ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠲᠠᠪᠤ> Хан мунын сүүрс < доорд > – Мөнх зохиоов ᠂ Гутгаар бодь – Нэгдүгээр бүлэг <5>
ᠪᠠᠭ᠎ᠠ ᠬᠠᠲᠤᠨ ᠪᠠᠷᠠᠭᠤᠨ ᠬᠦᠩ ᠦ᠋ᠨ ᠵᠠᠰᠠᠭ ᠢ᠋ᠶ᠋ᠠᠨ ᠬᠠᠶᠠᠵᠤ᠂ ᠸᠠᠩ ᠰᠣᠬᠣᠷ ᠤ᠋ᠨ ᠬᠠᠷ᠎ᠠ ᠴᠡᠷᠢᠭ ᠢ᠋ ᠨᠥᠮᠥᠷᠢᠳᠡᠬᠦ ᠪᠡᠷ ᠪᠠᠷᠠᠭᠤᠨᠰᠢ ᠪᠠᠨ ᠬᠠᠩᠬᠠᠲᠠᠢ ᠶ᠋ᠢᠨ ᠰᠢᠯᠢ ᠤᠷᠤᠭᠤ ᠶᠠᠪᠤᠴᠢᠬᠠᠯ᠎ᠠ ᠭᠡᠰᠡᠨ ᠶᠠᠪᠠᠭᠠᠨ ᠴᠤᠤ ᠲᠠᠷᠬᠠᠵᠤ ᠬᠥᠮᠦᠨ ᠪᠣᠯᠭᠠᠨ ᠤ᠋ ᠴᠢᠬᠢᠨ ᠦ᠌ ᠬᠤᠯᠤᠭᠤ ᠶ᠋ᠢ ᠬᠠᠳᠬᠤᠭᠰᠠᠨ ᠶᠣᠣᠵᠠ ᠦᠭᠡᠢ ᠶᠠᠭᠤᠮ᠎ᠠ ᠪᠣᠯᠵᠤ ᠬᠥᠮᠦᠰ ᠬᠡᠯᠡᠯᠴᠡᠨ᠎ᠡ᠃
— ᠵᠠ᠂ ᠪᠣᠯᠵᠤ ᠳᠠ᠂ ᠡᠨᠡ ᠮᠠᠭᠤ ᠬᠡᠭᠡᠯ ᠲᠣᠭᠲᠠᠳᠠᠭ ᠦᠭᠡᠢ ᠰᠤᠪᠠᠢ ᠦᠨᠢᠶ᠎ᠡ ᠰᠢᠯᠢᠷᠡᠵᠦ ᠶᠠᠪᠤᠭᠰᠠᠨ ᠨᠢ ᠬᠠᠷᠢᠨ ᠳᠡᠭᠡᠷ᠎ᠡ᠁
— ᠡᠨᠡ ᠪᠡᠯᠭᠡ ᠥᠬᠡᠢ ᠪᠡᠯᠪᠡᠰᠦᠨ ᠡᠮ᠎ᠡ ᠶ᠋ᠢᠨ ᠰᠦᠨᠡᠰᠦ ᠡᠷᠲᠡᠬᠡᠨ ᠰᠢᠭ ᠴᠠᠭᠠᠰᠢ ᠪᠠᠨ ᠲᠣᠨᠢᠯᠤᠭ! ᠡᠭᠦᠨ ᠦ᠌ ᠤᠷᠰᠢᠭ ᠢ᠋ᠶ᠋ᠠᠷ ᠮᠠᠨ ᠤ᠋ ᠪᠠᠷᠠᠭᠤᠨ ᠬᠦᠩ ᠦ᠋ᠨ ᠬᠣᠰᠢᠭᠤ ᠵᠠᠳᠠᠷᠠᠵᠤ ᠭᠦᠢᠴᠡᠭᠰᠡᠨ ᠠ᠋! ᠲᠡᠭᠡᠭᠡᠳ ᠵᠠᠰᠠᠭ ᠶᠠᠮᠤᠨ ᠳᠣᠲᠣᠷ᠎ᠠ ᠪᠠᠨ ᠡᠪᠳᠡᠷᠡᠯᠴᠡᠵᠦ᠂ ᠦᠬᠦᠳᠡᠭ ᠨᠢ ᠦᠬᠦᠵᠦ᠂ ᠰᠠᠷᠨᠢᠳᠠᠭ ᠨᠢ ᠰᠠᠷᠨᠢᠵᠤ ᠠᠵᠢᠷᠭ᠎ᠠ ᠦᠭᠡᠢ ᠠᠳᠤᠭᠤᠨ ᠰᠦᠷᠦᠭ ᠰᠢᠭ ᠪᠣᠯᠤᠭᠰᠠᠨ ᠶᠤᠮ ᠴᠢᠨᠢ ᠤᠨᠠᠭ᠎ᠠ ᠰᠠᠷᠪᠠ ᠪᠠᠨ ᠴᠢᠨᠣ᠎ᠠ ᠳ᠋ᠤ᠌ ᠲᠠᠲᠠᠭᠤᠯᠳᠠᠭ ᠨᠢ ᠶᠠᠮᠠᠷ ᠰᠠᠢᠨ ᠳ᠋ᠠᠭᠠᠨ ᠪᠣᠢ⁈ ᠭᠡᠴᠢᠬᠡᠬᠦ ᠳ᠋ᠦ᠍ ᠵᠠᠷᠢᠮ ᠨᠢ ᠪᠠᠰᠠ᠄
— ᠬᠡᠦᠬᠡᠳ ᠰᠢᠤᠬᠠᠳ ᠳᠠᠭᠠᠭᠤᠯᠤᠭᠰᠠᠨ ᠪᠡᠲᠡᠷᠡᠩᠭᠦᠢ ᠪᠡᠯᠪᠡᠰᠦᠨ ᠪᠦᠰᠡᠭᠦᠢ ᠶ᠋ᠢ ᠸᠠᠩ ᠰᠣᠬᠣᠷ ᠤ᠋ᠨ ᠬᠢᠨ ᠶᠠᠭᠠᠬᠢᠳᠠᠭ ᠴᠦ᠍ ᠪᠣᠯ ᠳᠠ!
— ᠰᠢᠷ᠎ᠠ ᠴᠡᠷᠢᠭ ᠡᠴᠡ ᠵᠠᠢᠯᠠᠪᠠ ᠭᠡᠳ ᠪᠠᠷᠰ ᠤ᠋ᠨ ᠠᠮᠠᠨ ᠠ᠋ᠴᠠ ᠮᠤᠯᠲᠤᠷᠠᠵᠤ ᠴᠢᠨᠣ᠎ᠠ ᠶ᠋ᠢᠨ ᠢᠳᠡᠰᠢ ᠪᠣᠯᠤᠭᠰᠠᠨ ᠠ᠋ᠴᠠ ᠳᠤᠲᠠᠬᠤ ᠦᠭᠡᠢ ᠠ᠋!
— ᠣᠳᠣ ᠲᠡᠭᠡᠭᠡᠳ ᠮᠠᠨ ᠤ᠋ ᠪᠠᠷᠠᠭᠤᠨ ᠬᠦᠩ ᠳ᠋ᠦ᠍ ᠶᠣᠰᠣᠲᠠᠢ ᠵᠠᠰᠠᠭ ᠦᠭᠡᠢ ᠶᠠᠮᠤᠨ᠂ ᠵᠠᠩᠵᠤᠨ ᠦᠭᠡᠢ ᠴᠡᠷᠢᠭ ᠪᠣᠯᠴᠢᠬᠠᠵᠠᠢ᠃ ᠬᠠᠷ᠎ᠠ ᠴᠡᠷᠢᠭ ᠨᠢ ᠳᠠᠯᠳᠠᠷᠠᠬᠤ ᠲᠠᠢ ᠵᠡᠷᠭᠡ ᠰᠢᠷ᠎ᠠ ᠴᠡᠷᠢᠭ ᠨᠢ ᠪᠣᠰᠤᠭᠠᠳ ᠢᠷᠡᠳᠡᠭ ᠡᠨᠡ ᠬᠣᠷᠸ᠎ᠠ ᠳ᠋ᠤ᠌ ᠡᠭᠡᠯ ᠠᠷᠠᠳ ᠶᠡᠷᠦ ᠨᠢ ᠠᠮᠤᠷ ᠵᠢᠮᠦᠷ ᠪᠠᠢᠵᠤ ᠴᠢᠳᠠᠬᠤ ᠪᠠᠨ ᠪᠠᠢᠵᠠᠢ ᠭᠡᠵᠦ ᠡᠨᠡᠷᠢᠵᠦ ᠬᠡᠯᠡᠳᠡᠭ ᠨᠢ ᠴᠦ᠍ ᠪᠣᠢ᠃
ᠵᠠᠰᠠᠭ ᠦᠭᠡᠢ ᠶᠠᠮᠤᠨ᠂ ᠵᠠᠩᠵᠤᠨ ᠦᠭᠡᠢ ᠴᠡᠷᠢᠭ ᠭᠡᠵᠦ ᠡᠭᠡᠯ ᠠᠷᠠᠳ ᠪᠠᠷᠠᠭᠤᠨ ᠬᠦᠩ ᠦ᠋ᠨ ᠬᠣᠰᠢᠭᠤ ᠪᠠᠨ ᠰᠠᠨᠠᠭᠠᠰᠢᠷᠠᠳᠠᠭ ᠤ᠋ᠨ ᠢᠷᠣ᠎ᠠ ᠪᠠᠷ ᠰᠢᠷ᠎ᠠ ᠴᠡᠷᠢᠭ ᠨᠤᠲᠤᠭ ᠡᠵᠡᠮᠳᠡᠵᠦ᠂ ᠪᠠᠰᠠ ᠪᠠᠷᠠᠭᠤᠨᠰᠢ ᠳᠠᠭᠠᠷᠢᠨ ᠪᠣᠷᠣᠳᠣᠬᠣᠢ ᠶ᠋ᠢᠨ ᠬᠠᠷ᠎ᠠ ᠴᠡᠷᠢᠭ ᠢ᠋ ᠴᠣᠬᠢᠬᠤ ᠲᠤᠯᠤᠯᠳᠤᠭᠠᠨ ᠪᠣᠯᠪᠠ᠃
ᠬᠠᠰᠠᠭ ᠤ᠋ᠨ ᠣᠷᠣᠮ ᠢ᠋ᠶ᠋ᠠᠷ ᠵᠤᠷᠠᠢᠭᠰᠠᠨ ᠰᠢᠷ᠎ᠠ ᠵᠠᠮ ᠢ᠋ ᠪᠠᠷᠢᠵᠤ ᠪᠠᠷᠠᠭᠤᠨᠰᠢ ᠴᠡᠷᠢᠭᠯᠡᠭᠰᠡᠨ ᠰᠢᠷ᠎ᠠ ᠴᠡᠷᠢᠭ ᠦ᠋ᠳ ᠰᠢᠭᠤᠳ ᠶᠠᠪᠤᠵᠤ ᠬᠠᠩᠬᠠᠲᠠᠢ ᠶ᠋ᠢᠨ ᠵᠣ ᠶ᠋ᠢ ᠵᠣᠷᠢᠨ ᠴᠤᠪᠤᠷᠠᠨ᠎ᠠ᠁
ᠨᠠᠷᠢᠨ ᠬᠦᠵᠦᠭᠦᠦ ᠲᠡᠢ᠂ ᠥᠨᠳᠥᠷ ᠴᠡᠭᠡᠵᠢ ᠲᠡᠢ ᠵᠡᠭᠡᠷᠳᠡ ᠵᠢᠰᠦᠮ ᠦ᠋ᠨ ᠮᠣᠷᠢ ᠤᠨᠤᠭᠰᠠᠨ ᠰᠢᠷ᠎ᠠ ᠴᠡᠷᠢᠭ ᠦ᠋ᠨ ᠨᠣᠶᠠᠨ ᠲᠦᠷᠦᠭᠦᠲᠠᠢ ᠴᠥᠭᠡᠪᠦᠷ ᠮᠣᠷᠢᠨ ᠴᠡᠷᠢᠭ ᠦ᠋ᠨ ᠠᠷᠤ ᠠ᠋ᠴᠠ ᠰᠤᠪᠤᠷᠠᠭᠰᠠᠨ ᠰᠢᠷ᠎ᠠ ᠴᠡᠷᠢᠭ ᠦ᠋ᠳ ᠰᠢᠷ᠎ᠠ ᠰᠢᠷᠭᠤᠯᠵᠢ ᠰᠢᠭ᠋ ᠮᠥᠷ ᠮᠥᠷ ᠢ᠋ᠶ᠋ᠡᠨ ᠭᠢᠰᠬᠢᠨ ᠶᠠᠪᠤᠨ᠎ᠠ᠃ ᠲᠡᠷᠡ ᠨᠢ ᠮᠤᠨᠠ ᠠᠭᠤᠯᠠ ᠶ᠋ᠢᠨ ᠮᠣᠳᠣ᠂ ᠠᠩ ᠬᠦᠷᠦᠭᠡ᠂ ᠡᠳ᠋ ᠠᠭᠤᠷᠰᠤ ᠪᠠ ᠬᠠᠩᠬᠠᠲᠠᠢ ᠵᠣ ᠶ᠋ᠢᠨ ᠤᠰᠤᠨ ᠲᠠᠷᠢᠶ᠎ᠠ ᠳ᠋ᠤ᠌ ᠰᠢᠨᠤᠬᠠᠢᠷᠠᠵᠤ ᠶᠠᠪᠤᠭ᠎ᠠ ᠠᠵᠢ᠃
ᠰᠢᠷ᠎ᠠ ᠴᠡᠷᠢᠭ ᠦ᠋ᠨ ᠬᠥᠳᠡᠯᠦᠯ ᠬᠠᠨᠳᠤᠰᠢ ᠶ᠋ᠢ ᠢᠮᠠᠭᠲᠠ ᠴᠠᠭᠳᠠᠵᠤ ᠪᠠᠢᠳᠠᠭ ᠬᠠᠷ᠎ᠠ ᠴᠡᠷᠢᠭ ᠦ᠋ᠨ ᠴᠠᠭᠳᠠᠭᠤᠯ ᠰᠢᠷ᠎ᠠ ᠴᠡᠷᠢᠭ ᠦ᠋ᠨ ᠪᠠᠷᠠᠭᠤᠨᠰᠢ ᠪᠣᠷᠣᠳᠣᠬᠣᠢ ᠣᠷᠣᠨ ᠵᠦᠭ ᠴᠡᠷᠢᠭᠯᠡᠭᠰᠡᠨ ᠪᠠᠲᠤᠲᠠᠢ ᠴᠢᠮᠡᠭᠡ ᠶ᠋ᠢ ᠸᠠᠩ ᠰᠣᠬᠣᠷ ᠲᠤ ᠰᠣᠨᠣᠰᠬᠠᠭᠰᠠᠨ ᠳ᠋ᠤ᠌ ᠲᠡᠷᠡ ᠪᠡᠷ ᠪᠠᠭ᠎ᠠ ᠬᠠᠲᠤᠨ ᠰᠡᠷᠭᠦᠮ᠎ᠡ ᠶ᠋ᠢ ᠳᠠᠭᠤᠳᠠᠵᠤ᠄
— ᠰᠡᠷᠭᠦᠮ᠎ᠡ ᠴᠢ ᠮᠣᠷᠢᠨ ᠴᠡᠷᠢᠭ ᠢ᠋ᠶ᠋ᠡᠨ ᠵᠠᠬᠢᠷᠴᠤ ᠰᠢᠷ᠎ᠠ ᠴᠡᠷᠢᠭ ᠦ᠋ᠨ ᠡᠮᠦᠨ᠎ᠡ ᠡᠴᠡ ᠲᠤᠯᠵᠤ ᠪᠠᠢᠯᠳᠤᠭᠠᠷᠠᠢ! ᠪᠢ ᠪᠠᠷᠠᠭᠤᠨᠰᠢ ᠤᠬᠤᠷᠢᠵᠤ᠁ ᠭᠡᠵᠦ ᠬᠡᠯᠡᠲᠡᠯ᠎ᠡ ᠰᠡᠷᠭᠦᠮ᠎ᠡ ᠸᠠᠩ ᠰᠣᠬᠣᠷ ᠤ᠋ᠨ ᠦᠭᠡ ᠶ᠋ᠢ ᠲᠠᠰᠤᠯᠤᠨ᠄
— ᠮᠢᠨᠦ ᠬᠡᠳᠦᠨ ᠮᠣᠷᠢᠨ ᠴᠡᠷᠢᠭ ᠰᠢᠷ᠎ᠠ ᠴᠡᠷᠢᠭ ᠦ᠋ᠨ ᠰᠢᠷᠦᠭᠦᠨ ᠳᠠᠭᠠᠷᠢᠯᠲᠠ ᠳ᠋ᠤ᠌ ᠶᠠᠭᠤ ᠪᠣᠯᠬᠤ ᠪᠣᠢ? ᠭᠡᠵᠦ ᠳᠤᠷ᠎ᠠ ᠦᠭᠡᠢᠴᠡᠨ ᠬᠡᠯᠡᠭᠰᠡᠨ ᠳ᠋ᠦ᠍ ᠸᠠᠩ ᠰᠣᠬᠣᠷ᠄
— ᠪᠢ ᠡᠨᠡ ᠬᠡᠳᠦᠨ ᠮᠣᠩᠭᠣᠯ ᠴᠡᠷᠢᠭ ᠢ᠋ ᠰᠢᠷ᠎ᠠ ᠴᠡᠷᠢᠭ ᠦ᠋ᠨ ᠪᠥᠭᠯᠡᠭᠡ ᠪᠣᠯᠭᠠᠨ᠎ᠠ ᠭᠡᠰᠡᠨ ᠤᠴᠢᠷ ᠪᠢᠰᠢ ᠠ᠋! ᠭᠡᠨ᠎ᠡ᠃
— ᠲᠡᠭᠡᠭᠡᠳ ᠶᠠᠭᠠᠬᠢᠬᠤ ᠭᠡᠰᠡᠨ ᠰᠠᠨᠠᠭ᠎ᠠ ᠲᠠᠢ ᠶᠤᠮ? ᠡᠨᠡ ᠵᠠᠭᠤ ᠬᠦᠷᠬᠦ ᠦᠭᠡᠢ ᠮᠣᠷᠢᠨ ᠴᠡᠷᠢᠭ ᠰᠢᠷ᠎ᠠ ᠴᠡᠷᠢᠭ ᠢ᠋ ᠶᠠᠭᠠᠬᠢᠵᠤ ᠲᠤᠯᠤᠨ ᠪᠠᠢᠯᠳᠤᠬᠤ ᠪᠣᠢ? ᠲᠤᠯᠵᠤ ᠲᠡᠢᠯᠬᠦ ᠪᠠᠢᠭᠰᠠᠨ ᠪᠣᠯ ᠪᠢ ᠶᠠᠭᠤ ᠭᠡᠵᠦ ᠨᠤᠲᠤᠭ ᠤᠰᠤ ᠪᠠᠨ ᠣᠷᠬᠢᠵᠤ ᠲᠠᠨ ᠢ᠋ ᠲᠦᠰᠢᠷ᠎ᠡ ᠢᠷᠡᠬᠦ ᠪᠢᠯᠡ⁈
— ᠰᠡᠷᠭᠦᠮ᠎ᠡ ᠲᠠ ᠠᠭᠤᠷ ᠢ᠋ᠶ᠋ᠠᠨ ᠳᠠᠷᠤ! ᠲᠠ ᠪᠣᠯ ᠴᠡᠷᠢᠭ ᠬᠥᠮᠦᠨ ᠰᠢᠦ ᠳᠡ! ᠮᠢᠨᠦ ᠬᠡᠯᠡᠵᠦ ᠪᠠᠷᠠᠬᠤ ᠶ᠋ᠢ ᠰᠣᠨᠣᠰᠤᠭᠠᠷᠠᠢ! ᠲᠠ ᠮᠣᠷᠢᠲᠤ ᠴᠡᠷᠢᠭ ᠢ᠋ᠶ᠋ᠡᠨ ᠳᠠᠢᠴᠢᠯᠠᠨ ᠰᠢᠷ᠎ᠠ ᠴᠡᠷᠢᠭ ᠦ᠋ᠨ ᠡᠮᠦᠨ᠎ᠡ ᠡᠴᠡ ᠪᠠᠢᠯᠳᠤᠬᠤ ᠳᠦᠷᠢ ᠦᠵᠡᠭᠦᠯᠵᠦ ᠥᠳᠥᠭᠡᠭᠡᠳ ᠤᠯᠠᠭᠠᠨ ᠬᠠᠲᠤᠨ ᠤ᠋ ᠬᠥᠪᠡᠭᠡ ᠤᠷᠤᠭᠤ ᠣᠷᠣᠭᠤᠯᠪᠠᠯ ᠪᠢ ᠴᠠᠭᠠᠨ᠎ᠠ ᠠ᠋ᠴᠠ ᠨᠢ ᠤᠯᠠᠭᠠᠨ ᠬᠠᠲᠤᠨ ᠤ᠋ ᠤᠰᠤ ᠶ᠋ᠢ ᠦᠶᠡᠷᠯᠡᠭᠦᠯᠵᠦ ᠰᠢᠷ᠎ᠠ ᠴᠡᠷᠢᠭ ᠢ᠋ ᠫᠤᠤ ᠰᠤᠮᠤ ᠦᠷᠡᠭᠡᠬᠦ ᠦᠭᠡᠢ ᠪᠡᠷ ᠰᠥᠨᠥᠭᠡᠵᠦ᠂ ᠣᠮᠣᠭ ᠰᠦᠷ ᠢ᠋ ᠨᠢ ᠳᠠᠷᠤᠵᠤ ᠣᠷᠬᠢᠨ᠎ᠠ᠃ ᠣᠢᠯᠠᠭᠠᠪᠠ ᠤᠤ? ᠬᠠ᠂ ᠬᠠ᠁ ᠭᠡᠵᠦ ᠢᠨᠢᠶᠡᠨ ᠬᠠᠯᠵᠠᠨ ᠮᠠᠩᠨᠠᠢ ᠪᠠᠨ ᠢᠯᠢᠨ᠎ᠡ᠃
ᠪᠠᠭ᠎ᠠ ᠬᠠᠲᠤᠨ ᠸᠠᠩ ᠰᠣᠬᠣᠷ ᠤ᠋ᠨ ᠢᠩᠭᠢᠵᠦ ᠶᠠᠷᠢᠭᠰᠠᠨ ᠢ᠋ ᠰᠣᠨᠣᠰᠤᠭᠠᠳ ᠰᠢᠷ᠎ᠠ ᠴᠡᠷᠢᠭ ᠢ᠋ ᠪᠠᠢᠯᠳᠤᠨ ᠰᠥᠨᠥᠭᠡᠬᠦ ᠠᠷᠭ᠎ᠠ ᠤᠬᠠᠭᠠᠨ ᠢ᠋ ᠵᠥᠪᠰᠢᠶᠡᠬᠦ ᠪᠣᠯᠪᠠᠴᠤ ᠮᠢᠩᠭ᠎ᠠ ᠲᠦᠮᠡᠨ ᠴᠡᠷᠢᠭ ᠳᠣᠲᠣᠷ᠎ᠠ ᠠ᠋ᠴᠠ ᠵᠠᠪᠠᠯ ᠡᠨᠡ ᠴᠥᠭᠡᠪᠦᠷ ᠮᠣᠩᠭᠣᠯ ᠴᠡᠷᠢᠭ ᠢ᠋ ᠡᠮᠦᠨ᠎ᠡ ᠪᠡᠨ ᠪᠠᠷᠢᠳᠠᠭ ᠮᠠᠭᠤ ᠤᠬᠠᠭᠠᠨ ᠢ᠋ ᠲᠣᠭᠣᠬᠤ ᠦᠭᠡᠢ ᠴᠦ᠍ ᠭᠡᠰᠡᠨ ᠴᠡᠷᠢᠭ ᠬᠥᠮᠦᠨ ᠪᠣᠯᠬᠣᠷ ᠴᠡᠷᠢᠭ ᠦ᠋ᠨ ᠵᠠᠷᠯᠢᠭ ᠢ᠋ ᠬᠦᠯᠢᠶᠡᠳᠡᠭ ᠯᠡ ᠶᠠᠪᠤᠳᠠᠯ ᠭᠡᠵᠦ ᠪᠣᠳᠣᠨ᠄
— ᠵᠠ᠂ ᠨᠣᠶᠠᠨ ᠤ᠋ ᠵᠠᠷᠯᠢᠭ ᠢ᠋ ᠲᠡᠷᠡ ᠶᠣᠰᠣᠭᠠᠷ ᠪᠡᠶᠡᠯᠡᠭᠦᠯᠦᠶ᠎ᠡ ᠭᠡᠵᠦ ᠸᠠᠩ ᠰᠣᠬᠣᠷ ᠲᠤ ᠴᠡᠷᠢᠭ ᠦ᠋ᠨ ᠶᠣᠰᠣ ᠬᠢᠵᠦ ᠭᠠᠷᠴᠤ ᠶᠠᠪᠤᠪᠠ᠃ ᠠᠷᠠᠢ ᠡᠭᠦᠳᠡ ᠰᠠᠪᠠᠯᠠᠬᠤ ᠠ᠋ᠴᠠ ᠨᠠᠭᠠᠭᠤᠷ ᠠᠭᠤᠷᠲᠠᠢᠬᠠᠨ ᠭᠠᠷᠴᠤ ᠶᠠᠪᠤᠭᠰᠠᠨ ᠪᠠᠭ᠎ᠠ ᠬᠠᠲᠤᠨ ᠤ᠋ ᠠᠷᠤ ᠠ᠋ᠴᠠ ᠦᠭᠡ ᠳᠠᠭᠤᠨ ᠦᠭᠡᠢ ᠬᠠᠷᠠᠵᠤ ᠵᠣᠭᠰᠣᠭᠰᠠᠨ ᠸᠠᠩ ᠰᠣᠬᠣᠷ《ᠬᠡᠭ᠂ ᠰᠢᠷᠠᠪᠳᠣᠷᠵᠢ ᠶ᠋ᠢᠨ ᠱᠠᠯᠢᠵᠤ ᠣᠷᠬᠢᠭᠰᠠᠨ ᠪᠣᠯᠪᠠᠰᠤᠨ ᠡᠮ᠎ᠡ ᠶ᠋ᠢ ᠬᠣᠬᠣᠢ᠂ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠬᠦ ᠶ᠋ᠢ ᠮᠡᠳᠡᠬᠦ ᠦᠭᠡᠢ᠂ ᠬᠢᠷᠢ ᠳ᠋ᠡᠭᠡᠨ ᠲᠡᠢᠷᠬᠦ ᠵᠠᠩ ᠲᠠᠢ ᠪᠠᠢᠵᠤ ᠤᠤ⁈ ᠡᠮ᠎ᠡ ᠢᠮᠠᠭ᠎ᠠ ᠲᠠᠷᠭᠤᠯᠠᠪᠠᠯ ᠬᠡᠪᠲᠡᠬᠦ ᠭᠠᠵᠠᠷ ᠢ᠋ᠶ᠋ᠠᠨ ᠣᠯᠬᠤ ᠦᠭᠡᠢ᠂ ᠡᠮ᠎ᠡ ᠬᠥᠮᠦᠨ ᠵᠢᠷᠭᠠᠪᠠᠯ ᠬᠡᠯᠡᠬᠦ ᠦᠭᠡ ᠪᠡᠨ ᠣᠯᠬᠤ ᠦᠭᠡᠢ ᠭᠡᠵᠦ ᠤᠷᠠᠳ ᠤ᠋ᠳ ᠶᠠᠷᠢᠳᠠᠭ ᠨᠢ ᠶᠠᠭ ᠡᠭᠦᠨ ᠢ᠋ ᠵᠢᠭᠠᠵᠢ ᠳᠠ᠃ ᠴᠠᠭᠠᠨ᠎ᠠ ᠪᠠᠨ ᠬᠥᠯ ᠲᠣᠭᠲᠠᠬᠤ ᠭᠠᠵᠠᠷ ᠦᠭᠡᠢ ᠪᠠᠢᠵᠤ ᠮᠢᠨᠦ ᠥᠭᠡᠳᠡ ᠡᠴᠡ ᠴᠣᠪ ᠴᠣᠪ ᠭᠡᠬᠦ ᠳ᠋ᠡᠭᠡᠨ᠃ ᠲᠣᠯᠣᠭᠠᠢ ᠶ᠋ᠢ ᠴᠢᠨᠢ ᠢᠯᠢᠵᠦ ᠲᠠᠷᠢᠬᠢ ᠶ᠋ᠢ ᠴᠢᠨᠢ ᠰᠤᠷᠤᠶ᠎ᠠ ᠭᠡᠰᠡᠨ ᠡᠴᠡ ᠪᠢᠰᠢ᠂ ᠥᠭᠡᠷ᠎ᠡ ᠴᠢᠮᠠᠶ᠋ᠢ ᠪᠢ ᠶᠠᠭᠤᠨ ᠳ᠋ᠠᠭᠠᠨ ᠭᠡᠵᠦ ᠢᠩᠭᠢᠨ᠎ᠡ ᠪᠣᠢ?》 ᠭᠡᠵᠦ ᠳᠦᠳᠦᠨᠡᠭᠡᠳ᠄
— ᠴᠢ ᠶᠠᠪᠤ᠂ ᠤᠯᠠᠭᠠᠨ ᠬᠠᠲᠤᠨ ᠤ᠋ ᠪᠣᠭᠣᠳᠠᠭ ᠤ᠋ᠨ ᠰᠠᠬᠢᠭᠤᠯ ᠳ᠋ᠤ᠌ ᠬᠡᠯᠡ ᠬᠦᠷᠭᠡ! ᠰᠢᠷ᠎ᠠ ᠴᠡᠷᠢᠭ ᠦ᠋ᠳ ᠬᠣᠮᠣᠷᠭᠠᠨ ᠳ᠋ᠤ᠌ ᠣᠷᠣᠭᠰᠠᠭᠠᠷ ᠤᠯᠠᠭᠠᠨ ᠬᠠᠲᠤᠨ ᠤ᠋ ᠪᠣᠭᠣᠳᠠᠭ ᠰᠡᠲᠡᠯᠬᠦ ᠪᠡᠷ ᠪᠡᠯᠡᠬᠡᠨ ᠪᠣᠯᠭ᠎ᠠ ᠭᠡᠵᠦ ᠯᠠᠪ ᠯᠥᠪ ᠵᠠᠬᠢᠭᠠᠷᠠᠢ! ᠭᠡᠵᠦ ᠳᠡᠭᠡᠷᠡᠬᠢ ᠴᠡᠷᠢᠭ ᠦ᠋ᠨ ᠲᠠᠬᠠᠷ ᠢ᠋ᠶ᠋ᠠᠨ ᠵᠠᠬᠢᠷᠴᠤ ᠶᠠᠪᠤᠭᠤᠯᠪᠠ᠃
ᠲᠡᠨᠳᠡ ᠡᠴᠡ ᠠᠭᠤᠷ ᠣᠮᠣᠭ ᠲᠠᠢ ᠭᠠᠷᠴᠤ ᠶᠠᠪᠤᠭᠰᠠᠨ ᠪᠠᠭ᠎ᠠ ᠬᠠᠲᠤᠨ ᠤ᠋ ᠪᠣᠳᠣᠯ ᠤ᠋ᠨ ᠲᠡᠩᠴᠡᠭᠦᠷᠢ ᠨᠢ ᠠᠷᠭ᠎ᠠ ᠦᠭᠡᠢ ᠬᠡᠯᠪᠡᠯᠵᠡᠵᠦ《ᠪᠢ ᠴᠣᠬᠣᠮ ᠡᠨᠳᠡ ᠶᠠᠭᠤ ᠬᠢᠬᠦ ᠪᠡᠷ ᠢᠷᠡᠪᠡ? ᠢᠩᠭᠢᠬᠦ ᠶ᠋ᠢ ᠴᠢᠨᠢ ᠮᠡᠳᠡᠭᠰᠡᠨ ᠪᠣᠯ ᠪᠢ ᠬᠣᠰᠢᠭᠤ ᠨᠤᠲᠤᠭ ᠢ᠋ᠶ᠋ᠠᠨ ᠬᠠᠶᠠᠵᠤ ᠠᠬ᠎ᠠ ᠳᠡᠭᠦᠦᠰ ᠦ᠋ᠨ ᠰᠡᠳᠬᠢᠯ ᠢ᠋ ᠦᠲᠡᠭᠡᠷᠬᠡᠪᠡ⁈ ᠸᠠᠩ ᠰᠣᠬᠣᠷ ᠴᠢ ᠶᠠᠭᠤ ᠪᠣᠳᠣᠬᠤ ᠳ᠋ᠠᠭᠠᠨ ᠨᠠᠮᠠᠶ᠋ᠢ ᠡᠮᠦᠨ᠎ᠡ ᠪᠡᠨ ᠪᠠᠷᠢᠵᠤ ᠮᠣᠷᠢᠨ ᠴᠡᠷᠢᠭ ᠢ᠋ᠶ᠋ᠡᠷ ᠢ᠋ᠶ᠋ᠡᠨ ᠰᠢᠷ᠎ᠠ ᠴᠡᠷᠢᠭ ᠢ᠋ ᠲᠤᠯᠤᠭᠤᠯᠤᠨᠠ ᠪᠣᠢ? ᠴᠢ ᠨᠠᠮᠠᠶ᠋ᠢ ᠴᠡᠷᠢᠭ ᠢ᠋ᠶ᠋ᠡᠨ ᠠᠪᠤᠭᠠᠳ ᠨᠢᠭᠡ ᠲᠡᠢᠰᠢ ᠳᠤᠲᠠᠭᠠᠴᠢᠬᠠᠬᠤ ᠠ᠋ᠴᠠ ᠠᠶᠤᠬᠤ ᠦᠭᠡᠢ ᠪᠠᠢᠨ᠎ᠠ ᠤᠤ? ᠡᠰᠡᠪᠡᠰᠦ ᠴᠢ ᠨᠠᠮᠠᠶ᠋ᠢ( ᠬᠣᠶᠠᠷ ᠲᠣᠯᠣᠭᠠᠢᠲᠤ ᠮᠣᠷᠢ) ᠵᠠᠢᠳᠠᠯᠠᠭᠤᠯᠤᠭᠠᠳ ᠬᠣᠢᠨ᠎ᠠ ᠠ᠋ᠴᠠ ᠮᠢᠨᠢ ᠬᠠᠷᠠᠵᠤ ᠬᠠᠮᠢᠭᠠᠰᠢ ᠪᠠᠨ ᠬᠡᠯᠪᠡᠯᠵᠡᠳᠡᠭ ᠪᠣᠯ? ᠭᠡᠵᠦ ᠮᠢᠨᠦ ᠲᠠᠮᠢᠷ ᠢ᠋ ᠲᠡᠩᠰᠡᠪᠡ ᠤᠤ?》 ᠭᠡᠵᠦ ᠳᠣᠲᠣᠷ᠎ᠠ ᠪᠠᠨ ᠪᠣᠳᠣᠵᠤ ᠠᠮᠵᠢᠪᠠ᠃ ᠪᠠᠭ᠎ᠠ ᠬᠠᠲᠤᠨ ᠬᠦᠩ ᠨᠣᠶᠠᠨ ᠤ᠋ ᠥᠮᠥᠭ ᠢ᠋ᠶ᠋ᠡᠷ ᠬᠠᠷᠠᠴᠤ ᠪᠣᠭᠣᠯ ᠳ᠋ᠤ᠌ ᠨᠢᠳᠦ ᠡᠷᠡᠢᠯᠭᠡᠵᠦ ᠶᠠᠪᠤᠭᠰᠠᠨ ᠠ᠋ᠴᠠ ᠪᠢᠰᠢ ᠥᠷᠥᠭᠡᠯ ᠪᠤᠰᠤᠳ ᠢ᠋ᠶ᠋ᠠᠷ ᠡᠢᠨ ᠬᠦ᠌ ᠪᠡᠶ᠎ᠡ ᠪᠡᠨ ᠵᠠᠬᠢᠷᠤᠭᠤᠯᠵᠤ ᠦᠵᠡᠭᠡ ᠦᠭᠡᠢ ᠳ᠋ᠡᠭᠡᠨ ᠢᠩᠭᠢᠬᠦ ᠨᠢ ᠠᠷᠭ᠎ᠠ ᠴᠤ᠌ ᠦᠭᠡᠢ ᠶᠦᠮ᠃
ᠪᠠᠭ᠎ᠠ ᠬᠠᠲᠤᠨ ᠪᠠᠷᠠᠭᠤᠨ ᠬᠦᠩ ᠦ᠋ᠨ ᠬᠣᠰᠢᠭᠤ ᠪᠠᠨ ᠬᠠᠶᠠᠵᠤ ᠸᠠᠩ ᠰᠣᠬᠣᠷ ᠤ᠋ᠨ ᠶᠡᠬᠡ ᠰᠡᠭᠦᠳᠡᠷ ᠲᠦ᠍ ᠨᠥᠮᠥᠷᠢᠳᠡᠬᠦ ᠪᠡᠷ ᠥᠪᠡᠷ ᠢ᠋ᠶ᠋ᠡᠨ ᠳᠤᠷᠠᠲᠠᠶ᠎ᠠ ᠱᠣᠭᠰᠢᠭᠠᠳ ᠢᠷᠡᠭᠰᠡᠨ ᠪᠣᠯᠬᠣᠷ ᠲᠡᠭᠦᠨ ᠦ᠌ ᠵᠠᠷᠯᠢᠭ ᠵᠠᠬᠢᠶ᠎ᠠ ᠶ᠋ᠢ ᠲᠦᠷ ᠴᠦ᠍ ᠭᠡᠰᠡᠨ ᠳᠠᠭᠠᠬᠤ ᠦᠭᠡᠢ ᠪᠠᠢᠵᠤ ᠪᠣᠯᠬᠤ ᠦᠭᠡᠢ ᠤᠴᠢᠷ ᠠ᠋ᠴᠠ ᠠᠭᠤᠷ ᠤᠴᠠᠭᠠᠷ ᠨᠢ ᠠᠶᠠᠨᠳᠠᠭᠠᠨ ᠨᠠᠮᠬᠠᠷᠠᠪᠠ᠃
ᠪᠠᠭ᠎ᠠ ᠬᠠᠲᠤᠨ ᠵᠠᠭᠤ ᠬᠦᠷᠬᠦ ᠦᠭᠡᠢ ᠴᠥᠭᠡᠪᠦᠷᠢ ᠮᠣᠷᠢᠨ ᠴᠡᠷᠢᠭ ᠢ᠋ᠶ᠋ᠡᠨ ᠭᠤᠷᠪᠠ ᠰᠤᠮᠤᠯᠠᠨ᠂ ᠣᠲᠣᠷᠯᠠᠨ ᠪᠠᠢᠯᠳᠤᠬᠤ ᠠᠷᠭ᠎ᠠ ᠪᠠᠷ ᠰᠢᠷ᠎ᠠ ᠴᠡᠷᠢᠭ ᠢ᠋ ᠥᠳᠥᠭᠡᠨ ᠪᠠᠢᠯᠳᠤᠵᠤ ᠭᠤᠷᠪᠠᠳᠠᠬᠢ ᠡᠳᠦᠷ ᠦ᠋ᠨ ᠨᠠᠷᠠ ᠰᠢᠩᠭᠡᠬᠦ ᠳ᠋ᠦ᠍ ᠤᠯᠠᠭᠠᠨ ᠬᠠᠲᠤᠨ ᠤ᠋ ᠤᠷᠤᠰᠬᠠᠯ ᠤ᠋ᠨ ᠮᠤᠷᠤᠢᠭᠰᠠᠨ ᠲᠣᠬᠣᠢ ᠨᠤᠭᠤ ᠳ᠋ᠤ᠌ ᠰᠢᠷ᠎ᠠ ᠴᠡᠷᠢᠭ ᠢ᠋ ᠥᠳᠥᠭᠡᠵᠦ ᠠᠪᠴᠢᠷᠠᠪᠠ᠃
ᠭᠠᠵᠠᠷ ᠤ᠋ᠨ ᠪᠠᠢᠴᠠ ᠳ᠋ᠠᠭᠠᠨ ᠡᠷᠳᠦᠭᠰᠡᠨ ᠪᠠᠭ᠎ᠠ ᠬᠠᠲᠤᠨ ᠤ᠋ ᠮᠣᠷᠢᠨ ᠴᠡᠷᠢᠭ ᠤᠯᠠᠭᠠᠨ ᠬᠠᠲᠤᠨ ᠤ᠋ ᠵᠡᠭᠡᠰᠦ ᠬᠤᠯᠤᠰᠤ᠂ ᠤᠯᠠᠭᠠᠨ ᠰᠤᠬᠠᠢ ᠶ᠋ᠢᠨ ᠰᠢᠭᠤᠢ ᠪᠠᠷ ᠬᠠᠯᠬᠠᠪᠴᠢ ᠪᠠᠷᠢᠵᠤ ᠲᠡᠨᠳᠡ ᠡᠴᠡ ᠪᠦᠯᠦᠭ ᠪᠦᠯᠦᠭ ᠢ᠋ᠶ᠋ᠡᠷ ᠪᠤᠯᠲᠠᠵᠤ ᠵᠠᠢᠳᠠᠭᠰᠠᠨ ᠢ᠋ ᠰᠢᠷ᠎ᠠ ᠴᠡᠷᠢᠭ ᠶᠠᠭᠠᠬᠢᠨ ᠮᠡᠳᠡᠬᠦ ᠪᠢᠯᠡ᠃
ᠬᠠᠷᠢ ᠬᠣᠰᠢᠭᠤ ᠬᠥᠮᠦᠨ ᠦ᠌ ᠨᠤᠲᠤᠭ ᠲᠤ ᠭᠠᠵᠠᠷ ᠮᠡᠳᠡᠬᠦ ᠦᠭᠡᠢ᠂ ᠵᠠᠮ ᠴᠦ᠍ ᠲᠠᠨᠢᠬᠤ ᠦᠭᠡᠢ ᠰᠢᠷ᠎ᠠ ᠴᠡᠷᠢᠭ᠂ ᠪᠠᠭ᠎ᠠ ᠬᠠᠲᠤᠨ ᠤ᠋ ᠥᠳᠥᠭᠡᠯᠭᠡ ᠳ᠋ᠦ᠍ ᠬᠠᠭᠤᠷᠲᠠᠵᠤ ᠭᠡᠨᠡᠳᠲᠡ ᠤᠬᠠᠭᠠᠷᠠᠬᠤ ᠳ᠋ᠤ᠌ ᠭᠡᠨᠡᠨ ᠪᠣᠯᠴᠢᠬᠠᠭᠰᠠᠨ ᠪᠠᠢᠯ᠎ᠠ᠃ ᠥᠨᠳᠥᠷ ᠵᠡᠭᠡᠷᠳᠡ ᠮᠣᠷᠢᠲᠠᠢ ᠰᠢᠷ᠎ᠠ ᠴᠡᠷᠢᠭ ᠦ᠋ᠨ ᠨᠣᠶᠠᠨ ᠡᠮᠦᠨᠡᠬᠢ ᠤᠯᠠᠭᠠᠨ ᠬᠠᠲᠤᠨ ᠤ᠋ ᠮᠡᠯᠮᠡᠯᠵᠡᠬᠦ ᠤᠰᠤ ᠶ᠋ᠢ ᠬᠠᠷᠠᠭᠠᠳ ᠵᠠᠮ ᠪᠣᠭᠣᠭᠳᠠᠭᠰᠠᠨ ᠢ᠋ ᠰᠡᠷᠡᠵᠦ ᠴᠡᠷᠢᠭ ᠢ᠋ᠶ᠋ᠡᠨ ᠨᠣᠶᠠᠯᠠᠨ ᠪᠤᠴᠠᠬᠤ ᠭᠡᠰᠡᠨ ᠳ᠋ᠦ᠍ ᠪᠤᠬᠤᠷ ᠲᠠᠯ᠎ᠠ ᠠ᠋ᠴᠠ ᠨᠢ ᠫᠤᠤ ᠳᠤᠤᠭᠠᠷᠴᠤ᠂ ᠬᠡᠳᠦᠨ ᠵᠦᠭ ᠡᠴᠡ ᠰᠤᠮᠤᠨ ᠮᠥᠨᠳᠥᠷ ᠱᠤᠤᠭᠢᠨ᠎ᠠ᠃ ᠵᠦᠭ ᠢ᠋ᠶ᠋ᠡᠨ ᠣᠯᠬᠤ ᠦᠭᠡᠢ ᠳᠣᠣᠷ᠎ᠠ ᠪᠤᠵᠢᠭᠢᠨᠠᠯᠳᠤᠭᠰᠠᠨ ᠰᠢᠷ᠎ᠠ ᠴᠡᠷᠢᠭ ᠦ᠋ᠳ ᠡᠮᠦᠨᠡᠬᠢ ᠤᠯᠠᠭᠠᠨ ᠬᠠᠲᠤᠨ ᠤ᠋ ᠡᠷᠭᠢ ᠥᠭᠡᠳᠡ ᠭᠦᠶᠦᠯᠳᠦᠭᠰᠡᠨ ᠳ᠋ᠦ᠍ ᠴᠠᠭᠠᠨ᠎ᠠ ᠠ᠋ᠴᠠ ᠸᠠᠩ ᠰᠣᠬᠣᠷ᠄
— ᠪᠣᠭᠣᠳᠠᠭ ᠰᠡᠲᠡᠯ! ᠤᠰᠤ ᠳᠡᠯᠪᠢ! ᠰᠢᠷ᠎ᠠ ᠴᠡᠷᠢᠭ ᠢ᠋ ᠪᠦᠭᠦᠳᠡ ᠶ᠋ᠢ ᠰᠥᠨᠥᠭᠡᠶ᠎ᠡ ᠭᠡᠵᠦ ᠬᠠᠰᠭᠢᠷᠠᠬᠤ ᠳᠠᠭᠤᠨ ᠢ᠋ᠶ᠋ᠠᠷ ᠤᠯᠠᠭᠠᠨ ᠬᠠᠲᠤᠨ ᠤ᠋ ᠪᠣᠭᠣᠳᠠᠭ ᠰᠡᠲᠡᠷᠡᠵᠦ ᠬᠦᠷᠡᠩ ᠤᠯᠠᠭᠠᠨ ᠪᠤᠤᠷ᠎ᠠ ᠶ᠋ᠢᠨ ᠰᠦᠷᠦᠭ ᠪᠤᠵᠢᠭᠢᠨᠠᠨ ᠢᠷᠡᠬᠦ ᠰᠢᠭ ᠦᠶᠡᠷ ᠦ᠋ᠨ ᠤᠰᠤ ᠱᠤᠤᠭᠢᠨ ᠳᠣᠭᠰᠢᠷᠠᠵᠤ ᠰᠢᠷ᠎ᠠ ᠴᠡᠷᠢᠭ ᠢ᠋ ᠤᠰᠤᠨ ᠳ᠋ᠤ᠌ ᠵᠢᠪᠦᠭᠦᠯᠪᠡ᠃
— ᠠᠮᠢ ᠠᠪᠤᠷᠠ ᠠ᠋! ᠦᠬᠦᠯ᠎ᠡ᠂ ᠦᠬᠦᠯ᠎ᠡ᠁ ᠤ᠂ ᠠ᠁
— ᠯᠤᠤᠰ ᠤ᠋ᠨ ᠡᠵᠡᠨ ᠠ᠋᠂ ᠠᠮᠢ ᠶ᠋ᠢ ᠮᠢᠨᠢ᠁ ᠭᠡᠬᠦ ᠤᠰᠤᠨ ᠳ᠋ᠤ᠌ ᠠᠪᠲᠠᠭᠰᠠᠨ ᠰᠢᠷ᠎ᠠ ᠴᠡᠷᠢᠭ ᠦ᠋ᠳ ᠡᠷᠢᠶᠡᠨ ᠮᠡᠷᠢᠶᠡᠨ ᠢ᠋ᠶ᠋ᠡᠷ ᠬᠠᠰᠬᠢᠷᠤᠯᠳᠤᠵᠤ ᠠᠮᠢ ᠭᠠᠷᠬᠤ ᠪᠠᠷ ᠲᠡᠯᠴᠢᠯᠡᠬᠦ ᠳ᠋ᠦ᠍ ᠵᠠᠪᠰᠠᠷ ᠣᠯᠵᠤ ᠠᠮᠢ ᠵᠢᠭᠤᠲᠠᠭᠰᠠᠨ ᠨᠢ ᠦᠬᠦᠬᠦ ᠪᠡᠨ ᠮᠡᠳᠡᠬᠦ ᠦᠭᠡᠢ ᠣᠮ ᠬᠣᠮ ᠦᠭᠡᠢ ᠳᠤᠲᠠᠭᠠᠵᠤ ᠠᠷᠢᠯᠤᠨ᠎ᠠ᠃
ᠤᠯᠠᠭᠠᠨ ᠬᠠᠲᠤᠨ ᠤ᠋ ᠡᠷᠭᠢ ᠳᠡᠭᠡᠷ᠎ᠡ ᠠᠷᠬᠠᠢᠲᠠᠯᠠ ᠵᠣᠭᠰᠣᠵᠠᠭᠠᠭᠰᠠᠨ ᠬᠠᠷ᠎ᠠ ᠴᠡᠷᠢᠭ ᠦ᠋ᠳ《ᠠ᠂ ᠢᠯᠠᠯᠲᠠ᠂ ᠠ᠂ ᠢᠯᠠᠯᠲᠠ! ᠬᠠ ᠬᠠ ᠬᠠ᠁》 ᠭᠡᠵᠦ ᠬᠠᠳᠠᠭᠠᠨᠠᠨ ᠢᠨᠢᠶᠡᠵᠦ᠂ ᠭᠠᠷ ᠰᠡᠷᠪᠡᠯᠵᠡᠨ ᠥᠨᠳᠥᠷ ᠳᠠᠭᠤᠨ ᠢ᠋ᠶ᠋ᠠᠷ ᠣᠷᠢᠯᠠᠯᠳᠤᠬᠤ ᠨᠢ ᠥᠭᠶᠥᠭᠡ ᠦᠵᠡᠭᠰᠡᠨ ᠬᠡᠷᠢᠶ᠎ᠡ ᠭᠤᠸᠠᠭᠯᠠᠬᠤ ᠮᠡᠲᠦ ᠠᠵᠢ᠃
ᠦᠳᠡᠰᠢ ᠶ᠋ᠢᠨ ᠲᠣᠯᠣᠩ ᠢᠳᠡᠭᠡᠰᠢᠭ ᠴᠠᠢ ᠶ᠋ᠢᠨ ᠥᠩᠭᠡ ᠪᠡᠷ ᠪᠤᠳᠤᠭᠰᠢᠵᠤ᠂ ᠬᠠᠷ᠎ᠠ ᠰᠢᠷ᠎ᠠ ᠴᠡᠷᠢᠭ ᠦ᠋ᠨ ᠠᠯᠠᠯᠳᠤᠭᠠᠨ ᠲᠤᠯᠤᠯᠳᠤᠭᠠᠨ ᠮᠥᠨ ᠠᠯᠢᠪᠠ ᠥᠷᠢᠰᠦᠯᠳᠦᠭᠡᠨᠲᠦ ᠥᠳᠥᠭᠡᠭᠴᠢ ᠪᠠ ᠲᠡᠢᠨ ᠲᠤᠯᠤᠭᠴᠢ ᠶ᠋ᠢᠨ ᠨᠢᠭᠡ ᠨᠢ ᠲᠠᠢᠯᠵᠤ ᠨᠥᠭᠦᠭᠡ ᠨᠢ ᠵᠠᠪᠠᠯ ᠳᠡᠢᠯᠳᠡᠳᠡᠭ ᠦ᠋ᠨ ᠵᠢᠮ᠎ᠡ ᠪᠡᠷ ᠬᠠᠷ᠎ᠠ ᠴᠡᠷᠢᠭ ᠲᠠᠢᠯᠵᠤ ᠰᠢᠷ᠎ᠠ ᠴᠡᠷᠢᠭ ᠵᠣᠩᠭᠢᠯᠬᠤ ᠴᠡᠷᠢᠭ ᠢ᠋ᠶ᠋ᠡᠨ ᠤᠯᠠᠭᠠᠨ ᠬᠠᠲᠤᠨ ᠤ᠋ ᠤᠰᠤᠨ ᠳ᠋ᠤ᠌ ᠵᠢᠪᠦᠭᠦᠯᠵᠦ ᠠᠮᠢ ᠶᠡᠬᠡ ᠲᠡᠢ ᠨᠢ ᠪᠤᠷᠬᠠᠨ ᠲᠩᠷᠢ ᠳ᠋ᠡᠭᠡᠨ ᠵᠠᠯᠪᠠᠷᠢᠵᠤ ᠪᠣᠷᠣ ᠮᠥᠷ ᠢ᠋ᠶ᠋ᠡᠷ ᠢ᠋ᠶ᠋ᠡᠨ ᠪᠤᠴᠠᠵᠤ ᠠᠷᠢᠯᠪᠠ᠃ ᠲᠡᠭᠡᠭᠰᠡᠨ ᠡᠴᠡ ᠬᠣᠢᠰᠢ ᠰᠢᠷ᠎ᠠ ᠴᠡᠷᠢᠭ ᠦ᠋ᠨ ᠬᠠᠮᠠᠷ ᠲᠤ ᠨᠢ ᠤᠲᠤᠭ᠎ᠠ ᠣᠷᠣᠵᠤ ᠬᠠᠰᠢᠷᠠᠭᠰᠠᠨ ᠪᠣᠯᠤᠯᠲᠠᠢ᠂ ᠳᠠᠬᠢᠵᠤ ᠪᠣᠷᠣᠲᠣᠬᠣᠢ ᠣᠷᠣᠨ ᠵᠦᠭ ᠥᠨᠳᠡᠯᠵᠡᠭᠰᠡᠨ ᠦᠭᠡᠢ᠃ ᠬᠠᠷᠢᠨ ᠮᠣᠯᠴᠣᠭ ᠬᠣᠰᠢᠭᠤ ᠪᠠᠷ ᠬᠣᠷᠭᠣᠳᠠᠭᠰᠠᠨ ᠴᠢᠮᠡᠭᠡ ᠳᠤᠭᠤᠯᠳᠠᠪᠠ᠃
ᠵᠠᠩᠵᠤᠨ ᠶᠠᠮᠤᠨ ᠤ᠋ ᠨᠣᠶᠠᠨ ᠴᠦ᠍ ᠪᠣᠷᠣᠳᠣᠬᠣᠢ ᠳ᠋ᠤ᠌ ᠰᠠᠭᠤᠵᠤ ᠪᠠᠢᠭᠰᠠᠨ ᠪᠣᠯᠬᠣᠷ ᠲᠡᠷᠡ ᠪᠡᠷ ᠸᠠᠩ ᠰᠣᠬᠣᠷ ᠢ᠋ ᠣᠷᠳᠣᠨ ᠳ᠋ᠠᠭᠠᠨ ᠳᠠᠭᠤᠳᠠᠨ ᠠᠭᠤᠯᠵᠠᠵᠤ ᠸᠠᠩ ᠰᠣᠬᠣᠷ ᠢ᠋《ᠪᠣᠷᠣᠲᠣᠬᠣᠢ ᠶ᠋ᠢ ᠡᠵᠡᠯᠡᠬᠦ ᠪᠡᠷ ᠭᠣᠷᠢᠳᠠᠭᠰᠠᠨ ᠰᠢᠷ᠎ᠠ ᠴᠡᠷᠢᠭ ᠲᠡᠢ ᠪᠠᠢᠯᠳᠤᠬᠤ ᠲᠤᠯᠤᠯᠳᠤᠭᠠᠨ ᠳ᠋ᠤ᠌ ᠤᠷ᠎ᠠ ᠤᠬᠠᠭᠠᠨ ᠢ᠋ᠶ᠋ᠠᠷ ᠤᠯᠠᠭᠠᠨ ᠬᠠᠲᠤᠨ ᠤ᠋ ᠤᠰᠤ ᠦᠶᠡᠷᠯᠡᠭᠦᠯᠵᠦ ᠰᠢᠷ᠎ᠠ ᠴᠡᠷᠢᠭ ᠢ᠋ ᠦᠯᠡᠮᠵᠢ ᠠᠷᠪᠢᠨ ᠤᠰᠠᠳᠬᠠᠵᠤ᠂ ᠪᠣᠷᠣᠲᠣᠬᠣᠢ ᠣᠷᠣᠨ ᠤ᠋ ᠠᠮᠤᠷ ᠲᠦᠪᠰᠢᠨ ᠢ᠋ ᠬᠠᠮᠠᠭᠠᠯᠠᠭᠰᠠᠨ ᠴᠢᠳᠠᠯᠲᠤ ᠪᠠᠭᠠᠲᠤᠷ》 ᠭᠡᠵᠦ ᠮᠠᠭᠲᠠᠭᠠᠳ ᠲᠡᠷᠢᠭᠦᠨ ᠭᠠᠪᠢᠶᠠᠲᠤ ᠣᠳᠣᠨ ᠵᠡᠭᠦᠯᠭᠡᠵᠦ ᠲᠡᠭᠦᠨ ᠢ᠋ ᠬᠠᠷ᠎ᠠ ᠴᠡᠷᠢᠭ ᠦ᠋ᠨ ᠪᠣᠷᠣᠲᠣᠬᠣᠢ ᠶ᠋ᠢᠨ ᠣᠷᠣᠨ ᠤ᠋ ᠳ᠋ᠢᠸᠢᠽᠢ ᠶ᠋ᠢᠨ ᠳᠠᠷᠤᠭ᠎ᠠ ᠪᠠᠷ ᠲᠣᠮᠢᠯᠠᠪᠠ᠃ ᠲᠡᠷᠡᠴᠢᠯᠡᠨ ᠪᠠᠰᠠ ᠪᠠᠷᠠᠭᠤᠨ ᠬᠦᠩ ᠦ᠋ᠨ ᠬᠦᠩ ᠨᠣᠶᠠᠨ ᠤ᠋ ᠪᠠᠭ᠎ᠠ ᠬᠠᠲᠤᠨ ᠰᠡᠷᠭᠦᠮ᠎ᠡ ᠶ᠋ᠢᠨ《ᠰᠢᠷ᠎ᠠ ᠴᠡᠷᠢᠭ ᠦ᠋ᠨ ᠡᠮᠦᠨ᠎ᠡ ᠡᠴᠡ ᠵᠣᠷᠢᠭᠲᠠᠢ ᠲᠤᠯᠵᠤ᠂ ᠥᠳᠥᠭᠡᠨ ᠪᠠᠢᠯᠳᠤᠭᠰᠠᠨ》 ᠦᠢᠯᠡ ᠠᠵᠢᠯᠯᠠᠭ᠎ᠠ ᠶ᠋ᠢ ᠴᠦ᠍ ᠡᠷᠡᠬᠡᠢ ᠭᠣᠵᠣᠢᠯᠭᠠᠨ ᠮᠠᠭᠲᠠᠵᠠᠢ᠃
ᠳᠡᠮᠡᠢ ᠰᠠᠷ᠎ᠠ ᠪᠣᠯᠤᠭᠰᠠᠨ ᠦᠭᠡᠢ ᠸᠠᠩ ᠰᠣᠬᠣᠷ ᠪᠠᠭ᠎ᠠ ᠬᠠᠲᠤᠨ ᠤ᠋ ᠴᠥᠭᠡᠪᠦᠷᠢ ᠮᠣᠩᠭᠣᠯ ᠴᠡᠷᠢᠭ ᠢ᠋ ᠬᠠᠷ᠎ᠠ ᠴᠡᠷᠢᠭ ᠦ᠋ᠨ ᠬᠠᠲᠠᠭᠤ ᠰᠤᠷᠭᠠᠭᠤᠯᠢᠯᠠᠯ ᠬᠢᠵᠦ ᠳᠠᠬᠢᠨ ᠴᠡᠭᠴᠡᠯᠡᠪᠡ᠃ ᠪᠠᠭ᠎ᠠ ᠬᠠᠲᠤᠨ ᠢ᠋ ᠴᠦ᠍ ᠵᠠᠩᠵᠤᠨ ᠶᠠᠮᠤᠨ ᠤ᠋ ᠵᠠᠰᠠᠭ ᠢ᠋ᠶ᠋ᠠᠷ ᠵᠥᠪᠰᠢᠶᠡᠷᠡᠭᠦᠯᠦᠨ ᠪᠠᠷᠠᠭᠤᠨ ᠬᠦᠩ ᠦ᠋ᠨ ᠬᠤᠰᠢᠭᠤᠨ ᠤ᠋ ᠠᠮᠤᠷ ᠬᠠᠮᠠᠭᠠᠯᠠᠬᠤ ᠴᠡᠷᠢᠭ ᠦ᠋ᠨ ᠰᠸᠯᠢᠩ ᠨᠣᠶᠠᠨ ᠤ᠋ ᠣᠳᠣ ᠵᠡᠭᠦᠯᠭᠡᠵᠦ ᠴᠡᠷᠢᠭ ᠬᠤᠪᠴᠠᠰᠤ ᠪᠠᠷ ᠱᠠᠩᠨᠠᠪᠠ᠃
ᠪᠠᠭ᠎ᠠ ᠬᠠᠲᠤᠨ ᠡᠨᠡ ᠡᠳᠦᠷ ᠡᠴᠡ ᠡᠬᠢᠯᠡᠵᠦ ᠮᠣᠩᠭᠣᠯ ᠤᠳᠤᠮ ᠤ᠋ᠨ ᠵᠠᠰᠠᠯ ᠵᠢᠮᠰᠡᠭᠲᠦ ᠬᠤᠪᠴᠠᠯᠠᠯ᠂ ᠵᠠᠰᠠᠭ ᠬᠦᠩ ᠨᠣᠶᠠᠨ ᠤ᠋ ᠪᠠᠭ᠎ᠠ ᠬᠠᠲᠤᠨ ᠤ᠋ ᠴᠢᠮᠡᠭ ᠵᠢᠮᠰᠡᠭ ᠢ᠋ᠶ᠋ᠡᠨ ᠪᠠᠭᠤᠯᠭᠠᠨ ᠬᠠᠷ᠎ᠠ ᠴᠡᠷᠢᠭ ᠦ᠋ᠨ ᠨᠣᠶᠠᠨ ᠤ᠋ ᠴᠠᠮᠪᠠᠨ ᠬᠤᠪᠴᠠᠰᠤ ᠡᠮᠦᠰᠴᠦ᠂ ᠰᠢᠷᠢᠨ ᠪᠥᠰᠡᠨ ᠳ᠋ᠡᠭᠡᠨ ᠠᠬᠤᠷ ᠫᠤᠤ ᠵᠡᠭᠦᠭᠰᠡᠨ ᠨᠢ ᠶᠡᠷᠦ ᠪᠤᠰᠤ ᠶ᠋ᠢᠨ ᠶᠡᠬᠡᠮᠰᠦᠭ ᠰᠦᠷᠯᠢᠭᠦᠨ ᠪᠣᠯᠵᠠᠢ᠃ ᠲᠡᠢᠨ ᠬᠦ᠌ ᠳᠣᠣᠷᠠᠬᠢ ᠬᠥᠮᠦᠰ ᠲᠡᠭᠡᠨ ᠵᠠᠷᠯᠢᠭ ᠵᠠᠬᠢᠶ᠎ᠠ ᠪᠠᠭᠤᠯᠭᠠᠵᠤ ᠨᠣᠶᠠᠯᠠᠬᠤ ᠳ᠋ᠤ᠌ ᠴᠠᠭᠠᠨ᠎ᠠ ᠪᠠᠨ ᠨᠢᠭᠡ ᠯᠡ ᠳᠠᠯᠳᠠ ᠲᠠᠮᠢᠷ ᠲᠠᠢ ᠰᠢᠭ᠋ ᠪᠣᠯᠤᠭᠰᠠᠨ ᠠᠵᠤᠭᠤ!
