠤ᠌ ᠳᠣᠩᠰᠣᠯᠣᠭᠳᠠᠨ ᠦᠰᠦᠷᠴᠦ ᠶᠣᠢᠯᠠᠨ ᠬᠡᠪᠲᠡᠵᠦ ᠪᠠᠢᠭᠰᠠᠨ ᠡᠪᠦᠭᠡᠨ ᠢ᠋ ᠳᠥᠰᠢᠨ ᠪᠠᠷᠢᠭᠰᠠᠨ ᠨᠠᠰᠤᠨᠪᠠᠲᠤ᠂ ᠪᠢᠲᠡᠭᠦᠦ ᠲᠡᠷᠭᠡᠨ ᠳᠣᠲᠣᠷ᠎ᠠ ᠠ᠋ᠴᠠ ᠣᠯᠠᠨ ᠬᠥᠮᠦᠨ ᠦ᠌ ᠴᠢᠮᠡᠭᠡ᠂ ᠬᠥᠨᠳᠡᠢ ᠶᠠᠭᠤᠮ᠎ᠠ ᠳᠣᠲᠣᠷ᠎ᠠ ᠬᠦᠩᠭᠢᠨᠡᠨ ᠴᠤᠤᠷᠢᠶᠠᠲᠤᠵᠤ᠂ ᠲᠡᠷᠭᠡ ᠵᠥᠭᠡᠯᠡᠨ ᠶᠠᠪᠤᠬᠤ ᠪᠣᠯᠤᠭᠰᠠᠨ ᠰᠢᠨᠵᠢ ᠪᠡᠷ ᠴᠢᠶᠠᠨ ᠮᠧᠨ ᠬᠠᠭᠠᠯᠭᠠᠨ ᠤ᠋ ᠳᠣᠣᠭᠤᠷ ᠭᠠᠷᠴᠤ ᠶᠠᠪᠤᠨ᠎ᠠ ᠭᠡᠵᠦ ᠲᠠᠭᠠᠮᠠᠭᠯᠠᠵᠤ᠂ ᠪᠠᠬᠠᠨ ᠶᠠᠪᠤᠰᠬᠢᠲᠠᠯᠡ᠂ ᠲᠡᠷᠭᠡ ᠭᠡᠨᠡᠳᠲᠡ ᠵᠣᠭᠰᠣᠵᠤ᠂ ᠬᠥᠮᠦᠨ ᠦ᠌ ᠳᠦᠩᠭᠦᠷ ᠳᠦᠩᠭᠦᠷ ᠬᠡᠯᠡᠯᠴᠡᠬᠦ ᠠᠨᠢᠷ ᠰᠣᠨᠣᠰᠳᠠᠵᠤ᠂ ᠲᠡᠷᠭᠡᠨ ᠦ᠌ ᠬᠠᠭᠠᠯᠭ᠎ᠠ ᠨᠡᠭᠡᠭᠡᠭᠳᠡᠵᠦ᠂ ᠭᠤᠳᠤᠮᠵᠢ ᠶ᠋ᠢᠨ ᠭᠤᠸᠠᠩᠵᠠᠨ ᠳ᠋ᠤ᠌ ᠠᠭᠤᠯᠵᠠᠭᠰᠠᠨ ᠯᠢ ᠣᠪᠣᠭᠲᠤ ᠪᠦᠳᠦᠭᠦᠨ ᠬᠥᠮᠦᠨ ᠨᠠᠰᠤᠨᠪᠠᠲᠤ ᠶ᠋ᠢ ᠦᠵᠡᠭᠡᠳ᠂
— ᠠ᠂ ᠲᠠ ᠮᠢᠨᠦ ᠠᠪᠠᠭ᠎ᠠ ᠶ᠋ᠢ ᠬᠠᠢᠷᠠᠯᠠᠨ ᠥᠮᠥᠭᠯᠡᠭᠰᠡᠨ ᠶᠦᠮ ᠪᠠᠢᠵᠠᠢ᠃ ᠨᠢᠭᠡ ᠰᠠᠢᠬᠠᠨ ᠰᠡᠳᠬᠢᠯᠲᠦ ᠮᠣᠩᠭᠣᠯ ᠬᠥᠮᠦᠨ᠂ ᠡᠪᠦᠭᠡᠨ ᠠᠪᠠᠭ᠎ᠠ ᠶ᠋ᠢ ᠴᠢᠨᠢ ᠭᠠᠳᠠᠭᠠᠳᠤ ᠶ᠋ᠢᠨ ᠴᠡᠷᠢᠭ ᠦ᠋ᠨ ᠬᠢᠨ ᠡᠴᠡ ᠰᠠᠯᠭᠠᠵᠤ ᠠᠪᠤᠭᠰᠠᠨ ᠭᠡᠵᠦ ᠳᠤᠭᠤᠯᠤᠭᠠᠳ᠂ ᠪᠢ ᠶᠠᠮᠠᠷ ᠮᠣᠩᠭᠣᠯ ᠬᠥᠮᠦᠨ ᠶᠦᠮ ᠪᠣᠯ ᠳᠠ ᠭᠡᠵᠦ ᠪᠣᠳᠣᠵᠤ ᠪᠠᠢᠭᠰᠠᠨ ᠶᠤᠮ᠃ ᠲᠠ ᠶᠠᠭᠤᠲᠠᠢ ᠠᠴᠢ ᠲᠠᠢ ᠬᠥᠮᠦᠨ ᠪᠣᠢ? ᠭᠡᠵᠦ ᠬᠡᠳᠦᠨ ᠴᠢᠭᠢᠷᠠᠭ ᠵᠠᠯᠠᠭᠤ ᠲᠠᠢ ᠬᠠᠮᠰᠠᠵᠤ ᠡᠪᠦᠭᠡᠨ ᠢ᠋ ᠲᠡᠷᠭᠡᠨ ᠡᠴᠡ ᠭᠠᠷᠭᠠᠭᠠᠳ᠂ ᠪᠠᠢᠰᠢᠩ ᠳ᠋ᠤ᠌ ᠡᠷᠭᠦᠨ ᠣᠷᠣᠭᠤᠯᠵᠠᠢ᠃
ᠪᠦᠳᠦᠭᠦᠨ ᠯᠢ᠂ ᠨᠠᠰᠤᠨᠪᠠᠲᠤ ᠳ᠋ᠤ᠌᠂ ᠪᠢ ᠲᠠᠨ ᠢ᠋ ᠮᠠᠨᠠᠢᠬᠢᠨ ᠤ᠋ ᠨᠣᠮ ᠪᠠᠷᠢᠵᠤ ᠪᠠᠢᠬᠤ ᠶ᠋ᠢ ᠦᠵᠡᠭᠡᠳ᠂ ᠮᠠᠨᠠᠢ ᠤᠯᠤᠰ ᠠᠷᠠᠳ ᠤ᠋ᠨ ᠬᠡᠳᠦ ᠢᠷᠡᠭᠡᠳᠦᠢ ᠶ᠋ᠢᠨ ᠦᠢᠯᠡᠰ ᠢ᠋ ᠪᠣᠳᠣᠳᠠᠭ ᠬᠥᠮᠦᠨ ᠪᠠᠢᠨ᠎ᠠ ᠭᠡᠵᠦ ᠰᠠᠨᠠᠭᠰᠠᠨ ᠪᠢᠯᠡ᠃ ᠣᠳᠣ ᠦᠵᠡᠪᠡᠯ ᠲᠠ ᠶᠣᠰᠣᠲᠠᠢ ᠰᠠᠢᠨ ᠬᠥᠮᠦᠨ ᠪᠠᠢᠨ᠎ᠠ᠃ ᠪᠢ ᠲᠠᠨ ᠳ᠋ᠤ᠌ ᠴᠢᠩ ᠰᠡᠳᠬᠢᠯ ᠡᠴᠡ ᠢᠲᠡᠭᠡᠵᠦ ᠦᠨᠡᠨ ᠢ᠋ᠶ᠋ᠡᠨ ᠬᠡᠯᠡᠬᠦ ᠶ᠋ᠢ ᠬᠦᠰᠡᠨ᠎ᠡ᠃ ᠠᠪᠠᠭ᠎ᠠ ᠪᠢᠳᠡ ᠬᠣᠶᠠᠷ᠂ ᠲᠠᠢᠪᠤᠩ ᠤ᠋ᠨ ᠬᠥᠮᠦᠨ ᠪᠢᠯᠡ᠃ ᠵᠠᠯᠠᠭᠤ ᠳ᠋ᠠᠭᠠᠨ ᠮᠠᠨᠠᠢ ᠠᠪᠠᠭ᠎ᠠ ᠪᠠᠭᠠᠲᠤᠷ ᠳᠠᠢᠴᠢᠩ ᠡᠷ᠎ᠡ ᠶᠠᠪᠤᠭᠰᠠᠨ ᠬᠥᠮᠦᠨ᠂ ᠰᠡᠯᠡᠮ᠎ᠡ ᠡᠷᠭᠢᠭᠦᠯᠬᠦ ᠳ᠋ᠡᠭᠡᠨ ᠳᠤᠮᠳᠠᠳᠤ ᠤᠯᠤᠰ ᠲᠤ᠌ ᠢᠵᠢᠯ ᠦᠭᠡᠢ ᠪᠠᠢᠭᠰᠠᠨ ᠶᠤᠮ ᠳᠠ᠃ ᠲᠠ ᠭᠣᠷᠲᠣᠨ ᠤ᠋ ᠢᠯᠠᠭᠳᠠᠰᠢ ᠦᠭᠡᠢ ᠴᠡᠷᠢᠭ ᠴᠠᠩ ᠱᠧᠩ ᠵᠢᠶᠦ᠋ᠨ ᠭᠡᠳᠡᠭ ᠢ᠋ ᠰᠣᠨᠣᠰᠤᠭᠰᠠᠨ ᠤᠤ? ᠮᠠᠨᠠᠢ ᠡᠪᠦᠭᠡᠳ᠂ ᠡᠬᠡᠨᠡᠷ ᠬᠡᠦᠬᠡᠳ ᠦ᠋ᠨ ᠴᠢᠰᠤ ᠨᠥᠵᠢ ᠤᠷᠤᠰᠬᠠᠭᠰᠠᠨ ᠬᠥᠯᠥᠰᠥᠨ ᠦ᠌ ᠬᠠᠷᠭᠢᠰ ᠧᠦ᠋ᠷᠣᠫᠠ ᠴᠡᠷᠢᠭ ᠢ᠋ ᠮᠠᠨᠵᠤ ᠨᠠᠷ ᠲᠡᠭᠡᠵᠦ ᠰᠦᠷ ᠪᠠᠳᠠᠷᠠᠭᠤᠯᠤᠨ ᠨᠡᠷᠡᠯᠡᠭᠰᠡᠨ ᠪᠢᠯᠡ᠃ ᠴᠠᠩ ᠱᠧᠩ ᠵᠢᠶᠦ᠋ᠨ ᠨᠢᠭᠡ ᠰᠢᠷᠦᠭᠦᠨ ᠲᠤᠯᠤᠯᠳᠤᠭᠠᠨ ᠤ᠋ ᠰᠡᠭᠦᠯ ᠢ᠋ᠶ᠋ᠡᠷ᠂ ᠬᠢᠶᠠᠷ ᠴᠠᠪᠴᠢᠭᠤᠯᠤᠭᠰᠠᠨ ᠣᠪᠤᠭᠠᠯᠠᠰᠤᠲᠠᠢ ᠧᠦ᠋ᠷᠣᠫᠠ ᠨᠠᠷ ᠤ᠋ᠨ ᠳᠣᠣᠷ᠎ᠠ ᠠ᠋ᠴᠠ ᠬᠤᠭᠤᠷᠬᠠᠢ ᠢᠯᠳᠦ ᠶ᠋ᠢᠨ ᠡᠰᠢ ᠶ᠋ᠢ ᠲᠠᠰᠤ ᠠᠳᠬᠤᠭᠠᠳ᠂ ᠠᠮᠢᠰᠬᠤᠯ ᠠᠷᠠᠢ ᠲᠠᠰᠤᠷᠠᠭ᠎ᠠ ᠦᠭᠡᠢ ᠨᠢᠭᠡᠨ ᠲᠠᠢᠪᠤᠩ ᠴᠡᠷᠢᠭ ᠢ᠋ ᠣᠯᠵᠤ ᠠᠪᠤᠭᠰᠠᠨ ᠨᠢ ᠮᠢᠨᠦ ᠠᠪᠠᠭ᠎ᠠ ᠪᠠᠢᠵᠠᠢ᠃ ᠧᠦ᠋ᠷᠣᠫᠠ ᠨᠠᠷ ᠡᠷᠡᠭᠦᠦ ᠰᠢᠭᠦᠯᠲᠡ ᠲᠤᠯᠭᠠᠵᠤ᠂ ᠮᠠᠨ ᠤ᠋ ᠲᠠᠢᠪᠤᠩ ᠴᠡᠷᠢᠭ ᠦ᠋ᠨ ᠬᠦᠴᠦ᠂ ᠪᠠᠢᠯᠳᠤᠬᠤ ᠪᠣᠳᠣᠯᠭ᠎ᠠ ᠶ᠋ᠢ ᠠᠰᠠᠭᠤᠵᠤ᠂ ᠦᠭᠡ ᠠᠯᠳᠠᠭᠤᠯᠵᠤ ᠶᠠᠳᠠᠭᠠᠳ᠂ ᠮᠠᠨᠠᠢ ᠠᠪᠠᠭ᠎ᠠ ᠲᠡᠳᠡᠨ ᠦ᠌ ᠥᠭᠡᠳᠡ ᠡᠴᠡ ᠬᠠᠷᠢᠶᠠᠨ᠂ ᠮᠠᠨᠠᠢ ᠠᠷᠠᠳ ᠲᠦᠮᠡᠨ ᠦ᠌ ᠡᠮᠦᠨ᠎ᠡ ᠬᠢᠭᠰᠡᠨ ᠶᠠᠯ᠎ᠠ ᠶ᠋ᠢ ᠨᠢ ᠲᠣᠭᠠᠴᠢᠨ᠂ ᠭᠣᠷᠲᠣᠨ ᠤ᠋ ᠨᠢᠭᠤᠷ ᠥᠭᠡᠳᠡ ᠴᠢᠰᠤ ᠪᠠᠷ ᠨᠤᠯᠮᠤᠭᠰᠠᠨ ᠪᠢᠯᠡ᠃ ᠭᠣᠷᠲᠣᠨ ᠤᠬᠠᠭᠠᠨ ᠠᠮᠢ ᠦᠭᠡᠢ ᠠᠭᠤᠷᠯᠠᠵᠤ᠂ ᠫᠤᠤᠳᠠᠨ ᠠᠯᠠ! ᠭᠡᠵᠦ ᠲᠤᠰᠢᠶᠠᠭᠰᠠᠨ ᠪᠣᠯᠪᠠᠴᠤ ᠡᠪᠦᠭᠡᠨ ᠪᠠᠭᠠᠲᠤᠷ ᠲᠠᠢᠪᠤᠩ ᠣᠳᠣ ᠬᠦᠷᠲᠡᠯ᠎ᠡ ᠠᠮᠢᠳᠤ ᠶᠠᠪᠤᠵᠤ ᠪᠠᠢᠭ᠎ᠠ ᠨᠢ ᠡᠨᠡ ᠳᠡ᠃ ᠲᠠ ᠨᠢᠭᠡᠨᠲᠡ ᠲᠠᠨᠢᠯᠴᠠᠭᠰᠠᠨ ᠠ᠋ᠴᠠ ᠬᠣᠢᠰᠢ ᠶᠠᠷᠢᠬᠤ ᠪᠠᠷ ᠢᠷᠡᠵᠦ ᠪᠠᠢᠭᠠᠷᠠᠢ᠃ ᠠᠪᠠᠭ᠎ᠠ ᠮᠠᠨᠠᠢ ᠵᠢᠷᠤᠮ ᠤ᠋ᠨ ᠠᠬ᠎ᠠ ᠳᠡᠭᠦᠦ ᠨᠠᠷ ᠤ᠋ᠨ ᠠᠶᠠᠨ ᠲᠡᠢᠨ ᠬᠢᠵᠦ᠂ ᠳᠠᠢᠯᠠᠵᠤ ᠳᠠᠷᠤᠭᠳᠠᠵᠤ ᠶᠠᠪᠤᠭᠰᠠᠨ ᠢ᠋ ᠲᠠᠨ ᠳ᠋ᠤ᠌ ᠨᠢᠭᠤᠯ ᠦᠭᠡᠢ ᠶᠠᠷᠢᠵᠤ ᠥᠭᠭᠦᠨ᠎ᠡ ᠭᠡᠬᠦ ᠳ᠋ᠦ᠍ᠨᠢ᠂ ᠴᠢᠭᠢᠷᠠᠭ ᠵᠠᠯᠠᠭᠤ ᠬᠦᠦ᠂ ᠯᠢ ᠶ᠋ᠢᠨ ᠴᠢᠬᠢᠨ ᠳ᠋ᠦ᠍ ᠬᠡᠳᠦᠨ ᠦᠭᠡ ᠰᠢᠪᠡᠭᠡᠨᠡᠨ ᠬᠡᠯᠡᠭᠰᠡᠨ ᠢ᠋ ᠰᠣᠨᠤᠰᠤᠭᠠᠣ᠌ᠠ ᠯᠢ ᠥᠭᠦᠯᠡᠷᠦᠨ᠃
— ᠮᠨᠠᠢ ᠠᠪᠠᠭ᠎ᠠ ᠲᠠᠨ ᠲᠠᠢ ᠠᠭᠤᠯᠵᠠᠬᠤ ᠰᠠᠨ ᠭᠡᠵᠦ ᠪᠠᠢᠨ᠎ᠠ ᠭᠡᠵᠡᠢ᠃
ᠪᠡᠷᠲᠡᠩᠭᠢ ᠡᠪᠦᠭᠡᠨ᠂ ᠨᠠᠰᠤᠨᠪᠠᠲᠤ ᠶ᠋ᠢ ᠦᠵᠡᠭᠡᠳ ᠲᠤᠰᠠᠯᠠᠨ ᠲᠡᠩᠬᠡᠷᠡᠭᠦᠯᠦᠭᠰᠡᠨ ᠳ᠋ᠦ᠍ ᠲᠠᠯ᠎ᠠ ᠥᠭᠴᠦ᠂ ᠵᠠᠪ ᠴᠢᠯᠥᠭᠡ ᠲᠡᠢ ᠳ᠋ᠡᠭᠡᠨ ᠮᠠᠨᠠᠢᠬᠢᠨ ᠢ᠋ᠶ᠋ᠠᠷ ᠶᠠᠪᠤᠵᠤ ᠪᠠᠢᠭᠠᠷᠠᠢ ᠭᠡᠵᠦ ᠰᠤᠯᠠ ᠳᠠᠭᠤᠨ ᠢ᠋ᠶ᠋ᠠᠷ ᠥᠭᠦᠯᠡᠪᠡᠯ ᠨᠠᠰᠤᠨᠪᠠᠲᠤ᠂ ᠪᠢ ᠲᠠ ᠪᠦᠬᠦᠨ ᠲᠡᠢ ᠲᠠᠨᠢᠯᠴᠠᠭᠰᠠᠨ ᠳ᠋ᠠᠭᠠᠨ ᠪᠠᠶᠠᠷᠯᠠᠵᠤ ᠪᠠᠢᠨ᠎ᠠ᠃ ᠤᠷᠢᠳᠤ ᠶᠡᠬᠡᠯ᠎ᠡ ᠰᠣᠨᠢᠷᠬᠠᠨ ᠪᠣᠳᠣᠳᠠᠭ ᠪᠠᠢᠭᠰᠠᠨ ᠤᠯᠤᠰ ᠲᠠᠢ ᠡᠨᠳᠡ᠂ ᠲᠠᠨᠢᠬᠤ ᠬᠥᠮᠦᠨ ᠦᠭᠡᠢ ᠶᠡᠬᠡ ᠬᠣᠲᠠᠨ ᠳ᠋ᠤ᠌ ᠰᠠᠨᠠᠮᠰᠠᠷ ᠦᠭᠡᠢ ᠠᠭᠤᠯᠵᠠᠭᠠᠳ ᠦᠵᠡᠭᠰᠡᠨ ᠰᠣᠨᠣᠰᠤᠭᠰᠠᠨ ᠢ᠋ᠶ᠋ᠠᠷ ᠨᠠᠳᠠ ᠠ᠋ᠴᠠ ᠢᠯᠡᠭᠦᠦ ᠠᠬ᠎ᠠ ᠨᠥᠬᠥᠳ ᠲᠡᠢ ᠪᠣᠯᠪᠠ᠃ ᠬᠣᠢᠰᠢᠳᠠ ᠨᠠᠳᠠ ᠳ᠋ᠤ᠌ ᠰᠤᠷᠭᠠᠨ ᠰᠡᠩᠬᠡᠷᠡᠭᠦᠯᠵᠦ ᠬᠡᠯᠡᠬᠦ ᠲᠠᠭᠠᠲᠠᠢ ᠵᠦᠢᠯ ᠦᠯᠡᠮᠵᠢ ᠭᠠᠷᠬᠤ ᠪᠢᠵᠡ ᠠ᠋ ᠭᠡᠵᠦ ᠪᠠᠬᠠᠳᠤᠵᠤ ᠪᠠᠢᠨ᠎ᠠ ᠭᠡᠵᠦ ᠰᠢᠨ᠎ᠡ ᠲᠠᠨᠢᠯᠴᠠᠨ᠌ᠨ᠌ᠰᠠᠣ᠌ᠠ ᠲᠠᠢ ᠰᠠᠯᠬᠤ ᠶᠣᠰᠣ ᠬᠢᠭᠡᠳ ᠪᠠᠢ ᠲᠠ ᠰᠧ ᠭᠡᠳᠡᠭ ᠴᠠᠭᠠᠨ ᠰᠤᠪᠤᠷᠭᠠᠲᠤ ᠰᠦᠮ᠎ᠡ ᠳ᠋ᠦ᠍ ᠣᠴᠢᠪᠠ᠃
ᠲᠡᠷᠡ ᠰᠦᠮ᠎ᠡ ᠳ᠋ᠦ᠍ ᠪᠠᠭᠤᠭᠰᠠᠨ ᠲᠥᠪᠡᠳ᠂ ᠨᠠᠰᠤᠨᠪᠠᠲᠤ ᠶ᠋ᠢ ᠬᠡᠳᠦᠢᠨ ᠬᠦᠯᠢᠶᠡᠵᠦ᠂ ᠲᠥᠪᠡᠳ ᠶᠣᠰᠣᠨ ᠤ᠋ ᠨᠠᠷᠢᠨ ᠰᠢᠷᠡᠭᠡ ᠵᠠᠰᠠᠭᠰᠠᠨ ᠪᠠᠢᠵᠠᠢ᠃ ᠵᠣᠴᠢᠨ ᠢ᠋ ᠳᠠᠢᠯᠠᠬᠤ ᠵᠠᠭᠤᠷ᠎ᠠ᠂ ᠨᠠᠰᠤᠨᠪᠠᠲᠤ ᠶ᠋ᠢ ᠶᠡᠬᠡ ᠵᠠᠩ ᠲᠠᠢ ᠫᠢᠯᠢᠩ ᠴᠡᠷᠢᠭ ᠲᠡᠢ ᠶᠠᠭᠤᠨ ᠠ᠋ᠴᠠ ᠪᠣᠯᠵᠤ ᠮᠠᠭᠤᠳᠠᠯᠴᠠᠪᠠ᠃ ᠲᠡᠷᠡ ᠵᠠᠭᠵᠠᠭᠠᠷ ᠡᠪᠦᠭᠡᠨ ᠬᠡᠨ ᠭᠡᠭᠴᠢ ᠪᠢᠯᠡ ᠭᠡᠵᠦ ᠠᠰᠠᠭᠤᠵᠠᠢ᠃ ᠨᠠᠰᠤᠨᠪᠠᠲᠤ ᠬᠡᠷᠬᠢᠨ ᠲᠡᠷᠡ ᠭᠠᠳᠠᠭᠠᠳᠤ ᠶ᠋ᠢᠨ ᠴᠡᠷᠢᠭ ᠨᠢᠭᠡᠨ ᠦᠯᠦ ᠲᠠᠨᠢᠬᠤ ᠡᠪᠦᠭᠡᠨ ᠢ ᠳᠠᠷᠤᠯᠠᠨ ᠳᠣᠷᠣᠮᠵᠢᠯᠠᠭᠰᠠᠨ ᠢ᠋ ᠦᠵᠡᠭᠡᠳ᠂ ᠪᠡᠶ᠎ᠡ ᠪᠡᠨ ᠪᠠᠷᠢᠵᠤ ᠴᠢᠳᠠᠯ ᠦᠭᠡᠢ ᠭᠠᠷ ᠬᠥᠳᠡᠯᠦᠭᠰᠡᠨ ᠤᠴᠢᠷ ᠢ᠋ ᠵᠦᠢ ᠵᠦᠢ ᠪᠡᠷ ᠬᠡᠯᠡᠭᠡᠳ᠂ ᠭᠠᠭᠴᠠᠬᠦ(ᠭᠠᠭᠴᠠ ᠬᠦ᠌) ᠲᠡᠷᠡ ᠯᠢ ᠡᠪᠦᠭᠡᠨ ᠢ᠋ ᠲᠠᠢᠪᠤᠩ ᠤ᠋ᠨ ᠴᠡᠷᠢᠭ ᠦ᠋ᠨ ᠬᠥᠮᠦᠨ ᠪᠠᠢᠭᠰᠠᠨ ᠢ᠋ ᠳᠤᠷᠠᠳᠤᠯ ᠦᠭᠡᠢ ᠥᠩᠭᠡᠷᠡᠵᠦ᠂ ᠰᠠᠮᠲᠠᠨᠪᠠᠵᠠᠷ ᠠ᠋ᠴᠠ ᠴᠢᠨᠦ ᠭᠦᠷᠢᠮᠴᠢ ᠪᠠᠭᠰᠢ ᠬᠡᠷᠬᠢᠪᠡ ᠭᠡᠵᠦ ᠬᠠᠷᠢᠭᠤ ᠠᠰᠠᠭᠤᠪᠠᠯ᠄
— ᠠᠭᠤᠯᠠ ᠪᠦᠷᠢ ᠣᠷᠣᠢ ᠲᠠᠢ᠂ ᠤᠴᠠᠷᠠᠬᠤ ᠪᠦᠷᠢ ᠢᠷᠦᠭᠡᠯ ᠲᠡᠢ ᠭᠡᠳᠡᠭ᠃ ᠲᠡᠷᠡ ᠵᠢᠯ ᠪᠢ ᠴᠢᠮ᠎ᠠ ᠠ᠋ᠴᠠ ᠬᠠᠭᠠᠴᠠᠬᠤ ᠳ᠋ᠠᠭᠠᠨ᠂ ᠴᠢᠨᠦ ᠠᠴᠢ ᠶ᠋ᠢ ᠬᠠᠷᠢᠭᠤᠯᠬᠤ(ᠬᠠᠷᠢᠭᠤᠯᠠᠬᠤ) ᠬᠥᠮᠦᠨ ᠪᠣᠯᠪᠠ ᠭᠡᠵᠦ ᠪᠣᠳᠣᠭᠠᠳ᠂ ᠤᠴᠠᠷᠠᠨ ᠵᠣᠯᠭᠣᠬᠤ( ᠵᠣᠯᠭᠠᠬᠤ) ᠨᠢᠭᠡᠨ ᠴᠠᠭ ᠪᠠᠢᠳᠠᠭ ᠪᠣᠯᠤᠭᠠᠰᠠᠢ ᠭᠡᠵᠦ ᠰᠠᠨᠠᠵᠤ ᠶᠠᠪᠤᠭᠰᠠᠭᠠᠷ᠂ ᠡᠨᠡ ᠡᠳᠦᠷ ᠣᠭᠲᠣ ᠰᠠᠨᠠᠮᠰᠠᠷ ᠦᠭᠡᠢ ᠴᠢᠮ᠎ᠠ ᠲᠠᠢ ᠠᠭᠤᠯᠵᠠᠵᠠᠢ᠃ ᠪᠢ ᠬᠤᠳᠠᠯᠳᠤᠭ᠎ᠠ ᠠᠷᠠᠯᠵᠢᠶ᠎ᠠ ᠬᠢᠬᠦ ᠪᠣᠯᠤᠭᠰᠠᠭᠠᠷ ᠨᠡᠯᠢᠶᠡᠳ ᠬᠡᠳᠦᠨ ᠵᠢᠯ ᠪᠣᠯᠪᠠ᠃ ᠡᠨᠡ ᠵᠠᠪᠰᠠᠷ ᠠᠷᠠᠯᠵᠢᠶ᠎ᠠ ᠮᠠᠢᠮᠠᠢ ᠰᠠᠢᠨ᠃ ᠮᠠᠨᠠᠢ (ᠮᠠᠨ ᠤ᠋) ᠪᠠᠭᠰᠢ ᠴᠢᠮ᠎ᠠ ᠠ᠋ᠴᠠ ᠬᠣᠢᠰᠢ ᠠᠰᠤᠷᠤ ᠤᠳᠠᠭᠰᠠᠨ ᠦᠭᠡᠢ᠂ ᠨᠣᠶᠠᠨ ᠤ᠋ ᠬᠦᠷᠢᠶᠡᠨ ᠳ᠋ᠦ᠍ ᠰᠡᠷᠡᠭᠡ(ᠰᠢᠷᠡᠭᠡ) ᠳᠠᠷᠤᠬᠤ ᠪᠠᠷ ᠵᠠᠯᠠᠭᠳᠠᠵᠤ ᠪᠢᠯᠡ᠃ ᠲᠡᠷᠡ ᠬᠡᠢᠳ ᠦ᠋ᠨ ᠯᠠᠮᠠ ᠨᠠᠷ ᠤ᠋ᠨ ᠰᠠᠨᠸᠠᠷ ᠢ᠋ ᠡᠪᠳᠡᠭᠦᠯᠵᠦ ᠬᠤᠷᠢᠴᠠᠯ ᠲᠠᠴᠢᠶᠠᠩᠭᠤᠢ ᠪᠠᠷ ᠰᠡᠳᠬᠢᠯ ᠢ᠋ ᠦᠢᠮᠡᠭᠦᠯᠦᠭᠰᠡᠨ ᠡᠮ᠎ᠡ ᠴᠢᠳᠬᠥᠷ ᠪᠣᠢ ᠪᠣᠯᠤᠭᠰᠠᠨ ᠤᠴᠢᠷ ᠭᠦᠷᠢᠮᠴᠢ᠂ ᠲᠡᠷᠡ ᠬᠦᠷᠢᠶᠡᠨ ᠦ᠌ ᠰᠥᠰᠥ ᠶᠡᠬᠡᠲᠦ ᠭᠡᠯᠦᠩ ᠦ᠋ᠨ ᠬᠠᠮᠲᠤ᠂ ᠳᠣᠯᠣᠭᠠᠨ ᠬᠣᠨᠣᠭ ᠭᠦᠷᠢᠮ ᠬᠢᠵᠦ᠂ ᠰᠡᠭᠦᠯᠴᠢ ᠶ᠋ᠢᠨ ᠰᠥᠨᠢ ᠴᠢᠳᠬᠥᠷ ᠪᠣᠰᠬᠤ ᠦᠬᠡᠷ ᠴᠠᠭ ᠲᠤ ᠲᠣᠭᠰᠢᠨ ᠲᠠᠷᠨᠢ ᠤᠷᠢᠵᠤ ᠡᠬᠢᠯᠡᠲᠡᠯ᠎ᠡ᠂ ᠬᠠᠷᠠᠩᠭᠤᠢ ᠳᠤᠭᠠᠩ ᠳ᠋ᠤ᠌ ᠮᠠᠨᠳᠤᠭᠠᠭᠰᠠᠨ ᠵᠤᠯᠠ ᠭᠡᠨᠡᠳᠲᠡ ᠴᠢᠳᠬᠥᠷ ᠦ᠋ᠨ ᠬᠥᠬᠡ ᠭᠠᠯ ᠳᠥᠷᠥᠯᠵᠡᠵᠦ᠂ ᠭᠦᠷᠢᠮᠴᠢ ᠯᠠᠮᠠ ᠥᠨᠳᠥᠷ ᠰᠢᠷᠡᠭᠡ ᠪᠡᠨ ᠲᠦᠯᠬᠢᠨ ᠤᠨᠠᠭᠠᠭᠠᠳ᠂ ᠰᠠᠭᠤᠳᠠᠯ ᠠ᠋ᠴᠠ ᠥᠩᠬᠥᠷᠢᠨ ᠦᠬᠦᠵᠡᠢ᠃ ᠭᠦᠷᠢᠮᠴᠢ ᠶ᠋ᠢᠨ ᠳᠣᠣᠷ᠎ᠠ ᠰᠠᠭᠤᠭᠰᠠᠨ ᠯᠠᠮᠠ ᠦᠩᠬᠦᠯᠴᠡᠭ ᠨᠢ ᠬᠠᠭᠠᠷᠠᠵᠤ ᠦᠬᠦᠭᠡᠳ᠂ ᠨᠢᠭᠡ ᠭᠡᠯᠦᠩ ᠠᠶᠤᠨ ᠰᠣᠴᠢᠭᠰᠠᠨ ᠠ᠋ᠴᠠ ᠪᠣᠯᠵᠤ ᠭᠠᠯᠵᠠᠭᠤᠷᠠᠵᠤ᠂ ᠲᠡᠷᠡ ᠠᠶᠤᠮᠰᠢᠭᠲᠤ ᠰᠥᠨᠢ ᠬᠤᠷᠠᠯ ᠬᠤᠷᠠᠯᠳᠤᠭᠰᠠᠨ ᠨᠢᠭᠡ ᠵᠠᠯᠠᠭᠤ ᠪᠠᠨᠳᠢ ᠶ᠋ᠢᠨ ᠦᠰᠦ ᠴᠠᠪ ᠴᠠᠭᠠᠨ ᠪᠣᠯᠵᠤ᠂ ᠬᠤᠷᠠᠯ ᠬᠤᠷᠠᠵᠤ ᠪᠠᠢᠭᠰᠠᠨ ᠣᠯᠠᠨ ᠯᠠᠮᠠ ᠨᠠᠷ ᠠᠶᠤᠨ ᠭᠡᠯᠮᠡᠭᠳᠡᠵᠦ᠂ ᠠᠷᠪᠠᠨ ᠵᠦᠭ ᠪᠤᠲᠠᠷᠠᠨ ᠵᠢᠭᠤᠲᠠᠭᠰᠠᠨ ᠪᠢᠯᠡ᠃ ᠲᠡᠭᠡᠭᠡᠳ ᠭᠦᠷᠢᠮᠴᠢ ᠶ᠋ᠢ ᠥᠨᠥᠬᠢ ᠦᠩᠬᠦᠯᠴᠡᠭ ᠨᠢ ᠬᠠᠭᠠᠷᠠᠵᠤ ᠦᠬᠦᠭᠰᠡᠨ ᠯᠠᠮᠠ ᠲᠠᠢ ᠬᠣᠶᠠᠭᠤᠯᠠ ᠰᠥᠨᠢ ᠲᠡᠷᠡ ᠳᠤᠭᠠᠩ ᠳ᠋ᠤ᠌ ᠦᠵᠡᠭᠳᠡᠳᠡᠭ ᠪᠣᠯᠵᠤ ᠭᠡᠵᠦ ᠯᠠᠮᠠ ᠨᠠᠷ ᠬᠡᠯᠡᠯᠴᠡᠬᠦ ᠪᠣᠯᠵᠠᠢ᠃ ᠬᠡᠢᠳ ᠦ᠋ᠨ ᠯᠠᠮᠠ ᠨᠠᠷ ᠴᠢᠳᠬᠥᠷ ᠳᠠᠷᠤᠭᠤᠯᠬᠤ ᠭᠡᠵᠦ ᠯᠠᠮᠠ ᠶ᠋ᠢᠨ ᠭᠡᠭᠡᠬᠡᠨ (ᠭᠡᠭᠡᠨ) ᠢ ᠵᠠᠯᠠᠭᠰᠠᠨ ᠪᠢᠯᠡ᠃ ᠮᠢᠨᠦ ᠪᠠᠭᠰᠢ ᠲᠡᠭᠡᠵᠦ ᠨᠠᠰᠤ ᠡᠴᠦᠰ ᠪᠣᠯᠤᠭᠰᠠᠨ ᠭᠡᠵᠦ ᠰᠠᠮᠳᠠᠡᠪᠠᠵᠠᠷ ᠤᠨ ᠬᠡᠯᠡᠬᠦ ᠳ᠋ᠦ᠍᠂
— ᠡᠨᠡ ᠴᠢᠨᠢ ᠦᠨᠡᠨ ᠶᠦ᠍ᠮ ᠦᠦ? ᠭᠡᠵᠦ ᠨᠠᠰᠤᠡᠪᠠᠳᠤ ᠠᠰᠠᠭᠤᠵᠠᠢ᠃
— ᠴᠣᠬᠣᠮ ᠦᠨᠡᠨ ᠢ ᠬᠡᠯᠡᠪᠡᠯ᠂ ᠬᠤᠳᠠᠯ ᠦᠨᠡᠨ ᠬᠤᠳᠬᠤᠯᠳᠤᠭᠰᠠᠨ ᠱᠠᠭᠠᠵᠠᠭᠠᠢ ᠰᠢᠭ᠋ ᠠᠯᠠᠭ ᠡᠷᠢᠶᠡᠨ ᠬᠡᠷᠡᠭ ᠡ᠃ ᠪᠢ ᠲᠡᠷᠡ ᠭᠦᠷᠢᠮᠴᠢ ᠶᠢ ᠭᠤᠴᠢᠨ ᠵᠢᠯ ᠳᠠᠭᠠᠵᠤ ᠰᠦᠰᠦᠭ ᠡᠴᠡ ᠪᠤᠷᠬᠠᠨ᠂ ᠰᠡᠵᠢᠭ ᠡᠴᠡ ᠴᠢᠳᠬᠥᠷ ᠭᠡᠳᠡᠭ ᠲᠠᠨ ᠤ ᠮᠣᠩᠭᠣᠯ ᠦ᠋ᠨ ᠰᠡᠴᠡᠨ ᠦᠭᠡᠨ ᠦ ᠮᠡᠷᠭᠡᠨ ᠢ ᠪᠢᠰᠢᠷᠡᠯ᠎ᠡ᠃ ᠲᠡᠷᠡ ᠬᠦᠷᠢᠶᠡᠨ ᠳᠤ ᠴᠢᠳᠬᠥᠷ ᠪᠣᠢ ᠪᠣᠯᠪᠠ ᠭᠡᠵᠦ ᠭᠦᠷᠢᠮᠴᠢ ᠪᠠᠭᠰᠢ ᠪᠢᠳᠡ ᠬᠣᠶᠠᠷ ᠰᠡᠵᠢᠭᠴᠢ ᠯᠠᠮᠠ ᠨᠠᠷ ᠤᠨ ᠰᠡᠳᠬᠢᠯ ᠳ᠋ᠦ᠍ ᠰᠡᠪ ᠣᠷᠣᠭᠤᠯᠤᠭᠰᠠᠨ ᠢᠶᠠᠷ ᠴᠢᠳᠬᠥᠷ ᠲᠡᠢ ᠪᠣᠯᠤᠭᠰᠠᠨ ᠭᠡᠵᠦ ᠦᠨᠡᠮᠰᠢᠭᠦᠯᠦᠭᠡᠳ᠂ ᠭᠦᠷᠢᠮᠴᠢ ᠰᠡᠷᠡᠭᠡ ᠳᠠᠷᠤᠭᠰᠠᠨ ᠪ ᠶᠡᠬᠡ ᠪᠠᠷᠢᠴᠠ ᠠᠪᠬᠤ ᠭᠡᠵᠦ ᠬᠡᠯᠡᠯᠴᠡᠨ ᠲᠣᠭᠲᠠᠭᠰᠠᠨ ᠪᠢᠯᠡ᠃ ᠳᠤᠭᠠᠩ ᠳᠣᠲᠣᠷᠠᠬᠢ ᠣᠯᠠᠨ ᠵᠤᠯᠠ ᠭᠡᠨᠡᠳᠲᠡ ᠴᠢᠳᠬᠥᠷ ᠤᠨ ᠬᠥᠬᠡ ᠭᠠᠯ ᠭᠠᠷᠤᠭᠰᠠᠨ ᠨᠢ᠂ ᠭᠦᠷᠢᠮᠴᠢ ᠶᠢᠨ ᠨᠠᠳᠠ ᠳᠤ ᠵᠢᠭᠠᠵᠤ ᠦᠭᠭᠦᠭᠰᠡᠨ ᠨᠢᠭᠡᠨ ᠨᠢᠭᠤᠴᠠ ᠠᠷᠭ᠎ᠠ ᠪᠠᠶ᠋ᠢᠬᠰᠠᠨ ᠶᠤᠮ ᠳ᠋ᠠ᠃ ᠪᠤᠷᠬᠠᠨ ᠨᠠᠮᠠᠶ᠋ᠢ ᠨᠢᠭᠦᠯᠡᠰᠬᠦᠢ ᠮᠡᠯᠮᠡᠢ ᠪᠠᠷ ᠦᠵᠡᠵᠦ ᠪᠢ᠂ ᠡᠵᠡᠨ ᠦ ᠪᠡᠨ ᠥᠭᠡᠳᠡ ᠡᠴᠡ ᠬᠠᠷᠠᠳᠠᠭ ᠫᠤᠤ ᠶᠢ ᠳᠠᠭᠤᠷᠢᠶᠠᠭᠰᠠᠨ ᠦᠭᠡᠢ᠂ ᠪᠠᠭᠰᠢ ᠮᠠᠨᠢ ᠳᠣᠯᠣᠭᠠᠨ ᠬᠣᠨᠣᠭ ᠡᠳᠦᠷ ᠰᠥᠨᠢ ᠦᠭᠡᠢ ᠭᠦᠷᠢᠮ ᠨᠣᠮ ᠤᠩᠰᠢᠵᠤ ᠪᠡᠶ᠎ᠡ ᠶ᠋ᠢᠨ ᠲᠡᠩᠬᠡᠯ ᠲᠠᠮᠢᠷ ᠢ ᠠᠷᠢᠬᠢ ᠨᠠᠩᠵᠢᠳ ᠢᠶᠠᠷ ᠲᠡᠵᠢᠭᠡᠵᠦ ᠪᠠᠶ᠋ᠢᠬᠰᠠᠨ ᠠᠴᠠ ᠪᠣᠯᠵᠤ ᠦᠬᠦᠭᠡᠳ᠂ ᠮᠢᠨᠦ ᠭᠠᠷ ᠬᠦᠷᠦᠯᠳᠡ ᠦᠭᠡᠢ ᠪᠣᠯᠤᠭᠰᠠᠨ ᠪᠢᠯᠡ᠃ ᠲᠡᠭᠡᠭᠡᠳ ᠪᠢ ᠲᠣᠯᠣᠭᠠᠢ ᠪᠠᠨ ᠮᠡᠳᠡᠳᠡᠭ ᠪᠣᠯᠵᠠᠢ᠃ ᠵᠠ᠂ ᠣᠳᠣ ᠪᠢ ᠨᠠᠶ᠋ᠢᠷ ᠲᠠᠢ ᠰᠡᠳᠬᠢᠯ ᠤᠨ ᠡᠭᠦᠳᠡᠨ ᠡᠴᠡ ᠥᠴᠦᠬᠡᠨ ᠪᠡᠯᠡᠭ ᠲᠡᠪᠰᠢᠭᠦᠯᠦᠭᠡᠣ᠌ᠠ ᠲᠣᠭᠲᠠᠭᠠᠬᠤ ᠶᠢ ᠬᠦᠰᠡᠨ᠎ᠡ ᠭᠡᠵᠦ ᠨᠢᠭᠡ ᠶᠤᠸᠠᠮᠪᠤᠤ ᠴᠠᠭᠠᠨ ᠮᠥᠩᠭᠥ ᠰᠤᠨᠤᠮ ᠬᠠᠳᠠᠭ ᠲᠠᠢ ᠪᠠᠷᠢᠪᠠᠯ ᠨᠠᠰᠤᠡᠪᠠᠳᠤ ᠬᠠᠳᠠᠭ ᠢ ᠨᠢ ᠠᠪᠤᠭᠠᠳ ᠶᠤᠸᠠᠮᠪᠤᠤ ᠶ᠋ᠢ ᠠᠪᠬᠤ ᠦᠭᠡᠢ ᠭᠡᠵᠦ ᠬᠦᠴᠦᠯᠡᠨ ᠴᠠᠭᠠᠷᠠᠭᠤᠯᠵᠠᠢ᠃ ᠬᠣᠶ᠋ᠢᠲᠤ ᠡᠳᠦᠷ ᠨᠢ ᠬᠥᠳᠡᠭᠡ ᠶᠠᠪᠤᠬᠤ ᠲᠡᠷᠡ ᠲᠥᠪᠡᠳ ᠲᠡᠢ ᠨᠠᠶ᠋ᠢᠷ ᠲᠠᠢ ᠰᠠᠶ᠋ᠢᠬᠠᠨ ᠢᠶᠠᠷ ᠰᠠᠯᠬᠤ ᠶᠣᠰᠣ ᠬᠢᠵᠦ ᠪᠠᠭᠤᠷᠴᠢ ᠶᠢᠨ ᠭᠠᠵᠠᠷ ᠡᠭᠡᠪᠡ᠃
— — — —
* ᠰᠤᠭᠤ ᠲᠠᠶᠠᠭ ᠢ᠋ ᠠᠯᠮᠤᠤᠷ ᠲᠠᠶᠠᠭ ᠭᠡᠳᠡᠭ᠃
ᠠᠴᠢ ᠠᠪᠠᠭ᠎ᠠ ᠬᠤᠶᠠᠷ ᠯᠢ ᠶᠡᠬᠡᠯ᠎ᠡ ᠰᠣᠨᠢᠨ ᠶᠠᠷᠢᠶ᠎ᠠ ᠲᠠᠢ ᠤᠯᠤᠰ ᠭᠡᠵᠦ ᠨᠠᠰᠤᠡᠪᠠᠳᠤ᠂ ᠪᠡᠭᠡᠵᠢᠩ ᠦ᠋ᠨ ᠬᠡᠷᠡᠮ ᠤᠨ ᠭᠠᠳᠠᠨᠠᠬᠢ ᠲᠡᠷᠡ ᠠᠶ᠋ᠢᠯ ᠢᠶᠠᠷ ᠶᠠᠪᠤᠮᠠᠲᠠᠭᠠᠢ ᠪᠤᠯᠵᠤ᠂ ᠬᠤᠶᠠᠷ ᠡᠪᠦᠭᠡᠨ ᠴᠦ᠍ ᠮᠣᠩᠭᠣᠯ ᠵᠠᠯᠠᠭᠤ ᠳᠤ ᠶᠡᠬᠡᠯ᠎ᠡ ᠬᠠᠶ᠋ᠢᠷᠠᠲᠠᠢ ᠪᠤᠯᠵᠡᠢ᠃ ᠬᠤᠶᠠᠷ ᠡᠪᠦᠭᠡᠨ᠂ ᠬᠤᠳᠠᠯᠠ ᠡᠩᠬᠡ ᠲᠠᠶ᠋ᠢᠪᠤᠩ ᠤᠨ ᠲᠥᠯᠥᠭᠡ ᠲᠡᠮᠡᠴᠡᠵᠦ ᠪᠠᠶ᠋ᠢᠬᠰᠠᠨ ᠲᠠᠶ᠋ᠢᠪᠤᠩ ᠤᠳ ᠭᠡᠳᠡᠭ ᠬᠢᠲᠠᠳ ᠤᠨ ᠲᠠᠷᠢᠶᠠᠴᠢᠨ ᠤ ᠶᠡᠬᠡ ᠬᠥᠳᠡᠯᠭᠡᠭᠡᠨ ᠳᠦ ᠣᠷᠣᠯᠴᠠᠵᠤ᠂ ᠳᠠᠶᠠᠭᠠᠷ ᠲᠤ ᠳᠥᠷᠭᠢᠷᠡᠨ ᠠᠯᠳᠠᠷᠰᠢᠬᠰᠠᠨ ᠶᠠᠩ ᠰᠢᠦ ᠴᠧᠩ᠂ ᠯᠢᠨ ᠹᠧᠩ ᠰᠢᠶᠠᠩ᠂ ᠪᠠᠭᠠᠲᠤᠷ ᠵᠢᠷᠤᠮᠲᠤ ᠵᠦᠭ ᠸᠠᠩ ᠯᠢ ᠰᠢᠦ ᠴᠧᠩ ᠤᠨ ᠲᠤᠭ ᠤᠨ ᠳᠣᠣᠷ᠎ᠠ ᠪᠠᠶ᠋ᠢᠯᠳᠤᠵᠤ ᠶᠠᠪᠤᠭᠰᠠᠨ ᠤᠯᠤᠰ ᠪᠠᠶ᠋ᠢᠵᠠᠢ᠃ ᠳᠠᠶ᠋ᠢᠴᠢᠩ ᠤᠯᠤᠰ ᠢ ᠳᠣᠩᠰᠣᠯᠭᠠᠵᠤ ᠪᠠᠶ᠋ᠢᠬᠰᠠᠨ ᠲᠠᠷᠢᠶᠠᠴᠢᠨ ᠤ ᠶᠡᠬᠡ ᠬᠤᠪᠢᠰᠬᠠᠯ ᠤᠨ ᠨᠠᠨᠳᠢᠨ ᠪᠢᠴᠢᠭ ᠪᠠᠷᠢᠮᠲᠠ᠂ ᠤᠬᠠᠭᠤᠯᠬᠤ ᠬᠠᠭᠤᠳᠠᠰᠤ᠂ ᠲᠤᠩᠬᠠᠭ᠂ ᠪᠠᠭᠠᠴᠤᠳ ᠵᠠᠯᠠᠭᠤᠴᠤᠳ᠂ ᠠᠷᠠᠳ ᠣᠯᠠᠨ ᠳᠤ ᠲᠠᠶ᠋ᠢᠪᠤᠩ ᠤᠳ ᠤᠨ ᠵᠣᠷᠢᠭᠤᠯᠤᠨ ᠬᠡᠪᠯᠡᠭᠰᠡᠨ ᠨᠣᠮ ᠰᠤᠳᠤᠷ ᠢ ᠠᠮᠢ ᠮᠡᠲᠦ ᠬᠠᠶ᠋ᠢᠷᠠᠯᠠᠨ ᠬᠠᠳᠠᠭᠠᠯᠠᠳᠠᠭ ᠪᠠᠶ᠋ᠢᠵᠠᠢ᠃
ᠪᠠᠭ᠎ᠠ ᠯᠢ ᠪᠠᠰᠠ ᠲᠠᠶ᠋ᠢᠪᠤᠩ ᠤᠨ ᠠᠷᠠᠳ ᠤᠨ ᠰᠤᠷᠭᠠᠭᠤᠯᠢ ᠶᠢᠨ ᠪᠠᠭᠰᠢ ᠠᠭᠠᠳ᠂ ᠬᠠᠷᠠᠭᠴᠢᠨ ᠦᠬᠡᠷ ᠵᠢᠯ(1853ᠣᠨ) ᠳᠤ ᠤᠮᠠᠷ᠎ᠠ ᠵᠦᠭ ᠪᠡᠭᠡᠵᠢᠩ ᠢ ᠳᠠᠶ᠋ᠢᠯᠠᠷ᠎ᠠ ᠶᠠᠪᠤᠭᠰᠠᠨ ᠯᠢᠨ ᠹᠧᠩ ᠰᠢᠶᠠᠩ ᠤᠨ ᠬᠤᠪᠢᠰᠬᠠᠯᠲᠤ ᠴᠡᠷᠢᠭ ᠤᠨ ᠪᠠᠶ᠋ᠢᠯᠳᠤᠭᠴᠢ ᠶᠠᠪᠤᠭᠰᠠᠨ ᠬᠥᠮᠦᠨ ᠪᠠᠶ᠋ᠢᠵᠠᠢ᠃
ᠪᠠᠭ᠎ᠠ ᠯᠢ ᠶᠢᠨ ᠶᠠᠷᠢᠬᠰᠠᠨ ᠨᠢ᠄ ᠪᠢᠳᠡᠨ ᠢ ᠪᠡᠭᠡᠵᠢᠩ ᠡᠴᠡ ᠭᠤᠷᠪᠠᠨ ᠵᠠᠭᠤᠨ ᠤ ᠭᠠᠵᠠᠷ ᠪᠠᠶ᠋ᠢᠬᠤ ᠳᠤ ᠲᠦᠭᠡᠮᠡᠯ ᠡᠯᠪᠡᠭᠲᠦ ᠬᠠᠭᠠᠨ ᠪᠡᠭᠡᠵᠢᠩ ᠡᠴᠡ ᠿᠧ ᠾᠧ ᠳᠤ ᠬᠠᠮᠤᠭ ᠮᠥᠩᠭᠥ᠂ ᠰᠠᠩ ᠬᠥᠮᠥᠷᠭᠡ ᠪᠡᠨ ᠨᠡᠭᠦᠯᠭᠡᠵᠦ᠂ ᠨᠡᠶ᠋ᠢᠰᠯᠡᠯ ᠤᠨ ᠰᠠᠶ᠋ᠢᠳ ᠲᠦᠰᠢᠮᠡᠳ ᠤᠨ ᠴᠠᠯᠢᠩ ᠬᠡᠳᠦᠨ ᠰᠠᠷ᠎ᠠ ᠪᠠᠭᠤᠭᠰᠠᠨ ᠦᠭᠡᠢ᠂ ᠵᠡᠰ ᠵᠣᠭᠣᠰ ᠬᠦᠷᠲᠡᠯ᠎ᠡ ᠰᠣᠨᠢᠨ ᠬᠣᠪᠣᠷ ᠶᠠᠭᠤᠮ᠎ᠠ ᠪᠣᠯᠤᠭᠰᠠᠨ ᠪᠠᠶ᠋ᠢᠵᠠᠢ᠃ ᠲᠡᠭᠡᠭᠡᠳ ᠠᠶᠤᠮᠰᠢᠬᠲᠤ ᠲᠠᠶ᠋ᠢᠪᠤᠩ ᠤᠨ ᠴᠡᠷᠢᠭ ᠤᠯᠠᠮ ᠠᠶ᠋ᠢᠰᠤᠢ ᠶᠢ ᠠᠶᠤᠨ ᠰᠣᠨᠣᠰᠴᠤ᠂ ᠬᠠᠭᠠᠨ ᠪᠡᠶ᠎ᠡ ᠪᠡᠷ ᠨᠡᠶ᠋ᠢᠰᠯᠡᠯ ᠤᠨ ᠴᠡᠷᠢᠭ ᠢ ᠰᠢᠯᠭᠠᠨ᠎ᠠ ᠭᠡᠵᠦ ᠵᠠᠷᠯᠢᠭ ᠪᠠᠭᠤᠯᠭᠠᠭᠰᠠᠨ ᠪᠢᠯᠡ᠃
ᠮᠠᠨᠵᠤ ᠴᠡᠷᠢᠭ ᠤᠨ ᠨᠣᠶᠠᠳ᠂ ᠰᠠᠶ᠋ᠢᠳ᠂ ᠬᠠᠭᠠᠨ ᠤ ᠴᠡᠷᠢᠭ ᠰᠢᠯᠭᠠᠬᠤ ᠶᠢ ᠰᠣᠨᠣᠰᠤᠭᠠᠳ᠂ ᠮᠠᠨᠠᠢ ᠴᠡᠷᠢᠭ ᠤᠨ ᠪᠡᠭᠡᠵᠢᠩ ᠳᠤ ᠣᠶ᠋ᠢᠷᠠᠲᠤᠭᠰᠠᠨ ᠠᠴᠠ ᠢᠯᠡᠭᠦᠦ ᠠᠶᠤᠵᠤ ᠪᠢᠯᠡ᠃ ᠪᠡᠭᠡᠵᠢᠩ ᠤᠨ ᠳᠠᠷᠤᠩᠭᠤᠢ ᠴᠡᠷᠢᠭ ᠤᠨ ᠭᠤᠷᠪᠠᠨ ᠤ ᠨᠢᠭᠡ ᠬᠤᠪᠢ ᠠᠴᠠ ᠢᠯᠡᠭᠦᠦ ᠨᠢ ᠭᠠᠭᠴᠠᠬᠦ ᠳᠠᠩᠰᠠᠨ᠎ᠠ ᠨᠡᠷ᠎ᠡ ᠪᠠᠶ᠋ᠢᠬᠤ ᠠᠴᠠ ᠪᠢᠰᠢ᠂ ᠦᠨᠡᠨ ᠳᠡᠭᠡᠨ ᠪᠠᠶ᠋ᠢᠬᠤ ᠦᠭᠡᠢ ᠪᠠᠶ᠋ᠢᠵᠠᠢ᠃ ᠴᠡᠷᠢᠭ ᠤᠨ ᠵᠠᠩᠵᠤᠨ᠂ ᠨᠣᠶᠠᠳ᠂ ᠬᠠᠪᠴᠤᠳ ᠲᠡᠷᠡ ᠪᠠᠶ᠋ᠢᠬᠤ ᠦᠭᠡᠢ ᠴᠡᠷᠢᠭ ᠤᠨ ᠲᠣᠭ᠎ᠠ ᠪᠠᠷ ᠮᠥᠩᠭᠥ ᠴᠠᠯᠢᠩ ᠢ ᠪᠦᠷᠢᠨ ᠠᠪᠴᠤ ᠠᠰᠢᠬᠯᠠᠳᠠᠭ ᠪᠠᠶ᠋ᠢᠬᠰᠠᠨ ᠢᠶᠠᠷ ᠪᠠᠷᠠᠬᠤ ᠦᠭᠡᠢ ᠮᠠᠨᠵᠤ ᠲᠣᠷᠭᠠᠨ ᠴᠡᠷᠢᠭ ᠤᠨ ᠣᠯᠠᠩᠬᠢ ᠨᠢ ᠮᠣᠷᠢ ᠦᠭᠡᠢ ᠪᠣᠯᠤᠭᠰᠠᠨ ᠮᠥᠷᠲᠡᠭᠡᠨ ᠮᠣᠷᠢᠲᠠᠢ ᠭᠡᠵᠦ ᠲᠡᠭᠦᠨ ᠦ ᠬᠡᠷᠡᠭᠯᠡᠯ ᠢ ᠠᠯᠭᠠᠰᠠᠯ ᠦᠭᠡᠢ ᠠᠪᠳᠠᠭ ᠪᠠᠶ᠋ᠢᠵᠠᠢ᠃ ᠴᠡᠷᠢᠭ ᠤᠨ ᠵᠡᠪᠰᠡᠭ ᠦ᠌ ᠭᠠᠵᠠᠷ ᠵᠢᠯ ᠪᠦᠷᠢ ᠰᠠᠩ ᠠ᠋ᠴᠠ ᠵᠡᠪᠰᠡᠭ ᠦ᠋ᠨ ᠮᠥᠩᠭᠥ ᠭᠡᠵᠦ ᠶᠡᠬᠡ ᠮᠥᠩᠭᠥ ᠣᠯᠭᠣᠳᠠᠭ ᠪᠣᠯᠪᠠᠴᠤ ᠰᠠᠩ ᠤ᠋ᠨ ᠬᠥᠷᠥᠩᠭᠡ ᠱᠠᠮᠰᠢᠭᠳᠠᠭᠤᠯᠤᠭᠴᠢ ᠰᠠᠢᠳ ᠲᠦᠰᠢᠮᠡᠳ ᠬᠤᠪᠢᠶᠠᠨ ᠢᠳᠡᠭᠡᠳ᠂ ᠵᠡᠪᠰᠡᠭ ᠦ᠋ᠨ ᠰᠠᠩ ᠬᠣᠭᠣᠰᠣᠨ ᠪᠠᠢᠳᠠᠭ ᠠᠵᠤᠭᠤ᠃ ᠲᠡᠭᠡᠭᠰᠡᠨ ᠤᠴᠢᠷ ᠬᠠᠭᠠᠨ ᠤ᠋ ᠴᠡᠷᠢᠭ ᠰᠢᠯᠭᠠᠬᠤ ᠠ᠋ᠴᠠ ᠰᠠᠢᠳ ᠲᠦᠰᠢᠮᠡᠳ ᠶᠡᠬᠡᠯ᠎ᠡ(ᠶᠡᠬᠡ ᠯᠡ) ᠠᠶᠤᠭᠰᠠᠨ ᠪᠢᠯᠡ᠃ ᠰᠠᠨᠳᠤᠷᠬᠤ ᠳ᠋ᠠᠭᠠᠨ ᠵᠠᠩᠵᠤᠨ ᠰᠠᠢᠳ ᠤ᠋ᠳ ᠤᠷᠠᠨ ᠠᠷᠭ᠎ᠠ ᠣᠯᠵᠤ᠂ ᠰᠢᠳᠠᠷ ᠵᠢᠷᠤᠬᠠᠢᠴᠢ ᠨᠠᠷ ᠲᠤ᠌ ᠬᠡᠭᠡᠯᠢ ᠴᠢᠳᠬᠤᠭᠠᠳ᠂ ᠵᠢᠷᠤᠬᠠᠢᠴᠢ ᠨᠠᠷ ᠥᠯᠵᠡᠢᠲᠦ ᠰᠠᠢᠨ ᠡᠳᠦᠷ ᠢ᠋ ᠰᠠᠭᠠᠳᠠᠨ ᠬᠦᠯᠢᠶᠡᠨ᠎ᠡ ᠭᠡᠵᠦ ᠴᠡᠷᠢᠭ ᠦᠵᠡᠬᠦ ᠡᠳᠦᠷ ᠢ᠋ ᠬᠣᠢᠰᠢ ᠲᠦᠯᠬᠢᠵᠦ᠂ ᠲᠡᠷᠡ ᠰᠠᠮᠪᠠᠭᠠᠨ ᠳ᠋ᠤ᠌ ᠴᠢᠭᠤᠯᠤᠯᠲᠤ ᠬᠠᠭᠠᠯᠭᠠᠨ᠎ᠠ ᠪᠤᠤᠬᠢᠶ᠎ᠠ ᠡᠯᠴᠢ ᠳᠠᠪᠬᠢᠭᠤᠯᠵᠤ᠂ ᠣᠷᠣᠰ ᠬᠤᠳᠠᠯᠳᠤᠭᠠᠴᠢᠨ ᠠ᠋ᠴᠠ ᠪᠣᠢ ᠪᠦᠬᠦᠢ ᠬᠦᠯᠮᠦᠨ ᠲᠡᠮᠦᠷ ᠬᠤᠳᠠᠯᠳᠤᠵᠤ ᠠᠪᠤᠭᠠᠳ ᠲᠡᠷᠡ ᠬᠥᠯᠮᠥᠨ ᠲᠡᠮᠦᠷ ᠢ᠋ᠶ᠋ᠡᠷ ᠰᠡᠯᠡᠮ᠎ᠡ ᠬᠠᠢᠴᠢᠯᠠᠵᠤ ᠮᠣᠳᠣ ᠪᠠᠷ ᠫᠤᠤ ᠵᠢᠳᠠ ᠬᠢᠭᠡᠳ᠂ ᠵᠢᠳᠠ ᠶ᠋ᠢᠨ ᠦᠵᠦᠭᠦᠷ ᠫᠤᠤ ᠶ᠋ᠢᠨ ᠭᠣᠣᠯ ᠲᠡᠮᠦᠷ ᠢ᠋ ᠪᠣᠷᠣ ᠪᠣᠳᠣᠭ ᠢ᠋ᠶ᠋ᠠᠷ ᠳᠦᠷᠰᠦᠯᠡᠨ ᠵᠢᠷᠤᠵᠤ ᠪᠡᠭᠡᠵᠢᠩ ᠦ᠋ᠨ ᠣᠯᠠᠨ ᠭᠤᠢᠯᠢᠨᠴᠢᠨ ᠤ᠋ ᠳᠠᠷᠤᠭ᠎ᠠ ᠲᠠᠢ ᠮᠠᠢᠮᠠᠢ ᠲᠣᠬᠢᠷᠠᠵᠤ᠂ ᠴᠡᠷᠢᠭ ᠰᠢᠯᠭᠠᠬᠤ ᠡᠳᠦᠷ ᠬᠡᠷᠡᠭᠯᠡᠬᠦ ᠳᠤᠲᠠᠭᠤ ᠴᠡᠷᠢᠭ ᠦ᠋ᠨ ᠲᠣᠭ᠎ᠠ ᠶ᠋ᠢ ᠭᠤᠢᠯᠢᠨᠴᠢᠨ ᠢ᠋ᠶ᠋ᠠᠷ ᠨᠥᠬᠥᠬᠦ ᠪᠣᠯᠵᠤ ᠴᠡᠷᠢᠭ ᠦ᠋ᠨ ᠬᠤᠪᠴᠠᠰᠤ ᠡᠮᠦᠰᠬᠡᠨ ᠮᠣᠳᠣᠨ ᠫᠤᠤ ᠵᠢᠳᠠ ᠪᠠᠷᠢᠭᠤᠯᠤᠨ ᠠᠯᠬᠤᠬᠤ ᠵᠢᠭᠰᠠᠭᠠᠬᠤ ᠶ᠋ᠢ ᠬᠣᠶᠠᠷ ᠨᠢᠭᠡᠨ ᠡᠳᠦᠷ ᠰᠤᠷᠭᠠᠭᠠᠳ᠂ ᠮᠠᠨᠵᠤ ᠲᠣᠷᠭᠠᠨ ᠴᠡᠷᠢᠭ ᠲᠦ᠍ ᠲᠡᠷᠡ ᠡᠳᠦᠷ ᠬᠡᠷᠡᠭᠯᠡᠬᠦ ᠤᠨᠤᠭ᠎ᠠ ᠶ᠋ᠢ ᠪᠡᠭᠡᠵᠢᠩ ᠦ᠋ᠨ ᠬᠥᠯᠥᠰᠥᠨ ᠦ᠌ ᠲᠡᠷᠭᠡ ᠠᠢᠯ ᠤ᠋ᠨ ᠯᠠᠭᠤᠰᠠ ᠠ᠋ᠴᠠ ᠳᠠᠢᠴᠢᠯᠠᠵᠤ᠂ ᠴᠡᠷᠢᠭ ᠦ᠋ᠨ ᠨᠣᠶᠠᠳ ᠥᠪᠡᠷ ᠦ᠋ᠨ ᠤᠨᠤᠭ᠎ᠠ ᠠ᠋ᠴᠠ ᠲᠦᠷ ᠵᠢᠭᠡᠯᠡᠳᠡᠨ ᠠᠷᠭᠠᠴᠠᠭᠠᠵᠤ ᠬᠠᠭᠠᠨ ᠤ᠋ ᠴᠡᠷᠢᠭ ᠰᠠᠯᠭᠠᠬᠤ ᠡᠳᠦᠷ ᠢ᠋ ᠥᠩᠭᠡᠷᠡᠭᠦᠯᠦᠭᠰᠡᠨ ᠳ᠋ᠦ᠍᠂ ᠲᠦᠭᠡᠮᠡᠯ ᠡᠯᠪᠡᠭᠲᠦ ᠬᠠᠭᠠᠨ ᠴᠡᠷᠢᠭ ᠦ᠋ᠨ ᠶᠣᠰᠣᠯᠠᠯ ᠳ᠋ᠤ᠌ ᠵᠢᠭᠰᠠᠭᠠᠯ ᠢ᠋ᠶ᠋ᠠᠷ ᠵᠢᠭᠰᠠᠭᠠᠨ ᠥᠩᠭᠡᠷᠡᠬᠦ ᠶ᠋ᠢ ᠦᠵᠡᠭᠡᠳ ᠪᠠᠳᠠᠷᠠᠩᠭᠤᠢ ᠰᠦᠷᠲᠦ ᠪᠠᠭᠠᠲᠤᠷ ᠵᠣᠷᠢᠭᠲᠤ ᠲᠩᠷᠢ ᠶ᠋ᠢᠨ ᠴᠡᠷᠢᠭ ᠭᠡᠵᠦ ᠪᠠᠬᠠᠳᠤᠨ ᠪᠠᠶᠠᠷᠯᠠᠵᠤ᠂ ᠴᠡᠷᠢᠭ ᠦ᠋ᠨ ᠵᠠᠩᠵᠤᠨ ᠰᠠᠢᠳ ᠬᠠᠪᠴᠤᠳ ᠢ᠋ ᠬᠠᠷᠢᠶᠠᠲᠤ ᠴᠡᠷᠢᠭ ᠦ᠋ᠨ ᠬᠤᠷᠴᠠ ᠰᠦᠷ ᠢ᠋ ᠪᠠᠳᠠᠷᠠᠭᠤᠯᠤᠨ ᠴᠡᠷᠢᠭ ᠦ᠋ᠨ ᠠᠷᠠᠳ ᠢ᠋ ᠰᠠᠢᠬᠠᠨ ᠢ᠋ᠶ᠋ᠠᠷ ᠰᠤᠷᠭᠠᠭᠰᠠᠨ ᠭᠠᠪᠢᠶ᠎ᠠ ᠵᠢᠳᠬᠦᠯ ᠢ᠋ ᠰᠠᠢᠰᠢᠶᠠᠨ ᠬᠥᠬᠢᠭᠦᠯᠵᠦ ᠪᠢᠯᠡ᠃
ᠮᠠᠨᠠᠢ ᠲᠠᠢᠪᠤᠩ ᠤ᠋ᠨ ᠴᠡᠷᠢᠭ ᠦ᠋ᠨ ᠤᠳᠤᠷᠢᠳᠤᠭᠴᠢ ᠨᠠᠷ ᠬᠠᠮᠤᠭ ᠬᠦᠴᠦᠨ ᠢ᠋ ᠨᠠᠨᠵᠢᠩ ᠤ᠋ᠨ ᠵᠦᠭ ᠬᠠᠨᠳᠤᠭᠤᠯᠬᠤ᠂ ᠪᠡᠭᠡᠵᠢᠩ ᠢ᠋ ᠳᠠᠢᠯᠠᠬᠤ ᠶ᠋ᠢ ᠪᠦᠲᠦᠨ ᠵᠢᠯ ᠬᠣᠢᠰᠢᠯᠠᠭᠤᠯᠵᠤ᠂ ᠳᠠᠢᠰᠤᠨ ᠤ᠋ ᠬᠦᠴᠦ ᠬᠤᠷᠠᠯᠳᠤᠭᠤᠯᠬᠤ ᠴᠢᠯᠥᠭᠡ ᠥᠭᠴᠦ ᠶᠡᠬᠡ ᠠᠯᠳᠠᠭ᠎ᠠ ᠬᠢᠵᠦ ᠬᠡᠷᠡᠭ ᠪᠢᠰᠢ ᠪᠣᠯᠤᠭᠰᠠᠨ ᠪᠢᠯᠡ᠃ ᠤᠮᠠᠷ᠎ᠠ ᠵᠦᠭ ᠪᠠᠢᠯᠳᠤᠨ ᠶᠠᠪᠤᠭᠰᠠᠨ ᠴᠡᠷᠢᠭ ᠦ᠋ᠨ ᠵᠠᠩᠵᠤᠨ ᠯᠢᠨ ᠹᠧᠩ ᠰᠢᠶᠠᠩ ᠤᠷᠢᠳᠠ ᠪᠠᠶᠠᠨ ᠠᠢᠯ ᠤ᠋ᠨ ᠵᠠᠷᠤᠴᠠ ᠶᠠᠪᠤᠭᠰᠠᠨ ᠬᠥᠮᠦᠨ ᠪᠥᠭᠡᠳ ᠴᠡᠷᠢᠭ ᠤᠳᠤᠷᠢᠳᠬᠤ ᠳ᠋ᠠᠭᠠᠨ ᠶᠡᠬᠡ ᠵᠠᠩᠵᠤᠨ ᠤ᠋ ᠡᠷᠳᠡᠮ ᠴᠢᠳᠠᠯ ᠪᠦᠷᠢᠳᠦᠭᠰᠡᠨ ᠵᠣᠷᠢᠭᠲᠤ ᠡᠷ᠎ᠡ ᠪᠠᠢᠭᠰᠠᠨ ᠪᠣᠯᠪᠠᠴᠤ ᠪᠡᠭᠡᠵᠢᠩ ᠬᠦᠷᠬᠦ ᠬᠦᠴᠦᠨ ᠳᠤᠲᠠᠵᠠᠢ᠃ ᠲᠡᠭᠦᠨ ᠦ᠌ ᠶᠠᠪᠠᠭᠠᠨ ᠴᠡᠷᠢᠭ ᠳᠤᠯ ᠲᠤᠯᠤᠭᠰᠠᠭᠠᠷ ᠨᠠᠨᠵᠢᠩ ᠠ᠋ᠴᠠ ᠤᠮᠠᠷ᠎ᠠ ᠵᠦᠭ ᠳᠥᠷᠪᠡᠨ ᠮᠢᠩᠭ᠎ᠠ ᠲᠠᠪᠤᠨ ᠵᠠᠭᠤᠨ ᠤ᠋ ᠭᠠᠵᠠᠷ ᠶᠠᠪᠤᠵᠤ᠂ ᠵᠠᠮ ᠭᠣᠳᠣᠰ ᠳᠥᠷᠪᠡᠨ ᠮᠣᠵᠢ ᠶ᠋ᠢᠨ ᠬᠣᠷᠢᠨ ᠵᠢᠷᠭᠤᠭᠠᠨ ᠲᠣᠮᠣ ᠬᠣᠲᠠ ᠪᠠᠢᠯᠳᠤᠨ ᠡᠵᠡᠯᠡᠵᠦ᠂ ᠪᠡᠭᠡᠵᠢᠩ ᠣᠷᠣᠬᠤ ᠵᠠᠮ ᠤ᠋ᠨ ᠰᠡᠭᠦᠯᠴᠢ ᠶ᠋ᠢᠨ ᠴᠡᠷᠢᠭ ᠦ᠋ᠨ ᠪᠣᠭᠣᠮᠲᠠ ᠲᠢᠶᠠᠨᠵᠢᠨ ᠳ᠋ᠤ᠌ ᠵᠢᠷᠠᠨ ᠤ᠋ ᠭᠠᠵᠠᠷ ᠣᠢᠷᠠᠲᠤᠵᠤ ᠢᠷᠡᠲᠡᠯ᠎ᠡ᠂ ᠮᠠᠨᠵᠤ ᠨᠠᠷ ᠮᠠᠰᠢ ᠶᠡᠬᠡ ᠴᠡᠷᠢᠭ ᠦ᠋ᠨ ᠬᠦᠴᠦᠨ ᠬᠤᠷᠠᠯᠳᠤᠭᠤᠯᠵᠤ᠂ ᠮᠠᠨᠵᠤ ᠬᠤᠰᠢᠭᠤᠨ ᠤ᠋ ᠴᠡᠷᠢᠭ ᠨᠣᠭᠣᠭᠠᠨ ᠲᠤᠭ ᠤ᠋ᠨ ᠬᠢᠲᠠᠳ ᠬᠦᠨᠳᠦ ᠴᠡᠷᠢᠭ ᠲᠦ᠍ ᠬᠦᠴᠦ ᠲᠤᠰᠠᠯᠠᠷ᠎ᠠ ᠪᠠᠰᠠ ᠰᠧᠩ ᠸᠠᠩ ᠭᠡᠳᠡᠭ ᠰᠡᠩᠭᠡᠷᠢᠨᠴᠢᠨ ᠸᠠᠩ ᠤ᠋ᠨ ᠮᠣᠩᠭᠣᠯ ᠴᠡᠷᠢᠭ ᠢᠷᠡᠭᠦᠯᠦᠭᠰᠡᠨ ᠨᠢ ᠲᠠᠢᠪᠤᠩ ᠤ᠋ᠨ ᠴᠡᠷᠢᠭ ᠲᠦ᠍ ᠶᠡᠬᠡᠯ᠎ᠡ(ᠶᠡᠬᠡ ᠯᠡ) ᠬᠣᠣᠷ ᠬᠣᠬᠢᠷᠠᠯ ᠤᠴᠠᠷᠠᠭᠤᠯᠤᠭᠰᠠᠨ ᠴᠡᠷᠢᠭ ᠪᠢᠯᠡ᠃ ᠤᠮᠠᠷ᠎ᠠ ᠵᠦᠭ ᠲᠦ᠍ ᠪᠢᠳᠡ ᠨᠤᠲᠤᠭ ᠤ᠋ᠨ ᠬᠢᠲᠠᠳ ᠬᠥᠮᠦᠨ ᠦ᠌ ᠬᠡᠯᠡ ᠠᠮᠠ ᠶ᠋ᠢ ᠬᠦᠷᠲᠡᠯ᠎ᠡ ᠮᠡᠳᠡᠬᠦ ᠦᠭᠡᠢ᠂ ᠭᠠᠵᠠᠷ ᠣᠷᠣᠨ᠂ ᠬᠥᠮᠦᠨ ᠠᠷᠠᠳ ᠤ᠋ᠨ ᠪᠠᠢᠳᠠᠯ ᠢ᠋ ᠲᠠᠨᠢᠬᠤ ᠦᠭᠡᠢ ᠶᠡᠬᠡᠯ᠎ᠡ( ᠶᠡᠬᠡ ᠯᠡ) ᠪᠡᠷᠬᠡ ᠪᠠᠢᠭᠰᠠᠨ ᠪᠢᠯᠡ᠃ ᠳᠠᠢᠰᠤᠨ ᠤ᠋ ᠳᠠᠪᠠᠭᠤ ᠬᠦᠴᠦᠨ ᠦ᠌ ᠪᠠᠢᠯᠳᠤᠨ ᠳᠣᠪᠲᠣᠯᠬᠤ ᠶ᠋ᠢ ᠬᠣᠶᠠᠷ ᠰᠠᠷ᠎ᠠ ᠨᠢᠴᠤᠭᠠᠵᠤ ᠨᠠᠨᠵᠢᠩ ᠠ᠋ᠴᠠ ᠲᠤᠰᠠᠯᠠᠬᠤ ᠴᠡᠷᠢᠭ ᠬᠦᠯᠢᠶᠡᠪᠡᠯ᠂ ᠭᠠᠭᠴᠠᠬᠦ ᠬᠣᠢᠲᠤᠨ ᠬᠠᠪᠤᠷ ᠮᠠᠨ ᠤ᠋ ᠪᠠᠭᠠᠲᠤᠷ ᠵᠠᠩᠵᠤᠨ ᠯᠢᠨ ᠹᠧᠩ ᠰᠢᠶᠠᠩ ᠬᠡᠳᠦᠢᠨ ᠠᠮᠢ ᠦᠷᠡᠭᠳᠡᠵᠦ ᠦᠯᠡᠳᠡᠭᠰᠡᠨ ᠴᠡᠷᠢᠭ ᠨᠢ ᠳᠠᠢᠰᠤᠨ ᠲᠠᠢ ᠲᠤᠯᠤᠯᠳᠤᠭᠰᠠᠭᠠᠷ ᠡᠮᠦᠨ᠎ᠡ ᠵᠦᠭ ᠤᠬᠤᠷᠢᠬᠤ ᠦᠶᠡᠰ ᠲᠤᠰᠠᠯᠠᠬᠤ ᠴᠡᠷᠢᠭ ᠰᠠᠢ᠍ᠢ (ᠰᠠᠶᠢ) ᠬᠦᠷᠴᠦ ᠢᠷᠡᠭᠰᠡᠨ ᠪᠢᠯᠡ᠃ ᠲᠡᠭᠡᠲᠡᠯ᠎ᠡ ᠮᠠᠨᠵᠤ ᠴᠡᠷᠢᠭ ᠲᠦ᠍ ᠲᠤᠰᠠᠯᠠᠷ᠎ᠠ ᠰᠠᠢᠨ ᠳᠤᠷ᠎ᠠ ᠶ᠋ᠢᠨ ᠴᠡᠷᠢᠭ ᠪᠠᠢᠭᠤᠯᠤᠭᠰᠠᠨ ᠨᠤᠲᠤᠭ ᠤ᠋ᠨ ᠬᠥᠷᠥᠩᠭᠡᠲᠡᠨ᠂ ᠭᠠᠵᠠᠷ ᠥᠮᠴᠢ ᠶ᠋ᠢᠨ ᠡᠵᠡᠨ ᠪᠠᠶᠠᠴᠤᠳ᠂ ᠭᠠᠳᠠᠭᠠᠳᠤ ᠶ᠋ᠢᠨ ᠢᠩ ᠹᠠ ᠤᠯᠤᠰ ᠤ᠋ᠨ ᠴᠡᠷᠢᠭ ᠲᠤᠰᠠᠯᠠᠷ᠎ᠠ ᠬᠥᠳᠡᠯᠵᠦ᠂ ᠪᠣᠱᠣᠭ ᠢ᠋ ᠬᠠᠯᠠᠬᠤ ᠬᠤᠪᠢᠰᠬᠠᠯ ᠤ᠋ᠨ ᠡᠰᠡᠷᠭᠦ ᠪᠦᠬᠦ ᠬᠦᠴᠦᠨ ᠪᠢᠳᠡᠨ ᠦ᠌ ᠡᠰᠡᠷᠭᠦ ᠬᠦᠴᠦᠨ ᠨᠢᠭᠡᠳᠦᠭᠰᠡᠨ ᠪᠢᠯᠡ᠃ ᠢᠩ ᠤᠯᠤᠰ ᠤ᠋ᠨ ᠳᠠᠯᠠᠢ ᠶ᠋ᠢᠨ ᠴᠡᠷᠢᠭ ᠦ᠋ᠨ ᠵᠠᠩᠵᠤᠨ ᠬᠤᠫᠡ᠂ ᠹᠠ ᠤᠯᠤᠰ ᠤ᠋ᠨ ᠳᠠᠯᠠᠢ ᠶ᠋ᠢᠨ ᠴᠡᠷᠢᠭ ᠦ᠋ᠨ ᠵᠠᠩᠵᠤᠨ ᠫᠷᠤᠲ᠋ᠧ ᠪᠠᠷᠠᠭᠤᠨ ᠳᠠᠯᠠᠢ ᠶ᠋ᠢᠨ ᠭᠠᠳᠠᠭᠠᠳᠤ ᠤᠯᠤᠰ ᠤ᠋ᠨ ᠴᠡᠷᠢᠭ ᠦ᠋ᠨ ᠲᠦᠷᠢᠨ ᠣᠷᠣᠬᠤ ᠬᠦᠴᠦᠨ ᠢ᠋ ᠣᠷᠣᠢᠯᠠᠵᠤ ᠮᠠᠨᠠᠢ ᠲᠠᠢᠪᠤᠩ ᠴᠡᠷᠢᠭ ᠦ᠋ᠨ ᠳᠣᠲᠣᠷ᠎ᠠ ᠰᠠᠮᠠᠭᠤᠨ ᠡᠭᠦᠰᠦᠭᠰᠡᠨ ᠪᠢᠯᠡ᠃ ᠪᠠᠶᠠᠨ ᠲᠠᠷᠢᠶᠠᠴᠢᠨ ᠪᠢᠳᠡᠨ ᠡᠴᠡ ᠬᠥᠨᠳᠡᠢᠷᠡᠵᠦ᠂ ᠮᠠᠨᠵᠤ ᠶ᠋ᠢᠨ ᠡᠵᠡᠷᠬᠡᠭ ᠦ᠋ᠳ ᠢ᠋ ᠡᠰᠡᠷᠭᠦᠴᠡᠵᠦ ᠪᠢᠳᠡᠨ ᠲᠡᠢ ᠨᠡᠢᠯᠡᠭᠰᠡᠨ ᠬᠥᠷᠥᠩᠭᠡ ᠶᠡᠬᠡᠲᠡᠢ ᠬᠤᠳᠠᠯᠳᠤᠭᠠᠴᠢᠨ ᠳᠠᠷᠤᠢ ᠲᠠᠢᠪᠤᠩ ᠤ᠋ᠨ ᠲᠠᠷᠢᠶᠠᠴᠢᠨ ᠠᠷᠠᠳ ᠢ᠋ ᠡᠰᠡᠷᠭᠦᠴᠡᠨ ᠲᠡᠮᠡᠴᠡᠵᠦ ᠡᠬᠢᠯᠡᠭᠡᠳ《ᠪᠣᠱᠣᠭ ᠢ᠋ ᠬᠠᠯᠠᠬᠤ ᠬᠤᠪᠢᠰᠬᠠᠯ ᠳ᠋ᠤ᠌ ᠪᠠᠶᠠᠨ ᠬᠥᠮᠦᠨ ᠬᠥᠷᠥᠩᠭᠡ ᠪᠡᠨ᠂ ᠶᠠᠳᠠᠭᠤ ᠬᠥᠮᠦᠨ ᠬᠦᠴᠦ ᠪᠡᠨ ᠥᠭᠭᠦᠨ᠎ᠡ》 ᠭᠡᠵᠦ ᠤᠷᠢᠶ᠎ᠠ ᠲᠤᠩᠬᠠᠭ ᠵᠠᠷᠯᠠᠭᠰᠠᠨ ᠲᠠᠷᠢᠶᠠᠴᠢᠨ ᠤ᠋ ᠤᠳᠤᠷᠢᠳᠤᠭᠴᠢ ᠰᠠᠷᠲᠠᠸᠠᠬᠢ ᠶᠠᠩ ᠰᠢᠦ ᠴᠢᠩ ᠢ᠋ ᠤᠷᠪᠠᠭᠰᠠᠨ ᠲᠡᠷᠰᠯᠡᠭᠦᠦ ᠨᠠᠷ ᠲᠤ᠌ ᠬᠡᠭᠡᠯᠢ ᠴᠢᠳᠬᠤᠨ ᠠᠯᠠᠭᠤᠯᠵᠤ ᠣᠷᠬᠢᠭᠰᠠᠨ ᠳ᠋ᠤ᠌ ᠂ ᠪᠢᠳᠡᠨ ᠦ᠌ ᠲᠠᠢᠪᠤᠩ ᠤ᠋ᠨ ᠴᠡᠷᠢᠭ ᠲᠡᠷᠡ ᠶᠡᠬᠡ ᠬᠥᠮᠦᠨ ᠢ᠋ᠶ᠋ᠡᠨ ᠠᠯᠳᠠᠵᠤ ᠭᠠᠷᠤᠵᠠᠳᠠᠭᠰᠠᠨ ᠪᠢᠯᠡ᠃ ᠠᠩᠬ᠎ᠠ ᠲᠠᠢᠪᠤᠩ ᠤ᠋ᠨ ᠴᠡᠷᠢᠭ᠂ ᠪᠠᠶᠠᠴᠤᠳ ᠤ᠋ᠨ ᠰᠤᠪᠤᠳ ᠢ᠋ ᠬᠤᠷᠢᠶᠠᠵᠤ ᠠᠪᠤᠭᠠᠳ ᠴᠡᠷᠢᠭ ᠦ᠋ᠨ ᠵᠠᠩᠵᠤᠨ ᠤᠳᠤᠷᠢᠳᠤᠭᠴᠢ ᠨᠠᠷ ᠰᠤᠪᠤᠳ ᠡᠷᠳᠡᠨᠢ ᠳ᠋ᠦ᠍ ᠰᠢᠨᠤᠵᠤ ᠣᠯᠠᠨ ᠠ᠋ᠴᠠ ᠬᠥᠨᠳᠡᠢᠷᠡᠨ ᠡᠷᠭᠢᠬᠦ ᠪᠣᠯᠭᠣᠵᠢᠨ ᠭᠡᠵᠦ ᠰᠤᠪᠤᠳ ᠢ᠋ ᠣᠭᠣᠷ ᠲᠤ᠌ ᠬᠢᠵᠦ ᠨᠦᠳᠦᠬᠦ ᠪᠣᠯᠪᠠ᠃ ᠦᠨᠡᠬᠡᠷ ᠴᠦ᠍ ᠮᠠᠨ ᠤ᠋ ᠤᠳᠤᠷᠢᠳᠤᠭᠴᠢ ᠨᠠᠷ ᠬᠣᠵᠢᠮ ᠬᠣᠢᠨ᠎ᠠ ᠥᠨᠥᠬᠢ ᠬᠠᠷᠭᠢᠰ ᠨᠣᠶᠠᠳ ᠰᠠᠢᠳ ᠰᠢᠨᠤᠬᠠᠢ ᠪᠠᠶᠠᠴᠤᠳ ᠤ᠋ᠨ ᠠᠳᠠᠯᠢ ᠪᠣᠯᠵᠤ ᠠᠷᠠᠳ ᠣᠯᠠᠨ ᠢ᠋ ᠲᠡᠳᠡᠨ ᠦ᠌ ᠨᠢᠭᠡᠨ ᠠᠳᠠᠯᠢ ᠳᠠᠷᠤᠯᠠᠵᠤ᠂ ᠲᠡᠭᠦᠨ ᠡᠴᠡ ᠪᠣᠯᠵᠤ ᠪᠢᠳᠡ ᠪᠠᠯᠠᠷᠠᠵᠠᠢ᠃ ᠣᠯᠠᠨ ᠳ᠋ᠤ᠌ ᠶᠡᠬᠡᠳᠡ ᠠᠯᠳᠠᠷ ᠨᠡᠷ᠎ᠡ ᠭᠠᠷᠤᠭᠰᠠᠨ ᠲᠠᠢᠪᠤᠩ ᠤ᠋ᠨ ᠯᠢ ᠰᠢᠦ ᠴᠧᠩ ᠪᠣᠱᠣᠭ ᠢ᠋ ᠬᠠᠯᠠᠬᠤ ᠬᠤᠪᠢᠰᠬᠠᠯ ᠳ᠋ᠤ᠌ ᠶᠡᠬᠡᠳᠡ ᠭᠠᠪᠢᠶ᠎ᠠ ᠪᠠᠢᠭᠤᠯᠵᠤ᠂ ᠤᠯᠤᠰ ᠠᠷᠠᠳ ᠤ᠋ᠨ ᠡᠮᠦᠨ᠎ᠡ ᠰᠢᠳᠤᠷᠭᠤ ᠵᠢᠷᠤᠮ ᠢ᠋ ᠭᠦᠢᠴᠡᠳᠬᠡᠭᠰᠡᠨ ᠤᠴᠢᠷ《ᠵᠢᠷᠤᠮᠲᠤ ᠸᠠᠩ》 ᠭᠡᠳᠡᠭ ᠵᠦᠩ ᠸᠠᠩ ᠤ᠋ᠨ ᠴᠣᠯᠠ ᠡᠷᠭᠦᠮᠵᠢᠯᠡᠭᠳᠡᠭᠰᠡᠨ ᠲᠡᠷᠡ ᠡᠷᠬᠢᠮ ᠬᠥᠮᠦᠨ ᠡᠯ᠎ᠡ ᠪᠠᠢᠳᠠᠯ ᠢ᠋ ᠶᠡᠬᠡᠳᠡ ᠭᠠᠰᠢᠭᠤᠳᠠᠨ ᠪᠤᠷᠤᠭᠤᠰᠢᠶᠠᠵᠤ ᠪᠢᠴᠢᠭᠰᠡᠨ ᠨᠢ᠄《 ᠪᠢ ᠤᠭ ᠪᠠᠢᠳᠠᠯ ᠢ᠋ ᠦᠵᠡᠭᠡᠳ᠂ ᠶᠡᠬᠡᠯ᠎ᠡ(ᠶᠡᠬᠡ ᠯᠡ) ᠪᠤᠷᠤᠭᠤᠰᠢᠶᠠᠵᠤ ᠲᠠᠲᠠᠭᠠᠯᠵᠠᠬᠤ ᠰᠡᠳᠬᠢᠯ ᠢ᠋ ᠪᠠᠷᠢᠵᠤ ᠴᠢᠳᠠᠭᠰᠠᠨ ᠦᠭᠡᠢ᠂ ᠰᠠᠢᠨ ᠬᠥᠮᠦᠨ ᠢ᠋ ᠲᠤᠰᠠᠯᠠᠭᠴᠢ ᠪᠣᠯᠭᠠᠵᠤ ᠰᠣᠩᠭᠣᠨ ᠬᠡᠷᠡᠭᠯᠡᠭᠡᠳ᠂ ᠢᠷᠭᠡᠨ ᠦ᠌ ᠪᠠᠢᠳᠠᠯ ᠢ᠋ ᠡᠯᠳᠡᠪ ᠲᠦ᠍ ᠭᠠᠴᠢᠭᠳᠠᠯ ᠦᠭᠡᠢ ᠪᠠᠲᠤ ᠲᠠᠢ ᠰᠠᠢᠨ ᠪᠣᠯᠭᠠᠬᠤ ᠬᠠᠤᠯᠢ ᠵᠠᠷᠯᠠᠵᠤ᠂ ᠵᠠᠰᠠᠭ ᠵᠠᠬᠢᠷᠭ᠎ᠠ ᠶ᠋ᠢ ᠰᠢᠨᠡᠳᠬᠡᠨ ᠶᠠᠪᠤᠭᠤᠯᠵᠤ᠂ ᠠᠷᠠᠳ ᠣᠯᠠᠨ ᠢ᠋ ᠶᠡᠬᠡᠳᠡ ᠠᠩᠬᠠᠷᠤᠮᠤ ᠭᠡᠵᠦ ᠮᠠᠨᠠᠢ ᠶᠡᠬᠡ ᠤᠳᠤᠷᠢᠳᠤᠭᠴᠢ ᠳ᠋ᠤ᠌ ᠰᠠᠨᠠᠭᠤᠯᠤᠭᠰᠠᠨ ᠪᠢᠯᠡ᠃ ᠲᠡᠭᠡᠵᠦ ᠰᠠᠨᠠᠯ ᠭᠠᠷᠭᠠᠭᠰᠠᠨ ᠤ᠋ ᠤᠯᠠᠮ ᠠ᠋ᠴᠠ ᠮᠢᠨᠦ ᠴᠣᠯᠠ ᠶ᠋ᠢ ᠡᠪᠳᠡᠭᠰᠡᠨ ᠵᠠᠰᠠᠭ ᠤ᠋ᠨ ᠲᠤᠰᠢᠶᠠᠯ ᠭᠠᠷᠤᠭᠰᠠᠨ ᠪᠢᠯᠡ》 ᠭᠡᠵᠦ ᠭᠠᠰᠢᠭᠤᠳᠠᠨ ᠪᠢᠴᠢᠭᠰᠡᠨ ᠪᠢᠯᠡ᠃
ᠬᠠᠷ᠎ᠠ ᠨᠣᠬᠠᠢ ᠵᠢᠯ ᠡᠴᠡ ᠬᠥᠬᠡ ᠬᠤᠯᠤᠭᠠᠨ᠎ᠠ ᠬᠦᠷᠲᠡᠯ᠎ᠡ ᠭᠠᠳᠠᠭᠠᠳᠤ ᠤᠯᠤᠰ ᠤ᠋ᠨ ᠴᠡᠷᠢᠭ ᠳᠤᠮᠳᠠᠳᠤ ᠤᠯᠤᠰ ᠤ᠋ᠨ ᠳᠣᠲᠣᠭᠠᠳᠤ ᠶ᠋ᠢᠨ ᠬᠡᠷᠡᠭ ᠲᠦ᠍ ᠬᠥᠨᠳᠡᠯᠡᠨ ᠡᠴᠡ ᠲᠦᠷᠢᠮᠡᠬᠡᠢᠯᠡᠨ ᠣᠷᠣᠵᠤ ᠲᠠᠢᠪᠤᠩ ᠤ᠋ᠨ ᠴᠡᠷᠢᠭ ᠢ᠋ ᠳᠠᠷᠤᠨ ᠰᠥᠨᠥᠭᠡᠬᠦ ᠶᠠᠪᠤᠳᠠᠯ ᠢ᠋ ᠲᠡᠭᠦᠰᠬᠡᠯᠴᠡᠭᠰᠡᠨ ᠪᠥᠯᠥᠭᠡ᠃ ᠮᠠᠨᠵᠤ ᠬᠢᠲᠠᠳ ᠴᠡᠷᠢᠭ᠂ ᠭᠠᠳᠠᠭᠠᠳᠤ ᠶ᠋ᠢᠨ ᠲᠦᠷᠢᠨ ᠣᠷᠣᠵᠤ ᠢᠷᠡᠭᠰᠡᠨ ᠴᠡᠷᠢᠭ ᠶᠠᠪᠤᠭᠰᠠᠨ ᠭᠠᠵᠠᠷ ᠲᠠᠭᠠᠨ ᠣᠷᠣᠨ ᠰᠠᠭᠤᠴᠠ ᠶ᠋ᠢ ᠡᠪᠳᠡᠨ ᠲᠦᠢᠮᠡᠷᠳᠡᠵᠦ᠂ ᠬᠣᠲᠠ ᠲᠣᠰᠬᠣᠨ ᠢ᠋ ᠳᠠᠯᠠᠨ ᠳᠡᠭᠡᠷᠡᠮᠳᠡᠵᠦ᠂ ᠠᠢᠯ ᠭᠠᠴᠠᠭ᠎ᠠ᠂ ᠵᠠᠮ ᠲᠡᠷᠡᠭᠦᠪᠡᠷ ᠬᠡᠳᠦᠨ ᠲᠦᠮᠡᠨ ᠴᠠᠪᠴᠢᠨ ᠠᠯᠠᠭᠰᠠᠨ ᠡᠷᠡᠭᠲᠡᠢ᠂ ᠬᠦᠴᠦᠷᠬᠡᠨ ᠪᠤᠵᠠᠷᠯᠠᠵᠤ ᠬᠣᠷᠣᠭᠣᠭᠰᠠᠨ ᠡᠮᠡᠭᠲᠡᠢ ᠬᠡᠭᠦᠷ ᠵᠠᠬ᠎ᠠ ᠠ᠋ᠴᠠ ᠠᠪᠤᠨ ᠵᠠᠮ ᠠ᠋ᠴᠠ ᠦᠷᠭᠦᠯᠵᠢᠯᠡᠵᠦ ᠪᠢᠯᠡ᠃ ᠬᠥᠬᠡ ᠮᠥᠷᠡᠨ ᠳ᠋ᠡᠬᠢ ᠨᠠᠨᠵᠢᠩ ᠭᠡᠳᠡᠭ ᠲᠣᠮᠣ ᠬᠣᠲᠠ ᠶ᠋ᠢ ᠳᠠᠢᠰᠤᠨ ᠬᠡᠳᠦᠨ ᠰᠠᠷ᠎ᠠ ᠪᠠᠢᠯᠳᠤᠵᠤ ᠡᠵᠡᠯᠡᠭᠡᠳ᠂ ᠮᠠᠨᠵᠤ ᠨᠠᠷ ᠲᠡᠷᠡ ᠬᠣᠲᠠ ᠶ᠋ᠢᠨ ᠡᠩ ᠦ᠋ᠨ ᠨᠣᠮᠣᠬᠠᠨ ᠢᠷᠭᠡᠨ ᠢ᠋ ᠬᠡᠳᠦ ᠬᠡᠳᠦᠨ ᠮᠢᠩᠭ᠎ᠠ ᠪᠠᠷ ᠴᠠᠭᠠᠵᠠᠯᠠᠭᠰᠠᠨ ᠤᠴᠢᠷ ᠬᠥᠬᠡ ᠮᠥᠷᠡᠨ ᠢ᠋ᠶ᠋ᠡᠷ ᠥᠭᠡᠳᠡ ᠤᠷᠤᠭᠤ ᠶᠠᠪᠤᠬᠤ ᠭᠠᠳᠠᠭᠠᠳᠤ ᠶ᠋ᠢᠨ ᠴᠡᠷᠢᠭ ᠦ᠋ᠨ ᠣᠩᠭᠣᠴᠠ ᠵᠠᠢᠷ ᠣᠷᠣᠭᠰᠠᠨ ᠮᠥᠰᠥᠨ ᠳᠤᠮᠳᠠᠭᠤᠷ ᠲᠤᠭᠤᠯᠬᠤ ᠠᠳᠠᠯᠢ ᠮᠥᠷᠡᠨ ᠢ᠋ ᠪᠦᠷᠬᠦᠭᠰᠡᠨ ᠬᠡᠭᠦᠷ ᠦ᠋ᠨ ᠳᠤᠮᠳᠠᠭᠤᠷ ᠶᠠᠪᠤᠭᠰᠠᠨ ᠪᠢᠯᠡ᠃
ᠬᠥᠬᠡ ᠬᠤᠯᠤᠭᠠᠨ᠎ᠠ ᠵᠢᠯ ᠦ᠋ᠨ ᠬᠠᠪᠤᠷ ᠮᠠᠨᠵᠤ ᠴᠡᠷᠢᠭ᠂ ᠪᠠᠶᠠᠴᠤᠳ ᠤ᠋ᠨ ᠰᠠᠢᠨ ᠳᠤᠷ᠎ᠠ ᠶ᠋ᠢᠨ ᠬᠠᠷᠭᠢᠰ ᠴᠡᠷᠢᠭ᠂ ᠭᠠᠳᠠᠭᠠᠳᠤ ᠶ᠋ᠢᠨ ᠬᠥᠯᠥᠰᠥᠨ ᠦ᠌《ᠴᠠᠩ ᠱᠧᠩ ᠵᠢᠶᠦ᠋ᠨ》ᠴᠡᠷᠢᠭ᠂ ᠲᠠᠢᠪᠤᠩ ᠤ᠋ᠨ ᠰᠡᠭᠦᠯᠴᠢ ᠶ᠋ᠢᠨ ᠲᠦᠰᠢᠭ ᠲᠤᠯᠭᠠᠭᠤᠷᠢ ᠪᠣᠯᠤᠭᠰᠠᠨ ᠨᠡᠢᠰᠯᠡᠯ ᠨᠠᠨᠵᠢᠩ ᠬᠣᠲᠠ ᠶ᠋ᠢ ᠬᠡᠳᠦᠨ ᠳᠠᠪᠬᠤᠷ ᠪᠦᠰᠡᠯᠡᠵᠦ ᠣᠯᠠᠨ ᠰᠠᠷ᠎ᠠ ᠪᠠᠢᠯᠳᠤᠭᠰᠠᠨ ᠪᠢᠯᠡ᠃ ᠬᠣᠲᠠ ᠶ᠋ᠢᠨ ᠠᠷᠠᠳ ᠥᠯᠥᠰᠬᠦ ᠤᠮᠳᠠᠭᠠᠰᠬᠤ ᠶ᠋ᠢᠨ ᠵᠣᠪᠠᠯᠠᠩ ᠢ᠋ ᠲᠡᠰᠪᠦᠷᠢᠯᠡᠵᠦ ᠶᠠᠩᠵᠤ ᠪᠦᠷᠢ ᠶ᠋ᠢᠨ ᠬᠢᠵᠢᠭ ᠲᠠᠬᠤᠯ ᠭᠠᠷᠤᠭᠰᠠᠨ ᠤᠴᠢᠷ ᠲᠠᠢᠪᠤᠩ ᠤ᠋ᠨ ᠲᠦᠷᠦᠭᠦᠯᠡᠭᠰᠡᠨ ᠶᠡᠬᠡ ᠬᠥᠮᠦᠨ ᠬᠣᠩ ᠰᠢᠦ ᠴᠢᠤᠸᠠᠨ ᠪᠤᠬᠢᠨᠢᠳᠤᠨ ᠰᠠᠨᠳᠤᠷᠴᠤ᠂ ᠠᠯᠲᠠ ᠵᠠᠯᠬᠢᠭᠠᠣ᠌ᠠ ᠠᠮᠢ ᠪᠠᠨ ᠬᠣᠣᠷᠯᠠᠵᠤ ᠦᠬᠦᠭᠰᠡᠨ ᠪᠢᠯᠡ᠃ ᠵᠠᠷᠢᠮ ᠤᠳᠤᠷᠢᠳᠤᠭᠴᠢ ᠨᠠᠷ ᠠᠮᠢ ᠪᠣᠯᠲᠣᠴᠢᠨ ᠤᠷᠭᠤᠵᠤ᠂ ᠭᠠᠭᠴᠠᠬᠦ ᠯᠢ ᠰᠢᠦ ᠴᠧᠩ ᠡᠩ ᠦ᠋ᠨ ᠴᠡᠷᠢᠭ ᠶᠠᠪᠤᠭᠰᠠᠨ ᠬᠥᠮᠦᠨ ᠰᠡᠷᠭᠦᠯᠡᠩ ᠴᠢᠳᠠᠯ ᠢ᠋ᠶ᠋ᠠᠷ ᠴᠡᠷᠢᠭ ᠦ᠋ᠨ ᠵᠠᠩᠵᠤᠨ ᠪᠣᠯᠵᠤ ᠳᠡᠪᠰᠢᠭᠡᠳ᠂ ᠪᠦᠰᠡᠯᠡᠭᠳᠡᠭᠰᠡᠨ ᠬᠣᠲᠠ ᠶ᠋ᠢᠨ ᠠᠷᠠᠳ ᠲᠤ᠌ ᠲᠤᠰᠠᠯᠠᠷ᠎ᠠ ᠢᠷᠡᠭᠰᠡᠨ ᠴᠡᠷᠢᠭ ᠢ᠋ ᠤᠳᠤᠷᠢᠳᠤᠨ ᠢᠷᠡᠵᠦ ᠪᠠᠢᠯᠳᠤᠨ ᠲᠡᠮᠡᠴᠡᠵᠦ ᠪᠠᠢᠭᠰᠠᠨ ᠨᠢ ᠲᠡᠷᠡ ᠪᠡᠷᠬᠡ ᠴᠠᠭ ᠲᠤ᠌ ᠤᠬᠠᠭᠠᠨ ᠰᠠᠨᠠᠭ᠎ᠠ ᠪᠠᠭᠠᠲᠤᠷ ᠵᠣᠷᠢᠭ ᠲᠡᠭᠦᠯᠳᠡᠷ ᠭᠡᠵᠦ ᠬᠣᠲᠠ ᠶ᠋ᠢᠨ ᠣᠯᠠᠨ ᠴᠥᠮ ᠲᠡᠭᠦᠨ ᠦ᠌ ᠰᠢᠳᠤᠷᠭᠤ ᠪᠠᠭᠠᠲᠤᠷ ᠦᠨᠡᠨᠴᠢ ᠵᠢᠷᠤᠮ ᠲᠠᠢ ᠶ᠋ᠢ ᠪᠢᠰᠢᠷᠡᠨ᠂ ᠯᠢ ᠰᠢᠦ ᠴᠧᠩ ᠲᠡᠷᠡ ᠶᠡᠬᠡ ᠬᠣᠲᠠ ᠶ᠋ᠢᠨ ᠠᠷᠠᠳ ᠣᠯᠠᠨ ᠤ᠋ ᠤᠳᠤᠷᠢᠳᠤᠭᠴᠢ ᠪᠣᠯᠵᠤ᠂ ᠬᠣᠲᠠ ᠶ᠋ᠢ ᠬᠠᠮᠠᠭᠠᠯᠠᠬᠤ ᠶᠠᠪᠤᠳᠠᠯ ᠢ᠋ ᠵᠣᠬᠢᠶᠠᠨ ᠤᠳᠤᠷᠢᠳᠤᠭᠰᠠᠨ ᠪᠢᠯᠡ᠃
ᠨᠠᠨᠵᠢᠩ ᠢ᠋ ᠠᠪᠲᠠᠬᠤ ᠶ᠋ᠢᠨ ᠤᠷᠢᠳ ᠡᠳᠦᠷ᠂ ᠨᠢᠭᠡᠨ ᠪᠠᠭ ᠳᠠᠢᠰᠤᠨ ᠤ᠋ ᠴᠡᠷᠢᠭ ᠬᠡᠷᠡᠮ ᠡᠪᠳᠡᠷᠡᠨ ᠰᠦᠪᠡ ᠭᠠᠷᠤᠭᠰᠠᠨ ᠭᠠᠵᠠᠷ ᠳᠠᠭᠠᠷᠢᠨ ᠣᠷᠣᠭᠰᠠᠨ ᠳ᠋ᠤ᠌᠂ ᠯᠢ ᠰᠢᠦ ᠴᠧᠩ ᠳᠠᠢᠰᠤᠨ ᠢ᠋ ᠵᠣᠷᠢᠮᠠᠭ ᠳᠣᠲᠣᠭᠰᠢ ᠣᠷᠣᠭᠤᠯᠵᠤ ᠪᠦᠰᠡᠯᠡᠨ ᠪᠠᠢᠯᠳᠤᠭᠠᠳ ᠶᠡᠬᠡᠳᠡ ᠬᠢᠳᠤᠵᠤ᠂ ᠳᠠᠢᠰᠤᠨ ᠤ᠋ ᠴᠡᠷᠢᠭ ᠦ᠋ᠨ ᠬᠤᠪᠴᠠᠰᠤ ᠴᠡᠷᠢᠭ ᠲᠡᠭᠡᠨ ᠡᠮᠦᠰᠬᠡᠵᠦ᠂ ᠪᠡᠶ᠎ᠡ ᠪᠡᠷ ᠤᠳᠤᠷᠢᠳᠴᠤ ᠮᠥᠨᠬᠦ(ᠮᠥᠨ ᠬᠦ᠌) ᠡᠪᠳᠡᠷᠬᠡᠢ ᠭᠠᠵᠠᠷ ᠢ᠋ᠶ᠋ᠠᠷ ᠴᠡᠷᠢᠭ ᠳᠠᠭᠠᠭᠤᠯᠤᠨ ᠵᠣᠷᠢᠭᠯᠠᠵᠤ ᠭᠠᠷᠪᠠᠯ᠂ ᠳᠠᠢᠰᠤᠨ ᠤ᠋ ᠴᠡᠷᠢᠭ ᠲᠡᠭᠦᠨ ᠢ᠋ ᠬᠣᠲᠠ ᠶ᠋ᠢᠨ ᠬᠡᠷᠡᠮ ᠳ᠋ᠦ᠍ ᠨᠡᠪᠲᠡᠷᠡᠨ ᠣᠷᠣᠵᠤ ᠣᠯᠠᠨ ᠲᠠᠢᠪᠤᠩ ᠢ᠋ ᠣᠯᠵᠠᠯᠠᠵᠤ ᠡᠭᠡᠭᠰᠡᠨ ᠥᠪᠡᠷ ᠦ᠋ᠨ ᠴᠡᠷᠢᠭ ᠭᠡᠵᠦ ᠲᠠᠰᠢᠶᠠᠷᠠᠵᠠᠢ᠃ ᠨᠢᠭᠡ ᠮᠡᠳᠡᠪᠡᠯ ᠮᠠᠨᠵᠤ ᠴᠡᠷᠢᠭ ᠦ᠋ᠨ ᠬᠤᠸᠠᠷᠠᠨ ᠭᠠᠯ ᠳ᠋ᠤ᠌ ᠠᠪᠲᠠᠭᠳᠠᠵᠤ᠂ ᠬᠣᠲᠠ ᠶ᠋ᠢ ᠪᠠᠢᠯᠳᠤᠬᠤ ᠲᠡᠷᠡ ᠶᠡᠬᠡ ᠴᠡᠷᠢᠭ ᠶᠡᠬᠡᠳᠡ ᠰᠠᠨᠳᠤᠷᠤᠨ ᠦᠢᠮᠡᠵᠦ ᠮᠠᠨᠠᠢ ᠴᠡᠷᠢᠭ ᠲᠦ᠍ ᠬᠢᠳᠤᠭᠤᠯᠵᠤ ᠬᠣᠷᠣᠮᠬᠠᠨ ᠪᠣᠯᠪᠠᠯ᠂ ᠰᠣᠴᠢᠭᠰᠠᠨ ᠭᠥᠷᠥᠭᠡᠰᠦ ᠠᠳᠠᠯᠢ ᠰᠠᠷᠨᠢᠵᠤ ᠬᠠᠭᠠᠷᠠᠭᠰᠠᠨ ᠸᠠᠭᠠᠷ ᠠᠳᠠᠯᠢ ᠪᠤᠲᠠᠷᠠᠬᠤ ᠰᠢᠬᠠᠲᠠᠯ᠎ᠠ ᠵᠡᠷᠭᠡᠯᠡᠳᠡᠭᠡ ᠴᠡᠷᠢᠭ ᠦ᠋ᠨ ᠬᠤᠸᠠᠷᠠᠨ ᠠ᠋ᠴᠠ ᠮᠠᠨᠵᠤ ᠨᠠᠷ ᠲᠤ᠌ ᠲᠤᠰᠠᠯᠠᠬᠤ ᠴᠡᠷᠢᠭ ᠬᠦᠷᠴᠦ ᠢᠷᠡᠭᠡᠳ ᠯᠢ ᠰᠢᠦ ᠴᠧᠩ ᠠᠷᠭ᠎ᠠ ᠪᠤᠶᠤ ᠤᠬᠤᠷᠢᠨ ᠡᠭᠡᠵᠡᠢ᠃ ᠪᠢ ᠲᠡᠷᠡ ᠲᠤᠯᠤᠯᠳᠤᠭᠠᠨ ᠳ᠋ᠤ᠌ ᠰᠢᠷᠬᠠᠲᠤᠨ ᠤᠨᠠᠵᠤ᠂ ᠳᠠᠢᠰᠤᠨ ᠤ᠋ ᠴᠡᠷᠢᠭ ᠦ᠋ᠨ ᠬᠤᠪᠴᠠᠰᠤ ᠡᠮᠦᠰᠴᠦ ᠪᠠᠢᠯᠳᠤᠭᠠᠳ ᠰᠢᠷᠬᠠᠲᠤᠭᠰᠠᠨ ᠮᠠᠨᠠᠢ ᠴᠡᠷᠢᠭ ᠦ᠋ᠨ ᠬᠠᠮᠲᠤ ᠬᠡᠪᠲᠡᠵᠦ ᠪᠠᠢᠭᠰᠠᠨ ᠪᠢᠯᠡ᠃ ᠳᠠᠢᠰᠤᠨ ᠪᠢᠳᠡᠨ ᠢ᠋ ᠥᠪᠡᠷ ᠦ᠋ᠨ ᠴᠡᠷᠢᠭ ᠦ᠋ᠨ ᠬᠥᠮᠦᠨ ᠭᠡᠵᠦ ᠪᠣᠳᠣᠭᠠᠳ ᠠᠵᠢᠭ ᠰᠡᠵᠢᠭ ᠠᠪᠤᠭᠰᠠᠨ ᠦᠭᠡᠢ᠃ ᠮᠠᠨᠵᠤ ᠴᠡᠷᠢᠭ ᠲᠦ᠍ ᠰᠢᠷᠬᠠᠳᠤᠭᠰᠠᠨ ᠴᠡᠷᠢᠭ ᠢ᠋ ᠡᠮᠴᠢᠯᠡᠨ ᠰᠤᠪᠢᠯᠠᠬᠤ ᠭᠠᠵᠠᠷ ᠦᠭᠡᠢ ᠲᠤᠯᠠ ᠪᠢᠳᠡᠨ ᠢ᠋ ᠳᠠᠢᠰᠤᠨ ᠤ᠋ ᠠᠷᠤ ᠲᠠᠯ᠎ᠠ ᠳ᠋ᠤ᠌ ᠳᠣᠲᠣᠭᠰᠢᠯᠠᠨ ᠣᠷᠣᠬᠤ ᠳ᠋ᠤ᠌ ᠶᠡᠷᠦ ᠬᠡᠨ ᠴᠦ᠍ ᠬᠣᠷᠢᠭ ᠬᠢᠭᠰᠡᠨ ᠦᠭᠡᠢ᠂ ᠣᠯᠠᠨ ᠰᠢᠷᠠᠭᠳᠠᠨ ᠴᠡᠷᠢᠭ ᠦ᠋ᠨ ᠨᠢᠭᠡ ᠨᠢ ᠭᠡᠵᠦ ᠥᠩᠭᠡᠷᠡᠭᠦᠯᠦᠭᠰᠡᠨ ᠲᠤᠯᠠ ᠪᠢᠳᠡ ᠬᠡᠳᠦᠨ ᠬᠥᠮᠦᠨ ᠠᠮᠢ ᠭᠠᠷᠴᠤ ᠪᠢᠯᠡ᠃ ᠬᠣᠢᠲᠤ ᠡᠳᠦᠷ ᠨᠢ ᠨᠡᠨᠵᠢᠩ ᠦ᠋ᠨ ᠬᠡᠷᠡᠮ ᠢ᠋ ᠬᠣᠷᠢ ᠢᠯᠡᠭᠦᠦ ᠠᠯᠲᠠ ᠭᠠᠵᠠᠷ ᠳᠠᠷᠢ ᠪᠠᠷ ᠳᠡᠯᠪᠡᠯᠵᠦ ᠨᠤᠷᠠᠭᠠᠭᠠᠳ ᠳᠠᠢᠰᠤᠨ ᠤ᠋ ᠴᠡᠷᠢᠭ ᠲᠡᠷᠡ ᠰᠡᠲᠡᠷᠬᠡᠢ ᠪᠡᠷ ᠴᠥᠮᠥᠷᠡᠨ ᠣᠷᠣᠵᠤ ᠪᠠᠢᠯᠳᠤᠵᠠᠢ᠃ ᠯᠢ ᠰᠢᠦ ᠴᠧᠩ ᠬᠤᠷᠳᠤᠨ ᠮᠣᠷᠢ ᠪᠠᠨ ᠬᠣᠩ ᠰᠢᠦ ᠴᠢᠤᠸᠠᠨ ᠤ᠋ ᠬᠦᠦ ᠬᠣᠩ ᠹᠦ ᠳ᠋ᠦ᠍ ᠥᠭᠴᠦ᠂ ᠠᠮᠢ ᠭᠠᠷᠴᠤ ᠦᠵᠡ ᠭᠡᠵᠦ ᠶᠠᠪᠤᠭᠤᠯᠤᠨ ᠥᠪᠡᠷ ᠢ᠋ᠶ᠋ᠡᠨ ᠴᠡᠷᠢᠭ ᠦ᠋ᠨ ᠳᠠᠷᠤᠭ᠎ᠠ ᠨᠠᠷ ᠢ᠋ ᠵᠠᠢᠯᠠᠨᠠᠤ ᠭᠡᠵᠦ ᠭᠤᠶᠤᠭᠰᠠᠨ ᠢ᠋ ᠬᠡᠷᠡᠭᠰᠡᠯ ᠦᠭᠡᠢ᠂ ᠳᠠᠢᠴᠢᠩ ᠪᠠᠭᠠᠲᠤᠷ ᠴᠡᠷᠢᠭ ᠨᠥᠬᠥᠳ ᠲᠡᠢ᠂ ᠲᠡᠷᠡ ᠬᠣᠲᠠ ᠶ᠋ᠢᠨ ᠠᠷᠠᠳ ᠣᠯᠠᠨ ᠲᠠᠢ᠂ ᠵᠢᠷᠭᠠᠯ ᠵᠣᠪᠠᠯᠠᠩ ᠢ᠋ ᠬᠠᠮᠲᠤ ᠡᠳ᠋ᠯᠡᠵᠦ ᠶᠠᠪᠤᠭᠰᠠᠨ ᠠᠲᠠᠯ᠎ᠠ ᠣᠳᠣ ᠶᠠᠮᠠᠷ ᠨᠢᠭᠤᠷ ᠢ᠋ᠶ᠋ᠠᠷ ᠬᠠᠷ᠎ᠠ ᠠᠮᠢ ᠪᠠᠨ ᠪᠣᠯᠲᠣᠴᠢᠨ᠂ ᠲᠠ ᠪᠦᠬᠦᠨ ᠢ᠋ ᠣᠷᠬᠢᠬᠤ ᠪᠣᠢ? ᠭᠡᠵᠦ ᠦᠬᠦᠬᠦ ᠰᠡᠬᠡᠬᠦ ᠶ᠋ᠢ ᠲᠠ ᠪᠦᠬᠦᠨ ᠦ᠌ ᠬᠠᠮᠲᠤ ᠡᠳ᠋ᠯᠡᠨ᠎ᠡ ᠭᠡᠰᠡᠨ ᠳ᠋ᠦ᠍ ᠬᠣᠲᠠ ᠶ᠋ᠢᠨ ᠴᠡᠷᠢᠭ ᠠᠷᠠᠳ᠂ ᠬᠡᠦᠬᠡᠳ ᠪᠠᠭᠠᠴᠤᠳ ᠬᠦᠷᠲᠡᠯ᠎ᠡ ᠲᠡᠷᠡ ᠦᠭᠡ ᠶ᠋ᠢ ᠰᠣᠨᠣᠰᠴᠤ ᠵᠣᠷᠢᠭ ᠬᠠᠲᠠᠭᠤᠵᠢᠨ᠂ ᠭᠤᠷᠪᠠᠨ ᠬᠣᠨᠣᠭ ᠳᠠᠢᠰᠤᠨ ᠢ᠋ ᠡᠰᠡᠷᠭᠦᠴᠡᠵᠦ᠂ ᠭᠠᠯ ᠲᠦᠢᠮᠡᠷ ᠲᠦ᠍ ᠠᠪᠲᠠᠭᠳᠠᠭᠰᠠᠨ ᠬᠣᠲᠠ ᠶ᠋ᠢᠨ ᠭᠤᠳᠤᠮᠵᠢᠨ ᠳ᠋ᠤ᠌ ᠡᠪᠦᠭᠡᠳ᠂ ᠨᠠᠰᠤᠲᠠᠢᠴᠤᠳ᠂ ᠪᠠᠭᠠᠴᠤᠳ᠂ ᠵᠠᠯᠠᠭᠤᠴᠤᠳ᠂ ᠡᠷᠡᠭᠲᠡᠢ᠂ ᠡᠮᠡᠭᠲᠡᠢ᠂ ᠠᠷᠠᠳ ᠴᠡᠷᠢᠭ᠂ ᠪᠠᠢᠰᠢᠩ ᠪᠦᠷᠢ ᠶ᠋ᠢ ᠬᠠᠮᠠᠭᠠᠯᠠᠨ᠂ ᠬᠣᠲᠠ ᠶ᠋ᠢᠨ ᠭᠠᠵᠠᠷ ᠢ᠋ ᠢᠮᠠᠬᠤ ᠳᠣᠳᠣᠮ ᠵᠦᠭᠡᠷ ᠥᠭᠬᠦ ᠦᠭᠡᠢ ᠭᠡᠵᠦ ᠮᠠᠨᠵᠤ ᠴᠡᠷᠢᠭ ᠲᠡᠢ ᠡᠰᠡᠷᠭᠦᠴᠡᠨ ᠪᠠᠢᠯᠳᠤᠭᠰᠠᠭᠠᠷ ᠨᠢᠭᠡ ᠴᠦ᠍ ᠬᠥᠮᠦᠨ ᠥᠰᠢᠶᠡᠲᠦ ᠳᠠᠢᠰᠤᠨ ᠳ᠋ᠤ᠌ ᠪᠠᠭᠤᠵᠤ ᠦᠭᠭᠦᠭᠰᠡᠨ ᠦᠭᠡᠢ᠂ ᠪᠤᠮ ᠢᠯᠡᠭᠦᠦ ᠬᠥᠮᠦᠨ ᠪᠠᠭᠠᠲᠤᠷ ᠡᠷ᠎ᠡ ᠶ᠋ᠢᠨ ᠦᠬᠦᠯ ᠢ᠋ᠶ᠋ᠡᠷ ᠦᠬᠦᠵᠦ᠂ ᠬᠦᠨᠳᠦ ᠰᠢᠷᠬ᠎ᠠ ᠣᠯᠤᠭᠰᠠᠨ ᠯᠢ ᠰᠢᠦ ᠴᠧᠩ ᠮᠠᠭᠤᠵᠢᠷᠠᠨ ᠤᠨᠠᠵᠤ᠂ ᠳᠠᠢᠰᠤᠨ ᠤ᠋ ᠬᠦᠴᠦᠨ ᠳ᠋ᠦ᠍ ᠠᠪᠲᠠᠭᠳᠠᠨ ᠣᠯᠵᠠᠯᠠᠭᠳᠠᠭᠰᠠᠨ ᠢ᠋ ᠭᠠᠪ ᠭᠢᠨᠵᠢ ᠵᠡᠭᠦᠵᠦ ᠳᠥᠩᠭᠡ ᠡᠮᠦᠰᠬᠡᠭᠰᠡᠨ ᠳ᠋ᠦ᠍᠂ ᠲᠡᠷᠡ ᠵᠢᠷᠤᠮᠲᠤ ᠪᠠᠭᠠᠲᠤᠷ ᠬᠦᠨᠳᠦ ᠰᠢᠷᠬ᠎ᠠ ᠶ᠋ᠢᠨ ᠡᠪᠡᠳᠬᠦ ᠶ᠋ᠢ ᠬᠠᠲᠠᠭᠤᠵᠢᠨ᠂ ᠬᠣᠢᠴᠢ ᠶ᠋ᠢᠨ ᠬᠥᠮᠦᠨ ᠳ᠋ᠦ᠍ ᠲᠡᠮᠡᠴᠡᠯ ᠦ᠋ᠨ ᠵᠣᠷᠢᠭ ᠣᠷᠣᠭᠤᠯᠬᠤ ᠭᠡᠵᠦ ᠪᠢᠷ ᠪᠠᠷᠢᠵᠤ᠂ ᠭᠤᠷᠪᠠᠨ ᠬᠣᠨᠣᠭ ᠬᠡᠳᠦᠨ ᠲᠦᠮᠡᠨ ᠦᠰᠦᠭ ᠪᠢᠴᠢᠵᠦ ᠠᠮᠢ ᠲᠠᠰᠤᠷᠠᠨ ᠲᠠᠰᠤᠷᠠᠲᠠᠯ᠎ᠠ ᠠᠷᠠᠳ ᠲᠦᠮᠡᠨ ᠢ᠋ᠶ᠋ᠡᠨ ᠳᠠᠷᠤᠯᠠᠭᠴᠢᠳ ᠤ᠋ᠨ ᠳᠡᠯᠡᠬᠡᠢ ᠡᠴᠡ ᠴᠢᠯᠥᠭᠡᠯᠡᠬᠦ ᠶ᠋ᠢᠨ ᠦᠢᠯᠡᠰ ᠲᠦ᠍ ᠵᠣᠷᠢᠭᠤᠯᠤᠭᠰᠠᠨ ᠥᠪᠡᠷ ᠦ᠋ᠨ ᠪᠡᠶ᠎ᠡ ᠶ᠋ᠢᠨ ᠪᠠᠭᠠᠲᠤᠷᠯᠢᠭ ᠲᠡᠦᠬᠡ ᠶ᠋ᠢ ᠪᠢᠴᠢᠵᠦ᠂ ᠬᠣᠢᠴᠢ ᠶ᠋ᠢᠨ ᠵᠣᠷᠢᠭᠲᠤ ᠲᠡᠮᠡᠴᠡᠭᠴᠢᠳ ᠢ᠋ ᠡᠴᠢᠭᠡ ᠡᠪᠦᠭᠡᠳ ᠶᠦ᠍ᠭᠡᠨ ᠬᠡᠷᠬᠢᠨ ᠳᠠᠷᠤᠭᠳᠠᠭᠰᠠᠨ ᠢ᠋ ᠮᠡᠳᠡᠭᠡᠳ᠂ ᠠᠷᠠᠳ ᠤ᠋ᠨ ᠵᠢᠷᠭᠠᠯ ᠤ᠋ᠨ ᠲᠥᠯᠥᠭᠡ ᠮᠣᠬᠣᠨ ᠨᠢᠴᠤᠰᠢ ᠦᠭᠡᠢ ᠵᠣᠷᠢᠭ ᠲᠠᠢ ᠲᠡᠮᠡᠴᠡᠭ ᠭᠡᠵᠦ ᠪᠢᠴᠢᠭᠰᠡᠨ ᠢ᠋ ᠲᠦᠰᠢᠮᠡᠳ ᠬᠤᠷᠢᠶᠠᠩᠭᠤᠢᠯᠠᠨ ᠲᠣᠪᠴᠢᠯᠠᠵᠤ᠂ ᠠᠩᠬ᠎ᠠ ᠪᠢᠴᠢᠭᠰᠡᠨ ᠳᠡᠯᠭᠡᠷᠡᠩᠭᠦᠢ ᠡᠬᠡ ᠡᠴᠡ ᠥᠭᠡᠷ᠎ᠡ ᠪᠣᠯᠭᠠᠵᠠᠢ᠃ ᠬᠣᠵᠢᠮ ᠬᠣᠢᠨ᠎ᠠ ᠶ᠋ᠢᠨ ᠨᠢᠭᠡᠨ ᠴᠠᠭ ᠲᠤ᠌᠂ ᠮᠠᠨᠵᠤ ᠨᠠᠷ ᠤ᠋ᠨ ᠬᠠᠭᠤᠴᠢᠨ ᠳᠠᠩᠰᠠ ᠬᠠᠷ᠎ᠠ ᠪᠠᠨ ᠠᠭᠤᠯᠬᠤ ᠭᠠᠵᠠᠷ ᠠ᠋ᠴᠠ ᠡᠷᠬᠢᠮ ᠦᠪᠡᠳᠡᠭᠰᠢ ᠡᠬᠡ ᠪᠢᠴᠢᠭ ᠨᠢ ᠭᠠᠷᠬᠤ ᠪᠣᠯᠵᠣᠰᠢ ᠦᠭᠡᠢ᠃ ᠮᠠᠨᠵᠤ ᠲᠦᠰᠢᠮᠡᠯ ᠦ᠋ᠨ ᠬᠢᠨᠠᠨ ᠲᠡᠨᠦᠵᠦ ᠵᠠᠷᠢᠮᠳᠠᠭᠯᠠᠭᠰᠠᠨ ᠪᠢᠴᠢᠭ ᠢ᠋ ᠴᠦ᠍ ᠦᠵᠡᠪᠡᠯ᠂ ᠠᠤᠭ᠎ᠠ ᠶᠡᠬᠡ ᠵᠣᠷᠢᠭ ᠲᠠᠢ ᠪᠠᠢᠳᠠᠯ ᠲᠣᠪ ᠲᠣᠳᠣ ᠪᠥᠭᠡᠳ ᠦᠵᠡᠭᠰᠡᠨ ᠬᠥᠮᠦᠨ ᠪᠦᠬᠦᠨ ᠦ᠌ ᠰᠡᠳᠬᠢᠯ ᠢ᠋ ᠲᠠᠲᠠᠬᠤ ᠪᠢᠴᠢᠭ ᠪᠣᠯᠵᠠᠢ᠃
ᠮᠠᠨᠵᠤ ᠨᠠᠷ᠂ ᠲᠦᠮᠡᠨ ᠠᠷᠠᠳ ᠤ᠋ᠨ ᠶᠡᠬᠡ ᠰᠠᠷᠲᠠᠸᠠᠬᠢ ᠤᠳᠤᠷᠢᠳᠤᠭᠴᠢ ᠲᠡᠭᠦᠨ ᠢ᠋ ᠪᠡᠭᠡᠵᠢᠩ ᠳ᠋ᠦ᠍ ᠬᠦᠷᠭᠡᠪᠡᠯ᠂ ᠵᠠᠮ ᠳ᠋ᠤᠨᠢ ᠠᠷᠠᠳ ᠤ᠋ᠳ ᠬᠦᠴᠦᠯᠡᠨ ᠳᠠᠭᠠᠷᠢᠵᠤ᠂ ᠯᠢ ᠰᠢᠦ ᠴᠸᠡᠭ᠌ ᠢ᠋ ᠰᠤᠯᠠᠯᠠᠬᠤᠵᠡᠢ ᠭᠡᠵᠦ ᠡᠮᠢᠶᠡᠭᠡᠳ᠂ ᠡᠪᠳᠡᠷᠡᠨ ᠰᠥᠨᠥᠭᠡᠭᠰᠡᠨ ᠨᠠᠨᠵᠢᠩ ᠬᠣᠲᠠᠨ᠎ᠠ ᠬᠡᠰᠡᠭ ᠬᠡᠰᠡᠭ ᠢ᠋ᠶ᠋ᠡᠷ ᠣᠭᠲᠣᠴᠢᠨ ᠴᠠᠭᠠᠵᠠᠯᠠᠬᠤ ᠬᠠᠮᠤᠭ ᠤ᠋ᠨ ᠬᠠᠷᠭᠢᠰ ᠴᠠᠭᠠᠵᠠ ᠪᠠᠷ ᠠᠪᠠᠴᠢᠵᠠᠢ᠃
ᠲᠡᠷᠡ ᠦᠶ᠎ᠡ ᠡᠴᠡ ᠪᠢ ᠨᠠᠨᠵᠢᠩ ᠳ᠋ᠤ᠌ ᠬᠡᠳᠦᠨ ᠨᠥᠬᠥᠳ ᠦ᠋ᠨ ᠬᠠᠮᠲᠤ᠂ ᠳᠠᠢᠰᠤᠨ ᠤ᠋ ᠰᠢᠷᠬᠠᠲᠤᠭᠰᠠᠨ ᠴᠡᠷᠢᠭ ᠦ᠋ᠨ ᠳᠤᠮᠳᠠ ᠬᠤᠣ᠌ᠡᠬᠤᠯᠴᠢᠠ ᠣᠷᠣᠵᠤ᠂ ᠯᠢ ᠰᠢᠦ ᠴᠸᠡᠭ᠌ ᠪᠠᠭᠠᠲᠤᠷ ᠢ᠋ ᠴᠠᠭᠠᠵᠠ ᠪᠠᠷ ᠠᠪᠠᠴᠢᠬᠤ ᠶ᠋ᠢ ᠦᠵᠡᠯ᠎ᠡ᠃ ᠴᠢ ᠪᠣᠳᠣᠭᠠᠳ ᠦᠵᠡ᠃ ᠥᠪᠡᠷ ᠦ᠋ᠨ ᠠᠷᠠᠳ ᠤᠯᠤᠰ ᠤ᠋ᠨ ᠰᠥᠨᠥᠭᠰᠡᠨ ᠨᠡᠢᠰᠯᠡᠯ ᠳ᠋ᠦ᠍ ᠲᠠᠪᠠ ᠪᠠᠨ ᠬᠠᠨᠵᠤ ᠪᠠᠬᠠᠳᠤᠨ ᠪᠠᠢᠭ᠎ᠠ ᠡᠵᠡᠷᠬᠡᠭ ᠲᠦᠰᠢᠮᠡᠯ᠂ ᠳᠠᠢᠰᠤᠨ ᠤ᠋ ᠴᠡᠷᠢᠭ ᠦ᠋ᠨ ᠲᠠᠨᠢᠬᠤ ᠦᠭᠡᠢ ᠬᠦᠢᠲᠡᠨ ᠴᠢᠷᠠᠢ ᠶ᠋ᠢ ᠬᠠᠷᠠᠵᠤ᠂ ᠦᠬᠦᠬᠦ ᠴᠠᠭ ᠢ᠋ᠶ᠋ᠠᠨ ᠬᠦᠯᠢᠶᠡᠵᠦ ᠪᠠᠢᠬᠤ ᠳ᠋ᠠᠭᠠᠨ᠂ ᠲᠡᠷᠡ ᠪᠠᠭᠠᠲᠤᠷ ᠡᠷ᠎ᠡ ᠶ᠋ᠢᠨ ᠰᠡᠳᠬᠢᠯ ᠳ᠋ᠦ᠍ ᠶᠠᠭᠤᠲᠠᠢ ᠪᠡᠷᠬᠡ ᠪᠠᠢᠭᠰᠠᠨ ᠪᠣᠯ᠃ ᠮᠠᠭᠤ ᠶ᠋ᠢ ᠨᠢ ᠦᠵᠡᠬᠦ ᠭᠡᠵᠦ ᠲᠠᠪᠠ ᠪᠠᠨ ᠬᠠᠨᠵᠤ ᠪᠠᠢᠭᠰᠠᠨ ᠲᠦᠭ ᠲᠦᠮᠡᠨ ᠳᠠᠢᠰᠤᠨ ᠤ᠋ ᠳᠤᠮᠳᠠ ᠲᠡᠢᠮᠦ ᠰᠠᠮᠪᠠᠭᠠᠲᠠᠢ᠂ ᠡᠷᠬᠢᠮ ᠵᠣᠷᠢᠭ᠍ᠲᠠᠢ᠂ ᠠᠭᠤᠤ ᠰᠡᠳᠬᠢᠯ ᠲᠡᠢ᠂ ᠠᠭᠤᠵᠢᠮ ᠳᠣᠲᠣᠷ ᠲᠠᠢ᠂ ᠲᠤᠩᠭᠠᠯᠠᠭ ᠤᠬᠠᠭᠠᠨ ᠲᠠᠢ ᠪᠠᠢᠭᠰᠠᠨ ᠡᠷ᠎ᠡ ᠶ᠋ᠢ ᠲᠥᠷᠥᠭᠦᠯᠦᠭᠰᠡᠨ ᠤᠯᠤᠰ ᠠᠷᠠᠳ ᠨᠢ ᠶᠠᠭᠤᠲᠠᠢ ᠶᠡᠬᠡ ᠴᠢᠳᠠᠯ ᠲᠠᠢ ᠤᠯᠤᠰ ᠪᠢᠯᠡ ᠭᠡᠵᠦ ᠪᠣᠳᠣᠭᠳᠠᠵᠤ ᠪᠠᠢᠯ᠎ᠠ ᠳᠠ᠃
ᠯᠢ ᠰᠢᠦ ᠴᠸᠡᠭ᠌ ᠨᠢᠭᠡ ᠴᠦ᠍ ᠶᠣ ᠭᠡᠰᠡᠨ ᠦᠭᠡᠢ᠃
ᠲᠦᠭ ᠲᠦᠮᠡᠨ ᠠᠮᠢᠲᠠᠨ ᠤ᠋ ᠠᠮᠢᠰᠬᠤᠭ᠎ᠠ ᠪᠠᠨ ᠳᠠᠷᠤᠭᠠᠳ ᠨᠠᠮ ᠭᠦᠮ᠂ ᠴᠢᠪ ᠴᠢᠮᠡᠭᠡ ᠦᠭᠡᠢ ᠪᠠᠢᠬᠤ ᠳ᠋ᠤ᠌᠂ ᠭᠠᠭᠴᠠᠬᠦ ᠵᠠᠩᠳᠠᠯᠴᠢᠠ ᠶ᠋ᠢᠨ ᠰᠡᠯᠡᠮ᠎ᠡ ᠳᠡᠰ ᠨᠢᠰ ᠪᠠᠭᠤᠵᠤ᠂ ᠶᠠᠰᠤ ᠬᠠᠷᠳᠠ ᠶᠠᠷᠳᠠ ᠬᠠᠷᠴᠢᠭᠢᠨᠠᠨ ᠬᠡᠮᠬᠡᠷᠡᠬᠦ ᠠᠶᠤᠮᠰᠢᠭᠲᠤ ᠴᠢᠮᠡᠭᠡ ᠰᠣᠨᠣᠰᠳᠠᠵᠤ ᠪᠠᠢᠭᠰᠠᠨ ᠪᠢᠯᠡ᠃
ᠲᠡᠷᠡ ᠭᠠᠢᠬᠠᠮᠰᠢᠭᠲᠠᠢ ᠪᠠᠭᠠᠲᠤᠷ ᠢ᠋ ᠳᠠᠢᠰᠤᠨ ᠬᠦᠷᠲᠡᠯ᠎ᠡ ᠮᠠᠭᠲᠠᠨ ᠰᠠᠢᠰᠢᠶᠠᠭᠰᠠᠨ ᠪᠢᠯᠡ᠃ ᠢᠴᠢᠬᠦ ᠨᠢᠭᠤᠷ ᠦᠭᠡᠢ᠂ ᠭᠤᠲᠤᠬᠤ ᠨᠡᠷ᠎ᠡ ᠦᠭᠡᠢ ᠭᠠᠳᠠᠭᠠᠳᠤ ᠶ᠋ᠢᠨ ᠬᠥᠯᠥᠰᠥᠨ ᠦ᠌ ᠴᠡᠷᠢᠭ ᠦ᠋ᠨ ᠳᠠᠷᠤᠭ᠎ᠠ ᠭᠤᠷᠳᠠᠠ ᠬᠦᠷᠲᠡᠯ᠎ᠡ ᠯᠢ ᠰᠢᠦ ᠴᠸᠡᠭ᠌ ᠢ᠋《ᠰᠠᠮᠠᠭᠤᠷᠠᠭᠰᠠᠳ ᠤ᠋ᠨ ᠲᠣᠯᠣᠭᠠᠢᠯᠠᠭᠴᠢ ᠨᠠᠷ ᠤ᠋ᠨ ᠬᠠᠮᠤᠭ ᠤ᠋ᠨ ᠰᠦᠷᠡᠬᠡᠢ ᠪᠠᠭᠠᠲᠤᠷ ᠡᠷᠡᠯᠬᠡᠭ᠂ ᠠᠪᠢᠶᠠᠰ ᠴᠢᠳᠠᠯ ᠶᠡᠬᠡᠲᠦ᠂ ᠤᠬᠠᠭᠠᠨ ᠰᠠᠮᠪᠠᠭ᠎ᠠ ᠦᠯᠡᠮᠵᠢᠲᠦ ᠨᠢ ᠳᠠᠷᠤᠢ ᠯᠢ ᠰᠢᠦ ᠴᠧᠩ ᠪᠠᠢᠵᠠᠢ》 ᠭᠡᠵᠦ ᠬᠡᠯᠡᠭᠰᠡᠨ ᠪᠥᠯᠥᠭᠡ᠃
ᠮᠠᠨᠠᠢ ᠳᠤᠮᠳᠠᠳᠤ ᠤᠯᠤᠰ ᠲᠤ᠌ ᠺᠦᠩᠽᠢ ᠶ᠋ᠢᠨ ᠰᠦᠮ᠎ᠡ᠂ ᠳᠤᠷᠠᠰᠬᠠᠯ ᠤ᠋ᠨ ᠬᠥᠰᠢᠶ᠎ᠡ ᠪᠤᠰᠬᠠᠭᠰᠠᠭᠠᠷ ᠢᠷᠡᠵᠡᠢ᠃ ᠬᠣᠢᠴᠢ ᠶ᠋ᠢᠨ ᠨᠢᠭᠡᠨ ᠴᠠᠭ ᠲᠤ᠌ ᠮᠠᠨᠠᠢ ᠠᠷᠠᠳ ᠲᠦᠮᠡᠨ᠂ ᠯᠢ ᠰᠢᠦ ᠴᠧᠩ᠂ ᠶᠠᠩ ᠰᠢᠦ ᠴᠢᠩ ᠦ᠋ᠨ ᠵᠡᠷᠭᠡ ᠤᠯᠤᠰ ᠠᠷᠠᠳ ᠤ᠋ᠨ ᠢ᠋ᠶ᠋ᠠᠨ ᠲᠥᠯᠥᠭᠡ ᠠᠮᠢ ᠪᠡᠶ᠎ᠡ ᠪᠡᠨ ᠥᠭᠭᠦᠭᠰᠡᠨ ᠵᠢᠷᠤᠮᠲᠤ ᠪᠠᠭᠠᠲᠤᠷ ᠡᠷᠡᠰ ᠲᠦ᠍ ᠳᠤᠷᠠᠰᠬᠠᠯ ᠤ᠋ᠨ ᠬᠥᠰᠢᠶ᠎ᠡ ᠪᠤᠰᠬᠠᠬᠤ ᠭᠡᠵᠦ ᠪᠢ ᠪᠠᠲᠤᠳᠠ ᠢᠲᠡᠭᠡᠨ᠎ᠡ᠃ ᠲᠡᠷᠡ ᠵᠢᠷᠤᠮᠲᠤ ᠪᠠᠭᠠᠲᠤᠷ ᠤ᠋ᠨ ᠵᠣᠷᠢᠨ ᠪᠦᠲᠦᠭᠡᠵᠦ ᠡᠰᠡ ᠴᠢᠳᠠᠭᠰᠠᠨ ᠢ᠋ ᠮᠠᠨ ᠤ᠋ ᠠᠴᠢ ᠦᠷ᠎ᠡ ᠯᠠᠪ ᠴᠢᠳᠠᠨ᠎ᠠ ᠭᠡᠵᠦ ᠪᠢ ᠪᠣᠳᠣᠵᠤ ᠶᠠᠪᠤᠳᠠᠭ ᠠ!
ᠰᠣᠨᠣᠰᠪᠠᠯ᠂ ᠰᠢ ᠶᠠᠩ ᠭᠡᠳᠡᠭ ᠪᠠᠷᠠᠭᠤᠨ ᠳᠠᠯᠠᠢ ᠶ᠋ᠢᠨ ᠣᠯᠠᠨ ᠤᠯᠤᠰ ᠤ᠋ᠨ ᠰᠢᠳᠤᠷᠭᠤ ᠰᠠᠢᠨ ᠬᠥᠮᠦᠨ᠂ ᠲᠠᠢᠪᠤᠩ ᠢ᠋ ᠳᠡᠢᠯᠬᠦ ᠪᠣᠯᠣᠰᠠᠢ᠂ ᠪᠠᠭᠠᠲᠤᠷᠯᠢᠭ ᠲᠡᠮᠡᠴᠡᠯ ᠨᠢ ᠢᠯᠠᠬᠤ ᠪᠣᠯᠣᠰᠠᠢ ᠭᠡᠵᠦ ᠦᠨᠡᠨ ᠴᠢᠩ ᠰᠡᠳᠬᠢᠯ ᠡᠴᠡ ᠬᠦᠰᠡᠵᠦ᠂ ᠰᠣᠨᠢᠨ ᠰᠡᠳᠬᠦᠯ ᠳ᠋ᠦ᠍ ᠮᠠᠨᠵᠤ ᠶ᠋ᠢᠨ ᠪᠤᠷᠤᠩᠬᠤᠢ ᠬᠠᠷᠭᠢᠰ ᠤ᠋ᠨ ᠦᠨᠡᠨ ᠴᠢᠨᠠᠷ ᠢ᠋ ᠦᠵᠡᠭᠦᠯᠦᠨ᠂ ᠲᠡᠷᠡ ᠬᠠᠷᠭᠢᠰ ᠤ᠋ᠳ ᠲᠤ᠌ ᠲᠤᠰᠠᠯᠠᠳᠠᠭ ᠭᠠᠳᠠᠭᠠᠳᠤ ᠶ᠋ᠢᠨ ᠬᠥᠷᠥᠩᠭᠡᠲᠡᠨ ᠦ᠌ ᠮᠥᠨ ᠴᠢᠨᠠᠷ ᠢ᠋ ᠢᠯᠡᠴᠢᠯᠡᠨ ᠦᠵᠡᠭᠦᠯᠵᠦ ᠪᠠᠢᠭᠰᠠᠨ ᠭᠡᠵᠦ ᠪᠢ ᠰᠣᠨᠣᠰᠤᠭᠰᠠᠨ ᠪᠢᠯᠡ᠃ ᠪᠢᠳᠡᠨ ᠦ᠌ ᠲᠠᠢᠪᠤᠩ ᠤ᠋ᠳ ᠬᠠᠷᠠᠬᠠᠨ ᠲᠡᠷᠡ ᠴᠠᠭ ᠲᠤ᠌ ᠣᠯᠵᠤ ᠲᠡᠭᠦᠨ ᠢ᠋ ᠮᠡᠳᠡᠭᠰᠡᠨ ᠦᠭᠡᠢ᠃ ᠲᠡᠭᠡᠭᠡᠳ ᠪᠢᠳᠡ ᠥᠪᠡᠷ ᠦ᠋ᠨ ᠬᠡᠳᠦ ᠬᠣᠢᠴᠢ ᠶ᠋ᠢᠨ ᠪᠠᠢᠳᠠᠯ ᠢ᠋ ᠵᠣᠬᠢᠶᠠᠬᠤ ᠳ᠋ᠠᠭᠠᠨ ᠡᠷᠲᠡ ᠥᠩᠭᠡᠷᠡᠭᠰᠡᠨ ᠪᠠᠢᠳᠠᠯ ᠠ᠋ᠴᠠ ᠦᠯᠢᠭᠡᠷ ᠵᠢᠱ᠌ᠢᠶ᠎ᠡ ᠠᠪᠬᠤ ᠭᠡᠵᠦ ᠡᠨᠳᠡᠭᠦᠷᠡᠵᠦ ᠪᠢᠯᠡ᠃ ᠪᠢᠳᠡ ᠺᠦᠩᠽᠢ ᠶ᠋ᠢᠨ ᠰᠤᠷᠲᠠᠯ ᠢ᠋ ᠡᠰᠡᠷᠭᠦᠴᠡᠵᠦ᠂ ᠬᠠᠭᠤᠴᠢᠨ ᠭᠤᠷᠪᠠᠨ ᠥᠰᠥᠭᠲᠦ ᠨᠣᠮ᠂ ᠮᠢᠩᠭᠠᠨ ᠥᠰᠥᠭᠲᠦ ᠨᠣᠮ ᠤ᠋ᠨ ᠣᠷᠣᠨ ᠳ᠋ᠤ᠌ ᠰᠢᠨ᠎ᠡ ᠭᠤᠷᠪᠠᠨ ᠥᠰᠥᠭᠲᠦ ᠰᠠᠨ ᠽᠢ ᠵᠢᠩ ᠨᠣᠮ᠂ ᠰᠢᠨ᠎ᠡ ᠮᠢᠩᠭᠠᠨ ᠥᠰᠥᠭᠲᠦ ᠨᠣᠮ ᠵᠣᠬᠢᠶᠠᠵᠤ ᠪᠠᠢᠭᠰᠠᠨ ᠪᠣᠯᠪᠠᠴᠤ᠂ ᠨᠢᠳᠦᠨ ᠳ᠋ᠡᠭᠡᠨ ᠬᠠᠭᠤᠴᠢᠨ ᠺᠦᠩᠽᠢ ᠶ᠋ᠢᠨ ᠰᠤᠷᠲᠠᠬᠤᠨ ᠤ᠋ ᠰᠢᠯ ᠵᠡᠭᠦᠭᠰᠡᠨ ᠢ᠋ ᠮᠠᠲᠠᠯ ᠦᠭᠡᠢ᠂ ᠶᠢᠷᠲᠢᠨᠴᠦ ᠶ᠋ᠢ ᠲᠡᠷᠡ ᠰᠢᠯ ᠢ᠋ᠶ᠋ᠡᠷ ᠬᠠᠷᠠᠵᠤ ᠪᠠᠢᠭᠰᠠᠨ ᠢ᠋ᠶ᠋ᠠᠨ ᠮᠡᠳᠡᠭᠰᠡᠨ ᠦᠭᠡᠢ ᠪᠢᠯᠡ᠃ ᠪᠢᠳᠡ᠂ ᠡᠷᠲᠡᠨ ᠦ᠌ ᠵᠧᠦ ᠤᠯᠤᠰ ᠢ᠋ ᠬᠢᠲᠠᠳ ᠤ᠋ᠨ ᠪᠦᠬᠦ ᠲᠡᠦᠬᠡ ᠰᠤᠳᠤᠷ ᠲᠤ᠌ ᠦᠪᠡᠳᠡᠭᠰᠢ ᠤᠯᠤᠰ ᠨᠢ ᠪᠠᠢᠵᠠᠢ ᠭᠡᠵᠦ ᠲᠠᠰᠢᠶᠠᠷᠠᠨ ᠪᠣᠳᠣᠭᠠᠳ᠂ ᠴᠡᠷᠢᠭ ᠲᠡᠭᠡᠨ ᠲᠡᠷᠡ ᠵᠧᠦ ᠤᠯᠤᠰ ᠤ᠋ᠨ ᠳᠦᠷᠢᠮ ᠶᠣᠰᠣ ᠶ᠋ᠢ ᠰᠡᠷᠭᠦᠭᠡᠨ ᠳᠠᠭᠤᠷᠢᠶᠠᠵᠤ ᠦᠯᠢᠭᠡᠷ ᠵᠢᠱ᠌ᠢᠶ᠎ᠡ ᠪᠣᠯᠭᠠᠭᠰᠠᠨ ᠪᠢᠯᠡ᠃ ᠤᠳᠤᠷᠢᠳᠤᠭᠴᠢ ᠰᠠᠷᠲᠠᠸᠠᠬᠢ ᠨᠠᠷ ᠢ᠋ ᠵᠧᠦ ᠤᠯᠤᠰ ᠤ᠋ᠨ ᠳᠦᠷᠢᠮ ᠢ᠋ᠶ᠋ᠡᠷ ᠸᠠᠩ ᠭᠡᠵᠦ ᠴᠣᠯᠠ ᠡᠷᠭᠦᠭᠰᠡᠨ ᠪᠢᠯᠡ᠃ ᠭᠡᠪᠡᠴᠦ᠂ ᠪᠢᠳᠡ ᠥᠪᠡᠷ ᠢ᠋ᠶ᠋ᠡᠨ ᠰᠠᠢᠨ ᠰᠠᠢᠬᠠᠨ ᠦᠯᠢᠭᠡᠷ ᠪᠣᠯᠭᠠᠬᠤ ᠵᠢᠱ᠌ᠢᠶ᠎ᠡ ᠶ᠋ᠢ ᠨᠢᠳᠦᠨ ᠦ᠌ ᠡᠮᠦᠨ᠎ᠡ ᠣᠯᠵᠤ ᠦᠵᠡᠭᠡ ᠦᠭᠡᠢ ᠤᠴᠢᠷ᠂ ᠥᠭᠡᠷ᠎ᠡ ᠪᠡᠷ ᠶᠠᠭᠠᠬᠢᠵᠤ ᠴᠤ᠌ ᠦᠵᠡᠬᠦ ᠪᠢᠯᠡ ᠳᠠ? ᠭᠡᠵᠦ ᠥᠪᠡᠷ ᠡᠴᠡ ᠪᠡᠨ ᠠᠰᠠᠭᠤᠭᠰᠠᠨ ᠮᠡᠲᠦ ᠦᠭᠡ ᠪᠡᠷ ᠪᠠᠭ᠎ᠠ ᠯᠢ᠂ ᠲᠠᠢᠪᠤᠩ ᠤ᠋ᠨ ᠲᠡᠮᠡᠴᠡᠯ ᠦ᠋ᠨ ᠲᠣᠪᠴᠢ ᠲᠡᠦᠬᠡ ᠶ᠋ᠢ ᠶᠠᠷᠢᠵᠤ ᠭᠦᠢᠴᠡᠯ᠎ᠡ᠃
ᠶᠡᠬᠡ ᠯᠢ ᠡᠪᠦᠭᠡᠨ᠂ ᠲᠡᠭᠦᠨ ᠦ᠌ ᠲᠡᠭᠦᠰᠬᠡᠯ ᠦ᠋ᠨ ᠡᠯ᠎ᠡ ᠦᠭᠡ ᠶ᠋ᠢ ᠰᠣᠨᠣᠰᠤᠭᠠᠳ᠂ ᠠᠴᠢ ᠶᠤᠭᠠᠨ ᠲᠥᠯᠥᠭᠡ ᠬᠦᠯᠢᠴᠡᠨ ᠦᠵᠡᠬᠦ ᠮᠡᠲᠦ᠂
— ᠮᠠᠨᠠᠢ(ᠮᠠᠨ ᠤ᠋) ᠬᠥᠮᠦᠨ ᠪᠢᠴᠢᠭ ᠦ᠋ᠨ ᠬᠥᠮᠦᠨ ᠲᠤᠯᠠ᠂ ᠵᠠᠷᠢᠮ ᠳ᠋ᠠᠭᠠᠨ ᠬᠡᠲᠦᠷᠬᠡᠢ ᠰᠡᠴᠡᠷᠬᠡᠵᠦ ᠮᠠᠭᠠᠳ ᠦᠭᠡᠢ ᠪᠠᠢᠳᠠᠭ ᠶᠤᠮ ᠳᠠ ᠭᠡᠵᠦ ᠢᠨᠢᠶᠡᠮᠰᠦᠭᠯᠡᠪᠡ᠃ ᠲᠡᠭᠡᠬᠦ ᠳ᠋ᠦ᠍ ᠨᠠᠰᠤᠨᠪᠠᠲᠤ᠂
— ᠲᠠ᠂ ᠢ ᠬᠡ (ᠾᠧ )ᠲᠤᠸᠠᠨ* ᠤ᠋ ᠤᠴᠢᠷ᠂ ᠶᠠᠭᠤ ᠭᠡᠵᠦ ᠪᠣᠳᠣᠵᠤ ᠰᠠᠭᠤᠳᠠᠭ ᠪᠣᠢ? ᠭᠡᠵᠦ ᠠᠰᠠᠭᠤᠪᠠᠯ᠂
— ᠪᠢᠳᠡ ᠴᠢᠨᠢ ᠪᠣᠳᠣᠵᠤ ᠰᠠᠭᠤᠳᠠᠭ ᠦᠭᠡᠢ᠂ ᠪᠠᠢᠯᠳᠤᠨ ᠵᠢᠳᠬᠦᠳᠡᠭ ᠤᠯᠤᠰ ᠠ᠋! ᠭᠡᠵᠦ ᠶᠡᠬᠡ ᠯᠢ ᠢᠨᠢᠶᠡᠮᠰᠦᠭᠯᠡᠵᠦ᠂ ᠲᠠ ᠲᠡᠳᠡᠨ ᠦ᠌ ᠨᠡᠷ᠎ᠡ ᠶ᠋ᠢ ᠮᠥᠳᠳᠥ ᠰᠣᠨᠣᠰᠬᠤ ᠪᠢᠵᠡ᠃ ᠮᠠᠨᠠᠢ (ᠮᠠᠨ ᠤ᠋)ᠠᠷᠠᠳ ᠲᠦᠮᠡᠨ ᠦ᠌ ᠡᠷᠬᠡ ᠴᠢᠯᠥᠭᠡ ᠶ᠋ᠢ ᠲᠡᠮᠡᠴᠡᠵᠦ ᠪᠠᠢᠭ᠎ᠠ ᠨᠢ᠂ ᠲᠠᠢᠪᠤᠩ ᠢ᠋ ᠳᠠᠷᠤᠭᠳᠠᠭᠰᠠᠨ ᠢ᠋ᠶ᠋ᠠᠷ ᠲᠡᠭᠦᠰᠦᠭᠡ ᠦᠭᠡᠢ᠂ ᠰᠠᠢ᠍ᠢ (ᠰᠠᠶᠢ ᠯᠠ )ᠡᠬᠢᠯᠡᠵᠦ ᠪᠠᠢᠭ᠎ᠠ ᠭᠡᠵᠦ ᠦᠵᠡᠬᠦ ᠶᠣᠰᠣᠲᠠᠢ᠃ ᠮᠠᠨᠠᠢ (ᠮᠠᠨ ᠤ᠋)ᠠᠷᠠᠳ ᠲᠦᠮᠡᠨ ᠦ᠌ ᠬᠦᠵᠦᠭᠦᠨ ᠳᠡᠭᠡᠷ᠎ᠡ ᠰᠠᠭᠤᠵᠤ ᠪᠠᠢᠭ᠎ᠠ ᠳᠣᠲᠣᠭᠠᠳᠤ ᠶ᠋ᠢᠨ ᠳᠠᠢᠰᠤᠨ᠂ ᠮᠠᠨᠵᠤ ᠬᠤᠸᠠᠩᠳᠢ ᠬᠠᠭᠠᠨ᠂ ᠠᠮᠪᠠᠰ᠂ ᠰᠠᠢᠳ᠂ ᠭᠠᠵᠠᠷ ᠥᠮᠴᠢ ᠶ᠋ᠢᠨ ᠡᠵᠡᠨ᠂ ᠬᠤᠳᠠᠯᠳᠤᠭᠠᠴᠢᠨ ᠪᠠᠶᠠᠴᠤᠳ ᠤ᠋ᠨ ᠳᠡᠭᠡᠷ᠎ᠡ ᠪᠠᠰᠠ ᠲᠤᠰ ᠲᠤᠰ ᠤ᠋ᠨ ᠵᠠᠰᠠᠭ ᠤ᠋ᠨ ᠭᠠᠵᠠᠷ ᠤ᠋ᠨ ᠴᠡᠷᠢᠭ ᠦ᠋ᠨ ᠬᠦᠴᠦᠨ ᠢ᠋ᠶ᠋ᠡᠷ ᠳᠠᠯᠠᠢᠯᠭᠠᠵᠤ᠂ ᠮᠠᠨᠠᠢ(ᠮᠠᠨ ᠤ᠋) ᠠᠷᠠᠳ ᠲᠦᠮᠡᠨ ᠢ᠋ ᠬᠠᠷ᠎ᠠ ᠲᠠᠮᠠᠬᠢ ᠪᠠᠷ ᠬᠣᠣᠷᠯᠠᠨ ᠬᠥᠨᠥᠭᠡᠵᠦ᠂ ᠬᠢᠮᠳᠠ ᠦᠨ᠎ᠡ ᠲᠡᠢ ᠬᠥᠪᠥᠩ᠂ ᠳᠠᠪᠤᠤ᠂ ᠡᠳ᠋ ᠪᠠᠷᠠᠭ᠎ᠠ ᠪᠠᠷ ᠮᠠᠨᠠᠢ (ᠮᠠᠨ ᠤ᠋) ᠭᠠᠷ ᠤᠷᠠᠴᠤᠳ ᠬᠢᠭᠡᠳ ᠲᠠᠷᠢᠶᠠᠴᠢᠨ ᠣᠯᠠᠨ ᠢ᠋ ᠬᠤᠪᠢᠷᠠᠭᠤᠯᠤᠨ ᠬᠣᠭᠣᠰᠣᠷᠠᠭᠤᠯᠵᠤ ᠪᠠᠢᠭ᠎ᠠ ᠢᠩ ᠮᠧᠢ* * ᠤᠯᠤᠰ ᠤ᠋ᠨ ᠵᠡᠷᠭᠡ ᠪᠠᠷᠠᠭᠤᠨ ᠳᠠᠯᠠᠢ ᠶ᠋ᠢᠨ ᠣᠯᠠᠨ ᠤᠯᠤᠰ ᠤ᠋ᠨ ᠬᠥᠷᠥᠩᠭᠡᠲᠡᠨ ᠨᠡᠮᠡᠭᠳᠡᠵᠡᠢ᠃ ᠠᠷᠠᠳ ᠤ᠋ᠨ ᠠᠶᠠᠭ᠎ᠠ ᠪᠤᠳᠠᠭ᠎ᠠ ᠶ᠋ᠢ ᠨᠢ ᠪᠤᠯᠢᠶᠠᠭᠴᠢ ᠡᠲᠡᠭᠡᠳ ᠨᠡᠮᠡᠭᠳᠡᠵᠡᠢ᠃
ᠲᠡᠭᠡᠬᠦ ᠳ᠋ᠡᠭᠡᠨ ᠠᠶᠠᠭ᠎ᠠ ᠪᠤᠳᠠᠭ᠎ᠠ ᠪᠠᠨ ᠲᠡᠳᠡᠨ ᠳ᠋ᠦ᠍ ᠠᠯᠳᠠᠵᠤ ᠪᠠᠢᠭ᠎ᠠ ᠡᠲᠡᠭᠡᠳ ᠴᠦ᠍ ᠪᠠᠰᠠ ᠨᠡᠮᠡᠭᠳᠡᠵᠦ ᠪᠠᠢᠭ᠎ᠠ ᠭᠡᠵᠦ ᠦᠵᠡᠬᠦ ᠶᠣᠰᠣᠲᠠᠢ᠃
ᠭᠠᠳᠠᠭᠠᠳᠤ ᠶ᠋ᠢᠨ ᠬᠥᠷᠥᠩᠭᠡᠲᠡᠨ᠂ ᠮᠥᠨ ᠲᠡᠳᠡᠨ ᠢ᠋ ᠳᠠᠭᠠᠯᠳᠤᠭᠴᠢ ᠮᠠᠨᠠᠢ (ᠮᠠᠨ ᠤ᠋) ᠬᠥᠷᠥᠩᠭᠡᠲᠡᠨ ᠴᠦ᠍ ᠬᠢᠲᠠᠳ ᠭᠠᠵᠠᠷ ᠹᠠᠪᠷᠢᠭ᠌(ᠹᠠᠪᠷᠢᠺ) ᠪᠠᠢᠭᠤᠯᠵᠤ᠂ ᠲᠡᠷᠡ ᠦᠢᠯᠡᠳᠪᠦᠷᠢ ᠶ᠋ᠢᠨ ᠭᠠᠵᠠᠷ ᠣᠴᠢᠵᠤ ᠠᠶᠠᠭ᠎ᠠ ᠪᠤᠳᠠᠭᠠᠨ ᠤ᠋ ᠰᠥᠮᠥᠰᠦ ᠣᠯᠵᠤ ᠠᠮᠢ ᠵᠢᠭᠤᠬᠤ ᠭᠡᠵᠦ᠂ ᠲᠡᠳᠡᠨ ᠳ᠋ᠦ᠍ ᠬᠠᠮᠤᠭ ᠢ᠋ᠶ᠋ᠠᠨ ᠠᠯᠳᠠᠭᠰᠠᠨ ᠲᠠᠷᠢᠶᠠᠴᠢᠳ᠂ ᠭᠠᠷ ᠤᠷᠠᠴᠤᠳ ᠠᠵᠢᠯᠯᠠᠬᠤ ᠪᠣᠯᠵᠤ ᠪᠠᠢᠨ᠎ᠠ᠃ ᠬᠣᠵᠢᠮ ᠤ᠋ᠨ ᠨᠢᠭᠡᠨ ᠴᠠᠭ ᠲᠤ᠌᠂ ᠲᠡᠭᠡᠵᠦ ᠬᠠᠮᠤᠭ ᠢ᠋ᠶ᠋ᠠᠨ ᠠᠯᠳᠠᠵᠤ ᠬᠣᠬᠢᠷᠠᠭᠰᠠᠨ ᠲᠡᠷᠡ ᠣᠯᠠᠨ ᠥᠪᠡᠷ ᠦ᠋ᠨ ᠬᠥᠳᠡᠯᠮᠦᠷᠢ ᠪᠡᠷ ᠪᠦᠲᠦᠭᠡᠨ ᠪᠤᠰᠬᠠᠭᠰᠠᠨ ᠬᠠᠮᠤᠭ ᠶᠠᠭᠤᠮ᠎ᠠ ᠶ᠋ᠢ ᠣᠯᠵᠤ ᠠᠪᠬᠤ ᠰᠡᠳᠬᠢᠯ ᠵᠠᠪᠠᠯ ᠲᠥᠷᠥᠬᠦ ᠶᠣᠰᠣᠲᠠᠢ᠃ ᠪᠢᠳᠡ ᠬᠡᠷᠬᠢᠪᠡᠴᠦ ᠢᠯᠠᠨ᠎ᠠ ᠭᠡᠵᠡᠢ᠃
— — — —
* ᠶᠡᠬᠡ ᠨᠢᠳᠤᠷᠭᠠᠳᠠᠨ ᠭᠡᠳᠡᠭ ᠪᠣᠺᠠᠰᠸᠷ᠃
* * ᠢᠩ ᠮᠧᠢ ᠭᠡᠵᠦ ᠠᠩᠭ᠌ᠯᠢ ᠠᠮᠧᠷᠢᠺᠠ ᠶ᠋ᠢ ᠬᠡᠯᠡᠳᠡᠭ᠃
ᠦᠰᠦᠭ ᠠᠮᠢᠯᠠᠭᠤᠯᠤᠭᠴᠢ᠄ ᠤᠢᠭᠤᠷᠵᠢᠨ ᠣᠳᠬᠣᠨᠪᠠᠪᠠ᠂ ᠮᠥᠩᠭᠥᠨᠭᠣᠸ᠋ᠠ᠂ ᠣᠶᠤᠡᠪᠠᠳᠤ᠂
ᠪᠠᠳᠮᠠᠰᠡᠴᠡᠨ᠂ ᠰᠠᠷᠠᠨᠲᠤᠶᠠᠭ᠎ᠠ᠂ ᠣᠭ᠌ᠶᠤ
ᠬᠢᠨᠠᠭᠴᠢ᠄ ᠣᠶᠤᠨᠪᠠᠲᠤ᠂ ᠮᠥᠩᠭᠥᠨᠭᠣᠸ᠋ᠠ᠂ ᠣᠳᠬᠣᠨᠴᠡᠴᠡᠭ᠂ ᠪᠠᠯ᠂ ᠲ· ᠬᠦᠮᠦᠵᠢᠯᠲᠦ
ᠤᠩᠰᠢᠭᠴᠢ᠄ ᠨᠠᠰᠤᠨ᠌ᠦ᠌ᠯᠵᠡᠢ
