ᠭᠤᠲᠠᠭᠠᠷ ᠪᠣᠲᠢ – ᠨᠢᠭᠡᠳᠦᠭᠡᠷ ᠪᠦᠯᠦᠭ <ᠳᠥᠷᠪᠡ>
ᠳᠥᠷᠪᠡ
ᠨᠠᠷᠠ ᠤᠨᠠᠵᠤ᠂ ᠲᠦᠳᠡᠯ ᠦᠭᠡᠢ ᠰᠢᠷᠠ ᠪᠦᠷᠦᠢ ᠲᠠᠰᠤᠷᠠᠨ ᠳ᠋ᠧᠩ ᠲᠠᠯᠪᠢᠬᠤ ᠪᠣᠯᠪᠠ᠃
ᠥᠭᠡᠬᠦᠨ ᠲᠣᠰᠣ ᠰᠢᠭ᠋ ᠴᠠᠷᠴᠠᠮᠠᠲᠠᠭᠠᠢ᠂ ᠭᠠᠯ ᠦᠵᠡᠭᠰᠡᠭᠡᠷ ᠬᠠᠢᠯᠤᠩᠬᠠᠢ ᠯᠠ ᠶ᠋ᠢᠨ ᠭᠡᠷᠡᠯ ᠳᠦᠷᠢ ᠮᠠᠭᠤᠲᠠᠢ ᠰᠦᠮᠡᠯᠵᠡᠵᠦ᠂ ᠵᠢᠪᠠᠷ ᠨᠥᠭᠡᠭᠰᠡᠨ ᠲᠠᠯᠠ ᠠ᠋ᠴᠠ ᠪᠠᠨ ᠬᠡᠯᠲᠡᠭᠡᠢ ᠠᠰᠠᠵᠤ ᠨᠢᠯᠪᠤᠰᠤ ᠴᠤᠪᠤᠷᠠᠭᠤᠯᠤᠨ ᠤᠬᠢᠯᠠᠭᠰᠠᠨ ᠪᠦᠰᠡᠭᠦᠢ ᠬᠥᠮᠦᠨ ᠰᠢᠭ ᠬᠠᠷᠠᠭᠳᠠᠬᠤ ᠨᠢ ᠤᠶᠠᠷᠠᠯᠲᠠᠢ᠃
ᠰᠦᠮᠡᠯᠵᠡᠬᠦ ᠯᠡ ᠶ᠋ᠢᠨ ᠭᠡᠷᠡᠯ ᠢ᠋ ᠬᠠᠷᠠᠭᠠᠳ ᠨᠢᠭᠡ ᠦᠶᠡ ᠪᠣᠳᠣᠯᠭᠠᠰᠢᠷᠠᠨ ᠰᠠᠭᠤᠭᠰᠠᠨ ᠪᠠᠭᠠ ᠬᠠᠲᠤᠨ ᠤ᠋ ᠵᠡᠭᠦᠨ ᠨᠢᠳᠦᠨ ᠦ᠌ ᠳᠣᠣᠷᠠ ᠵᠣᠪᠬᠢ ᠨᠢ ᠰᠦᠷᠡᠬᠡᠢ ᠲᠠᠲᠠᠯᠳᠤᠭᠰᠠᠨ ᠳ᠋ᠤ᠌ ᠴᠦᠳᠡᠩ ᠦ᠋ᠨ ᠮᠣᠳᠣ ᠬᠤᠭᠤᠯᠵᠤ ᠰᠢᠯᠦᠰᠦᠳᠡᠨ ᠵᠣᠪᠬᠢᠨ ᠳ᠋ᠠᠭᠠᠨ ᠨᠠᠭᠠᠯᠳᠤᠭᠤᠯᠤᠭᠰᠠᠨ ᠳ᠋ᠤ᠌ ᠠᠷᠠᠢ ᠭᠡᠭᠴᠢ ᠨᠠᠮᠵᠢᠪᠠ᠃ ᠲᠡᠭᠡᠬᠦ ᠡᠴᠡ ᠳᠣᠲᠣᠷᠠ ᠨᠢ ᠶᠠᠮᠠᠷ ᠨᠢᠭᠡ ᠮᠠᠭᠤ ᠰᠤᠪᠢᠨ ᠲᠥᠷᠥᠭᠳᠡᠬᠦ ᠰᠢᠭ᠃ ᠪᠠᠷᠠᠭᠤᠨ ᠨᠢᠳᠦᠨ ᠦ᠌ ᠵᠣᠪᠬᠢ ᠲᠠᠲᠠᠯᠳᠤᠪᠠᠯ ᠪᠠᠶᠠᠷᠯᠠᠨᠠ᠃ ᠵᠡᠭᠦᠨ ᠨᠢᠳᠦᠨ ᠦ᠌ ᠵᠣᠪᠬᠢ ᠲᠠᠲᠠᠯᠳᠤᠪᠠᠯ ᠤᠬᠢᠯᠠᠨᠠ ᠭᠡᠳᠡᠭ ᠭᠡᠵᠦ ᠬᠠᠭᠤᠴᠢᠨ ᠤ᠋ ᠬᠥᠮᠦᠰ ᠬᠡᠯᠡᠳᠡᠭ ᠢ᠋ ᠰᠠᠨᠠᠬᠤ ᠳ᠋ᠤ᠌ ᠰᠠᠭᠤᠳᠠᠯ ᠳᠣᠣᠷᠠ ᠠ᠋ᠴᠠ ᠨᠢ ᠥᠷᠭᠡᠰᠦ ᠬᠠᠳᠬᠤᠭᠰᠠᠨ ᠰᠢᠭ᠋ ᠲᠣᠭᠲᠠᠪᠤᠷᠢ ᠠᠯᠳᠠᠪᠠ᠃
《ᠲᠠᠯᠢᠢᠭᠴᠢ ᠰᠢᠷᠠᠪᠳᠣᠷᠵᠢ ᠬᠦᠩ ᠨᠣᠶᠠᠨ ᠤ᠋ ᠲᠠᠯᠠ ᠬᠠᠷᠠᠵᠤ ᠸᠠᠩ ᠰᠣᠬᠣᠷ ᠢ᠋ ᠨᠥᠮᠥᠷᠢᠳᠡᠵᠦ ᠣᠴᠢᠬᠤ ᠳ᠋ᠤ᠌ ᠲᠡᠷᠡ ᠦᠭᠡᠢ ᠭᠡᠵᠦ ᠬᠡᠯᠡᠬᠦ ᠦᠭᠡᠢ ᠨᠢ ᠯᠠᠪ᠃ ᠲᠡᠭᠡᠬᠦ ᠳ᠋ᠦ᠍ ᠬᠣᠢᠨᠠ ᠠ᠋ᠴᠠ ᠨᠢ ᠭᠠᠵᠠᠷ ᠨᠤᠲᠤᠭ ᠭᠡᠵᠦ ᠠᠰᠢᠭ ᠴᠣᠬᠢᠬᠤ ᠶᠠᠭᠤᠮᠠ ᠬᠢᠬᠦ ᠡᠴᠡ ᠶᠠᠭ ᠪᠤᠴᠠᠳᠠᠭ ᠦᠭᠡᠢ ᠲᠣᠯᠣᠭᠠᠢ᠃ ᠡᠨᠳᠡ ᠡᠴᠡ ᠵᠠᠢᠯᠠᠬᠤ ᠦᠭᠡᠢ ᠭᠡᠬᠦ ᠳ᠋ᠦ᠍ ᠪᠠ ᠲᠤᠸᠠᠨᠵᠠᠩ ᠡᠢᠨ ᠲᠡᠢᠨ ᠭᠡᠵᠦ ᠡᠳᠦᠷᠵᠢᠨ ᠠᠮᠤᠷ ᠪᠠᠢᠯᠭᠠᠬᠤ ᠦᠭᠡᠢ᠃ ᠲᠡᠭᠡᠭᠰᠡᠭᠡᠷ ᠪᠠᠢᠵᠤ ᠰᠢᠷᠠ ᠴᠡᠷᠢᠭ ᠪᠣᠷᠣᠳᠣᠬᠣᠢ ᠤᠷᠤᠭᠤ ᠰᠢᠬᠠᠵᠤ ᠢᠷᠡᠪᠡᠯ ᠴᠤ᠌ ᠪᠠᠰᠠ ᠠᠮᠠᠷ ᠦᠭᠡᠢ᠃ ᠡᠯᠳᠡᠩᠭᠡ ᠭᠡᠵᠦ ᠨᠤᠲᠤᠭ ᠳᠥᠭᠥᠬᠦ ᠰᠤᠷᠠᠭ ᠲᠠᠢ᠁ ᠡᠨᠡ ᠭᠤᠷᠪᠠ ᠶ᠋ᠢᠨ ᠬᠦᠴᠦ ᠡᠷᠴᠢᠮᠯᠡᠪᠡᠯ ᠬᠡᠴᠡᠭᠦᠦ ᠠ᠋!》 ᠭᠡᠵᠦ ᠳᠣᠲᠣᠷᠠ ᠪᠠᠨ ᠪᠣᠳᠣᠭᠰᠠᠨ ᠪᠠᠭᠠ ᠬᠠᠲᠤᠨ ᠥᠷᠥᠭᠡᠨ ᠳ᠋ᠡᠭᠡᠨ ᠨᠠᠭᠠᠰᠢ ᠴᠠᠭᠠᠰᠢ ᠳᠡᠮᠡᠢ ᠯᠡ ᠬᠣᠯᠬᠢᠭᠰᠠᠨ ᠢ᠋ᠶ᠋ᠠᠨ ᠪᠤᠷᠬᠠᠨ ᠳ᠋ᠠᠭᠠᠨ ᠵᠤᠯᠠ ᠠᠰᠠᠭᠠᠵᠤ ᠮᠥᠷᠭᠥᠭᠡᠳ《ᠪᠤᠷᠬᠠᠨ ᠲᠩᠷᠢ ᠮᠢᠨᠢ᠂ ᠢᠪᠡᠭᠡᠵᠦ ᠬᠠᠢᠷᠠᠯᠠ᠁》 ᠭᠡᠵᠦ ᠳᠦᠳᠦᠨᠡᠲᠡᠯᠡ ᠭᠠᠳᠠᠨᠠ ᠠ᠋ᠴᠠ ᠷᠠᠰᠢ ᠵᠠᠬᠢᠷᠤᠭᠴᠢ ᠭᠠᠷ ᠲᠠᠭᠠᠨ ᠪᠣᠷᠣ ᠲᠣᠭᠳᠣᠢ ᠲᠠᠢ ᠵᠠᠬᠢᠳᠠᠯ ᠠᠪᠴᠤ ᠣᠷᠣᠵᠤ ᠢᠷᠡᠨ᠄
— ᠪᠠᠭᠠ ᠬᠠᠲᠤᠨ ᠠᠮᠤᠷ? ᠭᠡᠰᠡᠨ ᠳ᠋ᠦ᠍᠂ ᠪᠠᠭᠠ ᠬᠠᠲᠤᠨ ᠦᠭᠡ ᠳᠤᠤᠭᠠᠷᠤᠭᠰᠠᠨ ᠦᠭᠡᠢ ᠪᠣᠯᠪᠠᠴᠤ《ᠠᠮᠤᠷ ᠯᠠ ᠭᠡᠵᠦ ᠬᠡᠯᠡᠬᠦ ᠤᠤ⁈》 ᠭᠡᠰᠡᠨ ᠲᠥᠯᠥᠪᠲᠡᠢ ᠵᠣᠪᠠᠨᠢᠭᠰᠠᠨ ᠴᠢᠷᠠᠢ ᠶ᠋ᠢ ᠦᠵᠡᠵᠦ ᠭᠠᠷᠤᠭᠰᠠᠨ ᠷᠠᠰᠢ ᠵᠠᠬᠢᠷᠤᠭᠴᠢ᠄
— ᠪᠠᠭᠠ ᠬᠠᠲᠤᠨ ᠠ᠋᠂ ᠪᠦᠬᠦ ᠶᠠᠭᠤᠮᠠ ᠪᠡᠯᠡᠨ ᠪᠣᠯᠤᠭᠰᠠᠨ᠃ ᠥᠨᠥ ᠰᠥᠨᠢ ᠳ᠋ᠡᠭᠡᠨ ᠬᠥᠳᠡᠯᠬᠦ ᠤᠤ? ᠭᠡᠯᠡ᠃
— ᠰᠥᠨᠢ ᠬᠠᠷᠠᠩᠭᠤᠢ ᠪᠠᠷ ᠲᠦᠩᠬᠦᠭᠡᠨᠡᠭᠡᠳ ᠴᠤ᠌ ᠶᠠᠭᠠᠬᠢᠬᠤ ᠪᠣᠢ? ᠮᠠᠷᠭᠠᠲᠤᠷ ᠡᠷᠲᠡ ᠬᠥᠳᠡᠯᠬᠦ ᠳ᠋ᠦ᠍ ᠣᠷᠣᠢᠲᠠᠬᠤ ᠦᠭᠡᠢ ᠪᠢᠰᠢ ᠤᠤ!
— ᠥᠨᠥ ᠰᠥᠨᠢ ᠳ᠋ᠡᠭᠡᠨ ᠬᠥᠳᠡᠯᠬᠦ ᠨᠢ ᠳᠡᠭᠡᠷᠡ ᠪᠠᠢᠬᠠ᠃ ᠸᠠᠩ ᠰᠣᠬᠣᠷ ᠤ᠋ᠨ ᠲᠡᠨᠳᠡ ᠡᠴᠡ ᠬᠠᠩᠬᠠᠲᠡᠢ ᠶ᠋ᠢᠨ ᠨᠠᠭᠠᠨᠠ ᠦᠶᠦᠸᠡᠨ ᠦ᠌ ᠣᠷᠴᠢᠮ ᠪᠠᠭᠠ ᠬᠠᠲᠤᠨ ᠢ᠋ ᠤᠭᠲᠤᠵᠤ ᠪᠠᠢᠶᠠ ᠭᠡᠰᠡᠨ ᠴᠢᠮᠡᠭᠡ ᠢᠷᠡᠭᠦᠯᠦᠭᠰᠡᠨ ᠪᠣᠯᠬᠣᠷ ᠡᠷᠲᠡᠬᠡᠨ ᠬᠥᠳᠡᠯᠪᠡᠯ ᠳᠡᠭᠡᠷᠡ ᠪᠣᠯᠪᠠ ᠤᠤ! ᠪᠠᠭᠠ ᠬᠠᠲᠤᠨ ᠲᠠ ᠡᠭᠦᠨ ᠢ᠋ ᠲᠤᠩᠭᠠᠵᠤ ᠦᠵᠡ! ᠭᠡᠳ ᠭᠠᠷ ᠳᠠᠬᠢ ᠵᠠᠬᠢᠳᠠᠯ ᠢ᠋ᠶ᠋ᠠᠨ ᠪᠠᠭᠠ ᠬᠠᠲᠤᠨ ᠳ᠋ᠤ᠌ ᠥᠭᠪᠡ᠃
— ᠸᠠᠩ ᠰᠣᠬᠣᠷ ᠤ᠋ᠨ ᠲᠡᠨᠳᠡ ᠡᠴᠡ ᠨᠠᠭᠠᠰᠢᠲᠠᠢ ᠴᠢᠮᠡᠭᠡ ᠲᠡᠢ ᠤᠤ?
— ᠲᠠ ᠵᠠᠬᠢᠳᠠᠯ ᠢ᠋ ᠨᠢ ᠦᠵᠡᠭᠡᠴᠢ ᠳᠡ!
ᠪᠠᠭᠠ ᠬᠠᠲᠤᠨ ᠥᠨᠥᠬᠢ ᠵᠠᠬᠢᠳᠠᠯ ᠢ᠋ ᠵᠠᠳᠠᠯᠵᠤ ᠦᠵᠡᠪᠡᠯ᠄
《ᠪᠠᠷᠠᠭᠤᠨ ᠬᠦᠩ ᠦ᠋ᠨ ᠪᠠᠭᠠ ᠬᠠᠲᠤᠨ ᠢ᠋ ᠪᠠᠶᠠᠷᠯᠠᠨ ᠤᠭᠲᠤᠶᠠ᠃ ᠴᠡᠷᠢᠭ ᠮᠣᠷᠢ ᠪᠠᠨ ᠦᠳᠲᠡᠷ ᠠᠪᠴᠤ ᠢᠷᠡᠨ ᠬᠦᠴᠦ ᠴᠢᠳᠠᠯ ᠢ᠋ᠶ᠋ᠠᠨ ᠴᠡᠨᠡᠭᠯᠡᠵᠦ ᠪᠠᠢᠭᠠᠳ ᠰᠢᠷᠠ ᠴᠡᠷᠢᠭ ᠢ᠋ ᠬᠠᠮᠲᠤ ᠪᠠᠷ ᠴᠣᠬᠢᠰᠤᠭᠠᠢ! ᠥᠨᠥᠳᠥᠷ ᠪᠢ ᠨᠢᠭᠡ ᠰᠤᠮᠤ ᠴᠡᠷᠢᠭ ᠶᠠᠪᠤᠭᠤᠯᠵᠤ ᠦᠶᠦᠸᠡᠨ ᠦ᠌ ᠣᠷᠴᠢᠮ ᠠ᠋ᠴᠠ ᠲᠠ ᠨᠠᠷ ᠢ᠋ ᠲᠣᠰᠴᠤ ᠠᠪᠤᠶᠠ!》 ᠭᠡᠰᠡᠨ ᠪᠠᠢᠵᠠᠢ᠃
— ᠸᠠᠩ ᠰᠣᠬᠣᠷ ᠴᠤ᠌ ᠲᠦᠳᠡ ᠰᠢᠯᠤᠭᠤᠨ ᠪᠠᠢᠨᠠ᠃
— ᠲᠡᠢᠮᠦ ᠠ᠋! ᠲᠡᠭᠡᠪᠡᠴᠦ ᠸᠠᠩ ᠰᠣᠬᠣᠷ ᠡᠬᠢᠯᠡᠭᠡᠳ ᠬᠡᠳᠦᠢ ᠰᠢᠯᠤᠭᠤᠨ ᠪᠠᠢᠪᠠᠯ ᠳᠠᠪᠰᠢᠭᠠᠳ ᠲᠡᠳᠦᠢ ᠰᠢᠨᠤᠭ ᠪᠠᠢᠳᠠᠭ ᠶᠤᠮ ᠳᠠ!
— ᠲᠡᠷᠡ ᠴᠦ᠍ ᠲᠡᠢᠮᠦ ᠠ᠋᠂ ᠸᠠᠩ ᠰᠣᠬᠣᠷ ᠤ᠋ᠨ ᠬᠣᠨᠵᠢᠶᠠ᠂ ᠮᠥᠯᠵᠢᠶᠡ᠂ ᠲᠤᠨᠤᠶᠠ ᠭᠡᠳᠡᠭ ᠰᠢᠨᠤᠯ ᠨᠢ ᠭᠣᠣᠯ ᠨᠢ ᠲᠠᠰᠤᠷᠠᠬᠤ ᠦᠭᠡᠢ ᠪᠣᠯ ᠭᠣᠷᠢ ᠨᠢ ᠲᠠᠰᠤᠷᠠᠬᠤ ᠦᠭᠡᠢ ᠭᠡᠳᠡᠭ ᠢ᠋ ᠶᠠᠮᠠᠷ ᠮᠡᠳᠡᠬᠦ ᠦᠭᠡᠢ ᠴᠦ᠍ ᠪᠢᠰᠢ ᠳᠡ᠃ ᠭᠡᠬᠦ ᠳ᠋ᠡᠭᠡᠨ ᠤᠷᠢᠳ ᠢ᠋ᠶ᠋ᠠᠷ ᠲᠡᠨᠳᠡ ᠣᠴᠢᠵᠤ ᠬᠥᠯ ᠲᠣᠭᠲᠠᠵᠤ ᠪᠠᠢᠭᠠᠳ ᠮᠡᠳᠡᠶᠡ! ᠭᠡᠰᠡᠨ ᠳ᠋ᠦ᠍ ᠷᠠᠰᠢ ᠵᠠᠬᠢᠷᠤᠭᠴᠢ᠄
— ᠲᠡᠷᠡ ᠵᠥᠪ! ᠲᠡᠭᠡᠭᠡᠳ ᠶᠠᠭᠠᠬᠢᠬᠤ ᠤᠤ? ᠥᠨᠥ ᠰᠥᠨᠢ ᠳ᠋ᠡᠭᠡᠨ᠁ ᠭᠡᠵᠦ ᠬᠡᠯᠡᠵᠦ ᠪᠠᠷᠠᠬᠤ ᠠ᠋ᠴᠠ ᠡᠮᠦᠨᠡ ᠪᠠᠭᠠ ᠬᠠᠲᠤᠨ᠄
— ᠵᠠᠪᠠᠯ ᠥᠨᠥ ᠰᠥᠨᠢ ᠳ᠋ᠡᠭᠡᠨ ᠬᠥᠳᠡᠯᠬᠦ ᠴᠢᠬᠤᠯᠠᠲᠠᠢ ᠤᠤ? ᠭᠡᠯᠡ᠃
— ᠮᠢᠨᠦ ᠦᠵᠡᠬᠦ ᠪᠡᠷ ᠬᠥᠳᠡᠯᠪᠡᠯ ᠰᠠᠢᠨ᠃ ᠤᠴᠢᠷ ᠨᠢ ᠪᠠᠭᠠ ᠬᠠᠲᠤᠨ ᠪᠠ ᠲᠤᠸᠠᠨᠵᠠᠩ ᠤ᠋ᠨ ᠥᠨᠥ ᠣᠷᠣᠢ ᠶ᠋ᠢᠨ ᠳᠠᠢᠯᠠᠯᠭᠠ ᠳ᠋ᠤ᠌ ᠣᠷᠣᠯᠴᠠᠭᠰᠠᠨ ᠦᠭᠡᠢ ᠳ᠋ᠦ᠍ ᠮᠠᠭᠤ ᠰᠠᠨᠠᠵᠤ᠂ ᠮᠠᠷᠭᠠᠲᠤᠷ ᠠ᠋ᠴᠠ ᠲᠠᠨ ᠤ᠋ ᠭᠠᠷᠬᠤ ᠵᠠᠮ ᠢ᠋ ᠬᠠᠭᠠᠵᠤ ᠮᠡᠳᠡᠨᠡ᠃ ᠮᠣᠯᠴᠣᠭ ᠬᠤᠰᠢᠭᠤᠨ ᠤ᠋ ᠪᠠᠷᠠᠭᠤᠨ ᠠᠮᠠ ᠶ᠋ᠢ ᠨᠢᠭᠡᠨᠲᠡ ᠲᠡᠳᠡᠨ ᠦ᠌ ᠴᠡᠷᠢᠭ ᠬᠠᠭᠠᠴᠢᠬᠠᠭᠰᠠᠨ ᠪᠣᠯᠬᠣᠷ ᠥᠨᠥ ᠰᠥᠨᠢ ᠳ᠋ᠡᠭᠡᠨ ᠬᠥᠳᠡᠯᠬᠦ ᠦᠭᠡᠢ ᠪᠣᠯ ᠭᠣᠷᠢ ᠦᠭᠡᠢ᠃ ᠳᠠᠬᠢᠭᠠᠳ ᠬᠡᠯᠡᠪᠡᠯ᠂ ᠡᠯᠳᠡᠩᠭᠡ ᠮᠢᠩᠭᠠᠨ ᠬᠤᠰᠢᠭᠤᠨ ᠤ᠋ ᠲᠡᠨᠳᠡ ᠡᠴᠡ ᠨᠤᠲᠤᠭ ᠪᠤᠴᠠᠬᠤ ᠴᠢᠮᠡᠭᠡ ᠲᠡᠢ᠁
— ᠰᠢᠷᠠ ᠴᠡᠷᠢᠭ ᠪᠣᠷᠣᠳᠣᠬᠣᠢ ᠶ᠋ᠢᠨ ᠨᠤᠲᠤᠭ ᠨᠥᠷᠢᠵᠦ ᠢᠷᠡᠬᠦ ᠳᠡᠯᠢᠮ ᠳ᠋ᠦ᠍ ᠡᠯᠳᠡᠩᠭᠡ ᠯᠠᠪ ᠪᠤᠴᠠᠵᠤ ᠢᠷᠡᠨᠡ᠃ ᠲᠡᠷᠡ ᠪᠡᠷ ᠪᠠᠷᠰ ᠤ᠋ᠨ ᠰᠦᠷ ᠨᠥᠮᠥᠷᠢ ᠪᠡᠷ ᠣᠭᠰᠣᠢᠭᠰᠠᠨ ᠦᠨᠡᠭᠡ ᠪᠣᠯᠵᠤ ᠱᠣᠭᠰᠢᠬᠤ ᠪᠣᠯᠵᠢ ᠳᠠ! ᠡᠯᠳᠡᠩᠭᠡ ᠶ᠋ᠢᠨ ᠬᠠᠰᠢᠷ ᠲᠣᠯᠣᠭᠠᠢ ᠡᠨᠡᠭᠦᠬᠡᠨ ᠵᠢᠭᠠᠬᠠᠨ ᠵᠠᠪᠰᠢᠶᠠᠨ ᠢ᠋ ᠠᠯᠳᠠᠨᠠ ᠭᠡᠵᠦ ᠯᠠᠪ ᠪᠠᠢᠬᠤ ᠦᠭᠡᠢ᠃
— ᠡᠯᠳᠡᠩᠭᠡ ᠪᠤᠴᠠᠵᠤ ᠢᠷᠡᠪᠡᠯ ᠪᠢᠳᠡᠨᠦᠰ ᠲᠦ᠍ ᠭᠠᠢ ᠲᠠᠷᠢᠬᠤ ᠨᠢ ᠭᠠᠷᠴᠠᠭᠠ ᠦᠭᠡᠢ᠃ ᠢᠩᠭᠢᠬᠦᠯᠡᠷ ᠪᠢᠳᠡ ᠡᠨᠳᠡ ᠡᠴᠡ ᠡᠷᠲᠡᠬᠡᠨ ᠰᠢᠭ ᠬᠥᠳᠡᠯᠦᠭᠰᠡᠨ ᠨᠢ ᠳᠡᠭᠡᠷᠡ᠃ ᠲᠡᠳᠡᠨᠦᠰ ᠦ᠋ᠨ ᠪᠣᠭᠣᠯᠭᠠᠨ ᠳ᠋ᠤ᠌ ᠣᠷᠣᠴᠢᠬᠠᠭᠰᠠᠭᠠᠷ ᠴᠤ᠌ ᠭᠠᠰᠠᠯᠪᠠᠴᠤ ᠣᠷᠣᠢᠲᠠᠨᠠ᠃
— ᠲᠡᠭᠡᠪᠡᠯ ᠥᠨᠥ ᠣᠷᠣᠢ ᠳ᠋ᠠᠭᠠᠨ ᠬᠥᠳᠡᠯᠳᠡᠭ ᠶᠦᠮ ᠤᠤ?!
— ᠲᠡᠢᠮᠦ! ᠲᠡᠷᠡ ᠮᠥᠷᠲᠡᠭᠡᠨ ᠵᠠᠮ ᠪᠤᠷᠤᠭᠤᠯᠠᠵᠤ ᠶᠠᠪᠤᠬᠤ ᠬᠡᠷᠡᠭᠲᠡᠢ᠃ ᠰᠢᠪ ᠰᠢᠯᠤᠭᠤᠨ ᠰᠢᠷᠠ ᠵᠠᠮ ᠳᠠᠭᠠᠭᠠᠳ ᠪᠠᠷᠠᠭᠤᠨᠰᠢᠯᠠᠵᠤ ᠯᠠ ᠪᠣᠯᠬᠤ ᠦᠭᠡᠢ ᠭᠡᠪᠡ᠃
— ᠰᠥᠨᠢ ᠬᠠᠷᠠᠩᠭᠤᠢ ᠳ᠋ᠤ᠌ ᠴᠡᠷᠢᠭ ᠮᠣᠷᠢ᠂ ᠠᠴᠢᠶᠠ ᠬᠥᠰᠬᠡ ᠭᠡᠳ ᠬᠥᠳᠡᠯᠬᠦ ᠳ᠋ᠦ᠍ ᠪᠡᠯᠡᠨ ᠪᠠᠢᠭᠠ ᠪᠢᠵᠡ⁈
— ᠪᠡᠯᠡᠨ ᠪᠣᠯᠤᠭᠰᠠᠨ᠃
— ᠲᠡᠭᠡᠪᠡᠯ ᠬᠠᠮᠢᠭᠠᠰᠢ ᠪᠠᠨ ᠵᠠᠮ ᠴᠢᠭ ᠢ᠋ᠶ᠋ᠡᠨ ᠪᠤᠷᠤᠭᠤᠯᠠᠳᠠᠭ ᠪᠢᠯᠡ? ᠭᠠᠭᠴᠠ ᠵᠠᠮ ᠣᠩᠭᠣᠢᠭᠰᠠᠨ ᠪᠠᠷᠠᠭᠤᠨ ᠵᠦᠭ ᠢ᠋ ᠲᠡᠳᠡᠨ ᠦ᠌ ᠴᠡᠷᠢᠭ ᠬᠠᠭᠠᠭᠰᠠᠨ ᠪᠣᠯ ᠶᠠᠷᠰᠢᠭ ᠪᠣᠯᠵᠤ ᠳᠠ! ᠮᠣᠯᠴᠣᠭ ᠤ᠋ᠨ ᠠᠮᠠ ᠶ᠋ᠢ ᠰᠠᠬᠢᠭᠰᠠᠨ ᠴᠡᠷᠢᠭ ᠢ᠋ ᠲᠠᠠᠭᠠᠷᠢᠨ ᠰᠢᠪᠲᠤᠯᠬᠤ ᠤᠤ⁈
— ᠪᠣᠯᠬᠤ ᠦᠭᠡᠢ᠃ ᠲᠡᠳᠡᠨ ᠦ᠌ ᠴᠡᠷᠢᠭ ᠰᠢᠯᠤᠭᠤᠬᠠᠨ᠂ ᠪᠢᠳᠡᠨ ᠦ᠌ ᠴᠡᠷᠢᠭ ᠠᠴᠢᠶᠠ ᠬᠥᠰᠬᠡ ᠲᠡᠢ ᠶ᠋ᠢ ᠬᠡᠯᠡᠬᠦ ᠦᠭᠡᠢ ᠪᠠᠭᠠ ᠠᠭᠡ ᠶ᠋ᠢ ᠠᠪᠴᠤ ᠶᠠᠪᠤᠭᠠ ᠪᠣᠯᠬᠣᠷ ᠰᠢᠪᠲᠤᠯᠤᠨ ᠭᠠᠷᠬᠤ ᠨᠢ ᠠᠶᠤᠯᠲᠠᠢ᠃
— ᠵᠠ ᠲᠡᠭᠡᠭᠡᠳ ᠵᠡᠭᠦᠨᠰᠢᠯᠡᠶᠡ ᠭᠡᠬᠦ ᠳ᠋ᠦ᠍ ᠵᠣᠷᠢᠭᠰᠠᠨ ᠴᠢᠭ ᠢ᠋ ᠲᠡᠷᠰᠯᠡᠭᠰᠡᠨ ᠲᠣᠭᠣᠷᠢᠭᠤ ᠵᠠᠮ ᠦ᠋ᠨ ᠪᠤᠷᠤᠭᠤ ᠵᠦᠭ᠃ ᠡᠮᠦᠨᠡᠰᠢᠯᠡᠶᠡ ᠭᠡᠬᠦ ᠳ᠋ᠦ᠍ ᠤᠯᠠᠭᠠᠨ ᠬᠠᠲᠤᠨ ᠬᠣᠷᠢᠭ ᠲᠠᠢ᠂ ᠬᠣᠢᠰᠢᠯᠠᠶᠠ ᠭᠡᠬᠦ ᠳ᠋ᠦ᠍ ᠪᠠᠷᠲᠠᠭᠠ ᠶᠡᠬᠡ ᠮᠤᠨᠠ ᠠᠭᠤᠯᠠ ᠶ᠋ᠢ ᠶᠠᠭᠠᠬᠢᠵᠤ ᠴᠤ᠌᠁ ᠭᠡᠰᠡᠨ ᠳ᠋ᠦ᠍ ᠷᠠᠰᠢ ᠵᠠᠬᠢᠷᠤᠭᠴᠢ᠄
— ᠶᠠᠭ ᠡᠢᠮᠦ ᠪᠣᠯᠬᠣᠷ ᠪᠠᠷᠲᠠᠭᠠ ᠶᠡᠬᠡᠲᠡᠢ ᠮᠤᠨᠠ ᠠᠭᠤᠯᠠ ᠶ᠋ᠢ ᠵᠣᠷᠢᠵᠤ ᠶᠠᠪᠤᠬᠤ ᠨᠢ ᠳᠡᠭᠡᠳᠦ ᠶ᠋ᠢᠨ ᠤᠬᠠᠭᠠᠨ᠃ ᠪᠢᠳᠡ ᠡᠨᠡ ᠰᠥᠨᠢ ᠳ᠋ᠡᠭᠡᠨ ᠬᠥᠳᠡᠯᠵᠦ᠂ ᠤᠷᠲᠤ ᠭᠣᠣᠯ ① ᠢ᠋ᠶ᠋ᠠᠷ ᠥᠭᠡᠳᠡᠯᠡᠵᠦ ᠦᠦᠷ ᠬᠠᠶᠠᠭᠠᠷᠠᠬᠤ ᠳ᠋ᠤ᠌ ᠮᠤᠨᠠ ᠶ᠋ᠢᠨ ᠰᠢᠷᠠ ᠣᠷᠣᠢ ᠶ᠋ᠢᠨ ᠪᠠᠷᠠᠭᠤᠨ ᠬᠢᠷᠠ ᠳᠡᠭᠡᠷᠡ ᠭᠠᠷᠴᠤ ᠳᠠᠬᠢᠨ ᠬᠢᠷᠠ ᠳᠠᠭᠠᠨ ᠪᠠᠷᠠᠭᠤᠨᠰᠢᠯᠠᠭᠠᠳ ᠣᠷᠪᠣᠭ ᠤ᠋ᠨ ᠠᠭᠤᠯᠠᠨ ᠤ᠋ ᠠᠷᠴᠠ ᠶ᠋ᠢᠨ ᠡᠩᠭᠡᠷ ᠢ᠋ᠶ᠋ᠡᠷ ᠠᠷᠤᠨᠰᠢ ᠪᠠᠨ ᠪᠠᠭᠤᠶᠠ᠃ ᠲᠡᠭᠡᠭᠡᠳ ᠪᠠᠷᠠᠭᠤᠨ ᠬᠣᠢᠰᠢ ᠪᠠᠨ ᠤᠯᠠᠭᠠᠨ ᠰᠤᠬᠠᠢ ᠨᠠᠭᠤᠷ ᠤ᠋ᠨ ᠠᠷᠤ ᠪᠠᠷ ᠲᠣᠭᠣᠷᠢᠨ ᠰᠢᠭᠤᠳ ᠬᠠᠩᠬᠠᠳᠠᠢ ᠶ᠋ᠢ ᠵᠣᠷᠢᠨᠠ᠁ ᠭᠡᠰᠡᠨ ᠳ᠋ᠦ᠍ ᠪᠠᠭᠠ ᠬᠠᠲᠤᠨ᠄
— ᠵᠠᠬᠢᠷᠤᠭᠴᠢ ᠲᠠ ᠥᠪᠡᠷ ᠢ᠋ᠶ᠋ᠡᠨ ᠡᠨᠡ ᠵᠠᠮ ᠢ᠋ᠶ᠋ᠠᠷ ᠶᠠᠪᠤᠵᠤ ᠪᠠᠢᠭᠰᠠᠨ ᠤᠤ? ᠭᠡᠪᠡ᠃
— ᠪᠠᠷᠠᠭᠤᠨ ᠠᠭᠤᠯᠠ ᠶ᠋ᠢᠨ ᠬᠢᠷᠠ ᠪᠠᠷ ᠶᠠᠪᠤᠭᠰᠠᠨ ᠦᠭᠡᠢ ᠪᠣᠯᠪᠠᠴᠤ ᠲᠡᠷᠡ ᠵᠠᠮ ᠢ᠋ ᠪᠠᠷᠤᠭᠯᠠᠨᠠ᠃ ᠲᠡᠷᠡ ᠲᠡᠢ ᠲᠡᠷᠡ ᠦᠭᠡᠢ ᠣᠷᠪᠣᠭ ᠤ᠋ᠨ ᠠᠭᠤᠯᠠᠨ ᠤ᠋ ᠨᠤᠲᠤᠭ ᠲᠠᠢ ᠪᠠᠽᠠᠷ ᠪᠠᠢᠬᠤ ᠶᠤᠮ ᠴᠢᠨᠢ ᠪᠠᠭᠠ ᠬᠠᠲᠤᠨ ᠲᠠ ᠰᠠᠨᠠᠭᠠ ᠠᠮᠤᠷ ᠪᠠᠢᠭᠠᠷᠠᠢ᠃
ᠪᠠᠭᠠ ᠬᠠᠲᠤᠨ ᠲᠡᠷᠡ ᠳᠣᠣᠷᠠ ᠪᠠᠨ ᠵᠡᠭᠦᠨ ᠪᠠᠷᠠᠭᠤᠨ ᠲᠤᠰᠠᠯᠠᠭᠴᠢ ᠨᠣᠶᠠᠨ᠂ ᠲᠦᠰᠢᠮᠡᠳ ᠢ᠋ᠶ᠋ᠡᠨ ᠴᠤᠭᠯᠠᠭᠤᠯᠵᠤ ᠲᠤᠬᠠᠢ ᠶ᠋ᠢᠨ ᠪᠠᠢᠳᠠᠯ ᠪᠠᠴᠢᠮ ᠲᠤᠯᠭᠠᠭᠤ ᠪᠣᠯᠤᠭᠰᠠᠨ ᠲᠤᠯᠠ ᠦᠳᠲᠡᠷ ᠸᠠᠩ ᠰᠣᠬᠣᠷ ᠤ᠋ᠨ ᠬᠠᠷᠠ ᠴᠡᠷᠢᠭ ᠢ᠋ ᠨᠥᠮᠥᠷᠢᠳᠡᠵᠦ ᠣᠴᠢᠬᠤ ᠪᠠᠨ ᠵᠠᠷᠯᠠᠵᠤ᠄
— ᠢᠲᠡᠭᠡᠯᠲᠦ ᠲᠦᠰᠢᠮᠡᠳ᠂ ᠲᠤᠰᠠᠯᠠᠭᠴᠢ ᠨᠣᠶᠠᠳ ᠲᠠ ᠨᠠᠷ ᠨᠠᠮᠠᠶ᠋ᠢ ᠢᠲᠡᠭᠡᠵᠦ᠂ ᠬᠠᠷᠠ ᠴᠡᠷᠢᠭ ᠢ᠋ ᠨᠥᠮᠥᠷᠢᠳᠡᠬᠦ ᠪᠡᠷ ᠶᠠᠪᠤᠬᠤ ᠳᠤᠷᠠᠲᠠᠢ ᠨᠢ ᠥᠨᠥ ᠰᠥᠨᠢ ᠳ᠋ᠡᠭᠡᠨ ᠬᠥᠳᠡᠯᠦᠶᠡ᠃ ᠳᠠᠭᠠᠬᠤ ᠳᠤᠷᠠ ᠦᠭᠡᠢ ᠨᠢ ᠶᠠᠪᠤᠬᠤ ᠦᠭᠡᠢ ᠴᠦ᠍ ᠪᠣᠯᠤᠨᠠ᠃ ᠰᠠᠢᠨ ᠳᠤᠷᠠ ᠶ᠋ᠢᠨ ᠤᠴᠢᠷ᠂ ᠡᠨᠳᠡ ᠬᠡᠨ ᠢ᠋ ᠴᠦ᠍ ᠠᠯᠪᠠᠳᠠᠬᠤ ᠦᠭᠡᠢ ᠭᠡᠰᠡᠨ ᠳ᠋ᠦ᠍ ᠷᠠᠰᠢ ᠵᠠᠬᠢᠷᠤᠭᠴᠢ᠄
— ᠪᠢ ᠪᠠᠭᠠ ᠬᠠᠲᠤᠨ ᠢ᠋ ᠳᠠᠭᠠᠵᠤ ᠶᠠᠪᠤᠨᠠ ᠭᠡᠪᠡ᠃
— ᠪᠢ ᠴᠦ᠍ ᠶᠠᠪᠤᠨᠠ ᠭᠡᠵᠦ ᠪᠠᠽᠠᠷ ᠨᠠᠷ ᠵᠣᠷᠢᠭᠲᠠᠢ ᠳᠤᠤᠭᠠᠷᠴᠤ ᠣᠳᠣᠬᠠᠨ ᠳ᠋ᠤ᠌ ᠬᠥᠳᠡᠯᠦᠭᠰᠡᠨ ᠴᠤ᠌ ᠪᠡᠯᠡᠨ ᠭᠡᠰᠡᠨ ᠪᠠᠢᠳᠠᠯ ᠲᠠᠢ ᠪᠠᠢᠪᠠ᠃
ᠭᠡᠷ ᠳᠣᠲᠣᠷᠠ ᠨᠢᠭᠡ ᠬᠡᠰᠡᠭ ᠳᠠᠭᠤ ᠴᠢᠮᠡᠭᠡ ᠦᠭᠡᠢ᠂ ᠢᠯᠢᠮ ᠵᠢᠯᠢᠮ᠃
— ᠡᠪᠦᠭᠡᠨ ᠪᠢ ᠨᠠᠰᠤ ᠲᠥᠬᠦᠵᠡᠢ᠂ ᠪᠡᠶᠡ ᠲᠠᠭᠠᠷᠠᠤᠬᠠᠨ ᠪᠠᠢᠨᠠ᠃ ᠪᠢ ᠶᠠᠪᠤᠬᠤ ᠦᠭᠡᠢ ᠨᠢᠳᠦ ᠠᠨᠢᠬᠤ ᠳ᠋ᠤ᠌ ᠴᠤ᠌ ᠨᠤᠲᠤᠭ ᠤ᠋ᠨ ᠬᠠᠯᠠᠭᠤᠨ ᠰᠢᠷᠣᠢ ᠢᠪᠡᠭᠡᠵᠦ ᠨᠠᠮᠠᠶ᠋ᠢ ᠬᠤᠴᠢᠨᠠ ᠪᠢᠵᠡ! ᠭᠡᠵᠦ ᠲᠤᠰᠠᠯᠠᠭᠴᠢ ᠮᠢᠩᠭᠠᠨᠪᠤᠤ ᠶ᠋ᠢᠨ ᠡᠪᠦᠭᠡᠨ ᠪᠣᠷᠣ ᠨᠢᠳᠦᠨ ᠳ᠋ᠦ᠍ ᠣᠴᠢ ᠭᠢᠯᠠᠯᠵᠠᠨ 《ᠶᠠᠪᠤᠵᠤ ᠶᠠᠪᠤᠵᠤ ᠸᠠᠩ ᠰᠣᠬᠣᠷ ᠤ᠋ᠨ ᠨᠥᠮᠥᠷᠢ ᠳ᠋ᠦ᠍ ᠬᠣᠷᠭᠣᠳᠠᠨᠠ ᠭᠡᠭᠴᠢ? ᠪᠠᠷᠠᠭᠤᠨ ᠬᠦᠩ ᠦ᠋ᠨ ᠬᠣᠰᠢᠭᠤ ᠲᠡᠷᠡ ᠮᠠᠭᠤ ᠰᠣᠬᠣᠷ ᠵᠠᠨᠠᠭ ᠲᠤ ᠬᠢᠬᠠᠭᠤᠯᠤᠭᠰᠠᠨ ᠢ᠋ᠶ᠋ᠠᠨ ᠪᠠᠰᠠ ᠴᠢᠮᠠᠯᠠᠵᠤ ᠪᠠᠢᠨᠠ ᠤᠤ⁈》 ᠭᠡᠰᠡᠨ ᠳ᠋ᠦ᠍ᠨᠢ ᠬᠥᠮᠦᠰ ᠦ᠋ᠨ ᠨᠢᠳᠦ ᠲᠡᠭᠦᠨ ᠢ᠋ ᠴᠣᠷᠭᠢᠨ ᠰᠢᠷᠲᠡᠵᠦ《ᠪᠠᠭᠠ ᠬᠠᠲᠤᠨ ᠵᠠᠰᠠᠭ ᠲᠠᠢ ᠰᠥᠷᠭᠡᠦᠯᠡᠵᠦ ᠶᠠᠪᠤᠳᠠᠭ ᠨᠢ ᠶᠠᠰᠤ ᠲᠠᠢ ᠪᠠᠨ ᠥᠰᠢᠷᠬᠡᠵᠦ ᠪᠠᠢᠭᠠ ᠤᠤ ᠳᠠ!》 ᠭᠡᠵᠡᠭᠡᠬᠦ ᠰᠢᠭ ᠠᠵᠢ!
— ᠨᠠᠰᠤᠲᠠᠢ ᠡᠵᠢ ᠶ᠋ᠢᠨ ᠪᠡᠶᠡ ᠮᠠᠭᠤ ᠪᠣᠯᠬᠣᠷ ᠥᠨᠥ ᠰᠥᠨᠢ ᠳ᠋ᠡᠭᠡᠨ ᠬᠥᠳᠡᠯᠵᠦ ᠲᠡᠢᠯᠬᠦ ᠦᠭᠡᠢ ᠪᠠᠢᠨᠠ᠃ ᠪᠢ ᠬᠡᠳᠦ ᠬᠣᠨᠣᠭ ᠠ᠋ᠴᠠ ᠬᠣᠢᠨᠠ ᠠ᠋ᠴᠠ ᠨᠢ ᠣᠴᠢᠶᠠ! ᠭᠡᠵᠦ ᠱᠠᠭᠳᠠᠷᠰᠦᠷᠦᠩ ᠲᠤᠰᠠᠯᠠᠭᠴᠢ ᠬᠣᠢᠷᠭᠣᠰᠢᠭᠰᠠᠨ ᠦᠭᠡ ᠬᠡᠯᠡᠪᠡ᠃
ᠪᠠᠭᠠ ᠬᠠᠲᠤᠨ ᠲᠣᠣᠷᠡᠬᠢ ᠲᠤᠰᠠᠯᠠᠭᠴᠢ ᠨᠣᠶᠠᠨ ᠪᠠ ᠡᠨᠡ ᠲᠡᠷᠡ ᠬᠥᠮᠦᠨ ᠢ᠋ ᠡᠭᠡᠯᠵᠢᠯᠡᠨ ᠰᠢᠷᠳᠡᠵᠦ《ᠥᠭᠡᠷᠡ ᠬᠡᠯᠡᠮᠡᠷ ᠶᠠᠭᠤ ᠪᠠᠢᠨᠠ?》 ᠭᠡᠰᠡᠨ ᠰᠢᠭ ᠬᠥᠮᠦᠨ ᠪᠦᠭᠦᠳᠡ ᠶ᠋ᠢᠨ ᠴᠢᠷᠠᠢ ᠶ᠋ᠢ ᠰᠢᠷᠪᠢᠭᠡᠳ᠄
— ᠮᠢᠩᠭᠠᠨᠪᠤᠤ ᠭᠤᠸᠠᠢ ᠨᠠᠰᠤ ᠳᠥᠭᠥᠵᠡᠢ! ᠨᠠᠮᠠᠶ᠋ᠢ ᠳᠠᠭᠠᠵᠤ ᠶᠠᠪᠤᠬᠤ ᠦᠭᠡᠢ ᠪᠠᠢᠵᠤ ᠪᠣᠯᠤᠨᠠ᠃ ᠵᠠᠪ ᠴᠢᠯᠥᠭᠡ ᠪᠡᠷ ᠢ᠋ᠶ᠋ᠡᠨ ᠬᠠᠩᠬᠠᠢᠷᠠᠵᠤ ᠬᠣᠭᠣᠰᠣᠷᠠᠭᠰᠠᠨ ᠬᠣᠰᠢᠭᠤ ᠶᠠᠮᠤᠨ ᠤ᠋ ᠬᠦᠷᠢᠶᠡ ᠬᠠᠰᠢᠶᠠ ᠳ᠋ᠤ᠌ ᠰᠡᠳᠬᠢᠯ ᠲᠠᠯᠪᠢᠵᠤ ᠪᠠᠢᠭᠠᠷᠠᠢ! ᠭᠡᠰᠡᠨ ᠳ᠋ᠦ᠍ ᠮᠢᠩᠭᠠᠨᠪᠤᠤ᠄
— ᠵᠠ ᠭᠡᠵᠦ ᠬᠦᠯᠢᠶᠡᠪᠡ᠃
— ᠷᠠᠰᠢ ᠵᠠᠬᠢᠷᠤᠭᠴᠢ ᠱᠠᠭᠳᠠᠷᠰᠥ᠋ᠷᠦᠩ ᠲᠤᠰᠠᠯᠠᠭᠴᠢ ᠬᠣᠶᠠᠷ ᠠ᠋ᠴᠠ ᠪᠤᠰᠤᠳ ᠨᠢ ᠮᠢᠨᠦ ᠡᠨᠳᠡ ᠡᠴᠡ ᠶᠠᠪᠤᠵᠤ ᠪᠣᠯᠤᠨᠠ᠃ ᠥᠨᠥ ᠰᠥᠨᠢ ᠳ᠋ᠡᠭᠡᠨ ᠨᠠᠮᠠᠶ᠋ᠢ ᠳᠠᠭᠠᠵᠤ ᠬᠥᠳᠡᠯᠬᠦ ᠨᠢ ᠱᠠᠯᠠᠪᠬᠠᠨ ᠪᠡᠯᠡᠳᠬᠡᠭᠡᠷᠡᠢ! ᠭᠡᠰᠡᠨ ᠳ᠋ᠦ᠍᠂ ᠷᠠᠰᠢ᠂ ᠱᠠᠭᠳᠠᠷᠰᠦ᠋ᠷᠦᠩ ᠡᠴᠡ ᠪᠤᠰᠤᠳ ᠨᠣᠶᠠᠳ ᠲᠦᠰᠢᠮᠡᠳ ᠪᠦᠷ ᠭᠠᠷᠴᠤ ᠶᠠᠪᠤᠵᠠᠭᠠᠪᠠ᠃
— ᠷᠠᠰᠢ ᠵᠠᠬᠢᠷᠤᠭᠴᠢ ᠭᠤᠸᠠᠢ ᠣᠳᠣ ᠪᠠᠷ ᠢ᠋ᠶ᠋ᠠᠨ ᠭᠠᠷᠴᠤ ᠬᠥᠳᠡᠯᠬᠦ ᠪᠡᠷ ᠪᠠᠵᠠᠭᠠ! ᠭᠡᠰᠡᠨ ᠳ᠋ᠦ᠍ ᠷᠠᠰᠢ ᠵᠠᠬᠢᠷᠤᠭᠴᠢ᠄
— ᠵᠠ᠂ ᠲᠡᠭᠡᠶᠡ! ᠭᠡᠳ ᠭᠠᠷᠪᠠ᠃
— ᠱᠠᠭᠳᠠᠷᠰᠥ᠋ᠷᠦᠩ ᠭᠤᠸᠠᠢ ᠲᠠ ᠬᠦᠩ ᠦ᠋ᠨ ᠰᠢᠨᠡ ᠬᠠᠭᠤᠴᠢᠨ ᠵᠠᠰᠠᠭ ᠲᠠᠮᠠᠭᠠ ᠶ᠋ᠢ ᠨᠢᠭᠡ ᠳᠣᠬᠢ ᠲᠠᠢ ᠭᠠᠵᠠᠷ ᠣᠯᠵᠤ ᠨᠢᠭᠤᠵᠤ ᠬᠠᠳᠠᠭᠠᠯᠠᠭᠠᠳ ᠠᠷᠪᠠᠲᠤ ᠶ᠋ᠢᠨ ᠴᠡᠷᠢᠭ ᠢ᠋ᠶ᠋ᠡᠷ ᠰᠠᠬᠢᠭᠤᠯᠤᠨ ᠰᠠᠢᠲᠤᠷ ᠵᠤᠯᠠ ᠡᠷᠭᠦᠨ ᠳᠠᠬᠢᠵᠤ ᠬᠠᠮᠠᠭᠠᠯᠠᠬᠤ ᠡᠭᠦᠷᠭᠡ ᠶ᠋ᠢ ᠭᠦᠢᠴᠡᠳᠬᠡ!
— ᠵᠠ᠂ ᠪᠠᠢᠵᠠ ᠳ᠋ᠠ! ᠬᠠᠮᠢᠭᠠ ᠠᠪᠠᠴᠢᠵᠤ ᠨᠢᠭᠤᠵᠤ ᠲᠠᠬᠢᠳᠠᠭ ᠪᠢᠯᠡ? ᠭᠡᠵᠦ ᠨᠢᠭᠡ ᠭᠡᠰᠡᠭ ᠪᠣᠳᠣᠯᠬᠢᠯᠠᠭᠰᠠᠨ ᠢᠶᠠᠨ《ᠭᠤᠷᠪᠠᠨ ᠰᠠᠢᠬᠠᠨ》② ᠤ ᠬᠥᠨᠳᠡᠢ ᠬᠠᠳᠠᠨ ᠠᠭᠤᠢ ᠳ᠋ᠤ᠌ ᠨᠢᠭᠤᠭᠠᠳ ᠲᠠᠯᠪᠢᠴᠢᠬᠠᠬᠤ ᠤᠤ? ᠭᠡᠯᠡ᠃
— ᠪᠣᠯᠬᠤ ᠦᠭᠡᠢ᠂ ᠲᠡᠷᠡ ᠡᠵᠡᠭᠦᠢ ᠬᠠᠳᠠᠨ ᠠᠭᠤᠢ ᠳ᠋ᠤ᠌ ᠨᠢᠭᠤᠵᠤ ᠲᠠᠯᠪᠢᠭᠠᠳ ᠭᠡᠭᠡᠴᠢᠬᠡᠪᠡᠯ ᠶᠠᠭᠠᠬᠢᠨᠠ ? ᠬᠠᠭᠤᠴᠢᠨ ᠵᠠᠰᠠᠭ ᠲᠠᠮᠠᠭᠠ ᠭᠡᠭᠴᠢ ᠡᠩᠬᠡ ᠠᠮᠤᠭᠤᠯᠠᠩ ᠬᠠᠭᠠᠨ ᠡᠡᠴᠠ ᠣᠯᠭᠣᠭᠰᠠᠨ ᠶᠢᠰᠦᠨ ᠵᠢᠩ ᠬᠦᠨᠳᠦ ᠪᠠᠷᠰ ᠬᠦᠴᠦᠲᠡᠨ ᠦ᠌ ᠣᠴᠣᠢᠭᠰᠠᠨ ᠳᠦᠷᠢ ᠲᠡᠢ ᠴᠣᠯ ᠮᠥᠩᠭᠥᠨ ᠲᠠᠮᠠᠭᠠ᠃ ᠭᠡᠭᠡᠴᠢᠬᠡᠪᠡᠯ ᠨᠠᠭᠠᠳᠤᠮ ᠪᠢᠰᠢ ᠰᠢᠦ!
— ᠲᠡᠭᠡᠪᠡᠯ ᠳᠡᠷᠬᠢᠶᠡ ③ ᠶ᠋ᠢᠨ ᠭᠣᠣᠯ ᠤ᠋ᠨ ᠰᠤᠪᠤᠷᠭᠠᠨ ᠰᠦᠮᠡ ᠳ᠋ᠦ᠍ ᠬᠠᠳᠠᠭᠠᠯᠠᠵᠤ ᠲᠠᠯᠪᠢᠶᠠ᠃ ᠲᠡᠷᠡ ᠰᠦᠮᠡ ᠳ᠋ᠦ᠍ ᠭᠦᠷᠲᠡᠮ ᠯᠠᠮᠠᠬᠠᠢ ᠲᠠᠢ ᠪᠣᠯᠬᠣᠷ ᠪᠠᠷᠤᠭ ᠤ᠋ᠨ ᠬᠥᠮᠦᠨ᠁ ᠭᠡᠰᠡᠨ ᠳ᠋ᠦ᠍ ᠪᠠᠭᠠ ᠬᠠᠲᠤᠨ ᠱᠠᠭᠲᠠᠷᠰᠦ᠋ᠷᠤᠩ ᠤ᠋ᠨ ᠦᠭᠡ ᠶ᠋ᠢ ᠲᠠᠰᠤᠯᠵᠤ᠄
— ᠶᠠᠭ ᠪᠣᠯᠤᠨᠠ᠂ ᠮᠥᠨ ᠲᠡᠨᠳᠡ ᠲᠠᠯᠪᠢᠴᠢᠬᠠᠭᠠᠳ ᠠᠷᠪᠠᠨ ᠢᠳᠡᠭᠡᠯᠲᠠᠢ ᠴᠡᠷᠢᠭ ᠰᠢᠯᠢᠵᠦ ᠡᠭᠡᠯᠵᠢ ᠵᠢᠱ᠌ᠢᠶᠡ ᠪᠡᠷ ᠰᠠᠬᠢᠵᠤ ᠬᠠᠮᠠᠭᠠᠯᠠᠬᠤ ᠶ᠋ᠢ ᠪᠣᠳᠣᠭᠠᠷᠠᠢ! ᠭᠡᠪᠡ᠃
— ᠵᠠ!
— ᠲᠠᠮᠠᠭᠠ ᠶ᠋ᠢᠨ ᠤᠴᠢᠷ ᠨᠢᠭᠤᠴᠠ ᠰᠢᠦ ! ᠪᠤᠰᠤᠳ ᠲᠤ᠌ ᠮᠡᠳᠡᠭᠦᠯᠵᠦ ᠦᠯᠦ ᠪᠣᠯᠤᠨᠠ᠃ ᠬᠦᠷᠲᠡᠮ ᠯᠠᠮᠠᠬᠠᠢ ᠪᠠ ᠪᠠᠷᠠᠭᠰᠨᠤᠷᠪᠦ ᠯᠠᠮᠠᠬᠠᠢ ᠶ᠋ᠢᠨ ᠠᠮᠤᠷ ᠢ᠋ ᠬᠠᠮᠠᠭᠠᠯᠠ ᠭᠡᠵᠦ ᠰᠠᠢᠨ ᠵᠠᠬᠢᠭᠠᠷᠠᠢ!
— ᠪᠠᠭᠠ ᠬᠠᠲᠤᠨ ᠰᠠᠨᠠᠭᠠ ᠠᠮᠤᠷ ᠪᠠᠢ᠃ ᠪᠢ ᠴᠡᠪᠡᠷᠬᠡᠨ ᠬᠢᠨᠡ᠃
ᠱᠠᠭᠲᠠᠷᠰᠦ᠋ᠷᠤᠩ ᠲᠤᠰᠠᠯᠠᠭᠴᠢ ᠲᠡᠷᠡ ᠳᠣᠣᠷᠠ ᠪᠠ ᠬᠦᠩ ᠦ᠋ᠨ ᠰᠢᠨᠡ ᠬᠠᠭᠤᠴᠢᠨ ᠲᠠᠮᠠᠭᠠ ᠶ᠋ᠢ ᠳᠡᠭᠡᠳᠦᠯᠡᠵᠦ ᠠᠪᠤᠨ ᠳᠠᠭᠠᠯᠲᠠ ᠬᠡᠳᠦᠨ ᠴᠡᠷᠢᠭ ᠲᠡᠢ ᠪᠡᠨ ᠰᠤᠪᠤᠷᠭᠠ ᠶ᠋ᠢᠨ ᠰᠦᠮᠡ ᠶ᠋ᠢ ᠵᠣᠷᠢᠨ ᠳᠣᠪᠲᠣᠯᠭᠠᠪᠠ᠃
ᠬᠣᠰᠢᠭᠤ ᠶᠠᠮᠤᠨ ᠠ᠋ᠴᠠ ᠰᠥᠨᠢᠵᠢᠨ ᠬᠥᠳᠡᠯᠦᠭᠰᠡᠨ ᠴᠡᠷᠢᠭ ᠦ᠋ᠨ ᠴᠤᠪᠤᠭᠠ᠂ ᠠᠴᠢᠶᠠ ᠬᠥᠰᠬᠡ ᠬᠠᠯᠠᠭᠠᠢᠲᠤ ᠶ᠋ᠢᠨ ᠪᠤᠯᠤᠩ ᠤ᠋ᠨ ᠤᠷᠲᠤ ᠭᠣᠣᠯ ᠢ᠋ ᠥᠭᠡᠳᠡᠯᠡᠵᠦ ᠶᠠᠪᠤᠨᠠ᠃
ᠰᠥᠨᠢᠵᠢᠨ ᠪᠠᠷᠲᠠᠭᠠ ᠶᠡᠬᠡᠲᠡᠢ ᠠᠭᠤᠯᠠᠨ ᠵᠠᠮ ᠢ᠋ᠶ᠋ᠠᠷ ᠶᠠᠪᠤᠭᠠᠳ ᠨᠠᠷᠠ ᠰᠤᠪᠤᠷᠠᠬᠤ ᠳ᠋ᠤ᠌ ᠣᠷᠪᠤᠭ ᠤ᠋ᠨ ᠠᠷᠴᠠ ᠶ᠋ᠢᠨ ᠡᠩᠭᠡᠷ ᠢ᠋ᠶ᠋ᠡᠷ ᠪᠠᠭᠤᠵᠤ ᠣᠴᠢᠯᠠ ᠁ ᠪᠠᠭᠠ ᠬᠠᠲᠤᠨ ᠴᠡᠷᠢᠭ ᠮᠣᠷᠢ ᠪᠠᠨ ᠠᠪᠴᠤ ᠰᠥᠨᠢᠵᠢᠨ ᠬᠤᠰᠢᠭᠤᠨ ᠶᠠᠮᠤᠨ ᠠ᠋ᠴᠠ ᠲᠣᠭᠣᠰᠣ ᠬᠥᠳᠡᠯᠭᠡᠨ ᠸᠠᠩ ᠰᠣᠬᠣᠷ ᠤ᠋ᠨ ᠬᠠᠷᠠ ᠴᠡᠷᠢᠭ ᠢ᠋ ᠨᠥᠮᠥᠷᠢᠳᠡᠬᠦ ᠪᠡᠷ ᠶᠠᠪᠤᠭᠰᠠᠨ ᠲᠡᠷᠡ ᠰᠥᠨᠢ ᠮᠢᠩᠭᠠᠨᠪᠤᠤ ᠶ᠋ᠢᠨ ᠨᠣᠢᠷ ᠬᠤᠯᠵᠢᠵᠤ ᠡᠷᠭᠢᠨ ᠤᠷᠪᠠᠨ ᠬᠡᠪᠲᠡᠭᠰᠡᠭᠡᠷ ᠪᠠᠢᠵᠤ ᠦᠦᠷ ᠴᠠᠢᠯᠭᠠᠪᠠ᠃
ᠦᠦᠷ ᠬᠠᠶᠠᠭᠠᠷᠠᠬᠤ ᠲᠠᠢ ᠵᠡᠷᠭᠡ ᠭᠠᠳᠠᠨᠠ ᠭᠡᠨᠡᠳᠲᠡ ᠫᠤᠤ ᠳᠤᠤᠭᠠᠷᠴᠤ᠂ ᠨᠤᠬᠠᠳ ᠦᠢᠮᠡᠯᠳᠦᠨ ᠬᠥᠮᠦᠰ ᠱᠤᠤᠭᠢᠯᠳᠤᠨᠠ᠃
ᠭᠠᠯ ᠲᠣᠭᠣᠭᠠᠨ ᠤ᠋ ᠬᠥᠮᠦᠨ ᠪᠠ ᠶᠠᠮᠤᠨ ᠤ᠋ ᠵᠠᠷᠤᠳᠠᠰᠤ ᠬᠠᠷᠠᠴᠤᠰ ᠫᠤᠤ ᠶ᠋ᠢᠨ ᠳᠠᠭᠤᠨ ᠢ᠋ᠶ᠋ᠠᠷ ᠬᠣᠷᠭᠣᠳᠠᠵᠤ ᠳᠤᠲᠠᠭᠠᠬᠤ ᠭᠠᠵᠠᠷ ᠢ᠋ᠶ᠋ᠠᠨ ᠤᠯᠬᠤ ᠦᠭᠡᠢ ᠠᠶᠤᠨ ᠪᠡᠮᠪᠡᠭᠡᠨᠡᠨᠡ᠃
ᠬᠠᠷᠠ ᠡᠷᠲᠡ ᠪᠡᠷ ᠶᠠᠭᠤ ᠪᠣᠯᠪᠠ ? ᠭᠡᠵᠦ ᠮᠢᠩᠭᠠᠨᠪᠤᠤ ᠰᠡᠩᠳᠡ ᠮᠡᠩᠳᠡ ᠬᠤᠪᠴᠠᠯᠠᠨ ᠭᠠᠷᠲᠠᠯᠠ ᠬᠡᠳᠦᠨ ᠴᠡᠷᠢᠭ ᠵᠡᠭᠦᠨ ᠲᠤᠰᠠᠯᠠᠭᠴᠢ ᠱᠠᠭᠲᠠᠷᠰᠦ᠋ᠷᠤᠩ ᠢ᠋ ᠠᠲᠤᠷᠢᠲᠠᠯᠠ ᠬᠦᠯᠢᠭᠰᠡᠨ ᠢ᠋ ᠬᠠᠷᠠᠭᠠᠳ 《 ᠪᠤᠤ ᠦᠵᠡᠭᠳᠡᠭᠰᠡᠨ ᠴᠢᠨᠢ ᠂ ᠣᠳᠣ ᠴᠤ᠌ ᠲᠦᠭᠦᠷᠥᠭᠰᠡᠨ ᠨᠢ ᠲᠡᠷᠡ ᠠ᠋ ? 》 ᠭᠡᠵᠦ ᠳᠦᠳᠦᠨᠡᠲᠡᠯᠡ ᠬᠠᠮᠢᠭᠠ ᠨᠢ ᠨᠢᠭᠤᠭᠳᠠᠵᠤ ᠪᠠᠢᠭᠰᠠᠨ ᠴᠡᠷᠢᠭ ᠢ᠋ ᠪᠤᠤ ᠮᠡᠳᠡ ᠨᠢᠭᠡ ᠮᠡᠳᠡᠬᠦ ᠳ᠋ᠦ᠍ ᠬᠡᠳᠦᠨ ᠲᠠᠯᠠ ᠠ᠋ᠴᠠ ᠫᠤᠤ ᠲᠤᠯᠭᠠᠵᠤ 《ᠨᠣᠮᠣᠬᠠᠨ ᠪᠠᠢ᠂ ᠬᠥᠳᠡᠯᠵᠦ ᠪᠣᠯᠬᠤ ᠦᠭᠡᠢ ᠃ ᠬᠥᠳᠡᠯᠦᠭᠰᠡᠭᠡᠷ ᠫᠤᠤᠳᠠᠯᠠ ᠁ 》 ᠭᠡᠵᠦ ᠵᠠᠩᠳᠤᠷᠤᠭᠰᠠᠨ ᠳ᠋ᠤ᠌ ᠮᠢᠩᠭᠠᠨᠪᠤᠤ ᠳᠣᠲᠣᠷᠠ ᠪᠠᠨ《ᠢᠩᠭᠢᠵᠦ ᠢᠯᠡ ᠫᠤᠤ ᠲᠤᠯᠭᠠᠵᠤ ᠵᠠᠩᠳᠤᠷᠳᠠᠭ ᠨᠢ ᠬᠥᠮᠦᠨ ᠢ᠋ ᠰᠦᠷᠳᠡᠭᠦᠯᠳᠡᠭ ᠡᠴᠡ ᠪᠢᠰᠢ ᠳᠠᠯᠳᠠ ᠠ᠋ᠴᠠ ᠬᠠᠷᠪᠤᠬᠤ ᠰᠤᠮᠤ ᠰᠢᠭ᠋ ᠠᠶᠤᠯ ᠦᠭᠡᠢ 》 ᠭᠡᠳᠡᠭ ᠢ᠋ ᠨᠡᠪᠲᠡ ᠬᠠᠰᠢᠷᠯᠠᠵᠤ ᠮᠡᠳᠡᠭᠰᠠᠨ ᠳ᠋ᠡᠭᠡᠨ ᠠᠭᠠᠵᠢᠭᠤᠬᠠᠨ ᠬᠣᠶᠠᠷ ᠭᠠᠷ ᠢ᠋ᠶ᠋ᠠᠨ ᠡᠷᠭᠦᠵᠦ ᠪᠡᠶᠡ ᠪᠡᠨ ᠨᠡᠩᠵᠢᠭᠦᠯᠪᠡ᠃
ᠮᠢᠩᠭᠠᠨᠪᠤᠤ ᠡᠳᠡᠨᠥᠰ ᠲᠦ᠍ ᠬᠦᠯᠢᠭᠳᠡᠬᠦ ᠡᠴᠡ ᠶᠠᠭᠤᠨ ᠮᠤᠯᠲᠤᠷᠠᠬᠤ ᠠᠵᠢ᠃
ᠱᠠᠭᠳᠠᠷᠰᠦ᠋ᠷᠤᠩ ᠲᠡᠷᠬᠢᠶᠡ ᠶ᠋ᠢᠨ ᠭᠣᠣᠯ ᠤ᠋ᠨ ᠰᠤᠪᠤᠷᠭᠠ ᠶ᠋ᠢᠨ ᠰᠦᠮᠡ ᠳ᠋ᠦ᠍ ᠵᠠᠰᠠᠭ ᠲᠠᠮᠠᠭᠠ ᠪᠠᠨ ᠡᠪᠯᠡᠭᠦᠯᠵᠦ ᠨᠢᠭᠤᠴᠢᠬᠠᠭᠠᠳ ᠶᠠᠮᠤᠨ ᠳᠡᠭᠡᠷᠡ ᠪᠠ ᠪᠤᠴᠠᠵᠤ ᠬᠡᠳᠦᠨ ᠴᠡᠷᠢᠭ ᠰᠢᠯᠢᠬᠦ ᠶ᠋ᠢ ᠰᠠᠨᠠᠲᠠᠯᠠ ᠪᠠᠷᠢᠭ᠍ᠳᠠᠵᠤ ᠬᠦᠯᠢᠭᠳᠡᠭᠰᠡᠨ ᠨᠢ ᠡᠨᠡ ᠪᠠᠢᠵᠠᠢ᠃
ᠪᠠᠲᠤᠸᠴᠢᠷ ᠤ᠋ᠨ ᠮᠣᠷᠢᠨ ᠴᠡᠷᠢᠭ ᠦᠦᠷ ᠴᠠᠢᠬᠤ ᠠ᠋ᠴᠠ ᠡᠮᠦᠨᠡ ᠵᠠᠪᠳᠤᠵᠤ ᠬᠣᠰᠢᠭᠤ ᠶᠠᠮᠤᠨ ᠢ᠋ ᠪᠦᠰᠡᠯᠡᠵᠦ ᠪᠠᠭᠠ ᠬᠠᠲᠤᠨ ᠢ᠋ ᠤᠨᠲᠠᠭᠠ ᠪᠠᠷ ᠨᠢ ᠪᠠᠷᠢᠵᠤ ᠠᠪᠬᠤ ᠪᠠᠷ ᠢᠩᠭᠢᠵᠦ ᠪᠠᠢᠭᠠ ᠨᠢ ᠲᠡᠷᠡ!
ᠪᠠᠷᠳᠠᠮ ᠪᠣᠳᠣᠯ ᠳ᠋ᠠᠭᠠᠨ ᠡᠷᠲᠦᠵᠦ ᠪᠠᠭᠠ ᠬᠠᠲᠤᠨ ᠢ ᠰᠦᠨᠢ ᠪᠡᠷ ᠠᠯᠳᠠᠵᠤ ᠲᠠᠭᠤᠭᠰᠠᠨ ᠳ᠋ᠠᠭᠠᠨ ᠬᠡᠢ ᠬᠣᠷᠣᠰᠴᠤ ᠡᠪᠦᠭᠡᠨ ᠳᠤᠰᠠᠯᠠᠭᠴᠢ ᠮᠢᠩᠭᠠᠨᠪᠤᠤ ᠪᠠ ᠱᠠᠭᠳᠠᠷᠰᠦ᠋ᠷᠤᠩ᠂ ᠭᠠᠯ ᠲᠣᠭᠣᠭᠠᠨ ᠤ ᠬᠥᠮᠦᠨ᠂ ᠵᠠᠷᠤᠳᠠᠰᠤ ᠪᠣᠭᠣᠯ᠂ ᠬᠥᠭ᠍ᠰᠢᠨ ᠵᠡᠮᠲᠡᠭ ᠴᠡᠷᠢᠭ ᠢ ᠦᠯᠡᠳᠡᠭᠡᠯ ᠦᠭᠡᠢ ᠬᠦᠯᠢᠵᠦ ᠬᠤᠰᠢᠭᠤ ᠶᠠᠮᠤᠨ ᠤ ᠲᠣᠭᠣᠰᠬᠠᠨ ᠬᠦᠷᠢᠶᠡ ᠶ᠋ᠢ ᠪᠢᠲᠡᠭᠦᠮᠵᠢᠯᠡᠪᠡ᠃
ᠮᠢᠩᠭᠠᠨᠪᠤᠤ ᠂ ᠱᠠᠭᠳᠠᠷᠰᠦ᠋ᠷᠤᠩ ᠨᠠᠷ ᠬᠣᠰᠢᠭᠤ ᠶᠠᠮᠤᠨ ᠤ᠋ ᠬᠣᠭᠣᠰᠣᠷᠠᠭᠰᠠᠨ ᠬᠠᠩᠬᠠᠢ ᠶᠡᠬᠡ ᠲᠣᠭᠣᠰᠬᠠᠨ ᠬᠦᠷᠢᠶᠡᠨ ᠦ᠌ ᠠᠮᠠ ᠪᠠᠷ ᠬᠦᠯᠢᠶᠡᠰᠦᠲᠡᠢ ᠬᠥᠭᠡᠭᠡᠭᠳᠡᠵᠦ ᠭᠠᠷᠬᠤ ᠳ᠋ᠤᠨᠢ ᠬᠥᠬᠡ ᠲᠣᠭᠣᠰᠬᠠᠨ ᠬᠦᠷᠢᠶᠡᠨ ᠦ᠌ ᠠᠮᠠ ᠶ᠋ᠢ ᠰᠠᠬᠢᠭᠰᠠᠨ ᠲᠣᠭᠰᠢᠨ ᠳᠦᠷᠢ ᠲᠡᠢ ᠬᠣᠶᠠᠷ ᠪᠣᠷᠵᠢᠨ ᠴᠢᠯᠠᠭᠤᠨ ᠠᠷᠰᠯᠠᠨ ᠲᠡᠭᠦᠨ ᠦ᠌ ᠠᠷᠤ ᠳ᠋ᠤ᠌ ᠭᠠᠰᠠᠯᠠᠩᠲᠠᠢ ᠬᠣᠴᠣᠷᠤᠭᠰᠠᠨ ᠮᠡᠲᠦ ᠮᠢᠩᠭᠠᠨᠪᠤᠤ ᠳ᠋ᠤ᠌ ᠵᠣᠪᠠᠭᠤᠷᠢᠲᠠᠢ ᠰᠠᠨᠠᠭᠳᠠᠵᠠᠢ᠃
ᠶᠠᠪᠤᠭᠰᠠᠨ ᠬᠥᠮᠦᠨ ᠶᠠᠭᠤᠨ ᠤᠳᠠᠬᠤ ᠪᠣᠢ ? ᠨᠠᠷᠠ ᠤᠨᠠᠬᠤ ᠲᠠᠢ ᠤᠷᠤᠯᠳᠤᠵᠤ ᠪᠠᠭᠠ ᠬᠠᠲᠤᠨ ᠤ᠋ ᠴᠡᠷᠢᠭ ᠤᠨᠤᠭᠠ ᠦᠶᠤᠸᠠᠨ ᠤ᠋ ᠵᠠᠬᠠ ᠳ᠋ᠤ᠌ ᠣᠷᠣᠪᠠ᠃
ᠸᠠᠩ ᠰᠣᠬᠣᠷ ᠦᠨᠡᠬᠡᠷ ᠬᠡᠯᠡᠭᠰᠡᠨ ᠳ᠋ᠡᠭᠡᠨ ᠬᠦᠷᠴᠡᠢ᠃ ᠥᠪᠴᠢ ᠵᠡᠪᠰᠡᠭᠲᠦ ᠨᠢᠭᠡ ᠯᠢᠶᠠᠨ ᠬᠠᠷᠠ ᠴᠡᠷᠢᠭ ᠪᠠᠭᠠ ᠬᠠᠲᠤᠨ ᠢ᠋ ᠬᠠᠩᠬᠠᠲᠠᠢ ᠶ᠋ᠢᠨ ᠵᠡᠭᠦᠨ ᠰᠢᠯᠢ ᠳᠡᠭᠡᠷᠡ ᠲᠣᠰᠴᠤ ᠠᠪᠤᠪᠠ᠃
ᠭᠤᠷᠪᠠ ᠬᠥᠯᠦᠭᠰᠡᠨ ᠲᠣᠷᠭᠠᠨ ᠴᠣᠮᠴᠣᠭᠲᠤ ᠰᠡᠦᠬᠡ ᠲᠡᠷᠭᠡᠨ ᠳᠡᠭᠡᠷᠡ ᠪᠠᠭᠠ ᠬᠠᠲᠤᠨ᠂ ᠪᠠᠭᠠ ᠠᠭᠡ ᠡᠬᠡ ᠬᠥᠪᠡᠭᠦᠨ ᠬᠣᠶᠠᠷ ᠢ᠋ ᠰᠠᠭᠤᠯᠭᠠᠵᠤ ᠲᠦᠳᠡᠯ ᠦᠭᠡᠢ ᠪᠠᠷᠠᠭᠤᠨᠰᠢᠯᠠᠪᠠ ᠃ ᠬᠣᠨᠣᠭᠤᠲᠠ ᠮᠣᠷᠢᠨ ᠳᠡᠭᠡᠷᠡ ᠱᠣᠭᠰᠢᠭᠤᠯᠵᠤ ᠪᠡᠶᠡ ᠪᠡᠯᠪᠡᠷᠠᠭᠰᠠᠨ ᠪᠠᠭᠠ ᠬᠠᠲᠤᠨ ᠰᠡᠦᠬᠡ ᠲᠡᠷᠭᠡᠨ ᠳ᠋ᠦ᠍ ᠪᠥᠮᠪᠥᠷᠢᠵᠦ ᠶᠠᠪᠤᠬᠤ ᠳ᠋ᠠᠭᠠᠨ ᠪᠡᠶᠡ ᠨᠢ ᠪᠠᠬᠠᠨ ᠠᠮᠠᠷᠠᠵᠤ ᠠᠶᠠᠲᠠᠢ ᠰᠠᠨᠠᠭᠳᠠᠯᠠ᠃ ᠪᠠᠭᠠ ᠠᠭᠡ ᠠᠯᠲᠠᠨᠸᠴᠢᠷ ᠬᠦᠦ ᠮᠠᠨᠴᠤᠢ ᠳ᠋ᠤ᠌ ᠪᠦᠪᠡᠢᠯᠡᠭᠦᠯᠦᠭᠰᠡᠨ ᠰᠢᠭ ᠦᠷᠭᠡᠯᠡᠵᠦ ᠶᠠᠪᠤᠨᠠ᠃ ᠲᠡᠷᠡ ᠡᠳᠦᠷ ᠲᠡᠭᠡᠨ ᠪᠠᠭᠠ ᠬᠠᠲᠤᠨ ᠸᠠᠩ ᠰᠣᠬᠣᠷ ᠤ᠋ᠨ ᠴᠡᠷᠢᠭ ᠦ᠋ᠨ ᠬᠤᠸᠠᠷᠠᠨ - ᠬᠠᠩᠬᠠᠨᠲᠠᠢ ᠳ᠋ᠤ᠌ ᠶᠡᠬᠡ ᠣᠷᠣᠢ ᠪᠣᠯᠭᠠᠵᠤ ᠬᠦᠷᠥᠭᠰᠡᠨ ᠲᠤᠯᠠᠳᠠ ᠲᠠᠢᠪᠤᠩ ᠠᠮᠠᠷᠠᠵᠤ ᠬᠣᠨᠣᠵᠠᠢ᠃
ᠮᠠᠷᠭᠠᠲᠤᠷ ᠨᠢ ᠸᠠᠩ ᠰᠣᠬᠣᠷ ᠪᠠᠭᠠ ᠬᠠᠲᠤᠨ ᠢ᠋ ᠤᠭᠲᠤᠬᠤ ᠳᠠᠢᠯᠠᠯᠭᠠ ᠬᠢᠪᠡ᠃
ᠴᠡᠷᠢᠭ ᠦ᠋ᠨ ᠬᠤᠸᠠᠷᠠᠨ ᠴᠤ᠌ ᠡᠯᠳᠡᠪ ᠥᠩᠭᠡ ᠶ᠋ᠢᠨ ᠭᠬᠢᠪ ᠳᠤᠷᠳᠤᠩ ᠳᠡᠯᠪᠡᠯᠵᠡᠵᠦ ᠂ ᠭᠠᠷ ᠲᠠᠭᠠᠨ ᠳᠤᠷᠳᠤᠩ ᠠᠯᠴᠢᠭᠤᠷ ᠰᠠᠵᠢᠯᠠᠭᠰᠠᠨ ᠶᠠᠭᠠᠨ ᠲᠣᠷᠭᠠᠨ ᠬᠦᠷᠮᠡ ᠨᠣᠭᠣᠭᠠᠨ ᠴᠡᠮᠴᠡᠭᠡᠷ ᠥᠮᠥᠳᠥ ᠲᠡᠢ ᠱᠣᠢᠫᠤᠭ ᠤ᠋ᠳ ᠶᠠᠩᠭᠠᠷ ᠪᠥᠵᠢᠭ ᠮᠤᠰᠬᠢᠯᠳᠤᠨ ᠪᠥᠵᠢᠵᠦ ᠳ᠋ᠦᠩ ᠳ᠋ᠤᠷᠠᠩ ᠂ ᠴᠠᠩ ᠴᠠᠩ ᠁ ᠭᠡᠵᠦ ᠬᠡᠩᠭᠡᠷᠭᠡ ᠴᠠᠩ ᠠᠢᠵᠠᠮ ᠬᠥᠭᠲᠡᠢ ᠨᠦᠵᠢᠭᠢᠨᠡᠨ ᠶᠣᠰᠣᠲᠠᠢ ᠯᠠ ᠵᠢᠯ ᠴᠠᠭᠠᠨ ᠰᠠᠷᠠ ᠶ᠋ᠢᠨ ᠪᠠᠶᠠᠷ ᠨᠠᠢᠷ ᠪᠣᠯᠤᠭᠠ ᠶᠤᠮ ᠰᠢᠭ᠋ ᠬᠥᠷ ᠨᠡᠷᠬᠢᠶᠡᠠᠲᠠᠢ᠃ ᠤᠭᠲᠤᠯᠭᠠ ᠶ᠋ᠢᠨ ᠲᠠᠯᠠᠪᠠᠢ ᠳ᠋ᠤ᠌ ᠭᠦᠵᠡᠭᠡᠨ ᠠᠯᠴᠢᠭᠤᠷᠲᠤ ᠬᠠᠷᠠ ᠴᠡᠷᠢᠭ ᠦ᠋ᠳ ᠢᠪ ᠰᠢᠬᠠᠯᠳᠤᠨ ᠰᠠᠭᠤᠵᠤ 《ᠭᠣᠶᠣ ᠬᠡᠭᠡᠨᠴᠢᠷ ᠮᠣᠩᠭᠣᠯ ᠪᠦᠰᠡᠭᠦᠢ ᠨᠣᠶᠠᠨ ᠢᠷᠡᠬᠦ ᠶᠦᠮ ᠭᠡᠨᠡ》 ᠭᠡᠵᠦ ᠨᠢᠭᠡ ᠨᠢᠭᠡᠨ ᠢ᠋ᠶ᠋ᠡᠨ ᠶᠣᠪᠣᠷᠤᠨ ᠠᠮᠠ ᠪᠠᠨ ᠠᠩᠭᠠᠢᠯᠳᠤᠨ ᠰᠣᠨᠢᠷᠬᠠᠵᠠᠭᠠᠨᠠ᠃
ᠤᠭᠲᠤᠯᠭᠠ ᠶ᠋ᠢᠨ ᠭᠣᠣᠯ ᠲᠠᠩᠨᠠᠢ ᠳ᠋ᠤ᠌ 《ᠡᠷᠡᠯᠬᠡᠭ ᠮᠣᠩᠭᠣᠯ ᠪᠦᠰᠡᠭᠦᠢ - ᠪᠠᠷᠠᠭᠤᠨ ᠬᠦᠩ ᠦ᠋ᠨ ᠬᠦᠩ ᠨᠣᠶᠠᠨ ᠤ᠋ ᠪᠠᠭᠠ ᠬᠠᠲᠤᠨ ᠰᠡᠷᠭᠦᠮᠡ ᠶ᠋ᠢ ᠬᠠᠯᠠᠭᠤᠨ ᠢ᠋ᠶ᠋ᠠᠷ ᠤᠭᠲᠤᠵᠤ ᠪᠠᠢᠨᠠ》 ᠭᠡᠰᠡᠨ ᠪᠢᠴᠢᠭᠡᠰᠦ ᠲᠡᠢ ᠬᠥᠨᠳᠡᠯᠡᠨ ᠢᠯᠡᠷᠬᠡᠢᠯᠡᠯ ᠡᠯᠭᠦᠵᠦ᠂ ᠲᠡᠭᠦᠨ ᠦ᠌ ᠳᠣᠣᠷᠠ ᠳᠠᠩ ᠭᠣᠣᠯ ᠳ᠋ᠤᠨᠢ ᠸᠠᠩ ᠰᠣᠬᠣᠷ ᠪᠠᠷᠠᠭᠤᠨ ᠭᠠᠷ ᠢ᠋ᠶ᠋ᠠᠷ ᠢ᠋ᠶ᠋ᠠᠨ ᠪᠠᠶᠠᠨᠽᠢ ᠪᠠᠨ ᠪᠠᠷᠢᠨ ᠰᠦᠪᠡᠭᠡ ᠲᠤᠯᠵᠤ᠂ ᠵᠡᠭᠦᠨ ᠭᠠᠷ ᠲᠠᠭᠠᠨ ᠬᠠᠷᠠ ᠬᠢᠯᠭᠠᠰᠤᠨ ᠶᠢᠩᠱᠤᠸᠠᠰᠠ ᠠᠳᠬᠤᠨ᠂ ᠭᠣᠳᠣᠩ ᠰᠡᠭᠦᠯ ᠭᠡᠵᠢᠭᠡ ᠲᠡᠢ ᠬᠠᠯᠵᠠᠨ ᠮᠠᠩᠨᠠᠢ ᠳᠡᠭᠡᠷᠡ ᠪᠡᠨ ᠪᠣᠷᠣᠳᠤᠬᠤᠢ ᠶ᠋ᠢᠨ ᠤᠷᠭᠤᠬᠤ ᠵᠢᠷᠭᠠᠬᠤ ᠨᠠᠷᠠ ᠶ᠋ᠢ ᠲᠣᠭᠲᠠᠭᠠᠵᠤ ᠴᠢᠳᠠᠮᠠ ᠭᠡᠰᠡᠨ ᠬᠢᠷᠢᠲᠡᠢ ᠣᠮᠣᠭᠯᠠᠩ ᠵᠣᠭᠰᠣᠵᠤ ᠂ ᠪᠠᠭᠠ ᠬᠠᠲᠤᠨ ᠤ᠋ ᠮᠣᠷᠢᠨ ᠴᠡᠷᠢᠭ ᠦ᠋ᠨ ᠡᠩᠨᠡᠭᠡ ᠣᠷᠣᠵᠤ ᠢᠷᠡᠬᠦ ᠶ᠋ᠢ ᠬᠦᠯᠢᠶᠡᠨ ᠵᠣᠭᠰᠣᠨᠠ᠃
ᠪᠠᠭᠠ ᠬᠠᠲᠤᠨ ᠲᠦᠷᠦᠭᠦᠲᠡᠢ ᠨᠠᠶᠠᠭᠠᠳ ᠮᠣᠷᠢᠲᠠᠨ ᠲᠡᠭᠦᠨ ᠢ᠋ ᠴᠢᠭᠯᠡᠨ ᠠᠢᠰᠤᠢ ᠳ᠋ᠤ᠌ ᠭᠡᠨᠡᠳᠲᠡ ᠬᠡᠩᠭᠡᠷᠬᠡ ᠴᠠᠩ ᠭᠠᠯᠵᠠᠭᠤᠷᠠᠭᠰᠠᠨ ᠶᠤᠮ ᠰᠢᠭ᠋ ᠨᠦᠵᠢᠭᠢᠨᠡᠨ ᠡᠷᠢᠶᠡᠨ ᠠᠯᠠᠭ ᠱᠣᠢᠮᠤᠭ ᠤ᠋ᠳ ᠶᠠᠩᠭᠠᠷ ᠮᠤᠰᠬᠢᠯᠳᠤᠭᠰᠠᠨ ᠳ᠋ᠤ᠌ ᠮᠣᠩᠭᠣᠯ ᠮᠣᠷᠢᠳ ᠴᠢᠳᠬᠥᠷ ᠦᠵᠡᠭᠰᠡᠨ ᠰᠢᠭ ᠪᠢᠵᠢᠭᠢᠨᠠᠨ ᠦᠷᠭᠦᠵᠦ ᠵᠠᠮᠪᠠᠷᠠᠭᠠ ᠠᠯᠳᠠᠪᠠ᠃ ᠶᠣᠰᠣᠲᠠᠢ ᠯᠠ ᠦᠵᠡᠭᠰᠡᠨ ᠦᠭᠡᠢ ᠪᠡᠨ ᠦᠵᠡᠵᠦ ᠦᠬᠡᠷ ᠴᠠᠮ ᠢ᠋ᠶ᠋ᠠᠨ ᠬᠠᠷᠠᠢᠪᠠ ᠭᠡᠭᠴᠢ ᠪᠣᠯᠪᠠ᠃
ᠡᠢᠨ ᠬᠦ᠌ ᠪᠠᠶᠠᠨ ᠲᠠᠷᠭᠤᠨ ᠬᠥᠷ ᠨᠠᠷᠭᠢᠶᠠᠨᠲᠠᠢ ᠤᠭᠲᠤᠯᠭᠠ ᠶ᠋ᠢ ᠵᠠᠷᠢᠮ ᠮᠣᠩᠭᠣᠯ ᠴᠡᠷᠢᠭ ᠠᠩᠬᠠ ᠬᠠᠷᠠᠭᠰᠠᠨ ᠳ᠋ᠠᠭᠠᠨ ᠶᠡᠬᠡᠳᠡ ᠰᠣᠨᠢᠭᠤᠴᠢᠯᠠᠨᠠ᠃ ᠪᠠᠭᠠ ᠬᠠᠲᠤᠨ ᠤ᠋ ᠬᠤᠪᠢ ᠳ᠋ᠤ᠌ ᠪᠣᠳᠤᠯᠨᠠ ᠨᠦᠰᠡᠷᠵᠢᠬᠦ ᠪᠣᠯᠪᠠᠴᠤ ᠰᠡᠳᠬᠢᠯ ᠴᠠᠳᠬᠤᠯᠠᠩ ᠪᠠᠢᠷᠢ ᠲᠠᠢ ᠰᠠᠨᠠᠭᠳᠠᠨᠠ᠃ ᠭᠠᠭᠴᠠ ᠷᠠᠰᠢ ᠵᠠᠬᠢᠷᠤᠭᠴᠢ ᠶ᠋ᠢᠨ ᠳᠣᠲᠣᠷᠠ ᠬᠠᠴᠢᠨ ᠬᠠᠪᠤ᠋ ᠦᠭᠡᠢ ᠰᠠᠨᠠᠭᠳᠠᠵᠤ 《ᠡᠨᠡ ᠮᠠᠭᠤ ᠸᠠᠩ ᠰᠣᠬᠣᠷ ᠤ᠋ᠨ ᠨᠢᠯᠠᠭᠤᠷᠬᠠᠨ ᠪᠠᠭᠠᠰᠢᠯᠠᠵᠤ ᠪᠠᠢᠬᠤ ᠶ᠋ᠢ ᠬᠠᠷᠠᠭᠠᠴᠢ ! ᠴᠠᠭᠠᠨᠠ ᠪᠠᠨ ᠪᠠᠰᠠ ᠶᠠᠮᠠᠷ ᠪᠠᠰᠢᠷ ᠨᠢᠭᠤᠵᠤ᠂ ᠪᠠᠭᠠ ᠬᠠᠲᠤᠨ ᠢ᠋ ᠤᠷᠤᠭᠤ ᠲᠠᠲᠠᠵᠤ ᠪᠠᠷᠠᠭᠤᠨ ᠬᠦᠩ ᠦ᠋ᠨ ᠨᠤᠲᠤᠭ ᠪᠡᠯᠴᠢᠭᠡᠷ ᠡᠴᠡ ᠬᠢᠮᠤᠰᠤᠯᠠᠬᠤ ᠭᠡᠵᠦ ᠪᠠᠢᠭᠠ ᠪᠣᠯ ? ᠮᠢᠩᠭᠠᠨᠪᠤᠤ ᠲᠤᠰᠠᠯᠠᠭᠴᠢ ᠡᠷᠲᠡ ᠡᠴᠡ ᠸᠠᠩ ᠰᠣᠬᠣᠷ ᠢ᠋ ᠵᠢᠭᠰᠢᠵᠦ ᠭᠣᠯᠣᠳᠠᠭ ᠤ᠋ᠨ ᠤᠴᠢᠷ ᠶᠠᠪᠤᠭᠠᠨ ᠳ᠋ᠠᠭᠠᠨ ᠴᠣᠭᠣᠷᠠᠨ ᠲᠠᠨᠢᠭᠳᠠᠵᠤ ᠪᠣᠢ᠃ ᠲᠡᠷᠡ ᠪᠡᠷ ᠸᠠᠩ ᠰᠣᠬᠣᠷ ᠤ᠋ᠨ ᠬᠠᠷᠠ ᠴᠡᠷᠢᠭ ᠢ᠋ ᠨᠥᠮᠥᠷᠢᠳᠡᠵᠦ ᠶᠠᠪᠤᠬᠤ ᠳᠤᠷᠠ ᠦᠭᠡᠢ ᠬᠣᠴᠣᠷᠤᠭᠰᠠᠨ ᠨᠢ ᠴᠠᠭᠠᠨᠠ ᠪᠠᠨ ᠯᠠᠪ ᠤᠴᠢᠷ ᠲᠠᠢ᠃ ᠬᠠᠭᠤᠴᠢᠨ ᠫᠤᠤ ᠶ᠋ᠢᠨ ᠬᠤᠭᠤᠷᠬᠠᠢ ᠭᠡᠭᠴᠢ ᠳᠠᠯᠳᠠ ᠶ᠋ᠢ ᠮᠡᠳᠡᠭᠴᠢ ᠳᠠᠯᠠᠢ ᠯᠠᠮᠠ ᠠ᠋ᠴᠠ ᠴᠠᠭᠠᠰᠢ ᠶᠠᠭᠤᠮᠠ ᠣᠯᠵᠤ ᠬᠠᠷᠠᠭᠰᠠᠨ ᠪᠠᠢᠨᠠ ᠳᠠ ᠵᠣᠯᠢᠭ ᠴᠢᠨᠢ⁈ 》 ᠭᠡᠵᠦ ᠳᠣᠲᠣᠷᠠ ᠪᠠᠨ ᠮᠢᠩᠭᠠᠨᠪᠤᠤ ᠶ᠋ᠢ ᠪᠢᠰᠢᠷᠡᠨ ᠸᠠᠩ ᠰᠣᠬᠣᠷ ᠢ᠋ ᠢᠩᠭᠢᠵᠦ ᠬᠣᠷᠣᠰᠬᠤ ᠠᠪᠠᠴᠤ ᠭᠠᠳᠠᠨᠠ ᠪᠠᠨ ᠢᠨᠢᠶᠡᠮᠰᠦᠭᠯᠡᠵᠦ ᠯᠡ ᠶᠠᠪᠤᠨᠠ᠃
ᠤᠭᠲᠤᠯᠭᠠ ᠳᠡᠭᠡᠷᠡ ᠪᠠᠭᠠ ᠬᠠᠲᠤᠨ ᠪᠠᠷᠠᠭᠤᠨ ᠬᠦᠩ ᠦ᠋ᠨ ᠵᠠᠰᠠᠭ ᠤ᠋ᠨ ᠡᠮᠦᠨᠡ ᠡᠴᠡ ᠵᠢᠷᠭᠤᠭᠠᠨ ᠤᠭᠤᠴᠠ᠂ ᠵᠢᠷᠠᠨ ᠴᠡᠷᠢᠭ ᠦ᠋ᠨ ᠠᠭᠲᠠ ᠵᠡᠷᠭᠡ ᠪᠡᠯᠡᠭ ᠰᠡᠯᠲᠡ ᠡᠷᠭᠦᠭᠰᠡᠨ ᠳ᠋ᠦ᠍ ᠸᠠᠩ ᠰᠣᠬᠣᠷ ᠲᠠᠭᠠᠯᠠᠨ ᠬᠦᠯᠢᠶᠡᠪᠡ᠃
ᠤᠭᠲᠤᠯᠭᠠ ᠶ᠋ᠢᠨ ᠨᠠᠢᠷ ᠤ᠋ᠨ ᠰᠢᠷᠡᠭᠡᠨ ᠦ᠌ ᠪᠠᠶᠠᠨ ᠲᠠᠩᠰᠤᠭ ᠢ᠋ ᠶᠠᠷᠢᠬᠤ ᠶᠠᠭᠤᠨ᠃ ᠬᠢᠲᠠᠳ ᠤ᠋ᠨ ᠭᠠᠯᠴᠢ ᠲᠣᠭᠣᠭᠠᠴᠢ ᠶ᠋ᠢᠨ ᠭᠠᠷ ᠤᠷᠠ ᠶ᠋ᠢ ᠭᠠᠢᠬᠠᠭᠤᠯᠤᠭᠰᠠᠨ ᠡᠯᠳᠡᠪ ᠠᠮᠲᠠᠲᠤ ᠬᠠᠭᠤᠷᠤᠯᠭᠠ ᠬᠠᠭᠠᠷᠢᠯᠭᠠ ᠨᠢᠳᠦ ᠡᠷᠢᠶᠡᠯᠵᠡᠮᠡ ᠦᠷᠦᠭᠳᠡᠵᠦ ᠂ ᠬᠠᠩᠬᠤ ᠲᠠᠲᠠᠭᠰᠠᠨ ᠲᠠᠪᠤᠨ ᠲᠠᠷᠢᠶᠠᠨ ᠤ᠋ ᠨᠡᠷᠡᠮᠡᠯ ᠰᠠᠪᠠᠯᠠᠭᠰᠠᠨ ᠲᠣᠩᠭᠣᠷᠠᠭᠤ ᠨᠠᠭᠠᠭᠰᠠᠨ 《ᠪᠤᠶᠠᠨ》 ᠭᠡᠰᠡᠨ ᠬᠢᠲᠠᠳ ᠦᠰᠦᠭ ᠲᠡᠢ ᠬᠠᠷᠠ ᠪᠣᠳᠣᠩ ᠡᠩ ᠵᠡᠷᠭᠡᠴᠡᠵᠦ 《ᠬᠣᠳᠣᠭᠣᠳᠣ ᠴᠢᠨᠢ ᠪᠠᠢᠪᠠᠯ ᠤᠤᠭᠤᠬᠤ ᠪᠠᠨ ᠮᠡᠳᠡ !》 ᠭᠡᠰᠡᠨ ᠰᠢᠭ ᠲᠦᠩᠬᠦᠢᠯᠴᠡᠨ ᠶᠠᠭᠤᠮᠠ ᠪᠦᠬᠦᠨ ᠡᠯᠪᠡᠭ ᠳᠡᠯᠪᠡᠭ᠃
ᠸᠠᠩ ᠰᠣᠬᠣᠷ ᠴᠤ᠌ ᠠᠷᠢᠬᠢ ᠰᠡᠳᠬᠢᠯ ᠦ᠋ᠨ ᠬᠠᠯᠠᠮᠰᠠᠯ ᠳ᠋ᠤ᠌ ᠪᠠᠭᠠ ᠬᠠᠲᠤᠨ ᠢ᠋ 《ᠡᠷᠡᠯᠬᠡᠭ ᠮᠣᠩᠭᠣᠯ ᠪᠦᠰᠡᠭᠦᠢ ᠁ ᠶᠠᠭᠠᠬᠢᠯᠠ ᠡᠢᠯᠡ ᠁》 ᠭᠡᠵᠦ ᠠᠮᠠ ᠬᠠᠭᠤᠷᠠᠢ ᠦᠭᠡᠢ ᠮᠠᠭᠲᠠᠵᠤ ᠪᠠᠰᠠ《ᠬᠦᠴᠦᠨ ᠴᠡᠷᠢᠭ ᠢ᠋ᠶ᠋ᠡᠨ ᠬᠠᠮᠲᠤᠳᠬᠠᠵᠤ ᠰᠢᠷᠠ ᠴᠡᠷᠢᠭ ᠢ᠋ ᠲᠤᠯᠤᠶᠠ !》 ᠭᠡᠵᠦ ᠰᠡᠳᠬᠢᠯ ᠨᠢᠭᠡᠳᠴᠦ᠂ ᠨᠠᠩᠴᠢᠳ ᠤ᠋ᠨ ᠨᠤᠵᠣᠭᠤᠷᠬᠠᠯ ᠳ᠋ᠤ᠌ ᠨᠠᠢᠷ ᠥᠨᠳᠥᠷᠯᠡᠪᠡ ᠁
① ᠭᠠᠵᠠᠷ ᠤ᠋ᠨ ᠨᠡᠷᠡ᠃ ᠬᠣᠰᠢᠭᠤ ᠶᠠᠮᠤᠨ ᠤ᠋ ᠠᠷᠤ ᠲᠠᠯᠠ ᠶ᠋ᠢᠨ ᠭᠣᠣᠯ᠃
③ ᠭᠠᠵᠠᠷ ᠤ᠋ᠨ ᠨᠡᠷᠡ᠂ ᠳᠠᠷᠭᠢᠯ ᠴᠠᠷᠭᠢᠯ ᠂ ᠪᠥᠨᠲᠦᠭ ᠲᠦᠨᠲᠦᠭ ᠴᠢᠯᠠᠭᠤᠳ ᠲᠠᠢ ᠭᠠᠵᠠᠷ ᠢ᠋ ᠳᠡᠷᠬᠢᠶᠡ ᠭᠡᠳᠡᠭ᠃